ᠪᠢᠴᠢᠬᠠᠨ ᠰᠠᠮᠵᠠ ᠡᠷᠳᠡᠮ ᠰᠤᠷᠤᠭᠰᠠᠨ ᠨᠢБяцхан самж эрдэм сорсон ньByatskhan samj erdem sorson ni
ᠪᠢᠴᠢᠬᠠᠨ ᠰᠠᠮᠵᠠ ᠡᠷᠳᠡᠮ ᠰᠤᠷᠤᠭᠰᠠᠨ ᠨᠢ
ᠤᠯᠠᠭᠠᠨ ᠳᠠᠪᠠᠭ᠎ᠠ ᠶ᠋ᠢᠨ ᠪᠤᠷᠭᠠᠰᠤᠨ ᠳᠣᠲᠣᠷ᠎ᠠ ᠣᠯᠠᠨ ᠠᠮᠢᠲᠠᠨ ᠠᠮᠢᠳᠤᠷᠠᠵᠤ ᠪᠠᠢᠵᠠᠢ᠃
ᠨᠢᠭᠡᠨ ᠡᠳᠦᠷ ᠪᠢᠴᠢᠬᠠᠨ ᠰᠠᠮᠵᠠ ᠨᠠᠭᠠᠳᠤᠨ ᠭᠦᠶᠦᠭᠰᠡᠭᠡᠷ ᠪᠠᠢᠭᠠᠳ ᠮᠤᠤᠷ ᠤ᠋ᠨ ᠵᠤᠯᠵᠠᠭ᠎ᠠ ᠬᠤᠯᠤᠭᠠᠨ᠎ᠠ ᠪᠠᠷᠢᠵᠤ ᠨᠠᠭᠠᠳᠴᠤ ᠪᠠᠢᠬᠤ ᠲᠠᠢ ᠲᠠᠭᠠᠷᠠᠯᠳᠤᠪᠠ᠃ ᠲᠡᠭᠡᠭᠡᠳ ᠲᠡᠷᠡ ᠮᠤᠤᠷ ᠤ᠋ᠨ ᠵᠤᠯᠵᠠᠭ᠎ᠠ ᠶ᠋ᠢᠨ ᠬᠤᠯᠤᠭᠠᠨ᠎ᠠ ᠪᠠᠷᠢᠬᠤ ᠮᠡᠷᠭᠡᠵᠢᠯ ᠢ᠋ ᠲᠤᠩ ᠪᠢᠰᠢᠷᠡᠵᠦ ᠲᠡᠭᠦᠨ ᠡᠴᠡ᠄《ᠬᠦᠢ᠂ ᠮᠤᠤᠷ ᠨᠠᠢᠵᠠ ᠠ᠋! ᠬᠤᠯᠤᠭᠠᠨ᠎ᠠ ᠪᠠᠷᠢᠬᠤ ᠮᠡᠷᠭᠡᠵᠢᠯ ᠢ᠋ᠶ᠋ᠡᠨ ᠨᠠᠳᠠ ᠳ᠋ᠤ᠌ ᠵᠢᠭᠠᠵᠤ ᠥᠭᠭᠦᠨ᠎ᠡ ᠤᠤ?》 ᠭᠡᠵᠦ ᠭᠤᠶᠤᠵᠠᠢ᠃ ᠮᠤᠤᠷ ᠤ᠋ᠨ ᠵᠤᠯᠵᠠᠭ᠎ᠠ ᠲᠣᠯᠣᠭᠠᠢ ᠳᠣᠬᠢᠨ ᠵᠥᠪᠰᠢᠶᠡᠷᠡᠪᠡ᠃ ᠮᠤᠤᠷ ᠤ᠋ᠨ ᠵᠤᠯᠵᠠᠭ᠎ᠠ ᠬᠤᠯᠤᠭᠠᠨ᠎ᠠ ᠶ᠋ᠢᠨ ᠨᠦᠬᠡᠨ ᠦ᠌ ᠠᠮᠠᠰᠠᠷ ᠳᠤ ᠣᠴᠣᠢᠨ ᠬᠤᠯᠤᠭᠠᠨ᠎ᠠ ᠶ᠋ᠢ ᠬᠡᠷᠬᠢᠨ ᠮᠢᠷᠢᠶᠠᠵᠤ ᠭᠡᠲᠡᠬᠦ ᠶ᠋ᠢ ᠵᠢᠭᠠᠵᠤ ᠥᠭᠪᠡ᠃ ᠪᠢᠴᠢᠬᠠᠨ ᠰᠠᠮᠵᠠ ᠲᠥᠷᠥᠯᠬᠢ ᠵᠠᠩ ᠢ᠋ᠶ᠋ᠠᠷ ᠢ᠋ᠶ᠋ᠠᠨ ᠪᠠᠢᠨ ᠪᠠᠢᠨ ᠬᠠᠴᠠᠷ ᠢ᠋ᠶ᠋ᠠᠨ ᠮᠠᠭᠠᠵᠢᠨ᠂ ᠪᠠᠢᠨ ᠪᠠᠢᠨ ᠡᠢᠰᠢ ᠲᠡᠢᠰᠢ ᠳᠡᠯᠳᠡᠭᠡᠨᠡᠭᠡᠳ ᠤᠳᠠᠭᠠᠨ ᠣᠴᠣᠢᠨ ᠰᠠᠭᠤᠵᠤ ᠳᠡᠢᠯᠬᠦ ᠦᠭᠡᠢ ᠪᠣᠯᠬᠣᠷ ᠡᠨᠡ ᠬᠦ᠌ ᠮᠡᠷᠭᠡᠵᠢᠯ ᠢ᠋ ᠡᠵᠡᠮᠰᠢᠵᠦ ᠴᠢᠳᠠᠭᠰᠠᠨ ᠦᠭᠡᠢ᠃ ᠲᠡᠭᠡᠬᠦ ᠳ᠋ᠦ᠍ ᠮᠤᠤᠷ ᠤ᠋ᠨ ᠵᠤᠯᠵᠠᠭ᠎ᠠ ᠲᠡᠭᠦᠨ ᠳ᠋ᠦ᠍ ᠳᠠᠬᠢᠨ ᠳᠠᠪᠲᠠᠨ ᠬᠤᠯᠤᠭᠠᠨ᠎ᠠ ᠳ᠋ᠤ᠌ ᠮᠢᠷᠢᠶᠠᠬᠤ ᠲᠤᠬᠠᠢ ᠨᠠᠷᠢᠨ ᠨᠢᠮᠪᠠᠢ ᠲᠠᠢᠯᠪᠤᠷᠢ ᠬᠢᠵᠦ ᠥᠭᠪᠡ᠃ ᠪᠢᠴᠢᠬᠠᠨ ᠰᠠᠮᠵᠠ ᠰᠣᠨᠣᠰᠴᠤ ᠰᠣᠨᠣᠰᠤᠭᠠᠳ᠄《ᠵᠠ᠂ ᠵᠠ᠂ ᠪᠢ ᠲᠡᠢᠮᠦ ᠤᠳᠠᠭᠠᠨ ᠵᠦᠭᠡᠷ ᠰᠠᠭᠤᠭᠠᠳ ᠮᠢᠷᠢᠶᠠᠵᠤ ᠳᠡᠢᠯᠬᠦ ᠦᠭᠡᠢ᠃ ᠡᠨᠡ ᠡᠷᠳᠡᠮ ᠢ᠋ ᠴᠢᠨᠢ ᠰᠤᠷᠴᠤ ᠳᠡᠢᠯᠬᠦ ᠦᠭᠡᠢ》 ᠭᠡᠳ ᠴᠢᠨᠠᠭᠰᠢ ᠶᠠᠪᠤᠪᠠ᠃
ᠪᠢᠴᠢᠬᠠᠨ ᠰᠠᠮᠵᠠ ᠭᠥᠯᠥᠭᠡ ᠪᠡᠷ ᠪᠥᠵᠥᠩ ᠢ᠋ ᠵᠠᠭᠤᠬᠤ᠂ ᠬᠠᠷᠠᠢᠬᠤ ᠮᠡᠷᠭᠡᠵᠢᠯ ᠢ᠋ ᠵᠢᠭᠠᠯᠭᠠᠭᠰᠠᠨ ᠪᠣᠯᠪᠠᠴᠤ ᠮᠥᠨ ᠯᠡ ᠰᠠᠢᠨ ᠠᠩᠬᠠᠷᠤᠭᠰᠠᠨ ᠦᠭᠡᠢ ᠮᠥᠷᠲᠡᠭᠡᠨ ᠳᠠᠩᠴᠤ ᠬᠦᠴᠢᠷ ᠲᠡᠢ ᠭᠡᠳ ᠰᠤᠷᠤᠭᠰᠠᠨ ᠦᠭᠡᠢ᠃ ᠣᠷᠣᠢ ᠪᠣᠯᠬᠤ ᠳ᠋ᠤ᠌ ᠠᠷᠭ᠎ᠠ ᠪᠤᠰᠤ ᠭᠡᠷ ᠲᠦ᠍ ᠪᠡᠨ ᠭᠣᠩᠰᠣᠢᠨ ᠬᠠᠷᠢᠵᠠᠢ᠃
ᠢᠷᠡᠯᠲᠡ᠄
ᠪᠠᠭᠠᠴᠤᠳ ᠬᠡᠦᠬᠡᠳ ᠦ᠋ᠨ ᠰᠣᠨᠢᠷᠬᠠᠯᠲᠤ ᠦᠯᠢᠭᠡᠷ
ᠪ· ᠴᠠᠭᠠᠨᠬᠡᠦᠬᠡᠨ
ᠠ᠊· ᠲᠤᠨᠠᠯᠭᠤᠤᠡ ᠨᠠᠢᠷᠠᠭᠤᠯᠤᠨ ᠵᠣᠬᠢᠶᠠᠪᠠ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ ᠤᠷᠠᠨᠲᠠᠨ᠎ᠠ᠂ ᠣᠳᠬᠠᠨᠰᠣ᠎ᠠ
