ᠳᠣᠷᠣᠭᠣ ᠰᠤᠤᠰᠠᠷ ᠬᠣᠶᠠᠷ-ᠮᠣᠩᠭᠣᠯ ᠠᠷᠠᠳ ᠤᠨ ᠦᠯᠢᠭᠡᠷМонгол Ардын үлгэр Дорго СуусарDorgo Suusar
ᠳᠣᠷᠣᠭᠣ ᠰᠤᠤᠰᠠᠷ ᠬᠣᠶᠠᠷ
ᠡᠷᠲᠡ ᠤᠷᠢᠳᠤ ᠶ᠋ᠢᠨ ᠴᠠᠭ ᠲᠤ᠌ ᠳᠣᠷᠣᠭᠣ ᠰᠤᠤᠰᠠᠷ ᠬᠣᠶᠠᠷ ᠵᠤᠭᠠᠯᠠᠵᠤ ᠶᠠᠪᠤᠭᠠᠳ ᠮᠠᠰᠢ ᠰᠠᠢᠬᠠᠨ ᠦᠨᠦᠷ ᠲᠡᠢ ᠪᠢᠰᠢᠯᠠᠭ ᠣᠯᠵᠠᠢ᠃ ᠳᠣᠷᠣᠭᠣ ᠪᠠᠶᠠᠷᠯᠠᠨ ᠢᠨᠢᠶᠡᠵᠦ᠄ 《ᠬᠢ ᠁ ᠬᠢ ᠁ ᠬᠣᠬᠢ᠂ ᠡᠨᠡ ᠪᠢᠰᠢᠯᠠᠭ ᠢ᠋ ᠪᠢ ᠲᠡᠷᠢᠭᠦᠯᠡᠵᠦ ᠣᠯᠤᠭᠰᠠᠨ ᠶᠤᠮ ᠴᠢᠨᠢ ᠬᠦᠢ᠁ ᠶᠠᠭᠠᠬᠢᠬᠤ ᠪᠠᠷ ᠢ᠋ᠶ᠋ᠠᠨ ᠡᠨᠡ ᠪᠢᠰᠢᠯᠠᠭ ᠢ᠋ ᠴᠢᠨᠢ ᠪᠢ ᠡᠬᠢᠯᠡᠵᠦ ᠬᠠᠷᠠᠭᠰᠠᠨ》 ᠭᠡᠯᠡ᠃ ᠢᠩᠭᠢᠭᠡᠳ ᠮᠠᠷᠭᠤᠯᠳᠤᠵᠤ ᠮᠠᠷᠭᠤᠯᠳᠤᠵᠤ ᠠᠯᠢ ᠨᠢ ᠴᠦ᠍ ᠳᠡᠢᠯᠬᠦ ᠦᠭᠡᠢ ᠪᠠᠢᠭᠰᠠᠨ ᠳ᠋ᠤ᠌ ᠡᠴᠦᠰ ᠲᠦ᠍ ᠪᠡᠨ ᠦᠨᠡᠭᠡ ᠰᠢᠭᠦᠭᠴᠢ ᠳᠡᠭᠡᠷ᠎ᠡ ᠣᠴᠢᠬᠤ ᠪᠠᠷ ᠪᠣᠯᠵᠠᠢ ᠭᠡᠨ᠎ᠡ᠃ ᠦᠨᠡᠭᠡ ᠰᠢᠭᠦᠭᠴᠢ᠄ 《ᠠ᠋᠁ ᠨᠠᠭᠠᠳᠤ ᠮᠠᠷᠭᠤᠭᠠᠨ ᠢ᠋ ᠴᠢᠨᠢ ᠰᠢᠢᠳᠪᠦᠷᠢᠯᠡᠬᠦ ᠮᠠᠰᠢ ᠠᠮᠠᠷᠬᠠᠨ 》 ᠭᠡᠳ ᠪᠢᠰᠢᠯᠠᠭ ᠢ᠋ ᠲᠡᠷᠡ ᠬᠣᠶᠠᠷ ᠲᠤ᠌ ᠬᠤᠪᠢᠶᠠᠵᠤ ᠥᠭᠴᠡᠢ ᠭᠡᠨ᠎ᠡ᠃ ᠳᠣᠷᠣᠭᠣ ᠥᠪᠡᠷ ᠲᠦ᠍ ᠨᠣᠭᠳᠠᠭᠰᠠᠨ ᠪᠢᠰᠢᠯᠠᠭ ᠠ᠋ᠴᠠ ᠰᠤᠤᠰᠠᠷ ᠤ᠋ᠨ ᠪᠢᠰᠢᠯᠠᠭ ᠲᠠᠢ ᠬᠠᠷᠢᠴᠠᠭᠤᠯᠵᠤ ᠬᠠᠷᠠᠭᠠᠳ ᠤᠬᠢᠯᠠᠩᠨᠠᠨ᠄ 《ᠦ ᠁ ᠰᠤᠤᠰᠠᠷ ᠤ᠋ᠨ ᠪᠢᠰᠢᠯᠠᠭ ᠮᠢᠨᠦᠬᠢ ᠡᠴᠡ ᠲᠣᠮᠣ ᠪᠠᠢᠨ᠎ᠠ ᠰᠢᠲᠠ!》 ᠭᠡᠬᠦ ᠳ᠋ᠦ᠍ ᠬᠠᠷᠠᠭᠰᠠᠨ ᠢ᠋ᠶ᠋ᠠᠨ᠄ 《ᠦ ᠬᠦᠢ᠁ ᠶᠠᠭᠠᠬᠢᠨ᠎ᠠ? ᠲᠡᠢᠮᠦ ᠪᠠᠢᠨ᠎ᠠ ᠰᠢᠲᠠ!》 ᠭᠡᠳ ᠰᠤᠤᠰᠠᠷ ᠤ᠋ᠨ ᠪᠢᠰᠢᠯᠠᠭ ᠠ᠋ᠴᠠ ᠬᠠᠪ ᠬᠢᠲᠡᠯ᠎ᠡ ᠬᠠᠵᠠᠵᠤ ᠣᠷᠬᠢᠯ᠎ᠠ᠃ ᠰᠤᠤᠰᠠᠷ ᠳᠣᠷᠣᠭᠣ ᠶ᠋ᠢᠨ ᠪᠢᠰᠢᠯᠠᠭ ᠢ᠋ ᠬᠠᠷᠠᠭᠰᠠᠨ ᠢ᠋ᠶ᠋ᠠᠨ᠄ 《ᠣᠳᠣ ᠳᠣᠷᠣᠭᠣ ᠶ᠋ᠢᠨ ᠲᠣᠮᠣ ᠪᠠᠢᠨ᠎ᠠ ᠰᠢᠲᠠ!》 ᠭᠡᠳ ᠤᠬᠢᠯᠠᠩᠨᠠᠬᠤ ᠳ᠋ᠤ᠌ ᠦᠨᠡᠭᠡ ᠰᠢᠭᠦᠭᠴᠢ᠄ 《ᠠᠯᠢ ᠬᠠᠷᠠᠶ᠎ᠠ ᠳᠠ! ᠶᠠᠭᠠᠬᠢᠨ᠎ᠠ? ᠦᠨᠡᠬᠡᠷ ᠴᠦ᠍ ᠲᠡᠢᠮᠦ ᠶᠦᠮ ᠤᠤ?》 ᠭᠡᠳ ᠳᠣᠷᠣᠭᠣ ᠶ᠋ᠢᠨ ᠪᠢᠰᠢᠯᠠᠭ ᠠ᠋ᠴᠠ ᠬᠠᠵᠠᠵᠤ ᠣᠷᠬᠢᠪᠠ᠃ ᠲᠡᠷᠡ ᠬᠣᠶᠠᠷ ᠢ᠋ ᠪᠡᠶ᠎ᠡ ᠪᠡᠶ᠎ᠡ ᠲᠡᠢ ᠪᠡᠨ ᠪᠠᠷᠢᠯᠳᠤᠵᠤ ᠮᠠᠭᠤᠳᠠᠬᠤ ᠪᠣᠯᠭᠠᠨ ᠪᠢᠰᠢᠯᠠᠭ ᠠ᠋ᠴᠠ ᠨᠢ ᠨᠢᠭᠡ ᠲᠡᠩᠴᠡᠭᠦᠯᠬᠦ ᠨᠡᠷ᠎ᠡ ᠪᠡᠷ ᠬᠠᠵᠠᠭᠰᠠᠭᠠᠷ ᠪᠠᠢᠭᠠᠳ ᠪᠦᠭᠦᠳᠡ ᠶ᠋ᠢ ᠨᠢ ᠢᠳᠡᠴᠢᠬᠡᠯ᠎ᠡ᠃ ᠢᠩᠭᠢᠭᠡᠳ ᠳᠣᠷᠣᠭᠣ ᠰᠤᠤᠰᠠᠷ ᠬᠣᠶᠠᠷ ᠲᠤ᠌ ᠶᠠᠭᠤ ᠴᠤ᠌ ᠦᠯᠡᠳᠡᠭᠰᠡᠨ ᠦᠭᠡᠢ ᠭᠡᠨ᠎ᠡ᠃ ᠬᠡᠦᠬᠡᠳ ᠦ᠋ᠳ ᠠ᠋᠂ ᠳᠣᠷᠣᠭᠣ ᠰᠤᠤᠰᠠᠷ ᠬᠣᠶᠠᠷ ᠮᠠᠨᠢ ᠡᠪᠲᠡᠢ ᠨᠠᠢᠷᠲᠠᠢ ᠪᠠᠢᠭᠰᠠᠨ ᠪᠣᠯ ᠬᠣᠶᠠᠭᠤᠯᠠ ᠪᠠᠨ ᠪᠢᠰᠢᠯᠠᠭ ᠢ᠋ᠶ᠋ᠠᠨ ᠠᠮᠲᠠᠷᠬᠠᠨ ᠢᠳᠡᠬᠦ ᠪᠠᠢᠭᠰᠠᠨ ᠳᠠ!
ᠮᠣᠩᠭᠣᠯ ᠦᠰᠦᠭ ᠬᠠᠲᠠᠭᠴᠢ᠄ ᠵᠡᠷᠮᠦᠳ ᠸ· ᠥᠯᠵᠡᠢ
ᠦᠰᠦᠭ ᠬᠢᠨᠠᠭᠴᠢ᠄ ᠨᠤᠮᠤᠴᠢᠨ ᠪᠢᠯᠢᠭ
