ᠵᠢᠷᠤᠭ ᠤᠨ ᠬᠢᠴᠢᠶᠡᠯЗургийн хичээл Zurgiin khichee
ᠵᠢᠷᠤᠭ ᠤᠨ ᠬᠢᠴᠢᠶᠡᠯ
ᠪᠡᠯᠡᠳᠬᠡᠭᠰᠡᠨ ᠄ ᠶᠦᠲ᠋ᠦ᠋ᠪ ᠨᠣᠮ ᠤ᠋ᠨ ᠰᠠᠩ
ᠲᠠᠪᠤᠨ ᠲᠢᠪ ᠦ᠋ᠨ ᠬᠡᠦᠬᠡᠳ ᠦ᠋ᠳ ᠵᠢᠷᠤᠭ ᠤ᠋ᠨ ᠬᠢᠴᠢᠶᠡᠯ ᠬᠢᠵᠦ ᠪᠠᠢᠨ᠎ᠠ᠃
ᠵᠢᠷᠭᠤᠭᠠᠨ ᠨᠠᠰᠤᠲᠠᠢ ᠬᠡᠦᠬᠡᠳ ᠦ᠋ᠳ ᠦ᠋ᠨ ᠵᠢᠷᠤᠭ ᠢ᠋ᠶ᠋ᠠᠷ ᠬᠢᠭᠰᠡᠨ ᠳᠠᠭᠤᠤ ᠪᠠᠢᠨ᠎ᠠ᠃
ᠵᠡᠪᠰᠡᠭ ᠵᠡᠭᠦᠭᠰᠡᠨ ᠣᠩᠭᠣᠴᠠ ᠨᠤᠭᠤᠳ ᠢ᠋ ᠴᠡᠩᠬᠡᠷ ᠴᠢᠭᠲᠠ ᠪᠠᠷ ᠳᠠᠷᠤᠭᠰᠠᠨ ᠪᠠᠢᠨ᠎ᠠ᠃
ᠴᠡᠴᠡᠭ ᠲᠡᠭᠡᠭᠡᠭᠰᠡᠨ ᠬᠥᠯᠭᠡ ᠨᠦ᠍ᠭᠦᠳ ᠢ᠋ ᠴᠡᠪᠡᠷ ᠨᠠᠨᠳᠢᠨ ᠵᠢᠷᠤᠭᠰᠠᠨ ᠪᠠᠢᠨ᠎ᠠ᠃
ᠬᠦᠰᠡᠯ ᠦ᠋ᠨ ᠴᠡᠩᠬᠡᠷ ᠲᠩᠷᠢ ᠳ᠋ᠦ᠍ ᠪᠡᠨ ᠬᠥᠮᠦᠨ ᠦ᠌ ᠳᠡᠯᠡᠬᠡᠢ ᠢᠨᠢᠶᠡᠵᠦ ᠪᠠᠢᠨ᠎ᠠ᠃
ᠬᠡᠦᠬᠡᠳ ᠪᠦᠷᠢ ᠶ᠋ᠢᠨ ᠰᠢᠷᠡᠭᠡᠨ ᠳᠡᠭᠡᠷ᠎ᠡ ᠵᠢᠷᠤᠭ ᠪᠦᠬᠦᠨ ᠨᠠᠷᠠ ᠲᠠᠢ ᠪᠠᠢᠨ᠎ᠠ᠃
ᠰᠠᠷᠠᠨ ᠳᠡᠭᠡᠭᠦᠷ ᠡᠵᠢ ᠶ᠋ᠢ ᠪᠡᠨ ᠰᠠᠷᠠᠨᠠᠢ ᠲᠡᠭᠦᠯᠭᠡᠵᠦ ᠵᠢᠷᠤᠭᠰᠠᠨ ᠪᠠᠢᠨ᠎ᠠ᠃
ᠰᠠᠭᠠᠯᠢ ᠶ᠋ᠢᠨ ᠰᠦ ᠲᠡᠢ ᠬᠤᠪᠢᠩ ᠢ᠋ ᠨᠢ ᠰᠠᠨᠰᠠᠷ ᠤ᠋ᠨ ᠨᠢᠰᠬᠡᠭᠴᠢ ᠪᠠᠷᠢᠭᠰᠠᠨ ᠪᠠᠢᠨ᠎ᠠ᠃
ᠴᠡᠷᠢᠭ ᠪᠠᠢᠭᠰᠠᠨ ᠠᠪᠤ ᠶ᠋ᠢ ᠪᠡᠨ ᠲᠷᠨ᠌ᠻᠲ᠋ᠤᠷ ᠪᠠᠷᠢᠭᠤᠯᠵᠤ ᠵᠢᠷᠤᠭᠰᠠᠨ ᠪᠠᠢᠨ᠎ᠠ᠃
ᠴᠡᠴᠡᠨ ᠫᠤᠤ ᠶ᠋ᠢᠨ ᠣᠪᠣᠭᠠᠨ ᠳᠡᠭᠡᠷ᠎ᠡ ᠲᠠᠭᠲᠠᠭ᠎ᠠ ᠰᠠᠭᠤᠯᠭᠠᠵᠤ ᠵᠢᠷᠤᠭᠰᠠᠨ ᠪᠠᠢᠨ᠎ᠠ᠃
ᠬᠦᠰᠡᠯ ᠦ᠋ᠨ ᠴᠡᠩᠬᠡᠷ ᠲᠩᠷᠢ ᠳ᠋ᠦ᠍ ᠪᠡᠨ ᠬᠥᠮᠦᠨ ᠦ᠌ ᠳᠡᠯᠡᠬᠡᠢ ᠢᠨᠢᠶᠡᠵᠦ ᠪᠠᠢᠨ᠎ᠠ᠃
ᠬᠡᠦᠬᠡᠳ ᠪᠦᠷᠢ ᠶ᠋ᠢᠨ ᠰᠢᠷᠡᠭᠡᠨ ᠳᠡᠭᠡᠷ᠎ᠡ ᠵᠢᠷᠤᠭ ᠪᠦᠬᠦᠨ ᠨᠠᠷᠠ ᠲᠠᠢ ᠪᠠᠢᠨ᠎ᠠ᠃
ᠬᠦᠰᠡᠯ ᠦ᠋ᠨ ᠴᠡᠩᠬᠡᠷ ᠲᠩᠷᠢ ᠳ᠋ᠦ᠍ ᠪᠡᠨ ᠬᠥᠮᠦᠨ ᠦ᠌ ᠳᠡᠯᠡᠬᠡᠢ ᠢᠨᠢᠶᠡᠵᠦ ᠪᠠᠢᠨ᠎ᠠ᠃
ᠬᠡᠦᠬᠡᠳ ᠪᠦᠷᠢ ᠶ᠋ᠢᠨ ᠰᠢᠷᠡᠭᠡᠨ ᠳᠡᠭᠡᠷ᠎ᠡ ᠵᠢᠷᠤᠭ ᠪᠦᠬᠦᠨ ᠨᠠᠷᠠ ᠲᠠᠢ ᠪᠠᠢᠨ᠎ᠠ᠃
ᠮᠣᠩᠭᠣᠯ ᠦᠰᠦᠭ ᠬᠠᠲᠠᠭᠴᠢ᠄ ᠵᠡᠷᠮᠦᠳ ᠸ· ᠥᠯᠵᠡᠢ
ᠦᠰᠦᠭ ᠬᠢᠨᠠᠭᠴᠢ᠄ ᠨᠤᠮᠤᠴᠢᠨ ᠪᠢᠯᠢᠭ
