ᠬᠤᠯᠤᠭᠠᠨ᠎ᠠ ᠶ᠋ᠢᠨ ᠵᠤᠯᠵᠠᠭ᠎ᠠ ᠵᠤᠭᠠᠯᠠᠭᠰᠠᠨ ᠨᠢХулганын зулзага зугаалсан ньKhulganyn zulzaga zugaalsan ni ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠯᠤᠭᠠᠨ᠎ᠠ ᠶ᠋ᠢᠨ ᠵᠤᠯᠵᠠᠭ᠎ᠠ ᠵᠤᠭᠠᠯᠠᠭᠰᠠᠨ ᠨᠢХулганын зулзага зугаалсан ньKhulganyn zulzaga zugaalsan ni

ᠬᠤᠯᠤᠭᠠᠨ᠎ᠠ ᠶ᠋ᠢᠨ ᠵᠤᠯᠵᠠᠭ᠎ᠠ ᠵᠤᠭᠠᠯᠠᠭᠰᠠᠨ ᠨᠢХулганын зулзага зугаалсан ньKhulganyn zulzaga zugaalsan ni

ᠠᠩᠭᠢᠯᠠᠯ:ᠳᠣᠮᠣᠭ ᠦᠯᠢᠭᠡᠷ
2024-08-12

832

ᠬᠤᠯᠤᠭᠠᠨ᠎ᠠ ᠶ᠋ᠢᠨ ᠵᠤᠯᠵᠠᠭ᠎ᠠ ᠵᠤᠭᠠᠯᠠᠭᠰᠠᠨ ᠨᠢ

   ᠳᠠᠭᠤᠨ ᠤ᠋ ᠢᠨᠵᠧᠨᠧᠷ᠄ ᠪᠠᠶᠠᠰᠬᠤᠯᠠᠩᠲᠡᠬᠦᠰ 
   ᠵᠢᠷᠤᠭᠠᠴᠢ᠄ ᠭ· ᠲᠥᠷᠦᠪᠠᠲᠤ 
   ᠦᠯᠢᠭᠡᠷ ᠤᠩᠰᠢᠭᠰᠠᠨ ᠵᠥᠴᠥᠭᠡᠴᠢᠳ᠄ ᠴ· ᠮᠥᠩᠬᠡᠨᠠᠰᠤᠨ᠂ ᠴ· ᠲᠤᠩᠭᠠᠮ᠎ᠠ 

    ᠨᠢᠭᠡᠨ ᠬᠤᠯᠤᠭᠠᠨ᠎ᠠ ᠶ᠋ᠢᠨ ᠵᠤᠯᠵᠠᠭ᠎ᠠ ᠵᠤᠭᠠᠯᠠᠬᠤ ᠪᠠᠷ ᠭᠠᠳᠠᠭᠰᠢ ᠭᠠᠷᠴᠠᠢ᠃ ᠲᠡᠷᠡ ᠡᠳᠦᠷᠵᠢᠨ ᠶᠠᠪᠤᠵᠤ ᠶᠠᠪᠤᠵᠤ ᠶᠠᠪᠤᠵᠤ ᠡᠵᠢ ᠳ᠋ᠦ᠍ ᠪᠡᠨ ᠡᠷᠭᠢᠵᠦ ᠢᠷᠡᠭᠡᠳ ᠢᠩᠭᠢᠵᠦ ᠬᠡᠯᠡᠵᠡᠢ ᠭᠡᠨ᠎ᠡ᠃《ᠡᠵᠢ ᠠ᠋᠂ ᠪᠢ ᠥᠨᠥᠳᠥᠷ ᠬᠣᠶᠠᠷ ᠠᠷᠢᠶᠠᠲᠠᠨ ᠲᠠᠢ ᠤᠴᠠᠷᠠᠯ᠎ᠠ᠃》 ᠭᠡᠰᠡᠨ ᠳ᠋ᠦ᠍ ᠡᠵᠢ ᠨᠢ《ᠵᠠ᠂ ᠶᠠᠮᠠᠷ ᠬᠣᠶᠠᠷ ᠠᠷᠢᠶᠠᠲᠠᠨ ᠲᠠᠢ ᠤᠴᠠᠷᠠᠪᠠ? ᠶᠠᠷᠢ᠂ ᠶᠠᠷᠢ ᠮᠢᠨᠦ ᠬᠦᠦ 》 ᠭᠡᠪᠡ᠃《ᠨᠢᠭᠡ ᠨᠢ ᠶᠣᠰᠣᠲᠠᠢ ᠶᠡᠬᠡ ᠠᠶᠤᠮᠠᠷ ᠠ᠋᠃ ᠲᠣᠯᠣᠭᠠᠢ ᠳᠡᠭᠡᠷ᠎ᠡ ᠪᠡᠨ ᠲᠣᠮᠣ ᠭᠡᠭᠴᠢ ᠤᠯᠠᠭᠠᠨ ᠶᠠᠭᠤᠮ᠎ᠠ ᠲᠠᠢ᠂ ᠬᠣᠰᠢᠭᠤ ᠨᠢ ᠮᠠᠬᠢᠷ ᠬᠠᠷ᠎ᠠ ᠳᠡᠭᠡᠭᠡ ᠰᠢᠭ᠂ ᠬᠥᠯ ᠨᠢ ᠰᠠᠷᠪᠠᠭᠠᠷ ᠲᠣᠮᠣ ᠬᠠᠷ᠎ᠠ᠃ ᠨᠠᠮ᠎ᠠ ᠶ᠋ᠢ ᠳᠡᠷᠭᠡᠳᠡᠭᠦᠷ ᠨᠢ ᠥᠩᠭᠡᠷᠡᠭᠰᠡᠨ ᠴᠢᠨᠢ ᠪᠠᠢᠨ᠎ᠠ ᠤᠤ? ᠬᠥᠯ ᠢ᠋ᠶ᠋ᠡᠨ ᠡᠷᠭᠦᠭᠡᠳ〈ᠭᠣᠭ᠁ ᠭᠣᠭ᠁〉ᠭᠡᠳ ᠳᠤᠤᠭᠠᠷᠤᠭᠠᠳ ᠪᠠᠢᠨ᠎ᠠ ᠯᠠ 》᠃《ᠠᠢ ᠳᠠ! ᠦᠷ᠎ᠡ ᠮᠢᠨᠢ ᠳᠡ᠂ ᠬᠠ᠁ ᠬᠠ᠁ ᠲᠡᠭᠦᠨ ᠳ᠋ᠦ᠍ ᠠᠶᠤᠮᠠᠷ ᠶᠠᠪᠤᠳᠠᠯ ᠪᠠᠢᠬᠤ ᠦᠭᠡᠢ᠃ ᠡᠷ᠎ᠡ ᠲᠠᠬᠢᠶ᠎ᠠ ᠭᠡᠳᠡᠭ ᠪᠠᠢᠬᠤ ᠦᠭᠡᠢ ᠤᠤ ᠳᠠ! ᠨᠥᠭᠦᠭᠡ ᠬᠢᠨᠢ ᠶᠠᠮᠠᠷ ᠠᠮᠢᠲᠠᠨ ᠪᠣᠢ? ᠶᠠᠷᠢ᠂ ᠶᠠᠷᠢ ! ᠮᠢᠨᠦ ᠬᠦᠦ᠃ ᠬᠢ᠁ ᠬᠢ᠁ 》《ᠨᠥᠭᠦᠭᠡ ᠬᠢᠨᠢ ᠶᠣᠰᠣᠲᠠᠢ ᠶᠡᠬᠡ ᠬᠥᠭᠡᠷᠦᠬᠦᠨ᠂ ᠭᠠᠳᠠᠭ᠎ᠠ ᠬᠠᠰᠢᠶᠠᠨ ᠤ᠋ ᠪᠠᠨᠵᠠᠨ ᠳᠡᠭᠡᠷ᠎ᠡ ᠨᠠᠷᠠᠯᠠᠭᠠᠳ ᠤᠨᠲᠠᠵᠤ ᠪᠠᠢᠨ᠎ᠠ ᠳᠠ᠃ ᠬᠦᠵᠦᠭᠦᠦ ᠨᠢ ᠴᠠᠭᠠᠨ᠂ ᠴᠡᠭᠡᠵᠢ ᠨᠢ ᠬᠦᠷᠵᠢᠭᠢᠨᠡᠵᠦ ᠳᠤᠤᠭᠠᠷᠤᠭᠠᠳ᠂ ᠰᠡᠭᠦᠯ ᠢ᠋ᠶ᠋ᠡᠨ ᠬᠠᠶᠠ ᠮᠡᠳᠡᠭ᠂ ᠮᠡᠳᠡᠭ ᠭᠡᠵᠦ ᠬᠥᠳᠡᠯᠭᠡᠭᠡᠳ ᠬᠢ᠁ ᠬᠢ ᠁ ᠨᠠᠮ᠎ᠠ ᠶ᠋ᠢ ᠳᠡᠷᠭᠡᠳᠡᠭᠦᠷ ᠨᠢ ᠥᠩᠭᠡᠷᠡᠭᠰᠡᠨ ᠴᠢᠨᠢ ᠮᠢᠶᠣᠤ᠁ ᠮᠢᠶᠣᠤ᠁ ᠭᠡᠳ ᠳᠤᠤᠭᠠᠷᠤᠭᠠᠳ ᠪᠠᠢᠳᠠᠭ ᠶᠤᠮ᠃ ᠬᠢ᠁ ᠬᠢ᠁ 》《ᠠᠢ ᠳᠠ! ᠦᠷ᠎ᠡ ᠮᠢᠨᠢ ᠳᠡ᠂ ᠦᠭᠡᠢ᠂ ᠴᠢ ᠴᠢᠨᠢ ᠶᠠᠮᠠᠷ ᠭᠡᠨᠡᠨ ᠲᠣᠮᠣᠭ᠎ᠠ ᠦᠭᠡᠢ ᠶᠦᠮ ᠪᠣᠢ? ᠲᠡᠷᠡ ᠴᠢᠨᠢ ᠨᠥᠭᠦᠭᠡ ᠪᠢᠳᠡᠨ ᠦ᠌ ᠳᠠᠢᠰᠤᠨ ᠭᠠᠢᠬᠠᠯᠳᠤ ᠮᠤᠤᠷ ᠴᠢᠨᠢ ᠪᠠᠢᠬᠤ ᠦᠭᠡᠢ ᠤᠤ?》 ᠭᠡᠵᠡᠢ ᠭᠡᠨ᠎ᠡ ᠃
※ ᠬᠡᠦᠬᠡᠳ ᠠ᠋᠂ ᠬᠠᠷᠠᠬᠤ ᠳ᠋ᠤ᠌ ᠠᠶᠤᠮᠠᠷ ᠬᠠᠨᠢᠯᠠᠵᠤ ᠨᠠᠢᠵᠠᠯᠠᠬᠤ ᠳ᠋ᠤ᠌ ᠨᠥᠬᠥᠷ ᠪᠣᠯᠵᠤ ᠪᠣᠯᠳᠠᠭ ᠪᠣᠯ ᠬᠠᠷᠠᠬᠤ ᠳ᠋ᠤ᠌ ᠬᠥᠭᠵᠢᠯᠲᠡᠢ ᠴᠤ᠌ ᠭᠡᠰᠡᠨ ᠬᠠᠯᠠᠭᠠᠲᠠᠢ ᠨᠥᠬᠥᠷ ᠪᠠᠢᠳᠠᠭ ᠶᠤᠮ ᠪᠠᠢᠨ᠎ᠠ ᠳᠠ᠃
※ ᠰᠣᠶᠣᠯ ᠤ᠋ᠨ ᠶᠠᠮᠤ
ᠴᠠᠬᠢᠮ ᠣᠷᠴᠢᠨ ᠳ᠋ᠤ᠌ ᠰᠣᠶᠣᠯ ᠲᠦᠭᠡᠭᠡᠶ᠎ᠡ
   ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
   ᠦᠰᠦᠭ ᠬᠢᠨᠠᠭᠴᠢ᠄ ᠭᠠᠸᠠ᠂ ᠳᠡᠯᠭᠡᠷ