ᠲᠠᠤᠯᠠᠢ ᠵᠠᠷᠠᠭ᠎ᠠ ᠬᠣᠶᠠᠷ-ᠮᠣᠩᠭᠣᠯ ᠠᠷᠠᠳ ᠤᠨ ᠦᠯᠢᠭᠡᠷМонгол Ардын үлгэр Туулай зараа хоёрTuulai zaraa khoyor
ᠲᠠᠤᠯᠠᠢ ᠵᠠᠷᠠᠭ᠎ᠠ ᠬᠣᠶᠠᠷ
ᠲᠠᠤᠯᠠᠢ ᠶᠠᠪᠤᠵᠤ ᠪᠠᠢᠭᠠᠳ ᠵᠠᠷᠠᠭ᠎ᠠ ᠲᠠᠢ ᠲᠠᠭᠠᠷᠠᠯ᠎ᠠ᠃ 《ᠴᠢ ᠤᠭ ᠨᠢ ᠣᠪᠣᠭ᠎ᠠ ᠵᠢᠰᠦ ᠴᠢᠷᠠᠢ ᠲᠠᠢ ᠠᠮᠢᠲᠠᠨ ᠶᠤᠮ᠃ ᠲᠡᠭᠡᠬᠦ ᠳ᠋ᠦ᠍ ᠪᠡᠨ ᠴᠢᠮ᠎ᠠ ᠶ᠋ᠢ ᠨᠠᠭᠠᠳᠤᠬᠢ ᠳᠤᠭᠤᠢ ᠬᠥᠯ ᠴᠢᠨᠢ ᠭᠤᠲᠤᠭᠠᠵᠤ ᠪᠠᠢᠨ᠎ᠠ ᠳᠠ!》 ᠭᠡᠵᠦ ᠳᠠᠭᠤᠷᠬᠠᠬᠤ ᠳ᠋ᠤ᠌ ᠵᠠᠷᠠᠭ᠎ᠠ ᠳᠥᠷᠰᠥᠭᠡᠨᠡᠨ ᠠᠭᠤᠷᠯᠠᠵᠤ᠄《ᠴᠢ ᠨᠠᠮ᠎ᠠ ᠶ᠋ᠢ ᠳᠣᠷᠣᠮᠵᠢᠯᠠᠵᠤ ᠪᠠᠢᠨ᠎ᠠ ᠤᠤ? ᠪᠢ ᠮᠤᠷᠤᠢ ᠬᠥᠯ ᠲᠡᠢ ᠴᠦ᠍ ᠲᠡᠭᠰᠢ ᠬᠥᠯ ᠲᠡᠢ ᠴᠢᠮ᠎ᠠ ᠠ᠋ᠴᠠ ᠢᠯᠡᠭᠦᠦ ᠬᠤᠷᠳᠤᠨ ᠳᠠᠪᠬᠢᠳᠠᠭ᠃ ᠪᠢ ᠭᠡᠷ ᠢ᠋ᠶ᠋ᠡᠷ ᠢ᠋ᠶ᠋ᠡᠨ ᠣᠷᠣᠭᠠᠳ ᠭᠠᠷᠤᠶ᠎ᠠ᠃ ᠲᠡᠭᠡᠭᠡᠳ ᠬᠡᠨ ᠨᠢ ᠬᠤᠷᠳᠤᠨ ᠭᠦᠶᠦᠳᠡᠭ ᠢ᠋ᠶ᠋ᠡᠨ ᠤᠷᠤᠯᠳᠤᠵᠤ ᠦᠵᠡᠬᠦ ᠤᠤ?》 ᠭᠡᠰᠡᠨ ᠰᠠᠨᠠᠯ ᠭᠠᠷᠭᠠᠬᠤ ᠳ᠋ᠤ᠌ ᠣᠩᠭᠢᠷᠠᠭ᠎ᠠ ᠲᠠᠤᠯᠠᠢ ᠵᠥᠪᠰᠢᠶᠡᠷᠡᠵᠦ ᠭᠡᠨ᠎ᠡ᠃
ᠵᠠᠷᠠᠭ᠎ᠠ ᠭᠡᠷ ᠲᠦ᠍ ᠪᠡᠨ ᠣᠷᠣᠵᠤ ᠢᠷᠡᠭᠡᠳ ᠡᠬᠡᠨᠡᠷ ᠲᠦ᠍ ᠪᠡᠨ ᠬᠠᠨᠳᠤᠵᠤ ᠄《ᠲᠠᠤᠯᠠᠢ ᠨᠠᠮ᠎ᠠ ᠶ᠋ᠢ ᠳᠤᠭᠤᠢ ᠬᠥᠯ ᠲᠡᠢ ᠭᠡᠵᠦ ᠳᠣᠷᠣᠮᠵᠢᠯᠠᠬᠤ ᠪᠠᠷ ᠨᠢ ᠪᠢ ᠲᠡᠭᠦᠨ ᠲᠡᠢ ᠤᠷᠤᠯᠳᠤᠵᠤ ᠂ ᠬᠡᠨ ᠨᠢ ᠱᠠᠯᠠᠮᠠᠭᠠᠢ ᠬᠤᠷᠳᠤᠨ ᠭᠦᠶᠦᠬᠦ ᠪᠡᠨ ᠦᠵᠡᠬᠦ ᠪᠡᠷ ᠪᠣᠯᠤᠯ᠎ᠠ 》 ᠭᠡᠬᠦ ᠳ᠋ᠦ᠍ ᠡᠬᠡᠨᠡᠷ ᠨᠢ ᠬᠠᠷᠢᠭᠤ ᠳ᠋ᠤ᠌ ᠨᠢ ᠄《ᠴᠢ ᠴᠢᠨᠢ ᠠᠷᠠᠢ ᠰᠣᠯᠢᠶᠠᠷᠠᠴᠢᠬᠠ ᠦᠭᠡᠢ ᠪᠢᠵᠡ? ᠲᠠᠤᠯᠠᠢ ᠲᠠᠢ ᠣᠷᠣᠯᠳᠣᠨ᠎ᠠ ᠭᠡᠨ᠎ᠡ? ᠴᠢ ᠬᠤᠷᠳᠤᠨ ᠭᠦᠶᠦᠳᠡᠭ ᠲᠠᠤᠯᠠᠢ ᠲᠠᠢ ᠶᠠᠭᠠᠬᠢᠵᠤ ᠥᠷᠢᠰᠦᠯᠳᠦᠬᠦ ᠶᠦᠮ ᠪᠣᠢ? ᠪᠣᠯᠵᠤ ᠦᠵᠡ! 》 ᠭᠡᠳ ᠶᠡᠷᠦ ᠲᠣᠭᠣᠭᠰᠠᠨ ᠦᠭᠡᠢ᠃
ᠵᠠᠷᠠᠭ᠎ᠠ ᠭᠡᠷᠭᠡᠢ ᠪᠡᠨ ᠢᠳᠬᠠᠵᠤ᠄《ᠲᠠᠤᠯᠠᠢ ᠬᠥᠯ ᠬᠤᠷᠳᠤᠨ ᠴᠤ᠌ ᠮᠢᠨᠦ ᠤᠬᠠᠭᠠᠨ ᠲᠡᠭᠦᠨ ᠡᠴᠡ ᠴᠦ᠍ ᠢᠯᠡᠭᠦᠦ᠃ ᠵᠠ ᠬᠣᠶᠠᠭᠤᠯᠠ ᠪᠠᠨ ᠲᠠᠯ᠎ᠠ ᠤᠷᠤᠭᠤ ᠪᠠᠨ ᠬᠠᠮᠲᠤ ᠣᠴᠢᠶ᠎ᠠ᠃ ᠪᠢ ᠲᠡᠨᠳᠡ ᠣᠴᠢᠭᠠᠳ ᠴᠢᠮ᠎ᠠ ᠳ᠋ᠤ᠌ ᠪᠦᠬᠦ ᠨᠢᠭᠤᠴᠠ ᠪᠠᠨ ᠳᠡᠯᠭᠡᠨ᠎ᠡ》 ᠭᠡᠵᠡᠢ ᠭᠡᠨ᠎ᠡ᠃
ᠲᠡᠭᠡᠭᠡᠳ ᠲᠠᠯ᠎ᠠ ᠳ᠋ᠤ᠌ ᠢᠷᠡᠭᠡᠳ᠄《ᠴᠢ ᠡᠨᠳᠡ ᠨᠢᠭᠤᠭᠳᠠ ᠪᠢ ᠨᠥᠭᠦᠭᠡ ᠲᠠᠯ᠎ᠠ ᠠ᠋ᠴᠠ ᠲᠠᠤᠯᠠᠢ ᠲᠠᠢ ᠣᠷᠣᠯᠳᠣᠨ᠎ᠠ᠃ ᠭᠠᠷᠤᠭᠠᠨ ᠠ᠋ᠴᠠ ᠭᠠᠷᠤᠮᠠᠭᠴᠠ ᠪᠢ ᠲᠡᠨᠳᠡ ᠬᠣᠴᠣᠷᠤᠨ᠎ᠠ᠃ ᠬᠠᠷᠢᠨ ᠴᠢ ᠲᠠᠤᠯᠠᠢ ᠡᠨᠳᠡ ᠢᠷᠡᠬᠦ ᠡᠴᠡ ᠡᠮᠦᠨ᠎ᠡ ᠢᠯᠡ ᠭᠠᠷᠴᠢᠬᠠᠭᠠᠳ〈ᠪᠢ ᠠᠯᠢ ᠬᠡᠳᠦᠢᠨ ᠡᠨᠳᠡ ᠢᠷᠡᠴᠢᠬᠡᠭᠰᠡᠨ〉 ᠭᠡᠵᠦ ᠬᠡᠯᠡᠭᠡᠷᠡᠢ ᠃ ᠲᠡᠷᠡ ᠴᠢᠮ᠎ᠠ ᠶ᠋ᠢ ᠨᠠᠳᠠ ᠠ᠋ᠴᠠ ᠶᠡᠷᠦ ᠢᠯᠭᠠᠬᠤ ᠦᠭᠡᠢ》 ᠭᠡᠵᠦ ᠨᠢᠭᠤᠴᠠ ᠠᠷᠭ᠎ᠠ ᠪᠠᠨ ᠬᠡᠯᠡᠵᠡᠢ ᠭᠡᠨ᠎ᠡ᠃
ᠵᠠᠷᠠᠭᠠᠨ ᠤ᠋ ᠡᠬᠡᠨᠡᠷ ᠵᠢᠭᠠᠭᠰᠠᠨ ᠶᠣᠰᠣᠭᠠᠷ ᠪᠤᠲᠠᠨ ᠤ᠋ ᠠᠷᠤ ᠳ᠋ᠤ᠌ ᠣᠷᠣᠵᠤ ᠨᠢᠭᠤᠭᠳᠠᠪᠠ᠃ ᠵᠠᠷᠠᠭ᠎ᠠ ᠲᠠᠤᠯᠠᠢ ᠬᠣᠶᠠᠷ᠂ ᠲᠠᠯ᠎ᠠ ᠶ᠋ᠢᠨ ᠨᠥᠭᠦᠭᠡ ᠲᠠᠯ᠎ᠠ ᠠ᠋ᠴᠠ ᠣᠷᠣᠯᠳᠣᠬᠤ ᠪᠠᠷ ᠵᠡᠷᠭᠡ ᠭᠠᠷᠤᠯ᠎ᠠ᠃ ᠡᠷ᠎ᠡ ᠵᠠᠷᠠᠭ᠎ᠠ ᠲᠠᠤᠯᠠᠢ ᠭᠦᠶᠦᠮᠡᠭᠴᠡ ᠠᠷᠤ ᠳ᠋ᠤ᠌ ᠨᠢ ᠬᠣᠴᠣᠷᠴᠤ ᠨᠢᠭᠤᠭᠳᠠᠵᠠᠢ ᠭᠡᠨ᠎ᠡ᠃ ᠲᠠᠤᠯᠠᠢ ᠬᠠᠮᠤᠭ ᠬᠤᠷᠳᠤ ᠪᠠᠷ ᠭᠦᠶᠦᠭᠰᠡᠭᠡᠷ ᠢᠷᠡᠬᠦ ᠳ᠋ᠦ᠍ ᠡᠮ᠎ᠡ ᠵᠠᠷᠠᠭ᠎ᠠ ᠢᠯᠡ ᠭᠠᠷᠴᠢᠬᠠᠭᠰᠠᠨ ᠄《ᠪᠢ ᠴᠢᠮ᠎ᠠ ᠠ᠋ᠴᠠ ᠬᠤᠷᠳᠤᠨ ᠪᠠᠢᠭ᠎ᠠ ᠪᠢᠵᠡ ᠳᠡ!》 ᠭᠡᠵᠦ ᠲᠣᠬᠣᠭᠤᠷᠠᠬᠤ ᠳ᠋ᠤ᠌ ᠲᠠᠤᠯᠠᠢ ᠡᠮ᠎ᠡ ᠵᠠᠷᠠᠭ᠎ᠠ ᠶ᠋ᠢ ᠲᠠᠨᠢᠭᠰᠠᠨ ᠦᠭᠡᠢ ᠃ 《ᠶᠠᠮᠠᠷ ᠬᠠᠴᠢᠨ ᠶᠤᠮ ᠪᠣᠢ? ᠨᠠᠳᠠ ᠠ᠋ᠴᠠ ᠢᠯᠡᠭᠦᠦ ᠬᠤᠷᠳᠤᠨ ᠶᠤᠮ ᠪᠠᠢᠬᠤ ᠳᠠ! 》 ᠭᠡᠵᠦ ᠳᠣᠲᠣᠷ᠎ᠠ ᠪᠠᠨ ᠪᠣᠳᠣᠭᠰᠠᠨ ᠢ᠋ᠶ᠋ᠠᠨ᠄《ᠬᠣᠶᠠᠭᠤᠯᠠ ᠪᠠᠨ ᠳᠠᠬᠢᠭᠠᠳ ᠣᠷᠣᠯᠳᠣᠶ᠎ᠠ ᠳᠠ?》 ᠭᠡᠵᠦ ᠬᠡᠯᠡᠬᠦ ᠳ᠋ᠦ᠍ ᠡᠮ᠎ᠡ ᠵᠠᠷᠠᠭ᠎ᠠ ᠶᠡᠬᠡᠳᠡ ᠰᠠᠢᠷᠬᠠᠵᠤ ᠶᠠᠩᠵᠤ ᠶ᠋ᠢ ᠨᠢ ᠦᠵᠡᠭᠰᠡᠨ ᠢ᠋ᠶ᠋ᠡᠨ ᠳᠠᠷᠠᠭ᠎ᠠ ᠳ᠋ᠤ᠌ ᠨᠢ ᠵᠥᠪᠰᠢᠶᠡᠷᠡᠪᠡ᠃ ᠲᠠᠤᠯᠠᠢ ᠬᠠᠷ᠎ᠠ ᠬᠤᠷᠳᠤ ᠪᠠᠷ ᠢ᠋ᠶ᠋ᠠᠨ ᠳᠠᠪᠬᠢᠭᠰᠠᠭᠠᠷ ᠢᠷᠡᠬᠦ ᠳ᠋ᠦ᠍ ᠡᠷ᠎ᠡ ᠵᠠᠷᠠᠭ᠎ᠠ ᠢᠯᠡ ᠭᠠᠷᠴᠢᠬᠠᠭᠰᠠᠨ᠄《ᠵᠠ᠂ ᠬᠡᠨ ᠨᠢ ᠢᠯᠡᠭᠦᠦ ᠬᠤᠷᠳᠤᠨ ᠪᠠᠢᠨ᠎ᠠ ᠳᠠ! ᠪᠢ ᠳᠤᠭᠤᠢ ᠬᠥᠯ ᠲᠡᠢ ᠴᠦ᠍ ᠭᠡᠰᠡᠨ ᠲᠡᠭᠰᠢ ᠬᠥᠯ ᠲᠡᠢ ᠴᠢᠮ᠎ᠠ ᠠ᠋ᠴᠠ ᠢᠯᠡᠭᠦᠦ ᠱᠠᠯᠠᠮᠠᠭᠠᠢ ᠪᠠᠢᠭ᠎ᠠ ᠪᠢᠵᠡ ᠳᠡ! ᠳᠠᠬᠢᠨ ᠨᠠᠮ᠎ᠠ ᠶ᠋ᠢ ᠪᠤᠤ ᠭᠣᠣᠴᠢᠯᠠᠭᠠᠷᠠᠢ! ᠲᠠᠤᠯᠠᠢ ᠮᠢᠨᠢ》 ᠭᠡᠯᠡ᠃ ᠲᠠᠤᠯᠠᠢ ᠠᠮᠢᠰᠬᠤᠯ ᠢ᠋ᠶ᠋ᠠᠨ ᠳᠠᠷᠤᠵᠤ ᠶᠠᠳᠠᠨ᠄《ᠦ ᠁ ᠦ! ᠪᠢ ᠁ ᠪᠢ ᠪᠠᠭᠤᠵᠤ ᠥᠭᠭᠦᠯ᠎ᠡ᠃ ᠴᠢ ᠨᠠᠳᠠ ᠠ᠋ᠴᠠ ᠬᠤᠷᠳᠤᠨ ᠶᠤᠮ ᠪᠠᠢᠨ᠎ᠠ》 ᠭᠡᠵᠦ ᠨᠣᠮᠣᠬᠠᠷᠠᠵᠤ ᠭᠡᠨ᠎ᠡ᠃
ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
ᠦᠰᠦᠭ ᠬᠢᠨᠠᠭᠴᠢ᠄ ᠭᠠᠸᠠ᠂ ᠳᠡᠯᠭᠡᠷ
