《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠠᠯᠠᠳᠤᠭᠠᠷ ᠪᠦᠯᠦᠭ> "Хөх судар" он нөхвөр дэвтэр - Инжинаш <Далдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠠᠯᠠᠳᠤᠭᠠᠷ ᠪᠦᠯᠦᠭ> "Хөх судар" он нөхвөр дэвтэр - Инжинаш <Далдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠠᠯᠠᠳᠤᠭᠠᠷ ᠪᠦᠯᠦᠭ> "Хөх судар" он нөхвөр дэвтэр - Инжинаш <Далдугаар бүлэг>

ᠠᠩᠭᠢᠯᠠᠯ:ᠲᠡᠦᠬᠡ ᠰᠣᠶᠣᠯ
2024-08-05

490

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠠᠯᠠᠳᠤᠭᠠᠷ ᠪᠦᠯᠦᠭ


       ᠰᠢᠷᠠᠭᠴᠢᠨ ᠮᠣᠭᠠᠢ ᠵᠢᠯ᠂ ᠱᠧᠩ ᠡᠦ ᠬᠤᠸᠠᠩᠳᠢ ᠲᠠᠢᠽᠦ ᠴᠢᠩᠭᠢᠰ ᠬᠠᠭᠠᠨ ᠳᠥᠴᠢᠨ ᠨᠠᠢ᠍ᠮᠠᠨ ᠰᠡᠭᠦᠳᠡᠷᠲᠡᠢ᠃ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠳᠥᠷᠪᠡᠳᠦᠭᠡᠷ ᠣᠨ ᠤ᠋ ᠬᠠᠪᠤᠷ᠃ ᠳᠤᠮᠳᠠᠳᠤ ᠠᠯᠲᠠᠨ ᠤᠯᠤᠰ ᠤ᠋ᠨ ᠸᠧᠢ ᠸᠠᠩ ᠶᠦᠩ ᠵᠢᠢ ᠶ᠋ᠢᠨ ᠳᠡ ᠠᠨ ᠤ᠋ ᠲᠡᠷᠢᠭᠦᠨ ᠣᠨ᠃ ᠡᠮᠦᠨᠡᠲᠦ ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠬᠡᠮᠡᠬᠦ ᠶ᠋ᠢᠨ ᠬᠣᠶᠠᠳᠤᠭᠠᠢ ᠣᠨ᠃ 
       
                  ᠳᠠᠯᠠᠳᠤᠭᠠᠷ ᠪᠦᠯᠦᠭ  

         ᠣᠮᠣᠭᠲᠤ ᠭᠦᠩᠵᠦ ᠤᠢᠭᠤᠷ ᠢ᠋ ᠤᠷᠤᠯᠳᠤᠬᠤᠶ᠎ᠠ ᠣᠪᠲᠤ ᠬᠢᠯᠢᠩ ᠢ᠋ᠶ᠋ᠡᠷ ᠬᠣᠶᠠᠷ ᠵᠠᠩᠵᠤᠨ ᠢ᠋ ᠪᠠᠷᠢᠮᠲᠠᠯᠠᠮᠤᠢ 
           ᠣᠨᠣᠯᠳᠤ ᠲᠠᠢᠽᠦ ᠣᠯᠠᠨ ᠢ᠋ ᠬᠤᠷᠢᠶᠠᠮᠵᠢᠯᠠᠬᠤᠶ᠎ᠠ ᠣᠨᠴᠣᠭᠣᠢ ᠥᠷᠥᠰᠢᠶᠡᠯ ᠢ᠋ᠶ᠋ᠡᠷ ᠭᠤᠷᠪᠠᠨ ᠡᠵᠡᠨ ᠢ᠋ ᠬᠤᠷᠢᠮᠯᠠᠮᠤᠢ  
              ᠪᠠᠷᠰ ᠤ᠋ᠨ ᠲᠠᠢᠽᠢ ᠳ᠋ᠤᠷ ᠪᠠᠭᠠᠲᠤᠷ ᠬᠠᠲᠤᠨ ᠪᠠᠷᠠᠭᠤᠨ ᠣᠭᠲᠠᠷᠭᠤᠢ ᠶ᠋ᠢᠨ ᠪᠠᠷᠢᠯᠳᠤᠯ 
              ᠪᠠᠯᠡᠪ ᠢ᠋ ᠪᠠᠢᠯᠳᠤᠨ᠂ ᠬᠣᠲᠣᠷ᠎ᠠ ᠶ᠋ᠢ ᠬᠣᠷᠢᠶᠠᠨ ᠪᠠᠢᠭᠰᠠᠨ ᠤᠯᠤᠰ ᠤ᠋ᠳ ᠢ᠋ ᠪᠠᠭᠯᠠᠭᠠᠯᠠᠮᠤᠢ᠃ 
              ᠪᠠᠷᠠᠭᠤᠨ ᠲᠠᠩᠭᠤᠳ ᠪᠠᠳᠠᠷᠠᠬᠤ ᠮᠣᠩᠭᠣᠯ ᠳ᠋ᠤᠷ ᠪᠠᠮᠪᠠᠷ ᠲᠡᠵᠢᠭᠡᠨ ᠪᠠᠵᠠᠭᠠᠨ ᠥᠭᠴᠦ 
              ᠪᠠᠷᠢᠯᠳᠤᠨ ᠠᠭᠤᠯᠵᠠᠵᠤ ᠪᠠᠢᠯᠳᠤᠯᠴᠠᠨ ᠨᠠᠭᠠᠳᠤᠯᠴᠠᠬᠤᠶ᠎ᠠ ᠪᠠᠭ᠎ᠠ ᠬᠠᠳ ᠪᠠᠯᠪᠠᠷᠠᠨ ᠬᠡᠮᠬᠡᠷᠡᠮᠦᠢ᠃ 

       ᠲᠡᠨᠳᠡᠴᠡ ᠤᠢᠭᠤᠷ ᠤ᠋ᠨ ᠡᠵᠡᠨ ᠦᠷᠭᠦᠩᠭᠡ ᠬᠠᠭᠠᠨ ᠢ᠋ ᠴᠠᠴᠠᠷ ᠤ᠋ᠨ ᠳᠣᠣᠷ᠎ᠠ ᠰᠠᠶᠢ ᠰᠥᠭᠥᠳᠬᠡᠲᠡᠯ᠎ᠡ᠂ ᠲᠠᠩᠭᠤᠳ ᠤ᠋ᠨ ᠤ᠋ ᠭᠦᠩᠵᠦ ᠦᠵᠡᠮᠡᠭᠴᠡ ᠨᠢᠳᠦᠨ ᠡᠴᠡ ᠭᠠᠯ ᠪᠠᠳᠠᠷᠠᠵᠤ᠂ ᠭᠠᠷ ᠤ᠋ᠨ ᠠᠶᠤᠩᠭ᠎ᠠ ᠶ᠋ᠢᠨ ᠫᠤᠤ ᠪᠠᠨ ᠲᠠᠯᠪᠢᠵᠤ ᠰᠦᠷ ᠪᠠᠳᠠᠷᠠᠭᠤᠯᠤᠨ ᠠᠭᠤᠷᠯᠠᠵᠤ ᠨᠠᠷᠢᠨ ᠬᠣᠭᠣᠯᠠᠢ ᠪᠠᠷ ᠨᠢᠭᠡᠨᠲᠡ ᠵᠠᠩᠳᠠᠨ᠂《ᠲᠠᠯᠬ᠎ᠠ ᠪᠣᠯᠲᠠᠯ᠎ᠠ ᠴᠠᠪᠴᠢᠨ ᠬᠡᠰᠡᠭᠯᠡ !》ᠬᠡᠮᠡᠭᠰᠡᠨ᠎ᠡ ᠰᠢᠳᠠᠷ ᠪᠠᠢᠭᠰᠠᠨ ᠱᠠᠯᠠᠮᠠᠭᠠᠢ ᠬᠤᠪᠢᠯᠭᠠᠨ ᠥᠬᠢᠳ ᠦ᠋ᠨ ᠵᠠᠩᠵᠤᠨ ᠨᠠᠷ ᠵᠠ ᠭᠡᠮᠡᠨ ᠴᠠᠴᠠᠷ ᠴᠡᠴᠡᠷᠬᠢᠯᠡᠲᠡᠯ᠎ᠡ ᠬᠠᠰᠬᠢᠷᠤᠯᠳᠤᠨ ᠨᠢᠳᠦ ᠭᠢᠯᠠᠰᠤᠮ᠎ᠠ ᠬᠤᠷᠴᠠ ᠢᠯᠳᠦ ᠰᠡᠯᠡᠮ᠎ᠡ ᠴᠠᠰᠤ ᠬᠢᠷᠠᠭᠤ ᠮᠡᠲᠦ ᠳᠠᠪᠬᠤᠷ ᠳᠠᠪᠬᠤᠷ ᠰᠠᠪᠠᠭᠠᠨᠠᠨ ᠪᠠᠭᠤᠵᠤ ᠢᠷᠡᠲᠡᠯ᠎ᠡ ᠭᠠᠯ ᠭᠠᠷᠤᠵᠠ ᠶᠡᠬᠡᠯ᠎ᠡ ᠠᠶᠤᠨ ᠶᠠᠭᠠᠷᠠᠵᠤ᠂ ᠮᠡᠩᠳᠡᠨ ᠰᠡᠩᠳᠡᠨ ᠥᠪᠡᠷ ᠦ᠋ᠨ ᠬᠤᠶᠠᠭ ᠤ᠋ᠨ ᠬᠣᠷᠮᠣᠢ ᠪᠠᠷ ᠦᠷᠭᠦᠩᠭᠡ ᠬᠠᠭᠠᠨ ᠤ᠋ ᠬᠦᠵᠦᠭᠦᠦ ᠲᠣᠯᠣᠭᠠᠢ ᠶ᠋ᠢ ᠪᠦᠷᠬᠦᠨ ᠬᠠᠯᠬᠠᠯᠠᠵᠤ᠂ ᠪᠣᠷᠣ ᠪᠦᠷᠭᠦᠳ ᠶᠠᠭᠠᠷᠠᠨ ᠦᠷᠭᠦᠩᠭᠡ ᠬᠠᠭᠠᠨ ᠢ᠋ ᠡᠷᠭᠦᠨ ᠠᠪᠴᠤ ᠲᠡᠪᠡᠷᠢᠭᠡᠳ ᠠᠷᠠᠢ ᠴᠡᠷᠡᠢ ᠴᠡᠷᠢᠭ ᠦ᠋ᠨ ᠬᠦᠷᠢᠶ᠎ᠡ ᠳ᠋ᠦ᠍ᠷ ᠠᠪᠴᠤ ᠣᠷᠣᠲᠠᠯ᠎ᠠ ᠣᠯᠠᠨ ᠬᠤᠪᠢᠯᠭᠠᠨ ᠥᠬᠢᠳ ᠦ᠋ᠨ ᠴᠠᠪᠴᠢᠯᠬᠢᠯᠠᠭᠰᠠᠨ ᠠᠨᠠᠭ ᠵᠠᠨᠠᠭ ᠦᠭᠡᠢ ᠳᠡᠪᠡᠯ ᠦ᠋ᠨ ᠬᠠᠭᠠᠷᠬᠠᠢ ᠭᠠᠷᠴᠤᠬᠤᠢ᠃ ᠡᠭᠦᠨ ᠳ᠋ᠦ᠍ᠷ ᠦ᠋ᠨ ᠭᠦᠩᠵᠦ ᠶ᠋ᠢᠨ ᠳᠣᠣᠷᠠᠬᠢ ᠥᠳᠥ᠂ ᠰᠣᠳᠣ ᠬᠣᠶᠠᠷ ᠲᠠᠢᠹᠦ᠋ ᠲᠡᠷᠢᠭᠦᠯᠡᠨ ᠣᠯᠠᠨ ᠥᠬᠢᠨ ᠵᠠᠩᠵᠤᠨ ᠨᠠᠷ ᠢ᠋ ᠭᠤᠶᠤᠨ ᠬᠠᠯᠬᠠᠯᠠᠵᠤ ᠵᠣᠭᠰᠣᠭᠠᠨ᠂ ᠠᠷᠠᠢ ᠦᠷᠭᠦᠩᠭᠡ ᠬᠠᠭᠠᠨ ᠢ᠋ ᠦᠨᠡᠨ ᠦ᠌ ᠭᠠᠵᠠᠷ ᠲᠤᠷ ᠠᠨᠤ ᠮᠣᠷᠳᠠᠭᠤᠯᠤᠨ ᠠᠯᠳᠠᠪᠠ᠃ ᠦᠵᠡᠰᠡ ᠲᠠᠢᠽᠢ ᠥᠪᠡᠷᠦᠨ ᠡᠮᠦᠰᠬᠦ ᠰᠢᠵᠢᠷ ᠠᠯᠲᠠᠨ ᠤ᠋ ᠨᠠᠷᠢᠨ ᠳᠠᠩ ᠨᠢ ᠨᠡᠷᠡᠲᠦ ᠨᠢᠷᠢ ᠪᠣᠯᠣᠳ ᠤ᠋ᠨ ᠬᠤᠶᠠᠭ ᠢ᠋ᠶ᠋ᠠᠨ ᠥᠭᠴᠦ᠂ ᠦᠷᠭᠦᠩᠭᠡ ᠬᠠᠭᠠᠨ ᠤ᠋ ᠮᠠᠩᠨᠤᠭ ᠳᠡᠪᠡᠯ ᠦ᠋ᠨ ᠳᠣᠲᠣᠷ᠎ᠠ ᠡᠮᠦᠰᠬᠡᠯᠭᠡᠨ ᠪᠠᠰᠠ ᠭᠠᠯ ᠭᠠᠷᠤᠵᠠ ᠪᠣᠷᠣ ᠪᠦᠷᠭᠦᠳ ᠬᠣᠶᠠᠭᠤᠯᠠ ᠶ᠋ᠢ ᠶ᠋ᠢᠨ ᠭᠦᠩᠵᠦ ᠶ᠋ᠢᠨ ᠸᠴᠢᠷ ᠭᠠᠳᠠᠰᠤ ᠶ᠋ᠢ ᠰᠠᠢᠲᠤᠷ ᠬᠢᠴᠢᠶᠡ ᠭᠡᠮᠡᠨ ᠴᠢᠬᠢᠨ ᠳ᠋ᠦ᠍ᠷ ᠰᠤᠷᠭᠠᠨ ᠬᠡᠯᠡᠵᠦ ᠢᠯᠡᠭᠡᠭᠰᠡᠨ ᠠᠵᠤᠭᠤ᠃ ᠲᠡᠢᠨ ᠬᠦ᠌ ᠰᠠᠶᠢ ᠡᠨᠡ ᠨᠢᠭᠡᠨ ᠵᠡᠷᠭᠡ ᠶ᠋ᠢᠨ ᠢᠯᠳᠦᠨ ᠦ᠌ ᠪᠣᠷᠣᠭᠠᠨ᠂ ᠮᠡᠰᠡ ᠶ᠋ᠢᠨ ᠮᠥᠨᠳᠥᠷ᠎ᠡ᠂ ᠮᠠᠩᠨᠤᠭ ᠳᠡᠪᠡᠯ ᠦ᠋ᠨ ᠴᠠᠪᠢ ᠶ᠋ᠢᠨ ᠦᠰᠦ ᠴᠥᠮ ᠭᠠᠳᠠᠨ᠎ᠠ ᠨᠡᠪᠲᠡᠷᠡᠲᠡᠯ᠎ᠡ ᠠᠨᠠᠭ ᠵᠠᠨᠠᠭ ᠦᠭᠡᠢ ᠪᠣᠯᠲᠠᠯ᠎ᠠ ᠴᠠᠪᠴᠢᠭᠳᠠᠭᠰᠠᠨ ᠪᠣᠯᠪᠠᠴᠤ ᠡᠷᠳᠡᠨᠢ ᠶ᠋ᠢᠨ ᠬᠤᠶᠠᠭ ᠬᠠᠯᠬᠠᠯᠠᠵᠤ᠂ ᠶᠠᠰᠤ ᠮᠢᠬ᠎ᠠ ᠬᠡᠯᠲᠦᠷᠢᠨ ᠭᠠᠷᠪᠠᠢ᠃ ᠦᠷᠭᠦᠩᠭᠡ ᠬᠠᠭᠠᠨ ᠦᠬᠦᠭᠰᠡᠨ ᠬᠥᠮᠦᠨ ᠦ᠌ ᠵᠢᠰᠦ ᠭᠠᠷᠭᠠᠨ ᠥᠨᠳᠥᠷ ᠳᠠᠭᠤᠨ ᠢ᠋ᠶ᠋ᠠᠷ ᠲᠠᠢᠽᠢ ᠶ᠋ᠢᠨ ᠡᠮᠦᠨ᠎ᠡ ᠰᠥᠭᠥᠳᠴᠦ ᠲᠣᠯᠣᠭᠠᠢ ᠪᠠᠨ ᠬᠦᠰᠡᠷ᠎ᠡ ᠲᠤᠯᠭᠠᠵᠤ ᠤᠬᠢᠯᠠᠵᠤ ᠮᠥᠷᠭᠥᠨ ᠥᠭᠦᠯᠡᠷᠦᠨ: 
       ᠠᠶ᠎ᠠ ᠬᠠᠯᠠᠬᠠᠢ ! ᠶᠠᠭᠠᠬᠢᠭᠰᠠᠨ ᠳᠡᠭᠡᠳᠦ ᠡᠵᠡᠨ ᠢ᠋ ᠲᠡᠭᠷᠢᠯᠢᠭ ᠴᠢᠩᠭᠢᠰ ᠬᠠᠭᠠᠨ ᠬᠡᠮᠡᠮᠦᠢ᠂ ᠲᠠᠢᠽᠢ ᠴᠢᠨᠦ ᠪᠡᠶ᠎ᠡ ᠳᠠᠷᠤᠢ ᠰᠢᠭᠤᠳ ᠢᠯᠡ ᠲᠩᠷᠢ ᠪᠣᠯᠠᠢ᠃ ᠠᠳᠠᠭ ᠪᠢ ᠠᠷᠪᠠᠨ ᠵᠦᠭ ᠲᠦ᠍ᠷ ᠡᠢᠮᠦ ᠠᠷᠭ᠎ᠠ ᠪᠠᠷ ᠠᠮᠢᠨ ᠢ᠋ ᠮᠢᠨᠦ ᠠᠪᠬᠤ ᠶ᠋ᠢ ᠣᠭᠲᠣ ᠡᠰᠡ ᠰᠠᠨᠠᠪᠠᠢ᠃ ᠠᠪᠤᠷᠠᠯᠲᠤ ᠲᠠᠢᠽᠢ ᠶ᠋ᠢᠨ ᠠᠯᠲᠠᠨ ᠬᠤᠶᠠᠭ ᠠ᠋ᠴᠠ ᠪᠣᠯᠪᠠᠰᠤ ᠠᠮᠢᠨ ᠵᠠᠶᠠᠭ᠎ᠠ ᠮᠢᠨᠦ ᠡᠨᠡ ᠦᠶ᠎ᠡ ᠳ᠋ᠦ᠍ᠷ ᠬᠡᠳᠦᠢᠨ ᠠᠵᠢᠷᠠᠨ ᠵᠠᠪᠬᠠᠭᠰᠠᠨ ᠪᠣᠯᠠᠢ ! 》ᠭᠡᠮᠡᠨ ᠴᠠᠭᠠᠲᠠᠢ ᠲᠠᠢᠽᠢ ᠶ᠋ᠢᠨ ᠪᠠᠭᠠᠲᠤᠷ ᠬᠡᠴᠡᠭᠦᠦ ᠡᠴᠡ ᠪᠠᠯᠪᠠᠷᠠᠨ ᠬᠡᠮᠬᠡᠷᠡᠲᠡᠯ᠎ᠡ ᠠᠶᠤᠨ ᠡᠮᠢᠶᠡᠵᠦ᠂ ᠪᠠᠭᠯᠠᠵᠤ ᠬᠠᠮᠠᠭᠠᠯᠠᠭᠰᠠᠨ ᠬᠡᠰᠢᠭ ᠲᠣᠷ ᠪᠠᠶᠠᠷᠯᠠᠨ ᠰᠢᠲᠦᠪᠡᠴᠦ ᠪᠠᠷᠠᠰᠢ ᠦᠭᠡᠢ᠃ ᠪᠠᠰᠠ ᠪᠠᠰᠠ ᠮᠥᠷᠭᠥᠵᠦ᠂ ᠪᠠᠢᠨ ᠪᠠᠢᠨ ᠤᠬᠢᠯᠠᠵᠤ᠂ ᠪᠠᠷᠢᠭᠰᠠᠭᠠᠷ ᠡᠯᠢᠭᠡ ᠠᠭᠤᠰᠬᠢ ᠪᠡᠨ ᠠᠭᠤᠳᠠᠯᠤᠨ ᠭᠠᠷᠭᠠᠵᠤ ᠦᠵᠡᠭᠦᠯᠰᠦᠭᠡᠢ ᠬᠡᠮᠡᠮᠦᠢ᠃ ᠡᠭᠦᠨᠳᠦᠷ ᠲᠠᠩᠭᠤᠳ ᠤ᠋ᠨ ᠵᠢᠨ ᠭᠦᠩᠵᠦ᠂ ᠦᠷᠭᠦᠩᠭᠡ ᠶ᠋ᠢ ᠪᠤᠯᠢᠶᠠᠪᠠ ᠭᠡᠮᠡᠨ ᠶᠡᠬᠡᠯ᠎ᠡ ᠬᠢᠯᠢᠩᠯᠡᠨ᠂ ᠶᠡᠬᠡ ᠴᠡᠷᠢᠭ ᠦ᠋ᠨ ᠳᠣᠬᠢᠶ᠎ᠠ ᠪᠠᠨ ᠲᠠᠯᠪᠢᠵᠤ᠄《ᠨᠢᠭᠡ ᠲᠦᠮᠡᠨ ᠨᠠᠢ᠍ᠮᠠᠨ ᠮᠢᠩᠭᠠᠨ ᠪᠦᠬᠦ ᠴᠡᠷᠢᠭ ᠢ᠋ᠶ᠋ᠡᠷ ᠮᠣᠩᠭᠣᠯ ᠬᠢᠭᠡᠳ ᠤᠢᠭᠤᠷ ᠤ᠋ᠨ ᠴᠡᠷᠢᠭ ᠲᠡᠢ ᠪᠦᠰᠡᠯᠡᠵᠦ ᠬᠠᠭᠠᠭᠠᠳ ᠡᠷᠬᠡᠪᠰᠢ ᠤᠢᠭᠤᠷ ᠤ᠋ᠨ ᠦᠷᠭᠦᠩᠭᠡ ᠬᠠᠭᠠᠨ ᠢ᠋ ᠭᠠᠷᠭᠠᠵᠤ ᠥᠭᠭᠦᠨ᠂ ᠨᠠᠳᠠᠪᠡᠷ ᠴᠠᠪᠴᠢᠨ ᠠᠯᠠᠭᠤᠯᠵᠤ᠂ ᠨᠠᠮᠠᠶ᠋ᠢ ᠮᠡᠬᠡᠯᠡᠵᠦ ᠭᠡᠨᠡᠳᠡᠭᠦᠯᠦᠭᠰᠡᠨ ᠥᠰᠢᠶ᠎ᠡ ᠬᠣᠷᠣᠰᠤᠯ ᠢ᠋ ᠠᠪᠤᠭᠤᠯᠬᠤ ᠬᠡᠷᠡᠭᠲᠡᠢ᠂ ᠤᠷᠢᠳᠤ ᠬᠠᠭᠠᠨ ᠤ᠋ ᠦᠶ᠎ᠡ ᠳ᠋ᠦ᠍ᠷ ᠠᠭᠤᠯᠠ ᠮᠥᠷᠡᠨ ᠢ᠋ ᠪᠤᠯᠢᠶᠠᠭᠰᠠᠨ ᠢ᠋ ᠠᠨᠤ ᠬᠡᠯᠲᠦᠷᠢᠭᠦᠯᠪᠡᠰᠦ ᠪᠣᠯᠬᠤ ᠦᠭᠡᠢ ᠪᠥᠭᠡᠲᠡᠯ᠎ᠡ ᠡᠨᠡ ᠤᠳᠠᠭ᠎ᠠ ᠨᠠᠮᠠᠶ᠋ᠢ ᠡᠴᠢᠭᠰᠡᠨ ᠬᠣᠢᠨ᠎ᠠ ᠳᠠᠬᠢᠨ ᠪᠤᠯᠢᠶᠠᠨ ᠲᠠᠪᠴᠢᠯᠠᠭᠰᠠᠨ ᠠᠨᠤ ᠰᠢᠭᠤᠳ ᠬᠥᠮᠦᠨ ᠦ᠌ ᠢᠲᠡᠭᠡᠮᠵᠢ ᠦᠭᠡᠢ᠂ ᠦᠨᠡᠭᠡ ᠬᠤᠯᠤᠩᠰᠤ ᠮᠡᠲᠦ ᠠᠮᠢᠲᠠᠨ ᠢ᠋ ᠣᠷᠴᠢᠯᠠᠩ ᠤ᠋ᠨ ᠳᠡᠭᠡᠷ᠎ᠡ ᠦᠯᠡᠳᠡᠭᠡᠵᠦ ᠦᠯᠦ ᠪᠣᠯᠤᠮᠤᠢ᠃ ᠭᠦᠩᠵᠦ ᠪᠢ ᠬᠠᠳᠠᠮ ᠤ᠋ᠨ ᠤᠯᠤᠰ ᠤ᠋ᠨ ᠵᠠᠭᠤᠨ ᠲᠦᠮᠡᠨ ᠴᠡᠷᠢᠭ ᠢᠷᠭᠡᠨ ᠦ᠌ ᠴᠡᠴᠡᠭ ᠪᠣᠳᠣ ᠶ᠋ᠢ ᠵᠠᠰᠠᠨ ᠲᠡᠩᠬᠡᠷᠡᠭᠦᠯᠬᠦ ᠬᠤᠪᠢᠯᠭᠠᠨ ᠡᠮᠴᠢ ᠰᠠᠢᠨ ᠰᠡᠷ ᠢ᠋ ᠢᠯᠡᠭᠡᠵᠦ ᠤᠯᠤᠰ ᠤ᠋ᠨ ᠬᠣᠲᠠᠯᠠᠭᠠᠷ ᠢ᠋ ᠠᠮᠤᠷ ᠪᠣᠯᠭᠠᠭᠰᠠᠨ ᠭᠠᠪᠢᠶ᠎ᠠ ᠪᠠᠷ ᠡᠨᠡ ᠨᠢᠭᠡᠬᠡᠨ ᠦᠷᠭᠦᠩᠭᠡ ᠶ᠋ᠢ ᠵᠣᠯᠢᠨ ᠠᠪᠴᠤ ᠠᠯᠠᠭᠠᠳ ᠠᠭᠤᠷ ᠢ᠋ᠶ᠋ᠠᠨ ᠭᠠᠷᠭᠠᠵᠤ ᠪᠣᠯᠬᠤ ᠦᠭᠡᠢ ᠤᠤ? ᠵᠢᠴᠢ ᠳ᠋ᠦ᠍ᠷ ᠡᠯ ᠴᠢᠶᠠᠨ ᠰᠦᠢ ᠲᠠᠢᠽᠢ ᠶ᠋ᠢ ᠪᠣᠯᠪᠠᠴᠤ ᠪᠢ ᠴᠡᠷᠢᠭ ᠦ᠋ᠨ ᠡᠵᠡᠨ ᠵᠢᠨᠦᠩ ᠢ᠋ᠶ᠋ᠡᠷ ᠡᠴᠢᠭᠡ ᠬᠠᠭᠠᠨ ᠳ᠋ᠤᠷ ᠠᠢᠯᠠᠳᠬᠠᠯᠭᠠᠨ ᠮᠢᠨᠦ ᠭᠤᠶᠤᠵᠤ ᠠᠴᠢᠷᠠᠭᠰᠠᠨ ᠴᠡᠷᠢᠭ ᠪᠣᠯᠠᠢ᠃ ᠡᠯ ᠴᠢᠶᠠᠨ ᠰᠦᠢ  ᠪᠣᠯᠪᠠᠴᠤ ᠮᠢᠨᠦ ᠨᠢᠭᠡᠨ ᠬᠣᠶᠠᠷ ᠬᠤᠪᠢ ᠴᠡᠷᠢᠭ ᠦ᠋ᠨ ᠡᠷᠬᠡ ᠶ᠋ᠢ ᠳᠠᠭᠠᠪᠠᠰᠤ ᠵᠣᠬᠢᠬᠤ ᠠᠲᠠᠯ᠎ᠠ᠂ ᠶᠠᠭᠤᠨᠲᠤ ᠮᠢᠨᠦ ᠲᠤᠰ ᠡᠰᠡᠷᠭᠦᠴᠡᠯ ᠢ᠋ ᠮᠢᠨᠦ ᠰᠠᠨᠠᠭ᠎ᠠ ᠪᠠᠷ ᠦᠯᠦ ᠠᠪᠠᠴᠢᠭᠤᠯᠤᠮᠤᠢ?》ᠭᠡᠮᠡᠨ ᠲᠤᠭ ᠳᠡᠯᠭᠡᠯᠭᠡᠵᠦ ᠴᠡᠷᠢᠭ ᠪᠠᠢᠷᠢᠯᠠᠭᠰᠠᠨ ᠳ᠋ᠤᠷ ᠮᠣᠩᠭᠣᠯ ᠤ᠋ᠨ ᠴᠡᠷᠢᠭ ᠰᠠᠶᠢ ᠳᠦᠷᠪᠡᠭᠡᠨ ᠮᠢᠩᠭᠠᠨ᠂ ᠤᠢᠭᠤᠷ ᠤᠯᠤᠰ ᠤ᠋ᠨ ᠴᠡᠷᠢᠭ ᠦ᠋ᠤᠨ ᠬᠤᠶᠠᠭ ᠢ᠋ ᠲᠠᠢᠯᠤᠨ ᠵᠡᠪᠰᠡᠭ ᠬᠤᠷᠢᠶᠠᠭᠰᠠᠨ ᠲᠤᠯᠠ ᠡᠳᠦᠭᠡ ᠦᠨᠡᠬᠡᠷ ᠪᠠᠢᠯᠳᠤᠪᠠᠰᠤ ᠮᠣᠩᠭᠣᠯ ᠬᠢᠭᠡᠳ ᠤᠢᠭᠤᠷ ᠬᠣᠶᠠᠷ ᠤᠯᠤᠰ ᠲᠤᠯᠬᠤᠶ᠎ᠠ ᠪᠡᠷᠬᠡ ᠪᠣᠯᠵᠤᠬᠤᠢ᠃ ᠡᠭᠦᠨ ᠳ᠋ᠦ᠍ᠷ ᠤᠢᠭᠤᠷ ᠤ᠋ᠨ ᠡᠵᠡᠨ ᠦᠷᠭᠦᠩᠭᠡ᠂ ᠲᠠᠢᠽᠢ ᠴᠠᠭᠠᠲᠠᠢ ᠶ᠋ᠢ ᠬᠠᠲᠤᠨ ᠤ᠋ ᠪᠠᠨ ᠠᠶ᠎ᠠ ᠶ᠋ᠢ ᠳᠠᠭᠠᠵᠤ᠂ ᠲᠡᠭᠦᠨ ᠢ᠋ ᠠᠯᠠᠭᠤᠯᠤᠨ᠎ᠠ ᠭᠡᠮᠡᠨ ᠪᠡᠶ᠎ᠡ ᠶ᠋ᠢᠨ ᠰᠦᠨᠡᠰᠦ ᠪᠡᠶ᠎ᠡ ᠡᠴᠡ ᠠᠩᠭᠢᠵᠢᠷᠠᠨ ᠴᠢᠷᠠᠢ ᠶ᠋ᠢᠨ ᠥᠩᠭᠡ ᠰᠢᠷᠣᠢ ᠮᠡᠲᠦ᠂ ᠤᠷᠤᠭᠤᠯ ᠤ᠋ᠨ ᠴᠢᠰᠤ ᠴᠠᠢᠲᠠᠯ᠎ᠠ ᠠᠶᠤᠵᠤ᠂ ᠨᠢᠭᠡᠨᠲᠡ ᠦᠬᠦᠰᠢᠷᠡᠨ ᠮᠥᠯᠬᠥᠵᠦ᠂ ᠴᠠᠭᠠᠲᠠᠢ ᠶ᠋ᠢᠨ ᠬᠣᠷᠮᠣᠢ ᠶ᠋ᠢᠨ ᠳᠣᠣᠷ᠎ᠠ ᠲᠣᠯᠣᠭᠠᠢ ᠪᠠᠨ ᠰᠢᠷᠭᠤᠨ ᠤᠬᠢᠯᠠᠨ ᠮᠥᠷᠭᠥᠬᠦᠶ᠎ᠡ᠂ ᠴᠠᠭᠠᠲᠠᠢ ᠲᠠᠢᠽᠢ ᠢᠨᠢᠶᠡᠨ ᠥᠭᠦᠯᠡᠷᠦᠨ:
      《 ᠮᠢᠨᠦ ᠡᠨᠡ ᠨᠢᠭᠡᠨ ᠠᠩᠭᠢ ᠴᠡᠷᠢᠭ ᠴᠦ᠍ ᠦᠨᠡᠨ ᠳ᠋ᠦ᠍ᠷ ᠵᠢᠨ ᠭᠦᠩᠵᠦ ᠬᠠᠭᠠᠨ ᠡᠴᠢᠭᠡ ᠡᠴᠡ ᠭᠤᠶᠤᠨ ᠠᠢᠯᠠᠳᠬᠠᠵᠤ ᠠᠴᠢᠷᠠᠭᠰᠠᠨ ᠠᠨᠤ ᠦᠨᠡᠨ᠂ ᠶᠡᠬᠡ ᠡᠷᠬᠡ ᠢᠨᠦ ᠳᠡᠭᠦᠨᠦ ᠭᠠᠷ ᠲᠤᠷ ᠪᠣᠢ ᠬᠡᠮᠡᠬᠦ ᠢᠨᠦ ᠬᠤᠳᠠᠯ ᠪᠤᠰᠤ᠃ ᠪᠢ ᠠᠯᠭᠤᠷ ᠢ᠋ᠶ᠋ᠠᠷ ᠬᠣᠷᠢᠭᠯᠠᠨ ᠦᠵᠡᠰᠦᠭᠡᠢ》ᠭᠡᠮᠡᠨ ᠵᠢᠨ ᠭᠦᠩᠵᠦ ᠶ᠋ᠢᠨ ᠲᠡᠷᠢᠭᠦᠯᠡᠭᠰᠡᠨ ᠲᠦᠰᠢᠮᠡᠯ ᠪᠠ ᠶᠡᠬᠡ ᠲᠠᠢᠭᠠᠨ ᠢ᠋ ᠳᠠᠭᠤᠳᠠᠭᠤᠯᠪᠠᠰᠤ ᠶ᠋ᠢᠨ ᠭᠦᠩᠵᠦ᠄ 
      《ᠠᠯᠠᠯᠳᠤᠭᠠᠨ ᠪᠠᠢᠯᠳᠤᠭᠠᠨ ᠤ᠋ ᠴᠢᠬᠤᠯᠠ ᠴᠠᠭ᠂ ᠪᠠᠴᠢᠮ ᠮᠡᠩᠳᠡᠨᠢᠯ ᠦ᠋ᠨ ᠦᠶ᠎ᠡ ᠲᠤᠯᠠ ᠮᠢᠨᠦ ᠲᠡᠷᠢᠭᠦᠯᠡᠭᠰᠡᠨ ᠲᠦᠰᠢᠮᠡᠯ ᠲᠠᠢᠭᠠᠨ ᠠᠨᠳᠠ ᠨᠠᠷ ᠢ᠋ ᠮᠢᠨᠦ ᠪᠠᠷᠢᠵᠤ ᠠᠪᠬᠤ ᠠ᠋ᠴᠠ ᠠᠶᠤᠮᠤᠢ 》ᠭᠡᠮᠡᠨ ᠢᠯᠡᠭᠡᠬᠦ ᠦᠭᠡᠢ᠃ 
       ᠲᠡᠳᠦᠢ ᠠᠷᠭ᠎ᠠ ᠦᠭᠡᠢ ᠥᠪᠡᠷᠦᠨ ᠤᠯᠤᠰ ᠤ᠋ᠨ ᠱᠠᠩ ᠲᠠᠢᠹᠦ᠋ ᠲᠦᠰᠢᠮᠡᠯ ᠥᠳᠥ᠂ ᠰᠣᠳᠣ ᠬᠣᠶᠠᠭᠤᠯᠠ ᠶ᠋ᠢᠨ ᠨᠢᠭᠡᠨ ᠢ᠋ ᠢᠨᠦ ᠢᠷᠡᠭᠲᠦᠨ ᠭᠡᠮᠡᠨ ᠳᠠᠭᠤᠳᠠᠭᠤᠯᠪᠠᠰᠤ ᠶ᠋ᠢᠨ ᠭᠦᠩᠵᠦ᠄ 
      《ᠲᠡᠷᠡ ᠬᠣᠶᠠᠷ ᠲᠠᠢᠹᠦ᠋ ᠬᠡᠮᠡᠭᠴᠢ ᠬᠠᠭᠠᠨ ᠡᠴᠢᠭᠡ ᠶ᠋ᠢᠨ ᠮᠣᠳᠣᠷ ᠤ᠋ᠨ ᠵᠠᠷᠯᠢᠭ ᠢ᠋ᠶ᠋ᠠᠷ ᠨᠢᠭᠡᠨᠲᠡ ᠪᠡᠷᠢ ᠨᠠᠳᠤᠷ ᠬᠠᠪᠰᠤᠷᠭᠠᠨ ᠥᠭᠴᠦ᠂ ᠮᠢᠨᠦ ᠪᠡᠶ᠎ᠡ ᠶ᠋ᠢ ᠰᠠᠬᠢᠨ ᠬᠠᠳᠠᠭᠠᠯᠠᠵᠤ᠂ ᠬᠠᠮᠠᠭᠠᠯᠠᠨ ᠳᠠᠭᠠᠭᠠᠴᠢᠯᠠᠬᠤ ᠵᠠᠷᠯᠢᠭ ᠤ᠋ᠨ ᠲᠦᠰᠢᠮᠡᠯ ᠪᠥᠭᠡᠳ ᠲᠡᠭᠷᠢ ᠶ᠋ᠢᠨ ᠡᠯᠴᠢ᠂ ᠲᠠᠢᠽᠢ ᠬᠢᠭᠡᠳ ᠭᠦᠩᠵᠦ ᠪᠢᠳᠡ ᠬᠣᠶᠠᠭᠤᠯᠠ ᠶ᠋ᠢᠨ ᠲᠣᠯᠣᠭᠠᠢ ᠮᠡᠳᠡᠵᠦ ᠵᠠᠷᠯᠠᠨ ᠵᠠᠷᠤᠴᠠᠯᠠᠵᠤ ᠪᠣᠯᠬᠤ ᠠᠨᠤ ᠪᠤᠰᠤ 》ᠭᠡᠮᠡᠨ ᠨᠡᠩᠳᠡ ᠢᠯᠡᠭᠡᠬᠦ ᠦᠭᠡᠢ ᠳ᠋ᠦ᠍ᠷ ᠲᠠᠢᠽᠢ ᠴᠠᠭᠠᠲᠠᠢ ᠠᠷᠭ᠎ᠠ ᠦᠭᠡᠢ ᠸᠴᠢᠷ ᠭᠠᠳᠠᠰᠤ᠂ ᠠᠯᠮᠠᠰ ᠭᠠᠳᠠᠰᠤ ᠬᠣᠶᠠᠭᠤᠯᠠ ᠳ᠋ᠤᠷ ᠲᠡᠷᠡ ᠵᠢᠯ ᠨᠠᠢ᠍ᠮᠠᠨ ᠤᠯᠤᠰ ᠤ᠋ᠨ ᠬᠣᠷᠢᠨ ᠲᠦᠮᠡᠨ ᠦ᠌ ᠶᠡᠬᠡ ᠴᠡᠷᠢᠭ ᠢ᠋ ᠬᠠᠩᠭᠠᠢ ᠠᠭᠤᠯᠠᠨ᠎ᠠ ᠤᠭᠲᠤᠨ ᠪᠠᠢᠯᠳᠤᠵᠤ᠂ ᠨᠠᠢ᠍ᠮᠠᠨ ᠤ᠋ ᠲᠠᠢᠶᠠᠩ ᠬᠠᠭᠠᠨ ᠥᠪᠡᠷᠦᠨ ᠶᠤᠸᠠᠨᠱᠤᠸᠠᠢ ᠬᠤᠯᠠᠡᠤᠪᠴᠢ ᠶ᠋ᠢᠨ ᠡᠳᠦᠭᠡᠯ ᠳ᠋ᠦ᠍ᠷ ᠬᠠᠷᠠᠩᠭᠤᠢ ᠢᠴᠢᠩᠭᠦᠷᠡᠯ ᠲᠥᠷᠥᠵᠦ᠂ ᠮᠠᠨ ᠤ᠋ ᠴᠡᠷᠢᠭ ᠦ᠋ᠨ ᠡᠵᠡᠨ ᠵᠢᠨᠦᠩ ᠲᠠᠢᠪᠤᠤ ᠶ᠋ᠢᠨ ᠬᠠᠩᠭᠠᠢ ᠠᠭᠤᠯᠠᠨ ᠤ᠋ ᠶᠢᠰᠦᠨ ᠮᠣᠷᠢ ᠳ᠋ᠤᠷ ᠵᠢᠭᠰᠠᠭᠠᠭᠰᠠᠨ ᠲᠡᠮᠦᠷ ᠲᠣᠣᠷ ᠤ᠋ᠨ ᠵᠢᠭᠰᠠᠭᠠᠯ ᠳ᠋ᠤᠷ ᠬᠠᠭᠠᠭᠳᠠᠵᠤ᠂ ᠠᠮᠢᠳᠤ ᠪᠠᠷ ᠪᠠᠷᠢᠮᠠᠷ ᠪᠣᠯᠤᠭᠰᠠᠨ ᠢ᠋ ᠳᠡᠭᠦᠨᠦ ᠲᠡᠷᠰᠯᠡᠭᠦᠦ ᠰᠥᠷᠭᠡᠦ ᠲᠥᠷᠥᠭᠰᠡᠨ ᠦᠶᠡᠯᠢᠳ ᠬᠥᠪᠡᠭᠦᠨ ᠢᠨᠦ ᠭᠠᠭᠴᠠ ᠥᠪᠡᠷ ᠦ᠋ᠨ ᠨᠢᠭᠡᠬᠡᠨ ᠪᠡᠶ᠎ᠡ ᠶ᠋ᠢᠨ ᠮᠤᠯᠲᠤᠷᠠᠨ ᠭᠠᠷᠬᠤ ᠶ᠋ᠢ ᠰᠠᠨᠠᠵᠤ᠂ ᠲᠠᠢᠶᠠᠩ ᠬᠠᠭᠠᠨ ᠤ᠋ ᠰᠦᠪᠡᠭᠡ ᠪᠡᠷ ᠰᠢᠪᠲᠤ ᠬᠠᠳᠬᠤᠨ ᠠᠯᠠᠭᠰᠠᠨ ᠳ᠋ᠤᠷ ᠬᠠᠭᠠᠨ ᠡᠵᠡᠨ ᠯᠠᠪ ᠥᠪᠡᠷᠦᠨ ᠤᠯᠤᠰ ᠤ᠋ᠨ ᠵᠠᠩᠵᠤᠨ ᠴᠡᠷᠢᠭ ᠦ᠋ᠳ ᠠᠯᠠᠪᠠᠢ ‍ᠶ᠎ᠠ ᠭᠡᠮᠡᠨ ᠰᠡᠵᠢᠭᠯᠡᠨ ᠰᠠᠨᠠᠵᠤ᠂ ᠮᠠᠨ ᠤ᠋ ᠤᠯᠤᠰ ᠤ᠋ᠨ ᠤᠭ ᠴᠠᠭᠠᠵᠠ ᠵᠠᠰᠠᠭ ᠲᠤᠷ ᠠᠯᠢᠪᠠ ᠤᠯᠤᠰ ᠤ᠋ᠨ ᠶᠣᠰᠣᠨ ᠦᠭᠡᠢ ᠶ᠋ᠢ ᠳᠠᠢᠯᠠᠨ ᠶᠣᠰᠣ ᠠᠰᠠᠭᠤᠬᠤᠶ᠎ᠠ ᠬᠡᠷᠬᠢᠪᠡᠴᠦ ᠭᠡᠮᠡᠨ ᠤᠯᠤᠰ ᠤ᠋ᠨ ᠬᠠᠭᠠᠨ ᠪᠠ ᠠᠢᠮᠠᠭ ᠤ᠋ᠨ ᠡᠵᠡᠳ ᠢ᠋ ᠢᠨᠤ ᠠᠯᠠᠵᠤ ᠨᠢᠲᠤᠯᠬᠤᠢ ᠳ᠋ᠤᠷ ᠦᠯᠦ ᠬᠦᠷᠦᠭᠦᠯᠦᠭᠲᠦᠨ ᠭᠡᠮᠡᠨ ᠳᠠᠬᠢᠨ ᠳᠠᠪᠲᠠᠨ ᠵᠠᠷᠯᠠᠵᠤ ᠪᠠᠢᠲᠠᠯ᠎ᠠ᠂ ᠲᠠ ᠥᠪᠡᠷ ᠦ᠋ᠨ ᠪᠠᠢᠯᠳᠤᠵᠤ ᠳᠡᠢᠯᠬᠦᠢ ᠶ᠋ᠢᠨ ᠬᠤᠷᠳᠤᠨ ᠬᠢᠯᠪᠠᠷ ᠢ᠋ ᠪᠣᠳᠣᠵᠤ᠂ ᠮᠢᠨᠦ ᠵᠠᠬᠢᠶ᠎ᠠ ᠵᠠᠷᠯᠢᠭ ᠵᠠᠰᠠᠭ ᠵᠠᠷᠯᠠᠯ ᠢ᠋ ᠵᠥᠷᠢᠴᠡᠨ᠂ ᠲᠠᠰᠤᠷᠬᠠᠢ ᠪᠠᠭᠠᠲᠤᠷ ᠰᠠᠢᠨ ᠡᠷ᠎ᠡ ᠲᠠᠢᠶᠠᠩ ᠬᠠᠭᠠᠨ ᠤ᠋ ᠬᠠᠯᠠᠭᠤᠨ ᠠᠮᠢᠨ ᠳ᠋ᠤᠷ ᠬᠣᠣᠷ ᠪᠣᠯᠭᠠᠬᠤᠢ ᠳ᠋ᠤᠷ ᠬᠦᠷᠴᠦ᠂ ᠮᠢᠨᠦ ᠳᠣᠲᠣᠷ᠎ᠠ ᠪᠠᠨ ᠲᠣᠭᠣᠮᠵᠢᠯᠠᠨ ᠪᠠᠬᠠᠷᠬᠠᠬᠤ ᠪᠠᠭᠠᠲᠤᠷ ᠬᠠᠭᠠᠨ ᠠᠬᠠᠢ ᠶ᠋ᠢ ᠮᠢᠨᠦ ᠠᠮᠢᠨ ᠢ᠋ ᠪᠤᠰᠠᠨᠢᠭᠤᠯᠬᠤᠢ ᠳ᠋ᠤᠷ ᠭᠥᠷᠥᠭᠦᠯᠪᠡ ᠭᠡᠮᠡᠨ ᠬᠡᠲᠦᠷᠬᠡᠶ᠎ᠡ ᠬᠢᠯᠢᠩᠨᠡᠵᠦ᠂ ᠮᠠᠨ ᠤ᠋ ᠤᠯᠤᠰ ᠤ᠋ᠨ ᠲᠡᠷᠡ ᠮᠡᠲᠦ ᠶᠡᠬᠡ ᠡᠷᠬᠡ ᠬᠤᠪᠢ᠂ ᠠᠮᠠᠷᠠᠭ ᠬᠠᠢᠷᠠᠲᠤ ᠴᠡᠷᠢᠭ ᠦ᠋ᠨ ᠡᠵᠡᠨ ᠵᠢᠨᠦᠩ ᠲᠠᠢᠪᠤᠤ ᠶ᠋ᠢ ᠲᠡᠷᠢᠭᠦᠯᠡᠨ ᠳᠥᠷᠪᠡᠨ ᠶᠡᠬᠡ ᠬᠦᠯᠦᠭ ᠨᠣᠶᠠᠳ ᠢ᠋ ᠮᠥᠨ ᠬᠦ᠌ ᠮᠠᠲᠠᠷ ᠵᠢᠭᠰᠠᠭᠠᠯ ᠤ᠋ᠨ ᠳᠣᠲᠣᠷ᠎ᠠ᠂ ᠨᠠᠢ᠍ᠮᠠᠨ ᠤ᠋ ᠴᠡᠷᠢᠭ ᠦ᠋ᠨ ᠡᠮᠦᠨ᠎ᠡ ᠰᠥᠭᠥᠳᠬᠡᠵᠦ᠂ ᠬᠠᠰᠬᠢᠷᠤᠨ ᠳᠣᠩᠭᠣᠳᠴᠤ᠂ ᠶᠠᠯ᠎ᠠ ᠬᠦᠯᠢᠶᠡᠯᠭᠡᠬᠦᠢ ᠳ᠋ᠦ᠍ᠷ ᠬᠦᠷᠦᠭᠦᠯᠵᠦ᠂ ᠡᠨᠡ ᠬᠡᠷᠡᠭ ᠡᠴᠡ ᠠᠯᠢ ᠤᠯᠤᠰ ᠠᠢᠮᠠᠭ ᠢ᠋ ᠪᠠᠢᠯᠳᠤᠪᠠᠴᠤ᠂ ᠲᠡᠷᠡ ᠤᠯᠤᠰ ᠠᠢᠮᠠᠭ ᠤ᠋ᠨ ᠡᠵᠡᠳ ᠬᠠᠳ ᠢ᠋ ᠠᠨᠤ ᠠᠮᠢᠨ ᠢ᠋ ᠪᠤᠰᠠᠨᠢᠭᠤᠯᠬᠤᠢ ᠳ᠋ᠤᠷ ᠭᠥᠷᠦᠭᠦᠯᠪᠡᠰᠦ᠂ ᠲᠡᠷᠡ ᠴᠡᠷᠢᠭ ᠢ᠋ ᠡᠵᠡᠯᠡᠨ ᠲᠡᠷᠢᠭᠦᠯᠡᠭᠴᠢᠳ ᠦ᠋ᠨ ᠲᠣᠯᠣᠭᠠᠢ ᠶ᠋ᠢ ᠤᠷᠢᠳᠠ ᠣᠭᠲᠣᠯᠤᠨ ᠠᠪᠤᠭᠠᠳ᠂ ᠬᠣᠢᠨ᠎ᠠ ᠰᠠᠶᠢ ᠡᠷᠭᠦᠨ ᠠᠢᠯᠠᠳᠬᠠᠭᠲᠤᠨ ᠭᠡᠮᠡᠨ ᠲᠠᠰᠤᠷᠬᠠᠶ᠎ᠠ ᠵᠠᠷᠯᠢᠭ ᠪᠠᠭᠤᠯᠭᠠᠵᠤ᠂ ᠠᠯᠲᠠᠨ ᠰᠢᠪᠠᠭ᠎ᠠ ᠳ᠋ᠤᠷ ᠳᠤᠭᠭᠢᠨ ᠰᠡᠢᠯᠵᠦ᠂ ᠴᠡᠷᠢᠭ ᠦ᠋ᠨ ᠡᠵᠡᠨ ᠦ᠌ ᠴᠠᠭᠠᠵᠠ ᠵᠡᠪᠡ ᠬᠠᠳᠬᠤᠬᠤ᠂ ᠮᠥᠩᠭᠥᠨ ᠦ᠌ ᠰᠠᠭᠤᠯᠠᠭ᠎ᠠ ᠶ᠋ᠢᠨ ᠳᠣᠲᠣᠷ᠎ᠠ ᠬᠠᠳᠬᠤᠵᠤᠬᠤᠢ᠃ ᠡᠳᠦᠭᠡ ᠭᠦᠷᠦᠨ ᠬᠦᠷᠲᠡᠯ᠎ᠡ ᠮᠠᠨ ᠤ᠋ ᠴᠡᠷᠢᠭ ᠦ᠋ᠨ ᠡᠵᠡᠨ ᠵᠢᠨᠦᠩ ᠢ᠋ᠶ᠋ᠡᠷ ᠬᠠᠭᠠᠰ ᠶᠠᠯ᠎ᠠ ᠶ᠋ᠢ ᠪᠡᠶ᠎ᠡ ᠳ᠋ᠦ᠍ᠷ ᠠᠪᠤᠨ ᠬᠦᠯᠢᠶᠡᠭᠰᠡᠭᠡᠷ ᠪᠦᠬᠦᠢ ᠶ᠋ᠢ ᠤᠯᠤᠰ ᠤ᠋ᠨ ᠬᠣᠲᠠᠯᠠᠭᠠᠷ ᠴᠥᠮ ᠮᠡᠳᠡᠬᠦ ᠪᠢᠰᠢᠦ ? ᠡᠢᠮᠦ ᠬᠠᠲᠠᠭᠤ ᠵᠠᠰᠠᠭ ᠴᠠᠭᠠᠵᠠ᠂ ᠵᠠᠷᠯᠢᠭ ᠰᠣᠶᠣᠷᠬᠠᠯ ᠠ᠋ᠴᠠ ᠪᠤᠰᠤ ᠪᠣᠯᠪᠠᠰᠤ᠂ ᠨᠠᠢ᠍ᠮᠠᠨ ᠤ᠋ ᠴᠢᠦᠢ ᠴᠦ ᠯᠢᠦᠢ ᠬᠡᠮᠡᠭᠴᠢ ᠬᠣᠯᠴᠢᠷᠭᠠᠨ ᠲᠠᠢ ᠨᠢᠭᠡᠬᠡᠨ ᠬᠥᠮᠦᠨ ᠢ᠋ ᠴᠦ᠍ ᠪᠠᠢᠲᠤᠭᠠᠢ᠂ ᠬᠡᠳᠦᠢ ᠵᠠᠭᠤᠨ ᠮᠢᠩᠭᠠᠨ ᠴᠢᠦᠢ ᠴᠦ ᠯᠢᠦᠢ ᠪᠣᠯᠪᠠᠴᠤ ᠴᠥᠮ ᠴᠣᠬᠢᠯᠬᠢᠯᠠᠨ ᠲᠡᠭᠦᠵᠦ ᠪᠠᠷᠠᠭᠰᠠᠨ ᠪᠣᠯᠠᠢ᠃ ᠡᠨᠡ ᠤᠢᠭᠤᠷ ᠤ᠋ᠨ ᠡᠵᠡᠨ ᠨᠢᠭᠡᠨᠲᠡ ᠪᠠᠢᠯᠳᠤᠯ ᠦᠭᠡᠢ ᠠᠮᠢᠳᠤ ᠪᠠᠷᠢᠭᠳᠠᠪᠠ᠃ ᠪᠢ ᠪᠠᠰᠠ ᠲᠤᠰᠬᠠᠢ ᠮᠣᠩᠭᠣᠯ ᠤ᠋ᠨ ᠲᠠᠢᠽᠢ ᠬᠥᠪᠡᠭᠦᠨ᠂ ᠪᠢᠴᠢᠬᠠᠨ ᠴᠤ᠌ ᠬᠤᠳᠠᠯ ᠬᠠᠭᠤᠮᠠᠭᠠᠢ ᠶ᠋ᠢ ᠬᠡᠷᠡᠭᠯᠡᠵᠦ ᠪᠣᠯᠤᠮᠤᠢ ᠤᠤ ? ᠶᠡᠬᠡ ᠲᠠᠢᠽᠢ᠂ ᠴᠡᠷᠢᠭ ᠦ᠋ᠨ ᠵᠠᠰᠠᠭ ᠲᠤᠷ ᠮᠡᠯᠵᠢᠯᠭᠡ ᠲᠠᠯᠪᠢᠭᠰᠠᠨ ᠥᠴᠦᠬᠡᠨ ᠡᠨᠳᠡᠭᠳᠡᠯ ᠢ᠋ ᠴᠡᠷᠢᠭ ᠦ᠋ᠨ ᠴᠠᠭᠠᠵᠠ ᠳ᠋ᠤᠷ ᠡᠰᠡᠷᠭᠦᠴᠡᠭᠰᠡᠨ ᠬᠦᠨᠳᠦ ᠶᠠᠯ᠎ᠠ ᠪᠠᠷ ᠰᠢᠳᠬᠡᠨ ᠠᠪᠠᠴᠢᠵᠤ ᠬᠡᠳᠦᠨ ᠮᠢᠩᠭᠠᠨ ᠭᠠᠵᠠᠷ᠎ᠠ ᠴᠦᠯᠡᠭᠰᠡᠨ ᠢ᠋ ᠶ᠋ᠢᠨ ᠭᠦᠩᠵᠦ ᠴᠦ᠍ ᠮᠥᠨ ᠰᠣᠨᠣᠰᠤᠭᠰᠠᠨ ᠪᠣᠯᠠᠢ᠃ ᠡᠳᠦᠭᠡ ᠨᠢᠭᠡᠨ ᠦᠷᠭᠦᠩᠭᠡ ᠶ᠋ᠢᠨ ᠠᠮᠢᠨ ᠢ᠋ ᠪᠤᠰᠠᠨᠢᠭᠤᠯᠪᠠᠰᠤ᠂ ᠠᠷᠪᠠᠨ ᠵᠢᠷᠭᠤᠭᠠᠨ ᠵᠠᠩᠵᠤᠨ ᠪᠠ ᠮᠢᠨᠦ ᠪᠡᠶ᠎ᠡ ᠲᠡᠢ ᠴᠥᠮ ᠢ᠋ᠶ᠋ᠡᠷ ᠴᠡᠷᠢᠭ ᠦ᠋ᠨ ᠬᠤᠷᠴᠠ ᠴᠠᠭᠠᠵᠠ ᠵᠠᠰᠠᠭ ᠲᠤᠷ ᠤᠨᠠᠬᠤ ᠶ᠋ᠢ ᠶᠠᠭᠤᠨᠲᠤ ᠪᠠᠬᠠᠨ ᠴᠤ᠌ ᠦᠯᠦ ᠰᠠᠨᠠᠮᠤᠢ᠃ ᠡᠳᠡᠭᠡᠷ ᠤᠴᠢᠷ ᠢ᠋ ᠨᠠᠷᠢᠪᠴᠢᠯᠠᠨ ᠬᠡᠯᠡᠵᠦ ᠠᠮᠢᠨ ᠢ᠋ ᠠᠨᠤ ᠦᠯᠡᠳᠡᠭᠡᠵᠦ ᠥᠭᠬᠦ ᠪᠣᠯᠪᠠᠰᠤ᠂ ᠥᠪᠡᠷ᠎ᠡ ᠵᠠᠭᠤᠷ᠎ᠠ ᠪᠠᠨ ᠭᠠᠷᠭᠠᠬᠤ ᠶᠠᠮᠪᠠᠷ ᠶᠠᠯᠠᠯᠠᠯ ᠰᠢᠳᠬᠡᠯ ᠢ᠋ ᠴᠥᠮ ᠢ᠋ᠶ᠋ᠡᠷ ᠳᠤᠷᠠᠲᠠᠶ᠎ᠠ ᠬᠦᠯᠢᠶᠡᠬᠦᠢ ᠶ᠋ᠢ ᠰᠠᠢᠬᠠᠨ ᠪᠦᠷᠢᠳᠬᠡᠨ ᠮᠡᠳᠡᠭᠦᠯᠵᠦ᠂ ᠴᠡᠷᠢᠭ ᠦ᠋ᠨ ᠪᠠᠢᠷᠢᠯᠠᠯ ᠢ᠋ ᠠᠨᠤ ᠬᠣᠷᠢᠶᠠᠯᠠᠭ᠎ᠠ ᠭᠡᠮᠡᠨ ᠨᠢᠪᠰᠢᠷᠡᠲᠡᠯ᠎ᠡ ᠰᠤᠷᠭᠠᠵᠤ᠂ ᠨᠢᠭᠡᠨ ᠦᠰᠦᠭ ᠨᠢᠭᠡᠨ ᠪᠠᠳᠠᠭ ᠪᠠ ᠭᠡᠭᠡᠲᠡᠰᠦ ᠬᠡᠪᠴᠢᠶᠡᠨ ᠢ᠋ ᠣᠰᠣᠯᠳᠠᠨ ᠠᠯᠳᠠᠵᠤ ᠦᠯᠦ ᠪᠣᠯᠤᠮᠤᠢ ᠭᠡᠮᠡᠨ ᠵᠠᠬᠢᠵᠤ ᠪᠠᠷᠠᠲᠠᠯ᠎ᠠ᠂ ᠤᠢᠭᠤᠷ ᠤ᠋ᠨ ᠦᠷᠭᠦᠩᠭᠡ ᠬᠠᠭᠠᠨ ᠥᠪᠡᠷᠦᠨ ᠠᠮᠢᠨ ᠠ᠋ᠴᠠᠭᠠᠨ ᠠᠳᠠᠪᠠᠰᠢ ᠠᠶᠤᠬᠤ ᠶ᠋ᠢᠨ ᠴᠠᠭ ᠲᠤᠯᠠ᠂ ᠡᠳᠡᠭᠡᠷ ᠦᠭᠡᠰ ᠢ᠋ ᠬᠣᠷᠴᠢᠭᠠᠷ ᠵᠤᠵᠠᠭᠠᠨ ᠲᠥᠪᠡᠳ ᠴᠠᠭᠠᠰᠤᠨ ᠤ᠋ ᠬᠥᠨᠳᠡᠯᠡᠨ ᠨᠤᠭᠤᠯᠪᠤᠷᠢ ᠳ᠋ᠤᠷ ᠪᠣᠯᠣᠳ ᠤ᠋ᠨ ᠦᠵᠦᠭ ᠪᠠᠷᠢᠵᠤ ᠨᠢ᠂ ᠨᠣ᠂ ᠯᠠ᠂ ᠮᠠ ᠶ᠋ᠢ ᠠᠯᠳᠠᠯ ᠦᠭᠡᠢ ᠪᠢᠴᠢᠵᠦ ᠭᠠᠷᠭᠠᠭᠠᠳ᠂ ᠭᠠᠷ ᠳᠠᠭᠵᠢᠨ᠂ ᠬᠣᠭᠣᠯᠠᠢ ᠴᠡᠴᠡᠷᠡᠨ ᠲᠡᠷᠡ ᠪᠢᠴᠢᠭ ᠢ᠋ ᠬᠣᠶᠠᠷ ᠵᠠᠩᠵᠤᠨ ᠳ᠋ᠤᠷ ᠥᠭᠬᠦ ᠪᠥᠭᠡᠳ ᠤᠬᠢᠯᠠᠬᠤ ᠠᠯᠳᠠᠵᠤ ᠥᠭᠦᠯᠡᠷᠦᠨ᠄ 
      《ᠬᠣᠶᠠᠷ ᠪᠠᠭᠠᠲᠤᠷ ᠨᠣᠶᠠᠳ᠂ ᠦᠭᠡ ᠣᠯᠠᠨ ᠳ᠋ᠤᠷ ᠠᠯᠳᠠᠭᠳᠠᠨ ᠣᠷᠬᠢᠭᠳᠠᠵᠤ ᠠᠮᠢᠨ ᠢ᠋ ᠮᠢᠨᠦ ᠠᠵᠢᠷᠠᠭᠤᠯᠭᠠᠭᠤᠵᠠᠢ᠂ ᠪᠢᠴᠢᠭ ᠪᠣᠯᠪᠠᠰᠤ ᠦᠭᠡ ᠤᠴᠢᠷ ᠭᠡᠭᠡᠭᠳᠡᠬᠦ ᠦᠭᠡᠢ ᠰᠠᠢᠨ 》ᠬᠡᠮᠡᠭᠰᠡᠨ ᠳ᠋ᠦ᠍ᠷ ᠬᠤᠷᠠᠯ ᠤ᠋ᠨ ᠪᠦᠭᠦᠳᠡᠭᠡᠷ ᠪᠠᠶᠠᠰᠤᠯᠴᠠᠨ ᠲᠠᠢᠽᠢ᠂ ᠦᠷᠭᠦᠩᠭᠡ ᠶ᠋ᠢᠨ ᠪᠢᠴᠢᠭ ᠦᠰᠦᠭ᠂ ᠪᠢᠯᠢᠭ ᠣᠶᠤᠨ ᠢ᠋ ᠮᠠᠰᠢᠳᠠ ᠮᠠᠭᠲᠠᠨ ᠰᠠᠢᠰᠢᠶᠠᠵᠤ᠂ 《ᠴᠢ ᠪᠠᠰᠠ ᠪᠤᠰᠤ ᠬᠡᠯᠡᠨ ᠦ᠌ ᠦᠰᠦᠭ ᠪᠢᠴᠢᠭ ᠢ᠋ ᠰᠥᠷᠪᠡ ᠤᠤ ? 》ᠦᠷᠭᠦᠩᠭᠡ ᠮᠡᠳᠡᠭᠦᠯᠦᠷᠦᠨ : 
      《ᠡᠮᠦᠨ᠎ᠡ ᠳᠠᠩ ᠤ᠋ᠨ ᠬᠢᠲᠠᠳ ᠬᠡᠯᠡᠨ ᠦ᠌ ᠦᠰᠦᠭ ᠬᠢᠭᠡᠳ ᠲᠥᠪᠡᠳ ᠬᠡᠯᠡᠨ ᠦ᠌ ᠪᠢᠴᠢᠭ ᠢ᠋ ᠴᠥᠮ ᠪᠠᠬᠠᠨ ᠰᠤᠷᠪᠠ᠃ ᠮᠢᠨᠦ ᠡᠬᠡ ᠬᠢᠭᠡᠳ ᠡᠮ᠎ᠡ ᠴᠥᠮ ᠳᠠᠩ ᠤᠯᠤᠰ ᠤ᠋ᠨ ᠤᠭᠰᠠᠭ᠎ᠠ ᠶ᠋ᠢᠨ ᠯᠢ ᠣᠪᠣᠭᠲᠠᠨ ᠤ᠋ ᠡᠭᠦᠳᠡᠨ ᠦ᠌ ᠥᠬᠢᠳ᠂ ᠦᠶ᠎ᠡ ᠤᠯᠠᠷᠢᠨ ᠤᠭ ᠭᠠᠵᠠᠷ ᠤ᠋ᠨ ᠪᠢᠴᠢᠭ ᠰᠤᠷᠭᠠᠯ ᠪᠠ ᠡᠯᠳᠡᠯᠡᠨ ᠣᠷᠢᠶᠠᠬᠤ ᠬᠥᠯ ᠦ᠋ᠨ ᠵᠠᠰᠠᠪᠤᠷᠢ ᠶ᠋ᠢ ᠭᠡᠭᠡᠬᠦ ᠦᠭᠡᠢ᠃ ᠲᠡᠢᠨ ᠬᠦ᠌ ᠨᠠᠭᠠᠴᠤ ᠨᠠᠷ ᠠ᠋ᠴᠠ ᠰᠤᠷᠪᠠ 》ᠬᠡᠮᠡᠭᠰᠡᠨ ᠳ᠋ᠦ᠍ᠷ ᠲᠠᠢᠽᠢ ᠴᠠᠭᠠᠲᠠᠢ᠂ ᠨᠡᠩ ᠪᠠᠶᠠᠷᠯᠠᠨ ᠡᠨᠡ ᠮᠠᠰᠢ ᠨᠢᠭᠡᠨ ᠬᠡᠷᠡᠭ ᠲᠡᠢ ᠬᠥᠮᠦᠨ ᠪᠠᠢᠨᠠᠮ ᠭᠡᠮᠡᠨ ᠤᠯᠠᠮ ᠢᠯᠡᠭᠦᠦ ᠬᠠᠢᠷᠠᠲᠠᠢ ᠪᠣᠯᠪᠠ᠃ 
       ᠲᠡᠳᠦᠢ ᠬᠣᠶᠠᠷ ᠭᠠᠳᠠᠰᠤ ᠵᠠᠩᠵᠤᠨ ᠤ᠋ ᠭᠦᠩᠵᠦ ᠶ᠋ᠢᠨ ᠴᠠᠴᠠᠷ ᠲᠤᠷ ᠢᠷᠡᠵᠦ᠂ ᠡᠵᠡᠨ ᠬᠠᠲᠤᠨ ᠤ᠋ ᠶᠣᠰᠣᠭᠠᠷ ᠶᠣᠰᠣᠯᠠᠨ ᠰᠥᠭᠥᠳᠴᠦ ᠦᠭᠡ ᠪᠠ ᠪᠢᠴᠢᠭ ᠢ᠋ᠶ᠋ᠡᠷ ᠨᠠᠷᠢᠪᠴᠢᠯᠠᠨ ᠮᠡᠳᠡᠭᠦᠯᠦᠭᠰᠡᠨ ᠳ᠋ᠦ᠍ᠷ ᠭᠦᠩᠵᠦ ᠮᠠᠰᠢ ᠪᠠᠶᠠᠰᠬᠤᠯᠠᠩᠲᠤ ᠴᠢᠷᠠᠢ ᠪᠠᠷ ᠬᠠᠷᠢᠭᠤ ᠵᠠᠬᠢᠷᠤᠨ: 
      《ᠬᠠᠳᠠᠮ ᠤ᠋ᠨ ᠤᠯᠤᠰ ᠤ᠋ᠨ ᠡᠨᠡ ᠪᠢᠰᠢᠷᠡᠯᠲᠦ ᠴᠠᠭᠠᠵᠠ ᠶ᠋ᠢ ᠪᠢ ᠬᠡᠳᠦᠢᠨ ᠮᠡᠳᠡᠮᠦᠢ᠂ ᠲᠡᠭᠷᠢ ᠡᠴᠢᠭᠡ ᠶ᠋ᠢᠨ ᠪᠣᠭᠳᠠ ᠬᠥᠮᠦᠨ ᠦ᠌ ᠭᠡᠭᠡᠬᠡᠨ ᠵᠠᠰᠠᠭ ᠠ᠋ᠴᠠ ᠪᠤᠰᠤ ᠪᠣᠯᠪᠠᠰᠤ᠂ ᠮᠢᠨᠦ ᠠᠮᠢᠨ ᠪᠡᠶ᠎ᠡ ᠴᠦ᠍ ᠬᠡᠳᠦᠢᠨ ᠯᠢ ᠵᠢᠢ ᠯᠢ ᠬᠣᠷᠣᠭ᠎ᠠ ᠳ᠋ᠤᠷ ᠪᠤᠰᠠᠨᠢᠨ ᠰᠠᠷᠨᠢᠭᠰᠠᠨ ᠪᠥᠯᠥᠭᠡ᠃ ᠲᠡᠷᠡ ᠪᠣᠭᠳᠠ ᠶ᠋ᠢᠨ ᠪᠣᠷᠣ ᠺᠠᠯᠪᠢᠩᠭ᠎ᠠ ᠶ᠋ᠢᠨ ᠥᠳᠥᠲᠦ ᠲᠡᠭᠷᠢ ᠶ᠋ᠢᠨ ᠵᠡᠪᠡ ᠱᠠᠩᠨᠠᠨ᠂ ᠮᠢᠨᠦ ᠨᠢᠭᠡᠨ ᠭᠡᠷ ᠦ᠋ᠨ ᠳᠥᠷᠪᠡᠨ ᠵᠠᠭᠤᠨ ᠢᠯᠡᠭᠦᠦ ᠠᠮᠠᠨ᠂ ᠡᠵᠡᠨ ᠰᠠᠢᠳ ᠡᠷ᠎ᠡ ᠡᠮ᠎ᠡ ᠶ᠋ᠢ ᠠᠪᠤᠷᠠᠨ ᠭᠠᠷᠭᠠᠵᠤ᠂ ᠡᠯ ᠴᠢᠶᠠᠨ ᠰᠦᠢ ᠪᠡᠷ ᠬᠠᠢᠭᠤᠯᠯᠠᠨ ᠳᠠᠷᠤᠭᠤᠯᠤᠨ ᠰᠠᠮᠠᠭᠤᠨ ᠤ᠋ ᠵᠠᠬ᠎ᠠ ᠭᠠᠷᠲᠠᠯ᠎ᠠ ᠬᠦᠷᠭᠡᠬᠦᠢ ᠳ᠋ᠦ᠍ᠷ ᠲᠠᠢᠽᠢ ᠶ᠋ᠢᠨ ᠤᠯᠠᠭᠠᠨ ᠲᠤᠭ᠂ ᠤᠯᠠᠭᠠᠨ ᠰᠢᠬᠦᠷ ᠢ᠋ ᠳᠠᠭᠠᠭᠠᠴᠢᠯᠠᠬᠤ ᠭᠠᠯ ᠭᠠᠷᠤᠵᠠ᠂ ᠪᠣᠷᠣ ᠪᠦᠷᠭᠦᠳ ᠬᠣᠶᠠᠷ ᠰᠢᠳᠠᠷ ᠬᠢᠶ᠎ᠡ ᠶᠠᠪᠤᠬᠤᠢ ᠶ᠋ᠢ ᠪᠢ ᠨᠠᠷᠢᠪᠴᠢᠯᠠᠨ ᠲᠠᠨᠢᠭᠰᠠᠨ ᠪᠥᠯᠥᠭᠡ᠃ ᠪᠢ ᠥᠨᠥᠬᠡᠨ ᠢᠨᠠᠭᠰᠢ ᠢᠷᠡᠬᠦᠢ ᠶ᠋ᠢᠨ ᠵᠠᠮ ᠤ᠋ᠨ ᠭᠣᠳᠣᠰ᠂ ᠲᠡᠷᠡ ᠬᠣᠶᠠᠷ ᠤ᠋ᠨ ᠡᠴᠢᠭᠡ᠂ ᠬᠡᠷᠴᠡᠭᠡᠢ ᠨᠣᠶᠠᠨ ᠰᠢᠷᠢᠬᠤᠳᠤᠭ ᠪᠢᠳᠡᠨ ᠦ᠌ ᠲᠠᠩᠭᠤᠳ ᠤᠯᠤᠰ ᠤ᠋ᠨ ᠲᠠᠪᠤᠨ ᠵᠧᠦ ᠶ᠋ᠢᠨ ᠠᠯᠪᠠᠨ ᠤ᠋ ᠡᠳ᠋ ᠠᠭᠤᠷᠠᠰᠤᠨ᠂ ᠪᠥᠰ ᠲᠣᠷᠭᠠᠮᠰᠤᠭ ᠤ᠋ᠨ ᠮᠢᠩᠭᠠᠨ ᠠᠴᠢᠶ᠎ᠠ ᠴᠡᠷᠢᠭ ᠢ᠋ ᠳᠠᠷᠤᠨ ᠡᠭᠡᠬᠦᠢ ᠳ᠋ᠡᠭᠡᠨ ᠨᠠᠳᠤᠷ ᠠᠭᠤᠯᠵᠠᠨ ᠠᠮᠤᠷ ᠡᠷᠢᠵᠦ ᠭᠤᠶᠤᠨ ᠮᠡᠳᠡᠭᠦᠯᠦᠭᠰᠡᠨ ᠪᠥᠯᠥᠭᠡ᠂ ᠲᠡᠭᠥᠨᠥ ᠬᠣᠶᠠᠷ ᠬᠥᠪᠡᠭᠦᠨ᠂ ᠬᠠᠭᠠᠨ ᠤ᠋ ᠭᠡᠭᠡᠨ ᠢ᠋ ᠳᠠᠭᠠᠯᠳᠤᠵᠤ ᠪᠠᠷᠠᠭᠤᠨ ᠢᠯᠳᠡᠰᠢ ᠮᠥᠷᠡᠨ᠎ᠡ ᠮᠣᠷᠳᠠᠭᠠᠳ ᠡᠳᠦᠭᠡ ᠰᠣᠨᠣᠰᠬᠤᠯ᠎ᠠ᠂ ᠭᠦᠩᠵᠦ ᠶ᠋ᠢᠨ ᠵᠢᠨᠦᠩ ᠢ᠋ᠶ᠋ᠡᠷ ᠭᠤᠶᠤᠨ ᠠᠢᠯᠠᠳᠬᠠᠯᠭᠠᠭᠰᠠᠨ ᠴᠡᠷᠢᠭ ᠲᠦ᠍ᠷ ᠮᠢᠨᠦ ᠬᠣᠶᠠᠷ ᠬᠥᠪᠡᠭᠦᠨ ᠮᠥᠨ ᠠᠮᠠᠯᠠᠭᠳᠠᠵᠤᠬᠤᠢ ᠬᠡᠮᠡᠮᠦ᠃ ᠲᠡᠢᠨ ᠬᠦ᠌ ᠲᠡᠷᠡ ᠬᠣᠶᠠᠷ ᠢ᠋ ᠬᠢᠲᠠᠳ ᠤ᠋ᠨ ᠪᠣᠳᠣᠭᠠᠴᠢ ᠪᠠᠭᠰᠢ ᠪᠠᠷ ᠦᠵᠡᠭᠦᠯᠦᠭᠰᠡᠨ᠎ᠡ᠂ ᠹᠦ ᠰᠠᠶᠢᠭ ᠥᠭᠴᠦ᠂ ᠭᠤᠷᠪᠠᠨ ᠬᠥᠮᠦᠨ ᠦ᠌ ᠭᠠᠷ ᠠᠯᠤᠰᠯᠠᠬᠤ ᠶ᠋ᠢ ᠴᠡᠭᠡᠷᠯᠡᠮᠦᠢ ᠭᠡᠮᠡᠨ ᠲᠡᠷᠡ ᠥᠪᠡᠷ ᠦ᠋ᠨ ᠭᠠᠷ ᠢ᠋ᠶ᠋ᠠᠷ ᠨᠠᠳᠤᠷ ᠪᠠᠷᠢᠵᠤ ᠮᠥᠷᠭᠥᠵᠦ ᠭᠤᠶᠤᠭᠰᠠᠨ ᠠᠨᠤ᠂ ᠮᠢᠨᠦ ᠭᠠᠷ ᠢ᠋ᠶ᠋ᠠᠷ ᠲᠡᠭᠥᠨᠥ ᠳᠤᠭᠤᠯᠠᠭ᠎ᠠ ᠳ᠋ᠤᠷ ᠬᠠᠪᠴᠢᠭᠤᠯᠤᠨ ᠬᠠᠢᠷᠠᠯᠠᠮᠤ ᠭᠡᠮᠡᠨ ᠬᠣᠶᠠᠷ ᠪᠠᠭᠴᠠ ᠬᠣᠷᠢᠨ ᠯᠠᠩ ᠮᠥᠩᠭᠥ ᠲᠡᠢ ᠮᠥᠷᠭᠥᠵᠦ ᠪᠠᠷᠢᠭᠰᠠᠨ ᠪᠥᠯᠥᠭᠡ᠃ ᠮᠥᠩᠭᠥ ᠢᠨᠤ ᠡᠨᠳᠡ ᠪᠣᠢ᠃ ᠰᠠᠶᠢᠭ ᠪᠠ ᠹᠦ ᠲᠠᠷᠨᠢ ᠴᠥᠮ ᠬᠠᠪᠲᠠᠭ᠎ᠠ ᠳ᠋ᠤᠷ ᠠᠮᠤᠷ᠃ ᠤᠢᠭᠤᠷ ᠤ᠋ᠨ ᠶᠠᠯ᠎ᠠ ᠶ᠋ᠢ ᠪᠢ ᠴᠦ᠍ ᠮᠥᠨ ᠪᠢᠴᠢᠭ ᠢ᠋ᠶ᠋ᠡᠷ ᠬᠠᠷᠢᠭᠤ ᠲᠣᠭᠲᠠᠭᠠᠨ ᠢᠯᠡᠭᠡᠰᠦᠭᠡᠢ᠃ ᠲᠠ ᠬᠣᠶᠠᠭᠤᠯᠠ ᠲᠦᠷ ᠡᠭᠡᠵᠦ᠂ ᠡᠨᠡ ᠮᠥᠩᠭᠥ ᠶ᠋ᠢ ᠢᠨᠣ ᠥᠭᠭᠦᠭᠡᠳ᠂ ᠮᠢᠨᠦ ᠪᠢᠴᠢᠭ ᠢ᠋ ᠲᠡᠷᠡ ᠬᠣᠶᠠᠷ ᠢ᠋ᠶ᠋ᠠᠷ ᠠᠪᠤᠭᠤᠯᠤᠷ᠎ᠠ ᠢᠯᠡᠭᠡᠭᠲᠦᠨ ᠭᠡᠮᠡᠨ ᠡᠭᠡᠭᠦᠯᠦᠭᠰᠡᠨ᠎ᠡ ᠬᠣᠶᠠᠷ ᠭᠠᠳᠠᠰᠤ ᠵᠠᠩᠵᠤᠨ ᠨᠢᠭᠤᠷ ᠣᠯᠪᠠ ᠭᠡᠮᠡᠨ ᠬᠣᠣᠰ ᠦᠭᠡᠢ ᠪᠠᠶᠠᠷᠯᠠᠭᠰᠠᠭᠠᠷ ᠢᠷᠡᠵᠦ᠂ ᠵᠦᠢ ᠵᠦᠢᠭᠡᠷ ᠬᠠᠷᠢᠭᠤ ᠮᠡᠳᠡᠭᠦᠯᠵᠦ᠂ ᠬᠣᠶᠠᠷ ᠪᠠᠭᠴᠠ ᠮᠥᠩᠭᠥ ᠶ᠋ᠢ ᠭᠠᠯ ᠭᠠᠷᠤᠵᠠ᠂ ᠪᠣᠷᠣ ᠪᠦᠷᠭᠦᠳ ᠲᠣᠷ ᠥᠭᠭᠦᠭᠰᠡᠨ ᠳ᠋ᠦ᠍ᠷ ᠭᠠᠷᠤᠵᠠ᠂ ᠪᠦᠷᠭᠦᠳ ᠠᠬ᠎ᠠ ᠳᠡᠭᠦᠦ ᠠᠮᠠᠨ ᠢ᠋ᠶ᠋ᠠᠨ ᠳᠠᠷᠪᠠᠢᠨ ᠪᠠᠶᠠᠷᠯᠠᠵᠤ᠂ ᠮᠥᠩᠭᠥ ᠪᠡᠨ ᠠᠳᠬᠤᠭᠰᠠᠭᠠᠷ ᠬᠡᠰᠢᠭ ᠲᠣᠷ ᠮᠥᠷᠭᠥᠨ᠂ ᠰᠠᠶᠢᠭ ᠬᠦᠷᠲᠡᠷ᠎ᠡ ᠡᠴᠢᠬᠦᠢ ᠳ᠋ᠦ᠍ᠷ ᠲᠠᠢᠽᠢ ᠢᠨᠢᠶᠡᠵᠦ ᠲᠦᠷ ᠳᠠᠭᠤᠳᠠᠨ ᠵᠣᠭᠰᠣᠭᠠᠵᠤ᠂ ᠮᠥᠩᠭᠥᠨ ᠪᠠᠭᠯᠠᠭ᠎ᠠ ᠶ᠋ᠢ ᠠᠨᠤ ᠠᠯᠳᠠᠷᠭᠠᠯᠭᠠᠨ ᠳᠣᠲᠣᠷ᠎ᠠ ᠭᠠᠳᠠᠨ᠎ᠠ ᠶ᠋ᠢ ᠨᠢᠭᠡᠨ ᠵᠡᠷᠭᠡ ᠰᠢᠨᠵᠢᠬᠦᠶ᠎ᠡ᠂ ᠸᠴᠢᠷ ᠭᠠᠳᠠᠰᠤ ᠪᠠᠰᠠ ᠦᠷᠭᠦᠩᠭᠡ ᠬᠠᠭᠠᠨ ᠳ᠋ᠤᠷ ᠪᠠᠶᠠᠷ ᠮᠡᠳᠡᠭᠦᠯᠦᠨ᠂ ᠭᠦᠩᠵᠦ ᠮᠠᠰᠢ ᠪᠠᠶᠠᠰᠬᠤᠯᠠᠩ ᠲᠠᠢ᠂ ᠤᠳᠠᠬᠤ ᠦᠭᠡᠢ ᠠᠭᠤᠴᠢᠯᠠᠬᠤ ᠪᠢᠴᠢᠭ ᠬᠦᠷᠴᠦ ᠢᠷᠡᠮᠦᠢ ᠬᠡᠮᠡᠬᠦᠶ᠎ᠡ ᠲᠠᠢᠽᠢ᠂ ᠭᠠᠯ ᠭᠠᠷᠤᠵᠠ᠂ ᠪᠣᠷᠣ ᠪᠦᠷᠭᠦᠳ ᠬᠣᠶᠠᠭᠤᠯᠠ ᠳ᠋ᠤᠷ ᠮᠥᠩᠭᠥ ᠶ᠋ᠢ ᠢᠨᠣ ᠥᠭᠭᠦᠭᠡᠳ ᠢᠨᠢᠶᠡᠨ ᠵᠠᠬᠢᠷᠤᠨ:
      《ᠥᠨᠥᠬᠡᠨ ᠡᠨᠡ ᠦᠷᠭᠦᠩᠭᠡ ᠬᠠᠭᠠᠨ ᠢ᠋ ᠲᠠ ᠬᠣᠶᠠᠭᠤᠯᠠ ᠪᠤᠯᠲᠠᠷᠠᠭᠤᠯᠤᠨ ᠠᠴᠢᠷᠠᠭᠰᠠᠨ ᠪᠢᠰᠢᠦ ? ᠰᠠᠢᠬᠠᠨ ᠬᠢᠴᠢᠶᠡ᠂ ᠲᠡᠷᠡ ᠶ᠋ᠢᠨ ᠭᠦᠩᠵᠦ ᠮᠠᠰᠢ ᠨᠢᠭᠡᠨ ᠰᠡᠴᠡᠨ ᠬᠤᠷᠴᠠ ᠬᠥᠮᠦᠨ ᠪᠠᠢᠬᠤ᠂ ᠲᠠ ᠬᠣᠶᠠᠭᠤᠯᠠ ᠶ᠋ᠢ ᠥᠭᠶᠥᠭᠡ ᠣᠷᠬᠢᠨ ᠠᠪᠠᠴᠢᠭᠠᠳ ᠥᠯᠪᠡᠷᠲᠡᠯ᠎ᠡ ᠵᠠᠨᠴᠢᠭᠤᠵᠠᠢ᠂ ᠡᠴᠢᠬᠦ ᠶ᠋ᠢ ᠪᠠᠢᠪᠠᠰᠤ ᠳᠡᠭᠡᠷ᠎ᠡ ᠪᠣᠢ  ‍ᠶ᠎ᠠ᠃ 》ᠬᠣᠶᠠᠷ ᠰᠠᠢᠳ ᠢᠨᠢᠶᠡᠨ ᠥᠴᠢᠷᠦᠨ :
      《ᠬᠡᠷᠬᠢᠪᠡᠴᠦ ᠮᠠᠨ ᠤ᠋ ᠬᠠᠲᠤᠨ ᠡᠵᠡᠨ ᠪᠣᠯᠤᠨ ᠪᠠᠷᠠᠭᠰᠠᠨ ᠤ᠋ ᠳᠡᠭᠡᠷ᠎ᠡ᠂ ᠡᠨᠡ ᠮᠥᠨ ᠬᠦ᠌ ᠴᠥᠮ ᠬᠠᠭᠤᠴᠢᠷᠠᠨ ᠡᠯᠡᠭᠰᠡᠨ ᠴᠠᠭᠠᠰᠤ᠂ ᠵᠢᠴᠢ ᠳ᠋ᠦ᠍ᠷ ᠪᠠᠰᠠ ᠡᠴᠢᠭᠡ ᠶ᠋ᠢᠨ ᠲᠠᠩᠭᠤᠳ ᠲᠤᠷ ᠡᠴᠢᠬᠦ ᠢᠨᠣ ᠯᠠᠪ᠂ ᠬᠡᠰᠢᠭ ᠲᠣᠷ ᠮᠥᠷᠭᠥᠵᠦ᠂ ᠹᠦ ᠰᠠᠶᠢᠭ ᠢ᠋ ᠬᠦᠷᠲᠡᠭᠡᠬᠦ ᠬᠡᠷᠡᠭᠲᠡᠢ 》ᠭᠡᠮᠡᠨ ᠬᠡᠯᠡᠬᠦ ᠪᠥᠭᠡᠳ ᠭᠠᠷᠴᠤ ᠡᠴᠢᠬᠦᠶ᠎ᠡ᠂ ᠲᠠᠢᠽᠢ ᠢᠨᠢᠶᠡᠨ ᠰᠢᠳᠠᠷ ᠬᠢᠶ᠎ᠡ᠂ ᠬᠦᠷᠡᠯ ᠵᠡᠰ ᠢ᠋ ᠳᠠᠭᠠᠵᠤ ᠡᠴᠢᠭᠡᠳ ᠬᠡᠷᠪᠡ ᠬᠡᠷᠡᠭ ᠮᠠᠭᠤᠬᠠᠢ ᠪᠣᠯᠪᠠᠰᠤ ᠨᠠᠳᠤᠷ ᠲᠥᠷᠭᠡᠨ᠎ᠡ ᠢᠷᠡᠵᠦ ᠮᠡᠳᠡᠭᠦᠯ ᠭᠡᠮᠡᠨ ᠬᠠᠮᠲᠤ ᠢᠯᠡᠭᠡᠪᠡ᠃ ᠭᠠᠯ ᠭᠠᠷᠤᠵᠠ᠂ ᠪᠣᠷᠣ ᠪᠦᠷᠭᠦᠳ ᠬᠣᠶᠠᠭᠤᠯᠠ ᠮᠠᠰᠢ ᠣᠮᠣᠭ ᠴᠢᠮᠡᠭᠳᠡᠶ᠎ᠡ᠂ ᠰᠠᠶᠢᠭ ᠹᠦ ᠭᠥᠷᠳᠡᠷ᠎ᠡ ᠰᠠᠶᠢ ᠣᠷᠣᠵᠤ ᠴᠠᠴᠠᠷ ᠤ᠋ᠨ ᠳᠣᠣᠷ᠎ᠠ ᠬᠦᠷᠲᠡᠯ᠎ᠡ᠂ ᠴᠠᠴᠠᠷ ᠤ᠋ᠨ ᠳᠣᠲᠣᠷ᠎ᠠ ᠨᠢᠭᠡᠨᠲᠡ ᠵᠠᠩᠳᠠᠮᠠᠭᠴᠠ᠂ ᠣᠯᠠᠨ ᠥᠬᠢᠨ ᠴᠡᠷᠢᠭ ᠦ᠋ᠳ ᠨᠠᠷᠢᠨ ᠬᠣᠭᠣᠯᠠᠢ ᠪᠠᠷ ᠬᠥᠬᠥᠭᠡ ᠳᠣᠩᠭᠣᠳᠬᠤ ᠮᠡᠲᠦ ᠬᠠᠰᠬᠢᠷᠤᠯᠳᠤᠨ᠂ ᠬᠣᠶᠠᠷ ᠵᠠᠩᠵᠤᠨ ᠢ᠋ ᠰᠥᠭᠥᠳᠬᠦᠢ ᠶ᠋ᠢᠨ ᠤᠷᠢᠳ᠂ ᠮᠢᠨᠳᠠᠰᠤᠨ ᠤ᠋ ᠰᠢᠷᠬᠡᠭ ᠢ᠋ᠶ᠋ᠡᠷ ᠨᠢᠢᠳᠬᠡᠵᠦ ᠬᠦᠷᠦᠭᠰᠡᠨ ᠵᠠᠩᠵᠤᠨ ᠪᠠᠷᠢᠬᠤ ᠭᠠᠵᠠᠷ ᠤ᠋ᠨ ᠲᠣᠣᠷ ᠤ᠋ᠨ ᠬᠤᠷᠢᠶᠠᠩᠭᠤᠢ ᠣᠨᠢᠰᠤᠭᠤᠷᠲᠤ ᠪᠦᠳᠦᠭᠦᠨ ᠰᠢᠵᠢᠮᠲᠦ ᠳᠡᠭᠡᠰᠦ ᠶ᠋ᠢ ᠣᠯᠠᠨ ᠢ᠋ᠶ᠋ᠠᠷ ᠨᠢᠭᠡᠨᠲᠡ ᠲᠠᠲᠠᠭᠰᠠᠨ ᠠᠪᠠᠰᠤ᠂ ᠬᠣᠶᠠᠷ ᠵᠠᠩᠵᠤᠨ ᠢ᠋ ᠬᠣᠣᠰ ᠢ᠋ᠶ᠋ᠠᠷ ᠨᠢᠭᠡᠨ ᠪᠥᠭᠡᠮ ᠪᠣᠯᠭᠠᠵᠤ ᠥᠮᠬᠦᠷᠢᠲᠦᠭᠦᠯᠦᠨ ᠭᠠᠵᠠᠷ ᠲᠤᠷ ᠤᠨᠠᠭᠠᠵᠤ ᠥᠮᠬᠦᠷᠢᠲᠦᠭᠦᠯᠦᠨ ᠴᠢᠷᠦᠨ ᠠᠪᠠᠴᠢᠵᠤ᠂ ᠳᠥᠷᠪᠡᠨ ᠮᠣᠷᠢᠨ ᠤ᠋ ᠬᠠᠰᠠᠭ ᠲᠡᠷᠭᠡᠨ᠎ᠡ ᠡᠷᠭᠦᠨ ᠲᠠᠶᠠᠭᠳᠠᠵᠤ ᠳᠣᠪᠲᠣᠯᠭᠠᠨ ᠠᠪᠠᠴᠢᠪᠠ᠃ ᠬᠦᠷᠡᠯ ᠵᠡᠰ ᠶᠡᠬᠡᠯ᠎ᠡ ᠠᠶᠤᠵᠤ ᠡᠭᠡᠵᠦ ᠭᠦᠶᠦᠲᠡᠯ᠎ᠡ᠂ ᠨᠢᠭᠡᠨ ᠮᠠᠰᠢ ᠰᠠᠢᠬᠠᠨ ᠥᠬᠢᠨ ᠵᠠᠩᠵᠤᠨ᠂ ᠨᠢᠭᠡᠨᠲᠡ ᠢᠨᠢᠶᠡᠨ ᠨᠠᠷᠢᠨ ᠰᠢᠵᠢᠮ ᠢ᠋ᠶ᠋ᠡᠷ ᠬᠥᠯ ᠦ᠋ᠨ ᠰᠢᠯᠪᠢ ᠶ᠋ᠢ ᠨᠢᠭᠡᠨᠲᠡ ᠰᠣᠭᠣᠢᠯᠠᠨ ᠳᠡᠯᠡᠳᠦᠮᠡᠭᠴᠡ ᠬᠦᠷᠡᠯ ᠵᠡᠰ ᠦ᠋ᠨ ᠬᠥᠯ ᠦ᠋ᠨ ᠰᠢᠯᠪᠢ ᠪᠡᠷ ᠰᠢᠷᠭᠢᠲᠡᠯ᠎ᠡ ᠣᠷᠢᠶᠠᠯᠳᠤᠵᠤ᠂ ᠲᠡᠷᠡ ᠥᠪᠡᠷᠦᠨ ᠬᠦᠴᠦᠨ ᠳ᠋ᠡᠭᠡᠨ ᠭᠠᠵᠠᠷ ᠲᠤᠷ ᠥᠮᠬᠥᠷᠢᠨ ᠤᠨᠠᠭᠰᠠᠨ ᠢ᠋ ᠣᠯᠠᠨ ᠥᠬᠢᠨ ᠢᠨᠢᠶᠡᠯᠴᠡᠨ ᠬᠦᠷᠡᠯ ᠵᠡᠰ ᠢ᠋ ᠬᠥᠯ ᠡᠴᠡ ᠴᠢᠷᠦᠨ ᠠᠴᠢᠷᠠᠵᠤ᠂ ᠴᠠᠴᠠᠷ ᠤ᠋ᠨ ᠳᠣᠣᠷ᠎ᠠ ᠰᠥᠭᠥᠳᠬᠡᠭᠰᠡᠨ᠎ᠡ᠂ ᠶ᠋ᠢᠨ ᠭᠦᠩᠵᠦ ᠢᠨᠢᠶᠡᠬᠦ ᠶ᠋ᠢ ᠪᠠᠢᠲᠤᠭᠠᠢ᠂ ᠭᠤᠷᠪᠠᠨ ᠤᠯᠤᠰ ᠤ᠋ᠨ ᠵᠠᠩᠵᠤᠨ ᠴᠡᠷᠢᠭ ᠦ᠋ᠳ ᠦ᠋ᠨ ᠦᠵᠡᠭᠰᠡᠨ ᠪᠦᠷᠢ ᠡᠰᠡ ᠢᠨᠢᠶᠡᠭᠰᠡᠨ ᠬᠥᠮᠦᠨ ᠦᠭᠡᠢ᠃ 
        ᠲᠡᠳᠦᠢ ᠶ᠋ᠢᠨ ᠭᠦᠩᠵᠦ ᠢᠨᠢᠶᠡᠳᠦᠮ ᠢ᠋ ᠬᠦᠯᠢᠴᠡᠨ᠂ ᠥᠬᠢᠳ ᠢ᠋ ᠵᠠᠩᠳᠠᠨ᠂ ᠬᠦᠷᠡᠯ ᠵᠡᠰ ᠢ᠋ ᠲᠠᠯᠪᠢᠭᠤᠯᠵᠤ᠂ ᠡᠮᠦᠨ᠎ᠡ ᠪᠡᠨ ᠵᠣᠭᠰᠣᠭᠠᠵᠤ ᠵᠠᠬᠢᠷᠤᠨ᠄ 
      《 ᠴᠢ ᠡᠭᠡᠵᠦ ᠲᠠᠢᠽᠢ ᠳ᠋ᠤᠷ ᠰᠠᠢᠬᠠᠨ ᠮᠡᠳᠡᠭᠦᠯ᠂ ᠲᠡᠷᠡ ᠬᠣᠶᠠᠷ ᠵᠠᠩᠵᠤᠨ ᠳᠠᠩᠴᠤ ᠶᠣᠰᠣᠨ ᠦᠭᠡᠢ᠂ ᠮᠢᠨᠦ ᠨᠢᠭᠡᠨ ᠬᠥᠮᠦᠨ ᠢ᠋ ᠪᠤᠯᠢᠶᠠᠨ ᠠᠪᠠᠴᠢᠭᠰᠠᠨ ᠲᠤᠯᠠ ᠪᠢ ᠲᠡᠷᠡ ᠬᠣᠶᠠᠭᠤᠯᠠ ᠶ᠋ᠢ ᠬᠠᠮᠲᠤᠪᠠᠷ ᠪᠠᠷᠢᠪᠠ᠃ ᠬᠡᠷᠪᠡ ᠪᠦᠷᠢᠨ᠎ᠡ ᠪᠡᠷ ᠵᠣᠯᠢᠵᠤ ᠠᠪᠠᠴᠢᠰᠤᠭᠠᠢ ᠬᠡᠮᠡᠪᠡᠰᠦ᠂ ᠦᠷᠭᠦᠩᠭᠡ ᠶ᠋ᠢ ᠬᠣᠶᠠᠷ ᠠᠩᠭᠢ ᠲᠠᠰᠤ ᠴᠠᠪᠴᠢᠭᠠᠳ᠂ ᠬᠣᠶᠠᠷ ᠵᠠᠩᠵᠤᠨ ᠢ᠋ ᠠᠷᠠᠯᠵᠢᠵᠤ ᠠᠪᠠᠴᠢᠲᠤᠭᠠᠢ ᠬᠡᠮᠡᠭᠡᠳ ᠬᠠᠷᠠᠩᠭ᠎ᠠ ᠴᠣᠬᠢᠨ ᠴᠡᠷᠢᠭ ᠢ᠋ᠶ᠋ᠡᠨ ᠬᠣᠷᠢᠶᠠᠨ ᠡᠭᠡᠵᠦ ᠶᠡᠬᠡ ᠬᠦᠷᠢᠶ᠎ᠡ ᠳ᠋ᠦ᠍ᠷ ᠢ᠋ᠶ᠋ᠡᠨ ᠪᠠᠭᠤᠪᠠ᠃ ᠡᠭᠦᠨ ᠳ᠋ᠦ᠍ᠷ ᠮᠣᠩᠭᠣᠯ ᠬᠢᠭᠡᠳ ᠤᠢᠭᠤᠷ ᠤ᠋ᠨ ᠬᠣᠶᠠᠷ ᠤᠯᠤᠰ ᠤ᠋ᠨ ᠵᠠᠩᠵᠤᠨ ᠴᠡᠷᠢᠭ ᠦ᠋ᠳ ᠪᠠᠰᠠ ᠴᠤ᠌ ᠢᠨᠢᠶᠡᠨ᠂ ᠪᠠᠰᠠᠴᠤ ᠡᠮᠢᠶᠡᠨ ᠨᠡᠩ ᠢᠯᠠᠩᠭᠤᠶ᠎ᠠ ᠦᠷᠭᠦᠩᠭᠡ ᠬᠠᠭᠠᠨ ᠦᠬᠦᠲᠡᠯ᠎ᠡ ᠠᠶᠤᠵᠤ ᠦᠷᠪᠡᠯᠵᠡᠨ ᠰᠠᠷᠪᠠᠯᠵᠠᠡᠣ᠋ᠶ᠎ᠡ ᠪᠠᠰᠠ ᠤᠢᠭᠤᠷ ᠤᠯᠤᠰ ᠤ᠋ᠨ ᠬᠣᠲᠠ ᠪᠠᠯᠭᠠᠳ ᠴᠥᠮ ᠠᠪᠲᠠᠭᠰᠠᠨ ᠮᠡᠳᠡᠭᠡ ᠬᠦᠷᠴᠦ ᠢᠷᠡᠭᠰᠡᠨ᠎ᠡ᠂ ᠦᠷᠭᠦᠩᠭᠡ ᠬᠠᠭᠠᠨ ᠦᠬᠦᠳᠬᠢᠨ ᠤᠨᠠᠵᠤ᠂ ᠦᠬᠦᠰᠢᠷᠡᠨ ᠬᠡᠪᠲᠡᠬᠦᠢ ᠳ᠋ᠦ᠍ᠷ ᠵᠢᠴᠢ ᠡᠳᠦᠷ ᠪᠠᠰᠠ ᠮᠣᠩᠭᠣᠯ ᠤ᠋ᠨ ᠬᠣᠲᠠ ᠶ᠋ᠢ ᠲᠣᠭᠲᠠᠭᠠᠨ ᠣᠯᠠᠨ ᠢ᠋ ᠠᠮᠤᠭᠤᠯᠤᠭᠰᠠᠨ ᠪᠠᠶᠠᠷ ᠤ᠋ᠨ ᠮᠡᠳᠡᠭᠡ ᠪᠠᠷᠢᠷ᠎ᠠ ᠢᠷᠡᠬᠦᠢ ᠳ᠋ᠦ᠍ᠷ ᠤᠢᠭᠤᠷ ᠤ᠋ᠨ ᠲᠡᠷᠢᠭᠦᠯᠡᠭᠰᠡᠨ ᠲᠦᠰᠢᠮᠡᠯ ᠢᠨᠦ ᠢᠷᠡᠵᠦ᠂ ᠡᠵᠡᠨ ᠳ᠋ᠡᠭᠡᠨ᠄ 
      《ᠬᠣᠲᠠ ᠬᠡᠳᠦᠢ ᠠᠪᠲᠠᠭᠰᠠᠨ ᠪᠣᠯᠪᠠᠴᠤ᠂ ᠲᠦᠰᠢᠮᠡᠯ ᠴᠡᠷᠢᠭ᠂ ᠠᠷᠠᠳ ᠢᠷᠭᠡᠳ ᠦ᠋ᠨ ᠦᠰᠦ ᠬᠢᠯᠭᠠᠰᠤᠨ ᠤ᠋ ᠲᠡᠳᠦᠢ ᠶ᠋ᠢ ᠴᠦ᠍ ᠬᠥᠨᠳᠡᠭᠰᠡᠨ ᠦᠭᠡᠢ 》ᠬᠡᠮᠡᠭᠰᠡᠨ ᠦᠨᠡᠨ ᠮᠡᠳᠡᠭᠡ ᠶ᠋ᠢ ᠬᠦᠷᠭᠡᠵᠦ ᠢᠷᠡᠭᠰᠡᠨ᠎ᠡ᠂ ᠦᠷᠭᠦᠩᠭᠡ ᠶ᠋ᠢᠨ ᠳᠣᠲᠣᠷ᠎ᠠ ᠰᠠᠶᠢ ᠳᠠᠯᠠᠢ ᠮᠡᠲᠦ ᠠᠭᠤᠳᠠᠮ ᠪᠣᠯᠵᠤ᠂ ᠮᠣᠩᠭᠣᠯ ᠤᠯᠤᠰ ᠤ᠋ᠨ ᠴᠢᠩᠭᠢᠰ ᠬᠠᠭᠠᠨ ᠢ ᠦᠨᠡᠩᠭᠦ ᠲᠡᠭᠷᠢ ᠪᠡᠷ ᠦᠨᠡᠮᠴᠢᠯᠡᠨ ᠪᠢᠰᠢᠷᠡᠵᠦ᠂ ᠪᠣᠭᠳᠠ ᠬᠥᠮᠦᠨ ᠦ᠌ ᠲᠡᠭᠷᠢ ᠶ᠋ᠢᠨ ᠰᠦᠷ ᠬᠡᠮᠩᠴᠢ ᠡᠨᠡ ᠮᠡᠲᠦ ᠲᠦᠮᠡᠨ ᠮᠢᠩᠭᠠᠨ ᠪᠠᠷ᠎ᠠ ᠳ᠋ᠤᠷ ᠲᠦᠭᠡᠮᠡᠯ ᠢ᠋ ᠰᠢᠲᠦᠨ ᠰᠦᠰᠦᠭᠯᠡᠵᠦ᠂ ᠪᠠᠰᠠ ᠶ᠋ᠢᠨ ᠭᠦᠩᠵᠦ ᠶ᠋ᠢᠨ ᠲᠡᠭᠦᠨ ᠢ᠋ ᠬᠢᠯᠪᠠᠷ ᠲᠠᠯᠪᠢᠬᠤ ᠦᠭᠡᠢ ᠳ᠋ᠦ᠍ᠷ ᠲᠠᠢᠽᠢ ᠶ᠋ᠢᠨ ᠦᠨᠡᠮᠴᠢᠯᠡᠨ ᠬᠠᠮᠠᠭᠠᠯᠠᠭᠰᠠᠨ ᠢ᠋ ᠰᠠᠶᠢ ᠲᠣᠳᠣᠷᠬᠠᠶ᠎ᠠ ᠦᠵᠡᠵᠦ᠂ ᠲᠠᠢᠽᠢ ᠴᠠᠭᠠᠲᠠᠢ᠂ ᠮᠥᠨ ᠬᠦᠷᠡᠯ ᠵᠡᠰ ᠢ᠋ ᠳᠠᠬᠢᠨ ᠳᠠᠬᠢᠨ ᠢᠯᠡᠭᠡᠵᠦ᠂ ᠲᠡᠷᠢᠭᠦᠨ ᠤᠳᠠᠭ᠎ᠠ ᠳ᠋ᠤᠷ ᠡᠷᠬᠡᠪᠰᠢ ᠦᠷᠭᠦᠩᠭᠡ ᠶ᠋ᠢᠨ ᠠᠮᠢᠨ ᠢ᠋ ᠡᠰᠡ ᠠᠪᠤᠪᠠᠴᠤ ᠳᠡᠭᠦᠨᠦ ᠨᠢᠭᠡᠨ ᠮᠥᠴᠡ ᠶ᠋ᠢ ᠠᠪᠤᠮᠤᠢ ᠭᠡᠮᠡᠨ ᠵᠠᠭᠤᠭᠰᠠᠨ ᠳ᠋ᠤᠷ ᠪᠠᠰᠠ ᠬᠦᠷᠡᠯ ᠵᠡᠰ ᠢ᠋ ᠢᠯᠡᠬᠡᠨ᠂ ᠦᠷᠭᠦᠩᠭᠡ ᠶ᠋ᠢ ᠤᠯᠤᠰ ᠲᠤᠷ ᠠᠪᠠᠴᠢᠵᠤ ᠬᠠᠭᠠᠨ ᠡᠵᠡᠨ ᠳ᠋ᠦ᠍ᠷ ᠦᠵᠡᠭᠦᠯᠵᠦ ᠭᠠᠪᠢᠶ᠎ᠠ ᠪᠦᠲᠦᠭᠰᠡᠨ ᠢ᠋ ᠡᠢ᠍ᠯᠡᠳᠬᠡᠨ ᠠᠢᠯᠠᠳᠬᠠᠬᠤ ᠲᠤᠯᠠ ᠬᠥᠯ ᠭᠠᠷ ᠢ᠋ ᠳᠤᠲᠠᠭᠤᠯᠪᠠᠰᠤ ᠳᠡᠭᠡᠷᠡᠬᠢ ᠶ᠋ᠢᠨ ᠪᠤᠷᠤᠭᠤᠰᠢᠶᠠᠯ ᠠ᠋ᠴᠠ ᠠᠶᠤᠮᠤᠢ ᠭᠡᠮᠡᠨ ᠳᠠᠬᠢᠨ ᠭᠤᠶᠤᠯᠭᠠᠭᠰᠠᠨ ᠳ᠋ᠤᠷ ᠭᠦᠩᠵᠦ ᠢᠨᠢᠶᠡᠨ ᠵᠠᠬᠢᠷᠤᠨ᠄ 
      《 ᠲᠡᠢᠮᠦ ᠪᠥᠭᠡᠰᠦ᠂ ᠲᠣᠳᠣ ᠵᠤᠯᠪᠢᠨ ᠢ᠋ ᠴᠢᠬᠢ ᠦᠭᠡᠢ ᠭᠡᠮᠡᠨ ᠳᠠᠢᠯᠠᠬᠤ ᠦᠭᠡᠢ ᠤᠤ ? ᠴᠢᠦᠢ ᠴᠦ ᠯᠢᠦᠢ ᠶ᠋ᠢᠨ ᠴᠢᠬᠢ ᠶ᠋ᠢ ᠨᠠᠢ᠍ᠮᠠᠨ ᠤ᠋ ᠢᠳᠡᠷ ᠳᠣᠪᠣ ᠲᠠᠰᠤ ᠵᠠᠭᠤᠵᠤᠬᠤᠢ᠃ ᠲᠡᠭᠦᠨ ᠢ᠋ ᠪᠠᠷᠢᠪᠠᠰᠤ ᠴᠢᠬᠢ ᠤᠷᠭᠤᠭᠤᠯᠵᠤ ᠬᠠᠭᠠᠨ ᠳ᠋ᠤᠷ ᠪᠠᠷᠢᠮᠤᠢ ᠤᠤ ? ᠤᠯᠤᠰ ᠢ᠋ ᠣᠯᠵᠤ ᠣᠯᠠᠨ ᠢ᠋ ᠲᠦᠪᠰᠢᠳᠬᠡᠪᠡᠰᠦ ᠶᠡᠬᠡ ᠦᠢᠯᠡ ᠪᠦᠲᠦᠭᠰᠡᠨ ᠪᠣᠯᠠᠢ᠂ ᠥᠴᠦᠬᠡᠨ ᠦᠵᠡᠯᠲᠦ ᠨᠢᠭᠡᠬᠡᠨ ᠬᠥᠮᠦᠨ ᠳ᠋ᠦ᠍ᠷ ᠶᠠᠮᠪᠠᠷ ᠶᠠᠯᠢᠶ᠎ᠠ ᠲᠠᠢ ᠭᠠᠵᠠᠷ ᠪᠣᠢ ᠭᠡᠮᠡᠨ ᠬᠠᠭᠠᠨ ᠲᠡᠭᠦᠨ ᠢ᠋ ᠲᠡᠷᠡ ᠮᠡᠲᠦ ᠡᠷᠬᠢᠯᠡᠬᠦ ᠤᠤ ? ᠳᠡᠭᠦᠨᠦ ᠬᠣᠶᠠᠷ ᠴᠢᠬᠢ ᠶ᠋ᠢ ᠣᠭᠲᠣᠯᠤᠨ ᠠᠪᠴᠢᠷᠠᠵᠤ᠂ ᠬᠣᠣᠰ ᠵᠠᠩᠵᠤᠨ ᠢ᠋ ᠵᠣᠯᠢᠵᠤ ᠠᠪᠠᠴᠢ 》 ᠭᠡᠮᠡᠨ ᠡᠭᠡᠭᠦᠯᠦᠭᠰᠡᠨ᠎ᠡ᠂ ᠦᠷᠭᠦᠩᠭᠡ ᠬᠠᠭᠠᠨ ᠲᠣᠳᠣ ᠬᠢᠭᠡᠳ ᠴᠢᠦᠢ ᠴᠦ ᠯᠢᠦᠢ ᠬᠣᠶᠠᠭᠤᠯᠠ ᠶ᠋ᠢ ᠴᠥᠮ ᠨᠢᠳᠦᠨ ᠢ᠋ᠶ᠋ᠡᠷ ᠦᠵᠡᠭᠰᠡᠨ ᠦ᠌ ᠲᠤᠯᠠᠳᠠ᠂ ᠮᠣᠩᠭᠣᠯ ᠤᠯᠤᠰ ᠤ᠋ᠨ ᠲᠣᠭᠲᠠᠭᠰᠠᠨ ᠴᠠᠭᠠᠵᠠ ᠶ᠋ᠢ ᠮᠡᠳᠡᠭᠡᠳ᠂ ᠬᠣᠶᠠᠷ ᠴᠢᠬᠢ ᠪᠡᠨ ᠪᠠᠷᠢᠭᠰᠠᠭᠠᠷ ᠢᠷᠡᠵᠦ : 《ᠴᠢᠶᠠᠨ ᠰᠦᠢ᠂ ᠬᠣᠶᠠᠷ ᠴᠢᠬᠢ ᠶ᠋ᠢ ᠬᠠᠢᠷᠠᠯᠠᠨ ᠦᠯᠡᠳᠡᠭᠡ 》ᠭᠡᠮᠡᠨ ᠤᠬᠢᠯᠠᠨ ᠮᠥᠷᠭᠥᠬᠦᠢ ᠳ᠋ᠦ᠍ᠷ ᠲᠠᠢᠽᠢ ᠥᠴᠦᠬᠡᠨ ᠮᠦᠰᠢᠶᠡᠵᠦ ᠵᠠᠬᠢᠷᠤᠨ᠄ 
      《ᠡᠨᠡ ᠪᠠᠢᠳᠠᠯ᠂ ᠵᠢᠨ ᠭᠦᠩᠵᠦ ᠴᠢᠮᠠᠴᠠ ᠨᠢᠭᠡᠨ ᠲᠣᠳᠣᠷᠬᠠᠢ ᠳᠡᠨᠵᠢ ᠪᠠᠷᠢᠮᠲᠠ ᠠᠪᠬᠤ ᠦᠭᠡᠢ ᠪᠡᠷ ᠵᠠᠭᠤᠭᠰᠠᠨ ᠢ᠋ᠶ᠋ᠠᠨ ᠠᠯᠳᠠᠬᠤ ᠦᠭᠡᠢ ᠪᠠᠢᠨᠠᠮ᠃ ᠪᠢ ᠳᠠᠬᠢᠨ ᠬᠡᠯᠡᠯᠴᠡᠭᠦᠯᠦᠶ᠎ᠡ 》ᠬᠡᠮᠡᠪᠡ᠃ ᠭᠦᠩᠵᠦ ᠳ᠋ᠦ᠍ᠷ ᠬᠡᠯᠡᠭᠦᠯᠦᠭᠰᠡᠨ ᠢᠨᠦ᠄ 
      《ᠲᠣᠳᠣ ᠴᠤ᠌ ᠲᠡᠢᠨ ᠳ᠋ᠦ᠍ᠷ ᠤᠨᠠᠵᠤᠬᠤᠢ᠂ ᠴᠢᠦᠢ ᠴᠦ ᠯᠢᠦᠢ ᠲᠡᠳᠡᠨ ᠦ᠌ ᠥᠪᠡᠷᠦᠨ ᠤᠯᠤᠰ ᠤ᠋ᠨ ᠴᠢᠬᠡᠴᠢ ᠵᠠᠩᠵᠤᠨ ᠳ᠋ᠠᠭᠠᠨ ᠵᠠᠭᠤᠭᠳᠠᠵᠤᠬᠤᠢ᠃ ᠡᠳᠡᠭᠡᠷ ᠴᠥᠮ ᠮᠠᠨ ᠤ᠋ ᠤᠯᠤᠰ ᠠᠴᠠ ᠭᠠᠷᠤᠭᠰᠠᠨ ᠥᠷᠥᠰᠢᠶᠡᠯ ᠦᠭᠡᠢ ᠵᠠᠰᠠᠭ ᠪᠤᠰᠤ᠂ ᠭᠦᠩᠵᠦ ᠰᠠᠢᠬᠠᠨ ᠰᠠᠨᠠᠵᠤ ᠦᠵᠡᠮᠦ᠃ ᠬᠠᠭᠠᠨ ᠡᠵᠡᠨ ᠲᠡᠷᠢᠭᠦᠯᠡᠨ ᠬᠠᠮᠤᠭ ᠤᠯᠤᠰ ᠤ᠋ᠨ ᠬᠣᠲᠠᠯᠠᠭᠠᠷ᠂ ᠪᠣᠭᠳᠠ ᠬᠥᠮᠦᠨ ᠦ᠌ ᠵᠠᠰᠠᠭ ᠢ᠋ ᠶᠠᠪᠤᠭᠤᠯᠬᠤ ᠠᠨᠤ ᠣᠨᠴᠠ ᠥᠪᠡᠷᠦᠨ ᠤᠯᠤᠰ ᠤ᠋ᠨ ᠵᠢᠷᠤᠮ ᠶᠣᠰᠣᠲᠤ ᠨᠡᠷ᠎ᠡ ᠶ᠋ᠢ ᠰᠠᠬᠢᠬᠤᠢ ᠶ᠋ᠢᠨ ᠲᠤᠯᠠ ᠪᠣᠢ ‍ᠶ᠎ᠠ᠃ ᠡᠷᠬᠡᠪᠰᠢ᠂ ᠨᠢᠭᠡᠬᠡᠨ ᠬᠥᠮᠦᠨ ᠦ᠌ ᠪᠡᠶ᠎ᠡ ᠳ᠋ᠦ᠍ᠷ ᠦᠭᠡᠢ ᠪᠣᠯᠠᠢ᠃ ᠭᠦᠩᠵᠦ᠂ ᠮᠢᠨᠦ ᠮᠢᠩᠭᠠᠨ ᠭᠠᠵᠠᠷ ᠤ᠋ᠨ ᠬᠣᠯᠠ ᠠ᠋ᠴᠠ ᠢᠷᠡᠭᠰᠡᠨ ᠢ᠋ ᠰᠠᠨᠠᠵᠤ ᠮᠢᠨᠦ ᠭᠠᠪᠢᠶ᠎ᠠ ᠶ᠋ᠢ ᠪᠦᠷᠢᠨ ᠪᠣᠯᠭᠠᠯᠭᠠᠪᠠᠰᠤ ᠵᠣᠬᠢᠮᠤᠢ᠃ ᠠᠯᠢ ᠪᠣᠯᠬᠤ ᠪᠠᠷ ᠨᠢᠭᠡᠨ ᠰᠢᠢᠳᠬᠡᠯ ᠢᠯᠡᠭᠡᠮᠦ 》ᠭᠡᠮᠡᠨ ᠳᠠᠬᠢᠨ ᠭᠣᠶᠣᠯᠭᠠᠨ ᠢᠯᠡᠭᠡᠪᠡᠰᠦ᠂ ᠶ᠋ᠢᠨ ᠭᠦᠩᠵᠦ ᠶ᠋ᠢᠨ ᠲᠣᠭᠲᠠᠭᠠᠨ ᠢᠯᠡᠭᠡᠭᠰᠡᠨ ᠢᠨᠦ᠄ 
      《 ᠲᠡᠢᠮᠦ ᠪᠥᠭᠡᠰᠦ ᠡᠷᠲᠡᠨ ᠦ᠌ ᠸᠠᠩ ᠤ᠋ᠨ ᠬᠠᠤᠯᠢ ᠪᠠᠷ ᠡᠷᠳᠡᠮ ᠦᠭᠡᠢ ᠶ᠋ᠢ ᠪᠠᠭᠤᠷᠠᠭᠤᠯᠤᠨ᠂ ᠡᠷᠳᠡᠮᠲᠡᠢ ᠶ᠋ᠢ ᠡᠷᠭᠦᠨ ᠰᠠᠭᠤᠯᠭᠠᠬᠤ ᠶᠣᠰᠣᠨ ᠢ᠋ᠶ᠋ᠠᠷ ᠦᠷᠭᠦᠩᠭᠡ ᠶ᠋ᠢᠨ ᠬᠠᠭᠠᠨ ᠢ᠋ ᠪᠠᠢᠯᠭᠠᠵᠤ᠂ ᠲᠡᠭᠦᠨᠦ ᠣᠢᠷ᠎ᠠ ᠤᠭᠰᠠᠭ᠎ᠠ ᠶ᠋ᠢᠨ ᠠᠬ᠎ᠠ ᠳᠡᠭᠦᠦ᠂ ᠠᠴᠢ ᠠᠪᠠᠭ᠎ᠠ ᠶ᠋ᠢᠨ ᠳᠣᠲᠣᠷ᠎ᠠ ᠡᠴᠡ ᠠᠯᠢ ᠡᠷᠳᠡᠮᠲᠡᠢ ᠰᠠᠢᠨ ᠢ᠋ ᠠᠨᠤ ᠰᠣᠩᠭᠣᠵᠤ᠂ ᠡᠵᠡᠨ ᠪᠠᠢᠭᠤᠯᠤᠭᠠᠳ᠂ ᠦᠷᠭᠦᠩᠭᠡ ᠶ᠋ᠢ ᠪᠠᠷᠢᠵᠤ ᠮᠣᠩᠭᠣᠯ ᠤ᠋ᠨ ᠲᠥᠷᠥ ᠳ᠋ᠦ᠍ᠷ ᠬᠣᠷᠢᠭᠲᠤᠨ᠃ ᠡᠢᠮᠦ ᠪᠣᠯᠪᠠᠰᠤ ᠲᠡᠭᠦᠨᠦ ᠮᠥᠴᠡ ᠡᠷᠬᠡᠲᠡᠨ ᠢ᠋ ᠪᠦᠷᠢᠨ᠎ᠡ ᠪᠡᠷ ᠦᠯᠡᠳᠡᠭᠡᠰᠦᠭᠡᠢ 》 ᠬᠡᠮᠡᠬᠦᠢ ᠳ᠋ᠦ᠍ᠷ ᠦᠷᠭᠦᠩᠭᠡ ᠶ᠋ᠢᠨ ᠰᠡᠳᠬᠢᠯ ᠵᠢᠷᠦᠬᠡ ᠨᠢᠭᠡᠨᠲᠡ ᠤᠨᠠᠨ ᠬᠡᠮᠬᠡᠷᠡᠭᠰᠡᠨ ᠲᠤᠯᠠ ᠳᠠᠷᠤᠢ ᠡᠭᠦᠨ ᠢ᠋ ᠬᠦᠯᠢᠶᠡᠰᠦᠭᠡᠢ ᠬᠡᠮᠡᠬᠦᠯ᠎ᠡ ᠂ ᠲᠠᠢᠽᠢ ᠢᠨᠢᠶᠡᠨ ᠥᠴᠢᠷᠦᠨ : 
      《ᠳᠡᠭᠡᠷ᠎ᠡ ᠬᠠᠭᠠᠨ ᠡᠴᠢᠭᠡ ᠠᠲᠠᠯ᠎ᠠ ᠪᠢ ᠵᠣᠷᠢᠭ ᠮᠡᠳᠡᠵᠦ ᠪᠣᠯᠤᠮᠤᠢ ᠤᠤ ? ᠴᠢᠮᠡᠲᠤᠷ ᠬᠡᠳᠦᠨ ᠥᠬᠢᠨ ᠬᠡᠳᠦᠨ ᠬᠥᠪᠡᠭᠦᠨ ᠪᠣᠢ? 》ᠦᠷᠭᠦᠩᠭᠡ ᠮᠡᠳᠡᠭᠦᠯᠦᠷᠦᠨ᠄ 
      《ᠬᠣᠶᠠᠷ ᠥᠬᠢᠨ᠂ ᠬᠣᠶᠠᠷ ᠬᠥᠪᠡᠭᠦᠨ ᠪᠣᠢ᠂ ᠶᠡᠬᠡ ᠥᠬᠢᠨ ᠠᠷᠪᠠᠨ ᠵᠢᠷᠭᠤᠭ᠎ᠠ᠂ ᠶᠣᠰᠣᠨ ᠤ᠋ ᠰᠠᠬᠢᠯ ᠢ᠋ ᠰᠠᠬᠢᠮᠤᠢ᠃ ᠪᠠᠭ᠎ᠠ ᠥᠬᠢᠨ ᠠᠷᠪᠠᠨ ᠲᠠᠪᠤ᠂ ᠶᠡᠬᠡ ᠬᠥᠪᠡᠭᠦᠨ ᠪᠠᠰᠠ ᠠᠷᠪᠠᠨ ᠵᠢᠷᠭᠤᠭ᠎ᠠ᠂ ᠥᠪᠡᠷ᠎ᠡ ᠡᠮ᠎ᠡ ᠡᠴᠡ ᠲᠥᠷᠥᠪᠡ᠃ ᠪᠠᠭ᠎ᠠ ᠬᠥᠪᠡᠭᠦᠨ ᠠᠷᠪᠠᠨ ᠳᠥᠷᠪᠡ᠂ ᠶᠡᠬᠡ ᠡᠮ᠎ᠡ ᠡᠴᠡ ᠲᠦᠷᠦᠵᠦᠬᠦᠢ᠃  》ᠲᠠᠢᠽᠢ ᠪᠡᠶᠡᠰᠦᠨ ᠵᠠᠬᠢᠷᠴᠤ᠄ 
      《ᠡᠢᠮᠦ ᠪᠣᠯᠪᠠᠰᠤ ᠭᠤᠷᠪᠠᠨ ᠳ᠋ᠤᠷ ᠪᠦᠷᠢᠳᠬᠦ ᠰᠠᠢᠨ ᠶᠠᠪᠤᠳᠠᠯ ᠪᠣᠢ ᠪᠣᠯᠪᠠ᠃ ᠴᠢ ᠡᠨᠡ ᠳᠥᠷᠪᠡᠨ ᠬᠥᠪᠡᠭᠦᠨ ᠥᠬᠢᠨ ᠢ᠋ᠶ᠋ᠡᠨ ᠨᠢᠭᠡᠨ ᠢ᠋ ᠶ᠋ᠢᠨ ᠭᠦᠩᠵᠦ ᠳ᠋ᠦ᠍ᠷ ᠥᠭᠴᠦ ᠳᠡᠨᠵᠢ ᠪᠣᠯᠭᠠᠪᠠᠰᠤ ᠳᠠᠷᠤᠢ ᠲᠠᠨ ᠤ᠋ ᠬᠡᠷᠡᠭ ᠤᠰᠠᠳᠴᠤ ᠪᠣᠯᠤᠮᠤᠢ᠃ ᠮᠠᠨ ᠤ᠋ ᠤᠯᠤᠰ ᠤ᠋ᠨ ᠬᠡᠷᠡᠭ ᠴᠦ᠍ ᠮᠥᠨ ᠡᠮ᠎ᠡ ᠦᠷ᠎ᠡ ᠪᠡᠨ ᠴᠥᠮ ᠠᠪᠴᠤ ᠡᠴᠢᠪᠡᠰᠦ ᠡᠴᠢᠭᠡ ᠬᠠᠭᠠᠨ ᠨᠡᠩ ᠶᠡᠬᠡᠯ᠎ᠡ ᠪᠡᠶᠡᠰᠦᠨ ᠡᠨᠡᠷᠢᠵᠦ ᠬᠥᠪᠡᠭᠦᠨ ᠢ᠋ ᠢᠨᠦ ᠦᠯᠡᠳᠡᠭᠡᠨ ᠠᠪᠤᠪᠠᠰᠤ ᠪᠡᠷᠢ ᠱᠠᠩᠨᠠᠵᠤ ᠬᠦᠩ ᠾᠧᠦ ᠡᠷᠭᠦᠮᠵᠢᠯᠡᠮᠦᠢ᠃ ᠥᠬᠢᠨ ᠢ᠋ ᠦᠯᠡᠳᠡᠭᠡᠨ ᠠᠪᠤᠪᠠᠰᠤ᠂ ᠸᠠᠩ ᠾᠧᠦ ᠶ᠋ᠢᠨ ᠬᠠᠲᠤᠨ ᠡᠷᠭᠦᠮᠵᠢᠯᠡᠨ᠂ ᠭᠦᠩᠵᠦ ᠪᠦᠸᠸᠵᠦ ᠡᠷᠭᠦᠮᠵᠢᠯᠡᠮᠦᠢ᠃ ᠵᠢᠨ ᠭᠦᠩᠵᠦ ᠴᠦ᠍ ᠮᠥᠨ ᠲᠡᠷᠡ ᠶᠣᠰᠣ ᠪᠣᠯᠠᠢ 》ᠭᠡᠮᠡᠨ ᠨᠠᠷᠢᠪᠴᠢᠯᠠᠨ ᠵᠠᠬᠢᠵᠤ ᠥᠭᠭᠦᠭᠰᠡᠨ ᠳ᠋ᠦ᠍ᠷ ᠦᠷᠭᠦᠩᠭᠡ ᠨᠠᠷᠢᠪᠴᠢᠯᠠᠨ ᠪᠣᠳᠣᠪᠠᠰᠤ ᠨᠢᠭᠡᠨᠲᠡ ᠳᠠᠢᠯᠠᠭᠳᠠᠨ ᠠᠪᠲᠠᠭᠰᠠᠨ ᠤᠯᠤᠰ ᠬᠣᠲᠠ᠂ ᠡᠨᠡ ᠮᠡᠲᠦ ᠪᠡᠷ ᠡᠩᠬᠡᠵᠢᠨ ᠲᠦᠪᠰᠢᠷᠡᠪᠡᠰᠦ᠂ ᠪᠠᠰᠠᠴᠤ ᠲᠦᠮᠡᠨ ᠬᠡᠰᠢᠭ ᠲᠤᠯᠠ᠂ ᠳᠠᠷᠤᠢ ᠶ᠋ᠢᠨ ᠭᠦᠩᠵᠦ ᠶ᠋ᠢ ᠤᠯᠤᠰ ᠬᠣᠲᠠ ᠳ᠋ᠠᠭᠠᠨ ᠵᠠᠯᠠᠵᠤ ᠪᠤᠷᠤᠭᠤ ᠲᠣᠯᠣᠭᠠᠢ ᠬᠦᠯᠢᠶᠡᠨ᠂ ᠬᠥᠪᠡᠭᠦᠨ ᠥᠬᠢᠨ ᠢ᠋ᠶ᠋ᠡᠨ ᠦᠵᠡᠭᠦᠯᠵᠦ ᠴᠢᠳᠠᠪᠠᠰᠤ ᠤᠷᠤᠭ ᠤᠳᠤᠮ ᠪᠠᠷᠢᠯᠳᠤᠨ ᠨᠠᠢᠷ ᠵᠢᠷᠤᠮ ᠢ᠋ᠶ᠋ᠠᠷ ᠬᠠᠨᠢᠯᠠᠰᠤᠭᠠᠢ ᠭᠡᠮᠡᠨ ᠲᠠᠢᠽᠢ ᠳ᠋ᠤᠷ ᠳᠠᠬᠢᠨ ᠳᠠᠪᠲᠠᠨ ᠮᠥᠷᠭᠥᠨ ᠭᠤᠶᠤᠵᠤ᠂ ᠲᠠᠢᠽᠢ ᠪᠠᠰᠠ ᠳᠠᠬᠢᠨ ᠳᠠᠪᠲᠠᠨ ᠬᠥᠮᠦᠨ ᠢᠯᠡᠬᠡᠨ᠂ ᠲᠠᠩᠭᠤᠳ ᠤᠯᠤᠰ ᠤ᠋ᠨ ᠲᠡᠷᠢᠭᠦᠯᠡᠭᠰᠡᠨ ᠲᠦᠰᠢᠮᠡᠯ᠂ ᠲᠠᠢᠭᠠᠨ ᠠᠨᠳᠠ᠂ ᠶᠡᠬᠡ ᠵᠠᠩᠵᠤᠨ ᠲᠠᠢᠹᠦ᠋ ᠨᠣᠶᠠᠳ ᠪᠦᠭᠦᠳᠡᠭᠡᠷ ᠣᠷᠣᠵᠤ᠂ ᠪᠠᠰᠠ ᠳᠠᠬᠢᠨ ᠳᠠᠪᠲᠠᠨ ᠵᠠᠭᠤᠨ ᠵᠦᠢᠯ ᠢ᠋ᠶ᠋ᠡᠷ ᠭᠣᠶᠣᠯᠴᠠᠨ ᠪᠠᠢᠵᠤ᠂ ᠰᠠᠶᠢ ᠭᠦᠩᠵᠦ ᠮᠥᠨ ᠲᠡᠳᠡᠨ ᠦ᠌ ᠤᠯᠤᠰ ᠤ᠋ᠨ ᠬᠣᠲᠠ ᠪᠠᠯᠭᠠᠳ ᠲᠤᠷ ᠬᠦᠷᠴᠦ ᠨᠠᠢᠷᠠᠯᠳᠤᠨ ᠡᠪᠰᠡᠬᠦ ᠶ᠋ᠢ ᠬᠦᠯᠢᠶᠡᠨ ᠠᠪᠴᠤ᠂ ᠬᠣᠶᠠᠷ ᠵᠠᠩᠵᠤᠨ ᠢ᠋ ᠲᠠᠯᠪᠢᠨ ᠡᠭᠡᠭᠦᠯᠵᠦ᠂ ᠬᠠᠲᠤᠨ ᠡᠵᠡᠨ ᠦ᠌ ᠰᠦᠷ ᠢ᠋ᠶ᠋ᠡᠨ ᠦᠵᠡᠭᠦᠯᠦᠨ ᠬᠡᠰᠢᠭ ᠢ᠋ᠶ᠋ᠡᠨ ᠵᠠᠷᠯᠠᠵᠤ᠂ ᠪᠠᠰᠠ ᠲᠠᠢᠽᠢ ᠴᠢᠨ ᠸᠠᠩ ᠳ᠋ᠤᠷ ᠬᠦᠴᠦᠨ ᠨᠡᠮᠡᠵᠦ ᠤᠢᠭᠤᠷ ᠢ᠋ ᠬᠢᠯᠪᠠᠷᠬᠠᠨ ᠰᠦᠷᠳᠡᠭᠦᠯᠦᠨ ᠠᠶᠤᠯᠭᠠᠵᠤ ᠪᠡᠶᠡᠰᠦᠨ ᠪᠢᠰᠢᠷᠡᠭᠦᠯᠪᠡᠢ᠃ 
       ᠲᠡᠳᠦᠢ ᠦᠷᠭᠦᠩᠭᠡ ᠬᠠᠭᠠᠨ ᠶᠠᠯᠠᠲᠤ ᠬᠤᠪᠴᠠᠳ ᠡᠮᠦᠰᠴᠦ᠂ ᠬᠣᠨᠢ ᠬᠥᠲᠥᠯᠦᠨ ᠡᠴᠢᠵᠦ ᠶᠠᠯ᠎ᠠ ᠬᠦᠯᠢᠶᠡᠨ ᠮᠥᠷᠭᠥᠨ ᠵᠠᠯᠠᠵᠤ᠂ ᠭᠤᠷᠪᠠᠨ ᠶᠡᠬᠡ ᠬᠦᠷᠢᠶ᠎ᠡ ᠴᠡᠷᠢᠭ ᠦ᠋ᠳ ᠴᠤᠭᠭᠠᠷ ᠬᠥᠳᠡᠯᠦᠨ ᠮᠣᠷᠳᠠᠵᠤ᠂ ᠤᠢᠭᠤᠷ ᠤᠯᠤᠰ ᠤ᠋ᠨ ᠬᠣᠲᠠ ᠳ᠋ᠤᠷ ᠬᠦᠷᠴᠦ ᠬᠤᠷᠢᠮ ᠬᠤᠷᠢᠮᠯᠠᠨ ᠲᠠᠢᠽᠢ ᠬᠢᠭᠡᠳ ᠭᠦᠩᠵᠦ ᠦᠷᠭᠦᠩᠭᠡ ᠶ᠋ᠢᠨ ᠥᠬᠢᠳ ᠬᠡᠦᠬᠡᠳ ᠢ ᠦᠵᠡᠪᠡᠰᠦ ᠦᠨᠡᠬᠡᠷ ᠴᠥᠮ ᠬᠥᠮᠦᠨ ᠪᠦᠷᠢ ᠪᠠᠬᠠᠷᠬᠠᠮᠠᠷ᠂ ᠣ ᠪᠠᠷ ᠪᠦᠲᠦᠭᠡᠨ᠂ ᠬᠠᠰ ᠢ᠋ᠶ᠋ᠠᠷ ᠵᠦᠯᠭᠦᠭᠰᠡᠨ ᠮᠡᠲᠦ ᠲᠦᠷᠦᠵᠦᠬᠦᠢ᠃ ᠦᠷᠭᠦᠩᠭᠡ ᠶ᠋ᠢᠨ ᠶᠡᠬᠡ ᠡᠮ᠎ᠡ ᠳᠠᠩ ᠯᠢ ᠱᠢ ᠬᠠᠲᠤᠨ ᠶᠡᠬᠡᠯ᠎ᠡ ᠮᠡᠷᠭᠡᠨ ᠤᠬᠠᠭᠠᠨᠲᠠᠢ᠂ ᠨᠣᠮ ᠪᠢᠴᠢᠭ ᠲᠣᠷ ᠮᠠᠰᠢᠳᠠ ᠨᠡᠪᠲᠡᠷᠡᠵᠦᠬᠦᠢ᠂ ᠶᠡᠬᠡ ᠥᠬᠢᠨ ᠦ᠌ ᠨᠡᠷ᠎ᠡ ᠸᠧᠢ ᠵᠢᠩ᠂ ᠪᠠᠭ᠎ᠠ ᠥᠬᠢᠨ ᠦ᠌ ᠨᠡᠷ᠎ᠡ ᠸᠧᠢ ᠰᠢᠩ᠃ ᠠᠬᠠᠮᠠᠳ ᠬᠥᠪᠡᠭᠦᠨ ᠬᠠᠰ ᠪᠠᠭᠠᠲᠤᠷ᠂ ᠳᠡᠳ᠋ ᠬᠥᠪᠡᠭᠦᠨ ᠦ᠌ ᠨᠡᠷ᠎ᠡ ᠳᠡᠰ ᠪᠠᠭᠠᠲᠤᠷ᠃ ᠦᠷᠭᠦᠩᠭᠡ ᠶ᠋ᠢᠨ ᠰᠢᠩᠰᠠ ᠳᠠᠯᠠᠢ ᠶ᠋ᠢᠨ ᠳᠠᠪᠤᠰᠤᠨ ᠤ᠋ ᠠᠰᠢᠭ ᠢ᠋ ᠲᠡᠮᠡᠴᠡᠯᠳᠦᠨ ᠲᠡᠢᠨ ᠳᠡᠭᠳᠡᠬᠦᠢ ᠳ᠋ᠦ᠍ᠷ ᠬᠠᠲᠤᠨ ᠠᠨᠤ᠄《ᠡᠲᠡᠭᠡᠳ ᠢ᠋ᠶ᠋ᠡᠷ ᠶᠠᠪᠤᠭᠴᠢᠳ ᠲᠤᠷ ᠡᠷᠬᠡᠪᠰᠢ ᠡᠲᠡᠭᠡᠳ ᠵᠣᠪᠠᠯᠠᠩ ᠲᠤᠰᠤᠮᠤᠢ᠂ ᠡᠳ᠋ ᠠᠰᠢᠭ ᠤ᠋ᠨ ᠬᠣᠢᠨ᠎ᠠ ᠡᠷᠬᠡᠪᠰᠢ ᠡᠲᠡᠭᠡᠳ ᠭᠠᠮᠰᠢᠭ ᠲᠠᠭᠠᠯᠴᠠᠮᠤᠢ᠂ ᠡᠩᠬᠡ ᠡᠰᠡᠨ ᠰᠠᠭᠤᠬᠤᠢ ᠳ᠋ᠤᠷ ᠦᠯᠦ ᠭᠦᠷᠦᠮᠦᠢ 》ᠭᠡᠮᠡᠨ ᠬᠡᠳᠦᠨ ᠵᠡᠷᠭᠡ ᠬᠣᠷᠢᠭᠯᠠᠪᠠᠰᠤ ᠦᠷᠭᠦᠩᠭᠡ᠄ 《ᠡᠮ᠎ᠡ ᠬᠥᠮᠦᠨ ᠴᠡᠷᠢᠭᠯᠡᠬᠦᠢ ᠶ᠋ᠢᠨ ᠤᠴᠢᠷ ᠢ᠋ ᠦᠯᠦ ᠮᠡᠳᠡᠮᠦᠢ 》 ᠭᠡᠮᠡᠨ ᠳᠦᠢᠪᠡᠭᠡᠭᠰᠡᠭᠡᠷ ᠡᠳᠦᠭᠡ ᠪᠡᠶ᠎ᠡ ᠪᠠᠷᠢᠭᠳᠠᠨ ᠤᠯᠤᠰ ᠠᠪᠲᠠᠵᠤ᠂ ᠡᠮ᠎ᠡ ᠦᠷ᠎ᠡ ᠪᠡᠷ ᠳᠠᠨᠵᠢᠯᠭ᠎ᠠ ᠳᠠᠷᠤᠬᠤᠢ ᠳ᠋ᠤᠷ ᠬᠦᠷᠦᠭᠰᠡᠨ ᠳ᠋ᠦ᠍ᠷ ᠳᠠᠩ ᠯᠢ ᠱᠢ ᠬᠠᠲᠤᠨ ᠤᠷᠲᠤ ᠰᠡᠭᠦᠷᠡᠰᠦᠨ ᠠᠯᠳᠠᠵᠤ ᠥᠭᠦᠯᠡᠷᠦᠨ᠄
      《ᠡᠷᠯᠢᠭ ᠢ᠋ᠶ᠋ᠡᠨ ᠡᠷᠢᠭᠰᠡᠨ᠎ᠡ᠂ ᠡᠨᠡ ᠮᠡᠲᠦ ᠪᠡᠷ ᠵᠣᠭᠰᠣᠭᠰᠠᠨ ᠠᠨᠤ ᠡᠨᠡ ᠪᠠᠰᠠᠴᠤ ᠡᠷᠲᠡᠨ ᠦ᠌ ᠡᠪᠦᠭᠡᠳ ᠦ᠋ᠨ ᠡᠷᠳᠡᠮ ᠪᠤᠶᠠᠨ ᠳ᠋ᠤᠷ ᠪᠣᠯᠠᠢ᠃ ᠮᠤᠩᠳᠠᠴᠢ ᠪᠣᠭᠳᠠ ᠬᠥᠮᠦᠨ ᠦ᠌ ᠡᠷᠬᠡ ᠪᠠᠷᠢᠭᠰᠠᠨ ᠴᠠᠭ ᠲᠤᠷ ᠠᠨᠤ ᠲᠣᠬᠢᠶᠠᠯᠳᠤᠵᠤᠬᠤᠢ᠃ ᠨᠢᠭᠡᠨ ᠪᠣᠭᠳᠠ ᠬᠠᠭᠠᠨ ᠰᠠᠭᠤᠪᠠᠰᠤ᠂ ᠲᠦᠮᠡᠨ ᠪᠠᠷ᠎ᠠ ᠳ᠋ᠤᠷ ᠥᠷᠥᠰᠢᠶᠡᠯ ᠳᠡᠯᠭᠡᠷᠡᠮᠦᠢ ᠭᠡᠮᠡᠨ ᠵᠢᠨ ᠭᠦᠩᠵᠦ᠂ ᠲᠡᠭᠦᠨᠦ ᠶᠣᠰᠣ ᠰᠠᠬᠢᠬᠤ ᠶᠡᠬᠡ ᠥᠬᠢᠨ ᠢ᠋ ᠱᠠᠪᠢ ᠠᠪᠴᠤ᠂ ᠪᠠᠭ᠎ᠠ ᠥᠬᠢᠨ ᠢ᠋ ᠳᠡᠭᠦᠦ ᠳ᠋ᠡᠭᠡᠨ ᠬᠠᠲᠤᠨ ᠪᠣᠯᠭᠠᠨ ᠭᠤᠶᠤᠨ ᠲᠣᠭᠲᠠᠪᠠ᠃ ᠱᠠᠪᠢ ᠪᠣᠯᠭᠠᠭᠰᠠᠨ ᠸᠧᠢ ᠵᠢᠩ ᠢ᠋ ᠳᠣᠣᠷ᠎ᠠ ᠪᠠᠨ ᠲᠤᠰᠢᠶᠠᠨ ᠥᠭᠴᠦ ᠂ ᠪᠡᠷᠢ ᠪᠣᠯᠬᠤ ᠸᠧᠢ ᠰᠢᠩ ᠢ᠋ ᠳᠡᠷᠭᠡᠳᠡ ᠪᠡᠨ ᠦᠯᠡᠳᠡᠭᠡᠨ᠂ ᠬᠣᠶᠠᠷ ᠬᠥᠪᠡᠭᠦᠨ ᠢ᠋ᠶ᠋ᠡᠨ ᠠᠪᠴᠤ᠂ ᠶᠡᠬᠡ ᠪᠠᠭᠤᠳᠠᠯ ᠢ᠋ᠶ᠋ᠠᠷ ᠤᠷᠢᠳᠠ ᠮᠣᠷᠳᠠᠨ ᠭᠠᠷᠬᠤᠶ᠎ᠠ ᠤᠯᠤᠰ ᠤ᠋ᠨ ᠬᠣᠲᠠᠯᠠᠭᠠᠷ ᠲᠦᠰᠢᠮᠡᠯ ᠲᠦᠰᠢᠶ᠎ᠡ ᠴᠡᠷᠢᠭ ᠢᠷᠭᠡᠨ ᠢ᠋ᠶ᠋ᠡᠨ ᠰᠤᠷᠭᠠᠨ ᠥᠭᠦᠯᠡᠷᠦᠨ:
      《ᠤᠯᠤᠰ ᠤ᠋ᠨ ᠬᠥᠮᠦᠨ ᠡᠵᠡᠨ ᠢ᠋ᠶ᠋ᠡᠨ ᠬᠠᠷᠠᠮᠤᠢ ᠬᠡᠮᠡᠭᠴᠢ ᠡᠵᠡᠨ ᠦ᠌ ᠪᠡᠨ ᠭᠡᠷᠡᠯ ᠳ᠋ᠦ᠍ᠷ ᠡᠭᠦᠷᠢᠳᠡ ᠵᠢᠷᠭᠠᠬᠤᠢ ᠶ᠋ᠢᠨ ᠤᠴᠢᠷ᠂ ᠡᠳᠦᠭᠡ ᠡᠵᠡᠨ ᠴᠢᠨᠦ ᠡᠳᠦᠭᠦᠯᠦᠭᠰᠡᠨ ᠡᠮᠭᠡᠭ ᠵᠣᠪᠠᠯᠠᠩ ᠳ᠋ᠤᠷ ᠡᠷᠳᠡᠮᠲᠦ ᠴᠢᠩᠭᠢᠰ ᠦ᠋ᠨ ᠴᠢᠬᠡᠴᠢ ᠶᠣᠰᠣᠲᠠᠨ ᠳ᠋ᠤᠷ ᠠᠭᠤᠯᠵᠠᠭᠰᠠᠨ ᠢ᠋ᠶ᠋ᠠᠷ ᠡᠯ᠎ᠡ ᠤᠯᠤᠰ ᠮᠢᠨᠦ ᠡᠰᠡᠨ ᠮᠡᠨᠳᠦ ᠪᠡᠷ ᠭᠠᠷᠤᠭᠰᠠᠨ ᠤ᠋ ᠲᠤᠯᠠᠳᠠ᠂ ᠡᠩᠭᠡᠷᠡᠭᠦᠯᠦᠭᠰᠡᠨ ᠦᠷ᠎ᠡ ᠪᠡᠨ ᠠᠪᠠᠴᠢᠵᠤ ᠡᠭᠦᠷᠢᠳᠡ ᠶ᠋ᠢᠨ ᠡᠩᠬᠡᠵᠢᠯ ᠢ᠋ ᠢᠨᠣ ᠡᠷᠢᠰᠦᠭᠡᠢ᠃ ᠡᠭᠥᠨᠴᠡ ᠬᠣᠵᠢᠮ ᠡᠲᠡᠭᠡᠳ ᠡᠰᠡᠷᠭᠦᠴᠡᠯ ᠢ᠋ ᠪᠢᠲᠡᠭᠡᠢ ᠡᠷᠢᠭᠲᠦᠨ 》ᠭᠡᠮᠡᠨ ᠰᠤᠷᠭᠠᠭᠠᠳ᠂ ᠮᠣᠩᠭᠣᠯ ᠤᠯᠤᠰ ᠤ᠋ᠨ ᠵᠦᠭ ᠮᠣᠷᠳᠠᠨ ᠬᠥᠳᠡᠯᠪᠡ᠃ ᠲᠠᠢᠽᠢ ᠴᠠᠭᠠᠲᠠᠢ ᠥᠪᠡᠷᠦᠨ ᠪᠡᠶ᠎ᠡ ᠴᠡᠷᠢᠭ ᠡᠬᠡ ᠬᠡᠮᠡᠬᠦ ᠵᠠᠷᠯᠢᠭ ᠢ᠋ ᠬᠦᠯᠢᠶᠡᠨ ᠤᠢᠭᠤᠷ ᠬᠣᠲᠠ ᠳ᠋ᠤᠷ ᠪᠠᠭᠤᠳᠠᠯᠯᠠᠨ ᠰᠠᠭᠤᠵᠤ᠂ ᠳᠠᠷᠠᠭ᠎ᠠ ᠪᠠᠷ ᠠᠯᠤᠬ᠎ᠠ᠂ ᠰᠦᠬᠡ ᠠᠬ᠎ᠠ ᠳᠡᠭᠦᠦ ᠬᠣᠶᠠᠭᠤᠯᠠ ᠳ᠋ᠤᠷ ᠭᠠᠯ ᠭᠠᠷᠤᠵᠠ᠂ ᠪᠣᠷᠣ ᠪᠦᠷᠭᠦᠳ᠂ ᠸᠴᠢᠷ ᠭᠠᠳᠠᠰᠤ᠂ ᠠᠯᠮᠠᠰ ᠭᠠᠳᠠᠰᠤ ᠳᠥᠷᠪᠡᠭᠦᠯᠡ ᠶ᠋ᠢ ᠬᠠᠪᠰᠤᠷᠭᠠᠨ ᠥᠭᠴᠦ᠂ ᠳᠥᠷᠪᠡᠨ ᠮᠢᠩᠭᠠᠨ ᠴᠡᠷᠢᠭ ᠢ᠋ᠶ᠋ᠡᠷ ᠦᠷᠭᠦᠩᠭᠡ ᠬᠠᠭᠠᠨ ᠤ᠋ ᠨᠠᠢ᠍ᠮᠠᠨ ᠵᠠᠭᠤᠨ ᠢᠯᠡᠭᠦᠦ ᠬᠥᠮᠦᠨ ᠠᠮᠠ ᠶ᠋ᠢ ᠬᠥᠷᠭᠡᠭᠦᠯᠦᠨ ᠢᠯᠡᠭᠡᠪᠡ᠃ ᠲᠠᠩᠭᠤᠳ ᠤᠯᠤᠰ ᠤ᠋ᠨ ᠵᠢᠨ ᠭᠦᠩᠵᠦ᠂ ᠨᠢᠭᠡᠨ ᠰᠠᠢᠨ ᠱᠠᠪᠢ᠂ ᠨᠢᠭᠡᠨ ᠰᠠᠢᠨ ᠳᠡᠭᠦᠦ ᠪᠡᠷᠢ ᠣᠯᠪᠠ ᠭᠡᠮᠡᠨ ᠪᠠᠶᠠᠷᠯᠠᠨ᠂ ᠰᠢᠩᠰᠠ ᠳᠠᠯᠠᠢ ᠶ᠋ᠢᠨ ᠤᠷᠢᠳᠠ ᠶ᠋ᠢᠨ ᠠᠰᠢᠭ ᠢ᠋ᠶ᠋ᠠᠨ ᠨᠡᠬᠡᠵᠦ ᠠᠪᠬᠤ ᠪᠠᠨ ᠬᠡᠯᠲᠦᠷᠢᠭᠦᠯᠦᠨ ᠰᠠᠢᠬᠠᠨ ᠥᠬᠢᠨ ᠱᠠᠪᠢ ᠪᠠᠨ ᠭᠤᠴᠢᠨ ᠢᠨᠵᠢ᠂ ᠬᠣᠶᠠᠷ ᠵᠠᠭᠤᠨ ᠴᠡᠷᠢᠭ ᠲᠡᠢ ᠳᠠᠭᠠᠭᠤᠯᠤᠨ ᠰᠢᠩᠰᠠ ᠳᠠᠯᠠᠢ ᠶ᠋ᠢᠨ ᠰᠤᠳᠠᠯ ᠵᠠᠯᠭᠠᠯᠳᠤᠬᠤ ᠪᠠᠷᠠᠭᠤᠨ ᠵᠠᠢᠷ ᠬᠥᠷ ᠤᠰᠤᠨ ᠤ᠋ ᠪᠠᠭ᠎ᠠ ᠪᠠᠭ᠎ᠠ ᠳᠡᠭᠡᠷᠡᠮᠴᠢ ᠨᠠᠷ ᠢ᠋ ᠠᠷᠢᠯᠭᠠᠷ᠎ᠠ ᠮᠣᠷᠳᠠᠬᠤᠢ ᠳ᠋ᠤᠷ ᠪᠠᠰᠠ ᠲᠢᠶᠠᠨ ᠱᠠᠨ – ᠲᠡᠭᠷᠢ ᠠᠭᠤᠯᠠᠨ᠎ᠠ ᠣᠷᠣᠵᠤ᠂ ᠪᠠᠭᠰᠢ ᠴᠢᠦ ᠰᠢᠶᠠᠨ ᠬᠦ ᠳ᠋ᠦ᠍ᠷ ᠵᠣᠯᠭᠠᠨ᠂ ᠪᠠᠰᠠ ᠡᠨᠡ ᠰᠢᠨ᠎ᠡ ᠱᠠᠪᠢ ᠥᠬᠢᠨ ᠳᠡᠭᠦᠦ ᠶ᠋ᠢ ᠰᠢᠶᠠᠨ ᠬᠦ ᠳ᠋ᠦ᠍ᠷ ᠵᠣᠯᠭᠠᠭᠤᠯᠤᠨ ᠡᠭᠦᠳᠡ ᠵᠠᠮ ᠢ᠋ ᠡᠰᠢᠯᠡᠨ ᠠᠰᠠᠭᠤᠷ᠎ᠠ ᠮᠣᠷᠳᠠᠨ ᠬᠥᠳᠡᠯᠪᠡᠢ᠃ 
      ᠲᠡᠳᠦᠢ ᠦᠷᠭᠦᠩᠭᠡ ᠬᠠᠭᠠᠨ ᠬᠠᠭᠠᠰ ᠰᠠᠷ᠎ᠠ ᠶ᠋ᠢᠨ ᠵᠠᠮ ᠶᠠᠪᠤᠵᠤ᠂ ᠵᠠᠮ ᠤ᠋ᠨ ᠭᠣᠳᠣᠰ ᠲᠤᠷ ᠰᠢᠨᠡᠯᠡᠵᠦ᠂ ᠬᠡᠳᠦᠨ ᠡᠳᠦᠷ ᠰᠡᠭᠬᠢᠨ ᠳᠠᠬᠢᠨ ᠮᠣᠷᠳᠠᠵᠤ᠂ ᠬᠠᠷᠠᠬᠠᠨ ᠬᠠᠪᠤᠷ ᠤ᠋ᠨ ᠳᠤᠯᠠᠭᠠᠨ ᠠᠮᠢᠰᠬᠤᠯ ᠳ᠋ᠤᠷ ᠪᠠᠬᠠᠷᠬᠠᠨ ᠶᠠᠪᠤᠵᠤ ᠬᠠᠮᠢ ᠤᠯᠤᠰ ᠤ᠋ᠨ ᠵᠠᠬ᠎ᠠ ᠣᠷᠣᠮᠠᠭᠴᠠ᠂ ᠬᠠᠮᠢ ᠶ᠋ᠢᠨ ᠡᠵᠡᠨ ᠳᠠᠩ ᠴᠢᠩ ᠯᠦ᠍ᠭᠡ ᠲᠠᠭᠠᠷᠠᠯᠳᠤᠨ ᠬᠡᠷᠡᠭᠦᠯ ᠪᠣᠯᠤᠨ᠂ ᠵᠢᠳᠠ ᠢᠯᠳᠦᠨ ᠬᠥᠳᠡᠯᠭᠡᠯᠴᠡᠨ ᠲᠡᠢᠨ ᠳᠡᠭᠳᠡᠭᠡᠭᠡᠳ ᠵᠡᠪᠡ᠂ ᠵᠠᠯᠮ᠎ᠠ ᠲᠠᠨ ᠤ᠋ ᠵᠠᠮ ᠤ᠋ᠨ ᠣᠯᠵᠠ ᠪᠣᠯᠤᠨ ᠪᠠᠷᠢᠭᠳᠠᠭᠠᠳ᠂ ᠬᠠᠷᠢᠨ ᠲᠣᠬᠢᠶᠠᠯ ᠤᠴᠠᠷᠠᠯ ᠪᠣᠯᠤᠯᠴᠠᠨ᠂ ᠲᠠᠩᠭᠠᠷᠢᠭ ᠨᠡᠢᠯᠡᠯᠴᠡᠨ᠂ ᠵᠠᠯᠮ᠎ᠠ ᠲᠠᠢᠽᠢ ᠶ᠋ᠢᠨ ᠴᠡᠷᠢᠭ ᠦ᠋ᠨ ᠪᠠᠷᠠᠭᠤᠨ ᠤ᠋ ᠲᠡᠢᠨ ᠪᠠᠶᠠᠷ ᠳᠠᠪᠬᠤᠴᠠᠭᠰᠠᠨ᠎ᠠ᠂ ᠵᠠᠯᠮ᠎ᠠ ᠵᠠᠰᠠᠭ ᠤ᠋ᠨ ᠦᠢᠯᠡ ᠶ᠋ᠢ ᠦᠵᠦᠭᠦᠷ ᠭᠠᠷᠭᠠᠰᠤᠭᠠᠢ ᠭᠡᠮᠡᠨ ᠴᠡᠷᠢᠭ ᠲᠡᠭᠰᠢᠯᠡᠨ ᠠᠴᠢᠶ᠎ᠠ ᠬᠤᠪᠢᠶᠠᠯᠠᠨ ᠡᠷᠢᠨ ᠳᠠᠭᠠᠬᠤ ᠤᠢᠭᠤᠷ ᠤ᠋ᠨ ᠡᠵᠡᠨ ᠦᠷᠭᠦᠩᠭᠡ᠂ ᠡᠷᠬᠡᠪᠰᠢ ᠪᠠᠷᠠᠭᠠᠯᠠᠬᠤ ᠬᠠᠮᠢ ᠶ᠋ᠢᠨ ᠡᠵᠡᠨ ᠳᠠᠩ ᠴᠢᠩ ᠬᠣᠶᠠᠷ ᠤᠯᠤᠰ ᠤ᠋ᠨ ᠶᠡᠬᠡ ᠪᠠᠭᠤᠳᠠᠯ ᠢ᠋ ᠶᠡᠬᠡ ᠵᠡᠪᠡ ᠨᠣᠶᠠᠨ ᠳ᠋ᠤᠷ ᠲᠤᠰᠢᠶᠠᠨ᠂ ᠵᠡᠪᠡ ᠶ᠋ᠢᠨ ᠨᠢᠭᠡᠨ ᠰᠢᠲᠠᠮ ᠢ᠋ᠶ᠋ᠠᠷ ᠬᠣᠶᠠᠷ ᠬᠠᠭᠠᠨ ᠢ᠋ ᠬᠠᠮᠲᠤ ᠳᠡᠯᠡᠳᠴᠦ ᠪᠠᠷᠢᠭᠰᠠᠨ ᠭᠠᠪᠢᠶ᠎ᠠ ᠶ᠋ᠢ ᠢᠯᠡᠷᠬᠡᠢᠯᠡᠨ ᠠᠢᠯᠠᠳᠬᠠᠬᠤ ᠪᠣᠳᠣᠷᠣᠣᠯ ᠪᠢᠴᠢᠭ ᠪᠢᠴᠢᠭᠡᠳ ᠡᠭᠡᠭᠦᠯᠵᠦ ᠮᠣᠷᠳᠠᠭᠤᠯᠤᠨ ᠬᠣᠶᠠᠷ ᠰᠠᠷ᠎ᠠ ᠶ᠋ᠢᠨ ᠬᠠᠪᠤᠷ ᠤ᠋ᠨ ᠳᠤᠮᠳᠠᠳᠤ ᠰᠠᠷ᠎ᠠ ᠳ᠋ᠤᠷ ᠤᠯᠤᠰ ᠲᠤᠷ ᠬᠦᠷᠴᠦ ᠢᠷᠠᠪᠠᠰᠤ ᠤᠯᠤᠰ ᠲᠤᠷ ᠬᠠᠷᠠᠬᠠᠨ ᠵᠦᠭ ᠵᠦᠭ ᠲᠦ᠍ᠷ ᠢᠯᠡᠭᠡᠬᠦ ᠴᠡᠷᠢᠭ ᠦ᠋ᠳ ᠢ᠋ ᠪᠠᠢᠴᠠᠭᠠᠨ ᠲᠡᠭᠰᠢᠯᠡᠮᠦᠢ᠃ 
       ᠲᠡᠳᠦᠢ ᠵᠢᠨᠦᠩ ᠦ᠋ᠨ ᠭᠠᠵᠠᠷ᠎ᠠ ᠤᠷᠢᠳᠠ ᠮᠡᠳᠡᠭᠡ ᠪᠠᠷᠢᠭᠰᠠᠨ᠎ᠠ ᠮᠤᠬᠤᠯᠢ ᠶᠡᠬᠡᠳᠡ ᠪᠠᠶᠠᠷᠯᠠᠨ᠂《ᠬᠠᠭᠠᠨ ᠰᠠᠢᠲᠤ ᠶ᠋ᠢᠨ ᠲᠦᠰᠢᠮᠡᠯ ᠪᠠᠷᠳᠠᠩ᠂ ᠬᠠᠲᠤᠨ ᠰᠠᠢᠲᠤ ᠶ᠋ᠢᠨ ᠨᠣᠶᠠᠨ ᠪᠠᠭᠠᠲᠤᠷ 》ᠭᠡᠮᠡᠨ ᠭᠤᠷᠪᠠᠨ ᠤᠭᠲᠤᠯᠭ᠎ᠠ ᠪᠠᠷ ᠣᠭᠲᠣᠭᠤᠯᠤᠨ᠂ ᠲᠠᠪᠤᠨ ᠪᠦᠬᠦᠯᠢ ᠶ᠋ᠢᠨ ᠬᠤᠷᠢᠮ ᠢ᠋ᠶ᠋ᠠᠷ ᠬᠦᠨᠳᠦᠯᠡᠭᠦᠯᠦᠨ ᠡᠯ᠎ᠡ ᠤᠴᠢᠷ ᠶᠠᠪᠤᠳᠠᠯ ᠢ᠋ ᠵᠡᠪᠡ ᠨᠣᠶᠠᠨ ᠢ᠋ ᠠᠪᠤᠨ ᠲᠥᠷᠥ ᠳ᠋ᠦ᠍ᠷ ᠭᠠᠷᠴᠤ᠂ ᠵᠡᠷᠭᠡ ᠵᠡᠷᠭᠡ ᠪᠡᠷ ᠨᠠᠷᠢᠪᠴᠢᠯᠠᠨ ᠠᠢᠯᠠᠳᠬᠠᠵᠤ᠂ ᠵᠡᠷᠭᠡᠯᠡᠳᠡᠭᠡ ᠤᠢᠭᠤᠷ᠂ ᠬᠠᠮᠢ ᠬᠣᠶᠠᠷ ᠤᠯᠤᠰ ᠲᠠᠭᠠᠨ ᠵᠢᠯ ᠦ᠋ᠨ ᠠᠯᠪᠠ ᠲᠠᠪᠤᠨ ᠵᠠᠭᠤᠨ ᠠᠴᠢᠶ᠎ᠠ᠂ ᠭᠠᠵᠠᠷ ᠣᠷᠣᠨ ᠤ᠋ ᠠᠮᠢᠳᠤᠷᠠᠯ ᠤ᠋ᠨ ᠬᠦᠨᠡᠰᠦ ᠮᠢᠬ᠎ᠠ ᠶ᠋ᠢᠨ ᠲᠠᠯᠬ᠎ᠠ᠂ ᠭᠥᠷᠦᠭᠡᠰᠦᠨ ᠦ᠌ ᠪᠣᠷᠴᠠ᠂ ᠤᠰᠤᠨ ᠤ᠋ ᠲᠤᠯᠤᠮ᠂ ᠴᠠᠢ ᠶ᠋ᠢᠨ ᠬᠤᠪᠢᠩ᠂ ᠡᠮᠡᠭᠡᠯ ᠬᠠᠵᠠᠭᠠᠷ ᠤ᠋ᠨ ᠰᠠᠢᠨ ᠰᠤᠷ᠂ ᠨᠣᠮᠣᠨ ᠤ᠋ ᠠᠷᠤ ᠶ᠋ᠢᠨ ᠬᠦᠴᠦᠲᠦ ᠰᠢᠷᠪᠥᠰᠥ ᠶ᠋ᠢᠨ ᠵᠦᠢᠯ ᠦ᠋ᠨ ᠳᠣᠲᠣᠷ᠎ᠠ᠂ ᠬᠠᠮᠢ ᠤᠯᠤᠰ ᠤ᠋ᠨ ᠫᠤᠷᠰᠬᠠᠲᠦ ᠬᠠᠯᠢᠰᠤᠲᠤ ᠬᠣᠨᠢᠨ ᠤ᠋ ᠴᠢᠨᠡᠭᠡᠨ ᠶᠡᠬᠡ ᠲᠠᠷᠪᠤᠰ ᠭᠤᠸᠠ ᠠᠷᠪᠠᠨ ᠠᠴᠢᠶ᠎ᠠ᠂ ᠠᠷᠤ ᠭᠠᠵᠠᠷ ᠤ᠋ᠨ ᠰᠢᠵᠢᠨ ᠲᠣᠰᠣ᠂ ᠮᠢᠬ᠎ᠠ ᠥᠭᠡᠬᠦᠨ ᠦ᠌ ᠢᠳᠡᠭᠡᠨ ᠳ᠋ᠦ᠍ᠷ ᠲᠡᠷᠡ ᠬᠠᠮᠢ ᠬᠡᠮᠬᠡ ᠶᠡᠬᠡ ᠡᠮ ᠪᠣᠯᠬᠤ ᠠᠵᠤᠭᠤ᠃ ᠪᠠᠰᠠ ᠮᠥᠩᠭᠥᠨ ᠦ᠌ ᠦᠨ᠎ᠡ ᠬᠦᠷᠬᠦ ᠲᠠᠪᠤᠨ ᠥᠩᠭᠡ ᠶ᠋ᠢᠨ ᠬᠦᠴᠦ ᠲᠡᠢ ᠳᠠᠪᠤᠰᠤ᠂ ᠰᠠᠢᠨ ᠢᠳᠡᠭᠡᠨ᠂ ᠡᠮ ᠵᠣᠷ ᠲᠤᠷ ᠬᠡᠷᠡᠭᠯᠡᠬᠦ ᠰᠠᠢᠨ ᠳᠠᠪᠤᠰᠤ ᠂ ᠲᠠᠪᠤᠨ ᠵᠠᠭᠤᠨ ᠠᠴᠢᠶ᠎ᠠ ᠶ᠋ᠢᠨ ᠵᠦᠢᠯ ᠢ᠋ ᠡᠷᠭᠦᠨ ᠪᠠᠷᠢᠵᠤᠬᠤᠢ᠃ ᠬᠠᠭᠠᠨ ᠤ᠋ ᠭᠡᠭᠡᠨ ᠪᠡᠶᠡᠰᠦᠨ ᠰᠠᠢᠰᠢᠶᠠᠵᠤ ᠵᠠᠷᠯᠢᠭ ᠪᠣᠯᠤᠷᠤᠨ᠄ 
      《ᠪᠢᠴᠢᠭ ᠰᠤᠷᠪᠤᠯᠵᠢᠲᠤ ᠤᠢᠭᠤᠷ ᠤᠯᠤᠰ ᠤᠭ ᠠ᠋ᠴᠠ ᠤᠯᠤᠰ ᠪᠦᠷᠢ ᠶ᠋ᠢᠨ ᠣᠶᠤᠲᠠᠨ ᠪᠣᠢ ᠪᠥᠯᠥᠭᠡ 》ᠭᠡᠮᠡᠨ ᠵᠢᠴᠢ ᠡᠳᠦᠷ ᠨᠢᠭᠡᠨ ᠢ᠋ᠶ᠋ᠡᠷ ᠪᠠᠷᠠᠭᠠᠳᠠᠭᠤᠯᠤᠨ ᠮᠥᠷᠭᠥᠭᠦᠯᠬᠦᠶ᠎ᠡ ᠦᠵᠡᠪᠡᠰᠦ ᠤᠢᠭᠤᠷ ᠤ᠋ᠨ ᠡᠵᠡᠨ ᠤᠷᠠᠢ ᠳᠡᠪᠡᠯ ᠲᠡᠢ ᠪᠣᠯᠪᠠᠴᠤ᠂ ᠤᠩᠰᠢᠵᠤ ᠰᠤᠷᠤᠭᠰᠠᠨ ᠪᠢᠴᠢᠭ ᠦᠰᠦᠭ ᠦ᠋ᠳ ᠨᠡᠯᠢᠶᠡᠳ ᠣᠯᠠᠨ᠃ ᠶᠡᠬᠡ ᠬᠥᠪᠡᠭᠦᠨ ᠬᠠᠰ ᠪᠠᠭᠠᠲᠤᠷ᠂ ᠰᠠᠢᠬᠠᠨ ᠲᠥᠷᠥᠪᠡᠴᠦ ᠪᠠᠭᠠᠲᠤᠷ ᠪᠠᠢᠳᠠᠯ ᠦᠭᠡᠢ᠂ ᠪᠠᠭ᠎ᠠ ᠬᠥᠪᠡᠭᠦᠨ ᠳᠡᠰ ᠪᠠᠭᠠᠲᠤᠷ᠂ ᠦᠨᠡᠬᠡᠷ ᠮᠠᠰᠢ ᠪᠠᠭᠠᠲᠤᠷ ᠪᠠᠢᠳᠠᠯ ᠲᠠᠢ ᠳ᠋ᠤᠷ ᠬᠠᠭᠠᠨ ᠦᠵᠡᠭᠡᠳ ᠮᠠᠰᠢᠳᠠ ᠲᠠᠭᠠᠯᠠᠨ ᠪᠡᠶᠡᠰᠴᠦ ᠵᠠᠷᠯᠢᠭ ᠪᠣᠯᠤᠷᠤᠨ : 
      《ᠬᠠᠰ ᠪᠠᠭᠠᠲᠤᠷ ᠬᠠᠷᠢᠶᠠᠲᠤ ᠤᠯᠤᠰ ᠢ᠋ᠶ᠋ᠠᠨ ᠬᠠᠮᠠᠭᠠᠯᠠᠨ ᠰᠠᠬᠢᠵᠤ᠂ ᠬᠠᠮᠤᠭ ᠪᠦᠭᠦᠳᠡᠭᠡᠷ᠎ᠡ ᠡᠶ᠎ᠡ ᠡᠪᠲᠡᠢ ᠶᠠᠪᠤᠬᠤ ᠶ᠋ᠢ ᠴᠢᠳᠠᠨᠠᠮ ‍ᠶ᠎ᠠ᠃ ᠳᠡᠰ ᠪᠠᠭᠠᠲᠤᠷ ᠲᠠᠯ᠎ᠠ ᠶ᠋ᠢ ᠲᠠᠰᠤᠯᠤᠨ᠂ ᠠᠭᠤᠯᠠ ᠶ᠋ᠢ ᠣᠭᠲᠣᠯᠤᠨ᠂ ᠳᠠᠢᠰᠤᠨ ᠢ᠋ ᠳᠠᠷᠤᠨ᠂ ᠡᠰᠡᠷᠭᠦᠴᠡᠯ ᠢ᠋ ᠡᠪᠳᠡᠭᠴᠢ ᠰᠠᠢᠨ ᠡᠷ᠎ᠡ ᠭᠠᠷᠤᠮᠤᠢ᠃ ᠡᠨᠡ ᠤᠳᠠᠭ᠎ᠠ ᠡᠩᠬᠡᠰᠡᠨ ᠳᠠᠭᠠᠷ᠎ᠠ ᠢᠷᠡᠭᠰᠡᠨ ᠢ᠋ ᠡᠷᠬᠡ ᠠᠮᠠᠷᠠᠭ ᠦᠷ᠎ᠡ ᠬᠥᠪᠡᠭᠦᠨ ᠢ᠋ ᠢᠨᠣ ᠳᠡᠨᠵᠢ ᠪᠣᠯᠭᠠᠨ ᠳᠠᠷᠤᠨ ᠦᠯᠡᠳᠡᠭᠡᠬᠦᠢ ᠳ᠋ᠦ᠍ᠷ ᠮᠡᠬᠦᠰ ᠮᠢᠨᠦ ᠳᠣᠲᠣᠷ᠎ᠠ ᠲᠦᠪᠳᠡᠬᠦ ᠦᠭᠡᠢ᠂ ᠬᠡᠪ ᠢ᠋ᠶ᠋ᠡᠷ ᠤᠯᠤᠰ ᠲᠤᠷ ᠠᠨᠤ ᠡᠭᠡᠭᠦᠯᠵᠦ᠂ ᠦᠨᠡᠬᠡᠷ ᠨᠠᠳᠤᠷ ᠬᠦᠴᠦᠨ ᠲᠤᠰᠠᠯᠠᠨ᠂ ᠦᠯᠡᠮᠵᠢ ᠳ᠋ᠠᠬᠢᠨ ᠢ᠋ ᠡᠩᠬᠡᠵᠢᠭᠦᠯᠦᠨ ᠠᠮᠤᠷᠵᠢᠭᠤᠯᠤᠶ᠎ᠠ ᠬᠡᠮᠡᠪᠡᠰᠦ᠂ ᠡᠭᠡᠵᠦ ᠡᠴᠢᠭᠡᠳ ᠡᠷᠳᠡᠮ ᠢ᠋ᠶ᠋ᠡᠨ ᠰᠠᠢᠬᠠᠨ ᠪᠣᠯᠪᠠᠰᠤᠷᠠᠭᠤᠯᠤᠨ᠂ ᠥᠪᠡᠷᠦᠨ ᠳᠤᠷᠠᠯᠠᠯ ᠢ᠋ᠶ᠋ᠠᠷ ᠳᠠᠬᠢᠵᠤ ᠢᠷᠡᠭᠳᠡᠬᠦᠢ᠃ ᠡᠨᠡ ᠬᠣᠶᠠᠷ ᠬᠥᠪᠡᠭᠦᠨ ᠢ᠋ ᠭᠡᠷᠡᠯᠲᠦ ᠶᠡᠬᠡᠮᠰᠦᠭ ᠬᠤᠸᠠᠩᠬᠡᠦ ᠳ᠋ᠦ᠍ᠷ ᠪᠠᠷᠠᠭᠠᠳᠠᠭᠤᠯᠤᠨ ᠮᠥᠷᠭᠥᠭᠦᠯᠵᠦ᠂ ᠤᠯᠤᠰ ᠤ᠋ᠨ ᠬᠥᠪᠡᠭᠦᠨ ᠢ᠋ ᠬᠥᠮᠦᠵᠢᠭᠦᠯᠦᠨ ᠲᠡᠳᠬᠦᠬᠦᠢ ᠶ᠋ᠢᠨ ᠱᠠᠩ ᠬᠡᠰᠢᠭ ᠲᠣᠷ ᠢᠨᠣ ᠬᠦᠷᠲᠡᠭᠦᠯᠦᠭᠲᠦᠨ 》ᠬᠡᠮᠡᠵᠦ᠂ ᠵᠢᠴᠢ ᠬᠠᠮᠢ ᠤᠯᠤᠰ ᠤ᠋ᠨ ᠬᠠᠭᠠᠨ ᠳᠠᠩ ᠴᠢᠩ ᠢ᠋ ᠪᠠᠷᠠᠭᠠᠯᠠᠭᠤᠯᠤᠨ ᠮᠥᠷᠭᠥᠭᠦᠯᠵᠦ ᠦᠵᠡᠪᠡᠰᠦ᠂ ᠬᠠᠮᠢ ᠶ᠋ᠢᠨ ᠡᠵᠡᠨ ᠦ᠌ ᠲᠥᠷᠥᠭᠰᠡᠨ ᠪᠠᠢᠳᠠᠯ ᠭᠡᠷᠡᠯᠲᠡᠢ ᠰᠦᠷᠲᠡᠢ ᠬᠠᠳᠠᠨ ᠪᠠᠭᠠᠲᠤᠷ᠂ ᠬᠠᠷᠠᠬᠠᠨ ᠭᠠᠯ ᠮᠡᠲᠦ ᠪᠠᠳᠠᠷᠠᠬᠤ ᠴᠣᠭ ᠲᠠᠢ᠂ ᠬᠣᠶᠠᠷ ᠮᠥᠷᠥ ᠳ᠋ᠦ᠍ᠷ ᠬᠡᠳᠦᠨ ᠮᠢᠩᠭᠠᠨ ᠵᠢᠩ ᠦ᠋ᠨ ᠬᠦᠴᠦᠨ ᠪᠣᠢ᠃ ᠨᠢᠳᠦ ᠳᠦᠭᠦᠷᠡᠩ ᠭᠠᠯ᠂ ᠨᠢᠭᠤᠷ ᠳᠦᠭᠦᠷᠡᠩ ᠭᠡᠷᠡᠯ᠂ ᠬᠠᠭᠠᠨ ᠦᠵᠡᠮᠡᠭᠴᠡ ᠪᠡᠶᠡᠰᠴᠦ ᠵᠠᠷᠯᠢᠭ ᠪᠣᠯᠤᠷᠤᠨ᠄ 
      《ᠬᠠᠮᠢ ᠤᠯᠤᠰ ᠤ᠋ᠨ ᠬᠠᠳᠠᠨ ᠬᠠᠨ ᠬᠠᠲᠠᠭᠤ ᠬᠦᠴᠦᠲᠡᠢ ᠰᠠᠢᠨ ᠡᠷ᠎ᠡ᠂ ᠬᠠᠷᠢᠨ ᠣᠭᠲᠣ ᠬᠡᠷᠡᠭ ᠦᠭᠡᠢ ᠬᠠᠯᠠᠰᠢᠷᠠᠯ ᠦᠭᠡᠢ ᠶᠠᠭᠠᠬᠢᠨ ᠢᠷᠡᠪᠡ ?》ᠬᠠᠮᠢ ᠶ᠋ᠢᠨ ᠬᠠᠨ ᠮᠥᠷᠭᠥᠨ ᠠᠢᠯᠠᠳᠬᠠᠷᠤᠨ᠄ 
      《ᠬᠠᠮᠢ ᠶ᠋ᠢᠨ ᠳᠠᠩ ᠴᠢᠩ ᠦ᠋ᠨ ᠠᠬ᠎ᠠ ᠦᠬᠦᠵᠦ᠂ ᠬᠠᠨ ᠨᠡᠷ᠎ᠡ ᠪᠡᠨ ᠨᠠᠳᠤᠷ ᠨᠥᠮᠥᠷᠭᠡᠪᠡ᠃ ᠬᠠᠯᠲᠤᠷᠢᠭᠤᠯᠤᠨ ᠲᠦᠯᠬᠢᠬᠦ ᠬᠥᠮᠦᠨ ᠦᠭᠡ᠃ ᠬᠠᠢᠷᠠᠲᠤ ᠠᠬ᠎ᠠ ᠶ᠋ᠢᠨ ᠭᠠᠭᠴᠠ ᠦᠷ᠎ᠡ᠂ ᠬᠠᠷᠠᠬᠠᠨ ᠡᠳᠦᠭᠡ ᠮᠠᠰᠢ ᠨᠢᠯᠬ᠎ᠠ᠂ ᠬᠠᠷᠠᠭᠠᠯᠵᠠᠨ ᠬᠠᠪᠰᠤᠷᠤᠨ ᠳᠣᠯᠣᠭᠠᠨ ᠨᠠᠰᠤᠯᠠᠪᠠᠴᠤ ᠬᠠᠨ ᠰᠠᠭᠤᠷᠢᠨ ᠢ᠋ ᠲᠡᠭᠦᠨ ᠢ᠋ᠶ᠋ᠡᠷ ᠰᠠᠬᠢᠭᠤᠯᠤᠨ ᠬᠠᠪᠰᠤᠷᠤᠨ ᠲᠡᠳᠬᠦᠬᠦ ᠴᠢᠳᠠᠯ ᠥᠴᠦᠬᠡᠨ᠃ ᠬᠠᠲᠠᠭᠤ ᠲᠦᠰᠢᠯᠭᠡ ᠣᠯᠭᠣᠭᠤᠯᠬᠤᠢ ᠶ᠋ᠢᠨ ᠣᠴᠢᠷ᠎ᠠ ᠬᠠᠭᠠᠨ ᠪᠣᠭᠳᠠ ᠳ᠋ᠤᠷ ᠲᠠᠭᠠᠨ ᠢᠷᠡᠵᠦ᠂ ᠬᠠᠰ ᠬᠠᠭᠠᠯᠭᠠᠨ᠎ᠠ ᠬᠠᠮᠵᠢᠯᠭ᠎ᠠ ᠪᠣᠯᠭᠠᠪᠠ᠃ ᠬᠠᠭᠠᠨ ᠪᠣᠭᠳᠠ ᠶ᠋ᠢᠨ ᠲᠡᠭᠷᠢ ᠶ᠋ᠢᠨ ᠬᠥᠪᠡᠭᠦᠨ ᠢ᠋ ᠬᠠᠮᠢᠭ᠎ᠠ ᠪᠣᠯᠪᠠᠴᠤ ᠴᠥᠮ ᠮᠡᠳᠡᠮᠦᠢ᠃ ᠬᠠᠷᠢᠨᠴᠤ ᠴᠥᠮ ᠥᠪᠡᠷᠦᠨ ᠲᠤᠯᠠ ᠥᠷᠥᠰᠢᠶᠡᠨ ᠬᠣᠷᠢᠶᠠᠨ ᠠᠪᠤᠮᠤ ! 》ᠬᠡᠮᠡᠭᠰᠡᠨ᠎ᠡ ᠬᠠᠭᠠᠨ ᠴᠢᠩᠭᠢᠰ ᠵᠠᠷᠯᠢᠭ ᠪᠣᠯᠤᠷᠤᠨ :  
      《ᠬᠠᠲᠠᠭᠤ ᠵᠣᠷᠢᠭ᠂ ᠬᠠᠳᠠᠨ ᠵᠢᠷᠤᠮᠲᠤ ᠬᠠᠨ᠂ ᠬᠠᠮᠢᠭ᠎ᠠ ᠠ᠋ᠴᠠ ᠴᠢᠨᠦ ᠮᠡᠲᠦ ᠶ᠋ᠢ ᠣᠯᠤᠨᠠᠮ᠃ ᠬᠠᠮᠠᠭᠠᠯᠠᠨ ᠰᠠᠬᠢᠬᠤ ᠶ᠋ᠢ ᠴᠥᠮ ᠪᠢ ᠳᠠᠭᠠᠭᠠᠴᠢᠯᠠᠶ᠎ᠠ》ᠬᠡᠮᠡᠪᠡᠢ᠃ 
        ᠲᠡᠳᠦᠢ ᠳᠠᠷᠠᠭ᠎ᠠ ᠪᠠᠷ ᠪᠠᠰᠠ ᠵᠢᠨᠦᠩ ᠮᠤᠬᠤᠯᠢ ᠰᠥᠭᠥᠳᠴᠦ ᠠᠢᠯᠠᠳᠬᠠᠷᠤᠨ᠄  
      《ᠡᠳᠡᠨ ᠦ᠌ ᠳᠠᠷᠠᠭ᠎ᠠ ᠪᠠᠷ ᠲᠠᠢᠽᠢ ᠴᠢᠨ ᠸᠠᠩ ᠳ᠋ᠤᠷ ᠵᠠᠮ ᠤ᠋ᠨ ᠭᠣᠳᠣᠰ ᠲᠤᠷ ᠲᠤᠰᠠᠯᠠᠨ ᠳᠠᠭᠠᠭᠰᠠᠨ ᠢᠷᠬᠠᠢ ᠠᠢᠮᠠᠭ ᠤ᠋ᠨ ᠡᠵᠡᠨ ᠲᠣᠳᠢ ᠬᠡᠮᠡᠭᠴᠢ ᠪᠡᠷ ᠲᠠᠢᠽᠢ ᠶ᠋ᠢᠨ ᠠᠢᠯᠠᠳᠬᠠᠬᠤ ᠪᠣᠳᠣᠷᠣᠣᠯ ᠪᠢᠴᠢᠭ ᠢ᠋ ᠡᠭᠦᠷᠦᠨ ᠡᠳᠡᠨ ᠢ᠋ ᠨᠢᠭᠡᠨ ᠬᠥᠭᠡᠭᠡᠵᠦ ᠬᠦᠷᠴᠦ ᠢᠷᠡᠵᠦᠬᠦᠢ᠃ ᠣᠯᠳᠠᠬᠤᠯ᠎ᠠ ᠳᠠᠷᠤᠢ ᠪᠠᠷᠠᠭᠠᠳᠠᠭᠤᠯᠤᠨ ᠮᠥᠷᠭᠥᠭᠦᠯᠵᠦ᠂ ᠬᠣᠯᠠ ᠠ᠋ᠴᠠ ᠢᠷᠡᠭᠰᠡᠨ ᠲᠡᠵᠢᠭᠡᠯᠲᠡᠢ ᠰᠡᠳᠬᠢᠯ ᠢ᠋ ᠢᠨᠣ ᠬᠤᠷᠢᠶᠠᠮᠵᠢᠯᠠᠮᠤ 》ᠬᠡᠮᠡᠭᠰᠡᠨ ᠳ᠋ᠦ᠍ᠷ ᠴᠢᠢᠩᠭᠢᠰ ᠬᠠᠭᠠᠨ᠄  《ᠴᠢᠪᠬᠢᠲᠡᠯ᠎ᠡ ᠮᠢᠨᠦ ᠰᠡᠳᠬᠢᠯ ᠳ᠋ᠦ᠍ᠷ ᠨᠡᠢᠴᠡᠪᠡ 》ᠭᠡᠮᠡᠨ ᠪᠠᠷᠠᠭᠠᠲᠠᠭᠤᠯ ᠭᠡᠮᠡᠨ ᠤᠳᠤᠷᠢᠳᠤᠨ ᠣᠷᠣᠭᠤᠯᠵᠤ ᠢᠷᠠᠪᠠᠰᠤ᠂ ᠲᠣᠳᠢ ᠲᠣᠯᠣᠭᠠᠢ ᠳ᠋ᠤᠷ ᠲᠤᠯᠤᠭᠰᠠᠨ ᠪᠣᠳᠣᠷᠣᠣᠯ ᠢ᠋ᠶ᠋ᠠᠨ ᠪᠠᠷᠢᠭᠠᠳ᠂ ᠤᠷᠢᠳᠠ ᠲᠠᠢᠽᠢ ᠶ᠋ᠢᠨ ᠪᠣᠭᠳᠠ ᠶ᠋ᠢᠨ ᠠᠮᠤᠭᠤᠯᠠᠩ ᠠᠢᠯᠠᠳᠬᠠᠬᠤ ᠶᠣᠰᠣᠯᠠᠯ ᠢ᠋ ᠭᠦᠢᠴᠡᠳᠬᠡᠨ ᠮᠥᠷᠭᠥᠵᠦ᠂ ᠬᠣᠢᠨ᠎ᠠ ᠰᠠᠶᠢ ᠳᠣᠷᠣᠭᠰᠢ ᠨᠢᠭᠡᠨ ᠳᠡᠭᠲᠡᠷ ᠤᠬᠤᠷᠢᠨ ᠪᠠᠭᠤᠵᠤ ᠥᠪᠡᠷᠦᠨ ᠪᠠᠷᠠᠭᠠᠯᠠᠯ ᠢ᠋ᠶ᠋ᠠᠨ ᠭᠦᠢᠴᠡᠭᠡᠨ ᠮᠥᠷᠭᠥᠵᠦ᠂ ᠪᠠᠶᠠᠷ ᠤ᠋ᠨ ᠪᠠᠢᠳᠠᠯ ᠴᠢᠷᠠᠢ ᠳᠦᠭᠦᠷᠡᠩ᠂ ᠲᠥᠷᠥᠭᠰᠡᠨ ᠲᠥᠯᠥᠪ ᠲᠣᠰᠣ ᠲᠣᠷᠭ᠎ᠠ ᠮᠡᠲᠦ ᠲᠤᠨᠤᠯᠠᠮ᠎ᠠ ᠰᠠᠢᠬᠠᠨ᠃ ᠴᠢᠷᠠᠢ ᠶ᠋ᠢᠨ ᠥᠩᠭᠡ ᠲᠣᠭᠣᠷ ᠤ᠋ᠨ ᠴᠡᠴᠡᠭ ᠮᠡᠲᠦ᠂ ᠲᠤᠶᠠᠭ᠎ᠠ ᠭᠡᠷᠡᠯᠲᠦ ᠠᠯᠲᠠᠨ ᠤᠲᠠᠰᠤ ᠨᠡᠢᠯᠡᠭᠦᠯᠦᠭᠰᠡᠨ ᠭᠢᠯᠪᠠᠯᠵᠠᠮ᠎ᠠ ᠮᠠᠩᠨᠤᠭ ᠡᠮᠦᠰᠴᠦ᠂ ᠮᠥᠷᠭᠥᠬᠦ ᠰᠥᠭᠥᠳᠬᠦ ᠶᠠᠩᠵᠤ ᠳᠦᠷᠢᠮ ᠬᠠᠪᠤᠷ ᠤ᠋ᠨ ᠰᠠᠯᠬᠢᠨ ᠮᠡᠲᠦ ᠲᠠᠭᠠᠯᠠᠮᠵᠢᠲᠠᠢ ᠦᠵᠡᠮᠵᠢᠲᠡᠢ ᠰᠠᠢᠬᠠᠨ ᠳ᠋ᠤᠷ ᠬᠠᠭᠠᠨ ᠲᠥᠷᠥ ᠶ᠋ᠢᠨ ᠬᠠᠮᠤᠭ ᠪᠢᠴᠢᠭ ᠦ᠋ᠨ ᠰᠡᠴᠡᠳ ᠰᠠᠢᠳ ᠤ᠋ᠳ ᠦᠵᠡᠯᠴᠡᠭᠡᠳ ᠦᠯᠦ ᠪᠠᠶᠠᠰᠤᠯᠴᠠᠨ ᠦᠯᠦ ᠪᠠᠬᠠᠷᠬᠠᠬᠤ ᠠᠨᠤ ᠦᠭᠡᠢ᠃ ᠨᠠᠰᠤ ᠰᠠᠶᠢ ᠬᠣᠷᠢᠨ ᠬᠣᠶᠠᠷᠬᠠᠨ᠂ ᠨᠠᠮ ᠠᠶᠠᠰᠲᠤ ᠳᠠᠭᠤᠨ ᠤ᠋ ᠥᠩᠭᠡ ᠵᠦᠩ ᠴᠢᠩ ᠴᠣᠬᠢᠬᠤ ᠮᠡᠲᠦ᠃ ᠬᠡᠯᠡᠬᠦ ᠦᠭᠡᠰ ᠦ᠋ᠨ ᠲᠣᠳᠣᠷᠬᠠᠢ ᠠᠨᠤ ᠱᠠᠪᠠᠩ ᠤ᠋ᠨ ᠴᠢᠪᠬᠠᠳᠠᠰᠤ ᠠᠳᠠᠯᠢ ᠢᠯᠭᠠᠪᠤᠷᠢ ᠲᠠᠢ᠃ ᠬᠠᠮᠤᠭ ᠰᠠᠢᠳ ᠤ᠋ᠳ ᠪᠠᠬᠠᠷᠬᠠᠬᠤ ᠶ᠋ᠢ ᠴᠦ᠍ ᠪᠠᠢᠳᠤᠬᠠᠢ᠂ ᠬᠠᠭᠠᠨ ᠡᠵᠡᠨ ᠴᠦ᠍ ᠬᠠᠷᠠᠵᠤ ᠦᠵᠡᠮᠡᠭᠴᠡ ᠬᠠᠰ ᠯᠤᠤ ᠶ᠋ᠢᠨ ᠴᠢᠷᠠᠢ ᠳ᠋ᠤᠷ ᠪᠠᠶᠠᠰᠬᠤᠯᠠᠩ ᠤ᠋ᠨ ᠥᠩᠭᠡ ᠢᠯᠡᠷᠡᠭᠡᠳ᠂ 《ᠬᠠᠮᠢᠭᠠᠬᠠᠨ ᠭᠠᠵᠠᠷ ᠲᠤᠷ ᠲᠥᠷᠥᠭᠰᠡᠨ᠂ ᠬᠠᠰ ᠢ᠋ᠶ᠋ᠠᠷ ᠬᠠᠰᠢᠭᠰᠠᠨ ᠭᠦᠨ ᠨᠠᠭᠤᠷ ᠮᠡᠲᠦ ᠰᠢᠨᠵᠢᠲᠡᠢ ᠬᠥᠮᠦᠨ ᠪᠠᠢᠨᠠᠮ ?》 ᠬᠡᠮᠡᠮᠡᠭᠴᠡ 《ᠭᠦᠨ ᠨᠠᠭᠤᠷ 》ᠳᠠᠬᠢᠨ ᠮᠥᠷᠭᠥᠭᠡᠳ ᠠᠢᠯᠠᠳᠬᠠᠷᠤᠨ᠄ 
      《ᠭᠦᠨ ᠨᠠᠭᠤᠷ ᠠᠯᠪᠠᠲᠤ᠂ ᠵᠦᠷᠴᠢᠨ ᠤᠯᠤᠰ ᠲᠤᠷ ᠲᠥᠷᠥᠪᠡ᠃ ᠲᠣᠳᠢ ᠰᠠᠢᠳ ᠨᠠᠮᠠᠶ᠋ᠢ ᠢᠷᠬᠠᠢ ᠠᠢᠮᠠᠭ ᠲᠤᠷ ᠲᠡᠵᠢᠭᠡᠪᠡ᠃ ᠲᠡᠵᠢᠭᠡᠭᠰᠡᠨ ᠡᠴᠢᠭᠡ ᠦᠬᠦᠵᠦ᠂ ᠲᠦᠰᠢᠮᠡᠯ ᠨᠠᠮᠠᠶ᠋ᠢ ᠡᠵᠡᠨ ᠪᠠᠢᠭᠤᠯᠪᠠ᠃ ᠲᠡᠵᠢᠭᠡᠭᠰᠡᠨ ᠡᠴᠢᠭᠡ ᠶ᠋ᠢᠨ ᠬᠥᠪᠡᠭᠦᠨ ᠲᠣᠭᠣᠷᠤᠤ ᠳᠡᠭᠦᠦ ᠶ᠋ᠢ ᠲᠥᠷᠥᠭᠰᠡᠨ ᠡᠴᠢᠭᠡ ᠶ᠋ᠢᠨ ᠰᠠᠭᠤᠷᠢᠨ ᠳ᠋ᠤᠷ ᠰᠠᠭᠤᠯᠭᠠᠵᠤ᠂ ᠲᠣᠳᠢ ᠰᠠᠢᠳ ᠪᠢ ᠤᠷᠭᠤᠨ ᠭᠠᠷᠴᠤ ᠢᠷᠡᠪᠡ᠃ ᠲᠦᠯᠬᠢᠬᠦ ᠭᠠᠵᠠᠷ ᠦᠭᠡᠢ ᠪᠣᠯᠪᠠᠰᠤ ᠲᠤᠯᠬᠤ ᠦᠭᠡᠢ ᠬᠡᠷᠬᠢᠨᠡᠮ᠃ ᠲᠤᠯᠵᠤ ᠳᠠᠳᠪᠠᠰᠤ ᠲᠦᠯᠬᠢᠬᠦ ᠦᠭᠡᠢ ᠪᠣᠯᠤᠮᠤᠢ᠃ ᠭᠦᠨ ᠨᠠᠭᠤᠷ ᠤ᠋ᠨ ᠰᠦᠷᠬ᠎ᠠ ᠭᠠᠵᠠᠷ ᠤ᠋ᠨ ᠪᠠᠭᠰᠢ᠂ ᠲᠣᠳᠣ ᠲᠦᠰᠢᠮᠡᠯ ᠮᠢᠨᠦ ᠲᠣᠳᠣᠷᠬᠠᠢ ᠵᠠᠶᠠᠭ᠎ᠠ ᠪᠣᠯᠪᠠᠰᠤ ᠳᠣᠲᠣᠭᠠᠳᠤ ᠣᠷᠣᠨ ᠤ᠋ ᠪᠣᠭᠣᠯ᠂ ᠬᠠᠭᠠᠨ ᠡᠵᠡᠨ ᠦ᠌ ᠬᠠᠮᠵᠢᠯᠭ᠎ᠠ᠂ ᠴᠢᠩᠭᠢᠰ ᠬᠤᠸᠠᠩᠳᠢ ᠶ᠋ᠢᠨ ᠴᠢᠮᠡᠭ ᠬᠡᠮᠡᠭᠰᠡᠨ ᠲᠤᠯᠠ ᠴᠢᠭᠯᠡᠵᠦ ᠰᠢᠭᠤᠳ ᠢᠷᠡᠪᠡ᠃ ᠴᠢᠳᠠᠯ ᠬᠦᠴᠦᠨ ᠲᠡᠭᠦᠯᠳᠡᠷ᠂ ᠴᠢᠶᠠᠨ ᠰᠦᠢ ᠲᠠᠢᠽᠢ ᠳ᠋ᠤᠷ ᠴᠢᠪ ᠤᠴᠠᠷᠠᠵᠤ ᠳᠠᠭᠠᠪᠠ᠃ ᠴᠢᠩᠭᠢᠰ ᠬᠤᠸᠠᠩᠳᠢ ᠡᠵᠡᠨ ᠦ᠌ ᠪᠡᠨ ᠴᠡᠷᠢᠭ ᠦ᠋ᠨ ᠡᠮᠦᠨ᠎ᠡ ᠵᠢᠳᠬᠦᠶ᠎ᠡ᠂ ᠵᠢᠭᠰᠠᠭᠠᠯ ᠤ᠋ᠨ ᠰᠡᠭᠦᠯ ᠢ᠋ ᠬᠠᠢᠭᠤᠯᠯᠠᠶ᠎ᠠ᠂ ᠪᠣᠭᠳᠠ ᠴᠢᠩᠭᠢᠰ ᠬᠠᠭᠠᠨ ᠤ᠋ ᠪᠠᠨ ᠪᠤᠷᠤᠭᠤ ᠳᠥᠷᠥᠭᠡ ᠶ᠋ᠢ ᠳᠠᠷᠤᠶ᠎ᠠ᠂ ᠪᠣᠱᠣᠭ ᠤ᠋ᠨ ᠳᠣᠬᠢᠶ᠎ᠠ ᠶ᠋ᠢ ᠡᠷᠭᠦᠶ᠎ᠡ ᠬᠡᠮᠡᠪᠡ᠃ 》ᠲᠠᠢᠽᠦ ᠬᠠᠭᠠᠨ ᠮᠠᠰᠢᠳᠠ ᠪᠡᠶᠡᠰᠦᠨ ᠲᠠᠭᠠᠯᠠᠨ ᠰᠠᠢᠰᠢᠶᠠᠵᠤ ᠵᠠᠷᠯᠢᠭ ᠪᠣᠯᠤᠷᠤᠨ : 
      《ᠲᠠᠰᠤᠷᠬᠠᠢ ᠵᠢᠷᠤᠮᠲᠤ ᠪᠠᠭᠠᠲᠤᠷ᠂ ᠲᠠᠭᠠᠴᠠᠬᠤ ᠵᠦᠢᠯᠡᠰ ᠲᠣᠷ ᠰᠡᠴᠡᠨ᠂ ᠲᠠᠯ᠎ᠠ ᠶ᠋ᠢᠨ ᠭᠦᠨ ᠨᠠᠭᠤᠷ᠂ ᠳᠠᠭᠠᠮᠵᠢᠯᠠᠯ ᠰᠡᠵᠢᠭᠯᠡᠯ ᠢ᠋ ᠲᠠᠰᠤᠯᠤᠨ ᠲᠠᠯᠪᠢᠵᠤ ᠡᠵᠡᠭᠦᠯᠦᠭᠰᠡᠨ ᠦᠢᠯᠡᠰ᠂ ᠲᠠᠷᠠᠭ ᠮᠡᠲᠦ ᠴᠠᠭᠠᠬᠠᠨ᠂ ᠳᠡᠭᠡᠯᠡᠢ ᠠᠳᠠᠯᠢ ᠠᠷᠢᠭᠤᠨ᠂ ᠳᠠᠷᠬᠢ ᠮᠡᠲᠦ ᠤᠮᠳᠠᠳᠤ᠂ ᠲᠠᠩᠰᠤᠭ ᠭᠡᠷᠡᠯᠲᠦ ᠮᠡᠷᠭᠡᠳ ᠰᠠᠢᠳ ᠪᠠᠢᠨᠠᠮ 》ᠭᠡᠮᠡᠨ ᠬᠠᠰ ᠤ᠋ᠨ ᠪᠦᠰᠡ᠂ ᠲᠣᠭᠣᠰ ᠤ᠋ᠨ ᠬᠣᠶᠠᠷ ᠨᠢᠳᠦᠲᠦ ᠤᠲᠤᠭ᠎ᠠ᠂ ᠰᠢᠷ᠎ᠠ ᠪᠠᠷᠰ ᠤ᠋ᠨ ᠣᠯᠪᠣᠭ᠂ ᠮᠥᠩᠭᠥᠨ ᠡᠰᠢᠲᠦ ᠰᠢᠭᠦᠷ ᠬᠦᠷᠲᠡᠭᠡᠨ᠂ ᠣᠯᠠᠨ ᠰᠡᠴᠡᠳ ᠰᠠᠢᠳ ᠤ᠋ᠨ ᠳᠣᠲᠣᠷᠠᠬᠢ ᠬᠦᠩ ᠦ᠋ᠨ ᠴᠣᠯᠠᠲᠤ ᠨᠣᠶᠠᠨ ᠪᠣᠯᠭᠠᠨ ᠳᠠᠭᠠᠭᠤᠯᠤᠭᠰᠠᠨ ᠵᠠᠭᠤᠨ ᠮᠣᠷᠢᠲᠠᠨ᠎ᠠ ᠥᠪᠡᠷ᠎ᠡ ᠪᠠᠭᠤᠳᠠᠯ ᠱᠠᠩᠨᠠᠵᠤ᠂ ᠨᠢᠷᠢ ᠬᠤᠷᠢᠮ ᠬᠥᠷᠳᠡᠭᠡᠯᠭᠡᠪᠡᠢ᠃ ᠡᠨᠡ《ᠭᠦᠨ ᠨᠠᠭᠤᠷ》 ᠤ᠋ᠨ ᠨᠡᠷ᠎ᠡ ᠬᠦᠷᠲᠡᠭᠰᠡᠨ ᠵᠦᠷᠴᠢᠨ ᠦ᠌ ᠲᠣᠳᠢ ᠶ᠋ᠢᠨ ᠪᠠᠷᠢᠭᠰᠠᠨ ᠠᠨᠤ ᠣᠭᠲᠣ ᠥᠪᠡᠷ᠎ᠡ ᠶᠠᠭᠤᠮ᠎ᠠ ᠦᠭᠡᠢ᠂ ᠭᠠᠭᠴᠠ ᠬᠦᠬᠦᠷ ᠡᠮ᠂ ᠱᠣ ᠡᠮ ᠠᠷᠪᠠ ᠠᠷᠪᠠᠨ ᠲᠡᠷᠭᠡ ᠪᠠᠷᠢᠭᠰᠠᠨ ᠳ᠋ᠤᠷ ᠴᠡᠷᠢᠭ ᠦ᠋ᠨ ᠵᠢᠨᠦᠩ ᠮᠤᠬᠤᠯᠢ ᠶᠡᠬᠡᠳᠡ ᠰᠠᠢᠰᠢᠶᠠᠨ ᠥᠭᠦᠯᠡᠷᠦᠨ :
      《ᠭᠦᠨ ᠨᠠᠭᠤᠷ ᠤ᠋ᠨ ᠰᠡᠳᠬᠢᠯ ᠭᠦᠨ᠎ᠡ᠃ ᠥᠰᠲᠦ ᠳᠠᠢᠰᠤᠨ᠎ᠠ ᠡᠨᠡ ᠮᠠᠰᠢᠳᠠ ᠬᠡᠷᠡᠭᠲᠡᠢ᠃ ᠦᠬᠡᠷ ᠫᠤᠤ ᠶ᠋ᠢᠨ ᠴᠣᠬᠣᠮ ᠴᠢᠬᠤᠯᠠ ᠳᠠᠷᠢ᠃ ᠥᠭᠡᠴᠢᠯᠡᠨ ᠰᠤᠷᠭᠠᠶ᠎ᠠ᠂ ᠬᠦ ᠳᠠᠷᠢ ᠶ᠋ᠢᠨ ᠫᠤᠤ ᠶ᠋ᠢ 》ᠬᠡᠮᠡᠪᠡᠢ᠃ ᠰᠢ ᠯᠢᠶᠣᠣ ᠤᠯᠤᠰ ᠤ᠋ᠨ ᠶᠡᠬᠡ ᠪᠠᠭ᠎ᠠ ᠫᠤᠤ᠂ ᠰᠢᠨ᠎ᠡ ᠬᠠᠭᠤᠴᠢᠨ ᠨᠠᠢ᠍ᠮᠠᠨ ᠤ᠋ ᠶᠡᠬᠡ ᠰᠠᠩ ᠬᠥᠮᠥᠷᠭᠡ ᠳ᠋ᠦ᠍ᠷ ᠮᠠᠰᠢ ᠣᠯᠠᠨᠲᠠ ᠪᠠᠢᠭᠰᠠᠨ ᠪᠣᠯᠪᠠᠴᠤ᠂  ᠬᠦ ᠳᠠᠷᠢ ᠶ᠋ᠢ ᠠᠨᠤ ᠡᠯᠪᠡᠭ ᠣᠯᠬᠤ ᠦᠭᠡᠢ᠃ ᠴᠥᠮ ᠢ᠋ᠶ᠋ᠡᠷ ᠠᠯᠲᠠᠨ ᠤᠯᠤᠰ ᠲᠤᠷ ᠣᠷᠣᠵᠤ ᠮᠣᠷᠢ ᠮᠥᠩᠭᠥ ᠪᠡᠷ ᠠᠷᠠᠯᠵᠢᠨ ᠠᠴᠢᠷᠠᠵᠤ᠂ ᠭᠠᠭᠴᠠ ᠲᠡᠮᠳᠡᠭ ᠦᠬᠡᠷ ᠫᠤᠤ ᠳ᠋ᠤᠷ ᠡᠮ ᠳᠣᠬᠢᠶ᠎ᠠ ᠪᠣᠯᠭᠠᠨ ᠵᠠᠷᠤᠳᠠᠭ ᠲᠤᠯᠠ ᠡᠳᠦᠭᠡ ᠬᠦ ᠳᠠᠷᠢ ᠦᠢᠯᠡᠳᠬᠦ ᠭᠣᠣᠯ ᠡᠮ ᠢ᠋ ᠣᠯᠵᠤ ᠶᠡᠬᠡᠳᠡ ᠪᠠᠶᠠᠷᠯᠠᠨ ᠲᠠᠴᠢᠩᠬᠤᠷᠯᠤᠤ᠂ ᠢᠯᠠᠭᠤᠭᠰᠠᠨ ᠲᠠᠨ᠎ᠠ ᠬᠠᠪᠰᠤᠷᠤᠭᠤᠯᠤᠨ ᠥᠭᠴᠦ᠂ ᠫᠤᠤ ᠶ᠋ᠢᠨ ᠡᠮ ᠢ᠋ ᠥᠪᠡᠷ ᠢ᠋ᠶ᠋ᠡᠨ ᠨᠠᠢᠷᠠᠭᠤᠯᠤᠨ ᠡᠭᠦᠰᠬᠡᠵᠦ᠂ ᠭᠠᠯ ᠫᠤᠤ ᠬᠢᠭᠡᠳ ᠪᠠᠰᠠ ᠪᠢᠯᠳᠠ ᠴᠡᠨᠡᠭ ᠦ᠋ᠨ ᠵᠦᠢᠯ ᠢ᠋ ᠬᠠᠯᠠᠵᠤ ᠰᠡᠢᠴᠢᠯᠡᠨ᠂ ᠭᠠᠯ ᠫᠣᠤᠲᠤ ᠴᠡᠷᠢᠭ ᠰᠤᠷᠭᠠᠵᠤ ᠡᠬᠢᠯᠡᠪᠡ᠃ ᠡᠮᠦᠨ᠎ᠡ ᠭᠠᠵᠠᠷ ᠤ᠋ᠨ ᠠᠮᠤ ᠪᠠᠷ ᠨᠡᠷᠡᠬᠦ ᠬᠠᠷ᠎ᠠ ᠠᠷᠢᠬᠢ ᠶ᠋ᠢ ᠴᠥᠮ ᠲᠠᠴᠢᠩᠬᠤᠷᠯᠣᠤ᠂ ᠢᠯᠠᠭᠤᠭᠰᠠᠨ ᠨᠠᠷ ᠲᠡᠷᠭᠡ ᠲᠡᠮᠡᠭᠡ ᠪᠡᠷ ᠵᠥᠭᠡᠭᠡᠯᠴᠡᠪᠡ᠃ ᠡᠭᠦᠡᠴᠡ ᠮᠣᠩᠭᠣᠯ ᠤᠯᠤᠰ ᠲᠤᠷ ᠭᠠᠯ ᠫᠣᠤᠲᠤ ᠴᠡᠷᠢᠭ ᠲᠡᠢ ᠪᠣᠯᠤᠨ ᠡᠬᠢᠯᠡᠪᠡ᠃ ᠡᠨᠡ ᠤᠳᠠᠭ᠎ᠠ ᠬᠠᠭᠠᠨ ᠬᠢᠭᠡᠳ ᠵᠢᠨᠦᠩ ᠶᠡᠬᠡᠯ᠎ᠡ ᠪᠠᠶᠠᠷᠯᠠᠯᠴᠠᠨ᠂ ᠭᠤᠷᠪᠠᠨ ᠡᠳᠦᠷ ᠦ᠋ᠨ ᠶᠡᠬᠡ ᠪᠠᠶᠠᠷ ᠤ᠋ᠨ ᠬᠤᠷᠢᠮ ᠬᠤᠷᠢᠮᠯᠠᠭᠤᠯᠤᠨ᠂ ᠭᠤᠷᠪᠠᠨ ᠤᠯᠤᠰ ᠤ᠋ᠨ ᠡᠵᠡᠳ ᠢ᠋ ᠨᠠᠢᠷᠯᠠᠨ ᠬᠦᠨᠳᠦᠯᠡᠵᠦ᠂ ᠣᠷᠣᠯᠳᠣᠭ᠎ᠠ ᠪᠠᠷᠢᠯᠳᠤᠭ᠎ᠠ᠂ ᠱᠠᠪᠠᠩ ᠬᠥᠭᠵᠢᠮ᠂ ᠬᠥᠷ ᠨᠠᠢᠷ ᠬᠢᠵᠦ᠂ ᠲᠠᠩᠭᠠᠷᠢᠭ ᠨᠡᠢᠯᠡᠭᠦᠯᠦᠨ ᠤᠯᠤᠰ ᠤ᠋ᠨ ᠬᠠᠤᠯᠢ ᠴᠠᠭᠠᠵᠠ ᠶ᠋ᠢ ᠵᠠᠷᠯᠠᠨ ᠤᠬᠠᠭᠤᠯᠵᠤ᠂ ᠣᠯᠠᠨ ᠰᠠᠢᠳ ᠲᠦᠰᠢᠮᠡᠯ ᠵᠠᠩᠵᠤᠨ ᠪᠠᠭᠠᠲᠤᠳ᠂ ᠪᠠᠶᠠᠷ ᠤ᠋ᠨ ᠪᠣᠳᠣᠷᠣᠣᠯ ᠠᠢᠯᠠᠳᠬᠠᠨ ᠪᠠᠶᠠᠰᠬᠤᠯᠠᠩ ᠤ᠋ᠨ ᠶᠣᠰᠣᠨ ᠢ᠋ᠶ᠋ᠠᠷ ᠮᠥᠷᠭᠥᠪᠡ᠃ ᠵᠢᠴᠢ᠂ ᠤᠢᠭᠤᠷ ᠤ᠋ᠨ ᠦᠷᠭᠦᠩᠭᠡ ᠬᠠᠭᠠᠨ ᠤ᠋ ᠬᠠᠲᠤᠨ ᠪᠠ ᠬᠣᠶᠠᠷ ᠬᠥᠪᠡᠭᠦᠨ ᠢ᠋ ᠳᠠᠭᠠᠭᠤᠯᠤᠨ ᠮᠣᠩᠭᠣᠯ ᠤ᠋ᠨ ᠭᠤᠸᠠᠩ ᠰᠢᠶᠠᠨ ᠬᠤᠸᠠᠩᠬᠡᠦ ᠳ᠋ᠦ᠍ᠷ ᠪᠠᠷᠠᠭᠠᠯᠠᠭᠤᠯᠤᠨ ᠮᠥᠷᠭᠥᠵᠦ᠂ ᠳᠠᠩ ᠯᠢ ᠱᠢ ᠬᠠᠲᠤᠨ ᠪᠡᠶ᠎ᠡ ᠡᠴᠡᠭᠡᠨ ᠲᠥᠷᠥᠭᠰᠡᠨ ᠪᠠᠭ᠎ᠠ ᠬᠥᠪᠡᠭᠦᠨ ᠳᠡᠰ ᠪᠠᠭᠠᠲᠤᠷ ᠢ᠋ ᠳᠡᠨᠵᠢ ᠦᠯᠡᠳᠡᠭᠡᠨ ᠥᠪᠡᠷ᠎ᠡ ᠡᠮ᠎ᠡ ᠡᠴᠡ ᠲᠥᠷᠥᠭᠰᠡᠨ ᠬᠠᠰ ᠪᠠᠭᠠᠲᠤᠷ ᠬᠥᠪᠡᠭᠦᠨ ᠢ᠋ᠶ᠋ᠡᠨ ᠤᠯᠤᠰ ᠲᠤᠷ ᠠᠨᠤ ᠡᠭᠡᠭᠦᠯᠦᠮᠦ ᠭᠡᠮᠡᠨ ᠭᠤᠶᠤᠨ ᠠᠢᠯᠠᠳᠬᠠᠭᠰᠠᠨ᠎ᠠ᠂ ᠭᠤᠸᠠᠩ ᠰᠢᠶᠠᠨ ᠬᠤᠸᠠᠩᠬᠡᠦ ᠶ᠋ᠢᠨ ᠵᠠᠷᠯᠢᠭ ᠪᠣᠯᠤᠭᠰᠠᠨ ᠠᠨᠤ᠄ 
      《ᠥᠪᠡᠷ ᠦ᠋ᠨ ᠲᠥᠷᠥᠭᠰᠡᠨ ᠢ᠋ ᠦᠯᠡᠳᠡᠭᠡᠨ ᠥᠭᠴᠦ᠂ ᠪᠤᠰᠤᠳ ᠤ᠋ᠨ ᠲᠥᠷᠥᠭᠰᠡᠨ ᠢ᠋ ᠪᠤᠴᠠᠭᠠᠨ ᠬᠠᠷᠢᠭᠤᠯᠰᠤ ᠬᠡᠮᠡᠭᠴᠢ ᠥᠨᠳᠥᠷ ᠡᠷᠳᠡᠮᠲᠦ ᠡᠬᠡᠨᠡᠷ ᠦ᠋ᠨ ᠳᠣᠲᠣᠷᠠᠬᠢ ᠡᠷ᠎ᠡ ᠪᠣᠯᠠᠢ᠃ ᠡᠳᠦᠭᠡᠬᠢ ᠶ᠋ᠢᠨ ᠭᠡᠭᠡᠬᠡᠨ ᠭᠣᠣᠯᠲᠤ ᠭᠦᠩᠵᠦ ᠬᠤᠷᠢᠮᠯᠠᠯ᠎ᠠ᠃ ᠥᠪᠡᠷ ᠢ᠋ᠶ᠋ᠡᠨ ᠡᠷᠢᠨ ᠢᠷᠡᠭᠰᠡᠨ ᠢ᠋ ᠡᠵᠡᠨ ᠰᠠᠢᠰᠢᠶᠠᠪᠠᠢ᠃ ᠥᠪᠡᠷ ᠪᠤᠰᠤᠳ ᠠᠯᠢᠨ ᠨᠢ ᠴᠦ᠍ ᠦᠯᠦ ᠦᠯᠡᠳᠡᠭᠡᠮᠦ᠃ ᠥᠪᠡᠷ᠎ᠡ ᠡᠳᠦᠷ ᠳᠠᠬᠢᠨ ᠢᠷᠡᠭᠰᠡᠨ ᠴᠠᠭ ᠲᠤᠷ ᠦᠷᠡᠰ ᠭᠦᠩᠵᠦ ᠨᠡᠷ᠎ᠡ ᠬᠣᠯᠪᠣᠨ ᠬᠥᠮᠦᠵᠢᠭᠦᠯᠰᠦᠭᠡᠢ᠃》 ᠰᠢᠵᠢᠷ ᠠᠯᠲᠠᠨ ᠤ᠋ ᠵᠣᠭᠣᠰ ᠲᠡᠷᠢᠭᠦᠯᠡᠨ᠂ ᠰᠢᠷᠬᠡᠭ ᠲᠣᠷᠭᠠᠮᠰᠤᠭ ᠤ᠋ᠨ ᠮᠠᠯᠠᠭ᠎ᠠ ᠳᠤᠭᠤᠯᠠᠭ᠎ᠠ ᠶ᠋ᠢᠨ ᠵᠠᠯᠠᠭ᠎ᠠ ᠲᠡᠷᠢᠭᠦᠯᠡᠨ᠂ ᠶᠢᠰᠦ ᠶᠢᠰᠦᠨ ᠢ᠋ᠶ᠋ᠡᠷ ᠬᠦᠨᠳᠦ ᠱᠠᠩ ᠬᠡᠰᠢᠭ ᠬᠦᠷᠲᠡᠭᠡᠨ ᠬᠥᠬᠢᠭᠦᠯᠦᠭᠰᠡᠨ ᠳ᠋ᠦ᠍ᠷ ᠤᠢᠭᠤᠷ ᠤ᠋ᠨ ᠬᠠᠲᠤᠨ ᠳᠠᠩ ᠯᠢ ᠱᠢ ᠦᠨᠡᠩᠬᠦ ᠰᠡᠳᠬᠢᠯ ᠢ᠋ᠶ᠋ᠡᠷ᠂ 《ᠥᠪᠡᠷᠦᠨ ᠬᠥᠪᠡᠭᠦᠨ ᠠᠷᠪᠠᠨ ᠲᠠᠪᠤᠨ ᠨᠠᠰᠤᠯᠪᠠ᠃ ᠠᠯᠢᠪᠠ ᠬᠡᠷᠡᠭ ᠢ᠋ ᠤᠬᠠᠮᠵᠢᠯᠠᠪᠠ᠂ ᠠᠪᠴᠤ ᠦᠯᠡᠳᠡᠭᠡᠨ ᠬᠤᠷᠢᠶᠠᠮᠵᠢᠯᠠᠭᠠᠳ᠂ ᠠᠯᠤᠰ ᠬᠡᠳᠦ ᠬᠣᠯᠠ ᠠ᠋ᠴᠠ ᠢᠷᠡᠭᠰᠡᠨ ᠴᠢᠩ ᠦᠨᠡᠨ ᠰᠡᠳᠬᠢᠯ ᠢ᠋ ᠮᠢᠨᠦ ᠢᠯᠡᠳᠬᠡᠭᠦᠯᠦᠮᠦ 》ᠭᠡᠮᠡᠨ ᠳᠠᠬᠢᠨ ᠳᠠᠪᠲᠠᠨ ᠭᠣᠶᠳ ᠠᠢᠯᠠᠳᠬᠠᠵᠤ᠂ 《ᠲᠥᠷᠥᠭᠰᠡᠨ ᠦᠷ᠎ᠡ ᠪᠡᠨ ᠥᠭᠴᠦ᠂ ᠤᠯᠤᠰ ᠠᠯᠪᠠᠲᠤ ᠪᠠᠨ ᠠᠮᠤᠭᠤᠯᠪᠠ 》ᠬᠡᠮᠡᠬᠦ ᠨᠡᠷ᠎ᠡ ᠶ᠋ᠢ ᠣᠯᠭᠣᠭᠤᠯᠤᠨ ᠬᠦᠷᠲᠡᠭᠡᠮᠦ ᠬᠡᠮᠡᠲᠡᠯ᠎ᠡ᠂ ᠭᠤᠸᠠᠩ ᠰᠢᠶᠠᠨ ᠬᠤᠸᠠᠩᠬᠡᠦ ᠪᠡᠷ᠂ 《ᠵᠢᠷᠤᠮᠲᠤ ᠰᠡᠳᠬᠢᠯ ᠨᠢᠭᠡᠳᠬᠡᠪᠡᠰᠦ᠂ ᠵᠡᠭᠦᠨ ᠳᠠᠯᠠᠢ ᠴᠦ᠍ ᠬᠣᠯᠠ ᠦᠭᠡᠢ᠃ ᠦᠨᠡᠨ ᠡᠶ᠎ᠡ ᠨᠢᠭᠡᠳᠪᠡᠰᠦ ᠡᠮᠦᠨ᠎ᠡ ᠳᠠᠯᠠᠢ ᠴᠦ᠍ ᠠᠯᠤᠰ ᠪᠤᠰᠤ᠂ ᠵᠢᠷᠦᠬᠡ ᠡᠯᠢᠭᠡ ᠳ᠋ᠦ᠍ᠷ ᠲᠡᠮᠳᠡᠭᠯᠡᠶ᠎ᠡ ᠪᠢ᠃ ᠵᠢᠷᠭᠠᠯ ᠪᠤᠶᠠᠨ ᠢ᠋ ᠬᠠᠮᠲᠤᠤᠬᠠᠡᠶ᠎ᠠ᠃ ᠥᠪᠡᠷ᠎ᠡ ᠡᠳᠦᠷ ᠢᠷᠡᠭᠲᠦᠨ᠂ ᠦᠷ᠎ᠡ ᠡᠡᠴᠢ ᠪᠡᠷ ᠬᠠᠨᠢᠯᠠᠶ᠎ᠠ ᠪᠢᠳᠡ 》 ᠬᠡᠮᠡᠭᠰᠡᠨ ᠳ᠋ᠦ᠍ᠷ ᠤᠢᠭᠤᠷ ᠤ᠋ᠨ ᠬᠠᠲᠤᠨ ᠤᠶᠠᠷᠠᠨ ᠪᠢᠰᠢᠷᠡᠭᠡᠳ ᠤᠢᠯᠠᠨ ᠬᠠᠢᠯᠠᠵᠤ ᠨᠢᠯᠪᠤᠰᠤᠨ ᠴᠤᠪᠤᠷᠢᠭᠤᠯᠤᠨ ᠮᠥᠷᠭᠥᠵᠦ ᠰᠢᠲᠦᠪᠡᠢ᠃ 
       ᠲᠡᠳᠦᠢ ᠬᠠᠭᠠᠨ ᠤ᠋ ᠵᠠᠷᠯᠢᠭ ᠢ᠋ᠶ᠋ᠠᠷ ᠡᠨᠡ ᠤᠳᠠᠭ᠎ᠠ ᠳᠡᠨᠵᠢ ᠶ᠋ᠢ ᠦᠯᠡᠳᠡᠭᠡᠬᠦ ᠦᠭᠡᠢ᠂ ᠡᠭᠦᠡᠴᠡ ᠬᠣᠵᠢᠮ ᠬᠡᠵᠢᠶ᠎ᠡ ᠢᠷᠡᠪᠡᠴᠦ ᠲᠠᠨ ᠤ᠋ ᠲᠠᠪᠠ ᠭᠡᠮᠡᠨ ᠡᠮᠦᠨ᠎ᠡ ᠭᠠᠵᠠᠷ ᠤ᠋ᠨ ᠡᠯ᠎ᠡ ᠨᠠᠷᠢᠨ ᠵᠥᠭᠡᠯᠡᠨ ᠡᠳ᠋ ᠠᠭᠤᠷᠠᠰᠤᠨ ᠤ᠋ ᠱᠠᠩ ᠬᠡᠰᠢᠭ ᠢ᠋ ᠬᠠᠮᠢ ᠶ᠋ᠢᠨ ᠡᠵᠡᠨ ᠳᠠᠩ ᠴᠢᠩ ᠲᠠᠨ ᠳ᠋ᠤᠷ ᠲᠡᠭᠰᠢᠯᠡᠨ ᠱᠠᠩᠨᠠᠵᠤ᠂ ᠲᠠᠢᠽᠢ ᠴᠢᠨ ᠸᠠᠩ ᠴᠠᠭᠠᠲᠠᠢ ᠶ᠋ᠢᠨ ᠶᠡᠬᠡ ᠴᠡᠷᠢᠭ ᠢ᠋ ᠬᠣᠢᠰᠢ ᠲᠡᠳᠡᠨ ᠡᠭᠡᠭᠦᠯᠬᠦ᠂ ᠭᠠᠪᠢᠶ᠎ᠠ ᠶ᠋ᠢ ᠲᠣᠭᠠᠴᠢᠭᠰᠠᠨ ᠵᠣᠣ ᠪᠢᠴᠢᠭ ᠢ᠋ ᠤᠢᠭᠤᠷ ᠤ᠋ᠨ ᠡᠵᠡᠨ ᠦ᠌ ᠳᠡᠳ᠋ ᠬᠥᠪᠡᠭᠦᠨ᠂ ᠳᠡᠰ ᠪᠠᠭᠠᠲᠤᠷ ᠤ᠋ᠨ ᠠᠷᠤ ᠳ᠋ᠤᠷ ᠡᠭᠦᠷᠦᠭᠦᠯᠵᠦ᠂ ᠶ᠋ᠢᠨ ᠭᠦᠩᠵᠦ ᠪᠡᠷᠢ ᠳ᠋ᠦ᠍ᠷ ᠱᠠᠩᠨᠠᠬᠤ ᠡᠳ᠋ ᠠᠭᠤᠷᠠᠰᠤᠨ᠂ ᠵᠠᠯᠮ᠎ᠠ ᠨᠣᠶᠠᠨ ᠢ᠋ ᠰᠠᠢᠰᠢᠶᠠᠨ ᠱᠠᠩᠨᠠᠬᠤ ᠪᠡᠯᠡᠭ ᠦ᠋ᠨ ᠡᠳ᠋ ᠲᠠᠸᠠᠷ ᠢ᠋ ᠤᠢᠭᠤᠷ ᠤ᠋ᠨ ᠶᠡᠬᠡ ᠬᠥᠪᠡᠭᠦᠨ ᠬᠠᠰ ᠪᠠᠭᠠᠲᠤᠷ ᠲᠤᠷ ᠲᠤᠰᠢᠶᠠᠨ᠂ ᠮᠣᠷᠳᠠᠬᠤ ᠦᠶ᠎ᠡ ᠳ᠋ᠦ᠍ᠷ ᠬᠠᠭᠠᠨ ᠤ᠋ ᠭᠡᠭᠡᠨ᠂ ᠲᠡᠷᠡ ᠡᠴᠢᠭᠡ ᠬᠥᠪᠡᠭᠦᠨ ᠭᠤᠷᠪᠠᠭᠤᠯᠠ ᠶ᠋ᠢ ᠳᠣᠲᠣᠭᠰᠢ ᠳᠠᠬᠢᠨ ᠨᠢᠭᠡᠨ ᠵᠡᠷᠭᠡ ᠳᠡᠭᠡᠭᠰᠢ ᠳᠡᠪᠰᠢᠭᠦᠯᠦᠨ ᠰᠥᠭᠥᠳᠬᠡᠵᠦ ᠠᠩᠭᠢᠳᠠ ᠴᠠᠭᠠᠨ ᠮᠥᠩᠭᠥᠨ ᠬᠣᠷᠢᠨ ᠥᠯᠥᠭᠡᠢ᠂ ᠳᠥᠷᠪᠡᠨ ᠲᠦᠪᠰᠢᠨ ᠱᠠᠩᠨᠠᠨ ᠥᠭᠴᠦ ᠵᠠᠷᠯᠢᠭ ᠪᠣᠯᠤᠷᠤᠨ᠄   
      《ᠮᠢᠩᠭᠠᠨ ᠯᠠᠩ ᠮᠥᠩᠭᠥ ᠬᠡᠮᠡᠭᠴᠢ ᠮᠠᠰᠢ ᠥᠴᠦᠬᠡᠨ ᠡᠳ᠋᠂ ᠮᠢᠨᠦ ᠡᠮᠴᠢ ᠰᠠᠢᠨ ᠰᠡᠷ ᠦ᠋ᠨ ᠮᠢᠯᠠᠷᠠᠭᠰᠠᠨ ᠤᠯᠤᠰ ᠰᠠᠶᠢ ᠶᠡᠬᠡ ᠪᠤᠶᠤ᠂ ᠮᠢᠲᠠᠷᠠᠯ ᠦᠭᠡᠢ ᠰᠠᠷᠯᠢᠭ ᠢ᠋ ᠡᠭᠡᠭᠦᠯᠦᠨ᠂ ᠮᠢᠰ ᠦᠭᠡᠢ ᠪᠠᠢᠭᠤᠯᠪᠠᠰᠤ᠂ ᠮᠢᠨᠦ ᠰᠡᠳᠬᠢᠯ ᠰᠠᠶᠢ ᠪᠡᠶᠡᠰᠦᠨ᠂ ᠮᠢᠬ᠎ᠠ ᠶᠠᠰᠤᠨ ᠢ᠋ᠶ᠋ᠠᠷ ᠢᠨᠠᠭᠯᠠᠶ᠎ᠠ ᠪᠢ 》 ᠬᠡᠮᠡᠭᠰᠡᠨ ᠳ᠋ᠦ᠍ᠷ ᠤᠢᠭᠤᠷ ᠤ᠋ᠨ ᠡᠵᠡᠨ ᠡᠰᠡ ᠰᠠᠨᠠᠭᠰᠠᠨ ᠢ᠋ᠶ᠋ᠠᠨ ᠣᠯᠵᠤ᠂ ᠡᠰᠡ ᠬᠦᠰᠡᠭᠰᠡᠨ ᠳ᠋ᠦ᠍ᠷ ᠬᠦᠷᠲᠡᠵᠦ᠂ ᠡᠳ᠋ ᠦ᠋ᠨ ᠭᠡᠷᠡᠯ ᠨᠢᠳᠦᠨ ᠢ᠋ ᠭᠢᠯᠠᠰᠬᠠᠨ ᠂ ᠡᠯᠢᠭᠡ ᠵᠢᠷᠦᠬᠡ ᠪᠢᠰᠢᠷᠡᠨ᠂ ᠡᠷᠲᠡᠨ ᠦ᠌ ᠳᠠᠪᠴᠢᠯᠠᠭᠰᠠᠨ ᠰᠠᠷᠯᠢᠭ ᠤᠯᠤᠰ ᠢ᠋ ᠡᠷᠬᠡ ᠦᠭᠡᠢ ᠡᠭᠡᠭᠦᠯᠵᠦ᠂ ᠡᠵᠡᠨ ᠰᠠᠢᠳ ᠢ᠋ ᠬᠠᠮᠲᠤ ᠴᠤᠭᠯᠠᠭᠤᠯᠤᠨ ᠡᠵᠡᠨ ᠪᠣᠭᠳᠠ ᠶ᠋ᠢᠨ ᠲᠠᠢᠽᠢ ᠴᠢᠶᠠᠨ ᠰᠦᠢ ᠲᠡᠨᠳᠡ ᠪᠠᠢᠲᠠᠯ᠎ᠠ᠂ ᠡᠨᠡ ᠲᠥᠷᠥ ᠶ᠋ᠢ ᠡᠷᠬᠡᠪᠰᠢ ᠪᠠᠢᠭᠤᠯᠵᠤ᠂ ᠡᠭᠡᠴᠢ ᠳᠡᠭᠦᠦ ᠶ᠋ᠢ ᠡᠷᠢᠨ ᠵᠠᠯᠠᠵᠤ᠂ ᠡᠷᠬᠡ ᠲᠣᠪᠴᠢᠶ᠎ᠠ ᠶ᠋ᠢ ᠡᠵᠡᠷᠬᠡᠭᠦᠯᠦᠨ ᠪᠠᠷᠢᠭᠤᠯᠵᠤ᠂ ᠡᠵᠡᠨ ᠬᠠᠭᠠᠨ ᠳ᠋ᠤᠷ ᠡᠭᠡᠭᠦᠯᠦᠨ ᠦᠳᠲᠡᠷ ᠲᠥᠷᠭᠡᠨ᠎ᠡ ᠠᠢᠯᠠᠳᠬᠠᠨ ᠢᠷᠡᠬᠦᠶ᠎ᠡ ᠡᠨᠡᠭᠰᠢᠶᠡᠨ ᠦᠵᠡᠭᠰᠡᠨ᠂ ᠳᠡᠰ ᠪᠠᠭᠠᠲᠤᠷ ᠢ᠋ ᠳᠠᠬᠢᠨ ᠬᠦᠷᠭᠡᠵᠦ ᠢᠷᠡᠨ ᠬᠦᠴᠦᠨ ᠪᠠᠷᠢᠭᠤᠯᠤᠶ᠎ᠠ ᠭᠡᠮᠡᠨ ᠨᠢᠳᠦᠨ ᠦ᠌ ᠨᠢᠯᠪᠤᠰᠤ ᠤᠨᠠᠭᠠᠨ᠂ ᠲᠠᠩᠭᠠᠷᠢᠭᠯᠠᠨ ᠮᠥᠷᠭᠥᠵᠦ᠂ ᠭᠡᠷᠦᠨ ᠬᠣᠲᠠᠯᠠᠭᠠᠷ ᠪᠠᠶᠠᠷ ᠪᠠᠶᠠᠰᠬᠤᠯᠠᠩ ᠪᠦᠷᠢᠨ ᠲᠡᠭᠦᠰ ᠢ᠋ᠶ᠋ᠡᠷ ᠶᠢᠰᠦ ᠶᠢᠰᠦᠨᠲᠡ ᠶᠣᠰᠣᠯᠠᠨ ᠠᠶᠠᠷᠯᠠᠵᠤ ᠮᠥᠷᠭᠥᠵᠦ ᠮᠥᠯᠬᠥᠨ ᠤᠬᠤᠷᠢᠵᠤ ᠭᠠᠷᠴᠤ᠂ ᠵᠢᠨᠦᠩ ᠲᠠᠢᠪᠤᠤ ᠳ᠋ᠤᠷ ᠵᠣᠯᠭᠠᠬᠤᠶ᠎ᠠ᠂ ᠵᠢᠨᠦᠩ ᠲᠠᠢᠪᠤᠤ ᠴᠠᠭᠠᠵᠠᠨ ᠤ᠋ ᠵᠡᠪᠡ ᠥᠭᠴᠦ᠂《ᠨᠠᠢ᠍ᠮᠠᠨ ᠤ᠋ ᠬᠦᠩ ᠠᠯᠲᠠᠨᠱᠠᠭ᠎ᠠ ᠳ᠋ᠤᠷ ᠵᠣᠯᠭᠠᠵᠤ ᠬᠠᠭᠠᠨ ᠤ᠋ ᠵᠠᠷᠯᠢᠭ ᠢ᠋ ᠬᠠᠨᠲᠠᠯ᠎ᠠ ᠪᠦᠲᠦᠭᠡ 》 ᠭᠡᠮᠡᠨ ᠬᠠᠰ ᠤ᠋ᠨ ᠪᠦᠰᠡ ᠪᠦᠰᠡᠯᠡᠭᠦᠯᠵᠦ ᠢᠯᠡᠭᠡᠪᠡ᠃ ᠬᠠᠮᠢ ᠶ᠋ᠢᠨ ᠡᠵᠡᠨ ᠡᠳᠦᠭᠡ ᠡᠴᠢᠬᠦ ᠦᠭᠡᠢ ᠬᠠᠭᠠᠰ ᠵᠢᠯ ᠬᠦᠴᠦᠨ ᠪᠠᠷᠢᠨ᠂ ᠬᠠᠯᠠᠭᠤᠨ ᠰᠡᠳᠬᠢᠯ ᠢ᠋ᠶ᠋ᠡᠨ ᠦᠵᠡᠭᠦᠯᠦᠮᠦᠢ ᠭᠡᠮᠡᠨ ᠬᠣᠴᠣᠷᠪᠠ᠃ ᠤᠭ ᠬᠠᠭᠤᠴᠢᠨ  《ᠬᠥᠬᠡ ᠰᠤᠳᠤᠷ 》 ᠲᠤᠷ ᠡᠨᠡ ᠨᠢᠭᠡᠨ ᠬᠡᠰᠡᠭ ᠢ᠋ ᠲᠡᠮᠳᠡᠭᠯᠡᠭᠰᠡᠨ ᠢᠨᠤ᠄ ᠴᠠᠭᠠᠵᠠ ᠶ᠋ᠢ ᠪᠠᠷᠢᠭᠴᠢ ᠵᠢᠨᠦᠩ ᠮᠤᠬᠤᠯᠢ ᠶ᠋ᠢᠨ ᠠᠷᠭ᠎ᠠ ᠪᠠᠷ ᠴᠠᠭᠯᠠᠰᠢ ᠦᠭᠡᠢ ᠴᠠᠭᠠᠲᠠᠢ ᠸᠠᠩ ᠢ᠋ ᠭᠠᠷᠭᠠᠵᠤ᠂ ᠴᠠᠭ ᠳᠣᠲᠣᠷ᠎ᠠ ᠭᠤᠷᠪᠠᠨ ᠤᠯᠤᠰ ᠢ ᠬᠤᠷᠢᠶᠠᠵᠤ᠂ ᠲᠠᠪᠤᠨ ᠬᠠᠳ ᠢ᠋ ᠴᠠᠭᠠᠷᠢᠭ ᠮᠡᠲᠦ ᠬᠡᠯᠬᠢᠪᠡ ᠬᠡᠮᠡᠵᠦᠬᠦᠢ᠃ ᠠᠯᠢ ᠲᠠᠪᠤᠭᠤᠯᠠ ᠬᠡᠮᠡᠪᠡᠰᠦ᠂ ᠲᠡᠷᠢᠭᠦᠨ ᠳ᠋ᠦ᠍ᠷ ᠲᠠᠩᠭᠤᠳ ᠤᠯᠤᠰ᠂ ᠳᠡᠳ᠋ ᠲᠣᠷ ᠤᠢᠭᠤᠷ ᠤᠯᠤᠰ᠂ ᠭᠤᠲᠠᠭᠠᠷ᠎ᠠ ᠬᠠᠮᠢ ᠤᠯᠤᠰ᠂ ᠲᠦ᠋ᠳᠥᠭᠡᠷ᠎ᠡ ᠢᠷᠬᠠᠢ ᠤᠯᠤᠰ᠂ ᠳᠡᠪᠤᠳᠤᠭᠠᠷ᠎ᠡ ᠰᠠᠷᠯᠢᠭ᠋ ᠤᠯᠤᠰ ᠴᠥᠮ ᠢ᠋ᠶ᠋ᠡᠷ ᠮᠣᠩᠭᠣᠯ ᠳ᠋ᠤᠷ ᠠᠯᠪᠠ ᠪᠠᠷᠢᠬᠤ ᠬᠡᠷᠡᠭᠲᠡᠢ ᠪᠣᠯᠤᠭᠰᠠᠨ ᠢ᠋ ᠬᠡᠯᠡᠪᠡᠢ᠃ ᠬᠣᠢᠨ᠎ᠠ ᠴᠥᠮ ᠮᠣᠵᠢ ᠶ᠋ᠢᠨ ᠡᠵᠡᠨ ᠪᠡᠢᠯᠡ ᠡᠷᠭᠦᠮᠵᠢᠯᠡᠵᠦᠬᠦᠢ᠃ ᠴᠠᠭᠠᠲᠠᠢ ᠲᠠᠢᠽᠢ ᠴᠠᠭᠠᠨ ᠪᠠ ᠸᠠᠩ ᠤ᠋ᠨ ᠴᠣᠯᠠ ᠣᠯᠵᠤ᠂ ᠲᠣᠳᠢ ᠨᠣᠶᠠᠨ ᠭᠦᠨ ᠨᠠᠭᠤᠷ ᠨᠡᠷ᠎ᠡ ᠬᠦᠷᠲᠡᠪᠡ᠃ 《ᠶᠤᠸᠠᠨ ᠤᠯᠤᠰ ᠤ᠋ᠨ ᠶᠡᠬᠡ ᠰᠣᠳᠣᠷ᠎ᠠ 》ᠵᠦᠷᠴᠢᠨ ᠤᠯᠤᠰ ᠤ᠋ᠨ ᠭᠣᠣ ᠨᠣᠤ ᠡᠯ ᠬᠡᠮᠡᠭᠴᠢ ᠳᠠᠷᠤᠢ ᠡᠨᠡ ᠭᠦᠨ ᠨᠠᠭᠤᠷ ᠬᠡᠮᠡᠭᠰᠡᠨ ᠨᠡᠷ᠎ᠡ ᠪᠤᠶᠤ᠃ ᠴᠡᠴᠡᠭ ᠬᠤᠸᠠᠷ ᠰᠠᠯᠠᠭᠠᠯᠠᠨ ᠣᠷᠭᠣᠪᠠᠰᠤ ᠬᠣᠶᠠᠷ ᠳᠠᠰᠢ ᠵᠡᠷᠭᠡ ᠪᠡᠷ ᠦᠰᠦᠮᠦᠢ᠃ ᠪᠢᠴᠢᠭ ᠬᠣᠶᠠᠷ ᠰᠠᠯᠠᠭ᠎ᠠ ᠭᠠᠷᠪᠠᠴᠤ᠂ ᠨᠢᠭᠡᠬᠡᠨ ᠪᠢᠷ ᠢ᠋ᠶ᠋ᠡᠷ ᠵᠠᠯᠭᠠᠵᠤ ᠪᠢᠴᠢᠬᠦ ᠬᠡᠷᠡᠭᠲᠡᠢ ᠶ᠋ᠢᠨ ᠲᠤᠯᠠ ᠡᠨᠡ ᠨᠢᠭᠡᠨ ᠵᠦᠭ ᠢ᠋ ᠲᠣᠭᠠᠴᠢᠵᠤ ᠨᠢᠭᠡᠨ ᠦᠵᠦᠭᠦᠷ ᠭᠠᠷᠭᠠᠪᠠᠰᠤ᠂ ᠣᠳᠣ ᠲᠡᠷᠡ ᠨᠢᠭᠡᠨ ᠵᠦᠢᠯ ᠡᠴᠡ ᠥᠭᠦᠯᠡᠬᠦ ᠬᠡᠷᠡᠭᠲᠡᠢ ᠲᠤᠯᠠ ᠵᠡᠪᠡ ᠨᠣᠶᠠᠨ ᠬᠣᠶᠠᠷ ᠬᠠᠨ ᠢ᠋ ᠨᠢᠭᠡᠨ ᠡᠰᠢ ᠪᠡᠷ ᠳᠠᠪᠬᠤᠷ ᠳᠡᠯᠡᠳᠴᠦ ᠪᠠᠷᠢᠭᠠᠳ ᠡᠭᠡᠵᠦ ᠢᠷᠡᠬᠦᠶ᠎ᠡ᠂ ᠤᠯᠤᠰ ᠤ᠋ᠨ ᠳᠣᠲᠣᠷ᠎ᠠ ᠶᠡᠬᠡ ᠴᠡᠷᠢᠭ ᠰᠢᠯᠭᠠᠮᠤᠢ ᠭᠡᠮᠡᠨ ᠳᠤᠷᠠᠳᠤᠭᠰᠠᠨ ᠠᠨᠤ ᠪᠠᠰᠠ ᠨᠢᠭᠡᠨ ᠶᠡᠬᠡ ᠶᠠᠷᠰᠢᠭ ᠭᠠᠷᠴᠤᠬᠤᠢ᠃ ᠶᠠᠮᠪᠠᠷ ᠶᠠᠷᠰᠢᠭ ᠪᠣᠢ? ᠬᠡᠮᠡᠪᠡᠰᠦ᠄ ᠨᠢᠳᠤᠨᠤᠨ ᠡᠪᠦᠯ᠂ ᠨᠢᠭᠤᠨ ᠬᠤᠯᠠᠭᠤᠭᠴᠢ ᠴᠢᠳᠠᠪᠤᠷᠢᠲᠤ ᠴᠢᠦᠢ ᠴᠦ ᠯᠢᠦᠢ ᠬᠠᠭᠠᠨ ᠢ᠋ᠶ᠋ᠠᠷ ᠲᠠᠩᠭᠤᠳ ᠤᠯᠤᠰ ᠤ᠋ᠨ ᠵᠠᠬ᠎ᠠ ᠳ᠋ᠤᠷ ᠵᠠᠪᠬᠠᠪᠠᠢ ᠬᠡᠮᠡᠭᠴᠢ᠂ ᠲᠠᠩᠭᠤᠳ ᠤᠯᠤᠰ ᠤ᠋ᠨ ᠣᠯᠣᠭᠠᠢ ᠶ᠋ᠢᠨ ᠤᠰᠤᠨ ᠤ᠋ ᠮᠥᠯᠰᠥ ᠶ᠋ᠢ ᠴᠠᠪᠴᠢᠨ ᠣᠪᠣᠭᠠᠯᠠᠵᠤ᠂ ᠲᠡᠭᠦᠨ ᠳ᠋ᠦ᠍ᠷ ᠰᠢᠷᠭᠤᠨ ᠠᠮᠢ ᠭᠠᠷᠴᠤ᠂ ᠶᠡᠬᠡ ᠴᠡᠷᠢᠭ ᠡᠴᠡ ᠮᠤᠯᠲᠤᠷᠠᠨ ᠭᠠᠷᠴᠤ ᠡᠭᠡᠵᠦ ᠳᠣᠪᠲᠣᠯᠤᠨ ᠨᠢᠭᠡᠨ ᠶᠡᠬᠡ ᠭᠦᠨ ᠪᠠᠯᠠᠷ ᠠᠭᠤᠯᠠᠨ᠎ᠡ ᠣᠷᠣᠵᠤ᠂ ᠶᠡᠬᠡ ᠰᠢᠭᠤᠢ ᠶ᠋ᠢ ᠨᠡᠪᠲᠡᠯᠬᠦᠶ᠎ᠡ ᠮᠠᠰᠢ ᠣᠷᠣᠢᠲᠠᠵᠤ ᠬᠠᠷᠠᠬᠠᠨ ᠲᠥᠭᠡᠷᠢᠨ ᠶᠠᠪᠤᠬᠤᠶ᠎ᠠ ᠭᠡᠨᠡᠳᠲᠡ ᠬᠠᠷᠢᠨ ᠨᠢᠭᠡᠨ ᠬᠥᠬᠡᠪᠲᠦᠷ ᠭᠠᠯ ᠤ᠋ᠨ ᠭᠡᠷᠡᠯ ᠴᠣᠩᠬᠣᠨ᠎ᠠ ᠲᠤᠶᠠᠭᠠᠯᠠᠨ ᠦᠵᠡᠭᠳᠡᠵᠦ᠂ ᠳᠠᠷᠤᠢ ᠲᠡᠷᠡ ᠵᠦᠭ ᠬᠡᠩᠬᠦᠯ ᠬᠣᠩᠬᠣᠯ ᠢ᠋ ᠳᠠᠪᠠᠵᠤ᠂ ᠣᠢᠷ᠎ᠠ ᠬᠦᠷᠪᠡᠰᠦ ᠬᠠᠷᠢᠨ ᠨᠢᠭᠡᠨ ᠬᠠᠳᠠᠨ ᠤ᠋ ᠠᠭᠤᠢ ᠶ᠋ᠢᠨ ᠪᠢᠴᠢᠬᠠᠨ ᠴᠣᠩᠬᠣ ᠲᠡᠳᠦᠢ ᠵᠤᠯᠠ ᠪᠣᠢ ᠲᠤᠯᠠ ᠬᠥᠮᠦᠨ ᠪᠠᠢᠬᠤ ᠪᠣᠢ᠎ᠡ ᠭᠡᠮᠡᠨ ᠰᠠᠶᠢ ᠣᠢᠷ᠎ᠠ ᠬᠦᠷᠲᠡᠯ᠎ᠡ ᠳᠣᠲᠣᠷ᠎ᠠ ᠠ᠋ᠴᠠ ᠨᠢᠭᠡᠨ ᠰᠠᠢᠬᠠᠨ ᠲᠥᠷᠥᠭᠰᠡᠨ ᠪᠥᠬᠡ ᠪᠣᠮᠪᠣ ᠡᠭᠦᠳᠡ ᠶ᠋ᠢ ᠳᠣᠲᠣᠷ᠎ᠠ ᠠ᠋ᠴᠠ ᠨᠡᠭᠡᠭᠡᠵᠦ ᠭᠠᠷᠴᠤ ᠢᠷᠡᠮᠡᠭᠴᠡ ᠳᠠᠭᠤᠳᠠᠨ ᠥᠭᠦᠯᠡᠷᠦᠨ:
      《 ᠬᠠᠭᠤᠴᠢᠨ ᠨᠠᠢ᠍ᠮᠠᠨ ᠤ᠋ ᠢᠦᠢ ᠬᠠᠭᠠᠨ ᠠᠭᠤᠢ ᠳ᠋ᠤᠷ ᠵᠠᠯᠠᠷᠠᠵᠤ ᠪᠠᠭᠤ᠂ ᠶᠡᠬᠡᠯ᠎ᠡ ᠶᠠᠳᠠᠵᠤ ᠴᠢᠯᠡᠪᠡᠢ ‍ᠶ᠎ᠠ 》 ᠬᠡᠮᠡᠭᠰᠡᠨ ᠳ᠋ᠦ᠍ᠷ ᠴᠢᠦᠢ ᠴᠦ ᠯᠢᠦᠢ ᠶᠡᠬᠡᠳᠡ ᠠᠶᠤᠨ ᠪᠥᠭᠡᠳ ᠪᠢᠰᠢᠷᠡᠭᠡᠳ᠂ ᠶᠠᠭᠠᠷᠠᠨ ᠶᠣᠰᠣ ᠬᠢᠵᠦ ᠮᠣᠷᠢ ᠪᠠᠨ ᠮᠣᠳᠣᠨ ᠳ᠋ᠤᠷ ᠤᠶᠠᠭᠠᠳ᠂ ᠬᠠᠳᠠ ᠶ᠋ᠢᠨ ᠠᠭᠤᠢ ᠳ᠋ᠤᠷ ᠣᠷᠣᠵᠤ ᠬᠥᠬᠡ ᠵᠤᠯᠠ ᠶ᠋ᠢᠨ ᠭᠡᠷᠡᠯ ᠳ᠋ᠦ᠍ᠷ ᠲᠡᠷᠡ ᠪᠣᠮᠪᠣ ᠶ᠋ᠢ ᠦᠵᠡᠪᠡᠰᠦ ᠲᠥᠷᠥᠭᠰᠡᠨ ᠪᠠᠢᠳᠠᠯ ᠠᠷᠢᠭᠤᠨ ᠴᠢᠬᠢᠷ ᠰᠢᠳᠢᠲᠡᠨ ᠦ᠌ ᠪᠠᠢᠳᠠᠯ ᠪᠣᠢ᠃ 
       ᠲᠡᠳᠦᠢ ᠳᠠᠬᠢᠨ ᠶᠣᠰᠣᠯᠠᠵᠤ : 《ᠰᠢᠳᠢᠲᠡᠨ ᠪᠠᠭᠰᠢ ᠶ᠋ᠢᠨ ᠨᠡᠷ᠎ᠡ ᠣᠪᠣᠭ ᠶᠠᠭᠤᠨ ᠪᠣᠯᠪᠠ ? ᠡᠨᠡ ᠮᠡᠲᠦ ᠭᠦᠨ ᠳᠠᠯᠳᠠ ᠭᠠᠵᠠᠷ ᠲᠤᠷ ᠶᠠᠭᠠᠬᠢᠨ ᠰᠠᠭᠤᠮᠤᠢ? 》 ᠪᠣᠮᠪᠣ ᠥᠴᠢᠷᠦᠨ᠄ 
      《ᠪᠢ ᠡᠨᠳᠡᠬᠢ ᠬᠥᠮᠦᠨ ᠪᠤᠰᠤ᠂ ᠪᠢ ᠬᠡᠮᠡᠭᠴᠢ ᠪᠠᠷᠠᠭᠤᠨ ᠲᠡᠭᠷᠢ ᠠᠭᠤᠯᠠᠨ ᠤ᠋ ᠲᠢᠶᠠᠨ ᠱᠠᠨ ᠤ᠋ ᠴᠢᠦᠢ ᠴᠦ ᠵᠢᠢ ᠬᠤᠪᠢᠯᠭᠠᠨ ᠮᠥᠨ᠃ ᠲᠠᠩᠭᠤᠳ ᠤᠯᠤᠰ ᠤ᠋ᠨ ᠬᠠᠭᠠᠨ ᠤ᠋ ᠶ᠋ᠢᠨ ᠭᠦᠩᠵᠦ ᠮᠢᠨᠦ ᠠᠪᠠᠭ᠎ᠠ ᠡᠭᠡᠴᠢ ᠶ᠋ᠢᠨ ᠱᠠᠪᠢ᠃ ᠲᠠᠩᠭᠤᠳ ᠤᠯᠤᠰ ᠲᠤᠷ ᠶᠡᠬᠡ ᠵᠣᠪᠠᠯᠠᠩ ᠪᠣᠯᠬᠤ ᠰᠢᠬᠠᠪᠠ᠂ ᠲᠡᠩᠬᠡᠷᠡᠭᠦᠯᠬᠦ ᠵᠠᠮ ᠪᠣᠢ ᠪᠣᠯᠪᠠᠤ ᠭᠡᠮᠡᠨ ᠡᠨᠡ ᠠᠭᠤ᠊ᠢ ᠳ᠋ᠤᠷ ᠲᠦᠷ ᠬᠣᠨᠣᠷ᠎ᠠ ᠢᠷᠡᠪᠡ᠃ ᠴᠢ ᠡᠳᠦᠭᠡ ᠲᠠᠩᠭᠤᠳ ᠤᠯᠤᠰ ᠤ᠋ᠨ ᠬᠠᠭᠠᠨ ᠳ᠋ᠤᠷ ᠰᠢᠷᠭᠤᠰᠤᠭᠠᠢ ᠬᠡᠮᠡᠪᠡᠴᠦ ᠵᠠᠮ ᠦᠭᠡᠢ ᠪᠠᠢᠨᠠᠮ᠃ ᠨᠠᠳᠤᠷ ᠠᠭᠤᠯᠵᠠᠭᠰᠠᠨ ᠲᠤᠯᠠ ᠪᠢ ᠴᠢᠮᠠᠶ᠋ᠢ ᠮᠥᠨ ᠰᠥᠨᠢ ᠪᠡᠷ ᠬᠦᠷᠭᠡᠰᠦᠭᠡᠢ᠃ ᠡᠨᠳᠡ ᠤᠳᠠᠭᠠᠨ ᠰᠠᠭᠤᠵᠤ ᠦᠯᠦ ᠪᠣᠯᠤᠮᠤᠢ᠃ ᠪᠢ ᠴᠢᠨᠦ ᠮᠣᠷᠢ ᠶ᠋ᠢ ᠤᠨᠤᠵᠤ᠂ ᠴᠢ ᠰᠤᠨᠳᠠᠯᠠᠭᠲᠤᠨ᠃ ᠪᠢ ᠬᠡᠢ ᠬᠥᠯᠭᠡᠯᠡᠨ ᠴᠢᠮᠠᠶ᠋ᠢ ᠬᠦᠷᠭᠡᠰᠦᠭᠡᠢ 》ᠭᠡᠮᠡᠨ ᠳᠠᠷᠤᠢ ᠭᠠᠷᠴᠤ ᠮᠣᠷᠢ ᠶ᠋ᠢ ᠤᠨᠤᠭᠠᠳ᠂ ᠴᠢᠦᠢ ᠴᠦ ᠯᠢᠦᠢ ᠶ᠋ᠢ ᠬᠣᠢᠨ᠎ᠠ ᠪᠠᠨ ᠰᠤᠨᠳᠠᠯᠠᠭᠤᠯᠤᠨ ᠪᠦᠰᠡ ᠡᠴᠡᠭᠡᠨ ᠪᠠᠷᠢᠭᠤᠯᠵᠤ ᠨᠢᠳᠦᠨ ᠢ᠋ ᠠᠨᠢᠭᠤᠯᠤᠭᠠᠳ ᠲᠠᠷᠨᠢ ᠤᠩᠰᠢᠨ ᠤᠪᠠᠳᠢᠰ ᠡᠭᠦᠰᠬᠡᠨ ᠬᠡᠢ ᠰᠠᠯᠬᠢᠨ᠎ᠠ ᠳᠡᠭᠳᠡᠭᠡᠨ ᠶᠠᠪᠤᠬᠤᠢ ᠳ᠋ᠤᠷ ᠴᠢᠦᠢ ᠴᠦ ᠯᠢᠦᠢ ᠶ᠋ᠢᠨ ᠬᠣᠶᠠᠷ ᠴᠢᠬᠢ ᠳ᠋ᠦ᠍ᠷ ᠱᠠᠭᠢᠨ ᠱᠤᠤᠭᠢᠵᠤ᠂ ᠬᠠᠭᠠᠰ ᠴᠠᠭ ᠪᠣᠯᠤᠭᠰᠠᠨ ᠦᠭᠡᠢ᠂ ᠲᠠᠩᠭᠤᠳ ᠤᠯᠤᠰ ᠤ᠋ᠨ ᠨᠡᠢᠰᠯᠡᠯ ᠦ᠋ᠨ ᠯᠢᠩ ᠵᠧᠦ ᠪᠠᠯᠭᠠᠰᠤᠨ᠎ᠠ ᠬᠦᠷᠴᠦ᠂ ᠬᠣᠲᠠ ᠶ᠋ᠢᠨ ᠭᠠᠳᠠᠨ᠎ᠠ ᠬᠣᠨᠣᠵᠤ᠂ ᠵᠢᠴᠢ ᠥᠷᠯᠥᠭᠡ ᠬᠣᠲᠠ ᠳ᠋ᠤᠷ ᠣᠷᠣᠵᠤ᠂ ᠬᠠᠭᠠᠨ ᠤ᠋ ᠶᠠᠮᠤᠨ ᠤ᠋ ᠬᠡᠷᠡᠭ ᠢ᠋ ᠠᠢᠯᠠᠳᠬᠠᠬᠤ ᠬᠤᠸᠠᠩ ᠮᠧᠨ ᠭᠤᠸᠠᠨ ᠳ᠋ᠤᠷ ᠵᠣᠯᠭᠠᠨ ᠢᠷᠡᠭᠰᠡᠨ ᠤᠴᠢᠷ ᠢ᠋ ᠪᠦᠷᠢᠳᠬᠡᠨ ᠮᠡᠳᠡᠭᠦᠯᠵᠦ᠂ ᠶ᠋ᠢᠨ ᠭᠦᠩᠵᠦ ᠶ᠋ᠢᠨ ᠪᠠᠭᠰᠢ ᠬᠡᠮᠡᠬᠦᠢ ᠳ᠋ᠦ᠍ᠷ ᠶᠠᠭᠠᠷᠠᠨ ᠠᠢᠯᠠᠳᠬᠠᠵᠤ᠂ ᠳᠠᠷᠤᠢ ᠪᠠᠷᠠᠭᠠᠳᠠᠨ ᠴᠢᠦᠢ ᠴᠦ ᠯᠢᠦᠢ ᠤᠬᠢᠯᠠᠨ ᠮᠥᠷᠭᠦᠯᠬᠢᠯᠡᠨ ᠥᠪᠡᠷᠦᠨ ᠢᠷᠡᠭᠰᠡᠨ ᠦᠨᠡᠨ ᠤᠴᠢᠷ ᠢ᠋ᠶ᠋ᠠᠨ ᠪᠦᠷᠢᠨ᠎ᠡ ᠲᠣᠭᠠᠴᠢᠵᠤ᠂ ᠴᠢᠦ ᠴᠦ ᠵᠢᠢ ᠬᠤᠪᠢᠯᠭᠠᠨ ᠤ᠋ ᠬᠠᠭᠠᠰ ᠰᠥᠨᠢ ᠶ᠋ᠢᠨ ᠵᠡᠪᠰᠡᠷ᠎ᠡ ᠤᠪᠠᠳᠢᠰ ᠡᠭᠦᠰᠬᠡᠨ ᠬᠦᠷᠴᠦ ᠢᠷᠡᠭᠰᠡᠨ ᠳ᠋ᠦ᠍ᠷ ᠬᠦᠷᠲᠡᠯ᠎ᠡ ᠪᠦᠷᠢᠳᠬᠡᠨ ᠲᠣᠭᠠᠴᠢᠵᠤ᠂ ᠴᠢᠦ ᠴᠦ ᠵᠢᠢ ᠬᠤᠪᠢᠯᠭᠠᠨ ᠪᠠᠰᠠ ᠲᠠᠩᠭᠤᠳ ᠤᠯᠤᠰ ᠢ᠋ ᠵᠣᠪᠠᠯᠠᠩ ᠠ᠋ᠴᠠ ᠲᠡᠩᠬᠡᠷᠡᠭᠦᠯᠦᠷ᠎ᠡ ᠢᠷᠡᠭᠰᠡᠨ ᠳ᠋ᠦ᠍ᠷ ᠬᠦᠷᠲᠡᠯ᠎ᠡ ᠦᠰᠦᠭ ᠪᠠᠳᠠᠭ ᠦᠭᠡ ᠠᠶᠠᠰ ᠢ᠋ ᠠᠯᠳᠠᠯ ᠦᠭᠡᠢ ᠠᠢᠯᠠᠳᠬᠠᠭᠰᠠᠨ ᠳ᠋ᠤᠷ ᠲᠠᠩᠭᠤᠳ ᠤᠯᠤᠰ ᠤ᠋ᠨ ᠬᠠᠭᠠᠨ ᠯᠢ ᠠᠨ ᠴᠢᠤᠸᠠᠨ ᠭᠡᠳᠡᠰᠦ ᠪᠡᠨ ᠬᠠᠭᠠᠷᠠᠲᠠᠯ᠎ᠠ ᠶᠡᠬᠡᠯ᠎ᠡ ᠪᠠᠶᠠᠷᠯᠠᠪᠠ᠃ 
        ᠶᠣᠰᠣᠲᠤ ᠰᠣᠲᠣᠷ᠎ᠠ ᠤᠪᠠᠳᠢᠰ ᠶᠢᠯᠸᠢᠰ ᠣᠭᠲᠣᠬᠠᠨ ᠴᠤ᠌ ᠪᠠᠷ ᠵᠣᠬᠢᠰ ᠦᠭᠡᠢ ᠪᠥᠭᠡᠲᠡᠯ᠎ᠡ  
        ᠶᠣᠣ ᠬᠠᠭᠠᠨ ᠤ᠋ ᠪᠡᠶ᠎ᠡ ᠡᠴᠡ ᠡᠬᠢᠯᠡᠨ ᠤᠯᠤᠰ ᠪᠦᠬᠦᠨ᠎ᠡ ᠡᠲᠡᠭᠡᠳ ᠬᠡᠷᠡᠭ ᠦ᠋ᠳ ᠡᠰᠡ ᠲᠠᠰᠤᠷᠠᠵᠤᠬᠤᠢ᠃ 
        ᠶᠣᠰᠣᠲᠠᠢᠬᠠᠨ ᠰᠢ ᠬᠠᠨ ᠳ᠋ᠤᠷ ᠪᠣᠯᠪᠠᠴᠤ ᠯᠤᠤ ᠣᠷᠢᠶᠠᠨ ᠡᠮᠡᠭᠡᠨ ᠤᠬᠢᠯᠠᠭᠰᠠᠨ ᠢ᠋ ᠲᠣᠭᠠᠴᠢᠭᠰᠠᠨ ᠠᠨᠤ 
        ᠶᠣᠭᠲᠠᠯᠠᠨ ᠪᠢᠴᠢᠬᠦ ᠨᠠᠳᠤᠷ ᠠᠳᠠᠯᠢ ᠠᠷᠭ᠎ᠠ ᠦᠭᠡᠢ ᠳ᠋ᠡᠭᠡᠨ ᠰᠤᠳᠤᠷᠴᠢᠯᠠᠨ ᠭᠠᠷᠭᠠᠭᠰᠠᠨ ᠠᠵᠤᠭᠤ᠃