《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠠᠯᠠᠨ ᠬᠣᠶᠠᠳᠤᠭᠠᠷ ᠪᠦᠯᠦᠭ> "Хөх судар" он нөхвөр дэвтэр - Инжинаш <Далан хоёрдугаар бүлэг>
ᠳᠠᠯᠠᠨ ᠬᠣᠶᠠᠳᠤᠭᠠᠷ ᠪᠦᠯᠦᠭ
ᠪᠤᠷᠤᠭᠤ ᠪᠣᠯᠢᠯᠲᠤ ᠡᠵᠡᠨ ᠵᠣᠴᠢᠨ ᠤ᠋ ᠪᠤᠷᠭᠢᠷᠠᠯ ᠶᠡᠬᠡᠲᠦ ᠵᠢᠶᠦ᠋ᠨ ᠱᠢ ᠶ᠋ᠢᠨ ᠬᠣᠷᠢᠨ ᠨᠠᠢ᠍ᠮᠠᠨ ᠬᠣᠷᠢᠶ᠎ᠠ
ᠪᠣᠭᠳᠠ ᠲᠥᠷᠥᠯᠬᠢᠲᠦ ᠡᠬᠡ ᠬᠥᠪᠡᠭᠦᠨ ᠦ᠌ ᠪᠣᠳᠣᠯᠭ᠎ᠠ ᠰᠠᠢᠲᠤ ᠵᠢᠨᠦᠩ ᠦ᠋ᠨ ᠠᠷᠪᠠᠨ ᠭᠤᠷᠪᠠᠨ ᠠᠩᠭᠢ
ᠥᠪᠡᠷᠦᠨ ᠪᠡᠶ᠎ᠡ ᠪᠠᠭᠠᠲᠤᠷ ᠪᠤᠰᠤ ᠪᠠᠷ ᠥᠪᠡᠷ᠎ᠡ ᠬᠥᠮᠦᠨ ᠢ᠋ ᠪᠠᠭᠴᠠᠯᠠᠨ ᠵᠠᠷᠤᠬᠤᠶᠠ ᠪᠡᠷᠬᠡ
ᠦᠨᠡᠨ ᠵᠢᠷᠦᠬᠡ ᠮᠡᠷᠭᠡᠨ ᠦᠭᠡᠢ ᠪᠡᠷ ᠦᠪᠡᠳᠡᠭᠰᠢ ᠨᠡᠢᠭᠡᠮ ᠢ᠋ ᠪᠠᠢᠭᠤᠯᠤᠨ ᠦᠯᠦ ᠴᠢᠳᠠᠮᠤᠢ᠃
ᠥᠷᠯᠥᠭᠡ ᠦᠳᠡᠰᠢ ᠥᠪᠡᠷᠴᠢᠯᠡᠯ ᠢ᠋ ᠡᠪᠦᠷᠯᠡᠨ ᠥᠴᠦᠬᠡᠨ ᠬᠥᠮᠦᠨ ᠢ᠋ ᠮᠥᠷᠳᠡᠨ ᠶᠠᠪᠤᠭᠴᠢᠳ ᠢ᠋ᠶ᠋ᠠᠷ
ᠦᠵᠡᠲᠡᠯ᠎ᠡ ᠳᠠᠢᠯᠠᠪᠠᠴᠤ ᠡᠴᠦᠰᠲᠡᠬᠡᠨ ᠳᠠᠷᠤᠭᠳᠠᠭᠠᠳ ᠦᠭᠡᠨᠴᠡ ᠪᠠᠭᠤᠷᠠᠢ ᠪᠣᠯᠬᠤ ᠠᠨᠤ ᠯᠠᠪ᠃
ᠲᠡᠭᠦᠨᠴᠡ ᠲᠠᠩᠭᠤᠳ ᠤ᠋ᠨ ᠡᠵᠡᠨ ᠰᠢᠶᠠᠩᠽᠦ᠋ᠩ᠂ ᠯᠢ ᠠᠨ ᠴᠢᠤᠸᠠᠨ᠂ ᠬᠠᠷᠠᠬᠠᠨ ᠲᠠᠪᠤᠨ ᠬᠠᠭᠠᠨ ᠤ᠋ ᠲᠡᠭᠷᠢ ᠶ᠋ᠢᠨ ᠮᠠᠨᠳᠠᠯ ᠳ᠋ᠤᠷ ᠭᠤᠷᠪᠠᠨ ᠬᠠᠭᠠᠨ ᠤ᠋ ᠰᠦᠷ ᠲᠠᠯᠪᠢᠨ᠂ ᠶᠡᠬᠡᠳᠡ ᠣᠮᠣᠭᠰᠢᠨ ᠰᠠᠢᠷᠬᠠᠵᠤ ᠪᠠᠶᠠᠷ ᠪᠠᠶᠠᠰᠬᠤᠯᠠᠩ ᠲᠠᠢ᠂ ᠠᠷᠪᠠᠨ ᠵᠦᠢᠯ ᠦ᠋ᠨ ᠴᠡᠷᠢᠭ ᠦ᠋ᠨ ᠳᠣᠬᠢᠶ᠎ᠠ ᠬᠥᠭᠵᠢᠮ ᠢ᠋ ᠳᠡᠰ ᠳᠠᠷᠠᠭᠠᠯᠠᠨ ᠡᠭᠦᠰᠬᠡᠯᠭᠡᠨ ᠦᠵᠡᠵᠦ᠂ ᠶᠡᠬᠡ ᠬᠤᠷᠢᠮ ᠬᠤᠷᠢᠮᠯᠠᠨ ᠬᠥᠭᠵᠢᠯᠳᠦᠨ ᠪᠠᠶᠠᠷᠯᠠᠯᠴᠠᠬᠤᠢ ᠳ᠋ᠤᠷ ᠶᠠᠯᠠᠲᠤ ᠬᠣᠶᠠᠷ ᠶᠡᠬᠡ ᠰᠠᠢ᠍ᠢᠳ ᠢ᠋ ᠳᠠᠮᠨᠠᠨ ᠠᠪᠴᠢᠷᠠᠵᠤ ᠬᠤᠷᠢᠮ ᠤ᠋ᠨ ᠡᠮᠦᠨ᠎ᠡ ᠲᠠᠯᠪᠢᠭᠰᠠᠨ ᠳ᠋ᠤᠷ ᠳᠡᠭᠡᠷ᠎ᠡ ᠳᠣᠣᠷ᠎ᠠ ᠳᠠᠯᠠᠢ ᠳᠡᠪᠡᠯᠬᠢᠯᠡᠨ ᠮᠥᠷᠡᠨ ᠣᠷᠭᠢᠯᠬᠤᠢ ᠮᠡᠲᠦ ᠪᠤᠷᠬᠢᠷᠠᠯᠳᠤᠨ ᠰᠣᠴᠢᠯᠴᠠᠨ ᠦᠵᠡᠯᠴᠡᠮᠦᠢ᠃
ᠲᠡᠳᠦᠢ ᠯᠢ ᠠᠨ ᠴᠢᠤᠸᠠᠨ ᠦᠵᠡᠪᠡᠰᠦ᠂ ᠨᠢᠭᠡᠨ ᠢᠨᠦ ᠶᠡᠬᠡ ᠲᠥᠷᠥ ᠶ᠋ᠢᠨ ᠳᠡ ᠰᠢᠦᠸᠠᠢ ᠱᠢ – ᠪᠢᠴᠢᠭ ᠦ᠋ᠨ ᠤᠳᠬᠠᠰ ᠤ᠋ᠨ ᠬᠦᠷᠢᠶᠡᠯᠡᠩ ᠦ᠋ᠨ ᠰᠠᠢᠳ ᠪᠥᠭᠡᠳ ᠲᠩᠷᠢ ᠶ᠋ᠢ ᠰᠡᠳᠬᠢᠬᠦ ᠰᠧ ᠲᠢᠶᠠᠨ ᠵᠢᠶᠠᠨ ᠶᠠᠮᠤᠨ ᠤ᠋ ᠡᠷᠬᠢᠯᠡᠭᠰᠡᠨ ᠰᠠᠢᠳ ᠯᠢᠦ ᠪᠦᠸᠧ ᠯᠢᠨ᠂ ᠨᠢᠭᠡᠨ ᠢᠨᠦ ᠳᠣᠲᠣᠭᠠᠳᠤ ᠭᠤᠷᠪᠠᠨ ᠣᠷᠳᠣᠨ ᠵᠢᠷᠭᠤᠭᠠᠨ ᠬᠦᠷᠢᠶᠡᠯᠡᠩ ᠢ᠋ ᠨᠡᠢᠭᠡᠮᠯᠡᠨ ᠵᠠᠬᠢᠷᠴᠤ ᠪᠠᠰᠠ ᠰᠧ ᠲᠢᠶᠠᠨ ᠵᠢᠶᠠᠨ ᠶᠠᠮᠤᠨ ᠤ᠋ ᠴᠠᠭ ᠲᠣᠭᠠᠨ ᠤ᠋ ᠯᠢᠳᠦ ᠪᠢᠴᠢᠭ ᠳᠡᠯᠡᠬᠡᠢ ᠳ᠋ᠠᠬᠢᠨ ᠤ᠋ ᠳᠥᠷᠪᠡᠨ ᠴᠠᠭ ᠤ᠋ᠨ ᠠᠭᠤᠷ ᠠᠮᠢᠰᠬᠤᠯ ᠢ᠋ ᠴᠠᠭᠳᠠᠨ ᠪᠠᠢᠴᠠᠭᠠᠭᠴᠢ ᠪᠦᠭᠦᠳᠡ ᠶ᠋ᠢ ᠵᠠᠬᠢᠷᠬᠤ ᠳᠠ ᠽᠦᠩ ᠯᠢᠩ ᠭᠤᠸᠠᠨ ᠴᠠ ᠱᠢ ᠬᠠᠪᠰᠤᠷᠭᠠᠭᠰᠠᠨ ᠵᠣᠣ ᠲᠠᠢᠭᠠᠨ᠃ ᠬᠣᠶᠠᠭᠤᠯᠠ ᠴᠥᠮ ᠦᠰᠦ ᠪᠡᠨ ᠣᠭᠲᠣᠯᠵᠤ᠂ ᠬᠥᠯ ᠨᠢᠴᠦᠭᠦᠯᠡᠨ᠂ ᠶᠠᠯᠠᠲᠤ ᠬᠠᠷ᠎ᠠ ᠬᠤᠪᠴᠠᠳ ᠡᠮᠦᠰᠴᠦ ᠬᠦᠵᠦᠭᠦᠨ ᠳ᠋ᠦ᠍ᠷ ᠰᠤᠭᠤᠨᠠᠭ᠂ ᠬᠥᠯ ᠳ᠋ᠦ᠍ᠷ ᠳᠥᠩᠭᠡ᠂ ᠭᠠᠷ ᠢ᠋ᠶ᠋ᠠᠨ ᠬᠦᠯᠢᠵᠦ᠂ ᠭᠢᠨᠵᠢ ᠶ᠋ᠢᠨ ᠦᠵᠦᠭᠦᠷ ᠢ᠋ ᠠᠮᠠᠨ ᠳ᠋ᠠᠭᠠᠨ ᠵᠠᠭᠤᠵᠤᠬᠤᠢ᠃ ᠪᠠᠢᠳᠠᠯ ᠳᠦᠷᠢᠮ ᠮᠠᠰᠢ ᠵᠢᠪᠡᠭᠦᠨ ᠮᠠᠭᠤᠬᠠᠢ᠂ ᠯᠢ ᠠᠨ ᠴᠢᠤᠸᠠᠨ ᠤ᠋ ᠬᠠᠷᠠᠬᠠᠨ ᠬᠥᠭᠵᠢᠨ ᠪᠠᠶᠠᠰᠬᠤ ᠣᠮᠣᠭ ᠴᠢᠮᠡᠭ ᠴᠠᠭ ᠭᠱᠠᠨ᠎ᠠ ᠬᠣᠭ ᠦᠨᠡᠰᠦ ᠪᠣᠯᠤᠨ ᠰᠦᠢᠷᠡᠨ ᠰᠠᠷᠨᠢᠵᠤ᠂ ᠲᠡᠷᠡ ᠪᠡᠷ ᠣᠯᠠᠨ ᠠ᠋ᠴᠠ ᠢᠴᠢᠩᠭᠦᠷᠡᠨ᠂ ᠢᠴᠢᠩᠭᠦᠷᠡᠯ ᠤᠯᠠᠷᠢᠨ ᠠᠭᠤᠷᠯᠠᠯ ᠬᠤᠪᠢᠯᠤᠭᠠᠳ᠂ ᠴᠢᠷᠠᠢ ᠶ᠋ᠢᠨ ᠥᠩᠭᠡ ᠰᠢᠷᠣᠢ ᠮᠡᠲᠦ ᠪᠣᠯᠵᠤ᠂ ᠰᠢᠭᠦᠬᠦ ᠶᠠᠮᠤᠨ ᠤ᠋ ᠰᠢᠩ ᠪᠦ ᠱᠠᠩ ᠱᠤ᠌ ᠲᠦᠰᠢᠮᠡᠯ ᠯᠢ ᠬᠣᠣ ᠨᠢᠶᠠᠨ ᠠ᠋ᠴᠠ ᠠᠰᠠᠭᠤᠷᠤᠨ:
《ᠡᠨᠡ ᠶᠠᠭᠠᠬᠢᠭᠰᠠᠨ ᠪᠣᠢ? ᠶᠠᠭᠤᠨᠲᠤ ᠮᠢᠨᠦ ᠤᠯᠤᠰ ᠭᠡᠷ ᠦ᠋ᠨ ᠵᠠᠭᠤᠨ ᠣᠪᠣᠭᠲᠠᠨ ᠤ᠋ ᠲᠤᠯᠠ ᠵᠢᠷᠦᠬᠡᠨ ᠴᠢᠰᠤ ᠪᠠᠨ ᠪᠠᠷᠠᠲᠠᠯ᠎ᠠ ᠰᠦᠢᠳᠬᠡᠵᠦ᠂ ᠳᠡᠭᠡᠳᠦ ᠬᠠᠳ ᠡᠪᠦᠭᠡᠳ ᠦ᠋ᠨ ᠶᠠᠰᠤ ᠰᠢᠮ᠎ᠡ ᠬᠢᠭᠡᠳ ᠱᠧ ᠵᠢᠢ ᠲᠡᠢ ᠮᠢᠶᠣᠤ ᠶ᠋ᠢᠨ ᠰᠠᠬᠢᠭᠤᠯᠰᠤᠨ ᠰᠠᠪᠠ ᠶ᠋ᠢ ᠪᠤᠷᠲᠠᠭᠯᠠᠨ᠂ ᠪᠤᠰᠤᠳ ᠤ᠋ᠨ ᠪᠣᠭᠣᠯ ᠰᠢᠪᠡᠭᠴᠢᠨ ᠪᠣᠯᠬᠤ ᠦᠭᠡᠢ ᠭᠡᠮᠡᠨ ᠬᠠᠯᠠᠭᠤᠨ ᠠᠮᠢᠨ ᠢ᠋ᠶ᠋ᠠᠨ ᠬᠠᠢᠷᠠᠯᠠᠯ ᠦᠭᠡᠶ᠎ᠡ ᠲᠡᠪᠴᠢᠨ ᠣᠷᠬᠢᠭᠠᠳ ᠴᠢᠰᠤᠨ ᠪᠠᠢᠯᠳᠤᠭᠠᠨ᠎ᠠ ᠭᠠᠷᠬᠤᠶ᠎ᠠ᠂ ᠲᠠ ᠨᠠᠷ ᠬᠠᠷᠢᠨ ᠨᠠᠮᠠᠶ᠋ᠢ ᠲᠤᠰᠠᠯᠠᠨ ᠲᠡᠳᠬᠦᠬᠦ ᠪᠡᠷ ᠦᠭᠡᠢ ᠪᠥᠭᠡᠳ ᠣᠯᠠᠨ ᠤ᠋ ᠰᠡᠳᠬᠢᠯ ᠢ᠋ ᠭᠤᠳᠤᠷᠠᠭᠤᠯᠤᠨ᠂ ᠮᠠᠭᠤ ᠢᠷᠣ᠎ᠠ ᠡᠳᠦᠵᠦ᠂ ᠥᠪᠡᠷ ᠪᠠ ᠪᠤᠰᠤᠳ ᠤ᠋ᠨ ᠡᠵᠡᠳ ᠬᠠᠳ ᠢ᠋ ᠢᠴᠢᠩᠭᠦᠷᠡᠭᠦᠯᠦᠨ ᠡᠨᠡ ᠭᠠᠵᠠᠷ ᠲᠤᠷ ᠡᠢᠨ ᠬᠦ᠌ ᠳᠦᠷᠢᠯᠡᠭᠦᠯᠦᠮᠣᠢ? 》ᠬᠡᠮᠡᠭᠰᠡᠨ ᠳ᠋ᠦ᠍ᠷ ᠡᠷᠬᠢᠯᠡᠭᠰᠡᠨ ᠰᠠᠢᠳ ᠯᠢ ᠱᠠᠩ ᠱᠤ᠌ ᠰᠥᠭᠥᠳᠴᠦ ᠠᠢᠯᠠᠳᠬᠠᠷᠤᠨ :
《ᠰᠠᠢᠳ ᠪᠢ ᠡᠭᠦᠨ ᠢ᠋ ᠲᠣᠳᠤᠷᠬᠠᠶ᠎ᠠ ᠮᠡᠳᠡᠵᠦ᠂ ᠡᠵᠡᠨ ᠢ᠋ ᠲᠥᠷᠥ ᠳ᠋ᠦ᠍ᠷ ᠡᠭᠡᠭᠰᠡᠨ ᠬᠣᠢᠨ᠎ᠠ ᠠᠢᠯᠠᠳᠬᠠᠰᠤᠭᠠᠢ᠂ ᠲᠦᠷ ᠪᠠᠬᠠᠨ ᠬᠦᠯᠢᠶᠡ ᠬᠡᠮᠡᠭᠰᠡᠨ ᠪᠥᠯᠥᠭᠡ᠃ ᠬᠣᠶᠠᠷ ᠶᠡᠬᠡ ᠰᠠᠢᠳ ᠬᠠᠷᠢᠨ ᠬᠠᠨᠴᠤᠢ ᠳ᠋ᠤᠷ ᠬᠤᠷᠴᠠ ᠬᠢᠷᠭᠠᠭᠤᠷ ᠠᠬᠤᠭᠤᠯᠵᠤ᠂ ᠴᠠᠭ ᠳᠣᠲᠣᠷ᠎ᠠ ᠭᠢᠨᠳᠠᠨ᠎ᠠ ᠡᠰᠡ ᠣᠷᠣᠭᠤᠯᠪᠠᠰᠤ ᠳᠠᠷᠤᠢ ᠭᠢᠨᠳᠠᠨ ᠤ᠋ ᠡᠭᠦᠳᠡᠨ ᠭᠠᠳᠠᠨ᠎ᠠ ᠬᠦᠵᠦᠭᠦᠦ ᠪᠡᠨ ᠣᠭᠲᠣᠯᠵᠤ ᠦᠬᠦᠮᠦᠢ ᠬᠡᠮᠡᠬᠦᠢ ᠳ᠋ᠦ᠍ᠷ ᠠᠷᠭ᠎ᠠ ᠦᠭᠡᠢ ᠰᠢᠬᠠᠮᠳᠠᠬᠤᠢ ᠳ᠋ᠠᠭᠠᠨ ᠪᠡᠶ᠎ᠡ ᠯᠦ᠍ᠭᠡ ᠪᠡᠨ ᠠᠪᠴᠤ ᠢᠷᠡᠪᠡ᠃ ᠬᠡᠷᠡᠭ ᠦ᠋ᠨ ᠶᠡᠬᠡ ᠲᠥᠯᠥᠪ ᠬᠣᠶᠠᠷ ᠶᠡᠬᠡᠰ ᠢ᠋ ᠭᠢᠨᠳᠠᠨ᠎ᠠ ᠣᠷᠣᠭᠤᠯᠵᠤ ᠰᠢᠭᠦᠪᠡᠰᠦ ᠦᠭᠡ ᠰᠠᠨᠠᠭᠠᠨ ᠪᠦᠷᠢᠨ᠎ᠡ ᠭᠠᠷᠴᠤ ᠠᠮᠢ ᠰᠠᠶᠢ ᠦᠯᠡᠳᠡᠨ ᠬᠣᠴᠣᠷᠤᠮᠤᠢ᠃ ᠬᠡᠷᠪᠡ ᠲᠡᠢᠨ ᠬᠦ᠌ ᠦᠭᠡᠢ ᠪᠣᠯᠪᠠᠰᠤ ᠳᠠᠷᠤᠢ ᠣᠬᠣᠷ ᠦᠵᠡᠯ ᠢ᠋ᠶ᠋ᠡᠷ ᠦᠬᠦᠵᠦ᠂ ᠤᠯᠤᠰ ᠲᠥᠷᠥ ᠳ᠋ᠦ᠍ᠷ ᠮᠠᠭᠤ ᠨᠡᠷ᠎ᠡ ᠪᠣᠯᠭᠠᠮᠤᠢ᠃ ᠰᠠᠢᠳ ᠮᠢᠨᠦ ᠦᠵᠡᠯᠭᠡ ᠪᠡᠷ ᠪᠣᠯᠪᠠᠰᠤ᠂ ᠬᠣᠶᠠᠷ ᠶᠡᠬᠡᠰ ᠦ᠋ᠨ ᠠᠮᠢᠨ ᠢ᠋ ᠦᠯᠡᠳᠡᠭᠡᠨ᠂ ᠲᠡᠳᠡᠨ ᠦ᠌ ᠵᠣᠷᠢᠭᠯᠠᠭᠰᠠᠨ ᠢ᠋ᠶ᠋ᠠᠷ ᠵᠠᠢ ᠭᠠᠷᠭᠠᠨ ᠭᠢᠨᠳᠠᠨ᠎ᠠ ᠣᠷᠣᠭᠤᠯᠵᠤ᠂ ᠠᠷᠢᠭᠤᠨ ᠭᠡᠷ ᠲᠦ᠍ᠷ ᠲᠦᠷ ᠰᠤᠪᠢᠯᠠᠭᠤᠯᠤᠨ ᠪᠠᠢᠵᠤ ᠡᠳᠡᠨ ᠦ᠌ ᠰᠠᠨᠠᠭ᠎ᠠ ᠪᠠᠷ ᠨᠠᠮ ᠢ᠋ᠶ᠋ᠠᠷ ᠴᠠᠭᠠᠳᠬᠠᠨ ᠠᠰᠠᠭᠤᠬᠤ ᠴᠢᠯᠥᠭᠡ ᠭᠠᠷᠭᠠᠬᠤ ᠠᠨᠤ ᠵᠣᠬᠢᠬᠤ ᠮᠡᠲᠦ᠃ ᠳᠡᠭᠡᠳᠦ ᠪᠣᠭᠳᠠ ᠲᠣᠯᠢᠯᠠᠨ ᠲᠣᠭᠲᠠᠭ᠎ᠠ》ᠭᠡᠮᠡᠨ ᠮᠥᠷᠭᠥᠬᠦᠢ ᠳ᠋ᠦ᠍ᠷ ᠲᠡᠷᠡ ᠬᠣᠶᠠᠷ ᠡᠷᠬᠢᠯᠡᠭᠰᠡᠨ ᠰᠠᠢᠳ ᠮᠥᠨ ᠳᠠᠭᠤᠨ ᠦᠭᠡᠢ ᠪᠡᠷ ᠶᠠᠯ᠎ᠠ ᠭᠤᠶᠤᠨ ᠮᠥᠷᠭᠥᠯᠭᠢᠯᠡᠨ ᠵᠣᠭᠰᠣᠬᠤ ᠦᠭᠡᠢ ᠳ᠋ᠦ᠍ᠷ ᠯᠢ ᠠᠨ ᠴᠢᠦᠸᠠᠨ᠂ ᠨᠢᠭᠡᠨ ᠴᠠᠭ ᠲᠤᠷ ᠪᠦᠬᠦᠯᠢ ᠪᠡᠶ᠎ᠡ ᠮᠠᠨᠠᠷᠠᠨ ᠤᠮᠳᠠᠷᠠᠵᠤ᠂ ᠭᠠᠷ ᠳᠠᠭᠵᠢᠨ ᠬᠣᠭᠣᠯᠠᠢ ᠴᠡᠴᠡᠷᠡᠨ᠂ ᠬᠠᠭᠠᠨ ᠤ᠋ ᠮᠢᠶᠠᠨ ᠮᠠᠯᠠᠭ᠎ᠠ ᠶ᠋ᠢᠨ ᠤᠨᠵᠢᠯᠭ᠎ᠠ ᠴᠠᠴᠤᠭ ᠲᠣᠭᠳᠣᠯᠵᠠᠨ ᠴᠡᠴᠡᠷᠬᠢᠯᠡᠵᠦ᠂ ᠬᠣᠢᠲᠤ ᠬᠣᠶᠠᠷ ᠰᠡᠷᠪᠡᠭᠡ ᠢᠨᠦ ᠲᠠᠭᠳᠠᠯᠵᠠᠨ ᠬᠥᠳᠡᠯᠦᠨ ᠵᠢᠷᠪᠠᠯᠵᠠᠨ ᠵᠣᠭᠰᠣᠬᠤ ᠦᠭᠡᠢ᠃ ᠬᠠᠪᠠᠷ ᠢ᠋ᠶ᠋ᠠᠷ ᠨᠢᠭᠡᠨ ᠤᠷᠲᠤ ᠰᠦᠢᠯᠡᠰᠦᠨ ᠠᠯᠳᠠᠵᠤ᠂ ᠯᠤᠤ ᠶ᠋ᠢᠨ ᠬᠠᠨᠴᠤᠢ ᠪᠠᠷ ᠵᠠᠵᠢ ᠪᠠᠨ ᠲᠤᠯᠵᠤ᠂ ᠯᠤᠤ ᠶ᠋ᠢᠨ ᠰᠢᠷᠡᠭᠡᠨ᠎ᠡ ᠲᠣᠬᠣᠢᠪᠴᠢᠯᠠᠭᠠᠳ᠂ ᠬᠠᠲᠠᠭᠤᠴᠢᠯᠠᠬᠤ ᠪᠠ ᠵᠥᠭᠡᠪᠴᠢᠯᠡᠬᠦ ᠠᠯᠢᠨ ᠢ᠋ᠶ᠋ᠠᠷ ᠴᠤ᠌ ᠠᠪᠠᠴᠢᠵᠤ ᠪᠣᠯᠬᠤ ᠦᠭᠡᠢ ᠪᠣᠯᠵᠤ᠂ ᠬᠠᠷᠠᠬᠠᠨ ᠲᠦᠮᠡᠨ ᠪᠤᠮᠠᠨ ᠬᠠᠷᠠᠯᠲᠠ ᠶ᠋ᠢᠨ ᠳᠡᠭᠡᠷ᠎ᠡ ᠰᠠᠭᠤᠵᠤ ᠠᠷᠭ᠎ᠠ ᠵᠠᠪᠬᠠᠷᠠᠲᠠᠯᠠ ᠪᠠᠴᠢᠮᠳᠠᠨ ᠴᠢᠬᠤᠯᠳᠠᠬᠤᠶᠠ ᠭᠡᠨᠡᠳᠲᠡ ᠭᠠᠳᠠᠨ᠎ᠠ ᠠ᠋ᠴᠠ ᠨᠢᠭᠡᠨ ᠰᠠᠶᠢᠭ ᠹᠦ ᠪᠢᠴᠢᠭᠰᠡᠨ ᠬᠥᠩᠭᠡᠨ ᠨᠢᠮᠭᠡᠨ ᠰᠢᠷ᠎ᠠ ᠭᠬᠢᠪ ᠳᠡᠷᠪᠡᠯᠵᠡᠨ ᠬᠡᠢᠰᠦᠭᠰᠡᠭᠡᠷ ᠰᠢᠭᠤᠳ ᠬᠠᠭᠠᠨ ᠤ᠋ ᠯᠤᠤ ᠶ᠋ᠢᠨ ᠰᠢᠷᠡᠭᠡᠨ᠎ᠡ ᠲᠤᠰᠬᠠᠭᠰᠠᠨ ᠳ᠋ᠤᠷ ᠬᠠᠭᠠᠨ ᠬᠢᠷᠳ᠋ᠬᠢᠵᠦ ᠲᠡᠭᠦᠨ ᠢ᠋ ᠠᠪᠴᠤ ᠨᠢᠭᠡᠨ ᠵᠡᠷᠭᠡ ᠨᠠᠷᠢᠪᠴᠢᠯᠠᠨ ᠦᠵᠡᠮᠡᠭᠴᠡ ᠨᠢᠭᠡᠨ ᠰᠠᠨᠠᠭ᠎ᠠ ᠣᠯᠵᠤ ᠭᠬᠢᠪ ᠢ᠋ ᠬᠠᠨᠴᠤᠢᠯᠠᠭᠠᠳ᠂ ᠪᠡᠶ᠎ᠡ ᠪᠣᠰᠴᠤ ᠰᠠᠭᠤᠷᠢᠨ ᠠ᠋ᠴᠠ ᠪᠠᠭᠤᠵᠤ᠂ ᠬᠣᠶᠠᠷ ᠰᠠᠢᠳ ᠤ᠋ᠨ ᠬᠦᠯᠢᠶᠡᠰᠦᠨ ᠢ᠋ ᠥᠪᠡᠷᠦᠨ ᠮᠣᠳᠣᠷ ᠢ᠋ᠶ᠋ᠠᠷ ᠲᠠᠢᠯᠤᠨ᠂ ᠭᠢᠨᠵᠢ ᠶ᠋ᠢ ᠠᠪᠴᠤ ᠥᠪᠡᠷᠦᠨ ᠳᠡᠪᠡᠯ ᠢ᠋ᠶ᠋ᠡᠨ ᠲᠠᠢᠯᠤᠨ ᠨᠥᠮᠥᠷᠭᠡᠵᠦ᠂ ᠬᠠᠭᠠᠨ ᠤ᠋ ᠬᠠᠵᠠᠭᠤ ᠶ᠋ᠢᠨ ᠰᠠᠭᠤᠳᠠᠯ ᠤ᠋ᠨ ᠠᠯᠲᠠᠨ ᠯᠤᠤᠲᠤ ᠶᠡᠬᠡ ᠣᠯᠪᠣᠭ ᠢ᠋ᠶ᠋ᠠᠷ ᠣᠷᠢᠶᠠᠨ ᠪᠠᠭᠯᠠᠵᠤ᠂ ᠬᠠᠷᠰᠢ ᠶ᠋ᠢᠨ ᠡᠮᠦᠨᠡᠬᠢ ᠳᠥᠷᠪᠡᠨ ᠳ᠋ᠢᠶᠠᠨ ᠴᠢᠶᠠᠨ ᠵᠠᠩᠵᠤᠨ ᠢ᠋ᠶ᠋ᠠᠷ ᠲᠡᠪᠡᠷᠢᠭᠦᠯᠦᠨ ᠡᠭᠦᠷᠦᠭᠦᠯᠵᠦ᠂ ᠬᠠᠭᠠᠨ ᠵᠠᠳᠠᠭᠠᠢ ᠯᠤᠤ ᠶ᠋ᠢᠨ ᠴᠠᠷᠪᠠᠭᠲᠦ ᠰᠢᠷ᠎ᠠ ᠰᠡᠦᠬᠡ ᠳ᠋ᠡᠭᠡᠨ ᠰᠠᠭᠤᠵᠤ᠂ ᠬᠠᠭᠠᠨ ᠤ᠋ ᠶᠡᠬᠡ ᠵᠢᠭᠰᠠᠭᠠᠯ ᠢ᠋ᠶ᠋ᠠᠷ ᠬᠣᠶᠠᠷ ᠰᠠᠢᠳ ᠢ᠋ ᠭᠢᠨᠳᠠᠨ᠎ᠠ ᠬᠦᠷᠭᠡᠵᠦ᠂ ᠰᠠᠬᠢᠭᠤᠯᠰᠤᠨ ᠰᠠᠭᠤᠷᠢ ᠶ᠋ᠢᠨ ᠬᠠᠵᠠᠭᠤ ᠭᠡᠷ ᠲᠦ᠍ᠷ ᠤᠯᠠᠭᠠᠨ ᠯᠤᠤ ᠺᠠᠷᠣᠳᠢ ᠶ᠋ᠢᠨ ᠬᠥᠰᠢᠭᠡ ᠵᠠᠮ᠎ᠠ ᠲᠠᠲᠠᠭᠤᠯᠤᠨ ᠮᠥᠨ ᠬᠠᠭᠠᠨ ᠤ᠋ ᠣᠯᠪᠣᠭ ᠲᠠᠢ ᠪᠠᠷ ᠲᠡᠨᠳᠡ ᠰᠠᠭᠤᠯᠭᠠᠵᠤ᠂ ᠮᠥᠨ ᠬᠦ᠌ ᠰᠢᠩ ᠪᠦ ᠱᠠᠩ ᠱᠤ᠌ – ᠯᠢ ᠬᠣᠣ ᠨᠢᠶᠠᠨ ᠢ᠋《ᠬᠠᠷᠠᠭᠠᠯᠵᠠᠨ ᠰᠤᠪᠢᠯᠠᠵᠤ᠂ ᠲᠡᠳᠡᠨ ᠦ᠌ ᠰᠡᠳᠬᠢᠯ ᠢ᠋ ᠭᠦᠢᠴᠡᠲᠡᠯ᠎ᠡ ᠤᠴᠢᠷ ᠢ᠋ ᠠᠰᠠᠭᠤᠨ᠂ ᠰᠠᠨᠠᠭᠠᠨ ᠢ᠋ ᠬᠠᠨᠲᠠᠯ᠎ᠠ ᠦᠭᠡᠰ ᠢ᠋ ᠬᠡᠯᠡᠭᠦᠯᠵᠦ ᠰᠢᠭᠦᠵᠦ ᠲᠣᠳᠣᠷᠬᠠᠢᠯᠠᠭᠠᠳ ᠲᠡᠳᠡᠨ ᠤ ᠥᠪᠡᠷ ᠥᠪᠡᠷᠦᠨ ᠭᠠᠷ ᠢ᠋ᠶ᠋ᠠᠷ ᠨᠤᠭᠤᠯᠪᠤᠷᠢ ᠶ᠋ᠢ ᠪᠢᠴᠢᠭᠦᠯᠵᠦ᠂ ᠦᠭᠡᠰ ᠬᠠᠲᠠᠭᠤ ᠶ᠋ᠢ ᠴᠦ᠍ ᠪᠠᠢᠲᠤᠭᠠᠢ᠂ ᠮᠡᠬᠦᠰ ᠨᠠᠮᠠᠶ᠋ᠢ ᠳᠣᠩᠭᠣᠳᠪᠠᠴᠤ ᠮᠥᠨ ᠥᠴᠦᠬᠡᠨ ᠴᠦ᠍ ᠶᠠᠯ᠎ᠠ ᠦᠭᠡᠢ 》ᠭᠡᠮᠡᠨ ᠮᠣᠳᠣᠷ ᠢ᠋ᠶ᠋ᠠᠷ ᠵᠠᠷᠯᠢᠭ ᠤ᠋ᠨ ᠶᠡᠬᠡ ᠦᠰᠦᠭ ᠢ᠋ ᠰᠢᠷ᠎ᠠ ᠯᠤᠤᠲᠤ ᠲᠣᠷᠭ᠎ᠠ ᠳ᠋ᠤᠷ ᠪᠢᠴᠢᠭᠡᠳ᠂ ᠨᠢᠭᠤᠷ ᠡᠰᠡᠷᠭᠦ ᠢᠨᠦ ᠡᠯᠭᠦᠭᠦᠯᠵᠦ ᠥᠭᠭᠦᠭᠡᠳ᠂ ᠬᠠᠭᠠᠨ ᠬᠢᠯᠢᠩᠳᠡᠶᠡ ᠳᠣᠲᠣᠭᠠᠳᠤ ᠣᠷᠲᠣᠨ᠎ᠠ ᠵᠠᠯᠠᠷᠠᠨ ᠪᠠᠭᠤᠵᠤ᠂ ᠵᠠᠭᠤᠨ ᠬᠠᠲᠤᠳ ᠢ᠋ ᠬᠠᠮᠲᠤᠪᠠᠷ ᠢᠷᠡᠵᠦ ᠬᠤᠷᠢᠮ ᠳ᠋ᠤᠷ ᠵᠠᠷᠤᠴᠠᠯᠠᠭᠲᠤᠨ ᠭᠡᠮᠡᠨ ᠵᠠᠷᠯᠠᠬᠤᠶ᠎ᠠ᠂ ᠳᠣᠲᠣᠭᠠᠳᠤ ᠣᠷᠳᠣᠨ ᠤ᠋ ᠨᠠᠷᠢᠨ ᠬᠥᠭᠵᠢᠮ᠂ ᠬᠡᠢ ᠠᠭᠠᠷ ᠤ᠋ᠨ ᠬᠣᠭᠣᠰᠣᠨ ᠭᠠᠵᠠᠷ᠎ᠠ ᠬᠥᠪᠬᠡᠯᠡᠨ ᠬᠥᠩᠭᠢᠷᠡᠰᠴᠦ᠂ ᠶᠢᠰᠦᠨ ᠥᠩᠭᠡ ᠶ᠋ᠢᠨ ᠴᠢᠬᠢᠷᠰᠦᠨ ᠡᠭᠦᠯᠡᠰ ᠦ᠋ᠨ ᠶᠢᠰᠦᠨ ᠲᠡᠭᠷᠢ ᠶ᠋ᠢᠨ ᠥᠬᠢᠳ᠂ ᠤᠷᠲᠤ ᠬᠠᠷᠰᠢ ᠶ᠋ᠢᠨ ᠳᠡᠭᠡᠭᠦᠷ ᠬᠥᠪᠬᠡᠯᠡᠨ ᠣᠷᠣᠵᠤ ᠢᠷᠡᠨ ᠬᠠᠷᠰᠢ ᠶ᠋ᠢᠨ ᠡᠮᠦᠨ᠎ᠡ ᠪᠠᠭᠤᠵᠤ᠂ ᠮᠠᠭᠰᠢᠵᠤ ᠮᠥᠷᠭᠥᠭᠰᠡᠨ ᠳ᠋ᠦ᠍ᠷ ᠬᠠᠭᠠᠨ ᠡᠵᠡᠨ ᠬᠠᠳᠠᠭᠠᠨᠠᠨ ᠮᠦᠰᠢᠶᠡᠵᠦ᠂ ᠬᠠᠰ ᠴᠦᠭᠦᠴᠡᠲᠦ ᠳᠠᠷᠠᠰᠤ ᠶ᠋ᠢ ᠳᠠᠷᠠᠭ᠎ᠠ ᠳᠠᠷᠠᠭ᠎ᠠ ᠪᠠᠷ ᠵᠣᠭᠣᠭᠯᠠᠭᠰᠠᠭᠠᠷ ᠶᠡᠬᠡᠯ᠎ᠡ ᠰᠣᠭᠲᠣᠵᠤ᠂ ᠯᠤᠤ ᠶ᠋ᠢᠨ ᠬᠥᠰᠢᠭᠡ ᠳ᠋ᠦ᠍ᠷ ᠬᠠᠵᠠᠭᠤᠯᠠᠨ ᠣᠮᠲᠠᠪᠠᠢ᠃ ᠰᠤᠯᠠ ᠦᠭᠡᠰ ᠬᠡᠷᠡᠭ ᠦᠭᠡᠢ᠂ ᠬᠤᠪᠢᠯᠭᠠᠨ ᠥᠬᠢᠳ ᠹᠦ ᠰᠠᠶᠢᠭ ᠢ᠋ᠶ᠋ᠠᠨ ᠰᠢᠲᠠᠭᠠᠯᠴᠠᠨ ᠴᠢᠭᠢᠷᠰᠦᠨ ᠡᠭᠦᠯᠡᠰ ᠲᠣᠷ ᠢ᠋ᠶ᠋ᠠᠨ ᠭᠠᠷᠤᠯᠴᠠᠨ ᠣᠭᠲᠠᠷᠭᠤᠢ ᠶ᠋ᠢᠨ ᠠᠭᠠᠷ ᠠ᠋ᠴᠠ ᠤᠨᠵᠢᠭᠤᠯᠬᠤ ᠤᠯᠠᠭᠠᠨ ᠤᠩᠭᠠᠷᠢᠯ ᠤ᠋ᠨ ᠰᠢᠨᠳᠠᠰᠤ ᠰᠢᠵᠢᠮ ᠢ᠋ᠶ᠋ᠡᠷ ᠲᠠᠲᠠᠵᠤ ᠬᠥᠪᠬᠡᠯᠡᠯᠳᠦᠨ ᠳᠡᠭᠳᠡᠯᠴᠡᠭᠡᠳ ᠣᠳᠣᠳ ᠤ᠋ᠨ ᠲᠠᠭᠲᠤ ᠳ᠋ᠠᠭᠠᠨ ᠡᠭᠡᠪᠡᠢ᠃ ᠡᠨᠡ ᠯᠢᠦ᠂ ᠵᠣᠣ ᠬᠣᠶᠠᠷ ᠶᠡᠬᠡ ᠰᠠᠢᠳ ᠶᠠᠭᠤᠨ ᠤ᠋ ᠣᠴᠢᠷ᠎ᠠ ᠡᠢᠮᠦ ᠨᠢᠭᠡᠨ ᠤᠷᠰᠢᠭ ᠲᠠᠲᠠᠪᠠ ? ᠬᠡᠮᠡᠪᠡᠰᠦ᠄ ᠤᠭ ᠠ᠋ᠴᠠ ᠬᠠᠭᠠᠨ ᠢ᠋ᠶ᠋ᠠᠨ ᠤᠯᠤᠰ ᠲᠥᠷᠥ ᠶ᠋ᠢᠨ ᠲᠤᠯᠠ ᠮᠣᠩᠭᠣᠯ ᠯᠤᠭ᠎ᠠ ᠲᠤᠯᠤᠯᠴᠠᠮᠤᠢ ᠬᠡᠮᠡᠬᠦᠢ ᠳ᠋ᠦ᠍ᠷ ᠬᠣᠶᠠᠭᠤᠯᠠ ᠴᠥᠮ ᠲᠩᠷᠢ ᠶ᠋ᠢᠨ ᠪᠠᠢᠳᠠᠯ ᠴᠠᠭ ᠤ᠋ᠨ ᠠᠮᠢᠰᠬᠤᠯ ᠨᠡᠢᠲᠡ ᠪᠡᠷ ᠴᠥᠮ ᠮᠣᠩᠭᠣᠯ ᠤ᠋ᠨ ᠲᠣᠭ᠎ᠠ ᠤᠯᠠᠷᠢᠯ ᠪᠣᠯᠤᠭᠰᠠᠨ ᠢ᠋ ᠬᠡᠳᠦᠢᠨ ᠮᠡᠳᠡᠭᠰᠡᠨ ᠪᠣᠯᠪᠠᠴᠤ᠂ ᠤᠯᠤᠰ ᠲᠥᠷᠥ ᠶ᠋ᠢᠨ ᠱᠧ ᠵᠢᠢ᠂ ᠲᠡᠢ ᠮᠢᠶᠣᠤ ᠶ᠋ᠢᠨ ᠲᠤᠯᠠ ᠵᠢᠳᠬᠦᠮᠦᠢ᠃ ᠪᠤᠰᠤᠳ ᠲᠤᠷ ᠵᠠᠬᠢᠷᠤᠭᠳᠠᠨ ᠪᠣᠭᠣᠯ ᠪᠣᠯᠬᠤ ᠦᠭᠡᠢ ᠬᠡᠮᠡᠬᠦᠢ ᠳ᠋ᠦ᠍ᠷ ᠬᠡᠳᠦᠢᠪᠡᠷ ᠳᠣᠲᠣᠷ᠎ᠠ ᠠ᠋ᠴᠠᠭᠠᠨ ᠲᠡᠮᠡᠴᠡᠯᠳᠦᠬᠦ ᠳᠤᠷ᠎ᠠ ᠦᠭᠡᠢ ᠪᠣᠯᠪᠠᠴᠤ᠂ ᠶᠣᠰᠣᠨ ᠳ᠋ᠤᠷ ᠬᠠᠭᠠᠭᠳᠠᠨ ᠬᠣᠷᠢᠭᠯᠠᠨ ᠴᠢᠳᠠᠬᠤ ᠦᠭᠡᠢ ᠳᠡᠰ ᠶᠠᠳᠠᠬᠤᠶᠠ ᠡᠳᠦᠭᠡ ᠪᠠᠰᠠ ᠴᠢᠪᠬᠢᠲᠡᠯ᠎ᠡ ᠰᠣᠯᠣᠭᠠᠢ ᠤᠪᠠᠳᠢᠰ ᠬᠠᠷ᠎ᠠ ᠲᠠᠷᠨᠢ ᠶ᠋ᠢᠨ ᠵᠦᠢᠯ ᠢ᠋ᠶ᠋ᠡᠷ ᠶᠡᠬᠡᠳᠡ ᠲᠦᠢᠪᠡᠭᠡᠨ ᠪᠠᠴᠢᠯᠠᠨ ᠮᠤᠩᠬᠠᠷᠠᠭᠤᠯᠵᠤ ᠤᠯᠤᠰ ᠤ᠋ᠨ ᠬᠣᠲᠠᠯᠠᠭᠠᠷ ᠲᠦᠷᠬᠢᠷᠡᠨ ᠬᠥᠳᠡᠯᠦᠭᠰᠡᠨ ᠳ᠋ᠦ᠍ᠷ ᠬᠣᠷᠢᠭᠯᠠᠪᠠᠴᠤ ᠨᠢᠭᠡᠨᠲᠡ ᠶᠠᠪᠤᠭᠳᠠᠬᠤ ᠦᠭᠡᠢ ᠲᠤᠯᠠ ᠡᠢᠮᠦ ᠨᠢᠭᠡᠨ ᠰᠣᠨᠢᠨ ᠢ᠋ᠶ᠋ᠠᠷ ᠰᠣᠴᠢᠭᠠᠪᠠᠰᠤ᠂ ᠬᠣᠵᠢᠮ ᠳ᠋ᠠᠭᠠᠨ ᠡᠭᠡᠭᠦᠯᠬᠦᠢ ᠳ᠋ᠦ᠍ᠷ ᠲᠤᠰᠠᠲᠠᠢ ᠪᠣᠯᠪᠠᠤ ᠬᠡᠮᠡᠭᠰᠡᠨ ᠠᠵᠤᠭᠤ᠃ ᠯᠢᠦ ᠪᠦᠸᠧ ᠯᠢᠨ᠂ ᠵᠣᠣ ᠲᠠᠢᠭᠠᠨ:
《ᠮᠣᠩᠭᠣᠯ ᠤᠯᠤᠰ ᠤ᠋ᠨ ᠴᠡᠴᠡᠭ ᠪᠣᠳᠣ ᠶ᠋ᠢᠨ ᠵᠠᠷ ᠲᠤᠷ ᠭᠡᠷᠦᠨ ᠠᠮᠠᠨ ᠢ᠋ᠶ᠋ᠠᠨ ᠢᠯᠡᠭᠡᠵᠦ᠂ ᠵᠠᠷ ᠬᠢᠵᠢᠭ ᠢ᠋ ᠪᠡᠯᠡᠨ ᠡᠮ ᠢ᠋ᠶ᠋ᠡᠷ ᠥᠩᠭᠡᠷᠡᠭᠡᠭᠰᠡᠨ ᠦᠶ᠎ᠡ ᠳ᠋ᠦ᠍ᠷ ᠪᠠᠷᠠᠭᠤᠨ ᠺᠦᠨ ᠯᠦᠨ ᠬᠡᠮᠡᠬᠦ ᠲᠩᠷᠢ ᠠᠭᠤᠯᠠᠨ ᠤ᠋ ᠴᠢᠦᠢ ᠴᠦ ᠵᠢᠢ ᠬᠤᠪᠢᠯᠭᠠᠨ ᠬᠡᠮᠡᠭᠴᠢ᠄ ᠣᠳᠣ ᠠᠷᠪᠠᠨ ᠵᠢᠯ ᠳᠡᠭᠡᠷ᠎ᠡ ᠢᠷᠡᠬᠦ ᠰᠢᠷᠠᠭᠴᠢᠨ ᠲᠠᠤᠯᠠᠢ ᠵᠢᠯ ᠡᠴᠡ ᠢᠨᠠᠭᠰᠢ ᠬᠡᠷᠬᠢᠪᠡᠴᠦ ᠭᠡᠮᠡᠨ ᠪᠢᠰᠢᠯᠭᠠᠯ ᠠ᠋ᠴᠠ ᠭᠠᠷᠴᠤ ᠠᠭᠤᠯᠠᠨ ᠠ᠋ᠴᠠ ᠪᠠᠭᠤᠬᠤ ᠦᠭᠡᠢ ᠬᠡᠮᠡᠭᠰᠡᠨ ᠢ᠋ ᠲᠡᠭᠦᠨᠦ ᠠᠪᠠᠭ᠎ᠠ ᠡᠭᠡᠴᠢ ᠶ᠋ᠢᠨ ᠱᠠᠪᠢ᠂ ᠰᠠᠢᠨ ᠰᠡᠷ ᠡᠮᠴᠢ ᠶ᠋ᠢᠨ ᠠᠮᠠᠨ ᠠ᠋ᠴᠠ ᠲᠣᠪ ᠲᠣᠳᠣᠷᠬᠠᠢ ᠰᠣᠨᠣᠰᠤᠭᠰᠠᠨ ᠪᠣᠯᠠᠢ᠃ ᠡᠨᠡ ᠤᠪᠠᠳᠢᠰᠲᠤ ᠵᠠᠯᠠᠭᠤ ᠪᠣᠮᠪᠣ ᠯᠠᠪ ᠪᠢᠳᠡᠨ ᠦ᠌ ᠲᠠᠩᠭᠤᠳ ᠤᠯᠤᠰ ᠤ᠋ᠨ ᠬᠠᠵᠠᠢᠭᠰᠠᠨ ᠤ᠋ ᠳᠡᠭᠡᠷ᠎ᠡ ᠨᠤᠳᠤᠷᠬᠤ ᠪᠠᠷ ᠢᠷᠡᠵᠦᠬᠦᠢ᠃ ᠡᠭᠦᠨᠦ ᠠᠮᠠᠨ ᠢ᠋ ᠪᠥᠭᠯᠡᠵᠦ ᠨᠢᠴᠤᠭᠠᠨ ᠮᠣᠬᠣᠭᠠᠬᠤ ᠢᠯᠡᠷᠬᠡᠢ ᠭᠡᠷᠡᠴᠢ ᠲᠡᠮᠳᠡᠭ ᠢ᠋ ᠡᠨᠡ ᠭᠠᠵᠠᠷ ᠠ᠋ᠴᠠ ᠡᠷᠢᠨ ᠭᠠᠷᠭᠠᠵᠤ ᠴᠢᠳᠠᠬᠤ ᠦᠭᠡᠢ ᠳ᠋ᠡᠭᠡᠨ ᠬᠣᠶᠠᠷ ᠨᠢᠳᠦ ᠪᠡᠨ ᠬᠠᠷᠠᠨ ᠬᠠᠷᠠᠭᠰᠠᠭᠠᠷ᠂ ᠬᠣᠭᠣᠰᠣᠨ ᠶᠢᠯᠸᠢ ᠳ᠋ᠦ᠍ᠷ ᠭᠡᠨᠡᠳᠡᠭᠳᠡᠮᠦᠢ ᠤᠤ ? ᠨᠢᠳᠤᠨᠤᠨ ᠨᠠᠮᠤᠷ ᠠ᠋ᠴᠠ ᠮᠠᠨ ᠤ᠋ ᠲᠠᠩᠭᠤᠳ ᠤᠯᠤᠰ ᠤ᠋ᠨ ᠨᠡᠢᠰᠯᠡᠯ ᠦ᠋ᠨ ᠳᠣᠲᠣᠭᠠᠳᠤ ᠭᠠᠳᠠᠭᠠᠳᠤ ᠶ᠋ᠢᠨ ᠬᠡᠦᠬᠡᠳ ᠦ᠋ᠨ ᠢᠷᠤᠸᠠᠴᠢ ᠳᠠᠭᠤᠯᠠᠯ ᠳ᠋ᠤᠷ᠄ < ᠤᠷᠢᠳᠠ ᠣᠳᠣᠨ ᠵᠡᠷᠭᠡᠯᠡᠵᠦ᠂ ᠣᠭᠲᠠᠷᠭᠤᠢ ᠦᠢᠮᠡᠯᠳᠦᠵᠦ ᠤᠳᠠᠯ ᠦᠭᠡᠶ᠎ᠡ ᠨᠡᠯᠦᠢᠵᠦ ᠣᠷᠳᠣᠨ ᠳᠡᠭᠳᠡᠮᠦᠢ᠃ ᠤᠮᠠᠷ᠎ᠠ ᠳᠣᠷᠣᠨ᠎ᠠ ᠶ᠋ᠢᠨ ᠤᠭ ᠬᠥᠬᠡ ᠤᠯᠠᠷᠢᠨ ᠬᠦᠷᠴᠦ ᠢᠷᠠᠪᠠᠰᠤ᠂ ᠤᠰᠤ ᠰᠢᠷᠭᠢᠨ ᠤᠷᠤᠭ ᠪᠣᠯᠵᠤ᠂ ᠤᠯᠤᠰ ᠪᠦᠭᠦᠳᠡᠭᠡᠷ ᠨᠢᠭᠡᠳᠦᠮᠦᠢ > ᠬᠡᠮᠡᠯᠳᠦᠭᠰᠡᠨ ᠢ᠋ ᠬᠡᠨ ᠴᠦ᠍ ᠴᠥᠮ ᠮᠡᠳᠡᠯᠴᠡᠮᠦᠢ᠃ ᠡᠳᠦᠭᠡ ᠴᠢᠪ ᠴᠢᠬᠡ ᠣᠳᠣᠳ ᠤ᠋ᠨ ᠵᠢᠭᠰᠠᠭᠠᠯ ᠭᠡᠮᠡᠨ ᠣᠳᠣᠨ ᠬᠦᠷᠢᠶ᠎ᠡ ᠴᠣᠭᠴᠠᠯᠠᠪᠠ᠂ ᠣᠳᠣ ᠤᠳᠠᠯ ᠦᠭᠡᠢ ᠤᠰᠤᠨ ᠤ᠋ ᠶᠡᠬᠡ ᠭᠠᠮᠰᠢᠭ ᠬᠦᠷᠴᠦ ᠢᠷᠡᠮᠦᠢ᠃ ᠲᠠᠩᠭᠤᠳ ᠤᠯᠤᠰ ᠤ᠋ᠨ ᠡᠤ ᠯᠢᠶᠧ ᠬᠤᠸᠠᠩᠳᠢ ᠯᠢ ᠶᠤᠸᠠᠨ ᠬᠣᠣ ᠠ᠋ᠴᠠ ᠡᠳᠦᠭᠡ ᠵᠢᠷᠭᠤᠭᠠᠨ ᠬᠠᠭᠠᠨ ᠵᠠᠭᠤᠨ ᠢᠯᠡᠭᠦᠦ ᠣᠨ ᠵᠢᠯ ᠪᠣᠯᠲᠠᠯ᠎ᠠ᠂ ᠤᠰᠤᠨ ᠤ᠋ ᠭᠠᠮᠰᠢᠭ ᠭᠡᠮᠡᠨ ᠰᠣᠨᠣᠰᠤᠭᠰᠠᠨ ᠦᠭᠡᠢ᠃ ᠡᠳᠦᠭᠡ ᠨᠢᠭᠡᠨᠲᠡ ᠤᠰᠤᠨ ᠤ᠋ ᠭᠠᠮᠰᠢᠭ ᠭᠠᠷᠪᠠᠰᠤ ᠡᠩ ᠦ᠋ᠨ ᠤᠰᠤ ᠪᠤᠰᠤ᠃ ᠨᠡᠩ ᠪᠠᠰᠠ ᠰᠢᠷ᠎ᠠ ᠮᠥᠷᠡᠨ ᠦ᠌ ᠰᠠᠯᠪᠤᠷᠢ ᠤᠷᠤᠰᠬᠠᠯ ᠮᠠᠰᠢ ᠣᠢᠷ᠎ᠠ᠃ ᠵᠢᠴᠢ ᠴᠤᠤ ᠦᠭᠡᠰ ᠦ᠋ᠨ ᠢᠷᠣ᠎ᠠ ᠳ᠋ᠤᠷ ᠤᠮᠠᠷ᠎ᠠ ᠳᠣᠷᠣᠨ᠎ᠠ ᠶ᠋ᠢᠨ ᠤᠭ ᠬᠥᠬᠡ ᠬᠡᠮᠡᠭᠴᠢ ᠢᠪ ᠢᠯᠡᠷᠬᠡᠢ ᠴᠢᠩᠭᠢᠰ ᠬᠠᠭᠠᠨ ᠤ᠋ ᠬᠦᠨᠳᠦᠯᠡᠭᠳᠡᠬᠦᠢ ᠶ᠋ᠢᠨ ᠳᠡᠭᠡᠳᠦ ᠬᠥᠬᠡ ᠮᠣᠩᠭᠣᠯ ᠤᠯᠤᠰ ᠬᠡᠮᠡᠭᠳᠡᠬᠦ ᠢᠨᠦ ᠢᠪ ᠢᠯᠡᠷᠬᠡᠢ ᠦᠭᠡᠰ ᠪᠤᠰᠤ ᠤᠤ ? ᠨᠡᠩ ᠢᠯᠠᠩᠭᠤᠶ᠎ᠠ ᠂ ᠤᠰᠤ ᠰᠢᠷᠭᠢᠨ ᠤᠷᠤᠭ ᠪᠣᠯᠵᠤ᠂ ᠤᠯᠤᠰ ᠪᠦᠭᠦᠳᠡᠭᠡᠷ ᠨᠢᠭᠡᠳᠦᠮᠦᠢ ᠬᠡᠮᠡᠭᠴᠢ ᠢᠨᠦ ᠠᠪᠤᠨ ᠰᠣᠨᠣᠰᠬᠤ ᠳ᠋ᠤᠷ ᠲᠦᠪᠰᠢᠨ ᠦᠭᠡᠰ ᠮᠡᠲᠦ ᠪᠣᠯᠪᠠᠴᠤ ᠠᠯᠤᠰ ᠴᠠᠭᠠᠨ᠎ᠠ ᠪᠠᠨ ᠮᠠᠨ ᠤ᠋ ᠲᠠᠩᠭᠤᠳ ᠤᠯᠤᠰ ᠨᠡᠢᠲᠡ ᠪᠦᠭᠦᠳᠡᠭᠡᠷ ᠬᠥᠬᠡ ᠮᠣᠩᠭᠣᠯ ᠤᠯᠤᠰ ᠲᠤᠷ ᠪᠣᠯᠬᠤ ᠠᠨᠤ ᠪᠤᠰᠤ ᠤᠤ ? ᠲᠡᠭᠷᠢ ᠶ᠋ᠢᠨ ᠴᠠᠭ᠂ ᠤᠯᠤᠰ ᠤ᠋ᠨ ᠲᠣᠭ᠎ᠠ ᠶ᠋ᠢ ᠪᠢᠳᠡ ᠬᠣᠶᠠᠭᠤᠯᠠ ᠮᠤᠰᠬᠢᠨ ᠡᠰᠡ ᠴᠢᠳᠠᠪᠠᠴᠤ᠂ ᠴᠠᠭ ᠤ᠋ᠨ ᠭᠠᠮᠰᠢᠭ ᠣᠨ ᠤ᠋ ᠵᠤᠳ ᠠ᠋ᠴᠠ ᠣᠯᠠᠨ ᠠᠮᠢᠲᠠᠨ ᠢ᠋ ᠠᠪᠤᠷᠠᠨ ᠲᠡᠩᠬᠡᠷᠡᠭᠦᠯᠵᠦ ᠡᠰᠡ ᠴᠢᠳᠠᠬᠤ ᠪᠥᠭᠡᠰᠦ ᠡᠵᠡᠨ ᠦ᠌ ᠬᠡᠰᠢᠭ ᠲᠣᠷ ᠦᠶ᠎ᠡ ᠤᠯᠠᠷᠢᠨ ᠬᠦᠷᠲᠡᠵᠦ᠂ ᠨᠢᠭᠡᠨ ᠦᠭᠡᠰ ᠴᠦ᠍ ᠦᠯᠦ ᠥᠴᠢᠬᠦ ᠢᠨᠦ ᠠᠯᠠᠪᠠᠰᠤ ᠵᠣᠬᠢᠬᠤ ᠶᠠᠯ᠎ᠠ ᠪᠥᠭᠡᠲᠡᠯ᠎ᠡ᠂ ᠬᠠᠭᠠᠨ ᠡᠵᠡᠨ ᠦ᠌ ᠬᠥᠷ ᠨᠠᠢᠷ ᠢ᠋ ᠬᠤᠳᠬᠤᠯᠠᠭᠰᠠᠨ ᠬᠡᠮᠡᠬᠦ ᠶᠠᠯ᠎ᠠ ᠠ᠋ᠴᠠ ᠵᠠᠢᠯᠠᠪᠠᠰᠤ ᠪᠣᠯᠤᠮᠤᠢ ᠤᠤ ? ᠡᠳᠦᠭᠡ ᠥᠪᠡᠷ᠎ᠡ ᠵᠦᠢᠯ ᠦ᠋ᠨ ᠢᠳᠬᠠᠯ ᠬᠣᠷᠢᠭᠯᠠᠯ ᠬᠡᠷᠡᠭ ᠦᠭᠡᠢ ᠪᠣᠯᠵᠤ᠂ ᠬᠥᠯ ᠢ᠋ᠶ᠋ᠡᠨ ᠴᠠᠪᠴᠢᠨ ᠠᠪᠴᠤ ᠬᠣᠷᠢᠭᠯᠠᠪᠠᠴᠤ ᠢᠯᠡᠭᠦᠴᠡ ᠪᠣᠯᠪᠠ᠃ ᠭᠠᠭᠴᠠ ᠨᠢᠭᠡᠬᠡᠨ ᠵᠦᠢᠯ ᠦ᠋ᠨ ᠡᠳ᠋ ᠬᠡᠷᠡᠭᠯᠡᠯ ᠦ᠋ᠨ ᠭᠤᠶᠤᠳᠠᠯ ᠠᠨᠤ᠂ ᠬᠠᠭᠠᠨ ᠡᠵᠡᠨ ᠬᠣᠯᠠ ᠣᠢᠷ᠎ᠠ ᠪᠠ ᠳᠣᠲᠣᠭᠠᠳᠤ ᠭᠠᠳᠠᠭᠠᠳᠤ ᠳ᠋ᠤᠷ ᠵᠠᠷᠯᠢᠭ ᠪᠠᠭᠤᠯᠭᠠᠨ᠂ ᠠᠭᠤᠯᠠ ᠪᠦᠷᠢ ᠶ᠋ᠢᠨ ᠠᠯᠪᠠᠨ ᠤ᠋ ᠠᠪᠠ ᠶ᠋ᠢᠨ ᠪᠡᠯᠴᠢᠭᠡᠷ ᠪᠦᠬᠦᠨ ᠡᠴᠡ ᠵᠥᠭᠡᠭᠡᠵᠦ ᠠᠪᠴᠢᠷᠠᠬᠤᠢ ᠳ᠋ᠤᠷ ᠬᠥᠩᠭᠡᠨ ᠬᠢᠯᠪᠠᠷ᠂ ᠵᠠᠭᠤᠨ ᠲᠦᠮᠡᠨ ᠰᠢᠷᠤᠭ ᠮᠣᠳᠣᠳ ᠢ᠋ ᠴᠤᠭᠯᠠᠭᠤᠯᠤᠨ᠂ ᠴᠢᠳᠠᠬᠤᠯ᠎ᠠ ᠠᠷᠪᠠᠨ ᠲᠦᠮᠡᠨ᠂ ᠶᠠᠳᠠᠬᠤᠢ ᠳ᠋ᠠᠭᠠᠨ ᠲᠠᠪᠤᠨ ᠲᠦᠮᠡᠨ ᠢ᠋ ᠬᠣᠲᠠ ᠳ᠋ᠤᠷ ᠣᠷᠣᠭᠤᠯᠪᠠᠰᠤ ᠰᠠᠢᠳ ᠪᠢᠳᠡᠨ ᠢ᠋ ᠢᠯᠡᠭᠦᠦ ᠨᠢᠭᠡᠨ ᠡᠳᠦᠷ ᠦ᠋ᠨ ᠠᠮᠢᠳᠤᠷᠠᠭᠤᠯᠤᠭᠰᠠᠨ ᠡᠵᠡᠨ ᠪᠣᠭᠳᠠ ᠶ᠋ᠢᠨ ᠬᠡᠰᠢᠭ ᠪᠣᠯᠠᠢ》ᠬᠡᠮᠡᠭᠰᠡᠨ ᠳ᠋ᠦ᠍ᠷ ᠯᠢ ᠱᠠᠩ ᠱᠤ᠌ ᠨᠢᠭᠡᠨ ᠦᠰᠦᠭ ᠳᠠᠷᠤᠯ ᠥᠭᠡᠶ᠎ᠡ ᠨᠤᠭᠤᠯᠪᠤᠷᠢ ᠪᠢᠴᠢᠵᠦ ᠪᠠᠷᠢᠬᠤᠢ ᠶ᠋ᠢᠨ ᠤᠷᠢᠳᠠ᠂ ᠠᠮᠠᠨ ᠢ᠋ᠶ᠋ᠠᠷ ᠪᠦᠷᠢᠳᠬᠡᠨ ᠠᠢᠯᠠᠳᠬᠠᠭᠠᠳ᠂ ᠰᠠᠶᠢ ᠨᠤᠭᠤᠯᠪᠤᠷᠢ ᠶ᠋ᠢ ᠡᠷᠭᠦᠨ ᠠᠢᠯᠠᠳᠬᠠᠭᠰᠠᠨ ᠳ᠋ᠤᠷ ᠯᠢ ᠠᠨ ᠴᠢᠤᠸᠠᠨ ᠠᠩᠬᠠᠨ ᠳ᠋ᠤᠷ ᠶᠠᠮᠪᠠᠷ ᠨᠢᠭᠡᠨ ᠪᠣᠯᠣᠰᠢ ᠦᠭᠡᠢ ᠬᠤᠪᠢᠯᠭᠠᠨ ᠢ᠋ ᠬᠥᠭᠡᠭᠡᠵᠦ᠂ ᠮᠣᠩᠭᠣᠯ ᠳ᠋ᠤᠷ ᠮᠥᠷᠭᠥᠬᠦ ᠳᠠᠭᠠᠬᠤ ᠪᠡᠷᠬᠡ ᠬᠣᠷᠢᠭᠯᠠᠯ ᠢᠳᠬᠠᠯ ᠪᠣᠢ ᠶᠠ ᠭᠡᠮᠡᠨ ᠶᠡᠬᠡᠯ᠎ᠡ ᠪᠡᠷᠬᠡᠰᠢᠶᠡᠭᠰᠡᠨ ᠪᠥᠯᠥᠭᠡ᠃ ᠡᠳᠦᠭᠡ ᠡᠨᠡ ᠠᠢᠯᠠᠳᠬᠠᠯ ᠳ᠋ᠤᠷ ᠵᠦᠭᠡᠷ ᠨᠢᠭᠡᠨ ᠣᠯᠠᠨ ᠮᠣᠳᠣ ᠴᠤᠭᠯᠠᠭᠤᠯᠬᠤ ᠬᠡᠷᠡᠭ ᠲᠤᠯᠠ ᠶᠡᠬᠡᠯ᠎ᠡ ᠪᠠᠶᠠᠷᠯᠠᠨ ᠬᠦᠦ ᠰᠠᠩ ᠤ᠋ᠨ ᠳᠣᠲᠣᠭᠠᠳᠤ ᠭᠠᠳᠠᠭᠠᠳᠤ ᠶ᠋ᠢ ᠢᠯᠭᠠᠬᠤ ᠦᠭᠡᠢ᠂ ᠠᠷᠪᠠᠨ ᠲᠦᠮᠡᠨ ᠯᠠᠩ ᠤ᠋ᠨ ᠬᠢᠷᠢ ᠳ᠋ᠦ᠍ᠷ ᠬᠦᠷᠲᠡᠯ᠎ᠡ᠂ ᠳᠥᠷᠪᠡᠨ ᠵᠦᠭ ᠦ᠋ᠨ ᠮᠥᠷᠡᠨ ᠪᠦᠷᠢ ᠪᠡᠷ ᠮᠣᠳᠣ ᠵᠥᠭᠡᠭᠡᠯᠭᠡᠬᠦ ᠶ᠋ᠢ ᠮᠥᠨ ᠬᠦ᠌ ᠬᠣᠶᠠᠷ ᠰᠠᠢᠳ ᠬᠡᠳᠦᠢ ᠠᠪᠬᠤ ᠶ᠋ᠢ ᠥᠪᠡᠷᠦᠨ ᠵᠣᠷᠢᠭ ᠢ᠋ᠶ᠋ᠠᠷ ᠪᠣᠯᠭᠠᠭᠲᠤᠨ ᠭᠡᠮᠡᠨ ᠴᠠᠭ ᠳᠣᠲᠣᠷ᠎ᠠ ᠮᠣᠳᠣᠷ ᠤ᠋ᠨ ᠵᠠᠷᠯᠢᠭ ᠪᠠᠭᠤᠯᠭᠠᠨ᠂ ᠳᠣᠲᠣᠭᠠᠳᠤ ᠭᠠᠳᠠᠭᠠᠳᠤ ᠪᠦᠬᠦᠨ᠎ᠡ ᠴᠥᠮ ᠲᠠᠷᠬᠠᠭᠠᠨ ᠵᠠᠷᠯᠠᠭᠰᠠᠨ᠎ᠠ ᠬᠣᠶᠠᠷ ᠰᠠᠢᠳ ᠶᠡᠬᠡᠯ᠎ᠡ ᠪᠠᠶᠠᠷᠯᠠᠯᠴᠠᠨ᠂ ᠤᠯᠤᠰ ᠤ᠋ᠨ ᠬᠣᠲᠠᠯᠠᠭᠠᠷ ᠮᠣᠳᠣ ᠲᠦᠯᠡᠭᠡ ᠴᠢᠯᠠᠭᠤᠨ ᠨᠡᠭᠦᠷᠡᠰᠦ ᠤᠲᠤᠭᠠᠲᠤ ᠮᠧᠢ ᠶ᠋ᠢᠨ ᠬᠣᠢᠨ᠎ᠠ ᠠ᠋ᠴᠠ ᠣᠷᠣᠯᠴᠠᠨ ᠡᠭᠦᠰᠬᠡᠵᠦ᠂ ᠦᠨᠡᠬᠡᠷ ᠠᠷᠪᠠᠨ ᠡᠳᠦᠷ ᠦ᠋ᠨ ᠳᠣᠲᠣᠷ᠎ᠠ ᠰᠢᠷᠤᠭ ᠮᠣᠳᠣ ᠶ᠋ᠢ ᠬᠣᠲᠠ ᠶ᠋ᠢᠨ ᠳᠣᠲᠣᠷ᠎ᠠ ᠬᠡᠷᠡᠮ ᠳ᠋ᠦ᠍ᠷ ᠲᠦᠰᠢᠭᠦᠯᠦᠨ ᠬᠣᠲᠠ ᠶ᠋ᠢᠨ ᠳᠡᠭᠡᠳᠦ ᠲᠡᠭᠰᠢᠳᠬᠡᠯ ᠬᠡᠷᠡᠮ ᠯᠤᠬᠡ ᠰᠠᠴᠠᠭᠤ ᠪᠠᠷ ᠬᠠᠭᠠᠰ ᠢᠯᠡᠭᠦᠦ ᠶ᠋ᠢ ᠲᠣᠭᠣᠷᠢᠭᠤᠯᠪᠠ᠃ ᠣᠯᠠᠨ ᠢᠷᠭᠡᠨ ᠦᠯᠦ ᠭᠠᠢᠬᠠᠯᠳᠤᠬᠤ ᠠᠨᠤ ᠦᠭᠡᠢ᠃ ᠡᠭᠦᠨ ᠳ᠋ᠦ᠍ᠷ ᠴᠢᠦ ᠴᠦ ᠵᠢᠢ ᠬᠤᠪᠢᠯᠭᠠᠨ ᠴᠤ᠌ ᠮᠥᠨ ᠯᠢᠦ᠂ ᠵᠣᠣ ᠬᠣᠶᠠᠷ ᠰᠠᠢᠳ ᠤ᠋ᠨ ᠡᠭᠦᠳᠡᠨ᠎ᠡ ᠬᠦᠷᠴᠦ ᠶᠣᠰᠣᠯᠠᠪᠠ᠃ ᠬᠣᠶᠠᠭᠤᠯᠠ ᠴᠥᠮ ᠵᠣᠯᠭᠠᠭᠰᠠᠨ ᠦᠭᠡᠢ᠃ ᠡᠨᠡ ᠢᠨᠦ ᠨᠢᠭᠡᠨ ᠳ᠋ᠦ᠍ᠷ ᠤᠯᠤᠰ ᠤ᠋ᠨ ᠬᠦᠴᠦᠨ᠂ ᠬᠣᠶᠠᠷ ᠲᠤᠷ ᠬᠣᠶᠠᠷ ᠰᠠᠢᠳ ᠤ᠋ᠨ ᠲᠦᠮᠡᠨ ᠮᠢᠩᠭᠠᠨ ᠵᠦᠢᠯ ᠢ᠋ᠶ᠋ᠡᠷ ᠢᠷᠭᠡᠨ ᠦ᠌ ᠰᠡᠳᠬᠢᠯ ᠢ᠋ ᠠᠪᠴᠤ᠂ ᠵᠠᠭᠤᠨ ᠮᠢᠩᠭᠠᠨ ᠤᠬᠠᠭᠠᠨ ᠢ᠋ᠶ᠋ᠠᠷ ᠵᠠᠭᠤᠨ ᠣᠪᠣᠭᠲᠠᠨ ᠤ᠋ ᠳᠤᠷᠠᠲᠠᠶ᠎ᠠ ᠴᠢᠷᠮᠠᠢᠯᠴᠠᠬᠤ ᠵᠠᠮ ᠮᠥᠷ ᠢ᠋ᠶ᠋ᠡᠷ ᠤᠳᠤᠷᠢᠳᠬᠤᠢ ᠳ᠋ᠤᠷ ᠣᠯᠠᠨ ᠢᠷᠭᠡᠨ ᠦ᠌ ᠤᠷᠠᠨ ᠨᠠᠷᠢᠨ ᠠᠷᠭ᠎ᠠ ᠠᠨᠤ ᠤᠯᠤᠰ ᠤ᠋ᠨ ᠬᠦᠴᠦᠨ ᠡᠴᠡ ᠴᠦ᠍ ᠳᠠᠪᠠᠵᠤᠬᠤᠢ᠃ ᠬᠠᠭᠠᠨ ᠠᠨᠤ ᠵᠠᠭᠤᠨ ᠴᠡᠷᠢᠭ ᠦ᠋ᠨ ᠵᠠᠩᠵᠤᠨ ᠨᠠᠷ ᠢ᠋ᠶ᠋ᠠᠨ ᠠᠪᠴᠤ᠂ ᠴᠡᠷᠢᠭ ᠮᠣᠷᠢᠨ ᠢ᠋ᠶ᠋ᠠᠨ ᠰᠢᠯᠭᠠᠯᠴᠠᠨ ᠪᠡᠯᠡᠳᠬᠡᠬᠦᠶ᠎ᠡ ᠰᠠᠢᠳ ᠠᠨᠤ ᠣᠯᠠᠨ ᠢᠷᠭᠡᠨ ᠢ᠋ᠶ᠋ᠡᠨ ᠠᠪᠴᠤ᠂ ᠬᠣᠲᠠ ᠪᠠᠨ ᠳᠠᠪᠬᠤᠷᠯᠠᠨ ᠲᠣᠳᠣᠯᠠᠵᠤ ᠲᠣᠭᠣᠷᠢᠭᠤᠯᠤᠨ ᠬᠣᠶᠠᠷ ᠬᠣᠲᠠ ᠶ᠋ᠢᠨ ᠴᠢᠨᠡᠭᠡᠨ ᠥᠷᠭᠡᠨ ᠪᠣᠯᠭᠠᠵᠤ᠂ ᠪᠦᠬᠦᠯᠢ ᠪᠡᠷ ᠴᠥᠮ ᠴᠡᠷᠢᠭ ᠢᠷᠭᠡᠨ ᠦ᠌ ᠭᠠᠷᠬᠤ ᠵᠠᠮ ᠳᠡᠪᠢᠰᠦᠭᠡᠳ᠂ ᠦᠨᠡᠬᠡᠷ ᠴᠡᠷᠢᠭ ᠢ᠋ᠶ᠋ᠡᠷ ᠬᠠᠠᠭᠠᠪᠠᠴᠤ ᠴᠡᠷᠢᠭ ᠢᠷᠭᠡᠨ ᠲᠡᠢ ᠪᠡᠨ ᠬᠣᠲᠠ ᠪᠠᠨ ᠰᠠᠬᠢᠨ ᠴᠢᠳᠠᠬᠤ ᠪᠠᠷ ᠪᠣᠯᠭᠠᠨ ᠵᠠᠰᠠᠬᠤᠢ ᠳ᠋ᠤᠷ ᠬᠠᠭᠠᠨ ᠴᠤ᠌ ᠶᠡᠬᠡᠳᠡ ᠪᠠᠶᠠᠷᠯᠠᠵᠤ᠂ ᠬᠣᠶᠠᠷ ᠡᠲᠡᠭᠡᠳ ᠥᠪᠡᠷ ᠥᠪᠡᠷᠦᠨ ᠦᠢᠯᠡ ᠪᠡᠨ ᠶᠠᠭᠠᠷᠠᠯᠴᠠᠨ᠂ ᠳᠥᠷᠪᠡᠨ ᠵᠦᠭ ᠨᠠᠢ᠍ᠮᠠᠨ ᠵᠣᠪᠬᠢᠰ ᠬᠠᠷᠠᠬᠠᠨ ᠵᠠᠪ ᠰᠡᠪ ᠦᠭᠡᠢ ᠶᠠᠭᠠᠷᠠᠯᠴᠠᠨ ᠰᠠᠪᠠᠭᠠᠨᠠᠬᠤᠶᠠ ᠡᠮᠦᠨ᠎ᠡ ᠬᠢᠵᠠᠭᠠᠷ ᠤ᠋ᠨ ᠲᠠᠪᠤᠨ ᠵᠧᠦ ᠶ᠋ᠢᠨ ᠶᠡᠬᠡ ᠲᠤᠷᠰᠢᠭᠤᠯ ᠳᠣᠪᠲᠣᠯᠤᠨ ᠢᠷᠡᠵᠦ ᠮᠡᠳᠡᠭᠦᠯᠦᠷᠦᠨ᠄
《ᠮᠣᠩᠭᠣᠯ ᠤ᠋ᠨ ᠶᠡᠬᠡ ᠲᠥᠰᠢᠶ᠎ᠡ ᠲᠠᠢᠪᠤᠤ ᠬᠦᠯᠦᠭ ᠨᠣᠶᠠᠨ ᠪᠤᠭᠤᠷᠵᠢ ᠪᠠᠭᠠᠲᠤᠷ᠂ ᠠᠷᠪᠠᠨ ᠲᠦᠮᠡᠨ ᠦ᠌ ᠰᠢᠯᠭᠠᠳᠠᠭ ᠭᠠᠪᠰᠢᠭᠠᠢ ᠴᠡᠷᠢᠭ ᠠᠪᠴᠤ᠂ ᠮᠠᠨ ᠤ᠋ ᠤᠯᠤᠰ ᠤ᠋ᠨ ᠵᠡᠭᠦᠨ ᠵᠠᠬ᠎ᠠ ᠪᠠᠷ ᠡᠮᠦᠨᠡᠰᠢ ᠭᠠᠷᠴᠤ᠂ ᠶᠡᠬᠡ ᠴᠡᠷᠢᠭ ᠪᠠᠷᠠᠭᠤᠨ ᠵᠢᠩ ᠵᠧᠦ ᠪᠠᠯᠭᠠᠰᠤᠨ᠎ᠠ ᠪᠠᠭᠤᠳᠠᠯᠯᠠᠵᠤ᠂ ᠡᠨᠳᠡᠬᠢ ᠯᠢ ᠵᠢᠢ ᠯᠢ ᠬᠣᠷᠣᠭ᠎ᠠ ᠪᠠ ᠵᠢᠷᠯᠤᠭ ᠬᠣᠲᠠ᠂ ᠣᠯᠣᠭᠠᠢ ᠪᠠᠯᠭᠠᠰᠤᠨ ᠤ᠋ ᠣᠯᠠᠨ ᠲᠦᠰᠢᠮᠡᠯ ᠴᠡᠷᠢᠭ ᠦ᠋ᠳ ᠢᠨᠤ ᠴᠥᠮ ᠡᠨᠳᠡᠬᠢ ᠬᠣᠲᠠ ᠬᠣᠷᠣᠭ᠎ᠠ ᠶ᠋ᠢ ᠤᠷᠭᠢᠯᠴᠠᠨ᠂ ᠪᠠᠷᠠᠭᠤᠨ ᠵᠢᠩ ᠵᠧᠦ ᠳ᠋ᠦ᠍ᠷ ᠴᠤᠭᠯᠠᠨ ᠢᠷᠡᠪᠡ᠃ ᠲᠡᠳᠡ ᠪᠠᠰᠠ ᠰᠠᠩ ᠬᠥᠮᠥᠷᠭᠡ ᠶ᠋ᠢ ᠨᠡᠭᠡᠭᠡᠵᠦ᠂ ᠡᠮᠦᠨᠡᠲᠦ ᠶ᠋ᠢᠨ ᠴᠡᠷᠢᠭ ᠢ᠋ ᠡᠯᠰᠡᠨ ᠴᠤᠭᠯᠠᠭᠤᠯᠤᠮᠤᠢ᠃ ᠡᠮᠦᠨ᠎ᠡ ᠡᠲᠡᠭᠡᠳ ᠦ᠋ᠨ ᠦᠢᠮᠡᠭᠡᠨ ᠮᠠᠰᠢ ᠠᠶᠤᠮᠰᠢᠭᠲᠠᠢ ᠰᠦᠷᠡᠬᠡᠢ ᠪᠠᠢᠨᠠᠮ》ᠭᠡᠮᠡᠨ ᠮᠡᠳᠡᠭᠦᠯᠦᠭᠰᠡᠨ ᠳ᠋ᠦ᠍ᠷ ᠬᠤᠪᠢᠯᠭᠠᠨ ᠶᠤᠸᠠᠨᠱᠤᠸᠠᠢ ᠬᠠᠷᠢᠨ ᠪᠠᠶᠠᠷᠯᠠᠨ ᠥᠭᠦᠯᠡᠷᠦᠨ᠄
《ᠡᠳᠡᠭᠡᠷ ᠭᠠᠵᠠᠷ ᠤᠭ ᠲᠤᠷ ᠴᠥᠮ ᠲᠡᠳᠡᠨ ᠦ᠌ ᠬᠠᠷᠢᠶᠠᠲᠤ ᠪᠣᠯᠤᠭᠰᠠᠨ ᠪᠥᠭᠡᠲᠡᠯ᠎ᠡ ᠡᠳᠦᠭᠡ ᠭᠤᠷᠪᠠᠨ ᠭᠠᠵᠠᠷ ᠢ᠋ ᠣᠷᠬᠢᠵᠤ ᠨᠢᠭᠡᠬᠡᠨ ᠭᠠᠵᠠᠷ ᠲᠤᠷ ᠡᠴᠢᠭᠰᠡᠨ ᠢᠨᠤ᠂ ᠡᠨᠡ ᠴᠦ᠍ ᠪᠣᠭᠳᠠ ᠡᠵᠡᠨ ᠦ᠌ ᠴᠡᠷᠢᠭ ᠦ᠋ᠨ ᠰᠦᠷ ᠪᠤᠶᠤ᠃ ᠪᠠᠢᠯᠳᠤᠬᠤᠢ ᠶ᠋ᠢᠨ ᠤᠷᠢᠳᠠ ᠪᠠᠳᠠᠷᠠᠨ ᠮᠠᠨᠳᠤᠬᠤ ᠪᠠᠶᠠᠷᠯᠠᠯᠲᠠᠢ ᠬᠡᠷᠡᠭ ᠪᠣᠯᠠᠢ ! 》ᠭᠡᠮᠡᠨ ᠬᠡᠳᠦᠢᠨ ᠵᠠᠷᠯᠠᠨ ᠲᠣᠭᠲᠠᠭᠠᠭᠰᠠᠨ ᠭᠠᠳᠠᠭᠠᠳᠤ᠂ ᠳᠤᠮᠳᠠᠳᠤ᠂ ᠳᠣᠲᠣᠭᠠᠳᠤ ᠭᠤᠷᠪᠠᠨ ᠵᠠᠮ ᠤ᠋ᠨ ᠬᠣᠷᠢᠨ ᠲᠦᠮᠡᠨ ᠴᠡᠷᠢᠭ ᠢ᠋ ᠠᠪᠴᠤ᠂ ᠶᠡᠬᠡ ᠲᠤᠭ ᠢ᠋ ᠳᠠᠬᠢᠵᠤ᠂ ᠲᠡᠭᠷᠢ ᠭᠠᠵᠠᠷ ᠲᠦᠷᠬᠢᠷᠡᠨ ᠬᠥᠳᠡᠯᠲᠡᠯ᠎ᠡ ᠳᠡᠰ ᠳᠡᠰ᠂ ᠳᠠᠷᠠᠭ᠎ᠠ ᠳᠠᠷᠠᠭ᠎ᠠ ᠪᠠᠷ ᠬᠥᠳᠡᠯᠭᠡᠵᠦ ᠮᠣᠷᠳᠠᠭᠤᠯᠤᠨ᠂ ᠬᠠᠮᠤᠭ ᠤ᠋ᠨ ᠰᠡᠭᠦᠯ ᠳ᠋ᠦ᠍ᠷ ᠰᠠᠶᠢ ᠬᠤᠪᠢᠯᠭᠠᠨ ᠣᠳᠣᠳ ᠤ᠋ᠨ ᠨᠠᠷᠢᠨ ᠵᠢᠭᠰᠠᠭᠠᠯ᠂ ᠬᠦᠵᠢᠰ ᠽᠠᠨᠳᠠᠨ ᠤ᠋ ᠦᠨᠦᠷ ᠠᠩᠬᠢᠯᠤᠨ ᠲᠡᠭᠷᠢ ᠶ᠋ᠢᠨ ᠬᠥᠭᠵᠢᠮ ᠦ᠋ᠨ ᠠᠶᠠᠯᠭᠤ ᠡᠬᠡᠰᠢᠭ ᠬᠦᠩᠭᠢᠷᠡᠰᠦᠨ᠂ ᠲᠠᠪᠤᠨ ᠥᠩᠭᠡ ᠶ᠋ᠢᠨ ᠡᠭᠦᠯᠡ ᠤᠲᠤᠭ᠎ᠠ ᠡᠪᠬᠡᠷᠡᠯᠳᠦᠨ ᠪᠦᠷᠬᠦᠵᠦ ᠮᠣᠷᠳᠠᠨ ᠡᠴᠢᠬᠦᠶ᠎ᠡ᠂ ᠬᠠᠭᠠᠨ ᠤ᠋ ᠪᠡᠶ᠎ᠡ ᠵᠠᠭᠠᠨ ᠤ᠋ ᠲᠡᠷᠭᠡ ᠳ᠋ᠦ᠍ᠷ ᠰᠠᠭᠤᠵᠤ᠂ ᠯᠤᠤ ᠶ᠋ᠢᠨ ᠵᠢᠭᠰᠠᠭᠠᠯ ᠵᠢᠭᠰᠠᠭᠠᠨ ᠮᠣᠷᠳᠠᠭᠤᠯᠬᠤᠢ ᠳ᠋ᠤᠷ ᠦᠳᠡ ᠶ᠋ᠢᠨ ᠪᠠᠭᠤᠳᠠᠯ ᠳ᠋ᠤᠷ ᠠᠯᠲᠠᠨ ᠤᠯᠤᠰ ᠤ᠋ᠨ ᠬᠠᠭᠠᠨ ᠸᠧᠢ ᠸᠠᠩ ᠶᠦᠩ ᠵᠢᠢ ᠶ᠋ᠢ ᠵᠠᠭᠤᠨ ᠵᠦᠢᠯ ᠢ᠋ᠶ᠋ᠡᠷ ᠬᠠᠷᠢᠶᠠᠨ《ᠪᠢ ᠤᠭ ᠠ᠋ᠴᠠ ᠠᠯᠲᠠᠨ ᠤᠯᠤᠰ ᠤ᠋ᠨ ᠠᠷᠪᠠᠨ ᠲᠦᠮᠡᠨ ᠴᠡᠷᠢᠭ ᠢ᠋ᠶ᠋ᠡᠷ ᠡᠮᠦᠨᠡᠲᠦ ᠲᠠᠪᠤᠨ ᠵᠧᠦ ᠶ᠋ᠢ ᠬᠠᠢᠭᠤᠯᠯᠠᠰᠤᠭᠠᠢ ᠬᠡᠮᠡᠭᠰᠡᠨ ᠪᠥᠯᠥᠭᠡ᠃ ᠮᠢᠨᠦ ᠶᠡᠬᠡ ᠬᠡᠷᠡᠭ ᠢ᠋ ᠰᠠᠭᠠᠲᠠᠭᠤᠯᠬᠤ ᠪᠠᠷ ᠦᠯᠦ ᠪᠠᠷᠠᠨ᠂ ᠴᠢ ᠬᠠᠷᠢᠨ ᠮᠣᠩᠭᠣᠯ ᠢ᠋ᠶ᠋ᠠᠷ ᠲᠠᠪᠤᠨ ᠵᠧᠦ ᠶ᠋ᠢ ᠵᠠᠪᠰᠢᠭᠤᠯᠤᠨ ᠬᠠᠳᠠᠭᠠᠯᠠᠭᠤᠯᠪᠠ᠃ ᠡᠴᠢᠭᠰᠡᠨ ᠡᠯᠴᠢ ᠪᠠᠰᠠ ᠢᠷᠡᠬᠦ ᠦᠭᠡᠢ》 ᠭᠡᠮᠡᠨ ᠭᠡᠷ ᠦ᠋ᠨ ᠠᠮᠠᠨ ᠢ᠋ ᠪᠠᠢᠴᠠᠭᠠᠨ ᠬᠣᠷᠢᠭᠤᠯᠰᠤᠭᠠᠢ ᠬᠡᠮᠡᠬᠦᠢ ᠳ᠋ᠦ᠍ᠷ ᠬᠤᠪᠢᠯᠭᠠᠨ ᠶᠤᠸᠠᠨᠱᠤᠸᠠᠢ ᠶ᠋ᠢᠨ ᠡᠮᠦᠨ᠎ᠡ ᠡᠴᠡ ᠪᠠᠰᠠ ᠨᠢᠭᠡᠨ ᠰᠢᠩᠬᠤᠲᠤ ᠹᠦ ᠰᠠᠶᠢᠭ ᠲᠠᠢ ᠰᠢᠷ᠎ᠠ ᠭᠬᠢᠪ ᠳᠡᠭᠳᠡᠨ ᠬᠥᠳᠡᠯᠵᠦ᠂ ᠬᠠᠭᠠᠨ ᠤ᠋ ᠡᠮᠦᠨ᠎ᠡ ᠬᠡᠢᠰᠦᠨ ᠢᠷᠡᠭᠰᠡᠨ ᠢ᠋ ᠬᠠᠭᠠᠨ ᠲᠣᠰᠴᠤ ᠠᠪᠤᠭᠠᠳ ᠵᠠᠪᠰᠠᠷ ᠲᠠᠬᠢ ᠨᠠᠷᠢᠨ ᠦᠰᠦᠭ ᠦ᠋ᠳ ᠢ᠋ ᠨᠠᠷᠢᠪᠴᠢᠯᠠᠨ ᠦᠵᠡᠭᠡᠳ ᠠᠭᠤᠷ ᠲᠠᠢᠳᠬᠤᠷᠠᠨ ᠬᠢᠯᠢᠩ ᠨᠠᠮᠬᠠᠷᠠᠭᠠᠳ᠂ ᠠᠯᠲᠠᠨ ᠤᠯᠤᠰ ᠲᠤᠷ ᠢᠯᠡᠭᠡᠭᠰᠡᠨ ᠡᠯᠴᠢ ᠪᠠᠯᠵᠣᠷ ᠤ᠋ᠨ ᠭᠡᠷ ᠦ᠋ᠨ ᠠᠮᠠᠨ ᠢ᠋ ᠪᠠᠢᠴᠠᠭᠠᠨ ᠪᠠᠷᠢᠭᠤᠯᠬᠤ ᠵᠠᠷᠯᠢᠭ ᠢ᠋ ᠲᠦᠷ ᠪᠢᠲᠡᠭᠡᠢ ᠵᠠᠷᠯᠠ ᠬᠡᠮᠡᠪᠡ᠃ ᠡᠭᠦᠨ ᠳ᠋ᠦ᠍ᠷ ᠤᠷᠢᠳᠤ ᠤᠳᠠᠭ᠎ᠠ ᠶ᠋ᠢᠨ ᠰᠢᠷ᠎ᠠ ᠭᠬᠢᠪ ᠴᠦ᠍ ᠡᠨᠡ ᠬᠤᠪᠢᠯᠭᠠᠨ ᠤ᠋ ᠶᠢᠯᠸᠢᠰ ᠦ᠋ᠨ ᠤᠪᠠᠳᠢᠰ ᠢ᠋ ᠮᠡᠳᠡᠯᠴᠡᠵᠦ᠂ ᠣᠯᠠᠨ ᠢ᠋ᠶ᠋ᠠᠷ ᠤᠯᠠᠮ ᠢᠯᠡᠭᠦᠦ ᠤᠨᠠᠨ ᠪᠣᠰᠲᠠᠯ᠎ᠠ ᠰᠦᠰᠦᠭᠯᠡᠨ ᠪᠢᠰᠢᠷᠡᠵᠦ᠂ ᠲᠡᠳᠦᠢ ᠬᠤᠷᠢᠮ ᠲᠡᠭᠦᠰᠴᠦ᠂ ᠬᠠᠭᠠᠨ ᠡᠵᠡᠨ᠎ᠡ ᠠᠶᠠᠷᠯᠠᠨ ᠮᠥᠷᠭᠥᠵᠦ᠂ ᠣᠯᠠᠨ ᠪᠦᠭᠦᠳᠡᠭᠡᠷ ᠦ᠋ᠨ ᠡᠮᠦᠨ᠎ᠡ ᠬᠤᠪᠢᠯᠭᠠᠨ ᠶᠤᠸᠠᠨᠱᠤᠸᠠᠢ ᠶᠡᠬᠡ ᠳᠠᠭᠤᠨ ᠢ᠋ᠶ᠋ᠠᠷ ᠬᠠᠭᠠᠨ ᠡᠵᠡᠨ ᠳ᠋ᠡᠭᠡᠨ ᠠᠢᠯᠠᠳᠬᠠᠷᠤᠨ᠄
《ᠪᠣᠭᠳᠠ ᠡᠵᠡᠨ ᠠᠯᠲᠠᠨ ᠤᠯᠤᠰ ᠤ᠋ᠨ ᠠᠷᠪᠠᠨ ᠲᠦᠮᠡᠨ ᠯᠠᠩ ᠤ᠋ᠨ ᠬᠦᠨᠡᠰᠦ ᠢᠳᠡᠬᠦ ᠴᠡᠷᠢᠭ ᠢᠷᠡᠭᠰᠡᠨ ᠦᠭᠡᠢ ᠳ᠋ᠦ᠍ᠷ ᠬᠢᠯᠢᠩᠯᠡᠨ ᠠᠭᠤᠷᠯᠠᠬᠤ ᠬᠡᠷᠡᠭ ᠦᠭᠡᠢ᠃ ᠶᠠᠳᠠᠭᠤ ᠪᠣᠮᠪᠣ ᠶ᠋ᠢᠨ ᠢᠳᠡᠭᠡᠨ ᠢᠳᠡᠬᠦ ᠦᠭᠡᠢ ᠵᠠᠭᠤᠨ ᠲᠦᠮᠡᠨ ᠦ᠌ ᠲᠩᠷᠢ ᠶ᠋ᠢᠨ ᠰᠠᠬᠢᠭᠤᠯᠰᠤᠨ ᠵᠠᠩᠵᠤᠨ᠂ ᠴᠡᠷᠢᠭ ᠮᠣᠷᠢᠨ᠂ ᠪᠡᠯᠡᠨ ᠪᠣᠢ ᠪᠣᠯᠠᠢ᠃ ᠤᠳᠠᠬᠤ ᠦᠭᠡᠢ ᠪᠡᠷ ᠮᠤᠬᠤᠯᠢ ᠶ᠋ᠢᠨ ᠴᠡᠷᠢᠭ ᠬᠦᠷᠴᠦ ᠢᠷᠡᠭᠰᠡᠨ ᠴᠠᠭᠳᠠ᠂ ᠴᠠᠭ ᠳᠣᠲᠣᠷ᠎ᠠ ᠢᠯᠡᠷᠡᠨ ᠭᠠᠷᠴᠤ ᠢᠷᠡᠭᠡᠳ᠂ ᠬᠠᠭᠠᠨ ᠡᠵᠡᠨ᠎ᠡ ᠨᠢᠭᠤᠷ ᠡᠰᠡ ᠪᠠᠷᠠᠭᠠᠯᠠᠪᠠᠴᠤ᠂ ᠳᠣᠯᠣᠭᠠᠨ ᠣᠳᠣᠨ ᠶᠢᠰᠦᠨ ᠲᠡᠭᠷᠢ ᠳ᠋ᠦ᠍ᠷ ᠨᠡᠷ᠎ᠡ ᠨᠢᠭᠤᠷᠳᠠᠶᠠ ᠪᠠᠷᠠᠭᠠᠯᠠᠬᠤ ᠪᠣᠯᠠᠢ》 ᠭᠡᠮᠡᠨ ᠬᠠᠭᠠᠨ ᠳ᠋ᠤᠷ ᠠᠶᠠᠷᠯᠠᠨ ᠮᠥᠷᠭᠥᠵᠦ ᠰᠠᠯᠤᠭᠠᠳ ᠲᠠᠪᠤᠨ ᠥᠩᠭᠡ ᠶ᠋ᠢᠨ ᠡᠭᠦᠯᠡᠰ ᠦ᠋ᠨ ᠭᠡᠷᠡᠯᠲᠦ ᠲᠡᠷᠭᠡ ᠬᠥᠯᠭᠡ ᠳ᠋ᠡᠭᠡᠨ ᠭᠠᠷᠴᠤ᠂ ᠶᠢᠰᠦᠨ ᠲᠩᠷᠢ ᠶ᠋ᠢᠨ ᠥᠬᠢᠳ ᠤᠭᠲᠤᠨ ᠠᠪᠴᠤ ᠴᠠᠭᠠᠨ ᠯᠢᠩᠬᠤ᠎ᠠ ᠶ᠋ᠢᠨ ᠣᠷᠣᠨ ᠰᠠᠭᠤᠷᠢ ᠳ᠋ᠤᠷ ᠢ᠋ᠶ᠋ᠠᠨ ᠰᠠᠭᠤᠵᠤ᠂ ᠳᠣᠬᠢᠶ᠎ᠠ ᠳᠠᠭᠤᠷᠢᠰᠤᠨ ᠴᠢᠮᠡᠭ ᠨᠠᠢᠭᠤᠯᠵᠠᠵᠤ᠂ ᠡᠭᠦᠯᠡ ᠡᠪᠬᠡᠷᠡᠯᠳᠦᠨ ᠳᠠᠭᠠᠵᠤ᠂ ᠰᠠᠢᠬᠠᠨ ᠦᠨᠦᠷ ᠠᠷᠪᠠᠨ ᠭᠠᠵᠠᠷ ᠤ᠋ᠨ ᠭᠠᠳᠠᠨ᠎ᠠ ᠠᠩᠬᠢᠯᠤᠨ ᠦᠨᠦᠰᠳᠡᠵᠦ᠂ ᠣᠳᠣᠳ ᠤ᠋ᠨ ᠵᠢᠭᠰᠠᠭᠠᠯ ᠤᠨᠳᠤᠷᠤᠨ ᠬᠥᠳᠡᠯᠦᠨ ᠮᠣᠷᠳᠠᠵᠤ᠂ ᠶᠡᠬᠡ ᠢᠦᠢ ᠮᠧᠨ ᠪᠣᠭᠣᠮᠲᠠ ᠶ᠋ᠢᠨ ᠭᠠᠳᠠᠭᠠᠳᠤ ᠲᠠᠪᠤᠨ ᠣᠷᠭᠢᠯᠳᠤ ᠠᠭᠤᠯᠠᠨ ᠤ᠋ ᠳᠣᠲᠣᠷ᠎ᠠ ᠬᠣᠷᠢᠨ ᠨᠠᠢ᠍ᠮᠠᠨ ᠭᠠᠷᠠᠭ ᠤ᠋ᠨ ᠭᠠᠩ ᠣᠳᠣᠨ ᠤ᠋ ᠬᠣᠷᠢᠶ᠎ᠠ ᠰᠠᠭᠤᠷᠢ ᠶ᠋ᠢᠨ ᠵᠢᠭᠰᠠᠭᠠᠯ᠎ᠠ ᠲᠠᠪᠤᠨ ᠠᠶᠤᠩᠭ᠎ᠠ᠂ ᠶᠢᠰᠦᠨ ᠴᠠᠬᠢᠯᠭᠠᠨ ᠤ᠋ ᠤᠪᠠᠳᠢᠰ ᠢ᠋ᠶ᠋ᠠᠨ ᠡᠭᠦᠰᠬᠡᠷᠡ ᠣᠷᠣᠵᠤ ᠬᠡᠳᠦᠢᠨ ᠪᠡᠯᠡᠳᠬᠡᠨ ᠴᠣᠭᠴᠠᠯᠠᠭᠰᠠᠨ ᠣᠳᠣᠳ ᠤ᠋ᠨ ᠮᠠᠨᠳᠤᠯ ᠳ᠋ᠤᠷ ᠠᠪᠠᠷᠢᠨ᠂ ᠲᠡᠭᠷᠢ ᠶ᠋ᠢᠨ ᠵᠢᠭᠰᠠᠭᠠᠯ ᠤ᠋ᠨ ᠣᠪᠢᠳᠠᠰ ᠶᠢᠯᠸᠢᠰ ᠢ᠋ ᠡᠭᠦᠰᠬᠡᠷᠡ ᠣᠷᠣᠵᠤ ᠴᠢᠦᠢ ᠴᠦ ᠯᠢᠦᠢ ᠬᠠᠭᠠᠨ᠂ ᠶᠢᠰᠦᠨ ᠵᠠᠭᠤᠨ ᠶᠡᠷᠡᠨ ᠶᠢᠰᠦᠨ ᠦ᠌ ᠠᠷᠪᠠᠨ ᠥᠩᠭᠡ ᠶ᠋ᠢᠨ ᠲᠤᠭ ᠬᠢᠭᠢᠷᠢ ᠪᠠᠷᠢᠭᠰᠠᠨ ᠴᠡᠷᠢᠭ ᠢ᠋ ᠳᠠᠭᠠᠭᠠᠴᠢᠯᠠᠨ᠂ ᠬᠠᠭᠠᠨ ᠤ᠋ ᠰᠢᠷ᠎ᠠ ᠠᠯᠲᠠᠨ ᠯᠤᠤᠲᠤ ᠥᠷᠭᠥᠭᠡ ᠳ᠋ᠦ᠍ᠷ ᠰᠠᠭᠤᠵᠤ᠂ ᠳᠥᠷᠪᠡᠨ ᠲᠠᠯ᠎ᠠ ᠠ᠋ᠴᠠ ᠴᠢᠩᠳᠠᠯᠠᠨ ᠳᠠᠷᠤᠨ ᠰᠠᠬᠢᠪᠠ᠃ ᠡᠭᠦᠨ ᠳ᠋ᠦ᠍ᠷ ᠸᠧᠢ ᠮᠢᠩ ᠯᠢᠩ ᠬᠦᠩ ᠳᠠᠪᠬᠤᠷ ᠬᠠᠯᠬᠠᠪᠴᠢ ᠶ᠋ᠢᠨ ᠳᠣᠲᠣᠷ᠎ᠠ ᠨᠡᠩᠳᠡ ᠰᠡᠳᠬᠢᠯ ᠠᠮᠤᠷ ᠢ᠋ᠶ᠋ᠠᠷ ᠠᠷᠪᠠᠨ ᠵᠠᠮ ᠤ᠋ᠨ ᠴᠠᠭᠳᠠᠭᠤᠯ ᠴᠡᠷᠢᠭ ᠢ᠋ ᠪᠠᠢᠴᠠᠭᠠᠨ ᠵᠢᠰᠢᠶᠠᠯᠠᠭᠤᠯᠬᠤᠶᠠ ᠭᠤᠷᠪᠠᠳᠤᠭᠠᠷ ᠦᠳᠡᠰᠢ ᠪᠦᠷᠦᠢ ᠲᠠᠰᠤᠷᠠᠮᠠᠭᠴᠠ᠂ ᠲᠠᠪᠤᠨ ᠣᠷᠭᠢᠯ ᠤ᠋ᠨ ᠠᠭᠤᠯᠠᠨ ᠤ᠋ ᠳᠡᠭᠡᠷ᠎ᠡ ᠬᠠᠪᠤᠷ ᠤ᠋ᠨ ᠠᠶᠤᠩᠭ᠎ᠠ ᠬᠦᠷᠬᠢᠷᠡᠨ ᠳᠠᠭᠤᠷᠢᠰᠴᠤ᠂ ᠲᠦᠭ ᠲᠦᠮᠡᠨ ᠵᠤᠯᠠ ᠭᠡᠷ᠎ᠡ ᠳᠡᠭᠳᠡᠨ ᠭᠢᠯᠪᠠᠯᠵᠠᠵᠤ᠂ ᠦᠨᠡᠬᠡᠷ ᠲᠡᠭᠷᠢ ᠶ᠋ᠢᠨ ᠴᠡᠷᠢᠭ᠂ ᠲᠩᠷᠢ ᠶ᠋ᠢᠨ ᠵᠠᠩᠵᠤᠨ᠂ ᠲᠡᠭᠷᠢ ᠶ᠋ᠢᠨ ᠲᠦᠰᠢᠮᠡᠯ᠂ ᠲᠩᠷᠢ ᠶ᠋ᠢᠨ ᠪᠠᠭᠠᠲᠤᠳ᠂ ᠠᠭᠤᠯᠠ ᠬᠥᠪᠡᠭᠡ᠂ ᠠᠭᠠᠷ ᠣᠭᠲᠠᠷᠭᠤᠢ ᠳ᠋ᠤᠷ ᠲᠥᠪ ᠳᠦᠭᠦᠷᠡᠩ ᠢ᠋ᠶ᠋ᠡᠷ ᠵᠢᠭᠰᠠᠭᠠᠨ ᠵᠡᠷᠭᠡᠯᠡᠵᠦ᠂ ᠵᠠᠭᠤᠨ ᠲᠦᠮᠡᠨ ᠢ᠋ ᠴᠦ᠍ ᠪᠠᠢᠲᠤᠭᠠᠢ᠂ ᠮᠢᠩᠭᠠᠨ ᠲᠦᠮᠡᠨ᠂ ᠲᠦᠮᠡᠨ ᠲᠦᠮᠡᠨ ᠢ᠋ᠶ᠋ᠡᠷ ᠵᠠᠭᠤᠨ ᠣᠪᠣᠭᠲᠠᠨ ᠢᠷᠭᠡᠳ ᠢᠯᠡᠷᠬᠡᠶ᠎ᠡ ᠦᠵᠡᠲᠡᠯ᠎ᠡ ᠢᠯᠡᠷᠡᠨ ᠦᠵᠡᠭᠳᠡᠵᠦ᠂ ᠬᠡᠳᠦᠨ ᠮᠥᠴᠡ ᠬᠢᠷᠢ ᠲᠡᠢ ᠪᠠᠢᠷᠢᠯᠠᠨ ᠦᠵᠡᠭᠳᠡᠭᠰᠡᠨᠡ᠂ ᠸᠧᠢ ᠮᠢᠩ ᠯᠢᠩ ᠬᠦᠩ ᠡᠴᠡ ᠡᠬᠢᠯᠡᠨ᠂ ᠲᠦᠭ ᠲᠦᠮᠡᠨ ᠢ᠋ᠶ᠋ᠡᠷ ᠵᠦᠭᠴᠢᠯᠡᠨ ᠬᠠᠨᠳᠤᠵᠤ᠂ ᠴᠢᠦᠢ ᠴᠦ ᠯᠢᠦᠢ ᠢᠦᠢ ᠬᠠᠭᠠᠨ ᠢ᠋ ᠬᠠᠷᠠᠵᠤ ᠪᠠᠢᠲᠠᠯ᠎ᠠ ᠮᠥᠷᠭᠥᠭᠰᠡᠨ ᠳ᠋ᠦ᠍ᠷ ᠴᠢᠦᠢ ᠴᠦ ᠯᠢᠦᠢ ᠢᠦᠢ ᠬᠠᠭᠠᠨ᠂ ᠬᠠᠷᠢᠨ ᠪᠡᠶ᠎ᠡ ᠢᠨᠦ ᠲᠡᠭᠷᠢ ᠶ᠋ᠢᠨ ᠬᠠᠭᠠᠨ ᠮᠡᠲᠦ ᠶᠡᠬᠡ ᠪᠣᠯᠵᠤ᠂ ᠴᠢᠷᠠᠢ ᠳᠦᠭᠦᠷᠡᠩ ᠬᠠᠭᠠᠨ ᠤ᠋ ᠣᠮᠣᠭ ᠢᠯᠡᠷᠡᠵᠦ ᠥᠴᠢᠷᠦᠨ:
《ᠨᠠᠢ᠍ᠮᠠᠨ ᠤ᠋ ᠡᠵᠡᠨ ᠢᠦᠢ ᠡᠴᠡ ᠪᠤᠰᠤ ᠪᠣᠯᠪᠠᠰᠤ᠂ ᠲᠡᠭᠷᠢ ᠶ᠋ᠢᠨ ᠣᠳᠣᠳ ᠢ᠋ ᠬᠡᠨ ᠴᠤᠭᠯᠠᠭᠤᠯᠤᠨ ᠴᠢᠳᠠᠬᠤ! 》ᠬᠡᠮᠡᠪᠡᠢ᠃
ᠲᠡᠭᠦᠨᠴᠡ ᠲᠩᠷᠢ ᠶ᠋ᠢᠨ ᠴᠡᠷᠢᠭ ᠦ᠋ᠨ ᠢᠯᠡᠷᠬᠡᠢᠯᠡᠯ ᠢ᠋ ᠬᠠᠭᠠᠨ ᠳ᠋ᠤᠷ ᠠᠢᠯᠠᠳᠬᠠᠯᠭᠠᠨ᠂ ᠣᠯᠠᠨ ᠬᠦᠷᠢᠶ᠎ᠡ ᠳ᠋ᠦ᠍ᠷ ᠵᠠᠷᠯᠠᠨ ᠰᠣᠨᠣᠰᠬᠠᠵᠤ᠂ ᠤᠯᠤᠰ ᠤ᠋ᠨ ᠬᠣᠲᠠᠯᠠᠭᠠᠷ ᠳᠦᠷᠭᠢᠯᠡᠲᠡᠯᠡ ᠪᠠᠶᠠᠰᠤᠯᠳᠤᠪᠠᠢ᠃ ᠡᠭᠦᠨ ᠢ᠋ ᠲᠦᠷ ᠪᠠᠶᠠᠰᠬᠤᠯᠠᠩᠲᠠᠶᠠ ᠲᠠᠯᠪᠢᠵᠤ᠂ ᠪᠠᠴᠢᠮᠳᠠᠨ ᠴᠢᠬᠤᠯᠳᠠᠵᠤ ᠮᠣᠩᠭᠣᠯ ᠤᠯᠤᠰ ᠲᠤᠷ ᠠᠮᠢ ᠪᠠᠨ ᠰᠢᠷᠭᠤᠨ ᠣᠷᠣᠭᠰᠠᠨ᠂ ᠲᠠᠩᠭᠤᠳ ᠠ᠋ᠴᠠ ᠠᠯᠲᠠᠨ ᠳ᠋ᠤᠷ ᠵᠠᠷᠤᠭᠰᠠᠨ ᠡᠯᠴᠢ ᠪᠠᠯᠵᠣᠷ ᠢ᠋ ᠬᠡᠯᠡᠬᠦ ᠢᠨᠤ:
ᠪᠠᠭᠤᠷᠠᠢ ᠤᠯᠠᠷᠢᠯᠳᠤ ᠪᠠᠯᠵᠣᠷ ᠡᠯᠴᠢ ᠪᠡᠷ ᠠᠯᠲᠠᠨ ᠤᠯᠤᠰ ᠲᠤᠷ ᠪᠠᠯᠢᠳᠠᠵᠦ ᠱᠠᠯᠳᠠᠳᠠᠯᠠ ᠮᠡᠬᠡᠯᠡᠭᠳᠡᠭᠡᠳ ᠪᠠᠢᠭᠰᠠᠨ ᠪᠡᠯᠡᠭ ᠦ᠋ᠨ ᠡᠳ᠋ ᠲᠠᠸᠠᠷ ᠢ᠋ᠶ᠋ᠠᠨ ᠠᠪᠴᠤ᠂ ᠪᠠᠭᠠᠲᠤᠷ ᠬᠡᠴᠡᠭᠦᠦ ᠮᠣᠩᠭᠣᠯ ᠤᠯᠤᠰ ᠤ᠋ᠨ ᠴᠡᠷᠢᠭ ᠦ᠋ᠨ ᠡᠵᠡᠨ ᠵᠢᠨᠦᠩ ᠮᠤᠬᠤᠯᠢ ᠶ᠋ᠢᠨ ᠳᠣᠣᠷ᠎ᠠ ᠰᠢᠷᠭᠤᠨ ᠣᠷᠣᠵᠤ ᠢᠷᠡᠪᠡᠰᠦ᠂ ᠦᠵᠡᠬᠦᠯ᠎ᠡ ᠮᠣᠩᠭᠣᠯ ᠤᠯᠤᠰ ᠤ᠋ᠨ ᠬᠡᠷᠦᠯᠦᠨ ᠮᠥᠷᠡᠨ ᠦ᠌ ᠬᠡᠭᠡᠷ᠎ᠡ᠂ ᠤᠨᠤᠨ ᠮᠥᠷᠡᠨ ᠦ᠌ ᠠᠭᠤᠯᠵᠠᠷ ᠤ᠋ᠨ ᠵᠢᠪᠬᠤᠯᠠᠩ ᠪᠠᠯᠭᠠᠰᠤᠨ ᠤ᠋ ᠭᠠᠳᠠᠨ᠎ᠠ ᠢᠪ ᠴᠢᠪ ᠴᠢᠮᠡᠭᠡ ᠢᠮᠡᠭᠡ ᠦᠭᠡᠢ᠂ ᠦᠵᠡᠰᠡ ᠤᠭ ᠠ᠋ᠴᠠ ᠵᠢᠪᠬᠤᠯᠠᠩ ᠪᠠᠯᠭᠠᠰᠤᠨ ᠤ᠋ ᠭᠤᠷᠪᠠᠨ ᠳᠠᠪᠬᠤᠷ ᠤ᠋ᠨ ᠣᠨᠢᠭᠤᠯ ᠬᠣᠲᠠ ᠶ᠋ᠢᠨ ᠤᠭ ᠵᠣᠬᠢᠶᠠᠯ ᠠᠨᠤ᠂ ᠶᠢᠰᠦᠨ ᠡᠩ ᠦ᠋ᠨ ᠬᠣᠷᠢᠶ᠎ᠠ ᠪᠠᠭᠤᠳᠠᠯ ᠳ᠋ᠤᠷ ᠵᠠᠭᠤᠨ ᠲᠦᠮᠡᠨ ᠴᠡᠷᠢᠭ ᠴᠦ᠍ ᠪᠠᠭᠲᠠᠬᠤ ᠪᠠᠷ ᠪᠡᠯᠡᠳᠬᠡᠭᠰᠡᠨ ᠢ᠋ᠶ᠋ᠡᠷ ᠲᠤᠰ ᠲᠤᠰ᠂ ᠠᠩᠭᠢ ᠠᠩᠭᠢ ᠪᠠᠷ ᠢᠯᠭᠠᠷᠠᠨ ᠪᠤᠲᠠᠷᠠᠵᠤ᠂ ᠴᠡᠷᠢᠭ ᠦ᠋ᠨ ᠬᠥᠯ ᠰᠣᠯᠢᠯᠴᠠᠬᠤ ᠦᠭᠡᠢ᠂ ᠵᠢᠭᠰᠠᠭᠠᠯ ᠤ᠋ᠨ ᠪᠠᠭ ᠮᠥᠷᠭᠥᠯᠳᠦᠬᠦ ᠦᠭᠡᠢ᠂ ᠬᠣᠪᠢᠨ ᠳ᠋ᠠᠭᠠᠨ ᠪᠡᠯᠡᠨ ᠵᠠᠯᠠᠨ ᠰᠠᠭᠤᠳᠠᠯ ᠤ᠋ᠨ ᠴᠡᠷᠢᠭ ᠶᠠᠪᠤᠭᠤᠷ ᠤ᠋ᠨ ᠲᠡᠢᠨ ᠮᠡᠲᠦ᠂ ᠡᠩ ᠦ᠋ᠨ ᠡᠳᠦᠷ ᠦ᠋ᠨ ᠠᠵᠤ ᠲᠥᠷᠥᠯ ᠢᠨᠦ᠂ ᠶᠠᠪᠤᠭᠤᠷ ᠤ᠋ᠨ ᠴᠡᠷᠢᠭ᠂ ᠠᠶᠠᠨ ᠤ᠋ ᠲᠡᠢᠨ ᠮᠡᠲᠦ ᠪᠡᠯᠡᠨ ᠵᠠᠯᠠᠨ ᠬᠤᠷᠳᠤᠨ ᠲᠦᠷᠭᠡᠨ ᠳᠣᠬᠢᠶ᠎ᠠ ᠳᠠᠭᠤᠷᠢᠰᠤᠮᠠᠭᠴᠠ ᠳᠥᠴᠢᠨ ᠲᠦᠮᠡᠨ ᠴᠡᠷᠢᠭ ᠮᠣᠷᠢᠨ ᠳ᠋ᠤᠷ ᠮᠣᠷᠳᠠᠨ ᠬᠠᠭᠤᠷᠠᠢ ᠬᠦᠨᠡᠰᠦ᠂ ᠬᠠᠲᠠᠭᠠᠮᠠᠯ ᠮᠢᠬ᠎ᠠ ᠶ᠋ᠢᠨ ᠲᠠᠯᠬ᠎ᠠ ᠵᠠᠷᠮ᠎ᠠ ᠲᠠᠢ ᠠᠴᠢᠶ᠎ᠠ ᠳ᠋ᠤᠷ ᠭᠠᠷᠴᠤ ᠲᠤᠭ ᠬᠢᠭᠢᠷᠢ ᠪᠠ ᠵᠠᠷ ᠵᠡᠪᠰᠡᠭ ᠴᠥᠮ ᠭᠠᠷ ᠲᠤᠷ ᠪᠠᠷᠢᠯᠴᠠᠬᠤ ᠪᠠᠷ ᠪᠣᠯᠪᠠᠰᠤᠷᠠᠭᠤᠯᠤᠨ ᠳᠠᠳᠬᠠᠨ ᠰᠤᠷᠭᠠᠭᠰᠠᠨ ᠠᠨᠤ ᠰᠠᠬᠢᠭᠤᠯᠰᠤᠨ ᠰᠠᠪᠠᠭᠠᠨᠠᠨ ᠬᠤᠪᠢᠯᠭᠠᠨ ᠬᠤᠪᠢᠰᠬᠤ ᠮᠡᠲᠦ ᠬᠤᠷᠳᠤᠨ ᠲᠦᠷᠭᠡᠨ ᠵᠠᠪᠰᠢᠶᠠᠨ ᠲᠠᠢ ᠤᠨᠤᠴᠢ ᠲᠠᠢ ᠲᠤᠯᠠ᠂ ᠬᠡᠳᠦᠨ ᠠᠷᠪᠠᠨ ᠲᠦᠮᠡᠨ ᠦ᠌ ᠴᠡᠷᠢᠭ ᠮᠣᠷᠢᠨ ᠮᠣᠷᠳᠠᠨ ᠬᠥᠳᠡᠯᠭᠦᠢ ᠳ᠋ᠦ᠍ᠷ ᠪᠠᠯᠭᠠᠰᠤᠨ ᠭᠠᠳᠠᠨ᠎ᠠ ᠪᠠᠭᠤᠳᠠᠯ ᠪᠠᠭᠤᠳᠠᠯᠯᠠᠬᠤ ᠦᠭᠡᠢ ᠪᠡᠷ ᠳᠣᠬᠢᠶ᠎ᠠ ᠲᠡᠮᠳᠡᠭ ᠳᠠᠭᠤᠷᠢᠰᠤᠨ ᠬᠥᠳᠡᠯᠦᠮᠡᠭᠴᠡ ᠳᠠᠭᠤᠷᠢᠶᠠᠨ ᠠᠳᠠᠯᠢ ᠴᠡᠷᠢᠭ ᠵᠡᠷᠭᠡᠯᠡᠨ ᠳᠣᠪᠲᠣᠯᠤᠯᠴᠠᠬᠤ ᠲᠤᠯᠠᠳᠠ᠂ ᠡᠳᠦᠭᠡ ᠲᠠᠩᠭᠤᠳ ᠤᠯᠤᠰ ᠤ᠋ᠨ ᠡᠢᠮᠦ ᠶᠡᠬᠡ ᠪᠠᠢᠯᠳᠤᠭᠠᠨ ᠢ᠋ ᠥᠴᠦᠬᠡᠨ ᠴᠦ᠍ ᠬᠡᠷᠡᠭᠰᠡᠯ ᠦᠭᠡᠢ ᠰᠠᠭᠤᠬᠤ ᠮᠡᠲᠦ ᠳ᠋ᠦ᠍ᠷ ᠲᠠᠩᠭᠤᠳ ᠤ᠋ᠨ ᠤᠷᠭᠤᠳᠤᠤᠯ ᠡᠯᠴᠢ ᠶᠡᠬᠡᠯ᠎ᠡ ᠭᠠᠢᠬᠠᠨ ᠰᠡᠵᠢᠭᠯᠡᠵᠦ᠂ ᠮᠠᠨ ᠤ᠋ ᠤᠯᠤᠰ ᠤ᠋ᠨ ᠲᠡᠢᠮᠦ ᠶᠡᠬᠡ ᠲᠦᠢᠪᠡᠭᠡᠨ ᠢ᠋ ᠮᠣᠩᠭᠣᠯ ᠤᠯᠤᠰ ᠦᠨᠡᠬᠡᠷ ᠮᠡᠳᠡᠬᠦ ᠦᠭᠡᠢ ᠠᠵᠤᠭᠤ ᠭᠡᠮᠡᠨ ᠵᠢᠨᠦᠩ ᠦ᠋ᠨ ᠲᠠᠭᠲᠤ ᠶ᠋ᠢᠨ ᠬᠠᠭᠠᠯᠭᠠᠨ᠎ᠠ ᠬᠦᠷᠴᠦ᠂ ᠬᠡᠷᠡᠭ ᠤᠯᠠᠮᠵᠢᠯᠠᠬᠤ ᠬᠠᠭᠠᠯᠭᠠᠴᠢ ᠳ᠋ᠤᠷ ᠵᠣᠯᠭᠠᠨ ᠬᠡᠷᠡᠭ ᠦ᠋ᠨ ᠶᠡᠬᠡ ᠲᠥᠯᠥᠪ ᠢ᠋ ᠬᠡᠯᠡᠵᠦ᠂ ᠢᠷᠡᠭᠰᠡᠨ ᠤᠴᠢᠷ ᠢ᠋ᠶ᠋ᠠᠷ ᠮᠡᠳᠡᠭᠦᠯᠦᠭᠰᠡᠨ ᠳ᠋ᠦ᠍ᠷ ᠬᠠᠭᠠᠯᠭᠠᠴᠢ ᠵᠠᠩᠵᠤᠨ ᠳᠣᠬᠢᠶ᠎ᠠ ᠲᠠᠯᠪᠢᠭᠤᠯᠤᠨ᠂ ᠵᠢᠨᠦᠩ ᠦ᠋ᠨ ᠲᠠᠭᠲᠤ ᠳ᠋ᠤᠷ ᠴᠡᠷᠢᠭ ᠦ᠋ᠨ ᠮᠡᠳᠡᠭᠡ ᠮᠡᠳᠡᠭᠦᠯᠬᠦ᠂ ᠵᠤᠤᠷᠴᠢᠨ ᠨᠣᠶᠠᠨ ᠲᠠᠢᠰᠠᠩ ᠤ᠋ᠨ ᠳᠡᠳ᠋ ᠲᠠᠭᠲᠤ ᠳ᠋ᠤᠷ ᠮᠡᠳᠡᠭᠦᠯᠦᠮᠡᠭᠴᠡ ᠳᠣᠲᠣᠷ᠎ᠠ ᠬᠡᠩᠭᠡᠷᠭᠡ ᠳᠡᠯᠡᠳᠦᠨ ᠬᠦᠷᠴᠢᠭᠢᠨᠡᠬᠦ ᠴᠢᠮᠡᠭᠡ ᠭᠠᠷᠴᠤ ᠂ ᠣᠯᠠᠨ ᠪᠠᠢᠷᠢᠯᠠᠯ ᠤ᠋ᠨ ᠴᠡᠷᠢᠭ ᠦ᠋ᠳ ᠬᠠᠰᠬᠢᠷᠤᠯᠳᠤᠨ᠂ ᠬᠡᠳᠦ ᠬᠡᠳᠦᠨ ᠤᠯᠠᠭᠠᠨ ᠬᠦᠷᠮ᠎ᠡ᠂ ᠬᠠᠷ᠎ᠠ ᠥᠳᠥ ᠬᠠᠳᠬᠤᠵᠤ ᠢᠯᠳᠦ ᠵᠡᠭᠦᠭᠰᠡᠨ ᠰᠠᠭᠠᠳᠠᠭᠴᠢ ᠬᠤᠶᠠᠭ ᠤ᠋ᠳ ᠭᠦᠶᠦᠯᠳᠦᠨ ᠭᠠᠷᠴᠤ ᠢᠷᠡᠭᠡᠳ᠂ ᠴᠡᠷᠢᠭ ᠦ᠋ᠨ ᠮᠡᠳᠡᠭᠡᠨ ᠦ᠌ ᠡᠯᠴᠢ ᠲᠦᠰᠢᠮᠡᠯ ᠲᠠᠭᠲᠤ ᠳ᠋ᠤᠷ ᠭᠠᠷ ᠭᠡᠮᠡᠨ ᠪᠠᠷᠬᠢᠷᠠᠯᠴᠠᠨ᠂ ᠪᠠᠯᠵᠣᠷ ᠮᠡᠩᠳᠡ ᠰᠡᠩᠳᠡ ᠳᠥᠷᠪᠡᠨ ᠰᠠᠭᠠᠳᠠᠭᠴᠢ ᠯᠤᠭ᠎ᠠ ᠳᠡᠳ᠋ ᠲᠠᠭᠲᠤ ᠳ᠋ᠤᠷ ᠭᠠᠷᠴᠤ᠂ ᠵᠣᠤᠷᠴᠢᠨ ᠨᠣᠶᠠᠨ ᠲᠠᠢᠰᠠᠩ ᠳ᠋ᠤᠷ ᠰᠥᠭᠥᠳᠴᠦ ᠵᠣᠯᠭᠠᠨ ᠢᠷᠡᠭᠰᠡᠨ ᠤᠴᠢᠷ ᠢ᠋ ᠲᠣᠪᠴᠢᠶᠠᠯᠠᠨ ᠮᠡᠳᠡᠭᠦᠯᠵᠦ ᠲᠣᠯᠢᠳᠠᠭᠤᠯᠤᠮᠠᠭᠴᠠ᠂ ᠲᠠᠢᠰᠠᠩ ᠤᠴᠢᠷ ᠢ᠋ ᠤᠬᠠᠵᠤ ᠴᠡᠷᠢᠭ ᠦ᠋ᠨ ᠴᠢᠬᠤᠯᠠ ᠦᠢᠯᠡ ᠶ᠋ᠢᠨ ᠳᠣᠬᠢᠶ᠎ᠠ ᠳᠡᠯᠪᠢ ᠭᠡᠮᠡᠨ ᠵᠠᠬᠢᠶ᠎ᠠ ᠭᠠᠷᠤᠮᠠᠭᠴᠠ᠂ ᠳᠥᠷᠪᠡᠨ ᠶᠡᠬᠡ ᠦᠬᠡᠷ ᠬᠡᠩᠭᠡᠷᠭᠡ ᠣᠭᠲᠠᠷᠭᠤᠢ ᠳ᠋ᠤᠷ ᠬᠥᠩᠭᠢᠷᠡᠰᠦᠨ᠂ ᠬᠥᠮᠦᠨ ᠦ᠌ ᠵᠢᠷᠦᠬᠡ ᠲᠦᠭᠰᠢᠨ᠂ ᠲᠡᠢᠰᠠᠩ ᠨᠣᠶᠠᠨ ᠶᠣᠰᠣᠲᠤ ᠮᠠᠯᠠᠭ᠎ᠠ ᠲᠡᠮᠳᠡᠭᠲᠦ ᠬᠦᠷᠮ᠎ᠡ ᠪᠡᠨ ᠡᠮᠦᠰᠴᠦ᠂ ᠡᠯᠴᠢ ᠪᠠᠯᠵᠣᠷ ᠢ᠋ ᠳᠠᠭᠠᠭᠤᠯᠤᠨ ᠳᠣᠲᠣᠭᠰᠢ ᠶᠠᠪᠤᠨ ᠪᠥᠭᠡᠳ ᠥᠭᠦᠯᠡᠷᠦᠨ:
《ᠮᠠᠨ ᠤ᠋ ᠵᠢᠨᠦᠩ ᠦ᠋ᠨ ᠴᠡᠷᠢᠭ ᠦ᠋ᠨ ᠴᠠᠭᠠᠵᠠ ᠠᠰᠤᠷᠤ ᠬᠠᠳᠠᠨ ᠴᠢᠩᠭ᠎ᠠ᠂ ᠴᠡᠷᠢᠭ ᠲᠡᠢᠨ ᠦ᠌ ᠬᠡᠷᠡᠭ ᠢ᠋ ᠤᠳᠠᠭᠠᠵᠤ ᠦᠯᠦ ᠪᠣᠯᠤᠮᠤᠢ》ᠭᠡᠮᠡᠨ ᠬᠡᠯᠡᠭᠰᠡᠭᠡᠷ ᠳᠠᠷᠤᠢ ᠵᠢᠨᠦᠩ ᠦ᠋ᠨ ᠠᠷᠰᠯᠠᠨ ᠤ᠋ ᠠᠷᠠᠰᠤᠲᠤ ᠣᠷᠣᠢ ᠮᠠᠩᠨᠠᠢ᠂ ᠠᠯᠲᠠᠨ ᠸᠴᠢᠷ ᠰᠠᠷᠢᠶ᠎ᠠ ᠣᠷᠭᠢᠯ᠂ ᠪᠠᠷᠰ ᠤ᠋ᠨ ᠠᠷᠠᠰᠤᠨ ᠤ᠋ ᠲᠠᠭᠲᠤ ᠳ᠋ᠤᠷ ᠠᠪᠠᠷᠢᠵᠤ᠂ ᠪᠠᠯᠵᠣᠷ ᠢ᠋ ᠲᠦᠷ ᠲᠠᠭᠲᠤ ᠶ᠋ᠢᠨ ᠳᠣᠣᠷ᠎ᠠ ᠵᠣᠭᠰᠣᠭᠠᠵᠤ᠂ ᠥᠪᠡᠷ ᠦ᠋ᠨ ᠭᠠᠷ ᠢ᠋ᠶ᠋ᠠᠷ ᠵᠢᠨᠦᠩ ᠦ᠋ᠨ ᠶᠡᠬᠡ ᠪᠠᠷᠰ ᠤ᠋ᠨ ᠠᠷᠠᠰᠤ ᠪᠠᠷ ᠪᠦᠷᠢᠭᠰᠡᠨ ᠠᠯᠳᠠᠮᠠᠯ ᠯᠤᠤ ᠣᠷᠢᠶᠠᠭᠰᠠᠨ ᠶᠡᠬᠡ ᠬᠡᠩᠭᠡᠷᠭᠡ ᠶ᠋ᠢ ᠬᠦᠴᠦᠨ ᠦ᠌ ᠴᠢᠨᠡᠭᠡ ᠪᠡᠷ ᠭᠤᠷᠪᠠᠨᠲᠠ ᠴᠣᠬᠢᠮᠠᠭᠴᠠ᠂ ᠬᠤᠶᠠᠭᠴᠢᠨ ᠠᠷᠠᠳ ᠳᠣᠲᠣᠭᠰᠢ ᠳᠠᠷᠠᠭ᠎ᠠ ᠳᠠᠷᠠᠭ᠎ᠠ ᠪᠠᠷ ᠬᠠᠰᠬᠢᠷᠤᠯᠳᠤᠨ᠂ ᠶᠡᠬᠡ ᠵᠡᠰ ᠦᠬᠡᠷ ᠪᠦᠷᠢᠶ᠎ᠡ ᠶ᠋ᠢᠨ ᠳᠠᠭᠤᠨ ᠬᠣᠣᠰ ᠬᠣᠣᠰ ᠢ᠋ᠶ᠋ᠠᠷ ᠭᠠᠷᠴᠤ᠂ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠴᠡᠷᠢᠭ ᠦ᠋ᠨ ᠲᠤᠰᠢᠶᠠᠯᠴᠢᠨ ᠳᠣᠲᠣᠭᠰᠢ ᠭᠦᠶᠦᠯᠳᠦᠨ ᠴᠠᠭ ᠬ᠌ᠱᠠᠨᠠ ᠴᠤᠭᠯᠠᠯᠴᠠᠨ ᠶᠢᠰᠦᠨ ᠳᠠᠪᠬᠤᠷ ᠶᠢᠰᠦᠨ ᠮᠥᠷ ᠢ᠋ᠶ᠋ᠡᠷ ᠳᠣᠲᠣᠭᠰᠢ ᠬᠠᠨᠳᠤᠨ ᠪᠠᠢᠷᠢᠯᠠᠨ ᠵᠢᠭᠰᠠᠭᠠᠭᠰᠠᠨ ᠠᠪᠠᠰᠤ ᠦᠷᠭᠦᠯᠵᠢᠯᠡᠨ ᠦᠢᠮᠡᠯᠳᠦᠵᠦ ᠪᠠᠷᠰ ᠤ᠋ᠨ ᠠᠷᠠᠰᠤᠨ ᠤ᠋ ᠶᠡᠬᠡ ᠬᠠᠯᠬᠠᠪᠴᠢ ᠵᠠᠮ᠎ᠠ ᠶ᠋ᠢᠨ ᠳᠣᠲᠣᠷ᠎ᠠ ᠥᠴᠦᠬᠡᠨ ᠵᠡᠪᠰᠡᠭ ᠵᠡᠪᠡ ᠶ᠋ᠢᠨ ᠴᠢᠮᠡᠭᠡ ᠭᠠᠷᠤᠮᠠᠭᠴᠠ᠂ ᠲᠡᠷᠡ ᠶᠡᠬᠡ ᠠᠯᠲᠠᠨ ᠤ᠋ ᠬᠡᠩᠭᠡᠷᠭᠡ ᠶ᠋ᠢᠨ ᠳᠣᠲᠣᠭᠠᠳᠤ ᠪᠡᠶ᠎ᠡ ᠡᠴᠡ ᠪᠠᠰᠠ ᠭᠤᠷᠪᠠᠨ ᠵᠡᠷᠭᠡ ᠶᠡᠬᠡᠯ᠎ᠡ ᠬᠥᠩᠭᠢᠷᠡᠰᠦᠨ ᠳᠠᠭᠤᠨ ᠭᠠᠷᠤᠭᠠᠳ ᠲᠠᠭᠲᠤ ᠶ᠋ᠢᠨ ᠵᠡᠭᠦᠨ ᠡᠲᠡᠭᠡᠳ ᠦ᠋ᠨ ᠬᠦᠷᠢᠶ᠎ᠡ ᠳ᠋ᠦ᠍ᠷ ᠭᠤᠷᠪᠠᠨ ᠶᠡᠬᠡ ᠦᠬᠡᠷ ᠫᠤᠤ ᠶ᠋ᠢᠨ ᠳᠠᠭᠤᠨ ᠲᠡᠭᠷᠢ ᠳᠡᠯᠪᠡᠷᠡᠨ ᠭᠠᠵᠠᠷ ᠦᠰᠦᠷᠲᠡᠯ᠎ᠡ ᠳᠠᠷᠠᠭ᠎ᠠ ᠳᠠᠷᠠᠭ᠎ᠠ ᠪᠠᠷ ᠭᠤᠷᠪᠠᠳᠠ ᠳᠠᠭᠤᠷᠢᠰᠴᠤ᠂ ᠪᠠᠷᠰ ᠤ᠋ᠨ ᠠᠷᠠᠰᠤᠨ ᠶᠡᠬᠡ ᠬᠥᠰᠢᠭᠡ ᠬᠣᠶᠠᠷ ᠳᠠᠰᠢ ᠴᠡᠯᠴᠡᠢᠲᠡᠯᠡ ᠢᠷᠡᠵᠦ᠂ ᠴᠡᠷᠢᠭ ᠦ᠋ᠨ ᠡᠵᠡᠨ ᠵᠢᠨᠦᠩ ᠦ᠋ᠨ ᠪᠡᠶ᠎ᠡ ᠢᠯᠡᠷᠡᠨ ᠭᠠᠷᠴᠤ ᠢᠷᠡᠪᠡ᠃ ᠠᠷᠤ ᠶ᠋ᠢᠨ ᠬᠣᠢᠨ᠎ᠠ ᠴᠥᠮ ᠰᠢᠷ᠎ᠠ ᠬᠦᠷᠮ᠎ᠡ ᠡᠮᠦᠰᠴᠦ᠂ ᠭᠤᠶ᠎ᠠ ᠳ᠋ᠤᠷ ᠢᠯᠳᠦ ᠠᠭᠰᠠᠵᠤ᠂ ᠲᠡᠮᠦᠷ ᠪᠣᠯᠣᠳ ᠤ᠋ᠨ ᠰᠢᠷᠬᠡᠭ ᠰᠢᠨᠳᠠᠰᠤᠨ ᠲᠠᠰᠤᠷ ᠪᠠᠭ᠎ᠠ ᠣᠷᠣᠰ ᠤᠯᠤᠰ ᠤ᠋ᠨ ᠨᠤᠮᠤ ᠵᠡᠪᠡ ᠲᠥᠷᠥᠭᠰᠡᠨ ᠶᠢᠰᠦᠨ ᠡᠩ ᠦ᠋ᠨ ᠶᠢᠰᠦᠨ ᠵᠠᠯᠠᠭᠤ ᠵᠠᠩᠵᠤᠨ ᠨᠠᠷ ᠮᠥᠷᠥ ᠢᠪᠡᠯᠴᠡᠨ᠂ ᠭᠤᠷᠪᠠ ᠭᠤᠷᠪᠠ ᠪᠠᠷ ᠵᠡᠭᠦᠨ᠎ᠡ ᠪᠠᠷᠠᠭᠤᠨ ᠬᠣᠢᠨ᠎ᠠ ᠵᠢᠭ᠍ᠰᠠᠭᠠᠯᠴᠠᠨ ᠵᠣᠭᠰᠣᠯᠴᠠᠵᠤ᠂ ᠵᠤᠤᠷᠴᠢᠨ ᠨᠣᠶᠠᠨ ᠤᠷᠤᠭᠰᠢ ᠥᠷᠥᠭᠡᠰᠦᠨ ᠡᠪᠦᠳᠦᠭ ᠢ᠋ᠶ᠋ᠡᠷ ᠰᠥᠭᠥᠳᠴᠦ ᠮᠡᠳᠡᠭᠦᠯᠦᠷᠦᠨ :
《ᠲᠠᠩᠭᠤᠳ ᠤᠯᠤᠰ ᠤ᠋ᠨ ᠠᠯᠲᠠᠨ ᠭᠦᠷᠦᠨ ᠡᠴᠡ ᠴᠡᠷᠢᠭ ᠭᠤᠶᠤᠭᠰᠠᠨ ᠡᠯᠴᠢ ᠰᠠᠢᠳ ᠪᠠᠯᠵᠣᠷ ᠬᠡᠮᠡᠬᠦ ᠨᠡᠷ᠎ᠡ ᠲᠡᠢ᠂ ᠠᠯᠲᠠᠨ ᠤᠯᠤᠰ ᠲᠤᠷ ᠮᠡᠬᠡᠯᠡᠭᠳᠡᠭᠡᠳ ᠤᠯᠤᠰ ᠲᠠᠭᠠᠨ ᠣᠷᠣᠵᠤ ᠴᠢᠳᠠᠬᠤ ᠦᠭᠡᠢ᠂ ᠠᠮᠢ ᠰᠢᠷᠭᠤᠷ᠎ᠠ ᠢᠷᠡᠵᠦᠬᠦᠢ》ᠬᠡᠮᠡᠭᠰᠡᠨ ᠳ᠋ᠦ᠍ᠷ ᠵᠢᠨᠦᠩ :
《ᠵᠣᠯᠭᠠᠭᠤᠯ ! 》ᠬᠡᠮᠡᠪᠡ ᠃ ᠵᠤᠤᠷᠴᠢᠨ ᠨᠣᠶᠠᠨ ᠵᠠ ᠬᠡᠮᠡᠵᠦ ᠪᠡᠶ᠎ᠡ ᠪᠣᠰᠴᠤ᠂ ᠴᠠᠴᠠᠷ ᠤ᠋ᠨ ᠶᠡᠨᠳᠡᠷ ᠦ᠋ᠨ ᠬᠥᠪᠡᠭᠡᠨ᠎ᠡ ᠲᠠᠭᠲᠤ ᠶ᠋ᠢᠨ ᠢᠷᠮᠡᠭ ᠲᠣᠷ ᠢᠷᠡᠵᠦ:
《ᠡᠯᠴᠢ ᠰᠠᠢᠳ ᠲᠠᠭᠲᠤ ᠳ᠋ᠤᠷ ᠠᠪᠠᠷᠢ ! 》ᠭᠡᠮᠡᠨ ᠳᠠᠭᠤᠳᠠᠭᠰᠠᠨ ᠳ᠋ᠤᠷ ᠪᠠᠯᠵᠣᠷ ᠶᠠᠭᠠᠷᠠᠨ ᠮᠡᠩᠳᠡᠨ ᠰᠡᠩᠳᠡᠨ ᠮᠣᠳᠣᠨ ᠳᠡᠭᠲᠡᠷ ᠥᠭᠡᠳᠡ ᠮᠠᠴᠤᠯᠬᠢᠯᠠᠨ ᠠᠪᠠᠷᠢᠵᠤ᠂ ᠮᠠᠯᠠᠭ᠎ᠠ ᠪᠠᠨ ᠠᠪᠴᠤ ᠵᠢᠨᠦᠩ ᠦ᠋ᠨ ᠡᠮᠦᠨ᠎ᠡ ᠰᠥᠭᠥᠳᠴᠦ ᠮᠥᠷᠭᠥᠵᠦ ᠮᠡᠳᠡᠭᠦᠯᠦᠷᠦᠨ:
《ᠥᠴᠦᠬᠡᠨ ᠠᠮᠢᠨ ᠢ᠋ᠶ᠋ᠠᠨ ᠭᠠᠷᠬᠤᠢ ᠶ᠋ᠢᠨ ᠲᠤᠯᠠ ᠥᠪᠡᠷᠦᠨ ᠡᠵᠡᠨ ᠡᠴᠡᠭᠡᠨ ᠤᠷᠭᠤᠭᠰᠠᠨ ᠠᠯᠠᠪᠠᠰᠤ ᠵᠣᠬᠢᠬᠤ ᠶᠠᠯᠠᠲᠤ ᠪᠠᠯᠵᠣᠷ ᠮᠥᠷᠭᠥᠮᠦᠢ᠃ 》ᠵᠢᠨᠦᠩ ᠵᠠᠬᠢᠷᠤᠨ᠄
《ᠶᠣᠰᠣ ᠮᠡᠳᠡᠬᠦ ᠲᠦᠰᠢᠮᠡᠯ ᠠᠷᠭ᠎ᠠ ᠦᠭᠡᠢ ᠳ᠋ᠡᠭᠡᠨ ᠢᠷᠡᠵᠦᠬᠦᠢ᠃ ᠠᠯᠭᠤᠷ ᠵᠥᠪᠳᠡᠵᠦ ᠮᠡᠳᠡᠶ᠎ᠡ᠃ ᠠᠰᠤᠷᠤ ᠪᠢᠲᠡᠭᠡᠢ ᠶᠣᠰᠣᠯᠠᠭᠲᠤᠨ》ᠭᠡᠮᠡᠨ ᠮᠠᠯᠠᠭ᠎ᠠ ᠶ᠋ᠢ ᠡᠮᠦᠰᠬᠡᠨ ᠳᠡᠪᠢᠰᠬᠡᠷ ᠰᠢᠯᠵᠢᠭᠦᠯᠦᠨ ᠴᠣᠮᠴᠣᠢᠯᠭᠠᠵᠤ ᠢᠷᠡᠭᠰᠡᠨ ᠤᠴᠢᠷ ᠢ᠋ ᠠᠰᠠᠭᠤᠭᠰᠠᠨ᠎ᠠ᠂ ᠡᠯᠴᠢ ᠪᠠᠯᠵᠣᠷ ᠤᠭ ᠡᠬᠢ ᠡᠴᠡ ᠡᠬᠢᠯᠡᠨ᠄
ᠠᠯᠲᠠᠨ ᠤᠯᠤᠰ ᠲᠤᠷ ᠡᠴᠢᠭᠰᠡᠨ᠎ᠡ᠂ ᠭᠤᠶᠤᠭᠰᠠᠨ ᠪᠦᠬᠦᠨ ᠢ᠋ ᠬᠦᠯᠢᠶᠡᠭᠡᠳ ᠡᠳᠦᠭᠡ ᠳ᠋ᠦ᠍ᠷ ᠬᠦᠷᠴᠦ ᠬᠡᠯᠡᠭᠰᠡᠨ ᠦᠭᠡᠰ ᠡᠴᠡᠭᠡᠨ ᠪᠤᠴᠠᠵᠤ᠂ ᠡᠴᠦᠰ ᠲᠦ᠍ᠷ ᠡᠢᠮᠦ ᠲᠡᠢᠮᠦ ᠠᠷᠭ᠎ᠠ ᠬᠡᠷᠡᠭᠯᠡᠨ ᠡᠨᠡ ᠮᠡᠲᠦ ᠮᠡᠬᠡᠯᠡᠵᠦ ᠡᠭᠡᠮᠡᠭᠴᠡ ᠠᠯᠠᠭᠳᠠᠬᠤᠢ ᠳ᠋ᠤᠷ ᠬᠦᠷᠦᠭᠦᠯᠦᠭᠰᠡᠨ ᠬᠦᠷᠲᠡᠯ᠎ᠡ᠂ ᠥᠪᠡᠷᠦᠨ ᠤᠬᠤᠷᠴᠢᠯᠠᠬᠤᠢ ᠳ᠋ᠠᠭᠠᠨ ᠣᠭᠳᠣᠷ ᠠᠭᠠᠰᠢ ᠶ᠋ᠢ ᠬᠡᠷᠡᠭᠯᠡᠵᠦ ᠣᠷᠣᠨ ᠳ᠋ᠤᠷ ᠢᠷᠡᠭᠴᠢᠳ ᠢ᠋ ᠣᠯᠣᠰᠣᠨ ᠲᠣᠰᠣᠲᠤ ᠬᠦ ᠳ᠋ᠦ᠍ᠷ ᠬᠥᠷᠪᠡᠭᠦᠯᠦᠨ ᠵᠠᠨᠴᠢᠵᠤ ᠬᠥᠭᠡᠭᠡᠭᠡᠳ ᠣᠷᠣᠬᠤ ᠡᠭᠡᠬᠦ ᠵᠠᠮ ᠲᠠᠰᠤᠷᠠᠬᠤᠢ ᠳ᠋ᠠᠭᠠᠨ ᠣᠯᠠᠨ ᠤ᠋ ᠬᠡᠯᠡᠯᠴᠡᠬᠦ ᠰᠠᠬᠢᠭᠤᠯᠰᠤᠨ ᠵᠢᠨᠦᠩ ᠦ᠋ᠨ ᠵᠢᠭᠰᠠᠭᠠᠯ ᠤ᠋ᠨ ᠳᠣᠣᠷ᠎ᠠ ᠶᠠᠯ᠎ᠠ ᠪᠠᠨ ᠭᠤᠶᠤᠷ᠎ᠠ ᠢᠷᠡᠪᠡ ᠭᠡᠮᠡᠨ ᠨᠢᠳᠤᠨᠤᠨ ᠵᠢᠯ ᠡᠴᠡ ᠡᠨᠡ ᠡᠳᠦᠷ ᠪᠣᠯᠲᠠᠯ᠎ᠠ ᠨᠢ ᠨᠣ᠂ ᠯᠠ᠂ ᠮᠠ ᠶ᠋ᠢ ᠬᠡᠭᠡᠯ ᠦᠭᠡᠶ᠎ᠡ ᠴᠥᠮ ᠢ᠋ᠶ᠋ᠡᠷ ᠴᠢᠩ ᠦᠨᠡᠨ ᠢ᠋ᠶ᠋ᠡᠷ ᠲᠣᠭᠠᠴᠢᠨ ᠮᠡᠳᠡᠭᠦᠯᠵᠦ᠂ ᠤᠬᠢᠯᠠᠨ ᠮᠥᠷᠭᠥᠬᠦᠢ ᠳ᠋ᠦ᠍ᠷ ᠵᠢᠨᠦᠩ ᠮᠤᠬᠤᠯᠢ ᠰᠡᠭᠦᠷᠡᠰᠦᠨ ᠠᠯᠳᠠᠵᠤ ᠵᠠᠬᠢᠷᠤᠨ᠄
《ᠡᠷᠲᠡᠨ ᠡᠴᠡ ᠡᠨᠡ ᠮᠡᠲᠦ ᠡᠵᠡᠨ ᠦ᠌ ᠪᠡᠨ ᠲᠤᠯᠠ ᠡᠢᠨ ᠬᠦ᠌ ᠵᠢᠳᠬᠦᠵᠦ ᠪᠠᠢᠭᠠᠳ᠂ ᠡᠴᠢᠭᠡ ᠡᠬᠡ ᠡᠮ᠎ᠡ ᠦᠷ᠎ᠡ ᠲᠡᠢ ᠬᠡᠳᠦᠨ ᠵᠠᠭᠤᠨ ᠢ᠋ᠶ᠋ᠠᠷ ᠬᠦᠢᠰᠦ ᠲᠡᠮᠲᠡᠷᠢᠭᠳᠡᠭᠰᠡᠨ ᠬᠡᠷᠡᠭ ᠦ᠋ᠳ ᠣᠯᠠᠨᠲᠠ ᠪᠣᠢ ᠪᠤᠰᠤ ᠤᠤ ? ᠥᠨᠥᠬᠡᠨ ᠦ᠌ ᠡᠮᠦᠨᠡᠲᠦ ᠰᠥᠩ ᠤᠯᠤᠰ ᠤ᠋ᠨ ᠵᠢᠷᠤᠮᠲᠤ ᠶᠡᠬᠡ ᠶᠤᠸᠠᠨᠱᠤᠸᠠᠢ ᠶᠦᠸᠡᠢ ᠹᠧᠢ ᠶ᠋ᠢ ᠴᠢᠨ ᠾᠦᠢ ᠬᠠᠷᠭᠢᠰ ᠤ᠋ᠨ ᠦᠭᠡᠰ ᠢ᠋ᠶ᠋ᠡᠷ ᠤᠬᠢᠶᠠᠨ ᠲᠠᠰᠤᠯᠤᠭᠰᠠᠨ ᠢ᠋ ᠬᠡᠨ ᠴᠦ᠍ ᠴᠥᠮ ᠮᠠᠲᠠᠨᠠᠮ ᠪᠢᠰᠢᠦ ? ᠬᠣᠶᠠᠷ ᠬᠠᠳᠠᠨ ᠳ᠋ᠤᠷ ᠬᠠᠪᠴᠢᠭᠳᠠᠨ᠂ ᠬᠠᠮᠢᠶ᠎ᠠ ᠦᠭᠡᠢ ᠳ᠋ᠦ᠍ᠷ ᠦᠬᠦᠬᠦ ᠢᠨᠤ ᠦᠨᠡᠬᠡᠷ ᠬᠥᠭᠡᠷᠦᠬᠦᠢ ᠪᠣᠯᠠᠢ᠃ ᠲᠤᠬᠠᠢ ᠶᠠᠯ᠎ᠠ ᠳ᠋ᠤᠷ ᠵᠠᠭᠤᠨ ᠠᠮᠠᠨ ᠦᠬᠦᠪᠡᠴᠦ ᠬᠢᠯᠢᠰ ᠦᠭᠡᠢ᠂ ᠮᠤᠰᠬᠢᠭᠳᠠᠯ ᠢ᠋ᠶ᠋ᠠᠷ ᠨᠢᠭᠡᠬᠡᠨ ᠬᠥᠮᠦᠨ ᠢ᠋ ᠦᠬᠦᠭᠦᠯᠪᠡᠴᠦ ᠲᠦᠪᠳᠡᠰᠢ ᠦᠭᠡᠢ ᠬᠡᠷᠡᠭ ᠪᠣᠯᠠᠢ᠃ ᠪᠢ ᠴᠢᠮᠠᠳᠤᠷ ᠠᠯᠲᠠᠨ ᠤᠯᠤᠰ ᠤ᠋ᠨ ᠲᠤᠭ ᠲᠡᠮᠳᠡᠭ ᠬᠤᠶᠠᠭ ᠬᠤᠪᠴᠠᠳᠲᠤ ᠬᠤᠷᠴᠠ ᠴᠢᠭᠢᠷᠠᠭ ᠵᠠᠩᠵᠤᠨ ᠴᠡᠷᠢᠭ ᠥᠭᠰᠦᠭᠡᠢ᠃ ᠴᠢ ᠰᠢᠭᠤᠳ ᠠᠯᠲᠠᠨ ᠤ᠋ ᠴᠡᠷᠢᠭ ᠭᠡᠮᠡᠨ ᠪᠣᠭᠣᠮᠲᠠ ᠬᠠᠪᠴᠢᠯ ᠢ᠋ᠶ᠋ᠠᠷ ᠣᠷᠣᠵᠤ᠂ ᠭᠡᠷᠦᠨ ᠠᠮᠠᠨ ᠢ᠋ᠶ᠋ᠠᠨ ᠠᠪᠴᠤ᠂ ᠥᠪᠡᠷᠦᠨ ᠲᠠᠪᠠ ᠪᠠᠷ ᠨᠢᠭᠡᠨ ᠭᠠᠵᠠᠷ ᠲᠤᠷ ᠠᠪᠠᠴᠢᠵᠤ ᠨᠢᠭᠤᠵᠤ ᠪᠠᠢᠭᠲᠤᠨ᠃ ᠤᠳᠠᠯ ᠦᠭᠡᠢ ᠮᠠᠨ ᠤ᠋ ᠤᠯᠤᠰ ᠤ᠋ᠨ ᠶᠡᠬᠡ ᠴᠡᠷᠢᠭ ᠢ᠋ᠶ᠋ᠡᠷ ᠲᠠᠨ ᠤ᠋ ᠤᠯᠤᠰ ᠤ᠋ᠨ ᠬᠠᠭᠠᠨ ᠤ᠋ ᠲᠠᠩᠭᠠᠷᠢᠭ ᠡᠪᠳᠡᠷᠡᠭᠰᠡᠨ ᠶᠠᠯ᠎ᠠ ᠠᠰᠠᠭᠤᠶ᠎ᠠ ᠮᠣᠷᠳᠠᠮᠤᠢ᠃ ᠡᠴᠦᠰ ᠦ᠋ᠨ ᠡᠴᠦᠰ ᠲᠦ᠍ᠷ ᠪᠠᠰᠠ ᠬᠦ᠌ ᠡᠪᠰᠡᠨ ᠡᠶᠡᠳᠡᠵᠦ ᠲᠡᠭᠦᠰᠬᠦ ᠬᠡᠷᠡᠭ ᠲᠤᠯᠠ ᠲᠡᠷᠡ ᠦᠶᠡᠰ ᠲᠣᠷ ᠡᠨᠳᠡᠭᠡ ᠲᠡᠷᠲᠡᠭᠡ ᠶ᠋ᠢᠨ ᠡᠶᠡᠳᠡᠬᠦ ᠡᠪᠰᠡᠬᠦ ᠬᠡᠯᠡᠯᠴᠡᠭᠡ ᠶ᠋ᠢᠨ ᠦᠶ᠎ᠡ ᠳ᠋ᠦ᠍ᠷ ᠴᠢ ᠥᠭᠡᠳᠡ ᠤᠷᠤᠭᠤ ᠪᠠᠬᠠᠨ ᠵᠢᠳᠬᠦᠪᠡᠰᠦ ᠡᠨᠡ ᠶᠠᠯ᠎ᠠ ᠪᠠᠨ ᠵᠣᠯᠢᠵᠤ ᠪᠣᠯᠬᠤ ᠦᠭᠡᠢ ᠤᠤ ? ᠡᠴᠢᠭᠡ ᠡᠬᠡ ᠡᠮ᠎ᠡ ᠦᠷ᠎ᠡ ᠪᠡᠨ ᠡᠷᠬᠡᠪᠰᠢ ᠠᠪᠤᠷᠠᠰᠤᠭᠠᠢ ᠬᠡᠮᠡᠪᠡᠰᠦ᠂ ᠡᠳᠦᠭᠡ ᠬᠢᠷᠢ ᠳ᠋ᠦ᠍ᠷ ᠴᠢᠨᠦ ᠪᠡᠶ᠎ᠡ ᠳ᠋ᠦ᠍ᠷ ᠪᠡᠯᠡᠨ ᠪᠦᠬᠦᠢ ᠠᠯᠲᠠᠨ ᠤ᠋ ᠪᠢᠴᠢᠭ ᠲᠠᠮᠠᠭ᠎ᠠ ᠪᠡᠯᠡᠭ ᠶᠣᠰᠣᠴᠢᠯᠠᠨ ᠪᠠᠢᠬᠤ ᠲᠤᠯᠠ᠂ ᠡᠨᠡ ᠡᠳᠦᠷ ᠳᠠᠷᠤᠢ ᠴᠡᠷᠢᠭ ᠠᠪᠴᠤ ᠡᠭᠡᠵᠦ ᠳᠣᠪᠲᠣᠯᠤᠨ ᠡᠴᠢᠭᠡ ᠡᠬᠡ ᠪᠡᠨ ᠭᠠᠷᠭ᠎ᠠ᠃ ᠠᠳᠠ ᠪᠢᠲᠡᠭᠡᠢ ᠠᠴᠢᠷᠠ᠂ ᠡᠶᠡᠳᠡᠬᠦ ᠦᠶ᠎ᠡ ᠳ᠋ᠦ᠍ᠷ ᠡᠭᠡᠭᠦᠯᠵᠦ ᠪᠣᠯᠬᠤ ᠦᠭᠡᠢ ᠪᠣᠯᠤᠮᠤᠢ᠃ ᠮᠠᠨ ᠤ᠋ ᠡᠵᠡᠨ ᠬᠡᠮᠡᠭᠴᠢ ᠡᠵᠡᠨ ᠡᠴᠡᠭᠡᠨ ᠤᠷᠪᠠᠭᠴᠢᠳ ᠲᠤᠷ ᠲᠠᠪᠠ ᠦᠭᠡᠢ ᠶ᠋ᠢ ᠡᠩᠭᠡᠷ ᠨᠡᠢᠲᠡ ᠪᠡᠷ ᠴᠥᠮ ᠮᠡᠳᠡᠨᠡᠮ ᠪᠢᠰᠢᠦ ? ᠮᠢᠨᠦ ᠡᠨᠡ ᠢᠨᠤ ᠡᠴᠢᠭᠡ ᠡᠬᠡ ᠪᠡᠨ ᠡᠯᠪᠡᠷᠢᠬᠦᠢ ᠶ᠋ᠢᠨ ᠬᠡᠷᠡᠭ ᠲᠤᠯᠠ᠂ ᠡᠢᠨ ᠬᠦ᠌ ᠨᠢᠭᠡᠨᠲᠡ ᠲᠤᠰᠠᠯᠠᠮᠤᠢ᠃ ᠡᠭᠦᠨᠴᠡ ᠭᠠᠳᠠᠨ᠎ᠠ᠂ ᠡᠨᠡ ᠪᠡᠶ᠎ᠡ ᠴᠢᠨᠦ ᠰᠠᠨᠠᠭᠠᠨ ᠤ᠋ ᠭᠠᠳᠠᠨ᠎ᠠ ᠶ᠋ᠢᠨ ᠦᠬᠦᠯ ᠳ᠋ᠦ᠍ᠷ ᠤᠴᠠᠷᠠᠪᠠᠰᠤ᠂ ᠡᠷ᠎ᠡ ᠬᠥᠮᠦᠨ ᠦ᠌ ᠠᠮᠢᠨ ᠢ᠋ ᠠᠪᠤᠷᠠᠬᠤ ᠡᠷᠢᠶᠡᠨ ᠦᠬᠡᠷ ᠦ᠋ᠨ ᠡᠪᠡᠷ ᠦ᠋ᠨ ᠦᠵᠦᠭᠦᠷ ᠪᠣᠢ᠃ ᠡᠭᠦᠨ ᠢ᠋ ᠡᠩᠭᠡᠷ ᠲᠡᠭᠡᠨ ᠵᠡᠭᠦᠵᠦ᠂ ᠦᠬᠦᠬᠦ ᠴᠠᠭ ᠲᠤᠷ ᠦᠵᠡᠪᠡᠰᠦ ᠡᠭᠡᠵᠦ ᠠᠮᠢᠳᠤᠷᠠᠨ ᠴᠢᠳᠠᠮᠤᠢ᠃ ᠡᠢᠮᠦ ᠡᠪᠡᠷ ᠦ᠋ᠨ ᠦᠵᠦᠭᠦᠷ ᠲᠠᠨ ᠤ᠋ ᠤᠯᠤᠰ ᠲᠤᠷ ᠳᠥᠷᠪᠡ ᠡᠴᠢᠪᠡ᠃ ᠠᠬᠠᠢ ᠨᠣᠶᠠᠨ ᠲᠡᠷᠢᠭᠦᠯᠡᠨ᠂ ᠯᠢ ᠼᠦᠨ ᠹᠧᠩ᠂ ᠯᠢ ᠼᠦᠨ ᠱᠠᠩ᠂ ᠴᠢᠨᠦ ᠪᠡᠶ᠎ᠡ ᠲᠡᠢ ᠳᠥᠷᠪᠡ ᠪᠣᠯᠪᠠ᠂ ᠳᠥᠷᠪᠡᠭᠦᠯᠡ ᠶ᠋ᠢ ᠬᠠᠮᠲᠤᠳᠬᠠᠨ ᠨᠡᠬᠡᠪᠡᠰᠦ ᠬᠡᠳᠦᠢᠪᠡᠷ ᠳᠥᠴᠢᠨ ᠲᠦᠮᠡᠨ ᠴᠡᠷᠢᠭ ᠲᠦ᠍ᠷ ᠪᠣᠯᠪᠠᠴᠤ᠂ ᠲᠠᠨ ᠤ᠋ ᠳᠥᠷᠪᠡᠨ ᠦ᠌ ᠠᠮᠢᠨ ᠳ᠋ᠤᠷ ᠬᠦᠷᠴᠦ ᠦᠯᠦ ᠪᠣᠯᠤᠮᠤᠢ᠃ ᠡᠯᠪᠡᠷᠢᠯᠳᠦ ᠬᠥᠪᠡᠭᠦᠨ ᠦᠨᠡᠨ ᠪᠣᠯᠪᠠᠰᠤ᠂ ᠡᠨᠡ ᠰᠥᠨᠢ ᠡᠨᠳᠡ ᠬᠣᠨᠣᠭᠠᠳ ᠡᠯ᠎ᠡ ᠴᠡᠷᠢᠭ ᠢ᠋ᠶ᠋ᠡᠨ ᠲᠤᠰᠢᠶᠠᠨ ᠠᠪᠴᠤ ᠡᠷᠲᠡ ᠮᠠᠨᠠᠭᠠᠷ ᠡᠭᠡᠵᠦ ᠳᠣᠪᠲᠣᠯᠤᠭᠲᠤᠨ》ᠭᠡᠮᠡᠨ ᠬᠡᠯᠡᠬᠦ ᠪᠥᠭᠡᠳ ᠨᠢᠭᠡᠨ ᠨᠤᠮᠤ ᠠᠪᠴᠤ ᠬᠥᠪᠴᠢ ᠶ᠋ᠢ ᠲᠠᠲᠠᠰᠬᠢᠨ ᠲᠠᠯᠪᠢᠵᠤ ᠲᠡᠩᠭᠡᠨᠢᠯ ᠦ᠋ᠨ ᠳᠠᠭᠤᠨ ᠢ᠋ ᠴᠢᠩᠨᠠᠮᠠᠭᠴᠠ ᠳᠠᠷᠤᠢ ᠵᠠᠬᠢᠷᠤᠨ᠄
《ᠡᠯᠪᠡᠷᠢᠯᠳᠦ ᠡᠯᠴᠢ ᠴᠢᠨᠦ ᠡᠨᠡ ᠡᠯᠪᠡᠷᠢᠯ ᠪᠦᠷᠢᠳᠦᠨ ᠴᠢᠳᠠᠮᠤᠢ᠂ ᠭᠠᠵᠢᠭᠤ ᠤᠪᠠᠳᠢᠰᠲᠠᠨ ᠤ᠋ ᠭᠠᠳᠠᠭᠠᠳᠤ ᠶ᠋ᠢᠨ ᠲᠤᠰᠠᠯᠠᠯ ᠪᠣᠯᠵᠤᠬᠤᠢ᠃ ᠦᠳᠲᠡᠷ ᠲᠦᠷᠭᠡᠨ᠎ᠡ ᠠᠯᠲᠠᠨ ᠤᠯᠤᠰ ᠤ᠋ᠨ ᠪᠢᠴᠢᠭ ᠢ᠋ ᠢᠨᠤ ᠮᠥᠨ ᠰᠥᠨᠢ ᠪᠡᠷ ᠰᠠᠢᠨ ᠮᠣᠷᠢᠨ ᠭᠤᠷᠪᠠ ᠬᠥᠲᠥᠯᠦᠭᠦᠯᠵᠦ᠂ ᠲᠠᠨ ᠤ᠋ ᠤᠯᠤᠰ ᠤ᠋ᠨ ᠬᠤᠪᠢᠯᠭᠠᠨ ᠶᠤᠸᠠᠨᠱᠤᠸᠠᠢ ᠳ᠋ᠠᠭᠠᠨ ᠳᠣᠪᠲᠣᠯᠭ᠎ᠠ》 ᠬᠡᠮᠡᠭᠰᠡᠨ ᠳ᠋ᠦ᠍ᠷ ᠪᠠᠯᠵᠣᠷ ᠡᠯᠴᠢ ᠪᠠᠰᠠ ᠤᠬᠢᠯᠠᠨ ᠮᠥᠷᠭᠥᠵᠦ᠄
《ᠠᠯᠢ ᠲᠥᠷᠥᠯ ᠳ᠋ᠦ᠍ᠷ ᠠᠭᠲᠠ ᠪᠣᠯᠤᠨ ᠠᠮᠠᠨ ᠳ᠋ᠤᠷ ᠬᠠᠵᠠᠭᠠᠷ᠂ ᠠᠷᠤ ᠳ᠋ᠤᠷ ᠡᠮᠡᠭᠡᠯ ᠠᠴᠢᠵᠤ᠂ ᠠᠯᠲᠠ ᠡᠵᠡᠨ ᠵᠢᠨᠦᠩ ᠦ᠋ᠨ ᠠᠴᠢ ᠳ᠋ᠤᠷ ᠬᠠᠷᠢᠭᠤᠯᠠᠶᠠ》 ᠭᠡᠮᠡᠨ ᠤᠬᠢᠯᠠᠵᠤ ᠬᠡᠰᠢᠭ ᠲᠣᠷ ᠮᠥᠷᠭᠥᠵᠦ᠂ 《ᠡᠳᠦᠭᠡ ᠪᠣᠯᠪᠠᠴᠤ ᠡᠭᠡᠵᠦ ᠳᠣᠪᠲᠣᠯᠤᠶ᠎ᠠ》 ᠬᠡᠮᠡᠬᠦᠢ ᠳ᠋ᠦ᠍ᠷ ᠡᠷᠳᠡᠮᠲᠦ ᠵᠢᠨᠦᠩ ᠦ᠋ᠨ ᠡᠷᠳᠡᠨᠢ ᠶ᠋ᠢᠨ ᠵᠡᠪᠡ ᠶ᠋ᠢᠨ ᠠᠯᠲᠠᠨ ᠰᠠᠭᠤᠯᠠᠭ᠎ᠠ ᠠ᠋ᠴᠠ ᠬᠣᠶᠠᠷ ᠵᠡᠪᠡ ᠰᠤᠭᠤᠯᠤᠨ ᠪᠠᠭᠤᠯᠭᠠᠮᠠᠭᠴᠠ᠂ ᠬᠣᠶᠠᠷ ᠶᠡᠬᠡ ᠵᠠᠩᠵᠤᠨ ᠲᠠᠭᠲᠤ ᠳ᠋ᠤᠷ ᠭᠠᠷᠴᠤ ᠰᠥᠭᠥᠳᠪᠡ᠃ ᠨᠢᠭᠡᠨ ᠦ᠌ ᠨᠡᠷ᠎ᠡ ᠠᠯᠢᠶ᠎ᠠ ᠬᠢᠶ᠎ᠡ᠂ ᠨᠢᠭᠡᠨ ᠦ᠌ ᠨᠡᠷ᠎ᠡ ᠱᠤᠯᠤ ᠬᠢᠶ᠎ᠡ᠂ ᠬᠥᠮᠦᠨ ᠪᠦᠷᠢ ᠳ᠋ᠦ᠍ᠷ ᠲᠠᠪᠤᠭᠠᠳ ᠲᠠᠪᠤᠭᠠᠳ ᠵᠡᠪᠡ ᠥᠭᠴᠦ᠂ ᠤᠷᠢᠳᠠ ᠵᠠᠩᠵᠤᠨ ᠴᠡᠷᠢᠭ ᠦ᠋ᠳ ᠢ᠋ᠶ᠋ᠡᠨ ᠲᠥᠬᠥᠭᠡᠷᠦᠨ ᠠᠪᠴᠤ ᠪᠠᠷᠠᠭᠰᠠᠨ ᠬᠣᠢᠨ᠎ᠠ ᠢᠷᠡᠵᠦ᠂ ᠲᠡᠮᠳᠡᠭ ᠡᠪᠡᠷ ᠬᠢᠭᠡᠳ ᠳᠡᠭᠦᠨᠦ ᠵᠠᠬᠢᠶ᠎ᠠ ᠶ᠋ᠢ ᠠᠪ ᠭᠡᠮᠡᠨ ᠭᠤᠷᠪᠠᠨ ᠵᠠᠩᠵᠤᠨ ᠬᠠᠮᠲᠤᠪᠠᠷ ᠲᠠᠭᠲᠤ ᠠ᠋ᠴᠠ ᠪᠠᠭᠤᠲᠠᠯ᠎ᠠ᠂ ᠦᠬᠡᠷ ᠫᠤᠤ ᠭᠤᠷᠪᠠᠨᠲᠠ ᠳᠠᠭᠤᠷᠢᠰᠴᠤ᠂ ᠪᠠᠷᠰ ᠤ᠋ᠨ ᠵᠠᠮ᠎ᠠ ᠤᠨᠠᠵᠤ ᠬᠠᠯᠬᠠᠯᠠᠭᠠᠳ᠂ ᠬᠦᠷᠡᠯ ᠬᠥᠭᠥᠷᠭᠡ ᠬᠦᠩᠭᠢᠷᠡᠰᠦᠨ ᠥᠩᠭᠢᠷᠡᠵᠦ᠂ ᠬᠥᠮᠦᠨ ᠦ᠌ ᠡᠵᠡᠨ ᠵᠢᠨᠦᠩ ᠡᠭᠡᠵᠦ ᠪᠠᠭᠤᠪᠠᠢ᠃ ᠬᠥᠪ ᠬᠥᠪ ᠬᠣᠯᠠ ᠬᠥᠭᠵᠢᠮ ᠡᠭᠦᠰᠬᠡᠨ ᠵᠢᠨᠦᠩ ᠦ᠋ᠨ ᠴᠠᠪ ᠣᠷᠣᠬᠤ ᠦᠶ᠎ᠡ ᠪᠣᠯᠵᠤᠬᠤᠢ᠃ ᠡᠳᠦᠢᠴᠢᠨᠡᠭᠡᠨ ᠳᠠᠪᠬᠤᠷ ᠤ᠋ᠨ ᠤᠯᠠᠮᠵᠢᠯᠠᠯ ᠮᠡᠳᠡᠭᠦᠯᠦᠯ ᠪᠠ ᠡᠳᠦᠢᠴᠢᠨᠡᠭᠡᠨ ᠣᠯᠠᠨ ᠴᠡᠷᠢᠭ ᠦ᠋ᠨ ᠰᠢᠳᠬᠡᠯ ᠰᠢᠳᠬᠡᠨ ᠲᠡᠭᠦᠰᠲᠡᠯ᠎ᠡ᠂ ᠬᠣᠶᠠᠷ ᠮᠥᠴᠡ ᠶ᠋ᠢᠨ ᠲᠡᠳᠦᠢ ᠴᠦ᠍ ᠤᠳᠠᠭᠰᠠᠨ ᠦᠭᠡᠢ ᠳ᠋ᠦ᠍ᠷ ᠪᠠᠷᠠᠭᠤᠨ ᠲᠠᠩᠭᠤᠳ ᠤ᠋ᠨ ᠪᠠᠯᠵᠣᠷ ᠡᠯᠴᠢ ᠪᠠᠬᠠᠷᠬᠠᠨ ᠱᠠᠭᠰᠢᠵᠤ ᠭᠠᠢᠬᠠᠨ ᠥᠭᠦᠯᠡᠷᠦᠨ᠄ 《ᠪᠠᠳᠠᠷᠠᠬᠤ ᠲᠥᠷᠥ ᠶ᠋ᠢᠨ ᠪᠠᠬᠠᠷᠬᠠᠯᠲᠤ ᠴᠠᠭᠠᠵᠠ ᠬᠡᠮᠡᠭᠴᠢ ᠪᠠᠷᠰ ᠲᠡᠪᠬᠡᠯᠡᠨ ᠯᠤᠤ ᠲᠣᠭᠯᠠᠬᠤ ᠮᠡᠲᠦ ᠬᠤᠷᠴᠠ ᠬᠤᠷᠳᠤᠨ᠂ ᠭᠢᠯᠪᠡᠬᠡᠨ ᠴᠠᠬᠢᠯᠭᠠᠨ ᠠᠳᠠᠯᠢ ᠴᠠᠭ ᠭᠱᠠᠨ᠎ᠠ ᠠᠵᠤᠭᠤ ᠃ ᠡᠷᠲᠡᠨ ᠦ᠌ ᠦᠭᠡ ᠭᠡᠮᠡᠨ ᠰᠣᠨᠣᠰᠤᠭᠰᠠᠨ ᠠᠨᠤ ᠪᠣᠢ ᠶᠠ᠂ ᠡᠨᠡ ᠡᠳᠦᠷ ᠨᠢᠳᠦ ᠪᠡᠷ ᠢ᠋ᠶ᠋ᠡᠨ ᠣᠯᠵᠤ ᠦᠵᠡᠵᠦ ᠥᠩᠭᠡᠷᠡᠪᠡ ᠃ ᠡᠷᠲᠡ ᠡᠳᠦᠷ ᠢᠲᠡᠭᠡᠭᠰᠡᠨ ᠦᠭᠡᠢ ᠦᠭᠡᠰ ᠢ᠋ ᠡᠨᠡ ᠡᠳᠦᠷ ᠨᠢᠳᠦᠨ ᠢ᠋ᠶ᠋ᠡᠷ ᠣᠯᠵᠤ ᠦᠵᠡᠪᠡ 》ᠬᠡᠮᠡᠵᠦ᠂ ᠭᠠᠷ ᠢ᠋ᠶ᠋ᠠᠨ ᠬᠠᠮᠲᠤᠳᠬᠠᠨ᠂ ᠭᠠᠪᠠᠯᠠ ᠳ᠋ᠤᠷ ᠢ᠋ᠶ᠋ᠠᠨ ᠲᠤᠯᠭᠠᠬᠤᠢ ᠳ᠋ᠤᠷ ᠳᠠᠢᠰᠠᠩ ᠠ᠋ᠴᠠ ᠡᠬᠢᠯᠡᠨ ᠳᠠᠭᠠᠭᠰᠠᠳ ᠬᠤᠶᠠᠭᠴᠢᠨᠠ ᠬᠦᠷᠲᠡᠯ᠎ᠡ ᠴᠥᠮ ᠢᠨᠢᠶᠡᠯᠴᠡᠨ:
《ᠲᠠᠨ ᠤ᠋ ᠤᠯᠤᠰ ᠤ᠋ᠨ ᠴᠡᠷᠢᠭ ᠦ᠋ᠨ ᠦᠢᠯᠡ ᠴᠦ᠍ ᠲᠥᠷᠥ ᠶ᠋ᠢᠨ ᠵᠠᠰᠠᠭ ᠮᠡᠲᠦ ᠠᠯᠭᠤᠷᠯᠠᠮᠤᠢ ᠤᠤ? 》 ᠬᠡᠮᠡᠪᠡᠰᠦ᠂ ᠪᠠᠯᠵᠣᠷ ᠡᠯᠴᠢ ᠬᠥᠮᠥᠰᠬᠡ ᠠᠲᠤᠷᠢᠵᠤ ᠬᠠᠷᠢᠭᠤ ᠥᠴᠢᠷᠦᠨ᠄
《ᠡᠨᠡ ᠴᠠᠭ ᠭᠱᠠᠨ ᠤ᠋ ᠵᠢᠨᠦᠩ ᠰᠢᠳᠬᠡᠭᠰᠡᠨ ᠬᠡᠷᠡᠭ ᠢ᠋ ᠮᠠᠨ ᠤ᠋ ᠤᠯᠤᠰ ᠤ᠋ᠨ ᠴᠡᠷᠢᠭ ᠦ᠋ᠨ ᠲᠤᠬᠠᠢᠲᠤ ᠭᠠᠵᠠᠷ ᠲᠤᠷ ᠪᠣᠯᠪᠠᠰᠤ ᠲᠠᠪᠤ ᠵᠢᠷᠭᠤᠭᠠᠨ ᠡᠳᠦᠷ ᠦ᠋ᠨ ᠬᠡᠷᠡᠭ ᠪᠣᠯᠠᠢ᠃ ᠵᠢᠨᠦᠩ ᠦ᠋ᠨ ᠳᠣᠯᠣᠭᠠᠨ ᠳᠠᠪᠬᠤᠷ ᠲᠤᠷ ᠨᠡᠪᠲᠡᠷᠡᠨ ᠣᠷᠣᠲᠠᠯ᠎ᠠ ᠬᠤᠷᠳᠤᠨ ᠠᠨᠤ ᠬᠣᠶᠠᠷ ᠬᠣᠨᠣᠭ ᠤ᠋ᠨ ᠬᠡᠷᠡᠭ᠂ ᠤᠳᠠᠭᠠᠨ ᠠᠨᠤ ᠲᠠᠪᠤᠨ ᠡᠳᠦᠷ ᠦ᠋ᠨ ᠶᠠᠪᠤᠳᠠᠯ᠂ ᠡᠭᠦᠨ ᠢ᠋ ᠪᠠᠰᠠ ᠠᠯᠲᠠᠨ ᠤᠯᠤᠰ ᠲᠤᠷ ᠦᠯᠢᠳᠬᠡᠪᠡᠰᠦ ᠮᠠᠰᠢ ᠲᠦᠷᠭᠡᠨ ᠢᠨᠤ ᠬᠡᠮᠡᠬᠦ ᠪᠥᠯᠥᠭᠡ᠃ ᠬᠡᠷᠪᠡ ᠡᠮᠦᠨᠡᠲᠦ ᠰᠥᠩ ᠤᠯᠤᠰ ᠬᠢᠭᠡᠳ ᠳᠤᠮᠳᠠᠳᠤ ᠠᠯᠲᠠᠨ ᠤᠯᠤᠰ ᠪᠥᠭᠡᠰᠦ ᠡᠢᠮᠦ ᠶᠡᠬᠡ ᠲᠩᠷᠢ ᠶ᠋ᠢᠨ ᠵᠠᠩᠵᠤᠨ ᠮᠡᠲᠦ ᠵᠢᠨᠦᠩ ᠶᠤᠸᠠᠨᠱᠤᠸᠠᠢ ᠳ᠋ᠤᠷ ᠮᠢᠨᠦ ᠵᠡᠷᠭᠡ ᠶ᠋ᠢᠨ ᠡᠢᠮᠦ ᠬᠡᠷᠡᠭ ᠦ᠋ᠨ ᠬᠥᠮᠦᠨ ᠣᠯᠵᠤ ᠵᠣᠯᠭᠠᠲᠠᠯᠠ ᠠᠷᠪᠠᠨ ᠡᠳᠦᠷ ᠦ᠋ᠨ ᠳᠣᠲᠣᠷ᠎ᠠ ᠦᠯᠦ ᠴᠢᠳᠠᠬᠤᠢ ᠪᠣᠯᠠᠢ 》ᠬᠡᠮᠡᠪᠡᠢ᠃
ᠠᠯᠢᠪᠠ ᠢᠷᠡᠭᠡᠳᠦᠢ ᠬᠣᠢᠴᠢᠬᠢ ᠦᠶ᠎ᠡ ᠶ᠋ᠢᠨ ᠮᠡᠷᠭᠡᠳ ᠰᠠᠢᠳ ᠲᠠ ᠪᠦᠭᠦᠳᠡᠭᠡᠷ ᠬᠢᠨᠠᠭᠳᠠᠬᠤᠢ
ᠠᠪᠠᠢ ᠡᠨᠡ ᠠᠮᠢ ᠪᠠᠨ ᠰᠢᠷᠭᠤᠭᠴᠢ ᠪᠠᠯᠵᠣᠷ ᠤ᠋ᠨ
ᠠᠯᠲᠠᠲᠤ ᠦᠭᠡᠰ ᠢ᠋ ᠪᠢᠲᠡᠭᠡᠢ ᠬᠥᠩᠭᠡᠯᠡ᠃
ᠠᠯᠢᠯᠠᠨ ᠤᠯᠤᠰ ᠮᠥᠬᠥᠵᠦ ᠭᠡᠷ ᠡᠪᠳᠡᠷᠡᠭᠴᠢᠳ ᠦ᠋ᠨ
ᠠᠭᠠᠰᠢ ᠴᠥᠮ ᠲᠡᠢᠮᠦ ᠳᠦᠷᠢᠯᠡᠮᠦᠢ᠃
ᠠᠯᠭᠠᠰᠠᠩᠭᠤᠢ ᠶᠠᠯ᠎ᠠ ᠪᠠᠨ ᠬᠠᠷᠢᠨ ᠪᠠᠢᠷᠢ ᠪᠣᠯᠭᠠᠨ ᠶᠠᠩᠵᠤᠯᠠᠬᠤᠢ ᠶ᠋ᠢ
ᠠᠶ᠎ᠠ ᠬᠡᠨ ᠰᠠᠨᠠᠬᠤ ᠠᠵᠠᠢ ?
ᠵᠤᠤᠷᠴᠢᠨ ᠨᠣᠶᠠᠨ ᠵᠣᠩᠬᠢᠯᠠᠨ ᠵᠠᠬᠢᠶᠤ
ᠵᠣᠪᠠᠯᠠᠩᠲᠤ ᠪᠠᠯᠵᠣᠷ ᠢ᠋ ᠬᠤᠷᠢᠮᠯᠠᠨ ᠱᠠᠩᠨᠠᠵᠤ
ᠵᠤᠯᠠ ᠶ᠋ᠢᠨ ᠳᠣᠣᠷ᠎ᠠ ᠵᠢᠨᠦᠩ ᠦ᠋ᠨ ᠰᠤᠷᠭᠠᠯ ᠭᠠᠷᠴᠤ
ᠵᠣᠭᠰᠣᠯ ᠦᠭᠡᠢ ᠬᠣᠶᠠᠷ ᠬᠢᠶ᠎ᠡ ᠶ᠋ᠢ ᠮᠣᠷᠳᠠᠭᠤᠯᠬᠤᠶᠠ
ᠵᠣᠭᠰᠣᠬᠤ ᠤᠬᠤᠷᠢᠬᠤ ᠶ᠋ᠢ ᠴᠢᠬᠢ ᠳ᠋ᠦ᠍ᠷ ᠬᠡᠯᠡᠵᠦ
ᠵᠣᠩᠭᠢᠯᠡᠭ᠍ᠰᠡᠨ ᠡᠪᠡᠷ ᠦ᠋ᠨ ᠪᠢᠲᠡᠭᠦᠦ ᠬᠣᠩᠬᠢᠶ᠎ᠠ ᠶ᠋ᠢ ᠥᠭᠴᠦ
ᠵᠣᠬᠢᠶᠠᠨ ᠪᠡᠯᠡᠳᠬᠡᠭᠰᠡᠨ ᠠᠯᠲᠠᠨ ᠤᠯᠤᠰ ᠤ᠋ᠨ ᠲᠡᠮᠳᠡᠭᠲᠦ
ᠵᠣᠷᠢᠭ ᠬᠠᠲᠠᠭᠤᠵᠢᠯᠲᠤ ᠮᠢᠩᠭᠠᠨ ᠴᠡᠷᠢᠭ ᠢ᠋ ᠲᠤᠰᠢᠶᠠᠨ ᠮᠣᠷᠳᠠᠭᠤᠯᠪᠠᠢ᠃
ᠡᠨᠡ ᠦᠶ᠎ᠡ ᠳ᠋ᠦ᠍ᠷ ᠠᠬᠠᠢ ᠨᠣᠶᠠᠨ ᠤ᠋ ᠪᠠᠷᠠᠩᠬᠠᠢ ᠳᠠᠬᠤ ᠶ᠋ᠢᠨ ᠨᠠᠷᠢᠨ ᠮᠡᠳᠡᠭᠡ᠂ ᠴᠢᠬᠤᠯᠠ ᠴᠢᠮᠡᠭᠡ᠂ ᠬᠡᠳᠦᠢᠴᠢᠨᠡᠭᠡᠨ ᠵᠡᠷᠭᠡ ᠡᠴᠢᠵᠦ ᠢᠷᠡᠭᠡᠳ ᠂ ᠵᠢᠨᠦᠩ ᠮᠤᠬᠤᠯᠢ ᠶ᠋ᠢᠨ ᠵᠢᠭᠠᠵᠤ ᠰᠤᠷᠭᠠᠭᠰᠠᠨ ᠶᠢᠰᠦᠨ ᠬᠦᠷᠢᠶ᠎ᠡ ᠶᠡᠬᠡ ᠴᠡᠷᠢᠭ ᠦ᠋ᠳ ᠬᠡᠳᠦᠢᠨ ᠮᠣᠷᠳᠠᠨ ᠬᠥᠳᠡᠯᠦᠯᠴᠡᠭᠡᠳ᠂ ᠣᠳᠣ ᠦᠯᠡᠭᠰᠡᠨ ᠳᠥᠷᠪᠡᠨ ᠶᠡᠬᠡ ᠬᠦᠷᠢᠶ᠎ᠡ ᠴᠡᠷᠢᠭ ᠬᠥᠳᠡᠯᠦᠯᠦᠭᠡ᠃
ᠲᠡᠳᠦᠢ ᠡᠨᠡ ᠤᠳᠠᠭ᠎ᠠ ᠳ᠋ᠤᠷ ᠡᠷᠲᠡᠨ ᠦ᠌ ᠥᠭᠡᠯᠦᠨ ᠲᠠᠢᠬᠡᠦ ᠶ᠋ᠢᠨ ᠠᠷᠪᠠᠨ ᠭᠤᠷᠪᠠᠨ ᠪᠦᠯᠦᠭ ᠦ᠋ᠨ ᠴᠡᠷᠢᠭ ᠦ᠋ᠨ ᠲᠢᠭ ᠲᠥᠯᠥᠪ ᠢ᠋ ᠬᠡᠷᠡᠭᠯᠡᠪᠡ᠃ ᠪᠣᠭᠳᠠ ᠡᠬᠡ ᠶ᠋ᠢᠨ ᠨᠢᠭᠡᠨ ᠳᠣᠬᠢᠶ᠎ᠠ ᠪᠠᠭᠤᠯᠭᠠᠭᠰᠠᠨ ᠠᠨᠤ : ᠲᠠᠩᠭᠤᠳ ᠤᠯᠤᠰ ᠤᠭ ᠲᠠᠩᠭᠠᠷᠢᠭ ᠢ᠋ ᠲᠡᠷᠰᠯᠡᠨ ᠬᠠᠭᠠᠰ ᠠᠯᠪᠠ ᠶ᠋ᠢ ᠳᠤᠲᠠᠭᠤᠯᠵᠤ ᠴᠡᠷᠢᠭ ᠬᠥᠳᠡᠯᠬᠦ ᠪᠠᠢᠳᠠᠯ ᠢᠯᠡᠷᠡᠭᠰᠡᠨ ᠳ᠋ᠦ᠍ᠷ ᠲᠠᠢᠽᠦ ᠡᠨᠡ ᠵᠢᠯ ᠯᠠᠪ ᠲᠠᠩᠭᠤᠳ ᠤᠯᠤᠰ ᠯᠤᠭ᠎ᠠ ᠶᠡᠬᠡ ᠲᠡᠢᠨ ᠳᠡᠭᠳᠡᠯᠴᠡᠮᠦᠢ ᠭᠡᠮᠡᠨ ᠥᠭᠡᠯᠦᠨ ᠲᠠᠢᠬᠡᠦ ᠭᠡᠷᠦᠨ ᠵᠣᠭᠣᠭ ᠪᠣᠯᠭᠠᠨ ᠠᠢᠯᠠᠳᠬᠠᠭᠰᠠᠨ᠎ᠠ᠂ ᠲᠠᠢᠬᠡᠦ ᠶ᠋ᠢᠨ ᠬᠠᠷᠢᠭᠤ ᠵᠠᠷᠯᠢᠭ ᠪᠣᠯᠤᠭᠰᠠᠨ ᠠᠨᠤ :
《ᠡᠷᠲᠡ ᠡᠳᠦᠷ ᠳᠡᠭᠡᠳᠦ ᠡᠵᠡᠨ ᠬᠠᠯᠢᠵᠤ᠂ ᠬᠠᠭᠠᠨ ᠬᠥᠪᠡᠭᠦᠨ ᠪᠠᠭ᠎ᠠ ᠪᠦᠬᠦᠢ ᠴᠠᠭ ᠲᠤᠷ ᠲᠠᠲ᠋ᠠᠷ᠂ ᠲᠠᠢᠴᠢᠭᠤᠳ ᠥᠷᠨᠢᠵᠦ᠂ ᠣᠨ ᠪᠦᠷᠢ ᠳᠠᠪᠴᠢᠯᠠᠨ ᠣᠯᠠᠨ ᠬᠠᠷᠢᠶᠠᠲᠤ ᠠᠢᠮᠠᠭ ᠤ᠋ᠳ ᠤᠷᠪᠠᠯᠴᠠᠬᠤᠶᠠ ᠤᠷᠢᠳᠤᠰ ᠲᠤᠷ ᠵᠠᠯᠪᠠᠷᠢᠨ ᠴᠡᠷᠢᠭ ᠪᠠᠢᠭᠤᠯᠬᠤ ᠳᠣᠬᠢᠶ᠎ᠠ ᠭᠤᠶᠤᠨ ᠵᠠᠯᠪᠠᠷᠢᠭᠰᠠᠨ ᠳ᠋ᠤᠷ ᠮᠥᠨ ᠰᠥᠨᠢ ᠬᠣᠶᠠᠷ ᠬᠤᠯᠤᠭᠠᠨ᠎ᠠ ᠠᠷᠪᠠᠨ ᠬᠣᠶᠠᠷ ᠵᠢᠯ ᠢ᠋ ᠲᠡᠷᠢᠭᠦᠯᠡᠭᠰᠡᠨ ᠵᠢᠷᠤᠭ ᠢ᠋ ᠦᠵᠡᠭᠡᠳ᠂ ᠥᠷᠯᠥᠭᠡ ᠪᠣᠰᠴᠤ ᠪᠣᠳᠣᠪᠠᠰᠤ ᠠᠷᠪᠠᠨ ᠬᠣᠶᠠᠷ ᠤ᠋ᠨ ᠳᠡᠭᠡᠷ᠎ᠡ ᠪᠠᠰᠠ ᠨᠢᠭᠡᠨ ᠬᠤᠯᠤᠭᠠᠨ᠎ᠠ ᠨᠡᠮᠡᠪᠡᠰᠦ ᠠᠷᠪᠠᠨ ᠭᠤᠷᠪᠠᠨ ᠤ᠋ ᠲᠣᠭ᠎ᠠ ᠲᠤᠯᠠ ᠲᠡᠢᠨ ᠬᠦ᠌ ᠪᠢ ᠠᠷᠪᠠᠨ ᠭᠤᠷᠪᠠᠨ ᠪᠦᠯᠦᠭ ᠦ᠋ᠨ ᠴᠡᠷᠢᠭ ᠵᠣᠬᠢᠶᠠᠨ ᠪᠠᠢᠯᠳᠤᠵᠤ ᠭᠤᠷᠪᠠᠨ ᠲᠦᠮᠡᠨ ᠦ᠌ ᠳᠠᠢᠰᠤᠨ ᠢ᠋ ᠳᠠᠷᠤᠭᠰᠠᠨ ᠠ᠋ᠴᠠ ᠡᠬᠢᠯᠡᠵᠦ᠂ ᠰᠦᠷ ᠬᠦᠴᠦᠨ ᠳ᠋ᠡᠭᠡᠨ ᠳᠡᠭᠡᠷᠡᠳᠡᠵᠦ᠂ ᠡᠳᠦᠭᠡ ᠭᠤᠴᠢᠨ ᠢᠯᠡᠭᠦᠦ ᠵᠢᠯ ᠪᠣᠯᠪᠠ᠃ ᠥᠴᠥᠭᠡᠳᠦᠷ ᠰᠥᠨᠢ ᠪᠠᠰᠠ ᠲᠡᠷᠡ ᠬᠥᠷᠥᠭ ᠢ᠋ ᠳᠠᠬᠢᠨ ᠵᠡᠭᠦᠳᠦᠯᠡᠵᠦ ᠭᠠᠢᠬᠠᠵᠤ ᠪᠠᠢᠲᠠᠯ᠎ᠠ᠂ ᠬᠠᠨ ᠬᠥᠪᠡᠭᠦᠨ ᠪᠠᠰᠠ ᠴᠡᠷᠢᠭ ᠦ᠋ᠨ ᠬᠡᠷᠡᠭ ᠢ᠋ ᠬᠡᠯᠡᠪᠡᠯ ᠮᠢᠨᠦ ᠪᠡᠶ᠎ᠡ ᠬᠥᠬᠡ ᠬᠤᠯᠤᠭᠠᠨ᠎ᠠ ᠵᠢᠯ ᠲᠡᠢ᠃ ᠠᠷᠪᠠᠨ ᠭᠤᠷᠪᠠᠨ ᠵᠢᠯ ᠳ᠋ᠦ᠍ᠷ ᠬᠦᠷᠪᠡᠰᠦ ᠨᠢᠭᠡᠨ ᠪᠠᠭ᠎ᠠ ᠣᠷᠴᠢᠯᠲᠠ ᠮᠥᠨ ᠲᠤᠯᠠ᠂ ᠡᠨᠡ ᠨᠢᠭᠡᠨ ᠵᠡᠭᠦᠳᠦᠨ ᠯᠠᠪ ᠬᠠᠨ ᠬᠥᠪᠡᠭᠦᠨ ᠦ᠌ ᠳᠤᠮᠳᠠᠳᠤ ᠨᠢᠭᠡᠨ ᠤᠯᠠᠷᠢᠯ ᠤ᠋ᠨ ᠣᠷᠴᠢᠯᠲᠠ ᠪᠣᠯᠬᠤ ᠪᠣᠢ ᠶᠠ᠃ ᠮᠥᠨ ᠬᠦ᠌ ᠠᠷᠪᠠᠨ ᠭᠤᠷᠪᠠᠨ ᠤ᠋ ᠲᠣᠭ᠎ᠠ ᠶ᠋ᠢᠨ ᠳᠣᠲᠣᠷ᠎ᠠ᠂ ᠬᠦᠷᠢᠶ᠎ᠡ ᠪᠠᠭ ᠲᠣᠭᠲᠠᠭᠠᠨ ᠬᠡᠯᠡᠪᠡᠰᠦ ᠵᠣᠬᠢᠮᠤᠢ᠃ ᠲᠠᠩᠭᠤᠳ ᠬᠡᠮᠡᠭᠴᠢ ᠬᠠᠭᠤᠴᠢᠨ ᠶᠡᠬᠡ ᠤᠯᠤᠰ ᠪᠣᠯᠠᠢ᠃ ᠬᠥᠩᠭᠡᠯᠡᠨ ᠦᠵᠡᠵᠦ ᠦᠯᠦ ᠪᠣᠯᠬᠤ᠃ ᠡᠨᠡ ᠥᠷᠯᠥᠭᠡ ᠵᠢᠨᠦᠩ ᠮᠤᠬᠤᠯᠢ ᠶ᠋ᠢ ᠪᠠᠷᠠᠭᠠᠯᠠᠭᠤᠯᠤᠨ ᠮᠥᠨ ᠡᠢᠨ ᠬᠦ᠌ ᠵᠠᠬᠢᠪᠠ᠃ ᠪᠢ ᠶᠣᠰᠣ ᠳᠠᠭᠠᠵᠤ᠂ ᠴᠠᠭᠠᠵᠠ ᠪᠠᠷ ᠶᠠᠪᠤᠨ ᠠᠯᠪᠠᠨ ᠪᠠᠲᠤᠳᠪᠠᠰᠤ ᠪᠠᠷᠠᠪᠠ᠂ ᠠᠷᠪᠠᠨ ᠬᠤᠪᠢ ᠪᠢᠲᠡᠭᠡᠢ ᠭᠠᠴᠢᠭᠳᠠᠭᠤᠯᠤᠨ ᠭᠠᠰᠢᠭᠤᠨ ᠪᠣᠯᠭ᠎ᠠ᠃ ᠭᠠᠪᠢᠶᠠᠲᠤ ᠪᠡᠷᠢ ᠠᠷᠪᠠᠨ ᠶᠢᠰᠦᠨ ᠨᠠᠰᠤᠯᠠᠪᠠ᠃ ᠣᠳᠣ ᠪᠠᠭᠤᠯᠭᠠᠨ ᠠᠪᠬᠤ ᠴᠣᠬᠣᠮ ᠴᠠᠭ ᠪᠣᠯᠪᠠ᠃ ᠤᠯᠤᠰ ᠭᠡᠷ ᠲᠦ᠍ᠷ ᠬᠡᠷᠡᠭ ᠲᠡᠢ ᠪᠡᠷᠢ ᠪᠣᠯᠠᠢ ᠬᠡᠮᠡᠭᠰᠡᠨ ᠠᠵᠤᠭᠤ᠃ ᠲᠡᠢᠨ ᠬᠦ᠌ ᠡᠨᠡ ᠵᠢᠯ ᠦ᠋ᠨ ᠲᠠᠩᠭᠤᠳ ᠤᠯᠤᠰ ᠢ᠋ ᠳᠠᠢᠯᠠᠬᠤ ᠴᠡᠷᠢᠭ ᠢ᠋ ᠵᠢᠨᠦᠩ ᠮᠤᠬᠤᠯᠢ ᠶ᠋ᠢᠨ ᠠᠷᠪᠠᠨ ᠭᠤᠷᠪᠠᠨ ᠪᠦᠯᠦᠭ ᠦ᠋ᠨ ᠶᠡᠬᠡ ᠠᠩᠭᠢ ᠪᠠᠷ ᠬᠤᠪᠢᠶᠠᠨ ᠲᠣᠭᠲᠠᠭᠠᠭᠰᠠᠨ ᠠᠨᠤ᠂ ᠳᠥᠷᠪᠡᠨ ᠬᠦᠯᠦᠭ ᠲᠠᠢᠪᠤᠤ᠂ ᠳᠥᠷᠪᠡᠨ ᠳᠡᠭᠦᠦ ᠸᠠᠩ᠂ ᠳᠥᠷᠪᠡᠨ ᠲᠠᠢᠽᠢ ᠴᠢᠨ ᠸᠠᠩ᠂ ᠬᠠᠭᠠᠨ ᠡᠵᠡᠨ ᠦ᠌ ᠭᠡᠭᠡᠨ ᠲᠡᠢ ᠠᠷᠪᠠᠨ ᠭᠤᠷᠪᠠᠨ ᠶᠡᠬᠡ ᠬᠦᠷᠢᠶ᠎ᠡ᠂ ᠡᠨᠡ ᠬᠦᠷᠢᠶ᠎ᠡ ᠪᠦᠷᠢ ᠳ᠋ᠦ᠍ᠷ ᠪᠠᠰᠠ ᠬᠦ᠌ ᠠᠷᠪᠠᠨ ᠭᠤᠷᠪᠠᠨ ᠳᠡᠳ᠋ ᠳᠠᠷᠤᠭ᠎ᠠ ᠠᠨᠤ᠂ ᠰᠢᠷᠢᠬᠤᠲᠤᠭ᠂ ᠬᠠᠷ᠎ᠠ ᠬᠢᠷᠤ᠂ ᠴᠢᠨᠳᠠᠭ᠎ᠠ ᠰᠡᠴᠡᠨ᠂ ᠬᠤᠲᠤᠭᠠᠨᠠ ᠪᠡᠬᠢ᠂ ᠬᠤᠷᠴᠠ ᠪᠠᠢᠷᠢ᠂ ᠴᠤᠤ ᠮᠡᠷᠭᠡᠨ᠂ ᠠᠵᠢᠨᠠᠢ ᠨᠣᠶᠠᠨ᠂ ᠬᠤᠳᠠᠷᠭ᠎ᠠ ᠪᠠᠭᠠᠲᠤᠷ᠂ ᠵᠡᠪᠡ᠂ ᠵᠡᠯᠮ᠎ᠡ᠂ ᠲᠠᠴᠢᠩᠬᠤᠷᠯᠣᠣ᠂ ᠢᠯᠠᠭᠤᠭᠰᠠᠨ᠂ ᠬᠠᠭᠠᠨ ᠤ᠋ ᠰᠢᠲᠠᠷ᠎ᠠ ᠪᠣᠳᠣ᠂ ᠵᠠᠮᠪᠠᠯ ᠬᠣᠶᠠᠷ ᠨᠣᠶᠠᠨ ᠵᠢᠴᠢ ᠬᠠᠭᠠᠨ ᠢ ᠬᠠᠮᠠᠭᠠᠯᠠᠬᠤ ᠤᠭ ᠤ᠋ᠨ ᠲᠠᠪᠤᠨ ᠪᠠᠷᠰ ᠤ᠋ᠨ ᠵᠠᠩᠵᠤᠨ᠂ ᠭᠤᠷᠪᠠᠨ ᠪᠠᠷᠰ ᠪᠠᠮᠪᠠᠷ ᠤ᠋ᠨ ᠳᠡᠭᠡᠷ᠎ᠡ ᠪᠠᠰᠠ ᠬᠢᠳᠠᠨ ᠠ᠋ᠴᠠ ᠰᠢᠨᠡᠬᠡᠨ ᠳᠠᠭᠠᠭᠰᠠᠨ ᠴᠢ ᠸᠠᠩ - ᠠ ᠯᠦᠨ ᠦ᠌ ᠭᠤᠷᠪᠠᠳᠤᠭᠠᠷ ᠬᠥᠪᠡᠭᠦᠨ ᠪᠠᠷᠰ ᠲᠠᠢ ᠨᠡᠢᠲᠡ ᠶᠢᠰᠦᠨ ᠪᠠᠷᠰ᠃ ᠡᠭᠦᠨᠴᠨ ᠭᠠᠳᠠᠨ᠎ᠠ ᠦᠯᠡᠭᠰᠡᠨ ᠠᠷᠪᠠᠨ ᠬᠣᠶᠠᠷ ᠬᠦᠷᠢᠶ᠎ᠡ ᠳ᠋ᠦ᠍ᠷ ᠵᠠᠯᠠᠭᠤ ᠵᠠᠩᠵᠤᠨ ᠨᠠᠷ ᠢ᠋ ᠲᠩᠰᠢᠯᠡᠨ᠂ ᠬᠦᠷᠢᠶ᠎ᠡ ᠪᠦᠷᠢ ᠳ᠋ᠦ᠍ᠷ᠂ ᠳᠥᠷᠪᠡᠨ ᠮᠥᠷᠥ ᠶ᠋ᠢᠨ ᠵᠠᠩᠵᠤᠨ ᠨᠡᠢᠲᠡ ᠳᠥᠴᠢᠨ ᠨᠠᠢ᠍ᠮᠠᠨ ᠨᠡᠷ᠎ᠡ᠃ ᠡᠭᠦᠨᠴᠨ ᠭᠠᠳᠠᠨ᠎ᠠ ᠡᠨᠡ ᠬᠡᠳᠦᠨ ᠵᠢᠯ ᠦ᠋ᠨ ᠳᠣᠲᠣᠷ᠎ᠠ᠂ ᠪᠠᠷᠠᠭᠤᠨ ᠪᠠ ᠪᠠᠷᠠᠭᠤᠨ ᠬᠣᠢᠲᠤ᠂ ᠣᠷᠣᠰ ᠤᠯᠤᠰ ᠲᠤᠷ ᠣᠷᠣᠲᠠᠯ᠎ᠠ ᠳᠠᠢᠯᠠᠵᠤ ᠳᠠᠭᠠᠭᠤᠯᠤᠭᠰᠠᠨ ᠪᠠ ᠥᠪᠡᠷ ᠢ᠋ᠶ᠋ᠡᠨ ᠡᠷᠢᠨ ᠳᠠᠭᠠᠭᠰᠠᠨ ᠤᠯᠤᠰ ᠤ᠋ᠳ ᠬᠠᠳᠠᠴᠢᠨ ᠤ᠋ ᠷᠠᠬᠤᠯᠢ᠂ ᠰᠠᠯᠵᠢᠭᠤᠳ ᠤ᠋ᠨ ᠮᠠᠨᠠᠩ᠂ ᠪᠠᠶᠠᠴᠢᠷ ᠤ᠋ᠨ ᠪᠣᠳᠣᠩ᠂ ᠲᠦᠯᠦᠪᠡᠨ ᠦ᠌ ᠭᠠᠯᠵᠠᠭᠤ ᠪᠤᠬ᠎ᠠ᠂ ᠲᠠᠲ᠋ᠠᠷ ᠤ᠋ᠨ ᠲᠥᠪᠡᠳ᠂ ᠬᠠᠲᠠᠭᠢᠨ ᠤ᠋ ᠮᠠᠨᠠᠢᠷ᠂ ᠮᠢᠬᠠᠰ ᠤ᠋ᠨ ᠬᠦᠷᠬᠠ᠂ ᠸᠠᠢᠯᠠᠨ ᠤ᠋ ᠬᠤᠪᠢᠲᠤ ᠬᠤᠸᠠ᠂ ᠳᠠᠩᠨᠤ ᠶ᠋ᠢᠨ ᠮᠠᠩᠯᠠᠢ ᠡᠷᠳᠡᠨᠢ᠂ ᠡᠷᠢᠶᠡᠨ ᠰᠢᠯᠪᠢ ᠶ᠋ᠢᠨ ᠡᠭᠡᠮᠡᠭᠲᠦ᠂ ᠠᠯᠠᠭ ᠳᠡᠷᠡ ᠶ᠋ᠢᠨ ᠪᠦᠷᠭᠦᠳ᠂ ᠢᠳᠡᠪᠢᠯᠢᠭ ᠦ᠋ᠨ ᠭᠠᠢᠯᠵᠤ᠂ ᠵᠡᠷᠯᠢᠭ ᠦ᠋ᠨ ᠰᠠᠷ᠎ᠠ᠂ ᠤᠷᠢᠶᠠᠩ ᠤ᠋ᠨ ᠨᠣᠰᠠᠬᠠᠢ᠂ ᠬᠢᠳᠠᠨ ᠤ᠋ ᠨᠣᠮᠣᠬᠠᠨ᠂ ᠬᠣᠢᠲᠤ ᠴᠠᠢᠯᠵᠢ ᠶ᠋ᠢᠨ ᠬᠦᠩ ᠬ᠌ᠸ ᠵᠠᠮᠰᠤ᠂ ᠢᠯᠳᠠᠰᠢ ᠶ᠋ᠢᠨ ᠪᠠᠪᠤ᠂ ᠤᠢᠭᠤᠷ ᠤ᠋ᠨ ᠦᠷᠭᠦᠩᠭᠡ᠂ ᠬᠠᠮᠢ ᠶ᠋ᠢᠨ ᠳᠠᠩ ᠴᠢᠩ᠂ ᠢᠷᠬᠠᠢ ᠶ᠋ᠢᠨ ᠭᠦᠨ ᠨᠠᠭᠤᠷ᠂ ᠪᠠᠭ᠎ᠠ ᠰᠠᠷᠯᠢᠭ᠋ ᠤ᠋ᠨ ᠰᠠᠢᠨ ᠰᠡᠷ ᠡᠳᠡᠭᠡᠷ ᠠᠢᠮᠠᠭ ᠤ᠋ᠳ ᠤ᠋ᠨ ᠳᠣᠲᠣᠷ᠎ᠠ ᠠ᠋ᠴᠠ ᠰᠢᠯᠭᠠᠨ ᠰᠣᠩᠭᠣᠵᠤ ᠪᠠᠭᠠᠲᠤᠷ ᠬᠢᠶ᠎ᠡ ᠨᠡᠷ᠎ᠡ ᠣᠷᠣᠭᠤᠯᠤᠭᠰᠠᠨ ᠢᠳᠡᠷ ᠵᠠᠯᠠᠭᠤᠰ ᠮᠥᠨ ᠬᠦ᠌ ᠠᠷᠪᠠᠨ ᠭᠤᠷᠪᠠᠨ ᠰᠢᠨ᠎ᠡ ᠵᠠᠩᠵᠤᠨ ᠨᠠᠷ ᠠᠨᠤ᠄ ᠴᠥᠬᠦᠷ᠂ ᠬᠥᠩᠬᠥᠷ᠂ ᠱᠣᠩᠭᠤᠷ᠂ ᠴᠤᠤᠷᠠ᠂ ᠨᠡᠷᠭᠦᠯ᠂ ᠯᠢᠭ᠌ᠵᠢᠳ᠂ ᠬᠠᠪᠠᠷᠲᠤ᠂ ᠵᠠᠳᠠᠤᠯᠠᠢ᠂ ᠵᠠᠭᠤᠨ ᠠᠭᠲᠠ᠂ ᠶᠠᠪᠠᠭᠠᠨ ᠪᠦᠬᠦ᠂ ᠬᠦᠴᠦᠨ ᠪᠠᠲᠦᠷᠬᠠ᠂ ᠬᠠᠯᠵᠠᠨ ᠪᠢᠷᠦ᠂ ᠠᠯᠠᠭ ᠠᠷᠠᠰᠤ ᠡᠨᠡ ᠠᠷᠪᠠᠨ ᠭᠤᠷᠪᠠᠨ ᠠ᠋ᠴᠠ ᠭᠠᠳᠠᠨ᠎ᠠ ᠠᠩᠬᠠᠨ ᠤ᠋ ᠬᠢᠲᠠᠳ ᠤ᠋ᠨ ᠪᠠᠢᠳᠠᠯᠲᠠᠢ ᠠᠯᠲᠠᠨ ᠤᠯᠤᠰ ᠤ᠋ᠨ ᠵᠠᠩᠵᠤᠨ ᠴᠡᠷᠢᠭ ᠦ᠋ᠤᠨ ᠪᠣᠯᠭᠠᠨ ᠴᠢᠮᠡᠭᠯᠡᠭᠦᠯᠵᠦ᠂ ᠲᠠᠩᠭᠤᠳ ᠤᠯᠤᠰ ᠤ᠋ᠨ ᠡᠯᠴᠢ ᠪᠠᠯᠵᠣᠷ ᠲᠤᠷ ᠬᠠᠪᠰᠤᠷᠭᠠᠨ ᠬᠥᠮᠦᠨ ᠪᠦᠷᠢ ᠲᠠᠪᠤᠨ ᠵᠠᠭᠤᠨ ᠴᠡᠷᠢᠭ ᠠᠪᠴᠤ ᠢᠯᠡᠭᠡᠭᠰᠡᠨ ᠬᠣᠶᠠᠷ ᠢᠳᠡᠷ ᠵᠠᠩᠵᠤᠨ ᠠᠯᠢᠶ᠎ᠠ ᠬᠢᠶ᠎ᠡ᠂ ᠱᠤᠯᠤ ᠬᠢᠶ᠎ᠡ᠂ ᠡᠨᠡ ᠬᠣᠶᠠᠷ ᠲᠠᠢ ᠡᠨᠡ ᠤᠳᠠᠭ᠎ᠠ ᠶ᠋ᠢᠨ ᠪᠠᠢᠯᠳᠤᠭᠠᠨ ᠤ᠋ ᠪᠡᠯᠡᠳᠬᠡᠯ᠎ᠡ ᠢᠯᠡᠷᠡᠭᠰᠡᠨ ᠨᠡᠢᠲᠡ ᠠᠷᠪᠠᠨ ᠲᠠᠪᠤᠨ ᠰᠢᠨ᠎ᠡ ᠨᠡᠷ᠎ᠡ᠃ ᠦᠵᠡᠬᠦ ᠮᠡᠷᠭᠡᠳ ᠳᠠᠬᠢᠨ ᠨᠢᠭᠡᠨ ᠤᠳᠠᠭ᠎ᠠ ᠨᠠᠷᠢᠪᠴᠢᠯᠠᠨ ᠲᠡᠮᠳᠡᠭᠯᠡᠵᠦ ᠠᠪᠤᠭᠲᠤᠨ᠃ ᠡᠨᠡ ᠬᠦ᠌ ᠲᠠᠩᠭᠤᠳ ᠤᠯᠤᠰ ᠬᠡᠮᠡᠭᠴᠢ ᠤᠭ ᠠ᠋ᠴᠠ ᠡᠮᠦᠨᠡᠲᠦ ᠰᠥᠩ ᠤᠯᠤᠰ᠂ ᠬᠠᠭᠤᠴᠢᠨ ᠰᠢ ᠯᠢᠶᠣᠣ - ᠬᠠᠷ᠎ᠠ ᠬᠢᠳᠠᠨ ᠤᠯᠤᠰ᠂ ᠳᠤᠮᠳᠠᠳᠤ ᠠᠯᠲᠠᠨ ᠤᠯᠤᠰ ᠯᠤᠭ᠎ᠠ ᠴᠥᠮ ᠳᠠᠩ ᠰᠠᠴᠠᠭᠤ ᠪᠣᠯᠤᠭᠰᠠᠨ ᠶᠡᠬᠡ ᠤᠯᠤᠰ ᠲᠤᠯᠠ᠂ ᠡᠨᠡ ᠤᠳᠠᠭ᠎ᠠ ᠶ᠋ᠢᠨ ᠪᠠᠢᠯᠳᠤᠭᠠᠨ᠎ᠠ ᠨᠡᠯᠢᠶᠡᠳ ᠰᠢᠨ᠎ᠡ ᠨᠡᠷ᠎ᠡ ᠴᠣᠯᠠ ᠢᠯᠡᠷᠡᠨ ᠭᠠᠷᠤᠮᠤᠢ᠃ ᠬᠣᠢᠨ᠎ᠠ ᠶᠡᠬᠡ ᠶᠤᠸᠠᠨ ᠤᠯᠤᠰ ᠤ᠋ᠨ ᠶᠡᠬᠡ ᠰᠤᠳᠤᠷ ᠤ᠋ᠨ ᠵᠠᠭᠤᠨ ᠲᠦᠰᠢᠮᠡᠳ ᠦ᠋ᠨ ᠭᠠᠪᠢᠶ᠎ᠠ ᠨᠡᠷ᠎ᠡ ᠶ᠋ᠢᠨ ᠦᠶ᠎ᠡ ᠵᠠᠯᠭᠠᠮᠵᠢᠯᠠᠬᠤ ᠰᠤᠳᠤᠷ ᠤ᠋ᠨ ᠳᠠᠩᠰᠠᠨ ᠤ᠋ ᠭᠤᠷᠪᠠᠳᠤᠭᠠᠷ ᠲᠣᠭᠳᠣᠢ᠂ ᠳᠥᠷᠪᠡᠳᠦᠭᠡᠷ ᠲᠣᠭᠳᠣᠢ ᠶ᠋ᠢᠨ ᠬᠣᠷᠢᠨ ᠳᠡᠪᠲᠡᠷ ᠦ᠋ᠨ ᠰᠤᠳᠤᠷ ᠤ᠋ᠨ ᠳᠣᠯᠣᠳᠤᠭᠠᠷ ᠠᠩᠭᠢ ᠬᠡᠮᠡᠭᠰᠡᠨ ᠳ᠋ᠦ᠍ᠷ ᠨᠡᠯᠢᠶᠡᠳ ᠦ᠋ᠨ ᠨᠡᠷ᠎ᠡ ᠵᠡᠷᠭᠡᠯᠡᠨ ᠭᠠᠷᠴᠤ᠂ ᠶᠤᠸᠠᠨ ᠤᠯᠤᠰ ᠢ᠋ ᠲᠡᠭᠦᠰᠦᠨ ᠲᠡᠭᠦᠰᠲᠡᠯ᠎ᠡ᠂ ᠨᠡᠢᠲᠡ ᠳᠥᠷᠪᠡᠨ ᠵᠠᠭᠤᠨ ᠨᠠᠶᠠᠨ ᠬᠣᠶᠠᠷ ᠰᠠᠢᠳ ᠤ᠋ᠳ ᠤ᠋ᠨ ᠨᠡᠷ᠎ᠡ ᠭᠠᠷᠤᠮᠤᠢ᠃ ᠲᠡᠳᠡᠭᠡᠷ ᠦ᠋ᠨ ᠡᠮᠦᠨ᠎ᠡ ᠡᠳᠡᠭᠡᠷ ᠦ᠋ᠨ ᠡᠬᠢᠨ ᠦ᠌ ᠦᠶ᠎ᠡ ᠶ᠋ᠢᠨ ᠭᠠᠪᠢᠶᠠᠲᠤ ᠰᠠᠢᠳ ᠤ᠋ᠨ ᠨᠡᠷ᠎ᠡ ᠳ᠋ᠦ᠍ᠷ ᠵᠡᠷᠭᠡᠯᠡᠭᠦᠯᠦᠨ ᠭᠠᠷᠭᠠᠵᠤᠬᠤᠢ᠃ ᠭᠠᠭᠴᠠ ᠴᠥᠮ ᠢᠷᠭᠡᠨ ᠦᠰᠦᠭ ᠢ᠋ᠶ᠋ᠡᠷ ᠦᠭᠡ ᠶ᠋ᠢ ᠰᠠᠯᠭᠠᠵᠤ ᠲᠠᠯᠪᠢᠭᠰᠠᠨ ᠢ᠋ᠶ᠋ᠠᠷ ᠬᠠᠵᠠᠭᠤᠳᠠ ᠠᠨᠤ ᠮᠣᠩᠭᠣᠯ ᠦᠰᠦᠭ ᠦ᠋ᠨ ᠬᠠᠲᠠᠮᠠᠯ ᠦᠭᠡᠢ ᠶ᠋ᠢᠨ ᠲᠤᠯᠠᠳᠠ ᠤᠬᠠᠵᠤ ᠮᠡᠳᠡᠬᠦᠶ᠎ᠡ ᠮᠠᠰᠢ ᠪᠡᠷᠬᠡᠲᠡᠢ ᠪᠣᠯᠤᠭᠰᠠᠨ ᠢ᠋ᠶ᠋ᠠᠷ ᠡᠨᠡ ᠰᠤᠳᠤᠷ ᠤ᠋ᠨ ᠡᠬᠢᠨ ᠦ᠌ ᠲᠣᠭᠳᠣᠢ ᠶ᠋ᠢᠨ ᠲᠡᠷᠢᠭᠦᠨ ᠦ᠌ ᠲᠡᠷᠢᠭᠦᠨ ᠳᠠᠪᠲᠠᠷᠠ ᠢᠷᠭᠡᠨ ᠨᠡᠷ᠎ᠡ ᠶ᠋ᠢᠨ ᠬᠠᠵᠠᠭᠤᠳᠠ ᠮᠣᠩᠭᠣᠯ ᠦᠰᠦᠭ ᠢ᠋ᠶ᠋ᠡᠷ ᠬᠠᠲᠠᠮᠠᠯ ᠬᠠᠲᠠᠭᠰᠠᠨ ᠳ᠋ᠤᠷ ᠬᠢᠨᠠᠨ ᠦᠵᠡᠪᠡᠰᠦ ᠴᠥᠮ ᠢ᠋ᠶ᠋ᠡᠷ ᠨᠠᠷᠢᠪᠴᠢᠯᠠᠨ ᠮᠡᠳᠡᠵᠦ ᠲᠤᠲᠤᠷᠬᠠᠢᠡ ᠤᠬᠠᠮᠵᠢᠯᠠᠮᠤᠢ᠃ ᠰᠤᠯᠠ ᠲᠠᠢᠯᠪᠤᠷᠢ ᠬᠡᠷᠡᠭ ᠦᠭᠡᠢ᠃
ᠲᠡᠭᠦᠨᠴᠡ ᠱᠧᠩ ᠡᠦ ᠬᠤᠸᠠᠩᠳᠢ ᠴᠢᠩᠭᠢᠰ ᠬᠠᠭᠠᠨ ᠢ᠋ᠶ᠋ᠠᠷ ᠡᠬᠡ ᠲᠡᠢ ᠴᠢᠩ ᠲᠠᠢᠬᠡᠦ ᠶ᠋ᠢᠨ ᠵᠠᠷᠯᠢᠭ ᠪᠠ ᠥᠪᠡᠷᠦᠨ ᠬᠣᠨᠢᠨ ᠤ᠋ ᠳᠠᠯᠤ ᠶ᠋ᠢᠨ ᠲᠥᠯᠭᠡ᠂ ᠵᠢᠨᠦᠩ ᠦ᠋ᠨ ᠨᠣᠮᠣᠨ ᠤ᠋ ᠬᠥᠪᠴᠢ ᠶ᠋ᠢᠨ ᠲᠥᠯᠭᠡ ᠮᠠᠰᠢᠳᠠ ᠬᠤᠰᠤᠯᠳᠤᠭᠰᠠᠨ ᠤ᠋ ᠲᠤᠯᠠ᠂ ᠳᠠᠷᠤᠢ ᠠᠷᠪᠠᠨ ᠭᠤᠷᠪᠠᠨ ᠶᠡᠬᠡ ᠬᠦᠷᠢᠶᠡᠨ ᠦ᠌ ᠴᠡᠷᠢᠭ ᠢ᠋ ᠬᠤᠪᠢᠶᠠᠨ ᠲᠣᠭᠲᠠᠭᠠᠭᠰᠠᠨ ᠠᠵᠤᠭᠤ᠃ ᠡᠭᠦᠨ ᠳ᠋ᠦ᠍ᠷ ᠤᠷᠤᠭ ᠰᠠᠢᠳ ᠲᠠᠪᠤᠨᠠᠩ ᠨᠣᠶᠠᠨ ᠵᠡᠯᠮ᠎ᠡ᠂ ᠪᠠᠷᠠᠭᠤᠨ ᠤᠢᠭᠤᠷ ᠤᠯᠤᠰ ᠲᠤᠷ ᠲᠠᠢᠽᠢ ᠴᠠᠭᠠᠲᠠᠢ ᠴᠢᠨ ᠸᠠᠩ ᠤ᠋ᠨ ᠲᠡᠨᠳᠡ ᠡᠴᠢᠭᠰᠡᠨ ᠲᠤᠯᠠ᠂ ᠳᠠᠷᠤᠢ ᠲᠡᠨᠳᠡᠬᠢ ᠬᠠᠪᠰᠤᠷᠭ᠎ᠠ ᠰᠠᠢᠳ ᠪᠣᠯᠭᠠᠨ ᠬᠠᠮᠲᠤ ᠡᠭᠡᠭᠦᠯᠦᠨ ᠵᠠᠷᠯᠠᠭᠰᠠᠨ ᠠᠵᠤᠭᠤ᠃ ᠡᠨᠡ ᠠᠷᠪᠠᠨ ᠭᠤᠷᠪᠠᠨ ᠵᠠᠮ ᠤ᠋ᠨ ᠶᠡᠬᠡ ᠴᠡᠷᠢᠭ ᠢ᠋ ᠲᠡᠷᠢᠭᠦᠨ ᠰᠡᠭᠦᠯ ᠵᠠᠯᠭᠠᠯᠳᠤᠭᠤᠯᠤᠨ᠂ ᠡᠷᠭᠢᠵᠦ ᠲᠣᠭᠣᠷᠢᠬᠤ ᠪᠠᠷ ᠵᠣᠬᠢᠶᠠᠨ ᠲᠣᠭᠲᠠᠭᠠᠭᠰᠠᠨ ᠢ᠋ᠶ᠋ᠠᠷ ᠬᠥᠮᠦᠨ ᠮᠣᠷᠢᠨ ᠳᠣᠪᠲᠣᠯᠤᠯᠴᠠᠨ ᠵᠦᠳᠡᠯ ᠦᠭᠡᠢ ᠪᠡᠷ ᠮᠡᠳᠡᠭᠡ ᠴᠢᠮᠡᠭᠡ ᠶ᠋ᠢᠨ ᠵᠠᠯᠭᠠᠯᠳᠤᠬᠤ ᠠᠨᠤ ᠳᠡᠰ ᠳᠡᠰ ᠠᠯᠬᠤᠮ ᠠᠯᠬᠤᠮ ᠢ᠋ᠶ᠋ᠠᠷ ᠤᠯᠠᠮᠵᠢᠯᠠᠨ ᠳᠠᠷᠠᠭ᠎ᠠ ᠳᠠᠷᠠᠭ᠎ᠠ ᠪᠠᠷ ᠬᠦᠷᠭᠡᠬᠦ ᠲᠤᠯᠠ᠂ ᠳᠣᠪᠲᠣᠯᠭ᠎ᠠ ᠠ᠋ᠴᠠ ᠴᠤ᠌ ᠬᠠᠷᠢᠨ ᠲᠦᠷᠭᠡᠨ ᠪᠣᠯᠵᠤᠬᠤᠢ᠃ ᠡᠯ᠎ᠡ ᠵᠦᠢᠯ ᠴᠥᠮ ᠪᠡᠯᠡᠨ ᠵᠠᠯᠠᠨ ᠪᠣᠯᠵᠤ᠂ ᠵᠢᠨᠦᠩ ᠮᠤᠬᠤᠯᠢ ᠡᠭᠡᠬᠦ ᠣᠷᠣᠬᠤ ᠡᠪᠬᠡᠬᠦ ᠪᠠᠷᠢᠬᠤ ᠶ᠋ᠢ ᠨᠠᠷᠢᠪᠴᠢᠯᠠᠨ ᠪᠤᠳᠤᠬᠤᠶ᠎ᠠ᠂ ᠭᠠᠭᠴᠠ ᠬᠦ᠌ ᠲᠠᠩᠭᠤᠳ ᠤᠯᠤᠰ ᠤ᠋ᠨ ᠴᠢᠬᠤᠯᠠ ᠬᠡᠳᠦᠨ ᠬᠥᠮᠦᠨ ᠢ᠋ ᠠᠮᠢᠳᠤ ᠪᠠᠷᠢᠬᠤ ᠶ᠋ᠢ ᠪᠣᠳᠣᠬᠤᠶ᠎ᠠ᠂ ᠬᠠᠷᠠᠬᠠᠨ ᠨᠢᠭᠡᠨ ᠠᠩᠭᠢ ᠥᠪᠡᠷᠦᠨ ᠴᠡᠷᠢᠭ᠂ ᠲᠠᠩᠭᠤᠳ ᠤᠯᠤᠰ ᠤ᠋ᠨ ᠳᠣᠲᠣᠷ᠎ᠠ ᠴᠢᠬᠤᠯᠠ ᠣᠨᠢᠰᠣᠨ ᠤ᠋ ᠭᠠᠵᠠᠷ᠎ᠠ ᠪᠠᠢᠯᠬᠦᠶᠡ ᠦᠯᠦ ᠪᠣᠯᠬᠤ ᠶ᠋ᠢ ᠤᠷᠪᠠᠭᠤᠯᠤᠨ ᠬᠥᠷᠪᠡᠭᠦᠯᠦᠨ ᠤᠮᠳᠠᠨ ᠬᠡᠪᠲᠡᠨ ᠪᠣᠳᠣᠬᠤᠶ᠎ᠠ᠂ ᠴᠢᠪᠬᠢᠲᠡᠯ᠎ᠡ ᠲᠠᠩᠭᠤᠳ ᠤᠯᠤᠰ ᠤ᠋ᠨ ᠡᠯᠴᠢ ᠪᠠᠯᠵᠣᠷ ᠰᠢᠬᠠᠮᠳᠠᠵᠤ ᠠᠮᠢᠨ ᠢ᠋ᠶ᠋ᠠᠨ ᠰᠢᠷᠭᠤᠨ ᠢᠷᠡᠭᠰᠡᠨ ᠳ᠋ᠦ᠍ᠷ ᠲᠣᠬᠢᠶᠠᠯ ᠪᠠᠷᠢᠯᠳᠤᠭᠤᠯᠤᠨ᠂ ᠲᠡᠭᠦᠨ ᠦ᠌ ᠭᠡᠷ ᠦ᠋ᠨ ᠬᠣᠲᠠᠯᠠᠭᠠᠷ ᠪᠦᠬᠦᠨ ᠢ᠋ ᠠᠪᠤᠷᠠᠨ ᠭᠡᠲᠦᠯᠭᠡᠷᠡ ᠡᠮᠦᠨ᠎ᠡ ᠠᠯᠲᠠᠨ ᠤᠯᠤᠰ ᠤ᠋ᠨ ᠣᠢᠷᠠᠯᠴᠠᠭ᠎ᠠ ᠴᠡᠷᠢᠭ ᠦ᠋ᠳ ᠢ ᠨᠢᠭᠡᠨ ᠮᠢᠩᠭᠠᠨ ᠢᠯᠡᠭᠡᠭᠡᠳ᠂ ᠳᠣᠲᠣᠷ᠎ᠠ ᠪᠠᠨ ᠲᠠᠢᠽᠦ ᠶ᠋ᠢᠨ ᠵᠦᠭ ᠰᠡᠮᠡᠬᠡᠷ ᠨᠠᠮᠠᠨᠴᠢᠯᠠᠨ ᠰᠠᠨᠠᠷᠤᠨ᠄《ᠮᠠᠨ ᠤ᠋ ᠬᠠᠭᠠᠨ ᠡᠵᠡᠨ ᠦᠨᠡᠨ ᠢ᠋ᠶ᠋ᠡᠷ ᠴᠦ᠍ ᠲᠩᠷᠢ ᠶ᠋ᠢᠨ ᠬᠥᠪᠡᠭᠦᠨ ᠮᠥᠨ ᠢᠨᠦ ᠡᠨᠡ ᠮᠡᠲᠦ ᠪᠣᠯᠠᠢ᠃ ᠮᠤᠬᠤᠯᠢ ᠨᠠᠳᠤᠷ ᠶᠠᠮᠪᠠᠷ ᠵᠡᠷᠭᠡ ᠶ᠋ᠢᠨ ᠬᠤᠪᠢᠯᠭᠠᠨ ᠰᠠᠬᠢᠭᠤᠯᠰᠤᠨ ᠤ᠋ ᠠᠷᠭ᠎ᠠ ᠪᠣᠳᠣᠯᠭ᠎ᠠ ᠪᠠᠢᠪᠠᠴᠤ ᠭᠡᠮᠡᠨ ᠲᠡᠭᠷᠢ ᠶ᠋ᠢᠨ ᠲᠣᠬᠢᠶᠠᠯ ᠤᠴᠠᠷᠠᠯ ᠦᠭᠡᠢ ᠪᠣᠯᠪᠠᠰᠤ᠂ ᠬᠥᠮᠦᠨ ᠦ᠌ ᠬᠦᠴᠦᠨ᠂ ᠴᠡᠷᠢᠭ ᠦ᠋ᠨ ᠪᠠᠢᠯᠳᠤᠯ ᠢ᠋ᠶ᠋ᠠᠷ ᠶᠡᠬᠡ ᠲᠡᠢᠨ ᠦ᠌ ᠴᠢᠬᠤᠯᠠ ᠬᠣᠭᠣᠯᠠᠢ ᠠᠮᠢᠨ ᠰᠤᠳᠠᠯ ᠢ᠋ ᠬᠡᠷᠬᠢᠨ ᠡᠷᠢᠵᠦ ᠪᠠᠷᠢᠮᠤᠢ ? 》ᠭᠡᠮᠡᠨ ᠰᠥᠨᠢ ᠳᠣᠬᠢᠶ᠎ᠠ ᠲᠠᠯᠪᠢᠭᠤᠯᠤᠨ᠂ ᠳᠣᠲᠣᠷ᠎ᠠ ᠬᠠᠭᠠᠨ ᠡᠵᠡᠨ᠎ᠡ ᠣᠷᠣᠵᠤ ᠪᠠᠷᠠᠭᠠᠯᠠᠨ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠡᠵᠡᠨ ᠭᠤᠷᠪᠠᠨ ᠵᠡᠷᠭᠡ ᠳᠡᠭᠡᠭᠰᠢ ᠳᠣᠬᠢᠵᠤ᠂ ᠡᠪᠦᠳᠦᠭ ᠦ᠋ᠨ ᠢᠷᠣᠭᠠᠷ ᠤ᠋ᠨ ᠲᠠᠵᠢ ᠶ᠋ᠢᠨ ᠣᠯᠪᠣᠭ ᠲᠤᠷ ᠴᠣᠮᠴᠣᠢᠯᠭᠠᠵᠤ ᠴᠠᠢ ᠬᠠᠢᠷᠠᠯᠠᠨ ᠵᠠᠷᠯᠢᠭ ᠪᠣᠯᠤᠷᠤᠨ :
《ᠬᠠᠰ ᠲᠠᠢᠪᠤᠤ ᠬᠠᠷᠠᠩᠭᠤᠢ ᠰᠥᠨᠢ ᠢᠷᠡᠭᠰᠡᠨ ᠢᠨᠦ᠂ ᠬᠠᠭᠠᠴᠠᠯ ᠦᠭᠡᠢ ᠯᠠᠪ ᠨᠢᠭᠡᠨ ᠬᠠᠳᠠᠨ ᠵᠥᠪᠯᠡᠯ ᠪᠣᠢ! 》ᠬᠡᠮᠡᠭᠰᠡᠨ ᠳ᠋ᠦ᠍ᠷ ᠬᠠᠵᠠᠭᠤᠳᠠ ᠴᠣᠮᠴᠣᠢᠭᠰᠠᠨ ᠵᠢᠨᠦᠩ ᠬᠠᠰ ᠠᠶᠠᠭᠠᠲᠤ ᠴᠠᠢ ᠶ᠋ᠢ ᠳᠡᠭᠡᠭᠰᠢ ᠡᠷᠭᠦᠵᠦ ᠠᠢᠯᠠᠳᠬᠠᠷᠤᠨ:
《ᠬᠠᠭᠠᠨ ᠡᠵᠡᠨ ᠠᠢᠯᠠᠳ᠂ ᠬᠠᠷᠠᠬᠠᠨ ᠵᠤᠨ ᠤ᠋ ᠳᠤᠮᠳᠠᠳᠤ ᠰᠠᠷ᠎ᠠ ᠬᠠᠰ ᠠᠶᠠᠭ᠎ᠠ ᠶ᠋ᠢᠨ ᠪᠡᠯᠬᠡᠰ ᠳᠠᠬᠢᠨ ᠳᠠᠬᠢᠨ ᠪᠠᠭᠤᠨᠠᠮ᠃ ᠬᠠᠭᠠᠨ ᠤ᠋ ᠲᠥᠯᠭᠡ ᠳ᠋ᠦ᠍ᠷ ᠢᠯᠡᠷᠡᠪᠡ ᠤᠤ ? 》ᠬᠡᠮᠡᠭᠰᠡᠨ᠎ᠡ ᠬᠠᠭᠠᠨ ᠪᠣᠭᠳᠠ ᠴᠢᠩᠭᠢᠰ ᠬᠠᠷᠢᠨᠴᠤ ᠶᠡᠬᠡᠳᠡ ᠮᠦᠰᠢᠶᠡᠵᠦ ᠵᠠᠷᠯᠢᠭ ᠪᠣᠯᠤᠷᠤᠨ᠄
《ᠵᠢᠨᠦᠩ ᠴᠢ ᠦᠨᠡᠬᠡᠷ ᠲᠡᠭᠷᠢ ᠶ᠋ᠢᠨ ᠵᠠᠷᠯᠢᠭ ᠢ᠋ᠶ᠋ᠠᠷ ᠨᠠᠳᠤᠷ ᠲᠤᠰᠠᠯᠠᠷ᠎ᠠ ᠢᠷᠡᠵᠦᠬᠦᠢ᠃ ᠮᠢᠨᠦ ᠲᠥᠯᠭᠡ ᠳ᠋ᠦ᠍ᠷ ᠭᠤᠷᠪᠠᠨ ᠵᠡᠷᠭᠡ ᠴᠢᠭᠢᠭ ᠨᠣᠢᠲᠠᠨ ᠤ᠋ ᠪᠡᠯᠬᠡᠰ ᠪᠠᠭᠤᠬᠤᠶᠠ᠂ ᠵᠤᠨ ᠤ᠋ ᠬᠤᠷ᠎ᠠ ᠶ᠋ᠢᠨ ᠴᠠᠭ ᠲᠤᠯᠠ ᠲᠡᠢᠮᠦ ᠪᠣᠯᠪᠠ ᠤᠤ ᠬᠡᠮᠡᠪᠡ᠃ ᠡᠳᠦᠭᠡ ᠵᠢᠨᠦᠩ ᠦ᠋ᠨ ᠡᠨᠡ ᠨᠢᠭᠡᠨᠲᠡ ᠥᠭᠦᠯᠡᠭᠰᠡᠨ ᠳ᠋ᠦ᠍ᠷ ᠮᠢᠨᠦ ᠤᠮᠳᠠᠭᠰᠠᠨ ᠢ᠋ ᠰᠡᠷᠢᠭᠦᠯᠵᠦ ᠤᠮᠠᠷᠲᠠᠭᠰᠠᠨ ᠢ᠋ ᠰᠠᠨᠠᠭᠠᠯᠵᠠᠭᠤᠯᠪᠠ᠃ ᠭᠤᠴᠢᠨ ᠵᠢᠯ ᠴᠡᠷᠢᠭ ᠬᠡᠷᠡᠭᠯᠡᠲᠡᠯᠡ ᠠᠯᠢ ᠵᠢᠯ ᠵᠤᠨ ᠤ᠋ ᠴᠠᠭ ᠲᠤᠷ ᠴᠡᠷᠢᠭ ᠡᠰᠡ ᠭᠠᠷᠪᠠ᠃ ᠶᠡᠷᠦ ᠡᠢᠮᠦ ᠪᠡᠯᠬᠡᠰ ᠦᠭᠡᠢ ᠪᠥᠭᠡᠳ ᠣᠨᠴᠠ ᠡᠨᠡ ᠣᠨ ᠤ᠋ ᠵᠤᠨ ᠤ᠋ ᠴᠡᠷᠢᠭ ᠲᠦ᠍ᠷ ᠰᠠᠶᠢ ᠡᠢᠮᠦ ᠳᠣᠬᠢᠶ᠎ᠠ ᠪᠠᠭᠤᠬᠤ ᠠᠵᠠᠢ᠃ ᠪᠠᠰᠠ ᠴᠡᠷᠢᠭ ᠦ᠋ᠨ ᠬᠣᠣᠷᠯᠠᠯ ᠭᠠᠮᠰᠢᠭ ᠪᠣᠯᠪᠠ ᠤᠤ ᠬᠡᠮᠡᠪᠡᠰᠦ᠂ ᠮᠠᠨ ᠤ᠋ ᠴᠡᠷᠢᠭ ᠲᠦ᠍ᠷ ᠭᠠᠵᠢᠭᠤ ᠤᠪᠠᠳᠢᠰ ᠶᠢᠯᠸᠢᠰ ᠦ᠋ᠨ ᠬᠥᠪᠭᠡᠮᠡᠯ ᠬᠡᠢ ᠮᠠᠨᠠᠨ᠂ ᠭᠡᠭᠡᠬᠡᠨ ᠬᠠᠷᠠᠩᠭᠤᠢ ᠶ᠋ᠢᠨ ᠬᠦᠴᠦᠨ ᠦᠭᠡᠢ ᠶ᠋ᠢᠨ ᠡᠰᠡᠷᠭᠦᠴᠡᠯ ᠪᠠᠢᠬᠤ ᠪᠣᠢ ᠶᠠ᠃ ᠤᠰᠤᠨ ᠭᠠᠯ ᠤ᠋ᠨ ᠬᠤᠷᠴᠠ ᠬᠣᠬᠢᠷᠠᠯ ᠦᠭᠡᠢ᠂ ᠯᠠᠪ ᠳᠠᠢᠰᠤᠨ ᠤ᠋ ᠡᠲᠡᠭᠡᠳ ᠢ᠋ ᠡᠭᠦᠨ ᠢ᠋ᠶ᠋ᠡᠷ ᠳᠠᠷᠤᠭᠲᠤᠨ ᠬᠡᠮᠡᠭᠰᠡᠨ ᠪᠣᠢ᠎ᠠ 》ᠬᠡᠮᠡᠭᠰᠡᠨ ᠳ᠋ᠦ᠍ᠷ ᠵᠢᠨᠦᠩ ᠮᠤᠬᠤᠯᠢ ᠴᠠᠢ ᠶᠤᠭᠠᠨ ᠴᠥᠮ ᠬᠦᠷᠲᠡᠭᠡᠳ ᠠᠶᠠᠭ᠎ᠠ ᠶ᠋ᠢ ᠠᠨᠤ ᠲᠣᠯᠣᠭᠠᠢ ᠳᠡᠭᠡᠷ᠎ᠡ ᠪᠡᠨ ᠲᠠᠯᠪᠢᠵᠤ᠂ ᠬᠡᠰᠢᠭ ᠲᠣᠷ ᠮᠥᠷᠭᠥᠭᠡᠳ᠂ ᠬᠠᠰ ᠠᠶᠠᠭ᠎ᠠ ᠶ᠋ᠢ ᠡᠪᠦᠷᠯᠡᠨ ᠠᠢᠯᠠᠳᠬᠠᠷᠳ᠄
《ᠬᠠᠭᠠᠨ ᠡᠵᠡᠨ ᠬᠠᠪᠤᠲᠠᠶᠠ ᠰᠠᠢᠬᠠᠨ ᠣᠨᠣᠪᠠᠢ᠃ ᠪᠣᠭᠳᠠ ᠬᠢᠭᠡᠳ ᠪᠣᠭᠣᠯ ᠤ᠋ᠨ ᠰᠠᠨᠠᠯ ᠪᠣᠳᠣᠯᠭ᠎ᠠ ᠨᠢᠭᠡᠳᠪᠡᠢ᠃ ᠡᠷᠬᠡ ᠦᠭᠡᠢ ᠲᠡᠭᠦᠨᠴᠢᠯᠡᠬᠦ ᠪᠣᠯᠪᠠᠢ᠃ ᠪᠣᠭᠣᠯ ᠵᠢᠨᠦᠩ ᠲᠠᠴᠢᠩᠬᠤᠷᠯᠤᠤ᠂ ᠢᠯᠠᠭᠤᠭᠰᠠᠨ᠂ ᠰᠠᠬᠠ ᠬᠢᠭᠡᠳ ᠨᠠᠨᠰᠠᠷ᠂ ᠳᠥᠷᠪᠡᠨ ᠵᠠᠩᠵᠤᠨ ᠢ᠋ ᠲᠤᠬᠠᠢᠯᠠᠨ ᠡᠭᠦᠨᠦ ᠦᠢᠯᠡ ᠳ᠋ᠦ᠍ᠷ ᠲᠤᠰᠢᠶᠠᠨ᠂ ᠳᠥᠷᠪᠡᠨ ᠮᠢᠩᠭᠠᠨ ᠵᠠᠷ ᠵᠡᠪᠰᠡᠭᠲᠦ ᠴᠡᠷᠢᠭ ᠢ᠋ᠶ᠋ᠡᠷ ᠵᠠᠭᠤᠨ ᠵᠦᠢᠯ ᠦ᠋ᠨ ᠡᠭᠦᠨ ᠦ᠌ ᠬᠠᠷᠢᠶᠠᠲᠤ ᠬᠡᠷᠡᠭᠯᠡᠯ ᠢ᠋ ᠪᠡᠯᠡᠳᠬᠡᠭᠦᠯᠦᠷᠡ ᠢᠯᠡᠭᠡᠭᠰᠡᠭᠡᠷ ᠰᠠᠷ᠎ᠠ ᠢᠯᠡᠭᠦᠦ ᠪᠣᠯᠪᠠ᠃ ᠡᠨᠡ ᠰᠥᠨᠢ ᠴᠥᠮ ᠪᠦᠷᠢᠨ ᠪᠣᠯᠵᠤ᠂ ᠱᠠᠨ ᠰᠢ ᠮᠣᠵᠢ ᠶ᠋ᠢᠨ ᠪᠠᠷᠠᠭᠤᠨ ᠬᠣᠢᠲᠤ᠂ ᠰᠢᠷ᠎ᠠ ᠮᠥᠷᠡᠨ ᠦ᠌ ᠰᠠᠯᠪᠤᠷᠢ ᠳ᠋ᠤᠷ ᠳᠥᠴᠢᠨ ᠣᠩᠭᠣᠴᠠ ᠳ᠋ᠤᠷ ᠲᠡᠭᠡᠭᠡᠵᠦ ᠪᠡᠯᠡᠳᠬᠡᠨ ᠬᠦᠯᠢᠶᠡᠮᠦᠢ ᠭᠡᠮᠡᠨ ᠮᠡᠳᠡᠭᠦᠯᠦᠨ ᠢᠷᠡᠵᠦᠬᠦᠢ᠃ ᠲᠠᠩᠭᠤᠳ ᠤ᠋ᠨ ᠲᠠᠪᠤᠨ ᠵᠧᠦ ᠶ᠋ᠢᠨ ᠭᠠᠵᠠᠷ᠎ᠠ ᠮᠥᠨ ᠢᠯᠡᠭᠦᠴᠡ ᠪᠡᠯᠡᠳᠬᠡᠪᠡ ᠬᠡᠮᠡᠮᠦᠢ᠃ ᠣᠳᠣ ᠦᠳᠲᠡᠷ ᠲᠦᠷᠭᠡᠨ᠎ᠡ ᠬᠥᠳᠡᠯᠪᠡᠰᠦ ᠵᠣᠬᠢᠮᠤᠢ 》ᠬᠡᠮᠡᠭᠰᠡᠨ᠎ᠡ ᠬᠠᠭᠠᠨ ᠡᠵᠡᠨ ᠬᠠᠪᠤᠲᠠᠶᠠ ᠪᠡᠶᠡᠰᠦᠨ ᠵᠠᠷᠯᠢᠭ ᠪᠣᠯᠤᠷᠤᠨ᠄
《ᠬᠠᠷᠠᠯᠭᠠ ᠰᠠᠢᠲᠤ ᠶ᠋ᠢᠨ ᠨᠤᠲᠤᠭ ᠪᠠᠶᠠᠨ᠂ ᠬᠠᠪᠰᠤᠷᠭ᠎ᠠ ᠰᠠᠢᠲᠤ ᠶ᠋ᠢᠨ ᠨᠣᠶᠠᠨ ᠪᠠᠭᠠᠲᠤᠷ ᠬᠡᠮᠡᠭᠴᠢ ᠡᠨᠡ ᠪᠣᠯᠠᠢ᠃ ᠬᠠᠷᠢᠯ ᠮᠢᠲᠠᠯ ᠦᠭᠡᠶ᠎ᠡ ᠮᠣᠷᠳᠠᠯᠴᠠᠶᠠ ᠪᠢᠳᠡ 》ᠬᠡᠮᠡᠪᠡ᠃ ᠵᠢᠨᠦᠩ ᠮᠥᠷᠭᠥᠭᠡᠳ ᠤᠬᠤᠷᠢᠨ ᠭᠠᠷᠴᠤ᠂ ᠬᠠᠭᠠᠨ ᠤ᠋ ᠬᠠᠭᠠᠯᠭ᠎ᠠ ᠭᠠᠷᠲᠠᠯ᠎ᠠ ᠭᠠᠳᠠᠨ᠎ᠠ ᠶᠡᠬᠡ ᠬᠡᠩᠭᠡᠷᠭᠡ ᠦᠷᠭᠦᠯᠵᠢᠯᠡᠨ ᠳᠠᠭᠤᠷᠢᠰᠤᠭᠰᠠᠭᠠᠷ ᠵᠢᠨᠦᠩ ᠦ᠋ᠨ ᠬᠦᠷᠢᠶᠡᠯᠡᠩ ᠦ᠋ᠨ ᠶᠡᠷᠡᠨ ᠶᠢᠰᠦᠨ ᠲᠡᠭᠷᠢ ᠶ᠋ᠢᠨ ᠬᠡᠩᠭᠡᠷᠭᠡ ᠬᠥᠩᠭᠢᠷᠡᠰᠦᠨ ᠡᠬᠢᠯᠡᠵᠦ᠂ ᠵᠢᠨᠦᠩ ᠦ᠋ᠨ ᠲᠠᠭᠲᠤ ᠳ᠋ᠤᠷ ᠵᠤᠯᠠ ᠭᠡᠷᠡᠯ ᠲᠩᠷᠢ ᠳ᠋ᠦ᠍ᠷ ᠲᠤᠯᠲᠠᠯ᠎ᠠ ᠭᠡᠢᠭᠦᠯᠵᠦ᠂ ᠤᠯᠤᠰ ᠤ᠋ᠨ ᠲᠠᠮᠠᠭ᠎ᠠ ᠶ᠋ᠢ ᠶᠡᠬᠡ ᠪᠡᠢᠯᠡ ᠳ᠋ᠠᠢ ᠰᠡᠴᠡᠨ ᠳ᠋ᠦ᠍ᠷ ᠲᠤᠰᠢᠶᠠᠨ᠂ ᠭᠤᠷᠪᠠᠨ ᠥᠲᠡᠭᠦᠰ᠂ ᠲᠠᠪᠤᠨ ᠲᠠᠢᠰᠢ ᠵᠢᠨᠦᠩ ᠦ᠋ᠨ ᠠᠯᠪᠠᠨ ᠢ᠋ ᠰᠠᠬᠢᠯᠴᠠᠪᠠᠢ᠃
ᠬᠠᠭᠠᠨ ᠤ᠋ ᠲᠠᠮᠠᠭ᠎ᠠ ᠶ᠋ᠢ ᠬᠠᠲᠤᠨ ᠤ᠋ ᠭᠠᠷ ᠲᠤᠷ ᠲᠤᠰᠢᠶᠠᠷᠤᠨ
ᠬᠠᠮᠤᠭ ᠤᠯᠤᠰ ᠤ᠋ᠳ ᠤ᠋ᠨ ᠡᠬᠡ
ᠬᠠᠲᠠᠭᠤ ᠴᠠᠭᠠᠵᠠ ᠶ᠋ᠢ ᠬᠠᠳᠠᠮ ᠤ᠋ᠨ ᠪᠡᠶ᠎ᠡ ᠪᠡᠷ ᠪᠠᠷᠢᠭᠤᠯᠤᠨ
ᠬᠠᠪᠰᠤᠷᠭ᠎ᠠ ᠨᠡᠢᠳᠡᠪᠡᠷ ᠬᠢᠴᠢᠶᠡᠮᠦᠢ᠃
ᠬᠠᠰ ᠲᠥᠷᠥ ᠶ᠋ᠢ ᠬᠠᠮᠲᠤ ᠪᠦᠲᠦᠭᠡᠭᠰᠡᠨ
ᠬᠠᠯᠤᠰᠢ ᠦᠭᠡᠢ ᠭᠠᠪᠢᠶᠠᠲᠤ ᠬᠣᠩᠭᠢᠷᠠᠳ ᠪᠥᠯᠥᠭᠡ᠃
ᠬᠠᠢᠷᠠᠬᠠᠨ ᠪᠣᠯᠠᠢ ᠬᠠᠳ ᠬᠡᠪᠡᠯᠢᠲᠦ ᠦᠨᠳᠦᠰᠦᠨ ᠨᠠᠭᠠᠴᠤ ᠶ᠋ᠢ
ᠬᠠᠷᠢᠶ᠎ᠠ ᠲᠠᠢ ᠦᠷᠡᠰ ᠴᠦ᠍ ᠣᠷᠭᠢᠵᠤᠬᠤᠢ᠃
ᠲᠣᠳᠣᠷᠬᠠᠢᠯᠠᠯᠲᠠ
ᠮᠡᠬᠦᠰ ᠮᠢᠨᠦ ᠪᠡᠶ᠎ᠡ ᠡᠬᠡ ᠪᠢᠴᠢᠭ ᠦ᠋ᠨ ᠣᠪᠣᠭᠠᠨ ᠠ᠋ᠴᠠ ᠶᠡᠬᠡ ᠵᠣᠬᠢᠶᠠᠯᠴᠢ ᠢᠨᠵᠠᠨᠨᠠᠰᠢ ᠶ᠋ᠢᠨ《< ᠬᠥᠬᠡ ᠰᠤᠳᠤᠷ > ᠤ᠋ᠨ ᠨᠥᠬᠥᠪᠥᠷᠢ ᠳᠡᠪᠲᠡᠷ》(ᠰᠣᠳᠣᠪᠢᠯᠢᠭ᠌ ᠪᠠᠭᠰᠢ ᠶ᠋ᠢᠨ ᠲᠤᠯᠭᠠᠨ ᠬᠠᠷᠭᠤᠭᠤᠯᠤᠭᠰᠠᠨ ) ᠬᠡᠮᠡᠬᠦ ᠡᠬᠡ ᠨᠣᠣᠷᠠᠭ ᠢ᠋ ᠣᠯᠤᠭᠠᠳ ᠬᠢᠷᠳ᠋ᠬᠢᠨ ᠰᠣᠴᠢᠵᠤ ᠠᠯᠠᠰᠬᠢᠨ ᠪᠠᠶᠠᠷᠯᠠᠭᠠᠳ ᠨᠣᠮ ᠬᠡᠪᠯᠡᠯ ᠦ᠋ᠨ ᠰᠡᠳᠦᠪ ᠲᠥᠯᠥᠪᠯᠡᠭᠡ ᠳ᠋ᠦ᠍ ᠭᠤᠶᠤᠳᠠᠯ ᠠᠢᠯᠠᠳᠬᠠᠵᠤ ᠵᠥᠪᠰᠢᠶᠡᠷᠡᠯ ᠣᠯᠤᠮᠠᠭᠴᠠ ᠬᠠᠷᠢᠭᠤᠴᠠᠭᠰᠠᠨ ᠨᠠᠢᠷᠠᠭᠤᠯᠤᠭᠴᠢ ᠶ᠋ᠢᠨ ᠠᠯᠪᠠ ᠭᠦᠢᠴᠡᠳᠬᠡᠭᠡᠳ ᠡᠳᠦᠭᠡ ᠬᠢᠨᠠᠬᠤ ᠪᠠ ᠬᠠᠷᠭᠤᠭᠤᠯᠬᠤ ᠠᠵᠢᠯ ᠢ᠋ ᠴᠢᠳᠠᠨ ᠶᠠᠳᠠᠨ ᠳᠠᠭᠤᠰᠬᠠᠭᠰᠠᠨ ᠴᠢᠯᠦᠭᠡᠨ᠎ᠡ ᠥᠨᠥ ᠮᠠᠷᠭᠠᠰᠢ ᠲᠤᠰ ᠨᠣᠮ ᠢ᠋ ᠤᠩᠰᠢᠨ ᠰᠣᠨᠢᠷᠬᠠᠬᠤ ᠤᠩᠰᠢᠭᠴᠢᠳ ᠵᠢᠴᠢ ᠰᠤᠳᠤᠯᠤᠨ ᠰᠢᠨᠵᠢᠯᠡᠬᠦ ᠡᠷᠳᠡᠮᠲᠡᠳ ᠲᠦ᠍ ᠵᠠᠷᠢᠮ ᠵᠦᠢᠯ ᠢ᠋ ᠲᠣᠳᠣᠷᠬᠠᠢᠯᠠᠮᠠᠷ ᠰᠠᠨᠠᠭᠳᠠᠨ᠎ᠠ :
ᠲᠤᠰ ᠨᠣᠮ ᠢ᠋ ᠬᠢᠨᠠᠵᠤ ᠬᠠᠷᠭᠤᠭᠤᠯᠬᠤ ᠳ᠋ᠠᠭᠠᠨ᠄ ᠨᠢᠭᠡ ᠳ᠋ᠦ᠍ ᠤᠭ ᠪᠦᠲᠦᠭᠡᠯ ᠳ᠋ᠦ᠍ ᠦᠨᠡᠨᠴᠢ ᠪᠠᠢᠬᠤ᠂ ᠬᠣᠶᠠᠷ ᠲᠤ᠌ ᠰᠣᠳᠣᠪᠢᠯᠢᠭ᠌ ᠪᠠᠭᠰᠢ ᠶ᠋ᠢᠨ ᠲᠤᠯᠭᠠᠨ ᠬᠠᠷᠭᠤᠭᠤᠯᠤᠭᠰᠠᠨ ᠡᠬᠡ ᠪᠢᠴᠢᠭ ᠲᠦ᠍ ᠦᠨᠡᠨᠴᠢ ᠪᠠᠢᠬᠤ ᠵᠠᠷᠴᠢᠮ ᠢ᠋ ᠴᠢᠩᠭ᠎ᠠ ᠪᠠᠷᠢᠮᠲᠠᠯᠠᠭᠰᠠᠨ ᠶᠤᠮ᠃ ᠶᠠᠭ ᠡᠢᠮᠦ ᠤᠴᠢᠷ ᠠ᠋ᠴᠠ ᠨᠣᠮ ᠳ᠋ᠤ᠌ ᠢᠯᠡᠷᠡᠬᠦ ᠬᠥᠮᠦᠨ ᠦ᠌ ᠨᠡᠷ᠎ᠡ᠂ ᠭᠠᠵᠠᠷ ᠤ᠋ᠨ ᠨᠡᠷ᠎ᠡ᠂ ᠣᠪᠣᠭ ᠠᠢᠮᠠᠭ ᠤ᠋ᠨ ᠨᠡᠷ᠎ᠡ ᠵᠡᠷᠭᠡ ᠶ᠋ᠢ ᠬᠠᠭᠤᠴᠢᠨ《ᠬᠥᠬᠡ ᠰᠤᠳᠤᠷ》 ᠲᠠᠢ ᠪᠢᠴᠢᠯᠭᠡ ᠶ᠋ᠢᠨ ᠵᠥᠷᠢᠶ᠎ᠡ ᠪᠠᠢᠭᠰᠠᠨ ᠴᠤ᠌ ᠡᠰᠡ ᠵᠠᠰᠠᠪᠠ᠃ ᠣᠢᠯᠭᠠᠮᠵᠢ ᠪᠠᠯᠠᠷᠬᠠᠢ ᠵᠠᠷᠢᠮ ᠬᠡᠰᠡᠭ ᠢ᠋ ᠴᠦ᠍ ᠲᠡᠷᠡ ᠬᠡᠪ ᠢ᠋ᠶ᠋ᠡᠷ ᠨᠢ ᠪᠠᠢᠯᠭᠠᠪᠠ᠃ ᠵᠠᠷᠢᠮ ᠬᠥᠰᠢᠭᠦᠨ ᠬᠡᠯᠡᠯᠭᠡ᠂ ᠨᠡᠢᠴᠡᠪᠦᠷᠢ ᠦᠭᠡᠢ ᠥᠭᠦᠯᠡᠪᠦᠷᠢ᠂ ᠡᠮᠵᠡᠭ ᠪᠦᠬᠦᠢ ᠨᠠᠢᠷᠠᠭᠤᠯᠭ᠎ᠠ ᠬᠢᠭᠡᠳ ᠲᠤᠬᠠᠢ ᠶ᠋ᠢᠨ ᠵᠠᠷᠢᠮ ᠲᠠᠰᠢᠶ᠎ᠠ ᠪᠢᠴᠢᠯᠭᠡ ᠶ᠋ᠢ ᠴᠦ᠍ ᠡᠰᠡ ᠵᠠᠰᠠᠪᠠ᠃ ᠡᠨᠡ ᠮᠡᠲᠦ ᠲᠣᠳᠣᠷᠬᠠᠢᠯᠠᠵᠤ ᠪᠠᠢᠬᠤ ᠶ᠋ᠢᠨ ᠵᠣᠷᠢᠯᠭ᠎ᠠ ᠨᠢ ᠨᠠᠢᠷᠠᠭᠤᠯᠭ᠎ᠠ ᠬᠠᠷᠭᠤᠭᠤᠯᠤᠭ᠎ᠠ ᠶ᠋ᠢᠨ ᠠᠯᠳᠠᠭ᠎ᠠ ᠲᠠᠰᠢᠶᠠᠨ ᠤ᠋ ᠬᠠᠷᠢᠭᠤᠴᠠᠯᠭ᠎ᠠ ᠶ᠋ᠢ ᠲᠦᠯᠬᠢᠵᠦ ᠪᠠᠢᠭ᠎ᠠ ᠤᠴᠢᠷ ᠣᠭᠲᠣ ᠪᠢᠰᠢ᠂ ᠬᠠᠷᠢᠨ ᠡᠬᠡ ᠪᠢᠴᠢᠭ ᠲᠦ᠍ ᠦᠨᠡᠨᠴᠢ᠂ ᠥᠪ ᠰᠣᠶᠣᠯ ᠳ᠋ᠠᠭᠠᠨ ᠰᠢᠳᠤᠷᠭᠤ ᠪᠠᠢᠬᠤ ᠶ᠋ᠢ ᠵᠣᠷᠢᠵᠤ ᠡᠷᠳᠡᠮᠲᠡᠨ ᠮᠡᠷᠭᠡᠳ ᠦ᠋ᠨ ᠰᠤᠳᠤᠯᠵᠤ ᠰᠢᠨᠵᠢᠯᠡᠬᠦ ᠳ᠋ᠦ᠍ ᠦᠨᠡᠨ ᠬᠦ᠌ ᠪᠣᠳᠠᠲᠤ ᠮᠠᠲ᠋ᠧᠷᠢᠶᠠᠯ ᠢ᠋ ᠭᠠᠷᠳᠠᠭᠤᠯᠬᠤ ᠶ᠋ᠢ ᠰᠠᠨᠠᠭᠰᠠᠨ ᠤᠴᠢᠷ ᠠᠵᠤᠭᠤ᠃ ᠦᠵᠡᠬᠦ ᠮᠡᠷᠭᠡᠳ᠂ ᠰᠤᠳᠤᠯᠬᠤ ᠰᠤᠳᠤᠷᠴᠢᠳ ᠤᠬᠠᠨ ᠮᠡᠳᠡᠷᠡᠵᠦ ᠭᠡᠭᠡᠨ ᠳ᠋ᠡᠭᠡᠨ ᠲᠣᠯᠢᠳᠠᠬᠤ ᠠᠵᠢᠶᠠᠮᠤ᠃
ᠬᠠᠷᠢᠭᠤᠴᠠᠭᠰᠠᠨ ᠨᠠᠢᠷᠠᠭᠤᠯᠤᠭᠴᠢ
