ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠵᠢᠷᠭᠤᠭ᠎ᠠ) Сэрүүхэн тал нутаг–<свис> Вальтер Босгард (Walter Bosshard)- Дөрөвдүгээр бөлөг 6
ᠵᠢᠷᠭᠤᠭ᠎ᠠ ᠂ ᠴᠢᠨᠣ᠎ᠠ ᠠᠩᠨᠠᠭᠰᠠᠨ ᠨᠢ
— ᠴᠢᠨᠣ᠎ᠠ ! ᠴᠢᠨᠣ᠎ᠠ ! ᠭᠡᠵᠦ ᠲᠡᠷᠡ ᠪᠦᠰᠡᠭᠦᠢ ᠥᠨᠳᠥᠷ ᠳᠠᠭᠤᠨ ᠢ᠋ᠶ᠋ᠠᠷ ᠪᠠᠷᠬᠢᠷᠠᠭᠠᠳ ᠭᠡᠷ ᠲᠦ᠍ ᠭᠦᠶᠦᠨ ᠣᠷᠣᠵᠤ ᠡᠪᠦᠭᠡᠨ ᠢ᠋ᠶ᠋ᠡᠨ ᠳᠠᠭᠤᠳᠠᠨ ᠰᠡᠷᠡᠭᠡᠪᠡ᠃ ᠡᠨᠡ ᠬᠦ᠌ ᠳᠠᠭᠤ ᠱᠤᠤᠭᠢᠶᠠᠨ ᠨᠢ ᠲᠣᠣᠷᠬᠠᠨ ᠢ᠋ᠶ᠋ᠠᠨ ᠬᠦᠷᠰᠢ ᠵᠡᠷᠭᠡᠯᠡᠳᠡᠭᠡ ᠶ᠋ᠢᠨ ᠬᠢᠨ ᠳ᠋ᠦ᠍ ᠳᠠᠮᠵᠢᠭᠳᠠᠨ ᠬᠦᠷᠴᠦ᠂ ᠨᠠᠮᠠᠶ᠋ᠢ ᠴᠤ᠌ ᠨᠣᠢᠷ ᠠ᠋ᠴᠠ ᠰᠡᠷᠡᠭᠡᠯ᠎ᠡ᠃
ᠨᠠᠮᠠᠶ᠋ᠢ ᠲᠡᠳᠡᠨ ᠦ᠌ ᠬᠢᠨ ᠳ᠋ᠦ᠍ ᠬᠦᠷᠬᠦ ᠳ᠋ᠦ᠍ ᠦᠷᠡᠳᠡᠨᠳᠡᠷ ᠪᠣᠯᠤᠨ ᠲᠡᠭᠦᠨ ᠦ᠌ ᠵᠠᠯᠬᠠᠭᠤ ᠡᠷ᠎ᠡ ᠭᠣᠮᠪᠣ (ᠵᠢᠷᠤᠭ 82) ᠬᠣᠶᠠᠭᠤᠯᠠ ᠪᠠᠨ ᠬᠣᠷᠢᠶᠠᠨ ᠠ᠋ᠴᠠ ᠬᠣᠨᠢᠨ ᠤ᠋ ᠦᠬᠦᠳᠡᠯ ᠦ᠋ᠳ ᠢ᠋ ᠳᠠᠮᠵᠢᠯᠠᠨ ᠵᠦᠯᠭᠡᠨ ᠳᠡᠭᠡᠷ᠎ᠡ ᠭᠠᠷᠭᠠᠵᠤ ᠪᠠᠢᠪᠠ᠃ ᠬᠣᠨᠢᠨ ᠰᠦᠷᠦᠭ ᠨᠢ ᠡᠪᠡᠰᠦ ᠢᠳᠡᠬᠦ ᠪᠡᠨ ᠴᠦ᠍ ᠮᠠᠷᠲᠠᠭᠰᠠᠨ ᠮᠡᠲᠦ ᠣᠢᠷᠠᠬᠠᠨ ᠲᠠᠯ᠎ᠠ ᠳᠡᠭᠡᠷ᠎ᠡ ᠪᠥᠭᠡᠮᠨᠡᠷᠡᠯᠳᠦᠨ ᠭᠦᠶᠦᠯᠳᠦᠬᠦ ᠪᠥᠭᠡᠳ ᠰᠠᠭᠠᠬᠠᠯᠲᠠ ᠨᠤᠭᠤᠳ ᠨᠢ ᠬᠣᠨᠢᠨ ᠤ᠋ ᠦᠬᠦᠳᠡᠯ ᠢ᠋ ᠬᠠᠷᠠᠨ ᠳᠠᠭᠤ ᠴᠢᠮᠡᠭᠡ ᠦᠭᠡᠢ ᠵᠣᠭᠰᠣᠵᠠᠭᠠᠵᠤ ᠪᠠᠢᠪᠠ᠃
ᠨᠠᠢ᠍ᠮᠠᠨ ᠬᠣᠨᠢ᠂ ᠠᠷᠪᠠᠨ ᠬᠣᠶᠠᠷ ᠬᠤᠷᠠᠭ᠎ᠠ ᠭᠡᠵᠦ ᠭᠣᠮᠪᠣ ᠲᠣᠭᠠᠯᠠᠭᠠᠳ ᠮᠠᠯᠠᠭᠠᠢ ᠪᠠᠨ ᠪᠠᠷᠠᠭᠤᠨ ᠲᠠᠢᠰᠢ ᠪᠠᠨ ᠬᠠᠵᠠᠢᠯᠭᠠᠨ ᠲᠠᠯᠪᠢᠵᠤ᠂ ᠡᠨᠡ ᠶᠡᠬᠡ ᠬᠣᠬᠢᠷᠠᠯ ᠢ᠋ᠶ᠋ᠠᠨ ᠬᠠᠷᠠᠵᠤ ᠵᠣᠭᠰᠣᠨ᠎ᠠ᠃ ᠦᠷᠡᠳᠡᠨᠳᠡᠷ ᠵᠦᠯᠭᠡᠨ ᠳᠡᠭᠡᠷ᠎ᠡ ᠰᠠᠭᠤᠵᠤ᠂ ᠦᠰᠦ ᠭᠡᠵᠢᠭᠡ ᠪᠡᠨ ᠵᠤᠮᠠᠭᠠᠨ ᠡᠢᠮᠦ ᠰᠠᠢᠬᠠᠨ ᠥᠷᠯᠥᠭᠡ ᠲᠡᠢ ᠵᠣᠬᠢᠴᠠᠮᠠᠷ ᠦᠭᠡᠢ ᠥᠨᠳᠥᠷ ᠳᠠᠭᠤᠨ ᠢ᠋ᠶ᠋ᠠᠷ ᠤᠬᠢᠯᠠᠬᠤ ᠠᠵᠢ᠃ ᠮᠢᠬ᠎ᠠ ᠴᠢᠰᠤᠨ ᠤ᠋ ᠦᠨᠦᠷ ᠠᠪᠤᠭᠰᠠᠨ ᠬᠣᠶᠠᠷ ᠨᠣᠬᠠᠢ ᠨᠢ ᠰᠡᠭᠦᠯ ᠢ᠋ᠶ᠋ᠡᠨ ᠰᠢᠷᠪᠠᠯᠵᠠᠭᠤᠯᠤᠨ ᠬᠦᠷᠴᠦ ᠢᠷᠡᠬᠦ ᠳ᠋ᠦ᠍ ᠦᠷᠡᠳᠡᠨᠳᠡᠷ ᠬᠢᠯᠢᠩ ᠪᠠᠳᠠᠷᠠᠭᠤᠯᠤᠨ ᠴᠢᠯᠠᠭᠤ ᠰᠢᠭᠦᠷᠡᠵᠦ ᠲᠡᠳᠡᠨ ᠤᠷᠤᠭᠤ ᠴᠢᠯᠠᠭᠤᠳᠠᠭᠠᠳ᠄
— ᠶᠠᠭᠤᠨ ᠤ᠋ ᠲᠥᠯᠥᠭᠡ ᠪᠢ ᠲᠠ ᠨᠠᠷ ᠢ᠋ ᠲᠡᠵᠢᠭᠡᠵᠦ ᠪᠠᠢᠨ᠎ᠠ? ᠮᠠᠭᠤ ᠰᠠᠢᠨ ᠠᠮᠢᠲᠠᠳ! ᠵᠥᠪᠬᠡᠨ ᠭᠤᠲᠤᠷᠠᠬᠤ ᠪᠣᠯᠤᠨ ᠵᠠᠯᠬᠠᠭᠤᠷᠠᠬᠤ ᠶ᠋ᠢ ᠯᠡ ᠮᠡᠳᠡᠨ᠎ᠡ᠂ ᠰᠥᠨᠢ ᠲᠠ ᠨᠠᠷ ᠮᠠᠨᠠᠬᠤ ᠶ᠋ᠢᠨ ᠣᠷᠣᠨ ᠳ᠋ᠤ᠌ ᠵᠠᠯᠬᠠᠭᠤᠷᠠᠨ ᠤᠨᠲᠠᠵᠤ ᠪᠠᠢᠭᠰᠠᠨ ᠪᠢᠵᠡ? ᠦᠬᠦᠭᠰᠡᠨ ᠠᠮᠢᠲᠠᠳ! ᠭᠡᠮᠡᠨ ᠬᠠᠷᠢᠶᠠᠯ ᠲᠠᠯᠪᠢᠬᠤ ᠳ᠋ᠤ᠌ ᠬᠣᠶᠠᠷ ᠨᠣᠬᠠᠢ ᠨᠢ ᠰᠡᠭᠦᠯ ᠢ᠋ᠶ᠋ᠡᠨ ᠬᠠᠪᠴᠢᠨ ᠭᠡᠷ ᠦ᠋ᠨ ᠠᠷᠤ ᠪᠠᠷ ᠣᠷᠣᠭᠠᠳ ᠶᠡᠬᠡ ᠤᠳᠠᠭᠠᠨ ᠭᠠᠷᠴᠤ ᠢᠷᠡᠭᠰᠡᠨ ᠦᠭᠡᠢ ᠪᠢᠯᠡ᠃
ᠬᠠᠷᠠᠵᠤ ᠪᠠᠢᠭᠰᠠᠨ ᠬᠥᠮᠦᠰ ᠨᠣᠢᠷ ᠠ᠋ᠴᠠ ᠪᠠᠨ ᠰᠡᠷᠡᠭᠰᠡᠨ ᠮᠡᠲᠦ ᠪᠣᠯᠵᠤ᠂ ᠰᠥᠨᠢ ᠶ᠋ᠢᠨ ᠭᠠᠢ ᠭᠠᠮᠰᠢᠭ ᠵᠢᠴᠢ ᠨᠣᠬᠠᠳ ᠤ᠋ᠨ ᠠᠵᠢᠭ ᠠᠪᠤᠭᠰᠠᠨ ᠦᠭᠡᠢ ᠶ᠋ᠢᠨ ᠲᠤᠬᠠᠢ ᠬᠠᠯᠠᠭᠤᠨ ᠲᠠᠢ ᠶᠠᠷᠢᠯᠴᠠᠵᠤ ᠡᠬᠢᠯᠡᠪᠡ᠃
— ᠡᠨᠡᠭᠦᠷ ᠯᠡ ᠰᠢᠷᠭᠤᠵᠤ ᠣᠷᠣᠵᠠᠢ ᠭᠡᠵᠦ ᠴᠠᠭᠠᠨᠲᠠᠮᠡᠭᠡ ᠡᠪᠦᠭᠡᠨ ᠬᠠᠰᠢᠶᠠᠨ ᠳᠡᠭᠡᠷ᠎ᠡ ᠡᠴᠡ ᠨᠢᠭᠡ ᠣᠷᠢᠶᠠᠮᠠᠭ ᠤᠩᠭᠠᠰᠤ ᠲᠡᠭᠦᠵᠦ ᠠᠪᠬᠤ ᠵᠠᠭᠤᠷ᠎ᠠ ᠬᠡᠯᠡᠭᠰᠡᠨ ᠢ᠋ᠶ᠋ᠡᠨ ᠵᠠᠯᠭᠠᠵᠤ᠄
— ᠰᠥᠨᠢ ᠶ᠋ᠢᠨ ᠰᠠᠯᠬᠢᠨ ᠪᠠᠷᠠᠭᠤᠨ ᠠ᠋ᠴᠠ ᠰᠠᠯᠬᠢᠯᠠᠵᠤ ᠪᠠᠢᠭᠰᠠᠨ ᠲᠤᠯᠠ ᠨᠣᠬᠠᠳ ᠭᠡᠷ ᠦ᠋ᠨ ᠡᠮᠦᠨ᠎ᠡ ᠬᠡᠪᠲᠡᠵᠦ ᠪᠠᠢᠭᠰᠠᠨ ᠪᠣᠯ ᠲᠡᠳᠡᠨ ᠢ᠋ ᠣᠯᠵᠤ ᠦᠵᠡᠵᠦ ᠳᠡᠢᠯᠬᠦ ᠦᠭᠡᠢ ᠪᠥᠭᠡᠳ ᠦᠨᠦᠷᠲᠦᠵᠦ ᠴᠦ᠍ ᠳᠡᠢᠯᠬᠦ ᠦᠭᠡᠢ ᠶᠦᠮ ᠭᠡᠮᠡᠨ ᠬᠠᠰᠢᠷ ᠰᠤᠷᠮᠠᠭᠠᠢ ᠪᠠᠷ ᠶᠠᠷᠢᠯ᠎ᠠ᠃
— ᠰᠥᠨᠢ ᠶ᠋ᠢᠨ ᠰᠠᠯᠬᠢᠨ? ᠬᠠ ᠬᠠ ᠬᠠ! ᠪᠢ ᠴᠦ᠍ ᠰᠥᠨᠢ ᠶ᠋ᠢᠨ ᠰᠠᠯᠬᠢᠨ ᠢ᠋ ᠮᠡᠳᠡᠨ᠎ᠡ ᠰᠢᠦ ᠳᠡ ᠭᠡᠮᠡᠨ ᠦᠷᠡᠳᠡᠨᠳᠡᠷ ᠭᠠᠰᠢᠭᠤᠳᠠᠨ ᠢᠨᠢᠶᠡᠭᠡᠳ ᠡᠨᠡ ᠭᠠᠢ ᠠ᠋ᠴᠠ ᠪᠣᠯᠵᠤ ᠮᠠᠭᠤ ᠠᠮᠢᠳᠤᠷᠠᠯ ᠡᠳ᠋ᠯᠡᠬᠦ ᠪᠣᠯᠤᠭᠰᠠᠨ ᠮᠡᠲᠦ ᠬᠣᠨᠢᠨ ᠦᠬᠦᠳᠡᠯ ᠢ᠋ᠶ᠋ᠡᠨ ᠲᠦᠯᠬᠢᠨ ᠬᠥᠳᠡᠯᠭᠡᠨ᠎ᠡ᠃
ᠨᠡᠯᠢᠶᠡᠳ ᠤᠳᠠᠭᠰᠠᠨ ᠤ᠋ ᠳᠠᠷᠠᠭ᠎ᠠ ᠬᠥᠮᠦᠰ ᠪᠤᠴᠠᠵᠠᠭᠠᠪᠠ᠃ ᠡᠷᠡᠴᠦᠦᠯ ᠭᠡᠷ ᠲᠡᠭᠡᠨ ᠣᠷᠣᠵᠤ ᠦᠷᠭᠦᠯᠵᠢᠯᠡᠨ ᠤᠨᠲᠠᠵᠠᠭᠠᠵᠤ᠂ ᠪᠦᠰᠡᠭᠦᠢᠴᠦᠦᠯ ᠨᠢ ᠬᠣᠨᠢᠨ ᠤ᠋ ᠬᠠᠰᠢᠶᠠᠨ ᠳ᠋ᠠᠭᠠᠨ ᠬᠦᠷᠴᠦ ᠬᠣᠨᠢᠳ ᠢ᠋ᠶ᠋ᠠᠨ ᠪᠦᠷᠢᠳᠬᠡᠨ᠂ ᠬᠠᠰᠢᠶᠠᠨ ᠤ᠋ ᠪᠠᠨ ᠡᠪᠳᠡᠷᠡᠵᠦ ᠪᠠᠯᠪᠠᠷᠠᠭᠰᠠᠨ ᠬᠡᠰᠡᠭ ᠲᠦ᠍ ᠮᠣᠳᠣᠨ ᠰᠠᠯᠠᠭ᠎ᠠ ᠰᠦᠯᠵᠢᠨ ᠪᠠᠲᠤᠳᠬᠠᠵᠤ ᠪᠠᠢᠪᠠ᠃
ᠮᠥᠨ ᠡᠳᠦᠷ ᠦ᠋ᠨ ᠦᠳᠡ ᠶ᠋ᠢᠨ ᠡᠮᠦᠨ᠎ᠡ ᠨᠢ ᠷᠠᠰᠢ ᠨᠠᠳᠠ ᠳᠡᠭᠡᠷ᠎ᠡ ᠢᠷᠡᠪᠡ᠃ ᠲᠡᠭᠦᠨ ᠦ᠌ ᠲᠦᠷᠦᠭᠦᠴᠢ ᠶ᠋ᠢᠨ ᠤᠳᠠᠭ᠎ᠠ ᠶᠠᠪᠤᠬᠤ ᠦᠶ᠎ᠡ ᠶ᠋ᠢᠨ ᠠᠭᠤᠷ ᠪᠤᠬᠢᠨᠢᠳᠤᠯ ᠨᠢ ᠴᠢᠷᠠ᠊ᠢ ᠠ᠋ᠴᠠ ᠨᠢ ᠨᠢᠭᠡᠨᠲᠡ ᠠᠷᠴᠢᠭᠳᠠᠨ᠂ ᠮᠥᠨ ᠯᠡ ᠪᠠᠶᠠᠷ ᠬᠥᠭᠵᠢᠯᠲᠡᠢ ᠪᠣᠯᠤᠭᠰᠠᠨ ᠪᠠᠢᠯ᠎ᠠ᠃ ᠪᠢ ᠲᠡᠭᠦᠨ ᠳ᠋ᠦ᠍ ᠴᠢᠨᠣ᠎ᠠ ᠶ᠋ᠢᠨ ᠭᠠᠢ ᠭᠠᠮᠰᠢᠭ ᠤ᠋ᠨ ᠲᠤᠬᠠᠢ ᠶᠠᠷᠢᠵᠤ ᠥᠭᠪᠡ᠃
— ᠡᠢᠮᠦ ᠰᠠᠢᠨ ᠪᠡᠬᠢᠯᠡᠭᠰᠡᠨ ᠬᠣᠲᠠᠨ ᠳ᠋ᠤ᠌ ᠴᠢᠮᠡᠭᠡ ᠠᠨᠢᠷ ᠭᠠᠷᠭᠠᠯ ᠦᠭᠡᠢ ᠣᠷᠣᠵᠤ ᠢᠷᠡᠵᠦ ᠪᠠᠢᠭ᠎ᠠ ᠨᠢ ᠰᠠᠢᠨ ᠤᠴᠢᠷ ᠪᠢᠰᠢ ᠳᠡ ᠭᠡᠵᠦ ᠷᠠᠰᠢ ᠶᠠᠷᠢᠭᠠᠳ ᠭᠣᠮᠪᠣ ᠶ᠋ᠢᠨ ᠳ᠋ᠦ᠍ ᠬᠦᠷᠴᠦ ᠶᠡᠬᠡ ᠤᠳᠠᠭᠠᠨ ᠶᠠᠷᠢᠯᠳᠤᠪᠠ᠃
ᠲᠡᠷᠡ ᠪᠤᠴᠠᠵᠤ ᠢᠷᠡᠭᠰᠡᠨ ᠦ᠌ ᠪᠡᠨ ᠳᠠᠷᠠᠭ᠎ᠠ ᠨᠠᠳᠠ ᠠ᠋ᠴᠠ ᠶᠡᠬᠡ ᠨᠢᠭᠤᠴᠠᠭᠠᠢ ᠪᠠᠷ᠄
— ᠦᠷᠡᠳᠡᠨᠳᠡᠷ ᠶᠠᠭᠤ ᠭᠡᠵᠦ ᠶᠠᠷᠢᠵᠤ ᠪᠠᠢᠭ᠎ᠠ ᠶ᠋ᠢ ᠴᠢ ᠰᠣᠨᠣᠰᠤᠭᠰᠠᠨ ᠤᠤ? ᠭᠡᠵᠦ ᠠᠰᠠᠭᠤᠯ᠎ᠠ᠃ ᠪᠢ ᠲᠡᠭᠦᠨ ᠢ᠋ ᠰᠢᠷᠲᠡᠨ ᠲᠣᠯᠣᠭᠠᠢ ᠪᠠᠨ ᠰᠠᠵᠢᠯᠠᠬᠤ ᠳ᠋ᠤ᠌ ᠲᠡᠷᠡ᠄
— ᠲᠡᠭᠦᠨ ᠦ᠌ ᠶᠠᠷᠢᠬᠤ ᠪᠠᠷ ᠷᠦᠭᠵᠢᠳᠮᠡ ᠶ᠋ᠢᠨ ᠰᠦᠨᠡᠰᠦ ᠢᠷᠡᠵᠦ ᠳᠦᠢᠪᠡᠭᠡᠵᠦ ᠪᠠᠢᠭ᠎ᠠ ᠭᠡᠨ᠎ᠡ᠃ ᠡᠨᠡ ᠬᠣᠶᠠᠷ ᠪᠦᠰᠡᠭᠦᠢ ᠬᠣᠭᠣᠷᠣᠨᠳᠣ ᠪᠠᠨ ᠲᠠᠩᠳᠠ ᠬᠡᠷᠡᠭᠦᠯ ᠬᠢᠳᠡᠭ᠃ ᠶᠠᠨᠰᠠᠨ ᠤ᠋ ᠡᠵᠡᠭᠦᠢ ᠳ᠋ᠦ᠍ ᠦᠷᠡᠳᠡᠨᠳᠡᠷ ᠬᠣᠨᠢᠨ ᠳ᠋ᠤ᠌ ᠶᠠᠪᠤᠭᠰᠠᠨ ᠤ᠋ ᠬᠣᠢᠨ᠎ᠠ ᠭᠣᠮᠪᠣ ᠵᠥᠩᠳᠡᠭᠡᠨ ᠷᠦᠭᠵᠢᠳᠮᠡ ᠶ᠋ᠢᠨ ᠳ᠋ᠦ᠍ ᠪᠠᠢᠵᠤ ᠪᠠᠢᠳᠠᠭ᠃ ᠪᠠᠷᠤᠭ ᠯᠠ ᠡᠨᠡ ᠤᠴᠢᠷ ᠠ᠋ᠴᠠ ᠪᠣᠯᠵᠤ ᠡᠳᠡ ᠬᠣᠶᠠᠷ ᠮᠠᠭᠤᠳᠠᠯᠴᠠᠭᠰᠠᠨ ᠪᠠᠢᠬ᠎ᠠ᠂ ᠨᠢᠭᠡ ᠡᠳᠦᠷ ᠦᠷᠡᠳᠡᠨᠳᠡᠷ ᠬᠣᠨᠢᠨ ᠠ᠋ᠴᠠ ᠪᠠᠨ ᠡᠷᠲᠡ ᠰᠢᠭ ᠬᠠᠷᠢᠵᠤ ᠢᠷᠡᠭᠡᠳ ᠭᠣᠮᠪᠣ ᠶ᠋ᠢ ᠲᠡᠭᠦᠨ ᠦ᠌ ᠨᠢᠭᠤᠴᠠ ᠠᠮᠠᠷᠠᠭ ᠤ᠋ᠨ ᠬᠢ ᠡᠴᠡ ᠨᠢ ᠬᠠᠷᠢᠶᠠᠨ ᠪᠠᠢᠵᠤ ᠠᠪᠴᠤ ᠬᠠᠷᠢᠭᠰᠠᠨ ᠶᠤᠮ᠃ ᠪᠢ ᠴᠢᠮ᠎ᠠ ᠳ᠋ᠤ᠌ ᠷᠦᠭᠵᠢᠳᠮᠡ ᠪᠣᠯ ᠶᠠᠯ᠎ᠠ ᠬᠢᠯᠢᠨᠴᠡ ᠲᠡᠢ ᠪᠦᠰᠡᠭᠦᠢ ᠮᠥᠨ ᠭᠡᠵᠦ ᠶᠠᠷᠢᠵᠤ ᠪᠠᠢᠭᠰᠠᠨ ᠪᠢᠵᠡ ᠳᠡ? ᠭᠡᠯᠡ᠃
— ᠨᠥᠭᠦᠭᠡ ᠶᠢᠷᠲᠢᠨᠴᠦ ᠳ᠋ᠦ᠍ ᠶᠠᠪᠤᠭᠰᠠᠨ ᠬᠥᠮᠦᠨ ᠢ᠋ ᠪᠢᠳᠡ ᠠᠮᠤᠷ ᠪᠠᠢᠯᠭᠠᠵᠤ ᠪᠣᠯᠬᠤ ᠦᠭᠡᠢ ᠤᠤ? ᠭᠡᠵᠦ ᠨᠠᠮᠠᠶ᠋ᠢ ᠶᠠᠷᠢᠬᠤ ᠳ᠋ᠤ᠌ ᠷᠠᠰᠢ᠄
— ᠲᠡᠭᠦᠨ ᠦ᠌ ᠪᠡᠶ᠎ᠡ ᠨᠢ ᠦᠬᠦᠭᠰᠡᠨ ᠡᠴᠡ ᠪᠢᠰᠢ ᠰᠦᠨᠡᠰᠦ ᠨᠢ ᠠᠳᠠ ᠡᠷᠭᠢᠴᠡᠵᠦ ᠪᠠᠢᠭ᠎ᠠ᠃ ᠦᠷᠡᠳᠡᠨᠳᠡᠷ ᠬᠡᠯᠡᠵᠦ ᠪᠠᠢᠭ᠎ᠠ ᠨᠢ ᠦᠨᠡᠨ ᠪᠠᠢᠵᠤ ᠮᠠᠭᠠᠳ ᠦᠭᠡᠢ᠃ ᠬᠡᠷᠪᠡ ᠷᠦᠭᠵᠢᠳᠮᠡ ᠨᠣᠬᠠᠳ ᠢ᠋ ᠨᠣᠮᠣᠬᠠᠷᠠᠭᠤᠯᠤᠭᠰᠠᠨ ᠦᠭᠡᠢ ᠶᠦ᠍ᠮ ᠪᠣᠯ ᠶᠠᠭᠠᠬᠢᠭᠠᠳ ᠲᠡᠳᠡᠨ ᠦ᠌ ᠬᠣᠲᠠᠨ ᠳ᠋ᠤ᠌ ᠴᠢᠨᠣ᠎ᠠ ᠣᠷᠣᠵᠤ᠂ ᠬᠣᠷᠢᠨ ᠬᠣᠨᠢᠨ ᠤ᠋ ᠬᠢᠨᠢ ᠪᠠᠭᠠᠯᠵᠠᠭᠤᠷ ᠢ᠋ ᠲᠠᠰᠤᠯᠴᠢᠬᠠᠳᠠᠭ ᠪᠢᠯᠡ ? ᠦᠷᠡᠳᠡᠨᠳᠡᠷ ᠬᠥᠷᠰᠢ ᠠᠢᠯ ᠠ᠋ᠴᠠ ᠢᠷᠡᠵᠦ ᠪᠠᠢᠭ᠎ᠠ ᠰᠦᠷᠳᠡᠭᠦᠯᠦᠯ ᠢ᠋ ᠣᠳᠣ ᠪᠣᠯᠲᠠᠯ᠎ᠠ ᠮᠠᠷᠲᠠᠭ᠎ᠠ ᠦᠭᠡᠢ ᠪᠠᠢᠭᠰᠠᠭᠠᠷ ᠭᠡᠯᠡ᠃
ᠷᠠᠰᠢ ᠰᠥᠨᠢ ᠶ᠋ᠢᠨ ᠭᠠᠢ ᠭᠠᠮᠰᠢᠭ ᠤ᠋ᠨ ᠲᠤᠬᠠᠢ ᠶᠡᠬᠡ ᠤᠳᠠᠭᠠᠨ ᠶᠠᠷᠢᠭᠰᠠᠨ ᠪᠥᠭᠡᠳ ᠡᠴᠦᠰ ᠲᠦ᠋ᠨᠢ ᠪᠦᠬᠦ ᠬᠠᠷᠢᠭᠤᠴᠠᠯᠭ᠎ᠠ ᠶ᠋ᠢ ᠷᠦᠭᠵᠢᠳᠮᠡ ᠳ᠋ᠦ᠍ ᠨᠥᠮᠥᠷᠭᠡᠨ ᠥᠭᠭᠦᠭᠡᠳ ᠰᠠᠨᠠᠭ᠎ᠠ ᠨᠢ ᠠᠮᠠᠷᠠᠪᠠ᠃ ᠲᠡᠭᠡᠭᠡᠳ ᠴᠠᠭᠠᠰᠢ ᠨᠢ ᠪᠠᠰᠠ ᠬᠣᠯᠪᠣᠨ ᠰᠡᠳᠬᠢᠵᠦ᠂ ᠡᠨᠡ ᠠᠵᠢᠯᠯᠠᠭ᠎ᠠ ᠶ᠋ᠢᠨ ᠶᠠᠪᠤᠭᠳᠠᠭᠰᠠᠨ ᠶᠠᠪᠤᠴᠠ ᠶ᠋ᠢ ᠬᠦᠷᠲᠡᠯ᠎ᠡ ᠲᠠᠭᠠᠮᠠᠭᠯᠠᠨ ᠭᠠᠷᠭᠠᠵᠤ᠄
— ᠦᠷᠡᠳᠡᠨᠳᠡᠷ ᠦ᠋ᠨ ᠵᠣᠪᠠᠨ ᠭᠠᠰᠠᠯᠬᠤ ᠳᠠᠭᠤᠨ ᠢ᠋ ᠰᠣᠨᠣᠰᠬᠤ ᠭᠡᠵᠦ ᠲᠡᠭᠦᠨ ᠦ᠌ ᠰᠦᠨᠡᠰᠦ ᠥᠷᠯᠥᠭᠡ ᠨᠠᠷᠠ ᠭᠠᠷᠬᠤ ᠠ᠋ᠴᠠ ᠡᠮᠦᠨᠡᠬᠡᠨ ᠪᠣᠯᠲᠠᠯ᠎ᠠ ᠲᠡᠨᠳᠡ ᠡᠷᠭᠢᠴᠡᠵᠦ ᠪᠠᠢᠭᠰᠠᠨ ᠨᠢ ᠯᠠᠪᠲᠠᠢ ᠭᠡᠯᠡ᠃
— ᠣᠳᠣ ᠲᠡᠭᠡᠭᠡᠳ ᠶᠠᠭᠠᠬᠢᠨ᠎ᠠ ?
— ᠪᠢᠳᠡ ᠵᠠᠪᠠᠯ ᠴᠢᠨᠣ᠎ᠠ ᠠᠩᠨᠠᠬᠤ ᠬᠡᠷᠡᠭᠲᠡᠢ ᠪᠣᠯᠵᠠᠢ᠃ ᠠᠢᠯ ᠤ᠋ᠨ ᠬᠥᠮᠦᠰ ᠨᠢᠭᠡᠨᠲᠡ ᠵᠡᠪᠰᠡᠭᠯᠡᠵᠡᠭᠡᠵᠦ᠂ ᠵᠠᠷᠢᠮ ᠨᠢ ᠥᠨᠥᠳᠥᠷ ᠤᠨᠠᠭᠤᠯᠢ ᠮᠠᠯᠲᠠᠵᠤ ᠪᠠᠢᠭ᠎ᠠ᠃
— ᠴᠢ ᠴᠦ᠍ ᠲᠡᠳᠡᠨ ᠲᠡᠢ ᠴᠣᠭ ᠬᠦᠷᠬᠦ ᠤᠤ ?
— ᠳᠡᠭᠡᠯ ᠦᠭᠡᠢ ᠶᠠᠭᠠᠬᠢᠬᠤ ᠪᠣᠢ ! ᠴᠢᠨᠣ᠎ᠠ ᠠᠩᠨᠠᠬᠤ ᠳ᠋ᠤ᠌ ᠮᠣᠩᠭᠣᠯᠴᠤᠳ ᠴᠥᠮ ᠣᠷᠣᠯᠴᠠᠳᠠᠭ ᠶᠤᠮ᠃
— ᠲᠡᠭᠡᠭᠡᠳ ᠪᠢ ?
— ᠴᠢ ᠦᠵᠡᠵᠦ ᠪᠣᠯᠤᠨ᠎ᠠ ᠠ᠋ ! ᠭᠡᠬᠦ ᠳ᠋ᠦ᠍ ᠴᠢᠨᠦ ᠲᠡᠷᠡ ᠬᠠᠷᠮᠠᠨ ᠫᠤᠤ ᠪᠠᠷ ᠨᠢᠭᠡ ᠶᠡᠬᠡ ᠣᠨᠣᠭᠠᠬᠤ ᠦᠭᠡᠢ ᠪᠠᠢᠭ᠎ᠠ ᠳᠠ ᠭᠡᠯᠡ᠃ ᠮᠢᠨᠦ ᠡᠷᠬᠢᠪᠴᠢᠲᠦ ᠭᠠᠷ ᠫᠤᠤ ᠶ᠋ᠢ ᠲᠡᠷᠡ ᠬᠡᠵᠢᠶᠡᠳᠡ ᠢᠩᠭᠢᠵᠦ ᠨᠡᠷᠡᠯᠡᠳᠡᠭ᠃ ᠠᠩ ᠤ᠋ᠨ ᠪᠡᠯᠡᠳᠬᠡᠯ ᠦᠳᠡ ᠶ᠋ᠢᠨ ᠬᠣᠢᠨ᠎ᠠ ᠪᠣᠯᠲᠠᠯ᠎ᠠ ᠦᠷᠭᠦᠯᠵᠢᠯᠡᠵᠦ᠂ ᠭᠣᠮᠪᠣ᠂ ᠳᠠᠮᠴᠣᠭ᠂ ᠴᠠᠭᠠᠨᠲᠡᠮᠡᠭᠡ᠂ ᠨᠠᠢᠳᠠᠨ ᠨᠠᠷ ᠥᠪᠡᠷ ᠥᠪᠡᠷ ᠦ᠋ᠨ ᠵᠡᠪᠰᠡᠭ ᠢ᠋ᠶ᠋ᠡᠨ ᠠᠪᠳᠠᠷ᠎ᠠ ᠠ᠋ᠴᠠ ᠪᠠᠨ ᠭᠠᠷᠭᠠᠨ᠂ ᠰᠠᠢᠲᠤᠷ ᠳᠤᠰᠤᠯᠠᠵᠤ ᠲᠠᠯᠪᠢᠪᠠ᠃ ᠴᠠᠭᠠᠨᠲᠠᠮᠡᠭᠡ ᠨᠠᠳᠠ ᠳ᠋ᠤ᠌ ᠡᠪᠦᠭᠡ ᠠᠪᠤ ᠶ᠋ᠢᠨ ᠢ᠋ᠶ᠋ᠡᠨ ᠪᠠᠭᠠᠪᠠᠭᠠᠢ ᠤᠨᠠᠭᠠᠵᠤ ᠪᠠᠢᠭᠰᠠᠨ ᠱᠠᠩᠰᠢ ᠫᠤᠤ ᠪᠠᠨ ᠦᠵᠡᠭᠦᠯᠵᠦ᠄
— ᠰᠤᠮᠤ ᠪᠣᠯᠭᠠᠨ ᠨᠢ ᠣᠨᠣᠭᠠᠳᠠᠭ ᠰᠢᠦ ᠭᠡᠵᠦ ᠪᠠᠷᠳᠠᠮᠨᠠᠨ ᠬᠡᠯᠡᠯ᠎ᠡ᠃
— ᠲᠡᠢᠮᠦ ᠳᠡ᠂ ᠬᠠᠶᠠ ᠪᠠᠰᠠ ᠭᠠᠵᠠᠷ ᠣᠨᠣᠭᠠᠳᠠᠭ ᠰᠢᠦ ᠭᠡᠵᠦ ᠪᠢ ᠢᠨᠢᠶᠡᠨ ᠬᠡᠯᠡᠪᠡ᠃
ᠴᠠᠭᠠᠨᠲᠡᠮᠡᠭᠡ ᠫᠤᠤ ᠪᠠᠨ ᠪᠠᠭᠤᠯᠭᠠᠬᠤ ᠶ᠋ᠢᠨ ᠵᠡᠷᠭᠡ ᠣᠢᠷ᠎ᠠ ᠪᠠᠢᠭ᠎ᠠ ᠬᠥᠮᠦᠰ ᠢ᠋ ᠬᠡᠯᠡᠭᠰᠡᠨ ᠦᠭᠡ ᠨᠢ ᠵᠥᠪ ᠪᠣᠯᠬᠤ ᠶ᠋ᠢ ᠭᠡᠷᠡᠴᠢᠯᠡᠭᠦᠯᠬᠦ ᠭᠡᠮᠡᠨ ᠳᠠᠭᠤᠳᠠᠪᠠ᠃ ᠭᠡᠬᠦ ᠳ᠋ᠦ᠍ ᠲᠡᠳᠡᠭᠡᠷ ᠬᠥᠮᠦᠰ ᠥᠪᠡᠷ ᠦ᠋ᠨ ᠵᠡᠪᠰᠡᠭ ᠲᠡᠢ ᠪᠡᠨ ᠤᠷᠤᠯᠳᠤᠨ ᠲᠡᠭᠦᠨ ᠦ᠌ ᠪᠠᠷᠳᠠᠮᠨᠠᠨ ᠶᠠᠷᠢᠬᠤ ᠶ᠋ᠢ ᠥᠴᠦᠬᠡᠨ ᠴᠦ᠍ ᠦᠯᠦ ᠠᠩᠵᠠᠭᠠᠷᠠᠬᠤ ᠠᠵᠢ᠃ ᠲᠡᠳᠡ ᠳᠠᠷᠢ ᠰᠤᠮᠤ ᠰᠠᠪᠠᠯᠠᠭᠰᠠᠨ ᠫᠤᠤ ᠪᠠᠨ ᠰᠢᠯᠭᠠᠨ ᠦᠵᠡᠵᠡᠭᠡᠵᠦ ᠪᠠᠢᠪᠠ᠃
ᠳᠠᠷᠢ ᠰᠤᠮᠤ ᠶ᠋ᠢ ᠲᠡᠳᠡ ᠬᠢᠲᠠᠳ ᠠ᠋ᠴᠠ ᠬᠤᠳᠠᠯᠳᠤᠨ ᠠᠪᠳᠠᠭ ᠪᠥᠭᠡᠳ ᠮᠣᠩᠭᠣᠯᠴᠤᠳ ᠬᠥᠮᠦᠨ ᠪᠣᠯᠭᠠᠨ ᠵᠠᠯᠠᠭᠤ ᠨᠠᠰᠤᠨ ᠠ᠋ᠴᠠ ᠪᠠᠨ ᠳᠠᠷᠢ ᠰᠤᠮᠤ ᠪᠠᠨ ᠰᠠᠪᠠᠯᠠᠵᠤ ᠴᠢᠳᠠᠳᠠᠭ ᠶᠤᠮ᠃ ᠭᠠᠤᠯᠢᠨ ᠰᠤᠮᠤᠨ ᠤ᠋ ᠬᠣᠩᠬᠢᠶ᠎ᠠ ᠶ᠋ᠢ ᠲᠠᠯ᠎ᠠ ᠨᠤᠲᠤᠭ ᠲᠤ᠌ ᠦᠢᠯᠡᠳᠪᠦᠷᠢᠯᠡᠵᠦ ᠳᠡᠢᠯᠳᠡᠭ ᠦᠭᠡᠢ ᠲᠤᠯᠠ ᠲᠡᠳᠡ ᠡᠭᠦᠨ ᠢ᠋ᠶ᠋ᠡᠨ ᠶᠡᠬᠡᠳᠡ ᠡᠷᠬᠢᠮᠯᠡᠨ ᠬᠣᠷᠢᠶᠠᠨ ᠲᠠᠯᠪᠢᠬᠤ ᠠᠵᠢ᠃
ᠭᠣᠮᠪᠣ ᠰᠠᠷ᠎ᠠ ᠶ᠋ᠢᠨ ᠡᠮᠦᠨ᠎ᠡ ᠴᠢᠭᠤᠯᠤᠯᠲᠤ ᠬᠠᠭᠠᠯᠭ᠎ᠠ ᠳ᠋ᠤ᠌ ᠨᠢᠭᠡ ᠬᠢᠲᠠᠳ ᠴᠡᠷᠢᠭ ᠡᠴᠡ ᠣᠯᠠᠨ ᠰᠤᠮᠤ ᠬᠤᠳᠠᠯᠳᠤᠨ ᠠᠪᠤᠭᠰᠠᠨ ᠪᠣᠯᠪᠠᠴᠤ ᠬᠠᠷᠠᠮᠰᠠᠯᠲᠠᠢ ᠨᠢ ᠲᠡᠭᠦᠨ ᠦ᠌ ᠫᠤᠤ ᠳ᠋ᠤ᠌ ᠲᠡᠳᠡᠭᠡᠷ ᠰᠤᠮᠤ ᠨᠢ ᠲᠠᠭᠠᠷᠠᠬᠤ ᠦᠭᠡᠢ ᠪᠠᠢᠪᠠ᠃ ᠶᠡᠬᠡ ᠤᠳᠠᠭᠠᠨ ᠶᠠᠷᠢᠯᠴᠠᠭᠠᠨ ᠢ᠋ᠶ᠋ᠠᠷ ᠳᠠᠮᠵᠢᠨ ᠲᠡᠭᠦᠨ ᠢ᠋ ᠨᠠᠢᠳᠠᠨ ᠳ᠋ᠤ᠌ ᠬᠡᠷᠡᠭᠯᠡᠭᠦᠯᠬᠦ ᠪᠡᠷ ᠪᠣᠯᠪᠠ᠃
— ᠬᠡᠷᠪᠡ ᠴᠢ ᠴᠢᠨᠣ᠎ᠠ ᠤᠨᠠᠭᠠᠬᠤ ᠳ᠋ᠤ᠌ ᠬᠦᠷᠪᠡᠯ ᠠᠷᠠᠰᠤ ᠨᠢ ᠮᠢᠨᠦᠬᠢ ᠪᠣᠯᠬᠤ ᠪᠥᠭᠡᠳ ᠰᠤᠮᠤᠨ ᠬᠣᠩᠬᠢᠶ᠎ᠠ ᠶ᠋ᠢ ᠴᠦ᠍ ᠨᠠᠳᠠ ᠪᠤᠴᠠᠭᠠᠵᠤ ᠥᠭᠬᠦ ᠬᠡᠷᠡᠭᠲᠡᠢ ᠭᠡᠵᠦ ᠭᠣᠮᠪᠣ ᠶ᠋ᠢ ᠬᠡᠯᠡᠬᠦ ᠳ᠋ᠦ᠍ ᠨᠠᠢᠳᠠᠨ᠄
— ᠬᠡᠷᠪᠡ ᠪᠢ ᠨᠢᠭᠡ ᠴᠢᠨᠣ᠎ᠠ ᠠᠯᠠᠪᠠᠯ ᠨᠠᠳᠠ ᠳ᠋ᠤ᠌ ᠳᠥᠷᠪᠡᠨ ᠰᠤᠮᠤ ᠥᠭᠬᠦ ᠬᠡᠷᠡᠭᠲᠡᠢ ᠭᠡᠵᠦ ᠬᠠᠷᠢᠭᠤᠯᠪᠠ᠃ ᠭᠣᠮᠪᠣ ᠵᠥᠪᠰᠢᠶᠡᠷᠡᠬᠦ ᠦᠭᠡᠢ ᠪᠠᠢᠵᠤ᠂ ᠶᠠᠷᠢᠯᠴᠠᠭᠠᠨ ᠤ᠋ ᠡᠴᠦᠰ ᠲᠦ᠍ ᠬᠣᠶᠠᠷ ᠰᠤᠮᠤ ᠥᠭᠬᠦ ᠪᠡᠷ ᠪᠣᠯᠤᠭᠠᠳ ᠬᠣᠶᠠᠷ ᠲᠠᠯ᠎ᠠ ᠪᠠᠷ ᠢ᠋ᠶ᠋ᠠᠨ ᠰᠡᠳᠬᠢᠯ ᠬᠠᠨᠤᠮᠵᠢᠲᠠᠢ ᠨᠢ ᠢᠯᠡᠬᠡᠨ ᠪᠠᠢᠯ᠎ᠠ᠃
ᠡᠨᠡ ᠬᠣᠭᠣᠷᠣᠨᠳᠣ ᠷᠠᠰᠢ ᠭᠡᠷ ᠲᠡᠭᠡᠨ ᠪᠤᠴᠠᠵᠤ ᠵᠡᠪᠰᠡᠭ ᠢ᠋ᠶ᠋ᠡᠨ ᠠᠪᠴᠢᠷᠠᠭᠰᠠᠨ ᠪᠥᠭᠡᠳ ᠲᠡᠭᠦᠨ ᠢ᠋ ᠢᠷᠡᠮᠡᠭᠴᠡ ᠪᠢᠳᠡ ᠬᠥᠳᠡᠯᠪᠡ᠃ ᠭᠣᠮᠪᠣ ᠶ᠋ᠢᠨ ᠬᠦᠦ ᠵᠢᠩᠷᠤᠪ ᠪᠠ ᠬᠣᠶᠠᠷ ᠵᠠᠯᠠᠭᠤ ᠶ᠋ᠢ ᠮᠣᠷᠢᠳ ᠢ᠋ᠶ᠋ᠠᠨ ᠬᠠᠷᠠᠭᠤᠯᠤᠨ᠎ᠠ ᠭᠡᠮᠡᠨ ᠳᠠᠭᠠᠭᠤᠯᠵᠤ ᠶᠠᠪᠤᠪᠠ᠃
ᠬᠡᠳᠦᠨ ᠡᠳᠦᠷ ᠦ᠋ᠨ ᠡᠮᠦᠨ᠎ᠡ ᠮᠢᠨᠦ ᠣᠯᠵᠤ ᠬᠠᠷᠠᠭᠰᠠᠨ ᠲᠣᠮᠣ ᠨᠦᠬᠡ ᠲᠡᠢ ᠡᠭᠴᠡ ᠬᠥᠲᠥᠯ ᠢ᠋ ᠪᠢᠳᠡ ᠬᠠᠭᠠᠰ ᠲᠣᠭᠣᠷᠢᠭ ᠬᠡᠯᠪᠡᠷᠢ ᠲᠡᠢ ᠪᠡᠷ ᠪᠦᠰᠡᠯᠡᠨ ᠣᠢᠷᠠᠳᠪᠠ᠃ ᠨᠦᠬᠡᠨ ᠡᠴᠡ ᠬᠣᠶᠠᠷ ᠲᠠᠢᠰᠢ ᠪᠠᠨ ᠲᠠᠯ᠎ᠠ ᠤᠷᠤᠭᠤ ᠡᠪᠡᠰᠦ ᠶ᠋ᠢ ᠨᠠᠯᠠᠭᠰᠠᠨ ᠠᠮᠢᠲᠠᠨ ᠤ᠋ ᠭᠦᠶᠦᠳᠡᠯ ᠦ᠋ᠨ ᠴᠤᠪᠤᠭ᠎ᠠ ᠢᠯᠡᠬᠡᠨ ᠬᠠᠷᠠᠭᠳᠠᠵᠤ ᠪᠠᠢᠪᠠ᠃ ᠡᠳᠦᠷ ᠢ᠋ᠶ᠋ᠡᠷ ᠡᠳᠡᠭᠡᠷ ᠠᠮᠢᠲᠠᠳ ᠤ᠋ᠨ ᠰᠢᠷᠭᠤᠨ ᠬᠡᠪᠲᠡᠬᠦ ᠪᠣᠯᠤᠮᠵᠢ ᠪᠦᠬᠦᠢ ᠣᠢᠷ᠎ᠠ ᠣᠷᠴᠢᠮ ᠤ᠋ᠨ ᠭᠣᠣ ᠵᠢᠯᠠᠭ᠎ᠠ᠂ ᠪᠤᠲᠠ ᠤᠷᠭᠤᠮᠠᠯ ᠢ᠋ ᠨᠠᠷᠢᠨ ᠪᠠᠢᠴᠠᠭᠠᠵᠤ ᠦᠵᠡᠪᠡ᠃
ᠪᠦᠬᠦ ᠠᠵᠢᠯ ᠴᠥᠮ ᠦᠷ᠎ᠡ ᠪᠦᠲᠦᠮᠵᠢ ᠦᠭᠡᠢ ᠪᠠᠢᠵᠤ᠂ ᠴᠢᠨᠣ᠎ᠠ ᠶ᠋ᠢᠨ ᠮᠥᠷ ᠰᠤᠷᠠᠭ ᠢ᠋ ᠭᠠᠷᠭᠠᠵᠤ ᠴᠢᠳᠠᠭ᠎ᠠ ᠦᠭᠡᠢ᠃ ᠷᠠᠰᠢ ᠨᠦᠬᠡᠨ ᠦ᠌ ᠠᠮᠠᠰᠠᠷ ᠲᠤ᠌ ᠭᠠᠯ ᠨᠣᠴᠣᠭᠠᠨ ᠳᠣᠲᠣᠷ᠎ᠠ ᠨᠢ ᠪᠠᠢᠭ᠎ᠠ ᠴᠢᠨᠣ᠎ᠠ ᠶ᠋ᠢ ᠤᠲᠤᠵᠤ ᠭᠠᠷᠭᠠᠬᠤ ᠰᠠᠨᠠᠭᠤᠯᠭ᠎ᠠ ᠭᠠᠷᠭᠠᠭᠰᠠᠨ ᠪᠣᠯᠪᠠᠴᠤ ᠳᠣᠣᠷ᠎ᠠ ᠪᠠᠨ ᠬᠡᠷᠡᠭᠵᠢᠭᠦᠯᠦᠭᠰᠡᠨ ᠦᠭᠡᠢ᠃ ᠡᠨᠡ ᠲᠤᠬᠠᠢ ᠶᠡᠬᠡ ᠤᠳᠠᠭᠠᠨ ᠵᠥᠪᠳᠡᠯᠴᠡᠪᠡ᠃ ᠭᠡᠨᠡᠳᠲᠡ ᠨᠠᠢᠳᠠᠨ ᠳᠣᠷᠣᠭᠰᠢ ᠪᠠᠨ ᠨᠠᠪᠲᠠᠢᠨ ᠬᠡᠪᠲᠡᠪᠡ᠃
— ᠲᠡᠨᠳᠡ ᠡᠴᠡ ᠢᠷᠡᠵᠦ ᠶᠠᠪᠤᠭ᠎ᠠ ! ᠭᠡᠵᠦ ᠬᠤᠷᠳᠤᠬᠠᠨ ᠬᠡᠯᠡᠭᠡᠳ ᠲᠠᠯ᠎ᠠ ᠶ᠋ᠢᠨ ᠲᠡᠷᠲᠡᠭᠡᠬᠢ ᠤᠷᠤᠭᠤ ᠳᠣᠬᠢᠪᠠ᠃ ᠬᠣᠯᠠ ᠠ᠋ᠴᠠ ᠠᠭᠠᠵᠢᠮᠬᠠᠨ ᠲᠠᠪᠠᠲᠠᠢᠬᠠᠨ ᠨᠠᠭᠠᠰᠢᠯᠠᠵᠤ ᠶᠠᠪᠤᠭ᠎ᠠ ᠬᠠᠷ᠎ᠠ ᠴᠠᠭ - ᠴᠢᠨᠣ᠎ᠠ ᠶ᠋ᠢ ᠲᠡᠭᠦᠨ ᠦ᠌ ᠭᠢᠷᠠᠬᠠᠢ ᠨᠢᠳᠦ ᠣᠯᠵᠤ ᠬᠠᠷᠠᠭᠰᠠᠨ ᠠᠵᠢ᠃
— ᠰᠠᠯᠬᠢᠨ ᠤ᠋ ᠴᠢᠭᠯᠡᠯ ᠴᠦ᠍ ᠪᠢᠳᠡᠨ ᠳ᠋ᠦ᠍ ᠠᠰᠢᠭᠲᠠᠢ ᠪᠠᠢᠨ᠎ᠠ ᠭᠡᠵᠦ ᠷᠠᠰᠢ ᠶᠠᠷᠢᠭᠠᠳ᠂ ᠮᠠᠨ ᠤ᠋ ᠬᠠᠨᠢᠲᠠᠳ ᠥᠭᠡᠷ᠎ᠡ ᠢᠯᠡᠭᠦᠦ ᠳᠤᠲᠠᠭᠤ ᠦᠭᠡ ᠳᠤᠤᠭᠠᠷᠤᠯ ᠦᠭᠡᠢ ᠪᠡᠷ ᠮᠥᠨ ᠠᠷᠢᠶᠠᠲᠠᠨ ᠮᠡᠲᠦ ᠭᠠᠪᠰᠢᠭᠠᠢ ᠰᠤᠷᠮᠠᠭᠠᠢ ᠪᠠᠷ ᠤᠰᠤ ᠨᠢ ᠬᠠᠲᠠᠭᠰᠠᠨ ᠭᠣᠣ ᠪᠠᠷ ᠪᠣᠭᠣᠨᠢᠬᠠᠨ ᠡᠪᠡᠰᠦᠨ ᠦ᠌ ᠳᠤᠮᠳᠠᠭᠤᠷ ᠬᠥᠲᠥᠯ ᠥᠭᠡᠳᠡ ᠮᠥᠯᠬᠥᠨ ᠣᠴᠢᠪᠠ᠃ ᠡᠳᠦᠷ ᠲᠤᠵᠢ ᠭᠡᠷ ᠦ᠋ᠨ ᠢ᠋ᠶ᠋ᠡᠨ ᠡᠮᠦᠨ᠎ᠡ ᠨᠠᠷᠠᠨ ᠳ᠋ᠤ᠌ ᠡᠭᠡᠪᠦᠷᠯᠡᠵᠦ ᠵᠠᠯᠬᠠᠭᠤᠷᠠᠨ ᠰᠠᠭᠤᠳᠠᠭ ᠭᠣᠮᠪᠣ ᠶ᠋ᠢ ᠴᠦ᠍ ᠲᠡᠭᠦᠨ ᠦ᠌ ᠠᠩᠴᠢᠨ ᠤ᠋ ᠴᠢᠰᠤ ᠨᠢ ᠦᠢᠯᠡᠳᠦᠯ ᠦᠵᠡᠬᠦᠯᠦᠭᠡ ᠪᠣᠯᠤᠯᠲᠠᠢ᠂ ᠱᠠᠯᠠᠮᠠᠭᠠᠢ ᠨᠢ ᠠᠷᠭ᠎ᠠ ᠦᠭᠡᠢ ᠪᠣᠯᠵᠤ ᠬᠤᠪᠢᠷᠠᠪᠠ᠃ ᠲᠡᠳᠡ ᠪᠦᠭᠦᠳᠡᠭᠡᠷ ᠬᠥᠲᠥᠯ ᠥᠭᠡᠳᠡ ᠰᠤᠷᠮᠠᠭᠠᠢ ᠳᠠᠪᠠᠨ ᠭᠠᠷᠬᠤ ᠳ᠋ᠤ᠌ ᠪᠢ ᠲᠡᠳᠡᠨ ᠢ᠋ ᠳᠠᠭᠠᠵᠤ ᠳᠡᠢᠯᠦᠭᠰᠡᠨ ᠦᠭᠡᠢ᠃ ᠠᠮᠢᠰᠬᠤᠭᠠᠳᠠᠭᠰᠠᠭᠠᠷ ᠲᠣᠮᠣ ᠪᠤᠲᠠᠨ ᠤ᠋ ᠠᠷᠤ ᠳ᠋ᠤ᠌ ᠬᠡᠪᠲᠡᠭᠡᠳ ᠬᠠᠷᠠᠬᠤ ᠳ᠋ᠤ᠌ ᠮᠣᠩᠭᠣᠯᠴᠤᠳ ᠪᠦᠷ ᠠᠯᠠᠭ᠎ᠠ ᠪᠣᠯᠪᠠ᠃
ᠲᠠᠯ᠎ᠠ ᠨᠤᠲᠤᠭ ᠤ᠋ᠨ ᠨᠠᠮᠵᠢᠭᠤᠬᠠᠨ ᠪᠥᠭᠡᠳ ᠰᠦᠷᠯᠢᠭ ᠠᠭᠤᠷ ᠠᠮᠢᠰᠬᠤᠯ ᠤ᠋ᠨ ᠳᠤᠮᠳᠠᠭᠤᠷ ᠡᠨᠳᠡᠬᠢ ᠠᠮᠢᠲᠠᠨ ᠤ᠋ ᠸᠠᠩ ᠨᠢ ᠪᠣᠯᠬᠤ ᠴᠢᠨᠣ᠎ᠠ ᠡᠭᠦᠷ ᠤᠷᠤᠭᠤ ᠪᠠᠨ ᠣᠢᠷᠠᠲᠤᠭᠰᠠᠭᠠᠷ ᠪᠠᠢᠪᠠ᠃ ᠭᠡᠨᠡᠳᠲᠡ ᠲᠡᠷᠡ ᠣᠷᠣᠨ ᠳ᠋ᠠᠭᠠᠨ ᠵᠣᠭᠰᠣᠭᠠᠳ ᠬᠣᠩᠰᠢᠶᠠᠷ ᠢ᠋ᠶ᠋ᠠᠨ ᠳᠡᠭᠡᠭᠰᠢ ᠪᠡᠨ ᠡᠷᠭᠦᠨ ᠠᠶᠤᠯ ᠪᠠᠢᠬᠤ ᠡᠰᠡᠬᠦ ᠶ᠋ᠢ ᠦᠨᠦᠷᠲᠦᠨ ᠦᠵᠡᠭᠡᠳ ᠲᠡᠷᠲᠡᠭᠡ ᠲᠠᠯ᠎ᠠ ᠳ᠋ᠤ᠌ ᠪᠡᠯᠴᠢᠵᠦ ᠪᠠᠢᠭ᠎ᠠ ᠠᠳᠤᠭᠤᠨ ᠰᠦᠷᠦᠭ ᠵᠦᠭ ᠡᠷᠭᠢᠵᠦ ᠬᠠᠷᠠᠪᠠ᠃ ᠪᠠᠢᠳᠠᠯ ᠠ᠋ᠴᠠ ᠦᠵᠡᠬᠦ ᠳ᠋ᠦ᠍ ᠲᠠᠢᠰᠢ ᠪᠠᠨ ᠶᠠᠪᠤᠮᠠᠷ ᠪᠠᠢᠬᠤ ᠠᠵᠢ᠃ ᠲᠡᠷᠡ ᠵᠦᠭ ᠲᠦ᠍ ᠴᠢᠭᠯᠡᠨ ᠬᠡᠳᠦ ᠠᠯᠬᠤᠯᠠᠭᠰᠠᠨ ᠢ᠋ᠶ᠋ᠠᠨ ᠳᠣᠣᠷ᠎ᠠ ᠪᠠᠨ ᠡᠷᠭᠢᠵᠦ ᠡᠭᠦᠷ ᠦ᠋ᠨ ᠪᠠᠢᠭ᠎ᠠ ᠬᠥᠲᠥᠯ ᠤᠷᠤᠭᠤ ᠬᠥᠩᠭᠡᠬᠡᠨ ᠱᠣᠭᠰᠢᠵᠤ ᠡᠬᠢᠯᠡᠪᠡ᠃
ᠪᠢ ᠬᠠᠨᠢᠲᠠᠳ ᠤ᠋ᠨ ᠢ᠋ᠶ᠋ᠠᠨ ᠬᠠᠮᠢᠭ᠎ᠠ ᠪᠠᠢᠭ᠎ᠠ ᠶ᠋ᠢ ᠮᠡᠳᠡᠬᠦ ᠦᠭᠡᠢ ᠪᠥᠭᠡᠳ ᠨᠠᠭᠠᠰᠢ ᠪᠠᠨ ᠣᠢᠷᠠᠳᠴᠤ ᠪᠠᠢᠭ᠎ᠠ ᠴᠢᠨᠣ᠎ᠠ ᠶ᠋ᠢ ᠨᠢᠳᠦ ᠰᠠᠯᠭᠠᠯ ᠦᠭᠡᠢ ᠰᠢᠷᠲᠡᠵᠦ᠂ ᠲᠡᠭᠦᠨ ᠤ ᠨᠦᠬᠡᠨ ᠡᠴᠡ ᠬᠡᠳᠦᠨ ᠠᠯᠬᠤᠮ ᠵᠠᠢ ᠲᠠᠢ ᠪᠣᠯᠬᠤ ᠪᠠᠷ ᠰᠠᠨᠳᠤᠷᠴᠤ《ᠲᠡᠳᠡ ᠶᠠᠭᠠᠬᠢᠭᠠᠳ ᠫᠤᠤᠳᠠᠬᠤ ᠦᠭᠡᠢ ᠪᠠᠢᠨ᠎ᠠ?》ᠭᠡᠵᠦ ᠳᠣᠲᠣᠷ᠎ᠠ ᠪᠠᠨ ᠭᠠᠰᠢᠭᠤᠳᠠᠨ᠂ ᠨᠢᠳᠤᠷᠭ᠎ᠠ ᠪᠠᠨ ᠵᠠᠩᠭᠢᠳᠤᠨ ᠡᠪᠡᠰᠦ ᠤᠷᠤᠭᠤ ᠰᠢᠭᠠᠵᠤ ᠪᠠᠢᠯ᠎ᠠ᠃
ᠨᠦᠬᠡᠨ ᠦ᠌ ᠡᠮᠦᠨ᠎ᠡ ᠬᠦᠷᠴᠦ ᠢᠷᠡᠭᠡᠳ ᠴᠢᠨᠣ᠎ᠠ ᠪᠠᠷᠤᠭ ᠯᠠ ᠣᠷᠣᠮᠠᠷ ᠪᠣᠯᠪᠠ᠃ ᠭᠡᠬᠦ ᠳ᠋ᠦ᠍ ᠲᠡᠷᠡ ᠣᠷᠣᠭ᠎ᠠ ᠦᠭᠡᠢ᠂ ᠣᠯᠠᠨ ᠲᠠᠯ᠎ᠠ ᠶ᠋ᠢ ᠰᠡᠷᠡᠮᠵᠢᠲᠡᠢ ᠠᠵᠢᠭᠯᠠᠵᠤ ᠡᠬᠢᠯᠡᠬᠦ ᠲᠡᠷᠡᠬᠡᠨ ᠠᠭᠱᠠᠨ ᠳ᠋ᠤ᠌ ᠭᠤᠷᠪᠠ ᠳᠥᠷᠪᠡᠨ ᠫᠤᠤ ᠶ᠋ᠢᠨ ᠳᠠᠭᠤᠨ ᠬᠣᠢᠨ᠎ᠠ ᠬᠣᠢᠨ᠎ᠠ ᠠ᠋ᠴᠠ ᠪᠠᠨ ᠨᠢᠵᠢᠭᠢᠨᠡᠨ ᠳᠤᠤᠭᠠᠷᠪᠠ᠃ ᠴᠢᠨᠣ᠎ᠠ ᠰᠢᠳᠦ ᠪᠡᠨ ᠢᠷᠵᠠᠢᠯᠭᠠᠨ ᠬᠦᠴᠦᠲᠡᠢ ᠭᠡᠭᠴᠢ ᠦᠰᠦᠷᠴᠦ ᠠᠪᠤᠭᠰᠠᠨ ᠢ᠋ᠶ᠋ᠠᠨ ᠬᠥᠲᠥᠯ ᠤᠷᠤᠭᠤ ᠪᠥᠮᠪᠥᠷᠢᠨ ᠣᠷᠣᠪᠠ᠃
ᠮᠣᠩᠭᠣᠯᠴᠤᠳ ᠣᠷᠣ ᠣᠷᠣᠨ ᠠ᠋ᠴᠠ ᠪᠠᠨ ᠪᠣᠰᠴᠠᠭᠠᠨ ᠤᠤᠬᠠᠢᠯᠠᠯᠳᠤᠵᠤ ᠠᠩ ᠤ᠋ᠨ ᠵᠦᠭ ᠶᠠᠭᠠᠷᠠᠨ ᠭᠦᠶᠦᠯᠳᠦᠪᠡ᠃ ᠨᠠᠮᠠᠶ᠋ᠢ ᠪᠣᠰᠴᠤ ᠬᠡᠳᠦ ᠠᠯᠬᠤᠪᠠ ᠤᠤ ᠦᠭᠡᠢ ᠤᠤ ᠮᠢᠨᠦ ᠳᠡᠭᠡᠭᠦᠷ ᠠᠬᠢᠭᠠᠳ ᠰᠤᠮᠤ ᠱᠤᠤᠭᠢᠨ ᠭᠠᠷᠪᠠ᠃ ᠡᠨᠡ ᠳᠠᠭᠤ ᠱᠤᠤᠭᠢᠶᠠᠨ ᠠ᠋ᠴᠠ ᠪᠣᠯᠵᠤ᠂ ᠪᠠᠰᠠ ᠨᠢᠭᠡ ᠴᠢᠨᠣ᠎ᠠ ᠪᠣᠰᠴᠤ ᠠᠩᠴᠢᠳ ᠤ᠋ᠨ ᠳᠤᠮᠳᠠᠭᠤᠷ ᠵᠠᠪᠰᠠᠷ ᠬᠠᠢᠨ ᠬᠠᠵᠠᠭᠤ ᠲᠠᠢᠰᠢ ᠪᠠᠨ ᠳᠤᠲᠠᠭᠠᠬᠤ ᠪᠠᠷ ᠭᠦᠶᠦᠪᠡ᠃ ᠮᠣᠩᠭᠣᠯᠴᠤᠳ ᠴᠤ᠌ ᠳᠠᠭᠠᠯᠳᠤᠨ ᠬᠥᠲᠥᠯ ᠦ᠋ᠨ ᠴᠠᠭᠠᠨ᠎ᠠ ᠭᠠᠷᠤᠨ ᠠᠯᠠᠭ᠎ᠠ ᠪᠣᠯᠵᠤ᠂ ᠨᠠᠮᠠᠶ᠋ᠢ ᠠᠩᠬᠠᠨ ᠤ᠋ ᠴᠢᠨᠣ᠎ᠠ ᠶ᠋ᠢᠨ ᠲᠡᠨᠳᠡ ᠬᠦᠷᠲᠡᠯ᠎ᠡ ᠫᠤᠤ ᠬᠡᠳᠦ ᠳᠠᠬᠢᠨ ᠳᠤᠤᠭᠠᠷᠪᠠ᠃ ᠵᠢᠩᠷᠤᠪ ᠢᠨᠢᠶᠡᠭᠰᠡᠭᠡᠷ ᠮᠣᠷᠢ ᠲᠠᠢ ᠪᠠᠨ ᠬᠦᠷᠴᠦ ᠢᠷᠡᠬᠦ ᠳ᠋ᠦ᠍ ᠮᠣᠷᠢ ᠨᠢ ᠬᠣᠯᠠ ᠠ᠋ᠴᠠ ᠬᠠᠮᠠᠷ ᠢ᠋ᠶ᠋ᠠᠨ ᠳᠣᠷᠭᠢᠨ ᠣᠢᠷᠠᠳᠬᠤ ᠪᠠᠨ ᠪᠣᠯᠢᠪᠠ᠃
— ᠬᠢᠴᠢᠶᠡᠮᠵᠢᠲᠡᠢ ᠪᠠᠢᠭᠠᠷᠠᠢ! ᠭᠡᠵᠦ ᠵᠠᠯᠠᠭᠤ ᠶᠠᠷᠢᠪᠠ᠃ ᠴᠢᠨᠣ᠎ᠠ ᠶ᠋ᠢᠨ ᠠᠮᠢ ᠨᠢ ᠶᠡᠬᠡ ᠪᠥᠬᠡ ᠮᠥᠷᠲᠡᠭᠡᠨ ᠠᠮᠢ ᠨᠠᠰᠤᠨ ᠤ᠋ ᠡᠴᠦᠰ ᠲᠦ᠍ ᠬᠦᠷᠬᠦ ᠪᠡᠷ ᠦᠬᠦᠭᠰᠡᠨ ᠢ᠋ᠶ᠋ᠡᠷ ᠣᠪᠯᠠᠨ ᠬᠦᠴᠦ ᠪᠡᠨ ᠬᠤᠷᠢᠶᠠᠵᠤ ᠪᠠᠢᠭᠠᠳ ᠡᠴᠦᠰ ᠦ᠋ᠨ ᠳᠠᠭᠠᠷᠢᠯᠲᠠ ᠬᠢᠳᠡᠭ ᠢ᠋ ᠪᠢ ᠮᠡᠳᠡᠬᠦ ᠪᠣᠯᠬᠣᠷ ᠡᠷᠬᠢᠪᠴᠢᠲᠦ ᠫᠤᠤ ᠪᠠᠨ ᠡᠮᠦᠨ᠎ᠡ ᠪᠡᠨ ᠪᠡᠯᠡᠬᠡᠨ ᠪᠠᠷᠢᠭᠰᠠᠭᠠᠷ ᠣᠢᠷᠠᠳᠪᠠ᠃ ᠫᠤᠤᠳᠠᠭᠰᠠᠨ ᠰᠤᠮᠤ ᠨᠤᠭᠤᠳ ᠨᠢ ᠪᠦᠷ ᠠᠮᠢᠨ ᠭᠠᠵᠠᠷ ᠢ᠋ ᠤᠨᠤᠭᠰᠠᠨ ᠪᠣᠯᠬᠣᠷ ᠨᠢᠭᠡᠨᠲᠡ ᠠᠶᠤᠯ ᠦᠭᠡᠢ ᠪᠣᠯᠤᠭᠰᠠᠨ ᠪᠠᠢᠪᠠ᠃ ᠵᠤᠨ ᠤ᠋ ᠤᠯᠠᠷᠢᠯ ᠤ᠋ᠨ ᠰᠡᠭᠰᠡᠢᠭᠰᠡᠨ ᠦᠰᠦ ᠲᠡᠢ ᠠᠷᠠᠰᠤᠨ ᠳ᠋ᠤᠨᠢ ᠴᠢᠰᠤ ᠰᠢᠷᠣᠢ ᠨᠠᠭᠠᠯᠳᠤᠵᠠᠢ᠃ ᠵᠢᠩᠷᠤᠪ ᠪᠠᠶᠠᠷᠯᠠᠨ ᠤᠷᠠᠢᠯᠠᠵᠤ᠂ ᠲᠠᠰᠢᠭᠤᠷ ᠢ᠋ᠶ᠋ᠠᠨ ᠰᠢᠲᠦᠨ ᠦ᠌ ᠬᠢᠨᠢ ᠵᠠᠪᠰᠠᠷ ᠢ᠋ᠶ᠋ᠠᠷ ᠴᠢᠴᠢᠯᠡᠬᠦ ᠶ᠋ᠢᠨ ᠳᠠᠭᠠᠤ 《ᠬᠠᠵᠠᠭᠠᠴᠢ ᠳᠠ᠂ ᠴᠢ》 ᠭᠡᠮᠡᠨ ᠱᠣᠣᠯᠠᠭᠠᠳ᠂ ᠦᠬᠦᠳᠡᠯ ᠢ᠋ ᠬᠡᠳᠦ ᠢᠰᠬᠦᠯᠬᠦ ᠳ᠋ᠦ᠍ ᠴᠢᠰᠤ ᠨᠢ ᠦᠷᠭᠦᠯᠵᠢᠯᠡᠨ ᠭᠣᠭᠣᠵᠢᠭᠰᠠᠭᠠᠷ ᠪᠠᠢᠪᠠ᠃
ᠨᠥᠭᠦᠭᠡ ᠬᠡᠳᠦᠨ ᠠᠩᠴᠢᠳ ᠴᠢᠮᠡᠭᠡ ᠦᠭᠡᠢ ᠪᠣᠯᠤᠭᠠᠳ ᠨᠡᠯᠢᠶᠡᠳ ᠤᠳᠠᠪᠠ᠃ ᠮᠣᠩᠭᠣᠯᠴᠤᠳ ᠶᠠᠪᠠᠭᠠᠨ ᠶᠠᠪᠤᠬᠤ ᠳᠤᠷ᠎ᠠ ᠦᠭᠡᠢ ᠪᠣᠯᠬᠣᠷ ᠪᠢ ᠵᠢᠩᠷᠣᠪ ᠢ᠋ ᠮᠣᠷᠢ ᠪᠠᠷ ᠲᠡᠳᠡᠨ ᠤᠷᠤᠭᠤ ᠢᠯᠡᠭᠡᠪᠡ᠃ ᠲᠡᠭᠦᠨ ᠢ᠋ ᠲᠡᠳᠡᠨ ᠦ᠌ ᠶᠠᠪᠤᠭᠰᠠᠨ ᠵᠦᠭ ᠢ᠋ ᠴᠢᠭᠯᠡᠨ ᠶᠠᠪᠤᠵᠤ ᠪᠠᠢᠭ᠎ᠠ ᠬᠣᠭᠣᠷᠣᠨᠳᠣ᠂ ᠲᠡᠳᠡ ᠬᠠᠷᠢᠨ ᠬᠥᠲᠥᠯ ᠦ᠋ᠨ ᠴᠠᠭᠠᠨ᠎ᠠ ᠠ᠋ᠴᠠ ᠬᠣᠶᠠᠳᠠᠬᠢ ᠴᠢᠨᠣ᠎ᠠ ᠪᠠᠨ ᠳᠠᠮᠵᠢᠯᠠᠭᠰᠠᠭᠠᠷ ᠭᠠᠷᠴᠤ ᠢᠷᠡᠪᠡ᠃ ᠲᠡᠳᠡ ᠣᠢᠷᠠᠳᠴᠤ ᠢᠷᠡᠬᠦ ᠳ᠋ᠦ᠍ ᠪᠢ ᠭᠣᠮᠪᠣ ᠪᠣᠯᠤᠨ ᠨᠠᠢᠳᠠᠨ ᠤ᠋ ᠥᠨᠳᠥᠷ ᠳᠠᠭᠤᠨ ᠢ᠋ᠶ᠋ᠠᠷ ᠦᠭᠡ ᠪᠤᠯᠢᠶᠠᠯᠴᠠᠬᠤ ᠶ᠋ᠢ ᠣᠯᠵᠤ ᠰᠣᠨᠣᠰᠪᠠ᠃
— ᠴᠢᠨᠦ ᠰᠤᠮᠤ ᠴᠢᠨᠢ ᠬᠠᠵᠠᠭᠤ ᠳ᠋ᠤᠨᠢ ᠲᠤᠰᠬᠤ ᠶ᠋ᠢ ᠪᠢ ᠶᠠᠭ ᠨᠢᠳᠦ ᠪᠡᠷ ᠢ᠋ᠶ᠋ᠡᠨ ᠬᠠᠷᠠᠭᠰᠠᠨ ᠰᠢᠦ᠃ ᠴᠢ ᠵᠥᠪᠬᠡᠨ ᠯᠡ ᠬᠣᠶᠠᠷ ᠰᠤᠮᠤ ᠬᠣᠨᠵᠢᠨ᠎ᠠ ᠭᠡᠵᠦ ᠪᠠᠢᠬᠤ ᠠ᠋ᠴᠠ ᠪᠢᠰᠢ ᠭᠡᠵᠦ ᠭᠣᠮᠪᠣ ᠴᠢᠷᠠᠢ ᠪᠠᠨ ᠤᠯᠠᠢᠯᠭᠠᠨ ᠬᠡᠯᠡᠪᠡ᠃ ᠲᠡᠳᠡᠨ ᠦ᠌ ᠬᠣᠭᠣᠷᠣᠨᠳᠣᠬᠢ ᠮᠠᠷᠭᠤᠭᠠᠨ ᠢ᠋ ᠲᠠᠰᠤᠯᠬᠤ ᠶ᠋ᠢᠨ ᠲᠥᠯᠥᠭᠡ ᠷᠠᠰᠢ ᠨᠠᠮᠠᠶ᠋ᠢ ᠲᠠᠰᠤᠯᠤᠭᠴᠢ ᠪᠣᠯᠭᠠᠬᠤ ᠪᠠᠷ ᠭᠤᠶᠤᠬᠤ ᠳ᠋ᠤ᠌ ᠪᠢ :
— ᠪᠢ ᠲᠠ ᠨᠠᠷ ᠲᠠᠢ ᠴᠣᠭ ᠪᠠᠢᠭᠰᠠᠨ ᠦᠭᠡᠢ ᠰᠢᠦ ᠳᠡ᠃ ᠬᠡᠷᠪᠡ ᠲᠠ ᠨᠠᠷ ᠵᠥᠪᠰᠢᠶᠡᠷᠡᠪᠡᠯ ᠣᠷᠣᠢ ᠬᠠᠷᠢᠭᠠᠳ ᠬᠥᠵᠥᠷ ᠡᠴᠡ ᠠᠰᠠᠭᠤᠵᠤ ᠦᠵᠡᠶ᠎ᠡ ᠭᠡᠵᠦ ᠪᠣᠳᠣᠯᠬᠢᠯᠠᠬᠤ ᠴᠠᠭ ᠣᠯᠬᠤ ᠮᠡᠷᠭᠡᠨ ᠠᠷᠭ᠎ᠠ ᠭᠠᠷᠭᠠᠨ ᠵᠥᠪᠳᠡᠪᠡ᠃ ᠦᠳᠡᠰᠢ ᠶ᠋ᠢᠨ ᠬᠥᠰᠢᠭᠡ ᠪᠠᠭᠤᠬᠤ ᠪᠣᠯᠵᠤ᠂ ᠦᠬᠡᠷ ᠬᠠᠰᠠᠭ ᠠᠪᠤᠭᠤᠯᠬᠤ ᠪᠠᠷ ᠵᠢᠩᠷᠤᠪ ᠢ᠋ ᠨᠢᠭᠡᠨᠲᠡ ᠲᠣᠮᠢᠯᠠᠪᠠ᠃ ᠦᠯᠡᠳᠡᠭᠰᠡᠨ ᠬᠥᠮᠦᠰ ᠠᠬᠢᠨ ᠳᠡᠭᠡᠭᠰᠢ ᠪᠡᠨ ᠮᠠᠴᠤᠵᠤ ᠨᠦᠬᠡᠨ ᠦ᠌ ᠳᠣᠲᠣᠷ᠎ᠠ ᠪᠡᠯᠲᠡᠷᠭᠡ ᠪᠠᠢᠬᠤ ᠡᠰᠡᠬᠦ ᠶ᠋ᠢ ᠦᠵᠡᠬᠦ ᠭᠡᠬᠦ ᠳ᠋ᠦ᠍ ᠴᠠᠭᠠᠨᠲᠡᠮᠡᠭᠡ ᠬᠣᠷᠢᠭᠯᠠᠨ ᠵᠣᠭᠰᠣᠭᠠᠪᠠ᠃
— ᠲᠡᠭᠦᠨ ᠢ᠋ ᠬᠡᠦᠬᠡᠳ ᠦ᠋ᠳ ᠮᠠᠷᠭᠠᠰᠢ ᠬᠢᠵᠦ ᠪᠣᠯᠤᠨ᠎ᠠ ᠰᠢᠦ ᠳᠡ ! ᠮᠢᠨᠦ ᠪᠣᠳᠣᠬᠤ ᠪᠠᠷ ᠥᠨᠥᠳᠥᠷ ᠪᠢᠳᠡᠨ ᠬᠠᠨᠲᠠᠯ᠎ᠠ ᠠᠵᠢᠯᠯᠠᠭᠰᠠᠨ ᠳᠠ ᠭᠡᠳ ᠡᠬᠢᠨ ᠳ᠋ᠦ᠍ ᠤᠨᠠᠭᠠᠭᠰᠠᠨ ᠴᠢᠨᠣ᠎ᠠ ᠶ᠋ᠢ ᠠᠵᠢᠭᠯᠠᠨ ᠪᠠᠢᠭᠰᠠᠨ ᠢ᠋ᠶ᠋ᠠᠨ ᠴᠢᠰᠤ ᠲᠠᠢ ᠭᠠᠵᠠᠷ ᠢ᠋ ᠵᠢᠭᠠᠵᠤ:
— ᠡᠨᠡ ᠪᠣᠯ ᠮᠢᠨᠦ ᠰᠤᠮᠤ᠂ ᠶᠠᠭ ᠯᠠ ᠵᠢᠷᠦᠬᠡᠨ ᠭᠣᠣᠯ ᠢ᠋ ᠣᠨᠣᠭᠠᠵᠠᠢ ᠳᠠ ᠭᠡᠬᠦ ᠳ᠋ᠦ᠍ ᠪᠤᠰᠤᠳ ᠨᠢ ᠳᠣᠭᠣᠭᠢᠯᠠᠨ ᠢᠨᠢᠶᠡᠯᠳᠦᠪᠡ᠃
— ᠲᠡᠭᠦᠨ ᠢ᠋ ᠪᠠᠷᠤᠭ ᠯᠠ ᠦᠬᠦᠭᠰᠡᠨ ᠦ᠌ ᠬᠣᠢᠨ᠎ᠠ ᠲᠠ ᠫᠤᠤᠳᠠᠭᠰᠠᠨ ᠳᠠ ᠭᠡᠵᠦ ᠭᠣᠮᠪᠣ ᠱᠣᠭᠯᠠᠨ ᠬᠡᠯᠡᠪᠡ᠃
— ᠬᠠᠮᠤᠭ ᠤ᠋ᠨ ᠰᠡᠭᠦᠯ ᠦ᠋ᠨ ᠰᠤᠮᠤ ᠨᠢ ᠬᠠᠮᠤᠭ ᠤ᠋ᠨ ᠣᠨᠣᠪᠴᠢᠲᠠᠢ ᠲᠤᠰᠴᠢ ᠳᠠ᠂ ᠲᠠ ᠨᠠᠷ ᠵᠠᠯᠠᠭᠤ ᠬᠥᠮᠦᠰ ᠭᠡᠵᠦ ᠶᠠᠭᠠᠷᠠᠮᠠᠲᠠᠭᠠᠢ ᠭᠡᠳᠡᠭ ᠨᠢ ᠭᠡᠵᠦ ᠴᠠᠭᠠᠨᠲᠠᠮᠡᠭᠡ ᠶ᠋ᠢ ᠬᠡᠯᠡᠬᠦ ᠳ᠋ᠦ᠍ ᠷᠠᠰᠢ:
— ᠬᠠᠷᠢᠨ ᠲᠠ ᠶᠡᠬᠡ ᠤᠳᠠᠭᠠᠨ ᠪᠠᠢᠬᠤ ᠶᠤᠮ ᠭᠡᠵᠦ ᠬᠠᠷᠢᠭᠤᠴᠠᠨ ᠬᠡᠯᠡᠭᠰᠡᠨ ᠢ᠋ᠶ᠋ᠡᠨ:
— ᠵᠠ ᠶᠠᠪᠤᠶ᠎ᠠ ᠳᠠ᠂ ᠬᠡᠦᠬᠡᠳ ᠦ᠋ᠳ ᠠᠩ ᠤ᠋ᠨ ᠬᠡᠰᠢᠭ ᠳᠡᠭᠡᠨ ᠵᠥᠪ ᠰᠢᠦ ᠳᠡ᠃ ᠬᠣᠶᠠᠳᠠᠬᠢ ᠴᠢᠨᠣ᠎ᠠ ᠶ᠋ᠢ ᠬᠡᠨ ᠫᠤᠤᠳᠠᠨ ᠣᠨᠣᠭᠠᠭᠰᠠᠨ ᠢ᠋ ᠴᠢᠨᠦ ᠪᠤᠷᠬᠠᠨ ᠠ᠋ᠴᠠ ᠠᠰᠠᠭᠤᠵᠤ ᠪᠠᠢᠬᠤ ᠵᠠᠭᠤᠷ᠎ᠠ ᠪᠢᠳᠡᠨ ᠳ᠋ᠦ᠍ ᠠᠷᠢᠬᠢᠨ ᠠ᠋ᠴᠠ ᠪᠠᠨ ᠪᠠᠭ᠎ᠠ ᠤᠤᠭᠤᠯᠭᠠᠬᠤ ᠦᠭᠡᠢ ᠤᠤ ? ᠭᠡᠵᠦ ᠨᠠᠳᠠ ᠠ᠋ᠴᠠ ᠠᠰᠠᠭᠤᠯ᠎ᠠ᠃
— ᠪᠠᠢᠬᠤ ᠳ᠋ᠤ᠌ ᠯᠠ ᠬᠦᠷᠪᠡᠯ ᠪᠣᠯᠤᠯ ᠦᠭᠡᠢ ᠳᠡ ᠭᠡᠮᠡᠨ ᠨᠠᠮᠠᠶ᠋ᠢ ᠬᠠᠷᠢᠭᠤᠯᠬᠤ ᠳ᠋ᠤ᠌ ᠷᠠᠰᠢ ᠢᠨᠢᠶᠡᠭᠡᠳ:
— ᠲᠡᠭᠡᠪᠡᠯ ᠰᠠᠢᠨ᠂ ᠴᠢ ᠨᠡᠢᠲᠡ ᠳᠥᠷᠪᠡᠨ ᠯᠣᠩᠬᠣ ᠠᠪᠴᠢᠷᠠᠭᠰᠠᠨ᠃ ᠬᠣᠶᠠᠳᠤᠭᠠᠷ ᠯᠣᠩᠬᠣ ᠶ᠋ᠢ ᠲᠡᠷᠡ ᠬᠥᠭᠰᠢᠨ ᠯᠠᠮᠠ ᠤᠤᠭᠤᠵᠤ ᠣᠷᠬᠢᠭᠰᠠᠨ᠃ ᠣᠳᠣ ᠴᠢᠨᠦ ᠬᠠᠢᠷᠴᠠᠭ ᠲᠤ᠌ ᠪᠠᠰᠠ ᠬᠣᠶᠠᠷ ᠯᠣᠩᠬᠣ ᠪᠠᠢᠬᠤ ᠶᠣᠰᠣ ᠲᠠᠢ ᠳᠠ ᠭᠡᠯᠡ᠃
— ᠴᠢ ᠴᠦ᠍ ᠮᠢᠨᠦ ᠶᠠᠭᠤᠮ᠎ᠠ ᠶ᠋ᠢ ᠰᠠᠢᠨ ᠠᠩᠵᠠᠭᠠᠷᠠᠳᠠᠭ ᠶᠤᠮ ᠪᠠᠢᠨ᠎ᠠ᠃
— ᠪᠢ ᠴᠢᠨᠢ ᠴᠢᠨᠦ ᠨᠠᠢᠵᠠ ᠪᠥᠭᠡᠳ ᠪᠠᠭᠰᠢ ᠪᠢᠰᠢ ᠤᠤ ? ᠭᠡᠳ ᠷᠠᠰᠢ ᠨᠠᠳᠠ ᠤᠷᠤᠭᠤ ᠲᠥᠪ ᠴᠢᠷᠠᠢᠯᠠᠨ ᠬᠡᠯᠡᠯ᠎ᠡ᠃
ᠨᠠᠷᠠ ᠰᠢᠩᠭᠡᠭᠰᠡᠨ ᠦ᠌ ᠨᠡᠯᠢᠶᠡᠳ ᠬᠣᠢᠨ᠎ᠠ ᠪᠢᠳᠡ ᠰᠠᠶᠢ ᠭᠡᠷ ᠲᠡᠭᠡᠨ ᠬᠦᠷᠪᠡ᠃ ᠪᠦᠰᠡᠭᠦᠢ ᠬᠡᠦᠬᠡᠳ ᠦ᠋ᠳ ᠭᠡᠷ ᠦ᠋ᠨ ᠡᠮᠦᠨ᠎ᠡ ᠵᠣᠭᠰᠣᠨ ᠬᠦᠯᠢᠶᠡᠵᠡᠭᠡᠵᠦ᠂ ᠮᠢᠬ᠎ᠠ ᠡᠯᠪᠡᠭ ᠬᠣᠭᠣᠯᠠᠨ ᠤ᠋ ᠦᠨᠦᠷ ᠠᠪᠤᠭᠰᠠᠨ ᠨᠣᠬᠠᠳ ᠪᠠᠶᠠᠷᠯᠠᠨ ᠬᠤᠴᠠᠯᠳᠤᠵᠤ᠂ ᠮᠣᠷᠢᠳ ᠤ᠋ᠨ ᠡᠮᠦᠨ᠎ᠡ ᠡᠴᠡ ᠬᠠᠷᠠᠢᠯᠠᠨ ᠪᠠᠢᠪᠠ᠃ ᠪᠦᠭᠦᠳᠡᠭᠡᠷ ᠢ᠋ᠶ᠋ᠡᠨ ᠮᠢᠨᠦ ᠭᠡᠷ ᠲᠦ᠍ ᠣᠷᠣᠵᠤ ᠰᠠᠭᠤᠵᠠᠭᠠᠭᠠᠳ᠂ ᠪᠢ ᠬᠥᠵᠥᠷ ᠢ᠋ᠶ᠋ᠡᠨ ᠭᠠᠷᠭᠠᠬᠤ ᠳ᠋ᠤ᠌ ᠷᠠᠰᠢ ᠬᠥᠮᠦᠨ ᠪᠣᠯᠭᠠᠨ ᠳ᠋ᠤ᠌ ᠠᠶᠠᠭ᠎ᠠ ᠲᠦᠭᠡᠭᠡᠨ ᠥᠭᠭᠦᠭᠡᠳ᠄
— ᠵᠠ ᠬᠦ ! ᠪᠢ ᠴᠦ᠍ ᠤᠮᠳᠠᠭᠠᠰᠴᠤ ᠪᠠᠢᠨ᠎ᠠ ᠳᠠ ᠭᠡᠯᠡ᠃
— ᠬᠠᠮᠢᠭ᠎ᠠ ᠪᠠᠢᠭ᠎ᠠ ᠶ᠋ᠢ ᠨᠢ ᠴᠢ ᠮᠡᠳᠡᠵᠦ ᠪᠠᠢᠭ᠎ᠠ ᠰᠢᠲᠠ ᠭᠡᠵᠦ ᠪᠢ ᠬᠠᠷᠢᠭᠤᠯᠤᠭᠠᠳ ᠶᠠᠭ ᠯᠠ ᠠᠯᠪᠠᠨ ᠶᠣᠰᠣᠨ ᠤ᠋ ᠴᠢᠬᠤᠯᠠ ᠬᠡᠷᠡᠭ ᠮᠡᠲᠦ ᠪᠡᠷ ᠲᠥᠪ ᠴᠢᠩᠭ᠎ᠠ ᠪᠠᠷ ᠬᠥᠵᠥᠷ ᠢ᠋ᠶ᠋ᠡᠨ ᠬᠣᠯᠢᠵᠤ ᠡᠬᠢᠯᠡᠪᠡ᠃
— ᠵᠠ ᠣᠳᠣ ᠲᠠ ᠬᠣᠶᠠᠭᠤᠯᠠ ᠬᠥᠵᠥᠷ ᠠᠪᠴᠤ ᠪᠣᠯᠤᠨ᠎ᠠ᠃ ᠭᠡᠬᠦ ᠳ᠋ᠡᠭᠡᠨ ᠫᠤᠤᠳᠠᠭᠰᠠᠨ ᠰᠤᠮᠤᠨ ᠠ᠋ᠴᠠ ᠥᠭᠡᠷ᠎ᠡ ᠶᠠᠭᠤ ᠴᠤ᠌ ᠪᠣᠳᠣᠵᠤ ᠪᠣᠯᠬᠤ ᠦᠭᠡᠢ ᠰᠢᠦ ᠳᠡ ᠭᠡᠵᠦ ᠭᠣᠮᠪᠣ᠂ ᠨᠠᠢᠳᠠᠨ ᠳ᠋ᠤ᠌ ᠬᠠᠨᠳᠤᠨ ᠬᠡᠯᠡᠯ᠎ᠡ᠃
ᠶᠣᠰᠣᠯᠠᠯ ᠳ᠋ᠤ᠌ ᠣᠷᠣᠯᠴᠠᠵᠤ ᠪᠠᠢᠭ᠎ᠠ ᠪᠠᠢᠳᠠᠯ ᠲᠠᠢ ᠶᠡᠬᠡ ᠤᠳᠠᠭᠠᠯᠢᠭ ᠢ᠋ᠶ᠋ᠠᠷ ᠪᠢ ᠬᠥᠵᠥᠷ ᠢ᠋ᠶ᠋ᠡᠨ ᠨᠢᠭᠡ ᠨᠢᠭᠡ ᠪᠡᠷ ᠨᠢ ᠰᠢᠷᠢᠳᠡᠭ ᠳᠡᠭᠡᠷ᠎ᠡ ᠳᠡᠯᠭᠡᠨ ᠲᠠᠯᠪᠢᠵᠤ ᠪᠠᠢᠯ᠎ᠠ᠃ ᠬᠠᠶᠠ ᠵᠠᠷᠢᠮ ᠪᠣᠳᠣᠯᠬᠢᠯᠠᠬᠤ ᠴᠢᠬᠤᠯᠠ ᠲᠠᠢ ᠦᠶ᠎ᠡ ᠳ᠋ᠡᠭᠡᠨ ᠵᠣᠭᠰᠣᠰᠬᠢᠨ ᠪᠣᠳᠣᠯᠬᠢᠯᠠᠵᠤ ᠲᠠᠯᠪᠢᠭᠰᠠᠭᠠᠷ ᠪᠠᠢᠪᠠ ᠃ ᠪᠦᠰᠡᠭᠦᠢ ᠬᠡᠦᠬᠡᠳ ᠬᠦᠷᠲᠡᠯ᠎ᠡ ᠡᠴᠦᠰ ᠦ᠋ᠨ ᠰᠢᠢᠳ ᠢ᠋ ᠦᠵᠡᠬᠦ ᠪᠡᠷ ᠮᠢᠨᠦ ᠭᠡᠷ ᠲᠦ᠍ ᠳᠦᠭᠦᠷᠲᠡᠯ᠎ᠡ ᠪᠡᠨ ᠢᠷᠡᠵᠡᠭᠡᠭᠰᠡᠨ ᠪᠠᠢᠪᠠ᠃ ᠬᠠᠮᠤᠭ ᠤ᠋ᠨ ᠰᠡᠭᠦᠯᠴᠢ ᠶ᠋ᠢᠨ ᠬᠥᠵᠥᠷ ᠢ᠋ᠶ᠋ᠡᠨ ᠲᠠᠯᠪᠢᠭᠰᠠᠨ ᠤ᠋ ᠳᠠᠷᠠᠭ᠎ᠠ ᠪᠢ ᠨᠡᠯᠢᠶᠡᠳ ᠬᠠᠷᠠᠵᠤ ᠪᠠᠢᠭᠰᠠᠨ ᠢ᠋ᠶ᠋ᠠᠨ᠄
— ᠲᠠᠨ ᠤ᠋ ᠬᠣᠶᠠᠷ ᠤ᠋ᠨ ᠠᠯᠢ ᠨᠢ ᠴᠦ᠍ ᠵᠥᠪ ᠪᠢᠰᠢ ᠳᠡ᠃ ᠬᠠᠷᠠᠭᠠᠴᠢ ᠳᠠ ! ᠴᠡᠴᠡᠭ ᠦ᠋ᠨ ᠠᠷᠪᠠᠨ ᠭᠤᠷᠪᠠ ᠪᠣᠯᠤᠨ ᠳᠥᠷᠪᠡᠯᠵᠢᠨ ᠠᠷᠪᠠᠨ ᠭᠤᠷᠪᠠ ᠶ᠋ᠢᠨ ᠳᠤᠮᠳᠠ ᠨᠢ ᠲᠣᠭᠣᠷ ᠤ᠋ᠨ ᠠᠷᠪᠠᠨ ᠬᠣᠶᠠᠷ – ᠬᠠᠲᠤᠨ ᠪᠠᠢᠨ᠎ᠠ᠃ ᠬᠣᠶᠠᠳᠤᠭᠠᠷ ᠲᠤ᠌ ᠠᠯᠠᠭᠰᠠᠨ ᠨᠢ ᠥᠯᠥᠭᠴᠢᠨ ᠴᠢᠨᠣ᠎ᠠ ᠪᠠᠢᠭᠰᠠᠨ ᠶᠤᠮ ᠤᠤ? ᠭᠡᠵᠦ ᠠᠰᠠᠭᠤᠯ᠎ᠠ᠃
— ᠲᠡᠢᠮᠦ᠂ ᠥᠯᠥᠭᠴᠢᠨ ᠴᠢᠨᠣ᠎ᠠ ᠪᠠᠢᠭᠰᠠᠨ ᠭᠡᠵᠦ ᠵᠦᠭ ᠪᠦᠷᠢ ᠡᠴᠡ ᠬᠠᠷᠢᠭᠤᠯᠵᠠᠭᠠᠪᠠ᠃
— ᠵᠠ ᠲᠡᠢᠮᠦ ᠪᠣᠯ ᠰᠠᠢᠨ ᠪᠣᠯᠵᠠᠢ᠂ ᠬᠥᠵᠥᠷ ᠦ᠋ᠨ ᠳᠡᠯᠭᠡᠴᠡ ᠡᠴᠡ ᠬᠠᠷᠠᠬᠤ ᠳ᠋ᠤ᠌ ᠲᠠᠨ ᠤ᠋ ᠬᠣᠶᠠᠷ ᠤ᠋ᠨ ᠰᠤᠮᠤ ᠵᠡᠷᠭᠡ ᠳ᠋ᠡᠭᠡᠨ ᠣᠨᠣᠭᠠᠭᠰᠠᠨ ᠪᠠᠢᠨ᠎ᠠ᠃
— ᠶᠠᠭ ᠯᠠ ᠳᠠ ᠭᠡᠵᠦ ᠷᠠᠰᠢ ᠠᠶᠠᠳᠠᠨ ᠳᠤᠤᠭᠠᠷᠪᠠ᠃
— ᠬᠡᠷᠪᠡ ᠲᠠᠨ ᠤ᠋ ᠬᠣᠶᠠᠷ ᠤ᠋ᠨ ᠰᠤᠮᠤ ᠵᠡᠷᠭᠡ ᠲᠤᠰᠤᠭᠰᠠᠨ ᠪᠣᠯ ᠡᠨᠡ ᠬᠣᠶᠠᠷ ᠰᠤᠮᠤ ᠠᠪ ᠠᠳᠠᠯᠢᠬᠠᠨ᠃ ᠡᠢᠮᠦ ᠡᠴᠡ ᠭᠣᠮᠪᠣ ᠠᠷᠠᠰᠤ ᠶ᠋ᠢ ᠠᠪᠴᠤ ᠨᠠᠢᠳᠠᠨ ᠴᠤ᠌ ᠬᠣᠶᠠᠷ ᠰᠤᠮᠤ ᠲᠠᠢ ᠪᠣᠯᠬᠤ ᠪᠣᠯᠤᠨ᠎ᠠ᠃
ᠡᠨᠡ ᠬᠦ᠌ ᠰᠢᠢᠳ ᠢ᠋ ᠬᠥᠮᠦᠰ ᠴᠥᠮ ᠪᠠᠶᠠᠷᠲᠠᠢ ᠪᠠᠷ ᠬᠦᠯᠢᠶᠡᠨ ᠠᠪᠤᠭᠰᠠᠨ ᠪᠥᠭᠡᠳ ᠷᠠᠰᠢ ᠬᠣᠭᠣᠰᠣᠷᠠᠭᠰᠠᠨ ᠠᠶᠠᠭᠠᠨ ᠳ᠋ᠤ᠌ ᠠᠬᠢᠨ ᠠᠷᠢᠬᠢ ᠨᠡᠮᠡᠵᠦ ᠥᠭᠭᠦᠯ᠎ᠡ᠃ ᠭᠣᠮᠪᠣ ᠭᠡᠷ ᠦ᠋ᠨ ᠲᠤᠭᠤᠷᠭ᠎ᠠ ᠶ᠋ᠢ ᠳᠥᠰᠢᠨ ᠰᠠᠭᠤᠵᠤ ᠪᠠᠢᠭᠰᠠᠨ ᠢ᠋ᠶ᠋ᠠᠨ ᠨᠠᠳᠠ ᠤᠷᠤᠭᠤ ᠬᠠᠨᠳᠤᠨ:
— ᠲᠡᠭᠡᠪᠡᠯ ᠴᠢᠨᠦ ᠪᠤᠷᠬᠠᠨ ᠠ᠋ᠴᠠ ᠪᠠᠨ ᠠᠰᠠᠭᠤᠵᠤ ᠦᠵᠡᠭᠡᠴᠢ ᠳᠡ ! ᠡᠭᠦᠷ ᠲᠦ᠍ ᠴᠣᠬᠣᠮ ᠬᠡᠳᠦᠢ ᠪᠡᠯᠲᠡᠷᠭᠡ ᠪᠠᠢᠭ᠎ᠠ ᠪᠣᠯ ? ᠭᠡᠵᠦ ᠠᠰᠠᠭᠤᠯ᠎ᠠ᠃ ᠪᠢ ᠬᠥᠵᠥᠷ ᠢ᠋ᠶ᠋ᠡᠨ ᠠᠯᠭᠤᠷᠬᠠᠨ ᠬᠣᠷᠢᠶᠠᠨ ᠠᠪᠴᠤ ᠴᠠᠭᠠᠰᠢ ᠲᠠᠯᠪᠢᠭᠰᠠᠨ ᠢ᠋ᠶ᠋ᠠᠨ ᠲᠡᠭᠦᠨ ᠦ᠌ ᠦᠭᠡ ᠶ᠋ᠢ ᠠᠩᠵᠠᠭᠠᠷᠠᠭᠰᠠᠨ ᠦᠭᠡᠢ ᠮᠡᠲᠦ ᠪᠡᠷ:
— ᠪᠤᠷᠬᠠᠨ ᠳ᠋ᠤ᠌ ᠡᠢᠮᠦ ᠪᠠᠭ᠎ᠠ ᠠᠰᠠᠭᠤᠳᠠᠯ ᠲᠠᠯᠪᠢᠵᠤ ᠳᠠᠷᠤᠭᠠᠰᠤ ᠥᠭᠴᠦ ᠪᠣᠯᠬᠤ ᠦᠭᠡᠢ ᠰᠢᠦ ᠳᠡ᠂ ᠮᠠᠷᠭᠠᠰᠢ ᠥᠷᠯᠥᠭᠡ ᠶ᠋ᠢ ᠴᠦ᠍ ᠬᠦᠯᠢᠶᠡᠵᠦ ᠳᠡᠢᠯᠬᠦ ᠪᠡᠨ ᠪᠠᠢᠳᠠᠭ ᠨᠢ ᠶᠠᠮᠠᠷ ᠬᠡᠦᠬᠡᠳ ᠪᠢᠰᠢ ᠳᠡ ᠭᠡᠵᠦ ᠵᠢᠮᠡᠯᠡᠭᠰᠡᠨ ᠮᠠᠶᠢᠭ ᠢ᠋ᠶ᠋ᠠᠷ ᠬᠠᠷᠢᠭᠤᠯᠪᠠ᠃
ᠭᠣᠮᠪᠣ ᠠᠷᠭ᠎ᠠ ᠪᠠᠨ ᠪᠠᠷᠠᠭᠰᠠᠨ ᠮᠠᠶᠢᠭᠲᠠᠢ ᠤᠬᠤᠷᠢᠨ ᠰᠠᠭᠤᠬᠤ ᠳ᠋ᠠᠭᠠᠨ ᠰᠡᠵᠢᠭᠯᠡᠯ ᠲᠡᠢ ᠨᠢᠳᠦ ᠪᠡᠷ ᠨᠠᠮᠠᠶ᠋ᠢ ᠬᠠᠷᠠᠭᠰᠠᠭᠠᠷ ᠪᠠᠢᠪᠠ᠃ ᠪᠤᠰᠤᠳ ᠨᠢ ᠬᠠᠷᠢᠨ ᠮᠢᠨᠦ ᠬᠡᠯᠡᠬᠦ ᠶ᠋ᠢ ᠲᠣᠯᠣᠭᠠᠢ ᠳᠣᠬᠢᠨ ᠵᠥᠪᠰᠢᠶᠡᠷᠡᠵᠡᠭᠡᠵᠦ᠂ ᠦᠬᠡᠷ ᠲᠡᠷᠭᠡᠨ ᠦ᠌ ᠪᠤᠴᠠᠨ ᠢᠷᠡᠬᠦ ᠶ᠋ᠢ ᠦᠵᠡᠬᠦ ᠪᠡᠷ ᠶᠠᠭᠠᠷᠠᠨ ᠭᠠᠷᠴᠠᠭᠠᠪᠠ᠃
ᠮᠠᠷᠭᠠᠰᠢ ᠥᠷᠯᠥᠭᠡ ᠨᠢ ᠬᠣᠶᠠᠷ ᠴᠢᠨᠣ᠎ᠠ ᠶ᠋ᠢᠨ ᠠᠷᠠᠰᠤ ᠶ᠋ᠢ ᠨᠢᠭᠡᠨᠲᠡ ᠥᠪᠴᠢᠭᠡᠳ ᠬᠠᠲᠠᠭᠠᠬᠤ ᠪᠠᠷ ᠳᠡᠯᠭᠡᠨ ᠲᠠᠯᠪᠢᠭᠰᠠᠨ ᠦᠶ᠎ᠡ ᠳ᠋ᠦ᠍ ᠵᠢᠩᠷᠤᠪ ᠠᠯᠢᠶᠠᠬᠠᠨ ᠴᠢᠷᠠᠢ ᠲᠠᠢ ᠪᠠᠷ ᠣᠷᠣᠵᠤ ᠢᠷᠡᠭᠡᠳ ᠮᠠᠭᠤᠬᠠᠢ ᠰᠢᠯᠪᠤᠯᠤᠭᠰᠠᠨ ᠭᠠᠷ ᠢ᠋ᠶ᠋ᠠᠨ ᠨᠠᠭᠠᠰᠢ ᠪᠠᠨ ᠰᠤᠩᠭᠠᠵᠤ:
— ᠨᠠᠳᠠ ᠳ᠋ᠤ᠌ ᠪᠠᠭ᠎ᠠ ᠡᠮ ᠲᠦᠷᠬᠢᠵᠦ ᠥᠭᠭᠦᠭᠡᠴᠢ ! ᠪᠡᠯᠲᠡᠷᠭᠡ ᠶ᠋ᠢ ᠮᠠᠯᠲᠠᠵᠤ ᠭᠠᠷᠭᠠᠨ᠎ᠠ ᠭᠡᠳᠡᠭ ᠲᠡᠢᠮᠦ ᠠᠮᠠᠷᠬᠠᠨ ᠶᠠᠭᠤᠮ᠎ᠠ ᠪᠢᠰᠢ ᠪᠠᠢᠨ᠎ᠠ᠂ ᠪᠡᠶ᠎ᠡ ᠪᠡᠨ ᠬᠠᠮᠠᠭᠠᠯᠠᠵᠤ ᠡᠰᠡᠷᠭᠦᠴᠡᠭᠡᠳ ᠯᠡ ᠪᠠᠢᠨ᠎ᠠ᠃ ᠡᠴᠦᠰ ᠲᠦ᠋ᠨᠢ ᠬᠦᠷᠵᠡ ᠪᠡᠷ ᠴᠣᠬᠢᠵᠤ ᠮᠠᠨᠠᠷᠠᠭᠤᠯᠤᠭᠠᠳ ᠰᠠᠶᠢ ᠭᠠᠷᠭᠠᠵᠤ ᠲᠠᠢᠯᠪᠠ ᠭᠡᠵᠦ ᠶᠠᠷᠢᠪᠠ᠃
— ᠬᠡᠳᠦ ᠪᠠᠢᠨ᠎ᠠ ᠪᠣᠢ ?
— ᠳᠥᠷᠪᠡ᠂ ᠲᠠ ᠣᠴᠢᠵᠤ ᠦᠵᠡᠨ᠎ᠡ ᠤᠤ ?
— ᠤᠷᠢᠳ ᠢ᠋ᠶ᠋ᠠᠷ ᠢᠷᠡᠭᠡᠳ ᠭᠠᠷ ᠢ᠋ᠶ᠋ᠠᠨ ᠤᠬᠢᠶᠠᠭᠠᠴᠢ ᠳᠠ᠂ ᠲᠡᠷᠡ ᠪᠡᠯᠲᠡᠷᠭᠡ ᠣᠳᠣ ᠶᠠᠮᠠᠷ ᠳᠤᠲᠠᠭᠠᠵᠤ ᠴᠢᠳᠠᠬᠤ ᠴᠤ᠌ ᠪᠢᠰᠢ ! ᠪᠢ ᠵᠠᠯᠠᠭᠤ ᠶ᠋ᠢᠨ ᠰᠢᠯᠪᠤᠷᠠᠭᠰᠠᠨ ᠰᠢᠷᠬᠠᠨ ᠳᠡᠭᠡᠷ᠎ᠡ ᠢᠣᠳ᠋ ᠲᠦᠷᠬᠢᠵᠦ ᠥᠭᠬᠦ ᠳ᠋ᠦ᠍ ᠥᠨᠳᠥᠷ ᠳᠠᠭᠤᠨ ᠢ᠋ᠶ᠋ᠠᠷ ᠶᠣᠣᠯᠠᠨ ᠭᠠᠷ ᠢ᠋ᠶ᠋ᠠᠨ ᠲᠡᠳᠡᠨ ᠠᠪᠴᠤ ᠪᠠᠢᠪᠠ᠃ ᠨᠠᠮᠠᠶ᠋ᠢ ᠲᠡᠨᠳᠡ ᠬᠦᠷᠬᠦ ᠳ᠋ᠦ᠍ ᠨᠣᠣᠰᠣᠨ ᠪᠥᠮᠪᠥᠭᠡ ᠰᠢᠭ ᠪᠡᠯᠲᠡᠷᠭᠡ ᠨᠦ᠍ᠭᠦᠳ ᠢ᠋ ᠨᠢᠭᠡᠨᠲᠡ ᠠᠯᠠᠭᠰᠠᠨ ᠪᠠᠢᠪᠠ᠃
— ᠬᠠᠢᠷᠠᠨ ᠶᠠᠭᠤᠮ᠎ᠠ ᠳᠠ᠃ ᠪᠢ ᠬᠠᠷᠢᠨ ᠲᠡᠳᠡᠨ ᠡᠴᠡ ᠨᠢᠭᠡ ᠶ᠋ᠢ ᠨᠢ ᠲᠡᠵᠢᠭᠡᠵᠦ ᠪᠡᠭᠡᠵᠢᠩ ᠳ᠋ᠦ᠍ ᠠᠪᠠᠴᠢᠶ᠎ᠠ ᠭᠡᠵᠦ ᠪᠣᠳᠣᠵᠤ ᠪᠠᠢᠭᠰᠠᠨ ᠶᠤᠮ ᠭᠡᠵᠦ ᠷᠠᠰᠢ ᠳ᠋ᠤ᠌ ᠬᠡᠯᠡᠯ᠎ᠡ᠃
— ᠠᠶᠤᠯᠲᠠᠢ ᠰᠢᠦ ! ᠬᠡᠷᠪᠡ ᠠᠯᠢ ᠨᠢᠭᠡᠨ ᠡᠳᠦᠷ ᠳᠤᠲᠠᠭᠠᠵᠤ ᠭᠠᠷᠤᠭᠠᠳ ᠬᠥᠮᠦᠨ ᠦ᠌ ᠬᠣᠨᠢᠨ ᠳ᠋ᠤ᠌ ᠣᠷᠣᠬᠤ ᠳ᠋ᠤ᠌ ᠬᠦᠷᠪᠡᠯ ᠴᠢ ᠲᠥᠯᠥᠪᠦᠷᠢ ᠳ᠋ᠦ᠍ ᠣᠷᠣᠨ᠎ᠠ ᠰᠢᠦ᠂ ᠠᠯᠠᠭᠰᠠᠨ ᠳ᠋ᠠᠭᠠᠨ ᠳᠡᠭᠡᠷ᠎ᠡ!
— ᠲᠠ ᠨᠠᠷ ᠤ᠋ᠨ ᠱᠠᠰᠢᠨ ᠳ᠋ᠤ᠌ ᠨᠢᠯᠬ᠎ᠠ ᠠᠮᠢᠲᠠᠨ ᠢ᠋ ᠠᠯᠠᠵᠤ ᠪᠣᠯᠤᠨ᠎ᠠ ᠭᠡᠵᠦ ᠲᠣᠭᠲᠠᠭᠠᠭᠰᠠᠨ ᠵᠦᠢᠯ ᠪᠠᠢᠨ᠎ᠠ ᠤᠤ?
— ᠴᠢᠨᠣ᠎ᠠ ᠪᠢᠳᠡᠨ ᠦ᠌ ᠬᠣᠨᠢᠳ ᠢ᠋ ᠲᠠᠲᠠᠭᠰᠠᠨ ᠢ᠋ ᠪᠤᠷᠬᠠᠨ ᠴᠤ᠌ ᠮᠡᠳᠡᠨ᠎ᠡ ᠰᠢᠦ ᠳᠡ᠃ ᠨᠢᠭᠡ ᠴᠢᠨᠣ᠎ᠠ ᠪᠣᠯᠤᠨ ᠠᠷᠪᠠᠨ ᠬᠣᠨᠢᠨ ᠤ᠋ ᠠᠯᠢ ᠨᠢ ᠬᠡᠷᠡᠭ ᠲᠡᠢ ᠪᠣᠢ? ᠮᠥᠨ ᠲᠡᠭᠡᠭᠡᠳ ᠪᠢᠳᠡ ᠠᠩ ᠤ᠋ᠨ ᠳᠠᠷᠠᠭ᠎ᠠ ᠡᠳᠦᠷ ᠨᠢ ᠪᠤᠷᠬᠠᠨ ᠢ᠋ᠶ᠋ᠠᠨ ᠲᠤᠲᠤᠷᠭ᠎ᠠ ᠪᠣᠯᠤᠨ ᠮᠢᠬ᠎ᠠ ᠪᠠᠷ ᠳᠠᠬᠢᠳᠠᠭ ᠰᠢᠦ ᠳᠡ᠃ ᠶᠠᠭᠤ ᠭᠡᠵᠦ ᠪᠤᠷᠬᠠᠨ ᠪᠢᠳᠡᠨ ᠤ ᠬᠣᠶᠠᠷ ᠴᠢᠨᠣ᠎ᠠ ᠪᠠ ᠳᠥᠷᠪᠡᠨ ᠪᠡᠯᠲᠡᠷᠭᠡ ᠠᠯᠠᠭᠰᠠᠨ ᠳ᠋ᠤ᠌ ᠠᠭᠤᠷᠯᠠᠨ ᠬᠢᠯᠢᠩᠨᠡᠬᠦ ᠪᠢᠯᠡ? ᠭᠡᠵᠦ ᠷᠠᠰᠢ ᠪᠠᠲᠤᠲᠠᠢ ᠬᠡᠯᠡᠯ᠎ᠡ᠃
