ᠶᠠᠭᠠᠷᠠᠪᠠᠯ ᠰᠠᠭᠠᠷᠠᠨ᠎ᠠ- ᠭ· ᠴᠢᠩᠪᠠᠭᠠᠲᠤᠷЯарвал саарна-Г·Чинбаатар Yaarval saarna ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠭᠠᠷᠠᠪᠠᠯ ᠰᠠᠭᠠᠷᠠᠨ᠎ᠠ- ᠭ· ᠴᠢᠩᠪᠠᠭᠠᠲᠤᠷЯарвал саарна-Г·Чинбаатар Yaarval saarna

ᠶᠠᠭᠠᠷᠠᠪᠠᠯ ᠰᠠᠭᠠᠷᠠᠨ᠎ᠠ- ᠭ· ᠴᠢᠩᠪᠠᠭᠠᠲᠤᠷЯарвал саарна-Г·Чинбаатар Yaarval saarna

2024-08-13

662

ᠶᠠᠭᠠᠷᠠᠪᠠᠯ ᠰᠠᠭᠠᠷᠠᠨ᠎ᠠ

— ᠮᠣᠩᠭᠣᠯ ᠪᠥᠬᠡ ᠶ᠋ᠢ ᠳᠦᠷᠢᠮᠵᠢᠭᠦᠯᠬᠦ ᠲᠤᠬᠠᠢ ᠮᠢᠨᠦ ᠪᠣᠳᠣᠯ 
              ᠭ᠂ ᠴᠢᠩᠪᠠᠭᠠᠲᠤᠷ 
    ᠮᠣᠩᠭᠣᠯ ᠪᠥᠬᠡ ᠶ᠋ᠢᠨ ᠳᠦᠷᠢᠮ ᠭᠣᠷᠢᠮ᠂ ᠡᠮᠦᠰᠬᠡᠯ ᠵᠡᠭᠦᠭᠡᠯ ᠢ᠋ ᠣᠯᠠᠨ ᠤᠯᠤᠰ ᠤ᠋ᠨ ᠪᠥᠬᠡ ᠲᠡᠢ ᠣᠢᠷᠠᠲᠤᠭᠤᠯᠤᠨ᠂ ᠮᠣᠩᠭᠣᠯ ᠪᠥᠬᠡ ᠪᠡᠨ ᠳᠡᠯᠡᠬᠡᠢ ᠶ᠋ᠢᠨ ᠳᠡᠪᠵᠢᠶᠡᠨ ᠳ᠋ᠦ᠍ ᠵᠣᠳᠣᠭᠯᠠᠭᠤᠯᠬᠤ ᠭᠡᠰᠡᠨ ᠢᠳᠡᠪᠬᠢᠲᠡᠢ ᠠᠲᠠᠯ᠎ᠠ ᠪᠠᠨ ᠳᠤᠲᠠᠭᠳᠠᠯ ᠲᠠᠢ ᠰᠠᠨᠠᠭᠠᠴᠢᠯᠠᠭ᠎ᠠ ᠰᠡᠭᠦᠯ ᠦ᠋ᠨ ᠵᠢᠯ ᠦ᠋ᠳ ᠲᠦ᠍ ᠶᠡᠬᠡ ᠶᠠᠷᠢᠭᠳᠠᠬᠤ ᠪᠣᠯᠤᠯ᠎ᠠ᠃ ᠶᠠᠭᠠᠬᠢᠭᠠᠳ ᠢᠳᠡᠪᠬᠢᠲᠡᠢ ᠠᠲᠠᠯ᠎ᠠ ᠪᠠᠨ ᠳᠤᠲᠠᠭᠳᠠᠯ ᠲᠠᠢ ᠶᠤᠮ ᠪᠣᠢ? ᠭᠡᠪᠡᠯ᠂ ᠣᠯᠠᠨ ᠵᠠᠭᠤᠨ ᠵᠢᠯ ᠦ᠋ᠨ ᠲᠡᠦᠬᠡ ᠲᠡᠢ ᠤᠷᠠᠨ ᠪᠠᠷᠢᠯᠳᠤᠭᠠᠨ ᠤ᠋ ᠰᠣᠶᠣᠯ ᠢ᠋ᠶ᠋ᠠᠨ ᠳᠡᠯᠡᠬᠡᠢ ᠶ᠋ᠢᠨ ᠬᠡᠮᠵᠢᠶᠡᠨ ᠳ᠋ᠦ᠍ ᠲᠦᠭᠡᠮᠡᠯᠵᠢᠭᠦᠯᠦᠨ᠎ᠡ ᠭᠡᠳᠡᠭ ᠡᠭᠦᠳᠡᠨ ᠡᠴᠡ ᠣᠢᠯᠠᠭᠠᠪᠠᠯ ᠢᠳᠡᠪᠬᠢᠲᠡᠢ ᠯᠡ ᠰᠠᠨᠠᠭᠠᠴᠢᠯᠠᠭ᠎ᠠ᠃ ᠭᠡᠪᠡᠴᠦ ᠮᠣᠩᠭᠣᠯ ᠪᠥᠬᠡ ᠪᠡᠨ ᠶᠠᠭᠠᠬᠢᠵᠤ ᠥᠭᠡᠷᠡᠴᠢᠯᠡᠨ᠂ ᠤᠯᠠᠮᠵᠢᠯᠠᠯ ᠢ᠋ ᠨᠢ ᠶᠠᠮᠠᠷ ᠬᠡᠮᠵᠢᠶᠡᠨ ᠳ᠋ᠦ᠍ ᠬᠦᠷᠲᠡᠯ᠎ᠡ ᠬᠠᠳᠠᠭᠠᠯᠠᠬᠤ ᠪᠣᠢ? ᠭᠡᠳᠡᠭ ᠲᠦ᠍ ᠤᠭ ᠰᠠᠨᠠᠭᠠᠴᠢᠯᠠᠭ᠎ᠠ ᠶ᠋ᠢᠨ ᠵᠠᠷᠢᠮ ᠳᠤᠲᠠᠭᠳᠠᠯ ᠲᠠᠢ ᠲᠠᠯ᠎ᠠ ᠠᠩᠬᠠᠷᠤᠭᠳᠠᠨ᠎ᠠ᠃ ᠥᠭᠡᠷ᠎ᠡ ᠪᠡᠷ ᠬᠡᠯᠡᠪᠡᠯ᠂ ᠳᠡᠯᠡᠬᠡᠢ ᠳ᠋ᠦ᠍ ᠵᠣᠳᠣᠭᠯᠠᠭᠰᠠᠨ ᠮᠣᠩᠭᠣᠯ ᠪᠥᠬᠡ ᠴᠢᠨᠢ ᠤᠯᠠᠮᠵᠢᠯᠠᠯ ᠤ᠋ᠨ ᠶᠠᠮᠠᠷ ᠣᠨᠴᠠᠯᠢᠭ ᠢ᠋ᠶ᠋ᠠᠷ ᠢ᠋ᠶ᠋ᠠᠨ ᠪᠤᠰᠤᠳ ᠲᠥᠷᠥᠯ ᠦ᠋ᠨ ᠪᠥᠬᠡ ᠡᠴᠡ ᠣᠨᠴᠠᠯᠢᠬᠳᠠᠬᠤ ᠭᠡᠳᠡᠭ ᠡᠭᠡᠵᠢᠭ ᠲᠡᠢ ᠠᠰᠠᠭᠤᠳᠠᠯ ᠲᠠᠯᠪᠢᠭᠳᠠᠨ᠎ᠠ᠃ ᠨᠢᠭᠡ ᠦᠨᠳᠦᠰᠦᠲᠡᠨ ᠦ᠌ ᠤᠯᠠᠮᠵᠢᠯᠠᠯᠲᠤ ᠪᠡᠶ᠎ᠡ ᠲᠠᠮᠢᠷ ᠤ᠋ᠨ ᠵᠦᠢᠯ ᠨᠢ ᠣᠳᠣᠬᠢ ᠳᠡᠯᠡᠬᠡᠢ ᠶ᠋ᠢᠨ ᠰᠫᠣᠷᠲ ᠲᠤ᠌ ᠠᠶᠠᠯᠳᠤᠵᠤ ᠴᠢᠳᠠᠭᠰᠠᠨ ᠡᠰᠡᠬᠦ ᠪᠡᠷ ᠢ᠋ᠶ᠋ᠡᠨ ᠬᠥᠭᠵᠢᠯ ᠲᠡᠢ ᠡᠰᠡᠬᠦ ᠨᠢ ᠲᠣᠭᠲᠠᠭᠠᠭᠳᠠᠳᠠᠭ ᠪᠢᠰᠢ᠂ ᠬᠠᠷᠢᠨ ᠲᠡᠳᠡᠭᠡᠷ ᠰᠫᠣᠷᠲ ᠤ᠋ᠨ ᠳᠤᠲᠠᠭᠳᠠᠯ ᠲᠠᠢ ᠲᠠᠯ᠎ᠠ ᠶ᠋ᠢ ᠶᠠᠮᠠᠷ ᠨᠢᠭᠡᠨ ᠬᠡᠮᠵᠢᠶᠡᠨ ᠳ᠋ᠦ᠍ ᠲᠡᠪᠴᠢᠵᠦ ᠴᠢᠳᠠᠭᠰᠠᠨ ᠪᠠᠢᠬᠤ ᠪᠠ ᠥᠪᠡᠷ ᠦ᠋ᠨ ᠰᠣᠶᠣᠯ ᠤᠯᠠᠮᠵᠢᠯᠠᠯ ᠤ᠋ᠨ ᠣᠨᠴᠠᠯᠢᠭ ᠢ᠋ᠶ᠋ᠠᠨ ᠬᠡᠳᠦᠢ ᠬᠡᠮᠵᠢᠶ᠎ᠡ ᠪᠡᠷ ᠬᠠᠳᠠᠭᠠᠯᠠᠵᠤ ᠴᠢᠳᠠᠵᠤ ᠪᠠᠢᠭ᠎ᠠ ᠪᠣᠢ? ᠭᠡᠳᠡᠭ ᠢ᠋ᠶ᠋ᠡᠷ ᠥᠪᠡᠷ ᠦ᠋ᠨ ᠪᠠᠬᠠᠷᠬᠠᠯ ᠲᠠᠢ ᠲᠠᠯ᠎ᠠ ᠪᠠᠨ ᠭᠠᠢᠬᠠᠭᠤᠯᠳᠠᠭ ᠤᠴᠢᠷᠲᠠᠢ᠃ ᠦᠨᠳᠦᠰᠦᠲᠡᠨ ᠦ᠌ ᠪᠥᠬᠡ ᠭᠡᠳᠡᠭ ᠨᠢ ᠴᠦ᠍ ᠦᠨᠳᠦᠰᠦᠲᠡᠨ ᠦ᠌ ᠰᠣᠶᠣᠯ ᠤ᠋ᠨ ᠢᠮ ᠲᠠᠮᠠᠭ᠎ᠠ ᠪᠠᠨ ᠪᠦᠷᠢᠨ ᠬᠠᠳᠠᠭᠠᠯᠠᠵᠤ ᠴᠢᠳᠠᠭᠰᠠᠨ ᠪᠠᠢᠬᠤ ᠬᠡᠷᠡᠭᠲᠡᠢ᠃
    ᠵᠢᠵᠢᠭᠬᠡᠨ ᠲᠣᠰᠬᠣᠨ ᠤ᠋ ᠬᠡᠪᠴᠢᠶᠡᠨ ᠳ᠋ᠦ᠍ ᠪᠠᠷᠢᠯᠳᠤᠳᠠᠭ ᠪᠠᠢᠭᠰᠠᠨ ᠶᠠᠫᠣᠨᠴᠤᠳ ᠤ᠋ᠨ ᠵᠢᠤᠳᠣᠣ ᠪᠥᠬᠡ ᠨᠢ ᠤᠯᠠᠮᠵᠢᠯᠠᠯᠲᠤ ᠳᠦᠷᠢᠮ ᠭᠣᠷᠢᠮ᠂ ᠡᠮᠦᠰᠬᠡᠯ ᠵᠡᠭᠦᠭᠡᠯ ᠢ᠋ᠶ᠋ᠡᠷ ᠢ᠋ᠶ᠋ᠡᠨ ᠳᠡᠯᠡᠬᠡᠢ ᠳ᠋ᠦ᠍ ᠲᠦᠭᠡᠮᠡᠯᠵᠢᠵᠦ᠂ ᠤᠯᠢᠮᠫᠢᠺ ᠤ᠋ᠨ ᠴᠤᠭᠯᠠᠭᠠᠨ ᠤ᠋ ᠵᠢᠦᠳᠣᠣ ᠶ᠋ᠢᠨ ᠮᠥᠷᠥᠢᠴᠡᠭᠡᠨ ᠦ᠌ ᠬᠤᠪᠢ ᠶᠢ ᠴᠤ ᠶᠠᠫᠣᠨ ᠢ᠋ᠶ᠋ᠠᠷ ᠲᠡᠮᠳᠡᠭᠯᠡᠳᠡᠭ ᠲᠡᠢ ᠬᠠᠷᠢᠴᠠᠭᠤᠯᠤᠨ ᠰᠠᠨᠠᠪᠠᠰᠤ᠂ ᠣᠯᠠᠨ ᠵᠠᠭᠤᠨ ᠵᠢᠯ ᠦ᠋ᠨ ᠲᠡᠦᠬᠡ ᠲᠡᠢ᠂ ᠣᠳᠣ ᠦᠶ᠎ᠡ ᠶ᠋ᠢᠨ ᠪᠡᠶ᠎ᠡ ᠲᠠᠮᠢᠷ ᠤ᠋ᠨ ᠥᠷᠢᠰᠥᠯᠳᠥᠭᠡᠨᠲᠦ ᠴᠢᠨᠠᠷ ᠢ᠋ ᠪᠦᠷᠢᠨ᠎ᠡ ᠬᠠᠳᠠᠭᠠᠯᠠᠭᠰᠠᠨ ᠪᠦᠬᠦ ᠠᠷᠠᠳ ᠢ᠋ᠶ᠋ᠠᠷ ᠢ᠋ᠶ᠋ᠠᠨ ᠣᠷᠣᠯᠴᠠᠵᠤ ᠪᠣᠯᠬᠤ᠂ ᠦᠨᠳᠦᠰᠦᠲᠡᠨ ᠦ᠌ ᠰᠣᠶᠣᠯ ᠤ᠋ᠨ ᠤᠯᠠᠮᠵᠢᠯᠠᠯ ᠢ᠋ᠶ᠋ᠠᠨ ᠢᠯᠡᠷᠬᠡᠢ ᠭᠠᠢᠬᠠᠭᠤᠯᠤᠭᠰᠠᠨ ᠮᠥᠷᠲᠡᠭᠡᠨ ᠨᠡᠯᠢᠶᠡᠳ ᠳᠦᠷᠢᠮᠵᠢᠭᠰᠡᠨ ᠮᠣᠩᠭᠣᠯ ᠪᠥᠬᠡ ᠮᠠᠨᠢ ᠴᠤ ᠳᠡᠯᠡᠬᠡᠢ ᠳ᠋ᠦ᠍ ᠳᠡᠪᠢᠬᠦ ᠪᠣᠯᠤᠮᠵᠢ ᠪᠣᠢ ᠭᠡᠳᠡᠭ ᠢᠲᠡᠭᠡᠯ ᠠᠷᠭ᠎ᠠ ᠦᠭᠡᠢ ᠯᠡ ᠲᠥᠷᠥᠨ᠎ᠡ᠃
    ᠭᠡᠬᠦ ᠳ᠋ᠡᠭᠡᠨ᠂ ᠶᠠᠮᠠᠷ ᠴᠤ ᠨᠢᠭᠡ ᠪᠡᠶ᠎ᠡ ᠲᠠᠮᠢᠷ ᠤ᠋ᠨ ᠵᠦᠢᠯ ᠨᠢ ᠤᠷᠢᠳ ᠢ᠋ᠶ᠋ᠠᠷ ᠥᠪᠡᠷ ᠦ᠋ᠨ ᠤᠯᠤᠰ ᠦᠨᠳᠦᠰᠦᠲᠡᠨ ᠦ᠌ ᠪᠡᠨ ᠬᠡᠪᠴᠢᠶᠡᠨ ᠳ᠋ᠦ᠍ ᠳᠦᠷᠢᠮᠵᠢᠭᠰᠡᠨ ᠤᠷᠢᠳᠠᠯ ᠳᠣᠣᠷ᠎ᠠ ᠯᠠ ᠨᠡᠩ ᠳᠡᠯᠭᠡᠷ ᠲᠦᠭᠡᠮᠡᠯᠵᠢᠬᠦ ᠨᠥᠬᠥᠴᠡᠯ ᠪᠦᠷᠢᠳᠦᠨ᠎ᠡ᠃ ᠭᠡᠪᠡᠴᠦ᠂ ᠮᠠᠨ ᠤ᠋ ᠮᠣᠩᠭᠣᠯ ᠪᠥᠬᠡ ᠣᠷᠣᠨ ᠤ᠋ ᠪᠠᠨ ᠬᠡᠮᠵᠢᠶᠡᠨ ᠳ᠋ᠦ᠍ ᠳᠦᠷᠢᠮᠵᠢᠵᠦ ᠴᠢᠳᠠᠭ᠎ᠠ ᠦᠭᠡᠢ ᠰᠢᠦ ᠳᠡ! ᠡᠨᠡ ᠬᠦ᠌ ᠳᠦᠷᠢᠮᠵᠢᠯ ᠦ᠋ᠨ ᠲᠤᠬᠠᠢ ᠳ᠋ᠤ᠌·ᠭᠣᠯᠮᠢᠨ· ᠢ᠊· ᠲᠦᠪᠰᠢᠨ᠂ ᠣ᠊· ᠬᠦᠷᠡᠯᠪᠠᠭᠠᠲᠤᠷ᠂ ᠥᠯᠵᠡᠢᠲᠦ᠂ ᠲᠣᠯᠤᠲᠤ᠂  ᠪ᠂ ᠢᠵᠢᠯ ᠨᠠᠷ ᠵᠣᠬᠢᠶᠠᠯ ᠨᠡᠢᠲᠡᠯᠡᠭᠦᠯᠵᠦ ᠶᠠᠷᠢᠵᠤ ᠪᠠᠢᠭᠰᠠᠨ ᠪᠠ ᠥᠪᠥᠷ ᠮᠣᠩᠭᠣᠯ ᠤ᠋ᠨ ᠷᠠᠳᠢᠣ᠋ ᠶ᠋ᠢᠨ《ᠦᠳᠡᠰᠢ ᠶ᠋ᠢᠨ ᠴᠢᠯᠥᠭᠡ》 ᠰᠢᠭᠤᠳ ᠨᠡᠪᠲᠡᠷᠡᠭᠦᠯᠭᠡ ᠪᠡᠷ ᠪᠥᠬᠡ ᠶ᠋ᠢᠨ ᠶᠡᠬᠡ ᠪᠠᠭᠰᠢ ᠡᠷᠳᠡᠨᠢᠪᠠᠶᠠᠷ᠂ ᠪᠥᠬᠡ ᠰᠤᠳᠤᠯᠤᠭᠠᠴᠢ ᠬᠠᠲᠠᠭᠢᠨ ᠷᠠᠰᠢᠴᠡᠷᠢᠨ᠂ ᠴᠢᠯᠥᠭᠡᠲᠦ ᠪᠥᠬᠡ ᠶ᠋ᠢᠨ ᠳᠠᠰᠬᠠᠯᠵᠢᠭᠤᠯᠤᠭᠴᠢ᠂ ᠮᠢᠩᠭᠠᠨ ᠪᠥᠬᠡ ᠶ᠋ᠢᠨ ᠠᠪᠤᠷᠭᠤ ᠪᠠᠽᠠᠷᠭᠠᠭᠳ᠋ ᠨᠠᠷ ᠲᠤᠰᠬᠠᠢ ᠶᠠᠷᠢᠯᠴᠠᠭ᠎ᠠ ᠥᠭᠭᠦᠭᠰᠡᠨ ᠪᠠᠢᠨ᠎ᠠ᠃
     ᠡᠳᠡᠭᠡᠷ ᠢ᠋ ᠠᠩᠬᠠᠷᠬᠤ ᠳ᠋ᠤ᠌᠄ ᠮᠣᠩᠭᠣᠯ ᠪᠥᠬᠡ ᠶ᠋ᠢᠨ ᠵᠠᠩᠭᠢᠶ᠎ᠠ᠂ ᠳᠤᠯᠢᠶ᠎ᠠ᠂ ᠵᠣᠳᠣᠭ ᠂ ᠯᠠᠪᠠᠷᠢ ᠵᠡᠷᠭᠡ ᠡᠮᠦᠰᠬᠡᠯ ᠵᠡᠭᠦᠭᠡᠯ ᠢ᠋ ᠦᠯᠡᠳᠡᠭᠡᠨ᠎ᠡ ᠤᠤ? ᠦᠭᠡᠢ ᠤᠤ? ᠴᠠᠭ ᠦᠭᠡᠢ ᠤᠶᠠᠵᠤ ᠪᠠᠷᠢᠯᠳᠤᠬᠤ᠂ ᠳᠡᠰ ᠦ᠋ᠨ ᠢᠯᠭᠠᠮᠵᠢ ᠦᠭᠡᠢ ᠪᠠᠷᠢᠯᠳᠤᠬᠤ᠂ ᠤᠨᠤᠭ᠎ᠠ ᠲᠠᠭᠠᠷᠠᠭᠤᠯᠬᠤ᠁ ᠵᠡᠷᠭᠡ ᠬᠡᠪᠰᠢᠭᠰᠡᠨ ᠤᠯᠠᠮᠵᠢᠯᠠᠯ ᠢ᠋ ᠬᠠᠯᠠᠨ᠎ᠠ ᠤᠤ? ᠦᠭᠡᠢ ᠤᠤ? ᠴᠠᠭᠠᠷᠢᠭ ᠲᠦᠯᠬᠢᠬᠦ᠂ ᠵᠣᠭᠣᠰ ᠣᠷᠬᠢᠬᠤ᠂ ᠴᠠᠭ ᠬᠢᠵᠠᠭᠠᠷᠯᠠᠬᠤ ᠭᠡᠬᠦᠴᠢᠯᠡᠨ ᠰᠡᠭᠦᠯ ᠦ᠋ᠨ ᠦᠶ᠎ᠡ ᠳ᠋ᠦ᠍ ᠭᠠᠷᠤᠭᠰᠠᠨ ᠳᠦᠷᠢᠮ ᠨᠦ᠍ᠭᠦᠳ ᠢ᠋ ᠬᠡᠪ ᠢ᠋ᠶ᠋ᠡᠷ ᠨᠢ ᠪᠠᠢᠯᠭᠠᠨ᠎ᠠ ᠤᠤ? ᠦᠭᠡᠢ ᠤᠤ? ᠪᠠᠷᠢᠯᠳᠤᠬᠤ ᠠ᠋ᠴᠠ ᠡᠮᠦᠨ᠎ᠡ ᠭᠠᠷ ᠠᠳᠬᠤᠯᠴᠠᠬᠤ ᠡᠰᠡᠬᠦ᠂ ᠬᠢᠨᠠᠭᠴᠢ ᠶ᠋ᠢᠨ ᠳᠦᠷᠢᠮ ᠢ᠋ ᠶᠠᠭᠠᠬᠢᠵᠤ ᠲᠡᠭᠦᠯᠳᠡᠷᠵᠢᠭᠦᠯᠬᠦ ᠵᠡᠷᠭᠡ ᠠᠰᠠᠭᠤᠳᠠᠯ ᠤ᠋ᠨ ᠲᠣᠭᠣᠷᠢᠨ ᠳ᠋ᠤ᠌ ᠲᠥᠪᠯᠡᠷᠡᠵᠦ ᠪᠣᠢ᠃ ᠡᠳᠡᠭᠡᠷ ᠨᠢ ᠮᠣᠩᠭᠣᠯ ᠪᠥᠬᠡ ᠶ᠋ᠢᠨ ᠤᠯᠠᠮᠵᠢᠯᠠᠯ ᠢ᠋ ᠬᠠᠳᠠᠭᠠᠯᠠᠵᠤ ᠪᠠᠢᠭ᠎ᠠ ᠴᠢᠬᠤᠯᠠ ᠵᠦᠢᠯ ᠪᠣᠯᠬᠤ ᠶ᠋ᠢᠨ ᠤᠯᠠᠮ ᠳ᠋ᠤ᠌ ᠨᠡᠩ ᠴᠦ᠍ ᠬᠢᠨᠠᠮᠠᠭᠠᠢ ᠬᠠᠨᠳᠤᠬᠤ ᠬᠡᠷᠡᠭᠲᠡᠢ᠃ ᠮᠣᠩᠭᠣᠯ ᠪᠥᠬᠡ ᠨᠢ ᠭᠠᠭᠴᠠ ᠪᠠᠷᠢᠯᠳᠤᠭᠠᠨ ᠢ᠋ᠶ᠋ᠠᠷ᠂ ᠥᠭᠡᠷ᠎ᠡ ᠪᠡᠷ ᠬᠡᠯᠡᠪᠡᠯ ᠡᠪᠦᠳᠦᠭ ᠡᠴᠡ ᠳᠡᠭᠡᠭᠰᠢ ᠪᠡᠶ᠎ᠡ ᠶ᠋ᠢᠨ ᠠᠯᠢ ᠴᠤ ᠨᠢᠭᠡ ᠬᠡᠰᠡᠭ ᠰᠢᠷᠣᠢᠲᠤᠪᠠᠯ ᠬᠠᠶᠠᠭᠳᠠᠭᠰᠠᠨ ᠳ᠋ᠤ᠌ ᠲᠣᠭᠠᠴᠠᠳᠠᠭ ᠪᠣᠯᠬᠣᠷ ᠡᠷᠬᠡᠪᠰᠢ ᠬᠢᠨᠠᠭᠤᠷ ᠲᠡᠪᠴᠢᠶᠡᠷᠢ ᠲᠡᠢ ᠪᠠᠷᠢᠯᠳᠤᠬᠤ ᠬᠡᠷᠡᠭᠲᠡᠢ᠃ ᠡᠭᠦᠨ ᠡᠴᠡ ᠪᠡᠨ ᠪᠣᠯᠤᠭᠠᠳ᠂ ᠮᠣᠩᠭᠣᠯ ᠪᠥᠬᠡ ᠨᠢ ᠴᠠᠭ ᠤ᠋ᠨ ᠬᠢᠵᠠᠭᠠᠷ ᠪᠠᠢᠳᠠᠭ ᠦᠭᠡᠢ ᠪᠤᠶᠤ ᠤᠶᠠᠵᠤ ᠪᠠᠷᠢᠯᠳᠤᠵᠤ ᠪᠣᠯᠳᠠᠭ᠃ ᠭᠡᠪᠡᠴᠦ᠂ ᠮᠣᠩᠭᠣᠯ ᠪᠥᠬᠡ ᠮᠠᠨᠢ ᠨᠡᠭᠡᠷᠡᠨ ᠣᠯᠠᠨ ᠤᠯᠤᠰ ᠤ᠋ᠨ ᠰᠫᠣᠷᠲ ᠲᠤ ᠣᠷᠣᠪᠠᠯ ᠲᠠᠮᠢᠷ ᠤ᠋ᠨ ᠴᠤᠭᠯᠠᠭᠠᠨ ᠤ᠋ ᠲᠣᠪᠯᠠᠭᠰᠠᠨ ᠡᠳᠦᠷ ᠬᠤᠭᠤᠴᠠᠭ᠎ᠠ᠂ ᠡᠮᠬᠢ ᠵᠢᠷᠤᠮ ᠶᠣᠰᠣᠭᠠᠷ ᠴᠠᠭ ᠤ᠋ᠨ ᠬᠢᠵᠠᠭᠠᠷ ᠲᠠᠢ ᠪᠣᠯᠬᠤ ᠨᠢ ᠶᠠᠷᠢᠶᠠᠨ ᠦᠭᠡᠢ᠃ ᠵᠢᠦᠳᠣᠣ ᠮᠡᠲᠦ ᠶ᠋ᠢᠨ ᠪᠤᠰᠤᠳ ᠲᠥᠷᠥᠯ ᠦ᠋ᠨ ᠪᠥᠬᠡ ᠨᠢ ᠲᠠᠪᠤᠨ ᠮᠢᠨᠦ᠋ᠲ ᠭᠡᠬᠦᠴᠢᠯᠡᠨ ᠬᠢᠵᠠᠭᠠᠷᠯᠠᠵᠤ᠂ ᠢᠳᠡᠪᠬᠢ ᠨᠠᠵᠠᠭᠠᠢ ᠪᠠᠷᠢᠯᠳᠤᠭᠰᠠᠨ ᠢ᠋ᠶ᠋ᠠᠷ ᠨᠢ ᠬᠤᠪᠢ ᠲᠡᠮᠳᠡᠭᠯᠡᠨ᠂ ᠬᠠᠢᠨᠴᠠᠪᠠᠯ (ᠮᠣᠩᠭᠣᠯ ᠪᠥᠬᠡ ᠶ᠋ᠢᠨ ᠬᠠᠢᠨᠴᠠᠯ ᠲᠠᠢ ᠠᠳᠠᠯᠢ ᠦᠭᠡᠢ ᠭᠡᠳᠡᠭ ᠢ᠋ ᠮᠡᠳᠡᠬᠦ ᠬᠡᠷᠡᠭᠲᠡᠢ) ᠴᠠᠭ ᠨᠡᠮᠡᠳᠡᠭ ᠪᠣᠯᠬᠣᠷ ᠡᠨᠡᠴᠢᠯᠡᠨ ᠳᠦᠷᠢᠮᠵᠢᠭᠦᠯᠪᠡᠯ ᠶᠠᠭᠠᠬᠢᠭᠰᠠᠨ ᠪᠣᠢ ᠭᠡᠵᠦ ᠪᠡᠯᠡᠨᠴᠢᠯᠡᠵᠦ ᠮᠡᠳᠡᠨ᠎ᠡ᠃ ᠭᠡᠪᠡᠴᠦ ᠮᠣᠩᠭᠣᠯ ᠪᠥᠬᠡ ᠨᠢ ᠬᠤᠪᠢ ᠲᠡᠮᠳᠡᠭᠯᠡᠬᠦ ᠪᠡᠷ ᠪᠢᠰᠢ᠂ ᠵᠠᠪᠠᠯ ᠡᠪᠦᠳᠦᠭ ᠰᠢᠷᠣᠢᠲᠤᠭᠤᠯᠬᠤ ᠪᠠᠷ ᠯᠠ ᠢᠯᠭᠠᠷᠠᠳᠠᠭ ᠪᠣᠯᠬᠣᠷ ᠲᠠᠪᠤᠨ ᠮᠢᠨᠦ᠋ᠲ ᠦ᠋ᠨ ᠬᠢᠵᠠᠭᠠᠷ ᠪᠠ ᠬᠤᠪᠢ ᠲᠡᠮᠳᠡᠭᠯᠡᠬᠦ ᠲᠣᠬᠢᠷᠠᠮᠵᠢ ᠦᠭᠡᠢ ᠭᠡᠳᠡᠭ ᠨᠢ ᠢᠯᠡᠷᠬᠡᠢ᠃ ᠲᠡᠭᠡᠬᠦᠯᠡᠷ ᠮᠣᠩᠭᠣᠯ ᠪᠥᠬᠡ ᠶ᠋ᠢᠨ ᠪᠠᠷᠢᠯᠳᠤᠭᠠᠨ ᠳ᠋ᠤ᠌ ᠲᠣᠬᠢᠷᠠᠭᠰᠠᠨ ᠬᠠᠩᠭᠠᠯᠲᠠᠲᠠᠢ ᠴᠠᠭ ᠲᠣᠭᠲᠠᠭᠠᠨ᠂ ᠬᠠᠢᠨᠴᠠᠬᠤ ᠪᠤᠶᠤ ᠴᠠᠭ ᠬᠡᠲᠦᠷᠡᠪᠡᠯ ᠵᠣᠬᠢᠰᠲᠠᠢ ᠳᠦᠷᠢᠮᠵᠢᠭᠦᠯᠦᠭᠰᠡᠨ ᠠᠷᠭ᠎ᠠ ᠪᠠᠷ ᠳ᠋ᠦ᠋ᠩ ᠭᠠᠷᠭᠠᠪᠠᠯ ᠵᠦᠢᠲᠡᠢ!
    ᠰᠡᠭᠦᠯ ᠦ᠋ᠨ ᠦᠶ᠎ᠡ ᠪᠡᠷ ᠵᠠᠷᠢᠮ ᠨᠠᠢᠷ ᠨᠠᠭᠠᠳᠤᠮ ᠳᠡᠭᠡᠷ᠎ᠡ ᠵᠣᠭᠣᠰ ᠣᠷᠬᠢᠬᠤ᠂ ᠴᠠᠭᠠᠷᠢᠭ ᠲᠤ ᠪᠠᠷᠢᠯᠳᠤᠭᠤᠯᠬᠤ ᠵᠡᠷᠭᠡ ᠪᠡᠷ ᠰᠢᠢᠳᠪᠦᠷᠢᠯᠡᠳᠡᠭ ᠪᠠᠢᠭᠰᠠᠨ ᠨᠢ ᠪᠣᠯᠣᠮᠵᠢᠲᠠᠢ ᠠᠷᠭ᠎ᠠ ᠪᠢᠰᠢ ᠶᠦᠮ᠃ ᠨᠡᠩ ᠴᠦ᠍ ᠵᠣᠭᠣᠰ ᠣᠷᠬᠢᠬᠤ ᠨᠢ ᠶᠠᠮᠠᠷ ᠴᠤ ᠲᠥᠷᠥᠯ ᠦ᠋ᠨ ᠮᠥᠷᠥᠢᠴᠡᠭᠡᠨ ᠦ᠌ ᠳᠦᠷᠢᠮ ᠳ᠋ᠦ᠍ ᠪᠠᠢᠵᠤ ᠪᠣᠯᠣᠰᠢ ᠦᠭᠡᠢ ᠵᠦᠢᠯ᠃ ᠴᠠᠭᠠᠷᠢᠭ ᠲᠤ ᠪᠠᠷᠢᠯᠳᠤᠭᠤᠯᠬᠤ ᠲᠣᠬᠢᠶᠠᠯᠳᠤᠯ ᠳ᠋ᠤ᠌᠂ ᠬᠦᠨᠳᠦ ᠪᠡᠶ᠎ᠡ ᠲᠡᠢ᠂ ᠴᠢᠳᠠᠯ ᠢ᠋ᠶ᠋ᠠᠷ ᠭᠠᠷᠭᠠᠭᠤᠳᠠ ᠨᠢ ᠨᠥᠭᠥᠭᠡᠳᠡᠬᠢ ᠪᠡᠨ ᠬᠠᠷ᠎ᠠ ᠮᠤᠨᠠᠢᠳ ᠢ᠋ᠶ᠋ᠠᠷ ᠲᠦᠯᠬᠢᠬᠦ ᠳ᠋ᠦ᠍ ᠯᠡ ᠠᠰᠢᠭᠲᠠᠢ ᠪᠠᠢᠵᠤ᠂ ᠬᠢᠴᠡ ᠶ᠋ᠢᠨ ᠤᠷᠠᠨ᠂ ᠤᠬᠠᠭᠠᠨ ᠤ᠋ ᠲᠠᠮᠢᠷ᠂ ᠵᠣᠷᠢᠭ ᠤ᠋ᠨ ᠲᠡᠪᠴᠢᠶᠡᠷᠢ᠂ ᠬᠦᠴᠦᠨ ᠦ᠌ ᠳᠠᠮ ᠢ᠋ᠶ᠋ᠠᠷ ᠪᠠᠷᠢᠯᠳᠤᠳᠠᠭ ᠮᠣᠩᠭᠣᠯ ᠪᠥᠬᠡ ᠶ᠋ᠢᠨ ᠪᠠᠷᠢᠯᠳᠤᠭᠠᠨ ᠳ᠋ᠤ᠌ ᠲᠣᠬᠢᠷᠠᠮᠵᠢᠲᠠᠢ ᠪᠢᠰᠢ᠃ ᠡᠨᠡ ᠨᠢ ᠶᠠᠫᠣᠨ ᠤ ᠰᠦᠮᠦᠦ ᠪᠥᠬᠡ ᠶ᠋ᠢᠨ ᠳᠦᠷᠢᠮ ᠢ᠋ ᠮᠢᠬᠠᠴᠢᠯᠠᠨ ᠳᠠᠭᠤᠷᠢᠶᠠᠭᠰᠠᠨ ᠳᠦᠷᠢᠮ ᠪᠠᠢᠵᠤ᠂ ᠳᠡᠰ ᠦ᠋ᠨ ᠢᠯᠭᠠᠮᠵᠢ ᠦᠭᠡᠢ ᠮᠣᠩᠭᠣᠯ ᠪᠥᠬᠡ ᠶ᠋ᠢᠨ ᠤᠯᠠᠮᠵᠢᠯᠠᠯ ᠲᠠᠢ ᠨᠡᠢᠴᠡᠪᠦᠷᠢ ᠦᠭᠡᠢ ᠶ᠋ᠢᠨ ᠬᠠᠷᠠᠭ᠎ᠠ ᠪᠠᠷ ᠵᠠᠷᠢᠮ ᠪᠥᠬᠡᠴᠦᠳ ᠬᠡᠳᠦᠨ ᠨᠤᠭᠤᠯᠤᠭ᠎ᠠ ᠴᠠᠭᠠᠷᠢᠭ ᠲᠦᠯᠬᠢᠨ ᠢᠯᠠᠵᠤ ᠱᠠᠩ ᠳ᠋ᠤ᠌ ᠬᠦᠷᠴᠦ ᠪᠠᠢᠭᠰᠠᠨ ᠵᠢᠱ᠌ᠢᠶ᠎ᠡ ᠲᠡᠢ᠃ ᠲᠡᠭᠡᠪᠡᠯ ᠶᠠᠭᠠᠬᠢᠬᠤ ᠪᠣᠢ? ᠬᠣᠶᠠᠷ ᠪᠥᠬᠡᠴᠢᠨ ᠦ᠌ ᠨᠢᠷᠤᠭᠤ ᠶ᠋ᠢ ᠨᠢ ᠡᠭᠦᠷᠦᠭᠦᠯᠵᠦ ᠴᠡᠭᠡᠵᠢ ᠪᠡᠷ ᠨᠢ ᠢᠪᠡᠯᠴᠡᠭᠦᠯᠤᠨ ᠬᠥᠯ ᠢ᠋ᠶ᠋ᠡᠷ ᠪᠠᠷᠢᠯᠳᠤᠭᠤᠯᠬᠤ ᠵᠡᠷᠭᠡ ᠠᠷᠭ᠎ᠠ ᠶ᠋ᠢ ᠵᠠᠷᠢᠮ ᠨᠠᠢᠷ ᠨᠠᠭᠠᠳᠤᠮ ᠳᠡᠭᠡᠷ᠎ᠡ ᠬᠡᠷᠡᠭᠯᠡᠳᠡᠭ ᠪᠠᠢᠭᠰᠠᠨ ᠢ᠋ ᠲᠤᠷᠰᠢᠵᠤ ᠪᠣᠯᠤᠨ᠎ᠠ᠃ ᠭᠡᠬᠦ ᠳ᠋ᠡᠭᠡᠨ ᠶᠠᠮᠠᠷ ᠴᠤ ᠠᠷᠭ᠎ᠠ ᠰᠡᠳᠦᠯ᠎ᠡ ᠭᠡᠳ ᠳᠡᠰ ᠢᠯᠭᠠᠬᠤ ᠦᠭᠡᠢ ᠲᠡᠷᠡ ᠨᠥᠬᠥᠴᠡᠯ ᠳ᠋ᠦ᠍ ᠲᠣᠬᠢᠷᠠᠭᠰᠠᠨ ᠪᠠᠢᠬᠤ ᠨᠢ ᠴᠢᠬᠤᠯᠠ᠃
    ᠣᠯᠠᠨ ᠬᠥᠮᠦᠰ ᠤᠶᠠᠭ᠎ᠠ ᠪᠠᠷᠢᠯᠳᠤᠭᠠᠨ ᠢ᠋ ᠥᠭᠡᠢᠬᠢᠬᠦ ᠳ᠋ᠦ᠍ ᠲᠠᠭᠠᠯᠠᠮᠵᠢ ᠮᠠᠭᠤᠲᠠᠢ ᠪᠠᠢᠳᠠᠭ᠃ ᠲᠡᠷᠡ ᠨᠢ ᠮᠣᠩᠭᠣᠯ ᠠᠮᠢᠳᠤᠷᠠᠯ ᠤ᠋ᠨ ᠠᠷᠠᠨᠰᠢᠨ᠂ ᠪᠥᠬᠡ ᠶ᠋ᠢᠨ ᠬᠢᠨᠢ ᠣᠨᠴᠠᠯᠢᠭ ᠠ᠋ᠴᠠ ᠰᠢᠯᠲᠠᠭᠠᠯᠠᠭᠰᠠᠨ ᠤᠯᠠᠮᠵᠢᠯᠠᠯ ᠪᠣᠯᠬᠣᠷ ᠬᠥᠮᠦᠰ ᠦ᠋ᠨ ᠰᠡᠳᠬᠢᠯ ᠳ᠋ᠦ᠍ ᠪᠠᠲᠤ ᠦᠨᠳᠦᠰᠦ ᠲᠡᠢ ᠨᠢ ᠭᠠᠷᠴᠠᠭ᠎ᠠ ᠦᠭᠡᠢ᠃ ᠨᠡᠭᠡᠷᠡᠨ ᠮᠣᠩᠭᠣᠯ ᠪᠥᠬᠡ ᠮᠠᠨᠢ ᠳᠡᠯᠡᠬᠡᠢ ᠶ᠋ᠢᠨ ᠰᠫᠣᠷᠲ ᠲᠤ ᠣᠷᠣᠵᠤ᠂ ᠴᠠᠭ ᠤ᠋ᠨ ᠬᠢᠵᠠᠭᠠᠷ ᠲᠠᠢ ᠪᠣᠯᠤᠯ᠎ᠠ ᠴᠤ ᠭᠡᠰᠡᠨ᠂   ᠮᠣᠩᠭᠣᠯ ᠨᠤᠲᠤᠭ ᠤ᠋ᠨ ᠢ᠋ᠶ᠋ᠠᠨ ᠨᠠᠢᠷ ᠨᠠᠭᠠᠳᠤᠮ ᠳᠡᠭᠡᠷ᠎ᠡ ᠤᠶᠠᠭ᠎ᠠ ᠪᠠᠷᠢᠯᠳᠤᠭᠠᠨ ᠢ᠋ ᠦᠯᠡᠳᠡᠭᠡᠵᠦ᠂ ᠪᠥᠬᠡᠴᠦᠳ ᠦ᠋ᠨ ᠢ᠋ᠶ᠋ᠡᠨ ᠲᠠᠮᠢᠷ ᠲᠡᠪᠴᠢᠶᠡᠷᠢ᠂ ᠰᠣᠢᠯᠭ᠎ᠠ ᠳᠠᠰᠬᠠᠯ ᠢ᠋ ᠪᠣᠯᠪᠠᠰᠤᠷᠠᠭᠤᠯᠬᠤ ᠳ᠋ᠤ᠌ ᠦᠯᠦ ᠪᠣᠯᠬᠤ ᠪᠠᠷ ᠦᠭᠡᠢ᠃ ᠭᠠᠳᠠᠨ᠎ᠠ ᠶ᠋ᠢᠨ ᠪᠥᠬᠡ ᠶ᠋ᠢ ᠬᠣᠭᠣᠷᠣᠨᠳᠣ ᠨᠢ ᠲᠤᠯᠭᠠᠵᠤ᠂ ᠦᠵᠦ ᠵᠠᠢ ᠳ᠋ᠤ᠌ ᠨᠤᠲᠤᠭ ᠤ᠋ᠨ ᠪᠥᠬᠡ ᠪᠡᠨ ᠦᠯᠡᠳᠡᠭᠡᠵᠦ᠂ ᠪᠥᠬᠡ ᠶ᠋ᠢᠨ ᠬᠡᠢᠮᠣᠷᠢ ᠪᠠᠨ ᠬᠠᠳᠠᠭᠠᠯᠠᠬᠤ ᠰᠡᠳᠬᠢᠯᠭᠡᠨ ᠡᠴᠡ ᠡᠭᠦᠰᠪᠦᠷᠢ ᠲᠡᠢ ᠤᠨᠤᠭ᠎ᠠ ᠲᠠᠭᠠᠷᠠᠭᠤᠯᠬᠤ ᠦᠵᠡᠭᠳᠡᠯ ᠮᠣᠩᠭᠣᠯ ᠪᠥᠬᠡ ᠳ᠋ᠦ᠍ ᠪᠠᠢᠳᠠᠭ ᠨᠢ ᠪᠠᠷᠢᠯᠳᠤᠭᠠᠨ ᠤ᠋ ᠡᠷᠬᠡ ᠲᠡᠭᠰᠢ ᠥᠷᠢᠰᠦᠯᠳᠦᠭᠡᠨ ᠦ᠌ ᠪᠣᠯᠤᠮᠵᠢ ᠶ᠋ᠢ ᠠᠯᠳᠠᠭᠳᠠᠭᠤᠯᠤᠨ᠂ ᠥᠸᠢᠰᠥᠯᠳᠦᠭᠡᠨᠲᠦ ᠴᠢᠨᠠᠷ ᠢ᠋ ᠨᠥᠯᠥᠭᠡᠯᠡᠵᠦ ᠪᠠᠢᠭ᠎ᠠ ᠪᠣᠯᠬᠣᠷ ᠴᠣᠬᠣᠮ ᠳ᠋ᠠᠭᠠᠨ ᠰᠢᠪᠠᠭ᠎ᠠ ᠰᠤᠭᠤᠯᠤᠨ ᠤᠨᠤᠭ᠎ᠠ ᠠᠪᠬᠤ ᠶᠣᠰᠣᠲᠠᠢ ᠪᠥᠭᠡᠳ ᠳᠡᠯᠡᠬᠡᠢ ᠶ᠋ᠢᠨ ᠲᠡᠮᠡᠴᠡᠭᠡᠨ ᠳ᠋ᠦ᠍ ᠤᠨᠤᠭ᠎ᠠ ᠶᠠᠭᠠᠬᠢᠵᠤ ᠥᠭᠳᠡᠭ ᠪᠣᠯ ᠲᠡᠷᠡ ᠳᠦᠷᠢᠮ ᠢ᠋ᠶ᠋ᠡᠷ ᠳᠦᠷᠢᠮᠵᠢᠭᠦᠯᠬᠦ ᠨᠢ ᠵᠦᠢ᠃ ᠠᠯᠢᠪᠠ ᠥᠷᠢᠰᠦᠯᠳᠦᠭᠡᠨ ᠨᠢ ᠡᠷᠬᠡ ᠲᠡᠭᠰᠢ ᠰᠠᠭᠤᠷᠢᠨ ᠳᠡᠭᠡᠷ᠎ᠡ ᠭᠣᠣᠯᠴᠢ ᠪᠠᠷ ᠶᠠᠪᠤᠭᠳᠠᠳᠠᠭ ᠲᠡᠢᠮᠦ ᠴᠠᠭ ᠦᠶ᠎ᠡ ᠮᠣᠩᠭᠣᠯ ᠪᠥᠬᠡ ᠲᠡᠢ ᠴᠤ ᠨᠢᠭᠤᠷᠯᠠᠵᠤ ᠪᠠᠢᠨ᠎ᠠ ᠭᠡᠳᠡᠭ ᠢ᠋ ᠮᠡᠳᠡᠷᠡᠬᠦ ᠬᠡᠷᠡᠭᠲᠡᠢ᠃ ᠰᠡᠭᠦᠯ ᠦ᠋ᠨ ᠦᠶ᠎ᠡ ᠳ᠋ᠦ᠍ ᠵᠠᠷᠢᠮ ᠱᠠᠩᠨᠠᠯᠲᠤ ᠮᠥᠷᠥᠢᠴᠡᠭᠡᠨ ᠨᠢ ᠰᠢᠪᠠᠭ᠎ᠠ ᠲᠠᠲᠠᠬᠤ ᠬᠡᠯᠪᠡᠷᠢ ᠪᠡᠷ ᠤᠨᠤᠭ᠎ᠠ ᠥᠭᠴᠦ ᠪᠠᠢᠭ᠎ᠠ ᠨᠢ ᠳᠦᠷᠢᠮᠵᠢᠯ ᠦ᠋ᠨ ᠠᠩᠬᠠᠨ ᠤ᠋ ᠳᠠᠭᠤᠷᠢᠶᠠᠯ ᠪᠣᠯᠤᠭᠰᠠᠨ ᠭᠡᠯᠲᠡᠢ᠃
    ᠮᠣᠩᠭᠣᠯ ᠪᠥᠬᠡ ᠨᠢ ᠮᠥᠨ ᠴᠦ᠍ ᠮᠡᠷᠭᠡᠵᠢᠯ ᠦ᠋ᠨ ᠰᠢᠭᠦᠭᠴᠢ ᠲᠡᠢ ᠪᠠᠢᠬᠤ ᠶᠣᠰᠣᠲᠠᠢ ᠮᠥᠷᠲᠡᠭᠡᠨ ᠰᠢᠭᠦᠭᠴᠢ ᠶ᠋ᠢᠨ ᠡᠮᠦᠰᠬᠡᠯ ᠵᠡᠭᠦᠭᠡᠯ᠂ ᠳᠣᠬᠢᠶᠠᠯᠠᠬᠤ ᠳᠦᠷᠢᠮ ᠢ᠋ ᠴᠦ᠍ ᠳᠦᠷᠢᠮᠵᠢᠭᠦᠯᠬᠦ ᠨᠢ ᠵᠦᠢ᠃ ᠤᠳᠠᠭᠠᠨ ᠵᠢᠯ ᠦ᠋ᠨ ᠲᠤᠷᠰᠢ ᠮᠡᠷᠭᠡᠵᠢᠯ ᠦ᠋ᠨ ᠰᠢᠭᠦᠭᠴᠢ ᠲᠡᠢ ᠪᠣᠯᠬᠤ ᠠᠰᠠᠭᠤᠳᠠᠯ ᠳ᠋ᠤ᠌ ᠠᠷᠠᠢ ᠣᠮᠲᠣᠭᠠᠢ ᠬᠠᠨᠳᠤᠭᠰᠠᠨ ᠠ᠋ᠴᠠ ᠪᠣᠯᠵᠤ᠂ ᠣᠳᠣ ᠪᠣᠯᠲᠠᠯ᠎ᠠ ᠮᠣᠩᠭᠣᠯ ᠪᠥᠬᠡ ᠶ᠋ᠢᠨ ᠮᠡᠷᠭᠡᠵᠢᠯ ᠦ᠋ᠨ ᠰᠢᠭᠦᠭᠴᠢ ᠭᠠᠭᠴᠠ ᠴᠤ ᠦᠭᠡᠢ ᠭᠡᠬᠦ ᠳ᠋ᠦ᠍ ᠢᠯᠡᠭᠦᠳᠬᠦ ᠦᠭᠡᠢ ᠪᠠᠢᠬ᠎ᠠ᠃ ᠰᠢᠭᠦᠭᠴᠢ ᠬᠥᠮᠦᠵᠢᠭᠦᠯᠬᠦ ᠲᠤᠰᠬᠠᠢ ᠰᠤᠷᠭᠠᠭᠤᠯᠢᠯᠠᠯ ᠢ᠋ᠶ᠋ᠠᠷ ᠮᠡᠷᠭᠡᠵᠢᠯ ᠦ᠋ᠨ ᠰᠢᠭᠦᠭᠴᠢ ᠪᠣᠯᠪᠠᠰᠤᠷᠠᠭᠤᠯᠠ ᠦᠨᠡᠮᠯᠡᠬᠦ ᠴᠣᠯᠠ ᠣᠯᠭᠣᠬᠤ (ᠭᠠᠳᠠᠭᠠᠳᠤ ᠶ᠋ᠢᠨ ᠬᠥᠮᠦᠰ ᠴᠦ᠍ ᠡᠨᠡ ᠬᠢᠷᠢ ᠭᠡᠮ ᠢ᠋ ᠬᠦᠷᠲᠡᠵᠦ ᠪᠣᠯᠤᠨ᠎ᠠ) ᠵᠡᠷᠭᠡ ᠪᠡᠷ ᠠᠵᠢᠯᠯᠠᠬᠤ ᠶᠣᠰᠣᠲᠠᠢ᠃ ᠬᠠᠷᠢᠨ ᠰᠢᠭᠦᠭᠴᠢ ᠪᠠᠷᠢᠯᠳᠤᠭᠠᠨ ᠢ᠋ ᠡᠬᠢᠯᠡᠭᠦᠯᠬᠦ᠂ ᠬᠠᠶᠠᠭᠰᠠᠨ ᠪᠥᠬᠡ ᠶ᠋ᠢᠨ ᠭᠠᠷ ᠢ᠋ ᠨᠢ ᠡᠷᠭᠦᠭᠦᠯᠬᠦ ᠵᠡᠷᠭᠡ ᠨᠢ ᠢᠯᠡᠭᠦᠴᠡ ᠪᠣᠯᠬᠣᠷ ᠮᠣᠩᠭᠣᠯ ᠪᠥᠬᠡ ᠶ᠋ᠢᠨ ᠤᠯᠠᠮᠵᠢᠯᠠᠯ ᠶᠣᠰᠣᠭᠠᠷ ᠳᠦᠷᠢᠮᠵᠢᠭᠦᠯᠵᠦ ᠪᠣᠯᠤᠨ᠎ᠠ᠃ ᠶᠡᠷᠦ ᠶ᠋ᠢᠨ ᠵᠠᠩᠰᠢᠯ ᠳ᠋ᠤ᠌ ᠮᠣᠩᠭᠣᠯᠴᠤᠳ ᠠᠭᠤᠯᠵᠠᠵᠤ ᠤᠴᠠᠷᠠᠬᠤ ᠳ᠋ᠠᠭᠠᠨ ᠠᠯᠠᠭ᠎ᠠ ᠪᠠᠨ ᠳᠡᠯᠭᠡᠨ ᠮᠡᠨᠳᠦᠴᠢᠯᠡᠳᠡᠭ ᠪᠠᠢᠭᠰᠠᠨ ᠪᠥᠭᠡᠳ ᠶᠠᠮᠠᠷ ᠴᠤ ᠪᠠᠷᠢᠳᠠᠯ ᠵᠡᠪᠰᠡᠭ᠂ ᠬᠣᠷᠣᠨ ᠰᠠᠨᠠᠭ᠎ᠠ ᠦᠭᠡᠢ ᠭᠡᠳᠡᠭ ᠦ᠋ᠨ ᠬᠢᠨᠢ ᠢᠯᠡᠷᠬᠡᠢᠯᠡᠯ ᠲᠡᠷᠡ ᠶᠦᠮ᠃ ᠢᠯᠠᠩᠭᠤᠶ᠎ᠠ ᠪᠥᠬᠡ ᠬᠥᠮᠦᠨ ᠮᠠᠬᠠᠪᠣᠳ ᠤ᠋ᠨ ᠥᠴᠦᠬᠡᠨ ᠬᠦᠷᠦᠯᠴᠡᠭᠡ ᠪᠡᠷ ᠰᠣᠢᠯᠭ᠎ᠠ ᠳᠠᠰᠬᠠᠯ᠂ ᠰᠡᠳᠬᠢᠯ ᠦ᠋ᠨ ᠵᠠᠰᠠᠯ ᠶᠠᠮᠠᠷ ᠭᠡᠳᠡᠭ ᠢ᠋ ᠰᠡᠷᠡᠬᠦ ᠲᠣᠷᠭᠠᠨ ᠮᠡᠳᠡᠷᠡᠮᠵᠢ ᠲᠡᠢ ᠪᠣᠯᠬᠣᠷ ᠪᠠᠷᠢᠯᠳᠤᠬᠤ ᠠ᠋ᠴᠠ ᠪᠠᠨ ᠡᠮᠦᠨ᠎ᠡ ᠭᠠᠷ ᠠᠳᠬᠤᠯᠴᠠᠬᠤ ᠶ᠋ᠢ ᠲᠠᠲᠠᠭᠠᠯᠵᠠᠳᠠᠭ ᠵᠠᠩᠰᠢᠯ ᠲᠠᠢ ᠪᠠᠢᠵᠠᠢ᠃ ᠬᠡᠳᠦᠢᠪᠡᠷ ᠣᠳᠣ ᠡᠢᠮᠦᠷᠬᠦᠦ ᠲᠣᠷᠭᠠᠨ ᠮᠡᠳᠡᠷᠡᠮᠵᠢ ᠬᠢᠷᠢ ᠪᠠᠷᠤᠭ ᠤ᠋ᠨ ᠪᠥᠬᠡᠴᠦᠳ ᠲᠦ᠍ ᠦᠭᠡᠢ ᠴᠦ᠍ ᠭᠡᠰᠡᠨ ᠤᠯᠠᠮᠵᠢᠯᠠᠯ ᠤ᠋ᠨ ᠬᠤᠪᠢ ᠳ᠋ᠤ᠌ ᠬᠦᠨᠳᠦᠳᠬᠡᠨ ᠰᠡᠷᠭᠦᠭᠡᠪᠡᠰᠦ᠂ ᠦᠯᠦ ᠶᠠᠯᠢᠬᠤ ᠵᠦᠢᠯ ᠰᠢᠭ ᠴᠦ᠍ ᠨᠠᠷᠢᠨ ᠰᠢᠷᠢᠨ ᠵᠠᠩᠰᠢᠯ ᠤ᠋ᠨ ᠬᠠᠳᠠᠭᠠᠯᠠᠭᠳᠠᠯ ᠨᠢ ᠦᠨᠳᠦᠰᠦᠲᠡᠨ ᠦ᠌ ᠪᠥᠬᠡ ᠶ᠋ᠢᠨ ᠰᠣᠶᠣᠯ ᠤ᠋ᠨ ᠣᠨᠴᠠᠯᠢᠭ ᠢ᠋ ᠥᠳᠬᠡᠷᠡᠭᠦᠯᠵᠦ ᠳᠡᠢᠯᠦᠨ᠎ᠡ᠃
    ᠳᠡᠰ ᠢᠯᠭᠠᠬᠤ ᠦᠭᠡᠢ ᠪᠠᠷᠢᠯᠳᠤᠳᠠᠭ ᠨᠢ ᠮᠣᠩᠭᠣᠯ ᠪᠥᠬᠡ ᠶ᠋ᠢ ᠳᠡᠯᠡᠬᠡᠢ ᠶ᠋ᠢᠨ ᠶᠠᠮᠠᠷ ᠴᠤ ᠮᠠᠶᠢᠭ ᠤ᠋ᠨ ᠪᠥᠬᠡ ᠡᠴᠡ ᠡᠷᠡᠰ ᠢᠯᠭᠠᠭᠳᠠᠬᠤ ᠣᠨᠴᠠᠯᠢᠭ ᠲᠠᠢ ᠪᠣᠯᠭᠠᠭᠰᠠᠨ ᠲᠡᠳᠦᠢ ᠦᠭᠡᠢ ᠮᠣᠩᠭᠣᠯ ᠪᠥᠬᠡ ᠶ᠋ᠢᠨ ᠪᠤᠰᠤᠳ ᠣᠨᠴᠠᠯᠢᠭ ᠤ᠋ᠳ ᠨᠢ ᠴᠤ ᠡᠨᠡ ᠬᠦ᠌ ᠳᠦᠷᠢᠮ ᠦ᠋ᠨ ᠰᠠᠭᠤᠷᠢ ᠳᠡᠭᠡᠷ᠎ᠡ ᠲᠥᠯᠵᠢᠭᠰᠡᠨ ᠪᠠᠢᠭ᠎ᠠ ᠶᠤᠮ᠃ ᠡᠨᠡ ᠨᠢ ᠮᠥᠨ ᠴᠦ᠍ ᠮᠣᠩᠭᠣᠯ ᠪᠥᠬᠡ ᠶ᠋ᠢᠨ ᠳᠠᠪᠲᠠᠭᠳᠠᠰᠢ ᠦᠭᠡᠢ ᠰᠣᠳᠣᠨ ᠲᠠᠯ᠎ᠠ ᠨᠢ ᠭᠡᠵᠦ ᠪᠢ ᠣᠢᠯᠠᠭᠠᠳᠠᠭ᠃1990 ᠣᠨ ᠤ᠋ ᠰᠢᠯᠢ ᠶ᠋ᠢᠨ ᠭᠣᠣᠯ ᠤ᠋ᠨ ᠶᠡᠬᠡ ᠨᠠᠢᠷ ᠤ᠋ᠨ ᠳᠡᠭᠡᠳᠦ ᠳᠥᠷᠪᠡᠨ ᠪᠥᠬᠡ ᠶᠠᠫᠣᠨ ᠤ᠋ ᠲᠣᠤᠺᠢᠣ᠋᠂  ᠨᠠᠷᠠ᠂ ᠶᠣᠺᠣᠬᠠᠮᠠ᠂ ᠣᠣᠰᠺᠠ᠂ ᠳ᠋ᠠᠮᠠᠬᠠᠸᠠ ᠵᠡᠷᠭᠡ ᠬᠣᠲᠠᠳ ᠲᠤ ᠦᠵᠡᠬᠦᠯᠭᠡ ᠶ᠋ᠢᠨ ᠤᠷᠤᠯᠳᠤᠭᠠᠨ ᠬᠢᠭᠰᠡᠨ ᠢ᠋ ᠠᠮᠧᠷᠢᠺᠠ ᠨᠤᠲᠤᠭ ᠲᠠᠢ ᠪᠡᠶ᠎ᠡ ᠲᠠᠮᠢᠷ ᠤ᠋ᠨ ᠨᠢᠭᠡ ᠫᠷᠣᠹᠧᠰᠰᠣᠷ ᠦᠵᠡᠭᠡᠳ ᠮᠠᠰᠢ ᠭᠠᠢᠬᠠᠵᠤ᠄《ᠢᠯᠠᠵᠤ ᠢᠯᠠᠭᠳᠠᠬᠤ ᠪᠠᠨ ᠭᠠᠭᠴᠠ ᠤᠳᠠᠭ᠎ᠠ ᠳ᠋ᠤ᠌ ᠢᠯᠭᠠᠷᠠᠭᠤᠯᠬᠤ᠂ ᠳᠡᠰ ᠢᠯᠭᠠᠬᠤ ᠦᠭᠡᠢ ᠵᠡᠷᠭᠡ ᠨᠢ ᠬᠡᠳᠦᠢᠪᠡᠷ ᠣᠳᠣ ᠦᠶ᠎ᠡ ᠶ᠋ᠢᠨ ᠪᠡᠶ᠎ᠡ ᠶ᠋ᠢᠨ ᠲᠠᠮᠢᠷ ᠤ᠋ᠨ ᠵᠠᠷᠢᠮ ᠤᠭ ᠶᠣᠰᠣ ᠶ᠋ᠢ ᠲᠡᠷᠰᠯᠡᠭᠰᠡᠨ ᠪᠣᠯᠪᠠᠴᠤ ᠬᠠᠮᠤᠭ ᠤ᠋ᠨ ᠳᠠᠪᠰᠢᠩᠭᠤᠢ ᠲᠠᠯ᠎ᠠ ᠨᠢ ᠪᠣᠯᠵᠤ ᠮᠡᠳᠡᠨ᠎ᠡ᠃ ᠡᠢᠮᠦᠷᠬᠦᠦ ᠬᠤᠷᠴᠠ ᠰᠢᠷᠦᠭᠦᠨ ᠥᠷᠢᠰᠥᠯᠳᠦᠭᠡᠨᠲᠦ ᠣᠨᠴᠠᠯᠢᠭ ᠨᠢ ᠮᠣᠩᠭᠣᠯ ᠪᠥᠬᠡ ᠶ᠋ᠢ ᠳᠡᠯᠡᠬᠡᠢ ᠶ᠋ᠢᠨ ᠴᠢᠨᠠᠷ ᠲᠠᠢ ᠪᠡᠶ᠎ᠡ ᠶ᠋ᠢᠨ ᠲᠠᠮᠢᠷ ᠤ᠋ᠨ ᠬᠥᠳᠡᠯᠭᠡᠭᠡᠨ ᠳ᠋ᠦ᠍ ᠣᠷᠣᠭᠤᠯᠵᠤ ᠮᠡᠳᠡᠨ᠎ᠡ》 ᠭᠡᠵᠦ ᠬᠡᠯᠡᠭᠰᠡᠨ ᠠᠵᠢ᠃ ᠮᠣᠩᠭᠣᠯ ᠪᠥᠬᠡ ᠶ᠋ᠢᠨ ᠪᠠᠷᠢᠯᠳᠤᠭᠠᠨ ᠨᠢ ᠳᠡᠰ ᠢᠯᠭᠠᠮᠵᠢ ᠪᠠᠷ ᠪᠠᠷᠢᠮᠵᠢᠶᠠᠯᠠᠭᠰᠠᠨ ᠬᠦᠨᠳᠦ ᠶ᠋ᠢᠨ ᠵᠢᠩ᠂ ᠬᠦᠴᠦ ᠲᠡᠩᠬᠡᠭᠡ ᠲᠡᠩᠴᠡᠭᠰᠡᠨ 《ᠡᠷᠬᠡ ᠲᠡᠭᠰᠢ》 ᠮᠥᠷᠥᠢᠴᠡᠭᠡᠨ ᠪᠢᠰᠢ᠂ ᠬᠠᠷᠢᠨ ᠶᠠᠪᠤᠭᠳᠠᠵᠤ ᠪᠣᠢ ᠡᠨᠡ ᠬᠦ᠌ ᠮᠥᠷᠥᠢᠴᠡᠭᠡᠨ ᠳ᠋ᠦ᠍ ᠬᠡᠨ ᠴᠤ᠌ ᠭᠡᠰᠡᠨ ᠡᠷᠬᠡ  ᠲᠡᠭᠰᠢ ᠣᠷᠣᠯᠴᠠᠵᠤ ᠪᠣᠯᠬᠤ᠂50 ᠺᠢᠯᠣᠭ᠌ᠷᠠᠮ ᠤ᠋ᠨ ᠪᠥᠬᠡᠴᠢᠨ᠂150 ᠺᠢᠯᠣᠭ᠌ᠷᠠᠮ ᠤ᠋ᠨ ᠪᠥᠬᠡᠴᠢᠨ ᠢ᠋ ᠬᠠᠶᠠᠵᠤ ᠴᠤ᠌ ᠴᠢᠳᠠᠬᠤ ᠲᠡᠷᠡ ᠪᠣᠯᠤᠮᠵᠢ ᠶ᠋ᠢ ᠬᠠᠩᠭᠠᠵᠤ ᠪᠠᠢᠭ᠎ᠠ ᠪᠠᠷ ᠢ᠋ᠶ᠋ᠠᠨ ᠨᠡᠩ ᠡᠷᠬᠡ ᠲᠡᠭᠰᠢ᠂ ᠰᠢᠷᠦᠭᠦᠨ ᠥᠷᠢᠰᠥᠯᠳᠦᠭᠡᠨᠲᠦ ᠪᠠᠷᠢᠯᠳᠤᠭᠠᠨ ᠶᠤᠮ᠃
    ᠲᠡᠭᠡᠬᠦᠯᠡᠷ ᠮᠣᠩᠭᠣᠯ ᠪᠥᠬᠡ ᠶ᠋ᠢᠨ ᠪᠠᠷᠢᠯᠳᠤᠭᠠᠨ ᠳ᠋ᠤ᠌ ᠳᠡᠰ ᠢᠯᠭᠠᠨ᠎ᠠ ᠭᠡᠳᠡᠭ ᠰᠠᠨᠠᠭᠠᠴᠢᠯᠠᠭ᠎ᠠ ᠨᠢ ᠨᠢᠭᠡᠨᠲᠡ ᠲᠦᠭᠡᠮᠡᠯᠵᠢᠭᠰᠡᠨ ᠪᠤᠰᠤᠳ ᠪᠥᠬᠡ ᠶ᠋ᠢᠨ ᠳᠦᠷᠢᠮ ᠢ᠋ᠶ᠋ᠡᠷ ᠤᠯᠠᠮᠵᠢᠯᠠᠯ ᠨᠢ ᠣᠨᠳᠣᠣ ᠥᠪᠡᠷ ᠦ᠋ᠨ ᠪᠥᠬᠡ ᠪᠡᠨ ᠬᠡᠪᠰᠢᠭᠦᠯᠬᠦ ᠭᠡᠰᠡᠨ ᠵᠦᠢ ᠦᠭᠡᠢ ᠰᠠᠨᠠᠭᠠᠴᠢᠯᠠᠭ᠎ᠠ ᠶᠤᠮ᠃
    ᠡᠢᠮᠦᠷᠬᠦᠦ ᠰᠠᠨᠠᠭᠠᠴᠢᠯᠠᠭ᠎ᠠ ᠶ᠋ᠢ ᠮᠡᠷᠭᠡᠵᠢᠯ ᠦ᠋ᠨ ᠪᠥᠬᠡᠴᠦᠳ᠂ ᠳᠠᠰᠬᠠᠯᠵᠢᠭᠤᠯᠤᠭᠴᠢ ᠨᠠᠷ ᠳᠤᠷᠠᠳᠬᠤ ᠨᠢ ᠣᠯᠠᠨ ᠪᠠᠢᠳᠠᠭ ᠤ᠋ᠨ ᠤᠴᠢᠷ ᠨᠢ ᠥᠪᠡᠷᠰᠡᠳ ᠦ᠋ᠨ ᠰᠣᠷᠢᠶ᠎ᠠ ᠥᠭᠴᠦ ᠪᠠᠢᠭ᠎ᠠ ᠲᠡᠷᠡ ᠪᠥᠬᠡ ᠶ᠋ᠢᠨ ᠢ᠋ᠶ᠋ᠡᠨ ᠳᠦᠷᠢᠮ ᠢ᠋ᠶ᠋ᠡᠷ᠂
ᠡᠰᠡᠬᠦᠯ᠎ᠡ ᠲᠡᠷᠡ ᠪᠠᠷᠢᠯᠭᠠᠨ ᠤ᠋ ᠠᠷᠭ᠎ᠠ ᠪᠠᠷ ᠮᠣᠩᠭᠣᠯ ᠪᠥᠬᠡ ᠪᠡᠨ ᠪᠠᠷᠢᠮᠵᠢᠶᠠᠯᠠᠨ ᠦᠵᠡᠬᠦ ᠪᠤᠶᠤ ᠪᠠᠷᠢᠯᠳᠤᠭᠰᠠᠨ ᠤ᠋ ᠳ᠋ᠦᠩ ᠳ᠋ᠦ᠍ ᠭᠠᠷᠤᠭᠰᠠᠨ ᠬᠠᠯᠭᠤᠤ ᠣᠢᠯᠠᠭᠠᠯᠲᠠ ᠶᠤᠮ᠃
ᠨᠢᠭᠡᠨᠲᠡ ᠲᠦᠭᠡᠮᠡᠯᠵᠢᠭᠰᠡᠨ ᠪᠥᠬᠡ ᠨᠢ ᠯᠠᠪᠲᠠᠢ ᠮᠣᠩᠭᠣᠯ ᠪᠥᠬᠡ ᠡᠴᠡ ᠳᠠᠪᠰᠢᠩᠭᠤᠢ ᠭᠡᠵᠦ ᠰᠣᠬᠣᠷ ᠢ᠋ᠶ᠋ᠠᠷ ᠣᠢᠯᠠᠭᠠᠭᠰᠠᠨ ᠤ᠋ ᠬᠢ ᠶᠦᠮ᠃
ᠳᠡᠰ ᠦ᠋ᠨ ᠢᠯᠭᠠᠮᠵᠢ ᠦᠭᠡᠢ ᠪᠠᠷᠢᠯᠳᠤᠬᠤ ᠨᠢ ᠮᠣᠩᠭᠣᠯ ᠪᠥᠬᠡ ᠶ᠋ᠢᠨ ᠬᠠᠮᠤᠭ ᠴᠢᠬᠤᠯᠠ ᠣᠨᠴᠠᠯᠢᠭ ᠪᠣᠯᠤᠭᠰᠠᠨ ᠤ᠋ ᠬᠤᠪᠢ ᠳ᠋ᠤ᠌ ᠡᠨᠡ ᠤᠯᠠᠮᠵᠢᠯᠠᠯ ᠢ᠋ ᠶᠠᠭᠠᠬᠢᠭᠰᠠᠨ ᠴᠤ ᠬᠤᠪᠢᠷᠠᠭᠠᠵᠤ ᠪᠣᠯᠬᠤ ᠦᠭᠡᠢ᠃
     ᠮᠣᠩᠭᠣᠯ ᠪᠥᠬᠡ ᠶ᠋ᠢᠨ ᠪᠠᠷᠢᠯᠳᠤᠭᠠᠨ ᠤ᠋ ᠴᠢᠬᠤᠯᠠ ᠡᠮᠦᠰᠬᠡᠯ ᠭᠡᠪᠡᠯ ᠠᠷᠠᠰᠤᠨ ᠵᠣᠳᠣᠭ᠃ ᠲᠡᠷᠡ ᠨᠢ ᠮᠣᠩᠭᠣᠯ ᠪᠥᠬᠡ ᠶ᠋ᠢᠨ ᠪᠠᠷᠢᠯᠳᠤᠬᠤ ᠣᠨᠴᠠᠯᠢᠭ᠂ ᠬᠢᠴᠡ ᠮᠡᠬᠡ ᠳ᠋ᠦ᠍ ᠶᠠᠭᠠᠬᠢᠬᠤ ᠠᠷᠭ᠎ᠠ ᠦᠭᠡᠢ ᠲᠣᠬᠢᠷᠠᠳᠠᠭ ᠪᠣᠯᠬᠣᠷ ᠳᠦᠷᠢᠮᠵᠢᠯ ᠦ᠋ᠨ ᠶᠠᠪᠤᠴᠠ ᠳ᠋ᠤ᠌ ᠦᠯᠡᠳᠡᠬᠦ ᠶᠣᠰᠣᠲᠠᠢ᠃ ᠬᠡᠯᠡᠯᠭᠡᠨ ᠦᠭᠡᠢ ᠬᠠᠨᠴᠤᠢ ᠨᠢ ᠬᠡᠲᠦᠷᠬᠡᠢ ᠪᠠᠷᠢᠭᠤ᠂ ᠪᠦᠰᠡ ᠨᠢ ᠥᠩᠭᠡᠷᠡᠦ ᠰᠤᠯᠠ ᠪᠠᠢᠬᠤ ᠶ᠋ᠢ ᠲᠡᠪᠴᠢᠬᠦ ᠨᠢ ᠲᠠᠭᠠᠷᠠᠨ᠎ᠠ᠃ ᠬᠠᠷᠢᠨ ᠠᠷᠠᠰᠤᠨ ᠵᠣᠳᠣᠭ ᠢ᠋ ᠳᠠᠪᠤᠤ ᠵᠣᠳᠣᠭ ᠢ᠋ᠶ᠋ᠠᠷ ᠣᠷᠣᠯᠠᠭᠤᠯᠪᠠᠯ ᠦᠨᠳᠦᠰᠦᠲᠡᠨ ᠦ᠌ ᠪᠥᠬᠡ ᠶ᠋ᠢᠨ ᠤᠯᠠᠮᠵᠢᠯᠠᠯᠲᠤ ᠭᠠᠯᠪᠢᠷ ᠢ᠋ ᠠᠯᠳᠠᠭᠳᠠᠭᠤᠯᠬᠤ ᠶ᠋ᠢ ᠪᠢᠲᠡᠭᠡᠢ ᠬᠡᠯᠡ᠂ ᠮᠣᠩᠭᠣᠯ ᠪᠥᠬᠡ ᠶ᠋ᠢᠨ ᠤᠷᠠᠨ ᠬᠢᠴᠡ᠂ ᠬᠠᠷᠢᠭᠤ ᠮᠡᠬᠡ᠂ ᠪᠠᠷᠢᠴᠠ ᠶ᠋ᠢᠨ ᠬᠠᠩᠭᠠᠯᠲᠠ ᠳ᠋ᠤ᠌ ᠵᠣᠬᠢᠬᠤ ᠦᠭᠡᠢ ᠭᠡᠳᠡᠭ ᠢ᠋ ᠡᠩ ᠲᠡᠷᠢᠭᠦᠨ ᠳ᠋ᠦ᠍ ᠠᠩᠬᠠᠷᠬᠤ ᠬᠡᠷᠡᠭᠲᠡᠢ ᠮᠡᠲᠦ᠃
    ᠣᠯᠠᠨ ᠬᠥᠮᠦᠨ ᠦ᠌ ᠰᠠᠨᠠᠯ ᠨᠢᠭᠡᠳᠬᠦ ᠦᠭᠡᠢ ᠪᠠᠢᠳᠠᠭ ᠪᠠᠰᠠ ᠨᠢᠭᠡ ᠵᠦᠢᠯ ᠨᠢ ᠵᠠᠩᠭᠢᠶ᠎ᠠ᠃ ᠵᠠᠩᠭᠢᠶ᠎ᠠ ᠶ᠋ᠢ ᠰᠢᠯᠢ ᠶ᠋ᠢᠨ ᠭᠣᠣᠯ᠂ ᠤᠯᠠᠭᠠᠨᠬᠠᠳᠠ ᠬᠣᠲᠠ ᠶ᠋ᠢᠨ ᠪᠥᠬᠡᠴᠦᠳ ᠵᠡᠭᠦᠬᠦ ᠨᠢ ᠣᠯᠠᠨ ᠪᠠᠢᠵᠤ᠂ ᠪᠤᠰᠤᠳ ᠠᠢᠮᠠᠭ ᠤ᠋ᠨ ᠪᠥᠬᠡᠴᠦᠳ ᠵᠠᠩᠭᠢᠶ᠎ᠠ ᠲᠠᠢ ᠪᠠᠷᠢᠯᠳᠤᠵᠤ ᠳᠠᠰᠬᠤ ᠦᠭᠡᠢ ᠪᠣᠯᠬᠣᠷ ᠳᠦᠷᠢᠮᠵᠢᠭᠦᠯᠦᠯ ᠦ᠋ᠨ ᠶᠠᠪᠤᠴᠠ ᠳ᠋ᠤ᠌ ᠵᠠᠩᠭᠢᠶ᠎ᠠ ᠶ᠋ᠢ ᠦᠭᠡᠢᠰᠬᠡᠬᠦ ᠭᠡᠰᠡᠨ ᠳᠤᠷᠠᠳᠤᠯᠭ᠎ᠠ ᠴᠤ ᠭᠠᠷᠤᠭᠰᠠᠨ᠃ ᠣᠳᠣ ᠶ᠋ᠢᠨ ᠪᠥᠬᠡᠴᠦᠳ ᠦ᠋ᠨ ᠵᠡᠭᠦᠵᠦ ᠪᠠᠢᠭ᠎ᠠ ᠵᠠᠩᠭᠢᠶ᠎ᠠ ᠨᠢ ᠪᠠᠷᠢᠮᠵᠢᠶᠠᠵᠢᠭᠰᠠᠨ ᠪᠢᠰᠢ᠂ ᠬᠡᠲᠦᠷᠬᠡᠢ ᠰᠠᠭᠰᠠᠭᠠᠷ᠂ ᠭᠬᠢᠪ ᠨᠢ ᠥᠩᠭᠡᠷᠡᠦ ᠤᠷᠲᠤ ᠪᠠᠢᠵᠤ᠂ ᠪᠥᠬᠡ ᠶ᠋ᠢᠨ ᠬᠡᠢᠮᠣᠷᠢ ᠯᠤᠩᠳᠠ ᠶ᠋ᠢ ᠪᠡᠯᠭᠡᠳᠡᠬᠦ ᠶ᠋ᠢᠨ ᠣᠷᠣᠨ ᠳ᠋ᠤ᠌ ᠭᠣᠶᠣᠯᠠᠯ ᠵᠠᠰᠠᠯ ᠤ᠋ᠨ ᠠᠭᠤᠯᠭ᠎ᠠ ᠨᠢ ᠳᠠᠪᠠᠮᠠᠭᠠᠢᠯᠠᠭᠰᠠᠨ ᠢ᠋ᠶ᠋ᠠᠷ ᠪᠠᠷᠢᠯᠳᠤᠭᠠᠨ ᠢ᠋ ᠨᠥᠯᠥᠭᠡᠯᠡᠵᠦ ᠪᠠᠢᠭ᠎ᠠ ᠨᠢ ᠦᠨᠡᠨ ᠲᠡᠢ᠃ ᠴᠣᠬᠣᠮ ᠳ᠋ᠠᠭᠠᠨ ᠵᠠᠩᠭᠢᠶ᠎ᠠ ᠨᠢ ᠬᠠᠳᠠᠭ ᠢ᠋ᠶ᠋ᠠᠷ ᠭᠣᠣᠯ ᠬᠢᠭᠰᠡᠨ᠂ ᠵᠠᠪᠠᠯ ᠭᠡᠭᠡᠨ ᠬᠤᠪᠢᠯᠭᠠᠳ ᠠᠳᠢᠰᠯᠠᠵᠤ ᠥᠭᠳᠡᠭ (ᠪᠤᠰᠤᠳ ᠶᠠᠮᠠᠷ ᠴᠤ᠌ ᠬᠥᠮᠦᠨ ᠪᠥᠬᠡᠴᠦᠳ ᠲᠦ᠍ ᠵᠠᠩᠭᠢᠶ᠎ᠠ ᠬᠠᠢᠷᠠᠯᠠᠬᠤ ᠡᠷᠬᠡ ᠦᠭᠡᠢ ᠪᠠᠢᠵᠠᠢ)᠂ ᠴᠥᠭᠡᠨ ᠬᠡᠳᠦᠨ ᠭᠬᠢᠪ ᠲᠡᠢ᠂ ᠲᠡᠷᠢᠭᠦᠯᠡᠬᠦ ᠤᠳᠠᠭ᠎ᠠ ᠶ᠋ᠢᠨ ᠲᠣᠭ᠎ᠠ ᠪᠠᠷ ᠢ᠋ᠶ᠋ᠠᠨ ᠭᠬᠢᠪ ᠨᠡᠮᠡᠳᠡᠭ ᠤᠯᠠᠮᠵᠢᠯᠠᠯ ᠲᠠᠢ ᠪᠠᠢᠵᠠᠢ᠃ ᠵᠠᠩᠭᠢᠶ᠎ᠠ ᠶ᠋ᠢ ᠰᠡᠭᠦᠯ ᠦ᠋ᠨ ᠦᠶ᠎ᠡ ᠳ᠋ᠦ᠍ ᠰᠢᠷ᠎ᠠ ᠶ᠋ᠢᠨ ᠱᠠᠰᠢᠨ ᠤ᠋ ᠨᠥᠯᠥᠭᠡ ᠪᠡᠷ ᠪᠣᠢ ᠪᠣᠯᠤᠭᠰᠠᠨ ᠭᠡᠵᠦ ᠵᠠᠷᠢᠮ ᠬᠥᠮᠦᠨ ᠦᠵᠡᠳᠡᠭ ᠴᠦ᠍ ᠰᠤᠳᠤᠯᠤᠭᠴᠢᠳ ᠲᠡᠭᠦᠨ ᠢ᠋ ᠪᠥᠬᠡ ᠶ᠋ᠢᠨ ᠱᠠᠰᠢᠨ ᠤ᠋ ᠦᠶ᠎ᠡ ᠶ᠋ᠢᠨ ᠤᠯᠠᠮᠵᠢᠯᠠᠯ ᠭᠡᠮᠡᠨ ᠨᠤᠲᠠᠯᠠᠵᠤ ᠪᠠᠢᠨ᠎ᠠ᠃ ᠲᠡᠭᠡᠭᠡᠳ ᠴᠦ᠍ ᠣᠯᠠᠨ ᠵᠠᠭᠤᠨ ᠵᠢᠯ ᠦ᠋ᠨ ᠤᠯᠠᠮᠵᠢᠯᠠᠯ ᠢ᠋ᠶ᠋ᠠᠷ ᠮᠣᠩᠭᠣᠯ ᠪᠥᠬᠡ ᠶ᠋ᠢᠨ ᠰᠣᠶᠣᠯ ᠳ᠋ᠤ᠌ ᠠᠭᠤᠰᠤᠯᠴᠠᠨ᠂ ᠮᠣᠩᠭᠣᠯ ᠪᠥᠬᠡ ᠶ᠋ᠢᠨ ᠬᠦᠰᠡᠯ ᠲᠡᠮᠡᠦᠯᠦᠯ᠂ ᠬᠡᠢᠮᠣᠷᠢ ᠰᠦᠯᠳᠡ ᠶ᠋ᠢ ᠪᠡᠯᠭᠡᠳᠡᠭᠰᠡᠨ ᠵᠠᠩᠭᠢᠶ᠎ᠠ ᠶ᠋ᠢ ᠦᠭᠡᠢᠰᠬᠡᠨ᠎ᠡ ᠭᠡᠳᠡᠭ ᠵᠣᠷᠢᠭ ᠢ᠋ᠶ᠋ᠠᠷ ᠢ᠋ᠶ᠋ᠠᠨ ᠰᠠᠪᠠᠵᠤ᠂ ᠵᠢᠯᠣᠭᠣ ᠪᠠᠷ ᠢ᠋ᠶ᠋ᠠᠨ ᠭᠤᠶᠠᠳᠠᠮᠠᠷ ᠤᠴᠢᠷ ᠪᠢᠰᠢ᠃ ᠢᠯᠠᠩᠭᠤᠶ᠎ᠠ ᠳᠦᠷᠢᠮᠵᠢᠯ ᠦ᠋ᠨ ᠶᠠᠪᠤᠴᠠ ᠳ᠋ᠤ᠌ ᠮᠣᠩᠭᠣᠯ ᠪᠥᠬᠡ ᠶ᠋ᠢᠨ ᠲᠠᠷᠬᠠᠵᠤ ᠳᠡᠯᠭᠡᠷᠡᠭᠰᠡᠨ ᠨᠤᠲᠤᠭ ᠤᠰᠤ᠂ ᠪᠥᠬᠡᠴᠦᠳ ᠦ᠋ᠨ ᠬᠢᠨᠢ ᠠᠮᠵᠢᠯᠲᠠ ᠪᠦᠲᠦᠮᠵᠢ᠂ ᠦᠷ᠎ᠡ ᠨᠥᠯᠥᠭᠡ ᠪᠡᠷ ᠦᠵᠡᠭᠰᠡᠨ ᠴᠦ᠍ ᠰᠢᠯᠢ ᠶ᠋ᠢᠨ ᠭᠣᠣᠯ᠂ ᠤᠯᠠᠭᠠᠨᠬᠠᠳᠠ ᠶ᠋ᠢᠨ ᠪᠥᠬᠡᠴᠦᠳ ᠦ᠋ᠨ ᠡᠮᠦᠰᠬᠡᠯ ᠵᠡᠭᠦᠭᠡᠯ ᠢ᠋ᠶ᠋ᠡᠷ ᠪᠠᠷᠢᠮᠵᠢᠶᠠᠯᠠᠬᠤ ᠨᠢ ᠵᠦᠢᠲᠡᠢ᠃ ᠭᠡᠪᠡᠴᠦ᠂ ᠵᠠᠩᠭᠢᠶ᠎ᠠ ᠳ᠋ᠤ᠌ ᠳᠤᠲᠠᠭᠳᠠᠯ ᠦᠭᠡᠢ ᠪᠢᠰᠢ᠃ ᠪᠥᠬᠡᠴᠦᠳ ᠦ᠋ᠨ ᠠᠮᠵᠢᠯᠲᠠ ᠶ᠋ᠢ ᠢᠯᠭᠠᠪᠤᠷᠢ ᠲᠠᠢ ᠢᠯᠡᠷᠬᠡᠢᠯᠡᠵᠦ ᠴᠢᠳᠠᠬᠤ ᠦᠭᠡᠢ ᠨᠢ ᠵᠠᠩᠭᠢᠶ᠎ᠠ ᠶ᠋ᠢᠨ ᠳᠤᠲᠠᠭᠳᠠᠯ ᠭᠡᠯᠲᠡᠢ᠃ ᠨᠡᠩ ᠴᠦ᠍ ᠰᠡᠭᠦᠯ ᠦ᠋ᠨ ᠦᠶ᠎ᠡ ᠪᠡᠷ ᠪᠥᠬᠡᠴᠢᠨ ᠪᠣᠯᠭᠠᠨ ᠯᠠ ᠵᠠᠩᠭᠢᠶ᠎ᠠ ᠬᠡᠢᠰᠬᠡᠳᠡᠭ ᠪᠣᠯᠤᠭᠰᠠᠨ ᠢ᠋ᠶ᠋ᠠᠷ ᠡᠨᠡ ᠪᠠᠢᠳᠠᠯ ᠢ᠋ ᠤᠯᠠᠮ ᠪᠠᠯᠠᠷᠬᠠᠢᠰᠢᠭᠤᠯᠵᠤ ᠬᠠᠶᠠᠵᠠᠢ᠃ ᠬᠣᠢᠰᠢᠳᠠ ᠶᠠᠮᠠᠷ ᠵᠡᠷᠭᠡ ᠶ᠋ᠢᠨ ᠨᠠᠢᠷ ᠲᠤ᠌ ᠬᠡᠳᠦ ᠲᠡᠷᠢᠭᠦᠯᠡᠪᠡᠯ ᠵᠠᠩᠭᠢᠶ᠎ᠠ ᠵᠡᠭᠦᠵᠦ ᠪᠣᠯᠬᠤ᠂ ᠬᠣᠰᠢᠭᠤ᠂ ᠠᠢᠮᠠᠭ᠂ ᠣᠷᠣᠨ᠁ ᠤ᠋ ᠳᠡᠰ ᠦ᠋ᠨ ᠲᠣᠮᠣ ᠨᠠᠢᠷ ᠲᠤ᠌ ᠦᠵᠦᠯᠡᠪᠡᠯ ᠶᠠᠮᠠᠷ ᠵᠠᠩᠭᠢᠶ᠎ᠠ ᠲᠠᠢ ᠪᠣᠯᠬᠤ ᠵᠡᠷᠭᠡ ᠪᠡᠷ ᠲᠣᠳᠣᠷᠬᠠᠢ ᠪᠠᠷᠢᠮᠵᠢᠶ᠎ᠠ ᠭᠠᠷᠭᠠᠬᠤ ᠶ᠋ᠢᠨ ᠬᠠᠮᠲᠤ᠂ ᠪᠥᠬᠡ ᠶ᠋ᠢᠨ ᠴᠣᠯᠠ ᠥᠭᠬᠦ ᠶᠣᠰᠣᠨ ᠢ᠋ ᠰᠡᠷᠭᠦᠭᠡᠨ ᠨᠠᠴᠢᠨ᠂ ᠵᠠᠭᠠᠨ᠂ ᠠᠷᠰᠯᠠᠨ᠂ ᠠᠪᠤᠷᠭᠤ᠁ ᠭᠡᠬᠦᠴᠢᠯᠡᠨ ᠴᠣᠯᠠᠯᠠᠪᠠᠯ ᠮᠣᠩᠭᠣᠯ ᠪᠥᠬᠡ ᠶ᠋ᠢᠨ ᠢᠵᠠᠭᠤᠷ ᠵᠠᠩᠰᠢᠯ ᠤ᠋ᠨ ᠤᠯᠠᠮᠵᠢᠯᠠᠯ ᠢ᠋ ᠬᠠᠳᠠᠭᠠᠯᠠᠵᠤ ᠴᠢᠳᠠᠬᠤ ᠲᠡᠳᠦᠢ ᠦᠭᠡᠢ᠂ ᠮᠧᠳᠠᠯ ᠢ᠋ᠶ᠋ᠠᠷ ᠢᠯᠭᠠᠳᠠᠭ ᠦᠬᠦᠮᠡᠯ ᠵᠤᠷᠰᠢᠯ ᠠ᠋ᠴᠠ ᠣᠨᠴᠠᠯᠢᠬᠳᠠᠬᠤ ᠪᠣᠯᠤᠨ᠎ᠠ᠃ ᠳᠡᠯᠡᠬᠡᠢ ᠶ᠋ᠢᠨ ᠲᠡᠮᠡᠴᠡᠭᠡᠨ ᠳ᠋ᠦ᠍ ᠮᠧᠳᠠᠯ ᠢ᠋ᠶ᠋ᠠᠨ ᠵᠡᠭᠦᠭᠡᠳ ᠪᠠᠷᠢᠯᠳᠤᠳᠠᠭ ᠪᠥᠬᠡᠴᠢᠨ ᠦᠭᠡᠢ ᠪᠢᠵᠡ? ᠭᠡᠳᠡᠭ ᠢ᠋ᠶ᠋ᠡᠷ ᠮᠠᠨ ᠤ᠋ ᠬᠢᠨ ᠵᠠᠩᠭᠢᠶ᠎ᠠ ᠪᠠᠨ ᠦᠭᠡᠢᠰᠬᠡᠬᠦ ᠰᠢᠯᠲᠠᠭ ᠪᠣᠯᠭᠠᠳᠠᠭ᠃ ᠤᠷᠤᠯᠳᠤᠭᠠᠨ ᠳ᠋ᠤ᠌ ᠣᠯᠤᠭᠰᠠᠨ ᠪᠦᠲᠦᠮᠵᠢ ᠶ᠋ᠢᠨ ᠬᠢᠨᠢ ᠲᠡᠮᠳᠡᠭ ᠪᠣᠯᠤᠭᠰᠠᠨ ᠮᠧᠳᠠᠯ ᠢ᠋ ᠣᠯᠠᠨ ᠵᠠᠭᠤᠨ ᠵᠢᠯ ᠦ᠋ᠨ ᠰᠣᠶᠣᠯ ᠤ᠋ᠨ ᠤᠯᠠᠮᠵᠢᠯᠠᠯ ᠪᠣᠯᠤᠭᠰᠠᠨ ᠵᠠᠩᠭᠢᠶ᠎ᠠ ᠲᠠᠢ ᠢᠩᠭᠢᠵᠦ ᠡᠰᠷᠭᠦᠴᠡᠯᠳᠦᠭᠦᠯᠦᠨ ᠠᠳᠠᠯᠢᠳᠬᠠᠬᠤ ᠨᠢ ᠵᠣᠬᠢᠰ ᠦᠭᠡᠢ ᠶᠦᠮ᠃ ᠵᠠᠩᠭᠢᠶ᠎ᠠ ᠪᠣᠯ ᠪᠡᠯᠡᠭ ᠪᠢᠰᠢ᠂ ᠮᠧᠳᠠᠯ ᠴᠦ᠍ ᠪᠢᠰᠢ᠂ ᠲᠡᠷᠡ ᠪᠣᠯ ᠮᠣᠩᠭᠣᠯ ᠪᠥᠬᠡ ᠶ᠋ᠢᠨ ᠰᠣᠶᠣᠯ ᠤ᠋ᠨ ᠵᠠᠩᠰᠢᠯ ᠤ᠋ᠨ ᠢᠯᠡᠷᠬᠡᠢᠯᠡᠯ ᠶᠦᠮ᠃ ᠬᠠᠷᠢᠨ ᠵᠠᠩᠭᠢᠶ᠎ᠠ ᠶ᠋ᠢᠨ ᠲᠤᠬᠠᠢ ᠡᠭᠦᠰᠴᠦ ᠪᠠᠢᠭ᠎ᠠ ᠡᠳᠦᠢ ᠲᠡᠳᠦᠢ ᠠᠳᠠᠯᠢ ᠦᠭᠡᠢ ᠰᠠᠨᠠᠯ ᠨᠢ ᠮᠣᠩᠭᠣᠯ ᠪᠥᠬᠡ ᠪᠡᠨ ᠪᠢᠳᠡ ᠣᠷᠣᠨ ᠨᠤᠲᠤᠭ ᠤ᠋ᠨ ᠢ᠋ᠶ᠋ᠠᠨ ᠬᠡᠪᠴᠢᠶᠡᠨ ᠳ᠋ᠦ᠍ ᠴᠦ᠍ ᠳᠦᠷᠢᠮᠵᠢᠭᠦᠯᠵᠦ ᠴᠢᠳᠠᠭ᠎ᠠ ᠦᠭᠡᠢ ᠭᠡᠳᠡᠭ ᠢ᠋ ᠮᠠᠨᠢ ᠬᠠᠷᠠᠭᠤᠯᠬᠤ ᠪᠥᠭᠡᠳ ᠡᠨᠡ ᠮᠡᠲᠦ ᠶ᠋ᠢᠨ ᠳᠦᠷᠢᠮᠵᠢᠯ ᠦᠭᠡᠢ ᠪᠠᠢᠳᠠᠯ ᠳᠣᠣᠷ᠎ᠠ ᠶᠠᠭᠠᠬᠢᠵᠤ ᠳᠡᠯᠡᠬᠡᠢᠴᠢᠯᠡᠬᠦ ᠶᠦᠮ ᠪᠣᠢ? ᠭᠡᠳᠡᠭ ᠰᠢᠨᠠᠯᠭᠠᠯ ᠲᠠᠢ ᠠᠰᠠᠭᠤᠳᠠᠯ ᠲᠠᠯᠪᠢᠭᠳᠠᠵᠤ ᠪᠠᠢᠭ᠎ᠠ ᠰᠢᠦ ᠳᠡ᠃
    ᠭᠡᠬᠦ ᠳ᠋ᠡᠭᠡᠨ ᠳᠤᠯᠢᠶ᠎ᠠ  (ᠵᠢᠭᠢᠷᠢᠭ) ᠨᠢ ᠡᠪᠦᠳᠦᠭ ᠢᠰᠬᠦᠯᠬᠦ ᠵᠡᠷᠭᠡ ᠬᠠᠷᠠᠲᠠᠢ ᠮᠡᠬᠡ ᠶ᠋ᠢ ᠰᠡᠷᠭᠡᠢᠯᠡᠬᠦ ᠱᠠᠭᠠᠷᠳᠠᠯᠭ᠎ᠠ ᠪᠠᠷ ᠪᠣᠢ ᠪᠣᠯᠤᠭᠰᠠᠨ ᠪᠥᠭᠡᠳ ᠪᠥᠬᠡᠴᠦᠳ ᠦ᠋ᠨ ᠬᠢᠴᠡ ᠪᠠᠷᠢᠯᠳᠤᠭᠠᠨ ᠢ᠋ ᠴᠦ᠍ ᠨᠥᠯᠥᠭᠡᠯᠡᠳᠡᠭ᠃ ᠲᠡᠷᠡᠴᠢᠯᠡᠨ ᠪᠥᠬᠡᠴᠦᠳ ᠦ᠋ᠨ ᠠᠮᠵᠢᠯᠲᠠ ᠶ᠋ᠢ ᠢᠯᠡᠷᠬᠡᠢᠯᠡᠬᠦ ᠦᠭᠡᠢ᠂ ᠶᠠᠮᠠᠷ ᠨᠢᠭᠡ ᠪᠡᠯᠭᠡᠳᠡᠯ ᠰᠠᠨᠠᠭ᠎ᠠ ᠦᠭᠡᠢ᠂ ᠪᠣᠯᠪᠠᠰᠤᠨ ᠥᠷᠢᠰᠦᠯᠳᠦᠭᠡᠨ ᠦ᠌ ᠵᠣᠷᠢᠭ ᠰᠠᠨᠠᠭ᠎ᠠ ᠲᠠᠢ ᠨᠡᠢᠴᠡᠬᠦ ᠦᠭᠡᠢ᠂ ᠭᠣᠶᠣᠯᠠᠯ ᠤ᠋ᠨ ᠵᠣᠷᠢᠭᠤᠯᠤᠯᠲᠠ ᠪᠠᠷ ᠪᠠᠭ᠎ᠠ ᠪᠤᠶᠤ ᠵᠥᠪᠬᠡᠨ ᠪᠠᠭ᠎ᠠ ᠯᠠ ᠬᠡᠰᠡᠭ ᠨᠤᠲᠤᠭ ᠲᠤ ᠬᠡᠷᠡᠭᠯᠡᠨ᠂ ᠣᠨᠳᠣᠣ ᠨᠤᠲᠤᠭ ᠲᠤ ᠨᠥᠯᠥᠭᠡ ᠦᠭᠡᠢ᠂ ᠲᠦᠭᠡᠮᠡᠯᠵᠢᠬᠦ ᠶ᠋ᠢᠨ ᠠᠴᠢ ᠬᠣᠯᠪᠣᠭᠳᠠᠯ ᠦᠭᠡᠢ ᠵᠡᠷᠭᠡ ᠡᠴᠡ ᠪᠡᠨ ᠪᠣᠯᠤᠭᠠᠳ ᠳᠦᠷᠢᠮᠵᠢᠯ ᠦ᠋ᠨ ᠶᠠᠪᠤᠴᠠ ᠳ᠋ᠤ᠌ ᠣᠷᠬᠢᠭᠳᠠᠵᠤ ᠪᠣᠯᠤᠨ᠎ᠠ᠃
    ᠥᠨᠢ ᠡᠷᠲᠡᠨ ᠦ᠌ ᠤᠯᠠᠮᠵᠢᠯᠠᠯ ᠲᠠᠢ ᠮᠣᠩᠭᠣᠯ ᠪᠥᠬᠡ ᠨᠢ ᠳᠠᠭᠤᠤ ᠪᠥᠵᠢᠭ᠂ ᠣᠶᠣᠳᠠᠯ ᠦᠢᠯᠡ᠂ ᠤᠷ᠎ᠠ ᠳᠠᠷᠬ᠎ᠠ᠂ ᠰᠦᠵᠢᠭ ᠪᠢᠰᠢᠷᠡᠯ᠂ ᠶᠣᠰᠣ ᠵᠠᠩᠰᠢᠯ᠂ ᠪᠡᠶ᠎ᠡ ᠶ᠋ᠢᠨ ᠲᠠᠮᠢᠷ ᠤ᠋ᠨ ᠭᠡᠬᠦᠴᠢᠯᠡᠨ ᠬᠠᠮ ᠨᠡᠢᠳᠬᠡᠯ ᠰᠢᠨᠵᠢ ᠲᠡᠢ ᠪᠡᠷ ᠢ᠋ᠶ᠋ᠡᠨ ᠦᠨᠳᠦᠰᠦᠲᠡᠨ ᠦ᠌ ᠰᠣᠶᠣᠯ ᠤ᠋ᠨ ᠦᠨᠡᠲᠦ ᠥᠪ ᠪᠣᠯᠤᠭᠰᠠᠨ ᠪᠢᠯᠡ᠃ ᠪᠠᠰᠠ ᠴᠤ ᠨᠠᠰᠤ ᠰᠢᠲᠦ᠂ ᠦᠨᠳᠦᠰᠦᠲᠡᠨ ᠠᠷᠠᠰᠤᠲᠠᠨ ᠢᠯᠭᠠᠯ ᠦᠭᠡᠢ᠂ ᠪᠦᠬᠦ ᠠᠷᠠᠳ ᠢ᠋ᠶ᠋ᠠᠷ ᠢ᠋ᠶ᠋ᠠᠨ ᠣᠷᠣᠯᠴᠠᠵᠤ ᠪᠣᠯᠬᠤ ᠣᠯᠠᠨ ᠲᠦᠮᠡᠨᠴᠢ ᠴᠢᠨᠠᠷᠲᠠᠢ ᠪᠠᠷ ᠢ᠋ᠶ᠋ᠠᠨ《ᠪᠦᠬᠦ ᠠᠷᠠᠳ ᠢ᠋ᠶ᠋ᠠᠷ ᠢ᠋ᠶ᠋ᠠᠨ ᠴᠢᠭᠢᠷᠠᠭᠵᠢᠬᠤ》 ᠳᠤᠷᠠᠳᠤᠯᠭ᠎ᠠ ᠲᠠᠢ ᠨᠡᠢᠴᠡᠬᠦ ᠪᠥᠭᠡᠳ《ᠣᠷᠣᠯᠳᠣᠬᠤ ᠳ᠋ᠤ᠌ ᠪᠢᠰᠢ᠂ᠣᠷᠣᠯᠴᠠᠬᠤ ᠳ᠋ᠤ᠌ ᠪᠠᠢᠭ᠎ᠠ》 ᠤᠯᠢᠮᠫᠢᠺ ᠤ᠋ᠨ ᠵᠣᠷᠢᠭ ᠰᠠᠨᠠᠭ᠎ᠠ ᠲᠠᠢ ᠴᠤ᠌ ᠠᠷᠭ᠎ᠠ ᠦᠭᠡᠢ ᠲᠣᠬᠢᠷᠠᠯᠴᠠᠵᠤ ᠪᠠᠢᠭ᠎ᠠ ᠰᠠᠨ᠃ ᠱᠧᠨᠶᠠᠩ ᠤ᠋ᠨ ᠪᠡᠶ᠎ᠡ ᠶ᠋ᠢᠨ ᠲᠠᠮᠢᠷ ᠤ᠋ᠨ ᠳᠡᠭᠡᠳᠦ ᠰᠤᠷᠭᠠᠭᠤᠯᠢ ᠶ᠋ᠢᠨ ᠫᠷᠣᠹᠧᠰᠰᠣᠷ ᠯᠢᠦ ᠫᠧᠢ ᠳᠧ᠄《ᠮᠣᠩᠭᠣᠯ ᠪᠥᠬᠡ ᠨᠢ ᠲᠠᠯ᠎ᠠ ᠨᠤᠲᠤᠭ ᠲᠤ ᠲᠦᠭᠡᠮᠡᠯᠵᠢᠭᠰᠡᠨ ᠥᠷᠭᠡᠴᠡ ᠪᠠ ᠭᠦᠨᠴᠡ ᠪᠡᠷ ᠢ᠋ᠶ᠋ᠡᠨ ᠶᠠᠮᠠᠷᠪᠠ ᠨᠢᠭᠡᠨ ᠪᠡᠶ᠎ᠡ ᠲᠠᠮᠢᠷ ᠤ᠋ᠨ ᠵᠦᠢᠯ ᠡᠴᠡ ᠴᠦ᠍ ᠶᠡᠬᠡ ᠳᠠᠪᠠᠵᠠᠢ ᠭᠡᠳᠡᠭ ᠢ᠋ ᠪᠢ ᠰᠣᠴᠢᠰᠬᠢᠨ ᠣᠢᠯᠠᠭᠠᠯ᠎ᠠ᠁》 ᠭᠡᠵᠦ ᠶᠠᠷᠢᠭᠰᠠᠨ ᠪᠠᠢᠳᠠᠭ᠃ ᠨᠡᠭᠡᠷᠡᠨ᠂ ᠮᠢᠩᠭᠠᠨ ᠪᠥᠬᠡ ᠪᠠᠷᠢᠯᠳᠤᠭᠤᠯᠵᠤ᠂ ᠭᠠᠭᠴᠠ ᠪᠥᠬᠡ ᠦᠵᠦᠯᠡᠳᠡᠭ ᠨᠢᠵᠢᠭᠡᠷ ᠨᠠᠭᠠᠳᠤᠮ ᠬᠥᠬᠡ ᠮᠥᠩᠭᠥᠨ ᠲᠩᠷᠢ ᠶ᠋ᠢᠨ ᠳᠣᠣᠷ᠎ᠠ᠂ ᠬᠥᠷᠥᠰᠥᠲᠦ ᠠᠯᠲᠠᠨ ᠳᠡᠯᠡᠬᠡᠢ ᠳᠡᠭᠡᠷ᠎ᠡ ᠥᠭᠡᠷ᠎ᠡ ᠬᠠᠮᠢᠭ᠎ᠠ ᠪᠠᠢᠳᠠᠭ ᠪᠣᠯ? 
    ᠪᠥᠬᠡ ᠪᠡᠨ ᠳᠡᠯᠡᠬᠡᠢᠴᠢᠯᠡᠬᠦ ᠶ᠋ᠢᠨ ᠵᠣᠷᠢᠯᠭ᠎ᠠ ᠨᠢ᠂ ᠠᠷᠭᠠᠯᠠᠵᠤ ᠴᠠᠭᠠᠯᠠᠵᠤ ᠪᠠᠢᠭᠠᠳ ᠦᠨᠳᠦᠰᠲᠡᠨ ᠦ᠌ ᠪᠥᠬᠡ ᠪᠡᠨ ᠥᠭᠡᠷᠡᠴᠢᠯᠡᠨ ᠳᠡᠯᠡᠬᠡᠢ ᠶ᠋ᠢᠨ ᠪᠥᠬᠡ ᠲᠡᠢ ᠣᠢᠷᠠᠲᠤᠭᠤᠯᠵᠤ ᠪᠠᠢᠭᠠᠳ ᠣᠯᠠᠨ ᠤᠯᠤᠰ ᠤ᠋ᠨ ᠬᠡᠮᠵᠢᠶᠡᠨ ᠦ᠌ ᠲᠠᠮᠢᠷ ᠤ᠋ᠨ ᠬᠥᠳᠡᠯᠭᠡᠭᠡᠨ ᠪᠣᠯᠭᠠᠶ᠎ᠠ ᠭᠡᠰᠡᠨ ᠤᠴᠢᠷ ᠪᠢᠰᠢ᠃ ᠬᠠᠷᠢᠨ ᠥᠪᠡᠷ ᠦ᠋ᠨ ᠦᠨᠳᠦᠰᠦᠲᠡᠨ ᠦ᠌ ᠪᠡᠨ ᠪᠥᠬᠡ ᠶ᠋ᠢᠨ ᠰᠣᠶᠣᠯ ᠢ᠋ ᠤᠯᠠᠮᠵᠢᠯᠠᠯ ᠤ᠋ᠨ ᠬᠢᠨᠢ ᠪᠦᠷᠢᠨ ᠪᠦᠲᠦᠨ ᠬᠡᠪ ᠢ᠋ᠶ᠋ᠡᠷ ᠳᠡᠯᠡᠬᠡᠢ ᠶ᠋ᠢᠨ ᠪᠤᠰᠤᠳ ᠦᠨᠳᠦᠰᠦᠲᠡᠨ ᠳ᠋ᠦ᠍ ᠲᠠᠨᠢᠯᠴᠠᠭᠤᠯᠬᠤ᠂ ᠡᠭᠦᠨ ᠦ᠌ ᠤᠯᠠᠮ ᠢ᠋ᠶ᠋ᠠᠷ ᠮᠣᠩᠭᠣᠯ ᠰᠣᠶᠣᠯ ᠢ᠋ᠶ᠋ᠠᠨ ᠣᠢᠯᠠᠭᠠᠭᠤᠯᠬᠤ ᠬᠡᠳᠦ ᠶ᠋ᠢᠨ ᠵᠣᠷᠢᠭᠤᠯᠤᠯᠲᠠ ᠲᠠᠢ ᠪᠢᠯᠡ᠃ ᠥᠭᠡᠷ᠎ᠡ ᠪᠡᠷ ᠬᠡᠯᠡᠪᠡᠯ ᠪᠥᠬᠡ ᠪᠡᠨ ᠥᠭᠡᠷᠡᠴᠢᠯᠡᠨ ᠳᠡᠯᠡᠬᠡᠢ ᠶ᠋ᠢᠨ ᠰᠫᠣᠷᠲ ᠲᠤ ᠣᠷᠣᠭᠤᠯᠬᠤ ᠪᠢᠰᠢ᠂ ᠬᠠᠷᠢᠨ ᠮᠣᠩᠭᠣᠯ ᠪᠥᠬᠡ ᠶᠠᠮᠠᠷ ᠪᠠᠢᠳᠠᠭ ᠭᠡᠳᠡᠭ ᠢ᠋ ᠳᠡᠯᠡᠬᠡᠢ ᠨᠡᠢᠲᠡ ᠳ᠋ᠦ᠍ ᠲᠠᠨᠢᠭᠤᠯᠬᠤ ᠭᠡᠰᠡᠨ ᠬᠠᠷᠠᠭᠠᠰᠤ ᠠ᠋ᠴᠠ ᠣᠴᠢᠵᠤ ᠣᠢᠯᠠᠭᠠᠬᠤ ᠤᠴᠢᠷᠲᠠᠢ᠃ ᠢᠩᠭᠢᠬᠦ ᠳ᠋ᠦ᠍ ᠶᠠᠭᠤᠨ ᠤ᠋ ᠡᠮᠦᠨ᠎ᠡ ᠭᠦᠢᠴᠡᠳᠬᠡᠬᠦ ᠶᠣᠰᠣᠲᠠᠢ ᠠᠵᠢᠯ ᠪᠣᠯ ᠮᠣᠩᠭᠣᠯ ᠪᠥᠬᠡ ᠪᠡᠨ ᠨᠠᠷᠢᠨ ᠳᠦᠷᠡᠮᠵᠢᠭᠦᠯᠬᠦ ᠬᠡᠷᠡᠭᠲᠡᠢ᠃ ᠳᠥᠷᠡᠮᠵᠢᠭᠦᠯᠬᠦ ᠳ᠋ᠡᠭᠡᠨ ᠮᠣᠩᠭᠣᠯ ᠰᠣᠶᠣᠯ ᠤ᠋ᠨ ᠤᠯᠠᠮᠵᠢᠯᠠᠯ ᠠ᠋ᠴᠠ ᠡᠭᠦᠰᠴᠦ᠂ ᠮᠣᠩᠭᠣᠯ ᠪᠥᠬᠡ ᠶ᠋ᠢᠨ ᠬᠠᠮᠤᠭ ᠦᠨᠳᠦᠰᠦᠨ ᠣᠨᠴᠠᠯᠢᠭ ᠲᠤ ᠲᠣᠬᠢᠷᠠᠯᠴᠠᠭᠰᠠᠨ ᠳᠦᠷᠢᠮ ᠢ᠋ᠶ᠋ᠡᠷ ᠳᠦᠷᠢᠮᠵᠢᠭᠦᠯᠬᠦ ᠡᠴᠡ ᠪᠤᠰᠤ᠂ ᠰᠦᠮᠦᠦ ᠪᠤᠶᠤ ᠵᠢᠤᠳᠤᠤ ᠶ᠋ᠢᠨ ᠳᠦᠷᠢᠮ ᠳᠠᠭᠠᠤ ᠪᠡᠯᠡᠨᠴᠢᠯᠡᠨ ᠳᠦᠷᠢᠮᠵᠢᠭᠦᠯᠵᠦ ᠪᠣᠯᠬᠤ ᠦᠭᠡᠢ᠃ ᠣᠷᠴᠢᠮ ᠤ᠋ᠨ100 ᠵᠢᠯ ᠳ᠋ᠦ᠍ ᠮᠣᠩᠭᠣᠯ ᠪᠥᠬᠡ ᠳᠡᠯᠡᠬᠡᠢ ᠳ᠋ᠦ᠍ ᠵᠣᠳᠣᠭᠯᠠᠬᠤ ᠦᠭᠡᠢ ᠴᠦ᠍ ᠭᠡᠰᠡᠨ ᠮᠣᠩᠭᠣᠯ ᠨᠤᠲᠤᠭ ᠲᠠᠭᠠᠨ ᠲᠦᠭᠡᠮᠡᠯᠵᠢᠨ ᠳᠦᠷᠢᠮᠵᠢᠵᠦ᠂ ᠤᠯᠠᠮᠵᠢᠯᠠᠯ ᠢ᠋ᠶ᠋ᠠᠨ ᠪᠦᠷᠢᠨ ᠬᠠᠳᠠᠭᠠᠯᠠᠵᠤ ᠰᠡᠷᠭᠦᠭᠡᠵᠦ ᠪᠠᠢᠬᠤ ᠱᠠᠭᠠᠷᠳᠠᠯᠭ᠎ᠠ ᠨᠡᠩ ᠢᠯᠡᠭᠦᠦ ᠪᠠᠢᠨ᠎ᠠ᠃ ᠬᠡᠳᠦᠢ ᠦᠨᠳᠦᠰᠦᠲᠡᠨ ᠦ᠌ ᠬᠢ ᠪᠣᠯ ᠲᠡᠳᠦᠢ ᠳᠡᠯᠡᠬᠡᠢ ᠶ᠋ᠢᠨ ᠬᠢ ᠭᠡᠰᠡᠨ ᠣᠯᠢᠭ ᠪᠣᠯᠤᠭᠰᠠᠨ ᠶᠣᠰᠣ ᠶ᠋ᠢ ᠡᠨᠳᠡ ᠨᠤᠷᠰᠢᠬᠤ ᠳ᠋ᠤ᠌ ᠢᠯᠡᠭᠦᠳᠬᠦ ᠦᠭᠡᠢ᠃
    ᠤᠴᠢᠷ ᠨᠢ ᠪᠥᠬᠡ ᠪᠣᠯ ᠲᠡᠮᠡᠴᠡᠭᠡᠨ ᠮᠥᠷᠡᠢᠴᠡᠭᠡᠨ ᠯᠡ ᠪᠢᠰᠢ᠂ ᠲᠡᠷᠡ ᠪᠣᠯ ᠰᠣᠶᠣᠯ ᠶᠤᠮ᠃
    ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠦ᠌ ᠭᠠᠩ1995 ᠣᠨ ᠳ᠋ᠤ᠌ ᠨᠡᠢᠲᠡᠯᠡᠭᠰᠡᠨ ᠥᠭᠦᠯᠡᠯ ᠳ᠋ᠡᠭᠡᠨ᠄《᠁ ᠣᠳᠣ ᠦᠶ᠎ᠡ ᠶ᠋ᠢᠨ ᠰᠢᠯᠢᠳᠡᠭ ᠪᠡᠶ᠎ᠡ ᠲᠠᠮᠢᠷ ᠤ᠋ᠨ ᠤᠭ ᠶᠣᠰᠣ ᠭᠡᠳᠡᠭ ᠥᠨᠥᠬᠢ ᠶᠡᠷᠦᠮᠳᠡᠭ ᠵᠤᠷᠰᠢᠯ ᠤ᠋ᠨ ᠪᠠᠯᠠᠷᠬᠠᠢ ᠬᠠᠷᠠᠴᠠ ᠪᠠᠷ ᠲᠡᠳᠡᠭᠡᠷ ᠬᠠᠶᠠᠭᠳᠠᠭᠰᠠᠨ ᠵᠦᠢᠯ ᠢ᠋ ᠨᠢ ᠡᠷᠬᠢᠮ ᠪᠣᠯᠭᠠᠨ᠂ ᠨᠠᠷᠢᠰᠤᠭᠰᠠᠨ ᠵᠦᠢᠯ ᠢ᠋ ᠨᠢ ᠵᠢᠮᠡᠯᠡᠬᠦ ᠪᠣᠯ ᠴᠣᠬᠣᠮ ᠰᠠᠢᠨ ᠮᠠᠭᠤ ᠶ᠋ᠢ ᠴᠦ᠍ ᠮᠠᠲᠠᠯ ᠦᠭᠡᠢ ᠳᠡᠮᠡᠢ ᠪᠠᠯᠠᠢ ᠬᠤᠳᠬᠤᠵᠤ ᠪᠠᠢᠭ᠎ᠠ ᠬᠡᠷᠡᠭ᠃ ᠡᠢᠮᠦ ᠡᠴᠡ ᠮᠣᠩᠭᠣᠯ ᠪᠥᠬᠡ ᠪᠡᠨ ᠣᠯᠢᠮᠫᠢᠺ ᠲᠤ᠌ ᠣᠢᠷᠠᠲᠤᠭᠤᠯᠤᠶ᠎ᠠ ᠭᠡᠪᠡᠯ ᠴᠣᠬᠣᠮ ᠣᠯᠢᠮᠫᠢᠺ ᠤ᠋ᠨ ᠬᠢᠨ ᠦ᠌ ᠲᠡᠷᠡ ᠬᠦ᠌ ᠤᠷᠤᠯᠳᠤᠭᠠᠨ ᠤ᠋ ᠵᠦᠢᠯ ᠢ᠋ᠶ᠋ᠡᠨ ᠰᠢᠯᠢᠨ ᠲᠣᠭᠲᠠᠭᠠᠬᠤ ᠳ᠋ᠠᠭᠠᠨ ᠵᠠᠷᠢᠮ ᠲᠠᠯ᠎ᠠ ᠪᠠᠷ ᠴᠢᠭᠯᠡᠯ ᠢ᠋ᠶ᠋ᠡᠨ ᠠᠯᠳᠠᠵᠤ ᠪᠠᠢᠭ᠎ᠠ ᠶ᠋ᠢ ᠬᠠᠷᠢᠭᠤᠴᠠᠯᠭ᠎ᠠ ᠲᠠᠢ ᠪᠠᠷ ᠰᠠᠨᠠᠭᠤᠯᠤᠨ ᠮᠡᠳᠡᠷᠡᠭᠦᠯᠦᠭᠰᠡᠨ ᠨᠢ ᠳᠡᠭᠡᠷ᠎ᠡ᠃ ᠬᠠᠷᠢᠨ ᠮᠣᠩᠭᠣᠯ ᠪᠥᠬᠡ ᠤ᠋ ᠳᠦᠷᠢᠮ ᠲᠡᠢ ᠨᠣᠴᠣᠯᠳᠤᠨ ᠦᠢᠯᠡ ᠪᠡᠨ ᠪᠠᠷᠠᠭᠰᠠᠨ ᠤ᠋ ᠬᠡᠷᠡᠭ ᠶᠡᠷᠦ ᠨᠢ ᠠᠯᠠᠭ᠎ᠠ》 ᠭᠡᠵᠦ ᠪᠢᠴᠢᠵᠡᠢ᠃
     ᠨᠢᠭᠡᠨᠲᠡ ᠲᠦᠭᠡᠮᠡᠯᠵᠢᠭᠰᠡᠨ ᠪᠥᠬᠡ ᠨᠢ ᠮᠣᠩᠭᠣᠯ ᠪᠥᠬᠡ ᠡᠴᠡ ᠳᠦᠷᠢᠮ ᠦ᠋ᠨ ᠬᠤᠪᠢ ᠳ᠋ᠤ᠌ ᠳᠠᠪᠰᠢᠩᠭᠤᠢ ᠳ᠋ᠠᠭᠠᠨ ᠪᠢᠰᠢ ᠬᠠᠷᠢᠨ ᠬᠡᠴᠢᠨᠡᠨ ᠵᠠᠭᠤᠨ ᠵᠢᠯ ᠢ᠋ᠶ᠋ᠡᠷ᠂ ᠬᠡᠳᠦᠨ ᠦᠶ᠎ᠡ ᠶ᠋ᠢᠨ ᠬᠥᠮᠦᠨ ᠦ᠌ ᠬᠦᠴᠦ ᠵᠢᠳᠬᠦᠯ᠂ ᠡᠳ᠋ ᠦ᠋ᠨ ᠪᠠ ᠣᠶᠤᠨ ᠤ᠋ ᠴᠢᠷᠮᠠᠢᠯᠭ᠎ᠠ᠂ ᠤᠬᠠᠭᠤᠯᠭ᠎ᠠ ᠰᠤᠷᠲᠠᠯᠴᠢᠯᠠᠭ᠎ᠠ ᠶ᠋ᠢᠨ ᠢᠳᠡ ᠪᠡᠷ ᠠᠭᠠᠵᠢᠮ ᠠᠭᠠᠵᠢᠮ ᠢ᠋ᠶ᠋ᠠᠷ ᠳᠦᠷᠢᠮᠵᠢᠨ ᠲᠦᠭᠡᠮᠡᠯᠵᠢᠭᠰᠡᠨ ᠪᠠᠢᠳᠠᠭ᠃ ᠮᠣᠩᠭᠣᠯ ᠪᠥᠬᠡ ᠪᠡᠨ ᠪᠢᠳᠡ ᠣᠷᠴᠢᠮ ᠤ᠋ᠨ ᠬᠡᠳᠦᠨ ᠵᠠᠭᠤᠨ ᠵᠢᠯ ᠦ᠋ᠨ ᠲᠤᠷᠰᠢ ᠬᠡᠳᠦᠢ ᠬᠡᠮᠵᠢᠶ᠎ᠡ ᠪᠡᠷ ᠬᠡᠴᠢᠨᠡᠨ ᠬᠥᠮᠦᠨ ᠶᠠᠭᠠᠬᠢᠵᠤ ᠤᠬᠠᠭᠤᠯᠤᠭᠰᠠᠨ ᠪᠣᠢ? ᠡᠨᠡ ᠲᠠᠯ᠎ᠠ ᠪᠠᠷ ᠬᠢᠭᠰᠡᠨ ᠪᠢᠳᠡᠨ ᠦ᠌ ᠠᠵᠢᠯ ᠴᠢᠮᠠᠯᠠᠮᠠᠷ ᠪᠠᠭ᠎ᠠ ᠪᠢᠰᠢ ᠭᠡᠵᠦ ᠤᠤ? ᠵᠢᠤᠳᠤᠤ ᠪᠥᠬᠡ ᠳᠡᠯᠡᠬᠡᠢ ᠳ᠋ᠦ᠍ ᠲᠠᠨᠢᠭᠳᠠᠬᠤ ᠳ᠋ᠤ᠌ 800 ᠵᠠᠭᠤᠨ ᠵᠢᠯ ᠦ᠋ᠨ ᠴᠢᠷᠮᠠᠢᠯᠭ᠎ᠠ ᠳᠠᠮᠵᠢᠭᠰᠠᠨ ᠰᠢᠦ ᠳᠡ ᠭᠡᠵᠦ ᠪᠣᠳᠣᠭᠠᠴᠢ! ᠲᠡᠭᠡᠬᠦᠯᠡᠷ ᠦᠨᠳᠦᠰᠦᠲᠡᠨ ᠦ᠌ ᠰᠣᠶᠣᠯ ᠤ᠋ᠨ ᠠᠯᠢ ᠣᠯᠠᠨ ᠵᠦᠢᠯ ᠠᠭᠤᠰᠤᠨ ᠪᠠᠯᠠᠷᠠᠵᠤ᠂ ᠣᠭᠣᠷᠤᠭᠳᠠᠨ ᠭᠡᠭᠡᠭᠳᠡᠵᠦ ᠪᠠᠢᠭ᠎ᠠ ᠴᠥᠪ ᠦ᠋ᠨ ᠴᠠᠭ ᠰᠢᠭ᠋ ᠬᠠᠲᠠᠭᠤ ᠥᠷᠢᠰᠦᠯᠳᠦᠭᠡᠨ ᠲᠡᠢ ᠦᠶ᠎ᠡ ᠳ᠋ᠦ᠍᠂ ᠳᠡᠭᠡᠳᠦᠰ ᠡᠴᠡ ᠤᠯᠠᠮᠵᠢᠯᠠᠭᠰᠠᠨ ᠪᠥᠬᠡ ᠶ᠋ᠢᠨ ᠰᠣᠶᠣᠯ ᠢ᠋ᠶ᠋ᠠᠨ ᠬᠢᠮᠠᠭᠠᠳᠠᠨ ᠬᠥᠭᠵᠢᠭᠦᠯᠵᠦ᠂ ᠣᠪᠣᠭ᠎ᠠ ᠱᠠᠩᠰᠢ ᠪᠠᠨ ᠳᠠᠬᠢᠵᠤ᠂ ᠮᠢᠩᠭᠠᠨ ᠪᠥᠬᠡ ᠪᠡᠨ ᠳᠡᠪᠢᠭᠦᠯᠵᠦ᠂ ᠤᠷᠢᠶ᠎ᠠ ᠴᠣᠯᠠ ᠪᠠᠨ ᠳᠠᠭᠤᠳᠠᠵᠤ ᠪᠠᠢᠬᠤ ᠪᠠᠨ ᠶᠠᠭᠠᠬᠢᠯ᠎ᠠ? ᠮᠣᠩᠭᠣᠯᠴᠤᠳ ᠤ᠋ᠨ ᠡᠷ᠎ᠡ ᠬᠦᠴᠦᠨ᠂ ᠣᠢ ᠤᠬᠠᠭᠠᠨ᠂ ᠪᠠᠭᠠᠲᠤᠷ ᠵᠣᠷᠢᠭ ᠤ᠋ᠨ ᠵᠢᠷᠦᠬᠡᠨ ᠳᠠᠰᠬᠠᠯ ᠪᠣᠯᠤᠭᠰᠠᠨ ᠮᠣᠩᠭᠣᠯ ᠪᠥᠬᠡ ᠪᠡᠨ ᠲᠡᠷᠡ ᠴᠢᠭ ᠢ᠋ᠶ᠋ᠡᠷ ᠨᠢ ᠠᠪᠴᠤ ᠶᠠᠪᠤᠵᠤ ᠴᠢᠳᠠᠭᠰᠠᠨ ᠡᠰᠡᠬᠦ ᠪᠡᠷ ᠢ᠋ᠶ᠋ᠡᠨ ᠳᠡᠯᠡᠬᠡᠢ ᠶ᠋ᠢᠨ ᠳᠡᠪᠵᠢᠶᠡᠨ ᠳ᠋ᠦ᠍ ᠳᠡᠪᠢᠵᠦ ᠶᠠᠪᠤᠬᠤ ᠰᠠᠢᠬᠠᠨ ᠲᠡᠮᠡᠦᠯᠦᠯ ᠪᠡᠶᠡᠯᠡᠭᠳᠡᠵᠦ ᠴᠢᠳᠠᠨ᠎ᠠ᠃
    ᠮᠣᠩᠭᠣᠯ ᠬᠥᠮᠦᠨ ᠳᠡᠯᠡᠬᠡᠢ ᠳ᠋ᠦ᠍ ᠪᠠᠢᠯᠳᠤᠵᠤ ᠶᠠᠪᠤᠭᠰᠠᠨ ᠲᠡᠷᠡ ᠴᠠᠭ ᠠ᠋ᠴᠠ ᠬᠣᠢᠰᠢ 800 ᠵᠢᠯ ᠦ᠋ᠨ ᠳᠠᠷᠠᠭᠠᠬᠢ ᠥᠨᠥᠳᠥᠷ ᠮᠣᠩᠭᠣᠯ ᠪᠥᠬᠡ ᠪᠡᠨ ᠳᠡᠯᠡᠬᠡᠢ ᠳ᠋ᠦ᠍ ᠪᠠᠷᠢᠯᠳᠤᠭᠤᠯᠬᠤ ᠡᠷᠬᠢᠮ ᠰᠠᠢᠬᠠᠨ ᠰᠠᠨᠠᠭᠠᠴᠢᠯᠠᠭ᠎ᠠ ᠳᠤᠷᠠᠳᠤᠭᠳᠠᠵᠤ ᠪᠠᠢᠭ᠎ᠠ ᠳ᠋ᠤ᠌ ᠪᠠᠶᠠᠷᠯᠠᠬᠤ ᠶᠣᠰᠣᠲᠠᠢ ᠪᠥᠭᠡᠳ ᠣᠯᠢᠮᠫᠢᠺ ᠲᠤ᠌ ᠮᠣᠩᠭᠣᠯ ᠪᠥᠬᠡ ᠪᠠᠷᠢᠯᠳᠤᠭᠤᠯᠪᠠᠯ ᠮᠣᠩᠭᠣᠯ ᠬᠥᠮᠦᠨ ᠦᠵᠦᠯᠡᠨ᠎ᠡ ᠭᠡᠳᠡᠭ ᠰᠠᠢᠬᠠᠨ ᠵᠥᠩᠨᠡᠯ ᠪᠡᠶᠡᠯᠡᠭᠳᠡᠬᠦ ᠶ᠋ᠢᠨ ᠢᠷᠦᠭᠡᠯ ᠲᠠᠯᠪᠢᠶ᠎ᠠ! ᠪᠥᠬᠡ ᠶ᠋ᠢᠨ ᠬᠡᠢᠮᠣᠷᠢ ᠳᠡᠭᠵᠢᠲᠦᠭᠡᠢ!

① ᠡᠨᠡ ᠵᠣᠬᠢᠶᠠᠯ《ᠤᠷᠤᠭ ᠭᠡᠷ ᠪᠦᠯᠢ ᠨᠡᠢᠭᠡᠮ》 ᠰᠡᠳᠬᠦᠯ ᠦ᠋ᠨ2003 ᠣᠨ ᠤ᠋4 ᠳ᠋ᠦ᠍ᠭᠡᠷ ᠬᠤᠭᠤᠴᠠᠭ᠎ᠠ ᠳ᠋ᠤ᠌ ᠨᠡᠢᠲᠡᠯᠡᠭᠳᠡᠭᠰᠡᠨ ᠪᠠᠢᠵᠠᠢ᠃ 

   ᠦᠰᠦᠭ ᠠᠮᠢᠯᠠᠭᠤᠯᠤᠭᠴᠢ᠄ ᠱᠠᠭᠰᠠᠯ᠂ ᠰᠤᠳᠤᠯᠲᠤ᠂ ᠨᠡᠭᠦᠳᠡᠯ᠂ ᠪᠠᠯ᠂ ᠪᠠᠳᠮ᠎ᠠ᠂ ᠣᠳᠬᠠᠨᠰᠣ᠎ᠠ᠂ ᠪᠠᠶᠠᠨᠴᠡᠴᠡᠭ᠂ ᠤᠰᠬᠠᠯ᠂ ᠡᠷᠳᠡᠨᠢᠭᠤᠸ᠎ᠠ 
   ᠬᠢᠨᠠᠭᠴᠢ᠄ ᠣᠳᠬᠠᠨᠰᠣ᠎ᠠ᠂ ᠪᠠᠯ᠂ ᠰᠡᠬᠡᠭᠡᠷᠡᠯ᠂ ᠭᠠᠷᠮ᠎ᠠ