ᠤᠯᠠᠭᠠᠨ ᠦᠳᠡ ᠳ᠋ᠡᠬᠢ ᠳᠣᠯᠣᠭ᠎ᠠ ᠬᠣᠨᠣᠭ - ᠭ· ᠴᠢᠩᠪᠠᠭᠠᠲᠤᠷУлаан үд догь долоо хоног-Г·Чинбаатар
ᠭ· ᠴᠢᠩᠪᠠᠭᠠᠲᠤᠷ
2009 ᠣᠨ ᠮᠢᠨᠦ ᠬᠤᠪᠢ ᠳ᠋ᠤ᠌ ᠠᠵᠠ ᠲᠣᠬᠢᠶᠠᠯ ᠰᠠᠢᠲᠠᠢ ᠣᠨ ᠪᠠᠢᠭᠰᠠᠨ᠃ ᠬᠢᠲᠠᠳ ᠮᠣᠩᠭᠣᠯ ᠬᠣᠶᠠᠷ ᠤᠯᠤᠰ ᠤ᠋ᠨ ᠨᠠᠢᠷᠠᠮᠳᠠᠯ ᠬᠠᠮᠲᠤ ᠶ᠋ᠢᠨ ᠠᠵᠢᠯᠯᠠᠭᠠᠨ ᠤ᠋ ᠠᠵᠢᠯ ᠢ᠋ᠶ᠋ᠠᠷ ᠮᠣᠩᠭᠣᠯ ᠤᠯᠤᠰ ᠲᠤ ᠣᠴᠢᠭᠰᠠᠨ᠂ ᠮᠣᠩᠭᠣᠯ ᠣᠳᠣᠨ ᠲᠧᠯᠸᠢᠰ ᠦ᠋ᠨ《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠠᠵᠢᠯ ᠢ᠋ᠶ᠋ᠠᠷ ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠪᠤᠷᠢᠶᠠᠳ ᠤᠯᠤᠰ ᠲᠤ ᠣᠴᠢᠭᠰᠠᠨ ᠢ᠋ᠶ᠋ᠠᠷ ᠮᠣᠩᠭᠣᠯ ᠤᠭᠰᠠᠭᠠᠨ ᠤ᠋ ᠤᠯᠤᠰ ᠣᠷᠣᠨ ᠨᠤᠭᠤᠳ ᠲᠤ ᠣᠴᠢᠵᠤ ᠪᠠᠢᠬᠤ ᠶᠤᠮᠰᠠᠨ ᠭᠡᠰᠡᠨ ᠮᠥᠷᠥᠭᠡᠳᠦᠯ ᠮᠢᠨᠢ ᠶᠠᠮᠠᠷ ᠨᠢᠭᠡ ᠬᠡᠮᠵᠢᠶ᠎ᠡ ᠪᠡᠷ ᠪᠡᠶᠡᠯᠡᠵᠦ ᠡᠬᠢᠯᠡᠭᠰᠡᠨ ᠪᠢᠯᠡ᠃ ᠲᠡᠭᠡᠭᠡᠳ ᠬᠠᠯᠢᠮᠠᠭ᠂ ᠳᠤᠸᠠ᠂ ᠠᠯᠲᠠᠢ ᠭᠡᠳ ᠶᠠᠪᠤᠳᠠᠭ ᠪᠣᠯᠤᠭᠠᠰᠠᠢ ᠭᠡᠮᠡᠨ ᠰᠡᠳᠬᠢᠯ ᠳ᠋ᠡᠭᠡᠨ ᠳᠠᠭᠠᠳᠬᠠᠵᠤ ᠯᠠ ᠰᠠᠭᠤᠨ᠎ᠠ᠃ ᠢᠩᠭᠢᠭᠡᠳ 2009 ᠣᠨ ᠤ᠋ 12 ᠳ᠋ᠤᠭᠠᠷ ᠰᠠᠷ᠎ᠠ ᠶ᠋ᠢᠨ 8 — 18 ᠪᠣᠯᠲᠠᠯᠠᠬᠢ ᠬᠤᠭᠤᠴᠠᠭᠠᠨ ᠳ᠋ᠤ᠌ ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠪᠤᠷᠢᠶᠠᠳ ᠤᠯᠤᠰ ᠤ᠋ᠨ ᠤᠯᠠᠭᠠᠨ ᠦᠳᠡ ᠬᠣᠲᠠ ᠳ᠋ᠤ᠌ ᠣᠴᠢᠭᠰᠠᠨ ᠰᠡᠳᠬᠢᠭᠳᠡᠯ ᠢ᠋ᠶ᠋ᠡᠨ ᠲᠣᠪᠴᠢᠯᠠᠨ ᠪᠢᠴᠢᠵᠦ ᠲᠠ ᠪᠦᠬᠦᠨ᠎ᠡ ᠲᠣᠯᠢᠯᠠᠭᠤᠯᠵᠤ ᠪᠠᠢᠨ᠎ᠠ᠃ ᠭᠡᠪᠡᠴᠦ ᠠᠶᠠᠨ ᠵᠠᠮ ᠳ᠋ᠤ᠌ ᠬᠡᠳᠦᠨ ᠬᠣᠨᠣᠭ ᠢ᠋ ᠥᠷᠥᠭᠡᠭᠰᠡᠨ ᠪᠣᠯᠬᠣᠷ ᠤᠯᠠᠭᠠᠨ ᠦᠳᠡ ᠬᠣᠲᠠ ᠳ᠋ᠤ᠌ ᠪᠠᠢᠬᠤ ᠬᠤᠭᠤᠴᠠᠭ᠎ᠠ ᠮᠠᠨᠢ ᠳᠣᠯᠣᠭ᠎ᠠ ᠬᠣᠨᠣᠭ ᠠ᠋ᠴᠠ ᠬᠡᠲᠦᠷᠡᠭᠡ ᠦᠭᠡᠢ᠃ ᠤᠭ ᠨᠢ ᠲᠤᠰ ᠨᠡᠢᠲᠡᠯᠡᠯ ᠢ᠋ᠶ᠋ᠡᠨ《ᠣᠷᠣᠰ ᠤ᠋ᠨ ᠬᠣᠯᠪᠣᠭᠠᠨ ᠤ᠋ ᠪᠤᠷᠢᠶᠠᠳ ᠤᠯᠤᠰ ᠲᠤ ᠠᠢᠯᠴᠢᠯᠠᠭᠰᠠᠨ ᠮᠠᠨᠢ》 ᠭᠡᠵᠦ ᠭᠠᠷᠴᠠᠭᠯᠠᠭᠰᠠᠨ ᠪᠣᠯᠪᠠᠴᠤ ᠵᠥᠪᠬᠡᠨ ᠤᠯᠠᠭᠠᠨ ᠦᠳᠡ ᠳ᠋ᠦ᠍ ᠯᠡ ᠬᠡᠳᠦᠬᠡᠨ ᠬᠣᠨᠣᠭ ᠪᠠᠢᠭᠰᠠᠨ ᠪᠣᠯᠬᠣᠷ ᠮᠠᠯᠠᠭᠠᠢ ᠨᠢ ᠲᠣᠮᠣᠳᠠᠭᠰᠠᠨ᠂ ᠨᠥᠭᠦᠭᠡ ᠲᠠᠯ᠎ᠠ ᠪᠠᠷ ᠶᠠᠫᠣᠨ ᠳ᠋ᠤ᠌ ᠣᠴᠢᠭᠰᠠᠨ ᠰᠡᠳᠬᠢᠭᠳᠡᠯ ᠢ᠋ᠶ᠋ᠡᠨ《ᠶᠠᠫᠣᠨ ᠳ᠋ᠠᠬᠢ ᠨᠠᠢ᠍ᠮᠠᠨ ᠬᠣᠨᠣᠭ》 ᠭᠡᠵᠦ ᠪᠢᠴᠢᠵᠦ ᠪᠠᠢᠭᠰᠠᠨ ᠪᠣᠯᠬᠣᠷ ᠲᠡᠭᠦᠨ ᠲᠡᠢ ᠪᠡᠨ ᠢᠵᠢᠯᠢᠰᠢᠭᠦᠯᠬᠦ ᠶ᠋ᠢᠨ ᠲᠤᠯᠠ ᠳ᠋ᠤ᠌ ᠭᠠᠷᠴᠠᠭ ᠢ᠋ ᠨᠢ ᠰᠣᠯᠢᠭᠰᠠᠨ ᠶᠤᠮ᠃ ᠤᠭ ᠨᠢ ᠳᠡᠯᠭᠡᠷᠡᠩᠭᠦᠢ ᠪᠢᠴᠢᠶ᠎ᠡ ᠭᠡᠵᠦ ᠪᠣᠳᠣᠭᠰᠠᠨ ᠪᠣᠯᠪᠠᠴᠤ ᠳᠡᠩᠳᠡᠭᠦᠦ ᠶᠠᠭᠠᠷᠠᠤ ᠠᠵᠢᠯ ᠤ᠋ᠨ ᠥᠴᠦᠬᠡᠨ ᠴᠢᠯᠥᠭᠡ ᠪᠡᠷ ᠣᠢᠯᠠᠭᠠᠵᠤ ᠨᠠᠷᠢᠪᠴᠢᠯᠠᠬᠤ ᠪᠣᠯᠤᠮᠵᠢ ᠬᠣᠮᠰᠠᠬᠠᠨ ᠪᠠᠢᠭᠰᠠᠨ ᠪᠣᠯᠬᠣᠷ ᠨᠠᠷᠢᠯᠢᠭ ᠪᠢᠴᠢᠵᠦ ᠴᠢᠳᠠᠭ᠎ᠠ ᠦᠭᠡᠢ ᠶ᠋ᠢ ᠮᠢᠨᠢ ᠠᠭᠤᠴᠢᠯᠠᠭᠠᠷᠠᠢ!
ᠪᠤᠷᠢᠶᠠᠳ ᠶᠠᠰᠤᠲᠠᠨ ᠬᠠᠮᠤᠭ ᠤ᠋ᠨ ᠠᠩᠬ᠎ᠠ ᠬᠣᠷᠢ ᠲᠦᠮᠡᠳ᠂ ᠪᠠᠷᠭᠤᠳ᠂ ᠣᠢᠷᠠᠳ ᠵᠡᠷᠭᠡ ᠶᠠᠰᠤᠲᠠᠳ ᠤ᠋ᠨ ᠬᠠᠮᠲᠤ ᠲᠡᠦᠬᠡ ᠰᠤᠷᠪᠤᠯᠵᠢ ᠳ᠋ᠤ᠌ ᠳᠤᠷᠠᠳᠤᠭᠳᠠᠭᠰᠠᠨ ᠪᠠᠢᠳᠠᠭ᠃ 《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌《᠁ ᠲᠠᠤᠯᠠᠢ ᠵᠢᠯ (1207 ᠣᠨ) ᠵᠥᠴᠢ ᠪᠠᠷᠠᠭᠤᠨ ᠭᠠᠷ ᠤ᠋ᠨ ᠴᠡᠷᠢᠭ ᠢ᠋ ᠠᠪᠴᠤ᠂ ᠣᠢ ᠶ᠋ᠢᠨ ᠢᠷᠭᠡᠳ ᠢ᠋ ᠡᠵᠡᠯᠡᠬᠦ ᠪᠡᠷ ᠮᠣᠷᠳᠠᠬᠤ ᠳ᠋ᠤ᠌ ᠪᠤᠬ᠎ᠠ ᠭᠠᠵᠠᠷᠴᠢᠯᠠᠨ ᠶᠠᠪᠤᠪᠠ᠃ ᠬᠣᠲᠣᠭᠠ ᠪᠡᠬᠢ ᠢᠷᠡᠭᠡᠳ ᠵᠥᠴᠢ ᠶ᠋ᠢ ᠭᠠᠵᠠᠷᠴᠢᠯᠠᠨ ᠲᠦᠮᠡᠳ ᠣᠢᠷᠠᠳ ᠤ᠋ᠨ ᠨᠤᠲᠤᠭ ᠢ᠋ᠶ᠋ᠠᠷ ᠶᠠᠪᠤᠵᠤ ᠰᠢᠭᠰᠢᠳ ᠲᠦ᠍ ᠬᠦᠷᠪᠡ᠃ ᠵᠥᠴᠢ ᠣᠢᠷᠠᠳ᠂ ᠪᠤᠷᠢᠶᠠᠳ᠂ ᠪᠠᠷᠭᠤ᠂ ᠤᠷᠤᠰᠤᠨ᠂ ᠬᠠᠪᠠᠬᠠᠭᠠᠰ᠂ ᠬᠠᠩᠬᠠᠰ ᠂ ᠳᠤᠸᠠ ᠠᠢᠮᠠᠭ ᠢ᠋ ᠣᠷᠣᠭᠤᠯᠤᠭᠠᠳ ᠲᠦᠮᠡᠨ ᠬᠢᠷᠭᠢᠰ ᠦ᠋ᠨ ᠨᠤᠲᠤᠭ ᠲᠤ ᠬᠦᠷᠪᠡᠯ᠁ ᠪᠠᠰᠠ ᠪᠣᠷᠤᠬᠤᠯ ᠨᠣᠶᠠᠨ ᠢ᠋ ᠬᠣᠷᠢ ᠲᠦᠮᠡᠳ (ᠬᠣᠷᠢ ᠪᠤᠷᠢᠶᠠᠳ) ᠢᠷᠭᠡᠨ ᠢ᠋ ᠡᠵᠡᠯᠡᠭᠦᠯᠬᠦ ᠪᠡᠷ ᠶᠠᠪᠤᠪᠠ᠁》 ᠭᠡᠵᠦ ᠪᠠᠢᠭ᠎ᠠ ᠨᠢ ᠪᠤᠷᠢᠶᠠᠳ ᠵᠤᠨ ᠤ᠋ ᠲᠤᠬᠠᠢ ᠬᠠᠮᠤᠭ ᠤ᠋ᠨ ᠠᠩᠬᠠᠨ ᠤ᠋ ᠲᠡᠮᠳᠡᠭᠯᠡᠯ ᠭᠡᠭᠳᠡᠳᠡᠭ᠃ ᠲᠡᠭᠦᠯᠳᠡᠷ ᠳᠣᠪᠣ ᠭᠡᠭᠴᠢ ᠬᠥᠮᠦᠨ ᠦ᠌1863 ᠣᠨ ᠳ᠋ᠤ᠌ ᠪᠢᠴᠢᠭᠰᠡᠨ ᠬᠣᠷᠢ ᠶ᠋ᠢᠨ ᠪᠣᠯᠤᠨ ᠠᠭ ᠤ᠋ᠨ ᠪᠤᠷᠢᠶᠠᠳ ᠤ᠋ᠨ ᠲᠤᠬᠠᠢ ᠲᠡᠦᠬᠡᠨ ᠨᠣᠮ ᠳ᠋ᠤ᠌᠂ ᠮᠣᠩᠭᠣᠯ ᠤ᠋ᠨ ᠬᠣᠷᠢ ᠲᠦᠮᠡᠳ ᠤᠭᠰᠠᠭᠠᠲᠠᠨ ᠤ᠋ ᠪᠠᠷᠭᠤ ᠪᠠᠭᠠᠲᠤᠷ ᠳᠠᠢᠴᠢᠨ ᠨᠣᠶᠠᠨ ᠤ᠋ ᠭᠤᠷᠪᠠᠨ ᠬᠦᠦ ᠶ᠋ᠢᠨ ᠤᠳᠬᠤᠨ ᠨᠢ ᠬᠣᠷᠢᠲᠠᠢ ᠮᠡᠷᠭᠡᠨ ᠭᠡᠵᠦ ᠪᠠᠢᠭᠠᠳ ᠲᠡᠭᠦᠨ ᠦ᠌ ᠠᠩᠬᠠᠨ ᠤ᠋ ᠭᠡᠷᠭᠡᠢ ᠪᠠᠷᠭᠤᠵᠢᠨ ᠭᠤᠸ᠎ᠠ ᠠ᠋ᠴᠠ ᠠᠯᠤᠨ ᠭᠤᠸ᠎ᠠ ᠨᠡᠷ᠎ᠡ ᠲᠡᠢ ᠭᠠᠭᠴᠠ ᠥᠬᠢᠨ᠂ ᠬᠣᠶᠠᠳᠠᠬᠢ ᠱᠠᠷᠠᠯᠲᠠᠢ ᠭᠡᠳᠡᠭ ᠭᠡᠷᠭᠡᠢ ᠡᠴᠡ ᠨᠢ ᠭᠠᠯᠵᠠᠭᠤᠳ᠂ ᠬᠤᠸᠠᠰᠠᠢ᠂ ᠬᠦᠪᠲᠡᠭᠦᠳ᠂ ᠭᠤᠴᠢᠳ᠂ ᠱᠠᠷᠠᠢᠳ ᠭᠡᠵᠦ ᠲᠠᠪᠤᠨ ᠬᠦᠦ᠂ ᠭᠤᠷᠪᠠᠳᠠᠬᠢ ᠨᠠᠭᠠᠲᠠᠢ ᠭᠡᠭᠴᠢ ᠭᠡᠷᠭᠡᠢ ᠡᠴᠡ ᠨᠢ ᠬᠠᠷᠭᠤᠨ᠎ᠠ᠂ ᠬᠣᠳᠠᠢ᠂ ᠪᠤᠳᠤᠩᠭᠤᠳ᠂ ᠬᠠᠯᠪᠢᠨ᠂ ᠴᠠᠭᠠᠨ᠂ ᠪᠠᠳᠤᠨᠠᠢ ᠭᠡᠵᠦ ᠵᠢᠷᠭᠤᠭᠠᠨ ᠬᠦᠦ ᠲᠥᠷᠥᠵᠦ᠂ ᠡᠳᠡ ᠨᠠᠷ ᠥᠰᠴᠦ ᠥᠨᠳᠡᠢᠭᠡᠳ ᠠᠷᠪᠠᠨ ᠨᠢᠭᠡᠨ ᠣᠪᠣᠭᠲᠠᠨ ᠪᠣᠯᠵᠤ᠂ ᠡᠴᠢᠭᠡ ᠶ᠋ᠢᠨ ᠬᠢᠨᠢ ᠨᠡᠷ᠎ᠡ ᠪᠡᠷ ᠲᠡᠳᠡᠨ ᠢ᠋ ᠬᠣᠷᠢ ᠪᠤᠷᠢᠶᠠᠳ ᠭᠡᠬᠦ ᠪᠣᠯᠵᠠᠢ ᠭᠡᠵᠦ ᠲᠡᠮᠳᠡᠭᠯᠡᠭᠰᠡᠨ ᠨᠢ ᠪᠣᠢ᠃ ᠥᠭᠡᠷ᠎ᠡ ᠨᠢᠭᠡᠨ ᠳᠣᠮᠣᠭ ᠲᠤ ᠥᠭᠦᠯᠡᠬᠦ ᠳ᠋ᠡᠭᠡᠨ᠂ ᠪᠤᠷᠢᠶᠠᠳ ᠬᠡᠮᠡᠬᠦ ᠢᠵᠠᠭᠤᠷᠲᠠᠨ ᠪᠠᠢᠭᠠᠯ ᠨᠠᠭᠤᠷ ᠤ᠋ᠨ ᠤᠷᠲᠤ ᠲᠠᠯ᠎ᠠ ᠪᠠᠷ ᠰᠠᠭᠤᠷᠢᠰᠢᠵᠤ᠂ ᠪᠧᠲ᠋ᠡ ᠤᠯᠤᠰ ᠲᠠᠢ᠂ ᠪᠥᠷᠲᠡ ᠴᠢᠨᠣ᠎ᠠ ᠶ᠋ᠢᠨ ᠢᠵᠠᠭᠤᠷ ᠲᠠᠢ ᠨᠡᠢᠯᠡᠵᠦ ᠪᠠᠷᠠᠭᠤᠨ ᠵᠦᠭ ᠨᠡᠭᠦᠵᠦ ᠲᠠᠷᠬᠠᠵᠠᠢ᠃ ᠪᠠᠷᠭᠤᠵᠢᠨ ᠬᠡᠮᠡᠬᠦ ᠨᠤᠲᠤᠭ ᠲᠤ ᠪᠠᠷᠭᠤ ᠪᠠᠭᠠᠲᠤᠷ ᠤ᠋ᠨ ᠪᠤᠷᠢᠶᠠᠳ᠂ ᠬᠣᠷᠢᠲᠠᠢ ᠭᠡᠳᠡᠭ ᠬᠣᠶᠠᠷ ᠬᠦᠦ ᠪᠠᠢᠭᠰᠠᠨ ᠠᠵᠢ᠃ ᠪᠤᠷᠢᠶᠠᠳ ᠨᠢ ᠪᠠᠢᠭᠠᠯ ᠨᠠᠭᠤᠷ ᠤ᠋ᠨ ᠡᠰᠡᠷᠭᠦ ᠲᠠᠯ᠎ᠠ ᠳ᠋ᠤ᠌ ᠵᠦᠯᠭᠡ ᠭᠣᠣᠯ ᠢ᠋ᠶ᠋ᠠᠷ ᠨᠤᠲᠤᠭᠯᠠᠵᠤ᠂ ᠵᠢᠭᠠᠰᠤ ᠠᠩᠨᠠᠭᠤᠷ ᠢ᠋ᠶ᠋ᠠᠷ ᠠᠮᠢᠳᠤᠷᠠᠵᠤ ᠪᠠᠢᠪᠠ᠃ ᠡᠨᠡ ᠬᠣᠶᠠᠷ ᠬᠦᠦ ᠡᠴᠡ ᠭᠠᠷᠤᠭᠰᠠᠨ ᠨᠢ ᠣᠪᠤᠭᠠᠴᠤᠢ᠂ ᠥᠯᠴᠦᠩ᠂ ᠴᠢᠨᠣ᠎ᠠ ᠭᠡᠬᠦ ᠮᠡᠲᠦ ᠡᠬᠢᠷᠢᠳ ᠦ᠋ᠨ ᠨᠠᠢ᠍ᠮᠠᠨ ᠡᠴᠢᠭᠡ᠃ ᠠᠯᠠᠭᠤᠢ᠂ ᠬᠤᠷᠤᠮᠱᠠ᠂ ᠠᠱᠠᠪᠠᠭᠠᠳ ᠭᠡᠬᠦ ᠮᠡᠲᠦ ᠶᠢᠰᠦᠨ ᠡᠴᠢᠭᠡ ᠶ᠋ᠢᠨ ᠵᠤᠨ ᠪᠣᠯᠵᠠᠢ ᠭᠡᠳᠡᠭ᠃ 1207 ᠣᠨ ᠳ᠋ᠤ᠌ ᠪᠤᠷᠢᠶᠠᠳ ᠤ᠋ᠳ ᠶᠡᠬᠡ ᠮᠣᠩᠭᠣᠯ ᠬᠠᠭᠠᠨᠲᠤ ᠤᠯᠤᠰ ᠤ᠋ᠨ ᠵᠠᠬᠢᠷᠭᠠᠨ ᠳ᠋ᠤ᠌ ᠣᠷᠣᠵᠤ᠂15 ᠳ᠋ᠤᠭᠠᠷ ᠵᠠᠭᠤᠨ ᠤ᠋ ᠦᠶ᠎ᠡ ᠳ᠋ᠦ᠍ ᠣᠢᠷᠠᠳ ᠤ᠋ᠳ ᠥᠷᠥᠨ᠎ᠡ ᠵᠦᠭ ᠨᠡᠭᠦᠳᠡᠯᠯᠡᠬᠦ ᠳ᠋ᠦ᠍ ᠪᠠᠷᠭᠤ᠂ ᠪᠤᠷᠢᠶᠠᠳ ᠠᠢᠮᠠᠭ ᠤ᠋ᠳ ᠵᠡᠭᠦᠨ ᠮᠣᠩᠭᠣᠯ ᠤ᠋ᠨ ᠮᠠᠲᠠᠯ ᠳ᠋ᠤ᠌ ᠦᠯᠡᠳᠡᠨ᠂ ᠪᠠᠲᠤᠮᠥ᠋ᠩᠬᠡ ᠳᠠᠶᠠᠨ ᠬᠠᠭᠠᠨ ᠤ᠋ ᠬᠠᠷᠢᠶᠠᠲᠤ ᠵᠢᠷᠭᠤᠭᠠᠨ ᠲᠦᠮᠡᠨ ᠮᠣᠩᠭᠣᠯ ᠤ᠋ᠨ ᠵᠡᠭᠦᠨ ᠭᠤᠷᠪᠠᠨ ᠲᠦᠮᠡᠨ ᠦ᠌ ᠨᠢᠭᠡ ᠤᠷᠢᠶᠠᠩᠬᠠᠢ ᠲᠦᠮᠡᠨ ᠳ᠋ᠦ᠍ ᠬᠤᠪᠢᠶᠠᠭᠳᠠᠭᠰᠠᠨ ᠢ᠋ᠶ᠋ᠠᠷ ᠪᠠᠷᠭᠤ᠂ ᠪᠤᠷᠢᠶᠠᠳ ᠨᠢ ᠬᠠᠯᠬ᠎ᠠ ᠲᠦᠮᠡᠨ ᠦ᠌ ᠬᠠᠷᠢᠶᠠᠯᠠᠯ ᠳ᠋ᠤ᠌ ᠪᠠᠭᠲᠠᠨ ᠪᠤᠷᠢᠶᠠᠳ ᠤ᠋ᠨ ᠤᠭ ᠨᠤᠲᠤᠭ ᠬᠠᠯᠬ᠎ᠠ ᠶ᠋ᠢᠨ ᠲᠦᠰᠢᠶᠡᠲᠦ᠂ ᠵᠠᠰᠠᠭᠲᠤ ᠬᠠᠨ ᠤ᠋ ᠵᠠᠬᠢᠷᠭᠠᠨ ᠳ᠋ᠤ᠌ ᠣᠷᠣᠵᠠᠢ᠃ ᠡᠢᠨ ᠬᠦ᠌ ᠣᠷᠣᠰ ᠤ᠋ᠳ ᠢ᠋ ᠥᠪᠥᠷ ᠪᠠᠢᠭᠠᠯ ᠳ᠋ᠤ᠌ ᠢᠷᠡᠬᠦ ᠡᠴᠡ ᠡᠮᠦᠨ᠎ᠡ ᠪᠤᠷᠢᠶᠠᠳ ᠤ᠋ᠨ ᠭᠠᠵᠠᠷ ᠨᠤᠲᠤᠭ ᠮᠣᠩᠭᠣᠯ ᠤ᠋ᠨ ᠲᠦᠰᠢᠶᠡᠲᠦ ᠬᠠᠨ ᠤ᠋ ᠮᠠᠲᠠᠯ ᠳ᠋ᠤ᠌ ᠪᠠᠢᠵᠠᠢ᠃ ᠰᠢᠪᠸᠷᠢᠢᠡ ᠶ᠋ᠢᠨ ᠲᠡᠦᠬᠡ ᠰᠤᠳᠤᠯᠤᠭᠠᠴᠢ ᠪ᠂ ᠠ᠂ ᠰᠠᠯᠣᠸᠼᠢᠪ《ᠡᠨᠡ ᠭᠠᠵᠠᠷ ᠨᠤᠲᠤᠭ ᠲᠤᠬᠠᠢ ᠶ᠋ᠢᠨ ᠴᠠᠭ ᠲᠠᠭᠠᠨ ᠡᠵᠡᠨ ᠴᠢᠩᠭᠢᠰ ᠦ᠋ᠨ ᠪᠣᠯᠤᠨ ᠲᠡᠭᠦᠨ ᠦ᠌ ᠦᠶ᠎ᠡ ᠵᠠᠯᠭᠠᠮᠵᠢᠯᠠᠭᠴᠢᠤᠨ ᠤ᠋ ᠶᠡᠬᠡ ᠭᠦᠷᠦᠨ ᠦ᠌ ᠪᠦᠷᠢᠯᠳᠦᠬᠦᠨ ᠳ᠋ᠦ᠍ ᠪᠠᠭᠲᠠᠵᠤ ᠪᠠᠢᠭᠰᠠᠨ ᠪᠣᠯ17 ᠳ᠋ᠤᠭᠠᠷ ᠵᠠᠭᠤᠨ ᠤ᠋ ᠳᠤᠮᠳᠠ ᠦᠶ᠎ᠡ ᠬᠦᠷᠲᠡᠯ᠎ᠡ ᠬᠠᠯᠬ᠎ᠠ ᠶ᠋ᠢᠨ ᠬᠣᠶᠠᠷ ᠬᠠᠨ ᠤ᠋ ᠦᠭᠡ ᠶ᠋ᠢ ᠳᠠᠭᠠᠵᠤ ᠪᠠᠢᠭᠰᠠᠨ》 ᠭᠡᠵᠦ ᠪᠢᠴᠢᠵᠡᠢ᠃ ᠭᠡᠪᠡᠴᠦ1666 ᠣᠨ ᠳ᠋ᠤ᠌ ᠣᠷᠣᠰ ᠤ᠋ᠳ ᠦᠳᠡ ᠭᠣᠣᠯ ᠤ᠋ᠨ ᠬᠥᠨᠳᠡᠢ ᠳ᠋ᠦ᠍ ᠴᠡᠷᠢᠭ ᠦ᠋ᠨ ᠴᠠᠢᠵᠠ ᠪᠠᠢᠭᠤᠯᠤᠭᠰᠠᠨ ᠠ᠋ᠴᠠ ᠬᠣᠢᠰᠢ ᠪᠠᠢᠭᠠᠯ ᠨᠠᠭᠤᠷ ᠤ᠋ᠨ ᠰᠠᠪᠠ ᠨᠤᠲᠤᠭ᠂ ᠦᠳᠡ ᠭᠣᠣᠯ ᠤ᠋ᠨ ᠰᠠᠪᠠ ᠨᠤᠲᠤᠭ ᠤ᠋ᠨ ᠪᠤᠷᠢᠶᠠᠳ ᠤ᠋ᠳ ᠠᠭᠠᠵᠢᠮ ᠢ᠋ᠶ᠋ᠠᠷ ᠣᠷᠣᠰ ᠤ᠋ᠨ ᠵᠠᠬᠢᠷᠭᠠᠨ ᠳ᠋ᠤ᠌ ᠣᠷᠣᠭᠰᠠᠨ ᠪᠠᠢᠨ᠎ᠠ᠃ 1727 ᠣᠨ ᠳ᠋ᠤ᠌ ᠴᠢᠩ ᠭᠦᠷᠦᠨ ᠬᠢᠭᠡᠳ ᠣᠷᠣᠰ ᠬᠣᠶᠠᠷ ᠤᠯᠤᠰ ᠤ᠋ᠨ ᠪᠤᠤᠷ᠎ᠠ ᠶ᠋ᠢᠨ ᠭᠡᠷ᠎ᠡ ᠪᠡᠷ ᠪᠤᠷᠢᠶᠠᠳ ᠨᠤᠲᠤᠭ ᠪᠦᠬᠦᠯᠢ ᠳ᠋ᠡᠭᠡᠨ ᠬᠠᠭᠠᠨᠲᠤ ᠣᠷᠣᠰ ᠤ᠋ᠨ ᠬᠠᠷᠢᠶᠠᠨ ᠳ᠋ᠤ᠌ ᠣᠷᠣᠵᠠᠢ᠃ 19 ᠳ᠋ᠦ᠍ᠭᠡᠷ ᠵᠠᠭᠤᠨ ᠤ᠋ ᠡᠴᠦᠰ᠂20 ᠳ᠋ᠤᠭᠠᠷ ᠵᠠᠭᠤᠨ ᠤ᠋ ᠡᠬᠢᠨ ᠦ᠌ ᠦᠶ᠎ᠡ ᠳ᠋ᠦ᠍ ᠪᠤᠷᠢᠶᠠᠳ ᠨᠢ ᠣᠷᠣᠰ ᠤ᠋ᠨ ᠡᠵᠡᠨᠲᠦ ᠤᠯᠤᠰ ᠤ᠋ᠨ ᠭᠠᠵᠠᠷ ᠲᠠᠷᠢᠶᠠᠯᠠᠩ᠂ ᠡᠳ᠋ ᠦ᠋ᠨ ᠵᠠᠰᠠᠭ ᠤ᠋ᠨ ᠬᠠᠮᠤᠭ ᠤ᠋ᠨ ᠬᠣᠴᠣᠷᠤᠩᠭᠤᠢ ᠣᠷᠣᠨ ᠤ᠋ ᠨᠢᠭᠡ ᠪᠣᠯᠵᠠᠢ᠃ ᠲᠤᠬᠠᠢ ᠶ᠋ᠢᠨ ᠦᠶ᠎ᠡ ᠳ᠋ᠦ᠍ ᠬᠠᠭᠠᠨᠲᠤ ᠣᠷᠣᠰ ᠤᠯᠤᠰ ᠵᠠᠬ᠎ᠠ ᠬᠢᠵᠠᠭᠠᠷ ᠤ᠋ᠨ ᠨᠤᠲᠤᠭ ᠢ᠋ ᠬᠥᠭᠵᠢᠭᠦᠯᠬᠦ ᠶᠠᠪᠤᠳᠠᠯ ᠢ᠋ ᠦᠯᠦ ᠬᠠᠢᠬᠤᠷᠴᠤ᠂ ᠳᠠᠷᠤᠩᠭᠤᠢᠯᠠᠬᠤ ᠪᠣᠳᠣᠯᠭ᠎ᠠ ᠶᠠᠪᠤᠭᠤᠯᠵᠤ ᠪᠠᠢᠵᠠᠢ᠃ ᠬᠠᠭᠠᠨᠲᠤ ᠣᠷᠣᠰ ᠤ᠋ᠨ ᠵᠠᠰᠠᠭ ᠤ᠋ᠨ ᠭᠠᠵᠠᠷ ᠪᠠᠢᠭᠠᠯ ᠨᠠᠭᠤᠷ ᠤ᠋ᠨ ᠡᠮᠦᠨ᠎ᠡ ᠪᠣᠯᠤᠨ ᠰᠡᠯᠡᠩᠭᠡ᠂ ᠠᠮᠤᠷ ᠮᠥᠷᠡᠨ ᠦ᠌ ᠰᠠᠪᠠ ᠨᠤᠲᠤᠭ ᠤ᠋ᠨ ᠬᠠᠮᠤᠭ ᠤ᠋ᠨ ᠰᠢᠮ᠎ᠡ ᠰᠠᠢᠲᠠᠢ ᠭᠠᠵᠠᠷ ᠢ᠋ ᠬᠦᠴᠦ ᠪᠡᠷ ᠪᠤᠯᠢᠶᠠᠨ ᠡᠵᠡᠯᠡᠵᠦ᠂ ᠦᠯᠡᠮᠵᠢ ᠣᠯᠠᠨ ᠣᠷᠣᠰ ᠲᠠᠷᠢᠶᠠᠴᠢᠳ ᠢ᠋ ᠨᠡᠭᠦᠯᠭᠡᠨ ᠰᠠᠭᠤᠷᠢᠰᠢᠭᠤᠯᠵᠤ᠂ ᠪᠠᠢᠭᠠᠯ ᠨᠠᠭᠤᠷ ᠤ᠋ᠨ ᠪᠣᠯᠤᠨ ᠭᠠᠵᠠᠷ ᠨᠤᠲᠤᠭ ᠤ᠋ᠨ ᠥᠭᠭᠦᠭᠡᠵᠢ ᠶ᠋ᠢ ᠴᠥᠯᠪᠡᠨ ᠡᠵᠡᠷᠬᠡᠬᠦ ᠨᠠᠷᠢᠨ ᠪᠣᠳᠣᠯᠭ᠎ᠠ ᠬᠡᠷᠩᠵᠢᠭᠥᠯᠵᠤ ᠡᠬᠢᠯᠡᠵᠡᠢ᠃ ᠡᠭᠦᠨ ᠦ᠌ ᠤᠯᠠᠮ ᠢ᠋ᠶ᠋ᠠᠷ ᠴᠥᠭᠡᠨ ᠬᠥᠮᠦᠨ ᠠᠮᠠ ᠲᠠᠢ ᠪᠤᠷᠢᠶᠠᠳ ᠤ᠋ᠳ ᠣᠯᠠᠨ ᠭᠠᠵᠠᠷ ᠳᠠᠷᠬᠠᠨ ᠪᠤᠲᠠᠷᠠᠵᠤ᠂ ᠨᠢᠭᠡᠳᠦᠮᠡᠯ ᠪᠠᠢᠳᠠᠯ ᠨᠢ ᠠᠯᠳᠠᠭᠳᠠᠨ᠂ ᠨᠡᠭᠦᠳᠡᠯ ᠦ᠋ᠨ ᠮᠠᠯ ᠠᠵᠤ ᠠᠬᠤᠢ ᠪᠠᠨ ᠡᠷᠬᠢᠯᠡᠨ ᠬᠥᠭᠵᠢᠭᠦᠯᠬᠦ ᠪᠣᠯᠤᠮᠵᠢ ᠦᠭᠡᠢ ᠪᠣᠯᠤᠭᠰᠠᠨ ᠲᠡᠳᠦᠢ ᠦᠭᠡᠢ ᠪᠤᠷᠢᠶᠠᠳ ᠤ᠋ᠳ ᠢ᠋ ᠬᠢᠨᠠᠨ ᠴᠠᠭᠳᠠᠬᠤ ᠬᠠᠭᠠᠨᠲᠤ ᠣᠷᠣᠰ ᠤ᠋ᠨ ᠪᠣᠳᠣᠯᠭ᠎ᠠ ᠴᠤ᠌ ᠴᠢᠩᠭᠠᠷᠠᠭᠰᠠᠭᠠᠷ ᠪᠠᠢᠯ᠎ᠠ᠃ ᠡᠭᠦᠨ ᠦ᠌ ᠦᠷ᠎ᠡ ᠳ᠋ᠦᠩ ᠳ᠋ᠦ᠍1902 —1903 ᠣᠨ ᠤ᠋ ᠬᠣᠭᠣᠷᠣᠨᠳᠣ ᠪᠤᠷᠢᠶᠠᠳ ᠤ᠋ᠳ ᠡᠰᠡᠷᠭᠦᠴᠡᠯ ᠢᠯᠡᠷᠬᠡᠢᠯᠡᠨ ᠲᠡᠮᠡᠴᠩᠰᠡᠨ ᠪᠣᠯᠪᠠᠴᠤ ᠬᠠᠷᠭᠢᠰ ᠳᠠᠷᠤᠩᠭᠤᠢᠯᠠᠯ ᠳ᠋ᠤ᠌ ᠤᠴᠠᠷᠠᠭᠰᠠᠨ ᠢ᠋ᠶ᠋ᠠᠷ ᠮᠣᠩᠭᠣᠯ ᠢ᠋ ᠪᠠᠭᠲᠠᠭᠠᠭᠰᠠᠨ ᠪᠤᠰᠤᠳ ᠤᠯᠤᠰ ᠣᠷᠣᠨ ᠤᠷᠤᠭᠤ ᠣᠯᠠᠨ ᠲᠣᠭ᠎ᠠ ᠪᠠᠷ ᠳᠦᠷᠪᠡᠬᠦ ᠪᠣᠯᠵᠠᠢ᠃ ᠳᠡᠯᠡᠬᠡᠢ ᠶ᠋ᠢᠨ ᠠᠩᠬᠠᠳᠤᠭᠠᠷ ᠲᠡᠢᠨ ᠦ᠌ ᠦᠶ᠎ᠡ ᠶ᠋ᠢᠨ ᠬᠦᠨᠳᠦ ᠬᠡᠴᠡᠭᠦᠦ ᠴᠡᠷᠢᠭ ᠦ᠋ᠨ ᠠᠯᠪᠠ ᠠ᠋ᠴᠠ ᠭᠠᠳᠠᠨ᠎ᠠ ᠬᠠᠭᠠᠨᠲᠤ ᠣᠷᠣᠰ ᠤ᠋ᠨ ᠣᠷᠣᠰᠴᠢᠯᠠᠬᠤ ᠲᠥᠷᠥ ᠶ᠋ᠢᠨ ᠪᠣᠳᠣᠯᠭ᠎ᠠ ᠨᠡᠩ ᠬᠣᠣᠷᠲᠠᠢ ᠪᠠᠢᠯ᠎ᠠ᠃ ᠰᠢᠪᠧᠷᠢᠶ᠎ᠡ ᠶ᠋ᠢᠨ ᠣᠯᠠᠨ ᠦᠨᠳᠦᠰᠦᠲᠡᠨ ᠢ᠋ ᠣᠷᠣᠰᠴᠢᠯᠠᠬᠤ ᠪᠣᠳᠣᠯᠭ᠎ᠠ ᠶᠠᠪᠤᠭᠤᠯᠵᠤ ᠪᠠᠢᠭᠰᠠᠨ ᠭᠠᠳᠠᠭᠠᠳᠤ ᠣᠷᠣᠰ ᠤ᠋ᠨ ᠵᠠᠰᠠᠭ ᠨᠢ ᠦᠨᠳᠦᠰᠦᠲᠡᠨ ᠢ᠋ ᠠᠭᠤᠰᠬᠠᠬᠤ᠂ ᠠᠮᠢᠳᠤᠷᠠᠯ ᠦᠢᠯᠡᠳᠪᠦᠷᠢᠯᠡᠯ ᠦ᠋ᠨ ᠬᠢᠨᠢ ᠤᠤᠭᠠᠯ ᠰᠠᠭᠤᠷᠢ ᠶ᠋ᠢ ᠠᠯᠳᠠᠭᠳᠠᠭᠤᠯᠬᠤ᠂ ᠣᠶᠤᠨ ᠰᠠᠨᠠᠭ᠎ᠠ ᠰᠣᠶᠣᠯ ᠤ᠋ᠨ ᠲᠠᠯ᠎ᠠ ᠪᠠᠷ ᠬᠠᠭᠠᠯᠲᠠ ᠲᠠᠢ ᠪᠠᠢᠯᠭᠠᠬᠤ ᠶ᠋ᠢ ᠣᠨᠴᠠᠯᠠᠨ ᠬᠡᠷᠡᠭᠵᠢᠭᠦᠯᠵᠦ ᠪᠠᠢᠭᠰᠠᠨ ᠨᠢ ᠪᠤᠷᠢᠶᠠᠳ ᠤ᠋ᠳ ᠤ᠋ᠨ ᠬᠡᠯᠡ ᠰᠣᠶᠣᠯ ᠳ᠋ᠤ᠌ ᠨᠣᠴᠢᠲᠠᠢ ᠨᠥᠯᠥᠭᠡᠯᠡᠵᠡᠢ᠃ ᠢᠩᠭᠢᠭᠡᠳ ᠣᠯᠠᠨ ᠵᠢᠯ ᠦ᠋ᠨ ᠲᠤᠷᠰᠢᠬᠢ ᠪᠤᠳᠤᠯᠢᠶᠠᠨᠲᠠᠢ ᠲᠡᠦᠬᠡᠨ ᠶᠠᠪᠤᠴᠠ ᠶ᠋ᠢ ᠲᠤᠭᠤᠯᠤᠨ ᠪᠠᠢᠵᠤ᠂ ᠪᠤᠷᠢᠶᠠᠳ ᠤ᠋ᠨ ᠦᠯᠡᠮᠵᠢ ᠣᠯᠠᠨ ᠰᠡᠬᠡᠭᠡᠲᠡᠨ᠂ ᠤᠯᠤᠰ ᠲᠥᠷᠦᠴᠢᠳ ᠦ᠋ᠨ ᠴᠢᠷᠮᠠᠢᠯᠭ᠎ᠠ ᠪᠠᠷ1921 ᠣᠨ ᠳ᠋ᠤ᠌ ᠪᠤᠷᠢᠶᠠᠳ ᠮᠣᠩᠭᠣᠯ ᠤ᠋ᠨ ᠥᠪᠡᠷᠲᠡᠭᠡᠨ ᠵᠠᠰᠠᠬᠤ ᠮᠣᠵᠢ ᠪᠠᠢᠭᠤᠯᠤᠭᠳᠠᠵᠤ᠂1923 ᠣᠨ ᠤ᠋1 ᠳ᠋ᠦ᠍ᠭᠡᠷ ᠰᠠᠷ᠎ᠠ ᠶ᠋ᠢᠨ2ᠳᠤ ᠵᠥᠪᠯᠡᠯᠲᠦ ᠬᠣᠯᠪᠣᠭᠠᠲᠤ ᠤᠯᠤᠰ ᠤ᠋ᠨ ᠦᠨᠳᠦᠰᠦᠲᠡᠨ ᠦ᠌ ᠠᠰᠠᠭᠤᠳᠠᠯ ᠢ᠋ ᠡᠷᠬᠢᠯᠡᠵᠦ ᠪᠣᠢ ᠪᠠᠢᠭᠤᠯᠭ᠎ᠠ ᠶ᠋ᠢᠨ ᠬᠤᠷᠠᠯ ᠢ᠋ᠶ᠋ᠠᠷ ᠵᠥᠪᠯᠡᠯᠲᠦ ᠨᠡᠢᠭᠡᠮ ᠵᠢᠷᠤᠮᠲᠤ ᠪᠦᠭᠦᠳᠡ ᠨᠠᠢᠷᠠᠮᠳᠠᠬᠤ ᠥᠪᠡᠷᠲᠡᠭᠡᠨ ᠵᠠᠰᠠᠬᠤ ᠪᠤᠷᠢᠶᠠᠳ— ᠮᠣᠩᠭᠣᠯ ᠤᠯᠤᠰ ᠢ᠋ ᠪᠠᠢᠭᠤᠯᠬᠤ ᠠᠰᠠᠭᠤᠳᠠᠯ ᠢ᠋ ᠬᠡᠯᠡᠯᠴᠡᠭᠡᠳ᠂ ᠲᠤᠰ ᠣᠨ ᠤ᠋5 ᠳ᠋ᠤᠭᠠᠷ ᠰᠠᠷ᠎ᠠ ᠶ᠋ᠢᠨ30 ᠳ᠋ᠤ᠌ ᠪᠦᠬᠦ ᠣᠷᠣᠰ ᠤ᠋ᠨ ᠲᠥᠪ ᠦ᠋ᠨ ᠭᠦᠢᠴᠡᠳᠬᠡᠬᠦ ᠬᠣᠷᠢᠶ᠎ᠠ᠂ ᠳᠣᠷᠣᠨᠠᠲᠤ ᠰᠢᠪᠧᠷᠢᠶ᠎ᠡ᠂ ᠠᠯᠤᠰ ᠳᠣᠷᠣᠨᠠᠲᠤ ᠶ᠋ᠢᠨ ᠪᠤᠷᠢᠶᠠᠳ— ᠮᠣᠩᠭᠣᠯ ᠤ᠋ᠨ ᠮᠣᠵᠢ ᠶ᠋ᠢ ᠨᠢᠭᠡᠨ ᠥᠪᠡᠷᠲᠡᠭᠡᠨ ᠵᠠᠰᠠᠬᠤ ᠤᠯᠤᠰ ᠲᠤ ᠨᠢᠭᠡᠳᠬᠡᠨ ᠵᠥᠪᠯᠡᠯᠲᠦ ᠨᠡᠢᠭᠡᠮ ᠵᠢᠷᠤᠮᠲᠤ ᠪᠦᠭᠦᠳᠡ ᠨᠠᠢᠷᠠᠮᠳᠠᠬᠤ ᠥᠪᠡᠷᠲᠡᠭᠡᠨ ᠵᠠᠰᠠᠬᠤ ᠪᠤᠷᠢᠶᠠᠳ— ᠮᠣᠩᠭᠣᠯ ᠤᠯᠤᠰ ᠢ᠋ ᠪᠠᠢᠭᠤᠯᠬᠤ ᠲᠤᠬᠠᠢ ᠰᠢᠢᠳᠪᠦᠷᠢ ᠭᠠᠷᠭᠠᠵᠤ᠂ ᠨᠡᠢᠰᠯᠡᠯ ᠢ᠋ ᠨᠢ ᠳᠡᠭᠡᠳᠦ ᠦᠳᠡ ᠬᠣᠲᠠ ᠪᠠᠷ ᠪᠣᠯᠭᠠᠵᠠᠢ᠃ ᠭᠡᠪᠡᠴᠦ ᠵᠥᠪᠯᠡᠯᠲᠦ ᠵᠠᠰᠠᠭ ᠤ᠋ᠨ ᠳᠠᠷᠤᠩᠭᠤᠢ ᠪᠣᠳᠣᠯᠭ᠎ᠠ ᠪᠤᠷᠢᠶᠠᠳ ᠤ᠋ᠳ ᠤ᠋ᠨ ᠬᠥᠭᠵᠢᠯ ᠢ᠋ ᠳᠠᠷᠤᠮᠲᠠᠯᠠᠭᠰᠠᠭᠠᠷ ᠪᠠᠢᠪᠠ᠃ ᠲᠤᠬᠠᠢᠯᠠᠪᠠᠯ᠂ ᠬᠣᠷᠢᠳᠤᠭᠠᠷ ᠵᠠᠭᠤᠨ ᠤ᠋ ᠭᠤᠴᠢᠭᠠᠳ ᠣᠨ ᠳ᠋ᠤ᠌ ᠪᠤᠷᠢᠶᠠᠳ ᠣᠷᠣᠨ ᠳ᠋ᠤ᠌ ᠠᠵᠤ ᠦᠢᠯᠡᠳᠪᠦᠷᠢ᠂ ᠭᠠᠵᠠᠷ ᠲᠠᠷᠢᠶᠠᠯᠠᠩ ᠢ᠋ ᠬᠥᠭᠵᠢᠭᠦᠯᠵᠦ᠂ ᠲᠤᠬᠠᠢ ᠶ᠋ᠢᠨ ᠣᠷᠣᠨ ᠤ᠋ ᠰᠣᠶᠣᠯ ᠤᠯᠠᠮᠵᠢᠯᠠᠯ᠂ ᠪᠠᠢᠭᠠᠯᠢ ᠶ᠋ᠢᠨ ᠡᠬᠢ ᠪᠠᠶᠠᠯᠢᠭ ᠢ᠋ ᠨᠣᠴᠢᠲᠠᠢ ᠰᠦᠢᠳᠬᠡᠵᠦ ᠪᠠᠢᠭᠰᠠᠨ ᠪᠠ ᠨᠡᠭᠦᠳᠡᠯᠴᠢᠳ ᠢ᠋ ᠰᠠᠭᠤᠷᠢᠰᠢᠭᠤᠯᠬᠤ ᠲᠤᠬᠠᠢ ᠲᠣᠭᠲᠠᠭᠠᠯ ᠭᠠᠷᠭᠠᠵᠤ᠂ ᠤᠤᠭᠠᠯ ᠰᠣᠶᠣᠯ ᠤ᠋ᠨ ᠤᠯᠠᠮᠵᠢᠯᠠᠯ ᠢ᠋ ᠲᠠᠰᠤᠯᠬᠤ᠂ ᠪᠠᠶᠠᠨ ᠮᠠᠯᠴᠢᠳ ᠢ᠋ ᠠᠩᠭᠢ ᠶ᠋ᠢᠨ ᠳᠠᠢᠰᠤᠨ ᠭᠡᠮᠡᠨ ᠴᠡᠪᠡᠷᠯᠡᠬᠦ ᠵᠡᠷᠭᠡ ᠪᠡᠷ ᠨᠠᠷᠢᠨ ᠬᠣᠣᠷᠲᠠᠢ ᠪᠣᠳᠣᠯᠭ᠎ᠠ ᠪᠠᠷ ᠳᠠᠷᠤᠩᠭᠤᠢᠯᠠᠯ ᠢ᠋ᠶ᠋ᠠᠨ ᠭᠦᠨᠵᠡᠭᠡᠢᠷᠡᠭᠦᠯᠦᠭᠰᠡᠭᠡᠷ ᠪᠠᠢᠯ᠎ᠠ᠃ 1923—1930 ᠣᠨ ᠪᠣᠯᠲᠠᠯ᠎ᠠ ᠪᠤᠷᠢᠶᠠᠳ ᠣᠷᠣᠨ ᠳ᠋ᠤ᠌《ᠰᠣᠶᠣᠯ ᠤ᠋ᠨ ᠬᠤᠪᠢᠰᠬᠠᠯ》 ᠶᠠᠪᠤᠭᠤᠯᠵᠤ᠂ ᠪᠤᠷᠢᠶᠠᠳ ᠵᠤᠨ ᠤ᠋ ᠥᠪ ᠤᠯᠠᠮᠵᠢᠯᠠᠯ᠂ ᠶᠣᠰᠣ ᠵᠠᠩᠰᠢᠯ᠂ ᠦᠨᠳᠦᠰᠦᠲᠡᠨ ᠦ᠌ ᠣᠨᠴᠠᠯᠢᠭ ᠢ᠋ ᠪᠦᠳᠦᠭᠦᠯᠢᠭ ᠬᠣᠴᠣᠷᠤᠩᠭᠤᠢ ᠭᠡᠮᠡᠨ ᠦᠨᠡᠯᠡᠵᠦ᠂ ᠹᠧᠣᠳᠠᠯ ᠤ᠋ᠨ ᠪᠤᠶᠤ ᠱᠠᠰᠢᠨ ᠤ᠋ ᠭᠡᠰᠡᠨ ᠨᠡᠷ᠎ᠡ ᠵᠡᠭᠦᠯᠭᠡᠵᠦ᠂ ᠦᠨᠳᠦᠰᠦᠲᠡᠨ ᠦ᠌ ᠢᠮ ᠲᠠᠮᠠᠭ᠎ᠠ ᠶ᠋ᠢ ᠨᠢ ᠠᠷᠢᠯᠭᠠᠬᠤ ᠪᠠᠷ ᠤᠷᠤᠯᠳᠤᠨ᠂ ᠰᠡᠭᠡᠭᠡ ᠲᠡᠢ ᠪᠢᠴᠢᠭ ᠲᠡᠢ ᠬᠥᠮᠦᠰ ᠲᠦ᠍ ᠬᠠᠷᠭᠢᠰ ᠳᠠᠷᠤᠩᠭᠤᠢᠯᠠᠯ ᠶᠠᠪᠤᠭᠤᠯᠵᠠᠢ᠃ ᠡᠭᠦᠨ ᠦ᠌ ᠳ᠋ᠦᠩ ᠳ᠋ᠦ᠍ ᠡᠬᠡ ᠬᠡᠯᠡ ᠪᠡᠨ ᠮᠠᠷᠲᠠᠭᠰᠠᠨ ᠪᠤᠷᠢᠶᠠᠳ ᠤ᠋ᠨ ᠰᠢᠨ᠎ᠡ ᠨᠢᠭᠡ ᠦᠶ᠎ᠡ ᠲᠥᠷᠥᠵᠦ᠂ ᠥᠪᠡᠷ ᠦ᠋ᠨ ᠦᠨᠳᠦᠰᠦᠲᠡᠨ ᠦ᠌ ᠪᠡᠨ ᠰᠣᠶᠣᠯ ᠤ᠋ᠨ ᠬᠥᠭᠵᠢᠯ ᠳ᠋ᠦ᠍ ᠵᠢᠳᠬᠦᠬᠦ ᠪᠣᠯᠤᠮᠵᠢ ᠦᠭᠡᠢ ᠪᠣᠯᠲᠠᠯ᠎ᠠ ᠪᠠᠨ ᠤᠷᠤᠰᠴᠢᠯᠠᠭᠳᠠᠵᠠᠢ᠃ 1937 ᠣᠨ ᠳ᠋ᠤ᠌ ᠪᠤᠷᠢᠶᠠᠳ ᠤ᠋ᠨ ᠬᠡᠳᠦ ᠬᠡᠳᠦᠨ ᠠᠢᠮᠠᠭ ᠢ᠋ ᠡᠷᠭᠡᠦ᠂ ᠴᠢᠲ᠋ᠠ ᠳ᠋ᠤ᠌ ᠬᠤᠪᠢᠶᠠᠨ ᠣᠷᠣᠭᠤᠯᠬᠤ; ᠤᠰᠲ— ᠤᠷᠲᠤ᠂ ᠠᠭ ᠤ᠋ᠨ ᠦᠨᠳᠦᠰᠦᠲᠡᠨ ᠦ᠌ ᠲᠣᠭᠣᠷᠢᠭ ᠢ᠋ ᠪᠠᠢᠭᠤᠯᠬᠤ ᠲᠣᠭᠲᠠᠭᠠᠯ ᠭᠠᠷᠭᠠᠵᠤ᠂ ᠪᠤᠷᠢᠶᠠᠳ ᠤ᠋ᠨ ᠨᠤᠲᠤᠭ᠂ ᠬᠥᠮᠦᠨ ᠠᠮᠠ ᠶ᠋ᠢ ᠪᠤᠳᠠᠷᠠᠭᠠᠨ ᠵᠢᠵᠢᠭᠯᠡᠵᠦ᠂ ᠤᠯᠤᠰ ᠲᠥᠷᠥ᠂ ᠡᠳ᠋ ᠦ᠋ᠨ ᠵᠠᠰᠠᠭ᠂ ᠰᠣᠶᠣᠯ ᠢᠷᠭᠡᠨᠰᠢᠯ ᠦ᠋ᠨ ᠨᠢᠭᠡᠳᠦᠯᠲᠡᠢ ᠪᠠᠢᠳᠠᠯ ᠢ᠋ ᠠᠯᠳᠠᠭᠳᠠᠭᠤᠯᠵᠤ᠂ ᠬᠦᠴᠦᠨ ᠢ᠋ ᠨᠢ ᠰᠤᠯᠠᠷᠠᠭᠤᠯᠬᠤ ᠶ᠋ᠢ ᠵᠣᠷᠢᠵᠠᠢ᠃ ᠮᠥᠨ1937—1938 ᠣᠨ ᠤ᠋ ᠬᠤᠭᠤᠴᠠᠭᠠᠨ ᠳ᠋ᠤ᠌ ᠪᠣᠯᠤᠭᠰᠠᠨ ᠰᠲ᠋ᠠᠯᠢᠨ ᠤ᠋ ᠬᠡᠯᠮᠡᠭᠳᠡᠭᠦᠯᠦᠯ ᠦ᠋ᠨ ᠦᠶ᠎ᠡ ᠳ᠋ᠦ᠍ ᠣᠯᠠᠨ ᠲᠣᠭᠠᠨ ᠤ᠋ ᠪᠤᠷᠢᠶᠠᠳ ᠰᠡᠬᠡᠭᠡᠲᠡᠨ ᠢ᠋ ᠠᠯᠠᠨ ᠬᠥᠨᠥᠭᠡᠵᠦ᠂ ᠬᠥᠷᠥᠩᠭᠡᠲᠡᠨ᠂ ᠦᠨᠳᠦᠰᠦᠲᠡᠨ ᠦ᠌ ᠦᠵᠡᠯᠲᠡᠨ᠂ ᠤᠷᠪᠠᠭᠴᠢ᠂ ᠬᠤᠪᠢᠰᠬᠠᠯ ᠤ᠋ᠨ ᠡᠰᠡᠷᠭᠦᠦ ᠭᠡᠰᠡᠨ ᠨᠡᠷ᠎ᠡ ᠶ᠋ᠢᠨ ᠳᠣᠣᠷ᠎ᠠ ᠠᠯᠢᠪᠠ ᠪᠢᠴᠢᠭ ᠲᠡᠢ ᠰᠡᠭᠡᠭᠡ ᠲᠡᠢ ᠬᠥᠮᠦᠰ ᠲᠦ᠍ ᠬᠡᠷᠴᠡᠭᠡᠢ ᠳᠠᠷᠤᠩᠭᠤᠢᠯᠠᠯ ᠬᠢᠵᠡᠢ᠃ ᠳᠡᠯᠡᠬᠡᠢ ᠶ᠋ᠢᠨ ᠬᠣᠶᠠᠳᠤᠭᠠᠷ ᠲᠡᠢᠨ ᠦ᠌ ᠴᠠᠭ ᠦᠶ᠎ᠡ ᠳ᠋ᠦ᠍ ᠪᠤᠷᠢᠶᠠᠳᠴᠤᠳ ᠬᠦᠨᠳᠦ ᠬᠡᠴᠡᠭᠦᠦ ᠴᠡᠷᠢᠭ ᠦ᠋ᠨ ᠠᠯᠪᠠ ᠬᠠᠭᠠᠵᠤ᠂ ᠦᠯᠡᠮᠵᠢ ᠶᠡᠬᠡ ᠦᠷᠡᠭᠳᠡᠯ ᠭᠠᠷᠭᠠᠵᠤ᠂38 ᠪᠤᠷᠢᠶᠠᠳ ᠬᠥᠮᠦᠨ ᠵᠥᠪᠯᠡᠯᠲᠦ ᠬᠣᠯᠪᠣᠭᠠᠲᠤ ᠤᠯᠤᠰ ᠤ᠋ᠨ ᠪᠠᠭᠠᠲᠤᠷ ᠴᠣᠯᠠ ᠪᠠᠷ ᠱᠠᠩᠨᠠᠭᠤᠯᠵᠤ ᠪᠠᠢᠭᠰᠠᠨ ᠭᠢᠯᠠᠯᠵᠠᠮ᠎ᠠ ᠠᠲᠠᠯ᠎ᠠ ᠪᠠᠨ ᠴᠠᠭᠠᠨ᠎ᠠ ᠪᠠᠨ ᠭᠤᠨᠢᠭᠲᠠᠢ ᠲᠡᠦᠬᠡ ᠲᠡᠢ᠃ 1958 ᠣᠨ ᠳ᠋ᠤ᠌ ᠵᠥᠪᠯᠡᠯᠲᠦ ᠵᠠᠰᠠᠭ ᠠ᠋ᠴᠠ ᠵᠥᠪᠯᠡᠯᠲᠦ ᠨᠡᠢᠭᠡᠮ ᠵᠢᠷᠤᠮᠲᠤ ᠪᠦᠭᠦᠳᠡ ᠨᠠᠢᠷᠠᠮᠳᠠᠬᠤ ᠥᠪᠡᠷᠲᠡᠭᠡᠨ ᠵᠠᠰᠠᠬᠤ ᠪᠤᠷᠢᠶᠠᠳ ᠮᠣᠩᠭᠣᠯ ᠤᠯᠤᠰ ᠤ᠋ᠨ ᠨᠡᠷ᠎ᠡ ᠶ᠋ᠢ ᠬᠠᠰᠤᠭᠰᠠᠨ ᠲᠣᠭᠲᠠᠭᠠᠯ ᠭᠠᠷᠭᠠᠵᠤ᠂ ᠡᠭᠦᠨ ᠢ᠋ᠶ᠋ᠡᠨ ᠰᠢᠭᠤᠳ ᠵᠠᠬᠢᠷᠭᠠᠳᠠᠯ ᠤ᠋ᠨ ᠠᠷᠭ᠎ᠠ ᠪᠠᠷ ᠠᠯᠪᠠᠲᠠᠨ ᠬᠡᠷᠡᠭᠵᠢᠭᠦᠯᠵᠡᠢ᠃ ᠵᠥᠪᠯᠡᠯᠲᠦ ᠵᠠᠰᠠᠭ ᠤ᠋ᠨ ᠨᠠᠷᠢᠨ ᠪᠣᠯᠪᠠᠰᠤᠷᠠᠭᠤᠯᠤᠭᠰᠠᠨ ᠪᠣᠳᠣᠯᠭ᠎ᠠ ᠬᠣᠣᠷᠲᠠᠢ ᠪᠠᠢᠯ᠎ᠠ᠃ 1970 ᠣᠨ ᠤ᠋ ᠪᠠᠢᠳᠠᠯ ᠢ᠋ ᠦᠨᠳᠦᠰᠦᠯᠡᠪᠡᠯ᠂ ᠪᠤᠷᠢᠶᠠᠳ ᠬᠡᠯᠡ ᠶ᠋ᠢ ᠡᠬᠡ ᠬᠡᠯᠡ ᠪᠡᠨ ᠭᠡᠵᠦ ᠮᠡᠳᠡᠷᠡᠳᠡᠭ ᠪᠤᠷᠢᠶᠠᠳ92.8% ᠪᠠᠢᠭᠰᠠᠨ ᠪᠣᠯ1979 ᠣᠨ ᠳ᠋ᠤ᠌90.4%᠂1989 ᠣᠨ ᠳ᠋ᠤ᠌86.6% ᠪᠣᠯᠤᠨ ᠪᠠᠭᠤᠷᠠᠵᠤ᠂ ᠣᠷᠣᠰ ᠬᠡᠯᠡ ᠶ᠋ᠢ ᠡᠬᠡ ᠬᠡᠯᠡ ᠪᠡᠨ ᠭᠡᠵᠦ ᠦᠵᠡᠳᠡᠭ ᠪᠤᠷᠢᠶᠠᠳ1970 ᠣᠨ7.1%᠂1979 ᠣᠨ ᠳ᠋ᠤ᠌9.5%᠂1989 ᠣᠨ ᠳ᠋ᠤ᠌13.3% ᠪᠣᠯᠤᠭᠰᠠᠨ ᠠᠵᠢ᠃ ᠡᠢᠨ ᠬᠦ᠌ ᠣᠯᠠᠨ ᠵᠢᠯ ᠦ᠋ᠨ ᠡᠭᠡᠳᠡᠷᠡᠭᠡ ᠲᠡᠢ ᠵᠠᠮᠨᠠᠯ ᠢ᠋ ᠲᠤᠭᠤᠯᠵᠤ᠂1992 ᠣᠨ ᠳ᠋ᠤ᠌ ᠪᠦᠭᠦᠳᠡ ᠨᠠᠢᠷᠠᠮᠳᠠᠬᠤ ᠪᠤᠷᠢᠶᠠᠳ ᠤᠯᠤᠰ ᠪᠠᠢᠭᠤᠯᠤᠭᠳᠠᠵᠤ᠂ ᠤᠯᠠᠭᠠᠨ ᠦᠳᠡ ᠳ᠋ᠦ᠍ ᠨᠡᠢᠰᠯᠡᠵᠡᠢ᠃
ᠣᠯᠠᠨ ᠵᠠᠭᠤᠨ ᠵᠢᠯ ᠥᠩᠭᠡᠷᠡᠵᠦ ᠣᠳᠤᠯ᠎ᠠ᠃ ᠲᠥᠪ ᠠᠽᠢᠶ᠎ᠠ ᠶ᠋ᠢᠨ ᠨᠡᠭᠦᠳᠡᠯᠴᠢᠳ ᠦ᠋ᠨ ᠤᠯᠤᠰ ᠲᠥᠷᠥ ᠨᠡᠢᠭᠡᠮ ᠦ᠋ᠨ ᠲᠣᠭᠲᠠᠯᠴᠠᠭ᠎ᠠ᠂ ᠠᠮᠢᠳᠤᠷᠠᠯ ᠰᠣᠶᠣᠯ ᠤ᠋ᠨ ᠤᠯᠠᠮᠵᠢᠯᠠᠯ ᠶᠢᠷᠲᠢᠨᠴᠦ ᠶ᠋ᠢᠨ ᠯᠤᠲᠤ ᠬᠤᠪᠢᠷᠠᠯᠲᠠ ᠳ᠋ᠤ᠌ ᠨᠥᠯᠥᠭᠡᠯᠡᠭᠳᠡᠨ᠂ ᠥᠭᠡᠷ᠎ᠡ ᠥᠭᠡᠷ᠎ᠡ ᠶ᠋ᠢᠨ ᠬᠤᠪᠢ ᠵᠠᠶᠠᠭᠠᠨ ᠤ᠋ ᠵᠠᠮ ᠢ᠋ᠶ᠋ᠠᠷ ᠢ᠋ᠶ᠋ᠠᠨ ᠬᠥᠭᠵᠢᠬᠦ ᠪᠣᠯᠤᠯ᠎ᠠ᠃ ᠬᠣᠷᠢᠳᠤᠭᠠᠷ ᠵᠠᠭᠤᠨ ᠤ᠋ ᠤᠯᠤᠰ ᠲᠥᠷᠥ ᠶ᠋ᠢᠨ ᠠᠳᠠᠷᠠᠮ᠎ᠠ ᠲᠠᠢ ᠴᠠᠭ ᠦᠶ᠎ᠡ ᠮᠣᠩᠭᠣᠯ ᠲᠣᠭᠣᠷᠢᠬᠲᠠᠳ ᠤ᠋ᠨ ᠨᠡᠢᠭᠡᠮ ᠦ᠋ᠨ ᠳᠢᠭᠯᠢᠮ᠂ ᠰᠣᠶᠣᠯ ᠢᠷᠭᠡᠨᠰᠢᠯ᠂ ᠤᠯᠤᠰ ᠲᠥᠷᠥ ᠶ᠋ᠢᠨ ᠲᠣᠭᠲᠠᠯᠴᠠᠭ᠎ᠠ ᠶ᠋ᠢ ᠥᠭᠡᠷᠡᠴᠢᠯᠡᠨ ᠠᠳᠠᠯᠢ ᠪᠤᠰᠤ ᠶ᠋ᠢᠨ ᠤᠯᠤᠰ ᠣᠷᠣᠨ ᠳ᠋ᠤ᠌᠂ ᠠᠳᠠᠯᠢ ᠪᠤᠰᠤ ᠶ᠋ᠢᠨ ᠤᠯᠤᠰ ᠲᠥᠷᠥ ᠰᠣᠶᠣᠯ ᠤ᠋ᠨ ᠨᠥᠯᠦᠭᠡᠨ ᠳᠣᠣᠷ᠎ᠠ ᠲᠡᠦᠬᠡ ᠪᠡᠨ ᠦᠷᠭᠦᠯᠵᠢᠯᠡᠭᠦᠯᠬᠦ ᠪᠣᠯᠤᠭᠰᠠᠨ ᠶᠤᠮ᠃ ᠪᠤᠷᠢᠶᠠᠳ ᠶᠠᠰᠤᠲᠠᠨ ᠣᠷᠣᠰ ᠲᠤ 42 ᠲᠦᠮᠡ ᠭᠠᠷᠤᠢ᠂ ᠮᠣᠩᠭᠣᠯ ᠤᠯᠤᠰ ᠲᠤ 4 ᠲᠦᠮᠡ ᠭᠠᠷᠤᠢ᠂ ᠳᠤᠮᠳᠠᠳᠤ ᠤᠯᠤᠰ ᠲᠤ 8000 ᠭᠠᠷᠤᠢ ᠪᠣᠢ ᠭᠡᠰᠡᠨ ᠪᠦᠷᠢᠳᠬᠡᠯ (ᠵᠠᠷᠢᠮ ᠮᠡᠳᠡᠭᠡᠯᠡᠯ ᠳ᠋ᠦ᠍ ᠠᠳᠠᠯᠢ ᠦᠭᠡᠢ ᠲᠣᠭ᠎ᠠ ᠪᠠᠷᠢᠮᠲᠠ ᠪᠠᠢᠳᠠᠭ ᠨᠢ ᠠᠳᠠᠯᠢ ᠦᠭᠡᠢ ᠴᠠᠭ ᠦᠶ᠎ᠡ ᠳ᠋ᠦ᠍ ᠬᠢᠭᠰᠡᠨ ᠪᠦᠷᠢᠳᠬᠡᠯ ᠦ᠋ᠨ ᠦᠷ᠎ᠡ ᠳ᠋ᠦᠩ ᠪᠣᠯᠤᠯᠲᠠᠢ᠃ ᠲᠡᠷᠡ ᠲᠤᠬᠠᠢ ᠬᠢᠲᠠᠳ᠂ ᠣᠷᠣᠰ ᠬᠡᠯᠡ ᠪᠠ ᠺᠢᠷᠢᠯ ᠪᠢᠴᠢᠭ ᠦ᠋ᠨ ᠰᠦᠯᠵᠢᠶ᠎ᠡ᠂ ᠨᠣᠮ ᠳ᠋ᠤ᠌ ᠨᠡᠯᠢᠶᠡᠳ ᠮᠡᠳᠡᠭᠡᠯᠡᠯ ᠪᠣᠢ) ᠪᠠᠢᠳᠠᠭ᠃ ᠣᠷᠣᠰ ᠤ᠋ᠨ ᠪᠤᠷᠢᠶᠠᠳᠴᠤᠳ ᠭᠣᠣᠯᠳᠠᠭᠤ ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠪᠤᠷᠢᠶᠠᠳ ᠤᠯᠤᠰ ᠪᠣᠯᠤᠨ ᠴᠢᠲ᠋ᠠ᠂ ᠢᠷᠺᠤᠰᠺ ᠵᠡᠷᠭᠡ ᠭᠠᠵᠠᠷ ᠲᠥᠪᠯᠡᠷᠡᠨ ᠨᠤᠲᠤᠭᠯᠠᠵᠤ ᠪᠣᠢ᠃ ᠪᠤᠷᠢᠶᠠᠳ ᠤᠯᠤᠰ ᠨᠢ ᠡᠳᠦᠭᠡ ᠣᠷᠣᠰ ᠤ᠋ᠨ ᠬᠣᠯᠪᠣᠭᠠᠨ ᠤ᠋ ᠤᠯᠤᠰ ᠤ᠋ᠨ ᠰᠢᠪᠧᠷᠢᠶ᠎ᠡ ᠶ᠋ᠢᠨ ᠲᠣᠭᠣᠷᠢᠭ ᠤ᠋ᠨ ᠪᠦᠷᠢᠯᠳᠦᠬᠦᠨ ᠳ᠋ᠦ᠍ ᠪᠠᠭᠲᠠᠳᠠᠭ᠃ ᠪᠤᠷᠢᠶᠠᠳ ᠤᠯᠤᠰ ᠨᠢ 35.13 ᠲᠦᠮᠡ ᠭᠠᠷᠤᠢ ᠺᠦᠸᠠᠳ᠋ ᠺᠢᠯᠣᠮᠧᠲ᠋ᠷ ᠨᠤᠲᠤᠭ ᠳᠡᠪᠢᠰᠬᠡᠷ ᠲᠡᠢ᠂ 21 ᠵᠠᠰᠠᠭ ᠵᠠᠬᠢᠷᠭᠠᠨ ᠤ᠋ ᠮᠣᠵᠢ ᠲᠠᠢ᠂ ᠬᠣᠲᠠ ᠶ᠋ᠢᠨ ᠬᠣᠶᠠᠷ ᠲᠣᠭᠣᠷᠢᠭ᠂ 273 ᠲᠣᠰᠬᠣᠨ ᠲᠠᠢ᠃ ᠡᠮᠦᠨ᠎ᠡ ᠲᠠᠯ᠎ᠠ ᠪᠠᠷ ᠢ᠋ᠶ᠋ᠠᠨ ᠮᠣᠩᠭᠣᠯ ᠤᠯᠤᠰ ᠲᠠᠢ᠂ ᠪᠠᠷᠠᠭᠤᠨ ᠲᠠᠯ᠎ᠠ ᠪᠠᠷ ᠢ᠋ᠶ᠋ᠠᠨ ᠳᠤᠸᠠ ᠤᠯᠤᠰ ᠲᠠᠢ᠂ ᠪᠠᠷᠠᠭᠤᠨ ᠬᠣᠢᠲᠤ ᠲᠠᠯ᠎ᠠ ᠪᠠᠷ ᠢ᠋ᠶ᠋ᠠᠨ ᠡᠷᠭᠡᠦ ᠮᠣᠵᠢ ᠲᠠᠢ᠂ ᠵᠡᠭᠦᠨ ᠲᠠᠯ᠎ᠠ ᠠ᠋ᠴᠠ ᠪᠠᠨ ᠴᠢᠲ᠋ᠠ ᠮᠣᠵᠢ ᠲᠠᠢ ᠬᠢᠯᠢᠯᠡᠵᠦ ᠪᠣᠢ᠃ 2004 ᠣᠨ ᠤ᠋ ᠪᠦᠷᠢᠳᠬᠡᠯ ᠢ᠋ ᠦᠨᠳᠦᠰᠦᠯᠡᠪᠡᠯ᠂ 97.33 ᠲᠦᠮᠡ ᠭᠠᠷᠤᠢ ᠬᠥᠮᠦᠨ ᠲᠡᠢ᠂ ᠨᠡᠢᠲᠡ ᠬᠥᠮᠦᠨ ᠠᠮᠠ ᠶ᠋ᠢᠨ 60% ᠨᠢ ᠬᠣᠲᠠ ᠳ᠋ᠤ᠌᠂ 40% ᠨᠢ ᠬᠥᠳᠡᠭᠡ ᠣᠷᠣᠨ ᠨᠤᠲᠤᠭ ᠲᠤ ᠠᠮᠢᠳᠤᠷᠠᠵᠤ ᠪᠠᠢᠳᠠᠭ᠃ ᠪᠤᠷᠢᠶᠠᠳ ᠤᠯᠤᠰ ᠲᠤ 46 (ᠵᠠᠷᠢᠮ ᠮᠡᠳᠡᠭᠡᠯᠡᠯ ᠳ᠋ᠦ᠍ ᠵᠠᠭᠤ ᠭᠠᠷᠤᠢ ᠦᠨᠳᠦᠰᠦᠲᠡᠨ ᠪᠣᠢ ᠴᠤ ᠭᠡᠳᠡᠭ) ᠦᠨᠳᠦᠰᠦᠲᠡᠨ ᠶᠠᠰᠤᠲᠠᠨ ᠠᠮᠢᠳᠤᠷᠠᠵᠤ ᠪᠠᠢᠭ᠎ᠠ ᠶ᠋ᠢᠨ ᠳᠣᠲᠣᠷ᠎ᠠ ᠪᠠᠷᠤᠭ 70% ᠨᠢ ᠣᠷᠣᠰ ᠤ᠋ᠳ᠂ 24% ᠨᠢ ᠪᠤᠷᠢᠶᠠᠳ᠂2.2% ᠨᠢ ᠦᠺᠷᠠᠢᠨ᠂ 3.8% ᠨᠢ ᠪᠤᠰᠤᠳ ᠦᠨᠳᠦᠰᠦᠲᠡᠨ ᠶᠠᠰᠤᠲᠠᠳ ᠶᠤᠮ᠃ ᠲᠡᠢᠮᠦ ᠪᠣᠯᠬᠣᠷ ᠪᠤᠷᠢᠶᠠᠳ ᠣᠷᠣᠨ ᠳ᠋ᠤ᠌ ᠣᠷᠣᠰ ᠰᠣᠶᠣᠯ ᠤ᠋ᠨ ᠨᠥᠯᠥᠭᠡ ᠮᠠᠰᠢ ᠶᠡᠬᠡ ᠪᠠᠢᠳᠠᠭ᠃ ᠪᠤᠷᠢᠶᠠᠳ ᠤᠯᠤᠰ ᠤ᠋ᠨ ᠭᠠᠵᠠᠷ ᠤ᠋ᠨ ᠪᠠᠢᠴᠠ ᠨᠢ ᠠᠭᠤᠯᠠᠷᠬᠠᠭ᠂ ᠣᠢ ᠲᠠᠢᠭ᠎ᠠ ᠡᠯᠪᠡᠭ ᠲᠡᠢ᠂ ᠠᠭᠠᠷ ᠠᠮᠢᠰᠬᠤᠯ ᠤ᠋ᠨ ᠬᠤᠪᠢ ᠳ᠋ᠤ᠌ ᠡᠪᠦᠯ ᠳ᠋ᠡᠭᠡᠨ ᠮᠠᠰᠢ ᠬᠦᠢᠲᠡᠨ᠂ ᠵᠤᠨ ᠳ᠋ᠠᠭᠠᠨ ᠰᠡᠷᠢᠭᠦᠨ ᠲᠠᠭᠠᠯᠠᠮᠵᠢᠲᠠᠢ᠂ ᠨᠠᠮᠤᠷ ᠤ᠋ᠨ ᠤᠯᠠᠷᠢᠯ ᠨᠢ ᠤᠷᠲᠤ ᠪᠠᠢᠳᠠᠭ ᠣᠨᠴᠠᠯᠢᠭ ᠲᠠᠢ᠃ ᠡᠨᠡ ᠰᠠᠢᠬᠠᠨ ᠨᠤᠲᠤᠭ ᠪᠣᠯ ᠪᠠᠢᠭᠠᠯ ᠳᠠᠯᠠᠢ ᠶ᠋ᠢᠨ ᠰᠠᠪᠠ ᠨᠤᠲᠤᠭ ᠤ᠋ᠨ ᠤᠤᠭᠠᠯ ᠢᠷᠭᠡᠳ᠂ ᠮᠣᠩᠭᠣᠯ ᠲᠤᠭᠤᠷᠭᠠᠲᠠᠨ ᠤ᠋ ᠨᠢᠭᠡᠨ ᠭᠡᠰᠢᠭᠦᠨ ᠪᠤᠷᠢᠶᠠᠳ ᠤ᠋ᠳ ᠤ᠋ᠨ ᠠᠯᠲᠠᠨ ᠥᠯᠥᠭᠡᠢ ᠪᠢᠯᠡ᠃ ᠬᠡᠯᠡ ᠰᠣᠶᠣᠯ᠂ ᠤᠭᠰᠠᠭ᠎ᠠ ᠭᠠᠷᠤᠯ᠂ ᠲᠡᠦᠬᠡ ᠤᠯᠠᠮᠵᠢᠯᠠᠯ᠂ ᠠᠵᠤ ᠠᠮᠢᠳᠤᠷᠠᠯ᠂ ᠶᠣᠰᠣ ᠵᠠᠩᠰᠢᠯ᠁ ᠠᠯᠢ ᠠᠯᠢᠨ ᠢ᠋ᠶ᠋ᠠᠷ ᠢ᠋ᠶ᠋ᠠᠨ ᠴᠤ᠌ ᠲᠠ ᠪᠢᠳᠡᠨ ᠦ᠌ ᠡᠯᠢᠭᠡᠨ ᠰᠠᠳᠤᠨ ᠪᠤᠯᠠᠠᠣ ᠪᠤᠷᠢᠶᠠᠳ ᠶᠠᠰᠤᠲᠠᠨ ᠡᠢᠨ ᠬᠦ᠌ ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠤᠯᠤᠰ ᠲᠤ ᠠᠵᠤ ᠲᠥᠷᠥᠵᠦ ᠪᠠᠢᠳᠠᠭ᠃ ᠪᠢᠳᠡ ᠲᠡᠳᠡᠨ ᠢ᠋ ᠵᠠᠩᠰᠢᠯ ᠢ᠋ᠶ᠋ᠠᠷ ᠣᠷᠣᠰ ᠤ᠋ᠨ ᠪᠤᠷᠢᠶᠠᠳ ᠭᠡᠳᠡᠭ ᠪᠢᠯᠡ᠃ ᠪᠤᠷᠢᠶᠠᠳ ᠤᠯᠤᠰ ᠪᠠᠭᠠᠲᠤᠷᠯᠢᠭ ᠲᠤᠤᠯᠢ《ᠭᠡᠰᠡᠷ》 ᠦ᠋ᠨ ᠥᠪ ᠤᠯᠠᠮᠵᠢᠯᠠᠯ ᠢ᠋ᠶ᠋ᠠᠷ ᠢ᠋ᠶ᠋ᠠᠨ ᠳᠡᠯᠡᠬᠡᠢ ᠳ᠋ᠦ᠍ ᠠᠯᠳᠠᠷᠰᠢᠵᠤ᠂1995 ᠣᠨ ᠳ᠋ᠤ᠌《ᠪᠤᠷᠢᠶᠠᠳ ᠭᠡᠰᠡᠷ》 ᠦ᠋ᠨ ᠮᠢᠩᠭᠠᠨ ᠵᠢᠯ ᠦ᠋ᠨ ᠣᠢ ᠶ᠋ᠢ ᠲᠡᠮᠳᠡᠭᠯᠡᠬᠦ ᠠᠵᠢᠯᠯᠠᠭ᠎ᠠ ᠶ᠋ᠢ ᠦᠪᠡᠳᠡᠭᠰᠢ ᠶᠡᠬᠡ ᠪᠡᠷ ᠲᠡᠮᠳᠡᠭᠯᠡᠵᠦ ᠪᠠᠢᠭᠰᠠᠨ ᠲᠡᠦᠬᠡ ᠲᠡᠢ᠃ ᠡᠢᠨ ᠬᠦ᠌《ᠪᠤᠷᠢᠶᠠᠳ ᠭᠡᠰᠡᠷ》 ᠢ᠋《ᠲᠥᠪ ᠠᠽᠢᠶ᠎ᠠ ᠶ᠋ᠢᠨ ᠢᠯᠯᠢᠶᠠᠳ᠋》 ᠭᠡᠮᠡᠨ ᠥᠨᠳᠥᠷ ᠦᠨᠡᠯᠡᠳᠡᠭ ᠪᠢᠯᠡ᠃ ᠪᠤᠷᠢᠶᠠᠳ ᠣᠷᠣᠨ ᠨᠢ ᠮᠥᠨ ᠴᠦ᠍ ᠣᠷᠣᠰ ᠤ᠋ᠨ ᠬᠣᠯᠪᠣᠭᠠᠨ ᠤ᠋ ᠤᠯᠤᠰ ᠤ᠋ᠨ ᠬᠠᠮᠤᠭ ᠤ᠋ᠨ ᠠᠯᠳᠠᠷᠲᠠᠢ ᠪᠤᠷᠬᠠᠨ ᠤ᠋ ᠱᠠᠰᠢᠨ ᠤ᠋ ᠭᠣᠯᠣᠮᠲᠠ ᠣᠷᠣᠨ ᠪᠠᠢᠵᠤ᠂ ᠶᠠᠪᠠᠯᠠᠭ ᠤ᠋ᠨ ᠳᠠᠴᠠᠩ ᠢ᠋ ᠪᠠᠭᠲᠠᠭᠠᠭᠰᠠᠨ ᠦᠯᠡᠮᠵᠢ ᠣᠯᠠᠨ ᠰᠦᠮ᠎ᠡ ᠬᠡᠢᠳ ᠨᠢ ᠡᠨᠡ ᠨᠤᠲᠤᠭ ᠤ᠋ᠨ ᠬᠥᠮᠦᠨ ᠠᠷᠠᠳ ᠤ᠋ᠨ ᠰᠦᠰᠦᠭ ᠪᠢᠰᠢᠷᠡᠯ ᠳ᠋ᠦ᠍ ᠳᠡᠭᠡᠳᠦᠯᠡᠭᠳᠡᠵᠦ ᠪᠠᠢᠳᠠᠭ ᠲᠡᠳᠦᠢ ᠦᠭᠡᠢ ᠳᠡᠯᠡᠬᠡᠢ ᠶ᠋ᠢᠨ ᠡᠯ᠎ᠡ ᠤᠯᠤᠰ ᠣᠷᠣᠨ ᠤ᠋ ᠵᠢᠭᠤᠯᠴᠢᠳ ᠤ᠋ᠨ ᠠᠩᠬᠠᠷᠤᠯ ᠰᠣᠨᠢᠷᠬᠠᠯ ᠢ᠋ ᠲᠠᠲᠠᠵᠤ ᠪᠠᠢᠳᠠᠭ᠃ ᠪᠤᠷᠢᠶᠠᠳ ᠤ᠋ᠳ ᠤ᠋ᠨ ᠤᠤᠭᠠᠯ ᠱᠠᠰᠢᠨ ᠪᠣᠯ ᠪᠥᠬᠡ ᠮᠥᠷᠭᠥᠯ᠃ 1741 ᠣᠨ ᠳ᠋ᠤ᠌ ᠪᠤᠷᠬᠠᠨ ᠤ᠋ ᠱᠠᠰᠢᠨ ᠣᠷᠣᠰ ᠤ᠋ᠨ ᠠᠯᠪᠠᠨ ᠶᠣᠰᠣᠨ ᠤ᠋ ᠱᠠᠰᠢᠨ ᠤ᠋ ᠨᠢᠭᠡ ᠪᠣᠯᠤᠭᠰᠠᠨ ᠤ᠋ ᠳᠠᠷᠠᠭ᠎ᠠ ᠪᠤᠷᠢᠶᠠᠳ ᠤ᠋ᠨ ᠬᠠᠮᠤᠭ ᠤ᠋ᠨ ᠠᠩᠬᠠᠨ ᠤ᠋ ᠪᠤᠷᠬᠠᠨ ᠤ᠋ ᠱᠠᠰᠢᠨ ᠤ᠋ ᠰᠤᠮᠤ ᠳᠠᠮᠵᠢᠨ ᠳᠠᠴᠠᠩ ᠲᠡᠷᠡ ᠦᠶ᠎ᠡ ᠳ᠋ᠦ᠍ ᠪᠠᠢᠭᠤᠯᠤᠭᠳᠠᠭᠰᠠᠨ ᠪᠠᠢᠨ᠎ᠠ᠃ 1914 ᠣᠨ ᠤ᠋ ᠪᠠᠢᠳᠠᠯ ᠢ᠋ ᠦᠨᠳᠦᠰᠦᠯᠡᠪᠡᠯ᠂ ᠪᠤᠷᠢᠶᠠᠳ ᠣᠷᠣᠨ ᠳ᠋ᠤ᠌ 48 ᠳᠠᠴᠠᠩ᠂ 16000 ᠭᠠᠷᠤᠢ ᠯᠠᠮᠠ ᠲᠠᠢ ᠪᠠᠢᠭᠰᠠᠨ᠂ ᠭᠡᠪᠡᠴᠦ 20 ᠳ᠋ᠤᠭᠠᠷ ᠵᠠᠭᠤᠨ ᠤ᠋ ᠭᠤᠴᠢᠭᠠᠳ ᠣᠨ ᠤ᠋ ᠬᠡᠯᠮᠡᠭᠳᠡᠭᠦᠯᠦᠯ ᠦ᠋ᠨ ᠦᠶ᠎ᠡ ᠳ᠋ᠦ᠍ ᠪᠤᠷᠢᠶᠠᠳ ᠣᠷᠣᠨ ᠤ᠋ ᠪᠦᠬᠦ ᠰᠦᠮ᠎ᠡ ᠬᠡᠢᠳ ᠬᠠᠭᠠᠭᠳᠠᠵᠤ᠂ ᠡᠪᠳᠡᠯ ᠰᠦᠢᠳᠦᠯ ᠳ᠋ᠦ᠍ ᠤᠴᠠᠷᠠᠵᠠᠢ᠃ ᠡᠳᠦᠭᠡ ᠪᠤᠷᠢᠶᠠᠳ ᠤ᠋ᠨ ᠬᠠᠮᠤᠭ ᠤ᠋ᠨ ᠠᠯᠳᠠᠷᠲᠠᠢ ᠪᠤᠷᠬᠠᠨ ᠤ᠋ ᠱᠠᠰᠢᠨ ᠤ᠋ ᠰᠦᠮ᠎ᠡ ᠪᠣᠯ ᠤᠯᠠᠭᠠᠨ ᠦᠳᠡ ᠬᠣᠲᠠ ᠠ᠋ᠴᠠ 30 ᠭᠠᠷᠤᠢ ᠺᠢᠯᠣᠮᠧᠲ᠋ᠷ ᠵᠠᠢᠲᠠᠢ ᠪᠠᠢᠭ᠎ᠠ ᠶᠠᠪᠠᠯᠠᠭ ᠤ᠋ᠨ ᠳᠠᠴᠠᠩ ᠶᠤᠮ᠃ ᠶᠠᠪᠠᠯᠠᠭ ᠤ᠋ᠨ ᠳᠠᠴᠠᠩ ᠢ᠋ ᠣᠷᠣᠰ ᠤ᠋ᠨ ᠬᠣᠯᠪᠣᠭᠠᠨ ᠤ᠋ ᠤᠯᠤᠰ ᠤ᠋ᠨ ᠪᠣᠳ᠌ᠳ᠌ᡁᠠ ᠶ᠋ᠢᠨ ᠤᠯᠠᠮᠵᠢᠯᠠᠯᠲᠤ ᠣᠶᠤᠨ ᠤᠬᠠᠭᠠᠨ ᠤ᠋ ᠲᠥᠪ ᠭᠡᠳᠡᠭ᠃ ᠲᠤᠰ ᠳᠠᠴᠠᠩ 1945 (ᠵᠠᠷᠢᠮ ᠮᠡᠳᠡᠭᠡᠯᠡᠯ ᠳ᠋ᠦ᠍ 1974 ᠣᠨ ᠳ᠋ᠤ᠌ ᠪᠠᠢᠭᠤᠯᠤᠭᠳᠠᠭᠰᠠᠨ ᠴᠤ ᠭᠡᠳᠡᠭ) ᠣᠨ ᠳ᠋ᠤ᠌ ᠨᠡᠭᠡᠭᠡᠭᠳᠡᠵᠦ᠂ 1991 ᠣᠨ ᠳ᠋ᠤ᠌ ᠱᠠᠰᠢᠨ ᠤ᠋ ᠰᠤᠷᠭᠠᠭᠤᠯᠢ (ᠪᠠᠷᠤᠭ 100 ᠭᠠᠷᠤᠢ ᠣᠶᠤᠲᠠᠨ ᠰᠤᠷᠤᠯᠴᠠᠳᠠᠭ ᠠᠵᠢ) ᠲᠠᠢ ᠪᠣᠯᠵᠤ᠂ ᠵᠥᠪᠯᠡᠯᠲᠦ ᠬᠣᠯᠪᠣᠭᠠᠲᠤ ᠤᠯᠤᠰ ᠤ᠋ᠨ ᠦᠶ᠎ᠡ ᠳ᠋ᠦ᠍ ᠴᠦ᠍᠂ ᠣᠳᠣ ᠴᠤ᠌ ᠣᠷᠣᠰ ᠣᠷᠣᠨ ᠤ᠋ ᠪᠤᠷᠬᠠᠨ ᠤ᠋ ᠱᠠᠰᠢᠨ ᠤ᠋ ᠬᠠᠮᠤᠭ ᠤ᠋ᠨ ᠠᠯᠳᠠᠷᠲᠠᠢ ᠬᠡᠢᠳ ᠭᠡᠭᠳᠡᠵᠦ ᠪᠣᠢ ᠶᠤᠮ᠃ ᠪᠢᠳᠡ 2009 ᠣᠨ ᠤ᠋ 12 ᠳ᠋ᠤᠭᠠᠷ ᠰᠠᠷ᠎ᠠ ᠶ᠋ᠢᠨ 15 ᠳ᠋ᠤ᠌ ᠪᠠᠢᠭᠠᠯ ᠳᠠᠯᠠᠢ ᠬᠦᠷᠦᠭᠡᠳ ᠪᠤᠴᠠᠬᠤ ᠵᠠᠮ ᠳ᠋ᠠᠭᠠᠨ ᠶᠠᠪᠠᠯᠠᠭ ᠤ᠋ᠨ ᠳᠠᠴᠠᠩ ᠳ᠋ᠤ᠌ ᠣᠴᠢᠵᠤ ᠪᠢᠯᠡ᠃ ᠵᠢᠭᠤᠯᠴᠢᠳ ᠰᠦᠮ᠎ᠡ ᠶ᠋ᠢᠨ ᠭᠣᠷᠢᠶ᠎ᠠ ᠳᠣᠲᠣᠷ᠎ᠠ ᠲᠣᠭᠣᠷᠢᠵᠤ ᠪᠣᠯᠪᠠᠴᠤ ᠢᠲᠡᠭᠡᠯᠲᠦ ᠬᠠᠮᠪᠤ ᠳᠠᠰᠢᠳᠣᠷᠵᠢ ᠶ᠋ᠢᠨ ᠨᠣᠮ ᠤ᠋ᠨ ᠴᠣᠭᠴᠠ (ᠮᠣᠩᠭᠣᠯ ᠤ᠋ᠨ ᠮᠡᠳᠡᠭᠡᠯᠡᠯ ᠳ᠋ᠦ᠍ ᠢᠲᠡᠭᠡᠯᠲᠦ ᠬᠠᠮᠪᠤ ᠳᠠᠰᠢᠳᠣᠷᠵᠢ ᠶ᠋ᠢᠨ ᠭᠡᠭᠡᠷᠡᠭᠰᠡᠨ ᠠᠷᠢᠭᠤᠨ ᠰᠡᠷᠡᠭᠦᠨ ᠪᠡᠶ᠎ᠡ ᠭᠡᠵᠦ ᠪᠣᠢ) ᠳ᠋ᠤ᠌ ᠪᠠᠷᠠᠳᠠᠨ ᠮᠥᠷᠭᠥᠬᠦ ᠲᠣᠬᠢᠶᠠᠯ ᠲᠡᠷᠡ ᠪᠣᠯᠭᠠᠨ ᠳ᠋ᠤ᠌ ᠣᠯᠳᠠᠳᠠᠭ ᠦᠭᠡᠢ ᠶᠦᠮ ᠪᠠᠢᠨ᠎ᠠ᠃ ᠮᠠᠨ ᠤ᠋ ᠬᠢᠨ ᠡᠴᠡ ᠬᠠᠰᠡᠷᠳᠠᠨᠢ ᠪᠢᠳᠡᠨ ᠬᠣᠶᠠᠭᠤᠯᠠᠬᠠᠨ ᠢ᠋ ᠳᠤᠭᠠᠩ ᠳ᠋ᠤ᠌ ᠣᠷᠣᠵᠤ ᠪᠣᠯᠬᠤ ᠶ᠋ᠢ ᠵᠥᠪᠰᠢᠶᠡᠷᠡᠵᠦ ᠪᠢᠯᠡ᠃ ᠲᠠᠭᠠᠯᠠᠯ ᠪᠣᠯᠤᠭᠠᠳ ᠣᠯᠠᠨ ᠵᠢᠯ ᠪᠣᠯᠵᠤ ᠪᠠᠢᠭ᠎ᠠ ᠴᠤ᠌ ᠲᠡᠷᠡ ᠯᠠ ᠬᠡᠪ ᠢ᠋ᠶ᠋ᠡᠷ ᠢ᠋ᠶ᠋ᠡᠨ ᠪᠠᠢᠭ᠎ᠠ ᠢᠲᠡᠭᠡᠯᠲᠦ ᠬᠠᠮᠪᠤ ᠶ᠋ᠢᠨ ᠨᠣᠮ ᠤ᠋ᠨ ᠴᠣᠭᠴᠠ ᠳ᠋ᠤ᠌ ᠪᠠᠷᠠᠳᠠᠨ ᠮᠥᠷᠭᠥᠬᠦ ᠦᠶ᠎ᠡ ᠳ᠋ᠦ᠍ ᠥᠪᠡᠷ ᠢ᠋ ᠪᠡᠨ ᠠᠵᠠ ᠲᠠᠢ ᠪᠤᠶᠠᠨ ᠲᠠᠢ ᠬᠥᠮᠦᠨ ᠭᠡᠵᠦ ᠪᠠᠬᠠᠷᠬᠠᠬᠤ ᠦᠭᠡᠢ ᠪᠠᠢᠵᠤ ᠴᠢᠳᠠᠭᠰᠠᠨ ᠦᠭᠡᠢ᠃ ᠲᠡᠭᠦᠨ ᠦ᠌ ᠲᠤᠬᠠᠢ ᠳᠣᠮᠣᠭ ᠤ᠋ᠨ ᠶᠤᠮ ᠰᠢᠭ᠋ ᠰᠣᠨᠣᠰᠬᠠᠯ ᠬᠠᠭᠤᠴᠢ ᠪᠤᠷᠢᠶᠠᠳ ᠲᠦᠮᠡᠨ ᠦ᠌ ᠳᠤᠮᠳᠠ ᠪᠠᠢᠳᠠᠭ ᠠᠵᠢ᠃ ᠲᠠᠭᠠᠯᠠᠯ ᠪᠣᠯᠬᠤ ᠳ᠋ᠠᠭᠠᠨ ᠵᠠᠬᠢᠶᠠᠰᠤ ᠦᠯᠡᠳᠡᠭᠡᠵᠦ᠂ ᠥᠪᠡᠷ ᠢ᠋ ᠨᠢ ᠣᠷᠣᠰᠢᠭᠤᠯᠤᠭᠰᠠᠨ ᠤ᠋ ᠬᠣᠢᠨ᠎ᠠ ᠬᠡᠳᠦᠢ ᠵᠢᠯ ᠦ᠋ᠨ ᠳᠠᠷᠠᠭ᠎ᠠ ᠭᠠᠷᠭᠠᠭᠠᠷᠠᠢ ᠭᠡᠰᠡᠨ ᠢ᠋ᠶ᠋ᠡᠷ ᠨᠢ ᠶᠣᠰᠣᠴᠢᠯᠠᠨ ᠭᠦᠢᠴᠡᠳᠬᠡᠪᠡᠯ ᠪᠠᠰᠢᠯᠭᠠᠯ ᠲᠡᠭᠦᠰᠦᠭᠰᠡᠨ ᠢᠲᠡᠭᠡᠯᠲᠦ ᠬᠠᠮᠪᠤ ᠶ᠋ᠢᠨ ᠨᠣᠮ ᠤ᠋ᠨ ᠴᠣᠭᠴᠠ ᠲᠡᠷᠡ ᠯᠠ ᠬᠡᠪ ᠢ᠋ᠶ᠋ᠡᠷ ᠢ᠋ᠶ᠋ᠡᠨ ᠪᠠᠢᠭᠰᠠᠨ ᠭᠡᠳᠡᠭ ᠪᠠ ᠡᠳᠦᠭᠡ ᠴᠦ᠍ ᠴᠣᠭᠴᠠ ᠨᠢ ᠶᠠᠯᠢᠮ ᠦᠭᠡᠢ ᠢᠯᠴᠢ ᠲᠡᠢ ᠬᠡᠪ ᠢ᠋ᠶ᠋ᠡᠷ ᠢ᠋ᠶ᠋ᠡᠨ ᠭᠡᠳᠡᠭ ᠪᠢᠯᠡ᠃ ᠳᠤᠭᠠᠩ ᠳ᠋ᠤ᠌ ᠵᠢᠷᠤᠭ ᠠᠪᠬᠤ ᠶ᠋ᠢ ᠬᠣᠷᠢᠳᠠᠭ ᠪᠠᠢᠨ᠎ᠠ᠃
ᠣᠷᠣᠰ ᠤ᠋ᠨ ᠬᠣᠯᠪᠣᠭᠠᠨ ᠤ᠋ ᠪᠦᠭᠦᠳᠡ ᠨᠠᠢᠷᠠᠮᠳᠠᠬᠤ ᠪᠤᠷᠢᠶᠠᠳ ᠤᠯᠤᠰ ᠤ᠋ᠨ ᠨᠡᠢᠰᠯᠡᠯ ᠨᠢ ᠤᠯᠠᠭᠠᠨ ᠦᠳᠡ ᠬᠣᠲᠠ ᠪᠢᠯᠡ᠃ 1666 ᠣᠨ ᠳ᠋ᠤ᠌ ᠦᠳᠡ ᠭᠣᠣᠯ ᠤ᠋ᠨ ᠬᠥᠨᠳᠡᠢ ᠳ᠋ᠦ᠍ ᠬᠠᠰᠠᠭ ᠴᠡᠷᠢᠭ ᠦ᠋ᠨ ᠡᠪᠦᠯᠵᠢᠶᠡᠨ᠃ ᠦ᠌ ᠰᠠᠭᠤᠷᠢᠨ ᠪᠠᠢᠭᠤᠯᠤᠭᠳᠠᠭᠰᠠᠨ ᠢ᠋ᠶ᠋ᠠᠷ ᠤᠯᠠᠭᠠᠨ ᠦᠳᠡ ᠬᠣᠲᠠ ᠶ᠋ᠢᠨ ᠠᠩᠬᠠᠨ ᠤ᠋ ᠴᠣᠭᠴᠠᠯᠠᠯᠲᠠ ᠡᠬᠢᠯᠡᠭᠰᠡᠨ ᠭᠡᠳᠡᠭ᠃
17 ᠳ᠋ᠤᠭᠠᠷ ᠵᠠᠭᠤᠨ ᠤ᠋ ᠦᠶ᠎ᠡ ᠳ᠋ᠦ᠍ ᠥᠪᠥᠷ ᠪᠠᠢᠭᠠᠯ ᠤ᠋ᠨ ᠵᠠᠰᠠᠭ ᠵᠠᠬᠢᠷᠭᠠᠨ ᠤ᠋ ᠪᠣᠯᠤᠨ ᠴᠡᠷᠢᠭ ᠦ᠋ᠨ ᠶᠠᠪᠤᠳᠠᠯ ᠤ᠋ᠨ ᠲᠥᠪ ᠪᠠᠢᠵᠤ᠂ 1934 ᠣᠨ ᠤ᠋ 7 ᠳ᠋ᠤᠭᠠᠷ ᠰᠠᠷ᠎ᠠ ᠶ᠋ᠢᠨ 17 ᠳ᠋ᠤ᠌ ᠤᠯᠠᠭᠠᠨ ᠦᠳᠡ ᠬᠣᠲᠠ ᠭᠡᠮᠡᠨ ᠨᠡᠷᠡᠯᠡᠭᠳᠡᠵᠦ᠂ 1958 ᠣᠨ ᠳ᠋ᠤ᠌ ᠪᠤᠷᠢᠶᠠᠳ ᠤᠯᠤᠰ ᠤ᠋ᠨ ᠨᠡᠢᠰᠯᠡᠯ ᠪᠣᠯᠵᠠᠢ᠃ ᠤᠯᠠᠭᠠᠨ ᠦᠳᠡ ᠬᠣᠲᠠ ᠶ᠋ᠢᠨ ᠨᠡᠷᠡᠢᠳᠦᠯ ᠨᠢ ᠬᠣᠲᠠ ᠶ᠋ᠢᠨ ᠳᠤᠮᠳᠠᠭᠤᠷ ᠤᠷᠤᠰᠤᠨ ᠥᠩᠭᠡᠷᠡᠵᠦ ᠪᠣᠢ ᠦᠳᠡ ᠭᠣᠣᠯ ᠠ᠋ᠴᠠ ᠢᠷᠡᠯ ᠲᠡᠢ ᠠᠵᠢ᠃
ᠮᠣᠩᠭᠣᠯ ᠤᠯᠤᠰ ᠠ᠋ᠴᠠ ᠡᠬᠢ ᠠᠪᠤᠭᠰᠠᠨ ᠠᠯᠳᠠᠷᠲᠤ ᠰᠡᠯᠡᠩᠭᠡ ᠮᠥᠷᠡᠨ ᠦ᠌ ᠤᠷᠤᠰᠬᠠᠯ ᠤᠯᠠᠭᠠᠨ ᠦᠳᠡ ᠬᠣᠲᠠ ᠳ᠋ᠤ᠌ ᠦᠳᠡ ᠭᠣᠣᠯ ᠯᠤᠭ᠎ᠠ ᠨᠡᠢᠯᠡᠵᠦ ᠪᠠᠢᠭᠠᠯ ᠨᠠᠭᠤᠷ ᠲᠤ ᠳᠤᠴᠢᠳᠬᠤᠳᠠᠭ ᠠᠵᠢ᠃ ᠭᠤᠷᠪᠠᠨ ᠵᠠᠭᠤ ᠭᠠᠷᠤᠢ ᠵᠢᠯ ᠦ᠋ᠨ ᠲᠡᠦᠬᠡ ᠲᠡᠢ ᠪᠣᠯᠵᠤ ᠪᠠᠢᠭ᠎ᠠ ᠤᠯᠠᠭᠠᠨ ᠦᠳᠡ ᠬᠣᠲᠠ ᠳ᠋ᠤ᠌ ᠡᠷᠲᠡ ᠳᠡᠭᠡᠷ᠎ᠡ ᠦᠶ᠎ᠡ ᠶ᠋ᠢᠨ ᠲᠡᠦᠬᠡ ᠰᠣᠶᠣᠯ ᠤ᠋ᠨ ᠤᠯᠠ ᠮᠥᠷ ᠢ᠋ ᠬᠠᠳᠠᠭᠠᠯᠠᠭᠰᠠᠨ ᠪᠠᠷᠢᠯᠭ᠎ᠠ ᠨᠡᠯᠢᠶᠡᠳ ᠣᠯᠠᠨ᠂ ᠥᠪᠡᠷᠮᠢᠴᠡ ᠣᠨᠴᠠᠯᠢᠭ ᠲᠠᠢ ᠮᠣᠳᠣᠨ ᠪᠠᠢᠰᠢᠩ ᠡᠯᠪᠡᠭ᠂ ᠠᠭᠠᠷ ᠤ᠋ᠨ ᠪᠣᠬᠢᠷᠲᠤᠯ ᠪᠠᠭᠠᠲᠠᠢ᠂ ᠣᠢ ᠮᠣᠳᠣ ᠰᠠᠢᠲᠠᠢ ᠴᠡᠪᠡᠷᠬᠡᠨ ᠭᠣᠶᠣ ᠬᠣᠲᠠ ᠪᠢᠯᠡ᠃ ᠤᠯᠠᠭᠠᠨ ᠦᠳᠡ ᠬᠣᠲᠠ ᠨᠢ 200 ᠭᠠᠷᠤᠢ ᠲᠡᠦᠬᠡᠲᠦ ᠬᠥᠰᠢᠶ᠎ᠡ ᠳᠤᠷᠠᠰᠬᠠᠯ᠂ ᠵᠢᠷᠭᠤᠭᠠᠨ ᠮᠦᠽᠧᠢ᠂ ᠳᠠᠭᠤᠤᠷᠢ ᠶ᠋ᠢᠨ ᠲᠢᠶᠠᠲ᠋ᠷ᠂ ᠵᠠᠯᠠᠭᠤᠴᠤᠳ ᠤ᠋ᠨ ᠲᠢᠶᠠᠲ᠋ᠷ᠂ ᠣᠷᠣᠰ ᠤ᠋ᠨ ᠳ᠋ᠷᠠᠮ ᠤ᠋ᠨ ᠲᠢᠶᠠᠲ᠋ᠷ᠂ ᠪᠤᠷᠢᠶᠠᠳ ᠲᠢᠶᠠᠲ᠋ᠷ ᠤ᠋ᠨ ᠲᠢᠶᠠᠲ᠋ᠷ᠂《ᠦᠯᠢᠭᠡᠷ》 ᠬᠡᠦᠬᠡᠯᠳᠡᠢ ᠶ᠋ᠢᠨ ᠲᠢᠶᠠᠲ᠋ᠷ ᠵᠡᠷᠭᠡ ᠦᠯᠡᠮᠵᠢ ᠣᠯᠠᠨ ᠤᠷᠠᠯᠢᠭ ᠤ᠋ᠨ ᠲᠢᠶᠠᠲ᠋ᠷ ᠲᠠᠢ ᠪᠠᠷ ᠢ᠋ᠶ᠋ᠠᠨ1990 ᠣᠨ ᠠ᠋ᠴᠠ ᠬᠣᠢᠰᠢ ᠣᠷᠣᠰ ᠤ᠋ᠨ ᠬᠣᠯᠪᠣᠭᠠᠨ ᠤ᠋ ᠤᠯᠤᠰ ᠤ᠋ᠨ ᠲᠡᠦᠬᠡᠲᠦ ᠬᠣᠲᠠ ᠨᠤᠭᠤᠳ ᠤ᠋ᠨ ᠪᠦᠷᠢᠯᠳᠦᠬᠦᠨ ᠳ᠋ᠦ᠍ ᠪᠠᠭᠲᠠᠭᠰᠠᠨ ᠶᠤᠮ᠃ ᠪᠤᠷᠢᠶᠠᠳ ᠤᠯᠤᠰ ᠤ᠋ᠨ ᠤᠯᠤᠰ ᠲᠥᠷᠥ᠂ ᠰᠢᠨᠵᠢᠯᠡᠭᠡ᠂ ᠰᠣᠶᠣᠯ ᠪᠣᠯᠪᠠᠰᠤᠷᠠᠯ ᠤ᠋ᠨ ᠲᠥᠪ ᠪᠣᠯᠤᠭᠰᠠᠨ ᠤᠯᠠᠭᠠᠨ ᠦᠳᠡ ᠬᠣᠲᠠ ᠳ᠋ᠤ᠌ ᠳᠥᠴᠢ ᠭᠠᠷᠤᠢ ᠲᠦᠮᠡᠨ ᠬᠥᠮᠦᠨ ᠲᠡᠢ᠂ ᠲᠡᠷᠡ ᠳᠤᠮᠳᠠ ᠪᠠᠨ ᠳᠣᠯᠣᠭᠠᠨ ᠲᠦᠮᠡ ᠭᠠᠷᠤᠢ ᠪᠤᠷᠢᠶᠠᠳ ᠤ᠋ᠳ ᠠᠮᠢᠳᠤᠷᠠᠵᠤ ᠪᠠᠢᠨ᠎ᠠ᠃ ᠤᠯᠠᠭᠠᠨ ᠦᠳᠡ ᠬᠣᠲᠠ ᠨᠢ 5519km ᠤᠷᠲᠤ ᠲᠡᠮᠦᠷ ᠵᠠᠮ ᠢ᠋ᠶ᠋ᠠᠷ ᠮᠣᠰᠺᠸᠠ ᠲᠠᠢ ᠬᠣᠯᠪᠣᠭᠳᠠᠳᠠᠭ᠃ ᠮᠥᠨ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠬᠢᠯᠢ ᠶ᠋ᠢᠨ ᠬᠣᠲᠠ ᠮᠠᠨᠵᠤᠤᠷ ᠲᠠᠢ ᠬᠥᠷᠰᠢᠯᠡᠵᠦ ᠪᠠᠢᠭ᠎ᠠ ᠬᠣᠢᠲᠤ ᠪᠠᠢᠭᠠᠯ ᠠ᠋ᠴᠠ ᠤᠯᠠᠭᠠᠨ ᠦᠳᠡ ᠬᠦᠷᠲᠡᠯ᠎ᠡ ᠲᠡᠮᠦᠷ ᠵᠠᠮ ᠤ᠋ᠨ ᠱᠤᠭᠤᠮ ᠲᠠᠢ ᠪᠠᠢᠳᠠᠭ᠃ ᠤᠯᠠᠭᠠᠨ ᠦᠳᠡ ᠬᠣᠲᠠ ᠪᠣᠯ ᠸᠣᠯᠹᠷᠠᠮ ᠪᠣᠯᠪᠠᠰᠤᠷᠠᠭᠤᠯᠬᠤ ᠦᠢᠯᠡᠳᠪᠦᠷᠢ ᠪᠣᠯᠤᠨ ᠮᠣᠳᠣᠨ ᠮᠠᠲ᠋ᠧᠷᠢᠶᠠᠯ ᠤ᠋ᠨ ᠭᠠᠷᠤᠯᠲᠠ ᠪᠠᠷ ᠢ᠋ᠶ᠋ᠠᠨ ᠳᠡᠯᠡᠬᠡᠢ ᠳ᠋ᠦ᠍ ᠠᠯᠳᠠᠷᠰᠢᠭᠰᠠᠨ ᠣᠷᠣᠨ ᠶᠤᠮ᠃
ᠮᠣᠩᠭᠣᠯ ᠲᠤᠭᠤᠷᠭᠠᠲᠠᠨ ᠤ᠋ ᠨᠢᠭᠡᠨ ᠭᠡᠰᠢᠭᠦᠨ ᠪᠣᠯᠤᠭᠰᠠᠨ ᠤ᠋ ᠪᠤᠷᠢᠶᠠᠳ ᠤ᠋ᠳ 1931 ᠣᠨ ᠪᠣᠯᠲᠠᠯ᠎ᠠ ᠤᠢᠭᠤᠷᠵᠢᠨ ᠮᠣᠩᠭᠣᠯ ᠪᠢᠴᠢᠭ ᠢ᠋ᠶ᠋ᠡᠨ ᠬᠡᠷᠡᠭᠯᠡᠵᠦ ᠪᠠᠢᠵᠠᠢ᠃ ᠭᠡᠪᠡᠴᠦ ᠣᠯᠠᠨ ᠵᠦᠢᠯ ᠦ᠋ᠨ ᠰᠢᠯᠲᠠᠭᠠᠨ ᠢ᠋ᠶ᠋ᠠᠷ 1931 ᠣᠨ ᠳ᠋ᠤ᠌ ᠯᠠᠲ᠋ᠢᠨ ᠦᠰᠦᠭ ᠬᠡᠷᠡᠭᠯᠡᠬᠦ ᠪᠣᠯᠵᠤ᠂ 1939 ᠣᠨ ᠳ᠋ᠤ᠌ ᠣᠷᠣᠰ ᠴᠠᠭᠠᠨ ᠲᠣᠯᠣᠭᠠᠢ ᠳ᠋ᠤ᠌ ᠦᠨᠳᠦᠰᠦᠯᠡᠭᠰᠡᠨ ᠺᠢᠷᠢᠯ ᠪᠢᠴᠢᠭ ᠬᠡᠷᠡᠭᠯᠡᠬᠦ ᠪᠣᠯᠵᠠᠢ᠃ ᠮᠥᠨ ᠬᠣᠷᠢᠳᠤᠭᠠᠷ ᠵᠠᠭᠤᠨ ᠤ᠋ ᠳᠠᠯᠠᠭᠠᠳ ᠣᠨ ᠤ᠋ ᠳᠤᠮᠳᠠᠴᠢ ᠪᠠᠷ ᠪᠤᠷᠢᠶᠠᠳ ᠣᠷᠣᠨ ᠤ᠋ ᠲᠥᠷᠥᠯᠬᠢ ᠬᠡᠯᠡ ᠪᠡᠷ ᠢ᠋ᠶ᠋ᠡᠨ ᠵᠢᠭᠠᠨ ᠰᠤᠷᠭᠠᠯᠲᠠ ᠬᠢᠳᠡᠭ ᠰᠤᠷᠭᠠᠭᠤᠯᠢ ᠨᠤᠭᠤᠳ ᠢ᠋ ᠬᠠᠭᠠᠭᠰᠠᠨ ᠢ᠋ᠶ᠋ᠠᠷ ᠪᠤᠷᠢᠶᠠᠳ ᠤ᠋ᠳ ᠤ᠋ᠨ ᠬᠡᠯᠡ ᠰᠣᠶᠣᠯ ᠳ᠋ᠤ᠌ ᠠᠰᠤᠷᠤ ᠶᠡᠬᠡ ᠨᠥᠯᠥᠭᠡ ᠠᠪᠴᠢᠷᠠᠭᠰᠠᠨ ᠶᠤᠮ᠃ ᠬᠠᠷᠢᠨ 1986 ᠣᠨ ᠠ᠋ᠴᠠ ᠬᠣᠢᠰᠢ ᠲᠥᠷᠥᠯᠬᠢ ᠬᠡᠯᠡᠨ ᠦ᠌ ᠵᠢᠭᠠᠨ ᠰᠤᠷᠭᠠᠯᠲᠠ ᠶ᠋ᠢ ᠴᠢᠬᠤᠯᠠᠴᠢᠯᠠᠬᠤ ᠪᠣᠯᠵᠤ᠂ ᠪᠤᠷᠢᠶᠠᠳ ᠬᠡᠯᠡᠨ ᠦ᠌ ᠬᠡᠪᠯᠡᠯ ᠮᠡᠳᠡᠭᠡᠯᠡᠯ ᠴᠦ᠍ ᠠᠭᠠᠵᠢᠮ ᠢ᠋ᠶ᠋ᠠᠷ ᠰᠡᠷᠭᠦᠵᠦ ᠥᠪᠡᠷ ᠦ᠋ᠨ ᠲᠡᠦᠬᠡ ᠰᠣᠶᠣᠯ᠂ ᠬᠡᠯᠡ ᠵᠠᠩᠰᠢᠯ ᠢ᠋ᠶ᠋ᠠᠨ ᠳᠡᠭᠡᠳᠦᠯᠡᠬᠦ ᠬᠠᠨᠳᠤᠰᠢ ᠪᠣᠢ ᠪᠣᠯᠤᠭᠰᠠᠨ ᠪᠠᠢᠨ᠎ᠠ᠃ ᠣᠳᠣ ᠪᠤᠷᠢᠶᠠᠳ ᠤᠯᠤᠰ ᠲᠤ ᠨᠡᠢᠲᠡ ᠲᠠᠪᠤᠨ ᠵᠠᠭᠤ ᠭᠠᠷᠤᠢ ᠪᠠᠭ᠎ᠠ ᠳᠤᠮᠳᠠᠳᠤ᠂ ᠶᠡᠬᠡ ᠳᠡᠭᠡᠳᠦ ᠰᠤᠷᠭᠠᠭᠤᠯᠢ ᠲᠠᠢ᠃ ᠡᠭᠦᠨ ᠳ᠋ᠦ᠍ ᠪᠤᠷᠢᠶᠠᠳ ᠤ᠋ᠨ ᠤᠯᠤᠰ ᠤ᠋ᠨ ᠶᠡᠬᠡ ᠰᠤᠷᠭᠠᠭᠤᠯᠢ᠂ ᠪᠤᠷᠢᠶᠠᠳ ᠤᠯᠤᠰ ᠤ᠋ᠨ ᠬᠥᠳᠡᠭᠡ ᠠᠵᠤ ᠠᠬᠤᠢ ᠶ᠋ᠢᠨ ᠳᠡᠭᠡᠳᠦ ᠰᠤᠷᠭᠠᠭᠤᠯᠢ᠂ ᠳᠣᠷᠣᠨ᠎ᠠ ᠰᠢᠪᠧᠷᠢᠶ᠎ᠡ ᠶ᠋ᠢᠨ ᠰᠣᠶᠣᠯ ᠤᠷᠠᠯᠢᠭ ᠤ᠋ᠨ ᠳᠡᠭᠡᠳᠦ ᠰᠤᠷᠭᠠᠭᠤᠯᠢ᠂ ᠳᠣᠷᠣᠨ᠎ᠠ ᠰᠢᠪᠧᠷᠢᠶ᠎ᠡ ᠶ᠋ᠢᠨ ᠲᠧᠭᠨᠢᠭ ᠦ᠋ᠨ ᠶᠡᠬᠡ ᠰᠤᠷᠭᠠᠭᠤᠯᠢ ᠪᠣᠯᠤᠨ ᠪᠠᠭᠰᠢ ᠶ᠋ᠢᠨ ᠶᠡᠬᠡ ᠰᠤᠷᠭᠠᠭᠤᠯᠢ ᠭᠡᠵᠦ ᠲᠠᠪᠤᠨ ᠶᠡᠬᠡ ᠳᠡᠭᠡᠳᠦ ᠰᠤᠷᠭᠠᠭᠤᠯᠢ ᠲᠠᠢ᠃ ᠣᠳᠣ ᠪᠤᠷᠢᠶᠠᠳ ᠤᠯᠤᠰ ᠳᠠᠶᠠᠭᠠᠷ ᠢ᠋ᠶ᠋ᠠᠨ ᠦᠨᠳᠦᠰᠦᠲᠡᠨ ᠦ᠌ ᠬᠡᠯᠡ ᠰᠣᠶᠣᠯ ᠢ᠋ᠶ᠋ᠠᠨ ᠰᠡᠷᠭᠦᠭᠡᠨ ᠬᠥᠭᠵᠢᠭᠦᠯᠬᠦ ᠶ᠋ᠢ ᠴᠢᠬᠤᠯᠠᠴᠢᠯᠠᠨ᠂ ᠲᠣᠳᠣᠷᠬᠠᠢ ᠬᠠᠤᠯᠢ ᠳᠦᠷᠢᠮ ᠲᠣᠭᠲᠠᠭᠠᠯ ᠬᠡᠷᠡᠭᠵᠢᠭᠦᠯᠵᠦ᠂120 ᠭᠠᠷᠤᠢ ᠳᠤᠮᠳᠠᠳᠤ ᠰᠤᠷᠭᠠᠭᠤᠯᠢ ᠳ᠋ᠤ᠌ ᠪᠤᠷᠢᠶᠠᠳ ᠬᠡᠯᠡᠨ ᠦ᠌ ᠵᠢᠭᠠᠨ ᠰᠤᠷᠭᠠᠯᠲᠠ ᠬᠢᠬᠦ ᠪᠣᠯᠤᠭᠰᠠᠨ ᠪᠠ ᠣᠶᠤᠲᠠᠨ ᠵᠠᠯᠠᠭᠤᠴᠤᠳ ᠤᠢᠭᠤᠷᠵᠢᠨ ᠮᠣᠩᠭᠣᠯ ᠪᠢᠴᠢᠭ ᠢ᠋ᠶ᠋ᠡᠨ ᠰᠤᠷᠬᠤ ᠶ᠋ᠢ ᠰᠠᠢᠰᠢᠶᠠᠨ ᠵᠣᠷᠢᠭᠵᠢᠭᠤᠯᠵᠤ ᠪᠠᠢᠨ᠎ᠠ᠃ ᠦᠨᠡᠬᠡᠷ ᠤᠢᠭᠤᠷᠵᠢᠨ ᠮᠣᠩᠭᠣᠯ ᠪᠢᠴᠢᠭ ᠢ᠋ᠶ᠋ᠡᠨ ᠤᠩᠰᠢᠵᠤ ᠴᠢᠳᠠᠳᠠᠭ ᠪᠤᠷᠢᠶᠠᠳ ᠵᠠᠯᠠᠭᠤᠴᠤᠳ ᠲᠠᠢ ᠠᠵᠢᠯ ᠤ᠋ᠨ ᠶᠠᠪᠤᠴᠠ ᠳ᠋ᠤ᠌ ᠠᠭᠤᠯᠵᠠᠵᠤ ᠪᠠᠢᠭᠰᠠᠨ ᠪᠠ ᠣᠶᠤᠲᠠᠨ ᠵᠠᠯᠠᠭᠤᠴᠤᠳ ᠨᠢ ᠪᠤᠷᠢᠶᠠᠳ ᠬᠡᠯᠡ ᠪᠡᠷ ᠢ᠋ᠶ᠋ᠡᠨ ᠶᠠᠷᠢᠬᠤ ᠶ᠋ᠢ ᠮᠠᠰᠢ ᠡᠷᠬᠢᠮᠯᠡᠳᠡᠭ ᠭᠡᠰᠡᠨ ᠢ᠋ ᠪᠢᠳᠡ ᠣᠢᠯᠠᠭᠠᠵᠤ ᠪᠢᠯᠡ᠃ ᠪᠤᠷᠢᠶᠠᠳ ᠤ᠋ᠨ ᠡᠷᠳᠡᠮ ᠰᠢᠨᠵᠢᠯᠡᠭᠡᠨ ᠦ᠌ ᠲᠥᠪ ᠲᠦ᠍ ᠲᠠᠪᠤᠨ ᠬᠦᠷᠢᠶᠡᠯᠡᠩ ᠲᠡᠢ᠃ ᠲᠡᠷᠡ ᠳᠤᠮᠳᠠ ᠪᠠᠨ ᠪᠤᠷᠢᠶᠠᠳ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠳ᠋ᠦ᠍ ᠮᠣᠩᠭᠣᠯ᠂ ᠲᠥᠪᠡᠳ ᠬᠡᠯᠡ ᠪᠡᠷ ᠪᠢᠴᠢᠭᠳᠡᠭᠰᠡᠨ ᠦᠯᠡᠮᠵᠢ ᠣᠯᠠᠨ ᠬᠠᠭᠤᠴᠢᠨ ᠤ᠋ ᠪᠢᠴᠢᠭ ᠪᠠᠷᠢᠮᠲᠠ᠂ ᠭᠠᠷ ᠪᠢᠴᠢᠮᠡᠯ ᠰᠤᠳᠤᠷ ᠤ᠋ᠳ ᠪᠣᠯᠤᠨ ᠮᠣᠳᠣᠨ ᠪᠠᠷᠤ᠋ᠨ ᠬᠡᠪᠯᠡᠯ ᠬᠠᠳᠠᠭᠠᠯᠠᠭᠳᠠᠵᠤ ᠪᠠᠢᠭ᠎ᠠ ᠪᠠᠷ ᠢ᠋ᠶ᠋ᠠᠨ ᠳᠡᠯᠡᠬᠡᠢ ᠳ᠋ᠦ᠍ ᠣᠷᠣᠢᠯᠠᠵᠤ ᠪᠠᠢᠭ᠎ᠠ ᠠᠵᠢ᠃ ᠪᠤᠷᠢᠶᠠᠳ ᠤᠯᠤᠰ ᠤ᠋ᠨ ᠬᠡᠦᠬᠡᠳ ᠦ᠋ᠳ ᠡᠳᠦᠭᠡ ᠬᠡᠯᠡ ᠰᠣᠶᠣᠯ᠂ ᠵᠠᠩ ᠦᠢᠯᠡ ᠤᠯᠠᠮᠵᠢᠯᠠᠯ ᠤ᠋ᠨ ᠢ᠋ᠶ᠋ᠠᠨ ᠰᠡᠷᠭᠦᠨ ᠬᠥᠭᠵᠢᠯ ᠦ᠋ᠨ ᠴᠠᠭ ᠦᠶ᠎ᠡ ᠳ᠋ᠦ᠍ ᠥᠰᠴᠦ᠂ ᠥᠨᠳᠡᠢᠵᠦ ᠪᠠᠢᠨ᠎ᠠ᠃ ᠪᠤᠷᠢᠶᠠᠳ ᠢ᠋ᠶ᠋ᠠᠨ ᠭᠡᠰᠡᠨ ᠵᠣᠷᠢᠭ ᠰᠠᠨᠠᠭ᠎ᠠ᠂ ᠪᠤᠷᠢᠶᠠᠳ ᠢ᠋ᠶ᠋ᠠᠨ ᠭᠡᠰᠡᠨ ᠥᠪᠡᠷᠦᠮᠰᠡᠭ ᠰᠡᠳᠬᠢᠯ ᠴᠡᠴᠡᠷᠯᠢᠭ ᠪᠠᠭ᠎ᠠ ᠰᠤᠷᠭᠠᠭᠤᠯᠢ ᠶ᠋ᠢᠨ ᠬᠡᠦᠬᠡᠳ ᠦ᠋ᠳ ᠲᠦ᠍ ᠬᠦᠷᠲᠡᠯ᠎ᠡ ᠪᠠᠲᠤ ᠰᠠᠭᠤᠭᠳᠠᠭᠰᠠᠨ ᠢ᠋ᠶ᠋ᠠᠷ ᠢ᠋ᠶ᠋ᠠᠨ ᠪᠤᠷᠢᠶᠠᠳ ᠬᠡᠯᠡ ᠰᠣᠶᠣᠯ ᠤ᠋ᠨ ᠢᠷᠡᠭᠡᠳᠦᠢ ᠶ᠋ᠢᠨ ᠡᠷᠡᠮᠡᠯᠵᠡᠯ ᠭᠡᠭᠡᠨ ᠪᠣᠯᠤᠨ᠎ᠠ ᠭᠡᠳᠡᠭ ᠲᠦ᠍ ᠡᠷᠡᠭᠡᠯᠵᠡᠬᠦ ᠦᠭᠡᠢ ᠪᠠᠢᠨ᠎ᠠ᠃
ᠪᠢ ᠣᠷᠣᠰ ᠤᠷᠤᠭᠤ ᠶᠠᠪᠤᠬᠤ ᠳ᠋ᠠᠭᠠᠨ ᠪᠤᠰᠤᠳ ᠠᠵᠢᠯ ᠤ᠋ᠨ ᠰᠢᠯᠲᠠᠭᠠᠨ ᠠ᠋ᠴᠠ ᠪᠣᠯᠵᠤ᠂《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠨᠠᠢᠷᠠᠭᠤᠯᠤᠨ ᠤᠳᠤᠷᠢᠳᠤᠭᠠᠴᠢ ᠰᠣᠳᠣᠪᠢᠯᠢᠭ᠌ ᠤ᠋ᠨ ᠬᠠᠮᠲᠤ ᠪᠤᠰᠤᠳᠤᠭᠤᠯᠠ ᠠ᠋ᠴᠠ ᠪᠠᠨ ᠬᠡᠳᠦᠨ ᠬᠣᠨᠣᠭ ᠤ᠋ᠨ ᠬᠣᠢᠨ᠎ᠠ ᠬᠥᠬᠡᠬᠣᠲᠠ ᠠ᠋ᠴᠠ ᠬᠥᠳᠡᠯᠦᠭᠰᠡᠨ ᠪᠣᠯᠬᠣᠷ ᠮᠠᠨᠵᠤᠤᠷ ᠲᠠᠢ ᠬᠥᠷᠰᠢᠯᠡᠵᠦ ᠪᠣᠢ ᠬᠣᠢᠲᠤ ᠪᠠᠢᠭᠠᠯ ᠬᠡᠮᠡᠬᠦ ᠣᠷᠣᠰ ᠤ᠋ᠨ ᠪᠣᠭᠣᠮᠲᠠ ᠠ᠋ᠴᠠ ᠤᠯᠠᠭᠠᠨ ᠦᠳᠡ ᠣᠷᠣᠬᠤ ᠡᠭᠡᠯᠵᠢ ᠶ᠋ᠢᠨ ᠭᠠᠯᠲᠤ ᠠ᠋ᠴᠠ ᠬᠣᠵᠢᠮᠳᠠᠭᠠᠳ ᠠᠷᠭ᠎ᠠ ᠪᠤᠰᠤ ᠲᠦᠷᠢᠶᠡᠰᠦᠨ ᠮᠠᠰᠢᠨ ᠢ᠋ᠶ᠋ᠠᠷ ᠴᠢᠲ᠋ᠠ ᠬᠦᠷᠦᠭᠡᠳ ᠳᠠᠬᠢᠵᠤ ᠭᠠᠯᠲᠤ ᠪᠠᠷ ᠤᠯᠠᠭᠠᠨ ᠦᠳᠡ ᠬᠦᠷᠦᠭᠰᠡᠨ ᠶᠦᠮ᠃ ᠬᠣᠢᠲᠤ ᠪᠠᠢᠭᠠᠯ ᠠ᠋ᠴᠠ ᠴᠢᠲ᠋ᠠ ᠬᠦᠷᠲᠡᠯᠡᠬᠢ ᠬᠡᠳᠦᠨ ᠵᠠᠭᠤᠨ ᠺᠢᠯᠣᠮᠧᠲ᠋ᠷ ᠦ᠋ᠨ ᠬᠣᠯᠠ ᠵᠠᠮ ᠢ᠋ᠶ᠋ᠠᠷ ᠪᠦᠲᠦᠨ ᠡᠳᠦᠷᠵᠢᠨ ᠬᠣᠭᠣᠯᠠ ᠴᠠᠢ ᠦᠭᠡᠢ ᠳᠠᠪᠬᠢᠵᠤ ᠪᠠᠢᠭᠠᠳ ᠣᠷᠣᠢᠬᠠᠨ ᠠᠭ ᠤ᠋ᠨ ᠪᠤᠷᠢᠶᠠᠳ ᠤ᠋ᠨ ᠲᠣᠭᠣᠷᠢᠭ ᠲᠤ ᠬᠦᠷᠴᠦ《ᠶᠢᠰᠦᠨ ᠲᠤᠭ》 ᠭᠡᠳᠡᠭ ᠪᠤᠷᠢᠶᠠᠳ ᠬᠣᠭᠣᠯᠠᠨ ᠤ᠋ ᠭᠠᠵᠠᠷ ᠴᠠᠢ ᠤᠤᠭᠤᠵᠤ ᠬᠣᠭᠣᠯᠠ ᠢᠳᠡᠵᠦ ᠪᠢᠯᠡ᠃ ᠬᠠᠷᠠᠩᠭᠤᠲᠠ ᠯᠠ ᠰᠠᠢᠬᠠᠨ ᠮᠣᠩᠭᠣᠯ ᠴᠢᠷᠠᠢ ᠲᠠᠢ ᠪᠤᠷᠢᠶᠠᠳ ᠠᠬᠠᠨ ᠳᠡᠭᠦᠦᠰ ᠰᠠᠭᠤᠯᠴᠠᠭᠰᠠᠨ ᠠᠭ ᠤ᠋ᠨ ᠲᠡᠷᠡ ᠵᠢᠵᠢᠭᠬᠡᠨ ᠬᠣᠭᠣᠯᠠᠨ ᠤ᠋ ᠭᠠᠵᠠᠷ ᠨᠠᠳᠠ ᠮᠠᠷᠲᠠᠭᠳᠠᠰᠢ ᠦᠭᠡᠢ ᠰᠡᠳᠬᠢᠭᠳᠡᠯ ᠥᠭᠭᠦᠭᠰᠡᠨ ᠢ᠋ᠶ᠋ᠡᠷ《ᠠᠭ ᠲᠤ᠌ ᠤᠤᠭᠤᠭᠰᠠᠨ ᠴᠠᠢ ᠶ᠋ᠢᠨ ᠂ᠠᠮᠲᠠ ᠶ᠋ᠢ ᠨᠢ ᠶᠠᠭᠠᠬᠢᠵᠤ ᠮᠠᠷᠲᠠᠬᠤ ᠪᠣᠢ᠂ ᠠᠬᠠᠨ ᠳᠡᠭᠦᠦᠰ ᠰᠢᠭ ᠪᠤᠷᠢᠶᠠᠳ ᠵᠤᠨ ᠤ᠋᠂ ᠰᠡᠳᠬᠢᠯ ᠢ᠋ ᠶᠠᠭᠠᠬᠢᠵᠤ ᠮᠠᠷᠲᠠᠬᠤ ᠪᠣᠢ》 ᠭᠡᠵᠦ ᠬᠡᠳᠦᠨ ᠮᠥᠷ ᠪᠣᠳᠣᠭᠳᠠᠭᠳᠠᠭᠠᠳ ᠪᠠᠢᠵᠤ ᠰᠠᠨ!《ᠶᠢᠰᠦᠨ ᠲᠤᠭ》 ᠬᠣᠭᠣᠯᠠᠨ ᠤ᠋ ᠭᠠᠵᠠᠷ ᠴᠢᠩᠭᠢᠰ ᠦ᠋ᠨ ᠬᠥᠷᠥᠭ ᠡᠯᠭᠦᠭᠡᠰᠦᠲᠡᠢ᠂ ᠤᠢᠭᠤᠷᠵᠢᠨ ᠮᠣᠩᠭᠣᠯ ᠦᠰᠦᠭ ᠦ᠋ᠨ ᠪᠢᠴᠢᠭᠡᠰᠦ ᠲᠡᠢ᠂ ᠮᠣᠩᠭᠣᠯ ᠮᠣᠷᠢᠨ ᠤ᠋ ᠵᠢᠷᠤᠭ ᠴᠢᠮᠡᠭᠯᠡᠯ ᠲᠡᠢ ᠪᠠᠢᠭᠰᠠᠨ ᠨᠢ ᠶᠣᠰᠣᠲᠠᠢ ᠯᠠ ᠡᠯᠢᠭᠡᠨ ᠰᠠᠳᠤᠨ ᠳ᠋ᠠᠭᠠᠨ ᠪᠠᠢᠨ᠎ᠠ ᠭᠡᠰᠡᠨ ᠰᠡᠳᠬᠢᠭᠳᠡᠯ ᠢ᠋ ᠥᠭᠴᠦ ᠪᠢᠯᠡ᠃ ᠴᠢᠲ᠋ᠠ ᠶ᠋ᠢᠨ ᠭᠠᠯᠲᠤ ᠲᠡᠷᠭᠡᠨ ᠦ᠌ ᠥᠷᠲᠡᠭᠡᠨ ᠳ᠋ᠦ᠍ ᠰᠥᠨᠢ ᠳᠤᠮᠳᠠᠷᠠᠲᠠᠯᠠ ᠰᠠᠭᠤᠬᠤ ᠳ᠋ᠠᠭᠠᠨ ᠣᠯᠠᠨ ᠲᠣᠭ᠎ᠠ ᠪᠠᠷ ᠴᠤᠪᠤᠵᠤ ᠪᠠᠢᠭᠰᠠᠨ ᠣᠷᠣᠰ ᠴᠡᠷᠢᠭ ᠦ᠋ᠳ᠂ ᠬᠠᠷ᠎ᠠ ᠰᠢᠷ᠎ᠠ ᠴᠠᠭᠠᠨ ᠠᠷᠠᠰᠤ ᠲᠠᠢ ᠣᠯᠠᠨ ᠬᠥᠮᠦᠰ ᠦ᠋ᠨ ᠲᠠᠨᠢᠯ ᠪᠤᠰᠤ ᠬᠡᠯᠡ ᠶᠠᠷᠢᠶ᠎ᠠ᠂ ᠵᠢᠰᠦ ᠴᠢᠷᠠᠢ᠂ ᠴᠠᠰᠤ ᠯᠠᠪᠰᠠᠯᠠᠭᠰᠠᠨ ᠴᠢᠲ᠋ᠠ ᠬᠣᠲᠠ ᠶ᠋ᠢᠨ ᠠᠰᠠᠷ ᠪᠠᠷᠢᠯᠭ᠎ᠠ ᠵᠡᠷᠭᠡ ᠶ᠋ᠢ ᠭᠠᠢᠬᠠᠨ ᠬᠠᠷᠠᠵᠤ᠂ ᠣᠯᠠᠨ ᠶᠠᠭᠤᠮ᠎ᠠ ᠪᠣᠳᠣᠵᠤ ᠪᠢᠯᠡ᠃ ᠴᠢᠲ᠋ᠠ ᠶ᠋ᠢᠨ ᠲᠡᠷᠭᠡᠨ ᠥᠷᠲᠡᠭᠡᠨ ᠦ᠌ ᠬᠡᠷᠡᠮ ᠳᠡᠭᠡᠷ᠎ᠡ ᠬᠢᠲᠠᠳ ᠢ᠋ᠶ᠋ᠠᠷ《ᠨᠤᠯᠮᠤᠵᠤ ᠪᠣᠯᠬᠤ ᠦᠭᠡᠢ》 ᠭᠡᠵᠦ ᠪᠢᠴᠢᠭᠰᠡᠨ ᠪᠠᠢᠭ᠎ᠠ ᠶ᠋ᠢ ᠴᠤ ᠬᠠᠷᠠᠯ᠎ᠠ᠃ ᠲᠡᠭᠡᠵᠦ ᠪᠠᠢᠵᠤ ᠳᠥᠩᠭᠡᠵᠦ ᠤᠯᠠᠭᠠᠨ ᠦᠳᠡ ᠣᠷᠣᠬᠤ ᠭᠠᠯᠲᠤ ᠳ᠋ᠤ᠌ ᠭᠠᠷᠤᠭᠠᠳ12 ᠰᠠᠷ᠎ᠠ ᠶ᠋ᠢᠨ11 ᠦ᠌ ᠥᠷᠯᠥᠭᠡ ᠶ᠋ᠢᠨ ᠠᠷᠪᠠᠨ ᠴᠠᠭ ᠤ᠋ᠨ ᠦᠶ᠎ᠡ ᠳ᠋ᠦ᠍ ᠤᠯᠠᠭᠠᠨ ᠦᠳᠡ ᠳ᠋ᠦ᠍ ᠬᠦᠷᠦᠯ᠎ᠡ᠃ ᠣᠷᠣᠰ ᠣᠷᠣᠨ ᠤ᠋ ᠪᠠᠢᠭᠠᠯᠢ ᠰᠠᠢᠬᠠᠨ ᠭᠡᠳᠡᠭ ᠢ᠋ ᠵᠠᠮ ᠳᠠᠭᠠᠤ ᠶ᠋ᠢᠨ ᠦᠵᠡᠮᠵᠢ ᠭᠡᠷᠡᠴᠢᠯᠡᠵᠦ ᠪᠠᠢᠯ᠎ᠠ᠃ ᠵᠠᠮ ᠤ᠋ᠨ ᠬᠠᠵᠠᠭᠤ ᠪᠠᠷ ᠪᠢᠲᠡᠭᠦᠦ ᠣᠢ ᠲᠠᠢᠭ᠎ᠠ ᠦᠷᠭᠦᠯᠵᠢᠯᠡᠵᠦ᠂ ᠤᠨᠤᠨ ᠮᠥᠷᠡᠨ᠂ ᠰᠡᠯᠡᠩᠭᠡ ᠮᠥᠷᠡᠨ ᠦ᠌ ᠪᠠᠷ᠎ᠠ ᠴᠠᠢᠯᠵᠠᠨ ᠬᠠᠷᠠᠭᠳᠠᠨ᠎ᠠ᠃ ᠵᠠᠮ ᠵᠠᠭᠤᠷ᠎ᠠ ᠤᠨᠤᠨ ᠮᠥᠷᠡᠨ ᠦ᠌ ᠭᠦᠦᠷ ᠢ᠋ᠶ᠋ᠡᠷ ᠥᠩᠭᠡᠷᠡᠵᠦ᠂ ᠮᠣᠭᠠᠢᠲᠤ᠂ ᠠᠭ ᠭᠡᠵᠦ ᠮᠣᠩᠭᠣᠯ ᠨᠡᠷ᠎ᠡ ᠲᠡᠢ ᠭᠠᠵᠠᠷ ᠤ᠋ᠳ ᠢ᠋ᠶ᠋ᠠᠷ ᠳᠠᠭᠠᠷᠢᠵᠤ᠂ ᠰᠡᠯᠡᠩᠭᠡ ᠮᠥᠷᠡᠨ ᠦ᠌ ᠪᠠᠷ᠎ᠠ ᠶ᠋ᠢ ᠬᠠᠷᠠᠵᠤ ᠶᠠᠪᠤᠬᠤ ᠳ᠋ᠠᠭᠠᠨ ᠮᠣᠩᠭᠣᠯᠴᠤᠳ ᠤ᠋ᠨ ᠡᠪᠦᠭᠡ ᠳᠡᠭᠡᠳᠦᠰ ᠦ᠋ᠨ ᠨᠤᠲᠤᠭᠯᠠᠵᠤ ᠪᠠᠢᠭᠰᠠᠨ᠂ ᠨᠡᠭᠦᠵᠦ ᠪᠠᠭᠤᠵᠤ ᠪᠠᠢᠭᠰᠠᠨ ᠨᠤᠲᠤᠭ ᠢ᠋ᠶ᠋ᠠᠷ ᠣᠳᠣ ᠪᠢᠳᠡ ᠶᠠᠪᠤᠵᠤ ᠪᠠᠢᠨ᠎ᠠ ᠭᠡᠵᠦ ᠰᠢᠦ ᠭᠡᠵᠦ ᠴᠠᠭᠠᠨ᠎ᠠ ᠠ᠋ᠴᠠ ᠪᠠᠨ ᠳᠣᠲᠣᠨᠣ ᠰᠠᠨᠠᠭᠳᠠᠵᠤ ᠪᠠᠢᠭᠰᠠᠨ ᠢ᠋ ᠬᠡᠯᠡᠬᠦ ᠳ᠋ᠦ᠍ ᠲᠠᠭᠠᠲᠠᠢ ᠪᠠᠢᠨ᠎ᠠ᠃
ᠥᠪᠥᠷ ᠮᠣᠩᠭᠣᠯ ᠤ᠋ᠨ ᠮᠣᠩᠭᠣᠯ ᠣᠳᠣᠨ ᠲᠧᠯᠸᠢᠰ ᠦ᠋ᠨ《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠤᠯᠠᠭᠠᠨ ᠦᠳᠡ ᠳ᠋ᠡᠬᠢ ᠠᠯᠢᠪᠠ ᠠᠵᠢᠯ ᠳ᠋ᠤ᠌ ᠪᠤᠷᠢᠶᠠᠳ ᠤᠯᠤᠰ ᠤ᠋ᠨ ᠠᠷᠢᠭ ᠤᠰᠤᠨ (ᠠᠷᠢᠭᠤᠨ ᠤᠰᠤᠨ ᠭᠡᠰᠡᠨ ᠤᠳᠬ᠎ᠠ ᠲᠠᠢ) ᠲᠧᠯᠸᠢᠰ ᠦ᠋ᠨ ᠬᠢᠨ ᠬᠠᠮᠵᠢᠯᠴᠠᠨ ᠠᠵᠢᠯᠯᠠᠭᠰᠠᠨ ᠶᠤᠮ᠃ 2009 ᠣᠨ ᠤ᠋ 12 ᠳ᠋ᠤᠭᠠᠷ ᠰᠠᠷ᠎ᠠ ᠶ᠋ᠢᠨ ᠳᠤᠮᠳᠠᠴᠢ ᠪᠠᠢᠭᠰᠠᠨ ᠪᠣᠯᠬᠣᠷ ᠮᠠᠰᠢ ᠬᠦᠢᠲᠡᠨ᠂ ᠣᠯᠠᠩᠬᠢ ᠳ᠋ᠠᠭᠠᠨ ᠭᠤᠴᠢᠨ ᠬᠡᠳᠦᠨ ᠭᠷᠠᠳᠦ᠋ᠰ ᠦ᠋ᠨ ᠬᠦᠢᠲᠡᠨ ᠪᠠᠢᠯ᠎ᠠ᠃ ᠠᠩᠬ᠎ᠠ ᠣᠴᠢᠵᠤ ᠪᠠᠢᠭ᠎ᠠ ᠪᠣᠯᠬᠣᠷ ᠬᠡᠯᠡ ᠠᠶᠠᠯᠭᠤ᠂ ᠶᠣᠰᠣ ᠵᠠᠩᠰᠢᠯ᠂ ᠪᠠᠢᠭᠠᠯᠢ ᠣᠷᠴᠢᠨ᠂ ᠠᠵᠢᠯ ᠤ᠋ᠨ ᠨᠥᠬᠥᠴᠡᠯ ᠭᠡᠳ ᠪᠦᠬᠦ ᠶᠠᠭᠤᠮ᠎ᠠ ᠳᠠᠰᠤᠯ ᠪᠢᠰᠢ᠃ ᠭᠡᠪᠡᠴᠦ ᠡᠶᠡᠰᠡᠭ ᠰᠡᠳᠬᠢᠯᠲᠦ ᠪᠤᠷᠢᠶᠠᠳ ᠠᠬᠠᠨ ᠳᠡᠭᠦᠦᠰ ᠦ᠋ᠨ ᠳᠡᠮᠵᠢᠯᠭᠡ ᠪᠡᠷ ᠵᠣᠷᠢᠵᠤ ᠣᠴᠢᠭᠰᠠᠨ ᠠᠵᠢᠯ ᠮᠠᠨᠢ ᠠᠬᠢᠴᠠ ᠰᠠᠢᠲᠠᠢ ᠪᠠᠢᠭᠰᠠᠨ ᠢ᠋ ᠬᠡᠯᠡᠬᠦ ᠳ᠋ᠦ᠍ ᠲᠠᠭᠠᠲᠠᠢ ᠪᠠᠢᠨ᠎ᠠ᠃ ᠪᠢᠳᠡᠨ ᠦ᠌ ᠬᠠᠮᠤᠭ ᠤ᠋ᠨ ᠭᠣᠣᠯ ᠠᠵᠢᠯ ᠪᠣᠯ ᠠᠷᠢᠭ ᠤᠰᠤᠨ ᠲᠧᠯᠸᠢᠰ ᠦ᠋ᠨ ᠬᠢᠨ ᠲᠡᠢ ᠬᠠᠮᠲᠤᠷᠠᠵᠤ᠂ ᠪᠤᠷᠢᠶᠠᠳ ᠳᠠᠭᠤᠤ ᠬᠤᠭᠤᠷ ᠤ᠋ᠨ ᠤᠷᠤᠯᠳᠤᠭᠠᠨ ᠵᠣᠬᠢᠶᠠᠨ ᠪᠠᠢᠭᠤᠯᠵᠤ᠂2010 ᠣᠨ ᠤ᠋7 ᠳ᠋ᠤᠭᠠᠷ ᠰᠠᠷ᠎ᠠ ᠳ᠋ᠤ᠌ ᠮᠣᠩᠭᠣᠯ ᠤᠯᠤᠰ ᠲᠤ ᠪᠣᠯᠬᠤ ᠮᠣᠩᠭᠣᠯ ᠲᠤᠭᠤᠷᠭᠠᠲᠠᠳ ᠤ᠋ᠨ ᠳᠠᠭᠤᠴᠢᠳ ᠤ᠋ᠨ ᠲᠡᠮᠡᠴᠡᠭᠡᠨ ᠳ᠋ᠦ᠍ ᠪᠡᠯᠡᠳᠬᠡᠬᠦ ᠶᠠᠪᠤᠳᠠᠯ ᠪᠠᠢᠯ᠎ᠠ᠃ 《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠮᠠᠨᠢ ᠦᠢᠯᠡ ᠠᠵᠢᠯᠯᠠᠭ᠎ᠠ ᠰᠢᠪᠧᠷᠢᠶ᠎ᠡ ᠣᠷᠣᠨ ᠤ᠋ ᠬᠠᠮᠤᠭ ᠤ᠋ᠨ ᠲᠣᠮᠣ ᠲᠢᠶᠠᠲᠷ— ᠪᠤᠷᠢᠶᠠᠳ ᠳ᠋ᠠᠷᠠᠮ ᠤ᠋ᠨ ᠲᠢᠶᠠᠲᠷ ᠲᠤ ᠪᠣᠯᠵᠤ᠂ ᠤᠯᠠᠭᠠᠨ ᠦᠳᠡ ᠶ᠋ᠢᠨ ᠦᠵᠡᠭᠴᠢᠳ ᠦ᠋ᠨ ᠬᠠᠯᠠᠭᠤᠨ ᠬᠦᠷᠢᠶᠡᠯᠡᠯ ᠢ᠋ ᠣᠯᠤᠭᠰᠠᠨ ᠪᠢᠯᠡ᠃ ᠨᠡᠪᠲᠡᠷᠡᠭᠦᠯᠭᠡ ᠶ᠋ᠢᠨ ᠮᠠᠨᠢ ᠨᠥᠬᠥᠳ ᠬᠣᠶᠠᠷ ᠪᠠᠭ ᠬᠤᠪᠢᠶᠠᠭᠳᠠᠵᠤ᠂ ᠨᠡᠪᠲᠡᠷᠡᠭᠦᠯᠭᠡ ᠶ᠋ᠢᠨ ᠦᠨᠳᠦᠰᠦᠨ ᠠᠵᠢᠯ ᠪᠣᠯᠤᠨ ᠭᠠᠳᠠᠨᠠᠬᠢ ᠰᠤᠷᠪᠤᠯᠵᠢᠯᠠᠭ᠎ᠠ ᠲᠠᠨᠢᠯᠴᠠᠭᠤᠯᠭ᠎ᠠ ᠶ᠋ᠢᠨ ᠠᠵᠢᠯ ᠳ᠋ᠠᠭᠠᠨ ᠬᠡᠳᠦᠨ ᠡᠳᠦᠷ ᠦ᠋ᠨ ᠲᠤᠷᠰᠢ ᠶᠣᠰᠣᠲᠠᠢ ᠯᠠ ᠬᠣᠭᠣᠯᠠ ᠨᠣᠢᠷ ᠦᠭᠡᠢ ᠠᠵᠢᠯᠯᠠᠯ᠎ᠠ᠃ ᠲᠡᠷᠡ ᠪᠦᠬᠦᠨ ᠳ᠋ᠦ᠍ ᠮᠠᠨᠢ ᠠᠷᠢᠭ ᠤᠰᠤᠨ ᠲᠧᠯᠸᠢᠰ ᠦ᠋ᠨ ᠬᠢᠨ ᠲᠤᠰᠠᠯᠠᠯᠴᠠᠭ᠎ᠠ ᠦᠵᠡᠭᠦᠯᠵᠦ᠂ ᠤᠯᠠᠭᠠᠨ ᠦᠳᠡ ᠬᠣᠲᠠ ᠳ᠋ᠤ᠌ ᠠᠵᠢᠯᠯᠠᠵᠤ ᠠᠮᠢᠳᠤᠷᠠᠵᠤ ᠪᠠᠢᠭ᠎ᠠ ᠪᠤᠷᠢᠶᠠᠳᠴᠤᠳ ᠳᠠᠮᠵᠢᠨ ᠲᠤᠰᠠᠯᠠᠭᠰᠠᠭᠠᠷ ᠪᠠᠢᠭᠰᠠᠨ ᠨᠢ ᠪᠢᠳᠡᠨ ᠦ᠌ ᠠᠵᠢᠯ ᠤ᠋ᠨ ᠡᠷᠴᠢᠮ ᠬᠦᠴᠦ ᠶ᠋ᠢ ᠨᠡᠮᠡᠵᠦ ᠥᠭᠴᠦ ᠪᠠᠢᠭᠰᠠᠨ ᠰᠠᠨ! ᠤᠯᠠᠭᠠᠨ ᠦᠳᠡ ᠬᠣᠲᠠ ᠳ᠋ᠤ᠌ ᠪᠠᠢᠬᠤ ᠬᠤᠭᠤᠴᠠᠭᠠᠨ ᠳ᠋ᠠᠭᠠᠨ ᠪᠢᠳᠡ ᠪᠤᠷᠢᠶᠠᠳ ᠤ᠋ᠨ ᠬᠥᠳᠡᠭᠡ ᠠᠵᠤ ᠠᠬᠤᠢ ᠶ᠋ᠢᠨ ᠳᠡᠭᠡᠳᠦ ᠰᠤᠷᠭᠠᠭᠤᠯᠢ ᠳ᠋ᠤ᠌ ᠣᠴᠢᠵᠤ᠂ ᠲᠡᠨᠳᠡᠬᠢ ᠣᠶᠤᠲᠠᠳ ᠤ᠋ᠨ ᠲᠣᠭᠯᠠᠯᠲᠠ ᠪᠣᠯᠤᠨ ᠴᠢᠩᠭᠢᠰ ᠫᠠᠪᠯᠤᠸᠸ ᠨᠡᠷᠡᠮᠵᠢᠲᠦ ᠤᠷᠠᠯᠢᠭ ᠤ᠋ᠨ ᠪᠦᠯᠬᠦᠮ ᠦ᠋ᠨ ᠲᠣᠭᠯᠠᠯᠲᠠ ᠳ᠋ᠤ᠌ ᠪᠢᠴᠢᠯᠭᠡ ᠬᠢᠵᠦ ᠶᠠᠭᠠᠷᠠᠯ᠎ᠠ᠃ ᠮᠥᠨ ᠬᠠᠰᠠᠭ ᠤᠷᠠᠯᠢᠭ ᠤ᠋ᠨ ᠪᠦᠯᠬᠦᠮ ᠦ᠋ᠨ ᠨᠢᠭᠡᠨ ᠲᠣᠭᠯᠠᠯᠲᠠ ᠶ᠋ᠢ ᠴᠤ᠌ ᠦᠵᠡᠭᠴᠢᠳ ᠲᠡᠭᠡᠨ ᠲᠣᠯᠢᠯᠠᠭᠤᠯᠬᠤ ᠵᠣᠷᠢᠯᠭ᠎ᠠ ᠪᠠᠷ ᠴᠠᠭ ᠨᠡᠮᠡᠨ ᠠᠵᠢᠯᠯᠠᠵᠤ ᠪᠠᠢᠭᠠᠳ ᠪᠢᠴᠢᠯᠭᠡ ᠬᠢᠯ᠎ᠡ᠃ ᠵᠢᠷᠤᠭᠯᠠᠭᠠᠴᠢ᠂ ᠨᠠᠢᠷᠠᠭᠤᠯᠤᠭᠴᠢ᠂ ᠬᠥᠲᠥᠯᠦᠭᠴᠢ᠂ ᠲᠣᠭᠯᠠᠭᠴᠢ᠂ ᠵᠢᠰᠦ ᠭᠣᠶᠣᠯᠠᠭᠴᠢ᠁ ᠭᠡᠳ ᠪᠦᠬᠦ ᠠᠵᠢᠯ ᠤ᠋ᠨ ᠬᠥᠮᠦᠰ ᠮᠠᠨᠢ ᠬᠡᠯᠡ ᠠᠶᠠᠯᠭᠤ ᠪᠠᠨ ᠣᠢᠯᠠᠭᠠᠯᠴᠠᠬᠤ ᠪᠠᠷ ᠪᠠᠷᠤᠭᠲᠠᠢ ᠪᠠᠢᠭᠰᠠᠨ ᠪᠣᠯᠬᠣᠷ ᠭᠠᠷ ᠤ᠋ᠨ ᠳᠣᠬᠢᠶ᠎ᠠ ᠵᠠᠩᠭᠠᠭ᠎ᠠ ᠪᠠᠷ ᠰᠠᠨᠠᠭ᠎ᠠ ᠤᠨᠤᠭ᠎ᠠ ᠪᠠᠨ ᠣᠯᠤᠯᠴᠠᠵᠤ ᠠᠵᠢᠯᠯᠠᠭᠰᠠᠨ ᠨᠢ ᠬᠡᠳᠦᠢᠪᠡᠷ ᠪᠡᠷᠬᠡᠰᠢᠶᠡᠯ ᠲᠡᠢ ᠪᠠᠢᠭᠰᠠᠨ ᠪᠣᠯᠪᠠᠴᠤ ᠬᠥᠭᠵᠢᠯ ᠲᠡᠢ ᠰᠠᠢᠬᠠᠨ ᠳᠤᠷᠠᠰᠤᠮᠵᠢ ᠪᠣᠯᠤᠨ ᠰᠡᠳᠬᠢᠯ ᠳ᠋ᠦ᠍ ᠦᠯᠡᠳᠡᠵᠡᠢ᠃
ᠤᠯᠠᠭᠠᠨ ᠦᠳᠡ ᠬᠣᠲᠠ ᠶ᠋ᠢᠨ ᠪᠤᠷᠢᠶᠠᠳ ᠬᠣᠭᠣᠯᠠ ᠴᠠᠢ ᠠᠮᠲᠠᠲᠠᠢ᠂ ᠬᠣᠭᠣᠯᠠᠨ ᠤ᠋ ᠭᠠᠵᠠᠷ ᠤ᠋ᠳ ᠨᠢ ᠴᠡᠪᠡᠷ᠂ ᠬᠥᠮᠦᠰ ᠨᠢ ᠵᠣᠴᠢᠨᠰᠠᠭ ᠥᠭᠡᠳᠡᠷᠬᠡᠭ ᠴᠢᠷᠠᠢ ᠲᠠᠢ᠃ ᠬᠣᠭᠣᠯᠠᠨ ᠤ᠋ ᠭᠠᠵᠠᠷ ᠵᠡᠷᠭᠡ ᠨᠡᠢᠲᠡ ᠶ᠋ᠢᠨ ᠲᠠᠯᠠᠪᠤᠷ ᠲᠤ ᠲᠠᠮᠠᠬᠢ ᠲᠠᠲᠠᠨ᠎ᠠ ᠭᠡᠵᠦ ᠪᠠᠢᠬᠤ ᠦᠭᠡᠢ᠂ ᠶᠠᠮᠠᠷ ᠬᠦᠢᠲᠡᠨ ᠪᠠᠢᠭᠰᠠᠨ ᠴᠤ ᠭᠠᠳᠠᠨ᠎ᠠ ᠲᠠᠮᠠᠬᠢᠯᠠᠳᠠᠭ ᠪᠣᠯᠪᠠᠰᠤᠨ ᠵᠠᠩᠰᠢᠯ ᠲᠠᠢ᠃ ᠪᠢᠳᠡ ᠬᠡᠳᠦᠨ ᠡᠳᠦᠷ ᠦ᠋ᠨ ᠲᠤᠷᠰᠢ ᠰᠦ ᠲᠡᠢ ᠴᠠᠢ᠂ ᠪᠤᠷᠢᠶᠠᠳ ᠪᠤᠤᠰᠠ ᠪᠠᠷ ᠭᠣᠣᠯᠳᠠᠭᠤ ᠬᠣᠭᠣᠯᠠᠯᠠᠯᠠ᠃ ᠵᠢᠭᠠᠰᠤ ᠢᠳᠡᠵᠦ ᠴᠢᠳᠠᠬᠤ ᠦᠭᠡᠢ᠂ ᠬᠢᠲᠠᠳ ᠨᠣᠭᠣᠭ᠎ᠠ ᠳ᠋ᠤ᠌ ᠳᠤᠷ᠎ᠠ ᠦᠭᠡᠢ᠃ ᠰᠦ ᠲᠡᠢ ᠴᠠᠢ᠂ ᠮᠠᠯ ᠤ᠋ᠨ ᠮᠢᠬᠠᠨ ᠠ᠋ᠴᠠ ᠰᠠᠯᠵᠤ ᠴᠢᠳᠠᠬᠤ ᠦᠭᠡᠢ ᠬᠣᠭᠣᠯᠠ ᠰᠢᠯᠢᠮᠡᠲᠡᠭᠡᠢ ᠨᠠᠳᠠ ᠪᠤᠷᠢᠶᠠᠳ ᠬᠣᠭᠣᠯᠠ ᠠᠷᠭ᠎ᠠ ᠦᠭᠡᠢ ᠲᠠᠭᠠᠯᠠᠭᠳᠠᠭᠰᠠᠨ ᠢ᠋ ᠶᠠᠭᠤ ᠬᠡᠯᠡᠬᠦ ᠪᠣᠢ᠃ ᠬᠠᠷᠢᠨ ᠬᠣᠭᠣᠯᠠ ᠨᠡᠯᠢᠶᠡᠳ ᠦᠨ᠎ᠡ ᠲᠡᠢ᠂ ᠭᠠᠭᠴᠠ ᠪᠤᠤᠰᠠ ᠨᠠᠢ᠍ᠮᠠᠨ ᠶᠤᠸᠠᠨ ᠭᠡᠳ ᠪᠣᠳᠣᠭᠠᠴᠢ᠃ ᠨᠠᠳᠠ ᠰᠢᠭ᠋ ᠬᠥᠮᠦᠨ ᠣᠯᠠᠩᠬᠢ ᠳ᠋ᠠᠭᠠᠨ ᠨᠠᠢ᠍ᠮᠠ ᠪᠤᠶᠤ ᠠᠷᠪᠠ ᠶ᠋ᠢ ᠢᠳᠡᠵᠦ ᠪᠠᠢᠵᠤ ᠰᠠᠶᠢ ᠴᠠᠳᠤᠨ᠎ᠠ᠃ ᠤᠯᠠᠭᠠᠨ ᠦᠳᠡ ᠳ᠋ᠦ᠍ ᠰᠢᠨᠡᠬᠡᠨ ᠦ᠌ ᠪᠤᠷᠢᠶᠠᠳ ᠤ᠋ᠳ ᠨᠡᠯᠢᠶᠡᠳ ᠣᠯᠠᠨ ᠪᠣᠢ᠃ ᠬᠡᠯᠡ ᠵᠠᠩᠰᠢᠯ ᠢ᠋ᠶ᠋ᠠᠨ ᠢᠯᠡᠭᠦᠦ ᠬᠠᠳᠠᠭᠠᠯᠠᠵᠤ ᠪᠠᠢᠭ᠎ᠠ ᠰᠢᠨᠡᠬᠡᠨ ᠦ᠌ ᠪᠤᠷᠢᠶᠠᠳ ᠤ᠋ᠳ ᠤ᠋ᠨ ᠨᠥᠯᠥᠭᠡ ᠪᠤᠷᠢᠶᠠᠳ ᠤᠯᠤᠰ ᠤ᠋ᠨ ᠬᠥᠮᠦᠨ ᠠᠷᠠᠳ ᠢ᠋ ᠨᠥᠯᠥᠭᠡᠯᠡᠵᠦ᠂ ᠥᠪᠡᠷ ᠦ᠋ᠨ ᠬᠡᠯᠡ ᠰᠣᠶᠣᠯ ᠢ᠋ᠶ᠋ᠠᠨ ᠬᠠᠢᠷᠠᠯᠠᠬᠤ ᠤᠬᠠᠮᠰᠠᠷ ᠨᠢ ᠤᠯᠠᠮ ᠳᠡᠭᠵᠢᠵᠦ ᠪᠠᠢᠭ᠎ᠠ ᠶᠤᠮ ᠭᠡᠨ᠎ᠡ᠃ ᠠᠵᠢᠯ ᠤ᠋ᠨ ᠠᠴᠢᠶᠠᠯᠠᠯ ᠬᠦᠨᠳᠦ ᠪᠣᠯᠬᠣᠷ ᠳᠡᠯᠭᠡᠭᠦᠷ ᠬᠤᠳᠠᠯᠳᠤᠭ᠎ᠠ ᠪᠠᠷ ᠣᠷᠣᠬᠤ᠂ ᠠᠭᠤᠳᠠᠮ ᠲᠠᠯᠠᠪᠠᠢ ᠪᠠᠷ ᠲᠣᠭᠣᠷᠢᠬᠤ᠂ ᠮᠦᠽᠧᠢ ᠴᠡᠴᠡᠷᠯᠢᠭ ᠢ᠋ᠶ᠋ᠡᠷ ᠵᠤᠭᠠᠯᠠᠬᠤ ᠵᠠᠪ ᠭᠠᠷᠤᠯ ᠦᠭᠡᠢ ᠪᠠᠭᠤᠳᠠᠯ ᠲᠢᠶᠠᠲᠷ ᠤ᠋ᠨ ᠬᠣᠭᠣᠷᠣᠨᠳᠣ ᠶᠠᠭᠠᠷᠠᠭᠰᠠᠭᠠᠷ ᠪᠠᠢᠭᠠᠳ ᠯᠠ ᠬᠠᠷᠢᠭᠠᠳ ᠢᠷᠡᠭᠰᠡᠨ ᠮᠠᠨᠢ ᠬᠠᠷᠠᠮᠰᠠᠯ ᠲᠠᠢ᠃ ᠬᠡᠯᠡ ᠠᠶᠠᠯᠭᠤ ᠵᠥᠷᠢᠶ᠎ᠡ ᠲᠡᠢ᠂ ᠣᠷᠣᠰ ᠬᠡᠯᠡ ᠮᠡᠳᠡᠬᠦ ᠦᠭᠡᠢ᠂ ᠵᠠᠮ ᠮᠥᠷ ᠲᠠᠨᠢᠬᠤ ᠦᠭᠡᠢ ᠪᠣᠯᠬᠣᠷ ᠭᠠᠭᠴᠠᠭᠠᠷ ᠢ᠋ᠶ᠋ᠠᠨ ᠲᠣᠭᠣᠷᠢᠬᠤ ᠴᠤ ᠠᠷᠭ᠎ᠠ ᠦᠭᠡᠢ ᠪᠠᠢᠯ᠎ᠠ᠃ ᠬᠡᠯᠡᠬᠦ ᠡᠴᠡ ᠪᠢᠳᠡᠨ ᠦ᠌ ᠪᠠᠭᠤᠳᠠᠯᠯᠠᠭᠰᠠᠨ《ᠴᠠᠭᠠᠨ ᠮᠣᠷᠢᠨ》 ᠪᠠᠭᠤᠳᠠᠯ ᠴᠡᠪᠡᠷ ᠲᠣᠬᠢᠯᠢᠭ᠂ ᠳᠤᠯᠠᠭᠠᠯᠠᠮᠵᠢ ᠰᠠᠢᠲᠠᠢ᠃ ᠪᠤᠷᠢᠶᠠᠳ ᠥᠬᠢᠳ ᠦ᠋ᠳ ᠦᠵᠡᠰᠬᠦᠯᠡᠩ ᠲᠡᠢ ᠬᠥᠭᠡᠷᠦᠬᠦᠨ᠂ ᠪᠤᠷᠢᠶᠠᠳ ᠵᠠᠯᠠᠭᠤᠴᠤᠳ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠴᠣᠭ ᠲᠠᠢ᠃ ᠨᠡᠪᠲᠡᠷᠡᠭᠦᠯᠭᠡ ᠶ᠋ᠢᠨ ᠬᠤᠭᠤᠴᠠᠭᠠᠨ ᠳ᠋ᠤ᠌ ᠠᠷᠢᠭ ᠤᠰᠤᠨ ᠲᠧᠯᠸᠢᠰ ᠦ᠋ᠨ ᠬᠢᠨ ᠬᠦᠨᠳᠦᠳᠬᠡᠯ ᠦ᠋ᠨ ᠲᠣᠭᠯᠠᠯᠲᠠ ᠵᠣᠬᠢᠶᠠᠨ ᠪᠠᠢᠭᠤᠯᠵᠤ ᠂ ᠴᠢᠩᠭᠢᠰ ᠷᠠᠳᠨᠠᠶᠸᠪ᠂ ᠮᠧᠳ᠋ᠸᠭᠮᠠ ᠳᠣᠷᠵᠢᠶᠠᠸᠠ᠁ ᠵᠡᠷᠭᠡ ᠣᠳᠣᠳ ᠠᠶ᠎ᠠ ᠳᠠᠭᠤᠤ ᠪᠠᠨ ᠵᠣᠷᠢᠭᠤᠯᠵᠤ᠂ ᠪᠤᠷᠢᠶᠠᠳ ᠤ᠋ᠨ ᠬᠠᠮᠤᠭ ᠤ᠋ᠨ ᠬᠦᠨᠳᠦᠲᠡᠢ ᠰᠣᠶᠣᠯ ᠤ᠋ᠨ ᠵᠢᠳᠬᠦᠯᠲᠡᠳ ᠴᠦ᠍ ᠬᠦᠷᠦᠯᠴᠡᠨ ᠢᠷᠡᠭᠰᠡᠨ ᠨᠢ ᠮᠠᠨ ᠤ᠋ ᠠᠵᠢᠯᠯᠠᠭ᠎ᠠ ᠶ᠋ᠢ ᠣᠷᠭᠢᠯ ᠳ᠋ᠤ᠌ ᠬᠦᠷᠭᠡᠭᠰᠡᠨ ᠪᠢᠯᠡ᠃ ᠪᠤᠷᠢᠶᠠᠳ ᠣᠷᠣᠨ ᠳ᠋ᠤ᠌ ᠦᠵᠡᠭᠴᠢᠳ (ᠲᠡᠳᠡ ᠦᠵᠡᠭᠴᠢᠳ ᠢ᠋ ᠬᠠᠷᠠᠭᠴᠢᠳ ᠭᠡᠨ᠎ᠡ) ᠶ᠋ᠢ ᠮᠠᠰᠢ ᠬᠦᠨᠳᠦᠳᠬᠡᠳᠡᠭ᠃ ᠲᠣᠭᠯᠠᠯᠲᠠ ᠠ᠋ᠴᠠ ᠡᠮᠦᠨ᠎ᠡ ᠠᠯᠠᠭ᠎ᠠ ᠲᠠᠰᠢᠭᠤᠯᠵᠤ ᠪᠢᠴᠢᠯᠭᠡ ᠬᠢᠨ᠎ᠡ ᠭᠡᠵᠦ ᠦᠭᠡᠢ᠂ ᠴᠠᠭ ᠰᠤᠨᠵᠢᠷᠠᠵᠤ ᠬᠦᠯᠢᠶᠡᠯᠭᠡᠨ᠎ᠡ ᠭᠡᠵᠦ ᠦᠭᠡᠢ᠃ ᠠᠯᠢᠪᠠ ᠲᠣᠭᠯᠠᠯᠲᠠ ᠶ᠋ᠢᠨ ᠳᠤᠮᠳᠠ ᠠᠷᠪᠠᠨ ᠲᠠᠪᠤᠨ ᠮᠢᠨᠦ᠋ᠲ ᠵᠠᠪᠰᠠᠷᠯᠠᠵᠤ᠂ ᠲᠡᠷᠡ ᠬᠣᠭᠣᠷᠣᠨᠳᠣ ᠨᠢ ᠬᠥᠮᠦᠰ ᠵᠣᠷᠯᠣᠩ ᠳ᠋ᠤ᠌ ᠶᠠᠪᠤᠬᠤ᠂ ᠲᠢᠶᠠᠲᠷ ᠲᠤ ᠪᠡᠯᠡᠬᠡᠨ ᠪᠠᠢᠬᠤ ᠴᠠᠢ ᠶ᠋ᠢᠨ ᠭᠠᠵᠠᠷ ᠣᠴᠢᠵᠤ ᠴᠠᠢ ᠺᠣᠹᠧ ᠤᠤᠭᠤᠬᠤ᠂ ᠲᠠᠨᠢᠯ ᠬᠥᠮᠦᠰ ᠲᠡᠢ ᠪᠡᠨ ᠠᠭᠤᠯᠵᠠᠵᠤ ᠤᠴᠠᠷᠠᠬᠤ᠁ ᠭᠡᠳ ᠮᠠᠨ ᠤ᠋ ᠡᠨᠳᠡ ᠶᠡᠷᠦ ᠡᠴᠡ ᠪᠠᠢᠳᠠᠭ ᠦᠭᠡᠢ ᠭᠣᠶᠣ ᠲᠣᠬᠢᠷᠠᠭᠤᠯᠭ᠎ᠠ ᠲᠠᠢ᠃ ᠲᠣᠭᠯᠠᠯᠲᠠ ᠲᠠᠪᠤᠨ ᠴᠠᠭ ᠠᠷᠪᠠᠨ ᠮᠢᠨᠦ᠋ᠲ ᠲᠦ᠍ ᠡᠬᠢᠯᠡᠨ᠎ᠡ ᠭᠡᠵᠦ ᠪᠢᠯᠧᠲ ᠳᠡᠭᠡᠷ᠎ᠡ ᠪᠡᠨ ᠪᠢᠴᠢᠭᠰᠡᠨ ᠯᠡ ᠪᠠᠢᠪᠠᠯ ᠶᠠᠭ ᠲᠡᠷᠡ ᠴᠠᠭ ᠨᠢ ᠪᠣᠯᠬᠤ ᠪᠠᠷ ᠰᠢᠭᠤᠳ ᠯᠠ ᠬᠥᠭᠵᠢᠮ ᠡᠬᠢᠯᠡᠵᠦ᠂ ᠬᠥᠰᠢᠭᠡ ᠨᠡᠭᠡᠭᠡᠭᠳᠡᠳᠡᠭ ᠪᠣᠯᠬᠣᠷ ᠠᠵᠢᠯ ᠤ᠋ᠨ ᠬᠥᠮᠦᠰ ᠨᠢ ᠴᠦ᠍ ᠪᠦᠷ ᠳᠠᠳᠬᠠᠯᠰᠢᠭᠰᠠᠨ᠂ ᠨᠢᠭᠡ ᠨᠢᠭᠡᠨ ᠢ᠋ᠶ᠋ᠡᠨ ᠬᠦᠯᠢᠶᠡᠵᠦ ᠴᠠᠭ ᠰᠠᠭᠠᠲᠠᠨ᠎ᠠ ᠭᠡᠵᠦ ᠶᠡᠷᠦ ᠳ᠋ᠡᠭᠡᠨ ᠦᠭᠡᠢ᠃ ᠬᠠᠷᠢᠨ ᠮᠢᠨᠦ ᠬᠤᠪᠢ ᠳ᠋ᠤ᠌ ᠬᠥᠮᠦᠰ ᠦ᠋ᠨ ᠣᠷᠣᠰᠵᠢᠭᠤ ᠨᠡᠷ᠎ᠡ ᠶ᠋ᠢ ᠳᠠᠭᠤᠳᠠᠬᠤ ᠭᠡᠵᠦ ᠶᠣᠰᠣᠲᠠᠢ ᠮᠠᠭᠤ ᠬᠡᠯᠡ ᠪᠡᠨ ᠬᠤᠭᠤᠯᠴᠢᠬᠠᠬᠤ ᠳ᠋ᠠᠭᠠᠨ ᠳᠥᠭᠥᠯ᠎ᠡ᠃ ᠠᠵᠠ ᠪᠠᠷ ᠰᠢᠨᠡᠬᠡᠨ ᠦ᠌ ᠪᠤᠷᠢᠶᠠᠳ ᠤ᠋ᠨ ᠢᠷᠠᠭᠤ ᠨᠠᠢᠷᠠᠭᠴᠢ ᠡᠭᠡᠴᠢ ᠨᠠᠮᠨᠠᠨᠳᠣᠷᠵᠢ ᠶ᠋ᠢᠨ ᠰᠧᠮᠵᠢᠳ ᠦ᠋ᠨ ᠲᠠᠨᠢᠯᠴᠠᠭᠤᠯᠭ᠎ᠠ ᠪᠠᠷ ᠣᠷᠣᠰ ᠬᠡᠯᠡᠨ ᠳ᠋ᠡᠭᠡᠨ ᠭᠠᠢᠭᠤᠢ ᠰᠢᠨᠡᠬᠡᠨ ᠦ᠌ ᠪᠤᠷᠢᠶᠠᠳ ᠨᠠᠢᠵᠠ ᠶ᠋ᠢᠨ ᠲᠤᠰᠠᠯᠠᠯᠴᠠᠭ᠎ᠠ ᠪᠠᠷ ᠶᠠᠭᠠᠬᠢᠵᠤ ᠠᠪᠢᠶᠠᠯᠠᠬᠤ᠂ ᠶᠠᠮᠠᠷ ᠤᠳᠬ᠎ᠠ ᠲᠠᠢ ᠵᠡᠷᠭᠡ ᠶ᠋ᠢ ᠨᠢ ᠬᠡᠯᠡᠭᠦᠯᠵᠦ ᠠᠪᠤᠭᠰᠠᠨ ᠮᠠᠨᠢ ᠶᠡᠬᠡᠬᠡᠨ ᠲᠤᠰᠠ ᠪᠣᠯᠤᠭᠰᠠᠨ ᠶᠤᠮ᠃ ᠲᠣᠭᠯᠠᠯᠲᠠ ᠶ᠋ᠢᠨ ᠦᠶ᠎ᠡ ᠪᠡᠷ《ᠬᠦᠷᠰᠢ ᠶ᠋ᠢᠨ ᠮᠢᠨᠢ ᠪᠠᠰᠠᠭᠠᠨ (ᠬᠦᠷᠰᠢ ᠠᠢᠯ ᠤ᠋ᠨ ᠮᠢᠨᠢ ᠥᠬᠢᠨ ᠭᠡᠰᠡᠨ ᠦᠭᠡ ᠯᠡ ᠳᠡ)》 ᠳᠠᠭᠤᠤ ᠶᠠᠪᠤᠬᠤ ᠪᠠᠷ ᠬᠥᠭᠡᠷᠦᠬᠦᠨ ᠪᠤᠷᠢᠶᠠᠳ ᠥᠬᠢᠳ ᠲᠦ᠍ ᠵᠣᠷᠢᠭᠤᠯᠤᠨ ᠰᠢᠯᠦᠭ ᠪᠢᠴᠢᠬᠦ ᠴᠤ ᠶᠤᠮ ᠤᠤ ᠭᠡᠰᠡᠨ ᠪᠣᠳᠣᠯ ᠬᠢᠯᠠᠰᠬᠢᠭᠡᠳ᠄《ᠬᠥᠷᠰᠢ ᠶ᠋ᠢᠨ ᠮᠢᠨᠢ ᠪᠠᠰᠠᠭᠠᠨ ᠤ᠋᠂ ᠬᠥᠭᠡᠷᠦᠬᠦᠨ ᠨᠢ ᠠᠷᠭ᠎ᠠ ᠦᠭᠡᠢ》 ᠭᠡᠰᠡᠨ ᠬᠣᠶᠠᠷ ᠮᠥᠷ ᠰᠠᠨᠠᠭᠠᠨ ᠳ᠋ᠤ᠌ ᠪᠠᠭᠤᠵᠤ ᠪᠢᠯᠡ᠃ ᠦᠳᠡᠰᠢ ᠨᠢ ᠪᠠᠭᠤᠳᠠᠯ ᠳ᠋ᠠᠭᠠᠨ ᠬᠠᠷᠢᠭᠠᠳ ᠤᠭ ᠪᠠᠳᠠᠭ ᠤ᠋ᠨ ᠰᠠᠭᠤᠷᠢᠨ ᠳᠡᠭᠡᠷ᠎ᠡ ᠦᠷᠭᠦᠯᠵᠢᠯᠡᠭᠦᠯᠦᠨ ᠪᠢᠴᠢᠵᠦ᠄
ᠬᠥᠷᠰᠢ ᠶ᠋ᠢᠨ ᠮᠢᠨᠢ ᠪᠠᠰᠠᠭᠠᠨ ᠤ᠋
ᠬᠥᠭᠡᠷᠦᠬᠦᠨ ᠨᠢ ᠠᠷᠭ᠎ᠠ ᠦᠭᠡᠢ
ᠬᠦᠷᠡᠩᠬᠡᠨ ᠵᠢᠷᠦᠬᠡ ᠶ᠋ᠢ ᠮᠢᠨᠢ
ᠠᠷᠭᠠᠮᠵᠢᠬᠤ ᠨᠢ ᠠᠷᠭ᠎ᠠ ᠦᠭᠡᠢ᠃
ᠰᠠᠭᠠᠬᠠᠯᠲᠠ ᠶ᠋ᠢᠨ ᠮᠢᠨᠢ ᠪᠠᠰᠠᠭᠠᠨ ᠤ᠋
ᠰᠠᠢᠬᠠᠨ ᠨᠢ ᠠᠷᠭ᠎ᠠ ᠦᠭᠡᠢ
ᠰᠠᠨᠠᠭ᠎ᠠ ᠶᠣ᠌ ᠰᠡᠳᠬᠢᠯ ᠢ᠋ ᠮᠢᠨᠢ
ᠲᠠᠲᠠᠬᠤ ᠨᠢ ᠠᠷᠭ᠎ᠠ ᠦᠭᠡᠢ᠃
ᠬᠥᠷᠰᠢ ᠶ᠋ᠢᠨ ᠮᠢᠨᠢ ᠪᠠᠰᠠᠭᠠᠨ ᠤ᠋
ᠬᠥᠭᠡᠷᠦᠬᠦᠨ ᠨᠢ ᠠᠷᠭ᠎ᠠ ᠦᠭᠡᠢ
ᠬᠥᠮᠦᠨ ᠦ᠌ ᠬᠢ ᠪᠣᠯᠴᠢᠬᠠᠬᠤ ᠶ᠋ᠢ ᠨᠢ
ᠶᠠᠭᠠᠬᠢᠬᠤ ᠶ᠋ᠢᠨ ᠴᠤ ᠠᠷᠭ᠎ᠠ ᠦᠭᠡᠢ ᠭᠡᠵᠦ ᠭᠤᠷᠪᠠᠨ ᠪᠠᠳᠠᠭ ᠶᠠᠭᠤᠮ᠎ᠠ ᠪᠣᠯᠭᠠᠭᠰᠠᠨ ᠶᠤᠮ᠃ ᠨᠢᠭᠡ ᠲᠠᠯ᠎ᠠ ᠪᠠᠷ ᠬᠥᠭᠡᠷᠦᠬᠦᠨ ᠲᠥᠷᠥᠭᠰᠡᠨ ᠪᠤᠷᠢᠶᠠᠳ ᠪᠠᠰᠠᠭᠠᠨ ᠢ᠋ ᠬᠠᠷᠠᠭᠠᠳ ᠪᠢᠴᠢᠭᠰᠡᠨ ᠳᠤᠷᠠᠯᠠᠯ ᠤ᠋ᠨ ᠰᠢᠯᠦᠭ ᠰᠢᠭ ᠪᠡᠰᠡᠷᠡᠭ ᠶᠠᠭᠤᠮ᠎ᠠ ᠪᠣᠯᠪᠠᠴᠤ ᠨᠥᠭᠦᠭᠡ ᠲᠠᠯ᠎ᠠ ᠪᠠᠷ ᠬᠢᠯᠢ ᠨᠡᠢᠯᠡᠵᠦ ᠪᠠᠢᠭ᠎ᠠ ᠬᠦᠷᠰᠢ ᠤᠯᠤᠰ ᠲᠤ ᠪᠠᠢᠭ᠎ᠠ ᠪᠤᠷᠢᠶᠠᠳ ᠪᠠᠰᠠᠭᠠᠨ ᠶᠠᠭᠠᠬᠢᠭᠠᠳ ᠬᠥᠷᠰᠢ ᠶ᠋ᠢᠨ ᠮᠢᠨᠢ ᠪᠠᠰᠠᠭᠠᠨ ᠪᠠᠢᠵᠤ ᠪᠣᠯᠬᠤ ᠦᠭᠡᠢ ᠶᠦᠮ ᠪᠣᠢ᠂ ᠤᠭᠰᠠᠭ᠎ᠠ ᠭᠠᠷᠤᠯ ᠨᠢᠭᠡᠲᠡᠢ ᠮᠥᠷᠲᠡᠯ᠎ᠡ ᠪᠡᠨ ᠥᠭᠡᠷ᠎ᠡ ᠥᠭᠡᠷ᠎ᠡ ᠤᠯᠤᠰ ᠭᠦᠷᠦᠨ ᠦ᠌ ᠬᠠᠷᠢᠶᠠᠨ ᠳ᠋ᠤ᠌ ᠪᠠᠢᠭ᠎ᠠ ᠪᠣᠯᠬᠣᠷ ᠢ᠋ᠶ᠋ᠠᠨ ᠪᠠᠰᠠ ᠶᠠᠭᠠᠬᠢᠭᠠᠳ ᠬᠥᠮᠦᠨ ᠦ᠌ ᠬᠢ ᠪᠣᠯᠴᠢᠬᠠᠭᠰᠠᠨ ᠭᠡᠵᠦ ᠰᠡᠳᠬᠢᠵᠦ ᠪᠣᠯᠳᠠᠭ ᠦᠭᠡᠢ ᠶᠦᠮ ᠪᠣᠢ ᠭᠡᠵᠦ ᠰᠠᠨᠠᠭᠠᠳ ᠭᠤᠷᠪᠠᠳᠠᠬᠢ ᠪᠠᠳᠠᠭ ᠢ᠋ ᠨᠡᠮᠡᠭᠰᠡᠨ ᠶᠦᠮ᠃ ᠤᠭ ᠰᠢᠯᠦᠭ ᠢ᠋ ᠪᠤᠷᠢᠶᠠᠳ ᠤᠯᠤᠰ ᠤ᠋ᠨ ᠠᠷᠠᠳ ᠤ᠋ᠨ ᠵᠦᠴᠦᠭᠡᠴᠢᠨ᠂ ᠮᠣᠩᠭᠣᠯ ᠤᠯᠤᠰ ᠤ᠋ᠨ ᠤᠷᠠᠯᠢᠭ ᠤ᠋ᠨ ᠭᠠᠪᠢᠶᠠᠲᠤ ᠵᠢᠳᠬᠦᠯᠲᠡᠨ ᠨᠠᠷᠠᠨᠪᠠᠭᠠᠲᠤᠷ ᠭᠤᠸᠠᠢ ᠬᠥᠭᠡᠷᠦᠬᠦᠨ ᠳᠠᠭᠤᠤ ᠪᠣᠯᠤᠮᠠᠷ ᠶᠤᠮ ᠪᠠᠢᠨ᠎ᠠ ᠭᠡᠳ ᠥᠬᠢᠨ ᠢ᠋ᠶ᠋ᠡᠷ ᠢ᠋ᠶ᠋ᠡᠨ ᠠᠶ᠎ᠠ ᠬᠢᠯᠭᠡᠬᠦ ᠪᠡᠷ ᠪᠠᠢᠭ᠎ᠠ ᠪᠠᠨ ᠣᠷᠣᠰ ᠲᠤ ᠪᠡᠯᠡᠳᠬᠡᠭᠰᠡᠨ ᠨᠡᠪᠲᠡᠷᠡᠭᠦᠯᠭᠡ ᠶ᠋ᠢᠨ ᠶᠠᠷᠢᠯᠴᠠᠭᠠᠨ ᠳ᠋ᠤ᠌ ᠢᠷᠡᠬᠦ ᠳ᠋ᠡᠭᠡᠨ ᠨᠠᠳᠠ ᠶᠠᠷᠢᠵᠤ ᠪᠠᠢᠵᠤ ᠪᠢᠯᠡ᠃ ᠬᠥᠭᠡᠷᠦᠬᠦᠨ ᠳᠠᠭᠤᠤ ᠪᠣᠯᠤᠭᠠᠰᠠᠢ ᠯᠠ ᠭᠡᠵᠦ ᠨᠠᠢᠳᠠᠵᠤ ᠪᠠᠢᠨ᠎ᠠ᠃
ᠤᠯᠠᠭᠠᠨ ᠦᠳᠡ ᠬᠣᠲᠠ ᠳ᠋ᠠᠬᠢ ᠨᠡᠪᠲᠡᠷᠡᠭᠦᠯᠭᠡ ᠶ᠋ᠢᠨ ᠠᠵᠢᠯ ᠢ᠋ᠶ᠋ᠠᠨ ᠳᠠᠭᠤᠰᠬᠠᠭᠠᠳ ᠪᠢᠳᠡ ᠪᠤᠷᠢᠶᠠᠳᠴᠤᠳ ᠤ᠋ᠨ ᠤᠤᠭᠠᠯ ᠨᠤᠲᠤᠭ᠂ ᠮᠥᠩᠬᠡ ᠶ᠋ᠢᠨ ᠰᠢᠲᠦᠭᠡᠨ ᠨᠢ ᠪᠣᠯᠤᠭᠰᠠᠨ ᠪᠠᠢᠭᠠᠯ ᠨᠠᠭᠤᠷ ᠢ᠋ ᠵᠣᠷᠢᠯ᠎ᠠ᠃ ᠪᠤᠷᠢᠶᠠᠳ ᠤ᠋ᠳ ᠪᠠᠢᠭᠠᠯ ᠨᠠᠭᠤᠷ ᠢ᠋ ᠮᠠᠰᠢ ᠶᠡᠬᠡ ᠰᠦᠰᠦᠭᠯᠡᠨ ᠳᠡᠭᠡᠳᠦᠯᠡᠳᠡᠭ ᠪᠣᠯᠬᠣᠷ ᠪᠠᠢᠭᠠᠯ ᠳᠠᠯᠠᠢ ᠭᠡᠵᠦ ᠬᠦᠨᠳᠦᠳᠬᠡᠨ ᠳᠠᠭᠤᠳᠠᠳᠠᠭ᠃ ᠪᠠᠢᠭᠠᠯ ᠨᠠᠭᠤᠷ ᠤ᠋ᠨ ᠨᠡᠷ᠎ᠡ ᠶ᠋ᠢᠨ ᠢᠷᠡᠯᠲᠡ ᠶ᠋ᠢ ᠣᠯᠠᠨ ᠶᠠᠩᠵᠤ ᠪᠠᠷ ᠲᠠᠢᠯᠪᠤᠷᠢᠯᠠᠳᠠᠭ ᠪᠣᠯᠪᠠᠴᠤ《ᠪᠠᠢᠭ᠎ᠠ ᠭᠠᠯ》 ᠭᠡᠰᠡᠨ ᠭᠠᠯᠲᠤ ᠠᠭᠤᠯᠠ ᠲᠠᠢ ᠬᠣᠯᠪᠣᠭᠳᠠᠯ ᠲᠠᠢ ᠪᠠᠷ ᠤᠯᠠᠷᠢᠵᠤ ᠢᠷᠡᠭᠰᠡᠨ ᠨᠡᠷᠡᠢᠳᠦᠯ ᠭᠡᠵᠦ ᠪᠤᠷᠢᠶᠠᠳ ᠤ᠋ᠳ ᠶᠠᠷᠢᠳᠠᠭ᠃ ᠪᠤᠷᠢᠶᠠᠳ ᠤᠯᠤᠰ ᠲᠤ ᠢᠷᠡᠭᠡᠳ ᠬᠠᠮᠠᠷ ᠳᠠᠪᠠᠭ᠎ᠠ ᠶ᠋ᠢ ᠥᠭᠰᠥᠵᠦ᠂ ᠪᠠᠢᠭᠠᠯ ᠨᠠᠭᠤᠷ ᠢ᠋ ᠬᠠᠷᠠᠬᠤ ᠦᠭᠡᠢ ᠶᠦᠮ ᠪᠣᠯ ᠳᠠᠩᠴᠤ ᠬᠠᠷᠠᠮᠰᠠᠯ ᠲᠠᠢ ᠪᠣᠯᠤᠨ᠎ᠠ ᠭᠡᠳᠡᠭ ᠢ᠋ ᠪᠢᠳᠡ ᠮᠡᠳᠡᠵᠦ ᠪᠠᠢᠭᠰᠠᠨ ᠪᠣᠯᠬᠣᠷ ᠠᠷᠢᠭ ᠤᠰᠤᠨ ᠲᠧᠯᠸᠢᠰ ᠦ᠋ᠨ ᠵᠠᠬᠢᠷᠤᠯ ᠨᠣᠷᠵᠢᠮ᠎ᠠ᠂ ᠬᠥᠲᠥᠯᠦᠭᠴᠢ ᠳᠠᠰᠢᠳᠣᠷᠵᠢ ᠨᠠᠷ ᠤ᠋ᠨ ᠳᠠᠭᠠᠭᠤᠯᠭ᠎ᠠ ᠪᠠᠷ ᠡᠪᠦᠯ ᠦ᠋ᠨ ᠬᠦᠢᠲᠡᠨ ᠦ᠌ ᠡᠷᠴᠢ ᠶ᠋ᠢ ᠰᠥᠷᠦᠨ ᠪᠤᠷᠢᠶᠠᠳ ᠤ᠋ᠳ ᠤ᠋ᠨ ᠰᠢᠲᠦᠭᠡᠨ ᠨᠠᠭᠤᠷ— ᠪᠠᠢᠭᠠᠯ ᠳᠠᠯᠠᠢ ᠶ᠋ᠢ ᠵᠣᠷᠢᠯ᠎ᠠ᠃ ᠤᠨᠠᠭᠠᠨ ᠲᠥᠷᠬᠦ ᠪᠡᠨ ᠬᠠᠳᠠᠭᠠᠯᠠᠵᠤ ᠪᠠᠢᠭ᠎ᠠ ᠪᠠᠢᠭᠠᠯ ᠨᠠᠭᠤᠷ ᠤ᠋ᠨ ᠬᠥᠪᠡᠭᠡᠨ ᠳ᠋ᠡᠬᠢ ᠬᠤᠰᠤᠨ ᠰᠢᠭᠤᠢ ᠳᠤᠮᠳᠠᠭᠤᠷ ᠠᠯᠬᠤᠯᠠᠵᠤ᠂ ᠴᠡᠪᠡᠷ ᠠᠭᠠᠷ ᠠᠮᠢᠰᠬᠤᠯᠯᠠᠨ᠂ ᠰᠢᠲᠦ ᠲᠠᠰᠢᠭᠰᠠᠨ ᠬᠦᠢᠲᠡᠨ ᠮᠥᠰᠥ ᠶ᠋ᠢ ᠨᠢ ᠠᠮᠠᠨ ᠳ᠋ᠠᠭᠠᠨ ᠬᠦᠯᠬᠦᠬᠦ ᠨᠢ ᠦᠨᠡᠬᠡᠷ ᠨᠢᠭᠡᠨ ᠴᠠᠭ ᠤ᠋ᠨ ᠵᠢᠷᠭᠠᠯ ᠪᠠᠢᠭᠰᠠᠨ ᠰᠠᠨ! ᠡᠪᠦᠯ ᠦ᠋ᠨ ᠤᠯᠠᠷᠢᠯ ᠪᠣᠯᠬᠣᠷ ᠪᠠᠢᠭᠠᠯ ᠨᠠᠭᠤᠷ ᠤ᠋ᠨ ᠳᠡᠭᠡᠭᠦᠷ ᠴᠠᠭᠠᠨ ᠮᠠᠨᠠᠨ ᠲᠠᠲᠠᠵᠤ᠂ ᠠᠭᠤᠷ ᠴᠠᠩ ᠰᠠᠪᠰᠠᠵᠤ᠂ ᠴᠠᠰᠤ ᠮᠥᠰᠥ ᠬᠥᠪᠦᠯᠵᠡᠨ ᠪᠠᠢᠯ᠎ᠠ᠃ ᠪᠠᠢᠭᠠᠯ ᠨᠠᠭᠤᠷ ᠤ᠋ᠨ ᠡᠷᠭᠢᠨ ᠲᠣᠭᠣᠷᠢᠨ ᠳ᠋ᠤ᠌ ᠣᠢ ᠬᠥᠪᠴᠢ ᠦᠷᠭᠦᠯᠵᠢᠯᠡᠵᠦ᠂ ᠵᠢᠭᠤᠯᠴᠢᠯᠠᠯ ᠳ᠋ᠤ᠌ ᠵᠣᠷᠢᠭᠤᠯᠤᠭᠰᠠᠨ ᠴᠡᠪᠡᠷ ᠲᠣᠬᠢᠯᠢᠭ ᠮᠣᠳᠣᠨ ᠪᠠᠢᠰᠢᠩ᠂ ᠣᠷᠣᠨ ᠰᠠᠭᠤᠴᠠ ᠵᠢᠭᠳᠡᠷᠡᠵᠦ ᠬᠤᠪᠢ ᠶ᠋ᠢᠨ ᠭᠠᠳᠠᠨ᠎ᠠ ᠦᠵᠡᠰᠬᠦᠯᠡᠩ ᠲᠡᠢ᠃ ᠡᠨᠡ ᠰᠠᠢᠬᠠᠨ ᠨᠤᠲᠤᠭ ᠲᠤ ᠡᠷᠲᠡ ᠳᠡᠭᠡᠷ᠎ᠡ ᠦᠶ᠎ᠡ ᠳ᠋ᠦ᠍ ᠪᠤᠷᠢᠶᠠᠳ ᠤ᠋ᠳ ᠠᠵᠤ ᠲᠥᠷᠥᠵᠦ ᠪᠠᠢᠭᠰᠠᠨ ᠭᠡᠵᠦ ᠪᠣᠳᠣᠬᠤ ᠪᠠᠷ ᠢᠰᠡᠭᠡᠢ ᠲᠤᠭᠤᠷᠭᠠᠲᠤ ᠨᠡᠭᠦᠳᠡᠯᠴᠢᠳ ᠦ᠋ᠨ ᠤᠤᠭᠠᠯ ᠨᠤᠲᠤᠭ ᠤ᠋ᠨ ᠲᠠᠩᠰᠤᠭ ᠰᠠᠢᠬᠠᠨ ᠳ᠋ᠤ᠌ ᠥᠪᠡᠷ ᠦ᠋ᠨ ᠡᠷᠬᠡ ᠦᠭᠡᠢ ᠰᠦᠵᠢᠭᠯᠡᠬᠦ ᠰᠡᠳᠬᠢᠯ ᠲᠥᠷᠥᠵᠦ ᠪᠢᠯᠡ᠃
ᠪᠠᠢᠭᠠᠯ ᠨᠠᠭᠤᠷ ᠭᠤᠷᠪᠠᠨ ᠳ᠋ᠦᠩᠰᠢᠭᠤᠷ ᠭᠠᠷᠤᠢ ᠵᠢᠯ ᠦ᠋ᠨ ᠡᠮᠦᠨ᠎ᠡ ᠪᠣᠢ ᠪᠣᠯᠤᠭᠰᠠᠨ ᠭᠡᠵᠦ ᠭᠠᠵᠠᠷ ᠵᠦᠢᠴᠢᠳ ᠦᠵᠡᠳᠡᠭ᠃ ᠲᠡᠦᠬᠡ ᠲᠡᠮᠳᠡᠭᠯᠡᠯ ᠳ᠋ᠦ᠍ ᠲᠡᠮᠳᠡᠭᠯᠡᠭᠳᠡᠭᠡᠳ ᠨᠢᠭᠡᠨᠲᠡ2500 ᠭᠠᠷᠤᠢ ᠵᠢᠯ ᠪᠣᠯᠵᠤ ᠪᠣᠢ᠃ ᠲᠡᠭᠡᠬᠦ ᠪᠡᠷ ᠳᠡᠯᠡᠬᠡᠢ ᠶ᠋ᠢᠨ ᠬᠠᠮᠤᠭ ᠤ᠋ᠨ ᠡᠷᠲᠡᠨ ᠦ᠌ ᠨᠠᠭᠤᠷ ᠤ᠋ᠳ ᠤ᠋ᠨ ᠨᠢᠭᠡᠨ ᠠᠵᠢ᠃ 1996 ᠣᠨ ᠳ᠋ᠤ᠌ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠶ᠋ᠢᠨ ᠪᠠᠢᠭᠠᠯᠢ ᠶ᠋ᠢᠨ ᠰᠣᠶᠣᠯ ᠤ᠋ᠨ ᠥᠪ ᠲᠦ᠍ ᠪᠦᠷᠢᠳᠬᠡᠭᠦᠯᠦᠭᠰᠡᠨ ᠪᠠᠢᠭᠠᠯ ᠨᠠᠭᠤᠷ ᠪᠣᠯ ᠳᠡᠯᠡᠬᠡᠢ ᠶ᠋ᠢᠨ ᠬᠠᠮᠤᠭ ᠤ᠋ᠨ ᠭᠦᠨ᠂ ᠬᠠᠮᠤᠭ ᠤ᠋ᠨ ᠲᠣᠮᠣ᠂ ᠴᠡᠩᠭᠡᠭ ᠤᠰᠤᠨ ᠤ᠋ ᠨᠥᠭᠡᠴᠡ ᠪᠡᠷ ᠬᠠᠮᠤᠭ ᠤ᠋ᠨ ᠶᠡᠬᠡ᠂ ᠮᠥᠨ ᠴᠦ᠍ ᠬᠠᠮᠤᠭ ᠤ᠋ᠨ ᠠᠷᠢᠭᠤᠨ ᠲᠤᠩᠭᠠᠯᠠᠭ ᠨᠠᠭᠤᠷ ᠶᠤᠮ᠃ ᠪᠠᠢᠭᠠᠯ ᠨᠠᠭᠤᠷ ᠤ᠋ᠨ ᠤᠷᠲᠤ ᠨᠢ636km᠂ ᠳᠤᠮᠳᠠᠴᠢ ᠥᠷᠭᠡᠨ ᠨᠢ 25.79km᠂ ᠬᠠᠮᠤᠭ ᠤ᠋ᠨ ᠥᠷᠭᠡᠨ ᠳ᠋ᠡᠭᠡᠨ79.4km᠂ ᠬᠠᠮᠤᠭ ᠤ᠋ᠨ ᠭᠦᠨ ᠬᠡᠰᠡᠭ ᠲᠡᠭᠡᠨ1637m᠂ ᠳᠤᠮᠳᠠᠴᠢ ᠭᠦᠨ ᠨᠢ730m ᠶᠤᠮ᠃ ᠶᠣᠰᠣᠲᠠᠢ ᠯᠠ ᠪᠠᠢᠭᠠᠯ ᠳᠠᠯᠠᠢ ᠨᠡᠷ᠎ᠡ ᠳ᠋ᠡᠭᠡᠨ ᠲᠣᠬᠢᠷᠠᠭᠰᠠᠨ ᠨᠡᠯᠦᠭᠡᠷ ᠶᠡᠬᠡ ᠤᠰᠤᠨ ᠪᠢᠯᠡ᠃ ᠪᠠᠢᠭᠠᠯ ᠨᠠᠭᠤᠷ ᠤ᠋ᠨ ᠴᠡᠩᠭᠡᠭ ᠤᠰᠤ ᠨᠢ ᠳᠡᠯᠡᠬᠡᠢ ᠶ᠋ᠢᠨ ᠴᠡᠩᠭᠡᠭ ᠤᠰᠤᠨ ᠤ᠋ ᠨᠥᠭᠡᠴᠡ ᠶ᠋ᠢᠨ 22% ᠢ᠋ ᠡᠵᠡᠯᠡᠳᠡᠭ᠃ ᠡᠷᠳᠡᠮᠲᠡᠳ ᠦ᠋ᠨ ᠵᠦᠢᠴᠢᠯᠡᠭᠰᠡᠨ ᠢ᠋ᠶ᠋ᠡᠷ᠂ ᠪᠠᠢᠭᠠᠯ ᠨᠠᠭᠤᠷ ᠤ᠋ᠨ ᠴᠡᠩᠭᠡᠭ ᠤᠰᠤ ᠪᠦᠬᠦ ᠬᠥᠮᠦᠨ ᠲᠥᠷᠥᠯᠬᠢᠲᠡᠨ ᠦ᠌ ᠵᠠᠭᠤᠨ ᠵᠢᠯ ᠦ᠋ᠨ ᠤᠤᠭᠤᠬᠤ ᠤᠰᠤ ᠶ᠋ᠢ ᠬᠠᠩᠭᠠᠵᠤ ᠴᠢᠳᠠᠬᠤ ᠶᠤᠮ ᠭᠡᠨ᠎ᠡ᠃ ᠪᠠᠢᠭᠠᠯ ᠨᠠᠭᠤᠷ ᠲᠤ᠌340 ᠰᠢᠬᠠᠮ ᠭᠣᠣᠯ ᠮᠥᠷᠡᠨ ᠴᠢᠳᠬᠤᠵᠤ ᠪᠠᠢᠭ᠎ᠠ ᠪᠣᠯᠪᠠᠴᠤ ᠵᠥᠪᠬᠡᠨ ᠠᠩᠭᠠᠷ ᠮᠥᠷᠡᠨ ᠯᠡ ᠭᠠᠳᠠᠭᠰᠢ ᠤᠷᠤᠰᠴᠤ ᠪᠠᠢᠳᠠᠭ ᠢ᠋ᠶ᠋ᠠᠷ ᠢᠶᠠᠨ ᠪᠠᠰᠠ ᠴᠤ ᠭᠠᠢᠬᠠᠮᠰᠢᠭᠲᠠᠢ᠃ ᠪᠠᠢᠭᠠᠯ ᠨᠠᠭᠤᠷ ᠨᠢ ᠤᠰᠤᠨ ᠤ᠋ ᠠᠮᠢᠳᠤ ᠪᠣᠳᠠᠰ ᠢ᠋ᠶ᠋ᠠᠷ ᠢ᠋ᠶ᠋ᠠᠨ ᠳᠡᠯᠡᠬᠡᠢ ᠶ᠋ᠢᠨ ᠶᠠᠮᠠᠷᠪᠠ ᠨᠠᠭᠤᠷ ᠠ᠋ᠴᠠ ᠬᠠᠮᠢᠶ᠎ᠠ ᠦᠭᠡᠢ ᠠᠬᠠᠯᠠᠳᠠᠭ ᠪᠥᠭᠡᠳ ᠲᠡᠭᠦᠨ ᠦ᠌ ᠳᠣᠲᠣᠷ᠎ᠠ1083 ᠲᠥᠷᠥᠯ ᠨᠢ ᠥᠭᠡᠷ᠎ᠡ ᠬᠠᠮᠢᠭ᠎ᠠ ᠴᠤ ᠪᠠᠢᠳᠠᠭ ᠦᠭᠡᠢ ᠥᠪᠡᠷᠮᠢᠴᠡ ᠠᠮᠢᠳᠤ ᠪᠣᠳᠠᠰ ᠤ᠋ᠨ ᠲᠥᠷᠥᠯ ᠪᠣᠯᠤᠨ᠎ᠠ᠃ ᠡᠭᠦᠨ ᠡᠴᠡ ᠭᠠᠳᠠᠨ᠎ᠠ ᠪᠠᠢᠭᠠᠯ ᠨᠠᠭᠤᠷ ᠤ᠋ᠨ ᠰᠠᠪᠠ ᠨᠤᠲᠤᠭ ᠲᠤ᠌2550 ᠭᠠᠷᠤᠢ ᠲᠥᠷᠥᠯ ᠦ᠋ᠨ ᠠᠮᠢᠲᠠᠨ᠂1000 ᠭᠠᠷᠤᠢ ᠲᠥᠷᠥᠯ ᠦ᠋ᠨ ᠤᠷᠭᠤᠮᠠᠯ᠂50 ᠭᠠᠷᠤᠢ ᠲᠥᠷᠥᠯ ᠦ᠋ᠨ ᠵᠢᠭᠠᠰᠤ ᠠᠮᠢᠳᠤᠷᠠᠳᠠᠭ ᠪᠥᠭᠡᠳ ᠮᠠᠰᠢ ᠣᠯᠠᠨ ᠲᠥᠷᠥᠯ ᠨᠢ ᠵᠥᠪᠬᠡᠨ ᠡᠨᠳᠡ ᠯᠡ ᠪᠠᠢᠳᠠᠭ ᠥᠪᠡᠷᠮᠢᠴᠡ ᠠᠮᠢᠲᠠᠨ ᠤᠷᠭᠤᠮᠠᠯ ᠠᠵᠢ᠃ ᠣᠷᠴᠢᠨ ᠠᠬᠤᠢ ᠶ᠋ᠢᠨ ᠪᠣᠬᠢᠷᠳᠠᠯ ᠪᠠᠭᠠᠲᠠᠢ᠂ ᠬᠠᠮᠠᠭᠠᠯᠠᠯᠲᠠ ᠰᠠᠢᠲᠠᠢ ᠪᠣᠯᠬᠣᠷ ᠪᠠᠢᠭᠠᠯ ᠨᠠᠭᠤᠷ ᠤ᠋ᠨ ᠤᠰᠤ ᠰᠢᠯᠦᠨ ᠪᠣᠯᠣᠷ ᠰᠢᠭ᠋ ᠲᠤᠩᠭᠠᠯᠠᠭ ᠪᠠᠢᠵᠤ᠂40m ᠤ᠋ᠨ ᠭᠦᠨ ᠳ᠋ᠡᠭᠡᠨ ᠬᠦᠷᠲᠡᠯ᠎ᠡ ᠲᠣᠳᠣ ᠬᠠᠷᠠᠭᠳᠠᠳᠠᠭ ᠪᠠᠢᠨ᠎ᠠ᠃ ᠪᠠᠢᠭᠠᠯ ᠨᠠᠭᠤᠷ ᠤ᠋ᠨ ᠬᠥᠪᠡᠭᠡᠨ ᠳ᠋ᠡᠬᠢ ᠪᠣᠭᠣᠨᠢᠬᠠᠨ ᠠᠶᠠᠯᠠᠯ ᠢ᠋ᠶ᠋ᠠᠨ ᠥᠨᠳᠦᠷᠯᠡᠭᠦᠯᠦᠭᠡᠳ ᠪᠤᠴᠠᠬᠤ ᠦᠶ᠎ᠡ ᠳ᠋ᠦ᠍ ᠨᠠᠷᠠ ᠬᠡᠯᠪᠡᠢᠵᠦ᠂ ᠰᠢᠷ᠎ᠠ ᠪᠦᠷᠦᠢ ᠣᠢᠷᠠᠲᠤᠭᠰᠠᠨ ᠪᠠᠢᠯ᠎ᠠ᠃ ᠪᠤᠷᠢᠶᠠᠳ ᠵᠤᠨ ᠤ᠋ ᠲᠡᠦᠬᠡ ᠰᠣᠶᠣᠯ ᠤ᠋ᠨ ᠥᠯᠥᠭᠡᠢ ᠪᠣᠯᠤᠭᠰᠠᠨ ᠪᠠᠢᠭᠠᠯ ᠨᠠᠭᠤᠷ ᠤ᠋ᠨ ᠠᠷᠢᠭᠤᠨ ᠠᠭᠠᠷ ᠲᠤ᠌ ᠴᠡᠭᠡᠵᠢ ᠪᠡᠨ ᠰᠠᠷᠠᠭᠤᠯᠵᠢᠭᠤᠯᠤᠭᠰᠠᠨ ᠪᠢᠳᠡ ᠠᠬᠢᠵᠤ ᠢᠷᠡᠬᠦ ᠶ᠋ᠢᠨ ᠮᠥᠷᠥᠭᠡᠳᠦᠯ ᠢ᠋ᠶ᠋ᠡᠨ ᠲᠡᠭᠡᠭᠡᠭᠰᠡᠭᠡᠷ ᠤᠯᠠᠭᠠᠨ ᠦᠳᠡ ᠤᠷᠤᠭᠤ ᠪᠤᠴᠠᠭᠰᠠᠨ ᠪᠢᠯᠡ᠃ ᠴᠠᠩ ᠬᠦᠦᠷᠭᠡ ᠰᠠᠪᠰᠠᠭᠤᠯᠤᠨ ᠬᠥᠪᠦᠯᠵᠡᠬᠦ ᠪᠠᠢᠭᠠᠯ ᠳᠠᠯᠠᠢ ᠰᠢᠪᠧᠷᠢᠶ᠎ᠡ ᠣᠷᠣᠨ ᠤ᠋ ᠴᠠᠭ ᠠᠭᠠᠷ ᠢ᠋ ᠵᠣᠬᠢᠴᠠᠭᠤᠯᠤᠨ ᠲᠣᠬᠢᠷᠠᠭᠤᠯᠤᠭᠴᠢ ᠶᠡᠬᠡ ᠤᠰᠤᠨ ᠪᠤᠶᠤ᠂ ᠮᠥᠨ ᠴᠦ᠍ ᠪᠤᠷᠢᠶᠠᠳ ᠵᠤᠨ ᠤ᠋ ᠭᠠᠢᠬᠠᠮᠰᠢᠭᠲᠤ ᠲᠡᠦᠬᠡ ᠰᠣᠶᠣᠯ ᠢ᠋ ᠲᠥᠯᠵᠢᠭᠦᠯᠦᠭᠰᠡᠨ ᠠᠷᠢᠭᠤᠨ ᠤᠰᠤᠨ ᠪᠤᠶᠤ!
2009 ᠣᠨ ᠤ᠋12 ᠳ᠋ᠤᠭᠠᠷ ᠰᠠᠷ᠎ᠠ ᠶ᠋ᠢᠨ16 ᠳ᠋ᠤ᠌ ᠪᠢᠳᠡ ᠤᠯᠠᠭᠠᠨ ᠦᠳᠡ ᠡᠴᠡ ᠮᠣᠷᠳᠠᠵᠤ᠂ ᠪᠤᠴᠠᠬᠤ ᠵᠠᠮ ᠢ᠋ᠶ᠋ᠠᠨ ᠡᠯᠭᠦᠵᠦ ᠪᠢᠯᠡ᠃ ᠴᠥᠭᠡᠨ ᠬᠣᠨᠣᠭ ᠤ᠋ᠨ ᠬᠤᠭᠤᠴᠠᠭᠠᠨ ᠳ᠋ᠤ᠌ ᠳᠠᠩᠴᠤ ᠳᠠᠰᠤᠯᠴᠠᠭᠰᠠᠨ ᠪᠤᠷᠢᠶᠠᠳ ᠨᠠᠢᠵᠠ ᠨᠠᠷ ᠲᠠᠢ ᠪᠠᠨ ᠳᠠᠬᠢᠨ ᠠᠭᠤᠯᠵᠠᠬᠤ ᠶ᠋ᠢᠨ ᠢᠷᠦᠭᠡᠯ ᠵᠥᠩᠨᠡᠭᠡᠳ ᠠᠶᠠᠷᠯᠠᠯ᠎ᠠ᠃ ᠪᠤᠴᠠᠬᠤ ᠵᠠᠮ ᠳ᠋ᠠᠭᠠᠨ ᠪᠢᠳᠡ᠄
ᠠᠷᠢᠭᠤᠬᠠᠨ ᠤᠨᠤᠨ ᠤ᠋ ᠡᠬᠢᠨ ᠪᠤᠷᠢᠶᠠᠳ
ᠠᠯᠤᠨ ᠭᠤᠸ᠎ᠠ ᠡᠵᠢ ᠶ᠋ᠢᠨ ᠲᠥᠷᠬᠥᠮ ᠪᠤᠷᠢᠶᠠᠳ
ᠴᠡᠯᠮᠡᠭ ᠲᠩᠷᠢ ᠶ᠋ᠢᠨ ᠴᠢᠷᠠᠢ ᠪᠤᠷᠢᠶᠠᠳ
ᠴᠡᠴᠡᠨ ᠮᠡᠷᠭᠡᠳ ᠦ᠋ᠨ ᠤᠬᠠᠭᠠᠨ ᠪᠤᠷᠢᠶᠠᠳ
ᠪᠤᠭᠤᠷᠤᠯ ᠴᠠᠭᠠᠨ ᠨᠠᠰᠤᠨ ᠪᠤᠷᠢᠶᠠᠳ
ᠪᠤᠷᠬᠠᠨ ᠳ᠋ᠤ᠌ ᠳᠠᠭᠤᠯᠠᠭᠰᠠᠨ ᠪᠤᠶᠠᠨ ᠪᠤᠷᠢᠶᠠᠳ᠁ ᠭᠡᠵᠦ
ᠰᠢᠨᠡᠬᠡᠨ ᠦ᠌ ᠪᠤᠷᠢᠶᠠᠳ ᠤ᠋ᠨ ᠢᠷᠠᠭᠤ ᠨᠠᠢᠷᠠᠭᠴᠢ ᠨᠠᠮᠨᠠᠨᠳᠣᠷᠵᠢ ᠶ᠋ᠢᠨ ᠰᠸᠮᠵᠢᠤᠨ ᠤ᠋ ᠰᠢᠯᠦᠭ᠂
ᠳᠠᠭᠤᠴᠢᠨ᠂ ᠴᠡᠴᠡᠭᠮ᠎ᠠ ᠶ᠋ᠢᠨ ᠠᠶ᠎ᠠ ᠪᠢᠴᠢᠵᠦ ᠳᠠᠭᠤᠯᠠᠭᠰᠠᠨ ᠳᠠᠭᠤᠤ ᠶ᠋ᠢ ᠰᠣᠨᠣᠰᠤᠭᠰᠠᠭᠠᠷ᠂
ᠰᠡᠯᠡᠩᠭᠡ ᠮᠥᠷᠡᠨ ᠦ᠌ ᠪᠠᠷ᠎ᠠ ᠶᠢ ᠬᠠᠷᠠᠭᠰᠠᠭᠠᠷ ᠶᠠᠪᠤᠵᠤ ᠪᠢᠯᠡ᠃
ᠦᠰᠦᠭ ᠠᠮᠢᠯᠠᠭᠤᠯᠤᠭᠴᠢ᠄ ᠡᠷᠳᠡᠨᠢᠭᠤᠸ᠎ᠠ᠂ ᠱᠠᠭᠰᠠᠯ᠂ ᠸᠠᠩ ᠪᠠᠳᠮ᠎ᠠ᠂ ᠤᠷᠠᠨᠴᠢᠮᠡᠭ᠂ ᠪᠠᠯ
ᠬᠢᠨᠠᠭᠴᠢ ᠪᠠᠭᠰᠢ᠄ ᠭᠠᠷᠮ᠎ᠠ᠂ ᠡᠷᠳᠡᠨᠢᠭᠣᠤ᠎ᠠ᠂ ᠣᠳᠬᠠᠨᠰᠣ᠎ᠠ᠂ ᠰᠡᠬᠡᠭᠡᠷᠡᠯ᠂ ᠠᠯᠲᠠᠨᠱᠠ᠂ ᠪᠠᠯ
