ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠬᠣᠶᠠᠷ) Сэрүүхэн тал нутаг–<свис> Вальтер Босгард (Walter Bosshard)- Дөрөвдүгээр бөлөг 2 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠬᠣᠶᠠᠷ) Сэрүүхэн тал нутаг–<свис> Вальтер Босгард (Walter Bosshard)- Дөрөвдүгээр бөлөг 2

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠬᠣᠶᠠᠷ) Сэрүүхэн тал нутаг–<свис> Вальтер Босгард (Walter Bosshard)- Дөрөвдүгээр бөлөг 2

ᠠᠩᠭᠢᠯᠠᠯ:ᠲᠤᠭᠤᠵᠢ ᠷᠣᠮᠠᠨ
2024-08-03

392

ᠬᠣᠶᠠᠷ ᠂ ᠨᠠᠷᠠᠨ ᠤᠯᠤᠰ ᠤ᠋ᠨ ᠰᠦᠯᠵᠢᠶ᠎ᠡ ᠪᠠ ᠴᠠᠭᠠᠨ ᠪᠡᠭᠡᠯᠡᠢ

 
        ᠪᠢᠳᠡ ᠲᠥᠯᠥᠪᠯᠡᠵᠦ ᠪᠠᠢᠭᠰᠠᠨ ᠠ᠋ᠴᠠ ᠪᠠᠨ ᠬᠣᠵᠢᠮᠳᠠᠵᠤ ᠬᠥᠳᠡᠯᠪᠡ᠃ ᠤᠴᠢᠷ ᠨᠢ ᠨᠠᠮᠤᠭᠤᠬᠠᠨ ᠵᠠᠩ ᠲᠠᠢ ᠮᠥᠷᠲᠡᠭᠡᠨ ᠴᠢᠩ ᠦᠨᠡᠨᠴᠢ ᠾᠷᠢᠰᠲ᠋ᠣᠰ ᠤ᠋ᠨ ᠰᠦᠵᠢᠭᠲᠡᠨ ᠯᠠᠷᠰᠤᠨ ᠠᠪᠠᠭᠠᠢ ᠬᠣᠲᠠ ᠳ᠋ᠠᠬᠢ ᠭᠡᠷ ᠢ᠋ᠶ᠋ᠡᠨ ᠣᠨᠢᠰᠤᠯᠠᠬᠤ ᠠ᠋ᠴᠠ ᠡᠮᠦᠨ᠎ᠡ ᠬᠦᠷᠰᠢ ᠵᠡᠷᠭᠡᠯᠡᠳᠡᠭᠡ ᠶ᠋ᠢᠨ ᠬᠡᠦᠬᠡᠳ᠂ ᠨᠣᠬᠠᠳ ᠪᠠ ᠮᠣᠷᠢᠳ ᠲᠠᠢ ᠰᠠᠯᠬᠤ ᠶᠣᠰᠣ ᠭᠦᠢᠴᠡᠳᠬᠡᠭᠰᠡᠨ ᠶᠤᠮ᠃ ᠪᠢᠳᠡᠨ ᠢ᠋ ᠵᠢᠷᠭᠤᠭᠠᠨ ᠴᠠᠭ ᠲᠤ᠌ ᠮᠣᠷᠳᠠᠨ ᠭᠠᠷᠬᠤ ᠳ᠋ᠤ᠌ ᠯᠠᠷᠰᠤᠨ ᠠᠪᠤᠭᠠᠢ ᠠᠮᠠᠷᠠᠯᠲᠠ ᠪᠣᠯᠵᠤ ᠬᠥᠳᠡᠭᠡ ᠶᠠᠪᠤᠬᠤ ᠪᠣᠯᠤᠭᠰᠠᠨ ᠳ᠋ᠠᠭᠠᠨ ᠶᠠᠭ ᠯᠠ ᠬᠡᠦᠬᠡᠳ ᠰᠢᠭ ᠬᠥᠭᠡᠷᠦᠨ ᠪᠠᠶᠠᠷᠯᠠᠵᠤ ᠪᠠᠢᠪᠠ᠃ ᠪᠣᠭᠣᠮᠲᠠ ᠳᠡᠭᠡᠷ᠎ᠡ ᠮᠠᠰᠢᠨ ᠲᠡᠷᠭᠡᠨ ᠳ᠋ᠡᠭᠡᠨ ᠨᠢᠭᠡ ᠦᠨᠡᠮᠯᠡᠬᠦ ᠬᠢᠯᠭᠡᠵᠦ ᠠᠪᠤᠭᠠᠳ᠂ ᠫᠠᠰᠫᠣᠷᠲ ᠰᠢᠯᠭᠠᠭᠴᠢ ᠵᠣᠭᠰᠣᠵᠤ ᠪᠠᠢᠭ᠎ᠠ ᠬᠣᠢᠲᠤ ᠡᠭᠦᠳᠡᠨ ᠵᠦᠭ ᠳᠠᠪᠬᠢᠭᠤᠯᠪᠠ᠃ 
       ᠪᠢᠳᠡᠨ ᠳ᠋ᠦ᠍ ᠥᠭᠭᠦᠭᠰᠡᠨ ᠬᠡᠷᠡᠯᠳᠦᠵᠦ ᠦᠵᠡᠭᠳᠡᠮᠡᠷ ᠨᠢᠮᠭᠡᠬᠡᠨ ᠴᠠᠭᠠᠰᠤ ᠪᠠᠷ ᠬᠢᠭᠰᠡᠨ ᠦᠨᠡᠮᠯᠡᠬᠦ ᠪᠣᠯ ᠦᠨᠡᠨ ᠳ᠋ᠡᠭᠡᠨ ᠶᠣᠰᠣᠨ ᠲᠡᠳᠦᠢ ᠯᠡ ᠵᠦᠢᠯᠡᠰ ᠶᠦᠮ᠃ ᠬᠡᠨ ᠬᠡᠷᠪᠡ ᠡᠨᠡ ᠦᠨᠡᠮᠯᠡᠬᠦ ᠪᠠᠢᠬᠤ ᠦᠭᠡᠢ ᠪᠣᠯ ᠮᠥᠨ ᠡᠨᠡ ᠣᠢᠷ᠎ᠠ ᠣᠷᠴᠢᠮ ᠤ᠋ᠨ ᠬᠥᠲᠥᠯ ᠲᠤᠯᠤᠭᠠᠳ ᠠ᠋ᠴᠠ ᠴᠠᠭᠠᠰᠢ ᠰᠡᠯᠡᠭᠦᠴᠡᠨ ᠲᠣᠭᠣᠷᠢᠵᠤ ᠪᠣᠯᠬᠤ ᠦᠭᠡᠢ ᠪᠥᠭᠡᠳ ᠬᠣᠲᠠ ᠶ᠋ᠢᠨ ᠭᠠᠳᠠᠨ᠎ᠠ ᠠ᠋ᠴᠠ ᠠᠶᠠᠯᠠᠵᠤ ᠢᠷᠡᠪᠡᠯ ᠵᠠᠪᠠᠯ ᠬᠣᠲᠠ ᠶ᠋ᠢᠨ ᠭᠠᠳᠠᠨ᠎ᠠ ᠮᠠᠰᠢᠨ ᠠ᠋ᠴᠠ ᠪᠠᠨ ᠪᠠᠭᠤᠬᠤ ᠬᠡᠷᠡᠭᠲᠡᠢ ᠶᠦᠮ᠃ 
       ᠭᠡᠬᠦ ᠳ᠋ᠦ᠍ ᠬᠢᠲᠠᠳ ᠤ᠋ᠳ ᠡᠨᠡ ᠬᠦ᠌ ᠶᠣᠰᠣᠨ ᠲᠡᠳᠦᠢ ᠭᠠᠷ ᠭᠦᠢᠴᠡᠳᠬᠡᠯ ᠳ᠋ᠦ᠍ ᠶᠡᠬᠡ ᠳᠤᠷᠠᠲᠠᠢ ᠪᠠᠢᠳᠠᠭ᠃ ᠤᠴᠢᠷ ᠨᠢ ᠡᠨᠡ ᠨᠢ ᠲᠡᠳᠡᠨ ᠳ᠋ᠦ᠍ ᠨᠡᠷ᠎ᠡ ᠨᠢᠭᠤᠷ ᠪᠣᠯᠤᠨ ᠣᠯᠵᠠ ᠣᠯᠭᠣᠵᠤ ᠥᠭᠳᠡᠭ ᠮᠥᠷᠲᠡᠭᠡᠨ ᠮᠥᠨ ᠡᠨᠡ ᠬᠣᠶᠠᠷ ᠵᠦᠢᠯ ᠪᠣᠯ ᠡᠨᠡ ᠤᠯᠤᠰ ᠲᠤ᠌ ᠳᠤᠲᠠᠭᠳᠠᠵᠤ ᠪᠣᠯᠣᠰᠢ ᠦᠭᠡᠢ ᠵᠦᠢᠯ ᠪᠢᠯᠡ᠃ 
       ᠪᠢᠳᠡ ᠬᠣᠶᠠᠷ ᠮᠠᠰᠢᠨ ᠳ᠋ᠤ᠌ ᠬᠤᠪᠢᠶᠠᠭᠳᠠᠨ ᠰᠠᠭᠤᠪᠠ᠃ ᠨᠢᠭᠡ ᠮᠠᠰᠢᠨ ᠳ᠋ᠤ᠌ ᠯᠠᠷᠰᠤᠨ ᠬᠦᠩ ᠨᠥᠬᠥᠷ ᠭᠡᠷᠭᠡᠢ ᠬᠣᠶᠠᠭᠤᠯᠠ᠂ ᠴᠢᠯᠠᠭᠤᠨ ᠵᠢᠴᠢ ᠠᠴᠢᠶ᠎ᠠ ᠪᠠᠢᠪᠠ᠃ ᠴᠢᠯᠠᠭᠤᠨ ᠭᠡᠳᠡᠭ ᠨᠢ ᠮᠣᠩᠭᠣᠯ ᠤ᠋ᠨ ᠨᠢᠭᠡᠨ ᠸᠠᠩ ᠤ᠋ᠨ ᠬᠥᠪᠡᠭᠦᠨ ᠪᠥᠭᠡᠳ ᠴᠢᠭᠤᠯᠤᠯᠲᠤ ᠬᠠᠭᠠᠯᠭ᠎ᠠ ᠳ᠋ᠤ᠌ ᠰᠤᠷᠭᠠᠭᠤᠯᠢ ᠳ᠋ᠤ᠌ ᠰᠤᠷᠳᠠᠭ᠂ ᠡᠳᠦᠭᠡ ᠲᠡᠷᠡ ᠵᠤᠨ ᠤ᠋ ᠴᠢᠯᠥᠭᠡ ᠪᠡᠷ ᠭᠡᠷ ᠲᠡᠭᠡᠨ ᠬᠠᠷᠢᠵᠤ ᠪᠠᠢᠭ᠎ᠠ ᠶᠤᠮ᠃ ᠲᠡᠷᠡ ᠵᠠᠯᠠᠭᠤ ᠵᠣᠪᠠᠭᠤᠷᠢᠲᠠᠢᠬᠠᠨ ᠬᠠᠷᠠᠴᠠ ᠲᠠᠢ ᠪᠠᠢᠭᠰᠠᠨ ᠪᠥᠭᠡᠳ ᠠᠩᠬᠠᠨ ᠤ᠋ ᠮᠣᠩᠭᠣᠯ ᠭᠡᠷ ᠵᠢᠴᠢ ᠪᠡᠯᠴᠢᠵᠦ ᠶᠠᠪᠤᠭ᠎ᠠ ᠠᠳᠤᠭᠤᠨ ᠰᠦᠷᠦᠭ ᠢ᠋ ᠬᠠᠷᠠᠬᠤ ᠶ᠋ᠢᠨ ᠵᠡᠷᠭᠡ ᠨᠢᠳᠦ ᠨᠢ ᠳᠣᠣᠷ᠎ᠠ ᠪᠠᠨ ᠬᠡᠷᠡᠯᠳᠦᠵᠦ᠂ ᠢᠨᠢᠶᠡᠨ ᠪᠠᠶᠠᠰᠤᠭᠠᠳ ᠪᠠᠷᠤᠭ ᠯᠠ ᠰᠡᠬᠡᠭᠦᠨ ᠵᠠᠩ ᠲᠠᠢ ᠭᠡᠵᠦ ᠬᠡᠯᠡᠵᠦ ᠴᠦ᠍ ᠪᠣᠯᠤᠮᠠᠷ ᠪᠣᠯᠤᠯ᠎ᠠ᠃ ᠬᠥᠳᠡᠭᠡ ᠲᠠᠯ᠎ᠠ ᠨᠢᠳᠦᠨ ᠡᠮᠦᠨ᠎ᠡ ᠨᠢ ᠲᠣᠳᠣᠷᠠᠬᠤ ᠶ᠋ᠢᠨ ᠵᠡᠷᠭᠡ ᠲᠡᠭᠦᠨ ᠦ᠌ ᠭᠡᠷ ᠨᠤᠲᠤᠭ ᠢ᠋ᠶ᠋ᠠᠨ ᠰᠠᠨᠠᠬᠤ ᠰᠡᠳᠬᠢᠯ ᠢ᠋ ᠨᠢ ᠮᠠᠷᠲᠠᠭᠤᠯᠤᠭᠰᠠᠨ ᠶᠤᠮ ᠪᠠᠢᠨ᠎ᠠ᠃ 
       ᠰᠸᠷᠠᠤᠲᠤ ᠡᠨᠡ ᠮᠠᠰᠢᠨ ᠢ᠋ ᠵᠢᠯᠣᠭᠣᠳᠴᠤ ᠪᠠᠢᠭ᠎ᠠ᠃ ᠲᠡᠷᠡ ᠴᠦ᠍ ᠮᠥᠨ ᠡᠬᠡ ᠨᠤᠲᠤᠭ ᠢ᠋ᠶ᠋ᠠᠨ ᠬᠠᠷᠠᠨ᠎ᠠ ᠭᠡᠳ ᠰᠡᠳᠬᠢᠯ ᠳᠦᠭᠦᠷᠡᠩ ᠪᠠᠢᠯ᠎ᠠ᠃ ᠲᠡᠷᠡ ᠪᠣᠯ ᠬᠣᠯᠠ ᠶᠠᠪᠤᠵᠤ᠂ ᠣᠯᠠᠨ ᠢ᠋ ᠦᠵᠡᠭᠰᠡᠨ ᠮᠣᠩᠭᠣᠯ ᠶᠤᠮ᠃ ᠰᠡᠸᠸᠨ ᠾᠸᠳᠢᠨ ᠲᠡᠢ ᠳᠤᠮᠳᠠᠳᠤ ᠠᠽᠢᠶ᠎ᠠ ᠳ᠋ᠤ᠌ ᠬᠦᠷᠴᠦ ᠪᠠᠢᠭᠰᠠᠨ ᠪᠥᠭᠡᠳ ᠰᠡᠭᠦᠯᠡᠷ ᠨᠢ ᠪᠠᠰᠠ ᠠᠩᠭ᠌ᠯᠢ ᠶ᠋ᠢᠨ ᠡᠯᠴᠢᠨ ᠡᠷᠢᠺ ᠲᠸᠢᠢᠰᠢᠮᠠᠨ ᠠᠪᠤᠭᠠᠢ ᠲᠠᠢ ᠴᠣᠭ ᠺᠠᠱᠭᠠᠷ ᠬᠦᠷᠴᠦ᠂ ᠮᠥᠨ ᠲᠡᠨᠳᠡ ᠡᠴᠡ ᠾᠢᠮᠠᠯᠠᠶ᠎ᠠ ᠠᠭᠤᠯᠠ ᠶ᠋ᠢ ᠳᠠᠪᠠᠨ ᠡᠨᠡᠳᠬᠡᠭ ᠢ᠋ᠶ᠋ᠡᠷ ᠳᠠᠮᠵᠢᠨ ᠳᠤᠮᠳᠠᠳᠤ ᠤᠯᠤᠰ ᠲᠤ᠌ ᠣᠩᠭᠣᠴᠠ ᠪᠠᠷ ᠢᠷᠡᠭᠰᠡᠨ ᠶᠦᠮ᠃ ᠬᠡᠷᠪᠡ ᠲᠡᠭᠦᠨ ᠡᠴᠡ ᠡᠨᠡᠳᠬᠡᠭ ᠡᠴᠡ ᠳᠤᠮᠳᠠᠳᠤ ᠤᠷᠤᠭᠤ ᠢᠷᠡᠭᠰᠡᠨ ᠳᠠᠯᠠᠢ ᠶ᠋ᠢᠨ ᠠᠶᠠᠯᠠᠯ ᠤ᠋ᠨ ᠲᠤᠬᠠᠢ ᠠᠰᠠᠭᠤᠪᠠᠯ ᠲᠡᠷᠡ ᠳᠣᠣᠷ᠎ᠠ ᠪᠠᠨ ᠶᠠᠷᠢᠶᠠᠨ ᠠ᠋ᠴᠠ ᠬᠠᠯᠠᠰᠢᠷᠠᠨ ᠳᠤᠲᠠᠭᠠᠳᠠᠭ ᠪᠥᠭᠡᠳ ᠲᠣᠯᠣᠭᠠᠢ ᠪᠠᠨ ᠰᠠᠵᠢᠭᠰᠠᠨ ᠳᠡᠭᠡᠷ᠎ᠡ ᠪᠡᠨ ᠰᠠᠵᠢᠵᠤ 《ᠳᠠᠬᠢᠵᠤ ᠯᠠ ᠲᠡᠢᠮᠦ ᠶᠠᠭᠤᠮᠠᠨ ᠳ᠋ᠤ᠌ ᠰᠠᠭᠤᠬᠤ ᠦᠭᠡᠢ ! ᠲᠠᠯ᠎ᠠ ᠨᠤᠲᠤᠭ ᠳᠡᠭᠡᠷ᠎ᠡ ᠪᠡᠨ ᠭᠤᠷᠪᠠᠨ ᠰᠠᠷ᠎ᠠ ᠡᠳᠦᠷ ᠰᠥᠨᠢ ᠦᠭᠡᠢ ᠮᠣᠷᠢᠨ ᠠ᠋ᠴᠠ ᠪᠠᠭᠤᠯ ᠦᠭᠡᠢ ᠳᠣᠪᠲᠣᠯᠤᠭᠰᠠᠨ ᠴᠤ᠌ ᠳᠠᠬᠢᠵᠤ ᠯᠠ ᠲᠡᠢᠮᠦ ᠲᠠᠢᠪᠠᠯᠵᠠᠭᠰᠠᠨ ᠣᠩᠭᠣᠴᠠᠨ ᠳᠡᠭᠡᠷ᠎ᠡ ᠭᠠᠷᠴᠤ ᠠᠮᠢ ᠨᠠᠰᠤ ᠪᠠᠷ ᠢ᠋ᠶ᠋ᠠᠨ ᠲᠣᠭᠯᠠᠬᠤ ᠦᠭᠡᠢ 》ᠭᠡᠳᠡᠭ ᠪᠢᠯᠡ᠃ 
       ᠡᠸᠷᠢᠺᠰᠦᠨ ᠨᠥᠭᠦᠭᠡ ᠮᠠᠰᠢᠨ ᠢ᠋ ᠨᠢ ᠵᠢᠯᠣᠭᠣᠳᠴᠤ᠂ ᠨᠠᠳᠠ ᠠ᠋ᠴᠠ ᠭᠠᠳᠠᠨ᠎ᠠ ᠪᠠᠰᠠ ᠲᠡᠭᠦᠨ ᠦ᠌ ᠭᠡᠷ ᠪᠦᠯᠢ ᠶ᠋ᠢᠨ ᠬᠢᠨ ᠵᠢᠴᠢ ᠣᠯᠠᠨ ᠠᠷᠪᠢᠨ ᠴᠦᠩᠬᠦ ᠤᠭᠤᠲᠠ ᠪᠠᠷ ᠳᠦᠭᠦᠷᠭᠡᠵᠡᠢ᠃ ᠵᠠᠩᠪᠸᠢ ᠰᠢᠶᠠᠨ ᠳ᠋ᠤ᠌ ᠪᠢᠳᠡ ᠺᠠᠨᠠᠳᠠ ᠶ᠋ᠢᠨ ᠱᠠᠰᠢᠨ ᠰᠤᠷᠲᠠᠯᠴᠢᠯᠠᠭᠴᠢ ᠶ᠋ᠢᠨ ᠥᠷᠲᠡᠭᠡᠨ ᠦ᠌ ᠬᠦᠷᠢᠶᠡᠨ ᠳ᠋ᠦ᠍ ᠳᠠᠪᠬᠢᠨ ᠣᠷᠣᠯ᠎ᠠ᠃ ᠪᠢ ᠮᠠᠰᠢᠨ ᠠ᠋ᠴᠠ ᠪᠠᠭᠤᠵᠤ ᠬᠠᠮᠤᠭ ᠤ᠋ᠨ ᠤᠷᠢᠳ ᠵᠢᠵᠢᠭᠬᠡᠨ ᠵᠣᠴᠢᠨ ᠤ᠋ ᠥᠷᠥᠭᠡᠨ ᠳ᠋ᠦ᠍ ᠣᠷᠣᠪᠠ᠃ ᠬᠠᠷ᠎ᠠ ᠥᠩᠭᠡ ᠪᠡᠷ ᠬᠤᠪᠴᠠᠯᠠᠭᠰᠠᠨ ᠠᠪᠠᠭᠠᠢ ᠬᠣᠶᠠᠷ ᠭᠠᠷ ᠢ᠋ᠶ᠋ᠠᠨ ᠡᠩᠭᠡᠷ ᠦ᠋ᠨ ᠡᠮᠦᠨ᠎ᠡ ᠪᠡᠨ ᠵᠥᠷᠢᠭᠦᠯᠦᠨ ᠭᠠᠷᠴᠤ ᠢᠷᠡᠭᠡᠳ ᠨᠠᠮᠠᠶ᠋ᠢ ᠨᠢᠳᠦ ᠪᠡᠨ ᠪᠦᠯᠲᠡᠢᠯᠭᠡᠨ ᠰᠣᠴᠢᠭᠰᠠᠨ ᠮᠡᠲᠦ ᠬᠠᠷᠠᠪᠠ᠃ 
       – ᠲᠠ ᠨᠠᠳᠠ ᠳ᠋ᠤ᠌ ᠵᠦᠭᠡᠷ ᠶᠠᠷᠢᠭᠠᠴᠢ ᠳᠠ! ᠪᠢ ᠲᠣᠭᠲᠠᠭᠤᠬᠠᠨ ᠪᠠᠢᠨ᠎ᠠ ᠭᠡᠵᠦ ᠮᠡᠨᠳᠦ ᠶ᠋ᠢᠨ ᠣᠷᠣᠨ ᠳ᠋ᠤ᠌ ᠬᠡᠯᠡᠪᠡ᠃ ᠮᠢᠨᠦ ᠡᠮᠦᠨ᠎ᠡ ᠠᠷᠠᠢ ᠨᠢᠭᠡ ᠮᠡᠳᠡᠷᠡᠯ ᠦ᠋ᠨ ᠡᠪᠡᠳᠴᠢᠨ ᠲᠡᠢ ᠬᠥᠮᠦᠨ ᠪᠠᠢᠭ᠎ᠠ ᠪᠢᠰᠢ ᠪᠢᠵᠡ ᠭᠡᠬᠦ ᠪᠣᠳᠣᠯ ᠲᠠᠷᠢᠬᠢᠨ ᠳ᠋ᠤ᠌ ᠬᠢᠯᠠᠰᠬᠢᠪᠡ᠃ ᠲᠡᠭᠦᠨ ᠦ᠌ ᠶᠠᠷᠢᠶ᠎ᠠ ᠶ᠋ᠢ ᠠᠩᠵᠠᠭᠠᠷᠠᠭᠰᠠᠨ ᠦᠭᠡᠢ ᠮᠡᠲᠦ ᠪᠡᠷ ᠪᠢ :
       – ᠡᠷ᠎ᠡ ᠨᠥᠬᠥᠷ ᠴᠢᠨᠢ ᠴᠦ᠍ ᠤᠳᠠᠯ ᠦᠭᠡᠢ ᠬᠦᠷᠴᠦ ᠢᠷᠡᠨ᠎ᠡ᠂ ᠪᠢᠳᠡ ᠵᠠᠮ ᠳ᠋ᠠᠭᠠᠨ ᠠᠶᠠᠨᠴᠢᠳ ᠤ᠋ᠨ ᠮᠠᠰᠢᠨ ᠢ᠋ ᠳᠠᠭᠠᠷᠢᠨ ᠭᠠᠷᠤᠭᠰᠠᠨ ᠶᠤᠮ ᠭᠡᠯ᠎ᠡ᠃
       – ᠲᠡᠷᠡ ᠠᠮᠢᠳᠤ ᠪᠠᠢᠨ᠎ᠠ ᠤᠤ ?  ᠭᠡᠵᠦ ᠠᠪᠠᠭᠠᠢ ᠭᠠᠢᠬᠠᠨ ᠠᠰᠠᠭᠤᠪᠠ᠃ 
       – ᠶᠠᠷᠢᠶᠠᠨ ᠦᠭᠡᠢ ᠠᠮᠢᠳᠤ ᠪᠠᠢᠭ᠎ᠠ ᠰᠢᠲᠠ! ᠭᠡᠵᠦ ᠪᠢ ᠶᠠᠷᠢᠭᠠᠳ ᠡᠨᠡ ᠬᠦ᠌ ᠪᠠᠴᠢᠮ ᠪᠠᠢᠳᠠᠯ ᠢ᠋ ᠨᠠᠮᠳᠠᠭᠤᠯᠪᠠ᠃ ᠠᠪᠠᠭᠠᠢ ᠳᠣᠷᠣᠭᠰᠢ ᠪᠠᠨ ᠰᠠᠭᠤᠵᠤ ᠤᠴᠢᠷ ᠶᠠᠪᠤᠳᠠᠯ ᠢ᠋ᠶ᠋ᠠᠨ ᠤᠬᠢᠯᠠᠨ ᠢᠨᠢᠶᠡᠨ ᠶᠠᠷᠢᠯ᠎ᠠ : 
       – ᠪᠢ ᠲᠡᠭᠦᠨ ᠦ᠌ ᠲᠥᠯᠥᠭᠡ ᠶᠣᠰᠣᠲᠠᠢ ᠶᠡᠬᠡ ᠠᠶᠤᠵᠤ ᠵᠣᠪᠠᠭᠰᠠᠨ᠃ ᠰᠥᠨᠢ ᠲᠤᠷᠰᠢ ᠪᠢ ᠤᠨᠲᠠᠵᠤ ᠳᠡᠢᠯᠦᠭᠰᠡᠨ ᠦᠭᠡᠢ᠃ ᠲᠡᠭᠦᠨ ᠢ᠋ ᠬᠣᠶᠠᠷ ᠡᠳᠦᠷ ᠦ᠋ᠨ ᠡᠮᠦᠨ᠎ᠡ ᠴᠢᠭᠤᠯᠤᠯᠲᠤ ᠬᠠᠭᠠᠯᠭ᠎ᠠ ᠳ᠋ᠤ᠌ ᠶᠠᠪᠤᠭᠰᠠᠨ ᠤ᠋ ᠬᠣᠢᠨ᠎ᠠ ᠶᠠᠫᠣᠨᠴᠤᠳ ᠬᠦᠷᠴᠦ ᠢᠷᠡᠭᠡᠳ ᠮᠠᠨ ᠤ᠋ ᠪᠦᠬᠦ ᠭᠡᠷ – ᠲᠣᠭᠣᠭᠠᠨ ᠭᠡᠷ᠂ ᠤᠨᠲᠠᠯᠭ᠎ᠠ ᠶ᠋ᠢᠨ ᠥᠷᠥᠭᠡ ᠵᠢᠴᠢ ᠡᠳ᠋ᠯᠡᠯ ᠬᠡᠷᠡᠭᠰᠡᠯ ᠲᠠᠯᠪᠢᠳᠠᠭ ᠥᠷᠥᠭᠡ ᠪᠠᠢᠰᠢᠩ ᠤ᠋ᠳ ᠢ᠋ ᠨᠡᠩᠵᠢᠨ ᠪᠠᠢᠴᠠᠭᠠᠪᠠ᠃ ᠲᠡᠳᠡ ᠴᠣᠬᠣᠮ ᠮᠠᠨ ᠠ᠋ᠴᠠ ᠶᠠᠭᠤ ᠠᠪᠤᠨ᠎ᠠ ᠭᠡᠵᠦ ᠪᠠᠢᠬᠤ ᠶ᠋ᠢ ᠪᠢ ᠮᠡᠳᠡᠬᠦ ᠦᠭᠡᠢ ᠳᠡ᠃ ᠲᠡᠳᠡᠨ ᠶᠠᠪᠤᠭᠰᠠᠨ ᠠ᠋ᠴᠠ ᠬᠣᠢᠰᠢ ᠰᠡᠳᠬᠢᠯ ᠮᠢᠨᠢ ᠶᠡᠷᠦ ᠡᠴᠡ ᠲᠣᠭᠲᠠᠭᠤᠨ ᠪᠠᠢᠵᠤ ᠦᠵᠡᠭᠡ ᠦᠭᠡᠢ᠃ 
       ᠡᠨᠡ ᠬᠣᠭᠣᠷᠣᠨᠳᠣ ᠮᠠᠨ ᠤ᠋ ᠬᠠᠮᠲᠤ ᠠᠶᠠᠯᠠᠭᠰᠠᠳ ᠴᠤ᠌ ᠣᠷᠣᠵᠤ ᠢᠷᠡᠵᠡᠭᠡᠪᠡ᠃ 
       – ᠲᠡᠭᠦᠨ ᠳ᠋ᠦ᠍ ᠦᠨᠡᠬᠡᠷ ᠶᠠᠮᠠᠷ ᠨᠢᠭᠡᠨ ᠤᠴᠢᠷ ᠲᠣᠬᠢᠶᠠᠯᠳᠤᠭ᠎ᠠ ᠦᠭᠡᠢ ᠪᠢᠵᠡ ᠭᠡᠵᠦ ᠲᠡᠷᠡ ᠠᠪᠠᠭᠠᠢ ᠠᠬᠢᠨ ᠨᠢᠭᠡ ᠤᠳᠠᠭ᠎ᠠ ᠯᠠᠪᠯᠠᠵᠤ ᠠᠰᠠᠭᠤᠭᠰᠠᠨ ᠪᠥᠭᠡᠳ ᠨᠠᠮᠠᠶ᠋ᠢ ᠲᠡᠭᠦᠨ ᠳ᠋ᠦ᠍ ᠮᠠᠭᠤ ᠴᠢᠮᠡᠭᠡ ᠬᠦᠷᠭᠡᠬᠦ ᠪᠡᠷ ᠢᠷᠡᠭᠰᠡᠨ ᠡᠯᠴᠢᠨ ᠰᠠᠢᠳ ᠤ᠋ᠨ ᠶᠠᠮᠤᠨ ᠤ᠋ ᠠᠵᠢᠯᠲᠠᠨ ᠭᠡᠵᠦ ᠢᠲᠡᠭᠡᠵᠦ ᠪᠠᠢᠭᠰᠠᠨ ᠪᠣᠯᠤᠯᠲᠠᠢ᠃ 
       ᠬᠠᠭᠠᠰ ᠴᠠᠭ ᠤ᠋ᠨ ᠳᠠᠷᠠᠭ᠎ᠠ ᠲᠡᠭᠦᠨ ᠦ᠌ ᠡᠷ᠎ᠡ ᠨᠥᠬᠥᠷ ᠨᠢ ᠡᠷᠡᠭᠦᠯ ᠰᠠᠷᠠᠭᠤᠯ ᠬᠠᠷᠢᠵᠤ ᠢᠷᠡᠭᠰᠡᠨ ᠳ᠋ᠦ᠍ ᠲᠡᠷᠡ ᠠᠪᠠᠭᠠᠢ ᠪᠠᠶᠠᠷ ᠪᠠᠶᠠᠰᠬᠤᠯᠠᠩᠲᠠᠢ ᠪᠣᠯᠪᠠ᠃ ᠲᠡᠷᠡ ᠺᠠᠨᠠᠳᠠ ᠡᠷ᠎ᠡ ᠶᠠᠫᠣᠨᠴᠤᠳ ᠤ᠋ᠨ ᠬᠦᠷᠴᠦ ᠢᠷᠡᠭᠰᠡᠨ ᠳ᠋ᠦ᠍ ᠨᠡᠯᠢᠶᠡᠳ ᠵᠣᠪᠠᠵᠤ᠂ ᠳᠠᠭᠤ ᠦᠭᠡᠢ ᠪᠣᠳᠣᠯᠭᠠᠰᠢᠷᠠᠨ ᠥᠷᠥᠭᠡᠨ ᠦ᠌ ᠪᠤᠯᠤᠩ ᠳ᠋ᠤ᠌ ᠰᠠᠭᠤᠵᠤ ᠪᠠᠢᠭᠰᠠᠨ ᠢ᠋ᠶ᠋ᠠᠨ ᠨᠠᠳᠠ ᠤᠷᠤᠭᠤ ᠬᠠᠨᠳᠤᠨ :
       – ᠲᠠ ᠠᠶᠤᠯ ᠲᠠᠢ ᠪᠠᠢᠨ᠎ᠠ ᠰᠢᠦ! ᠵᠢᠯ ᠦ᠋ᠨ ᠡᠮᠦᠨ᠎ᠡ ᠬᠣᠣᠷᠯᠠᠭᠳᠠᠭᠰᠠᠨ ᠭᠠᠷᠷᠸᠲ ᠵᠤᠨ᠋ᠸᠰ ᠢ᠋ ᠪᠣᠳᠣᠭᠠᠴᠢ ᠳᠠ᠃ ᠮᠣᠩᠭᠣᠯᠴᠤᠳ ᠴᠢᠨᠦ ᠠᠮᠠᠷᠠᠯᠲᠠ ᠪᠠᠷ ᠢᠷᠡᠭᠰᠡᠨ ᠡᠨᠡ ᠤᠴᠢᠷ ᠢ᠋ ᠴᠢᠨᠢ ᠭᠠᠵᠠᠷ ᠪᠣᠯᠭᠠᠨ ᠳ᠋ᠤ᠌ ᠮᠡᠳᠡᠭᠡᠯᠡᠵᠦ ᠣᠷᠬᠢᠨ᠎ᠠ ᠰᠢᠦ!  ᠭᠡᠵᠦ ᠬᠡᠯᠡᠯ᠎ᠡ᠃ 
       ᠫᠠᠪᠯᠣ᠋ ᠪᠣᠯᠤᠨ ᠫᠢᠸᠦ᠋ᠯ ᠺᠸᠯᠯᠸᠷ ᠲᠡᠢ ᠲᠣᠭᠲᠠᠭᠤᠨ ᠪᠤᠰᠤ ᠨᠢᠭᠡ ᠰᠥᠨᠢ ᠶ᠋ᠢ ᠥᠩᠭᠡᠷᠡᠭᠦᠯᠵᠦ ᠪᠠᠢᠭᠰᠠᠨ ᠵᠢᠵᠢᠭᠬᠡᠨ ᠬᠣᠲᠠ ᠵᠠᠪᠰᠠᠷ ᠢ᠋ ᠠᠬᠢᠨ ᠲᠠᠨᠢᠬᠤ ᠳ᠋ᠤ᠌ ᠬᠡᠴᠡᠭᠦᠦ ᠪᠣᠯᠵᠠᠢ᠃ ᠵᠢᠯ ᠬᠠᠭᠠᠰ ᠤ᠋ᠨ ᠬᠣᠭᠣᠷᠣᠨᠳᠣ ᠲᠡᠷᠡ ᠨᠢ ᠬᠢᠯᠢ ᠬᠢᠵᠠᠭᠠᠷ ᠨᠢ ᠲᠡᠢᠮᠦ ᠰᠠᠢᠨ ᠲᠣᠳᠣᠷᠬᠠᠢ ᠪᠢᠰᠢ ᠨᠢᠭᠡᠨ ᠤᠯᠤᠰ ᠤ᠋ᠨ ᠲᠦᠷ ᠴᠠᠭ ᠤ᠋ᠨ ᠨᠡᠢᠰᠯᠡᠯ ᠪᠣᠯᠵᠠᠢ᠃ ᠣᠳᠣ ᠨᠢᠭᠡᠨ ᠥᠷᠭᠡᠨ ᠳᠠᠷᠳᠠᠩ ᠵᠠᠮ ᠡᠨᠡ ᠬᠦ᠌ ᠬᠣᠲᠠ ᠶ᠋ᠢ ᠳᠠᠭᠠᠷᠢᠨ ᠭᠠᠷᠬᠤ ᠪᠣᠯᠵᠠᠢ᠃ ᠵᠠᠮ ᠤ᠋ᠨ ᠬᠣᠶᠠᠷ ᠬᠠᠵᠠᠭᠤ ᠪᠠᠷ ᠵᠠᠰᠠᠵᠤ ᠴᠢᠮᠡᠭᠯᠡᠭᠰᠡᠨ ᠨᠢᠭᠤᠷ ᠲᠠᠢ᠂ ᠠᠷᠤ ᠲᠠᠯ᠎ᠠ ᠶ᠋ᠢ ᠨᠢ ᠬᠠᠭᠠᠰ ᠳᠤᠲᠠᠭᠤ ᠳᠥᠩᠭᠡᠵᠦ ᠪᠠᠷᠢᠭᠰᠠᠨ ᠬᠢᠲᠠᠳ ᠪᠠᠢᠰᠢᠩ ᠤ᠋ᠳ ᠦᠷᠭᠦᠯᠵᠢᠯᠡᠨ᠎ᠡ᠃ 
       ᠯᠠᠷᠰᠤᠨ ᠬᠦᠩ ᠨᠠᠢᠵᠠᠯᠠᠭᠰᠠᠨ ᠨᠢᠭᠡ ᠬᠢᠲᠠᠳ ᠬᠤᠳᠠᠯᠳᠤᠭᠠᠴᠢᠨ ᠤ᠋ ᠪᠠᠢᠰᠢᠩ ᠤ᠋ᠨ ᠡᠮᠦᠨ᠎ᠡ ᠮᠠᠰᠢᠨ ᠢ᠋ᠶ᠋ᠠᠨ ᠵᠣᠭᠰᠣᠭᠠᠪᠠ᠃ ᠨᠢᠭᠡ ᠪᠦᠯᠦᠭ ᠠᠯᠪᠠᠲᠠᠨ ᠪᠣᠯᠤᠨ ᠴᠠᠭᠳᠠᠭ᠎ᠠ ᠶᠠᠭ ᠯᠠ ᠲᠡᠮᠡᠭᠡᠨ ᠵᠢᠩ ᠦ᠋ᠨ ᠵᠠᠮ ᠳᠡᠭᠡᠷᠡᠬᠢ ᠬᠣᠪᠳᠣᠭ ᠰᠢᠨᠤᠬᠠᠢ ᠵᠣᠯᠢᠭ ᠤ᠋ᠳ ᠮᠡᠲᠦ ᠪᠢᠳᠡᠨ ᠦ᠌ ᠵᠦᠭ ᠠᠪᠠᠭᠠᠷᠠᠯᠳᠤᠨ ᠢᠷᠡᠯ᠎ᠡ᠃ ᠠᠩᠬᠠᠨ ᠤ᠋ ᠬᠠᠷᠠᠴᠠᠨ ᠳ᠋ᠤ᠌ ᠲᠡᠳᠡᠭᠡᠷ ᠬᠥᠮᠦᠰ ᠦ᠋ᠨ ᠬᠤᠪᠴᠠᠰᠤ ᠵᠠᠰᠠᠯ ᠨᠢ ᠢᠯᠡᠬᠡᠨ ᠬᠠᠷᠠᠭᠳᠠᠵᠤ᠂ ᠵᠡᠭᠦᠭᠰᠡᠨ ᠰᠡᠯᠡᠮ᠎ᠡ ᠪᠠ ᠴᠡᠷᠢᠭ ᠦ᠋ᠨ ᠮᠠᠯᠠᠭᠠᠢ ᠨᠢ ᠶᠠᠫᠣᠨ ᠤ᠋ ᠵᠢᠵᠢᠭᠬᠡᠨ ᠭᠠᠷᠠᠮ ᠤ᠋ᠳ ᠢ᠋ ᠰᠠᠨᠠᠭᠳᠠᠭᠤᠯᠬᠤ ᠠᠵᠢ᠃ ᠶᠠᠫᠣᠨ ᠳ᠋ᠤ᠌ ᠴᠤ᠌ ᠡᠳᠡᠭᠡᠷ ᠵᠡᠪᠰᠡᠭ ᠨᠢ ᠶᠡᠬᠡ ᠢᠨᠢᠶᠡᠳᠦᠮᠲᠡᠢ ᠰᠠᠨᠠᠭᠳᠠᠵᠤ ᠪᠠᠢᠭᠰᠠᠨ ᠪᠣᠯ ᠡᠨᠡ ᠬᠦ᠌ ᠲᠡᠮᠡᠭᠡᠨ ᠵᠢᠩ ᠦ᠋ᠨ ᠵᠠᠮ ᠳᠡᠭᠡᠷᠡᠬᠢ ᠲᠣᠭᠣᠰᠣ ᠰᠢᠷᠣᠢ ᠲᠠᠢ ᠵᠡᠭᠡᠯᠢ ᠳᠡᠭᠡᠷ᠎ᠡ ᠬᠡᠳᠦᠨ ᠬᠥᠭᠡᠷᠦᠬᠦᠢ ᠰᠢᠪᠡᠷ ᠪᠠᠢᠰᠢᠩ ᠤ᠋ᠨ ᠳᠤᠮᠳᠠ ᠲᠡᠳᠡᠭᠡᠷ ᠤᠷᠲᠤ ᠰᠡᠯᠡᠮ᠎ᠡ ᠨᠢ ᠨᠡᠩ ᠬᠥᠭᠡᠷᠦᠬᠦᠢᠯᠡᠯᠲᠡᠢ ᠬᠠᠷᠠᠭᠳᠠᠨ᠎ᠠ ᠠᠵᠢ᠃ ᠭᠡᠬᠦ ᠳ᠋ᠦ᠍ ᠵᠡᠭᠦᠭᠰᠡᠨ ᠡᠵᠡᠨ ᠨᠢ ᠡᠳᠡᠭᠡᠷ ᠡᠷᠬᠡ ᠰᠦᠷ ᠦ᠋ᠨ ᠪᠡᠯᠭᠡ ᠲᠡᠮᠳᠡᠭ ᠪᠣᠯᠤᠭᠰᠠᠨ ᠰᠡᠯᠡᠮ᠎ᠡ ᠳ᠋ᠡᠭᠡᠨ ᠣᠮᠣᠭᠰᠢᠯᠲᠠᠢ ᠪᠠᠢᠭ᠎ᠠ ᠨᠢ ᠢᠯᠡᠬᠡᠨ ᠮᠡᠳᠡᠭᠳᠡᠵᠦ ᠪᠠᠢᠯ᠎ᠠ᠃ 
       ᠡᠳᠡᠭᠡᠷ ᠰᠢᠨ᠎ᠡ ᠪᠡᠷ ᠪᠣᠯᠪᠠᠰᠤᠷᠠᠨ ᠭᠠᠷᠴᠤ ᠢᠷᠡᠭᠰᠡᠨ ᠴᠠᠭᠳᠠᠭ᠎ᠠ ᠨᠠᠷ ᠲᠤ᠌ ᠪᠢ ᠨᠡᠷ᠎ᠡ ᠶ᠋ᠢᠨ ᠬᠠᠭᠤᠳᠠᠰᠤ ᠪᠠᠨ ᠭᠠᠷᠳᠠᠭᠤᠯᠬᠤ ᠶ᠋ᠢᠨ ᠵᠡᠷᠭᠡ ᠨᠡᠷ᠎ᠡ᠂ ᠠᠵᠢᠯ᠂ ᠬᠠᠮᠢᠭ᠎ᠠ ᠠ᠋ᠴᠠ ᠢᠷᠡᠵᠦ ᠶᠠᠪᠤᠭ᠎ᠠ ᠵᠢᠴᠢ ᠬᠠᠮᠢᠭ᠎ᠠ ᠣᠴᠢᠬᠤ ᠭᠡᠵᠦ ᠪᠠᠢᠭ᠎ᠠ ᠭᠡᠬᠦ ᠮᠡᠲᠦ ᠪᠡᠷ ᠲᠡᠳᠡᠨ ᠦ᠌ ᠠᠰᠠᠭᠤᠭᠰᠠᠨ ᠢ᠋ ᠬᠠᠷᠢᠭᠤᠯᠵᠤ ᠪᠠᠢᠪᠠ᠃ ᠢᠩᠭᠢᠭᠡᠳ ᠲᠡᠳᠡ ᠠᠩᠬ᠎ᠠ ᠠᠯᠬᠤᠮ ᠰᠡᠳᠬᠢᠯ ᠬᠠᠨᠤᠮᠵᠢᠲᠠᠢ ᠪᠣᠯᠬᠤ ᠦᠶ᠎ᠡ ᠳ᠋ᠦ᠍ ᠲᠣᠭᠠᠯᠠᠰᠢ ᠦᠭᠡᠢ ᠣᠯᠠᠨ ᠨᠢᠴᠦᠭᠦᠨ ᠱᠠᠯᠳᠠᠩ ᠬᠠᠯᠲᠠᠷ ᠬᠡᠦᠬᠡᠳ᠂ ᠮᠣᠩᠭᠣᠯᠴᠤᠳ ᠪᠠ ᠬᠢᠲᠠᠳ ᠤ᠋ᠳ ᠴᠤᠭᠯᠠᠷᠠᠨ ᠢᠷᠡᠵᠦ ᠮᠠᠰᠢᠨ ᠢ᠋ ᠲᠣᠭᠣᠷᠢᠨ ᠵᠣᠭᠰᠣᠵᠠᠭᠠᠪᠠ᠃ 
       ᠪᠢᠳᠡᠨ ᠢ᠋ ᠥᠨᠳᠡᠭᠡ ᠬᠤᠳᠠᠯᠳᠤᠨ ᠠᠪᠴᠤ ᠪᠠᠢᠬᠤ ᠵᠠᠭᠤᠷ᠎ᠠ ᠲᠣᠰᠬᠣᠨ ᠤ᠋ ᠨᠥᠭᠦᠭᠡ ᠲᠠᠯ᠎ᠠ ᠠ᠋ᠴᠠ ᠨᠠᠢ᠍ᠮᠠᠨ ᠮᠠᠰᠢᠨ ᠲᠡᠷᠭᠡ ᠰᠢᠯ ᠢ᠋ᠶ᠋ᠡᠨ ᠭᠢᠯᠠᠯᠵᠠᠭᠤᠯᠤᠨ ᠭᠠᠷᠴᠤ ᠢᠷᠡᠪᠡ᠃ ᠡᠬᠢᠨ ᠦ᠌ ᠬᠣᠶᠠᠷ ᠮᠠᠰᠢᠨ ᠳ᠋ᠤ᠌ ᠶᠠᠫᠣᠨ ᠣᠹᠢᠼᠧᠷ ᠦ᠋ᠳ ᠰᠠᠭᠤᠵᠤ᠂ ᠭᠤᠷᠪᠠᠳᠠᠬᠢ ᠮᠠᠰᠢᠨ ᠳᠡᠭᠡᠷ᠎ᠡ ᠨᠢ ᠤᠯᠠᠭᠠᠨ ᠰᠢᠷ᠎ᠠ ᠴᠠᠭᠠᠨ ᠵᠢᠷᠤᠭᠠᠰᠤ ᠲᠠᠢ ᠵᠢᠵᠢᠭᠬᠡᠨ ᠬᠥᠬᠡ ᠳᠠᠯᠪᠠᠭ᠎ᠠ ᠳᠡᠷᠪᠡᠯᠵᠡᠵᠦ᠂ ᠬᠣᠶᠠᠷ ᠲᠠᠯ᠎ᠠ ᠶ᠋ᠢᠨ ᠭᠢᠰᠬᠢᠭᠦᠷ ᠳᠡᠭᠡᠷ᠎ᠡ ᠨᠢ ᠲᠤᠰ ᠪᠦᠷᠢ ᠭᠠᠷ ᠫᠤᠤ ᠠᠳᠬᠤᠭᠰᠠᠨ ᠴᠡᠷᠢᠭ ᠵᠣᠭᠰᠣᠵᠠᠢ᠃ ᠮᠠᠰᠢᠨ ᠳᠣᠲᠣᠷ᠎ᠠ ᠨᠢ ᠰᠥᠨᠢᠳ ᠸᠠᠩ ᠲᠡᠷᠡ ᠪᠡᠶ᠎ᠡ ᠪᠡᠷ ᠪᠠᠢᠭ᠎ᠠ ᠨᠢ ᠲᠠᠨᠢᠭᠳᠠᠵᠤ᠂ ᠲᠡᠷᠡ ᠴᠦ᠍ ᠮᠥᠨ ᠨᠠᠮᠠᠶ᠋ᠢ ᠣᠯᠵᠤ ᠬᠠᠷᠠᠭᠰᠠᠨ ᠪᠥᠭᠡᠳ ᠥᠩᠭᠡᠷᠡᠵᠦ ᠭᠠᠷᠤᠭᠰᠠᠨ ᠤ᠋ ᠳᠠᠷᠠᠭ᠎ᠠ ᠠᠬᠢᠨ ᠨᠢᠭᠡ ᠤᠳᠠᠭ᠎ᠠ ᠡᠷᠭᠢᠨ ᠬᠠᠷᠠᠯ᠎ᠠ᠃ ᠬᠥᠮᠦᠰ ᠦ᠋ᠨ ᠶᠠᠷᠢᠬᠤ ᠪᠠᠷ ᠨᠢᠰᠬᠡᠯ ᠦ᠋ᠨ ᠪᠠᠭᠤᠳᠠᠯ ᠳ᠋ᠤ᠌ ᠬᠦᠷᠴᠦ᠂ ᠶᠠᠫᠣᠨ ᠤ᠋ ᠨᠢᠭᠡ ᠲᠣᠮᠣ ᠨᠣᠶᠠᠨ ᠢ᠋ ᠤᠭᠲᠤᠬᠤ ᠶᠤᠮ ᠭᠡᠨ᠎ᠡ᠃ ᠯᠠᠷᠰᠤᠨ ᠬᠦᠩ ᠦ᠋ᠨ ᠶᠠᠷᠢᠯᠴᠠᠭ᠎ᠠ ᠪᠠᠷᠠᠬᠤ ᠶ᠋ᠢ ᠬᠦᠯᠢᠶᠡᠨ᠂ ᠪᠢᠳᠡ ᠬᠢᠳᠡᠯ ᠦᠭᠡᠢ ᠡᠢᠰᠢ ᠲᠡᠢᠰᠢ ᠡᠷᠭᠢᠴᠡᠨ ᠪᠠᠢᠲᠠᠯ᠎ᠠ ᠵᠡᠪᠰᠡᠭᠯᠡᠭᠰᠡᠨ ᠭᠤᠷᠪᠠᠨ ᠬᠢᠲᠠᠳ ᠴᠡᠷᠢᠭ ᠲᠡᠢ ᠳᠠᠭᠠᠷᠢᠯᠳᠤᠵᠤ᠂ ᠪᠠᠰᠠ ᠯᠠ ᠠᠰᠠᠭᠤᠵᠤ ᠡᠬᠢᠯᠡᠯ᠎ᠡ᠃ ᠪᠢ ᠲᠡᠳᠡᠨ ᠳ᠋ᠦ᠍ ᠮᠥᠨ ᠨᠡᠷ᠎ᠡ ᠶ᠋ᠢᠨ ᠬᠠᠭᠤᠳᠠᠰᠤ ᠪᠠᠨ ᠥᠭᠭᠦᠭᠡᠳ  ᠯᠠᠷᠰᠤᠨ ᠬᠦᠩ ᠦ᠋ᠨ ᠪᠠᠢᠭ᠎ᠠ ᠪᠠᠢᠰᠢᠩ ᠤᠷᠤᠭᠤ ᠢᠯᠡᠭᠡᠪᠡ᠃ ᠨᠡᠯᠢᠶᠡᠳ ᠤᠳᠠᠭᠠᠳ ᠲᠡᠳᠡ ᠭᠠᠷᠴᠤ ᠢᠷᠡᠭᠰᠡᠨ ᠯᠠᠷᠰᠤᠨ ᠬᠦᠩ ᠢ᠋ ᠳᠤᠮᠳᠠ ᠪᠠᠨ ᠠᠪᠤᠨ ᠶᠠᠭ ᠯᠠ ᠶᠠᠯᠠᠲᠠᠨ ᠢ᠋ ᠬᠦᠷᠭᠡᠵᠦ ᠪᠠᠢᠭ᠎ᠠ ᠶᠤᠮ ᠰᠢᠭ᠋ ᠴᠠᠭᠳᠠᠭᠠᠨ ᠤ᠋ ᠭᠠᠵᠠᠷ ᠵᠦᠭ ᠶᠠᠪᠤᠯ᠎ᠠ᠃ 
       ᠵᠣᠯ ᠢ᠋ᠶ᠋ᠠᠷ ᠯᠠᠷᠰᠤᠨ ᠬᠦᠩ ᠪᠣᠯᠤᠨ ᠶᠠᠫᠣᠨ ᠴᠠᠭᠳᠠᠭᠠᠨ ᠳᠠᠷᠤᠬ᠎ᠠ ᠶ᠋ᠢᠨ ᠶᠠᠷᠢᠯᠴᠠᠭ᠎ᠠ ᠨᠢ ᠲᠡᠢᠮᠦ ᠤᠷᠲᠤ ᠦᠷᠭᠦᠯᠵᠢᠯᠡᠭᠡ ᠦᠭᠡᠢ᠃ ᠲᠡᠷᠡ ᠴᠠᠭᠳᠠᠭᠠᠨ ᠳᠠᠷᠤᠭ᠎ᠠ ᠶ᠋ᠢᠨ ᠳᠣᠷᠴᠤ ᠲᠡᠭᠡᠭᠯᠡᠭᠰᠡᠨ ᠬᠢᠲᠠᠳ ᠬᠡᠯᠡ ᠪᠡᠷ ᠯᠠᠷᠰᠤᠨ ᠬᠦᠩ ᠳ᠋ᠦ᠍ ᠡᠬᠢᠯᠡᠨ ᠶᠠᠷᠢᠬᠤ ᠳ᠋ᠤ᠌ ᠬᠠᠷᠢᠭᠤ ᠳ᠋ᠤᠨᠢ ᠯᠠᠷᠰᠤᠨ : 
       – ᠲᠠ ᠨᠠᠷ ᠨᠠᠳᠠ ᠲᠠᠢ ᠡᠨᠳᠡᠬᠢ ᠤᠯᠤᠰ ᠤ᠋ᠨ ᠬᠡᠯᠡ ᠪᠡᠷ ᠶᠠᠷᠢᠬᠤ ᠦᠭᠡᠢ ᠤᠤ ? ᠪᠢ ᠮᠣᠩᠭᠣᠯ ᠳ᠋ᠤ᠌ ᠪᠠᠢᠬᠤ ᠳ᠋ᠠᠭᠠᠨ ᠬᠢᠲᠠᠳ ᠦᠭᠡ ᠶᠠᠷᠢᠳᠠᠭ ᠦᠭᠡᠢ ᠰᠢᠦ ᠭᠡᠯ᠎ᠡ᠃ ᠶᠠᠫᠣᠨ ᠠᠷᠭ᠎ᠠ ᠪᠠᠨ ᠪᠠᠷᠠᠭᠰᠠᠨ ᠢ᠋ᠶ᠋ᠠᠨ ᠴᠠᠭᠠᠰᠢ ᠪᠠᠨ ᠣᠷᠴᠢᠭᠤᠯᠤᠭᠴᠢ ᠲᠠᠭᠤᠲᠠᠯ᠎ᠠ᠃ 
       – ᠲᠠ ᠬᠠᠮᠢᠭ᠎ᠠ ᠠ᠋ᠴᠠ ᠢᠷᠡᠵᠦ ᠪᠠᠢᠨ᠎ᠠ ? 
       – ᠴᠢᠭᠤᠯᠤᠯᠲᠤ ᠬᠠᠭᠠᠯᠭ᠎ᠠ ᠠ᠋ᠴᠠ᠃ 
       – ᠬᠠᠮᠢᠭᠠᠰᠢ ᠪᠠᠨ ᠶᠠᠪᠤᠨ᠎ᠠ ᠭᠡᠵᠦ ᠪᠠᠢᠨ᠎ᠠ ? 
       – ᠭᠡᠷ ᠲᠡᠭᠡᠨ ᠬᠠᠷᠢᠨ᠎ᠠ᠃ 
       – ᠭᠡᠷ ᠲᠡᠭᠡᠨ ᠬᠠᠷᠢᠨ᠎ᠠ ? ᠶᠠᠭᠤ ᠭᠡᠵᠦ ᠭᠡᠷ ᠲᠡᠭᠡᠨ ᠬᠠᠷᠢᠨ᠎ᠠ ᠭᠡᠳᠡᠭ ᠪᠣᠢ ? 
       – ᠪᠢ ᠴᠠᠭᠠᠨ ᠬᠦᠷᠢᠶᠡᠨ ᠦ᠌ ᠰᠦᠮ᠎ᠡ ᠳ᠋ᠦ᠍ ᠠᠮᠢᠳᠤᠷᠠᠳᠠᠭ᠃ ᠲᠠ ᠬᠠᠮᠢᠭ᠎ᠠ ᠪᠠᠢᠭ᠎ᠠ ᠶ᠋ᠢ ᠨᠢ ᠮᠡᠳᠡᠵᠦ ᠪᠠᠢᠭ᠎ᠠ ᠪᠢᠵᠡ ᠳᠡ? 
       – ᠲᠡᠢᠮᠦ᠂ ᠲᠡᠭᠡᠭᠡᠳ ᠲᠠᠨ ᠤ᠋ ᠠᠯᠳᠠᠷ ? 
       – ᠪᠢ ᠯᠠᠷᠰᠤᠨ ᠭᠡᠳᠡᠭ᠃ 
       – ᠯᠠᠷᠰᠤᠨ ᠬᠦᠩ ᠤᠤ ? ᠭᠡᠳ ᠲᠡᠷᠡ ᠬᠦᠨᠳᠦᠳᠬᠡᠭᠰᠡᠨ ᠮᠡᠲᠦ ᠰᠠᠭᠤᠳᠠᠯ ᠠ᠋ᠴᠠ ᠪᠠᠨ ᠥᠨᠳᠡᠢᠨ ᠪᠣᠰᠪᠠ᠃ 
       – ᠪᠢ ᠮᠥᠨ ᠪᠠᠢᠨ᠎ᠠ᠃ ᠲᠡᠭᠡᠭᠡᠳ ᠣᠳᠣ ᠲᠠᠨ ᠢ᠋ ᠬᠡᠨ ᠭᠡᠳᠡᠭ ᠢ᠋ ᠠᠰᠠᠭᠤᠵᠤ ᠪᠣᠯᠬᠤ ᠤᠤ ? 
       ᠲᠡᠷᠡ ᠶᠠᠫᠣᠨ ᠢᠩᠭᠢᠵᠦ ᠠᠰᠠᠭᠤᠭᠰᠠᠨ ᠳ᠋ᠤᠨᠢ ᠶᠡᠬᠡᠳᠡ ᠰᠣᠴᠢᠨ᠂ ᠡᠨᠡ ᠰᠦᠷᠡᠬᠡᠢ ᠦᠯᠢᠭᠡᠷ ᠳᠣᠮᠣᠭ ᠲᠠᠢ ᠬᠥᠮᠦᠨ ᠡᠮᠦᠨ᠎ᠡ ᠨᠢ ᠵᠣᠭᠰᠣᠵᠤ ᠪᠠᠢᠬᠤ ᠪᠠᠨ ᠮᠡᠳᠡᠵᠦ᠂ ᠠᠭᠤᠴᠢᠯᠠᠯ ᠬᠦᠰᠡᠭᠰᠡᠨ ᠠᠶᠠᠰ ᠲᠠᠢ ᠪᠠᠷ᠄ 
       – ᠡᠨᠡ ᠴᠢᠨᠢ ᠡᠨᠳᠡᠭᠦᠦ ᠣᠢᠯᠠᠭᠠᠭᠰᠠᠨ ᠠ᠋ᠴᠠ ᠪᠣᠯᠵᠠᠢ᠂ ᠠᠭᠤᠴᠢᠯᠠᠭᠠᠷᠠᠢ ! ᠭᠡᠮᠡᠨ ᠪᠥᠬᠥᠢᠯ᠎ᠡ᠃ ᠲᠡᠷᠡ ᠶᠡᠬᠡ ᠰᠠᠨᠳᠤᠷᠤᠭᠰᠠᠨ ᠠ᠋ᠴᠠ ᠪᠣᠯᠵᠤ᠂ ᠣᠨᠳᠣᠣ ᠠᠶᠠᠨᠴᠢᠳ ᠢᠯᠠᠩᠭᠤᠶ᠎ᠠ ᠨᠠᠮᠠᠶ᠋ᠢ ᠠᠰᠠᠭᠤᠨ ᠰᠢᠯᠭᠠᠬᠤ ᠪᠠᠨ ᠴᠤ᠌ ᠮᠠᠷᠲᠠᠵᠠᠢ᠃ ᠮᠥᠨ ᠢᠩᠭᠢᠭᠡᠳ ᠪᠢ ᠶᠠᠫᠣᠨᠴᠤᠳ ᠤ᠋ᠨ ᠨᠡᠬᠡᠭᠰᠡᠨ ᠬᠢᠨᠠᠯᠲᠠ ᠶ᠋ᠢᠨ ᠨᠠᠷᠢᠨ ᠰᠦᠯᠵᠢᠶ᠎ᠡ ᠲᠣᠣᠷ ᠠ᠋ᠴᠠ ᠮᠤᠯᠲᠤᠷᠠᠨ ᠭᠠᠷᠴᠤ᠂ 1936 ᠣᠨ ᠳ᠋ᠤ᠌ ᠴᠣᠷ ᠤ᠋ᠨ ᠭᠠᠭᠴᠠ ᠧᠦ᠋ᠷᠣᠫᠠ ᠬᠥᠮᠦᠨ ᠦ᠌ ᠬᠤᠪᠢ ᠪᠠᠷ 《ᠡᠮᠦᠨ᠎ᠡ ᠹᠷᠣᠨᠲ》 ᠤ᠋ᠨ ᠴᠠᠭᠠᠳᠤ ᠲᠠᠯ᠎ᠠ ᠳ᠋ᠤ᠌ ᠭᠠᠷᠴᠤ᠂ ᠶᠠᠫᠣᠨ ᠵᠥᠪᠯᠡᠭᠴᠢᠳ ᠦ᠋ᠨ ᠰᠥᠨᠢᠳ ᠸᠠᠩ ᠢ᠋ ᠰᠢᠬᠠᠮᠳᠠᠭᠤᠯᠤᠨ ᠬᠢᠵᠦ ᠪᠠᠢᠭ᠎ᠠ ᠨᠠᠷᠢᠨ ᠪᠡᠯᠡᠳᠬᠡᠯ ᠦ᠋ᠳ ᠢ᠋ ᠠᠵᠢᠭᠯᠠᠵᠤ ᠳᠡᠢᠯᠦᠭᠰᠡᠨ ᠶᠤᠮᠰᠠᠨ᠃ 
       ᠯᠠᠷᠰᠤᠨ ᠬᠦᠩ ᠰᠥᠨᠢᠳ ᠸᠠᠩ ᠲᠠᠢ ᠲᠦᠷᠭᠡᠬᠡᠨ ᠰᠢᠭ ᠠᠭᠤᠯᠵᠠᠭᠠᠳ ᠭᠠᠷᠬᠤ ᠭᠡᠮᠡᠨ ᠪᠢᠴᠢᠬᠠᠨ ᠬᠥᠲᠥᠯ ᠳᠡᠭᠡᠷ᠎ᠡ ᠪᠠᠢᠷᠢᠯᠠᠬᠤ ᠵᠠᠰᠠᠭ ᠤ᠋ᠨ ᠣᠷᠳᠣᠨ ᠤ᠋ ᠪᠠᠢᠰᠢᠩ ᠳ᠋ᠤ᠌ ᠬᠦᠷᠬᠦ ᠪᠡᠷ ᠳᠠᠪᠬᠢᠭᠤᠯᠬᠤ ᠳ᠋ᠤ᠌ ᠪᠢᠳᠡᠨ ᠦ᠌ ᠮᠠᠰᠢᠨ ᠴᠤ᠌ ᠳ᠋ᠠᠭᠠᠨ ᠳᠠᠪᠬᠢᠪᠠ᠃ ᠯᠠᠷᠰᠤᠨ ᠢ᠋ ᠡᠭᠦᠳᠡᠨ ᠬᠠᠷᠠᠭᠤᠯ ᠤ᠋ᠨ ᠬᠠᠵᠠᠭᠤ ᠪᠠᠷ ᠬᠠᠨᠴᠤᠢ ᠰᠠᠵᠢᠯᠠᠨ ᠳᠣᠲᠣᠭᠰᠢ ᠪᠠᠨ ᠣᠷᠣᠬᠤ ᠳ᠋ᠤ᠌ ᠪᠢ ᠨᠠᠭᠠᠰᠢ ᠴᠠᠭᠠᠰᠢ ᠣᠷᠣᠵᠤ ᠭᠠᠷᠬᠤ ᠬᠥᠮᠦᠰ ᠢ᠋ ᠠᠵᠢᠭᠯᠠᠵᠤ ᠰᠠᠭᠤᠪᠠ᠃ ᠤᠳᠠᠯ ᠦᠭᠡᠢ ᠶᠠᠫᠣᠨ ᠤ᠋ ᠡᠭᠡᠯ ᠠᠷᠠᠳ᠂ ᠠᠬᠢᠭᠠᠳ ᠪᠠᠰᠠ ᠴᠡᠷᠢᠭ ᠬᠤᠪᠴᠠᠰᠤ ᠲᠠᠢ ᠶᠠᠫᠣᠨ ᠣᠹᠢᠼᠧᠷ ᠵᠢᠯᠣᠭᠣᠴᠢ ᠲᠠᠢ ᠪᠠᠨ ᠣᠷᠣᠵᠤ ᠭᠠᠷᠤᠨ᠎ᠠ᠃ ᠪᠢᠳᠡᠨ ᠦ᠌ ᠮᠠᠰᠢᠨ ᠢ᠋ ᠰᠡᠵᠢᠭᠲᠡᠢ ᠨᠢᠳᠦ ᠪᠡᠷ ᠰᠢᠷᠳᠡᠵᠦ ᠲᠣᠭᠣᠷᠢᠨ ᠵᠣᠭᠰᠣᠭᠠᠳ ᠢᠨᠢᠶᠡᠯᠴᠡᠨ ᠶᠠᠷᠢᠯᠴᠠᠬᠤ ᠳ᠋ᠤᠨᠢ ᠶᠠᠭᠤ ᠬᠡᠯᠡᠵᠦ ᠪᠠᠢᠬᠤ ᠶ᠋ᠢ ᠨᠢ ᠪᠢ ᠣᠢᠯᠠᠭᠠᠭᠰᠠᠨ ᠦᠭᠡᠢ᠃ 
       ᠶᠠᠭᠤ ᠪᠣᠯᠤᠭᠰᠠᠨ ᠴᠤ᠌ ᠯᠠᠷᠰᠤᠨ ᠪᠤᠴᠠᠵᠤ ᠢᠷᠡᠯ᠎ᠡ᠂ ᠭᠡᠬᠦ ᠳ᠋ᠦ᠍ ᠰᠥᠨᠢᠳ ᠸᠠᠩ ᠲᠠᠢ ᠠᠭᠤᠯᠵᠠᠵᠤ ᠴᠢᠳᠠᠭᠰᠠᠨ ᠦᠭᠡᠢ᠃ ᠰᠥᠨᠢᠳ ᠸᠠᠩ ᠰᠠᠶᠢᠬᠠᠨ ᠲᠣᠰᠴᠤ ᠠᠪᠤᠭᠰᠠᠨ ᠶᠠᠫᠣᠨ ᠲᠠᠢ ᠴᠢᠬᠤᠯᠠ ᠶᠠᠷᠢᠯᠴᠠᠭ᠎ᠠ ᠪᠣᠯᠵᠤ ᠪᠠᠢᠬᠤ ᠲᠤᠯᠠ ᠡᠨᠡ ᠤᠳᠠᠭ᠎ᠠ ᠲᠡᠭᠦᠨ ᠳ᠋ᠦ᠍ ᠬᠠᠭᠤᠴᠢᠨ ᠨᠠᠢᠵᠠ ᠲᠠᠢ ᠪᠠᠨ ᠠᠭᠤᠯᠵᠠᠬᠤ ᠴᠠᠭ ᠦᠭᠡᠢ ᠠᠵᠢ᠃
       ᠪᠢᠳᠡᠨ ᠢ᠋ ᠠᠬᠢᠭᠠᠳ ᠨᠢᠭᠡ ᠪᠦᠯᠦᠭ ᠪᠠᠷᠠᠭ᠎ᠠ ᠬᠤᠳᠠᠯᠳᠤᠨ ᠠᠪᠴᠤ ᠪᠠᠢᠬᠤ ᠳ᠋ᠤ᠌ ᠨᠢᠭᠡ ᠠᠩᠭᠢ ᠴᠠᠭᠠᠨ ᠪᠡᠭᠡᠯᠡᠢ ᠲᠡᠢ ᠴᠡᠷᠢᠭ ᠪᠣᠯᠪᠠᠰᠤᠷᠠᠯ ᠤ᠋ᠨ ᠲᠠᠯᠠᠪᠠᠢ ᠳ᠋ᠤ᠌ ᠵᠢᠭᠰᠠᠨ ᠬᠦᠷᠴᠦ ᠢᠷᠡᠪᠡ᠃ 
       – ᠴᠠᠭᠠᠨ ᠪᠡᠭᠡᠯᠡᠢ ? ᠭᠡᠵᠦ ᠪᠢ ᠭᠠᠢᠬᠠᠵᠤ ᠠᠪᠬᠤ ᠳ᠋ᠤ᠌ ᠬᠠᠵᠠᠭᠤ ᠳ᠋ᠤ᠌ ᠪᠠᠢᠭᠰᠠᠨ ᠬᠢᠲᠠᠳ ᠬᠤᠳᠠᠯᠳᠤᠭᠠᠴᠢᠨ ᠭᠡᠳᠡᠭᠡᠨᠡᠨ ᠢᠨᠢᠶᠡᠭᠰᠡᠨ ᠢ᠋ᠶ᠋ᠡᠨ ᠨᠠᠮᠠᠶ᠋ᠢ ᠠᠷᠤ ᠶ᠋ᠢᠨ ᠥᠷᠥᠭᠡᠨ ᠳ᠋ᠡᠭᠡᠨ ᠲᠡᠳᠡᠨ ᠠᠪᠠᠴᠢᠵᠤ᠂ ᠴᠠᠢ ᠴᠢᠢᠯᠡᠭᠡᠳ ᠤᠴᠢᠷ ᠢ᠋ ᠨᠢ ᠶᠠᠷᠢᠵᠤ ᠥᠭᠪᠡ᠄ 
       – ᠨᠢᠭᠡ ᠶᠠᠫᠣᠨ ᠬᠤᠳᠠᠯᠳᠤᠭᠠᠴᠢᠨ ᠨᠢᠭᠡᠨ ᠡᠳᠦᠷ ᠠᠳᠠ ᠬᠦᠷᠴᠦ ᠢᠷᠡᠭᠡᠳ ᠮᠣᠩᠭᠣᠯᠴᠤᠳ ᠲᠤ᠌ ᠨᠡᠬᠡᠭᠰᠡᠨ ᠴᠠᠭᠠᠨ ᠬᠥᠪᠥᠩ ᠪᠡᠭᠡᠯᠡᠢ ᠬᠤᠳᠠᠯᠳᠤᠨ᠎ᠠ ᠭᠡᠪᠡ᠃ ᠴᠠᠭᠠᠨ ᠪᠡᠭᠡᠯᠡᠢ ᠶ᠋ᠢ ᠮᠣᠩᠭᠣᠯᠴᠤᠳ ᠲᠤ᠌ ᠬᠤᠳᠠᠯᠳᠤᠨ᠎ᠠ ᠭᠡᠨ᠎ᠡ ? ᠬᠡᠯᠡᠯᠭᠡᠨ ᠦᠭᠡᠢ ᠲᠡᠨᠳᠡ ᠪᠡᠨ ᠳᠠᠷᠤᠭᠳᠠᠵᠤ ᠯᠠ ᠪᠠᠢᠬᠤ ᠪᠣᠯᠤᠨ᠎ᠠ᠂ ᠤᠴᠢᠷ ᠨᠢ ᠠᠯᠢ ᠮᠣᠩᠭᠣᠯ ᠨᠢ ᠴᠠᠭᠠᠨ ᠪᠡᠭᠡᠯᠡᠢ ᠵᠡᠭᠦᠵᠦ ᠪᠠᠢᠨ᠎ᠠ ᠳᠠ? ᠥᠪᠡᠷ ᠦ᠋ᠨ ᠵᠣᠷᠢᠯᠬ᠎ᠠ ᠳ᠋ᠠᠭᠠᠨ ᠬᠦᠷᠬᠦ ᠶ᠋ᠢᠨ ᠲᠥᠯᠥᠭᠡ ᠲᠡᠷᠡ ᠠᠳᠡᠬᠢ ᠶ᠋ᠢᠨ ᠨᠢᠭᠡ ᠶᠠᠫᠣᠨ ᠵᠥᠪᠯᠡᠭᠴᠢ ᠳ᠋ᠦ᠍ ᠬᠦᠨᠳᠦ ᠪᠡᠯᠡᠭ ᠪᠠᠷᠢᠭᠰᠠᠨ ᠳ᠋ᠤ᠌ ᠪᠡᠭᠡᠯᠡᠢ ᠶ᠋ᠢ ᠴᠡᠷᠢᠭ ᠠᠩᠭᠢ ᠳ᠋ᠠᠭᠠᠨ ᠬᠤᠳᠠᠯᠳᠤᠨ ᠠᠪᠴᠤ᠂ ᠴᠡᠷᠢᠭ ᠦ᠋ᠳ ᠨᠢ ᠣᠷᠣᠢ ᠪᠣᠯᠭᠠᠨ ᠤᠬᠢᠶᠠᠬᠤ ᠬᠡᠷᠡᠭ ᠲᠡᠢ ᠪᠣᠯᠪᠠ ᠭᠡᠵᠦ ᠢᠨᠢᠶᠡᠨ ᠬᠡᠯᠡᠪᠡ᠃ 
       – ᠲᠡᠭᠡᠭᠡᠳ ᠮᠥᠩᠭᠥ ᠶ᠋ᠢ ᠨᠢ ᠬᠡᠨ ᠳᠥᠯᠥᠪᠡ ? 
       – ᠮᠣᠩᠭᠣᠯᠴᠤᠳ ᠤᠤ ? ᠶᠠᠫᠣᠨᠴᠤᠳ ᠤᠤ ? ᠪᠢ ᠮᠡᠳᠡᠭᠰᠡᠨ ᠦᠭᠡᠢ᠃ ᠬᠡᠷᠪᠡ ᠡᠢᠮᠦ ᠰᠠᠢᠨ ᠬᠠᠷᠢᠴᠠᠭ᠎ᠠ ᠲᠠᠢ ᠪᠠᠢᠭᠰᠠᠨ ᠶᠤᠮ ᠪᠣᠯ ᠪᠢ ᠪᠠᠰᠠ ᠬᠠᠭᠤᠴᠢᠨ ᠳᠡᠯᠭᠡᠭᠦᠷ ᠢ᠋ᠶ᠋ᠡᠨ ᠬᠤᠳᠠᠯᠳᠤᠨ ᠭᠠᠷᠭᠠᠵᠤ ᠪᠣᠯᠤᠨ᠎ᠠ ᠳᠠ ᠭᠡᠵᠦ ᠬᠢᠲᠠᠳ ᠬᠤᠳᠠᠯᠳᠤᠭᠠᠴᠢᠨ ᠰᠠᠨᠠᠭ᠎ᠠ ᠠᠯᠲᠠᠨ ᠬᠡᠯᠡᠪᠡ᠃ 
       ᠡᠴᠦᠰ ᠲᠡᠭᠡᠨ ᠪᠢᠳᠡ ᠵᠠᠮ ᠳ᠋ᠠᠭᠠᠨ ᠣᠷᠣᠵᠤ᠂ ᠨᠢᠭᠡ ᠴᠠᠭ ᠤ᠋ᠨ ᠳᠠᠷᠠᠭ᠎ᠠ ᠭᠡᠬᠦ ᠳ᠋ᠦ᠍ ᠴᠠᠭᠠᠨ ᠬᠦᠷᠢᠶᠡᠨ ᠦ᠌ ᠰᠦᠮ᠎ᠡ ᠶ᠋ᠢᠨ ᠴᠠᠭᠠᠨ ᠬᠦᠷᠢᠶ᠎ᠡ ᠠᠯᠤᠰ ᠠ᠋ᠴᠠ ᠬᠠᠷᠠᠭᠳᠠᠵᠤ᠂ ᠨᠣᠮᠢᠨ ᠨᠣᠭᠣᠭᠠᠨ ᠲᠠᠯ᠎ᠠ ᠪᠢᠳᠡᠨ ᠢ᠋ ᠨᠥᠬᠥᠷᠰᠡᠭ ᠢ᠋ᠶ᠋ᠡᠷ ᠤᠭᠲᠤᠨ ᠪᠠᠢᠯ᠎ᠠ᠃ ᠠᠳᠠ ᠠ᠋ᠴᠠ ᠣᠢᠷᠠᠬᠠᠨ ᠪᠠᠢᠭ᠎ᠠ ᠡᠸᠷᠢᠺᠰᠦᠨ ᠦ᠌ ᠱᠠᠰᠢᠨ ᠰᠤᠷᠲᠠᠯᠴᠢᠯᠠᠭᠴᠢ ᠶ᠋ᠢᠨ ᠥᠷᠲᠡᠭᠡᠨ ᠦ᠌ ᠲᠡᠨᠳᠡ ᠨᠢᠭᠡ ᠪᠦᠯᠦᠭ ᠭᠡᠷ ᠪᠠᠷᠢᠭᠳᠠᠭᠰᠠᠨ ᠪᠠᠢᠪᠠ᠃ 
       – ᠵᠠ ᠲᠡᠨᠳᠡ ᠪᠠᠰᠠ ᠠᠵᠢᠯ ᠭᠠᠷᠴᠤ ᠪᠠᠢᠭ᠎ᠠ ᠭᠡᠵᠦ ᠱᠠᠰᠢᠨ ᠰᠤᠷᠲᠠᠯᠴᠢᠯᠠᠭᠴᠢ ᠡᠮᠴᠢ ᠬᠡᠯᠡᠪᠡ᠃ 
       ᠲᠣᠭᠠᠯᠠᠰᠢ ᠦᠭᠡᠢ ᠣᠯᠠᠨ ᠶᠠᠫᠣᠨ ᠡᠮᠴᠢ ᠦᠨ᠎ᠡ ᠮᠥᠩᠭᠥ ᠦᠭᠡᠢ ᠡᠪᠡᠳᠴᠢᠨ ᠦᠵᠡᠵᠦ ᠥᠭᠭᠦᠨ᠎ᠡ ᠭᠡᠵᠦ ᠠᠮᠠᠯᠠᠵᠤ ᠪᠠᠢᠭ᠎ᠠ ᠪᠣᠯᠪᠠᠴᠤ᠂ ᠡᠨᠡ ᠰᠸᠧᠳᠧᠨ ᠦ᠌ ᠳ᠋ᠦ᠍ ᠢᠷᠡᠵᠦ ᠡᠮᠨᠡᠭᠦᠯᠬᠦ ᠬᠥᠮᠦᠨ ᠦ᠌ ᠲᠣᠭ᠎ᠠ ᠨᠢ ᠴᠥᠭᠡᠷᠡᠬᠦ ᠦᠭᠡᠢ ᠪᠠᠢᠬᠤ ᠨᠢ ᠰᠣᠨᠢᠷᠬᠠᠯᠲᠠᠢ ᠠᠵᠢ᠃ 
       ᠠᠬᠢᠭᠠᠳ ᠠᠷᠪᠠᠨ ᠮᠢᠨᠦ᠋ᠲ ᠭᠡᠬᠦ ᠳ᠋ᠦ᠍ ᠮᠠᠰᠢᠨ ᠮᠠᠨᠢ ᠬᠦᠩ ᠦ᠋ᠨ ᠣᠷᠳᠣᠨ ᠤ᠋ ᠡᠭᠦᠳᠡᠨ ᠳ᠋ᠦ᠍ ᠬᠦᠷᠴᠦ ᠵᠣᠭᠰᠣᠪᠠ᠃ ᠲᠡᠨᠳᠡ ᠮᠢᠨᠦ ᠵᠠᠷᠤᠴᠠ ᠪᠦᠬᠦ ᠠᠴᠢᠶ᠎ᠠ ᠲᠠᠢ ᠨᠠᠮᠠᠶ᠋ᠢ ᠬᠦᠯᠢᠶᠡᠵᠦ ᠪᠠᠢᠪᠠ᠃ ᠲᠡᠷᠡ ᠮᠠᠨᠢ ᠲᠡᠷᠡ ᠣᠯᠠᠨ ᠦᠨᠡᠮᠯᠡᠬᠦ ᠰᠢᠯᠭᠠᠬᠤ ᠵᠢᠴᠢ ᠴᠠᠭᠳᠠᠭᠠᠨ ᠤ᠋ ᠪᠠᠢᠴᠠᠭᠠᠯᠲᠠ ᠶ᠋ᠢ ᠠᠮᠤᠷ ᠮᠡᠨᠳᠦ ᠲᠤᠭᠤᠯᠤᠨ ᠬᠦᠷᠴᠦ ᠢᠷᠡᠭᠰᠡᠨ ᠪᠠᠢᠯ᠎ᠠ᠃ 
       ᠲᠡᠭᠡᠭᠡᠳ ᠣᠳᠣ ᠪᠦᠬᠦ ᠶᠠᠭᠤᠮ᠎ᠠ ᠪᠦᠷᠢᠳᠴᠦ᠂ ᠮᠠᠷᠭᠠᠰᠢ ᠥᠷᠯᠥᠭᠡ ᠨᠢ ᠡᠸᠷᠢᠺᠰᠦᠨ ᠨᠠᠮᠠᠶ᠋ᠢ ᠠᠮᠠᠷᠠᠯᠲᠠ ᠬᠢᠨ᠎ᠡ ᠭᠡᠵᠦ ᠪᠠᠢᠭᠰᠠᠨ ᠨᠠᠢ᠍ᠮᠠ ᠶ᠋ᠢᠨ ᠠᠭᠤᠯᠠᠨ ᠳ᠋ᠤ᠌ ᠬᠦᠷᠭᠡᠨ ᠥᠭᠬᠦ  ᠪᠣᠯᠤᠨ᠎ᠠ᠃ ᠮᠢᠨᠦ ᠬᠠᠭᠤᠴᠢᠨ ᠮᠣᠩᠭᠣᠯ ᠨᠠᠢᠵᠠ ᠪᠣᠯᠤᠨ ᠠᠶᠠᠨ ᠤ᠋ ᠬᠠᠨᠢᠳᠠᠨ ᠷᠠᠰᠢ ᠮᠥᠨ ᠡᠨᠡ ᠣᠢᠷ᠎ᠠ ᠬᠠᠪᠢ ᠮᠠᠯᠵᠢᠵᠤ ᠪᠣᠢ ᠭᠡᠵᠦ ᠯᠠᠷᠰᠤᠨ ᠤ᠋ ᠵᠠᠷᠤᠴᠠ ᠵᠢᠨᠵᠢᠮ᠎ᠠ ᠨᠠᠳᠠ ᠳ᠋ᠤ᠌ ᠬᠡᠯᠡᠵᠦ ᠪᠠᠢᠯ᠎ᠠ ᠃ ᠮᠣᠷᠢᠨ ᠨᠢᠷᠤᠭᠤᠨ ᠳᠡᠭᠡᠷᠡᠬᠢ ᠪᠣᠯᠤᠨ ᠠᠷᠭᠠᠯ ᠤ᠋ᠨ ᠭᠠᠯ ᠤ᠋ᠨ ᠳᠡᠷᠭᠡᠳᠡᠬᠢ ᠡᠳᠦᠷ ᠬᠣᠨᠣᠭ ᠤ᠋ᠳ ᠮᠢᠨᠢ ᠡᠬᠢᠯᠡᠬᠦ ᠪᠣᠯᠤᠯ᠎ᠠ᠃