ᠬᠡᠦᠬᠡᠳ ᠨᠠᠰᠤ - ᠠᠮᠢᠨХүүхэд нас-Амин
ᠬᠡᠦᠬᠡᠳ ᠨᠠᠰᠤ
ᠦᠭᠡ᠄ ᠷ᠂ ᠴᠢᠯᠠᠭᠤ
ᠠᠶ᠎ᠠ᠄ ᠢᠦᠢ ᠪᠤᠤ
ᠳᠠᠭᠤᠴᠢᠨ᠄ ᠠᠮᠢᠨ
ᠳᠡᠪᠡᠯ ᠲᠡᠢ ᠮᠣᠩᠭᠣᠯ ᠤ᠋ᠨ ᠲᠠᠰᠤᠷᠬᠠᠢ
ᠳᠡᠯᠡᠬᠡᠢ ᠡᠵᠢ ᠶ᠋ᠢᠨ ᠡᠮᠲᠡᠷᠬᠡᠢ
ᠳᠡᠩᠳᠡᠭᠦᠦ ᠬᠠᠢᠷ᠎ᠠ ᠶ᠋ᠢᠨ ᠤᠴᠠᠷᠠᠩᠬᠠᠢ
ᠳᠡᠯᠪᠢ ᠴᠡᠴᠡᠭ ᠦ᠋ᠨ ᠬᠡᠯᠲᠡᠷᠬᠡᠢ
ᠬᠥᠭᠡᠷᠦᠬᠦᠨ ᠴᠣᠪᠣᠭᠣᠬᠠᠨ ᠬᠡᠦᠬᠡᠳ ᠨᠠᠰᠤ ᠮᠢᠨᠢ
ᠬᠥᠭᠵᠢᠭᠦᠨ ᠳᠡᠭᠵᠢᠭᠦᠬᠡᠨ ᠬᠡᠦᠬᠡᠳ ᠨᠠᠰᠤ ᠮᠢᠨᠢ
ᠬᠥᠮᠦᠨ ᠵᠠᠶᠠᠭᠠᠨ ᠤ᠋ ᠬᠡᠯᠬᠢᠶ᠎ᠡ
ᠬᠥᠬᠡ ᠮᠣᠩᠭᠣᠯ ᠤ᠋ᠨ ᠦᠷᠡᠰ
ᠬᠦᠰᠡᠯ ᠢᠲᠡᠭᠡᠯ ᠦ᠋ᠨ ᠴᠤᠤᠷᠢᠶ᠎ᠠ
ᠬᠥᠭᠵᠢᠯ ᠪᠠᠳᠠᠷᠠᠯ ᠤ᠋ᠨ ᠤᠷᠢᠶ᠎ᠠ
ᠤᠰᠤ ᠰᠢᠭ᠋ ᠲᠤᠩᠭᠠᠯᠠᠭ ᠬᠡᠦᠬᠡᠳ ᠨᠠᠰᠤ ᠮᠢᠨᠢ
ᠤᠨᠠᠭ᠎ᠠ ᠰᠢᠭ᠋ ᠤᠬᠠᠭᠠᠯᠢᠭ ᠬᠡᠦᠬᠡᠳ ᠨᠠᠰᠤ ᠮᠢᠨᠢ
ᠠᠯᠠᠭ ᠨᠢᠳᠦᠨ ᠦ᠌ ᠴᠡᠴᠡᠭᠡᠢ
ᠠᠪᠤ ᠡᠵᠢ ᠶ᠋ᠢᠨ ᠡᠷᠡᠬᠡᠢ
ᠠᠯᠤᠰ ᠢᠷᠡᠭᠡᠳᠦᠢ ᠶ᠋ᠢᠨ ᠲᠦᠰᠢᠭ
ᠠᠵᠠ ᠵᠢᠷᠭᠠᠯ ᠤ᠋ᠨ ᠰᠠᠬᠢᠭᠤᠰᠤ
ᠰᠠᠷ᠎ᠠ ᠰᠢᠭ ᠲᠤᠩᠭᠠᠯᠠᠭ ᠬᠡᠦᠬᠡᠳ ᠨᠠᠰᠤ ᠮᠢᠨᠢ
ᠰᠠᠯᠬᠢ ᠰᠢᠭ᠋ ᠬᠣᠩᠭᠣᠷᠬᠠᠨ ᠬᠡᠦᠬᠡᠳ ᠨᠠᠰᠤ ᠮᠢᠨᠢ
ᠰᠠᠷ᠎ᠠ ᠰᠢᠭ᠋ ᠲᠤᠩᠭᠠᠯᠠᠭ ᠬᠡᠦᠬᠡᠳ ᠨᠠᠰᠤ ᠮᠢᠨᠢ
ᠰᠠᠯᠬᠢ ᠰᠢᠭ᠋ ᠬᠣᠩᠭᠣᠷᠬᠠᠨ ᠬᠡᠦᠬᠡᠳ ᠨᠠᠰᠤ ᠮᠢᠨᠢ
ᠬᠡᠦᠬᠡᠳ ᠨᠠᠰᠤ ᠮᠢᠨᠢ᠁
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠰᠢᠩᠭᠡᠭᠡᠨ ᠦᠢᠯᠡᠳᠦᠭᠴᠢ᠄ ᠰᠣᠳᠣ
ᠬᠢᠨᠠᠭᠴᠢ᠄ ᠢᠷᠡᠭᠡᠳᠦᠢ
