ᠬᠡᠨ ᠨᠢ ᠵᠢᠩᠬᠢᠨᠢ ᠡᠵᠢ ᠨᠢ ᠪᠤᠢХэн нь жинхэнэ ээж нь вэ_Who is Real Mother
ᠡᠨᠡᠳᠬᠡᠭ ᠵᠠᠭᠠᠷ ᠤ᠋ᠨ ᠣᠷᠣᠨ ᠤ᠋ ᠬᠠᠭᠠᠨ ᠨᠢᠭᠡᠲᠡᠭᠡ ᠣᠯᠠᠨ ᠵᠢᠯ ᠦ᠋ᠨ ᠲᠡᠷᠲᠡᠭᠡ ᠡᠨᠡᠬᠦ ᠦᠢᠯᠡ ᠶᠠᠪᠤᠳᠠᠯ ᠪᠣᠯᠤᠭᠰᠠᠨ ᠭᠡᠳᠡᠭ᠃ ᠨᠢᠭᠡᠨ ᠵᠠᠯᠠᠭᠤᠬᠠᠨ ᠡᠬᠡ ᠪᠢᠴᠢᠬᠠᠨ ᠬᠦᠦ ᠪᠡᠨ ᠳᠠᠭᠠᠭᠤᠯᠤᠭᠠᠳ ᠠᠯᠤᠰ ᠬᠣᠯᠠ ᠶ᠋ᠢᠨ ᠲᠣᠰᠬᠣᠨ ᠳ᠋ᠤ᠌ ᠣᠴᠢᠬᠤ ᠪᠠᠷ ᠶᠠᠪᠤᠵᠤ ᠪᠠᠢᠯ᠎ᠠ᠃
ᠲᠡᠳᠡ ᠦᠵᠡᠰᠬᠦᠯᠡᠩᠲᠦ ᠣᠢ ᠶ᠋ᠢᠨ ᠲᠦᠭᠡᠯ ᠢ᠋ᠶ᠋ᠡᠷ ᠳᠠᠭᠠᠷᠢᠬᠤ ᠬᠡᠷᠡᠭᠲᠡᠢ ᠪᠣᠯᠵᠠᠢ᠃ ᠰᠢᠪᠠᠭᠤᠳ ᠤ᠋ᠨ ᠵᠢᠷᠭᠢᠶ᠎ᠡ ᠶ᠋ᠢ ᠰᠣᠨᠣᠰᠤᠭᠠᠳ ᠬᠦᠦ ᠨᠢ ᠬᠥᠭᠡᠷᠦᠨ ᠪᠡᠶᠡᠰᠴᠦ᠂ ᠴᠡᠴᠡᠭ ᠨᠠᠪᠴᠢ ᠲᠣᠭᠣᠷᠢᠨ ᠡᠷᠭᠢᠯᠳᠦᠬᠦ ᠡᠷᠪᠡᠬᠡᠢ ᠶ᠋ᠢ ᠬᠠᠷᠠᠭᠠᠳ ᠢᠨᠢᠶᠡᠨ ᠬᠥᠬᠥᠷᠡᠵᠦ ᠪᠠᠢᠭ᠎ᠠ ᠬᠦᠦ ᠪᠡᠨ ᠬᠠᠷᠠᠭᠠᠳ ᠡᠵᠢ ᠨᠢ ᠬᠢᠵᠠᠭᠠᠷ ᠦᠭᠡᠢ ᠶᠡᠬᠡ ᠪᠡᠷ ᠪᠠᠶᠠᠷᠯᠠᠵᠤ ᠪᠠᠢᠯ᠎ᠠ᠃ ᠡᠢᠨ ᠬᠦ᠌ ᠶᠠᠪᠤᠭᠰᠠᠭᠠᠷ ᠨᠠᠭᠤᠷ ᠤ᠋ᠨ ᠵᠠᠬ᠎ᠠ ᠳ᠋ᠤ᠌ ᠬᠦᠷᠴᠦ ᠭᠡᠨ᠎ᠡ᠃ ᠨᠠᠭᠤᠷ ᠤ᠋ᠨ ᠤᠰᠤ ᠲᠤᠩᠭᠠᠯᠠᠭ ᠴᠡᠩᠬᠡᠷ ᠥᠩᠭᠡ ᠪᠡᠷ ᠮᠡᠯᠲᠡᠯᠵᠡᠩᠬᠡᠨ ᠪᠠᠢᠯ᠎ᠠ᠃ ᠲᠤᠩᠭᠠᠯᠠᠭ ᠮᠥᠷᠡᠨ ᠦ᠌ ᠤᠰᠤ ᠶ᠋ᠢ ᠬᠠᠷᠠᠭᠠᠳ ᠡᠵᠢ ᠨᠢ ᠤᠰᠤᠨ ᠳ᠋ᠤ᠌ ᠣᠷᠣᠵᠤ ᠪᠡᠶ᠎ᠡ ᠪᠡᠨ ᠤᠬᠢᠶᠠᠬᠤ ᠰᠢᠢᠳᠴᠡᠢ᠃ ᠢᠩᠭᠢᠭᠡᠳ ᠬᠦᠦ ᠪᠡᠨ ᠲᠣᠷᠭ᠎ᠠ ᠰᠢᠭ᠋ ᠵᠥᠭᠡᠯᠡᠨ ᠵᠦᠯᠭᠡᠨ ᠳᠡᠭᠡᠷ᠎ᠡ ᠲᠠᠯᠪᠢᠭᠠᠳ᠂ ᠤᠰᠤᠨ ᠳ᠋ᠤ᠌ ᠱᠤᠩᠪᠠᠵᠤ ᠡᠬᠢᠯᠡᠯ᠎ᠡ᠃ ᠤᠰᠤᠨ ᠳ᠋ᠤ᠌ ᠣᠷᠣᠵᠤ ᠪᠠᠢᠭᠠᠳ ᠨᠢᠭᠡᠨ ᠴᠢᠮᠡᠭᠡ ᠰᠣᠨᠣᠰᠬᠤ ᠨᠢ ᠲᠡᠷᠡ᠂ ᠲᠠᠨ ᠢ᠋ ᠳᠤᠷ᠎ᠠ ᠦᠭᠡᠢᠴᠡᠬᠦ ᠦᠭᠡᠢ ᠪᠣᠯ ᠤᠰᠤᠨ ᠠ᠋ᠴᠠ ᠭᠠᠷᠴᠤ ᠢᠷᠡᠲᠡᠯ᠎ᠡ ᠴᠢᠨᠢ ᠪᠢ ᠬᠦᠦ ᠶ᠋ᠢ ᠴᠢᠨᠢ ᠬᠠᠷᠠᠵᠤ ᠪᠠᠢᠶ᠎ᠠ᠃ ᠵᠠᠯᠠᠭᠤᠬᠠᠨ ᠪᠦᠰᠡᠭᠦᠢ ᠬᠦᠦ ᠶ᠋ᠢ ᠨᠢ ᠬᠠᠢᠷ᠎ᠠ ᠳᠦᠭᠦᠷᠡᠩ ᠬᠠᠷᠠᠴᠠ ᠪᠠᠷ ᠬᠠᠷᠠᠵᠤ ᠪᠠᠢᠭ᠎ᠠ ᠶ᠋ᠢ ᠬᠠᠷᠠᠭᠠᠳ ᠢᠨᠢᠶᠡᠮᠰᠦᠭᠯᠡᠨ᠄
ᠪᠣᠯᠤᠯ ᠦᠭᠡᠢ ᠶᠠᠭᠠᠬᠢᠬᠤᠪ ᠰᠠᠢᠨ ᠬᠠᠷᠠᠵᠤ ᠪᠠᠢᠭᠠᠷᠠᠢ!
ᠦ? ᠶᠠᠮᠠᠷ ᠴᠤ᠌ ᠬᠥᠭᠡᠷᠦᠬᠦᠨ ᠠᠮᠢᠲᠠᠨ ᠶᠤᠮ? ᠬᠥᠭᠡᠷᠦᠬᠦᠨ ᠶᠦᠮ ᠠ᠋᠂ ᠦᠭᠡᠢ ᠨᠡᠭᠡᠷᠡᠨ ᠶᠠᠮᠠᠷ ᠴᠤ᠌ ᠡᠭᠡᠳᠡᠭᠦᠦ ᠲᠡᠢ ᠶᠦᠮ ᠪᠢᠵᠡ ᠳᠡ᠂ ᠪᠢ ᠬᠦᠦ ᠶ᠋ᠢ ᠴᠢᠨᠢ ᠬᠠᠷᠠᠵᠤ ᠪᠠᠢᠶ᠎ᠠ᠃ ᠲᠠ ᠰᠠᠨᠠᠭ᠎ᠠ ᠵᠣᠪᠠᠯ ᠦᠭᠡᠢ ᠤᠰᠤᠨ ᠳ᠋ᠠᠭᠠᠨ ᠣᠷᠣ ᠣᠷᠣ! ᠬᠦᠦ ᠶ᠋ᠢ ᠨᠢ ᠢᠨᠢᠶᠡᠮᠰᠦᠭᠯᠡᠨ ᠡᠷᠬᠡᠯᠡᠭᠦᠯᠦᠨ ᠲᠣᠭᠯᠠᠬᠤ ᠡᠮᠡᠭᠲᠡᠢ ᠶ᠋ᠢ ᠬᠠᠷᠠᠭᠠᠳ ᠡᠵᠢ ᠶ᠋ᠢᠨ ᠬᠢᠨᠢ ᠰᠠᠨᠠᠭ᠎ᠠ ᠠᠮᠠᠷᠠᠴᠤ ᠳᠠᠬᠢᠭᠠᠳ ᠵᠢᠭᠠᠬᠠᠨ ᠰᠡᠯᠢᠬᠦ ᠪᠡᠷ ᠰᠡᠢᠳᠴᠡᠢ᠃
ᠶᠠᠭᠠᠬᠢᠭᠠᠳ ᠶᠠᠭᠤ ᠴᠤ᠌ ᠰᠣᠨᠣᠰᠳᠠᠭ ᠦᠭᠡᠢ ᠪᠢᠯᠡ? ᠮᠢᠨᠦ ᠬᠦᠦ? ᠪᠠᠢᠵᠠ ᠪᠠᠢᠭᠠᠷᠠᠢ᠂ ᠬᠠᠮᠢᠭ᠎ᠠ ᠣᠴᠢᠬᠤ ᠨᠢ ᠪᠣᠢ? ᠵᠣᠭᠰᠣ! ᠤᠰᠤᠨ ᠠ᠋ᠴᠠ ᠶᠠᠭᠠᠷᠠᠨ ᠭᠠᠷᠴᠤ ᠢᠷᠡᠭᠰᠡᠨ ᠡᠵᠢ᠂ ᠵᠠᠯᠠᠭᠤ ᠪᠦᠰᠡᠭᠦᠢ ᠶ᠋ᠢᠨ ᠠᠷᠤ ᠠ᠋ᠴᠠ ᠭᠦᠢᠴᠡᠵᠦ ᠣᠴᠢᠭᠠᠳ ᠪᠠᠷᠢᠵᠤ ᠠᠪᠤᠨ ᠵᠣᠭᠰᠣᠭᠠᠭᠠᠳ ᠶᠠᠭᠠᠬᠢᠵᠤ ᠪᠠᠢᠭ᠎ᠠ ᠴᠢᠨᠢ ᠡᠨᠡ ᠪᠣᠢ? ᠮᠢᠨᠦ ᠬᠦᠦ ᠶ᠋ᠢ ᠬᠠᠮᠢᠭᠠᠰᠢ ᠨᠢ ᠠᠪᠴᠤ ᠶᠠᠪᠤᠵᠤ ᠪᠠᠢᠨ᠎ᠠ?
ᠶᠠᠭᠤᠨ ᠤ᠋ ᠴᠢᠨᠢ ᠴᠢᠨᠦ ᠬᠦᠦ ᠭᠡᠵᠦ᠂ ᠡᠨᠡ ᠴᠢᠨᠢ ᠮᠢᠨᠦ ᠬᠦᠦ ᠲᠡᠢᠮᠦ ᠡᠴᠡ ᠣᠳᠣᠬᠠᠨ ᠵᠠᠢᠯᠠ! ᠶᠠᠭᠤ ᠭᠡᠰᠡᠨ ᠦᠭᠡ ᠪᠣᠢ?
ᠬᠦᠦ ᠶ᠋ᠢ ᠮᠠᠨᠢ ᠣᠳᠣᠬᠠᠨ ᠥᠭᠭᠦᠭᠡᠳ ᠲᠡᠭᠡ!
ᠬᠤᠯᠠᠭᠠᠢᠴᠢ᠂ ᠬᠡᠦᠬᠡᠳ ᠢ᠋ ᠮᠠᠨᠢ ᠬᠤᠯᠠᠭᠠᠢᠯᠠᠬᠤ ᠭᠡᠳ ᠪᠠᠢᠨ᠎ᠠ᠃ ᠬᠦᠦ ᠡᠴᠡ ᠮᠢᠨᠢ ᠰᠠᠪᠠᠷ ᠢ᠋ᠶ᠋ᠠᠨ ᠲᠡᠳᠡ!
ᠶᠠᠭ ᠡᠨᠡ ᠦᠶ᠎ᠡ ᠳ᠋ᠦ᠍ ᠣᠢ ᠰᠢᠭᠤᠢ ᠳ᠋ᠤ᠌ ᠠᠮᠢᠳᠤᠷᠠᠳᠠᠭ ᠣᠮᠣᠭ ᠤ᠋ᠨ ᠬᠥᠮᠦᠰ ᠣᠢᠷᠠᠬᠠᠨ ᠶᠠᠪᠤᠵᠤ ᠪᠠᠢᠯ᠎ᠠ᠃ ᠲᠡᠳᠡ ᠬᠠᠰᠬᠢᠷᠬᠤ ᠳᠠᠭᠤ ᠶ᠋ᠢ ᠰᠣᠨᠣᠰᠤᠭᠠᠳ ᠶᠠᠭᠠᠷᠠᠨ ᠣᠴᠢᠵᠠᠭᠠᠯ᠎ᠠ᠃
ᠶᠠᠭᠤ ᠪᠣᠯᠤᠭ᠎ᠠ ᠪᠣᠢ?
ᠲᠤᠰᠠᠯᠠᠭᠠᠴᠢ᠂ ᠭᠤᠶᠤᠶ᠎ᠠ! ᠨᠠᠳᠠ ᠳ᠋ᠤ᠌ ᠲᠤᠰᠠᠯᠠᠭᠠᠴᠢ ᠳᠠ! ᠡᠨᠡ ᠡᠮᠡᠭᠲᠡᠢ ᠬᠦᠦ ᠶ᠋ᠢ ᠮᠢᠨᠢ ᠪᠤᠯᠢᠶᠠᠴᠢᠬᠠᠯᠠ᠃ ᠭᠤᠶᠤᠶ᠎ᠠ! ᠲᠤᠰᠠᠯᠠᠭᠠᠴᠢ!
ᠬᠤᠳᠠᠯ ᠶᠠᠷᠢᠵᠤ ᠪᠠᠢᠭ᠎ᠠ ᠶᠤᠮ᠂ ᠡᠨᠡ ᠪᠣᠯ ᠮᠢᠨᠦ ᠬᠡᠦᠬᠡᠳ᠂ ᠬᠡ ᠬᠡ ᠬᠡ ᠬᠡ᠂᠂᠂ ᠡᠨᠡ ᠡᠮᠡᠭᠲᠡᠢ ᠬᠦᠦ ᠶ᠋ᠢ ᠮᠠᠨᠢ ᠬᠤᠯᠠᠭᠠᠢᠯᠠᠬᠤ ᠭᠡᠳ ᠪᠠᠢᠨ᠎ᠠ᠃ ᠬᠠᠷᠢᠨ ᠣᠳᠣ ᠬᠤᠳᠠᠯ ᠶᠠᠷᠢᠵᠤ ᠪᠠᠢᠭ᠎ᠠ ᠶᠤᠮ᠃
ᠣᠮᠣᠭ ᠤ᠋ᠨ ᠬᠥᠮᠦᠰ ᠶᠠᠭᠠᠬᠢᠬᠤ ᠪᠠᠨ ᠮᠡᠳᠡᠬᠦ ᠦᠭᠡᠢ ᠰᠠᠮᠠᠭᠠᠷᠳᠠᠯᠠ᠃ ᠡᠨᠡ ᠬᠣᠶᠠᠷ ᠡᠮᠡᠭᠲᠡᠢ ᠶ᠋ᠢᠨ ᠬᠡᠨ ᠨᠢ ᠦᠨᠡᠨ ᠬᠡᠯᠡᠭᠡᠳ ᠬᠡᠨ ᠨᠢ ᠬᠤᠳᠠᠯ ᠬᠡᠯᠡᠭᠡᠳ ᠪᠠᠢᠭ᠎ᠠ ᠶ᠋ᠢ ᠢᠯᠭᠠᠵᠤ ᠴᠢᠳᠠᠬᠤ ᠦᠭᠡᠢ ᠨᠡᠯᠢᠶᠡᠳ ᠲᠥᠭᠡᠷᠢᠯᠳᠦᠯᠡ᠃ ᠢᠩᠭᠢᠭᠡᠳ ᠨᠢᠭᠡ ᠨᠢ ᠣᠷᠣᠭᠰᠢ ᠭᠠᠷᠴᠤ ᠢᠷᠡᠨ ᠠᠰᠠᠭᠤᠳᠠᠯ ᠢ᠋ ᠠᠮᠠᠷᠬᠠᠨ ᠰᠢᠢᠳᠬᠦ ᠨᠢᠭᠡ ᠠᠷᠭ᠎ᠠ ᠪᠠᠢᠨ᠎ᠠ᠃ ᠪᠦᠭᠦᠳᠡᠭᠡᠷ ᠬᠠᠮᠲᠤ ᠮᠠᠨ ᠤ᠋ ᠠᠬᠠᠯᠠᠭᠴᠢ ᠳᠡᠭᠡᠷ᠎ᠡ ᠣᠴᠢᠶ᠎ᠠ᠃
ᠶᠠᠭᠠᠬᠢᠬᠤ ᠭᠡᠵᠦ? ᠡᠨᠡ ᠮᠢᠨᠦ ᠬᠡᠦᠬᠡᠳ ᠭᠡᠵᠦ ᠬᠡᠯᠡᠭᠡᠳ ᠪᠠᠢᠨ᠎ᠠ ᠰᠢᠦ ᠳᠡ! ᠠ᠋ ᠠ᠋ ᠠ᠋᠂᠂᠂᠂ ᠶᠠᠭᠠᠬᠢᠭᠠᠳ ᠮᠢᠨᠦ ᠦᠭᠡᠨ ᠳ᠋ᠦ᠍ ᠢᠲᠡᠭᠡᠬᠦ ᠦᠭᠡᠢ ᠪᠠᠢᠭ᠎ᠠ ᠶᠤᠮ ᠪᠣᠢ? ᠦᠤ᠂᠂᠂ ᠲᠠ ᠨᠠᠷ ᠡᠨᠡ ᠬᠤᠯᠠᠭᠠᠢᠴᠢ ᠡᠮᠡᠭᠲᠡᠢ ᠶ᠋ᠢᠨ ᠬᠠᠮᠰᠠᠭᠠᠲᠠᠨ ᠶᠤᠮ ᠠ ᠳᠠ᠂᠂᠂
ᠪᠢᠳᠡ ᠨᠠᠷ ᠬᠤᠯᠠᠭᠠᠢᠴᠢ ᠨᠠᠷ ᠪᠢᠰᠢ ᠠ᠋! ᠬᠠᠷᠢᠨ ᠲᠠ ᠬᠣᠶᠠᠷ ᠤ᠋ᠨ ᠨᠢᠭᠡ ᠨᠢ ᠬᠤᠯᠠᠭᠠᠢᠴᠢ ᠭᠡᠳᠡᠭ ᠨᠢ ᠭᠠᠷᠴᠠᠭ᠎ᠠ ᠦᠭᠡᠢ᠃ ᠲᠡᠢᠮᠦ ᠡᠴᠡ ᠡᠨᠡ ᠬᠡᠷᠡᠭ ᠢ᠋ ᠰᠢᠢᠳᠬᠦ ᠡᠴᠡ ᠨᠠᠭᠠᠰᠢ ᠲᠠ ᠬᠣᠶᠠᠷ ᠢ᠋ ᠬᠠᠮᠢᠭᠠᠰᠢ ᠪᠠᠨ ᠴᠤ᠌ ᠶᠠᠪᠤᠭᠤᠯᠬᠤ ᠦᠭᠡᠢ᠃ ᠲᠡᠢᠮᠦ ᠡᠴᠡ ᠪᠢᠳᠡᠨ ᠲᠡᠢ ᠬᠠᠮᠲᠤ ᠶᠠᠪᠤ᠂ ᠢᠩᠭᠢᠭᠡᠳ ᠣᠮᠣᠭ ᠤ᠋ᠨ ᠡᠷᠡᠴᠦᠳ ᠬᠣᠶᠠᠷ ᠪᠦᠰᠡᠭᠦᠢ ᠶ᠋ᠢ ᠳᠠᠭᠠᠭᠤᠯᠤᠨ ᠠᠭᠤᠯᠠ ᠶ᠋ᠢᠨ ᠪᠠᠷᠲᠠᠭᠠᠲᠤ ᠵᠢᠮ ᠢ᠋ᠶ᠋ᠡᠷ ᠠᠯᠬᠤᠨ ᠥᠪᠡᠷᠰᠡᠳ ᠦ᠋ᠨ ᠠᠭᠤᠢ ᠳ᠋ᠤ᠌ ᠢᠷᠡᠯ᠎ᠡ᠃ ᠣᠮᠣᠭ ᠤ᠋ᠨ ᠡᠷᠡᠴᠦᠳ ᠠᠭᠤᠢ ᠶ᠋ᠢᠨ ᠬᠠᠮᠠᠭᠠᠯᠠᠭᠴᠢ ᠲᠠᠢ ᠦᠯᠦ ᠣᠢᠯᠠᠭᠠᠭᠳᠠᠬᠤ ᠬᠡᠯᠡ ᠪᠡᠷ ᠶᠠᠷᠢᠯᠴᠠᠯ᠎ᠠ᠃ ᠢᠩᠭᠢᠭᠡᠳ ᠲᠦᠨᠡᠷ ᠬᠠᠷᠠᠩᠭᠤᠢ ᠠᠭᠤᠢ ᠤᠷᠤᠭᠤ ᠣᠷᠣᠯ᠎ᠠ᠃ ᠲᠡᠳᠡ ᠠᠭᠤᠢ ᠳᠣᠲᠣᠷ᠎ᠠ ᠶᠠᠭᠤ ᠴᠤ᠌ ᠣᠯᠵᠤ ᠬᠠᠷᠠᠭᠰᠠᠨ ᠦᠭᠡᠢ᠂ ᠭᠡᠲᠡᠯ᠎ᠡ ᠭᠡᠨᠡᠳᠲᠡ ᠲᠦᠨᠡᠷ ᠬᠠᠷᠠᠩᠭᠤᠢ ᠠ᠋ᠴᠠ ᠣᠮᠣᠭ ᠤ᠋ᠨ ᠠᠬᠠᠯᠠᠭᠴᠢ ᠶᠠᠭ ᠯᠠ ᠬᠡᠢ ᠦᠵᠡᠭᠳᠡᠯ ᠰᠢᠭ ᠰᠦᠮᠡᠯᠵᠡᠨ ᠭᠠᠷᠴᠤ ᠢᠷᠡᠯ᠎ᠡ᠃(Hur bina ka kali chin bala ka ban Huka ) ᠲᠠ ᠬᠣᠶᠠᠷ ᠤ᠋ᠨ ᠬᠡᠨ ᠨᠢ ᠵᠢᠩᠬᠢᠨᠢ ᠡᠵᠢ ᠨᠢ ᠶᠦᠮ ᠪᠣᠢ?
《 ᠪᠢ》( ᠪᠢ ᠭᠡᠵᠦ ᠬᠡᠯᠡᠵᠦ ᠪᠠᠢᠨ᠎ᠠ!)
( shuka)
ᠰᠢᠷᠢᠩᠭᠡᠨ ᠣᠢ ᠳ᠋ᠤ᠌ ᠬᠡᠨ ᠬᠦᠴᠦ ᠲᠡᠢ ᠨᠢ ᠲᠡᠢᠯᠡᠳᠡᠭ ᠵᠢᠮ᠎ᠡ ᠲᠡᠢ᠂ ᠬᠦᠦ ᠶ᠋ᠢ ᠨᠢ ᠡᠨᠳᠡ ᠲᠠᠯᠪᠢᠴᠢᠬᠠᠶᠠ! ᠲᠠ ᠬᠣᠶᠠᠷ ᠤ᠋ᠨ ᠨᠢᠭᠡ ᠨᠢ ᠬᠦᠦ ᠶ᠋ᠢᠨ ᠲᠣᠯᠣᠭᠠᠢ ᠠ᠋ᠴᠠ ᠪᠠᠷᠢᠵᠤ ᠨᠥᠭᠥᠭᠡᠬᠢ ᠨᠢ ᠬᠦᠦ ᠶ᠋ᠢᠨ ᠬᠥᠯ ᠡᠴᠡ ᠪᠠᠷᠢᠭᠠᠷᠠᠢ᠂ ᠲᠡᠭᠡᠭᠡᠳ ᠪᠠᠢᠳᠠᠭ ᠴᠢᠳᠠᠯ ᠢ᠋ᠶ᠋ᠠᠷ ᠢ᠋ᠶ᠋ᠠᠨ ᠲᠠᠲᠠᠨ᠎ᠠ ᠰᠢᠦ! ᠬᠡᠨ ᠨᠢ ᠢᠯᠡᠭᠦᠦ ᠬᠦᠴᠦ ᠲᠡᠢ ᠶ᠋ᠢ ᠰᠢᠯᠭᠠᠵᠤ ᠦᠵᠡᠶ᠎ᠡ! ᠢᠩᠭᠢᠭᠡᠳ ᠬᠣᠶᠠᠷ ᠡᠮᠡᠭᠲᠡᠢ ᠬᠦᠦ ᠶ᠋ᠢᠨ ᠬᠠᠵᠠᠭᠤ ᠳ᠋ᠤ᠌ ᠰᠥᠬᠥᠷᠡᠨ ᠰᠠᠭᠤᠯ᠎ᠠ᠃ ᠡᠵᠢ ᠪᠡᠨ ᠬᠠᠷᠠᠭᠠᠳ ᠬᠦᠦ ᠮᠢᠰᠢᠶᠡᠨ ᠢᠨᠢᠶᠡᠮᠰᠦᠭᠯᠡᠯ᠎ᠡ᠃ ᠬᠦᠦ ᠭᠠᠷ ᠢ᠋ᠶ᠋ᠠᠨ ᠰᠣᠩᠭᠣᠨ ᠡᠵᠢ ᠶ᠋ᠢᠨ ᠢ᠋ᠶ᠋ᠡᠨ ᠬᠤᠷᠤᠭᠤᠨ ᠠ᠋ᠴᠠ ᠴᠢᠩᠭ᠎ᠠ ᠠᠳᠬᠤᠯ᠎ᠠ᠃ ᠡᠵᠢ ᠨᠢ ᠨᠢᠯᠪᠤᠰᠤ ᠳᠤᠰᠤᠯᠠᠭᠤᠯᠤᠨ ᠬᠦᠦ ᠪᠡᠨ ᠵᠥᠭᠡᠯᠡᠨ ᠢᠯᠢᠯᠡ᠃ ᠭᠡᠲᠡᠯ᠎ᠡ ᠶᠠᠭ ᠡᠨᠡ ᠦᠶ᠎ᠡ ᠳ᠋ᠦ᠍ ᠪᠥᠮᠪᠥᠷ ᠦ᠋ᠨ ᠨᠦᠷ ᠬᠡᠭᠰᠡᠨ ᠴᠢᠮᠡᠭᠡ ᠰᠣᠨᠣᠰᠤᠭᠳᠠᠯ᠎ᠠ᠃
ᠵᠠ ᠣᠳᠣ ᠲᠡᠮᠡᠴᠡᠭᠡᠨ ᠢ᠋ᠶ᠋ᠡᠨ ᠡᠬᠢᠯᠡᠶ᠎ᠡ! ᠰᠢᠮᠨᠤ ᠣᠮᠣᠭ ᠤ᠋ᠨ ᠠᠬᠠᠯᠠᠭᠴᠢ ᠶ᠋ᠢᠨ ᠦᠭᠡ ᠶ᠋ᠢ ᠰᠣᠨᠣᠰᠤᠩᠭᠤᠲᠠ ᠪᠠᠨ ᠬᠦᠦ ᠶ᠋ᠢᠨ ᠬᠥᠯ ᠡᠴᠡ ᠪᠠᠢᠳᠠᠭ ᠴᠢᠳᠠᠯ ᠢ᠋ᠶ᠋ᠠᠷ ᠢ᠋ᠶ᠋ᠠᠨ ᠲᠠᠲᠠᠭᠰᠠᠨ ᠪᠣᠯᠪᠠᠴᠤ᠂ ᠬᠦᠦ ᠶ᠋ᠢᠨ ᠡᠵᠢ᠂ ᠬᠦᠦ ᠪᠡᠨ ᠥᠬᠥᠭᠡᠷᠳᠡᠭᠰᠡᠨ ᠬᠠᠷᠠᠴᠠ ᠪᠠᠷ ᠢ᠋ᠶ᠋ᠠᠨ ᠬᠠᠷᠠᠵᠤ ᠪᠠᠢᠯ᠎ᠠ᠃ ᠰᠢᠮᠨᠤ ᠬᠥᠯ ᠡᠴᠡ ᠨᠢ ᠲᠠᠲᠠᠬᠤ ᠳ᠋ᠤ᠌ ᠬᠦᠦ ᠤᠬᠢᠯᠠᠵᠤ ᠡᠬᠢᠯᠡᠯ᠎ᠡ᠃ ᠡᠨᠡ ᠶ᠋ᠢ ᠬᠠᠷᠠᠭᠰᠠᠨ ᠡᠬᠡ ᠶ᠋ᠢᠨ ᠰᠡᠳᠬᠢᠯ ᠴᠦ᠍ ᠵᠣᠪᠠᠵᠤ ᠡᠬᠢᠯᠡᠯ᠎ᠡ᠃
ᠪᠤᠯᠢᠭᠠᠴᠢ᠂᠂᠂ ᠬᠡᠷᠡᠭ ᠦᠭᠡᠢ᠂᠂᠂ ᠪᠣᠯᠢᠯ᠎ᠠ᠂᠂᠂ ᠪᠢ ᠬᠠᠷᠠᠭᠠᠳ ᠰᠠᠭᠤᠵᠤ ᠴᠢᠳᠠᠬᠤ ᠦᠭᠡᠢ ᠨᠢ ᠠ᠋! ᠭᠤᠶᠤᠶ᠎ᠠ! ᠲᠠᠲᠠᠬᠤ ᠪᠠᠨ ᠪᠤᠯᠢᠭᠠᠴᠢ ᠳᠠ!
ᠢᠯᠠᠴᠢᠬᠠᠯᠠ! ᠪᠢ ᠢᠯᠠᠴᠢᠬᠠᠯᠠ᠃ ᠣᠳᠣ ᠡᠨᠡ ᠬᠡᠦᠬᠡᠳ ᠮᠢᠨᠦᠬᠢ ᠪᠣᠯᠤᠭᠰᠠᠨ᠃
ᠨᠠᠭᠠᠳᠤ ᠬᠡᠦᠬᠡᠳ ᠢ᠋ᠶ᠋ᠡᠨ ᠣᠳᠤᠤᠬᠠᠨ ᠡᠵᠢ ᠳ᠋ᠦ᠍ᠨᠢ ᠪᠤᠴᠠᠭᠠᠭᠠᠳ ᠥᠭ!
ᠭᠡᠬᠦ ᠳ᠋ᠡᠭᠡᠨ ᠪᠢ ᠢᠯᠠᠭᠰᠠᠨ ᠰᠢᠲᠠ!
ᠦᠭᠡᠢ ᠰᠢᠦ! ᠴᠢ ᠢᠯᠠᠭ᠎ᠠ ᠦᠭᠡᠢ! ᠴᠢ ᠥᠪᠡᠷ ᠢ᠋ ᠪᠡᠨ ᠬᠤᠯᠠᠭᠠᠢᠴᠢ᠂ ᠬᠠᠷᠢᠨ ᠡᠨᠡ ᠡᠮᠡᠭᠲᠡᠢ ᠶ᠋ᠢ ᠬᠦᠦ ᠶ᠋ᠢᠨ ᠵᠢᠩᠬᠢᠨᠢ ᠡᠵᠢ ᠭᠡᠳᠡᠭ ᠢ᠋ ᠪᠠᠲᠤᠯᠠᠯ᠎ᠠ᠃
ᠦᠤ? ᠶᠠᠮᠠᠷ ᠰᠢᠳᠤᠷᠭᠤ ᠪᠤᠰᠤ ᠬᠥᠮᠦᠨ ᠪᠣᠢ? ᠰᠢᠷᠢᠩᠬᠡᠨ ᠣᠢ ᠳ᠋ᠤ᠌ ᠬᠦᠴᠦ ᠲᠡᠢ ᠨᠢ ᠬᠦᠴᠦ ᠦᠭᠡᠢ ᠪᠡᠨ ᠢᠯᠠᠳᠠᠭ ᠭᠡᠰᠡᠨ ᠪᠢᠵᠡ ᠳᠡ? ᠲᠡᠭᠡᠭᠡᠳ ᠯᠡ ᠬᠦᠦ ᠶ᠋ᠢ ᠪᠠᠢᠳᠠᠭ ᠴᠢᠳᠠᠯ ᠢ᠋ᠶ᠋ᠠᠷ ᠢ᠋ᠶ᠋ᠠᠨ ᠲᠠᠲᠠᠭᠰᠠᠨ᠂᠂᠂
ᠲᠡᠢᠮᠦ ᠠ᠋᠂ ᠬᠦᠴᠦ ᠲᠡᠢ ᠨᠢ ᠢᠯᠠᠳᠠᠭ ᠭᠡᠵᠦ ᠬᠡᠯᠡᠭᠰᠡᠨ᠂ ᠭᠡᠬᠦ ᠳ᠋ᠡᠭᠡᠨ ᠡᠨᠡ ᠪᠣᠯ ᠡᠬᠡ ᠶ᠋ᠢᠨ ᠬᠠᠢᠷ᠎ᠠ᠂ ᠡᠨᠡ ᠡᠮᠡᠭᠲᠡᠢ ᠬᠦᠦ ᠪᠡᠨ ᠡᠪᠡᠳᠬᠡᠴᠢᠬᠡᠨᠡ ᠭᠡᠵᠦ ᠠᠶᠤᠭᠠᠳ ᠣᠭᠲᠣᠬᠠᠨ ᠴᠤ᠌ ᠲᠠᠲᠠᠭ᠎ᠠ ᠦᠭᠡᠢ᠃ ᠵᠢᠩᠬᠢᠨᠢ ᠡᠬᠡ ᠬᠥᠮᠦᠨ ᠯᠡ ᠢᠩᠭᠢᠵᠦ ᠴᠢᠳᠠᠳᠠᠭ ᠶᠤᠮ ᠰᠢᠦ ᠳᠡ! ᠬᠠᠷᠢᠨ ᠴᠢ ᠳᠡᠭᠡᠭᠡ ᠦᠭᠡᠢ᠃ ᠪᠦᠰᠡᠭᠦᠢ ᠮᠢᠨᠢ ᠬᠦᠦ ᠪᠡᠨ ᠠᠪᠤᠭᠠᠳ ᠶᠠᠪᠤ ᠳᠠ!
ᠪᠠᠶᠠᠷᠯᠠᠯ᠎ᠠ! ᠦᠨᠡᠬᠡᠷ ᠶᠡᠬᠡ ᠪᠠᠶᠠᠷᠯᠠᠯ᠎ᠠ!
ᠴᠢᠮ᠎ᠠ ᠶ᠋ᠢ ᠬᠡᠨ ᠭᠡᠳᠡᠭ ᠢ᠋ ᠮᠡᠳᠡᠯ᠎ᠡ᠃ ᠳᠠᠬᠢᠵᠤ ᠮᠠᠨ ᠤ᠋ ᠣᠢ ᠳ᠋ᠤ᠌ ᠢᠷᠡᠬᠦ ᠶᠦᠮ ᠪᠣᠯ ᠴᠢᠮ᠎ᠠ ᠶ᠋ᠢ᠂᠂᠂᠂᠂
ᠣᠢᠯᠠᠭᠠᠯ᠎ᠠ! ᠪᠠᠨᠠᠷᠠᠵᠢ᠂ ᠣᠢᠯᠠᠭᠠᠯ᠎ᠠ! ᠬᠡᠵᠢᠶ᠎ᠡ ᠨᠢᠭᠡᠨ ᠡᠳᠦᠷ ᠪᠢ ᠴᠢᠮ᠎ᠠ ᠠ᠋ᠴᠠ ᠢᠯᠡᠭᠦᠦ ᠬᠦᠴᠦᠷᠬᠡᠭ ᠪᠣᠯᠬᠤ ᠪᠣᠯᠤᠨ᠎ᠠ᠃ ᠬᠡᠵᠢᠶ᠎ᠡ ᠨᠢᠭᠡᠨ ᠡᠳᠦᠷ᠂᠂᠂᠂ ᠰᠢᠮᠨᠤ ᠶ᠋ᠢ ᠳᠠᠬᠢᠵᠤ ᠣᠢ ᠳ᠋ᠤ᠌ ᠣᠴᠢᠭᠰᠠᠨ ᠦᠭᠡᠢ ᠶ᠋ᠢ ᠬᠡᠨ ᠴᠦ᠍ ᠬᠠᠷᠠᠭ᠎ᠠ ᠦᠭᠡᠢ ᠭᠡᠳᠡᠭ᠂ ᠬᠡᠷᠪᠡ ᠣᠴᠢᠭᠰᠠᠨ ᠪᠠᠢᠯ᠎ᠠ ᠴᠤ᠌ ᠭᠡᠰᠡᠨ ᠦᠷ᠎ᠡ ᠪᠡᠨ ᠭᠡᠬᠦ ᠡᠬᠡ ᠶ᠋ᠢᠨ ᠬᠠᠢᠷ᠎ᠠ ᠶ᠋ᠢ ᠡᠬᠡ ᠶ᠋ᠢᠨ ᠰᠠᠢᠬᠠᠨ ᠰᠡᠳᠬᠢᠯ ᠢ᠋ ᠰᠢᠮᠨᠤ ᠬᠡᠵᠢᠶ᠎ᠡ ᠴᠦ᠍ ᠲᠠᠢᠯᠵᠤ ᠴᠢᠳᠠᠬᠤ ᠦᠭᠡᠢ ᠶᠦᠮ᠃
ᠦᠰᠦᠭ ᠠᠮᠢᠯᠠᠭᠤᠯᠤᠭᠰᠠᠨ ᠨᠢ᠄ ᠭᠡᠷᠡᠯᠴᠢᠮᠡᠭ
ᠦᠰᠦᠭ ᠬᠠᠲᠠᠭᠰᠠᠨ ᠨᠢ᠄ ᠬᠣᠨᠢᠴᠢᠨ ᠪᠦᠰᠡᠭᠦᠢ
ᠬᠢᠨᠠᠭᠰᠠᠨ ᠨᠢ᠄ ᠢᠷᠡᠭᠡᠳᠦᠢ
