ᠠᠭᠰᠢᠷᠭ᠎ᠠАгширгаAgşirga

ᠠᠭᠰᠢᠷᠭ᠎ᠠ
ᠲᠤᠰ ᠡᠮ ᠪᠣᠯ ᠰᠠᠷᠠᠨ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠠᠭᠰᠢᠷᠭ᠎ᠠ ᠶ᠋ᠢᠨ ᠦᠨᠳᠦᠰᠦ ᠪᠠ ᠦᠨᠳᠦᠰᠦᠯᠢᠭ ᠡᠰᠢ ᠮᠥᠨ᠃ ᠳ᠋ᠦᠷᠵᠢᠳ ᠢ᠋ᠶ᠋ᠡᠷ ᠬᠡᠪᠰᠢᠨ ᠬᠡᠷᠡᠭᠯᠡᠵᠦ ᠪᠠᠢᠨ᠎ᠠ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠮᠠᠰᠢ ᠣᠯᠠᠨ ᠰᠢᠷᠠᠩᠭᠤᠢ ᠮᠢᠬᠠᠯᠢᠭ ᠰᠠᠬᠠᠯ ᠦᠨᠳᠦᠰᠦ ᠲᠡᠢ᠃ ᠡᠰᠢ ᠨᠢ ᠰᠢᠯᠤᠭᠤᠨ᠂6—10cm ᠥᠨᠳᠥᠷ᠃ ᠤᠵᠠᠭᠤᠷ ᠲᠤᠨᠢ ᠨᠠᠪᠴᠢᠨ ᠲᠣᠭᠳᠣᠢ ᠶ᠋ᠢᠨ ᠦᠯᠡᠳᠡᠭᠳᠡᠯ ᠲᠡᠢ᠂ ᠬᠤᠪᠠᠬᠠᠢᠷᠠᠭᠰᠠᠨ ᠤ᠋ ᠰᠡᠭᠦᠯᠡᠷ ᠬᠠᠷ᠎ᠠ ᠲᠣᠣᠷᠯᠢᠭ ᠰᠢᠷᠬᠡᠭ ᠪᠣᠯᠳᠠᠭ᠃ ᠣᠬᠣᠷᠬᠠᠨ ᠦᠨᠳᠦᠰᠦᠯᠢᠭ ᠡᠰᠢ ᠲᠡᠢ᠃ ᠨᠠᠪᠴᠢ ᠨᠢ ᠴᠤᠪᠤᠷᠠᠵᠤ ᠤᠷᠭᠤᠨ᠎ᠠ᠃ ᠵᠤᠤᠪᠠᠩ᠂ ᠥᠷᠭᠡᠨ ᠥᠨᠳᠡᠭᠡᠯᠵᠢᠨ ᠪᠤᠶᠤ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂17—25cm ᠤᠷᠲᠤ᠂6—12cm ᠥᠷᠭᠡᠨ᠂ ᠬᠤᠷᠴᠠ ᠱᠣᠪᠣᠭᠣᠷ ᠪᠤᠶᠤ ᠱᠣᠪᠲᠣᠭᠣᠷ ᠦᠵᠦᠭᠦᠷ ᠲᠡᠢ᠂ ᠤᠭ ᠤ᠋ᠨ ᠬᠡᠰᠡᠭ ᠨᠢ ᠡᠰᠢ ᠪᠡᠨ ᠪᠠᠭᠯᠠᠨ᠎ᠠ᠃ ᠪᠠᠷᠢᠭᠤᠯ ᠦᠭᠡᠢ ᠪᠤᠶᠤ ᠡᠰᠢᠨ ᠦ᠌ ᠳᠡᠭᠡᠳᠦ ᠬᠡᠰᠡᠭ ᠦ᠋ᠨ ᠨᠠᠪᠴᠢ ᠨᠢ ᠣᠬᠣᠷ ᠪᠠᠷᠢᠭᠤᠯ ᠲᠠᠢ᠃ ᠱᠣᠷᠣᠯᠵᠢᠨ ᠨᠡᠢᠯᠡᠮᠡᠯ ᠴᠠᠴᠤᠭ ᠬᠡᠯᠪᠡᠷᠢᠲᠦ ᠪᠠᠭ ᠴᠡᠴᠡᠭ ᠨᠢ ᠡᠰᠢᠨ ᠦ᠌ ᠣᠷᠣᠢ ᠳ᠋ᠤ᠌ ᠳᠡᠯᠭᠡᠷᠡᠨ᠎ᠡ᠃ ᠢᠬᠴᠤ ᠬᠠᠷᠠᠪᠲᠤᠷ ᠵᠢᠵᠢᠭ ᠴᠡᠴᠡᠭ ᠲᠡᠢ᠃ ᠬᠠᠵᠠᠭᠤ ᠠ᠋ᠴᠠ ᠤᠷᠭᠤᠭᠰᠠᠨ ᠴᠠᠴᠤᠭ ᠬᠡᠯᠪᠡᠷᠢᠲᠦ ᠪᠠᠭ ᠴᠡᠴᠡᠭ ᠨᠢ ᠰᠢᠯᠤᠭᠤᠨ ᠳᠡᠯᠭᠡᠳᠡᠭ᠃ ᠶᠡᠷᠦ ᠳ᠋ᠡᠭᠡᠨ ᠡᠷ᠎ᠡ ᠴᠡᠴᠡᠭ ᠲᠡᠢ᠂ ᠣᠷᠣᠢ ᠳ᠋ᠠᠬᠢ ᠴᠠᠴᠤᠭ ᠬᠡᠯᠪᠡᠷᠢᠲᠦ ᠪᠠᠭ ᠴᠡᠴᠡᠭ ᠦ᠋ᠨ ᠤᠷᠲᠤ ᠨᠢ ᠬᠠᠵᠠᠭᠤ ᠶ᠋ᠢᠨ ᠪᠠᠭ ᠴᠡᠴᠡᠭ ᠦ᠋ᠨ ᠢ᠋ᠶ᠋ᠡᠨ2 ᠳᠠᠬᠢᠨ ᠠ᠋ᠴᠠ ᠢᠯᠡᠭᠦᠦ ᠤᠷᠲᠤ᠂ ᠪᠠᠷᠤᠭ ᠪᠦᠷ ᠬᠣᠣᠰ ᠪᠡᠯᠭᠡᠲᠦ ᠴᠡᠴᠡᠭ ᠳᠡᠯᠭᠡᠷᠡᠨ᠎ᠡ᠃ ᠶᠡᠷᠦᠩᠬᠡᠢ ᠲᠡᠩᠭᠡᠯᠢᠭ ᠬᠢᠭᠡᠳ ᠰᠠᠯᠠᠭ᠎ᠠ ᠶ᠋ᠢᠨ ᠲᠡᠩᠭᠡᠯᠢᠭ ᠳᠡᠭᠡᠷ᠎ᠡ ᠨᠢ ᠨᠢᠭ ᠴᠠᠭᠠᠨ ᠬᠥᠪᠥᠩ ᠦᠰᠦ ᠲᠡᠢ᠂ ᠵᠢᠵᠢᠭ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢᠲᠡᠢ᠂ ᠬᠥᠪᠡᠭᠡ ᠪᠠ ᠠᠷᠤ ᠳ᠋ᠤᠨᠢ ᠦᠰᠦ ᠲᠡᠢ᠃ ᠴᠡᠴᠡᠭ ᠦ᠋ᠨ ᠪᠠᠷᠢᠭᠤᠯ ᠨᠢ1—6mm ᠤᠷᠲᠤ᠂ ᠨᠢᠭ ᠦᠰᠦ ᠲᠡᠢ᠂ ᠰᠠᠯᠤᠩᠭᠢ6 ᠴᠡᠴᠡᠭ ᠦ᠋ᠨ ᠰᠢᠳᠠᠷ ᠲᠠᠢ ᠬᠣᠣᠰ ᠪᠡᠯᠭᠡᠲᠦ ᠴᠡᠴᠡᠭ ᠨᠢ ᠪᠠᠭᠠᠬᠠᠨ ᠮᠠᠲᠠᠷᠢᠵᠤ ᠤᠷᠲᠤᠯᠵᠢᠨ ᠲᠣᠭᠣᠷᠢᠭ ᠬᠡᠯᠪᠡᠷᠢ ᠲᠡᠢ᠂3—7mm ᠤᠷᠲᠤ᠂3mm ᠣᠷᠴᠢᠮ ᠥᠷᠭᠡᠨ᠃6 ᠡᠷ᠎ᠡ ᠲᠣᠭᠣᠷᠴᠣᠭ ᠲᠠᠢ ᠪᠥᠭᠡᠳ ᠴᠡᠴᠡᠭ ᠦ᠋ᠨ ᠰᠢᠳᠠᠷ ᠤ᠋ᠨ ᠤᠭ ᠠ᠋ᠴᠠ ᠤᠷᠭᠤᠳᠠᠭ᠃ ᠤᠷᠲᠤ ᠨᠢ ᠴᠡᠴᠡᠭ ᠦ᠋ᠨ ᠰᠢᠳᠠᠷ ᠤ᠋ᠨ ᠬᠠᠭᠠᠰ ᠪᠠᠢᠳᠠᠭ᠃ ᠤᠮᠠᠢ ᠳᠡᠭᠡᠷ᠎ᠡ ᠪᠡᠨ ᠦᠰᠦ ᠦᠭᠡᠢ᠂3 ᠲᠠᠰᠤᠭ ᠲᠠᠢ᠃ ᠬᠣᠩᠭᠣᠷᠴᠣᠭᠲᠤ ᠵᠢᠮᠢᠰ ᠨᠢ ᠥᠨᠳᠡᠭᠡᠯᠵᠢᠨ᠂1.5—2cm ᠤᠷᠲᠤ᠃7—8 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠯᠲᠠ] ᠠᠭᠤᠯᠠ ᠶ᠋ᠢᠨ ᠠᠷᠤ ᠬᠠᠵᠠᠭᠤ᠂ ᠬᠡᠭᠡᠷ᠎ᠡ ᠲᠠᠯ᠎ᠠ᠂ ᠪᠤᠲᠠ ᠰᠥᠭᠡᠭ ᠳᠤᠮᠳᠠ᠂ ᠴᠢᠭᠢᠭᠲᠡᠢ ᠲᠠᠯ᠎ᠠ᠂ ᠤᠰᠤᠨ ᠭᠣᠣ᠂ ᠰᠤᠪᠠᠭ ᠤ᠋ᠨ ᠬᠥᠪᠡᠭᠡ ᠪᠡᠷ ᠤᠷᠭᠤᠨ᠎ᠠ᠃ ᠪᠦᠬᠦ ᠤᠯᠤᠰ ᠤ᠋ᠨ ᠣᠯᠠᠩᠬᠢ ᠮᠣᠵᠢ ᠣᠷᠣᠨ ᠳ᠋ᠤ᠌ ᠪᠦᠷ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ]5—6 ᠳ᠋ᠤᠭᠠᠷ ᠰᠠᠷ᠎ᠠ ᠳ᠋ᠤ᠌ ᠴᠡᠴᠡᠭ ᠦ᠋ᠨ ᠡᠰᠢ ᠭᠠᠷᠬᠤ ᠠ᠋ᠴᠠ ᠡᠮᠦᠨ᠎ᠡ ᠮᠠᠯᠲᠠᠨ ᠠᠪᠴᠤ᠂ ᠨᠠᠪᠴᠢ ᠨᠠᠬᠢᠶ᠎ᠠ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠃ ᠲᠡᠭᠰᠢ ᠴᠢᠨᠠᠷ ᠲᠠᠢ᠃ᠬᠤᠷᠴᠠ᠂ᠰᠢᠷᠦᠭᠦᠨ᠂ ᠬᠦᠨᠳᠦ᠂ ᠬᠦᠯᠪᠡᠷᠢᠭᠦᠨ ᠡᠷᠳᠡᠮ ᠲᠡᠢ᠃ ᠬᠣᠣᠷ ᠲᠠᠢ᠃
[ ᠴᠢᠳᠠᠯ ᠬᠢᠭᠡᠳ ᠭᠣᠣᠯᠳᠠᠭᠤ ᠵᠠᠰᠠᠬᠤ] ᠪᠥᠭᠡᠯᠵᠢᠭᠦᠯᠬᠦ᠂ ᠳᠣᠭᠣᠯᠭᠠᠬᠤ ᠴᠢᠳᠠᠯ ᠲᠠᠢ᠃ ᠭᠣᠣᠯᠳᠠᠭᠤ ᠰᠢᠷ᠎ᠠ ᠡᠪᠡᠳᠴᠢᠨ ᠦ᠌ ᠤᠷᠬᠠᠭ᠂ ᠡᠰᠡ ᠰᠢᠩᠭᠡᠭᠰᠡᠨ᠂ ᠲᠡᠮᠦᠷ ᠬᠠᠭᠲᠤ ᠪᠠᠳᠬᠠᠨ᠂ ᠠᠶᠤᠤᠯᠢᠬᠠᠢ ᠶ᠋ᠢᠨ ᠪᠠᠳᠬᠠᠨ᠂ ᠬᠣᠣᠷ ᠡᠪᠡᠳᠴᠢᠨ᠂ ᠴᠠᠩᠭ᠎ᠠ᠂ ᠬᠣᠷᠣᠬᠠᠢ ᠡᠪᠡᠳᠴᠢᠨ᠂ ᠬᠢᠵᠢᠭ ᠬᠣᠣᠷ ᠤ᠋ᠨ ᠬᠠᠯᠠᠭᠤᠨ᠂ ᠳᠡᠯᠭᠡᠷᠡᠭᠰᠡᠨ ᠬᠠᠯᠠᠭᠤᠨ᠂ ᠬᠠᠪᠤᠩ᠂ ᠶᠠᠷ᠎ᠠ ᠬᠠᠪᠤᠳᠠᠷ ᠢ᠋ ᠵᠠᠰᠠᠬᠤ ᠳ᠋ᠤ᠌ ᠬᠡᠷᠡᠭᠯᠡᠨ᠎ᠡ᠃
[ ᠠᠩᠬᠠᠷᠤᠯ] ᠵᠢᠷᠮᠦᠰᠦᠨ ᠡᠮᠡᠭᠲᠡᠢ᠂ ᠲᠠᠮᠢᠷ ᠳᠣᠷᠣᠢ ᠬᠥᠮᠦᠰ᠂ ᠨᠢᠯᠬ᠎ᠠ ᠬᠡᠦᠬᠡᠳ ᠲᠦ᠍ ᠬᠡᠷᠡᠭᠯᠡᠵᠦ ᠪᠣᠯᠬᠤ ᠦᠭᠡᠢ᠃
ᠬᠢᠲᠠᠳ ᠨᠡᠷ᠎ᠡ᠄藜芦
ᠠᠩᠭ᠌ᠯᠢ ᠨᠡᠷ᠎ᠡ᠄Veratrum nigrum L
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠪᠠᠯ
