《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠ ᠶᠢᠰᠦᠳᠦᠭᠡᠷ ᠪᠦᠯᠦᠭ> "Хөх судар" он нөхвөр дэвтэр - Инжинаш <Жар есдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠ ᠶᠢᠰᠦᠳᠦᠭᠡᠷ ᠪᠦᠯᠦᠭ> "Хөх судар" он нөхвөр дэвтэр - Инжинаш <Жар есдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠ ᠶᠢᠰᠦᠳᠦᠭᠡᠷ ᠪᠦᠯᠦᠭ> "Хөх судар" он нөхвөр дэвтэр - Инжинаш <Жар есдүгээр бүлэг>

ᠠᠩᠭᠢᠯᠠᠯ:ᠲᠡᠦᠬᠡ ᠰᠣᠶᠣᠯ
2024-07-29

294

《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠ ᠶᠢᠰᠦᠳᠦᠭᠡᠷ ᠪᠦᠯᠦᠭ


       ᠰᠢᠷᠠᠭᠴᠢᠨ ᠮᠣᠭᠠᠢ ᠵᠢᠯ ᠡᠬᠢᠯᠡᠪᠡ᠂ ᠲᠠᠢᠽᠦ ᠴᠢᠩᠭᠢᠰ ᠬᠠᠭᠠᠨ ᠳᠥᠴᠢᠨ ᠨᠠᠢ᠍ᠮᠠᠨ ᠰᠡᠭᠦᠳᠡᠷᠲᠡᠢ ᠪᠣᠯᠪᠠ᠃ ᠠᠯᠲᠠᠨ ᠤᠯᠤᠰ ᠤ᠋ᠨ ᠶᠦᠩ ᠵᠢᠢ ᠶ᠋ᠢᠨ ᠳᠡ ᠠᠨ ᠤ᠋ ᠲᠡᠷᠢᠭᠦᠨ ᠣᠨ᠂ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠳᠥᠷᠪᠡᠳᠦᠭᠡᠷ ᠣᠨ᠂ ᠠᠯᠲᠠᠨ ᠤᠯᠤᠰ ᠤ᠋ᠨ ᠨᠠᠢ᠍ᠮᠠᠳᠤᠭᠠᠷ ᠡᠵᠡᠨ ᠸᠧᠢ ᠱᠣᠣ  ᠸᠠᠩ ᠶᠦᠩ ᠵᠢᠢ ᠶ᠋ᠢᠨ ᠳᠡ ᠠᠨ ᠬᠡᠮᠡᠬᠦ ᠶ᠋ᠢᠨ ᠲᠡᠷᠢᠭᠦᠨ ᠣᠨ ᠪᠣᠯᠪᠠ᠂ ᠡᠮᠦᠨᠡᠲᠦ ᠰᠥᠩ ᠤᠯᠤᠰ ᠤ᠋ᠨ ᠠᠷᠪᠠᠨ ᠭᠤᠷᠪᠠᠳᠤᠭᠠᠷ  ᠡᠵᠡᠨ ᠨᠢᠩᠽᠥ᠋ᠩ ᠦ᠋ᠨ ᠵᠢᠶᠠ ᠳ᠋ᠢᠩ ᠦ᠋ᠨ ᠬᠣᠶᠠᠳᠤᠭᠠᠷ ᠣᠨ᠃ 

                ᠵᠢᠷᠠᠨ ᠶᠢᠰᠦᠳᠦᠭᠡᠷ ᠪᠦᠯᠦᠭ  

        ᠵᠡᠪᠡ ᠪᠠᠭᠠᠲᠤᠷ ᠨᠢᠭᠡᠬᠡᠨ ᠰᠢᠳᠠᠮ ᠢ᠋ᠶ᠋ᠠᠷ ᠬᠣᠶᠠᠷ ᠬᠠᠭᠠᠨ ᠢ᠋ ᠬᠠᠮᠲᠤᠪᠠᠷ ᠳᠡᠯᠡᠳᠴᠦ ᠠᠮᠢᠳᠤ ᠪᠠᠷᠢᠪᠠ 
           ᠶ᠋ᠢᠨ ᠭᠦᠩᠵᠦ ᠪᠢᠴᠢᠬᠠᠨ ᠠᠷᠭ᠎ᠠ ᠪᠠᠷ ᠭᠤᠷᠪᠠᠨ ᠤᠯᠤᠰ ᠤ᠋ᠨ ᠬᠠᠮᠤᠭ ᠪᠦᠭᠦᠳᠡᠭᠡᠷ ᠢ᠋ ᠠᠶᠤᠯᠭᠠᠨ ᠰᠦᠷᠲᠡᠭᠡᠪᠡ  
             ᠥᠷᠥᠰᠢᠶᠡᠯᠲᠦ ᠪᠣᠭᠳᠠ ᠶ᠋ᠢᠨ ᠦᠨᠡᠨ ᠬᠡᠰᠢᠭ ᠦᠬᠦᠭᠰᠡᠨ ᠶᠠᠰᠤ ᠳ᠋ᠤᠷ ᠴᠤ᠌ ᠭᠥᠷᠳᠡᠭᠦᠯᠦᠭᠰᠡᠨ ᠢ᠋ᠶ᠋ᠡᠷ 
             ᠦᠶ᠎ᠡ ᠦᠶ᠎ᠡ ᠥᠨᠳᠥᠷ ᠡᠷᠬᠢᠮ ᠨᠠᠷ ᠳᠣᠯᠣᠭᠠᠨ ᠵᠠᠭᠤᠨ ᠬᠣᠷᠢᠨ ᠣᠨ ᠭᠠᠷᠪᠠ᠃ 
             ᠦᠨᠡᠩᠬᠦ ᠡᠷᠳᠡᠮ ᠢ᠋ ᠲᠡᠷᠡ ᠦᠶ᠎ᠡ ᠳ᠋ᠦ᠍ᠷ ᠴᠣᠭᠴᠠᠯᠠᠨ ᠡᠰᠡ ᠲᠠᠷᠢᠵᠤ ᠲᠠᠯᠪᠢᠭᠰᠠᠨ ᠪᠥᠭᠡᠰᠦ 
             ᠥᠪᠥᠷ ᠴᠢᠭᠤᠯᠭᠠᠨ ᠠᠷᠤ ᠠᠢᠮᠠᠭ ᠤ᠋ᠳ ᠤ᠋ᠨ ᠸᠠᠩ ᠵᠠᠰᠠᠭ ᠶᠠᠭᠤᠨ ᠳ᠋ᠤᠷ ᠢᠲᠡᠭᠡᠮᠵᠢᠯᠡᠬᠦ ᠠᠵᠠᠢ ? 

       ᠲᠡᠨᠳᠡᠴᠡ ᠡᠨᠡ ᠬᠦ᠌ ᠰᠢᠷᠠᠭᠴᠢᠨ ᠮᠣᠭᠠᠢ ᠵᠢᠯ ᠴᠢᠩᠭᠢᠰ ᠬᠠᠭᠠᠨ ᠤ᠋ ᠳᠥᠷᠪᠡᠳᠦᠭᠡᠷ ᠣᠨ ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ᠂ ᠭᠤᠷᠪᠠᠨ ᠥᠲᠡᠭᠦᠰ᠂ ᠲᠠᠪᠤᠨ ᠲᠠᠢᠰᠢ ᠨᠠᠷ ᠲᠡᠷᠢᠭᠦᠯᠡᠨ ᠣᠯᠠᠨ ᠲᠠᠢᠹᠦ᠋ ᠰᠡᠴᠡᠳ ᠨᠠᠷ ᠳᠥᠷᠪᠡᠨ ᠪᠡᠯᠭᠡ ᠴᠤᠭᠯᠠᠷᠠᠨ᠂ ᠣᠭ᠌ᠶᠤ ᠶ᠋ᠢᠨ ᠪᠣᠯᠳᠣᠭ ᠣᠷᠭᠢᠯ ᠠ᠋ᠴᠠ ᠴᠠᠭᠠᠨ᠂ ᠤᠯᠠᠭᠠᠨ᠂ ᠬᠥᠬᠡ᠂ ᠰᠢᠷ᠎ᠠ ᠳᠥᠷᠪᠡᠨ ᠥᠩᠭᠡ ᠶ᠋ᠢᠨ ᠭᠡᠷᠡᠯ ᠭᠤᠷᠪᠠᠨ ᠰᠥᠨᠢ ᠰᠠᠴᠤᠷᠠᠨ ᠭᠡᠢᠭᠦᠯᠪᠡ᠃ ᠰᠢᠭᠦᠷ ᠲᠦᠰᠢᠮᠡᠯ᠂ ᠮᠡᠩᠭᠡᠯᠢᠭ ᠰᠠᠢᠳ ᠮᠡᠳᠡᠭᠦᠯᠦᠨ ᠢᠷᠡᠭᠰᠡᠨ ᠢ᠋ ᠪᠣᠳᠣᠵᠤ ᠰᠢᠨᠵᠢᠪᠡᠰᠦ᠂ ᠲᠡᠮᠦᠷ ᠦ᠋ᠨ ᠡᠲᠡᠭᠡᠳ ᠦ᠋ᠨ ᠥᠷᠥᠨ᠎ᠡ ᠲᠢᠪ – ᠪᠠᠯᠠᠩᠵᠤᠳ ᠳᠡᠯᠡᠬᠡᠢ ᠡᠴᠡ ᠳᠥᠷᠪᠡᠨ ᠶᠡᠬᠡ ᠤᠯᠤᠰ ᠤ᠋ᠨ ᠬᠠᠳ ᠡᠵᠡᠳ ᠬᠤᠷᠢᠶᠠᠭᠳᠠᠨ ᠬᠠᠮᠲᠤᠳᠬᠤ ᠶ᠋ᠢᠨ ᠪᠡᠯᠭᠡ ᠪᠣᠯᠵᠤᠬᠤᠢ ᠬᠡᠮᠡᠭᠰᠡᠨ ᠳ᠋ᠦ᠍ᠷ ᠬᠠᠭᠠᠨ ᠤ᠋ ᠭᠡᠭᠡᠨ ᠢ᠋ᠶ᠋ᠡᠷ ᠥᠪᠡᠷᠦᠨ ᠬᠣᠨᠢᠨ ᠤ᠋ ᠳᠠᠯᠤ ᠶ᠋ᠢᠨ ᠲᠥᠯᠭᠡ ᠪᠡᠷ ᠲᠥᠯᠭᠡᠳᠡᠨ ᠠᠢᠯᠠᠳᠴᠤ ᠬᠠᠷᠢᠭᠤ ᠵᠠᠷᠯᠢᠭ ᠪᠠᠭᠤᠯᠭᠠᠭᠰᠠᠨ ᠠᠨᠤ: 
      《ᠤᠯᠤᠰ ᠤ᠋ᠨ ᠥᠲᠡᠭᠦᠰ ᠵᠠᠢᠰᠠᠩ ᠰᠠᠢᠳ ᠤ᠋ᠳ ᠤ᠋ᠨ ᠦᠵᠡᠵᠦ ᠲᠦᠰᠥᠭᠯᠡᠭᠰᠡᠨ ᠢᠨᠤ ᠲᠢᠭ ᠲᠥᠯᠥᠪ ᠲᠣᠷ ᠮᠠᠰᠢ ᠨᠡᠢᠴᠡᠵᠦ᠂ ᠡᠨᠡ ᠵᠢᠯ ᠶᠡᠬᠡ ᠪᠠᠭ᠎ᠠ ᠪᠠ ᠮᠠᠭᠤ ᠰᠠᠢᠨ ᠪᠣᠯᠪᠠᠴᠤ ᠳᠥᠷᠪᠡᠨ ᠤᠯᠤᠰ ᠤ᠋ᠨ ᠠᠮᠢᠰᠬᠤᠯ ᠢ᠋ ᠬᠤᠷᠢᠶᠠᠮᠵᠢᠯᠠᠬᠤ ᠪᠡᠯᠭᠡ ᠪᠣᠢ ᠶ᠋ᠢᠨ ᠲᠤᠯᠠ᠂ ᠤᠯᠤᠰ ᠲᠥᠷᠥ ᠳ᠋ᠦ᠍ᠷ ᠯᠠᠪ ᠬᠡᠷᠡᠭ ᠣᠯᠠᠨ᠂ ᠶᠠᠪᠤᠳᠠᠯ ᠦᠯᠡᠮᠵᠢ ᠶ᠋ᠢᠨ ᠣᠴᠢᠷ᠎ᠠ᠂ ᠰᠡᠴᠡᠳ ᠪᠠᠭᠠᠲᠤᠷ ᠤ᠋ᠳ ᠴᠥᠮ ᠵᠢᠨᠦᠩ ᠲᠠᠢᠪᠤᠤ ᠶ᠋ᠢᠨ ᠴᠡᠷᠢᠭ ᠦ᠋ᠨ ᠲᠤᠬᠠᠢᠲᠤ ᠭᠠᠵᠠᠷ᠎ᠠ ᠴᠤᠭᠯᠠᠯᠳᠤᠨ ᠵᠥᠪᠳᠡᠯᠴᠡᠵᠦ ᠤᠯᠤᠰ ᠢ᠋ ᠰᠠᠬᠢᠬᠤ᠂ ᠬᠢᠵᠠᠭᠠᠷ ᠢ᠋ ᠴᠠᠭᠳᠠᠬᠤ᠂ ᠠᠯᠤᠰ ᠢ᠋ ᠲᠤᠯᠵᠤ ᠬᠣᠯᠠ ᠶ᠋ᠢ ᠬᠤᠷᠢᠶᠠᠮᠵᠢᠯᠠᠬᠤ ᠶ᠋ᠢ ᠲᠤᠰ ᠲᠤᠰ ᠲᠤᠷ ᠬᠤᠪᠢᠶᠠᠨ ᠭᠠᠷᠭᠠᠵᠤ᠂ ᠲᠤᠬᠠᠢ ᠲᠤᠬᠠᠢ ᠳ᠋ᠤᠷ ᠲᠤᠰᠢᠶᠠᠨ ᠪᠡᠯᠡᠳᠬᠡᠭᠦᠯ᠂ ᠥᠪᠡᠷ᠎ᠡ ᠵᠦᠢᠯ ᠢ᠋ ᠡᠰᠡ ᠮᠡᠳᠡᠪᠡᠴᠦ ᠣᠢᠷ᠎ᠠ ᠠ᠋ᠴᠠ ᠴᠢᠦᠢ ᠴᠦ ᠯᠢᠦᠢ ᠶ᠋ᠢᠨ ᠪᠡᠶ᠎ᠡ ᠲᠠᠩᠭᠤᠳ ᠤᠯᠤᠰ ᠲᠤᠷ ᠳᠠᠷᠤᠭᠳᠠᠵᠤᠬᠤᠢ᠃ ᠯᠠᠪ ᠪᠠᠰᠠ ᠭᠠᠵᠢᠭᠤ ᠡᠪᠳᠡᠷᠡᠯ ᠳᠡᠭᠳᠡᠮᠦᠢ᠃ ᠬᠣᠯᠠ ᠠ᠋ᠴᠠ ᠪᠠᠷᠠᠭᠤᠨ ᠤᠢᠭᠤᠷ ᠤ᠋ᠨ ᠶᠡᠬᠡ ᠤᠯᠤᠰ ᠤ᠋ᠨ ᠦᠷᠭᠦᠩᠭᠡ ᠬᠠᠭᠠᠨ ᠯᠤᠭ᠎ᠠ ᠰᠢᠩᠰᠠ ᠳᠠᠯᠠᠢ ᠶ᠋ᠢᠨ ᠠᠰᠢᠭ ᠢ᠋ ᠲᠡᠮᠡᠴᠡᠯᠳᠦᠪᠡ᠃ ᠯᠠᠪ ᠪᠠᠰᠠ ᠡᠴᠢᠵᠦ ᠢᠷᠡᠬᠦ ᠶ᠋ᠢᠨ ᠤᠶᠠᠭ᠎ᠠ ᠥᠷᠲᠡᠭᠡ ᠪᠡᠯᠡᠳᠬᠡᠬᠦ ᠬᠡᠷᠡᠭᠲᠡᠢ ᠪᠣᠯᠪᠠ ᠃ ᠴᠡᠷᠢᠭ ᠦ᠋ᠨ ᠲᠤᠬᠠᠢ ᠵᠠᠭᠤᠨ ᠰᠠᠢᠳ ᠤ᠋ᠳ ᠵᠣᠬᠢᠰ ᠲᠤᠷ ᠵᠣᠬᠢᠴᠠᠭᠤᠯᠤᠨ᠂ ᠵᠢᠷᠤᠮ ᠢ᠋ᠶ᠋ᠠᠷ ᠵᠦᠢᠴᠢᠯᠡᠵᠦ᠂ ᠵᠥᠪᠳᠡᠨ ᠲᠣᠭᠲᠠᠭᠠᠵᠤ ᠲᠣᠳᠣᠷᠬᠠᠢᠯᠠᠨ ᠠᠢᠯᠠᠳᠬᠠᠭᠲᠤᠨ 》ᠬᠡᠮᠡᠵᠦᠬᠦᠢ᠃ ᠵᠠᠭᠤᠨ ᠨᠣᠶᠠᠳ ᠮᠢᠩᠭᠠᠨ ᠰᠠᠢᠳ ᠤ᠋ᠳ ᠲᠦᠮᠡᠨ ᠨᠠᠰᠤᠲᠤ᠂ ᠲᠦᠭ ᠲᠦᠮᠡᠨ ᠨᠠᠰᠤᠲᠤ ᠭᠡᠮᠡᠨ ᠮᠥᠷᠭᠥᠵᠦ᠂ ᠡᠨᠡ ᠵᠢᠯ ᠦ᠋ᠨ ᠰᠢᠨ᠎ᠡ ᠶ᠋ᠢᠨ ᠵᠣᠯᠭᠠᠯᠲᠠ ᠶ᠋ᠢᠨ ᠪᠡᠯᠭᠡ ᠶ᠋ᠢᠨ ᠡᠯᠴᠢ ᠨᠠᠷ ᠠ᠋ᠴᠠ ᠭᠠᠭᠴᠠ ᠤᠢᠭᠤᠷ ᠤᠯᠤᠰ ᠤ᠋ᠨ ᠡᠯᠴᠢ ᠢᠷᠡᠭᠰᠡᠨ ᠦᠭᠡᠢ ᠲᠤᠯᠠ᠂ ᠲᠡᠷᠡ ᠭᠠᠵᠠᠷ ᠶᠡᠬᠡ ᠲᠡᠮᠡᠴᠡᠯᠳᠦᠭᠡᠨ ᠳᠡᠭᠳᠡᠭᠰᠡᠨ ᠢᠨᠤ ᠯᠠᠪ ᠪᠣᠯᠪᠠ᠃ ᠲᠡᠢᠨ ᠬᠦ᠌ ᠲᠡᠷᠡ ᠬᠢᠵᠠᠭᠠᠷ ᠤ᠋ᠨ ᠮᠡᠳᠡᠭᠡᠴᠢ ᠲᠤᠷᠰᠢᠭᠤᠯ ᠤ᠋ᠨ ᠤᠶᠠᠭ᠎ᠠ ᠥᠷᠲᠡᠭᠡ ᠪᠡᠯᠡᠳᠬᠡᠬᠦ ᠶ᠋ᠢ ᠬᠡᠯᠡᠯᠴᠡᠨ ᠲᠣᠭᠲᠠᠭᠠᠵᠤ᠂ ᠪᠠᠷᠠᠭᠤᠨ ᠲᠠᠩᠭᠤᠳ ᠤᠯᠤᠰ ᠤ᠋ᠨ ᠤᠮᠠᠷ᠎ᠠ ᠬᠢᠵᠠᠭᠠᠷ᠂ ᠨᠠᠢ᠍ᠮᠠᠨ ᠤᠯᠤᠰ ᠤ᠋ᠨ ᠡᠮᠦᠨ᠎ᠡ ᠵᠠᠬ᠎ᠠ᠂ ᠲᠠᠩᠭᠤᠳ ᠤᠯᠤᠰ ᠤ᠋ᠨ ᠳᠤᠮᠳᠠᠭᠤᠷ᠂ ᠦᠷᠦᠮᠴᠢ ᠠᠢᠮᠠᠭ ᠤ᠋ᠨ ᠡᠮᠦᠨᠡᠭᠦᠷ᠂ ᠪᠠᠷᠰ ᠬᠣᠲᠠ ᠶ᠋ᠢᠨ ᠬᠣᠢᠭᠤᠷ᠂ ᠢᠯᠳᠡᠰᠢ ᠮᠥᠷᠡᠨ ᠦ᠌ ᠶᠡᠬᠡ ᠳᠣᠭᠤᠤᠷ᠂ ᠲᠣᠷᠭᠤᠳ ᠠᠢᠮᠠᠭ ᠤ᠋ᠨ ᠳᠣᠲᠣᠭᠤᠷ᠂ ᠲᠥᠪᠡᠳ ᠤᠯᠤᠰ ᠤ᠋ᠨ ᠳᠥᠭᠥᠮ᠂ ᠲᠡᠭᠷᠢ ᠡᠯᠡᠰᠦᠨ ᠦ᠌ ᠳᠠᠪᠴᠢ ᠪᠠᠷ ᠶᠢᠰᠦᠨ ᠬᠡᠯᠡᠨ᠎ᠡ ᠮᠡᠷᠭᠡᠰᠢᠭᠰᠡᠨ ᠶᠡᠬᠡ ᠤᠷᠤᠭ ᠰᠠᠢᠳ ᠬᠦᠩ ᠵᠠᠯᠮ᠎ᠠ ᠳ᠋ᠤᠷ ᠵᠡᠪᠡ ᠵᠠᠩᠵᠤᠨ ᠢ ᠬᠠᠪᠰᠤᠷᠭᠠᠨ ᠥᠭᠴᠦ᠂ ᠶᠡᠬᠡ ᠪᠠᠭᠤᠳᠠᠯ ᠭᠡᠷ ᠨᠡᠭᠦᠳᠡᠯ ᠦ᠋ᠨ ᠵᠢᠭᠰᠠᠭᠠᠯ ᠥᠭᠴᠦ᠂ ᠣᠷᠣᠨ ᠣᠷᠣᠨ ᠳ᠋ᠤᠷ ᠵᠠᠷᠯᠢᠭ ᠤ᠋ᠨ ᠵᠠᠷᠯᠠᠯ᠂ ᠵᠠᠰᠠᠭᠯᠠᠯ ᠤ᠋ᠨ ᠵᠠᠬᠢᠶ᠎ᠠ ᠶ᠋ᠢ ᠵᠠᠷᠯᠠᠨ ᠲᠣᠭᠲᠠᠭᠠᠷ᠎ᠠ ᠰᠠᠢᠨ ᠡᠳᠦᠷ ᠰᠣᠩᠭᠣᠨ ᠮᠣᠷᠳᠠᠭᠤᠯᠤᠨ ᠬᠥᠳᠡᠯᠭᠡᠪᠡ᠃ ᠡᠨᠡ ᠤᠢᠭᠤᠷ ᠤᠯᠤᠰ ᠤ᠋ᠨ ᠪᠢᠴᠢᠭ ᠦᠰᠦᠭ ᠣᠯᠠᠨ ᠠᠢᠮᠠᠭ ᠲᠤᠷ ᠤᠯᠠᠷᠢᠨ ᠳᠡᠯᠭᠡᠷᠡᠭᠰᠡᠨ ᠢᠨᠤ ᠶᠠᠭᠤᠨ ᠤ᠋ ᠤᠴᠢᠷ᠂ ᠲᠡᠭᠦᠨ ᠦ᠌ ᠦᠰᠦᠭ ᠢ᠋ ᠬᠡᠷᠡᠭᠯᠡᠬᠦ ᠢᠨᠤ ᠡᠭᠡᠨᠡᠭᠲᠡ ᠶᠠᠭᠤᠨ ᠤ᠋ ᠰᠢᠯᠲᠠᠭᠠᠨ ? ᠬᠡᠮᠡᠪᠡᠰᠦ ᠄ ᠣᠨ ᠵᠢᠯ ᠮᠠᠰᠢ ᠤᠳᠠᠵᠤ᠂ ᠤᠭ ᠠ᠋ᠴᠠ ᠨᠣᠮ ᠪᠢᠴᠢᠭ ᠲᠣᠷ ᠶᠡᠬᠡ ᠦᠨᠳᠦᠰᠦᠲᠦ ᠤᠯᠤᠰ ᠤ᠋ᠨ ᠤᠴᠢᠷ ᠢ᠋ ᠨᠠᠷᠢᠪᠴᠢᠯᠠᠨ ᠡᠰᠡ ᠲᠣᠭᠠᠴᠢᠪᠠᠰᠤ ᠣᠯᠠᠨ ᠪᠢᠴᠢᠭ ᠠᠢᠯᠠᠳᠬᠤ ᠮᠡᠷᠭᠡᠳ ᠢ᠋ᠶ᠋ᠡᠷ ᠤᠢᠭᠤᠷ ᠤᠯᠤᠰ ᠬᠡᠮᠡᠬᠦ ᠬᠣᠶᠠᠷ ᠦᠰᠦᠭ ᠢ᠋ ᠦᠵᠡᠮᠡᠭᠴᠡ ᠣᠢ ᠤᠨᠠᠭᠠᠨ ᠳ᠋ᠤᠷ ᠦᠯᠦ ᠣᠷᠣᠨ᠂ ᠣᠶᠤᠨ ᠳ᠋ᠤᠷ ᠦᠯᠦ ᠲᠥᠷᠥᠭᠳᠡᠨ᠂ ᠤᠬᠠᠭᠠᠨ ᠢ᠋ ᠦᠯᠦ ᠤᠬᠠᠨ᠂ ᠤᠴᠢᠷ ᠢ ᠦᠯᠦ ᠮᠡᠳᠡᠮᠦᠢ᠃ ᠤᠢᠭᠤᠷ ᠤᠯᠤᠰ ᠬᠡᠮᠡᠭᠴᠢ ᠪᠡᠷ ᠡᠷᠲᠡᠨ ᠦ᠌ ᠡᠨᠡᠳᠬᠡᠭ ᠲᠢᠪ ᠦ᠋ᠨ ᠤᠯᠤᠰ ᠤ᠋ᠨ ᠡᠩ ᠲᠡᠷᠢᠭᠦᠨ ᠦ᠌ ᠮᠠᡁᠠᠰᠠᠮᠠᠨᠳᠢ ᠬᠠᠭᠠᠨ ᠠ᠋ᠴᠠ ᠣᠯᠠᠨ ᠦᠶ᠎ᠡ ᠰᠤᠨᠵᠤ᠂ ᠲᠥᠷᠥᠯᠬᠢ ᠣᠶᠤᠨ ᠮᠠᠲᠠᠯ ᠰᠢᠳᠦ ᠠᠷᠠᠭᠠᠲᠤ ᠲᠦᠭᠡᠯ ᠡᠵᠡᠨ ᠢ᠋ ᠲᠥᠷᠥᠵᠦ᠂ ᠡᠨᠡᠳᠬᠡᠭ ᠦ᠋ᠨ ᠭᠠᠩᠭ᠎ᠠ ᠮᠦᠷᠡᠨ᠎ᠡ ᠬᠠᠭᠤᠷᠴᠢᠭᠯᠠᠨ ᠲᠠᠶᠠᠭᠳᠠᠭᠰᠠᠨ ᠢ ᠲᠥᠪᠡᠳ ᠤᠯᠤᠰ ᠤ᠋ᠨ ᠢᠦᠢ ᠴᠦ᠂ ᠰᠠᠩ ᠴᠦ ᠮᠥᠷᠡᠨ ᠦ᠌ ᠰᠠᠯᠪᠤᠷᠢ ᠪᠠᠷ ᠥᠭᠡᠳᠡ ᠤᠷᠤᠰᠤᠨ ᠢᠷᠡᠵᠦ᠂ ᠲᠥᠪᠡᠳ ᠨᠠᠷ ᠣᠯᠵᠤ ᠲᠡᠵᠢᠭᠡᠨ ᠬᠣᠢᠨ᠎ᠠ ᠬᠦᠵᠦᠭᠦᠨ ᠰᠠᠨᠳᠠᠯᠢᠲᠤ ᠬᠠᠭᠠᠨ ᠭᠡᠮᠡᠨ ᠰᠠᠭᠤᠭᠰᠠᠨ ᠲᠥᠭᠡᠯ ᠡᠵᠡᠨ ᠬᠡᠮᠡᠭᠴᠢ ᠶ᠋ᠢᠨ ᠣᠢᠷ᠎ᠠ ᠦᠷ᠎ᠡ ᠬᠡᠮᠡᠭᠴᠢ ᠳᠠᠯᠠᠢ ᠰᠤᠪᠢᠨ᠂ ᠠᠯᠲᠠᠨ ᠰᠢᠷᠡᠭᠡᠲᠦ ᠬᠠᠭᠠᠨ ᠤ᠋ ᠠᠬ᠎ᠠ ᠪᠣᠯᠤᠮᠤᠢ᠃ ᠣᠢᠷ᠎ᠠ ᠦᠶ᠎ᠡ ᠪᠡᠷ ᠡᠴᠢᠭᠡ ᠡᠴᠡᠭᠡᠨ ᠬᠣᠵᠢᠮ ᠬᠣᠯᠠ ᠠᠭᠯᠠᠭ ᠬᠣᠢᠲᠤ ᠵᠦᠭ ᠦ᠋ᠨ ᠲᠡᠭᠷᠢ ᠡᠯᠡᠰᠦᠨ ᠢ᠋ ᠬᠥᠳᠡᠭᠡᠰᠴᠦ ᠯᠣᠪᠤ ᠨᠠᠭᠤᠷ ᠢ᠋ ᠭᠡᠲᠦᠯᠵᠦ᠂ ᠲᠢᠶᠠᠨ ᠱᠠᠨ ᠬᠡᠮᠡᠬᠦ ᠲᠩᠷᠢ ᠠᠭᠤᠯᠠᠨ ᠤ᠋ ᠥᠪᠥᠷ ᠪᠡᠶ᠎ᠡ ᠶ᠋ᠢᠨ ᠡᠳᠦᠭᠡᠬᠢ ᠬᠠᠮᠢ ᠬᠡᠮᠡᠬᠦ᠂ ᠲᠦᠷᠹᠠᠨ ᠬᠡᠮᠡᠬᠦ᠂ ᠠᠯᠠᠭ ᠰᠢᠷ᠎ᠠ ᠬᠡᠮᠡᠬᠦ᠂ ᠪᠠᠰᠠ ᠪᠠᠷᠠᠭᠤᠨᠰᠢ ᠺᠦᠴᠠ ᠬᠡᠮᠡᠬᠦ᠂ ᠠᠬᠠᠰᠤ ᠬᠡᠮᠡᠬᠦ ᠵᠡᠷᠭᠡ ᠶ᠋ᠢᠨ ᠭᠠᠵᠠᠷ ᠪᠠᠰᠠ ᠪᠠᠷᠠᠭᠤᠨᠰᠢ ᠪᠠᠯᠴᠢᠭ ᠬᠡᠮᠡᠬᠦ᠂ ᠢᠩᠵᠢᠰᠢᠷ ᠬᠡᠮᠡᠬᠦ᠂ ᠵᠠᠢᠷ ᠨᠠᠭᠤᠷ᠂ ᠪᠣᠷᠤᠢᠳ ᠲᠤᠯᠲᠠᠯ᠎ᠠ ᠬᠠᠷᠠᠲᠤ ᠪᠡᠶ᠎ᠡ᠂ ᠶᠦᠩ ᠯᠢᠩ ᠬᠡᠮᠡᠭᠰᠡᠨ ᠴᠠᠰᠤ ᠳᠠᠪᠠᠭ᠎ᠠ᠂ ᠬᠥᠷ ᠬᠠᠷ᠎ᠠ ᠤᠰᠤ᠂ ᠦᠷᠦᠮᠴᠢ ᠶ᠋ᠢᠨ ᠴᠢᠬᠡ ᠡᠮᠦᠨ᠎ᠡ ᠵᠠᠬ᠎ᠠ᠂ ᠬᠦ ᠴᠧᠩ ᠬᠡᠮᠡᠭᠰᠡᠨ ᠬᠠᠭᠤᠴᠢᠨ ᠬᠣᠲᠠ ᠪᠠᠷᠠᠬᠦᠯ ᠬᠡᠮᠡᠬᠦ ᠵᠡᠷᠭᠡ ᠶ᠋ᠢᠨ ᠭᠠᠵᠠᠷ᠂ ᠵᠡᠭᠦᠨ ᠪᠠᠷᠠᠭᠤᠨ ᠭᠤᠷᠪᠠᠨ ᠮᠢᠩᠭᠠᠨ ᠭᠠᠵᠠᠷ᠂ ᠡᠮᠦᠨ᠎ᠡ ᠤᠮᠠᠷ᠎ᠠ ᠮᠢᠩᠭᠠᠨ ᠢᠯᠡᠭᠦᠦ ᠭᠠᠵᠠᠷ᠂ ᠡᠨᠡ ᠭᠠᠵᠠᠷ ᠪᠠᠷᠠᠭᠤᠨ ᠵᠣᠣ – ᠷᠠᠰᠢᠯᠾᠥ᠋ᠮᠪᠦ ᠡᠴᠡ ᠵᠡᠭᠦᠨ ᠬᠣᠢᠲᠤ᠂ ᠴᠢᠬᠡ ᠬᠣᠢᠲᠤ᠂ ᠪᠠᠷᠠᠭᠤᠨ ᠬᠣᠢᠲᠤ᠂ ᠮᠢᠩᠭᠠᠨ ᠭᠠᠵᠠᠷ ᠢᠯᠡᠭᠦᠦ ᠬᠣᠯᠠ ᠪᠣᠢ ᠠᠮᠤᠢ᠃ ᠡᠨᠡ ᠬᠦ᠌ ᠣᠢᠷ᠎ᠠ ᠦᠷ᠎ᠡ ᠳᠠᠷᠤᠢ ᠲᠡᠷᠡ ᠣᠷᠣᠨ ᠤ᠋ ᠠᠬᠠᠰᠤ ᠶ᠋ᠢᠨ ᠭᠠᠵᠠᠷ ᠬᠦᠷᠴᠦ ᠲᠥᠪᠡᠳ ᠦ᠋ᠨ ᠲᠦᠭᠡᠯ ᠡᠵᠡᠨ᠂ ᠬᠦᠵᠦᠭᠦᠨ ᠰᠠᠨᠳᠠᠯᠢᠲᠤ ᠬᠠᠭᠠᠨ ᠤ᠋ ᠦᠷᠡᠰ ᠢ᠋ᠶ᠋ᠡᠨ ᠬᠡᠮᠡᠭᠰᠡᠨ ᠳ᠋ᠦ᠍ᠷ ᠬᠠᠭᠠᠨ ᠠᠨᠤ ᠪᠠᠬᠠᠷᠬᠠᠨ ᠲᠡᠵᠢᠭᠡᠵᠦ᠂ ᠦᠷ᠎ᠡ ᠪᠡᠨ ᠪᠣᠯᠭᠠᠨ ᠬᠣᠢᠨ᠎ᠠ ᠬᠠᠭᠠᠨ ᠰᠠᠭᠤᠵᠤ᠂ ᠣᠢᠷ᠎ᠠ ᠶ᠋ᠢᠨ ᠦᠷ᠎ᠡ ᠬᠡᠮᠡᠭᠰᠡᠭᠡᠷ ᠤᠢᠭᠤᠷ ᠤᠯᠤᠰ ᠬᠡᠮᠡᠵᠦᠬᠦᠢ᠃ ᠡᠭᠦᠨᠴᠡ ᠪᠠᠰᠠ ᠬᠡᠳᠦᠢᠴᠢᠨᠡᠭᠡᠨ ᠦᠶ᠎ᠡ ᠪᠣᠯᠵᠤ᠂ ᠴᠠᠩ ᠠᠨ ᠪᠠᠯᠭᠠᠰᠤᠨ᠎ᠠ ᠰᠠᠭᠤᠭᠰᠠᠨ ᠳᠠᠩ ᠤᠯᠤᠰ ᠤ᠋ᠨ ᠲᠠᠢᠽᠥ᠋ᠩ ᠬᠠᠭᠠᠨ ᠯᠢ ᠱᠢ ᠮᠢᠨ ᠦ᠌ ᠦᠶ᠎ᠡ ᠳ᠋ᠦ᠍ᠷ ᠬᠦᠷᠴᠦ ᠢᠷᠡᠭᠡᠳ᠂ ᠲᠡᠷᠡ ᠣᠷᠣᠨ ᠤ᠋ ᠠᠭᠤᠯᠠ ᠬᠡᠲᠦᠷᠬᠡᠢ ᠥᠨᠳᠥᠷ᠂ ᠮᠥᠷᠡᠨ ᠮᠠᠰᠢ ᠤᠷᠲᠤ ᠲᠤᠯᠠ ᠥᠨᠳᠥᠷ ᠠᠭᠤᠳᠠᠮ ᠤᠯᠤᠰ ᠭᠡᠵᠦ ᠢᠷᠭᠡᠨ ᠦᠭᠡᠰ ᠢ᠋ᠶ᠋ᠡᠷ ᠭᠣᠣ ᠴᠠᠩ ᠤᠯᠤᠰ ᠭᠡᠮᠡᠨ ᠨᠡᠷᠡᠯᠡᠵᠦᠬᠦᠢ᠃ ᠳᠠᠩ ᠲᠠᠢᠽᠥ᠋ᠩ ᠦ᠋ᠨ ᠵᠸᠨ ᠭᠤᠸᠠᠨ ᠬᠡᠮᠡᠬᠦ ᠶ᠋ᠢᠨ ᠠᠷᠪᠠᠨ ᠭᠤᠷᠪᠠᠳᠤᠭᠠᠷ ᠰᠢᠷᠠᠭᠴᠢᠨ ᠭᠠᠬᠠᠢ ᠵᠢᠯ ᠳ᠋ᠦ᠍ᠷ ᠤᠢᠭᠤᠷ ᠤ᠋ᠨ ᠭᠣᠣ ᠴᠠᠩ ᠤ᠋ᠨ ᠸᠠᠩ ᠡᠵᠡᠨ ᠽᠧᠦ ᠸᠸᠨ ᠲᠡᠢ ᠬᠡᠮᠡᠭᠴᠢ ᠨᠡᠷᠡᠲᠦ ᠬᠠᠨ ᠠᠨᠤ᠂ ᠪᠠᠷᠠᠭᠤᠨ ᠪᠡᠶ᠎ᠡ ᠶ᠋ᠢᠨ ᠬᠠᠰᠠᠭ᠂ ᠪᠤᠷᠤᠢᠳ᠂ ᠬᠠᠰᠢᠬᠡᠷ᠂ ᠮᠠᠩᠭᠢᠰᠠᠷ ᠤ᠋ᠨ ᠵᠡᠷᠭᠡ ᠶ᠋ᠢᠨ ᠣᠯᠠᠨ ᠬᠣᠲᠣᠩᠭᠣᠳ ᠤ᠋ᠨ ᠰᠢ ᠢᠦᠢ ᠤᠯᠤᠰ ᠤ᠋ᠨ ᠳᠠᠩ ᠭᠦᠷᠦᠨ ᠳ᠋ᠦ᠍ᠷ ᠲᠠᠯ᠎ᠠ ᠪᠡᠯᠡᠭ ᠬᠦᠷᠭᠡᠵᠦ ᠢᠷᠡᠬᠦ ᠬᠦᠨᠳᠦ ᠶᠡᠬᠡ ᠡᠳ᠋ ᠠᠭᠤᠷᠠᠰᠤᠨ ᠤ᠋ ᠡᠯᠴᠢ ᠶ᠋ᠢ ᠢᠨᠤ ᠵᠠᠮ ᠲᠣᠰᠴᠤ ᠪᠠᠷᠠᠲᠠᠯ᠎ᠠ ᠪᠤᠯᠢᠶᠠᠨ ᠲᠠᠪᠴᠢᠯᠠᠭᠰᠠᠨ ᠪᠠ ᠪᠠᠰᠠ ᠳᠠᠩ ᠤᠯᠤᠰ ᠤ᠋ᠨ ᠪᠠᠷᠠᠭᠤᠨ ᠰᠢ ᠢᠦᠢ ᠶ᠋ᠢᠨ ᠣᠯᠠᠨ ᠤᠯᠤᠰ ᠲᠤᠷ ᠡᠴᠢᠬᠦ ᠡᠯᠴᠢ ᠶ᠋ᠢ ᠪᠠᠰᠠ ᠪᠠᠷᠢᠵᠤ ᠬᠣᠷᠢᠭᠰᠠᠨ᠂ ᠡᠳᠡᠭᠡᠷ ᠬᠡᠷᠡᠭ ᠦ᠋ᠳ ᠲᠣᠷ ᠲᠠᠢᠽᠥ᠋ᠩ ᠬᠠᠭᠠᠨ ᠤᠷᠢᠳᠠ ᠤᠬᠠᠭᠤᠯᠤᠨ ᠰᠤᠷᠭᠠᠬᠤ ᠡᠯᠴᠢ ᠢᠯᠡᠬᠡᠨ ᠡᠯᠰᠡᠨ ᠳᠠᠭᠠᠭᠤᠯᠰᠤᠭᠠᠢ ᠬᠡᠮᠡᠪᠡᠰᠦ᠂ ᠳᠠᠭᠠᠬᠤ ᠦᠭᠡᠢ ᠪᠡᠷ ᠦᠯᠦ ᠪᠠᠷᠠᠮ᠂ ᠭᠡᠳᠡᠷᠭᠦ ᠬᠠᠷᠢᠨ ᠵᠡᠷᠭᠡᠯᠡᠳᠡᠭᠡ ᠪᠠᠢᠬᠤ ᠲᠦᠷᠺ ᠠᠢᠮᠠᠭ᠂ ᠲᠣᠷᠭᠤᠳ ᠤᠯᠤᠰ ᠨᠠᠷ ᠯᠤᠭ᠎ᠠ ᠨᠡᠢᠯᠡᠵᠦ ᠳᠠᠩ ᠤᠯᠤᠰ ᠤ᠋ᠨ ᠵᠠᠬ᠎ᠠ ᠨᠡᠢᠯᠡᠬᠦ ᠶᠠᠨ ᠴᠢ ᠬᠡᠮᠡᠬᠦ ᠤᠯᠤᠰ ᠤ᠋ᠨ ᠭᠠᠵᠠᠷ ᠢ᠋ ᠲᠠᠪᠴᠢᠯᠠᠨ ᠡᠵᠡᠷᠬᠡᠭᠰᠡᠨ ᠳ᠋ᠦ᠍ᠷ ᠶᠠᠨ ᠴᠢ ᠤᠯᠤᠰ ᠤ᠋ᠨ ᠡᠵᠡᠨ ᠡᠯᠴᠢ ᠵᠠᠷᠤᠨ᠂ ᠳᠠᠩ ᠲᠠᠢᠽᠥ᠋ᠩ ᠬᠠᠭᠠᠨ ᠳ᠋ᠤᠷ ᠵᠠᠭᠠᠯᠳᠤᠵᠤ᠂ ᠬᠠᠭᠠᠨ ᠤ᠋ ᠡᠮᠦᠨ᠎ᠡ ᠡᠴᠡ ᠪᠠᠰᠠ ᠡᠯᠴᠢ ᠢᠯᠡᠭᠡᠵᠦ᠂ ᠪᠤᠰᠤᠳ ᠤ᠋ᠨ ᠭᠠᠵᠠᠷ ᠣᠷᠣᠨ ᠢ᠋ ᠡᠵᠡᠷᠬᠡᠭᠰᠡᠨ ᠢ ᠠᠰᠠᠭᠤᠯᠭᠠᠪᠠᠰᠤ᠂ ᠣᠭᠲᠣᠬᠠᠨ ᠠᠵᠢᠭ ᠦᠭᠡᠢ ᠪᠡᠷ ᠬᠠᠷᠢᠭᠤ ᠬᠠᠷᠢᠶᠠᠨ ᠳᠠᠭᠠᠷᠢᠵᠤ ᠪᠢᠴᠢᠭ ᠢᠯᠡᠭᠡᠵᠦᠬᠦᠢ᠃ ᠲᠡᠷᠡ ᠪᠢᠴᠢᠭ ᠦ᠋ᠨ ᠲᠣᠪᠴᠢᠶ᠎ᠠ ᠦᠭᠡᠰ ᠢᠨᠤ: 
      《ᠤᠮᠠᠷᠠᠲᠤ ᠣᠭᠲᠠᠷᠭᠤᠢ ᠶ᠋ᠢᠨ ᠰᠢᠪᠠᠭᠤᠳ ᠪᠣᠯᠪᠠᠰᠤ ᠠᠭᠠᠷ ᠲᠤᠷ ᠨᠢᠰᠴᠦ ᠠᠮᠢᠲᠠᠨ ᠢ᠋ ᠢᠳᠡᠵᠦ ᠠᠮᠢᠳᠤᠷᠠᠮᠤᠢ᠂ ᠡᠮᠦᠨᠡᠲᠦ ᠬᠢᠲᠠᠳ ᠤ᠋ᠨ ᠬᠢᠷᠭᠤᠤᠯ ᠪᠥᠭᠡᠰᠦ ᠰᠢᠷᠠᠯᠵᠢ ᠳ᠋ᠤᠷ ᠰᠢᠷᠭᠤᠯᠠᠵᠤ ᠰᠢᠮᠠᠭᠤᠯ ᠲᠡᠭᠦᠵᠦ ᠤᠨᠳᠤᠷᠤᠮᠤᠢ᠃ ᠠᠢᠯ ᠪᠠᠢᠰᠢᠩ ᠤ᠋ᠨ ᠮᠢᠭᠤᠢ ᠪᠣᠯᠪᠠᠰᠤ ᠭᠡᠷ ᠲᠦ᠍ᠷ ᠲᠡᠵᠢᠭᠡᠭᠳᠡᠨ ᠪᠡᠯᠡᠨ ᠢᠳᠡᠰᠢ ᠪᠡᠷ ᠠᠮᠢᠳᠤᠷᠠᠮᠤᠢ᠃ ᠲᠠᠯ᠎ᠠ ᠬᠡᠭᠡᠷ᠎ᠡ ᠶ᠋ᠢᠨ ᠵᠤᠷᠠᠮ᠎ᠠ ᠪᠥᠭᠡᠰᠦ ᠨᠦᠬᠡ ᠳ᠋ᠦ᠍ᠷ ᠨᠢᠭᠤᠵᠤ ᠴᠢᠭᠢᠭ ᠠᠮᠢᠰᠬᠤᠯ ᠢ᠋ᠶ᠋ᠠᠷ ᠤᠨᠳᠤᠷᠤᠮᠤᠢ᠃ ᠣᠷᠴᠢᠯᠠᠩ ᠤ᠋ᠨ ᠳᠡᠭᠡᠷᠡᠬᠢ ᠠᠮᠢᠲᠠᠨ ᠪᠦᠬᠦᠨ᠎ᠡ ᠴᠥᠮ ᠢ᠋ᠶ᠋ᠡᠷ ᠥᠪᠡᠷ ᠥᠪᠡᠷᠦᠨ ᠬᠠᠮᠢᠶᠠᠲᠤ ᠠᠮᠢᠳᠤᠷᠠᠯ ᠪᠣᠢ ᠪᠥᠭᠡᠲᠡᠯ᠎ᠡ᠂ ᠣᠯᠠᠨ ᠣᠪᠣᠭᠲᠤ ᠬᠢᠲᠠᠳ ᠪᠦᠬᠦᠨ ᠢ᠋ ᠨᠡᠢᠭᠡᠮᠯᠡᠨ ᠵᠠᠬᠢᠷᠤᠭᠰᠠᠨ ᠶᠡᠬᠡ ᠬᠠᠭᠠᠨ ᠬᠡᠮᠡᠭᠳᠡᠭᠡᠳ ᠶᠠᠭᠤᠨᠲᠤ ᠡᠳᠦᠢᠬᠡᠨ ᠵᠦᠢ ᠶ᠋ᠢ ᠦᠯᠦ ᠤᠬᠠᠮᠵᠢᠯᠠᠨ ᠤᠢᠭᠤᠷ ᠤᠯᠤᠰ ᠢ᠋ ᠠᠶᠤᠯᠭᠠᠨ ᠰᠦᠷᠳᠡᠭᠦᠯᠦᠮᠦᠢ᠃ ᠣᠯᠣᠭᠠᠢ ᠶᠠᠭᠤᠲᠠᠢ ᠤᠪ ᠦᠭᠡᠢ ᠪᠡᠷ ᠣᠢᠷ᠎ᠠ ᠬᠣᠯᠠ ᠶ᠋ᠢ ᠤᠴᠢᠷ ᠦᠭᠡᠢ ᠬᠠᠮᠢᠶᠠᠷᠤᠶ᠎ᠠ ᠬᠡᠮᠡᠮᠦᠢ 》ᠭᠡᠮᠡᠨ ᠳᠣᠭᠣᠭᠢᠯᠠᠨ ᠢᠯᠡᠭᠡᠭᠰᠡᠨ ᠳ᠋ᠦ᠍ᠷ᠂ ᠳᠠᠩ ᠲᠠᠢᠽᠥ᠋ᠩ ᠪᠡᠶ᠎ᠡ ᠪᠡᠨ ᠬᠢᠷᠭᠤᠤᠯ᠂ ᠵᠤᠷᠠᠮ᠎ᠠ ᠭᠡᠮᠡᠨ ᠳᠠᠭᠠᠷᠢᠨ ᠬᠠᠷᠢᠶᠠᠪᠠ ᠭᠡᠮᠡᠨ ᠶᠡᠬᠡᠯ᠎ᠡ ᠬᠢᠯᠢᠩᠯᠡᠨ ᠮᠥᠨ ᠵᠢᠯ ᠦ᠋ᠨ ᠠᠷᠪᠠᠨ ᠬᠣᠶᠠᠷ ᠰᠡᠷᠡᠳᠡ᠂ ᠶᠡᠬᠡ ᠵᠠᠩᠵᠤᠨ ᠬᠤ᠌ ᠵᠢᠶᠦ᠋ᠨ ᠵᠢᠢ ᠬᠡᠮᠡᠭᠴᠢ ᠳ᠋ᠦ᠍ᠷ ᠭᠣᠣ ᠴᠠᠩ ᠸᠠᠩ ᠢ᠋ ᠳᠠᠢᠯᠠᠬᠤ ᠶᠤᠸᠠᠨᠱᠤᠸᠠᠢ ᠶ᠋ᠢᠨ ᠲᠠᠮᠠᠭ᠎ᠠ ᠬᠦᠵᠦᠭᠦᠪᠴᠢᠯᠡᠭᠦᠯᠦᠨ ᠪᠠᠷᠠᠭᠤᠨ ᠬᠣᠢᠲᠤ᠂ ᠵᠢᠶᠣᠤ ᠭᠧ ᠬᠡᠮᠡᠬᠦ ᠬᠣᠲᠠ ᠳ᠋ᠤᠷ ᠶᠡᠬᠡ ᠽᠦᠩ ᠭᠤᠸᠠᠨ ᠲᠦᠰᠢᠮᠡᠯ ᠪᠣᠯᠭᠠᠨ ᠶᠡᠬᠡ ᠴᠡᠷᠢᠭ ᠢ᠋ ᠰᠢᠯᠭᠠᠭᠤᠯᠤᠨ ᠲᠡᠭᠰᠢᠯᠡᠬᠦᠢ ᠶ᠋ᠢ ᠲᠦᠷᠺ ᠠᠢᠮᠠᠭ ᠤ᠋ᠨ ᠡᠵᠡᠨ᠂ ᠰᠢᠦᠸᠠᠢ ᠶᠠᠨ ᠲᠦᠸᠧ ᠭᠧ ᠬᠡᠮᠡᠭᠴᠢ ᠤᠷᠢᠳᠠ ᠤᠢᠭᠤᠷ ᠯᠤᠭ᠎ᠠ ᠬᠣᠷᠰᠢᠶᠠᠯᠠᠭᠰᠠᠨ ᠰᠢᠷᠬ᠎ᠠ ᠶ᠋ᠢᠨ ᠲᠤᠭ ᠠ᠋ᠴᠠ ᠰᠣᠨᠣᠰᠴᠤ ᠶᠡᠬᠡᠯ᠎ᠡ ᠠᠶᠤᠨ ᠨᠢᠭᠤᠵᠤ᠂ ᠡᠯᠴᠢ ᠢᠯᠡᠬᠡᠨ 《ᠬᠠᠭᠠᠨ ᠬᠡᠷᠪᠡ ᠭᠣᠣ ᠴᠠᠩ ᠢ᠋ ᠳᠠᠢᠯᠠᠪᠠᠰᠤ ᠪᠢ ᠤᠷᠢᠳᠠ ᠡᠮᠦᠨ᠎ᠡ ᠪᠣᠯᠤᠨ ᠳᠠᠢᠯᠠᠨ ᠣᠷᠣᠰᠤᠭᠠᠢ 》ᠬᠡᠮᠡᠭᠰᠡᠨ᠎ᠡ ᠳᠠᠩ ᠲᠠᠢᠽᠥ᠋ᠩ ᠪᠠᠰᠠ ᠡᠯᠰᠡᠨ ᠡᠷᠭᠦᠮᠵᠢᠯᠡᠬᠦ ᠬᠠᠰ ᠲᠠᠮᠠᠭ᠎ᠠ ᠳᠠᠷᠤᠭᠰᠠᠨ ᠵᠣᠣ ᠪᠢᠴᠢᠭ ᠪᠠᠭᠤᠯᠭᠠᠨ ᠡᠶ᠎ᠡ ᠪᠡᠷ ᠡᠯᠰᠡᠨ ᠳᠠᠭᠠᠭᠤᠯᠬᠤ ᠡᠯᠴᠢ ᠢᠯᠡᠭᠡᠪᠡᠰᠦ᠂ ᠽᠧᠦ ᠸᠸᠨ ᠲᠡᠢ ᠡᠪᠡᠳᠴᠢᠨᠲᠡᠢ ᠭᠡᠮᠡᠨ ᠰᠢᠯᠲᠠᠭᠯᠠᠵᠤ ᠢᠷᠡᠬᠦ ᠦᠭᠡᠢ ᠳ᠋ᠦ᠍ᠷ ᠳᠠᠩ ᠲᠠᠢᠽᠥ᠋ᠩ ᠰᠠᠶᠢ ᠶᠡᠬᠡᠳᠡ ᠬᠢᠯᠢᠩᠯᠡᠨ᠂ ᠬᠤ᠌ ᠵᠢᠶᠦ᠋ᠨ ᠵᠢᠢ ᠳ᠋ᠦ᠍ᠷ ᠰᠢᠦᠸᠠᠢ ᠸᠠᠨ ᠵᠢᠶᠦ᠋ᠨ ᠢ᠋ ᠬᠠᠪᠰᠤᠷᠭᠠᠨ ᠥᠭᠴᠦ᠂ ᠨᠢᠭᠡᠨ ᠲᠦᠮᠡᠨ ᠴᠡᠷᠢᠭ ᠢ᠋ᠶ᠋ᠡᠷ ᠭᠣᠣ ᠴᠠᠩ ᠢ᠋ ᠳᠠᠢᠯᠠᠷ᠎ᠠ ᠮᠣᠷᠳᠠᠭᠤᠯᠪᠠ᠃ ᠳᠠᠩ ᠲᠠᠢᠽᠥ᠋ᠩ ᠦ᠋ᠨ ᠵᠸᠨ ᠭᠤᠸᠠᠨ ᠬᠡᠮᠡᠬᠦ ᠶ᠋ᠢᠨ ᠠᠷᠪᠠᠨ ᠳᠥᠷᠪᠡᠳᠦᠭᠡᠷ ᠣᠨ ᠴᠠᠭᠠᠨ ᠬᠤᠯᠤᠭᠠᠨ᠎ᠠ ᠵᠢᠯ ᠦ᠋ᠨ ᠭᠤᠷᠪᠠᠨ ᠰᠠᠷ᠎ᠠ ᠳ᠋ᠤᠷ ᠪᠥᠯᠥᠭᠡ᠃ ᠲᠡᠭᠦᠨᠴᠡ᠂ ᠭᠣᠣ ᠴᠠᠩ ᠤ᠋ᠨ ᠸᠠᠩ ᠽᠧᠦ ᠸᠸᠨ ᠲᠡᠢ᠂ ᠳᠠᠩ ᠤᠯᠤᠰ ᠤ᠋ᠨ ᠴᠡᠷᠢᠭ ᠳᠠᠢᠯᠠᠷ᠎ᠠ ᠢᠷᠡᠮᠦᠢ ᠬᠡᠮᠡᠬᠦ ᠶ᠋ᠢ ᠰᠣᠨᠣᠰᠴᠤ᠂ ᠤᠯᠤᠰ ᠤ᠋ᠨ ᠰᠠᠢᠳ ᠲᠦᠰᠢᠮᠡᠳ ᠦ᠋ᠨ ᠵᠦᠭ  《ᠳᠠᠩ ᠤᠯᠤᠰ ᠮᠠᠨ ᠤ᠋ ᠤᠯᠤᠰ ᠢ᠋ ᠳᠠᠢᠯᠠᠬᠤᠢ ᠳ᠋ᠤᠷ ᠳᠣᠯᠣᠭᠠᠨ ᠮᠢᠩᠭᠠᠨ ᠢᠯᠡᠭᠦᠦ ᠭᠠᠵᠠᠷ ᠬᠣᠯᠠ᠂ ᠨᠡᠩ ᠪᠠᠰᠠ ᠤᠰᠤ ᠦᠭᠡᠢ ᠬᠠᠭᠰᠠᠮ᠎ᠠ ᠬᠠᠭᠤᠷᠠᠢ ᠲᠡᠭᠷᠢ ᠶᠡᠬᠡ ᠡᠯᠡᠰᠦ ᠶ᠋ᠢ ᠬᠥᠳᠡᠭᠡᠰᠦᠨ ᠭᠠᠷᠴᠤ ᠢᠷᠡᠬᠦᠢ ᠳ᠋ᠦ᠍ᠷ ᠬᠣᠶᠠᠷ ᠮᠢᠩᠭᠠᠨ ᠭᠠᠵᠠᠷ ᠪᠣᠢ᠃ ᠮᠢᠨᠦ ᠡᠨᠡ ᠭᠠᠵᠠᠷ ᠲᠤᠷ ᠦᠷᠡᠰ ᠲᠠᠷᠢᠶ᠎ᠠ ᠦᠯᠦ ᠪᠣᠯᠪᠠᠰᠤᠷᠠᠨ᠂ ᠡᠪᠦᠯ ᠪᠣᠯᠪᠠᠰᠤ ᠬᠢᠲᠤᠭ᠎ᠠ ᠮᠡᠲᠦ ᠬᠦᠢᠲᠡᠨ᠂ ᠵᠤᠨ ᠪᠣᠯᠪᠠᠰᠤ ᠬᠤᠢᠬᠠᠯᠠᠬᠤ ᠠᠳᠠᠯᠢ ᠬᠤᠷᠴᠠ ᠬᠠᠯᠠᠭᠤᠨ᠃ ᠬᠢᠲᠠᠳ ᠤ᠋ᠨ ᠣᠷᠣᠨ ᠤ᠋ ᠬᠡᠪᠡᠷᠡᠭ ᠪᠤᠯᠪᠠᠷᠠᠢ ᠠᠮᠢᠲᠠᠳ ᠬᠡᠷᠬᠢᠨ ᠬᠦᠷᠴᠦ ᠢᠷᠡᠨ ᠴᠢᠳᠠᠬᠤ ᠠᠵᠠᠢ !》ᠭᠡᠮᠡᠨ ᠬᠠᠷᠠᠬᠠᠨ ᠣᠮᠣᠷᠬᠠᠭᠯᠠᠨ ᠪᠠᠷᠳᠠᠩᠨᠠᠵᠤ ᠬᠤᠷᠢᠮᠯᠠᠨ ᠰᠠᠭᠤᠬᠤᠶ᠎ᠠ᠂ ᠣᠢᠷᠠᠬᠢ ᠲᠤᠷᠰᠢᠭᠤᠯ ᠨᠢᠰᠬᠦ ᠳᠣᠪᠲᠣᠯᠭ᠎ᠠ ᠪᠠᠷ ᠢᠷᠡᠵᠦ 《ᠳᠠᠩ ᠤᠯᠤᠰ ᠤ᠋ᠨ ᠠᠷᠪᠠᠨ ᠲᠦᠮᠡᠨ ᠦ᠌ ᠶᠡᠬᠡ ᠴᠡᠷᠢᠭ ᠮᠢᠩᠭᠠᠨ ᠲᠡᠮᠡᠭᠡᠨ ᠢ᠋ᠶ᠋ᠡᠷ ᠤᠰᠤ ᠠᠴᠢᠵᠤ᠂ ᠲᠡᠭᠷᠢ ᠡᠯᠡᠰᠦ ᠶ᠋ᠢ ᠬᠥᠳᠡᠭᠡᠰᠦᠨ ᠭᠠᠷᠴᠤ ᠢᠷᠡᠨ ᠠᠢᠰᠤᠢ 》ᠬᠡᠮᠡᠭᠰᠡᠨ ᠨᠢᠭᠡᠬᠡᠨ ᠦᠭᠡᠰ ᠲᠣᠷ ᠠᠶᠤᠨ ᠰᠣᠴᠢᠵᠤ᠂ ᠠᠷᠠᠵᠠ ᠪᠣᠷᠣᠵᠠ ᠠᠮᠠᠨ ᠠ᠋ᠴᠠ ᠴᠠᠯᠭᠢᠨ ᠦᠰᠦᠷᠦᠨ ᠭᠠᠷᠴᠤ ᠢᠷᠡᠭᠡᠳ᠂ ᠢᠳᠡᠭᠡᠨ ᠳᠡᠪᠡᠯᠬᠢᠯᠡᠨ᠌ ᠣᠭᠰᠢᠭᠤᠯᠵᠤ ᠤᠳᠠᠭᠰᠠᠨ ᠦᠭᠡᠢ ᠦᠬᠦᠭᠰᠡᠨ ᠳ᠋ᠦ᠍ᠷ ᠳᠡᠭᠦᠨᠦ ᠬᠥᠪᠡᠭᠦᠨ ᠦ᠌ ᠨᠡᠷ᠎ᠡ ᠵᠠᠢᠰᠠᠩ ᠬᠡᠮᠡᠭᠴᠢ ᠪᠡᠷ ᠸᠠᠩ ᠤ᠋ᠨ ᠰᠠᠭᠤᠷᠢᠨ ᠢ᠋ ᠵᠠᠯᠭᠠᠮᠵᠢᠯᠠᠨ᠂ ᠡᠳᠦᠷ ᠰᠣᠩᠭᠣᠵᠤ ᠡᠴᠢᠭᠡ ᠬᠠᠭᠠᠨ ᠤ᠋ ᠪᠠᠨ ᠴᠢᠨᠳᠠᠷ ᠢ᠋ ᠰᠢᠳᠬᠡᠨ ᠣᠷᠣᠰᠢᠭᠤᠯᠰᠤᠭᠠᠢ ᠭᠡᠮᠡᠨ ᠦᠢᠮᠡᠯᠳᠦᠵᠦ ᠪᠠᠢᠲᠠᠯ᠎ᠠ᠂ ᠳᠠᠩ ᠤᠯᠤᠰ ᠤ᠋ᠨ ᠶᠡᠬᠡ ᠴᠡᠷᠢᠭ ᠬᠣᠲᠠ ᠳ᠋ᠤᠷ ᠲᠤᠯᠤᠨ ᠬᠦᠷᠴᠦ᠂ ᠳᠠᠩ ᠤ᠋ᠨ ᠣᠯᠠᠨ ᠵᠠᠩᠵᠤᠨ ᠨᠠᠷ ᠳᠠᠷᠤᠢ ᠡᠨᠡ ᠲᠠᠰᠢᠷᠠᠮ ᠢ᠋ᠶ᠋ᠠᠷ ᠪᠠᠢᠯᠳᠤᠨ ᠡᠪᠳᠡᠰᠦᠭᠡᠢ ᠬᠡᠮᠡᠬᠦᠢ ᠳ᠋ᠦ᠍ᠷ ᠶᠤᠸᠠᠨᠱᠤᠸᠠᠢ ᠬᠤ᠌ ᠵᠢᠶᠦ᠋ᠨ ᠵᠢᠢ ᠥᠭᠦᠯᠡᠷᠦᠨ : 
      《ᠮᠠᠨ ᠤ᠋ ᠬᠠᠭᠠᠨ ᠡᠵᠡᠨ᠂ ᠭᠣᠣ ᠴᠠᠩ ᠤᠯᠤᠰ ᠢ᠋ ᠶᠣᠰᠣᠨ ᠦᠭᠡᠢ ᠭᠡᠮᠡᠨ ᠲᠠᠢᠯᠠᠭᠤᠯᠬᠤ ᠠᠲᠠᠯ᠎ᠠ᠂ ᠪᠢᠳᠡ ᠥᠪᠡᠷ ᠢ᠋ᠶ᠋ᠡᠨ ᠶᠣᠰᠣᠨ ᠦᠭᠡᠢ ᠪᠡᠷ ᠪᠤᠰᠤᠳ ᠤ᠋ᠨ ᠡᠵᠡᠨ ᠡᠴᠢᠭᠡ ᠶ᠋ᠢᠨ ᠴᠢᠨᠳᠠᠷ ᠢ᠋ ᠣᠷᠣᠰᠢᠭᠤᠯᠬᠤ ᠬᠦᠨᠳᠦ ᠭᠠᠰᠠᠯᠠᠩ ᠳ᠋ᠤ᠌ ᠣᠷᠣᠵᠤ ᠪᠠᠢᠯᠳᠤᠪᠠᠰᠤ ᠶᠠᠭᠠᠬᠢᠨ ᠶᠠᠯ᠎ᠠ ᠠᠰᠠᠭᠤᠬᠤ ᠶᠣᠰᠣᠲᠤ ᠶᠡᠬᠡ ᠴᠡᠷᠢᠭ ᠬᠡᠮᠡᠪᠡᠰᠦ ᠪᠣᠯᠤᠮᠤᠢ ?》ᠬᠡᠮᠡᠵᠦ᠂ ᠴᠡᠷᠢᠭ ᠢ᠋ᠶ᠋ᠡᠨ ᠲᠡᠳᠡᠨ ᠡᠭᠡᠭᠦᠯᠵᠦ᠂ ᠴᠢᠯᠥᠭᠡ ᠥᠭᠴᠦ᠂ ᠬᠡᠭᠦᠷ ᠢ᠋ ᠢᠨᠦ ᠭᠠᠷᠭᠠᠯᠭᠠᠨ ᠣᠷᠣᠰᠢᠭᠤᠯᠤᠭᠤᠯᠵᠤ᠂ ᠵᠢᠴᠢ ᠡᠳᠦᠷ ᠰᠠᠶᠢ ᠶᠡᠬᠡ ᠴᠡᠷᠢᠭ ᠢ᠋ᠶ᠋ᠡᠷ ᠤᠢᠭᠤᠷ ᠤ᠋ᠨ ᠬᠠᠳᠠᠨ ᠰᠢᠷᠣᠢ ᠶ᠋ᠢ ᠳᠡᠯᠡᠳᠴᠦ ᠳᠠᠭᠲᠠᠷᠰᠢᠭᠤᠯᠤᠭᠰᠠᠨ ᠬᠣᠲᠠ ᠶ᠋ᠢ ᠬᠠᠭᠠᠵᠤ ᠪᠠᠢᠯᠳᠤᠨ ᠮᠥᠨ ᠡᠳᠦᠷ ᠦ᠋ᠨ ᠦᠳᠡ ᠪᠣᠯᠲᠠᠯ᠎ᠠ ᠬᠣᠲᠠ ᠶ᠋ᠢᠨ ᠳᠥᠷᠪᠡᠨ ᠡᠲᠡᠭᠡᠳ ᠢ᠋ ᠬᠠᠮᠲᠤᠪᠠᠷ ᠪᠠᠢᠯᠳᠤᠨ ᠳᠠᠷᠤᠭᠠᠳ ᠬᠣᠲᠠ ᠳ᠋ᠤᠷ ᠭᠠᠷᠴᠤ ᠬᠠᠭᠠᠯᠭ᠎ᠠ ᠪᠦᠷᠢ ᠶ᠋ᠢ ᠪᠤᠯᠢᠶᠠᠨ ᠡᠵᠡᠯᠡᠭᠰᠡᠨ ᠳ᠋ᠦ᠍ᠷ ᠵᠠᠢᠰᠠᠩ ᠠᠷᠭ᠎ᠠ ᠦᠭᠡᠶ᠎ᠡ ᠥᠪᠡᠷᠦᠨ ᠪᠡᠶ᠎ᠡ ᠪᠡᠷ ᠤᠭᠲᠤᠨ ᠭᠠᠷᠴᠤ ᠮᠥᠷᠭᠥᠵᠦ ᠳᠠᠭᠠᠪᠠ᠃ ᠡᠨᠡ ᠦᠨᠡᠬᠡᠷ ᠴᠢᠪ ᠴᠢᠬᠡ ᠶᠡᠷᠦ ᠶ᠋ᠢᠨ ᠦᠭᠡᠰ ᠦ᠋ᠨ 《ᠰᠢᠷ᠎ᠠ ᠮᠦᠷᠡᠨ᠎ᠡ ᠡᠰᠡ ᠲᠤᠯᠤᠨ ᠬᠦᠷᠴᠦ ᠦᠵᠡᠪᠡᠰᠦ ᠰᠢᠨᠲᠠᠷᠠᠬᠤ ᠰᠡᠳᠬᠢᠯ ᠬᠡᠷᠬᠢᠪᠡᠴᠦ ᠲᠥᠷᠥᠬᠦ ᠦᠭᠡᠢ 》ᠬᠡᠮᠡᠭᠴᠢ ᠢᠨᠤ ᠪᠣᠯᠠᠢ᠃ ᠲᠡᠭᠦᠨᠴᠡ ᠬᠤ᠌ ᠵᠢᠶᠦ᠋ᠨ ᠵᠢᠢ ᠴᠡᠷᠢᠭ ᠬᠤᠪᠢᠶᠠᠨ ᠭᠠᠷᠭᠠᠵᠤ᠂ ᠬᠣᠲᠠ ᠬᠣᠷᠣᠭ᠎ᠠ ᠬᠣᠷᠢᠨ ᠬᠣᠶᠠᠷ ᠤ᠋ᠨ ᠳᠣᠲᠣᠷ᠎ᠠ ᠣᠨᠳᠣᠷᠣᠯᠳᠤ ᠶᠡᠬᠡ ᠡᠷᠦᠬᠡ ᠨᠠᠢ᠍ᠮᠠᠨ ᠮᠢᠩᠭᠠᠨ ᠪᠥᠭᠡᠳ ᠳᠥᠴᠢᠨ ᠵᠢᠷᠭᠤᠭ᠎ᠠ ᠶ᠋ᠢ ᠪᠠᠢᠴᠠᠭᠠᠨ ᠪᠢᠴᠢᠭᠯᠡᠭᠡᠳ ᠳᠠᠩ ᠲᠠᠢᠽᠥ᠋ᠩ ᠳ᠋ᠦ᠍ᠷ ᠠᠢᠯᠠᠳᠬᠠᠨ᠂ ᠲᠠᠪᠤᠨ ᠰᠠᠷ᠎ᠠ ᠶ᠋ᠢᠨ ᠰᠡᠭᠦᠯ ᠢ᠋ᠶ᠋ᠡᠷ ᠴᠠᠩ ᠠᠨ ᠳ᠋ᠤᠷ ᠬᠦᠷᠴᠦ ᠢᠷᠡᠪᠡ᠃ ᠳᠠᠩ ᠲᠠᠢᠽᠥ᠋ᠩ ᠡᠨᠡ ᠬᠦ᠌ ᠭᠣᠣ ᠴᠠᠩ ᠤ᠋ᠨ ᠭᠠᠵᠠᠷ᠎ᠠ ᠹᠦ᠂ ᠵᠧᠦ᠂ ᠰᠢᠶᠠᠨ ᠢ ᠪᠠᠢᠭᠤᠯᠤᠨ ᠵᠠᠬᠢᠷᠤᠭᠤᠯᠰᠤᠭᠠᠢ ᠬᠡᠮᠡᠬᠦᠢ ᠳ᠋ᠦ᠍ᠷ ᠶᠡᠬᠡ ᠰᠠᠢᠳ ᠸᠧᠢ ᠵᠧᠩ ᠬᠣᠷᠢᠭᠯᠠᠵᠤ᠂ ᠤᠴᠢᠷ ᠢ᠋ ᠲᠠᠢᠯᠤᠨ ᠭᠠᠷᠭᠠᠵᠤ ᠠᠢᠯᠠᠳᠬᠠᠭᠰᠠᠨ ᠠᠨᠤ᠄
      《ᠭᠣᠣ ᠴᠠᠩ ᠤ᠋ᠨ ᠽᠧᠦ ᠸᠸᠨ ᠲᠡᠢ ᠶ᠋ᠢᠨ ᠶᠠᠯ᠎ᠠ ᠳ᠋ᠤᠷ ᠠᠨᠤ ᠳᠠᠢᠯᠠᠷ᠎ᠠ ᠢᠯᠡᠭᠡᠵᠦ᠂ ᠳᠡᠭᠦᠨᠦ ᠬᠥᠪᠡᠭᠦᠨ ᠬᠦᠨᠳᠦ ᠭᠠᠰᠠᠯᠠᠩ ᠢ᠋ ᠡᠭᠦᠷᠦᠨ ᠪᠠᠢᠵᠤ᠂ ᠪᠢᠳᠡᠨ ᠦ᠌ ᠤᠯᠤᠰ ᠲᠤᠷ ᠣᠷᠣᠵᠤ ᠳᠠᠭᠠᠵᠤᠬᠤᠢ᠃ ᠲᠡᠢᠮᠦ ᠶ᠋ᠢᠨ ᠲᠤᠯᠠᠳᠠ ᠲᠡᠳᠡᠨ ᠦ᠌ ᠠᠷᠠᠳ ᠢᠷᠭᠡᠳ ᠢ᠋ ᠢᠨᠤ ᠡᠨᠡᠷᠢᠨ ᠨᠢᠭᠦᠯᠡᠰᠴᠦ᠂ ᠵᠠᠭᠤᠨ ᠣᠪᠣᠭᠲᠠᠨ ᠢ᠋ ᠠᠨᠤ ᠠᠮᠤᠷ ᠠᠮᠢᠳᠤᠷᠠᠭᠤᠯᠤᠨ᠂ ᠲᠡᠭᠦᠨᠦ ᠡᠵᠡᠨ ᠦ᠌ ᠲᠠᠬᠢᠯ ᠳᠡᠪᠢᠭ ᠢ᠋ ᠠᠨᠤ ᠵᠠᠯᠭᠠᠮᠵᠢᠯᠠᠭᠤᠯᠤᠨ᠂ ᠲᠡᠳᠡᠨ ᠦ᠌ ᠬᠥᠪᠡᠭᠦᠨ ᠢ᠋ ᠢᠨᠤ ᠪᠠᠬᠠᠨ ᠪᠠᠶᠠᠵᠢᠭᠤᠯᠤᠨ ᠨᠣᠶᠠᠵᠢᠭᠤᠯᠪᠠᠰᠤ ᠲᠡᠷᠡ ᠠᠢᠮᠠᠭ ᠦᠶ᠎ᠡ ᠤᠯᠠᠷᠢᠨ ᠪᠡᠶᠡᠰᠦᠨ ᠳᠠᠭᠠᠵᠤ᠂ ᠬᠠᠭᠠᠨ ᠡᠵᠡᠨ ᠦ᠌ ᠡᠷᠳᠡᠮᠲᠦ ᠨᠡᠷ᠎ᠡ ᠠᠯᠳᠠᠷ ᠳᠥᠷᠪᠡᠨ ᠬᠢᠵᠠᠭᠠᠷ ᠲᠤᠷ ᠬᠥᠩᠭᠢᠷᠡᠰᠦᠨ ᠳᠠᠭᠤᠷᠢᠰᠴᠤ ᠭᠠᠳᠠᠭᠠᠳᠤ ᠠᠢᠮᠠᠭ ᠤ᠋ᠳ ᠴᠥᠮ ᠢ᠋ᠶ᠋ᠡᠷ ᠥᠪᠡᠷ ᠢ᠋ᠶ᠋ᠡᠨ ᠡᠷᠢᠨ ᠢᠷᠡᠵᠦ ᠳᠠᠭᠠᠭᠠᠳ ᠠᠯᠪᠠ ᠪᠠᠷᠢᠬᠤ ᠪᠣᠯᠠᠢ᠃ ᠬᠡᠷᠪᠡ ᠵᠧᠦ᠂ ᠰᠢᠶᠠᠨ ᠪᠠᠢᠭᠤᠯᠪᠠᠰᠤ ᠣᠳᠣ ᠪᠠᠰᠠ ᠲᠦᠰᠢᠮᠡᠯ ᠲᠤᠰᠢᠶᠠᠯᠲᠠᠨ ᠴᠡᠷᠢᠭ ᠬᠤᠶᠠᠭ ᠢᠯᠡᠭᠡᠵᠦ ᠬᠠᠮᠠᠭᠠᠯᠠᠨ ᠰᠠᠬᠢᠬᠤ ᠬᠡᠷᠡᠭᠲᠡᠢ ᠪᠣᠯᠵᠤ᠂ ᠡᠭᠦᠨᠦ ᠬᠣᠢᠨ᠎ᠠ ᠠ᠋ᠴᠠ ᠣᠷᠣᠬᠤᠢ ᠳ᠋ᠤᠷ ᠣᠳᠣ ᠬᠥᠮᠦᠨ ᠮᠣᠷᠢ ᠵᠣᠪᠠᠵᠤ ᠵᠦᠳᠡᠨ ᠹᠦᠩᠯᠦ ᠴᠠᠯᠢᠩ ᠤ᠋ᠨ ᠰᠦᠢᠳᠬᠡᠯ ᠨᠡᠮᠡᠭᠳᠡᠵᠦ᠂ ᠬᠠᠭᠠᠨ ᠲᠥᠷᠥ ᠳ᠋ᠦ᠍ᠷ ᠣᠷᠣᠵᠠ ᠦᠭᠡᠢ ᠪᠥᠭᠡᠳ ᠬᠠᠷᠠᠭᠤᠯ ᠤ᠋ᠨ ᠵᠠᠩᠵᠤᠨ ᠴᠡᠷᠢᠭ ᠲᠦ᠍ᠷ ᠴᠦ᠍ ᠤᠰᠤ ᠰᠢᠷᠣᠢ ᠦᠯᠦ ᠵᠣᠬᠢᠯᠳᠤᠨ᠂ ᠪᠠᠰᠠ ᠬᠠᠷᠢᠨ ᠬᠥᠮᠦᠨ ᠠᠮᠢᠲᠠᠨ ᠳ᠋ᠤᠷ ᠡᠪᠡᠳᠴᠢᠨ ᠲᠠᠬᠤᠯ᠂ ᠦᠬᠦᠯ ᠵᠣᠪᠠᠯᠠᠩ ᠪᠣᠯᠬᠤ ᠪᠠᠷ ᠦᠯᠦ ᠪᠠᠷᠠᠮ᠂ ᠲᠡᠳᠡᠭᠡᠷ ᠤᠯᠤᠰ ᠠᠢᠮᠠᠭ ᠤ᠋ᠨ ᠭᠠᠵᠠᠷ ᠣᠷᠣᠨ ᠠ᠋ᠴᠠ ᠮᠠᠨ ᠤ᠋ ᠳᠤᠮᠳᠠᠳᠤ ᠶ᠋ᠢᠨ ᠤᠯᠤᠰ ᠲᠤᠷ ᠨᠢᠭᠡᠬᠡᠨ ᠴᠢᠮᠬᠢ ᠠᠮᠤ ᠦᠷᠡᠰ᠂ ᠨᠢᠭᠡᠬᠡᠨ ᠰᠢᠷᠬᠡᠭ ᠦ᠋ᠨ ᠪᠥᠰ ᠲᠣᠷᠭᠠᠮᠰᠤᠭ ᠤ᠋ᠨ ᠲᠡᠳᠦᠢᠬᠡᠨ ᠴᠦ᠍ ᠲᠤᠰᠠ ᠪᠣᠯᠬᠤ ᠵᠦᠢᠯ ᠦᠭᠡᠢ ᠪᠣᠯᠠᠢ᠃ ᠨᠡᠩᠳᠡ ᠪᠠᠰᠠ ᠮᠠᠰᠢ ᠠᠰᠢᠭ ᠦᠭᠡᠢ ᠨᠢᠭᠡᠨ ᠵᠦᠢᠯ ᠦ᠋ᠨ ᠬᠣᠷᠣᠮᠵᠢ ᠪᠣᠯᠬᠤ ᠶᠠᠪᠤᠳᠠᠯ ᠠᠨᠤ᠂ ᠮᠠᠨ ᠤ᠋ ᠮᠠᠰᠢᠳᠠ ᠬᠡᠷᠡᠭᠲᠡᠢ ᠴᠢᠬᠤᠯᠠ ᠬᠡᠷᠡᠭᠯᠡᠯ ᠦ᠋ᠨ ᠮᠥᠩᠭᠥ ᠵᠣᠭᠣᠰ᠂ ᠡᠳ᠋ ᠠᠠᠭᠤᠷᠠᠰᠤᠨ ᠢ᠋ᠶ᠋ᠠᠨ ᠪᠠᠬᠠᠨ ᠴᠤ᠌ ᠬᠡᠷᠡᠭ ᠲᠤᠰᠠ ᠦᠭᠡᠢ ᠬᠣᠪᠣᠷ ᠴᠢᠪᠬᠢᠭᠦᠨ᠂ ᠬᠠᠭᠤᠷᠠᠢ ᠡᠯᠡᠰᠦ ᠮᠠᠩᠬᠠᠨ ᠤ᠋ ᠭᠠᠵᠠᠷ ᠣᠷᠣᠨ᠎ᠠ ᠪᠦᠷᠢᠯᠭᠡᠨ ᠰᠦᠢᠳᠬᠡᠬᠦ ᠢᠨᠤ ᠦᠨᠡᠬᠡᠷ ᠬᠠᠢᠷᠠᠬᠠᠨ 》ᠬᠡᠮᠡᠪᠡᠢ᠃ 
        ᠳᠠᠩ ᠲᠠᠢᠽᠥ᠋ᠩ ᠥᠪᠡᠷ᠎ᠡ ᠠᠢᠯᠠᠳᠬᠠᠯ ᠢ᠋ ᠠᠪᠤᠭᠰᠠᠨ ᠪᠣᠯᠪᠠᠴᠤ ᠵᠧᠦ᠂ ᠰᠢᠶᠠᠨ ᠪᠠᠢᠭᠤᠯᠬᠤ ᠶ᠋ᠢ ᠡᠭᠡᠨᠡᠭᠲᠡ ᠪᠠᠢᠭᠰᠠᠨ ᠦᠭᠡᠢ᠃ ᠭᠣᠣ ᠴᠠᠩ ᠤ᠋ᠨ ᠵᠡᠷᠭᠡ ᠭᠠᠵᠠᠷ ᠢ ᠰᠢ ᠵᠧᠦ ᠶ᠋ᠢᠨ ᠭᠠᠵᠠᠷ ᠭᠡᠮᠡᠨ ᠨᠡᠷᠡᠯᠡᠵᠦ᠂ ᠠᠨ ᠰᠢ ᠬᠡᠮᠡᠬᠦ ᠭᠠᠵᠠᠷ ᠲᠤᠷ ᠳᠦ ᠬᠤ᠌ ᠹᠦ –  ᠪᠦᠭᠦᠳᠡ ᠶ᠋ᠢ ᠬᠠᠮᠠᠭᠠᠯᠠᠬᠤ ᠶᠠᠮᠤᠨ ᠭᠡᠮᠡᠨ ᠪᠠᠢᠭᠤᠯᠵᠤ᠂ ᠳᠣᠲᠣᠷ᠎ᠠ ᠠᠨᠤ ᠳᠦ ᠳᠦ ᠹᠦ – ᠶᠡᠬᠡ ᠳᠠᠷᠤᠩᠭᠤᠢ ᠲᠦᠰᠢᠮᠡᠯ ᠰᠠᠭᠤᠯᠭᠠᠵᠤ᠂ ᠳᠠᠷᠤᠩᠭᠤᠢᠯᠠᠨ ᠵᠠᠬᠢᠷᠪᠠ᠃ ᠡᠭᠦᠨᠦ ᠠᠩᠬ᠎ᠠ ᠣᠨ ᠰᠢᠷᠠᠭᠴᠢᠨ ᠭᠠᠬᠠᠢ ᠵᠢᠯ᠂ ᠳᠠᠩ ᠤᠯᠤᠰ ᠤ᠋ᠨ ᠳᠥᠷᠪᠡᠨ ᠬᠢᠵᠠᠭᠠᠷ ᠤ᠋ᠨ ᠳᠣᠲᠣᠷᠠᠬᠢ ᠡᠯ᠎ᠡ ᠡᠵᠡᠯᠡᠬᠦ ᠭᠠᠵᠠᠷ ᠣᠷᠣᠨ ᠢ᠋ ᠨᠡᠢᠭᠡᠮᠯᠡᠨ ᠪᠠᠢᠴᠠᠭᠠᠵᠤ ᠨᠡᠢᠯᠡᠭᠦᠯᠦᠨ ᠪᠢᠴᠢᠭᠯᠡᠵᠦ ᠢᠯᠡᠷᠬᠡᠢᠯᠡᠨ ᠠᠢᠯᠠᠳᠬᠠᠭᠰᠠᠨ ᠪᠦᠭᠦᠳᠡ ᠲᠣᠭ᠎ᠠ ᠠᠨᠤ᠄  ᠹᠦ ᠬᠢᠭᠡᠳ ᠵᠧᠦ ᠢᠨᠤ ᠭᠤᠷᠪᠠᠨ ᠵᠠᠭᠤᠨ ᠲᠠᠪᠢᠨ ᠨᠠᠢ᠍ᠮᠠ᠂ ᠭᠠᠭᠴᠠ ᠰᠢᠶᠠᠨ ᠠᠨᠤ ᠨᠡᠢᠲᠡ ᠨᠢᠭᠡᠨ ᠮᠢᠩᠭᠠᠨ ᠲᠠᠪᠤᠨ ᠵᠠᠭᠤᠨ ᠠᠷᠪᠠ ᠪᠥᠯᠥᠭᠡ᠃ ᠡᠳᠦᠭᠡ᠂ ᠭᠣᠣ ᠴᠠᠩ ᠤ᠋ᠨ ᠵᠠᠬ᠎ᠠ ᠬᠦᠷᠲᠡᠯ᠎ᠡ᠂ ᠪᠠᠷᠠᠭᠤᠨ ᠬᠣᠢᠲᠤ ᠪᠡᠶ᠎ᠡ ᠶ᠋ᠢ ᠴᠥᠮ ᠨᠡᠮᠡᠵᠦ ᠡᠵᠡᠯᠡᠭᠰᠡᠨ ᠲᠡᠢ ᠳᠠᠬᠢᠨ ᠪᠣᠳᠣᠵᠤ ᠦᠵᠡᠪᠡᠰᠦ᠂ ᠵᠡᠭᠦᠨ ᠬᠢᠵᠠᠭᠠᠷ ᠠᠨᠤ ᠵᠡᠭᠦᠨ ᠳᠠᠯᠠᠢ ᠶ᠋ᠢᠨ ᠡᠷᠭᠢ᠂ ᠪᠠᠷᠠᠭᠤᠨ ᠵᠠᠬ᠎ᠠ ᠠᠨᠤ ᠶᠠᠨ ᠴᠢ ᠭᠠᠵᠠᠷ ᠲᠤᠯᠵᠤᠬᠤᠢ᠃ ᠡᠮᠦᠨ᠎ᠡ ᠪᠡᠶ᠎ᠡ ᠶ᠋ᠢᠨ ᠵᠢᠢ ᠭᠠᠵᠠᠷ ᠲᠤᠷ ᠬᠦᠷᠴᠦ᠂ ᠬᠣᠢᠲᠤ ᠬᠡᠴᠡ ᠬᠠᠭᠤᠷᠠᠢ ᠬᠠᠭᠰᠠᠮ᠎ᠠ ᠲᠡᠭᠷᠢ ᠡᠯᠡᠰᠦᠨ ᠳ᠋ᠦ᠍ᠷ ᠲᠤᠯᠵᠤᠬᠤᠢ᠃ ᠲᠡᠭᠦᠨᠴᠡ ᠤᠷᠲᠤ ᠴᠠᠭᠠᠨ ᠬᠡᠷᠡᠮ ᠡᠴᠡ ᠭᠠᠳᠠᠨ᠎ᠠ ᠪᠠᠰᠠ ᠴᠥᠮ ᠵᠧᠦ᠂ ᠰᠢᠶᠠᠨ ᠪᠠᠢᠭᠤᠯᠤᠨ ᠣᠷᠣᠰᠢᠭᠤᠯᠵᠤ᠂ ᠳᠠᠷᠤᠭᠤᠯᠤᠨ ᠵᠠᠬᠢᠷᠤᠭᠤᠯᠪᠠ᠃ ᠭᠠᠭᠴᠠ ᠯᠢᠶᠣᠣ ᠳ᠋ᠦᠩ᠂ ᠯᠢᠶᠣᠣ ᠰᠢ ᠶ᠋ᠢᠨ ᠵᠡᠷᠭᠡ ᠭᠠᠵᠠᠷ ᠬᠦᠷᠦᠭᠰᠡᠨ ᠦᠭᠡᠢ᠃ ᠲᠡᠷᠡ ᠲᠤᠬᠠᠢ ᠶ᠋ᠢᠨ ᠳᠠᠩ ᠤᠯᠤᠰ ᠤ᠋ᠨ ᠲᠢᠪ ᠳᠡᠯᠡᠬᠡᠢ ᠶ᠋ᠢᠨ ᠠᠭᠤᠳᠠᠮ ᠶᠡᠬᠡ ᠶ᠋ᠢ ᠬᠡᠮᠵᠢᠶᠡᠯᠡᠨ ᠶᠠᠪᠤᠵᠤ ᠠᠢᠯᠠᠳᠬᠠᠭᠰᠠᠨ ᠠᠨᠤ᠄ ᠵᠡᠭᠦᠨ ᠡᠴᠡ ᠪᠠᠷᠠᠭᠤᠨᠰᠢ ᠣᠭᠲᠣᠯᠵᠤ ᠭᠠᠷᠬᠤᠢ ᠳ᠋ᠤᠷ ᠶᠢᠰᠦᠨ ᠮᠢᠩᠭᠠᠨ ᠲᠠᠪᠤᠨ ᠵᠠᠭᠤᠨ ᠠᠷᠪᠠᠨ ᠭᠠᠵᠠᠷ᠃ ᠡᠮᠦᠨ᠎ᠡ ᠤᠮᠠᠷ᠎ᠠ ᠪᠠᠷ ᠬᠠᠷᠢᠯᠴᠠᠨ ᠠᠯᠤᠰᠯᠠᠭᠰᠠᠨ ᠠᠨᠤ ᠨᠢᠭᠡᠨ ᠲᠦᠮᠡᠨ ᠦ᠌ ᠭᠠᠳᠠᠨ᠎ᠠ ᠶᠢᠰᠦᠨ ᠮᠢᠩᠭᠠᠨ ᠪᠥᠭᠡᠳ ᠠᠷᠪᠠᠨ ᠨᠠᠢ᠍ᠮᠠᠨ ᠭᠠᠵᠠᠷ ᠬᠡᠮᠡᠵᠦᠬᠦᠢ᠃ ᠬᠣᠵᠢᠮ ᠤ᠋ᠨ ᠮᠣᠩᠭᠣᠯ ᠤ᠋ᠨ ᠶᠡᠬᠡ ᠶᠤᠸᠠᠨ ᠤᠯᠤᠰ ᠤ᠋ᠨ ᠡᠵᠡᠯᠡᠭᠰᠡᠨ ᠲᠢᠪ ᠳᠡᠯᠡᠬᠡᠢ ᠶ᠋ᠢᠨ ᠳᠥᠷᠪᠡᠨ ᠬᠤᠪᠢ ᠶ᠋ᠢᠨ ᠨᠢᠭᠡᠨ ᠬᠤᠪᠢ ᠶ᠋ᠢ ᠡᠵᠡᠯᠡᠭᠰᠡᠨ ᠪᠥᠯᠥᠭᠡ᠃ ᠳ᠋ᠠᠢ ᠮᠢᠩ ᠤᠯᠤᠰ ᠭᠠᠭᠴᠠ ᠡᠳᠦᠭᠡᠬᠢ ᠳᠠᠢᠴᠢᠩ ᠤᠯᠤᠰ᠂ ᠶᠤᠸᠠᠨ ᠤᠯᠤᠰ ᠤ᠋ᠨ ᠪᠠᠭ᠎ᠠ ᠬᠠᠭᠠᠰ – ᠠᠷᠪᠠᠨ ᠭᠤᠷᠪᠠᠬᠠᠨ ᠮᠣᠵᠢ ᠶ᠋ᠢ ᠡᠵᠡᠯᠡᠵᠦᠬᠦᠢ᠃ ᠠᠯᠢᠪᠠ 《ᠭᠤᠷᠪᠠᠨ ᠦᠰᠦᠭ ᠦ᠋ᠨ ᠨᠣᠮ 》 ᠤ᠋ᠨ ᠲᠣᠪᠴᠢᠶ᠎ᠠ᠂ 《ᠳᠥᠷᠪᠡᠨ ᠦᠭᠡᠰ ᠦ᠋ᠨ ᠬᠤᠷᠢᠶᠠᠩᠭᠤᠢ ᠲᠣᠯᠲᠣ 》 ᠶ᠋ᠢᠨ ᠢᠷᠭᠡᠨ ᠪᠢᠴᠢᠭ ᠦ᠋ᠳ ᠪᠦᠬᠦᠨ᠎ᠡ ᠴᠥᠮ ᠡᠩ ᠡᠷᠲᠡᠨ ᠡᠴᠡ ᠵᠢᠷᠭᠤᠭᠠᠨ ᠮᠢᠩᠭᠠᠨ ᠰᠢᠬᠠᠮ ᠣᠨ ᠵᠢᠯ ᠦ᠋ᠨ ᠳᠣᠲᠣᠷᠠᠬᠢ ᠶ᠋ᠢᠨ ᠦᠶ᠎ᠡ ᠡᠴᠡ ᠡᠳᠦᠭᠡ ᠳ᠋ᠦ᠍ᠷ ᠭᠦᠷᠦᠨ ᠬᠦᠷᠲᠡᠯ᠎ᠡ᠂ ᠲᠢᠪ ᠳᠡᠯᠡᠬᠡᠢ ᠶ᠋ᠢ ᠠᠭᠤᠳᠠᠮ ᠡᠵᠡᠯᠡᠭᠰᠡᠨ ᠪᠠ ᠤᠯᠤᠰ ᠭᠦᠷᠦᠨ ᠢ᠋ ᠣᠯᠠᠨ ᠬᠤᠷᠢᠶᠠᠮᠵᠢᠯᠠᠭᠰᠠᠨ ᠢ᠋ᠶ᠋ᠠᠷ ᠳ᠋ᠠᠢ ᠶᠤᠸᠠᠨ ᠤᠯᠤᠰ ᠲᠤᠷ ᠭᠦᠷᠦᠭᠴᠢᠳ ᠨᠢᠭᠡᠬᠡᠨ ᠴᠦ᠍ ᠪᠡᠷ ᠦᠭᠡᠢ ᠭᠡᠮᠡᠨ ᠳᠣᠳᠤᠷᠬᠠᠶ᠎ᠠ ᠲᠣᠭᠠᠴᠢᠨ ᠭᠠᠷᠭᠠᠵᠤ ᠪᠣᠢ ᠠᠮᠤᠢ ᠃ ᠲᠡᠷᠡ ᠪᠢᠴᠢᠭ ᠬᠡᠮᠡᠭᠴᠢ ᠢᠷᠭᠡᠨ ᠪᠢᠴᠢᠭ ᠦ᠋ᠨ ᠰᠤᠷᠭᠠᠭᠤᠯᠢ ᠶ᠋ᠢᠨ ᠪᠠᠭ᠎ᠠ ᠬᠥᠪᠡᠭᠦᠳ ᠦ᠋ᠨ ᠤᠩᠰᠢᠬᠤ ᠲᠠᠢᠯᠪᠤᠷᠢᠲᠤ《ᠰᠠᠨ ᠽᠢ ᠵᠢᠩ 》᠂ 《ᠰᠧ ᠱᠢ ᠵᠢᠶᠠᠨ ᠯᠢᠦᠸᠠᠢ 》ᠬᠡᠮᠡᠬᠦ ᠪᠢᠴᠢᠭ ᠦ᠋ᠳ ᠪᠣᠯᠠᠢ᠃ ᠬᠡᠳᠦᠬᠡᠨ ᠵᠠᠭᠤᠨ ᠦᠰᠦᠭ ᠦ᠋ᠨ ᠲᠠᠢᠯᠪᠤᠷᠢᠲᠤ ᠬᠡᠦᠬᠡᠳ ᠦ᠋ᠨ ᠰᠤᠷᠭᠠᠯ ᠪᠤᠶᠤ᠃ ᠬᠣᠢᠴᠢᠬᠢ ᠶ᠋ᠢᠨ ᠮᠡᠷᠭᠡᠳ ᠢ᠋ᠶ᠋ᠡᠷ ᠮᠡᠳᠡᠪᠡᠰᠦ ᠵᠣᠬᠢᠮᠤᠢ᠃ ᠵᠢᠴᠢ ᠪᠠᠰᠠ ᠡᠨᠡ ᠬᠦ᠌ ᠳᠠᠩ ᠲᠠᠢᠽᠥ᠋ᠩ ᠬᠠᠭᠠᠨ ᠤ᠋ ᠰᠠᠭᠤᠭᠰᠠᠨ ᠴᠠᠩ ᠠᠨ ᠪᠠᠯᠭᠠᠰᠤᠨ᠎ᠠ ᠮᠠᠨ ᠤ᠋ ᠡᠳᠦᠭᠡᠬᠢ ᠴᠠᠭ ᠤ᠋ᠨ ᠳᠠᠢᠴᠢᠩ ᠭᠦᠷᠦᠨ ᠦ᠌ ᠬᠠᠭᠠᠨ ᠡᠵᠡᠨ ᠪᠣᠯᠤᠭᠴᠢᠳ ᠲᠡᠷᠡ ᠬᠦ᠌ ᠭᠠᠵᠠᠷ᠎ᠠ ᠪᠠᠰᠠ ᠬᠦ᠌ ᠨᠢᠭᠡᠨ ᠦᠶ᠎ᠡ ᠬᠥᠭᠵᠢᠨ ᠮᠠᠨᠳᠤᠬᠤ᠂ ᠭᠤᠴᠢᠨ ᠵᠢᠷᠭᠤᠭᠠᠨ ᠵᠢᠯ ᠦ᠋ᠨ ᠪᠠᠳᠠᠷᠠᠯ ᠤ᠋ᠨ ᠪᠠᠶᠠᠷ ᠪᠣᠢ ᠪᠣᠯᠠᠢ᠃ ᠠᠯᠢ ᠣᠨ ᠤ᠋ ᠶᠠᠮᠪᠠᠷ ᠵᠢᠯ ᠪᠣᠢ ᠬᠡᠮᠡᠪᠡᠰᠦ᠄ ᠴᠢᠩ ᠲᠠᠢᠽᠦ ᠥᠨᠳᠥᠷ ᠪᠣᠭᠳᠠ ᠶ᠋ᠢᠨ ᠪᠡᠶ᠎ᠡ ᠡᠴᠡ ᠳᠣᠷᠣᠭᠰᠢ ᠲᠣᠭᠠᠯᠠᠨ᠂ ᠠᠷᠪᠠᠨ ᠨᠢᠭᠡᠳᠦᠭᠡᠷ ᠬᠠᠭᠠᠨ ᠡᠵᠡᠨ ᠪᠠᠳᠠᠷᠠᠭᠤᠯᠲᠤ ᠲᠥᠷᠥ ᠶ᠋ᠢᠨ ᠠᠷᠪᠠᠨ ᠳᠣᠯᠣᠳᠤᠭᠠᠷ ᠣᠨ ᠤ᠋ ᠴᠠᠭᠠᠭᠴᠢᠨ ᠲᠠᠤᠯᠠᠢ ᠵᠢᠯ ᠡᠴᠡ ᠡᠬᠢᠯᠡᠨ ᠳᠣᠷᠣᠭᠰᠢ ᠲᠣᠭᠠᠯᠠᠵᠤ᠂ ᠮᠤᠬᠤᠷ ᠠᠷᠪᠠᠨ ᠵᠢᠯ ᠳᠡᠭᠡᠷ᠎ᠡ ᠢᠨᠤ ᠂ ᠢᠯᠡᠭᠦᠦ ᠨᠠᠢ᠍ᠮᠠᠨ ᠰᠠᠷᠠᠲᠤ ᠴᠠᠭᠠᠨ ᠬᠤᠯᠤᠭᠠᠨ᠎ᠠ ᠵᠢᠯ ᠲᠣᠬᠢᠶᠠᠯᠳᠤᠮᠤᠢ᠃ ᠡᠨᠡ ᠬᠦ᠌ ᠴᠠᠭᠠᠨ ᠬᠤᠯᠤᠭᠠᠨ᠎ᠠ ᠵᠢᠯ ᠡᠴᠡ ᠡᠬᠢᠯᠡᠨ ᠳᠣᠷᠣᠭᠰᠢ ᠲᠣᠭᠠᠯᠠᠵᠤ ᠭᠤᠴᠢᠨ ᠵᠢᠷᠭᠤᠭᠠᠨ ᠵᠢᠯ ᠴᠠᠩ ᠠᠨ ᠪᠠᠯᠭᠠᠰᠤᠨ᠎ᠠ ᠪᠠᠶᠠᠷ ᠪᠠᠳᠠᠷᠠᠨ ᠪᠡᠶᠡᠰᠦᠨ ᠵᠢᠷᠭᠠᠬᠤ ᠶ᠋ᠢ ᠬᠡᠯᠡᠵᠦ ᠪᠦᠷᠢᠳᠬᠡᠪᠡᠢ᠃ ᠡᠨᠡ ᠭᠤᠴᠢᠨ ᠵᠢᠷᠭᠤᠭᠠᠨ ᠣᠨ ᠳ᠋ᠤᠷ ᠤᠯᠠᠭᠠᠨ ᠬᠤᠯᠤᠭᠠᠨ᠎ᠠ ᠵᠢᠯ ᠲᠣᠬᠢᠶᠠᠯᠳᠤᠮᠤᠢ᠃ ᠡᠨᠡ ᠤᠯᠠᠭᠠᠨ ᠬᠤᠯᠤᠭᠠᠨ᠎ᠠ ᠵᠢᠯ ᠡᠴᠡ ᠡᠬᠢᠯᠡᠨ ᠳᠣᠷᠣᠭᠰᠢ ᠪᠠᠰᠠ ᠵᠢᠷᠭᠤᠭᠠᠨ ᠵᠢᠯ ᠲᠣᠭᠠᠯᠠᠪᠠᠰᠤ᠂ ᠴᠠᠭᠠᠭᠴᠢᠨ ᠮᠣᠭᠠᠢ ᠵᠢᠯ ᠪᠣᠯᠤᠮᠤᠢ᠃ ᠡᠨᠡ ᠴᠠᠭᠠᠭᠴᠢᠨ ᠮᠣᠭᠠᠢ ᠵᠢᠯ ᠦ᠋ᠨ ᠵᠢᠷᠭᠠᠯᠠᠩ ᠤ᠋ᠨ ᠠᠶᠠᠰ ᠠᠭᠠᠷ ᠲᠤᠷ ᠲᠤᠯᠭᠠᠯᠴᠠᠵᠤ᠂ ᠵᠠᠶᠠᠭᠠᠨ ᠤ᠋ ᠨᠠᠷᠠᠨ ᠵᠡᠭᠦᠨ ᠣᠭᠲᠠᠷᠭᠤᠢ ᠳ᠋ᠤᠷ ᠵᠢᠭᠠᠭᠰᠠᠭᠠᠷ ᠮᠠᠨᠳᠤᠵᠤ᠂ ᠬᠥᠮᠦᠨ ᠪᠦᠷᠢ ᠬᠥᠬᠡ ᠮᠥᠩᠬᠡ ᠣᠭᠲᠠᠷᠭᠤᠢ ᠶ᠋ᠢᠨ ᠰᠠᠯᠬᠢᠨ ᠢ᠋ ᠬᠦᠩᠭᠢᠨᠡᠲᠡᠯ᠎ᠡ ᠳᠠᠭᠤᠯᠠᠯᠴᠠᠬᠤᠢ ᠲᠡᠷᠡ ᠬᠦ᠌ ᠴᠠᠭ ᠲᠤᠷ ᠬᠥᠭᠰᠢᠨ ᠪᠠᠭᠰᠢ ᠶ᠋ᠢ ᠮᠢᠨᠦ ᠪᠢᠰᠢᠷᠡᠮᠦᠢ᠃ ᠬᠥᠮᠦᠨ ᠵᠢᠷᠭᠠᠬᠤᠢ ᠶ᠋ᠢᠨ ᠬᠥᠷᠥᠭ ᠲᠣᠭ᠎ᠠ ᠶ᠋ᠢ ᠬᠦᠨᠳᠦᠳᠬᠡᠨ ᠬᠢᠴᠢᠶᠡᠵᠦ ᠬᠢᠨᠠᠨ ᠰᠢᠨᠵᠢᠵᠦ ᠦᠵᠡᠭᠳᠡᠬᠦᠢ᠃  

       ᠬᠣᠢᠴᠢᠬᠢ ᠦᠶ᠎ᠡ ᠶ᠋ᠢᠨ ᠪᠢᠴᠢᠭ ᠬᠠᠭᠤᠯᠤᠭᠴᠢᠳ ᠡᠨᠡ ᠬᠥᠷᠥᠭ ᠲᠣᠭ᠎ᠠ ᠳ᠋ᠤᠷ ᠬᠦᠷᠪᠡᠰᠦ ᠡᠷᠬᠡᠪᠰᠢ ᠠᠷᠪᠠᠨ ᠬᠤᠪᠢ ᠬᠢᠴᠢᠶᠡᠨ ᠨᠠᠷᠢᠪᠴᠢᠯᠠᠨ ᠳᠠᠬᠢᠨ ᠳᠠᠪᠲᠠᠨ ᠬᠢᠨᠠᠨ ᠲᠠᠭᠠᠴᠠᠭᠤᠯᠬᠤ ᠪᠣᠯᠪᠠᠤ᠂ ᠬᠡᠳᠦᠢᠪᠡᠷ ᠡᠨᠡ ᠬᠦ᠌ ᠵᠢᠷᠠᠨ ᠵᠢᠯ ᠥᠩᠭᠡᠷᠡᠪᠡᠴᠦ ᠮᠥᠨ ᠥᠩᠭᠡᠷᠡᠭᠰᠡᠨ ᠢ᠋ ᠮᠡᠳᠡᠬᠦ ᠲᠤᠰᠠ ᠪᠣᠢ᠃ ᠪᠢᠷ ᠦ᠋ᠨ ᠮᠡᠷᠭᠡᠳ ᠪᠡᠷ ᠬᠢᠴᠢᠶᠡᠭᠳᠡᠬᠦᠢ᠃ ᠬᠣᠯᠠ ᠣᠢᠷ᠎ᠠ ᠶ᠋ᠢᠨ ᠬᠤᠷᠢᠮ ᠤ᠋ᠨ ᠪᠡᠯᠡᠭᠯᠡᠯ ᠳ᠋ᠦ᠍ᠷ ᠬᠣᠴᠢᠯᠠᠯ ᠪᠤᠷᠤᠭᠤᠰᠢᠶᠠᠯ ᠭᠡᠮᠡᠨ ᠦᠭᠡᠢ ᠪᠤᠶᠤ᠃ ᠬᠤᠪᠢᠯᠠᠭᠤᠨ ᠬᠤᠲᠤᠭᠲᠤ ᠶ᠋ᠢᠨ ᠬᠣᠵᠢᠮ ᠢ᠋ ᠲᠥᠯᠥᠭᠡᠯᠡᠬᠦᠢ ᠳ᠋ᠦ᠍ᠷ ᠬᠤᠪᠢᠷᠠᠯ ᠰᠤᠨᠵᠢᠭᠤᠷᠢ ᠭᠡᠮᠡᠨ ᠪᠠᠢᠬᠤ ᠠᠮᠤᠢ᠂ ᠬᠣᠬᠣᠢ ᠬᠠᠯᠠᠬᠠᠢ ! ᠬᠣᠢᠴᠢᠬᠢ ᠶ᠋ᠢᠨ ᠮᠡᠷᠭᠡᠳ ᠬᠣᠭᠣᠰᠣᠨ ᠭᠡᠮᠡᠨ ᠪᠢᠲᠡᠭᠡᠢ ᠪᠠᠰᠤᠮᠵᠢᠯᠠᠨ ᠦᠵᠡᠵᠦ ᠥᠩᠭᠡᠷᠡᠭᠦᠯ᠃ ᠬᠣᠣᠰᠯᠠᠯ ᠬᠤᠪᠢᠯᠤᠯ᠂ ᠬᠣᠷᠣᠭᠳᠠᠯ ᠨᠡᠮᠡᠭᠳᠡᠯ ᠢ᠋ ᠬᠣᠳᠣᠭᠣᠳᠣ ᠴᠡᠭᠡᠵᠢᠨ᠎ᠡ ᠬᠣᠯᠪᠣᠨ ᠰᠢᠨᠵᠢᠪᠡᠰᠦ ᠳᠠᠷᠤᠢ ᠣᠨᠣᠶᠤ᠃ 
       ᠤᠢᠭᠤᠷ ᠤᠯᠤᠰ ᠤ᠋ᠨ ᠤᠭ ᠤᠴᠢᠷ ᠢ᠋ ᠤᠬᠤᠴᠢᠯᠠᠨ ᠳᠠᠢᠯᠠᠬᠤᠶ᠎ᠠ ᠤᠬᠠᠮᠰᠠᠷ ᠦᠭᠡᠢ ᠳᠠᠩ ᠤᠯᠤᠰ ᠤ᠋ᠨ ᠲᠠᠢᠽᠥ᠋ᠩ ᠬᠠᠭᠠᠨ ᠤ᠋ ᠬᠡᠷᠡᠭ ᠭᠠᠷᠴᠤ ᠢᠷᠡᠭᠡᠳ᠂ ᠳᠠᠩ ᠤ᠋ᠨ ᠨᠡᠢᠰᠯᠡᠭᠰᠡᠨ ᠴᠠᠩ ᠠᠨ ᠪᠠᠯᠭᠠᠰᠤᠨ ᠤ᠋ ᠴᠠᠭ ᠤᠯᠠᠷᠢᠯ ᠤ᠋ᠨ ᠳᠠᠬᠢᠨ ᠡᠷᠭᠢᠨ ᠤᠯᠠᠷᠢᠬᠤ ᠪᠠᠶᠠᠷ ᠤ᠋ᠨ ᠪᠡᠯᠭᠡ ᠭᠠᠷᠴᠤ ᠢᠷᠡᠵᠦᠬᠦᠢ᠃ ᠡᠷᠲᠡᠨ ᠦ᠌ ᠡᠷᠲᠡ᠂ ᠬᠤᠸᠠᠩ ᠱᠢ ᠬᠦᠩ – ᠰᠢᠷ᠎ᠠ ᠴᠢᠯᠠᠭᠤᠨ ᠢ᠋ᠶ᠋ᠠᠷ ᠪᠠᠭᠰᠢ ᠪᠠᠷᠢᠭᠴᠢᠳ ᠭᠠᠷᠪᠠ ᠬᠡᠮᠡᠬᠦᠯ᠎ᠡ᠂ ᠡᠳᠦᠭᠡ ᠳ᠋ᠦ᠍ᠷ ᠬᠦᠷᠴᠦ ᠢᠷᠡᠭᠡᠳ ᠱᠠᠰᠢᠨ ᠢ᠋ ᠪᠠᠳᠠᠷᠠᠭᠤᠯᠤᠭᠴᠢ ᠰᠠᠢᠳ ᠲᠣᠢᠨ ᠤ᠋ ᠰᠢᠪᠰᠢᠨ ᠦᠯᠡᠳᠡᠭᠡᠭᠰᠡᠨ ᠲᠣᠯᠢ ᠳ᠋ᠤᠷ ᠬᠤᠰᠤᠯᠳᠤᠵᠤᠬᠤᠢ᠃ ᠴᠠᠩ ᠠᠨ ᠪᠠᠯᠭᠠᠰᠤᠨ ᠤ᠋ ᠬᠡᠷᠡᠭ ᠢ᠋ ᠬᠤᠷᠢᠶᠠᠵᠤ᠂ ᠴᠠᠭ ᠤᠯᠠᠷᠢᠯ ᠤ᠋ᠨ ᠰᠤᠳᠤᠷ ᠢ᠋ ᠥᠭᠦᠯᠡᠬᠦ ᠢᠨᠤ : 
       ᠤᠢᠭᠤᠷ ᠤᠯᠤᠰ ᠲᠡᠷᠡ ᠦᠶ᠎ᠡ ᠡᠴᠡ ᠳᠣᠲᠣᠭᠠᠳᠤ ᠭᠠᠵᠠᠷ ᠯᠤᠭ᠎ᠠ ᠬᠣᠯᠪᠣᠨ ᠶᠠᠪᠤᠭᠰᠠᠨ ᠤ᠋ ᠣᠴᠢᠷ᠎ᠠ᠂ ᠠᠷᠤ ᠡᠯᠡᠰᠦᠨ ᠦ᠌ ᠠᠯᠢ ᠠᠯᠢ ᠤᠯᠤᠰ ᠠ᠋ᠴᠠ ᠤᠷᠢᠳᠠ ᠤᠢᠭᠤᠷ ᠤᠯᠤᠰ ᠲᠤᠷ ᠲᠡᠳᠡᠨ ᠦ᠌ ᠬᠠᠷᠢᠶᠠᠲᠤ ᠬᠥᠨᠳᠡᠯᠡᠨ ᠮᠥᠷ ᠦ᠋ᠨ ᠤᠢᠭᠤᠷ ᠤ᠋ᠨ ᠰᠢᠷ᠎ᠠ ᠪᠢᠴᠢᠭ ᠭᠠᠷᠴᠤ᠂ ᠲᠡᠭᠦᠨ ᠤ ᠦᠰᠦᠭ ᠢ᠋ᠶ᠋ᠡᠷ ᠠᠷᠤ ᠡᠯᠡᠰᠦ᠂ ᠤᠮᠠᠷ᠎ᠠ ᠤᠯᠤᠰ ᠤ᠋ᠨ ᠦᠭᠡᠰ ᠠᠶᠠᠰ ᠢ᠋ ᠪᠦᠷᠢᠳᠬᠡᠨ ᠪᠢᠴᠢᠵᠦ ᠴᠢᠳᠠᠬᠤᠢ ᠶ᠋ᠢᠨ ᠲᠤᠯᠠ ᠣᠯᠠᠨ ᠤᠮᠠᠷᠠᠲᠤ ᠶ᠋ᠢᠨ ᠠᠢᠮᠠᠭ ᠤ᠋ᠳ ᠪᠦᠬᠦᠨ ᠴᠥᠮ ᠤᠢᠭᠤᠷ ᠪᠢᠴᠢᠭ ᠢ᠋ ᠤᠩᠰᠢᠨ᠂ ᠤᠢᠭᠤᠷ ᠦᠰᠦᠭ ᠬᠡᠷᠡᠭᠯᠡᠬᠦ ᠢᠨᠦ ᠡᠢᠮᠦ ᠶ᠋ᠢᠨ ᠤᠴᠢᠷ ᠲᠤᠷ ᠪᠣᠯᠠᠢ᠃ ᠵᠢᠴᠢ ᠪᠠᠰᠠ ᠤᠢᠭᠤᠷ ᠤᠯᠤᠰ᠂ ᠯᠣᠪᠤ ᠨᠠᠭᠤᠷ᠂ ᠰᠢᠩᠰᠡ ᠳᠠᠯᠠᠢ ᠶ᠋ᠢ ᠪᠠᠷᠠᠭᠤᠨ ᠲᠠᠩᠭᠤᠳ ᠤᠯᠤᠰ ᠯᠤᠭ᠎ᠠ ᠲᠡᠮᠡᠴᠡᠯᠳᠦᠨ ᠪᠤᠯᠢᠶᠠᠯᠳᠤᠬᠤ ᠶ᠋ᠢᠨ ᠤᠭ ᠤᠴᠢᠷ ᠠᠨᠤ᠂ ᠡᠨᠡ ᠰᠢᠩᠰᠨ ᠳᠠᠯᠠᠢ ᠬᠡᠮᠡᠭᠴᠢ ᠲᠡᠳᠡᠨ ᠤ ᠤᠢᠭᠤᠷ ᠦᠭᠡᠰ ᠦ᠋ᠨ ᠨᠡᠷ᠎ᠡ ᠮᠥᠨ᠃ ᠢᠷᠭᠡᠨ ᠦᠭᠡᠰ ᠢ᠋ᠶ᠋ᠡᠷ ᠰᠢᠩ ᠰᠢᠦᠢ ᠬᠠᠢ ᠬᠡᠮᠡᠮᠦᠢ᠃ ᠮᠣᠩᠭᠣᠯ ᠢ᠋ᠶ᠋ᠠᠷ ᠯᠣᠪᠤ ᠨᠠᠭᠤᠷ ᠬᠡᠮᠡᠵᠦᠬᠦᠢ ① ᠃ ᠣᠭᠲᠣ ᠳᠠᠯᠠᠢ ᠪᠤᠰᠤ ᠪᠥᠭᠡᠲᠡᠯ᠎ᠡ᠂ ᠳᠠᠯᠠᠢ ᠭᠡᠮᠡᠨ ᠨᠡᠷᠡᠯᠡᠭᠰᠡᠨ ᠢᠨᠦ ᠳᠡᠭᠦᠨᠦ ᠤᠷᠤᠰᠬᠠᠯ ᠭᠡᠮᠡᠨ ᠬᠠᠮᠢᠭᠠᠰᠢ ᠵᠦᠭ ᠴᠦ᠍ ᠤᠷᠤᠰᠬᠤ ᠦᠭᠡᠢ᠂ ᠪᠠᠷᠠᠭᠤᠨ ᠬᠡᠳᠦᠨ ᠮᠢᠩᠭᠠᠨ ᠭᠠᠵᠠᠷ ᠤ᠋ᠨ ᠪᠤᠷᠤᠢᠳ ᠤᠯᠤᠰ ᠤ᠋ᠨ ᠵᠠᠬ᠎ᠠ᠂ ᠰᠣᠩᠭᠢᠨ᠎ᠠ ᠶ᠋ᠢᠨ ᠮᠥᠰᠥᠲᠦ ᠳᠠᠪᠠᠭᠠᠨ ᠤ᠋ ᠤᠮᠠᠷ᠎ᠠ ᠢᠩᠵᠢᠰᠡᠷ ᠦ᠋ᠨ ᠪᠠᠷᠠᠭᠤᠨ᠂ ᠬᠠᠰᠢᠬᠡᠷ ᠦ᠋ᠨ ᠡᠮᠦᠨ᠎ᠡ ᠪᠦᠬᠦᠢ᠂ ᠵᠠᠢᠷ ᠬᠥᠷ ᠤᠰᠤ ᠯᠤᠭ᠎ᠠ ᠨᠠᠷᠢᠨ ᠰᠤᠳᠠᠯ ᠢ᠋ᠶ᠋ᠠᠷ ᠵᠠᠯᠭᠠᠯᠳᠤᠨ ᠲᠤᠨᠵᠤ᠂ ᠳᠥᠷᠪᠡᠨ ᠵᠦᠭ ᠨᠡᠪᠲᠡᠷᠡᠨ ᠤᠷᠤᠰᠬᠤ ᠦᠭᠡᠢ ᠲᠤᠯᠠ ᠳᠠᠯᠠᠢ ᠬᠡᠮᠡᠭᠰᠡᠨ ᠪᠣᠢ ‍ᠶ᠎ᠠ᠃ ᠴᠣᠬᠣᠮ ᠶᠡᠬᠡ ᠳᠠᠯᠠᠢ ᠳ᠋ᠤᠷ ᠪᠠᠬᠠᠨ ᠴᠤ᠌ ᠬᠠᠷᠢᠶ᠎ᠠ ᠦᠭᠡᠢ᠃ ᠠᠷᠤ ᠡᠯᠡᠰᠦᠨ ᠦ᠌ ᠳᠣᠲᠣᠷ᠎ᠠ ᠬᠡᠳᠦᠨ ᠮᠢᠩᠭᠠᠨ ᠭᠠᠵᠠᠷ ᠤ᠋ᠨ ᠲᠡᠭᠰᠢᠷᠡᠭᠰᠡᠨ ᠳᠡᠯᠭᠡᠷ ᠲᠣᠷ ᠲᠣᠨᠣᠭᠰᠠᠨ ᠨᠠᠭᠤᠷ ᠪᠢᠯᠬᠠᠮᠠᠯ ᠪᠣᠯᠠᠢ᠃ ᠡᠨᠡ ᠪᠢᠯᠬᠠᠮᠠᠯ ᠨᠠᠭᠤᠷ᠎ᠠ ᠣᠷᠣᠬᠤ ᠤᠰᠤᠨ ᠤ᠋ ᠭᠠᠵᠠᠷ ᠣᠷᠣᠨ ᠢ᠋ ᠲᠣᠭᠠᠴᠢᠪᠠᠰᠤ᠂ ᠵᠡᠭᠦᠨ ᠵᠠᠬ᠎ᠠ ᠠᠯᠠᠭᠰᠢᠷ᠎ᠠ ᠶ᠋ᠢᠨ ᠤᠰᠤ᠂ ᠬᠣᠢᠲᠤ ᠪᠡᠶ᠎ᠡ ᠬᠥᠷ ᠬᠠᠷ᠎ᠠ ᠶ᠋ᠢᠨ ᠤᠰᠤ᠂ ᠪᠠᠷᠠᠭᠤᠨ ᠪᠡᠶ᠎ᠡ ᠵᠠᠬᠠᠰ ᠤ᠋ᠨ ᠤᠰᠤ᠂ ᠪᠠᠰᠠ ᠪᠠᠷᠠᠭᠤᠨ ᠬᠣᠢᠲᠤ ᠥᠰᠢᠨ ᠦ᠌ ᠤᠰᠤ᠂ ᠴᠢᠬᠡ ᠪᠠᠷᠠᠭᠤᠨ ᠪᠠᠷᠴᠤᠭ ᠤ᠋ᠨ ᠤᠰᠤ᠃ ᠪᠠᠷᠠᠭᠤᠨ ᠡᠮᠦᠨ᠎ᠡ ᠶᠠᠷ᠎ᠠ ᠭᠣᠣᠯ ᠤ᠋ᠨ ᠤᠰᠤ᠂ ᠪᠠᠰᠠ ᠪᠠᠷᠠᠭᠤᠨ ᠢᠩᠵᠢᠰᠡᠷ ᠦ᠋ᠨ ᠤᠰᠤ᠂ ᠴᠢᠬᠡ ᠡᠮᠦᠨ᠎ᠡ ᠭᠡᠳᠡᠩ ᠦ᠋ᠨ ᠤᠰᠤ᠂ ᠵᠡᠭᠦᠨ ᠡᠮᠦᠨ᠎ᠡ ᠳᠠᠷᠤᠢ ᠲᠡᠭᠷᠢ ᠡᠯᠡᠰᠦ᠂ ᠡᠳᠡᠭᠡᠷ ᠬᠡᠳᠦᠨ ᠮᠢᠩᠭᠠᠨ ᠭᠠᠵᠠᠷ ᠤ᠋ᠨ ᠠᠭᠤᠳᠠᠮ ᠶᠡᠬᠡ ᠲᠢᠪ ᠳᠡᠯᠡᠬᠡᠢ ᠶ᠋ᠢᠨ ᠤᠰᠤ ᠴᠥᠮ ᠡᠨᠡ ᠰᠢᠩᠰᠠ ᠳᠠᠯᠠᠢ ᠬᠢᠭᠡᠳ ᠵᠠᠢᠷ ᠬᠥᠷ ᠣᠰᠤᠨ᠎ᠠ ᠴᠢᠭᠤᠯᠵᠤ ᠲᠣᠨᠣᠮᠤᠢ᠃ ᠮᠠᠰᠢ ᠥᠨᠳᠥᠷ ᠦ᠋ᠨ ᠲᠡᠭᠰᠢᠷᠡᠭᠰᠡᠨ ᠲᠢᠪ ᠲᠣᠷ ᠲᠣᠨᠣᠭᠰᠠᠨ ᠮᠢᠩᠭᠠᠨ ᠭᠠᠵᠠᠷ ᠤ᠋ᠨ ᠠᠭᠤᠳᠠᠮ ᠨᠠᠭᠤᠷ ᠲᠤᠯᠠ ᠳᠥᠷᠪᠡᠨ ᠡᠲᠡᠭᠡᠳ ᠮᠢᠩᠭᠠᠭᠠᠳ ᠭᠠᠵᠠᠷ ᠠ᠋ᠴᠠ ᠴᠥᠮ ᠦᠵᠡᠭᠳᠡᠵᠦ᠂ ᠨᠠᠷᠠᠨ ᠪᠠᠬᠠᠨ ᠪᠠᠷᠠᠭᠤᠨᠰᠢ ᠲᠠᠰᠢᠮᠠᠭᠴᠠ ᠡᠨᠡ ᠨᠠᠭᠤᠷ ᠲᠤᠷ ᠲᠣᠰᠴᠤ᠂ ᠵᠡᠭᠦᠨ ᠡᠮᠦᠨ᠎ᠡ ᠡᠴᠡ ᠬᠡᠳᠦᠨ ᠵᠠᠭᠤᠨ ᠭᠠᠵᠠᠷ ᠤ᠋ᠨ ᠬᠣᠯᠠ ᠠ᠋ᠴᠠ ᠲᠠᠯ᠎ᠠ ᠶ᠋ᠢᠨ ᠴᠠᠭᠠᠨ᠎ᠠ ᠭᠢᠯᠪᠡᠯᠵᠡᠨ ᠦᠵᠡᠭᠳᠡᠵᠦ᠂ ᠨᠠᠷᠠᠨ ᠨᠡᠩ ᠳᠣᠷᠣᠭᠰᠢ ᠣᠷᠣᠪᠠᠰᠤ ᠳᠡᠭᠦᠨᠦ ᠭᠢᠯᠪᠠᠯᠵᠠᠯ ᠤᠯᠠᠮ ᠬᠣᠯᠠ ᠦᠵᠡᠭᠳᠡᠬᠦ ᠲᠤᠯᠠ ᠡᠳᠦᠷ ᠦ᠋ᠨ ᠨᠠᠷᠠᠨ ᠳ᠋ᠤᠷ ᠲᠠᠯ᠎ᠠ ᠶ᠋ᠢᠨ ᠳᠤᠮᠳᠠ ᠣᠳᠣᠨ ᠮᠡᠲᠦ ᠦᠵᠡᠭᠳᠡᠬᠦᠢ ᠶ᠋ᠢᠨ ᠣᠴᠢᠷ᠎ᠠ᠂ ᠲᠡᠷᠡ ᠣᠷᠣᠨ ᠢ᠋ ᠣᠳᠣᠨ ᠲᠠᠯ᠎ᠠ ᠭᠡᠮᠡᠨ ᠨᠡᠷᠡᠯᠡᠵᠦᠬᠦᠢ᠃ ᠠᠯᠢᠪᠠ ᠪᠠᠷᠠᠭᠤᠨ ᠬᠣᠢᠲᠤ ᠪᠡᠶ᠎ᠡ ᠶ᠋ᠢᠨ ᠨᠠᠭᠤᠷ ᠲᠤᠨᠤᠮᠠᠯ ᠪᠦᠬᠦᠨ᠂ ᠨᠠᠷᠠᠨ ᠲᠠᠰᠢᠪᠠᠰᠤ ᠴᠥᠮ ᠲᠡᠢᠨ ᠦᠵᠡᠭᠳᠡᠪᠡᠴᠦ᠂ ᠡᠨᠡ ᠰᠢᠩᠰᠠ ᠨᠡᠷᠡᠲᠦ ᠯᠣᠪᠣ ᠨᠠᠭᠤᠷ ᠤ᠋ᠨ ᠡᠨᠡ ᠰᠠᠶᠢ ᠴᠣᠬᠣᠮ ᠣᠳᠣᠨ ᠲᠠᠯ᠎ᠠ ᠶ᠋ᠢᠨ ᠭᠠᠵᠠᠷ ᠮᠥᠨ᠃ ᠲᠡᠭᠦᠨᠴᠡ ᠨᠠᠭᠠᠨ᠎ᠠ ᠪᠠᠢᠬᠤ ᠴᠢᠩ ᠬᠠᠢ ᠬᠡᠮᠡᠬᠦ ᠬᠥᠬᠡ ᠨᠠᠭᠤᠷ ᠢ᠋ ᠬᠡᠯᠡᠭᠰᠡᠨ ᠪᠤᠰᠤ ᠪᠣᠯᠠᠢ᠂ ᠡᠨᠡ ᠰᠢᠩᠰᠠ ᠳᠠᠯᠠᠢ ᠠ᠋ᠴᠠ ᠡᠯᠳᠡᠪ ᠵᠦᠢᠯ ᠦ᠋ᠨ ᠥᠩᠭᠡᠲᠦ ᠳᠠᠪᠤᠰᠤ ᠭᠠᠷᠴᠤ᠂ ᠳᠥᠷᠪᠡᠨ ᠲᠢᠪ ᠦ᠋ᠨ ᠡᠮ ᠳ᠋ᠦ᠍ᠷ ᠣᠷᠣᠵᠤ᠂ ᠮᠠᠰᠢ ᠶᠡᠬᠡ ᠠᠰᠢᠭ ᠣᠯᠳᠠᠪᠤᠷᠢ ᠲᠠᠢ᠃  ᠤᠭ ᠲᠠᠭᠠᠨ ᠦᠨᠡᠨ ᠳ᠋ᠦ᠍ᠷ ᠤᠢᠭᠤᠷ ᠤᠯᠤᠰ ᠤ᠋ᠨ ᠬᠠᠷᠢᠶᠠᠲᠤ ᠭᠠᠵᠠᠷ ᠪᠥᠯᠥᠭᠡ᠃ ᠳᠠᠩ ᠤᠯᠤᠰ ᠤ᠋ᠨ ᠱ᠌ᠢᠽᠥ᠋ᠩ ᠬᠠᠭᠠᠨ ᠤ᠋ ᠦᠶ᠎ᠡ ᠳ᠋ᠦ᠍ᠷ ᠲᠠᠩᠭᠤᠳ ᠤᠯᠤᠰ ᠤ᠋ᠨ ᠳᠡᠭᠡᠳᠦ ᠦᠶ᠎ᠡ᠂ ᠬᠤᠸᠠᠩ ᠴᠤᠤ ᠬᠤᠯᠠᠭᠠᠢ ᠶ᠋ᠢ ᠳᠠᠢᠯᠠᠨ ᠲᠦᠪᠰᠢᠳᠬᠡᠭᠰᠡᠨ ᠶᠡᠬᠡ ᠭᠠᠪᠢᠶ᠎ᠠ ᠳ᠋ᠤᠷ – ᠲᠦᠪᠡ ᠰᠧ ᠵᠢᠩ ᠦ᠋ᠨ ᠦᠶ᠎ᠡ ᠳ᠋ᠦ᠍ᠷ ᠶᠡᠬᠡ ᠲᠢᠩ ᠨᠠᠨ ᠵᠢᠶᠧ ᠳᠦ ᠱᠢ ᠭᠡᠮᠡᠨ ᠡᠷᠭᠦᠵᠦ᠂ ᠪᠠᠰᠠ ᠳᠣᠲᠣᠭᠠᠳᠤ ᠲᠠᠪᠤᠨ ᠵᠧᠦ ᠶ᠋ᠢ ᠥᠭᠴᠦ ᠫᠢᠩ ᠰᠢᠶᠠ ᠪᠦ ᠭᠡᠮᠡᠨ ᠡᠷᠭᠦᠮᠵᠢᠯᠡᠨ᠂ ᠪᠠᠷᠠᠭᠤᠨ ᠬᠣᠢᠲᠤ ᠪᠡᠶ᠎ᠡ ᠶ᠋ᠢᠨ ᠣᠯᠠᠨ ᠵᠦᠢᠯ ᠦ᠋ᠨ ᠴᠢᠶᠠᠩ ᠬᠤ᠌᠂ ᠴᠢᠦᠸᠠᠨ ᠿᠦᠩ᠂ ᠰᠢᠶᠦ᠋ᠩᠨᠦ᠂ ᠴᠠᠨ ᠢᠦᠢ᠂ ᠰᠢ ᠴᠢᠶᠠᠩ ᠤ᠋ᠨ ᠵᠡᠷᠭᠡ ᠶ᠋ᠢᠨ ᠣᠯᠠᠨ ᠤᠮᠠᠷᠠᠲᠤ ᠠᠢᠮᠠᠭ ᠤ᠋ᠳ ᠤ᠋ᠨ ᠪᠦᠭᠦᠳᠡ ᠶ᠋ᠢ ᠲᠡᠷᠢᠭᠦᠯᠡᠨ ᠳᠠᠷᠤᠨ ᠤᠬᠠᠭᠤᠯᠬᠤ ᠲᠤᠰᠢᠶᠠᠯ ᠡᠷᠬᠡ ᠶ᠋ᠢ ᠪᠠᠷᠢᠭᠤᠯᠤᠭᠰᠠᠨ ᠤ᠋ ᠳᠡᠭᠡᠷ᠎ᠡ᠂ ᠠᠷᠪᠠᠭᠠᠳ ᠦᠶ᠎ᠡ ᠪᠠᠷᠠᠭᠤᠨ ᠬᠣᠢᠲᠤ᠂ ᠰᠢ ᠵᠧᠦ ᠶ᠋ᠢᠨ ᠣᠯᠠᠨ ᠠᠢᠮᠠᠭ ᠤ᠋ᠳ ᠢ᠋ ᠡᠵᠡᠷᠬᠡᠨ ᠶᠠᠪᠤᠭᠰᠠᠨ ᠤ᠋ ᠤᠴᠢᠷ ᠲᠤᠷ ᠲᠠᠩᠭᠤᠳ ᠤ᠋ᠨ ᠠᠷᠪᠠᠨ ᠨᠢᠭᠡᠳᠦᠭᠡᠷ ᠡᠵᠡᠨ ᠯᠢ ᠶᠤᠸᠠᠨ ᠬᠣᠣ᠂ ᠰᠢᠭᠤᠳ ᠬᠠᠭᠠᠨ ᠰᠠᠭᠤᠵᠤ ᠡᠦ ᠯᠢᠶᠧ ᠬᠤᠸᠠᠩᠳᠢ ᠬᠡᠮᠡᠭᠰᠡᠨ ᠡᠴᠡ ᠥᠪᠡᠷᠦᠨ ᠴᠡᠷᠢᠭ ᠦ᠋ᠨ ᠬᠦᠴᠦᠨ ᠢ᠋ᠶ᠋ᠡᠷ ᠡᠨᠡ ᠣᠳᠣᠨ ᠲᠠᠯ᠎ᠠ ᠶ᠋ᠢᠨ ᠰᠢᠩᠰᠠ ᠳᠠᠯᠠᠢ ᠶ᠋ᠢᠨ ᠬᠡᠳᠦ ᠬᠡᠳᠦᠨ ᠪᠠᠭ᠎ᠠ ᠠᠢᠮᠠᠭ ᠤ᠋ᠳ ᠢ᠋ ᠳᠠᠢᠯᠠᠨ ᠲᠦᠪᠰᠢᠳᠬᠡᠵᠦ᠂ ᠯᠣᠪᠣ ᠨᠠᠭᠤᠷ ᠤ᠋ᠨ ᠲᠠᠪᠤᠨ ᠥᠩᠭᠡ ᠶ᠋ᠢᠨ ᠰᠠᠢᠨ ᠳᠠᠪᠤᠰᠤᠨ ᠤ᠋ ᠪᠦᠬᠦ ᠠᠰᠢᠭ ᠢ᠋ ᠪᠦᠷᠢᠨ᠎ᠡ ᠪᠡᠷ ᠬᠣᠷᠢᠶᠠᠨ ᠡᠵᠡᠯᠡᠵᠦ ᠢᠳᠡᠭᠰᠡᠭᠡᠷ ᠵᠠᠭᠤᠨ ᠢᠯᠡᠭᠦᠦ ᠣᠨ ᠪᠣᠯᠵᠤ᠂ ᠲᠠᠪᠤᠳᠤᠭᠠᠷ ᠬᠠᠭᠠᠨ ᠪᠠᠭᠤᠷᠠᠢ ᠯᠢ ᠼᠦᠨ ᠢᠤ᠌ ᠶ᠋ᠢᠨ ᠦᠶ᠎ᠡ ᠳ᠋ᠦ᠍ᠷ ᠬᠦᠷᠴᠦ ᠢᠷᠡᠭᠡᠳ᠂ ᠤᠢᠭᠤᠷ ᠤᠯᠤᠰ ᠤ᠋ᠨ ᠦᠷᠭᠦᠩᠭᠡ᠂ ᠯᠢ ᠼᠦᠨ ᠢᠦ ᠶ᠋ᠢᠨ ᠥᠩᠭᠡ ᠳ᠋ᠦ᠍ᠷ ᠤᠨᠠᠭᠰᠠᠨ ᠳ᠋ᠤᠷ ᠠᠨᠤ ᠳᠠᠷᠤᠯᠠᠨ ᠰᠢᠩᠰᠠ ᠳᠠᠯᠠᠢ ᠶ᠋ᠢᠨ ᠪᠦᠬᠦ ᠠᠰᠢᠭ ᠢ᠋ ᠡᠵᠡᠷᠬᠡᠨ ᠪᠤᠯᠢᠶᠠᠵᠤ ᠡᠵᠡᠯᠡᠭᠰᠡᠨ᠎ᠡ ᠯᠢ ᠠᠨ ᠴᠢᠥᠸᠠᠨ ᠰᠠᠭᠤᠷᠢᠨ ᠢ᠋ ᠵᠠᠯᠭᠠᠮᠵᠢᠯᠠᠨ ᠰᠠᠭᠤᠭᠠᠳ ᠡᠳ᠋ ᠬᠡᠷᠡᠭᠯᠡᠯ᠂ ᠮᠠᠰᠢ ᠶᠡᠬᠡ ᠣᠷᠣᠬᠤᠢ ᠳ᠋ᠤᠷ ᠡᠨᠡ ᠨᠢᠭᠡᠨ ᠠᠩᠭᠢ ᠶ᠋ᠢᠨ ᠶᠡᠬᠡ ᠣᠷᠣᠵᠠ ᠶ᠋ᠢ ᠥᠪᠡᠷ ᠢ᠋ᠶ᠋ᠡᠨ ᠨᠡᠬᠡᠮᠵᠢᠯᠡᠨ ᠲᠡᠮᠡᠴᠡᠯᠳᠦᠬᠦ ᠴᠢᠨᠡᠭᠡ ᠦᠭᠡᠢ ᠳ᠋ᠦ᠍ᠷ ᠥᠬᠢᠨ ᠢᠨᠣ ᠶ᠋ᠢᠨ ᠭᠦᠩᠵᠦ ᠬᠦᠯᠢᠶᠡᠬᠦ ᠦᠭᠡᠢ᠂ ᠳᠡᠭᠦᠦ ᠯᠢ ᠼᠦᠨ ᠰᠢᠦᠢ ᠵᠥᠭᠡᠯᠡᠨ ᠪᠠᠭᠤᠷᠠᠢ ᠴᠢᠳᠠᠪᠤᠷᠢ ᠦᠭᠡᠢ ᠲᠤᠯᠠ᠂ ᠠᠩᠬ᠎ᠠ ᠤᠳᠠᠭ᠎ᠠ ᠥᠪᠡᠷᠦᠨ ᠪᠡᠶ᠎ᠡ ᠪᠡᠷ ᠴᠡᠷᠢᠭ ᠠᠪᠤᠨ ᠳᠡᠭᠦᠦ ᠪᠡᠨ ᠳᠠᠭᠠᠭᠤᠯᠤᠨ ᠡᠴᠢᠵᠦ ᠨᠢᠭᠡᠨᠲᠡ ᠪᠠᠢᠯᠳᠤᠵᠤ ᠡᠭᠡᠭᠦᠯᠦᠨ ᠣᠯᠵᠤ ᠵᠢᠯ ᠢᠯᠡᠭᠦᠦ ᠰᠠᠬᠢᠨ ᠰᠠᠭᠤᠵᠤ᠂ ᠮᠠᠰᠢ ᠨᠠᠮ ᠵᠢᠮ ᠪᠣᠯᠭᠠᠵᠤ ᠨᠢᠳᠤᠨᠤᠨ ᠨᠠᠮᠤᠷ ᠬᠠᠷᠢᠵᠤ ᠢᠷᠡᠨ ᠥᠪᠡᠷᠦᠨ ᠪᠡᠶ᠎ᠡ ᠶ᠋ᠢᠨ ᠶᠡᠬᠡ ᠦᠢᠯᠡ ᠪᠡᠨ ᠪᠦᠲᠦᠭᠡᠰᠦᠭᠡᠢ ᠬᠡᠮᠡᠵᠦ ᠪᠠᠢᠲᠠᠯ᠎ᠠ ᠲᠡᠭᠦᠨ ᠢ᠋ ᠬᠠᠷᠢᠵᠤ ᠢᠷᠡᠨ ᠰᠠᠷ᠎ᠠ ᠰᠢᠬᠠᠮ ᠪᠣᠯᠣᠮᠠᠭᠴᠠ ᠤᠢᠭᠤᠷ ᠤᠯᠤᠰ ᠪᠠᠰᠠ ᠴᠡᠷᠢᠭ ᠠᠪᠤᠨ ᠳᠠᠬᠢᠨ ᠪᠤᠯᠢᠶᠠᠨ ᠡᠵᠡᠯᠡᠭᠰᠡᠨ᠎ᠡ᠂ ᠨᠢᠳᠤᠨᠤᠨ ᠡᠪᠦᠯ ᠪᠠᠰᠠ ᠴᠡᠷᠢᠭ ᠠᠪᠤᠨ ᠡᠴᠢᠬᠦᠶ᠎ᠡ᠂ ᠳᠡᠭᠦᠦ ᠯᠢ ᠼᠦᠨ ᠰᠢᠦᠢ ᠶ᠋ᠢ ᠮᠥᠨ ᠳᠠᠭᠠᠭᠤᠯᠤᠭᠰᠠᠨ ᠴᠤ᠌ ᠦᠭᠡᠢ᠂ ᠭᠠᠵᠠᠷ ᠤ᠋ᠨ ᠵᠠᠩ ᠳ᠋ᠤᠷ ᠮᠡᠷᠭᠡᠰᠢᠭᠰᠡᠨ ᠳ᠋ᠡᠭᠡᠨ ᠡᠷᠡᠮᠰᠢᠨ᠂ ᠰᠢᠭᠤᠳ ᠶᠡᠬᠡ ᠴᠡᠷᠢᠭ ᠢ᠋ ᠠᠪᠴᠤ ᠡᠴᠢᠬᠦ ᠪᠥᠭᠡᠳ ᠨᠢᠭᠡᠨ ᠳᠡᠭᠡᠭᠦᠷ ᠬᠠᠳᠠᠮ ᠤ᠋ᠨ ᠲᠠᠢᠹᠦ᠋ ᠲᠦᠰᠢᠮᠡᠯ ᠥᠳᠥ ᠵᠠᠩᠵᠤᠨ ᠢ ᠬᠠᠳᠠᠮ ᠬᠠᠷᠢ ᠶ᠋ᠢᠨ ᠶᠡᠬᠡ ᠵᠢᠨᠦᠩ ᠮᠤᠬᠤᠯᠢ ᠠᠨᠳᠠ ᠳ᠋ᠤᠷ ᠭᠤᠶᠤᠴᠢᠯᠠᠨ ᠢᠯᠡᠭᠡᠭᠰᠡᠨ᠎ᠡ ᠵᠢᠨᠦᠩ ᠮᠤᠬᠤᠯᠢ ᠴᠤ᠌ ᠤᠭ ᠠ᠋ᠴᠠ ᠡᠨᠡ ᠶ᠋ᠢᠨ ᠭᠦᠩᠵᠦ ᠬᠠᠳᠠᠮ ᠬᠠᠷᠢ ᠶ᠋ᠢᠨ ᠤᠯᠤᠰ ᠲᠠᠭᠠᠨ ᠬᠠᠯᠠᠮᠵᠢ ᠵᠢᠳᠬᠦᠯᠳᠦ᠂ ᠭᠦᠩᠵᠦ ᠬᠠᠲᠤᠨ ᠭᠡᠮᠡᠨ ᠮᠠᠰᠢ ᠪᠡᠶᠡᠰᠦᠨ ᠰᠠᠢᠰᠢᠶᠠᠳᠠᠭ ᠲᠤᠯᠠ᠂ ᠡᠨᠡ ᠤᠳᠠᠭ᠎ᠠ ᠳ᠋ᠤᠷ ᠬᠠᠭᠠᠨ ᠡᠵᠡᠨ ᠳ᠋ᠦ᠍ᠷ ᠬᠤᠪᠢ ᠶ᠋ᠢᠨ ᠭᠠᠳᠠᠨ᠎ᠠ ᠨᠠᠷᠢᠪᠴᠢᠯᠠᠨ ᠠᠢᠯᠠᠳᠬᠠᠨ ᠭᠤᠶᠤᠴᠢᠯᠠᠵᠤ᠂ ᠲᠤᠬᠠᠢᠯᠠᠨ ᠳᠡᠳ᠋ ᠲᠠᠢᠽᠢ᠂ ᠴᠠᠭᠠᠲᠠᠢ ᠴᠢᠨ ᠸᠠᠩ ᠳ᠋ᠤᠷ ᠠᠷᠪᠠᠨ ᠵᠢᠷᠭᠤᠭᠠᠨ ᠵᠠᠩᠵᠤᠨ ᠬᠣᠶᠠᠷ ᠲᠦᠮᠡᠨ ᠲᠠᠪᠤᠨ ᠮᠢᠩᠭᠠᠨ ᠴᠡᠷᠢᠭ ᠢ᠋ᠶ᠋ᠡᠷ ᠣᠢᠷ᠎ᠠ ᠪᠠᠷ ᠢᠨᠣ ᠮᠣᠷᠳᠠᠭᠤᠯᠤᠨ ᠢᠯᠡᠭᠡᠭᠰᠡᠨ ᠠᠵᠤᠭᠤ᠃ ᠵᠢᠴᠢ ᠤᠢᠭᠤᠷ ᠤᠯᠤᠰ ᠤ᠋ᠨ ᠳᠣᠲᠣᠷ᠎ᠠ ᠬᠢᠲᠠᠳ ᠬᠡᠯᠡᠲᠦ ᠮᠡᠷᠭᠡᠳ ᠣᠯᠠᠨ ᠭᠠᠷᠬᠤ ᠠᠨᠤ᠂ ᠡᠷᠲᠡ ᠳᠠᠩ ᠲᠠᠢᠽᠦᠢ᠍ᠩ ᠦ᠋ᠨ ᠦᠶ᠎ᠡ ᠳ᠋ᠦ᠍ᠷ ᠵᠧᠦ᠂ ᠰᠢᠶᠠᠨ ᠪᠠᠢᠭᠤᠯᠵᠤ ᠰᠠᠭᠤᠯᠭᠠᠭᠰᠠᠨ᠎ᠠ᠂ ᠵᠠᠷᠢᠮ ᠡᠨᠡ ᠭᠠᠵᠠᠷ ᠤ᠋ᠨ ᠣᠯᠠᠨ ᠤ᠋ ᠬᠦᠨᠳᠦᠯᠡᠯ ᠡᠮᠦᠨ᠎ᠡ ᠤᠯᠤᠰ ᠠ᠋ᠴᠠ ᠠᠷᠪᠠᠨ ᠬᠤᠪᠢ ᠳᠡᠭᠡᠷ᠎ᠡ ᠲᠤᠯᠠ ᠲᠡᠷᠡ ᠪᠠᠶᠠᠨ ᠡᠷᠬᠢᠮ ᠳ᠋ᠦ᠍ᠷ ᠢᠨᠦ᠂ ᠬᠣᠷᠭᠣᠳᠠᠵᠤ ᠬᠣᠴᠣᠷᠤᠨ ᠦᠯᠡᠳᠡᠭᠰᠡᠳ ᠣᠯᠠᠨᠲᠠ ᠭᠠᠷᠤᠭᠰᠠᠨ ᠢ᠋ᠶ᠋ᠠᠷ ᠵᠢᠯ ᠣᠨ ᠮᠠᠰᠢ ᠤᠳᠠᠵᠤ᠂ ᠵᠠᠯᠭᠠᠮᠵᠢᠯᠠᠨ ᠲᠥᠷᠥᠭᠰᠡᠨ ᠬᠡᠦᠬᠡᠳ ᠠᠴᠢᠨᠠᠷ ᠠᠨᠤ ᠥᠪᠡᠷᠦᠨ ᠤᠭ ᠦᠨᠳᠦᠰᠦᠨ ᠦ᠌ ᠪᠢᠴᠢᠭ ᠦ᠋ᠨ ᠰᠤᠷᠭᠠᠭᠤᠯᠢ ᠪᠠᠨ ᠦᠯᠦ ᠲᠠᠶᠠᠭᠳᠠᠬᠤ ᠶ᠋ᠢᠨ ᠳᠡᠭᠡᠷ᠎ᠡ ᠪᠠᠰᠠ ᠡᠨᠡ ᠤᠢᠭᠤᠷ ᠤᠯᠤᠰ ᠤ᠋ᠨ ᠨᠣᠮ ᠪᠢᠴᠢᠭ ᠪᠠ ᠵᠠᠩ ᠠᠪᠢᠶᠠᠰ ᠢ᠋ ᠠᠨᠤ ᠠᠪᠴᠤ ᠬᠣᠶᠠᠷ ᠵᠦᠢᠯ ᠦ᠋ᠨ ᠡᠷᠳᠡᠮ ᠰᠤᠷᠲᠠᠯ ᠪᠦᠷᠢᠳᠳᠡᠭ ᠲᠤᠯᠠᠳᠠ ᠳ᠋ᠠᠲᠠᠲᠤᠩᠭ᠎ᠠ᠂ ᠲᠤᠷᠪᠢ ᠮᠡᠷᠭᠡᠨ ᠦ᠌ ᠵᠡᠷᠭᠡ ᠶ᠋ᠢᠨ ᠮᠡᠷᠭᠡᠳ ᠪᠠᠭᠰᠢ ᠨᠠᠷ ᠭᠠᠷᠴᠤ᠂ ᠤᠯᠤᠰ ᠤᠯᠤᠰ ᠲᠤᠷ ᠤᠷᠢᠭᠳᠠᠨ ᠵᠠᠯᠠᠭᠳᠠᠵᠤ᠂ ᠡᠷᠭᠦᠨ ᠬᠦᠨᠳᠦᠯᠡᠭᠳᠡᠬᠦ ᠢᠨᠦ ᠡᠢᠮᠦ ᠤᠴᠢᠷ ᠲᠤᠷ ᠪᠣᠯᠠᠢ᠃ ᠴᠢᠦ ᠴᠦ ᠵᠢᠢ ᠬᠤᠪᠢᠯᠭᠠᠨ᠂ ᠴᠢᠦ ᠰᠢᠶᠠᠨ ᠬᠦ ᠰᠢᠳᠢᠲᠡᠨ ᠴᠥᠮ ᠡᠨᠡ ᠤᠢᠭᠤᠷ ᠤ᠋ᠨ ᠣᠷᠴᠢᠮ ᠤ᠋ᠨ ᠬᠥᠮᠦᠰ ᠪᠤᠶᠤ᠃ ᠲᠡᠷᠡ ᠭᠠᠵᠠᠷ ᠤ᠋ᠨ ᠲᠡᠭᠷᠢ ᠠᠭᠤᠯᠠ ᠶ᠋ᠢ ᠬᠢᠲᠠᠳ ᠢ᠋ᠶ᠋ᠠᠷ ᠲᠢᠶᠠᠨ ᠱᠠᠨ ᠬᠡᠮᠡᠮᠦᠢ᠃ ᠨᠢᠭᠡᠨ ᠨᠡᠷ᠎ᠡ ᠢᠨᠤ ᠭᠢᠯᠢᠶᠡᠨ ᠬᠡᠮᠡᠮᠦᠢ᠃ ᠣᠷᠣᠨ ᠥᠨᠳᠥᠷ ᠪᠥᠭᠡᠳ ᠠᠭᠤᠯᠠ ᠪᠠᠰᠠ ᠨᠡᠩ ᠥᠨᠳᠥᠷ᠂ ᠲᠡᠢᠨ ᠬᠦ᠌ ᠲᠡᠭᠷᠢ ᠲᠤᠯᠤᠮ᠎ᠠ ᠲᠡᠭᠷᠢ ᠠᠭᠤᠯᠠ ᠬᠡᠮᠡᠵᠦᠬᠦᠢ᠃ ᠲᠡᠷᠡ ᠠᠭᠤᠯᠠᠨ ᠤ᠋ ᠬᠡᠳᠦᠨ ᠮᠢᠩᠭᠠᠨ ᠭᠠᠵᠠᠷ ᠤ᠋ᠨ ᠤᠷᠲᠤ ᠮᠤᠷᠤᠢ ᠰᠠᠷᠤᠢ ᠭᠦᠨ ᠳᠠᠯᠳᠠ ᠭᠣᠣᠯ ᠵᠡᠪᠡ ᠳ᠋ᠦ᠍ᠷ ᠡᠳᠦᠭᠡ ᠳᠠᠢᠴᠢᠩ ᠤᠯᠤᠰ ᠤ᠋ᠨ ᠴᠠᠭ ᠣᠨ ᠳ᠋ᠤᠷ ᠬᠦᠷᠲᠡᠯ᠎ᠡ ᠬᠥᠮᠦᠨ ᠠᠮᠢᠲᠠᠨ ᠤ᠋ ᠮᠥᠷ ᠰᠡᠭᠦᠳᠡᠷ ᠬᠦᠷᠦᠭᠡᠳᠦᠢ ᠭᠠᠵᠠᠷ ᠣᠯᠠᠨᠲᠠ ᠪᠣᠢ ᠬᠡᠮᠡᠵᠦᠬᠦᠢ᠃ ᠪᠦᠬᠦᠯᠢ ᠭᠠᠵᠠᠷ ᠳᠡᠯᠡᠬᠡᠢ ᠶ᠋ᠢᠨ ᠶᠡᠬᠡ ᠲᠣᠪᠴᠢ ᠳ᠋ᠤᠷ ᠭᠠᠷᠤᠭᠰᠠᠨ ᠢ᠋ ᠴᠦ᠍ ᠪᠠᠢᠲᠤᠭᠠᠢ᠂ ᠬᠣᠢᠲᠤ ᠣᠷᠣᠰ ᠤᠯᠤᠰ ᠤ᠋ᠨ ᠡᠮᠦᠨ᠎ᠡ ᠬᠢᠵᠠᠭᠠᠷ ᠤ᠋ᠨ ᠬᠠᠰᠠᠭ ᠤᠯᠤᠰ᠂ ᠪᠤᠷᠤᠢᠳ ᠤᠯᠤᠰ ᠤ᠋ᠨ ᠭᠠᠵᠠᠷ ᠤ᠋ᠨ ᠵᠢᠷᠤᠭ ᠲᠤᠷ ᠲᠣᠳᠣᠷᠬᠠᠢᠯᠠᠨ ᠨᠠᠷᠢᠪᠴᠢᠯᠠᠨ ᠭᠠᠷᠴᠤ ᠪᠣᠢ ᠠᠮᠤᠢ᠃ ᠳᠠᠢᠴᠢᠩ ᠤᠯᠤᠰ ᠤ᠋ᠨ ᠦᠶ᠎ᠡ ᠳ᠋ᠦ᠍ᠷ ᠨᠡᠢᠲᠡ ᠪᠡᠷ ᠢᠯᠢ ᠵᠠᠩᠵᠤᠨ ᠳ᠋ᠤᠷ ᠵᠠᠬᠢᠷᠤᠭᠳᠠᠵᠤᠬᠤᠢ᠃ ᠰᠤᠯᠠ ᠤᠴᠢᠷ ᠢ᠋ ᠬᠤᠷᠢᠶᠠᠭᠠᠳ ᠰᠤᠳᠤᠷ ᠤ᠋ᠨ ᠭᠣᠣᠯ ᠲᠣᠪᠴᠢᠶ᠎ᠠ ᠶ᠋ᠢ ᠥᠭᠦᠯᠡᠬᠦ ᠢᠨᠤ : 
       ᠲᠡᠭᠦᠨᠴᠡ ᠮᠣᠩᠭᠣᠯ ᠤᠯᠤᠰ ᠤ᠋ᠨ ᠵᠡᠯᠮ᠎ᠡ᠂ ᠵᠡᠪᠡ ᠬᠣᠶᠠᠷ ᠶᠡᠬᠡ ᠨᠣᠶᠠᠨ᠂ ᠬᠣᠶᠠᠷ ᠮᠢᠩᠭᠠᠨ ᠴᠡᠷᠢᠭ ᠠᠪᠴᠤ᠂ ᠴᠠᠭᠠᠨ ᠰᠠᠷ᠎ᠠ ᠶ᠋ᠢᠨ ᠠᠷᠪᠠᠨ ᠵᠢᠷᠭᠤᠭᠠᠨ᠎ᠠ ᠮᠣᠷᠳᠠᠨ ᠭᠠᠷᠴᠤ᠂ ᠵᠠᠮ ᠤ᠋ᠨ ᠭᠣᠳᠣᠰ ᠲᠤᠷ ᠬᠠᠷᠢᠶ᠎ᠠ ᠬᠠᠷᠢᠶᠠᠲᠤ ᠭᠠᠵᠠᠷ ᠣᠷᠣᠨ ᠪᠦᠬᠦᠨ᠎ᠡ ᠴᠥᠮ ᠪᠠᠭᠤᠳᠠᠯ ᠪᠠᠭᠤᠯᠭᠠᠨ ᠥᠷᠲᠡᠭᠡ ᠥᠷᠲᠡᠭᠡᠭᠦᠯᠵᠦ᠂ ᠤᠶᠠᠭ᠎ᠠ ᠮᠣᠷᠢ ᠤᠶᠠᠭᠤᠯᠤᠨ ᠮᠡᠳᠡᠭᠡᠨ ᠦ᠌ ᠴᠡᠷᠢᠭ ᠦ᠋ᠳ ᠢ᠋ ᠠᠮᠠᠯᠠᠨ ᠰᠠᠭᠤᠯᠭᠠᠵᠤ ᠶᠠᠪᠤᠭᠰᠠᠭᠠᠷ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ᠎ᠠ ᠰᠠᠶᠢ ᠥᠪᠡᠷ ᠦ᠋ᠨ ᠤᠯᠤᠰ ᠤ᠋ᠨ ᠪᠠᠷᠠᠭᠤᠨ ᠵᠠᠬ᠎ᠠ ᠶ᠋ᠢ ᠭᠠᠷᠲᠠᠯ᠎ᠠ᠂ ᠲᠡᠭᠷᠢ ᠠᠭᠤᠯᠠᠨ ᠤ᠋ ᠵᠡᠭᠦᠨ ᠬᠣᠢᠲᠤ᠂ ᠪᠠᠷᠠ ᠬᠥᠯ ᠬᠡᠮᠡᠬᠦ ᠭᠠᠵᠠᠷ ᠤ᠋ᠨ ᠵᠡᠭᠦᠨ ᠬᠣᠢᠲᠤ ᠬᠢᠵᠠᠭᠠᠷ ᠪᠠᠰᠠ ᠬᠠᠮᠢ ᠤᠯᠤᠰ ᠤ᠋ᠨ ᠭᠤᠷᠪᠠᠯᠵᠢᠨ ᠵᠠᠭᠠᠭ ᠤ᠋ᠨ ᠥᠨᠳᠥᠷ ᠳᠡᠪᠰᠡᠭ ᠲᠣᠷ ᠤᠨᠢᠶᠠᠷ ᠮᠠᠨᠠᠨ ᠲᠠᠲᠠᠵᠤ ᠠᠯᠠᠬᠤ ᠠᠭᠤᠷ ᠲᠩᠷᠢ ᠳ᠋ᠦ᠍ᠷ ᠲᠤᠯᠵᠤ᠂ ᠴᠡᠷᠢᠭ ᠮᠣᠷᠢᠨ ᠳᠥᠭᠥᠮ ᠢ᠋ ᠪᠦᠷᠬᠦᠭᠡᠳ᠂ ᠫᠤᠤ ᠶ᠋ᠢᠨ ᠳᠠᠭᠤᠨ ᠬᠣᠯᠠ ᠬᠦᠩᠭᠢᠨᠡᠨ᠂ ᠴᠡᠷᠢᠭ ᠦ᠋ᠨ ᠦᠢᠮᠡᠭᠡᠨ ᠠᠨᠢᠷᠯᠠᠨ ᠰᠣᠨᠣᠰᠳᠠᠵᠤ᠂ ᠮᠠᠰᠢᠳᠠ ᠬᠦᠷᠴᠢᠭᠢᠨᠡᠵᠦ ᠭᠠᠯ ᠲᠤᠶᠠᠭᠠᠯᠠᠨ ᠬᠤᠷᠴᠠ ᠪᠠᠢᠯᠳᠤᠬᠤ ᠦᠶ᠎ᠡ ᠵᠡᠯᠮ᠎ᠡ᠂ ᠵᠡᠪᠡ ᠬᠣᠶᠠᠷ ᠨᠣᠶᠠᠨ ᠪᠠᠢᠯᠳᠤᠭᠠᠨ ᠤ᠋ ᠳᠣᠬᠢᠶ᠎ᠠ ᠲᠠᠯᠪᠢᠨ ᠣᠷᠣᠭᠰᠢ ᠣᠷᠣᠵᠤ ᠬᠡᠳᠦᠬᠡᠨ ᠭᠠᠵᠠᠷ ᠤ᠋ᠨ ᠣᠢᠷ᠎ᠠ ᠬᠦᠷᠦᠭᠡᠳ ᠳᠠᠬᠢᠨ ᠨᠢᠭᠡᠨᠲᠡ ᠬᠡᠩᠭᠡᠷᠭᠡ ᠳᠡᠯᠡᠳᠴᠦ ᠪᠠᠢᠯᠳᠤᠨ ᠣᠷᠣᠪᠠᠰᠤ᠂ ᠲᠡᠷᠡ ᠶᠡᠬᠡ ᠪᠣᠷᠬᠢᠷᠠᠯ ᠤ᠋ᠨ ᠪᠠᠢᠯᠳᠤᠭᠠᠨ ᠤ᠋ ᠳᠣᠲᠣᠷ᠎ᠠ ᠠ᠋ᠴᠠ ᠨᠢᠭᠡᠨ ᠨᠠᠰᠤᠨ ᠵᠠᠯᠠᠭᠤ ᠪᠠᠭᠠᠲᠤᠷ ᠰᠦᠷᠲᠦ ᠵᠠᠩᠵᠤᠨ ᠭᠡᠨᠡᠳᠲᠡ ᠨᠢᠭᠡᠨ ᠵᠠᠯᠠᠭᠤ ᠵᠥᠭᠡᠯᠡᠨ ᠵᠠᠩᠵᠤᠨ ᠢ ᠠᠮᠢᠳᠤ ᠪᠠᠷ ᠪᠠᠷᠢᠭᠠᠳ᠂ ᠮᠣᠷᠢᠨ ᠤ᠋ ᠳᠡᠭᠡᠷ᠎ᠡ ᠰᠤᠢᠪᠳᠠᠨ ᠰᠤᠨᠳᠠᠯᠠᠵᠤ ᠡᠮᠦᠨ᠎ᠡ ᠵᠦᠭ ᠭᠦᠶᠦᠯᠭᠡᠨ ᠵᠡᠪᠡ᠂ ᠵᠡᠯᠮ᠎ᠡ ᠲᠠᠨ ᠤ᠋ ᠴᠡᠷᠢᠭ ᠦ᠋ᠨ ᠡᠮᠦᠨᠡᠭᠦᠷ ᠬᠥᠳᠡᠭᠡᠰᠦᠨ ᠭᠠᠷᠬᠤᠢ ᠳ᠋ᠤᠷ ᠵᠡᠪᠡ ᠬᠠᠵᠠᠭᠤ ᠡᠲᠡᠭᠡᠳ ᠡᠴᠡ ᠲᠠᠰᠢᠭᠤ ᠪᠠᠷ ᠨᠡᠬᠡᠨ ᠣᠷᠣᠵᠤ ᠤᠴᠢᠷ ᠢ᠋ ᠠᠰᠠᠭᠤᠪᠠᠰᠤ᠂ ᠲᠡᠷᠡ ᠪᠠᠭ᠎ᠠ ᠪᠠᠭᠠᠲᠤᠷ ᠵᠠᠩᠵᠤᠨ ᠵᠠᠩᠳᠠᠨ ᠥᠭᠦᠯᠡᠷᠦᠨ:  
      《ᠬᠠᠷᠢᠶ᠎ᠠ ᠬᠠᠢᠳᠠᠭ ᠦᠭᠡᠢ ᠵᠠᠮ ᠤ᠋ᠨ ᠵᠤᠯᠪᠢᠨ ᠶᠠᠭᠤᠨ ᠢ᠋ ᠠᠰᠠᠭᠤᠮᠤᠢ ? 》 ᠬᠡᠮᠡᠭᠰᠡᠨ ᠳ᠋ᠦ᠍ᠷ ᠵᠡᠪᠡ ᠨᠣᠶᠠᠨ ᠶᠡᠬᠡᠯ᠎ᠡ ᠬᠢᠯᠢᠭᠯᠡᠵᠦ : 
      《ᠵᠠᠮ ᠬᠥᠨᠳᠡᠯᠡᠨ ᠵᠤᠯᠵᠠᠭ᠎ᠠ ᠬᠥᠪᠡᠭᠦᠨ᠂ ᠵᠢᠭᠠᠬᠠᠨ ᠲᠡᠳᠦᠢ ᠶᠣᠰᠣᠨ ᠦᠭᠡᠢ ! 》ᠭᠡᠮᠡᠨ ᠂ ᠤᠷᠲᠤ ᠡᠰᠢᠲᠦ ᠴᠢᠨᠣ᠎ᠠ ᠶ᠋ᠢᠨ ᠰᠢᠳᠦᠲᠦ ᠪᠢᠯᠠᠭᠤ ᠪᠠᠨ ᠡᠷᠭᠢᠭᠦᠯᠦᠨ ᠨᠡᠬᠡᠵᠦ ᠭᠦᠢᠴᠡᠭᠡᠳ ᠂ ᠪᠢᠯᠠᠭᠤᠨ ᠤ᠋ ᠡᠰᠢ ᠪᠡᠷ ᠨᠢᠭᠡᠨᠲᠡ ᠳᠡᠯᠡᠳᠴᠦ᠂ ᠬᠣᠶᠠᠷ ᠵᠠᠩᠵᠤᠨ ᠢ᠋ ᠬᠠᠮᠲᠤᠪᠠᠷ ᠮᠣᠷᠢᠨ ᠠ᠋ᠴᠠ ᠥᠮᠬᠥᠷᠢᠳᠥᠭᠥᠯᠥᠨ ᠤᠨᠠᠭᠠᠲᠠᠯ᠎ᠠ ᠴᠡᠷᠢᠭ ᠦ᠋ᠨ ᠠᠷᠠᠳ ᠬᠣᠶᠠᠭᠤᠯᠠ ᠶ᠋ᠢ ᠴᠥᠮ ᠳᠠᠷᠤᠨ ᠪᠠᠷᠢᠵᠤ ᠬᠦᠯᠢᠪᠡ᠃ 
        ᠲᠡᠳᠦᠢ ᠰᠠᠶᠢ ᠵᠠᠯᠮ᠎ᠠ ᠤᠴᠢᠷ ᠢ᠋ ᠠᠰᠠᠭᠤᠰᠤᠭᠠᠢ ᠬᠡᠮᠡᠲᠡᠯ᠎ᠡ ᠡᠳᠡᠨ ᠦ᠌ ᠬᠣᠢᠨ᠎ᠠ ᠠ᠋ᠴᠠ ᠬᠣᠣᠰ ᠵᠠᠩᠵᠤᠨ ᠴᠠᠬᠢᠯᠭᠠᠨ ᠮᠡᠲᠦ ᠪᠠᠭᠠᠲᠤᠷ ᠴᠡᠷᠢᠭ ᠢ᠋ᠶ᠋ᠡᠨ ᠨᠢᠰᠬᠡᠨ ᠲᠠᠯᠪᠢᠵᠤ ᠨᠡᠬᠡᠵᠦ ᠢᠷᠡᠬᠦ ᠢᠨᠣ ᠦᠨᠡᠬᠡᠷ ᠡᠷ᠎ᠡ ᠪᠠᠷᠰ ᠭᠥᠷᠦᠭᠡᠰᠦᠨ ᠳ᠋ᠦ᠍ᠷ ᠳᠣᠪᠲᠣᠯᠬᠤ ᠮᠡᠲᠦ ᠰᠦᠷᠲᠡᠢ᠂ ᠨᠢᠭᠡᠨ ᠵᠤᠷᠪᠤᠰ ᠲᠣᠭᠣᠰᠣᠨ ᠲᠡᠭᠷᠢ ᠳ᠋ᠦ᠍ᠷ ᠲᠤᠯᠵᠤ᠂ ᠲᠤᠭ ᠬᠢᠭᠢᠷᠢ ᠳᠡᠷᠪᠡᠯᠵᠡᠨ ᠬᠡᠢᠰᠴᠦ ᠲᠣᠳᠣᠷᠬᠠᠢ ᠲᠠᠨᠢᠭᠳᠠᠬᠤ ᠦᠭᠡᠢ ᠵᠡᠪᠡ ᠂ ᠵᠡᠯᠮ᠎ᠡ ᠬᠣᠶᠠᠷ ᠨᠣᠶᠠᠨ ᠶᠠᠭᠠᠷᠠᠨ ᠴᠡᠷᠢᠭ ᠢ᠋ᠶ᠋ᠡᠨ ᠲᠡᠭᠰᠢᠯᠡᠨ ᠡᠨᠡ ᠯᠠᠪ ᠪᠠᠢᠯᠳᠤᠷ᠎ᠠ ᠢᠷᠡᠭᠰᠡᠨ ᠳᠡᠭᠡᠷᠡᠮ ᠦ᠋ᠨ ᠵᠠᠩᠵᠤᠨ ᠬᠡᠮᠡᠵᠦ᠂ ᠲᠤᠯᠤᠨ ᠪᠠᠢᠯᠳᠤᠷ᠎ᠠ ᠤᠭᠲᠤᠨ ᠭᠠᠷᠤᠭᠰᠠᠨ ᠳ᠋ᠤᠷ ᠲᠡᠷᠡ ᠬᠣᠶᠠᠷ ᠪᠠᠷᠰ ᠤ᠋ᠨ ᠵᠠᠩᠵᠤᠨ ᠬᠠᠷᠪᠤᠭᠰᠠᠨ ᠰᠤᠮᠤ ᠨᠢᠰᠬᠦ ᠣᠴᠢ ᠮᠡᠲᠦ ᠲᠣᠭᠣᠰᠣᠨ ᠤ᠋ ᠳᠣᠲᠣᠷ᠎ᠠ ᠠ᠋ᠴᠠ ᠵᠣᠭᠵᠢᠨ ᠭᠠᠷᠴᠤ ᠢᠷᠡᠭᠡᠳ ᠲᠦᠳᠡᠭᠡᠯᠵᠡᠯ ᠦᠭᠡᠶ᠎ᠡ ᠣᠢᠷ᠎ᠠ ᠬᠦᠷᠴᠦ᠂ ᠠᠷᠠᠢᠬᠠᠨ ᠨᠢᠭᠡᠨ ᠬᠠᠷᠪᠤᠯᠭ᠎ᠠ ᠶ᠋ᠢᠨ ᠭᠠᠵᠠᠷ᠎ᠠ ᠬᠣᠶᠠᠷ ᠵᠠᠩᠵᠤᠨ ᠮᠣᠷᠢᠨ ᠠ᠋ᠴᠠᠭᠠᠨ ᠬᠠᠷᠠᠢᠨ ᠪᠠᠭᠤᠵᠤ ᠲᠦᠰᠬᠢᠲᠡᠯ᠎ᠡ ᠰᠥᠭᠥᠳᠴᠦ ᠠᠮᠤᠷ ᠡᠷᠢᠨ : 《ᠬᠣᠶᠠᠷ ᠨᠣᠶᠠᠳ ᠮᠡᠨᠳᠦ ᠤᠤ? 》 ᠬᠡᠮᠡᠮᠦᠢ᠃ ᠵᠡᠪᠡ᠂ ᠵᠡᠯᠮ᠎ᠡ ᠰᠣᠴᠢᠵᠤ ᠬᠢᠨᠠᠨ ᠦᠵᠡᠪᠡᠰᠦ ᠬᠠᠷᠢᠨ ᠥᠪᠡᠷ ᠦ᠋ᠨ ᠤᠯᠤᠰ ᠤ᠋ᠨ ᠳᠠᠢᠪᠠᠩ ᠮᠡᠩᠬᠡᠯᠢᠭ ᠦ᠋ᠨ ᠬᠣᠶᠠᠷ ᠬᠥᠪᠡᠭᠦᠨ ᠠᠯᠤᠬ᠎ᠠ᠂ ᠰᠦᠬᠡ ᠠᠬ᠎ᠠ ᠳᠡᠭᠦᠦ ᠬᠣᠶᠠᠭᠤᠯᠠ ᠠᠵᠤᠭᠤ᠃ ᠡᠭᠦᠨ ᠳ᠋ᠦ᠍ᠷ ᠳᠥᠷᠪᠡᠨ ᠬᠥᠮᠦᠨ ᠬᠠᠮᠲᠤᠪᠠᠷ ᠶᠡᠬᠡᠯ᠎ᠡ ᠢᠨᠢᠶᠡᠯᠴᠡᠵᠦ᠂ ᠵᠡᠪᠡ ᠵᠡᠯᠮ᠎ᠡ ᠬᠣᠶᠠᠷ ᠨᠣᠶᠠᠨ ᠴᠤ᠌ ᠶᠠᠭᠠᠷᠠᠨ ᠮᠣᠷᠢᠨ ᠠ᠋ᠴᠠᠭᠠᠨ ᠪᠠᠭᠤᠵᠤ ᠲᠦᠷᠭᠡᠨ ᠠᠯᠬᠤᠨ ᠡᠴᠢᠵᠦ ᠠᠯᠤᠬ᠎ᠠ᠂ ᠰᠦᠬᠡ ᠠᠬ᠎ᠠ ᠳᠡᠭᠦᠦ ᠶ᠋ᠢᠨ ᠭᠠᠷ ᠠ᠋ᠴᠠ ᠬᠥᠲᠥᠯᠵᠦ ᠪᠠᠶᠠᠷᠯᠠᠨ ᠢᠨᠢᠶᠡᠯᠴᠡᠵᠦ᠂ ᠠᠯᠤᠬ᠎ᠠ ᠰᠦᠬᠡ ᠬᠣᠶᠠᠷ ᠢᠨᠢᠶᠡᠨ ᠥᠭᠦᠯᠡᠷᠦᠨ᠄
      《ᠪᠢᠳᠡ ᠬᠣᠶᠠᠷ ᠠᠪᠤᠭᠠᠢ ᠨᠣᠶᠠᠨ ᠤ᠋ ᠲᠤᠭ ᠢ᠋ ᠲᠣᠳᠣᠷᠬᠠᠢ ᠦᠵᠡᠵᠦ ᠲᠠᠨᠢᠭᠠᠳ᠂ ᠴᠡᠭᠡᠵᠢ ᠪᠡᠨ ᠳᠡᠯᠪᠡᠷᠡᠲᠡᠯ᠎ᠡ ᠪᠠᠶᠠᠷᠯᠠᠪᠠ᠃ ᠲᠣᠭᠣᠰᠣᠨ ᠤ᠋ ᠳᠣᠲᠣᠷ᠎ᠠ ᠲᠤᠯᠠᠳᠠ ᠬᠣᠶᠠᠷ ᠨᠣᠶᠠᠨ ᠠᠪᠤᠭᠠᠢ ᠪᠢᠳᠡᠨ ᠢ᠋ ᠯᠠᠪ ᠡᠰᠡ ᠲᠠᠨᠢᠪᠠᠢ ‍ᠶ᠎ᠠ 》ᠭᠡᠮᠡᠨ ᠢᠨᠢᠶᠡᠨ ᠬᠡᠯᠡᠬᠦ ᠪᠥᠭᠡᠳ ᠨᠢᠭᠡᠨ ᠳᠡᠭᠡᠭᠦᠷ ᠲᠡᠷᠡ ᠬᠥᠮᠦᠨ ᠳ᠋ᠦ᠍ᠷ ᠪᠠᠷᠢᠭᠳᠠᠭᠰᠠᠨ ᠵᠠᠯᠠᠭᠤ ᠵᠥᠭᠡᠯᠡᠨ ᠵᠠᠩᠵᠤᠨ ᠢ᠋ ᠲᠡᠳᠬᠦᠨ ᠢᠷᠡᠭᠦᠯᠵᠦ ᠬᠥᠯᠢᠶᠡᠰᠦᠨ ᠢ᠋ ᠲᠠᠢᠯᠤᠨ : 
       《ᠡᠨᠡ ᠪᠥᠭᠡᠰᠦ ᠤᠢᠭᠤᠷ ᠤᠯᠤᠰ ᠤ᠋ᠨ ᠡᠵᠡᠨ ᠦᠷᠭᠦᠩᠭᠡ ᠬᠠᠭᠠᠨ ᠮᠥᠨ᠃ ᠮᠠᠨ ᠤ᠋ ᠬᠣᠶᠠᠳᠤᠭᠠᠷ ᠲᠠᠢᠽᠢ ᠴᠢᠶᠠᠨ ᠰᠦᠢ ᠳ᠋ᠦ᠍ᠷ ᠪᠠᠢᠯᠳᠤᠨ ᠪᠠᠷᠢᠭᠳᠠᠵᠤ᠂ ᠪᠢᠰᠢᠷᠡᠨ ᠰᠢᠲᠦᠵᠦ ᠬᠦᠰᠡᠨ ᠳᠠᠭᠠᠭᠠᠳ ᠮᠠᠨ ᠤ᠋ ᠬᠠᠭᠠᠨ ᠡᠵᠡᠨ ᠬᠤᠸᠠᠩᠳᠢ ᠳ᠋ᠤᠷ ᠨᠢᠭᠤᠷ ᠵᠣᠯᠭᠠᠨ ᠮᠥᠷᠭᠥᠨ ᠳᠠᠭᠠᠷ᠎ᠠ ᠤᠯᠤᠰ ᠲᠤᠷ ᠡᠴᠢᠬᠦᠶ᠎ᠡ ᠵᠠᠮ ᠤ᠋ᠨ ᠭᠣᠳᠣᠰ ᠲᠤᠷ ᠤᠷᠢᠳᠠ ᠮᠣᠷᠢᠯᠠᠨ ᠶᠠᠪᠤᠭᠰᠠᠭᠠᠷ ᠠᠳᠠ ᠬᠦᠷᠴᠦ᠂ ᠵᠠᠮ ᠤ᠋ᠨ ᠳᠡᠭᠡᠷᠡᠮ ᠳ᠋ᠦ᠍ᠷ ᠪᠠᠷᠢᠭᠳᠠᠵᠤᠬᠤᠢ᠃ ᠪᠢᠳᠡᠨ ᠦ᠌ ᠠᠯᠪᠠᠨ ᠬᠡᠷᠡᠭ ᠢ᠋ ᠠᠷᠠᠢ ᠡᠰᠡ ᠶᠡᠬᠡᠳᠡ ᠰᠠᠭᠠᠲᠠᠯ ᠭᠠᠷᠭᠠᠪᠠ 》ᠭᠡᠮᠡᠨ ᠰᠦᠬᠡ ᠵᠠᠩᠵᠤᠨ ᠦᠨᠡᠬᠡᠷ ᠠᠭᠤᠯᠠ ᠶ᠋ᠢ ᠨᠡᠭᠡᠭᠡᠬᠦ ᠤᠷᠲᠤ ᠡᠰᠢᠲᠦ ᠲᠠᠪᠢᠨ ᠵᠢᠩ ᠦ᠋ᠨ ᠰᠠᠷᠠᠨ ᠰᠦᠬᠡ ᠪᠡᠨ ᠳᠠᠯᠠᠢᠨ᠂ ᠲᠡᠷᠡ ᠳᠡᠭᠡᠷᠡᠮ ᠢ᠋ ᠴᠠᠪᠴᠢᠷ᠎ᠠ ᠡᠴᠢᠬᠦᠢ ᠳ᠋ᠦ᠍ᠷ ᠵᠡᠯᠮ᠎ᠡ ᠨᠣᠶᠠᠨ ᠶᠡᠬᠡᠯ᠎ᠡ ᠶᠠᠭᠠᠷᠠᠨ ᠥᠨᠳᠥᠷ ᠳᠠᠭᠤᠨ ᠢ᠋ᠶ᠋ᠠᠷ ᠥᠭᠦᠯᠡᠷᠦᠨ᠄ 
      《ᠬᠦᠢ ! ᠰᠦᠬᠡ ᠪᠠᠭᠠᠲᠤᠷ ᠠ᠋᠂ ᠰᠠᠷᠠᠨ ᠰᠦᠬᠡᠨ ᠳᠣᠣᠷ᠎ᠠ ᠪᠠᠨ ᠬᠥᠮᠦᠨ ᠢ᠋ ᠦᠯᠡᠳᠡᠭᠡ᠂ ᠲᠡᠷᠡ ᠬᠥᠮᠦᠨ ᠦ᠌ ᠰᠦᠷ ᠵᠢᠪᠬᠤᠯᠠᠩ ᠥᠲᠡᠯ᠎ᠡ ᠪᠤᠰᠤ ᠪᠠᠢᠨᠠᠮ᠃ ᠠᠯᠭᠤᠷ ᠠᠰᠠᠭᠤᠵᠤ ᠪᠠᠢᠨ ᠮᠡᠳᠡᠶ᠎ᠡ᠂ ᠠᠯᠲᠠᠨ ᠶᠡᠬᠡ ᠲᠥᠷᠥ ᠳ᠋ᠦ᠍ᠷ ᠠᠷᠤᠤᠬᠠᠨ ᠪᠠᠭᠠᠲᠤᠷ ᠤ᠋ᠳ ᠮᠠᠰᠢ ᠬᠡᠷᠡᠭ ᠲᠡᠢ ᠪᠠᠢᠨᠠᠮ ᠪᠢᠰᠢᠦ ?  ᠪᠢᠲᠡᠭᠡᠢ ᠠᠯᠠ᠂ ᠪᠢᠲᠡᠭᠡᠢ ᠠᠯᠠ ! 》ᠭᠡᠮᠡᠨ ᠳᠠᠭᠤᠳᠠᠨ ᠵᠣᠭᠰᠣᠭᠠᠲᠠᠯ᠎ᠠ ᠲᠡᠷᠡ ᠳᠡᠭᠡᠷᠡᠮ ᠵᠠᠩᠵᠤᠨ ᠤ᠋ ᠴᠡᠷᠢᠭ ᠦ᠋ᠳ ᠮᠥᠨ ᠴᠥᠮ ᠭᠦᠢᠴᠡᠨ ᠬᠦᠷᠦᠯᠴᠡᠨ ᠢᠷᠡᠭᠡᠳ᠂ ᠡᠵᠡᠨ ᠢᠨᠤ ᠪᠠᠷᠢᠭᠳᠠᠵᠤ ᠬᠦᠯᠢᠭᠳᠡᠭᠡᠳ ᠲᠡᠨᠳᠡ ᠲᠠᠪᠤᠨ ᠶᠡᠬᠡ ᠵᠠᠩᠵᠤᠨ ᠴᠤᠭᠯᠠᠭᠰᠠᠨ ᠢ᠋ ᠦᠵᠡᠭᠡᠳ᠂ ᠠᠶᠤᠮᠰᠢᠭ ᠦᠭᠡᠢ ᠣᠷᠣᠭᠰᠢ ᠣᠷᠣᠬᠤ ᠦᠭᠡᠢ᠂ ᠴᠥᠮ ᠬᠠᠭᠠᠰ ᠭᠠᠵᠠᠷ ᠤ᠋ᠨ ᠬᠣᠯᠠ ᠮᠣᠷᠢᠨ ᠠ᠋ᠴᠠᠭᠠᠨ ᠪᠠᠭᠤᠯᠴᠠᠵᠤ ᠢᠷᠠᠢᠲᠠᠯ᠎ᠠ ᠵᠢᠭᠰᠠᠨ ᠵᠣᠭᠰᠣᠵᠤᠬᠤᠢ᠃ ᠲᠡᠳᠡᠨᠡᠷ ᠴᠥᠮ ᠢ᠋ᠶ᠋ᠡᠷ ᠪᠠᠷᠰ ᠤ᠋ᠨ ᠠᠷᠠᠰᠤᠨ ᠤ᠋ ᠮᠠᠯᠠᠭ᠎ᠠ ᠬᠦᠷᠮ᠎ᠡ ᠡᠮᠦᠰᠦᠯᠴᠡᠵᠦ ᠮᠠᠰᠢᠳᠠ ᠰᠦᠷ ᠵᠢᠪᠬᠤᠯᠠᠩ ᠲᠠᠢ᠂ ᠮᠢᠩᠭᠠᠨ ᠪᠠᠷᠰ ᠤ᠋ᠨ ᠰᠦᠷᠦᠭ ᠠᠳᠠᠯᠢ ᠦᠵᠡᠮᠵᠢ ᠲᠡᠢ ᠰᠠᠢᠬᠠᠨ ᠠᠵᠤᠭᠤ᠃  
       ᠲᠡᠳᠦᠢ ᠵᠠᠯᠮ᠎ᠠ᠂ ᠵᠡᠪᠡ ᠬᠣᠶᠠᠭᠤᠯᠠ ᠮᠥᠨ ᠴᠡᠷᠢᠭ ᠢ᠋ᠶ᠋ᠡᠨ ᠲᠡᠭᠰᠢᠯᠡᠨ ᠵᠢᠭᠰᠠᠭᠠᠵᠤ ᠪᠠᠢᠯᠳᠤᠬᠤ ᠪᠠᠷ ᠪᠠᠢᠷᠢᠯᠠᠭᠠᠳ ᠵᠠᠩᠵᠤᠨ ᠨᠠᠷ ᠢ᠋ ᠲᠡᠭᠰᠢᠯᠡᠬᠦᠶ᠎ᠡ ᠲᠡᠷᠡ ᠬᠦᠯᠢᠭᠳᠡᠭᠰᠡᠨ ᠵᠠᠯᠠᠭᠤ ᠳᠡᠭᠡᠷᠡᠮ ᠥᠨᠳᠥᠷ ᠳᠠᠭᠤᠨ ᠢ᠋ᠶ᠋ᠠᠷ ᠪᠠᠷᠬᠢᠷᠠᠨ ᠥᠭᠦᠯᠡᠷᠦᠨ : 
      《ᠪᠢ ᠣᠳᠣ ᠰᠠᠶᠢ ᠮᠡᠳᠡᠪᠡ᠃ ᠲᠠᠨ ᠤ᠋ ᠡᠨᠡ ᠪᠠᠭᠠᠲᠤᠷ ᠤ᠋ᠳ ᠯᠠᠪ ᠶᠡᠬᠡ ᠮᠣᠩᠭᠣᠯ ᠤᠯᠤᠰ ᠤ᠋ᠨ ᠲᠩᠷᠢᠯᠢᠭ ᠴᠢᠩᠭᠢᠰ ᠬᠠᠭᠠᠨ ᠤ᠋ ᠵᠠᠩᠵᠤᠨ ᠲᠦᠰᠢᠮᠡᠳ ᠪᠣᠢ ᠊ᠶ᠎ᠠ᠃ ᠪᠢ ᠬᠡᠮᠡᠭᠴᠢ ᠬᠠᠮᠢ ᠤᠯᠤᠰ ᠤ᠋ᠨ ᠡᠵᠡᠨ ᠲᠠᠢᠨᠴᠢᠩ ᠪᠣᠯᠠᠢ ᠃ ᠵᠠᠮ ᠠᠶᠠᠨ ᠤ᠋ ᠳᠡᠭᠡᠷᠡᠮᠴᠢ ᠬᠤᠯᠠᠭᠠᠢ ᠪᠤᠰᠤ᠃ ᠥᠨᠥᠬᠡᠨ ᠲᠠᠨ ᠤ᠋ ᠤᠯᠤᠰ ᠤ᠋ᠨ ᠡᠯ ᠴᠢᠶᠠᠨ ᠰᠦᠢ ᠴᠠᠭᠠᠲᠠᠢ ᠴᠢᠨ ᠸᠠᠩ ᠬᠡᠮᠡᠭᠴᠢ ᠪᠡᠷ ᠤᠢᠭᠤᠷ ᠤᠯᠤᠰ ᠤ᠋ᠨ ᠡᠵᠡᠨ ᠢ᠋ ᠪᠠᠢᠯᠳᠤᠨ ᠪᠠᠷᠢᠵᠤ᠂ ᠬᠡᠴᠡᠭᠦᠦ ᠪᠠᠭᠠᠲᠤᠷ᠂ ᠴᠠᠭᠠᠨ ᠴᠢᠷᠠᠢᠲᠤ 《ᠪᠠᠢ ᠪᠠ ᠸᠠᠩ  》 ᠭᠡᠮᠡᠨ ᠰᠣᠨᠣᠰᠴᠤ᠂ ᠪᠠᠭᠰᠢ ᠪᠠᠷᠠᠪᠤᠩ ᠠᡁᠥ᠋ᠩ ᠦ᠋ᠨ ᠡᠷᠲᠡ ᠶ᠋ᠢᠨ ᠵᠠᠷᠯᠢᠭ ᠢ᠋ ᠮᠣᠩᠭᠣᠯ ᠤ᠋ᠨ ᠴᠢᠩᠭᠢᠰ ᠬᠠᠭᠠᠨ ᠳ᠋ᠤᠷ ᠨᠠᠢᠷᠠᠯᠳᠤᠨ᠂ ᠤᠮᠠᠷ᠎ᠠ ᠡᠲᠡᠭᠡᠳ ᠢ᠋ ᠠᠮᠤᠭᠤᠯᠤᠶ᠎ᠠ ᠭᠡᠮᠡᠨ 《ᠪᠠᠢ ᠪᠠ ᠸᠠᠩ 》ᠲᠠᠢᠽᠢ ᠡᠯ ᠴᠢᠶᠠᠨ ᠰᠦᠢ ᠶ᠋ᠢ ᠡᠷᠢᠨ ᠵᠣᠯᠭᠠᠵᠤ ᠨᠠᠢᠷᠠᠯᠳᠤᠷ᠎ᠠ ᠤᠢᠭᠤᠷ ᠤ᠋ᠨ ᠵᠦᠭ ᠡᠴᠢᠬᠦᠶ᠎ᠡ᠂ ᠡᠨᠡ ᠵᠠᠩᠵᠤᠨ ᠳ᠋ᠤᠷ ᠤᠴᠠᠷᠠᠵᠤ᠂ ᠤᠴᠢᠷ ᠲᠤᠬᠠᠢ ᠶ᠋ᠢ ᠤᠬᠤᠴᠢᠯᠠᠨ ᠠᠰᠠᠭᠤᠶ᠎ᠠ ᠭᠡᠮᠡᠨ ᠡᠰᠡᠷᠭᠦ ᠢᠨᠤ ᠡᠴᠢᠪᠡᠰᠦ᠂ ᠡᠨᠡ ᠵᠠᠩᠵᠤᠨ ᠡᠷᠬᠢᠮ ᠳᠣᠣᠷᠠᠲᠤ ᠶ᠋ᠢ ᠢᠯᠭᠠᠬᠤ ᠦᠭᠡᠢ ᠨᠠᠮᠠᠶ᠋ᠢ ᠡᠭᠡᠷᠡᠮ᠎ᠡ ᠲᠠᠯ᠎ᠠ ᠶ᠋ᠢᠨ ᠳᠡᠭᠡᠷᠡᠮᠴᠢ ᠲᠤᠨᠤᠭᠠᠴᠢ ᠪᠣᠯᠭᠠᠨ ᠰᠢᠭᠤᠳ ᠪᠠᠢᠯᠳᠤᠨ ᠣᠷᠣᠭᠰᠠᠨ ᠳ᠋ᠤᠷ ᠦᠭᠡ ᠨᠡᠪᠲᠡᠷᠡᠬᠦ ᠵᠠᠪ ᠭᠠᠷᠭᠠᠯ ᠦᠭᠡᠢ ᠪᠠᠢᠯᠳᠤᠯᠴᠠᠵᠤ ᠡᠢᠮᠦ ᠪᠣᠯᠵᠤᠬᠤᠢ᠃ ᠡᠭᠦᠪᠡᠷ ᠦᠵᠡᠬᠦᠯ᠎ᠡ ᠡᠨᠡ ᠵᠠᠩᠵᠤᠨ ᠴᠤ᠌ ᠤᠢᠭᠤᠷ ᠤ᠋ᠨ ᠡᠵᠡᠨ ᠦᠷᠭᠦᠩᠭᠡ ᠬᠠᠭᠠᠨ ᠠᠵᠤᠭᠤ 》ᠬᠡᠮᠡᠯᠳᠦᠬᠦᠢ ᠳ᠋ᠦ᠍ᠷ ᠵᠠᠯᠮ᠎ᠠ ᠶᠡᠬᠡᠳᠡ ᠪᠠᠶᠠᠷᠯᠠᠨ ᠥᠪᠡᠷᠦᠨ ᠭᠠᠷ ᠢ᠋ᠶ᠋ᠠᠷ ᠬᠦᠯᠢᠶᠡᠰᠦᠨ ᠢ ᠲᠠᠢᠯᠤᠨ᠂ ᠦᠷᠭᠦᠩᠭᠡ ᠬᠢᠭᠡᠳ ᠵᠡᠪᠡ ᠶ᠋ᠢᠨ ᠲᠥᠯᠥᠭᠡ ᠰᠠᠢᠬᠠᠨ ᠦᠭᠡ ᠬᠡᠯᠡᠵᠦ᠂ ᠳᠣᠬᠢᠶ᠎ᠠ ᠲᠠᠯᠪᠢᠨ ᠬᠠᠮᠲᠤᠪᠠᠷ ᠬᠥᠳᠡᠯᠵᠦ ᠤᠢᠭᠤᠷ ᠤ᠋ᠨ ᠡᠵᠡᠨ ᠦ᠌ ᠶᠡᠬᠡ ᠪᠠᠭᠤᠳᠠᠯ ᠳ᠋ᠤᠷ ᠢᠷᠡᠵᠦ᠂ ᠭᠤᠷᠪᠠᠨ ᠪᠠᠭᠤᠳᠠᠯ ᠢ᠋ ᠨᠢᠬᠡᠨ᠎ᠡ ᠨᠡᠢᠯᠡᠭᠦᠯᠦᠨ᠂ ᠶᠡᠬᠡ ᠪᠠᠭᠤᠳᠠᠯ ᠪᠠᠭᠤᠯᠴᠠᠭᠠᠳ᠂ ᠮᠠᠯ ᠭᠠᠷᠭᠠᠯᠭᠠᠨ ᠶᠡᠬᠡ ᠬᠤᠷᠢᠮ ᠬᠤᠷᠢᠮᠯᠠᠨ᠂ ᠭᠤᠷᠪᠠᠨ ᠤᠯᠤᠰ ᠤ᠋ᠨ ᠪᠠᠶᠠᠷ ᠢ᠋ᠶ᠋ᠠᠷ ᠬᠠᠮᠲᠤᠳᠠᠭᠰᠠᠨ ᠶᠡᠬᠡ ᠪᠠᠶᠠᠰᠬᠤᠯᠠᠩ ᠤ᠋ᠨ ᠶᠣᠰᠣᠭᠠᠷ ᠬᠠᠭᠠᠨ ᠴᠢᠩᠭᠢᠰ ᠦ᠋ᠨ ᠵᠦᠭ ᠬᠠᠨᠳᠤᠵᠤ᠂ ᠦᠬᠡᠷ ᠫᠤᠤ ᠭᠤᠷᠪᠠᠨᠲᠠ ᠳᠠᠭᠤᠷᠢᠰᠬᠠᠨ ᠮᠥᠷᠭᠥᠵᠦ᠂ ᠲᠡᠭᠷᠢ ᠭᠠᠵᠠᠷ ᠢ᠋ ᠳᠠᠬᠢᠵᠤ ᠬᠥᠭᠵᠢᠮ ᠱᠠᠪᠠᠩ ᠡᠭᠦᠰᠬᠡᠯᠭᠡᠨ᠂ ᠴᠢᠰᠤ ᠰᠠᠴᠤᠨ ᠲᠠᠩᠭᠠᠷᠢᠭ ᠨᠡᠢᠯᠡᠨ᠂ ᠣᠷᠣᠯᠳᠣᠭ᠎ᠠ ᠪᠠᠷᠢᠯᠳᠤᠭ᠎ᠠ ᠲᠠᠯᠪᠢᠯᠴᠠᠨ᠂ ᠭᠤᠷᠪᠠᠨ ᠡᠳᠦᠷ ᠶᠡᠬᠡᠯ᠎ᠡ ᠨᠠᠢᠷᠯᠠᠨ ᠬᠠᠷᠢᠯᠴᠠᠨ ᠱᠠᠩ ᠬᠤᠷᠢᠮ ᠲᠠᠯᠪᠢᠯᠴᠠᠨ ᠵᠢᠷᠭᠠᠯᠳᠤᠮᠤᠢ᠃ ᠡᠨᠡ ᠲᠦᠭᠰᠢᠯ ᠬᠠᠷᠢᠨ ᠲᠦᠭᠡᠮᠡᠯ ᠪᠣᠯᠤᠭᠰᠠᠨ ᠲᠤᠯᠠᠳᠠ᠂ ᠲᠦᠮᠡᠨ ᠴᠡᠷᠢᠭ ᠢ᠋ ᠬᠣᠶᠠᠷ ᠵᠠᠮ ᠢ᠋ᠶ᠋ᠠᠷ ᠰᠠᠯᠭᠠᠨ ᠲᠡᠭᠰᠢᠯᠡᠨ ᠲᠦᠭᠦᠬᠡᠢ ᠳᠠᠢᠰᠤᠨ ᠤ᠋ ᠤᠢᠭᠤᠷ ᠤᠯᠤᠰ ᠲᠤᠷ ᠣᠷᠣᠭᠰᠠᠨ ᠲᠦᠭᠰᠢᠬᠦ ᠰᠡᠳᠬᠢᠯᠲᠦ 《ᠪᠠᠢ ᠪᠠ ᠸᠠᠩ 》– ᠡᠯ ᠴᠢᠶᠠᠨ ᠰᠦᠢ ᠴᠠᠭᠠᠲᠠᠢ ᠲᠠᠢᠽᠢ ᠶ᠋ᠢᠨ ᠬᠡᠷᠬᠢᠨ ᠬᠡᠷᠬᠢᠵᠦ᠂ ᠤᠢᠭᠤᠷ ᠲᠤᠷ ᠣᠷᠣᠵᠤ ᠤᠯᠤᠰ ᠢ᠋ ᠠᠨᠤ ᠠᠪᠴᠤ ᠡᠵᠡᠨ ᠢ᠋ ᠢᠨᠤ ᠪᠠᠷᠢᠭᠰᠠᠨ ᠢ᠋ ᠮᠥᠨ ᠪᠠᠬᠠᠨ ᠲᠣᠪᠴᠢᠶᠠᠯᠠᠨ ᠭᠠᠷᠭᠠᠬᠤ ᠬᠡᠷᠡᠭᠲᠡᠢ ᠲᠤᠯᠠ ᠲᠣᠪᠬᠢᠨ ᠮᠡᠳᠡᠭᠦᠯᠬᠦ ᠢᠨᠤ᠄  
       ᠲᠡᠭᠦᠨᠴᠡ ᠮᠣᠩᠭᠣᠯ ᠤ᠋ᠨ ᠴᠠᠭᠠᠲᠠᠢ ᠲᠠᠢᠽᠢ᠂ ᠨᠢᠳᠤᠨᠤᠨ ᠵᠢᠯ ᠦ᠋ᠨ ᠳᠣᠣᠷ᠎ᠠ ᠵᠠᠮ ᠤ᠋ᠨ ᠭᠣᠳᠣᠰ ᠲᠤᠷ ᠬᠠᠷᠢᠨ ᠢᠷᠬᠠᠢ ᠠᠢᠮᠠᠭ ᠤ᠋ᠨ ᠡᠵᠡᠨ ᠲᠣᠳᠢ ᠳ᠋ᠤᠷ ᠠᠭᠤᠯᠵᠠᠵᠤ ᠬᠦᠨᠳᠦᠳᠡ ᠨᠠᠢᠷᠯᠠᠨ ᠥᠨᠵᠢᠭᠰᠡᠨ ᠳ᠋ᠦ᠍ᠷ ᠲᠣᠳᠢ ᠪᠠᠷ ᠲᠣᠳᠣᠷᠬᠠᠢ ᠠᠷᠭ᠎ᠠ ᠶ᠋ᠢ ᠡᠷᠭᠦᠵᠦ ᠥᠭᠦᠯᠡᠷᠦᠨ : 
      《ᠤᠢᠭᠤᠷ ᠤᠯᠤᠰ᠂ ᠲᠠᠩᠭᠤᠳ ᠤᠯᠤᠰ ᠤ᠋ᠨ ᠤᠷᠢᠳᠠ ᠶ᠋ᠢᠨ ᠡᠵᠡᠨ ᠯᠢ ᠼᠦᠨ ᠢᠤ᠌ ᠶ᠋ᠢᠨ ᠥᠬᠡᠨᠴᠡ ᠪᠠᠭᠤᠷᠠᠢ ᠳ᠋ᠤᠷ ᠵᠠᠪᠰᠢᠵᠤ᠂ ᠰᠢᠩᠰᠡ ᠳᠠᠯᠠᠢ ᠶ᠋ᠢᠨ ᠠᠰᠢᠭ ᠢ ᠡᠵᠡᠷᠬᠡᠨ ᠪᠤᠯᠢᠶᠠᠭᠠᠳ ᠬᠡᠳᠦᠨ ᠵᠢᠯ ᠮᠠᠰᠢ ᠪᠠᠶᠠᠨ ᠡᠯᠪᠡᠭ ᠪᠣᠯᠵᠤ᠂ ᠬᠠᠷᠠᠬᠠᠨ ᠣᠮᠣᠷᠬᠠᠨ ᠠᠬᠤᠶ᠎ᠠ᠂ ᠰᠠᠨᠠᠮᠰᠠᠷ ᠦᠭᠡᠢ ᠯᠢ ᠠᠨ ᠴᠢᠦᠸᠠᠨ ᠬᠠᠭᠠᠨ ᠰᠠᠭᠤᠭᠠᠳ ᠥᠬᠢᠨ ᠢᠨᠤ ᠬᠤᠪᠢᠯᠭᠠᠨ ᠭᠠᠳᠠᠰᠤᠲᠤ ᠶ᠋ᠢᠨ ᠭᠦᠩᠵᠦ ᠮᠠᠰᠢᠳᠠ ᠬᠡᠴᠡᠭᠦᠦ᠂ ᠠᠷᠪᠠᠨ ᠬᠡᠳᠦᠬᠡᠨ ᠨᠠᠰᠤᠲᠠᠢ ᠪᠥᠭᠡᠳ ᠴᠡᠷᠢᠭ ᠬᠡᠷᠡᠭᠯᠡᠬᠦ ᠢᠨᠤ ᠰᠠᠬᠢᠭᠤᠯᠰᠤᠨ ᠮᠡᠲᠦ᠂ ᠤᠢᠭᠤᠷ ᠤ᠋ᠨ ᠴᠡᠷᠢᠭ ᠢ᠋ ᠳᠠᠷᠠᠭ᠎ᠠ ᠪᠠᠷ ᠲᠠᠪᠤᠨ ᠵᠡᠷᠭᠡ ᠳᠠᠷᠤᠵᠤ᠂ ᠤᠢᠭᠤᠷ ᠡᠵᠡᠨ ᠦᠷᠭᠦᠩᠭᠡ ᠬᠡᠳᠦᠨ ᠦᠬᠦᠯ ᠡᠴᠡ ᠮᠡᠩᠳᠡᠭᠦᠦ ᠮᠤᠯᠲᠤᠷᠠᠨ ᠨᠢᠭᠡᠮᠦᠰᠦᠨ ᠨᠢᠭᠤᠵᠤ ᠪᠠᠢᠭᠰᠠᠨ ᠪᠥᠯᠥᠭᠡ᠃ ᠡᠨᠡ ᠨᠠᠮᠤᠷᠬᠠᠨ ᠲᠠᠩᠭᠤᠳ ᠤ᠋ᠨ ᠬᠡᠴᠡᠭᠦᠦ ᠭᠠᠳᠠᠰᠤᠲᠤ ᠭᠦᠩᠵᠦ ᠢᠨᠤ ᠡᠭᠡᠮᠡᠭᠴᠢ ᠲᠡᠷᠡ ᠬᠣᠷᠣᠰᠤᠯ ᠢ᠋ ᠨᠡᠬᠡᠵᠦ᠂ ᠡᠳᠦᠭᠡ ᠪᠠᠰᠠ ᠴᠡᠷᠢᠭ ᠢ᠋ ᠡᠳᠦᠭᠦᠯᠪᠡ᠃ ᠡᠨᠡ ᠤᠳᠠᠭ᠎ᠠ ᠲᠡᠷᠡ ᠯᠠᠪ ᠤ᠋ᠨ ᠭᠦᠩᠵᠦ ᠶ᠋ᠢᠨ ᠨᠢᠭᠡᠬᠡᠨ ᠵᠦᠭ ᠬᠢᠴᠢᠶᠡᠮᠦᠢ᠃ ᠤᠯᠤᠰ ᠮᠥᠨ ᠬᠣᠪ ᠬᠣᠭᠣᠰᠣᠨ᠃ ᠲᠠᠢᠽᠢ ᠴᠢ ᠥᠪᠡᠷ ᠦ᠋ᠨ ᠪᠡᠶ᠎ᠡ ᠪᠡᠷ ᠨᠢᠭᠡᠨ ᠠᠩᠭᠢ ᠴᠡᠷᠢᠭ ᠠᠪᠴᠤ᠂ ᠦᠷᠭᠦᠩᠭᠡ ᠶ᠋ᠢᠨ ᠴᠡᠷᠢᠭ ᠦ᠋ᠨ ᠬᠦᠷᠢᠶᠡᠨ ᠦ᠌ ᠬᠣᠢᠨ᠎ᠠ ᠠ᠋ᠴᠠ ᠥᠷᠯᠥᠭᠡ ᠶ᠋ᠢᠨ ᠬᠠᠷᠠᠩᠭᠤᠢ ᠪᠠᠷ ᠴᠥᠯᠳᠦᠮᠭᠡᠨ ᠣᠷᠣᠵᠤ ᠦᠷᠭᠦᠩᠭᠡ ᠶ᠋ᠢ ᠪᠡᠷᠢ᠃ ᠥᠪᠡᠷ᠎ᠡ ᠪᠠᠭᠠᠲᠤᠷ ᠵᠠᠩᠵᠤᠨ ᠢ᠋ ᠰᠣᠩᠭᠣᠨ ᠲᠦᠮᠡᠨ ᠢᠯᠡᠭᠦᠦ ᠴᠡᠷᠢᠭ ᠠᠪᠤᠭᠤᠯᠤᠨ ᠤᠢᠭᠤᠷ ᠤ᠋ᠨ ᠬᠣᠲᠠ ᠶ᠋ᠢ ᠪᠠᠢᠯᠳᠤᠨ ᠠᠪᠤᠪᠠᠰᠤ᠂ ᠡᠨᠡ ᠨᠢᠭᠡᠬᠡᠨ ᠤᠳᠠᠭ᠎ᠠ ᠳ᠋ᠤᠷ ᠤᠢᠭᠤᠷ ᠤᠯᠤᠰ ᠢ᠋ ᠯᠠᠪ ᠣᠷᠣᠭᠤᠯᠤᠨ ᠠᠪᠴᠤ ᠴᠢᠳᠠᠮᠤᠢ 》ᠬᠡᠮᠡᠭᠰᠡᠨ ᠳ᠋ᠦ᠍ᠷ ᠲᠠᠢᠽᠢ ᠴᠠᠭᠠᠲᠠᠢ ᠶᠡᠬᠡᠳᠡ ᠲᠠᠯᠠᠰᠢᠶᠠᠨ ᠪᠠᠶᠠᠷᠯᠠᠵᠤ᠂ ᠥᠪᠡᠷᠦᠨ ᠪᠡᠶ᠎ᠡ ᠪᠡᠷ ᠸᠴᠢᠷ ᠭᠠᠳᠠᠰᠤ᠂ ᠠᠯᠮᠠᠰ ᠭᠠᠳᠠᠰᠤ᠂ ᠭᠠᠯ ᠭᠠᠷᠤᠵᠠ᠂ ᠪᠣᠷᠣ ᠪᠦᠷᠭᠦᠳ ᠳᠥᠷᠪᠡᠨ ᠵᠠᠩᠵᠤᠨ ᠢ᠋ ᠳᠥᠷᠪᠡᠨ ᠮᠢᠩᠭᠠᠨ ᠴᠡᠷᠢᠭ ᠦ᠋ᠨ ᠨᠢᠰᠭᠡ ᠪᠠᠭᠤᠳᠠᠯ ᠢ᠋ᠶ᠋ᠠᠷ ᠰᠠᠯᠭᠠᠵᠤ ᠠᠪᠤᠭᠠᠳ ᠵᠢᠴᠢ ᠠᠯᠤᠬ᠎ᠠ᠂ ᠰᠦᠬᠡ ᠠᠬ᠎ᠠ ᠳᠡᠭᠦᠦ ᠬᠣᠶᠠᠭᠤᠯᠠ ᠳ᠋ᠤᠷ ᠠᠷᠪᠠᠨ ᠪᠠᠭ᠎ᠠ ᠵᠠᠩᠵᠤᠨ᠂ ᠬᠣᠶᠠᠷ ᠲᠦᠮᠡᠨ ᠴᠡᠷᠢᠭ ᠲᠡᠢ ᠥᠭᠴᠦ᠂ ᠠᠷᠪᠠᠨ ᠵᠠᠯᠠᠭᠤᠰ ᠪᠠᠭᠠᠲᠤᠷ ᠵᠠᠩᠵᠤᠨ ᠨᠠᠷ ᠰᠤᠯᠠ ᠬᠥᠮᠦᠨ ᠦ᠌ ᠶᠠᠩᠵᠤ ᠪᠠᠷ ᠴᠢᠮᠡᠭᠯᠡᠨ ᠪᠡᠶ᠎ᠡ ᠳ᠋ᠦ᠍ᠷ ᠣᠬᠣᠷ ᠬᠤᠷᠴᠠ ᠵᠡᠪᠰᠡᠭ ᠦ᠋ᠳ ᠢ᠋ ᠨᠢᠭᠤᠨ ᠠᠪᠴᠤ᠂ ᠶᠡᠬᠡ ᠴᠡᠷᠢᠭ ᠡᠴᠡ ᠨᠢᠭᠡᠨ ᠡᠳᠦᠷ ᠤᠷᠤᠭᠰᠢᠯᠠᠨ ᠠᠬᠠᠯᠠᠨ ᠭᠠᠷᠴᠤ᠂ ᠬᠣᠲᠠ ᠶ᠋ᠢᠨ ᠣᠢᠷᠠᠯᠴᠠᠭ᠎ᠠ ᠬᠦᠷᠴᠦ ᠮᠣᠷᠢᠳ ᠢ᠋ ᠴᠡᠷᠢᠭ ᠲᠦ᠍ᠷ ᠥᠭᠴᠦ ᠶᠡᠬᠡ ᠴᠡᠷᠢᠭ ᠢ᠋ ᠣᠭᠲᠣᠯᠤᠨ ᠂ ᠴᠥᠮ ᠶᠠᠪᠠᠭᠠᠯᠠᠨ ᠤᠷᠢᠳᠠ ᠬᠣᠲᠠ ᠳ᠋ᠤᠷ ᠣᠷᠣᠵᠤ ᠲᠠᠷᠬᠠᠯᠴᠠᠨ ᠪᠠᠭᠤᠭᠠᠳ᠂ ᠶᠡᠬᠡ ᠴᠡᠷᠢᠭ ᠦ᠋ᠨ ᠬᠦᠷᠴᠦ ᠢᠷᠡᠬᠦ ᠶ᠋ᠢ ᠬᠦᠯᠢᠶᠡᠨ ᠪᠥᠬᠥᠶ᠎ᠡ᠂ ᠠᠯᠤᠬ᠎ᠠ ᠰᠦᠬᠡ ᠬᠣᠶᠠᠭᠤᠯᠠ ᠶ᠋ᠢᠨ ᠴᠡᠷᠢᠭ ᠤᠢᠭᠤᠷ ᠬᠣᠲᠠ ᠶ᠋ᠢᠨ ᠣᠢᠷ᠎ᠠ ᠠᠷᠪᠠᠭᠠᠳ ᠭᠠᠵᠠᠷ ᠬᠦᠷᠦᠮᠡᠭᠴᠡ᠂ ᠨᠢᠭᠡᠨᠲᠡ ᠶᠡᠬᠡᠯ᠎ᠡ ᠬᠠᠰᠬᠢᠷᠤᠨ ᠬᠡᠩᠭᠡᠷᠭᠡ ᠶ᠋ᠢ ᠳᠡᠯᠪᠡᠷᠡᠲᠡᠯ᠎ᠡ ᠳᠡᠯᠡᠳᠦᠯᠴᠡᠨ᠂ ᠬᠣᠷᠢᠨ ᠬᠣᠶᠠᠷ ᠵᠠᠮ ᠢ᠋ᠶ᠋ᠠᠷ ᠳᠣᠪᠲᠣᠯᠤᠯᠴᠠᠨ ᠣᠷᠣᠯᠴᠠᠵᠤ ᠬᠣᠲᠠ ᠶ᠋ᠢᠨ ᠳᠣᠣᠷ᠎ᠠ ᠬᠦᠷᠬᠦᠶ᠎ᠡ ᠤᠢᠭᠤᠷ ᠤ᠋ᠨ ᠬᠣᠲᠠ ᠶ᠋ᠢᠨ ᠴᠡᠷᠢᠭ ᠠᠷᠠᠢ ᠬᠠᠭᠠᠯᠭ᠎ᠠ ᠪᠠᠨ ᠬᠠᠭᠠᠲᠠᠯ᠎ᠠ᠂ ᠠᠷᠪᠠᠨ ᠵᠠᠩᠵᠤᠨ ᠵᠡᠷᠭᠡ ᠪᠡᠷ ᠭᠠᠷ ᠬᠥᠳᠡᠯᠦᠨ ᠤᠷᠢᠳᠠ ᠵᠡᠭᠦᠨ ᠬᠠᠭᠠᠯᠭ᠎ᠠ ᠶ᠋ᠢ ᠪᠦᠯᠢᠶᠡᠨ ᠠᠪᠴᠤ ᠴᠡᠯᠳᠡᠢᠲᠡᠯ᠎ᠡ ᠨᠡᠭᠡᠭᠡᠵᠦ᠂ ᠴᠡᠷᠢᠭ ᠢ᠋ᠶ᠋ᠡᠨ ᠲᠠᠯᠪᠢᠨ ᠣᠷᠣᠭᠤᠯᠵᠤ ᠴᠠᠭ ᠭᠱᠠᠨ᠎ᠠ ᠳᠥᠷᠪᠡᠨ ᠬᠠᠭᠠᠯᠭ᠎ᠠ ᠶ᠋ᠢ ᠴᠥᠮ ᠠᠪᠴᠤ ᠨᠡᠭᠡᠭᠡᠵᠦ᠂ ᠮᠣᠩᠭᠣᠯ ᠤ᠋ᠨ ᠴᠡᠷᠢᠭ ᠪᠦᠷᠢᠨ᠎ᠡ ᠣᠷᠣᠵᠤ᠂ ᠠᠯᠤᠬ᠎ᠠ ᠤᠷᠢᠳᠠ ᠤᠢᠭᠤᠷ ᠤ᠋ᠨ ᠡᠵᠡᠨ ᠦ᠌ ᠤᠷᠲᠤ ᠬᠠᠷᠰᠢ ᠶ᠋ᠢᠨ ᠡᠭᠦᠳᠡ ᠪᠦᠷᠢ ᠶ᠋ᠢ ᠳᠣᠲᠣᠷ᠎ᠠ ᠠ᠋ᠴᠠ ᠳᠠᠷᠤᠭᠤᠯᠤᠨ᠂ ᠰᠦᠬᠡ ᠣᠯᠠᠨ ᠴᠡᠷᠢᠭ ᠢ᠋ ᠲᠡᠳᠡᠨ ᠦ᠌ ᠴᠡᠷᠢᠭ ᠦ᠋ᠨ ᠬᠣᠷᠢᠶ᠎ᠠ ᠪᠠᠭᠤᠳᠠᠯ ᠳ᠋ᠤᠷ ᠪᠠᠭᠤᠯᠭᠠᠨ᠂ ᠳᠠᠷᠤᠩᠭᠤᠢᠯᠠᠨ ᠵᠠᠬᠢᠷᠴᠤ᠂ ᠤᠢᠭᠤᠷ ᠤ᠋ᠨ ᠵᠠᠭᠤᠨ ᠰᠠᠢᠳ ᠢ᠋ ᠴᠤᠭᠯᠠᠭᠤᠯᠤᠨ ᠵᠠᠬᠢᠶ᠎ᠠ ᠥᠭᠴᠦ ᠄ 《ᠲᠠᠨ ᠤ᠋ ᠡᠵᠡᠨ ᠢ᠋ ᠮᠠᠨ ᠤ᠋ ᠡᠯ ᠴᠢᠶᠠᠨ ᠰᠦᠢ ᠬᠡᠳᠦᠢᠨ ᠠᠮᠢᠳᠤ ᠪᠠᠷᠢᠪᠠ᠂ ᠤᠳᠠᠯ ᠦᠭᠡᠢ ᠬᠦᠷᠴᠦ ᠢᠷᠡᠮᠦᠢ᠃ ᠪᠢᠳᠡ ᠬᠡᠮᠡᠭᠴᠢ ᠤᠯᠤᠰ ᠤᠯᠤᠰ ᠢ᠋ ᠪᠦᠬᠦᠯᠢ ᠪᠡᠷ ᠣᠷᠣᠭᠤᠯᠵᠤ ᠠᠪᠬᠤ ᠦᠨᠡᠨ ᠲᠡᠭᠷᠢ ᠶ᠋ᠢᠨ ᠬᠥᠪᠡᠭᠦᠨ ᠤ ᠶᠣᠰᠣᠲᠤ ᠶᠡᠬᠡ ᠴᠡᠷᠢᠭ ᠪᠣᠢ ‍ᠶ᠎ᠠ᠂ ᠪᠤᠯᠢᠶᠠᠨ ᠳᠡᠭᠡᠷᠡᠮᠯᠡᠭᠴᠢ ᠥᠴᠦᠬᠡᠨ ᠠᠢᠮᠠᠭ ᠤ᠋ᠳ ᠪᠤᠰᠤ᠂ ᠬᠣᠲᠠ ᠶ᠋ᠢᠨ ᠳᠣᠲᠣᠷ᠎ᠠ ᠦᠰᠦ ᠬᠢᠯᠭᠠᠰᠤᠨ ᠤ᠋ ᠲᠡᠳᠦᠢ ᠶ᠋ᠢ ᠴᠦ᠍ ᠦᠯᠦ ᠬᠥᠨᠳᠡᠭᠦᠯᠦᠮᠦᠢ᠃ ᠡᠭᠦᠳᠡ ᠪᠦᠷᠢ ᠪᠡᠨ ᠳᠠᠷᠤᠵᠤ ᠤᠭ ᠶᠣᠰᠣᠭᠠᠷ ᠠᠮᠢᠳᠤᠷᠠ᠂ ᠮᠠᠨ ᠤ᠋ ᠴᠡᠷᠢᠭ ᠦ᠋ᠳ ᠠᠢᠯ ᠤ᠋ᠨ ᠭᠡᠷ ᠲᠦ᠍ᠷ ᠳᠤᠷ᠎ᠠ ᠪᠠᠷ ᠣᠷᠣᠪᠠᠰᠤ᠂ ᠬᠦᠷᠢᠶᠡᠨ ᠦ᠌ ᠳᠣᠲᠣᠷ᠎ᠠ ᠠ᠋ᠴᠠᠭᠠᠨ ᠪᠠᠷᠬᠢᠷᠠᠨ ᠵᠠᠭᠠᠯᠳᠤ᠂ ᠭᠤᠯᠳᠤᠩ ᠵᠡᠭᠡᠯᠢ ᠶ᠋ᠢ ᠴᠠᠭᠳᠠᠨ ᠪᠠᠢᠴᠠᠭᠠᠭᠴᠢ ᠨᠢᠭᠡᠨ ᠵᠠᠭᠤᠨ ᠢᠲᠡᠭᠡᠯᠲᠦ ᠴᠡᠷᠢᠭ ᠦ᠋ᠳ ᠡᠷᠭᠢᠨ ᠲᠣᠭᠣᠷᠢᠵᠤ ᠠᠮᠤᠢ  》ᠭᠡᠮᠡᠨ ᠪᠠᠰᠠ ᠤᠢᠭᠤᠷ ᠤ᠋ᠨ ᠳᠣᠲᠣᠭᠠᠳᠤ ᠣᠷᠳᠣᠨ ᠤ᠋ ᠲᠡᠷᠢᠭᠦᠯᠡᠭᠰᠡᠨ ᠲᠠᠢᠭᠠᠨ ᠲᠦᠰᠢᠮᠡᠯ ᠳ᠋ᠦ᠍ᠷ ᠠᠯᠤᠬ᠎ᠠ ᠶᠤᠸᠠᠨᠱᠤᠸᠠᠢ ᠰᠢᠷ᠎ᠠ ᠯᠤᠤ ᠣᠶᠣᠭᠰᠠᠨ ᠶᠡᠬᠡ ᠳᠠᠯᠪᠠᠭ᠎ᠠ᠂ ᠥᠪᠡᠷᠦᠨ ᠵᠡᠭᠦᠭᠰᠡᠨ ᠰᠢᠷ᠎ᠠ ᠬᠤᠢ ᠲᠠᠢ ᠢᠯᠳᠦ᠂ ᠲᠡᠮᠳᠡᠭᠲᠦ ᠰᠢᠷ᠎ᠠ ᠣᠯᠪᠣᠭ ᠨᠢᠭᠡ ᠲᠡᠢ ᠥᠭᠴᠦ᠄ 
     《ᠮᠠᠨ ᠤ᠋ ᠴᠡᠷᠢᠭ ᠵᠣᠷᠢᠭ ᠢ᠋ᠶ᠋ᠠᠷ ᠲᠠᠨ ᠤ᠋ ᠳᠣᠲᠣᠭᠠᠳᠤ ᠳ᠋ᠤᠷ ᠣᠷᠣᠵᠤ ᠰᠠᠮᠠᠭᠤᠷᠠᠨ ᠳᠠᠷᠤᠯᠠᠭᠴᠢᠳ ᠪᠣᠢ ᠠᠪᠠᠰᠤ᠂ ᠡᠨᠡ ᠳᠠᠯᠪᠠᠭ᠎ᠠ ᠶ᠋ᠢ ᠪᠠᠷᠢᠵᠤ᠂ ᠡᠨᠡ ᠣᠯᠪᠣᠭ ᠤ᠋ᠨ ᠡᠮᠦᠨ᠎ᠡ ᠡᠨᠡ ᠢᠯᠳᠦ ᠪᠡᠷ ᠴᠠᠪᠴᠢᠨ ᠠᠯᠠᠭᠲᠤᠨ᠂ ᠶᠠᠯ᠎ᠠ ᠦᠭᠡᠢ 》ᠬᠡᠮᠡᠵᠦ ᠂ ᠡᠭᠦᠳᠡ ᠪᠦᠷᠢ ᠳ᠋ᠦ᠍ᠷ ᠰᠢᠷ᠎ᠠ ᠬᠢᠭᠢᠷᠢ ᠬᠠᠳᠬᠤᠭᠤᠯᠤᠨ᠂ ᠰᠠᠢᠨ ᠴᠡᠷᠢᠭ ᠦ᠋ᠳ ᠢ᠋ᠶ᠋ᠡᠷ ᠬᠠᠮᠠᠭᠠᠯᠠᠭᠤᠯᠤᠨ ᠰᠠᠬᠢᠵᠤ ᠬᠠᠳᠠᠭᠠᠯᠠᠭᠤᠯᠪᠠᠢ᠃ ᠡᠭᠦᠨ ᠳ᠋ᠦ᠍ᠷ ᠤᠢᠭᠤᠷ ᠤ᠋ᠨ ᠳᠣᠲᠣᠷ᠎ᠠ ᠭᠠᠳᠠᠨ᠎ᠠ ᠡᠵᠡᠨ ᠪᠠ ᠢᠷᠭᠡᠳ ᠬᠠᠲᠤᠳ ᠭᠦᠩᠵᠦ᠂ ᠠᠷᠠᠯᠵᠢᠶ᠎ᠠ ᠬᠤᠳᠠᠯᠳᠤᠭ᠎ᠠ ᠳ᠋ᠤᠷ ᠬᠦᠷᠲᠡᠯ᠎ᠡ ᠦᠬᠦᠲᠡᠯ᠎ᠡ ᠰᠢᠲᠦᠯᠴᠡᠨ ᠪᠢᠰᠢᠷᠡᠯᠴᠡᠭᠡᠳ ᠮᠣᠩᠭᠣᠯ ᠤ᠋ᠨ ᠴᠡᠷᠢᠭ ᠦ᠋ᠨ ᠬᠦᠨᠡᠰᠦ ᠪᠡᠯᠡᠳᠬᠡᠯ ᠬᠤᠷᠢᠮ ᠲᠣᠢ ᠶ᠋ᠢ ᠪᠡᠯᠡᠳᠬᠡᠯᠴᠡᠭᠰᠡᠨ ᠢᠨᠣ ᠲᠡᠳᠡᠨ ᠤ ᠤᠯᠤᠰ ᠤ᠋ᠨ ᠠᠯᠪᠠᠨ ᠤ᠋ ᠪᠡᠯᠡᠳᠬᠡᠯ ᠡᠴᠡ ᠠᠷᠪᠠᠨ ᠬᠤᠪᠢ ᠳᠠᠪᠠᠵᠤᠬᠤᠢ᠃ ᠠᠯᠤᠬ᠎ᠠ᠂ ᠰᠦᠬᠡ ᠳᠡᠭᠦᠦ ᠬᠣᠶᠠᠭᠤᠯᠠ ᠠᠷᠪᠠᠨ ᠵᠠᠩᠵᠤᠨ ᠢ᠋ ᠬᠤᠪᠢᠶᠠᠨ᠂ ᠬᠣᠶᠠᠷ ᠵᠢᠰᠢᠶᠠᠯᠠᠨ ᠬᠣᠲᠠ ᠶ᠋ᠢ ᠵᠢᠷᠭᠤᠭᠠᠨ ᠵᠡᠷᠭᠡ ᠡᠷᠭᠢᠨ ᠪᠠᠢᠴᠠᠭᠠᠪᠠ᠃ ᠤᠢᠭᠤᠷ ᠤᠯᠤᠰ ᠤ᠋ᠨ ᠬᠣᠲᠠ ᠬᠣᠷᠣᠭ᠎ᠠ ᠨᠠᠮ ᠵᠢᠮ ᠢ᠋ᠶ᠋ᠡᠷ ᠲᠣᠭᠲᠠᠨ ᠲᠡᠭᠰᠢᠷᠡᠭᠰᠡᠨ ᠲᠤᠯᠠ ᠣᠳᠣ ᠤᠢᠭᠤᠷ ᠤᠯᠤᠰ ᠤ᠋ᠨ ᠴᠡᠷᠢᠭ ᠦ᠋ᠨ ᠬᠡᠷᠡᠭ ᠢ᠋ ᠬᠡᠯᠡᠬᠦ ᠢᠨᠣ᠄   
       ᠲᠡᠭᠦᠨᠴᠡ ᠮᠣᠩᠭᠣᠯ ᠤ᠋ᠨ ᠴᠠᠭᠠᠲᠠᠢ ᠴᠢᠨ ᠸᠠᠩ᠂ ᠠᠯᠤᠬ᠎ᠠ ᠰᠦᠬᠡ ᠶ᠋ᠢᠨ ᠶᠡᠬᠡ ᠴᠡᠷᠢᠭ ᠢ᠋ ᠮᠣᠷᠳᠠᠭᠤᠯᠤᠭᠠᠳ ᠥᠪᠡᠷᠦᠨ ᠬᠥᠩᠭᠡᠨ ᠬᠥᠰᠬᠡ᠂ ᠨᠢᠰᠭᠡ ᠴᠡᠷᠢᠭ ᠢ᠋ᠶ᠋ᠡᠨ ᠠᠪᠴᠤ᠂ ᠰᠥᠨᠢ ᠪᠡᠷ ᠳᠣᠪᠲᠣᠯᠤᠨ ᠣᠷᠣᠵᠤ ᠰᠠᠶᠢ ᠭᠡᠭᠡᠷᠡᠮᠡᠭᠴᠡ᠂ ᠤᠢᠭᠤᠷ ᠤ᠋ᠨ ᠴᠡᠷᠢᠭ ᠦ᠋ᠨ ᠬᠦᠷᠢᠶᠡᠨ ᠦ᠌ ᠠᠷᠤ ᠶ᠋ᠢᠨ ᠬᠣᠢᠭᠤᠷ᠂ ᠳᠥᠷᠪᠡᠨ ᠵᠠᠩᠵᠤᠨ ᠨᠢᠭᠡᠬᠡᠨ ᠵᠠᠭᠤᠨ ᠱᠠᠯᠠᠮᠠᠭᠠᠢ ᠬᠥᠩᠭᠡᠨ ᠬᠤᠶᠠᠭᠲᠤ ᠪᠠᠭᠠᠲᠤᠷ ᠴᠡᠷᠢᠭ ᠢ᠋ ᠠᠪᠴᠤ ᠤᠷᠤᠭᠰᠢ ᠴᠣᠬᠢᠨ ᠨᠡᠪᠲᠡᠯᠦᠨ᠂ ᠬᠦᠷᠢᠶ᠎ᠡ ᠶ᠋ᠢ ᠭᠢᠰᠬᠢᠯᠡᠨ ᠣᠷᠣᠵᠤ ᠡᠴᠢᠭᠡᠳ ᠲᠠᠢᠽᠢ ᠴᠠᠭᠠᠲᠠᠢ ᠪᠡᠶ᠎ᠡ ᠪᠡᠷ ᠤᠷᠤᠭᠰᠢᠯᠠᠨ ᠥᠷᠭᠥᠭᠡ ᠳ᠋ᠦ᠍ᠷ ᠣᠷᠣᠵᠤ᠂ ᠤᠢᠭᠤᠷ ᠤ᠋ᠨ ᠡᠵᠡᠨ ᠦᠷᠭᠦᠩᠭᠡ ᠶ᠋ᠢ ᠬᠡᠪᠲᠡᠭᠡ ᠪᠡᠷ ᠳᠥᠷᠪᠡᠨ ᠵᠠᠩᠵᠤᠨ ᠢ᠋ᠶ᠋ᠠᠷ ᠬᠦᠯᠢᠭᠦᠯᠦᠭᠡᠳ ᠣᠷᠣᠨ ᠳᠡᠪᠰᠢᠯ ᠦᠭᠡᠢ ᠲᠤᠩ ᠪᠦᠷᠢᠶ᠎ᠡ ᠶ᠋ᠢᠨ ᠴᠡᠷᠢᠭ ᠦ᠋ᠨ ᠳᠣᠬᠢᠶ᠎ᠠ ᠪᠠᠨ ᠲᠠᠯᠪᠢᠨ᠂ ᠳᠥᠷᠪᠡᠨ ᠮᠢᠩᠭᠠᠨ ᠴᠡᠷᠢᠭ ᠴᠤᠭᠭᠠᠷ ᠣᠷᠣᠵᠤ ᠮᠥᠨ ᠬᠦᠷᠢᠶ᠎ᠡ ᠶ᠋ᠢ ᠪᠤᠯᠢᠶᠠᠨ ᠡᠵᠡᠯᠡᠭᠡᠳ ᠤᠢᠭᠤᠷ ᠤ᠋ᠨ ᠣᠯᠠᠨ ᠬᠦᠷᠢᠶᠡᠨ ᠦ᠌ ᠵᠠᠩᠵᠤᠨ ᠴᠡᠷᠢᠭ ᠦ᠋ᠳ ᠮᠡᠳᠡᠲᠡᠯ᠎ᠡ ᠳᠡᠭᠦᠨᠦ ᠡᠵᠡᠨ ᠢ᠋ ᠬᠡᠳᠦᠢᠨ ᠪᠠᠷᠢᠭᠠᠳ ᠥᠨᠳᠥᠷ ᠰᠢᠷᠤᠭ ᠲᠤᠷ ᠠᠯᠳᠠᠯᠠᠨ ᠤᠶᠠᠵᠤ ᠥᠨᠳᠥᠷ ᠪᠤᠰᠬᠠᠵᠤ᠂ ᠲᠡᠭᠦᠨᠦ ᠠᠮᠠ ᠪᠠᠷ ᠵᠠᠷᠯᠠᠭᠤᠯᠤᠨ᠂《ᠲᠦᠷᠭᠡᠨ᠎ᠡ ᠬᠤᠶᠠᠭ ᠲᠠᠢᠯᠤᠨ ᠵᠡᠪᠰᠡᠭ ᠢ᠋ ᠲᠤᠰᠢᠶᠠᠨ᠂ ᠴᠡᠷᠢᠭ ᠦ᠋ᠨ ᠲᠣᠭ᠎ᠠ ᠳᠠᠩᠰᠠ ᠶ᠋ᠢ ᠲᠤᠰᠢᠶᠠᠨ᠂ ᠮᠣᠩᠭᠣᠯ ᠤ᠋ᠨ ᠵᠠᠩᠵᠤᠨ ᠨᠠᠷ ᠢ᠋ᠶ᠋ᠠᠷ ᠪᠠᠢᠴᠠᠭᠠᠯᠭᠠᠨ ᠳᠠᠭᠠᠵᠤ᠂ ᠮᠢᠨᠦ ᠠᠮᠢᠨ ᠢ᠋ ᠬᠡᠯᠲᠦᠷᠢᠭᠦᠯᠦᠨ ᠭᠠᠷᠭ᠎ᠠ 》ᠬᠡᠮᠡᠭᠰᠡᠨ ᠳ᠋ᠦ᠍ᠷ ᠤᠢᠭᠤᠷ ᠤ᠋ᠨ ᠣᠯᠠᠨ ᠴᠡᠷᠢᠭ ᠦ᠋ᠳ ᠰᠥᠰᠥ ᠬᠡᠮᠬᠡᠷᠡᠨ ᠵᠢᠷᠦᠬᠡ ᠳᠡᠯᠪᠡᠷᠡᠨ᠂ ᠬᠤᠶᠠᠭ ᠵᠡᠪᠰᠡᠭ ᠢ᠋ᠶ᠋ᠡᠨ ᠬᠤᠷᠢᠶᠠᠯᠴᠠᠨ᠂ ᠶᠡᠬᠡ ᠬᠦᠷᠢᠶᠡᠨ ᠦ᠌ ᠡᠮᠦᠨ᠎ᠡ ᠠᠭᠤᠯᠠ ᠮᠡᠲᠦ ᠣᠪᠣᠭᠠᠯᠠᠵᠤᠬᠤᠢ᠃ ᠬᠠᠷᠠᠬᠠᠨ ᠦᠢᠮᠡᠯᠳᠦᠬᠦᠶ᠎ᠡ ᠲᠠᠩᠭᠤᠳ ᠤᠯᠤᠰ ᠤ᠋ᠨ ᠬᠤᠪᠢᠯᠭᠠᠨ ᠭᠦᠩᠵᠦ ᠶ᠋ᠢᠨ ᠨᠡᠬᠡᠬᠦ ᠴᠡᠷᠢᠭ ᠪᠠᠰᠠ ᠬᠦᠷᠴᠦ ᠢᠷᠡᠭᠡᠳ᠂ ᠵᠢᠭᠰᠠᠭᠠᠯ ᠵᠢᠭᠰᠠᠭᠠᠬᠤᠢ ᠶ᠋ᠢᠨ ᠤᠷᠢᠳ᠂ ᠮᠣᠩᠭᠣᠯ ᠤ᠋ᠨ ᠴᠡᠷᠢᠭ ᠦ᠋ᠳ ᠪᠠᠰᠠ ᠬᠦ᠌ ᠤᠢᠭᠤᠷ ᠤ᠋ᠨ ᠡᠵᠡᠨ ᠦ᠌ ᠰᠢᠷᠤᠭ ᠢ᠋ ᠪᠣᠰᠬᠠᠵᠤ ᠦᠵᠡᠭᠦᠯᠦᠭᠰᠡᠨ ᠳ᠋ᠦ᠍ᠷ ᠬᠤᠪᠢᠯᠭᠠᠨ ᠭᠦᠩᠵᠦ ᠬᠣᠭᠣᠯᠠᠢ ᠪᠠᠨ ᠬᠠᠳᠠᠲᠠᠯ᠎ᠠ ᠰᠣᠴᠢᠨ ᠪᠠᠶᠠᠷᠯᠠᠵᠤ᠂ ᠶᠠᠭᠠᠷᠠᠨ ᠯᠤᠤ ᠶ᠋ᠢᠨ ᠴᠠᠭᠠᠨ ᠮᠣᠷᠢᠨ ᠠ᠋ᠴᠠᠭᠠᠨ ᠬᠠᠷᠠᠢᠨ ᠪᠠᠭᠤᠵᠤ᠂ ᠪᠣᠷᠣ ᠪᠤᠯᠠᠭ᠎ᠠ ᠶ᠋ᠢᠨ ᠣᠯᠪᠣᠭ ᠢ᠋ᠶ᠋ᠠᠨ ᠳᠡᠪᠢᠰᠦᠭᠦᠯᠦᠨ᠂ ᠬᠣᠯᠠ ᠠ᠋ᠴᠠ ᠴᠢᠩᠭᠢᠰ ᠬᠠᠭᠠᠨ ᠢ᠋ ᠵᠦᠭᠴᠢᠯᠡᠨ ᠬᠠᠨᠳᠤᠵᠤ ᠭᠤᠷᠪᠠᠨᠲᠠ ᠰᠥᠭᠥᠳᠦᠨ᠂ ᠶᠢᠰᠦᠨᠲᠡ ᠮᠥᠷᠭᠥᠨ᠂ ᠪᠣᠭᠳᠠ ᠶ᠋ᠢᠨ ᠠᠮᠤᠭᠤᠯᠠᠩ ᠢ᠋ ᠠᠢᠯᠠᠳᠬᠠᠨ ᠡᠷᠢᠭᠡᠳ ᠰᠠᠶᠢ ᠲᠠᠢᠽᠢ ᠶ᠋ᠢᠨ ᠵᠣᠪᠠᠭᠰᠠᠨ ᠢ᠋ ᠲᠣᠬᠣᠷᠤᠭᠤᠯᠤᠨ ᠶᠣᠰᠣᠯᠠᠵᠤ ᠪᠠᠷᠠᠲᠠᠯ᠎ᠠ᠂ ᠰᠢᠳᠠᠷ ᠴᠡᠷᠢᠭ ᠦ᠋ᠳ ᠭᠦᠩᠵᠦ ᠶ᠋ᠢᠨ ᠮᠣᠷᠢᠨ ᠳᠡᠭᠡᠷᠡᠬᠢ ᠣᠷᠣᠰ ᠲᠡᠮᠦᠷ ᠦ᠋ᠨ ᠲᠤᠯᠭᠠᠭᠤᠷᠢᠲᠤ ᠠᠯᠲᠠᠨ ᠮᠠᠩᠨᠤᠭ ᠤ᠋ᠨ ᠯᠤᠤ ᠶ᠋ᠢᠨ ᠴᠠᠴᠠᠷ ᠢ᠋ ᠰᠢᠭᠦᠷ ᠳᠣᠸᠠᠽᠠ ᠲᠤᠯᠤᠨ ᠳᠡᠯᠭᠡᠬᠦ ᠮᠡᠲᠦ ᠴᠠᠭ ᠭᠱᠠᠨ᠎ᠠ ᠪᠤᠰᠬᠠᠵᠤ ᠪᠦᠷᠬᠦᠭᠡᠳ᠂ ᠲᠠᠪᠤᠨ ᠵᠠᠭᠤᠨ ᠮᠠᠩᠨᠤᠭ ᠬᠤᠶᠠᠭᠲᠤ ᠥᠬᠢᠨ ᠴᠡᠷᠢᠭ ᠦ᠋ᠳ ᠰᠣᠯᠣᠩᠭ᠎ᠠ ᠶ᠋ᠢᠨ ᠭᠡᠷᠡᠯ ᠨᠠᠷᠠᠨ ᠤ᠋ ᠬᠦᠷᠢᠶ᠎ᠡ ᠮᠡᠲᠦ ᠲᠥᠭᠥᠷᠢᠭᠯᠡᠨ ᠵᠢᠭᠰᠠᠲᠠᠯ᠎ᠠ᠂ ᠴᠢᠩᠭᠢᠰ ᠬᠠᠭᠠᠨ ᠤ᠋ ᠮᠣᠳᠣᠷ ᠤ᠋ᠨ ᠵᠠᠷᠯᠢᠭ ᠤ᠋ᠨ ᠱᠣᠰᠢᠭ᠎ᠠ ᠪᠢᠴᠢᠭ ᠴᠠᠴᠠᠷ ᠤ᠋ᠨ ᠣᠷᠣᠢ ᠳ᠋ᠤᠷ ᠭᠠᠷᠴᠤ ᠢᠷᠡᠭᠡᠳ᠂ ᠮᠣᠩᠭᠣᠯ ᠤᠯᠤᠰ ᠤ᠋ᠨ ᠲᠠᠢᠽᠢ ᠮᠥᠨ ᠥᠷᠭᠥᠭᠡ ᠡᠴᠡᠭᠡᠨ ᠮᠥᠷᠭᠥᠭᠡᠳ᠂ ᠪᠤᠰᠤ ᠵᠠᠩᠵᠤᠨ ᠴᠡᠷᠢᠭ ᠦ᠋ᠳ ᠴᠥᠮ ᠢ᠋ᠶ᠋ᠡᠷ ᠬᠤᠷᠠᠯᠳᠤᠨ ᠢᠷᠡᠵᠦ᠂ ᠲᠠᠢᠽᠦ ᠴᠢᠩᠭᠢᠰ ᠬᠠᠭᠠᠨ ᠤ᠋ ᠵᠠᠷᠯᠢᠭ ᠱᠣᠰᠢᠭ᠎ᠠ ᠳ᠋ᠤᠷ ᠮᠥᠷᠭᠥᠵᠦ᠂ ᠪᠠᠰᠠ ᠵᠠᠷᠯᠢᠭ ᠰᠣᠶᠣᠷᠬᠠᠯᠳᠤ ᠬᠠᠲᠤᠨ ᠡᠵᠡᠨ ᠦ᠌ ᠠᠮᠤᠭᠤᠯᠠᠩ ᠢ᠋ ᠡᠷᠢᠨ ᠰᠥᠭᠦᠳᠦᠯᠴᠡᠭᠰᠡᠨ ᠳ᠋ᠦ᠍ᠷ ᠤᠢᠭᠤᠷ ᠤᠯᠤᠰ ᠤ᠋ᠨ ᠣᠯᠠᠨ ᠪᠦᠭᠦᠳᠡᠭᠡᠷ ᠶᠡᠬᠡᠯ᠎ᠡ ᠭᠠᠢᠬᠠᠯᠳᠤᠨ᠂ ᠡᠨᠡ ᠭᠦᠩᠵᠦ ᠦᠨᠡᠬᠡᠷ ᠲᠡᠭᠷᠢ ᠶ᠋ᠢᠨ ᠷᠠᠬᠢᠨᠢ ᠴᠤ᠌ ᠪᠣᠯᠪᠠᠤ᠂ ᠮᠣᠩᠭᠣᠯ ᠤ᠋ᠨ ᠵᠠᠩᠵᠤᠨ ᠴᠡᠷᠢᠭ ᠦ᠋ᠳ ᠶᠠᠭᠤᠨᠲᠤ ᠲᠡᠷᠡ ᠮᠡᠲᠦ ᠠᠶᠤᠯᠳᠤᠮᠤᠢ ᠭᠡᠮᠡᠨ ᠤᠯᠠᠮ ᠢᠯᠡᠭᠦᠦ ᠠᠶᠤᠨ ᠡᠮᠢᠶᠡᠯᠳᠦᠪᠡᠢ᠃ ᠲᠡᠭᠦᠨ ᠢ᠋ ᠴᠠᠭᠠᠲᠠᠢ ᠲᠠᠢᠽᠢ ᠶ᠋ᠢᠨ ᠰᠢᠷᠡᠭᠡᠨ ᠦ᠌ ᠶᠡᠬᠡ ᠬᠠᠲᠤᠨ ᠪᠣᠯᠭᠠᠨ ᠵᠠᠷᠯᠢᠭ ᠢ᠋ᠶ᠋ᠠᠷ ᠲᠣᠭᠲᠠᠭᠠᠭᠰᠠᠨ ᠢ᠋ ᠣᠯᠠᠩᠬᠢᠨ ᠢ᠋ᠶ᠋ᠠᠷ ᠦᠯᠦ ᠮᠡᠳᠡᠬᠦᠢ ᠶ᠋ᠢᠨ ᠲᠤᠯᠠ᠂ ᠰᠠᠶᠢ ᠲᠠᠩᠭᠤᠳ ᠤᠯᠤᠰ ᠤ᠋ᠨ ᠬᠠᠷᠢᠶᠠᠲᠤ ᠨᠠᠭᠤᠷ ᠳᠠᠯᠠᠢ ᠶ᠋ᠢ ᠪᠤᠯᠢᠶᠠᠯᠳᠤᠨ ᠬᠡᠷᠡᠭ ᠢ᠋ ᠳᠡᠭᠳᠡᠭᠡᠭᠰᠡᠨ ᠠᠵᠤᠭᠤ᠃ 
       ᠲᠡᠳᠦᠢ ᠶ᠋ᠢᠨ ᠭᠦᠩᠵᠦ᠂ ᠰᠢᠳᠠᠷ ᠲᠠᠢᠭᠠᠨ ᠲᠦᠰᠢᠮᠡᠳ ᠪᠠ ᠲᠡᠷᠢᠭᠦᠯᠡᠭᠰᠡᠨ ᠵᠠᠩᠵᠤᠨ ᠨᠠᠷ ᠯᠤᠭ᠎ᠠ ᠲᠠᠢᠽᠢ ᠳ᠋ᠤᠷ ᠮᠥᠷᠭᠥᠨ ᠵᠣᠯᠭᠠᠵᠤ᠂《ᠤᠢᠭᠤᠷ ᠤ᠋ᠨ ᠡᠵᠡᠨ ᠢ᠋ ᠨᠢᠭᠡᠬᠡᠨ ᠭᠱᠠᠨ ᠴᠤ᠌ ᠪᠣᠯᠪᠠ᠂ ᠭᠦᠩᠵᠦ ᠮᠢᠨᠦ ᠴᠠᠴᠠᠷ ᠤ᠋ᠨ ᠳᠣᠣᠷ᠎ᠠ ᠰᠥᠭᠥᠳᠬᠡᠵᠦ᠂ ᠭᠤᠷᠪᠠᠨ ᠵᠢᠯ ᠵᠣᠪᠠᠭᠠᠭᠰᠠᠨ ᠬᠠᠷᠢᠭᠤ ᠶ᠋ᠢ ᠪᠠᠬᠠᠨ ᠲᠡᠳᠦᠢ ᠠᠪᠤᠭᠤᠯᠤᠮᠤ 》ᠭᠡᠮᠡᠨ ᠮᠡᠳᠡᠭᠦᠯᠦᠭᠰᠡᠨ ᠳ᠋ᠦ᠍ᠷ ᠴᠠᠭᠠᠲᠠᠢ ᠪᠣᠳᠣᠪᠠᠰᠤ ᠡᠴᠦᠰ ᠲᠦ᠍ᠷ ᠮᠥᠨ ᠨᠢᠭᠤᠷ ᠤ᠊ᠴᠠᠷᠠᠭᠤᠯᠤᠯ ᠦᠭᠡᠢ ᠦᠯᠦ ᠪᠣᠯᠬᠤᠢ ᠶ᠋ᠢᠨ ᠲᠤᠯᠠ ᠳᠠᠷᠤᠢ ᠳᠠᠷᠤᠭᠤᠯᠤᠨ ᠢᠯᠡᠭᠡᠰᠦᠭᠡᠢ ᠭᠡᠮᠡᠨ ᠡᠭᠡᠭᠦᠯᠦᠭᠡᠳ᠂ ᠰᠢᠳᠠᠷ ᠵᠠᠩᠵᠤᠨ ᠭᠠᠯ ᠭᠠᠷᠤᠵᠠ᠂ ᠪᠣᠷᠣ ᠪᠦᠷᠭᠦᠳ ᠬᠣᠶᠠᠭᠤᠯᠠ ᠶ᠋ᠢ ᠣᠢᠷ᠎ᠠ ᠪᠠᠨ ᠳᠠᠭᠤᠳᠠᠨ ᠴᠢᠬᠢ ᠳ᠋ᠦ᠍ᠷ ᠬᠡᠳᠦᠨ ᠦᠭᠡ ᠰᠤᠷᠭᠠᠵᠤ᠂ ᠤᠢᠭᠤᠷ ᠤ᠋ᠨ ᠡᠵᠡᠨ ᠦᠷᠭᠦᠩᠭᠡ ᠬᠠᠭᠠᠨ ᠢ᠋ ᠡᠭᠦᠷᠦᠭᠦᠯᠦᠨ ᠠᠪᠠᠴᠢᠵᠤ᠂ ᠶ᠋ᠢᠨ ᠭᠦᠩᠵᠦ ᠶ᠋ᠢᠨ ᠴᠠᠴᠠᠷ ᠤ᠋ᠨ ᠳᠣᠣᠷ᠎ᠠ ᠲᠠᠯᠪᠢᠨ ᠰᠥᠭᠥᠳᠬᠡᠵᠦ᠂ ᠮᠥᠷᠭᠥᠭᠦᠯᠦᠨ ᠪᠤᠷᠤᠭᠤ ᠮᠡᠳᠡᠨ ᠶᠠᠯ᠎ᠠ ᠬᠦᠯᠢᠶᠡᠯᠭᠡᠰᠦᠭᠡᠢ ᠬᠡᠮᠡᠲᠡᠯ᠎ᠡ᠂ ᠶ᠋ᠢᠨ ᠭᠦᠩᠵᠦ ᠶ᠋ᠢᠨ ᠮᠠᠩᠨᠤᠭ ᠴᠠᠴᠠᠷ ᠤ᠋ᠨ ᠳᠣᠲᠣᠷ᠎ᠠ ᠨᠢᠭᠡᠨᠲᠡ ᠨᠢᠭᠡᠨ ᠶᠡᠬᠡ ᠠᠶᠤᠩᠭ᠎ᠠ ᠳᠡᠯᠪᠡᠷᠡᠨ᠂ ᠭᠠᠯ ᠭᠢᠯᠪᠠᠰᠤᠨ《ᠴᠡᠪᠴᠢᠯᠬᠢᠯᠡᠨ ᠲᠠᠯᠠᠭᠳᠠ 》ᠭᠡᠬᠦ ᠨᠠᠷᠢᠨ ᠳᠠᠭᠤᠨ ᠭᠠᠷᠤᠮᠠᠭᠴᠠ᠂ ᠬᠡᠳᠦᠢᠨ ᠠᠷᠭ᠎ᠠ ᠪᠡᠯᠡᠳᠬᠡᠭᠰᠡᠨ ᠲᠦᠮᠡᠨ ᠮᠢᠩᠭᠠᠨ ᠤ᠋ ᠬᠤᠷᠴᠠ ᠵᠠᠷ ᠵᠡᠪᠰᠡᠭ ᠬᠠᠮᠲᠤ ᠴᠤᠭᠭᠠᠷ ᠴᠡᠪᠴᠢᠯᠬᠢᠯᠡᠨ ᠪᠠᠭᠤᠵᠤ ᠢᠷᠡᠪᠡ᠃ ᠦᠷᠭᠦᠩᠭᠡ ᠬᠠᠭᠠᠨ ᠤ᠋ ᠠᠮᠢᠨ ᠵᠠᠶᠠᠭ᠎ᠠ ᠶ᠋ᠢ ᠳᠣᠣᠷᠠᠲᠤ ᠳᠡᠪᠲᠡᠷ ᠲᠣᠷ ᠦᠵᠡᠭᠳᠡᠬᠦᠢ᠃  
         ᠭᠠᠵᠠᠷ ᠳᠡᠯᠡᠬᠡᠢ ᠤᠷᠲᠤᠳᠠ ᠬᠥᠳᠡᠯᠪᠡᠰᠦ 
         ᠭᠠᠢᠬᠠᠯᠳᠤ ᠡᠬᠡᠨᠡᠷ ᠦ᠋ᠳ ᠥᠷᠨᠢᠮᠦᠢ ᠬᠡᠮᠡᠯᠦᠭᠡ᠃ 
         ᠭᠠᠳᠠᠰᠤ ᠭᠤᠷᠪᠠᠯᠵᠢᠲᠤ ᠡᠨᠡ ᠬᠦ᠌ ᠭᠦᠩᠵᠦ ᠶ᠋ᠢ 
         ᠭᠠᠵᠠᠷ ᠬᠥᠳᠡᠯᠵᠦ ᠲᠥᠷᠥᠭᠰᠡᠨ ᠴᠦ᠍ ᠪᠣᠯᠪᠠᠤ? 
         ᠭᠠᠷ ᠤ᠋ᠨ ᠠᠶᠤᠩᠭ᠎ᠠ ᠠᠶᠤᠯᠲᠠᠢ ᠶ᠋ᠢᠨ ᠲᠡᠳᠦᠢ ᠴᠦ᠍ ᠪᠤᠰᠤ᠃ 
         ᠭᠠᠷᠭᠠᠬᠤ ᠠᠷᠭ᠎ᠠ ᠴᠤ᠌ ᠮᠠᠰᠢᠳᠠ ᠰᠣᠴᠢᠯᠲᠠᠢ᠃ 
         ᠭᠠᠩᠭ᠎ᠠ ᠮᠥᠷᠡᠨ᠎ᠠ ᠲᠤᠯᠲᠠᠯ᠎ᠠ ᠡᠵᠡᠯᠡᠬᠦ 
         ᠭᠠᠯᠪᠠ ᠪᠤᠤᠨ ᠳ᠋ᠤᠷ ᠦᠭᠡᠢ ᠪᠠᠷᠠᠭᠤᠨ ᠲᠢᠪ ᠦ᠋ᠨ ᠬᠠᠲᠤᠨ ᠪᠠᠢᠨᠠᠮ᠃ 

         ᠳᠣᠯᠣᠭᠠᠨ ᠵᠠᠭᠤᠨ ᠣᠨ ᠵᠢᠯ ᠦ᠋ᠨ ᠳᠠᠭᠤᠨ ᠦᠭᠡᠢ ᠴᠡᠳᠢᠭ ᠲᠡᠦᠬᠡ ᠶ᠋ᠢ ᠬᠤᠷᠢᠶᠠᠭᠰᠠᠭᠠᠷ 
         ᠳᠤᠯᠠᠭᠠᠨ ᠪᠦᠷᠭᠡ ᠰᠡᠷᠢᠭᠦᠨ ᠲᠠᠩᠬᠢᠮ ᠤ᠋ᠨ ᠰᠢᠷᠡᠭᠡᠨ ᠰᠠᠨᠳᠠᠯᠢ ᠪᠦᠬᠦᠨ᠎ᠡ ᠣᠪᠣᠭᠠᠯᠠᠵᠤᠬᠤᠢ᠃ 
         ᠳᠤᠷᠠᠲᠠᠢ ᠪᠢᠴᠢᠭ᠌ᠴᠢᠨ ᠪᠢ ᠪᠡᠷ ᠤᠷᠢᠳᠤ ᠲᠥᠷᠥᠯ ᠳ᠋ᠦ᠍ᠷ ᠶᠤᠸᠠᠨ ᠤ᠋ ᠰᠤᠳᠤᠷ᠎ᠠ ᠬᠤᠪᠢᠲᠠᠢ ᠴᠤ᠌ ᠪᠣᠯᠪᠠᠤ 
         ᠳᠤᠭᠲᠤᠢᠲᠤ ᠰᠤᠳᠤᠷ ᠬᠣᠯᠭᠣᠭᠳᠠᠨ ᠡᠯᠳᠡᠭᠳᠡᠪᠡᠴᠦ᠂ ᠳᠠᠷᠤᠮᠠᠯ ᠱᠠᠰᠲᠢᠷ ᠠᠨᠤ ᠲᠣᠬᠢᠶᠠᠯᠳᠤᠨ ᠣᠯᠳᠠᠭᠤᠳᠠᠮᠤᠢ᠃ 

       ᠵᠢᠴᠢ ᠡᠨᠡ ᠳᠡᠪᠲᠡᠷ ᠦ᠋ᠨ ᠡᠮᠦᠨ᠎ᠡ ᠬᠣᠢᠨ᠎ᠠ ᠳᠠᠪᠬᠤᠷᠯᠢᠭ ᠬᠠᠯᠢᠰᠤ ᠳ᠋ᠤᠷ ᠠᠨᠤ᠂ ᠡᠷᠳᠡᠮᠲᠡᠨ᠎ᠡ ᠡᠰᠡᠷᠭᠦᠴᠡᠨ ᠴᠢᠳᠠᠯᠳᠠᠨ᠎ᠠ ᠠᠳᠬᠠᠭᠯᠠᠬᠤ ᠵᠠᠩᠲᠤ ᠬᠥᠮᠦᠨ ᠢ᠋ ᠭᠦᠨ᠎ᠡ ᠤᠬᠤᠴᠢᠯᠠᠨ ᠰᠢᠭᠦᠮᠵᠢᠯᠡᠭᠰᠡᠨ ᠢᠨᠤ : ᠡᠨᠡ ᠳᠡᠪᠲᠡᠷ ᠦ᠋ᠨ ᠳᠤᠮᠳᠠᠳᠤ ᠪᠦᠯᠦᠭ ᠲᠣᠷ ᠲᠣᠳᠣ ᠬᠡᠮᠡᠬᠦ ᠨᠢᠭᠡᠨ ᠵᠤᠯᠪᠢᠨ ᠠᠮᠢᠲᠠᠨ ᠤ᠋ ᠬᠠᠷᠠᠩᠭᠤᠢ ᠪᠤᠷᠤᠩᠬᠤᠢ ᠶ᠋ᠢᠨ ᠠᠳᠬᠠᠭ ᠲᠡᠮᠡᠴᠡᠯ ᠦ᠋ᠨ ᠠᠷᠵᠢᠯ ᠨᠢᠰᠸᠠᠨᠢᠰ ᠢᠨᠤ᠂ ᠲᠡᠭᠦᠨ ᠤ ᠲᠡᠷᠢᠭᠦᠨ ᠦ᠌ ᠭᠡᠭᠡᠨ ᠲᠩᠷᠢ ᠥᠭᠡᠳᠡ ᠦᠰᠦᠷᠦᠨ ᠦᠰᠦᠷᠲᠡᠯ᠎ᠡ ᠦᠯᠦ ᠠᠯᠳᠠᠷᠠᠨ ᠲᠠᠯᠢᠷᠠᠬᠤ ᠶ᠋ᠢ ᠠᠨᠤ ᠭᠠᠢᠬᠠᠵᠤ ᠰᠠᠨᠠᠭᠰᠠᠭᠠᠷ᠂ ᠣᠷᠴᠢᠯᠠᠩ ᠤ᠋ᠨ ᠬᠣᠭᠣᠷᠣᠨᠳᠣ ᠡᠢᠮᠦ ᠬᠥᠮᠦᠨ ᠠᠳᠠᠪᠠᠰᠢ ᠬᠡᠳᠦᠢ ᠪᠣᠢ ᠠᠮᠤᠢ ? ᠭᠡᠮᠡᠨ ᠤᠬᠤᠴᠢᠯᠠᠵᠤ ᠪᠣᠳᠣᠭᠰᠠᠭᠠᠷ ᠰᠠᠶᠢ ᠡᠳᠡᠭᠡᠷ ᠥᠪᠡᠷ ᠦ᠋ᠨ ᠪᠡᠶ᠎ᠡ ᠪᠡᠷ ᠣᠯᠠᠨᠲᠠ ᠲᠡᠩᠰᠡᠵᠦ ᠮᠡᠳᠡᠭᠰᠡᠨ ᠢ᠋ᠶ᠋ᠡᠨ ᠰᠠᠨᠠᠭᠠᠯᠵᠠᠵᠤ᠂ ᠳᠠᠷᠤᠢ ᠪᠢᠴᠢᠵᠦ ᠭᠠᠷᠭᠠᠪᠠ᠃ ᠡᠨᠡ ᠲᠣᠳᠣ ᠬᠡᠮᠡᠭᠴᠢ ᠶ᠋ᠢ ᠴᠢᠦᠢ ᠴᠦ ᠯᠢᠦᠢ ᠳ᠋ᠦ᠍ᠷ ᠦᠯᠢᠳᠬᠡᠵᠦ ᠦᠯᠦ ᠪᠣᠯᠤᠮᠤᠢ᠃ ᠴᠢᠦᠢ ᠴᠦ ᠯᠢᠦᠢ ᠶ᠋ᠢᠨ ᠰᠡᠳᠬᠢᠯ ᠦᠯᠦ ᠡᠷᠭᠢᠬᠦ ᠢᠨᠤ ᠲᠥᠷᠥᠭᠰᠡᠨ ᠠᠪᠠᠭ᠎ᠠ ᠪᠠᠨ ᠠᠯᠠᠭᠰᠠᠨ ᠶᠠᠯ᠎ᠠ ᠠ᠋ᠴᠠᠭᠠᠨ ᠠᠶᠤᠬᠤᠢ ᠶ᠋ᠢᠨ ᠤᠴᠢᠷ ᠲᠤᠷ ᠪᠣᠯᠠᠢ᠃ ᠲᠣᠳᠣ ᠬᠡᠮᠡᠭᠴᠢ ᠶᠡᠷᠦ ᠶ᠋ᠢᠨ ᠠᠢᠮᠠᠭ ᠶᠠᠮᠪᠠᠷ ᠶᠡᠬᠡ ᠦᠰ ᠦᠭᠡᠢ ᠪᠥᠭᠡᠲᠡᠯ᠎ᠡ᠂ ᠡᠭᠦᠷᠢᠳᠡ ᠠᠲᠠᠭᠠᠷᠬᠠᠨ ᠲᠡᠮᠡᠴᠡᠯᠳᠦᠬᠦ ᠢᠨᠤ ᠰᠣᠨᠢᠨ᠂ ᠯᠠᠪ ᠲᠥᠷᠥᠯᠬᠢ ᠵᠠᠩ ᠠᠨᠤ ᠲᠡᠢᠮᠦ ᠪᠣᠯᠠᠢ᠃ ᠡᠷᠳᠡᠮᠲᠡᠨ ᠢ᠋ ᠵᠠᠨᠤᠵᠤ᠂ ᠴᠢᠳᠠᠯᠲᠠᠨ ᠢ᠋ ᠬᠠᠷᠠᠳᠠᠬᠤ ᠶ᠋ᠢ ᠢᠷᠭᠡᠨ ᠦᠭᠡᠰ ᠢ᠋ᠶ᠋ᠡᠷ《ᠳᠦ ᠰᠢᠶᠠᠨ ᠵᠢᠢ ᠨᠧᠩ 》ᠬᠡᠮᠡᠮᠦᠢ᠂ ᠪᠠᠭ᠎ᠠ ᠶ᠋ᠢᠨ ᠴᠠᠭᠳᠠ ᠪᠢᠴᠢᠭ ᠱᠠᠰᠲᠢᠷ᠎ᠠ ᠣᠯᠠᠨᠲᠠ ᠦᠵᠡᠪᠡᠴᠦ᠂ ᠵᠦᠭᠡᠷ ᠨᠢᠭᠡᠨ ᠲᠥᠷᠥ ᠶ᠋ᠢᠨ ᠡᠷᠬᠡ ᠶ᠋ᠢ ᠲᠡᠮᠡᠴᠡᠯᠳᠦᠬᠦ᠂ ᠵᠠᠯᠢᠬᠠᠢ ᠬᠠᠷᠭᠢᠰ ᠬᠠᠷᠠᠩᠭᠤᠢ ᠪᠤᠷᠲᠠᠭ ᠰᠠᠢᠳ ᠨᠠᠷ ᠢ᠋ ᠬᠡᠯᠡᠮᠦᠢ ᠊ᠶ᠎ᠠ᠂ ᠲᠡᠷᠡ ᠴᠦ᠍ ᠮᠥᠨ ᠮᠠᠭᠤ ᠬᠥᠮᠦᠨ ᠦ᠌ ᠲᠣᠭᠲᠠᠭᠰᠠᠨ ᠵᠠᠩ ᠪᠣᠯᠠᠢ ᠭᠡᠮᠡᠨ ᠬᠠᠷᠢᠨᠴᠤ ᠳᠡᠮᠡᠢ ᠶᠡᠬᠡ ᠭᠦᠨ᠎ᠡ ᠬᠢᠨᠠᠭᠰᠠᠨ ᠦᠭᠡᠢ ᠪᠥᠯᠥᠭᠡ ᠃ ᠬᠣᠢᠨ᠎ᠠ ᠬᠣᠯᠠ ᠣᠢᠷᠠᠬᠢ ᠤᠬᠠᠭᠠᠨ ᠮᠡᠳᠡᠯᠲᠡᠢᠭᠡᠨ ᠬᠥᠮᠦᠨ᠎ᠡ ᠤᠷᠲᠤᠳᠠ ᠠᠭᠤᠯᠵᠠᠵᠤ᠂ ᠡᠳᠦᠷ ᠦ᠋ᠨ ᠤᠳᠠᠭᠠᠨ᠎ᠠ ᠦᠵᠡᠭᠰᠡᠭᠡᠷ ᠲᠡᠢᠮᠦ ᠠᠳᠬᠠᠭ ᠲᠡᠮᠡᠴᠡᠯ ᠦ᠋ᠨ ᠠᠮᠢᠰᠬᠤᠯ ᠳ᠋ᠤᠷ ᠲᠥᠷᠥᠭᠰᠡᠨ ᠬᠥᠮᠦᠨ ᠪᠣᠯᠪᠠᠰᠤ᠂ ᠣᠨᠴᠠ ᠲᠡᠭᠦᠨ ᠦ᠌ ᠬᠡᠷᠡᠭ ᠦᠢᠯᠡ ᠳ᠋ᠦ᠍ᠷ ᠰᠢᠯᠲᠠᠭᠠᠨ ᠪᠠᠷᠢᠯᠳᠤᠵᠤ᠂ ᠰᠠᠢᠨ ᠮᠠᠭᠤ ᠪᠣᠯᠤᠯᠴᠠᠨ ᠲᠡᠢᠮᠦ ᠪᠣᠯᠬᠤ ᠠᠨᠤ ᠪᠤᠰᠤ ᠠᠵᠤᠭᠤ ᠃ ᠠᠯᠢᠪᠠ  《ᠳᠦ ᠰᠢᠶᠠᠨ ᠵᠢᠢ ᠨᠧᠩ 》ᠵᠠᠩ ᠲᠠᠢ ᠲᠦᠷᠦᠭᠴᠢᠳ ᠪᠦᠬᠦᠨ ᠦ᠌ ᠲᠥᠷᠥᠯᠬᠢ ᠴᠢᠨᠠᠷ ᠳᠤᠰᠤᠯ ᠤ᠋ᠨ ᠡᠯᠢᠭᠡ ᠠᠭᠤᠰᠬᠢ ᠵᠢᠷᠦᠬᠡ ᠰᠥᠰᠥ ᠡᠴᠡᠭᠡᠨ ᠪᠤᠰᠤᠳ ᠤ᠋ᠨ ᠮᠠᠭᠤ ᠶ᠋ᠢ ᠰᠣᠨᠣᠰᠪᠠᠰᠤ ᠪᠠᠶᠠᠰᠤᠭᠠᠳ ᠬᠥᠮᠦᠨ ᠦ᠌ ᠰᠠᠢᠨ ᠢ᠋ ᠦᠵᠡᠪᠡᠰᠦ ᠠᠲᠠᠭᠠᠷᠬᠠᠨ ᠬᠠᠷᠠᠳᠠᠬᠤ ᠰᠡᠳᠬᠢᠯ ᠬᠣᠪᠢᠨ ᠳ᠋ᠠᠭᠠᠨ ᠲᠥᠷᠥᠭᠡᠳ ᠤᠷᠭᠤᠨ ᠭᠠᠷᠴᠤ ᠢᠷᠡᠬᠦ ᠶ᠋ᠢ ᠦᠯᠢᠭᠡᠷᠯᠡᠪᠡᠰᠦ ᠬᠥᠮᠦᠨ ᠪᠠᠶᠠᠨ ᠡᠯᠪᠡᠭ ᠠᠷᠢᠭᠤᠨ ᠴᠡᠪᠡᠷ ᠥᠩᠭᠡ ᠭᠡᠷᠡᠯ ᠲᠡᠢ ᠶ᠋ᠢ ᠪᠤᠷᠬᠠᠨ ᠰᠠᠬᠢᠭᠤᠯᠰᠤᠨ ᠬᠥᠮᠦᠨ ᠲᠥᠷᠥᠯᠬᠢᠲᠡᠨ ᠦᠵᠡᠪᠡᠰᠦ ᠴᠥᠮ ᠪᠡᠶᠡᠰᠦᠨ ᠳᠠᠭᠠᠯᠠᠬᠤ ᠠᠲᠠᠯ᠎ᠠ᠂ ᠬᠤᠯᠠᠭᠠᠢ ᠳᠡᠭᠡᠷᠡᠮ ᠪᠠ ᠡᠳ᠋ ᠦ᠋ᠨ ᠬᠣᠣᠷᠯᠠᠯ ᠤ᠋ᠨ ᠠᠳᠠᠰ ᠦᠵᠡᠪᠡᠰᠦ᠂ ᠬᠣᠣᠷᠯᠠᠯ ᠬᠥᠨᠥᠭᠡᠯ ᠦ᠋ᠨ ᠰᠡᠳᠬᠢᠯ ᠲᠥᠷᠥᠬᠦᠢ ᠳ᠋ᠦ᠍ᠷ ᠠᠳᠠᠯᠢ ᠠᠨᠤ ᠪᠣᠯᠠᠢ᠃ 

– – – – 
①  ᠡᠨᠡ ᠦᠭᠡ ᠲᠠᠰᠢᠶᠠᠷᠠᠪᠠ ᠂ ᠰᠢᠩ ᠰᠢᠦᠢ ᠬᠠᠢ ᠬᠥᠬᠡ ᠨᠠᠭᠤᠷ ᠲᠤ᠌ ᠪᠣᠢ᠂ ᠯᠣᠪᠤ ᠨᠠᠭᠤᠷ ᠰᠢᠨᠵᠢᠶᠠᠩ ᠳ᠋ᠤ᠌ ᠪᠣᠢ᠂ ᠵᠣᠬᠢᠶᠠᠭᠴᠢ ᠡᠨᠳᠡᠭᠦᠷᠡᠭᠰᠡᠨ ᠠᠵᠤᠭᠤ᠃ (ᠵᠠᠰᠠᠨ ᠡᠮᠬᠢᠯᠡᠭᠴᠢ ᠡᠴᠡ)
            
                ᠰᠤᠯᠠ ᠥᠭᠦᠯᠡᠯ   

       ᠪᠤᠷᠤᠭᠤ ᠶ᠋ᠢᠨ ᠳᠣᠲᠣᠷᠠᠬᠢ ᠪᠤᠷᠤᠭᠤ ᠶ᠋ᠢ ᠪᠣᠳᠣᠵᠤ ᠣᠯᠪᠠᠰᠤ ᠬᠠᠯᠠᠵᠤ ᠪᠣᠯᠤᠮᠤᠢ᠃ ᠵᠥᠪ ᠦ᠋ᠨ ᠳᠣᠲᠣᠷᠠᠬᠢ ᠪᠤᠷᠤᠭᠤ ᠶ᠋ᠢ ᠪᠣᠳᠣᠵᠤ ᠮᠡᠳᠡᠪᠡᠰᠦ ᠬᠠᠯᠠᠵᠤ ᠦᠯᠦ ᠪᠣᠯᠬᠤ ᠠᠨᠤ ᠴᠤᠬᠤᠮᠬᠠᠨ ᠭᠤᠨᠢᠶᠠᠯᠲᠠᠢ ᠠᠨᠤ ᠪᠤᠶᠤ᠃ ᠵᠥᠪ ᠰᠤᠷᠭᠠᠯ ᠤ᠋ᠨ ᠪᠤᠷᠬᠠᠨ ᠤ᠋ ᠨᠣᠮ ᠤ᠋ᠨ ᠱᠠᠪᠢᠨᠠᠷ ᠨᠣᠮ ᠠ᠋ᠴᠠᠭᠠᠨ ᠥᠪᠡᠷ᠎ᠡ ᠶ᠋ᠢ ᠨᠢᠭᠡᠮᠦᠰᠦᠨ ᠪᠠᠷᠢᠵᠤ ᠦᠯᠦ ᠪᠣᠯᠬᠤ ᠠᠨᠤ ᠮᠠᠰᠢᠳᠠ ᠵᠥᠪ ᠡᠴᠡ ᠴᠦ᠍ ᠵᠥᠪ᠂ ᠮᠥᠨ ᠡᠴᠡ ᠴᠦ᠍ ᠮᠥᠨ ᠪᠥᠭᠡᠲᠡᠯ᠎ᠡ᠂ ᠡᠨᠡ ᠵᠥᠪ ᠦ᠋ᠨ ᠳᠣᠲᠣᠷ᠎ᠠ ᠪᠠᠰᠠ ᠨᠢᠭᠡᠨ ᠪᠤᠷᠤᠭᠤ ᠦᠵᠡᠯ ᠲᠥᠷᠥᠭᠳᠡᠨ ᠭᠠᠷᠴᠤ ᠢᠷᠡᠭᠰᠡᠨ ᠢᠨᠤ᠂ ᠣᠭᠲᠣᠬᠠᠨ ᠴᠤ᠌ ᠨᠣᠮ ᠦᠭᠡᠢ ᠬᠤᠸᠠᠷᠠᠭ ᠪᠥᠭᠡᠲᠡᠯ᠎ᠡ᠂ ᠡᠷᠬᠡᠪᠰᠢ ᠨᠣᠮ ᠮᠡᠳᠡᠬᠦ ᠪᠯᠠᠮ᠎ᠠ ᠶ᠋ᠢᠨ ᠳᠦᠷᠢᠮ ᠢ᠋ᠶ᠋ᠡᠷ ᠬᠠᠭᠤᠷᠮᠠᠭᠯᠠᠨ ᠠᠪᠤᠷᠢᠯᠠᠵᠤ᠂ ᠡᠮᠦᠨ᠎ᠡ ᠪᠡᠨ ᠠᠭᠤᠯᠠ ᠶ᠋ᠢᠨ ᠲᠡᠳᠦᠢ ᠨᠣᠮ ᠢ᠋ ᠣᠪᠣᠭᠠᠯᠠᠵᠤ ᠲᠠᠯᠪᠢᠭᠠᠳ᠂ ᠪᠢᠴᠢᠭ ᠦᠵᠡᠬᠦ ᠱᠠᠪᠢᠨᠠᠷ ᠢ᠋ ᠵᠠᠩᠳᠠᠨ ᠴᠡᠭᠡᠷᠯᠡᠭᠦᠯᠬᠦ ᠬᠡᠷᠡᠭᠲᠡᠢ ᠪᠣᠯᠤᠭᠰᠠᠨ᠂ ᠡᠨᠡ ᠨᠢᠭᠡᠨ ᠠᠯᠳᠠᠰᠢ ᠶ᠋ᠢᠨ ᠭᠡᠮ ᠡᠪᠡᠳᠴᠢᠨ ᠮᠠᠰᠢᠳᠠ ᠭᠦᠨ᠂ ᠮᠠᠰᠢᠳᠠ ᠬᠦᠨᠳᠦ ᠪᠣᠯᠠᠢ᠃ ᠮᠥᠯᠬᠥᠭᠡᠳᠦᠢ ᠬᠡᠦᠬᠡᠳ ᠢ᠋ ᠨᠢᠰᠦᠨ ᠳᠡᠭᠳᠡᠭᠰᠡᠨ ᠠᠪᠤᠷᠢ ᠶ᠋ᠢ ᠭᠠᠷᠭᠠᠯᠭᠠᠬᠤ ᠠᠨᠤ᠂ ᠰᠤᠷᠴᠤ ᠮᠡᠳᠡᠬᠦᠢ ᠶ᠋ᠢᠨ ᠵᠠᠮ ᠢ᠋ ᠲᠠᠰᠤᠷ ᠬᠠᠭᠠᠭᠰᠠᠨ ᠠᠨᠤ ᠲᠤᠢᠯ ᠤ᠋ᠨ ᠪᠤᠷᠤᠭᠤ ᠪᠣᠯᠠᠢ᠃ ᠮᠣᠩᠭᠣᠯ ᠬᠡᠯᠡᠲᠡᠨ᠂ ᠲᠥᠪᠡᠳ ᠦ᠋ᠨ ᠰᠤᠳᠤᠷ ᠢ᠋ᠶ᠋ᠠᠷ ᠣᠨᠣᠯ ᠤᠬᠠᠭᠠᠨ ᠢ ᠤᠬᠠᠮᠤᠢ ᠬᠡᠮᠡᠭᠴᠢ ᠡᠳᠦᠷ ᠦ᠋ᠨ ᠣᠳᠣᠨ ᠰᠥᠨᠢ ᠶ᠋ᠢᠨ ᠰᠣᠯᠣᠩᠭ᠎ᠠ ᠮᠡᠲᠦ ᠴᠥᠭᠡᠨ ᠳ᠋ᠦ᠍ᠷ ᠪᠠᠰᠠ ᠪᠢᠴᠢᠭ ᠦᠵᠡᠬᠦ ᠶ᠋ᠢ ᠡᠯᠡᠭᠯᠡᠬᠦ ᠂ ᠬᠠᠭᠤᠷᠮᠠᠭ ᠯᠠᠷᠵᠢᠶ᠎ᠠ ᠳᠡᠯᠭᠡᠷᠡᠭᠰᠡᠨ᠎ᠡ ᠨᠣᠮ ᠤ᠋ᠨ ᠭᠠᠳᠠᠭᠠᠳᠤ ᠳᠦᠷᠰᠦ ᠪᠠᠢᠪᠠᠴᠤ᠂ ᠨᠣᠮ ᠤ᠋ᠨ ᠳᠣᠲᠣᠭᠠᠳᠤ ᠣᠨᠣᠯ ᠪᠦᠬᠦᠢ ᠶ᠋ᠢ ᠢᠨᠤ ᠲᠤᠩ ᠴᠤ᠌ ᠣᠯᠵᠤ ᠡᠰᠡ ᠵᠣᠯᠭᠠᠨ ᠨᠣᠮ ᠤ᠋ᠨ ᠪᠤᠷᠬᠠᠨ ᠤ᠋ ᠨᠡᠷ᠎ᠡ ᠶ᠋ᠢᠨ ᠲᠣᠭ᠎ᠠ ᠶ᠋ᠢ ᠣᠯᠵᠤ ᠰᠣᠨᠣᠰᠴᠤ ᠴᠢᠳᠠᠭᠠᠳᠤᠢ ᠃ ᠠᠶ᠎ᠠ ᠪᠢᠴᠢᠭ ᠦᠯᠦ ᠦᠵᠡᠭᠦᠯᠬᠦ ᠮᠠᠰᠢᠳᠠ ᠵᠥᠪ᠂ ᠭᠠᠭᠴᠠ ᠥᠪᠡᠷᠦᠨ ᠨᠣᠮ ᠤ᠋ᠨ ᠪᠤᠷᠬᠠᠨ ᠤ᠋ ᠨᠡᠷ᠎ᠡ ᠲᠣᠭ᠎ᠠ ᠪᠠᠨ ᠴᠤ᠌ ᠦᠯᠦ ᠮᠡᠳᠡᠬᠦ ᠢᠨᠤ ᠠᠪᠠᠢ ᠬᠠᠢᠷᠠᠬᠠᠨ ! ᠬᠥᠮᠦᠨ ᠲᠥᠷᠥᠯᠬᠢᠲᠡᠨ ᠦ᠌ ᠨᠢᠭᠡᠨ ᠨᠠᠰᠤᠨ ᠤ᠋ ᠮᠡᠳᠡᠷᠡᠯ ᠢ᠋ ᠰᠠᠭᠠᠲᠠᠭᠤᠯᠬᠤ ᠦᠭᠡᠢ ᠬᠡᠮᠡᠮᠦᠢ ᠤᠤ ? ᠡᠷᠲᠡ ᠰᠧ ᠴᠤᠸᠠᠨ ᠤ᠋ ᠧ ᠮᠧᠢ ᠱᠠᠨ ᠠᠭᠤᠯᠠᠨ ᠤ᠋ ᠨᠢᠭᠡᠨ ᠶᠡᠬᠡ ᠪᠠᠶᠠᠯᠢᠭ ᠵᠢᠶᠠ ᠬᠤᠤᠱᠠᠩ ᠬᠡᠮᠡᠭᠴᠢ ᠮᠥᠨ ᠧ ᠮᠧᠢ ᠠᠭᠤᠯᠠᠨ ᠤ᠋ ᠰᠢᠳᠢᠲᠦ ᠵᠡᠪᠡ ᠳ᠋ᠦ᠍ᠷ ᠵᠣᠭᠣᠭ ᠬᠢᠭᠰᠡᠭᠡᠷ ᠨᠢᠭᠡᠨ ᠶᠡᠬᠡ ᠬᠠᠳᠠ ᠶ᠋ᠢᠨ ᠳ᠋ᠦᠩ ᠠᠭᠤᠢ ᠳ᠋ᠤᠷ ᠣᠷᠣᠪᠠᠰᠤ ᠂ ᠠᠭᠤᠢ ᠶ᠋ᠢᠨ ᠳᠣᠲᠣᠷ᠎ᠠ ᠲᠣᠭᠣᠷᠢᠵᠤ ᠲᠦᠮᠡᠨ ᠪᠣᠳᠢ ᠨᠣᠮ ᠢ᠋ᠶ᠋ᠠᠷ ᠳᠦᠭᠦᠷᠭᠡᠵᠦ ᠂ ᠳᠤᠮᠳᠠ ᠨᠢᠭᠡᠨ ᠤᠷᠲᠤ ᠬᠥᠮᠥᠰᠬᠡ ᠂ ᠬᠡᠦᠬᠡᠳ ᠦ᠋ᠨ ᠵᠢᠰᠦᠲᠦ ᠡᠷᠳᠡᠮᠲᠦ ᠠᠷᠰᠢ ᠴᠠᠨ ᠱᠢ ᠰᠠᠭᠤᠵᠤ ᠪᠣᠢ ᠲᠤᠯᠠ ᠂ ᠯᠠᠪ ᠶᠡᠬᠡ ᠡᠷᠳᠡᠮᠲᠦ ᠬᠤᠤᠱᠠᠩ ᠪᠣᠢ ᠢ᠎ᠡ ᠭᠡᠮᠡᠨ ᠬᠡᠳᠦᠨ ᠤᠳᠬᠠᠰᠳᠣ ᠦᠭᠡᠰ ᠢ᠋ ᠭᠤᠶᠤᠨ ᠡᠰᠢᠯᠡᠪᠡᠰᠦ ᠂ ᠲᠡᠷᠡ ᠬᠤᠤᠱᠠᠩ ᠭᠠᠷ ᠢ᠋ᠶ᠋ᠠᠨ ᠨᠠᠮᠠᠨᠴᠢᠯᠠᠨ ᠥᠭᠦᠯᠡᠷᠦᠨ :
       《ᠬᠠᠨ ᠵᠢᠩᠳᠢ ᠬᠠᠭᠠᠨ ᠤ᠋ ᠣᠨ ᠳ᠋ᠤᠷ ᠪᠤᠷᠬᠠᠨ ᠤ᠋ ᠰᠤᠷᠭᠠᠯ ᠢᠷᠡᠭᠰᠡᠨ ᠡᠴᠡ ᠢᠨᠠᠷᠤ᠂ ᠶᠢᠷᠲᠢᠨᠴᠦ ᠶ᠋ᠢᠨ ᠨᠠᠢ᠍ᠮᠠᠨ ᠨᠣᠮ ᠢ᠋ ᠲᠡᠪᠴᠢᠭᠰᠡᠨ ᠢ᠋ᠶ᠋ᠡᠷ ᠣᠷᠴᠢᠯᠠᠩ ᠤ᠋ᠨ ᠪᠢᠴᠢᠭ ᠱᠠᠰᠲᠢᠷ ᠤ᠋ᠨ ᠴᠠᠯᠴᠢᠶ᠎ᠠ ᠦᠭᠡᠰ ᠢ᠋ ᠴᠡᠭᠡᠷᠯᠡᠭᠰᠡᠨ ᠲᠤᠯᠠ ᠬᠠᠷᠢᠭᠤ ᠨᠡᠢᠯᠡᠭᠦᠯᠬᠦᠶ᠎ᠡ ᠪᠡᠷᠬᠡ 》ᠬᠡᠮᠡᠭᠡᠳ ᠨᠢᠳᠦᠨ ᠢ᠋ᠶ᠋ᠡᠨ ᠠᠨᠢᠵᠤ ᠲᠤᠭᠲᠠᠮ ᠳ᠋ᠤᠷ ᠣᠷᠣᠪᠠ᠃ ᠵᠢᠶᠠ ᠬᠤᠤᠱᠠᠩ ᠶᠡᠬᠡᠯ᠎ᠡ ᠢᠴᠢᠩᠭᠦᠷᠡᠨ ᠰᠦᠮ᠎ᠡ ᠳ᠋ᠡᠭᠡᠨ ᠡᠭᠡᠵᠦ᠂ ᠨᠣᠮ ᠤ᠋ᠨ ᠬᠥᠮᠦᠨ ᠡᠴᠡ ᠪᠢᠴᠢᠭ ᠠᠰᠠᠭᠤᠭᠰᠠᠨ ᠠᠨᠤ ᠮᠢᠨᠦ ᠡᠨᠳᠡᠭᠦᠦ ᠭᠡᠮᠡᠨ ᠨᠢᠭᠡᠨ ᠳᠠᠰᠢ ᠣᠷᠬᠢᠪᠠ᠃ ᠭᠡᠨᠡᠳᠲᠡ ᠨᠢᠭᠡᠨ ᠵᠤᠨ ᠳᠡᠭᠦᠨᠦ ᠵᠣᠴᠢᠨ ᠳᠠᠢᠯᠠᠬᠤ ᠶᠡᠬᠡ ᠳᠡᠷᠡᠰᠦᠨ ᠤ ᠭᠡᠷ ᠲᠦ᠍ᠷ ᠴᠢᠮᠡᠭᠡ ᠭᠠᠷᠴᠤ᠂ ᠣᠷᠣᠵᠤ ᠦᠵᠡᠪᠡᠰᠦ ᠲᠠᠭᠥᠨᠣ ᠱᠠᠪᠢᠨᠠᠷ ᠤ᠋ᠨ ᠨᠠᠭᠠᠳᠴᠤ ᠲᠠᠯᠪᠢᠭᠰᠠᠨ ᠨᠢᠭᠡᠨ ᠮᠣᠳᠣᠨ ᠤ᠋ ᠬᠠᠪᠬ᠎ᠠ ᠳ᠋ᠤᠷ ᠨᠢᠭᠡᠨ ᠶᠢᠰᠦᠨ ᠰᠡᠭᠦᠯᠲᠦ ᠦᠨᠡᠭᠡ ᠶ᠋ᠢᠨ ᠰᠡᠭᠦᠯ ᠢᠨᠣ ᠬᠠᠪᠴᠢᠭᠳᠠᠭᠰᠠᠨ ᠳ᠋ᠤᠷ ᠦᠨᠡᠭᠡ ᠲᠡᠰᠳᠡᠰᠢ ᠦᠭᠡᠢ ᠡᠪᠡᠷᠰᠢᠶᠡᠨ ᠴᠢᠬᠤᠯᠳᠠᠵᠤ ᠬᠥᠮᠦᠨ ᠦ᠌ ᠦᠭᠡ ᠪᠡᠷ : 
      《 ᠪᠠᠭᠰᠢ ᠠᠮᠢᠨ ᠢ᠋ ᠠᠪᠤᠷᠠ ! 》ᠬᠡᠮᠡᠬᠦᠢ ᠳ᠋ᠦ᠍ᠷ ᠵᠢᠶᠠ ᠬᠤᠤᠱᠠᠩ ᠶᠡᠬᠡᠯ᠎ᠡ ᠢᠨᠢᠶᠡᠳᠦᠨ ᠬᠦᠷᠴᠦ  ᠲᠦᠷ ᠠᠰᠠᠭᠤᠷᠤᠨ :
      《 ᠴᠢ ᠪᠢᠳᠡ ᠬᠣᠶᠠᠭᠤᠯᠠ ᠣᠭᠲᠣ ᠨᠠᠢᠷ ᠦᠭᠡᠢ ᠶ᠋ᠢᠨ ᠳᠡᠭᠡᠷ᠎ᠡ᠂ ᠴᠢ ᠪᠠᠰᠠ ᠬᠠᠷᠢᠨ ᠨᠠᠮᠠᠶ᠋ᠢ ᠬᠤᠯᠠᠭᠤᠷ᠎ᠠ ᠢᠷᠡᠵᠦᠬᠦᠢ ᠃ ᠪᠢ ᠶᠠᠭᠠᠬᠢᠨ ᠠᠪᠤᠷᠠᠮᠤᠢ ? 》ᠬᠡᠮᠡᠬᠦᠢ ᠳ᠋ᠦ᠍ᠷ ᠦᠨᠡᠭᠡ ᠡᠪᠡᠷᠰᠢᠶᠡᠨ ᠲᠡᠰᠬᠦ ᠦᠭᠡᠢ ᠴᠢᠬᠤᠯᠳᠠᠨ ᠥᠭᠦᠯᠡᠷᠦᠨ : 
      《ᠪᠠᠭᠰᠢ ᠪᠢᠳᠡ ᠬᠣᠶᠠᠭᠤᠯᠠ ᠮᠠᠰᠢ ᠬᠠᠭᠤᠴᠢᠨ ᠲᠠᠨᠢᠯ ᠪᠣᠯᠠᠢ ᠃ ᠲᠡᠷᠡ ᠵᠢᠯ ᠦ᠋ᠨ ᠲᠡᠷᠡ ᠰᠠᠷ᠎ᠠ᠂ ᠲᠡᠢᠮᠦ ᠲᠡᠢᠮᠦ ᠡᠳᠦᠷ ᠴᠠᠭ ᠲᠤᠷ ᠪᠠᠭᠰᠢ ᠮᠢᠨᠦ ᠮᠠᠭᠤ ᠠᠭᠤᠢ ᠳ᠋ᠤᠷ ᠵᠠᠯᠠᠷᠠᠨ  ᠪᠠᠭᠤᠵᠤ ᠨᠠᠳᠠ ᠯᠤᠭ᠎ᠠ ᠦᠭᠡ ᠬᠡᠯᠡᠯᠴᠡᠭᠰᠡᠨ ᠨᠠᠢᠷ ᠪᠣᠢ ᠪᠥᠯᠥᠭᠡ᠃ ᠲᠡᠷᠡ ᠨᠣᠮ ᠣᠪᠣᠭᠠᠯᠠᠭᠰᠠᠨ ᠬᠤᠤᠱᠠᠩ ᠳᠠᠷᠤᠢ ᠪᠢ ᠪᠥᠯᠥᠭᠡ 》ᠬᠡᠮᠡᠭᠰᠡᠨ ᠳ᠋ᠦ᠍ᠷ ᠵᠢᠶᠠ ᠬᠤᠤᠱᠠᠩ ᠨᠡᠩᠳᠡ ᠶᠡᠬᠡᠯ᠎ᠡ ᠢᠨᠢᠶᠡᠳᠦᠮ ᠲᠥᠷᠥᠵᠦ ᠠᠰᠠᠭᠤᠷᠤᠨ :
      《 ᠴᠠᠯᠴᠢᠶ᠎ᠠ ᠦᠭᠡᠰ ᠢ᠋ ᠴᠡᠭᠡᠷᠯᠡᠭᠰᠡᠨ ᠪᠥᠭᠡᠳ ᠴᠢᠯᠢᠯᠲᠤ ᠳᠡᠷᠡᠰᠦᠨ᠎ᠡ ᠶᠠᠭᠤᠨᠲᠤ ᠳᠤᠷᠠᠯᠠᠵᠤ ᠪᠠᠷᠢᠭᠳᠠᠪᠠ ? ᠴᠢ ᠲᠦᠷ ᠮᠢᠨᠦ ᠠᠰᠠᠭᠤᠭᠰᠠᠨ ᠴᠠᠯᠴᠢᠶ᠎ᠠ ᠦᠭᠡᠰ ᠦ᠋ᠨ ᠬᠠᠷᠢᠭᠤ ᠶ᠋ᠢ ᠥᠴᠢᠭᠰᠡᠨ᠎ᠡ᠂ ᠪᠢ ᠬᠠᠪᠬ᠎ᠠ ᠶ᠋ᠢᠨ ᠣᠨᠢᠰᠣ ᠶ᠋ᠢ ᠠᠪᠰᠤᠭᠠᠢ 》ᠬᠡᠮᠡᠭᠰᠡᠨ ᠳ᠋ᠦ᠍ᠷ ᠦᠨᠡᠭᠡ ᠶᠡᠬᠡᠯ᠎ᠡ ᠡᠪᠡᠷᠰᠢᠶᠡᠨ ᠤᠬᠢᠯᠠᠨ ᠥᠭᠦᠯᠡᠷᠦᠨ᠄
      《 ᠠᠶ᠎ᠠ ᠪᠠᠭᠰᠢ ᠠ᠋ ᠂ ᠪᠢ ᠤᠭ ᠠ᠋ᠴᠠ ᠨᠣᠮ ᠮᠡᠳᠡᠬᠦ ᠶ᠋ᠢ ᠪᠠᠢᠲᠤᠭᠠᠢ᠂ ᠪᠢᠴᠢᠭ ᠮᠥᠨ ᠮᠡᠳᠡᠬᠦ ᠦᠭᠡᠢ᠂ ᠡᠷᠬᠡ ᠲᠠᠩᠬᠠᠢ ᠡᠮ᠎ᠡ ᠦᠨᠡᠭᠡ ᠪᠥᠯᠥᠭᠡ ᠃ ᠪᠠᠭᠰᠢ ᠶ᠋ᠢᠨ ᠠᠰᠠᠭᠤᠭᠰᠠᠨ ᠢ᠋ ᠦᠯᠦ ᠤᠬᠠᠬᠤᠢ ᠳ᠋ᠠᠭᠠᠨ ᠪᠤᠷᠬᠠᠨ ᠤ᠋ ᠨᠣᠮ ᠤ᠋ᠨ ᠦᠵᠦᠭᠦᠷ ᠬᠢᠵᠠᠭᠠᠷ ᠦᠭᠡᠢ ᠬᠡᠮᠡᠭᠰᠡᠨ ᠦᠭᠡᠰ ᠢ᠋ᠶ᠋ᠡᠷ ᠬᠠᠯᠬᠠᠯᠠᠨ ᠬᠡᠯᠡᠵᠦ ᠥᠩᠭᠡᠷᠡᠭᠰᠡᠨ ᠪᠥᠯᠥᠭᠡ᠃ ᠪᠠᠭᠰᠢ ᠮᠢᠨᠦ ᠬᠠᠪᠬ᠎ᠠ ᠶ᠋ᠢ ᠲᠦᠷᠭᠡᠬᠡᠨ ᠠᠪ ᠂ ᠣᠳᠣ ᠪᠠᠬᠠᠨ ᠤᠳᠠᠪᠠᠰᠤ ᠨᠢᠭᠡᠨ ᠡᠷᠬᠡᠲᠡᠨ ᠡᠪᠳᠡᠷᠡᠭᠡᠳ ᠵᠡᠮᠳᠡᠭ ᠪᠣᠯᠤᠮᠤᠢ 》 ᠵᠢᠶᠠ ᠬᠤᠤᠱᠠᠩ ᠪᠠᠰᠠ ᠠᠰᠠᠭᠤᠷᠤᠨ : 
      《ᠴᠢ ᠨᠣᠮ ᠪᠢᠴᠢᠭ ᠢ᠋ ᠴᠥᠮ ᠮᠡᠳᠡᠬᠦ ᠦᠭᠡᠢ ᠪᠥᠭᠡᠳ ᠪᠤᠷᠬᠠᠨ ᠤ᠋ ᠰᠤᠷᠭᠠᠯ ᠢ᠋ ᠬᠡᠷᠬᠢᠨ ᠮᠡᠳᠡᠪᠡ? 》ᠦᠨᠡᠭᠡ ᠤᠬᠢᠯᠠᠨ ᠥᠴᠢᠷᠦᠨ᠄
      《ᠴᠥᠮ ᠢ᠋ᠶ᠋ᠡᠷ ᠳᠠᠭᠠᠨ ᠳᠠᠭᠤᠷᠢᠶᠠᠨ ᠰᠤᠷᠴᠤ ᠬᠡᠯᠡᠭᠰᠡᠨ ᠪᠣᠯᠠᠢ᠃ ᠪᠢᠴᠢᠭ ᠦ᠋ᠨ ᠤᠬᠠᠭᠠᠨ ᠢ᠋ ᠴᠦ᠍ ᠦᠯᠦ ᠲᠦᠰᠥᠭᠯᠡᠬᠦ ᠪᠢ᠂ ᠶᠠᠭᠠᠬᠢᠨ ᠨᠣᠮ ᠤ᠋ᠨ ᠣᠨᠣᠯ ᠤ᠋ᠨ ᠬᠣᠭᠣᠰᠣᠨ ᠴᠢᠨᠠᠷ ᠢ᠋ ᠤᠬᠠᠬᠤ ᠠᠵᠠᠢ ? ᠨᠣᠮ ᠮᠡᠳᠡᠬᠦ ᠦᠭᠡᠢ ᠪᠥᠭᠡᠳ ᠪᠢᠴᠢᠭ ᠢ᠋ ᠪᠤᠷᠤᠭᠤᠰᠢᠶᠠᠭᠰᠠᠨ ᠶᠠᠯ᠎ᠠ ᠶ᠋ᠢ ᠭᠡᠯᠳᠦᠷᠢᠭᠦᠯ 》ᠬᠡᠮᠡᠭᠰᠡᠨ᠎ᠡ ᠰᠠᠶᠢ ᠬᠠᠪᠬ᠎ᠠ ᠶ᠋ᠢᠨ ᠣᠨᠢᠰᠣᠨ ᠢ ᠰᠤᠯᠠᠳᠬᠠᠵᠤ ᠮᠥᠨ ᠰᠡᠭᠦᠯ ᠡᠴᠡ ᠴᠢᠩᠳᠠ ᠠᠳᠬᠤᠨ ᠥᠭᠦᠯᠡᠷᠦᠨ : 
      《ᠴᠢ ᠮᠢᠨᠦ ᠭᠠᠷ ᠢ᠋ ᠬᠠᠵᠠᠪᠠᠰᠤ᠂ ᠪᠢ ᠴᠢᠨᠦ ᠭᠠᠪᠠᠯᠠ ᠶ᠋ᠢ ᠡᠨᠡ ᠬᠠᠪᠬ᠎ᠠ ᠪᠠᠷ ᠪᠢᠯᠴᠠᠯᠤᠮᠤᠢ 》ᠬᠡᠮᠡᠭᠰᠡᠨ ᠳ᠋ᠦ᠍ᠷ ᠦᠨᠡᠭᠡ ᠲᠠᠩᠭᠠᠷᠢᠭ ᠥᠭᠴᠦ ᠭᠠᠷ ᠢ᠋ ᠲᠠᠯᠪᠢᠭᠤᠯᠤᠨ᠂ ᠤᠭ ᠤ᠋ᠨ ᠠᠷᠰᠢ ᠬᠤᠤᠱᠠᠩ ᠪᠣᠯᠤᠨ ᠬᠤᠪᠢᠯᠵᠤ᠂ ᠳᠦᠷᠰᠦ ᠶ᠋ᠢ ᠵᠠᠰᠠᠨ ᠲᠡᠭᠰᠢᠯᠡᠨ ᠰᠠᠭᠤᠯᠴᠠᠵᠤ᠂ ᠵᠢᠶᠠ ᠬᠤᠤᠱᠠᠩ ᠠᠷᠢᠬᠢ ᠬᠤᠷᠢᠮ ᠪᠠᠷᠢᠵᠤ ᠠᠰᠠᠭᠤᠷᠤᠨ:
      《ᠡᠷᠭᠢᠨ ᠴᠢ ᠨᠣᠮ ᠮᠡᠳᠡᠬᠦ ᠦᠭᠡᠢ ᠪᠥᠭᠡᠳ ᠲᠡᠳᠦᠢᠴᠢᠨᠡᠭᠡᠨ ᠲᠦᠮᠡᠨ ᠪᠣᠳᠢ ᠰᠤᠳᠤᠷ ᠢ᠋ᠶ᠋ᠠᠷ ᠶᠠᠭᠤᠨ ᠬᠢᠬᠦ ᠠᠵᠠᠢ ?》ᠦᠨᠡᠭᠡ ᠢᠨᠢᠶᠡᠨ ᠥᠴᠢᠷᠦᠨ:
      《ᠲᠡᠳᠡᠭᠡᠷ ᠴᠥᠮ ᠮᠣᠳᠣᠨ ᠤ᠋ ᠨᠠᠪᠴᠢ᠂ ᠬᠤᠯᠤᠰᠤ ᠡᠪᠡᠰᠦ ᠪᠣᠯᠠᠢ ᠂ ᠣᠭᠲᠣ ᠨᠣᠮ ᠪᠤᠰᠤ ᠂ ᠵᠦᠭᠡᠷ ᠨᠢᠭᠡᠨ ᠨᠢᠳᠦᠨ ᠦ᠌ ᠦᠵᠡᠯᠲᠡ ᠪᠣᠯᠭᠠᠨ ᠬᠤᠪᠢᠯᠭᠠᠭᠰᠠᠨ ᠠᠨᠤ ᠪᠤᠶᠤ᠃ 》ᠪᠠᠰᠠ ᠠᠰᠠᠭᠤᠷᠤᠨ᠄ 
      《 ᠲᠡᠢᠨ ᠬᠦ᠌  ᠬᠤᠪᠢᠯᠭᠠᠵᠤ ᠶᠠᠭᠠᠬᠢᠮᠤᠢ ? 》ᠦᠨᠡᠭᠡ ᠥᠴᠢᠷᠦᠨ᠄ 
      《 ᠬᠥᠮᠦᠨ ᠦ᠌ ᠨᠢᠳᠦ ᠶ᠋ᠢ ᠮᠡᠬᠡᠯᠡᠨ ᠰᠡᠳᠬᠢᠯ ᠢ᠋ ᠪᠢᠰᠢᠷᠡᠭᠦᠯᠬᠦᠢ ᠶ᠋ᠢᠨ ᠤᠴᠢᠷ ᠪᠣᠢ ᠊ᠶ᠎ᠠ᠃》ᠪᠠᠰᠠ ᠠᠰᠠᠭᠤᠷᠤᠨ᠄ 
      《 ᠪᠢᠴᠢᠭ ᠪᠣᠯᠭᠠᠵᠤ ᠪᠣᠯᠬᠤ ᠦᠭᠡᠢ ᠤᠤ? 》ᠦᠨᠡᠭᠡ ᠥᠴᠢᠷᠦᠨ : 
      《ᠪᠢᠴᠢᠭ ᠪᠣᠯᠪᠠᠰᠤ ᠦᠨᠡᠨ ᠭᠡᠷᠡᠴᠢ ᠪᠠᠷᠢᠮᠲᠠ ᠲᠠᠢ ᠬᠡᠷᠡᠭ ᠪᠠᠢᠬᠤ ᠬᠡᠷᠡᠭᠲᠡᠢ ᠶ᠋ᠢᠨ ᠲᠤᠯᠠᠳᠠ᠂ ᠬᠤᠴᠢᠵᠤ ᠬᠠᠯᠬᠠᠯᠠᠨ᠂ ᠪᠣᠯᠢᠮᠰᠣᠨ ᠪᠢᠯᠳᠤᠭᠤᠯᠬᠤᠶ᠎ᠠ ᠮᠠᠰᠢ ᠪᠡᠷᠬᠡᠲᠡᠢ᠃ ᠨᠣᠮ ᠪᠥᠭᠡᠰᠦ ᠦᠵᠦᠭᠦᠷ ᠬᠢᠵᠠᠭᠠᠷ ᠦᠭᠡᠢ ᠬᠣᠭᠣᠰᠣᠨ ᠴᠢᠨᠠᠷ᠂ ᠰᠡᠳᠬᠢᠯ ᠦ᠋ᠨ ᠡᠭᠦᠳᠡ ᠬᠡᠮᠡᠪᠡᠰᠦ᠂ ᠶᠢᠯᠸᠢᠰ ᠬᠤᠪᠢᠯᠭᠠᠨ ᠪᠡᠯᠭᠡ ᠪᠢᠯᠢᠭ ᠬᠡᠮᠡᠪᠡᠰᠦ ᠪᠤᠰᠤᠳ ᠤ᠋ᠨ ᠮᠣᠬᠣᠭᠠᠨ ᠠᠰᠠᠭᠤᠬᠤ ᠵᠠᠮ ᠢ᠋ ᠲᠠᠰᠤᠯᠤᠨ ᠠᠮᠠᠨ ᠢ᠋ ᠪᠥᠭᠯᠡᠬᠦᠢ ᠳ᠋ᠦ᠍ᠷ ᠬᠢᠯᠪᠠᠷ ᠪᠥᠭᠡᠳ ᠣᠷᠴᠢᠯᠠᠩ ᠤ᠋ᠨ ᠳᠡᠭᠡᠷ᠎ᠡ ᠨᠣᠮ ᠮᠡᠳᠡᠭᠴᠢᠳ ᠮᠠᠰᠢ ᠴᠥᠭᠡᠨ ᠲᠤᠯᠠ᠂ ᠬᠠᠭᠤᠷᠮᠠᠭᠯᠠᠨ ᠠᠪᠤᠷᠢᠯᠠᠬᠤᠢ ᠳ᠋ᠤᠷ ᠶᠡᠬᠡᠳᠡ ᠳᠥᠭᠥᠮ᠃ ᠲᠡᠢᠨ ᠬᠦ᠌ ᠠᠭᠠᠷ ᠤ᠋ᠨ ᠠᠭᠤᠳᠠᠮ ᠳ᠋ᠤᠷ ᠬᠠᠨ ᠺᠠᠷᠣᠳᠢ ᠵᠣᠷᠢᠭ ᠢ᠋ᠶ᠋ᠠᠷ ᠴᠠᠷᠪᠢᠵᠤ᠂ ᠳᠠᠯᠠᠢ ᠶ᠋ᠢᠨ ᠠᠭᠤᠳᠠᠮ ᠳ᠋ᠤᠷ ᠬᠦᠮᠪᠢᠷ᠎ᠡ ᠮᠠᠲᠠᠷ ᠲᠠᠪᠠ ᠪᠠᠷ ᠴᠣᠯᠬᠢᠯᠴᠠᠬᠤ ᠮᠡᠲᠦ ᠬᠢᠯᠪᠠᠷ ᠪᠤᠶᠤ᠃ ᠲᠣᠪᠴᠢᠯᠠᠪᠠᠰᠤ ᠪᠢ ᠨᠣᠮ ᠮᠡᠳᠡᠬᠦ ᠲᠤᠯᠠ ᠪᠢᠴᠢᠭ ᠢ᠋ ᠬᠡᠷᠡᠭᠰᠡᠬᠦ ᠦᠭᠡᠢ ᠭᠡᠮᠡᠨ ᠬᠠᠭᠤᠷᠮᠠᠭ ᠢ᠋ᠶ᠋ᠠᠷ ᠨᠣᠮᠴᠢ ᠭᠡᠮᠡᠨ ᠠᠪᠤᠷᠢᠯᠠᠭᠰᠠᠨ ᠦᠢᠯᠡ ᠪᠣᠯᠠᠢ ! 》ᠭᠡᠮᠡᠨ ᠶᠡᠬᠡᠯ᠎ᠡ ᠢᠨᠢᠶᠡᠯᠴᠡᠨ ᠲᠠᠷᠬᠠᠯᠴᠠᠪᠠᠢ᠃ ᠡᠨᠡ ᠦᠯᠢᠭᠡᠷ ᠴᠢᠪ ᠴᠢᠬᠡ ᠴᠢᠯᠠᠭᠤᠨ ᠳᠡᠷ᠎ᠡ ᠶ᠋ᠢᠨ ᠰᠢᠭᠦᠮᠵᠢᠯᠡᠯ ᠯᠤᠬᠡ ᠠᠪ ᠠᠳᠠᠯᠢ ᠬᠡᠷᠡᠭ ᠪᠣᠯᠪᠠᠢ᠃  

                ᠴᠢᠯᠠᠭᠤᠨ ᠳᠡᠷ᠎ᠡ ᠶ᠋ᠢᠨ ᠰᠡᠳᠦᠪ ᠰᠢᠭᠦᠮᠵᠢᠯᠡᠯ  

      ᠲᠦᠮᠡᠳ ᠬᠤᠰᠢᠭᠤᠨ ᠤ᠋ ᠵᠦᠩ ᠰᠢᠨ ᠹᠦ ᠶ᠋ᠢᠨ ᠡᠵᠡᠨ᠂ ᠲᠠᠢᠵᠢ ᠿᠦᠨ ᠲᠢᠩ ᠮᠢᠨᠦ ᠨᠢᠭᠡᠨ ᠱᠠᠰᠢᠨ ᠤ᠋ ᠳᠣᠲᠣᠷᠠᠬᠢ ᠲᠤᠩᠭᠠᠯᠠᠭ ᠨᠥᠬᠥᠷ ᠨᠣᠮ ᠤ᠋ᠨ ᠴᠣᠷᠵᠢ ᠳᠠᠮᠷᠢᠨᠵᠠᠪ ᠬᠡᠮᠡᠭᠴᠢ ᠵᠢᠷᠠᠨ ᠨᠠᠰᠤ ᠭᠠᠷᠴᠤ᠂ ᠬᠦᠰᠡᠯ ᠠᠷᠢᠯᠤᠨ ᠬᠥᠮᠦᠨ ᠡᠴᠡ ᠴᠣᠯᠭᠣᠷᠠᠨ᠂ ᠡᠨᠡ ᠪᠡᠶ᠎ᠡ ᠪᠡᠷ ᠶᠡᠬᠡ ᠭᠦᠯᠭᠡᠨ ᠢ᠋ ᠪᠢᠰᠢᠯᠭᠠᠨ ᠪᠤᠷᠬᠠᠨ ᠪᠣᠯᠬᠤ ᠶ᠋ᠢ ᠬᠦᠰᠡᠬᠦ ᠦᠭᠡᠢ᠃ ᠬᠦᠯᠢᠴᠡᠯ ᠪᠣᠯᠪᠠᠰᠤᠷᠠᠯ ᠤ᠋ᠨ ᠸᠢᠨᠠᠢ ᠶ᠋ᠢᠨ ᠶᠣᠰᠣᠨ ᠢ᠋ᠶ᠋ᠠᠷ ᠲᠥᠷᠥᠯ ᠳᠣᠳᠣᠮ ᠲᠡᠪᠰᠢᠭᠰᠡᠭᠡᠷ ᠠᠮᠢᠲᠠᠨ ᠪᠦᠬᠦᠨ ᠪᠤᠷᠬᠠᠨ ᠪᠤᠯᠬᠤᠢ ᠶ᠋ᠢᠨ ᠮᠥᠨ ᠴᠢᠨᠠᠷ ᠤ᠋ᠨ ᠮᠥᠷ ᠢ᠋ ᠳᠠᠭᠠᠵᠤ ᠬᠦᠯᠢᠶᠡᠨ ᠬᠢᠯᠢᠨᠴᠡ ᠦᠭᠡᠢ ᠨᠢᠭᠡᠨ ᠲᠥᠷᠥᠯ ᠢ᠋ ᠥᠩᠭᠡᠷᠡᠬᠦ ᠶ᠋ᠢ ᠬᠦᠯᠢᠶᠡᠬᠦᠢ ᠳ᠋ᠦ᠍ᠷ ᠡᠨᠡ ᠦᠯᠦ ᠦᠬᠦᠬᠦᠢ ᠶ᠋ᠢᠨ ᠢᠨᠠᠷᠤ᠂ ᠠᠷᠢᠭᠤᠨ ᠴᠡᠭᠡᠷ ᠭᠡᠭᠡᠬᠡᠨ ᠲᠤᠩᠭᠠᠯᠠᠭ ᠤ᠋ᠨ ᠵᠠᠩ ᠠᠪᠤᠴᠠ ᠪᠠᠷ ᠣᠷᠴᠢᠯᠠᠩ ᠤ᠋ᠨ ᠳᠣᠲᠣᠷᠠᠬᠢ᠂ ᠦᠨᠡᠨ ᠮᠠᠭᠠᠳ ᠵᠦᠢ ᠰᠢᠯᠲᠠᠭᠠᠨ ᠢ᠋ᠶ᠋ᠠᠷ᠂ ᠸᠢᠨᠠᠢ ᠶ᠋ᠢᠨ ᠲᠠᠪᠴᠠᠩ ᠢ᠋ ᠲᠣᠭᠣᠷᠢᠨ᠂ ᠳᠥᠷᠪᠡᠨ ᠴᠠᠭ ᠤ᠋ᠨ ᠴᠡᠴᠡᠭ ᠡᠪᠡᠰᠦ ᠲᠡᠰᠦᠷᠡᠰᠢ ᠦᠭᠡᠢ᠂ ᠶᠡᠬᠡ ᠪᠤᠶᠠᠨ ᠴᠢᠭᠤᠯᠭᠠᠨ ᠤ᠋ ᠵᠠᠭᠤᠨ ᠲᠠᠬᠢᠯ – ᠳ᠋ᠤᠩᠴᠤᠳ ᠤ᠋ᠨ ᠬᠤᠷᠠᠯ ᠳ᠋ᠤᠷ ᠡᠪᠦᠯ ᠪᠣᠯᠪᠠᠴᠤ ᠡᠷᠬᠡᠪᠰᠢ ᠠᠮᠢᠳᠤ ᠴᠡᠴᠡᠭ ᠲᠠᠬᠢᠬᠤ ᠶ᠋ᠢ ᠵᠣᠷᠢᠳᠠᠭ ᠪᠥᠯᠥᠭᠡ᠃ ᠡᠭᠦᠨ ᠢ᠋ ᠦᠵᠡᠪᠡᠰᠦ ᠲᠡᠷᠡ ᠬᠥᠮᠦᠨ ᠦ᠌ ᠡᠯᠢᠭᠡ ᠠᠭᠤᠰᠬᠢ ᠶ᠋ᠢᠨ ᠠᠩᠬᠢᠯᠤᠮᠠᠯ ᠲᠤᠩᠭᠠᠯᠠᠭ ᠢ᠋ ᠨᠡᠢᠲᠡ ᠪᠡᠷ ᠮᠡᠳᠡᠪᠡᠰᠦ ᠪᠣᠯᠬᠤ ᠪᠣᠯᠠᠢ᠃ ᠡᠨᠡ ᠬᠥᠮᠦᠨ ᠴᠠᠭ ᠢ᠋ᠶ᠋ᠠᠨ ᠳᠠᠭᠠᠵᠤ ᠨᠣᠮ ᠤ᠋ᠨ ᠠᠭᠠᠷ ᠲᠠᠭᠠᠨ ᠲᠡᠪᠰᠢᠭᠰᠡᠨ ᠬᠣᠢᠨ᠎ᠠ᠂ ᠲᠡᠭᠦᠨᠦ ᠵᠤᠨ ᠤ᠋ ᠴᠠᠭᠳᠠ ᠰᠡᠷᠢᠭᠦᠨ ᠢ᠋ ᠡᠷᠢᠭᠰᠡᠨ ᠴᠢᠯᠠᠭᠤᠨ ᠳᠡᠷ᠎ᠡ᠂ ᠪᠤᠰᠤᠳ ᠤ᠋ᠨ ᠭᠠᠷ ᠲᠤᠷ ᠣᠷᠣᠵᠤ ᠡᠭᠦᠳᠦᠭᠰᠡᠨ ᠢᠨᠤ ᠤᠷᠠᠨ ᠨᠠᠷᠢᠨ ᠴᠢᠯᠠᠭᠤ ᠪᠥᠭᠡᠲᠡᠯ᠎ᠡ ᠬᠥᠨᠳᠡᠢ ᠰᠡᠢᠯᠪᠦᠷᠢ ᠲᠡᠢ᠂ ᠥᠭᠡᠳᠡ ᠤᠷᠤᠭᠤ ᠵᠥᠭᠡᠭᠡᠬᠦᠢ ᠳ᠋ᠦ᠍ᠷ ᠪᠠᠷᠢᠬᠤ ᠪᠠᠷᠢᠭᠤᠯ ᠲᠠᠢ ᠪᠥᠭᠡᠳ ᠪᠠᠰᠠᠴᠤ ᠪᠠᠬᠠᠨ ᠬᠥᠩᠭᠡᠨ ᠰᠢᠭ᠃ ᠲᠡᠷᠡ ᠴᠦ᠍ ᠬᠡᠷᠡᠭᠯᠡᠯ ᠡᠳ᠋ᠯᠡᠪᠦᠷᠢ ᠦᠢᠯᠡᠳᠬᠦᠢ ᠶ᠋ᠢᠨ ᠡᠩ ᠦ᠋ᠨ ᠦᠢᠯᠡ ᠪᠥᠭᠡᠲᠡᠯ᠎ᠡ᠂ ᠡᠭᠦᠨ ᠢ᠋ ᠣᠯᠵᠤ ᠠᠪᠤᠭᠠᠳ᠂ ᠳᠡᠭᠦᠨᠦ ᠰᠠᠢᠨ ᠢ᠋ ᠣᠯᠵᠤ ᠡᠳ᠋ᠯᠡᠨ᠂ ᠳᠡᠭᠦᠨᠦ ᠤᠷᠠᠨ ᠢ ᠠᠨᠤ ᠪᠠᠬᠠᠷᠬᠠᠨ ᠭᠠᠢᠬᠠᠬᠤ ᠪᠥᠭᠡᠳ ᠲᠡᠭᠦᠨᠦ ᠰᠠᠢᠨ ᠪᠠ ᠤᠷᠠᠨ ᠢ ᠠᠨᠤ ᠣᠭᠲᠣ ᠰᠠᠨᠠᠬᠤ ᠦᠭᠡᠢ ᠪᠡᠷ ᠦᠯᠦ ᠪᠠᠷᠠᠮ᠂ ᠭᠡᠳᠡᠷᠭᠦ ᠣᠨᠴᠠ ᠲᠡᠭᠦᠨᠦ ᠰᠠᠢᠨ ᠪᠠ ᠤᠷᠠᠨ ᠤ᠋ ᠳᠣᠲᠣᠷ᠎ᠠ ᠠ᠋ᠴᠠ ᠮᠠᠭᠤ ᠶ᠋ᠢ ᠠᠨᠤ ᠤᠬᠤᠴᠢᠯᠠᠨ ᠭᠠᠷᠭᠠᠵᠤ᠂ ᠲᠥᠭᠡ ᠢᠮᠠᠬᠤ ᠶ᠋ᠢᠨ ᠮᠣᠳᠣ ᠶ᠋ᠢ ᠠᠷᠪᠠᠨ ᠠᠯᠲᠠ ᠶ᠋ᠢᠨ ᠠᠰᠠᠷ ᠳᠡᠭᠡᠷ᠎ᠡ ᠠᠪᠠᠴᠢᠵᠤ ᠣᠷᠣᠢ ᠳᠡᠭᠡᠷ᠎ᠡ ᠪᠣᠰᠬᠠᠭᠠᠳ᠂ ᠮᠣᠳᠣ ᠥᠨᠳᠥᠷ ᠤᠤ᠂ ᠠᠰᠠᠷ ᠥᠨᠳᠥᠷ ᠤᠤ ? ᠬᠡᠮᠡᠬᠦ ᠪᠠ ᠰᠤᠪᠤᠷᠭᠠᠨ ᠣᠷᠣᠢ ᠳᠡᠭᠡᠷ᠎ᠡ ᠭᠠᠷᠤᠭᠰᠠᠨ ᠬᠠᠮᠬᠤᠤᠯ ᠡᠪᠡᠰᠦ ᠶ᠋ᠢ ᠰᠤᠪᠤᠷᠭ᠎ᠠ ᠠ᠋ᠴᠠ ᠥᠨᠳᠥᠷ ᠪᠣᠯᠭᠠᠨ ᠥᠭᠦᠯᠡᠭᠰᠡᠨ ᠢᠨᠣ ᠡᠨᠡ ᠬᠦ᠌ ᠴᠢᠯᠠᠭᠤᠨ ᠳᠡᠷ᠎ᠡ ᠶ᠋ᠢ ᠤᠷᠠᠯᠠᠭᠰᠠᠨ ᠡᠨᠡ ᠰᠡᠴᠡᠨ ᠭᠡᠭᠡᠬᠡᠨ ᠣᠶᠤᠨ ᠤᠬᠠᠭᠠᠨ ᠢ᠋ᠶ᠋ᠠᠷ ᠬᠡᠷᠪᠡ ᠤᠷᠲᠤᠳᠠ ᠠᠮᠤᠭᠤᠯᠠᠩ ᠬᠣᠭᠣᠰᠣᠨ ᠴᠢᠨᠠᠷ ᠢ᠋ ᠪᠢᠰᠢᠯᠭᠠᠭᠰᠠᠨ ᠪᠥᠭᠡᠰᠦ ᠶᠠᠮᠪᠠᠷ ᠬᠢᠷᠢ ᠲᠡᠢ ᠪᠣᠢ ? ᠬᠡᠮᠡᠪᠡ᠃ ᠠᠪᠠᠢ ᠬᠠᠯᠠᠬᠠᠢ ! ᠣᠷᠴᠢᠯᠠᠩ ᠳᠦᠭᠦᠷᠡᠩ ᠮᠡᠷᠭᠡᠳ ᠣᠶᠤᠲᠠᠨ ᠡᠨᠡ ᠨᠢᠭᠡᠨ ᠦᠭᠡᠰ ᠦ᠋ᠨ ᠣᠨᠣᠯ ᠲᠤᠰᠤᠯᠲᠠ ᠶ᠋ᠢ ᠨᠠᠷᠢᠪᠴᠢᠯᠠᠨ ᠬᠢᠨᠠᠵᠤ ᠦᠵᠡᠭᠳᠡᠬᠦᠢ᠃ ᠠᠶ᠎ᠠ ᠬᠣᠬᠣᠢ ! ᠰᠠᠭᠤᠯᠠᠭ᠎ᠠ ᠳᠦᠭᠦᠷᠡᠩ ᠴᠠᠭᠠᠨ ᠰᠦᠨ ᠳ᠋ᠦ᠍ᠷ ᠬᠣᠣᠷᠠᠲᠤ ᠮᠣᠭᠠᠢ ᠶ᠋ᠢᠨ ᠬᠡᠯᠡ ᠶ᠋ᠢᠨ ᠦᠵᠦᠭᠦᠷ ᠥᠴᠦᠬᠡᠨ ᠲᠡᠳᠦᠢ ᠣᠷᠣᠮᠠᠭᠴᠠ ᠂ ᠰᠠᠭᠤᠯᠠᠭ᠎ᠠ ᠳᠦᠭᠦᠷᠡᠩ ᠴᠠᠭᠠᠨ ᠰᠦᠨ ᠨᠡᠢᠲᠡ ᠪᠡᠷ ᠴᠥᠮ ᠴᠠᠭ ᠤ᠋ᠨ ᠬᠣᠣᠷ᠎ᠠ ᠬᠤᠪᠢᠯᠤᠮᠤᠢ ᠬᠡᠮᠡᠭᠴᠢ ᠴᠢᠪ ᠭᠡᠮᠡᠨ ᠡᠭᠦᠨ ᠢ᠋ ᠬᠡᠯᠡᠭᠰᠡᠨ ᠢᠨᠣ ᠪᠤᠶᠤ ᠃ ᠡᠨᠡ ᠦᠭᠡᠰ ᠢ᠋ ᠬᠡᠯᠡᠭᠰᠡᠨ ᠬᠥᠮᠦᠨ ᠦ᠌ ᠲᠤᠬᠠᠢ ᠪᠡᠶ᠎ᠡ ᠴᠦ᠍ ᠬᠣᠭᠣᠰᠣᠨ ᠴᠢᠨᠠᠷ ᠢ᠋ ᠣᠯᠤᠭᠠᠳᠤᠢ ᠶ᠋ᠢ ᠮᠥᠨ ᠦᠭᠡᠰ ᠢ᠋ᠶ᠋ᠡᠷ ᠢᠨᠣ ᠨᠡᠪᠲᠡ ᠣᠯᠵᠤ ᠮᠡᠳᠡᠪᠡᠢ ᠃ ᠠᠯᠢ ᠦᠭᠡᠰ ᠲᠣᠷ ᠭᠠᠷᠪᠠ ? ᠬᠡᠮᠡᠪᠡᠰᠦ ᠄ ᠬᠣᠭᠣᠰᠣᠨ ᠴᠢᠨᠠᠷ  ᠬᠡᠮᠡᠭᠰᠡᠨ ᠦᠭᠡᠰ ᠲᠣᠷ ᠳᠡᠭᠦᠨᠦ ᠪᠡᠶ᠎ᠡ ᠣᠯᠤᠭᠠᠳᠤᠢ ᠲᠤᠯᠠ ᠪᠤᠰᠤᠳ ᠤ᠋ᠨ ᠣᠯᠤᠭᠠᠳᠤᠢ ᠶ᠋ᠢ ᠠᠨᠤ ᠬᠠᠢᠷᠠᠯᠠᠭᠰᠠᠨ ᠢ᠋ᠶ᠋ᠠᠷ ᠠᠨᠤ ᠳᠠᠷᠤᠢ ᠣᠯᠵᠤ ᠮᠡᠳᠡᠪᠡᠢ ᠃ ᠡᠪᠡᠦ ! ᠦᠨᠡᠬᠡᠷ ᠶᠠᠭᠤᠲᠠᠢ ᠭᠦᠨ ᠪᠣᠢ ! ᠦᠨᠡᠬᠡᠷ ᠶᠠᠭᠤᠲᠠᠢ ᠴᠤ᠌ ᠬᠣᠯᠠ ᠠᠵᠠᠢ ? ᠡᠭᠦᠨ ᠳ᠋ᠦ᠍ᠷ ᠴᠢᠪ ᠴᠢᠬᠡ ᠨᠢᠭᠡᠨ ᠢᠨᠢᠶᠡᠳᠦᠮ ᠦᠯᠢᠭᠡᠷ ᠰᠠᠨᠠᠭᠠᠯᠵᠠᠪᠠᠢ᠃ ᠡᠷᠲᠡ ᠵᠡᠷᠭᠡᠴᠡᠭᠡ ᠬᠣᠶᠠᠷ ᠭᠡᠷᠦᠨ ᠡᠵᠡᠨ ᠴᠥᠮ ᠡᠮ᠎ᠡ ᠡᠴᠡᠭᠡᠨ ᠠᠶᠤᠮᠤᠢ᠃ ᠨᠢᠭᠡᠨ ᠡᠳᠦᠷ ᠵᠡᠭᠦᠨ ᠭᠡᠷ ᠦ᠋ᠨ ᠡᠵᠡᠨ ᠢᠨᠣ ᠡᠮ᠎ᠡ ᠶ᠋ᠢᠨ ᠰᠢᠭᠡᠰᠦ ᠶ᠋ᠢ ᠣᠷᠣᠢ ᠭᠡᠭᠡᠵᠦ ᠵᠠᠨᠴᠢᠭᠳᠠᠭᠠᠳ ᠡᠭᠦᠳᠡᠨ ᠦ᠌ ᠭᠠᠳᠠᠨ᠎ᠠ ᠪᠠᠨ ᠤᠬᠢᠯᠠᠵᠤ ᠰᠠᠭᠤᠬᠤᠶ᠎ᠠ᠂ ᠪᠠᠷᠠᠭᠤᠨ ᠭᠡᠷᠦᠨ ᠡᠵᠡᠨ ᠦᠵᠡᠭᠡᠳ ᠤᠴᠢᠷ ᠢ᠋ ᠠᠰᠠᠭᠤᠭᠰᠠᠨ᠎ᠠ ᠵᠡᠭᠦᠨ ᠭᠡᠷ ᠡᠵᠡᠨ ᠪᠡᠷ ᠶᠡᠬᠡᠳᠡ ᠡᠮᠭᠡᠨᠢᠨ ᠥᠴᠦᠬᠡᠨ ᠣᠰᠣᠯᠳᠠᠭᠰᠠᠨ ᠦᠨᠡᠨ ᠢ᠋ᠶ᠋ᠡᠨ ᠬᠡᠯᠡᠭᠰᠡᠨ ᠳ᠋ᠦ᠍ᠷ ᠪᠠᠷᠠᠭᠤᠨ ᠭᠡᠷ ᠦ᠋ᠨ ᠡᠵᠡᠨ ᠶᠡᠬᠡᠳᠡ ᠬᠢᠯᠢᠩᠯᠡᠨ᠄《ᠠᠶ᠎ᠠ ᠪᠢ ᠴᠦ᠍ ᠪᠣᠯᠣᠰᠠ ᠠ᠋ ᠁ 》ᠬᠡᠮᠡᠬᠦ ᠦᠭᠡ ᠰᠠᠶᠢ ᠳᠠᠭᠤᠰᠲᠠᠯ᠎ᠠ᠂ ᠳᠡᠭᠦᠨᠦ ᠡᠮ᠎ᠡ ᠢᠨᠤ ᠰᠢᠯᠡᠭᠡᠪᠦᠷ ᠪᠠᠷᠢᠨ ᠭᠠᠷᠴᠤ ᠢᠷᠡᠭᠡᠳ ᠳᠠᠷᠤᠢ ᠵᠠᠩᠳᠠᠨ ᠠᠰᠠᠭᠤᠷᠤᠨ᠄ 
      《 ᠴᠢ ᠪᠣᠯᠪᠠᠰᠤ ᠬᠡᠷᠬᠢᠮ ? 》ᠬᠡᠮᠡᠭᠰᠡᠨ ᠳ᠋ᠤᠷ ᠲᠡᠷᠡ ᠡᠷ᠎ᠡ ᠡᠷᠭᠢᠵᠦ ᠦᠵᠡᠭᠡᠳ᠂ ᠰᠦᠨᠡᠰᠦᠨ ᠵᠠᠪᠬᠠᠷᠠᠭᠰᠠᠨ ᠢ᠋ᠶ᠋ᠠᠨ ᠦᠯᠦ ᠮᠡᠳᠡᠭᠳᠡᠨ ᠶᠡᠬᠡ ᠪᠠᠢᠷᠢ ᠭᠠᠷᠭᠠᠨ᠂ ᠨᠢᠷᠤᠭᠤ ᠪᠠᠨ ᠡᠭᠦᠷᠦᠨ ᠶᠡᠬᠡᠯ᠎ᠡ ᠪᠠᠭᠠᠲᠤᠷᠯᠠᠨ ᠴᠢᠨᠠᠭᠰᠢ ᠬᠠᠨᠳᠤᠭᠰᠠᠭᠠᠷ ᠮᠠᠰᠢ ᠢᠨᠴᠢᠷᠠᠭ᠋ ᠲᠠᠢ ᠳᠠᠭᠤᠨ ᠢ᠋ᠶ᠋ᠠᠷ ᠲᠣᠰᠴᠤ ᠬᠠᠷᠢᠭᠤ ᠥᠭᠦᠯᠡᠷᠦᠨ : 
      《 ᠪᠢ ᠤᠤ ? ᠪᠢ ᠪᠣᠯᠪᠠᠰᠤ ᠲᠡᠷᠡ ᠰᠢᠭᠡᠰᠦ ᠶ᠋ᠢ ᠬᠡᠳᠦᠢᠨᠡᠢ ᠠᠪᠠᠴᠢᠵᠤ ᠭᠡᠭᠡᠭᠰᠡᠨ ᠪᠣᠯᠠᠢ 》ᠬᠡᠮᠡᠪᠡ᠃ ᠦᠯᠢᠭᠡᠷ ᠲᠡᠭᠦᠨᠴᠢᠯᠡᠨ ᠬᠦ᠌ ᠡᠨᠡ ᠬᠦ᠌ ᠪᠤᠰᠤᠳ ᠤ᠋ᠨ ᠰᠡᠴᠡᠨ ᠭᠡᠭᠡᠬᠡᠨ ᠢ᠋ ᠬᠠᠢᠷᠠᠯᠠᠨ᠂ ᠬᠣᠭᠣᠰᠣᠨ ᠴᠢᠨᠠᠷ᠎ᠠ ᠪᠠᠬᠠᠷᠬᠠᠭᠰᠠᠨ ᠡᠷᠳᠡᠮᠲᠦ ᠴᠣᠷᠵᠢ ᠪᠠᠭᠰᠢ ᠬᠢᠭᠡᠳ ᠲᠡᠷᠡ ᠬᠦ᠌ ᠪᠠᠷᠠᠭᠤᠨ ᠭᠡᠷ ᠦ᠋ᠨ ᠡᠵᠡᠨ ᠪᠠᠭᠠᠲᠤᠷ ᠡᠷ᠎ᠡ ᠬᠣᠶᠠᠭᠤᠯᠠ ᠶ᠋ᠢᠨ ᠡᠷᠳᠡᠮ ᠪᠢᠯᠢᠭ ᠦ᠋ᠨ ᠬᠤᠷᠳᠤᠨ ᠬᠤᠷᠴᠠ ᠠᠨᠤ ᠠᠷᠤ ᠥᠪᠥᠷ ᠪᠠ ᠵᠥᠪ ᠪᠤᠷᠤᠭᠤ ᠪᠠᠷ ᠶᠠᠭᠤᠲᠠᠢ ᠴᠤ᠌ ᠠᠳᠠᠯᠢᠰᠢᠭ ᠠᠵᠠᠢ ? ᠡᠢᠮᠦ ᠵᠠᠩᠲᠤ ᠮᠡᠷᠭᠡᠳ ᠡᠷᠳᠡᠮᠲᠡᠨ ᠢ ᠰᠤᠳᠤᠷᠴᠢ ᠪᠢ ᠲᠠᠪᠢᠨ ᠨᠠᠰᠤᠯᠠᠲᠠᠯ᠎ᠠ ᠲᠣᠭ᠎ᠠ ᠦᠭᠡᠢ ᠣᠯᠠᠨ ᠦᠵᠡᠵᠦ ᠭᠠᠢᠬᠠᠭᠰᠠᠨ ᠠᠨᠤ ᠬᠢᠵᠠᠭᠠᠯᠠᠰᠢ ᠦᠭᠡᠢ᠃