ᠰᠢᠨᠵᠢᠶᠠᠩ ᠳ᠋ᠠᠬᠢ ᠶᠢᠰᠦᠨ ᠬᠣᠨᠣᠭ- ᠭ· ᠴᠢᠩᠪᠠᠭᠠᠲᠤᠷШинжаан дахь есөн хоног-Г·Чинбаатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨᠵᠢᠶᠠᠩ ᠳ᠋ᠠᠬᠢ ᠶᠢᠰᠦᠨ ᠬᠣᠨᠣᠭ- ᠭ· ᠴᠢᠩᠪᠠᠭᠠᠲᠤᠷШинжаан дахь есөн хоног-Г·Чинбаатар

ᠰᠢᠨᠵᠢᠶᠠᠩ ᠳ᠋ᠠᠬᠢ ᠶᠢᠰᠦᠨ ᠬᠣᠨᠣᠭ- ᠭ· ᠴᠢᠩᠪᠠᠭᠠᠲᠤᠷШинжаан дахь есөн хоног-Г·Чинбаатар

2024-08-09

1097

   — ᠰᠢᠨᠵᠢᠶᠠᠩ ᠳ᠋ᠠᠬᠢ ᠰᠤᠷᠪᠤᠯᠵᠢᠯᠠᠭ᠎ᠠ ᠶ᠋ᠢᠨ ᠠᠶᠠᠨ ᠤ᠋ ᠰᠢᠭᠦᠷᠭᠡᠢ ᠰᠡᠳᠬᠢᠭᠳᠡᠯ

                  ᠭ· ᠴᠢᠩᠪᠠᠭᠠᠲᠤᠷ

   ※ ᠲᠤᠰ ᠵᠣᠬᠢᠶᠠᠯ ᠢ᠋ ᠪᠠᠷᠢᠨ ᠲᠠᠯᠪᠢᠨ ᠪᠢᠴᠢᠭᠰᠡᠭᠡᠷ ᠨᠡᠯᠢᠶᠡᠳ ᠤᠳᠠᠴᠢᠬᠠᠯ᠎ᠠ᠃ ᠪᠢᠴᠢᠵᠦ ᠪᠠᠢᠭ᠎ᠠ ᠬᠣᠭᠣᠷᠣᠨᠳᠣ ᠷᠠᠳᠢᠣ᠋ ᠶ᠋ᠢᠨ ᠵᠢᠷᠠᠨ ᠵᠢᠯ ᠦ᠋ᠨ ᠣᠢ᠂《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠠᠵᠢᠯ ᠭᠡᠵᠦ ᠶᠠᠭᠠᠷᠠᠭᠰᠠᠭᠠᠷ ᠪᠠᠢᠭᠰᠠᠨ ᠪᠣᠯᠬᠣᠷ ᠲᠤᠬᠠᠲᠠᠢ ᠰᠠᠭᠤᠵᠤ ᠴᠢᠳᠠᠯ ᠦᠭᠡᠢ ᠪᠣᠳᠣᠯ ᠲᠠᠰᠤᠯᠳᠠᠭᠠᠳ ᠪᠠᠢᠭᠰᠠᠨ ᠨᠢ ᠬᠠᠯᠠᠲᠠᠢ᠃ ᠪᠢᠴᠢᠭᠰᠡᠨ ᠦ᠌ ᠪᠡᠨ ᠳᠠᠷᠠᠭ᠎ᠠ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠳ᠋ᠣᠺᠲ᠋ᠣᠷ᠂ ᠫᠷᠣᠹᠧᠰᠰᠣᠷ ᠳ· ᠳᠠᠶᠠ ᠭᠤᠸᠠᠢ ᠪᠠᠷ ᠬᠢᠨᠠᠭᠤᠯᠵᠤ ᠰᠠᠨᠠᠯ ᠢ᠋ ᠨᠢ ᠠᠪᠤᠭᠰᠠᠨ ᠶᠤᠮ᠃ ᠭᠠᠷᠴᠠᠭ ᠤ᠋ᠨ ᠬᠤᠪᠢ ᠳ᠋ᠤ᠌ ᠶᠠᠫᠣᠨ᠂ ᠪᠤᠷᠢᠶᠠᠳ ᠲᠤ ᠶᠠᠪᠤᠭᠰᠠᠨ ᠲᠡᠮᠳᠡᠭᠯᠡᠯ ᠯᠦ᠍ᠭᠡ ᠪᠡᠨ ᠢᠵᠢᠯᠢᠰᠢᠭᠦᠯᠦᠨ ᠢᠩᠭᠢᠵᠦ ᠭᠠᠷᠴᠠᠭᠯᠠᠭᠰᠠᠨ ᠶᠤᠮ᠃ ᠲᠦᠭᠦᠬᠡᠢ ᠰᠢᠭᠦᠷᠭᠡᠢ ᠵᠦᠢᠯ ᠢ᠋ ᠮᠢᠨᠢ ᠵᠢᠭᠠᠨ ᠵᠠᠯᠠᠷᠠᠭᠤᠯᠬᠤ ᠶ᠋ᠢ ᠴᠢᠩ ᠰᠡᠳᠬᠢᠯ ᠡᠴᠡ ᠪᠡᠨ ᠬᠦᠰᠡᠶ᠎ᠡ!
   ᠥᠪᠥᠷ ᠮᠣᠩᠭᠣᠯ ᠤ᠋ᠨ ᠠᠷᠠᠳ ᠤ᠋ᠨ ᠷᠠᠳᠢᠣ᠋ ᠬᠣᠷᠢᠶ᠎ᠠ ᠪᠠᠢᠭᠤᠯᠤᠭᠳᠠᠭᠰᠠᠨ ᠤ᠋ ᠵᠢᠷᠠᠨ ᠵᠢᠯ ᠦ᠋ᠨ ᠣᠢ ᠲᠣᠬᠢᠶᠠᠯᠳᠤᠭᠤᠯᠵᠤ᠂ ᠮᠣᠩᠭᠣᠯ ᠷᠠᠳᠢᠣ᠋ ᠶ᠋ᠢᠨ ᠬᠢᠨ ᠭᠤᠷᠪᠠᠨ ᠵᠠᠮ ᠤ᠋ᠨ ᠰᠤᠷᠪᠤᠯᠵᠢᠯᠠᠭᠴᠢ ᠲᠣᠮᠢᠯᠠᠨ ᠬᠠᠷᠠᠮᠦ᠋ᠷᠡᠨ᠂ ᠬᠢᠷᠢᠨ᠂ ᠯᠢᠶᠣᠤᠨᠢᠩ᠃ ᠬᠥᠬᠡᠨᠠᠭᠤᠷ᠂ ᠭᠠᠨᠰᠦ᠃ ᠰᠢᠨᠵᠢᠶᠠᠩ ᠵᠡᠷᠭᠡ ᠮᠣᠵᠢ ᠣᠷᠣᠨ ᠢ᠋ᠶ᠋ᠠᠷ ᠰᠤᠷᠪᠤᠯᠵᠢᠯᠠᠨ ᠮᠡᠳᠡᠭᠡᠯᠡᠬᠦ ᠠᠵᠢᠯᠯᠠᠭ᠎ᠠ ᠬᠢᠭᠰᠡᠨ ᠪᠢᠯᠡ᠃ ᠮᠣᠩᠭᠣᠯ ᠷᠠᠳᠢᠣ᠋ ᠶ᠋ᠢᠨ ᠲᠣᠮᠢᠯᠠᠯᠲᠠ ᠪᠠᠷ ᠪᠢ《ᠰᠣᠨᠢᠨ ᠮᠡᠳᠡᠭᠡ ᠠᠵᠢᠭᠯᠠᠯᠲᠠ》 ᠨᠡᠪᠲᠡᠷᠡᠭᠦᠯᠭᠡ ᠶ᠋ᠢᠨ ᠵᠣᠷᠢᠭᠲᠤ᠂ 《ᠮᠠᠯᠴᠢᠨ ᠲᠠᠷᠢᠶᠠᠴᠢᠨ ᠤ᠋ ᠬᠠᠨᠢ》 ᠨᠡᠪᠲᠡᠷᠡᠭᠦᠯᠭᠡ ᠶ᠋ᠢᠨ ᠠᠯᠲᠠᠨᠪᠠᠶᠠᠷ ᠨᠠᠷ ᠤ᠋ᠨ ᠬᠠᠮᠲᠤ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠳ᠋ᠤ᠌ ᠪᠠᠢᠭ᠎ᠠ ᠮᠣᠩᠭᠣᠯᠴᠤᠳ ᠤ᠋ᠨ ᠠᠵᠤ ᠠᠮᠢᠳᠤᠷᠠᠯ᠂ ᠨᠤᠲᠤᠭ ᠪᠠᠢᠭᠠᠯᠢ᠂ ᠰᠣᠶᠣᠯ ᠤᠷᠠᠯᠢᠭ ᠤ᠋ᠨ ᠲᠤᠬᠠᠢ ᠰᠤᠷᠪᠤᠯᠵᠢᠯᠠᠨ ᠮᠡᠳᠡᠭᠡᠯᠡᠬᠦ ᠡᠭᠦᠷᠭᠡ ᠠᠪᠴᠤ᠂ 2010 ᠣᠨ ᠤ᠋7 ᠳ᠋ᠤᠭᠠᠷ ᠰᠠᠷ᠎ᠠ ᠶ᠋ᠢᠨ14—24 ᠪᠣᠯᠲᠠᠯᠠᠬᠢ ᠬᠤᠭᠤᠴᠠᠭᠠᠨ ᠳ᠋ᠤ᠌ ᠪᠣᠷᠣᠳᠠᠯ᠎ᠠ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠲᠠᠷᠪᠠᠭᠠᠲᠠᠢ ᠠᠢᠮᠠᠭ ᠤ᠋ᠨ ᠬᠤᠪᠤᠭᠰᠠᠢᠷᠢ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠢ᠋ᠶ᠋ᠠᠷ ᠠᠶᠠᠯᠠᠭᠰᠠᠨ ᠰᠠᠨ᠃ ᠬᠠᠷᠢᠨ ᠴᠠᠭ ᠪᠠᠴᠢᠮ ᠤ᠋ᠨ ᠬᠠᠷᠠᠭ᠎ᠠ ᠪᠠᠷ ᠪᠠᠶᠠᠨᠭᠤᠤᠯ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠪᠣᠯᠤᠨ ᠳᠡᠯᠡᠬᠡᠢ ᠳ᠋ᠦ᠍ ᠠᠯᠳᠠᠷᠲᠠᠢ ᠬᠠᠨᠠᠰ ᠨᠠᠭᠤᠷ ᠲᠤ᠌ ᠣᠴᠢᠵᠤ ᠴᠢᠳᠠᠭ᠎ᠠ ᠦᠭᠡᠢ ᠢᠷᠡᠭᠰᠡᠨ ᠮᠠᠨᠢ ᠡᠨᠡ ᠤᠳᠠᠭᠠᠨ ᠤ᠋ ᠠᠶᠠᠯᠠᠯ ᠤ᠋ᠨ ᠶᠠᠯᠢ ᠦᠭᠡᠢ ᠬᠠᠷᠠᠮᠰᠠᠯ ᠪᠣᠯᠤᠯ᠎ᠠ᠃
   2010 ᠣᠨ ᠤ᠋7 ᠳ᠋ᠤᠭᠠᠷ ᠰᠠᠷ᠎ᠠ ᠶ᠋ᠢᠨ14 ᠦ᠌ ᠥᠷᠯᠥᠭᠡ ᠵᠣᠷᠢᠭᠲᠤ᠂ ᠠᠯᠲᠠᠨᠪᠠᠶᠠᠷ ᠪᠢᠳᠡ ᠭᠤᠷᠪᠠᠭᠤᠯᠠ ᠪᠠᠨJD5267 ᠡᠭᠡᠯᠵᠢ ᠶ᠋ᠢᠨ ᠨᠢᠰᠬᠡᠯ ᠳ᠋ᠦ᠍ ᠭᠠᠷᠴᠤ᠂ ᠭᠤᠷᠪᠠᠨ ᠴᠠᠭ ᠬᠠᠭᠠᠰ ᠤ᠋ᠨ ᠳᠠᠷᠠᠭ᠎ᠠ175 ᠲᠦᠮᠡᠨ ᠬᠥᠮᠦᠨ ᠲᠡᠢ᠂ ᠳᠠᠯᠠᠢ ᠠ᠋ᠴᠠ ᠬᠠᠮᠤᠭ ᠤ᠋ᠨ ᠬᠣᠯᠠ ᠳᠣᠲᠣᠭᠠᠳᠤ ᠬᠠᠭᠤᠷᠠᠢ ᠶ᠋ᠢᠨ ᠬᠣᠲᠠ— ᠦᠷᠦᠮᠴᠢ ᠳ᠋ᠦ᠍ ᠬᠦᠷᠦᠯ᠎ᠡ᠃ ᠦᠷᠦᠮᠴᠢ (ᠥᠩᠰᠢᠭ ᠰᠠᠢᠬᠠᠨ ᠪᠡᠯᠴᠢᠭᠡᠷ ᠭᠡᠰᠡᠨ ᠤᠳᠬ᠎ᠠ ᠲᠠᠢ) ᠬᠣᠲᠠ ᠪᠣᠯ ᠳᠤᠮᠳᠠᠳᠤ ᠤᠯᠤᠰ ᠳᠠᠬᠢ ᠨᠤᠲᠤᠭ ᠪᠡᠯᠴᠢᠭᠡᠷ ᠦ᠋ᠨ ᠲᠠᠯᠠᠪᠠᠢ ᠪᠠᠷ ᠬᠠᠮᠤᠭ ᠤ᠋ᠨ ᠶᠡᠬᠡ ᠮᠣᠵᠢ ᠶ᠋ᠢᠨ ᠳᠡᠰ ᠦ᠋ᠨ ᠪᠠᠢᠭᠤᠯᠤᠮᠵᠢ— ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠤᠯᠤᠰ ᠲᠥᠷᠥ᠂ ᠠᠵᠤ ᠠᠬᠤᠢ᠂ ᠰᠣᠶᠣᠯ ᠪᠣᠯᠪᠠᠰᠤᠷᠠᠯ ᠤ᠋ᠨ ᠲᠥᠪ ᠶᠦᠮ᠃166 ᠲᠦᠮᠡᠨ ᠺᠦᠸᠠᠳ᠋ ᠺᠢᠯᠣᠮᠧᠲ᠋ᠷ ᠲᠠᠯᠠᠪᠠᠢ ᠲᠠᠢ (ᠥᠪᠥᠷ ᠮᠣᠩᠭᠣᠯ118 ᠲᠦᠮᠡ ᠭᠠᠷᠤᠢ ᠺᠦᠸᠠᠳ᠋ ᠺᠢᠯᠣᠮᠧᠲ᠋ᠷ ᠲᠠᠯᠠᠪᠠᠢ ᠲᠠᠢ ᠶᠤᠮ) ᠰᠢᠨᠵᠢᠶᠠᠩ ᠳᠤᠮᠳᠠᠳᠤ ᠤᠯᠤᠰ ᠤ᠋ᠨ ᠭᠠᠵᠠᠷ ᠨᠤᠲᠤᠭ ᠤ᠋ᠨ ᠵᠢᠷᠭᠤᠭᠠᠨ ᠬᠤᠪᠢ ᠶ᠋ᠢᠨ ᠨᠢᠭᠡ ᠶ᠋ᠢ ᠡᠵᠡᠯᠡᠵᠦ᠂ ᠮᠣᠩᠭᠣᠯ᠂ ᠣᠷᠣᠰ᠂ ᠺᠠᠽᠠᠺᠠᠰᠲ᠋ᠠᠨ᠂ ᠬᠢᠷᠬᠢᠰᠲ᠋ᠠᠨ᠂ ᠲᠠᠵᠢᠺᠠᠰᠲ᠋ᠠᠨ᠂ ᠫᠠᠺᠢᠰᠲᠠᠨ ᠂ ᠠᠹᠭᠠᠨᠢᠰᠲ᠋ᠠᠨ᠂ ᠡᠨᠡᠳᠬᠡᠭ ᠵᠡᠷᠭᠡ ᠨᠠᠢ᠍ᠮᠠᠨ ᠤᠯᠤᠰ ᠲᠠᠢ5600Kmᠬᠢᠯᠢ ᠶ᠋ᠢᠨ ᠱᠤᠭᠤᠮ ᠢ᠋ᠶ᠋ᠠᠷ  ᠬᠢᠯᠢᠯᠡᠳᠡᠭ᠃1955 ᠣᠨ ᠤ᠋10 ᠳ᠋ᠤᠭᠠᠷ ᠰᠠᠷ᠎ᠠ ᠶ᠋ᠢᠨ1 ᠳ᠋ᠦ᠍ ᠰᠢᠨᠵᠢᠶᠠᠩ ᠤ᠋ᠨ ᠤᠢᠭᠤᠷ ᠤ᠋ᠨ ᠥᠪᠡᠷᠲᠡᠭᠡᠨ ᠵᠠᠰᠠᠬᠤ ᠣᠷᠣᠨ ᠪᠠᠢᠭᠤᠯᠤᠭᠳᠠᠵᠤ᠂ ᠡᠳᠦᠭᠡ23 ᠬᠣᠲᠠ᠂7 ᠭᠠᠵᠠᠷ ᠣᠷᠣᠨ᠂5 ᠥᠪᠡᠷᠲᠡᠭᠡᠨ ᠵᠠᠰᠠᠬᠤ ᠵᠧᠦ᠂68 ᠰᠢᠶᠠᠨ (ᠥᠪᠡᠷᠲᠡᠭᠡᠨ ᠵᠠᠰᠠᠬᠤ ᠰᠢᠶᠠᠨ ᠢ᠋ ᠪᠠᠭᠲᠠᠭᠠᠨ᠎ᠠ) ᠲᠠᠢ᠃2007 ᠣᠨ ᠤ᠋ ᠪᠦᠷᠢᠳᠬᠡᠯ ᠢ᠋ ᠦᠨᠳᠦᠰᠦᠯᠡᠪᠡᠯ2095.19 ᠲᠦᠮᠡᠨ ᠬᠥᠮᠦᠨ ᠲᠡᠢ᠃ ᠤᠢᠭᠤᠷ 897.67 ᠲᠦᠮᠡ᠂ ᠬᠢᠲᠠᠳ780.25 ᠲᠦᠮᠡ᠂ ᠬᠠᠰᠠᠭ138.16 ᠲᠦᠮᠡ᠂ ᠮᠣᠩᠭᠣᠯ17 ᠲᠦᠮᠡ ᠭᠠᠷᠤᠢ ᠪᠣᠢ᠃ ᠨᠡᠢᠲᠡ13 (ᠵᠠᠷᠢᠮ ᠮᠡᠳᠡᠭᠡᠯᠡᠯ ᠳ᠋ᠦ᠍47 ᠦᠨᠳᠦᠰᠦᠲᠡᠨ ᠲᠡᠢ ᠭᠡᠳᠡᠭ) ᠦᠨᠳᠦᠰᠦᠲᠡᠨ ᠲᠡᠢ᠃ ᠶᠤᠸᠠᠨ ᠤᠯᠤᠰ ᠤ᠋ᠨ ᠦᠶ᠎ᠡ ᠳ᠋ᠦ᠍ ᠰᠢᠨᠵᠢᠶᠠᠩ ᠣᠷᠣᠨ ᠢ᠋ ᠵᠠᠬᠢᠷᠭᠠᠨ ᠳ᠋ᠠᠭᠠᠨ ᠣᠷᠣᠭᠤᠯᠵᠤ᠂ ᠢᠯᠢ ᠶ᠋ᠢᠨ ᠭᠣᠣᠯ ᠤ᠋ᠨ ᠰᠠᠪᠠ ᠨᠤᠲᠤᠭ  ᠲᠤ᠌ ᠮᠣᠵᠢ ᠪᠠᠢᠭᠤᠯᠵᠤ᠂ ᠤᠳᠠᠯ ᠦᠭᠡᠢ ᠴᠠᠭᠠᠲᠠᠢ ᠬᠠᠭᠠᠨᠲᠤ ᠤᠯᠤᠰ ᠤ᠋ᠨ ᠬᠠᠷᠢᠶᠠᠨ ᠳ᠋ᠤ᠌ ᠣᠷᠣᠭᠰᠠᠨ ᠲᠡᠦᠬᠡ ᠲᠡᠢ᠃ ᠦᠷᠦᠮᠴᠢ ᠬᠣᠲᠠ ᠶ᠋ᠢᠨ ᠥᠪᠡᠷᠮᠢᠴᠡ ᠭᠡᠷ ᠪᠠᠷᠢᠯᠭ᠎ᠠ᠂ ᠱᠠᠯ ᠥᠭᠡᠷ᠎ᠡ ᠰᠣᠶᠣᠯ ᠢᠷᠭᠡᠨᠰᠢᠯ ᠦ᠋ᠨ ᠣᠨᠴᠠᠯᠢᠭ᠂ ᠬᠣᠭᠣᠯᠠ ᠴᠠᠢ᠂ ᠵᠢᠰᠦ ᠴᠢᠷᠠᠢ᠂ ᠬᠤᠪᠴᠠᠰᠤ ᠬᠤᠨᠠᠷ᠂ ᠬᠡᠯᠡ ᠠᠶᠠᠯᠭᠤ᠂ ᠠᠭᠠᠰᠢ ᠠᠷᠠᠨᠰᠢᠨ ᠲᠡᠷᠡ ᠪᠦᠭᠦᠳᠡ ᠠᠩᠬ᠎ᠠ ᠣᠴᠢᠭᠰᠠᠨ ᠪᠢᠳᠡᠨ ᠳ᠋ᠦ᠍ ᠶᠠᠭᠠᠬᠢᠬᠤ ᠶ᠋ᠢᠨ ᠠᠷᠭ᠎ᠠ ᠦᠭᠡᠢ ᠰᠣᠨᠢᠬᠠᠨ ᠰᠠᠨᠠᠭᠳᠠᠵᠤ ᠪᠠᠢᠯ᠎ᠠ᠃ ᠦᠳᠡ ᠶ᠋ᠢᠨ ᠬᠣᠢᠨ᠎ᠠ ᠨᠢ ᠪᠢᠳᠡ ᠰᠢᠨᠵᠢᠶᠠᠩ ᠤ᠋ᠨ ᠠᠷᠠᠳ ᠤ᠋ᠨ ᠷᠠᠳᠢᠣ᠋ ᠬᠣᠷᠢᠶᠠᠨ ᠤ᠋ ᠮᠣᠩᠭᠣᠯ ᠨᠠᠢᠷᠠᠭᠤᠯᠬᠤ ᠬᠡᠯᠲᠡᠰ ᠦ᠋ᠨ ᠡᠷᠬᠢᠯᠡᠭᠴᠢ ᠮᠡᠨᠳᠦᠪᠠᠶᠠᠷ ᠭᠤᠸᠠᠢ ᠶ᠋ᠢᠨ ᠵᠣᠬᠢᠴᠠᠭᠤᠯᠭ᠎ᠠ ᠪᠠᠷ ᠲᠡᠷᠭᠡ ᠤᠨᠤᠭ᠎ᠠ ᠪᠡᠯᠡᠳᠬᠡᠵᠦ᠂ ᠮᠠᠷᠭᠠᠰᠢ ᠨᠢ ᠪᠣᠷᠣᠳᠠᠯ᠎ᠠ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠤᠷᠤᠭᠤ ᠶᠠᠪᠤᠬᠤ ᠪᠠᠷ ᠪᠣᠯᠪᠠ᠃
   ᠳᠤᠮᠳᠠᠳᠤ ᠤᠯᠤᠰ ᠤ᠋ᠨ ᠪᠠᠷᠠᠭᠤᠨ ᠬᠢᠵᠠᠭᠠᠷ ᠤ᠋ᠨ ᠲᠡᠷᠢᠭᠦᠨ ᠬᠠᠭᠠᠯᠭ᠎ᠠ ᠭᠡᠭᠳᠡᠭᠰᠡᠨ ᠪᠣᠷᠣᠳᠠᠯ᠎ᠠ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠨᠢ ᠰᠢᠨᠵᠢᠶᠠᠩ ᠤ᠋ᠨ ᠪᠠᠷᠠᠭᠤᠨ ᠬᠣᠢᠲᠤ ᠬᠢᠵᠠᠭᠠᠷ ᠲᠤ ᠪᠠᠢᠷᠢᠯᠠᠵᠤ᠂ ᠬᠣᠢᠭᠤᠷ ᠢ᠋ᠶ᠋ᠠᠨ ᠺᠠᠽᠠᠺᠠᠰᠲ᠋ᠠᠨ ᠤᠯᠤᠰ ᠲᠠᠢ ᠬᠢᠯᠢᠯᠡᠵᠦ ᠪᠠᠢᠨ᠎ᠠ᠃ ᠨᠤᠲᠤᠭ ᠳᠡᠪᠢᠰᠬᠡᠷ ᠦ᠋ᠨ ᠲᠠᠯᠠᠪᠠᠢ ᠨᠢ2.7 ᠲᠦᠮᠡᠨ ᠺᠦᠸᠠᠳ᠋ ᠺᠢᠯᠣᠮᠧᠲ᠋ᠷ᠂ 2007 ᠣᠨ ᠤ᠋ ᠪᠦᠷᠢᠳᠬᠡᠯ ᠳ᠋ᠦ᠍ ᠦᠨᠳᠦᠰᠦᠯᠡᠪᠡᠯ47.29 ᠲᠦᠮᠡᠨ ᠬᠥᠮᠦᠨ ᠲᠡᠢ᠂ 35 ᠦᠨᠳᠦᠰᠦᠲᠡᠨ ᠲᠡᠢ᠃ ᠵᠧᠦ ᠶ᠋ᠢᠨ ᠲᠥᠪ ᠪᠣᠷᠣᠳᠠᠯ᠎ᠠ ᠬᠣᠲᠠ ᠨᠢ ᠦᠷᠦᠮᠴᠢ ᠡᠴᠡ524km ᠵᠠᠢᠲᠠᠢ᠂31 (ᠲᠤᠰ ᠲᠣᠭ᠎ᠠ ᠬᠢᠷᠢ ᠵᠡᠷᠭᠡ ᠨᠠᠢᠳᠠᠪᠤᠷᠢ ᠲᠠᠢ ᠶ᠋ᠢ ᠡᠰᠡ ᠮᠡᠳᠡᠪᠡ᠂ ᠮᠡᠳᠡᠬᠦ ᠮᠡᠷᠭᠡᠳ ᠵᠠᠯᠠᠷᠠᠭᠤᠯᠬᠤ ᠪᠣᠯᠪᠠ ᠤᠤ!) ᠦᠨᠳᠦᠰᠦᠲᠡᠨ ᠲᠡᠢ᠂25 ᠲᠦᠮᠡᠨ ᠬᠥᠮᠦᠨ ᠲᠡᠢ᠃ ᠪᠣᠷᠣᠳᠠᠯ᠎ᠠ ᠵᠧᠦ ᠳ᠋ᠦ᠍31000 ᠭᠠᠷᠤᠢ ᠮᠣᠩᠭᠣᠯ ᠬᠥᠮᠦᠨ ᠲᠡᠢ᠂ ᠪᠣᠷᠣᠳᠠᠯ᠎ᠠ ᠬᠣᠲᠠ ᠳ᠋ᠤ᠌ ᠲᠦᠮᠡ ᠭᠠᠷᠤᠢ ᠮᠣᠩᠭᠣᠯ ᠬᠥᠮᠦᠨ ᠪᠣᠢ᠃ ᠪᠣᠷᠣᠳᠠᠯ᠎ᠠ ᠵᠧᠦ ᠶ᠋ᠢᠨ ᠬᠠᠮᠤᠭ ᠤ᠋ᠨ ᠥᠨᠳᠥᠷ ᠠᠭᠤᠯᠠ ᠨᠢ ᠳᠠᠯᠠᠢ ᠶ᠋ᠢᠨ ᠲᠦᠪᠰᠢᠨ ᠡᠴᠡ4569m ᠥᠨᠳᠥᠷ᠂ ᠬᠠᠮᠤᠭ ᠤ᠋ᠨ ᠨᠠᠮ ᠭᠠᠵᠠᠷ ᠨᠢ ᠳᠠᠯᠠᠢ ᠶ᠋ᠢᠨ ᠲᠦᠪᠰᠢᠨ ᠡᠴᠡ189m ᠥᠨᠳᠥᠷ᠃ ᠪᠣᠷᠣᠳᠠᠯ᠎ᠠ ᠳ᠋ᠤ᠌ ᠴᠠᠬᠠᠷᠴᠤᠳ (ᠲᠣᠷᠭᠤᠳ᠂ ᠥᠭᠡᠯᠡᠳ᠂ ᠬᠣᠢᠳ ᠴᠤ ᠪᠣᠢ) ᠶ᠋ᠢᠨ ᠦᠷ᠎ᠡ ᠰᠡᠳᠦ ᠠᠮᠢᠳᠤᠷᠠᠵᠤ ᠪᠠᠢᠳᠠᠭ᠃ ᠯᠢᠭᠳᠡᠨ ᠬᠤᠲᠤᠭᠲᠤ ᠬᠠᠭᠠᠨ ᠬᠣᠢᠲᠤ ᠠᠯᠲᠠᠨ ᠤᠯᠤᠰ ᠲᠤ ᠢᠯᠠᠭᠳᠠᠭᠠᠳ ᠪᠠᠷᠠᠭᠤᠨᠰᠢ ᠰᠢᠯᠵᠢᠭᠰᠡᠨ ᠡᠴᠡ ᠬᠣᠢᠰᠢ ᠴᠠᠬᠠᠷᠴᠤᠳ ᠤ᠋ᠨ ᠬᠤᠪᠢ ᠵᠠᠶᠠᠭ᠎ᠠ ᠥᠭᠡᠷᠡᠴᠢᠯᠡᠭᠳᠡᠭᠰᠡᠨ ᠶᠦᠮ᠃1636 ᠣᠨ ᠳ᠋ᠤ᠌ ᠯᠢᠭᠳᠡᠨ ᠬᠠᠭᠠᠨ ᠤ᠋ ᠶᠡᠬᠡ ᠬᠠᠲᠤᠨ ᠰᠤᠳᠠᠢ᠂ ᠬᠥᠪᠡᠭᠦᠨ ᠡᠵᠡᠢ ᠬᠣᠩᠭᠣᠷ (ᠡᠷᠬᠡ ᠬᠣᠩᠭᠣᠷ ᠴᠤ ᠭᠡᠳᠡᠭ) ᠬᠣᠶᠠᠭᠤᠯᠠ ᠮᠠᠨᠵᠤ ᠶ᠋ᠢᠨ ᠬᠣᠩ ᠲᠠᠢᠵᠢ ᠳ᠋ᠤ᠌ ᠪᠠᠭᠤᠵᠤ ᠦᠭᠭᠦᠭᠰᠡᠨ ᠦ᠌ ᠳᠠᠷᠠᠭ᠎ᠠ ᠲᠡᠳᠡᠨ ᠢ᠋ ᠨᠢᠭᠡ ᠬᠣᠰᠢᠭᠤ ᠪᠣᠯᠭᠠᠨ ᠵᠣᠬᠢᠶᠠᠨ ᠪᠠᠢᠭᠤᠯᠵᠤ᠂ ᠡᠢ ᠵᠧᠦ ᠪᠤᠶᠤ ᠣᠳᠣ ᠶ᠋ᠢᠨ ᠯᠢᠶᠣᠤᠨᠢᠩ ᠮᠣᠵᠢ ᠶ᠋ᠢᠨ ᠡᠢ ᠰᠢᠶᠠᠨ ᠳ᠋ᠤ᠌ ᠪᠠᠢᠷᠢᠯᠠᠭᠤᠯᠤᠨ᠂ ᠡᠵᠡᠢ ᠬᠣᠩᠭᠣᠷ ᠢ᠋ ᠴᠢᠨ ᠸᠠᠩ ᠡᠷᠭᠦᠮᠵᠢᠯᠡᠨ ᠭᠣᠪᠢ ᠶ᠋ᠢᠨ ᠡᠮᠦᠨᠡᠬᠢ ᠮᠣᠩᠭᠣᠯᠴᠤᠳ ᠤ᠋ᠨ ᠲᠦᠷᠦᠭᠦᠦ ᠪᠣᠯᠭᠠᠵᠠᠢ᠃ ᠭᠡᠪᠡᠴᠦ1675 ᠣᠨ ᠳ᠋ᠤ᠌ ᠯᠢᠭᠳᠡᠨ ᠬᠠᠭᠠᠨ ᠤ᠋ ᠣᠮᠪᠣᠯᠣ ᠪᠣᠷᠣᠨᠠᠢ (ᠪᠦᠷᠨᠠᠢ ᠴᠤ᠌ ᠭᠡᠵᠦ ᠪᠢᠴᠢᠳᠡᠭ) ᠴᠢᠨ ᠸᠠᠩ ᠪᠣᠰᠤᠯᠭ᠎ᠠ ᠭᠠᠷᠭᠠᠵᠤ ᠢᠯᠠᠭᠳᠠᠭᠰᠠᠨ ᠤ᠋ ᠳᠠᠷᠠᠭ᠎ᠠ ᠴᠠᠬᠠᠷᠴᠤᠳ ᠤ᠋ᠨ ᠦᠶ᠎ᠡ ᠤᠯᠠᠮᠵᠢᠯᠠᠭᠰᠠᠨ ᠸᠠᠩ ᠤ᠋ᠨ ᠡᠷᠬᠡ ᠶ᠋ᠢ ᠬᠠᠰᠤᠵᠤ᠂ ᠰᠢᠦᠸᠠᠨᠬᠤᠸᠠ᠂ ᠳ᠋ᠠᠲ᠋ᠥ᠋ᠩ ᠡᠴᠡ ᠠᠷᠤᠨᠰᠢ᠂ ᠴᠠᠭᠠᠨ ᠬᠡᠷᠡᠮ ᠦ᠋ᠨ ᠭᠠᠳᠠᠨ᠎ᠠ ᠰᠢᠯᠵᠢᠭᠦᠯᠦᠨ ᠨᠠᠢ᠍ᠮᠠᠨ ᠬᠤᠰᠢᠭᠤᠨ ᠤ᠋ ᠳᠦᠷᠢᠮ ᠢ᠋ᠶ᠋ᠡᠷ ᠵᠣᠬᠢᠶᠠᠨ ᠪᠠᠢᠭᠤᠯᠤᠨ ᠰᠠᠭᠤᠯᠭᠠᠭᠰᠠᠨ ᠪᠠ ᠦᠯᠡᠳᠡᠭᠰᠡᠨ16332 ᠴᠡᠷᠢᠭ ᠢ᠋ ᠪᠠᠷᠠᠭᠤᠨ ᠬᠣᠢᠲᠤ ᠣᠷᠣᠨ ᠳ᠋ᠤ᠌ ᠴᠦᠯᠡᠵᠦ᠂ ᠭᠠᠨᠰᠦ ᠳ᠋ᠦ᠍ ᠪᠠᠢᠭᠰᠠᠨ ᠯᠢᠭᠳᠡᠨ ᠬᠤᠲᠤᠭᠲᠤ ᠬᠠᠭᠠᠨ ᠤ᠋ ᠪᠠᠭ᠎ᠠ ᠬᠠᠲᠤᠨ ᠨᠡᠭᠡᠨᠡᠢ (ᠨᠡᠭᠡᠨᠡᠩ ᠴᠤ ᠭᠡᠳᠡᠭ)  ᠦ᠋ᠨ ᠳᠠᠭᠠᠭᠤᠯᠵᠤ ᠪᠠᠢᠭᠰᠠᠨ ᠴᠠᠬᠠᠷ ᠲᠠᠢ ᠨᠡᠢᠯᠡᠭᠦᠯᠦᠨ1679 ᠣᠨ ᠳ᠋ᠤ᠌ ᠬᠢᠯᠢ ᠰᠠᠬᠢᠬᠤ ᠨᠠᠢ᠍ᠮᠠᠨ ᠬᠣᠰᠢᠭᠤ ᠴᠠᠬᠠᠷ ᠭᠡᠵᠦ ᠪᠠᠢᠭᠤᠯᠤᠨ ᠦᠸᠸᠢ ᠶ᠋ᠢᠨ ᠵᠠᠩᠵᠤᠨ ᠶᠠᠮᠤᠨ ᠳ᠋ᠤ᠌ ᠵᠠᠬᠢᠷᠤᠭᠤᠯᠵᠠᠢ᠃ ᠡᠳᠡᠭᠡᠷ ᠴᠠᠬᠠᠷᠴᠤᠳ1696 ᠣᠨ ᠳ᠋ᠤ᠌ ᠬᠠᠯᠢᠯ ᠳ᠋ᠤ᠌ ᠣᠷᠣᠵᠤ᠂ ᠨᠠᠭᠠᠰᠢ ᠴᠠᠭᠠᠰᠢ ᠰᠢᠯᠵᠢᠭᠰᠡᠭᠡᠷ ᠪᠠᠢᠵᠤ1735 ᠣᠨ ᠳ᠋ᠤ᠌ ᠪᠠᠷᠰᠺᠥ᠋ᠯ ᠳ᠋ᠦ᠍ ᠣᠴᠢᠵᠠᠢ᠃ ᠡᠨᠡ ᠪᠣᠯ ᠴᠠᠬᠠᠷᠴᠤᠳ ᠤ᠋ᠨ ᠰᠢᠨᠵᠢᠶᠠᠩ ᠳ᠋ᠤ᠌ ᠣᠴᠢᠭᠰᠠᠨ ᠤ᠋ ᠡᠬᠢᠯᠡᠯᠲᠡ ᠪᠠᠢᠭᠰᠠᠨ ᠶᠤᠮ᠃ ᠰᠢᠨᠵᠢᠶᠠᠩ ᠤ᠋ᠨ ᠠᠷᠠᠳ ᠤ᠋ᠨ ᠬᠡᠪᠯᠡᠯ ᠦ᠋ᠨ ᠬᠣᠷᠢᠶᠠᠨ ᠠ᠋ᠴᠠ2000 ᠣᠨ ᠳ᠋ᠤ᠌ ᠬᠡᠪᠯᠡᠭᠦᠯᠦᠭᠰᠡᠨ ᠣ· ᠴᠦᠯᠲᠦᠮ ᠭᠤᠸᠠᠢ ᠶ᠋ᠢᠨ《ᠰᠢᠨᠵᠢᠶᠠᠩ ᠤ᠋ᠨ ᠴᠠᠬᠠᠷ ᠤ᠋ᠨ ᠲᠡᠦᠬᠡ》 ᠨᠣᠮ ᠳ᠋ᠤ᠌《ᠴᠠᠬᠠᠷᠴᠤᠳ17—18 ᠳ᠋ᠤᠭᠠᠷ ᠵᠠᠭᠤᠨ ᠤ᠋ ᠦᠶ᠎ᠡ ᠳ᠋ᠦ᠍ ᠳᠥᠷᠪᠡᠨ ᠤᠳᠠᠭ᠎ᠠ ᠰᠢᠨᠵᠢᠶᠠᠩ ᠳ᠋ᠤ᠌ ᠰᠢᠯᠵᠢᠵᠦ ᠢᠷᠡᠭᠰᠡᠨ ᠶᠦᠮ᠃ ᠠᠩᠬᠠᠳᠤᠭᠠᠷ ᠤᠳᠠᠭ᠎ᠠ ᠨᠢ ᠪᠣᠯ1696—1735 ᠣᠨ ᠬᠦᠷᠲᠡᠯ᠎ᠡ ᠴᠢᠩ ᠤᠯᠤᠰ ᠤ᠋ᠨ ᠪᠠᠢᠭᠤᠯᠤᠭᠰᠠᠨ<ᠬᠢᠯᠢ ᠰᠠᠬᠢᠬᠤ> ᠨᠠᠢ᠍ᠮᠠᠨ ᠬᠣᠰᠢᠭᠤ ᠴᠡᠷᠢᠭ ᠪᠠᠷᠰᠺᠥ᠋ᠯ ᠳ᠋ᠦ᠍ ᠢᠷᠡᠵᠦ᠂ ᠲᠡᠭᠦᠨ ᠦ᠌ ᠳᠠᠷᠠᠭ᠎ᠠ1763—1764 ᠣᠨ ᠳ᠋ᠤ᠌ ᠴᠢᠩ ᠤᠯᠤᠰ ᠬᠣᠶᠠᠷ ᠤᠳᠠᠭ᠎ᠠ ᠬᠣᠶᠠᠷ ᠮᠢᠩᠭᠠᠨ ᠡᠷᠦᠬᠡ ᠴᠠᠬᠠᠷ ᠴᠡᠷᠢᠭ ᠢ᠋ ᠰᠢᠨᠵᠢᠶᠠᠩ ᠳ᠋ᠤ᠌ ᠰᠢᠯᠵᠢᠭᠦᠯᠵᠦ᠂<ᠮᠥᠩᠬᠡ ᠬᠢᠯᠢ ᠰᠠᠬᠢᠭᠤᠯᠬᠤ> ᠪᠠᠷ ᠪᠠᠢᠷᠢᠰᠢᠭᠤᠯᠪᠠ᠃ ᠳᠥᠷᠪᠡᠳᠦᠭᠡᠷ ᠤᠳᠠᠭ᠎ᠠ ᠨᠢ ᠪᠣᠯ ᠴᠠᠬᠠᠷ ᠠ᠋ᠴᠠ420 ᠡᠬᠡᠨᠡᠷ ᠬᠡᠦᠬᠡᠨᠴᠦᠳ ᠢ᠋ ᠢᠯᠢ ᠦᠷᠦᠮᠴᠢ ᠳ᠋ᠦ᠍ ᠰᠢᠯᠵᠢᠭᠦᠯᠦᠭᠰᠡᠨ ᠶᠠᠪᠤᠳᠠᠯ ᠪᠣᠯᠤᠨ᠎ᠠ》 ᠭᠡᠵᠦ ᠲᠣᠳᠣᠷᠬᠠᠢᠯᠠᠵᠠᠢ᠃18 ᠳ᠋ᠤᠭᠠᠷ ᠵᠠᠭᠤᠨ ᠤ᠋ ᠳᠤᠮᠳᠠᠴᠢ ᠪᠠᠷ ᠵᠦᠩᠭᠠᠷ ᠬᠠᠭᠠᠨᠲᠤ ᠤᠯᠤᠰ ᠤ᠋ᠨ ᠳᠣᠲᠣᠭᠠᠳᠤ ᠶ᠋ᠢᠨ ᠵᠥᠷᠢᠴᠡᠯ ᠬᠤᠷᠴᠠᠳᠴᠤ᠂ ᠠᠮᠤᠷᠰᠠᠨᠠᠭ᠎ᠠ ᠪᠣᠯᠤᠨ ᠳᠠᠸᠠᠴᠢ (ᠳᠠᠸᠠᠴᠢ ᠲᠤᠬᠠᠢ ᠶ᠋ᠢᠨ ᠦᠶ᠎ᠡ ᠳ᠋ᠦ᠍ ᠠᠮᠤᠷᠰᠠᠨᠠᠭ᠎ᠠ ᠶ᠋ᠢᠨ ᠡᠷᠭᠦᠮᠵᠢᠯᠡᠯ ᠢ᠋ᠶ᠋ᠡᠷ ᠬᠣᠩ ᠲᠠᠢᠵᠢ ᠶ᠋ᠢᠨ ᠲᠤᠰᠢᠶᠠᠯ ᠳ᠋ᠤ᠌ ᠪᠠᠢᠭᠰᠠᠨ ᠶᠤᠮ) ᠬᠣᠭᠣᠷᠣᠨᠳᠣ ᠪᠠᠨ ᠵᠠᠷ ᠵᠡᠪᠰᠡᠭ ᠢ᠋ᠶ᠋ᠡᠷ ᠲᠡᠮᠡᠴᠡᠯᠳᠦᠭᠰᠡᠨ ᠦ᠌ ᠳ᠋ᠦᠩ ᠳ᠋ᠦ᠍ ᠠᠮᠤᠷᠰᠠᠨᠠᠭ᠎ᠠ ᠢᠯᠠᠭᠳᠠᠭᠠᠳ1754 ᠣᠨ ᠤ᠋7  ᠳ᠋ᠤᠭᠠᠷ ᠰᠠᠷ᠎ᠠ ᠳ᠋ᠤ᠌4000 ᠡᠷᠦᠬᠡ ᠶ᠋ᠢᠨ20000 ᠬᠥᠮᠦᠨ ᠢ᠋ᠶ᠋ᠡᠨ ᠳᠠᠭᠠᠭᠤᠯᠤᠨ ᠴᠢᠩ ᠤᠯᠤᠰ  ᠲᠤ᠌ ᠪᠠᠭᠤᠵᠤ ᠥᠭᠴᠡᠢ᠃ ᠠᠮᠤᠷᠰᠠᠨᠠᠭ᠎ᠠ ᠶ᠋ᠢᠨ ᠨᠥᠯᠥᠭᠡ ᠪᠡᠷ ᠵᠦᠩᠭᠠᠷ ᠬᠠᠭᠠᠨᠲᠤ ᠤᠯᠤᠰ ᠤ᠋ᠨ ᠵᠠᠷᠢᠮ ᠢᠵᠠᠭᠤᠷᠲᠠᠳ ᠴᠤ ᠬᠠᠷᠢᠶᠠᠲᠤ ᠢᠷᠭᠡᠨ ᠢ᠋ᠶ᠋ᠡᠨ ᠳᠠᠭᠠᠭᠤᠯᠤᠨ ᠴᠢᠩ ᠤᠯᠤᠰ  ᠲᠤ᠌ ᠪᠠᠭᠤᠵᠤ ᠥᠭᠬᠦ ᠪᠣᠯᠵᠠᠢ᠃ ᠡᠢᠨ ᠬᠦ᠌ ᠥᠪᠡᠷ ᠬᠣᠭᠣᠷᠣᠨᠳᠣ ᠪᠠᠨ ᠥᠰᠢᠯ ᠥᠰᠢᠨ᠂ ᠬᠢᠰᠠᠯ ᠬᠢᠰᠠᠭᠰᠠᠨ ᠵᠥᠷᠢᠴᠡᠯ ᠵᠦᠩᠭᠠᠷ ᠬᠠᠭᠠᠨᠲᠤ ᠤᠯᠤᠰ ᠤ᠋ᠨ ᠬᠦᠴᠦ ᠶ᠋ᠢ ᠰᠤᠯᠠᠷᠠᠭᠤᠯᠵᠤ᠂ ᠵᠦᠩᠭᠠᠷ ᠢ᠋ ᠨᠢᠭᠡᠳᠬᠡᠬᠦ ᠶ᠋ᠢ ᠰᠠᠨᠠᠭᠠᠷᠬᠠᠵᠤ ᠪᠠᠢᠭᠰᠠᠨ ᠴᠢᠩ ᠤᠯᠤᠰ  ᠲᠤ᠌ ᠲᠣᠬᠢᠶᠠᠯ ᠣᠯᠭᠣᠭᠰᠠᠨ ᠢ᠋ᠶ᠋ᠠᠷ ᠴᠠᠬᠠᠷ ᠨᠠᠢ᠍ᠮᠠᠨ ᠬᠤᠰᠢᠭᠤᠨ ᠤ᠋ ᠴᠡᠷᠢᠭ ᠰᠢᠨᠵᠢᠶᠠᠩ ᠳ᠋ᠤ᠌ ᠣᠷᠣᠬᠤ
ᠰᠢᠯᠲᠠᠭᠠᠨ ᠨᠥᠬᠥᠴᠡᠯ ᠪᠦᠷᠢᠳᠦᠭᠰᠡᠨ ᠠᠵᠢ᠃ ᠮᠣᠩᠭᠣᠯ ᠢ᠋ᠶ᠋ᠠᠷ ᠭᠣᠣᠯᠯᠠᠭᠰᠠᠨ ᠴᠢᠩ ᠤᠯᠤᠰ ᠤ᠋ᠨ ᠴᠡᠷᠢᠭ ᠦ᠋ᠨ ᠳᠠᠭᠠᠷᠢᠯᠲᠠ ᠳ᠋ᠤ᠌ ᠬᠠᠷᠠᠰᠠᠯᠲᠠᠢ ᠢᠯᠠᠭᠳᠠᠨ ᠪᠠᠷᠢᠭᠳᠠᠭᠰᠠᠨ ᠳᠠᠸᠠᠴᠢ1756 ᠣᠨ  ᠤ᠋2 ᠳ᠋ᠤᠭᠠᠷ ᠰᠠᠷ᠎ᠠ ᠶ᠋ᠢᠨ28 ᠳ᠋ᠤ᠌ ᠪᠡᠭᠡᠵᠢᠩ ᠳ᠋ᠦ᠍ ᠬᠦᠷᠭᠡᠭᠳᠡᠵᠡᠢ᠃ ᠲᠩᠷᠢ ᠲᠡᠳᠬᠦᠭᠴᠢ ᠬᠠᠭᠠᠨ ᠲᠡᠭᠦᠨ ᠢ᠋ ᠠᠯᠠᠯ ᠦᠭᠡᠢ ᠪᠡᠷ ᠴᠢᠨ ᠸᠠᠩ ᠵᠡᠷᠭᠡ ᠣᠯᠭᠣᠨ᠂ ᠳᠠᠸᠠᠴᠢ ᠴᠤ ᠬᠣᠵᠢᠮ ᠨᠢ ᠪᠡᠭᠡᠵᠢᠩ ᠳ᠋ᠦ᠍ ᠲᠠᠭᠠᠯᠠᠯ ᠪᠣᠯᠵᠠᠢ᠃ ᠢᠩᠭᠢᠭᠡᠳ1634—1754 ᠣᠨ ᠪᠣᠯᠲᠠᠯ᠎ᠠ120 ᠵᠢᠯ ᠦ᠋ᠨ ᠲᠤᠭᠤᠷᠭ᠎ᠠ ᠲᠤᠰᠠᠭᠠᠷ ᠲᠡᠦᠬᠡ ᠲᠡᠢ ᠵᠦᠩᠭᠠᠷ ᠬᠠᠭᠠᠨᠲᠤ ᠤᠯᠤᠰ ᠳᠣᠲᠣᠭᠠᠳᠤ ᠶ᠋ᠢᠨ ᠬᠠᠭᠠᠴᠠᠯ᠂ ᠮᠠᠨᠵᠤ ᠶ᠋ᠢᠨ ᠵᠠᠯᠢᠵᠢᠨ ᠤᠬᠠᠭᠠᠨ᠂ ᠮᠠᠨᠵᠤ ᠳ᠋ᠤ᠌ ᠪᠠᠭᠤᠵᠤ ᠦᠭᠭᠦᠭᠰᠡᠨ ᠮᠣᠩᠭᠣᠯᠴᠤᠳ ᠤ᠋ᠨ ᠢ᠋ᠶ᠋ᠠᠨ ᠳᠠᠭᠠᠷᠢᠯᠲᠠ ᠶ᠋ᠢᠨ ᠡᠷᠬᠡᠨ ᠳ᠋ᠦ᠍ ᠳᠠᠪᠬᠤᠷ ᠴᠠᠭ ᠢ᠋ᠶ᠋ᠠᠨ ᠲᠠᠯᠪᠢᠭᠰᠠᠨ ᠪᠠᠢᠨ᠎ᠠ᠃ ᠲᠠᠸᠠᠴᠢ ᠪᠠᠷᠢᠭᠳᠠᠭᠰᠠᠨ ᠤ᠋ ᠳᠠᠷᠠᠭ᠎ᠠ ᠠᠮᠤᠷᠰᠠᠨᠠᠭ᠎ᠠ ᠵᠦᠩᠭᠠᠷ ᠬᠠᠭᠠᠨᠲᠤ ᠤᠯᠤᠰ ᠢ᠋ ᠰᠡᠷᠭᠦᠭᠡᠬᠦ ᠵᠣᠷᠢᠯᠭ᠎ᠠ ᠪᠠᠷ ᠮᠠᠨᠵᠤ ᠴᠢᠩ ᠤᠯᠤᠰ ᠯᠤᠭ᠎ᠠ ᠡᠰᠡᠷᠭᠦᠴᠡᠯᠳᠦᠬᠦ ᠦᠶ᠎ᠡ ᠳ᠋ᠦ᠍ ᠮᠥᠨ ᠴᠠᠬᠠᠷ ᠴᠡᠷᠢᠭ ᠲᠡᠳᠡᠨ ᠢ᠋ ᠳᠠᠷᠤᠩᠭᠤᠢᠯᠠᠬᠤ ᠠᠵᠢᠯᠯᠠᠭ᠎ᠠ ᠳ᠋ᠤ᠌ ᠭᠣᠣᠯᠯᠠᠨ ᠣᠷᠣᠯᠴᠠᠭᠰᠠᠨ ᠪᠠᠢᠨ᠎ᠠ᠃ ᠵᠦᠩᠭᠠᠷ ᠢ᠋ ᠳᠠᠢᠯᠠᠨ ᠳᠠᠭᠠᠭᠤᠯᠬᠤ ᠳ᠋ᠤ᠌ ᠴᠢᠩ ᠤᠯᠤᠰ ᠤ᠋ᠨ ᠲᠣᠮᠢᠯᠠᠭᠰᠠᠨ《ᠬᠢᠯᠢ ᠰᠡᠷᠭᠡᠢᠯᠡᠬᠦ ᠨᠠᠢ᠍ᠮᠠᠨ ᠬᠣᠰᠢᠭᠤ ᠴᠠᠬᠠᠷ》 ᠴᠢᠬᠤᠯᠠ ᠦᠢᠯᠡᠳᠦᠯ ᠦᠵᠡᠭᠦᠯᠵᠡᠢ᠃ ᠮᠠᠨᠵᠤᠴᠤᠳ ᠲᠤ᠌ ᠪᠠᠶᠠᠷ᠂ ᠮᠣᠩᠭᠣᠯᠴᠤᠳ ᠲᠤ ᠭᠤᠨᠢᠭ ᠪᠣᠯᠤᠭᠰᠠᠨ ᠲᠡᠦᠬᠡ ᠶ᠋ᠢᠨ ᠡᠨᠡ ᠬᠠᠭᠤᠳᠠᠰᠤ ᠶ᠋ᠢ ᠣᠯᠳᠣᠢ ᠣᠶᠤᠨ ᠤ᠋ ᠪᠠᠨ ᠬᠢᠷᠢ ᠪᠣᠯᠭᠣᠭᠠᠨ ᠰᠠᠨᠠᠬᠤᠶ᠎ᠠ᠂ ᠯᠢᠭᠳᠡᠨ ᠬᠤᠲᠤᠭᠲᠤ ᠬᠠᠭᠠᠨ ᠤ᠋ ᠴᠠᠬᠠᠷ ᠲᠦᠮᠡᠨ ᠮᠠᠨᠢ ᠮᠠᠨᠵᠤ ᠯᠤᠭ᠎ᠠ ᠳᠠᠢᠯᠠᠯᠳᠤᠵᠤ ᠪᠠᠢᠭᠰᠠᠨ ᠢᠯᠳᠦ ᠪᠡᠨ ᠤᠷᠤᠭ ᠡᠯᠢᠭᠡᠨ ᠪᠣᠯᠤᠭᠰᠠᠨ ᠵᠦᠩᠭᠠᠷ ᠬᠠᠭᠠᠨᠲᠤ ᠤᠯᠤᠰ ᠤ᠋ᠨ ᠮᠣᠩᠭᠣᠯᠴᠤᠳ ᠤᠷᠤᠭᠤ ᠪᠠᠨ ᠳᠠᠯᠠᠢᠵᠤ᠂ ᠰᠢᠳᠤᠷᠭᠤ ᠲᠡᠮᠡᠴᠡᠯ ᠢ᠋ ᠨᠢ ᠳᠠᠷᠤᠩᠭᠤᠢᠯᠠᠬᠤ ᠳ᠋ᠤ᠌ ᠤᠷᠤᠰᠬᠤ ᠴᠢᠰᠤᠨ ᠤᠯᠠᠭᠠᠨ ᠠᠮᠢᠨ ᠢ᠋ᠶ᠋ᠠᠨ ᠬᠠᠢᠷᠠᠯᠠᠯ ᠦᠭᠡᠢ ᠵᠢᠳᠬᠦᠵᠡᠢ᠃《ᠮᠣᠩᠭᠣᠯ ᠢ᠋ ᠮᠣᠩᠭᠣᠯ ᠢ᠋ᠶ᠋ᠠᠷ ᠨᠢ ᠪᠠᠷᠢᠭᠤᠯᠬᠤ》 ᠮᠠᠨᠵᠤ ᠴᠢᠩ ᠦ᠋ᠨ ᠣᠪᠵᠢᠨ ᠤᠬᠠᠭᠠᠨ ᠢᠩᠭᠢᠵᠦ ᠪᠦᠲᠦᠮᠵᠢ ᠰᠠᠢᠲᠠᠢ ᠪᠡᠶᠡᠯᠡᠭᠳᠡᠭᠰᠡᠨ ᠨᠢ ᠮᠣᠩᠭᠣᠯᠴᠤᠳ ᠥᠪᠡᠷᠰᠡᠳ ᠦ᠋ᠨ ᠡᠶ᠎ᠡ ᠡᠪ ᠢ᠋ᠶ᠋ᠡᠨ ᠡᠪᠳᠡᠭᠰᠡᠨ ᠳᠠᠢ ᠶᠠᠭᠠᠬᠢᠬᠤ ᠠᠷᠭ᠎ᠠ ᠦᠭᠡᠢ ᠴᠢᠬᠤᠯᠠ ᠬᠣᠯᠪᠣᠭ᠎ᠠ ᠲᠠᠢ᠃ ᠴᠢᠩᠭᠢᠰ ᠬᠠᠭᠠᠨ ᠤ᠋ ᠦᠶ᠎ᠡ ᠳ᠋ᠦ᠍《ᠭᠠᠭᠴᠠ ᠲᠣᠯᠣᠭᠠᠢ ᠮᠢᠩᠭᠠᠨ ᠰᠡᠭᠦᠯᠲᠦ ᠮᠣᠭᠠᠢ》 ᠮᠡᠲᠦ ᠠᠭᠰᠠᠨ ᠮᠣᠩᠭᠣᠯᠴᠤᠳ ᠰᠡᠭᠦᠯ ᠦ᠋ᠨ ᠦᠶ᠎ᠡ ᠳ᠋ᠦ᠍《ᠮᠢᠩᠭᠠᠨ ᠲᠣᠯᠣᠭᠠᠢ ᠭᠠᠭᠴᠠ ᠰᠡᠭᠦᠯᠲᠦ ᠮᠣᠭᠠᠢ》 ᠮᠡᠲᠦ ᠪᠣᠯᠤᠭᠰᠠᠨ ᠢ᠋ᠶ᠋ᠠᠷ ᠭᠤᠨᠢᠭᠲᠤ ᠬᠤᠪᠢ ᠵᠠᠶᠠᠭᠠᠨ ᠤ᠋ ᠰᠤᠮᠤᠨ ᠳ᠋ᠤ᠌ ᠰᠦᠪᠡᠯᠡᠭᠦᠯᠦᠭᠰᠡᠨ ᠨᠢ ᠲᠡᠷᠡ ᠪᠥᠯᠥᠭᠡ᠃ ᠴᠠᠬᠠᠷ ᠴᠡᠷᠢᠭ ᠦ᠋ᠳ ᠮᠠᠨᠵᠤ ᠴᠢᠩ ᠭᠦᠷᠦᠨ ᠦ᠌ ᠵᠠᠬᠢᠷᠤᠯ ᠳᠣᠣᠷ᠎ᠠ ᠠᠷᠭ᠎ᠠ ᠪᠤᠰᠤ ᠵᠦᠩᠭᠠᠷ ᠬᠠᠭᠠᠨᠲᠤ ᠤᠯᠤᠰ ᠢ᠋ ᠳᠠᠷᠤᠩᠭᠤᠢᠯᠠᠬᠤ ᠳ᠋ᠤ᠌ ᠣᠷᠣᠯᠴᠠᠨ《ᠭᠠᠪᠢᠶ᠎ᠠ》 ᠪᠠᠢᠭᠤᠯᠤᠭᠰᠠᠨ ᠪᠣᠯᠪᠠᠴᠤ《ᠡᠭᠦᠯᠡ ᠬᠤᠷᠠᠪᠠᠰᠤ ᠪᠣᠷᠣᠭᠠᠨ ᠣᠷᠣᠮᠤᠢ᠂ ᠮᠣᠩᠭᠣᠯᠴᠤᠳ ᠨᠡᠢᠯᠡᠪᠡᠰᠦ ᠴᠡᠷᠢᠭ ᠪᠣᠯᠤᠮᠤᠢ》 ᠭᠡᠮᠡᠨ ᠰᠡᠷᠡᠮᠵᠢᠯᠡᠵᠦ ᠪᠠᠢᠭᠰᠠᠨ ᠴᠢᠩ ᠭᠦᠷᠦᠨ  ᠦ᠌ ᠬᠢᠨ ᠴᠠᠬᠠᠷᠴᠤᠳ ᠤ᠋ᠨ ᠬᠦᠴᠦ ᠶ᠋ᠢ ᠪᠤᠲᠠᠷᠠᠭᠤᠯᠤᠨ ᠬᠡᠰᠡᠭᠯᠡᠵᠦ ᠬᠣᠵᠢᠮ ᠤ᠋ᠨ ᠵᠣᠪᠠᠯᠠᠩ ᠢ᠋ᠶ᠋ᠠᠨ ᠠᠷᠢᠯᠭᠠᠬᠤ ᠶ᠋ᠢᠨ ᠲᠥᠯᠥᠭᠡ《ᠬᠢᠯᠢ ᠰᠠᠬᠢᠭᠤᠯᠬᠤ》 ᠨᠡᠷ᠎ᠡ ᠪᠡᠷ ᠪᠠᠷᠠᠭᠤᠨ ᠬᠣᠢᠲᠤ ᠣᠷᠣᠨ ᠤᠷᠤᠭᠤ ᠴᠦᠯᠡᠬᠦ ᠶ᠋ᠢ ᠰᠠᠨᠠᠭᠠᠴᠢᠯᠠᠪᠠ᠃ ᠠᠩᠬ᠎ᠠ ᠣᠴᠢᠭᠰᠠᠨ ᠴᠠᠬᠠᠷ ᠴᠡᠷᠢᠭ ᠦ᠋ᠳ ᠲᠡᠢᠨ ᠦ᠌ ᠬᠡᠷᠩᠴᠡᠭᠡ ᠪᠡᠷ ᠰᠢᠨᠵᠢᠶᠠᠩ ᠳ᠋ᠤ᠌ ᠣᠴᠢᠭᠰᠠᠨ ᠪᠣᠯᠪᠠᠴᠤ ᠰᠡᠭᠦᠯ ᠳ᠋ᠦ᠍ᠨᠢ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ《ᠮᠥᠩᠬᠡ ᠬᠢᠯᠢ ᠰᠠᠬᠢᠭᠤᠯᠬᠤ》 ᠵᠠᠷᠯᠢᠭ ᠭᠠᠷᠭᠠᠵᠤ᠂ ᠴᠠᠬᠠᠷᠴᠤᠳ ᠢ᠋ ᠰᠢᠨᠵᠢᠶᠠᠩ ᠳ᠋ᠤ᠌ ᠨᠤᠲᠤᠭᠰᠢᠭᠤᠯᠬᠤ ᠶ᠋ᠢ ᠵᠣᠷᠢᠵᠠᠢ᠃1992 ᠣᠨ ᠳ᠋ᠤ᠌ ᠰᠢᠨᠵᠢᠶᠠᠩ ᠤ᠋ᠨ ᠠᠷᠠᠳ ᠤ᠋ᠨ ᠬᠡᠪᠯᠡᠯ ᠦ᠋ᠨ ᠬᠣᠷᠢᠶᠠᠨ ᠠ᠋ᠴᠠ ᠬᠡᠪᠯᠡᠭᠦᠯᠦᠭᠰᠡᠨ《ᠣᠢᠷᠠᠳ ᠲᠡᠦᠬᠡ ᠶ᠋ᠢᠨ ᠳᠤᠷᠠᠰᠬᠠᠯ ᠤ᠋ᠳ》 ᠨᠣᠮ ᠳ᠋ᠤ᠌《ᠬᠢᠲᠠᠳ ᠤ᠋ᠨ ᠰᠢᠨᠵᠢᠶᠠᠩ ᠮᠣᠵᠢ ᠳ᠋ᠤᠷ ᠢᠯᠢ ᠶ᠋ᠢᠨ ᠴᠠᠬᠠᠷ16 ᠰᠤᠮᠤ ᠬᠡᠮᠡᠬᠦ ᠪᠣᠢ᠂ ᠪᠣᠷᠣ ᠲᠠᠯ᠎ᠠ ᠪᠠᠷ ᠨᠤᠲᠤᠭᠯᠠᠮᠤᠢ᠃ ᠪᠠᠰᠠ ᠨᠢᠭᠡᠨ ᠰᠤᠮᠤ ᠴᠠᠬᠠᠷ ᠲᠠᠷᠪᠠᠭᠠᠲᠠᠢ ᠶ᠋ᠢᠨ ᠵᠠᠩᠵᠤᠨ ᠤ᠋ ᠵᠠᠬᠢᠷᠭᠠᠨ ᠳ᠋ᠤ᠌ ᠡᠮᠡᠭᠡᠯ ᠭᠣᠣᠯ ᠤ᠋ᠨ ᠬᠤᠯᠤᠰᠤᠲᠠᠢ ᠭᠣᠣᠯ ᠪᠠ ᠴᠠᠭᠠᠨ ᠣᠪᠣᠭ᠎ᠠ ᠬᠡᠮᠡᠬᠦ ᠠᠭᠤᠯᠠ ᠪᠠᠷ ᠨᠤᠲᠤᠭᠯᠠᠮᠤᠢ᠃ ᠡᠳᠡᠭᠡᠷ ᠴᠠᠬᠠᠷ ᠤ᠋ᠳ ᠪᠣᠯᠪᠠᠰᠤ1758 ᠣᠨ ᠳ᠋ᠤᠷ ᠮᠠᠨᠵᠤ ᠴᠡᠷᠢᠭ ᠥᠭᠡᠯᠡᠳ ᠦ᠋ᠨ ᠤᠯᠤᠰ ᠲᠥᠷᠥ ᠶ᠋ᠢ ᠡᠪᠳᠡᠯᠡᠵᠦ ᠥᠭᠡᠯᠡᠳ ᠢ᠋ ᠬᠦᠢᠰᠦ ᠲᠡᠮᠲᠡᠷᠢᠨ ᠬᠢᠳᠤᠵᠤ ᠣᠷᠬᠢᠭᠰᠠᠨ ᠤ᠋ ᠬᠣᠢᠨ᠎ᠠ ᠦᠵᠡᠪᠡᠰᠦ ᠲᠤᠰ ᠭᠠᠵᠠᠷ ᠣᠷᠣᠨ ᠳ᠋ᠤᠷ ᠰᠠᠭᠤᠬᠤ ᠠᠷᠠᠳ ᠦᠭᠡᠢ ᠴᠦᠯ ᠭᠠᠵᠠᠷ ᠪᠣᠯᠤᠭᠰᠠᠨ ᠤ᠋ ᠲᠤᠯᠠᠳᠠ ᠡᠨᠳᠡ ᠲᠡᠨᠳᠡ ᠡᠴᠡ ᠬᠥᠮᠦᠨ ᠨᠡᠭᠦᠯᠭᠡᠨ ᠢᠷᠡᠭᠦᠯᠵᠦ ᠰᠠᠭᠤᠯᠭᠠᠨ ᠠᠵᠤ ᠠᠬᠤᠢ ᠬᠢᠯᠭᠡᠵᠦ ᠮᠥᠨ ᠲᠠᠷᠢᠶᠠᠨ ᠤ᠋ ᠵᠦᠢᠯ ᠢ᠋ ᠡᠯᠪᠡᠭᠵᠢᠭᠦᠯᠬᠦ ᠬᠡᠷᠡᠭ ᠲᠡᠢ ᠪᠠ ᠪᠠᠰᠠ ᠵᠠᠬ᠎ᠠ ᠬᠢᠵᠠᠭᠠᠷ ᠢ᠋ ᠰᠡᠷᠭᠡᠢᠯᠡᠬᠦ ᠬᠡᠷᠡᠭ ᠲᠡᠢ ᠪᠣᠯᠤᠭᠰᠠᠨ ᠤᠴᠢᠷ ᠴᠢᠭᠤᠯᠤᠯᠲᠤ ᠬᠠᠭᠠᠯᠭ᠎ᠠ ᠠ᠋ᠴᠠ ᠤᠮᠠᠷ᠎ᠠ ᠲᠡᠢᠰᠢ ᠲᠤᠯᠤᠨ ᠨᠠᠭᠤᠷ᠂ ᠬᠥᠬᠡᠬᠣᠲᠠ ᠬᠣᠶᠠᠷ ᠤ᠋ᠨ ᠬᠣᠭᠣᠷᠣᠨᠳᠣ ᠪᠦᠬᠦᠢ ᠴᠠᠬᠠᠷ ᠨᠠᠢ᠍ᠮᠠᠨ ᠬᠤᠰᠢᠭᠤᠨ ᠤ᠋ ᠠᠷᠠᠳ ᠠ᠋ᠴᠠ ᠲᠠᠰᠤᠯᠵᠤ ᠤᠯᠤᠰ ᠤ᠋ᠨ ᠰᠠᠩ ᠠ᠋ᠴᠠ ᠵᠠᠮ ᠤ᠋ᠨ ᠰᠦᠢᠳᠬᠡᠯ ᠲᠡᠳᠬᠦᠪᠦᠷᠢ ᠵᠡᠷᠭᠡ ᠶ᠋ᠢ ᠭᠠᠷᠭᠠᠵᠤ ᠨᠡᠭᠦᠯᠭᠡᠨ ᠰᠢᠨ᠎ᠡ ᠬᠢᠵᠠᠭᠠᠷ ᠢ᠋ ᠰᠡᠷᠭᠡᠢᠯᠡᠬᠦ ᠢᠲᠡᠭᠡᠯ ᠪᠦᠬᠦᠢ ᠴᠡᠷᠢᠭ ᠪᠣᠯᠭᠠᠨ ᠰᠠᠭᠤᠯᠭᠠᠭᠰᠠᠨ ᠪᠣᠯᠠᠢ》 ᠭᠡᠵᠦ ᠲᠡᠮᠳᠡᠭᠯᠡᠭᠰᠡᠨ ᠨᠢ ᠪᠣᠢ᠃《ᠮᠥᠩᠬᠡ ᠬᠢᠯᠢ ᠰᠠᠬᠢᠬᠤ》 ᠪᠠᠷ ᠲᠣᠮᠢᠯᠠᠭᠳᠠᠭᠰᠠᠨ ᠴᠠᠬᠠᠷ ᠴᠡᠷᠢᠭ ᠦ᠋ᠳ ᠡᠯᠢᠭᠡᠨ ᠰᠠᠳᠤᠨ ᠡᠵᠢ ᠠᠪᠤ ᠨᠤᠲᠤᠭ ᠤᠰᠤᠨ ᠠ᠋ᠴᠠ ᠪᠠᠨ ᠰᠠᠯᠤᠭᠠᠳ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠡᠬᠡᠨᠡᠷ ᠪᠦᠰᠡᠭᠦᠢ ᠦᠭᠡᠢ ᠪᠣᠯᠬᠣᠷ ᠠᠮᠢᠳᠤᠷᠠᠯ ᠨᠢ ᠭᠠᠭᠴᠠᠭᠠᠷᠳᠠᠮᠠᠯ ᠪᠠᠢᠭᠰᠠᠨ ᠢ᠋ᠶ᠋ᠠᠷ ᠬᠢᠯᠢ ᠶ᠋ᠢᠨ ᠬᠠᠮᠠᠭᠠᠯᠠᠯᠲᠠ ᠪᠠᠲᠤ ᠪᠢᠰᠢ ᠭᠡᠮᠡᠨ1764 ᠣᠨ ᠳ᠋ᠤ᠌ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠴᠠᠬᠠᠷ ᠤ᠋ᠨ ᠪᠦᠭᠦᠳᠡ ᠶ᠋ᠢ ᠵᠠᠬᠢᠷᠤᠭᠴᠢ ᠰᠠᠢᠳ ᠪᠠᠷᠫᠢᠨ ᠳ᠋ᠤ᠌ ᠵᠠᠷᠯᠢᠭ ᠪᠠᠭᠤᠯᠭᠠᠨ ᠡᠬᠡᠨᠡᠷ ᠬᠡᠦᠬᠡᠨ ᠬᠤᠳᠠᠯᠳᠤᠨ ᠠᠪᠴᠤ ᠭᠠᠭᠴᠠ ᠪᠡᠶ᠎ᠡ ᠴᠡᠷᠢᠭ ᠡᠷ᠎ᠡ ᠯᠦ᠍ᠭᠡ ᠬᠤᠷᠢᠮᠯᠠᠭᠤᠯᠬᠤ ᠶ᠋ᠢ ᠱᠠᠭᠠᠷᠳᠠᠵᠠᠢ᠃ ᠡᠢᠨ ᠬᠦ᠌ ᠪᠠᠷᠫᠢᠨ1764 ᠣᠨ ᠤ᠋6 ᠳ᠋ᠤᠭᠠᠷ ᠰᠠᠷ᠎ᠠ ᠳ᠋ᠤ᠌《ᠠᠷᠪᠠᠨ ᠯᠠᠩ ᠴᠠᠭᠠᠨ ᠮᠥᠩᠭᠥ》 ᠶ᠋ᠢᠨ ᠦᠨ᠎ᠡ ᠪᠡᠷ ᠡᠬᠡᠨᠡᠷ ᠬᠡᠦᠬᠡᠨ ᠬᠤᠳᠠᠯᠳᠤᠵᠤ ᠠᠪᠬᠤ ᠪᠠᠷ ᠴᠠᠬᠠᠷ ᠨᠤᠲᠤᠭ ᠲᠤ  ᠣᠴᠢᠭᠰᠠᠨ ᠠᠵᠢ᠃《ᠰᠢᠨᠵᠢᠶᠠᠩ ᠤ᠋ᠨ ᠴᠠᠬᠠᠷ ᠤ᠋ᠨ ᠲᠡᠦᠬᠡ》 ᠨᠣᠮ ᠳ᠋ᠤ᠌᠄《᠁15 ᠨᠠᠰᠤᠨ ᠠ᠋ᠴᠠ ᠲᠡᠭᠡᠭᠡᠰᠢ ᠬᠡᠦᠬᠡᠨ ᠡᠴᠡ174 ᠬᠥᠮᠦᠨ᠂40 ᠨᠠᠰᠤᠨ ᠠ᠋ᠴᠠ ᠤᠷᠤᠭᠤ ᠪᠡᠯᠪᠡᠰᠦᠨ ᠡᠬᠡᠨᠡᠷ ᠡᠴᠡ84 ᠬᠥᠮᠦᠨ᠂ ᠨᠡᠢᠲᠡ258 ᠬᠥᠮᠦᠨ᠂ ᠬᠡᠦᠬᠡᠨ ᠢ᠋10 ᠯᠠᠩ ᠴᠠᠭᠠᠨ ᠮᠥᠩᠭᠥ᠂ ᠪᠡᠯᠪᠡᠰᠦᠨ ᠡᠬᠡᠨᠡᠷ ᠢ᠋8 ᠯᠠᠩ ᠴᠠᠭᠠᠨ ᠮᠥᠩᠭᠥ ᠪᠡᠷ ᠬᠤᠳᠠᠯᠳᠤᠵᠤ ᠠᠪᠤᠪᠠ᠃ ᠡᠭᠦᠨ ᠦ᠌ ᠬᠠᠮᠲᠤ ᠰᠠᠢᠨ ᠳᠤᠷ᠎ᠠ ᠠ᠋ᠴᠠ ᠪᠠᠨ ᠨᠡᠷ᠎ᠡ ᠮᠡᠳᠡᠭᠦᠯᠦᠭᠰᠡᠨ80 82 ᠪᠡᠯᠪᠡᠰᠦᠨ ᠡᠬᠡᠨᠡᠷ ᠢ᠋ ᠰᠢᠯᠭᠠᠵᠤ ᠠᠪᠤᠭᠠᠳ ᠪᠦᠭᠦᠳᠡ420 ᠬᠥᠮᠦᠨ ᠢ᠋ ᠨᠢᠭᠡᠳᠦᠭᠡᠷ ᠬᠠᠷᠠᠭᠤᠯ ᠤ᠋ᠨ ᠣᠷᠴᠢᠮ ᠳ᠋ᠠᠬᠢ ᠴᠠᠭᠠᠨᠲᠣᠯᠤᠭᠠᠢ ᠭᠡᠳᠡᠭ ᠭᠠᠵᠠᠷ ᠲᠤ ᠬᠦᠷᠭᠡᠭᠡᠳ᠁1764 ᠣᠨ ᠤ᠋6 ᠳ᠋ᠤᠭᠠᠷ ᠰᠠᠷ᠎ᠠ ᠶ᠋ᠢᠨ27 ᠠ᠋ᠴᠠ ᠵᠠᠮ ᠳ᠋ᠤ᠌ ᠭᠠᠷᠪᠠ》 ᠭᠡᠵᠦ《ᠴᠢᠩ ᠤᠯᠤᠰ ᠤ᠋ᠨ ᠦᠶ᠎ᠡ ᠶ᠋ᠢᠨ ᠪᠠᠷᠠᠭᠤᠨᠰᠢ ᠰᠢᠨᠵᠢᠶᠠᠩ ᠳ᠋ᠤ᠌ ᠰᠢᠯᠵᠢᠭᠰᠡᠨ ᠴᠠᠬᠠᠷ ᠮᠣᠩᠭᠣᠯ ᠤ᠋ᠨ ᠮᠠᠨᠵᠤ ᠪᠢᠴᠢᠭ ᠦ᠋ᠨ ᠳᠠᠩᠰᠠ ᠡᠪᠬᠡᠮᠡᠯ》 ᠢ᠋ ᠦᠨᠳᠦᠰᠦᠯᠡᠨ ᠲᠡᠮᠳᠡᠭᠯᠡᠵᠡᠢ᠃1767 ᠣᠨ ᠤ᠋6 ᠳ᠋ᠤᠭᠠᠷ ᠰᠠᠷ᠎ᠠ ᠳ᠋ᠤ᠌ ᠢᠯᠢ ᠶ᠋ᠢᠨ ᠵᠠᠩᠵᠤᠨ ᠮᠢᠩ ᠷᠦᠢ ᠶ᠋ᠢᠨ ᠵᠥᠪᠰᠢᠶᠡᠷᠡᠯ ᠢ᠋ᠶ᠋ᠡᠷ ᠠᠷᠪᠠᠨ ᠬᠣᠶᠠᠷ ᠰᠤᠮᠤ ᠴᠠᠬᠠᠷ ᠢ᠋ ᠠᠷᠪᠠᠨ ᠵᠢᠷᠭᠤᠭᠠᠨ ᠰᠤᠮᠤ ᠪᠣᠯᠭᠠᠨ ᠥᠷᠭᠡᠳᠬᠡᠵᠦ᠂ ᠬᠣᠶᠠᠷ ᠠᠩᠭᠢ ᠪᠣᠯᠭᠠᠨ ᠬᠤᠪᠢᠶᠠᠭᠠᠳ ᠴᠠᠬᠠᠷ ᠤ᠋ᠨ ᠨᠠᠢ᠍ᠮᠠᠨ ᠬᠤᠰᠢᠭᠤᠨ ᠤ᠋ ᠤᠯᠠᠮᠵᠢᠯᠠᠯᠲᠤ ᠲᠤᠭ ᠤ᠋ᠨ ᠨᠡᠷ᠎ᠡ ᠶ᠋ᠢ ᠬᠡᠷᠡᠭᠵᠢᠭᠦᠯᠬᠦ ᠪᠡᠷ ᠪᠣᠯᠵᠠᠢ᠃ ᠠᠩᠭᠢ ᠪᠦᠷᠢ ᠶ᠋ᠢᠨ ᠨᠠᠢ᠍ᠮᠠᠨ ᠰᠤᠮᠤᠨ ᠤ᠋ ᠨᠡᠷ᠎ᠡ ᠶ᠋ᠢ ᠬᠥᠪᠡᠭᠡᠲᠦ ᠰᠢᠷ᠎ᠠ᠂ ᠭᠦᠯᠦ ᠰᠢᠷ᠎ᠠ᠂ ᠬᠥᠪᠡᠭᠡᠲᠦ ᠴᠠᠭᠠᠨ᠂ ᠬᠥᠪᠡᠭᠡᠲᠦ ᠲᠠᠯ᠎ᠠ᠂ ᠶᠡᠬᠡ ᠬᠥᠬᠡ᠂ ᠪᠠᠭ᠎ᠠ ᠬᠥᠬᠡ᠂ ᠭᠦᠯᠦ ᠤᠯᠠᠭᠠᠨ᠂ ᠭᠦᠯᠦ ᠴᠠᠭᠠᠨ ᠭᠡᠵᠦ ᠨᠠᠢ᠍ᠮᠠᠨ ᠥᠩᠭᠡ ᠶ᠋ᠢᠨ ᠲᠤᠭ ᠤ᠋ᠨ ᠥᠩᠭᠡ ᠪᠡᠷ ᠨᠡᠷᠡᠢᠳᠪᠡ᠃ ᠲᠡᠭᠦᠨ ᠡᠴᠡ ᠬᠣᠢᠰᠢ ᠬᠣᠶᠠᠷ ᠠᠩᠭᠢ ᠴᠠᠬᠠᠷ ᠤ᠋ᠳ《ᠪᠠᠷᠠᠭᠤᠨ ᠵᠡᠭᠦᠨ ᠭᠠᠷ ᠴᠠᠬᠠᠷ ᠠᠩᠭᠢ》 ᠭᠡᠳᠡᠭ ᠢ᠋ᠶ᠋ᠡᠨ ᠢᠷᠡᠭᠰᠡᠨ ᠴᠠᠭ ᠢ᠋ᠶ᠋ᠠᠷ ᠢ᠋ᠶ᠋ᠠᠨ ᠢᠯᠭᠠᠪᠤᠷᠢᠯᠠᠭᠠᠳ ᠡᠮᠦᠨ᠎ᠡ ᠢᠷᠡᠭᠰᠡᠨ ᠵᠡᠭᠦᠨ ᠭᠠᠷ ᠴᠠᠬᠠᠷ ᠠᠩᠭᠢ ᠶ᠋ᠢ《ᠬᠠᠭᠤᠴᠢᠨ ᠠᠩᠭᠢ》᠂ ᠬᠣᠢᠨ᠎ᠠ ᠢᠷᠡᠭᠰᠡᠨ ᠪᠠᠷᠠᠭᠤᠨ ᠭᠠᠷ ᠴᠠᠬᠠᠷ ᠠᠩᠭᠢ ᠶ᠋ᠢ《ᠰᠢᠨ᠎ᠡ ᠠᠩᠭᠢ》 ᠭᠡᠵᠦ ᠨᠡᠷᠡᠯᠡᠬᠦ ᠪᠣᠯᠤᠭᠰᠠᠨ ᠠᠵᠢ᠃ ᠲᠡᠦᠬᠡ ᠶ᠋ᠢᠨ ᠬᠠᠭᠤᠳᠠᠰᠤ ᠶ᠋ᠢ ᠡᠢᠨ ᠬᠦ᠌ ᠳᠤᠨᠳᠠᠭᠤᠷ ᠲᠦᠭᠦᠬᠡᠢ ᠮᠡᠳᠡᠯᠭᠡ ᠶ᠋ᠢᠨ ᠢ᠋ᠶ᠋ᠡᠨ ᠬᠢᠷᠢ ᠪᠡᠷ ᠰᠡᠳᠬᠢᠯ ᠳ᠋ᠡᠭᠡᠨ ᠰᠡᠬᠦᠨ ᠰᠠᠨᠠᠬᠤ ᠳ᠋ᠤ᠌ ᠦᠷᠦᠮᠴᠢ ᠡᠴᠡ ᠪᠣᠷᠣᠳᠠᠯ᠎ᠠ ᠬᠦᠷᠬᠦ ᠲᠠᠪᠤᠨ ᠵᠠᠭᠤ ᠭᠠᠷᠤᠢ ᠺᠢᠯᠣᠮᠧᠲ᠋ᠷ ᠦ᠋ᠨ ᠵᠠᠮ ᠶᠠᠭᠠᠬᠢᠭᠰᠠᠨ ᠬᠣᠯᠠ ᠪᠠᠢᠭᠰᠠᠨ ᠭᠡᠵᠦ ᠰᠠᠨᠠᠨ᠎ᠠ᠃ ᠢᠯᠠᠩᠭᠤᠶ᠎ᠠ ᠲᠦᠷᠦᠭᠦᠦ ᠡᠳᠦᠷ ᠨᠢ ᠬᠦᠨᠳᠦ ᠲᠠᠭᠰᠢᠭᠤᠷ ᠲᠤ ᠨᠡᠷᠪᠡᠭᠳᠡᠭᠡᠳ ᠰᠦᠨᠢᠵᠢᠯᠡᠨ ᠡᠮᠨᠡᠯᠭᠡ ᠳ᠋ᠦ᠍ ᠬᠡᠪᠲᠡᠵᠦ ᠳᠤᠰᠤᠯ ᠲᠠᠷᠢᠶ᠎ᠠ ᠬᠢᠯᠭᠡᠭᠰᠡᠨ ᠨᠠᠳᠠ7 ᠳ᠋ᠤᠭᠠᠷ ᠰᠠᠷ᠎ᠠ ᠶ᠋ᠢᠨ15 ᠤ᠋ ᠵᠠᠮ ᠳᠡᠩᠳᠡᠭᠦᠦ ᠶᠠᠳᠠᠷᠠᠭ᠎ᠠ ᠲᠠᠢ ᠪᠠᠢᠭᠰᠠᠨ᠃ ᠦᠳᠡᠰᠢ ᠶ᠋ᠢᠨ ᠳᠣᠯᠣᠭᠠᠨ ᠴᠠᠭ ᠲᠤ ᠰᠢᠭᠤᠳ ᠨᠡᠪᠲᠡᠷᠡᠭᠦᠯᠭᠡ ᠬᠢᠬᠦ ᠪᠣᠯᠬᠣᠷ ᠡᠷᠲᠡᠬᠡᠨ ᠬᠦᠷᠬᠦ ᠴᠢᠬᠤᠯᠠᠲᠠᠢ ᠪᠠᠢᠭᠰᠠᠨ ᠴᠤ ᠵᠠᠮ ᠤ᠋ᠨ ᠰᠠᠭᠠᠲᠠᠯ ᠠ᠋ᠴᠠ ᠪᠣᠯᠤᠭᠠᠳ ᠶᠠᠭ ᠳᠣᠯᠣᠭᠠᠨ ᠴᠠᠭ ᠭᠡᠳ ᠳᠥᠩᠭᠡᠵᠦ ᠯᠡ ᠤᠷᠢᠳᠴᠢᠯᠠᠨ ᠪᠣᠯᠵᠣᠭᠰᠠᠨ ᠵᠣᠴᠢᠨ— ᠣᠢᠷᠠᠳ ᠬᠡᠯᠡ ᠠᠶᠠᠯᠭᠤ ᠰᠤᠳᠤᠯᠤᠭᠴᠢ ᠰᠤᠳᠤᠯᠤᠭᠴᠢ· ᠵᠠ᠊᠂ ᠯᠦᠨᠲ᠋ᠤᠤ ᠭᠤᠸᠠᠢ ᠶ᠋ᠢᠨ ᠳ᠋ᠦ᠍ ᠬᠦᠷᠴᠦ ᠨᠡᠪᠲᠡᠷᠡᠭᠦᠯᠭᠡ ᠪᠡᠨ ᠶᠠᠭᠠᠷᠠᠤᠬᠠᠨ ᠬᠢᠯ᠎ᠡ᠃ ᠵᠠ᠊· ᠯᠦᠨᠲ᠋ᠤᠤ ᠭᠤᠸᠠᠢ ᠭᠡᠵᠦ ᠣᠢᠷᠠᠳ ᠬᠡᠯᠡ ᠠᠶᠠᠯᠭᠤ᠂ ᠲᠣᠳᠣ ᠪᠢᠴᠢᠭ ᠦ᠋ᠨ ᠲᠤᠬᠠᠢ ᠣᠯᠠᠨ ᠵᠢᠯ ᠰᠤᠳᠤᠯᠭ᠎ᠠ ᠬᠢᠵᠦ᠂ ᠣᠢᠷᠠᠳ ᠮᠣᠩᠭᠣᠯᠴᠤᠳ ᠤ᠋ᠨ ᠬᠡᠯᠡ ᠠᠶᠠᠯᠭᠤᠨ ᠤ᠋ ᠠᠯᠳᠠᠭᠳᠠᠯ ᠤ᠋ᠨ ᠲᠥᠯᠥᠭᠡ ᠰᠢᠨᠠᠯᠵᠤ ᠶᠠᠪᠤᠳᠠᠭ ᠨᠢᠭᠡᠨ ᠪᠠᠢᠯ᠎ᠠ᠃《ᠣᠢᠷᠠᠳ ᠮᠣᠩᠭᠣᠯᠴᠤᠳ ᠲᠣᠳᠣ ᠪᠢᠴᠢᠭ᠂ ᠬᠤᠳᠤᠮ ᠪᠢᠴᠢᠭ ᠦ᠋ᠨ ᠠᠯᠢ ᠶ᠋ᠢ ᠨᠢ ᠴᠦ᠍ ᠰᠤᠷᠴᠤ ᠪᠠᠢᠪᠠᠯ ᠵᠦᠢᠲᠡᠢ᠃ ᠮᠣᠩᠭᠣᠯᠴᠤᠳ ᠲᠥᠪᠯᠡᠷᠡᠨ ᠰᠠᠭᠤᠭᠰᠠᠨ ᠨᠤᠲᠤᠭ ᠲᠤ ᠮᠣᠩᠭᠣᠯ ᠴᠡᠴᠡᠷᠯᠢᠭ᠂ ᠪᠠᠭ᠎ᠠ ᠳᠤᠮᠳᠠᠳᠤ ᠰᠤᠷᠭᠠᠭᠤᠯᠢ ᠪᠠᠢᠬᠤ ᠶᠣᠰᠣᠲᠠᠢ᠃ ᠭᠡᠪᠡᠴᠦ ᠣᠳᠣ ᠲᠡᠢᠮᠦ ᠪᠢᠰᠢ ᠪᠣᠯᠤᠭᠰᠠᠨ ᠨᠢ ᠬᠡᠴᠡᠭᠦᠦ ᠪᠠᠢᠨ᠎ᠠ᠃ ᠬᠡᠦᠬᠡᠳ ᠢ᠋ᠶ᠋ᠡᠨ ᠬᠢᠲᠠᠳ ᠢ᠋ᠶ᠋ᠠᠷ ᠰᠤᠷᠤᠯᠴᠠᠭᠤᠯᠬᠤ ᠬᠠᠨᠳᠤᠰᠢ ᠨᠡᠮᠡᠭᠳᠡᠵᠦ ᠪᠠᠢᠨ᠎ᠠ》 ᠭᠡᠵᠦ ᠵᠠ᠊· ᠯᠦᠨᠲ᠋ᠦᠦ ᠭᠤᠸᠠᠢ ᠰᠠᠨᠠᠭᠠᠰᠢᠷᠠᠨ ᠶᠠᠷᠢᠯ᠎ᠠ᠃ ᠪᠣᠷᠣᠳᠠᠯ᠎ᠠ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠵᠧᠦ ᠳ᠋ᠦ᠍ ᠮᠣᠩᠭᠣᠯ ᠴᠡᠴᠡᠷᠯᠢᠭ᠂ ᠮᠣᠩᠭᠣᠯ ᠪᠠᠭ᠎ᠠ ᠰᠤᠷᠭᠠᠭᠤᠯᠢ ᠭᠡᠵᠦ ᠦᠭᠡᠢ ᠪᠣᠯᠵᠠᠢ᠃ ᠪᠣᠷᠣᠳᠠᠯ᠎ᠠ ᠶ᠋ᠢᠨ ᠨᠢᠭᠡᠳᠦᠭᠡᠷ  ᠪᠠᠭ᠎ᠠ ᠰᠤᠷᠭᠠᠭᠤᠯᠢ ᠳ᠋ᠤ᠌ ᠭᠠᠷᠠᠭ ᠲᠤ ᠳᠥᠷᠪᠡᠨ ᠴᠠᠭ ᠤ᠋ᠨ ᠮᠣᠩᠭᠣᠯ ᠬᠡᠯᠡᠨ ᠦ᠌ ᠬᠢᠴᠢᠶᠡᠯ ᠲᠡᠢ ᠶᠦᠮ ᠭᠡᠨ᠎ᠡ᠃ ᠰᠤᠮᠤᠨ ᠤ᠋ ᠰᠤᠷᠭᠠᠭᠤᠯᠢ ᠶ᠋ᠢ ᠴᠣᠮᠬᠠᠳᠬᠠᠨ ᠨᠡᠢᠯᠡᠭᠦᠯᠵᠦ᠂ ᠬᠣᠰᠢᠭᠤ ᠪᠠᠯᠭᠠᠰᠤᠨ ᠳ᠋ᠤ᠌ ᠲᠥᠪᠯᠡᠷᠡᠭᠦᠯᠵᠦ ᠪᠠᠢᠭ᠎ᠠ ᠥᠪᠥᠷ ᠮᠣᠩᠭᠣᠯ ᠤ᠋ᠨ ᠪᠠᠢᠳᠠᠯ ᠪᠣᠷᠣᠳᠠᠯ᠎ᠠ ᠠ᠋ᠴᠠ ᠠᠷᠠᠢ ᠳᠡᠭᠡᠷ᠎ᠡ ᠪᠣᠯᠪᠠᠴᠤ ᠰᠤᠷᠤᠭᠴᠢ ᠴᠥᠭᠡᠷᠡᠨ᠂ ᠰᠤᠷᠭᠠᠭᠤᠯᠢ ᠬᠣᠯᠠᠳᠠᠵᠤ᠂ ᠬᠠᠷ᠎ᠠ ᠪᠠᠭ᠎ᠠ ᠠ᠋ᠴᠠ ᠪᠠᠨ ᠦᠨᠳᠦᠰᠦᠨ ᠠᠮᠢᠳᠤᠷᠠᠯ ᠤ᠋ᠨ ᠰᠣᠶᠣᠯ ᠤ᠋ᠨ ᠣᠷᠴᠢᠨ ᠠ᠋ᠴᠠ ᠪᠠᠨ ᠰᠠᠯᠤᠨ ᠬᠣᠲᠠ ᠪᠠᠯᠭᠠᠳ  ᠲᠤ᠌ ᠣᠴᠢᠭᠰᠠᠨ ᠮᠣᠩᠭᠣᠯ ᠬᠡᠦᠬᠡᠳ ᠦ᠋ᠳ ᠬᠢᠲᠠᠳ ᠬᠡᠯᠡ ᠰᠡᠳᠬᠢᠬᠦᠢ ᠲᠡᠢ ᠪᠣᠯᠤᠨ ᠬᠥᠮᠦᠵᠢᠵᠦ ᠪᠠᠢᠭ᠎ᠠ ᠨᠢ ᠪᠠᠰᠠ ᠴᠤ ᠨᠣᠴᠢᠲᠠᠢ ᠠᠰᠠᠭᠤᠳᠠᠯ ᠪᠣᠯᠵᠤ ᠪᠠᠢᠭ᠎ᠠ ᠪᠢᠯᠡ᠃ ᠦᠨᠳᠦᠰᠦᠲᠡᠨ ᠦ᠌ ᠬᠡᠯᠡ ᠰᠣᠶᠣᠯ ᠢ᠋ ᠬᠦᠨᠳᠦᠳᠬᠡᠬᠦ᠂ ᠬᠡᠯᠡ ᠰᠣᠶᠣᠯ ᠢ᠋ᠶ᠋ᠠᠨ ᠡᠵᠡᠮᠰᠢᠬᠦ ᠨᠥᠬᠥᠴᠡᠯ ᠢ᠋ ᠪᠦᠷᠢᠯᠳᠦᠭᠦᠯᠬᠦ᠂ ᠬᠡᠯᠡ ᠰᠣᠶᠣᠯ ᠤ᠋ᠨ ᠤᠯᠠᠮᠵᠢᠯᠠᠯ ᠠᠯᠳᠠᠭᠳᠠᠵᠤ ᠪᠠᠢᠭ᠎ᠠ ᠪᠠᠢᠳᠠᠯ ᠢ᠋ ᠵᠦᠭᠰᠢᠷᠡᠭᠦᠯᠬᠦ᠂ ᠥᠪᠡᠷᠲᠡᠭᠡᠨ ᠵᠠᠰᠠᠬᠤ ᠬᠠᠤᠯᠢ ᠶ᠋ᠢᠨ ᠵᠢᠭᠠᠯᠲᠠ ᠶ᠋ᠢ ᠭᠦᠢᠴᠡᠳ ᠲᠤᠭᠤᠰᠢᠯᠠᠭᠤᠯᠬᠤ᠁ ᠭᠡᠬᠦᠴᠢᠯᠡᠨ ᠣᠯᠠᠨ ᠠᠰᠠᠭᠤᠳᠠᠯ ᠡᠭᠦᠨ ᠲᠡᠢ ᠬᠣᠯᠪᠣᠭᠳᠠᠨ᠎ᠠ᠃ ᠰᠣᠶᠣᠯ ᠤ᠋ᠨ ᠡᠷᠬᠡ ᠲᠡᠭᠰᠢ ᠪᠠᠢᠳᠠᠯ ᠠ᠋ᠴᠠ ᠦᠨᠳᠦᠰᠦᠲᠡᠨ ᠦ᠌ ᠡᠷᠬᠡ ᠲᠡᠭᠰᠢ ᠰᠢᠢᠳᠦᠭᠳᠡᠨ᠎ᠡ᠃ ᠴᠥᠭᠡᠨ ᠬᠥᠮᠦᠨ ᠲᠡᠢ ᠦᠨᠳᠦᠰᠦᠲᠡᠨ ᠦ᠌ ᠬᠡᠯᠡ ᠰᠣᠶᠣᠯ ᠤᠮᠠᠷᠳᠠᠭᠳᠠᠨ ᠬᠠᠢᠯᠤᠭᠳᠠᠬᠤ ᠨᠢ ᠬᠥᠮᠦᠨ ᠲᠥᠷᠥᠯᠬᠢᠲᠡᠨ ᠦ᠌ ᠰᠣᠶᠣᠯ ᠤ᠋ᠨ ᠣᠯᠠᠨ ᠶᠠᠩᠵᠤᠲᠤ ᠰᠢᠨᠵᠢ ᠶ᠋ᠢᠨ ᠠᠯᠳᠠᠭᠳᠠᠯ ᠤ᠋ᠨ ᠬᠦᠨᠳᠦ ᠴᠢᠬᠤᠯᠠ ᠠᠰᠠᠭᠤᠳᠠᠯ ᠮᠥᠨ ᠭᠡᠳᠡᠭ ᠢ᠋ ᠳᠡᠯᠡᠬᠡᠢ ᠨᠡᠢᠲᠡ ᠪᠡᠷ ᠢ᠋ᠶ᠋ᠡᠨ ᠲᠠᠨᠢᠵᠤ᠂ ᠡᠷᠴᠢᠮᠲᠡᠢ ᠠᠷᠭ᠎ᠠ ᠬᠡᠮᠵᠢᠶ᠎ᠡ ᠠᠪᠴᠤ ᠪᠠᠢᠭ᠎ᠠ ᠪᠤᠰᠤ ᠤᠤ?
   ᠬᠡᠯᠡ ᠰᠣᠶᠣᠯ ᠤ᠋ᠨ ᠬᠠᠮᠠᠭᠠᠯᠠᠯᠲᠠ ᠨᠢ ᠶᠠᠭ ᠬᠢᠮᠤᠷᠠᠯ ᠲᠠᠢ ᠪᠠᠢᠭ᠎ᠠ ᠦᠨᠳᠦᠰᠦᠲᠡᠨ ᠦ᠌ ᠬᠡᠯᠡ ᠰᠣᠶᠣᠯ ᠳ᠋ᠤ᠌ ᠴᠢᠭᠯᠡᠭᠳᠡᠭᠰᠡᠨ ᠪᠠᠢᠳᠠᠭ᠃ ᠶᠠᠭ ᠯᠠ ᠦᠨᠳᠦᠰᠦ ᠲᠡᠰᠦᠷᠡᠮᠡᠷ ᠪᠠᠢᠭ᠎ᠠ ᠬᠣᠪᠣᠷ ᠠᠮᠢᠲᠠᠨ ᠢ᠋ ᠶᠠᠮᠠᠷ ᠴᠤ ᠦᠨ᠎ᠡ ᠬᠠᠢᠷᠠᠯᠠᠯ ᠦᠭᠡᠢ ᠬᠠᠮᠠᠭᠠᠯᠠᠳᠠᠭ ᠰᠢᠭ᠋ ᠴᠥᠭᠡᠨ ᠲᠣᠭᠠᠲᠤ ᠦᠨᠳᠦᠰᠦᠲᠡᠨ ᠦ᠌ ᠬᠡᠯᠡ ᠰᠣᠶᠣᠯ ᠤ᠋ᠨ ᠠᠯᠳᠠᠭᠳᠠᠯ ᠢ᠋ ᠴᠤ ᠲᠡᠭᠡᠵᠦ ᠬᠠᠮᠠᠭᠠᠯᠠᠬᠤ ᠶᠣᠰᠣᠲᠠᠢ ᠪᠤᠰᠤ ᠤᠤ? ᠭᠡᠪᠡᠴᠦ ᠴᠡᠴᠡᠷᠯᠢᠭ ᠦᠭᠡᠢ᠂ ᠰᠤᠷᠭᠠᠭᠤᠯᠢ ᠦᠭᠡᠢ ᠭᠡᠰᠡᠨ ᠭᠠᠭᠴᠠ ᠰᠢᠯᠲᠠᠭ ᠢ᠋ᠶ᠋ᠠᠷ ᠦᠷ᠎ᠡ ᠬᠣᠢᠴᠢᠰ ᠤ᠋ᠨ ᠢ᠋ᠶ᠋ᠠᠨ ᠬᠡᠯᠡ ᠶ᠋ᠢ ᠬᠤᠭᠤᠯᠬᠤ ᠨᠢ ᠪᠠᠰᠠ ᠴᠤ ᠵᠦᠢᠲᠡᠢ ᠪᠢᠰᠢ᠃ ᠮᠣᠩᠭᠣᠯᠴᠤᠳ ᠤ᠋ᠨ ᠭᠡᠷ ᠦ᠋ᠨ ᠬᠥᠮᠦᠵᠢᠯ ᠦ᠋ᠨ ᠠᠯᠳᠠᠭᠳᠠᠯ ᠮᠣᠩᠭᠣᠯ ᠬᠡᠯᠡ ᠰᠣᠶᠣᠯ ᠤ᠋ᠨ ᠬᠢᠮᠤᠷᠠᠯ ᠤ᠋ᠨ ᠴᠢᠬᠤᠯᠠ ᠰᠢᠯᠲᠠᠭᠠᠨ ᠪᠣᠯᠵᠤ ᠪᠠᠢᠭ᠎ᠠ ᠶ᠋ᠢ ᠴᠦ᠍ ᠮᠡᠳᠡᠷᠡᠬᠦ ᠬᠡᠷᠡᠭᠲᠡᠢ᠃ ᠬᠡᠷᠪᠡ ᠪᠢᠳᠡ ᠬᠡᠯᠡ ᠰᠣᠶᠣᠯ ᠳ᠋ᠠᠭᠠᠨ ᠴᠢᠩ ᠰᠡᠳᠬᠢᠯ ᠡᠴᠡ ᠪᠡᠨ ᠬᠠᠢᠷᠠᠲᠠᠢ ᠯᠠ ᠶᠦᠮ ᠪᠣᠯ ᠶᠠᠮᠠᠷ ᠴᠤ ᠨᠥᠬᠥᠴᠡᠯ ᠪᠣᠯᠤᠮᠵᠢ ᠶ᠋ᠢᠨ ᠳᠣᠣᠷ᠎ᠠ ᠴᠤ᠌ ᠦᠷ᠎ᠡ ᠬᠣᠢᠴᠢᠰ ᠲᠠᠭᠠᠨ ᠲᠡᠭᠦᠨ ᠢ᠋ᠶ᠋ᠡᠨ ᠥᠪᠯᠡᠭᠦᠯᠦᠨ ᠤᠯᠠᠮᠵᠢᠯᠠᠵᠤ ᠴᠢᠳᠠᠬᠤ ᠯᠠ ᠤᠴᠢᠷᠲᠠᠢ᠃ ᠭᠡᠪᠡᠴᠦ ᠥᠪᠡᠷ ᠢ᠋ ᠪᠡᠨ ᠮᠣᠩᠭᠣᠯ ᠬᠥᠮᠦᠨ ᠭᠡᠵᠦ ᠴᠡᠭᠡᠵᠢ ᠪᠡᠨ ᠠᠯᠠᠭᠠᠳᠠᠳᠠᠭ᠂ ᠮᠣᠩᠭᠣᠯ ᠬᠡᠯᠡ ᠰᠣᠶᠣᠯ ᠤ᠋ᠨ ᠢ᠋ᠶ᠋ᠠᠨ ᠬᠦᠴᠦ ᠪᠡᠷ ᠡᠷᠬᠡ ᠲᠡᠢ ᠬᠥᠷᠥᠩᠭᠡ ᠲᠡᠢ ᠪᠣᠯᠣᠭᠰᠠᠳ ᠡᠰᠡᠬᠦᠯ᠎ᠡ ᠡᠷᠳᠡᠮ ᠦ᠋ᠨ ᠵᠡᠷᠭᠡ ᠴᠣᠯᠠ ᠠᠪᠤᠭᠰᠠᠳ ᠬᠡᠦᠬᠡᠳ ᠢ᠋ᠶ᠋ᠡᠨ ᠬᠢᠲᠠᠳ ᠢ᠋ᠶ᠋ᠠᠷ ᠰᠤᠷᠭᠠᠵᠤ ᠪᠠᠢᠭ᠎ᠠ ᠶ᠋ᠢ ᠬᠠᠷᠠᠬᠤ ᠳ᠋ᠤ᠌ ᠭᠠᠢᠬᠠᠮᠠᠷ᠃《ᠮᠣᠩᠭᠣᠯ ᠰᠣᠶᠣᠯ ᠳ᠋ᠠᠭᠠᠨ ᠬᠠᠢᠷᠠᠲᠠᠢ》 ᠬᠥᠮᠦᠰ ᠮᠠᠨᠢ ᠬᠠᠮᠤᠭ ᠤ᠋ᠨ ᠬᠠᠢᠷᠠᠲᠠᠢ ᠶᠠᠭᠤᠮ᠎ᠠ ᠪᠠᠨ ᠬᠡᠦᠬᠡᠳ ᠲᠡᠭᠡᠨ ᠬᠦᠷᠲᠡᠯ᠎ᠡ ᠥᠪᠯᠡᠭᠦᠯᠬᠦ ᠡᠴᠡ ᠬᠠᠢᠷᠠᠯᠠᠳᠠᠭ ᠪᠣᠯᠴᠢᠬᠠᠭᠰᠠᠨ ᠶᠤᠮ ᠤᠤ? ᠬᠠᠮᠤᠭ ᠤ᠋ᠨ ᠶᠠᠭᠤᠮ᠎ᠠ ᠪᠠᠨ ᠲᠣᠯᠣᠭᠠᠢ ᠳ᠋ᠠᠭᠠᠨ ᠠᠪᠰᠠᠯᠠᠭᠠᠳ ᠰᠢᠷᠣᠢ ᠳ᠋ᠤ᠌ ᠣᠷᠣᠬᠤ ᠪᠠᠷ ᠰᠢᠢᠳᠴᠢᠬᠡᠭᠰᠡᠨ ᠬᠡᠷᠡᠭ ᠤᠤ?《ᠬᠡᠦᠬᠡᠳ ᠠᠪᠬᠤ ᠬᠡᠷᠡᠭ ᠦᠭᠡᠢ᠂ ᠲᠡᠷᠡ ᠲᠡᠢ ᠲᠡᠷᠡ ᠦᠭᠡᠢ ᠬᠢᠲᠠᠳ ᠪᠣᠯᠤᠨ᠎ᠠ》 ᠭᠡᠭᠴᠢᠳ ᠬᠡᠯᠡ ᠰᠣᠶᠣᠯ ᠢ᠋ᠶ᠋ᠠᠨ ᠶᠠᠭᠠᠬᠢᠭᠰᠠᠨ ᠴᠤ᠌ ᠬᠡᠦᠬᠡᠳ ᠲᠡᠭᠡᠨ ᠥᠪᠯᠡᠭᠦᠯᠬᠦ ᠦᠭᠡᠢ ᠭᠡᠵᠦ ᠲᠠᠰᠤ ᠪᠣᠳᠣᠴᠢᠬᠠᠭᠰᠠᠨ ᠬᠡᠷᠡᠭ ᠤᠤ? ᠡᠰᠡᠬᠦᠯ᠎ᠡ ᠮᠣᠩᠭᠣᠯ ᠬᠡᠯᠡ ᠰᠣᠶᠣᠯ ᠤ᠋ᠨ ᠢᠷᠡᠭᠡᠳᠦᠢ ᠳ᠋ᠦ᠍ ᠥᠴᠦᠬᠡᠨ ᠴᠦ᠍ ᠢᠲᠡᠭᠡᠯ ᠦᠭᠡᠢ ᠪᠣᠯᠴᠢᠬᠠᠭᠰᠠᠨ ᠬᠡᠷᠡᠭ ᠤᠤ? ᠢᠩᠭᠢᠵᠦ ᠵᠣᠷᠢᠭ ᠰᠠᠨᠠᠭᠠᠨ ᠤ᠋ ᠲᠠᠯ᠎ᠠ ᠪᠠᠷ ᠥᠪᠡᠷ ᠢ᠋ ᠪᠡᠨ《ᠠᠪᠰᠠᠯᠠᠴᠢᠬᠠᠪᠠᠯ》 ᠮᠣᠩᠭᠣᠯ ᠰᠣᠶᠣᠯ ᠮᠠᠨᠢ ᠢᠷᠡᠭᠡᠳᠦᠢ ᠳ᠋ᠦ᠍ ᠦᠨᠡᠬᠡᠷ ᠠᠪᠰᠠᠨ ᠳ᠋ᠤ᠌ ᠣᠷᠣᠵᠤ ᠮᠡᠳᠡᠨ᠎ᠡ ᠳᠠ! ᠠᠯᠢᠪᠠ ᠡᠳ᠋ ᠦ᠋ᠨ ᠰᠣᠶᠣᠯ ᠢ᠋ᠶ᠋ᠠᠨ ᠮᠦᠽᠧᠢ ᠳ᠋ᠦ᠍《ᠪᠤᠩᠬᠤᠯᠠᠭᠠᠳ》᠂ ᠠᠯᠢᠪᠠ ᠣᠶᠤᠨ ᠤ᠋ ᠰᠣᠶᠣᠯ ᠤ᠋ᠨ ᠥᠪ ᠢ᠋ᠶ᠋ᠡᠨ ᠪᠦᠷᠢᠳᠬᠡᠯ ᠳ᠋ᠦ᠍ ᠳᠠᠩᠰᠠᠯᠠᠭᠤᠯᠵᠤ᠂ ᠪᠢᠴᠢᠯᠭᠡ ᠳ᠋ᠦ᠍ ᠬᠠᠭᠤᠯᠵᠤ᠂ ᠪᠢᠴᠢᠭ ᠢ᠋ᠶ᠋ᠡᠷ ᠰᠡᠢᠷᠡᠭᠦᠯᠦᠭᠡᠳ ᠪᠠᠢᠪᠠᠯ ᠮᠣᠩᠭᠣᠯ ᠰᠣᠶᠣᠯ ᠮᠠᠨᠢ ᠮᠥᠩᠬᠡᠷᠡᠴᠢᠬᠡᠬᠦ ᠪᠢᠯᠡ ᠤᠤ ᠳᠠ? ᠦᠭᠡᠢ ᠶᠡᠷᠦ ᠨᠢ ᠪᠢᠳᠡ ᠴᠢᠨᠢ ᠲᠣᠯᠣᠭᠠᠢ ᠲᠠᠢ ᠬᠥᠮᠦᠨ ᠤᠤ? ᠲᠣᠯᠣᠭᠠᠢ ᠦᠭᠡᠢ ᠴᠢᠳᠬᠥᠷ ᠦ᠋ᠳ ᠤᠤ?
    ᠨᠡᠪᠲᠡᠷᠡᠭᠦᠯᠭᠡ ᠶ᠋ᠢᠨ ᠳᠠᠷᠠᠭ᠎ᠠ ᠠᠷᠪᠠᠨ ᠬᠡᠳᠦᠨ ᠵᠢᠯ ᠠᠭᠤᠯᠵᠠᠭ᠎ᠠ ᠦᠭᠡᠢ ᠨᠣᠮ ᠤ᠋ᠨ ᠲᠠᠩᠭᠠᠷᠢᠭ ᠨᠠᠷᠠᠨᠪᠠᠲᠤ᠂ ᠴᠡᠷᠢᠨᠳᠣᠷᠵᠢ ᠨᠠᠷ ᠲᠠᠢ ᠪᠠᠨ ᠠᠭᠤᠯᠵᠠᠵᠤ᠂ ᠡᠨᠡᠬᠡᠨ ᠲᠡᠷᠡᠬᠡᠨ ᠢ᠋ ᠬᠠᠭᠤᠴᠢᠡᠯᠠᠬᠤ ᠶ᠋ᠢᠨ ᠵᠡᠷᠭᠡᠴᠡᠭᠡ ᠪᠣᠷᠣᠳᠠᠯ᠎ᠠ ᠵᠧᠦ ᠶ᠋ᠢᠨ ᠦᠢᠯᠡᠳᠪᠦᠷᠢ ᠬᠤᠳᠠᠯᠳᠤᠭᠠᠨ ᠤ᠋ ᠲᠣᠪᠴᠢᠶᠠᠨ ᠤ᠋ ᠱᠦᠵᠢ᠂ ᠵᠣᠬᠢᠶᠠᠯᠴᠢ ᠫᠦ᠍᠂ ᠪᠠᠭᠠᠲᠤᠷ ᠨᠥᠬᠥᠷ ᠦ᠋ᠨ ᠲᠤᠰᠠᠯᠠᠯᠴᠠᠭ᠎ᠠ ᠲᠠᠢ ᠪᠠᠷ ᠠᠵᠢᠯ ᠤ᠋ᠨ ᠢ᠋ᠶ᠋ᠠᠨ ᠵᠣᠬᠢᠴᠠᠭᠤᠯᠭ᠎ᠠ ᠶ᠋ᠢ ᠬᠢᠯ᠎ᠡ᠃7 ᠳ᠋ᠤᠭᠠᠷ ᠰᠠᠷ᠎ᠠ ᠶ᠋ᠢᠨ16 ᠳ᠋ᠤ᠌ ᠲᠠᠭᠰᠢᠭᠤᠷ ᠤᠯᠠᠮ ᠬᠦᠨᠳᠦᠷᠡᠵᠦ᠂ ᠬᠣᠭᠣᠯᠠᠢ ᠰᠥᠭᠡᠭᠡᠳ ᠦᠭᠡ ᠶᠠᠷᠢᠬᠤ ᠳ᠋ᠤ᠌ ᠴᠤ᠌ ᠬᠡᠴᠡᠭᠦᠦ ᠪᠣᠯᠤᠭᠰᠠᠨ ᠢ᠋ᠶ᠋ᠠᠷ ᠪᠢ ᠪᠣᠷᠣᠳᠠᠯ᠎ᠠ ᠵᠧᠦ ᠶ᠋ᠢᠨ ᠮᠣᠩᠭᠣᠯ ᠡᠮᠨᠡᠯᠭᠡ ᠳ᠋ᠦ᠍ ᠳᠤᠰᠤᠯ ᠲᠠᠷᠢᠶ᠎ᠠ ᠬᠢᠯᠭᠡᠨ ᠬᠡᠪᠲᠡᠵᠦ ᠵᠣᠷᠢᠭᠲᠤ᠂ ᠠᠯᠲᠠᠨᠪᠠᠶᠠᠷ ᠬᠣᠶᠠᠷ ᠮᠠᠨᠢ ᠰᠢᠨᠵᠢᠶᠠᠩ ᠤ᠋ᠨ ᠷᠠᠳᠢᠣ᠋ ᠶ᠋ᠢᠨ ᠣᠶᠤᠨᠪᠢᠯᠢᠭ᠌ ᠤ᠋ᠨ ᠬᠠᠮᠲᠤ ᠰᠢᠶᠣᠤ ᠶᠢᠨ ᠫᠠᠨ ᠪᠠᠯᠭᠠᠰᠤᠨ ᠤ᠋ ᠮᠥᠩᠬᠡ ᠲᠣᠯᠣᠭᠠᠢ ᠲᠣᠰᠬᠣᠨ ᠤ᠋ ᠬᠠᠷ᠎ᠠ ᠲᠤᠷᠤᠭ ᠮᠠᠯᠵᠢᠯ ᠤ᠋ᠨ ᠲᠠᠯᠠᠪᠠᠢ ᠳ᠋ᠤ᠌ ᠣᠴᠢᠵᠤ ᠰᠤᠷᠪᠤᠯᠵᠢᠯᠠᠭ᠎ᠠ ᠬᠢᠬᠦ ᠪᠡᠷ ᠪᠣᠯᠤᠯ᠎ᠠ᠃ ᠰᠢᠨᠵᠢᠶᠠᠩ ᠣᠷᠣᠨ ᠤ᠋ ᠬᠠᠮᠤᠭ ᠤ᠋ᠨ ᠲᠣᠮᠣ ᠮᠣᠩᠭᠣᠯ ᠡᠮᠨᠡᠯᠭᠡ ᠶ᠋ᠢᠨ ᠬᠣᠷᠢᠶ᠎ᠠ— ᠪᠣᠷᠣᠳᠠᠯ᠎ᠠ ᠶ᠋ᠢᠨ ᠮᠣᠩᠭᠣᠯ ᠡᠮᠨᠡᠯᠭᠡ ᠶ᠋ᠢᠨ ᠬᠣᠷᠢᠶᠠᠨ ᠤ᠋99% ᠶᠢᠨ ᠠᠵᠢᠯᠲᠠᠨ ᠨᠢ ᠮᠣᠩᠭᠣᠯ ᠬᠥᠮᠦᠨ ᠪᠠᠢᠵᠤ᠂ ᠲᠧᠯᠸᠢᠰ ᠢ᠋ᠶ᠋ᠡᠷ ᠨᠠᠮᠠᠶ᠋ᠢ ᠬᠠᠷᠠᠵᠤ ᠪᠠᠢᠭᠰᠠᠨ ᠪᠣᠯᠬᠣᠷ ᠪᠦᠭᠦᠳᠡᠭᠡᠷ ᠲᠠᠨᠢᠵᠤ᠂ ᠲᠡᠨᠳᠡ ᠪᠠᠢᠭ᠎ᠠ ᠬᠤᠭᠤᠴᠠᠭᠠᠨ ᠳ᠋ᠤ᠌ ᠶᠣᠰᠣᠲᠠᠢ ᠯᠠ ᠲᠡᠳᠡᠨ ᠦ᠌ ᠲᠥᠯᠥᠭᠡ ᠡᠪᠡᠳᠴᠢᠯᠡᠭᠰᠡᠨ ᠶᠦᠮ ᠰᠢᠭ ᠠᠰᠠᠷᠠᠭᠤᠯᠤᠨ ᠬᠡᠪᠲᠡᠯ᠎ᠡ᠃ ᠵᠣᠷᠢᠭᠲᠤ᠂ ᠠᠯᠲᠠᠨᠪᠠᠶᠠᠷ ᠬᠣᠶᠠᠷ ᠤ᠋ᠨ ᠮᠠᠨᠢ ᠰᠤᠷᠪᠤᠯᠵᠢᠯᠠᠭ᠎ᠠ ᠬᠢᠭᠰᠡᠨ ᠬᠠᠷ᠎ᠠ ᠲᠤᠷᠤᠭ ᠮᠠᠯᠵᠢᠯ ᠤ᠋ᠨ ᠲᠠᠯᠠᠪᠠᠢ ᠨᠢ ᠬᠠᠷ᠎ᠠ ᠲᠤᠷᠤᠭ ᠭᠣᠣᠯ ᠤ᠋ᠨ ᠳᠡᠨᠵᠢᠨ ᠳ᠋ᠦ᠍ ᠪᠠᠢᠷᠢᠯᠠᠭᠰᠠᠨ᠂ ᠪᠢᠲᠡᠭᠦᠦ ᠰᠢᠭᠤᠢ ᠲᠠᠢ ᠭᠣᠶᠣ ᠭᠠᠵᠠᠷ ᠶᠤᠮ ᠭᠡᠨ᠎ᠡ᠃ ᠡᠨᠡ ᠨᠢ ᠲᠡᠨᠳᠡᠬᠢ ᠶ᠋ᠢᠨ ᠮᠠᠯᠴᠢᠳ ᠤ᠋ᠨ ᠡᠪᠦᠯᠵᠢᠶᠡᠨ ᠦ᠌ ᠨᠤᠲᠤᠭ ᠪᠠᠢᠵᠤ᠂ ᠤᠳᠠᠬᠤ ᠦᠭᠡᠢ ᠵᠤᠰᠠᠯᠠᠩ ᠳ᠋ᠠᠭᠠᠨ ᠭᠠᠷᠬᠤ ᠪᠠᠷ ᠪᠡᠯᠡᠳᠬᠡᠵᠦ ᠪᠠᠢᠵᠠᠢ᠃ ᠦᠳᠡᠰᠢ ᠨᠢ ᠰᠢᠭᠤᠳ ᠨᠡᠪᠲᠡᠷᠡᠭᠦᠯᠭᠡ ᠪᠡᠷ ᠠᠬᠠᠮᠠᠳ ᠵᠣᠬᠢᠶᠠᠯᠴᠢ ᠭᠠ᠊· ᠭᠣᠮᠪᠣ ᠭᠤᠸᠠᠢ ᠶ᠋ᠢ ᠰᠤᠷᠪᠤᠯᠵᠢᠯᠠᠯ᠎ᠠ᠃ ᠰᠢᠨᠵᠢᠶᠠᠩ ᠴᠠᠬᠠᠷᠴᠤᠳ ᠤ᠋ᠨ ᠲᠡᠦᠬᠡᠨ ᠰᠡᠳᠦᠪᠲᠦ ᠠᠷᠪᠠᠨ ᠷᠣᠮᠠᠨ ᠪᠢᠴᠢᠭᠰᠡᠨ ᠭᠠ᠊· ᠭᠣᠮᠪᠣ ᠭᠤᠸᠠᠢ ᠪᠠᠷ ᠨᠤᠲᠤᠭ ᠤ᠋ᠨ ᠢ᠋ᠶ᠋ᠠᠨ ᠭᠠᠵᠠᠷ ᠤᠰᠤᠨ ᠤ᠋ ᠨᠡᠷ᠎ᠡ᠂ ᠦᠯᠢᠭᠡᠷ ᠳᠣᠮᠣᠭ᠂ ᠠᠮᠢᠲᠠᠨ ᠤᠷᠭᠤᠮᠠᠯ ᠤ᠋ᠨ ᠲᠥᠷᠥᠯ ᠵᠦᠢᠯ ᠦ᠋ᠨ ᠲᠤᠬᠠᠢ ᠪᠣᠯᠤᠨ ᠪᠣᠷᠣᠳᠠᠯ᠎ᠠ ᠶ᠋ᠢᠨ ᠴᠠᠬᠠᠷᠴᠤᠳ ᠤ᠋ᠨ ᠵᠠᠩ ᠦᠢᠯᠡ ᠶ᠋ᠢᠨ ᠲᠤᠬᠠᠢ ᠨᠣᠮ ᠲᠤᠭᠤᠷᠪᠢᠵᠤ ᠬᠡᠪᠯᠡᠭᠦᠯᠦᠭᠰᠡᠨ ᠨᠤᠲᠤᠭ ᠤ᠋ᠨ ᠡᠷᠳᠡᠮᠲᠡᠨ ᠠᠵᠢ᠃
ᠵᠢᠯᠣᠭᠣᠴᠢ ᠮᠠᠨᠢ ᠲᠡᠷᠡ ᠰᠥᠨᠢ ᠠᠭᠠᠷ ᠲᠣᠬᠢᠷᠠᠭᠤᠯᠤᠭᠴᠢ ᠪᠠᠨ ᠨᠡᠭᠡᠭᠡᠭᠡᠳ ᠤᠨᠲᠠᠭᠰᠠᠨ ᠢ᠋ᠶ᠋ᠠᠷ ᠨᠢᠷᠤᠭᠤ ᠨᠢ ᠭᠡᠮᠲᠦᠵᠦ᠂ ᠲᠡᠷᠭᠡ ᠪᠠᠷᠢᠬᠤ ᠪᠣᠯᠤᠮᠵᠢ ᠦᠭᠡᠢ ᠪᠣᠯᠤᠯ᠎ᠠ᠃ ᠡᠢᠨ ᠬᠦ᠌7 ᠳ᠋ᠤᠭᠠᠷ ᠰᠠᠷ᠎ᠠ ᠶ᠋ᠢᠨ17 ᠳ᠋ᠤ᠌ ᠬᠠᠮᠲᠤ ᠰᠤᠷᠤᠭᠴᠢ ᠴᠠᠷᠢᠨᠳᠣᠷᠵᠢ ᠪᠠᠷ ᠢ᠋ᠶ᠋ᠠᠨ ᠲᠡᠷᠭᠡ ᠪᠠᠷᠢᠭᠤᠯᠤᠨ ᠳᠠᠯᠠᠢ ᠶ᠋ᠢᠨ ᠲᠦᠪᠰᠢᠨ ᠡᠴᠡ2073m ᠥᠨᠳᠥᠷ ᠲᠦ᠍ ᠪᠠᠢᠭ᠎ᠠ ᠤᠯᠤᠰ ᠤ᠋ᠨ4A ᠳᠡᠰ ᠦ᠋ᠨ ᠵᠢᠭᠤᠯᠴᠢᠯᠠᠯ ᠤ᠋ᠨ ᠣᠷᠣᠨ— ᠰᠠᠢᠷᠠᠮ ᠤ᠋ᠨ ᠨᠠᠭᠤᠷ ᠢ᠋ ᠵᠦᠭᠯᠡᠯ᠎ᠡ᠃ ᠴᠠᠰᠤᠲᠤ ᠠᠭᠤᠯᠠ᠂ ᠣᠢ ᠰᠢᠭᠤᠢ᠂ ᠲᠠᠯ᠎ᠠ ᠨᠤᠲᠤᠭ ᠤ᠋ᠨ ᠦᠵᠡᠮᠵᠢ ᠶ᠋ᠢ ᠪᠦᠷᠢᠳᠦᠭᠦᠯᠦᠭᠰᠡᠨ ᠰᠠᠢᠷᠠᠮ ᠤ᠋ᠨ ᠨᠠᠭᠤᠷ ᠪᠣᠯ ᠰᠢᠨᠵᠢᠶᠠᠩ ᠣᠷᠣᠨ ᠳ᠋ᠠᠬᠢ ᠳᠠᠯᠠᠢ ᠶ᠋ᠢᠨ ᠲᠦᠪᠰᠢᠨ ᠡᠴᠡ ᠬᠠᠮᠤᠭ ᠤ᠋ᠨ ᠥᠨᠳᠥᠷ ᠲᠦ᠍ ᠪᠠᠢᠷᠢᠯᠠᠵᠤ ᠪᠠᠢᠭ᠎ᠠ ᠨᠠᠭᠤᠷ ᠠᠵᠢ᠃2004 ᠣᠨ ᠳ᠋ᠤ᠌ ᠲᠥᠷᠥ ᠶ᠋ᠢᠨ ᠶᠠᠪᠤᠳᠠᠯ ᠤ᠋ᠨ ᠬᠣᠷᠢᠶᠠᠨ ᠤ᠋ ᠵᠥᠪᠰᠢᠶᠡᠷᠡᠯ ᠢ᠋ᠶ᠋ᠡᠷ ᠤᠯᠤᠰ ᠤ᠋ᠨ ᠭᠣᠣᠯᠳᠠᠯᠭ᠎ᠠ ᠲᠠᠢ ᠦᠵᠡᠮᠵᠢᠲᠦ ᠣᠷᠣᠨ ᠪᠣᠯᠤᠭᠰᠠᠨ ᠰᠠᠢᠷᠠᠮ ᠤ᠋ᠨ ᠨᠠᠭᠤᠷ ᠤ᠋ᠨ ᠵᠢᠭᠤᠯᠴᠢᠯᠠᠯ ᠤ᠋ᠨ ᠣᠷᠣᠨ ᠨᠢ1301.4 ᠺᠦᠸᠠᠳ᠋ 192
ᠬᠣᠷᠢᠶ᠎ᠠ— ᠪᠣᠷᠣᠳᠠᠯ᠎ᠠ ᠶ᠋ᠢᠨ ᠮᠣᠩᠭᠣᠯ ᠡᠮᠨᠡᠯᠭᠡ ᠶ᠋ᠢᠨ ᠬᠣᠷᠢᠶᠠᠨ ᠤ᠋99% ᠦ᠌ ᠠᠵᠢᠯᠲᠠᠨ ᠨᠢ ᠮᠣᠩᠭᠣᠯ ᠬᠥᠮᠦᠨ ᠪᠠᠢᠵᠤ᠂ ᠲᠧᠯᠸᠢᠰ ᠢ᠋ᠶ᠋ᠡᠷ ᠨᠠᠮᠠᠶ᠋ᠢ ᠬᠠᠷᠠᠵᠤ ᠪᠠᠢᠭᠰᠠᠨ ᠪᠣᠯᠬᠣᠷ ᠪᠦᠭᠦᠳᠡᠭᠡᠷ ᠲᠠᠨᠢᠵᠤ᠂ ᠲᠡᠨᠳᠡ ᠪᠠᠢᠭ᠎ᠠ ᠬᠤᠭᠤᠴᠠᠭᠠᠨ ᠳ᠋ᠤ᠌ ᠶᠣᠰᠣᠲᠠᠢ ᠯᠠ ᠲᠡᠳᠡᠨ ᠦ᠌ ᠲᠥᠯᠥᠭᠡ ᠡᠪᠡᠳᠴᠢᠯᠡᠭᠰᠡᠨ ᠶᠦᠮ ᠰᠢᠭ ᠠᠰᠠᠷᠠᠭᠤᠯᠤᠨ ᠬᠡᠪᠲᠡᠯ᠎ᠡ᠃ ᠵᠣᠷᠢᠭᠲᠤ᠂ ᠠᠯᠲᠠᠨᠪᠠᠶᠠᠷ ᠬᠣᠶᠠᠷ ᠤ᠋ᠨ ᠮᠠᠨᠢ ᠰᠤᠷᠪᠤᠯᠵᠢᠯᠠᠭ᠎ᠠ ᠬᠢᠭᠰᠡᠨ ᠬᠠᠷ᠎ᠠ ᠲᠤᠷᠤᠭ ᠮᠠᠯᠵᠢᠯ ᠤ᠋ᠨ ᠲᠠᠯᠠᠪᠠᠢ ᠨᠢ ᠬᠠᠷ᠎ᠠ ᠲᠤᠷᠤᠭ ᠭᠣᠣᠯ ᠤ᠋ᠨ ᠳᠡᠨᠵᠢᠨ ᠳ᠋ᠦ᠍ ᠪᠠᠢᠷᠢᠯᠠᠭᠰᠠᠨ᠂ ᠪᠢᠲᠡᠭᠦᠦ ᠰᠢᠭᠤᠢ ᠲᠠᠢ ᠭᠣᠶᠣ ᠭᠠᠵᠠᠷ ᠶᠤᠮ ᠭᠡᠨ᠎ᠡ᠃ ᠡᠨᠡ ᠨᠢ ᠲᠡᠨᠳᠡᠬᠢ ᠶ᠋ᠢᠨ ᠮᠠᠯᠴᠢᠳ ᠤ᠋ᠨ ᠡᠪᠦᠯᠵᠢᠶᠡᠨ ᠦ᠌ ᠨᠤᠲᠤᠭ ᠪᠠᠢᠵᠤ᠂ ᠤᠳᠠᠬᠤ ᠦᠭᠡᠢ ᠵᠤᠰᠠᠯᠠᠩ ᠳ᠋ᠠᠭᠠᠨ ᠭᠠᠷᠬᠤ ᠪᠠᠷ ᠪᠡᠯᠡᠳᠬᠡᠵᠦ ᠪᠠᠢᠵᠠᠢ᠃ ᠦᠳᠡᠰᠢ ᠨᠢ ᠰᠢᠭᠤᠳ ᠨᠡᠪᠲᠡᠷᠡᠭᠦᠯᠭᠡ ᠪᠡᠷ ᠠᠬᠠᠮᠠᠳ ᠵᠣᠬᠢᠶᠠᠯᠴᠢ ᠭᠠ᠊· ᠭᠣᠮᠪᠣ ᠭᠤᠸᠠᠢ ᠶ᠋ᠢ ᠰᠤᠷᠪᠤᠯᠵᠢᠯᠠᠯ᠎ᠠ᠃ ᠰᠢᠨᠵᠢᠶᠠᠩ ᠴᠠᠬᠠᠷᠴᠤᠳ ᠤ᠋ᠨ ᠲᠡᠦᠬᠡᠨ ᠰᠡᠳᠦᠪᠲᠦ ᠠᠷᠪᠠᠨ ᠷᠣᠮᠠᠨ ᠪᠢᠴᠢᠭᠰᠡᠨ ᠭᠠ᠊· ᠭᠣᠮᠪᠣ ᠭᠤᠸᠠᠢ ᠪᠠᠷ ᠨᠤᠲᠤᠭ ᠤ᠋ᠨ ᠢ᠋ᠶ᠋ᠠᠨ ᠭᠠᠵᠠᠷ ᠤᠰᠤᠨ ᠤ᠋ ᠨᠡᠷ᠎ᠡ᠂ ᠦᠯᠢᠭᠡᠷ ᠳᠣᠮᠣᠭ᠂ ᠠᠮᠢᠲᠠᠨ ᠤᠷᠭᠤᠮᠠᠯ ᠤ᠋ᠨ ᠲᠥᠷᠥᠯ ᠵᠦᠢᠯ ᠦ᠋ᠨ ᠲᠤᠬᠠᠢ ᠪᠣᠯᠤᠨ ᠪᠣᠷᠣᠳᠠᠯ᠎ᠠ ᠶ᠋ᠢᠨ ᠴᠠᠬᠠᠷᠴᠤᠳ ᠤ᠋ᠨ ᠵᠠᠩ ᠦᠢᠯᠡ ᠶ᠋ᠢᠨ ᠲᠤᠬᠠᠢ ᠨᠣᠮ ᠲᠤᠭᠤᠷᠪᠢᠵᠤ ᠬᠡᠪᠯᠡᠭᠦᠯᠦᠭᠰᠡᠨ ᠨᠤᠲᠤᠭ ᠤ᠋ᠨ ᠡᠷᠳᠡᠮᠲᠡᠨ ᠠᠵᠢ᠃
   ᠵᠢᠯᠣᠭᠣᠴᠢ ᠮᠠᠨᠢ ᠲᠡᠷᠡ ᠰᠥᠨᠢ ᠠᠭᠠᠷ ᠲᠣᠬᠢᠷᠠᠭᠤᠯᠤᠭᠴᠢ ᠪᠠᠨ ᠨᠡᠭᠡᠭᠡᠭᠡᠳ ᠤᠨᠲᠠᠭᠰᠠᠨ ᠢ᠋ᠶ᠋ᠠᠷ ᠨᠢᠷᠤᠭᠤ ᠨᠢ ᠭᠡᠮᠲᠦᠵᠦ᠂ ᠲᠡᠷᠭᠡ ᠪᠠᠷᠢᠬᠤ ᠪᠣᠯᠤᠮᠵᠢ ᠦᠭᠡᠢ ᠪᠣᠯᠤᠯ᠎ᠠ᠃ ᠡᠢᠨ ᠬᠦ᠌7 ᠳ᠋ᠤᠭᠠᠷ ᠰᠠᠷ᠎ᠠ ᠶ᠋ᠢᠨ17 ᠳ᠋ᠤ᠌ ᠬᠠᠮᠲᠤ ᠰᠤᠷᠤᠭᠴᠢ ᠴᠠᠷᠢᠨᠳᠣᠷᠵᠢ ᠪᠠᠷ ᠢ᠋ᠶ᠋ᠠᠨ ᠲᠡᠷᠭᠡ ᠪᠠᠷᠢᠭᠤᠯᠤᠨ ᠳᠠᠯᠠᠢ ᠶ᠋ᠢᠨ ᠲᠦᠪᠰᠢᠨ ᠡᠴᠡ2073m ᠥᠨᠳᠥᠷ ᠲᠦ᠍ ᠪᠠᠢᠭ᠎ᠠ ᠤᠯᠤᠰ ᠤ᠋ᠨ4A ᠳᠡᠰ ᠦ᠋ᠨ ᠵᠢᠭᠤᠯᠴᠢᠯᠠᠯ ᠤ᠋ᠨ ᠣᠷᠣᠨ— ᠰᠠᠢᠷᠠᠮ ᠤ᠋ᠨ ᠨᠠᠭᠤᠷ ᠢ᠋ ᠵᠦᠭᠯᠡᠯ᠎ᠡ᠃ ᠴᠠᠰᠤᠲᠤ ᠠᠭᠤᠯᠠ᠂ ᠣᠢ ᠰᠢᠭᠤᠢ᠂ ᠲᠠᠯ᠎ᠠ ᠨᠤᠲᠤᠭ ᠤ᠋ᠨ ᠦᠵᠡᠮᠵᠢ ᠶ᠋ᠢ ᠪᠦᠷᠢᠳᠦᠭᠦᠯᠦᠭᠰᠡᠨ ᠰᠠᠢᠷᠠᠮ ᠤ᠋ᠨ ᠨᠠᠭᠤᠷ ᠪᠣᠯ ᠰᠢᠨᠵᠢᠶᠠᠩ ᠣᠷᠣᠨ ᠳ᠋ᠠᠬᠢ ᠳᠠᠯᠠᠢ ᠶ᠋ᠢᠨ ᠲᠦᠪᠰᠢᠨ ᠡᠴᠡ ᠬᠠᠮᠤᠭ ᠤ᠋ᠨ ᠥᠨᠳᠥᠷ ᠲᠦ᠍ ᠪᠠᠢᠷᠢᠯᠠᠵᠤ ᠪᠠᠢᠭ᠎ᠠ ᠨᠠᠭᠤᠷ ᠠᠵᠢ᠃2004 ᠣᠨ ᠳ᠋ᠤ᠌ ᠲᠥᠷᠥ ᠶ᠋ᠢᠨ ᠶᠠᠪᠤᠳᠠᠯ ᠤ᠋ᠨ ᠬᠣᠷᠢᠶᠠᠨ ᠤ᠋ ᠵᠥᠪᠰᠢᠶᠡᠷᠡᠯ ᠢ᠋ᠶ᠋ᠡᠷ ᠤᠯᠤᠰ ᠤ᠋ᠨ ᠭᠣᠣᠯᠳᠠᠯᠭ᠎ᠠ ᠲᠠᠢ ᠦᠵᠡᠮᠵᠢᠲᠦ ᠣᠷᠣᠨ ᠪᠣᠯᠤᠭᠰᠠᠨ ᠰᠠᠢᠷᠠᠮ ᠤ᠋ᠨ ᠨᠠᠭᠤᠷ ᠤ᠋ᠨ ᠵᠢᠭᠤᠯᠴᠢᠯᠠᠯ ᠤ᠋ᠨ ᠣᠷᠣᠨ ᠨᠢ1301.4 ᠺᠦᠸᠠᠳ᠋ ᠺᠢᠯᠣᠮᠧᠲ᠋ᠷ ᠲᠠᠯᠠᠪᠠᠢ ᠲᠠᠢ᠂ ᠨᠠᠭᠤᠷ ᠨᠢ485 ᠺᠦᠸᠠᠳ᠋ ᠺᠢᠯᠣᠮᠧᠲ᠋ᠷ ᠲᠠᠯᠠᠪᠠᠢ ᠲᠠᠢ᠂217 ᠳ᠋ᠦᠩᠰᠢᠭᠤᠷ ᠺᠦᠪ ᠮᠧᠲ᠋ᠷ ᠤᠰᠤᠨ ᠤ᠋ ᠬᠠᠳᠠᠭᠠᠯᠠᠮᠵᠢ ᠲᠠᠢ᠂10—12m ᠤ᠋ᠨ ᠭᠦᠨ ᠨᠢ ᠲᠣᠳᠣ ᠬᠠᠷᠠᠭᠳᠠᠬᠤ ᠲᠤᠩᠭᠠᠯᠠᠭ᠂ ᠲᠡᠭᠰᠢᠳᠬᠡᠭᠡᠳ106m ᠭᠦᠨ ᠶᠦᠮ ᠭᠡᠨ᠎ᠡ᠃ ᠰᠠᠢᠷᠠᠮ ᠤ᠋ᠨ ᠨᠠᠭᠤᠷ ᠤ᠋ᠨ ᠪᠠᠷᠠᠭᠤᠨ ᠳᠡᠨᠵᠢᠨ ᠳᠡᠭᠡᠷ᠎ᠡ ᠴᠠᠭᠠᠨ ᠭᠣᠣᠯ ᠣᠪᠣᠭ᠎ᠠ (ᠴᠠᠭᠠᠨ ᠤ᠋ ᠭᠣᠣᠯ ᠰᠠᠢᠷᠠᠮ ᠤ᠋ᠨ ᠨᠠᠭᠤᠷ ᠲᠤ ᠴᠢᠳᠬᠤᠵᠤ ᠪᠣᠢ) ᠭᠡᠵᠦ ᠪᠣᠢ᠃ ᠨᠤᠲᠤᠭ ᠤ᠋ᠨ ᠬᠥᠮᠦᠰ ᠡᠨᠡ ᠣᠪᠣᠭ᠎ᠠ ᠶ᠋ᠢ ᠴᠢᠩᠭᠢᠰ ᠦ᠋ᠨ ᠣᠪᠣᠭ᠎ᠠ ᠭᠡᠳᠡᠭ ᠠᠵᠢ᠃1219 ᠣᠨ ᠳ᠋ᠤ᠌ ᠴᠢᠩᠭᠢᠰ ᠬᠠᠭᠠᠨ20 ᠲᠦᠮᠡᠨ ᠴᠡᠷᠢᠭ ᠳᠠᠢᠴᠢᠯᠠᠨ ᠳᠤᠮᠳᠠᠳᠤ ᠠᠽᠢᠶ᠎ᠠ ᠤᠷᠤᠭᠤ ᠴᠡᠷᠢᠭᠯᠡᠬᠦ ᠳ᠋ᠡᠭᠡᠨ ᠡᠨᠳᠡ ᠠᠭᠲᠠ ᠪᠠᠨ ᠤᠰᠤᠯᠠᠨ᠂ ᠴᠡᠷᠢᠭ ᠢ᠋ᠶ᠋ᠡᠨ ᠰᠢᠯᠭᠠᠭᠰᠠᠨ ᠭᠡᠳᠡᠭ ᠪᠣᠯᠬᠣᠷ ᠰᠡᠭᠦᠯ ᠦ᠋ᠨ ᠦᠶ᠎ᠡ ᠳ᠋ᠦ᠍ ᠡᠨᠳᠡᠬᠢ ᠶ᠋ᠢᠨ ᠴᠠᠬᠠᠷᠴᠤᠳ ᠣᠪᠣᠭ᠎ᠠ ᠪᠤᠰᠬᠠᠨ ᠪᠡᠯᠭᠡᠰᠢᠶᠡᠨ ᠳᠠᠬᠢᠵᠤ ᠪᠠᠢᠭ᠎ᠠ ᠶᠤᠮ ᠪᠠᠢᠨ᠎ᠠ᠃ ᠣᠪᠣᠭᠠᠨ  ᠤ᠋ ᠬᠣᠶᠠᠷ ᠬᠠᠵᠠᠭᠤ ᠳ᠋ᠤ᠌ ᠴᠠᠬᠠᠷ ᠤ᠋ᠨ
 ᠨᠠᠢ᠍ᠮᠠᠨ ᠬᠤᠰᠢᠭᠤᠨ ᠤ᠋ ᠲᠤᠭ ᠢ᠋ ᠪᠠᠢᠷᠢᠯᠠᠭᠤᠯᠵᠠᠢ᠃ ᠬᠠᠷᠢᠨ ᠣᠪᠣᠭᠠᠨ ᠳᠡᠭᠡᠷ᠎ᠡ ᠠᠷᠢᠬᠢᠨ ᠤ᠋ ᠯᠣᠩᠬᠣ ᠳᠦᠭᠦᠷᠴᠦ᠂ ᠰᠠᠢᠷᠠᠮ ᠤ᠋ᠨ ᠨᠠᠭᠤᠷ ᠤ᠋ᠨ ᠡᠷᠭᠢ ᠪᠡᠷ ᠴᠦ᠍ ᠤᠨᠳᠤᠢ ᠰᠤᠨᠳᠤᠢ ᠯᠣᠩᠬᠣ ᠬᠠᠷᠠᠭᠳᠠᠬᠤ ᠨᠢ ᠰᠡᠳᠬᠢᠯ ᠡᠮᠵᠡᠭᠯᠡᠭᠦᠯᠦᠮᠡᠷ᠃ ᠡᠨᠡ ᠲᠤᠬᠠᠢ ᠪᠢ ᠰᠢᠨᠵᠢᠶᠠᠩ ᠤ᠋ᠨ ᠷᠠᠳᠢᠣ᠋ ᠬᠣᠷᠢᠶᠠᠨ ᠤ᠋ ᠰᠢᠭᠤᠳ ᠨᠡᠪᠲᠡᠷᠡᠭᠦᠯᠭᠡ ᠳ᠋ᠦ᠍ ᠶᠠᠷᠢᠯᠴᠠᠭ᠎ᠠ ᠥᠭᠬᠦ ᠳ᠋ᠡᠭᠡᠨ ᠲᠤᠰᠬᠠᠢ ᠰᠢᠭᠦᠮᠵᠢᠯᠡᠨ ᠶᠠᠷᠢᠭᠰᠠᠨ ᠪᠢᠯᠡ᠃ ᠣᠪᠣᠭ᠎ᠠ ᠪᠠᠨ ᠲᠣᠭᠣᠷᠢᠵᠤ᠂ ᠴᠢᠯᠠᠭᠤ ᠨᠡᠮᠡᠨ ᠰᠦᠰᠦᠭᠯᠡᠬᠦ ᠨᠢ ᠮᠣᠩᠭᠣᠯᠴᠤᠳ ᠤ᠋ᠨ ᠤᠯᠠᠮᠵᠢᠯᠠᠯ ᠪᠣᠯᠪᠠᠴᠤ ᠠᠷᠢᠬᠢ ᠫᠢᠸᠦ‍ ᠪᠡᠷ ᠤᠰᠤᠯᠠᠵᠤ᠂ ᠯᠣᠩᠬᠣᠨ ᠤ᠋ ᠬᠠᠭᠠᠷᠬᠠᠢ ᠪᠠᠷ ᠪᠣᠬᠢᠷᠯᠠᠬᠤ ᠨᠢ ᠳᠠᠩᠴᠤ ᠵᠦᠢ ᠦᠭᠡᠢ ᠶᠠᠪᠤᠳᠠᠯ ᠰᠠᠨ! ᠨᠠᠭᠤᠷ ᠤ᠋ᠨ ᠳᠡᠨᠵᠢᠨ ᠳᠡᠭᠡᠷ᠎ᠡ ᠬᠠᠰᠠᠭ ᠮᠠᠯᠴᠢᠳ ᠤ᠋ᠨ ᠵᠤᠰᠠᠯᠠᠩ ᠬᠠᠷᠠᠭᠳᠠᠨ᠎ᠠ᠃ ᠪᠣᠷᠣᠳᠠᠯ᠎ᠠ ᠶ᠋ᠢᠨ ᠮᠣᠩᠭᠣᠯ ᠮᠠᠯᠴᠢᠳ ᠰᠡᠭᠦᠯ ᠦ᠋ᠨ ᠦᠶ᠎ᠡ ᠳ᠋ᠦ᠍ ᠭᠠᠵᠠᠷ ᠨᠤᠲᠤᠭ ᠢ᠋ᠶ᠋ᠠᠨ ᠬᠠᠰᠠᠭ ᠮᠠᠯᠴᠢᠳ  ᠲᠤ᠌ ᠲᠦᠷᠢᠶᠡᠰᠦᠯᠡᠨ ᠥᠭᠴᠦ᠂ ᠬᠣᠲᠠ ᠣᠷᠣᠬᠤ ᠬᠠᠨᠳᠤᠰᠢ ᠨᠢ ᠨᠡᠮᠡᠭᠳᠡᠭᠰᠡᠨ ᠢ᠋ᠶ᠋ᠡᠷ ᠡᠢᠮᠦᠷᠬᠦᠦ ᠥᠩᠰᠢᠭ ᠰᠠᠢᠬᠠᠨ ᠪᠡᠯᠴᠢᠭᠡᠷ ᠨᠤᠲᠤᠭ ᠲᠤ᠌ ᠥᠭᠡᠷ᠎ᠡ ᠨᠡᠭᠦᠳᠡᠯᠴᠢᠨ ᠮᠠᠯᠴᠢᠨ ᠦᠨᠳᠦᠰᠦᠲᠡᠨ ᠮᠠᠯ ᠢ᠋ᠶ᠋ᠠᠨ ᠮᠠᠯᠵᠢᠨ ᠠᠵᠤ ᠲᠥᠷᠥᠬᠦ ᠨᠢ ᠣᠯᠠᠨ ᠪᠣᠯᠵᠠᠢ᠃ ᠬᠠᠮᠢᠭ᠎ᠠ ᠭᠠᠵᠠᠷ ᠦᠭᠡᠢ ᠮᠣᠩᠭᠣᠯᠴᠤᠳ ᠢᠩᠭᠢᠵᠦ ᠬᠣᠲᠠ ᠤᠷᠤᠭᠤ ᠲᠡᠮᠡᠦᠯᠬᠦ ᠨᠢ ᠵᠥᠪ ᠤᠤ᠂ ᠪᠤᠷᠤᠭᠤ ᠤᠤ? ᠬᠣᠲᠠ ᠣᠷᠣᠭᠰᠠᠨ ᠮᠠᠯᠴᠢᠨ ᠲᠠᠷᠢᠶᠠᠴᠢᠳ ᠲᠤ᠌ ᠮᠠᠨᠢ ᠲᠤᠯᠭᠠᠷᠠᠵᠤ ᠪᠠᠢᠭ᠎ᠠ ᠨᠢ ᠠᠵᠠ ᠤᠤ᠂ ᠡᠵᠡ ᠤᠤ? ᠲᠡᠳᠡᠨ ᠦ᠌ ᠢᠷᠡᠭᠡᠳᠦᠢ ᠶ᠋ᠢᠨ ᠠᠮᠢᠳᠤᠷᠠᠯ ᠠᠬᠤᠢ ᠶᠠᠭᠤ ᠪᠣᠯᠳᠠᠭ ᠪᠣᠯ? ᠲᠡᠳᠡᠨ ᠦ᠌ ᠵᠠᠯᠭᠠᠮᠵᠢ ᠬᠣᠢᠴᠢ ᠶ᠋ᠢᠨ ᠬᠡᠯᠡ ᠰᠣᠶᠣᠯ ᠶᠠᠭᠤ ᠪᠣᠯᠳᠠᠭ ᠪᠣᠯ? ᠡᠵᠡᠨ ᠦᠭᠡᠢ ᠪᠣᠯᠤᠭᠰᠠᠨ ᠨᠤᠲᠤᠭ ᠤᠰᠤ ᠮᠠᠨᠢ ᠶᠠᠭᠠᠬᠢᠳᠠᠭ ᠪᠣᠯ? ᠬᠣᠲᠠ ᠣᠷᠣᠭᠰᠠᠨ ᠲᠡᠳᠡᠨ ᠳ᠋ᠡᠭᠡᠨ ᠵᠣᠷᠢᠭᠤᠯᠵᠤ ᠪᠢᠳᠡ ᠶᠠᠭᠤ ᠬᠢᠭᠰᠡᠨ ᠶᠦᠮ ᠪᠣᠢ? ᠶᠠᠭᠤ ᠬᠢᠬᠦ ᠶᠣᠰᠣᠲᠠᠢ ᠪᠣᠢ? ᠶᠠᠭᠤ ᠬᠢᠵᠦ ᠴᠢᠳᠠᠬᠤ ᠶᠤᠮ ᠪᠣᠢ?
    ᠰᠠᠢᠷᠠᠮ ᠨᠠᠭᠤᠷ ᠳᠠᠬᠢ ᠪᠣᠭᠣᠨᠢᠬᠠᠨ ᠴᠠᠭ ᠤ᠋ᠨ ᠵᠤᠭᠠᠴᠠᠯ ᠢ᠋ᠶ᠋ᠠᠨ ᠥᠨᠳᠦᠷᠯᠡᠭᠦᠯᠦᠭᠡᠳ ᠪᠢᠳᠡ ᠨᠠᠢᠵᠠ ᠴᠠᠷᠢᠨᠳᠣᠷᠵᠢ ᠶ᠋ᠢᠨ ᠮᠠᠨᠢ ᠵᠤᠰᠠᠯᠠᠩ— ᠪᠣᠷᠣᠳᠠᠯ᠎ᠠ ᠵᠧᠦ ᠶ᠋ᠢᠨ ᠷᠠᠰᠢᠶᠠᠨ ᠰᠢᠶᠠᠨ ᠤ᠋ ᠬᠠᠷ᠎ᠠ ᠪᠣᠬᠣ (ᠪᠣᠬᠣ ᠭᠡᠳᠡᠭ ᠨᠢ ᠰᠤᠪᠠᠭ ᠭᠡᠳᠡᠭ ᠤᠳᠬ᠎ᠠ ᠲᠠᠢ ᠶᠤᠮ ᠪᠠᠢᠨ᠎ᠠ) ᠪᠠᠯᠭᠠᠰᠤᠨ ᠤ᠋ ᠷᠠᠰᠢᠶᠠᠨᠲᠤ ᠲᠣᠰᠬᠣᠨ ᠤ᠋《ᠴᠠᠬᠠᠷ ᠤ᠋ᠨ ᠬᠦᠷᠢᠶ᠎ᠡ》 ᠵᠤᠰᠠᠯᠠᠩ ᠳ᠋ᠤ᠌ ᠰᠢᠮᠳᠠᠭᠤᠬᠠᠨ ᠬᠦᠷᠴᠦ ᠰᠢᠭᠤᠳ ᠨᠡᠪᠲᠡᠷᠡᠭᠦᠯᠭᠡ ᠪᠡᠨ ᠬᠢᠯ᠎ᠡ᠃ ᠪᠢᠳᠡᠨ ᠢ᠋ ᠪᠦᠲᠦᠨ ᠡᠳᠦᠷᠵᠢᠨ ᠶᠠᠭᠠᠷᠠᠵᠤ ᠪᠠᠢᠬᠤ ᠬᠤᠭᠤᠴᠠᠭᠠᠨ ᠳ᠋ᠤ᠌ ᠦᠷᠦᠮᠴᠢ ᠡᠴᠡ ᠥᠭᠡᠷ᠎ᠡ ᠲᠡᠷᠭᠡ ᠢᠷᠡᠵᠦ᠂ ᠨᠢᠷᠤᠭᠤ ᠨᠢ ᠭᠡᠮᠲᠦᠭᠰᠡᠨ ᠵᠢᠯᠣᠭᠣᠴᠢ ᠪᠠᠨ ᠲᠣᠰᠴᠤ᠂ ᠥᠭᠡᠷ᠎ᠡ ᠵᠢᠯᠣᠭᠣᠴᠢ ᠲᠣᠮᠢᠯᠠᠭᠰᠠᠨ ᠪᠠᠢᠪᠠ᠃《ᠴᠠᠬᠠᠷ ᠤ᠋ᠨ ᠬᠦᠷᠢᠶ᠎ᠡ》 ᠵᠤᠰᠠᠯᠠᠩ ᠤ᠋ᠨ ᠪᠠᠢᠭᠠᠯᠢ ᠶ᠋ᠢᠨ ᠦᠵᠡᠮᠵᠢ ᠠᠳᠠᠪᠠᠰᠢ ᠭᠣᠶᠣ᠂ ᠠᠭᠠᠷ ᠠᠮᠢᠰᠬᠤᠯ ᠰᠡᠷᠢᠭᠦᠨ ᠲᠠᠭᠠᠯᠠᠮᠵᠢᠲᠠᠢ᠂ ᠭᠠᠭᠴᠠ ᠴᠤ ᠪᠠᠢᠰᠢᠩ ᠭᠡᠷ ᠬᠠᠷᠠᠭᠳᠠᠬᠤ ᠦᠭᠡᠢ᠂ ᠪᠦᠷ ᠮᠣᠩᠭᠣᠯ ᠭᠡᠷ ᠵᠢᠭᠳᠡᠷᠡᠭᠰᠡᠨ ᠡᠨᠡ ᠨᠤᠲᠤᠭ ᠲᠤ ᠢᠷᠡᠬᠦ ᠦᠶ᠎ᠡ ᠳ᠋ᠦ᠍ ᠨᠠᠷᠠ ᠲᠠᠢ ᠪᠣᠷᠣᠭ᠎ᠠ ᠰᠢᠪᠡᠷᠡᠵᠦ᠂ ᠬᠣᠣᠰ ᠰᠣᠯᠣᠩᠭ᠎ᠠ ᠲᠠᠲᠠᠭᠰᠠᠨ ᠢ᠋ᠶ᠋ᠠᠷ ᠲᠡᠨᠳᠡᠬᠢ ᠮᠠᠯᠴᠢᠳ ᠮᠠᠰᠢ ᠪᠡᠯᠭᠡᠰᠢᠶᠡᠵᠦ《ᠲᠠ ᠨᠠᠷ ᠬᠤᠪᠢ ᠲᠠᠢ ᠬᠥᠮᠦᠰ ᠪᠠᠢᠨ᠎ᠠ》 ᠭᠡᠵᠡᠭᠡᠵᠦ ᠪᠠᠢᠯ᠎ᠠ᠃ ᠵᠣᠷᠢᠭᠲᠤ᠂ ᠠᠯᠲᠠᠨᠪᠠᠶᠠᠷ ᠬᠣᠶᠠᠷ ᠮᠠᠨᠢ ᠨᠠᠷᠠ ᠰᠢᠩᠭᠡᠲᠡᠯ᠎ᠡ (ᠰᠢᠨᠵᠢᠶᠠᠩ ᠨᠤᠲᠤᠭ ᠲᠤ ᠪᠠᠷᠤᠭ ᠦᠳᠡᠰᠢ ᠶ᠋ᠢᠨ ᠠᠷᠪᠠᠨ ᠴᠠᠭ ᠬᠠᠭᠠᠰ ᠤ᠋ᠨ ᠦᠶ᠎ᠡ ᠳ᠋ᠦ᠍ ᠰᠠᠶᠢ ᠨᠠᠷᠠ ᠰᠢᠩᠭᠡᠳᠡᠭ) ᠰᠤᠷᠪᠤᠯᠵᠢᠯᠠᠭ᠎ᠠ ᠬᠢᠵᠦ ᠶᠠᠭᠠᠷᠠᠪᠠ᠃ ᠪᠢ ᠰᠡᠯᠡᠭᠦᠦ ᠪᠠᠢᠭᠰᠠᠨ ᠪᠣᠯᠬᠣᠷ ᠵᠤᠰᠠᠯᠠᠩ ᠤ᠋ᠨ ᠪᠠᠷᠠᠭᠤᠬᠠᠨ ᠳ᠋ᠤ᠌ ᠪᠠᠢᠭ᠎ᠠ ᠡᠷᠲᠡᠨ ᠦ᠌ ᠬᠥᠮᠦᠨ ᠴᠢᠯᠠᠭᠤ (ᠬᠥᠮᠦᠨ ᠴᠢᠯᠠᠭᠤᠨ ᠤ᠋ ᠬᠠᠵᠠᠭᠤ ᠳ᠋ᠤ᠌ ᠪᠣᠰᠬᠠᠭᠰᠠᠨ ᠢᠯᠡᠷᠬᠡᠢᠯᠡᠯ ᠨᠢ ᠮᠠᠰᠢ ᠪᠠᠯᠠᠷᠬᠠᠢ ᠪᠣᠯᠵᠠᠢ᠃ ᠢᠯᠡᠷᠬᠡᠢᠯᠡᠯ ᠳᠡᠭᠡᠷ᠎ᠡ ᠡᠭᠦᠨ ᠢ᠋ ᠰᠦᠢ ᠤᠯᠤᠰ ᠤ᠋ᠨ ᠦᠶ᠎ᠡ ᠶ᠋ᠢᠨ ᠭᠡᠵᠦ ᠪᠢᠴᠢᠭᠰᠡᠨ ᠪᠠᠢᠨ᠎ᠠ᠃ ᠬᠠᠷᠢᠨ ᠪᠢ ᠲᠦᠷᠺ ᠦ᠋ᠨ ᠦᠶ᠎ᠡ ᠶ᠋ᠢᠨ ᠬᠢ ᠪᠣᠯᠪᠠ ᠤᠤ ᠭᠡᠵᠦ ᠰᠠᠨᠠᠭᠰᠠᠨ᠃ ᠡᠨᠡ ᠬᠠᠪᠢ ᠳ᠋ᠤ᠌ ᠡᠷᠲᠡᠨ ᠦ᠌ ᠣᠩᠭᠣᠨ᠂ ᠬᠥᠰᠢᠶ᠎ᠡ ᠴᠢᠯᠠᠭᠤ ᠣᠯᠠᠨ ᠪᠠᠢᠭ᠎ᠠ ᠭᠡᠨ᠎ᠡ) ᠶ᠋ᠢ ᠦᠵᠡᠵᠦ ᠪᠠᠢᠭᠠᠯᠢ ᠶ᠋ᠢᠨ ᠦᠵᠡᠮᠵᠢ ᠵᠢᠷᠤᠭᠯᠠᠨ ᠰᠡᠳᠬᠢᠯ ᠰᠡᠷᠭᠦᠭᠡᠯ᠎ᠡ᠃ ᠬᠣᠶᠠᠷ ᠡᠳᠦᠷ ᠳᠤᠰᠤᠯ ᠲᠠᠷᠢᠶ᠎ᠠ ᠬᠢᠯᠭᠡᠵᠦ᠂ ᠮᠣᠩᠭᠣᠯ ᠡᠮ ᠤᠤᠭᠤᠭᠰᠠᠨ ᠪᠣᠯᠬᠣᠷ ᠪᠡᠶ᠎ᠡ ᠴᠤ ᠲᠡᠩᠬᠡᠷᠡᠵᠦ᠂ ᠵᠤᠰᠠᠯᠠᠩ ᠤ᠋ᠨ ᠰᠠᠢᠬᠠᠨ ᠦᠳᠡᠰᠢ ᠴᠡᠪᠡᠷ ᠠᠭᠠᠷ ᠠᠮᠢᠰᠬᠤᠯᠯᠠᠨ ᠭᠠᠳᠠᠭ᠎ᠠ ᠰᠠᠭᠤᠭᠠᠳ ᠪᠠᠢᠮᠠᠷ ᠰᠠᠨᠠᠭᠳᠠᠬᠤ ᠶ᠋ᠢ ᠶᠠᠭᠠᠬᠢᠶ᠎ᠠ! ᠠᠯᠠᠭ ᠠᠭᠤᠯᠠ ᠬᠡᠮᠡᠬᠦ ᠰᠦᠷᠯᠢᠭ ᠠᠭᠤᠯᠠ ᠶ᠋ᠢ ᠲᠦᠰᠢᠨ ᠪᠠᠢᠷᠢᠯᠠᠭᠰᠠᠨ ᠡᠨᠡ ᠬᠦ ᠵᠤᠰᠠᠯᠠᠩ ᠤ᠋ᠨ ᠬᠠᠵᠠᠭᠤ ᠪᠠᠷ ᠷᠠᠰᠢᠶᠠᠨᠲᠤ ᠶ᠋ᠢᠨ ᠭᠣᠣᠯ ᠬᠠᠷᠭᠢᠯᠠᠨ ᠥᠩᠭᠡᠷᠡᠨ᠎ᠡ᠃ ᠡᠨᠳᠡᠬᠢ ᠶ᠋ᠢᠨ ᠮᠠᠯᠴᠢᠳ ᠲᠠᠪᠤᠨ ᠬᠣᠰᠢᠭᠤ ᠮᠠᠯ ᠮᠠᠯᠵᠢᠵᠤ ᠪᠠᠢᠭ᠎ᠠ ᠪᠣᠯᠬᠣᠷ ᠦᠨᠢᠶ᠎ᠡ ᠲᠤᠭᠤᠯ ᠮᠥᠭᠡᠷᠡᠯᠳᠦᠨ᠂ ᠢᠩᠭᠡ ᠪᠣᠲᠣᠭᠣ ᠪᠤᠢᠯᠠᠵᠤ᠂ ᠨᠠᠮᠤᠭᠤᠬᠠᠨ ᠬᠠᠷᠭᠢᠯᠠᠬᠤ ᠭᠣᠣᠯ ᠤ᠋ᠨ ᠤᠰᠤᠨ ᠤ᠋ ᠴᠢᠮᠡᠭᠡ ᠲᠡᠢ ᠰᠦᠯᠡᠯᠳᠦᠨ ᠨᠢᠭᠡᠳᠴᠦ ᠬᠥᠳᠡᠭᠡ ᠰᠠᠢᠬᠠᠨ ᠨᠤᠲᠤᠭ ᠤ᠋ᠨ ᠰᠣᠨᠣᠰᠤᠭᠠᠳ ᠬᠠᠨᠤᠰᠢ ᠦᠭᠡᠢ ᠢᠷᠠᠭᠤ ᠡᠭᠡᠰᠢᠭᠯᠡᠩᠲᠦ ᠰᠢᠨᠫᠤᠨᠢ ᠬᠥᠭᠵᠢᠮ ᠪᠡᠶ᠎ᠡ ᠰᠡᠳᠬᠢᠯ ᠢ᠋ ᠮᠢᠨᠢ ᠠᠷᠢᠭᠤᠰᠬᠠᠨ ᠰᠣᠭᠲᠣᠭᠠᠵᠤ ᠪᠠᠢᠯ᠎ᠠ᠃ 
    ᠪᠤᠤᠺᠠ ᠭᠡᠳᠡᠭ ᠮᠠᠯᠴᠢᠨ ᠠᠢᠯ ᠵᠠᠭᠤ ᠭᠠᠷᠤᠢ ᠲᠡᠮᠡᠭᠡ ᠲᠡᠢ᠂ ᠲᠠᠪᠤᠨ ᠬᠣᠰᠢᠭᠤ ᠮᠠᠯ ᠢ᠋ ᠪᠦᠷᠢᠨ ᠮᠠᠯᠵᠢᠵᠤ ᠪᠠᠢᠭ᠎ᠠ ᠶᠤᠮ ᠪᠠᠢᠨ᠎ᠠ᠃《ᠳᠡᠭᠡᠳᠦᠰ ᠡᠴᠡ ᠮᠢᠨᠢ ᠲᠠᠪᠤᠨ ᠬᠣᠰᠢᠭᠤ ᠮᠠᠯ ᠦᠯᠡᠳᠡᠭᠡᠵᠦ ᠥᠭᠭᠦᠭᠰᠡᠨ ᠪᠣᠯᠬᠣᠷ ᠡᠭᠦᠨ ᠢ᠋ᠶ᠋ᠡᠨ ᠪᠦᠷᠢᠨ ᠲᠣᠭ᠎ᠠ ᠪᠠᠷ ᠨᠢ ᠮᠠᠯᠵᠢᠬᠤ ᠨᠢ ᠪᠢᠳᠡᠨ  ᠦ᠌ ᠡᠭᠦᠷᠭᠡ ᠬᠠᠷᠢᠭᠤᠴᠠᠯᠭ᠎ᠠ》 ᠭᠡᠵᠦ ᠲᠡᠷᠡ ᠪᠡᠷ ᠮᠠᠨ ᠤ᠋ ᠰᠤᠷᠪᠤᠯᠵᠢᠯᠠᠭᠴᠢ ᠳ᠋ᠤ᠌ ᠶᠠᠷᠢᠯ᠎ᠠ᠃ ᠥᠪᠥᠷ ᠮᠣᠩᠭᠣᠯ ᠣᠷᠣᠨ ᠳ᠋ᠤ᠌ ᠲᠠᠪᠤᠨ ᠬᠣᠰᠢᠭᠤ ᠮᠠᠯ ᠤ᠋ᠨ ᠪᠦᠲᠦᠴᠡ ᠠᠯᠳᠠᠭᠳᠠᠵᠤ᠂ ᠢᠮᠠᠭ᠎ᠠ ᠶ᠋ᠢ《ᠪᠡᠯᠴᠢᠭᠡᠷ ᠡᠪᠳᠡᠭᠴᠢ》᠂ ᠠᠳᠤᠭᠤ ᠶ᠋ᠢ《ᠲᠠᠪᠤᠨ ᠠᠮᠠᠲᠤ》 ᠭᠡᠵᠦ ᠤᠷᠢᠳ ᠢ᠋ᠶ᠋ᠠᠷ ᠴᠥᠭᠡᠴᠢᠯᠡᠭᠡᠳ᠂ ᠲᠡᠮᠡᠭᠡ᠂ ᠦᠬᠡᠷ᠂ ᠬᠣᠨᠢ ᠪᠠᠨ ᠴᠤ ᠠᠳᠠᠯᠠᠭᠰᠠᠭᠠᠷ ᠪᠠᠢᠵᠤ ᠨᠤᠲᠤᠭ ᠤ᠋ᠨ ᠮᠠᠯ ᠤ᠋ᠨ ᠡᠭᠦᠯᠳᠡᠷ ᠮᠠᠨᠢ ᠮᠠᠯᠤᠷ ᠪᠠᠭᠠᠪᠠᠭᠠᠢ ᠰᠢᠭ᠋ ᠬᠣᠪᠣᠷᠳᠠᠭᠰᠠᠨ ᠪᠢᠯᠡ᠃ ᠬᠣᠵᠢᠮ ᠥᠪᠥᠷ ᠮᠣᠩᠭᠣᠯᠴᠤᠳ ᠦᠬᠡᠷ ᠭᠡᠪᠡᠯ ᠠᠯᠠᠭ ᠦᠨᠢᠶ᠎ᠡ ᠶ᠋ᠢ ᠯᠡ ᠬᠡᠯᠡᠳᠡᠭ ᠭᠡᠵᠦ ᠣᠢᠯᠠᠭᠠᠬᠤ ᠪᠣᠯᠤᠭᠤᠵᠠᠢ ᠭᠡᠵᠦ ᠬᠠᠶᠠ ᠬᠠᠷ᠎ᠠ ᠳᠠᠷᠤᠬᠤ ᠮᠡᠲᠦ ᠡᠮᠢᠶᠡᠨ ᠪᠣᠳᠣᠬᠤ ᠶᠤᠮ᠃ ᠭᠠᠬᠠᠢ ᠰᠢᠭ᠋ ᠬᠠᠰᠢᠶᠠᠯᠠᠨ ᠲᠡᠵᠢᠭᠡᠭᠡᠳ ᠪᠡᠯᠴᠢᠭᠡᠷ ᠦ᠋ᠨ ᠮᠠᠯ ᠠᠵᠤ ᠠᠬᠤᠢ ᠪᠠᠨ ᠬᠥᠭᠵᠢᠭᠦᠯᠦᠭᠰᠡᠨ᠂ ᠰᠢᠨᠵᠢᠯᠡᠬᠦ ᠤᠬᠠᠭᠠᠨᠴᠢᠯᠠᠭᠰᠠᠨ ᠭᠡᠵᠦ ᠬᠡᠪᠯᠡᠯ ᠮᠡᠳᠡᠭᠡᠯᠡᠯ ᠢ᠋ᠶ᠋ᠡᠷ ᠣᠯᠢᠭᠤ ᠰᠣᠯᠢᠭᠤ ᠬᠥᠭᠡᠷᠭᠡᠳᠡᠭᠡᠳ ᠪᠠᠢᠭ᠎ᠠ ᠮᠠᠨᠢ ᠲᠠᠷᠢᠬᠢᠨ ᠳ᠋ᠠᠭᠠᠨ ᠤᠰᠤ ᠲᠠᠢ ᠶ᠋ᠢᠨ ᠬᠢ᠃ ᠬᠡᠳᠦᠨ ᠵᠢᠯ ᠰᠤᠷᠭᠠᠭᠤᠯᠢ ᠶ᠋ᠢᠨ ᠮᠥᠷ ᠬᠥᠭᠡᠭᠡᠵᠦ᠂ ᠵᠢᠷᠣᠭ᠎ᠠ ᠨᠣᠬᠠᠢ ᠮᠡᠲᠦ ᠵᠢᠵᠢᠭ ᠨᠣᠶᠠᠨ ᠪᠣᠯᠵᠤ᠂ ᠠᠯᠪᠠᠨ ᠤ᠋ ᠮᠠᠲ᠋ᠧᠷᠢᠶᠠᠯ ᠬᠡᠳᠦ ᠶ᠋ᠢ ᠤᠩᠰᠢᠩᠭᠤᠲᠠ ᠪᠠᠨ ᠤᠭ ᠢ᠋ᠶ᠋ᠠᠨ ᠮᠠᠷᠲᠠᠵᠤ᠂ ᠤᠳᠤᠮ ᠢ᠋ᠶ᠋ᠠᠨ ᠮᠠᠯᠲᠠᠳᠠᠭ ᠨᠢ ᠪᠣᠳᠣᠯ ᠳ᠋ᠠᠭᠠᠨ ᠪᠤᠯᠠᠩᠭᠢᠷ ᠲᠠᠢ ᠶ᠋ᠢᠨ ᠬᠢ᠃ ᠬᠥᠮᠦᠨ ᠲᠥᠷᠥᠯᠬᠢᠲᠡᠨ ᠪᠦᠭᠦᠳᠡᠭᠡᠷ ᠢ᠋ᠶ᠋ᠡᠨ ᠪᠠᠢᠭᠠᠯᠢᠯᠢᠭ᠂ ᠪᠣᠬᠢᠷᠲᠤᠯ ᠦᠭᠡᠢ ᠲᠠᠢᠰᠢ ᠵᠣᠷᠢᠵᠤ ᠪᠠᠢᠬᠤ ᠳ᠋ᠤ᠌ ᠪᠢᠳᠡ ᠯᠠ ᠪᠠᠢᠭᠠᠯᠢ ᠠ᠋ᠴᠠ ᠵᠠᠢᠳᠠᠭᠤ ᠪᠠᠢᠬᠤ ᠶ᠋ᠢ ᠬᠦᠰᠡᠳᠡᠭ ᠨᠢ ᠤᠬᠠᠭᠠᠨ ᠲᠠᠢ ᠶ᠋ᠢᠨ ᠬᠢ ᠯᠠᠪ ᠪᠢᠰᠢ᠃ ᠶᠠᠷᠢᠶᠠᠨ ᠦᠭᠡᠢ ᠡᠨᠡ ᠨᠢ ᠮᠠᠯᠴᠢᠳ ᠤ᠋ᠨ ᠰᠠᠨᠠᠭᠠᠴᠢᠯᠠᠭ᠎ᠠ ᠪᠢᠰᠢ᠂ ᠣᠷᠣᠨ ᠨᠤᠲᠤᠭ ᠤ᠋ᠨ ᠲᠥᠷᠥ ᠶ᠋ᠢᠨ ᠪᠣᠳᠣᠯᠭ᠎ᠠ ᠲᠣᠭᠲᠠᠭᠠᠭᠴᠢᠳ ᠠ᠋ᠴᠠ ᠰᠢᠯᠲᠠᠭᠠᠯᠠᠭᠰᠠᠨ ᠤᠴᠢᠷ ᠶᠤᠮ᠃
   ᠦᠳᠡᠰᠢ ᠨᠢ ᠲᠡᠨᠳᠡᠬᠢ ᠶ᠋ᠢᠨ ᠮᠠᠯᠴᠢᠳ ᠲᠠᠢ ᠳᠠᠭᠤᠯᠠᠯᠳᠤᠨ ᠨᠠᠢᠷᠯᠠᠯᠳᠤᠪᠠ᠃ ᠬᠠᠭᠤᠴᠢᠨ ᠨᠠᠢᠵᠠ ᠣᠶᠣᠨᠪᠠᠲᠤ ᠮᠠᠨᠢ《 ᠵᠠᠸᠠ ᠪᠠᠭᠠᠰᠤᠲᠠᠢ ᠬᠣᠶᠠᠷ》 ᠭᠡᠰᠡᠨ ᠠᠷᠠᠳ ᠤ᠋ᠨ ᠦᠯᠢᠭᠡᠷᠲᠦ ᠳᠠᠭᠤᠤ ᠪᠣᠯᠤᠨ ᠬᠠᠯᠢᠮᠠᠭ ᠤ᠋ᠨ ᠳᠠᠭᠤᠴᠢᠨ ᠤ᠋ ᠪᠦᠲᠦᠭᠡᠯ《ᠣᠢᠷᠠᠳ ᠨᠤᠲᠤᠭ》 ᠭᠡᠰᠡᠨ ᠳᠠᠭᠤᠤ ᠳᠠᠭᠤᠯᠠᠵᠤ᠂ ᠲᠡᠮᠳᠡᠭᠯᠡᠯ ᠦ᠋ᠨ ᠳᠡᠪᠲᠡᠷ ᠳᠡᠭᠡᠷ᠎ᠡ ᠰᠢᠯᠦᠭ ᠢ᠋ ᠨᠢ ᠬᠠᠭᠤᠯᠤᠭᠰᠠᠨ ᠢ᠋ ᠤᠩᠰᠢᠭᠴᠢ ᠲᠠ ᠪᠦᠬᠦᠨ ᠲᠡᠢ ᠪᠡᠨ ᠬᠤᠪᠢᠶᠠᠯᠴᠠᠰᠤ᠃《ᠵᠡᠸᠡ ᠪᠠᠭᠠᠰᠤᠲᠠᠢ ᠬᠣᠶᠠᠷ》 ᠳᠠᠭᠤᠤ ᠳ᠋ᠤ᠌᠄
ᠪᠠᠭᠤᠷᠢ ᠪᠠᠭᠤᠷᠢ ᠶ᠋ᠢᠨ ᠡᠪᠡᠰᠦᠨ ᠢ᠋
ᠪᠢᠷᠠᠭᠤ ᠲᠤᠭᠤᠯ ᠪᠤᠯᠢᠶᠠᠯᠳᠤᠨ᠎ᠠ ᠪᠦᠷᠬᠥᠪᠥᠷ ᠨᠢᠳᠦ ᠲᠡᠢ ᠵᠠᠸᠠ ᠶ᠋ᠢ 
ᠪᠤᠤᠺᠠ ᠪᠠᠭᠠᠰᠤᠲᠠᠢ ᠪᠤᠯᠢᠶᠠᠯᠳᠤᠨ᠎ᠠ
ᠬᠣᠶᠠᠷ ᠲᠣᠯᠣᠭᠠᠢ ᠶ᠋ᠢᠨ ᠡᠪᠡᠰᠦᠨ ᠢ᠋
ᠬᠣᠶᠠᠷ ᠮᠠᠷᠠᠯ ᠪᠤᠯᠢᠶᠠᠯᠳᠤᠨ᠎ᠠ
ᠬᠣᠰᠢᠨ ᠨᠢᠳᠦ ᠲᠡᠢ ᠵᠠᠸᠠ ᠶ᠋ᠢ
ᠬᠣᠶᠠᠷ ᠠᠩᠭᠢ ᠪᠠᠷ ᠢ᠋ᠶ᠋ᠠᠨ ᠪᠤᠯᠢᠶᠠᠯᠳᠤᠨ᠎ᠠ
ᠪᠤᠯᠠᠭ ᠤ᠋ᠨ ᠤᠰᠤ ᠶ᠋ᠢ ᠤᠤᠭᠤᠬᠤ ᠪᠠᠷ
ᠪᠣᠬᠤ ᠤᠰᠤ ᠶ᠋ᠢ ᠤᠤᠭᠤᠨ᠎ᠠ
ᠪᠤᠤᠺᠠ ᠶ᠋ᠢᠨ ᠵᠡᠭᠦᠨ ᠪᠡᠶ᠎ᠡ ᠳ᠋ᠦ᠍ ᠰᠠᠭᠤᠬᠤ ᠪᠠᠷ 
ᠪᠢ ᠪᠤᠤ ᠶ᠋ᠢᠨ ᠬᠠᠷᠠᠭᠤᠯ ᠳ᠋ᠤ᠌ ᠣᠷᠣᠨ᠎ᠠ ᠭᠡᠵᠦ ᠳᠠᠭᠤᠯᠠᠳᠠᠭ ᠶᠤᠮ ᠪᠠᠢᠨ᠎ᠠ᠃ ᠡᠨᠳᠡ ᠳᠠᠭᠤᠯᠠᠭᠳᠠᠭ ᠪᠣᠢ《ᠪᠤᠤᠺᠠ ᠭᠡᠳᠡᠭ ᠨᠢ ᠬᠠᠭᠤᠴᠢᠨ ᠪᠣᠷᠣᠳᠠᠯ᠎ᠠ ᠶ᠋ᠢᠨ ᠴᠠᠬᠠᠷ ᠤ᠋ᠨ ᠨᠣᠶᠠᠨ; ᠪᠠᠭᠠᠰᠤᠲᠠᠢ ᠭᠡᠳᠡᠭ ᠨᠢ ᠪᠤᠤᠺᠠ ᠠᠮᠪᠠᠨ ᠤ᠋ ᠶᠠᠳᠠᠭᠤ ᠵᠠᠷᠤᠴᠠ; ᠬᠣᠶᠠᠷ ᠠᠩᠭᠢ ᠭᠡᠳᠡᠭ ᠨᠢ ᠮᠠᠨᠵᠤ ᠶ᠋ᠢᠨ ᠪᠠᠳᠠᠷᠠᠭᠤᠯᠲᠤ ᠬᠠᠭᠠᠨ ᠤ᠋ ᠦᠶ᠎ᠡ ᠳ᠋ᠦ᠍᠂ ᠲᠤᠬᠠᠢᠯᠠᠪᠠᠯ1762 ᠣᠨ ᠤ᠋ 4 ᠳ᠋ᠦ᠍ᠭᠡᠷ ᠰᠠᠷ᠎ᠠ ᠳ᠋ᠤ᠌ ᠢᠷᠡᠭᠰᠡᠨ ᠨᠠᠢ᠍ᠮᠠᠨ ᠰᠤᠮᠤ ᠴᠠᠬᠠᠷ(ᠬᠠᠭᠤᠴᠢᠨ ᠴᠠᠬᠠᠷ) ᠵᠢᠴᠢ1764 ᠣᠨ ᠤ᠋8 ᠳ᠋ᠤᠭᠠᠷ ᠰᠠᠷ᠎ᠠ ᠳ᠋ᠤ᠌ ᠢᠷᠡᠭᠰᠡᠨ ᠨᠠᠢ᠍ᠮᠠᠨ ᠰᠤᠮᠤ ᠴᠠᠬᠠᠷ(ᠰᠢᠨ᠎ᠡ ᠴᠠᠬᠠᠷ) ᠢ᠋ ᠵᠢᠭᠠᠵᠤ ᠪᠣᠢ》 ᠭᠡᠵᠦ ᠨᠠᠷᠠᠨᠪᠠᠲᠤ ᠮᠠᠨᠢ ᠲᠠᠢᠯᠪᠤᠷᠢᠯᠠᠯ᠎ᠠ᠃ ᠢᠢᠨ ᠬᠦ ᠪᠠᠷᠤᠭ ᠪᠦᠲᠦᠨ ᠰᠥᠨᠢᠵᠢᠨ ᠬᠥᠭᠵᠢᠯᠳᠦᠨ ᠪᠡᠶᠡᠰᠴᠦ᠂ ᠤᠶᠠᠷᠠᠨ ᠳᠣᠭᠳᠣᠯᠵᠤ᠂ ᠤᠴᠢᠷᠯᠠᠨ ᠶᠠᠷᠢᠵᠤ ᠪᠠᠢᠭᠰᠠᠭᠠᠷ ᠦᠦᠷ ᠲᠡᠮᠳᠡᠭᠷᠡᠬᠦ ᠶ᠋ᠢᠨ ᠦᠶ᠎ᠡ ᠳ᠋ᠦ᠍ ᠳᠤᠭᠬᠢᠵᠡᠭᠡᠪᠡ᠃ ᠦᠦᠷ ᠢ᠋ᠶ᠋ᠡᠷ ᠪᠣᠷᠣᠭ᠎ᠠ ᠱᠠᠭᠢᠵᠤ᠂ ᠮᠣᠩᠭᠣᠯ ᠭᠡᠷ ᠦ᠋ᠨ ᠳᠡᠭᠡᠪᠦᠷ ᠪᠥᠮᠪᠥᠷᠳᠡᠬᠦ ᠶ᠋ᠢ ᠴᠢᠩᠡᠨᠠ ᠨᠣᠢᠷ ᠬᠤᠯᠵᠢᠨ ᠬᠡᠪᠲᠡᠭᠰᠡᠭᠡᠷ ᠪᠠᠢᠵᠤ᠂ ᠨᠢᠭᠡ ᠮᠡᠳᠡᠬᠦ ᠳ᠋ᠦ᠍ ᠭᠦᠨ ᠨᠣᠢᠷ ᠲᠠᠭᠠᠨ ᠨᠠᠮ ᠴᠣᠬᠢᠭᠤᠯᠤᠨ ᠨᠠᠷᠠ ᠳᠡᠭᠡᠷ᠎ᠡ ᠭᠠᠷᠲᠠᠯ᠎ᠠ ᠤᠨᠲᠠᠴᠢᠬᠠᠵᠠᠢ᠃ ᠥᠷᠯᠥᠭᠡ ᠶ᠋ᠢᠨ ᠴᠠᠢ ᠪᠠᠨ ᠤᠤᠭᠤᠭᠰᠠᠨ ᠤ᠋ ᠳᠠᠷᠠᠭ᠎ᠠ ᠠᠯᠠᠭ ᠠᠭᠤᠯᠠ᠂ ᠷᠠᠰᠢᠶᠠᠨᠲᠤ ᠭᠣᠣᠯ ᠤ᠋ᠨ ᠬᠥᠪᠡᠭᠡ ᠪᠡᠷ ᠵᠤᠭᠠᠴᠠᠯ᠎ᠠ᠃ ᠪᠢᠲᠡᠭᠦᠦ ᠬᠠᠷᠭᠠᠢ ᠤᠷᠭᠤᠭᠰᠠᠨ ᠢᠡᠨᠴᠤ ᠰᠢᠭᠤᠢ ᠲᠠᠢ ᠠᠭᠤᠯᠠᠨ ᠤ᠋ ᠬᠠᠪᠴᠢᠯ ᠢ᠋ᠶ᠋ᠠᠷ ᠷᠠᠰᠢᠶᠠᠨᠲᠤ ᠶ᠋ᠢᠨ ᠭᠣᠣᠯ ᠱᠤᠤᠭᠢᠨ ᠤᠷᠤᠰᠤᠨ᠎ᠠ᠃ ᠭᠣᠣᠯ ᠤ᠋ᠨ ᠳᠡᠭᠡᠭᠦᠷ ᠳᠠᠮᠨᠠᠭᠤᠯᠤᠨ ᠲᠠᠲᠠᠭᠰᠠᠨ ᠳᠡᠭᠡᠰᠦᠨ ᠬᠥᠭᠦᠷᠭᠡᠨ ᠳᠡᠭᠡᠭᠦᠷ ᠨᠠᠮᠢᠯᠵᠠᠭᠤᠯᠤᠨ ᠠᠯᠬᠤᠵᠤ᠂ ᠵᠡᠷᠯᠢᠭ ᠵᠢᠮᠢᠰ ᠲᠡᠭᠦᠨ ᠠᠮᠰᠠᠵᠤ᠂ ᠬᠠᠳᠠᠨ ᠤ᠋ ᠵᠠᠪᠰᠠᠷ ᠠ᠋ᠴᠠ ᠪᠤᠷᠭᠢᠯᠬᠤ ᠷᠠᠰᠢᠶᠠᠨ ᠤᠰᠤᠨ ᠠ᠋ᠴᠠ ᠠᠳᠢᠰᠯᠠᠨ ᠬᠦᠷᠲᠡᠵᠦ᠂ ᠠᠭᠤᠤ ᠶᠡᠬᠡ ᠡᠬᠡ ᠪᠠᠢᠭᠠᠯᠢ ᠶ᠋ᠢᠨ ᠡᠪᠦᠷ ᠲᠦ᠍ ᠤᠢᠳᠬᠠᠷ ᠢ᠋ᠶ᠋ᠠᠨ ᠤᠮᠠᠷᠲᠠᠨ ᠨᠢᠯᠬᠠᠷᠠᠵᠠᠭᠠᠪᠠ᠃ ᠦᠳᠡ ᠶ᠋ᠢᠨ ᠬᠣᠭᠣᠯᠠ ᠶ᠋ᠢᠨ ᠳᠠᠷᠠᠭ᠎ᠠ ᠪᠢᠳᠡ ᠪᠣᠷᠣᠳᠠᠯ᠎ᠠ ᠠ᠋ᠴᠠ ᠠᠶᠠᠷᠯᠠᠨ ᠬᠤᠪᠤᠭᠰᠠᠢᠷᠢ ᠰᠢᠶᠠᠨ ᠤᠷᠤᠭᠤ ᠶᠠᠪᠤᠬᠤ ᠪᠠᠷ ᠪᠣᠯᠤᠯ᠎ᠠ᠃ ᠨᠠᠢᠵᠠ ᠨᠠᠷ ᠮᠢᠨᠢ ᠷᠠᠰᠢᠶᠠᠨᠲᠤ ᠶ᠋ᠢᠨ ᠣᠪᠣᠭᠠᠨ ᠤ᠋ ᠳᠡᠷᠭᠡᠳᠡ ᠡᠴᠡ ᠦᠳᠡᠨ ᠮᠣᠷᠳᠠᠭᠤᠯᠵᠤ᠂ ᠨᠢᠯᠪᠤᠰᠤ ᠴᠡᠢᠯᠬᠡᠨᠡᠭᠥᠯᠤᠨ ᠬᠣᠴᠣᠷᠤᠯ᠎ᠠ᠃ ᠪᠠᠶᠠᠷᠲᠠᠢ᠂ ᠪᠣᠷᠣᠳᠠᠯ᠎ᠠ ᠮᠢᠨᠢ! ᠪᠠᠶᠠᠷᠲᠠᠢ᠂ ᠪᠠᠷᠠᠭᠤᠨ ᠬᠢᠵᠠᠭᠠᠷ ᠢ᠋ ᠰᠠᠬᠢᠭᠰᠠᠨ ᠴᠠᠬᠠᠷᠴᠤᠳ ᠮᠢᠨᠢ! ᠲᠠᠩᠳᠠ ᠪᠢ ᠲᠠ ᠨᠠᠷ ᠤ᠋ᠨ ᠢ᠋ᠶ᠋ᠠᠨ ᠳᠤᠮᠳᠠ ᠢᠷᠡᠭᠰᠡᠭᠡᠷ ᠪᠠᠢᠬᠤ ᠪᠣᠯᠤᠨ᠎ᠠ᠃ 
    2010 ᠣᠨ ᠤ᠋7 ᠳ᠋ᠤᠭᠠᠷ ᠰᠠᠷ᠎ᠠ ᠶ᠋ᠢᠨ18 ᠳ᠋ᠤ᠌ ᠪᠢᠳᠡ760km ᠤ᠋ᠨ ᠬᠣᠯᠠ ᠵᠠᠮ ᠢ᠋ ᠲᠤᠭᠤᠯᠵᠤ᠂ ᠰᠥᠨᠢ ᠶ᠋ᠢᠨ ᠬᠣᠶᠠᠷ ᠴᠠᠭ ᠬᠠᠭᠠᠰ ᠤ᠋ᠨ ᠦᠶ᠎ᠡ ᠳ᠋ᠦ᠍ ᠰᠢᠨᠵᠢᠶᠠᠩ ᠤ᠋ᠨ ᠢᠯᠢ ᠣᠷᠣᠨ ᠤ᠋ ᠲᠠᠷᠪᠠᠭᠠᠲᠠᠢ ᠠᠢᠮᠠᠭ ᠤ᠋ᠨ ᠬᠤᠪᠤᠭᠰᠠᠢᠷᠢ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠳ᠋ᠤ᠌ ᠬᠦᠷᠴᠦ᠂《ᠰᠠᠢᠷ ᠪᠠᠭᠤᠳᠠᠯ》 ᠳ᠋ᠤ᠌ ᠪᠠᠢᠷᠢᠯᠠᠵᠤ ᠠᠮᠠᠷᠠᠭᠠᠳ᠂ 7 ᠳ᠋ᠤᠭᠠᠷ ᠰᠠᠷ᠎ᠠ ᠶ᠋ᠢᠨ19 ᠦ᠌ ᠦᠳᠡ ᠶ᠋ᠢᠨ ᠡᠮᠦᠨ᠎ᠡ ᠰᠢᠶᠠᠨ ᠤ᠋ ᠨᠠᠮ ᠤ᠋ᠨ ᠬᠣᠷᠢᠶᠠᠨ ᠤ᠋ ᠤᠬᠠᠭᠤᠯᠬᠤ ᠬᠡᠯᠲᠡᠰ ᠲᠦ᠍ ᠠᠵᠢᠯ ᠶᠠᠪᠤᠳᠠᠯ ᠢ᠋ᠶ᠋ᠠᠨ ᠪᠠᠢᠷᠢᠰᠢᠭᠤᠯᠬᠤ ᠪᠠᠷ ᠬᠦᠷᠦᠯ᠎ᠡ᠃ ᠤᠬᠠᠭᠤᠯᠬᠤ ᠬᠡᠯᠲᠡᠰ ᠦ᠋ᠨ ᠳᠠᠷᠤᠭ᠎ᠠ ᠳ᠋ᠦᠩ ᠮᠧᠢ ᠭᠡᠵᠦ ᠳᠤᠮᠳᠠ ᠨᠠᠰᠤᠨ ᠤ᠋ ᠮᠣᠩᠭᠣᠯ ᠪᠦᠰᠡᠭᠦᠢ ᠮᠠᠰᠢ ᠪᠣᠭᠣᠨᠢᠬᠠᠨ ᠬᠤᠭᠤᠴᠠᠭᠠᠨ ᠳ᠋ᠤ᠌ ᠠᠯᠢᠪᠠ ᠠᠵᠢᠯ ᠢ᠋ ᠲᠢᠭ ᠲᠠᠭ ᠪᠠᠢᠷᠢᠰᠢᠭᠤᠯᠵᠤ ᠥᠭᠭᠦᠭᠰᠡᠨ ᠨᠢ ᠠᠵᠢᠯ ᠤ᠋ᠨ ᠠᠬᠢᠴᠠ ᠶ᠋ᠢ ᠨᠡᠮᠡᠵᠦ ᠥᠭᠭᠦᠭᠰᠡᠨ ᠰᠠᠨ᠃ ᠬᠤᠪᠤᠭᠰᠠᠢᠷᠢ ᠳ᠋ᠤ᠌ ᠢᠷᠡᠭᠰᠡᠨ ᠨᠢᠭᠡᠳᠦᠭᠡᠷ ᠰᠡᠳᠬᠢᠭᠳᠡᠯ ᠪᠣᠯ ᠡᠨᠳᠡᠬᠢ ᠶ᠋ᠢᠨ ᠮᠣᠩᠭᠣᠯᠴᠤᠳ ᠤ᠋ᠨ ᠬᠡᠯᠡ ᠶᠠᠷᠢᠶ᠎ᠠ ᠬᠣᠯᠢᠮᠠᠭᠵᠢᠭ᠎ᠠ ᠦᠭᠡᠢ ᠮᠠᠰᠢ ᠴᠡᠪᠡᠷ ᠭᠡᠳᠡᠭ ᠨᠢ ᠠᠩᠵᠠᠭᠠᠷᠠᠭᠳᠠᠭᠰᠠᠨ ᠶᠤᠮ᠃ ᠭᠠᠭᠴᠠ ᠵᠢᠱ᠌ᠢᠶ᠎ᠡ ᠶᠠᠷᠢᠬᠤ ᠳ᠋ᠤ᠌᠂ ᠤᠬᠠᠭᠤᠯᠬᠤ ᠬᠡᠯᠲᠡᠰ ᠦ᠋ᠨ ᠳᠠᠷᠤᠭ᠎ᠠ ᠳ᠋ᠦᠩ ᠮᠧᠢ ᠪᠢᠳᠡᠨ ᠲᠡᠢ ᠶᠠᠷᠢᠯᠴᠠᠵᠤ᠂ ᠠᠵᠢᠯ ᠢ᠋ᠶ᠋ᠠᠨ ᠪᠠᠢᠷᠢᠰᠢᠭᠤᠯᠵᠤ ᠪᠠᠢᠬᠤ ᠦᠶ᠎ᠡ ᠳ᠋ᠡᠭᠡᠨ ᠭᠠᠭᠴᠠ ᠴᠤ᠌ ᠬᠢᠲᠠᠳ ᠦᠭᠡ ᠬᠣᠯᠢᠯ ᠦᠭᠡᠢ ᠴᠣᠯ ᠮᠣᠩᠭᠣᠯ ᠢ᠋ᠶ᠋ᠠᠷ ᠶᠠᠷᠢᠵᠤ ᠪᠠᠢᠭᠰᠠᠨ ᠨᠢ ᠶᠠᠭᠠᠬᠢᠬᠤ ᠠᠷᠭ᠎ᠠ ᠦᠭᠡᠢ ᠳᠣᠲᠣᠨᠣ ᠰᠠᠨᠠᠭᠳᠠᠭᠰᠠᠨ ᠶᠤᠮ᠃ 
    ᠬᠤᠪᠤᠭᠰᠠᠢᠷᠢ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠰᠢᠨᠵᠢᠶᠠᠩ ᠤ᠋ᠨ ᠪᠠᠷᠠᠭᠤᠨ ᠬᠣᠢᠲᠤ ᠬᠡᠰᠡᠭ ᠲᠦ᠍ ᠪᠠᠢᠷᠢᠯᠠᠵᠤ᠂ ᠦᠷᠦᠮᠴᠢ ᠡᠴᠡ495km ᠬᠣᠯᠠ ᠪᠣᠢ᠃ 1954 ᠣᠨ ᠤ᠋9 ᠳ᠋ᠦ᠍ᠭᠡᠷ ᠰᠠᠷ᠎ᠠ ᠶ᠋ᠢᠨ10 ᠳ᠋ᠤ᠌ ᠥᠪᠡᠷᠲᠡᠭᠡᠨ ᠵᠠᠰᠠᠬᠤ ᠰᠢᠶᠠᠨ ᠪᠠᠢᠭᠤᠯᠤᠭᠳᠠᠵᠤ᠂2 ᠪᠠᠯᠭᠠᠰᠤ᠂5 ᠰᠢᠶᠠᠩ᠂4 ᠮᠠᠯᠵᠢᠯ ᠤ᠋ᠨ ᠲᠠᠯᠠᠪᠠᠢ ᠲᠠᠢ᠃ ᠪᠦᠬᠦ ᠰᠢᠶᠠᠨ ᠳ᠋ᠤ᠌5.9 ᠲᠦᠮᠡᠨ ᠬᠥᠮᠦᠨ ᠲᠡᠢ᠂19 ᠦᠨᠳᠦᠰᠦᠲᠡᠨ ᠲᠡᠢ᠂3.06 ᠲᠦᠮᠡᠨ ᠺᠦᠸᠠᠳ᠋ ᠺᠢᠯᠣᠮᠧᠲ᠋ᠷ ᠨᠤᠲᠤᠭ ᠲᠠᠢ᠃ ᠠᠯᠳᠠᠷᠲᠤ ᠪᠠᠭᠠᠲᠤᠷᠯᠢᠭ ᠲᠤᠤᠯᠢ《ᠵᠠᠩᠭᠠᠷ》 ᠤ᠋ᠨ ᠥᠪ ᠤᠯᠠᠮᠵᠢᠯᠠᠯ ᠰᠠᠢᠨ ᠪᠣᠯᠬᠣᠷ《ᠵᠠᠩᠭᠠᠷ ᠤ᠋ᠨ ᠨᠤᠲᠤᠭ》 ᠭᠡᠮᠡᠨ ᠬᠣᠯᠠ ᠣᠢᠷ᠎ᠠ ᠳ᠋ᠤ᠌ ᠠᠯᠳᠠᠷᠰᠢᠭᠰᠠᠨ ᠬᠤᠪᠤᠭᠰᠠᠢᠷᠢ ᠳ᠋ᠤ᠌ ᠲᠣᠪᠰᠢᠭᠤᠷ᠂ ᠠᠷᠠᠳ ᠤ᠋ᠨ ᠳᠠᠭᠤᠤ᠁ ᠵᠡᠷᠭᠡ ᠢᠵᠠᠭᠤᠷ ᠤᠷᠠᠯᠢᠭ ᠤ᠋ᠨ ᠥᠪ ᠤᠯᠠᠮᠵᠢᠯᠠᠯ ᠴᠤ᠌ ᠥᠨᠢᠷ ᠵᠤᠵᠠᠭᠠᠨ᠃ ᠰᠢᠶᠠᠨ ᠤ᠋ ᠲᠥᠪ ᠪᠠᠯᠭᠠᠰᠤ ᠶ᠋ᠢᠨ ᠬᠣᠢᠨ᠎ᠠ ᠰᠠᠢᠷ ᠤ᠋ᠨ ᠠᠭᠤᠯᠠ ᠭᠡᠵᠦ ᠡᠭᠦᠯᠡ ᠬᠣᠷᠭᠣᠳᠠᠨ᠂ ᠮᠠᠨᠠᠨ ᠳ᠋ᠤ᠌ ᠬᠤᠴᠢᠭᠳᠠᠭᠰᠠᠨ ᠠᠭᠤᠯᠠ ᠪᠣᠢ᠃ ᠪᠠᠷᠠᠭᠤᠨ ᠲᠠᠯ᠎ᠠ ᠪᠠᠷ ᠨᠢ ᠬᠠᠲᠤᠨ ᠠᠭᠤᠯᠠ ᠲᠦᠩᠬᠦᠢᠨ᠂ ᠵᠡᠭᠦᠨ ᠲᠠᠯ᠎ᠠ ᠪᠠᠷ ᠨᠢ ᠬᠣᠪᠤᠭ ᠤ᠋ᠨ ᠭᠣᠣᠯ ᠤᠷᠤᠰᠤᠨ ᠥᠩᠭᠡᠷᠡᠨ᠎ᠡ᠃ ᠬᠤᠪᠤᠭᠰᠠᠢᠷᠢ ᠭᠡᠳᠡᠭ ᠨᠢ《ᠬᠣ ᠪᠤᠭᠤ ᠶ᠋ᠢᠨ ᠰᠠᠢᠷ》 ᠭᠡᠰᠡᠨ ᠤᠳᠬ᠎ᠠ ᠲᠠᠢ ᠭᠡᠮᠡᠨ ᠣ· ᠡᠷᠳᠡᠨᠢ ᠭᠤᠸᠠᠢ ᠶ᠋ᠢᠨ《ᠲᠢᠪ ᠠᠯᠤᠰᠯᠠᠨ ᠵᠡᠭᠦᠨᠰᠢ ᠪᠤᠴᠠᠭᠰᠠᠨ ᠲᠣᠷᠭᠤᠳ ᠤ᠋ᠳ》 ᠨᠣᠮ ᠳ᠋ᠤ᠌ ᠲᠠᠢᠯᠪᠤᠷᠢᠯᠠᠵᠠᠢ᠃ ᠵᠦᠩᠭᠠᠷ ᠬᠠᠭᠠᠨᠲᠤ ᠤᠯᠤᠰ ᠤ᠋ᠨ ᠨᠡᠢᠰᠯᠡᠯ ᠬᠣᠲᠠ ᠶ᠋ᠢᠨ ᠪᠠᠭᠤᠷᠢ ᠰᠢᠶᠠᠨ ᠤ᠋ ᠲᠥᠪ ᠡᠴᠡ ᠬᠡᠳᠦᠬᠡᠨ ᠺᠢᠯᠣᠮᠧᠲ᠋ᠷ ᠦ᠋ᠨ ᠬᠣᠯᠠ ᠪᠣᠢ᠂ ᠲᠡᠢᠨ ᠬᠦ᠌ ᠲᠤᠤᠯᠢ ᠲᠠᠢ᠂ ᠲᠡᠦᠬᠡ ᠲᠡᠢ ᠡᠨᠡ ᠨᠤᠲᠤᠭ ᠲᠠᠬᠢ ᠰᠤᠷᠪᠤᠯᠵᠢᠯᠠᠭ᠎ᠠ ᠪᠠᠨ ᠪᠢᠳᠡ7 ᠳ᠋ᠤᠭᠠᠷ ᠰᠠᠷ᠎ᠠ ᠶ᠋ᠢᠨ18 ᠤ᠋ ᠦᠳᠡ ᠶ᠋ᠢᠨ ᠬᠣᠢᠨ᠎ᠠ ᠡᠬᠢᠯᠡᠭᠦᠯᠵᠦ᠂ ᠠᠯᠲᠠᠨᠪᠠᠶᠠᠷ᠂ ᠵᠣᠷᠢᠭᠲᠤ ᠬᠣᠶᠠᠭᠤᠯᠠ ᠮᠠᠯ ᠠᠵᠤ ᠠᠬᠤᠢ ᠶ᠋ᠢᠨ ᠲᠣᠪᠴᠢᠶ᠎ᠠ ᠵᠡᠷᠭᠡ ᠪᠠᠢᠭᠤᠯᠭ᠎ᠠ ᠳ᠋ᠤ᠌ ᠰᠤᠷᠪᠤᠯᠵᠢᠯᠠᠬᠤ ᠪᠠᠷ ᠶᠠᠪᠤᠵᠤ᠂ ᠪᠢ ᠰᠠᠢᠷ ᠪᠠᠭᠤᠳᠠᠯ ᠤ᠋ᠨ408 ᠳ᠋ᠤᠭᠠᠷ ᠥᠷᠥᠭᠡᠨ ᠳ᠋ᠦ᠍ ᠬᠤᠪᠤᠭᠰᠠᠢᠷᠢ ᠰᠢᠶᠠᠨ ᠤ᠋ ᠰᠣᠶᠣᠯ ᠲᠠᠮᠢᠷ ᠤ᠋ᠨ ᠲᠣᠪᠴᠢᠶᠠᠨ ᠤ᠋ ᠠᠯᠪᠠᠨ ᠭᠡᠷ ᠦ᠋ᠨ ᠡᠷᠬᠢᠯᠡᠭᠴᠢ᠂ ᠬᠤᠪᠤᠭᠰᠠᠢᠷᠢ ᠰᠢᠶᠠᠨ ᠤ᠋ ᠪᠣᠳᠠᠰ ᠤ᠋ᠨ ᠪᠤᠰᠤ ᠰᠣᠶᠣᠯ ᠤ᠋ᠨ ᠥᠪ ᠢ᠋ ᠬᠠᠮᠠᠭᠠᠯᠠᠬᠤ ᠠᠯᠪᠠᠨ ᠭᠡᠷ ᠦ᠋ᠨ ᠡᠷᠬᠢᠯᠡᠭᠴᠢ᠂ ᠵᠣᠬᠢᠶᠠᠯᠴᠢ ᠬᠡ· ᠴᠡᠷᠢᠨᠳᠣᠷᠵᠢ ᠭᠤᠸᠠᠢ ᠶ᠋ᠢ ᠰᠤᠷᠪᠤᠯᠵᠢᠯᠠᠵᠤ᠂ ᠪᠣᠳᠠᠰ ᠤ᠋ᠨ ᠪᠤᠰᠤ ᠰᠣᠶᠣᠯ ᠤ᠋ᠨ ᠥᠪ ᠦ᠋ᠨ ᠬᠠᠮᠠᠭᠠᠯᠠᠯᠲᠠ ᠶ᠋ᠢᠨ ᠲᠠᠯ᠎ᠠ ᠪᠠᠷ ᠲᠡᠳᠡᠨ ᠦ᠌ ᠬᠢᠭᠰᠡᠨ ᠠᠵᠢᠯ ᠢ᠋ ᠳᠥᠭᠥᠮ ᠣᠢᠯᠠᠭᠠᠪᠠ᠃ ᠰᠤᠷᠪᠤᠯᠵᠢᠯᠠᠭ᠎ᠠ ᠶ᠋ᠢᠨ ᠳᠠᠷᠠᠭ᠎ᠠ ᠪᠢᠳᠡ ᠬᠡ· ᠴᠡᠷᠢᠨᠳᠣᠷᠵᠢ ᠶ᠋ᠢᠨ ᠳᠠᠭᠠᠭᠤᠯᠭ᠎ᠠ ᠪᠠᠷ ᠵᠦᠩᠭᠠᠷ ᠬᠠᠭᠠᠨᠲᠤ ᠤᠯᠤᠰ ᠤ᠋ᠨ ᠨᠡᠢᠰᠯᠡᠯ ᠭᠡᠭᠳᠡᠭᠰᠡᠨ ᠡᠷᠲᠡᠨ ᠦ᠌ ᠬᠣᠲᠠ ᠶ᠋ᠢᠨ ᠪᠠᠭᠤᠷᠢᠨ ᠳ᠋ᠤ᠌ ᠣᠴᠢᠯ᠎ᠠ᠃ ᠨᠤᠲᠤᠭ ᠤ᠋ᠨ ᠬᠥᠮᠦᠰ ᠡᠭᠦᠨ ᠢ᠋ ᠪᠠᠰᠠ《ᠳᠥᠷᠪᠡᠨ ᠣᠢᠷᠠᠳ ᠤ᠋ᠨ ᠰᠦᠮ᠎ᠡ》 ᠭᠡᠳᠡᠭ ᠠᠵᠢ᠃ 1628 ᠣᠨ ᠳ᠋ᠤ᠌ ᠲᠣᠷᠭᠤᠳ ᠠᠢᠮᠠᠭ ᠤ᠋ᠨ ᠨᠢᠭᠡᠨ ᠬᠡᠰᠡᠭ ᠪᠠᠷᠠᠭᠤᠨᠰᠢ ᠨᠡᠭᠦᠳᠡᠯᠯᠡᠵᠦ ᠢᠵᠢᠯ ᠮᠥᠷᠡᠨ ᠦ᠌ ᠳᠣᠣᠷᠠᠲᠤ ᠤᠷᠤᠰᠬᠠᠯ ᠤ᠋ᠨ ᠰᠠᠪᠠ ᠨᠤᠲᠤᠭ ᠲᠤ᠌ ᠣᠴᠢᠭᠰᠠᠨ ᠢ᠋ᠶ᠋ᠠᠷ ᠬᠤᠪᠤᠭᠰᠠᠢᠷᠢ ᠨᠢ ᠣᠢᠷᠠᠳ ᠤ᠋ᠨ ᠪᠦᠷᠢᠯᠳᠦᠬᠦᠨ ᠪᠣᠯᠬᠤ ᠵᠦᠩᠭᠠᠷ ᠤ᠋ᠨ ᠬᠠᠷᠢᠶ᠎ᠠ ᠨᠤᠲᠤᠭ ᠪᠣᠯᠵᠠᠢ᠃ 1634 ᠣᠨ(ᠮᠥᠨ ᠡᠨᠡ ᠣᠨ ᠳ᠋ᠤ᠌ ᠯᠢᠭᠳᠡᠨ ᠬᠤᠲᠤᠭᠲᠤ ᠬᠠᠭᠠᠨ ᠬᠥᠬᠡᠨᠠᠭᠤᠷ ᠤ᠋ᠨ ᠰᠢᠷ᠎ᠠ ᠲᠠᠯ᠎ᠠ ᠤᠷᠤᠭᠤ ᠴᠡᠷᠢᠭ ᠤᠬᠤᠷᠢᠵᠤ᠂1635 ᠣᠨ ᠳ᠋ᠤ᠌ ᠲᠠᠭᠠᠯᠠᠯ ᠪᠣᠯᠤᠭᠰᠠᠨ ᠢ᠋ᠶ᠋ᠠᠷ ᠶᠤᠸᠠᠨ ᠭᠦᠷᠦᠨ ᠮᠥᠬᠥᠭᠰᠡᠨ ᠭᠡᠳᠡᠭ ᠢ᠋ ᠡᠷᠬᠢᠮ ᠤᠩᠰᠢᠭᠴᠢᠳ ᠮᠠᠨᠢ ᠶᠠᠭᠤ ᠠᠨᠳᠠᠬᠤ ᠪᠣᠢ᠃ ᠬᠠᠷᠢᠨ ᠮᠣᠩᠭᠣᠯᠴᠤᠳ ᠤ᠋ᠨ ᠬᠠᠷᠢ ᠶ᠋ᠢᠨ ᠲᠦᠷᠢᠮᠡᠬᠡᠢᠯᠡᠯ ᠦ᠋ᠨ ᠡᠰᠡᠷᠭᠦ ᠶᠠᠪᠤᠭᠤᠯᠤᠭᠰᠠᠨ ᠡᠷᠡᠮᠡᠬᠡᠢ ᠲᠡᠮᠡᠴᠡᠯ ᠡᠭᠦᠨ ᠢ᠋ᠶ᠋ᠡᠷ ᠲᠡᠭᠦᠰᠦᠭᠡ ᠦᠭᠡᠢ ᠭᠡᠳᠡᠭ ᠢ᠋ ᠶᠤᠸᠠᠨ ᠤ᠋ ᠲᠡᠦᠬᠡ ᠶ᠋ᠢ ᠦᠷᠭᠦᠯᠵᠢᠯᠡᠭᠦᠯᠦᠭᠰᠡᠨ ᠵᠦᠩᠭᠠᠷ ᠬᠠᠭᠠᠨᠲᠤ ᠤᠯᠤᠰ ᠤ᠋ᠨ ᠲᠡᠮᠡᠴᠡᠯ ᠲᠣᠳᠣᠷᠬᠠᠢ ᠬᠠᠷᠠᠭᠤᠯᠵᠤ ᠪᠣᠢ᠃ ᠤᠮᠠᠷᠠᠲᠤ ᠶᠤᠸᠠᠨ ᠭᠡᠳᠡᠭ ᠪᠣᠯ ᠰᠡᠭᠦᠯ ᠦ᠋ᠨ ᠦᠶ᠎ᠡ ᠶ᠋ᠢᠨ ᠰᠤᠳᠤᠯᠭᠠᠴᠢᠳ ᠤ᠋ᠨ ᠥᠭᠭᠦᠭᠰᠡᠨ ᠨᠡᠷᠡᠢᠳᠦᠯ ᠡᠴᠡ ᠪᠢᠰᠢ ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠡᠢᠮᠦ ᠣᠢᠯᠠᠭᠠᠯᠲᠠ ᠦᠭᠡᠢ ᠪᠠᠢᠵᠠᠢ) ᠳ᠋ᠤ᠌ ᠵᠦᠩᠭᠠᠷ ᠬᠠᠭᠠᠨᠲᠤ ᠤᠯᠤᠰ ᠤ᠋ᠨ ᠪᠠᠭᠠᠲᠤᠷ ᠬᠣᠩ ᠲᠠᠢᠵᠢ ᠪᠣᠯᠤᠨ ᠲᠡᠭᠦᠨ ᠦ᠌ ᠵᠠᠯᠭᠠᠮᠵᠢᠯᠠᠭᠴᠢ ᠰᠡᠩᠭᠡ ᠡᠨᠳᠡ ᠸᠠᠩ ᠤ᠋ᠨ ᠣᠷᠳᠣᠨ ᠢ᠋ᠶ᠋ᠠᠨ ᠪᠠᠢᠭᠤᠯᠤᠭᠰᠠᠨ ᠢ᠋ᠶ᠋ᠠᠷ ᠬᠠᠭᠠᠨᠲᠤ ᠭᠦᠷᠦᠨ ᠦ᠌ ᠬᠢᠨᠢ ᠤᠯᠤᠰ ᠲᠥᠷᠥ᠂ ᠠᠵᠤ ᠠᠬᠤᠢ ᠶ᠋ᠢᠨ ᠲᠥᠪ ᠪᠣᠯᠤᠭᠰᠠᠨ ᠪᠠᠢᠨ᠎ᠠ᠃ 1640 ᠣᠨ ᠳ᠋ᠤ᠌ ᠪᠠᠭᠠᠲᠤᠷ ᠬᠣᠩ ᠲᠠᠢᠵᠢ ᠣᠢᠷᠠᠳ ᠬᠠᠯᠬ᠎ᠠ ᠶ᠋ᠢᠨ ᠣᠯᠠᠨ ᠨᠣᠶᠠᠳ ᠢ᠋ ᠣᠷᠣᠯᠴᠠᠭᠤᠯᠤᠭᠰᠠᠨ ᠴᠢᠭᠤᠯᠭᠠᠨ ᠴᠢᠭᠤᠯᠵᠤ᠂《ᠮᠣᠩᠭᠣᠯ ᠣᠢᠷᠠᠳ ᠤ᠋ᠨ ᠴᠠᠭᠠᠵᠠ ᠶ᠋ᠢᠨ ᠪᠢᠴᠢᠭ》 ᠢ᠋ ᠲᠣᠭᠲᠠᠭᠠᠵᠠᠢ᠃ ᠲᠤᠰ ᠴᠢᠭᠤᠯᠭᠠᠨ ᠳ᠋ᠤ᠌ ᠢᠵᠢᠯ ᠮᠥᠷᠡᠨ ᠦ᠌ ᠰᠠᠪᠠ ᠨᠤᠲᠤᠭ ᠲᠤ᠌ ᠪᠠᠢᠭᠰᠠᠨ ᠲᠣᠷᠭᠤᠳ ᠤ᠋ᠨ ᠤᠳᠤᠷᠢᠳᠤᠭᠴᠢ ᠬᠣ᠊· ᠥᠷᠯᠥᠭ(ᠬᠤᠸ᠎ᠠ ᠥᠷᠯᠥᠭ ᠭᠡᠵᠦ ᠴᠦ᠍ ᠪᠢᠴᠢᠳᠡᠭ) ᠴᠦ᠍ ᠬᠦᠦ ᠪᠡᠨ ᠳᠠᠭᠠᠭᠤᠯᠤᠨ ᠢᠷᠡᠵᠦ ᠣᠷᠣᠯᠴᠠᠵᠤ ᠪᠠᠢᠭᠰᠠᠨ ᠲᠡᠦᠬᠡ ᠶ᠋ᠢᠨ ᠪᠠᠷᠢᠮᠲᠠ ᠪᠣᠢ᠃ ᠡᠨᠡ ᠲᠤᠬᠠᠢ1985 ᠣᠨ ᠳ᠋ᠤ᠌ ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶᠠᠨ ᠠ᠋ᠴᠠ ᠬᠡᠪᠯᠡᠭᠦᠯᠦᠭᠰᠡᠨ《ᠣᠢᠷᠠᠳ ᠲᠡᠦᠬᠡᠨ ᠰᠤᠷᠪᠤᠯᠵᠢ ᠪᠢᠴᠢᠭ》 ᠲᠦ᠍᠂《1640 ᠣᠨ ᠤ᠋ ᠮᠣᠩᠭᠣᠯ ᠣᠢᠷᠠᠳ ᠤ᠋ᠨ ᠵᠦᠩᠭᠠᠷ ᠤ᠋ᠨ ᠶᠡᠬᠡ ᠬᠤᠷᠠᠯ ᠪᠣᠯ ᠣᠢᠷᠠᠳ ᠤ᠋ᠨ ᠵᠠᠬᠢᠷᠭᠠᠨ ᠳᠣᠲᠣᠷᠠᠬᠢ ᠬᠢᠷᠭᠢᠰ ᠲᠦᠮᠡᠨ ᠦ᠌ ᠵᠠᠷᠢᠮ ᠬᠡᠰᠡᠭ ᠨᠤᠲᠤᠭ ᠪᠣᠯᠤᠨ ᠬᠠᠯᠬ᠎ᠠ ᠶ᠋ᠢᠨ ᠵᠠᠬᠢᠷᠭᠠᠨ ᠳᠣᠣᠷᠠᠬᠢ ᠪᠠᠷᠭᠤ ᠪᠤᠷᠢᠶᠠᠳ ᠤ᠋ᠨ ᠭᠠᠵᠠᠷ ᠨᠤᠲᠤᠭ ᠬᠠᠭᠠᠨᠲᠤ ᠣᠷᠣᠰ ᠲᠤ᠌ ᠲᠦᠷᠢᠮᠡᠬᠡᠢᠯᠡᠭᠳᠡᠴᠦ᠂ ᠭᠣᠪᠢ ᠶ᠋ᠢᠨ ᠡᠮᠦᠨᠡᠬᠢ ᠥᠪᠥᠷ ᠮᠣᠩᠭᠣᠯ ᠤ᠋ᠨ ᠭᠠᠵᠠᠷ ᠨᠤᠲᠤᠭ ᠴᠢᠩ ᠤᠯᠤᠰ ᠲᠤ᠌ ᠡᠵᠡᠯᠡᠭᠳᠡᠭᠰᠡᠨ ᠬᠦᠨᠳᠦ ᠰᠦᠷᠡᠬᠡᠢ ᠪᠠᠢᠳᠠᠯ ᠤ᠋ᠨ ᠳᠣᠣᠷ᠎ᠠ ᠬᠤᠷᠠᠯᠳᠤᠭᠰᠠᠨ ᠶᠤᠮ᠃ ᠡᠢᠮᠦ ᠤᠴᠢᠷ ᠠ᠋ᠴᠠ ᠡᠨᠡ ᠬᠦ᠌ ᠬᠤᠷᠠᠯ ᠨᠢ ᠮᠣᠩᠭᠣᠯ ᠣᠢᠷᠠᠳ ᠤ᠋ᠨ ᠡᠯ᠎ᠡ ᠠᠢᠮᠠᠭ ᠤ᠋ᠨ ᠬᠦᠴᠦᠨ ᠢ᠋ ᠨᠢᠭᠡᠳᠬᠡᠵᠦ ᠬᠠᠷᠢ ᠶ᠋ᠢᠨ ᠲᠦᠷᠢᠮᠡᠬᠡᠢᠯᠡᠯ ᠢ᠋ ᠡᠰᠡᠷᠭᠦᠴᠡᠬᠦ ᠪᠡᠷ ᠭᠣᠣᠯ ᠵᠣᠷᠢᠯᠲᠠ ᠪᠠᠨ ᠪᠣᠯᠭᠠᠭᠰᠠᠨ ᠶᠤᠮ᠃ ᠁ ᠡᠨᠡ ᠨᠢ ᠶᠤᠸᠠᠨ ᠤᠯᠤᠰ ᠮᠥᠬᠥᠭᠰᠡᠨ ᠡᠴᠡ ᠨᠠᠭᠠᠰᠢ ᠶᠡᠷᠦ ᠭᠠᠷᠤᠭ᠎ᠠ ᠦᠭᠡᠢ ᠬᠡᠷᠡᠭ ᠶᠦᠮ᠃ ᠹᠧᠣᠳᠠᠯ ᠤ᠋ᠨ ᠦᠶ᠎ᠡ ᠶ᠋ᠢᠨ ᠮᠣᠩᠭᠣᠯ ᠲᠡᠦᠬᠡᠴᠢᠳ ᠴᠦ᠍1640 ᠣᠨ ᠤ᠋ ᠮᠣᠩᠭᠣᠯ ᠣᠢᠷᠠᠳ ᠤ᠋ᠨ ᠵᠦᠩᠭᠠᠷ ᠤ᠋ᠨ ᠶᠡᠬᠡ ᠬᠤᠷᠠᠯ ᠢ᠋ <ᠳᠥᠴᠢᠨ᠂ ᠳᠥᠷᠪᠡᠨ ᠬᠣᠶᠠᠷ ᠬᠠᠭᠤᠴᠢᠨ ᠡᠪᠳᠡᠷᠡᠯ ᠢ᠋ᠶ᠋ᠡᠨ ᠣᠭᠣᠷᠤᠭᠠᠳ ᠰᠠᠨᠠᠭ᠎ᠠ ᠨᠢ ᠨᠢᠭᠡᠳᠪᠡ> ᠭᠡᠵᠦ ᠮᠠᠭᠲᠠᠨ ᠰᠠᠢᠰᠢᠶᠠᠵᠤ ᠬᠡᠯᠡᠳᠡᠭ ᠶᠦᠮ᠃ ᠦᠨᠡᠨ ᠬᠡᠷᠡᠭ ᠳᠡᠭᠡᠷ᠎ᠡ ᠪᠡᠨ <ᠮᠣᠩᠭᠣᠯ ᠣᠢᠷᠠᠳ ᠤ᠋ᠨ ᠴᠠᠭᠠᠵᠠ ᠪᠢᠴᠢᠭ> ᠢ᠋ ᠨᠡᠢᠲᠡᠯᠡᠭᠰᠡᠨ ᠨᠢ ᠬᠠᠯᠬ᠎ᠠ ᠮᠣᠩᠭᠣᠯ᠂ ᠰᠡᠭᠦᠯ ᠦ᠋ᠨ ᠳᠥᠷᠪᠡᠨ ᠣᠢᠷᠠᠳ᠂ ᠬᠥᠬᠡᠨᠠᠭᠤᠷ ᠲᠥᠪᠡᠳ ᠦ᠋ᠨ ᠬᠣᠱᠤᠳ ᠪᠣᠯᠤᠨ ᠢᠵᠢᠯ ᠵᠠᠢ ᠶ᠋ᠢᠨ ᠲᠣᠷᠭᠤᠳ ᠢ᠋ᠶ᠋ᠠᠷ ᠪᠦᠷᠢᠯᠳᠦᠭᠰᠡᠨ ᠮᠣᠩᠭᠣᠯ ᠣᠢᠷᠠᠳ ᠤ᠋ᠨ ᠹᠧᠣᠳᠠᠯ ᠤ᠋ᠨ ᠵᠠᠰᠠᠭ ᠵᠠᠬᠢᠷᠭᠠᠨ ᠱᠠᠰᠢᠨ ᠰᠤᠷᠲᠠᠬᠤᠨ ᠴᠡᠷᠢᠭ ᠦ᠋ᠨ ᠶᠠᠪᠤᠳᠠᠯ ᠤ᠋ᠨ ᠬᠣᠯᠪᠣᠭᠠᠲᠤ ᠤᠯᠤᠰ ᠪᠠᠢᠭᠤᠯᠤᠭᠳᠠᠭᠰᠠᠨ ᠢ᠋ ᠬᠠᠷᠠᠭᠤᠯᠵᠤ ᠪᠠᠢᠭ᠎ᠠ ᠶᠤᠮ᠁ ᠃ 1640—1688 ᠣᠨ ᠬᠦᠷᠬᠦ ᠲᠠᠪᠢ ᠰᠢᠬᠠᠮ ᠵᠢᠯ ᠦ᠋ᠨ ᠬᠣᠭᠣᠷᠣᠨᠳᠣ ᠮᠣᠩᠭᠣᠯ ᠣᠢᠷᠠᠳ ᠤ᠋ᠨ ᠬᠠᠷᠢᠴᠠᠭ᠎ᠠ ᠨᠢ ᠳᠠᠢᠳᠤᠵᠤ ᠪᠠᠢᠭᠰᠠᠨ ᠠ᠋ᠴᠠ ᠪᠠᠨ ᠬᠣᠯᠪᠣᠭᠠᠯᠠᠬᠤ ᠬᠠᠷᠢᠯᠴᠠᠨ ᠲᠤᠰᠠᠯᠠᠯᠴᠠᠬᠤ ᠡᠪ ᠨᠠᠢᠷᠠᠮᠳᠠᠯ ᠤ᠋ᠨ ᠱᠠᠲᠤ ᠦᠶ᠎ᠡ ᠳ᠋ᠦ᠍ ᠰᠢᠯᠵᠢᠨ ᠣᠷᠣᠵᠠᠢ》 ᠭᠡᠵᠦ ᠲᠣᠳᠣᠷᠬᠠᠢ ᠪᠢᠴᠢᠭᠰᠡᠨ ᠪᠠᠢᠭ᠎ᠠ ᠶᠤᠮ᠃ 1671 ᠣᠨ ᠳ᠋ᠤ᠌ ᠭᠠᠯᠳᠠᠨ ᠪᠣᠱᠣᠭᠲᠤ ᠤᠯᠤᠰ ᠲᠥᠷᠥ ᠶ᠋ᠢᠨ ᠲᠥᠪ ᠢ᠋ᠶ᠋ᠡᠨ ᠢᠯᠢ ᠭᠣᠣᠯ ᠤ᠋ᠨ ᠰᠠᠪᠠ ᠨᠤᠲᠤᠭ ᠲᠤ᠌ ᠨᠡᠭᠦᠯᠭᠡᠭᠰᠡᠨ ᠢ᠋ᠶ᠋ᠡᠷ ᠡᠨᠡ ᠬᠦ᠌ ᠨᠡᠢᠰᠯᠡᠯ ᠬᠣᠲᠠ ᠠᠭᠠᠵᠢᠮ ᠢ᠋ᠶ᠋ᠠᠷ ᠪᠠᠭᠤᠷᠠᠨ ᠳᠣᠷᠣᠢᠲᠠᠵᠠᠢ᠃ ᠬᠠᠷᠢᠨ 1682 ᠣᠨ ᠤ᠋ ᠦᠶ᠎ᠡ ᠳ᠋ᠦ᠍ ᠬᠠᠯᠬ᠎ᠠ ᠶ᠋ᠢᠨ ᠲᠦᠰᠢᠶᠡᠲᠦ ᠬᠠᠭᠠᠨ ᠪᠣᠯᠤᠨ ᠵᠢᠪᠽᠣᠨᠳᠠᠮᠪᠠ ᠬᠤᠲᠤᠭᠲᠤ ᠭᠠᠯᠳᠠᠨ ᠤ᠋ ᠳᠡᠮᠵᠢᠵᠦ ᠪᠠᠢᠭᠰᠠᠨ ᠵᠠᠰᠠᠭᠲᠤ ᠬᠠᠭᠠᠨ ᠪᠣᠯᠤᠨ ᠲᠡᠭᠦᠨ ᠦ᠌ ᠳᠣᠣᠷᠠᠬᠢ ᠳᠡᠭᠳᠡᠬᠡᠢ ᠮᠡᠷᠭᠡᠨ ᠵᠢᠴᠢ ᠭᠠᠯᠳᠠᠨ ᠬᠠᠭᠠᠨ ᠤ᠋ ᠳᠡᠭᠦᠦ ᠳᠣᠷᠵᠢᠵᠠᠪ ᠢ᠋ ᠠᠯᠠᠭᠰᠠᠨ ᠢ᠋ᠶ᠋ᠠᠷ ᠮᠣᠩᠭᠣᠯ ᠣᠢᠷᠠᠳ ᠤ᠋ᠨ ᠡᠪ ᠨᠠᠢᠷᠠᠮᠳᠠᠯ ᠳᠠᠬᠢᠨᠲᠠ ᠡᠪᠳᠡᠷᠡᠵᠦ᠂《ᠵᠠᠷᠠᠭᠠᠨ ᠤ᠋ ᠦᠰᠦᠨ ᠬᠢᠷᠦᠭᠡᠨ ᠦ᠌ ᠰᠢᠲᠦᠨ ᠪᠣᠯᠵᠤ ᠪᠠᠲᠤ ᠳᠥᠷᠪᠡᠯᠵᠢᠨ》 ᠪᠠᠢᠭᠰᠠᠨ ᠪᠠᠢᠳᠠᠯ ᠠᠯᠳᠠᠭᠳᠠᠵᠤ᠂1688 ᠣᠨ ᠳ᠋ᠤ᠌ ᠭᠠᠯᠳᠠᠨ ᠪᠣᠱᠣᠭᠲᠤ ᠬᠠᠯᠬ᠎ᠠ ᠶ᠋ᠢᠨ ᠲᠦᠰᠢᠶᠡᠲᠦ ᠬᠠᠭᠠᠨ ᠢ᠋ ᠳᠠᠢᠯᠠᠭᠰᠠᠨ ᠪᠢᠯᠡ᠃ 1695 ᠣᠨ ᠳ᠋ᠤ᠌ ᠴᠢᠩ ᠤᠯᠤᠰ ᠤ᠋ᠨ ᠡᠩᠬᠡ ᠠᠮᠤᠭᠤᠯᠠᠩ ᠬᠠᠭᠠᠨ ᠬᠣᠷᠴᠢᠨ ᠤ᠋ ᠸᠠᠩ ᠨᠣᠶᠠᠳ ᠢ᠋ ᠲᠣᠮᠢᠯᠠᠨ ᠭᠠᠯᠳᠠᠨ ᠪᠣᠱᠣᠭᠲᠤ ᠶ᠋ᠢ ᠬᠡᠷᠦᠯᠦᠨ ᠭᠣᠣᠯ ᠤ᠋ᠨ ᠨᠤᠲᠤᠭ ᠲᠤ᠌ ᠮᠡᠬᠡᠯᠡᠨ ᠠᠪᠴᠢᠷᠠᠭᠠᠳ ᠵᠠᠭᠤᠨ ᠮᠣᠳᠣ ᠭᠡᠳᠡᠭ ᠭᠠᠵᠠᠷ ᠵᠦᠩᠭᠠᠷ ᠤ᠋ᠨ ᠭᠣᠣᠯ ᠬᠦᠴᠦᠨ ᠢ᠋ ᠰᠥᠨᠥᠭᠡᠵᠦ᠂ ᠭᠠᠯᠳᠠᠨ ᠪᠣᠱᠣᠭᠲᠤ ᠴᠤ᠌1697 ᠣᠨ ᠳ᠋ᠤ᠌ ᠠᠯᠲᠠᠢ ᠠᠭᠤᠯᠤᠨ᠎ᠠ ᠲᠠᠭᠠᠯᠠᠯ ᠲᠡᠭᠦᠰᠦᠭᠰᠡᠨ ᠶᠦᠮ᠃ 1728 ᠣᠨ ᠳ᠋ᠤ᠌ ᠮᠠᠨᠵᠤ ᠶ᠋ᠢᠨ ᠨᠠᠢᠷᠠᠯᠲᠤ ᠲᠥᠪ ᠬᠠᠭᠠᠨ ᠬᠠᠭᠠᠨᠲᠤ ᠣᠷᠣᠰ ᠲᠠᠢ ᠰᠦᠯᠪᠡᠭᠡᠯᠳᠦᠨ ᠵᠦᠩᠭᠠᠷ ᠬᠠᠭᠠᠨᠲᠤ ᠤᠯᠤᠰ ᠢ᠋ ᠳᠣᠪᠲᠣᠯᠬᠤ ᠶ᠋ᠢᠨ ᠵᠡᠷᠭᠡᠴᠡᠭᠡ ᠬᠢᠶᠠᠭᠲᠤ ᠶ᠋ᠢᠨ ᠭᠡᠷ᠎ᠡ ᠪᠡᠷ ᠪᠠᠷᠭᠤ ᠪᠤᠷᠢᠶᠠᠳ ᠪᠣᠯᠤᠨ ᠬᠢᠷᠭᠢᠰ ᠦ᠋ᠨ ᠨᠤᠲᠤᠭ ᠢ᠋ ᠬᠠᠭᠠᠨᠲᠤ ᠣᠷᠣᠰ ᠲᠤ᠌ ᠬᠡᠰᠡᠭᠯᠡᠨ ᠥᠭᠴᠡᠢ᠃ ᠳᠠᠷᠠᠭ᠎ᠠ ᠵᠢᠯ ᠨᠢ ᠴᠢᠩ ᠤᠯᠤᠰ ᠬᠣᠶᠠᠷ ᠵᠠᠮ ᠤ᠋ᠨ ᠴᠡᠷᠢᠭ ᠲᠣᠮᠢᠯᠠᠨ ᠬᠤᠪᠤᠭᠰᠠᠢᠷᠢ ᠶ᠋ᠢᠨ ᠣᠷᠴᠢᠨ ᠢ᠋ ᠲᠦᠷᠢᠮᠡᠬᠡᠢᠯᠡᠨ ᠡᠬᠡᠨᠡᠷ ᠬᠡᠦᠬᠡᠳ ᠠᠷᠠᠳ ᠢᠷᠭᠡᠳ ᠢ᠋ ᠨᠢ ᠬᠢᠳᠤᠵᠤ᠂ ᠮᠠᠯ ᠰᠦᠷᠦᠭ ᠢ᠋ ᠨᠢ ᠣᠯᠠᠨ ᠲᠣᠭ᠎ᠠ ᠪᠠᠷ ᠳᠡᠭᠡᠷᠡᠮᠳᠡᠵᠡᠢ᠃ 1757 ᠣᠨ ᠳ᠋ᠤ᠌ ᠮᠠᠨᠵᠤ ᠴᠢᠩ ᠤᠯᠤᠰ ᠵᠦᠩᠭᠠᠷ ᠤ᠋ᠨ ᠲᠡᠮᠡᠴᠡᠯ ᠢ᠋ ᠬᠡᠷᠴᠡᠭᠡᠢ ᠪᠡᠷ ᠳᠠᠷᠤᠩᠭᠤᠢᠯᠠᠵᠤ᠂ ᠬᠤᠪᠤᠭᠰᠠᠢᠷᠢ ᠶ᠋ᠢ ᠲᠠᠷᠪᠠᠭᠠᠳᠤᠢ ᠠᠢᠮᠠᠭ ᠤ᠋ᠨ ᠵᠠᠬᠢᠷᠭᠠᠨ ᠳ᠋ᠤ᠌ ᠣᠷᠣᠭᠤᠯᠤᠭᠰᠠᠨ ᠠ᠋ᠴᠠ ᠬᠣᠢᠰᠢ ᠨᠢᠭᠡ ᠦᠶ᠎ᠡ ᠶ᠋ᠢᠨ ᠬᠦᠴᠦᠷᠬᠡᠭ ᠭᠦᠷᠦᠨ— ᠵᠦᠩᠭᠠᠷ ᠬᠠᠭᠠᠨᠲᠤ ᠤᠯᠤᠰ ᠴᠤ᠌ ᠲᠡᠦᠬᠡ ᠪᠣᠯᠵᠤ᠂ ᠨᠡᠢᠰᠯᠡᠯ ᠬᠣᠲᠠ ᠨᠢ ᠪᠠᠯᠠᠷᠠᠵᠠᠢ᠃ ᠮᠥᠨ《ᠣᠢᠷᠠᠳ ᠲᠡᠦᠬᠡᠨ ᠰᠤᠷᠪᠤᠯᠵᠢ ᠪᠢᠴᠢᠭ》 ᠲᠦ᠍᠂《ᠵᠦᠩᠭᠠᠷ ᠬᠠᠭᠠᠨᠲᠤ ᠤᠯᠤᠰ ᠤ᠋ᠨ ᠰᠡᠭᠦᠯ ᠦ᠋ᠨ ᠳᠥᠷᠪᠡᠨ ᠣᠢᠷᠠᠳ ᠤ᠋ᠨ62 ᠲᠦᠮᠡᠨ ᠬᠥᠮᠦᠨ ᠡᠴᠡ24 ᠲᠦᠮᠡ ᠨᠢ ᠲᠡᠢᠨ ᠪᠠᠢᠯᠳᠤᠭᠠᠨ᠂ ᠡᠪᠡᠳᠴᠢᠨ ᠡᠮᠭᠡᠭ ᠢ᠋ᠶ᠋ᠡᠷ ᠪᠤᠶᠤ ᠥᠯᠪᠡᠷᠴᠦ ᠦᠬᠦᠭᠰᠡᠨ᠂18 ᠲᠦᠮᠡᠨ ᠬᠥᠮᠦᠨ ᠨᠢ ᠴᠢᠩ ᠤᠯᠤᠰ ᠤ᠋ᠨ ᠴᠡᠷᠢᠭ ᠲᠦ᠍ ᠠᠯᠠᠭᠳᠠᠭᠰᠠᠨ》 ᠭᠡᠵᠦ ᠪᠣᠢ᠃ ᠣᠳᠣ ᠬᠣᠲᠠ ᠶ᠋ᠢᠨ ᠪᠠᠭᠤᠷᠢ ᠨᠢ ᠵᠥᠪᠬᠡᠨ ᠨᠤᠷᠠᠩᠬᠠᠢ ᠬᠡᠷᠡᠮ ᠦ᠋ᠨ ᠴᠤᠴᠠᠷᠬᠠᠢ ᠣᠷᠣᠮ ᠲᠡᠳᠦᠢ ᠪᠣᠯᠵᠠᠢ᠃ 1945 ᠣᠨ ᠪᠣᠯᠲᠠᠯ᠎ᠠ ᠬᠣᠲᠠ ᠶ᠋ᠢᠨ ᠪᠠᠭᠤᠷᠢ ᠳᠡᠭᠡᠷ᠎ᠡ ᠰᠤᠪᠤᠷᠭ᠎ᠠ(ᠡᠴᠢᠭᠡ ᠶ᠋ᠢᠨ ᠭᠠᠭᠴᠠ ᠬᠥᠪᠡᠭᠦᠨ ᠢ᠋ ᠴᠠᠭᠠᠨ ᠮᠣᠷᠢᠨ ᠳ᠋ᠤ᠌ ᠤᠨᠤᠭᠤᠯᠵᠤ᠂ ᠴᠠᠭᠠᠨ ᠬᠤᠪᠴᠠᠰᠤ ᠡᠮᠦᠰᠬᠡᠨ ᠪᠤᠯᠠᠵᠤ ᠳᠠᠷᠤᠯᠭ᠎ᠠ ᠬᠢᠵᠦ ᠪᠠᠷᠢᠭᠰᠠᠨ ᠲᠤᠬᠠᠢ《ᠲᠢᠪ ᠠᠯᠤᠰᠯᠠᠨ ᠵᠡᠭᠦᠨᠰᠢ ᠪᠤᠴᠠᠭᠰᠠᠨ ᠲᠣᠷᠭᠤᠳ ᠤ᠋ᠳ》 ᠨᠣᠮ ᠳ᠋ᠤ᠌ ᠲᠡᠮᠳᠡᠭᠯᠡᠵᠦ ᠪᠣᠢ) ᠪᠠᠢᠭᠰᠠᠨ ᠢ᠋ᠶ᠋ᠠᠨ ᠠᠶᠤᠩᠭ᠎ᠠ ᠳ᠋ᠤ᠌ ᠴᠣᠬᠢᠭᠤᠯᠵᠤ ᠨᠤᠷᠠᠭᠰᠠᠨ ᠪᠠ ᠰᠡᠭᠦᠯ ᠦ᠋ᠨ ᠦᠶ᠎ᠡ ᠪᠣᠯᠲᠠᠯ᠎ᠠ ᠪᠠᠭᠤᠷᠢᠨ ᠳᠡᠭᠡᠷ᠎ᠡ ᠪᠤᠷᠬᠠᠨ ᠤ᠋ ᠵᠢᠷᠤᠭ ᠬᠥᠷᠥᠭ ᠣᠯᠳᠠᠳᠠᠭ ᠪᠠᠢᠭᠰᠠᠨ ᠨᠢ ᠣᠳᠣ ᠶᠠᠭᠤ ᠴᠤ᠌ ᠦᠭᠡᠢ ᠪᠣᠯᠵᠠᠢ ᠭᠡᠵᠦ ᠨᠤᠲᠤᠭ ᠤ᠋ᠨ ᠬᠥᠮᠦᠰ ᠶᠠᠷᠢᠯ᠎ᠠ᠃ ᠦᠯᠡᠳᠡᠵᠦ ᠪᠠᠢᠭ᠎ᠠ ᠬᠣᠲᠠ ᠶ᠋ᠢᠨ ᠪᠠᠭᠤᠷᠢ ᠨᠢ ᠬᠠᠮᠢᠭ᠎ᠠ ᠬᠠᠮᠢᠭᠠᠰᠢ ᠪᠠᠨ ᠲᠠᠪᠤᠨ ᠵᠠᠭᠤᠭᠠᠳ ᠮᠧᠲ᠋ᠷ᠂ ᠭᠡᠪᠡᠴᠦ ᠡᠨᠡ ᠨᠢ ᠳᠣᠲᠣᠷ᠎ᠠ ᠬᠣᠲᠠ ᠶ᠋ᠢᠨ ᠪᠠᠭᠤᠷᠢ ᠪᠣᠯᠤᠯᠲᠠᠢ᠃ ᠶᠠᠭᠠᠬᠢᠭᠠᠳ ᠭᠡᠪᠡᠯ ᠭᠠᠳᠠᠷ ᠬᠣᠲᠠ ᠨᠢ ᠨᠢᠭᠡᠨᠲᠡ ᠪᠦᠷᠢᠮᠦᠰᠦᠨ ᠡᠪᠳᠡᠭᠳᠡᠭᠡᠳ ᠣᠷᠣᠮ ᠲᠡᠳᠦᠢ ᠪᠣᠯᠤᠭᠰᠠᠨ ᠢ᠋ ᠳᠠᠭᠠᠭᠤᠯᠢ ᠣᠳᠣᠨ ᠤ᠋ ᠵᠢᠷᠤᠭ ᠢ᠋ᠶ᠋ᠠᠷ ᠲᠣᠳᠣᠯᠠᠭᠰᠠᠨ ᠭᠡᠵᠦ ᠬᠥᠲᠥᠴᠢ ᠲᠠᠨᠢᠯᠴᠠᠭᠤᠯᠤᠯ᠎ᠠ᠃ ᠬᠠᠷᠢᠨ ᠣᠷᠳᠣᠨ ᠬᠣᠲᠠ ᠶ᠋ᠢᠨ ᠬᠢᠨᠢ ᠦᠯᠡᠳᠡᠭᠳᠡᠯ ᠲᠤᠰ ᠪᠠᠭᠤᠷᠢ ᠶ᠋ᠢᠨ ᠵᠡᠭᠦᠨᠲᠡᠢ ᠪᠣᠢ ᠭᠡᠳᠡᠭ ᠢ᠋ ᠮᠥᠨ ᠳᠠᠭᠠᠭᠤᠯᠢ ᠣᠳᠣᠨ ᠤ᠋ ᠵᠢᠷᠤᠭ ᠢ᠋ᠶ᠋ᠠᠷ ᠲᠣᠳᠣᠯᠠᠭᠰᠠᠨ ᠭᠡᠵᠦ ᠣᠷᠣᠢ ᠨᠢ ᠬᠤᠪᠤᠭᠰᠠᠢᠷᠢ ᠶ᠋ᠢᠨ ᠰᠣᠶᠣᠯ ᠲᠠᠮᠢᠷ ᠤ᠋ᠨ ᠲᠣᠪᠴᠢᠶᠠᠨ ᠤ᠋ ᠲᠣᠪᠴᠢᠶᠠᠨ ᠳᠠᠷᠤᠭ᠎ᠠ ᠤᠷᠲᠤᠨᠠᠰᠤᠨ ᠭᠤᠸᠠᠢ ᠶᠠᠷᠢᠵᠤ ᠪᠢᠯᠡ᠃ ᠬᠣᠲᠠ ᠶ᠋ᠢᠨ ᠪᠠᠭᠤᠷᠢ ᠶ᠋ᠢᠨ ᠬᠣᠢᠨ᠎ᠠ ᠬᠠᠨ ᠰᠠᠢᠷ ᠤ᠋ᠨ ᠠᠭᠤᠯᠠ ᠬᠠᠨᠠᠷᠠᠨ᠂ ᠪᠠᠷᠠᠭᠤᠨ ᠲᠠᠯ᠎ᠠ ᠪᠠᠷ ᠨᠢ ᠬᠠᠲᠤᠨ ᠠᠭᠤᠯᠠ ᠰᠡᠬᠦᠢᠨ᠂ ᠬᠣᠪᠣᠭ ᠤ᠋ᠨ ᠭᠣᠣᠯ ᠮᠢᠷᠠᠯᠵᠠᠵᠤ᠂ ᠤᠷᠳᠤᠭᠤᠷ ᠨᠢ ᠠᠳᠠᠷᠭ᠎ᠠ ᠶ᠋ᠢᠨ ᠠᠭᠤᠯᠠ ᠬᠥᠨᠳᠡᠯᠢᠰᠦᠨ᠎ᠡ᠃ ᠬᠣᠲᠠ ᠶ᠋ᠢᠨ ᠦᠨᠳᠦᠰᠦᠨ ᠪᠦᠲᠦᠭᠡᠨ ᠴᠣᠭᠴᠠᠯᠠᠯᠲᠠ ᠨᠢ ᠸᠴᠢᠷᠲᠤ ᠴᠠᠭᠠᠨ ᠬᠣᠲᠠ᠂ ᠪᠠᠷᠰ ᠬᠣᠲᠠ᠂ ᠳᠡᠭᠡᠳᠦ ᠨᠡᠢᠰᠯᠡᠯ ᠲᠡᠢ ᠠᠳᠠᠯᠢᠪᠲᠤᠷ᠃ ᠬᠡᠷᠡᠮ ᠨᠢ ᠰᠠᠭᠤᠷᠢ ᠲᠠᠢᠰᠢ ᠪᠠᠨ8m ᠥᠷᠭᠡᠨ᠂ ᠳᠡᠭᠡᠷ᠎ᠡ ᠪᠡᠨ7m ᠥᠷᠭᠡᠨ᠂ ᠪᠤᠷᠭᠠᠰᠤ ᠵᠠᠭᠤᠯᠭᠠᠨ ᠬᠠᠩᠳᠠᠵᠤ ᠪᠠᠷᠢᠭᠰᠠᠨ ᠪᠠᠢᠨ᠎ᠠ᠃ 《ᠲᠢᠪ ᠠᠯᠤᠰᠯᠠᠨ ᠵᠡᠭᠦᠨᠰᠢ ᠪᠤᠴᠠᠭᠰᠠᠨ ᠲᠣᠷᠭᠤᠳ ᠤ᠋ᠳ》 ᠨᠣᠮ ᠳ᠋ᠤ᠌᠄《ᠡᠨᠳᠡ ᠵᠦᠩᠭᠠᠷ ᠳᠥᠷᠪᠡᠨ ᠣᠢᠷᠠᠳ ᠰᠠᠭᠤᠵᠤ ᠪᠠᠢᠭ᠎ᠠ ᠦᠶ᠎ᠡ ᠳ᠋ᠦ᠍ ᠬᠠᠮᠠᠭᠠᠯᠠᠯᠲᠠ ᠰᠠᠢᠲᠠᠢ᠂ ᠬᠦᠴᠦᠷᠬᠡᠭ ᠪᠠᠢᠵᠤ ᠶᠠᠮᠠᠷ ᠴᠤ᠌ ᠳᠠᠢᠰᠤᠨ ᠣᠷᠣᠵᠤ ᠴᠢᠳᠠᠬᠤ ᠪᠠᠷ ᠦᠭᠡᠢ ᠪᠠᠲᠤ ᠪᠠᠢᠵᠠᠢ᠃ ᠲᠡᠷᠡ ᠦᠶ᠎ᠡ ᠳ᠋ᠦ᠍ ᠣᠯᠠᠨ ᠭᠠᠵᠠᠷ ᠠ᠋ᠴᠠ ᠰᠢᠨᠵᠢᠭᠡᠴᠢ ᠢᠷᠡᠵᠦ ᠦᠵᠡᠭᠡᠳ <ᠡᠳᠡᠨ ᠳᠣᠲᠣᠷ᠎ᠠ ᠠ᠋ᠴᠠ ᠪᠠᠨ ᠡᠰᠡ ᠡᠪᠳᠡᠷᠡᠯᠴᠡᠪᠡᠯ ᠭᠠᠳᠠᠭᠠᠳᠤ ᠶ᠋ᠢᠨ ᠳᠠᠢᠰᠤᠨ ᠶᠠᠭᠠᠬᠢᠭᠰᠠᠨ ᠴᠤ᠌ ᠳᠠᠷᠤᠵᠤ ᠴᠢᠳᠠᠬᠤ ᠦᠭᠡᠢ ᠶᠦᠮ> ᠭᠡᠵᠡᠢ᠃ ᠡᠨᠡ ᠨᠢ ᠵᠠᠷᠢᠮ ᠲᠣᠳᠣ ᠦᠰᠦᠭ ᠦ᠋ᠨ ᠲᠡᠦᠬᠡ ᠶ᠋ᠢᠨ ᠰᠤᠷᠪᠤᠯᠵᠢ ᠪᠢᠴᠢᠭ ᠲᠦ᠍ ᠲᠡᠮᠳᠡᠭᠯᠡᠭᠰᠡᠨ <ᠵᠡᠭᠦᠨᠭᠠᠷ ᠤ᠋ᠨ ᠲᠥᠷᠥ ᠶ᠋ᠢ ᠭᠠᠳᠠᠨ᠎ᠠ ᠠ᠋ᠴᠠ ᠨᠢ ᠬᠡᠨ ᠴᠦ᠍ ᠡᠪᠳᠡᠵᠦ ᠦᠯᠦ ᠴᠢᠳᠠᠬᠤ᠂ ᠴᠠᠭ ᠨᠢ ᠪᠣᠯᠬᠤᠯ᠎ᠠ ᠳᠣᠲᠣᠷ᠎ᠠ ᠠ᠋ᠴᠠ ᠪᠠᠨ ᠡᠪᠳᠡᠷᠡᠬᠦ ᠰᠢᠨᠵᠢᠲᠡᠢ> ᠭᠡᠳᠡᠭ ᠲᠡᠢ ᠦᠨᠳᠦᠰᠦᠨ ᠳ᠋ᠡᠭᠡᠨ ᠠᠳᠠᠯᠢᠪᠲᠤᠷ ᠪᠠᠢᠨ᠎ᠠ》 ᠭᠡᠵᠦ ᠲᠡᠮᠳᠡᠭᠯᠡᠵᠡᠢ᠃ ᠭᠡᠪᠡᠴᠦ《ᠠᠯᠠᠭ ᠳᠠᠭ᠎ᠠ ᠶ᠋ᠢᠨ ᠬᠥᠯ ᠦ᠋ᠨ ᠡᠪᠳᠡᠷᠡᠯ》 ᠡᠴᠡ ᠰᠢᠯᠲᠠᠭᠠᠯᠠᠵᠤ ᠬᠣᠲᠠ ᠶ᠋ᠢ ᠰᠠᠬᠢᠵᠤ ᠪᠠᠢᠭᠰᠠᠨ ᠴᠡᠷᠢᠭ ᠬᠣᠭᠣᠷᠣᠨᠳᠣ ᠪᠠᠨ ᠠᠯᠠᠯᠳᠤᠵᠤ᠂ ᠬᠣᠲᠠ ᠨᠢ ᠴᠤ᠌ ᠡᠪᠳᠡᠭᠳᠡᠨ ᠰᠦᠢᠷᠡᠭᠰᠡᠨ ᠭᠡᠳᠡᠭ᠃ 6 ᠳ᠋ᠤᠭᠠᠷ ᠰᠠᠷ᠎ᠠ ᠶ᠋ᠢᠨ ᠳᠤᠮᠳᠠᠴᠢ ᠪᠠᠷ ᠪᠢ《ᠲᠡᠦᠬᠡ ᠶ᠋ᠢᠨ ᠤᠯᠠᠭ᠎ᠠ》 ᠰᠤᠷᠪᠤᠯᠵᠢᠯᠠᠨ ᠮᠡᠳᠡᠭᠡᠯᠡᠬᠦ ᠠᠵᠢᠯ ᠢ᠋ᠶ᠋ᠠᠷ ᠤᠯᠠᠭᠠᠨᠬᠠᠳᠠ ᠬᠣᠲᠠ ᠶ᠋ᠢᠨ ᠠᠷᠤ ᠬᠣᠷᠴᠢᠨ ᠬᠤᠰᠢᠭᠤᠨ ᠳ᠋ᠤ᠌ ᠪᠠᠢᠭ᠎ᠠ ᠯᠢᠭᠳᠡᠨ ᠬᠠᠭᠠᠨ ᠤ᠋ ᠸᠴᠢᠷᠲᠤ ᠴᠠᠭᠠᠨ ᠬᠣᠲᠠ ᠶ᠋ᠢᠨ ᠪᠠᠭᠤᠷᠢ ᠳ᠋ᠤ᠌ ᠬᠦᠷᠬᠦ ᠦᠶ᠎ᠡ ᠳ᠋ᠦ᠍ ᠲᠤᠬᠠᠢ ᠶ᠋ᠢᠨ ᠨᠤᠲᠤᠭ ᠤ᠋ᠨ ᠬᠥᠮᠦᠰ᠄《ᠤᠤᠯ ᠨᠢ ᠬᠣᠲᠠ ᠶ᠋ᠢᠨ ᠣᠢᠷᠠᠬᠠᠨ ᠪᠠᠰᠠ ᠶᠠᠰᠢᠯ ᠬᠣᠲᠠ ᠭᠡᠵᠦ ᠨᠢᠭᠡᠨ ᠬᠣᠲᠠ ᠪᠠᠢᠭᠰᠠᠨ᠃ ᠡᠨᠡ ᠬᠣᠲᠠ ᠶ᠋ᠢᠨ ᠪᠠᠢᠷᠢᠰᠢᠯ ᠨᠢ ᠶᠠᠭ ᠬᠠᠨ ᠭᠠᠷᠤᠳᠢ ᠶ᠋ᠢᠨ ᠡᠪᠴᠢᠭᠦᠨ ᠳ᠋ᠦ᠍ ᠰᠠᠭᠤᠭᠰᠠᠨ ᠰᠢᠨᠵᠢᠲᠡᠢ ᠪᠣᠯᠬᠣᠷ ᠭᠠᠳᠠᠭᠠᠳᠤ ᠶ᠋ᠢᠨ ᠶᠠᠮᠠᠷ ᠴᠤ᠌ ᠳᠠᠢᠰᠤᠨ ᠡᠪᠳᠡᠵᠦ ᠦᠯᠦ ᠴᠢᠳᠠᠨ᠎ᠠ ᠭᠡᠵᠦ ᠰᠢᠨᠵᠢᠭᠡᠴᠢ ᠬᠡᠯᠡᠭᠰᠡᠨ ᠢ᠋ᠶ᠋ᠡᠷ ᠮᠠᠨᠵᠤᠴᠤᠳ ᠠᠷᠭ᠎ᠠ ᠭᠠᠷᠭᠠᠵᠤ ᠯᠢᠭᠳᠡᠨ ᠬᠠᠭᠠᠨ ᠢ᠋ ᠤᠭ ᠤ᠋ᠨ ᠬᠣᠲᠠ ᠠ᠋ᠴᠠ ᠰᠢᠯᠵᠢᠭᠦᠯᠵᠦ ᠸᠴᠢᠷᠳᠤ ᠴᠠᠭᠠᠨ ᠬᠣᠲᠠ ᠶ᠋ᠢ ᠴᠣᠭᠴᠠᠯᠠᠭᠤᠯᠵᠤ ᠨᠡᠭᠦᠯᠭᠡᠭᠡᠳ ᠢᠯᠠᠬᠤ ᠵᠣᠷᠢᠯᠭ᠎ᠠ ᠳ᠋ᠠᠭᠠᠨ ᠬᠦᠷᠦᠭᠰᠡᠨ》 ᠭᠡᠵᠦ ᠶᠠᠷᠢᠭᠰᠠᠨ ᠢ᠋ ᠭᠡᠨᠡᠳᠲᠡ ᠰᠠᠨᠠᠯ᠎ᠠ᠃ ᠲᠡᠢᠮᠦ ᠠ᠋᠂ ᠡᠶ᠎ᠡ ᠡᠪ ᠢ᠋ᠶ᠋ᠡᠨ ᠳᠡᠭᠡᠳᠦᠯᠡᠭᠰᠡᠨ ᠴᠠᠭ ᠲᠤ᠌ ᠮᠣᠩᠭᠣᠯᠴᠤᠳ ᠢ᠋ ᠭᠠᠳᠠᠨ᠎ᠠ ᠶ᠋ᠢᠨ ᠶᠠᠮᠠᠷ ᠴᠤ᠌ ᠳᠠᠢᠰᠤᠨ ᠡᠪᠳᠡᠵᠦ ᠦᠯᠦ ᠴᠢᠳᠠᠬᠤ᠂ ᠡᠰᠡ ᠲᠡᠢᠮᠦ ᠪᠥᠭᠡᠰᠦ《ᠬᠣᠶᠠᠷ ᠬᠥᠮᠦᠨ ᠡᠶ᠎ᠡ ᠲᠡᠢ ᠪᠣᠯᠪᠠᠰᠤ ᠲᠡᠮᠦᠷ ᠬᠡᠷᠡᠮ ᠮᠡᠲᠦ᠂ ᠬᠣᠷᠢᠨ ᠬᠥᠮᠦᠨ ᠡᠪ ᠦᠭᠡᠢ ᠪᠣᠯᠪᠠᠰᠤ ᠡᠪᠳᠡᠷᠬᠡᠢ ᠬᠡᠷᠡᠮ ᠮᠡᠲᠦ》 ᠭᠡᠮᠡᠨ ᠡᠵᠡᠨ ᠪᠣᠭᠳᠠ ᠶ᠋ᠢᠨ ᠰᠤᠷᠭᠠᠮᠵᠢᠯᠠᠭᠰᠠᠨ ᠯᠤᠭ᠎ᠠ ᠠᠳᠠᠯᠢ ᠪᠣᠯᠤᠶᠤ?
ᠮᠣᠩᠭᠣᠯᠴᠤᠳ ᠤ᠋ᠨ ᠪᠠᠭᠠᠲᠤᠷᠯᠢᠭ ᠴᠠᠭ ᠦᠶ᠎ᠡ ᠶ᠋ᠢ ᠠᠷᠪᠠᠨ ᠨᠠᠢ᠍ᠮᠠᠳᠤᠭᠠᠷ ᠵᠠᠭᠤᠨ ᠬᠦᠷᠲᠡᠯ᠎ᠡ ᠦᠷᠭᠦᠯᠵᠢᠯᠡᠭᠦᠯᠦᠭᠰᠡᠨ ᠵᠦᠩᠭᠠᠷ ᠬᠠᠭᠠᠨᠲᠤ ᠤᠯᠤᠰ ᠤ᠋ᠨ ᠨᠡᠢᠰᠯᠡᠯ ᠬᠣᠲᠠ ᠶ᠋ᠢᠨ ᠪᠠᠭᠤᠷᠢᠨ ᠳᠡᠭᠡᠷ᠎ᠡ ᠲᠡᠭᠡᠵᠦ ᠡᠭᠦᠯᠡ ᠲᠡᠢ ᠲᠩᠷᠢ ᠶ᠋ᠢᠨ ᠰᠡᠷᠢᠭᠦᠨ ᠰᠠᠯᠬᠢ ᠰᠥᠷᠦᠨ ᠵᠣᠭᠰᠣᠵᠤ᠂ ᠰᠠᠢᠷ ᠤ᠋ᠨ ᠠᠭᠤᠯᠠ ᠶ᠋ᠢᠨ ᠳᠡᠭᠡᠷ᠎ᠡ ᠲᠤᠨᠤᠷᠠᠬᠤ ᠬᠥᠬᠡ ᠡᠭᠦᠯᠡᠰ ᠢ᠋ ᠬᠠᠷᠠᠬᠤ ᠳ᠋ᠤ᠌ ᠤᠶᠠᠷᠠᠭᠠᠳ ᠵᠢᠪᠬᠤᠯᠠᠩᠲᠠᠢ ᠣᠨ ᠴᠠᠭ ᠤ᠋ᠨ ᠲᠡᠷᠲᠡᠭᠡ ᠡᠴᠡ ᠮᠣᠷᠢᠲᠤ ᠳᠠᠢᠴᠢᠳ ᠤ᠋ᠨ ᠤᠤᠬᠠᠢ ᠶ᠋ᠢᠨ ᠳᠠᠭᠤ ᠴᠢᠬᠢᠨ᠎ᠡ ᠳᠤᠭᠤᠯᠳᠠᠬᠤ ᠰᠢᠭ᠋᠂《ᠮᠢᠨᠦ ᠮᠣᠩᠭᠣᠯ ᠤ᠋ᠨ ᠭᠠᠵᠠᠷ ᠰᠢᠷᠣᠢ ᠠ᠋ᠴᠠ ᠪᠤᠷᠬᠠᠨ ᠭᠤᠶᠤᠭᠰᠠᠨ ᠴᠤ᠌ ᠪᠢᠲᠡᠭᠡᠢ ᠥᠭ》 ᠭᠡᠰᠡᠨ ᠭᠠᠯᠳᠠᠨ ᠪᠣᠱᠣᠭᠲᠤ ᠶ᠋ᠢᠨ ᠵᠠᠬᠢᠶᠠᠰᠤ ᠠᠨᠢᠷᠲᠤᠬᠤ ᠰᠢᠭ᠋᠂ ᠮᠠᠨᠵᠤ ᠶ᠋ᠢᠨ ᠬᠠᠭᠠᠳ ᠲᠤ᠌ ᠬᠠᠷᠭᠢᠰ ᠢ᠋ᠶ᠋ᠠᠷ ᠳᠠᠷᠤᠩᠭᠤᠢᠯᠠᠭᠳᠠᠭᠰᠠᠨ ᠳᠥᠷᠪᠡᠨ ᠣᠢᠷᠠᠳ ᠤ᠋ᠨ ᠴᠢᠰᠤᠲᠤ ᠭᠤᠨᠢᠭ ᠬᠣᠭᠣᠯᠠᠢ ᠳ᠋ᠤ᠌ ᠠᠷᠭᠠᠬᠤ ᠰᠢᠭ᠋᠂ ᠬᠡᠨ ᠨᠢᠭᠡ ᠵᠠᠩᠭᠠᠷᠴᠢ ᠲᠣᠪᠰᠢᠭᠤᠷ ᠢ᠋ᠶ᠋ᠠᠨ ᠲᠣᠪᠰᠢᠭᠤᠷᠳᠠᠨ ᠲᠤᠤᠯᠢ《ᠵᠠᠩᠭᠠᠷ》 ᠢ᠋ᠶ᠋ᠠᠨ ᠬᠠᠢᠯᠠᠬᠤ ᠰᠢᠭ᠋᠁ ᠰᠠᠨᠠᠭᠳᠠᠨ᠎ᠠ᠃ 
ᠵᠡᠭᠦᠨᠭᠠᠷ ᠤ᠋ᠨ ᠴᠡᠩᠬᠡᠷ ᠨᠤᠲᠤᠭ ᠢ᠋ᠶ᠋ᠠᠷ
ᠵᠡᠭᠦᠳᠦᠨ ᠮᠡᠲᠦ ᠣᠨ ᠵᠢᠯ ᠤᠷᠤᠰᠤᠨ
ᠵᠢᠩ ᠦ᠋ᠨ ᠴᠤᠪᠤᠭ᠎ᠠ ᠰᠢᠭ᠋ ᠠᠭᠤᠯᠠᠰ ᠥᠷᠲᠡᠭᠡᠯᠡᠨ
《ᠵᠠᠩᠭᠠᠷ》 ᠬᠠᠢᠯᠠᠬᠤ ᠮᠡᠲᠦ ᠰᠠᠯᠬᠢᠨ ᠬᠥᠭᠡᠮᠡᠢᠯᠡᠨᠡᠮ!

ᠡᠷᠲᠡᠨ ᠦ᠌ ᠬᠣᠲᠠ ᠶ᠋ᠢᠨ ᠪᠠᠭᠤᠷᠢᠨ ᠳᠡᠭᠡᠷ᠎ᠡ
ᠡᠯᠢᠭᠡ ᠡᠮᠲᠡᠷᠡᠨ ᠵᠣᠭᠰᠣᠬᠤᠢ ᠳ᠋ᠤ᠌
ᠰᠠᠢᠷ ᠤ᠋ᠨ ᠠᠭᠤᠯᠠ ᠶ᠋ᠢᠨ ᠰᠠᠯᠬᠢᠨ
ᠰᠡᠳᠬᠢᠯ ᠰᠡᠢᠴᠢᠨ ᠰᠡᠷᠴᠢᠭᠢᠨᠡᠨᠡᠮ!

ᠤᠤᠬᠠᠢ ᠳᠠᠭᠤᠯᠠᠭᠰᠠᠨ ᠪᠠᠭᠠᠲᠤᠳ ᠢ᠋ᠶ᠋ᠠᠨ
ᠦᠭᠡᠢᠯᠡᠨ ᠦᠭᠡᠢᠯᠡᠨ ᠰᠡᠭᠦᠷᠡᠰᠦᠯᠡᠬᠦᠢ ᠳ᠋ᠦ᠍

ᠬᠣᠪᠣᠭ ᠤ᠋ᠨ ᠭᠣᠣᠯ ᠤ᠋ᠨ ᠤᠰᠤᠨ
ᠬᠣᠶᠠᠷ ᠨᠢᠳᠦᠨ ᠡᠴᠡ ᠮᠢᠨᠢ ᠠᠰᠬᠠᠷᠠᠨᠠᠮ!

ᠡᠨᠳᠡ
ᠡᠷ᠎ᠡ ᠴᠡᠷᠢᠭ ᠦ᠋ᠨ ᠡᠷᠡᠰᠳᠡᠵᠦ ᠤᠨᠠᠭᠰᠠᠨ ᠴᠢᠰᠤᠨ ᠪᠣᠢ
ᠡᠨᠳᠡ
ᠡᠵᠡᠷᠬᠡᠭ ᠳᠠᠢᠰᠤᠨ ᠤ᠋ ᠴᠠᠢᠵᠤ ᠦᠥ᠋ᠭᠰᠡᠨ ᠶᠠᠰᠤᠨ ᠪᠣᠢ
ᠡᠨᠳᠡ
ᠡᠷᠡᠯᠬᠡᠭ ᠳᠠᠢᠴᠢᠳ ᠤ᠋ᠨ ᠤᠤᠬᠠᠢᠯᠠᠵᠤ ᠣᠳᠤᠭᠰᠠᠨ ᠳᠠᠭᠤᠨ ᠪᠣᠢ
ᠡᠨᠳᠡ
ᠡᠯᠢᠭᠡ ᠵᠢᠷᠦᠬᠡᠨ ᠦ᠌ ᠮᠢᠨᠢ ᠠᠯᠲᠠᠨ ᠲᠠᠰᠤᠷᠬᠠᠢ ᠣᠢᠷᠠᠳ ᠤ᠋ᠳ ᠪᠣᠢ᠁
ᠰᠡᠳᠬᠢᠯ ᠢ᠋ᠶ᠋ᠡᠨ ᠠᠷᠭᠠᠳᠠᠨ ᠪᠢ ᠡᠳᠦᠷ ᠦ᠋ᠨ ᠲᠡᠮᠳᠡᠭᠯᠡᠯ ᠳᠡᠭᠡᠷ᠎ᠡ ᠪᠡᠨ ᠶᠠᠳᠠᠭᠤᠬᠠᠨ ᠬᠡᠳᠦᠨ ᠮᠥᠷ ᠲᠠᠷᠯᠠᠯ᠎ᠠ᠃ ᠬᠣᠲᠠ ᠶ᠋ᠢᠨ ᠪᠠᠭᠤᠷᠢᠨ ᠠ᠋ᠴᠠ ᠪᠤᠴᠠᠵᠤ ᠬᠠᠷᠢᠭᠠᠳ ᠪᠢᠳᠡ ᠵᠠᠩᠭᠠᠷ ᠠᠭᠤᠳᠠᠮ ᠲᠠᠯᠠᠪᠠᠢ᠂ ᠸᠠᠩ ᠤ᠋ᠨ ᠣᠷᠳᠣᠨ ᠵᠡᠷᠭᠡ ᠭᠠᠵᠠᠷ ᠢ᠋ᠶ᠋ᠠᠷ ᠲᠣᠭᠣᠷᠢᠪᠠ᠃ 
ᠦᠳᠡᠰᠢ ᠨᠢ ᠰᠢᠭᠤᠳ ᠨᠡᠪᠲᠡᠷᠡᠭᠦᠯᠭᠡ ᠬᠢᠬᠦ ᠶᠣᠰᠣᠲᠠᠢ ᠪᠠᠢᠭᠰᠠᠨ ᠪᠣᠯᠪᠠᠴᠤ ᠪᠠᠢᠭᠤᠯᠭ᠎ᠠ ᠶ᠋ᠢᠨ ᠠᠵᠢᠯ ᠤ᠋ᠨ ᠲᠣᠬᠢᠷᠠᠭᠤᠯᠭ᠎ᠠ ᠪᠠᠷ ᠥᠭᠡᠷ᠎ᠡ ᠨᠡᠪᠲᠡᠷᠡᠭᠦᠯᠭᠡ ᠬᠢᠬᠦ ᠪᠣᠯᠵᠤ᠂ ᠪᠢᠳᠡ ᠬᠡᠳᠦᠭᠦᠯᠡ ᠪᠡᠨ ᠬᠤᠪᠤᠭᠰᠠᠢᠷᠢ ᠰᠢᠶᠠᠨ ᠤ᠋ ᠰᠣᠶᠣᠯ ᠲᠠᠮᠢᠷ ᠤ᠋ᠨ ᠲᠣᠪᠴᠢᠶᠠᠨ ᠤ᠋ ᠲᠣᠪᠴᠢᠶᠠᠨ ᠳᠠᠷᠤᠭ᠎ᠠ ᠤᠷᠲᠤᠨᠠᠰᠤᠨ ᠲᠠᠢ ᠠᠭᠤᠯᠵᠠᠵᠤ᠂ ᠠᠵᠢᠯ ᠶᠠᠪᠤᠳᠠᠯ ᠢ᠋ᠶ᠋ᠠᠨ ᠶᠠᠷᠢᠯᠴᠠᠨ ᠵᠥᠪᠳᠡᠵᠦ᠂ ᠳᠠᠭᠤᠯᠠᠯᠳᠤᠨ ᠨᠠᠷᠭᠢᠵᠤ ᠰᠠᠭᠤᠯ᠎ᠠ᠃ 《ᠳᠠᠪᠬᠤᠷ ᠳᠠᠪᠬᠤᠷ ᠠᠭᠤᠯᠠᠨ ᠳ᠋ᠠᠭᠠᠨ᠂ ᠳᠠᠩ ᠤ᠋ᠨ ᠪᠤᠳᠠᠩ ᠲᠠᠲᠠᠨ᠎ᠠ᠂ ᠳᠠᠯᠠᠢ ᠶᠡᠬᠡ ᠲᠣᠷᠭᠤᠳ ᠨᠤᠲᠤᠭ ᠮᠢᠨᠢ᠂ ᠳᠠᠩᠳᠠᠭᠰᠠᠨ ᠭᠠᠵᠠᠷ ᠲᠤ᠌ ᠮᠢᠨᠢ ᠰᠠᠨᠠᠭᠳᠠᠨ᠎ᠠ》 ᠭᠡᠵᠦ《ᠲᠣᠷᠭᠤᠳ ᠨᠤᠲᠤᠭ》 ᠬᠡᠮᠡᠬᠦ ᠳᠠᠭᠤᠤ ᠶ᠋ᠢᠨ ᠦᠭᠡ ᠶ᠋ᠢ ᠥᠪᠥᠷ ᠮᠣᠩᠭᠣᠯᠴᠤᠳ《ᠲᠠᠩᠳᠠ ᠮᠠᠨ ᠳ᠋ᠠᠭᠠᠨ ᠰᠠᠨᠠᠭᠳᠠᠨ᠎ᠠ 》ᠭᠡᠵᠦ ᠪᠤᠷᠤᠭᠤ ᠳᠠᠭᠤᠯᠠᠵᠤ ᠪᠠᠢᠭ᠎ᠠ ᠲᠤᠬᠠᠢ ᠤᠷᠲᠤᠨᠠᠰᠤᠨ ᠭᠤᠸᠠᠢ ᠶᠠᠷᠢᠬᠤ ᠶ᠋ᠢᠨ ᠵᠡᠷᠭᠡᠴᠡᠭᠡ ᠵᠦᠩᠭᠠᠷ ᠬᠠᠭᠠᠨᠲᠤ ᠤᠯᠤᠰ ᠤ᠋ᠨ ᠨᠡᠢᠰᠯᠡᠯ ᠬᠣᠲᠠ ᠶ᠋ᠢᠨ ᠪᠠᠭᠤᠷᠢ ᠶ᠋ᠢᠨ ᠲᠤᠬᠠᠢ᠂《ᠵᠠᠩᠭᠠᠷ》 ᠲᠤᠤᠯᠢ ᠶ᠋ᠢ ᠳᠡᠯᠡᠬᠡᠢ ᠶ᠋ᠢᠨ ᠪᠣᠳᠠᠰ ᠤ᠋ᠨ ᠪᠤᠰᠤ ᠰᠣᠶᠣᠯ ᠤ᠋ᠨ ᠥᠪ ᠦ᠋ᠨ ᠬᠠᠮᠠᠭᠠᠯᠠᠯᠲᠠ ᠳ᠋ᠤ᠌ ᠪᠦᠷᠢᠳᠬᠡᠭᠦᠯᠬᠦ ᠪᠡᠷ ᠵᠢᠳᠬᠦᠵᠦ ᠪᠠᠢᠬᠤ ᠲᠤᠬᠠᠢ᠂ ᠬᠤᠪᠤᠭᠰᠠᠢᠷᠢ ᠳ᠋ᠤ᠌《ᠵᠠᠩᠭᠠᠷ》 ᠲᠠᠢ ᠬᠣᠯᠪᠣᠭᠳᠠᠭᠰᠠᠨ ᠪᠦᠲᠦᠭᠡᠨ ᠪᠠᠢᠭᠤᠯᠤᠯᠲᠠ ᠶ᠋ᠢᠨ ᠠᠵᠢᠯ ᠬᠢᠭᠳᠡᠵᠦ ᠪᠠᠢᠭ᠎ᠠ ᠲᠤᠬᠠᠢ ᠲᠠᠨᠢᠯᠴᠠᠭᠤᠯᠤᠯ᠎ᠠ᠃ 
7 ᠳ᠋ᠤᠭᠠᠷ ᠰᠠᠷ᠎ᠠ ᠶ᠋ᠢᠨ 20 ᠳ᠋ᠤ᠌ ᠪᠢᠳᠡ ᠬᠤᠪᠤᠭᠰᠠᠢᠷᠢ ᠰᠢᠶᠠᠨ ᠤ᠋ ᠲᠥᠪ ᠡᠴᠡ13km ᠬᠣᠯᠠ ᠪᠠᠢᠭ᠎ᠠ ᠨᠠᠷᠢᠨ ᠬᠣᠪᠣᠭ ᠮᠠᠯᠵᠢᠯ ᠤ᠋ᠨ ᠲᠠᠯᠠᠪᠠᠢ ᠳ᠋ᠤ᠌ ᠬᠦᠷᠴᠦ ᠰᠤᠷᠪᠤᠯᠵᠢᠯᠠᠭ᠎ᠠ ᠪᠠᠨ ᠦᠷᠭᠦᠯᠵᠢᠯᠡᠭᠦᠯᠪᠡ᠃ ᠵᠣᠷᠢᠭᠲᠤ᠂ ᠠᠯᠲᠠᠨᠪᠠᠶᠠᠷ ᠬᠣᠶᠠᠭᠤᠯᠠ ᠪᠠᠨ ᠮᠠᠯᠵᠢᠯ ᠤ᠋ᠨ ᠲᠠᠯᠠᠪᠠᠢ ᠶ᠋ᠢᠨ ᠲᠤᠬᠠᠢ ᠰᠤᠷᠪᠤᠯᠵᠢᠯᠠᠭ᠎ᠠ ᠬᠢᠬᠦ ᠵᠠᠭᠤᠷ᠎ᠠ ᠪᠢ ᠠᠯᠳᠠᠷᠲᠤ ᠵᠠᠩᠭᠠᠷᠴᠢ ᠵᠣᠲᠠᠢ ᠨᠠᠰᠤᠲᠠᠨ ᠲᠠᠢ ᠣᠴᠢᠵᠤ ᠪᠠᠷᠠᠳᠠᠪᠠ᠃ ᠨᠠᠶᠠᠨ ᠲᠠᠪᠤᠨ ᠨᠠᠰᠤᠨ ᠤ᠋ ᠥᠨᠳᠥᠷ ᠰᠡᠭᠦᠳᠡᠷ ᠵᠣᠭᠣᠭᠯᠠᠭᠰᠠᠨ ᠵᠣᠲᠠᠢ ᠨᠠᠰᠤᠲᠠᠨ ᠬᠡᠦᠬᠡᠳ ᠰᠢᠭ ᠪᠠᠶᠠᠷᠯᠠᠵᠤ᠂ ᠡᠷᠲᠡᠨ ᠦ᠌ ᠠᠷᠠᠳ ᠤ᠋ᠨ ᠳᠠᠭᠤᠤ ᠪᠣᠯᠤᠨ《ᠵᠠᠩᠭᠠᠷ》 ᠤ᠋ᠨ ᠲᠤᠬᠠᠢ ᠵᠥᠩᠳᠡᠭᠡᠨ ᠶᠠᠭᠤᠮ᠎ᠠ ᠶᠠᠷᠢᠯ᠎ᠠ᠃ ᠲᠡᠭᠦᠨ ᠦ᠌ ᠲᠤᠬᠠᠢ ᠰᠤᠷᠪᠤᠯᠵᠢᠯᠠᠭ᠎ᠠ ᠮᠡᠳᠡᠭᠡᠯᠡᠯ ᠣᠯᠠᠨ᠂ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠳ᠋ᠣᠺᠲ᠋ᠣᠷ ᠳ· ᠳᠠᠶᠠ《ᠵᠣᠲᠠᠢ ᠶ᠋ᠢᠨ ᠭᠠᠷ ᠪᠢᠴᠢᠮᠡᠯ(ᠵᠠᠩᠭᠠᠷ)》 ᠨᠣᠮ ᠢ᠋ ᠴᠦ᠍ ᠨᠢᠭᠡᠨᠲᠡ ᠬᠡᠪᠯᠡᠭᠦᠯᠦᠭᠰᠡᠨ ᠪᠣᠯᠬᠣᠷ ᠡᠨᠳᠡ ᠥᠪᠡᠷ ᠦ᠋ᠨ ᠰᠤᠷᠪᠤᠯᠵᠢᠯᠠᠭ᠎ᠠ ᠪᠠᠨ ᠲᠣᠪᠴᠢᠯᠠᠯ᠎ᠠ᠃ 
ᠳᠠᠷᠠᠭ᠎ᠠ ᠨᠢ ᠪᠢᠳᠡ ᠮᠠᠯᠴᠢᠨ ᠠᠢᠯ ᠳ᠋ᠤ᠌ ᠬᠦᠷᠴᠦ᠂ ᠲᠤᠬᠠᠢ ᠶ᠋ᠢᠨ ᠨᠤᠲᠤᠭ ᠤ᠋ᠨ ᠲᠣᠪᠰᠢᠭᠤᠷᠴᠢ᠂ ᠠᠷᠠᠳ ᠤ᠋ᠨ ᠳᠠᠭᠤᠴᠢᠨ ᠢ᠋ ᠰᠤᠷᠪᠤᠯᠵᠢᠯᠠᠪᠠ᠃ ᠥᠪᠥᠷ ᠮᠣᠩᠭᠣᠯ ᠠ᠋ᠴᠠ ᠢᠷᠡᠭᠰᠡᠨ ᠪᠢᠳᠡᠨ ᠢ᠋ ᠲᠡᠳᠡ ᠮᠠᠰᠢ ᠬᠠᠯᠠᠭᠤᠮᠰᠤᠭ ᠢ᠋ᠶ᠋ᠠᠷ ᠤᠭᠲᠤᠵᠤ᠂ ᠰᠡᠪᠡᠷᠳᠢᠩ ᠪᠥᠵᠢᠭ ᠢ᠋ᠶ᠋ᠡᠨ ᠪᠥᠵᠢᠭᠯᠡᠨ᠂ ᠲᠣᠪᠰᠢᠭᠤᠷ ᠢ᠋ᠶ᠋ᠠᠨ ᠲᠣᠪᠰᠢᠭᠤᠷᠳᠠᠨ᠂ ᠠᠷᠠᠳ ᠤ᠋ᠨ ᠳᠠᠭᠤᠤ ᠪᠠᠨ ᠳᠠᠭᠤᠯᠠᠵᠠᠭᠠᠯ᠎ᠠ᠃ 《ᠠᠷᠤ ᠬᠤᠪᠤᠭᠰᠠᠢᠷᠢ》᠂《ᠨᠠᠷᠢᠨ ᠬᠥᠬᠡ ᠵᠢᠩᠰᠡ》᠂《ᠥᠨᠳᠥᠷ ᠳᠡᠭᠡᠷ᠎ᠡ ᠪᠡᠨ ᠭᠠᠷᠬᠤᠯᠠᠷ》᠂《ᠴᠠᠭᠠᠨ ᠰᠢᠷᠭ᠎ᠠ ᠮᠣᠷᠢ》᠂《ᠨᠠᠢ᠍ᠮᠠᠨ ᠠᠭᠤᠯᠠ ᠶ᠋ᠢᠨ ᠣᠷᠣᠢ》᠁ ᠵᠡᠷᠭᠡ ᠠᠷᠠᠳ ᠤ᠋ᠨ ᠰᠠᠢᠬᠠᠨ ᠳᠠᠭᠤᠤ ᠨᠤᠭᠤᠳ᠂ ᠲᠣᠪᠰᠢᠭᠤᠷ ᠤ᠋ᠨ ᠠᠷᠪᠠᠨ ᠬᠣᠶᠠᠷ ᠴᠣᠬᠢᠯᠭ᠎ᠠ ᠶ᠋ᠢᠨ ᠠᠢᠵᠠᠮ ᠡᠬᠡᠰᠢᠭ᠂ ᠰᠡᠪᠡᠷᠳᠢᠩ ᠪᠥᠵᠢᠭ ᠦ᠋ᠨ ᠨᠠᠮᠪᠠᠭ᠎ᠠ ᠲᠠᠢ ᠰᠠᠢᠬᠠᠨ ᠪᠡᠶᠡᠯᠡᠭᠡ ᠬᠤᠪᠤᠭᠰᠠᠢᠷᠢ ᠨᠤᠲᠤᠭ ᠤ᠋ᠨ ᠠᠷᠠᠳ ᠤ᠋ᠨ ᠤᠷᠠᠯᠢᠭ ᠤ᠋ᠨ ᠲᠠᠩᠰᠤᠭ ᠪᠠᠶᠠᠨ ᠢ᠋ ᠪᠠᠬᠠᠳᠤᠭᠤᠯᠤᠨ ᠭᠠᠢᠬᠠᠭᠤᠯᠵᠤ ᠪᠠᠢᠯ᠎ᠠ᠃ ᠠᠷᠠᠳ ᠤ᠋ᠨ ᠳᠠᠭᠤᠴᠢᠨ ᠬᠤᠰᠤᠨ《ᠨᠠᠢ᠍ᠮᠠᠨ ᠠᠭᠤᠯᠠ ᠶ᠋ᠢᠨ ᠣᠷᠣᠢ》᠂ ( <ᠬᠠᠳᠠᠨ ᠠᠭᠤᠯᠠ ᠶ᠋ᠢᠨ ᠣᠷᠣᠢ ᠳᠡᠭᠡᠷ᠎ᠡ> ᠭᠡᠵᠦ ᠴᠦ᠍ ᠨᠡᠷᠡᠯᠡᠳᠡᠭ ᠶᠦᠮ ᠪᠠᠢᠨ᠎ᠠ)》 ᠭᠡᠵᠦ ᠮᠠᠰᠢ ᠤᠶᠠᠩᠭ᠎ᠠ ᠲᠠᠢ ᠰᠠᠢᠬᠠᠨ ᠳᠠᠭᠤᠤ ᠳᠠᠭᠤᠯᠠᠬᠤ ᠪᠠᠷ ᠥᠪᠡᠷ ᠦ᠋ᠨ ᠡᠷᠬᠡ ᠦᠭᠡᠢ ᠨᠢᠯᠪᠤᠰᠤ ᠠᠰᠬᠠᠷᠠᠴᠢᠬᠠᠵᠤ ᠪᠢᠯᠡ᠃ ᠤᠭ ᠳᠠᠭᠤᠤ ᠳ᠋ᠤ᠌᠄
ᠰᠠᠢᠷᠢ ᠶ᠋ᠢᠨ ᠠᠭᠤᠯᠠ ᠶ᠋ᠢᠨ ᠣᠷᠣᠢ ᠳᠡᠭᠡᠭᠦᠷ
ᠰᠡᠮᠫᠢᠯ① ᠰᠠᠬᠢᠭᠤᠰᠤ ᠨᠢ ᠵᠠᠯᠠᠷᠠᠭᠠᠳ ᠪᠠᠢᠨ᠎ᠠ
ᠰᠠᠢᠬᠠᠨ ᠠᠬ᠎ᠠ ᠳᠡᠭᠦᠦ ᠪᠡᠨ
ᠰᠤᠷᠠᠬᠤ ᠶ᠋ᠢᠨ ᠴᠠᠭ ᠲᠤ᠌
ᠰᠠᠢᠨ ᠯᠠ ᠪᠠᠢᠨ᠎ᠠ ᠭᠡᠭᠲᠦᠨ ᠮᠠᠨᠢ ᠡᠶ᠎ᠡ

ᠬᠠᠲᠤᠨ ᠠᠭᠤᠯᠠ ᠶ᠋ᠢᠨ ᠣᠷᠣᠢ ᠳᠡᠭᠡᠭᠦᠷ
ᠬᠠᠷᠭᠠᠨ᠎ᠠ ᠶ᠋ᠢᠨ ᠴᠡᠴᠡᠭ ᠲᠦᠷᠭᠦᠯᠡᠭᠡᠳ(ᠭᠠᠩᠬᠤᠭᠠᠳ) ᠪᠠᠢᠨ᠎ᠠ
ᠬᠠᠢᠷᠠᠲᠠᠢ ᠠᠬ᠎ᠠ ᠳᠡᠭᠦᠦ ᠪᠡᠨ ᠰᠤᠷᠠᠬᠤ ᠶ᠋ᠢᠨ ᠴᠠᠭ ᠲᠤ᠌
ᠬᠠᠵᠠᠭᠤ ᠳ᠋ᠤ᠌ ᠮᠢᠨᠢ ᠪᠠᠢᠨ᠎ᠠ ᠭᠡᠭᠲᠦᠨ ᠮᠠᠨᠢ ᠡᠶ᠎ᠡ
ᠪᠠᠶᠠᠨ ᠥᠨᠳᠥᠷ ᠦ᠋ᠨ
ᠣᠷᠣᠢ ᠳᠡᠭᠡᠭᠦᠷ
ᠪᠠᠳᠮ᠎ᠠ ᠶ᠋ᠢᠨ ᠴᠡᠴᠡᠭ ᠲᠦᠷᠭᠦᠯᠡᠭᠡᠳ ᠪᠠᠢᠨ᠎ᠠ
ᠪᠠᠬ᠎ᠠ ᠲᠠᠢ ᠠᠬ᠎ᠠ
ᠳᠡᠭᠦᠦ ᠪᠡᠨ ᠰᠤᠷᠠᠬᠤ ᠶ᠋ᠢᠨ ᠴᠠᠭ ᠲᠤ᠌ 
ᠪᠠᠶᠠᠷᠲᠠᠢ ᠰᠠᠭᠤᠨ᠎ᠠ ᠯᠠ ᠭᠡᠭᠲᠦᠨ ᠮᠠᠨᠢ ᠡᠶ᠎ᠡ ᠳᠠᠭᠤᠯᠠᠳᠠᠭ᠃ 
    ᠲᠤᠬᠠᠢ ᠶ᠋ᠢᠨ ᠨᠤᠲᠤᠭ ᠤ᠋ᠨ ᠮᠠᠯᠴᠢᠳ ᠭᠡᠭᠦᠦ ᠪᠠᠷᠢᠵᠤ᠂ ᠴᠡᠬᠡ ᠢᠰᠬᠡᠵᠦ ᠪᠠᠢᠭᠰᠠᠨ ᠪᠣᠯᠬᠣᠷ ᠪᠢᠳᠡ ᠪᠦᠲᠦᠨ ᠡᠳᠦᠷᠵᠢᠨ ᠴᠡᠬᠡ ᠤᠤᠭᠤᠵᠤ᠂ ᠠᠷᠠᠳ ᠤ᠋ᠨ ᠳᠠᠭᠤᠤ ᠬᠤᠭᠤᠷ ᠰᠣᠨᠢᠷᠬᠠᠵᠤ᠂ ᠬᠠᠶᠠ ᠳᠣᠭᠳᠣᠯᠤᠨ ᠬᠡᠢᠷᠬᠡᠵᠦ᠂ ᠬᠠᠶᠠ ᠨᠢᠯᠪᠤᠰᠤ ᠤᠨᠠᠭᠠᠨ ᠢᠭᠲᠦᠯᠵᠦ ᠰᠠᠭᠤᠭᠰᠠᠨ ᠰᠠᠨ! ᠮᠣᠩᠭᠣᠯ ᠭᠡᠷ ᠬᠠᠵᠠᠭᠤ ᠪᠠᠷ ᠨᠠᠷᠢᠨ ᠬᠣᠪᠣᠭ ᠭᠣᠣᠯ ᠨᠠᠮᠤᠭᠤᠬᠠᠨ ᠮᠡᠯᠮᠡᠷᠡᠨ᠎ᠡ᠃ 
    ᠠᠷᠤᠬᠠᠨ ᠲᠠᠯ᠎ᠠ ᠳ᠋ᠤ᠌ ᠰᠠᠢᠷ ᠤ᠋ᠨ ᠴᠡᠩᠬᠡᠷ ᠠᠭᠤᠯᠠ ᠳᠤᠭᠤᠢᠬᠠᠨ ᠲᠦᠩᠬᠦᠢᠨ᠎ᠡ᠃ ᠭᠡᠭᠦᠨ ᠦ᠌ ᠵᠠᠯᠠᠨ ᠳᠡᠭᠡᠷ᠎ᠡ ᠬᠡᠳᠦᠨ ᠤᠨᠠᠭ᠎ᠠ ᠲᠡᠷᠡᠢᠨ ᠬᠡᠪᠲᠡᠵᠦ᠂ ᠳᠡᠷᠭᠡᠳᠡ ᠨᠢ ᠡᠬᠡ ᠨᠢ ᠬᠦᠬᠦᠲᠦᠨᠡᠨ᠎ᠡ᠃ ᠭᠡᠷ ᠦ᠋ᠨ ᠳᠡᠷᠭᠡᠳᠡ ᠬᠡᠳᠦᠨ ᠬᠡᠦᠬᠡᠳ ᠮᠣᠩᠭᠣᠯ ᠢ᠋ᠶ᠋ᠠᠷ ᠢ᠋ᠶ᠋ᠠᠨ ᠶᠠᠷᠢᠯᠴᠠᠨ ᠬᠥᠭᠡᠷᠦᠬᠦᠨ ᠨᠢ ᠠᠷᠭ᠎ᠠ ᠦᠭᠡᠢ ᠲᠣᠭᠯᠠᠨ᠎ᠠ᠃ ᠡᠨᠡ ᠪᠦᠬᠦᠨ ᠳ᠋ᠦ᠍ ᠪᠢ ᠦᠨᠡᠨ ᠵᠢᠷᠦᠬᠡᠨ ᠡᠴᠡ ᠪᠡᠨ ᠬᠠᠢᠷᠠᠲᠠᠢ᠃ ᠭᠡᠪᠡᠴᠦ ᠶᠠᠭᠠᠬᠢᠵᠤ ᠬᠠᠢᠷᠠᠯᠠᠵᠤ ᠬᠠᠮᠠᠭᠠᠯᠠᠬᠤ ᠪᠣᠢ? ᠶᠠᠭᠠᠬᠢᠵᠤ ᠰᠡᠪᠲᠦᠭᠡᠨ ᠭᠡᠮᠲᠦᠭᠡᠯ ᠦᠭᠡᠢ ᠪᠠᠢᠯᠭᠠᠬᠤ ᠪᠣᠢ? ᠶᠠᠭᠠᠬᠢᠵᠤ ᠵᠢᠳᠬᠦᠵᠦ᠂ ᠶᠠᠭᠤ ᠶᠠᠭᠤ ᠬᠢᠬᠦ ᠬᠡᠷᠡᠭᠲᠡᠢ ᠶᠦᠮ ᠪᠣᠢ? ᠬᠢᠭᠰᠡᠨ ᠬᠡᠯᠡᠭᠰᠡᠨ ᠬᠣᠶᠠᠷ ᠮᠠᠨᠢ ᠬᠠᠮᠤᠭ ᠤ᠋ᠨ ᠬᠠᠢᠷᠠᠲᠠᠢ ᠶᠠᠭᠤᠮ᠎ᠠ ᠶ᠋ᠢ ᠭᠬᠢᠷᠲᠦᠭᠦᠯᠦᠨ ᠪᠣᠬᠢᠷᠲᠤᠭᠤᠯᠵᠤ ᠪᠠᠢᠭ᠎ᠠ ᠪᠢᠰᠢ ᠪᠢᠵᠡ? ᠰᠡᠳᠬᠢᠯ ᠦ᠋ᠨ ᠭᠦᠨ ᠳ᠋ᠦ᠍ ᠪᠢ ᠠᠰᠠᠭᠤᠯᠲᠠ ᠶ᠋ᠢᠨ ᠢ᠋ᠶ᠋ᠡᠨ ᠬᠠᠷᠢᠭᠤ ᠶ᠋ᠢ ᠡᠷᠢᠭᠰᠡᠭᠡᠷ᠁
    ᠦᠳᠡᠰᠢ ᠨᠢ ᠪᠢᠳᠡ ᠰᠢᠶᠠᠨ ᠤ᠋ ᠲᠥᠪ ᠲᠦ᠍ ᠪᠤᠴᠠᠵᠤ᠂ ᠬᠤᠪᠤᠭᠰᠠᠢᠷᠢ ᠰᠢᠶᠠᠨ ᠤ᠋ ᠨᠠᠮ ᠤ᠋ᠨ ᠬᠣᠷᠢᠶᠠᠨ ᠤ᠋ ᠲᠡᠦᠬᠡ ᠶ᠋ᠢᠨ ᠠᠯᠪᠠᠨ ᠭᠡᠷ ᠦ᠋ᠨ ᠡᠷᠬᠢᠯᠩᠴᠢ᠂ ᠲᠡᠦᠬᠡ ᠰᠤᠳᠤᠯᠤᠭᠠᠴᠢ ᠣ᠂ ᠡᠷᠲᠡᠢ ᠭᠤᠸᠠᠢ ᠶ᠋ᠢᠨ ᠣᠷᠣᠯᠴᠠᠯᠭ᠎ᠠ ᠲᠠᠢ ᠪᠠᠷ ᠬᠤᠪᠤᠭᠰᠠᠢᠷᠢ ᠶ᠋ᠢᠨ ᠲᠡᠦᠬᠡ ᠶ᠋ᠢᠨ ᠲᠤᠬᠠᠢ ᠰᠢᠭᠤᠳ ᠨᠡᠪᠲᠡᠷᠡᠭᠦᠯᠭᠡ ᠬᠢᠯ᠎ᠡ᠃ ᠨᠡᠪᠲᠡᠷᠡᠭᠦᠯᠭᠡ ᠪᠡᠷ ᠵᠦᠩᠭᠠᠷ ᠬᠠᠭᠠᠨᠲᠤ ᠤᠯᠤᠰ ᠤ᠋ᠨ ᠲᠤᠬᠠᠢ᠂ ᠲᠣᠷᠭᠤᠳ ᠤ᠋ᠨ ᠶᠡᠬᠡ ᠨᠡᠭᠦᠳᠡᠯ ᠦ᠋ᠨ ᠲᠤᠬᠠᠢ ᠪᠣᠯᠤᠨ《ᠮᠣᠩᠭᠣᠯ᠃ ᠣᠢᠷᠠᠳ ᠤ᠋ᠨ ᠴᠠᠭᠠᠵᠠ ᠶ᠋ᠢᠨ ᠪᠢᠴᠢᠭ》 ᠲᠣᠭᠲᠠᠭᠠᠭᠳᠠᠭᠰᠠᠨ ᠲᠤᠬᠠᠢ ᠰᠡᠳᠦᠪ ᠦ᠋ᠳ ᠢ᠋ ᠬᠥᠨᠳᠡᠵᠦ ᠶᠠᠷᠢᠯᠴᠠᠪᠠ᠃ 《ᠲᠣᠷᠭᠤᠳ ᠠᠢᠮᠠᠭ ᠬᠢᠭᠡᠳ ᠬᠤᠪᠤᠭᠰᠠᠢᠷᠢ ᠶ᠋ᠢᠨ ᠲᠣᠷᠭᠤᠳ》᠂《ᠲᠢᠪ ᠠᠯᠤᠰᠯᠠᠨ ᠵᠡᠭᠦᠨᠰᠢ ᠪᠤᠴᠠᠭᠰᠠᠨ ᠲᠣᠷᠭᠤᠳ ᠤ᠋ᠳ》 ᠵᠡᠷᠭᠡ ᠨᠣᠮ ᠵᠣᠬᠢᠶᠠᠯ ᠲᠠᠢ ᠣ· ᠡᠷᠲᠡᠢ ᠭᠤᠸᠠᠢ᠄《ᠲᠣᠷᠭᠤᠳ ᠤ᠋ᠳ ᠲᠤᠬᠠᠢ ᠶ᠋ᠢᠨ ᠦᠶ᠎ᠡ ᠳ᠋ᠦ᠍ ᠮᠠᠨᠵᠤ ᠴᠢᠩ ᠤᠯᠤᠰ ᠢ᠋ ᠡᠬᠡ ᠤᠯᠤᠰ ᠢ᠋ᠶ᠋ᠠᠨ ᠭᠡᠵᠦ ᠪᠤᠴᠠᠵᠤ ᠢᠷᠡᠭᠰᠡᠨ ᠪᠢᠰᠢ᠂ ᠬᠠᠷᠢᠨ ᠡᠪᠦᠭᠡ ᠳᠡᠭᠡᠳᠦ ᠶ᠋ᠢᠨ ᠦᠶ᠎ᠡ ᠡᠴᠡ ᠪᠡᠨ ᠨᠤᠲᠤᠭᠯᠠᠵᠤ᠂ ᠬᠠᠭᠠᠨᠲᠤ ᠲᠥᠷᠥ ᠪᠡᠨ ᠪᠠᠢᠭᠤᠯᠵᠤ ᠶᠠᠪᠤᠭᠰᠠᠨ ᠲᠣᠷᠭᠤᠳ ᠨᠤᠲᠤᠭ ᠢ᠋ᠶ᠋ᠠᠨ ᠭᠡᠵᠦ ᠵᠣᠷᠢᠵᠤ ᠢᠷᠡᠭᠰᠡᠨ ᠶᠦᠮ》 ᠭᠡᠯ᠎ᠡ᠃ ᠣᠷᠣᠰ ᠤ᠋ᠨ ᠴᠡᠷᠢᠭ᠂ ᠬᠠᠰᠠᠭ ᠤ᠋ᠨ ᠳᠡᠭᠡᠷᠡᠮ᠂ ᠮᠠᠨᠵᠤ ᠴᠢᠩ ᠤᠯᠤᠰ ᠤ᠋ᠨ ᠳᠣᠪᠲᠣᠯᠤᠯ ᠢ᠋ ᠲᠤᠭᠤᠯᠤᠨ ᠣᠯᠠᠨ ᠲᠦᠮᠡᠨ ᠬᠥᠮᠦᠨ ᠢ᠋ᠶ᠋ᠡᠨ ᠦᠷᠡᠭᠳᠡᠭᠦᠯᠦᠨ᠂ ᠬᠦᠴᠦ ᠨᠢ ᠰᠤᠯᠠᠳᠤᠭᠰᠠᠨ ᠲᠣᠷᠭᠤᠳ ᠤ᠋ᠳ ᠮᠠᠨᠢ ᠲᠡᠷᠡ ᠴᠠᠭ  ᠲᠤ ᠠᠷᠭ᠎ᠠ ᠦᠭᠡᠢ ᠶ᠋ᠢᠨ ᠡᠷᠬᠡᠨ ᠳ᠋ᠦ᠍ ᠮᠠᠨᠵᠤ ᠴᠢᠩ ᠤᠯᠤᠰ ᠤ᠋ᠨ ᠲᠣᠬᠢᠷᠠᠭᠤᠯᠭ᠎ᠠ ᠶ᠋ᠢ ᠳᠠᠭᠠᠵᠤ᠂ ᠤᠪᠠᠰᠢ ᠬᠠᠭᠠᠨ ᠪᠠᠶᠠᠨᠭᠤᠤᠯ ᠤ᠋ᠨ ᠨᠤᠲᠤᠭ  ᠲᠤ᠂ ᠴᠡᠪᠡᠭᠳᠣᠷᠵᠢ ᠲᠠᠢᠵᠢ ᠬᠤᠪᠤᠭᠰᠠᠢᠷᠢ ᠶ᠋ᠢᠨ ᠨᠤᠲᠤᠭ  ᠲᠤ ᠪᠠᠢᠷᠢᠯᠠᠭᠰᠠᠨ ᠠᠵᠢ᠃ ᠲᠣᠷᠭᠤᠳ ᠤ᠋ᠨ ᠪᠠᠷᠠᠭᠤᠨᠰᠢ ᠨᠡᠭᠦᠳᠡᠯᠯᠡᠭᠰᠡᠨ ᠪᠠ ᠢᠵᠢᠯ ᠮᠥᠷᠡᠨ ᠦ᠌ ᠰᠠᠪᠠ ᠨᠤᠲᠤᠭ ᠠ᠋ᠴᠠ ᠪᠤᠴᠠᠵᠤ ᠢᠷᠡᠭᠰᠡᠨ ᠲᠡᠦᠬᠡ ᠶ᠋ᠢ ᠭᠠᠵᠢᠭᠤᠳᠠᠭᠤᠯᠤᠨ ᠮᠤᠰᠬᠢᠬᠰᠠᠨ ᠵᠦᠢᠯ ᠵᠥᠩᠳᠡᠭᠡᠨ ᠬᠠᠷᠠᠭᠳᠠᠭᠰᠠᠭᠠᠷ ᠪᠠᠢᠭ᠎ᠠ ᠶ᠋ᠢ ᠡᠨᠡ ᠴᠠᠭ ᠦᠶ᠎ᠡ ᠶ᠋ᠢᠨ ᠪᠢᠳᠡ ᠲᠣᠳᠣᠷᠬᠠᠢᠯᠠᠨ ᠣᠢᠯᠠᠭᠠᠪᠠᠰᠤ ᠵᠣᠬᠢᠨ᠎ᠠ᠃ ᠵᠥᠪᠯᠡᠯᠲᠦ ᠶ᠋ᠢᠨ ᠠᠯᠳᠠᠷᠲᠤ ᠮᠣᠩᠭᠣᠯᠴᠢ ᠡᠷᠳᠡᠮᠲᠡᠨ ᠽᠠᠯᠲ᠋ᠺᠢᠨ1964 ᠣᠨ ᠳ᠋ᠤ᠌ ᠪᠢᠴᠢᠭᠰᠡᠨ《ᠵᠡᠭᠦᠨᠭᠠᠷ ᠬᠠᠭᠠᠨᠲᠤ ᠤᠯᠤᠰ ᠤ᠋ᠨ ᠲᠡᠦᠬᠡ》 ᠳ᠋ᠡᠭᠡᠨ《ᠲᠣᠷᠭᠤᠳ ᠤ᠋ᠨ ᠲᠡᠢᠰᠢ ᠬᠣ᠊ ᠥᠷᠯᠥᠭ ᠬᠡᠮᠡᠭᠴᠢ ᠪᠡᠷ᠁ ᠰᠢᠷᠣᠢ ᠪᠡᠴᠢᠨ ᠵᠢᠯ(1608 ᠣᠨ) ᠺᠠᠰᠫᠢ ᠳᠠᠯᠠᠢ ᠶ᠋ᠢᠨ ᠵᠦᠭ ᠲᠦ᠍ ᠰᠠᠢᠨ ᠬᠥᠮᠦᠨ ᠢ᠋ ᠢᠯᠡᠭᠡᠵᠦ ᠲᠡᠨᠳᠡ ᠭᠠᠵᠠᠷ ᠡᠵᠡᠭᠦᠢ ᠭᠡᠮᠡᠨ ᠯᠠᠪ ᠮᠡᠳᠡᠭᠡᠳ ᠰᠢᠷᠣᠢ ᠯᠤᠤ ᠵᠢᠯ(1628 ᠣᠨ) ᠳ᠋ᠤ᠌ ᠥᠪᠡᠷ ᠦ᠋ᠨ ᠠᠯᠪᠠᠲᠤ ᠲᠣᠷᠭᠤᠳ ᠪᠠ ᠬᠣᠱᠤᠳ ᠬᠢᠭᠡᠳ ᠳᠥᠷᠪᠡᠳ ᠲᠠᠪᠤᠨ ᠲᠦᠮᠡᠨ ᠡᠷᠦᠬᠡ ᠤᠯᠤᠰ ᠢ᠋ᠶ᠋ᠠᠨ ᠠᠪᠴᠤ᠂ ᠵᠢᠷᠭᠤᠭᠠᠨ ᠬᠥᠪᠡᠭᠦᠨ ᠢ᠋ᠶ᠋ᠡᠨ ᠳᠠᠭᠠᠭᠤᠯᠤᠨ ᠵᠡᠭᠦᠨ ᠭᠠᠷ ᠳᠠᠬᠢ ᠨᠤᠲᠤᠭ ᠢ᠋ᠶ᠋ᠠᠨ ᠣᠷᠬᠢᠭᠠᠳ ᠨᠠᠷᠠᠨ ᠰᠢᠩᠭᠡᠬᠦ ᠵᠦᠭ ᠲᠦ᠍ ᠮᠣᠷᠳᠠᠪᠠ᠁ ᠲᠡᠮᠦᠷ ᠮᠣᠷᠢᠨ ᠵᠢᠯ(1930 ᠣᠨ) ᠳ᠋ᠤ᠌ ᠢᠵᠢᠯ ᠳ᠋ᠦ᠍ ᠬᠦᠷᠪᠡᠢ》 ᠭᠡᠵᠦ ᠦᠯᠡᠮᠵᠢ ᠣᠯᠠᠨ ᠮᠠᠲ᠋ᠧᠷᠢᠶᠠᠯ ᠳ᠋ᠤ᠌ ᠲᠤᠯᠭᠠᠭᠤᠷᠢᠯᠠᠨ ᠲᠣᠳᠣᠷᠬᠠᠢᠯᠠᠵᠠᠢ᠃ ᠬᠣ᠊· ᠥᠷᠯᠥᠭ ᠦ᠋ᠨ ᠪᠠᠷᠠᠭᠤᠨᠰᠢ ᠨᠡᠭᠦᠳᠡᠯᠯᠡᠭᠰᠡᠨ ᠦ᠌ ᠰᠢᠯᠲᠠᠭᠠᠨ ᠢ᠋ ᠴᠢᠩ ᠤᠯᠤᠰ ᠤ᠋ᠨ ᠦᠶ᠎ᠡ ᠶ᠋ᠢᠨ ᠠᠯᠪᠠᠨ ᠪᠢᠴᠢᠭ ᠦ᠋ᠳ ᠲᠦ᠍ ᠳᠥᠷᠪᠡᠨ ᠣᠢᠷᠠᠳ ᠤ᠋ᠨ ᠳᠣᠲᠣᠭᠠᠳᠤ ᠶ᠋ᠢᠨ ᠬᠠᠭᠠᠴᠠᠯ ᠠ᠋ᠴᠠ ᠪᠣᠯᠵᠤ᠂ ᠡᠪᠯᠡᠷᠡᠰᠢ ᠥᠬᠡᠢ ᠵᠥᠷᠢᠴᠡᠯ ᠲᠡᠢ ᠪᠣᠯᠤᠭᠰᠠᠨ ᠤ᠋ ᠬᠢ ᠭᠡᠵᠦ ᠣᠨᠳᠣᠣ ᠰᠠᠨᠠᠭ᠎ᠠ ᠪᠠᠷ ᠭᠠᠵᠢᠭᠤᠳᠠᠭᠤᠯᠤᠨ ᠪᠢᠴᠢᠭᠰᠡᠨ ᠢ᠋ ᠰᠡᠭᠦᠯ ᠦ᠋ᠨ ᠦᠶ᠎ᠡ ᠶ᠋ᠢᠨ ᠵᠠᠷᠢᠮ ᠡᠷᠳᠡᠮᠲᠡᠳ ᠨᠢᠭᠲᠠᠯᠠᠯ ᠦᠭᠡᠢ ᠵᠥᠪᠰᠢᠶᠡᠷᠡᠨ ᠬᠦᠯᠢᠶᠡᠭᠰᠡᠨ ᠨᠢ ᠶᠡᠬᠡ ᠡᠨᠳᠡᠭᠦᠷᠡᠯ ᠳ᠋ᠦ᠍ ᠬᠦᠷᠭᠡᠭᠰᠡᠨ ᠶᠦᠮ᠃ ᠡᠨᠡ ᠲᠤᠬᠠᠢ《ᠣᠢᠷᠠᠳ ᠲᠡᠦᠬᠡᠨ ᠰᠤᠷᠪᠤᠯᠵᠢ ᠪᠢᠴᠢᠭ》 ᠲᠦ᠍᠂《ᠬᠢᠲᠠᠳ ᠰᠤᠷᠪᠤᠯᠵᠢ ᠪᠢᠴᠢᠭ ᠦ᠋ᠨ ᠲᠡᠮᠳᠡᠭᠯᠡᠯ ᠳ᠋ᠦ᠍ ᠶᠠᠭᠤᠨ ᠤ᠋ ᠲᠣᠷᠭᠤᠳ ᠤ᠋ᠨ ᠬᠣ· ᠥᠷᠯᠥᠭ ᠨᠢ ᠬᠠᠷ᠎ᠠ ᠬᠤᠯᠠᠨ ᠯᠤᠭ᠎ᠠ ᠥᠰᠢᠶᠡᠷᠬᠡᠭᠡᠳ ᠪᠠᠷᠠᠭᠤᠨᠰᠢ ᠨᠡᠭᠦᠭᠰᠡᠨ᠂ ᠬᠣᠱᠤᠳ ᠤ᠋ᠨ ᠭᠦᠦᠰᠢ ᠬᠠᠭᠠᠨ ᠨᠢ ᠪᠠᠭᠠᠲᠤᠷ ᠬᠣᠩ ᠲᠠᠢᠵᠢ ᠠ᠋ᠴᠠ ᠵᠠᠢᠯᠠᠵᠤ ᠬᠥᠬᠡᠨᠠᠭᠤᠷ ᠲᠤ᠌ ᠨᠡᠭᠦᠭᠰᠡᠨ ᠭᠡᠳᠡᠭ ᠨᠢ ᠪᠦᠷ ᠢᠲᠡᠭᠡᠵᠦ ᠦᠯᠦ ᠪᠣᠯᠬᠤ ᠱᠠᠯ ᠳᠡᠮᠡᠢ ᠴᠠᠯᠴᠢᠶ᠎ᠠ ᠶᠤᠮ᠃ ᠁1712 ᠣᠨ ᠪᠣᠯᠤᠨ1729 ᠣᠨ ᠳ᠋ᠤ᠌ ᠴᠢᠩ ᠤᠯᠤᠰ ᠠ᠋ᠴᠠ ᠲᠣᠷᠭᠤᠳ ᠲᠤ᠌ ᠬᠣᠶᠠᠷ ᠤᠳᠠᠭ᠎ᠠ ᠡᠯᠴᠢ ᠲᠣᠮᠢᠯᠠᠭᠰᠠᠨ ᠶᠠᠪᠤᠳᠠᠯ ᠢ᠋ ᠶᠠᠭᠤᠨ ᠤ᠋ ᠣᠷᠣᠰ ᠤ᠋ᠨ ᠨᠣᠶᠠᠷᠬᠠᠯ ᠳᠣᠣᠷᠠᠬᠢ ᠲᠣᠷᠭᠤᠳ ᠮᠣᠩᠭᠣᠯᠴᠤᠳ ᠢ᠋ ᠲᠣᠬᠣᠨᠢᠭᠤᠯᠤᠭᠰᠠᠨ ᠡᠬᠡ ᠣᠷᠣᠨᠴᠢ ᠦᠢᠯᠡ ᠠᠵᠢᠯᠯᠠᠭ᠎ᠠ ᠭᠡᠵᠦ ᠬᠡᠯᠡᠬᠦ ᠨᠢ ᠲᠡᠦᠬᠡ ᠶ᠋ᠢᠨ ᠪᠣᠳᠠᠰᠴᠢ ᠦᠵᠡᠯ ᠦ᠋ᠨ ᠦᠨᠳᠦᠰᠦᠨ ᠵᠠᠷᠴᠢᠮ ᠠ᠋ᠴᠠ ᠵᠥᠷᠢᠴᠡᠭᠰᠡᠨ ᠱᠠᠯ ᠳᠡᠮᠡᠢ ᠴᠠᠯᠴᠢᠶ᠎ᠠ ᠶᠤᠮ》 ᠭᠡᠮᠡᠨ ᠰᠥᠬᠥᠭᠡᠨ ᠰᠢᠭᠦᠮᠵᠢᠯᠡᠭᠰᠡᠨ《ᠬᠣ· ᠥᠷᠯᠥᠭ ᠦ᠋ᠨ ᠢᠵᠢᠯ ᠮᠥᠷᠡᠨ ᠳ᠋ᠦ᠍ ᠨᠡᠭᠦᠭᠰᠡᠨ ᠨᠢ ᠮᠣᠩᠭᠣᠯ ᠤ᠋ᠨ ᠳᠣᠲᠣᠭᠠᠳᠤ ᠶ᠋ᠢᠨ ᠲᠡᠢᠨ ᠪᠠᠢᠯᠳᠤᠭᠠᠨ ᠤ᠋ ᠴᠠᠭ ᠦᠶᠡᠰ ᠲᠦ᠍ ᠪᠢᠰᠢ᠂ ᠬᠠᠷᠢᠨ ᠤᠷᠲᠤ ᠬᠤᠭᠤᠴᠠᠭᠠᠨ ᠤ᠋ ᠲᠡᠢᠨ ᠪᠠᠢᠯᠳᠤᠭᠠᠨ ᠢ᠋ ᠥᠩᠭᠡᠷᠡᠭᠡᠭᠡᠳ ᠮᠣᠩᠭᠣᠯ ᠤ᠋ᠨ ᠡᠯ᠎ᠡ ᠠᠢᠮᠠᠭ ᠤ᠋ᠨ ᠬᠠᠳ ᠨᠣᠶᠠᠳ ᠠ᠋ᠴᠠ ᠳᠣᠲᠣᠭᠠᠳᠤ ᠶ᠋ᠢᠨ ᠵᠥᠷᠢᠴᠡᠯ ᠬᠠᠭᠠᠴᠠᠯ ᠠ᠋ᠴᠠ ᠰᠠᠯᠬᠤ ᠠᠷᠭ᠎ᠠ ᠪᠣᠳᠣᠯᠭ᠎ᠠ ᠡᠷᠢᠵᠦ ᠪᠠᠢᠭᠰᠠᠨ ᠡᠪ ᠨᠠᠢᠷᠠᠮᠳᠠᠯ ᠤ᠋ᠨ ᠴᠠᠭ ᠦᠶ᠎ᠡ ᠪᠣᠯᠤᠨ᠎ᠠ᠃ ᠬᠣ· ᠥᠷᠯᠥᠭ ᠦ᠋ᠨ ᠨᠡᠭᠦᠭᠰᠡᠨ ᠨᠢ ᠳᠥᠷᠪᠡᠨ ᠣᠢᠷᠠᠳ ᠤ᠋ᠨ ᠶᠠᠮᠠᠷ ᠨᠢᠭᠡᠨ ᠬᠠᠳ ᠨᠣᠶᠠᠳ ᠲᠠᠢ ᠥᠰᠢᠶᠡᠷᠬᠡᠭᠰᠡᠨ ᠡᠴᠡ ᠪᠣᠯᠤᠭᠰᠠᠨ ᠪᠢᠰᠢ᠂ ᠬᠠᠷᠢᠨ ᠳᠥᠷᠪᠡᠨ ᠣᠢᠷᠠᠳ ᠤ᠋ᠨ ᠬᠠᠳ ᠨᠣᠶᠠᠳ ᠤ᠋ᠨ ᠨᠡᠢᠲᠡ ᠶ᠋ᠢᠨ ᠵᠥᠪᠰᠢᠶᠡᠷᠡᠯ ᠢ᠋ᠶ᠋ᠡᠷ ᠨᠡᠭᠦᠭᠰᠡᠨ ᠶᠦᠮ᠃ ᠬᠣᠵᠢᠮ ᠤ᠋ᠨ <ᠮᠣᠩᠭᠣᠯ ᠣᠢᠷᠠᠳ ᠤ᠋ᠨ ᠴᠠᠭᠠᠵᠠ ᠪᠢᠴᠢᠭ> ᠲᠦ᠍ ᠲᠡᠳᠡᠨᠦᠰ ᠦ᠋ᠨ ᠪᠠᠷᠠᠭᠤᠨᠰᠢ ᠨᠡᠭᠦᠳᠡᠯᠯᠡᠭᠰᠡᠨ ᠰᠢᠷ᠎ᠠ ᠯᠤᠤ ᠵᠢᠯ(1628 ᠣᠨ) ᠢ᠋ᠶ᠋ᠠᠷ ᠮᠣᠩᠭᠣᠯ ᠤ᠋ᠨ ᠡᠯ᠎ᠡ ᠠᠢᠮᠠᠭ ᠤ᠋ᠨ ᠬᠣᠭᠣᠷᠣᠨᠳᠣᠬᠢ ᠲᠡᠢᠨ ᠪᠠᠢᠯᠳᠤᠭᠠᠨ᠂ ᠡᠪ ᠨᠠᠢᠷᠠᠮᠳᠠᠯ ᠤ᠋ᠨ ᠵᠠᠭᠠᠭ ᠪᠣᠯᠭᠠᠭᠰᠠᠨ ᠶᠤᠮ》 ᠭᠡᠵᠦ ᠲᠣᠳᠣᠷᠬᠠᠢᠯᠠᠭᠰᠠᠨ ᠪᠠᠢᠳᠠᠭ᠃ ᠲᠤᠬᠠᠢ ᠶ᠋ᠢᠨ ᠦᠶ᠎ᠡ ᠳ᠋ᠦ᠍ ᠲᠣᠷᠭᠤᠳ ᠤ᠋ᠨ ᠶᠡᠬᠡᠩᠬᠢ ᠨᠢ ᠢᠵᠢᠯ ᠵᠠᠢ ᠳ᠋ᠤ᠌ ᠨᠡᠭᠦᠳᠡᠯᠯᠡᠭᠰᠡᠨ ᠪᠣᠯᠬᠣᠷ ᠢᠵᠢᠯ ᠵᠠᠢ ᠶ᠋ᠢᠨ ᠲᠣᠷᠭᠤᠳ ᠢ᠋ ᠶᠡᠬᠡ ᠲᠣᠷᠭᠤᠳ᠂ ᠨᠤᠲᠤᠭ ᠲᠠᠭᠠᠨ ᠦᠯᠡᠳᠡᠭᠰᠡᠨ ᠢ᠋ ᠨᠢ ᠪᠠᠭ᠎ᠠ ᠲᠣᠷᠭᠤᠳ ᠭᠡᠳᠡᠭ ᠪᠠ ᠬᠣ· ᠥᠷᠯᠥᠭ ᠢ᠋ ᠳᠠᠭᠠᠵᠤ ᠤᠷᠢᠳᠠᠪᠡᠷ ᠣᠴᠢᠭᠰᠠᠨ ᠲᠣᠷᠭᠤᠳ ᠬᠣᠱᠤᠳ ᠢ᠋ ᠬᠠᠭᠤᠴᠢᠨ ᠲᠣᠷᠭᠤᠳ ᠬᠠᠭᠤᠴᠢᠨ ᠬᠣᠱᠤᠳ ᠭᠡᠵᠦ᠂ ᠰᠡᠭᠦᠯᠡᠷ ᠨᠡᠭᠦᠵᠦ ᠣᠴᠢᠭᠰᠠᠨ ᠢ᠋ ᠨᠢ ᠰᠢᠨ᠎ᠡ ᠲᠣᠷᠭᠤᠳ ᠰᠢᠨ᠎ᠡ ᠬᠣᠱᠤᠳ ᠭᠡᠳᠡᠭ ᠪᠠᠢᠵᠠᠢ᠃ ᠡᠨᠡ ᠬᠦ᠌ ᠨᠡᠷᠡᠢᠳᠦᠯ ᠢ᠋ ᠴᠢᠩ ᠤᠯᠤᠰ ᠤ᠋ᠨ ᠦᠶ᠎ᠡ ᠳ᠋ᠦ᠍ ᠮᠥᠨ ᠤᠭ ᠬᠡᠪ ᠢ᠋ᠶ᠋ᠡᠷ ᠨᠢ ᠤᠯᠠᠮᠵᠢᠯᠠᠨ ᠬᠡᠷᠡᠭᠯᠡᠭᠰᠡᠨ ᠶᠦᠮ᠃ ᠲᠡᠭᠡᠪᠡᠯ ᠢᠵᠢᠯ ᠮᠥᠷᠡᠨ ᠦ᠌ ᠲᠣᠷᠭᠤᠳ ᠤ᠋ᠳ ᠶᠠᠭᠠᠬᠢᠭᠠᠳ1771 ᠣᠨ ᠳ᠋ᠤ᠌ ᠵᠦᠩᠭᠠᠷ ᠤ᠋ᠨ ᠨᠤᠲᠤᠭ ᠲᠠᠭᠠᠨ ᠪᠤᠴᠠᠵᠤ ᠢᠷᠡᠭᠰᠡᠨ ᠪᠣᠢ? ᠲᠡᠳᠡ ᠦᠨᠡᠬᠡᠷ ᠲᠤᠬᠠᠢ ᠶ᠋ᠢᠨ ᠦᠶ᠎ᠡ ᠶ᠋ᠢᠨ ᠮᠠᠨᠵᠤ ᠴᠢᠩ ᠤᠯᠤᠰ ᠢ᠋ ᠡᠬᠡ ᠤᠯᠤᠰ ᠢ᠋ᠶ᠋ᠠᠨ ᠭᠡᠳ ᠥᠮᠥᠭ ᠲᠤᠨᠢ ᠪᠠᠭᠲᠠᠬᠤ ᠪᠠᠷ ᠢᠷᠡᠭᠰᠡᠨ ᠭᠡᠵᠦ ᠤᠤ?1771 ᠣᠨ ᠳ᠋ᠤ᠌ ᠲᠣᠷᠭᠤᠳ ᠤ᠋ᠳ ᠵᠦᠩᠭᠠᠷ ᠤ᠋ᠨ ᠨᠤᠲᠤᠭ ᠲᠠᠭᠠᠨ ᠬᠠᠷᠢᠵᠤ ᠢᠷᠡᠭᠰᠡᠨ ᠦ᠌ ᠳᠠᠷᠠᠭ᠎ᠠ ᠲᠩᠷᠢ ᠲᠡᠳᠬᠦᠭᠴᠢ ᠬᠠᠭᠠᠨ ᠤ᠋ ᠵᠠᠷᠯᠢᠭ ᠢ᠋ᠶ᠋ᠠᠷ 《ᠲᠣᠷᠭᠤᠳ ᠠᠢᠮᠠᠭ ᠤ᠋ᠨ ᠤᠯᠤᠰ ᠲᠤᠷ ᠬᠦᠨᠳᠦ ᠬᠡᠰᠢᠭ ᠬᠦᠷᠲᠡᠭᠡᠭᠰᠡᠨ ᠲᠡᠮᠳᠡᠭᠯᠡᠯ》 ᠭᠡᠰᠡᠨ ᠴᠢᠯᠠᠭᠤᠨ ᠬᠥᠰᠢᠶ᠎ᠡ ᠪᠤᠰᠬᠠᠭᠠᠳ《᠁ ᠠᠶᠤᠭᠠᠳ ᠣᠷᠣᠵᠤ ᠢᠷᠡᠭᠰᠡᠨ ᠢᠨᠦ ᠡᠶᠡᠪᠡᠷ ᠣᠷᠣᠵᠤ ᠢᠷᠡᠭᠰᠡᠨ ᠳ᠋ᠦ᠍ᠷ ᠠᠳᠠᠯᠢᠳᠬᠠᠪᠠᠰᠤ ᠬᠦᠨᠳᠦ ᠬᠡᠰᠢᠭ ᠬᠦᠷᠲᠡᠭᠡᠬᠦ ᠢᠨᠦ ᠵᠦᠢᠲᠡᠢ ᠪᠣᠯᠠᠢ᠂ ᠲᠣᠷᠭᠤᠳ ᠠᠢᠮᠠᠭ ᠤ᠋ᠨ ᠡᠶᠡᠪᠡᠷ ᠣᠷᠣᠵᠤ ᠢᠷᠡᠭᠰᠡᠨ ᠤᠴᠢᠷ ᠰᠢᠯᠲᠠᠭᠠᠨ ᠢ᠋ ᠨᠢᠭᠡᠨᠲᠡ ᠤᠷᠢᠳᠤᠬᠢ ᠲᠡᠮᠳᠡᠭᠯᠡᠯ ᠳ᠋ᠦ᠍ᠷ ᠭᠠᠷᠭᠠᠭᠰᠠᠨ ᠪᠥᠯᠥᠭᠡ᠃ ᠡᠳᠦᠭᠡ ᠭᠠᠭᠴᠠᠬᠦ ᠬᠦᠨᠳᠦ ᠬᠡᠰᠢᠭ ᠬᠦᠷᠲᠡᠭᠡᠭᠰᠡᠨ ᠶᠠᠪᠤᠳᠠᠯ ᠢ᠋ ᠲᠡᠮᠳᠡᠭᠯᠡᠰᠦᠭᠡᠢ》 ᠭᠡᠵᠡᠢ᠃ ᠡᠢᠨ ᠬᠦ᠌《ᠵᠠᠷᠯᠢᠭ ᠢ᠋ᠶ᠋ᠠᠷ ᠲᠣᠭᠲᠠᠭᠠᠭᠰᠠᠨ ᠭᠠᠳᠠᠭᠠᠳᠤ ᠮᠣᠩᠭᠣᠯ ᠬᠣᠲᠣᠩ ᠠᠢᠮᠠᠭ ᠤ᠋ᠨ ᠸᠠᠩ ᠬᠦᠩ ᠦ᠋ᠨ ᠢᠯᠡᠳᠬᠡᠯ ᠱᠠᠰᠲᠢᠷ》᠂《ᠭᠠᠳᠠᠭᠠᠳᠤ ᠠᠢᠮᠠᠭ ᠤ᠋ᠨ ᠴᠢᠬᠤᠯᠠ ᠲᠡᠮᠳᠡᠭᠯᠡᠯ》 ᠵᠡᠷᠭᠡ ᠰᠤᠷᠪᠤᠯᠵᠢ ᠨᠢ ᠬᠦᠰᠢᠶᠡᠨ ᠪᠢᠴᠢᠭ ᠦ᠋ᠨ ᠰᠠᠨᠠᠭ᠎ᠠ ᠶ᠋ᠢ ᠳᠠᠭᠠᠵᠤ᠂ ᠲᠩᠷᠢ ᠲᠡᠳᠬᠦᠭᠴᠢ ᠬᠠᠭᠠᠨ ᠤ᠋ ᠪᠠᠢᠯᠳᠤᠬᠤ ᠦᠭᠡᠢ ᠪᠡᠷ ᠳᠡᠢᠯᠦᠭᠰᠡᠨ ᠪᠠ ᠤᠪᠠᠰᠢ ᠬᠠᠭᠠᠨ ᠤ᠋ ᠡᠶ᠎ᠡ ᠪᠡᠷ ᠣᠷᠣᠵᠤ ᠦᠭᠭᠦᠭᠰᠡᠨ ᠢ᠋ ᠮᠠᠭᠲᠠᠨ ᠰᠠᠢᠰᠢᠶᠠᠭᠰᠠᠨ ᠠᠵᠢ᠃ 《ᠣᠢᠷᠠᠳ ᠲᠡᠦᠬᠡᠨ ᠰᠤᠷᠪᠤᠯᠵᠢ ᠪᠢᠴᠢᠭ》 ᠨᠣᠮ ᠳ᠋ᠤ᠌᠂《ᠰᠣᠨᠢᠷᠬᠠᠯᠲᠠᠢ ᠨᠢ ᠣᠳᠣᠬᠢ ᠵᠠᠷᠢᠮ ᠲᠡᠦᠬᠡᠴᠢᠳ ᠪᠣᠯᠤᠨ ᠵᠣᠬᠢᠶᠠᠯᠴᠢ ᠨᠠᠷ ᠮᠥᠨ ᠲᠩᠷᠢ ᠲᠡᠳᠬᠦᠭᠴᠢ ᠬᠠᠭᠠᠨ ᠪᠣᠯᠤᠨ ᠤᠪᠠᠰᠢ ᠬᠠᠭᠠᠨ ᠤ᠋ <ᠠᠭᠤᠤ ᠶᠡᠬᠡ ᠡᠬᠡ ᠣᠷᠣᠨᠴᠢ ᠭᠠᠪᠢᠶ᠎ᠠ ᠵᠢᠳᠬᠦᠯ> ᠢ᠋ ᠮᠠᠭᠲᠠᠨ ᠰᠠᠢᠰᠢᠶᠠᠭᠰᠠᠨ ᠥᠭᠦᠯᠡᠯᠭᠡ ᠨᠠᠢᠷᠠᠭᠤᠯᠤᠯ᠂ ᠳᠠᠭᠤᠤ ᠰᠢᠯᠦᠭ᠂ ᠷᠠᠳᠢᠣ᠋ ᠵᠦᠴᠦᠭᠡ ᠵᠡᠷᠭᠡ ᠶ᠋ᠢ ᠪᠢᠴᠢᠵᠦ ᠨᠡᠢᠲᠡᠯᠡᠬᠦ ᠪᠤᠶᠤ ᠲᠣᠭᠯᠠᠭᠤᠯᠬᠤ ᠪᠣᠯᠵᠠᠢ᠃ ᠲᠣᠷᠭᠤᠳ ᠤ᠋ᠨ ᠡᠬᠡ ᠨᠤᠲᠤᠭ ᠲᠠᠭᠠᠨ ᠪᠤᠴᠠᠵᠤ ᠢᠷᠡᠭᠰᠡᠨ ᠨᠢ ᠴᠢᠩ ᠤᠯᠤᠰ ᠤ᠋ᠨ ᠲᠩᠷᠢ ᠲᠡᠳᠬᠦᠭᠴᠢ ᠬᠠᠭᠠᠨ ᠳ᠋ᠤ᠌ ᠡᠶᠡᠪᠡᠷ ᠣᠷᠣᠵᠤ ᠥᠭᠭᠦᠭᠰᠡᠨ ᠬᠡᠷᠡᠭ ᠣᠭᠲᠣ ᠪᠢᠰᠢ᠂ ᠬᠠᠷᠢᠨ <ᠬᠣᠣᠷᠲᠤ ᠳᠠᠢᠰᠤᠨ ᠳ᠋ᠤ᠌ ᠬᠡᠷᠴᠢᠭᠳᠡᠭᠰᠡᠨ ᠣᠢᠷᠠᠳ ᠤ᠋ᠨ ᠭᠣᠯᠣᠮᠲᠠ ᠳᠡᠭᠡᠷ᠎ᠡ ᠪᠠᠭᠤᠵᠤ ᠡᠷᠲᠡ ᠡᠴᠢᠭᠡ ᠡᠪᠦᠭᠡᠳ ᠦ᠋ᠨ ᠵᠢᠷᠭᠠᠵᠤ ᠵᠣᠪᠠᠵᠤ ᠶᠠᠪᠤᠭᠰᠠᠨ ᠪᠠ ᠢᠵᠢᠯ ᠲᠠᠯ᠎ᠠ ᠠ᠋ᠴᠠ ᠦᠯᠡᠮᠵᠢ ᠪᠠᠶᠠᠨ ᠪᠣᠯᠤᠭᠠᠳ ᠰᠠᠢᠬᠠᠨ ᠣᠷᠣᠨ ᠵᠡᠭᠦᠨ ᠭᠠᠷ ᠢ᠋ ᠰᠠᠢᠨ ᠭᠡᠮᠡᠨ> ᠪᠤᠴᠠᠵᠤ ᠢᠷᠡᠭᠰᠡᠨ ᠶᠦᠮ᠃ ᠡᠨᠡ ᠲᠤᠬᠠᠢ <ᠪᠠᠷᠠᠭᠤᠨ ᠠᠢᠮᠠᠭ ᠲᠤ᠌ ᠰᠣᠨᠣᠰᠤᠭᠰᠠᠨ ᠦᠵᠡᠭᠰᠡᠨ ᠲᠡᠮᠳᠡᠭᠯᠡᠯ> ᠪᠣᠯᠤᠨ ᠢᠦᠢ ᠵᠧᠩ ᠰᠢᠶᠧ ᠶ᠋ᠢᠨ ᠨᠠᠢᠷᠠᠭᠤᠯᠤᠭᠰᠠᠨ <ᠬᠠᠷᠠᠭᠴᠢᠨ ᠮᠣᠭᠠᠢ ᠵᠢᠯ ᠦ᠋ᠨ ᠡᠬᠡ ᠨᠣᠣᠷᠠᠭ> ᠲᠤ᠌ ᠴᠤ᠌ ᠡᠢᠨ ᠬᠦ᠌ ᠲᠡᠮᠳᠡᠭᠯᠡᠵᠦ ᠪᠠᠢᠭ᠎ᠠ ᠶᠤᠮ᠃ ᠲᠣᠷᠭᠤᠳ ᠨᠢ ᠴᠢᠩ ᠤᠯᠤᠰ ᠲᠤ᠌ ᠣᠷᠣᠵᠤ ᠥᠭᠬᠦ ᠪᠡᠷ ᠢᠷᠡᠭᠰᠡᠨ ᠭᠡᠳᠡᠭ ᠢ᠋ <ᠤᠮᠠᠷᠠᠲᠤ ᠣᠷᠣᠨ ᠤ᠋ ᠲᠡᠮᠳᠡᠭᠯᠡᠯ>᠂ <ᠮᠣᠩᠭᠣᠯ ᠤ᠋ᠨ ᠨᠡᠭᠦᠳᠡᠯᠯᠡᠨ ᠮᠠᠯᠵᠢᠭᠰᠠᠨ ᠲᠡᠮᠳᠡᠭᠯᠡᠯ>᠂ <ᠪᠣᠭᠳᠠ ᠬᠠᠳ ᠤ᠋ᠨ ᠲᠡᠢᠨ ᠦ᠌ ᠲᠡᠮᠳᠡᠭᠯᠡᠯ> ᠵᠡᠷᠭᠡ ᠨᠣᠮ ᠪᠢᠴᠢᠭ ᠲᠦ᠍ ᠴᠦ᠍ ᠪᠦᠷ ᠢᠳᠡᠭᠡᠰᠢ ᠦᠭᠡᠢ ᠬᠡᠷᠡᠭ ᠭᠡᠵᠡᠢ 》 ᠭᠡᠮᠡᠨ ᠲᠡᠦᠬᠡ ᠶ᠋ᠢᠨ ᠦᠨᠡᠨ ᠢ᠋ ᠪᠠᠯᠠᠷᠬᠠᠢᠲᠤᠭᠤᠯᠤᠭᠰᠠᠨ ᠪᠠᠢᠳᠠᠯ ᠢ᠋ ᠤᠨᠤᠭᠠᠨ ᠰᠢᠭᠦᠮᠵᠢᠯᠡᠭᠰᠡᠨ ᠪᠢᠯᠡ᠃ ᠲᠣᠷᠭᠣᠳᠴᠤᠳ ᠡᠴᠢᠭᠡ ᠡᠪᠦᠭᠡᠳ ᠦ᠋ᠨ ᠭᠠᠯ ᠭᠣᠯᠣᠮᠲᠠ ᠪᠠᠨ ᠪᠠᠳᠠᠷᠠᠭᠠᠬᠤ ᠪᠠᠷ ᠨᠤᠲᠤᠭ ᠢ᠋ᠶ᠋ᠠᠨ ᠵᠣᠷᠢᠨ ᠠᠶᠠᠯᠠᠬᠤ ᠵᠠᠮ ᠵᠠᠭᠤᠷ᠎ᠠ ᠪᠠᠨ ᠬᠠᠭᠠᠨᠲᠤ ᠣᠷᠣᠰ ᠤ᠋ᠨ ᠨᠡᠬᠡᠮᠵᠢᠯᠡᠯ᠂ ᠬᠠᠰᠠᠭ ᠳᠡᠭᠡᠷᠡᠮ ᠦ᠋ᠨ ᠴᠣᠬᠢᠯᠲᠠ᠂ ᠮᠠᠨᠵᠤ ᠴᠢᠩ ᠤᠯᠤᠰ ᠤ᠋ᠨ ᠲᠣᠰᠣᠨ ᠴᠣᠬᠢᠯᠲᠠ᠂ ᠡᠪᠦᠯ ᠦ᠋ᠨ ᠬᠦᠢᠲᠡᠨ ᠦ᠌ ᠡᠷᠴᠢ᠂ ᠠᠶᠠᠨ ᠵᠠᠮ ᠤ᠋ᠨ ᠪᠡᠷᠬᠡᠰᠢᠶᠡᠯ ᠵᠡᠷᠭᠡ ᠡᠴᠡ ᠪᠣᠯᠵᠤ《ᠣᠷᠣᠰ ᠠ᠋ᠴᠠ ᠭᠠᠷᠤᠭᠰᠠᠨ ᠭᠤᠷᠪᠠᠨ ᠲᠦᠮᠡ ᠭᠤᠷᠪᠠᠨ ᠮᠢᠩᠭᠠᠨ ᠡᠷᠦᠬᠡ᠂ ᠪᠤᠮ ᠵᠢᠷᠭᠤᠭᠠᠨ ᠲᠦᠮᠡ ᠶᠢᠰᠦᠨ ᠮᠢᠩᠭᠠᠨ ᠬᠥᠮᠦᠨ ᠡᠴᠡ ᠳᠣᠯᠣᠭᠠᠨ ᠲᠦᠮᠡ ᠨᠢ ᠦᠯᠡᠳᠡᠭᠰᠡᠨ》 ᠬᠦᠨᠳᠦ ᠬᠣᠬᠢᠷᠠᠯ ᠢ᠋ ᠠᠮᠰᠠᠨ ᠬᠦᠴᠦ ᠨᠢ ᠰᠤᠯᠠᠳᠤᠨ᠂ ᠮᠠᠨᠵᠤ ᠶ᠋ᠢᠨ ᠡᠰᠡᠷᠭᠦ ᠲᠡᠮᠡᠴᠡᠬᠦ ᠴᠢᠳᠠᠯ ᠦᠭᠡᠢ ᠪᠣᠯᠤᠭᠰᠠᠨ ᠶᠤᠮ᠃ ᠲᠡᠢᠨ ᠬᠦ᠌ ᠤᠪᠠᠰᠢ ᠬᠠᠭᠠᠨ ᠯᠠᠮᠠ ᠨᠠᠷ ᠪᠣᠯᠤᠨ ᠨᠣᠶᠠᠳ ᠲᠠᠢ ᠪᠠᠨ ᠳᠣᠯᠣᠭᠠᠨ ᠬᠣᠨᠣᠭ ᠵᠥᠪᠳᠡᠯᠴᠡᠭᠡᠳ《ᠮᠠᠨᠵᠤ ᠡᠵᠡᠨ ᠦ᠌ ᠠᠯᠪᠠᠲᠤ ᠪᠣᠯᠬᠤ ᠪᠠᠷ ᠢᠷᠡᠪᠡᠢ》 ᠭᠡᠵᠦ ᠲᠩᠷᠢ ᠲᠡᠳᠬᠦᠭᠴᠢ ᠬᠠᠭᠠᠨ ᠢ᠋ ᠬᠤᠳᠠᠯ ᠬᠡᠯᠡᠭᠰᠡᠨ ᠪᠠᠢᠨ᠎ᠠ᠃ ᠭᠡᠪᠡᠴᠦ ᠡᠭᠦᠨ ᠢ᠋ ᠬᠤᠯᠵᠢᠨ ᠭᠢᠷᠠᠬᠠᠢ ᠲᠩᠷᠢ ᠲᠡᠳᠬᠦᠭᠴᠢ ᠬᠠᠭᠠᠨ ᠲᠣᠪ ᠲᠣᠳᠣᠷᠬᠠᠢ ᠮᠡᠳᠡᠵᠦ ᠪᠠᠢᠭᠰᠠᠨ ᠠᠵᠢ᠃ ᠲᠣᠷᠭᠤᠳ ᠤ᠋ᠳ ᠢ᠋ ᠪᠤᠴᠠᠵᠤ ᠢᠷᠡᠵᠦ ᠪᠠᠢᠭ᠎ᠠ ᠦᠶ᠎ᠡ ᠳ᠋ᠦ᠍ ᠢᠯᠢ ᠵᠠᠩᠵᠤᠨ ᠠ᠋ᠴᠠ ᠲᠩᠷᠢ ᠲᠡᠳᠬᠦᠭᠴᠢ ᠬᠠᠭᠠᠨ ᠤ᠋ ᠲᠤᠬᠠᠢ ᠶ᠋ᠢᠨ ᠦᠶ᠎ᠡ ᠶ᠋ᠢᠨ ᠵᠠᠷᠯᠢᠭ ᠢ᠋ ᠬᠠᠰᠠᠭ ᠤ᠋ᠨ ᠡᠸᠢᠯᠡᠢ ᠰᠤᠯᠲᠠᠨ ᠳ᠋ᠤ᠌ ᠤᠯᠠᠮᠵᠢᠯᠠᠬᠤ ᠳ᠋ᠠᠭᠠᠨ《ᠬᠢᠯᠢ ᠬᠢᠵᠠᠭᠠᠷ ᠢ᠋ᠶ᠋ᠠᠨ ᠴᠢᠩᠭ᠎ᠠ ᠰᠠᠬᠢᠵᠤ ᠲᠣᠷᠭᠤᠳ ᠢ᠋ ᠪᠢᠲᠡᠭᠡᠢ ᠥᠩᠭᠡᠷᠡᠭᠦᠯᠰᠦᠭᠡᠢ᠃ ᠬᠡᠷᠪᠡ ᠲᠣᠷᠭᠤᠳ ᠰᠣᠨᠣᠰᠬᠤ ᠦᠭᠡᠢ ᠪᠣᠯᠪᠠᠰᠤ ᠳᠤᠷ᠎ᠠ ᠪᠠᠷ ᠠᠯᠠᠵᠤ ᠪᠣᠯᠤᠮᠤᠢ》 ᠭᠡᠵᠡᠢ᠃ ᠣᠷᠣᠰ ᠤ᠋ᠨ ᠴᠠᠭᠠᠨ ᠬᠠᠭᠠᠨ ᠬᠠᠰᠠᠭ ᠢ᠋ᠶ᠋ᠠᠷ ᠲᠣᠷᠭᠤᠳ ᠢ᠋ ᠨᠡᠬᠡᠮᠵᠢᠯᠡᠭᠦᠯᠦᠨ ᠴᠠᠬᠢᠭᠤᠯᠤᠭᠰᠠᠨ ᠰᠢᠭ᠋ ᠴᠢᠩ ᠤᠯᠤᠰ ᠤ᠋ᠨ ᠲᠩᠷᠢ ᠲᠡᠳᠬᠦᠭᠴᠢ ᠬᠠᠭᠠᠨ ᠮᠥᠨ ᠬᠠᠰᠠᠭ ᠢ᠋ ᠲᠤᠷᠬᠢᠷᠠᠨ ᠲᠣᠷᠭᠤᠳ ᠢ᠋ ᠲᠣᠰᠴᠤ ᠴᠣᠬᠢᠭᠤᠯᠤᠭᠰᠠᠨ ᠪᠠᠢᠨ᠎ᠠ᠃ 《ᠣᠢᠷᠠᠳ ᠤ᠋ᠨ ᠲᠡᠦᠬᠡᠨ ᠰᠤᠷᠪᠤᠯᠵᠢ ᠪᠢᠴᠢᠭ》 ᠨᠣᠮ ᠳ᠋ᠤ᠌᠂《ᠹᠧᠣᠳᠠᠯ ᠤ᠋ᠨ ᠲᠡᠦᠬᠡᠴᠢᠨ ᠾᠧ ᠴᠢᠦ ᠲᠤᠤ ᠲᠩᠷᠢ ᠲᠡᠳᠬᠦᠭᠴᠢ ᠬᠠᠭᠠᠨ ᠢ᠋ <ᠥᠷᠥᠰᠢᠶᠡᠯ ᠢᠨᠦ ᠲᠩᠷᠢ ᠠᠳᠠᠯᠢ᠂ ᠤᠬᠠᠭᠠᠨ ᠠᠨᠤ ᠰᠠᠬᠢᠭᠤᠯᠰᠤᠨ ᠮᠡᠲᠦ> ᠭᠡᠵᠦ ᠦᠨᠡᠯᠡᠭᠰᠡᠨ ᠶᠦᠮ᠃  <ᠥᠷᠥᠰᠢᠶᠡᠯ ᠢᠨᠦ ᠲᠩᠷᠢ ᠠᠳᠠᠯᠢ> ᠭᠡᠳᠡᠭ ᠨᠢ ᠲᠣᠷᠭᠤᠳ ᠲᠡᠭᠦᠨ ᠢ᠋ ᠡᠰᠡᠷᠭᠦᠴᠡᠬᠦ ᠪᠡᠷ ᠢᠷᠡᠭᠰᠡᠨ ᠪᠥᠭᠡᠲᠡᠯ᠎ᠡ ᠬᠦᠨᠳᠦ ᠬᠡᠰᠢᠭ ᠬᠦᠷᠲᠡᠭᠡᠵᠦᠬᠦᠢ᠃  <ᠤᠬᠠᠭᠠᠨ ᠠᠨᠤ ᠰᠠᠬᠢᠭᠤᠯᠰᠤᠨ ᠮᠡᠲᠦ> ᠭᠡᠳᠡᠭ ᠨᠢ ᠲᠣᠷᠭᠤᠳ ᠢᠷᠡᠬᠦ ᠡᠴᠡ ᠡᠮᠦᠨ᠎ᠡ ᠬᠠᠰᠠᠭ ᠢ᠋ᠶ᠋ᠠᠷ ᠠᠯᠠᠭᠤᠯᠵᠤ ᠬᠦᠴᠦ ᠶ᠋ᠢ ᠨᠢ ᠪᠠᠭᠤᠷᠠᠭᠤᠯᠤᠭᠠᠳ᠂ ᠢᠷᠡᠭᠰᠡᠨ ᠬᠣᠢᠨ᠎ᠠ ᠬᠣᠰᠢᠭᠤ ᠴᠢᠭᠤᠯᠭᠠᠨ ᠬᠤᠪᠢᠶᠠᠵᠤ ᠬᠦᠴᠦ ᠶ᠋ᠢ ᠨᠢ ᠰᠠᠯᠭᠠᠵᠤᠬᠤᠢ᠃ 1755 ᠣᠨ ᠠ᠋ᠴᠠ 1758 ᠬᠦᠷᠲᠡᠯᠡᠬᠢ ᠭᠤᠷᠪᠠᠨ ᠵᠢᠯ ᠦ᠋ᠨ ᠬᠣᠭᠣᠷᠣᠨᠳᠣ ᠲᠩᠷᠢ ᠲᠡᠳᠬᠦᠭᠴᠢ ᠵᠦᠩᠭᠠᠷ ᠤ᠋ᠨ ᠬᠡᠳᠦᠨ ᠠᠷᠪᠠᠨ ᠲᠦᠮᠡᠨ ᠬᠥᠮᠦᠨ ᠢ᠋ ᠬᠢᠳᠤᠨ ᠠᠯᠠᠭᠠᠳ ᠮᠣᠩᠭᠣᠯ ᠤ᠋ᠨ ᠡᠯ᠎ᠡ ᠠᠢᠮᠠᠭ ᠤ᠋ᠨ ᠳᠤᠷ᠎ᠠ ᠦᠭᠡᠢᠴᠡᠯ ᠢ᠋ ᠣᠯᠤᠭᠰᠠᠨ ᠶᠤᠮ᠃ ᠲᠣᠷᠭᠤᠳ ᠤ᠋ᠨ ᠬᠠᠳ ᠨᠣᠶᠠᠳ ᠤ᠋ᠨ <ᠮᠠᠨᠵᠤ ᠡᠵᠡᠨ ᠦ᠌ ᠠᠯᠪᠠᠲᠤ ᠪᠣᠯᠬᠤ ᠪᠠᠷ ᠢᠷᠡᠪᠡᠢ> ᠭᠡᠳᠡᠭ ᠬᠤᠳᠠᠯ ᠬᠠᠭᠤᠷᠮᠠᠭ ᠦᠭᠡ ᠶ᠋ᠢ ᠳᠠᠭᠠᠯᠳᠤᠭᠤᠯᠤᠨ ᠮᠣᠩᠭᠣᠯ ᠤ᠋ᠨ ᠡᠯ᠎ᠡ ᠬᠣᠰᠢᠭᠤ ᠴᠢᠭᠤᠯᠭᠠᠨ ᠤ᠋ ᠸᠠᠩ ᠨᠣᠶᠠᠳ ᠤ᠋ᠨ ᠦᠷᠭᠦᠯᠵᠢ ᠴᠤᠭᠯᠠᠷᠠᠳᠠᠭ ᠬᠠᠯᠠᠭᠤᠨ ᠠ᠋ᠴᠠ ᠵᠠᠢᠯᠠᠬᠤ ᠣᠷᠳᠣᠨ ᠳ᠋ᠤ᠌ <ᠲᠣᠷᠭᠤᠳ ᠠᠢᠮᠠᠭ ᠤ᠋ᠨ ᠤᠯᠤᠰ ᠲᠤᠷ ᠬᠦᠨᠳᠦ ᠬᠡᠰᠢᠭ ᠬᠦᠷᠲᠡᠭᠡᠭᠰᠡᠨ ᠲᠡᠮᠳᠡᠭᠯᠡᠯ> ᠬᠡᠮᠡᠬᠦ ᠬᠥᠰᠢᠶ᠎ᠡ ᠴᠢᠯᠠᠭᠤᠨ ᠢ᠋ ᠪᠣᠰᠬᠠᠬᠤ ᠨᠢ ᠮᠣᠩᠭᠣᠯᠴᠤᠳ ᠲᠤ᠌ ᠨᠢᠭᠡᠨ ᠵᠦᠢᠯ ᠦ᠋ᠨ ᠤᠯᠤᠰ ᠲᠥᠷᠥ ᠦ᠌ ᠤᠬᠠᠭᠤᠯᠭ᠎ᠠ ᠪᠣᠯᠬᠤ ᠶᠤᠮ᠃ ᠡᠨᠡ ᠬᠦ᠌ ᠤᠯᠤᠰ ᠲᠥᠷᠥ ᠶ᠋ᠢᠨ ᠮᠥᠨ ᠴᠢᠨᠠᠷ ᠢ᠋ ᠨᠢ ᠣᠳᠣ ᠡᠯ᠎ᠡ ᠦᠨᠳᠦᠰᠦᠲᠡᠨ ᠦ᠌ ᠠᠷᠠᠳ ᠲᠦᠮᠡᠨ ᠦ᠌ ᠡᠮᠦᠨ᠎ᠡ ᠢᠯᠡᠴᠢᠯᠡᠬᠦ ᠴᠠᠭ ᠦᠶ᠎ᠡ ᠪᠣᠯᠵᠠᠢ》 ᠭᠡᠵᠦ ᠪᠢᠴᠢᠭᠰᠡᠨ ᠶᠦᠮ᠃ ᠲᠡᠦᠬᠡ ᠶ᠋ᠢᠨ ᠬᠦᠷᠳᠦ ᠠᠳᠠᠷᠠᠮ᠎ᠠ ᠶᠡᠬᠡᠲᠡᠢ ᠠᠶᠠᠨ ᠢ᠋ ᠡᠪᠬᠡᠨ ᠡᠷᠭᠢᠭᠰᠡᠭᠡᠷ᠃ ᠲᠡᠭᠦᠨ ᠦ᠌ ᠲᠤᠬᠠᠢ ᠭᠣᠣᠯᠴᠢ ᠰᠢᠳᠤᠷᠭᠤ ᠦᠭᠡ ᠬᠡᠯᠡᠬᠦ ᠨᠢ ᠪᠢᠳᠡᠨ ᠦ᠌ ᠵᠠᠢᠯᠠᠭᠤᠯᠵᠤ ᠪᠣᠯᠣᠰᠢ ᠦᠭᠡᠢ ᠬᠠᠷᠢᠭᠤᠴᠠᠯᠭ᠎ᠠ ᠠᠲᠠᠯ᠎ᠠ ᠪᠠᠨ ᠠᠶᠤᠨ ᠬᠤᠯᠴᠡᠢᠵᠤ ᠶᠠᠪᠤᠬᠤ ᠮᠠᠨᠢ ᠢᠴᠢᠭᠦᠷᠢ ᠪᠤᠰᠤ ᠶᠠᠭᠤᠨ? ᠡᠳᠦᠭᠡ ᠴᠠᠭ ᠲᠤ᠌ ᠲᠡᠦᠬᠡ ᠶ᠋ᠢᠨ ᠦᠨᠡᠨ ᠢ᠋ ᠭᠠᠵᠢᠭᠤᠳᠠᠭᠤᠯᠤᠨ ᠬᠤᠳᠠᠯ ᠬᠡᠯᠡᠬᠦ ᠨᠢ18 ᠳ᠋ᠤᠭᠠᠷ ᠵᠠᠭᠤᠨ ᠤ᠋ ᠳᠠᠯᠠᠭᠠᠳ ᠣᠨ ᠳ᠋ᠤ᠌ ᠲᠣᠷᠭᠤᠳ ᠤ᠋ᠳ《ᠮᠠᠨᠵᠤ ᠡᠵᠡᠨ ᠦ᠌ ᠠᠯᠪᠠᠲᠤ ᠪᠣᠯᠬᠤ ᠪᠠᠷ ᠢᠷᠡᠪᠡᠢ》 ᠭᠡᠵᠦ ᠬᠤᠳᠠᠯ ᠬᠡᠯᠡᠭᠰᠡᠨ ᠲᠡᠢ ᠦᠰᠦᠳ ᠥᠭᠡᠷ᠎ᠡ ᠪᠥᠯᠥᠭᠡ᠃ ᠤᠬᠤᠨ᠎ᠠ ᠦᠬᠦᠭᠰᠡᠨ ᠤᠬᠠᠭᠠᠨ ᠳ᠋ᠤ᠌ ᠮᠠᠨᠢ ᠭᠡᠭᠡᠷᠡᠯ ᠦ᠋ᠨ ᠭᠡᠭᠡ ᠮᠠᠩᠬᠠᠢᠬᠤ ᠪᠣᠯᠲᠤᠭᠠᠢ!
    7 ᠳ᠋ᠤᠭᠠᠷ ᠰᠠᠷ᠎ᠠ ᠶ᠋ᠢᠨ 20 ᠤ᠋ ᠦᠳᠡᠰᠢ ᠶ᠋ᠢᠨ ᠰᠢᠭᠤᠳ ᠨᠡᠪᠲᠡᠷᠡᠭᠦᠯᠭᠡ ᠶ᠋ᠢᠨ ᠳᠠᠷᠠᠭ᠎ᠠ ᠪᠢᠳᠡ ᠰᠢᠶᠠᠨ ᠤ᠋ ᠲᠥᠪ ᠡᠴᠡ30km ᠤ᠋ᠨ ᠵᠠᠢᠲᠠᠢ ᠪᠠᠢᠭ᠎ᠠ ᠬᠠᠷᠭᠠᠢᠲᠤ ᠭᠡᠳᠡᠭ ᠦᠵᠡᠮᠵᠢᠲᠦ ᠭᠠᠵᠠᠷ ᠬᠦᠷᠴᠦ᠂ ᠮᠠᠯᠴᠢᠨ ᠠᠢᠯ ᠤ᠋ᠨ ᠮᠣᠩᠭᠣᠯ ᠭᠡᠷ ᠲᠦ᠍ ᠬᠣᠨᠣᠭ ᠪᠠᠷᠢᠪᠠ᠃ ᠰᠠᠢᠷ ᠤ᠋ᠨ ᠠᠭᠤᠯᠠᠨ ᠳ᠋ᠤ᠌ ᠰᠢᠷᠦᠭᠦᠨ ᠪᠣᠷᠣᠭᠠᠨ ᠣᠷᠣᠵᠤ᠂ ᠬᠠᠷᠭᠠᠢᠲᠤ ᠶ᠋ᠢᠨ ᠭᠣᠣᠯ ᠦᠶᠡᠷᠯᠡᠭᠡᠳ᠂ ᠠᠭᠤᠯᠠᠨ ᠵᠠᠮ ᠦᠶᠡᠷ ᠦ᠋ᠨ ᠤᠰᠤᠨ ᠳ᠋ᠤ᠌ ᠡᠪᠳᠡᠭᠳᠡᠭᠰᠡᠨ ᠢ᠋ᠶ᠋ᠡᠷ ᠴᠠᠭᠠᠰᠢ ᠶᠠᠪᠤᠬᠤ ᠪᠣᠯᠤᠮᠵᠢ ᠣᠯᠳᠠᠭᠰᠠᠨ ᠦᠭᠡᠢ᠃ 
ᠣᠷᠣᠢ ᠳᠡᠭᠡᠷ᠎ᠡ ᠪᠡᠨ ᠠᠭᠤᠳᠠᠮ ᠲᠠᠩᠰᠤᠭ ᠪᠡᠯᠴᠢᠭᠡᠷ ᠲᠡᠢ ᠰᠠᠢᠷ ᠤ᠋ᠨ ᠠᠭᠤᠯᠠᠨ ᠳ᠋ᠤ᠌ ᠭᠠᠷᠬᠤ ᠪᠣᠯᠤᠮᠵᠢ ᠪᠠᠢᠭ᠎ᠠ ᠦᠭᠡᠢ᠃ 
   ᠨᠡᠩ ᠴᠦ᠍ ᠬᠥᠶᠦᠭ ᠬᠠᠭᠠᠨ ᠤ᠋ ᠣᠩᠭᠣᠨ ᠭᠡᠭᠳᠡᠵᠦ ᠪᠠᠢᠭ᠎ᠠ ᠡᠷᠲᠡᠨ ᠦ᠌ ᠣᠩᠭᠣᠨ ᠳ᠋ᠤ᠌ ᠬᠦᠷᠬᠦ ᠠᠷᠭ᠎ᠠ ᠪᠠᠢᠭᠰᠠᠨ ᠦᠭᠡᠢ᠃ ᠲᠡᠭᠡᠭᠡᠳ ᠮᠣᠩᠭᠣᠯ ᠭᠡᠷ ᠡᠴᠡ ᠠᠷᠪᠠᠭᠠᠳᠬᠠᠨ ᠠᠯᠬᠤᠮ ᠤ᠋ᠨ ᠴᠠᠭᠠᠨ᠎ᠠ ᠪᠣᠢ ᠬᠡᠳᠦᠨ ᠵᠠᠩ ᠤ᠋ᠨ ᠭᠦᠨ ᠬᠠᠪᠴᠢᠯ ᠳᠤᠮᠳᠠᠭᠤᠷ ᠱᠤᠤᠭᠢᠨ ᠬᠦᠷᠴᠢᠭᠢᠨᠡᠬᠦ ᠬᠠᠷᠭᠠᠢᠲᠤ ᠶ᠋ᠢᠨ ᠭᠣᠣᠯ ᠤ᠋ᠨ ᠴᠢᠮᠡᠭᠡ ᠪᠡᠷ ᠱᠤᠤᠭᠢᠶᠠᠨ ᠳᠡᠪᠵᠢᠶᠡᠨᠲᠦ ᠬᠣᠲᠠ ᠶ᠋ᠢᠨ ᠠᠮᠢᠳᠤᠷᠠᠯ ᠳ᠋ᠤ᠌ ᠳᠥᠵᠢᠷᠡᠭᠰᠡᠨ ᠰᠣᠨᠣᠷ ᠪᠣᠳᠣᠯ ᠬᠣᠶᠠᠷ ᠢ᠋ᠶ᠋ᠠᠨ ᠰᠡᠷᠡᠭᠡᠨ᠂ ᠮᠠᠯᠴᠢᠳ ᠲᠠᠢ ᠳᠠᠭᠤᠯᠠᠯᠳᠤᠨ ᠨᠠᠷᠭᠢᠵᠤ ᠬᠣᠯᠠ ᠣᠢᠷ᠎ᠠ ᠶ᠋ᠢᠨ ᠰᠣᠨᠢᠨ ᠰᠠᠢᠬᠠᠨ ᠢ᠋ ᠬᠠᠭᠤᠴᠢᠯᠠᠨ ᠰᠥᠨᠢ ᠳᠤᠮᠳᠠᠷᠠᠲᠠᠯ᠎ᠠ ᠰᠠᠭᠤᠯ᠎ᠠ᠃ ᠶᠡᠬᠡ ᠪᠣᠷᠣᠭᠠᠨ ᠳ᠋ᠤ᠌ ᠭᠡᠷ ᠭᠣᠭᠣᠵᠢᠨ ᠳᠡᠪᠢᠰᠬᠡᠷ ᠡᠴᠡ ᠴᠢᠭᠢᠭ ᠳᠠᠭᠠᠭᠠᠵᠤ ᠪᠠᠢᠭᠰᠠᠨ ᠬᠡᠳᠦᠢ ᠴᠤ᠌ ᠲᠧᠭᠨᠢᠭ ᠦ᠋ᠨ ᠬᠣᠭ ᠲᠤ᠌ ᠪᠣᠬᠢᠷᠲᠤᠵᠤ ᠠᠮᠵᠢᠭ᠎ᠠ ᠦᠭᠡᠢ ᠬᠠᠷᠭᠠᠢᠲᠤ ᠶ᠋ᠢᠨ ᠵᠤᠰᠠᠯᠠᠩ ᠤ᠋ᠨ ᠲᠡᠷᠡ ᠰᠥᠨᠢ ᠭᠣᠶᠣ ᠪᠠᠢᠭᠰᠠᠨ᠃ ᠣᠨ ᠴᠠᠭ ᠤ᠋ᠨ ᠦᠶᠡᠷ ᠶᠠᠭ ᠯᠠ ᠭᠣᠣᠯ ᠤ᠋ᠨ ᠳᠣᠯᠭᠢᠨ ᠤᠷᠤᠰᠬᠠᠯ ᠰᠢᠭ᠋ ᠳᠠᠭᠠᠷᠢᠨ ᠲᠡᠪᠰᠢᠯᠡᠨ ᠥᠩᠭᠡᠷᠡᠵᠦ᠂ ᠳᠤᠷᠠᠳᠬᠠᠯ ᠲᠡᠦᠬᠡ ᠬᠣᠶᠠᠷ ᠢ᠋ ᠬᠣᠢᠨ᠎ᠠ ᠪᠠᠨ ᠦᠯᠡᠳᠡᠭᠡᠨ ᠬᠢᠵᠠᠭᠠᠷ ᠦᠭᠡᠢ ᠠᠯᠤᠰ ᠲᠤ᠌ ᠤᠳᠤᠨᠠᠮ! ᠬᠠᠷᠢᠨ ᠪᠢᠳᠡ ᠲᠡᠷᠡ ᠳᠣᠯᠭᠢᠨ ᠤᠷᠤᠰᠬᠠᠯ ᠢ᠋ ᠲᠦᠩᠬᠦᠢᠭᠴᠢ ᠦᠬᠡᠷ ᠴᠢᠯᠠᠭᠤᠨ ᠮᠡᠲᠦ ᠪᠠᠢᠵᠤ ᠴᠢᠳᠠᠬᠤ ᠤᠤ? ᠡᠰᠡᠬᠦᠯ᠎ᠡ ᠶᠡᠬᠡ ᠤᠰᠤᠨ ᠤ᠋ ᠠᠶ᠎ᠠ ᠳ᠋ᠠᠭᠠᠨ ᠬᠥᠭᠯᠡᠷᠡᠨ ᠤᠷᠤᠰᠤᠭᠴᠢ ᠬᠣᠭ ᠯᠠᠢ ᠮᠡᠲᠦ ᠪᠠᠢᠬᠤ ᠤᠤ? ᠣᠷᠴᠢᠯᠠᠩ ᠶᠠᠭᠤ ᠴᠤ᠌ ᠪᠣᠯᠤᠭ᠎ᠠ ᠦᠭᠡᠢ ᠶᠦᠮ ᠰᠢᠭ ᠬᠡᠨᠡᠭ ᠦᠭᠡᠢ ᠴᠡᠯᠡᠢᠵᠦ᠂ ᠣᠳᠣ ᠲᠠᠢ ᠬᠥᠬᠡ ᠲᠩᠷᠢ ᠮᠢᠨᠢ ᠴᠦ᠍ ᠣᠭᠲᠣ ᠬᠠᠷᠢᠭᠤ ᠦᠭᠡᠢ ᠴᠡᠯᠮᠡᠢᠨ᠎ᠡ᠃ ᠲᠡᠷᠡ ᠰᠥᠨᠢ ᠪᠢ ᠵᠡᠭᠦᠳᠦᠯᠡᠪᠡ᠃ ᠰᠡᠷ ᠰᠡᠷ ᠰᠠᠯᠬᠢ ᠲᠠᠢ᠂ ᠪᠣᠷ ᠪᠣᠷ ᠪᠣᠷᠣᠭ᠎ᠠ ᠲᠠᠢ᠂ ᠦᠬᠦᠰᠢ ᠦᠭᠡᠢ ᠮᠥᠩᠬᠡ᠂ ᠦᠭᠡᠢᠷᠡᠰᠢ ᠦᠭᠡᠢ ᠪᠠᠶᠠᠨ᠂ ᠦᠷᠭᠦᠯᠵᠢᠳᠡ ᠬᠣᠷᠢᠨ ᠲᠠᠪᠤᠨ ᠨᠠᠰᠤᠨ ᠳ᠋ᠠᠭᠠᠨ ᠪᠠᠢᠳᠠᠭ ᠪᠤᠮᠪᠠ ᠶ᠋ᠢᠨ ᠣᠷᠣᠨ ᠤ᠋ ᠪᠠᠭᠠᠲᠤᠷᠴᠤᠳ ᠢ᠋ᠶ᠋ᠠᠨ ᠡᠷᠢᠨ ᠪᠢ ᠭᠠᠪ ᠭᠠᠭᠴᠠᠭᠠᠷ ᠢ᠋ᠶ᠋ᠠᠨ ᠡᠮᠡᠭᠡᠯ ᠢ᠋ᠶ᠋ᠡᠨ ᠡᠭᠦᠷᠦᠨ ᠵᠦᠭ ᠴᠢᠭ ᠦᠭᠡᠢ ᠶᠠᠪᠤᠵᠤ ᠪᠠᠢᠨ᠎ᠠ᠁ ᠭᠡᠵᠦ ᠵᠡᠭᠦᠳᠦᠯᠡᠪᠡ᠃ ᠥᠷᠯᠥᠭᠡ ᠨᠢ ᠭᠣᠣᠯ ᠤ᠋ᠨ ᠡᠷᠭᠢ ᠬᠠᠪᠢᠳᠠᠨ ᠰᠠᠭᠤᠵᠤ ᠮᠢᠬ᠎ᠠ ᠬᠥᠰᠬᠥᠯᠡᠨ ᠴᠠᠢ ᠤᠤᠭᠤᠭᠠᠳ ᠰᠢᠶᠠᠨ ᠤ᠋ ᠲᠥᠪ ᠤᠷᠤᠭᠤ ᠪᠤᠴᠠᠬᠤ ᠪᠠᠷ ᠪᠣᠯᠤᠯ᠎ᠠ᠃ ᠭᠡᠷ ᠦ᠋ᠨ ᠬᠠᠶᠠᠭᠠᠨ ᠳ᠋ᠤ᠌ ᠬᠣᠶᠠᠷ ᠲᠣᠮᠣ ᠨᠣᠬᠠᠢ ᠯᠠᠬᠠᠢᠨ ᠬᠡᠪᠲᠡᠨ᠎ᠡ᠃ ᠠᠭᠤᠯᠠᠨ ᠳ᠋ᠤ᠌ ᠴᠢᠨᠣ᠎ᠠ ᠪᠠᠭᠠᠪᠠᠭᠠᠢ ᠪᠠᠢᠳᠠᠭ ᠪᠣᠯᠬᠣᠷ ᠡᠨᠳᠡᠬᠢ ᠶ᠋ᠢᠨ ᠠᠢᠯ ᠤ᠋ᠳ ᠵᠠᠪᠠᠯ ᠲᠠᠢᠭ᠎ᠠ᠂ ᠭᠠᠷᠵᠢ ᠲᠡᠵᠢᠭᠡᠳᠡᠭ ᠠᠵᠢ᠃ ᠲᠡᠭᠡᠲᠡᠯ᠎ᠡ ᠨᠢᠭᠡ ᠨᠢ ᠭᠣᠣᠯ ᠤ᠋ᠨ ᠣᠢᠷᠠᠬᠠᠨ ᠪᠠᠢᠭᠰᠠᠨ ᠬᠣᠶᠠᠷ ᠲᠤᠭᠤᠯ ᠢ᠋ ᠣᠴᠢᠵᠤ ᠵᠣᠷᠢᠭᠤᠳᠠ ᠥᠳᠥᠭᠡᠨ ᠠᠭᠤᠷᠯᠠᠭᠤᠯᠵᠤ᠂ ᠰᠡᠭᠦᠯ ᠭᠣᠳᠣᠢᠯᠭᠠᠨ ᠮᠥᠷᠭᠥᠬᠦ ᠪᠡᠷ ᠲᠠᠭᠤᠬᠤ ᠳ᠋ᠤᠨᠢ ᠤᠴᠢᠷ ᠦᠭᠡᠢ ᠠᠯᠢᠶᠠᠯᠠᠨ ᠬᠠᠳᠠ ᠴᠢᠯᠠᠭᠤᠨ ᠳᠡᠭᠡᠭᠦᠷ ᠦᠰᠦᠷᠦᠨ ᠲᠣᠭᠯᠠᠬᠤ ᠶ᠋ᠢ ᠨᠢ ᠬᠠᠷᠠᠵᠤ ᠲᠡᠰᠬᠡᠯ ᠦᠭᠡᠢ ᠢᠨᠢᠶᠡᠳᠦ ᠬᠦᠷᠦᠯ᠎ᠡ᠃ 
   ᠶᠠᠭᠠᠬᠢᠬᠤ ᠠᠷᠭ᠎ᠠ ᠦᠭᠡᠢ ᠮᠠᠯᠴᠢᠨ ᠮᠣᠩᠭᠣᠯ ᠠᠮᠢᠳᠤᠷᠠᠯ ᠤ᠋ᠨ ᠶᠠᠭᠤ ᠪᠦᠬᠦᠨ ᠡᠢᠨ ᠬᠦ᠌ ᠥᠪᠡᠷᠦᠮᠰᠡᠭ ᠳᠤᠯᠠᠭᠠᠨ ᠬᠠᠷᠠᠭᠳᠠᠬᠤ ᠨᠢ ᠳᠠᠩᠴᠤ ᠰᠠᠢᠬᠠᠨ᠃ ᠬᠤᠪᠤᠭᠰᠠᠢᠷᠢ ᠶ᠋ᠢᠨ ᠤᠯᠠᠮᠵᠢᠯᠠᠯᠲᠤ ᠮᠠᠯ ᠠᠵᠤ ᠠᠬᠤᠢ ᠬᠥᠭᠵᠢᠯ ᠰᠠᠢᠲᠠᠢ᠂ ᠨᠠᠷᠢᠨ ᠬᠣᠪᠣᠭ ᠮᠠᠯᠵᠢᠯ ᠤ᠋ᠨ ᠲᠠᠯᠠᠪᠠᠢ ᠶ᠋ᠢᠨ ᠢᠮᠠᠭᠠᠨ ᠤ᠋ ᠨᠣᠯᠤᠤᠷ ᠨᠢ ᠺᠢᠯᠣᠭ᠌ᠷᠠᠮ ᠪᠦᠷᠢ ᠳ᠋ᠡᠭᠡᠨ380_400 ᠲᠥᠭᠥᠷᠢᠭ ᠬᠦᠷᠳᠡᠭ᠃ ᠲᠡᠭᠡᠬᠦ ᠳ᠋ᠦ᠍ ᠮᠠᠯ ᠠᠵᠤ ᠠᠬᠤᠢ ᠶ᠋ᠢᠨ ᠲᠣᠮᠣ ᠣᠷᠣᠨ ᠭᠡᠮᠡᠨ ᠬᠥᠭᠡᠷᠭᠡᠳᠡᠳᠡᠭ ᠥᠪᠥᠷ ᠮᠣᠩᠭᠣᠯ ᠤ᠋ᠨ ᠢᠮᠠᠭᠠᠨ ᠤ᠋ ᠨᠣᠯᠤᠤᠷ ᠺᠢᠯᠣᠭ᠌ᠷᠠᠮ ᠪᠦᠷᠢ ᠳ᠋ᠡᠭᠡᠨ200 ᠲᠥᠭᠥᠷᠢᠭ ᠬᠦᠷᠳᠡᠭ ᠨᠢ ᠴᠥᠭᠡᠨ ᠰᠢᠦ ᠳᠡ᠃ ᠢᠯᠠᠩᠭᠤᠶ᠎ᠠ《ᠪᠡᠯᠴᠢᠭᠡᠷ ᠡᠪᠳᠡᠭᠴᠢ》 ᠶᠠᠯᠠᠲᠤ ᠨᠡᠷ᠎ᠡ ᠵᠡᠭᠦᠭᠰᠡᠨ ᠡᠴᠡ ᠬᠣᠢᠰᠢ ᠨᠤᠲᠤᠭ ᠤ᠋ᠨ ᠢᠮᠠᠭᠠᠳ ᠮᠠᠨᠢ ᠪᠠᠷᠤᠭ ᠬᠣᠭ ᠦᠭᠡᠢ ᠴᠠᠭᠠᠵᠠᠯᠠᠭᠤᠯᠬᠤ ᠳ᠋ᠠᠭᠠᠨ ᠳᠥᠭᠥᠭᠰᠡᠨ ᠢ᠋ ᠪᠣᠳᠣᠬᠤ ᠠ᠋ᠴᠠ ᠡᠯᠢᠭᠡ ᠡᠮᠲᠡᠷᠡᠨ᠎ᠡ᠃ ᠤᠯᠤᠰ ᠤ᠋ᠨ ᠲᠠᠷᠢᠶᠠᠯᠠᠩ ᠤ᠋ᠨ ᠶᠠᠮᠤᠨ ᠠ᠋ᠴᠠ ᠬᠤᠪᠤᠭᠰᠠᠢᠷᠢ ᠶ᠋ᠢ《ᠣᠷᠭᠠᠨᠢᠭ ᠢᠳᠡᠭᠡᠨ ᠦ᠌ ᠰᠠᠭᠤᠷᠢᠨ ᠭᠠᠵᠠᠷ》 ᠭᠡᠮᠡᠨ ᠨᠡᠷᠡᠢᠳᠦᠭᠡᠳ᠂ ᠴᠣᠯ ᠪᠡᠯᠴᠢᠭᠡᠷ ᠦ᠋ᠨ ᠮᠠᠯ ᠠᠵᠤ ᠠᠬᠤᠢ ᠶ᠋ᠢ ᠬᠥᠭᠵᠢᠭᠦᠯᠬᠦ ᠶ᠋ᠢ ᠵᠣᠷᠢᠭᠵᠢᠭᠤᠯᠤᠭᠰᠠᠨ ᠪᠥᠭᠡᠳ ᠵᠢᠯ ᠪᠦᠷᠢ ᠠᠳᠠᠯᠢ ᠪᠤᠰᠤ ᠬᠤᠭᠤᠴᠠᠭ᠎ᠠ ᠲᠠᠢ ᠪᠠᠷ ᠲᠤᠰᠬᠠᠢ ᠮᠡᠷᠭᠡᠵᠢᠯᠲᠡᠳ ᠲᠣᠮᠢᠯᠠᠵᠤ᠂ ᠪᠡᠯᠴᠢᠭᠡᠷ ᠲᠡᠭᠡᠨ ᠬᠢᠮᠢ ᠶ᠋ᠢᠨ ᠡᠮ ᠰᠦᠷᠴᠢᠭᠰᠡᠨ ᠡᠰᠡᠬᠦ᠂ ᠮᠠᠯ ᠤ᠋ᠨ ᠡᠪᠡᠰᠦ ᠪᠣᠷᠳᠣᠭᠠᠨ ᠳ᠋ᠠᠭᠠᠨ ᠬᠢᠮᠢ ᠶ᠋ᠢᠨ ᠪᠦᠷᠢᠯᠳᠦᠬᠦᠨ ᠬᠣᠯᠢᠭᠰᠠᠨ ᠡᠰᠡᠬᠦ᠂ ᠮᠠᠯ ᠤ᠋ᠨ ᠮᠢᠬᠠᠨ ᠳ᠋ᠤᠨᠢ ᠬᠢᠮᠢ ᠤ᠋ ᠪᠣᠬᠢᠷᠲᠤᠯ ᠪᠠᠢᠬᠤ ᠡᠰᠡᠬᠦ ᠶ᠋ᠢ ᠰᠢᠯᠭᠠᠵᠤ᠂ ᠶᠠᠮᠠᠷ ᠴᠤ᠌ ᠬᠢᠮᠢ ᠶ᠋ᠢᠨ ᠪᠣᠬᠢᠷᠲᠤᠯ ᠦᠭᠡᠢ ᠴᠣᠯ ᠪᠠᠢᠭᠠᠯᠢ ᠶ᠋ᠢᠨ ᠪᠡᠯᠴᠢᠭᠡᠷ ᠲᠦ᠍ ᠮᠠᠯᠵᠢᠭᠰᠠᠨ ᠮᠠᠯ ᠤ᠋ᠨ ᠮᠢᠬ᠎ᠠ ᠪᠣᠯᠪᠠᠰᠤᠷᠠᠭᠤᠯᠬᠤ ᠶ᠋ᠢ ᠴᠢᠬᠤᠯᠠᠴᠢᠯᠠᠳᠠᠭ ᠭᠡᠨ᠎ᠡ᠃ ᠮᠡᠳᠡᠭᠡᠵᠢ᠂ ᠨᠤᠲᠤᠭ ᠤ᠋ᠨ ᠢ᠋ᠶ᠋ᠠᠨ ᠪᠡᠯᠴᠢᠭᠡᠷ ᠡᠪᠡᠰᠦᠨ ᠦ᠌ ᠥᠭᠭᠦᠭᠡᠵᠢ ᠪᠡᠷ ᠣᠯᠠᠨ ᠵᠠᠭᠤᠨ ᠵᠢᠯ ᠨᠡᠭᠦᠳᠡᠯᠯᠡᠨ ᠮᠠᠯᠵᠢᠭᠰᠠᠨ ᠮᠠᠯ ᠠᠵᠤ ᠠᠬᠤᠢ ᠶ᠋ᠢᠨ ᠭᠠᠷᠤᠯᠲᠠ ᠠᠰᠢᠭ ᠰᠢᠮ᠎ᠡ ᠶᠠᠮᠠᠷ ᠪᠠᠢᠳᠠᠭ ᠢ᠋ ᠮᠠᠯᠴᠢᠨ ᠮᠣᠩᠭᠣᠯᠴᠤᠳ ᠶᠠᠮᠠᠷ ᠴᠤ᠌ ᠲᠤᠰᠬᠠᠢ ᠮᠡᠷᠭᠡᠵᠢᠯᠲᠡᠨ ᠡᠴᠡ ᠢᠯᠡᠭᠦᠦ ᠮᠡᠳᠡᠬᠦ ᠨᠢ ᠶᠠᠷᠢᠶᠠᠨ ᠦᠭᠡᠢ᠃ ᠭᠡᠪᠡᠴᠦ ᠲᠡᠷᠡ ᠪᠦᠬᠦᠨ ᠢ᠋ ᠮᠤᠰᠬᠢᠨ ᠥᠭᠡᠷᠡᠲᠦᠭᠦᠯᠵᠦ᠂《ᠰᠢᠨᠵᠢᠯᠡᠬᠦ ᠤᠬᠠᠭᠠᠨᠴᠢ ᠪᠠᠷ ᠮᠠᠯ ᠮᠠᠯᠵᠢᠨ᠎ᠠ》 ᠭᠡᠵᠦ ᠰᠦᠷᠴᠢᠭᠢᠨᠡᠭᠰᠡᠨ ᠥᠪᠥᠢ ᠮᠣᠩᠭᠣᠯ ᠣᠷᠣᠨ ᠤ᠋ ᠬᠢᠨ ᠠᠰᠠᠷᠠᠮᠵᠢ ᠲᠡᠵᠢᠭᠡᠪᠦᠷᠢ ᠲᠦᠰᠢᠭᠰᠡᠨ ᠬᠠᠷᠢ ᠡᠭᠦᠯᠳᠡᠷ ᠦ᠋ᠨ ᠮᠠᠯ ᠢ᠋ᠶ᠋ᠠᠷ ᠨᠤᠲᠤᠭ ᠤ᠋ᠨ ᠡᠭᠦᠯᠳᠡᠷ ᠢ᠋ᠶ᠋ᠡᠨ ᠰᠣᠯᠢᠭᠰᠠᠨ ᠢ᠋ᠶ᠋ᠠᠷ ᠪᠡᠯᠴᠢᠭᠡᠷ ᠦ᠋ᠨ ᠮᠠᠯ ᠠᠵᠤ ᠠᠬᠤᠢ ᠶ᠋ᠢᠨ ᠣᠨᠴᠠᠯᠢᠭ ᠢ᠋ᠶ᠋ᠠᠨ ᠠᠯᠳᠠᠵᠤ᠂《ᠬᠡᠷᠢᠶ᠎ᠡ ᠭᠠᠯᠠᠭᠤ ᠶ᠋ᠢ ᠳᠠᠭᠤᠷᠢᠶᠠᠨ ᠬᠥᠯ ᠢ᠋ᠶ᠋ᠡᠨ ᠬᠥᠯᠳᠡᠭᠡᠭᠰᠡᠨ ᠦᠯᠢᠭᠡᠷ》 ᠢ᠋ ᠵᠦᠴᠦᠭᠡᠯᠡᠭᠰᠡᠨ ᠪᠤᠰᠤ ᠤᠤ? ᠬᠤᠪᠤᠭᠰᠠᠢᠷᠢ ᠶ᠋ᠢᠨ ᠬᠢᠨ ᠨᠡᠭᠦᠳᠡᠯ ᠮᠠᠯᠵᠢᠯ ᠤ᠋ᠨ ᠦᠢᠯᠡᠳᠪᠦᠷᠢᠯᠡᠯ ᠢ᠋ ᠬᠠᠮᠠᠭᠠᠯᠠᠬᠤ ᠵᠣᠷᠢᠯᠭ᠎ᠠ ᠪᠠᠷ ᠪᠡᠯᠴᠢᠭᠡᠷ ᠨᠤᠲᠤᠭ ᠢ᠋ᠶ᠋ᠠᠨ ᠤᠯᠠᠷᠢᠯ ᠤ᠋ᠨ ᠣᠨᠴᠠᠯᠢᠭ ᠲᠤᠨᠢ ᠨᠡᠢᠴᠡᠭᠦᠯᠦᠨ ᠠᠰᠢᠭᠯᠠᠬᠤ ᠶ᠋ᠢ ᠠᠩᠬᠠᠷᠴᠤ᠂ ᠳᠥᠷᠪᠡᠨ ᠤᠯᠠᠷᠢᠯ ᠤ᠋ᠨ ᠨᠡᠭᠦᠳᠡᠯ ᠦ᠋ᠨ ᠪᠡᠯᠴᠢᠭᠡᠷ ᠦ᠋ᠨ ᠠᠰᠢᠭᠯᠠᠮᠵᠢ ᠶ᠋ᠢ ᠴᠢᠩᠭ᠎ᠠ ᠵᠢᠷᠤᠮᠯᠠᠵᠤ ᠪᠠᠢᠭ᠎ᠠ ᠨᠢ ᠨᠢᠭᠡ ᠲᠠᠯ᠎ᠠ ᠪᠠᠷ ᠤᠯᠠᠮᠵᠢᠯᠠᠯᠲᠤ ᠮᠠᠯ ᠠᠵᠤ ᠠᠬᠤᠢ ᠶ᠋ᠢᠨ ᠭᠠᠷᠤᠯᠲᠠ ᠠᠰᠢᠭ ᠰᠢᠮ᠎ᠡ ᠶ᠋ᠢᠨ ᠣᠨᠴᠠᠯᠢᠭ ᠢ᠋ᠶ᠋ᠠᠨ ᠬᠥᠭᠵᠢᠭᠦᠯᠬᠦ ᠶ᠋ᠢ ᠪᠣᠳᠣᠯᠬᠢᠯᠠᠭᠰᠠᠨ; ᠨᠥᠭᠦᠭᠡ ᠲᠠᠯ᠎ᠠ ᠪᠠᠷ ᠡᠭᠦᠨ ᠳ᠋ᠦ᠍ ᠰᠠᠭᠤᠷᠢᠯᠠᠨ ᠤᠯᠠᠮᠵᠢᠯᠠᠭᠳᠠᠵᠤ ᠪᠣᠢ ᠤᠳᠬ᠎ᠠ ᠰᠣᠶᠣᠯ ᠢ᠋ᠶ᠋ᠠᠨ《ᠠᠮᠢᠳᠤ ᠰᠣᠶᠣᠯ》 ᠬᠡᠪ ᠢ᠋ᠶ᠋ᠡᠷ ᠨᠢ ᠪᠠᠢᠯᠭᠠᠬᠤ ᠪᠣᠯᠤᠮᠵᠢ ᠶ᠋ᠢ ᠪᠦᠷᠢᠳᠦᠭᠦᠯᠦᠭᠰᠡᠨ ᠤᠬᠠᠭᠠᠯᠢᠭ ᠰᠣᠩᠭᠣᠯᠲᠠ ᠶᠤᠮᠰᠠᠨ! ᠭᠡᠪᠡᠴᠦ ᠪᠢᠳᠡ ᠴᠢᠨᠢ ᠶᠠᠭᠤᠮ᠎ᠠ ᠯᠠ ᠪᠣᠯ ᠮᠦᠽᠧᠢ ᠳ᠋ᠦ᠍ ᠬᠠᠳᠠᠭᠠᠯᠠᠬᠤ᠂ ᠪᠢᠴᠢᠭ ᠢ᠋ᠶ᠋ᠡᠷ ᠲᠡᠮᠳᠡᠭᠯᠡᠬᠦ᠂ ᠪᠢᠴᠢᠯᠭᠡ ᠦᠯᠡᠳᠡᠭᠡᠬᠦ᠂ ᠵᠦᠴᠦᠭᠡ ᠪᠡᠷ ᠲᠣᠭᠯᠠᠬᠤ᠂ ᠬᠠᠮᠠᠭᠠᠯᠠᠯᠲᠠ ᠳ᠋ᠤ᠌ ᠣᠷᠣᠭᠤᠯᠬᠤ ᠶ᠋ᠢ ᠬᠥᠭᠡᠭᠡᠴᠡᠯᠳᠦᠬᠦ ᠡᠴᠡ ᠪᠤᠰᠤ ᠰᠣᠶᠣᠯ ᠤ᠋ᠨ ᠰᠠᠭᠤᠷᠢ ᠪᠠᠨ ᠬᠠᠳᠠᠭᠠᠯᠠᠭᠰᠠᠨ ᠤᠷᠢᠳᠠᠯ ᠳᠣᠣᠷ᠎ᠠ ᠥᠪᠯᠡᠨ ᠤᠯᠠᠮᠵᠢᠯᠠᠬᠤ ᠶ᠋ᠢ ᠳᠠᠩᠴᠤ ᠤᠪᠠᠢᠯᠠᠭ᠎ᠠ ᠦᠭᠡᠢ ᠶᠠᠪᠤᠵᠤ ᠪᠠᠢᠭ᠎ᠠ ᠪᠢᠰᠢ ᠤᠤ?
   7 ᠳ᠋ᠤᠭᠠᠷ ᠰᠠᠷ᠎ᠠ ᠶ᠋ᠢᠨ21 ᠳ᠋ᠦ᠍ ᠪᠢᠳᠡ ᠰᠢᠶᠠᠨ ᠤ᠋ ᠲᠥᠪ ᠲᠦ᠍ ᠪᠤᠴᠠᠨ ᠰᠤᠷᠪᠤᠯᠵᠢᠯᠠᠭ᠎ᠠ ᠪᠠᠨ ᠦᠷᠭᠦᠯᠵᠢᠯᠡᠭᠦᠯᠬᠦ ᠶ᠋ᠢᠨ ᠵᠡᠷᠭᠡᠴᠡᠭᠡ ᠪᠠᠭ᠎ᠠ ᠠᠮᠤᠰᠬᠢᠯ᠎ᠡ᠃ ᠦᠳᠡᠰᠢ ᠨᠢ ᠬᠤᠪᠤᠭᠰᠠᠢᠷᠢ ᠮᠣᠩᠭᠣᠯ ᠦᠨᠳᠦᠰᠦᠲᠡᠨ ᠦ᠌ ᠥᠪᠡᠷᠲᠡᠭᠡᠨ ᠵᠠᠰᠠᠬᠤ ᠰᠢᠶᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠳᠡᠳ᠋ ᠲᠡᠷᠢᠭᠦᠯᠡᠭᠴᠢ᠂ ᠰᠢᠶᠠᠨ ᠤ᠋ ᠨᠢᠭᠡᠳᠦᠮᠡᠯ ᠹᠷᠣᠨᠲ ᠤ᠋ᠨ ᠬᠡᠯᠲᠡᠰ ᠦ᠋ᠨ ᠳᠠᠷᠤᠭ᠎ᠠ ᠪᠠᠷ ᠠᠵᠢᠯᠯᠠᠵᠤ ᠪᠠᠢᠭᠰᠠᠨ ᠲᠥᠷᠥ ᠶ᠋ᠢᠨ ᠱᠠᠩᠨᠠᠯᠲᠤ ᠢᠷᠠᠭᠤ ᠨᠠᠢᠷᠠᠭᠴᠢ ᠵᠠ᠊· ᠪᠠᠲᠤᠨᠠᠰᠤᠨ ᠭᠤᠸᠠᠢ ᠪᠣᠯᠤᠨ ᠺ· ᠴᠡᠷᠢᠨᠳᠣᠷᠵᠢ ᠶ᠋ᠢᠨ ᠣᠷᠣᠯᠴᠠᠯᠭ᠎ᠠ ᠲᠠᠢ ᠪᠠᠷ ᠪᠠᠭᠠᠲᠤᠷᠯᠢᠭ ᠲᠤᠤᠯᠢ《ᠵᠠᠩᠭᠠᠷ》 ᠤ᠋ᠨ ᠡᠭᠦᠰᠦᠯ ᠬᠥᠭᠵᠢᠯ᠂ ᠲᠦᠭᠡᠮᠡᠯᠵᠢᠯ᠂ ᠲᠣᠷᠭᠤᠳ ᠨᠤᠲᠤᠭ ᠤ᠋ᠨ ᠠᠯᠳᠠᠷᠲᠠᠢ ᠵᠠᠩᠭᠠᠷᠴᠢᠳ᠂《ᠵᠠᠩᠭᠠᠷ》 ᠤ᠋ᠨ ᠰᠢᠨ᠎ᠡ ᠡᠷᠢᠨ ᠳ᠋ᠡᠬᠢ ᠤᠯᠠᠮᠵᠢᠯᠠᠯ ᠤ᠋ᠨ ᠠᠰᠠᠭᠤᠳᠠᠯ᠁ ᠵᠡᠷᠭᠡ ᠰᠡᠳᠦᠪ ᠦ᠋ᠨ ᠲᠣᠭᠣᠷᠢᠨ ᠳ᠋ᠤ᠌ ᠰᠢᠭᠤᠳ ᠨᠡᠪᠲᠡᠷᠡᠭᠦᠯᠭᠡ ᠪᠡᠷ ᠶᠠᠷᠢᠯᠴᠠᠯᠭ᠎ᠠ ᠬᠢᠯ᠎ᠡ᠃ 《ᠵᠠᠩᠭᠠᠷ》 ᠪᠣᠯ ᠮᠣᠩᠭᠣᠯᠴᠤᠳ ᠤ᠋ᠨ ᠪᠠᠭᠠᠲᠤᠷᠯᠢᠭ ᠵᠣᠷᠢᠭ ᠰᠠᠨᠠᠭᠠᠨ ᠤ᠋ ᠰᠦᠯᠳᠡ ᠳᠠᠭᠤᠯᠠᠯ᠂ ᠪᠤᠮᠪᠠ ᠶ᠋ᠢᠨ ᠣᠷᠣᠨ ᠢ᠋ᠶ᠋ᠠᠨ ᠮᠠᠩᠭᠤᠰ ᠤ᠋ᠨ ᠰᠠᠪᠠᠷ ᠠ᠋ᠴᠠ ᠬᠠᠮᠠᠭᠠᠯᠠᠬᠤ— ᠡᠬᠡ ᠨᠤᠲᠤᠭ ᠢ᠋ᠶ᠋ᠠᠨ ᠨᠢᠳᠦᠨ ᠦ᠌ ᠪᠡᠨ ᠴᠡᠴᠡᠭᠡᠢ ᠮᠡᠲᠦ ᠬᠠᠢᠷᠠᠯᠠᠬᠤ ᠶ᠋ᠢ ᠤᠷᠢᠶᠠᠯᠠᠭᠰᠠᠨ ᠳᠠᠢᠴᠢᠨ ᠵᠣᠷᠢᠭ ᠤ᠋ᠨ ᠦᠨᠡᠲᠦ ᠥᠪ ᠪᠢᠯᠡ᠃ 
   7 ᠳ᠋ᠤᠭᠠᠷ ᠰᠠᠷ᠎ᠠ ᠶ᠋ᠢᠨ 22 ᠲᠤ᠌ ᠪᠢᠳᠡ ᠦᠷᠦᠮᠴᠢ ᠳ᠋ᠦ᠍ ᠪᠤᠴᠠᠪᠠ᠃ 7 ᠳ᠋ᠤᠭᠠᠷ ᠰᠠᠷ᠎ᠠ ᠶ᠋ᠢᠨ 23 ᠳ᠋ᠤ᠌ ᠰᠢᠨᠵᠢᠶᠠᠩ ᠤ᠋ᠨ ᠷᠠᠳᠢᠣ᠋ ᠶ᠋ᠢᠨ ᠰᠢᠭᠤᠳ ᠨᠡᠪᠲᠡᠷᠡᠭᠦᠯᠭᠡ ᠳ᠋ᠦ᠍ ᠣᠷᠣᠯᠴᠠᠨ ᠶᠠᠷᠢᠯᠴᠠᠯᠭ᠎ᠠ ᠥᠭᠭᠦᠭᠡᠳ ᠠᠵᠢᠯ ᠨᠢᠭᠡᠲᠡᠳ ᠲᠡᠢ ᠪᠡᠨ ᠮᠡᠷᠭᠡᠵᠢᠯ ᠦ᠋ᠨ ᠰᠣᠯᠢᠯᠴᠠᠭᠠᠨ ᠤ᠋ ᠳᠥᠬᠥᠮᠬᠡᠨ ᠬᠤᠷᠠᠯ ᠬᠢᠯ᠎ᠡ᠃ 7 ᠳ᠋ᠤᠭᠠᠷ ᠰᠠᠷ᠎ᠠ ᠶ᠋ᠢᠨ 24 ᠳ᠋ᠦ᠍ ᠦᠷᠦᠮᠴᠢ ᠶ᠋ᠢᠨ ᠣᠯᠠᠨ ᠤᠯᠤᠰ ᠤ᠋ᠨ ᠪᠠᠶᠠᠷ ᠢ᠋ᠶ᠋ᠠᠷ ᠲᠣᠭᠣᠷᠢᠵᠤ ᠭᠠᠷ ᠪᠡᠯᠡᠭ ᠡᠨᠡ ᠲᠡᠷᠡ ᠠᠪᠤᠭᠠᠳ ᠣᠷᠣᠢ ᠶ᠋ᠢᠨ ᠨᠢᠰᠬᠡᠯ ᠢ᠋ᠶ᠋ᠡᠷ ᠬᠥᠬᠡᠬᠣᠲᠠ ᠳ᠋ᠠᠭᠠᠨ ᠪᠤᠴᠠᠵᠤ ᠢᠷᠡᠪᠡ᠃ ᠦᠷᠦᠮᠴᠢ ᠳ᠋ᠦ᠍ ᠢᠰᠯᠠᠮ ᠤ᠋ᠨ ᠱᠠᠰᠢᠨ ᠤ᠋ ᠵᠠᠩ ᠵᠠᠩᠰᠢᠯ ᠢᠯᠡᠷᠬᠡᠢ ᠣᠨᠴᠠᠯᠢᠬᠳᠠᠵᠤ ᠪᠠᠢᠭ᠎ᠠ ᠪᠠᠷ ᠢ᠋ᠶ᠋ᠠᠨ ᠥᠪᠡᠷᠮᠢᠴᠡ᠃ ᠣᠯᠠᠨ ᠵᠢᠯ ᠦ᠋ᠨ ᠲᠡᠦᠬᠡ ᠲᠡᠢ ᠢᠰᠯᠠᠮ ᠤ᠋ᠨ ᠱᠠᠰᠢᠨ ᠤ᠋ ᠰᠦᠮ᠎ᠡ ᠰᠤᠪᠤᠷᠭ᠎ᠠ ᠶ᠋ᠢᠨ ᠵᠠᠷᠢᠮ ᠨᠢ ᠭᠠᠳᠠᠭᠰᠢ ᠪᠠᠨ ᠨᠡᠭᠡᠭᠡᠯᠲᠡ ᠲᠡᠢ ᠪᠣᠯᠤᠭᠰᠠᠨ ᠨᠢ ᠵᠢᠭᠤᠯᠴᠢᠯᠠᠯ ᠤ᠋ᠨ ᠱᠠᠭᠠᠷᠳᠠᠯᠭ᠎ᠠ ᠳ᠋ᠤ᠌ ᠦᠢᠯᠡᠴᠢᠯᠡᠵᠦ ᠪᠠᠢᠭ᠎ᠠ ᠶᠤᠮ ᠪᠠᠢᠨ᠎ᠠ᠃ ᠣᠯᠠᠨ ᠤᠯᠤᠰ ᠤ᠋ᠨ ᠪᠠᠵᠠᠷ ᠲᠤ᠌ ᠪᠠᠢᠭ᠎ᠠ ᠬᠣᠭᠣᠯᠠᠨ ᠤ᠋ ᠭᠠᠵᠠᠷ ᠠᠷᠢᠬᠢ ᠤᠤᠭᠤᠵᠤ᠂ ᠲᠠᠮᠠᠬᠢ ᠲᠠᠲᠠᠬᠤ ᠶ᠋ᠢ ᠴᠢᠩᠭ᠎ᠠ ᠬᠣᠷᠢᠳᠠᠭ ᠪᠣᠯᠬᠣᠷ ᠴᠡᠪᠡᠷ ᠴᠡᠮᠴᠡᠭᠡᠷ᠂ ᠡᠷᠬᠢᠮᠰᠦᠭ ᠭᠣᠶᠣ᠃ ᠦᠷᠦᠮᠴᠢ ᠳ᠋ᠦ᠍ ᠬᠣᠭᠣᠯᠠᠨ ᠤ᠋ ᠭᠠᠵᠠᠷ ᠠᠵᠢᠯᠯᠠᠭᠤᠯᠵᠤ ᠪᠠᠢᠭ᠎ᠠ ᠬᠠᠰᠠᠭ ᠢᠷᠭᠡᠳ ᠣᠯᠠᠨ ᠪᠠᠢᠵᠤ᠂ ᠪᠠᠷᠤᠭ ᠠᠯᠢ ᠴᠤ᠌ ᠬᠣᠭᠣᠯᠠᠨ ᠤ᠋ ᠭᠠᠵᠠᠷ ᠢᠩᠭᠡᠨ ᠦ᠌ ᠰᠦ᠂ ᠴᠡᠬᠡ ᠬᠤᠳᠠᠯᠳᠤᠵᠤ ᠪᠠᠢᠭ᠎ᠠ ᠨᠢ ᠮᠣᠩᠭᠣᠯᠴᠤᠳ ᠪᠢᠳᠡᠨ ᠳ᠋ᠦ᠍ ᠮᠠᠰᠢ ᠲᠠᠭᠠᠯᠠᠭᠳᠠᠨ᠎ᠠ᠃ ᠬᠥᠬᠡᠬᠣᠲᠠ ᠳ᠋ᠤ᠌ ᠬᠠᠶᠠ ᠴᠡᠭᠡ ᠣᠯᠳᠠᠪᠠᠴᠤ ᠢᠩᠭᠡᠨ ᠦ᠌ ᠰᠦ ᠵᠠᠷᠤᠵᠤ ᠪᠠᠢᠭ᠎ᠠ ᠬᠣᠭᠣᠯᠠᠨ ᠤ᠋ ᠭᠠᠵᠠᠷ ᠠᠯᠠᠭ᠎ᠠ ᠰᠢᠦ ᠳᠡ᠃ ᠬᠠᠰᠠᠭ ᠨᠠᠷ ᠴᠤ᠌ ᠮᠣᠩᠭᠣᠯᠴᠤᠳ ᠲᠠᠢ ᠠᠳᠠᠯᠢᠬᠠᠨ ᠮᠠᠯᠴᠢᠨ ᠦᠨᠳᠦᠰᠦᠲᠡᠨ ᠪᠣᠯᠬᠣᠷ ᠮᠠᠯ ᠠᠵᠤ ᠠᠬᠤᠢ ᠶ᠋ᠢᠨ ᠠᠰᠢᠭ ᠰᠢᠮ᠎ᠡ ᠪᠡᠨ ᠲᠡᠢᠨ ᠬᠦ᠌ ᠢᠳᠡᠭᠡᠨ ᠤᠮᠳᠠᠭᠠᠨ᠂ ᠵᠢᠭᠤᠯᠴᠢᠯᠠᠯ ᠤ᠋ᠨ ᠦᠢᠯᠡᠰ ᠲᠦ᠍ ᠠᠰᠢᠭᠯᠠᠵᠤ ᠪᠠᠢᠭ᠎ᠠ ᠨᠢ ᠲᠡᠷᠡ᠃ ᠭᠡᠪᠡᠴᠦ ᠥᠪᠥᠷ ᠮᠣᠩᠭᠣᠯ ᠤ᠋ᠨ ᠬᠥᠳᠡᠭᠡ ᠣᠷᠣᠨ ᠨᠤᠲᠤᠭ ᠲᠤ᠌ ᠴᠡᠭᠡ᠂ ᠢᠩᠭᠡᠨ ᠦ᠌ ᠰᠦ ᠪᠢᠲᠡᠭᠡᠢ ᠬᠡᠯᠡ᠂ ᠦᠨᠢᠶᠡᠨ ᠦ᠌ ᠰᠦ ᠪᠡᠷ ᠬᠢᠭᠰᠡᠨ ᠴᠠᠭᠠᠨ ᠢᠳᠡᠭᠡ ᠴᠦ᠍ ᠬᠣᠪᠣᠷᠳᠠᠵᠤ ᠪᠠᠢᠭ᠎ᠠ ᠶᠤᠮ᠃ ᠲᠡᠭᠡᠭᠰᠡᠨ ᠬᠢᠷᠢ ᠨᠢ《ᠪᠣᠬᠢᠷᠲᠤᠯ ᠦᠭᠡᠢ ᠲᠠᠯ᠎ᠠ ᠨᠤᠲᠤᠭ ᠤ᠋ᠨ ᠪᠣᠬᠢᠷᠲᠤᠯ ᠦᠭᠡᠢ ᠴᠠᠭᠠᠨ ᠢᠳᠡᠭᠡ》 ᠭᠡᠵᠦ ᠢᠯᠢ᠂ ᠮᠧᠩ ᠨᠢᠦ ᠶ᠋ᠢᠨ ᠵᠠᠷ ᠰᠤᠷᠲᠠᠯᠴᠢᠯᠠᠭ᠎ᠠ ᠪᠠᠷ ᠴᠤᠤᠳᠠᠮᠨᠠᠳᠠᠭ ᠨᠢ《ᠠᠵᠤ ᠦᠢᠯᠡᠳᠪᠦᠷᠢᠵᠢᠭᠰᠡᠨ》 ᠭᠡᠳᠡᠭ ᠢ᠋ᠶ᠋ᠡᠨ ᠭᠠᠢᠬᠠᠭᠤᠯᠬᠤ ᠶ᠋ᠢᠨ ᠲᠥᠯᠥᠭᠡ ᠵᠢᠴᠢ ᠮᠣᠩᠭᠣᠯᠴᠤᠳ ᠤ᠋ᠨ ᠪᠡᠯᠴᠢᠭᠡᠷ ᠦ᠋ᠨ ᠮᠠᠯ ᠠᠵᠤ ᠠᠬᠤᠢ ᠶ᠋ᠢᠨ ᠲᠡᠦᠬᠡᠨ ᠠᠯᠳᠠᠷᠰᠢᠯ ᠢ᠋ ᠲᠠᠸᠠᠷ ᠤ᠋ᠨ ᠪᠣᠷᠣᠯᠠᠭᠤᠯᠭ᠎ᠠ ᠳ᠋ᠠᠭᠠᠨ ᠱᠣᠰᠢᠭ᠎ᠠ ᠪᠣᠯᠭᠠᠨ ᠠᠰᠢᠭᠯᠠᠭᠰᠠᠨ ᠤ᠋ ᠬᠢ ᠪᠢᠯᠡ᠃ ᠤᠢᠭᠤᠷ᠂ ᠬᠠᠰᠠᠭ ᠢᠷᠭᠡᠳ ᠬᠢᠲᠠᠳ ᠢ᠋ᠶ᠋ᠠᠷ ᠮᠠᠭᠤᠬᠠᠨ ᠶᠠᠷᠢᠳᠠᠭ ᠬᠠᠮᠢᠭ᠎ᠠ ᠬᠡᠵᠢᠶ᠎ᠡ ᠴᠦ᠍ ᠦᠨᠳᠦᠰᠦᠲᠡᠨ ᠦ᠌ ᠪᠡᠨ ᠬᠡᠯᠡ ᠪᠡᠷ ᠶᠠᠷᠢᠯᠴᠠᠳᠠᠭ ᠨᠢ ᠳᠠᠪ ᠯᠠ ᠭᠡᠪᠡᠯ ᠬᠢᠲᠠᠳ ᠢ᠋ᠶ᠋ᠠᠷ ᠱᠤᠯᠤᠭᠠᠨᠠᠳᠠᠭ ᠮᠠᠨ ᠤ᠋ ᠬᠢᠨ ᠡᠴᠡ ᠢᠯᠭᠠᠭ᠎ᠠ ᠲᠠᠢ᠃ ᠦᠷᠦᠮᠴᠢ ᠳ᠋ᠦ᠍ ᠪᠠᠢᠭ᠎ᠠ ᠴᠥᠭᠡᠨ ᠮᠣᠩᠭᠣᠯᠴᠤᠳ ᠦᠷ᠎ᠡ ᠬᠡᠦᠬᠡᠳ ᠢ᠋ᠶ᠋ᠡᠨ ᠮᠣᠩᠭᠣᠯ ᠢ᠋ᠶ᠋ᠠᠷ ᠰᠤᠷᠭᠠᠶ᠎ᠠ᠂ ᠮᠣᠩᠭᠣᠯ ᠬᠥᠮᠦᠨ ᠲᠡᠢ ᠪᠡᠨ ᠤᠷᠤᠭ ᠰᠠᠳᠤᠨ ᠪᠣᠯᠤᠯᠴᠠᠶ᠎ᠠ ᠭᠡᠵᠦ ᠬᠦᠰᠡᠳᠡᠭ ᠨᠢ ᠲᠡᠳᠡᠨ ᠦ᠌ ᠶᠠᠷᠢᠶᠠᠨ ᠳ᠋ᠤ᠌ ᠢᠯᠡᠷᠬᠡᠢ᠃ 
ᠤᠷᠤᠭ ᠡᠯᠢᠭᠡᠨ ᠭᠡᠳᠡᠭ ᠠᠭᠤᠯᠠ ᠤᠰᠤᠨ ᠤ᠋ ᠠᠯᠤᠰ ᠵᠠᠢ ᠠ᠋ᠴᠠ ᠴᠤ᠌ ᠰᠣᠷᠢᠨᠵᠢᠨ ᠬᠦᠷᠦ ᠮᠡᠲᠦ ᠲᠠᠲᠠᠯᠴᠠᠨ ᠪᠠᠢᠳᠠᠭ ᠠᠵᠢ᠃ ᠮᠣᠩᠭᠣᠯ ᠬᠥᠮᠦᠨ ᠪᠦᠭᠦᠳᠡ ᠶ᠋ᠢᠨ ᠰᠡᠳᠬᠢᠯ ᠳ᠋ᠡᠬᠢ ᠨᠣᠶᠠᠨ ᠰᠦᠮᠪᠦᠷ ᠠᠭᠤᠯᠠ! ᠠᠯᠲᠠᠢ ᠠᠭᠤᠯᠠ ᠶ᠋ᠢᠨ ᠥᠪᠥᠷ ᠲᠦ᠍ ᠣᠢᠷᠠᠳ ᠮᠣᠩᠭᠣᠯᠴᠤᠳ ᠮᠠᠨᠢ ᠪᠠᠢᠳᠠᠭ᠃ ᠲᠡᠦᠬᠡᠨ ᠳᠡᠭᠡᠷᠡᠬᠢ ᠳᠥᠷᠪᠡᠨ ᠣᠢᠷᠠᠳ ᠤ᠋ᠨ ᠬᠣᠢᠴᠢᠰ ᠮᠠᠨᠢ ᠳᠥᠴᠢᠨ ᠲᠦᠮᠡᠨ ᠮᠣᠩᠭᠣᠯ ᠤ᠋ᠨ ᠢ᠋ᠶ᠋ᠠᠨ ᠦᠷ᠎ᠡ ᠰᠠᠲᠤ ᠶ᠋ᠢ ᠰᠡᠳᠬᠢᠯ ᠳ᠋ᠡᠭᠡᠨ ᠰᠠᠨᠠᠨ ᠶᠠᠪᠤᠵᠤ ᠪᠠᠢᠭ᠎ᠠ ᠶ᠋ᠢ ᠬᠡᠵᠢᠶ᠎ᠡ ᠴᠦ᠍ ᠣᠮᠲᠣᠭᠠᠢᠯᠠᠵᠤ ᠡᠰᠡ ᠪᠣᠯᠤᠨ᠎ᠠ᠃ 《ᠳᠥᠴᠢᠨ ᠳᠥᠷᠪᠡᠨ ᠬᠣᠶᠠᠷ ᠤ᠋ᠨ ᠡᠪᠳᠡᠷᠡᠯ》 ᠲᠡᠦᠬᠡ ᠶ᠋ᠢᠨ ᠭᠤᠨᠢᠭᠲᠠᠢ ᠬᠤᠪᠢ ᠵᠠᠶᠠᠭ᠎ᠠ ᠶ᠋ᠢ ᠪᠢᠴᠢᠭᠰᠡᠨ ᠪᠣᠯ ᠳᠥᠴᠢᠨ ᠳᠥᠷᠪᠡᠨ ᠬᠣᠶᠠᠷ ᠤ᠋ᠨ ᠡᠶ᠎ᠡ ᠡᠪ ᠮᠣᠩᠭᠣᠯ ᠬᠥᠮᠦᠨ ᠦ᠌ ᠢᠷᠡᠭᠡᠳᠦᠢ ᠶ᠋ᠢᠨ ᠭᠡᠭᠡᠨ ᠪᠦᠷᠬᠦᠭ ᠯᠦ᠍ᠭᠡ ᠰᠢᠭᠤᠳ ᠬᠣᠯᠪᠣᠭᠳᠠᠨ᠎ᠠ ᠃ ᠡᠢᠨ ᠬᠦ᠌ ᠬᠠᠯᠢᠮᠠᠭ ᠤ᠋ᠨ ᠨᠢᠭᠡᠨ ᠳᠠᠭᠤᠴᠢᠨ ᠣᠢᠷᠠᠳ ᠨᠤᠲᠤᠭ ᠲᠤ᠌ ᠢᠷᠡᠭᠡᠳ ᠪᠤᠴᠠᠬᠤ ᠳ᠋ᠠᠭᠠᠨ ᠵᠣᠬᠢᠶᠠᠭᠰᠠᠨ ᠭᠡᠳᠡᠭ《ᠣᠢᠷᠠᠳ ᠨᠤᠲᠤᠭ》 ᠳᠠᠭᠤᠤ ᠪᠠᠷ ᠰᠢᠨᠵᠢᠶᠠᠩ ᠳ᠋ᠠᠬᠢ ᠰᠤᠷᠪᠤᠯᠵᠢᠯᠠᠭ᠎ᠠ ᠶ᠋ᠢᠨ ᠠᠶᠠᠨ ᠤ᠋ ᠪᠠᠨ ᠰᠢᠭᠦᠷᠭᠡᠢ ᠰᠡᠳᠬᠢᠭᠳᠡᠯ ᠢ᠋ ᠵᠢᠷᠭᠠᠭᠠᠶ᠎ᠠ᠃ 

ᠦᠰᠦᠷᠦᠭᠰᠡᠨ ᠴᠢᠰᠤᠨ
ᠲᠠᠰᠤᠷᠠᠭᠰᠠᠨ ᠮᠢᠬᠠᠨ
ᠤᠭ ᠠ᠋ᠴᠠ ᠪᠢᠳᠡ ᠨᠢᠭᠡ ᠬᠡᠯᠡ ᠲᠡᠢ
ᠨᠡᠭᠦᠭᠡᠳ ᠶᠠᠪᠤᠭᠰᠠᠨ
ᠲᠠᠨ ᠢ᠋ ᠪᠡᠨ ᠰᠠᠨᠠᠭᠠᠳ
ᠨᠢᠳᠦᠨ ᠳ᠋ᠦ᠍ ᠮᠢᠨᠦ ᠨᠢᠯᠪᠤᠰᠤ ᠳᠦᠭᠦᠷᠦᠨ᠎ᠡ
ᠤᠯᠠᠭᠠᠨ ᠴᠢᠷᠠᠢ ᠲᠠᠢ ᠲᠥᠷᠥᠯ ᠦ᠋ᠳ ᠮᠢᠨᠢ
ᠤᠯᠠᠭᠠᠨ ᠵᠠᠯᠠᠭ᠎ᠠ ᠲᠠᠢ ᠣᠢᠷᠠᠳ ᠮᠣᠩᠭᠣᠯ ᠮᠢᠨᠦ
ᠡᠷᠭᠢᠭᠡᠳ ᠬᠠᠷᠢᠬᠤ ᠳ᠋ᠠᠭᠠᠨ
ᠪᠠᠶᠠᠷᠯᠠᠭᠠᠳ ᠬᠠᠷᠢᠨ᠎ᠠ
ᠪᠤᠴᠠᠭᠠᠳ ᠢᠷᠡᠬᠦ ᠳ᠋ᠡᠭᠡᠨ
ᠳᠠᠭᠤᠯᠠᠭᠠᠳ ᠢᠷᠡᠨ᠎ᠡ ᠪᠢ
ᠬᠠᠢᠷᠠᠲᠠᠢ ᠲᠠ ᠨᠠᠷ ᠲᠠᠢ ᠪᠠᠨ ᠠᠳᠠ ᠰᠠᠭᠤᠭᠠᠳ
ᠡᠵᠢ ᠶ᠋ᠢᠨ ᠴᠢᠨᠠᠭᠰᠠᠨ ᠴᠠᠢ ᠪᠠᠨ ᠤᠤᠭᠤᠨ᠎ᠠ
ᠤᠯᠠᠭᠠᠨ ᠴᠢᠷᠠᠢ ᠲᠠᠢ ᠲᠥᠷᠥᠯ ᠦ᠋ᠳ ᠮᠢᠨᠢ
ᠤᠯᠠᠭᠠᠨ ᠵᠠᠯᠠᠭ᠎ᠠ ᠲᠠᠢ ᠣᠢᠷᠠᠳ ᠮᠣᠩᠭᠣᠯ ᠮᠢᠨᠢ!
———————————————————
ᠰᠡᠮᠫᠢᠯ— ᠠᠷᠢᠶ᠎ᠠ ᠰᠡᠮᠫᠢᠯ ᠬᠣᠶᠠᠷ ᠢ᠋ ᠬᠤᠪᠤᠭᠰᠠᠢᠷᠢ ᠨᠤᠲᠤᠭ ᠤ᠋ᠨ ᠬᠠᠮᠠᠭᠠᠯᠠᠭᠴᠢ ᠰᠠᠬᠢᠭᠤᠯᠰᠤ ᠭᠡᠳᠡᠭ᠃
    ᠦᠰᠦᠭ ᠠᠮᠢᠯᠠᠭᠤᠯᠤᠭᠴᠢ᠄ ᠢᠳᠰᠢᠩᠬᠣᠷᠯᠣ᠂ ᠪᠠᠯ᠂ ᠱᠠᠭᠰᠠᠯ ᠂ ᠤᠷᠠᠨᠴᠢᠮᠡᠭ ᠂ ᠸᠠᠩ᠂ᠪᠠᠳᠮ᠎ᠠ ᠂ ᠪᠠᠶᠠᠨᠰᠡᠷᠡᠩ ᠂ ᠣᠶᠤᠨᠪᠠᠲᠤ᠂ ᠰᠤᠳᠤᠯᠲᠤ᠂ ᠡᠷᠳᠡᠨᠢᠭᠤᠸ᠎ᠠ᠂ ᠠᠯᠲᠠᠨᠱᠠ᠂ ᠪᠠᠶᠠᠨᠴᠡᠴᠡᠭ ᠂
   ᠬᠢᠨᠠᠭᠴᠢ ᠪᠠᠭᠰᠢ᠄ ᠭᠠᠷᠮ᠎ᠠ᠂ ᠪᠠᠯ᠂ ᠰᠡᠬᠡᠭᠡᠷᠡᠯ᠂ ᠠᠯᠲᠠᠨᠱᠠ᠂ ᠭᠠᠷᠮ᠎ᠠ᠂ ᠡᠷᠳᠡᠨᠢᠭᠤᠸ᠎ᠠ ᠂ ᠤᠷᠠᠨᠲᠠᠨ᠎ᠠ᠂ ᠣᠳᠬᠠᠨᠰᠣ᠎ᠠ