ᠵᠢᠷᠭᠠᠯ ᠵᠣᠪᠠᠯᠠᠩ-ᠷ ᠴᠣᠢᠨᠣᠮ-ᠰᠢᠯᠦᠭЖаргал зовлон-р чойном Jargal zovlon-Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠠᠯ ᠵᠣᠪᠠᠯᠠᠩ-ᠷ ᠴᠣᠢᠨᠣᠮ-ᠰᠢᠯᠦᠭЖаргал зовлон-р чойном Jargal zovlon-Choinom

ᠵᠢᠷᠭᠠᠯ ᠵᠣᠪᠠᠯᠠᠩ-ᠷ ᠴᠣᠢᠨᠣᠮ-ᠰᠢᠯᠦᠭЖаргал зовлон-р чойном Jargal zovlon-Choinom

2023-06-25

3524

ᠵᠢᠷᠭᠠᠯ ᠵᠣᠪᠠᠯᠠᠩ-ᠳ ᠰᠤᠰᠤᠷᠪᠠᠷᠠᠮ ᠤᠶᠠᠩᠭᠠᠯᠠᠪᠠ

ᠵᠢᠷᠭᠠᠯ ᠵᠣᠪᠠᠯᠠᠩ

       ᠷ ᠴᠣᠢᠨᠣᠮ 
ᠬᠠᠳᠠᠮᠠᠯ ᠴᠥᠯ ᠳᠦ ᠶᠠᠪᠤᠬᠤ ᠳᠤ ᠬᠠᠷ᠎ᠠ ᠤᠰᠤ ᠠᠮᠲᠠᠲᠠᠢ 
ᠬᠠᠷᠠᠩᠭᠤᠢ ᠰᠥᠨᠢ ᠶᠢᠨ ᠳᠤᠮᠳᠠ ᠥᠨᠥᠴᠢᠨ ᠵᠤᠯᠠ ᠭᠡᠷᠡᠯᠲᠡᠢ 
ᠵᠢᠷᠭᠠᠯ ᠬᠣᠪᠣᠷ ᠴᠠᠭ ᠲᠤ ᠵᠢᠷᠭᠠᠯ ᠤᠨ ᠪᠠᠭ᠎ᠠ ᠨᠢ ᠠᠮᠲᠠᠲᠠᠢ 
ᠬᠡᠲᠦ ᠡᠯᠪᠡᠭ ᠵᠢᠷᠭᠠᠯ ᠳᠤᠮᠳᠠ ᠬᠡᠰᠡᠭᠬᠡᠨ ᠵᠣᠪᠠᠯᠠᠩ ᠪᠠᠰᠠ ᠠᠮᠲᠠᠲᠠᠢ 
ᠢᠩᠭᠢᠬᠦ ᠳᠦ ᠶᠡᠷᠦ ᠨᠢ ᠵᠢᠷᠭᠠᠯ ᠭᠡᠵᠦ 
ᠢᠯᠡᠷᠬᠡᠢᠯᠡᠵᠦ ᠶᠠᠭᠤ ᠶᠢ ᠬᠡᠯᠡᠳᠡᠭ ᠶᠤᠮ ᠪᠣᠯ ᠡ 
ᠬᠦᠨᠳᠦᠲᠦ ᠲᠡᠷᠡ ᠵᠢᠷᠭᠠᠯ ᠲᠡᠭᠡᠭᠡᠳ 
ᠬᠦᠮᠦᠨ ᠪᠦᠬᠦᠨ ᠳᠦ ᠠᠳᠠᠯᠢᠬᠠᠨ ᠤᠤ?
ᠦᠭᠡᠢ ᠡ
ᠡᠭᠦᠯᠡᠨ ᠳᠦ ᠬᠡᠯᠪᠡᠷᠢ ᠪᠠᠢᠬᠤ ᠦᠭᠡᠢ
ᠦᠢᠰᠦᠨ ᠳᠦ ᠰᠢᠷᠬᠡᠭ ᠪᠠᠢᠬᠤ ᠦᠭᠡᠢ
ᠦᠨᠡᠰᠦᠨ ᠳᠦ ᠲᠣᠭ᠎ᠠ ᠪᠠᠢᠬᠤ ᠦᠭᠡᠢ
ᠤᠰᠤᠨ ᠳᠤ ᠥᠩᠭᠡ ᠪᠠᠢᠬᠤ ᠦᠭᠡᠢ
ᠤᠲᠤᠭᠠᠨ ᠳᠤ ᠦᠨ᠎ᠡ ᠪᠠᠢᠳᠠᠭ ᠦᠭᠡᠢ
ᠤᠷᠭᠤᠮᠠᠯ ᠳᠤ ᠳᠠᠭᠤ ᠪᠠᠢᠳᠠᠭ ᠦᠭᠡᠢ
ᠤᠴᠢᠷ ᠨᠢ ᠭᠡᠪᠡᠯ
ᠬᠡᠲᠦᠷᠬᠡᠢ ᠪᠠᠶᠠᠨ ᠪᠠᠢᠭᠠᠯᠢ
ᠬᠡᠯᠪᠡᠷᠢ ᠳᠦ ᠵᠠᠬᠢᠷᠤᠭᠳᠠᠬᠤ ᠳᠤᠷ᠎ᠠ ᠦᠭᠡᠢ ᠭᠡᠨ᠎ᠡ
ᠬᠡᠨ ᠳᠦ ᠶᠠᠭᠤ ᠰᠠᠢᠬᠠᠨ ᠪᠤᠢ ᠭᠡᠳᠡᠭ ᠢ
ᠬᠡᠯᠡᠵᠦ ᠲᠣᠭᠲᠠᠭᠠᠵᠤ ᠪᠣᠯᠳᠠᠭ ᠦᠭᠡᠢ ᠭᠡᠨ᠎ᠡ
ᠠᠮᠲᠠᠲᠠᠨ ᠤ ᠰᠠᠢᠬᠠᠨ ᠢ ᠢᠳᠡᠵᠦ ᠥᠩᠭᠡᠲᠡᠨ ᠦ ᠰᠠᠢᠬᠠᠨ ᠢ ᠡᠮᠦᠰᠴᠦ
ᠠᠯᠢᠪᠠ ᠳᠤ ᠳᠤᠲᠠᠬᠤ ᠵᠣᠪᠠᠯᠠᠩ ᠦᠭᠡᠢ ᠠᠮᠠᠷ ᠵᠢᠮᠡᠷ ᠰᠠᠭᠤᠬᠤ ᠶᠢ
ᠵᠠᠷᠢᠮ ᠬᠦᠮᠦᠨ ᠵᠢᠷᠭᠠᠯ ᠭᠡᠨ᠎ᠡ
ᠵᠠᠯᠬᠠᠵᠤ ᠬᠠᠭᠠᠰ ᠨᠢ ᠵᠣᠪᠠᠯᠠᠩ ᠭᠡᠨ᠎ᠡ
ᠭᠡᠲᠡᠯ᠎ᠡ ᠪᠤᠰᠤᠳ ᠠᠴᠠ ᠬᠠᠷᠠᠮᠯᠠᠬᠤ ᠥᠮᠴᠢ ᠦᠭᠡᠢ
ᠪᠤᠳᠤᠵᠤ ᠭᠣᠣᠳᠠᠬᠤ ᠭᠣᠶᠣᠯ ᠦᠭᠡᠢ
ᠪᠤᠷᠤᠭᠤᠳᠠᠭᠰᠠᠨ ᠴᠤ᠌ ᠵᠥᠪᠳᠡᠭᠰᠡᠨ ᠴᠤ᠌ ᠬᠤᠪᠢ ᠳᠠᠭᠠᠨ
ᠪᠤᠢᠳᠠᠬᠠᠨ ᠲᠡᠨᠦᠵᠦ ᠶᠠᠪᠤᠬᠤ ᠶᠢ
ᠡᠷ᠎ᠡ ᠬᠦᠮᠦᠨ ᠦ ᠵᠢᠷᠭᠠᠯ ᠭᠡᠨ᠎ᠡ
ᠡᠨᠡ ᠨᠠᠰᠤᠨ ᠤ ᠵᠣᠪᠠᠯᠠᠩ ᠴᠤ᠌ ᠭᠡᠨ᠎ᠡ
ᠰᠠᠢᠨ ᠬᠦᠯᠦᠭ ᠤᠨᠤᠭᠠᠳ
ᠰᠠᠢᠬᠠᠨ ᠡᠮᠡᠭᠡᠯ ᠲᠣᠬᠣᠭᠠᠳ
ᠬᠡᠦᠬᠡᠨ ᠦ ᠰᠠᠢᠬᠠᠨ ᠲᠠᠢ ᠬᠠᠨᠢᠯᠠᠭᠠᠳ
ᠬᠥᠮᠦᠨ ᠳᠦ ᠭᠠᠢᠬᠠᠭᠤᠯᠵᠤ ᠶᠠᠪᠤᠬᠤ ᠶᠢ
ᠬᠠᠮᠤᠭ ᠤᠨ ᠳᠡᠭᠡᠳᠦ ᠵᠢᠷᠭᠠᠯ ᠭᠡᠨ᠎ᠡ
ᠬᠠᠭᠠᠰ ᠨᠢ ᠪᠠᠰᠠ ᠵᠣᠪᠠᠯᠠᠩ ᠭᠡᠨ᠎ᠡ
ᠭᠡᠲᠡᠯ᠎ᠡ᠂ ᠬᠦᠮᠦᠨ ᠲᠣᠭᠣᠬᠤ ᠦᠭᠡᠢ ᠤᠨᠤᠭ᠎ᠠ ᠲᠠᠢ
ᠬᠡᠦᠬᠡᠳ ᠴᠤ᠌ ᠲᠣᠭᠣᠬᠤ ᠦᠭᠡᠢ ᠡᠮᠡᠭᠡᠯ ᠲᠡᠢ
ᠠᠮᠢᠲᠠᠨ ᠲᠣᠭᠣᠬᠤ ᠦᠭᠡᠢ ᠡᠬᠡᠨᠡᠷ ᠲᠡᠢ
ᠠᠮᠢ᠎ ᠪᠠᠨ ᠪᠣᠷᠣᠯᠠᠭᠤᠯᠵᠤ ᠰᠠᠭᠤᠬᠤ ᠶᠢ
ᠠᠯᠳᠠ  ᠪᠡᠶ᠎ᠡ  ᠶᠢᠨ ᠵᠢᠷᠭᠠᠯ ᠭᠡᠨ᠎ᠡ
ᠠᠷᠴᠠᠭ᠎ᠠ ᠪᠠᠢᠬᠤ ᠦᠭᠡᠢ ᠶᠢᠨ ᠵᠣᠪᠠᠯᠠᠩ ᠴᠤ᠌ ᠭᠡᠨ᠎ᠡ
ᠲᠥᠷᠥ ᠶᠢᠨ ᠲᠤᠰᠢᠶᠠᠯ ᠳᠤ ᠳᠡᠪᠰᠢᠵᠦ
ᠲᠡᠮᠦᠷ ᠴᠢᠷᠠᠢ ᠴᠢᠷᠠᠢᠯᠠᠵᠤ
ᠡᠭᠡᠯ ᠣᠯᠠᠨ ᠢ ᠠᠶᠤᠯᠭᠠᠵᠤ
ᠡᠷᠬᠡ ᠶᠠᠩᠪᠠᠲᠠᠢ ᠶᠠᠪᠤᠬᠤ ᠶᠢ
ᠳᠤᠷᠠᠯᠠᠵᠤ ᠵᠠᠷᠢᠮ ᠨᠢ ᠵᠢᠷᠭᠠᠯ ᠭᠡᠨ᠎ᠡ
ᠳᠤᠷ᠎ᠠ ᠦᠭᠡᠢᠴᠡᠵᠦ ᠵᠠᠷᠢᠮ ᠨᠢ ᠵᠣᠪᠠᠯᠠᠩ ᠭᠡᠨ᠎ᠡ
ᠭᠡᠲᠡᠯ᠎ᠡ᠂ ᠬᠠᠯᠠᠭᠳᠠᠬᠤ ᠠᠴᠠ ᠪᠠᠨ ᠥᠭᠡᠷ᠎ᠡ ᠰᠡᠲᠡᠷ ᠦᠭᠡᠢ
ᠬᠠᠪᠢ ᠶᠢᠨ ᠬᠢᠨ ᠢ ᠪᠠᠨ ᠠᠶᠤᠯᠭᠠᠬᠤ ᠰᠡᠩᠲᠡᠨ ᠦᠭᠡᠢ
ᠬᠠᠷ᠎ᠠ ᠭᠡᠷ ᠲᠡᠬᠡᠨ ᠬᠠᠭᠠᠨ ᠪᠣᠷᠣ ᠭᠡᠷ ᠲᠡᠬᠡᠨ ᠪᠣᠭᠳᠠ ᠪᠠᠢᠬᠤ ᠶᠢ
ᠬᠠᠯᠠ ᠪᠠᠯ ᠦᠭᠡᠢ ᠵᠢᠷᠭᠠᠯ ᠭᠡᠨ᠎ᠡ
ᠬᠠᠭᠠᠰ ᠨᠢ ᠪᠠᠰᠠ ᠵᠣᠪᠠᠯᠠᠩ ᠭᠡᠨ᠎ᠡ
ᠨᠠᠮᠪᠠ ᠤᠬᠠᠭᠠᠨ ᠲᠡᠭᠦᠰ
ᠨᠠᠰᠤ ᠲᠣᠭᠲᠠᠭᠰᠠᠨ ᠠᠪᠠᠭᠠᠢ ᠲᠠᠢ
ᠡᠩᠬᠦᠷᠡᠢᠯᠡᠯ ᠬᠠᠯᠠᠮᠵᠢ ᠬᠣᠶᠠᠷ ᠲᠤ ᠨᠢ
ᠡᠷᠬᠡᠯᠡᠨ ᠬᠥᠯᠴᠦᠭᠦᠷᠡᠵᠦ ᠬᠡᠪᠲᠡᠬᠦ ᠶᠢ
ᠵᠠᠷᠢᠮ ᠨᠢ ᠤᠬᠠᠭᠠᠯᠢᠭ ᠵᠢᠷᠭᠠᠯ ᠭᠡᠨ᠎ᠡ
ᠵᠠᠷᠢᠮ ᠬᠦᠮᠦᠨ ᠤᠢᠳᠬᠠᠷ ᠵᠣᠪᠠᠯᠠᠩ ᠴᠤ᠌ ᠭᠡᠨ᠎ᠡ
ᠭᠡᠲᠡᠯ᠎ᠡ ᠠᠮᠢᠳᠤᠷᠠᠯ ᠮᠡᠳᠡᠬᠦ ᠦᠭᠡᠢ ᠪᠠᠭᠠᠴᠤᠳ ᠢ
ᠠᠮᠠᠷᠠᠭ ᠢᠶᠠᠨ ᠪᠣᠯᠭᠠᠵᠤ ᠠᠪᠤᠭᠠᠳ
ᠨᠣᠣᠯᠠᠭᠤᠯᠵᠤ ᠡᠷᠬᠡᠯᠡᠭᠦᠯᠬᠦ ᠢᠯᠳᠠᠮ ᠳᠤ
ᠨᠣᠮᠣᠷᠬᠠᠵᠤ ᠲᠣᠮᠣᠷᠬᠠᠵᠤ ᠰᠠᠭᠤᠬᠤ ᠶᠢ
ᠡᠨᠡ ᠪᠡᠶ᠎ᠡ ᠶᠢᠨ ᠵᠢᠷᠭᠠᠯ ᠭᠡᠨ᠎ᠡ
ᠡᠷ᠎ᠡ ᠬᠦᠮᠦᠨ ᠦ ᠵᠣᠪᠠᠯᠠᠩ ᠴᠤ᠌ ᠭᠡᠨ᠎ᠡ
ᠠᠢ᠂ ᠡᠯᠳᠡᠪ ᠵᠢᠷᠭᠠᠯ ᠬᠡᠮᠵᠢᠶ᠎ᠡ ᠲᠡᠢ
ᠡᠴᠦᠰ ᠲᠦ ᠨᠢ ᠲᠥᠯᠥᠬᠦ ᠦᠨᠡᠲᠡᠢ
ᠡᠷᠳᠡᠮ ᠰᠤᠷᠬᠤ᠂ ᠰᠠᠨᠠᠭᠰᠠᠨ ᠳᠠᠭᠠᠨ ᠬᠦᠷᠬᠦ ᠬᠣᠶᠠᠷ ᠯᠠ
ᠡᠨᠡ ᠨᠠᠰᠤᠨ ᠤ ᠵᠢᠷᠭᠠᠯ ᠭᠡᠯᠲᠡᠢ
ᠠᠢ ᠳ᠋ᠠ᠂ ᠬᠣᠵᠢᠮ ᠤᠨ ᠦᠷ᠎ᠡ ᠰᠠᠳᠤ ᠮᠢᠨᠢ ᠳ᠋ᠡ
ᠬᠣᠷᠢᠨ ᠵᠠᠭᠤᠨ ᠤ ᠪᠢᠴᠢᠭ ᠰᠤᠳᠤᠯᠬᠤ ᠳᠠᠭᠠᠨ
ᠵᠣᠪᠠᠯᠠᠩ ᠭᠡᠵᠦ ᠶᠠᠭᠤ ᠪᠠᠢᠳᠠᠭ ᠶᠤᠮ ᠪᠣᠯ ᠠ᠋ ᠭᠡᠵᠦ
ᠵᠣᠨ ᠣᠯᠠᠨ ᠠᠴᠠ ᠪᠠᠨ ᠰᠤᠷᠠᠭᠯᠠᠵᠤ ᠶᠠᠪᠤᠬᠤ ᠪᠣᠯᠲᠤᠭᠠᠢ
ᠡᠨᠡ ᠦᠶ᠎ᠡ ᠶᠢᠨ ᠪᠢᠳᠡᠨ ᠳᠦ ᠤᠤᠭᠤᠬᠤ ᠤᠰᠤ ᠢᠳᠡᠬᠦ ᠲᠠᠯᠬ᠎ᠠ ᠰᠢᠭ᠋
ᠡᠯᠪᠡᠭ ᠪᠠᠢᠭᠰᠠᠭᠠᠷ ᠪᠠᠢᠭ᠎ᠠ ᠵᠣᠪᠠᠯᠠᠩ ᠭᠡᠳᠡᠭ ᠰᠡᠭᠦᠳᠡᠷ ᠢ
ᠨᠡᠪᠲᠡᠷᠬᠡᠢ ᠲᠣᠯᠢᠨ ᠬᠠᠭᠤᠳᠠᠰᠤᠨ ᠠᠴᠠ ᠬᠣᠯᠠ ᠶᠢᠨ ᠤᠳᠤᠮ ᠮᠢᠨᠢ
ᠨᠡᠩ ᠴᠤ᠌ ᠵᠦᠳᠡᠵᠦ ᠪᠠᠢᠵᠤ ᠣᠯᠵᠤ ᠤᠢᠯᠠᠭᠠᠬᠤ ᠪᠣᠯᠲᠤᠭᠠᠢ
ᠡᠨᠡ ᠮᠢᠨᠦ ᠦᠶ᠎ᠡ ᠶᠢᠨ ᠬᠢᠨ ᠬᠡᠨ ᠮᠠᠨᠢ ᠴᠤ᠌ ᠢᠯᠭᠠᠭ᠎ᠠ ᠦᠭᠡᠢ
ᠡᠯᠡᠰᠦ ᠰᠢᠷᠣᠢ ᠲᠠᠢ ᠬᠥᠳᠡᠭᠡᠷᠬᠡᠦ ᠨᠤᠲᠤᠭ ᠲᠤ
ᠵᠢᠷᠭᠠᠯ ᠳᠤᠮᠳᠠ ᠪᠢᠰᠢ ᠵᠣᠪᠠᠯᠠᠩ ᠳᠤᠮᠳᠠ
ᠵᠢᠭᠠᠯᠬᠠᠨ ᠪᠡᠶ᠎ᠡ ᠪᠡᠷ ᠢᠶᠡᠨ ᠤᠨᠠᠵᠤ ᠲᠤᠰᠴᠤ ᠲᠦᠷᠦᠭᠰᠡᠨ ᠶᠤᠮ
ᠤᠨᠠᠬᠤ ᠳᠠᠭᠠᠨ ᠳᠠᠭᠤᠯᠠᠵᠤ ᠲᠥᠷᠥᠭᠡ ᠦᠭᠡᠢ ᠡ᠂ ᠤᠬᠢᠯᠠᠵᠤ ᠲᠦᠷᠦᠭᠰᠡᠨ ᠶᠤᠮ
ᠥᠷᠭᠡᠰᠦ ᠶᠡᠬᠡ ᠲᠡᠢ ᠡᠨᠡ ᠬᠣᠷᠸ᠎ᠠ ᠳᠤ
ᠥᠪᠡᠷ ᠢᠶᠡᠨ ᠴᠤ᠌ ᠮᠡᠳᠡᠯ ᠦᠭᠡᠢ ᠵᠣᠪᠠᠯᠠᠩ ᠲᠣᠭᠠᠴᠢᠭ᠌ᠰᠠᠨ ᠨᠢ ᠲᠡᠷᠡ
ᠣᠢ ᠮᠣᠳᠣ ᠰᠢᠭ᠋ ᠵᠣᠪᠠᠯᠠᠩ ᠳᠤᠮᠳᠠ ᠠᠴᠠ ᠭᠡᠭᠡᠭᠰᠡᠨ ᠰᠦᠬᠡ ᠰᠢᠭ ᠵᠢᠷᠭᠠᠯ ᠢ
ᠤᠯᠬᠤ ᠭᠡᠵᠦ ᠶᠠᠪᠤᠭᠠᠳ ᠨᠢᠭᠡᠨ ᠨᠠᠰᠤ ᠪᠠᠨ ᠪᠠᠷᠠᠳᠠᠭ ᠶᠤᠮ
ᠣᠯᠠᠨ ᠵᠠᠭᠤᠨ ᠤ᠂ ᠣᠯᠠᠨ ᠣᠯᠠᠨ ᠦᠶ᠎ᠡ ᠶᠢᠨ ᠬᠢᠨ
ᠣᠯᠤᠭᠰᠠᠨ ᠠᠴᠠ ᠪᠠᠨ ᠣᠯᠤᠭ᠎ᠠ ᠦᠭᠡᠢ ᠨᠢ ᠶᠡᠬᠡ ᠡ
ᠡᠬᠡ ᠳᠡᠯᠡᠬᠡᠢ ᠶᠢᠨ ᠮᠢᠨᠢ ᠲᠠᠩᠰᠤᠭ ᠠᠮᠢᠳᠤᠷᠠᠯ ᠳᠤᠮᠳᠠ
ᠡᠨᠡ ᠶᠡᠬᠡ ᠵᠣᠪᠠᠯᠠᠩ ᠴᠤᠬᠤᠮ ᠬᠠᠮᠢᠭ᠎ᠠ ᠠᠴᠠ ᠤᠨᠳᠤᠷᠤᠨᠠᠮ ᠪᠤᠢ?
ᠡᠯᠡᠵᠦ ᠤᠯᠠᠷᠢᠳᠠᠭ ᠶᠡᠬᠡ ᠲᠡᠦᠬᠡ ᠶᠢᠨ ᠲᠤᠷᠰᠢ
ᠡᠯᠳᠡᠪ ᠵᠣᠪᠠᠯᠠᠩ ᠪᠠᠷᠠᠭᠳᠠᠳᠠᠭ ᠦᠭᠡᠢ ᠶᠤᠮ ᠤᠤ?
ᠦᠭᠡᠢ ᠡ᠂ ᠪᠠᠷᠠᠭᠳᠠᠬᠤ ᠨᠢ ᠪᠠᠢᠲᠤᠭᠠᠢ᠂ ᠪᠠᠭᠠᠰᠤᠭᠰᠠᠨ ᠴᠤ᠌ ᠦᠭᠡᠢ
ᠦᠨᠳᠦᠰᠦ ᠶᠢ ᠨᠢ ᠬᠦᠮᠦᠨ ᠥᠪᠡᠷ ᠢᠶᠡᠨ ᠲᠠᠷᠢᠵᠤ
ᠦᠷ᠎ᠡ ᠵᠢᠮᠢᠰ ᠮᠡᠲᠦ ᠵᠣᠪᠠᠯᠠᠩ ᠢ ᠪᠠᠨ ᠤᠷᠭᠤᠭᠤᠯᠵᠤ᠂ ᠦᠷᠡᠵᠢᠭᠦᠯᠵᠦ
ᠪᠡᠶ᠎ᠡ ᠪᠡᠶ᠎ᠡ ᠳ᠋ᠡᠬᠡᠨ ᠲᠠᠷᠬᠠᠭᠠᠭᠰᠠᠭᠠᠷ ᠪᠠᠢᠨ᠎ᠠ
ᠡᠪᠦᠭᠡ ᠳᠡᠭᠡᠳᠦᠰ ᠪᠣᠯᠤᠭᠰᠠᠨ ᠰᠠᠷᠮᠠᠭᠴᠢᠨ ᠠᠵᠠᠢ ᠪᠠᠨ
ᠥᠪᠴᠢᠵᠦ ᠲᠥᠷᠦᠳᠡᠭ ᠬᠦᠮᠦᠨ ᠭᠡᠳᠡᠭ ᠠᠮᠢᠲᠠᠨ
ᠥᠪᠡᠷᠲᠡᠭᠡᠨ ᠳᠠᠩᠳᠠ ᠳᠠᠢᠰᠤᠨ ᠪᠣᠯᠵᠤ
ᠥᠶᠥᠭ ᠵᠢᠷᠭᠠᠯ ᠤᠨ ᠣᠷᠣᠨ ᠳᠤ
ᠡᠪᠡᠳᠴᠢᠨ ᠵᠣᠪᠠᠯᠠᠩ ᠰᠠᠨᠠᠭᠠᠴᠢᠯᠠᠨ᠎ᠠ
ᠦᠰᠦᠲᠡᠢ᠂ ᠴᠢᠬᠢᠪᠴᠢ ᠲᠡᠢ ᠮᠠᠯᠠᠭᠠᠢ ᠵᠣᠬᠢᠶᠠᠭᠰᠠᠨ ᠮᠥᠷᠲᠡᠯ᠎ᠡ ᠪᠡᠨ
ᠦᠳᠡᠰᠢ ᠥᠷᠯᠥᠭᠡᠨ ᠦ ᠵᠢᠪᠠᠷ ᠲᠤ ᠭᠣᠶᠣᠵᠤ ᠶᠠᠪᠤᠵᠤ ᠴᠢᠬᠢ ᠪᠡᠨ ᠬᠥᠯᠳᠡᠭᠡᠨ᠎ᠡ
ᠭᠠᠩ ᠬᠠᠯᠠᠭᠤᠨ ᠵᠤᠨ ᠣᠯᠠᠨ ᠤ ᠡᠮᠦᠨ᠎ᠡ ᠨᠡᠷᠡᠯᠬᠡᠵᠦ
ᠭᠠᠩᠭᠠᠯᠠᠵᠤ ᠪᠠᠷᠢᠭᠤ ᠭᠤᠲᠤᠯ ᠡᠮᠦᠰᠦᠭᠡᠳ ᠬᠥᠯ ᠢᠶᠡᠨ ᠰᠦᠢᠳᠬᠡᠨ᠎ᠡ
ᠬᠣᠣᠷᠲᠠᠢ ᠶᠢ ᠨᠢ ᠮᠡᠳᠡᠭᠰᠡᠭᠡᠷ ᠪᠠᠢᠵᠤ ᠠᠷᠢᠬᠢ ᠳᠠᠷᠠᠰᠤᠨ ᠳᠤ
ᠬᠣᠷᠣᠬᠠᠢᠲᠤᠭᠰᠠᠨ ᠪᠠᠭᠠᠪᠠᠭᠠᠢ ᠰᠢᠭ᠋ ᠰᠢᠨᠤᠨ ᠰᠣᠭᠲᠣᠭᠠᠳ
ᠬᠣᠨᠣᠭᠤᠲᠠ ᠥᠨᠵᠢᠭᠦᠲᠡ ᠣᠭᠢᠵᠤ ᠪᠥᠭᠡᠯᠵᠢᠭᠡᠳ
ᠬᠣᠭᠣᠰᠣᠨ ᠬᠣᠬᠢ ᠶᠢᠨ ᠰᠢᠷᠠᠲᠠᠬᠤ ᠶᠢᠨ ᠵᠣᠪᠠᠯᠠᠩ ᠡᠳ᠋ᠯᠡᠨ᠎ᠡ
ᠤᠮᠳᠠ ᠬᠣᠭᠣᠯᠠ ᠪᠠᠢᠭᠰᠠᠭᠠᠷ ᠪᠠᠢᠲᠠᠯ᠎ᠠ ᠲᠠᠮᠠᠬᠢᠨ ᠤ
ᠤᠲᠤᠭ᠎ᠠ ᠵᠠᠯᠭᠢᠯᠠᠵᠤ᠂ ᠪᠣᠬᠢ ᠵᠠᠵᠢᠯᠵᠤ
ᠠᠪᠰᠠᠨ ᠳᠤ ᠣᠷᠣᠲᠠᠯ᠎ᠠ ᠪᠠᠨ ᠵᠡᠷᠡᠮᠳᠡᠭ ᠪᠣᠯᠤᠭᠠᠳ
ᠠᠮᠠ ᠴᠢᠯᠦᠭᠡ ᠦᠭᠡᠢ ᠵᠣᠪᠠᠯᠠᠩ ᠲᠣᠭᠠᠴᠢᠨ᠎ᠠ᠃
ᠬᠦᠰᠡᠵᠦ ᠥᠪᠡᠷ ᠢ ᠨᠢ ᠲᠣᠭᠣᠬᠤ ᠨᠢ ᠪᠠᠢᠲᠤᠭᠠᠢ
ᠬᠦᠮᠦᠨ ᠪᠠᠢᠨ᠎ᠠ ᠴᠤ᠌ ᠭᠡᠵᠦ ᠬᠠᠷᠠᠭ᠎ᠠ ᠦᠭᠡᠢ
ᠬᠠᠷ᠎ᠠ ᠡᠯᠢᠭᠡ ᠶᠢᠨ ᠬᠦᠨᠳᠦ ᠱᠣᠬᠣᠭᠣᠷᠬᠠᠨ
ᠬᠠᠢᠷᠠᠲᠠᠢ ᠪᠣᠯᠤᠯ᠎ᠠ ᠭᠡᠵᠦ ᠳᠠᠪᠬᠢᠭᠠᠳ
ᠡᠪ ᠢ ᠨᠢ ᠣᠯᠤᠯ ᠦᠭᠡᠢ ᠰᠡᠭᠡᠲᠡᠭᠡᠨᠡᠵᠦ
ᠡᠭᠳᠡᠭᠦᠦ ᠶᠢ ᠨᠢ ᠬᠦᠷᠭᠡᠵᠦ ᠣᠷᠬᠢᠭᠠᠳ
ᠡᠴᠦᠰ ᠲᠦ ᠨᠢ ᠥᠪᠡᠷ ᠢ ᠪᠡᠨ ᠲᠣᠭᠤᠭᠰᠠᠨ ᠦᠭᠡᠢ ᠭᠡᠵᠦ
ᠡᠯᠳᠡᠪ ᠢᠶᠡᠷ ᠬᠠᠷᠢᠶᠠᠵᠤ ᠵᠥᠭᠡᠭᠡᠵᠦ ᠦᠯᠳᠡᠳᠡᠭ
ᠲᠡᠷᠡ ᠶᠢ ᠪᠡᠨ ᠥᠰᠬᠡᠨ ᠥᠰᠬᠡᠨ
ᠲᠩᠷᠢ ᠳᠦ ᠲᠤᠯᠤᠭᠰᠠᠨ ᠵᠣᠪᠠᠯᠠᠩ ᠲᠣᠭᠠᠴᠢᠳᠠᠭ
ᠲᠣᠭᠠᠴᠢᠭᠰᠠᠨ ᠵᠣᠪᠠᠯᠠᠩ ᠳᠠᠭᠠᠨ ᠥᠪᠡᠷ ᠢᠶᠡᠨ ᠢᠲᠡᠭᠡᠵᠦ
ᠲᠣᠯᠣᠭᠠᠢ᠂ ᠮᠡᠳᠡᠷᠡᠯ ᠦᠨ ᠰᠣᠯᠢᠶ᠎ᠠ ᠲᠤᠰᠳᠠᠭ
ᠡᠯᠳᠡᠪ ᠬᠠᠤᠯᠢ ᠶᠢ ᠥᠪᠡᠷ ᠢᠶᠡᠨ ᠪᠠᠲᠤᠯᠠᠵᠤ
ᠡᠴᠦᠰ ᠲᠦ ᠨᠢ ᠲᠡᠷᠡ ᠶᠢ ᠪᠡᠨ ᠥᠪᠡᠷ ᠢᠶᠡᠨ ᠵᠥᠷᠢᠴᠡᠵᠦ
ᠡᠷᠡᠭᠦᠦ ᠶᠢᠨ ᠬᠡᠷᠡᠭᠲᠡᠨ ᠦ ᠰᠠᠨᠳᠠᠯᠢ ᠳᠤ ᠰᠠᠭᠤᠵᠤ
ᠡᠯᠢᠭᠡᠨ ᠰᠠᠳᠤᠨ ᠢᠶᠠᠷ ᠢᠶᠠᠨ ᠵᠣᠪᠠᠯᠠᠩ ᠪᠣᠯᠳᠠᠭ
ᠬᠡᠲᠦᠷᠬᠡᠢ ᠪᠥᠬᠡ ᠱᠣᠷᠣᠩ ᠪᠠᠷᠢᠴᠢᠬᠠᠭᠠᠳ
ᠬᠡᠷᠡᠭ ᠲᠠᠷᠢᠵᠤ ᠥᠪᠡᠷ ᠢᠶᠡᠨ ᠣᠷᠣᠴᠢᠬᠠᠭᠠᠳ
ᠬᠡᠯᠡ ᠮᠡᠳᠡᠬᠦ ᠦᠭᠡᠢ ᠠᠳᠤᠭᠤᠰᠤ ᠭᠡᠮᠡᠷ
ᠬᠡᠪ ᠬᠡᠷᠡᠭ ᠦᠭᠡᠢ ᠣᠷᠢᠯᠠᠵᠤ ᠴᠠᠮᠨᠠᠳᠠᠭ
ᠥᠪᠡᠷᠰᠡᠳ ᠲᠡᠬᠡᠨ ᠡᠴᠦᠰ ᠲᠦ ᠨᠢ ᠠᠮᠤᠷ ᠵᠠᠶᠠᠭ᠎ᠠ ᠦᠵᠡᠭᠦᠯᠬᠦ ᠦᠭᠡᠢ
ᠥᠭᠡᠳᠡ ᠦᠭᠡᠢ᠂ ᠬᠡᠩᠬᠡᠭ ᠬᠦᠨᠳᠦ ᠶᠡᠬᠡ ᠡᠷᠬᠡ ᠡᠳ᠋ᠯᠡᠭᠦᠯᠦᠭᠡᠳ
ᠬᠠᠷᠢᠭᠤ ᠳᠤ ᠨᠢ ᠲᠡᠭᠦᠨ ᠳ᠋ᠡᠬᠡᠨ ᠦᠶ᠎ᠡ ᠤᠳᠤᠮ ᠢᠶᠠᠷ ᠢᠶᠠᠨ
ᠬᠠᠷᠭᠢᠰᠯᠠᠭᠤᠯᠵᠤ ᠭᠠᠰᠢᠭᠤᠨ ᠵᠣᠪᠠᠯᠠᠩ ᠡᠳ᠋ᠯᠡᠨ᠎ᠡ
ᠲᠦᠷᠦᠭᠰᠡᠨ ᠦᠷ᠎ᠡ ᠪᠡᠨ ᠦᠭᠡ ᠰᠦᠭᠡ ᠦᠭᠡᠢ ᠡᠷᠬᠡᠯᠡᠭᠦᠯᠵᠦ
ᠲᠥᠷᠬᠦ ᠦᠭᠡᠢ ᠮᠤᠩᠬᠠᠭ ᠪᠣᠯᠭᠠᠵᠤ ᠥᠰᠬᠡᠭᠡᠳ
ᠬᠥᠯ ᠳᠦ ᠨᠢ ᠰᠡᠭᠦᠯ ᠳᠦ ᠨᠢ ᠥᠪᠡᠷᠰᠡᠳ ᠢᠶᠡᠨ ᠦᠷᠡᠭᠳᠡᠵᠦ
ᠬᠥᠷᠥᠩᠭᠡ ᠬᠣᠭᠰᠢᠯ᠂ ᠨᠡᠷ᠎ᠡ ᠲᠥᠷᠥ ᠪᠡᠨ ᠪᠠᠯᠠᠯᠤᠭᠤᠯᠳᠠᠭ
ᠬᠦᠮᠦᠰ ᠮᠢᠨᠢ ᠳ᠋ᠡ᠂
ᠬᠦᠰᠡᠯ ᠴᠢᠨᠢ ᠶᠡᠬᠡ᠂ ᠤᠬᠠᠭᠠᠨ ᠴᠢᠨᠢ ᠤᠷᠲᠤ ᠴᠤ᠌ ᠭᠡᠯ᠎ᠡ
ᠬᠦᠯᠢᠶᠡᠬᠦ ᠲᠡᠪᠴᠢᠶᠡᠷᠢ ᠴᠢᠨᠢ ᠳᠠᠩᠴᠤ ᠪᠣᠭᠣᠨᠢ ᠠᠴᠠ
ᠬᠡᠦᠬᠡᠳ ᠮᠡᠲᠦ ᠰᠣᠨᠢᠭᠤᠴᠢᠬᠠᠨ ᠠᠭᠠᠰᠢᠨ ᠳᠠᠭᠠᠨ ᠬᠥᠲᠦᠯᠦᠭᠳᠡᠵᠦ
ᠡᠷᠲᠡᠨ ᠡᠴᠡ ᠡᠳᠦᠭᠡ ᠬᠦᠷᠲᠡᠯ᠎ᠡ ᠲᠠ ᠨᠠᠷ
ᠡᠷᠭᠢ ᠰᠤᠨᠳᠤᠤᠯᠠ ᠮᠡᠲᠦ ᠨᠤᠷᠠᠨ ᠨᠤᠷᠠᠭᠰᠠᠭᠠᠷ ᠢᠷᠡᠵᠡᠢ᠃
ᠡᠵᠡᠩᠨᠡᠨ ᠵᠠᠬᠢᠷᠴᠤ ᠴᠢᠳᠠᠭ᠎ᠠ ᠦᠭᠡᠢ ᠥᠪᠡᠷ ᠡᠴᠡ ᠪᠡᠨ ᠪᠣᠯᠤᠭᠠᠳ
ᠡᠨᠡ ᠮᠡᠲᠦᠴᠢᠯᠠᠨ ᠲᠠ ᠨᠠᠷ ᠵᠣᠪᠠᠭᠰᠠᠭᠠᠷ ᠪᠠᠢᠬᠤ ᠶᠤᠮ ᠤᠤ?

Жаргал зовлон
   Р.ЧОЙНОМ
Хатмал цөлд явахад хар ус амттай
Харанхуй шөнийн дунд өнчин зул гэрэлтэй
Жаргал ховор цагт жаргалын бага нь амттай
Хэт элбэг жаргал дунд хэсэгхэн зовлон бас амттай
Ингэхэд ер нь жаргал гэж
Илэрхийлж юуг хэлдэг юм бол оо
Хүндэт тэр жаргал тэгээд
Хүн бүхэнд адилхан уу?
Үгүй ээ
Үүлэнд хэлбэр байхгүй
Үйсэнд ширхэг байхгүй
Үнсэнд тоо байхгүй
Усанд өнгө байхгүй
Утаанд үнэ байдаггүй
Ургамалд дуу байдаггүй
Учир нь гэвэл
Хэтэрхий баян байгаль
Хэлбэрт захирагдах дургүй гэнэ
Хэнд юу сайхан бэ гэдгийг
Хэлж тогтоож болдоггүй гэнэ
Амттаны сайхныг идэж өнгөтний сайхныг өмсөж
Аливаад дутах зовлонгүй амар жимэр суухыг
Зарим хүн жаргал гэнэ
Залхаж хагас нь зовлон гэнэ
Гэтэл бусдаас харамлах өмчгүй
Будаж гоодох гоёлгүй
Буруудсан ч зөвдсөн ч хувьдаа
Буйдхан тэнэж явахыг
Эр хүний жаргал гэнэ
Энэ насны зовлон ч гэнэ
Сайн хүлэг унаад
Сайхан эмээл тохоод
Хүүхний сайхантай ханилаад
Хүнд гайхуулж явахыг
Хамгийн дээд жаргал гэнэ
Хагас нь бас зовлон гэнэ
Гэтэл, хүн тоохгүй унаатай
Хүүхэд ч тоохгүй эмээлтэй
Амьтан тоохгүй эхнэртэй
Амиа борлуулж суухыг
Алд биений жаргал гэнэ
Арчаа байхгүйн зовлон ч гэнэ
Төрийн тушаалд дэвшиж
Төмөр царай царайлж
Эгэл олныг айлгаж
Эрх ямбатай явахыг
Дурлаж зарим нь жаргал гэнэ
Дургүйцэж зарим нь зовлон гэнэ
Гэтэл, халагдахаасаа өөр сэтэргүй
Хавийнхныгаа айлгах сэнтэнгүй
Хар гэртээ хаан бор гэртээ богд байхыг
Хал балгүй жаргал гэнэ
Хагас нь бас зовлон гэнэ
Намба ухаан төгс
Нас тогтсон авгайтай
Энхрийлэл халамж хоёрт нь
Эрхлэн хөлчүүрч хэвтэхийг
Зарим нь ухаалаг жаргал гэнэ
Зарим хүн уйтгар зовлон ч гэнэ
Гэтэл амьдрал мэдэхгүй багачуудыг
Амрагаа болгож аваад
Ноолуулж эрхлүүлэх ялдамд
Номорхож томорхож суухыг
Энэ биений жаргал гэнэ
Эр хүний зовлон ч гэнэ
Ай, элдэв жаргал хэмжээтэй
Эцэст нь төлөх үнэтэй
Эрдэм сурах, санасандаа хүрэх хоёр л
Энэ насны жаргал гэлтэй
Ай даа, хожмын үр сад минь дээ
Хорин зууны бичиг судлахдаа
Зовлон гэж юу байдаг юм бол оо гэж
Зон олноосоо сураглаж явах болтугай
Энэ үеийн бидэнд уух ус идэх талх шиг
Элбэг байсаар байгаа зовлон гэдэг сүүдрийг
Нэвтэрхий толийн хуудаснаас холын удам минь
Нэн ч зүдэж байж олж ойлгох болтугай
Энэ миний үеийнхэн хэн маань ч ялгаагүй
Элс шороотой хөдөөрхүү нутагт
Жаргал дунд биш зовлон дунд
Жаалхан биеэрээ унаж тусаж төрсөн юм
Унахдаа дуулж төрөөгүй ээ, уйлж төрсөн юм
Өргөс ихтэй энэ хорвоод
Өөрөө ч мэдэлгүй зовлон тоочсон нь тэр
Ой мод шиг зовлон дундаас гээсэн сүх шиг жаргалыг
Олох гэж яваад нэгэн насаа бардаг юм
Олон зууны, олон олон үеийнхэн
Олсноосоо олоогүй нь их ээ
Эх дэлхийн минь тансаг амьдрал дунд
Энэ их зовлон чухам хаанаас ундарнам бэ?
Элж улирдаг их түүхийн турш
Элдэв зовлон барагддаггүй юм уу?
Үгүй ээ, барагдах нь байтугай, багассан ч үгүй
Үндсийг нь хүн өөрөө тарьж
Үр жимс мэт зовлонгоо ургуулж, үржүүлж
Бие биендээ тараасаар байна
Өвөг дээдэс болсон сармагчин ажаагаа
Өвчиж төрдөг хүн гэдэг амьтан
Өөртөө дандаа дайсан болж
Өег жаргалын оронд
Өвчин зовлон санаачилна
Үстэй, чихэвчтэй малгай зохиосон мөртлөө
Үдэш өглөөний жаварт гоёж явж чихээ хөлдөөнө
Ган халуун зун олны өмнө нэрэлхэж
Гангалж бариу гутал өмсөөд хөлөө сүйтгэнэ
Хортойг нь мэдсээр байж архи дарсанд
Хорхойтсон баавгай шиг шунан согтоод
Хонуут өнжүүт огьж бөөлжөөд
Хоосон хохийн шартахын зовлон эдлэнэ
Унд хоол байсаар байтал тамхины
Утаа залгилж, бохь зажилж
Авсанд ортлоо зэрэмдэг болоод
Ам чөлөөгүй зовлон тоочино.
Хүсч өөрийг нь тоох нь байтугай
Хүн байна ч гэж хараагүй
Хар элгийн хүнд шохоорхон
Хайртай боллоо гэж давхиад
Эвийг нь ололгүй сээтэгнэж
Эгдүүг нь хүргэж орхиод
Эцэст нь өөрийгөө тоосонгүй гэж
Элдвээр харааж зүхэж үлддэг
Тэрийгээ өсгөн өсгөн
Тэнгэрт тулсан зовлон тоочдог
Тоочсон зовлондоо өөрөө итгэж
Толгой, мэдрэлийн солио тусдаг
Элдэв хуулийг өөрөө батлаж
Эцэст нь тэрийгээ өөрөө зөрчиж
Эрүүгийн хэрэгтний сандалд сууж
Элгэн саднаараа зовлон болдог
Хэтэрхий бөх шорон барьчихаад
Хэрэг тарьж өөрөө орчихоод
Хэл мэдэхгүй адгуус гэмээр
Хэв хэрэггүй орилж цамнадаг
Өөрсөндөө эцэст нь амар заяа үзүүлэхгүй
Өөдгүй, хэнхэг хүнд их эрх эдлүүлээд
Хариуд нь тэрэндээ үе удмаараа
Харгислуулж гашуун зовлон эдлэнэ
Төрсөн үрээ үг сүггүй эрхлүүлж
Төрхгүй мунхаг болгож өсгөөд
Хөлд нь сүүлд нь өөрсдөө үрэгдэж
Хөрөнгө хогшил, нэр төрөө баллуулдаг
Хүмүүс минь дээ,
Хүсэл чинь их, ухаан чинь урт ч гэлээ
Хүлээх тэвчээр чинь даанч богиноос
Хүүхэд мэт сониучхан аашиндаа хөтлөгдөж
Эртнээс эдүгээ хүртэл та нар
Эрэг сондуул мэт нуран нурсаар иржээ.
Эзэгнэн захирч чадаагүй өөрөөсөө болоод
Энэ мэтчилэн та нар зовсоор байх юм уу?