ᠮᠣᠩᠭᠣᠯ ᠭᠡᠷ- ᠲᠣᠭᠲᠠᠬᠤМонгол гэр-Тогтох ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠭᠡᠷ- ᠲᠣᠭᠲᠠᠬᠤМонгол гэр-Тогтох

ᠮᠣᠩᠭᠣᠯ ᠭᠡᠷ- ᠲᠣᠭᠲᠠᠬᠤМонгол гэр-Тогтох

2024-07-31

736

      ᠲᠣᠭᠲᠠᠬᠤ 

ᠡᠷᠲᠡ ᠳᠡᠭᠡᠳᠦ ᠶ᠋ᠢᠨ ᠦᠶ᠎ᠡ ᠡᠴᠡ 
ᠤᠯᠠᠮᠵᠢᠯᠠᠵᠤ ᠢᠷᠡᠭᠰᠡᠨ ᠮᠣᠩᠭᠣᠯ ᠭᠡᠷ 
ᠡᠵᠡᠨ ᠴᠢᠩᠭᠢᠰ ᠬᠠᠭᠠᠨ ᠤ᠋ 
ᠡᠵᠡᠯᠡᠵᠦ ᠰᠠᠭᠤᠭᠰᠠᠨ ᠣᠷᠳᠣᠨ ᠭᠡᠷ 

ᠤᠷᠠᠨ ᠰᠠᠨᠠᠭ᠎ᠠ ᠲᠠᠢ ᠮᠣᠩᠭᠣᠯ ᠬᠥᠮᠦᠨ ᠦ᠌ 
ᠤᠷᠠᠯᠠᠵᠤ ᠪᠦᠲᠦᠭᠡᠭᠰᠡᠨ ᠮᠣᠩᠭᠣᠯ ᠭᠡᠷ 
ᠤᠭᠰᠠᠷᠠᠵᠤ ᠪᠠᠷᠢᠵᠤ ᠪᠣᠰᠬᠠᠬᠤ ᠳ᠋ᠤ᠌ 
ᠤᠴᠢᠷ ᠶᠣᠰᠣᠲᠠᠢ ᠮᠣᠩᠭᠣᠯ ᠭᠡᠷ 

ᠬᠠᠲᠠᠪᠴᠢ ᠡᠨᠢᠭᠡ ᠦ᠋ᠨ ᠳᠤᠮᠳᠠ ᠪᠠᠨ 
ᠬᠠᠳᠬᠠᠮᠠᠯ ᠬᠣᠶᠠᠷ ᠬᠠᠭᠠᠯᠭ᠎ᠠ ᠲᠠᠢ 
ᠡᠨᠢᠭᠡ ᠶ᠋ᠢᠨ ᠳᠡᠭᠡᠷ᠎ᠡ ᠲᠠᠯ᠎ᠠ ᠳ᠋ᠠᠭᠠᠨ
ᠡᠵᠡᠨ ᠵᠢᠷᠭᠤᠭᠠᠨ ᠪᠤᠷᠬᠠᠨ ᠲᠠᠢ

ᠡᠪᠬᠡᠵᠦ ᠳᠡᠯᠭᠡᠵᠦ ᠴᠢᠳᠠᠳᠠᠭ
ᠥᠯᠵᠡᠢ ᠵᠠᠩᠭᠢᠶ᠎ᠠ ᠬᠠᠨ᠎ᠠ ᠲᠠᠢ
ᠠᠭᠤᠵᠢᠮ ᠲᠣᠭᠣᠷᠢᠭ ᠮᠠᠲᠠᠭᠠᠰᠤ ᠲᠠᠢ
ᠳᠣᠲᠣᠷ᠎ᠠ ᠮᠣᠳᠣᠨ ᠪᠦᠰᠡᠯᠡᠭᠦᠷ ᠲᠡᠢ

ᠬᠣᠷᠯᠣ ᠡᠷᠳᠡᠨᠢ ᠶ᠋ᠢᠨ ᠲᠣᠭᠣᠨᠣ ᠨᠢ
ᠬᠤᠮᠢᠵᠤ ᠳᠡᠯᠭᠡᠬᠦ ᠴᠢᠳᠠᠮᠵᠢ ᠲᠠᠢ
ᠬᠣᠶᠠᠷ ᠲᠠᠢᠰᠢ ᠪᠠᠨ ᠰᠠᠯᠵᠤ ᠪᠣᠯᠳᠠᠭ
ᠬᠣᠯᠪᠣᠵᠤ ᠨᠡᠢᠯᠡᠭᠦᠯᠦᠭᠰᠡᠨ ᠭᠣᠣᠯ ᠮᠣᠳᠣ ᠲᠠᠢ

ᠬᠣᠯᠬᠢᠵᠤ ᠰᠠᠯᠬᠤ ᠠ᠋ᠴᠠ ᠰᠡᠷᠭᠡᠢᠯᠡᠭᠰᠡᠨ
ᠬᠢᠯᠭᠠᠰᠤᠨ ᠳᠡᠭᠡᠰᠦᠨ ᠬᠦᠯᠢᠶᠡᠷᠢ ᠲᠡᠢ
ᠬᠣᠢᠨ᠎ᠠ ᠡᠮᠦᠨ᠎ᠡ ᠶ᠋ᠢ ᠵᠢᠭᠠᠭᠰᠠᠨ
ᠬᠣᠶᠠᠷ ᠥᠨᠳᠥᠷ ᠳᠠᠭ᠎ᠠ ᠲᠠᠢ

ᠬᠣᠭᠣᠷᠣᠨᠳᠣ ᠨᠢ ᠵᠡᠷᠭᠡᠴᠡᠵᠦ ᠣᠷᠣᠰᠢᠭᠰᠠᠨ
ᠣᠬᠣᠷ ᠳᠥᠷᠪᠡᠨ ᠳᠠᠭ᠎ᠠ ᠲᠠᠢ
ᠲᠣᠭᠣᠷᠢᠭᠯᠠᠵᠤ ᠮᠡᠳᠡᠵᠦ ᠤᠷᠠᠯᠠᠭᠰᠠᠨ
ᠳᠥᠷᠪᠡᠨ ᠳᠠᠪᠬᠤᠷ ᠬᠦᠷᠢᠶ᠎ᠡ ᠲᠡᠢ

ᠳᠠᠷᠠᠭ᠎ᠠ ᠳᠢᠭᠲᠡᠢ ᠲᠠᠭᠠᠷᠠᠭᠤᠯᠤᠭᠰᠠᠨ
ᠳᠠᠯᠠᠨ ᠬᠣᠶᠠᠷ ᠰᠢᠷᠤᠭ ᠲᠠᠢ
ᠰᠢᠷᠤᠭ ᠤ᠋ᠨ ᠵᠠᠪᠰᠠᠷ ᠲᠠᠭᠠᠨ ᠬᠡᠯᠬᠢᠭᠰᠡᠨ
ᠰᠢᠯᠤᠭᠤᠨ ᠨᠠᠶᠠᠨ ᠣᠨᠢ ᠲᠠᠢ

ᠢᠰᠡᠭᠡᠢ ᠴᠠᠭᠠᠨ ᠪᠦᠷᠢᠶᠡᠰᠦ ᠲᠡᠢ
ᠡᠪᠯᠢᠭ ᠲᠣᠬᠢᠲᠠᠢ ᠥᠷᠥᠭᠡ ᠭᠡᠷ
ᠡᠷᠳᠡᠨᠢ ᠯᠤᠤ ᠭᠦᠷᠪᠡᠯᠵᠡᠭᠰᠡᠨ  ᠰᠢᠭ᠌
ᠭᠠᠳᠠᠷ ᠬᠣᠶᠠᠷ ᠪᠦᠰᠡᠯᠡᠭᠦᠷ ᠲᠡᠢ

ᠨᠠᠢ᠍ᠮᠠᠨ ᠭᠦᠯᠳᠡᠢ ᠬᠥᠯᠲᠦ ᠡᠷᠦᠬᠡ (ᠬᠥᠯᠲᠥᠷᠭᠡ) ᠨᠢ
ᠨᠠᠷᠢᠨ ᠬᠢᠯᠭᠠᠰᠤᠨ ᠵᠡᠬᠡᠭ ᠲᠡᠢ
ᠨᠠᠪᠴᠢᠨ ᠬᠡ ᠲᠡᠢ ᠡᠭᠦᠯᠡ ᠶ᠋ᠢ
ᠨᠠᠷᠢᠯᠢᠭ ᠰᠠᠢᠬᠠᠨ ᠤᠷᠠᠯᠠᠵᠠᠢ

ᠠᠮᠠ ᠳᠥᠷᠪᠡᠯᠵᠢᠨ ᠲᠠᠭᠯᠠᠭ᠎ᠠ (ᠪᠦᠷᠬᠦᠭᠡ)
ᠡᠷᠦᠬᠡ ᠶ᠋ᠢ ᠨᠢ
ᠠᠷᠤᠨᠰᠢ ᠪᠠᠨ ᠲᠠᠲᠠᠭᠠᠳ ᠨᠡᠭᠡᠭᠡᠪᠡᠯ (ᠰᠡᠬᠦᠪᠡᠯ)
ᠠᠭᠠᠷ ᠤ᠋ᠨ ᠨᠠᠷᠠᠨ ᠤ᠋ ᠰᠢᠯᠵᠢᠯᠲᠡ ᠶ᠋ᠢ
ᠠᠰᠤᠷᠤ ᠣᠨᠣᠪᠴᠢᠲᠠᠢ ᠮᠡᠳᠡᠴᠢᠬᠡᠳᠡᠭ 

ᠡᠭᠦᠳᠡᠨ ᠦ᠌ ᠪᠡᠨ ᠡᠨᠢᠭᠡ ᠳ᠋ᠤᠨᠢ
ᠥᠷᠭᠡᠨ ᠰᠠᠢᠬᠠᠨ ᠲᠣᠲᠣᠭᠣ ᠲᠠᠢ
ᠥᠯᠵᠡᠢ ᠵᠠᠩᠭᠢᠶ᠎ᠠ ᠤᠭᠠᠯᠵᠠ ᠶ᠋ᠢ
ᠡᠮᠵᠢᠶᠡᠷᠢ ᠪᠣᠯᠭᠠᠨ ᠤᠷᠠᠯᠠᠵᠠᠢ 

ᠥᠯᠵᠡᠢ ᠬᠤᠲᠤᠭ ᠪᠠᠲᠤ ᠣᠷᠣᠰᠢᠭᠰᠠᠨ
ᠥᠨᠳᠥᠷ ᠪᠣᠰᠤᠭ᠎ᠠ ᠥᠷᠥᠭᠡ ᠭᠡᠷ
ᠥᠨᠢᠷ ᠪᠠᠶᠠᠨ ᠮᠣᠩᠭᠣᠯᠴᠤᠳ ᠤ᠋ᠨ
ᠥᠭᠡᠳᠡᠯᠡᠨ ᠬᠥᠭᠵᠢᠭᠰᠡᠨ ᠢᠰᠡᠭᠡᠢ ᠭᠡᠷ

ᠰᠡᠴᠡ ᠶ᠋ᠢᠨ ᠬᠡᠪ ᠲᠡᠢ ᠮᠣᠩᠭᠣᠯ ᠭᠡᠷ
ᠰᠠᠷᠠᠭᠤᠯ ᠲᠠᠯ᠎ᠠ ᠶ᠋ᠢᠨ ᠡᠵᠡᠨ ᠨᠢ ᠶᠤᠮ
ᠰᠤᠭᠤᠨᠠᠭᠯᠠᠵᠤ ᠭᠠᠷᠤᠭᠰᠠᠨ ᠤᠲᠤᠭ᠎ᠠ ᠨᠢ
ᠴᠡᠩᠬᠡᠷ ᠠᠭᠠᠷ ᠲᠠᠭᠠᠨ ᠬᠠᠳᠠᠭ ᠶᠤᠮ 

ᠪᠣᠰᠤᠭ᠎ᠠ ᠬᠡᠪ ᠲᠡᠢ ᠮᠣᠩᠭᠣᠯ ᠭᠡᠷ
ᠪᠣᠯᠪᠠᠰᠤᠨ ᠰᠣᠶᠣᠯ ᠤ᠋ᠨ ᠥᠯᠥᠭᠡᠢ  ᠶᠤᠮ
ᠪᠤᠷᠭᠢᠯᠵᠤ ᠭᠠᠷᠤᠭᠰᠠᠨ ᠤᠲᠤᠭ᠎ᠠ ᠨᠢ
ᠪᠤᠵᠠᠷ ᠮᠠᠭᠤ ᠶ᠋ᠢᠨ ᠳᠠᠷᠤᠯᠭ᠎ᠠ ᠶᠤᠮ

ᠲᠠᠨ᠎ᠠ ᠶ᠋ᠢᠨ ᠴᠠᠭᠠᠨ ᠥᠷᠥᠭᠡ ᠨᠢ
ᠲᠠᠯ᠎ᠠ ᠨᠤᠲᠤᠭ ᠲᠠᠭᠠᠨ ᠴᠢᠮᠡᠭ  ᠶᠤᠮ
ᠲᠠᠪᠤᠨ ᠬᠣᠰᠢᠭᠤ ᠮᠠᠯ ᠰᠦᠷᠦᠭ ᠨᠢ
ᠲᠠᠩᠰᠤᠭ ᠠᠮᠢᠳᠤᠷᠠᠯ ᠤ᠋ᠨ ᠲᠦᠰᠢᠭ  ᠶᠤᠮ

ᠲᠠᠷᠠᠭ᠂ ᠠᠢᠷᠠᠭ᠂ ᠴᠡᠭᠡ᠂ ᠵᠥᠭᠡᠬᠡᠢ ᠨᠢ
ᠲᠠᠬᠤᠯ ᠡᠪᠡᠳᠴᠢᠨ ᠳ᠋ᠦ᠍ ᠲᠤᠰᠠᠲᠠᠢ ᠶᠤᠮ
ᠲᠠᠷᠭᠤᠨ ᠬᠣᠨᠢᠨ ᠤ᠋ ᠮᠢᠬ᠎ᠠ ᠨᠢ
ᠲᠠᠮᠢᠷ ᠢ᠋ ᠨᠥᠬᠥᠪᠥᠷᠢᠯᠡᠳᠡᠭ ᠰᠢᠮ᠎ᠡ ᠶᠦᠮ

ᠬᠤᠷᠤᠳ᠂ ᠲᠣᠰᠣ᠂ ᠥᠷᠥᠮ᠎ᠡ᠂  ᠰᠦ᠋ ᠨᠢ
ᠬᠣᠪᠣᠷ ᠴᠤᠬᠠᠭ ᠲᠡᠵᠢᠭᠡᠯ  ᠶᠤᠮ
ᠬᠣᠯᠠ ᠶ᠋ᠢᠨ ᠨᠠᠢᠵᠠ ᠪᠠᠨ ᠵᠣᠴᠢᠯᠠᠬᠤ ᠳ᠋ᠤ᠌
ᠬᠣᠴᠣᠷᠴᠤ ᠪᠣᠯᠳᠠᠭ ᠦᠭᠡᠢ ᠢᠳᠡᠭᠡᠨ ᠶᠦᠮ

ᠳᠠᠶᠠᠭᠠᠷ ᠣᠯᠠᠨ ᠮᠣᠩᠭᠣᠯᠴᠤᠳ ᠤ᠋ᠨ
ᠲᠠᠪᠰᠢᠭᠰᠠᠨ ᠰᠠᠢᠬᠠᠨ ᠰᠣᠶᠣᠯ ᠶᠤᠮ
ᠳᠠᠢᠴᠢᠨ ᠮᠣᠷᠢᠲᠠᠨ ᠤᠭᠰᠠᠭᠠᠲᠠᠨ ᠤ᠋
ᠳᠠᠶᠠᠩ ᠳ᠋ᠤ᠌ ᠳᠠᠭᠤᠷᠢᠰᠤᠭᠰᠠᠨ ᠠᠯᠳᠠᠷ ᠶᠤᠮ

    ᠦᠰᠦᠭ ᠠᠮᠢᠯᠠᠭᠤᠯᠤᠭᠴᠢ᠄ ᠨᠡᠭᠦᠳᠡᠯ
    ᠬᠢᠨᠠᠭᠴᠢ ᠪᠠᠭᠰᠢ᠄ ᠠᠯᠲᠠᠨᠱᠠ ᠣᠳᠬᠠᠨᠰᠣ᠎ᠠ