ᠳᠠᠯᠠᠨ ᠬᠤᠳᠠᠯᠴᠢ ᠶ᠋ᠢᠨ ᠦᠯᠢᠭᠡᠷ ᠡᠴᠡ01Далан худалчийн үлгэрээсDalan khudalchiin ülgerees
ᠳᠠᠯᠠᠨ ᠬᠤᠳᠠᠯᠴᠢ ᠶ᠋ᠢᠨ ᠦᠯᠢᠭᠡᠷ ᠡᠴᠡ
ᠡᠷᠲᠡ ᠤᠷᠢᠳᠤ ᠴᠠᠭ ᠲᠤ᠌ ᠪᠢ ᠥᠪᠡᠷ ᠦ᠋ᠨ ᠡᠴᠢᠭᠡ ᠶ᠋ᠢ ᠭᠠᠷᠤᠭ᠎ᠠ ᠦᠭᠡᠢ ᠪᠠᠢᠬᠤ ᠳ᠋ᠤ᠌ ᠡᠪᠦᠭᠡᠨ ᠡᠴᠢᠭᠡ ᠶ᠋ᠢᠨ ᠲᠡᠮᠡᠭᠡ ᠶ᠋ᠢ ᠬᠠᠷᠢᠭᠤᠯᠤᠭᠠᠳ ᠶᠠᠪᠤᠵᠤ ᠪᠠᠢᠪᠠ ᠃ ᠲᠡᠭᠡᠭᠰᠡᠨ ᠴᠢᠨᠢ ᠨᠢᠭᠡ ᠨᠢ ᠰᠢᠯᠢᠷᠡᠭᠡᠳ ᠠᠯᠠᠭ᠎ᠠ ᠪᠣᠯᠴᠢᠬᠠᠵᠠᠢ ᠃ ᠢᠩᠭᠢᠭᠡᠳ ᠰᠢᠯᠢᠷᠡᠭᠦᠯᠵᠦ ᠠᠯᠳᠠᠴᠢᠬᠠᠭᠠᠳ ᠡᠷᠢᠭᠡᠳ ᠰᠡᠷᠢᠭᠦᠨ ᠪᠤᠯᠠᠭ ᠤ᠋ᠨ ᠳᠡᠨᠵᠢ ᠶ᠋ᠢ ᠤᠷᠤᠭᠤᠳᠠᠭᠠᠳ ᠰᠡᠷᠡᠢᠭᠰᠡᠨ ᠲᠣᠷᠣᠢᠭᠰᠠᠨ ᠶᠠᠭᠤ ᠪᠠᠢᠨ᠎ᠠ ᠤᠤ? ᠭᠡᠳ ᠯᠡ ᠶᠠᠪᠤᠵᠤ ᠪᠠᠢᠭᠰᠠᠨ ᠴᠢᠨᠢ ᠲᠡᠷᠲᠡᠭᠡ ᠠᠭᠤᠯᠠ ᠶ᠋ᠢᠨ ᠪᠠᠷᠠᠭᠤᠨ ᠬᠠᠵᠠᠭᠤ ᠳᠡᠭᠡᠷ᠎ᠡ ᠨᠢᠭᠡ ᠬᠡᠰᠡᠭ ᠴᠠᠭᠠᠨ ᠬᠣᠨᠢ ᠢᠷᠠᠢᠵᠤ ᠪᠠᠢᠬᠤ ᠶᠤᠮ ᠃ ᠳᠠᠪᠬᠢᠭᠠᠳ ᠬᠦᠷᠴᠦ ᠣᠴᠢᠭᠰᠠᠨ ᠴᠢᠨᠢ ᠲᠠᠨᠢᠳᠠᠭ ᠬᠡᠦᠬᠡᠨ ᠳᠡᠵᠢᠳᠮᠡ ᠮᠠᠨᠢ ᠪᠠᠢᠵᠤ ᠪᠠᠢᠳᠠᠭ ᠶᠤᠮ ᠪᠠᠢᠨ᠎ᠠ ᠃ ᠳᠡᠵᠢᠳᠮᠡ ᠬᠡᠦᠬᠡᠨ ᠲᠡᠢ ᠪᠡᠨ ᠳᠡᠮᠡᠢ ᠪᠠᠯᠠᠢ ᠳᠣᠩᠭᠣᠰᠴᠤ ᠪᠠᠢᠭᠠᠳ ᠣᠷᠣᠢ ᠭᠡᠷ ᠲᠦ᠍ ᠨᠢ ᠣᠴᠢᠭᠠᠳ ᠤᠨᠲᠠᠴᠢᠬᠠᠯ᠎ᠠ ᠃ ᠲᠡᠭᠡᠭᠰᠡᠨ ᠴᠢᠨᠢ ᠬᠠᠷᠢᠨ ᠥᠷᠯᠥᠭᠡ ᠪᠣᠰᠤᠭᠰᠠᠨ ᠴᠢᠨᠢ ᠲᠣᠯᠣᠭᠠᠢ ᠮᠠᠨᠢ ᠪᠠᠢᠳᠠᠭ ᠦᠭᠡᠢ ᠃ ᠡᠨᠡ ᠲᠣᠯᠣᠭᠠᠢ ᠶᠠᠭᠠᠬᠢᠴᠢᠬᠠᠳᠠᠭ ᠪᠢᠯᠡ? ᠭᠡᠳ ᠯᠡ ᠮᠣᠷᠢᠨ ᠤ᠋ ᠠᠷᠭᠠᠮᠵᠢᠶ᠎ᠠ ᠤᠷᠤᠭᠤ ᠬᠦᠷᠦᠭᠡᠳ ᠣᠴᠢᠭᠰᠠᠨ ᠴᠢᠨᠢ ᠰᠡᠭᠦᠳᠡᠷ ᠲᠠᠯ᠎ᠠ ᠨᠢ ᠰᠦᠮᠡᠯᠵᠡᠭᠡᠳ ᠂ ᠨᠠᠷᠠᠨ ᠲᠠᠯ᠎ᠠ ᠨᠢ ᠨᠠᠮᠢᠯᠵᠠᠭᠠᠳ ᠨᠠᠮ᠎ᠠ ᠶ᠋ᠢ ᠬᠠᠷᠠᠭᠠᠳ ᠮᠠᠭᠠᠰᠠᠭᠠᠨᠠᠭᠠᠳ ᠪᠠᠢᠵᠤ ᠪᠠᠢᠳᠠᠭ ᠶᠤᠮ ᠪᠠᠢᠨ᠎ᠠ ᠃ ᠲᠣᠯᠣᠭᠠᠢ ᠪᠠᠨ ᠠᠪᠴᠤ ᠬᠢᠴᠢᠬᠡᠭᠡᠳ ᠴᠠᠭᠠᠰᠢ ᠪᠠᠨ ᠭᠠᠷᠤᠭᠠᠳ ᠶᠠᠪᠤᠭᠰᠠᠨ ᠴᠢᠨᠢ ᠲᠡᠮᠡᠭᠡ ᠪᠡᠨ ᠣᠯᠤᠭᠰᠠᠨ ᠦᠭᠡᠢ ᠃ ᠢᠩᠭᠢᠵᠦ ᠶᠠᠪᠤᠬᠤ ᠴᠢᠨᠢ ᠳᠡᠮᠡᠢ ᠶᠦᠮ ᠪᠠᠢᠨ᠎ᠠ ᠃ ᠵᠠᠬ᠎ᠠ ᠴᠠᠢᠳᠠᠮ ᠢ᠋ᠶ᠋ᠠᠷ ᠣᠷᠣᠵᠤ ᠂ ᠵᠠᠪᠬᠠᠢ ᠵᠠᠢᠳᠠᠩ ᠶᠠᠭᠤᠮ᠎ᠠ ᠡᠷᠭᠢᠭᠦᠯᠳᠡᠭ ᠶᠦᠮ ᠪᠠᠢᠭ᠎ᠠ ᠭᠡᠵᠦ ᠪᠣᠳᠣᠬᠤ ᠮᠥᠷᠲᠡᠭᠡᠨ ᠵᠠᠬ᠎ᠠ ᠳᠡᠭᠡᠭᠦᠷ ᠣᠴᠢᠭᠠᠳ ᠶᠠᠪᠤᠵᠤ ᠪᠠᠢᠭᠰᠠᠨ ᠴᠢᠨᠢ ᠲᠠᠯᠤᠨ ᠳᠡᠭᠡᠭᠦᠷ ᠲᠠᠰᠤ ᠬᠢᠲᠡᠯ᠎ᠡ ᠠᠯᠠᠭᠠᠳᠠᠭᠠᠳ ᠠᠪᠤᠯ᠎ᠠ ᠃ ᠳᠠᠪ ᠬᠢᠭᠡᠳ ᠯᠡ ᠡᠷᠭᠢᠭᠡᠳ ᠬᠠᠷᠠᠭᠰᠠᠨ ᠴᠢᠨᠢ ᠬᠠᠷᠢᠨ ᠲᠠᠨᠢᠳᠠᠭ ᠯᠠᠮᠠ ᠮᠠᠨᠢ ᠪᠠᠢᠵᠤ ᠪᠠᠢᠨ᠎ᠠ ᠃《ᠴᠢ ᠶᠠᠭᠤ ᠪᠣᠯᠪᠠ? ᠨᠠᠮ᠎ᠠ ᠶ᠋ᠢ ᠶᠠᠭᠠᠬᠢᠭᠠᠳ ᠠᠯᠠᠭᠠᠳᠠᠪᠠ? 》 ᠭᠡᠬᠦ ᠳ᠋ᠦ᠍᠄《ᠴᠢᠨᠦ ᠨᠥᠭᠦᠭᠡ ᠴᠡᠩᠬᠡᠷ ᠪᠣᠷᠣ ᠮᠣᠷᠢ ᠴᠢᠨᠢ ᠠᠯᠠᠭ᠎ᠠ ᠪᠣᠯᠴᠢᠬᠠᠭᠰᠠᠨ!》 ᠭᠡᠳᠡᠭ ᠶᠦᠮ ᠪᠠᠢᠨ᠎ᠠ ᠃《ᠵᠠ᠂ ᠬᠥᠶᠢ᠂ ᠲᠡᠭᠦᠨ ᠢ᠋ ᠴᠢᠨᠢ ᠡᠷᠢᠳᠡᠭ ᠶᠦᠮ ᠪᠠᠢᠨ᠎ᠠ!》 ᠭᠡᠵᠦ ᠪᠣᠳᠣᠭᠠᠳ ᠴᠡᠷᠢᠭ ᠦ᠋ᠨ ᠮᠠᠢᠬᠠᠨ ᠰᠢᠭ᠋ ᠪᠡᠶ᠎ᠡ ᠲᠡᠢ ᠴᠡᠩᠬᠡᠷ ᠪᠣᠷᠣ ᠮᠣᠷᠢ ᠨᠢᠭᠡ ᠶ᠋ᠢ ᠬᠤᠳᠠᠯᠳᠤᠵᠤ ᠠᠪᠬᠤ ᠮᠥᠷᠲᠡᠭᠡᠨ ᠰᠡᠷᠢᠭᠦᠨ ᠪᠤᠯᠠᠭ ᠤ᠋ᠨ ᠳᠡᠨᠵᠢ ᠶ᠋ᠢ ᠤᠷᠤᠭᠤᠳᠠᠭᠠᠳ ᠰᠡᠷᠡᠢᠭᠰᠡᠨ ᠲᠣᠷᠣᠢᠭᠰᠠᠨ ᠶᠠᠭᠤ ᠪᠠᠢᠨ᠎ᠠ ᠪᠣᠢ ᠭᠡᠳ ᠶᠠᠪᠤᠵᠤ ᠪᠠᠢᠲᠠᠯ᠎ᠠ ᠲᠡᠷᠲᠡᠭᠡ ᠬᠥᠨᠳᠡᠢ ᠳ᠋ᠦ᠍ ᠨᠢᠭᠡ ᠪᠣᠷᠣ ᠭᠡᠷ ᠬᠠᠷᠠᠭᠳᠠᠵᠤ ᠪᠠᠢᠳᠠᠭ ᠶᠤᠮ ᠪᠠᠢᠨ᠎ᠠ ᠃ ᠲᠡᠭᠦᠨ ᠡᠴᠡ ᠣᠴᠢᠭᠠᠳ ᠰᠤᠷᠠᠭᠯᠠᠳᠠᠭ ᠭᠡᠳ ᠣᠴᠢᠲᠠᠯ᠎ᠠ᠄《ᠳᠠᠯᠤᠤ ᠦᠯᠦᠦ ᠪᠤᠵᠢᠭᠢᠷ ᠂ ᠬᠥᠨᠳᠡᠢ ᠭᠤᠷᠪᠠᠨ ᠵᠢᠷᠭᠤᠭ᠎ᠠ ᠂ ᠶᠢᠰᠦᠨ ᠪᠣᠭᠣᠯ ᠬᠢᠵᠦ ᠪᠠᠢᠨ᠎ᠠ ᠴᠢ ᠮᠢᠨᠢ》 ᠲᠡᠭᠡᠬᠦᠯᠡᠷ ᠨᠢ ᠪᠠᠬᠠᠨ ᠲᠣᠭᠯᠠᠵᠤ ᠲᠣᠭᠯᠠᠴᠢᠬᠠᠭᠠᠳ ᠠᠯᠳᠠᠭ᠎ᠠ ᠬᠣᠨᠵᠢᠶ᠎ᠠ ᠪᠠᠨ ᠪᠣᠳᠣᠭᠰᠠᠨ ᠴᠢᠨᠢ ᠭᠡᠷ ᠦ᠋ᠨ ᠴᠢᠨᠡᠭᠡᠨ ᠴᠠᠭᠠᠨ ᠠᠯᠲᠠ ᠬᠣᠨᠵᠢᠭᠠᠳ ᠵᠠᠭᠤᠨ ᠲᠠᠪᠢᠨ ᠯᠠᠩ ᠠᠯᠲᠠ ᠬᠠᠶᠠᠴᠢᠬᠠᠵᠠᠢ ᠃ ᠲᠡᠭᠡᠭᠡᠳ ᠶᠠᠪᠤᠬᠤ ᠪᠣᠯᠤᠭᠰᠠᠨ ᠴᠢᠨᠢ᠄《ᠬᠥᠮᠦᠨ ᠦ᠌ ᠶᠠᠭᠤᠮ᠎ᠠ ᠶ᠋ᠢ ᠬᠣᠨᠵᠢᠴᠢᠬᠠᠭᠠᠳ ᠶᠠᠪᠤᠬᠤ ᠭᠡᠨ᠎ᠡ? ᠳᠠᠬᠢᠭᠠᠳ ᠲᠣᠭᠯᠠᠵᠤ ᠪᠠᠢᠭᠠᠳ ᠶᠠᠪᠤ!》 ᠭᠡᠳ ᠪᠣᠯᠳᠠᠭ ᠦᠭᠡᠢ ᠃ᠳᠠᠬᠢᠭᠠᠳ ᠲᠣᠭᠯᠠᠭᠠᠳ ᠠᠯᠳᠠᠭ᠎ᠠ ᠬᠣᠨᠵᠢᠶ᠎ᠠ ᠪᠠᠨ ᠪᠣᠳᠣᠭᠰᠠᠨ ᠴᠢᠨᠢ ᠪᠠᠢᠳᠠᠭ ᠦᠭᠡᠢ᠂ ᠬᠠᠷᠢᠨ ᠪᠠᠯᠠᠷᠠᠵᠤ ᠣᠷᠬᠢᠵᠠᠢ᠃ ᠵᠠᠭᠤᠨ ᠲᠠᠪᠢᠨ ᠯᠠᠩ ᠤᠯᠠᠭᠠᠨ ᠠᠯᠲᠠ ᠪᠠᠨ ᠬᠣᠨᠵᠢᠭᠠᠳ ᠭᠡᠷ ᠦ᠋ᠨ ᠴᠢᠨᠡᠭᠡᠨ ᠴᠠᠭᠠᠨ ᠠᠯᠲᠠ ᠠᠯᠳᠠᠴᠢᠬᠠᠭᠠᠳ ᠳᠡᠭᠡᠷ᠎ᠡ ᠨᠢ ᠡᠳᠦᠢ ᠲᠡᠳᠦᠢ ᠶᠠᠭᠤᠮ᠎ᠠ ᠪᠠᠰᠠ ᠠᠯᠳᠠᠴᠢᠬᠠᠵᠠᠢ ᠃ ᠲᠡᠭᠡᠬᠦ ᠪᠡᠷ ᠨᠢ᠄《ᠵᠠ᠂ ᠶᠠᠭᠠᠬᠢᠬᠤ ᠪᠣᠢ? ᠮᠠᠨ ᠤ᠋ ᠳ᠋ᠤ᠌ ᠣᠴᠢᠭᠠᠳ ᠠᠪᠤᠭᠠᠷᠠᠢ!》 ᠭᠡᠵᠦ ᠬᠡᠯᠡᠭᠡᠳ ᠠᠯᠠᠭ᠎ᠠ ᠪᠣᠯᠪᠠ ᠃ ᠭᠡᠷ ᠲᠦ᠍ ᠪᠡᠨ ᠬᠦᠷᠴᠦ ᠢᠷᠡᠴᠢᠬᠡᠭᠡᠳ ᠪᠠᠢᠵᠤ ᠪᠠᠢᠬᠤ ᠳ᠋ᠤ᠌ ᠨᠥᠭᠥᠭᠡᠳᠦᠭᠦᠯᠡ ᠴᠦ᠍ ᠳᠠᠪᠬᠢᠭᠠᠳ ᠢᠷᠡᠳᠡᠭ ᠶᠠᠭᠤᠮ᠎ᠠ ᠪᠠᠢᠨ᠎ᠠ ᠃ ᠪᠠᠢᠳᠠᠭ ᠬᠣᠨᠢ ᠪᠠᠨ ᠬᠣᠯᠪᠣᠵᠤ ᠲᠣᠭᠠᠯᠠᠵᠤ ᠦᠭᠴᠢᠬᠡᠭᠡᠳ ᠬᠤᠨᠳᠠᠨ ᠦᠬᠡᠷ ᠢ᠋ᠶ᠋ᠡᠨ ᠵᠢᠭᠠᠵᠤ ᠥᠭᠭᠦᠭᠰᠡᠭᠡᠷ ᠡᠴᠦᠰ ᠰᠡᠭᠦᠯ ᠳ᠋ᠦ᠍ ᠨᠢ ᠭᠠᠭᠴᠠ ᠰᠢᠷ᠎ᠠ ᠬᠠᠯᠵᠠᠨ ᠡᠷ᠎ᠡ ᠬᠣᠨᠢ ᠲᠠᠢ ᠪᠠᠨ ᠦᠯᠡᠳᠡᠪᠡ ᠃ ᠠ ᠂ ᠲᠡᠭᠡᠭᠡᠳ ᠪᠠᠢᠳᠠᠭ ᠢ᠋ ᠪᠡᠨ ᠪᠠᠷᠠᠵᠤ ᠦᠭᠴᠢᠬᠡᠭᠡᠳ ᠪᠠᠢᠵᠤ ᠪᠠᠢᠲᠠᠯ᠎ᠠ᠄《ᠮᠠᠯ ᠲᠣᠭᠠᠯᠠᠨ᠎ᠠ!》 ᠭᠡᠳ ᠢᠷᠡᠳᠡᠭ ᠶᠦᠮ ᠪᠠᠢᠨ᠎ᠠ ᠃ ᠲᠡᠭᠡᠭᠰᠡᠨ ᠴᠢᠨᠢ᠄《ᠵᠠ᠂ ᠮᠠᠯ ᠠᠮᠢᠳᠤ ᠪᠦᠷᠢᠨ ᠰᠠᠢᠬᠠᠨ ᠤᠤ?》 ᠭᠡᠳᠡᠭ ᠶᠦᠮ ᠪᠠᠢᠨ᠎ᠠ ᠃《ᠮᠡᠨᠳᠦ ᠪᠦᠷᠢᠨ ᠰᠠᠢᠬᠠᠨ!》᠂《ᠮᠡᠨᠳᠦ ᠪᠦᠷᠢᠨ ᠰᠠᠢᠬᠠᠨ ᠤᠤ?》 ᠭᠡᠵᠦ ᠬᠡᠯᠡᠭᠡᠳ ᠰᠠᠭᠤᠵᠠᠭᠠᠯ᠎ᠠ ᠃《ᠣᠳᠣ ᠬᠤᠷᠢᠶᠠᠭᠠᠳ ᠢᠷ᠎ᠡ! ᠲᠣᠭᠠᠯᠠᠨ᠎ᠠ ᠭᠡᠳᠡᠭ》 ᠶᠦᠮ ᠪᠠᠢᠨ᠎ᠠ ᠃ ᠬᠡᠯᠡᠬᠦ ᠦᠭᠡ ᠴᠦ᠍ ᠣᠯᠳᠠᠭᠰᠠᠨ ᠦᠭᠡᠢ ᠴᠢ ᠮᠢᠨᠢ᠃《ᠵᠠ᠂ ᠶᠠᠳᠠᠬᠤ ᠴᠤ᠌ ᠶᠠᠭᠤ ᠪᠠᠢᠬᠤ ᠪᠣᠢ? ᠠᠮᠠ ᠪᠠᠷ ᠲᠣᠭ᠎ᠠ ᠥᠭᠴᠢᠬᠡᠬᠦ ᠳ᠋ᠦ᠍ ᠪᠡᠯᠡᠨ ᠯᠡ ᠪᠠᠢᠨ᠎ᠠ》 ᠭᠡᠯᠡ ᠰᠢᠦ ᠃《ᠵᠠ᠂ ᠬᠤᠳᠠᠯ ᠬᠡᠯᠡᠭᠡᠳ ᠯᠡ ᠪᠠᠢ!》 ᠭᠡᠨ᠎ᠡ᠃《ᠵᠤᠳ ᠲᠤ᠌ ᠵᠢᠷᠭᠤᠭ᠎ᠠ ᠨᠢ ᠦᠬᠦᠭᠰᠡᠨ᠂ ᠵᠤᠯᠪᠤᠵᠤ ᠨᠠᠢ᠍ᠮᠠ ᠨᠢ ᠦᠬᠦᠭᠰᠡᠨ᠂ ᠡᠪᠡᠷ ᠢ᠋ᠶ᠋ᠡᠨ ᠳᠠᠭᠠᠭᠠᠬᠤ ᠦᠭᠡᠢ ᠨᠢᠭᠡ ᠨᠢ ᠦᠬᠦᠭᠰᠡᠨ᠂ ᠡᠷᠲᠡᠭᠦᠯᠡ ᠨᠢᠭᠡ ᠪᠡᠷ ᠨᠢ ᠱᠥᠯᠥ ᠬᠢᠴᠢᠬᠡᠭᠰᠡᠨ᠂ ᠭᠠᠭᠴᠠᠬᠠᠨ ᠬᠤᠪᠠ ᠰᠢᠷ᠎ᠠ ᠬᠠᠯᠵᠠᠨ ᠬᠣᠨᠢ ᠦᠯᠡᠲᠡᠯ᠎ᠡ ᠃ ᠲᠠ ᠨᠠᠷ ᠲᠤ᠌ ᠰᠢᠭᠦᠰᠦ ᠬᠢᠬᠦ ᠭᠡᠵᠦ ᠪᠠᠢᠭ᠎ᠠ ᠨᠢ ᠡᠨᠡ! 》 ᠭᠡᠵᠦ ᠬᠡᠯᠡᠭᠡᠳ ᠰᠢᠷ᠎ᠠ ᠬᠠᠯᠵᠠᠨ ᠬᠣᠨᠢ ᠪᠠᠷ ᠢ᠋ᠶ᠋ᠠᠨ ᠰᠢᠭᠦᠰᠦ ᠬᠢᠵᠦ ᠦᠭᠴᠢᠬᠡᠭᠡᠳ ᠭᠠᠷᠤᠭᠠᠳ ᠶᠠᠪᠤᠴᠢᠬᠠᠪᠠ ᠃ ᠢᠩᠭᠢᠵᠦ ᠪᠠᠢᠳᠠᠭ ᠴᠢᠨᠢ ᠶᠡᠷᠦ ᠨᠢ ᠳᠡᠮᠡᠢ ᠶᠦᠮ ᠪᠠᠢᠨ᠎ᠠ ᠭᠡᠵᠦ ᠪᠣᠳᠣᠭᠠᠳ ᠬᠦᠷᠢᠶ᠎ᠡ ᠬᠡᠢᠳ ᠦ᠋ᠨ ᠭᠠᠵᠠᠷ ᠣᠴᠢᠪᠠᠯ ᠳᠡᠭᠡᠷ᠎ᠡ ᠶᠦᠮ ᠪᠠᠢᠨ᠎ᠠ ᠃ ᠬᠤᠷᠠᠯ ᠨᠣᠮ ᠲᠠᠢ ᠭᠠᠵᠠᠷ ᠣᠴᠢᠪᠠᠯ ᠴᠤ᠌ ᠳᠡᠭᠡᠷ᠎ᠡ ᠶᠦᠮ ᠪᠠᠢᠨ᠎ᠠ ᠭᠡᠵᠦ ᠪᠣᠳᠣᠭᠠᠳ ᠣᠴᠢᠵᠤ ᠳᠡᠭᠡᠳᠦ ᠬᠡᠦᠬᠡᠨ ᠳ᠋ᠦ᠍ ᠳᠡᠪᠡᠯ ᠦ᠋ᠨ ᠥᠩᠭᠡ ᠲᠣᠷᠭ᠎ᠠ᠂ ᠳᠤᠮᠳᠠ ᠬᠡᠦᠬᠡᠨ ᠳ᠋ᠦ᠍ ᠳᠤᠷᠳᠤᠩ ᠠᠯᠴᠢᠭᠤᠷ ᠥᠭᠴᠦ ᠪᠠᠢᠭᠰᠠᠨ ᠴᠢᠨᠢ ᠨᠢᠭᠡ ᠮᠡᠳᠡᠭᠰᠡᠨ ᠴᠢᠨᠢ ᠪᠤᠷᠤᠭᠤᠳᠠᠭᠠᠳ ᠪᠠᠰᠠ ᠬᠥᠭᠡᠭᠡᠭᠳᠡᠪᠡ ᠃ ᠵᠠ ᠂ ᠢᠩᠭᠢᠭᠡᠳ ᠪᠠᠰᠠ ᠪᠠᠢᠵᠤ ᠪᠠᠢᠭᠰᠠᠨ ᠴᠢᠨᠢ ᠶᠡᠷᠦ ᠨᠢ ᠨᠥᠭᠦᠭᠡ ᠠᠯᠳᠠᠭᠰᠠᠨ ᠢᠩᠭᠡ ᠪᠡᠨ ᠣᠯᠵᠤ ᠠᠪᠤᠶ᠎ᠠ᠃ ᠡᠭᠦᠨ ᠡᠴᠡ ᠴᠢᠨᠢ ᠶᠡᠷᠦ ᠳᠡᠭᠡᠷ᠎ᠡ ᠪᠠᠢᠬ᠎ᠠ᠃ ᠣᠯᠠᠨ ᠲᠡᠮᠡᠭᠡ ᠲᠡᠢ ᠪᠣᠯᠵᠤ ᠪᠣᠲᠣᠭᠣᠯᠠᠭᠤᠯᠵᠤ ᠪᠠᠢᠭᠠᠳ ᠢᠩᠭᠡᠨ ᠦ᠌ ᠰᠦ ᠬᠥᠭᠡᠷᠦᠭᠦᠯᠵᠦ ᠢᠳᠡᠵᠦ ᠤᠤᠭᠤᠭᠠᠳ ᠭᠠᠭᠴᠠ ᠨᠠᠷᠭᠢᠵᠤ ᠴᠡᠩᠭᠡᠵᠦ ᠥᠭᠭᠦᠶ᠎ᠡ ᠭᠡᠳ ᠭᠠᠷᠲᠠᠯ᠎ᠠ ᠥᠭᠡᠳᠡ ᠡᠴᠡ ᠨᠢᠭᠡ ᠬᠥᠮᠦᠨ ᠲᠠᠭᠠᠷᠠᠯᠳᠤᠳᠠᠭ ᠶᠤᠮ ᠪᠠᠢᠨ᠎ᠠ ᠃ ᠥᠨᠥ ᠬᠥᠮᠦᠨ ᠡᠴᠡ ᠠᠰᠠᠭᠤᠭᠠᠳ ᠴᠠᠭᠠᠰᠢ ᠡᠷᠢᠭᠡᠳ ᠶᠠᠪᠤᠵᠤ ᠪᠠᠢᠲᠠᠯ᠎ᠠ ᠬᠠᠷᠢᠨ ᠥᠨᠥ ᠮᠠᠭᠤ ᠢᠩᠭᠡ ᠮᠠᠨᠢ ᠪᠣᠲᠣᠭᠣᠯᠠᠴᠢᠬᠠᠭᠰᠠᠨ ᠪᠠᠢᠳᠠᠭ ᠶᠤᠮ ᠳᠠ ᠃ ᠥᠨᠥᠳᠦᠬᠢ ᠪᠡᠨ ᠠᠪᠤᠭᠠᠳ ᠶᠠᠪᠤᠶ᠎ᠠ ᠭᠡᠰᠡᠨ ᠴᠢᠨᠢ ᠪᠣᠯᠤᠭᠰᠠᠨ ᠦᠭᠡᠢ ᠣᠷᠣᠢ ᠪᠣᠯᠴᠢᠬᠠᠳᠠᠭ ᠶᠤᠮ ᠪᠠᠢᠨ᠎ᠠ ᠃ ᠢᠩᠭᠢᠭᠡᠳ ᠶᠠᠪᠤᠵᠤ ᠪᠠᠢᠲᠠᠯ᠎ᠠ ᠨᠢᠭᠡ ᠠᠢᠯ ᠳ᠋ᠤ᠌ ᠬᠣᠨᠣᠯ᠎ᠠ᠃ ᠬᠣᠶᠠᠷ ᠮᠣᠷᠢ ᠪᠠᠨ ᠬᠣᠯᠪᠣᠵᠤ ᠲᠠᠯᠪᠢᠭᠠᠳ ᠠᠷᠭᠠᠮᠵᠢᠪᠠᠯ ᠳᠡᠭᠡᠷ᠎ᠡ ᠦᠭᠡᠢ ᠤᠤ? ᠭᠡᠲᠡᠯ᠎ᠡ᠄《ᠦ᠂ ᠮᠢᠨᠦ ᠮᠣᠷᠢ ᠶ᠋ᠢ ᠬᠡᠨ ᠠᠪᠬᠤ ᠪᠣᠢ?》 ᠭᠡᠳ ᠲᠠᠯᠪᠢᠴᠢᠬᠠᠯ᠎ᠠ ᠃ ᠥᠷᠯᠥᠭᠡ ᠪᠣᠰᠤᠭᠠᠳ ᠬᠠᠷᠠᠭᠰᠠᠨ ᠴᠢᠨᠢ ᠬᠣᠶᠠᠷ ᠮᠣᠷᠢ ᠮᠢᠨᠢ ᠠᠯᠠᠭ᠎ᠠ ᠃ ᠡᠨᠡ ᠴᠢᠨᠢ ᠶᠠᠭᠠᠬᠢᠴᠢᠬᠠᠳᠠᠭ ᠶᠤᠮ ᠪᠣᠯ ᠭᠡᠳ ᠡᠷᠢᠭᠡᠳ ᠭᠦᠶᠦᠵᠦ ᠶᠠᠪᠤᠭᠰᠠᠨ ᠴᠢᠨᠢ ᠬᠣᠶᠠᠷ ᠪᠣᠣᠬᠠᠢ ᠵᠤᠯᠭᠠᠭᠠᠴᠢᠬᠠᠭᠰᠠᠨ᠂ ᠬᠣᠶᠠᠷ ᠬᠡᠷᠢᠶ᠎ᠡ ᠳᠤᠩᠰᠢᠴᠢᠬᠠᠭᠰᠠᠨ ᠪᠠᠢᠵᠤ ᠪᠠᠢᠨ᠎ᠠ ᠃ ᠢᠩᠭᠢᠬᠦ ᠪᠡᠷ ᠵᠠ᠂ ᠡᠨᠡ ᠴᠦ᠍ ᠳᠡᠮᠡᠢ ᠪᠣᠯᠵᠠᠢ ᠭᠡᠵᠦ ᠪᠣᠳᠣᠭᠠᠳ ᠴᠠᠭᠠᠰᠢ ᠪᠠᠨ ᠭᠠᠷᠤᠭᠠᠳ ᠬᠡᠰᠦᠵᠦ ᠪᠠᠢᠭᠰᠠᠨ ᠃ ᠥᠨᠥ ᠮᠠᠭᠤ ᠢᠩᠭᠡ ᠮᠢᠨᠢ ᠣᠯᠳᠠᠳᠠᠭ ᠦᠭᠡᠢ ᠃ ᠡᠷᠢᠭᠡᠳ ᠶᠠᠪᠤᠵᠤ ᠪᠠᠢᠭᠰᠠᠨ ᠂ ᠪᠠᠰᠠ ᠥᠭᠡᠷ᠎ᠡ ᠨᠢᠭᠡ ᠭᠠᠵᠠᠷ ᠪᠠᠢᠵᠤ ᠪᠠᠢᠳᠠᠭ ᠶᠤᠮ ᠪᠠᠢᠨ᠎ᠠ ᠃《ᠠ᠂ ᠣᠳᠣ ᠢᠩᠭᠡ ᠪᠡᠨ ᠣᠯᠵᠤ ᠠᠪᠤᠭᠰᠠᠨ ᠤ᠋ ᠬᠢ᠃ ᠣᠯᠠᠨ ᠣᠷᠬᠢᠪᠠᠯ ᠠᠯᠳᠠᠴᠢᠬᠠᠬᠤ ᠶᠤᠮ ᠪᠠᠢᠨ᠎ᠠ》 ᠭᠡᠳ ᠡᠬᠡ ᠶ᠋ᠢ ᠨᠢ ᠤᠨᠤᠭᠠᠳ ᠪᠣᠲᠣᠭᠣ ᠶ᠋ᠢ ᠨᠢ ᠳᠡᠭᠦᠷᠬᠦ ᠭᠡᠲᠡᠯ᠎ᠡ ᠳᠠᠭᠠᠭᠠᠳᠠᠭ ᠦᠭᠡᠢ ᠃ ᠲᠡᠭᠡᠭᠡᠳ ᠳᠡᠷᠡᠰᠦᠨ ᠳ᠋ᠦ᠍ ᠨᠢ ᠶᠠᠪᠤᠭᠰᠠᠨ ᠳ᠋ᠤ᠌ ᠳᠠᠷᠠᠰᠤ ᠬᠤᠭᠤᠴᠢᠭᠠᠳ᠂ ᠬᠠᠳᠠᠨ ᠳ᠋ᠤ᠌ ᠨᠢ ᠶᠠᠪᠤᠭᠰᠠᠨ ᠳ᠋ᠤ᠌ ᠬᠠᠳᠠ ᠬᠠᠭᠠᠴᠢᠭᠠᠳ ᠪᠣᠯᠳᠠᠭ ᠦᠭᠡᠢ ᠃ ᠠᠷᠭ᠎ᠠ ᠪᠠᠨ ᠪᠠᠷᠠᠭᠳᠠᠭᠠᠳ ᠭᠠᠢᠬᠠᠰᠢ ᠪᠠᠨ ᠪᠠᠷᠢᠵᠤ ᠪᠠᠢᠲᠠᠯ᠎ᠠ ᠪᠣᠲᠣᠭᠣ ᠶ᠋ᠢ ᠨᠢ ᠤᠨᠤᠭᠠᠳ ᠡᠬᠡ ᠶ᠋ᠢ ᠨᠢ ᠳᠦᠭᠦᠷᠴᠢᠬᠡᠭᠰᠡᠨ ᠴᠢᠨᠢ ᠲᠡᠩᠬᠡᠨ ᠳᠠᠩᠬᠠᠨ᠂ ᠲᠡᠩᠬᠡᠨ ᠳᠠᠩᠬᠠᠨ ᠭᠡᠳ ᠬᠠᠷᠢᠴᠢᠬᠠᠵᠤ ᠪᠢᠯᠡ ᠃
※ ᠲᠠ ᠲᠠᠤᠯᠠᠢ ᠶ᠋ᠢᠨ ᠡᠪᠡᠷᠳᠡᠢ ᠫᠣᠳ᠋ᠺᠠᠰᠲ ᠢ᠋ ᠰᠣᠨᠣᠰᠤᠯ᠎ᠠ ᠃ ᠰᠤᠪᠠᠭ ᠢ᠋ ᠮᠠᠨᠢ ᠳᠡᠮᠵᠢᠭᠡᠳ ᠰᠣᠪᠰᠺᠷᠢᠳ᠋ ᠲᠣᠪᠴᠢ ᠪᠠᠨ ᠳᠠᠷᠤᠵᠤ ᠬᠣᠩᠬᠣ ᠪᠠᠨ ᠢᠳᠡᠪᠬᠢᠵᠢᠭᠦᠯᠦᠭᠡᠷᠡᠢ! ᠮᠥᠨ ᠹᠸᠢᠢᠰᠪᠥ᠋ᠺ ᠳᠡᠭᠡᠷ᠎ᠡ ᠲᠠᠤᠯᠠᠢ ᠶ᠋ᠢᠨ ᠡᠪᠡᠷᠳᠡᠢ ᠬᠠᠭᠤᠳᠠᠰᠤ ᠶ᠋ᠢ ᠳᠠᠭᠠᠭᠠᠷᠠᠢ! ᠲᠠᠨ ᠳ᠋ᠤ᠌ ᠡᠷᠡᠭᠦᠯ ᠡᠩᠬᠡ᠂ ᠰᠠᠢᠨ ᠰᠠᠢᠬᠠᠨ ᠪᠦᠬᠦᠨ ᠢ᠋ ᠬᠦᠰᠡᠶ᠎ᠡ!
ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
ᠬᠢᠨᠠᠭᠴᠢ᠄ ᠮᠥᠴᠢᠷ
