ᠠᠯᠲᠠᠨ ᠬᠠᠷᠭᠠᠨ᠎ᠠАлтан харганаAltan khargana ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠬᠠᠷᠭᠠᠨ᠎ᠠАлтан харганаAltan khargana

ᠠᠯᠲᠠᠨ ᠬᠠᠷᠭᠠᠨ᠎ᠠАлтан харганаAltan khargana

2024-08-12

670

ᠠᠯᠲᠠᠨ ᠬᠠᠷᠭᠠᠨ᠎ᠠ

   ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠦᠬᠡᠷ ᠬᠠᠷᠭᠠᠨ᠎ᠠ ᠶ᠋ᠢᠨ ᠬᠠᠲᠠᠭᠠᠭᠰᠠᠨ ᠦᠨᠳᠦᠰᠦ ᠮᠥᠨ᠃ ᠪᠠᠰᠠ ᠷᠠᠮᠢᠽᠠᠸ᠎ᠠ᠂ ᠠᠯᠲᠠᠭᠠᠨ᠎ᠠ ᠭᠡᠳᠡᠭ᠃
   [ ᠤᠤᠯ ᠤᠷᠭᠤᠮᠠᠯ] ᠣᠯᠠᠨ ᠰᠠᠯᠠᠭᠠᠯᠠᠬᠤ ᠪᠣᠭᠣᠨᠢ ᠪᠤᠲᠠ ᠮᠣᠳᠣ᠃5—10cm ᠥᠨᠳᠥᠷ᠂ ᠭᠤᠯᠳᠤᠰᠤ ᠨᠢ ᠰᠢᠷᠠᠩᠭᠤᠢ ᠴᠠᠢᠪᠤᠷ ᠥᠩᠭᠡ ᠲᠡᠢ᠂ ᠨᠢᠯᠬ᠎ᠠ ᠦᠶ᠎ᠡ ᠳ᠋ᠡᠭᠡᠨ ᠰᠢᠷᠠᠩᠭᠤᠢ ᠴᠠᠭᠠᠨ ᠪᠠᠢᠳᠠᠭ᠃ ᠮᠥᠴᠢᠷ ᠨᠢ ᠨᠢᠯᠬ᠎ᠠ ᠦᠶ᠎ᠡ ᠳ᠋ᠡᠭᠡᠨ ᠦᠰᠦ ᠦᠭᠡᠢ᠃ ᠤᠷᠲᠤ ᠮᠥᠴᠢᠷ ᠳᠡᠭᠡᠷᠡᠬᠢ ᠲᠣᠰᠬᠣᠭᠤᠷ ᠨᠠᠪᠴᠢ ᠨᠢ ᠮᠥᠩᠬᠡ ᠣᠷᠣᠰᠢᠬᠤ ᠪᠥᠭᠡᠳ ᠬᠠᠲᠠᠭᠤᠷᠠᠭᠠᠳ3—10mm ᠣᠷᠴᠢᠮ ᠤᠷᠲᠤ ᠵᠡᠭᠦᠯᠢᠭ ᠥᠷᠭᠡᠰᠦ ᠪᠣᠯᠳᠠᠭ᠃ ᠲᠡᠭᠰᠢ ᠥᠳᠥᠯᠢᠭ ᠨᠡᠢᠯᠡᠮᠡᠯ ᠨᠠᠪᠴᠢ ᠲᠠᠢ᠂ ᠵᠢᠵᠢᠭ ᠨᠠᠪᠴᠢ ᠨᠢ5—10 ᠬᠣᠣᠰ᠂ ᠲᠣᠩᠭᠣᠷᠤᠤ ᠥᠨᠳᠡᠭᠡᠯᠵᠢᠨ ᠪᠤᠶᠤ ᠵᠤᠤᠪᠠᠩᠯᠢᠭ ᠬᠡᠯᠪᠡᠷᠢ ᠲᠡᠢ᠂3—10mm ᠤᠷᠲᠤ᠂1—8mm ᠥᠷᠭᠡᠨ᠂ ᠮᠤᠬᠤᠷ ᠪᠤᠶᠤ ᠭᠦᠢᠬᠡᠨ ᠬᠣᠲᠣᠭᠣᠷ ᠦᠵᠦᠭᠦᠷ ᠲᠡᠢ᠂ ᠨᠠᠷᠢᠨ ᠵᠡᠭᠦᠦ ᠬᠡᠯᠪᠡᠷᠢᠲᠦ ᠱᠣᠪᠬᠣ ᠣᠷᠣᠢ ᠲᠠᠢ᠂ ᠨᠢᠯᠬ᠎ᠠ ᠦᠶ᠎ᠡ ᠳ᠋ᠡᠭᠡᠨ ᠲᠣᠷᠭᠠᠯᠢᠭ ᠵᠥᠭᠡᠯᠡᠨ ᠦᠰᠦ ᠲᠡᠢ᠂ ᠰᠡᠭᠦᠯ ᠳ᠋ᠡᠭᠡᠨ ᠵᠥᠪᠬᠡᠨ ᠮᠠᠰᠢ ᠲᠠᠷᠠᠮᠠᠭ ᠣᠬᠣᠷ ᠵᠥᠭᠡᠯᠡᠨ ᠦᠰᠦ ᠲᠡᠢ ᠪᠣᠯᠳᠠᠭ᠃ ᠴᠡᠴᠡᠭ ᠨᠢ ᠭᠠᠭᠴᠠᠭᠠᠷ ᠢ᠋ᠶ᠋ᠠᠨ ᠳᠡᠯᠭᠡᠷᠡᠨ᠎ᠡ᠃20—25mm ᠤᠷᠲᠤ᠃ ᠴᠡᠴᠡᠭ ᠦ᠋ᠨ ᠪᠠᠷᠢᠭᠤᠯ ᠳᠡᠭᠡᠷ᠎ᠡ ᠲᠣᠷᠭᠠᠯᠢᠭ ᠣᠬᠣᠷ ᠵᠥᠭᠡᠯᠡᠨ ᠦᠰᠦ ᠲᠡᠢ᠂1cm ᠤᠷᠲᠤ᠂ ᠳᠤᠮᠳᠠ ᠬᠡᠰᠡᠭ ᠣᠷᠴᠢᠮ ᠳ᠋ᠤᠨᠢ ᠦᠶ᠎ᠡ ᠲᠡᠢ᠃ ᠴᠡᠴᠡᠭ ᠦ᠋ᠨ ᠲᠣᠭᠳᠣᠢ ᠨᠢ ᠬᠤᠩᠬ᠎ᠠ ᠬᠡᠯᠪᠡᠷᠢ ᠲᠡᠢ᠂9—12mm ᠤᠷᠲᠤ5—7mm ᠥᠷᠭᠡᠨ᠂ ᠨᠢᠭ ᠵᠥᠭᠡᠯᠡᠨ ᠦᠰᠦ ᠲᠡᠢ᠂ ᠬᠠᠵᠠᠭᠠᠢ ᠤᠭ ᠲᠠᠢ᠂ ᠴᠡᠴᠡᠭ ᠦ᠋ᠨ ᠲᠣᠭᠳᠣᠢ ᠶ᠋ᠢᠨ ᠰᠡᠵᠢᠭᠦᠷ ᠨᠢ ᠥᠷᠭᠡᠨ ᠭᠤᠷᠪᠠᠯᠵᠢᠨ ᠬᠡᠯᠪᠡᠷᠢ ᠲᠡᠢ᠂3mm ᠤᠷᠲᠤ᠂ ᠬᠥᠪᠡᠭᠡ ᠪᠡᠷ ᠨᠢ ᠢᠬᠴᠤ ᠣᠬᠣᠷ ᠵᠥᠭᠡᠯᠡᠨ ᠦᠰᠦ ᠲᠡᠢ᠂ ᠴᠡᠴᠡᠭ ᠦ᠋ᠨ ᠳᠡᠯᠪᠢ ᠨᠢ ᠰᠢᠷ᠎ᠠ᠂ ᠳᠠᠯᠪᠠᠭ᠎ᠠ ᠬᠡᠯᠲᠡᠰ ᠨᠢ ᠲᠣᠭᠣᠷᠢᠭ ᠰᠢᠭ᠋ ᠬᠡᠯᠪᠡᠷᠢ ᠲᠡᠢ᠂ ᠵᠠᠪᠢ ᠬᠡᠯᠲᠡᠰ ᠴᠢᠬᠢ ᠨᠢ ᠲᠣᠳᠣ ᠪᠤᠰᠤ᠂ ᠪᠤᠷᠴᠠᠭ ᠵᠢᠮᠢᠰ ᠨᠢ ᠬᠠᠪᠲᠠᠭᠠᠢ᠂ ᠪᠥᠬᠡᠯᠢᠭ᠂ᠱᠣᠪᠣᠭᠣᠷ ᠦᠵᠦᠭᠦᠷ ᠲᠡᠢ᠂4—5cm ᠤᠷᠲᠤ᠂5—7cm ᠥᠷᠭᠡᠨ᠂ ᠦᠰᠦ ᠦᠭᠡᠢ᠃6—7 ᠳ᠋ᠤᠭᠠᠷ ᠰᠠᠷ᠎ᠠ ᠳ᠋ᠤ᠌ ᠴᠡᠴᠡᠭᠯᠡᠵᠦ᠂9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠡᠷᠭᠢ ᠰᠤᠪᠠᠭ ᠤ᠋ᠨ ᠬᠥᠪᠡᠭᠡ᠂ ᠡᠯᠡᠰᠦᠨ ᠳᠣᠪᠣ ᠪᠣᠯᠤᠨ ᠭᠠᠩ ᠬᠠᠭᠤᠷᠠᠢ ᠰᠢᠯᠢ ᠳ᠋ᠦ᠍ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠱᠠᠨᠰᠢ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ ᠨᠠᠮᠤᠷ ᠦᠨᠳᠦᠰᠦ ᠶ᠋ᠢ ᠨᠢ ᠮᠠᠯᠲᠠᠨ ᠠᠪᠴᠤ ᠤᠬᠢᠶᠠᠨ ᠴᠡᠪᠡᠷᠯᠡᠭᠡᠳ ᠬᠡᠷᠴᠢᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠃ ᠰᠡᠷᠢᠭᠦᠨ ᠴᠢᠨᠠᠷᠲᠠᠢ᠃ ᠨᠦᠮᠵᠦᠭ ᠦᠭᠡᠢ᠂ ᠬᠥᠩᠭᠡᠨ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠴᠢᠭᠢᠬ᠎ᠠ ᠶ᠋ᠢ ᠨᠣᠮᠣᠬᠠᠳᠬᠠᠬᠤ᠂ ᠰᠠᠷᠨᠢᠭᠰᠠᠨ ᠢ᠋ ᠬᠤᠷᠢᠶᠠᠬᠤ ᠴᠢᠳᠠᠯ ᠲᠠᠢ᠃ ᠭᠣᠣᠯᠳᠠᠭᠤ ᠴᠢᠰᠤᠨ ᠬᠠᠯᠠᠭᠤᠨ᠂ ᠲᠣᠯᠣᠭᠠᠢ ᠡᠷᠭᠢᠬᠦ᠂ ᠬᠠᠯᠠᠭᠤᠨ ᠢ᠋ᠶ᠋ᠠᠷ ᠬᠣᠭᠣᠯᠠᠢ ᠵᠠᠯᠭᠢᠭᠤᠷ ᠬᠠᠪᠤᠳᠴᠤ ᠡᠪᠡᠳᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄小叶锦鸡儿
   ᠠᠩᠭ᠌ᠯᠢ ᠨᠡᠷ᠎ᠡ᠄Caragana microphyUa Lam

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠪᠠᠯ