ᠰᠢᠷᠠᠭᠴᠢᠨ ᠮᠣᠭᠠᠢ ᠵᠢᠯ᠂ ᠱᠧᠩ ᠡᠦ ᠬᠤᠸᠠᠩᠳᠢ ᠲᠠᠢᠽᠦ ᠴᠢᠩᠭᠢᠰ ᠬᠠᠭᠠᠨ ᠳᠥᠴᠢᠨ ᠨᠠᠢ᠍ᠮᠠᠨ ᠰᠡᠭᠦᠳᠡᠷᠲᠡᠢ᠂ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠳᠥᠷᠪᠡᠳᠦᠭᠡᠷ ᠣᠨ ᠤ᠋ ᠬᠠᠪᠤᠷ᠂ ᠳᠤᠮᠳᠠᠳᠤ ᠠᠯᠲᠠᠨ ᠤᠯᠤᠰ ᠤ᠋ᠨ ᠸᠧᠢ ᠸᠠᠩ ᠶᠦᠩ ᠵᠢᠢ ᠶ᠋ᠢᠨ ᠳᠡ ᠠᠨ ᠬᠡᠮᠡᠬᠦ ᠶ᠋ᠢᠨ ᠲᠡᠷᠢᠭᠦᠨ ᠣᠨ᠂ ᠡᠮᠦᠨᠡᠲᠦ ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠬᠡᠮᠡᠬᠦ ᠶ᠋ᠢᠨ ᠬᠣᠶᠠᠳᠤᠭᠠᠷ ᠣᠨ᠃
ᠳᠠᠯᠠᠨ ᠨᠢᠭᠡᠳᠦᠭᠡᠷ ᠪᠦᠯᠦᠭ
ᠠᠯᠲᠠᠨ ᠤᠯᠤᠰ ᠤ᠋ᠨ ᠸᠧᠢ ᠸᠠᠩ ᠥᠪᠡᠷ ᠦ᠋ᠨ ᠣᠴᠢᠷ᠎ᠠ ᠭᠤᠷᠪᠠᠨ ᠬᠠᠲᠤᠳ ᠢ᠋ ᠮᠤᠰᠬᠢᠨ ᠴᠣᠭᠴᠠᠯᠠᠪᠠ
ᠠᠯᠢᠶ᠎ᠠ ᠲᠠᠩᠭᠤᠳ ᠤ᠋ᠨ ᠰᠢᠶᠠᠩᠽᠦ᠋ᠩ ᠤᠯᠤᠰ ᠤ᠋ᠨ ᠲᠤᠯᠠ ᠲᠠᠪᠤᠨ ᠬᠠᠭᠠᠨ ᠤ᠋ ᠮᠠᠨᠳᠠᠯ ᠴᠣᠭᠴᠠᠯᠠᠪᠠ
ᠡᠯ᠎ᠡ ᠰᠤᠳᠤᠷ ᠤ᠋ᠳ ᠢ᠋ ᠡᠪᠯᠡᠨ ᠴᠥᠯᠪᠡᠬᠦᠶᠡ ᠡᠷᠬᠡᠭᠲᠡᠨ ᠪᠡᠷᠬᠡᠰᠢᠶᠡᠬᠦ ᠦᠭᠡᠢ ᠪᠥᠭᠡᠲᠡᠯ᠎ᠡ
ᠡᠭᠡᠨᠡᠭᠲᠡ ᠭᠠᠭᠴᠠ ᠬᠦ᠌ ᠡᠲᠡᠭᠡᠳ ᠰᠣᠨᠢᠨ ᠳ᠋ᠤᠷ ᠬᠦᠷᠪᠡᠰᠦ ᠡᠪᠴᠢᠭᠦᠨ ᠦ᠌ ᠳᠣᠲᠣᠷ᠎ᠠ ᠵᠣᠪᠠᠭᠤᠷᠢᠰᠢᠶᠠᠮᠤᠢ᠃
ᠡᠷᠡᠰ ᠲᠠᠰᠤ ᠡᠳᠦᠵᠦ ᠭᠠᠷᠭᠠᠪᠠᠰᠤ ᠡᠷᠲᠡᠨ ᠦ᠌ ᠮᠡᠷᠭᠡᠳ ᠢ᠋ ᠪᠤᠷᠤᠭᠤᠰᠢᠶᠠᠭᠰᠠᠨ ᠮᠡᠲᠦ ᠪᠣᠯᠤᠮᠤᠢ
ᠡᠬᠡᠴᠢᠯᠡᠨ ᠬᠠᠯᠠᠵᠤ ᠡᠪᠬᠡᠨ ᠥᠩᠭᠡᠷᠡᠭᠡᠪᠡᠰᠦ ᠡᠭᠡᠯ ᠲᠠᠩᠬᠠᠢ ᠪᠣᠯᠬᠤ ᠠ᠋ᠴᠠ ᠠᠨᠤ ᠢᠴᠢᠩᠭᠦᠷᠡᠮᠦᠢ᠃
ᠲᠡᠨᠳᠡᠴᠡ ᠲᠠᠩᠭᠤᠳ ᠤᠯᠤᠰ ᠤ᠋ᠨ ᠬᠠᠭᠠᠨ ᠯᠢ ᠠᠨ ᠴᠢᠦᠸᠠᠨ ᠤᠭ ᠠ᠋ᠴᠠ ᠬᠦᠴᠦᠨ ᠬᠦᠷᠦᠯᠴᠡᠬᠦ ᠦᠭᠡᠢ ᠪᠥᠭᠡᠳ ᠮᠣᠩᠭᠣᠯ ᠤᠯᠤᠰ ᠲᠤᠷ ᠰᠡᠳᠬᠢᠯ ᠳᠠᠭᠠᠬᠤ ᠦᠭᠡᠢ᠃ ᠲᠡᠷᠡ ᠪᠠᠰᠠ ᠰᠢᠨᠡᠬᠡᠨ ᠰᠠᠭᠤᠷᠢᠨ ᠳ᠋ᠤᠷ ᠰᠠᠭᠤᠵᠤ ᠳᠣᠣᠷ᠎ᠠ ᠪᠠᠰᠠ ᠢᠲᠡᠭᠡᠮᠵᠢᠯᠡᠨ ᠲᠦᠰᠢᠬᠦ ᠴᠡᠷᠢᠭ ᠦ᠋ᠨ ᠶᠡᠬᠡ ᠶᠤᠸᠠᠨᠱᠤᠸᠠᠢ ᠦᠭᠡᠢ ᠶ᠋ᠢᠨ ᠳᠡᠭᠡᠷ᠎ᠡ᠂ ᠥᠬᠢᠨ ᠵᠢᠨ ᠭᠦᠩᠵᠦ ᠪᠠᠰᠠ ᠬᠠᠳᠠᠮ ᠢ᠋ᠶ᠋ᠠᠨ ᠬᠠᠢᠭᠤᠯᠯᠠᠨ᠂ ᠶᠡᠬᠡ ᠲᠡᠢᠨ ᠳᠡᠭᠳᠡᠭᠦᠯᠬᠦ ᠦᠭᠡᠢ᠂ ᠬᠥᠪᠡᠭᠦᠨ ᠪᠠᠰᠠ ᠨᠢᠯᠬ᠎ᠠ ᠪᠠᠭᠤᠷᠠᠢ᠂ ᠴᠢᠳᠠᠯ ᠲᠤᠯᠭᠠᠭᠤᠷᠢ ᠦᠭᠡᠢ ᠳ᠋ᠡᠭᠡᠨ ᠶᠠᠭᠠᠬᠢᠨ ᠬᠡᠷᠬᠢᠨ ᠤᠷᠢᠳᠠ ᠰᠠᠭᠤᠷᠢᠨ ᠢ᠋ᠶ᠋ᠠᠨ ᠲᠣᠭᠲᠠᠭᠠᠨ ᠨᠠᠮᠬᠠᠷᠠᠭᠤᠯᠬᠤ ᠪᠠᠨ ᠪᠣᠳᠣᠵᠤ᠂ ᠬᠡᠳᠦ ᠬᠡᠳᠦᠨ ᠵᠡᠷᠭᠡ ᠪᠥᠬᠥᠢᠵᠦ ᠳᠠᠭᠠᠭᠠᠳ᠂ ᠪᠡᠶ᠎ᠡ ᠤᠷᠪᠠᠬᠤᠢ ᠶ᠋ᠢᠨ ᠵᠠᠢ ᠴᠢᠯᠥᠭᠡ ᠶ᠋ᠢ ᠡᠷᠢᠨ᠂ ᠥᠪᠡᠷᠦᠨ ᠬᠦᠴᠦᠨ ᠬᠦᠷᠦᠯᠴᠡᠬᠦ ᠪᠡᠨ ᠰᠠᠨᠠᠵᠤ᠂ ᠬᠠᠭᠤᠷᠮᠠᠭ ᠬᠣᠯᠴᠢᠷᠭᠠᠨ ᠰᠡᠳᠬᠢᠯ ᠢ᠋ ᠡᠪᠦᠷᠯᠡᠵᠦ᠂ ᠡᠷᠬᠡᠪᠰᠢ ᠦᠬᠦᠵᠦ ᠲᠥᠷᠥᠬᠦ ᠶ᠋ᠢ ᠢᠯᠭᠠᠷᠠᠲᠠᠯᠠ ᠨᠢᠭᠡᠨ ᠤᠳᠠᠭ᠎ᠠ ᠶᠡᠬᠡᠯ᠎ᠡ ᠪᠠᠢᠯᠳᠤᠯᠴᠠᠨ ᠲᠤᠯᠵᠤ ᠲᠠᠢᠯᠪᠠᠰᠤ ᠡᠭᠦᠨᠴᠡ ᠲᠠᠩᠭᠤᠳ ᠤᠯᠤᠰ ᠤ᠋ᠨ ᠡᠯ᠎ᠡ ᠬᠣᠲᠠ ᠪᠠᠯᠭᠠᠳ ᠤ᠋ᠨ ᠠᠯᠪᠠ ᠶ᠋ᠢ ᠴᠥᠮ ᠲᠠᠰᠤᠯᠵᠤ᠂ ᠥᠬᠢᠨ ᠢ᠋ᠶ᠋ᠡᠨ ᠴᠦ᠍ ᠪᠤᠰᠤ ᠡᠵᠡᠳ ᠲᠣᠷ ᠥᠭᠴᠦ ᠥᠪᠡᠷᠦᠨ ᠬᠠᠷᠢᠶ᠎ᠠ ᠳ᠋ᠠᠭᠠᠨ ᠣᠷᠣᠭᠤᠯᠤᠨ ᠠᠪᠴᠤ᠂ ᠮᠣᠩᠭᠣᠯ ᠤᠯᠤᠰ ᠢ᠋ ᠬᠠᠮᠲᠤ ᠬᠦᠴᠦᠨ ᠢ᠋ᠶ᠋ᠡᠷ ᠠᠷᠢᠯᠭᠠᠰᠤᠭᠠᠢ᠃ ᠬᠡᠷᠪᠡ ᠪᠠᠢᠯᠳᠤᠭᠠᠳ ᠲᠤᠩ ᠴᠤ᠌ ᠲᠡᠩᠴᠡᠨ ᠡᠰᠡ ᠴᠢᠳᠠᠭᠠᠳ᠂ ᠦᠨᠡᠬᠡᠷ ᠶᠡᠬᠡᠯ᠎ᠡ ᠳᠠᠷᠤᠭᠳᠠᠵᠤ ᠤᠯᠤᠰ ᠲᠥᠷᠥ ᠮᠥᠬᠥᠬᠦᠢ ᠳ᠋ᠦ᠍ᠷ ᠬᠦᠷᠪᠡᠰᠦ᠂ ᠪᠡᠯᠡᠬᠡᠨ ᠡᠨᠡ ᠶ᠋ᠢᠨ ᠭᠦᠩᠵᠦ ᠶ᠋ᠢ ᠭᠤᠶᠤᠭᠰᠠᠨ ᠤᠷᠤᠭ ᠤ᠋ᠨ ᠰᠢᠯᠲᠠᠭᠠᠨ ᠢ᠋ᠶ᠋ᠠᠷ ᠳᠠᠬᠢᠨ ᠨᠠᠢᠷᠠᠯᠳᠤᠨ ᠡᠶᠡᠳᠡᠪᠡᠴᠦ ᠪᠣᠯᠤᠮᠤᠢ ᠭᠡᠮᠡᠨ ᠰᠠᠨᠠᠵᠤ ᠲᠣᠭᠲᠠᠭᠠᠭᠠᠳ᠂ ᠡᠨᠡ ᠰᠠᠨᠠᠭᠠᠨ ᠢ᠋ᠶ᠋ᠠᠨ ᠪᠠᠰᠠ ᠥᠬᠢᠨ ᠡᠴᠡᠭᠡᠨ ᠶᠠᠭ ᠲᠠᠭ ᠨᠢᠭᠤᠨ ᠳᠠᠷᠤᠵᠤ᠂ ᠭᠠᠭᠴᠠ ᠲᠡᠭᠦᠨ ᠢ᠋ ᠪᠠᠷᠠᠭᠤᠨ ᠬᠣᠢᠲᠤ ᠰᠢᠩᠰᠡ ᠳᠠᠯᠠᠢ ᠶ᠋ᠢᠨ ᠳᠠᠪᠤᠰᠤᠨ ᠤ᠋ ᠶᠡᠬᠡ ᠠᠰᠢᠭ ᠤ᠋ᠨ ᠡᠷᠬᠡ ᠶ᠋ᠢ ᠪᠠᠢᠯᠳᠤᠨ ᠲᠣᠭᠲᠠᠭᠠᠷᠠ ᠢᠯᠡᠭᠡᠭᠡᠳ᠂ ᠲᠡᠨᠳᠡ ᠡᠴᠡ ᠢᠷᠡᠭᠰᠡᠨ ᠶᠡᠬᠡ ᠠᠰᠢᠭ ᠬᠢᠭᠡᠳ ᠥᠪᠡᠷᠦᠨ ᠤᠯᠤᠰ ᠤ᠋ᠨ ᠠᠯᠪᠠᠨ ᠤ᠋ ᠡᠳ᠋ ᠢ᠋ᠶ᠋ᠡᠨ ᠨᠡᠢᠯᠡᠭᠦᠯᠦᠨ᠂ ᠶᠡᠬᠡ ᠴᠡᠷᠢᠭ ᠢ᠋ ᠨᠡᠮᠡᠨ ᠡᠯᠰᠡᠵᠦ᠂ ᠨᠢᠳᠤᠨᠤᠨ ᠵᠢᠯ ᠥᠬᠢᠨ ᠵᠢᠨ ᠭᠦᠩᠵᠦ ᠶ᠋ᠢ ᠮᠣᠷᠳᠠᠭᠤᠯᠤᠮᠠᠭᠴᠠ᠂ ᠪᠠᠰᠠ ᠭᠤᠷᠪᠠᠨ ᠡᠯᠴᠢ ᠠᠮᠠᠯᠠᠵᠤ᠂ ᠨᠢᠭᠡᠨ ᠢ᠋ ᠳᠤᠮᠳᠠᠳᠤ ᠠᠯᠲᠠᠨ ᠤᠯᠤᠰ ᠤ᠋ᠨ ᠰᠢᠨ᠎ᠡ ᠰᠠᠭᠤᠷᠢᠨ ᠳ᠋ᠤᠷ ᠰᠠᠭᠤᠭᠰᠠᠨ ᠸᠧᠢ ᠱᠣᠣ ᠸᠠᠩ – ᠸᠠᠨ ᠶᠠᠨ ᠶᠦᠩ ᠵᠢᠢ ᠳ᠋ᠦ᠍ᠷ ᠰᠠᠭᠤᠷᠢᠨ ᠳ᠋ᠤᠷ ᠰᠠᠭᠤᠭᠰᠠᠨ ᠪᠠᠶᠠᠷ ᠲᠤᠷ ᠮᠥᠷᠭᠥᠵᠦ ᠪᠡᠯᠡᠭ ᠦ᠋ᠨ ᠬᠦᠨᠳᠦ ᠶᠡᠬᠡ ᠡᠳ᠋ ᠪᠠᠷᠢᠭᠤᠯᠤᠨ᠂ ᠵᠢᠴᠢ ᠥᠩᠭᠡᠷᠡᠭᠰᠡᠨ ᠦ᠌ ᠨᠠᠶᠠᠨ ᠢᠯᠡᠭᠦᠦ ᠣᠨ ᠤ᠋ ᠰᠠᠢᠬᠠᠨ ᠶᠠᠪᠤᠯᠴᠠᠭᠰᠠᠨ ᠭᠦᠨ ᠬᠦᠨᠳᠦ ᠨᠠᠢᠷ ᠵᠢᠷᠤᠮ ᠢ᠋ ᠲᠣᠭᠠᠴᠢᠨ᠂ ᠠᠷᠪᠠᠨ ᠲᠦᠮᠡᠨ ᠦ᠌ ᠴᠡᠷᠢᠭ ᠭᠤᠶᠤᠨ ᠥᠪᠡᠷᠦᠨ ᠭᠤᠴᠢᠨ ᠲᠦᠮᠡᠨ ᠯᠦ᠍ᠭᠡ ᠨᠡᠢᠯᠡᠭᠦᠯᠦᠨ ᠳᠥᠴᠢᠨ ᠲᠦᠮᠡᠨ ᠦ᠌ ᠴᠡᠷᠢᠭ ᠢ᠋ᠶ᠋ᠡᠷ ᠮᠣᠩᠭᠣᠯ ᠢ᠋ ᠳᠠᠢᠯᠠᠨ ᠠᠷᠢᠯᠭᠠᠵᠤ᠂ ᠤᠷᠢᠳᠤ ᠡᠳᠦᠷ ᠦ᠋ᠨ ᠪᠸᠲ᠋ᠠ᠋ ᠤᠯᠤᠰ ᠤ᠋ᠨ ᠡᠵᠡᠨ ᠲᠡᠮᠦᠵᠢᠨ ᠬᠠᠭᠠᠨ ᠡᠵᠡᠨ ᠢ᠋ ᠸᠠᠩ ᠪᠥᠬᠥᠶ᠎ᠡ ᠲᠡᠳᠡᠨ ᠢ᠋ ᠡᠯᠰᠡᠷ᠎ᠡ ᠢᠯᠡᠭᠡᠭᠰᠡᠨ ᠳ᠋ᠦ᠍ᠷ ᠬᠡᠳᠦᠨ ᠵᠡᠷᠭᠡ ᠢᠴᠢᠭᠡᠨ ᠠᠭᠤᠷᠯᠠᠭᠤᠯᠤᠨ ᠲᠡᠷᠢᠭᠦᠨ ᠤᠳᠠᠭ᠎ᠠ ᠳᠡᠭᠡᠳᠦ ᠬᠠᠭᠠᠨ ᠵᠠᠩᠽᠦ᠋ᠩ ᠦ᠋ᠨ ᠦᠶ᠎ᠡ ᠳ᠋ᠦ᠍ᠷ ᠲᠠᠲ᠋ᠠᠷ ᠠᠢᠮᠠᠭ ᠤ᠋ᠨ ᠡᠵᠡᠨ ᠮᠡᠭᠵᠢᠨ ᠰᠡᠭᠦᠯ ᠠᠯᠲᠠᠨ ᠤᠯᠤᠰ ᠲᠤᠷ ᠳᠠᠭᠠᠭᠰᠠᠨ ᠪᠥᠭᠡᠳ ᠪᠠᠰᠠ ᠤᠷᠪᠠᠨ ᠤᠷᠭᠤᠵᠤ ᠢᠷᠡᠭᠰᠡᠨ ᠢ᠋ ᠠᠯᠲᠠᠨ ᠤᠯᠤᠰ ᠤ᠋ᠨ ᠬᠥᠭᠡᠭᠡᠵᠦ ᠢᠷᠡᠭᠰᠡᠨ ᠴᠡᠷᠢᠭ ᠯᠦ᠍ᠭᠡ ᠬᠠᠪᠰᠤᠷᠤᠨ᠂ ᠮᠡᠭᠵᠢᠨ ᠰᠡᠭᠦᠯ ᠢ᠋ ᠠᠷᠢᠯᠭᠠᠭᠰᠠᠨ ᠭᠠᠪᠢᠶ᠎ᠠ ᠳ᠋ᠤᠷ ᠳᠤᠮᠳᠠᠳᠤ ᠤᠯᠤᠰ ᠤ᠋ᠨ ᠶᠡᠬᠡ ᠴᠠᠭᠳᠠᠭᠤᠯ ᠤ᠋ᠨ ᠨᠣᠶᠠᠨ – ᠵᠣᠣ ᠲᠤᠤ ᠱᠢ ᠶ᠋ᠢᠨ ᠠᠯᠲᠠᠨ ᠤ᠋ ᠲᠠᠮᠠᠭ᠎ᠠ ᠴᠠᠴᠤᠭ ᠬᠦᠷᠭᠡᠭᠦᠯᠵᠦ ᠢᠯᠡᠭᠡᠲᠡᠯ᠎ᠡ ᠬᠦᠯᠢᠶᠡᠨ ᠡᠰᠡ ᠠᠪᠤᠭᠰᠠᠨ ᠬᠣᠢᠨ᠎ᠠ ᠮᠥᠨ ᠬᠦ᠌ ᠳᠡᠭᠡᠳᠦ ᠵᠠᠩᠽᠦ᠋ᠩ ᠬᠠᠭᠠᠨ᠂ ᠳᠡᠭᠦᠨᠦ ᠡᠬᠡ ᠶ᠋ᠢᠨ ᠨᠠᠰᠤᠨ ᠤ᠋ ᠬᠦᠨᠳᠦ ᠶᠣᠰᠣᠲᠤ ᠵᠠᠭᠤᠨ ᠵᠦᠢᠯ ᠦ᠋ᠨ ᠪᠡᠯᠡᠭ ᠱᠠᠩᠨᠠᠨ ᠬᠦᠷᠲᠡᠭᠡᠵᠦ᠂ ᠳᠡᠭᠦᠨᠦ ᠪᠡᠶ᠎ᠡ ᠪᠠᠰᠠ ᠬᠠᠷᠢᠭᠤ ᠪᠡᠯᠡᠭ ᠢ᠋ ᠬᠦᠷᠭᠡᠨ᠂ ᠵᠢᠩ ᠵᠧᠦ ᠪᠠᠯᠭᠠᠰᠤᠨ ᠳ᠋ᠤᠷ ᠸᠠᠩ ᠤ᠋ᠨ ᠪᠡᠶᠡᠴᠢᠯᠡᠭᠰᠡᠨ ᠡᠯᠴᠢ ᠳ᠋ᠦ᠍ᠷ ᠰᠥᠭᠥᠳᠬᠦ ᠦᠭᠡᠢ᠂ ᠡᠩ ᠦ᠋ᠨ ᠵᠣᠴᠢᠳ ᠤ᠋ᠨ ᠶᠣᠰᠣᠭᠠᠷ ᠳᠠᠢᠯᠠᠭᠰᠠᠨ᠂ ᠵᠢᠴᠢ ᠡᠳᠦᠭᠡ ᠬᠠᠭᠠᠨ ᠡᠵᠡᠨ ᠦ᠌ ᠰᠢᠨ᠎ᠡ ᠰᠠᠭᠤᠷᠢᠨ ᠳ᠋ᠤᠷ ᠰᠠᠭᠤᠭᠰᠠᠨ ᠢ᠋ ᠲᠣᠪ ᠲᠣᠳᠤᠷᠬᠠᠶ᠎ᠠ ᠰᠣᠨᠣᠰᠴᠤ ᠮᠡᠳᠡᠵᠦ ᠪᠠᠢᠭᠠᠳ ᠦᠯᠦ ᠮᠡᠳᠡᠭᠴᠢ ᠪᠣᠯᠤᠨ ᠰᠠᠭᠤᠵᠤ᠂ ᠡᠯᠴᠢ ᠠᠮᠠᠯᠠᠨ ᠦᠯᠦ ᠢᠯᠡᠬᠡᠨ ᠪᠠᠶᠠᠷ ᠲᠤᠷ ᠦᠯᠦ ᠮᠥᠷᠭᠥᠭᠦᠯᠬᠦ᠂ ᠡᠨᠡ ᠭᠤᠷᠪᠠᠨ ᠬᠣᠷᠣᠰᠤᠯ ᠢ᠋ ᠬᠠᠮᠲᠤᠪᠠᠷ ᠠᠷᠢᠯᠭᠠᠪᠠᠰᠤ ᠵᠣᠬᠢᠮᠤᠢ᠃ ᠡᠳᠦᠭᠡ ᠤᠮᠠᠷ᠎ᠠ ᠳ᠋ᠤᠷ ᠣᠷᠣᠰ ᠤ᠋ᠨ ᠣᠯᠠᠨ ᠬᠢᠵᠠᠭᠠᠷ ᠪᠠ ᠪᠠᠷᠠᠭᠤᠨ ᠳ᠋ᠤᠷ ᠪᠠᠷ᠎ᠠ ᠬᠥᠯ ᠦ᠋ᠨ ᠣᠯᠠᠨ ᠤᠯᠤᠰ ᠤ᠋ᠳ ᠢ᠋ ᠴᠥᠮ ᠬᠤᠷᠢᠶᠠᠮᠵᠢᠯᠠᠵᠤ᠂ ᠬᠥᠮᠦᠨ ᠠᠮᠠᠨ ᠤ᠋ ᠲᠣᠭ᠎ᠠ ᠳᠠᠩᠰᠠ ᠬᠡᠳᠦᠨ ᠵᠠᠭᠤᠨ ᠲᠦᠮᠡᠨ ᠡᠴᠡ ᠴᠦ᠍ ᠳᠠᠪᠠᠵᠤᠬᠤᠢ᠃ ᠣᠳᠣ ᠬᠡᠳᠦᠨ ᠵᠢᠯ ᠪᠣᠯᠪᠠᠰᠤ᠂ ᠦᠨᠡᠬᠡᠷ ᠤᠮᠠᠷᠠᠲᠤ ᠶᠡᠬᠡ ᠬᠠᠭᠠᠰ ᠳᠡᠯᠡᠬᠡᠢ ᠶ᠋ᠢ ᠡᠵᠡᠯᠡᠨ ᠴᠢᠭᠢᠷᠠᠭᠰᠢᠭᠠᠳ᠂ ᠡᠳᠦᠭᠡ ᠬᠢᠷᠢ ᠳ᠋ᠡᠭᠡᠨ ᠲᠡᠳᠡᠨ ᠦ᠌ ᠴᠢᠬᠤᠯᠠ ᠭᠠᠵᠠᠷ ᠪᠦᠷᠢ ᠳ᠋ᠦ᠍ᠷ ᠡᠭᠦᠯᠡ ᠲᠤᠨᠤᠷᠠᠨ᠂ ᠯᠤᠤ ᠲᠣᠭᠯᠠᠵᠤ᠂ ᠬᠣᠣᠰ ᠤᠨᠠᠭᠠᠲᠤ ᠭᠡᠭᠦᠦ ᠬᠣᠶᠠᠷ ᠲᠣᠭᠣᠯᠳᠤ ᠦᠨᠢᠶᠡᠨ ᠦ᠌ ᠵᠦᠢᠯ ᠣᠯᠠᠨ ᠪᠣᠯᠵᠤᠬᠤᠢ᠃ ᠡᠷᠲᠡᠰᠡ ᠡᠰᠡ ᠬᠢᠴᠢᠶᠡᠬᠦᠯᠡ᠂ ᠤᠳᠠᠯ ᠦᠭᠡᠶ᠎ᠡ ᠳᠤᠮᠳᠠᠳᠤ ᠠᠯᠲᠠᠨ ᠤᠯᠤᠰ ᠲᠤᠷ ᠠᠷᠤ ᠶ᠋ᠢᠨ ᠵᠣᠪᠠᠯᠠᠩ ᠳᠡᠭᠳᠡᠬᠦ ᠪᠣᠯᠤᠮᠤᠢ ᠭᠡᠮᠡᠨ ᠢᠯᠡᠭᠡᠭᠰᠡᠨ ᠳ᠋ᠦ᠍ᠷ᠂ ᠡᠨᠡ ᠦᠶ᠎ᠡ ᠸᠧᠢ ᠸᠠᠩ ᠶᠦᠩ ᠵᠢᠢ ᠬᠠᠷᠠᠬᠠᠨ ᠰᠢᠨ᠎ᠡ ᠰᠠᠭᠤᠷᠢᠨ᠎ᠠ ᠰᠠᠭᠤᠵᠤ᠂ ᠭᠡᠷᠦᠨ ᠳᠣᠲᠣᠷᠠᠬᠢ ᠥᠴᠦᠬᠡᠨ ᠠᠳᠬᠠᠭ ᠲᠡᠮᠡᠴᠡᠯ ᠢ᠋ ᠬᠥᠭᠡᠭᠡᠯᠴᠡᠬᠦ ᠶᠠᠭᠠᠷᠠᠯ ᠮᠡᠩᠳᠡᠷᠡᠯ ᠦ᠋ᠨ ᠴᠠᠭ ᠲᠤᠯᠠ ᠲᠠᠩᠭᠤᠳ ᠤ᠋ᠨ ᠡᠯᠴᠢ ᠶ᠋ᠢ ᠬᠦᠨᠳᠦᠯᠡᠨ ᠳᠠᠢᠯᠠᠵᠤ 《ᠬᠣᠢᠲᠤ ᠬᠠᠪᠤᠷᠤᠨ ᠬᠡᠷᠡᠭ ᠲᠤᠯᠠ ᠬᠠᠷᠢᠨᠴᠤ ᠪᠣᠯᠵᠤ ᠪᠦᠲᠦᠮᠡᠷ ᠬᠡᠷᠡᠭ᠂ ᠮᠠᠨ ᠤ᠋ ᠬᠠᠭᠠᠨ ᠸᠠᠩ ᠪᠦᠬᠦᠢ ᠴᠠᠭ ᠲᠤᠷ ᠴᠤ᠌ ᠳᠡᠭᠡᠳᠦ ᠡᠵᠡᠨ ᠢ᠋ ᠬᠡᠳᠦ ᠬᠡᠳᠦᠨ ᠤᠳᠠᠭ᠎ᠠ ᠪᠸᠲ᠋ᠠ᠋ ᠤᠯᠤᠰ ᠤ᠋ᠨ ᠲᠡᠮᠦᠵᠢᠨ ᠢ᠋ ᠠᠷᠢᠯᠭ᠎ᠠ ᠭᠡᠮᠡᠨ ᠱᠠᠭᠠᠷᠳᠠᠭᠰᠠᠨ ᠪᠥᠭᠡᠳ ᠡᠳᠦᠭᠡ ᠣᠳᠣ ᠥᠪᠡᠷ ᠢ᠋ᠶ᠋ᠡᠨ ᠬᠠᠭᠠᠨ ᠪᠣᠯᠤᠭᠰᠠᠨ ᠲᠤᠯᠠ ᠯᠠᠪ ᠨᠢᠭᠡᠨ ᠶᠡᠬᠡ ᠴᠡᠷᠢᠭᠯᠡᠯ ᠪᠣᠢ ᠪᠣᠯᠠᠢ 》ᠭᠡᠮᠡᠨ ᠬᠡᠯᠡᠵᠦ ᠡᠭᠡᠭᠦᠯᠦᠭᠰᠡᠨ᠎ᠡ ᠯᠢ ᠠᠨ ᠴᠢᠦᠸᠠᠨ ᠲᠡᠭᠷᠢ ᠶ᠋ᠢᠨ ᠴᠡᠷᠢᠭ ᠣᠯᠤᠭᠰᠠᠨ ᠠ᠋ᠴᠠ ᠴᠤ᠌ ᠢᠯᠡᠭᠦᠦ ᠪᠠᠶᠠᠷᠯᠠᠪᠠᠢ᠃ ᠨᠥᠭᠦᠭᠡ ᠬᠣᠶᠠᠷ ᠡᠯᠴᠢ ᠢᠨᠦ᠂ ᠨᠢᠭᠡᠨ ᠢ᠋ ᠪᠠᠷᠠᠭᠤᠨ ᠬᠣᠢᠲᠤ ᠰᠠᠷᠳᠢᠭᠴᠢᠨ ᠤᠯᠤᠰ ᠤ᠋ᠨ ᠠᠶᠤᠮᠰᠢᠭᠲᠤ ᠰᠦᠷᠡᠬᠡᠢ ᠠᠮᠪᠠᠬᠠᠢ ᠬᠠᠭᠠᠨ ᠤ᠋ ᠤᠯᠤᠰ ᠤ᠋ᠨ ᠬᠣᠲᠠᠯᠠᠭᠠᠷ ᠤ᠋ᠨ ᠴᠡᠷᠢᠭ ᠬᠤᠶᠠᠭ᠂ ᠬᠦᠴᠦᠲᠦ ᠠᠷᠠᠳ ᠠᠯᠪᠠᠲᠤ᠂ ᠭᠡᠷ ᠨᠤᠲᠤᠭ ᠲᠤ᠌ ᠴᠡᠷᠢᠭ ᠲᠡᠢ ᠵᠠᠯᠠᠭᠤᠯᠤᠨ᠂ ᠲᠠᠪᠤᠨ ᠮᠢᠩᠭᠠᠨ ᠯᠠᠩ ᠴᠠᠭᠠᠨ ᠮᠥᠩᠭᠥ ᠪᠠᠷᠢᠭᠤᠯᠤᠨ ᠠᠴᠢᠶ᠎ᠠ ᠲᠡᠭᠰᠢᠯᠡᠭᠦᠯᠦᠨ ᠵᠠᠯᠠᠷ᠎ᠠ ᠢᠯᠡᠭᠡᠵᠦ᠂ ᠨᠢᠭᠡᠨ ᠡᠯᠴᠢ ᠶ᠋ᠢ ᠶᠡᠬᠡ ᠪᠠᠷᠠᠭᠤᠨ ᠬᠢᠵᠠᠭᠠᠷ ᠤ᠋ᠨ ᠰᠢ ᠢᠦᠢ ᠶ᠋ᠢᠨ ᠵᠡᠭᠦᠨ ᠵᠠᠬ᠎ᠠ ᠶ᠋ᠢᠨ ᠬᠠᠷᠯᠢᠭᠤᠳ ᠬᠡᠮᠡᠬᠦ ᠶᠡᠬᠡ ᠤᠯᠤᠰ ᠤ᠋ᠨ ᠠᠷᠰᠯᠠᠨ ᠬᠠᠭᠠᠨ ᠢ᠋ ᠮᠥᠨ ᠭᠡᠷ ᠴᠡᠷᠢᠭ ᠲᠡᠢ ᠵᠠᠯᠠᠭᠤᠯᠤᠨ᠂ 《ᠪᠦᠭᠦᠳᠡ ᠶ᠋ᠢᠨ ᠬᠦᠴᠦᠨ ᠬᠠᠮᠲᠤ ᠴᠡᠷᠢᠭ ᠢ᠋ᠶ᠋ᠡᠷ ᠮᠣᠩᠭᠣᠯ ᠤᠯᠤᠰ ᠢ᠋ ᠪᠠᠢᠯᠳᠤᠨ ᠠᠪᠴᠤ ᠂ ᠭᠠᠵᠠᠷ ᠣᠷᠣᠨ ᠤᠯᠤᠰ ᠤ᠋ᠨ ᠢᠷᠭᠡᠳ ᠢ᠋ ᠢᠨᠦ ᠠᠳᠠᠯᠢ ᠰᠠᠴᠠᠭᠤ ᠲᠡᠭᠰᠢᠯᠡᠨ ᠬᠤᠪᠢᠶᠠᠰᠤᠭᠠᠢ᠂ ᠰᠣᠨᠣᠰᠬᠤᠯ᠎ᠠ ᠡᠷᠭᠢᠨ ᠬᠠᠭᠠᠨ ᠤ᠋ ᠶᠡᠬᠡ ᠰᠢᠷᠡᠭᠡᠨ ᠦ᠌ ᠬᠠᠲᠤᠨ ᠡᠵᠡᠨ ᠢᠨᠦ ᠥᠩᠭᠡᠷᠡᠵᠦ᠂ ᠡᠳᠦᠭᠡ ᠶᠡᠬᠡ ᠰᠢᠷᠡᠭᠡᠨ ᠦ᠌ ᠬᠠᠲᠤᠨ ᠡᠷᠭᠦᠮᠵᠢᠯᠡᠭᠡᠳᠦᠢ ᠪᠥᠭᠡᠰᠦ᠂ ᠮᠠᠨ ᠤ᠋ ᠤᠯᠤᠰ ᠤ᠋ᠨ ᠬᠠᠭᠠᠨ ᠤ᠋ ᠣᠢᠷ᠎ᠠ ᠤᠭᠰᠠᠭ᠎ᠠ ᠸᠠᠩ ᠤ᠋ᠳ ᠤ᠋ᠨ ᠭᠦᠩᠵᠦ᠂ ᠪᠦᠸᠧᠵᠦ ᠡᠴᠡ ᠬᠠᠲᠤᠨ ᠪᠣᠯᠭᠠᠨ ᠠᠪᠤᠭᠲᠤᠨ᠃ ᠬᠤᠪᠢᠯᠭᠠᠨ ᠷᠡᠭᠢᠨᠢ ᠮᠡᠲᠦ ᠠᠪᠠᠬᠠᠢ ᠬᠡᠳᠦ ᠬᠡᠳᠦᠨ ᠠᠮᠤᠢ 》ᠭᠡᠮᠡᠨ ᠪᠠᠰᠠ ᠬᠦ᠌ ᠬᠦᠨᠳᠦ ᠪᠡᠯᠡᠭ ᠪᠠ ᠵᠠᠯᠠᠯᠭᠠᠨ ᠤ᠋ ᠪᠢᠴᠢᠭ ᠲᠡᠢ ᠪᠠᠷᠢᠭᠤᠯᠤᠨ ᠢᠯᠡᠭᠡᠭᠰᠡᠨ ᠲᠤᠯᠠᠳᠠ᠂ ᠡᠳᠦᠭᠡ ᠡᠨᠡ ᠴᠠᠭᠠᠨ ᠰᠠᠷ᠎ᠠ ᠶ᠋ᠢᠨ ᠳᠣᠲᠣᠷ᠎ᠠ᠂ ᠰᠠᠷᠲᠢᠭᠴᠢᠨ ᠬᠢᠭᠡᠳ ᠬᠠᠷᠯᠢᠭᠤᠳ ᠤᠯᠤᠰ ᠠ᠋ᠴᠠ ᠴᠥᠮ ᠬᠠᠷᠢᠭᠤ ᠡᠯᠴᠢ ᠨᠠᠷ ᠪᠡᠶ᠎ᠡ ᠪᠡᠷ ᠴᠡᠷᠢᠭ ᠴᠡᠷᠢᠭ ᠢ᠋ᠶ᠋ᠡᠨ ᠠᠪᠴᠤ ᠢᠷᠡᠯᠴᠡᠬᠦ ᠮᠡᠳᠡᠭᠡ ᠶ᠋ᠢ ᠬᠦᠷᠭᠡᠵᠦ ᠢᠷᠡᠭᠡᠳ᠂ ᠲᠠᠩᠭᠤᠳ ᠤ᠋ᠨ ᠡᠵᠡᠨ ᠯᠢ ᠠᠨ ᠴᠢᠦᠸᠡᠨ ᠰᠥᠨᠢ ᠤᠨᠲᠠᠬᠤ ᠨᠣᠢᠷ ᠦᠭᠡᠢ᠂ ᠴᠠᠭ ᠤ᠋ᠨ ᠪᠤᠳᠠᠭ᠎ᠠ ᠪᠠᠨ ᠢᠳᠡᠬᠦ ᠬᠣᠭᠣᠯᠠᠢ ᠦᠭᠡᠢ᠂ ᠵᠠᠭᠤᠨᠲᠠ ᠰᠠᠨᠠᠮᠵᠢᠯᠠᠨ᠂ ᠮᠢᠩᠭᠠᠨᠲᠠ ᠪᠣᠳᠣᠯᠬᠢᠯᠠᠨ ᠠᠭᠠᠰᠢ ᠪᠠᠨ ᠠᠯᠳᠠᠵᠤ ᠠᠷᠭ᠎ᠠ ᠪᠠᠨ ᠵᠠᠪᠬᠠᠷᠠᠬᠤ ᠴᠠᠭ ᠲᠤᠯᠠ᠂ ᠡᠳᠦᠭᠡ ᠪᠠᠰᠠ ᠦᠨᠡᠬᠡᠷ ᠲᠡᠭᠷᠢ ᠠᠭᠤᠯᠠ ᠠ᠋ᠴᠠ ᠬᠤᠪᠢᠯᠭᠠᠨ ᠤᠪᠠᠳᠢᠰᠲᠤ ᠰᠠᠬᠢᠭᠤᠯᠰᠤᠨ ᠤ᠋ ᠴᠡᠷᠢᠭ ᠦ᠋ᠨ ᠪᠠᠭᠰᠢ᠂ ᠵᠢᠶᠦ᠋ᠨᠱᠢ ᠢᠷᠡᠭᠰᠡᠨ ᠳ᠋ᠦ᠍ᠷ 《ᠳᠡᠭᠡᠳᠦ ᠬᠤᠷᠮᠤᠰᠲᠠ ᠮᠠᠨ ᠤ᠋ ᠲᠠᠩᠭᠤᠳ ᠤᠯᠤᠰ ᠢ᠋ ᠮᠠᠨᠳᠤᠭᠤᠯᠬᠤ ᠲᠩᠷᠢ ᠶ᠋ᠢᠨ ᠪᠣᠱᠣᠭ ᠬᠦᠷᠴᠦ ᠢᠷᠡᠪᠡ》 ᠭᠡᠮᠡᠨ ᠲᠦᠮᠡᠨ ᠮᠢᠩᠭᠠᠨ ᠵᠦᠢᠯ ᠢ᠋ᠶ᠋ᠡᠷ ᠡᠷᠭᠦᠨ ᠬᠦᠨᠳᠦᠯᠡᠵᠦ᠂ ᠮᠣᠩᠭᠣᠯ ᠢ᠋ ᠳᠠᠢᠯᠠᠬᠤ ᠠᠷᠭ᠎ᠠ ᠶ᠋ᠢ ᠵᠥᠪᠯᠡᠪᠡᠰᠦ᠂ ᠴᠢᠦ ᠴᠦ ᠵᠢᠢ ᠥᠭᠦᠯᠡᠷᠦᠨ᠄
《 ᠪᠸᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠦᠨᠡᠩᠬᠦ ᠴᠠᠭᠠᠨ ᠭᠡᠷᠡᠯ ᠡᠴᠡ ᠣᠯᠤᠭᠰᠠᠨ ᠪᠤᠶᠠᠨᠲᠤ ᠡᠵᠡᠨ ᠮᠥᠨ ᠪᠣᠯᠪᠠᠴᠤ ᠥᠪᠡᠷᠦᠨ ᠤᠭ ᠤᠯᠤᠰ ᠢ᠋ᠶ᠋ᠠᠨ ᠲᠦᠪᠰᠢᠨᠡ ᠡᠵᠡᠯᠡᠨ ᠪᠠᠶᠠᠨ ᠴᠠᠳᠬᠤᠯᠠᠩ᠂ ᠪᠠᠭᠠᠲᠤᠷ ᠴᠢᠭᠢᠷᠠᠭ ᠠᠵᠤ ᠲᠥᠷᠥᠨ ᠰᠠᠭᠤᠪᠠᠰᠤ ᠪᠠᠷᠠᠪᠠᠢ ᠶᠠ᠃ ᠣᠨᠴᠠ ᠪᠠᠷᠠᠭᠤᠨ ᠵᠡᠭᠦᠨ ᠢ᠋ ᠪᠠᠷᠠᠲᠠᠯ᠎ᠠ ᠬᠤᠷᠢᠶᠠᠰᠤᠭᠠᠢ ᠬᠡᠮᠡᠬᠦ ᠢᠨᠦ ᠨᠡᠢᠲᠡ ᠪᠡᠷ ᠴᠥᠮ ᠪᠠᠯᠠᠢ ᠶᠡᠬᠡ ᠰᠡᠳᠬᠢᠯᠲᠦ ᠪᠠᠭᠠᠲᠤᠷ ᠲᠠᠭᠠᠨ ᠡᠷᠡᠮᠰᠢᠭᠰᠡᠨ ᠵᠠᠯᠠᠢᠳ ᠤ᠋ᠨ ᠮᠤᠬᠤᠯᠢ ᠨᠢᠭᠡᠬᠡᠨ ᠬᠥᠮᠦᠨ ᠦ᠌ ᠬᠥᠭᠵᠢᠯ ᠳ᠋ᠦ᠍ᠷ ᠪᠣᠯᠠᠢ᠃ ᠲᠡᠷᠡ ᠬᠡᠳᠦᠢ ᠶᠡᠬᠡ ᠠᠷᠭ᠎ᠠ ᠵᠠᠯᠢ ᠪᠠᠭᠠᠲᠤᠷ ᠬᠦᠴᠦᠨ ᠪᠠᠢᠪᠠᠴᠤ᠂ ᠨᠡᠢᠲᠡ ᠪᠡᠷ ᠴᠥᠮ ᠬᠠᠷ᠎ᠠ ᠬᠦᠴᠦᠨ᠂ ᠡᠩ ᠦ᠋ᠨ ᠠᠷᠭ᠎ᠠ ᠪᠣᠯᠠᠢ᠃ ᠳᠣᠣᠷᠠᠲᠤ ᠪᠣᠮᠪᠣ ᠬᠡᠳᠦᠢ ᠡᠷᠳᠡᠮ ᠦᠭᠡᠢ ᠪᠣᠯᠪᠠᠴᠤ᠂ ᠣᠭᠲᠠᠷᠭᠤᠢ ᠳ᠋ᠤᠷ ᠳᠡᠭᠳᠡᠨ᠂ ᠣᠳᠣᠳ ᠢ᠋ ᠤᠷᠢᠵᠤ ᠂ ᠴᠢᠰᠤ ᠳᠦᠷᠭᠢᠨ᠂ ᠴᠠᠬᠢᠯᠭᠠᠨ ᠤ᠋ ᠡᠵᠡᠨ ᠢ᠋ ᠢᠷᠡᠭᠦᠯᠵᠦ᠂ ᠲᠠᠪᠤᠨ ᠴᠠᠬᠢᠯᠭᠠᠨ᠂ ᠶᠢᠰᠦᠨ ᠠᠶᠤᠩᠭ᠎ᠠ ᠶ᠋ᠢᠨ ᠵᠢᠭᠰᠠᠭᠠᠯ ᠵᠢᠭᠰᠠᠭᠠᠨ ᠴᠢᠳᠠᠮᠤᠢ᠃ ᠨᠢᠭᠡᠬᠡᠨ ᠬᠣᠯᠴᠢᠷᠭᠠᠨ ᠬᠡᠲᠦᠢᠳᠦᠭᠰᠡᠨ ᠮᠤᠬᠤᠯᠢ ᠶ᠋ᠢ ᠠᠷᠢᠯᠭᠠᠪᠠᠰᠤ ᠮᠣᠩᠭᠣᠯ ᠤ᠋ᠨ ᠡᠵᠡᠨ᠂ ᠶᠠᠷᠢᠭᠳᠠᠭᠠᠨ ᠬᠤᠪᠢ ᠪᠠᠨ ᠰᠠᠬᠢᠵᠤ ᠬᠣᠯᠠ ᠣᠢᠷ᠎ᠠ ᠶ᠋ᠢ ᠳᠠᠢᠯᠠᠬᠤ ᠪᠠᠨ ᠵᠣᠭᠰᠣᠮᠤᠢ᠃ ᠬᠤᠳᠠᠯ ᠦᠭᠡ ᠬᠡᠯᠡᠵᠦ ᠦᠯᠦ ᠪᠣᠯᠤᠮᠤᠢ᠃ ᠮᠣᠩᠭᠣᠯ ᠤ᠋ᠨ ᠡᠵᠡᠨ ᠲᠡᠮᠦᠵᠢᠨ ᠢ᠋ ᠠᠯᠠᠵᠤ ᠠᠷᠢᠯᠭᠠᠮᠤᠢ ᠬᠡᠮᠡᠭᠴᠢ ᠶ᠋ᠢ ᠶᠠᠳᠠᠭᠤ ᠪᠣᠮᠪᠣ ᠳᠤᠷᠠᠪᠠᠷ ᠬᠡᠯᠡᠵᠦ ᠬᠠᠭᠠᠨ ᠡᠵᠡᠨ ᠢ᠋ ᠮᠡᠬᠡᠯᠡᠵᠦ ᠦᠯᠦ ᠪᠣᠯᠤᠮᠤᠢ᠃ ᠬᠡᠴᠡᠭᠦᠦ ᠮᠣᠩᠭᠣᠯ ᠤ᠋ᠨ ᠬᠡᠷᠴᠡᠭᠡᠢ ᠵᠣᠪᠠᠯᠠᠩ ᠳ᠋ᠤᠷ ᠲᠠᠩᠭᠤᠳ ᠤᠯᠤᠰ ᠢ᠋ ᠡᠰᠡ ᠨᠡᠷᠪᠡᠭᠳᠡᠭᠦᠯᠪᠡᠰᠦ ᠳᠠᠷᠤᠢ ᠳᠡᠢᠯᠦᠭᠰᠡ ᠢᠨᠦ ᠪᠣᠯᠠᠢ᠃ ᠣᠯᠠᠨ ᠴᠡᠷᠢᠭ ᠢ᠋ᠶ᠋ᠡᠷ ᠬᠡᠯᠡᠪᠡᠰᠦ ᠶᠡᠬᠡ ᠠᠯᠲᠠᠨ ᠤᠯᠤᠰ ᠤ᠋ᠨ ᠠᠷᠪᠠᠨ ᠲᠦᠮᠡᠨ ᠦ᠌ ᠵᠠᠩᠵᠤᠨ ᠴᠡᠷᠢᠭ ᠦ᠋ᠳ ᠪᠣᠢ᠂ ᠪᠠᠭᠠᠲᠤᠷ ᠪᠡᠷᠬᠡ ᠪᠡᠷ ᠬᠡᠯᠡᠪᠡᠰᠦ ᠪᠠᠷᠠᠭᠤᠨ ᠬᠣᠢᠲᠤ ᠶ᠋ᠢᠨ ᠠᠮᠪᠠᠬᠠᠢ ᠬᠠᠭᠠᠨ ᠬᠢᠭᠡᠳ ᠪᠠᠷᠠᠭᠤᠨ ᠲᠢᠪ ᠦ᠋ᠨ ᠠᠷᠰᠯᠠᠨ ᠬᠠᠭᠠᠨ ᠪᠣᠢ᠃ ᠪᠠᠲᠤ ᠪᠡᠬᠢ ᠪᠡᠷ ᠬᠡᠯᠡᠪᠡᠰᠦ᠂ ᠪᠠᠷᠠᠭᠤᠨ ᠪᠢᠩ ᠰᠢᠶᠠ ᠪᠦ ᠶ᠋ᠢᠨ ᠳᠥᠴᠢᠨ ᠵᠧᠦ ᠵᠢᠶᠦ᠋ᠨ ᠦ᠌ ᠳᠥᠴᠢᠨ ᠲᠦᠮᠡᠨ ᠢᠯᠡᠭᠦᠦ ᠴᠡᠷᠢᠭ ᠢᠷᠭᠡᠨ ᠦ᠌ ᠪᠠᠲᠤ ᠪᠡᠬᠢ ᠬᠣᠲᠠ ᠪᠠᠯᠭᠠᠰᠤᠨ ᠪᠣᠢ᠂ ᠪᠠᠷᠤᠭ ᠪᠦᠷᠦᠭ ᠶᠢᠯᠸᠢ ᠬᠤᠪᠢᠯᠭᠠᠨ ᠤ᠋ ᠪᠠᠷᠠᠭᠳᠠᠰᠢ ᠦᠭᠡᠢ ᠤᠯᠠᠷᠢᠨ ᠬᠤᠪᠢᠰᠬᠤ ᠶᠠᠳᠠᠭᠤ ᠪᠣᠮᠪᠣ ᠶ᠋ᠢᠨ ᠹᠦ ᠰᠠᠶᠢᠭ᠂ ᠰᠠᠬᠢᠭᠤᠯᠰᠤᠨ ᠡᠵᠡᠳ ᠦ᠋ᠨ ᠬᠠᠮᠠᠭᠠᠯᠠᠯ ᠠᠮᠤᠢ᠃ ᠤᠷᠢᠳᠠᠰᠠ ᠡᠰᠡ ᠦᠵᠡᠭᠦᠯᠦᠨ ᠢᠯᠡᠳᠬᠡᠪᠡᠰᠦ ᠂ ᠪᠢᠴᠢᠭ ᠴᠡᠷᠢᠭ ᠦ᠋ᠨ ᠨᠣᠶᠠᠳ ᠲᠦᠰᠢᠮᠡᠳ᠂ ᠵᠠᠩᠵᠤᠨ ᠴᠡᠷᠢᠭ ᠦ᠋ᠳ ᠦ᠋ᠨ ᠰᠡᠳᠬᠢᠯ ᠪᠢᠰᠢᠷᠡᠨ ᠦᠯᠦ ᠳᠠᠭᠠᠮᠤᠢ᠂ ᠬᠠᠭᠠᠨ ᠡᠵᠡᠨ ᠤᠪᠠᠳᠢᠰ ᠲᠤᠷ ᠬᠡᠷᠡᠭᠯᠡᠬᠦ ᠡᠮ᠂ ᠭᠬᠢᠪ᠂ ᠯᠠᠳᠠ ᠶ᠋ᠢᠨ ᠵᠦᠢᠯ ᠬᠢᠭᠡᠳ ᠰᠡᠴᠡᠨ ᠰᠡᠷᠭᠦᠯᠡᠩ᠂ ᠠᠷᠢᠭᠤᠨ ᠴᠡᠪᠡᠷ᠂ ᠭᠤᠸ᠎ᠠ ᠦᠵᠡᠰᠬᠦᠯᠡᠩ᠂ ᠪᠠᠭ᠎ᠠ ᠪᠤᠯᠪᠠᠷᠠᠢ ᠠᠷᠪᠠᠨ ᠲᠠᠪᠤ ᠵᠢᠷᠭᠤᠭ᠎ᠠ ᠳᠣᠯᠣᠭ᠎ᠠ ᠨᠠᠰᠤᠲᠤ ᠥᠬᠢᠳ ᠶᠢᠰᠦ ᠶ᠋ᠢ ᠰᠣᠩᠭᠣᠨ ᠰᠢᠯᠭᠠᠵᠤ ᠪᠡᠯᠡᠳᠬᠡᠭᠡᠳ ᠤᠷᠢᠳᠠᠪᠡᠷ ᠬᠣᠲᠠ ᠶ᠋ᠢᠨ ᠭᠠᠳᠠᠨ᠎ᠠ ᠶᠡᠬᠡ ᠲᠩᠷᠢ ᠶ᠋ᠢᠨ ᠮᠠᠨᠳᠠᠯ ᠳᠡᠭᠲᠡᠷ ᠴᠣᠭᠴᠠᠯᠠᠨ ᠪᠠᠷᠢᠵᠤ᠂ ᠭᠤᠷᠪᠠᠨ ᠡᠳᠦᠷ ᠭᠤᠷᠪᠠᠨ ᠰᠥᠨᠢ ᠲᠩᠷᠢ ᠭᠠᠵᠠᠷ ᠤ᠋ᠨ ᠴᠡᠷᠢᠭ ᠢ᠋ ᠪᠣᠯᠪᠠᠰᠤᠷᠠᠭᠤᠯᠤᠨ ᠣᠯᠠᠨ ᠳ᠋ᠤᠷ ᠦᠵᠡᠭᠦᠯᠵᠦ᠂ ᠢᠲᠡᠭᠡᠮᠵᠢᠯᠡᠨ ᠰᠦᠰᠦᠭᠯᠡᠭᠦᠯᠵᠦ᠂ ᠳᠠᠷᠠᠭ᠎ᠠ ᠪᠠᠷ ᠰᠠᠶᠢ ᠭᠠᠵᠠᠷ ᠭᠠᠵᠠᠷ ᠤ᠋ᠨ ᠰᠦᠪᠡ ᠠᠮᠠᠨ ᠪᠠ ᠪᠣᠭᠣᠮᠲᠠ ᠬᠠᠪᠴᠢᠯ ᠬᠣᠷᠣᠭ᠎ᠠ ᠴᠠᠢᠵᠠ ᠬᠣᠲᠠ ᠪᠠᠯᠭᠠᠰᠤᠨ᠎ᠠ ᠵᠠᠩᠵᠤᠨ ᠴᠡᠷᠢᠭ ᠦ᠋ᠳ ᠬᠤᠪᠢᠶᠠᠨ ᠰᠠᠬᠢᠭᠤᠯᠵᠤ ᠲᠤᠯᠤᠭᠤᠯᠬᠤ ᠶ᠋ᠢ ᠪᠡᠯᠡᠳᠬᠡᠪᠡᠰᠦ ᠵᠣᠬᠢᠮᠤᠢ 》ᠬᠡᠮᠡᠭᠰᠡᠨ ᠳ᠋ᠦ᠍ᠷ ᠲᠠᠩᠭᠤᠳ ᠤ᠋ᠨ ᠡᠵᠡᠨ ᠯᠢ ᠠᠨ ᠴᠢᠦᠸᠠᠨ ᠤ᠋ ᠬᠡᠬᠦᠳᠡᠭ ᠴᠡᠭᠡᠵᠢᠨ ᠦ᠌ ᠳᠣᠲᠣᠷᠠᠬᠢ ᠠᠯᠢᠪᠠ ᠰᠡᠵᠢᠭ ᠲᠠᠭᠠᠮᠵᠢᠯᠠᠯ᠂ ᠲᠦᠳᠡᠯ ᠪᠣᠯᠭᠣᠮᠵᠢᠯᠠᠯ ᠢ᠋ ᠪᠦᠷᠢᠨ᠎ᠡ ᠪᠡᠷ ᠳᠡᠯᠭᠡᠷᠡᠩᠭᠦᠶᠡ ᠢᠯᠡᠷᠬᠡᠢᠯᠡᠨ ᠭᠠᠷᠭᠠᠵᠤ᠂ ᠲᠠᠢᠯᠤᠨ ᠳᠡᠯᠭᠡᠵᠦ ᠬᠡᠯᠡᠭᠰᠡᠨ ᠳ᠋ᠦ᠍ᠷ ᠯᠢ ᠠᠨ ᠴᠢᠦᠸᠠᠨ ᠭᠡᠳᠡᠰᠦ ᠪᠡᠨ ᠬᠠᠭᠠᠷᠠᠲᠠᠯ᠎ᠠ ᠪᠠᠶᠠᠷᠯᠠᠵᠤ᠂ ᠪᠡᠶᠡᠰᠦᠨ ᠬᠠᠳᠠᠭᠠᠨᠠᠨ ᠢᠨᠢᠶᠡᠵᠦ᠂ ᠤᠪᠠᠳᠢᠰ ᠶᠢᠯᠸᠢᠰ ᠦ᠋ᠨ ᠡᠯ᠎ᠡ ᠬᠡᠷᠡᠭᠯᠡᠯ ᠢ᠋ ᠲᠠᠩᠭᠤᠳ ᠤᠯᠤᠰ ᠤ᠋ᠨ ᠳᠣᠯᠣᠭᠠᠨ ᠬᠠᠭᠠᠨ ᠤ᠋ ᠬᠤᠷᠢᠶᠠᠭᠰᠠᠨ ᠶᠡᠬᠡ ᠰᠠᠩ ᠬᠥᠮᠥᠷᠭᠡ ᠶ᠋ᠢᠨ ᠳᠣᠲᠣᠷ᠎ᠠ ᠠ᠋ᠴᠠ ᠨᠢᠭᠡᠨᠲᠡ ᠴᠥᠮ ᠪᠦᠷᠢᠳᠬᠡᠭᠡᠳ᠂ ᠶᠢᠰᠦᠨ ᠰᠠᠢᠬᠠᠨ ᠥᠬᠢᠳ ᠢ᠋ ᠣᠷᠳᠣᠨ ᠤ᠋ ᠳᠣᠲᠣᠷᠠᠬᠢ ᠴᠠᠭᠠᠵᠠ ᠬᠣᠷᠣᠭ᠎ᠠ ᠳ᠋ᠤᠷ ᠪᠠᠢᠬᠤ ᠮᠢᠩᠭᠠᠨ ᠰᠢᠬᠠᠮ ᠣᠷᠳᠣᠨ ᠤ᠋ ᠥᠬᠢᠳ ᠦ᠋ᠨ ᠳᠣᠲᠣᠷ᠎ᠠ ᠠ᠋ᠴᠠ ᠴᠠᠭ ᠳᠣᠲᠣᠷ᠎ᠠ ᠰᠣᠩᠭᠣᠨ ᠣᠯᠵᠤ᠂ ᠲᠡᠷᠢᠭᠦᠯᠡᠭᠰᠡᠨ ᠨᠢᠭᠡᠨ ᠥᠬᠢᠨ ᠢᠨᠦ᠂ ᠣᠢᠷ᠎ᠠ ᠳᠡᠭᠦᠦ ᠶ᠋ᠢᠨ ᠪᠦᠸᠧᠵᠦ ᠠᠪᠠᠬᠠᠢ᠂ ᠵᠢᠶᠦ᠋ᠨ ᠵᠣ᠌ ᠴᠣᠯᠠᠲᠤ ᠨᠢᠩ ᠨᠢᠩ ᠨᠡᠷᠡᠲᠦ ᠬᠡᠲᠦᠷᠬᠡᠶ᠎ᠡ ᠰᠡᠴᠡᠨ ᠰᠡᠷᠭᠦᠯᠡᠩ ᠰᠠᠯᠬᠢᠨ ᠰᠠᠷᠠᠨ ᠤ᠋ ᠬᠡᠭᠡᠨᠴᠢᠷ ᠦᠵᠡᠰᠬᠦᠯᠡᠩ ᠬᠥᠮᠦᠨ᠂ ᠬᠡᠳᠦᠢᠨ ᠡᠴᠡ ᠶ᠋ᠢᠨ ᠭᠦᠩᠵᠦ ᠶ᠋ᠢᠨ ᠡᠷᠳᠡᠮ ᠴᠢᠳᠠᠯ ᠳ᠋ᠤᠷ ᠪᠠᠬᠠᠷᠬᠠᠨ ᠠᠮᠲᠠᠷᠬᠠᠭᠰᠠᠭᠠᠷ ᠲᠤᠯᠠ ᠡᠨᠡ ᠤᠳᠠᠭ᠎ᠠ ᠮᠥᠨ ᠬᠦ᠌ ᠲᠡᠭᠷᠢ ᠠᠭᠤᠯᠠᠨ ᠤ᠋ ᠬᠤᠪᠢᠯᠭᠠᠨ ᠪᠣᠮᠪᠣ ᠴᠢᠦ ᠴᠦ ᠵᠢᠢ ᠬᠡᠮᠡᠬᠦᠢ ᠳ᠋ᠦ᠍ᠷ ᠥᠪᠡᠷᠦᠨ ᠲᠠᠯ᠎ᠠ ᠠ᠋ᠴᠠ ᠳᠤᠷᠠᠲᠠᠶ᠎ᠠ ᠬᠠᠭᠠᠨ ᠳ᠋ᠠᠭᠠᠨ ᠠᠢᠯᠠᠳᠬᠠᠵᠤ᠂ ᠶᠢᠰᠦᠨ ᠥᠬᠢᠳ ᠦ᠋ᠨ ᠲᠡᠷᠢᠭᠦᠨ ᠳ᠋ᠦ᠍ᠷ ᠣᠷᠣᠵᠤ᠂ ᠤᠷᠢᠳᠠ ᠰᠦᠨᠳᠦ ᠤᠰᠤᠨ ᠳ᠋ᠤᠷ ᠪᠡᠶ᠎ᠡ ᠤᠬᠢᠶᠠᠯᠠᠨ᠂ ᠳᠠᠷᠠᠭ᠎ᠠ ᠪᠠᠷ ᠰᠠᠶᠢ ᠬᠦᠵᠢᠰ ᠴᠡᠴᠡᠭ ᠦ᠋ᠨ ᠦᠷᠡᠰ ᠦ᠋ᠨ ᠲᠣᠰᠣᠲᠤ ᠠᠩᠬᠢᠯᠤᠮᠠᠯ ᠣᠰᠤᠨ᠎ᠠ ᠰᠥᠨᠢ ᠪᠦᠷᠢ ᠤᠬᠢᠶᠠᠯᠠᠨ ᠠᠯᠲᠠᠨ ᠰᠤᠪᠤᠳ᠂ ᠬᠠᠰ ᠪᠢᠳᠦᠷᠶ᠎ᠡ ᠶ᠋ᠢᠨ ᠬᠠᠳᠠᠮᠠᠯ ᠴᠡᠩᠭᠢᠯᠵᠠᠭᠤᠷᠲᠤ ᠡᠷᠲᠡᠨ ᠦ᠌ ᠬᠠᠨ ᠤᠯᠤᠰ ᠤ᠋ᠨ ᠾᠦᠳᠢ ᠬᠠᠭᠠᠨ ᠤ᠋ ᠸᠠᠩ ᠶᠠᠨ ᠨᠡᠷᠡᠲᠦ ᠰᠢᠳᠠᠷ ᠰᠠᠢᠳ ᠤ᠋ᠨ ᠭᠠᠷᠭᠠᠭᠰᠠᠨ ᠲᠡᠭᠷᠢ ᠶ᠋ᠢᠨ ᠥᠬᠢᠳ ᠦ᠋ᠨ ᠵᠠᠭᠤᠨ ᠪᠦᠴᠡ ᠮᠢᠩᠭᠠᠨ ᠴᠠᠴᠤᠭ ᠤᠭᠠᠯᠵᠠᠲᠤ᠂ ᠬᠤᠪᠢᠯᠭᠠᠨ ᠷᠠᠬᠢᠨᠢ ᠶ᠋ᠢᠨ ᠲᠩᠷᠢ ᠶ᠋ᠢᠨ ᠬᠤᠪᠴᠠᠳ ᠢ᠋ ᠡᠮᠦᠰᠦᠯᠴᠡᠨ᠂ ᠭᠤᠷᠪᠠᠨ ᠡᠳᠦᠷ ᠦ᠋ᠨ ᠴᠡᠪᠡᠷᠯᠡᠯ ᠭᠦᠢᠴᠡᠵᠦ᠂ ᠳᠠᠷᠤᠢ ᠬᠣᠲᠠ ᠶ᠋ᠢᠨ ᠭᠠᠳᠠᠨᠠᠬᠢ ᠲᠩᠷᠢ ᠶ᠋ᠢᠨ ᠮᠠᠨᠳᠠᠯ ᠳᠡᠭᠲᠡᠷ ᠲᠣᠷ ᠠᠪᠠᠷᠢᠨ ᠲᠦᠭ ᠲᠦᠮᠡᠨ ᠵᠤᠯᠠ ᠭᠡᠷᠡᠯ᠂ ᠬᠦᠵᠢᠰ ᠵᠠᠭᠠᠷ ᠤ᠋ᠨ ᠤᠲᠤᠭ᠎ᠠ ᠤᠨᠢᠶᠠᠷ ᠮᠢᠩᠭᠠᠨ ᠠᠶᠠᠯᠭᠤ ᠲᠦᠮᠡᠨ ᠬᠥᠭᠵᠢᠮ᠂ ᠶᠢᠰᠦ ᠶᠢᠰᠦᠨ ᠦ᠌ ᠶᠢᠰᠦᠨ ᠮᠡᠩᠭᠡ ᠶ᠋ᠢᠨ ᠶᠢᠰᠦᠨ ᠥᠩᠭᠡ ᠶ᠋ᠢᠨ ᠲᠤᠭ ᠰᠢᠭᠦᠷ ᠳᠠᠯᠪᠠᠭ᠎ᠠ ᠪᠠᠷ ᠶᠢᠰᠦ ᠶᠢᠰᠦᠨ ᠦ᠌ ᠳᠡᠭᠲᠡᠷ ᠢ᠋ᠶ᠋ᠡᠷ ᠵᠢᠭᠰᠠᠭᠠᠯ ᠵᠢᠭᠰᠠᠭᠠᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠥᠮᠦᠨ ᠦ᠌ ᠭᠬᠢᠪ ᠲᠣᠷᠭ᠎ᠠ ᠶ᠋ᠢᠨ ᠳᠠᠯᠪᠠᠭ᠎ᠠ ᠬᠢᠭᠢᠷᠢ ᠪᠡᠷ ᠶᠢᠰᠦᠨ ᠳᠠᠪᠬᠤᠷ ᠤ᠋ᠨ ᠬᠣᠲᠠ ᠴᠣᠭᠴᠠᠯᠠ᠂ ᠤᠪᠠᠳᠢᠰ ᠢ᠋ ᠡᠭᠦᠰᠬᠡᠨ ᠶᠢᠰᠦᠨ ᠥᠩᠭᠡ ᠶ᠋ᠢᠨ ᠤᠲᠤᠭᠠᠨ ᠤ᠋ ᠡᠮ ᠦ᠋ᠨ ᠬᠢᠰᠠ ᠶ᠋ᠢ ᠨᠣᠴᠣᠭᠠᠨ ᠰᠢᠲᠠᠭᠠᠵᠤ᠂ ᠶᠢᠰᠦᠨ ᠥᠩᠭᠡ ᠶ᠋ᠢᠨ ᠡᠭᠦᠯᠡ ᠪᠣᠯᠭᠠᠨ ᠬᠤᠪᠢᠯᠭᠠᠵᠤ ᠮᠥᠨ ᠶᠢᠰᠦᠨ ᠥᠩᠭᠡ ᠶ᠋ᠢᠨ ᠭᠬᠢᠪ ᠲᠣᠷᠭ᠎ᠠ ᠪᠠᠷ ᠭᠠᠳᠠᠷᠯᠠᠭᠰᠠᠨ ᠶᠢᠰᠦᠨ ᠡᠩ ᠬᠤᠯᠤᠰᠤᠨ ᠤ᠋ ᠬᠠᠯᠢᠰᠤᠨ ᠤ᠋ ᠴᠢᠬᠢᠷᠰᠦ ᠳ᠋ᠦ᠍ᠷ ᠶᠢᠰᠦᠨ ᠥᠬᠢᠳ ᠢ᠋ ᠵᠣᠭᠰᠣᠭᠠᠨ ᠭᠠᠷ ᠲᠤᠷ ᠴᠥᠮ ᠲᠣᠰᠣᠳᠠᠭᠰᠠᠨ ᠲᠣᠷᠭ᠎ᠠ ᠲᠥᠷᠭᠡ ᠶ᠋ᠢᠨ ᠶᠡᠬᠡ ᠳᠡᠯᠪᠢᠭᠲᠦ ᠰᠢᠭᠦᠷ ᠪᠠᠷᠢᠭᠤᠯᠤᠨ ᠣᠳᠣᠳ ᠢ᠋ ᠤᠷᠢᠬᠤ᠂ ᠶᠢᠰᠦᠨ ᠥᠩᠭᠡ ᠶ᠋ᠢᠨ ᠬᠥᠩᠭᠡᠨ ᠭᠬᠢᠪ᠂ ᠯᠠᠳᠠ᠂ ᠯᠢᠩ᠂ ᠯᠦᠸᠧ ᠶ᠋ᠢᠨ ᠮᠠᠨᠵᠢᠯᠭ᠎ᠠ ᠬᠢᠭᠢᠷᠢ ᠪᠠᠷᠢᠯᠴᠠᠨ᠂ ᠥᠪᠡᠷᠦᠨ ᠪᠡᠶ᠎ᠡ ᠨᠡᠢᠲᠡ ᠪᠡᠷ ᠴᠥᠮ ᠬᠠᠪ ᠬᠠᠷ᠎ᠠ ᠪᠠᠷ ᠴᠢᠮᠡᠭᠯᠡᠨ᠂ ᠦᠰᠦ ᠪᠡᠨ ᠲᠠᠯᠪᠢᠨ᠂ ᠬᠥᠯ ᠨᠢᠴᠦᠭᠦᠯᠡᠨ᠂ ᠭᠠᠷ ᠲᠤᠷ ᠨᠢᠳᠦ ᠭᠢᠯᠠᠰᠤᠮ᠎ᠠ ᠤᠲᠤᠭ᠎ᠠ ᠶ᠋ᠢᠨ ᠥᠩᠭᠡᠲᠦ ᠬᠥᠬᠡ ᠭᠠᠯ ᠳᠤᠷᠪᠠᠯᠵᠠᠨ ᠭᠢᠯᠪᠠᠰᠬᠤ ᠬᠤᠪᠢᠯᠭᠠᠨ ᠢ᠋ ᠠᠯᠠᠬᠤ ᠵᠠᠨ ᠰᠢᠶᠠᠨ ᠰᠡᠯᠡᠮ᠎ᠡ ᠪᠠᠷᠢᠵᠤ᠂ ᠠᠮᠠᠨ ᠳ᠋ᠤᠷ ᠲᠠᠷᠨᠢ ᠤᠩᠰᠢᠨ᠂ ᠭᠠᠷ ᠢ᠋ᠶ᠋ᠠᠷ ᠴᠠᠭᠵᠠ ᠬᠢᠵᠦ᠂ ᠠᠮᠠᠨ ᠢ᠋ᠶ᠋ᠠᠷ ᠭᠠᠯ ᠤ᠋ᠨ ᠴᠤᠷᠮᠠᠳᠠᠰᠤᠨ ᠤ᠋ ᠨᠥᠯᠡ ᠶ᠋ᠢ ᠬᠡᠳᠦᠨ ᠠᠯᠲᠠ ᠶ᠋ᠢᠨ ᠬᠣᠯᠠ ᠦᠯᠢᠶᠡᠨ ᠭᠠᠷᠭᠠᠵᠤ᠂ ᠰᠡᠯᠡᠮ᠎ᠡ ᠪᠡᠷ ᠵᠢᠭᠠᠨ ᠨᠢᠭᠡᠨᠲᠡ ᠵᠠᠩᠳᠠᠨ ᠴᠠᠭᠠᠨ ᠨᠢᠳᠦᠨ ᠴᠠᠢᠪᠠᠢᠵᠤ ᠤᠷᠪᠠᠭᠠᠳ ᠮᠠᠭᠤᠬᠠᠢ ᠵᠡᠪᠡᠭᠦᠨ ᠳᠠᠭᠤᠨ ᠢ᠋ᠶ᠋ᠠᠷ ᠨᠢᠭᠡᠨᠲᠡ ᠬᠠᠰᠬᠢᠷᠤᠮᠠᠭᠴᠠ᠂ ᠭᠠᠯ ᠪᠦᠭᠦᠳᠡ ᠴᠢᠬᠡ ᠪᠣᠰᠴᠤ ᠬᠥᠭᠵᠢᠨ᠂ ᠤᠲᠤᠭ᠎ᠠ ᠪᠦᠷᠢ ᠡᠪᠬᠡᠷᠡᠯᠳᠦᠨ ᠣᠷᠢᠶᠠᠯᠳᠤᠨ ᠪᠠᠭᠯᠠᠷᠠᠯᠳᠤᠵᠤ ᠶᠢᠰᠦᠨ ᠥᠩᠭᠡ ᠶ᠋ᠢᠨ ᠭᠬᠢᠪ ᠴᠢᠭᠢᠷᠰᠣᠨ ᠤ᠋ ᠮᠠᠨᠳᠠᠯ ᠬᠠᠮᠲᠤᠪᠠᠷ ᠳᠡᠭᠳᠡᠨ ᠮᠠᠨᠳᠤᠵᠤ᠂ ᠥᠪᠡᠷᠦᠨ ᠪᠡᠶ᠎ᠡ ᠦᠷᠪᠡᠯᠵᠡᠬᠦ ᠬᠥᠬᠡ ᠭᠠᠯ ᠤ᠋ᠨ ᠣᠷᠢᠶᠠᠯᠳᠤᠭᠰᠠᠨ ᠯᠤᠤ ᠶᠢᠰᠦᠭᠦᠯᠡ ᠶ᠋ᠢᠨ ᠲᠣᠯᠣᠭᠠᠢ ᠳ᠋ᠤᠷ ᠭᠢᠰᠬᠢᠵᠦ ᠳᠡᠭᠡᠭᠰᠢ ᠮᠠᠨᠳᠤᠨ ᠳᠡᠭᠳᠡᠵᠦ ᠭᠠᠷᠪᠠ᠃ ᠳᠠᠷᠠᠭ᠎ᠠ ᠪᠠᠷ ᠮᠥᠨ ᠬᠦ᠌ ᠶᠢᠰᠦᠨ ᠥᠩᠭᠡ ᠶ᠋ᠢᠨ ᠲᠦᠭ ᠲᠦᠮᠡᠨ ᠦ᠌ ᠳᠣᠷᠣᠭᠰᠢ ᠬᠠᠨᠳᠤᠭᠰᠠᠨ ᠠᠮᠠᠰᠠᠷ ᠲᠠᠢ ᠶᠢᠰᠦᠨ ᠥᠩᠭᠡ ᠶ᠋ᠢᠨ ᠪᠦᠷᠬᠦᠭᠦᠯᠲᠦ ᠵᠤᠯᠠ ᠬᠠᠮᠲᠤ ᠴᠤᠭᠭᠠᠷ ᠳᠡᠭᠳᠡᠨ ᠭᠠᠷᠴᠤ᠂ ᠣᠭᠲᠠᠷᠭᠤᠢ ᠳᠦᠭᠦᠷᠡᠩ ᠭᠡᠷᠡᠯ ᠭᠢᠯᠪᠠᠰᠤᠨ ᠵᠤᠯᠠ ᠰᠡᠯᠭᠦᠯᠳᠦᠵᠦ ᠳᠠᠬᠢᠨ ᠨᠢᠭᠡᠨᠲᠡ ᠵᠠᠩᠳᠠᠬᠤ ᠳᠠᠭᠤᠨ ᠰᠣᠨᠣᠰᠳᠠᠮᠠᠭᠴᠠ ᠵᠤᠯᠠ ᠶ᠋ᠢᠨ ᠳᠡᠭᠡᠷ᠎ᠡ ᠬᠠᠷ᠎ᠠ ᠮᠠᠨᠠᠨ ᠪᠦᠷᠬᠦᠵᠦ᠂ ᠳᠣᠲᠣᠷ᠎ᠠ ᠠᠨᠤ ᠲᠦᠭ ᠲᠦᠮᠡᠨ ᠰᠣᠨᠢᠨ ᠰᠡᠪᠡᠭᠦᠨ ᠳᠠᠭᠤᠨ ᠭᠠᠷᠴᠤ ᠬᠡᠳᠦᠢ ᠬᠥᠮᠦᠨ ᠦ᠌ ᠬᠣᠭᠣᠯᠠᠢ᠂ ᠴᠡᠷᠢᠭ ᠦ᠋ᠨ ᠬᠠᠰᠬᠢᠷᠤᠯ ᠳ᠋ᠤᠷ ᠠᠳᠠᠯᠢ ᠦᠭᠡᠢ ᠪᠣᠯᠪᠠᠴᠤ᠂ ᠲᠦᠷᠬᠢᠯᠭᠡᠨ ᠦᠢᠮᠡᠭᠡᠨ ᠱᠤᠤᠭᠢᠶᠠᠨ ᠪᠠᠭ᠎ᠠ ᠪᠤᠰᠤ᠃ ᠬᠠᠷᠠᠬᠠᠨ ᠡᠨᠡ ᠶᠡᠬᠡ ᠦᠢᠮᠡᠭᠡᠨᠡ ᠴᠢᠪᠬᠢᠲᠡᠯ᠎ᠡ ᠰᠠᠷᠳᠢᠭᠴᠢᠨ ᠤᠯᠤᠰ ᠤ᠋ᠨ ᠠᠮᠪᠠᠬᠠᠢ ᠬᠠᠭᠠᠨ ᠤ᠋ ᠠᠭᠲᠠ ᠠᠵᠢᠷᠭ᠎ᠠ᠂ ᠭᠦᠨ ᠬᠤᠴᠢᠲᠤ ᠡᠬᠡᠨᠡᠷ ᠥᠬᠢᠳ ᠡᠮ᠎ᠡ ᠲᠠᠲᠠᠪᠤᠷᠢᠲᠤ ᠶᠡᠬᠡ ᠭᠡᠷ ᠴᠡᠷᠢᠭ ᠦ᠋ᠳ ᠬᠦᠷᠦᠯᠴᠡᠨ ᠢᠷᠡᠯᠴᠡᠭᠡᠳ ᠪᠦᠭᠦᠳᠡᠭᠡᠷ ᠲᠡᠭᠷᠢ ᠶ᠋ᠢᠨ ᠤᠯᠤᠰ ᠲᠤᠷ ᠢᠷᠡᠯᠴᠡᠪᠡ ᠭᠡᠮᠡᠨ ᠭᠠᠢᠬᠠᠯᠳᠤᠬᠤᠢ ᠶ᠋ᠢ ᠴᠦ᠍ ᠪᠠᠢᠲᠤᠭᠠᠢ᠂ ᠲᠤᠰᠬᠠᠢ ᠲᠠᠩᠭᠤᠳ ᠤᠯᠤᠰ ᠤ᠋ᠨ ᠺᠦᠩ ᠹᠦᠽᠢ ᠶ᠋ᠢᠨ ᠪᠢᠴᠢᠭ ᠦ᠋ᠨ ᠰᠤᠷᠭᠠᠭᠤᠯᠢ ᠶ᠋ᠢᠨ ᠪᠠᠭᠰᠢ ᠨᠠᠷ ᠴᠤ᠌ ᠳᠠᠭᠤᠨ ᠠᠯᠳᠠᠯᠴᠠᠨ᠂ ᠨᠢᠳᠦ ᠪᠦᠯᠲᠡᠢᠯᠴᠡᠨ ᠮᠠᠨᠠᠷᠠᠨ ᠪᠠᠯᠠᠷᠠᠲᠠᠯ᠎ᠠ ᠭᠠᠢᠬᠠᠯᠳᠤᠪᠠ᠃ ᠡᠨᠡ ᠲᠠᠩᠭᠤᠳ ᠤᠯᠤᠰ ᠤ᠋ᠨ ᠲᠠᠪᠤᠳᠤᠭᠠᠷ ᠬᠠᠭᠠᠨ ᠯᠢ ᠰᠢᠶᠣᠤ ᠶ᠋ᠢᠨ ᠦᠶ᠎ᠡ ᠳ᠋ᠦ᠍ᠷ ᠺᠦᠩ ᠹᠦᠽᠢ ᠶ᠋ᠢᠨ ᠪᠢᠴᠢᠭ ᠦ᠋ᠨ ᠰᠤᠷᠭᠠᠭᠤᠯᠢ ᠶ᠋ᠢ ᠶᠡᠬᠡᠳᠡ ᠪᠠᠳᠠᠷᠠᠭᠤᠯᠤᠨ᠂ ᠢᠷᠭᠡᠨ ᠦ᠌ ᠪᠢᠴᠢᠭ ᠦᠰᠦᠭ ᠢ᠋ᠶ᠋ᠡᠷ ᠰᠢᠯᠭᠠᠵᠤ ᠮᠥᠴᠢᠬᠦ ᠬᠦᠷᠢᠶ᠎ᠡ ᠪᠠᠢᠭᠤᠯᠤᠭᠰᠠᠨ ᠢ᠋ᠶ᠋ᠠᠷ ᠲᠠᠩᠭᠤᠳ ᠤᠯᠤᠰ ᠤ᠋ᠨ ᠪᠢᠴᠢᠭ ᠦ᠋ᠨ ᠰᠤᠷᠭᠠᠯᠲᠠᠨ ᠣᠯᠠᠨᠲᠠ ᠪᠣᠢ ᠪᠥᠯᠥᠭᠡ᠃ ᠳᠡᠪᠡᠯ ᠮᠠᠯᠠᠭ᠎ᠠ ᠴᠤ᠌ ᠳᠠᠩ ᠤᠯᠤᠰ ᠤ᠋ᠨ ᠵᠡᠷᠭᠡ ᠬᠡᠷᠭᠡᠮᠲᠡᠨ ᠦ᠌ ᠶᠣᠰᠣᠭᠠᠷ ᠡᠮᠦᠰᠦᠭᠰᠡᠭᠡᠷ ᠬᠡᠳᠦᠢᠴᠢᠨᠡᠭᠡᠨ ᠦᠶ᠎ᠡ ᠪᠣᠯᠤᠭᠰᠠᠨ ᠪᠥᠯᠥᠭᠡ᠃ ᠡᠨᠡ ᠨᠢᠭᠡᠨ ᠦᠢᠮᠡᠭᠡᠨᠡ ᠨᠠᠢ᠍ᠮᠠᠨ ᠶᠢᠰᠦᠨ ᠬᠤᠪᠢ ᠶ᠋ᠢᠨ ᠪᠢᠴᠢᠭ ᠦ᠋ᠨ ᠡᠷᠳᠡᠮᠲᠦ ᠨᠣᠶᠠᠳ ᠲᠦᠰᠢᠮᠡᠳ ᠪᠠ ᠵᠠᠩᠵᠤᠨ ᠪᠠᠭᠠᠲᠤᠳ ᠠᠨᠤ ᠴᠥᠮ ᠰᠣᠴᠢᠯᠴᠠᠨ ᠭᠠᠢᠬᠠᠯᠳᠤᠵᠤ᠂ ᠮᠣᠩᠬᠠᠭᠤᠷᠠᠯᠴᠠᠨ ᠪᠠᠴᠢᠯᠠᠭᠳᠠᠵᠤ᠂ ᠦᠭᠡ ᠠᠶᠠᠰ ᠲᠤᠷ ᠴᠤ᠌ ᠪᠠᠰᠤᠮᠵᠢᠯᠠᠨ ᠬᠡᠯᠡᠯᠴᠡᠵᠦ ᠴᠢᠳᠠᠬᠤ ᠦᠭᠡᠢ ᠪᠣᠯᠲᠠᠯ᠎ᠠ ᠪᠢᠰᠢᠷᠡᠭᠦᠯᠵᠦᠬᠦᠢ᠃ ᠡᠭᠦᠨ ᠳ᠋ᠦ᠍ᠷ ᠣᠯᠠᠨ ᠲᠦᠮᠡᠨ ᠦ᠌ ᠳᠣᠲᠣᠷ᠎ᠠ᠂ ᠶᠡᠬᠡ ᠶᠣᠰᠣ ᠲᠡᠭᠷᠢ ᠶ᠋ᠢᠨ ᠴᠠᠭ ᠤ᠋ᠨ ᠲᠣᠭ᠎ᠠ ᠬᠡᠮᠵᠢᠶ᠎ᠡ ᠠᠭᠤᠷ ᠠᠮᠢᠰᠬᠤᠯ ᠤ᠋ᠨ ᠦᠨᠡᠨ ᠢ᠋ ᠨᠡᠪᠲᠡ ᠲᠠᠨᠢᠭᠰᠠᠨ ᠪᠢᠴᠢᠭ ᠦ᠋ᠨ ᠡᠷᠳᠡᠮᠲᠡᠨ ᠠᠵᠤ᠂ ᠤᠯᠤᠰ ᠭᠡᠷ ᠮᠥᠬᠥᠬᠦ ᠰᠢᠬᠠᠪᠠᠰᠤ᠂ ᠰᠣᠯᠢᠭᠤ ᠭᠠᠵᠢᠭᠤ ᠳᠡᠭᠳᠡᠬᠦ᠂ ᠵᠢᠭᠲᠡᠢ ᠰᠣᠯᠣᠭᠠᠢ ᠬᠡᠷᠬᠢᠪᠡᠴᠦ ᠭᠡᠮᠡᠨ ᠲᠥᠪ ᠴᠢᠬᠡ ᠶ᠋ᠢ ᠳᠠᠷᠤᠵᠤ ᠳᠡᠢᠯᠬᠦᠶ᠎ᠡ ᠪᠡᠷᠬᠡ ᠬᠡᠮᠡᠬᠦ ᠦᠭᠡᠰ ᠢ᠋ ᠬᠡᠯᠡᠭᠴᠢᠳ ᠨᠢᠵᠡᠭᠡᠳ ᠬᠣᠰᠢᠭᠠᠳ ᠪᠣᠢ ᠪᠣᠯᠪᠠᠴᠤ᠂ ᠣᠯᠠᠨ ᠢ᠋ᠶ᠋ᠠᠷ ᠲᠡᠷᠡ ᠦᠭᠡᠰ ᠢ᠋ ᠰᠣᠨᠣᠰᠬᠤ ᠦᠭᠡᠢ ᠳ᠋ᠦ᠍ᠷ ᠬᠦᠷᠲᠡᠯ᠎ᠡ ᠰᠣᠴᠢᠯᠴᠠᠨ ᠪᠢᠰᠢᠷᠡᠯᠴᠡᠭᠡᠳ᠂ ᠶᠡᠬᠡ ᠰᠠᠢᠳ ᠤ᠋ᠳ ᠭᠣᠣ ᠮᠢᠩ ᠯᠢᠩ ᠬᠦᠩ᠃ ᠪᠠᠷᠠᠭᠤᠨ ᠳ᠋ᠠᠬᠢ ᠰᠢ ᠪᠧᠢ ᠰᠧ᠂ ᠸᠧᠢ ᠮᠢᠩ ᠯᠢᠩ ᠬᠦᠩ ᠦ᠋ᠨ ᠵᠡᠷᠭᠡ ᠶ᠋ᠢᠨ ᠨᠣᠶᠠᠳ ᠠ᠋ᠴᠠ ᠡᠬᠢᠯᠡᠨ᠂ ᠸᠠᠩ ᠬᠦᠩ ᠠᠮᠪᠠᠰ ᠲᠦᠰᠢᠮᠡᠳ᠂ ᠵᠠᠩᠵᠤᠨ ᠴᠡᠷᠢᠭ ᠪᠠᠭᠠᠲᠤᠳ ᠬᠤᠶᠠᠭ ᠤ᠋ᠳ ᠤᠯᠤᠰ ᠢᠷᠭᠡᠳ ᠲᠣᠷ ᠬᠦᠷᠲᠡᠯ᠎ᠡ ᠦᠬᠦᠰᠢᠷᠡᠨ ᠪᠢᠰᠢᠷᠡᠵᠦ ᠦᠨᠡᠨ ᠰᠦᠰᠦᠭᠯᠡᠵᠦᠬᠦᠢ᠃ ᠡᠭᠦᠨ ᠳ᠋ᠦ᠍ᠷ ᠲᠠᠩᠭᠤᠳ ᠤ᠋ᠨ ᠬᠠᠭᠠᠨ ᠯᠢ ᠠᠨ ᠴᠢᠦᠸᠠᠨ ᠤᠭ ᠠ᠋ᠴᠠ ᠮᠥᠨ ᠪᠥᠭᠡᠴᠢ ᠡᠯᠢᠶᠡᠴᠢ ᠶ᠋ᠢ ᠪᠢᠰᠢᠷᠡᠳᠡᠭ ᠪᠠᠬᠠᠨ ᠪᠡᠯᠡᠩᠴᠢ ᠵᠠᠩ ᠲᠠᠢ ᠳᠡᠭᠡᠷ᠎ᠡ᠂ ᠡᠳᠦᠭᠡ ᠪᠠᠰᠠ ᠮᠣᠩᠭᠣᠯ ᠯᠤᠭ᠎ᠠ ᠦᠬᠦᠬᠦ ᠰᠡᠬᠡᠬᠦ ᠶ᠋ᠢ ᠢᠯᠭᠠᠷᠠᠲᠠᠯᠠ ᠨᠢᠭᠡᠨ ᠤᠳᠠᠭ᠎ᠠ ᠶᠡᠬᠡᠯ᠎ᠡ ᠴᠡᠷᠢᠭᠯᠡᠨ ᠰᠡᠳᠬᠢᠯ ᠢ᠋ᠶ᠋ᠡᠨ ᠭᠦᠢᠴᠡᠳᠬᠡᠨ ᠦᠨᠡᠬᠡᠷ ᠳᠠᠷᠤᠭᠳᠠᠪᠠᠴᠤ ᠭᠣᠮᠣᠳᠠᠬᠤ ᠦᠭᠡᠢ ᠭᠡᠮᠡᠨ ᠬᠠᠷᠠᠬᠠᠨ ᠱᠦᠯᠬᠦᠲᠦᠬᠦ ᠦᠶ᠎ᠡ ᠲᠤᠯᠠ ᠡᠨᠡ ᠨᠢᠭᠡᠨ ᠬᠤᠪᠢᠯᠭᠠᠨ ᠵᠢᠭᠰᠠᠭᠠᠯ ᠤ᠋ᠨ ᠭᠠᠢᠬᠠᠯ ᠳ᠋ᠤᠷ ᠰᠠᠨᠠᠭᠠᠨ ᠤ᠋ ᠳᠣᠲᠣᠷ᠎ᠠ ᠠᠷᠪᠠᠨ ᠬᠤᠪᠢ ᠬᠠᠨᠲᠠᠯ᠎ᠠ ᠪᠡᠶᠡᠰᠦᠨ᠂ ᠶᠡᠬᠡ ᠱᠠᠩ ᠬᠤᠷᠢᠮ ᠲᠠᠯᠪᠢᠨ ᠡᠬᠢᠯᠡᠵᠦ᠂ ᠲᠡᠷᠢᠭᠦᠨ ᠰᠥᠨᠢ ᠭᠠᠯ ᠤ᠋ᠨ ᠵᠢᠭᠰᠠᠭᠠᠯ ᠤ᠋ᠨ ᠲᠡᠭᠷᠢ ᠶ᠋ᠢᠨ ᠴᠡᠷᠢᠭ᠂ ᠪᠤᠷᠴᠠᠭ ᠰᠠᠴᠤᠵᠤ ᠴᠡᠷᠢᠭ ᠪᠣᠯᠭᠠᠨ᠂ ᠳᠡᠳ᠋ ᠰᠥᠨᠢ ᠣᠳᠣᠳ ᠤ᠋ᠨ ᠴᠢᠭᠤᠯᠭᠠᠨ ᠤ᠋ ᠰᠠᠬᠢᠭᠤᠯᠰᠤᠨ ᠢᠯᠡᠷᠡᠵᠦ᠂ ᠲᠠᠪᠤᠨ ᠥᠩᠭᠡ ᠶᠢᠰᠦᠨ ᠭᠡᠷᠡᠯ ᠦ᠋ᠨ ᠰᠠᠬᠢᠭᠤᠯᠰᠤᠨ ᠢᠯᠡᠷᠡᠨ᠂ ᠬᠣᠲᠠᠭᠠᠷ ᠰᠥᠨᠢ ᠵᠤᠯᠠ ᠴᠢᠮᠡᠭ ᠢ᠋ ᠴᠥᠮ ᠬᠣᠷᠢᠶᠠᠨ᠂ ᠡᠯᠡᠰᠦ ᠬᠡᠢᠰᠬᠡᠨ ᠴᠢᠯᠠᠭᠤᠨ ᠮᠥᠨᠳᠥᠷ ᠳᠡᠯᠡᠳᠦᠨ᠂ ᠲᠠᠪᠤᠨ ᠠᠶᠤᠩᠭ᠎ᠠ ᠶᠢᠰᠦᠨ ᠴᠠᠬᠢᠯᠭᠠᠨ ᠳᠡᠯᠪᠡᠷᠡᠨ ᠠᠶᠤᠩᠭᠠᠯᠠᠵᠤ᠂ ᠭᠠᠯ ᠭᠢᠯᠪᠠᠰᠤᠨ᠂ ᠬᠦ ᠳᠠᠷᠢ ᠶ᠋ᠢᠨ ᠦᠨᠦᠷ ᠦᠨᠦᠷᠲᠡᠨ ᠮᠠᠰᠢ ᠠᠶᠤᠮᠰᠢᠭᠲᠠᠢ ᠰᠦᠷᠡᠬᠡᠢ ᠪᠥᠭᠡᠳ ᠶᠢᠰᠦᠨ ᠥᠬᠢᠳ ᠦ᠋ᠨ ᠮᠢᠬᠠᠨ ᠪᠡᠶ᠎ᠡ ᠶ᠋ᠢ ᠳᠡᠭᠡᠭᠰᠢ ᠳᠡᠭᠳᠡᠭᠡᠨ ᠠᠪᠤᠨ ᠭᠠᠷᠴᠤ᠂ ᠬᠤᠪᠢᠯᠭᠠᠨ ᠰᠠᠬᠢᠭᠤᠯᠰᠤᠨ ᠴᠢᠳᠬᠥᠷ ᠰᠢᠮᠨᠤᠰ ᠦᠵᠡᠭᠳᠡᠭᠰᠡᠨ ᠢᠨᠦ ᠴᠢᠩ ᠦᠨᠡᠨ ᠲᠤᠯᠠ᠂ ᠨᠢᠭᠡᠮᠦᠰᠦᠨ ᠠᠷᠪᠠᠨ ᠬᠤᠪᠢ ᠲᠠᠢᠯᠤᠨ ᠳᠠᠷᠤᠬᠤ ᠪᠠᠷ ᠪᠣᠳᠣᠨ ᠲᠣᠭᠲᠠᠭᠠᠵᠤᠬᠤᠢ᠃ ᠣᠯᠠᠨ ᠪᠢᠴᠢᠭ ᠦ᠋ᠨ ᠰᠠᠢᠳ ᠤ᠋ᠳ ᠴᠤ᠌ ᠡᠷᠲᠡᠨ ᠦ᠌ ᠠᠯᠢᠪᠠ ᠰᠣᠯᠣᠭᠠᠢ ᠤᠪᠠᠳᠢᠰ ᠪᠠ ᠭᠠᠵᠢᠭᠤ ᠶᠢᠯᠸᠰ ᠢ᠋ ᠢᠲᠡᠭᠡᠭᠰᠡᠨ ᠪᠦᠬᠦᠨ ᠴᠥᠮ ᠡᠴᠦᠰ ᠲᠦ᠍ᠷ ᠡᠪᠳᠡᠷᠡᠨ ᠪᠦᠷᠢᠯᠦᠭᠰᠡᠨ ᠢ᠋ ᠬᠡᠯᠡᠯᠴᠡᠬᠦ ᠬᠥᠮᠦᠨ ᠦᠭᠡᠢ᠂ ᠭᠠᠭᠴᠠ ᠵᠢᠶᠠᠩ ᠽᠢ ᠶᠠ ᠶ᠋ᠢᠨ ᠡᠷᠳᠡᠮ᠂ ᠰᠦᠨ ᠡᠦ ᠽᠢ ᠶ᠋ᠢᠨ ᠴᠡᠷᠢᠭ᠂ ᠫᠠᠩ ᠵᠢᠦᠸᠠᠨ ᠤ᠋ ᠴᠠᠬᠢᠯᠭᠠᠨ᠂ ᠵᠣ᠌ ᠭᠧ ᠯᠢᠶᠠᠩ ᠤ᠋ᠨ ᠤᠪᠠᠳᠢᠰ ᠢ᠋ ᠲᠤᠷᠭᠢᠯᠠᠨ ᠬᠡᠯᠡᠯᠴᠡᠪᠡ᠃ ᠮᠥᠨ ᠮᠠᠨᠳᠠᠯ ᠳ᠋ᠤᠷ ᠳᠠᠪᠬᠤᠷ ᠨᠢᠭᠡᠨ ᠳᠡᠭᠲᠡᠷ ᠳᠡᠯᠡᠳᠴᠦ᠂ ᠶᠤᠸᠠᠨᠱᠤᠸᠠᠢ ᠡᠷᠭᠦᠮᠵᠢᠯᠡᠬᠦ ᠮᠠᠨᠳᠠᠯ ᠴᠣᠭᠴᠠᠯᠠᠨ᠂ ᠬᠠᠭᠠᠨ ᠥᠪᠡᠷᠦᠨ ᠪᠡᠶ᠎ᠡ ᠪᠡᠷ ᠲᠩᠷᠢ ᠭᠠᠵᠠᠷ ᠢ᠋ ᠳᠠᠬᠢᠵᠤ ᠲᠠᠪᠢᠭᠯᠠᠨ᠂ ᠵᠠᠭᠤᠨ ᠲᠦᠰᠢᠮᠡᠳ ᠴᠢᠦ ᠴᠦ ᠵᠢᠢ ᠬᠤᠪᠢᠯᠭᠠᠨ ᠢ᠋ ᠲᠡᠳᠬᠦᠯᠴᠡᠨ ᠮᠠᠨᠳᠠᠯ ᠳ᠋ᠤᠷ ᠠᠪᠠᠷᠢᠭᠤᠯᠤᠨ᠂ ᠲᠡᠭᠷᠢ ᠭᠠᠵᠠᠷ ᠡᠵᠡᠳ ᠰᠠᠬᠢᠭᠤᠯᠰᠤᠨ᠎ᠠ ᠶᠣᠰᠣᠯᠠᠨ᠂ ᠬᠠᠭᠠᠨ ᠡᠵᠡᠨ᠎ᠡ ᠮᠥᠷᠭᠥᠵᠦ᠂ ᠬᠠᠭᠠᠨ ᠡᠵᠡᠨ ᠭᠠᠷ ᠢ᠋ᠶ᠋ᠠᠷ ᠲᠦᠰᠢᠨ ᠶᠤᠸᠠᠨᠱᠤᠸᠠᠢ ᠶ᠋ᠢᠨ ᠲᠥᠪ ᠰᠠᠭᠤᠳᠠᠯ ᠳ᠋ᠤᠷ ᠰᠠᠭᠤᠯᠭᠠᠨ᠂ ᠶᠤᠸᠠᠨᠱᠤᠸᠠᠢ ᠡᠷᠭᠦᠮᠵᠢᠯᠡᠬᠦ ᠶᠣᠰᠣᠯᠠᠯ ᠤ᠋ᠨ ᠪᠢᠴᠢᠭ ᠢ᠋ ᠳᠠᠭᠤᠳᠠᠭᠤᠯᠤᠨ ᠳᠠᠭᠠᠯᠴᠠᠭᠤᠯᠤᠨ ᠰᠤᠷᠬᠤ ᠳᠡᠳ᠋ ᠶᠤᠸᠠᠨᠱᠤᠸᠠᠢ ᠭᠣᠣ ᠮᠢᠩ ᠯᠢᠩ ᠬᠦᠩ ᠳᠡᠳ᠋ ᠲᠣᠷ ᠵᠣᠭᠰᠣᠨ᠂ ᠪᠠᠷᠠᠭᠤᠨ ᠡᠲᠡᠭᠡᠳ ᠲᠣᠷ ᠲᠠᠢᠽᠢ ᠴᠢᠨ ᠸᠠᠩ ᠯᠢ ᠼᠦᠨ ᠰᠢᠦᠢ ᠵᠣᠭᠰᠣᠵᠤ᠂ ᠸᠧᠢ ᠮᠢᠩ ᠯᠢᠩ ᠬᠦᠩ᠂ ᠰᠢ ᠪᠧᠢ ᠰᠧ ᠬᠠᠭᠠᠨ ᠤ᠋ ᠬᠣᠶᠠᠷ ᠬᠠᠵᠠᠭᠤ ᠳ᠋ᠤᠷ ᠵᠣᠭᠰᠣᠵᠤ᠂ ᠬᠠᠭᠠᠨ ᠥᠪᠡᠷᠦᠨ ᠭᠠᠷ ᠢ᠋ᠶ᠋ᠠᠷ ᠶᠤᠸᠠᠨᠱᠤᠸᠠᠢ ᠶ᠋ᠢᠨ ᠲᠠᠮᠠᠭ᠎ᠠ ᠪᠠ ᠴᠠᠴᠤᠭ᠂ ᠳᠣᠬᠢᠶᠠᠨ ᠤ᠋ ᠳᠠᠯᠪᠠᠭ᠎ᠠ᠂ ᠴᠠᠭᠠᠵᠠᠨ ᠤ᠋ ᠵᠡᠪᠡ᠂ ᠵᠠᠩᠵᠤᠨ ᠨᠠᠷ ᠢ᠋ ᠠᠯᠠᠬᠤ ᠳᠡᠭᠡᠳᠦ ᠬᠠᠭᠠᠨ ᠤ᠋ ᠡᠷᠳᠡᠨᠢ ᠶ᠋ᠢᠨ ᠢᠯᠳᠦ ᠶ᠋ᠢ ᠡᠷᠭᠦᠨ ᠲᠤᠰᠢᠶᠠᠵᠤ᠂ ᠬᠠᠭᠠᠨ ᠬᠠᠵᠠᠭᠤ ᠶ᠋ᠢᠨ ᠰᠠᠭᠤᠲᠠᠯ᠎ᠠ ᠰᠠᠭᠤᠨ᠂ ᠵᠠᠭᠤᠨ ᠲᠦᠰᠢᠮᠡᠳ ᠶᠤᠸᠠᠨᠱᠤᠸᠠᠢ ᠶ᠋ᠢᠨ ᠲᠠᠮᠠᠭ᠎ᠠ ᠳ᠋ᠤᠷ ᠮᠥᠷᠭᠥᠵᠦ ᠴᠠᠭᠠᠵᠠ ᠶ᠋ᠢ ᠳᠠᠭᠠᠵᠤ᠂ ᠵᠠᠷᠯᠠᠯ ᠢ᠋ ᠰᠣᠨᠣᠰᠪᠠᠢ᠃ ᠴᠢᠦ ᠴᠦ ᠵᠢᠢ ᠬᠤᠪᠢᠯᠭᠠᠨ ᠨᠢᠭᠡᠨ ᠨᠢᠭᠡᠨ ᠢ᠋ᠶ᠋ᠡᠷ ᠬᠤᠪᠢᠶᠠᠨ ᠲᠣᠭᠲᠠᠭᠠᠵᠤ ᠴᠠᠭᠠᠵᠠ ᠵᠠᠷᠯᠠᠭᠰᠠᠨ ᠠᠨᠤ᠄
《ᠲᠡᠷᠢᠭᠦᠨ ᠠᠩᠭᠢ ᠳ᠋ᠤᠷ ᠲᠠᠢᠽᠢ ᠴᠢᠨ ᠸᠠᠩ ᠠᠷᠪᠠᠨ ᠰᠢᠳᠠᠷ ᠵᠠᠩᠵᠤᠨ ᠨᠠᠷ ᠢ᠋ ᠠᠪᠴᠤ᠂ ᠭᠤᠷᠪᠠᠨ ᠲᠦᠮᠡᠨ ᠴᠡᠷᠢᠭ ᠢ᠋ᠶ᠋ᠡᠷ ᠤᠯᠤᠰ ᠤ᠋ᠨ ᠭᠠᠳᠠᠭᠤᠷ ᠡᠷᠭᠢᠵᠦ ᠰᠦᠷ ᠦᠵᠡᠭᠦᠯᠦᠨ᠂ ᠣᠯᠠᠨ ᠴᠡᠷᠢᠭ ᠢᠷᠭᠡᠨ ᠦ᠌ ᠰᠡᠳᠬᠢᠯ ᠢ᠋ ᠪᠠᠲᠤᠳᠬᠠᠨ ᠣᠮᠣᠭᠰᠢᠭᠤᠯᠤᠨ ᠦᠢᠮᠡᠨ ᠲᠦᠷᠬᠢᠯᠡᠬᠦ ᠶ᠋ᠢ ᠳᠠᠷᠤᠩᠭᠤᠢᠯᠠᠨ᠂ ᠳᠡᠳ᠋ ᠶᠤᠸᠠᠨᠱᠤᠸᠠᠢ ᠭᠣᠣ ᠮᠢᠩ ᠯᠢᠩ ᠬᠦᠩ ᠦ᠋ᠨ ᠡᠮᠦᠨ᠎ᠡ ᠬᠣᠰᠢᠭᠤᠴᠢ ᠪᠣᠯᠤᠨ᠂ ᠠᠭᠤᠯᠠ ᠳ᠋ᠤᠷ ᠤᠴᠠᠷᠠᠪᠠᠰᠤ ᠵᠠᠮ ᠨᠡᠬᠡᠭᠡ᠂ ᠣᠰᠤᠨ᠎ᠠ ᠤᠴᠠᠷᠠᠪᠠᠰᠤ ᠬᠥᠭᠥᠷᠭᠡ ᠳᠡᠯᠪᠢ᠂ ᠲᠡᠢᠨ ᠳ᠋ᠦ᠍ᠷ ᠤᠴᠠᠷᠠᠪᠠᠰᠤ ᠳᠠᠪᠰᠢᠵᠤ ᠪᠠᠢᠯᠳᠤ᠂ ᠴᠡᠷᠢᠭ ᠲᠦ᠍ᠷ ᠤᠴᠠᠷᠠᠪᠠᠰᠤ ᠴᠢᠭᠯᠡᠵᠦ ᠣᠷᠣ᠂ ᠤᠷᠤᠭᠰᠢ ᠱᠤᠩᠭᠤᠯᠠᠪᠠᠰᠤ ᠪᠣᠯᠬᠤ ᠪᠣᠢ ᠶᠠ᠂ ᠬᠣᠢᠰᠢ ᠤᠬᠤᠷᠢᠪᠠᠰᠤ ᠴᠠᠪᠴᠢᠵᠤ ᠠᠯᠠᠮᠤᠢ᠃ ᠲᠠᠢᠽᠢ ᠡᠰᠡ ᠲᠡᠷᠢᠭᠦᠯᠡᠪᠡᠰᠦ ᠤᠳᠠᠭ᠎ᠠ ᠪᠦᠷᠢ ᠳᠠᠷᠤᠭᠳᠠᠭᠰᠠᠨ ᠲᠠᠩᠭᠤᠳ ᠤᠯᠤᠰ ᠤ᠋ᠨ ᠣᠯᠠᠨ ᠤ᠋ ᠰᠡᠳᠬᠢᠯ ᠢ᠋ ᠡᠳᠡᠭᠡᠷᠡᠭᠦᠯᠬᠦᠶᠡ ᠪᠡᠷᠬᠡ ᠪᠣᠯᠵᠤᠬᠤᠢ᠃ ᠲᠤᠬᠠᠢ ᠳ᠋ᠤᠷ ᠬᠦᠷᠦᠭᠰᠡᠨ ᠴᠠᠭᠳᠠ᠂ ᠲᠤᠬᠠᠢᠲᠤ ᠶᠤᠸᠠᠨᠱᠤᠸᠠᠢ ᠮᠢᠨᠦ ᠥᠪᠡᠷ᠎ᠡ ᠲᠤᠰᠠᠯᠠᠯ ᠪᠣᠢ ᠠᠮᠤᠢ᠃ ᠵᠢᠴᠢ ᠳᠡᠳ᠋ ᠶᠤᠸᠠᠨᠱᠤᠸᠠᠢ ᠭᠣᠣ ᠮᠢᠩ ᠯᠢᠩ ᠬᠦᠩ᠂ ᠲᠠᠪᠤᠨ ᠲᠦᠮᠡᠨ ᠦ᠌ ᠶᠡᠬᠡ ᠴᠡᠷᠢᠭ ᠢ᠋ ᠠᠪᠴᠤ᠂ ᠲᠠᠢᠽᠢ ᠶ᠋ᠢᠨ ᠬᠣᠢᠨ᠎ᠠ ᠶᠡᠬᠡ ᠬᠠᠢᠭᠤᠯ ᠬᠦᠷᠢᠶ᠎ᠡ ᠪᠠᠷᠢᠨ ᠶᠠᠪᠤᠵᠤ᠂ ᠤᠯᠤᠰ ᠤ᠋ᠨ ᠵᠠᠬ᠎ᠠ ᠵᠢᠷᠯᠤᠭ ᠬᠣᠲᠠ ᠶ᠋ᠢᠨ ᠭᠠᠳᠠᠨ᠎ᠠ ᠯᠢ ᠵᠢᠢ ᠯᠢ ᠬᠣᠷᠣᠭ᠎ᠠ ᠳ᠋ᠤᠷ ᠪᠠᠭᠤᠵᠤ᠂ ᠵᠠᠬ᠎ᠠ ᠬᠢᠵᠠᠭᠠᠷ ᠤ᠋ᠨ ᠤᠯᠤᠰ ᠣᠯᠠᠨ ᠤ᠋ ᠠᠶᠤᠯᠳᠤᠬᠤ ᠶ᠋ᠢ ᠨᠠᠮᠬᠠᠷᠠᠭᠤᠯᠤᠨ᠂ ᠬᠣᠰᠢᠭᠤᠴᠢ ᠲᠠᠢᠽᠢ ᠶ᠋ᠢᠨ ᠬᠣᠢᠨ᠎ᠠ ᠠ᠋ᠴᠠ ᠲᠤᠰᠠᠯᠠᠵᠤ ᠪᠠᠢᠯᠳᠤ᠃ ᠣᠷᠣᠭᠰᠢ ᠪᠠᠢᠯᠳᠤᠪᠠᠰᠤ ᠪᠣᠯᠬᠤ ᠪᠣᠢ ᠶᠠ᠂ ᠬᠣᠢᠰᠢ ᠤᠬᠤᠷᠢᠪᠠᠰᠤ ᠴᠠᠪᠴᠢᠨ ᠠᠯᠠᠮᠤᠢ᠃ ᠵᠢᠴᠢ ᠪᠠᠷᠠᠭᠤᠨ ᠡᠲᠡᠭᠡᠳ ᠦ᠋ᠨ ᠶᠡᠬᠡ ᠲᠠᠢᠹᠦ᠋ ᠲᠦᠰᠢᠮᠡᠯ ᠰᠢ ᠪᠠᠢᠰᠠ ᠠᠷᠪᠠᠨ ᠬᠠᠭᠤᠴᠢᠨ ᠵᠠᠩᠵᠤᠨ᠂ ᠲᠠᠪᠤᠨ ᠲᠦᠮᠡᠨ ᠴᠡᠷᠢᠭ ᠠᠪᠴᠤ᠂ ᠣᠯᠣᠭᠠᠢ ᠬᠣᠲᠠ ᠶ᠋ᠢ ᠪᠠᠲᠤᠯᠠᠨ ᠰᠠᠬᠢᠵᠤ᠂ ᠠᠷᠪᠠᠨ ᠵᠠᠩᠵᠤᠨ ᠳ᠋ᠤᠷ ᠬᠥᠮᠦᠨ ᠪᠦᠷᠢ ᠳ᠋ᠦ᠍ᠷ ᠲᠠᠪᠤᠨ ᠮᠢᠩᠭᠠᠨ ᠴᠡᠷᠢᠭ ᠵᠠᠬᠢᠷᠤᠭᠤᠯᠤᠨ ᠲᠠᠪᠤᠨ ᠵᠢᠰᠢᠶ᠎ᠠ ᠪᠠᠷ ᠡᠭᠡᠯᠵᠢᠯᠡᠭᠦᠯᠦᠨ᠂ ᠡᠮᠦᠨ᠎ᠡ ᠳᠡᠳ᠋ ᠶᠤᠸᠠᠨᠱᠤᠸᠠᠢ ᠪᠠ ᠲᠠᠢᠽᠢ ᠬᠣᠰᠢᠭᠤᠴᠢ ᠶ᠋ᠢᠨ ᠭᠠᠳᠠᠭᠤᠷ ᠲᠤᠷᠰᠢᠨ ᠡᠷᠭᠢᠵᠦ ᠮᠡᠳᠡᠭᠡ ᠠᠪᠤᠨ᠂ ᠣᠯᠣᠭᠠᠢ ᠬᠣᠲᠠ ᠳ᠋ᠤᠷ ᠳᠣᠪᠲᠣᠯᠭᠠᠨ ᠮᠡᠳᠡᠭᠦᠯᠦᠭᠦᠯᠦᠨ᠂ ᠴᠢᠬᠤᠯ ᠪᠠᠴᠢᠮ ᠳ᠋ᠤᠷ ᠲᠣᠬᠢᠶᠠᠯᠳᠤᠪᠠᠰᠤ ᠣᠷᠣᠵᠤ ᠲᠠᠢᠽᠢ ᠳ᠋ᠤᠷ ᠲᠤᠰᠠᠯᠠ᠂ ᠵᠠᠢ ᠦᠭᠡᠢ ᠬᠠᠢᠭᠤᠯᠯᠠᠨ ᠴᠠᠭᠳᠠᠪᠠᠰᠤ ᠪᠣᠯᠬᠤ ᠪᠣᠢ ᠶᠠ᠂ ᠵᠠᠢᠷᠬᠠᠨ ᠵᠠᠢᠯᠠᠵᠤ ᠤᠬᠤᠷᠢᠪᠠᠰᠤ ᠠᠯᠠᠮᠤᠢ᠃ ᠵᠢᠴᠢ ᠤᠯᠤᠰ ᠤ᠋ᠨ ᠶᠡᠬᠡ ᠰᠠᠢᠳ ᠸᠧᠢ ᠮᠢᠩ ᠯᠢᠩ ᠬᠦᠩ ᠠᠷᠪᠠᠨ ᠶᠡᠬᠡ ᠵᠠᠩᠵᠤᠨ ᠨᠠᠷ ᠢ᠋ ᠠᠪᠴᠤ ᠤᠯᠤᠰ ᠤ᠋ᠨ ᠴᠢᠬᠤᠯᠠ ᠠᠮᠠᠨ ᠰᠦᠪᠡ ᠶ᠋ᠢᠨ ᠶᠡᠬᠡ ᠢᠦᠢ ᠵᠧᠨ ᠪᠣᠭᠣᠮᠲᠠ ᠶ᠋ᠢᠨ ᠳᠣᠲᠣᠷ᠎ᠠ ᠲᠠᠪᠤᠨ ᠲᠦᠮᠡᠨ ᠴᠡᠷᠢᠭ ᠠᠪᠴᠤ ᠰᠠᠬᠢᠨ ᠬᠠᠳᠠᠭᠠᠯᠠᠵᠤ᠂ ᠠᠷᠪᠠᠨ ᠵᠠᠮ ᠤ᠋ᠨ ᠲᠤᠰᠠᠯᠠᠯ ᠤ᠋ᠨ ᠴᠡᠷᠢᠭ ᠢ᠋ ᠪᠡᠯᠡᠳᠬᠡᠵᠦ ᠰᠠᠭᠤᠭᠲᠤᠨ᠂ ᠮᠢᠨᠦ ᠪᠡᠶ᠎ᠡ ᠪᠣᠭᠣᠮᠲᠠᠨ ᠤ᠋ ᠭᠠᠳᠠᠨ᠎ᠠ ᠲᠠᠪᠤᠨ ᠣᠷᠣᠢᠲᠤ ᠠᠭᠤᠯᠠᠨ ᠤ᠋ ᠳᠣᠲᠣᠷ᠎ᠠ ᠰᠠᠬᠢᠭᠤᠯᠰᠤᠨ ᠬᠦᠷᠢᠶ᠎ᠡ ᠳ᠋ᠦ᠍ᠷ ᠪᠠᠭᠤᠵᠤ᠂ ᠲᠠᠪᠤᠨ ᠴᠠᠬᠢᠯᠭᠠᠨ ᠢ᠋ ᠪᠢᠰᠢᠯᠭᠠᠨ᠂ ᠮᠣᠩᠭᠣᠯ ᠤᠯᠤᠰ ᠤ᠋ᠨ ᠬᠤᠢᠬᠤᠷ ᠮᠤᠬᠤᠯᠢ ᠶ᠋ᠢ ᠲᠡᠭᠷᠢ ᠶ᠋ᠢᠨ ᠣᠷᠳᠣᠨ ᠳ᠋ᠤᠷ ᠠᠨᠤ ᠵᠠᠯᠠᠨ ᠠᠴᠢᠷᠠᠭᠤᠯᠤᠶᠠ᠃ ᠪᠤᠰᠤ ᠵᠠᠭᠤᠨ ᠨᠣᠶᠠᠳ ᠮᠢᠩᠭᠠᠨ ᠲᠦᠰᠢᠮᠡᠳ ᠬᠠᠭᠠᠨ ᠡᠵᠡᠨ ᠢ᠋ ᠬᠠᠮᠠᠭᠠᠯᠠᠨ᠂ ᠤᠯᠤᠰ ᠲᠥᠷᠥ ᠪᠡᠨ ᠰᠠᠬᠢᠵᠤ᠂ ᠬᠤᠷᠢᠮᠯᠠᠨ ᠵᠢᠷᠭᠠᠯᠳᠤᠵᠤ᠂ ᠪᠢᠳᠡ ᠪᠸᠲ᠋ᠠ᠋ ᠤᠯᠤᠰ ᠤ᠋ᠨ ᠮᠣᠩᠭᠣᠯ ᠯᠤᠭ᠎ᠠ ᠲᠤᠯᠤᠯᠴᠠᠬᠤ ᠶ᠋ᠢ ᠦᠵᠡᠭᠳᠡᠬᠦᠢ ! 》 ᠭᠡᠮᠡᠨ ᠲᠤᠰ ᠲᠤᠰ ᠲᠤᠷ ᠠᠩᠭᠢ ᠠᠩᠭᠢ ᠪᠠᠷ ᠲᠣᠪᠴᠢᠶᠠᠯᠠᠨ ᠬᠤᠪᠢᠶᠠᠨ ᠲᠣᠭᠲᠠᠭᠠᠵᠤ ᠪᠠᠷᠠᠭᠠᠳ᠂ ᠰᠠᠶᠢ ᠶᠡᠬᠡ ᠬᠤᠷᠢᠮ ᠤ᠋ᠨ ᠳᠣᠬᠢᠶ᠎ᠠ ᠲᠠᠯᠪᠢᠰᠤᠭᠠᠢ ᠬᠡᠮᠡᠲᠡᠯ᠎ᠡ᠂ ᠭᠡᠨᠡᠳᠲᠡ ᠬᠠᠭᠠᠨ ᠤ᠋ ᠬᠠᠵᠠᠭᠤ ᠰᠠᠭᠤᠳᠠᠯ ᠳ᠋ᠤᠷ ᠨᠢᠭᠡᠨ ᠶᠡᠬᠡ ᠠᠶᠤᠩᠭ᠎ᠠ ᠶ᠋ᠢᠨ ᠳᠠᠭᠤᠨ ᠭᠠᠷᠴᠤ᠂ ᠰᠠᠷᠲᠢᠭᠴᠢᠨ ᠤᠯᠤᠰ ᠤ᠋ᠨ ᠠᠮᠪᠠᠬᠠᠢ ᠬᠠᠭᠠᠨ ᠦᠰᠦᠷᠦᠨ ᠪᠣᠰᠴᠤ ᠬᠠᠰᠬᠢᠷᠤᠨ ᠪᠠᠷᠬᠢᠷᠠᠨ ᠥᠭᠦᠯᠡᠷᠦᠨ᠄
《ᠰᠠᠷ᠎ᠠ ᠶ᠋ᠢᠨ ᠵᠠᠮ ᠤ᠋ᠨ ᠬᠣᠯᠠ ᠠ᠋ᠴᠠ ᠰᠠᠷᠲᠢᠭᠴᠢᠨ ᠤ᠋ ᠡᠵᠡᠨ ᠪᠢ ᠰᠠᠢᠬᠠᠨ ᠰᠡᠳᠬᠢᠯ ᠢ᠋ᠶ᠋ᠡᠷ ᠰᠠᠮᠠᠭᠤᠨ ᠵᠡᠪᠡ ᠡᠴᠡ ᠵᠠᠢᠯᠠᠬᠤ ᠦᠭᠡᠢ᠂ ᠰᠠᠨᠳᠤᠷᠤᠨ ᠰᠡᠬᠡᠭᠦᠯᠵᠦ ᠢᠷᠡᠭᠰᠡᠨ ᠪᠥᠭᠡᠲᠡᠯ᠎ᠡ᠂ ᠰᠠᠢᠳ ᠲᠦᠰᠢᠮᠡᠳ ᠢ᠋ᠶ᠋ᠡᠨ ᠴᠥᠮ ᠰᠠᠯᠠᠭ᠎ᠠ ᠰᠠᠯᠠᠭ᠎ᠠ ᠪᠠᠷ ᠲᠤᠰᠢᠶᠠᠭᠰᠠᠨ ᠠᠲᠠᠯ᠎ᠠ᠂ ᠰᠠᠢᠨ ᠡᠷ᠎ᠡ ᠨᠠᠮᠠᠶ᠋ᠢ ᠰᠠᠭᠠᠳᠠᠭᠤᠯᠤᠨ ᠡᠰᠡ ᠬᠡᠷᠡᠭᠯᠡᠬᠦ ᠪᠥᠭᠡᠰᠦ᠂ ᠰᠠᠷᠲᠢᠭᠴᠢᠨ ᠢ᠋ ᠮᠢᠨᠦ ᠶᠠᠭᠤᠨᠳᠤ ᠪᠦᠭᠦᠳᠡ ᠶ᠋ᠢ ᠢᠷᠡᠭᠦᠯᠪᠡ ?》ᠬᠡᠮᠡᠭᠰᠡᠨ ᠳ᠋ᠦ᠍ᠷ ᠬᠠᠭᠠᠨ ᠬᠢᠭᠡᠳ ᠶᠤᠸᠠᠨᠱᠤᠸᠠᠢ ᠬᠠᠮᠲᠤᠪᠠᠷ ᠰᠠᠭᠤᠳᠠᠯ ᠠ᠋ᠴᠠᠭᠠᠨ ᠪᠣᠰᠴᠤ ᠲᠠᠯ᠎ᠠ ᠥᠭᠭᠦᠨ ᠨᠠᠢᠷ ᠲᠠᠯᠪᠢᠨ ᠰᠠᠭᠤᠯᠭᠠᠵᠤ᠂ ᠶᠤᠸᠠᠨᠱᠤᠸᠠᠢ ᠭᠠᠷ ᠠᠭᠤᠯᠵᠠᠭᠤᠯᠤᠨ ᠶᠣᠰᠣᠯᠠᠵᠤ ᠥᠭᠦᠯᠡᠷᠦᠨ᠄ 《ᠬᠠᠷᠢ ᠤᠯᠤᠰ ᠤ᠋ᠨ ᠬᠠᠭᠠᠨ ᠡᠵᠡᠨ ᠬᠠᠢᠷᠠᠯᠠᠨ ᠢᠷᠡᠭᠰᠡᠨ ᠪᠥᠭᠡᠲᠡᠯ᠎ᠡ᠂ ᠬᠠᠵᠠᠭᠤ ᠤᠯᠤᠰ ᠤ᠋ᠨ ᠴᠡᠷᠢᠭ ᠦ᠋ᠨ ᠵᠠᠰᠠᠭ ᠢ᠋ᠶ᠋ᠠᠷ ᠬᠠᠮᠢᠶᠠᠷᠴᠤ ᠪᠣᠯᠤᠮᠤᠢ ᠤᠤ? ᠬᠠᠭᠠᠨ ᠡᠵᠡᠨ ᠬᠠᠮᠢᠭᠠᠬᠢ ᠶ᠋ᠢ ᠠᠨᠤ ᠬᠠᠮᠠᠭᠠᠯᠠᠵᠤ ᠬᠠᠢᠷᠠᠯᠠᠪᠠᠰᠤ᠂ ᠬᠠᠰ ᠲᠥᠷᠥ ᠶ᠋ᠢᠨ ᠬᠡᠰᠢᠭ ᠪᠣᠯᠠᠢ 》ᠬᠡᠮᠡᠭᠰᠡᠨ ᠳ᠋ᠦ᠍ᠷ ᠠᠮᠪᠠᠬᠠᠢ ᠬᠠᠭᠠᠨ ᠠᠳᠠᠪᠠᠰᠢ ᠪᠠᠷᠳᠠᠩᠨᠠᠨ ᠥᠭᠦᠯᠡᠷᠦᠨ :
《ᠬᠠᠰ ᠲᠥᠷᠥ ᠶ᠋ᠢᠨ ᠬᠠᠮᠤᠭ ᠴᠢᠬᠤᠯᠠ ᠠᠨᠤ ᠲᠠᠢᠽᠢ ᠪᠣᠯᠠᠢ᠂ ᠲᠠᠢᠽᠢ ᠴᠡᠷᠢᠭ ᠦ᠋ᠨ ᠡᠮᠦᠨ᠎ᠡ ᠬᠣᠰᠢᠭᠤᠴᠢ ᠪᠣᠯᠬᠤ ᠠᠨᠤ ᠬᠠᠮᠢᠭ᠎ᠠ ᠶ᠋ᠢᠨ ᠤᠯᠤᠰ ᠲᠤᠷ ᠴᠤ᠌ ᠦᠭᠡᠢ ᠪᠠᠭᠠᠲᠤᠷ ᠪᠣᠯᠠᠢ᠃ ᠬᠠᠷᠢ ᠬᠣᠯᠠ ᠠ᠋ᠴᠠ ᠬᠠᠮᠤᠭ ᠤᠯᠤᠰ ᠲᠠᠢ ᠪᠠᠨ ᠬᠠᠲᠠᠷᠢᠭᠤᠯᠤᠨ ᠢᠷᠡᠭᠰᠡᠨ ᠮᠢᠨᠦ ᠬᠠᠲᠠᠭᠤ ᠬᠡᠴᠡᠭᠦᠦ ᠳ᠋ᠦ᠍ᠷ ᠠᠨᠤ ᠤᠷᠤᠭᠰᠢᠯᠠᠨ ᠲᠤᠯᠤᠷ᠎ᠠ ᠢᠷᠡᠪᠡ ᠪᠢ᠃ ᠬᠠᠭᠠᠨ ᠤ᠋ ᠬᠥᠪᠡᠭᠦᠨ ᠨᠠᠰᠤᠨ ᠵᠠᠯᠠᠭᠤ ᠪᠡᠶ᠎ᠡ ᠵᠥᠭᠡᠯᠡᠨ᠂ ᠪᠢ ᠲᠠᠢᠽᠢ ᠶ᠋ᠢ ᠬᠠᠮᠠᠭᠠᠯᠠᠨ ᠬᠠᠮᠤᠭ ᠤ᠋ᠨ ᠲᠡᠷᠢᠭᠦᠨ᠎ᠡ ᠭᠠᠷᠤᠨ ᠲᠤᠯᠵᠤ ᠠᠯᠠᠯᠳᠤᠶᠠ᠃ ᠬᠡᠲᠦᠷᠡᠪᠡᠰᠦ ᠠᠯᠠᠭᠳᠠᠪᠠᠰᠤ ᠪᠠᠷᠠᠪᠠ ! 》ᠬᠡᠮᠡᠬᠦᠢ ᠳ᠋ᠦ᠍ᠷ ᠬᠠᠭᠠᠨ ᠡᠵᠡᠨ ᠲᠡᠷᠢᠭᠦᠯᠡᠨ ᠬᠠᠮᠤᠭ ᠪᠦᠭᠦᠳᠡᠭᠡᠷ ᠲᠠᠢᠽᠢ ᠶ᠋ᠢ ᠠᠪᠴᠤ ᠶᠣᠰᠣᠯᠠᠨ ᠲᠠᠯᠠᠷᠬᠠᠪᠠᠢ᠃
ᠲᠡᠳᠦᠢ ᠠᠬᠠᠢ ᠨᠣᠶᠠᠨ ᠢ᠋ ᠳᠡᠳ᠋ ᠶᠤᠸᠠᠨᠱᠤᠸᠠᠢ ᠭᠣᠣ ᠮᠢᠩ ᠯᠢᠩ ᠬᠦᠩ ᠳ᠋ᠦ᠍ᠷ ᠬᠠᠪᠰᠤᠷᠤᠭᠤᠯᠤᠨ᠂ ᠯᠢ ᠽᠦᠨ ᠹᠧᠩ ᠢ᠋ ᠰᠢ ᠪᠠᠢᠰᠠ ᠳ᠋ᠤᠷ ᠬᠠᠪᠰᠤᠷᠤᠭᠤᠯᠤᠨ᠂ ᠯᠢ ᠼᠦᠨ ᠱᠠᠩ ᠢ᠋ ᠸᠧᠢ ᠮᠢᠩ ᠯᠢᠩ ᠬᠦᠩ ᠳ᠋ᠦ᠍ᠷ ᠬᠠᠪᠰᠤᠷᠤᠭᠤᠯᠵᠤ᠂ ᠠᠬᠠᠢ ᠨᠣᠶᠠᠨ ᠤ᠋ ᠶᠡᠬᠡ ᠬᠥᠪᠡᠭᠦᠨ ᠰᠡᠨᠵᠢᠲᠦ ᠯᠣᠩᠬᠣ ᠶ᠋ᠢ ᠲᠠᠢᠽᠢ ᠳ᠋ᠤᠷ ᠬᠠᠪᠰᠤᠷᠤᠭᠤᠯᠤᠨ᠂ ᠵᠡᠭᠦᠨ ᠮᠣᠵᠢ ᠶ᠋ᠢᠨ ᠮᠦ᠍ ᠳ᠋ᠦᠲ᠋ᠦ᠋ᠩ᠂ ᠡᠮᠦᠨ᠎ᠡ ᠵᠠᠮ ᠤ᠋ᠨ ᠶᠠᠩ ᠲᠢ ᠳᠦ᠂ ᠪᠠᠷᠠᠭᠤᠨ ᠵᠠᠬ᠎ᠠ ᠶ᠋ᠢᠨ ᠵᠢᠨ ᠽᠦᠩ ᠭᠤᠸᠠᠨ᠂ ᠬᠣᠢᠲᠤ ᠬᠢᠵᠠᠭᠠᠷ ᠤ᠋ᠨ ᠵᠢᠨ ᠽᠦᠩ ᠳᠦ᠂ ᠲᠠᠢᠽᠢ ᠶ᠋ᠢᠨ ᠳᠥᠷᠪᠡᠨ ᠡᠲᠡᠭᠡᠳ ᠢ᠋ ᠬᠠᠮᠠᠭᠠᠯᠠᠨ᠂ ᠬᠣᠲᠣᠩ ᠤ᠋ᠨ ᠸᠠᠩ ᠳ᠋ᠦᠢ᠂ ᠰᠠᠩ ᠪᠤᠤ᠂ ᠸᠠ ᠰᠢ᠂ ᠰᠠ ᠰᠠ ᠳᠥᠷᠪᠡᠨ ᠠᠾᠦ᠋ᠩ ᠶᠤᠸᠠᠨᠱᠤᠸᠠᠢ ᠶ᠋ᠢᠨ ᠳᠥᠷᠪᠡᠨ ᠵᠣᠪᠬᠢᠰ ᠲᠤᠷ ᠰᠠᠬᠢᠨ᠂ ᠵᠢᠨ ᠴᠢᠶᠠᠩ᠂ ᠶᠠᠩ ᠵᠸᠨ᠂ ᠰᠢ ᠪᠡᠢᠰᠡ ᠶ᠋ᠢᠨ ᠬᠣᠶᠠᠷ ᠮᠥᠷᠥ ᠶ᠋ᠢᠨ ᠵᠠᠩᠵᠤᠨ᠂ ᠵᠢᠨ ᠪᠢᠶᠣᠤ᠂ ᠯᠢ ᠵᠧᠨ᠂ ᠸᠧᠢ ᠮᠢᠩ ᠯᠢᠩ ᠬᠦᠩ ᠦ᠋ᠨ ᠬᠣᠶᠠᠷ ᠮᠥᠷᠥ ᠶ᠋ᠢᠨ ᠵᠠᠩᠵᠤᠨ᠂ ᠯᠢ ᠬᠦᠩ ᠬᠦᠩ ᠲᠡᠷᠢᠭᠦᠯᠡᠨ ᠳᠥᠷᠪᠡᠨ ᠱᠠᠩ ᠲᠠᠢᠹᠦ᠋ ᠵᠠᠩᠵᠤᠨ ᠥᠳᠥ᠂ ᠰᠣᠳᠣ᠂ ᠯᠢ ᠼᠦᠨ ᠲᠦᠩ᠂ ᠮᠦ᠍ ᠾᠦᠢ ᠵᠠᠩᠵᠤᠨ ᠨᠠᠷ ᠵᠢᠨ ᠭᠦᠩᠵᠦ ᠶ᠋ᠢᠨ ᠴᠡᠷᠢᠭ ᠢ᠋ ᠵᠠᠬᠢᠷᠤᠨ᠂ ᠪᠠᠷᠠᠭᠤᠨ ᠤᠢᠭᠤᠷ ᠤ᠋ᠨ ᠡᠮᠦᠨ᠎ᠡ ᠪᠠᠷ᠎ᠠ ᠬᠥᠯ ᠵᠠᠢᠷ ᠤᠰᠤᠨ ᠤ᠋ ᠳᠠᠪᠤᠰᠤᠨ ᠤ᠋ ᠳᠠᠢᠰᠤᠨ ᠢ᠋ ᠳᠠᠷᠤᠮᠤᠢ᠃ ᠬᠠᠭᠠᠨ ᠤ᠋ ᠰᠢᠳᠠᠷ ᠵᠣᠣ ᠲᠠᠢᠭᠠᠨ ᠯᠢᠦ ᠪᠦᠸᠧ ᠯᠢᠨ ᠬᠣᠶᠠᠷ ᠶᠡᠬᠡ ᠡᠷᠬᠢᠯᠡᠭᠰᠡᠨ ᠬᠦᠩ ᠰᠠᠢᠳ᠂ ᠲᠡᠷᠡ ᠭᠤᠷᠪᠠᠨ ᠡᠳᠦᠷ ᠦ᠋ᠨ ᠲᠡᠭᠷᠢ ᠶ᠋ᠢᠨ ᠴᠡᠷᠢᠭ᠂ ᠣᠳᠣᠳ ᠤ᠋ᠨ ᠡᠵᠡᠳ ᠦ᠋ᠨ ᠵᠠᠭᠰᠠᠭᠠᠯ ᠤ᠋ᠨ ᠭᠠᠢᠬᠠᠯ ᠢ᠋ ᠦᠵᠡᠭᠰᠡᠭᠡᠷ ᠠᠶᠤᠯᠳᠤᠵᠤ ᠡᠪᠡᠳᠴᠦᠬᠦᠢ᠃ ᠡᠭᠦᠨᠴᠡ ᠭᠠᠳᠠᠨ᠎ᠠ᠂ ᠠᠮᠪᠠᠬᠠᠢ ᠬᠠᠭᠠᠨ ᠢ᠋ ᠵᠠᠯᠠᠷ᠎ᠠ ᠡᠴᠢᠭᠰᠡᠨ ᠲᠠᠩᠭᠤᠳ ᠤ᠋ᠨ ᠡᠯᠴᠢ ᠰᠠᠢᠳ ᠠᠶᠤᠷᠤ᠂ ᠰᠠᠷᠲᠢᠭᠴᠢᠨ ᠤᠯᠤᠰ ᠯᠤᠭ᠎ᠠ ᠬᠠᠮᠲᠤ ᠢᠷᠡᠪᠡ᠃ ᠪᠠᠷᠠᠭᠤᠨ ᠬᠢᠵᠠᠭᠠᠷ ᠤ᠋ᠨ ᠬᠠᠯᠢᠷᠭᠤᠳ ᠤᠯᠤᠰ ᠤ᠋ᠨ ᠠᠷᠰᠯᠠᠨ ᠬᠠᠭᠠᠨ ᠢ᠋ ᠵᠠᠯᠠᠷ᠎ᠠ ᠡᠴᠢᠭᠰᠡᠨ ᠡᠯᠴᠢ ᠰᠠᠢᠳ ᠪᠣᠶᠣᠷᠣ᠂ ᠲᠡᠨᠳᠡ ᠪᠠᠢᠵᠤ ᠬᠠᠮᠲᠤ ᠢᠷᠡᠮᠦᠢ ᠭᠡᠮᠡᠨ ᠬᠦᠷᠴᠦ ᠢᠷᠡᠭᠡᠳᠦᠢ᠃ ᠭᠠᠭᠴᠠ ᠠᠯᠲᠠᠨ ᠤᠯᠤᠰ ᠲᠤᠷ ᠬᠦᠨᠳᠦ ᠪᠡᠯᠡᠭ ᠬᠦᠷᠭᠡᠵᠦ᠂ ᠴᠡᠷᠢᠭ ᠭᠤᠶᠤᠭᠰᠠᠨ ᠡᠯᠴᠢ ᠰᠠᠢᠳ ᠪᠠᠯᠵᠣᠷ ᠤ᠋ᠨ ᠭᠤᠶᠤᠭᠰᠠᠨ ᠴᠡᠷᠢᠭ ᠪᠠ ᠪᠣᠯᠵᠣᠭᠰᠠᠨ ᠪᠣᠯᠵᠣᠭ᠎ᠠ ᠳ᠋ᠤᠷ ᠬᠦᠷᠲᠡᠯ᠎ᠡ ᠮᠡᠳᠡᠭᠡ ᠴᠢᠮᠡᠭᠡ ᠦᠭᠡᠢ ᠪᠣᠯᠤᠭᠰᠠᠨ ᠳ᠋ᠤᠷ ᠬᠠᠭᠠᠨ ᠠᠨᠤ ᠪᠠᠯᠵᠣᠷ ᠰᠠᠢᠳ ᠢ᠋ ᠴᠢᠭᠤᠯᠭᠠᠨ ᠤ᠋ ᠳᠣᠲᠣᠷ᠎ᠠ ᠣᠯᠠᠨ ᠤ᠋ ᠡᠮᠦᠨ᠎ᠡ ᠢᠴᠢᠭᠡᠨ ᠳᠣᠩᠭᠣᠳᠴᠤ᠂ ᠴᠠᠭ ᠮᠥᠴᠡ ᠰᠠᠭᠠᠲᠠᠯ ᠦᠭᠡᠢ ᠳᠠᠬᠢᠨ ᠯᠠᠪᠯᠠᠭᠤᠯᠤᠷᠠ ᠮᠠᠨᠳᠠᠯ ᠤ᠋ᠨ ᠡᠮᠦᠨ᠎ᠡ ᠡᠴᠡ ᠮᠣᠷᠳᠠᠭᠤᠯᠵᠤ ᠰᠠᠶᠢ ᠶᠡᠬᠡ ᠬᠤᠷᠢᠮ ᠬᠤᠷᠢᠮᠯᠠᠨ᠂ ᠴᠢᠰᠤᠲᠤ ᠠᠷᠢᠬᠢ ᠰᠠᠴᠤᠯᠠᠨ ᠲᠠᠩᠭᠠᠷᠢᠭᠯᠠᠵᠤ᠂ ᠭᠤᠷᠪᠠᠨ ᠡᠳᠦᠷ ᠦ᠋ᠨ ᠬᠥᠷ ᠨᠠᠢᠷ ᠤ᠋ᠨ ᠬᠤᠷᠢᠮ ᠬᠤᠷᠢᠮᠯᠠᠨ᠂ ᠱᠠᠩ ᠲᠠᠯᠪᠢᠨ᠂ ᠴᠠᠯᠢᠩ ᠲᠦᠭᠡᠭᠡᠯᠭᠡᠪᠡ᠃ ᠡᠨᠡ ᠬᠦ᠌ ᠭᠤᠴᠢᠨ ᠲᠦᠮᠡᠨ ᠦ᠌ ᠶᠡᠬᠡ ᠴᠡᠷᠢᠭ ᠦ᠋ᠨ ᠪᠡᠯᠡᠳᠬᠡᠯ ᠢ᠋ ᠲᠦᠷ ᠥᠭᠦᠯᠡᠬᠦ ᠦᠭᠡᠢ᠃
ᠣᠳᠣ ᠭᠠᠭᠴᠠ ᠲᠠᠩᠭᠤᠳ ᠤᠯᠤᠰ ᠤ᠋ᠨ ᠠᠯᠲᠠᠨ ᠤᠯᠤᠰ ᠲᠤᠷ ᠡᠴᠢᠭᠰᠡᠨ ᠡᠯᠴᠢ ᠰᠠᠢᠳ ᠪᠠᠯᠵᠣᠷ᠂ ᠪᠠᠴᠢᠮᠳᠠᠨ ᠰᠢᠬᠠᠮᠳᠠᠬᠤᠶᠠ ᠪᠠᠢᠨ ᠪᠠᠢᠨ ᠭᠠᠰᠢᠭᠤᠳᠠᠨ ᠭᠠᠰᠠᠯᠤᠭᠰᠠᠭᠠᠷ ᠪᠠᠷᠠᠭᠤᠨ ᠤ᠋ ᠵᠠᠮ ᠢ᠋ ᠪᠠᠷᠢᠨ ᠶᠠᠪᠤᠵᠤ᠂ ᠠᠷᠠᠢ ᠭᠤᠷᠪᠠᠨ ᠰᠠᠷ᠎ᠠ ᠶ᠋ᠢᠨ ᠰᠡᠭᠦᠯ ᠢ᠋ᠶ᠋ᠡᠷ ᠠᠯᠲᠠᠨ ᠤᠯᠤᠰ ᠤ᠋ᠨ ᠨᠡᠢᠰᠯᠡᠯ ᠦ᠋ᠨ ᠶᠠᠨ ᠵᠢᠩ ᠪᠠᠯᠭᠠᠰᠤᠨ᠎ᠠ ᠬᠦᠷᠴᠦ᠂ ᠪᠠᠰᠠ ᠪᠢᠴᠢᠭ ᠠᠢᠯᠠᠳᠬᠠᠬᠤ ᠶᠠᠷᠰᠢᠭ ᠤᠷᠰᠢᠭ ᠢ᠋ ᠬᠦᠯᠢᠶᠡᠵᠦ᠂ ᠳᠥᠷᠪᠡᠨ ᠰᠠᠷ᠎ᠠ ᠶ᠋ᠢᠨ ᠡᠬᠢ ᠪᠡᠷ ᠰᠠᠶᠢ ᠪᠢᠴᠢᠭ ᠠᠢᠯᠠᠳᠬᠠᠭᠠᠳ ᠵᠠᠷᠯᠢᠭ ᠢ᠋ ᠬᠦᠯᠢᠶᠡ 》ᠭᠡᠮᠡᠨ᠂ ᠨᠢᠭᠡᠨᠲᠡ ᠰᠠᠭᠤᠯᠭᠠᠭᠰᠠᠨ ᠠ᠋ᠴᠠ ᠨᠢᠭᠡᠮᠦᠰᠦᠨ ᠶᠠᠭ ᠲᠠᠭ ᠴᠢᠮᠡᠭᠡ ᠢᠮᠡᠭᠡ ᠦᠭᠡᠢ ᠪᠣᠯᠤᠨ ᠳᠠᠷᠤᠭᠳᠠᠨ ᠬᠣᠷᠢᠭᠳᠠᠵᠤ ᠦᠵᠦᠭᠦᠷ ᠦᠭᠡᠢ ᠪᠣᠯᠪᠠᠢ᠃ ᠡᠨᠡ ᠢᠨᠦ ᠶᠠᠭᠤᠨ ᠤ᠋ ᠤᠴᠢᠷ ᠡᠢᠮᠦ ᠪᠣᠯᠪᠠ ? ᠬᠡᠮᠡᠪᠡᠰᠦ᠄ ᠪᠠᠰᠠ ᠡᠮᠦᠨᠡᠲᠦ ᠰᠥᠩ ᠤᠯᠤᠰ ᠬᠢᠭᠡᠳ ᠳᠤᠮᠳᠠᠳᠤ ᠠᠯᠲᠠᠨ ᠤᠯᠤᠰ ᠤ᠋ᠨ ᠣᠨ ᠤ᠋ ᠲᠣᠪᠴᠢᠶ᠎ᠠ ᠶ᠋ᠢ ᠪᠠᠰᠠ ᠬᠡᠳᠦᠨ ᠮᠥᠷ ᠲᠣᠭᠠᠴᠢᠬᠤ ᠬᠡᠷᠡᠭᠲᠡᠢ ᠪᠣᠯᠵᠤᠬᠤᠢ᠃ ᠡᠮᠦᠨᠡᠲᠦ ᠰᠥᠩ ᠤᠯᠤᠰ᠂ ᠡᠨᠡ ᠰᠢᠷᠬᠠᠴᠢᠨ ᠮᠣᠭᠠᠢ ᠵᠢᠯ ᠦ᠋ᠨ ᠴᠠᠭᠠᠨ ᠰᠡᠷᠡᠳᠡ᠂ ᠯᠢᠦ ᠶᠣᠣ ᠬᠡᠮᠡᠭᠴᠢ ᠬᠠᠭᠤᠴᠢᠨ ᠰᠠᠢᠳ ᠢ᠋ ᠳᠡᠪᠰᠢᠭᠦᠯᠦᠨ ᠱᠸᠨ ᡁᠢ ᠵᠧᠩ ᠱᠢ ᠲᠦᠰᠢᠮᠡᠯ ᠪᠣᠯᠭᠠᠵᠤ᠂ ᠵᠢᠴᠢ ᠵᠠᠩ ᠯᠢᠶᠠᠩ ᠱᠧᠩ ᠬᠡᠮᠡᠭᠴᠢ ᠶ᠋ᠢ ᠪᠠᠰᠠ ᠳᠡᠪᠰᠢᠭᠦᠯᠵᠦ᠂ ᠱᠤ᠌ ᠮᠢ ᠶᠤᠸᠠᠨ ᠤ᠋ ᠬᠡᠷᠡᠭ ᠲᠦ᠍ᠷ ᠬᠠᠪᠰᠤᠷᠤᠭᠤᠯᠵᠤ ᠪᠠᠰᠠ ᠡᠯᠴᠢ ᠠᠮᠠᠯᠠᠨ ᠲᠠᠩᠭᠤᠳ ᠤᠯᠤᠰ ᠤ᠋ᠨ ᠰᠢᠨ᠎ᠡ ᠬᠠᠭᠠᠨ ᠰᠢᠨ᠎ᠡ ᠵᠢᠯ ᠦ᠋ᠨ ᠪᠠᠶᠠᠷ᠎ᠠ ᠨᠡᠢᠯᠡᠭᠦᠯᠦᠷᠡ ᠢᠷᠡᠪᠡ᠃ ᠮᠥᠨ ᠡᠨᠡ ᠴᠠᠭᠠᠨ ᠰᠡᠷᠡᠳᠡ ᠠᠯᠲᠠᠨ ᠤᠯᠤᠰ ᠤ᠋ᠨ ᠰᠢᠨ᠎ᠡ ᠡᠵᠡᠨ᠂ ᠸᠧᠢ ᠱᠣᠣ ᠸᠠᠩ - ᠸᠠᠨ ᠶᠠᠨ ᠶᠦᠩ ᠵᠢᠢ ᠣᠨ ᠤ᠋ ᠴᠣᠯᠠ ᠪᠠᠨ ᠳᠠ ᠠᠨ ᠤ᠋ ᠲᠡᠷᠢᠭᠦᠨ ᠣᠨ ᠭᠡᠮᠡᠨ ᠨᠡᠷᠡᠯᠡᠵᠦ᠂ ᠥᠴᠦᠬᠡᠨ ᠬᠥᠮᠦᠨ ᠶᠡᠬᠡ ᠰᠠᠭᠤᠷᠢᠨ᠎ᠠ ᠰᠠᠭᠤᠭᠠᠳ᠂ ᠥᠪᠡᠷᠦᠨ ᠬᠡᠳᠦᠢ ᠶᠡᠬᠡ ᠪᠡᠨ ᠴᠦ᠍ ᠮᠡᠳᠡᠬᠦ ᠦᠭᠡᠢ ᠪᠣᠯᠤᠭᠠᠳ᠂ ᠵᠢᠷᠭᠠᠯ ᠢ᠋ ᠡᠷᠢᠨ᠂ ᠬᠥᠭᠵᠢᠮ ᠳ᠋ᠦ᠍ᠷ ᠤᠨᠠᠵᠤ᠂ ᠥᠬᠢᠳ ᠰᠣᠩᠭᠣᠨ᠂ ᠠᠷᠢᠬᠢ ᠤᠤᠭᠤᠬᠤ ᠬᠡᠷᠡᠭ ᠬᠠᠷᠢᠨᠴᠤ ᠭᠠᠢᠭᠤᠢ᠂ ᠥᠴᠦᠬᠡᠨ ᠬᠥᠮᠦᠨ ᠥᠪᠡᠷᠦᠨ ᠶᠠᠰᠤ ᠮᠢᠬ᠎ᠠ ᠳ᠋ᠤᠷ ᠥᠰᠢᠶ᠎ᠡ ᠳᠠᠢᠰᠤᠨ ᠬᠡᠮᠡᠭᠰᠡᠨᠴᠢᠯᠡᠨ᠂ ᠡᠷᠲᠡ ᠡᠳᠦᠷ ᠡᠴᠡ ᠡᠪᠦᠷᠯᠡᠭᠰᠡᠭᠡᠷ ᠢᠷᠡᠭᠰᠡᠨ ᠡᠬᠡᠨᠡᠷ ᠬᠥᠮᠦᠨ ᠦ᠌ ᠠᠳᠬᠠᠭ ᠵᠠᠩ ᠢ᠋ᠶ᠋ᠠᠨ ᠡᠳᠦᠭᠡ ᠣᠳᠣ ᠬᠥᠳᠡᠯᠭᠡᠵᠦ᠂ ᠴᠢᠳᠠᠯ ᠬᠦᠴᠦᠨ ᠢ᠋ᠶ᠋ᠡᠨ ᠴᠢᠰᠤ ᠮᠢᠬᠠᠨ ᠤ᠋ ᠣᠢᠷ᠎ᠠ ᠳ᠋ᠠᠭᠠᠨ ᠭᠠᠷᠭᠠᠨ ᠶᠠᠬᠢᠷ ᠬᠠᠷᠭᠢᠰ ᠢ᠋ᠶ᠋ᠠᠨ ᠶᠠᠰᠤ ᠮᠢᠬᠠᠨ ᠤ᠋ ᠲᠥᠷᠥᠭᠰᠡᠨ ᠳ᠋ᠦ᠍ᠷ ᠢ᠋ᠶ᠋ᠡᠨ ᠬᠡᠷᠡᠭᠯᠡᠵᠦ᠂ ᠨᠢᠭᠤᠴᠠ ᠳᠠᠯᠳᠠ ᠪᠠ ᠢᠯᠡᠷᠬᠡᠢ ᠲᠣᠳᠣᠷᠬᠠᠢ ᠪᠠᠷ ᠦᠢᠯᠡᠳᠴᠦ ᠭᠠᠷᠭᠠᠭᠰᠠᠨ ᠠᠨᠤ ᠤᠭ ᠠ᠋ᠴᠠ ᠨᠢᠳᠤᠨᠤᠨ ᠵᠢᠯ ᠳᠡᠭᠡᠳᠦ ᠬᠠᠭᠠᠨ ᠸᠠᠨ ᠶᠠᠨ ᠵᠢᠩ ᠬᠠᠯᠢᠬᠤᠶᠠ ᠳᠣᠲᠣᠭᠠᠳᠤ ᠭᠠᠳᠠᠭᠠᠳᠤ ᠳ᠋ᠤᠷ ᠲᠣᠳᠣᠷᠬᠠᠢ ᠭᠡᠷᠢᠶᠡᠰ ᠵᠠᠷᠯᠢᠭ ᠦᠯᠡᠳᠡᠭᠡᠨ ᠪᠠᠭᠤᠯᠭᠠᠭᠰᠠᠨ ᠠᠨᠤ᠄
《ᠮᠡᠬᠦᠰ ᠮᠢᠨᠦ ᠰᠢᠳᠠᠷ ᠪᠠᠢᠭᠰᠠᠨ ᠬᠦᠢ ᠹᠧᠢ ᠬᠠᠲᠤᠳ ᠤ᠋ᠨ ᠳᠣᠲᠣᠷ᠎ᠠ ᠠ᠋ᠴᠠ ᠵᠢᠶᠠ ᠬᠦᠢ ᠹᠧᠢ ᠬᠢᠭᠡᠳ ᠵᠢᠴᠢ ᠹᠠᠨ ᠬᠦᠢ ᠹᠧᠢ ᠬᠣᠶᠠᠭᠤᠯᠠ ᠴᠥᠮ ᠪᠡᠶ᠎ᠡ ᠵᠢᠷᠮᠦᠰᠦᠨ ᠪᠣᠯᠠᠢ᠂ ᠵᠢᠶᠠ ᠬᠦᠢ ᠹᠧᠢ ᠮᠥᠨ ᠡᠨᠡ ᠵᠢᠯ ᠦ᠋ᠨ ᠠᠷᠪᠠᠨ ᠨᠢᠭᠡᠨ ᠰᠡᠷᠡᠳᠡ ᠬᠥᠩᠭᠡᠵᠢᠮᠦᠢ ᠃ ᠵᠢᠴᠢ ᠹᠠᠨ ᠬᠦᠢ ᠹᠧᠢ ᠪᠥᠭᠡᠰᠦ ᠬᠣᠢᠲᠤ ᠵᠢᠯ ᠦ᠋ᠨ ᠴᠠᠭᠠᠨ ᠰᠡᠷᠡᠳᠡ ᠬᠥᠩᠭᠡᠵᠢᠮᠦᠢ᠂ ᠬᠡᠷᠪᠡ ᠬᠣᠶᠠᠭᠤᠯᠠ ᠴᠥᠮ ᠬᠥᠪᠡᠭᠦᠨ ᠪᠣᠯᠪᠠᠰᠤ ᠠᠬᠠᠮᠠᠳ ᠢ᠋ ᠠᠨᠤ ᠲᠠᠢᠽᠢ ᠶ᠋ᠢ ᠡᠷᠭᠦᠮᠵᠢᠯᠡᠨ ᠬᠣᠵᠢᠮ ᠤ᠋ᠨ ᠰᠠᠭᠤᠷᠢᠨ ᠢ᠋ ᠵᠠᠯᠭᠠᠮᠵᠢᠯᠠᠭᠤᠯ᠃ ᠳᠡᠭᠦᠦ ᠶ᠋ᠢ ᠢᠨᠦ ᠰᠠᠢᠳ ᠤ᠋ᠨ ᠲᠡᠷᠢᠭᠦᠨ ᠫᠢᠩ ᠵᠠᠩ ᠵᠧᠩ ᠱᠢ ᠶ᠋ᠢᠨ ᠬᠡᠷᠡᠭ ᠢ᠋ ᠵᠠᠬᠢᠷᠤᠭᠤᠯ᠃ ᠬᠡᠷᠪᠡ ᠥᠬᠢᠨ ᠲᠦᠷᠦᠪᠡᠰᠦ ᠬᠣᠢᠲᠤ ᠮᠣᠩᠭᠣᠯ ᠤ᠋ᠨ ᠡᠵᠡᠨ ᠲᠡᠮᠦᠵᠢᠨ ᠤ ᠠᠴᠢᠨᠠᠷᠡ ᠤᠷᠤᠭ ᠪᠠᠷᠢᠵᠤ᠂ ᠤᠯᠤᠰ ᠲᠥᠷᠥ ᠶ᠋ᠢᠨ ᠣᠯᠠᠨ ᠢᠷᠭᠡᠨ ᠵᠠᠭᠤᠨ ᠣᠪᠣᠭᠲᠠᠨ ᠤ᠋ ᠮᠢᠨᠦ ᠠᠷᠤ ᠶ᠋ᠢᠨ ᠭᠠᠮᠰᠢᠭ ᠵᠣᠪᠠᠯᠠᠩ ᠠ᠋ᠴᠠ ᠠᠨᠤ ᠲᠡᠩᠬᠡᠷᠡᠭᠦᠯ 》ᠬᠡᠮᠡᠭᠰᠡᠨ ᠵᠠᠷᠯᠢᠭ ᠪᠢᠴᠢᠭ ᠦ᠋ᠨ ᠭᠠᠳᠠᠭᠠᠳᠤ ᠶ᠋ᠢᠨ ᠭᠡᠷᠢᠶᠡᠰ ᠢ᠋ ᠶᠡᠬᠡ ᠰᠠᠢᠳ ᠫᠦ ᠰᠠᠨ ᠳ᠋ᠤᠸᠠᠨ ᠳ᠋ᠤᠷ ᠲᠤᠰᠢᠶᠠᠨ ᠬᠠᠳᠠᠭᠠᠯᠠᠭᠤᠯᠵᠤ ᠵᠢᠴᠢ ᠰᠢᠨ᠎ᠡ ᠬᠠᠭᠠᠨ ᠰᠠᠭᠤᠮᠠᠭᠴᠠ᠂ ᠫᠦ ᠰᠠᠨ ᠳ᠋ᠤᠸᠠᠨ ᠢ᠋ ᠲᠡᠭᠦᠨ ᠢ ᠪᠠᠷᠠᠭᠤᠨ ᠡᠲᠡᠭᠡᠳ ᠦ᠋ᠨ ᠶᠡᠬᠡ ᠴᠧᠩᠰᠢᠶᠠᠩ ᠡᠷᠭᠦᠮᠵᠢᠯᠡᠭᠲᠦᠨ ᠬᠡᠮᠡᠬᠦ ᠵᠠᠷᠯᠢᠭ ᠤ᠋ᠨ ᠪᠢᠴᠢᠭ ᠪᠠ ᠪᠠᠰᠠ ᠳᠣᠲᠣᠭᠠᠳᠤ ᠶ᠋ᠢᠨ ᠭᠡᠷᠢᠶᠡᠰ ᠵᠠᠷᠯᠢᠭ ᠲᠠᠢ᠂ ᠵᠢᠶᠠ ᠬᠦᠢ ᠹᠧᠢ ᠶ᠋ᠢᠨ ᠭᠠᠷ ᠲᠤᠷ ᠲᠤᠰᠢᠶᠠᠨ᠂ ᠰᠢᠨ᠎ᠡ ᠬᠠᠭᠠᠨ ᠰᠠᠭᠤᠮᠠᠭᠴᠠ ᠤᠯᠤᠰ ᠤ᠋ᠨ ᠶᠡᠬᠡ ᠰᠠᠢᠳ ᠤ᠋ᠳ ᠢ᠋ᠶ᠋ᠠᠷ ᠰᠢᠨ᠎ᠡ ᠬᠠᠭᠠᠨ ᠳ᠋ᠤᠷ ᠪᠠᠷᠢᠭᠤᠯᠤᠭᠲᠤᠨ ᠬᠡᠮᠡᠭᠰᠡᠨ ᠢ᠋ᠶ᠋ᠡᠷ ᠸᠧᠢ ᠸᠠᠩ ᠶᠦᠩ ᠵᠢᠢ ᠰᠠᠭᠤᠷᠢᠨ ᠳ᠋ᠤᠷ ᠰᠠᠭᠤᠮᠠᠭᠴᠠ᠂ ᠫᠦ ᠰᠠᠨ ᠳ᠋ᠤᠸᠠᠨ᠂ ᠣᠯᠠᠨ ᠲᠡᠷᠢᠭᠦᠯᠡᠭᠰᠡᠨ ᠰᠠᠢᠳ ᠯᠤᠭ᠎ᠠ᠂ ᠬᠠᠭᠠᠨ ᠤ᠋ ᠮᠣᠳᠣᠷ ᠢ᠋ᠶ᠋ᠠᠷ ᠭᠡᠷᠢᠶᠡᠰᠯᠡᠨ ᠪᠢᠴᠢᠭᠰᠡᠨ ᠵᠠᠷᠯᠢᠭ ᠤ᠋ᠨ ᠪᠢᠴᠢᠭ ᠢ᠋ ᠡᠷᠭᠦᠨ ᠲᠣᠳᠣᠷᠬᠠᠢᠯᠠᠨ ᠠᠢᠯᠠᠳᠬᠠᠵᠤ᠂ ᠵᠢᠶᠠ ᠬᠦᠢ ᠹᠧᠢ ᠮᠥᠨ ᠳᠣᠲᠣᠭᠠᠳᠤ ᠵᠠᠷᠯᠢᠭ ᠢ᠋ ᠲᠡᠷᠢᠭᠦᠯᠡᠭᠰᠡᠨ ᠰᠠᠢᠳ ᠤ᠋ᠳ ᠲᠤᠷ ᠢᠯᠡᠷᠬᠡᠢᠯᠡᠨ ᠲᠤᠰᠢᠶᠠᠵᠤ ᠤᠯᠠᠮᠵᠢᠯᠠ ᠠᠢᠯᠠᠳᠬᠠᠯᠭᠠᠵᠤ᠂ ᠫᠦ ᠰᠠᠨ ᠳ᠋ᠤᠸᠠᠨ ᠢ᠋ ᠪᠠᠷᠠᠭᠤᠨ ᠡᠲᠡᠭᠡᠳ ᠦ᠋ᠨ ᠴᠧᠩᠰᠢᠶᠠᠩ ᠡᠷᠭᠦᠮᠵᠢᠯᠡᠨ᠂ ᠪᠤᠰᠤᠳ ᠢ᠋ ᠰᠢᠨ᠎ᠡ ᠬᠠᠭᠠᠨ ᠰᠠᠭᠤᠭᠰᠠᠨ ᠶᠣᠰᠣᠭᠠᠷ ᠨᠢᠭᠡᠨ ᠵᠡᠷᠭᠡ ᠳᠡᠪᠰᠢᠭᠦᠯᠦᠨ ᠡᠷᠭᠦᠮᠵᠢᠯᠡᠭᠰᠡᠨ ᠪᠥᠭᠡᠲᠡᠯ᠎ᠡ ᠰᠢᠨ᠎ᠡ ᠬᠠᠭᠠᠨ ᠶᠦᠩ ᠵᠢᠢ ᠬᠠᠷᠠᠩᠭᠤᠢ ᠬᠠᠷᠭᠢᠰ᠂ ᠬᠠᠷᠠᠲᠠᠢ ᠲᠠᠰᠤᠷᠬᠠᠢ ᠨᠢᠭᠤᠴᠠ ᠬᠣᠣᠷᠯᠠᠯ ᠢ᠋ ᠰᠡᠮᠡᠬᠡᠷ ᠡᠪᠦᠷᠯᠡᠵᠦ᠂ ᠳᠣᠲᠣᠭᠠᠳᠤ ᠣᠷᠳᠣᠨ ᠤ᠋ ᠬᠤᠸᠠᠩᠬᠡᠦ᠂ ᠭᠦᠩᠵᠦ᠂ ᠪᠢᠨ᠂ ᠹᠧᠢ ᠨᠠᠷ ᠤ᠋ᠨ ᠡᠮ ᠲᠣᠮ ᠢ᠋ ᠵᠠᠬᠢᠷᠤᠨ ᠵᠠᠰᠠᠬᠤ ᠲᠠᠢᠭᠠᠨᠴᠤᠳ ᠪᠠ ᠡᠮᠴᠢ ᠶ᠋ᠢᠨ ᠬᠠᠷᠢᠶᠠᠲᠤ ᠲᠠᠢ ᠢ ᠶᠤᠸᠠᠨ ᠶᠠᠮᠤᠨ ᠤ᠋ ᠳᠣᠲᠣᠭᠠᠳᠤ ᠶ᠋ᠢᠨ ᠡᠮᠴᠢ ᠰᠠᠢᠳ ᠤ᠋ᠳ ᠢ᠋ ᠴᠥᠮ ᠠᠯᠲᠠᠨ ᠰᠤᠪᠤᠳ ᠤ᠋ᠨ ᠬᠦᠨᠳᠦ ᠡᠳ᠋ ᠬᠢᠭᠡᠳ ᠵᠡᠷᠭᠡ ᠲᠤᠰᠢᠶᠠᠯ ᠤ᠋ᠨ ᠡᠷᠬᠢᠮ ᠣᠯᠵᠠ ᠠᠰᠢᠭᠲᠤ ᠰᠠᠢᠨ ᠲᠤᠰᠢᠶᠠᠯ ᠢ᠋ ᠰᠡᠮᠡᠬᠡᠷ ᠵᠢᠭᠠᠵᠤ᠂ ᠵᠡᠷᠭᠡ ᠬᠡᠷᠬᠡᠮ ᠣᠯᠵᠠ ᠠᠰᠢᠭ ᠢ᠋ ᠶᠡᠬᠡᠳᠡ ᠬᠦᠷᠲᠡᠭᠡᠵᠦ ᠢᠯᠡ ᠳ᠋ᠦ᠍ᠷ ᠯᠢ ᠬᠤᠸᠠᠩᠬᠡᠦ ᠳ᠋ᠦ᠍ᠷ ᠵᠢᠷᠮᠦᠰᠦᠨ ᠵᠢᠶᠠ ᠹᠠᠨ ᠬᠣᠶᠠᠷ ᠬᠦᠢ ᠹᠧᠢ ᠶ᠋ᠢᠨ ᠪᠡᠶ᠎ᠡ ᠶ᠋ᠢᠨ ᠤᠷᠤᠭ ᠢ᠋ ᠳᠠᠬᠢᠨ ᠳᠠᠬᠢᠨ ᠬᠢᠴᠢᠶᠡᠨ ᠰᠠᠬᠢᠨ ᠬᠠᠷᠠᠭᠠᠯᠵᠠᠭᠤᠯ ᠭᠡᠮᠡᠨ ᠠᠢᠯᠠᠳᠬᠠᠯᠭᠠᠨ ᠪᠥᠭᠡᠳ ᠳᠠᠯᠳᠠᠭᠤᠷ ᠡᠮᠴᠢ ᠰᠠᠢᠳ ᠬᠢᠭᠡᠳ ᠬᠣᠶᠠᠷ ᠬᠦᠢ ᠹᠧᠢ ᠶ᠋ᠢᠨ ᠰᠢᠳᠠᠷ ᠲᠠᠢᠭᠠᠨ ᠪᠠ ᠣᠷᠳᠣᠨ ᠤ᠋ ᠥᠬᠢᠳ ᠯᠦ᠍ᠭᠡ ᠬᠦᠨᠳᠦ ᠡᠳ᠋ ᠦ᠋ᠨ ᠭᠡᠮ ᠶᠠᠪᠤᠭᠳᠠᠵᠤ ᠴᠠᠢ ᠪᠤᠳᠠᠭ᠎ᠠ ᠂ ᠠᠷᠢᠬᠢ ᠳᠠᠷᠠᠰᠤ ᠶ᠋ᠢᠨ ᠵᠦᠢᠯ ᠪᠦᠷᠢ ᠳ᠋ᠦ᠍ᠷ ᠴᠥᠮ ᠤᠷᠤᠭ ᠢ᠋ ᠡᠪᠳᠡᠷᠡᠭᠦᠯᠦᠨ᠂ ᠬᠡᠦᠬᠡᠳ ᠤᠨᠠᠭᠠᠯᠭᠠᠬᠤ ᠬᠣᠣᠷᠠᠲᠤ ᠡᠮ᠂ ᠭᠡᠮᠲᠦ ᠤᠰᠤᠨ ᠤ᠋ ᠵᠦᠢᠯ ᠢ᠋ ᠬᠣᠯᠢᠭᠤᠯᠤᠨ ᠪᠠᠢᠵᠤ ᠂ ᠵᠢᠶᠠ ᠂ ᠹᠠᠨ ᠬᠣᠶᠠᠷ ᠹᠧᠢ ᠶ᠋ᠢᠨ ᠤᠷᠤᠭ ᠢ᠋ ᠴᠥᠮ ᠤᠨᠠᠭᠠᠯᠭᠠᠵᠤ᠂ ᠭᠡᠳᠡᠷᠭᠦ ᠡᠭᠡᠵᠦ ᠯᠢ ᠱᠢ ᠬᠤᠸᠠᠩᠬᠡᠦ ᠤᠷᠢᠳᠤ ᠡᠳᠦᠷ ᠬᠠᠭᠠᠨ ᠡᠵᠡᠨ ᠦ᠌ ᠳᠡᠷᠭᠡᠳᠡ ᠬᠠᠮᠲᠤ ᠪᠠᠢᠭᠰᠠᠨ ᠡᠬᠡᠨᠡᠷ ᠦ᠋ᠨ ᠬᠠᠷᠠᠩᠭᠤᠢ ᠠᠳᠬᠠᠭ ᠰᠡᠳᠬᠢᠯ ᠢ᠋ᠶ᠋ᠡᠷ ᠬᠣᠶᠠᠷ ᠹᠧᠢ ᠶ᠋ᠢᠨ ᠵᠢᠷᠮᠦᠰᠦᠨ ᠢ᠋ ᠬᠣᠣᠷᠯᠠᠵᠤ ᠤᠨᠠᠭᠠᠯᠭᠠᠪᠠ ᠭᠡᠮᠡᠨ ᠭᠦᠵᠢᠷᠯᠡᠨ ᠬᠢᠯᠢᠰᠳᠡᠭᠦᠯᠵᠦ ᠳᠣᠲᠣᠭᠠᠳᠤ ᠭᠠᠳᠠᠭᠠᠳᠤ ᠳ᠋ᠤᠷ ᠵᠠᠷᠯᠢᠭ ᠪᠠᠭᠤᠯᠭᠠᠵᠤ ᠪᠠᠢᠴᠠᠭᠠᠨ ᠠᠰᠠᠭᠤᠯᠭᠠᠵᠤ᠂ ᠪᠤᠷᠤᠭᠤᠰᠢᠶᠠᠨ ᠠᠢᠯᠠᠳᠬᠠᠯᠭᠠᠨ ᠪᠠᠢᠵᠤ ᠂ ᠯᠢ ᠬᠤᠸᠠᠩᠬᠡᠦ ᠶ᠋ᠢ ᠰᠢᠬᠠᠮᠳᠠᠭᠤᠯᠤᠨ ᠣᠷᠳᠣᠨ ᠤ᠋ ᠳᠣᠲᠣᠷ᠎ᠠ ᠨᠢᠭᠤᠴᠠ ᠪᠠᠷ ᠪᠣᠭᠣᠮᠢᠯᠠᠭᠤᠯᠤᠨ ᠦᠬᠦᠭᠦᠯᠵᠦ᠂ ᠶᠠᠰᠤ ᠶ᠋ᠢ ᠬᠠᠰᠢ ᠶᠠᠰᠢ ᠬᠠᠭᠤᠴᠢᠨ ᠬᠠᠭᠠᠨ ᠤ᠋ ᠢᠨᠠᠭ ᠾᠧᠦ ᠪᠥᠭᠡᠲᠡᠯ᠎ᠡ ᠡᠵᠡᠨ ᠦ᠌ ᠬᠣᠶᠠᠷ ᠦᠷᠡᠰ ᠦ᠋ᠨ ᠨᠢᠭᠡᠨ ᠢ᠋ ᠴᠦ᠍ ᠬᠠᠮᠠᠭᠠᠯᠠᠨ ᠡᠰᠡ ᠴᠢᠳᠠᠭᠰᠠᠨ ᠶᠠᠯᠠᠲᠤ ᠾᠧᠦ ᠶ᠋ᠢᠨ ᠶᠣᠰᠣᠭᠠᠷ ᠭᠠᠰᠠᠯᠠᠩ ᠢ᠋ ᠰᠢᠳᠬᠡᠭᠦᠯᠵᠦ ᠵᠢᠶᠠ ᠂ ᠹᠠᠨ ᠬᠣᠶᠠᠷ ᠹᠧᠢ ᠶ᠋ᠢ ᠳᠡᠭᠡᠳᠦ ᠬᠠᠭᠠᠨ ᠤ᠋ ᠦᠷᠡᠰ ᠢ᠋ ᠬᠢᠴᠢᠶᠡᠨ ᠰᠤᠪᠢᠯᠠᠨ ᠲᠡᠵᠢᠭᠡᠨ ᠡᠰᠡ ᠴᠢᠳᠠᠵᠤ ᠂ ᠳᠡᠭᠡᠳᠦ ᠬᠠᠭᠠᠨ ᠤ᠋ ᠬᠦᠨᠳᠦ ᠵᠠᠷᠯᠢᠭ ᠢ᠋ ᠲᠡᠷᠰᠯᠡᠭᠰᠡᠨ ᠲᠡᠪᠴᠢᠭᠰᠡᠨ ᠶᠠᠯ᠎ᠠ ᠭᠡᠮᠡᠨ ᠬᠣᠶᠠᠭᠤᠯᠠ ᠶ᠋ᠢᠨ ᠦᠰᠦ ᠶ᠋ᠢ ᠴᠥᠮ ᠬᠤᠰᠤᠵᠤ᠂ ᠴᠢᠪᠠᠭᠠᠨᠴᠠ ᠪᠣᠯᠭᠠᠨ ᠣᠷᠳᠣᠨ ᠠ᠋ᠴᠠ ᠭᠠᠷᠭᠠᠵᠤ ᠪᠠᠭᠤᠷᠠᠭᠤᠯᠤᠭᠰᠠᠨ ᠪᠢᠨ ᠂ ᠹᠧᠢ ᠶ᠋ᠢᠨ ᠰᠠᠭᠤᠬᠤ ᠴᠠᠭᠠᠵᠠᠲᠤ ᠬᠣᠷᠢᠶᠠᠲᠤ ᠹᠧᠢ ᠹᠧᠢ ᠶ᠋ᠢᠨ ᠬᠡᠮᠡᠬᠦ ᠴᠢᠪᠠᠭᠠᠨᠴᠠ ᠶ᠋ᠢᠨ ᠠᠯᠪᠠᠨ ᠤ᠋ ᠰᠦᠮ᠎ᠡ ᠳ᠋ᠦ᠍ᠷ ᠰᠠᠭᠤᠯᠭᠠᠪᠠ ᠃ ᠡᠨᠡ ᠢᠨᠦ ᠢᠯᠡ ᠰᠢᠳᠬᠡᠯ ᠃ ᠡᠭᠦᠨᠦ ᠳᠣᠲᠣᠷ᠎ᠠ ᠪᠠᠰᠠ ᠨᠢᠭᠡᠨ ᠮᠠᠰᠢ ᠨᠠᠷᠢᠨ ᠨᠢᠭᠤᠴᠠ ᠭᠦᠨ ᠳᠠᠯᠳᠠ ᠤᠴᠢᠷ ᠪᠠᠢᠬᠤ ᠠᠨᠤ᠂ 《ᠨᠢᠦᠢ ᠵᠧᠨ ᠮᠢ ᠱᠢ - ᠵᠦᠷᠴᠢᠨ ᠦ᠌ ᠨᠢᠭᠤᠴᠠ ᠲᠡᠦᠬᠡ 》ᠬᠡᠮᠡᠬᠦ ᠴᠢᠬᠤᠯᠠ ᠲᠡᠮᠳᠡᠭᠯᠡᠯ ᠳ᠋ᠦ᠍ᠷ ᠄ ᠪᠠᠷᠠᠭᠤᠨ ᠡᠲᠡᠭᠡᠳ ᠦ᠋ᠨ ᠫᠦ ᠰᠠᠨ ᠳ᠋ᠤᠸᠠᠨ᠂ ᠸᠧᠢ ᠸᠠᠩ ᠶᠦᠩ ᠵᠢᠢ ᠶ᠋ᠢᠨ ᠯᠠᠪ ᠬᠣᠣᠷᠯᠠᠯ ᠢ᠋ ᠮᠡᠳᠡᠵᠦ ᠂ ᠵᠢᠶᠠ ᠬᠦᠢ ᠹᠧᠢ ᠶ᠋ᠢ ᠪᠢᠴᠢᠭ ᠢ᠋ᠶ᠋ᠡᠷ ᠨᠠᠷᠢᠪᠴᠢᠯᠠᠨ ᠰᠤᠷᠭᠠᠵᠤ᠂ ᠢᠳᠡᠬᠦ ᠤᠤᠭᠤᠬᠤ ᠶ᠋ᠢ ᠨᠢᠭᠡᠮᠦᠰᠦᠨ ᠴᠡᠭᠡᠷᠯᠡᠭᠡᠳ ᠶᠦᠩ ᠵᠢᠢ ᠶ᠋ᠢᠨ ᠨᠢᠳᠦ ᠴᠢᠬᠢ ᠪᠣᠯᠭᠠᠨ ᠲᠠᠯᠪᠢᠭᠰᠠᠨ ᠲᠠᠢᠭᠠᠨ ᠵᠧᠨ ᠢ ᠬᠡᠮᠡᠭᠴᠢ ᠳ᠋ᠦ᠍ᠷ ᠫᠦ ᠰᠠᠨ ᠳ᠋ᠤᠸᠠᠨ ᠢ᠋ᠶ᠋ᠠᠷ ᠶᠦᠩ ᠵᠢᠢ ᠡᠴᠡ ᠢᠯᠡᠭᠦᠦ ᠨᠠᠷᠢᠨ ᠡᠳ᠋ ᠠᠯᠲᠠᠨ ᠰᠤᠪᠤᠳ ᠢ᠋ ᠬᠡᠲᠦᠷᠡᠲᠡᠯ᠎ᠡ ᠥᠭᠴᠦ᠂ ᠭᠠᠳᠠᠨ᠎ᠠ ᠠ᠋ᠴᠠ ᠪᠤᠰᠤᠳ ᠤ᠋ᠨ ᠤᠨᠠᠭᠠᠭᠰᠠᠨ ᠤᠷᠤᠭ ᠤ᠋ᠨ ᠬᠡᠦᠬᠡᠳ ᠢ᠋ ᠪᠣᠭᠣᠷᠰᠣᠭ ᠤ᠋ᠨ ᠬᠠᠭᠤᠷᠴᠠᠭ ᠲᠤᠷ ᠠᠬᠤᠭᠤᠯᠤᠨ ᠣᠷᠳᠣᠨ᠎ᠠ ᠣᠷᠣᠭᠤᠯᠵᠤ ᠵᠢᠶᠠ ᠬᠦᠢ ᠹᠧᠢ ᠨᠢᠷᠠᠢᠯᠠᠭᠰᠠᠨ ᠳᠠᠷᠤᠢ ᠰᠢᠨ᠎ᠡ ᠴᠢᠰᠤᠨ ᠢ᠋ᠶ᠋ᠠᠷ ᠪᠣᠳᠣᠵᠤ ᠠᠮᠢᠳᠤ ᠶ᠋ᠢ ᠠᠨᠤ ᠵᠣᠯᠢᠨ ᠠᠪᠴᠤ ᠭᠠᠷᠭᠠᠭᠠᠳ᠂ ᠪᠡᠯᠡᠳᠬᠡᠭᠰᠡᠨ ᠨᠢᠯᠬᠠᠰ ᠤ᠋ᠨ ᠦᠬᠦᠳᠡᠯ ᠢ᠋ ᠣᠯᠠᠨ᠎ᠠ ᠦᠵᠡᠭᠦᠯᠵᠦ ᠰᠡᠵᠢᠭᠯᠡᠯ ᠪᠠ ᠨᠡᠬᠡᠮᠵᠢᠯᠡᠯ ᠢ᠋ ᠲᠠᠰᠤᠯᠤᠨ ᠠᠷᠢᠯᠭᠠᠵᠤ᠂ ᠬᠣᠢᠨ᠎ᠠ ᠮᠥᠨ ᠪᠤᠰᠤ ᠡᠬᠡᠨᠡᠷ ᠦ᠋ᠨ ᠦᠬᠦᠳᠡᠯ ᠦ᠋ᠨ ᠦᠰᠦ ᠶ᠋ᠢ ᠬᠢᠷᠭᠠᠨ᠂ ᠵᠢᠶᠠ ᠹᠧᠢ ᠶ᠋ᠢᠨ ᠣᠷᠣᠨ ᠳ᠋ᠤᠷ ᠠᠪᠰᠠᠯᠠᠨ ᠪᠠᠢᠴᠠᠭᠠᠨ ᠦᠵᠡᠭᠦᠯᠵᠦ ᠂ ᠡᠬᠡ ᠬᠥᠪᠡᠭᠦᠨ ᠦ᠌ ᠠᠮᠢᠨ ᠢ᠋ ᠴᠥᠮ ᠭᠠᠷᠭᠠᠵᠤ᠂ ᠮᠣᠩᠭᠣᠯ ᠤ᠋ᠨ ᠴᠢᠩᠭᠢᠰ ᠬᠠᠭᠠᠨ ᠳ᠋ᠤᠷ ᠰᠢᠷᠭᠤᠭᠰᠠᠨ ᠬᠣᠢᠨ᠎ᠠ᠂ ᠶᠧ ᠯᠢᠦᠢ ᠬᠤᠸᠠᠢ ᠱᠧ ᠳ᠋ᠦ᠍ᠷ ᠲᠤᠰᠢᠶᠠᠨ ᠯᠢᠶᠣᠣ ᠳ᠋ᠦᠩ ᠦ᠋ᠨ ᠵᠡᠭᠦᠨᠲᠡ ᠶᠠ ᠯᠦ᠍ ᠮᠥᠷᠡᠨ᠎ᠡ ᠬᠠᠭᠤᠴᠢᠨ ᠵᠦᠷᠴᠢᠨ ᠤᠯᠤᠰ ᠲᠤᠷ ᠰᠠᠭᠤᠯᠭᠠᠨ᠂ ᠶᠤᠸᠠᠨ ᠳᠠᠢᠽᠦ᠋ᠩ ᠥᠭᠡᠳᠡᠢ ᠢᠩ ᠵᠸᠨ ᠬᠣᠸᠠᠩᠳᠢ ᠶ᠋ᠢᠨ ᠵᠠᠷᠯᠢᠭ ᠢ᠋ᠶ᠋ᠠᠷ ᠠᠯᠲᠠᠨ ᠤᠯᠤᠰ ᠤ᠋ᠨ ᠲᠠᠬᠢᠯᠭ᠎ᠠ ᠶ᠋ᠢ ᠲᠡᠭᠦᠨ ᠢ᠋ᠶ᠋ᠡᠷ ᠳᠠᠬᠢᠭᠤᠯᠤᠨ ᠪᠠᠭ᠎ᠠ ᠸᠠᠨ ᠶᠠᠨ ᠱᠢ ᠵᠣ᠌ ᠭᠡᠮᠡᠨ ᠨᠠᠷᠠᠯᠠᠪᠠ᠃ ᠡᠭᠦᠨ ᠦ᠌ ᠦᠷᠡᠰ ᠵᠡᠭᠦᠨ ᠴᠠᠩ ᠪᠠᠢ ᠱᠠᠨ ᠠᠭᠤᠯᠠᠨ ᠤ᠋ ᠶᠠ ᠯᠦ᠍ ᠮᠥᠷᠡᠨ᠎ᠡ ᠦᠷᠡᠵᠢᠨ ᠳᠡᠯᠭᠡᠷᠡᠵᠦᠬᠦᠢ᠃ ᠮᠥᠨ ᠬᠦ᠌ ᠠᠯᠲᠠᠨ ᠤᠯᠤᠰ ᠤ᠋ᠨ ᠨᠡᠷ᠎ᠡ ᠪᠡᠷ ᠠᠢᠮᠠᠭ ᠪᠣᠯᠭᠠᠨ᠂ ᠲᠡᠷᠡ ᠣᠷᠣᠨ ᠤ᠋ ᠰᠣᠯᠣᠩᠭᠤᠳ ᠤ᠋ᠨ ᠦᠭᠡᠰ ᠢ᠋ᠶ᠋ᠡᠷ ᠠᠯᠲᠠᠨ ᠢᠵᠠᠭᠤᠷᠲᠠᠠ ᠢ ᠠᠢᠰᠢᠨ ᠠᠢᠮᠠᠭ ᠬᠡᠮᠡᠮᠦᠢ᠃ ᠡᠳᠦᠭᠡᠬᠢ ᠳᠠᠢᠴᠢᠩ ᠤᠯᠤᠰ ᠤ᠋ᠨ ᠮᠠᠨᠳᠤᠭᠰᠠᠨ ᠤᠭ ᠡᠪᠦᠭᠡ ᠤᠯᠠᠭᠠᠨ ᠵᠢᠮᠢᠰ ᠢᠳᠡᠭᠰᠡᠨ ᠲᠡᠭᠷᠢ ᠶ᠋ᠢᠨ ᠥᠬᠢᠨ ᠤ ᠲᠥᠷᠥᠭᠰᠡᠨ ᠬᠥᠪᠡᠭᠦᠨ ᠢ᠋ ᠳᠠᠷᠤᠢ ᠲᠡᠷᠡ ᠠᠢᠰᠢᠨ ᠠᠢᠮᠠᠭᠲᠠᠨ ᠲᠡᠵᠢᠭᠡᠵᠦ ᠥᠰᠬᠡᠭᠰᠡᠨ ᠪᠣᠯᠠ᠃ ᠬᠣᠢᠨ᠎ᠠ ᠳᠠᠢᠴᠢᠩ ᠤᠯᠤᠰ ᠤ᠋ᠨ ᠱᠧᠩ ᠽᠦ᠍ ᠥᠷᠥᠰᠢᠶᠡᠯᠲᠦ ᠬᠤᠸᠠᠩᠳᠢ ᠡᠩᠬᠡ ᠠᠮᠤᠭᠤᠯᠠᠩ ᠪᠣᠭᠳᠠ ᠪᠠᠷ ᠶᠤᠸᠠᠨ ᠤᠯᠤᠰ ᠤ᠋ᠨ ᠲᠠᠢᠽᠦ ᠬᠢᠭᠡᠳ ᠱᠢᠽᠦ ᠬᠣᠶᠠᠷ ᠬᠤᠸᠠᠩᠳᠢ ᠶ᠋ᠢ ᠲᠠᠬᠢᠬᠤᠢ ᠳ᠋ᠤᠷ ᠡᠳᠦᠭᠡᠬᠢ ᠪᠡᠭᠡᠵᠢᠩ ᠦ᠋ᠨ ᠳᠧ ᠱᠧᠩ ᠮᠸᠨ ᠬᠡᠮᠡᠬᠦ ᠪᠠᠷᠠᠭᠤᠨ ᠬᠣᠢᠲᠤ ᠬᠠᠭᠠᠯᠭ᠎ᠠ ᠶ᠋ᠢ ᠭᠠᠷᠴᠤ᠂ ᠪᠠᠷᠠᠭᠤᠨ ᠬᠣᠢᠲᠤ ᠵᠦᠭ ᠬᠠᠨᠳᠤᠵᠤ ᠵᠦᠭᠴᠢᠯᠡᠨ ᠳᠠᠬᠢᠵᠤ ᠮᠥᠷᠭᠥᠬᠦ ᠢᠨᠦ ᠣᠨ ᠪᠦᠷᠢ ᠶ᠋ᠢᠨ ᠬᠣᠶᠠᠷ᠂ ᠨᠠᠢ᠍ᠮᠠᠨ ᠰᠠᠷ᠎ᠠ ᠶ᠋ᠢᠨ ᠳᠤᠮᠳᠠᠳᠤ ᠰᠠᠢᠨ ᠡᠳᠦᠷ᠎ᠡ ᠸᠠᠨ ᠫᠢᠩ ᠰᠢᠶᠠᠨ ᠠ᠋ᠴᠠ ᠲᠠᠬᠢᠬᠤ ᠴᠠᠭ ᠢ᠋ 《ᠳ᠋ᠠᠢ ᠴᠢᠩ ᠾᠦᠢ ᠳ᠋ᠢᠶᠠᠨ 》ᠪᠢᠴᠢᠭ ᠦ᠋ᠨ ᠬᠣᠶᠠᠳᠤᠭᠠᠷ ᠲᠣᠭᠳᠣᠢ ᠶ᠋ᠢᠨ ᠲᠠᠪᠤᠳᠤᠭᠠᠷ ᠳᠡᠪᠲᠡᠷ ᠦ᠋ᠨ ᠬᠣᠷᠢᠨ ᠳᠥᠷᠪᠡᠳᠦᠭᠡᠷ ᠬᠠᠭᠤᠳᠠᠰᠤᠨ ᠳ᠋ᠤᠷ ᠲᠣᠳᠣᠷᠬᠠᠶ᠎ᠠ ᠭᠠᠷᠭᠠᠵᠤ ᠪᠣᠢ ᠠᠮᠤᠢ᠃ ᠬᠣᠢᠴᠢ ᠶ᠋ᠢᠨ ᠬᠢ ᠮᠡᠷᠭᠡᠳ ᠰᠠᠢᠳ ᠪᠡᠷ ᠪᠠᠢᠴᠠᠭᠠᠨ ᠦᠵᠡᠵᠦ ᠨᠠᠷᠢᠪᠴᠢᠯᠠᠨ ᠬᠢᠨᠠᠭᠳᠠᠬᠤᠢ᠃ ᠰᠤᠯᠠ ᠦᠭᠡᠰ ᠪᠤᠰᠤ᠂ ᠮᠤᠬᠤᠯᠢ᠂ ᠪᠤᠭᠤᠷᠵᠢ ᠶ᠋ᠢ ᠮᠥᠨ ᠳᠡᠪᠲᠡᠷ ᠦ᠋ᠨ ᠠᠷᠪᠠᠨ ᠨᠠᠢᠮᠠᠳᠤᠭᠠᠷᠠ ᠪᠣᠢ᠂ ᠰᠤᠯᠠ ᠦᠭᠡᠰ ᠬᠡᠷᠡᠭ ᠦᠭᠡᠢ᠃
ᠲᠡᠭᠦᠨᠴᠡ᠂ ᠠᠯᠲᠠᠨ ᠤᠯᠤᠰ ᠤ᠋ᠨ ᠸᠧᠢ ᠸᠠᠩ ᠶᠦᠩ ᠵᠢᠢ ᠡᠨᠡ ᠳᠥᠷᠪᠡᠨ ᠰᠡᠷᠡᠳᠡ ᠨᠢᠭᠡᠨᠲᠡ ᠭᠡᠷ ᠦ᠋ᠨ ᠳᠣᠲᠣᠷᠠᠬᠢ ᠡᠬᠡᠨᠡᠷ ᠦ᠋ᠨ ᠦᠢᠯᠡᠰ ᠢ᠋ ᠡᠷᠬᠢᠯᠡᠨ᠂ ᠬᠠᠷ᠎ᠠ ᠬᠣᠣᠷᠲᠤ ᠬᠠᠷᠭᠢᠰ ᠦᠢᠯᠡ ᠶ᠋ᠢ ᠡᠭᠦᠰᠬᠡᠨ ᠦᠢᠯᠡᠳᠬᠦᠶ᠎ᠡ᠂ ᠶᠠᠭᠤᠨᠠᠢ ᠤᠯᠤᠰ ᠲᠥᠷᠥ ᠶ᠋ᠢᠨ ᠴᠡᠷᠢᠭ ᠲᠡᠢᠨ ᠦ᠌ ᠶᠡᠬᠡ ᠦᠢᠯᠡ ᠶ᠋ᠢ ᠬᠠᠢᠬᠤᠷᠬᠤ ᠰᠠᠨᠠᠭ᠎ᠠ ᠪᠠᠢᠬᠤ ᠠᠵᠠᠢ? ᠡᠭᠦᠨ ᠳ᠋ᠦ᠍ᠷ ᠫᠦ ᠰᠠᠨ ᠳ᠋ᠤᠸᠠᠨ᠂ ᠸᠧᠢ ᠸᠠᠩ ᠶᠦᠩ ᠵᠢᠢ ᠶ᠋ᠢᠨ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠬᠦᠨᠳᠦ ᠶᠡᠬᠡᠮᠰᠦᠭ ᠲᠣᠷ ᠲᠠᠪᠠ ᠦᠭᠡᠢ᠂ ᠳᠡᠭᠡᠳᠦ ᠵᠠᠩᠽᠦ᠋ᠩ ᠬᠠᠭᠠᠨ ᠳ᠋ᠤᠷ ᠤᠮᠠᠷᠠᠲᠤ ᠮᠣᠩᠭᠣᠯ ᠤ᠋ᠨ ᠡᠵᠡᠨ ᠲᠡᠮᠦᠵᠢᠨ ᠢ᠋ ᠳᠠᠢᠯᠠᠵᠤ ᠠᠷᠢᠯᠭ᠎ᠠ ᠭᠡᠮᠡᠨ ᠳᠠᠬᠢᠨ ᠳᠠᠪᠲᠠᠨ ᠱᠠᠭᠠᠷᠳᠠᠭᠰᠠᠨ ᠢ᠋ ᠰᠠᠢᠬᠠᠨ ᠮᠡᠳᠡᠬᠦ ᠶ᠋ᠢᠨ ᠲᠤᠯᠠ ᠡᠨᠡ ᠤᠳᠠᠭ᠎ᠠ ᠶ᠋ᠢᠨ ᠲᠠᠩᠭᠤᠳ ᠤ᠋ᠨ ᠡᠯᠴᠢ ᠪᠠᠯᠵᠣᠷ ᠲᠤᠷ ᠡᠢᠨ ᠬᠦ᠌ ᠬᠡᠯᠡᠪᠡᠰᠦ ᠵᠣᠬᠢᠬᠤ ᠪᠣᠯᠪᠠᠤ ᠭᠡᠮᠡᠨ ᠫᠦ ᠰᠠᠨ ᠳ᠋ᠤᠸᠠᠨ᠂ ᠸᠧᠢ ᠸᠠᠩ ᠶᠦᠩ ᠵᠢᠢ ᠳ᠋ᠦ᠍ᠷ ᠠᠢᠯᠠᠳᠬᠠᠪᠠᠢ᠄
《ᠶᠡᠬᠡ ᠪᠠᠭ᠎ᠠ ᠣᠯᠠᠨ ᠴᠥᠭᠡᠨ ᠪᠣᠯᠪᠠᠴᠤ ᠨᠢᠭᠡᠨ ᠰᠠᠯᠠᠭᠠᠨ ᠤ᠋ ᠬᠣᠶᠠᠷ ᠡᠲᠡᠭᠡᠳ ᠢ᠋ ᠬᠡᠯᠡᠯᠴᠡᠭᠦᠯᠦᠨ ᠡᠪᠰᠡᠯᠳᠦᠭᠦᠯᠬᠦ ᠲᠦᠰᠢᠮᠡᠯ ᠴᠡᠷᠢᠭ ᠢᠯᠡᠭᠡᠵᠦ᠂ ᠬᠡᠳᠦᠢᠴᠢᠨᠡᠭᠡᠨ ᠵᠢᠯ ᠦ᠋ᠨ ᠨᠠᠢᠷ ᠨᠠᠢᠷᠠᠮᠳᠠᠭᠤ ᠶᠠᠪᠤᠭᠰᠠᠨ ᠢ᠋ ᠭᠦᠢᠴᠡᠳᠬᠡᠨ᠂ ᠢᠯᠡ ᠳ᠋ᠦ᠍ᠷ ᠲᠠᠩᠭᠤᠳ ᠤᠯᠤᠰ ᠤ᠋ᠨ ᠠᠮᠠᠨ ᠢ᠋ ᠪᠥᠭᠯᠡᠨ᠂ ᠬᠣᠢᠴᠢ ᠡᠳᠦᠷ ᠮᠣᠩᠭᠣᠯ ᠳ᠋ᠤᠷ ᠳᠠᠭᠠᠪᠠᠴᠤ᠂ ᠮᠠᠨ ᠤ᠋ ᠤᠯᠤᠰ ᠤ᠋ᠨ ᠵᠦᠭ ᠶᠡᠬᠡ ᠳᠠᠢᠰᠤᠨ ᠪᠣᠯᠬᠤ ᠦᠭᠡᠢ ᠪᠣᠯᠭᠠᠵᠤ᠂ ᠳᠠᠯᠳᠠ ᠳ᠋ᠤᠷ ᠮᠣᠩᠭᠣᠯ ᠬᠢᠭᠡᠳ ᠲᠠᠩᠭᠤᠳ ᠢ᠋ ᠨᠡᠢᠲᠡᠭᠦᠯᠬᠦ ᠴᠡᠷᠢᠭ ᠬᠡᠮᠡᠪᠡᠰᠦ᠂ ᠡᠷᠲᠡ ᠡᠳᠦᠷ ᠦ᠋ᠨ ᠡᠵᠡᠨ ᠦ᠌ ᠮᠣᠩᠭᠣᠯ ᠤ᠋ᠨ ᠡᠵᠡᠨ ᠢ᠋ ᠠᠷᠢᠯᠭᠠᠰᠤᠭᠠᠢ ᠬᠡᠮᠡᠭᠰᠡᠨ ᠰᠤᠯᠠ ᠦᠭᠡᠰ ᠦ᠋ᠨ ᠦ ᠥᠰᠢᠶ᠎ᠡ ᠶ᠋ᠢ ᠮᠥᠨ ᠬᠠᠯᠬᠠᠯᠠᠨ ᠥᠩᠭᠡᠷᠡᠭᠡᠵᠦ᠂ ᠮᠣᠩᠭᠣᠯ ᠲᠠᠩᠭᠤᠳ ᠢ ᠠᠪᠤᠪᠠᠴᠤ᠂ ᠮᠠᠨ ᠤ᠋ ᠤᠯᠤᠰ ᠤ᠋ᠨ ᠠᠷᠤ ᠠ᠋ᠴᠠ ᠪᠠᠢᠯᠳᠤᠬᠤ ᠵᠣᠪᠠᠯᠠᠩ ᠢ᠋ ᠠᠷᠢᠯᠭᠠᠪᠠᠰᠤ ᠵᠣᠬᠢᠮᠤᠢ 》ᠬᠡᠮᠡᠬᠦᠯ᠎ᠡ᠂ ᠶᠦᠩ ᠵᠢᠢ ᠨᠢᠭᠡᠨᠲᠡ ᠥᠩᠭᠡ ᠳᠡᠷᠡᠰᠦᠨ ᠳ᠋ᠦ᠍ᠷ ᠠᠮᠲᠠᠰᠢᠨ᠂ ᠤᠯᠤᠰ ᠲᠥᠷᠥ ᠶ᠋ᠢᠨ ᠤᠷᠰᠢᠭ ᠶᠠᠷᠰᠢᠭᠲᠤ ᠬᠡᠷᠡᠭ ᠢ᠋ ᠰᠣᠨᠣᠰᠬᠤ ᠳᠤᠷ᠎ᠠ ᠦᠭᠡᠢ ᠪᠣᠯᠤᠭᠰᠠᠨ ᠪᠣᠯᠪᠠᠴᠤ᠂ ᠦᠭᠡ ᠪᠡᠨ ᠤᠷᠪᠠᠭᠤᠯᠤᠨ ᠥᠭᠦᠯᠡᠷᠦᠨ᠄
《 ᠪᠸᠲ᠋ᠠ᠋ ᠤᠯᠤᠰ ᠤ᠋ᠨ ᠡᠵᠡᠨ ᠲᠡᠮᠦᠵᠢᠨ ᠪᠢᠳᠡ ᠬᠣᠶᠠᠭᠤᠯᠠ ᠦᠯᠦ ᠵᠣᠬᠢᠯᠳᠤᠬᠤᠢ ᠶ᠋ᠢᠨ ᠳᠡᠭᠡᠷ᠎ᠡ᠂ ᠡᠳᠦᠭᠡ ᠪᠠᠰᠠ ᠲᠠᠩᠭᠤᠳ ᠤᠯᠤᠰ ᠲᠤᠷ ᠲᠤᠰᠠᠯᠠᠬᠤ ᠴᠡᠷᠢᠭ ᠦᠭᠪᠡᠰᠦ᠂ ᠮᠣᠩᠭᠣᠯ ᠤ᠋ᠨ ᠲᠡᠮᠦᠵᠢᠨ ᠡᠷᠬᠡ ᠦᠭᠡᠢ ᠪᠡᠯᠡᠨ ᠰᠢᠯᠲᠠᠭ ᠢ᠋ᠶ᠋ᠠᠷ ᠪᠢᠳᠡᠨ ᠦ᠌ ᠤᠯᠤᠰ ᠠ᠋ᠴᠠ ᠶᠠᠯ᠎ᠠ ᠠᠰᠠᠭᠤᠬᠤ ᠴᠡᠷᠢᠭ ᠳᠡᠭᠳᠡᠭᠡᠮᠦᠢ᠂ ᠡᠢᠮᠦ ᠪᠥᠭᠡᠰᠦ ᠡᠮᠦᠨᠡᠲᠦ ᠰᠥᠩ ᠤᠯᠤᠰ ᠤ᠋ᠨ ᠵᠢᠯ ᠪᠦᠷᠢ ᠪᠠᠷᠢᠬᠤ ᠬᠦᠨᠳᠦ ᠠᠯᠪᠠᠨ ᠤ᠋ ᠡᠳ᠋ ᠠᠭᠤᠷᠠᠰᠤᠨ ᠢ᠋ᠶ᠋ᠠᠨ ᠣᠳᠣ ᠳᠤᠲᠠᠭᠤ ᠳᠣᠷᠭᠣᠨ ᠥᠭᠭᠦᠬᠦᠢ ᠳ᠋ᠦ᠍ᠷ ᠬᠥᠷᠥᠮᠦᠢ᠃ ᠲᠡᠢᠮᠦ ᠪᠥᠭᠡᠰᠦ ᠣᠳᠣ ᠠᠯᠢ ᠡᠲᠡᠭᠡᠳ ᠢ᠋ ᠬᠠᠮᠠᠭᠠᠯᠠᠬᠤ ᠵᠠᠢ ᠴᠢᠯᠥᠭᠡ ᠴᠥᠮ ᠦᠭᠡᠢ ᠪᠣᠯᠤᠮᠤᠢ᠃ ᠲᠡᠢᠨ ᠬᠦ᠌ ᠨᠢᠭᠡᠬᠡᠨ ᠲᠠᠩᠭᠤᠳ ᠤᠯᠤᠰ ᠲᠤᠷ ᠮᠠᠭᠤ ᠪᠣᠯᠵᠤ᠂ ᠨᠢᠭᠡᠬᠡᠨ ᠡᠲᠡᠭᠡᠳ ᠢ᠋ ᠰᠡᠷᠡᠮᠵᠢᠯᠡᠨ ᠲᠤᠯᠪᠠᠰᠤ ᠪᠠᠷᠠᠪᠠ᠃ ᠨᠢᠭᠡᠨ ᠰᠠᠯᠠᠭᠠᠨ ᠤ᠋ ᠴᠡᠷᠢᠭ ᠬᠥᠳᠡᠯᠦᠭᠡᠳ ᠡᠮᠦᠨ᠎ᠡ ᠬᠣᠢᠨ᠎ᠠ ᠬᠣᠶᠠᠷ ᠦᠵᠦᠭᠦᠷ ᠦ᠋ᠨ ᠴᠡᠷᠢᠭ ᠢ᠋ ᠳᠡᠭᠳᠡᠭᠦᠯᠬᠦ ᠦᠭᠡᠢ ᠢᠨᠦ ᠳᠡᠭᠡᠷᠡᠳᠡᠮᠦᠢ 》ᠭᠡᠮᠡᠨ ᠶᠣᠰᠣ ᠪᠠᠷ ᠬᠠᠯᠬᠠᠯᠠᠨ ᠰᠢᠯᠲᠠᠭᠠᠯᠠᠵᠤ ᠴᠡᠩᠭᠡᠨ ᠵᠢᠷᠭᠠᠬᠤ ᠶ᠋ᠢ ᠡᠷᠢᠬᠦᠢ ᠳ᠋ᠦ᠍ᠷ ᠴᠧᠩᠰᠢᠶᠠᠩ ᠫᠦ ᠰᠠᠨ ᠳ᠋ᠤᠸᠠᠨ ᠠᠷᠭ᠎ᠠ ᠦᠭᠡᠢ ᠬᠠᠭᠤᠷᠮᠠᠭ ᠰᠢᠯᠲᠠᠭ ᠲᠤᠷ ᠬᠠᠭᠠᠭᠳᠠᠵᠤ ᠳᠣᠲᠣᠷ᠎ᠠ ᠪᠠᠨ ᠰᠡᠮᠡᠬᠡᠷ ᠵᠢᠬᠡᠭᠦᠨ ᠢ᠋ᠶ᠋ᠡᠷ ᠢᠨᠢᠶᠡᠵᠦ ᠭᠠᠷᠪᠠ᠃ ᠡᠨᠡ ᠨᠢᠭᠡᠨ ᠤᠳᠠᠭ᠎ᠠ ᠶ᠋ᠢᠨ ᠬᠡᠷᠡᠭ ᠲᠦ᠍ᠷ ᠡᠷᠲᠡᠨ ᠦ᠌ ᠮᠡᠷᠭᠡᠳ ᠦ᠋ᠨ ᠮᠣᠩᠭᠣᠯ ᠤᠯᠤᠰ ᠤ᠋ᠨ ᠲᠩᠷᠢ ᠶ᠋ᠢᠨ ᠴᠠᠭ ᠢ᠋ ᠪᠢᠰᠢᠷᠡᠭᠰᠡᠨ ᠢᠨᠦ ᠠᠯᠲᠠᠨ ᠤᠯᠤᠰ ᠤ᠋ᠨ ᠸᠧᠢ ᠸᠠᠩ ᠶᠦᠩ ᠵᠢᠢ ᠲᠥᠷᠥᠯᠬᠢ ᠥᠴᠦᠬᠡᠨ ᠰᠠᠪᠠ ᠠᠳᠬᠠᠭᠲᠤ ᠠᠮᠢᠲᠠᠨ ᠪᠥᠭᠡᠳ ᠡᠷᠲᠡᠨ ᠦ᠌ ᠢᠴᠢᠩᠭᠦᠷᠡᠯ ᠢ᠋ ᠡᠨᠡ ᠡᠳᠦᠷ ᠣᠳᠣ ᠭᠠᠷᠭᠠᠪᠠᠰᠤ ᠵᠣᠬᠢᠬᠤ ᠠᠲᠠᠯ᠎ᠠ᠂ ᠡᠳᠦᠢᠬᠡᠨ ᠵᠢᠷᠭᠠᠯ ᠢ᠋ ᠦᠵᠡᠮᠡᠭᠴᠡ᠂ ᠡᠷᠲᠡᠨ ᠦ᠌ ᠡᠵᠡᠨ ᠢ᠋ᠶ᠋ᠡᠨ ᠱᠠᠭᠠᠷᠳᠠᠭᠰᠠᠨ ᠢ᠋ᠶ᠋ᠠᠨ ᠤᠮᠠᠷᠲᠠᠨ ᠣᠷᠬᠢᠭᠠᠳ᠂ ᠵᠢᠷᠭᠠᠯ ᠴᠡᠩᠭᠡᠯ ᠳ᠋ᠡᠭᠡᠨ ᠲᠠᠰᠢᠭᠤᠷᠠᠵᠤ ᠤᠷᠠᠨ ᠰᠢᠯᠲᠠᠭ ᠵᠢᠭᠠᠨ᠂ ᠲᠠᠩᠭᠤᠳ ᠤᠯᠤᠰ ᠯᠤᠭ᠎ᠠ ᠨᠠᠶᠠᠨ ᠢᠯᠡᠭᠦᠦ ᠵᠢᠯ ᠴᠡᠷᠢᠭ ᠲᠡᠢᠨ ᠳᠡᠭᠳᠡᠭᠡᠭᠰᠡᠨ ᠦᠭᠡᠢ ᠨᠠᠢᠷ ᠵᠢᠷᠤᠮ ᠢ᠋ ᠡᠰᠡ ᠦᠲᠡᠭᠡᠷᠦᠨ ᠬᠠᠷᠢᠯᠴᠠᠨ ᠲᠤᠰᠠᠯᠠᠯᠴᠠᠭᠰᠠᠨ ᠪᠥᠭᠡᠰᠦ᠂ ᠠᠯᠲᠠᠨ ᠲᠠᠩᠭᠤᠳ ᠬᠣᠶᠠᠷ ᠤᠯᠤᠰ ᠢ᠋ ᠮᠣᠩᠭᠣᠯ ᠬᠡᠷᠬᠢᠪᠡᠴᠦ ᠬᠠᠮᠲᠤᠪᠠᠷ ᠠᠷᠢᠯᠭᠠᠨ ᠦᠯᠦ ᠴᠢᠳᠠᠬᠤ ᠠᠨᠤ ᠮᠠᠭᠠᠳ ᠪᠣᠯᠠᠢ᠃ ᠡᠨᠡ ᠳᠠᠷᠤᠢ ᠮᠣᠩᠭᠣᠯ ᠤ᠋ᠨ ᠴᠢᠩᠭᠢᠰ ᠬᠠᠭᠠᠨ ᠤ᠋ ᠲᠡᠭᠷᠢ ᠶ᠋ᠢᠨ ᠴᠠᠭ ᠢ᠋ ᠣᠯᠤᠭᠰᠠᠨ ᠢᠯᠡᠷᠬᠡᠢ ᠪᠤᠶᠠᠨ ᠢᠨᠦ ᠪᠣᠯᠠᠢ᠃ ᠪᠢᠴᠢᠭ ᠠᠢᠯᠠᠳᠤᠭᠴᠢᠳ ᠪᠦᠬᠦᠨ ᠸᠧᠢ ᠸᠠᠩ ᠶᠦᠩ ᠵᠢᠢ ᠬᠠᠭᠠᠨ ᠰᠠᠭᠤᠮᠠᠭᠴᠠ ᠯᠠᠪ ᠮᠣᠩᠭᠣᠯ ᠤᠯᠤᠰ ᠢ᠋ ᠳᠠᠢᠯᠠᠮᠤᠢ ᠶᠠ ᠭᠡᠮᠡᠨ ᠰᠠᠨᠠᠬᠤᠶ᠎ᠠ ᠡᠳᠦᠭᠡ ᠨᠢᠭᠡᠬᠡᠨ ᠵᠢᠷᠭᠠᠯ ᠴᠡᠩᠭᠡᠯ ᠢ᠋ ᠣᠯᠤᠮᠠᠭᠴᠠ ᠤᠷᠠᠨ ᠰᠢᠯᠲᠠᠭ ᠭᠠᠷᠴᠤ ᠢᠷᠡᠭᠰᠡᠨ ᠢᠨᠦ᠂ ᠡᠭᠡᠨᠡᠭᠲᠡ ᠶᠦᠩ ᠵᠢᠢ ᠶ᠋ᠢᠨ ᠥᠴᠦᠬᠡᠨ ᠲᠥᠷᠥᠯᠬᠢᠲᠡᠨ ᠤ ᠶᠠᠰᠤ ᠠᠷᠠᠰᠤ ᠴᠠᠭ ᠭᠱᠠᠨ᠎ᠠ ᠢᠯᠡᠷᠡᠨ ᠭᠠᠷᠪᠠᠢ᠃ ᠠᠯᠲᠠᠨ ᠤᠯᠤᠰ ᠤ᠋ᠨ ᠵᠠᠩᠽᠦ᠋ᠩ ᠬᠠᠭᠠᠨ ᠦᠵᠡᠵᠦ ᠭᠠᠷᠤᠭᠠᠳ ᠤᠷᠲᠤ ᠰᠡᠭᠦᠷᠡᠰᠦᠨ ᠠᠯᠳᠠᠭᠰᠠᠨ ᠠᠨᠤ ᠪᠤᠷᠤᠭᠤ ᠦᠭᠡᠢ᠃ ᠠᠴᠢᠲᠤ ᠠᠬ᠎ᠠ ᠡᠵᠡᠨ ᠦ᠌ ᠪᠡᠨ ᠰᠠᠭᠤᠷᠢᠨ ᠢ᠋ᠶ᠋ᠠᠨ ᠵᠠᠯᠭᠠᠮᠵᠢᠯᠠᠭᠤᠯᠤᠭᠰᠠᠨ ᠠᠴᠢ ᠳ᠋ᠤᠷ ᠡᠨᠡ ᠮᠡᠲᠦ ᠬᠠᠷᠢᠭᠤᠯᠠᠪᠠ᠃
ᠤᠷᠰᠢᠭᠲᠤ ᠮᠠᠭᠤ ᠥᠴᠦᠬᠡᠨ ᠬᠥᠮᠦᠨ
ᠤᠷᠢᠳᠠ ᠡᠯ ᠬᠣᠢᠨ᠎ᠠ ᠳᠠᠢᠰᠤᠨ ᠬᠡᠮᠡᠭᠴᠢ᠂
ᠤᠷᠤᠭ ᠢ᠋ ᠤᠨᠠᠭᠠᠯᠭᠠᠨ ᠣᠣᠭᠣᠰᠤᠷ ᠢ᠋ ᠲᠠᠰᠤᠯᠤᠨ ᠰᠠᠭᠤᠬᠤ ᠮᠠᠰᠢᠳᠠ ᠬᠠᠷᠭᠢᠰ ᠬᠠᠷᠠᠲᠠᠢ
ᠤᠭ ᠠ᠋ᠴᠠ ᠵᠢᠷᠮᠦᠰᠦᠨ ᠢ᠋ ᠡᠰᠡ ᠳᠤᠷᠠᠳᠤᠨ ᠬᠣᠶᠠᠷ ᠹᠧᠢ ᠶ᠋ᠢ ᠲᠦᠷᠬᠦᠮᠡ ᠴᠦᠯᠡᠭᠰᠡᠨ ᠪᠥᠭᠡᠰᠦ
ᠤᠷᠠᠨ ᠠᠷᠭ᠎ᠠ ᠪᠠᠷ ᠦᠷ᠎ᠡ ᠪᠡᠨ ᠵᠠᠯᠭᠠᠵᠤ
ᠦᠰ ᠨᠡᠬᠡᠪᠡᠴᠦ ᠪᠣᠯᠤᠮᠠᠷ ᠪᠢᠯᠡ ᠬᠡᠮᠡᠵᠦᠬᠦᠢ᠃
ᠲᠡᠨᠳᠡᠴᠡ ᠸᠧᠢ ᠸᠠᠩ ᠶᠦᠩ ᠵᠢᠢ ᠲᠠᠩᠭᠤᠳ ᠤᠯᠤᠰ ᠤ᠋ᠨ ᠡᠯᠴᠢ ᠳ᠋ᠦ᠍ᠷ ᠤᠷᠠᠨ ᠦᠭᠡᠰ ᠢ᠋ᠶ᠋ᠡᠷ ᠵᠠᠷᠯᠢᠭ ᠪᠣᠯᠤᠷᠤᠨ :
《ᠮᠡᠬᠦᠰ ᠮᠢᠨᠦ ᠳᠡᠭᠡᠳᠦ ᠠᠬ᠎ᠠ ᠬᠠᠭᠠᠨ ᠰᠢᠨᠡᠬᠡᠨ ᠥᠩᠭᠡᠷᠡᠵᠦ᠂ ᠨᠢᠭᠡᠬᠡᠨ ᠣᠢ ᠶ᠋ᠢᠨ ᠬᠤᠷᠴᠠ ᠪᠡᠯᠪᠡᠰᠦᠷᠡᠯ ᠮᠥᠨ ᠥᠩᠭᠡᠷᠡᠭᠡᠳᠦᠢ ᠪᠡᠷ ᠪᠠᠰᠠ ᠳᠠᠪᠬᠤᠷ ᠭᠠᠰᠠᠯᠠᠩ ᠭᠠᠷᠴᠤ ᠤᠷᠢᠳᠤ ᠶ᠋ᠢᠨ ᠬᠤᠸᠠᠩᠬᠡᠦ ᠪᠠᠰᠠ ᠬᠠᠯᠢᠭᠠᠳ᠂ ᠤᠯᠤᠰ ᠲᠥᠷᠥ ᠰᠢᠨᠡᠬᠡᠨ ᠲᠣᠭᠲᠠᠨᠢᠵᠤ ᠳᠡᠭᠵᠢᠬᠦᠢ ᠶ᠋ᠢᠨ ᠤᠷᠢᠳ ᠭᠡᠷᠦᠨ ᠭᠠᠰᠠᠯᠠᠩ ᠵᠠᠯᠭᠠᠯᠳᠤᠵᠤᠬᠤᠢ᠃ ᠵᠡᠷᠭᠡᠯᠡᠳᠡᠭᠡ ᠤᠯᠤᠰ ᠤ᠋ᠨ ᠲᠡᠢᠨ ᠳ᠋ᠦ᠍ᠷ ᠲᠤᠰᠠᠯᠠᠬᠤ ᠴᠠᠭ ᠤᠴᠢᠷ ᠶᠣᠰᠣ ᠵᠢᠷᠤᠮ ᠴᠥᠮ ᠪᠤᠰᠤ ᠪᠣᠯᠵᠤᠬᠤᠢ᠃ ᠭᠡᠷ ᠦ᠋ᠨ ᠭᠠᠰᠠᠯᠠᠩ ᠲᠣᠯᠣᠭᠠᠢ ᠳᠦᠭᠦᠷᠡᠩ ᠮᠠᠨᠠᠨ᠂ ᠡᠪᠦᠳᠦᠭ ᠲᠤᠯᠤᠮ᠎ᠠ ᠰᠢᠪᠠᠷ ᠪᠥᠭᠡᠲᠡᠯ᠎ᠡ᠂ ᠥᠪᠡᠷᠦᠨ ᠭᠠᠰᠠᠯᠠᠩ ᠢ᠋ ᠣᠷᠬᠢᠭᠠᠳ ᠪᠤᠰᠤᠳ ᠤ᠋ᠨ ᠭᠠᠮᠰᠢᠭ ᠲᠤᠷ ᠴᠡᠷᠢᠭᠯᠡᠪᠡᠰᠦ ᠪᠣᠯᠤᠮᠤᠢ ᠤᠤ? ᠡᠷᠲᠡᠨ ᠦ᠌ ᠦᠭᠡᠰ ᠲᠣᠷ ( ᠪᠤᠴᠠᠯᠬᠤ ᠰᠦᠨ ᠢ᠋ ᠰᠠᠮᠤᠷᠴᠤ᠂ ᠬᠥᠭᠡᠷᠬᠦ ᠶ᠋ᠢ ᠳᠠᠷᠤᠬᠤ ᠠ᠋ᠴᠠ ᠲᠣᠭᠣᠭᠠᠨ ᠤ᠋ ᠳᠣᠣᠷᠠᠬᠢ ᠭᠠᠯ ᠢ᠋ ᠭᠠᠷᠭᠠᠭᠳᠠᠬᠤᠢ ) ᠬᠡᠮᠡᠵᠦᠬᠦᠢ᠃ ᠴᠡᠷᠢᠭ ᠢᠯᠡᠭᠡᠵᠦ ᠥᠷᠨᠢᠭᠰᠡᠨ ᠳᠠᠢᠰᠤᠨ ᠤ᠋ ᠦᠵᠦᠭᠦᠷ ᠲᠣᠷ ᠲᠤᠯᠵᠤ ᠪᠠᠢᠯᠳᠤᠬᠤ ᠠ᠋ᠴᠠ ᠲᠤᠰ ᠡᠰᠡᠷᠭᠦᠴᠡᠯ ᠦ᠋ᠨ ᠬᠢᠯᠢᠩ ᠢ᠋ ᠨᠠᠮᠬᠠᠷᠠᠭᠤᠯᠤᠨ ᠳᠠᠢᠰᠤᠨ ᠤ᠋ ᠪᠠᠢᠷᠢᠯᠳᠤᠭᠠᠨ ᠢ᠋ ᠵᠣᠭᠰᠣᠭᠠᠪᠠᠰᠤ ᠳᠡᠭᠡᠷ᠎ᠡ ᠦᠭᠡᠢ ᠤᠤ? ᠮᠡᠬᠦᠰ ᠪᠢ ᠳᠡᠭᠡᠳᠦ ᠬᠠᠭᠠᠨ ᠤ᠋ ᠦᠶ᠎ᠡ ᠳ᠋ᠦ᠍ᠷ ᠮᠣᠩᠭᠣᠯ ᠤ᠋ᠨ ᠡᠵᠡᠨ ᠯᠦ᠍ᠭᠡ ᠡᠳᠦᠢ ᠲᠡᠳᠦᠢ ᠪᠣᠯᠪᠠᠴᠤ ᠬᠡᠲᠦᠷᠬᠡᠶ᠎ᠡ ᠬᠦᠨᠳᠦ ᠲᠠᠯ᠎ᠠ ᠪᠡᠯᠡᠭ ᠦ᠋ᠨ ᠶᠡᠬᠡ ᠬᠡᠰᠢᠭ ᠥᠷᠦᠰᠢᠶᠡᠯᠲᠡᠢ ᠪᠥᠯᠥᠭᠡ᠃ ᠪᠢ ᠶᠡᠬᠡ ᠡᠯᠴᠢ ᠠᠮᠠᠯᠠᠨ ᠢᠯᠡᠭᠡᠵᠦ ᠲᠠᠨ ᠤ᠋ ᠬᠣᠶᠠᠷ ᠡᠲᠡᠭᠡᠳ ᠢ᠋ ᠲᠡᠢᠨ ᠡᠰᠡ ᠳᠡᠭᠳᠡᠭᠦᠯᠦᠨ᠂ ᠡᠪᠰᠡᠭᠦᠯᠵᠦ ᠬᠡᠯᠡᠯᠴᠡᠭᠦᠯᠦᠨ ᠨᠠᠢᠷᠠᠯᠳᠤᠭᠤᠯᠰᠤᠭᠠᠢ》 ᠬᠡᠮᠡᠭᠰᠡᠨ ᠳ᠋ᠦ᠍ᠷ ᠲᠠᠩᠭᠤᠳ ᠤ᠋ᠨ ᠡᠯᠴᠢ ᠪᠠᠯᠵᠣᠷ ᠨᠣᠶᠠᠨ ᠶᠡᠬᠡᠯ᠎ᠡ ᠤᠬᠢᠯᠠᠨ ᠮᠥᠷᠭᠥᠵᠦ ᠠᠢᠯᠠᠳᠬᠠᠷᠤᠨ :
《ᠦᠨᠡᠨ ᠢ᠋ ᠬᠡᠯᠡᠪᠡᠰᠦ ᠮᠣᠩᠭᠣᠯ ᠤ᠋ᠨ ᠡᠵᠡᠨ ᠪᠠᠢᠯᠳᠤᠬᠤ ᠪᠢᠴᠢᠭ ᠢᠯᠡᠭᠡᠭᠰᠡᠨ ᠪᠤᠰᠤ᠃ ᠮᠠᠨ ᠤ᠋ ᠡᠵᠡᠨ ᠵᠢᠯ ᠪᠦᠷᠢ ᠠᠯᠪᠠ ᠪᠠᠷᠢᠭᠰᠠᠭᠠᠷ ᠶᠠᠳᠠᠭᠤᠷᠠᠨ ᠮᠣᠬᠣᠵᠤ ᠠᠷᠭ᠎ᠠ ᠵᠠᠪᠬᠠᠷᠠᠬᠤᠢ ᠳ᠋ᠠᠭᠠᠨ ᠪᠡᠶ᠎ᠡ ᠬᠦᠷᠦᠭᠰᠡᠨ ᠭᠦᠩᠵᠦ ᠪᠡᠨ ᠥᠭᠴᠦ ᠪᠠᠷᠠᠭᠤᠨ ᠳᠠᠯᠠᠢ ᠶ᠋ᠢᠨ ᠳᠠᠪᠤᠰᠤᠨ ᠤ᠋ ᠠᠰᠢᠭ ᠢ᠋ ᠬᠣᠷᠢᠶᠠᠨ ᠮᠣᠩᠭᠣᠯ ᠤ᠋ᠨ ᠠᠯᠪᠠᠨ᠎ᠠ ᠣᠷᠣᠭᠤᠯᠵᠤ ᠥᠭᠭᠦᠮᠦᠢ᠃ ᠡᠨᠡ ᠵᠢᠯ ᠦ᠋ᠨ ᠠᠯᠪᠠ ᠪᠦᠷᠢᠯᠳᠦᠭᠡᠳᠦᠢ ᠲᠤᠯᠠ ᠯᠠᠪ ᠶᠡᠬᠡ ᠴᠡᠷᠢᠭ ᠢᠷᠡᠬᠦᠢ ᠶ᠋ᠢ ᠬᠠᠯᠬᠠᠯᠠᠨ᠂ ᠤᠯᠤᠰ ᠲᠥᠷᠥ ᠪᠡᠨ ᠬᠠᠮᠠᠭᠠᠯᠠᠬᠤᠢ ᠶ᠋ᠢᠨ ᠲᠤᠯᠠ ᠠᠪᠤᠷᠠᠯ ᠤ᠋ᠨ ᠴᠡᠷᠢᠭ ᠭᠤᠶᠤᠭᠰᠠᠨ ᠪᠥᠯᠥᠭᠡ᠃ ᠡᠳᠦᠭᠡ ᠰᠠᠢᠳ ᠨᠠᠳᠤᠯᠤᠭᠠ ᠠᠳᠠᠯᠢ ᠡᠯᠴᠢ ᠶ᠋ᠢᠨ ᠭᠠᠷᠤᠭᠰᠠᠨ᠂ ᠪᠤᠰᠤ ᠭᠠᠳᠠᠭᠠᠳᠤ ᠬᠠᠳ ᠡᠵᠡᠳ ᠦ᠋ᠨ ᠲᠤᠰᠠᠯᠠᠯ ᠢ᠋ ᠭᠤᠶᠤᠭᠰᠠᠨ ᠤ᠋ ᠪᠡᠶ᠎ᠡ ᠢᠷᠡᠬᠦ ᠢᠨᠦ ᠢᠷᠡᠭᠡᠳ᠂ ᠴᠡᠷᠢᠭ ᠢᠷᠡᠬᠦ ᠢᠨᠦ ᠨᠢᠭᠡᠨᠲᠡ ᠢᠷᠡᠵᠦᠬᠦᠢ᠃ ᠭᠠᠭᠴᠠ ᠰᠠᠢᠳ ᠮᠢᠨᠦ ᠠᠯᠲᠠ ᠠᠭᠤᠯᠠ ᠮᠡᠲᠦ ᠢᠲᠡᠭᠡᠵᠦ ᠳᠥᠰᠢᠨ ᠭᠤᠶᠤᠴᠢᠯᠠᠨ ᠢᠯᠡᠭᠡᠭᠰᠡᠨ ᠶᠡᠬᠡ ᠲᠡᠭᠷᠢ ᠶ᠋ᠢᠨ ᠤᠯᠤᠰ ᠠ᠋ᠴᠠ ᠨᠢᠳᠤᠨᠤᠨ ᠭᠤᠶᠤᠭᠰᠠᠨ ᠴᠡᠷᠢᠭ ᠢ᠋ᠶ᠋ᠡᠨ ᠥᠭᠰᠦᠭᠡᠢ ᠬᠡᠮᠡᠭᠡᠳ᠂ ᠡᠳᠦᠭᠡ ᠬᠦᠷᠲᠡᠯ᠎ᠡ ᠨᠢᠭᠡᠨ ᠬᠤᠶᠠᠭ ᠴᠤ᠌ ᠦᠭᠡᠢ ᠳ᠋ᠦ᠍ᠷ ᠰᠠᠢᠳ ᠪᠢ ᠨᠢᠭᠡᠨ ᠠᠮᠠᠨ ᠳ᠋ᠤᠷ ᠬᠣᠶᠠᠷ ᠬᠡᠯᠡᠨ ᠤᠷᠭᠤᠭᠤᠯᠵᠤ ᠴᠢᠳᠠᠬᠤ ᠦᠭᠡᠢ᠂ ᠨᠢᠭᠡᠨ ᠭᠡᠷ ᠦ᠋ᠨ ᠬᠥᠭᠰᠢᠨ ᠵᠠᠯᠠᠭᠤ ᠵᠠᠭᠤᠨ ᠢᠯᠡᠭᠦᠦ ᠬᠥᠮᠦᠨ ᠠᠮᠠᠨ᠂ ᠬᠣᠶᠠᠷ ᠤᠯᠤᠰ ᠤ᠋ᠨ ᠵᠠᠪᠰᠠᠷ᠎ᠠ ᠬᠠᠪᠴᠢᠭᠳᠠᠵᠤ ᠬᠡᠮᠬᠡᠷᠡᠨ ᠪᠠᠯᠪᠠᠷᠠᠬᠤ ᠠᠨᠤ ᠮᠠᠰᠢ ᠬᠢᠯᠢᠰ ᠪᠣᠯᠠᠢ! 》ᠭᠡᠮᠡᠨ ᠲᠣᠯᠣᠭᠠᠢ ᠪᠠᠨ ᠬᠠᠪᠤᠳᠲᠠᠯ᠎ᠠ ᠮᠦᠷᠭᠦᠯᠭᠢᠯᠡᠨ ᠤᠬᠢᠯᠠᠵᠤ ᠲᠥᠷᠥ ᠡᠴᠡ ᠪᠠᠭᠤᠬᠤ ᠦᠭᠡᠢ ᠳ᠋ᠦ᠍ᠷ ᠸᠧᠢ ᠸᠠᠩ᠄
《 ᠴᠢ ᠲᠦᠷ ᠪᠠᠭᠤᠳᠠᠯ ᠳ᠋ᠤᠷ ᠢ᠋ᠶ᠋ᠠᠨ ᠡᠷᠭᠢᠵᠦ᠂ ᠮᠢᠨᠦ ᠳᠠᠬᠢᠨ ᠪᠣᠳᠣᠬᠤ ᠶ᠋ᠢ ᠬᠦᠯᠢᠶᠡᠨ 》 ᠭᠡᠮᠡᠨ ᠮᠡᠬᠡᠯᠡᠵᠦ ᠭᠠᠷᠭᠠᠭᠠᠳ᠂ ᠳᠠᠬᠢᠨ ᠠᠰᠠᠭᠤᠪᠠᠰᠤ :
《ᠲᠠᠩᠭᠤᠳ ᠤ᠋ᠨ ᠡᠯᠴᠢ ᠪᠠᠯᠵᠣᠷ ᠪᠠᠭᠤᠳᠠᠯ ᠳ᠋ᠤᠷ ᠡᠭᠡᠭᠡᠳ ᠴᠠᠢ ᠪᠤᠳᠠᠭ᠎ᠠ ᠴᠥᠮ ᠢᠳᠡᠬᠦ ᠦᠭᠡᠢ᠂ ᠨᠢᠭᠡᠨ ᠡᠳᠦᠷ ᠨᠢᠭᠡᠨ ᠰᠥᠨᠢ ᠳᠠᠭᠤ ᠲᠠᠯᠪᠢᠨ ᠪᠠᠷᠬᠢᠷᠠᠨ ᠤᠬᠢᠯᠠᠵᠤ᠂ ᠢᠯᠳᠦ ᠪᠠᠷᠢᠨ ᠬᠦᠵᠦᠭᠦᠦ ᠪᠡᠨ ᠣᠭᠲᠣᠯᠵᠤ ᠡᠨᠳᠡ ᠦᠬᠦᠭᠡᠳ ᠨᠢᠭᠡᠨ ᠭᠡᠷᠦᠨ ᠬᠥᠭᠰᠢᠨ ᠵᠠᠯᠠᠭᠤ ᠪᠠᠷ ᠤᠯᠤᠰ ᠤ᠋ᠨ ᠶᠡᠬᠡ ᠦᠢᠯᠡ ᠶ᠋ᠢ ᠰᠠᠭᠠᠲᠠᠭᠤᠯᠤᠭᠰᠠᠨ ᠶᠠᠯ᠎ᠠ ᠳ᠋ᠤᠷ ᠠᠯᠠᠭᠳᠠᠬᠤ ᠠ᠋ᠴᠠ ᠭᠡᠲᠦᠯᠭᠡᠰᠦᠭᠡᠢ ᠬᠡᠮᠡᠮᠦᠢ》 ᠭᠡᠮᠡᠨ ᠠᠢᠯᠠᠳᠬᠠᠭᠰᠠᠨ ᠳ᠋ᠤᠷ ᠶᠦᠩ ᠵᠢᠢ᠄
《ᠲᠠᠩᠭᠤᠳ ᠤᠯᠤᠰ ᠤ᠋ᠨ ᠵᠠᠭᠤᠨ ᠲᠦᠰᠢᠮᠡᠳ ᠴᠥᠮ ᠮᠣᠩᠭᠣᠯ ᠤ᠋ᠨ ᠠᠶᠤᠯ ᠤ᠋ᠨ ᠳᠣᠣᠷ᠎ᠠ ᠠᠯᠲᠠᠨ ᠤᠯᠤᠰ ᠴᠤ᠌ ᠲᠦᠭᠰᠢᠯᠲᠡᠢ ᠪᠣᠯᠬᠤ ᠶ᠋ᠢ ᠢᠯᠡᠷᠬᠡᠶ᠎ᠡ ᠮᠡᠳᠡᠬᠦᠢ ᠶ᠋ᠢᠨ ᠳᠡᠭᠡᠷ᠎ᠡ ᠪᠠᠰᠠ ᠠᠯᠲᠠᠨ᠂ ᠲᠠᠩᠭᠤᠳ ᠬᠣᠶᠠᠷ ᠤᠯᠤᠰ ᠤ᠋ᠨ ᠨᠠᠶᠠᠨ ᠢᠯᠡᠭᠦᠦ ᠣᠨ ᠤ᠋ ᠨᠠᠢᠷ ᠨᠠᠢᠷᠠᠮᠳᠠᠭᠤ ᠶ᠋ᠢ ᠬᠠᠢᠷᠠᠯᠠᠬᠤ ᠦᠭᠡᠢ ᠪᠡᠷ ᠨᠠᠮᠠᠶ᠋ᠢ ᠡᠢᠨ ᠬᠦ᠌ ᠭᠠᠴᠢᠭᠳᠠᠭᠤᠯᠬᠤ ᠲᠤᠯᠠ ᠸᠧᠢ ᠸᠠᠩ ᠶᠦᠩ ᠵᠢᠢ ᠪᠢ ᠥᠴᠦᠬᠡᠨ ᠬᠥᠮᠦᠨ ᠦ᠌ ᠡᠯᠢᠭᠡ ᠠᠭᠤᠰᠬᠢ ᠶ᠋ᠢ ᠭᠡᠭᠡᠵᠦ ᠴᠢᠳᠠᠬᠤ ᠦᠭᠡᠢ᠂ ᠥᠷᠯᠥᠭᠡ ᠬᠡᠯᠡᠭᠡᠳ ᠦᠳᠡᠰᠢ ᠤᠷᠪᠠᠬᠤ ᠡᠬᠡᠨᠡᠷ ᠬᠥᠮᠦᠨ ᠦ᠌ ᠵᠠᠩ ᠢ᠋ᠶ᠋ᠠᠨ ᠦᠯᠦ ᠲᠡᠪᠴᠢᠪᠡᠰᠦ ᠪᠣᠯᠤᠮᠤᠢ ᠤᠤ ? 》 ᠭᠡᠮᠡᠨ ᠤᠷᠢᠳᠠᠷ ᠥᠪᠡᠷᠦᠨ ᠡᠯᠴᠢ ᠳ᠋ᠦ᠍ᠷ ᠬᠠᠷᠢᠭᠤ ᠵᠠᠷᠯᠢᠭ ᠪᠢᠴᠢᠭ ᠪᠠ ᠶᠣᠰᠣᠨ ᠪᠡᠯᠡᠭ ᠪᠠᠷᠢᠭᠤᠯᠤᠨ ᠲᠠᠩᠭᠤᠳ ᠤ᠋ᠨ ᠡᠯᠴᠢ ᠯᠦ᠍ᠭᠡ ᠬᠠᠮᠲᠤ ᠢᠯᠡᠬᠡᠨ᠂ ᠳᠠᠭᠠᠯᠳᠤᠭ᠎ᠠ 《ᠪᠠᠷᠠᠭᠤᠨ ᠬᠣᠢᠲᠤ ᠬᠢᠵᠠᠭᠠᠷ ᠤ᠋ᠨ ᠬᠡᠳᠦᠨ ᠮᠢᠩᠭᠠᠨ ᠴᠡᠷᠢᠭ ᠢ᠋ ᠢᠯᠡᠬᠡᠨ ᠬᠠᠮᠠᠭᠠᠯᠠᠭᠤᠯᠰᠤ 》ᠭᠡᠮᠡᠨ ᠴᠡᠷᠢᠭ ᠦ᠋ᠨ ᠵᠤᠷᠭᠠᠨ ᠤ᠋ ᠪᠢᠷ ᠣᠯᠳᠣᠢ ᠬᠡᠮᠡᠬᠦ ᠤᠮᠠᠷᠠᠲᠤ ᠦᠭᠡᠲᠦ ᠶᠤᠸᠠᠨ ᠸᠠᠢ ᠯᠠᠩ ᠲᠦᠰᠢᠮᠡᠯ ᠳ᠋ᠦ᠍ᠷ ᠰᠡᠮᠡᠬᠡᠷ ᠬᠡᠳᠦᠨ ᠦᠭᠡ ᠰᠤᠷᠭᠠᠵᠤ᠂ ᠲᠠᠩᠭᠤᠳ ᠤ᠋ᠨ ᠡᠯᠴᠢ ᠪᠠᠯᠵᠣᠷ ᠢ᠋ ᠮᠡᠬᠡᠯᠡᠨ ᠶᠤᠸᠠᠨ ᠸᠠᠢ ᠯᠠᠩ ᠳᠡᠭᠦᠨᠦ ᠤᠯᠤᠰ ᠲᠤᠷ ᠬᠠᠮᠲᠤ ᠬᠥᠷᠥᠮᠦᠢ᠂ ᠴᠡᠷᠢᠭ ᠬᠣᠢᠨ᠎ᠠ ᠠ᠋ᠴᠠ ᠬᠥᠷᠥᠮᠦᠢ ᠭᠡᠮᠡᠨ ᠠᠪᠤᠨ ᠭᠠᠷᠴᠤ᠂ ᠬᠡᠳᠦᠨ ᠡᠳᠦᠷ ᠦ᠋ᠨ ᠵᠠᠮ ᠢ᠋ ᠭᠠᠷᠴᠤ᠂ ᠠᠯᠲᠠᠨ ᠤᠯᠤᠰ ᠤ᠋ᠨ ᠵᠠᠬ᠎ᠠ ᠳ᠋ᠠᠭᠠᠨ ᠬᠦᠷᠴᠦ᠂ ᠡᠪᠡᠳᠪᠡ ᠭᠡᠮᠡᠨ ᠠᠷᠭᠠᠯᠠᠨ ᠬᠡᠪᠲᠡᠭᠡᠳ᠂ ᠨᠥᠬᠥᠷ ᠰᠠᠳᠤᠨ ᠬᠡᠳᠦᠨ ᠬᠥᠮᠦᠨ ᠢ᠋ᠶ᠋ᠡᠷ ᠬᠠᠷᠢᠭᠤ ᠪᠢᠴᠢᠭ ᠪᠠ ᠪᠠᠭ᠎ᠠ ᠰᠠᠭ᠎ᠠ ᠪᠡᠯᠡᠭ ᠦ᠋ᠨ ᠡᠳ᠋ ᠲᠡᠢ ᠲᠤᠰᠢᠶᠠᠨ ᠥᠭᠴᠦ᠂ ᠪᠠᠯᠵᠣᠷ ᠢ᠋ ᠤᠯᠤᠰ ᠲᠤᠷ ᠠᠨᠤ ᠬᠦᠷᠭᠡᠯᠭᠡᠪᠡ᠃ ᠪᠠᠯᠵᠣᠷ ᠮᠡᠬᠡᠯᠡᠭᠳᠡᠭᠰᠡᠨ ᠢ᠋ᠶ᠋ᠡᠨ ᠰᠠᠶᠢ ᠮᠡᠳᠡᠭᠡᠳ᠂ ᠳᠣᠲᠣᠷ᠎ᠠ ᠬᠠᠷᠠᠯᠠᠲᠠᠯ᠎ᠠ ᠬᠣᠷᠣᠰᠤᠨ ᠲᠡᠨᠴᠢᠭᠦᠷᠡᠵᠦ᠂ ᠡᠨᠡ ᠦᠬᠦᠯ ᠡᠴᠡ ᠭᠡᠲᠦᠯᠬᠦᠶᠡ ᠪᠡᠷᠬᠡ ᠪᠣᠯᠤᠭᠰᠠᠨ ᠢ᠋ᠶ᠋ᠠᠨ ᠮᠡᠳᠡᠵᠦ᠂ ᠥᠪᠡᠷᠦᠨ ᠵᠠᠬ᠎ᠠ ᠳ᠋ᠤᠷ ᠣᠷᠣᠮᠠᠭᠴᠠ᠂ ᠠᠯᠲᠠᠨ ᠤ᠋ ᠵᠠᠷᠤᠴᠠ ᠶ᠋ᠢ ᠢᠴᠢᠭᠡᠨ ᠬᠠᠷᠢᠶᠠᠵᠤ᠂ ᠬᠠᠴᠠᠷ ᠢ᠋ ᠠᠯᠠᠭᠠᠳᠠᠨ᠂ ᠨᠢᠭᠤᠷ ᠪᠡᠶ᠎ᠡ ᠶ᠋ᠢ ᠴᠥᠮ ᠲᠣᠰᠣᠲᠤ ᠬᠦ ᠳ᠋ᠦ᠍ᠷ ᠥᠩᠬᠦᠷᠢᠳᠦᠭᠦᠯᠦᠨ ᠳᠡᠯᠡᠳᠴᠦ᠂ ᠢᠰᠬᠦᠴᠢᠨ ᠶᠠᠪᠠᠭᠠᠨ ᠢ᠋ᠶ᠋ᠠᠷ ᠳᠤᠲᠠᠭᠠᠯᠭᠠᠭᠠᠳ᠂ ᠡᠯ᠎ᠡ ᠵᠦᠢᠯ ᠢ᠋ ᠡᠪᠬᠡᠨ ᠠᠪᠴᠤ᠂ ᠮᠣᠩᠭᠣᠯ ᠤᠯᠤᠰ ᠤ᠋ᠨ ᠴᠡᠷᠢᠭ ᠦ᠋ᠨ ᠡᠵᠡᠨ ᠶᠡᠬᠡ ᠵᠢᠨᠦᠩ ᠦ᠋ᠨ ᠳᠣᠣᠷ᠎ᠠ ᠰᠢᠷᠭᠤᠨ ᠠᠮᠢ ᠭᠠᠷᠤᠷᠠ ᠳᠣᠪᠲᠣᠯᠪᠠ᠃ ᠡᠭᠦᠨ ᠢ᠋ ᠲᠦᠷ ᠥᠭᠦᠯᠡᠬᠦ ᠦᠭᠡᠢ᠃
ᠲᠡᠭᠦᠨᠴᠡ ᠲᠠᠩᠭᠤᠳ ᠤᠯᠤᠰ ᠤ᠋ᠨ ᠬᠠᠭᠠᠨ ᠯᠢ ᠠᠨ ᠴᠢᠦᠸᠡᠨ᠂ ᠥᠪᠡᠷᠦᠨ ᠨᠡᠢᠰᠯᠡᠯ ᠬᠣᠲᠠ ᠶ᠋ᠢᠨ ᠭᠠᠳᠠᠨ᠎ᠠ ᠪᠠᠨ ᠳᠠᠯᠠᠢ ᠮᠡᠲᠦ ᠶᠡᠬᠡ ᠲᠠᠪᠤᠨ ᠬᠠᠭᠠᠨ ᠤ᠋ ᠶᠡᠬᠡ ᠮᠠᠨᠳᠠᠯ ᠳᠡᠭᠲᠡᠷ ᠴᠣᠭᠴᠠᠯᠠᠨ᠂ ᠲᠣᠷᠭ᠎ᠠ ᠲᠥᠷᠭᠡ ᠮᠠᠩᠨᠤᠭ ᠲᠠᠵᠢ ᠪᠠᠷ ᠲᠣᠳᠣᠯᠠᠨ᠂ ᠲᠡᠷᠢᠭᠦᠨ ᠳ᠋ᠦ᠍ᠷ ᠠᠯᠲᠠᠨ ᠤᠯᠤᠰ ᠤ᠋ᠨ ᠬᠠᠭᠠᠨ ᠤ᠋ ᠰᠠᠭᠤᠳᠠᠯ᠂ ᠰᠢᠷ᠎ᠠ ᠮᠤᠷᠤᠢ ᠡᠰᠢᠲᠦ ᠰᠤᠪᠤᠳ ᠬᠠᠳᠠᠮᠠᠯ ᠠᠯᠲᠠᠨ ᠯᠤᠤᠲᠤ ᠰᠢᠬᠦᠷ ᠮᠠᠨᠵᠢᠯᠭ᠎ᠠ᠂ ᠨᠠᠷᠠᠨ ᠤ᠋ ᠬᠠᠯᠬᠠᠪᠴᠢ᠂ ᠴᠢᠮᠡᠭ ᠤᠨᠵᠢᠯᠭ᠎ᠠ᠂ ᠬᠠᠰ ᠰᠠᠪᠠ᠂ ᠠᠯᠲᠠᠨ ᠭᠡᠷᠡᠰᠬᠡᠲᠦ ᠲᠩᠷᠢ ᠶ᠋ᠢᠨ ᠬᠥᠪᠡᠭᠦᠨ ᠦ᠌ ᠰᠠᠭᠤᠷᠢᠨ᠃ ᠵᠡᠭᠦᠨ ᠳᠡᠳ᠋ ᠲᠣᠷ ᠥᠪᠡᠷᠦᠨ ᠰᠠᠭᠤᠷᠢ᠂ ᠪᠠᠷᠠᠭᠤᠨ ᠳᠡᠳ᠋ ᠲᠣᠷ ᠠᠯᠲᠠᠨ ᠤᠯᠤᠰ ᠤ᠋ᠨ ᠬᠠᠭᠠᠨ ᠢ᠋ ᠣᠷᠣᠯᠠᠵᠤ ᠢᠷᠡᠬᠦ ᠶᠡᠬᠡ ᠶᠤᠸᠠᠨᠱᠤᠸᠠᠢ ᠶ᠋ᠢᠨ ᠰᠠᠭᠤᠳᠠᠯ᠂ ᠵᠢᠴᠢ ᠥᠪᠡᠷᠦᠨ ᠰᠠᠭᠤᠷᠢᠨ ᠯᠤᠭ᠎ᠠ ᠰᠠᠴᠠᠭᠤ ᠵᠡᠷᠭᠡᠯᠡᠭᠦᠯᠦᠭᠰᠡᠨ ᠭᠤᠷᠪᠠᠨ ᠰᠠᠭᠤᠷᠢᠨ ᠳ᠋ᠤ᠌ ᠪᠠᠷᠠᠭᠤᠨ ᠡᠲᠡᠭᠡᠳ ᠲᠣᠷ ᠰᠠᠷᠲᠢᠭᠴᠢᠨ ᠤᠯᠤᠰ ᠤ᠋ᠨ ᠠᠮᠪᠠᠬᠠᠢ ᠬᠠᠭᠠᠨ ᠢ ᠰᠠᠭᠤᠯᠭᠠᠨ᠂ ᠳᠤᠮᠳᠠᠳᠤ ᠰᠠᠭᠤᠷᠢᠨ ᠳ᠋ᠤᠷ ᠠᠨᠤ ᠬᠠᠷᠯᠢᠭᠤᠳ ᠤᠯᠤᠰ ᠤ᠋ᠨ ᠠᠷᠰᠯᠠᠨ ᠬᠠᠭᠠᠨ ᠤ᠋ ᠰᠠᠭᠤᠷᠢᠨ ᠢ᠋ ᠪᠡᠯᠡᠳᠬᠡᠨ᠂ ᠬᠠᠮᠤᠭ ᠤ᠋ᠨ ᠵᠡᠭᠦᠨ ᠦᠵᠦᠭᠦᠷ ᠲᠣᠷ ᠨᠠᠢ᠍ᠮᠠᠨ ᠤ᠋ ᠴᠢᠦᠢ ᠴᠦ ᠯᠢᠦᠢ - ᠢᠦᠢ ᠬᠠᠭᠠᠨ ᠢ᠋ ᠰᠠᠭᠤᠯᠭᠠᠨ᠂ ᠴᠥᠮ ᠬᠠᠭᠠᠨ ᠬᠥᠮᠦᠨ ᠦ᠌ ᠬᠠᠤᠯᠢ ᠳᠦᠷᠢᠮ ᠦ᠋ᠨ ᠬᠤᠪᠢ ᠵᠢᠭᠰᠠᠭᠠᠯ ᠢ᠋ᠶ᠋ᠠᠷ ᠨᠢᠳᠦᠨ ᠢ᠋ ᠭᠢᠯᠠᠰᠬᠠᠨ ᠵᠢᠷᠦᠬᠡ ᠶᠢ ᠲᠦᠭᠰᠢᠭᠦᠯᠲᠡᠯᠡ ᠵᠡᠷᠭᠡᠯᠡᠭᠦᠯᠵᠦᠬᠦᠢ᠃ ᠶᠡᠬᠡ ᠮᠠᠨᠳᠠᠯ ᠤ᠋ᠨ ᠵᠡᠭᠦᠨ ᠡᠮᠦᠨ᠎ᠡ᠂ ᠠᠷᠰᠯᠠᠨ ᠪᠠᠷᠰ ᠯᠤᠤ ᠺᠠᠷᠣᠳᠢ ᠶ᠋ᠢᠨ ᠲᠠᠵᠢ ᠮᠠᠩᠨᠤᠭ ᠢ᠋ᠶ᠋ᠠᠷ ᠣᠷᠢᠶᠠᠭᠰᠠᠨ ᠥᠨᠳᠥᠷ ᠳᠡᠭᠲᠡᠷ ᠦ᠋ᠨ ᠳᠡᠭᠡᠷᠡᠬᠢ ᠴᠡᠷᠢᠭ ᠦ᠋ᠨ ᠡᠵᠡᠨ ᠶᠤᠸᠠᠨᠱᠤᠸᠠᠢ ᠴᠢᠦ ᠴᠦ ᠵᠢᠢ ᠬᠤᠪᠢᠯᠭᠠᠨ ᠤ᠋ ᠳᠣᠯᠣᠭᠠᠨ ᠣᠳᠣᠨ ᠤ᠋ ᠰᠠᠬᠢᠭᠤᠯᠰᠤᠨ ᠰᠠᠭᠤᠳᠠᠯ ᠢ᠋ ᠴᠥᠮ ᠬᠠᠷ᠎ᠠ ᠮᠠᠩᠨᠤᠭ ᠤ᠋ᠨ ᠲᠤᠭ ᠬᠢᠭᠢᠷᠢ ᠪᠡᠷ ᠬᠥᠮᠦᠨ ᠦ᠌ ᠪᠡᠶ᠎ᠡ ᠦᠵᠡᠭᠳᠡᠰᠢ ᠦᠬᠡᠷ ᠪᠣᠯᠲᠠᠯ᠎ᠠ᠂ ᠲᠤᠭ ᠬᠢᠭᠢᠷᠢ ᠰᠢᠬᠦᠷ ᠳᠠᠯᠪᠠᠭ᠎ᠠ ᠤᠨᠵᠢᠯᠭ᠎ᠠ ᠮᠠᠨᠵᠢᠯᠭ᠎ᠠ ᠴᠢᠮᠡᠭ ᠴᠠᠴᠤᠭ ᠢ᠋ ᠶᠢᠰᠦᠨ ᠳᠠᠪᠬᠤᠷ ᠢ᠋ᠶ᠋ᠠᠷ ᠲᠣᠭᠣᠷᠢᠭᠤᠯᠵᠤ᠂ ᠡᠭᠦᠨᠦ ᠳᠣᠲᠣᠷ᠎ᠠ ᠬᠤᠪᠢᠯᠭᠠᠨ ᠶᠤᠸᠠᠨᠱᠤᠸᠠᠢ᠂ ᠶᠢᠰᠦᠨ ᠲᠡᠭᠷᠢ ᠶ᠋ᠢᠨ ᠴᠢᠮᠡᠭᠯᠡᠯᠲᠦ ᠷᠡᠬᠢᠨᠢ ᠥᠬᠢᠳ ᠢ᠋ ᠮᠥᠨ ᠬᠠᠰ ᠴᠠᠰᠤ ᠮᠡᠲᠦ ᠠᠷᠢᠭᠤᠨ ᠴᠠᠭᠠᠨ ᠬᠥᠯ ᠢ᠋ ᠨᠢᠴᠦᠭᠦᠯᠡᠭᠦᠯᠦᠨ᠂ ᠯᠢᠩᠬᠤ᠎ᠠ ᠭᠡᠰᠡᠷ ᠦ᠋ᠨ ᠵᠥᠭᠡᠯᠡᠨ ᠭᠣᠳᠣᠰ ᠢ᠋ ᠳᠦᠷᠦᠭᠦᠯᠦᠨ ᠠᠯᠲᠠᠲᠤ ᠨᠣᠯᠣᠮ ᠮᠠᠩᠨᠤᠭ ᠬᠢᠭᠢᠷᠢ ᠪᠠᠷᠢᠭᠤᠯᠤᠨ ᠶᠢᠰᠦᠨ ᠲᠡᠭᠷᠢ ᠶ᠋ᠢᠨ ᠯᠢᠩᠬᠤ᠎ᠠ ᠲᠠᠪᠴᠠᠩ ᠳ᠋ᠤᠷ ᠰᠠᠭᠤᠯᠭᠠᠵᠤᠬᠤᠢ᠃ ᠡᠳᠦᠷ ᠪᠣᠯᠪᠠᠰᠤ ᠲᠦᠮᠡᠨ ᠲᠦᠮᠡᠨ ᠦ᠌ ᠲᠣᠯᠢ ᠭᠢᠯᠪᠡᠯᠵᠡᠨ᠂ ᠰᠥᠨᠢ ᠪᠥᠭᠡᠰᠦ ᠲᠦᠭ ᠲᠦᠮᠡᠨ ᠦ᠌ ᠵᠤᠯᠠ ᠭᠡᠢᠭᠦᠯᠦᠯᠴᠡᠨ᠂ ᠦᠨᠡᠬᠡᠷ ᠬᠤᠷᠮᠤᠰᠲᠠ ᠲᠡᠭᠷᠢ ᠶ᠋ᠢᠨ ᠰᠤᠳᠠᠷᠢᠰᠤᠨ ᠪᠠᠯᠭᠠᠰᠤᠨ ᠪᠣᠯᠪᠠᠴᠤ ᠮᠥᠨ ᠡᠨᠡ ᠮᠡᠲᠦ ᠭᠡᠷᠡᠯ ᠲᠤᠶᠠᠭ᠎ᠠ ᠰᠠᠴᠤᠷᠠᠰᠢ ᠦᠭᠡᠢ᠃ ᠤᠯᠤᠰ ᠤ᠋ᠨ ᠬᠣᠲᠠᠯᠠᠭᠠᠷ ᠪᠢᠴᠢᠭ ᠴᠡᠷᠢᠭ ᠦ᠋ᠨ ᠶᠡᠬᠡ ᠪᠠᠭ᠎ᠠ ᠨᠣᠶᠠᠳ ᠲᠦᠰᠢᠮᠡᠳ ᠵᠠᠩᠵᠤᠨ ᠪᠠᠭᠠᠲᠤᠳ᠂ ᠴᠡᠷᠢᠭ ᠬᠤᠶᠠᠭ ᠠᠷᠠᠳ ᠢᠷᠭᠡᠳ ᠲᠣᠷ ᠬᠦᠷᠲᠡᠯ᠎ᠡ ᠦᠵᠡᠭᠰᠡᠨ ᠪᠦᠷᠢ ᠰᠡᠳᠬᠢᠯ ᠬᠥᠪᠬᠡᠯᠵᠡᠨ ᠣᠮᠣᠭᠰᠢᠨ ᠬᠥᠭᠡᠷᠬᠦ ᠪᠠᠶᠠᠰᠬᠤᠯᠠᠩ ᠰᠡᠳᠬᠢᠯ ᠦᠯᠦ ᠲᠦᠷᠦᠭᠦᠨ ᠢ᠋ᠶ᠋ᠡᠷ ᠢᠨᠦ ᠦᠭᠡᠢ᠃ ᠲᠠᠩᠭᠤᠳ ᠤ᠋ᠨ ᠬᠠᠭᠠᠨ ᠥᠪᠡᠷ ᠢ᠋ᠶ᠋ᠡᠨ ᠦᠵᠡᠭᠡᠳ ᠥᠪᠡᠷ ᠢ᠋ᠶ᠋ᠡᠨ ᠣᠮᠣᠭᠰᠢᠨ ᠪᠠᠶᠠᠷᠯᠠᠬᠤ ᠶ᠋ᠢ ᠴᠦ᠍ ᠪᠠᠢᠲᠤᠭᠠᠢ᠂ ᠳᠣᠲᠣᠭᠠᠳᠤ ᠣᠷᠳᠣᠨ ᠤ᠋ ᠲᠠᠢᠬᠡᠦ᠂ ᠬᠤᠸᠠᠩᠬᠡᠦ᠂ ᠭᠦᠩᠵᠦ᠂ ᠵᠢᠶᠦ᠋ᠨ ᠵᠣ᠌᠂ ᠪᠢᠨ᠂ ᠹᠧᠢ ᠰᠥᠨᠢ ᠪᠦᠷᠢ ᠡᠷᠡᠴᠢᠯᠡᠨ ᠵᠠᠰᠠᠵᠤ ᠢᠷᠡᠵᠦ᠂ ᠲᠠᠪᠤᠨ ᠬᠠᠭᠠᠨ ᠤ᠋ ᠮᠠᠨᠳᠠᠯ ᠢ᠋ ᠦᠵᠡᠮᠦᠢ᠃ ᠡᠨᠡ ᠮᠠᠨᠳᠠᠯ ᠢ᠋ ᠲᠣᠭᠣᠷᠢᠵᠤ ᠮᠥᠨ ᠬᠦ᠌ ᠮᠣᠩᠭᠣᠯ ᠤ᠋ᠨ ᠶᠢᠰᠦᠨ ᠮᠡᠩᠭᠡ ᠶ᠋ᠢᠨ ᠥᠩᠭᠡ ᠲᠡᠮᠳᠡᠭ ᠢ᠋ ᠳᠠᠭᠤᠷᠢᠶᠠᠨ ᠲᠡᠭᠦᠨ ᠡᠴᠡ ᠢᠯᠡᠭᠦᠦ ᠨᠢᠭᠡᠨ ᠠᠯᠠᠭ ᠳᠡᠪᠡᠯᠲᠦ ᠶ᠋ᠢᠨ ᠡᠷᠢᠶᠡᠨ ᠲᠤᠭ ᠤ᠋ᠨ ᠨᠢᠭᠡᠨ ᠠᠢᠮᠠᠭ ᠨᠡᠮᠡᠵᠦ᠂ ᠭᠤᠴᠢᠨ ᠲᠦᠮᠡᠨ ᠦ᠌ ᠶᠡᠬᠡ ᠴᠡᠷᠢᠭ ᠪᠠᠭᠤᠭᠰᠠᠨ ᠠᠨᠤ᠂ ᠦᠨᠡᠬᠡᠷ ᠳᠠᠯᠠᠢ ᠶ᠋ᠢᠨ ᠳᠠᠪᠠᠯᠭᠠᠨ ᠳᠡᠯᠡᠬᠡᠢ ᠶ᠋ᠢᠨ ᠵᠡᠷᠭᠡᠯᠭᠡᠨ ᠮᠡᠲᠦ᠂ ᠡᠳᠦᠷ ᠪᠣᠯᠪᠠᠰᠤ ᠲᠠᠩᠭᠤᠳ ᠤᠯᠤᠰ ᠤ᠋ᠨ ᠣᠭᠲᠠᠷᠭᠤᠢ ᠠᠭᠠᠷ ᠢ᠋ ᠲᠠᠪᠤᠨ ᠥᠩᠭᠡ᠂ ᠠᠷᠪᠠᠨ ᠭᠡᠷᠡᠯ ᠦ᠋ᠨ ᠮᠠᠩᠨᠤᠭ ᠲᠠᠵᠢ ᠪᠠᠷ ᠪᠦᠷᠬᠦᠵᠦ᠂ ᠰᠥᠨᠢ ᠪᠣᠯᠪᠠᠰᠤ ᠶᠢᠰᠦᠨ ᠥᠩᠭᠡ ᠶ᠋ᠢᠨ ᠵᠤᠯᠠ ᠭᠡᠷᠡᠯ ᠲᠡᠭᠷᠢ ᠶ᠋ᠢᠨ ᠣᠳᠣᠳ ᠢ᠋ ᠭᠡᠢᠭᠦᠯᠦᠨ ᠭᠡᠷᠡᠯᠲᠦᠭᠦᠯᠵᠦ ᠬᠥᠮᠦᠨ ᠠᠮᠢᠲᠠᠨ ᠢ᠋ ᠴᠦ᠍ ᠪᠠᠢᠲᠤᠭᠠᠢ᠂ ᠬᠤᠪᠢᠯᠭᠠᠨ ᠴᠢᠳᠬᠥᠷ ᠴᠦ᠍ ᠢᠭᠲᠦᠯᠦᠨ ᠲᠤᠭᠲᠤᠯᠤᠯᠴᠠᠯᠠᠯᠲᠠᠢ᠃ ᠡᠭᠦᠨ ᠳ᠋ᠦ᠍ᠷ ᠲᠠᠩᠭᠤᠳ ᠤᠯᠤᠰ ᠤ᠋ᠨ ᠰᠢᠶᠠᠩᠽᠦ᠋ᠩ ᠬᠠᠭᠠᠨ ᠯᠢ ᠠᠨ ᠴᠢᠦᠸᠡᠨ ᠬᠠᠷᠠᠬᠠᠨ ᠪᠠᠶᠠᠷ ᠪᠠᠶᠠᠰᠬᠤᠯᠠᠩ ᠲᠠᠢ ᠮᠠᠭᠰᠢᠨ ᠬᠥᠭᠡᠷᠴᠦ᠂ ᠭᠠᠭᠴᠠ ᠠᠯᠲᠠᠨ ᠤᠯᠤᠰ ᠤ᠋ᠨ ᠬᠠᠭᠠᠨ ᠤ᠋ ᠶᠡᠬᠡ ᠶᠤᠸᠠᠨᠱᠤᠸᠠᠢ ᠡᠯᠴᠢ ᠪᠠ ᠠᠷᠪᠠᠨ ᠲᠦᠮᠡᠨ ᠦ᠌ ᠲᠡᠭᠷᠢ ᠶ᠋ᠢᠨ ᠴᠡᠷᠢᠭ ᠢ᠋ ᠬᠥᠯ ᠳᠡᠪᠬᠡᠴᠡᠨ ᠭᠠᠷ ᠨᠤᠬᠤᠯᠬᠢᠯᠠᠨ ᠬᠦᠯᠢᠶᠡᠬᠦᠶ᠎ᠡ᠂ ᠭᠡᠨᠡᠳᠲᠡ ᠡᠷᠡᠭᠦᠦ ᠬᠣᠣᠷ ᠢ᠋ᠶ᠋ᠠᠷ ᠰᠢᠭᠦᠨ ᠰᠢᠳᠬᠡᠬᠦ ᠰᠢᠩ ᠪᠦ ᠶᠠᠮᠤᠨ ᠤ᠋ ᠡᠷᠬᠢᠯᠡᠭᠰᠡᠨ ᠰᠠᠢᠳ ᠤ᠋ᠳ ᠬᠣᠶᠠᠷ ᠬᠦᠨᠳᠦ ᠶᠠᠯᠠᠲᠤ ᠶᠡᠬᠡ ᠲᠦᠰᠢᠮᠡᠯ ᠢ᠋ ᠠᠪᠤᠨ ᠭᠠᠷᠴᠤ ᠰᠥᠭᠥᠳᠬᠡᠪᠡ᠃ ᠶᠠᠮᠪᠠᠷ ᠤᠴᠢᠷ ᠢ᠋ ᠳᠣᠣᠷᠠᠲᠤ ᠪᠦᠯᠦᠭ ᠲᠣᠷ ᠦᠵᠡᠭᠳᠡᠬᠦᠢ᠃
ᠡᠷᠲᠡᠨ ᠦ᠌ ᠯᠢ ᠼᠦᠨ ᠢᠦ ᠶ᠋ᠢᠨ ᠤᠰᠤᠨ ᠪᠣᠯᠣᠷ ᠤ᠋ᠨ ᠤᠷᠲᠤ ᠬᠠᠷᠰᠢ ᠶ᠋ᠢᠨ ᠬᠦᠷᠢᠶᠡᠯᠡᠩ
ᠡᠳᠦᠭᠡᠬᠢ ᠯᠢ ᠠᠨ ᠴᠢᠦᠸᠡᠨ ᠦ᠌ ᠣᠳᠣᠨ ᠡᠵᠡᠳ ᠦ᠋ᠨ ᠬᠣᠲᠠ ᠮᠠᠨᠳᠠᠯ ᠤ᠋ᠨ ᠵᠢᠭᠰᠠᠭᠠᠯ᠃
ᠡᠨᠡ ᠬᠣᠶᠠᠷ ᠤ᠋ᠨ ᠤᠴᠢᠷ ᠴᠢᠨᠠᠷ ᠮᠠᠰᠢ ᠦᠰᠦᠳ ᠬᠣᠯᠠ ᠥᠪᠡᠷ᠎ᠡ ᠪᠥᠭᠡᠲᠡᠯ᠎ᠡ
ᠡᠪᠬᠡᠷᠡᠯᠳᠦᠨ ᠥᠩᠭᠡᠷᠡᠵᠦ ᠡᠴᠦᠰ ᠲᠦ᠍ᠷ ᠴᠥᠮ ᠪᠢᠯᠢᠭ ᠪᠠᠷᠠᠮᠢᠳ ᠲᠤᠷ ᠠᠵᠢᠷᠠᠵᠤᠬᠤᠢ᠃