ᠬᠡᠯᠲᠡᠭᠡᠢ ᠬᠠᠢᠷ᠎ᠠ-ᠬᠣ᠊ · ᠲᠦᠪᠰᠢᠨХэлтгий хайр-Х ·Төвшин
ᠬᠡᠯᠲᠡᠭᠡᠢ ᠬᠠᠢᠷ᠎ᠠ
ᠬᠣ᠊ · ᠲᠦᠪᠰᠢᠨ ᠡᠮᠬᠢᠳᠬᠡᠪᠡ
ᠡᠷᠲᠡ ᠤᠷᠢᠳᠤ ᠴᠠᠭ ᠲᠤ ᠪᠠᠯᠳᠠᠨ ᠭᠡᠳᠡᠭ ᠬᠥᠮᠦᠨ ᠡᠬᠡᠨᠡᠷ ᠥᠪᠡᠷ ᠦ᠋ᠨ ᠡᠵᠢ ᠪᠠ ᠬᠠᠳᠠᠮ ᠡᠵᠢ ᠲᠡᠢ ᠪᠡᠨ ᠳᠥᠷᠪᠡᠭᠦᠯᠡ ᠠᠮᠢᠳᠤᠷᠠᠵᠤ ᠪᠠᠢᠲᠠᠯ᠎ᠠ ᠣᠷᠳᠣᠨ ᠠ᠋ᠴᠠ ᠲᠠᠬᠠᠷᠠ ᠢᠷᠡᠵᠦ ᠪᠠᠯᠳᠠᠨ ᠢ᠋ ᠭᠤᠷᠪᠠᠨ ᠵᠢᠯ ᠦ᠋ᠨ ᠴᠡᠷᠢᠭ ᠦ᠋ᠨ ᠠᠯᠪᠠ ᠬᠠᠰᠢᠬᠤ ᠪᠢᠴᠢᠭ ᠥᠭᠴᠡᠢ᠃ ᠪᠠᠯᠳᠠᠨ ᠶᠠᠭ ᠴᠡᠷᠢᠭ ᠲᠦ᠍ ᠶᠠᠪᠤᠬᠤ ᠶ᠋ᠢᠨ ᠡᠮᠦᠨ᠎ᠡ ᠰᠥᠨᠢ ᠨᠢ ᠤᠨᠲᠠᠵᠤ ᠪᠠᠢᠭᠠᠳ ᠶᠡᠬᠡ ᠥᠨᠳᠥᠷ ᠳᠠᠭᠤᠨ ᠢ᠋ᠶ᠋ᠠᠷ ᠰᠠᠨᠠᠭ᠎ᠠ ᠠᠯᠳᠠᠭᠰᠠᠨ ᠳ᠋ᠤ᠌ ᠡᠬᠡᠨᠡᠷ ᠨᠢ ᠭᠠᠢᠬᠠᠨ᠄《ᠶᠠᠭᠤᠨ ᠳ᠋ᠤ᠌ ᠤᠨᠲᠠᠵᠤ ᠪᠠᠢᠭᠠᠳ ᠶᠡᠬᠡ ᠰᠠᠨᠠᠭ᠎ᠠ ᠠᠯᠳᠠᠬᠤ ᠪᠢᠯᠡ?》 ᠭᠡᠪᠡᠯ ᠪᠠᠯᠳᠠᠨ᠄《ᠭᠠᠯᠵᠠᠭᠤ ᠰᠢᠷ᠎ᠠ ᠮᠥᠷᠡᠨ ᠳ᠋ᠦ᠍ ᠶᠠᠪᠤᠵᠤ ᠴᠡᠷᠢᠭ ᠦ᠋ᠨ ᠠᠯᠪᠠ ᠬᠠᠰᠢᠬᠤ ᠭᠠᠢ ᠵᠣᠪᠠᠯᠠᠩ ᠴᠤ᠌ ᠲᠡᠢᠮᠦ ᠯᠡ ᠪᠠᠢᠨ᠎ᠠ᠃ ᠭᠠᠭᠴᠠᠬᠦ ᠭᠠᠵᠠᠷ ᠤ᠋ᠨ ᠳᠡᠭᠡᠷᠡᠬᠢ ᠬᠣᠶᠠᠷ ᠨᠠᠰᠤᠲᠠᠢ ᠡᠵᠢ ᠪᠡᠨ ᠣᠷᠬᠢᠵᠤ ᠲᠦᠪᠳᠡᠬᠦ ᠦᠭᠡᠢ ᠰᠡᠳᠬᠢᠯ ᠵᠣᠪᠠᠵᠤ ᠪᠠᠢᠨ᠎ᠠ᠃ ᠡᠵᠢ ᠴᠢᠨᠢ ᠨᠠᠰᠤ ᠳᠥᠭᠥᠭᠰᠡᠨ᠂ ᠴᠢ ᠵᠥᠭᠡᠯᠡᠨ ᠡᠯᠢᠭᠡ ᠠᠭᠤᠰᠬᠢ ᠪᠡᠷ ᠲᠡᠵᠢᠭᠡᠵᠦ ᠪᠠᠢ᠃ ᠮᠢᠨᠦ ᠡᠵᠢ ᠴᠤ᠌ ᠶᠠᠭᠠᠬᠢᠬᠤᠪ᠂ ᠴᠢ ᠦᠰᠦ ᠲᠡᠢ ᠭᠦᠵᠡᠭᠡ ᠶ᠋ᠢ ᠲᠣᠭᠣᠭ᠎ᠠ ᠲᠠᠢ ᠮᠢᠬᠠᠨ ᠤ᠋ ᠪᠤᠴᠠᠯᠬᠤ ᠦᠭᠡᠢ ᠲᠠᠯ᠎ᠠ ᠳ᠋ᠤ᠌ ᠨᠢ ᠬᠢᠭᠡᠳ ᠲᠡᠵᠢᠭᠡᠵᠦ ᠪᠠᠢ》 ᠭᠡᠵᠦ ᠵᠠᠬᠢᠵᠤ ᠭᠡᠨ᠎ᠡ᠃ ᠪᠦᠰᠡᠭᠦᠢ ᠨᠢ ᠳᠣᠲᠣᠷ᠎ᠠ ᠪᠠᠨ《ᠮᠢᠨᠦ ᠨᠥᠬᠥᠷ ᠨᠠᠳᠠᠳᠤ ᠦᠨᠡᠨ ᠰᠠᠢᠨ᠂ ᠮᠢᠨᠦ ᠡᠵᠢ ᠶ᠋ᠢ ᠥᠪᠡᠷ ᠦ᠋ᠨ ᠡᠵᠢ ᠡᠴᠡ ᠪᠡᠨ ᠢᠯᠡᠭᠦᠦ ᠬᠠᠢᠷᠠᠯᠠᠨ ᠬᠠᠷᠠᠭᠠᠯᠵᠠᠵᠤ ᠵᠥᠭᠡᠯᠡᠨ ᠬᠣᠭᠣᠯᠠ ᠥᠭᠴᠦ ᠪᠠᠢ ᠭᠡᠨ᠎ᠡ》 ᠭᠡᠵᠦ ᠶᠡᠬᠡᠳᠡ ᠪᠠᠶᠠᠷᠯᠠᠨ᠂ ᠭᠤᠷᠪᠠᠨ ᠵᠢᠯ ᠡᠨᠡ ᠵᠠᠬᠢᠶ᠎ᠠ ᠪᠠᠷ ᠬᠣᠶᠠᠷ ᠡᠵᠢ ᠪᠡᠨ ᠠᠰᠠᠷᠠᠵᠤ ᠭᠡᠨ᠎ᠡ᠃
ᠪᠠᠯᠳᠠᠨ ᠭᠤᠷᠪᠠᠨ ᠵᠢᠯ ᠶᠠᠪᠤᠭᠠᠳ ᠢᠷᠡᠬᠦ ᠳ᠋ᠦ᠍ ᠬᠠᠳᠠᠮ ᠡᠵᠢ ᠨᠢ ᠲᠤᠷᠠᠵᠤ ᠢᠴᠢᠭᠡᠳ ᠨᠠᠰᠤᠨ ᠲᠠᠭᠠᠯᠠᠯ ᠪᠣᠯᠵᠤ᠂ ᠥᠪᠡᠷ ᠦ᠋ᠨ ᠡᠵᠢ ᠨᠢ ᠬᠠᠷᠢᠨ ᠲᠤᠩ ᠴᠤ᠌ ᠲᠠᠷᠭᠤᠨ ᠴᠠᠳᠬᠤᠯᠠᠩ ᠪᠠᠢᠵᠠᠢ᠃
ᠤᠤᠯ ᠨᠢ ᠲᠣᠭᠣᠭ᠎ᠠ ᠲᠠᠢ ᠮᠢᠬᠠᠨ ᠤ᠋ ᠪᠤᠴᠠᠯᠬᠤ ᠦᠭᠡᠢ ᠭᠠᠵᠠᠷ ᠨᠢ ᠪᠦᠬᠦᠢ ᠲᠣᠰᠣ ᠨᠢ ᠲᠤᠨᠵᠤ᠂ ᠦᠰᠦ ᠲᠡᠢ ᠭᠦᠵᠡᠭᠡ ᠬᠠᠮᠤᠭ ᠲᠣᠰᠣ ᠰᠢᠮ᠎ᠡ ᠶ᠋ᠢ ᠰᠢᠩᠭᠡᠨ ᠠᠪᠤᠭᠰᠠᠨ ᠢ᠋ᠶ᠋ᠠᠷ ᠡᠵᠢ ᠨᠢ ᠰᠢᠮ᠎ᠡ ᠲᠡᠢ ᠬᠣᠭᠣᠯᠠ ᠢᠳᠡᠵᠦ ᠪᠠᠢᠭᠰᠠᠨ ᠢ᠋ᠶ᠋ᠠᠷ ᠲᠠᠷᠭᠤᠨ ᠴᠠᠳᠬᠤᠯᠠᠩ ᠪᠠᠢᠵᠤ᠂ ᠬᠠᠳᠠᠮ ᠡᠵᠢ ᠨᠢ ᠰᠢᠮ᠎ᠡ ᠦᠭᠡᠢ ᠶᠠᠭᠤᠮ᠎ᠠ ᠢᠳᠡᠭᠰᠡᠨ ᠢ᠋ᠶ᠋ᠡᠷ ᠲᠤᠷᠠᠵᠤ ᠦᠬᠦᠭᠰᠡᠨ ᠢ᠋ ᠬᠥᠭᠡᠷᠦᠬᠦᠢᠯᠡᠯᠲᠡᠢ ᠪᠦᠰᠡᠭᠦᠢ ᠨᠢ ᠮᠡᠳᠡᠭᠰᠡᠨ ᠦᠭᠡᠢ ᠠᠵᠠᠢ᠃ ᠡᠨᠡ ᠨᠢ ᠦᠨᠡᠨᠳᠡᠭᠡᠨ ᠥᠪᠡᠷ ᠦ᠋ᠨ ᠡᠵᠢ ᠪᠡᠨ ᠬᠡᠯᠲᠡᠭᠡᠢ ᠬᠠᠢᠷᠠᠯᠠᠭᠰᠠᠨ ᠶᠤᠮ ᠪᠠᠢᠵᠠᠢ᠃
《ᠠᠷᠠᠳ ᠤ᠋ᠨ ᠠᠮᠠᠨ ᠦᠯᠢᠭᠡᠷ》 ᠨᠣᠮ ᠠ᠋ᠴᠠ
ᠦᠰᠦᠭ ᠠᠮᠢᠯᠠᠭᠤᠯᠤᠭᠰᠠᠨ ᠨᠢ᠄ ᠴᠢ᠊· ᠣᠷᠠᠨᠴᠡᠴᠡᠭ
ᠬᠢᠨᠠᠯᠲᠠ ᠪᠠᠭᠰᠢ᠄ ᠰᠡᠬᠡᠭᠡᠷᠡᠯ
