ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠳᠥᠷᠪᠡ) Сэрүүхэн тал нутаг–<свис> Вальтер Босгард (Walter Bosshard)- Дөрөвдүгээр бөлөг 4 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠳᠥᠷᠪᠡ) Сэрүүхэн тал нутаг–<свис> Вальтер Босгард (Walter Bosshard)- Дөрөвдүгээр бөлөг 4

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠳᠥᠷᠪᠡ) Сэрүүхэн тал нутаг–<свис> Вальтер Босгард (Walter Bosshard)- Дөрөвдүгээр бөлөг 4

ᠠᠩᠭᠢᠯᠠᠯ:ᠲᠤᠭᠤᠵᠢ ᠷᠣᠮᠠᠨ
2024-08-10

369

ᠳᠥᠷᠪᠡ ᠂ ᠰᠠᠷᠵᠢ ᠪᠣᠯᠤᠨ 《ᠢᠨᠢᠶᠡᠭᠰᠡᠨ ᠡᠭᠦᠯᠡ 》


       ᠷᠠᠰᠢ ᠨᠠᠮᠠᠶ᠋ᠢ ᠠᠢᠮᠠᠭ ᠵᠡᠷᠭᠡᠯᠡᠳᠡᠭᠡ ᠶ᠋ᠢᠨ ᠬᠥᠮᠦᠰ ᠲᠦ᠍ ᠪᠠᠷᠤᠭ ᠪᠦᠷ ᠲᠠᠨᠢᠯᠴᠠᠭᠤᠯᠤᠭᠰᠠᠨ ᠤ᠋ ᠳᠠᠷᠠᠭᠠᠬᠢ ᠨᠢᠭᠡᠨ ᠥᠷᠯᠥᠭᠡ ᠰᠠᠷᠵᠢ ᠬᠣᠩᠭᠣᠷ ᠨᠠᠷ ᠤ᠋ᠨ ᠮᠠᠯ ᠮᠠᠯᠵᠢᠨ ᠠᠮᠢᠳᠤᠷᠠᠵᠤ ᠪᠠᠢᠭ᠎ᠠ ᠭᠦᠦᠰᠢ ᠶ᠋ᠢᠨ ᠰᠦᠮ᠎ᠡ ᠳ᠋ᠦ᠍ ᠬᠦᠷᠬᠦ ᠪᠡᠷ ᠲᠣᠭᠲᠠᠪᠠ᠃ 
       ᠪᠢᠳᠡᠨ ᠢ ᠤᠶᠠᠭᠠᠨ ᠳᠡᠭᠡᠷ᠎ᠡ ᠡᠴᠡ ᠪᠡᠨ ᠮᠣᠷᠳᠠᠭᠠᠳ ᠬᠡᠳᠦᠨ ᠭᠡᠷ ᠦ᠋ᠨ ᠬᠠᠵᠠᠭᠤ ᠪᠠᠷ ᠭᠠᠷᠬᠤ ᠳ᠋ᠤ᠌ ᠭᠡᠷ ᠦ᠋ᠨ ᠡᠮᠦᠨ᠎ᠡ ᠬᠡᠳᠦᠨ ᠡᠷᠡᠴᠦᠦᠯ ᠡᠷᠢᠭᠡ ᠪᠡᠨ ᠪᠠᠷᠢᠨ ᠰᠠᠭᠤᠵᠠᠭᠠᠵᠤ ᠪᠠᠢᠪᠠ᠃ ᠲᠡᠳᠡ ᠨᠠᠷ ᠴᠢᠬᠢᠪᠴᠢ ᠪᠡᠨ ᠨᠠᠪᠲᠠᠯᠵᠠᠭᠤᠯᠤᠭᠰᠠᠨ ᠢᠰᠡᠭᠡᠢ ᠮᠠᠯᠠᠭᠠᠢ ᠳᠤᠬᠤᠨ ᠳᠡᠭᠡᠷ᠎ᠡ ᠪᠡᠨ ᠲᠠᠯᠪᠢᠵᠤ᠂ ᠤᠷᠲᠤ ᠲᠡᠷᠯᠢᠭ ᠢ᠋ᠶ᠋ᠡᠨ ᠪᠦᠰᠡᠯᠡᠵᠦ᠂ ᠬᠥᠯ ᠳ᠋ᠡᠭᠡᠨ ᠤᠯᠠᠭᠠᠨ ᠨᠣᠭᠣᠭᠠᠨ ᠢ᠋ᠶ᠋ᠠᠷ ᠡᠮᠵᠢᠶᠡᠷᠢᠯᠡᠭᠰᠡᠨ ᠡᠷᠲᠡᠭᠡᠷ ᠬᠣᠩᠰᠢᠶᠠᠷ ᠲᠠᠢ ᠭᠤᠲᠤᠯ ᠡᠮᠦᠰᠴᠡᠢ᠃ ᠪᠣᠷᠣ ᠢᠰᠡᠭᠡᠢ ᠭᠡᠷ ᠦ᠋ᠨ ᠡᠮᠦᠨᠡᠭᠦᠷ ᠬᠡᠳᠦᠨ ᠤᠨᠠᠭ᠎ᠠ ᠢᠳᠡᠰᠢᠯᠡᠵᠦ᠂ ᠴᠢᠳᠥᠷ ᠲᠤᠰᠢᠶ᠎ᠠ ᠠ᠋ᠴᠠ ᠪᠠᠨ ᠪᠣᠯᠵᠤ ᠰᠢᠮᠡᠯᠢᠭ ᠪᠡᠯᠴᠢᠭᠡᠷ ᠲᠦ᠍ ᠬᠦᠷᠴᠦ ᠴᠢᠳᠠᠬᠤ ᠦᠭᠡᠢ ᠰᠠᠨᠳᠤᠷᠴᠠᠭᠠᠨ᠎ᠠ᠃ 
       ᠭᠡᠷ ᠡᠴᠡ ᠨᠡᠯᠢᠶᠡᠳ ᠵᠠᠢᠲᠠᠢ ᠭᠠᠵᠠᠷ ᠲᠤ᠌ ᠨᠢᠭᠡ ᠬᠡᠦᠬᠡᠳ ᠲᠣᠮᠣ ᠨᠣᠬᠠᠢ ᠲᠠᠢ ᠪᠠᠨ ᠲᠣᠭᠯᠠᠨ᠎ᠠ᠃ ᠲᠡᠷᠡ ᠨᠣᠬᠠᠢ ᠨᠢ ᠪᠢᠳᠡᠨ ᠦ᠌ ᠢᠷᠡᠭᠰᠡᠨ ᠢ ᠮᠡᠳᠡᠭᠡᠯᠡᠵᠦ ᠨᠡᠯᠢᠶᠡᠳ ᠤᠳᠠᠭᠠᠨ ᠪᠢᠳᠡᠨ ᠢ ᠨᠥᠬᠥᠷᠰᠡᠭ ᠪᠤᠰᠤ ᠪᠠᠷ ᠬᠣᠷᠭᠣᠭᠣᠪᠠ᠃ ᠬᠣᠶᠠᠷ ᠪᠦᠰᠡᠭᠦᠢ ᠪᠣᠷᠣ ᠲᠣᠯᠣᠭᠠᠢ ᠶ᠋ᠢ ᠠᠯᠭᠤᠷᠬᠠᠨ ᠳᠠᠪᠠᠭᠰᠠᠭᠠᠷ ᠭᠠᠷᠴᠤ᠂ ᠬᠤᠳᠳᠤᠭ ᠳᠡᠭᠡᠷ᠎ᠡ ᠬᠦᠷᠴᠦ ᠤᠰᠤ ᠤᠳᠬᠤᠨ ᠮᠣᠳᠣᠨ ᠰᠠᠭᠤᠯᠠᠭ᠎ᠠ ᠪᠠᠨ ᠳᠦᠭᠦᠷᠭᠡᠨ᠎ᠡ᠃ ᠲᠡᠳᠡᠨ ᠦ᠌ ᠨᠢᠭᠡ ᠨᠢ ᠲᠣᠯᠣᠭᠠᠢ ᠪᠠᠨ ᠬᠥᠬᠡ ᠠᠯᠴᠢᠭᠤᠷ ᠢ᠋ᠶ᠋ᠠᠷ ᠣᠷᠢᠶᠠᠵᠤ᠂ ᠪᠥᠬᠥᠢᠬᠦ ᠳ᠋ᠦ᠍ ᠮᠥᠩᠭᠥ ᠱ᠌ᠢᠷᠦ ᠪᠡᠷ ᠬᠢᠭᠰᠡᠨ ᠤᠷᠲᠤ ᠡᠭᠡᠮᠦᠭ ᠨᠢ ᠨᠠᠷᠠᠨ ᠤ᠋ ᠭᠡᠷᠡᠯ ᠳ᠋ᠦ᠍ ᠭᠢᠯᠲᠠᠭᠠᠨᠠᠭᠰᠠᠨ ᠤᠰᠤᠨ ᠤ᠋ ᠭᠡᠷᠡᠯ ᠳ᠋ᠦ᠍ ᠭᠣᠴᠣ ᠬᠠᠷᠠᠭᠳᠠᠨ᠂ ᠶᠠᠭ ᠯᠠ ᠤᠯᠠᠭᠠᠨ ᠪᠣᠳᠣᠭ ᠳᠣᠷᠣᠭᠰᠢ ᠪᠠᠨ ᠳᠤᠰᠤᠯᠠᠵᠤ ᠪᠠᠢᠭ᠎ᠠ ᠮᠡᠲᠦ ᠠᠵᠢ᠃ ᠲᠡᠭᠡᠭᠡᠳ ᠲᠡᠷᠡ ᠪᠦᠰᠡᠭᠦᠢ ᠦᠵᠡᠭᠦᠯᠵᠦ ᠯᠡ ᠪᠠᠢᠮᠠᠷ ᠲᠡᠢᠮᠦ ᠭᠤᠸ᠎ᠠ ᠰᠠᠢᠬᠠᠨ ᠵᠢᠮᠰᠡᠭ ᠢ᠋ᠶ᠋ᠡᠨ ᠳᠣᠣᠷ᠎ᠠ ᠪᠠᠨ ᠠᠯᠴᠢᠭᠤᠷ ᠢ᠋ᠶ᠋ᠠᠷ ᠢ᠋ᠶ᠋ᠠᠨ ᠴᠢᠩᠭ᠎ᠠ ᠣᠷᠢᠶᠠᠪᠠ᠃ 
       ᠲᠠᠯ᠎ᠠ ᠨᠤᠲᠤᠭ ᠤ᠋ᠨ ᠥᠴᠥᠭᠡᠳᠦᠷ᠂ ᠥᠨᠥᠳᠥᠷ᠂ ᠮᠠᠷᠭᠠᠰᠢ ᠶ᠋ᠢᠨ ᠠᠮᠢᠳᠤᠷᠠᠯ ᠡᠢᠮᠦ ᠯᠡ ᠭᠣᠶᠣ᠂ ᠬᠤᠪᠢᠷᠠᠰᠢ ᠦᠭᠡᠢ᠃ ᠨᠡᠭᠦᠳᠡᠯᠴᠢᠳ ᠲᠦ᠍ ᠠᠪᠴᠤ ᠬᠡᠯᠡᠪᠡᠯ ᠡᠳᠦᠷ ᠰᠥᠨᠢ ᠬᠢᠭᠡᠳ ᠤᠯᠠᠷᠢᠯ ᠤ᠋ᠨ ᠬᠤᠪᠢᠷᠠᠯ ᠢ ᠭᠠᠷᠭᠠᠪᠠᠯ ᠥᠭᠡᠷ᠎ᠡ ᠪᠤᠰᠤᠳ ᠨᠢ ᠬᠤᠪᠢᠷᠠᠰᠢ ᠦᠭᠡᠢ ᠪᠠᠢᠳᠠᠭ ᠠᠵᠤᠭᠤ᠃ ᠬᠠᠶᠠ ᠳ᠋ᠠᠭᠠᠨ ᠪᠣᠷᠣᠭᠠᠯᠠᠪᠠᠴᠤ ᠳᠠᠷᠠᠭ᠎ᠠ ᠨᠢ ᠪᠠᠰᠠ ᠨᠠᠷᠠ ᠨᠢᠳᠦ ᠭᠢᠯᠠᠰᠬᠠᠨ ᠳᠤᠯᠠᠢᠳᠠᠭ᠃ ᠰᠥᠨᠢ ᠨᠢ ᠬᠠᠷᠠᠩᠭᠤᠢ ᠪᠣᠯᠬᠤ ᠳ᠋ᠤ᠌ ᠬᠥᠮᠦᠨ ᠨᠢ ᠤᠨᠲᠠᠵᠤ ᠠᠮᠠᠷᠠᠨ᠂ ᠡᠳᠦᠷ ᠪᠣᠯᠵᠤ ᠨᠠᠷᠠ ᠮᠠᠨᠳᠤᠬᠤ ᠳ᠋ᠤ᠌ ᠠᠵᠢᠯ ᠳ᠋ᠠᠭᠠᠨ ᠭᠠᠷᠬᠤ ᠨᠢ ᠶᠠᠭ ᠯᠠ ᠮᠠᠯᠴᠢᠳ ᠤ᠋ᠨ ᠠᠵᠢᠯ ᠠᠮᠢᠳᠤᠷᠠᠯ ᠪᠠ ᠪᠠᠶᠠᠷ ᠪᠠᠶᠠᠰᠤᠯ ᠳ᠋ᠤ᠌ ᠵᠣᠷᠢᠭᠤᠯᠤᠭᠳᠠᠭᠰᠠᠨ ᠮᠡᠲᠦ᠃ ᠡᠩ ᠦ᠋ᠨ ᠠᠷᠠᠳ ᠤ᠋ᠨ ᠠᠮᠢᠳᠤᠷᠠᠯ ᠤ᠋ᠨ ᠭᠠᠢᠬᠠᠮᠰᠢᠭ ᠪᠣᠯ  -  ᠡᠬᠡ ᠭᠠᠵᠠᠷ ᠪᠠ ᠰᠠᠯᠬᠢᠨ ᠤ᠋ ᠦᠨᠦᠷ ᠲᠦ᠍ ᠠᠮᠢᠳᠤᠷᠠᠬᠤ ᠪᠣᠯᠤᠨ᠎ᠠ᠃ 
       ᠪᠢᠳᠡ ᠭᠡᠷ ᠲᠦ᠍ ᠬᠡᠰᠡᠭ ᠡᠷᠡᠴᠦᠦᠯ ᠂ ᠪᠦᠰᠡᠭᠦᠢᠴᠦᠦᠯ ᠲᠡᠢ ᠴᠣᠭ ᠲᠤᠯᠭ᠎ᠠ ᠲᠣᠭᠣᠷᠢᠨ ᠰᠠᠭᠤᠪᠠ᠃ ᠡᠨᠡ ᠨᠢ ᠨᠠᠳᠠ ᠶᠠᠭ ᠯᠠ ᠲᠥᠷᠥᠯ ᠰᠠᠳᠤᠨ ᠴᠣᠭ ᠲᠠᠭᠠᠨ ᠪᠠᠢᠭ᠎ᠠ ᠰᠢᠭ᠋ ᠂ ᠶᠠᠭ ᠯᠠ ᠲᠠᠯ᠎ᠠ ᠨᠤᠲᠤᠭ ᠤ᠋ᠨ ᠰᠠᠯᠬᠢ ᠬᠥᠷᠥᠰᠥᠨ ᠤ ᠳᠡᠭᠡᠷ᠎ᠡ ᠨᠢ ᠠᠮᠢᠳᠤᠷᠠᠵᠤ ᠪᠠᠢᠭ᠎ᠠ ᠬᠥᠮᠦᠨ ᠵᠤᠨ ᠳ᠋ᠠᠭᠠᠨ ᠦᠵᠡᠭᠦᠯᠵᠦ ᠪᠠᠢᠭ᠎ᠠ ᠬᠠᠢᠷ᠎ᠠ ᠬᠠᠯᠠᠮᠵᠢ ᠲᠠᠢ ᠠᠳᠠᠯᠢᠬᠠᠨ᠃ 
       ᠪᠢᠳᠡᠨ ᠲᠡᠢ ᠴᠣᠭ ᠬᠡᠰᠡᠭ ᠳᠣᠪᠲᠣᠯᠭᠠᠭᠰᠠᠨ ᠡᠷ᠎ᠡ ᠡᠪᠦᠷ ᠢ᠋ᠶ᠋ᠡᠨ ᠠᠭᠤᠳᠠᠯᠵᠤ ᠤᠯᠠᠭᠠᠨ ᠬᠦᠷᠡᠩ ᠥᠩᠭᠡ ᠲᠡᠢ ᠮᠠᠨᠤᠬᠤᠨ ᠬᠥᠬᠦᠦᠷ ᠭᠠᠷᠭᠠᠨ ᠨᠠᠳᠠ ᠳ᠋ᠤ᠌ ᠪᠠᠷᠢᠯ᠎ᠠ᠃ ᠷᠠᠰᠢ ᠳᠣᠣᠷ᠎ᠠ ᠪᠠᠨ ᠨᠠᠳᠠ ᠳ᠋ᠤ᠌ ᠥᠪᠡᠷ ᠦ᠋ᠨ ᠮᠥᠩᠭᠥᠨ ᠬᠥᠬᠦᠦᠷ ᠢ᠋ᠶ᠋ᠡᠨ ᠥᠭᠴᠦ᠂ ᠴᠠᠭᠠᠰᠢ ᠪᠠᠨ ᠭᠡᠷ ᠦ᠋ᠨ ᠡᠵᠡᠨ ᠳ᠋ᠦ᠍ ᠳᠠᠮᠵᠢᠭᠤᠯᠬᠤ ᠶ᠋ᠢ ᠳᠣᠬᠢᠪᠠ᠃ ᠭᠡᠷ ᠦ᠋ᠨ ᠡᠵᠡᠨ ᠬᠣᠶᠠ᠊ᠷ ᠭᠠᠷ ᠢ᠋ᠶ᠋ᠠᠷ ᠢ᠋ᠶ᠋ᠠᠨ ᠲᠣᠰᠴᠤ ᠠᠪᠤᠭᠠᠳ ᠬᠦᠨᠳᠦᠳᠬᠡᠯᠲᠡᠢ ᠪᠡᠷ ᠬᠠᠮᠠᠷ ᠤ᠋ᠨ ᠢ᠋ᠶ᠋ᠠᠨ ᠡᠮᠦᠨ᠎ᠡ ᠬᠦᠷᠭᠡᠭᠡᠳ ᠨᠠᠳᠠ ᠳ᠋ᠤ᠌ ᠶᠣᠰᠣᠷᠬᠠᠭ ᠪᠤᠴᠠᠭᠠᠯ᠎ᠠ᠃ ᠪᠢ ᠴᠦ᠍ ᠲᠡᠭᠦᠨ ᠲᠡᠢ ᠠᠳᠠᠯᠢ ᠶᠣᠰᠣᠭᠠᠷ ᠬᠢᠭᠡᠳ ᠥᠭᠭᠦᠭᠰᠡᠨ ᠬᠦᠬᠦᠷ ᠢ ᠨᠢ ᠪᠤᠴᠠᠭᠠᠭᠰᠠᠨ ᠤ᠋ ᠳᠠᠷᠠᠭ᠎ᠠ᠂ ᠲᠡᠳᠡᠭᠡᠷ ᠡᠷᠡᠴᠦᠦᠯ ᠡᠬᠢᠯᠡᠨ ᠨᠠᠳᠠ ᠲᠠᠢ ᠡᠩᠬᠡ ᠮᠡᠨᠳᠦ᠂ ᠮᠠᠯ ᠰᠦᠷᠦᠭ ᠦ᠋ᠨ ᠲᠤᠬᠠᠢ ᠶᠠᠷᠢᠵᠤ ᠭᠠᠷᠪᠠ᠃ ᠪᠢᠳᠡᠨ ᠶᠠᠷᠢᠯᠴᠠᠭᠠᠨ ᠳ᠋ᠠᠭᠠᠨ ᠬᠢᠲᠠᠳ ᠮᠣᠩᠭᠣᠯ ᠬᠣᠯᠢᠨ᠂ ᠬᠠᠶᠠ ᠨᠢᠭᠡ ᠳᠣᠷᠴᠣ᠌ ᠲᠡᠭᠡᠭᠯᠡᠬᠦ ᠳ᠋ᠦ᠍ ᠰᠠᠬᠠᠯᠲᠤ ᠡᠷ᠎ᠡ ᠬᠠᠮᠵᠢᠵᠤ ᠥᠭᠭᠦᠨ᠎ᠡ᠃ ᠡᠷᠡᠴᠦᠦᠯ ᠨᠢ ᠪᠣᠷᠣᠯᠠᠭᠰᠠᠨ ᠨᠥᠬᠥᠷᠰᠡᠭ ᠴᠢᠷᠠᠢ ᠲᠠᠢ᠂ ᠬᠠᠷ᠎ᠠ ᠭᠡᠵᠢᠭᠡ ᠪᠡᠨ ᠮᠠᠯᠠᠭᠠᠢ ᠶ᠋ᠢᠨ ᠢ᠋ᠶ᠋ᠡᠨ ᠳᠣᠣᠭᠤᠷ ᠤᠨᠵᠢᠭᠤᠯᠵᠠᠢ᠃ ᠲᠡᠳᠡᠨ ᠤ ᠳᠣᠲᠣᠷᠠᠬᠢ ᠬᠠᠮᠤᠭ ᠤ᠋ᠨ ᠰᠠᠢᠬᠠᠨ ᠪᠦᠰᠡᠭᠦᠢ ᠶ᠋ᠢ ᠰᠠᠷᠠᠨᠭᠡᠷᠡᠯ ( ᠵᠢᠷᠤᠭ 79 ) ᠭᠡᠳᠡᠭ᠃ ᠲᠡᠷᠡ ᠬᠦᠷᠡᠩ ᠠᠯᠴᠢᠭᠤᠷ ᠢ᠋ᠶ᠋ᠠᠷ ᠥᠷᠭᠡᠨ ᠳᠤᠭᠤᠢ ᠴᠢᠷᠠᠢ ᠪᠠᠨ ᠣᠷᠢᠶᠠᠵᠤ᠂ ᠰᠣᠷᠮᠤᠤᠰᠤ ᠪᠣᠯᠤᠨ ᠠᠨᠢᠰᠬ᠎ᠠ ᠨᠢ ᠪᠠᠬᠠᠨ ᠬᠠᠷᠠᠯᠠᠵᠠᠢ᠃ 
       ᠥᠭᠡᠷ᠎ᠡ ᠨᠢᠭᠡ ᠪᠦᠰᠡᠭᠦᠢ ᠬᠤᠳᠳᠤᠭ ᠠ᠋ᠴᠠ ᠤᠰᠤ ᠠᠪᠤᠭᠠᠳ ᠢᠷᠡᠯ᠎ᠡ᠃ ᠲᠡᠭᠦᠨ ᠳ᠋ᠦ᠍ ᠲᠣᠯᠣᠭᠠᠢ ᠶ᠋ᠢᠨ ᠵᠠᠰᠠᠯ ᠠᠯᠠᠭ᠎ᠠ᠃ ᠡᠨᠡ ᠥᠬᠢᠨ ᠨᠠᠮᠤᠷ ᠬᠤᠷᠢᠮᠯᠠᠬᠤ ᠪᠠᠷ ᠪᠠᠢᠭ᠎ᠠ ᠶᠤᠮ ᠭᠡᠵᠦ ᠷᠠᠰᠢ ᠨᠠᠳᠠ ᠳ᠋ᠤ᠌ ᠶᠠᠷᠢᠪᠠ᠃ ᠨᠡᠭᠡᠭᠡᠯᠲᠡ ᠲᠡᠢ ᠭᠡᠷ ᠦ᠋ᠨ ᠡᠭᠦᠳᠡ ᠪᠡᠷ ᠪᠢ ᠲᠡᠭᠦᠨ ᠤ ᠭᠣᠶᠣ ᠠᠯᠬᠤᠳᠠᠯ ᠢ ᠠᠵᠢᠭᠯᠠᠪᠠ᠃ ᠬᠣᠶᠠᠷ ᠭᠤᠶ᠎ᠠ ᠨᠢ ᠲᠡᠭᠦᠨ ᠣ ᠠᠯᠬᠤᠳᠠᠯ ᠢ ᠳᠠᠭᠠᠨ ᠪᠥᠰ ᠲᠡᠷᠯᠢᠭ ᠳᠣᠲᠣᠷ᠎ᠠ ᠪᠠᠨ ᠢᠯᠡᠬᠡᠨ ᠮᠡᠳᠡᠭᠳᠡᠨ᠎ᠡ᠃ ᠭᠤᠶ᠎ᠠ ᠨᠢ ᠣᠬᠣᠷᠬᠠᠨ ᠪᠥᠭᠡᠳ ᠶᠠᠭ ᠯᠠ ᠬᠤᠭᠤᠷ ᠤ᠋ᠨ ᠬᠥᠪᠴᠢ ᠠᠳᠠᠯᠢ ᠴᠢᠩᠭ᠎ᠠ ᠠᠵᠢ᠃ ᠭᠡᠷ ᠲᠦ᠍ ᠲᠡᠷᠡ ᠡᠪᠦᠳᠦᠭ ᠢ᠋ᠶ᠋ᠡᠨ ᠨᠤᠭᠤᠯᠤᠨ ᠰᠥᠬᠥᠷᠡᠨ ᠰᠠᠭᠤᠭᠠᠳ ᠤᠰᠤ ᠪᠠᠨ ᠨᠠᠷᠢᠬᠠᠨ ᠥᠨᠳᠥᠷ ᠸᠠᠭᠠᠷ ᠲᠤ᠌ ᠶᠡᠭᠦᠯᠡᠯ᠎ᠡ᠃ ᠬᠡᠴᠢᠨᠡᠭᠡᠨ ᠵᠠᠭᠤᠨ ᠮᠢᠩᠭᠠᠨ ᠵᠢᠯ ᠦ᠋ᠨ ᠲᠤᠷᠰᠢ ᠨᠡᠭᠦᠳᠡᠯᠴᠢᠨ ᠠᠮᠢᠳᠤᠷᠠᠯ ᠳ᠋ᠤ᠌ ᠡᠨᠡ ᠬᠦ᠌ ᠬᠥᠳᠡᠯᠭᠡᠭᠡᠨ ᠢ᠋ ᠬᠥᠮᠦᠰ ᠬᠡᠳᠦᠢ ᠤᠳᠠᠭ᠎ᠠ ᠬᠢᠭᠰᠡᠨ ᠪᠣᠯ ? ᠪᠢᠳᠡ ᠴᠠᠢ ᠤᠤᠭᠤᠵᠤ᠂ ᠬᠦᠴᠢᠲᠡᠢ ᠬᠠᠲᠠᠭᠤ ᠬᠤᠷᠤᠳ ᠢᠳᠡᠪᠡ᠃ ᠭᠡᠨᠡᠳᠲᠡ ᠷᠠᠰᠢ ᠶ᠋ᠢᠨ ᠴᠢᠷᠠᠢ ᠪᠠᠷᠤᠢᠵᠤ ᠪᠣᠰᠤᠭᠠᠳ ᠠᠷᠤ ᠳ᠋ᠤ᠌ ᠮᠢᠨᠢ ᠲᠠᠯᠪᠢᠭᠠᠰᠤᠲᠠᠢ ᠲᠠᠰᠢᠭᠤᠷ ᠢ᠋ ᠲᠡᠳᠡᠨ ᠠᠪᠤᠭᠠᠳ ᠡᠭᠦᠳᠡᠨ ᠭᠠᠳᠠᠨ᠎ᠠ ᠲᠠᠯᠪᠢᠪᠠ᠃ ᠢᠩᠭᠢᠭᠡᠳ ᠳᠡᠮᠡᠢ ᠯᠡ ᠤᠳᠠᠯ ᠦᠭᠡᠢ ᠠᠳᠠ ᠠ᠋ᠴᠠ ᠠᠶᠠᠷᠯᠠᠵᠤ ᠮᠣᠷᠳᠠᠯ᠎ᠠ᠃ ᠨᠡᠯᠢᠶᠡᠳ ᠳᠠᠭᠤ ᠦᠭᠡᠢ ᠶᠠᠪᠤᠭᠰᠠᠨ ᠤ᠋ ᠳᠠᠷᠠᠭ᠎ᠠ ᠷᠠᠰᠢ ᠨᠠᠳᠠ ᠤᠷᠤᠭᠤ ᠬᠠᠨᠳᠤᠨ : 
       — ᠬᠣᠶᠠᠷ ᠵᠦᠢᠯ ᠦ᠋ᠨ ᠶᠠᠭᠤᠮ᠎ᠠ ᠶ᠋ᠢ ᠴᠢ ᠶᠠᠭᠤᠨ ᠤ᠋ ᠤᠷᠢᠳ ᠮᠡᠳᠡᠵᠦ ᠪᠠᠢᠬᠤ ᠶᠣᠰᠣᠲᠠᠢ᠃ ᠬᠡᠨ ᠬᠡᠷᠪᠡ ᠲᠠᠰᠢᠭᠤᠷ ᠢ᠋ᠶ᠋ᠠᠨ ᠭᠡᠷ ᠲᠦ᠍ ᠠᠪᠴᠤ ᠣᠷᠣᠪᠠᠯ ᠭᠡᠷ ᠦ᠋ᠨ ᠡᠵᠡᠨ ᠢ᠋ ᠳᠣᠷᠣᠮᠵᠢᠯᠠᠭᠰᠠᠨ ᠳ᠋ᠤ᠌ ᠲᠣᠭᠠᠴᠠᠭᠳᠠᠨ᠎ᠠ᠃ ᠪᠠᠰᠠ ᠬᠡᠨ ᠬᠡᠷᠪᠡ ᠬᠥᠯ ᠢ᠋ᠶ᠋ᠡᠨ ᠭᠠᠯ ᠤ᠋ᠨ ᠥᠭᠡᠳᠡ ᠵᠢᠭᠢᠪᠡᠯ ᠭᠠᠯ ᠤ᠋ᠨ ᠪᠤᠷᠬᠠᠨ ᠳ᠋ᠤ᠌ ᠨᠢᠭᠦᠯ ᠬᠢᠭᠰᠡᠨ ᠤᠴᠢᠷ ᠮᠥᠨ᠃ ᠡᠨᠡ ᠪᠣᠯ ᠮᠣᠩᠭᠣᠯ ᠶᠣᠰᠣ᠂ ᠬᠠᠭᠤᠴᠢᠨ ᠳᠠᠳᠬᠠᠯ ! ᠭᠡᠯ᠎ᠡ᠃ 
       — ᠴᠢ ᠲᠡᠭᠡᠪᠡᠯ ᠡᠨᠡ ᠳᠦᠷᠢᠮ ᠢ᠋ ᠨᠠᠳᠠ ᠳ᠋ᠤ᠌ ᠡᠷᠲᠡᠬᠡᠨ ᠬᠡᠯᠡᠬᠦ ᠪᠡᠨ ᠶᠠᠭᠠᠬᠢᠭᠰᠠᠨ ᠪᠣᠢ ? 
       — ᠬᠡᠨ ᠮᠡᠳᠡᠨ᠎ᠡ ᠳᠠ ! ᠴᠢ ᠡᠭᠦᠨ ᠢ᠋ ᠴᠦ᠍ ᠮᠡᠳᠡᠬᠦ ᠦᠭᠡᠢ ᠭᠡᠵᠦ᠃ ᠬᠡᠦᠬᠡᠳ ᠦ᠋ᠳ ᠠᠯᠬᠤᠵᠤ ᠴᠢᠳᠠᠬᠤ ᠠ᠋ᠴᠠ ᠪᠠᠨ ᠡᠬᠢᠯᠡᠭᠡᠳ ᠮᠡᠳᠡᠳᠡᠭ ᠶᠣᠰᠣ ᠶ᠋ᠢ! 
       ᠪᠢᠳᠡᠨ ᠦ᠌ ᠡᠮᠦᠨ᠎ᠡ ᠨᠡᠢᠳᠡᠮ ᠳ᠋ᠡᠭᠡᠨ ᠬᠥᠬᠡᠷᠡᠨ ᠵᠡᠷᠭᠡᠯᠭᠡᠡᠲᠦᠵᠦ᠂ ᠮᠣᠷᠢᠳ ᠤ᠋ᠨ ᠲᠤᠭᠤᠷᠠᠢ ᠨᠠᠪᠴᠢᠰ ᠤ᠋ᠨ ᠳᠡᠭᠡᠷᠡᠬᠢ ᠰᠢᠭᠦᠳᠡᠷᠢ ᠶ᠋ᠢᠨ ᠤᠰᠤ ᠶ᠋ᠢ ᠴᠡᠴᠡᠭ ᠦ᠋ᠨ ᠳᠡᠭᠡᠭᠦᠷ ᠦᠰᠦᠷᠬᠢᠯᠡᠭᠦᠯᠦᠭᠰᠡᠭᠡᠷ ᠪᠠᠢᠯ᠎ᠠ᠃ ᠠᠭᠤᠴᠢᠯᠠᠭᠠᠷᠠᠢ ! ᠬᠥᠭᠡᠷᠦᠬᠦᠨ ᠴᠡᠴᠡᠭ ᠦ᠋ᠳ ᠮᠢᠨᠢ᠂ ᠮᠢᠨᠦ ᠬᠣᠢᠨ᠎ᠠ ᠲᠡᠳᠡ ᠪᠦᠷ ᠯᠡ ᠬᠤᠭᠤᠷᠠᠵᠤ ᠲᠠᠰᠤᠷᠠᠨ ᠡᠰᠡᠬᠦᠯ᠎ᠡ ᠬᠠᠲᠠᠵᠤ ᠦᠬᠦᠬᠦ ᠪᠣᠯᠤᠨ᠎ᠠ᠃ ᠷᠠᠰᠢ ᠳ᠋ᠤ᠌ ᠡᠭᠦᠨ ᠢ᠋ ᠠᠩᠬᠠᠷᠬᠤ ᠰᠡᠳᠬᠢᠯ ᠭᠡᠵᠦ ᠠᠯᠠᠭ᠎ᠠ᠃ ᠪᠢᠳᠡᠨ ᠢ᠋ ᠨᠢᠭᠡ ᠲᠡᠭᠰᠢᠬᠡᠨ ᠨᠠᠮᠬᠠᠨ ᠳᠠᠪᠠᠭ᠎ᠠ ᠳ᠋ᠤ᠌ ᠣᠢᠷᠠᠳᠬᠤ ᠳ᠋ᠤ᠌ ᠷᠠᠰᠢ ᠪᠠᠶᠠᠷᠯᠠᠭᠰᠠᠨ ᠳᠠᠭᠤ ᠪᠠᠷ ᠨᠠᠳᠠ ᠳ᠋ᠤ᠌᠄ 
       — ᠡᠨᠡ ᠳᠠᠪᠠᠭᠠᠨ ᠤ᠋ ᠴᠠᠭᠠᠨ᠎ᠠ ᠴᠢ ᠮᠢᠨᠦ ᠪᠡᠯᠴᠢᠵᠦ ᠪᠠᠢᠭ᠎ᠠ ᠬᠣᠨᠢᠨ ᠰᠦᠷᠦᠭ ᠢ᠋ ᠬᠠᠷᠠᠬᠤ ᠪᠣᠯᠤᠨ᠎ᠠ ᠭᠡᠯ᠎ᠡ᠃ 
       ᠲᠡᠷᠡ ᠤᠷᠢᠳ ᠢ᠋ᠶ᠋ᠠᠷ ᠳᠣᠪᠲᠣᠯᠤᠨ ᠣᠳᠪᠠ᠃ ᠥᠨᠳᠥᠷ ᠳᠡᠭᠡᠷ᠎ᠡ ᠭᠠᠷᠤᠭᠰᠠᠨ ᠤ᠋ ᠳᠠᠷᠠᠭ᠎ᠠ ᠲᠡᠷᠡ ᠮᠣᠷᠢᠨ ᠠ᠋ᠴᠠ ᠪᠠᠨ ᠪᠠᠭᠤᠵᠤ᠂ ᠰᠠᠷᠠᠪᠴᠢᠯᠠᠨ ᠬᠠᠷᠠᠭᠠᠳ ᠳᠥᠭᠥᠮ ᠦ᠋ᠨ ᠡᠩᠭᠡᠷ ᠲᠦ᠍ ᠬᠠᠷᠠᠭᠳᠠᠬᠤ ᠭᠡᠷ ᠢ᠋ ᠵᠢᠭᠠᠪᠠ᠃ ᠴᠠᠭᠠᠳᠤ ᠲᠠᠯ᠎ᠠ ᠶ᠋ᠢᠨ ᠡᠩᠭᠡᠷ ᠲᠦ᠍ ᠪᠥᠮᠪᠥᠭᠡᠷ ᠪᠥᠮᠪᠥᠭᠡᠷ ᠲᠣᠮᠣ ᠬᠠᠲᠠᠳ ᠤ᠋ᠨ ᠳᠤᠮᠳᠠ ᠬᠣᠨᠢᠳ ᠨᠢ ᠢᠳᠡᠰᠢᠯᠡᠵᠦ ᠪᠠᠢᠨ᠎ᠠ᠃ ᠦᠳᠡ ᠶ᠋ᠢᠨ ᠨᠠᠷᠠᠨ ᠤ᠋ ᠭᠡᠷᠡᠯ ᠳ᠋ᠦ᠍ ᠬᠣᠯᠠ ᠠ᠋ᠴᠠ ᠶᠠᠭ ᠯᠠ ᠴᠠᠭᠠᠨ ᠭᠡᠷᠡᠯ ᠪᠤᠶᠤ ᠴᠠᠭᠠᠨ ᠴᠡᠴᠡᠭ ᠮᠡᠲᠦ ᠬᠠᠷᠠᠭᠳᠠᠵᠤ᠂ ᠬᠠᠶᠠ ᠴᠠᠢᠷᠠᠨ ᠬᠠᠶᠠ ᠳᠠᠯᠳᠠᠷᠠᠨ᠎ᠠ᠃ 
       ᠷᠠᠰᠢ ᠬᠥᠳᠡᠯᠬᠦ ᠶ᠋ᠢ ᠶᠠᠭᠠᠷᠠᠭᠤᠯᠵᠤ᠂ ᠪᠢᠳᠡ ᠳᠠᠬᠢᠨ ᠮᠣᠷᠢᠨ ᠳ᠋ᠠᠭᠠᠨ ᠮᠣᠷᠳᠠᠯ᠎ᠠ᠃ ᠷᠠᠰᠢ ᠡᠮᠦᠨ᠎ᠡ ᠮᠢᠨᠢ ᠳᠠᠪᠬᠢᠭᠤᠯᠤᠨ ᠣᠳᠴᠤ᠂ ᠰᠠᠷᠵᠢ ᠶ᠋ᠢᠨ ᠨᠠᠳᠠ ᠳ᠋ᠤ᠌ ᠪᠠᠷᠢᠭᠰᠠᠨ ᠭᠡᠷ ᠴᠣᠬᠣᠮ ᠰᠠᠢᠬᠠᠨ ᠪᠠᠷᠢᠭᠳᠠᠭᠰᠠᠨ ᠡᠰᠡᠬᠦ ᠶ᠋ᠢ ᠰᠢᠯᠭᠠᠬᠤ ᠪᠠᠷ ᠪᠣᠯᠪᠠ᠃ ᠬᠡᠦᠬᠡᠳ ᠲᠡᠪᠡᠷᠢᠭᠰᠡᠨ ᠰᠠᠷᠵᠢ ᠨᠠᠮᠠᠶ᠋ᠢ ᠲᠣᠰᠣᠨ ᠭᠠᠷᠴᠤ ᠢᠷᠡᠭᠡᠳ: 
       — ᠠᠮᠤᠷᠬᠠᠨ ᠰᠠᠢᠨ ! ᠭᠡᠵᠦ ᠲᠥᠪ ᠶᠣᠰᠣᠷᠬᠠᠭ ᠶᠠᠷᠢᠭᠠᠳ ᠳᠣᠷᠣᠭᠰᠢ ᠪᠠᠨ ᠪᠥᠬᠥᠢᠯ᠎ᠡ᠃ ᠲᠡᠭᠡᠭᠡᠳ ᠮᠢᠨᠦ ᠠᠩᠬᠠᠷᠤᠯ ᠢ ᠬᠡᠦᠬᠡᠳ ᠳᠡᠭᠡᠷ᠎ᠡ ᠪᠡᠨ ᠲᠠᠲᠠᠬᠤ ᠭᠡᠵᠦ ᠬᠡᠦᠬᠡᠳ ᠢ᠋ᠶ᠋ᠡᠨ ᠬᠠᠷᠠᠵᠤ᠂ ᠰᠢᠨ᠎ᠡ ᠲᠡᠷᠯᠢᠭ ᠦ᠋ᠨ ᠬᠣᠷᠮᠣᠢ ᠠ᠋ᠴᠠ ᠨᠢ ᠲᠠᠲᠠᠵᠤ ᠥᠭᠪᠡ᠃ 
       — ᠡᠷᠡᠭᠦᠯ ᠴᠢᠭᠢᠷᠠᠭ᠂ ᠰᠦᠷᠯᠢᠭ ᠬᠥᠪᠡᠭᠦᠨ ᠪᠠᠢᠨ᠎ᠠ ᠳᠠ ᠭᠡᠵᠦ ᠮᠢᠨᠦ ᠮᠠᠭᠲᠠᠭᠰᠠᠨ ᠢ ᠷᠠᠰᠢ ᠰᠣᠨᠣᠰᠤᠭᠰᠠᠨ ᠪᠥᠭᠡᠳ ᠰᠠᠷᠵᠢ ᠭᠡᠷ ᠲᠡᠭᠡᠨ ᠣᠷᠣᠬᠤ ᠶ᠋ᠢ ᠤᠷᠢᠯ᠎ᠠ᠃ 
       — ᠪᠤᠤ ᠲᠡᠢᠮᠦ ᠥᠨᠳᠥᠷ ᠳᠠᠭᠤ ᠪᠠᠷ ᠶᠠᠷᠢᠭᠠᠴᠢ ! ᠲᠡᠭᠦᠨ ᠦ᠌ ᠬᠦᠦ ᠭᠡᠰᠡᠨ ᠢ ᠪᠤᠷᠬᠠᠨ ᠲᠡᠭᠷᠢ ᠴᠦ᠍ ᠮᠡᠳᠡᠬᠦ ᠦᠭᠡᠢ ᠰᠢᠦ!  ᠡᠢᠮᠦ ᠡᠴᠡ ᠡᠳᠦᠢ ᠪᠣᠯᠲᠠᠯ᠎ᠠ ᠥᠬᠢᠨ ᠬᠥᠮᠦᠨ ᠦ᠌ ᠬᠤᠪᠴᠠᠰᠤ ᠡᠮᠦᠰᠬᠡᠵᠦ ᠪᠠᠢᠭ᠎ᠠ ᠶᠤᠮ ᠭᠡᠯ᠎ᠡ᠃ 
       ᠲᠡᠭᠦᠨ ᠦ᠌ ᠠᠶᠤᠳᠠᠭ ᠵᠦᠢᠯ ᠳ᠋ᠦ᠍ᠨᠢ ᠪᠢ ᠥᠨᠳᠥᠷ ᠳᠠᠭᠤᠨ ᠢ᠋ᠶ᠋ᠠᠷ ᠢᠨᠢᠶᠡᠭᠡᠳ ᠨᠡᠯᠢᠶᠡᠳ ᠤᠳᠠᠭᠰᠠᠨ ᠤ᠋ ᠳᠠᠷᠠᠭ᠎ᠠ᠄ 
       — ᠶᠠᠮᠠᠷ ᠨᠡᠷ᠎ᠡ ᠲᠡᠢ ᠪᠣᠢ ?  ᠬᠦᠦ ᠴᠢᠨᠢ ᠭᠡᠵᠦ ᠠᠰᠠᠭᠤᠯ᠎ᠠ᠃ 
       — ᠳᠥᠷᠪᠡᠨ ᠨᠠᠰᠤ ᠬᠦᠷᠦᠭᠰᠡᠨ ᠬᠣᠢᠨ᠎ᠠ ᠪᠢ ᠲᠡᠭᠦᠨ ᠢ ᠬᠤᠪᠢᠯᠭᠠᠨ ᠳ᠋ᠤ᠌ ᠠᠪᠠᠴᠢᠨ ᠨᠡᠷ᠎ᠡ ᠭᠤᠶᠤᠨ᠎ᠠ᠃ ᠲᠡᠷᠡ ᠪᠣᠯᠲᠠᠯ᠎ᠠ ᠪᠢᠳᠡ ᠲᠡᠭᠦᠨ ᠢ ᠪᠢᠴᠢᠬᠠᠨ ᠰᠢᠪᠠᠭᠤ᠂ ᠴᠠᠭᠠᠨ ᠴᠡᠴᠡᠭ᠂ ᠢᠨᠢᠶᠡᠭᠰᠡᠨ ᠡᠭᠦᠯᠡ ᠪᠤᠶᠤ ᠪᠣᠳᠣᠯ ᠳ᠋ᠤ᠌ ᠣᠷᠣᠭᠰᠠᠨ ᠪᠦᠬᠦᠨ ᠢ᠋ᠶ᠋ᠡᠷ ᠯᠡ ᠨᠡᠷᠡᠯᠡᠨ᠎ᠡ᠃ 
       ᠰᠠᠷᠵᠢ ᠶ᠋ᠢ ᠳᠠᠭᠠᠯᠳᠤᠨ ᠭᠡᠷ ᠲᠦ᠋ᠨᠢ ᠣᠷᠣᠪᠠᠯ ᠴᠠᠢ ᠪᠠᠨ ᠨᠢᠭᠡᠨᠲᠡ ᠪᠡᠯᠡᠬᠡᠨ ᠪᠣᠯᠭᠠᠵᠠᠢ᠃ ᠰᠠᠷᠵᠢ ᠶ᠋ᠢ ᠬᠠᠷᠠᠬᠤ ᠳ᠋ᠤ᠌ ᠡᠷᠡᠭᠦᠯ ᠮᠥᠷᠲᠡᠭᠡᠨ ᠬᠦᠳᠡᠷᠯᠢᠭ᠃ ᠲᠡᠷᠡ ᠪᠠᠶᠠᠷᠲᠠᠢ ᠢᠨᠢᠶᠡᠮᠰᠦᠭᠯᠡᠵᠦ᠂ ᠰᠢᠨᠡᠬᠡᠨ ᠬᠤᠪᠴᠠᠰᠤ ᠪᠠᠨ ᠲᠠᠢᠯᠤᠭᠰᠠᠨ ᠨᠢᠴᠦᠭᠦᠨ ᠬᠡᠦᠬᠡᠳ ᠲᠡᠢ ᠪᠡᠨ ᠨᠠᠭᠠᠳᠤᠨ᠎ᠠ᠃ 《ᠢᠨᠢᠶᠡᠭᠰᠡᠨ ᠡᠭᠦᠯᠡ 》ᠭᠡᠷ ᠲᠦ᠍ ᠬᠣᠨᠢᠨ ᠠᠷᠠᠰᠤᠨ ᠳᠡᠭᠡᠷ᠎ᠡ ᠨᠠᠭᠠᠰᠢ ᠴᠠᠭᠠᠰᠢ ᠪᠠᠨ ᠲᠣᠩᠭᠣᠷᠠᠨ ᠮᠥᠯᠬᠥᠵᠦ᠂ ᠱᠠᠭᠠᠢ ᠶ᠋ᠢᠨ ᠴᠢᠨᠡᠭᠡᠬᠡᠨ ᠭᠠᠷ ᠢ᠋ᠶ᠋ᠠᠷ ᠢ᠋ᠶ᠋ᠠᠨ ᠨᠡᠭᠡᠭᠡᠯᠲᠡᠲᠡᠢ ᠡᠭᠦᠳᠡ ᠪᠡᠷ ᠲᠤᠰᠤᠭᠰᠠᠨ ᠨᠠᠷᠠᠨ ᠭᠡᠷᠡᠯ ᠢ ᠪᠠᠷᠢᠵᠤ ᠨᠠᠭᠠᠳᠤᠨ᠎ᠠ᠃ ᠰᠠᠷᠵᠢ ᠥᠪᠡᠷ ᠢ᠋ᠶ᠋ᠡᠨ ᠰᠢᠨᠡᠬᠡᠨ ᠬᠢᠭᠰᠡᠨ ᠪᠣᠣᠪᠣ᠂ ᠬᠤᠷᠤᠳ᠂ ᠰᠢᠷ᠎ᠠ ᠲᠣᠰᠣ ᠪᠠᠨ ᠭᠠᠷᠭᠠᠵᠤ ᠲᠠᠯᠪᠢᠭᠠᠳ ᠪᠢᠳᠡᠨ ᠳ᠋ᠦ᠍ ᠴᠠᠢ ᠠᠶᠠᠭᠠᠯᠠᠯ᠎ᠠ᠃ 
       — ᠴᠢ ᠴᠦ᠍ ᠰᠠᠢᠬᠠᠨ ᠠᠮᠢᠳᠤᠷᠠᠵᠤ ᠪᠠᠢᠨ᠎ᠠ ᠳᠠ᠂ ᠷᠠᠰᠢ ᠠ᠋ ! ᠭᠡᠵᠦ ᠪᠢ ᠲᠣᠭᠣᠷᠢᠭᠤᠯᠤᠨ ᠲᠠᠯᠪᠢᠭᠰᠠᠨ ᠠᠪᠳᠠᠷ᠎ᠠ ᠬᠣᠷᠭᠣ ᠶ᠋ᠢ ᠵᠢᠭᠠᠨ ᠬᠡᠯᠡᠪᠡ᠃ 
       — ᠢᠳᠡᠬᠦ ᠳ᠋ᠡᠭᠡᠨ ᠪᠦᠷ ᠭᠦᠢᠴᠡᠨ᠎ᠡ᠃ ᠬᠡᠷᠪᠡ ᠲᠡᠢᠨ ᠡᠭᠦᠰᠬᠦ ᠦᠭᠡᠢ ᠶᠦᠮ ᠪᠣᠯ ᠮᠢᠨᠦ ᠮᠠᠯ ᠰᠦᠷᠦᠭ ᠴᠦ᠍ ᠥᠩᠰᠢᠭ ᠥᠰᠦᠨ᠎ᠡ ᠳᠡ ( ᠵᠢᠷᠤᠭ 77 ) ! 
       — ᠲᠡᠢᠨ ᠡᠭᠦᠰᠦᠨ᠎ᠡ ᠭᠡᠨ᠎ᠡ ? 
       — ᠴᠢ ᠮᠡᠳᠡᠬᠦ ᠦᠭᠡᠢ ᠶᠦᠮ ᠤᠤ ?  ᠶᠠᠫᠣᠨᠴᠤᠳ ᠲᠡᠢᠨ ᠬᠢᠬᠦ ᠭᠡᠵᠦ ᠪᠠᠢᠭ᠎ᠠ ᠶ᠋ᠢ᠃ 
       — ᠵᠥᠪᠬᠡᠨ ᠶᠠᠷᠢᠶ᠎ᠠ ᠯᠠ ᠲᠡᠳᠦᠢ ᠰᠢᠲᠠ !  
       — ᠲᠡᠳᠡ ᠶᠠᠭᠤᠨ ᠳ᠋ᠠᠭᠠᠨ ᠲᠡᠭᠡᠭᠡᠳ ᠵᠠᠯᠠᠭᠤᠴᠤᠳ ᠢ ᠮᠢᠨᠢ ᠴᠤᠭᠯᠠᠭᠤᠯᠵᠤ᠂ ᠫᠤᠤ ᠵᠡᠪᠰᠡᠭ ᠠᠳᠬᠤᠭᠤᠯᠳᠠᠭ ᠶᠤᠮ ᠪᠣᠢ ? ᠶᠠᠭᠤᠨ ᠳ᠋ᠤ᠌ ᠪᠢᠳᠡᠨ ᠢ ᠮᠣᠷᠢ ᠪᠠ᠊ᠨ ᠬᠤᠳᠠᠯᠳᠤᠬᠤ ᠶ᠋ᠢ ᠬᠣᠷᠢᠭᠯᠠᠳᠠᠭ ᠪᠣᠢ ? ᠡᠨᠡ ᠨᠢ ᠵᠥᠪᠬᠡᠨ ᠬᠣᠭᠣᠰᠣᠨ ᠶᠠᠷᠢᠶ᠎ᠠ ᠲᠡᠳᠦᠢ ᠭᠡᠵᠢ ᠤᠤ ? ᠭᠠᠷᠠᠭ ᠤ᠋ᠨ ᠡᠮᠦᠨ᠎ᠡ ᠬᠣᠶᠠᠷ ᠶᠠᠫᠣᠨ᠂ ᠵᠢᠷᠭᠤᠭᠠᠨ ᠮᠣᠩᠭᠣᠯ ᠴᠡᠷᠢᠭ ᠲᠡ᠊ᠢ ᠢᠷᠡᠭᠡᠳ ᠶᠠᠭᠤᠮ᠎ᠠ ᠪᠦᠬᠦᠨ ᠢ ᠲᠡᠮᠳᠡᠭᠯᠡᠵᠦ ᠠᠪᠤᠭᠰᠠᠨ᠃ ᠪᠢᠳᠡᠨ ᠦ᠌ ᠮᠣᠷᠢ ᠬᠣᠨᠢ ᠴᠢᠨᠠᠭᠰᠢᠯᠠᠪᠠᠯ ᠨᠣᠬᠠᠢ ᠶ᠋ᠢ ᠴᠦ᠍ ᠲᠡᠮᠳᠡᠭᠯᠡᠵᠦ ᠠᠪᠤᠭᠰᠠᠨ ᠪᠥᠭᠡᠳ ᠪᠢᠳᠡᠨ ᠢ ᠵᠤᠨ ᠲᠤᠷᠰᠢ ᠭᠠᠳᠠᠭᠰᠢ ᠶᠠᠭᠤᠮ᠎ᠠ ᠪᠠᠨ ᠬᠤᠳᠠᠯᠳᠤᠵᠤ ᠪᠣᠯᠬᠤ ᠥᠬᠡᠢ ᠭᠡᠮᠡᠨ ᠵᠠᠬᠢᠭᠰᠠᠨ᠃ ᠪᠢ ᠨᠢᠭᠡᠨ ᠡᠴᠡ ᠨᠢ ᠲᠡᠭᠡᠭᠡᠳ ᠪᠢᠳᠡ ᠶᠠᠭᠤ ᠪᠠᠷ ᠢ᠋ᠶ᠋ᠠᠨ ᠭᠤᠯᠢᠷ ᠬᠤᠳᠠᠯᠳᠤᠨ ᠠᠪᠬᠤ ᠪᠣᠢ ? ᠭᠡᠬᠦ ᠳ᠋ᠦ᠍ ᠲᠡᠷᠡ ᠲᠠ ᠨᠠᠷ ᠲᠤ᠌ ᠭᠤᠯᠢᠷ ᠬᠡᠷᠡᠭ ᠠᠯᠠᠭ᠎ᠠ᠂ ᠴᠠᠭᠠᠨ ᠢᠳᠡᠭᠡ ᠪᠡᠷ ᠢ᠋ᠶ᠋ᠡᠨ ᠠᠮᠢᠳᠤᠷᠠᠵᠤ ᠪᠣᠯᠤᠨ᠎ᠠ ᠰᠢᠲᠠ ᠭᠡᠵᠦ ᠬᠠᠷᠢᠭᠤᠯᠤᠯ᠎ᠠ ᠰᠢᠦ᠃ 
       ᠨᠣᠬᠠᠢ ᠬᠤᠴᠠᠪᠠ᠃ 
       ᠰᠠᠷᠵᠢ ᠶ᠋ᠢ ᠭᠡᠷ ᠦ᠋ᠨ ᠡᠭᠦᠳᠡ ᠪᠡᠷ ᠭᠠᠳᠠᠭᠰᠢ ᠬᠠᠷᠠᠬᠤ ᠵᠠᠭᠤᠷ᠎ᠠ ᠷᠠᠰᠢ ᠴᠢᠮᠡᠭᠡ ᠦᠭᠡᠢ ᠴᠢᠩᠨᠠᠨ ᠰᠠᠭᠤᠪᠠ᠃ 
       — ᠲᠡᠷᠭᠡᠯ ᠢᠷᠡᠯ᠎ᠡ ᠭᠡᠵᠦ ᠰᠠᠷᠵᠢ ᠬᠡᠯᠡᠬᠦ ᠳ᠋ᠦ᠍ ᠷᠠᠰᠢ ᠲᠡᠭᠦᠨ ᠢ ᠤᠭᠲᠤᠬᠤ ᠪᠠᠷ ᠭᠠᠳᠠᠭᠰᠢ ᠪᠠᠨ ᠭᠠᠷᠤᠯ᠎ᠠ᠃ ᠭᠡᠷ ᠲᠦ᠍ ᠪᠤᠴᠠᠨ ᠣᠷᠣᠵᠤ ᠢᠷᠡᠭᠰᠡᠨ ᠦ᠌ ᠳᠠᠷᠠᠭ᠎ᠠ ᠷᠠᠰᠢ ᠪᠠᠰᠠ ᠯᠠ ᠰᠠᠶᠢ ᠶ᠋ᠢᠨ ᠦᠭᠡ ᠶ᠋ᠢᠨ ᠰᠡᠳᠦᠪ ᠢ᠋ᠶ᠋ᠡᠨ ᠡᠯᠭᠦᠨ ᠠᠪᠤᠯ᠎ᠠ᠃  
       — ᠲᠡᠷᠭᠡᠯ ᠺᠠᠩᠪᠤᠤ ᠰᠢᠶᠠᠨ ᠳ᠋ᠤ᠌ ᠨᠤᠲᠤᠭ ᠲᠠᠢ᠂ ᠲᠡᠨᠳᠡ ᠡᠴᠡ ᠳᠥᠷᠪᠡᠨ ᠭᠠᠷᠴᠤ ᠢᠷᠡᠭᠡᠳ ᠡᠷᠦᠬᠡ ᠭᠡᠷ ᠨᠢ ᠵᠡᠭᠦᠨ ᠪᠠᠯ ᠳᠡᠭᠡᠷ᠎ᠡ ᠪᠣᠢ ᠭᠡᠵᠦ ᠢᠷᠡᠭᠰᠡᠨ ᠵᠣᠴᠢᠨ ᠢ᠋ᠶ᠋ᠠ᠊ᠨ ᠨᠠᠳᠠ ᠲᠠᠨᠢᠯᠴᠠᠭᠤᠯᠤᠯ᠎ᠠ᠃  
       — ᠶᠠᠷᠢᠭᠠᠴᠢ ᠳᠠ ! ᠥᠪᠡᠷ ᠦ᠋ᠨ ᠦᠵᠡᠭᠰᠡᠨ ᠢ᠋ᠶ᠋ᠡᠨ ᠭᠡᠵᠦ ᠷᠠᠰᠢ ᠶ᠋ᠢ ᠰᠢᠪᠠᠳᠠᠵᠤ ᠭᠠᠷᠬᠤ ᠳ᠋ᠤ᠌ ᠲᠡᠷᠭᠡᠯ᠄ 
       — ᠴᠢ ᠮᠡᠳᠡᠨ᠎ᠡ ᠰᠢᠦ ᠳᠡ!  ᠪᠢ ᠭᠤᠷᠪᠠᠨ ᠮᠣᠷᠢ ᠪᠠᠨ ᠬᠤᠳᠠᠯᠳᠤᠭᠰᠠᠨ ᠠ᠋ᠴᠠ ᠪᠣᠯᠵᠤ ᠶᠠᠫᠣᠨᠴᠤᠳ ᠨᠠᠮᠠᠶ᠋ᠢ ᠵᠠᠪᠰᠠᠷ ᠲᠤ᠌ ᠴᠡᠷᠢᠭ ᠦ᠋ᠨ ᠠᠯᠪᠠ ᠬᠠᠭᠠᠯᠭᠠᠬᠤ ᠭᠡᠯ᠎ᠡ᠃ ᠡᠨᠡ ᠵᠤᠨ ᠤ᠋ ᠭᠣᠣᠯ ᠳ᠋ᠤ᠌ ᠪᠢ ᠶᠠᠪᠤᠵᠤ ᠳᠡᠢᠯᠬᠦ ᠦᠭᠡᠢ ᠰᠢᠦ ᠳᠡ ! ᠬᠥᠭᠰᠢᠨ ᠠᠪᠤ ᠮᠢᠨᠢ ᠭᠠᠭᠴᠠᠭᠠᠷ ᠢ᠋ᠶ᠋ᠠᠨ ᠲᠡᠷᠡ ᠣᠯᠠᠨ ᠠᠳᠤᠭᠤ ᠮᠠᠯ ᠢ ᠬᠡᠷᠬᠢᠨ ᠳᠣᠳᠣᠮᠳᠠᠵᠤ ᠳᠡᠢᠯᠦᠨ᠎ᠡ ᠪᠣᠢ? ᠭᠡᠬᠦ ᠳ᠋ᠦ᠍ ᠳᠠᠷᠤᠭ᠎ᠠ ᠨᠣᠶᠠᠳ ᠨᠠᠮᠠᠶ᠋ᠢ ᠶᠠᠭ ᠵᠦᠭᠡᠷ ᠰᠠᠭᠤᠯᠭᠠᠳᠠᠭ ᠪᠢᠰᠢ᠃ ᠢᠩᠭᠡᠭᠡᠳ ᠪᠢ ᠺᠠᠩᠪᠤᠤ ᠰᠢᠶᠠᠨ ᠳ᠋ᠤ᠌ ᠬᠦᠷᠴᠦ ᠤᠴᠢᠷ ᠪᠠᠢᠳᠠᠯ ᠢ᠋ᠶ᠋ᠠᠨ ᠨᠣᠶᠠᠨ ᠳ᠋ᠠᠭᠠᠨ ᠠᠢᠯᠠᠳᠬᠠᠯ᠎ᠠ᠃ 
       — ᠲᠡᠭᠡᠭᠡᠳ ?  ᠭᠡᠵᠦ ᠷᠠᠰᠢ ᠴᠢᠬᠤᠯᠳᠠᠨ ᠠᠰᠠᠭᠤᠨ᠎ᠠ᠃ 
       — ᠵᠤᠨ ᠲᠤᠷᠰᠢ ᠪᠢ ᠭᠡᠷ ᠲᠡᠭᠡᠨ ᠴᠢᠯᠥᠭᠡᠲᠡᠢ ᠰᠠᠭᠤᠬᠤ ᠪᠣᠯᠤᠨ᠎ᠠ᠂ ᠭᠡᠬᠦ ᠳ᠋ᠦ᠍ ᠲᠡᠢᠨ ᠪᠣᠯᠬᠤ ᠳ᠋ᠤ᠌ ᠯᠠ ᠬᠦᠷᠪᠡᠯ ᠨᠠᠮᠤᠷ ᠠ᠋ᠴᠠ ᠪᠢ ᠵᠠᠪᠠᠯ ᠶᠠᠪᠤᠬᠤ ᠬᠡᠷᠡᠭᠲᠡᠢ᠃  
       — ᠡᠨᠡ ᠠᠶᠤᠯ ᠪᠢᠳᠡᠨ ᠳᠡᠭᠡᠷ᠎ᠡ ᠬᠦᠷᠴᠦ ᠢᠷᠡᠨ᠎ᠡ ᠭᠡᠳᠡᠭ ᠲᠦ᠍ ᠴᠢ ᠢᠲᠡᠭᠡᠨ᠎ᠡ ᠤᠤ ? ᠶᠠᠭᠤᠨ ᠳ᠋ᠤ᠌ ᠴᠡᠷᠢᠭ ᠬᠡᠷᠡᠭ ᠲᠡᠢ ᠪᠣᠢ ?  ᠶᠠᠫᠣᠨᠴᠤᠳ ᠪᠢᠳᠡᠨ ᠳ᠋ᠦ᠍ ᠫᠤᠤ ᠵᠡᠪᠰᠡᠭ ᠥᠭᠴᠦ ᠪᠠᠢᠭ᠎ᠠ ᠨᠢ ᠵᠥᠪᠬᠡᠨ ᠪᠢᠳᠡᠨ ᠢ ᠦᠨᠡᠭᠡ ᠴᠢᠨᠣ᠎ᠠ ᠠᠩᠨᠠᠬᠤ ᠳ᠋ᠤ᠌ ᠠᠮᠠᠷᠬᠠᠨ ᠪᠣᠯᠭᠠᠵᠤ ᠪᠠᠢᠨ᠎ᠠ ᠭᠡᠵᠦ ᠴᠢ ᠪᠣᠳᠣᠵᠤ ᠪᠠᠢᠨ᠎ᠠ ᠤᠤ ?  ᠭᠡᠵᠦ ᠷᠠᠰᠢ ᠨᠠᠳᠠ ᠡᠴᠡ ᠠᠰᠠᠭᠤᠯ᠎ᠠ᠃ 
       — ᠲᠡᠭᠡᠭᠡᠳ ᠲᠡᠳᠡ ᠬᠡᠨ ᠲᠡᠢ ᠳᠠᠢᠳᠤᠨ᠎ᠠ ᠭᠡᠵᠦ ᠪᠠᠢᠭ᠎ᠠ ᠶᠤᠮ ᠪᠣᠢ ?  ᠭᠡᠵᠦ ᠨᠠᠮᠠᠶ᠋ᠢ ᠪᠤᠴᠠᠭᠤᠯᠤᠨ ᠠᠰᠠᠭᠤᠬᠤ ᠳ᠋ᠤ᠌ ᠲᠡᠷᠡ᠄ 
       — ᠡᠭᠦᠨ ᠢ ᠪᠢᠳᠡᠨ ᠦ᠌ ᠡᠪᠦᠭᠡᠴᠦᠦᠯ ᠴᠦ᠍ ᠰᠠᠢᠨ ᠮᠡᠳᠡᠬᠦ ᠦᠭᠡᠢ ᠪᠠᠢᠨ᠎ᠠ᠃ ᠪᠠᠷᠤᠭ ᠱᠠᠨ ᠰᠢ ᠪᠣᠯᠤᠨ ᠬᠦᠢᠬᠣᠸᠠ ᠳ᠋ᠤ᠌ ᠪᠠᠢᠭ᠎ᠠ ᠬᠢᠲᠠᠳ ᠴᠡᠷᠢᠭ ᠠᠩᠭᠢ ᠲᠠᠢ ᠯᠠ ᠪᠠᠢᠬ᠎ᠠ᠃ ᠲᠡᠳᠡᠨ ᠦ᠌ ᠨᠣᠶᠠᠳ ᠨᠢ ᠣᠳᠣ ᠪᠣᠯᠲᠠᠯ᠎ᠠ ᠶᠠᠫᠣᠨ ᠳ᠋ᠤ᠌ ᠬᠤᠳᠠᠯᠳᠤᠭᠳᠠᠵᠤ ᠢᠷᠡᠭᠡ ᠦᠭᠡᠢ ᠭᠡᠰᠡᠨ ᠭᠡᠪᠡ᠃ ᠲᠡᠷᠭᠡᠯ ᠪᠠᠷᠠᠭᠤᠨ ᠬᠡᠰᠡᠭ ᠦ᠋ᠨ ᠮᠣᠩᠭᠣᠯᠴᠤᠳ ᠬᠡᠷᠬᠢᠨ ᠶᠠᠫᠣᠨ ᠤ᠋ ᠣᠹᠢᠼᠧᠷ ᠢ ᠡᠰᠡᠷᠭᠦᠴᠡᠳᠡᠭ ᠲᠤᠬᠠᠢ ᠶᠡᠬᠡ ᠤᠳᠠᠭᠠᠨ ᠮᠥᠷᠲᠡᠭᠡᠨ ᠨᠠᠷᠢᠨ ᠶᠠᠷᠢᠵᠤ ᠭᠠᠷᠪᠠ᠃ 
       ᠲᠡᠳᠡ ᠬᠣᠶᠠᠷ ᠡᠨᠡ ᠪᠠᠢᠳᠠᠯ ᠳ᠋ᠠᠭᠠᠨ ᠳᠤᠷ᠎ᠠ ᠠᠯᠳᠠᠷᠠᠵᠤ᠂ ᠨᠢᠭᠡ ᠨᠢ ᠬᠥᠮᠦᠨ ᠮᠠᠯ ᠲᠠᠢ ᠪᠠᠨ ᠨᠡᠭᠦᠨ ᠣᠳᠬᠤ ᠲᠤᠬᠠᠢ ᠴᠤ᠌ ᠶᠠᠷᠢᠵᠤ ᠭᠠᠷᠤᠯ᠎ᠠ᠃ 
       — ᠬᠠᠮᠢᠭᠠᠰᠢ ᠨᠡᠭᠦᠬᠦ ᠪᠣᠢ ?  ᠣᠷᠣᠢᠲᠠᠭᠰᠠᠨ ᠰᠢᠦ ᠳᠡ ! ᠲᠡᠳᠡᠨ ᠦ᠌ ᠮᠠᠰᠢᠨ ᠪᠢᠳᠡᠨ ᠢ ᠬᠠᠮᠢᠭ᠎ᠠ ᠣᠴᠢᠭᠰᠠᠨ ᠴᠤ᠌ ᠭᠦᠢᠴᠡᠨ᠎ᠡ ᠰᠢᠦ ᠳᠡ ᠭᠡᠵᠦ ᠲᠡᠷᠭᠡᠯ ᠶᠠᠷᠢᠯ᠎ᠠ᠃ 
       ᠲᠡᠷᠭᠡᠯ ᠢ ᠮᠣᠷᠳᠠᠭᠰᠠᠨ ᠤ᠋ ᠳᠠᠷᠠᠭ᠎ᠠ ᠬᠣᠩᠭᠣᠷ ᠶᠠᠭᠠᠷᠠᠤᠬᠠᠨ ᠬᠦᠷᠴᠦ ᠢᠷᠡᠯ᠎ᠡ᠃ ᠲᠡᠷᠡ ᠪᠢᠳᠡᠨ ᠦ᠌ ᠮᠣᠷᠢᠳ ᠢ ᠪᠠᠭᠠᠨ᠎ᠠ ᠳᠡᠭᠡᠷ᠎ᠡ ᠪᠠᠢᠬᠤ ᠶ᠋ᠢ ᠬᠠᠷᠠᠭᠠᠳ ᠬᠣᠨᠢ ᠪᠠᠨ ᠠᠯᠲᠠᠨᠴᠡᠴᠡᠭ ᠲᠦ᠍ ᠣᠷᠬᠢᠭᠠᠳ ᠢᠷᠡᠭᠰᠡᠨ ᠠᠵᠢ᠃ ᠡᠨᠡ ᠥᠬᠢᠨ ᠴᠦ᠍ ᠲᠠᠨᠢᠭᠳᠠᠮᠠᠷ ᠦᠭᠡᠢ ᠲᠣᠮᠣ ᠪᠣᠯᠵᠤ ᠬᠤᠪᠢᠷᠠᠵᠠᠢ᠃ ᠭᠦᠷᠦᠮᠡᠯ ᠬᠣᠶᠠᠷ ᠭᠡᠵᠢᠭᠡ ᠨᠢ ᠲᠠᠰᠢᠶᠠᠨ ᠳ᠋ᠤᠨᠢ ᠲᠤᠯᠵᠤ᠂ ᠥᠨᠳᠥᠷ ᠨᠠᠷᠢᠬᠠᠨ ᠭᠣᠶᠣ ᠥᠬᠢᠨ ᠪᠣᠯᠤᠭᠰᠠᠨ ᠲᠡᠭᠦᠨ ᠳ᠋ᠦ᠍ ᠭᠠᠭᠴᠠ ᠬᠦ᠌ ᠳᠡᠭᠵᠢᠨ ᠬᠣᠶᠠᠷ ᠨᠢᠳᠦ ᠨᠢ ᠯᠡ ᠤᠭ ᠬᠡᠪ ᠢ᠋ᠶ᠋ᠡᠷ ᠢ᠋ᠶ᠋ᠡᠨ ᠦᠯᠡᠳᠡᠵᠡᠢ᠃ ᠬᠣᠩᠭᠣᠷ ᠨᠠᠳᠠ ᠵᠦᠭ ᠬᠠᠨᠳᠤᠭᠠᠳ ᠶᠠᠭ ᠯᠠ ᠬᠦᠨᠳᠦᠲᠦ ᠵᠣᠴᠢᠨ ᠳ᠋ᠠᠭᠠᠨ ᠬᠠᠨᠳᠤᠵᠤ ᠪᠠᠢᠭ᠎ᠠ ᠰᠢᠭ᠋ ᠲᠥᠪᠯᠡᠭᠦᠨ ᠢ᠋ᠶ᠋ᠡᠷ ᠮᠡᠬᠦᠢᠨ ᠶᠣᠰᠣᠯᠠᠪᠠ᠃ ᠪᠢ ᠠᠪᠴᠢᠷᠠᠭᠰᠠᠨ ᠬᠠᠢᠷᠴᠠᠭ ᠲᠠᠢ ᠴᠣᠺᠣᠯᠠᠳ᠋ ᠢ᠋ᠶ᠋ᠠᠨ ᠥᠭᠬᠦ ᠳ᠋ᠦ᠍ ᠬᠣᠩᠭᠣᠷ ᠬᠢᠴᠢᠶᠡᠮᠵᠢᠲᠡᠢᠬᠡᠨ ᠨᠡᠭᠡᠭᠡᠵᠦ᠂ ᠭᠣᠶᠣ ᠬᠠᠢᠷᠴᠠᠭ ᠢ ᠨᠢ ᠦᠵᠡᠭᠡᠳ ᠬᠠᠵᠠᠭᠤ ᠲᠠᠢᠰᠢ ᠪᠠᠨ ᠲᠠᠯᠪᠢᠯ᠎ᠠ᠃ 
       — ᠵᠠ ᠶᠠᠪᠤ ! ᠬᠠᠮᠵᠢᠵᠤ ᠬᠣᠨᠢ ᠰᠠᠭᠠᠭᠠᠴᠢ ᠭᠡᠵᠦ ᠷᠠᠰᠢ ᠵᠠᠷᠯᠢᠭᠳᠠᠪᠠ᠃ ᠨᠡᠯᠢᠶᠡᠳ ᠤᠳᠠᠭᠰᠠᠨ ᠤ᠋ ᠳᠠᠷᠠᠭ᠎ᠠ ᠪᠢ᠄ 
       — ᠬᠣᠩᠭᠣᠷ ᠲᠤ᠌ ᠣᠨᠳᠣᠣ ᠶᠠᠭᠤᠮ᠎ᠠ ᠠᠪᠴᠢᠷᠠᠭᠰᠠᠨ ᠪᠣᠯ ᠲᠠᠭᠠᠷᠠᠬᠤ ᠪᠠᠢᠵᠢ ᠳᠠ ! ᠭᠡᠯ᠎ᠡ᠃ 
       — ᠣᠨᠳᠣᠣ ᠶᠠᠭᠤᠮ᠎ᠠ ?  ᠶᠠᠭᠠᠬᠢᠭᠠᠳ ᠣᠨᠳᠣᠣ ᠶᠠᠭᠤᠮ᠎ᠠ ᠭᠡᠵᠦ ?  ᠭᠡᠮᠡᠨ ᠷᠠᠰᠢ ᠭᠠᠢᠬᠠᠨ ᠠᠰᠠᠭᠤᠬᠤ ᠳ᠋ᠤ᠌ ᠪᠢ᠄  
       — ᠴᠣᠺᠣᠯᠠᠳ᠋ ᠢ ᠲᠡᠷᠡ ᠮᠡᠳᠡᠬᠦ ᠪᠢᠰᠢ᠃ ᠬᠠᠷᠠᠭᠠᠴᠢ ᠳᠠ !  ᠬᠠᠢᠷᠴᠠᠭ ᠲᠠᠢ ᠨᠢ ᠠᠪᠤᠭᠠᠳ ᠬᠠᠮᠢᠶ᠎ᠠ ᠦᠭᠡᠢ ᠬᠠᠵᠠᠭᠤ ᠳ᠋ᠠᠭᠠᠨ ᠲᠠᠯᠪᠢᠴᠢᠬᠠᠯ᠎ᠠ ᠪᠢᠰᠢ ᠤᠤ ! ᠭᠡᠪᠡᠯ ᠷᠠᠰᠢ ᠬᠠᠳᠠᠭᠠᠨᠠᠲᠠᠯ᠎ᠠ ᠪᠠᠨ ᠢᠨᠢᠶᠡᠵᠦ᠂ ᠬᠣᠩᠭᠣᠷ ᠢ ᠳᠠᠭᠤᠳᠠᠨ ᠠᠪᠴᠢᠷᠠᠭᠠᠳ᠄ 
       — ᠢᠷᠡᠭᠰᠡᠨ ᠵᠣᠴᠢᠨ ᠳ᠋ᠠᠭᠠᠨ ᠬᠢᠲᠠᠳ ᠰᠢᠭ᠋ ᠲᠠᠯᠠᠷᠬᠠᠭᠠᠴᠢ ! ᠡᠨᠡ ᠬᠥᠮᠦᠨ ᠴᠢᠨᠢ ᠮᠣᠩᠭᠣᠯ ᠤ᠋ᠨ ᠶᠣᠰᠣ ᠶ᠋ᠢ ᠮᠡᠳᠡᠬᠦ ᠪᠢᠰᠢ ᠭᠡᠪᠡ᠃ 
       ᠬᠣᠩᠭᠣᠷ ᠮᠢᠨᠦ ᠡᠮᠦᠨ᠎ᠡ ᠪᠥᠬᠥᠢᠨ ᠬᠣᠶᠠᠷ ᠭᠠᠷ ᠢ᠋ᠶ᠋ᠠᠨ ᠨᠢᠭᠤᠷ ᠤ᠋ᠨ ᠢ᠋ᠶ᠋ᠠᠨ ᠡᠮᠦᠨ᠎ᠡ ᠪᠠᠷᠢᠵᠤ᠂ ᠶᠡᠬᠡ ᠯᠡ ᠬᠥᠰᠢᠭᠦᠨ ᠢ᠋ᠶ᠋ᠡᠷ ᠶᠣᠰᠣ ᠭᠦᠢᠴᠡᠳᠬᠡᠯ᠎ᠡ᠃ 
       — ᠮᠢᠨᠦ ᠰᠠᠨᠠᠭ᠎ᠠ ᠡᠢᠮᠦ ᠪᠢᠰᠢ ᠭᠡᠵᠦ ᠨᠠᠮᠠᠶ᠋ᠢ ᠳᠥᠩᠭᠡᠵᠦ ᠬᠡᠯᠡᠬᠦ ᠳ᠋ᠦ᠍ ᠬᠣᠩᠭᠣᠷ ᠳᠠᠬᠢᠨ ᠢᠨᠢᠶᠡᠮᠰᠦᠭᠯᠡᠵᠦ᠂ ᠨᠢᠭᠡ ᠬᠡᠰᠡᠭ ᠴᠣᠺᠣᠯᠠᠳ᠋ ᠬᠡᠯᠲᠡᠯᠦᠨ ᠠᠮᠠᠨ ᠳ᠋ᠠᠭᠠᠨ ᠬᠢᠭᠡᠳ ᠠᠷᠢᠯᠪᠠ᠃ 
       — ᠮᠣᠩᠭᠣᠯᠴᠤᠳ ᠬᠥᠮᠦᠨ ᠡᠴᠡ ᠪᠡᠯᠡᠭ ᠲᠤᠰᠤᠭᠰᠠᠨ ᠤ᠋ ᠳᠠᠷᠠᠭ᠎ᠠ ᠪᠠᠶᠠᠷᠯᠠᠭᠰᠠᠨ ᠢ᠋ᠶ᠋ᠠᠨ ᠶᠡᠷᠦ ᠡᠴᠡ ᠢᠯᠡᠳᠬᠡᠳᠡᠭ ᠦᠭᠡᠢ᠃ ᠢᠩᠭᠢᠬᠦ ᠳ᠋ᠦ᠍ ᠬᠦᠷᠪᠡᠯ ᠶᠣᠰᠣᠷᠬᠠᠭ ᠪᠤᠰᠤ ᠪᠥᠭᠡᠳ ᠨᠡᠩ ᠠᠷᠪᠢᠨ ᠪᠡᠯᠡᠭ ᠠᠪᠬᠤ ᠭᠡᠰᠡᠨ ᠤᠳᠬ᠎ᠠ ᠲᠠᠢ ᠪᠣᠯᠳᠠᠭ᠃ ᠴᠢ ᠪᠣᠯᠬᠤ ᠶ᠋ᠢᠨ ᠳᠣᠲᠣᠷ᠎ᠠ ᠮᠣᠩᠭᠣᠯ ᠵᠠᠩ ᠠᠭᠠᠯᠢ ᠳ᠋ᠤ᠌ ᠬᠤᠷᠳᠤᠨ ᠳᠠᠰᠤᠭᠠᠷᠠᠢ ᠭᠡᠵᠦ ᠷᠠᠰᠢ ᠲᠠᠢᠯᠪᠤᠷᠢᠯᠠᠨ ᠬᠡᠯᠡᠯ᠎ᠡ᠃ 
       ᠭᠠᠳᠠᠨ᠎ᠠ ᠬᠣᠨᠢᠳ ᠮᠠᠢᠯᠠᠯᠳᠤᠬᠤ ᠳ᠋ᠤ᠌ ᠪᠢ ᠭᠠᠷᠴᠤ ᠦᠵᠡᠶ᠎ᠡ ᠭᠡᠵᠦ ᠷᠠᠰᠢ ᠳ᠋ᠤ᠌ ᠬᠡᠯᠡᠪᠡ᠃ ᠷᠠᠰᠢ ᠨᠠᠮᠠᠶ᠋ᠢ ᠳᠠᠭᠠᠭᠤᠯᠵᠤ ᠬᠠᠵᠠᠭᠤ ᠳ᠋ᠠᠬᠢ ᠬᠥᠮᠦᠨ ᠰᠠᠭᠤᠭ᠎ᠠ ᠦᠭᠡᠢ ᠭᠡᠷ ᠲᠦ᠍ ᠬᠦᠷᠦᠭᠡᠳ᠄ 
       — ᠠᠳᠠ ᠴᠢ ᠤᠨᠲᠠᠨ᠎ᠠ᠃ ᠡᠨᠡ ᠭᠡᠷ ᠲᠦ᠍ ᠴᠢ ᠠᠳᠠ ᠠ᠋ᠴᠠ ᠶᠠᠪᠤᠨ ᠶᠠᠪᠤᠲᠠᠯ᠎ᠠ ᠭᠠᠭᠴᠠᠭᠠᠷ ᠰᠠᠭᠤᠬᠤ ᠪᠣᠯᠤᠨ᠎ᠠ ᠭᠡᠯ᠎ᠡ᠃ ᠡᠨᠡ ᠭᠡᠷ ᠢ ᠲᠡᠳᠡ ᠰᠠᠢᠬᠠᠨ ᠵᠠᠰᠠᠨ ᠲᠣᠬᠢᠷᠠᠭᠤᠯᠵᠠᠢ᠃ ᠬᠠᠮᠤᠭ ᠤ᠋ᠨ ᠰᠠᠢᠨ ᠬᠡᠪᠢᠰ ᠢ᠋ᠶ᠋ᠡᠨ ᠳᠡᠪᠢᠰᠴᠦ᠂ ᠴᠢᠨᠠᠭᠰᠢᠯᠠᠪᠠᠯ ᠨᠠᠳᠠ ᠳ᠋ᠤ᠌ ᠤᠬᠢᠶᠠᠯᠭ᠎ᠠ ᠶ᠋ᠢᠨ ᠭᠠᠳᠤᠷ᠎ᠠ ᠪᠡᠯᠡᠳᠦᠭᠰᠡᠨ ᠪᠠᠢᠵᠠᠢ᠃ 
       — ᠲᠠᠨᠤᠰ ᠡᠳᠡᠭᠡᠷ ᠶᠠᠭᠤᠮ᠎ᠠ ᠶ᠋ᠢ ᠬᠡᠷᠡᠭᠯᠡᠬᠦ ᠲᠠᠯ᠎ᠠ ᠪᠠᠷ ᠮᠠᠨ ᠠ᠋ᠴᠠ ᠢᠯᠡᠭᠦᠦ᠂ ᠲᠠᠨᠤᠰ ᠤ᠋ᠨ ᠬᠡᠵᠢᠶᠡᠳᠡ ᠴᠡᠪᠡᠷᠬᠡᠨ ᠪᠠᠢᠬᠤ ᠶ᠋ᠢ ᠬᠦᠰᠡᠳᠡᠭ ᠢ ᠪᠢ ᠮᠡᠳᠡᠨ᠎ᠡ ᠰᠢᠦ ᠭᠡᠵᠦ ᠷᠠᠰᠢ ᠬᠡᠯᠡᠪᠡ᠃ 
       — ᠴᠢ ᠴᠦ᠍ ᠪᠢᠳᠡᠨ ᠦ᠌ ᠵᠠᠩ ᠵᠠᠩᠰᠢᠯ ᠢ᠋ ᠶᠡᠬᠡ ᠲᠦᠷᠭᠡᠨ ᠰᠤᠷᠤᠭᠰᠠᠨ ᠪᠠᠢᠨ᠎ᠠ ᠳᠠ ᠭᠡᠵᠦ ᠨᠠᠮᠠᠶ᠋ᠢ ᠲᠣᠭᠯᠠᠨ ᠬᠡᠯᠡᠬᠦ ᠳ᠋ᠦ᠍: 
       — ᠬᠡᠷᠪᠡ ᠪᠢ ᠰᠢᠭ ᠢᠩᠭᠢᠵᠦ ᠣᠯᠠᠨ ᠭᠠᠳᠠᠭᠠᠳᠤ ᠶ᠋ᠢᠨ ᠬᠥᠮᠦᠨ ᠲᠡᠢ ᠬᠠᠷᠢᠯᠴᠠᠳᠠᠭ ᠪᠣᠯ ᠬᠡᠨ ᠴᠦ᠍ ᠲᠡᠳᠡᠨ ᠦ᠌ ᠵᠠᠩ ᠳᠠᠳᠬᠠᠯ ᠢ᠋ ᠠᠩᠬᠠᠷᠤᠯ ᠦᠭᠡᠢ ᠶᠠᠭᠠᠬᠢᠬᠤ ᠪᠣᠢ ! ᠭᠡᠪᠡ᠃ 
       ᠭᠤᠷᠪᠠᠨ ᠡᠮᠡᠭᠲᠡᠢ - ᠰᠠᠷᠵᠢ᠂ ᠠᠯᠲᠠᠨᠴᠡᠴᠡᠭ ᠪᠠ ᠬᠣᠩᠭᠣᠷ ᠣᠴᠣᠢᠨ ᠰᠠᠭᠤᠭᠠᠳ ᠬᠣᠨᠢ ᠰᠠᠭᠠᠵᠤ ᠪᠠᠢᠨ᠎ᠠ᠃ ᠠᠯᠲᠠᠨᠴᠡᠴᠡᠭ ᠪᠣᠯ ᠵᠢᠰᠦᠷᠬᠡᠭ ᠬᠡᠦᠬᠡᠨ ᠪᠢᠯᠡ᠃ ᠲᠡᠷᠡ ᠬᠣᠨᠢᠨ ᠤ᠋ ᠴᠠᠭᠠᠭᠤᠷ ᠨᠢᠭᠤᠷ ᠢ᠋ᠶ᠋ᠠᠨ ᠪᠤᠷᠤᠭᠤᠯᠠᠵᠤ᠂ ᠬᠠᠶᠠ ᠨᠠᠳᠠ ᠤᠷᠤᠭᠤ ᠢᠴᠢᠭᠰᠡᠨ ᠮᠠᠶᠢᠭᠲᠠᠢ ᠬᠠᠷᠠᠵᠤ ᠠᠪᠤᠨ᠎ᠠ᠃ ᠬᠣᠩᠭᠣᠷ ᠲᠡᠭᠦᠨ ᠦ᠌ ᠬᠠᠵᠠᠭᠤ ᠳ᠋ᠤ᠌ ᠬᠣᠨᠢ ᠰᠠᠭᠠᠬᠤ ᠪᠥᠭᠡᠳ ᠬᠣᠶᠠᠭᠤᠯᠠ ᠪᠠᠨ ᠳᠣᠣᠷ᠎ᠠ ᠳᠠᠭᠤᠨ ᠢ᠋ᠶ᠋ᠠᠷ ᠶᠠᠭᠤ ᠨᠢᠭᠡ ᠶ᠋ᠢ ᠶᠠᠷᠢᠯᠴᠠᠨ᠂ ᠰᠡᠮᠬᠡᠨ ᠢᠨᠢᠶᠡᠯᠳᠦᠨ᠎ᠡ᠃  
       — ᠪᠢ ᠨᠢᠭᠡ ᠴᠦ᠍ ᠤᠳᠠᠭ᠎ᠠ ᠬᠣᠨᠢᠨ ᠤ᠋ ᠰᠦ ᠤᠤᠭᠤᠵᠤ ᠥᠩᠭᠡᠷᠡᠭᠡ ᠦᠭᠡᠢ ᠰᠢᠦ᠂ ᠴᠢ ᠨᠠᠳᠠ ᠳ᠋ᠤ᠌ ᠪᠠᠬᠠᠨ ᠤᠤᠭᠤᠯᠭᠠᠵᠤ ᠪᠣᠯᠬᠤ ᠤᠤ?  ᠭᠡᠵᠦ ᠨᠠᠮᠠᠶ᠋ᠢ ᠠᠯᠲᠠᠨᠴᠡᠴᠡᠭ ᠡᠴᠡ ᠠᠰᠠᠭᠤᠬᠤ ᠳ᠋ᠤ᠌ ᠲᠡᠷᠡ ᠪᠣᠰᠴᠤ ᠮᠣᠳᠣᠨ ᠰᠠᠭᠤᠯᠠᠭ᠎ᠠ ᠪᠠᠨ ᠨᠠᠳᠠ ᠤᠷᠤᠭᠤ ᠣᠢᠷᠠᠲᠤᠭᠤᠯᠪᠠ᠃ ᠨᠠᠮᠠᠶ᠋ᠢ ᠰᠠᠭᠤᠯᠠᠭᠠᠨ ᠠ᠋ᠴᠠ ᠰᠢᠭᠤᠳ ᠠᠮᠠᠨ ᠳ᠋ᠠᠭᠠᠨ ᠣᠢᠷᠠᠲᠤᠭᠤᠯᠬᠤ ᠭᠡᠬᠦ ᠳ᠋ᠦ᠍ ᠬᠣᠩᠭᠣᠷ ᠡᠯᠡᠭᠯᠡᠨ ᠢᠨᠢᠶᠡᠵᠦ :  
       — ᠴᠢ ᠵᠠᠪᠠᠯ ᠬᠣᠶᠠᠷ ᠠᠯᠠᠭ᠎ᠠ ᠪᠠᠨ ᠪᠢᠲᠡᠭᠦᠯᠡᠵᠦ᠂ ᠠᠶᠠᠭ᠎ᠠ ᠰᠢᠭ᠋ ᠪᠣᠯᠭᠠᠬᠤ ᠬᠡᠷᠡᠭᠲᠡᠢ ᠭᠡᠵᠦ ᠵᠢᠭᠠᠪᠠ᠃   
       ᠠᠯᠲᠠᠨᠴᠡᠴᠡᠭ ᠬᠠᠵᠠᠭᠤ ᠳ᠋ᠤ᠌ ᠮᠢᠨᠢ ᠵᠣᠭᠰᠣᠵᠤ᠂ ᠠᠯᠠᠭᠠᠨ ᠳ᠋ᠤ᠌ ᠬᠠᠯᠠᠭᠤᠨ ᠰᠦ ᠶ᠋ᠢ ᠠᠯᠭᠤᠷᠬᠠᠨ ᠬᠢᠪᠡ᠃ ᠡᠨᠡ ᠬᠡᠦᠬᠡᠨ ᠬᠦᠳᠡᠷᠯᠢᠭ ᠪᠡᠶ᠎ᠡ ᠲᠡᠢ᠂ ᠬᠡᠦᠬᠡᠨ ᠴᠠᠭ ᠲᠠᠭᠠᠨ ᠪᠦᠰᠡᠯᠡᠳᠡᠭ ᠪᠦᠰᠡ ᠪᠡᠨ ᠴᠢᠪᠬᠢᠲᠡᠯ᠎ᠡ ᠪᠦᠰᠡᠯᠡᠭᠰᠡᠨ ᠢ᠋ᠶ᠋ᠡᠷ ᠬᠣᠶᠠᠷ ᠬᠥᠬᠥ ᠨᠢ ᠬᠤᠪᠴᠠᠰᠤᠨ ᠤ᠋ ᠴᠠᠭᠠᠨ᠎ᠠ ᠠ᠋ᠴᠠ ᠲᠦᠩᠬᠦᠢᠵᠦ ᠬᠠᠷᠠᠭᠳᠠᠨ᠎ᠠ᠃  
       — ᠴᠢ ᠤᠳᠠᠯ ᠦᠭᠡᠢ ᠬᠤᠷᠢᠮᠯᠠᠨ᠎ᠠ ᠭᠡᠵᠦ ᠪᠠᠢᠭᠰᠠᠨ᠃ ᠪᠢ ᠣᠳᠣ ᠴᠢᠨᠦ ᠭᠡᠷ ᠲᠦ᠍ ᠰᠠᠭᠤᠬᠤ ᠪᠣᠯᠤᠭᠰᠠᠨ ᠲᠤᠯᠠ ᠴᠢ ᠬᠦᠯᠢᠶᠡᠬᠦ ᠬᠡᠷᠡᠭᠲᠡᠢ ᠪᠣᠯᠵᠠᠢ᠂ ᠴᠢᠮ᠎ᠠ ᠳ᠋ᠤ᠌ ᠶᠡᠬᠡ ᠬᠡᠴᠡᠭᠦᠦ ᠰᠠᠨᠠᠭᠳᠠᠵᠤ ᠪᠠᠢᠨ᠎ᠠ ᠤᠤ ? ᠭᠡᠬᠦ ᠪᠡᠷ ᠲᠡᠷᠡ ᠶᠠᠭᠤ ᠴᠤ᠌ ᠳᠤᠤᠭᠠᠷᠤᠭᠰᠠᠨ ᠦᠭᠡᠢ ᠵᠥᠪᠬᠡᠨ ᠢᠴᠢᠭᠰᠡᠨ ᠮᠠᠶᠢᠭᠲᠠᠢ ᠲᠣᠯᠣᠭᠠᠢ ᠪᠠᠨ ᠰᠠᠵᠢᠪᠠ᠃  
       — ᠬᠡᠨ ᠮᠡᠳᠡᠬᠦ ᠪᠣᠢ ! ᠪᠠᠨᠳᠢᠩ ᠢ᠋ ᠪᠠᠰᠠ ᠴᠡᠷᠢᠭ ᠲᠦ᠍ ᠶᠠᠪᠤᠭᠤᠯᠬᠤ ᠮᠠᠭᠠᠳ ᠦᠭᠡᠢ᠂ ᠴᠢ ᠡᠨᠡ ᠲᠤᠬᠠᠢ ᠰᠣᠨᠣᠰᠤᠭ᠎ᠠ ᠦᠭᠡᠢ ᠤᠤ? ᠭᠡᠵᠦ ᠷᠠᠰᠢ ᠶᠠᠷᠢᠬᠤ ᠳ᠋ᠤ᠌ ᠬᠣᠩᠭᠣᠷ ᠢᠴᠢᠭᠰᠡᠨ ᠠᠯᠲᠠᠨᠴᠡᠴᠡᠭ ᠢ᠋ ᠣᠷᠣᠯᠠᠨ᠄ 
       — ᠭᠡᠪᠡᠴᠦ ᠲᠡᠷᠡ ᠶᠠᠪᠤᠬᠤ ᠰᠠᠨᠠᠭ᠎ᠠ ᠦᠭᠡᠢ᠃ ᠶᠠᠫᠣᠨᠴᠤᠳ ᠤ᠋ᠨ ᠲᠥᠯᠥᠭᠡ ᠲᠡᠢᠨ ᠬᠢᠬᠦ ᠪᠡᠷ ᠢ᠋ᠶ᠋ᠡᠨ ᠡᠯᠡᠰᠦᠨ ᠳ᠋ᠦ᠍ ᠣᠷᠣᠭᠰᠠᠨ ᠨᠢ ᠳᠡᠭᠡᠷ᠎ᠡ ᠭᠡᠵᠦ ᠶᠠᠷᠢᠵᠤ ᠪᠠᠢᠭᠰᠠᠨ ᠭᠡᠯ᠎ᠡ᠃  
       — ᠲᠡᠭᠡᠪᠡᠯ ᠴᠢ ᠶᠠᠭᠠᠬᠢᠬᠤ ᠪᠣᠢ ? ᠭᠡᠵᠦ ᠨᠠᠮᠠᠶ᠋ᠢ ᠠᠯᠲᠠᠨᠴᠡᠴᠡᠭ ᠡᠴᠡ ᠠᠰᠠᠭᠤᠬᠤ ᠳ᠋ᠤ᠌ ᠲᠡᠷᠡ ᠳᠣᠣᠷ᠎ᠠ ᠳᠠᠭᠤᠨ ᠢ᠋ᠶ᠋ᠠᠷ᠄  
       — ᠪᠢ ᠴᠣᠭ ᠶᠠᠪᠤᠬᠤ ᠯᠠ ᠪᠣᠯᠤᠨ᠎ᠠ ᠭᠡᠨ᠎ᠡ᠃  
       — ᠲᠡᠢᠮᠦ ᠳᠡ ! ᠶᠡᠬᠡ ᠠᠮᠠᠷᠬᠠᠨ ᠯᠠ ᠪᠣᠳᠣᠬᠤ ᠶᠤᠮ᠃ ᠡᠯᠡᠰᠦᠨ ᠳ᠋ᠦ᠍ ᠣᠷᠣᠭᠰᠠᠨ ᠤ᠋ ᠳᠠᠷᠠᠭ᠎ᠠ ᠲᠠ ᠨᠠᠷ ᠶᠠᠭᠠᠬᠢᠬᠤ ᠪᠣᠢ ? ᠭᠡᠵᠦ ᠷᠠᠰᠢ ᠳᠤᠮᠳᠠ ᠠ᠋ᠴᠠ ᠨᠢ ᠲᠠᠰᠤᠯᠪᠠ᠃  
       — ᠶᠠᠭᠠᠬᠢᠬᠤ ᠪᠠᠨ ᠪᠠᠨᠳᠢᠩ ᠨᠢᠭᠡᠨᠲᠡ ᠪᠦᠷ ᠮᠡᠳᠡᠭᠰᠡᠨ ᠭᠡᠵᠦ ᠠᠯᠲᠠᠨᠴᠡᠴᠡᠭ ᠢᠲᠡᠭᠡᠯᠲᠡᠢ ᠶᠠᠷᠢᠭᠠᠳ ᠬᠣᠨᠢᠨ ᠤ᠋ ᠠᠷᠤ ᠳ᠋ᠤ᠌ ᠰᠠᠭᠤᠵᠤ ᠦᠷᠭᠦᠯᠵᠢᠯᠡᠨ ᠰᠠᠭᠠᠯ᠎ᠠ᠃ 
       — ᠴᠢ ᠨᠢᠭᠡ ᠬᠣᠨᠢ ᠭᠠᠷᠭᠠᠭᠠᠳ ᠣᠷᠣᠢ ᠶ᠋ᠢᠨ ᠬᠣᠭᠣᠯᠠ ᠪᠠᠨ ᠪᠡᠯᠡᠳᠬᠡᠭᠡᠷᠡᠢ ᠭᠡᠵᠦ ᠭᠡᠷ ᠦ᠋ᠨ ᠡᠵᠡᠨ ᠵᠠᠷᠯᠢᠭ ᠪᠣᠯᠪᠠ᠃ 
       — ᠨᠠᠳᠠ ᠠ᠋ᠴᠠ ᠪᠣᠯᠵᠤ ᠪᠦᠦ ᠯᠡ ᠢᠩᠭᠢᠭᠡᠷᠡᠢ ! ᠰᠠᠢᠨ ᠮᠣᠩᠭᠣᠯ ᠵᠤᠨ ᠳ᠋ᠠᠭᠠᠨ ᠮᠠᠯ ᠭᠠᠷᠭᠠᠳᠠᠭ ᠦᠭᠡᠢ ᠰᠢᠦ ᠭᠡᠵᠦ ᠪᠢ ᠬᠡᠯᠡᠬᠦ ᠳ᠋ᠦ᠍ ᠷᠠᠰᠢ ᠡᠯᠭᠦᠨ ᠠᠪᠴᠤ᠄ 
       — ᠴᠢᠨᠦ ᠪᠤᠴᠠᠵᠤ ᠢᠷᠡᠭᠰᠡᠨ ᠳ᠋ᠦ᠍ ᠨᠠᠢᠷᠯᠠᠨ᠎ᠠ᠂ ᠬᠦᠷᠰᠢ ᠵᠡᠷᠭᠡᠯᠡᠳᠡᠭᠡ ᠴᠦ᠍ ᠪᠦᠷ ᠢᠷᠡᠨ᠎ᠡ᠃ ᠢᠩᠭᠢᠪᠡᠯ ᠮᠢᠬ᠎ᠠ ᠦᠯᠡᠳᠡᠵᠦ ᠮᠠᠭᠤᠳᠠᠬᠤ ᠤᠴᠢᠷ ᠴᠤ᠌ ᠦᠭᠡᠢ ᠪᠣᠯᠤᠨ᠎ᠠ ᠭᠡᠪᠡ᠃  
       ᠷᠠᠰᠢ ᠶᠡᠬᠡᠮᠰᠦᠭ ᠮᠥᠷᠲᠡᠭᠡᠨ ᠠᠯᠭᠤᠷᠬᠠᠨ ᠠᠯᠬᠤᠭᠰᠠᠭᠠᠷ ᠭᠡᠷ ᠦ᠋ᠨ ᠡᠭᠦᠳᠡᠨ ᠳ᠋ᠦ᠍ ᠬᠦᠷᠦᠭᠡᠳ ᠲᠠᠯ᠎ᠠ ᠳ᠋ᠤ᠌ ᠪᠡᠯᠴᠢᠭᠰᠡᠨ ᠠᠳᠤᠭᠤᠨ ᠰᠦᠷᠦᠭ ᠢ᠋ ᠬᠠᠷᠠᠰᠬᠢᠵᠦ ᠠᠪᠤᠭᠰᠠᠨ ᠢ᠋ᠶ᠋ᠠᠨ ᠭᠡᠷ ᠲᠡᠭᠡᠨ ᠣᠷᠣᠵᠤ᠂ ᠲᠡᠭᠦᠨ ᠦ᠌ ᠢᠷᠡᠭᠡᠳᠦᠢ ᠪᠣᠯᠤᠨ ᠲᠡᠢᠨ ᠦ᠌ ᠲᠤᠬᠠᠢ ᠪᠣᠳᠣᠯᠭᠠᠰᠢᠷᠠᠯ ᠳ᠋ᠠᠭᠠᠨ ᠣᠷᠣᠪᠠ᠃  
       ᠲᠠᠯ᠎ᠠ ᠨᠤᠲᠤᠭ ᠤ᠋ᠨ ᠴᠡᠪᠡᠷᠬᠡᠨ ᠪᠥᠭᠡᠳ ᠬᠠᠯᠠᠭᠤᠨ ᠰᠠᠯᠬᠢ᠂ ᠰᠢᠷᠭᠠᠯ ᠨᠠᠷᠠᠨ ᠨᠢ ᠤᠳᠠᠭᠠᠨ ᠠᠶᠠᠯᠠᠭᠰᠠᠨ ᠨᠠᠮᠠᠶ᠋ᠢ ᠶᠠᠳᠠᠷᠠᠭᠤᠯᠵᠤ᠂ ᠮᠣᠩᠭᠣᠯ ᠭᠡᠷ ᠦ᠋ᠨ ᠰᠡᠷᠢᠭᠦᠬᠡᠨ ᠱᠠᠯᠠ᠊ᠨ ᠳᠡᠭᠡᠷ᠎ᠡ ᠤᠳᠠᠭᠠᠨ ᠭᠡᠭᠴᠢ ᠤᠨᠲᠠᠭᠤᠯᠪᠠ᠃ ᠬᠣᠩᠭᠣᠷ ᠨᠠᠮᠠᠶ᠋ᠢ ᠰᠡᠷᠡᠭᠡᠬᠦ ᠳ᠋ᠦ᠍ ᠨᠠᠷᠠ ᠨᠢᠭᠡᠨᠲᠡ ᠶᠡᠬᠡ ᠳᠣᠣᠷ᠎ᠠ ᠬᠡᠯᠪᠡᠢᠭᠰᠡᠨ ᠪᠥᠭᠡᠳ ᠭᠠᠳᠠᠨ᠎ᠠ ᠮᠣᠷᠢᠳ ᠤ᠋ᠨ ᠲᠤᠷᠭᠢᠬᠤ᠂ ᠨᠣᠬᠠᠳ ᠬᠤᠴᠠᠬᠤ ᠵᠢᠴᠢ ᠡᠷᠡᠴᠦᠦᠯ ᠦ᠋ᠨ ᠶᠠᠷᠢᠯᠴᠠᠬᠤ ᠳᠠᠭᠤᠨ ᠰᠣᠨᠣᠰᠳᠠᠨ᠎ᠠ᠃ ᠭᠠᠷᠪᠠᠯ ᠷᠠᠰᠢ ᠶᠠᠭ ᠰᠠᠢᠬᠠᠨ ᠪᠢᠳᠡᠨ ᠦ᠌ ᠬᠠᠮᠲᠤ ᠶ᠋ᠢᠨ ᠠᠶᠠᠯᠠᠯ ᠤ᠋ᠨ ᠲᠤᠬᠠᠢ ᠨᠠᠷᠢᠯᠢᠭ ᠰᠠᠢᠬᠠᠨ ᠲᠠᠢᠯᠪᠤᠷᠢᠯᠠᠵᠤ᠂ ᠢᠯᠠᠩᠭᠤᠶ᠎ᠠ ᠲᠤᠯᠤᠨ ᠨᠠᠭᠤᠷ ᠲᠤ᠌ ᠠᠶᠠᠯᠠᠭᠰᠠᠨ ᠢ᠋ᠶ᠋ᠠᠨ ᠪᠠᠷᠳᠠᠮᠨᠠᠨ ᠶᠠᠷᠢᠵᠤ ᠰᠠᠭᠤᠨ᠎ᠠ᠃ ᠲᠣᠮᠣ ᠲᠣᠭᠣᠭᠠᠨ ᠳ᠋ᠤ᠌ ᠳᠦᠭᠦᠷᠡᠩ ᠮᠢᠬ᠎ᠠ ᠪᠤᠴᠠᠯᠤᠨ᠎ᠠ᠃ ᠰᠠᠷᠵᠢ ᠶᠠᠭᠠᠷᠠᠯᠲᠠᠢ ᠪᠠᠷ ᠭᠡᠷ ᠲᠦ᠍ ᠣᠷᠣᠨ ᠭᠠᠷᠤᠨ ᠠᠬᠤᠢᠯᠠᠵᠤ ᠶᠠᠩᠵᠤᠯᠠᠨ᠎ᠠ᠃ ᠤᠯᠠᠢᠢᠭᠰᠠᠨ ᠠᠷᠭᠠᠯ ᠠ᠋ᠴᠠ ᠬᠠᠯᠠᠭᠤᠨ ᠢᠯᠴᠢ ᠪᠠᠳᠠᠷᠠᠵᠤ᠂ ᠰᠠᠷᠵᠢ ᠪᠠᠢᠨ ᠪᠠᠢᠨ ᠡᠭᠦᠳᠡᠨ ᠦ᠌ ᠲᠣᠰᠢᠢ᠎ᠡ ᠬᠦᠷᠴᠦ ᠮᠠᠩᠨᠠᠢ ᠶ᠋ᠢᠨ ᠬᠥᠯᠥᠰᠥ ᠪᠡᠨ ᠠᠷᠴᠢᠨ᠎ᠠ᠃  
       ᠷᠠᠰᠢ ᠨᠠᠮᠠᠶ᠋ᠢ ᠡᠭᠦᠳᠡᠨ ᠦ᠌ ᠡᠰᠡᠷᠭᠦ ᠳ᠋ᠡᠬᠢ ᠣᠯᠪᠣᠭ ᠳᠡᠪᠢᠰᠦᠭᠰᠡᠨ ᠬᠦᠨᠳᠦᠲᠦ ᠭᠡᠢᠴᠢᠨ ᠦ᠌ ᠣᠷᠣᠨ ᠳ᠋ᠠᠭᠠᠨ ᠵᠠᠯᠠᠨ ᠰᠠᠭᠤᠯᠭᠠᠵᠤ᠂ ᠵᠡᠰ ᠴᠠᠷ᠎ᠠ ᠲᠠᠢ ᠰᠢᠭᠦᠰᠦ ᠶ᠋ᠢ ᠮᠢᠨᠦ ᠡᠮᠦᠨ᠎ᠡ ᠲᠠᠯᠪᠢᠪᠠ᠃ ᠢᠩᠭᠢᠬᠦ ᠨᠢ ᠪᠢ ᠵᠠᠪᠠᠯ ᠮᠠᠩᠨᠠᠢ ᠠ᠋ᠴᠠ ᠨᠢ ᠵᠢᠵᠢᠭ ᠬᠡᠰᠡᠭ ᠣᠭᠲᠣᠯᠵᠤ᠂ ᠣᠳᠣ ᠪᠣᠯᠲᠠᠯ᠎ᠠ ᠣᠯᠠᠨ ᠳ᠋ᠤ᠌ ᠡᠷᠡᠭᠦᠯ ᠮᠡᠨᠳᠦ ᠶ᠋ᠢ ᠰᠣᠶᠣᠷᠬᠠᠭᠰᠠᠨ ᠪᠤᠷᠬᠠᠨ ᠳ᠋ᠤ᠌ ᠳᠡᠭᠡᠵᠢ ᠡᠷᠭᠦᠬᠦ ᠶᠣᠰᠣᠲᠠᠢ ᠶᠤᠮ᠃ ᠲᠡᠭᠡᠭᠡᠳ ᠷᠠᠰᠢ ᠵᠡᠰ ᠴᠠᠷ᠎ᠠ ᠶ᠋ᠢ ᠡᠭᠡᠭᠦᠯᠦᠨ ᠠᠪᠠᠴᠢᠵᠤ᠂ ᠮᠢᠬ᠎ᠠ ᠪᠠᠨ ᠦᠶᠡᠯᠡᠨ ᠬᠡᠰᠡᠭᠯᠡᠭᠡᠳ᠂ ᠳᠠᠬᠢᠨ ᠠᠪᠴᠢᠷᠠᠵᠤ ᠲᠠᠯᠪᠢᠪᠠ᠃ ᠨᠠᠳᠠᠳᠤ ᠬᠣᠨᠢᠨ ᠤ᠋ ᠲᠠᠷᠭᠤᠨ ᠰᠡᠭᠦᠯ ᠥᠭᠬᠦ ᠳ᠋ᠦ᠍ ᠪᠢ ᠨᠢᠭᠡ ᠲᠠᠯ᠎ᠠ ᠪᠠᠷ ᠠᠮᠠᠨ ᠳ᠋ᠠᠭᠠᠨ ᠬᠢᠵᠦ ᠵᠠᠵᠢᠯᠤᠨ᠂ ᠨᠥᠭᠦᠭᠡ ᠲᠠᠯ᠎ᠠ ᠪᠠᠷ ᠮᠥᠩᠭᠥᠨ ᠠᠶᠠᠭ᠎ᠠ ᠲᠠᠢ ᠪᠠᠷᠢᠭᠰᠠᠨ ᠬᠢᠲᠠᠳ ᠠᠷᠢᠬᠢ ᠶ᠋ᠢ ᠬᠥᠨᠲᠥᠷᠪᠡ᠃  
       ᠢᠷᠡᠭᠰᠡᠨ ᠵᠣᠴᠢᠳ ᠪᠥᠰᠡᠨ ᠳ᠋ᠡᠬᠢ ᠬᠢᠲᠤᠭ᠎ᠠ ᠪᠠᠨ ᠰᠤᠭᠤᠯᠵᠤ᠂ ᠬᠣᠨᠢᠨ ᠮᠢᠬ᠎ᠠ ᠶ᠋ᠢ ᠬᠥᠮᠦᠨ ᠠᠶᠤᠯᠭᠠᠮᠠᠷ ᠠᠶᠤᠮᠰᠢᠭᠲᠠᠢ ᠣᠭᠲᠣᠯᠤᠨ ᠢᠳᠡᠵᠡᠭᠡᠪᠡ᠃ ᠳᠡᠮᠡᠢ ᠤᠳᠠᠯ ᠦᠭᠡᠢ ᠪᠢ ᠴᠠᠳᠤᠯ᠎ᠠ ᠭᠡᠰᠡᠨ ᠳ᠋ᠦ᠍ ᠥᠭᠡᠷ᠎ᠡ ᠵᠣᠴᠢᠳ ᠴᠥᠮ ᠨᠠᠮᠠᠶ᠋ᠢ ᠳᠣᠭᠣᠭᠢᠯᠠᠭᠰᠠᠨ ᠮᠠᠶᠢᠭᠲᠠᠢ ᠢᠨᠢᠶᠡᠵᠡᠭᠡᠯ᠎ᠡ᠃ ᠡᠨᠡ ᠬᠦ᠌ ᠳᠡᠮᠡᠢ ᠣᠯᠠᠨ ᠲᠣᠬᠢᠶᠠᠯᠳᠤᠳᠠᠭ ᠦᠭᠡᠢ ᠬᠠᠲᠠᠭᠤ ᠠᠷᠢᠬᠢ ᠨᠢ ᠲᠡᠳᠡᠨ ᠢ ᠤᠳᠠᠭᠰᠠᠨ ᠴᠤ᠌ ᠦᠭᠡᠢ ᠬᠠᠯᠠᠰᠬᠠᠵᠤ᠂ ᠥᠨᠳᠥᠷ ᠳᠠᠭᠤᠨ ᠢ᠋ᠶ᠋ᠠᠷ ᠬᠡᠷᠬᠢᠨ ᠶᠠᠫᠣᠨᠴᠤᠳ ᠢ ᠠᠬᠤᠢᠯᠠᠬᠤ ᠲᠤᠬᠠᠢ ᠣᠷᠬᠢᠵᠤ ᠭᠠᠷᠴᠠᠭᠠᠪᠠ᠃ ᠰᠠᠷᠵᠢ ᠶ᠋ᠢ ᠦᠯᠡᠳᠡᠭᠰᠡᠨ ᠮᠢᠬ᠎ᠠ ᠪᠠᠨ ᠪᠦᠬᠦᠨ ᠢ ᠭᠠᠷᠭᠠᠵᠤ ᠱᠠᠯᠠᠬᠤ ᠳ᠋ᠤ᠌ ᠲᠡᠳᠡ ᠴᠥᠮ ᠴᠠᠳᠤᠯ᠎ᠠ ᠭᠡᠵᠡᠭᠡᠵᠦ᠂ ᠬᠠᠨᠤᠮᠵᠢᠲᠠᠢ ᠬᠣᠢᠰᠢ ᠪᠠᠨ ᠰᠠᠭᠤᠵᠠᠭᠠᠪᠠ᠃ ᠷᠠᠰᠢ ᠭᠠᠷ ᠲᠠᠭᠠᠨ ᠡᠷᠢᠭᠡ ᠪᠠᠷᠢᠵᠤ᠂ ᠬᠤᠷᠤᠭᠤᠨ ᠤ᠋ ᠪᠠᠨ ᠵᠠᠪᠰᠠᠷ ᠢ᠋ᠶ᠋ᠠᠷ ᠬᠤᠷᠳᠤᠨ ᠬᠤᠷᠳᠤᠨ ᠲᠣᠭᠠᠯᠠᠨ᠎ᠠ᠃ ᠰᠠᠷᠠ ᠭᠠᠷᠬᠤ ᠶ᠋ᠢᠨ ᠦᠶ᠎ᠡ ᠳ᠋ᠦ᠍ ᠵᠣᠴᠢᠳ ᠪᠣᠰᠴᠠᠭᠠᠨ ᠠᠶᠠᠷᠯᠠᠯ᠎ᠠ᠃ ᠷᠠᠰᠢ ᠲᠡᠳᠡᠨ ᠢ ᠡᠭᠦᠳᠡᠨ ᠦ᠌ ᠭᠠᠳᠠᠨ᠎ᠠ ᠭᠠᠷᠲᠠᠯ᠎ᠠ ᠦᠳᠡᠪᠡ᠃ ᠭᠠᠳᠠᠨ᠎ᠠ ᠨᠢᠭᠡᠨ ᠵᠡᠷᠭᠡ ᠮᠣᠷᠢᠳ ᠤ᠋ᠨ ᠳᠠᠪᠬᠢᠶ᠎ᠠ᠂ ᠨᠣᠬᠠᠳ ᠤ᠋ᠨ ᠬᠤᠴᠠᠯᠭ᠎ᠠ ᠰᠣᠨᠣᠰᠳᠠᠭᠰᠠᠨ ᠤ᠋ ᠳᠠᠷᠠᠭ᠎ᠠ ᠬᠣᠩᠭᠣᠷ ᠠᠯᠲᠠᠨᠴᠡᠴᠡᠭ ᠭᠡᠷ ᠲᠦ᠍ ᠣᠷᠣᠵᠤ ᠢᠷᠡᠭᠡᠳ ᠳᠠᠭᠤ ᠦᠭᠡᠢ ᠠᠬᠤᠢᠯᠠᠵᠤ ᠡᠬᠢᠯᠡᠪᠡ᠃ ᠠᠶᠠᠭ᠎ᠠ ᠶ᠋ᠢ ᠨᠢ ᠬᠠᠭᠤᠴᠢᠨ ᠠᠯᠴᠢᠭᠤᠷ ᠢ᠋ᠶ᠋ᠠᠷ ᠠᠷᠴᠢᠭᠠᠳ ᠪᠣᠭᠣᠨᠢᠬᠠᠨ ᠡᠷᠭᠢᠨᠡᠭ ᠲᠦ᠍ ᠣᠪᠣᠭᠠᠯᠠᠵᠤ ᠲᠠᠯᠪᠢᠪᠠ᠃ 
       ᠭᠡᠨᠡᠳᠲᠡ ᠪᠢ ᠪᠢᠴᠢᠬᠠᠨ ᠬᠦᠦ ᠶ᠋ᠢ ᠰᠠᠨᠠᠭᠠᠨ ᠳ᠋ᠤ᠌ ᠣᠷᠣᠭᠠᠳ᠂ 《ᠢᠨᠢᠶᠡᠭᠰᠡᠨ ᠡᠭᠦᠯᠡ 》 ᠶ᠋ᠢ ᠠᠰᠠᠭᠤᠪᠠ᠃ ᠰᠠᠷᠵᠢ ᠠᠯᠲᠠᠨ ᠪᠤᠷᠬᠠᠨ ᠲᠠᠢ ᠭᠦᠩᠭᠠᠷᠠᠪᠠ ᠶ᠋ᠢᠨ ᠬᠠᠵᠠᠭᠤ ᠳ᠋ᠠᠬᠢ ᠬᠤᠪᠴᠠᠰᠤᠨ ᠤ᠋ ᠸᠠᠳᠠᠩ ᠢ ᠵᠢᠭᠠᠪᠠ᠃ ᠪᠢᠳᠡᠨ ᠦ᠌ ᠨᠠᠢᠷᠯᠠᠵᠤ ᠢᠨᠢᠶᠡᠯᠴᠡᠵᠦ ᠪᠠᠢᠬᠤ ᠳ᠋ᠤ᠌ ᠡᠨᠡ ᠲᠠᠯ᠎ᠠ ᠶ᠋ᠢᠨ ᠬᠦᠦ ᠬᠠᠷᠢᠨ ᠠᠳᠠ ᠤᠨᠲᠠᠵᠤ ᠪᠠᠢᠭᠰᠠᠨ ᠠᠵᠢ᠃  ᠦᠳᠡᠰᠢ ᠶ᠋ᠢᠨ ᠲᠥᠭᠥᠷᠢᠭ ᠰᠠᠷᠠ ᠡᠮᠦᠨ᠎ᠡ ᠬᠥᠲᠥᠯ ᠦ᠋ᠨ ᠴᠠᠭᠠᠭᠤᠷ ᠳᠣᠨᠣᠯᠵᠠᠨ᠎ᠠ᠃ ᠬᠠᠰᠢᠶᠠᠨ ᠳ᠋ᠤ᠌ ᠬᠠᠭᠠᠭᠰᠠᠨ ᠬᠣᠨᠢᠳ ᠪᠠ ᠲᠤᠭᠤᠯ ᠨᠠᠮᠵᠢᠭᠤᠬᠠᠨ ᠠᠮᠢᠰᠬᠤᠯᠯᠠᠵᠤ᠂ ᠵᠡᠭᠦᠳᠦᠨ ᠦ᠌ ᠶᠢᠷᠲᠢᠨᠴᠦ ᠳ᠋ᠡᠭᠡᠨ ᠲᠣᠭᠣᠷᠢᠨ᠎ᠠ᠃ ᠰᠠᠷᠠᠨ ᠤ᠋ ᠭᠡᠷᠡᠯ ᠳᠣᠣᠷ᠎ᠠ ᠨᠠᠭᠠᠰᠢ ᠴᠠᠭᠠᠰᠢ ᠪᠠᠨ ᠰᠦᠯᠵᠢᠯᠳᠦᠨ ᠬᠡᠪᠲᠡᠭᠰᠡᠨ ᠬᠣᠨᠢᠳ ᠤ᠋ᠨ ᠬᠠᠶᠠ ᠵᠠᠷᠢᠮ ᠨᠢ ᠬᠥᠳᠡᠯᠦᠨ᠎ᠡ᠃ ᠵᠠᠷᠢᠮ ᠨᠢ ᠲᠣᠯᠣᠭᠠᠢ ᠪᠠᠨ ᠡᠷᠭᠦᠨ᠂ ᠭᠦᠨ ᠠᠮᠢᠰᠬᠤᠯᠯᠠᠵᠤ ᠠᠪᠤᠭᠠᠳ᠂ ᠲᠠᠢᠪᠤᠰᠢᠷᠠᠭᠰᠠᠨ ᠮᠡᠲᠦ ᠰᠠᠨᠠᠭ᠎ᠠ ᠠᠯᠳᠠᠨ᠎ᠠ᠃ ᠲᠡᠳᠡᠨ ᠡᠴᠡ ᠬᠠᠩᠬᠤᠯᠬᠤ ᠦᠨᠦᠷ ᠨᠢ ᠶᠠᠭ ᠯᠠ ᠦᠵᠦᠮ ᠦ᠋ᠨ ᠳᠠᠷᠠᠰᠤ ᠰᠢᠭ ᠰᠠᠢᠬᠠᠨ ᠮᠥᠷᠲᠡᠭᠡᠨ ᠬᠠᠲᠠᠭᠤ᠃ 
       — ᠢᠷᠡᠭᠰᠡᠨ ᠴᠢᠨᠢ ᠶᠣᠰᠣᠲᠠᠢ ᠭᠣᠶᠣ ᠪᠣᠯᠤᠯ᠎ᠠ ! ᠷᠠᠰᠢ ᠴᠢᠮᠠᠶ᠋ᠢ ᠲᠠᠩᠳᠠ ᠳᠤᠷᠠᠰᠳᠠᠭ ᠶᠤᠮ ᠰᠢᠦ ᠭᠡᠵᠦ ᠰᠠᠷᠵᠢ ᠭᠡᠷ ᠲᠦ᠍ ᠮᠢᠨᠢ ᠭᠡᠷᠡᠯ ᠠᠪᠴᠢᠷᠠᠬᠤ ᠳ᠋ᠠᠭᠠᠨ ᠶᠠᠷᠢᠯ᠎ᠠ᠃