ᠡᠷᠬᠡᠲᠡᠨ ᠦ᠌ ᠭᠠᠷЭрхтэний гарErkhtenii gar

ᠡᠷᠬᠡᠲᠡᠨ ᠦ᠌ ᠭᠠᠷ
ᠲᠤᠰ ᠡᠮ ᠪᠣᠯ ᠴᠠᠬᠢᠷᠮ᠎ᠠ ᠶ᠋ᠢᠨ ᠢᠵᠠᠭᠤᠷ ᠪᠣᠯᠬᠤ ᠠᠯᠠᠭᠠᠨ ᠴᠠᠬᠢᠷᠮ᠎ᠠ ᠶ᠋ᠢᠨ ᠬᠠᠲᠠᠭᠠᠭᠰᠠᠨ ᠲᠥᠮᠥᠰᠥᠯᠢᠭ ᠦᠨᠳᠦᠰᠦ ᠮᠥᠨ᠃ ᠪᠠᠰᠠ ᠸᠠᠩᠯᠠᠭ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃ ᠲᠥᠮᠥᠰᠥᠯᠢᠭ ᠡᠰᠢ ᠨᠢ1—2᠂ ᠮᠢᠬᠠᠯᠢᠭ ᠵᠤᠵᠠᠭᠠᠨ᠂ ᠬᠣᠶᠠᠷ ᠬᠠᠵᠠᠭᠤ ᠨᠢ ᠬᠠᠪᠲᠠᠭᠠᠢ᠂1—2cm ᠤᠷᠲᠤ ᠠᠯᠠᠭᠠᠯᠢᠭ ᠰᠠᠯᠪᠤᠷᠢᠯᠠᠨᠠ᠃ ᠰᠠᠯᠠᠭ᠎ᠠ ᠨᠢ ᠨᠠᠷᠢᠨ ᠤᠷᠲᠤ᠂ ᠬᠦᠵᠦᠭᠦᠦ ᠶ᠋ᠢᠨ ᠬᠡᠰᠡᠭ ᠡᠴᠡ ᠨᠢ ᠬᠡᠳᠦᠨ ᠨᠠᠷᠢᠨ ᠤᠷᠲᠤ ᠦᠨᠳᠦᠰᠦ ᠭᠠᠷᠳᠠᠭ᠃ ᠡᠰᠢ ᠨᠢ ᠰᠢᠯᠤᠭᠤᠨ᠂ ᠤᠭ ᠲᠤ ᠨᠢ2—3 ᠨᠠᠪᠴᠢᠨ ᠲᠣᠭᠳᠣᠢ ᠲᠠᠢ᠃ ᠨᠠᠪᠴᠢ ᠨᠢ3—7 ᠢᠯᠲᠠᠰᠤ ᠲᠠᠢ᠂ ᠬᠡᠯᠡ ᠰᠢᠭ ᠬᠠᠪᠲᠠᠭᠠᠢ ᠲᠡᠪᠡᠨᠡ ᠪᠤᠶᠤ ᠨᠠᠷᠢᠨ ᠵᠤᠤᠪᠠᠩ ᠬᠡᠯᠪᠡᠷᠢ ᠲᠡᠢ᠂ ᠡᠰᠢ ᠪᠡᠨ ᠪᠠᠭᠯᠠᠨ᠎ᠠ᠃ ᠴᠠᠴᠤᠭ ᠬᠡᠯᠪᠡᠷᠢᠲᠦ ᠪᠠᠭ ᠴᠡᠴᠡᠭ ᠨᠢ ᠣᠯᠠᠨ ᠵᠢᠵᠢᠭ ᠴᠡᠴᠡᠭ ᠢ᠋ᠶ᠋ᠡᠷ ᠪᠦᠷᠢᠯᠳᠦᠵᠦ᠂ ᠪᠥᠭᠡᠷᠡᠩᠬᠡᠢ ᠪᠠᠭᠠᠨ᠎ᠠ ᠬᠡᠯᠪᠡᠷᠢ ᠲᠡᠢ ᠪᠠᠢᠳᠠᠭ᠃ ᠴᠡᠴᠡᠭ ᠦ᠋ᠨ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠃ ᠴᠡᠴᠡᠭ ᠨᠢ ᠣᠯᠠᠩᠬᠢ ᠳ᠋ᠠᠭᠠᠨ ᠪᠣᠷᠣ ᠪᠤᠶᠤ ᠶᠠᠭᠠᠨ᠂ ᠴᠠᠭᠠᠨ ᠨᠢ ᠴᠥᠭᠡᠨ᠃ ᠳᠤᠮᠳᠠ ᠲᠣᠭᠳᠣᠢ ᠢᠯᠲᠠᠰᠤ ᠨᠢ ᠤᠷᠲᠤᠯᠵᠢᠨ ᠲᠣᠭᠣᠷᠢᠬᠯᠢᠭ᠋ ᠵᠤᠤᠪᠠᠩ ᠪᠤᠶᠤ ᠥᠨᠳᠡᠭᠡᠯᠵᠢᠨ ᠵᠤᠤᠪᠠᠩ ᠬᠡᠯᠪᠡᠷᠢ ᠲᠡᠢ᠃ ᠬᠠᠵᠠᠭᠤᠳᠠᠬᠢ ᠲᠣᠭᠳᠣᠢ ᠢᠯᠲᠠᠰᠤ ᠨᠢ ᠬᠠᠵᠠᠭᠠᠢ ᠥᠨᠳᠡᠭᠡᠯᠵᠢᠨ ᠪᠤᠶᠤ ᠤᠷᠲᠤᠯᠵᠢᠨ ᠲᠣᠭᠣᠷᠢᠬᠯᠢᠭ᠋ ᠵᠤᠤᠪᠠᠩ ᠬᠡᠯᠪᠡᠷᠢ ᠲᠡᠢ ᠮᠠᠲᠠᠷᠢᠨ᠎ᠠ᠃ ᠭᠠᠳᠠᠷ ᠬᠥᠪᠡᠭᠡ ᠨᠢ ᠭᠠᠳᠠᠭᠰᠢ ᠮᠠᠲᠠᠷᠢᠵᠤ᠂ ᠳᠤᠮᠳᠠᠬᠢ ᠲᠣᠭᠳᠣᠢ ᠢᠯᠲᠠᠰᠤ ᠠ᠋ᠴᠠ ᠪᠠᠨ ᠤᠷᠲᠤ᠃ ᠴᠡᠴᠡᠭ ᠦ᠋ᠨ ᠬᠡᠯᠲᠡᠰ ᠨᠢ ᠬᠠᠵᠠᠭᠠᠢ ᠥᠨᠳᠡᠭᠡᠯᠵᠢᠨ ᠰᠢᠭ ᠭᠤᠷᠪᠠᠯᠵᠢᠨ ᠬᠡᠯᠪᠡᠷᠢ ᠲᠡᠢ᠂ ᠲᠣᠭᠳᠣᠢ ᠢᠯᠲᠠᠰᠤ ᠠ᠋ᠴᠠ ᠪᠠᠨ ᠥᠷᠭᠡᠨ᠂ ᠳᠤᠮᠳᠠᠬᠢ ᠲᠣᠭᠳᠣᠢ ᠢᠯᠲᠠᠰᠤ ᠲᠠᠢ ᠪᠠᠨ ᠪᠠᠷᠤᠭ ᠲᠡᠩᠴᠡᠭᠦᠦ ᠤᠷᠲᠤ᠂ ᠪᠠᠭ᠎ᠠ ᠰᠠᠭ᠎ᠠ ᠨᠠᠭᠠᠯᠳᠤᠵᠤ ᠪᠠᠢᠳᠠᠭ᠂ ᠲᠣᠩᠭᠣᠷᠤᠤ ᠥᠷᠭᠡᠨ ᠥᠨᠳᠡᠭᠡᠯᠵᠢᠨ ᠪᠤᠶᠤ ᠷᠣᠮᠪ ᠬᠡᠯᠪᠡᠷᠢ ᠲᠡᠢ᠂ ᠡᠮᠦᠨ᠎ᠡ ᠬᠡᠰᠡᠭ ᠲᠡᠭᠡᠨ3 ᠣᠨᠢ ᠲᠠᠢ᠂ ᠳᠤᠮᠳᠠᠬᠢ ᠰᠡᠵᠢᠭᠦᠷ ᠢᠯᠲᠠᠰᠤ ᠨᠢ ᠨᠡᠯᠢᠶᠡᠳ ᠲᠣᠮᠣ᠃ ᠳᠠᠷᠤᠪᠴᠢ ᠨᠢ ᠨᠠᠷᠢᠨ ᠪᠥᠭᠡᠳ ᠤᠷᠲᠤ᠂ ᠬᠣᠭᠣᠯᠠᠢ ᠬᠡᠯᠪᠡᠷᠢ ᠲᠡᠢ᠂ ᠤᠨᠵᠢᠢᠵᠤ ᠡᠮᠦᠨᠡᠰᠢ ᠮᠤᠷᠤᠢᠨ᠎ᠠ᠃ ᠤᠮᠠᠢ ᠠ᠋ᠴᠠ ᠪᠠᠨ1.5—2 ᠳᠠᠬᠢᠨ ᠤᠷᠲᠤ᠂ ᠵᠢᠭᠠᠬᠠᠨ ᠱᠣᠪᠬᠣ ᠣᠷᠣᠢ ᠲᠠᠢ᠃ ᠳᠣᠬᠢᠭᠤᠷ ᠨᠢ2mm ᠣᠷᠴᠢᠮ ᠤᠷᠲᠤ᠂ ᠲᠣᠭᠣᠰᠣᠪᠴᠢ ᠨᠢ ᠨᠡᠯᠢᠶᠡᠳ ᠲᠣᠮᠣ᠃ ᠵᠤᠤᠪᠠᠩ ᠬᠡᠯᠪᠡᠷᠢ ᠲᠡᠢ᠂ ᠣᠷᠣᠢ ᠨᠢ ᠵᠢᠭᠠᠬᠠᠨ ᠬᠣᠲᠣᠭᠣᠷ᠂ ᠪᠠᠭᠠᠨ᠎ᠠ ᠶ᠋ᠢᠨ ᠣᠷᠣᠢ ᠳ᠋ᠤ᠌ ᠪᠠᠢᠷᠢᠯᠠᠨ᠎ᠠ᠃ ᠲᠣᠭᠣᠰᠣᠪᠴᠢ ᠨᠢ2 ᠲᠠᠰᠤᠭ ᠲᠠᠢ᠃ ᠮᠤᠰᠬᠢᠷᠠᠭᠰᠠᠨ ᠤᠮᠠᠢ ᠲᠠᠢ᠂ ᠪᠠᠷᠢᠭᠤᠯ ᠦᠭᠡᠢ᠂8mm ᠬᠢᠷᠢ ᠤᠷᠲᠤ᠂ ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ2᠂ ᠲᠣᠭᠣᠷᠴᠣᠭ ᠤ᠋ᠨ ᠬᠣᠰᠢᠭᠤ ᠳ᠋ᠠᠬᠢ ᠲᠣᠭᠣᠰᠣᠪᠴᠢ ᠶ᠋ᠢᠨ ᠲᠠᠰᠤᠯᠭ᠎ᠠ ᠶ᠋ᠢᠨ ᠳᠣᠣᠷ᠎ᠠ ᠣᠷᠣᠰᠢᠨ᠎ᠠ᠃ ᠬᠣᠩᠭᠣᠷᠴᠣᠭᠲᠤ ᠵᠢᠮᠢᠰ ᠨᠢ ᠣᠯᠠᠨ ᠵᠢᠵᠢᠭ ᠦᠷ᠎ᠡ ᠲᠡᠢ᠃7—8 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠨᠤᠭᠤ ᠲᠠᠯ᠎ᠠ᠂ ᠪᠤᠲᠠ ᠰᠥᠭᠡᠭ ᠳᠤᠮᠳᠠ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ᠂ ᠱᠠᠨ ᠰᠢ᠂ ᠾᠧᠨᠠᠨ᠂ᠱᠠᠨᠰᠢ᠂ ᠭᠠᠨᠰᠦ᠂ ᠰᠧᠴᠤᠸᠠᠨ᠂ ᠶᠦᠨᠨᠠᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠲᠥᠮᠥᠰᠥᠯᠢᠭ ᠦᠨᠳᠦᠰᠦ ᠶ᠋ᠢ ᠨᠢ ᠮᠠᠯᠲᠠᠨ ᠠᠪᠴᠤ᠂ ᠡᠰᠢ ᠨᠠᠪᠴᠢ ᠪᠣᠯᠤᠨ ᠰᠠᠬᠠᠯ ᠦᠨᠳᠦᠰᠦ ᠶ᠋ᠢ ᠨᠢ ᠠᠷᠢᠯᠭᠠᠵᠤ ᠤᠬᠢᠶᠠᠨ ᠴᠡᠪᠡᠷᠯᠡᠭᠡᠳ᠂ ᠨᠠᠷᠠᠨ ᠳ᠋ᠤ᠌ ᠬᠠᠲᠠᠭᠠᠬᠤ ᠪᠤᠶᠤ ᠬᠠᠯᠠᠭᠤᠨ ᠤᠰᠤᠨ ᠳ᠋ᠤ᠌ ᠲᠡᠩᠨᠡᠵᠦ ᠭᠠᠷᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ᠃ ᠪᠦᠯᠢᠶᠡᠨ ᠴᠢᠨᠠᠷ ᠲᠠᠢ᠃ ᠬᠦᠨᠳᠦ᠂ ᠲᠣᠰᠣᠯᠢᠭ᠂ ᠵᠥᠭᠡᠯᠡᠨ᠂ ᠰᠢᠩᠭᠡᠨ᠂ ᠮᠣᠬᠣᠳᠠᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠲᠤᠩᠭᠠᠯᠠᠭ ᠵᠡᠷᠭᠡ ᠲᠠᠮᠢᠷ ᠢ᠋ ᠰᠠᠢᠵᠢᠷᠠᠭᠤᠯᠵᠤ᠂ ᠳᠤᠰᠤᠯ ᠢ᠋ ᠰᠡᠯᠪᠢᠬᠦ᠂ ᠰᠢᠮᠡᠵᠢᠭᠦᠯᠬᠦ᠂ ᠬᠦᠴᠦᠵᠢᠭᠦᠯᠬᠦ ᠴᠢᠳᠠᠯ ᠲᠠᠢ᠃ ᠭᠣᠣᠯᠳᠠᠭᠤ ᠳᠤᠰᠤᠯ ᠴᠤᠪᠤᠷᠠᠬᠤ᠂ ᠳᠤᠰᠤᠯ ᠪᠠᠷᠠᠭᠳᠠᠬᠤ᠂ ᠡᠷ᠎ᠡ ᠪᠡᠯᠭᠡ ᠰᠤᠯᠠᠷᠠᠭᠰᠠᠨ᠂᠂ ᠪᠥᠭᠡᠷᠡᠨ ᠦ᠌ ᠬᠦᠢᠲᠡᠨ᠂ ᠳᠤᠯᠠᠢ᠂ ᠬᠡᠷᠦᠬᠦ᠂ ᠪᠠᠮ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄手掌参
ᠠᠩᠭ᠌ᠯᠢ ᠨᠡᠷ᠎ᠡ᠄Gymnadenia conopsea (L.) R. Br.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠪᠠᠯ
