ᠠᠳᠤᠭᠤᠴᠢᠨ ᠫᠧᠷᠯᠠᠢ ᠶᠢᠨ ᠭᠠᠢᠬᠠᠮᠰᠢᠭᠲᠤ ᠦᠯᠢᠭᠡᠷ-ᠮᠠᠨᠳᠤᠯ᠎ᠠАдуучин пэрлэйн гайхамшигт үлгэр-Мандлаа

ᠮᠠᠨᠳᠤᠯ᠎ᠠ
ᠠᠷᠤ ᠬᠣᠷᠴᠢᠨ ᠬᠤᠰᠢᠭᠤᠨ ᠤ᠋ ᠣᠳᠣ ᠶ᠋ᠢᠨ ᠪᠠᠶᠠᠠᠠᠦ᠋ᠨᠳᠦᠷ ᠰᠤᠮᠤ ᠪᠠᠷ ᠭᠣᠣᠯ ᠪᠣᠯᠭᠠᠭᠰᠠᠨ ᠨᠢᠭᠡ ᠬᠡᠰᠡᠭ ᠭᠠᠵᠠᠷ ᠢ᠋ ᠥᠩᠭᠡᠷᠡᠭᠰᠡᠨ ᠳ᠋ᠦ᠍ ᠠᠷᠪᠠᠨ ᠰᠤᠮᠤ ᠭᠤᠷᠪᠠᠨ ᠭᠣᠣᠯ ᠭᠡᠵᠦ ᠳᠠᠭᠤᠳᠠᠵᠤ ᠪᠠᠢᠭᠰᠠᠨ ᠶᠤᠮ᠃ ᠡᠨᠡᠬᠦ ᠠᠷᠪᠠᠨ ᠰᠤᠮᠤ ᠭᠤᠷᠪᠠᠨ ᠭᠣᠣᠯ ᠪᠣᠯ ᠪᠠᠶᠠᠨᠵᠢᠷᠦᠬᠡ᠂ ᠭᠥᠯᠢᠭᠡᠷ᠂ ᠭᠣᠭᠣᠰᠤᠲᠠᠢ ᠭᠤᠷᠪᠠᠨ ᠶᠡᠬᠡ ᠬᠠᠨ ᠠᠭᠤᠯᠠ ᠶ᠋ᠢ ᠲᠦᠰᠢᠵᠦ᠂ ᠬᠣᠭᠣᠯᠠᠲᠤ᠂ ᠬᠠᠬᠢᠷ᠂ ᠰᠦᠵᠢ ᠶ᠋ᠢᠨ ᠭᠤᠷᠪᠠᠨ ᠭᠣᠣᠯ ᠢ᠋ ᠳ᠋ᠡᠭᠡᠨ ᠨᠡᠭᠦᠳᠡᠯᠯᠡᠨ ᠮᠠᠯᠵᠢᠵᠤ ᠠᠮᠢᠳᠤᠷᠠᠵᠤ ᠪᠠᠢᠭᠰᠠᠨ ᠨᠢᠭᠡ ᠪᠦᠯᠦᠭ ᠬᠥᠮᠦᠰ ᠢ᠋ ᠬᠡᠯᠡᠳᠡᠭ᠃ ᠡᠨᠡ ᠨᠤᠲᠤᠭ ᠲᠤ᠌ ᠢᠷᠡᠭᠡᠳ ᠭᠤᠷᠪᠠᠨ ᠵᠠᠭᠤ ᠢᠯᠡᠭᠦᠦ ᠵᠢᠯ ᠪᠣᠯᠵᠤ ᠪᠠᠢᠨ᠎ᠠ᠃ ᠣᠨ ᠤ᠋ ᠲᠡᠦᠬᠡ ᠶ᠋ᠢᠨ ᠶᠠᠪᠤᠴᠠ ᠳ᠋ᠤ᠌ ᠡᠨᠡ ᠨᠤᠲᠤᠭ ᠤ᠋ᠨ ᠠᠷᠠᠳ ᠲᠦᠮᠡᠨ ᠦ᠌ ᠳᠤᠮᠳᠠ ᠦᠨᠡᠨ ᠤᠴᠢᠷ ᠢ᠋ᠶ᠋ᠠᠷ ᠰᠡᠳᠦᠪᠯᠡᠭᠰᠡᠨ ᠦᠯᠢᠭᠡᠷ ᠣᠯᠠᠨ ᠪᠠᠢᠳᠠᠭ᠃ ᠳᠠᠷᠠᠭᠠᠬᠢ ᠪᠣᠯ ᠳᠡᠭᠡᠷ᠎ᠡ ᠵᠠᠭᠤᠨ ᠤ᠋ ᠵᠢᠷᠠᠭᠠᠳ ᠣᠨ ᠤ᠋ ᠦᠶ᠎ᠡ ᠳ᠋ᠦ᠍ ᠭᠠᠷᠤᠭᠰᠠᠨ ᠦᠯᠢᠭᠡᠷ ᠶᠦᠮ᠃
ᠵᠠᠷᠤᠳ ᠤᠷᠢᠶᠠᠩᠬᠠᠢ ᠠᠢᠮᠠᠭ ᠤ᠋ᠨ ᠫᠧᠷᠯᠡᠢ (1942.12.28 -2014.5.21) ᠪᠣᠯ ᠠᠷᠤ ᠬᠣᠷᠴᠢᠨ ᠬᠤᠰᠢᠭᠤᠨ ᠤ᠋ ᠪᠠᠶᠠᠠᠠᠦ᠋ᠨᠳᠦᠷ ᠰᠤᠮᠤ ᠶ᠋ᠢᠨ ᠰᠢᠪᠠᠷᠲᠠᠢ ᠭᠠᠴᠠᠭ᠎ᠠ ᠶ᠋ᠢᠨ ᠴᠠᠭᠠᠡᠡᠷᠬᠢ ᠳᠤᠭᠤᠢᠯᠠᠩ ᠤ᠋ᠨ ᠬᠥᠮᠦᠨ᠃ ᠬᠣᠷᠢᠨ ᠨᠢᠭᠡᠲᠡᠢ ᠡᠴᠡ ᠪᠡᠨ ᠡᠬᠢᠯᠡᠵᠦ ᠪᠠᠷᠢᠭᠠᠳᠠ ᠶ᠋ᠢᠨ ᠠᠳᠤᠭᠤ ᠶ᠋ᠢ ᠬᠠᠷᠢᠭᠤᠯᠵᠤ᠂ ᠠᠷᠪᠠᠨ ᠵᠢᠯ ᠦᠨ ᠬᠤᠭᠤᠴᠠᠭᠠᠨ ᠳ᠋ᠤ᠌ ᠨᠢᠭᠡ ᠵᠠᠭᠤ ᠢᠯᠡᠭᠦᠦ ᠪᠠᠢᠭᠰᠠᠨ ᠠ᠋ᠴᠠ ᠳᠥᠷᠪᠡᠨ ᠵᠠᠭᠤ ᠢᠯᠡᠭᠦᠦ ᠪᠣᠯᠭᠠᠵᠤ ᠥᠰᠬᠡᠪᠡ᠃ ᠠᠳᠤᠭᠤᠴᠢᠨ ᠡᠴᠡ ᠪᠡᠨ ᠵᠠᠯᠠᠭᠤ ᠠᠳᠤᠭᠤᠨ ᠬᠡᠭᠡᠯᠲᠦᠯᠭᠡ ᠶ᠋ᠢᠨ ᠮᠡᠷᠭᠡᠵᠢᠯᠲᠡᠨ ᠪᠣᠯᠵᠤ᠂ ᠴᠠᠪ ᠤ᠋ᠨ ᠬᠣᠩᠰᠢᠶᠠᠷ ᠤ᠋ᠨ ᠬᠡᠭᠡᠯᠲᠦᠯᠭᠡ ᠳ᠋ᠦ᠍ ᠳᠠᠷᠤᠭ᠎ᠠ᠂ ᠮᠡᠷᠭᠡᠵᠢᠯᠲᠡᠨ ᠢ᠋ᠶ᠋ᠡᠷ ᠠᠵᠢᠯᠯᠠᠵᠤ᠂ ᠪᠠᠶᠠᠠᠠᠦ᠋ᠨᠳᠦᠷ ᠭᠦᠩᠱᠧ ᠶ᠋ᠢᠨ ᠵᠡᠭᠦᠨ ᠭᠣᠣᠯ ᠤ᠋ᠨ ᠲᠠᠪᠤᠨ ᠶᠡᠬᠡ ᠪᠠᠷᠢᠭᠠᠳᠠ ᠶ᠋ᠢᠨ ᠠᠳᠤᠭᠤ ᠶ᠋ᠢ ᠲᠥᠪᠯᠡᠷᠡᠭᠦᠯᠵᠦ ᠬᠡᠭᠡᠯᠲᠦᠯᠭᠡ ᠬᠢᠵᠦ ᠪᠠᠢᠪᠠ᠃ ᠠᠳᠤᠭᠤᠨ ᠬᠡᠭᠡᠯᠲᠦᠯᠭᠡ ᠶ᠋ᠢᠨ ᠬᠡᠭᠡᠯ ᠲᠣᠭᠲᠠᠭᠰᠠᠨ ᠨᠣᠷᠮ᠎ᠠ ᠨᠢ 90% ᠠ᠋ᠴᠠ ᠳᠡᠭᠡᠭᠰᠢ ᠪᠣᠯᠵᠤ᠂ ᠲᠤᠬᠠᠢ ᠶ᠋ᠢᠨ ᠦᠭᠡ ᠶ᠋ᠢᠨ ᠯᠢᠶᠣᠤᠨᠢᠩ ᠮᠣᠵᠢ ᠳ᠋ᠤ᠌ ᠲᠤᠷᠰᠢᠯᠭ᠎ᠠ ᠶ᠋ᠢ ᠨᠢ ᠲᠠᠨᠢᠯᠴᠠᠭᠤᠯᠵᠤ᠂ ᠵᠣᠣ ᠤᠳᠠ ᠶ᠋ᠢᠨ ᠰᠣᠨᠢᠨ ᠳᠡᠭᠡᠷ᠎ᠡ《ᠰᠦᠵᠢ ᠶ᠋ᠢᠨ ᠭᠣᠣᠯ ᠤ᠋ᠨ ᠳᠡᠨᠵᠢᠨ ᠳ᠋ᠡᠬᠢ ᠰᠠᠢᠨ ᠡᠭᠦᠯᠳᠡᠷ ᠦ᠋ᠨ ᠠᠳᠤᠭᠤᠨ ᠰᠦᠷᠦᠭ》ᠭᠡᠰᠡᠨ ᠲᠤᠰᠬᠠᠢ ᠮᠡᠳᠡᠭᠡᠯᠡᠯ ᠭᠠᠷᠴᠤ ᠪᠠᠢᠭᠰᠠᠨ ᠶᠤᠮ᠃
1974ᠣᠨ ᠳ᠋ᠤ᠌ ᠪᠠᠶᠠᠠᠠᠦ᠋ᠨᠳᠦᠷ ᠭᠦᠩᠱᠧ ᠶ᠋ᠢᠨ ᠮᠠᠯ ᠡᠮᠨᠡᠯᠭᠡ ᠶ᠋ᠢᠨ ᠥᠷᠲᠡᠭᠡᠨ ᠳ᠋ᠦ᠍ ᠢᠷᠡᠵᠦ ᠠᠵᠢᠯᠯᠠᠵᠠᠢ᠃ ᠲᠡᠷᠡ ᠪᠣᠯ ᠬᠡᠭᠡᠯᠲᠦᠯᠭᠡ ᠶ᠋ᠢᠨ ᠰᠠᠢᠨ ᠮᠡᠷᠭᠡᠵᠢᠯᠲᠡᠨ᠂ ᠮᠠᠯ ᠤ᠋ᠨ ᠰᠠᠢᠨ ᠡᠮᠴᠢ ᠪᠡᠷ ᠪᠠᠷᠠᠬᠤ ᠦᠭᠡᠢ ᠵᠢᠷᠣᠭ᠎ᠠ ᠮᠣᠷᠢ ᠰᠠᠢᠨ ᠤᠨᠤᠳᠠᠭ ᠨᠡᠷᠡᠲᠡᠢ ᠤᠶᠠᠭᠠᠴᠢ ᠶᠤᠮ᠃
1975ᠣᠨ ᠤ᠋ ᠬᠤᠰᠢᠭᠤᠨ ᠨᠠᠢᠷ ᠲᠤ᠌ ᠭᠦᠩᠱᠧ ᠶ᠋ᠢᠨ ᠨᠤᠯᠭᠠᠷ ᠡᠷᠬᠢᠯᠡᠭᠴᠢ ᠶ᠋ᠢᠨ ᠪᠣᠷᠣ ᠠᠯᠠᠭ ᠮᠣᠷᠢ ᠶ᠋ᠢ ᠤᠶᠠᠵᠤ ᠤᠨᠤᠭᠠᠳ ᠲᠡᠷᠢᠭᠦᠯᠡᠪᠡ᠃ ᠲᠡᠭᠦᠨ ᠦ᠌ ᠦᠵᠡᠵᠦ ᠲᠠᠨᠢᠭᠠᠳ ᠠᠪᠴᠤ ᠤᠨᠤᠵᠤ ᠪᠠᠢᠭᠰᠠᠨ ᠰᠡᠷᠡᠩ ᠦᠨ ᠬᠡᠭᠡᠷ᠂ ᠪᠣᠷᠣ ᠬᠣᠩᠰᠢᠶᠠᠷ ᠤ᠋ᠨ ᠪᠤᠭᠤᠷᠤᠯ᠂ ᠴᠠᠭᠠᠨ ᠡᠷᠭᠢ ᠶᠢᠨ ᠰᠠᠭᠠᠷᠠᠯ ᠮᠣᠷᠢ ᠪᠣᠯ ᠪᠦᠷ ᠬᠣᠰᠢᠭᠤ ᠰᠤᠮᠤᠨ ᠤ᠋ ᠨᠠᠢᠷ ᠲᠤ᠌ ᠱᠠᠩ ᠢᠳᠡᠵᠦ ᠪᠠᠢᠭᠰᠠᠨ ᠰᠠᠢᠨ ᠵᠢᠷᠣᠭ᠎ᠠ ᠮᠣᠷᠢ ᠪᠣᠯᠤᠭᠰᠠᠨ ᠶᠤᠮ᠃
1982ᠣᠨ ᠳ᠋ᠤ᠌ ᠠᠵᠢᠯ ᠠ᠋ᠴᠠ ᠪᠠᠨ ᠤᠷᠢᠳᠴᠢᠯᠠᠨ ᠠᠮᠠᠷᠠᠵᠤ᠂ ᠨᠤᠲᠤᠭ ᠲᠠᠭᠠᠨ ᠦᠳᠡᠯᠦᠭᠡ ᠨᠠᠰᠤ ᠪᠠᠨ ᠥᠩᠭᠡᠷᠡᠭᠦᠯᠦᠭᠰᠡᠨ ᠪᠠᠢᠨ᠎ᠠ᠃
ᠨᠢᠭᠡ᠂ ᠤᠷᠭᠠᠨ ᠮᠣᠷᠢᠨ ᠳᠡᠭᠡᠷ᠎ᠡ ᠪᠡᠨ ᠤᠷᠠᠨ ᠠᠷᠭ᠎ᠠ ᠬᠡᠷᠡᠭᠯᠡᠵᠦ ᠣᠷᠣᠭ᠎ᠠ ᠮᠣᠷᠢ ᠪᠠᠷᠢᠭᠰᠠᠨ ᠨᠢ
ᠳᠡᠭᠡᠷ᠎ᠡ ᠵᠠᠭᠤᠨ ᠤ᠋ ᠵᠢᠷᠠᠭᠠᠳ ᠣᠨ ᠳ᠋ᠤ᠌ ᠪᠠᠶᠠᠠᠠᠦ᠋ᠨᠳᠦᠷ ᠭᠦᠩᠱᠧ ᠶ᠋ᠢᠨ ᠰᠢᠪᠠᠷᠲᠠᠢ ᠪᠠᠷᠢᠭᠠᠳᠠ ᠨᠢ ᠰᠢᠨ᠎ᠠ᠂ ᠴᠠᠭᠠᠡᠡᠷᠬᠢ᠂ ᠰᠢᠪᠠᠷᠲᠠᠢ ᠭᠤᠷᠪᠠᠨ ᠪᠠᠭ᠎ᠠ ᠪᠠᠷᠢᠭᠠᠳᠠ ᠲᠠᠢ ᠪᠠᠢᠪᠠ᠃ ᠰᠢᠨ᠎ᠡ ᠪᠠᠷᠢᠭᠠᠳᠠ ᠶ᠋ᠢᠨ ᠠᠳᠤᠭᠤ ᠶ᠋ᠢ ᠨᠤᠷᠪᠤᠸᠠᠩᠵᠢᠯ(ᠬᠡᠷᠡᠢᠳ ᠠᠢᠮᠠᠭ ᠤ᠋ᠨ ᠬᠠᠰᠢᠷ ᠠᠳᠤᠭᠤᠴᠢᠨ᠂ ᠠᠢᠯ ᠭᠣᠣᠯ ᠤ᠋ᠨ ᠬᠢᠨᠢ ᠬᠦᠨᠳᠦᠳᠬᠡᠭᠡᠳ ᠸᠠᠩ ᠠᠪᠤ ᠯᠠ ᠭᠡᠳᠡᠭ)᠂ ᠴᠠᠭᠠᠡᠡᠷᠬᠢ ᠪᠠᠷᠢᠭᠠᠳᠠ ᠶ᠋ᠢᠨ ᠠᠳᠤᠭᠤ ᠶ᠋ᠢ ᠫᠧᠷᠯᠡᠢ᠂ ᠰᠢᠪᠠᠷᠲᠠᠢ ᠪᠠᠷᠢᠭᠠᠳᠠ ᠶ᠋ᠢᠨ ᠠᠳᠤᠭᠤ ᠶ᠋ᠢ ᠰᠠᠮᠪᠠᠯ(ᠵᠤᠭᠠᠴᠢᠨ ᠠᠢᠮᠠᠭ ᠤ᠋ᠨ ᠨᠡᠷᠡᠲᠡᠢ ᠠᠳᠤᠭᠤᠴᠢᠨ᠂ ᠰᠠᠢᠨ ᠤᠶᠠᠭᠠᠴᠢ᠂ ᠪᠠᠭ᠎ᠠ ᠳ᠋ᠠᠭᠠᠨ ᠰᠦᠮ᠎ᠡ ᠳ᠋ᠦ᠍ ᠰᠠᠭᠤᠵᠤ ᠪᠠᠢᠭᠰᠠᠨ ᠪᠠ ᠰᠢᠪᠠᠷᠲᠠᠢ ᠶᠡᠬᠡ ᠪᠠᠷᠢᠭᠠᠳᠠ ᠳ᠋ᠤ᠌ ᠰᠠᠮᠪᠠᠯ ᠭᠡᠰᠡᠨ ᠨᠡᠷᠡᠲᠡᠢ ᠬᠥᠮᠦᠨ ᠠᠷᠪᠢᠨ ᠪᠠᠢᠭᠰᠠᠨ ᠲᠤᠯᠠ ᠠᠢᠯ ᠭᠣᠣᠯ ᠤ᠋ᠨ ᠬᠢᠨᠢ ᠰᠠᠮᠪᠠᠯ ᠮᠠᠮᠠ ᠭᠡᠵᠦ ᠬᠦᠨᠳᠦᠳᠬᠡᠨ ᠳᠠᠭᠤᠳᠠᠳᠠᠭ) ᠲᠤᠰ ᠲᠤᠰ ᠬᠠᠷᠢᠭᠤᠯᠵᠤ ᠪᠠᠢᠭᠰᠠᠨ ᠢ᠋ᠶ᠋ᠠᠨ ᠰᠡᠭᠦᠯᠡᠷ ᠨᠢ ᠨᠡᠢᠯᠡᠭᠦᠯᠵᠦ ᠬᠠᠮᠲᠤ ᠳ᠋ᠤᠨᠢ ᠬᠠᠷᠢᠭᠤᠯᠵᠤ ᠪᠠᠢᠵᠠᠢ᠃
1963 ᠣᠨ ᠤ᠋ ᠡᠪᠦᠯ ᠦᠨ ᠰᠡᠭᠦᠯ ᠰᠠᠷ᠎ᠠ ᠳ᠋ᠤ᠌ ᠰᠢᠪᠠᠷᠲᠠᠢ ᠪᠠᠷᠢᠭᠠᠳᠠ ᠶ᠋ᠢᠨ ᠨᠢᠭᠲᠠᠯᠠᠨ ᠪᠣᠳᠣᠭᠴᠢ ᠣᠮᠨᠠᠷ ᠤ᠋ᠨ ᠷᠠᠰᠢᠰᠠᠩᠪᠤᠤ ᠬᠡᠭᠡᠷ ᠮᠣᠷᠢ ᠪᠠᠨ ᠪᠠᠷᠢᠭᠤᠯᠬᠤ ᠪᠠᠷ ᠰᠠᠮᠪᠠᠯ᠂ ᠨᠤᠷᠪᠤᠸᠠᠩᠵᠢᠯ ᠬᠣᠶᠠᠷ ᠠᠬᠠᠮᠠᠳ ᠠᠳᠤᠭᠤᠴᠢᠨ ᠢ᠋ ᠭᠤᠶᠤᠭᠰᠠᠨ ᠳ᠋ᠤ᠌ ᠬᠣᠶᠠᠷ ᠡᠪᠦᠭᠡᠨ ᠬᠡᠳᠦᠨ ᠡᠳᠦᠷ ᠠᠳᠤᠭᠤ ᠪᠥᠭᠡᠮᠨᠡᠵᠦ ᠪᠠᠷᠢᠬᠤ ᠭᠡᠳ ᠶᠠᠭ ᠳᠡᠢᠯᠦᠭᠰᠡᠨ ᠦᠭᠡᠢ᠃ ᠤᠴᠢᠷ ᠨᠢ ᠡᠨᠡ ᠬᠡᠭᠡᠷ ᠮᠣᠷᠢ ᠪᠣᠯ ᠶᠡᠬᠡ ᠣᠷᠣᠭ᠎ᠠ᠂ ᠠᠳᠤᠭᠤ ᠬᠤᠷᠢᠶᠠᠵᠤ ᠡᠬᠢᠯᠡᠭᠰᠡᠭᠡᠷ ᠯᠡ ᠰᠡᠪ ᠠᠪᠴᠤ ᠰᠦᠷᠦᠭ ᠡᠴᠡ ᠪᠡᠨ ᠳᠤᠲᠠᠭᠠᠴᠢᠬᠠᠨᠠ᠃ ᠢᠩᠭᠢᠭᠡᠳ ᠪᠢᠲᠡᠭᠦᠨ ᠪᠣᠯᠲᠠᠯ᠎ᠠ ᠬᠥᠭᠡᠭᠡᠴᠡᠯᠳᠦᠭᠡᠳ ᠪᠠᠷᠢᠵᠤ ᠳᠡᠢᠯᠦᠭᠰᠡᠨ ᠦᠭᠡᠢ ᠠᠷᠭ᠎ᠠ ᠠᠯᠳᠠᠷᠠᠵᠤ ᠨᠥᠭᠦᠭᠡ ᠨᠢᠭᠡ ᠠᠳᠤᠭᠤᠴᠢᠨ ᠫᠧᠷᠯᠡᠢ ᠶ᠋ᠢ ᠡᠷᠢᠵᠦ ᠣᠴᠢᠵᠤ ᠭᠡᠨ᠎ᠡ᠃ ᠫᠧᠷᠯᠡᠢ᠄《ᠴᠢ ᠡᠷᠲᠡ ᠨᠠᠳᠠ ᠳ᠋ᠤ᠌ ᠬᠡᠯᠡᠭᠰᠡᠨ ᠪᠣᠯ ᠪᠢ ᠪᠠᠷᠢᠭᠠᠳ ᠥᠭᠴᠢᠬᠡᠬᠦ ᠦᠭᠡᠢ ᠤᠤ ᠳᠠ》 ᠭᠡᠵᠦ ᠬᠡᠯᠡᠬᠦ ᠳ᠋ᠦ᠍ᠨᠢ ᠷᠠᠰᠢᠰᠠᠩᠪᠤᠤ ᠬᠠᠷᠢᠭᠤ ᠳ᠋ᠤᠨᠢ᠄《ᠰᠠᠮᠪᠠᠯ ᠮᠠᠮᠠ ᠪᠠᠢᠲᠠᠯ᠎ᠠ ᠪᠢ ᠶᠠᠭᠠᠬᠢᠵᠤ ᠤᠷᠢᠳᠠᠪᠡᠷ ᠴᠢᠮ᠎ᠠ ᠶ᠋ᠢ ᠡᠷᠢᠨ᠎ᠡ ᠳ᠋ᠠ》ᠭᠡᠳ ᠳᠠᠬᠢᠨ ᠮᠣᠷᠢ ᠪᠠᠨ ᠪᠠᠷᠢᠭᠤᠯᠬᠤ ᠪᠠᠷ ᠭᠤᠶᠤᠭᠰᠠᠨ ᠳ᠋ᠤ᠌᠄《ᠵᠠ᠂ ᠲᠡᠭᠡᠪᠡᠯ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ᠌ ᠮᠣᠷᠢ ᠶ᠋ᠢ ᠴᠢᠨᠢ ᠠᠪᠴᠢᠷᠠᠵᠤ ᠥᠭᠭᠦᠶ᠎ᠡ》ᠭᠡᠵᠦ ᠪᠠᠲᠤᠯᠠᠭ᠎ᠠ ᠲᠠᠢ ᠬᠡᠯᠡᠵᠦ ᠪᠤᠴᠠᠭᠠᠵᠠᠢ᠃
ᠫᠧᠷᠯᠡᠢ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠰᠠᠢᠨ ᠡᠳᠦᠷ ᠰᠢᠨ᠎ᠡ ᠨᠢᠭᠡ ᠵᠢᠯ ᠦᠨ ᠠᠵᠢᠯ ᠢ᠋ᠶ᠋ᠠᠨ ᠡᠭᠦᠰᠬᠡᠬᠦ ᠶ᠋ᠢᠨ ᠵᠡᠷᠭᠡᠪᠡᠷ ᠣᠷᠣᠭ᠎ᠠ ᠬᠡᠭᠡᠷ ᠮᠣᠷᠢ ᠶ᠋ᠢ ᠪᠠᠷᠢᠬᠤ ᠪᠠᠷ ᠵᠢᠭᠠᠬᠠᠨ ᠬᠣᠯᠠ ᠮᠣᠷᠢ ᠪᠠᠨ ᠤᠨᠤᠵᠤ ᠡᠷᠲᠡᠯᠡᠨ ᠠᠳᠤᠭᠤᠨ ᠳ᠋ᠠᠭᠠᠨ ᠭᠠᠷᠴᠠᠢ᠃ ᠪᠢᠲᠡᠭᠦᠨ ᠦ᠌ ᠡᠳᠦᠷ ᠦᠨ ᠵᠠᠯᠠᠭᠰᠠᠨ ᠠᠳᠤᠭᠤ ᠰᠢᠪᠠᠷᠲᠠᠢ ᠶ᠋ᠢᠨ ᠬᠥᠨᠳᠡᠢ ᠶ᠋ᠢᠨ ᠡᠬᠢ᠂ ᠨᠠᠷᠢᠨ ᠵᠢᠯᠠᠭ᠎ᠠ᠂ ᠬᠠᠢᠯᠠᠰᠤᠲᠠᠢ ᠶᠢᠨ ᠳᠠᠪᠠᠭ᠎ᠠ ᠣᠷᠴᠢᠮ ᠪᠡᠯᠴᠢᠭᠡᠷ ᠲᠡᠭᠡᠨ ᠪᠠᠢᠪᠠ᠃ ᠫᠧᠷᠯᠡᠢ ᠠᠳᠤᠭᠤ ᠪᠠᠨ ᠬᠤᠷᠢᠶᠠᠵᠤ ᠢᠩ ᠦᠨ ᠰᠤᠭᠤ ᠶ᠋ᠢᠨ ᠬᠠᠷᠠᠵᠠᠨ ᠳ᠋ᠤ᠌ ᠤᠰᠤᠯᠠᠬᠤ ᠪᠠᠷ ᠪᠠᠷᠠᠭᠤᠨᠰᠢ ᠬᠠᠢᠯᠠᠰᠤᠲᠠᠢ ᠬᠥᠨᠳᠡᠢ ᠤᠷᠤᠭᠤ ᠴᠤᠪᠤᠭᠤᠯᠪᠠ᠃ ᠠᠳᠤᠭᠤ ᠠᠵᠢᠷᠭ᠎ᠠ ᠠᠵᠢᠷᠭ᠎ᠠ ᠪᠠᠷ ᠠᠷᠤ ᠠᠷᠤ ᠠ᠋ᠴᠠ ᠪᠠᠨ ᠶᠠᠪᠤᠭᠰᠠᠭᠠᠷ ᠨᠢᠭᠡ ᠤᠷᠲᠤ ᠮᠥᠷ ᠪᠣᠯᠵᠤ ᠬᠥᠨᠳᠡᠢ ᠤᠷᠤᠭᠤ ᠠᠭᠠᠵᠢᠮ ᠢ᠋ᠶ᠋ᠠᠷ ᠴᠤᠪᠤᠪᠠ᠃ ᠫᠧᠷᠯᠡᠢ ᠠᠳᠤᠭᠤᠨ ᠤ᠋ ᠬᠠᠵᠠᠭᠤ ᠪᠠᠷ ᠮᠣᠷᠢᠨ ᠤ᠋ ᠴᠣᠬᠢᠭ᠎ᠠ ᠪᠠᠷ ᠠᠵᠢᠭᠯᠠᠨ ᠶᠠᠪᠤᠪᠠ᠃ ᠬᠥᠨᠳᠡᠢ ᠶ᠋ᠢᠨ ᠠᠮᠠ ᠣᠢᠷᠠᠳᠬᠤ ᠳ᠋ᠤ᠌ ᠣᠷᠣᠭ᠎ᠠ ᠬᠡᠭᠡᠷ ᠮᠣᠷᠢᠨ ᠤ᠋ ᠬᠠᠵᠠᠭᠤ ᠳ᠋ᠤ᠌ ᠵᠡᠷᠭᠡᠴᠡᠨ ᠬᠦᠷᠬᠦᠯᠡᠷ ᠶᠠᠭ ᠰᠠᠢᠬᠠᠨ ᠡᠮᠦᠨ᠎ᠡ ᠨᠢ ᠬᠡᠳᠦᠨ ᠭᠡᠭᠦᠦ ᠲᠠᠭᠯᠠᠵᠤ ᠶᠠᠪᠤᠵᠤ ᠪᠠᠢᠭᠰᠠᠨ ᠲᠤᠯᠠ ᠤᠷᠭ᠎ᠠ ᠪᠠᠨ ᠰᠤᠭᠤᠨ ᠳ᠋ᠠᠭᠠᠨ ᠣᠷᠣᠭᠤᠯᠵᠤ ᠠᠳᠬᠤᠭᠠᠳ ᠮᠣᠷᠢᠨ ᠵᠢᠯᠣᠭᠣ ᠪᠠᠨ ᠪᠤᠷᠤᠭᠤ ᠲᠡᠢᠰᠢ ᠳᠠᠷᠤᠵᠤ ᠳᠥᠷᠥᠭᠡ ᠬᠠᠪᠢᠷᠤᠨ ᠳᠠᠪ ᠬᠢᠲᠡᠯ᠎ᠡ ᠬᠥᠳᠡᠯᠦᠮᠡᠭᠴᠡ ᠤᠷᠭᠠᠨ ᠬᠣᠯᠠ᠂ ᠣᠷᠣᠭ᠎ᠠ ᠬᠡᠭᠡᠷ ᠢ᠋ ᠲᠣᠯᠣᠭᠠᠢ ᠨᠢ ᠥᠨᠳᠡᠢᠬᠦ ᠵᠠᠪ ᠦᠭᠡᠢ ᠪᠠᠬᠢᠨ ᠬᠦᠷᠦᠭᠡᠳ ᠯᠠᠪ ᠯᠠᠪᠳᠣᠭᠣᠨ ᠤᠷᠭᠠᠯᠠᠵᠤ ᠵᠠᠪᠳᠤᠯ᠎ᠠ᠃ ᠮᠣᠷᠢ ᠰᠣᠴᠢᠭᠰᠠᠨ ᠢᠳᠡᠨ ᠳ᠋ᠡᠭᠡᠨ ᠭᠣᠰ ᠬᠢᠲᠡᠯ᠎ᠡ ᠵᠢᠳᠬᠦᠭᠰᠡᠨ ᠪᠣᠯᠪᠠᠴᠤ ᠵᠠᠯᠠᠭᠤ ᠠᠳᠤᠭᠤᠴᠢᠨ᠂ ᠵᠢᠭᠠᠬᠠᠨ ᠬᠣᠯᠠ ᠬᠣᠶᠠᠷ ᠠ᠋ᠴᠠ ᠮᠤᠯᠲᠤᠷᠠᠵᠤ ᠳᠡᠢᠯᠦᠭᠰᠡᠨ ᠦᠭᠡᠢ᠃ ᠮᠣᠷᠢᠨ ᠳᠡᠭᠡᠷ᠎ᠡ ᠡᠴᠡ ᠪᠡᠨ ᠥᠪᠡᠷ ᠦᠨ ᠤᠨᠤᠵᠤ ᠪᠠᠢᠭᠰᠠᠨ ᠮᠣᠷᠢᠨ ᠨᠣᠭᠲᠣ ᠪᠠᠨ ᠠᠪᠴᠤ ᠬᠡᠭᠡᠷ ᠮᠣᠷᠢ ᠶ᠋ᠢ ᠨᠣᠭᠲᠣᠯᠠᠭᠠᠳ᠂ ᠠᠳᠤᠭᠤ ᠪᠠᠨ ᠤᠰᠤᠯᠠᠵᠤ ᠭᠠᠷᠭᠠᠭᠠᠳ ᠷᠠᠰᠢᠰᠠᠩᠪᠤᠤ ᠶ᠋ᠢᠨ ᠭᠡᠷ ᠲᠦ᠍ ᠨᠢ ᠠᠪᠠᠴᠢᠵᠤ ᠥᠭᠭᠦᠭᠰᠡᠨ ᠳ᠋ᠦ᠍᠄《ᠸᠠ᠂ ᠲᠠ ᠶᠠᠭ ᠨᠠᠳᠠᠳᠤ ᠪᠣᠰᠤᠭ᠎ᠠ ᠮᠣᠷᠢᠨ ᠤ᠋ ᠪᠡᠯᠡᠭ ᠲᠡᠢ ᠢᠷᠡᠭᠰᠡᠨ ᠰᠢᠭ ᠪᠣᠯᠤᠯ᠎ᠠ ᠳᠠ᠂ ᠪᠢ ᠡᠨᠡ ᠴᠠᠭᠠᠨ ᠰᠠᠷ᠎ᠠ ᠶ᠋ᠢᠨ ᠲᠣᠭᠣᠷᠢᠯᠲᠠ ᠳ᠋ᠠᠭᠠᠨ ᠮᠣᠷᠢ ᠦᠭᠡᠢ ᠭᠡᠮᠡᠨ ᠭᠠᠴᠢᠭᠳᠠᠵᠤ ᠪᠠᠢᠭᠰᠠᠨ ᠰᠢᠦ》 ᠭᠡᠵᠦ ᠲᠠᠯᠠᠷᠬᠠᠵᠤ ᠪᠠᠶᠠᠷᠯᠠᠭᠰᠠᠨ ᠰᠡᠳᠬᠢᠯ ᠢ᠋ᠶ᠋ᠡᠨ ᠢᠯᠡᠳᠬᠡᠵᠦ ᠭᠡᠨ᠎ᠡ᠃
ᠬᠣᠶᠠᠷ᠂ ᠵᠡᠷᠯᠢᠭ ᠪᠤᠭᠤ ᠤᠷᠭᠠᠯᠠᠭᠠᠳ ᠳᠥᠴᠢᠨ ᠲᠥᠭᠥᠷᠢᠭ ᠢ᠋ᠶ᠋ᠡᠷ ᠲᠣᠷᠭᠠᠭᠳᠠᠭᠰᠠᠨ ᠨᠢ
1964ᠣᠨ ᠤ᠋ ᠡᠪᠦᠯ ᠦᠨ ᠳᠤᠮᠳᠠ ᠰᠠᠷ᠎ᠠ ᠶ᠋ᠢᠨ ᠨᠢᠭᠡᠨ ᠡᠳᠦᠷ ᠫᠧᠷᠯᠡᠢ ᠪᠢᠴᠢᠬᠠᠨ ᠬᠡᠭᠡᠷ ᠮᠣᠷᠢ ᠪᠠᠨ ᠤᠨᠤᠵᠤ᠂ ᠰᠠᠮᠪᠠᠯ ᠮᠠᠮᠠ ᠲᠠᠢ ᠬᠣᠶᠠᠭᠤᠯᠠ ᠪᠤᠷᠭᠠᠰᠤᠲᠠᠢ ᠶ᠋ᠢᠨ ᠬᠥᠨᠳᠡᠢ ᠳ᠋ᠦ᠍ ᠠᠳᠤᠭᠤᠨ ᠳ᠋ᠤ᠌ ᠶᠠᠪᠤᠵᠤ ᠪᠠᠢᠲᠠᠯ᠎ᠠ ᠴᠠᠭᠠᠨ ᠱᠣᠷᠣᠩ ᠤ᠋ᠨ ᠡᠩᠭᠡᠷ ᠨᠢᠭᠡ ᠰᠤᠭᠤ ᠬᠡᠪᠲᠡᠵᠦ ᠪᠠᠢᠬᠤ ᠶ᠋ᠢ ᠣᠯᠵᠤ ᠦᠵᠡᠪᠡ᠃
ᠫᠧᠷᠯᠡᠢ ᠳᠣᠲᠣᠷ᠎ᠠ ᠪᠠᠨ ᠡᠨᠡ ᠬᠤᠷᠳᠤᠨ ᠭᠦᠶᠦᠳᠡᠯ ᠲᠡᠢ ᠬᠡᠭᠡᠷ᠎ᠡ ᠶ᠋ᠢᠨ ᠠᠷᠢᠶᠠᠲᠠᠨ ᠢ᠋ ᠲᠠᠭᠤᠵᠤ ᠦᠵᠡᠪᠡᠯ ᠶᠠᠭᠠᠬᠢᠳᠠᠭ ᠪᠣᠯ ᠭᠡᠰᠡᠨ ᠪᠣᠳᠣᠯ ᠣᠷᠣᠵᠤ ᠰᠠᠮᠪᠠᠯ ᠮᠠᠮᠠ ᠠ᠋ᠴᠠ ᠪᠠᠨ ᠡᠨᠡ ᠰᠤᠭᠤ ᠶ᠋ᠢ ᠬᠥᠭᠡᠭᠡᠵᠦ ᠦᠵᠡᠨ᠎ᠡ ᠤᠤ? ᠭᠡᠵᠦ ᠵᠢᠭᠠᠪᠤᠷᠢ ᠮᠠᠶ᠋ᠢᠭ ᠲᠠᠢ ᠠᠰᠠᠭᠤᠬᠤ ᠳ᠋ᠤ᠌ ᠬᠥᠭᠡᠭᠡᠪᠡᠯ ᠬᠥᠭᠡᠭᠡᠵᠦ ᠦᠵᠡᠶ᠎ᠡ ᠳᠡ᠃ ᠬᠣᠶᠠᠭᠤᠯᠠ ᠡᠭᠡᠯᠵᠢᠯᠡᠨ ᠬᠥᠭᠡᠭᠡᠶ᠎ᠡ᠂ ᠴᠢ ᠤᠷᠢᠳᠠᠪᠡᠷ ᠬᠥᠭᠡᠭᠡᠳ ᠡᠷᠭᠢᠭᠦᠯᠦᠭᠡᠳ ᠢᠷᠡᠪᠡᠯ ᠪᠢ ᠲᠣᠰᠴᠤ ᠬᠥᠭᠡᠭᠡᠶ᠎ᠡ ᠭᠡᠰᠡᠨ ᠳ᠋ᠦ᠍ ᠫᠧᠷᠯᠡᠢ ᠮᠣᠷᠢᠨ ᠳᠡᠭᠡᠷ᠎ᠡ ᠪᠡᠨ ᠥᠨᠳᠡᠢᠵᠦ᠂ ᠪᠠᠷᠠᠭᠤᠨ ᠲᠠᠯ᠎ᠠ ᠪᠠᠷ ᠨᠢ ᠬᠦᠷᠦᠭᠡᠳ ᠣᠴᠢᠬᠤ ᠳ᠋ᠤ᠌ ᠬᠡᠪᠲᠡᠵᠦ ᠪᠠᠢᠭᠰᠠᠨ ᠰᠤᠭᠤ ᠣᠷᠣᠨ ᠠ᠋ᠴᠠ ᠪᠠᠨ ᠭᠣᠰ ᠦᠰᠦᠷᠦᠨ ᠪᠣᠰᠴᠤ ᠵᠡᠭᠦᠨᠰᠢ ᠬᠥᠨᠳᠡᠢ ᠤᠷᠤᠭᠤ ᠬᠡᠳᠦᠨ ᠵᠠᠩ ᠢ᠋ᠶ᠋ᠠᠷ ᠬᠠᠷᠠᠢᠨ ᠣᠷᠣᠪᠠ᠃ ᠫᠧᠷᠯᠡᠢ ᠬᠡᠭᠡᠷ ᠮᠣᠷᠢ ᠪᠠᠨ ᠲᠠᠰᠢᠭᠤᠷᠳᠠᠨ ᠪᠠᠶᠠᠨᠴᠠᠭᠠᠨ ᠠᠭᠤᠯᠠᠨ ᠳ᠋ᠤ᠌ ᠭᠠᠷᠭᠠᠬᠤ ᠦᠭᠡᠢ ᠭᠡᠵᠦ ᠤᠷᠢᠳᠤ ᠲᠠᠯ᠎ᠠ ᠪᠠᠷ ᠨᠢ ᠳᠣᠪᠲᠣᠯᠵᠤ ᠡᠷᠭᠢᠭᠦᠯᠦᠭᠡᠳ ᠴᠠᠭᠠᠨ ᠱᠣᠷᠣᠩ ᠥᠭᠡᠳᠡ ᠬᠥᠭᠡᠭᠡᠭᠡᠳ ᠢᠷᠡᠬᠦ ᠳ᠋ᠦ᠍ ᠰᠠᠮᠪᠠᠯ ᠮᠠᠮᠠ ᠲᠣᠰᠣᠨ ᠣᠷᠣᠵᠤ ᠪᠠᠷᠠᠭᠤᠨ ᠬᠣᠢᠰᠢ ᠦᠨᠡᠭᠡᠲᠦ ᠶ᠋ᠢᠨ ᠬᠥᠨᠳᠡᠢ ᠤᠷᠤᠭᠤ ᠠᠪᠤᠭᠠᠳ ᠣᠷᠣᠯ᠎ᠠ᠃ ᠡᠨᠡ ᠦᠶ᠎ᠡ ᠳ᠋ᠦ᠍ ᠫᠧᠷᠯᠡᠢ ᠮᠣᠷᠢ ᠪᠠᠨ ᠲᠠᠲᠠᠵᠤ ᠠᠮᠢᠰᠬᠤᠭ᠎ᠠ ᠶ᠋ᠢ ᠨᠢ ᠳᠠᠷᠤᠭᠠᠳ ᠮᠣᠷᠢᠨ ᠠ᠋ᠴᠠ ᠪᠠᠨ ᠪᠠᠭᠤᠵᠤ ᠣᠯᠣᠩ ᠢ᠋ᠶ᠋ᠠᠨ ᠴᠢᠩᠭᠠᠯᠠᠵᠤ ᠠᠮᠵᠢᠲᠠᠯᠠ ᠴᠠᠭᠠᠨ ᠱᠣᠷᠣᠩ ᠤ᠋ᠨ ᠠᠷᠤ ᠪᠠᠷ ᠡᠪᠦᠭᠡᠨ ᠠᠳᠠᠭᠤᠴᠢᠨ ᠰᠠᠮᠪᠠᠯ ᠰᠤᠭᠤ ᠶ᠋ᠢ ᠲᠠᠯᠪᠢᠯ ᠦᠭᠡᠢ ᠨᠡᠬᠡᠭᠰᠡᠭᠡᠷ ᠲᠣᠭᠣᠰᠣ ᠲᠠᠲᠠᠭᠤᠯᠤᠨ ᠭᠠᠷᠤᠭᠠᠳ ᠢᠷᠡᠪᠡ᠃ ᠫᠧᠷᠯᠡᠢ ᠵᠢᠯᠣᠭᠣ ᠰᠢᠭᠦᠷᠦᠨ ᠤᠷᠭ᠎ᠠ ᠲᠤᠯᠵᠤ ᠮᠣᠷᠳᠠᠮᠠᠭᠴᠠ ᠲᠣᠰᠣᠨ ᠣᠷᠣᠬᠤ ᠳ᠋ᠤ᠌ ᠳᠡᠮᠡᠢ ᠬᠣᠯᠠ ᠶᠠᠪᠤᠭᠤᠯᠤᠭᠰᠠᠨ ᠦᠭᠡᠢ ᠭᠦᠢᠴᠡᠨ ᠬᠦᠷᠴᠦ ᠰᠤᠭᠤ ᠶ᠋ᠢᠨ ᠲᠣᠯᠣᠭᠠᠢ ᠳ᠋ᠤ᠌ ᠤᠷᠭ᠎ᠠ ᠴᠣᠬᠢᠨ ᠣᠷᠣᠭᠤᠯᠲᠠᠯᠠ ᠵᠡᠷᠯᠢᠭ ᠠᠮᠢᠲᠠᠨ ᠤ᠋ ᠵᠠᠩ ᠢ᠋ᠶ᠋ᠠᠨ ᠭᠠᠷᠭᠠᠵᠤ᠂ ᠰᠤᠭᠤ ᠤᠷᠤᠭᠰᠢ ᠨᠢᠭᠡᠯᠡ ᠦᠰᠦᠷᠴᠦ ᠵᠢᠳᠬᠦᠭᠰᠡᠨ ᠳ᠋ᠦ᠍ ᠫᠧᠷᠯᠡᠢ ᠤᠷᠢᠳᠤ ᠪᠦᠭᠦᠷᠭᠡᠨ ᠦ᠌ ᠪᠡᠨ ᠡᠮᠦᠨ᠎ᠡ ᠨᠢ ᠭᠠᠷᠲᠠᠯ᠎ᠠ ᠲᠠᠲᠠᠭᠳᠠᠵᠤ ᠥᠨᠳᠥᠷ ᠮᠣᠢᠯ ᠤ᠋ᠨ ᠤᠷᠭᠠᠨ ᠤ᠋ ᠪᠠᠨ ᠰᠠᠢᠨ ᠢ᠋ᠶ᠋ᠠᠷ ᠠᠷᠠᠢ ᠯᠠ ᠤᠷᠭ᠎ᠠ ᠠᠯᠳᠠᠭᠰᠠᠨ ᠦᠭᠡᠢ᠂ ᠮᠣᠷᠢ ᠨᠢ ᠴᠢᠷᠮᠠᠢᠨ ᠲᠠᠪᠰᠢᠬᠤ ᠶ᠋ᠢᠨ ᠳᠡᠯᠢᠮ ᠳ᠋ᠦ᠍ ᠳᠠᠬᠢᠨ ᠡᠮᠡᠭᠡᠯ ᠦ᠋ᠨ ᠠᠷᠤ ᠳ᠋ᠤ᠌ ᠵᠠᠪᠳᠤᠨ ᠭᠠᠷᠴᠤ᠂ ᠳᠥᠷᠥᠭᠡ ᠢᠰᠬᠦᠯᠦᠨ ᠨᠢᠭᠡᠯᠡ ᠰᠠᠭᠤᠯᠭᠠᠭᠰᠠᠨ ᠴᠢᠨᠢ ᠰᠤᠭᠤ ᠵᠢᠳᠬᠦᠵᠦ ᠳᠡᠢᠯᠬᠦ ᠦᠭᠡᠢ ᠪᠣᠯᠪᠠ ᠭᠡᠨ᠎ᠡ᠃ ᠶᠠᠭ ᠡᠨᠡ ᠦᠶ᠎ᠡ ᠳ᠋ᠦ᠍ ᠰᠠᠮᠪᠠᠯ ᠮᠠᠮᠠ ᠭᠦᠢᠴᠡᠨ ᠢᠷᠡᠵᠦ ᠮᠣᠷᠢᠨ ᠨᠣᠭᠲᠣ ᠪᠠᠨ ᠮᠤᠯᠲᠤᠯᠤᠨ ᠠᠪᠴᠤ᠂ ᠤᠷᠭᠠᠨ ᠪᠥᠭᠰᠡᠨ ᠳ᠋ᠡᠭᠡᠨ ᠡᠯᠭᠦᠵᠦ ᠪᠠᠢᠭᠠᠳ ᠰᠤᠭᠤ ᠶ᠋ᠢ ᠨᠣᠭᠲᠣᠯᠠᠨ ᠠᠪᠤᠭᠠᠳ᠂ ᠮᠣᠷᠢᠨ ᠳᠡᠭᠡᠷ᠎ᠡ ᠡᠴᠡ ᠪᠡᠨ ᠨᠢᠭᠡ ᠨᠢ ᠴᠢᠩᠭᠠᠭᠠᠵᠤ ᠨᠥᠭᠦᠭᠡ ᠨᠢ ᠦᠷᠭᠦᠭᠡᠭᠰᠡᠭᠡᠷ ᠶᠠᠪᠤᠵᠠᠢ᠃ ᠳᠡᠮᠡᠢ ᠤᠳᠠᠭᠰᠠᠨ ᠦᠭᠡᠢ ᠬᠥᠲᠥᠯᠦᠭᠡ ᠪᠡᠨ ᠮᠡᠳᠡᠵᠦ ᠠᠮᠠᠷᠬᠠᠨ ᠶᠠᠪᠤᠬᠤ ᠪᠣᠯᠴᠢᠬᠠᠪᠠ᠃
ᠡᠨᠡ ᠦᠶ᠎ᠡ ᠳ᠋ᠦ᠍ ᠬᠣᠶᠠᠭᠤᠯᠠ ᠪᠠᠨ ᠣᠳᠣ ᠡᠭᠦᠨ ᠢ᠋ ᠶᠠᠭᠠᠬᠢᠨ᠎ᠠ ᠭᠡᠵᠦ ᠵᠥᠪᠯᠡᠭᠡᠳ ᠪᠠᠶᠠᠠᠠᠦ᠋ᠨᠳᠦᠷ ᠭᠦᠩᠱᠧ ᠶ᠋ᠢᠨ ᠪᠤᠭᠤ ᠶ᠋ᠢᠨ ᠲᠠᠯᠠᠪᠠᠢ ᠳ᠋ᠤ᠌ ᠠᠪᠠᠴᠢᠵᠤ ᠥᠭᠬᠦ ᠪᠡᠷ ᠪᠣᠯᠵᠤ᠂ ᠬᠣᠷᠢᠭᠠᠳ ᠭᠠᠵᠠᠷ ᠬᠣᠯᠠ ᠪᠠᠢᠬᠤ ᠪᠤᠭᠤ ᠶ᠋ᠢᠨ ᠲᠠᠯᠠᠪᠠᠢ ᠳ᠋ᠤ᠌ ᠠᠪᠤᠭᠠᠳ ᠬᠦᠷᠬᠦ ᠳ᠋ᠦ᠍ ᠲᠠᠯᠠᠪᠠᠢ ᠶ᠋ᠢᠨ ᠬᠢᠨ ᠭᠦᠩᠱᠧ ᠶ᠋ᠢᠨ ᠡᠮᠨᠡᠯᠭᠡ ᠶ᠋ᠢᠨ ᠬᠣᠷᠢᠶᠠᠨ ᠤ᠋ ᠸᠠᠩ ᠢ ᠮᠢᠩ ᠡᠮᠴᠢ ᠶ᠋ᠢ ᠵᠠᠯᠠᠵᠤ ᠢᠷᠡᠭᠡᠳ ᠰᠤᠭᠤ ᠶ᠋ᠢ ᠪᠠᠢᠴᠠᠭᠠᠯᠭᠠᠵᠤ᠂ ᠡᠷᠡᠭᠦᠯ ᠭᠡᠰᠡᠨ ᠢ᠋ ᠲᠣᠳᠣᠯᠠᠭᠠᠳ ᠬᠡᠷᠡᠮ ᠦ᠋ᠨ ᠳᠣᠲᠣᠷ᠎ᠠ ᠪᠠᠨ ᠲᠠᠯᠪᠢᠵᠤ ᠣᠷᠣᠭᠤᠯᠵᠠᠢ᠃
ᠭᠡᠷ ᠲᠦ᠍ ᠨᠢ ᠣᠷᠣᠵᠤ ᠵᠢᠭᠠᠬᠠᠨ ᠠᠮᠤᠰᠬᠢᠨ ᠭᠠᠷᠴᠤ ᠢᠷᠡᠭᠡᠳ ᠬᠣᠶᠠᠭᠤᠯᠠ ᠪᠠᠨ ᠮᠣᠷᠢᠨ ᠤ᠋ ᠨᠣᠭᠲᠣ ᠪᠠᠨ ᠠᠪᠬᠤ ᠪᠠᠷ ᠪᠤᠭᠤ ᠶ᠋ᠢᠨ ᠬᠡᠷᠡᠮ ᠳᠣᠲᠣᠷ᠎ᠠ ᠣᠷᠣᠵᠤ᠂ ᠰᠤᠭᠤ ᠶ᠋ᠢᠨ ᠴᠢᠷᠴᠦ ᠪᠠᠢᠭᠰᠠᠨ ᠨᠣᠭᠲᠣᠨ ᠴᠤᠯᠪᠤᠭᠤᠷ ᠠ᠋ᠴᠠ ᠪᠠᠨ ᠠᠳᠬᠤᠨ ᠠᠪᠬᠤ ᠳ᠋ᠤ᠌ ᠰᠤᠭᠤ ᠨᠠᠳᠬᠤᠵᠤ ᠬᠡᠷᠡᠮ ᠦ᠋ᠨ ᠰᠢᠷᠣᠢ ᠠᠪᠤᠭᠰᠠᠨ ᠭᠦᠨ ᠨᠦᠬᠡᠨ ᠦ᠌ ᠴᠠᠭᠠᠭᠤᠷ ᠭᠦᠶᠦᠭᠡᠳ ᠣᠷᠣᠴᠢᠬᠠᠪᠠ᠂ ᠫᠧᠷᠯᠡᠢ ᠨᠠᠭᠠᠨ᠎ᠠ ᠠ᠋ᠴᠠ ᠨᠢ ᠲᠠᠲᠠᠭᠰᠠᠨ ᠳ᠋ᠤ᠌ ᠰᠤᠭᠤ ᠲᠠᠲᠠᠭᠳᠠᠭᠰᠠᠨ ᠬᠦᠴᠦᠨ ᠳ᠋ᠡᠭᠡᠨ ᠭᠦᠨ ᠨᠦᠬᠡᠨ ᠳᠣᠲᠣᠷ᠎ᠠ ᠳᠤᠬᠤ ᠪᠠᠷ ᠢ᠋ᠶ᠋ᠠᠨ ᠰᠠᠪᠠᠵᠤ ᠤᠨᠤᠭᠠᠳ ᠲᠣᠯᠣᠭᠠᠢ ᠨᠢ ᠬᠠᠭᠠᠷᠠᠵᠤ ᠦᠬᠦᠵᠡᠢ᠃
ᠡᠨᠡ ᠶᠠᠪᠤᠳᠠᠯ ᠢ᠋ ᠪᠤᠭᠤ ᠶ᠋ᠢᠨ ᠲᠠᠯᠠᠪᠠᠢ ᠶ᠋ᠢᠨ ᠬᠢᠨ ᠬᠡᠨ ᠳ᠋ᠦ᠍ ᠴᠦ᠍ ᠮᠡᠳᠡᠭᠳᠡᠭᠰᠡᠨ ᠦᠭᠡᠢ ᠮᠢᠬ᠎ᠠ ᠶ᠋ᠢ ᠨᠢ ᠢᠳᠡᠴᠢᠬᠡᠵᠦ ᠭᠡᠨ᠎ᠡ᠃ ᠬᠡᠳᠦᠨ ᠡᠳᠦᠷ ᠦ᠋ᠨ ᠬᠣᠢᠨ᠎ᠠ ᠭᠦᠩᠱᠧ ᠶ᠋ᠢᠨ ᠳᠠᠷᠤᠭ᠎ᠠ ᠨᠠᠷ ᠣᠯᠵᠤ ᠰᠣᠨᠣᠰᠤᠭᠰᠠᠨ ᠪᠠᠢᠵᠠᠢ᠃ ᠲᠤᠬᠠᠢ ᠶ᠋ᠢᠨ ᠦᠶ᠎ᠡ ᠶ᠋ᠢᠨ ᠨᠠᠮ ᠤ᠋ᠨ ᠬᠣᠷᠢᠶᠠᠨ ᠤ᠋ ᠳᠡᠳ᠋ ᠱᠦᠵᠢ ᠪᠠᠢᠭᠰᠠᠨ ᠪᠠᠭᠠᠲᠤᠷ ᠰᠢᠪᠠᠷᠲᠠᠢ ᠶᠡᠬᠡ ᠪᠠᠷᠢᠭᠠᠳᠠ ᠳᠡᠭᠡᠷ᠎ᠡ ᠢᠷᠡᠵᠦ᠂ ᠣᠷᠣᠢ ᠳ᠋ᠤᠨᠢ ᠰᠠᠮᠪᠠᠯ᠂ ᠫᠧᠷᠯᠡᠢ ᠬᠣᠶᠠᠷ ᠢ᠋ ᠳᠠᠭᠤᠳᠠᠵᠤ ᠨᠢᠭᠡᠨ ᠵᠡᠷᠭᠡ ᠰᠢᠭᠦᠮᠵᠢᠯᠡᠭᠡᠳ《ᠲᠠᠨ ᠤ᠋ ᠴᠠᠭᠠᠡᠡᠷᠬᠢ ᠪᠠᠷᠢᠭᠠᠳᠠ ᠰᠤᠭᠤ ᠪᠠᠷᠢᠭᠠᠳ ᠨᠢᠭᠡᠳᠦᠯ ᠳ᠋ᠦ᠍ ᠬᠡᠯᠡᠬᠦ ᠦᠭᠡᠢ᠂ ᠨᠠᠢᠷ ᠲᠤ᠌ ᠲᠠᠯᠪᠢᠬᠤ ᠬᠤᠷᠳᠤᠨ ᠮᠣᠷᠢ ᠦᠭᠡᠢ ᠭᠡᠵᠦ ᠪᠠᠢᠭᠠᠳ ᠰᠤᠭᠤ ᠤᠷᠭᠠᠯᠠᠬᠤ ᠳ᠋ᠤ᠌ ᠶᠠᠭᠠᠬᠢᠭᠠᠳ ᠰᠠᠢᠨ ᠮᠣᠷᠢ ᠭᠠᠷᠤᠭᠠᠳ ᠢᠷᠡᠴᠢᠬᠡᠭᠰᠡᠨ ᠶᠦᠮ᠃ ᠰᠠᠮᠪᠠᠯ ᠴᠢ ᠬᠡᠷᠰᠡᠦ ᠬᠥᠮᠦᠨ ᠪᠠᠢᠭᠠᠳ ᠵᠠᠯᠠᠭᠤ ᠬᠥᠮᠦᠰ ᠢ᠋ ᠥᠳᠥᠭᠡᠵᠦ ᠰᠤᠭᠤ ᠬᠥᠭᠡᠭᠡᠵᠦ ᠤᠷᠭᠠᠯᠠᠭᠠᠳ ᠤᠯᠤᠰ ᠤ᠋ᠨ ᠴᠠᠭᠠᠵᠠ ᠲᠠᠢ ᠠᠮᠢᠲᠠᠨ ᠢ᠋ ᠠᠯᠠᠭᠰᠠᠨ ᠲᠤᠯᠠ ᠲᠠ ᠬᠣᠶᠠᠷ ᠢ᠋ ᠳᠥᠴᠢ ᠳᠥᠴᠢᠨ ᠲᠥᠭᠥᠷᠢᠭ ᠢ᠋ᠶ᠋ᠡᠷ ᠲᠣᠷᠭᠠᠨ᠎ᠠ᠂ ᠵᠣᠭᠣᠰ ᠢ᠋ᠶ᠋ᠠᠨ ᠪᠡᠯᠡᠳᠭᠡ》ᠭᠡᠵᠦ ᠬᠡᠯᠡᠭᠡᠳ ᠶᠠᠪᠤᠵᠤ ᠭᠡᠨ᠎ᠡ᠃
ᠭᠤᠷᠪᠠ᠂ ᠴᠢᠨᠣ᠎ᠠ ᠲᠠᠭᠤᠵᠤ ᠠᠯᠠᠭᠠᠳ ᠬᠠᠮᠲᠤ ᠶ᠋ᠢᠨ ᠰᠦᠷᠦᠭ ᠢ᠋ᠶ᠋ᠡᠨ ᠬᠠᠮᠠᠭᠠᠯᠠᠭᠰᠠᠨ ᠨᠢ
ᠰᠤᠭᠤ ᠤᠷᠭᠠᠯᠠᠭᠰᠠᠨ ᠬᠡᠷᠡᠭ ᠢ᠋ᠶ᠋ᠡᠷ ᠨᠢᠭᠡᠳᠦᠯ ᠦᠨ ᠪᠠᠭᠠᠲᠤᠷ ᠱᠦᠵᠢ ᠳ᠋ᠦ᠍ ᠰᠢᠳᠬᠡᠭᠳᠡᠭᠰᠡᠨ ᠦ᠌ ᠭᠤᠷᠪᠠᠨ ᠬᠣᠨᠣᠭ ᠤ᠋ᠨ ᠳᠠᠷᠠᠭ᠎ᠠ ᠨᠢ ᠫᠧᠷᠯᠡᠢ ᠪᠤᠭᠤᠷᠤᠯ ᠮᠣᠷᠢ ᠪᠠᠨ ᠤᠨᠤᠵᠤ(ᠪᠠᠯᠵᠤᠤᠷ ᠤ᠋ᠨ ᠪᠤᠭᠤᠷᠤᠯ ᠭᠡᠳᠡᠭ) ᠰᠠᠮᠪᠠᠯ ᠮᠠᠮᠠ ᠬᠣᠯᠠ ᠠᠯᠠᠭ ᠮᠣᠷᠢ ᠪᠠᠨ ᠤᠨᠤᠵᠤ(ᠳ᠋ᠸᠪᠡ ᠶ᠋ᠢᠨ ᠬᠣᠯᠠ ᠠᠯᠠᠭ ᠭᠡᠳᠡᠭ) ᠰᠠᠮᠠᠢ ᠶ᠋ᠢᠨ ᠬᠥᠨᠳᠡᠢ ᠳ᠋ᠦ᠍ ᠪᠠᠢᠬᠤ ᠠᠳᠤᠭᠤᠨ ᠳ᠋ᠠᠭᠠᠨ ᠶᠠᠪᠤᠬᠤ ᠠᠳᠤᠭᠤ ᠪᠠᠨ ᠪᠦᠷᠢᠳᠬᠡᠵᠦ ᠬᠤᠷᠢᠶᠠᠵᠤ ᠲᠠᠯᠪᠢᠭᠠᠳ᠂ ᠴᠠᠭᠠᠨ ᠵᠢᠷᠦᠬᠡ ᠶ᠋ᠢᠨ ᠬᠣᠩᠰᠢᠶᠠᠷ ᠤ᠋ᠨ ᠬᠡᠳᠦᠨ ᠬᠠᠢᠯᠠᠰᠤᠨ ᠮᠣᠳᠣᠨ ᠤ᠋ ᠬᠠᠵᠠᠭᠤ ᠳ᠋ᠤ᠌ ᠬᠣᠶᠠᠭᠤᠯᠠ ᠰᠠᠭᠤᠵᠤ ᠲᠠᠮᠠᠬᠢ ᠲᠠᠲᠠᠵᠤ ᠪᠠᠢᠲᠠᠯ᠎ᠠ ᠵᠡᠭᠦᠨ ᠬᠣᠢᠨ᠎ᠠ ᠬᠠᠷ᠎ᠠ ᠭᠣᠣ ᠶ᠋ᠢᠨ ᠣᠷᠣᠢ ᠳ᠋ᠤ᠌ ᠪᠡᠯᠴᠢᠵᠦ ᠪᠠᠢᠭᠰᠠᠨ ᠬᠣᠨᠢᠨ ᠰᠦᠷᠦᠭ ᠲᠦ᠍ ᠴᠢᠨᠣ᠎ᠠ ᠣᠷᠣᠭᠠᠳ ᠨᠢᠭᠡ ᠬᠣᠨᠢ ᠶ᠋ᠢ ᠪᠠᠭᠠᠯᠵᠤᠤᠷ ᠠ᠋ᠴᠠ ᠨᠢ ᠡᠮᠬᠦᠵᠦ ᠭᠢᠯᠪᠠᠰ ᠬᠢᠲᠡᠯ᠎ᠡ ᠵᠣ ᠳᠡᠭᠡᠭᠦᠷ ᠢ᠋ᠶ᠋ᠡᠨ ᠬᠠᠶᠠᠴᠢᠬᠠᠭᠠᠳ ᠪᠠᠷᠠᠭᠤᠨ ᠬᠣᠢᠰᠢ ᠳᠤᠲᠠᠭᠠᠴᠢᠬᠠᠪᠠ ᠭᠡᠨ᠎ᠡ᠃
ᠫᠧᠷᠯᠡᠢ ᠰᠠᠮᠪᠠᠯ ᠮᠠᠮᠠ ᠳ᠋ᠠᠭᠠᠨ ᠬᠣᠶᠠᠭᠤᠯᠠ ᠲᠡᠷᠡ ᠭᠠᠢᠬᠠᠯ(ᠴᠢᠨᠣ᠎ᠠ ᠶ᠋ᠢ ᠵᠢᠭᠠᠵᠤ ᠪᠣᠢ) ᠶ᠋ᠢ ᠲᠠᠭᠤᠬᠤ ᠤᠤ? ᠭᠡᠵᠦ ᠬᠡᠯᠡᠲᠡᠯ᠎ᠡ ᠡᠪᠦᠭᠡᠨ ᠠᠳᠤᠭᠤᠴᠢᠨ ᠴᠢ ᠲᠡᠭᠦᠨ ᠢ᠋ ᠵᠡᠭᠦᠨᠰᠢ ᠭᠠᠷᠭᠠᠬᠤ ᠦᠭᠡᠢ ᠡᠷᠭᠢᠭᠦᠯᠦᠭᠡᠳ ᠬᠦᠴᠦᠷᠡᠪᠡᠯ ᠪᠢ ᠪᠠᠷᠠᠭᠤᠨᠰᠢ ᠠᠯᠲᠠᠨ ᠡᠮᠡᠭᠡᠯ ᠦᠨ ᠠᠭᠤᠯᠠᠨ ᠳ᠋ᠤ᠌ ᠭᠠᠷᠭᠠᠬᠤ ᠦᠭᠡᠢ ᠳ᠋ᠠ ᠭᠡᠪᠡ᠃ ᠲᠡᠭᠡᠭᠡᠳ ᠫᠧᠷᠯᠡᠢ ᠪᠤᠭᠤᠷᠤᠯ ᠮᠣᠷᠢᠨ ᠳ᠋ᠠᠭᠠᠨ ᠮᠣᠷᠳᠠᠵᠤ᠂ ᠬᠣᠯᠠ ᠠᠷᠤ ᠪᠠᠷ ᠲᠣᠭᠣᠷᠢᠵᠤ ᠠᠭᠤᠯᠠ ᠶ᠋ᠢᠨ ᠣᠷᠣᠢ ᠳ᠋ᠤ᠌ ᠭᠠᠷᠤᠭᠠᠳ᠂ ᠠᠭᠤᠯᠠ ᠬᠢᠷ᠎ᠠ ᠪᠠᠷ ᠡᠮᠦᠨᠡᠰᠢ ᠳᠣᠪᠲᠣᠯᠬᠤ ᠳ᠋ᠤ᠌ ᠥᠨᠥᠬᠢ ᠴᠢᠨᠣ᠎ᠠ ᠮᠣᠷᠢᠨ ᠤ᠋ ᠲᠦᠪᠡᠷᠭᠡᠨ ᠳ᠋ᠦ᠍ ᠳᠠᠷᠤᠭᠳᠠᠵᠤ᠂ ᠵᠡᠭᠦᠨᠰᠢ ᠳᠤᠲᠠᠭᠠᠵᠤ ᠳᠡᠢᠯᠦᠭᠰᠡᠨ ᠦᠭᠡᠢ ᠪᠠᠷᠠᠭᠤᠨᠰᠢ ᠡᠷᠭᠢᠵᠦ ,ᠰᠠᠮᠢ ᠶ᠋ᠢᠨ ᠬᠥᠨᠳᠡᠢ ᠤᠷᠤᠭᠤ ᠳᠤᠲᠠᠭᠠᠬᠤ ᠳ᠋ᠤ᠌ ᠬᠥᠨᠳᠡᠢ ᠳ᠋ᠦ᠍ ᠬᠦᠯᠢᠶᠡᠵᠦ ᠪᠠᠢᠭᠰᠠᠨ ᠰᠠᠮᠪᠠᠯ ᠡᠪᠦᠭᠡᠨ ᠲᠣᠰᠣᠨ ᠣᠷᠣᠵᠤ ᠪᠠᠷᠠᠭᠤᠨ ᠲᠠᠯ᠎ᠠ ᠪᠠᠷ ᠨᠢ ᠬᠠᠰᠢᠨ ᠳᠣᠪᠲᠣᠯᠬᠤ ᠳ᠋ᠤ᠌ ᠴᠢᠨᠣ᠎ᠠ ᠠᠷᠭ᠎ᠠ ᠪᠤᠰᠤ ᠡᠷᠭᠢᠭᠡᠳ ᠵᠡᠭᠦᠨ ᠡᠮᠦᠨᠡᠰᠢ ᠬᠣᠶᠠᠷ ᠳᠡᠭᠡᠭ ᠤ᠋ᠨ ᠳᠤᠮᠳᠠᠭᠤᠷ ᠲᠠᠯ᠎ᠠ ᠤᠷᠤᠭᠤ ᠣᠷᠣᠵᠤ᠂ ᠳᠠᠬᠢᠨ ᠡᠮᠦᠨᠡᠰᠢ ᠳᠤᠲᠠᠭᠠᠪᠠ᠃ ᠬᠣᠯᠠ ᠠᠯᠠᠭ ᠮᠣᠷᠢ ᠪᠣᠯ ᠬᠤᠰᠢᠭᠤᠨ ᠨᠠᠢᠷ ᠲᠤ᠌ ᠭᠤᠷᠪᠠ ᠤᠳᠠᠭ᠎ᠠ ᠤᠷᠤᠯᠳᠤᠵᠤ ᠪᠦᠷ ᠳᠥᠷᠪᠡ ᠡᠴᠡ ᠪᠠᠭᠤᠭᠰᠠᠨ ᠦᠭᠡᠢ ᠬᠣᠯᠠ ᠭᠦᠶᠦᠳᠡᠭ ᠬᠤᠷᠳᠤᠨ ᠮᠣᠷᠢ ᠶᠤᠮ᠃ ᠰᠠᠮᠪᠠᠯ ᠡᠪᠦᠭᠡᠨ ᠳᠤᠲᠠᠭᠠᠵᠤ ᠪᠠᠢᠬᠤ ᠴᠢᠨᠣ᠎ᠠ ᠶ᠋ᠢ ᠨᠡᠬᠡᠮᠵᠢᠯᠡᠨ ᠲᠠᠭᠤᠭᠰᠠᠭᠠᠷ ᠤᠷᠲᠤ ᠭᠣᠣ ᠶ᠋ᠢᠨ ᠠᠮᠠ ᠬᠦᠷᠬᠦ ᠦᠶ᠎ᠡ ᠳ᠋ᠦ᠍ ᠴᠢᠨᠣ᠎ᠠ ᠶ᠋ᠢ ᠭᠦᠢᠴᠡᠵᠦ ᠤᠷᠭᠠᠯᠠᠭᠠᠳ ᠴᠠᠪᠢ ᠪᠠᠷ ᠨᠢ ᠬᠤᠢᠪᠢ ᠪᠠᠨ ᠲᠣᠭᠲᠠᠭᠠᠵᠤ ᠣᠷᠢᠶᠠᠵᠤ ᠠᠪᠤᠩᠭᠤᠲᠠ ᠮᠣᠷᠢ ᠪᠠᠨ ᠡᠷᠭᠢᠭᠦᠯᠦᠨ ᠴᠢᠷᠴᠦ ᠭᠦᠶᠦᠯᠭᠡᠭᠰᠡᠭᠡᠷ ᠫᠧᠷᠯᠡᠢ ᠶ᠋ᠢᠨ ᠥᠭᠡᠳᠡ ᠡᠴᠡ ᠢᠷᠡᠬᠦ ᠳ᠋ᠦ᠍ ᠫᠧᠷᠯᠡᠢ ᠲᠣᠰᠣᠨ ᠠᠪᠴᠤ ᠪᠠᠰᠠ ᠨᠢᠭᠡ ᠡᠷᠭᠢᠭᠦᠯᠵᠦ ᠢᠷᠡᠭᠡᠳ ᠦᠵᠡᠬᠦ ᠳ᠋ᠦ᠍ ᠴᠢᠨᠣ᠎ᠠ ᠨᠢᠭᠡᠨᠲᠡ ᠮᠠᠨᠠᠷᠠᠭᠰᠠᠨ ᠪᠠᠢᠨ᠎ᠠ᠃ ᠡᠨᠡ ᠦᠶ᠎ᠡ ᠳ᠋ᠦ᠍ ᠫᠧᠷᠯᠡᠢ ᠮᠣᠷᠢᠨ ᠠ᠋ᠴᠠ ᠪᠠᠨ ᠦᠰᠦᠷᠦᠨ ᠪᠠᠭᠤᠵᠤ᠂ ᠵᠥᠪ ᠲᠠᠯ᠎ᠠ ᠶ᠋ᠢᠨ ᠳᠥᠷᠥᠭᠡ ᠪᠡᠨ ᠰᠤᠭᠤᠯᠤᠨ ᠠᠪᠤᠭᠠᠳ ᠴᠢᠨᠣ᠎ᠠ ᠶ᠋ᠢᠨ ᠬᠠᠷ᠎ᠠ ᠬᠠᠮᠠᠷ ᠤᠷᠤᠭᠤ ᠨᠢᠭᠡᠯᠡ ᠲᠠᠯᠪᠢᠵᠤ ᠴᠢᠨᠣ᠎ᠠ ᠶ᠋ᠢ ᠠᠯᠠᠭᠰᠠᠨ ᠪᠠᠢᠪᠠ᠃ ᠲᠡᠷᠡ ᠦᠶ᠎ᠡ ᠳ᠋ᠦ᠍ ᠮᠠᠯᠵᠢᠬᠤ ᠣᠷᠣᠨ ᠳ᠋ᠤ᠌ ᠴᠢᠨᠣ᠎ᠠ ᠠᠯᠠᠬᠤ ᠶ᠋ᠢ ᠤᠷᠢᠶᠠᠯᠠᠵᠤ ᠪᠠᠢᠭᠰᠠᠨ ᠲᠤᠯᠠ ᠪᠠᠭ᠎ᠠ ᠪᠠᠷᠢᠭᠠᠳᠠ᠂ ᠶᠡᠬᠡ ᠪᠠᠷᠢᠭᠠᠳᠠ ᠳᠠᠮ ᠳᠠᠮ ᠢ᠋ᠶ᠋ᠠᠷ ᠭᠦᠩᠱᠧ ᠳ᠋ᠦ᠍ ᠴᠢᠨᠣ᠎ᠠ ᠠᠯᠠᠭᠰᠠᠨ ᠢ᠋ ᠨᠢ ᠮᠡᠳᠡᠭᠦᠯᠦᠭᠰᠡᠨ ᠳ᠋ᠦ᠍ ᠨᠢᠭᠡ ᠡᠳᠦᠷ ᠪᠠᠭᠠᠲᠤᠷ ᠱᠦᠵᠢ ᠰᠠᠢᠬᠠᠨ ᠴᠠᠪᠢᠳᠠᠷ ᠮᠣᠷᠢ ᠤᠨᠤᠵᠤ ᠶᠡᠬᠡ ᠪᠠᠷᠢᠭᠠᠳᠠ ᠳᠡᠭᠡᠷ᠎ᠡ ᠢᠷᠡᠭᠡᠳ᠂ ᠶᠡᠬᠡ ᠪᠠᠷᠢᠭᠠᠳᠠ ᠶ᠋ᠢᠨ ᠳᠠᠷᠤᠭ᠎ᠠ ᠰᠠᠩᠪᠤ ᠲᠠᠢ ᠬᠣᠶᠠᠭᠤᠯᠠ ᠰᠠᠮᠪᠠᠯ᠂ ᠫᠧᠷᠯᠡᠢ ᠬᠣᠶᠠᠷ ᠢ᠋ ᠳᠠᠭᠤᠳᠠᠭᠠᠳ ᠴᠢᠨᠣ᠎ᠠ ᠤᠷᠭᠠᠯᠠᠭᠰᠠᠨ ᠶᠠᠪᠤᠳᠠᠯ ᠢ᠋ ᠰᠠᠢᠰᠢᠶᠠᠵᠤ᠂ ᠲᠦᠷᠦᠭᠦᠦ ᠬᠡᠳᠦᠨ ᠡᠳᠦᠷ ᠤ᠋ᠨ ᠰᠤᠭᠤ ᠠᠯᠠᠭᠠᠳ ᠲᠣᠷᠭᠠᠭᠰᠠᠨ ᠲᠣᠷᠭᠠᠭᠤᠯᠢ ᠶ᠋ᠢ ᠨᠢ ᠬᠡᠯᠲᠦᠷᠢᠭᠦᠯᠦᠭᠰᠡᠨ ᠪᠥᠭᠡᠳ ᠪᠠᠰᠠ ᠬᠥᠮᠦᠨ ᠪᠦᠷᠢ ᠶ᠋ᠢ ᠲᠠᠪᠤᠨ ᠲᠥᠭᠥᠷᠢᠭ ᠠᠷᠠᠳ ᠤ᠋ᠨ ᠵᠣᠭᠣᠰ ᠢ᠋ᠶ᠋ᠠᠷ ᠱᠠᠩᠨᠠᠵᠤ ᠭᠡᠨ᠎ᠡ᠃ ᠲᠡᠷᠡ ᠦᠶ᠎ᠡ ᠶ᠋ᠢᠨ ᠠᠷᠠᠳ ᠤ᠋ᠨ ᠵᠣᠭᠣᠰ ᠬᠠᠮᠤᠭ ᠶᠡᠬᠡ ᠨᠢ ᠲᠠᠪᠤᠨ ᠲᠥᠭᠥᠷᠢᠭ ᠤ᠋ᠨ ᠬᠡᠪᠯᠡᠯ ᠲᠤᠯᠠ ᠲᠡᠳᠡ ᠮᠠᠰᠢ ᠶᠡᠬᠡ ᠪᠠᠶᠠᠷᠯᠠᠭᠰᠠᠨ ᠪᠠᠢᠵᠠᠢ᠃
ᠳᠥᠷᠪᠡ᠂ ᠤᠷᠭ᠎ᠠ ᠴᠢᠷᠴᠦ ᠢᠷᠡᠭᠰᠡᠨ ᠳᠠᠭ᠎ᠠ ᠶ᠋ᠢ ᠤᠷᠭᠠᠯᠠᠭᠠᠳ ᠤᠷᠰᠢᠭ ᠲᠠᠲᠠᠭᠰᠠᠨ ᠨᠢ
ᠲᠡᠷᠡ ᠦᠶ᠎ᠡ ᠳ᠋ᠦ᠍ ᠬᠠᠪᠤᠷ ᠪᠣᠯᠤᠭᠰᠠᠭᠠᠷ ᠬᠠᠮᠲᠤ ᠶ᠋ᠢᠨ ᠠᠳᠤᠭᠤ ᠶ᠋ᠢ ᠰᠦᠷᠦᠭ ᠰᠦᠷᠦᠭ ᠢ᠋ᠶ᠋ᠡᠷ ᠨᠢ ᠲᠠᠯ᠎ᠠ ᠳ᠋ᠤ᠌ ᠬᠤᠷᠢᠶᠠᠵᠤ᠂ ᠲᠠᠯ᠎ᠠ ᠤᠷᠭᠠᠯᠠᠵᠤ ᠡᠮᠨᠢᠭ ᠰᠤᠷᠭᠠᠬᠤ ᠠᠳᠤᠭᠤᠨ ᠨᠠᠭᠠᠳᠤᠮ ᠶᠡᠬᠡ ᠬᠥᠷ ᠬᠥᠭᠵᠢᠭᠡᠨ ᠲᠡᠢ ᠶᠠᠪᠤᠭᠳᠠᠵᠤ ᠪᠠᠢᠭᠰᠠᠨ ᠪᠥᠭᠡᠳ ᠨᠢᠭᠡᠳᠦᠯ ᠭᠦᠩᠱᠧ ᠶ᠋ᠢᠨ ᠳᠠᠷᠤᠭ᠎ᠠ ᠨᠠᠷ ᠡᠯ᠎ᠡ ᠪᠠᠷᠢᠭᠠᠳᠠ ᠶ᠋ᠢᠨ ᠠᠳᠤᠭᠤᠨ ᠨᠠᠭᠠᠳᠤᠮ ᠳ᠋ᠤ᠌ ᠬᠦᠷᠴᠦ᠂ ᠮᠠᠯᠴᠢᠨ ᠲᠠᠢ ᠴᠣᠭ ᠠᠳᠤᠭᠤ ᠤᠷᠭᠠᠯᠠᠬᠤ ᠶ᠋ᠢ ᠦᠵᠡᠳᠡᠭ ᠪᠠᠢᠭᠰᠠᠨ ᠶᠤᠮ᠃
1965 ᠣᠨ ᠤ᠋ ᠬᠠᠪᠤᠷ ᠴᠠᠭᠠᠡᠡᠷᠬᠢ ᠶ᠋ᠢᠨ ᠳᠡᠯ ᠤ᠋ᠨ ᠰᠤᠭᠤ ᠶ᠋ᠢᠨ ᠬᠣᠶᠠᠷ ᠭᠣᠣᠯ ᠤ᠋ᠨ ᠬᠣᠭᠣᠷᠣᠨᠳᠣᠬᠢ ᠲᠡᠭᠰᠢ ᠲᠠᠯ᠎ᠠ ᠳ᠋ᠤ᠌ ᠠᠳᠤᠭᠤ ᠬᠤᠷᠢᠶᠠᠵᠠᠢ᠃ ᠭᠦᠩᠱᠧ ᠶ᠋ᠢᠨ ᠳᠡᠳ᠋ ᠱᠦᠵᠢ ᠪᠠᠭᠠᠲᠤᠷ ᠤᠷᠭᠠᠨ ᠬᠡᠭᠡᠷ ᠮᠣᠷᠢ ᠤᠨᠤᠵᠤ᠂ ᠪᠠᠷᠠᠭᠤᠨ ᠭᠣᠣᠯ ᠤ᠋ᠨ ᠲᠠᠪᠠᠬᠠᠢ ᠠᠳᠠᠭᠣᠴᠢᠨ ᠲᠠᠢ ᠬᠣᠶᠠᠭᠤᠯᠠ ᠢᠷᠡᠪᠡ᠃ ᠲᠠᠪᠠᠬᠠᠢ ᠨᠢ ᠤᠷᠭᠠᠨ ᠤᠯᠠᠭᠠᠨ ᠮᠣᠷᠢ ᠤᠨᠤᠵᠤ ᠢᠷᠡᠭᠡᠳ ᠣᠯᠠᠨ ᠲᠠᠢ ᠬᠠᠮᠲᠤ ᠠᠳᠤᠭᠤ ᠤᠷᠭᠠᠯᠠᠨ ᠨᠠᠭᠠᠳᠴᠠᠭᠠᠵᠠᠢ᠃
ᠡᠨᠡ ᠣᠷᠣᠢ ᠫᠧᠷᠯᠡᠢ ᠴᠦ᠍ ᠭᠡᠰᠡᠨ ᠪᠠᠭ᠎ᠠ ᠬᠣᠯᠠ ᠮᠣᠷᠢ ᠪᠠᠨ ᠤᠨᠤᠵᠤ᠂ ᠭᠠᠩᠬᠤᠭᠰᠠᠨ ᠥᠨᠳᠥᠷ ᠮᠣᠢᠯ ᠤ᠋ᠨ ᠤᠷᠭ᠎ᠠ ᠪᠠᠷᠢᠵᠤ ᠭᠠᠷ ᠤ᠋ᠨ ᠡᠷᠳᠡᠮ᠂ ᠮᠣᠷᠢᠨ ᠤ᠋ ᠤᠷᠠᠯᠢᠭ ᠢ᠋ ᠣᠯᠠᠨ᠎ᠠ ᠭᠠᠢᠬᠠᠭᠤᠯᠤᠨ ᠨᠢᠭᠡᠨ ᠵᠡᠷᠭᠡ ᠮᠣᠷᠢ ᠤᠷᠭᠠᠯᠠᠪᠠ᠃ ᠨᠠᠭᠠᠳᠤᠮ ᠨᠡᠯᠢᠶᠡᠳ ᠬᠥᠭᠵᠢᠭᠡᠨ ᠲᠡᠢ ᠪᠠᠢᠭᠰᠠᠨ ᠦᠶ᠎ᠡ ᠳ᠋ᠦ᠍ ᠬᠡᠨ ᠨᠢ ᠤᠷᠭ᠎ᠠ ᠪᠠᠨ ᠠᠯᠳᠠᠭᠰᠠᠨ ᠢ᠋ ᠪᠦᠦ ᠮᠡᠳᠡ᠂ ᠭᠣᠣᠯ ᠤ᠋ᠨ ᠬᠥᠪᠡᠭᠡ ᠶ᠋ᠢ ᠳᠠᠭᠠᠵᠤ ᠨᠢᠭᠡ ᠬᠡᠭᠡᠷ ᠳᠠᠭ᠎ᠠ ᠤᠷᠭ᠎ᠠ ᠴᠢᠷᠦᠭᠡᠳ ᠢᠷᠡᠪᠡ᠃ ᠡᠨᠡ ᠦᠶ᠎ᠡ ᠳ᠋ᠦ᠍ ᠫᠧᠷᠯᠡᠢ ᠲᠣᠰᠣᠨ ᠣᠷᠣᠵᠤ᠂ ᠬᠣᠩᠰᠢᠶᠠᠷ ᠢ᠋ᠶ᠋ᠠᠷ ᠨᠢ ᠤᠷᠭᠠᠯᠠᠵᠤ ᠨᠢᠭᠡᠯᠡ ᠲᠠᠲᠠᠭᠰᠠᠨ ᠴᠢᠨᠢ ᠳᠠᠭ᠎ᠠ ᠴᠢᠨᠠᠭᠰᠢ ᠲᠣᠯᠣᠭᠠᠢ ᠪᠠᠨ ᠬᠦᠴᠦᠲᠡᠢ ᠰᠠᠪᠠᠵᠤ ᠤᠨᠠᠭᠠᠳ ᠦᠬᠦᠴᠢᠬᠡᠵᠦ ᠭᠡᠨ᠎ᠡ᠃
ᠠᠳᠤᠭᠤᠨ ᠨᠠᠭᠠᠳᠤᠮ ᠲᠠᠷᠬᠠᠬᠤ ᠳ᠋ᠤ᠌ ᠫᠧᠷᠯᠡᠢ ᠠᠳᠤᠭᠤ ᠪᠠᠨ ᠬᠥᠨᠳᠡᠢ ᠥᠭᠡᠳᠡ ᠵᠠᠯᠠᠵᠤ ᠲᠠᠯᠪᠢᠭᠠᠳ ᠭᠡᠷ ᠲᠡᠭᠡᠨ ᠢᠷᠡᠵᠦ᠂ ᠪᠠᠰᠠᠯᠠ ᠲᠥᠯᠥᠪᠦᠷᠢ ᠳ᠋ᠦ᠍ ᠣᠷᠣᠯ᠎ᠠ ᠳ᠋ᠠ ᠭᠡᠵᠦ ᠰᠡᠳᠬᠢᠯ ᠵᠣᠪᠠᠵᠤ ᠬᠣᠨᠣᠪᠠ᠃ ᠵᠣᠯ ᠢ᠋ᠶ᠋ᠠᠷ ᠨᠢᠭᠡᠳᠦᠯ ᠦᠨ ᠪᠠᠭᠠᠲᠤᠷ ᠱᠦᠵᠢ ᠶᠠᠪᠤᠬᠤ ᠦᠶ᠎ᠡ ᠳ᠋ᠡᠭᠡᠨ ᠪᠠᠷᠢᠭᠠᠳᠠ ᠶ᠋ᠢᠨ ᠳᠠᠷᠤᠭ᠎ᠠ ᠨᠠᠷ ᠲᠤ᠌ ᠳᠠᠭ᠎ᠠ ᠦᠬᠦᠭᠰᠡᠨ ᠶᠠᠪᠤᠳᠠᠯ ᠪᠣᠯ ᠣᠯᠠᠨ ᠤ᠋ ᠨᠠᠭᠠᠳᠤᠮ ᠤ᠋ᠨ ᠳᠤᠮᠳᠠ ᠭᠠᠷᠤᠭᠰᠠᠨ ᠰᠠᠨᠠᠮᠰᠠᠷ ᠦᠭᠡᠢ ᠤᠴᠢᠷ᠂ ᠫᠧᠷᠯᠡᠢ ᠪᠣᠯ ᠵᠠᠯᠠᠭᠤ ᠬᠥᠮᠦᠨ᠂ ᠰᠠᠢᠨ ᠠᠳᠤᠭᠤᠴᠢᠨ᠂ ᠡᠨᠡ ᠶᠠᠪᠤᠳᠠᠯ ᠢ᠋ ᠬᠤᠪᠢ ᠬᠥᠮᠦᠨ ᠡᠴᠡ ᠬᠠᠷᠢᠭᠤᠴᠠᠯᠭ᠎ᠠ ᠨᠡᠬᠡᠵᠦ ᠪᠣᠯᠬᠤ ᠦᠭᠡᠢ ᠭᠡᠵᠦ ᠬᠡᠯᠡᠭᠡᠳ ᠶᠠᠪᠤᠵᠤ ᠭᠡᠨ᠎ᠡ᠃
ᠬᠣᠵᠢᠮ ᠨᠢ ᠡᠭᠦᠨ ᠢ᠋ ᠪᠠᠷᠢᠭᠠᠳᠠ ᠠ᠋ᠴᠠ ᠨᠢ ᠶᠠᠮᠠᠷᠴᠤ ᠶᠠᠪᠤᠳᠠᠯ ᠪᠣᠯᠭᠠᠭᠰᠠᠨ ᠦᠭᠡᠢ ᠥᠩᠭᠡᠷᠡᠭᠡᠭᠰᠡᠨ ᠪᠠᠢᠵᠠᠢ᠃ ᠣᠯᠠᠨ ᠵᠢᠯ ᠠᠳᠤᠭᠤ ᠬᠠᠷᠢᠭᠤᠯᠤᠭᠰᠠᠨ ᠠᠳᠠᠭᠣᠴᠢᠨ ᠫᠧᠷᠯᠡᠢ ᠶ᠋ᠢᠨ ᠠᠯᠳᠠᠷ ᠲᠤᠬᠠᠢ ᠶ᠋ᠢᠨ ᠦᠶ᠎ᠡ ᠳ᠋ᠦ᠍ ᠠᠷᠤ ᠬᠣᠷᠴᠢᠨ ᠤ᠋ ᠠᠷᠤ ᠥᠪᠥᠷ ᠢ᠋ᠶ᠋ᠡᠷ ᠨᠡᠢᠳᠡᠮ ᠲᠠᠷᠬᠠᠵᠤ ᠬᠣᠰᠢᠭᠤ ᠳᠠᠶᠠᠭᠠᠷ ᠲᠤ᠌ ᠰᠤᠷᠤᠯᠴᠠᠬᠤ ᠳᠠᠭᠤᠷᠢᠶᠠᠯ ᠪᠣᠯᠵᠤ ᠪᠠᠢᠭᠰᠠᠨ ᠢ᠋ ᠣᠳᠣ ᠶᠠᠷᠢᠬᠤ ᠳ᠋ᠤ᠌ ᠴᠤ᠌ ᠫᠧᠷᠯᠡᠢ ᠡᠪᠦᠭᠡᠨ ᠦ᠌ ᠨᠤᠲᠤᠭ ᠤᠰᠤᠨ ᠤ᠋ ᠬᠢᠨᠢ ᠪᠢᠰᠢᠷᠡᠬᠦ ᠦᠭᠡᠢ ᠬᠥᠮᠦᠨ ᠪᠠᠢᠬᠤ ᠦᠭᠡᠢ᠃
ᠤᠯᠠᠭᠠᠨᠬᠠᠳᠠ ᠬᠣᠲᠠ ᠶ᠋ᠢᠨ ᠡᠳᠦᠷ ᠦ᠋ᠨ ᠰᠣᠨᠢᠨ ᠤ᠋2014 ᠣᠨ ᠤ᠋ ᠮᠣᠩᠭᠣᠯ ᠬᠡᠪᠯᠡᠯ ᠡᠴᠡ ᠬᠠᠭᠤᠯᠪᠠ᠃ 2024 ᠣᠨ ᠤ᠋7 ᠰᠠᠷ᠎ᠠ ᠳ᠋ᠤ᠌
ᠦᠰᠦᠭ ᠠᠮᠢᠯᠠᠭᠤᠯᠤᠭᠴᠢ᠄ ᠡᠪᠤᠯᠴᠡᠴᠡᠭ
ᠦᠰᠦᠭ ᠬᠢᠨᠠᠭᠴᠢ᠄ ᠤᠷᠢᠶᠠᠩᠬᠠᠢ ᠨᠠᠷᠠᠨᠮᠠᠨᠳᠠ
