ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠲᠠᠪᠤ) Сэрүүхэн тал нутаг–<свис> Вальтер Босгард (Walter Bosshard)- Дөрөвдүгээр бөлөг 5
ᠲᠠᠪᠤ ᠂ ᠷᠥᠭᠵᠢᠳᠮᠡ ᠪᠣᠯᠤᠨ ᠳᠠᠯᠤ ᠰᠢᠨᠵᠢᠭᠡᠴᠢ

ᠵᠢᠷᠤᠭ 80 ᠮᠠᠨᠳᠠᠯᠲᠤ ᠶᠢᠨ ᠰᠦᠮ᠎ᠡ ᠶᠢᠨ ᠯᠠᠮᠠ ᠨᠠᠷ
ᠭᠡᠬᠦ ᠳ᠋ᠦ᠍ ᠥᠷᠯᠥᠭᠡ ᠳ᠋ᠦ᠍ᠨᠢ ᠤᠨᠲᠠᠶ᠎ᠠ ᠭᠡᠵᠦ ᠬᠦᠰᠡᠵᠦ ᠪᠠᠢᠭ᠎ᠠ ᠦᠶ᠎ᠡ ᠳ᠋ᠦ᠍ ᠭᠠᠭᠴᠠᠬᠠᠨ ᠵᠦᠢᠯ ᠨᠢ ᠨᠠᠮᠠᠶ᠋ᠢ ᠬᠠᠷᠰᠢᠯᠠᠭᠠᠳ ᠪᠠᠢᠨ᠎ᠠ᠃ ᠮᠢᠨᠦ ᠪᠠᠢᠷᠢ ᠠ᠋ᠴᠠ ᠬᠣᠯᠠ ᠦᠭᠡᠢ ᠥᠨᠳᠥᠷ ᠳᠡᠨᠵᠢᠨ ᠳᠡᠭᠡᠷ᠎ᠡ ᠪᠠᠢᠭ᠎ᠠ ᠶᠠᠨᠰᠠᠨ ᠡᠪᠦᠭᠡᠨ ᠦ᠌ ᠲᠠᠷᠭᠤᠨ ᠬᠥᠭᠰᠢᠨ ᠨᠢ ᠰᠠᠷ᠎ᠠ ᠶ᠋ᠢᠨ ᠡᠮᠦᠨ᠎ᠡ ᠪᠤᠷᠬᠠᠨ ᠪᠣᠯᠪᠠ᠃ ᠲᠡᠨᠳᠡ ᠡᠴᠡ ᠬᠣᠢᠰᠢ ᠲᠡᠳᠡᠨ ᠦ᠌ ᠬᠢᠨ ᠳ᠋ᠦ᠍ ᠨᠢᠭᠡ ᠪᠦᠯᠦᠭ ᠯᠠᠮᠠ ᠨᠠᠷ ( ᠵᠢᠷᠤᠭ 80 ) ᠢᠷᠡᠭᠡᠳ ᠢᠳᠡᠵᠦ ᠤᠤᠭᠤᠨ ᠶᠠᠷᠢᠯᠳᠤᠬᠤ ᠪᠣᠯᠵᠠᠢ᠃ ᠥᠷᠯᠥᠭᠡ ᠡᠷᠲᠡ ᠨᠠᠷᠠ ᠭᠠᠷᠬᠤ ᠠ᠋ᠴᠠ ᠬᠣᠯᠠ ᠡᠮᠦᠨ᠎ᠡ ᠯᠠᠮᠠ ᠨᠠᠷ ᠥᠨᠳᠥᠷ ᠥᠳᠬᠡᠨ ᠬᠣᠭᠣᠯᠠᠢ ᠪᠠᠷ ᠨᠣᠮ ᠤᠩᠰᠢᠵᠤ ᠡᠬᠢᠯᠡᠨ᠎ᠡ᠃
— ᠲᠡᠳᠡ ᠷᠥᠭᠵᠢᠳᠮᠡ ᠶ᠋ᠢ ᠬᠠᠪᠰᠤᠷᠤᠨ ᠪᠡᠷᠲᠦ ᠶ᠋ᠢ ᠲᠤᠭᠤᠯᠤᠭᠤᠯᠵᠤ ᠪᠠᠢᠭ᠎ᠠ ᠨᠢ ᠡᠨᠡ ᠠ᠋᠃ ᠡᠨᠡ ᠪᠣᠯ ᠬᠣᠯᠠ ᠮᠥᠷᠲᠡᠭᠡᠨ ᠬᠦᠴᠢᠷᠲᠡᠢ ᠠᠶᠠᠯᠠᠯ ᠰᠢᠦ ᠳᠡ᠃ ᠷᠥᠭᠵᠢᠳᠮᠡ ᠯᠠᠮᠠ ᠪᠠᠭᠰᠢ ᠨᠠᠷ ᠤ᠋ᠨ ᠨᠣᠮ ᠤ᠋ᠨ ᠶᠣᠰᠣ ᠶ᠋ᠢ ᠬᠠᠶᠠ ᠵᠠᠷᠢᠮ ᠳ᠋ᠠᠭᠠᠨ ᠳᠠᠭᠠᠳᠠᠭ ᠦᠭᠡᠢ ᠶᠦᠮ᠃ ᠷᠥᠭᠵᠢᠳᠮᠡ ᠲᠠᠩᠳᠠ ᠪᠠᠨ ᠳ᠋ᠠᠷᠮᠠᠺᠠᠶᠠ ᠪᠤᠷᠬᠠᠨ ᠤ᠋ ᠵᠠᠮ ᠮᠥᠷ ᠡᠴᠡ ᠰᠠᠯᠵᠤ ᠶᠠᠪᠤᠳᠠᠭ᠂ ᠰᠢᠷ᠎ᠠ ᠶ᠋ᠢᠨ ᠱᠠᠰᠢᠨ ᠢ᠋ ᠲᠡᠢᠮᠦ ᠰᠠᠢᠨ ᠢᠳᠡᠭᠡᠨ ᠪᠢᠰᠢᠷᠡᠳᠡᠭ ᠦᠭᠡᠢ ᠪᠥᠭᠡᠳ ᠳ᠋ᠧᠪᠠᠵᠠᠨ ᠤ᠋ ᠣᠷᠣᠨ ᠳ᠋ᠤ᠌ ᠬᠦᠷᠬᠦ ᠵᠠᠮ ᠢ᠋ ᠲᠠᠨᠢᠳᠠᠭ ᠦᠭᠡᠢ ᠶᠦᠮ᠃ ᠬᠠᠶᠠ ᠵᠠᠷᠢᠮ ᠳ᠋ᠠᠭᠠᠨ ᠲᠡᠷᠡ ᠬᠥᠮᠦᠰ ᠲᠦ᠍ ᠨᠥᠬᠥᠷᠰᠡᠭ ᠪᠤᠰᠤ ᠬᠠᠲᠠᠭᠤ ᠬᠠᠨᠳᠤᠳᠠᠭ ᠪᠥᠭᠡᠳ ᠪᠠᠰᠠ ᠬᠠᠷᠠᠮᠴᠢ ᠨᠠᠷᠢᠨ ᠪᠠᠢᠳᠠᠭ᠃ ᠣᠳᠣ ᠮᠠᠨᠳᠠᠯᠲᠤ ᠶ᠋ᠢᠨ ᠰᠦᠮ᠎ᠡ ᠶ᠋ᠢᠨ ᠯᠠᠮᠠ ᠨᠠᠷ ᠲᠡᠭᠦᠨ ᠳ᠋ᠦ᠍ ᠪᠠᠷᠲᠤ ᠶ᠋ᠢᠨ ᠬᠠᠷᠠᠩᠭᠤᠢ ᠵᠠᠮ ᠢ᠋ ᠭᠡᠲᠦᠯᠬᠦ ᠵᠠᠮ ᠮᠥᠷ ᠢ᠋ ᠨᠢ ᠵᠢᠭᠠᠨ ᠥᠭᠴᠦ᠂ ᠲᠡᠭᠦᠨ ᠳ᠋ᠦ᠍ ᠵᠣᠷᠢᠭ ᠰᠥᠰᠥ ᠥᠭᠴᠦ᠂ ᠠᠶᠤᠮᠠᠷ ᠰᠦᠷᠡᠬᠡᠢ ᠠᠳᠠ ᠴᠢᠳᠬᠥᠷ ᠪᠠ ᠬᠠᠴᠢᠨ ᠰᠣᠨᠢᠨ ᠦᠵᠡᠭᠳᠡᠯ ᠡᠴᠡ ᠠᠶᠤᠬᠤ ᠦᠭᠡᠢ ᠪᠣᠯᠭᠠᠨ᠎ᠠ ᠭᠡᠵᠦ ᠪᠠᠢᠭ᠎ᠠ᠃ ᠯᠠᠮᠠ ᠨᠠᠷ ᠪᠠᠰᠠ ᠯᠢᠩᠬᠤ᠎ᠠ ᠴᠡᠴᠡᠭ ᠦ᠋ᠨ ᠳᠡᠯᠪᠢ ᠳᠡᠭᠡᠷ᠎ᠡ ᠮᠡᠨᠳᠦᠯᠡᠭᠰᠡᠨ ᠬᠤᠪᠢᠯᠭᠠᠨ ᠪᠠᠳᠮᠠᠰᠠᠮᠪᠠᠸᠠ ᠶ᠋ᠢᠨ ᠡᠨᠡᠷᠢᠯ ᠥᠷᠥᠰᠢᠶᠡᠯ ᠢ᠋ ᠳᠠᠭᠤᠳᠠᠨ ᠠᠪᠴᠢᠷᠠᠵᠤ᠂ ᠷᠦᠭᠵᠢᠳᠮᠠ ᠶ᠋ᠢᠨ ᠰᠦᠨᠡᠰᠦ ᠶ᠋ᠢ ᠠᠪᠤᠷᠠᠨ᠎ᠠ ᠭᠡᠵᠦ ᠪᠠᠢᠨ᠎ᠠ᠃
— ᠲᠡᠷᠡ ᠬᠥᠭᠡᠷᠦᠬᠦᠢ ᠡᠮᠡᠭᠡᠨ ᠵᠥᠪ ᠵᠠᠮ ᠢ᠋ᠶ᠋ᠠᠨ ᠣᠯᠵᠤ ᠳᠡᠢᠯᠬᠦ ᠦᠭᠡᠢ ᠬᠦᠴᠢᠷᠳᠡᠵᠦ ᠪᠠᠢᠭ᠎ᠠ ᠨᠢ ᠤᠤ ?
— ᠬᠠᠷᠠᠭᠠᠴᠢ ᠳᠠ ! ᠠᠮᠢᠳᠤᠷᠠᠯ ᠤ᠋ᠨ ᠬᠦᠴᠦᠨ ᠴᠢᠳᠠᠯ ᠨᠢ ᠲᠡᠭᠦᠨ ᠦ᠌ ᠵᠡᠭᠦᠨ ᠨᠢᠳᠦ ᠪᠡᠷ ᠨᠢ ᠳᠤᠲᠠᠭᠠᠨ ᠭᠠᠷᠪᠠ᠃ ᠡᠨᠡ ᠪᠣᠯ ᠮᠠᠭᠤ ᠰᠤᠪᠢᠨ ᠰᠢᠦ᠃ ᠲᠡᠭᠦᠨ ᠦ᠌ ᠮᠠᠭᠤᠬᠠᠢ ᠪᠣᠳᠣᠯ ᠤ᠋ᠨ ᠬᠢᠨᠢ ᠬᠠᠷ᠎ᠠ ᠪᠥᠮᠪᠥᠭᠡ ᠨᠢ ᠡᠷᠢᠵᠦ ᠪᠠᠢᠭ᠎ᠠ ᠴᠠᠢᠯᠭᠠᠨ ᠰᠠᠢᠬᠠᠨ ᠰᠡᠳᠬᠢᠯ ᠢ᠋ ᠨᠢ ᠬᠦᠨᠳᠦ ᠭᠡᠭᠴᠢ ᠳᠠᠷᠤᠵᠠᠢ᠃
— ᠬᠥᠮᠦᠨ ᠦ᠌ ᠮᠠᠭᠤ ᠪᠣᠳᠣᠯ ᠢ᠋ ᠬᠡᠨ ᠲᠠᠨᠢᠳᠠᠭ ᠪᠣᠢ? ᠭᠡᠵᠦ ᠪᠢ ᠨᠠᠰᠤ ᠪᠠᠷᠠᠭᠰᠠᠨ ᠬᠥᠮᠦᠨ ᠢ᠋ ᠥᠮᠥᠭᠯᠡᠨ ᠬᠡᠯᠡᠬᠦ ᠳ᠋ᠦ᠍ ᠷᠠᠰᠢ ᠲᠣᠭᠲᠠᠪᠤᠷᠢ ᠦᠭᠡᠢ ᠪᠣᠯᠵᠤ ᠬᠣᠯᠬᠣᠯᠵᠠᠭᠰᠠᠨ ᠢ᠋ᠶ᠋ᠠᠨ ᠳᠤᠭᠤᠢ ᠪᠣᠯᠪᠠ᠃ ᠨᠡᠯᠢᠶᠡᠳ ᠤᠳᠠᠭᠠᠨ ᠳᠠᠭᠤ ᠦᠭᠡᠢ ᠪᠣᠳᠣᠯᠬᠢᠯᠠᠵᠤ ᠪᠠᠢᠭ᠎ᠠ ᠨᠢ ᠯᠠᠪ ᠡᠨᠡ ᠶᠠᠷᠢᠶ᠎ᠠ ᠪᠠᠨ ᠦᠷᠭᠦᠯᠵᠢᠯᠡᠭᠦᠯᠬᠦ ᠡᠰᠡᠬᠦ ᠳ᠋ᠡᠭᠡᠨ ᠡᠷᠡᠭᠡᠯᠵᠡᠵᠦ ᠪᠠᠢᠭ᠎ᠠ ᠪᠣᠯᠤᠯᠲᠠᠢ᠃
— ᠣᠯᠠᠨ ᠵᠢᠯ ᠦ᠋ᠨ ᠡᠮᠦᠨ᠎ᠡ ᠨᠢᠭᠡ ᠪᠠᠳᠢᠷᠴᠢᠨ ᠯᠠᠮᠠ ᠲᠡᠳᠡᠨ ᠦ᠌ ᠳ᠋ᠦ᠍ ᠢᠷᠡᠵᠦ ᠬᠣᠨᠣᠭᠯᠠᠬᠤ ᠶ᠋ᠢ ᠭᠤᠶᠤᠭᠰᠠᠨ ᠳ᠋ᠤ᠌ ᠲᠡᠷᠡ ᠳᠥᠷᠪᠡ ᠬᠣᠨᠣᠭ ᠨᠢᠭᠡ ᠰᠤᠳᠤᠷ ᠢ᠋ ᠤᠩᠰᠢᠭᠤᠯᠤᠭᠰᠠᠨ ᠪᠥᠭᠡᠳ ᠶᠠᠪᠤᠬᠤ ᠦᠶ᠎ᠡ ᠳ᠋ᠦ᠍ᠨᠢ ᠡᠨᠡ ᠪᠤᠶᠠᠨ ᠤ᠋ ᠠᠵᠢᠯ ᠳ᠋ᠤ᠌ ᠶᠠᠮᠠᠷ ᠴᠤ᠌ ᠥᠭᠯᠢᠭᠡ ᠥᠭᠭᠦᠭᠡ ᠦᠭᠡᠢ᠃ ᠨᠢᠭᠡᠨ ᠡᠳᠦᠷ ᠪᠢ ᠰᠢᠷᠦᠭᠦᠨ ᠪᠣᠷᠣᠭᠠᠨ ᠳ᠋ᠤ᠌ ᠳᠠᠭᠠᠷᠢᠭᠳᠠᠭᠠᠳ ᠱᠠᠯ ᠨᠣᠷᠴᠤ ᠲᠡᠳᠡᠨ ᠦ᠌ ᠬᠢᠨ ᠳ᠋ᠦ᠍ ᠬᠦᠷᠴᠦ ᠢᠷᠡᠬᠦ ᠳ᠋ᠦ᠍ ᠨᠠᠳᠠ ᠬᠠᠯᠠᠭᠤᠨ ᠬᠣᠭᠣᠯᠠ ᠴᠠᠢ ᠥᠭᠬᠦ ᠡᠴᠡ ᠡᠮᠦᠨ᠎ᠡ ᠨᠠᠮᠠᠶ᠋ᠢ ᠪᠤᠴᠠᠭᠤᠯᠤᠨ ᠬᠥᠳᠡᠭᠡ ᠪᠠᠢᠭ᠎ᠠ ᠬᠣᠨᠢᠨ ᠰᠦᠷᠦᠭ ᠢ᠋ᠶ᠋ᠡᠨ ᠠᠪᠴᠢᠷᠠᠭᠤᠯᠬᠤ ᠪᠠᠷ ᠶᠠᠪᠤᠭᠤᠯᠪᠠ᠃ ᠡᠳᠡᠭᠡᠷ ᠠᠵᠢᠯᠯᠠᠭ᠎ᠠ ᠨᠢ ᠰᠠᠢᠨ ᠠᠵᠢᠯ ᠭᠡᠵᠢ ᠤᠤ? ᠲᠡᠭᠦᠨ ᠦ᠌ ᠲᠠᠮᠤ ᠠ᠋ᠴᠠ ᠭᠡᠲᠦᠯᠵᠦ ᠲᠥᠷᠥᠯ ᠠᠷᠠᠯᠵᠢᠬᠤ ᠦᠭᠡᠢ ᠪᠠᠢᠬᠤ ᠳ᠋ᠤ᠌ ᠬᠠᠪᠰᠤᠷᠴᠤ ᠳᠡᠢᠯᠦᠨ᠎ᠡ ᠭᠡᠵᠢ ᠤᠤ ? ᠦᠭᠡᠢ ᠰᠢᠦ ! ᠡᠨᠡ ᠶᠢᠷᠲᠢᠨᠴᠦ ᠳ᠋ᠦ᠍ ᠮᠠᠭᠤᠬᠠᠢ ᠳᠤᠷᠠᠰᠢᠯ ᠪᠠ ᠬᠣᠪᠳᠣᠭ ᠰᠢᠨᠤᠬᠠᠢ ᠵᠠᠩ ᠳ᠋ᠤ᠌ ᠠᠪᠲᠠᠭᠰᠠᠨ ᠲᠠᠢ ᠪᠠᠨ ᠠᠳᠠᠯᠢ ᠲᠡᠷᠡ ᠵᠠᠭᠤᠷᠠᠳᠤ ᠶ᠋ᠢᠨ ᠣᠷᠣᠨ ᠤ᠋ ᠪᠤᠳᠤᠩᠭᠤᠢ ᠭᠡᠷᠡᠯ ᠳ᠋ᠦ᠍ ᠪᠠᠢᠬᠤ ᠪᠣᠯᠤᠨ᠎ᠠ᠃ ᠯᠠᠮᠠ ᠨᠠᠷ ᠤ᠋ᠨ ᠨᠣᠮ ᠬᠡᠷᠡᠭ ᠲᠦ᠍ ᠬᠦᠷᠬᠦ ᠦᠭᠡᠢ ᠭᠡᠳᠡᠭ ᠢ ᠪᠢ ᠣᠳᠣ ᠠ᠋ᠴᠠ ᠴᠤ᠌ ᠮᠡᠳᠡᠵᠦ ᠪᠠᠢᠨ᠎ᠠ᠂ ᠲᠡᠭᠦᠨ ᠦ᠌ ᠰᠦᠨᠡᠰᠦ ᠪᠠᠰᠠ ᠨᠡᠯᠢᠶᠡᠳ ᠬᠡᠳᠦᠨ ᠤᠳᠠᠭ᠎ᠠ ᠲᠥᠷᠥᠯ ᠠᠷᠠᠯᠵᠢᠬᠤ ᠬᠡᠷᠡᠭᠲᠡᠢ ᠪᠥᠭᠡᠳ ᠲᠡᠭᠡᠭᠡᠳ ᠰᠠᠶᠢ ᠲᠡᠷᠡ ᠡᠷᠬᠡ ᠴᠢᠯᠥᠭᠡ ᠪᠡᠨ ᠣᠯᠵᠤ ᠪᠤᠷᠬᠠᠨ ᠤ᠋ ᠣᠷᠣᠨ ᠳ᠋ᠤ᠌ ᠬᠦᠷᠬᠦ ᠪᠣᠯᠤᠨ᠎ᠠ ᠭᠡᠵᠦ ᠷᠠᠰᠢ ᠰᠡᠳᠬᠢᠯ ᠳᠣᠭᠳᠣᠯᠤᠨ ᠶᠠᠷᠢᠵᠤ ᠭᠠᠷᠤᠯ᠎ᠠ᠃
ᠭᠠᠳᠠᠨ᠎ᠠ ᠯᠠᠮᠠ ᠨᠠᠷ ᠤ᠋ᠨ ᠴᠢᠷᠮᠠᠢᠯᠲᠠᠲᠠᠢ ᠨᠣᠮ ᠤᠩᠰᠢᠬᠤ ᠳᠠᠭᠤᠨ ᠦᠷᠭᠦᠯᠵᠢᠯᠡᠵᠦ᠂ ᠬᠠᠶᠠ ᠭᠠᠭᠴᠠ ᠨᠢᠭᠡ ᠬᠥᠮᠦᠨ ᠬᠠᠶᠠ ᠣᠯᠠᠭᠤᠯᠠ ᠪᠣᠯᠵᠤ ᠤᠩᠰᠢᠵᠠᠭᠠᠨᠠ᠃ ᠵᠠᠪᠰᠠ᠊ᠷ ᠲᠤᠨᠢ ᠪᠠᠰᠠ ᠬᠠᠶᠠ ᠨᠢᠭᠡ ᠴᠢᠬᠢ ᠭᠠᠳᠠᠮᠠᠷ ᠬᠡᠩᠭᠡᠷᠭᠡ ᠳᠡᠯᠡᠳᠴᠦ ᠭᠠᠷᠤᠨ᠎ᠠ᠃ ᠪᠢᠳᠡ ᠢᠰᠡᠭᠡᠢ ᠳᠡᠭᠡᠷ᠎ᠡ ᠪᠡᠨ ᠳᠠᠭᠤᠨ ᠦᠭᠡᠢ ᠰᠠᠭᠤᠵᠤ᠂ ᠭᠡᠷ ᠡᠴᠡ ᠭᠠᠷᠬᠤ ᠭᠠᠵᠠᠷ ᠡᠷᠢᠨ ᠪᠦᠬᠦᠢ ᠠᠷᠭᠠᠯ ᠤ᠋ᠨ ᠬᠥᠬᠡ ᠤᠲᠤᠭ᠎ᠠ ᠶ᠋ᠢ ᠠᠵᠢᠭᠯᠠᠨ ᠪᠠᠢᠪᠠ᠃
— ᠪᠡᠷᠲᠦ ᠶ᠋ᠢᠨ ᠲᠤᠬᠠᠢ ᠶᠠᠷᠢᠭᠠᠴᠢ ᠳᠠ ! ᠲᠡᠷᠡ ᠵᠠᠭᠤᠷᠠᠳᠤ ᠶ᠋ᠢᠨ ᠶᠢᠷᠲᠢᠨᠴᠦ ᠭᠡᠭᠴᠢ ᠨᠢ ᠶᠠᠮᠠᠷ ᠰᠢᠭ᠋ ᠪᠠᠢᠳᠠᠭ ᠪᠣᠯ ? ᠭᠡᠵᠦ ᠪᠢ ᠭᠤᠶᠤᠪᠠ᠃ ᠷᠠᠰᠢ ᠭᠠᠩᠰᠠᠨ ᠳ᠋ᠠᠭᠠᠨ ᠠᠯᠭᠤᠷᠬᠠᠨ ᠲᠠᠮᠠᠬᠢ ᠪᠠᠨ ᠳᠦᠭᠦᠷᠭᠡᠵᠦ ᠠᠪᠤᠭᠰᠠᠨ ᠢ᠋ᠶ᠋ᠠᠨ᠄
— ᠬᠡᠷᠪᠡ ᠬᠥᠮᠦᠨ ᠤ ᠰᠦᠨᠡᠰᠦ ᠶᠠᠳᠠᠷᠠᠭᠰᠠᠨ ᠪᠥᠭᠡᠳ ᠳ᠋ᠧᠪᠠᠵᠠᠨ ᠳ᠋ᠤ᠌ ᠬᠦᠷᠬᠦ ᠬᠣᠯᠠ ᠠᠶᠠᠯᠠᠯ ᠳ᠋ᠤ᠌ ᠭᠠᠷᠬᠤ ᠶ᠋ᠢ ᠬᠦᠰᠡᠪᠡᠯ ᠵᠠᠪᠠᠯ ᠯᠠᠮᠠ ᠨᠠᠷ ᠢ ᠳᠠᠭᠤᠳᠠᠨ ᠠᠪᠴᠢᠷᠠᠵᠤ᠂ ᠨᠠᠰᠤ ᠪᠠᠷᠠᠭᠰᠠᠨ ᠬᠥᠮᠦᠨ ᠳ᠋ᠦ᠍ ᠨᠣᠮ ᠤᠩᠰᠢᠭᠤᠯᠤᠨ ᠰᠦᠨᠡᠰᠦ ᠶ᠋ᠢ ᠨᠢ ᠵᠥᠪ ᠵᠠᠮ ᠳ᠋ᠤ᠌ ᠬᠥᠲᠥᠯᠦᠨ ᠪᠡᠷᠲᠦ ᠶ᠋ᠢ ᠭᠡᠲᠦᠯᠭᠡᠵᠦ ᠥᠭᠬᠦ ᠬᠡᠷᠡᠭᠲᠡᠢ ᠶᠦᠮ᠃ ᠬᠥᠮᠦᠨ ᠦᠬᠦᠮᠡᠭᠴᠡ ᠲᠡᠭᠦᠨ ᠤ ᠰᠦᠨᠡᠰᠦ ᠨᠢ ᠪᠤᠷᠬᠠᠨ ᠪᠣᠯᠬᠤ ᠬᠦᠰᠡᠯ ᠪᠠ ᠲᠣᠭᠣᠰᠣᠲᠤ ᠶᠢᠷᠲᠢᠨᠴᠦ ᠶ᠋ᠢᠨ ᠬᠦᠰᠡᠯ ᠱᠠᠭᠠᠷᠳᠠᠯᠭ᠎ᠠ ᠬᠣᠶᠠᠷ ᠤ᠋ᠨ ᠳᠤᠮᠳᠠ ᠲᠥᠭᠡᠷᠢᠨ ᠲᠡᠪᠡᠳᠡᠳᠡᠭ ᠶᠦ᠍ᠮ᠃ ᠥᠩᠭᠡᠷᠡᠭᠰᠡᠨ ᠪᠡᠶ᠎ᠡ ᠴᠣᠭᠴᠠᠰ ᠤ᠋ᠨ ᠬᠢᠨᠢ ᠬᠢᠭᠰᠡᠨ ᠶᠠᠯ᠎ᠠ ᠬᠢᠯᠢᠨᠴᠡ ᠪᠣᠯᠤᠨ ᠮᠠᠭᠤ ᠮᠠᠭᠤᠬᠠᠢ ᠪᠣᠳᠣᠯ ᠨᠢ ᠲᠡᠭᠦᠨ ᠤ ᠰᠦᠨᠡᠰᠦ ᠶ᠋ᠢᠨ ᠦᠳᠡ ᠶ᠋ᠢᠨ ᠨᠠᠷᠠᠨ ᠮᠡᠲᠦ ᠭᠢᠯᠠᠯᠵᠠᠭᠰᠠᠨ ᠭᠡᠷᠡᠯᠲᠡᠢ ᠣᠷᠴᠢᠯᠠᠩ ᠤ᠋ᠨ ᠲᠠᠪᠤᠨ ᠪᠤᠷᠬᠠᠨ ᠳ᠋ᠤ᠌ ᠬᠦᠷᠬᠦ ᠵᠠᠮ ᠢ ᠬᠠᠷᠰᠢᠯᠠᠵᠤ ᠪᠠᠢᠳᠠᠭ᠃ ᠰᠦᠨᠡᠰᠦ ᠨᠦ᠍ᠭᠦᠳ ᠨᠢ ᠡᠨᠡ ᠬᠦ᠌ ᠳᠠᠰᠤᠭᠰᠠᠨ ᠦᠭᠡᠢ ᠭᠡᠷᠡᠯ ᠡᠴᠡ ᠰᠣᠴᠢᠨ ᠵᠠᠢᠯᠠᠵᠤ᠂ ᠳᠠᠬᠢᠨ ᠲᠥᠷᠥᠬᠦ ᠶ᠋ᠢ ᠬᠠᠷᠢᠶᠠᠯ ᠬᠢᠵᠦ ᠬᠣᠷᠢᠭᠯᠠᠭᠰᠠᠨ ᠣᠷᠴᠢᠯᠠᠩ ᠤ᠋ᠨ ᠰᠡᠭᠦᠳᠡᠷ ᠭᠠᠵᠠᠷ ᠵᠦᠭ ᠵᠢᠭᠤᠲᠠᠨ ᠳᠤᠲᠠᠭᠠᠳᠠᠭ᠃ ᠡᠨᠡ ᠬᠦ᠌ ᠠᠶᠠᠯᠠᠯ ᠪᠣᠯᠤᠨ ᠲᠡᠮᠡᠴᠡᠯ ᠨᠢ ᠳᠣᠯᠣᠭᠠᠨ ᠳᠣᠯᠣᠭ᠎ᠠ ᠳᠥᠴᠢ ᠶᠢᠰᠦᠨ ᠬᠣᠨᠣᠭ ᠦᠷᠭᠦᠯᠵᠢᠯᠡᠬᠦ ᠪᠥᠭᠡᠳ ᠡᠳᠦᠷ ᠪᠦᠷᠢ ᠰᠢᠨ᠎ᠡ ᠠᠶᠤᠯ ᠲᠦᠭᠰᠢᠭᠦᠷᠢ ᠭᠠᠷᠴᠤ ᠪᠠᠢᠳᠠᠭ ᠶᠤᠮ᠃ ᠡᠨᠡ ᠬᠦ᠌ ᠠᠶᠤᠯ ᠲᠦᠭᠰᠢᠭᠦᠷᠢ ᠨᠢ ᠶᠠᠪᠤᠬᠤ ᠳᠣᠳᠣᠮ ᠢ᠋ᠶ᠋ᠠᠨ ᠶᠡᠬᠡᠰᠬᠦ ᠪᠥᠭᠡᠳ ᠰᠦᠨᠡᠰᠦ ᠨᠦ᠍ᠭᠦᠳ ᠦ᠋ᠨ ᠳ᠋ᠧᠪᠠᠵᠠᠨ ᠳ᠋ᠤ᠌ ᠬᠦᠷᠬᠦ ᠵᠠᠮ ᠢ ᠨᠢ ᠲᠥᠭᠡᠷᠢᠭᠳᠡᠭᠦᠯᠵᠦ᠂ ᠶᠠᠪᠤᠬᠤ ᠳᠣᠳᠣᠮ ᠠᠢᠳᠠᠰ ᠬᠦᠷᠭᠡᠮ᠎ᠡ ᠵᠠᠭᠤᠷᠠᠳᠤ ᠶ᠋ᠢᠨ ᠶᠢᠷᠲᠢᠨᠴᠦ ᠶ᠋ᠢᠨ ᠭᠦᠨ ᠬᠥᠪ ᠲᠦ᠍ ᠣᠷᠣᠭᠤᠯᠳᠠᠭ ᠪᠠᠢᠨ᠎ᠠ᠃ ᠰᠦᠨᠡᠰᠦ ᠠᠶᠤᠨ ᠰᠣᠴᠢᠵᠤ ᠶᠠᠳᠠᠷᠠᠵᠤ ᠵᠦᠳᠡᠷᠡᠭᠡᠳ ᠪᠣᠯᠬᠤ ᠪᠠᠨ ᠪᠠᠢᠭᠰᠠᠨ ᠳᠡᠪᠢᠲᠡᠭᠢ ᠡᠳᠦᠷ ᠨᠢ ᠳᠠᠬᠢᠨ ᠲᠥᠷᠥᠬᠦ ᠶ᠋ᠢᠨ ᠴᠢᠩᠭ᠎ᠠ ᠬᠦᠰᠡᠯ ᠳ᠋ᠦ᠍ ᠬᠥᠲᠥᠯᠦᠭᠳᠡᠬᠦ ᠦᠶ᠎ᠡ ᠪᠡᠷ ᠲᠡᠨᠳᠡᠬᠢ ᠶ᠋ᠢᠨ ᠨᠢᠭᠡ ᠭᠡᠰᠢᠭᠦᠨ ᠪᠣᠯᠵᠤ ᠦᠯᠡᠳᠡᠬᠦ ᠪᠥᠭᠡᠳ ᠪᠤᠷᠬᠠᠳ᠂ ᠬᠥᠮᠦᠨ᠂ ᠠᠮᠢᠲᠠᠨ᠂ ᠴᠢᠳᠬᠥᠷ᠂ ᠲᠠᠮᠤ ᠶ᠋ᠢᠨ ᠣᠷᠣᠨ ᠳ᠋ᠤ᠌ ᠠᠮᠢᠳᠤᠷᠠᠭᠴᠢ ᠨᠠᠷ ᠲᠠᠢ ᠬᠠᠮᠲᠤ ᠰᠢᠨ᠎ᠡ ᠠᠮᠢᠳᠤᠷᠠᠯ ᠬᠢᠬᠦ ᠪᠣᠯᠤᠨ᠎ᠠ᠃ ᠰᠦᠨᠡᠰᠦ ᠶ᠋ᠢ ᠡᠳᠡᠭᠡᠷ ᠲᠥᠭᠡᠷᠢᠭᠳᠡᠯ ᠡᠴᠡ ᠵᠠᠢᠯᠠᠭᠤᠯᠬᠤ ᠶ᠋ᠢᠨ ᠲᠤᠰᠠᠳᠠ ᠯᠠᠮᠠ ᠨᠠᠷ ᠥᠷᠯᠥᠭᠡ ᠪᠣᠯᠭᠠᠨ ᠨᠠᠷᠠ ᠭᠠᠷᠬᠤ ᠠ᠋ᠴᠠ ᠡᠮᠦᠨ᠎ᠡ ᠨᠣᠮ ᠤᠩᠰᠢᠵᠤ᠂ ᠳᠠᠭᠠᠬᠤ ᠶᠣᠰᠣ ᠲᠠ᠊ᠢ ᠵᠠᠮ ᠢ ᠨᠢ ᠵᠢᠭᠠᠨ ᠥᠭᠳᠡᠭ ᠶᠦᠮ ᠭᠡᠵᠦ ᠲᠠᠢᠯᠪᠤᠷᠢᠯᠠᠪᠠ᠃
ᠷᠠᠰᠢ ᠪᠠᠷᠲᠤ ᠶ᠋ᠢᠨ ᠲᠠᠮᠤ ᠶ᠋ᠢᠨ ᠤᠨᠢᠶᠠᠷ ᠪᠤᠳᠠᠩ ᠲᠠᠲᠠᠭᠰᠠᠨ ᠠᠶᠤᠮᠰᠢᠭᠲᠤ ᠪᠠᠢᠳᠠᠯ ᠤ᠋ᠨ ᠲᠤᠬᠠᠢ ᠶᠡᠬᠡ ᠤᠳᠠᠭᠠᠨ ᠲᠠᠢᠯᠪᠤᠷᠢᠯᠠᠭᠰᠠᠨ ᠤ᠋ ᠡᠴᠦᠰ ᠲᠦ᠍᠄
— ᠵᠥᠪᠬᠡᠨ ᠰᠢᠷ᠎ᠠ ᠶ᠋ᠢᠨ ᠱᠠᠰᠢᠨ ᠢ ᠰᠢᠲᠦᠨ ᠪᠢᠰᠢᠷᠡᠵᠦ᠂ ᠵᠣᠭᠰᠣᠰᠢ ᠦᠭᠡᠢ ᠮᠠᠨᠢ ᠲᠣᠭᠠᠯᠠᠮᠠᠨᠵᠢᠨ ᠰᠠᠶᠢ ᠪᠤᠷᠬᠠᠨ ᠤ᠋ ᠪᠡᠶ᠎ᠡ ᠪᠠ ᠴᠢᠩᠭ᠎ᠠ ᠭᠡᠷᠡᠯ ᠨᠢ ᠰᠦᠨᠡᠰᠦ ᠲᠠ᠊ᠢ ᠰᠠᠯᠭᠠᠭᠳᠠᠰᠢ ᠦᠭᠡᠢ ᠨᠡᠢᠯᠡᠵᠦ᠂ ᠪᠤᠷᠬᠠᠨ ᠪᠣᠯᠳᠠᠭ ᠶᠤᠮ ᠭᠡᠯᠡ᠃
— ᠡᠨᠡ ᠬᠦ᠌ ᠵᠠᠭᠤᠷᠠᠳᠤ ᠶ᠋ᠢᠨ ᠶᠢᠷᠲᠢᠨᠴᠦ ᠶ᠋ᠢᠨ ᠪᠠᠢᠳᠠᠯ ᠢ᠋ ᠴᠢ ᠲᠡᠭᠡᠭᠡᠳ ᠶᠠᠭᠠᠬᠢᠵᠤ ᠮᠡᠳᠡᠪᠡ? ᠬᠡᠨ ᠴᠦ᠍ ᠭᠡᠳ ᠳᠠᠬᠢᠵᠤ ᠲᠥᠷᠥᠯ ᠣᠯᠤᠭᠰᠠᠨ ᠬᠣᠢᠨ᠎ᠠ ᠴᠣᠬᠣᠮ ᠶᠠᠭᠠᠬᠢᠵᠤ ᠢᠷᠡᠭᠰᠡᠨ ᠢ᠋ᠶ᠋ᠡᠨ ᠴᠡᠭᠡᠵᠢᠯᠡᠵᠦ ᠪᠠᠢᠳᠠᠭ ᠦᠭᠡᠢ ᠰᠢᠦ ᠳᠡ ᠭᠡᠵᠦ ᠨᠠᠮᠠᠶ᠋ᠢ ᠤᠬᠤᠴᠢᠯᠠᠬᠤ ᠳ᠋ᠤ᠌ ᠲᠡᠷᠡ᠄
— ᠳ᠋ᠢᠯᠸ᠎ᠠ ᠬᠤᠲᠤᠭᠲᠤ ᠶ᠋ᠢ ᠴᠢ ᠴᠦ᠍ ᠲᠠᠨᠢᠨ᠎ᠠ ᠰᠢᠦ ᠳᠡ᠂ ᠲᠡᠷᠡ ᠴᠢᠮ᠎ᠠ ᠳ᠋ᠤ᠌ ᠲᠡᠭᠦᠨ ᠦ᠌ ᠲᠦᠷᠦᠭᠦᠴᠢ ᠶ᠋ᠢᠨ ᠬᠤᠪᠢᠯᠭᠠᠳ ᠤ᠋ᠨ ᠲᠤᠬᠠᠢ ᠶᠠᠷᠢᠭᠰᠠᠨ ᠦᠭᠡᠢ ᠭᠡᠵᠢ ᠤᠤ? ᠭᠡᠵᠦ ᠨᠠᠮᠵᠢᠭᠤᠬᠠᠨ ᠪᠤᠴᠠᠭᠤᠯᠤᠨ ᠠᠰᠠᠭᠤᠪᠠ᠃
— ᠵᠥᠪᠬᠡᠨ ᠨᠢᠭᠡ ᠤᠳᠠᠭ᠎ᠠ᠂ ᠲᠡᠷᠡ ᠠᠯᠢ ᠡᠷᠲᠡ ᠦᠶ᠎ᠡ ᠳ᠋ᠦ᠍ ᠳᠠᠮᠵᠢᠨ ᠲᠤᠰᠠᠯᠠᠵᠤ ᠪᠠᠢᠭᠰᠠᠨ ᠣᠷᠳᠣᠰ ᠲᠤ᠌ ᠪᠠᠢᠭ᠎ᠠ ᠲᠡᠭᠦᠨ ᠦ᠌ ᠰᠦᠮ᠎ᠡ ᠨᠢ ᠣᠳᠣ ᠨᠤᠷᠠᠭᠠᠳ ᠪᠠᠢᠭ᠎ᠠ ᠲᠤᠬᠠᠢ ᠶᠠᠷᠢᠭᠰᠠᠨ ᠶᠤᠮ᠃
— ᠬᠠᠷᠠᠭᠠᠴᠢ ᠳᠠ᠂ ᠬᠤᠪᠢᠯᠭᠠᠨ ᠬᠤᠲᠤᠭᠲᠤ ᠨᠠᠷ ᠪᠦᠷ ᠥᠩᠭᠡᠷᠡᠭᠰᠡᠨ ᠢ᠋ᠶ᠋ᠡᠨ ᠴᠡᠭᠡᠵᠢᠯᠡᠵᠦ ᠪᠠᠢᠳᠠᠭ ᠶᠤᠮ ᠰᠢᠦ᠃
— ᠬᠤᠪᠢᠯᠭᠠᠨ ᠬᠤᠲᠤᠭᠲᠤ ᠨᠢ ᠲᠡᠭᠡᠭᠡᠳ ᠨᠠᠰᠤ ᠨᠥᠭᠴᠢᠬᠦ ᠳ᠋ᠦ᠍ ᠬᠦᠷᠪᠡᠯ ᠯᠠᠮᠠ ᠨᠠᠷ ᠪᠠᠰᠠ ᠲᠡᠭᠦᠨ ᠳ᠋ᠦ᠍ ᠵᠠᠮ ᠵᠢᠭᠠᠵᠤ ᠥᠭᠬᠦ ᠬᠡᠷᠡᠭᠲᠡᠢ ᠤᠤ ?
ᠷᠠᠰᠢ ᠮᠢᠨᠦ ᠲᠡᠭᠦᠨ ᠢ ᠠᠰᠠᠭᠤᠵᠤ ᠮᠣᠬᠣᠭᠣᠬᠤ ᠭᠡᠰᠡᠨ ᠢ ᠥᠴᠦᠬᠡᠨ ᠴᠦ᠍ ᠠᠩᠵᠠᠭᠠᠷᠠᠯ ᠦᠭᠡᠢ ᠪᠡᠷ ᠵᠠᠯᠭᠠᠵᠤ᠄
— ᠲᠡᠷᠡ ᠴᠦ᠍ ᠭᠡᠰᠡᠨ ᠪᠢᠳᠡᠨ ᠲᠡᠢ ᠠᠳᠠᠯᠢᠬᠠᠨ ᠬᠥᠮᠦᠨ ᠰᠢᠦ ᠳᠡ᠃ ᠲᠡᠭᠦᠨ ᠢ ᠨᠠᠰᠤ ᠪᠠᠷᠠᠭᠰᠠᠨ ᠬᠣᠢᠨ᠎ᠠ ᠷᠦᠭᠵᠢᠳᠮᠠ ᠶ᠋ᠢ ᠪᠣᠳᠣᠪᠠᠯ ᠬᠣᠯᠠ ᠣᠯᠠᠨ ᠯᠠᠮᠠ ᠨᠠᠷ ᠨᠣᠮ ᠤᠩᠰᠢᠵᠤ᠂ ᠬᠡᠩᠭᠡᠷᠭᠡ ᠳᠡᠯᠡᠳᠦᠨ ᠪᠦᠷᠢᠶ᠎ᠡ ᠦᠯᠢᠶᠡᠬᠦ ᠪᠣᠯᠤᠨ᠎ᠠ᠃ ᠲᠡᠭᠦᠨ ᠦ᠌ ᠬᠢᠭᠰᠡᠨ ᠪᠤᠶᠠᠨ ᠤ᠋ ᠦᠢᠯᠡᠰ ᠨᠢ ᠶᠡᠬᠡ ᠪᠣᠯᠬᠣᠷ ᠥᠴᠦᠬᠡᠨ ᠴᠦ᠍ ᠵᠣᠪᠠᠯ ᠵᠦᠳᠡᠯ ᠦᠭᠡᠢ ᠪᠡᠷ ᠭᠡᠲᠦᠯᠬᠦ ᠪᠣᠯᠤᠨ᠎ᠠ ᠠ᠋ ᠁
— ᠲᠡᠢᠮᠦ ᠪᠠᠢᠲᠠᠯ᠎ᠠ ᠠᠬᠢᠭᠠᠳ ᠯᠠ ᠬᠥᠮᠦᠨ ᠪᠣᠯᠵᠤ ᠲᠥᠷᠥᠨ᠎ᠡ ᠭᠡᠵᠢ ᠤᠤ ?
— ᠤᠴᠢᠷ ᠨᠢ ᠡᠮᠦᠨᠡᠬᠢ ᠠᠮᠢᠳᠤᠷᠠᠯ ᠳ᠋ᠠᠭᠠᠨ ᠪᠠᠰᠠ ᠨᠢᠭᠦᠯ ᠬᠢᠵᠦ᠂ ᠣᠯᠠᠨ ᠬᠠᠷ᠎ᠠ ᠦᠷᠢᠯ ᠴᠤᠭᠯᠠᠭᠤᠯᠤᠭᠰᠠᠨ ᠰᠢᠦ᠃ ᠬᠡᠷᠪᠡ ᠲᠡᠷᠡ ᠡᠷᠯᠢᠭ ᠦ᠋ᠨ ᠣᠷᠣᠨ ᠳ᠋ᠤ᠌ ᠬᠦᠷᠬᠦ ᠳ᠋ᠦ᠍ ᠬᠦᠷᠪᠡᠯ ᠲᠣᠯᠢᠨ ᠳ᠋ᠤ᠌ ᠥᠪᠡᠷ ᠦ᠋ᠨ ᠢ᠋ᠶ᠋ᠡᠨ ᠪᠠᠰᠠ ᠬᠡᠳᠦᠢ ᠪᠤᠶᠠᠨ ᠤ᠋ ᠠᠵᠢᠯ ᠬᠢᠪᠡᠯ ᠰᠠᠶᠢ ᠨᠢᠷᠸᠠᠨ ᠳᠦᠷᠢ ᠦᠵᠡᠭᠦᠯᠵᠦ ᠪᠣᠯᠬᠤ ᠪᠠᠨ ᠬᠠᠷᠠᠵᠤ ᠳᠡᠢᠯᠳᠡᠭ ᠶᠦᠮ᠃ ᠲᠡᠷᠡ ᠪᠤᠶᠠᠨ ᠤ᠋ ᠠᠵᠢᠯ ᠤ᠋ᠨ ᠴᠠᠭᠠᠨ ᠦᠷᠢᠯ ᠪᠠ ᠨᠢᠭᠦᠯ ᠬᠢᠯᠢᠨᠴᠡ ᠶ᠋ᠢᠨ ᠬᠠᠷ᠎ᠠ ᠦᠷᠢᠯ ᠢ᠋ᠶ᠋ᠡᠨ ᠲᠣᠭᠠᠯᠠᠬᠤ ᠴᠢᠬᠤᠯᠠ ᠦᠭᠡᠢ ᠪᠡᠷ ᠪᠠᠷᠲᠤ ᠶ᠋ᠢᠨ ᠲᠠᠮᠤ ᠶ᠋ᠢ ᠰᠠᠨᠠᠭ᠎ᠠ ᠠᠮᠤᠷ ᠲᠤᠭᠤᠯᠬᠤ ᠪᠥᠭᠡᠳ ᠬᠠᠮᠤᠭ ᠤ᠋ᠨ ᠰᠡᠭᠦᠯᠴᠢ ᠶ᠋ᠢᠨ ᠬᠢᠬᠦ ᠶᠣᠰᠣᠲᠠᠢ ᠠᠵᠢᠯ ᠢ᠋ᠶ᠋ᠠᠨ ᠬᠢᠳᠡᠭ ᠶᠦᠮ᠃
— ᠲᠡᠭᠡᠭᠡᠳ ᠯᠠᠮᠠ ᠨᠠᠷ ᠡᠭᠦᠨ ᠢ ᠮᠡᠳᠡᠪᠡᠯ ᠲᠡᠭᠦᠨ ᠳ᠋ᠦ᠍ ᠨᠣᠮ ᠤᠩᠰᠢᠬᠤ ᠬᠡᠷᠡᠭ ᠦᠭᠡᠢ ᠰᠢᠲᠠ᠃
— ᠰᠦᠨᠡᠰᠦᠨ ᠦ᠌ ᠳᠠᠬᠢᠨ ᠲᠥᠷᠥᠯ ᠣᠯᠬᠤ ᠶᠠᠪᠤᠳᠠᠯ ᠳ᠋ᠤ᠌ ᠶᠠᠮᠠᠷ ᠴᠤ᠌ ᠯᠠᠮᠠ ᠬᠠᠷᠢᠭᠤᠴᠠᠯᠭ᠎ᠠ ᠬᠦᠯᠢᠶᠡᠵᠦ ᠪᠣᠯᠳᠠᠭ ᠦᠭᠡᠢ ᠶᠦᠮ᠃ ᠬᠡᠷᠪᠡ ᠢᠩᠭᠢᠬᠦ ᠳ᠋ᠦ᠍ ᠬᠦᠷᠪᠡᠯ ᠲᠡᠷᠡ ᠨᠢᠭᠦᠯ ᠬᠢᠵᠦ᠂ ᠬᠠᠷ᠎ᠠ ᠦᠷᠢᠯ ᠲᠡᠢ ᠪᠣᠯᠤᠭᠰᠠᠨ ᠳ᠋ᠤ᠌ ᠲᠣᠭᠠᠴᠠᠭᠳᠠᠨ᠎ᠠ᠃ ᠲᠥᠪᠡᠳ ᠦ᠋ᠨ ᠶᠡᠬᠡ ᠳᠠᠯᠠᠢ ᠪᠠᠭᠰᠢᠲᠠᠨ ᠥᠩᠭᠡᠷᠡᠬᠦ ᠳ᠋ᠦ᠍ ᠴᠦ᠍ ᠲᠡᠳᠡ ᠨᠣᠮ ᠤᠩᠰᠢᠵᠤ ᠥᠭᠳᠡᠭ ᠶᠦᠮ᠃
— ᠬᠡᠷᠪᠡ ᠠᠯᠢ ᠨᠢᠭᠡᠨ ᠡᠳᠦᠷ ᠵᠥᠪᠬᠡᠨ ᠴᠠᠭᠠᠨ ᠦᠷᠢᠯ ᠲᠡᠢ ᠪᠥᠭᠡᠳ ᠡᠷᠯᠢᠭ ᠦ᠋ᠨ ᠣᠷᠣᠨ ᠳ᠋ᠠᠬᠢ ᠪᠡᠶ᠎ᠡ ᠪᠡᠨ ᠬᠠᠷᠠᠬᠤ ᠲᠣᠯᠢ ᠨᠢ ᠲᠤᠩᠭᠠᠯᠠᠭ ᠴᠡᠪᠡᠷ ᠪᠠᠢᠬᠤ ᠳ᠋ᠤ᠌ ᠬᠦᠷᠪᠡᠯ ᠶᠠᠭᠠᠬᠢᠨ᠎ᠠ ?
— ᠲᠡᠭᠡᠬᠦ ᠳ᠋ᠦ᠍ ᠬᠦᠷᠪᠡᠯ ᠲᠡᠷᠡ ᠡᠪᠡᠰᠦ ᠮᠣᠳᠣ ᠳᠦᠭᠦᠷᠲᠡᠯ᠎ᠡ ᠤᠷᠭᠤᠭᠰᠠᠨ ᠤᠷᠠᠨ ᠰᠢᠪᠠᠭᠤᠳ ᠵᠢᠷᠭᠢᠨ ᠳᠣᠩᠭᠣᠳᠤᠭᠰᠠᠨ ᠳ᠋ᠧᠪᠠᠵᠠᠨ ᠤ᠋ ᠣᠷᠣᠨ ᠳ᠋ᠤ᠌ ᠪᠤᠷᠬᠠᠨ ᠪᠣᠳᠢᠰᠠᠳ᠋ᠸ᠎ᠠ ᠪᠣᠯᠵᠤ᠂ ᠮᠥᠩᠬᠡ ᠶ᠋ᠢᠨ ᠭᠡᠷᠡᠯ ᠭᠡᠭᠡ ᠲᠡᠢ ᠪᠣᠯᠵᠤ ᠪᠡᠶᠡᠰᠦᠨ ᠵᠢᠷᠭᠠᠬᠤ ᠪᠣᠯᠤᠨ᠎ᠠ᠃ ᠮᠥᠩᠬᠡ ᠶ᠋ᠢᠨ ᠰᠢᠦ ᠳᠡ᠂ ᠣᠮ ᠮᠠᠨᠢ ᠪᠠᠳ ᠮᠠᠢ ᠬᠣᠩ!
— ᠮᠢᠨᠦ ᠰᠦᠨᠡᠰᠦ ᠴᠦ᠍ ᠪᠡᠷᠲᠦ ᠶ᠋ᠢ ᠲᠤᠭᠤᠯᠵᠤ᠂ ᠬᠡᠢ ᠰᠠᠷᠠᠯ ᠤ᠋ᠨ ᠮᠡᠲᠦ ᠵᠦᠢᠯᠡᠰ ᠲᠡᠢ ᠬᠠᠷᠭᠤᠨ᠎ᠠ ᠭᠡᠵᠢ ᠤᠤ ?
— ᠲᠡᠷᠡ ᠪᠣᠯ ᠵᠠᠪᠠᠯ ᠶᠤᠮ ᠰᠢᠦ ᠭᠡᠵᠦ ᠷᠠᠰᠢ ᠪᠠᠲᠤᠲᠠᠢ ᠬᠠᠷᠢᠭᠤᠯᠤᠭᠰᠠᠨ ᠢ᠋ᠶ᠋ᠠᠨ ᠬᠡᠰᠡᠭ ᠪᠣᠳᠣᠯᠬᠢᠯᠠᠵᠤ ᠠᠪᠤᠭᠠᠳ ᠵᠠᠯᠭᠠᠵᠤ᠄
— ᠴᠢ ᠥᠪᠡᠷ ᠢ᠋ᠶ᠋ᠡᠨ ᠰᠢᠷ᠎ᠠ ᠶ᠋ᠢᠨ ᠱᠠᠰᠢᠨ ᠢ ᠮᠡᠳᠡᠳᠡᠭ ᠦᠭᠡᠢ ᠪᠣᠯᠬᠣᠷ ᠴᠢᠨᠦ ᠰᠦᠨᠡᠰᠦ ᠨᠡᠩ ᠣᠯᠠᠨ ᠨᠡᠩ ᠬᠡᠴᠡᠭᠦᠦ ᠪᠡᠷᠲᠦ ᠶ᠋ᠢᠨ ᠣᠷᠣᠨ ᠤ᠋ ᠲᠥᠭᠡᠷᠢᠭᠳᠡᠯ ᠳ᠋ᠦ᠍ ᠣᠷᠣᠬᠤ ᠴᠤ᠌ ᠮᠠᠭᠠᠳ ᠦᠭᠡᠢ᠃ ᠡᠭᠦᠨ ᠢ ᠪᠢ ᠬᠥᠭᠰᠢᠨ ᠯᠠᠮᠠ ᠠ᠋ᠴᠠ ᠠᠰᠠᠭᠤᠵᠤ ᠦᠵᠡᠶ᠎ᠡ ᠭᠡᠯᠡ᠃
ᠮᠠᠢᠬᠠᠨ ᠤ᠋ ᠡᠮᠦᠨᠡᠬᠢ ᠷᠦᠭᠵᠢᠳᠮᠠ ᠳ᠋ᠤ᠌ ᠪᠤᠶᠠᠨ ᠦᠢᠯᠡᠳᠬᠦ ᠠᠵᠢᠯ ᠤ᠋ᠨ ᠨᠣᠮ ᠤᠩᠰᠢᠬᠤ ᠳᠠᠭᠤᠨ ᠨᠠᠮᠵᠢᠷᠠᠪᠠ᠃ ᠯᠠᠮᠠ ᠨᠠᠷ ᠡᠳᠦᠷ ᠦ᠋ᠨ ᠠᠵᠢᠯ ᠢ᠋ᠶ᠋ᠠᠨ ᠨᠢᠭᠡᠨᠲᠡ ᠳᠠᠭᠤᠰᠬᠠᠭᠠᠳ ᠰᠦ ᠲᠡᠢ ᠴᠠᠢ ᠤᠤᠭᠤᠵᠤ᠂ ᠮᠥᠨ ᠨᠣᠮ ᠪᠤᠶᠠᠨ ᠦᠢᠯᠡᠳᠬᠦ ᠴᠠᠭ ᠲᠠᠭᠠᠨ ᠯᠠ ᠬᠢᠳᠡᠭ ᠠᠵᠢᠯ – ᠬᠤᠪᠴᠠᠰᠤᠨ ᠠ᠋ᠴᠠ ᠪᠠᠨ ᠪᠥᠭᠡᠰᠦ ᠲᠡᠭᠦᠵᠡᠭᠡᠨᠡ᠃ ᠶᠡᠬᠡ ᠬᠢᠴᠢᠶᠡᠮᠵᠢᠲᠡᠢ ᠪᠠᠷ ᠪᠥᠭᠡᠰᠦ ᠶ᠋ᠢ ᠲᠡᠭᠦᠵᠦ ᠠᠪᠤᠭᠠᠳ ᠰᠢᠭᠦᠳᠡᠷᠢ ᠶ᠋ᠢᠨ ᠤᠰᠤ ᠲᠠᠢ ᠡᠪᠡᠰᠦᠨ ᠳᠡᠭᠡᠷ᠎ᠡ ᠲᠠᠯᠪᠢᠨ᠎ᠠ᠃ ᠬᠡᠨ ᠨᠢ ᠴᠦ᠍ ᠭᠡᠳ ᠠᠩᠬᠠᠷᠤᠯ ᠦᠭᠡᠢ ᠡᠴᠡ ᠪᠣᠯᠵᠤ ᠨᠢᠭᠡ ᠠᠮᠢ ᠬᠥᠨᠥᠭᠡᠨ᠂ ᠥᠪᠡ᠊ᠷ ᠲᠡᠭᠡᠨ ᠨᠢᠭᠡ ᠬᠠᠷ᠎ᠠ ᠦᠷᠢᠯ ᠨᠡᠮᠡᠬᠦ ᠶ᠋ᠢ ᠴᠡᠭᠡᠷᠯᠡᠵᠡᠭᠡᠬᠦ ᠠᠵᠢ᠃ ᠷᠠᠰᠢ ᠠᠯᠬᠤᠯᠠᠭᠰᠠᠭᠠᠷ ᠲᠡᠳᠡᠨ ᠦ᠌ ᠬᠠᠵᠠᠭᠤ ᠳ᠋ᠤ᠌ ᠬᠦᠷᠦᠭᠡᠳ ᠯᠠᠮᠠ ᠨᠠᠷ ᠤ᠋ᠨ ᠳᠤᠮᠳᠠ ᠵᠦᠯᠭᠡᠨ ᠳᠡᠭᠡᠷ᠎ᠡ ᠰᠠᠭᠤᠪᠠ᠃ ᠦᠳᠡ ᠬᠠᠵᠠᠢᠭᠰᠠᠨ ᠬᠣᠢᠨ᠎ᠠ ᠷᠠᠰᠢ ᠶᠡᠬᠡ ᠲᠥᠪᠯᠡᠭᠦᠨ ᠴᠢᠷᠠᠢ ᠲᠠᠢ ᠪᠤᠴᠠᠵᠤ ᠢᠷᠡᠭᠡᠳ ᠲᠣᠪ ᠳᠤᠭᠤᠢ ᠨᠢᠭᠡ ᠠᠶᠠᠭ᠎ᠠ ᠴᠠᠢ ᠬᠢᠨ ᠠᠪᠴᠤ ᠤᠤᠭᠤᠪᠠ᠃
— ᠲᠡᠷᠡ ᠡᠨᠡ ᠦᠳᠡᠰᠢ ᠰᠠᠷ᠎ᠠ ᠭᠠᠷᠤᠮᠠᠭᠴᠠ ᠢᠷᠡᠨ᠎ᠡ ᠠ᠋ ᠭᠡᠵᠦ ᠨᠢᠭᠤᠴᠠᠭᠠᠢ ᠶᠠᠷᠢᠵᠤ ᠠᠪᠤᠭᠰᠠᠨ ᠢ᠋ᠶ᠋ᠠᠨ ᠵᠠᠯᠭᠠᠭᠠᠳ᠂ ᠤᠴᠢᠷ ᠨᠢ ᠴᠢ ᠰᠢᠷ᠎ᠠ ᠶ᠋ᠢᠨ ᠱᠠᠰᠢᠨ ᠢ ᠰᠢᠲᠦᠳᠡᠭ ᠦᠭᠡᠢ ᠪᠥᠭᠡᠳ ᠪᠤᠷᠬᠠᠨ ᠤ᠋ ᠰᠤᠷᠭᠠᠯ ᠲᠠᠢ ᠡᠰᠡᠷᠭᠦ ᠪᠠᠢᠵᠤ ᠴᠤ᠌ ᠮᠠᠭᠠᠳ ᠦᠭᠡᠢ ᠪᠣᠯᠬᠣᠷ ᠪᠢ ᠲᠡᠭᠦᠨ ᠲᠡᠢ ᠶᠡᠬᠡ ᠤᠳᠠᠭᠠᠨ ᠶᠠᠷᠢᠭᠰᠠᠨ ᠶᠤᠮ᠃ ᠪᠢ ᠴᠢᠨᠦ ᠲᠤᠬᠠᠢ ᠳᠠᠯᠤ ᠰᠢᠨᠵᠢᠵᠦ ᠦᠵᠡᠶ᠎ᠡ ᠭᠡᠵᠦ ᠤᠳᠠᠭᠠᠨ ᠪᠣᠳᠣᠵᠤ ᠪᠠᠢᠭᠰᠠᠨ ᠶᠤᠮ᠂ ᠭᠡᠬᠦ ᠳ᠋ᠦ᠍ ᠪᠢ ᠴᠢᠨᠦ ᠱᠠᠰᠢᠨ ᠢ ᠲᠠᠨᠢᠬᠤ ᠦᠭᠡᠢ ᠲᠤᠯᠠ ᠠᠳᠠ ᠴᠢᠳᠬᠥᠷ ᠡᠴᠡ ᠨᠢ ᠠᠶᠤᠭᠠᠳ ᠰᠢᠨᠵᠢᠵᠦ ᠴᠢᠳᠠᠬᠤ ᠦᠭᠡᠢ ᠶᠦᠮ᠂ ᠭᠡᠬᠦ ᠳ᠋ᠦ᠍ ᠬᠥᠭᠰᠢᠨ ᠯᠠᠮᠠ ᠶ᠋ᠢ ᠶᠠᠭᠠᠬᠢᠵᠤ ᠴᠤ᠌ ᠴᠢᠳᠠᠬᠤ ᠦᠭᠡᠢ ᠶᠦᠮ᠂ ᠤᠴᠢᠷ ᠨᠢ ᠲᠡᠷᠡ ᠬᠥᠭᠰᠢᠨ ᠯᠠᠮᠠ ᠶᠡᠬᠡ ᠦᠨᠡᠨᠴᠢ ᠰᠦᠵᠢᠭ ᠪᠢᠰᠢᠷᠡᠯ ᠲᠡᠢ ᠪᠠᠢᠵᠤ ᠲᠥᠭᠡᠷᠢᠭᠳᠡᠯ ᠳ᠋ᠦ᠍ ᠣᠷᠣᠬᠤ ᠦᠭᠡᠢ ᠶᠦᠮ ᠭᠡᠵᠦ ᠶᠠᠷᠢᠭᠰᠠᠨ ᠢ᠋ᠶ᠋ᠠᠨ ᠨᠡᠯᠢᠶᠡᠳ ᠤᠳᠠᠭᠠᠳ ᠳᠠᠭᠤ ᠪᠠᠨ ᠪᠠᠭ᠎ᠠ ᠥᠨᠳᠥᠷ ᠪᠣᠯᠭᠠᠨ᠄
— ᠪᠢ ᠲᠡᠭᠦᠨ ᠳ᠋ᠦ᠍ ᠵᠢᠷᠭᠤᠭᠠᠨ ᠲᠥᠭᠥᠷᠢᠭ ᠥᠭᠬᠦ ᠪᠡᠷ ᠠᠮᠠᠯᠠᠭᠰᠠᠨ᠃ ᠬᠣᠨᠢᠨ ᠤ᠋ ᠮᠢᠬ᠎ᠠ ᠶ᠋ᠢ ᠪᠤᠰᠤᠳ ᠯᠠᠮᠠ ᠨᠠᠷ ᠲᠤ᠌ ᠴᠢᠨᠠᠵᠤ ᠥᠭᠭᠦᠨ᠎ᠡ ᠭᠡᠯᠡ᠃
— ᠬᠣᠨᠢ! ᠶᠠᠭᠤᠨ ᠤ᠋ ᠬᠣᠨᠢ? ᠭᠡᠵᠦ ᠪᠢ ᠭᠠᠢᠬᠠᠨ ᠠᠰᠠᠭᠤᠬᠤ ᠳ᠋ᠤ᠌ ᠲᠡᠷᠡ᠄
— ᠳᠠᠯᠤ ᠰᠢᠨᠵᠢᠬᠦ ( ᠵᠢᠷᠤᠭ 81 ) ᠳ᠋ᠦ᠍ ᠲᠡᠷᠡ ᠵᠠᠪᠠᠯ ᠰᠢᠨ᠎ᠡ ᠠᠯᠠᠭᠰᠠᠨ ᠬᠣᠨᠢᠨ ᠤ᠋ ᠳᠠᠯᠤ ᠬᠡᠷᠡᠭᠯᠡᠨ᠎ᠡ ᠰᠢᠦ᠃ ᠨᠠᠷᠠ ᠰᠢᠩᠭᠡᠮᠡᠭᠴᠡ ᠲᠡᠷᠭᠡᠯ ᠬᠣᠨᠢᠨ ᠤ᠋ ᠳᠠᠯᠤ ᠶ᠋ᠢ ᠰᠠᠯᠭᠠᠵᠤ ᠦᠨᠡᠰᠦᠨ ᠳ᠋ᠦ᠍ ᠬᠢᠵᠦ ᠬᠠᠲᠠᠭᠠᠨ᠎ᠠ᠃ ᠲᠡᠷᠭᠡᠯ ᠦ᠋ᠨ ᠬᠣᠨᠢᠨ ᠳ᠋ᠤ᠌ ᠴᠢ ᠨᠠᠢ᠍ᠮᠠᠨ ᠲᠥᠭᠥᠷᠢᠭ ᠥᠭᠭᠦᠨ᠎ᠡ᠂ ᠲᠡᠢᠮᠦ ᠪᠢᠵᠡ ?
— ᠴᠢ ᠶᠠᠭᠠᠬᠢᠭᠠᠳ ᠲᠡᠢᠮᠦ ᠠᠮᠠᠷᠬᠠᠨ ᠮᠢᠨᠦ ᠮᠥᠩᠭᠥ ᠪᠡᠷ ᠳᠤᠷ᠎ᠠ ᠪᠠᠷ ᠢ᠋ᠶ᠋ᠠᠨ ᠶᠠᠭᠤᠮ᠎ᠠ ᠬᠢᠳᠡᠭ ᠶᠦᠮ ᠤᠤ ? ᠭᠠᠭᠴᠠ ᠬᠣᠨᠢᠨ ᠤ᠋ ᠲᠥᠯᠥᠭᠡ ᠠᠷᠪᠠᠨ ᠳᠥᠷᠪᠡᠨ ᠲᠥᠭᠥᠷᠢᠭ ᠁ ᠭᠡᠮᠡᠨ ᠵᠢᠮᠡᠯᠡᠭᠰᠡᠨ ᠢ᠋ᠶ᠋ᠡᠨ ᠳᠣᠣᠷ᠎ᠠ ᠪᠠᠨ ᠪᠣᠯᠢᠵᠤ ᠷᠠᠰᠢ ᠶ᠋ᠢ ᠬᠠᠷᠠᠯ᠎ᠠ᠃ ᠡᠨᠡ ᠬᠦ᠌ ᠳᠠᠯᠤ ᠰᠢᠨᠵᠢᠬᠦ ᠠᠵᠢᠯᠯᠠᠭ᠎ᠠ ᠶ᠋ᠢ ᠪᠡᠯᠡᠳᠦᠨ ᠪᠠᠢᠭᠰᠠᠨ ᠷᠠᠰᠢ ᠲᠥᠪ ᠶᠡᠬᠡᠮᠰᠦᠭ ᠴᠢᠷᠠᠢ ᠲᠠᠢ ᠪᠠᠷ ᠳᠣᠷᠣᠭᠰᠢ ᠪᠠᠨ ᠰᠠᠭᠤᠭᠠᠳ᠂ ᠭᠠᠷ ᠳᠠᠬᠢ ᠤᠨᠲᠠᠷᠠᠭᠰᠠᠨ ᠭᠠᠩᠰᠠ ᠪᠠᠨ ᠪᠠᠷᠢᠯᠬᠢᠯᠠᠭᠰᠠᠭᠠᠷ ᠪᠠᠢᠪᠠ᠃ ᠨᠡᠯᠢᠶᠡᠳ ᠤᠳᠠᠭᠰᠠᠨ ᠤ᠋ ᠡᠴᠦᠰ ᠲᠦ᠍ ᠲᠡᠷᠡ᠄
— ᠲᠡᠷᠡ ᠬᠥᠭᠰᠢᠨ ᠯᠠᠮᠠ ᠴᠢᠨᠦ ᠢᠷᠡᠭᠡᠳᠦᠢ ᠶ᠋ᠢᠨ ᠵᠥᠪ ᠵᠠᠮ ᠢ᠋ ᠮᠡᠳᠡᠵᠦ ᠪᠠᠢᠬᠤ ᠴᠤ᠌ ᠮᠠᠭᠠᠳ ᠦᠭᠡᠢ ᠰᠢᠦ ᠭᠡᠯᠡ᠃
— ᠲᠡᠢᠮᠦ ᠪᠣᠯ ᠴᠤ᠌ ᠦᠨᠡᠨ ᠬᠢᠭᠦᠰᠢᠲᠡᠢ ᠳᠡ᠃ ᠬᠡᠷᠪᠡ ᠪᠦᠬᠦ ᠶᠠᠭᠤᠮ᠎ᠠ ᠪᠣᠯᠬᠤ ᠦᠭᠡᠢ ᠪᠣᠯ ᠮᠢᠨᠦ ᠯᠠᠮᠠ ᠪᠣᠯᠤᠨ᠎ᠠ ᠭᠡᠰᠡᠨ ᠪᠣᠳᠣᠯ ᠢ᠋ ᠴᠦ᠍ ᠴᠢ ᠮᠡᠳᠡᠨ᠎ᠡ ᠰᠢᠦ ᠳᠡ᠃
— ᠴᠢ ᠳᠠᠯᠤ ᠰᠢᠨᠵᠢᠬᠦ ᠶ᠋ᠢ ᠱᠣᠭᠯᠠᠵᠤ ᠪᠣᠯᠬᠤ ᠦᠭᠡᠢ᠃ ᠬᠡᠷᠪᠡ ᠲᠡᠭᠡᠬᠦ ᠳ᠋ᠦ᠍ ᠬᠦᠷᠪᠡᠯ ᠵᠥᠪᠬᠡᠨ ᠵᠣᠯ ᠪᠤᠰᠤ ᠶ᠋ᠢ ᠠᠪᠴᠢᠷᠠᠳᠠᠭ ᠶᠤᠮ ᠭᠡᠵᠦ ᠠᠩᠬᠠᠷᠤᠭᠤᠯᠤᠭᠰᠠᠨ ᠢ᠋ᠶ᠋ᠠᠨ ᠵᠠᠯᠭᠠᠭᠠᠳ ᠨᠠᠳᠠ ᠤᠷᠤᠭᠤ ᠬᠠᠨᠳᠤᠨ᠄
— ᠵᠠ ᠶᠠᠪᠤ᠂ ᠲᠠᠯ᠎ᠠ ᠳᠡᠭᠡᠭᠦᠷ ᠴᠠᠭ ᠢᠯᠡᠭᠦᠦ ᠳᠠᠪᠬᠢᠭᠤᠯᠤᠭᠠᠳ ᠢᠷ᠎ᠡ ! ᠪᠤᠴᠠᠭᠠᠳ ᠢᠷᠡᠬᠦ ᠪᠡᠷ ᠴᠢᠨᠢ ᠪᠦᠬᠦ ᠶᠠᠭᠤᠮ᠎ᠠ ᠪᠡᠯᠡᠨ ᠪᠣᠯᠬᠤ ᠪᠥᠭᠡᠳ ᠪᠣᠳᠣᠯ ᠰᠡᠳᠬᠢᠯ ᠴᠢᠨᠢ ᠴᠦ᠍ ᠴᠡᠪᠡᠷᠬᠡᠨ ᠪᠣᠯᠤᠨ᠎ᠠ ᠭᠡᠯᠡ᠃
ᠨᠠᠷᠠ ᠰᠢᠩᠭᠡᠭᠰᠡᠨ ᠦ᠌ ᠬᠣᠢᠨ᠎ᠠ ᠨᠠᠮᠠᠶ᠋ᠢ ᠭᠡᠷ ᠲᠡᠭᠡᠨ ᠪᠤᠴᠠᠨ ᠢᠷᠡᠬᠦ ᠳ᠋ᠦ᠍ ᠷᠠᠰᠢ ᠭᠠᠯ ᠤ᠋ᠨ ᠡᠮᠦᠨ᠎ᠡ ᠰᠠᠭᠤᠵᠤ ᠥᠷᠭᠡᠨ ᠲᠣᠮᠣ ᠳᠠᠯᠤ ᠶ᠋ᠢᠨ ᠶᠠᠰᠤ ᠶ᠋ᠢ ᠭᠠᠯ ᠤ᠋ᠨ ᠴᠣᠭ ᠳᠡᠭᠡᠷ᠎ᠡ ᠡᠷᠭᠢᠭᠦᠯᠵᠦ ᠤᠷᠪᠠᠭᠤᠯᠤᠨ ᠪᠠᠢᠯ᠎ᠠ᠃
ᠵᠢᠷᠤᠭ 81 ᠳᠠᠯᠤ ᠰᠢᠨᠵᠢᠵᠦ ᠪᠠᠢᠭ᠎ᠠ ᠨᠢ

— ᠳᠠᠯᠤ ᠨᠢ ᠵᠠᠪᠠᠯ ᠬᠠᠲᠠᠭᠰᠠᠨ ᠪᠠᠢᠬᠤ ᠬᠡᠷᠡᠭᠲᠡᠢ ᠮᠥᠷᠲᠡᠭᠡᠨ ᠬᠠᠭᠠᠷᠠᠭᠰᠠᠨ ᠪᠠᠢᠵᠤ ᠪᠣᠯᠬᠤ ᠦᠭᠡᠢ ᠶᠦᠮ᠃ ᠴᠢ ᠥᠪᠡᠷ ᠦ᠋ᠨ ᠠᠷᠢᠬᠢ ᠪᠠᠨ ᠬᠠᠢᠷᠴᠠᠭ ᠠ᠋ᠴᠠ ᠨᠢ ᠭᠠᠷᠭᠠᠭᠠᠳ ᠴᠣᠮᠣ ᠲᠠᠢ ᠪᠠᠨ ᠪᠡᠯᠡᠬᠡᠨ ᠪᠠᠢᠯᠭᠠᠵᠤ ᠪᠠᠢ᠂ ᠲᠡᠷᠡ ᠬᠥᠭᠰᠢᠨ ᠯᠠᠮᠠ ᠬᠡᠵᠢᠶ᠎ᠡ ᠴᠦ᠍ ᠬᠡᠯᠡᠵᠦ ᠮᠡᠳᠡᠬᠦ ᠦᠭᠡᠢ ᠣᠷᠣᠭᠠᠳ ᠯᠠ ᠢᠷᠡᠨ᠎ᠡ ᠰᠢᠦ᠃
— ᠪᠢ ᠥᠯᠥᠰᠦᠭᠡᠳ ᠪᠠᠢᠨ᠎ᠠ᠂ ᠳᠠᠯᠤ ᠰᠢᠨᠵᠢᠬᠦ ᠡᠴᠡ ᠡᠮᠦᠨ᠎ᠡ ᠨᠢ ᠪᠠᠭ᠎ᠠ ᠢᠳᠡᠮᠡᠷ ᠪᠠᠢᠨ᠎ᠠ᠃
— ᠲᠡᠭᠡᠵᠦ ᠪᠣᠯᠬᠤ ᠦᠭᠡᠢ᠂ ᠳᠦᠭᠦᠷᠲᠡᠯ᠎ᠡ ᠢᠳᠡᠭᠰᠡᠨ ᠬᠣᠳᠣᠭᠣᠳᠣᠨ ᠤ᠋ ᠦᠨᠦᠷ ᠨᠢ ᠰᠠᠬᠢᠭᠤᠯᠰᠤᠨ ᠨᠤᠭᠤᠳ ᠢ᠋ ᠵᠠᠢᠯᠠᠭᠤᠯᠳᠠᠭ ᠶᠤᠮ᠃ ᠪᠢ ᠲᠡᠭᠦᠨ ᠦ᠌ ᠠᠶ᠎ᠠ ᠪᠠᠷ ᠪᠣᠯᠪᠠ᠃ ᠬᠠᠷᠠᠩᠭᠤᠢ ᠪᠣᠯᠤᠭᠰᠠᠨ ᠤ᠋ ᠬᠣᠢᠨ᠎ᠠ ᠭᠡᠨᠡᠳᠲᠡ ᠲᠡᠷᠡ ᠬᠥᠭᠰᠢᠨ ᠯᠠᠮᠠ ᠭᠡᠷ ᠲᠦ᠍ ᠣᠷᠣᠵᠤ ᠢᠷᠡᠪᠡ᠃ ᠠᠮᠠᠨ ᠳ᠋ᠠᠭᠠᠨ ᠨᠣᠮ ᠲᠠᠷᠨᠢ ᠪᠠᠪᠠᠲᠤᠨᠠᠨ ᠤᠩᠰᠢᠵᠤ ᠪᠣᠢ ᠪᠥᠭᠡᠳ ᠷᠠᠰᠢ ᠶ᠋ᠢᠨ ᠬᠠᠵᠠᠭᠤ ᠳ᠋ᠤ᠌ ᠬᠦᠷᠴᠦ ᠬᠦᠴᠢᠷᠲᠡᠢᠬᠡᠨ ᠭᠡᠭᠴᠢ ᠰᠠᠭᠤᠪᠠ᠃
— ᠤᠤᠭᠤᠬᠤ ᠶᠠᠭᠤᠮ᠎ᠠ ᠪᠠᠨ ᠥᠭᠭᠦᠭᠡᠴᠢ ! ᠭᠡᠵᠦ ᠷᠠᠰᠢ ᠬᠡᠯᠡᠪᠡ᠃
— ᠪᠢ ᠴᠣᠮᠣᠨ ᠳ᠋ᠠᠭᠠᠨ ᠳᠦᠭᠦᠷᠲᠡᠯ᠎ᠡ ᠠᠷᠢᠬᠢ ᠬᠢᠭᠡᠳ ᠥᠭᠭᠦᠯ᠎ᠡ᠃ ᠠᠷᠠᠰᠤ ᠶᠠᠰᠤ ᠪᠣᠯᠤᠭᠰᠠᠨ ᠨᠠᠷᠢᠬᠠᠨ ᠤᠷᠲᠤ ᠬᠤᠷᠤᠭᠤ ᠴᠣᠮᠣ ᠶ᠋ᠢ ᠲᠡᠮᠲᠡᠷᠢᠨ ᠠᠪᠤᠭᠰᠠᠨ ᠢ᠋ᠶ᠋ᠠᠨ ᠠᠮᠲᠠᠲᠠᠢᠬᠠᠨ ᠭᠡᠭᠴᠢ ᠰᠣᠷᠣᠵᠤ ᠣᠭᠣᠴᠢᠯᠠᠬᠤ ᠳᠠᠭᠤ ᠰᠣᠨᠣᠰᠳᠠᠨ᠂ ᠳᠠᠷᠠᠭ᠎ᠠ ᠨᠢ ᠬᠠᠨᠤᠮᠵᠢᠲᠠᠢ ᠪᠠᠷ ᠲᠠᠮᠰᠢᠶᠠᠯᠠᠬᠤ ᠳᠠᠭᠤᠨ ᠭᠠᠷᠴᠤ ᠬᠣᠭᠣᠰᠣᠨ ᠴᠣᠮᠣ ᠪᠤᠴᠠᠨ ᠢᠷᠡᠬᠦ ᠳ᠋ᠦ᠍ ᠪᠢ ᠠᠬᠢᠨ ᠳᠦᠭᠦᠷᠭᠡᠵᠦ ᠥᠭᠪᠡ᠃
— ᠷᠠᠰᠢ ᠳ᠋ᠧᠩ ᠠᠰᠠᠭᠠᠭᠠᠳ᠂ ᠴᠠᠢ ᠶ᠋ᠢᠨ ᠳᠡᠪᠦᠷ᠎ᠡ ᠶ᠋ᠢ ᠪᠣᠯᠭᠣᠮᠵᠢᠲᠠᠢᠬᠠᠨ ᠠᠪᠤᠭᠠᠳ ᠳᠣᠣᠷᠠᠬᠢ ᠴᠣᠭ ᠢ᠋ ᠨᠢ ᠦᠯᠢᠶᠡᠵᠦ ᠡᠬᠢᠯᠡᠪᠡ᠃ ᠡᠨᠡ ᠬᠣᠭᠣᠷᠣᠨᠳᠣ ᠯᠠᠮᠠ ᠠᠪᠤᠭᠠᠢ ᠦᠨᠡᠲᠡᠢ ᠬᠠᠷ᠎ᠠ ᠠᠷᠢᠬᠢ ᠶ᠋ᠢ ᠮᠢᠨᠢ ᠬᠣᠶᠠᠷ ᠴᠣᠮᠣ ᠤᠤᠭᠤᠴᠢᠬᠠᠭᠠᠳ ᠮᠧᠬᠠᠨᠢᠭ ᠢ᠋ᠶ᠋ᠠᠷ ᠨᠣᠮ ᠢ᠋ᠶ᠋ᠠᠨ ᠤᠩᠰᠢᠵᠤ ᠪᠠᠢᠯ᠎ᠠ᠃
— ᠰᠠᠷ᠎ᠠ ᠭᠠᠷᠤᠯ᠎ᠠ ᠭᠡᠵᠦ ᠷᠠᠰᠢ ᠬᠠᠰᠬᠢᠷᠤᠭᠠᠳ ᠭᠠᠯ ᠤ᠋ᠨ ᠴᠣᠭ ᠢ᠋ ᠬᠦᠴᠦᠲᠡᠢ ᠦᠯᠢᠶᠡᠵᠦ ᠠᠪᠤᠭᠰᠠᠨ ᠢ᠋ᠶ᠋ᠠᠨ ᠢᠷᠡᠭᠰᠡᠨ ᠵᠣᠴᠢᠨ ᠢ᠋ ᠳᠥᠰᠢᠨ ᠭᠠᠯ ᠤ᠋ᠨ ᠴᠣᠭ ᠤ᠋ᠨ ᠬᠠᠵᠠᠭᠤ ᠳ᠋ᠤ᠌ ᠰᠠᠭᠤᠯᠭᠠᠪᠠ᠃ ᠡᠪᠦᠭᠡᠨ ᠯᠠᠮᠠ ᠲᠠᠰᠤᠷᠠᠯ ᠦᠭᠡᠢ ᠴᠣᠭ ᠳᠡᠭᠡᠷᠡᠬᠢ ᠳᠠᠯᠤ ᠶ᠋ᠢ ᠭᠠᠯ ᠤ᠋ᠨ ᠬᠠᠢᠴᠢ ᠪᠠᠷ ᠡᠷᠭᠢᠭᠦᠯᠵᠦ ᠬᠥᠷᠪᠡᠭᠦᠯᠬᠦ ᠵᠠᠭᠤᠷ᠎ᠠ ᠣᠯᠠᠨ ᠤᠳᠠᠭ᠎ᠠ ᠳᠠᠯᠤ ᠶ᠋ᠢᠨ ᠶᠠᠰᠤ ᠬᠠᠭᠠᠷᠠᠬᠤ ᠳᠠᠭᠤᠨ ᠭᠠᠷᠴᠤ ᠪᠠᠢᠪᠠ᠃ ᠭᠡᠷ ᠳᠣᠲᠣᠷ᠎ᠠ ᠮᠠᠭᠤᠬᠠᠢ ᠬᠡᠩᠰᠢᠭᠦᠦ ᠳᠦᠭᠦᠷᠪᠡ᠃ ᠡᠪᠦᠭᠡᠨ ᠯᠠᠮᠠ ᠨᠡᠯᠢᠶᠡᠳ ᠤᠳᠠᠭᠰᠠᠨ ᠤ᠋ ᠳᠠᠷᠠᠭ᠎ᠠ ᠰᠢᠲᠠᠭᠰᠠᠨ ᠳᠠᠯᠤ ᠪᠠᠨ ᠭᠠᠷᠭᠠᠵᠤ ᠳ᠋ᠧᠩ ᠦ᠋ᠨ ᠭᠡᠷᠡᠯ ᠵᠦᠭ ᠬᠠᠨᠳᠤᠭᠤᠯᠤᠨ ᠶᠡᠬᠡ ᠤᠳᠠᠭᠠᠨ ᠬᠠᠷᠠᠵᠤ ᠠᠪᠤᠭᠰᠠᠨ ᠢ᠋ᠶ᠋ᠠᠨ ᠠᠮᠠᠨ ᠳ᠋ᠠᠭᠠᠨ ᠦᠯᠦ ᠣᠢᠯᠠᠭᠠᠭᠳᠠᠬᠤ ᠶᠠᠭᠤᠮ᠎ᠠ ᠤᠩᠰᠢᠵᠤ ᠡᠬᠢᠯᠡᠪᠡ᠃
— ᠶᠠᠭᠤ ᠶᠠᠷᠢᠵᠤ ᠪᠠᠢᠨ᠎ᠠ ᠪᠣᠢ? ᠭᠡᠵᠦ ᠨᠠᠮᠠᠶ᠋ᠢ ᠲᠡᠰᠬᠦ ᠠᠯᠳᠠᠷᠠᠨ ᠠᠰᠠᠭᠤᠬᠤ ᠳ᠋ᠤ᠌ ᠷᠠᠰᠢ ᠨᠠᠳᠠ ᠤᠷᠤᠭᠤ ᠳᠤᠭᠤᠢ ᠪᠠᠢ ᠭᠡᠰᠡᠨ ᠳᠣᠬᠢᠶ᠎ᠠ ᠥᠭᠪᠡ ! ᠶᠣᠰᠣᠯᠠᠯ ᠤ᠋ᠨ ᠶᠠᠪᠤᠴᠠ ᠪᠠᠰᠠ ᠨᠡᠯᠢᠶᠡᠳ ᠤᠳᠠᠭᠰᠠᠨ ᠤ᠋ ᠬᠣᠢᠨ᠎ᠠ ᠡᠪᠦᠭᠡᠨ ᠯᠠᠮᠠ ᠶ᠋ᠢᠨ ᠴᠡᠴᠡᠷᠡᠭᠰᠡᠨ ᠭᠠᠷ ᠲᠤ᠌ ᠳᠠᠯᠤ ᠶ᠋ᠢᠨ ᠶᠠᠰᠤ ᠬᠡᠳᠦᠨ ᠬᠡᠰᠡᠭ ᠪᠣᠯᠤᠨ ᠬᠠᠭᠠᠷᠠᠬᠤ ᠳ᠋ᠤ᠌ ᠷᠠᠰᠢ ᠶ᠋ᠢᠨ ᠴᠢᠷᠠᠢ ᠳ᠋ᠤ᠌ ᠢᠯᠡᠷᠬᠡᠢ ᠪᠠᠶᠠᠰᠤᠯ ᠤ᠋ᠨ ᠥᠩᠭᠡ ᠢᠯᠡᠷᠡᠪᠡ᠃
— ᠴᠢ ᠪᠣᠯ ᠪᠢᠳᠡᠨ ᠦ᠌ ᠳᠣᠲᠣᠷᠠᠬᠢ ᠨᠢᠭᠡ ᠭᠡᠰᠢᠭᠦᠨ ᠮᠥᠨ ᠭᠡᠵᠦ ᠪᠤᠷᠬᠠᠨ ᠲᠡᠭᠷᠢ ᠬᠡᠯᠡᠵᠦ ᠪᠠᠢᠨ᠎ᠠ ᠭᠡᠳ ᠡᠪᠦᠭᠡᠨ ᠦᠭᠡ ᠪᠡᠨ ᠡᠬᠢᠯᠡᠯ᠎ᠡ : ᠴᠢ ᠲᠥᠪᠡᠳ ᠦ᠋ᠨ ᠪᠤᠷᠬᠠᠨ ᠤ᠋ ᠣᠷᠣᠨ ᠳ᠋ᠤ᠌ ᠲᠥᠷᠥᠵᠦ ᠥᠩᠭᠡᠷᠡᠭᠰᠡᠨ ᠪᠥᠭᠡᠳ ᠥᠪᠡᠷ ᠦ᠋ᠨ ᠢ᠋ᠶ᠋ᠡᠨ ᠪᠤᠶᠠᠨ ᠤ᠋ ᠠᠵᠢᠯᠯᠠᠭ᠎ᠠ ᠪᠠᠷ ᠢ᠋ᠶ᠋ᠠᠨ ᠶᠡᠬᠡ ᠣᠯᠠᠨ ᠴᠠᠭᠠᠨ ᠦᠷᠢᠯ ᠬᠤᠷᠠᠮᠳᠤᠭᠤᠯᠵᠤ ᠳᠡᠢᠯᠵᠡᠢ᠃ ᠭᠡᠬᠦ ᠳ᠋ᠦ᠍ ᠴᠢ ᠶᠡᠬᠡ ᠭᠦᠨ ᠬᠥᠪ ᠲᠦ᠍ ᠣᠷᠣᠭᠠᠳ ᠶᠠᠯ᠎ᠠ ᠬᠢᠯᠢᠨᠴᠡ ᠴᠢᠨᠢ ᠴᠦ᠍ ᠮᠠᠩᠬᠠᠨ ᠳᠠᠯᠠᠢ ᠶ᠋ᠢᠨ ᠡᠯᠡᠰᠦᠨ ᠮᠥᠬᠥᠯᠢᠭ ᠰᠢᠭ ᠣᠯᠠᠨ ᠪᠣᠯᠵᠠᠢ᠃ ᠵᠠᠷᠢᠮ ᠲᠥᠷᠥᠯ ᠳ᠋ᠡᠭᠡᠨ ᠴᠢ ᠵᠥᠪ ᠪᠤᠰᠤ ᠠᠵᠢᠯ ᠣᠯᠠᠨ ᠬᠢᠭᠰᠡᠨ ᠡᠴᠡ ᠪᠣᠯᠵᠤ ᠴᠢᠨᠦ ᠬᠠᠷ᠎ᠠ ᠦᠷᠢᠯ ᠦ᠋ᠨ ᠲᠣᠭ᠎ᠠ ᠨᠡᠮᠡᠭᠳᠡᠨ ᠲᠣᠭᠠᠯᠠᠰᠢ ᠦᠭᠡᠢ ᠪᠣᠯᠤᠭᠠᠳ ᠡᠴᠦᠰ ᠲᠡᠭᠡᠨ ᠰᠡᠭᠦᠯᠴᠢ ᠶ᠋ᠢᠨ ᠲᠠᠮᠤ ᠶ᠋ᠢ ᠭᠡᠲᠦᠯᠬᠦ ᠳ᠋ᠦ᠍ ᠬᠦᠨᠳᠦ ᠬᠡᠴᠡᠭᠦᠦ ᠲᠥᠭᠡᠷᠢᠭᠳᠡᠯ ᠳ᠋ᠦ᠍ ᠣᠷᠣᠭᠠᠳ ᠴᠢᠮᠠᠶ᠋ᠢ ᠴᠢᠰᠤ ᠦᠭᠡᠢ ᠴᠠᠭᠠᠨ ᠠᠷᠠᠰᠤ ᠲᠠᠢ ᠬᠥᠮᠦᠨ ᠪᠣᠯᠭᠠᠨ ᠵᠠᠶᠠᠭᠠᠵᠠᠢ᠃
— ᠲᠡᠭᠡᠪᠡᠯ ᠣᠳᠣ ᠶᠠᠮᠠᠷ ᠤᠴᠢᠷ ᠪᠣᠯᠤᠨ᠎ᠠ ᠪᠣᠢ ? ᠭᠡᠵᠦ ᠪᠢ ᠶᠠᠭᠠᠷᠠᠯᠲᠠᠢ ᠠᠰᠠᠭᠤᠬᠤ ᠳ᠋ᠤ᠌ ᠲᠡᠳᠡ ᠬᠣᠶᠠᠭᠤᠯᠠ ᠣᠢᠯᠠᠭᠠᠭᠳᠠᠰᠢ ᠦᠭᠡᠢ ᠦᠭᠡ ᠪᠡᠷ ᠶᠠᠷᠢᠯᠴᠠᠵᠤ ᠠᠪᠤᠭᠰᠠᠨ ᠢ᠋ᠶ᠋ᠠᠨ ᠷᠠᠰᠢ᠄
— ᠴᠢ ᠣᠳᠣ ᠰᠠᠢᠨ ᠵᠠᠮ ᠢ᠋ᠶ᠋ᠠᠷ ᠶᠠᠪᠤᠵᠤ ᠪᠠᠢᠨ᠎ᠠ ᠭᠡᠵᠦ ᠪᠣᠭᠳᠠ ᠪᠠᠭᠰᠢ ᠠᠢᠯᠠᠳᠴᠤ ᠪᠠᠢᠨ᠎ᠠ᠃ ᠡᠨᠡᠷᠢᠩᠭᠦᠢ ᠪᠤᠷᠬᠠᠳ ᠴᠢᠮ᠎ᠠ ᠳ᠋ᠤ᠌ ᠪᠤᠷᠬᠠᠨ ᠤ᠋ ᠣᠷᠣᠨ ᠳ᠋ᠤ᠌ ᠬᠦᠷᠬᠦ ᠵᠠᠮ ᠢ᠋ ᠵᠢᠭᠠᠵᠤ ᠥᠭᠭᠦᠭᠰᠡᠨ ᠪᠥᠭᠡᠳ ᠴᠢ ᠴᠦ᠍ ᠠᠯᠬᠤᠮ ᠠᠯᠬᠤᠮ ᠢ᠋ᠶ᠋ᠠᠷ ᠵᠢᠩᠬᠢᠨᠢ ᠱᠠᠰᠢᠨ ᠵᠦᠭ ᠣᠢᠷᠠᠳᠴᠤ ᠪᠠᠢᠭ᠎ᠠ᠂ ᠮᠥᠨ ᠴᠢᠨᠦ ᠳᠠᠷᠠᠭᠠᠴᠢ ᠶ᠋ᠢᠨ ᠲᠥᠷᠥᠯ ᠦ᠋ᠨ ᠲᠥᠷᠥᠬᠦ ᠭᠠᠵᠠᠷ ᠤᠷᠤᠭᠤ ᠪᠠᠨ ᠴᠤ᠌ ᠣᠢᠷᠠᠳᠴᠤ ᠪᠣᠢ᠃ ᠵᠠᠮ ᠢ᠋ᠶ᠋ᠠᠨ ᠠᠯᠳᠠᠯ ᠦᠭᠡᠢ ᠶᠠᠪᠤᠭᠠᠳ ᠯᠠ ᠪᠠᠢᠪᠠᠯ ᠪᠤᠷᠬᠠᠨ ᠤ᠋ ᠬᠠᠢᠷᠠᠯᠠᠭᠰᠠᠨ ᠡᠨᠡ ᠨᠠᠰᠤᠨ ᠳ᠋ᠠᠭᠠᠨ ᠴᠢ ᠪᠠᠰᠠ ᠶᠡᠬᠡ ᠣᠯᠠᠨ ᠪᠤᠶᠠᠨ ᠤ᠋ ᠦᠢᠯᠡᠰ ᠢ᠋ ᠪᠦᠲᠦᠭᠡᠬᠦ ᠪᠡᠷ ᠪᠠᠷᠠᠬᠤ ᠦᠭᠡᠢ ᠡᠭᠦᠨ ᠡᠴᠡ ᠪᠣᠯᠵᠤ ᠴᠢ ᠥᠪᠡᠷ ᠦ᠋ᠨ ᠢ᠋ᠶ᠋ᠡᠨ ᠬᠠᠭᠤᠴᠢᠨ ᠨᠤᠲᠤᠭ - ᠶᠡᠬᠡ ᠨᠣᠮ ᠵᠢᠩᠬᠢᠨᠢ ᠨᠣᠮ ᠢ᠋ ᠮᠡᠳᠡᠳᠡᠭ ᠵᠣᠯ ᠵᠢᠷᠭᠠᠯᠲᠤ ᠠᠷᠠᠳ ᠲᠦᠮᠡᠨ ᠦ᠌ ᠳᠤᠮᠳᠠ ᠪᠠᠨ ᠲᠥᠷᠥᠯ ᠠᠷᠠᠯᠵᠢᠬᠤ ᠪᠣᠯᠤᠮᠵᠢ ᠪᠠᠢᠭ᠎ᠠ᠃
— ᠡᠨᠡ ᠬᠦ᠌ ᠵᠣᠯ ᠵᠢᠷᠭᠠᠯᠲᠤ ᠠᠷᠠᠳ ᠲᠦᠮᠡᠨ ᠬᠠᠮᠢᠭ᠎ᠠ ᠠᠮᠢᠳᠤᠷᠠᠵᠤ ᠪᠠᠢᠳᠠᠭ ᠪᠣᠢ?
— ᠲᠥᠪᠡᠳ ᠲᠦ᠍ ᠰᠢᠦ᠃ ᠠᠯᠢ ᠨᠢᠭᠡᠨ ᠡᠳᠦᠷ ᠴᠢ ᡀᠠᠰᠠ ᠶ᠋ᠢᠨ ᠨᠢᠭᠡ ᠪᠠᠶᠠᠨ ᠰᠦᠮ᠎ᠡ ᠶ᠋ᠢᠨ ᠭᠡᠭᠡᠨ ᠯᠠᠮᠠ ᠶ᠋ᠢᠨ ᠬᠤᠪᠢᠯᠭᠠᠨ ᠪᠣᠯᠵᠤ ᠲᠣᠳᠣᠷᠠᠬᠤ ᠴᠤ᠌ ᠮᠠᠭᠠᠳ ᠪᠥᠭᠡᠳ ᠴᠢᠨᠦ ᠨᠡᠷ᠎ᠡ ᠠᠯᠳᠠᠷ ᠰᠠᠯᠬᠢᠨ ᠤ᠋ ᠠᠶ᠎ᠠ ᠪᠠᠷ ᠪᠦᠬᠦ ᠳᠡᠯᠡᠬᠡᠢ ᠳ᠋ᠦ᠍ ᠳᠠᠭᠤᠷᠢᠰᠬᠤ ᠡᠰᠡᠬᠦ ᠶ᠋ᠢ ᠬᠡᠨ ᠬᠡᠯᠡᠵᠦ ᠮᠡᠳᠡᠨ᠎ᠡ ᠳᠠ᠃
— ᠡᠨᠡ ᠴᠢᠨᠢ ᠶᠠᠮᠠᠷ ᠭᠣᠶᠣ ᠪᠣᠢ ! ᠭᠡᠵᠦ ᠪᠢ ᠵᠥᠪᠰᠢᠶᠡᠷᠡᠨ ᠮᠢᠨᠦ ᠳᠠᠷᠠᠭᠠᠴᠢ ᠶ᠋ᠢᠨ ᠰᠠᠢᠬᠠᠨ ᠲᠥᠷᠥᠯ ᠦ᠋ᠨ ᠲᠥᠯᠥᠭᠡ ᠪᠠᠷᠠᠬᠤ ᠰᠢᠬᠠᠵᠤ ᠪᠠᠢᠭᠰᠠᠨ ᠠᠷᠢᠬᠢ ᠪᠠᠨ ᠯᠣᠩᠬᠣ ᠪᠠᠷ ᠨᠢ ᠰᠠᠢᠨ ᠭᠡᠭᠴᠢ ᠨᠢᠭᠡ ᠪᠠᠯᠭᠤᠵᠤ ᠠᠪᠤᠪᠠ᠃ ᠦᠯᠡᠳᠡᠭᠰᠡᠨ ᠢ᠋ ᠨᠢ ᠡᠪᠦᠭᠡᠨ ᠯᠠᠮᠠ ᠤᠤᠭᠤᠭᠠᠳ ᠬᠣᠢᠰᠢ ᠪᠠᠨ ᠬᠡᠪᠲᠡᠭᠡᠳ᠂ ᠶᠡᠬᠡ ᠪᠣᠳᠣᠯᠭᠠᠨ ᠤ᠋ ᠠᠵᠢᠯ ᠬᠢᠭᠰᠡᠨ ᠡᠴᠡ ᠪᠣᠯᠵᠤ ᠶᠠᠳᠠᠷᠠᠭᠰᠠᠨ ᠲᠤᠯᠠ ᠤᠨᠲᠠᠪᠠ᠃
ᠷᠠᠰᠢ ᠭᠠᠳᠠᠭᠰᠢ ᠭᠠᠷᠴᠤ ᠪᠡᠯᠡᠳᠦᠭᠰᠡᠨ ᠬᠣᠭᠣᠯᠠ ᠪᠠᠨ ᠦᠵᠡᠬᠦ ᠪᠡᠷ ᠶᠠᠪᠤᠪᠠ᠃ ᠰᠢᠷᠠᠵᠤ ᠬᠠᠭᠤᠷᠤᠭᠰᠠᠨ ᠬᠣᠨᠢᠨ ᠮᠢᠬᠠᠨ ᠤ᠋ ᠦᠨᠦᠷ ᠭᠡᠷ ᠢ᠋ ᠳᠦᠭᠦᠷᠭᠡᠬᠦ ᠦᠶ᠎ᠡ ᠳ᠋ᠦ᠍ ᠡᠪᠦᠭᠡᠨ ᠯᠠᠮᠠ ᠴᠤ᠌ ᠰᠡᠷᠡᠵᠦ ᠪᠢᠳᠡᠨ ᠲᠡᠢ ᠴᠣᠭ ᠬᠣᠪᠳᠣᠭᠯᠠᠨ ᠢᠳᠡᠵᠦ ᠡᠬᠢᠯᠡᠪᠡ᠃ ᠵᠠᠪᠰᠠᠷ ᠲᠠᠭᠠᠨ ᠲᠡᠷᠡ ᠪᠠᠰᠠ ᠪᠢᠳᠡᠨ ᠳ᠋ᠦ᠍ ᠷᠦᠭᠵᠢᠳᠮᠡ ᠶ᠋ᠢᠨ ᠲᠤᠬᠠᠢ ᠱᠣᠭ ᠶᠠᠷᠢᠵᠤ᠂ ᠵᠡᠭᠦᠳᠦᠨ ᠳ᠋ᠡᠭᠡᠨ ᠷᠦᠭᠵᠢᠳᠮᠡ ᠲᠡᠢ ᠠᠭᠤᠯᠵᠠᠭᠰᠠᠨ ᠳ᠋ᠤ᠌ ᠷᠦᠭᠵᠢᠳᠮᠡ ᠶ᠋ᠢᠨ ᠰᠦᠨᠡᠰᠦ ᠨᠢ ᠶᠠᠰᠤᠨ ᠬᠡᠩᠭᠡᠷᠭᠡ᠂ ᠠᠷᠠᠰᠤᠨ ᠳᠠᠯᠪᠠᠭ᠎ᠠ ᠠ᠋ᠴᠠ ᠠᠶᠤᠵᠤ ᠳᠤᠲᠠᠭᠠᠭᠠᠳ ᠪᠠᠢᠭᠰᠠᠨ᠃ ᠲᠡᠭᠡᠬᠦ ᠳ᠋ᠦ᠍ᠨᠢ ᠶᠢᠷᠲᠢᠨᠴᠦ ᠳ᠋ᠦ᠍ ᠳᠠᠬᠢᠨ ᠲᠥᠷᠥᠯ ᠣᠯᠭᠣᠬᠤ ᠪᠠᠷ ᠬᠠᠷᠢᠶᠠᠯ ᠬᠢᠵᠦ ᠪᠠᠭᠤᠯᠭᠠᠪᠠ ᠭᠡᠮᠡᠨ ᠶᠠᠷᠢᠯ᠎ᠠ᠃
— ᠥᠭᠡᠷ᠎ᠡ ᠠᠪᠤᠷᠠᠬᠤ ᠠᠷᠭ᠎ᠠ ᠵᠠᠮ ᠭᠡᠵᠦ ᠦᠭᠡᠢ ᠤᠤ ? ᠭᠡᠵᠦ ᠪᠢ ᠠᠰᠠᠭᠤᠪᠠ᠃
— ᠭᠤᠷᠪᠠᠨ ᠡᠳᠦᠷ ᠦ᠋ᠨ ᠳᠣᠲᠣᠷ᠎ᠠ ᠪᠡᠷᠲᠦ ᠳᠠᠭᠤᠰᠬᠤ ᠪᠥᠭᠡᠳ ᠡᠳᠡᠭᠡᠷ ᠨᠢ ᠴᠦ᠍ ᠮᠢᠨᠦ ᠪᠤᠷᠤᠭᠤ ᠪᠢᠰᠢ ᠰᠢᠦ᠃ ᠪᠢᠳᠡ ᠲᠡᠭᠦᠨ ᠳ᠋ᠦ᠍ ᠪᠤᠷᠬᠠᠨ ᠤ᠋ ᠨᠣᠮ ᠳᠡᠭᠡᠷ᠎ᠡ ᠪᠢᠴᠢᠭᠰᠡᠨ ᠠᠷᠭ᠎ᠠ ᠵᠠᠮ ᠢ᠋ ᠵᠢᠭᠠᠵᠤ ᠥᠭᠭᠦᠭᠡᠳ ᠵᠠᠭᠤᠷᠠᠳᠤ ᠶ᠋ᠢᠨ ᠶᠢᠷᠲᠢᠨᠴᠦ ᠳᠣᠲᠣᠷᠠᠬᠢ ᠳᠣᠯᠣᠭᠠᠨ ᠬᠡᠰᠡᠭ ᠭᠠᠵᠠᠷ ᠢ᠋ ᠳᠠᠭᠠᠭᠤᠯᠤᠨ ᠭᠡᠲᠦᠯᠭᠡᠬᠦ ᠪᠡᠷ ᠣᠷᠣᠯᠳᠣᠭᠰᠠᠨ ᠶᠤᠮ᠃ ᠭᠡᠬᠦ ᠳ᠋ᠦ᠍ ᠪᠦᠷ ᠬᠡᠷᠡᠭ ᠲᠦ᠍ ᠬᠦᠷᠦᠭᠡ ᠦᠭᠡᠢ᠃
— ᠲᠡᠭᠡᠭᠡᠳ ᠴᠠᠭ ᠨᠢ ᠬᠦᠷᠪᠡᠯ ᠲᠡᠭᠦᠨ ᠦ᠌ ᠴᠣᠭᠴᠠᠰ ᠢ᠋ ᠶᠠᠭᠠᠬᠢᠨ᠎ᠠ ᠪᠢᠯᠡ ? ᠭᠡᠵᠦ ᠷᠠᠰᠢ ᠠ᠋ᠴᠠ ᠠᠰᠠᠭᠤᠬᠤ ᠳ᠋ᠤ᠌ ᠲᠡᠷᠡ :
— ᠶᠠᠨᠰᠠᠨ ᠲᠡᠭᠦᠨ ᠢ᠋ ᠬᠥᠳᠡᠭᠡ ᠠᠪᠠᠴᠢᠵᠤ ᠬᠠᠶᠠᠨ᠎ᠠ᠃ ᠨᠣᠬᠠᠢ ᠴᠢᠨᠣ᠎ᠠ ᠶ᠋ᠢᠨ ᠢᠳᠡᠰᠢ ᠪᠣᠯᠬᠤ ᠦᠭᠡᠢ ᠤᠤ ᠭᠡᠯᠡ᠃ ᠡᠪᠦᠭᠡᠨ ᠯᠠᠮᠠ ᠶ᠋ᠢ ᠶᠠᠪᠤᠭᠰᠠᠨ ᠤ᠋ ᠬᠣᠢᠨ᠎ᠠ ᠷᠠᠰᠢ ᠶ᠋ᠢ ᠨᠠᠳᠠ ᠲᠠᠢ ᠬᠠᠮᠲᠤ ᠣᠷᠣᠰᠢᠭᠤᠯᠬᠤ ᠶᠣᠰᠣᠯᠠᠯ ᠦᠵᠡᠬᠦ ᠪᠡᠷ ᠶᠠᠪᠤᠬᠤ ᠦᠭᠡᠢ ᠤᠤ ᠭᠡᠰᠡᠨ ᠳ᠋ᠦ᠍ ᠲᠡᠷᠡ ᠡᠷᠡᠰ ᠲᠠᠲᠠᠭᠠᠯᠵᠠᠨ ᠰᠦᠨᠡᠰᠦ ᠨᠢ ᠳᠤᠲᠠᠭᠠᠵᠤ ᠢᠯᠵᠢᠷᠡᠭᠰᠡᠨ ᠴᠣᠭᠴᠠᠰ ᠢ᠋ ᠳᠠᠭᠠᠬᠤ ᠨᠢ ᠰᠠᠢᠨ ᠯᠠᠮᠠ ᠪᠢᠰᠢ ᠭᠡᠵᠦ ᠶᠠᠷᠢᠯ᠎ᠠ᠃
— ᠪᠢ ᠬᠠᠵᠠᠭᠤ ᠳ᠋ᠤᠨᠢ ᠪᠠᠢᠶ᠎ᠠ ᠭᠡᠵᠦ ᠪᠣᠳᠣᠵᠤ ᠪᠠᠢᠨ᠎ᠠ ᠭᠡᠮᠡᠨ ᠬᠦᠴᠦᠯᠡᠬᠦ ᠳ᠋ᠦ᠍ ᠲᠡᠷᠡ : ᠲᠡᠭᠡᠪᠡᠯ ᠴᠢ ᠭᠠᠭᠴᠠᠭᠠᠷ ᠢ᠋ᠶ᠋ᠠᠨ ᠣᠴᠢᠭᠠᠷᠠᠢ ᠭᠡᠵᠦ ᠬᠡᠯᠡᠯ᠎ᠡ᠃ ᠡᠭᠦᠨ ᠡᠴᠡ ᠰᠡᠭᠦᠯᠡᠷ ᠪᠢ ᠷᠦᠭᠵᠢᠳᠮᠡ ᠶ᠋ᠢᠨ ᠣᠷᠣᠰᠢᠭᠤᠯᠬᠤ ᠶᠣᠰᠣᠯᠠᠯ ᠳ᠋ᠤ᠌ ᠶᠠᠭᠤ ᠪᠣᠯᠳᠠᠭ ᠲᠤᠬᠠᠢ ᠠᠰᠠᠭᠤᠨ ᠰᠣᠨᠢᠷᠬᠠᠵᠤ ᠯᠠ ᠶᠠᠪᠤᠯ᠎ᠠ᠃ ᠨᠢᠭᠡᠨ ᠣᠷᠣᠢ ᠪᠢ ᠰᠡᠷᠡᠭᠦᠯᠭᠡᠲᠦ ᠴᠠᠭ ᠢ᠋ᠶ᠋ᠠᠨ ᠥᠷᠯᠥᠭᠡ ᠶ᠋ᠢᠨ ᠭᠤᠷᠪᠠᠨ ᠴᠠᠭ ᠲᠤ᠌ ᠲᠠᠭᠠᠷᠠᠭᠤᠯᠪᠠ᠃ ᠥᠷᠯᠥᠭᠡ ᠪᠢ ᠮᠣᠷᠢ ᠪᠠᠨ ᠡᠮᠡᠭᠡᠯᠯᠡᠬᠦ ᠪᠡᠷ ᠡᠷᠢᠬᠦ ᠳ᠋ᠦ᠍ ᠮᠣᠷᠢ ᠮᠢᠨᠢ ᠠᠯᠠᠭ᠎ᠠ᠂ ᠷᠠᠰᠢ ᠬᠠᠷᠢᠨ ᠲᠡᠭᠦᠨ ᠢ᠋ ᠬᠥᠳᠡᠭᠡ ᠪᠡᠯᠴᠢᠭᠡᠷ ᠲᠤᠨᠢ ᠲᠠᠯᠪᠢᠭᠰᠠᠨ ᠪᠠᠢᠪᠠ᠃
ᠦᠦᠷ ᠦ᠋ᠨ ᠭᠡᠭᠡ ᠲᠣᠳᠣᠷᠠᠬᠤ ᠶ᠋ᠢᠨ ᠦᠶ᠎ᠡ ᠪᠡᠷ ᠬᠥᠳᠡᠭᠡ ᠲᠠᠯ᠎ᠠ ᠳᠡᠭᠡᠷ᠎ᠡ ᠨᠢᠭᠡ ᠦᠬᠡᠷ ᠲᠡᠷᠭᠡ ᠵᠡᠭᠦᠨᠰᠢᠯᠡᠬᠦ ᠶ᠋ᠢ ᠣᠯᠵᠤ ᠬᠠᠷᠠᠪᠠ᠃ ᠪᠢ ᠶᠠᠪᠠᠭᠠᠨ ᠢ᠋ᠶ᠋ᠠᠷ ᠲᠡᠭᠦᠨ ᠤ ᠬᠣᠢᠨ᠎ᠠ ᠠ᠋ᠴᠠ ᠭᠦᠢᠴᠡᠨ ᠬᠦᠷᠪᠡ᠃ ᠨᠠᠰᠤᠨ ᠲᠤᠷᠰᠢ ᠴᠣᠭ ᠠᠮᠢᠳᠤᠷᠠᠭᠰᠠᠨ ᠲᠠᠷᠭᠤᠨ ᠷᠦᠭᠵᠢᠳᠮᠡ ᠲᠡᠢ ᠪᠡᠨ ᠳᠡᠮᠡᠢ ᠬᠡᠳᠦᠨ ᠦᠭᠡ ᠵᠥᠷᠢᠳᠡᠭ ᠦᠭᠡᠢ ᠶᠠᠨᠰᠠᠨ ᠡᠪᠦᠭᠡᠨ ᠨᠠᠳᠠ ᠤᠷᠤᠭᠤ ᠬᠠᠷᠠᠨ ᠢᠨᠢᠶᠡᠮᠰᠦᠭᠯᠡᠪᠡ᠃ ᠪᠢᠳᠡ ᠬᠣᠶᠠᠷ ᠬᠥᠬᠡᠪᠲᠦᠷ ᠠᠯᠴᠢᠭᠤᠷ ᠢ᠋ᠶ᠋ᠠᠷ ᠬᠤᠴᠢᠭᠰᠠᠨ ᠲᠡᠷᠭᠡᠨ ᠳᠡᠭᠡᠷᠡᠬᠢ ᠵᠢᠯᠢᠢᠭᠴᠢ ᠤᠷᠤᠭᠤ ᠨᠡᠯᠢᠶᠡᠳ ᠤᠳᠠᠭᠠᠨ ᠬᠠᠷᠠᠵᠤ ᠰᠡᠭᠦᠯᠴᠢ ᠶ᠋ᠢᠨ ᠰᠠᠯᠬᠤ ᠶᠣᠰᠣ ᠶ᠋ᠢ ᠭᠦᠢᠴᠡᠳᠬᠡᠯ᠎ᠡ᠃ ᠴᠣᠭᠴᠠᠰ ᠤ᠋ᠨ ᠢᠯᠵᠢᠷᠡᠭᠰᠡᠨ ᠦᠨᠦᠷ ᠨᠠᠮᠠᠶ᠋ᠢ ᠦᠷᠭᠦᠯᠵᠢᠯᠡᠨ ᠪᠠᠢᠯᠭᠠᠵᠤ ᠴᠢᠳᠠᠭᠰᠠᠨ ᠦᠭᠡᠢ᠂ ᠪᠢ ᠲᠦᠷᠦᠭᠦᠯᠡᠨ ᠨᠣᠴᠣᠵᠤ ᠪᠠᠢᠭ᠎ᠠ ᠭᠠᠯ ᠤ᠋ᠨ ᠳᠡᠷᠭᠡᠳᠡ ᠬᠦᠵᠢ ᠤᠩᠭᠠᠰᠬᠠᠨ ᠰᠠᠭᠤᠵᠤ ᠪᠠᠢᠭ᠎ᠠ ᠬᠣᠶᠠᠷ ᠯᠠᠮᠠ ᠵᠦᠭ ᠠᠯᠬᠤᠯᠠᠪᠠ᠃ ᠲᠡᠳᠡ ᠮᠣᠷᠢ ᠪᠠᠷ ᠢᠷᠡᠭᠰᠡᠨ ᠪᠥᠭᠡᠳ ᠬᠣᠶᠠᠷ ᠮᠣᠷᠢ ᠨᠢ ᠨᠠᠮᠬᠠᠨ ᠳᠣᠪᠣᠴᠠᠭ ᠳᠡᠭᠡᠷ᠎ᠡ ᠡᠪᠡᠰᠦ ᠴᠢᠮᠬᠢᠯᠡᠵᠦ ᠪᠠᠢᠯ᠎ᠠ᠃ ᠶᠠᠨᠰᠠᠨ ᠬᠦᠷᠴᠦ ᠢᠷᠡᠭᠰᠡᠨ ᠦ᠌ ᠬᠣᠢᠨ᠎ᠠ ᠵᠠᠯᠠᠭᠤ ᠯᠠᠮᠠ ᠨᠢ ᠪᠣᠰᠴᠤ ᠬᠠᠮᠵᠢᠯᠴᠠᠨ ᠷᠦᠭᠵᠢᠳᠮᠡ ᠶ᠋ᠢᠨ ᠬᠡᠭᠦᠷ ᠢ᠋ ᠪᠠᠭᠤᠯᠭᠠᠪᠠ᠃ ᠷᠦᠭᠵᠢᠳᠮᠡ ᠶ᠋ᠢᠨ ᠨᠢᠴᠦᠭᠦᠨ ᠪᠡᠶ᠎ᠡ ᠶ᠋ᠢ ᠨᠢᠮᠭᠡᠬᠡᠨ ᠴᠠᠭᠠᠨ ᠴᠠᠭᠠᠰᠤ ᠪᠠᠷ ᠪᠦᠲᠡᠭᠡᠵᠦ᠂ ᠲᠣᠯᠣᠭᠠᠢ ᠶ᠋ᠢᠨ ᠳᠣᠣᠷ᠎ᠠ ᠨᠢ ᠬᠡᠰᠡᠭ ᠴᠢᠯᠠᠭᠤ ᠳᠡᠷᠡᠯᠡᠭᠦᠯᠪᠡ᠃ ᠬᠣᠶᠠᠷ ᠯᠠᠮᠠ ᠵᠢᠯᠢᠢᠭᠴᠢ ᠶ᠋ᠢᠨ ᠲᠣᠯᠣᠭᠠᠢ ᠶ᠋ᠢᠨ ᠳᠡᠭᠡᠳᠦ ᠲᠠᠯ᠎ᠠ ᠳ᠋ᠤ᠌ ᠭᠠᠵᠠᠷ ᠳᠡᠭᠡᠷ᠎ᠡ ᠭᠠᠯ ᠨᠣᠴᠣᠭᠠᠵᠤ᠂ ᠲᠣᠭᠠᠯᠠᠰᠢ ᠦᠭᠡᠢ ᠬᠦᠵᠢ ᠤᠩᠭᠠᠰᠬᠠᠨ ᠰᠢᠷᠣᠢ ᠶ᠋ᠢᠨ ᠳᠡᠭᠡᠷ᠎ᠡ ᠬᠠᠳᠬᠤᠵᠤ ᠲᠠᠯᠪᠢᠭᠠᠳ᠂ ᠭᠠᠷ ᠳᠠᠬᠢ ᠬᠣᠷᠯᠣ ᠪᠠᠨ ᠡᠷᠭᠢᠭᠦᠯᠦᠨ ᠠᠮᠠᠨ ᠳ᠋ᠠᠭᠠᠨ ᠮᠠᠨᠢ ᠳᠦᠳᠦᠨᠡᠨ ᠤᠩᠰᠢᠵᠤ ᠡᠬᠢᠯᠡᠪᠡ᠃ ᠶᠠᠨᠰᠠᠨ ᠤᠳᠠᠭᠰᠠᠨ ᠴᠤ᠌ ᠦᠭᠡᠢ ᠪᠡᠷ ᠦᠬᠡᠷ ᠲᠡᠷᠭᠡ ᠲᠡᠢ ᠪᠡᠨ ᠭᠡᠷ ᠤᠷᠤᠭᠤ ᠪᠠᠨ ᠪᠤᠴᠠᠵᠤ᠂ ᠬᠣᠶᠠᠷ ᠯᠠᠮᠠ ᠴᠤ᠌ ᠤᠩᠰᠢᠯᠭ᠎ᠠ ᠪᠠᠨ ᠲᠡᠭᠦᠰᠬᠡᠨ ᠮᠣᠷᠢᠨ ᠳ᠋ᠠᠭᠠᠨ ᠮᠣᠷᠳᠠᠨ ᠪᠤᠰᠤᠳ ᠯᠠᠮᠠ ᠨᠠᠷ ᠤ᠋ᠨ ᠥᠴᠥᠭᠡᠳᠦᠷ ᠦᠳᠡᠰᠢ ᠪᠡᠷ ᠨᠢᠭᠡᠨᠲᠡ ᠬᠠᠷᠢᠭᠰᠠᠨ ᠰᠦᠮ᠎ᠡ ᠤᠷᠤᠭᠤ ᠬᠠᠲᠠᠷᠢᠭᠤᠯᠪᠠ᠃ ᠷᠠᠰᠢ ᠮᠢᠨᠦ ᠡᠭᠦᠨ ᠳ᠋ᠦ᠍ ᠰᠣᠨᠢᠷᠬᠠᠵᠤ ᠪᠠᠢᠭ᠎ᠠ ᠳ᠋ᠤ᠌ ᠳᠤᠷ᠎ᠠ ᠦᠭᠡᠢᠴᠡᠵᠦ ᠪᠠᠢᠭ᠎ᠠ ᠪᠠᠨ ᠥᠴᠦᠬᠡᠨ ᠴᠦ᠍ ᠨᠢᠭᠤᠯ ᠦᠭᠡᠢ ᠢᠯᠡᠷᠬᠡᠢᠯᠡᠵᠦ ᠪᠠᠢᠪᠠ᠃ ᠮᠣᠷᠢ ᠪᠠᠨ ᠱᠣᠩ ᠳᠡᠭᠡᠷ᠎ᠡ ᠡᠮᠡᠭᠡᠯᠯᠡᠵᠦ ᠤᠶᠠᠭᠰᠠᠨ ᠪᠠᠢᠪᠠ᠃ ᠲᠡᠷᠡ ᠭᠡᠨᠡᠳᠲᠡ ᠯᠡ ᠥᠪᠡᠷ ᠦ᠋ᠨ ᠠᠳᠤᠭᠤ ᠬᠣᠨᠢᠨ ᠰᠦᠷᠦᠭ ᠢ᠋ᠶ᠋ᠡᠨ ᠦᠵᠡᠨ᠎ᠡ ᠭᠡᠮᠡᠨ ᠬᠥᠯ ᠪᠣᠯᠵᠤ᠂ ᠨᠠᠳᠠ ᠲᠠᠢ ᠬᠥᠢᠲᠡᠮᠰᠦᠭ ᠠᠪᠠᠴᠤ ᠶᠣᠰᠣᠷᠬᠠᠭ ᠢ᠋ᠶ᠋ᠠᠷ ᠰᠠᠯᠬᠤ ᠶᠣᠰᠣ ᠭᠦᠢᠴᠡᠳᠬᠡᠪᠡ᠃ ᠪᠢ ᠲᠡᠭᠦᠨ ᠢ᠋ ᠨᠢᠭᠡ ᠬᠡᠰᠡᠭ ᠬᠠᠷᠠᠵᠤ ᠪᠠᠢᠭᠰᠠᠨ ᠢ᠋ᠶ᠋ᠠᠨ ᠲᠡᠭᠦᠨ ᠲᠡᠢ ᠨᠥᠬᠥᠷᠰᠡᠭ ᠢ᠋ᠶ᠋ᠡᠷ ᠰᠠᠯᠬᠤ ᠶᠣᠰᠣ ᠭᠦᠢᠴᠡᠳᠬᠡᠬᠦ ᠶ᠋ᠢ ᠵᠠᠪᠳᠤᠲᠠᠯ᠎ᠠ ᠲᠡᠷᠡ ᠬᠣᠢᠰᠢ ᠪᠠᠨ ᠭᠡᠨᠡᠳᠲᠡ ᠡᠷᠭᠢᠵᠦ᠄
— ᠭᠤᠷᠪᠠᠨ ᠡᠳᠦᠷ ᠦ᠋ᠨ ᠳᠣᠲᠣᠷ᠎ᠠ ᠲᠡᠷᠡ ᠭᠠᠵᠠᠷ ᠲᠤ᠌ ᠶᠠᠮᠠᠷ ᠴᠤ᠌ ᠬᠥᠮᠦᠨ ᠬᠦᠷᠴᠦ ᠪᠣᠯᠬᠤ ᠦᠭᠡᠢ ᠶᠦᠮ ᠭᠡᠵᠦ ᠴᠢᠩᠭ᠎ᠠ ᠰᠡᠷᠡᠮᠵᠢᠯᠡᠭᠦᠯᠪᠡ᠃
— ᠵᠠ ᠪᠣᠯᠤᠨ᠎ᠠ ᠭᠡᠳ ᠪᠢ ᠢᠨᠢᠶᠡᠭᠰᠡᠭᠡᠷ ᠬᠣᠩᠭᠣᠷ᠂ ᠠᠯᠲᠠᠨᠴᠡᠴᠡᠭ ᠲᠡᠳᠡᠨ ᠳ᠋ᠦ᠍ ᠮᠡᠨᠳᠦ ᠳᠠᠮᠵᠢᠭᠤᠯᠬᠤ ᠶ᠋ᠢ ᠵᠠᠬᠢᠯ᠎ᠠ᠃
ᠲᠡᠭᠦᠨ ᠦ᠌ ᠵᠠᠬᠢᠶ᠎ᠠ ᠶᠣᠰᠣᠭᠠᠷ ᠭᠤᠷᠪᠠᠳᠠᠬᠢ ᠡᠳᠦᠷ ᠦ᠋ᠨ ᠬᠢᠨᠢ ᠦᠳᠡᠰᠢ ᠪᠡᠷ ᠷᠦᠭᠵᠢᠳᠮᠡ ᠶ᠋ᠢ ᠣᠷᠣᠰᠢᠭᠤᠯᠤᠭᠰᠠᠨ ᠵᠢᠵᠢᠭ ᠳᠣᠪᠣᠴᠠᠭ ᠳᠡᠭᠡᠷ᠎ᠡ ᠬᠦᠷᠦᠯ᠎ᠡ᠃ ᠶᠡᠬᠡ ᠬᠣᠯᠠ ᠠ᠋ᠴᠠ ᠭᠠᠵᠠᠷ ᠰᠠᠢ ᠦᠭᠡᠢ ᠲᠠᠷᠬᠠᠭᠰᠠᠨ ᠴᠠᠭᠠᠨ ᠴᠠᠭᠠᠰᠤᠨ ᠤ᠋ ᠲᠠᠰᠤᠷᠬᠠᠢ ᠬᠠᠷᠠᠭᠳᠠᠬᠤ ᠪᠥᠭᠡᠳ ᠣᠢᠷᠠᠲᠤᠭᠠᠳ ᠬᠠᠷᠠᠬᠤᠯᠠᠷ ᠬᠡᠭᠦᠷ ᠪᠡᠶ᠎ᠡ ᠨᠢ ᠨᠢᠭᠡᠨᠲᠡ ᠠᠯᠠᠭ᠎ᠠ ᠪᠣᠯᠤᠭᠰᠠᠨ ᠪᠠᠢᠪᠠ᠃ ᠥᠴᠦᠬᠡᠨ ᠬᠡᠰᠡᠭ ᠶᠠᠰᠤ ᠴᠤ᠌ ᠬᠠᠷᠠᠭᠳᠠᠬᠤ ᠦᠭᠡᠢ ᠪᠥᠭᠡᠳ ᠵᠥᠪᠬᠡᠨ ᠴᠢᠯᠠᠭᠤᠨ ᠳᠡᠷᠡ ᠶ᠋ᠢᠨ ᠬᠢᠨᠢ ᠬᠠᠵᠠᠭᠤ ᠳ᠋ᠤ᠌ ᠭᠦᠷᠦᠮᠡᠯ ᠭᠡᠵᠢᠭᠡ ᠨᠢ ᠬᠠᠷᠠᠭᠳᠠᠵᠤ ᠪᠠᠢᠪᠠ᠃ ᠰᠠᠢᠨ ᠠᠵᠢᠭᠯᠠᠬᠤ ᠳ᠋ᠤ᠌ ᠡᠷᠭᠢᠨ ᠲᠣᠭᠣᠷᠢᠨ ᠳ᠋ᠤ᠌ ᠵᠡᠷᠯᠢᠭ ᠠᠮᠢᠲᠠᠨ ᠤ᠋ ᠮᠥᠷ ᠡᠪᠡᠰᠦᠨ ᠳᠡᠭᠡᠭᠦᠷ ᠬᠠᠷᠠᠭᠳᠠᠨ ᠲᠡᠨᠳᠡ ᠡᠴᠡ ᠪᠡᠨ ᠴᠠᠭᠠᠰᠢ ᠶᠠᠭᠤ ᠴᠤ᠌ ᠮᠡᠳᠡᠭᠳᠡᠬᠦ ᠦᠭᠡᠢ ᠪᠣᠯᠤᠭᠰᠠᠨ ᠪᠠᠢᠪᠠ᠃ ᠢᠩᠭᠢᠭᠡᠳ ᠪᠢ ᠡᠨᠡ ᠣᠷᠴᠢᠮ ᠳ᠋ᠤ᠌ ᠵᠠᠪᠠᠯ ᠪᠠᠢᠬᠤ ᠶᠣᠰᠣᠲᠠᠢ ᠴᠢᠨᠣ᠎ᠠ ᠶ᠋ᠢᠨ ᠡᠭᠦᠷ ᠢ᠋ ᠣᠯᠵᠤ ᠠᠪᠤᠨ᠎ᠠ ᠭᠡᠮᠡᠨ ᠨᠡᠯᠢᠶᠡᠳ ᠬᠣᠯᠠ ᠵᠠᠢ ᠪᠠᠷ ᠡᠷᠭᠢᠨ ᠲᠣᠭᠣᠷᠢᠨ ᠳᠠᠪᠬᠢᠭᠤᠯᠵᠤ ᠬᠠᠢᠪᠠ᠃ ᠭᠡᠨᠡᠳᠲᠡ ᠨᠢᠭᠡᠨ ᠡᠭᠴᠡ ᠬᠥᠲᠥᠯ ᠦ᠋ᠨ ᠬᠠᠭᠠᠰ ᠲᠤ᠌ ᠳᠥᠷᠪᠡᠨ ᠲᠣᠮᠣ ᠨᠦᠬᠡ ᠣᠩᠭᠣᠢᠵᠤ ᠪᠠᠢᠬᠤ ᠬᠠᠷᠠᠭᠳᠠᠪᠠ᠃ ᠠᠳᠠ ᠪᠠᠢᠭᠰᠠᠨ ᠠᠵᠤᠭᠤ᠃ ᠣᠳᠣ ᠪᠣᠯ ᠴᠢᠨᠣ᠎ᠠ ᠵᠤᠯᠵᠠᠭᠠᠯᠠᠵᠤ ᠪᠠᠢᠬᠤ ᠴᠠᠭ᠂ ᠪᠡᠯᠲᠡᠷᠭᠡ ᠪᠡᠨ ᠬᠠᠷᠠᠮᠨᠠᠭᠰᠠᠨ ᠴᠢᠨᠣ᠎ᠠ ᠶᠠᠭᠤ ᠴᠤ᠌ ᠬᠢᠬᠦ ᠡᠴᠡ ᠪᠤᠴᠠᠬᠤ ᠦᠭᠡᠢ ᠪᠥᠭᠡᠳ ᠪᠢ ᠴᠦ᠍ ᠵᠡᠪᠰᠡᠭ ᠢ᠋ᠶ᠋ᠡᠨ ᠠᠪᠤᠭ᠎ᠠ ᠦᠭᠡᠢ ᠲᠤᠯᠠ ᠣᠢᠷᠠᠳᠬᠤ ᠶ᠋ᠢ ᠵᠢᠷᠦᠬᠡᠯᠡᠭᠰᠡᠨ ᠦᠭᠡᠢ᠃
ᠶᠠᠨᠰᠠᠨ ᠬᠥᠷᠰᠢ ᠣᠯᠠᠨ ᠲᠠᠢ ᠪᠠᠨ ᠬᠠᠮᠲᠤ ᠪᠠᠷ ᠬᠥᠭᠰᠢᠨ ᠦ᠌ ᠪᠡᠨ ᠰᠢᠷᠣᠢ ᠶ᠋ᠢᠨ ᠬᠤᠷᠢᠮ ᠢ᠋ ᠬᠡᠳᠦᠨ ᠡᠳᠦᠷ ᠦᠷᠭᠦᠯᠵᠢᠯᠡᠲᠡᠯᠡ ᠬᠢᠪᠡ᠃ ᠲᠡᠳᠡ ᠱᠠᠨᠰᠢ ᠶ᠋ᠢᠨ ᠨᠢᠭᠡ ᠬᠤᠳᠠᠯᠳᠤᠭᠠᠴᠢᠨ ᠤ᠋ ᠠᠪᠴᠢᠷᠠᠭᠰᠠᠨ ᠬᠢᠲᠠᠳ ᠠᠷᠢᠬᠢ ᠶ᠋ᠢ ᠤᠤᠭᠤᠵᠠᠭᠠᠪᠠ᠃ ᠨᠢᠭᠡᠨ ᠰᠥᠨᠢ ᠵᠣᠳᠣᠯᠳᠤᠵᠤ ᠴᠤᠤᠭᠢᠯᠳᠤᠬᠤ ᠳᠠᠭᠤ ᠱᠤᠤᠭᠢᠶᠠᠨ ᠭᠠᠷᠤᠭᠰᠠᠨ ᠨᠢ ᠲᠡᠷᠡ ᠬᠢᠲᠠᠳ ᠬᠤᠳᠠᠯᠳᠤᠭᠠᠴᠢᠨ ᠮᠣᠩᠭᠣᠯᠴᠤᠳ ᠤ᠋ᠨ ᠥᠭᠭᠦᠨ᠎ᠡ ᠭᠡᠰᠡᠨ ᠦᠨ᠎ᠡ ᠡᠴᠡ ᠢᠯᠡᠭᠦᠦ ᠮᠥᠩᠭᠥ ᠠᠪᠬᠤ ᠭᠡᠮᠡᠨ ᠠᠭᠠᠰᠢᠯᠠᠭᠰᠠᠨ ᠭᠡᠨ᠎ᠡ᠃ ᠮᠥᠨ ᠲᠡᠷᠡ ᠰᠥᠨᠢ ᠳ᠋ᠡᠭᠡᠨ ᠮᠣᠩᠭᠣᠯᠴᠤᠳ ᠲᠡᠷᠡ ᠬᠢᠲᠠᠳ ᠢ᠋ ᠴᠣᠬᠢᠵᠤ ᠬᠥᠳᠡᠭᠡ ᠳ᠋ᠦ᠍ ᠬᠥᠭᠡᠭᠡᠨ ᠶᠠᠪᠤᠭᠤᠯᠪᠠ᠃ ᠮᠠᠷᠭᠠᠰᠢ ᠥᠷᠯᠥᠭᠡ ᠨᠢ ᠶᠠᠨᠰᠠᠨ ᠭᠡᠷ ᠢ᠋ᠶ᠋ᠡᠨ ᠪᠠᠭᠤᠯᠭᠠᠵᠤ ᠨᠡᠭᠦᠭᠰᠡᠨ ᠨᠢ ᠷᠦᠭᠵᠢᠳᠮᠡ ᠶ᠋ᠢᠨ ᠲᠡᠨᠦᠭᠦᠯ ᠰᠦᠨᠡᠰᠦ ᠣᠯᠵᠤ ᠳᠡᠢᠯᠬᠦ ᠦᠭᠡᠢ ᠰᠢᠨ᠎ᠡ ᠪᠡᠯᠴᠢᠭᠡᠷ ᠲᠦ᠍ ᠬᠦᠷᠬᠦ ᠶ᠋ᠢ ᠬᠦᠰᠡᠭᠰᠡᠨ ᠪᠠᠢᠵᠠᠢ᠃
