ᠦᠨᠡᠭᠡ᠂ ᠴᠢᠨᠣ᠎ᠠ᠂ ᠵᠠᠷᠠᠭ᠎ᠠ ᠭᠤᠷᠪᠠҮнэг, чоно, зараа гуравÜneg, chono, zaraa gurav ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠭᠡ᠂ ᠴᠢᠨᠣ᠎ᠠ᠂ ᠵᠠᠷᠠᠭ᠎ᠠ ᠭᠤᠷᠪᠠҮнэг, чоно, зараа гуравÜneg, chono, zaraa gurav

ᠦᠨᠡᠭᠡ᠂ ᠴᠢᠨᠣ᠎ᠠ᠂ ᠵᠠᠷᠠᠭ᠎ᠠ ᠭᠤᠷᠪᠠҮнэг, чоно, зараа гуравÜneg, chono, zaraa gurav

ᠠᠩᠭᠢᠯᠠᠯ:ᠳᠣᠮᠣᠭ ᠦᠯᠢᠭᠡᠷ
2024-08-13

1266

ᠦᠨᠡᠭᠡ᠂ ᠴᠢᠨᠣ᠎ᠠ᠂ ᠵᠠᠷᠠᠭ᠎ᠠ ᠭᠤᠷᠪᠠ

   ᠪᠡᠯᠡᠳᠬᠡᠭᠰᠡᠨ᠄ ᠶᠦᠲ᠋ᠦ᠋ᠪ ᠨᠣᠮ ᠤ᠋ᠨ ᠰᠠᠩ 

    ᠡᠷᠲᠡ ᠤᠷᠢᠳᠤ ᠶ᠋ᠢᠨ ᠴᠠᠭ ᠲᠤ᠌ ᠦᠨᠡᠭᠡ᠂ ᠵᠠᠷᠠᠭ᠎ᠠ ᠂ ᠴᠢᠨᠣ᠎ᠠ ᠭᠤᠷᠪᠠ ᠠᠮᠢᠳᠤᠷᠠᠵᠤ ᠪᠠᠢᠵᠠᠢ᠃
ᠭᠡᠲᠡᠯ᠎ᠡ ᠨᠢᠭᠡ ᠡᠳᠦᠷ ᠭᠠᠭᠴᠠ ᠴᠢᠪᠠᠭ᠎ᠠ ᠣᠯᠵᠤ᠂ ᠲᠡᠭᠦᠨ ᠢ᠋ ᠪᠡᠨ ᠬᠡᠨ ᠨᠢ ᠢᠳᠡᠬᠦ ᠶ᠋ᠢ ᠬᠡᠯᠡᠯᠴᠡᠵᠡᠢ ᠭᠡᠨ᠎ᠡ᠃
ᠴᠢᠨᠣ᠎ᠠ ᠄ ᠠᠷᠢᠬᠢᠨ ᠳ᠋ᠤ᠌ ᠬᠡᠨ ᠠᠮᠠᠷᠬᠠᠨ ᠰᠣᠭᠲᠣᠳᠠᠭ ᠮᠠᠨᠢ ᠢᠳᠡᠶ᠎ᠡ᠃
ᠵᠠᠷᠠᠭ᠎ᠠ ᠄ ᠪᠢ ᠦᠨᠦᠷᠯᠡᠬᠦ ᠪᠡᠷ ᠢ᠋ᠶ᠋ᠡᠨ ᠰᠣᠭᠲᠣᠳᠠᠭ ᠃
ᠦᠨᠡᠭᠡ᠄ ᠪᠢ ᠰᠣᠨᠣᠰᠬᠤ ᠪᠠᠷ ᠢ᠋ᠶ᠋ᠠᠨ ᠰᠣᠭᠲᠣᠳᠠᠭ ᠃
ᠦᠨᠡᠭᠡ᠄ ᠤᠷᠤᠯᠳᠤᠭᠠᠨ ᠳ᠋ᠤ᠌ ᠬᠡᠨ ᠲᠡᠷᠢᠭᠦᠯᠡᠭᠰᠡᠨ ᠮᠠᠨᠢ ᠢᠳᠡᠶ᠎ᠡ ᠃
ᠦᠨᠡᠭᠡ ᠶ᠋ᠢ ᠡᠢᠨ ᠬᠦ᠌ ᠬᠡᠯᠡᠬᠦ ᠳ᠋ᠦ᠍ ᠪᠤᠰᠤᠳ ᠨᠢ ᠵᠥᠪᠰᠢᠶᠡᠷᠡᠭᠡᠳ ᠣᠷᠣᠯᠳᠣᠵᠠᠢ ᠭᠡᠨ᠎ᠡ ᠃
ᠵᠠᠷᠠᠭ᠎ᠠ ᠦᠨᠡᠭᠡᠨ ᠦ᠌ ᠰᠡᠭᠦᠯ ᠳ᠋ᠦ᠍ᠨᠢ ᠵᠡᠭᠦᠭᠳᠡᠨ ᠶᠠᠪᠤᠵᠠᠢ ᠭᠡᠨ᠎ᠡ ᠃ ᠦᠨᠡᠭᠡ ᠬᠠᠷ᠎ᠠ ᠬᠤᠷᠳᠤ ᠪᠠᠷ ᠢ᠋ᠶ᠋ᠠᠨ ᠳᠠᠪᠬᠢᠵᠤ ᠢᠷᠡᠭᠡᠳ ᠥᠪᠡᠷ ᠢ᠋ ᠪᠡᠨ ᠲᠡᠷᠢᠭᠦᠯᠡᠭᠰᠡᠨ ᠭᠡᠵᠦ ᠪᠣᠳᠣᠭᠠᠳ ᠡᠷᠭᠢᠵᠦ ᠬᠠᠷᠠᠪᠠᠯ ᠵᠠᠷᠠᠭ᠎ᠠ ᠄ 《ᠢᠷᠡᠵᠦ ᠪᠠᠢᠭ᠎ᠠ ᠨᠢ ᠡᠨᠡ ᠤᠤ? 》 ᠭᠡᠵᠦ ᠬᠡᠯᠡᠵᠡᠢ᠃
ᠢᠩᠭᠢᠭᠡᠳ ᠵᠠᠷᠠᠭ᠎ᠠ ᠲᠡᠷᠢᠭᠦᠯᠡᠭᠰᠡᠨ ᠪᠣᠯᠵᠤ ᠭᠠᠭᠴᠠ ᠣᠯᠤᠭᠰᠠᠨ ᠴᠢᠪᠠᠭ᠎ᠠ ᠪᠠᠨ ᠢᠳᠡᠵᠡᠢ ᠭᠡᠨ᠎ᠡ ᠃

   ᠦᠰᠦᠭ ᠬᠠᠲᠠᠭᠴᠢ᠄ ᠵᠡᠷᠮᠦᠳ ᠸ· ᠥᠯᠵᠡᠢ
   ᠦᠰᠦᠭ ᠬᠢᠨᠠᠭᠴᠢ᠄ ᠨᠤᠮᠤᠴᠢᠨ ᠪᠢᠯᠢᠭ