ᠣᠷᠬᠣᠳᠠᠢОрхоодойOrkhoodoi

ᠣᠷᠬᠣᠳᠠᠢ
ᠲᠤᠰ ᠡᠮ ᠪᠣᠯ ᠲᠠᠪᠤᠯᠭᠠᠨᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠣᠷᠬᠣᠳᠠᠢ ᠶ᠋ᠢᠨ ᠬᠠᠲᠠᠭᠠᠭᠰᠠᠨ ᠦᠨᠳᠦᠰᠦ ᠮᠥᠨ᠃ ᠪᠠᠰᠠ ᠡᠪᠡᠰᠦᠨ ᠭᠠᠷᠪᠤᠴᠢᠭ᠌ᠲ᠋ᠦ᠋ᠪ ᠭᠡᠳᠡᠭ᠃
[ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃30—60cm ᠥᠨᠳᠥᠷ᠂ ᠭᠣᠣᠯ ᠦᠨᠳᠦᠰᠦ ᠨᠢ ᠮᠢᠬᠠᠯᠢᠭ ᠲᠣᠮᠣ᠂ ᠰᠢᠷᠠᠪᠲᠤᠷ ᠴᠠᠭᠠᠨ ᠥᠩᠭᠡ ᠲᠡᠢ᠂ ᠡᠰᠢ ᠨᠢ ᠰᠢᠯᠤᠭᠤᠨ ᠤᠷᠭᠤᠨ᠎ᠠ᠃ ᠠᠯᠠᠭᠠᠯᠢᠭ ᠨᠡᠢᠯᠡᠮᠡᠯ ᠨᠠᠪᠴᠢ ᠨᠢ ᠡᠰᠢᠨ ᠦ᠌ ᠣᠷᠣᠢ ᠳ᠋ᠤ᠌ ᠳᠤᠭᠤᠢᠷᠠᠨ ᠤᠷᠭᠤᠨ᠎ᠠ᠃ ᠨᠢᠭᠡ ᠵᠢᠯ ᠤᠷᠭᠤᠭᠰᠠᠨ ᠨᠢ ᠭᠤᠷᠪᠠᠨ ᠵᠢᠵᠢᠭ ᠨᠠᠪᠴᠢ ᠪᠦᠬᠦᠢ ᠨᠢᠭᠡᠯᠡ ᠨᠡᠢᠯᠡᠮᠡᠯ ᠨᠠᠪᠴᠢ ᠲᠠᠢ᠂ ᠬᠣᠶᠠᠷ ᠵᠢᠯ ᠤᠷᠭᠤᠭᠰᠠᠨ ᠨᠢ ᠲᠠᠪᠤᠨ ᠵᠢᠵᠢᠭ ᠨᠠᠪᠴᠢ ᠪᠦᠬᠦᠢ ᠠᠯᠠᠭᠠᠯᠢᠭ ᠨᠡᠢᠯᠡᠮᠡᠯ ᠨᠠᠪᠴᠢ ᠲᠠᠢ᠂ ᠭᠤᠷᠪᠠᠨ ᠵᠢᠯ ᠤᠷᠭᠤᠭᠰᠠᠨ ᠨᠢ ᠲᠠᠪᠤᠨ ᠵᠢᠵᠢᠭ ᠨᠠᠪᠴᠢ ᠪᠦᠬᠦᠢ ᠬᠣᠶᠠᠷ ᠠᠯᠠᠭᠠᠯᠢᠭ ᠨᠡᠢᠯᠡᠮᠡᠯ ᠨᠠᠪᠴᠢ ᠲᠠᠢ᠂ ᠬᠣᠢᠰᠢᠳᠠ ᠵᠢᠯ ᠪᠦᠷᠢ ᠨᠢᠭᠡ ᠨᠡᠮᠡᠭᠳᠡᠳᠡᠭ᠂4—6 ᠵᠢᠯ ᠤᠷᠭᠤᠪᠠᠯ ᠭᠤᠷᠪᠠ ᠠ᠋ᠴᠠ ᠲᠠᠪᠤᠨ ᠠᠯᠠᠭᠠᠯᠢᠭ ᠨᠡᠢᠯᠡᠮᠡᠯ ᠨᠠᠪᠴᠢ ᠲᠠᠢ ᠪᠣᠯᠳᠠᠭ᠃ ᠵᠢᠵᠢᠭ ᠨᠠᠪᠴᠢᠨ ᠢᠯᠲᠠᠰᠤ ᠨᠢ ᠥᠨᠳᠡᠭᠡᠯᠵᠢᠨ ᠪᠤᠶᠤ ᠲᠣᠩᠭᠣᠷᠤᠤ ᠥᠨᠳᠡᠭᠡᠯᠵᠢᠨ᠂ ᠱᠣᠪᠣᠭᠣᠷ ᠦᠵᠦᠭᠦᠷ ᠲᠡᠢ᠂ᠬᠢᠷᠦᠭᠡᠨ ᠰᠢᠳᠦᠲᠦ ᠬᠥᠪᠡᠭᠡ ᠲᠡᠢ᠂ ᠱᠠᠭᠠᠨᠲᠠᠭ ᠤᠭ ᠲᠠᠢ᠂ ᠥᠪᠥᠷ ᠲᠠᠯ᠎ᠠ ᠶ᠋ᠢᠨ ᠰᠤᠳᠠᠯ ᠢ᠋ ᠳᠠᠭᠠᠭᠠᠳ ᠲᠠᠷᠠᠮᠠᠭ ᠰᠢᠷᠦᠭᠦᠨ ᠦᠰᠦ ᠲᠡᠢ᠂ ᠠᠷᠤ ᠳ᠋ᠤᠨᠢ ᠦᠰᠦ ᠦᠭᠡᠢ᠃ ᠰᠢᠬᠦᠷ ᠬᠡᠯᠪᠡᠷᠢᠲᠦ ᠪᠠᠭ ᠴᠡᠴᠡᠭ ᠨᠢ ᠡᠰᠢᠨ ᠦ᠌ ᠪᠡᠨ ᠣᠷᠣᠢ ᠳ᠋ᠤ᠌ ᠭᠠᠭᠴᠠᠭᠠᠷ ᠳᠡᠯᠭᠡᠷᠡᠨ᠎ᠡ᠃4—40 ᠭᠠᠷᠤᠢ ᠴᠡᠴᠡᠭ ᠳᠡᠯᠭᠡᠷᠡᠨ᠎ᠡ᠂ ᠴᠡᠴᠡᠭ ᠨᠢ ᠵᠢᠵᠢᠭ᠂ ᠭᠦᠢᠬᠡᠨ ᠰᠢᠷᠠᠩᠭᠤᠢ ᠨᠣᠭᠣᠭᠠᠨ᠂ ᠴᠡᠴᠡᠭ ᠦ᠋ᠨ ᠲᠣᠭᠳᠣᠢ ᠨᠢ5 ᠰᠡᠵᠢᠭᠦᠷ ᠢᠯᠲᠠᠰᠤ ᠲᠠᠢ᠂ ᠴᠡᠴᠡᠭ ᠦ᠋ᠨ ᠬᠡᠯᠲᠡᠰ ᠨᠢ5᠂ ᠡᠷ᠎ᠡ ᠲᠣᠭᠣᠷᠴᠣᠭ ᠨᠢ5᠂ ᠤᠷᠲᠤᠯᠵᠢᠨ ᠪᠥᠭᠡᠷᠡᠩᠬᠡᠢ ᠲᠣᠭᠣᠰᠣᠪᠴᠢ ᠲᠠᠢ᠂ ᠤᠮᠠᠢ ᠨᠢ ᠬᠣᠶᠠᠷ ᠲᠠᠰᠤᠭ ᠲᠠᠢ᠃ ᠴᠡᠴᠡᠭ ᠦ᠋ᠨ ᠪᠠᠭᠠᠨ᠎ᠠ ᠨᠢ2 ᠪᠥᠭᠡᠳ ᠰᠠᠯᠤᠩᠭᠢ᠂ ᠴᠡᠴᠡᠭ ᠦ᠋ᠨ ᠲᠠᠪᠠᠭ ᠨᠢ ᠮᠢᠬᠠᠯᠢᠭ᠂ ᠭᠠᠷᠠᠬᠠᠨ ᠬᠡᠯᠪᠡᠷᠢ ᠲᠡᠢ᠃ ᠵᠢᠮᠢᠰ ᠨᠢ ᠬᠠᠮᠰᠢᠭᠢᠷ ᠪᠥᠮᠪᠦᠭᠡᠨ ᠬᠡᠯᠪᠡᠷᠢ ᠲᠡᠢ᠂ ᠪᠣᠯᠪᠠᠰᠤᠷᠠᠪᠠᠯ ᠰᠣᠷᠭᠣᠭ ᠤᠯᠠᠭᠠᠨ᠂ ᠲᠠᠯ᠎ᠠ ᠪᠥᠮᠪᠦᠭᠡᠨ ᠬᠡᠯᠪᠡᠷᠢᠲᠡᠢ ᠬᠣᠶᠠᠷ ᠴᠠᠭᠠᠨ ᠦᠷ᠎ᠡ ᠲᠡᠢ᠃6—7 ᠳ᠋ᠤᠭᠠᠷ ᠰᠠᠷ᠎ᠠ ᠳ᠋ᠤ᠌ ᠴᠡᠴᠡᠭᠯᠡᠵᠦ᠂7—9 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠥᠩ ᠰᠢᠮᠡᠯᠢᠭ᠂ ᠴᠢᠭᠢᠭ ᠰᠠᠢᠲᠠᠢ ᠠᠭᠤᠯᠠ ᠶ᠋ᠢᠨ ᠬᠠᠵᠠᠭᠤ ᠶ᠋ᠢᠨ ᠢᠬᠴᠤ ᠣᠢ ᠰᠢᠭᠤᠢ ᠳ᠋ᠤ᠌ ᠵᠡᠷᠯᠢᠭ ᠤᠷᠭᠤᠨ᠎ᠠ᠃ ᠣᠳᠣ ᠣᠯᠠᠩᠬᠢ ᠳ᠋ᠠᠭᠠᠨ ᠠᠷᠠᠴᠢᠯᠠᠨ ᠲᠠᠷᠢᠵᠤ ᠪᠠᠢᠨ᠎ᠠ᠃ ᠭᠣᠣᠯᠳᠠᠭᠤ ᠬᠢᠷᠢᠨ᠂ ᠬᠠᠷᠠᠮᠦ᠋ᠷᠡᠨ᠂ ᠯᠢᠶᠣᠤᠨᠢᠩ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠠᠷᠠᠴᠢᠯᠠᠨ ᠲᠠᠷᠢᠭᠠᠳ5—6 ᠵᠢᠯ ᠦ᠋ᠨ ᠳᠠᠷᠠᠭ᠎ᠠ ᠮᠠᠯᠲᠠᠨ ᠠᠪᠴᠤ (ᠬᠠᠰᠢᠶᠠᠨ ᠤ᠋ ᠣᠷᠬᠣᠳᠠᠢ) ᠤᠬᠢᠶᠠᠨ ᠴᠡᠪᠡᠷᠯᠡᠭᠡᠳ ᠨᠠᠷᠠᠨ ᠳ᠋ᠤ᠌ ᠬᠠᠲᠠᠭᠠᠭᠰᠠᠨ ᠢ᠋ ᠨᠢ ᠲᠦᠭᠦᠬᠡᠢ ᠬᠠᠲᠠᠭᠠᠮᠠᠯ ᠣᠷᠬᠣᠳᠠᠢ ᠭᠡᠵᠦ᠂ ᠰᠢᠨ᠎ᠡ ᠦᠨᠳᠦᠰᠦ ᠶ᠋ᠢ ᠵᠡᠭᠦᠦ ᠪᠡᠷ ᠰᠢᠪᠡᠵᠦ ᠰᠢᠬᠢᠷ ᠲᠡᠢ ᠤᠰᠤᠨ ᠳ᠋ᠤ᠌ ᠳᠡᠪᠲᠦᠭᠡᠭᠡᠳ ᠨᠠᠷᠠᠨ ᠳ᠋ᠤ᠌ ᠬᠠᠲᠠᠭᠠᠭᠰᠠᠨ ᠢ᠋ ᠨᠢ ᠰᠢᠬᠢᠷᠲᠦ ᠣᠷᠬᠣᠳᠠᠢ ᠭᠡᠵᠦ᠂ ᠰᠢᠨ᠎ᠡ ᠦᠨᠳᠦᠰᠦ ᠶ᠋ᠢ ᠨᠢ ᠵᠢᠩᠨᠡᠵᠦ ᠭᠠᠷᠭᠠᠭᠠᠳ ᠬᠠᠭᠰᠠᠭᠠᠬᠤ ᠪᠤᠶᠤ ᠨᠠᠷᠠᠨ ᠳ᠋ᠤ᠌ ᠬᠠᠲᠠᠭᠠᠭᠰᠠᠨ ᠢ᠋ ᠤᠯᠠᠭᠠᠨ ᠣᠷᠬᠣᠳᠠᠢ ᠭᠡᠨ᠎ᠡ᠃ ᠬᠡᠭᠡᠷ᠎ᠡ ᠶ᠋ᠢᠨ ᠣᠷᠬᠣᠳᠠᠢ ᠶ᠋ᠢᠨ ᠦᠨᠳᠦᠰᠦ ᠶ᠋ᠢ ᠨᠢ ᠨᠠᠷᠠᠨ ᠳ᠋ᠤ᠌ ᠬᠠᠲᠠᠭᠠᠭᠰᠠᠨ ᠢ᠋ ᠨᠢ ᠬᠠᠲᠠᠭᠠᠮᠠᠯ ᠲᠦᠭᠦᠬᠡᠢ ᠠᠭᠤᠯᠠ ᠶ᠋ᠢᠨ ᠣᠷᠬᠣᠳᠠᠢ ᠭᠡᠨ᠎ᠡ᠃
[ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠠᠰᠢᠭᠤᠨ ᠠᠮᠲᠠ ᠲᠠᠢ᠂ ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠪᠡᠶ᠎ᠡ ᠲᠠᠮᠢᠷ ᠨᠥᠬᠥᠬᠦ᠂ ᠲᠠᠢᠳᠬᠤᠷᠠᠭᠤᠯᠬᠤ᠂ ᠰᠢᠮᠡᠵᠢᠭᠦᠯᠬᠦ᠂ ᠵᠢᠷᠦᠬᠡᠨ ᠲᠠᠮᠢᠷ ᠢ᠋ ᠰᠠᠢᠵᠢᠷᠠᠭᠤᠯᠬᠤ ᠴᠢᠳᠠᠯ ᠲᠠᠢ᠃ ᠭᠣᠣᠯᠳᠠᠭᠤ ᠲᠠᠮᠢᠷ ᠳᠣᠷᠣᠢᠲᠠᠭᠰᠠᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄人参
ᠠᠩᠭ᠌ᠯᠢ ᠨᠡᠷ᠎ᠡ᠄Panax ginseng C. A. Mey.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠪᠠᠯ
