ᠬᠤᠲᠤᠭᠲᠤ ᠰᠠᠢᠨ ᠶᠠᠪᠤᠳᠠᠯ ᠤ᠋ᠨ ᠢᠷᠥᠭᠡᠯ ᠦ᠋ᠨ ᠬᠠᠭᠠᠨХутагт сайн явдлын ерөөлийн хаан ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠲᠤᠭᠲᠤ ᠰᠠᠢᠨ ᠶᠠᠪᠤᠳᠠᠯ ᠤ᠋ᠨ ᠢᠷᠥᠭᠡᠯ ᠦ᠋ᠨ ᠬᠠᠭᠠᠨХутагт сайн явдлын ерөөлийн хаан

ᠬᠤᠲᠤᠭᠲᠤ ᠰᠠᠢᠨ ᠶᠠᠪᠤᠳᠠᠯ ᠤ᠋ᠨ ᠢᠷᠥᠭᠡᠯ ᠦ᠋ᠨ ᠬᠠᠭᠠᠨХутагт сайн явдлын ерөөлийн хаан

2024-08-09

7183

 ᠲᠤᠰᠠ ᠡᠷᠳᠡᠮ᠄  ᠬᠦᠰᠡᠯ ᠢᠷᠦᠭᠡᠯ ᠪᠦᠬᠦᠨ ᠦ᠌ ᠳᠡᠭᠡᠳᠦ ᠬᠠᠭᠠᠨ ᠮᠥᠨ ᠲᠤᠯᠠ ᠢᠷᠦᠭᠡᠯ ᠦ᠋ᠨ ᠬᠠᠭᠠᠨ ᠭᠡᠵᠦ ᠠᠯᠳᠠᠷᠰᠢᠭᠰᠠᠨ ᠡᠨᠡᠬᠦ ᠰᠤᠳᠤᠷ ᠢ᠋ ᠤᠩᠰᠢᠬᠤ ᠰᠣᠨᠣᠰᠬᠤ ᠲᠡᠳᠦᠢ ᠪᠡᠷ  ᠢᠷᠡᠭᠡᠳᠦᠢ ᠬᠣᠢᠴᠢ ᠳ᠋ᠤ᠌ ᠰᠠᠢᠨ ᠰᠠᠢᠬᠠᠨ ᠪᠦᠬᠦᠨ ᠢ᠋ ᠴᠣᠭᠴᠠᠯᠠᠬᠤ ᠠᠰᠤᠷᠤ ᠶᠡᠬᠡ ᠪᠤᠶᠠᠨ ᠢ᠋ ᠬᠤᠷᠢᠶᠠᠳᠠᠭ ᠭᠡᠳᠡᠭ᠂  ᠲᠡᠢᠮᠦ ᠡᠴᠡ ᠡᠯ᠎ᠡ ᠰᠤᠳᠤᠷ ᠢ᠋ ᠮᠥᠩᠬᠡ ᠪᠤᠰᠤ ᠶ᠋ᠢ ᠦᠵᠡᠭᠦᠯᠦᠭᠰᠡᠨ ᠬᠥᠮᠦᠨ ᠦ᠌ ᠬᠣᠢᠨ᠎ᠠ ᠠ᠋ᠴᠠ ᠤᠩᠰᠢᠬᠤ ᠠᠪᠠᠰᠤ ᠠᠰᠤᠷᠤ ᠶᠡᠬᠡ ᠲᠤᠰᠠ ᠪᠤᠶᠠᠨ ᠢ᠋ ᠦᠵᠡᠭᠦᠯᠵᠦ ᠳᠠᠷᠠᠭ᠎ᠠ ᠲᠥᠷᠥᠯ ᠳ᠋ᠡᠭᠡᠨ ᠰᠠᠢᠨ ᠲᠥᠷᠥᠯ ᠳ᠋ᠦ᠍ ᠲᠥᠷᠥᠬᠦ ᠤᠭ ᠰᠢᠯᠲᠠᠭᠠᠨ ᠢ᠋ ᠨᠢ ᠲᠠᠷᠢᠵᠤ ᠥᠭᠭᠦᠭᠡᠳ ᠵᠣᠭᠰᠣᠬᠤ ᠦᠭᠡᠢ ᠤᠩᠰᠢᠭᠰᠠᠨ ᠰᠣᠨᠣᠰᠤᠭᠰᠠᠨ ᠬᠥᠮᠦᠰ ᠥᠪᠡᠷ ᠢ᠋ᠶ᠋ᠡᠨ ᠥᠪᠡᠷ ᠢ᠋ ᠪᠡᠨ ᠳᠠᠪᠬᠤᠷ ᠢᠷᠥᠭᠡᠳᠡᠭ ᠪᠠᠢᠨ᠎ᠠ᠃  
ᠤᠷᠢ ᠵᠠᠯᠠᠭᠤ ᠮᠠᠨᠽᠤᠰᠢᠷᠢ ᠳ᠋ᠤ᠌ ᠮᠥᠷᠭᠥᠮᠦᠢ᠃
ᠠᠷᠪᠠᠨ ᠵᠦᠭ ᠦ᠋ᠨ ᠶᠢᠷᠲᠢᠨᠴᠦ ᠳ᠋ᠠᠬᠢᠨ ᠢ᠋ ᠭᠤᠷᠪᠠᠨ ᠴᠠᠭ ᠲᠤ ᠭᠡᠢᠭᠦᠯᠦᠨ ᠵᠠᠯᠠᠷᠠᠭᠰᠠᠨ 
ᠪᠢᠯᠢᠭᠲᠦ ᠬᠥᠮᠦᠨ ᠦ᠌ ᠠᠷᠰᠯᠠᠨ ᠪᠦᠭᠦᠳᠡ ᠳ᠋ᠦ᠍ ᠪᠡᠶ᠎ᠡ ᠬᠡᠯᠡ ᠰᠡᠳᠬᠢᠯ ᠢ᠋ᠶ᠋ᠡᠷ ᠮᠥᠷᠭᠥᠶ᠎ᠡ᠃
ᠰᠠᠢᠨ ᠶᠠᠪᠤᠳᠠᠯ ᠤ᠋ᠨ ᠢᠷᠦᠭᠡᠯ ᠦ᠋ᠨ ᠬᠦᠴᠦ ᠪᠡᠷ 
ᠰᠠᠨᠠᠭᠠᠨ ᠳ᠋ᠤ᠌ ᠢᠯᠡᠬᠡᠨ ᠬᠠᠮᠤᠭ ᠢᠯᠠᠭᠴᠢᠳ ᠲᠤ 
ᠣᠷᠣᠨ ᠶᠢᠷᠲᠢᠨᠴᠦᠰ ᠦ᠋ᠨ ᠬᠤᠮᠠᠬᠢ ᠶ᠋ᠢᠨ ᠲᠣᠭ᠎ᠠ ᠪᠠᠷ 
ᠣᠯᠠᠨᠲᠠ ᠬᠤᠪᠢᠯᠤᠨ ᠰᠥᠭᠥᠳᠦᠨ ᠮᠥᠷᠭᠥᠶ᠎ᠡ᠃ 
ᠨᠢᠭᠡᠨ ᠬᠤᠮᠠᠬᠢᠨ ᠳ᠋ᠤ᠌ ᠴᠤ᠌ 
ᠬᠤᠮᠠᠬᠢ ᠶ᠋ᠢᠨ ᠲᠣᠭᠠᠲᠤ ᠪᠤᠳᠢᠰᠠᠳᠠᠸ᠋᠎ᠡ ᠨᠠᠷ ᠤ᠋ᠨ ᠳᠤᠮᠳᠠ
ᠪᠤᠷᠬᠠᠳ ᠵᠠᠯᠠᠷᠠᠭᠰᠠᠭᠠᠷ ᠨᠡᠯᠦᠩᠬᠡᠢ ᠶᠡᠬᠡ ᠨᠣᠮ ᠤ᠋ᠨ ᠠᠭᠠᠷ ᠨᠢᠭᠦᠯᠡᠰᠦᠩᠭᠦᠢ  
ᠢᠯᠠᠭᠤᠭᠴᠢᠳ ᠢ᠋ᠶ᠋ᠠᠷ ᠳᠦᠭᠦᠷᠬᠦ ᠪᠣᠯᠲᠤᠭᠠᠢ᠃ 
ᠡᠴᠦᠰ ᠲᠡᠭᠦᠰᠬᠡᠯ ᠦᠭᠡᠢ ᠮᠠᠭᠲᠠᠭᠠᠯ ᠤ᠋ᠨ ᠳᠠᠯᠠᠢ 
ᠡᠬᠡᠰᠢᠭ ᠦ᠋ᠨ ᠭᠡᠰᠢᠭᠦᠲᠦ ᠳᠠᠭᠤ ᠪᠠᠷ 
ᠠᠷᠢᠭᠤᠨ ᠪᠤᠷᠬᠠᠳ ᠤ᠋ᠨ ᠡᠷᠳᠡᠮ ᠢ᠋ ᠳᠠᠭᠤᠷᠢᠰᠬᠠᠵᠤ᠂
ᠠᠮᠤᠭᠤᠯᠠᠩ ᠠᠵᠢᠷᠠᠭᠰᠠᠨ ᠪᠦᠭᠦᠳᠡ ᠶ᠋ᠢ ᠮᠠᠭᠲᠠᠶ᠎ᠠ᠃
ᠴᠡᠩᠭᠡᠯ ᠦ᠋ᠨ ᠳᠡᠭᠡᠳᠦ ᠪᠦᠬᠦᠨ ᠴᠣᠭᠴᠠᠯᠠᠭᠰᠠᠨ ᠴᠡᠴᠡᠭ  
ᠡᠷᠢᠭᠡ ᠬᠥᠭᠵᠢᠮ ᠰᠢᠬᠦᠷ ᠭᠡᠷᠡᠯ ᠭᠡᠭᠡ ᠠᠩᠬᠢᠯᠤᠮ᠎ᠠ ᠬᠦᠵᠢᠰ ᠢ᠋ᠶ᠋ᠡᠷ ᠭᠡᠭᠡᠨ ᠪᠤᠷᠬᠠᠳ  ᠲᠤ ᠲᠠᠬᠢᠯ ᠡᠷᠭᠦᠶ᠎ᠡ᠃  
ᠲᠠᠭᠠᠯᠠᠮᠵᠢᠲᠤ ᠡᠮᠦᠰᠬᠡᠯ  ᠷᠠᠰᠢᠶᠠᠨ ᠵᠣᠭᠣᠭ᠂ 
ᠲᠠᠯᠬᠠᠯᠠᠬᠤ ᠴᠢᠮᠡᠭ ᠢ᠋ ᠰᠦᠮᠪᠦᠷ ᠠᠭᠤᠯᠠ ᠰᠢᠭ᠋ 
ᠲᠠᠩᠰᠤᠭ ᠳᠡᠭᠡᠳᠦ ᠦᠵᠡᠮᠵᠢ ᠬᠢᠴᠡᠲᠡᠢ
ᠲᠠᠬᠢᠯ ᠪᠣᠯᠭᠠᠨ  ᠢᠯᠠᠭᠤᠭᠴᠢᠳ ᠲᠤ᠌ ᠡᠷᠭᠦᠶ᠎ᠡ ᠃  
ᠠᠯᠢ ᠬᠡᠮᠵᠢᠰᠢ ᠦᠭᠡᠢ ᠶᠡᠬᠡ ᠲᠠᠬᠢᠯ ᠤ᠋ᠳ ᠢ᠋ ᠴᠦ᠍ 
ᠠᠪᠤᠷᠠᠯᠲᠤ ᠲᠡᠳᠡᠨ ᠳ᠋ᠦ᠍ ᠰᠡᠳᠬᠢᠯ ᠡᠴᠡ ᠪᠡᠨ ᠵᠣᠷᠢᠭᠤᠯᠵᠤ᠂ 
ᠠᠷᠢᠭᠤᠨ ᠶᠠᠪᠤᠳᠠᠯ ᠳ᠋ᠤ᠌ ᠲᠤᠷᠰᠢᠨ  ᠲᠡᠮᠡᠦᠯᠦᠭᠰᠡᠨ 
ᠠᠭᠤᠤ ᠪᠢᠰᠢᠷᠡᠯ ᠢ᠋ᠶ᠋ᠡᠷ ᠮᠥᠷᠭᠥᠨ ᠲᠠᠬᠢᠶ᠎ᠠ᠃
ᠰᠢᠨᠤᠯ ᠬᠣᠷᠣᠰᠤᠯ ᠮᠤᠩᠬᠠᠭ ᠤ᠋ᠨ ᠡᠷᠬᠡ ᠪᠡᠷ 
ᠪᠡᠶ᠎ᠡ ᠬᠡᠯᠡ ᠰᠡᠳᠬᠢᠯ ᠦ᠋ᠨ ᠡᠭᠦᠳᠡᠨ ᠡᠴᠡ ᠪᠢᠰᠢᠭᠦᠢ 
ᠦᠢᠯᠡᠳᠦᠭᠰᠡᠨ ᠬᠢᠯᠢᠨᠴᠡ ᠪᠦᠬᠦᠨ ᠢ᠋ᠶ᠋ᠡᠨ ᠪᠢ  
ᠨᠢᠭᠡᠳ ᠨᠢᠭᠡ ᠦᠭᠡᠢ  ᠨᠠᠮᠠᠨᠴᠢᠯᠠᠶ᠎ᠠ᠃
ᠠᠷᠪᠠᠨ ᠵᠦᠭ ᠦ᠋ᠨ ᠪᠤᠷᠬᠠᠨ ᠪᠤᠳᠢᠰᠠᠳᠠᠸ᠋᠎ᠡ ᠰᠤᠷᠤᠭᠴᠢ ᠲᠡᠭᠦᠰᠦᠭᠴᠢ ᠂  
ᠰᠢᠷᠠᠸᠩ  ᠪᠠᠷᠠᠳᠢᠭᠠᠪᠤᠳ ᠠᠮᠢᠲᠠᠨ ᠪᠦᠭᠦᠳᠡ ᠶ᠋ᠢᠨ ᠰᠠᠢᠨ 
ᠦᠢᠯᠡᠰ ᠠᠯᠢ ᠪᠦᠬᠦᠢ ᠳ᠋ᠦ᠍ ᠳᠠᠭᠠᠨ ᠪᠡᠶᠡᠰᠦᠶ᠎ᠡ᠃
ᠠᠷᠢᠭᠤᠰᠤᠨ ᠭᠡᠢᠵᠦ ᠲᠥᠭᠡᠷᠢᠭᠳᠡᠯ ᠡᠴᠡ ᠠᠩᠭᠢᠵᠢᠷᠠᠭᠰᠠᠨ 
ᠠᠷᠪᠠᠨ ᠵᠦᠭ ᠦ᠋ᠨ ᠶᠢᠷᠲᠢᠨᠴᠦ ᠶ᠋ᠢᠨ ᠵᠤᠯᠠ ᠨᠤᠭᠤᠳ  ᠲᠤ 
ᠠᠪᠤᠷᠠᠯ ᠤ᠋ᠨ ᠳᠡᠭᠡᠳᠦ ᠨᠣᠮ ᠤ᠋ᠨ ᠬᠦᠷᠳᠦ ᠪᠡᠨ
ᠠᠯᠭᠠᠰᠠᠯ ᠦᠭᠡᠢ ᠡᠷᠭᠢᠭᠦᠯᠬᠦ ᠶ᠋ᠢ ᠠᠢᠯᠠᠳᠬᠠᠨ ᠬᠦᠰᠡᠶ᠎ᠡ᠃ 
ᠨᠢᠷᠸᠠᠨ ᠳ᠋ᠤᠷ ᠦᠵᠡᠭᠦᠯᠬᠦ ᠶ᠋ᠢ  ᠪᠤᠯᠭᠤᠭᠠᠭᠴᠢᠳ  ᠲᠤ
ᠨᠡᠢᠲᠡ ᠶᠢᠷᠲᠢᠨᠴᠦ ᠶ᠋ᠢᠨ ᠲᠣᠭᠣᠰᠣ ᠰᠢᠭ᠋ ᠭᠠᠯᠪᠠ ᠳ᠋ᠤ᠌ 
ᠠᠮᠢᠲᠠᠨ ᠪᠦᠬᠦᠨ ᠢ᠋ ᠲᠡᠳᠬᠦᠨ ᠵᠠᠯᠠᠷᠠᠬᠤ ᠶ᠋ᠢ 
ᠠᠯᠠᠭ᠎ᠠ ᠪᠠᠨ ᠬᠠᠪᠰᠤᠷᠤᠨ ᠥᠴᠢᠨ ᠵᠠᠯᠪᠠᠷᠢᠶ᠎ᠠ ᠂
ᠮᠥᠷᠭᠥᠨ ᠳᠠᠬᠢᠵᠤ ᠭᠡᠮᠰᠢᠨ ᠨᠠᠮᠠᠨᠴᠢᠯᠠᠭᠠᠳ ᠲᠠᠭᠠᠨ ᠪᠡᠶᠡᠰᠴᠦ 
ᠠᠢᠯᠠᠳᠬᠠᠨ ᠵᠠᠯᠪᠠᠷᠢᠭᠰᠠᠨ ᠢ᠋ᠶ᠋ᠠᠷ 
ᠠᠯᠢᠪᠠ ᠬᠤᠷᠢᠶᠠᠭᠰᠠᠨ ᠪᠤᠶᠠᠨ ᠪᠦᠬᠦᠨ ᠢ᠋ᠶ᠋ᠡᠨ
ᠠᠷᠢᠭᠤᠰᠤᠯ ᠤ᠋ᠨ ᠳᠡᠭᠡᠳᠦ ᠳ᠋ᠦ᠍ ᠵᠣᠷᠢᠭᠤᠯᠤᠶ᠎ᠠ ᠪᠢ᠃
ᠡᠷᠲᠡ ᠵᠠᠯᠠᠷᠠᠭᠰᠠᠨ ᠡᠳᠦᠭᠡ ᠣᠷᠣᠰᠢᠭᠴᠢ ᠠᠷᠪᠠᠨ ᠵᠦᠭ ᠦ᠋ᠨ ᠪᠤᠷᠬᠠᠳ ᠢ᠋ ᠲᠠᠬᠢᠶ᠎ᠠ᠂ 
ᠢᠷᠡᠭᠡᠳᠦᠢ ᠶ᠋ᠢᠨ ᠪᠤᠷᠬᠠᠳ ᠴᠤ᠌ ᠦᠳᠲᠡᠷ ᠲᠦᠷᠭᠡᠨ 
ᠡᠭᠡᠷᠡᠭᠰᠡᠨ ᠢ᠋ᠶ᠋ᠡᠨ ᠭᠦᠢᠴᠡᠭᠡᠵᠦ ᠭᠡᠭᠡᠷᠡᠬᠦ ᠪᠣᠯᠲᠤᠭᠠᠢ ᠂ 
ᠠᠷᠪᠠᠨ ᠵᠦᠭ ᠦ᠋ᠨ ᠬᠠᠮᠤᠭ ᠣᠷᠣᠨ ᠠᠰᠤᠷᠤ ᠦᠯᠡᠮᠵᠢ 
ᠠᠷᠢᠭᠤᠨ ᠪᠣᠯᠤᠭᠠᠳ ᠪᠣᠳᠢ ᠮᠣᠳᠣᠨ᠎ᠠ ᠮᠣᠷᠢᠯᠠᠭᠰᠠᠨ ᠪᠤᠷᠬᠠᠳ  ᠪᠤᠳᠢᠰᠠᠳᠠᠸ᠋᠎ᠡ ᠨᠠᠷ ᠢ᠋ᠶ᠋ᠠᠷ ᠳᠦᠭᠦᠷᠬᠦ ᠪᠣᠯᠲᠤᠭᠠᠢ᠃
ᠠᠷᠪᠠᠨ ᠵᠦᠭ ᠦ᠋ᠨ ᠠᠮᠢᠲᠠᠨ ᠪᠦᠬᠦᠨ 
ᠠᠰᠢᠳᠠ ᠡᠪᠡᠳᠴᠢᠨ ᠦᠭᠡᠢ ᠠᠮᠤᠷ ᠵᠢᠷᠭᠠᠭᠠᠳ 
ᠠᠷᠢᠭᠤᠨ ᠨᠣᠮ ᠤ᠋ᠨ ᠦᠢᠯᠡᠰ ᠪᠦᠬᠦᠨ ᠨᠢ 
ᠠᠶ᠎ᠠ ᠨᠠᠢᠷᠲᠠᠢ ᠰᠡᠳᠬᠢᠯᠴᠢᠯᠡᠨ ᠪᠦᠲᠦᠬᠦ  ᠪᠣᠯᠲᠤᠭᠠᠢ᠃ 
ᠭᠡᠭᠡᠷᠡᠯ ᠦ᠋ᠨ ᠵᠠᠮ ᠢ᠋ᠶ᠋ᠠᠷ ᠪᠢ ᠵᠠᠮᠨᠠᠵᠤ᠂
ᠣᠷᠴᠢᠯ ᠪᠦᠷᠢ ᠳ᠋ᠦ᠍ ᠲᠥᠷᠥᠯ ᠢ᠋ᠶ᠋ᠡᠨ ᠮᠡᠳᠡᠭᠡᠳ ᠭᠡᠷ ᠢ᠋ᠶ᠋ᠡᠨ ᠣᠷᠬᠢᠭᠰᠠᠨ
ᠦᠨᠡᠨ ᠦ᠌ ᠡᠷᠢᠯ ᠳ᠋ᠦ᠍ ᠲᠥᠷᠥᠯ ᠳᠣᠳᠣᠮ ᠳ᠋ᠠᠭᠠᠨ ᠭᠠᠷᠬᠤ ᠪᠣᠯᠲᠤᠭᠠᠢ᠃ 
ᠠᠭᠤᠤ ᠭᠡᠭᠡᠷᠡᠭᠰᠡᠳ ᠢ᠋ ᠳᠠᠭᠠᠨ ᠰᠤᠷᠤᠯᠴᠠᠵᠤ᠂
ᠠᠷᠢᠭᠤᠨ ᠶᠠᠪᠤᠳᠠᠯ ᠢ᠋ ᠲᠡᠭᠦᠰ ᠭᠦᠢᠴᠡᠳᠬᠡᠵᠦ᠂ 
ᠶᠣᠰᠣ ᠰᠤᠷᠲᠠᠬᠤᠨ ᠢ᠋ ᠭᠬᠢᠷ ᠦᠭᠡᠢ  ᠠᠷᠢᠭᠤᠰᠬᠠᠵᠤ᠂ 
ᠶᠣᠰᠣ ᠪᠤᠰᠤ ᠶ᠋ᠢ ᠬᠡᠵᠢᠶᠡᠳᠡ ᠲᠡᠪᠴᠢᠰᠦᠭᠡᠢ᠃
ᠲᠡᠭᠷᠢ ᠯᠤᠤᠰ ᠴᠢᠳᠬᠥᠷ ᠦ᠋ᠨ ᠬᠡᠯᠡ ᠬᠥᠮᠦᠨ ᠪᠤᠰᠤ ᠪᠣᠯᠤᠨ ᠬᠥᠮᠦᠨ ᠦ᠌ ᠬᠡᠯᠡ 
ᠠᠯᠢᠪᠠ ᠪᠦᠬᠦᠢ ᠠᠮᠢᠲᠠᠨ ᠤ᠋ ᠬᠡᠯᠡ ᠪᠡᠷ 
ᠠᠷᠢᠭᠤᠨ ᠨᠣᠮ ᠢ᠋  ᠵᠢᠭᠠᠭᠠᠰᠤᠭᠠᠢ ᠪᠢ᠃ 
ᠡᠯᠪᠡᠷᠢᠯ ᠵᠢᠷᠤᠮ ᠪᠠᠷᠠᠮᠢᠳ ᠲᠤ ᠬᠢᠴᠢᠶᠡᠵᠦ᠂
ᠡᠷᠳᠡᠨᠢᠲᠦ ᠰᠡᠳᠬᠢᠯ ᠢ᠋ ᠠᠯᠳᠠᠯ ᠦᠭᠡᠢ ᠪᠠᠷᠢᠵᠤ᠂
ᠡᠷᠬᠢᠮ ᠰᠠᠢᠨ ᠴᠢᠨᠠᠷ ᠢ᠋ ᠮᠢᠨᠢ ᠭᠤᠲᠤᠭᠠᠭᠴᠢ
ᠡᠯᠳᠡᠪ ᠪᠤᠷᠲᠠᠭ ᠠ᠋ᠴᠠ ᠠᠩᠭᠢᠵᠢᠷᠠᠬᠤ ᠪᠣᠯᠲᠤᠭᠠᠢ᠃ 
ᠨᠠᠷᠠ ᠰᠠᠷᠠ ᠣᠭᠲᠠᠷᠭᠤᠢ ᠳ᠋ᠤ᠌ ᠲᠣᠷᠳᠠᠭ ᠦᠭᠡᠢ᠂ 
ᠯᠢᠩᠬᠤ᠎ᠠ ᠴᠡᠴᠡᠭ ᠤᠰᠤᠨ ᠳ᠋ᠤ᠌ ᠭᠬᠢᠷᠲᠦᠳᠡᠭ ᠦᠭᠡᠢ ᠰᠢᠭ
ᠵᠣᠪᠠᠯᠠᠩ ᠤ᠋ᠨ ᠡᠭᠦᠰᠬᠡᠯ ᠱᠤᠯᠤᠮ ᠤ᠋ᠨ ᠦᠢᠯᠡ ᠡᠴᠡ 
ᠠᠮᠢᠳᠤᠷᠠᠯ ᠤ᠋ᠨ ᠲᠣᠭᠣᠷᠢᠭ  ᠲᠤ ᠠᠩᠭᠢᠳᠠ ᠶᠠᠪᠤᠲᠤᠭᠠᠢ᠃ 
ᠡᠯᠳᠡᠪ ᠬᠡᠮᠵᠢᠶᠡᠰᠦ ᠶᠢᠷᠲᠢᠨᠴᠦ 
ᠪᠦᠬᠦᠢ ᠶ᠋ᠢ ᠡᠮᠭᠡᠨᠢᠯᠲᠦ ᠵᠣᠪᠠᠯᠠᠩ ᠢ᠋ ᠮᠠᠰᠢᠳᠠ  ᠠᠮᠤᠷᠯᠢᠭᠤᠯᠵᠤ᠂ 
ᠡᠩᠬᠡ   ᠠᠮᠤᠭᠤᠯᠠᠩ ᠳ᠋ᠤ᠌ ᠠᠮᠢᠲᠠᠨ ᠢ᠋  ᠬᠥᠲᠥᠯᠦᠨ᠂  
ᠡᠭᠡᠨᠡᠭᠲᠡ ᠲᠡᠳᠡᠨ ᠳ᠋ᠦ᠍ ᠲᠤᠰᠠ ᠶ᠋ᠢ ᠦᠢᠯᠡᠳᠰᠦᠭᠡᠢ᠃ 
ᠪᠤᠶᠠᠨᠲᠤ ᠦᠢᠯᠡᠰ ᠢ᠋ ᠲᠡᠭᠦᠰ ᠳᠡᠭᠵᠢᠭᠡᠵᠦ᠂ 
ᠪᠤᠰᠤᠳ ᠤ᠋ᠨ ᠶᠠᠪᠤᠳᠠᠯ ᠳ᠋ᠤ᠌ ᠵᠣᠬᠢᠯᠳᠤᠨ ᠣᠷᠣᠵᠤ ᠂
ᠡᠷᠬᠢᠮ ᠰᠠᠢᠨ ᠢ᠋ ᠦᠯᠢᠭᠡᠷᠯᠡᠨ ᠦᠵᠡᠭᠦᠯᠵᠦ᠂
ᠢᠷᠡᠭᠡᠳᠦᠢ ᠶ᠋ᠢᠨ ᠭᠠᠯᠪᠠ ᠪᠦᠬᠦᠨ ᠢ᠋ ᠲᠤᠭᠤᠯᠰᠤᠭᠠᠢ᠃
ᠢᠯᠭᠠᠭ᠎ᠠ ᠦᠭᠡᠢ ᠨᠠᠳᠠ ᠰᠢᠭ᠋ ᠭᠡᠭᠡᠷᠡᠯ ᠢ᠋ ᠡᠷᠢᠭᠴᠢ  
ᠢᠯᠠᠭᠤᠭᠰᠠᠨ ᠬᠥᠪᠡᠭᠦᠳ ᠲᠡᠢ ᠪᠢ ᠨᠥᠬᠥᠷᠯᠡᠵᠦ᠂ 
ᠢᠮᠠᠭᠲᠠ ᠪᠡᠶ᠎ᠡ ᠬᠡᠯᠡ ᠰᠡᠳᠬᠢᠯ ᠢ᠋ᠶ᠋ᠡᠷ ᠢ᠋ᠶ᠋ᠡᠨ 
ᠶᠠᠪᠤᠳᠠᠯ ᠢᠷᠦᠭᠡᠯ ᠢ᠋ᠶ᠋ᠡᠨ ᠨᠢᠭᠡᠳᠬᠡᠬᠦ ᠪᠣᠯᠲᠤᠭᠠᠢ ᠃
ᠥᠮᠥᠭ ᠲᠦᠰᠢᠭ ᠪᠣᠯᠤᠭᠰᠠᠨ ᠨᠥᠬᠥᠳ ᠦᠯᠢᠭᠡᠷ ᠰᠠᠢᠨ ᠶᠠᠪᠤᠳᠠᠯ ᠢ᠋ ᠵᠢᠭᠠᠭᠴᠢ ᠲᠠᠢ 
ᠦᠷᠭᠦᠯᠵᠢ ᠪᠢ ᠤᠴᠠᠷᠠᠬᠤ ᠪᠦᠷᠢ ᠳ᠋ᠡᠭᠡᠨ 
ᠦᠨᠡᠨ ᠰᠡᠳᠬᠢᠯ ᠢ᠋ ᠨᠢ ᠪᠦᠦ ᠰᠦᠬᠦᠷᠡᠬᠡᠶ᠎ᠡ᠃ 
ᠠᠷᠢᠭᠤᠨ ᠰᠡᠳᠬᠢᠯᠲᠦ  ᠪᠠᠭᠠᠲᠤᠷ ᠤ᠋ᠳ ᠢ᠋ᠶ᠋ᠠᠷ ᠬᠦᠷᠢᠶᠡᠯᠡᠭᠦᠯᠦᠭᠰᠡᠨ
ᠠᠪᠤᠷᠠᠯᠲᠤ ᠪᠤᠷᠬᠠᠳ ᠢ᠋ ᠢᠯᠡᠬᠡᠨ ᠦᠵᠡᠬᠦ ᠲᠡᠢ 
ᠠᠢᠰᠤᠢ ᠴᠠᠭ ᠤ᠋ᠨ ᠭᠠᠯᠪᠠ ᠳᠣᠳᠣᠮ ᠳ᠋ᠤ᠌  
ᠠᠭᠤᠤ ᠶᠡᠬᠡ ᠪᠡᠷ ᠲᠡᠳᠡᠨ ᠢ᠋ ᠲᠠᠬᠢᠰᠤᠭᠠᠢ᠃  
ᠪᠣᠭᠳᠠ ᠮᠡᠷᠭᠡᠳ ᠦ᠋ᠨ ᠨᠣᠮ ᠢ᠋ ᠳᠡᠭᠡᠳᠦᠯᠡᠵᠦ᠂
ᠪᠣᠳᠢ ᠶᠠᠪᠤᠳᠠᠯ ᠢ᠋ᠶ᠋ᠠᠷ ᠬᠣᠲᠠᠯᠠ ᠶ᠋ᠢ ᠬᠡᠬᠡᠷᠡᠭᠦᠯᠵᠦ᠂
ᠢᠷᠡᠭᠡᠳᠦᠢ ᠶ᠋ᠢᠨ ᠲᠣᠭ᠎ᠠ ᠲᠣᠮᠰᠢ ᠦᠭᠡᠢ ᠭᠠᠯᠪᠠ ᠳ᠋ᠤ᠌ 
ᠡᠷᠬᠢᠮ ᠦᠢᠯᠡᠰ ᠢ᠋ ᠳᠡᠭᠵᠢᠭᠡᠨ ᠶᠠᠪᠤᠰᠤᠭᠠᠢ᠃
ᠡᠷᠭᠢᠬᠦ ᠬᠣᠷᠸ᠎ᠠ ᠶ᠋ᠢᠨ ᠣᠷᠴᠢᠯ ᠪᠦᠬᠦᠨ ᠳ᠋ᠦ᠍ 
ᠡᠩᠨᠡᠰᠢ ᠦᠭᠡᠢ ᠪᠤᠶᠠᠨ ᠰᠤᠤ ᠵᠠᠯᠢ
ᠡᠷᠳᠡᠮ ᠤᠬᠠᠭᠠᠨ ᠪᠢᠰᠢᠯᠭᠠᠯ ᠭᠡᠭᠡᠷᠡᠯ ᠦ᠋ᠨ 
ᠡᠷᠳᠡᠨᠢᠰ ᠦ᠋ᠨ ᠪᠠᠶᠠᠨ ᠰᠠᠩ ᠪᠣᠯᠲᠤᠭᠠᠢ᠃ 
ᠨᠢᠭᠡᠨ ᠬᠤᠮᠠᠬᠢ ᠳ᠋ᠤ᠌ ᠬᠤᠮᠠᠬᠢ ᠶ᠋ᠢᠨ ᠲᠣᠭᠠᠲᠤ ᠣᠷᠣᠨ ᠪᠦᠭᠦᠳᠡ ᠳ᠋ᠦ᠍ ᠰᠡᠳᠬᠢᠰᠢ ᠦᠭᠡᠢ ᠪᠤᠷᠬᠠᠳ   
ᠪᠤᠳᠢᠰᠠᠳᠠᠸ᠋᠎ᠡ ᠨᠠᠷ ᠤ᠋ᠨ ᠳᠤᠮᠳᠠ ᠵᠠᠯᠠᠷᠠᠭᠰᠠᠨ ᠢ᠋ ᠪᠣᠳᠢ ᠶᠠᠪᠤᠳᠠᠯ ᠢ᠋ᠶ᠋ᠠᠷ ᠶᠠᠪᠤᠨ ᠦᠵᠡᠰᠦᠭᠡᠢ᠃ 
ᠦᠵᠦᠭᠦᠷ ᠬᠢᠵᠠᠭᠠᠷ ᠦᠭᠡᠢ ᠵᠦᠭ  ᠪᠦᠬᠦᠨ ᠳ᠋ᠦ᠍ 
ᠦᠰᠦᠨ ᠦ᠌ ᠡᠨᠳᠡ ᠳ᠋ᠦ᠍ ᠭᠤᠷᠪᠠᠨ ᠴᠠᠭ ᠤ᠋ᠨ ᠳᠠᠯᠠᠢ ᠪᠤᠷᠬᠠᠳ 
ᠳᠠᠯᠠᠢ ᠣᠷᠣᠨ ᠨᠤᠭᠤᠳ ᠢ᠋  ᠳᠠᠯᠠᠢ ᠭᠠᠯᠪᠠ ᠳ᠋ᠤ᠌ ᠦᠵᠡᠨ  ᠵᠣᠷᠴᠢᠰᠤᠭᠠᠢ᠃ 
ᠦᠭᠡ ᠪᠦᠷᠢ ᠨᠢ ᠳᠠᠯᠠᠢ ᠮᠡᠲᠦ 
ᠦᠯᠡᠮᠵᠢ ᠶ᠋ᠢᠨ ᠴᠢᠨᠠᠷ ᠲᠡᠭᠦᠰ ᠠᠶᠠᠯᠭᠤ ᠪᠤᠰᠤᠳ ᠤ᠋ᠨ ᠰᠡᠳᠬᠢᠯ ᠳ᠋ᠦ᠍ ᠶᠠᠮᠠᠷᠴᠢᠯᠠᠨ ᠨᠡᠢᠴᠡᠭᠰᠡᠨ
ᠪᠤᠷᠬᠠᠨ ᠤ᠋ ᠵᠠᠷᠯᠢᠭ ᠢ᠋ ᠢᠮᠠᠭᠲᠠ ᠰᠣᠨᠣᠰᠲᠤᠭᠠᠢ᠃ 
ᠴᠠᠭ ᠴᠠᠭ ᠤ᠋ᠨ ᠭᠡᠭᠡᠷᠡᠭᠰᠡᠳ ᠪᠦᠬᠦᠨ ᠢ᠋ 
ᠴᠠᠭᠯᠠᠰᠢ ᠦᠭᠡᠢ ᠨᠣᠮ ᠤ᠋ᠨ ᠬᠦᠷᠳᠦ ᠶ᠋ᠢ ᠡᠷᠭᠢᠭᠦᠯᠦᠭᠰᠡᠨ
ᠣᠶᠤᠨ ᠪᠠᠶᠠᠯᠢᠭ ᠤ᠋ᠨ ᠡᠬᠡᠰᠢᠭ ᠵᠠᠷᠯᠢᠭ  ᠲᠤ 
ᠣᠶᠤᠨ ᠤᠬᠠᠭᠠᠨ ᠤ᠋ ᠬᠦᠴᠦ ᠪᠡᠷ ᠨᠡᠪᠲᠡᠷᠡᠰᠦᠭᠡᠢ᠃
ᠢᠷᠡᠬᠦ ᠴᠠᠭ  ᠭᠠᠯᠪᠠ ᠪᠦᠭᠦᠳᠡ ᠳ᠋ᠦ᠍ ᠭᠱᠠᠨ ᠵᠠᠭᠤᠷ᠎ᠠ ᠪᠢ ᠣᠷᠣᠰᠤᠭᠠᠢ᠃
ᠠᠯᠢᠮᠠᠳ ᠭᠤᠷᠪᠠᠨ ᠴᠠᠭ ᠤ᠋ᠨ  ᠭᠠᠯᠪᠠ ᠶ᠋ᠢ ᠴᠦ᠍ ᠭᠱᠠᠨ ᠲᠡᠳᠦᠢ ᠳ᠋ᠦ᠍ ᠲᠤᠭᠤᠯᠤᠨ ᠶᠠᠪᠤᠰᠤᠭᠠᠢ᠃
ᠭᠤᠷᠪᠠᠨ ᠴᠠᠭ ᠤ᠋ᠨ ᠭᠡᠭᠡᠨ ᠪᠤᠷᠬᠠᠳ ᠢ᠋ ᠨᠢᠭᠡᠨ ᠭᠱᠠᠨ ᠳ᠋ᠤ᠌ ᠪᠢ ᠦᠵᠡᠰᠦᠭᠡᠢ᠃ 
ᠡᠭᠡᠨᠡᠭᠲᠡ ᠲᠡᠳᠡᠨ ᠦ᠌  ᠡᠵᠡᠯᠡᠭᠲᠡᠭᠦᠨ ᠵᠦᠢᠯᠡᠰ ᠢ᠋  
ᠶᠢᠯᠸᠲᠦ ᠴᠢᠨᠠᠷ ᠤ᠋ᠨ ᠪᠢᠰᠢᠯᠭᠠᠯ ᠢ᠋ᠶ᠋ᠠᠷ ᠡᠵᠡᠮᠰᠢᠰᠦᠭᠡᠢ᠃ 
ᠭᠤᠷᠪᠠᠨ ᠴᠠᠭ ᠤ᠋ᠨ ᠠᠷᠢᠭᠤᠨ ᠣᠷᠣᠨ ᠢ᠋  ᠨᠢᠭᠡᠨ ᠬᠤᠮᠠᠬᠢ ᠳ᠋ᠤ᠌ ᠢᠯᠡᠳᠲᠡ ᠪᠦᠲᠦᠭᠡᠵᠦ ᠂ 
ᠪᠦᠬᠦᠢᠯᠡ ᠵᠦᠭ ᠲᠦ᠍ ᠲᠡᠷᠡ ᠮᠡᠲᠦᠴᠢᠯᠡᠨ ᠪᠤᠷᠬᠠᠳ ᠤ᠋ᠨ ᠣᠷᠣᠨ ᠢ᠋ ᠪᠠᠢᠭᠤᠯᠬᠤ ᠪᠣᠯᠲᠤᠭᠠᠢ᠃  
ᠢᠷᠡᠭᠡᠳᠦᠢ ᠶ᠋ᠢᠨ ᠶᠢᠷᠲᠢᠨᠴᠦ ᠶ᠋ᠢᠨ ᠵᠤᠯᠠ ᠨᠤᠭᠤᠳ ᠳᠠᠷᠠᠭᠠᠯᠠᠨ ᠭᠡᠭᠡᠷᠡᠯ ᠢ᠋ ᠣᠯᠵᠤ ᠬᠦᠷᠳᠦ ᠶ᠋ᠢ ᠡᠷᠭᠢᠭᠦᠯᠵᠦ᠂
ᠠᠮᠤᠷᠯᠢᠩᠭᠤᠢ ᠶ᠋ᠢᠨ ᠲᠤᠢᠯ ᠨᠢᠷᠸᠠᠨ ᠢ᠋ ᠦᠵᠡᠭᠦᠯᠬᠦ ᠳ᠋ᠦ᠍  ᠠᠪᠤᠷᠠᠯ ᠲᠡᠳᠡᠨ ᠦ᠌ ᠳᠡᠷᠭᠡᠳᠡ  ᠶᠠᠪᠤᠰᠤᠭᠠᠢ᠃ 
ᠬᠠᠮᠤᠭ ᠤ᠋ᠨ ᠬᠤᠷᠳᠤᠨ ᠬᠤᠪᠢᠯᠭᠠᠨ ᠤ᠋ ᠬᠦᠴᠦ 
ᠬᠠᠮᠤᠭ ᠤ᠋ᠨ ᠡᠭᠦᠳᠡ  ᠭᠦᠯᠭᠡᠨ ᠦ᠌ ᠬᠦᠴᠦ 
ᠬᠠᠮᠤᠭ ᠤ᠋ᠨ ᠡᠷᠳᠡᠮᠲᠦ ᠶᠠᠪᠤᠳᠠᠯ ᠤ᠋ᠨ  ᠬᠦᠴᠦ᠂
ᠬᠠᠮᠤᠭ ᠤ᠋ᠨ ᠲᠦᠭᠡᠮᠡᠯ  ᠠᠰᠠᠷᠠᠬᠤᠢ ᠶ᠋ᠢᠨ ᠬᠦᠴᠦ 
ᠬᠠᠮᠤᠭ ᠤ᠋ᠨ ᠰᠠᠢᠨ ᠪᠤᠶᠠᠨ ᠤ᠋ ᠬᠦᠴᠦ 
ᠬᠠᠷᠢᠯᠲᠠ ᠦᠭᠡᠢ ᠪᠡᠯᠭᠡ ᠪᠢᠯᠢᠭ ᠦ᠋ᠨ ᠬᠦᠴᠦ 
ᠠᠷᠭ᠎ᠠ ᠪᠢᠯᠢᠭ ᠰᠠᠮᠠᠳᠢ ᠶ᠋ᠢᠨ ᠬᠦᠴᠦ ᠪᠡᠷ
ᠠᠷᠢᠭᠤᠨ ᠪᠣᠳᠢ ᠶ᠋ᠢᠨ ᠬᠦᠴᠦ ᠶ᠋ᠢ ᠪᠦᠲᠦᠭᠡᠰᠦᠭᠡᠢ᠃ 
ᠦᠢᠯᠡ ᠶ᠋ᠢᠨ ᠬᠦᠴᠦ ᠶ᠋ᠢ ᠣᠭᠣᠭᠠᠲᠠ ᠠᠷᠢᠯᠭᠠᠭᠠᠳ ᠨᠢᠰᠸᠠᠨᠢᠰ ᠤ᠋ᠨ ᠬᠦᠴᠦ ᠶ᠋ᠢ 
ᠣᠷᠣ ᠦᠭᠡᠢ ᠳᠠᠷᠤᠭᠠᠳ ᠱᠤᠯᠤᠮ ᠤ᠋ᠨ ᠬᠦᠴᠦ ᠶ᠋ᠢ ᠦᠭᠡᠢ ᠪᠣᠯᠭᠠᠭᠰᠠᠨ ᠢ᠋ᠶ᠋ᠠᠷ ᠰᠠᠢᠨ ᠶᠠᠪᠤᠳᠠᠯ ᠤ᠋ᠨ ᠬᠦᠴᠦ ᠶ᠋ᠢ ᠭᠦᠢᠴᠡᠭᠡᠰᠦᠭᠡᠢ᠃  ᠳᠠᠯᠠᠢ ᠮᠡᠲᠦ ᠣᠷᠣᠨ ᠢ᠋ ᠭᠡᠢᠭᠦᠯᠵᠦ ᠳᠠᠯᠠᠢ ᠮᠡᠲᠦ ᠠᠮᠢᠲᠠᠳ ᠢ᠋ ᠭᠡᠲᠦᠯᠭᠡᠰᠦᠭᠡᠢ 
ᠳᠠᠯᠠᠢ ᠮᠡᠲᠦ ᠨᠣᠮ ᠢ᠋ ᠦᠵᠡᠵᠦ ᠳᠠᠯᠠᠢ ᠮᠡᠲᠦ ᠪᠢᠯᠢᠭ ᠢ᠋ ᠣᠨᠣᠭᠠᠰᠤᠭᠠᠢ᠃  
ᠳᠠᠯᠠᠢ ᠮᠡᠲᠦ ᠶᠠᠪᠤᠳᠠᠯ ᠢ᠋  ᠠᠷᠢᠭᠤᠰᠬᠠᠨ
ᠳᠠᠯᠠᠢ ᠮᠡᠲᠦ ᠢᠷᠦᠭᠡᠯ ᠢ᠋ ᠲᠡᠭᠦᠰᠬᠡᠵᠦ᠂
ᠳᠠᠯᠠᠢ ᠮᠡᠲᠦ ᠪᠤᠷᠬᠠᠳ ᠢ᠋  ᠳᠠᠬᠢᠨ 
ᠳᠠᠯᠠᠢ ᠮᠡᠲᠦ ᠭᠠᠯᠪᠠ ᠶ᠋ᠢ ᠲᠤᠭᠤᠯᠰᠤᠭᠠᠢ᠃ 
ᠠᠯᠢᠮᠠᠳ ᠭᠤᠷᠪᠠᠨ ᠴᠠᠭ ᠤ᠋ᠨ ᠪᠤᠷᠬᠠᠳ ᠤ᠋ᠨ 
ᠠᠷᠢᠭᠤᠨ ᠶᠠᠪᠤᠳᠠᠯ ᠤ᠋ᠨ ᠢᠷᠦᠭᠡᠯ ᠪᠦᠬᠦᠨ ᠢ᠋ 
ᠠᠭᠤᠤ ᠰᠠᠢᠨ ᠶᠠᠪᠤᠳᠠᠯ ᠢ᠋ᠶ᠋ᠠᠷ ᠭᠡᠭᠡᠷᠡᠵᠦ᠂ 
ᠠᠯᠳᠠᠯ ᠦᠭᠡᠢ ᠪᠢ ᠭᠦᠢᠴᠡᠳᠬᠡᠬᠦ ᠪᠣᠯᠲᠤᠭᠠᠢ᠃  
ᠢᠯᠠᠭᠤᠭᠰᠠᠨ ᠪᠦᠬᠦᠨ ᠦ᠌ ᠠᠬᠠᠮᠠᠳ ᠬᠥᠪᠡᠭᠦᠨ 
ᠢᠷᠠᠭᠤ ᠠᠯᠳᠠᠷ ᠨᠢ   
ᠰᠠᠮᠠᠨᠳᠠᠪᠠᠳ᠌ᠷ᠎ᠠ ᠡᠷᠳᠡᠮᠲᠦ ᠲᠡᠭᠦᠨ ᠲᠡᠢ ᠢᠵᠢᠯᠢᠰᠢᠬᠦ ᠶ᠋ᠢᠨ ᠲᠤᠯᠠᠳᠠ ᠡᠯ᠎ᠡ ᠪᠤᠶᠠᠨ ᠢ᠋ᠶ᠋ᠠᠨ ᠰᠠᠢᠲᠤᠷ ᠵᠣᠷᠢᠭᠤᠯᠤᠶ᠎ᠠ᠃ 
ᠪᠡᠶ᠎ᠡ ᠬᠡᠯᠡ ᠰᠡᠳᠬᠢᠯ ᠪᠣᠯᠤᠨ ᠶᠠᠪᠤᠳᠠᠯ ᠣᠷᠣᠨ ᠪᠦᠭᠦᠳᠡ  ᠨᠢ ᠠᠷᠢᠭᠤᠰᠤᠭᠰᠠᠨ
ᠪᠢᠯᠢᠭᠦᠨ ᠰᠠᠢᠨ ᠢᠷᠦᠭᠡᠯᠲᠦ ᠲᠡᠭᠦᠨ ᠲᠡᠢ ᠪᠢ ᠴᠦ᠍ ᠪᠠᠰᠠ  ᠠᠳᠠᠯᠢᠬᠠᠨ ᠪᠣᠯᠲᠤᠭᠠᠢ᠃
ᠡᠷᠬᠢᠮ ᠳᠡᠭᠡᠳᠦ ᠶᠠᠪᠤᠳᠠᠯ ᠤ᠋ᠨ ᠲᠤᠯᠠᠳᠠ 
ᠢᠲᠡᠭᠡᠯ  ᠮᠠᠨᠽᠤᠰᠢᠷᠢ ᠶ᠋ᠢᠨ ᠢᠷᠦᠭᠡᠯ ᠢ᠋ ᠲᠠᠯᠪᠢᠵᠤ
ᠢᠷᠡᠭᠡᠳᠦᠢ ᠶ᠋ᠢᠨ ᠭᠠᠯᠪᠠ ᠳᠣᠳᠣᠮ ᠳ᠋ᠤ᠌ ᠡᠭᠦᠰᠦᠯ ᠦᠭᠡᠢ 
ᠡᠭᠡᠷᠡᠭᠰᠡᠨ ᠦᠢᠯᠡᠰ ᠢ᠋ ᠨᠢ ᠲᠡᠭᠦᠰ ᠭᠦᠢᠴᠡᠭᠡᠶ᠎ᠡ᠃ 
ᠢᠯᠡᠳᠲᠡ ᠶᠠᠪᠤᠳᠠᠯ ᠨᠢ ᠴᠠᠭᠯᠠᠰᠢ ᠦᠭᠡᠢ ᠪᠣᠯᠤᠭᠠᠳ ᠢᠳᠡ ᠬᠠᠪᠤ ᠨᠢ ᠴᠦ᠍ ᠬᠣᠣᠰ ᠦᠭᠡᠢ ᠪᠣᠯᠲᠤᠭᠠᠢ᠃ 
ᠡᠩ ᠬᠡᠮᠵᠢᠰᠢ ᠦᠭᠡᠢ ᠶᠠᠪᠤᠳᠠᠯ ᠳ᠋ᠤ᠌ ᠣᠷᠣᠰᠢᠭᠰᠠᠨ ᠴᠦ᠍ ᠡᠷᠳᠡᠮ ᠴᠢᠳᠠᠯ ᠪᠦᠬᠦᠨ ᠢ᠋ ᠡᠷᠢᠰᠦᠭᠡᠢ᠃
ᠣᠭᠲᠠᠷᠭᠤᠢ ᠶ᠋ᠢᠨ ᠬᠢᠵᠠᠭᠠᠷ ᠬᠠᠮᠢᠭ᠎ᠠ ᠬᠦᠷᠦᠨ᠎ᠡ᠂ 
ᠣᠷᠴᠢᠯᠠᠩᠲᠤ ᠶᠢᠷᠲᠢᠨᠴᠦ ᠲᠡᠨᠳᠡ ᠴᠦ᠍ ᠣᠷᠣᠰᠢᠨ᠎ᠠ᠂
ᠵᠣᠪᠠᠯᠠᠩ ᠲᠥᠭᠡᠷᠢᠭᠳᠡᠯ ᠬᠠᠮᠢᠭ᠎ᠠ ᠦᠷᠭᠦᠯᠵᠢᠯᠡᠨ᠎ᠡ 
ᠵᠣᠷᠢᠭᠰᠠᠨ ᠢᠷᠦᠭᠡᠯ ᠮᠢᠨᠢ ᠲᠡᠨᠳᠡ ᠴᠦ᠍ ᠬᠦᠷᠦᠨ᠎ᠡ᠃
ᠠᠷᠪᠠᠨ ᠵᠦᠭ ᠢ᠋ ᠡᠷᠳᠡᠨᠢᠰ ᠢ᠋ᠶ᠋ᠡᠷ ᠳᠦᠭᠦᠷᠭᠡᠵᠦ᠂
ᠠᠬᠤᠢ ᠴᠡᠩᠭᠡᠯ ᠢ᠋ ᠬᠣᠲᠠᠯᠠ ᠪᠠᠷ ᠪᠦᠷᠢᠳᠦᠭᠦᠯᠵᠦ᠂ 
ᠬᠤᠮᠠᠬᠢ ᠶ᠋ᠢᠨ ᠲᠣᠭᠣᠰᠣ ᠰᠢᠭ᠋ ᠣᠯᠠᠨ ᠭᠠᠯᠪᠠ ᠳ᠋ᠤ᠌ 
ᠬᠤᠲᠤᠭᠲᠤ ᠪᠤᠷᠬᠠᠳ ᠳᠤ ᠡᠷᠭᠦᠯ ᠪᠣᠯᠭᠠᠭᠰᠠᠨ ᠠ᠋ᠴᠠ ᠢᠷᠦᠭᠡᠯ ᠦ᠋ᠨ ᠬᠠᠭᠠᠨ ᠰᠤᠳᠤᠷ ᠢ᠋ ᠰᠣᠨᠣᠰᠴᠤ
ᠭᠡᠭᠡᠷᠡᠯ ᠦ᠋ᠨ ᠳᠡᠭᠡᠳᠦ ᠬᠤᠲᠤᠭ ᠢ᠋ ᠮᠥᠷᠥᠭᠡᠰᠴᠦ ᠪᠠᠭᠤᠷᠠᠰᠢ ᠦᠭᠡᠢ ᠰᠦᠵᠢᠭ ᠨᠢᠭᠡᠨᠲᠡ ᠲᠥᠷᠥᠭᠦᠯᠪᠡᠯ 
ᠪᠤᠶᠠᠨ ᠤ᠋ ᠳᠡᠭᠡᠳᠦ ᠨᠢ ᠡᠨᠡ ᠪᠣᠯᠤᠨ᠎ᠠ᠃ 
ᠬᠡᠨ ᠴᠦ᠍ ᠭᠡᠰᠡᠨ ᠡᠢᠨᠬᠦ  
ᠢᠷᠦᠭᠡᠪᠡᠯ ᠬᠡᠵᠢᠶᠡᠳᠡ ᠮᠠᠭᠤ ᠵᠠᠶᠠᠭᠠᠨ ᠳ᠋ᠤ᠌ ᠤᠨᠠᠯ ᠦᠭᠡᠢ 
ᠬᠢᠯᠢᠨᠴᠡᠲᠦ ᠨᠥᠬᠥᠷ ᠡᠴᠡ ᠠᠩᠭᠢᠵᠢᠷᠠᠬᠤ ᠪᠥᠭᠡᠳ  
ᠬᠢᠵᠠᠭᠠᠷ ᠦᠭᠡᠢ ᠭᠡᠷᠡᠯᠲᠦ ᠶ᠋ᠢ  ᠦᠳᠲᠡᠷ ᠦᠵᠡᠨ᠎ᠡ᠃ 
ᠡᠷᠬᠢᠮ ᠣᠯᠵᠠ ᠶ᠋ᠢ ᠲᠡᠳᠡ ᠡᠷᠬᠡᠰᠢᠶᠡᠨ ᠡᠨᠡ ᠨᠠᠰᠤᠨ ᠳ᠋ᠠᠭᠠᠨ ᠴᠤ᠌ ᠠᠮᠤᠷ ᠵᠢᠷᠭᠠᠭᠠᠳ 
ᠰᠠᠮᠠᠨᠳᠠᠪᠠᠳ᠌ᠷ᠎ᠠ  ᠶᠠᠮᠠᠷ ᠮᠡᠲᠦᠴᠢᠯᠡᠨ
ᠰᠠᠭᠠᠷᠠᠯᠲᠠ ᠦᠭᠡᠢ ᠲᠦᠷᠭᠡᠨ ᠲᠡᠭᠦᠨ ᠰᠢᠭ ᠪᠣᠯᠤᠨ᠎ᠠ᠃
ᠦᠨᠡᠨ ᠢ᠋  ᠤᠬᠠᠭᠠᠷᠠᠭ᠎ᠠ ᠦᠭᠡᠢ ᠬᠡᠨ ᠨᠢᠭᠡᠨ 
ᠦᠢᠯᠡ ᠶ᠋ᠢᠨ ᠲᠠᠪᠤᠨ ᠠᠳᠠᠭ ᠢ᠋ ᠦᠢᠯᠡᠳᠦᠯ᠎ᠡ ᠴᠦ᠍ 
ᠦᠨᠡᠨ ᠰᠡᠳᠬᠢᠯ ᠡᠴᠡ ᠡᠢᠨᠬᠦ ᠢᠷᠥᠭᠡᠪᠡᠯ 
ᠥᠨᠥᠬᠢ ᠨᠢᠭᠦᠯ ᠨᠢ ᠲᠦᠳᠡᠬᠡᠨ ᠠᠷᠢᠯᠤᠨ᠎ᠠ᠃
ᠤᠬᠠᠭᠠᠨ ᠪᠢᠯᠢᠭ, ᠪᠡᠶ᠎ᠡ ᠪᠢᠯᠳᠠᠷ ᠤᠭᠰᠠᠭ᠎ᠠ ᠢᠵᠠᠭᠤᠷ ᠲᠡᠭᠦᠯᠳᠡᠷ ᠪᠣᠯᠤᠭᠠᠳ 
ᠬᠠᠷ᠎ᠠ ᠬᠣᠣᠷ ᠤ᠋ᠨ ᠬᠦᠴᠦᠨ ᠳ᠋ᠦ᠍   
ᠳᠡᠢᠯᠳᠦᠯ ᠦᠭᠡᠢ ᠬᠠᠮᠤᠭ  ᠭᠤᠷᠪᠠᠨ ᠶᠢᠷᠲᠢᠨᠴᠦ ᠳ᠋ᠦ᠍ ᠰᠢᠲᠦᠭᠳᠡᠨ᠎ᠡ᠃ 
ᠠᠷᠢᠭᠤᠨ ᠪᠣᠳᠢ ᠮᠣᠳᠣ ᠤᠷᠤᠭᠤ ᠶᠠᠪᠤᠵᠤ 
ᠠᠮᠢᠲᠠᠨ ᠤ᠋ ᠲᠤᠰᠠᠳᠠ ᠲᠡᠨᠳᠡ ᠰᠠᠭᠤᠭᠠᠳ 
ᠠᠶᠤᠯᠲᠤ ᠱᠤᠯᠤᠮ ᠤ᠋ᠨ ᠬᠦᠴᠦ ᠶ᠋ᠢ ᠢᠯᠠᠵᠤ᠂ 
ᠠᠷᠢᠭᠤᠰᠤᠨ  ᠭᠡᠭᠡᠷᠡᠵᠦ ᠦᠨᠡᠨ ᠢ᠋ ᠨᠣᠮᠯᠠᠨ᠎ᠠ᠃ 
ᠡᠨᠡ ᠬᠦ᠌ ᠰᠠᠢᠨ ᠶᠠᠪᠤᠳᠠᠯ ᠤ᠋ᠨ ᠢᠷᠦᠭᠡᠯ ᠢ᠋ 
ᠡᠨᠳᠡᠭᠦᠷᠡᠯ ᠦᠭᠡᠢ ᠲᠣᠭᠲᠠᠭᠠᠵᠤ ᠤᠩᠰᠢᠵᠤ ᠤᠬᠠᠭᠤᠯᠪᠠᠯ 
ᠡᠴᠦᠰ ᠦ᠋ᠨ ᠦᠷ᠎ᠡ ᠶ᠋ᠢ ᠨᠢ ᠪᠤᠷᠬᠠᠨ ᠯᠠ  ᠪᠣᠯᠭᠣᠭᠠᠨ᠎ᠠ᠃
ᠡᠷᠡᠭᠡᠯᠵᠡᠬᠦ ᠬᠡᠷᠡᠭ ᠦᠭᠡᠢ ᠳᠡᠭᠡᠳᠦ 
ᠭᠡᠭᠡᠷᠡᠯ ᠳ᠋ᠦ᠍ ᠮᠠᠨᠽᠤᠰᠢᠷᠢ ᠪᠠᠭᠠᠲᠤᠷ ᠬᠡᠷᠬᠢᠨ ᠠᠢᠯᠠᠳᠤᠭᠰᠠᠨ  
ᠰᠠᠮᠠᠨᠳᠠᠪᠠᠳ᠌ᠷ᠎ᠠ ᠴᠦ᠍ ᠲᠡᠭᠦᠨᠴᠢᠯᠡᠨ ᠢᠷᠥᠭᠡᠭᠰᠡᠨ᠂ 
ᠠᠭᠤᠤ ᠲᠡᠳᠡᠨ ᠢ᠋ ᠳᠠᠭᠠᠨ ᠰᠤᠷᠤᠯᠴᠠᠲᠠᠯ᠎ᠠ 
ᠠᠯᠢᠪᠠ ᠪᠤᠶᠠᠨ ᠢ᠋ᠶ᠋ᠠᠨ ᠳᠠᠭᠠᠳᠬᠠᠨ  ᠵᠣᠷᠢᠭᠤᠯᠤᠶ᠎ᠠ᠃ 
ᠭᠤᠷᠪᠠᠨ ᠴᠠᠭ ᠤ᠋ᠨ ᠢᠯᠠᠭᠴᠢ ᠪᠦᠭᠦᠳᠡ ᠶ᠋ᠢᠨ ᠢᠷᠦᠭᠡᠯ ᠦ᠋ᠨ ᠬᠠᠭᠠᠨ ᠢ᠋ᠶ᠋ᠠᠷ ᠡᠷᠭᠦᠮᠵᠢᠯᠡᠭᠳᠡᠭᠰᠡᠨ ᠲᠤᠯᠠ 
ᠡᠨᠡ ᠪᠦᠬᠦᠢ ᠪᠤᠶᠠᠨ ᠤ᠋ ᠦᠨᠳᠦᠰᠦ ᠪᠡᠨ ᠡᠷᠬᠢᠮ ᠰᠠᠢᠨ ᠶᠠᠪᠤᠳᠠᠯ ᠳ᠋ᠤ᠌ ᠯᠠ ᠵᠣᠷᠢᠭᠤᠯᠤᠶ᠎ᠠ᠃ 
ᠡᠨᠡ ᠨᠠᠰᠤ ᠮᠢᠨᠢ ᠡᠴᠦᠰᠯᠡᠬᠦ ᠦᠶ᠎ᠡ ᠳ᠋ᠦ᠍ ᠡᠯᠳᠡᠪ ᠲᠦᠢᠳᠬᠡᠷ ᠪᠦᠬᠦᠨ ᠢ᠋ᠶ᠋ᠡᠨ ᠠᠷᠢᠭᠤᠰᠬᠠᠭᠠᠳ 
ᠡᠩᠨᠡᠰᠢ ᠦᠭᠡᠢ ᠭᠡᠷᠡᠯᠲᠦ ᠪᠤᠷᠬᠠᠨ ᠢ᠋  ᠦᠵᠡᠵᠦ ᠡᠩᠬᠡ ᠮᠡᠨᠳᠦ ᠶ᠋ᠢᠨ ᠣᠷᠣᠨ ᠳ᠋ᠤ᠌ ᠣᠳᠰᠤᠭᠠᠢ᠃ 
ᠡᠳᠡᠭᠡᠷ ᠢᠷᠦᠭᠡᠯ ᠢ᠋ᠶ᠋ᠡᠷ ᠲᠡᠨᠳᠡ ᠬᠦᠷᠦᠭᠰᠡᠨ ᠢ᠋ᠶ᠋ᠡᠷ
ᠢᠯᠡᠳᠲᠡ  ᠪᠣᠯᠭᠣᠭᠠᠨ ᠲᠡᠭᠦᠰ  ᠭᠦᠢᠴᠡᠭᠡᠵᠦ ᠣᠷᠴᠢᠯᠠᠩ ᠬᠡᠳᠦᠢ ᠣᠷᠣᠰᠢᠬᠤ ᠬᠤᠭᠤᠴᠠᠭᠠᠨ ᠳ᠋ᠤ᠌ 
ᠣᠯᠠᠨ ᠠᠮᠢᠲᠠᠨ ᠳ᠋ᠤ᠌ ᠲᠤᠰᠠᠯᠠᠨ  ᠶᠠᠪᠤᠰᠤᠭᠠᠢ᠃
ᠠᠮᠤᠷ ᠠᠮᠤᠭᠤᠯᠠᠩ ᠪᠤᠷᠬᠠᠨ ᠤ᠋ ᠣᠷᠣᠨ ᠳ᠋ᠤ᠌ 
ᠠᠷᠢᠭᠤᠨ ᠯᠢᠩᠬᠤ᠎ᠠ ᠴᠡᠴᠡᠭ ᠡᠴᠡ ᠮᠡᠨᠳᠦᠯᠡᠵᠦ᠂  
ᠠᠮᠢᠳᠠᠸ᠋᠎ᠡ ᠪᠤᠷᠬᠠᠨ ᠤ᠋ ᠢᠯᠡᠳᠲᠡ ᠪᠣᠱᠣᠭ ᠢ᠋ ᠠᠶ᠎ᠠ ᠪᠢ ᠪᠡᠷ ᠲᠡᠨᠳᠡ ᠣᠯᠰᠤᠭᠠᠢ᠃ 
ᠣᠨᠴᠠ ᠡᠷᠬᠢᠮ ᠪᠣᠱᠣᠭ ᠢ᠋ ᠣᠯᠤᠭᠠᠳ 
ᠣᠯᠠᠨ ᠵᠠᠭᠤᠨ ᠭᠣᠣᠯᠲᠤ ᠬᠤᠪᠢᠯᠭᠠᠨ ᠢ᠋ᠶ᠋ᠠᠷ 
ᠣᠶᠤᠨ ᠤ᠋ ᠬᠦᠴᠦ ᠪᠡᠷ ᠠᠷᠪᠠᠨ ᠵᠦᠭ  ᠲᠤ 
ᠣᠯᠠᠨ ᠠᠮᠢᠲᠠᠨ ᠤ᠋ ᠲᠤᠰᠠ ᠶ᠋ᠢ ᠦᠢᠯᠡᠳᠰᠦᠭᠡᠢ᠃
ᠰᠠᠢᠨ ᠶᠠᠪᠤᠳᠠᠯ ᠤ᠋ᠨ ᠢᠷᠦᠭᠡᠯ ᠢ᠋ ᠲᠠᠯᠪᠢᠭᠰᠠᠨ ᠢ᠋ᠶ᠋ᠠᠷ 
ᠰᠠᠶᠢ ᠮᠢᠨᠦ ᠬᠤᠷᠢᠶᠠᠭᠰᠠᠨ ᠪᠤᠶᠠᠨ ᠢ᠋ᠶ᠋ᠠᠷ ᠠᠮᠢᠲᠠᠨ ᠪᠦᠭᠦᠳᠡ ᠶ᠋ᠢᠨ ᠴᠦ᠍ 
ᠢᠷᠦᠭᠡᠯ ᠪᠤᠶᠠᠨ ᠭᠱᠠᠨ ᠲᠡᠳᠦᠢ ᠳ᠋ᠦ᠍ ᠪᠦᠲᠦᠬᠦ ᠪᠣᠯᠲᠤᠭᠠᠢ᠃  
ᠵᠣᠷᠢᠵᠤ ᠰᠠᠢᠨ ᠶᠠᠪᠤᠳᠠᠯ ᠢ᠋ ᠢᠷᠥᠭᠡᠭᠰᠡᠨ ᠢ᠋ᠶ᠋ᠡᠷ
ᠵᠣᠯ ᠪᠤᠶᠠᠨ  ᠬᠢᠵᠠᠭᠠᠷ ᠦᠭᠡᠢ ᠶ᠋ᠢ ᠣᠯᠤᠭᠠᠳ 
ᠵᠣᠪᠠᠯᠠᠩ ᠤ᠋ᠨ ᠳᠠᠯᠠᠢ ᠳ᠋ᠤ᠌ ᠵᠢᠪᠦᠭᠰᠡᠨ ᠠᠮᠢᠲᠠᠳ
ᠵᠣᠬᠢᠰᠲᠤ ᠠᠪᠢᠳᠠ ᠶ᠋ᠢᠨ ᠣᠷᠣᠨ ᠢ᠋ ᠣᠯᠲᠤᠭᠠᠢ ᠃
ᠡᠷᠬᠢᠮ ᠳᠡᠭᠡᠳᠦ ᠢᠷᠦᠭᠡᠯ ᠦ᠋ᠨ ᠬᠠᠭᠠᠨ
ᠡᠩ ᠦᠭᠡᠢ ᠠᠮᠢᠳᠠᠨ᠎ᠠ ᠲᠤᠰᠠ ᠪᠣᠯᠤᠭᠠᠳ 
ᠰᠠᠮᠠᠨᠳᠠᠪᠠᠳ᠌ᠷ᠎ᠠ ᠶ᠋ᠢᠨ ᠡᠭᠡᠷᠡᠯ ᠪᠡᠶᠡᠯᠡᠵᠦ
ᠰᠠᠭᠠᠷ ᠵᠠᠶᠠᠭ᠎ᠠ ᠪᠦᠬᠦᠨ ᠬᠣᠭᠣᠰᠣᠷᠠᠲᠤᠭᠠᠢ᠃   

   ᠦᠰᠦᠭ ᠠᠮᠢᠯᠠᠭᠤᠯᠤᠭᠴᠢ᠄ ᠲ· ᠲᠦᠮᠡᠨᠴᠡᠴᠡᠭ
   ᠦᠰᠦᠭ ᠬᠢᠨᠠᠭᠴᠢ᠄ ᠢᠷᠡᠭᠡᠳᠦᠢ᠂ ᠤᠷᠠᠨᠲᠠᠨ᠎ᠠ