ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠭᠤᠷᠪᠠ) Сэрүүхэн тал нутаг–<свис> Вальтер Босгард (Walter Bosshard)- Дөрөвдүгээр бөлөг 3
ᠭᠤᠷᠪᠠ ᠂ ᠨᠠᠢ᠍ᠮᠠ ᠶ᠋ᠢᠨ ᠠᠭᠤᠯᠠᠨ ᠠ᠋ᠴᠠ ᠢᠯᠡᠭᠡᠭᠰᠡᠨ ᠵᠠᠬᠢᠳᠠᠯ
ᠬᠠᠢᠷᠠᠲᠤ ᠮᠢᠨᠢ ᠂ ᠵᠢᠵᠢᠭᠬᠡᠨ ᠽᠧᠦ ᠽᠧᠦ ᠮᠢᠨᠢ ᠄
ᠬᠣᠲᠠ ᠶ᠋ᠢᠨ ᠵᠢᠵᠢᠭᠬᠡᠨ ᠬᠡᠦᠬᠡᠳ ᠦ᠋ᠳ ᠶᠠᠮᠠᠷ ᠨᠢᠭᠡᠨ ᠰᠡᠭᠦᠳᠡᠷ ᠲᠦ᠍ ᠰᠠᠭᠤᠵᠠᠭᠠᠵᠤ᠂ ᠣᠬᠣᠷᠬᠠᠨ ᠪᠥᠭᠡᠳ ᠠᠮᠢᠵᠢᠷᠠᠯ ᠤ᠋ᠨ ᠬᠦᠴᠦᠨ ᠪᠢᠯᠬᠠᠮ᠎ᠠ ᠬᠠᠪᠤᠷ ᠢ᠋ ᠬᠦᠰᠡᠨ ᠪᠠᠷᠠᠯᠠᠬᠤ ᠪᠤᠶᠤ ᠨᠠᠮᠤᠷ ᠤ᠋ᠨ ᠨᠠᠯᠠᠭᠠᠷ ᠰᠠᠢᠬᠠᠨ ᠡᠳᠦᠷ ᠢ᠋ ᠪᠣᠳᠣᠵᠤ ᠪᠠᠢᠬᠤ ᠮᠠᠭᠠᠳ᠃ ᠡᠰᠡᠪᠡᠯ ᠲᠡᠳᠡ ᠡᠨᠡ ᠬᠠᠯᠠᠭᠤᠨ ᠳ᠋ᠤ᠌ ᠶᠠᠭᠤ ᠴᠤ᠌ ᠪᠣᠳᠣᠭ᠎ᠠ ᠦᠭᠡᠢ ᠪᠠᠢᠵᠤ ᠪᠣᠯᠤᠨ᠎ᠠ ᠳᠠ᠃ ᠶᠠᠭᠤᠨ ᠳ᠋ᠤ᠌ ᠴᠢ ᠮᠢᠨᠢ ᠨᠠᠳᠠ ᠲᠠᠢ ᠴᠣᠭ ᠬᠦᠷᠴᠦ ᠢᠷᠡᠭᠰᠡᠨ ᠦᠭᠡᠢ ᠪᠣᠢ ? ᠣᠯᠠᠨ ᠠᠷᠪᠢᠨ ᠰᠢᠮᠠᠭᠤᠯ ᠪᠣᠯᠤᠨ ᠰᠠᠯᠬᠢᠨ ᠤ᠋ ᠠᠶ᠎ᠠ ᠪᠠᠷ ᠦᠨᠦᠷᠲᠦᠬᠦ ᠲᠡᠮᠡᠭᠡᠨ ᠦ᠌ ᠰᠢᠭᠡᠭ ᠦ᠋ᠨ ᠦᠨᠦᠷ ᠡᠴᠡ ᠠᠶᠤᠭᠠᠳ ᠡᠰᠡ ᠢᠷᠡᠯ᠎ᠡ ᠭᠡᠬᠦ ᠶᠦᠮ᠃ ᠡᠨᠡ ᠪᠣᠯ ᠬᠤᠳᠠᠯ ! ᠰᠢᠮᠠᠭᠤᠯ ᠤ᠋ᠳ ᠪᠦᠭᠦᠳᠡ ᠡᠪᠦᠯ ᠦ᠋ᠨ ᠢᠴᠡᠭᠡᠨ ᠡᠴᠡ ᠪᠡᠨ ᠭᠠᠷᠤᠭ᠎ᠠ ᠦᠭᠡᠢ ᠪᠠᠢᠬᠤ ᠮᠠᠶᠢᠭᠲᠠᠢ ᠪᠥᠭᠡᠳ ᠲᠡᠮᠡᠭᠡ ᠭᠡᠳᠡᠭ ᠠᠮᠢᠲᠠᠨ ᠡᠨᠡ ᠣᠢᠷ᠎ᠠ ᠣᠷᠴᠢᠮ ᠳ᠋ᠤ᠌ ᠪᠠᠷ᠎ᠠ ᠰᠤᠷᠠᠭ ᠭᠡᠵᠦ ᠠᠯᠠᠭ᠎ᠠ᠃ ᠭᠡᠬᠦ ᠳ᠋ᠦ᠍ ᠲᠡᠭᠦᠨ ᠦ᠌ ᠬᠣᠷᠭᠣᠯ ᠨᠢ ᠬᠠᠷᠢᠨ ᠠᠳᠠ ᠬᠠᠮᠤᠭ ᠤ᠋ᠨ ᠰᠠᠢᠨ ᠲᠦᠯᠡᠰᠢ ᠪᠠᠢᠵᠤ᠂ ᠪᠢ ᠲᠡᠭᠦᠨ ᠢ᠋ᠶ᠋ᠡᠷ ᠡᠳᠦᠷ ᠲᠤᠵᠢ ᠳᠤᠯᠠᠭᠠᠴᠠᠵᠤ ᠪᠠᠢᠭ᠎ᠠ ( ᠵᠢᠷᠤᠭ 74 ) ᠶᠤᠮᠰᠠᠨ᠃
ᠨᠠᠢ᠍ᠮᠠ ᠶ᠋ᠢᠨ ᠠᠭᠤᠯᠠ ᠶ᠋ᠢ ᠪᠢ ᠬᠠᠮᠤᠭ ᠤ᠋ᠨ ᠰᠠᠢᠬᠠᠨ ᠵᠤᠰᠠᠯᠠᠩ ᠤ᠋ᠨ ᠭᠠᠵᠠᠷ ᠭᠡᠵᠦ ᠬᠡᠯᠡᠪᠡᠯ ᠴᠢ ᠯᠠᠪ ᠨᠠᠮᠠᠶ᠋ᠢ ᠬᠡᠲᠦᠷᠡᠭᠦᠯᠵᠦ ᠪᠠᠢᠨ᠎ᠠ ᠭᠡᠵᠦ ᠬᠡᠯᠡᠬᠦ ᠶ᠋ᠢ ᠮᠡᠳᠡᠵᠦ ᠪᠠᠢᠨ᠎ᠠ᠃ ᠭᠡᠬᠦ ᠳ᠋ᠦ᠍ ᠴᠢ ᠬᠡᠷᠪᠡ ᠪᠡᠶ᠎ᠡ ᠪᠡᠷ ᠢ᠋ᠶ᠋ᠡᠨ ᠠᠳᠠ ᠬᠦᠷᠦᠯᠴᠡᠨ ᠢᠷᠡᠭᠰᠡᠨ ᠪᠣᠯ ᠮᠢᠨᠦ ᠶᠠᠷᠢᠭᠰᠠᠨ ᠢ᠋ ᠵᠥᠪ ᠭᠡᠵᠦ ᠵᠥᠪᠰᠢᠶᠡᠷᠡᠬᠦ ᠯᠡ ᠪᠣᠯᠤᠨ᠎ᠠ᠃ ᠠᠳᠠ ᠶᠠᠭᠤᠮ᠎ᠠ ᠪᠦᠬᠦᠨ ᠪᠦᠷ ᠪᠠᠢᠭ᠎ᠠ᠃ ᠠᠪᠠᠷᠢᠬᠤ ᠳ᠋ᠤ᠌ ᠠᠭᠤᠯᠠ ᠲᠠᠢ᠂ ᠬᠠᠲᠠᠷᠢᠭᠤᠯᠬᠤ ᠳ᠋ᠤ᠌ ᠲᠠᠯ᠎ᠠ ᠲᠠᠢ ( ᠵᠢᠷᠤᠭ 1᠂ 69 ) ᠂ ᠴᠢᠨᠣ᠎ᠠ ᠡᠭᠦᠷᠯᠡᠭᠰᠡᠨ ᠬᠠᠪᠴᠢᠯ ᠵᠢᠯᠠᠭ᠎ᠠ ᠲᠠᠢ᠂ ᠠᠯᠫᠠᠰ ᠠᠭᠤᠯᠠ ᠶ᠋ᠢᠨ ᠰᠠᠢᠬᠠᠨ ᠴᠡᠴᠡᠭ ᠳᠡᠯᠭᠡᠷᠡᠭᠰᠡᠨ ᠠᠰᠬ᠎ᠠ ᠬᠠᠲᠠᠳ ᠲᠠᠢ᠂ ᠡᠭᠦᠯᠳᠡᠷ ᠰᠠᠢᠲᠠᠢ ᠮᠣᠷᠢᠳ ᠲᠠᠢ᠂ ᠤᠤᠭᠤᠵᠤ ᠢᠳᠡᠬᠦ ᠳ᠋ᠦ᠍ ᠰᠢᠨᠡᠬᠡᠨ ᠰᠦ ( ᠵᠢᠷᠤᠭ 110 ) ᠴᠠᠭᠠᠨ ᠢᠳᠡᠭᠡ ᠲᠡᠢ᠃ ᠨᠢᠭᠡ ᠯᠡ ᠦᠭᠡ ᠪᠡᠷ ᠬᠡᠯᠡᠪᠡᠯ ᠲᠡᠭᠷᠢ ᠶ᠋ᠢᠨ ᠣᠷᠳᠣᠨ ᠭᠡᠵᠦ ᠮᠡᠳᠡ ᠠ᠋ ! ᠴᠢᠨᠦ ᠤᠰᠤᠨ ᠳ᠋ᠤ᠌ ᠤᠮᠪᠠᠵᠤ ᠳᠡᠢᠯᠦᠨ᠎ᠡ ᠤᠤ ? ᠭᠡᠵᠦ ᠠᠰᠠᠭᠤᠬᠤ ᠨᠢ ᠰᠣᠨᠣᠰᠳᠠᠬᠤ ᠰᠢᠭ᠋ ᠪᠠᠢᠨ᠎ᠠ᠃ ᠲᠡᠢᠮᠦ ᠠ᠋ ! ᠭᠦᠨ ᠬᠤᠳᠳᠤᠭ ᠠ᠋ᠴᠠ ᠳᠡᠰ ᠬᠦᠢᠲᠡᠨ ᠤᠰᠤ ᠲᠡᠳᠡᠨ ᠭᠠᠷᠭᠠᠵᠤ ᠪᠣᠢ ᠪᠥᠭᠡᠳ ᠶᠡᠬᠡ ᠣᠩᠭᠣᠴᠠᠨ ᠳ᠋ᠤ᠌ ᠬᠢᠭᠡᠳ ᠮᠠᠯ ᠤᠰᠤᠯᠠᠳᠠᠭ᠃ ᠤᠰᠤᠯᠠᠭᠰᠠᠨ ᠤ᠋ ᠳᠠᠷᠠᠭ᠎ᠠ ᠤᠰᠤᠨ ᠳ᠋ᠤ᠌ ᠣᠷᠣᠵᠤ ᠪᠣᠯᠤᠨ᠎ᠠ ᠯᠠ ᠳᠠ᠂ ᠭᠡᠬᠦ ᠳ᠋ᠦ᠍ ᠤᠮᠪᠠᠨ᠎ᠠ ᠭᠡᠪᠡᠯ ᠪᠠᠭᠠᠳᠠᠨ᠎ᠠ ᠪᠠᠢᠬᠤ᠃ ᠳᠡᠯᠡᠬᠡᠢ ᠶᠢᠷᠲᠢᠨᠴᠦ ᠶ᠋ᠢᠨ ᠬᠥᠮᠦᠰ ᠦ᠋ᠨ ᠲᠠᠨᠢᠬᠤ ᠦᠭᠡᠢ ᠵᠦᠢᠯᠡᠰ ᠨᠢ ᠪᠦᠷ ᠡᠨᠳᠡ ᠪᠠᠢᠭ᠎ᠠ ᠭᠡᠵᠦ ᠪᠣᠳᠣᠭᠠᠴᠢ ᠳᠠ !
ᠨᠡᠭᠡᠷᠡᠨ ᠪᠢ ᠷᠠᠰᠢ ᠶ᠋ᠢ ᠶᠠᠷᠢᠬᠤ ᠪᠠᠨ ᠮᠠᠷᠲᠠᠬᠤ ᠰᠢᠬᠠᠯ᠎ᠠ᠃ ᠮᠢᠨᠦ ᠦᠨᠡᠨᠴᠢ ᠬᠠᠨᠢ ᠪᠥᠭᠡᠳ ᠰᠠᠢᠨ ᠨᠠᠢᠵᠠ ᠷᠠᠰᠢ ᠶ᠋ᠢ ᠴᠢ ᠴᠦ᠍ ᠲᠠᠨᠢᠨ᠎ᠠ ᠰᠢᠦ ᠳᠡ᠃ ᠲᠡᠷᠡ ᠮᠠᠨᠢ ᠲᠠᠩᠳᠠ ᠪᠤᠷᠬᠠᠨ ᠤ᠋ ᠣᠷᠣᠨ ᠤᠲᠠᠢ ᠳ᠋ᠤ᠌ ᠮᠥᠷᠭᠥᠯ ᠬᠢᠬᠦ ᠪᠡᠷ ᠶᠠᠪᠤᠨ᠎ᠠ ᠭᠡᠵᠦ ᠬᠦᠰᠡᠳᠡᠭ ᠪᠥᠭᠡᠳ ᠣᠳᠣ ᠬᠠᠷᠢᠨ ᠶᠠᠭ ᠲᠡᠭᠦᠨ ᠤ ᠡᠰᠡᠷᠭᠦ ᠴᠢᠭᠯᠡᠯ ᠢ᠋ᠶ᠋ᠡᠷ ᠵᠡᠭᠦᠨᠰᠢᠯᠡᠵᠦ᠂ ᠨᠢᠭᠡ ᠰᠠᠢᠬᠠᠨ ᠪᠡᠯᠴᠢᠭᠡᠷ ᠤᠰᠤ ᠲᠠᠢ ᠭᠠᠵᠠᠷ ᠢ ᠣᠯᠵᠤ ᠠᠪᠤᠪᠠ ( ᠵᠢᠷᠤᠭ 70 ) ᠃ ᠲᠡᠭᠦᠨ ᠤ ᠭᠡᠷ ᠮᠢᠨᠦ ᠠᠳᠠ ᠠ᠋ᠴᠠ ᠮᠠᠰᠢᠨ ᠢ᠋ᠶ᠋ᠠᠷ ᠬᠣᠶᠠᠷ ᠴᠠᠭ ᠠᠶᠠᠯᠠᠬᠤ ᠵᠠᠢᠲᠠᠢ ᠪᠥᠭᠡᠳ ᠲᠡᠨᠳᠡ ᠰᠠᠷᠵᠢ ᠪᠣᠯᠤᠨ ᠬᠣᠩᠭᠣᠷ ᠭᠠᠮᠰᠢᠭ ᠢ ᠲᠤᠭᠤᠯᠤᠭᠰᠠᠨ ᠬᠣᠨᠢ ᠪᠣᠯᠤᠨ ᠬᠡᠳᠦᠨ ᠠᠳᠤᠭᠤ ᠪᠠᠨ ᠮᠠᠯᠵᠢᠵᠤ ᠪᠣᠢ᠃
ᠪᠢ ᠠᠳᠠ ᠢᠷᠡᠭᠰᠡᠨ ᠠᠩᠬᠠᠨ ᠤ᠋ ᠡᠳᠦᠷ ᠲᠡᠭᠡᠨ ᠷᠠᠰᠢ ᠳ᠋ᠤ᠌ ᠬᠥᠮᠦᠨ ᠢᠯᠡᠭᠡᠵᠦ ᠮᠡᠳᠡᠭᠳᠡᠪᠡ ᠃ ᠮᠥᠨ ᠣᠷᠣᠢ ᠳ᠋ᠤᠨᠢ ᠡᠷᠡᠭᠦᠯ ᠴᠢᠭᠢᠷᠠᠭ ᠭᠢᠯᠠᠯᠵᠠᠭᠰᠠᠨ ᠪᠣᠷᠣ ᠴᠢᠷᠠᠢ ᠲᠠᠢ ᠲᠡᠷᠡ ᠡᠭᠦᠳᠡᠨ ᠳ᠋ᠦ᠍ ᠮᠢᠨᠢ ᠵᠣᠭᠰᠣᠵᠤ ᠪᠠᠢᠯ᠎ᠠ᠃ ᠮᠢᠨᠦ ᠲᠥᠯᠥᠭᠡ ᠰᠡᠳᠬᠢᠯ ᠠᠯᠭᠠᠰᠠᠵᠤ ᠪᠠᠢᠭᠰᠠᠨ ᠢ ᠨᠢ ᠬᠡᠯᠡᠬᠦ ᠤᠤ ! ᠲᠡᠷᠡ ᠮᠢᠨᠦ ᠱᠠᠰᠢᠨ ᠰᠤᠷᠲᠠᠯᠴᠢᠯᠠᠭᠴᠢ ᠶ᠋ᠢᠨ ᠲᠡᠨᠳᠡ ᠵᠣᠬᠢᠴᠠᠭᠤᠯᠤᠭᠰᠠᠨ ᠪᠠᠢᠷᠢ ᠶ᠋ᠢ ᠬᠠᠷᠠᠭᠠᠳ ᠠᠭᠤᠷᠲᠠᠢ ᠪᠠᠷ ᠨᠠᠳᠠ ᠤᠷᠤᠭᠤ : 《ᠴᠢ ᠲᠡᠭᠡᠭᠡᠳ ᠡᠨᠡ ᠴᠠᠭᠠᠨ ᠲᠡᠮᠦᠷ ᠬᠠᠪᠲᠠᠰᠤᠨ ᠣᠷᠣᠢ ᠲᠠᠢ ᠪᠠᠢᠰᠢᠩ ᠳ᠋ᠤ᠌ ᠠᠮᠢᠳᠤᠷᠠᠨ᠎ᠠ ᠭᠡᠵᠦ ᠪᠠᠢᠬᠤ ᠶᠤᠮ ᠤᠤ ? ᠪᠢ ᠴᠢᠨᠢ ᠴᠢᠮᠠᠶ᠋ᠢ ᠮᠣᠩᠭᠣᠯ ᠶᠣᠰᠣ ᠪᠠᠷ ᠠᠮᠢᠳᠤᠷᠠᠨ᠎ᠠ ᠭᠡᠵᠦ ᠪᠣᠳᠣᠭᠰᠠᠨ ᠠ᠋᠂ ᠲᠡᠭᠡᠪᠡᠯ ᠴᠢᠮ᠎ᠠ ᠳ᠋ᠤ᠌ ᠵᠠᠪᠠᠯ ᠨᠢᠭᠡ ᠭᠡᠷ ᠪᠠᠢᠬᠤ ᠬᠡᠷᠡᠭᠲᠡᠢ 》ᠭᠡᠵᠦ ᠶᠠᠷᠢᠯ᠎ᠠ᠃ ᠪᠢ ᠲᠡᠭᠦᠨ ᠳ᠋ᠦ᠍ ᠡᠨᠡ ᠴᠦ᠍ ᠦᠨᠡᠨ ᠭᠡᠬᠦ ᠳ᠋ᠦ᠍ ᠲᠡᠷᠡ ᠬᠠᠷᠢᠨ ᠨᠠᠳᠠ ᠭᠣᠶᠣ ᠰᠠᠢᠬᠠᠨ ᠰᠢᠨ᠎ᠡ ᠭᠡᠷ ᠠᠪᠴᠢᠷᠠᠵᠤ ᠥᠭᠭᠦᠶ᠎ᠡ ᠭᠡᠵᠦ ᠶᠠᠷᠢᠯ᠎ᠠ᠃ ᠲᠡᠷᠡ᠄ 《ᠲᠡᠷᠡ ᠪᠣᠯ ᠠᠯᠲᠠᠨᠴᠡᠴᠡᠭ ᠦ᠋ᠨ ᠶᠦᠮ᠂ ᠲᠡᠭᠦᠨ ᠢ ᠠᠳᠠ ᠠᠪᠴᠢᠷᠠᠬᠤ ᠬᠡᠷᠡᠭᠲᠡᠢ 》ᠭᠡᠯᠡ᠃《ᠬᠡᠨ ᠨᠢ ᠲᠡᠭᠡᠭᠡᠳ ᠠᠯᠲᠠᠨᠴᠡᠴᠡᠭ ᠪᠣᠯᠪᠠ ? 》ᠭᠡᠵᠦ ᠨᠠᠮᠠᠶ᠋ᠢ ᠠᠰᠠᠭᠤᠬᠤ ᠳ᠋ᠤ᠌ ᠲᠡᠷᠡ ᠡᠬᠢᠨ ᠳ᠋ᠡᠭᠡᠨ ᠰᠠᠷᠵᠢ ᠶ᠋ᠢᠨ ᠥᠬᠢᠨ ᠳᠡᠭᠦᠦ ᠨᠢ ᠭᠡᠵᠦ ᠰᠡᠭᠦᠯᠡᠷ ᠨᠢ ᠠᠬᠢᠭᠠᠳ ᠵᠠᠰᠠᠵᠤ : 《ᠪᠢᠰᠢ᠂ ᠵᠢᠩᠬᠢᠨᠢ ᠥᠬᠢᠨ ᠳᠡᠭᠦᠦ ᠨᠢ ᠪᠢᠰᠢ᠂ ᠭᠡᠬᠦ ᠳ᠋ᠡᠭᠡᠨ ᠪᠠᠷᠤᠭ ᠣᠢᠷᠠᠯᠴᠠᠭ᠎ᠠ 》 ᠭᠡᠯᠡ᠃ ᠪᠢ ᠲᠡᠭᠦᠨ ᠳ᠋ᠦ᠍ ᠰᠠᠳᠤᠨ ᠲᠥᠷᠥᠯ ᠨᠢ ᠪᠠᠢᠬ᠎ᠠ ᠭᠡᠵᠦ ᠶᠠᠷᠢᠬᠤ ᠪᠠᠷ ᠲᠡᠷᠡ :《ᠶᠠᠭ ᠮᠥᠨ᠂ ᠨᠢᠭᠡ ᠰᠠᠳᠤᠨ ᠪᠣᠯᠬᠤ ᠪᠥᠭᠡᠳ ᠣᠳᠣ ᠪᠠᠨᠳᠢᠩ ᠲᠠᠢ ᠬᠤᠷᠢᠮᠯᠠᠬᠤ ᠪᠣᠯᠵᠠᠢ᠃ ᠪᠠᠨᠳᠢᠩ ᠰᠢᠨ᠎ᠡ ᠭᠡᠷ ᠪᠡᠯᠡᠳᠴᠦ᠂ ᠠᠯᠲᠠᠨᠴᠡᠴᠡᠭ ᠥᠴᠥᠭᠡᠳᠦᠷ ᠬᠠᠮᠤᠭ ᠤ᠋ᠨ ᠰᠡᠭᠦᠯ ᠦ᠋ᠨ ᠨᠢᠭᠡ ᠬᠡᠰᠡᠭ ᠢ ᠣᠶᠣᠵᠤ ᠳᠠᠭᠤᠰᠬᠠᠭᠰᠠᠨ ᠶᠤᠮ》ᠭᠡᠯᠡ᠃ ᠷᠠᠰᠢ ᠲᠡᠳᠡᠨ ᠤ ᠰᠢᠨ᠎ᠡ ᠭᠡᠷ ᠢ ᠨᠠᠳᠠ ᠳ᠋ᠤ᠌ ᠥᠭᠬᠦ ᠪᠣᠯᠤᠭᠰᠠᠨ ᠢ᠋ᠶ᠋ᠠᠷ ᠣᠳᠣ ᠲᠡᠳᠡᠨ ᠤ ᠬᠤᠷᠢᠮ ᠢ ᠬᠣᠢᠰᠢᠯᠠᠭᠤᠯᠬᠤ ᠬᠡᠷᠡᠭᠲᠡᠢ ᠪᠣᠯᠵᠠᠢ᠃
ᠦᠳᠡᠰᠢ ᠨᠡᠯᠢᠶᠡᠳ ᠣᠷᠣᠢ ᠪᠣᠯᠤᠭᠰᠠᠨ ᠤ᠋ ᠬᠣᠢᠨ᠎ᠠ ᠲᠡᠷᠡ ᠮᠣᠷᠢᠨ ᠳ᠋ᠠᠭᠠᠨ ᠮᠣᠷᠳᠠᠭᠠᠳ ᠭᠡᠷ ᠲᠡᠭᠡᠨ ᠪᠤᠴᠠᠪᠠ᠃ ᠮᠠᠷᠭᠠᠰᠢ ᠨᠢ ᠬᠣᠶᠠᠷ ᠦᠬᠡᠷ ᠲᠡᠷᠭᠡ ᠪᠡᠷ ᠨᠠᠳᠠ ᠳ᠋ᠤ᠌《ᠰᠢᠯᠵᠢᠭᠦᠯᠵᠦ ᠪᠣᠯᠳᠠᠭ ᠪᠠᠢᠰᠢᠩ 》 ᠪᠣᠯᠤᠨ ᠵᠢᠴᠢ ᠠᠮᠢᠳᠤᠷᠠᠯ ᠳ᠋ᠤ᠌ ᠬᠡᠷᠡᠭᠴᠡᠭᠡ ᠲᠡᠢ ᠴᠢᠬᠤᠯᠠ ᠵᠦᠢᠯᠡᠰ ᠢ ᠠᠪᠴᠢᠷᠠᠵᠠᠢ᠃ ᠪᠢ ᠲᠡᠷᠡ ᠳᠣᠣᠷ᠎ᠠ ᠪᠠᠨ ᠬᠠᠮᠤᠭ ᠠ᠋ᠴᠠ ᠲᠣᠭᠣᠭᠰᠠᠨ ᠨᠣᠭᠣᠭᠠᠨ ᠲᠠᠯ᠎ᠠ ᠶ᠋ᠢᠨ ᠳᠤᠮᠳᠠᠬᠢ ᠭᠠᠵᠠᠷ ᠢ ᠰᠣᠩᠭᠣᠨ ᠬᠠᠨ᠎ᠠ ᠣᠨᠢ ᠨᠤᠭᠤᠳ ᠢ ᠬᠣᠯᠪᠣᠵᠤ ᠡᠬᠢᠯᠡᠪᠡ᠃ ᠳᠠᠷᠠᠭ᠎ᠠ ᠨᠢ ᠴᠠᠰᠤ ᠴᠠᠭᠠᠨ ᠢᠰᠡᠭᠡᠢ ᠪᠡᠷ ᠪᠦᠲᠡᠭᠡᠵᠦ᠂ ᠨᠢᠭᠡ ᠴᠠᠭ ᠰᠢᠬᠠᠮ ᠤ᠋ᠨ ᠳᠣᠲᠣᠷ᠎ᠠ ᠮᠢᠨᠦ ᠭᠡᠷ ᠣᠷᠣᠵᠤ ᠰᠠᠭᠤᠬᠤ ᠳ᠋ᠤ᠌ ᠪᠡᠯᠡᠬᠡᠨ ᠪᠣᠯᠪᠠ᠃
ᠬᠠᠨ᠎ᠠ ᠳᠠᠭᠠᠭᠤᠯᠤᠨ ᠰᠤᠪᠤᠷᠠᠭᠤᠯᠤᠨ ᠲᠠᠯᠪᠢᠭᠰᠠᠨ ᠬᠡᠳᠦᠨ ᠪᠣᠭᠣᠨᠢᠬᠠᠨ ᠠᠪᠳᠠᠷ᠎ᠠ ᠶ᠋ᠢ ᠴᠢ ᠪᠠᠢᠭᠰᠠᠨ ᠪᠣᠯ ᠯᠠᠪ ᠰᠣᠯᠢᠬᠤ ᠪᠠᠢᠬ᠎ᠠ ᠳᠠ᠃ ᠨᠢᠭᠡ ᠬᠢᠲᠠᠳ ᠵᠢᠷᠤᠭᠠᠴᠢ ᠵᠢᠷᠤᠵᠤ ᠪᠤᠳᠤᠭᠯᠠᠵᠠᠢ᠃ ᠲᠡᠷᠡ ᠵᠢᠷᠤᠭᠠᠴᠢ ᠮᠠᠨᠢ ᠪᠠᠢᠳᠠᠭ ᠮᠠᠭᠤᠬᠠᠢ ᠥᠩᠭᠡ ᠪᠡᠷ ᠡᠷᠦᠢ ᠬᠤᠷᠤᠢ ᠦᠭᠡᠢ ᠪᠢᠯᠳᠠᠭᠰᠠᠨ ᠪᠥᠭᠡᠳ ᠬᠠᠴᠢᠨ ᠰᠣᠨᠢᠨ ᠠᠮᠢᠲᠠᠨ ᠤ᠋ ᠵᠢᠷᠤᠭ ᠵᠢᠷᠤᠵᠠᠢ᠃ ᠣᠳᠣ ᠪᠢ ᠴᠦ᠍ ᠭᠡᠰᠡᠨ ᠠᠭᠠᠵᠢᠮ ᠳ᠋ᠠᠭᠠᠨ ᠲᠡᠷᠡ ᠥᠩᠭᠡ ᠵᠢᠷᠤᠭ ᠲᠤ᠌ ᠲᠡᠰᠴᠦ᠂ ᠰᠠᠢᠬᠠᠨ ᠭᠡᠵᠦ ᠬᠡᠯᠡᠬᠦ ᠳ᠋ᠦ᠍ ᠣᠢᠷᠠᠳᠴᠤ ᠪᠣᠢ᠃ ᠲᠠᠪᠢᠨ ᠵᠢᠯ ᠦ᠋ᠨ ᠳᠠᠷᠠᠭ᠎ᠠ ᠭᠡᠬᠦ ᠳ᠋ᠦ᠍ ᠤᠲᠤᠭ᠎ᠠ ᠲᠣᠭᠣᠰᠣᠨ ᠳ᠋ᠤ᠌ ᠳᠠᠷᠤᠭᠳᠠᠭᠰᠠᠨ ᠡᠨᠡ ᠠᠪᠳᠠᠷ᠎ᠠ ᠬᠣᠷᠭᠣ ᠨᠤᠭᠤᠳ ᠦᠨᠡᠲᠡᠢ ᠭᠣᠶᠣ ᠡᠳ᠋ᠯᠡᠯ ᠪᠣᠯᠬᠤ ᠪᠣᠯᠤᠨ᠎ᠠ᠂ ᠭᠡᠬᠦ ᠳ᠋ᠡᠭᠡᠨ ᠲᠡᠳᠡ ᠨᠠᠷᠠ ᠰᠠᠯᠬᠢᠨ ᠤ᠋ ᠳᠤᠮᠳᠠ ᠲᠠᠯ᠎ᠠ ᠨᠤᠲᠤᠭ ᠳᠡᠭᠡᠷ᠎ᠡ ᠬᠡᠳᠦᠨ ᠵᠠᠭᠤᠨ ᠤᠳᠠᠭ᠎ᠠ ᠯᠠᠪᠲᠠᠢ ᠨᠠᠭᠠᠰᠢ ᠴᠠᠭᠠᠰᠢ ᠵᠥᠭᠡᠭᠡᠪᠦᠷᠢᠯᠡᠭᠳᠡᠬᠦ ᠪᠣᠯᠤᠨ᠎ᠠ ᠳᠠ᠃
ᠬᠥᠰᠡᠷ ᠲᠡᠭᠡᠨ ᠨᠢᠮᠭᠡᠬᠡᠨ ᠢᠰᠡᠭᠡᠢ ᠳᠡᠪᠢᠰᠴᠦ᠂ ᠭᠡᠷ ᠦ᠋ᠨ ᠭᠣᠣᠯ ᠳ᠋ᠤ᠌ ᠠᠷᠭᠠᠯ ᠤ᠋ᠨ ᠭᠠᠯ ᠳᠦᠷᠡᠯᠵᠡᠵᠦ ᠪᠣᠢ᠃ ᠬᠡᠯᠡᠯᠭᠡᠨ ᠦᠭᠡᠢ ᠴᠢᠨᠦ ᠠᠶᠤᠳᠠᠭ ᠠᠷᠭᠠᠯ ᠬᠣᠷᠭᠣᠯ ᠤ᠋ᠨ ᠲᠦᠯᠡᠰᠢ ᠪᠣᠯᠤᠨ᠎ᠠ᠃ ᠡᠬᠢᠨ ᠳ᠋ᠡᠭᠡᠨ ᠭᠡᠷ ᠲᠦ᠍ ᠬᠥᠬᠡ ᠤᠲᠤᠭ᠎ᠠ ᠲᠤᠨᠤᠷᠠᠳᠠᠭ ᠪᠠᠢᠭᠰᠠᠨ ᠪᠣᠯᠪᠠᠴᠤ ᠷᠠᠰᠢ ᠨᠠᠳᠠ ᠳ᠋ᠤ᠌ ᠶᠠᠭᠠᠬᠢᠵᠤ ᠤᠲᠤᠭ᠎ᠠ ᠶ᠋ᠢ ᠲᠣᠭᠣᠨᠣ (ᠵᠢᠷᠤᠭ 71 ) ᠪᠡᠷ ᠭᠠᠷᠭᠠᠬᠤ ᠶ᠋ᠢ ᠵᠢᠭᠠᠭᠰᠠᠨ ᠠ᠋ᠴᠠ ᠬᠣᠢᠰᠢ ᠤᠲᠤᠭ᠎ᠠ ᠪᠠᠨ ᠭᠠᠷᠭᠠᠵᠤ ᠴᠢᠳᠠᠬᠤ ᠪᠣᠯᠪᠠ᠃ ᠰᠠᠯᠬᠢᠨ ᠲᠠᠯ᠎ᠠ ᠶ᠋ᠢᠨ ᠬᠠᠶᠠᠭ᠎ᠠ ᠶ᠋ᠢ ᠪᠠᠭᠠᠬᠠᠨ ᠰᠢᠭᠤᠬᠤ ᠳ᠋ᠤ᠌ ᠭᠡᠷ ᠳᠣᠲᠣᠷ᠎ᠠ ᠳᠣᠣᠷ᠎ᠠ ᠪᠠᠨ ᠴᠡᠪᠡᠷ ᠲᠤᠩᠭᠠᠯᠠᠭ ᠪᠣᠯᠵᠤ᠂ ᠭᠠᠯ ᠮᠠᠨᠢ ᠬᠠᠮᠤᠭ ᠤ᠋ᠨ ᠦᠨᠡᠲᠡᠢ ᠭᠠᠰ ᠤ᠋ᠨ ᠵᠤᠤᠬ᠎ᠠ ᠠ᠋ᠴᠠ ᠴᠤ᠌ ᠰᠠᠢᠨ ᠳᠦᠷᠡᠯᠵᠡᠨ ᠨᠣᠴᠣᠵᠤ ᠪᠠᠢᠨ᠎ᠠ᠃ ᠲᠡᠭᠡᠭᠡᠳ ᠷᠠᠰᠢ ᠪᠢᠳᠡ ᠬᠣᠶᠠᠷ ᠵᠥᠭᠡᠯᠡᠨ ᠣᠯᠪᠣᠭ ᠳᠡᠭᠡᠷ᠎ᠡ ᠰᠠᠭᠤᠵᠠᠭᠠᠪᠠ᠃ ᠣᠯᠪᠣᠭ ᠨᠢ ᠳᠥᠷᠪᠡᠯᠵᠢᠨ ᠬᠡᠯᠪᠡᠷᠢ ᠲᠡᠢ᠂ ᠤᠳᠠᠯ ᠦᠭᠡᠢ ᠰᠢᠨ᠎ᠡ ᠬᠦᠷᠭᠡᠨ ᠪᠣᠯᠬᠤ ᠭᠡᠵᠦ ᠪᠠᠢᠭ᠎ᠠ ᠮᠢᠨᠦ ᠲᠠᠨᠢᠬᠤ ᠦᠭᠡᠢ ᠪᠠᠨᠳᠢᠩ ᠲᠠᠩᠭᠤᠳ ᠯᠠᠮᠠ ᠠ᠋ᠴᠠ ᠬᠤᠳᠠᠯᠳᠤᠵᠤ ᠠᠪᠤᠭᠰᠠᠨ ᠭᠡᠨ᠎ᠡ᠃ ᠠᠯᠲᠠᠨᠴᠡᠴᠡᠭ ᠲᠡᠭᠦᠨ ᠦ᠌ ᠳᠣᠣᠷ᠎ᠠ ᠨᠢ ᠬᠥᠪᠥᠩ ᠲᠠᠯᠪᠢᠭᠰᠠᠨ ᠬᠥᠬᠡ ᠪᠥᠰ ᠭᠠᠳᠠᠷᠲᠠᠢ ᠵᠥᠭᠡᠯᠡᠨ ᠳᠡᠪᠢᠰᠬᠡᠷ ᠣᠶᠤᠨ ᠲᠠᠯᠪᠢᠵᠠᠢ᠃
ᠴᠠᠢ ᠪᠤᠴᠠᠯᠬᠤ ᠳ᠋ᠤ᠌ ᠷᠠᠰᠢ ᠶᠠᠷᠢᠵᠤ ᠡᠬᠢᠯᠡᠯ᠎ᠡ᠃ ᠰᠡᠭᠦᠯᠴᠢ ᠶ᠋ᠢᠨ ᠤᠳᠠᠭ᠎ᠠ ᠰᠠᠯᠤᠭᠰᠠᠨ ᠠ᠋ᠴᠠ ᠨᠠᠭᠠᠰᠢ ᠲᠡᠷᠡ ᠮᠠᠨᠢ ᠣᠯᠠᠨ ᠵᠦᠢᠯ ᠢ ᠥᠩᠭᠡᠷᠡᠭᠡᠭᠰᠡᠨ ᠠᠵᠢ᠃ ᠠᠩᠬᠠᠨ ᠳ᠋ᠠᠭᠠᠨ ᠲᠡᠷᠡ ᠠᠯᠢ ᠨᠢ ᠴᠢᠬᠤᠯᠠ ᠭᠡᠰᠡᠨ ᠨᠢ ᠮᠡᠳᠡᠭᠳᠡᠬᠦ ᠦᠭᠡᠢ ᠡᠷᠦᠢ ᠬᠤᠷᠤᠢ ᠦᠭᠡᠢ ᠰᠣᠯᠪᠢᠴᠠᠭᠤᠯᠤᠨ ᠶᠠᠷᠢᠵᠤ ᠪᠠᠢᠪᠠ᠃ ᠰᠣᠷᠭᠣᠭ ᠰᠠᠢᠬᠠᠨ ᠪᠡᠯᠴᠢᠭᠡᠷ ᠨᠢ ᠮᠠᠯ ᠰᠦᠷᠦᠭ ᠢ ᠶᠡᠬᠡ ᠬᠤᠷᠳᠤᠨ ᠬᠦᠴᠦ ᠲᠠᠷᠭᠤ ᠠᠪᠤᠭᠤᠯᠤᠭᠰᠠᠨ ᠪᠤᠶᠤ ᠬᠡᠳᠦᠨ ᠰᠠᠷ᠎ᠠ ᠶ᠋ᠢᠨ ᠡᠮᠦᠨ᠎ᠡ ᠲᠥᠷᠥᠭᠰᠡᠨ ᠬᠦᠦ ᠨᠢ ᠨᠢᠭᠡᠨᠲᠡ ᠭᠠᠷ ᠬᠥᠯ ᠢ᠋ᠶ᠋ᠡᠨ ᠬᠥᠳᠡᠯᠭᠡᠵᠦ᠂ ᠬᠠᠰᠬᠢᠴᠢᠵᠤ ᠴᠢᠳᠠᠬᠤ ᠪᠣᠯᠤᠭᠰᠠᠨ ᠭᠡᠬᠦ ᠮᠡᠲᠦ᠃ ᠷᠠᠰᠢ ᠮᠥᠨ ᠯᠡ ᠠᠮᠢᠳᠤᠷᠠᠯ ᠤ᠋ᠨ ᠢᠲᠡᠭᠡᠯ ᠢ᠋ᠶ᠋ᠡᠷ ᠪᠢᠯᠬᠠᠮ᠎ᠠ ᠪᠠᠢᠵᠤ᠂ ᠶᠡᠬᠡ ᠣᠯᠠᠨ ᠲᠥᠯᠥᠪᠯᠡᠭᠡ ᠵᠣᠬᠢᠶᠠᠨ᠂ ᠪᠠᠶᠠᠨ ᠡᠷᠬᠢᠮᠲᠡᠨ ᠦ᠌ ᠡᠩᠨᠡᠭᠡᠨ ᠳ᠋ᠦ᠍ ᠣᠷᠣᠬᠤ ᠪᠠᠷ ᠴᠢᠷᠮᠠᠢᠵᠤ᠂ ᠥᠪᠡᠷ ᠦ᠋ᠨ ᠮᠣᠷᠢ ᠪᠠᠷ ᠢ᠋ᠶ᠋ᠠᠨ ᠨᠠᠭᠠᠳᠤᠮ ᠳ᠋ᠤ᠌ ᠮᠠᠩᠯᠠᠢᠯᠠᠬᠤ ᠬᠦᠰᠡᠯᠲᠡᠢ ᠭᠡᠨ᠎ᠡ᠃
— ᠪᠦᠦ ᠯᠡ ᠥᠨᠳᠥᠷ ᠲᠦ᠍ ᠨᠢᠰᠦᠭᠡᠳ ᠪᠠᠢᠭᠠᠷᠠᠢ ! ᠬᠣᠶᠠᠷ ᠵᠢᠯ ᠦ᠋ᠨ ᠡᠮᠦᠨ᠎ᠡ ᠴᠢ ᠨᠠᠳᠠ ᠳ᠋ᠤ᠌ ᠶᠡᠬᠡ ᠶᠠᠭᠤᠮ᠎ᠠ ᠪᠣᠯᠤᠮᠠᠷ ᠶᠠᠷᠢᠵᠤ ᠪᠠᠢᠭᠰᠠᠨ ᠰᠢᠲᠠ ᠭᠡᠵᠦ ᠪᠢ ᠶᠠᠷᠢᠪᠠ᠃ ᠭᠡᠬᠦ ᠳ᠋ᠦ᠍ ᠲᠡᠷᠡ ᠮᠠᠨᠢ ᠲᠡᠷᠡ ᠲᠤᠬᠠᠢ ᠥᠨᠥᠳᠥᠷ ᠶᠠᠷᠢᠬᠤ ᠰᠣᠨᠢᠷᠬᠠᠯ ᠦᠭᠡᠢ ᠪᠠᠢᠪᠠ᠃
ᠦᠳᠡᠰᠢ ᠪᠣᠯᠵᠤ ᠤᠨᠲᠠᠬᠤ ᠪᠠᠷ ᠪᠣᠯᠪᠠ᠃ ᠲᠡᠷᠡ ᠣᠢᠷ᠎ᠠ ᠣᠷᠴᠢᠮ ᠤ᠋ᠨ ᠨᠠᠢᠵᠠ ᠲᠠᠨᠢᠯ ᠤ᠋ᠨ ᠬᠢᠨ ᠳ᠋ᠦ᠍ ᠬᠦᠷᠬᠦ ᠪᠡᠷ ᠭᠠᠷᠤᠭᠠᠳ᠂ ᠨᠣᠣᠰᠣ᠂ ᠡᠪᠡᠰᠦ᠂ ᠴᠡᠴᠡᠭ ᠪᠠ ᠠᠷᠭᠠᠯ ᠦᠨᠦᠷᠲᠦᠭᠰᠡᠨ ᠭᠡᠷ ᠲᠦ᠍ ᠨᠠᠮᠠᠶ᠋ᠢ ᠭᠠᠭᠴᠠᠭᠠᠷ ᠢ ᠣᠷᠬᠢᠪᠠ᠃
ᠥᠷᠯᠥᠭᠡ ᠨᠢ ᠨᠠᠮᠠᠶ᠋ᠢ ᠡᠷᠲᠡ ᠭᠡᠭᠴᠢ ᠪᠣᠰᠬᠤ ᠳ᠋ᠤ᠌ ᠤᠷᠢᠳ ᠡᠮᠦᠨ᠎ᠡ ᠬᠠᠷᠠᠭ᠎ᠠ ᠦᠭᠡᠢ ᠰᠠᠢᠬᠠᠨ ᠦᠵᠡᠮᠵᠢ ᠨᠢᠳᠦᠨ᠎ᠡ ᠲᠣᠳᠣᠷᠠᠳᠠᠭ᠃ ᠬᠣᠨᠢᠨ ᠰᠦᠷᠦᠭ ᠪᠡᠯᠴᠢᠭᠡᠷ ᠤᠷᠤᠭᠤ ᠪᠠᠨ ᠪᠡᠯᠴᠢᠬᠦ ( ᠵᠢᠷᠤᠭ 72 ) ᠪᠥᠭᠡᠳ ᠲᠡᠭᠦᠨ ᠦ᠌ ᠬᠣᠢᠨ᠎ᠠ ᠠ᠋ᠴᠠ ᠷᠠᠰᠢ ᠶ᠋ᠢᠨ ᠵᠢᠩᠷᠤᠪ ᠭᠡᠵᠦ ᠨᠡᠷᠡᠯᠡᠳᠡᠭ ᠪᠢᠴᠢᠬᠠᠨ ᠬᠦᠦ ᠳᠠᠭᠠᠵᠤ ᠬᠣᠨᠢ ᠪᠠᠨ ᠰᠠᠯᠬᠢ ᠡᠰᠡᠷᠭᠦᠯᠡ᠊ᠨ ᠬᠠᠷᠢᠭᠤᠯᠤᠭᠰᠠᠭᠠᠷ ᠠᠭᠤᠯᠠ ᠶ᠋ᠢᠨ ᠪᠠᠯ ᠳ᠋ᠤ᠌ ᠥᠭᠡᠳᠡᠯᠡᠨ ᠬᠦᠷᠴᠦ ᠮᠠᠯ ᠰᠦᠷᠦᠭ ᠢ᠋ᠶ᠋ᠡᠨ ᠢᠳᠡᠰᠢᠯᠡᠭᠦᠯᠦᠨ ᠣᠷᠬᠢᠭᠠᠳ ᠥᠪᠡᠷ ᠢ᠋ᠶ᠋ᠡᠨ ᠲᠣᠮᠣ ᠴᠢᠯᠠᠭᠤᠳ ᠢ ᠮᠠᠴᠤᠨ ᠲᠣᠭᠯᠠᠳᠠᠭ᠃ ᠪᠠᠭ᠎ᠠ ᠤᠳᠠᠭᠠᠳ ᠵᠡᠷᠭᠡᠯᠡᠳᠡᠭᠡ ᠠᠢᠯ ᠤ᠋ᠨ ᠦᠨᠢᠶᠡᠳ ᠴᠦ᠍ ᠨᠠᠭᠠᠰᠢ ᠪᠠᠨ ᠣᠢᠷᠠᠳᠴᠤ ᠢᠷᠡᠬᠦ ᠦᠶ᠎ᠡ ᠳ᠋ᠦ᠍ ᠪᠢ ᠣᠯᠠᠩᠬᠢ ᠳ᠋ᠠᠭᠠᠨ ᠪᠣᠰᠴᠢᠬᠠᠭᠰᠠᠨ ᠪᠠᠢᠳᠠᠭ ᠪᠥᠭᠡᠳ ᠨᠢᠭᠡ ᠴᠣᠮᠣ ᠥᠷᠯᠥᠭᠡᠬᠡᠨ ᠰᠠᠭᠠᠭᠰᠠᠨ ᠰᠢᠨ᠎ᠡ ᠰᠦ ᠡᠮᠦᠨ᠎ᠡ ᠪᠡᠨ ᠲᠠᠯᠪᠢᠭᠰᠠᠨ ᠪᠠᠢᠳᠠᠭ᠃ ᠬᠥᠭᠡᠷᠦᠬᠦᠨ ᠤᠨᠠᠭ᠎ᠠ ᠨᠤᠭᠤᠳ ᠲᠩᠵᠢᠨ ᠴᠣᠭᠲᠠᠢ ᠦᠰᠦᠷᠦᠨ ᠲᠣᠩᠭᠣᠷᠠᠵᠤ᠂ ᠲᠡᠭᠦᠨ ᠦ᠌ ᠬᠣᠢᠨ᠎ᠠ ᠠ᠋ᠴᠠ ᠡᠭᠡᠴᠦᠦᠯ ᠨᠢ ᠰᠠᠨᠠᠭ᠎ᠠ ᠪᠣᠯᠵᠤ ᠳᠠᠭᠠᠯᠳᠤᠨ᠎ᠠ (ᠵᠢᠷᠤᠭ 76) ᠃ ᠬᠣᠯᠠ ᠶ᠋ᠢ ᠪᠠᠷᠠᠯᠠᠬᠤ ᠳ᠋ᠤ᠌ ᠶᠡᠬᠡ ᠬᠠᠯᠠᠭᠤᠨ ᠡᠳᠦᠷ ᠪᠣᠯᠬᠤ ᠪᠣᠯᠤᠯᠲᠠᠢ᠃ ᠠᠳᠤᠭᠤᠳ ᠪᠦᠲᠦᠨ ᠦᠳᠡ ᠶ᠋ᠢᠨ ᠡᠮᠦᠨ᠎ᠡ ᠲᠣᠯᠣᠭᠠᠢ ᠪᠠᠨ ᠳᠣᠲᠣᠭᠰᠢ ᠬᠠᠨᠳᠤᠭᠤᠯᠤᠨ ᠨᠢᠭᠡ ᠨᠢᠭᠡᠨ ᠳ᠋ᠡᠭᠡᠨ ᠤᠪ ᠣᠢᠷᠠᠬᠠᠨ ᠲᠣᠭᠣᠷᠢᠭᠯᠠᠨ ᠵᠣᠭᠰᠣᠵᠠᠭᠠᠵᠤ᠂ ᠰᠡᠭᠦᠯ ᠢ᠋ᠶ᠋ᠡᠨ ᠲᠠᠰᠤᠷᠠᠯ ᠦᠭᠡᠢ ᠰᠢᠷᠪᠠᠨ ᠢᠯᠠᠭ᠎ᠠ ᠪᠠᠲᠠᠭᠠᠨ᠎ᠠ ᠬᠥᠭᠡᠭᠡᠨ᠎ᠡ᠃ ᠦᠳᠡ ᠡᠴᠡ ᠬᠣᠢᠰᠢ ᠰᠡᠷᠢᠭᠦᠨ ᠤᠨᠠᠭᠰᠠᠨ ᠬᠣᠢᠨ᠎ᠠ ᠰᠠᠶᠢ ᠰᠠᠯᠵᠤ ᠢᠳᠡᠰᠢᠯᠡᠨ᠎ᠡ ( ᠵᠢᠷᠤᠭ 73 ) ᠃
ᠠᠳᠠ ᠤᠳᠠᠭᠠᠨ ᠠᠮᠢᠳᠤᠷᠠᠵᠤ ᠪᠠᠢᠭᠰᠠᠨ ᠬᠥᠮᠦᠨ ᠰᠢᠭ ᠮᠢᠨᠦ ᠪᠦᠬᠦ ᠶᠠᠭᠤᠮ᠎ᠠ ᠰᠠᠢᠨ ᠰᠠᠢᠬᠠᠨ ᠤᠷᠤᠭᠰᠢᠲᠠᠢ ᠪᠠᠢᠨ᠎ᠠ᠃ ᠷᠠᠰᠢ ᠨᠠᠳᠠ ᠳ᠋ᠤ᠌ ᠨᠢᠭᠡ ᠰᠠᠢᠨ ᠮᠣᠷᠢ ᠠᠪᠴᠢᠷᠠᠵᠤ ᠥᠭᠭᠦᠭᠰᠡᠨ ( ᠵᠢᠷᠤᠭ 75 ) ᠪᠥᠭᠡᠳ ᠰᠠᠷ᠎ᠠ ᠪᠦᠷᠢ ᠶ᠋ᠢᠨ ᠲᠠᠪᠤᠨ ᠲᠥᠭᠥᠷᠢᠭ ᠢ᠋ᠶ᠋ᠡᠷ ᠨᠠᠳᠠ ᠳ᠋ᠤ᠌ ᠰᠦ ᠤᠤᠭᠤᠬᠤ ᠪᠠᠷ ᠨᠢᠭᠡ ᠦᠨᠢᠶ᠎ᠡ ᠬᠥᠯᠥᠰᠥᠯᠡᠵᠦ ᠥᠭᠪᠡ᠃ ᠣᠳᠣᠬᠠᠨ ᠳ᠋ᠤ᠌ ᠲᠡᠢᠮᠦ ᠠᠷᠪᠢᠨ ᠰᠦ ᠰᠠᠭᠠᠵᠤ ᠦᠭᠡᠢ ᠴᠦ᠍ ᠪᠣᠷᠣᠭᠠᠨ ᠣᠷᠣᠵᠤ ᠪᠡᠯᠴᠢᠭᠡᠷ ᠡᠪᠡᠰᠦ ᠰᠠᠢᠬᠠᠨ ᠰᠤᠷ ᠲᠠᠢ ᠪᠣᠯᠪᠠᠯ ᠶᠡᠬᠡ ᠰᠦ ᠲᠡᠢ ᠪᠣᠯᠤᠨ᠎ᠠ ᠭᠡᠨ᠎ᠡ᠃ ᠮᠢᠨᠦ ᠠᠳᠠ ᠢᠷᠡᠭᠰᠡᠨ ᠴᠢᠮᠡᠭᠡ ᠴᠦ᠍ ᠣᠢᠷ᠎ᠠ ᠣᠷᠴᠢᠮ ᠳ᠋ᠤ᠌ ᠲᠠᠷᠬᠠᠵᠤ᠂ ᠵᠥᠩᠳᠡᠭᠡᠨ ᠣᠯᠠᠨ ᠮᠣᠩᠭᠣᠯ ᠬᠥᠮᠦᠨ ᠮᠠᠨ ᠤ᠋ ᠳ᠋ᠤ᠌ ᠠᠢᠯᠴᠢᠯᠠᠨ ᠢᠷᠡᠵᠦ ᠠᠪᠴᠢᠷᠠᠭᠰᠠᠨ ᠬᠡᠳᠦᠨ ᠶᠠᠭᠤᠮᠠᠰ ᠢ᠋ ᠮᠢᠨᠢ ᠰᠣᠨᠢᠷᠬᠠᠨ ᠦᠵᠡᠬᠦ ᠶᠦᠮ᠃ ᠲᠡᠭᠦᠨ ᠦ᠌ ᠳᠣᠲᠣᠷ᠎ᠠ ᠠ᠋ᠴᠠ ᠬᠠᠮᠤᠭ ᠠ᠋ᠴᠠ ᠪᠠᠬᠠᠷᠠᠭᠳᠠᠭ ᠨᠢ ᠳᠠᠭᠤᠤ ᠬᠥᠭᠵᠢᠮ ᠦ᠋ᠨ ᠮᠠᠰᠢᠨ ( ᠵᠢᠷᠤᠭ 78 ) ᠪᠣᠯᠤᠨ᠎ᠠ᠃ ᠷᠠᠰᠢ ᠪᠤᠰᠤᠳ ᠠ᠋ᠴᠠ ᠢᠯᠡᠭᠦᠦ ᠶᠠᠭᠤᠮ᠎ᠠ ᠮᠡᠳᠡᠳᠡᠭ ᠰᠢᠭ ᠪᠡᠶ᠎ᠡ ᠪᠡᠨ ᠪᠣᠳᠣᠵᠤ ᠠᠯᠢ ᠨᠢᠭᠡᠨ ᠳᠠᠭᠤᠤ ᠶ᠋ᠢᠨ ᠬᠠᠪᠲᠠᠰᠤ ᠶ᠋ᠢ ᠲᠠᠯᠪᠢᠬᠤ ᠶ᠋ᠢ ᠨᠠᠳᠠ ᠠ᠋ᠴᠠ ᠠᠰᠠᠭᠤᠵᠤ ᠭᠠᠷᠤᠨ᠎ᠠ᠃ ᠲᠡᠷᠡ ᠮᠠᠨᠢ ᠡᠷᠬᠢᠮ ᠢᠵᠠᠭᠤᠷᠲᠠᠨ ᠤ᠋ ᠰᠣᠷᠲᠣᠭᠣ ᠲᠠᠢ ᠪᠣᠯᠵᠤ᠂ ᠵᠣᠴᠢᠨ ᠪᠣᠢ ᠴᠠᠭ ᠲᠤ᠌ ᠨᠠᠳᠠ ᠳ᠋ᠤ᠌ ᠶᠠᠭ ᠯᠠ ᠡᠵᠡᠨ ᠪᠣᠭᠳᠠ ᠴᠢᠩᠭᠢᠰ ᠬᠠᠭᠠᠨ ᠤ᠋ ᠦᠷ᠎ᠡ ᠬᠣᠢᠴᠢ ᠳ᠋ᠤ᠌ ᠬᠠᠨᠳᠤᠵᠤ ᠪᠠᠢᠭ᠎ᠠ ᠮᠡᠲᠦ ᠬᠠᠨᠳᠤᠨ᠎ᠠ᠃ ᠬᠡᠷᠪᠡ ᠪᠢᠳᠡ ᠬᠣᠶᠠᠭᠤᠯᠠᠬᠠᠨ ᠪᠠᠢᠭ᠎ᠠ ᠪᠣᠯ ᠨᠠᠮᠠᠶ᠋ᠢ ᠬᠦᠨᠳᠦᠯᠡᠬᠦ ᠬᠡᠮᠵᠢᠶ᠎ᠡ ᠨᠢ ᠳᠣᠷᠣᠭᠰᠢᠯᠠᠵᠤ᠂ ᠨᠠᠳᠠ ᠳ᠋ᠤ᠌ ᠣᠯᠠᠨ ᠵᠦᠢᠯᠡᠰ ᠢ᠋ ᠪᠦᠷ ᠰᠤᠷᠬᠤ ᠬᠡᠷᠡᠭᠲᠡᠢ ᠭᠡᠮᠡᠨ ᠣᠢᠯᠠᠭᠠᠭᠤᠯᠤᠨ᠎ᠠ᠃ ᠡᠢᠮᠦ ᠳ᠋ᠡᠭᠡᠨ ᠪᠢ ᠲᠡᠭᠦᠨ ᠢ᠋ ᠶᠠᠭᠤᠮ᠎ᠠ ᠪᠦᠬᠦᠨ ᠢ᠋ ᠵᠢᠭᠠᠳᠠᠭ ᠪᠠ ᠰᠦᠨᠡᠰᠦ ᠶ᠋ᠢ ᠮᠢᠨᠢ ᠳᠠᠭᠤᠳᠠᠳᠠᠭ 《ᠬᠦᠷᠦ》( ᠪᠠᠭᠰᠢ ) ᠭᠡᠮᠡᠨ ᠳᠠᠭᠤᠳᠠᠭᠰᠠᠨ ᠪᠥᠭᠡᠳ ᠲᠡᠷᠡ ᠴᠦ᠍ ᠪᠠᠭᠰᠢ ᠪᠣᠯᠤᠭᠰᠠᠨ ᠪᠠᠶᠠᠷ ᠢ᠋ᠶ᠋ᠠᠨ ᠮᠢᠨᠦ ᠪᠣᠭᠴᠣᠨ ᠠ᠋ᠴᠠ ᠣᠯᠤᠭᠰᠠᠨ ᠺᠤᠠᠨᠨᠠᠺ ᠠᠷᠢᠬᠢ ᠪᠠᠷ ᠪᠠᠶᠠᠷᠯᠠᠨ ᠲᠡᠮᠳᠡᠭᠯᠡᠭᠰᠡᠨ ᠪᠢᠯᠡ᠃
ᠪᠠᠰᠠ ᠶᠠᠮᠠᠷ ᠶᠠᠭᠤᠮ᠎ᠠ ᠪᠢᠴᠢᠨ᠎ᠡ ᠳᠡ᠂ ᠮᠢᠨᠦ ᠬᠠᠢᠷᠠᠲᠤ ᠵᠢᠵᠢᠭᠬᠡᠨ ᠽᠧᠦ ᠽᠧᠦ ᠮᠢᠨᠢ᠃ ᠮᠢᠨᠦ ᠮᠣᠩᠭᠣᠯ ᠳ᠋ᠤ᠌ ᠪᠠᠢᠭ᠎ᠠ ᠠᠮᠢᠳᠤᠷᠠᠯ ᠳ᠋ᠤ᠌ ᠲᠣᠭᠠᠯᠠᠰᠢ ᠦᠭᠡᠢ ᠣᠯᠠᠨ ᠰᠣᠨᠢᠨ ᠰᠠᠢᠬᠠᠨ ᠬᠡᠷᠡᠭ ᠤᠴᠢᠷ ᠲᠣᠬᠢᠶᠠᠯᠳᠤᠭᠰᠠᠭᠠᠷ ᠯᠠ ᠪᠠᠢᠨ᠎ᠠ᠂ ᠭᠡᠬᠦ ᠳ᠋ᠦ᠍ ᠥᠨᠥᠳᠥᠷ ᠵᠠᠪᠠᠯ ᠠᠳᠠ ᠬᠦᠷᠦᠭᠡᠳ ᠳᠠᠭᠤᠰᠬᠠᠬᠤ ᠬᠡᠷᠡᠭᠲᠡᠢ ᠪᠣᠯᠤᠯ᠎ᠠ᠃ ᠭᠠᠳᠠᠨ᠎ᠠ ᠨᠢᠭᠡ ᠤᠯᠠᠭᠠᠴᠢ ᠵᠠᠬᠢᠶ᠎ᠠ ᠶ᠋ᠢ ᠮᠢᠨᠢ ᠵᠠᠭᠤᠨ ᠭᠠᠵᠠᠷ ᠬᠣᠯᠠ ᠪᠠᠢᠭ᠎ᠠ ᠱᠠᠰᠢᠨ ᠰᠤᠷᠲᠠᠯᠴᠢᠯᠠᠭᠴᠢ ᠶ᠋ᠢᠨ ᠥᠷᠲᠡᠭᠡᠨ ᠳ᠋ᠦ᠍ ᠬᠦᠷᠭᠡᠨ᠎ᠡ ᠭᠡᠮᠡᠨ ᠬᠦᠯᠢᠶᠡᠵᠦ ᠪᠠᠢᠨ᠎ᠠ᠃ ᠲᠡᠨᠳᠡ ᠡᠴᠡ ᠠᠯᠢ ᠨᠢᠭᠡᠨ ᠡᠳᠦᠷ ᠰᠢᠤᠳᠠᠨ ᠳ᠋ᠤ᠌ ᠬᠦᠷᠭᠡᠨ ᠥᠭᠬᠦ ᠪᠣᠯᠤᠨ᠎ᠠ᠃ ᠧᠦ᠋ᠷᠣᠫᠠ ᠶ᠋ᠢᠨ ᠪᠣᠯᠪᠠᠰᠤᠨ ᠠ᠋ᠴᠠ ᠡᠢᠮᠦ ᠬᠣᠯᠠ ᠪᠠᠢᠵᠤ ᠣᠯᠠᠨ ᠶᠠᠭᠤᠮ᠎ᠠ ᠮᠡᠳᠡᠨ ᠰᠣᠨᠣᠰᠴᠤ ᠶᠠᠪᠤᠬᠤ ᠳ᠋ᠤ᠌ ᠰᠡᠳᠬᠢᠯ ᠳ᠋ᠦ᠍ ᠮᠢᠨᠢ ᠦᠨᠡᠬᠡᠷ ᠪᠠᠶᠠᠷ ᠪᠠᠬᠠᠳᠤᠯ ᠳᠦᠭᠦᠷᠡᠩ ᠪᠠᠢᠨ᠎ᠠ ! ᠨᠡᠩ ᠨᠠᠮᠠᠶ᠋ᠢ ᠪᠠᠶᠠᠷᠯᠠᠭᠤᠯᠳᠠᠭ ᠨᠢ ᠠᠳᠠ ᠤᠲᠠᠰᠤ᠂ ᠴᠠᠬᠢᠯᠭᠠᠨ ᠭᠡᠵᠦ ᠨᠠᠮᠠᠶ᠋ᠢ ᠨᠥᠯᠥᠭᠡᠯᠡᠬᠦ ᠤᠴᠢᠷ ᠭᠡᠵᠦ ᠶᠡᠷᠦᠳᠡᠭᠡᠨ ᠠᠯᠠᠭ᠎ᠠ᠃ ᠮᠢᠨᠦ ᠡᠮᠦᠨ᠎ᠡ ᠡᠴᠡ ᠯᠧᠦ ᠯᠧᠦ ᠪᠣᠯᠤᠨ ᠶᠠᠨ᠎ᠠ ᠳ᠋ᠤ᠌ ᠮᠡᠨᠳᠦ ᠳᠠᠮᠵᠢᠭᠤᠯᠤᠭᠠᠷᠠᠢ ! ᠪᠠᠰᠠ ᠨᠠᠮᠠᠶ᠋ᠢ ᠬᠦᠷᠬᠦ ᠪᠣᠯᠲᠠᠯ᠎ᠠ ᠮᠣᠳᠣᠨ ᠫᠠᠢ ᠨᠠᠭᠠᠳᠬᠤ ᠳᠦᠷᠢᠮ ᠢ᠋ᠶ᠋ᠡᠨ ᠪᠤᠤ ᠮᠠᠷᠲᠠᠴᠢᠬᠠᠭᠠᠷᠠᠢ !
ᠴᠢᠮ᠎ᠠ ᠳ᠋ᠤ᠌ ᠬᠠᠢᠷᠠᠲᠠᠢ ᠮᠣᠩᠭᠣᠯ ᠲᠡᠨᠡᠭ ᠡᠴᠡ ᠴᠢᠨᠢ
