ᠥᠷᠥᠭᠡᠨ ᠳᠦ ᠲᠠᠭᠲᠠᠭ᠎ᠠ ᠣᠷᠣᠵᠤ ᠢᠷᠡᠯ᠎ᠡӨрөөнд тагтаа орж ирлээ Öröönd tagtaa orj irlee ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠷᠥᠭᠡᠨ ᠳᠦ ᠲᠠᠭᠲᠠᠭ᠎ᠠ ᠣᠷᠣᠵᠤ ᠢᠷᠡᠯ᠎ᠡӨрөөнд тагтаа орж ирлээ Öröönd tagtaa orj irlee

ᠥᠷᠥᠭᠡᠨ ᠳᠦ ᠲᠠᠭᠲᠠᠭ᠎ᠠ ᠣᠷᠣᠵᠤ ᠢᠷᠡᠯ᠎ᠡӨрөөнд тагтаа орж ирлээ Öröönd tagtaa orj irlee

2024-08-14

3124

ᠥᠷᠥᠭᠡᠨ ᠳᠦ ᠲᠠᠭᠲᠠᠭ᠎ᠠ ᠣᠷᠣᠵᠤ ᠢᠷᠡᠯ᠎ᠡ

   ᠦᠭᠡ᠄ ᠵ· ᠳᠠᠰᠢᠳᠣᠨᠳᠣᠷ 
   ᠠᠶ᠎ᠠ᠄ ᠯ· ᠭᠠᠯᠮᠠᠨᠳᠤᠬᠤ 
   ᠪᠡᠯᠡᠳᠬᠡᠭᠰᠡᠨ᠄ ᠶᠦᠲ᠋ᠦ᠋ᠪ ᠨᠣᠮ ᠤ᠋ᠨ ᠰᠠᠩ 

ᠥᠷᠥᠭᠡᠨ ᠦ᠌ ᠰᠠᠯᠬᠢᠪᠴᠢ ᠨᠡᠭᠡᠭᠡᠯᠲᠡᠲᠡᠢ ᠪᠠᠢᠨ᠎ᠠ᠃
ᠥᠷᠯᠥᠭᠡᠨ ᠦ᠌ ᠠᠭᠠᠷ ᠰᠡᠩᠭᠢᠨᠡᠨ ᠣᠷᠣᠯ᠎ᠠ᠃
ᠰᠢᠨᠡᠬᠡᠨ ᠳᠠᠭᠤᠨ ᠤ᠋ ᠰᠠᠨᠠᠭ᠎ᠠ ᠲᠥᠷᠥᠯ᠎ᠡ᠃
ᠰᠢᠷᠡᠭᠡᠨ ᠳᠡᠭᠡᠷ᠎ᠡ ᠪᠡᠨ ᠴᠠᠭᠠᠰᠤ ᠳᠡᠯᠭᠡᠯ᠎ᠡ᠃
ᠰᠢᠨᠡᠬᠡᠨ ᠳᠠᠭᠤᠨ ᠤ᠋ ᠰᠠᠨᠠᠭ᠎ᠠ ᠲᠥᠷᠥᠯ᠎ᠡ᠃
ᠰᠢᠷᠡᠭᠡᠨ ᠳᠡᠭᠡᠷ᠎ᠡ ᠪᠡᠨ ᠴᠠᠭᠠᠰᠤ ᠳᠡᠯᠭᠡᠯ᠎ᠡ᠃
ᠡᠩᠬᠡ ᠲᠠᠢᠪᠤᠩ ᠭᠡᠵᠦ ᠭᠠᠷᠴᠠᠭ ᠢ᠋ ᠲᠠᠯᠪᠢᠯ᠎ᠠ᠃
ᠡᠬᠢᠨ ᠦ᠌ ᠮᠥᠷ ᠢ᠋ ᠨᠢ ᠡᠭᠦᠰᠬᠡᠨ ᠪᠢᠴᠢᠯ᠎ᠡ᠃
ᠰᠦᠷ ᠰᠡᠷ ᠭᠡᠬᠦ ᠴᠢᠮᠡᠭᠡ ᠭᠠᠷᠤᠯ᠎ᠠ᠃
ᠰᠠᠨᠳᠤᠷᠤᠨ ᠬᠠᠷᠠᠪᠠᠯ ᠲᠠᠭᠲᠠᠭ᠎ᠠ ᠪᠠᠢᠯ᠎ᠠ᠃
ᠰᠦᠷ ᠰᠡᠷ ᠭᠡᠬᠦ ᠴᠢᠮᠡᠭᠡ ᠭᠠᠷᠤᠯ᠎ᠠ᠃
ᠰᠠᠨᠳᠤᠷᠤᠨ ᠬᠠᠷᠠᠪᠠᠯ ᠲᠠᠭᠲᠠᠭ᠎ᠠ ᠪᠠᠢᠯ᠎ᠠ᠃
ᠦᠵᠦᠭ ᠡᠴᠡ ᠥᠭᠡᠷ᠎ᠡ ᠵᠡᠪᠰᠡᠭ ᠦᠭᠡᠢ ᠨᠠᠮ᠎ᠠ ᠶ᠋ᠢ
ᠦᠨᠡᠨ ᠳ᠋ᠦ᠍ ᠪᠡᠨ ᠲᠡᠳᠡ ᠨᠠᠷ ᠮᠡᠳᠡᠭᠰᠡᠨ ᠪᠣᠯᠤᠯᠲᠠᠢ᠃
ᠦᠨᠡᠨ ᠡᠴᠡ ᠥᠭᠡᠷ᠎ᠡ ᠰᠠᠨᠠᠭ᠎ᠠ ᠦᠭᠡᠢ ᠨᠠᠳᠠ ᠠ᠋ᠴᠠ
ᠦᠷᠭᠦᠵᠦ ᠠᠶᠤᠯ ᠦᠭᠡᠢ ᠢᠷᠡᠭᠰᠡᠨ ᠪᠣᠯᠤᠯᠲᠠᠢ᠃
ᠦᠨᠡᠨ ᠡᠴᠡ ᠥᠭᠡᠷ᠎ᠡ ᠰᠠᠨᠠᠭ᠎ᠠ ᠦᠭᠡᠢ ᠨᠠᠳᠠ ᠠ᠋ᠴᠠ
ᠦᠷᠭᠦᠵᠦ ᠠᠶᠤᠯ ᠦᠭᠡᠢ ᠢᠷᠡᠭᠰᠡᠨ ᠪᠣᠯᠤᠯᠲᠠᠢ᠃
ᠠᠶᠠᠯᠭᠤᠲᠤ ᠳᠠᠭᠤᠨ ᠤ᠋ ᠮᠢᠨᠢ ᠡᠨᠡᠬᠡᠨ ᠥᠷᠭᠥᠭᠡ ᠶ᠋ᠢ
ᠠᠮᠤᠭᠤᠯᠠᠩ ᠡᠩᠬᠡ ᠶ᠋ᠢᠨ ᠥᠷᠭᠥᠭᠡ ᠪᠣᠯᠭᠠᠭᠠᠷᠠᠢ
ᠡᠨᠡᠬᠡᠨ ᠳᠡᠯᠡᠬᠡᠢ ᠶ᠋ᠢ ᠲᠠᠭᠲᠠᠭ᠎ᠠ ᠮᠢᠨᠢ
ᠡᠩᠬᠡ ᠲᠠᠢᠪᠤᠩ ᠤ᠋ᠨ ᠥᠷᠭᠥᠭᠡ ᠪᠣᠯᠭᠠᠭᠠᠷᠠᠢ
ᠡᠨᠡᠬᠡᠨ ᠳᠡᠯᠡᠬᠡᠢ ᠶ᠋ᠢ ᠲᠠᠭᠲᠠᠭ᠎ᠠ ᠮᠢᠨᠢ
ᠡᠩᠬᠡ ᠲᠠᠢᠪᠤᠩ ᠤ᠋ᠨ ᠥᠷᠭᠥᠭᠡ ᠪᠣᠯᠭᠠᠭᠠᠷᠠᠢ

   ᠦᠰᠦᠭ ᠠᠮᠢᠯᠠᠭᠤᠯᠤᠨ ᠬᠠᠲᠠᠭᠴᠢ᠄ ᠵᠡᠷᠮᠦᠳ ᠸ· ᠥᠯᠵᠡᠢ
   ᠦᠰᠦᠭ ᠬᠢᠨᠠᠭᠴᠢ᠄ ᠨᠤᠮᠤᠴᠢᠨ ᠪᠢᠯᠢᠭ