ᠪᠠᠯᠠᠷᠠᠰᠢ ᠦᠭᠡᠢ ᠦᠢᠯᠡᠰ ᠦ᠋ᠨ ᠮᠥᠷ ᠂ ᠪᠢᠰᠢᠷᠡᠯ ᠦ᠋ᠨ ᠭᠡᠭᠡᠨ ᠮᠥᠷᠥᠭᠡᠳᠦᠯБаларшгүй үйлсийн мөр , бишрэлийн гэгээн мөрөөдөл ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠯᠠᠷᠠᠰᠢ ᠦᠭᠡᠢ ᠦᠢᠯᠡᠰ ᠦ᠋ᠨ ᠮᠥᠷ ᠂ ᠪᠢᠰᠢᠷᠡᠯ ᠦ᠋ᠨ ᠭᠡᠭᠡᠨ ᠮᠥᠷᠥᠭᠡᠳᠦᠯБаларшгүй үйлсийн мөр , бишрэлийн гэгээн мөрөөдөл

ᠪᠠᠯᠠᠷᠠᠰᠢ ᠦᠭᠡᠢ ᠦᠢᠯᠡᠰ ᠦ᠋ᠨ ᠮᠥᠷ ᠂ ᠪᠢᠰᠢᠷᠡᠯ ᠦ᠋ᠨ ᠭᠡᠭᠡᠨ ᠮᠥᠷᠥᠭᠡᠳᠦᠯБаларшгүй үйлсийн мөр , бишрэлийн гэгээн мөрөөдөл

2024-07-29

669

    (ᠠᠴᠢᠲᠤ ᠠᠪᠤ ᠶ᠋ᠢᠨ ᠭᠡᠭᠡᠨ ᠳᠤᠷᠠᠳᠬᠠᠯ ᠳ᠋ᠤ᠌ ᠵᠣᠷᠢᠭᠤᠯᠪᠠ) 
                   ᠤᠷᠢᠶᠠᠩᠬᠠᠢ ᠶᠢᠨ ᠨᠠᠷᠠᠩᠭᠤᠸ᠎ᠠ 
    
    ᠮᠢᠨᠦ ᠠᠪᠤ ᠶ᠋ᠢ ᠵᠠᠩᠴᠣᠪ ᠭᠡᠳᠡᠭ᠃ ᠮᠣᠩᠭᠣᠯ ᠦᠨᠳᠦᠰᠦᠲᠡᠨ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠭᠡᠰᠢᠭᠦᠨ᠂
    1925 ᠣᠨ ᠤ᠋ 12 ᠰᠠᠷ᠎ᠠ ᠶ᠋ᠢᠨ22 ᠤ᠋ ᠡᠳᠦᠷ ᠵᠠᠷᠤᠳ ᠬᠤᠰᠢᠭᠤᠨ ᠤ᠋ ᠬᠡᠷᠴᠢᠯᠠᠭᠤ ᠰᠤᠮᠤᠨ ᠤ᠋ ᠬᠣᠶᠠᠷ ᠬᠠᠳᠠᠨ ᠠᠢᠯ ᠳ᠋ᠤ᠌ ᠣᠷᠢᠶᠠᠩᠠᠠᠠᠢ ᠠᠢᠮᠠᠭ ᠤ᠋ᠨ ᠭᠣᠨᠴᠣᠭ ᠤ᠋ᠨ ᠤᠤᠭᠠᠨ ᠬᠥᠪᠡᠭᠦᠨ ᠪᠣᠯᠤᠨ ᠵᠠᠶᠠᠭᠠᠪᠠ᠃ 
    1930 ᠣᠨ ᠳ᠋ᠤ᠌ ᠡᠪᠦᠭᠡ ᠡᠴᠢᠭᠡ ᠮᠥᠩᠬᠡ ᠮᠡᠢᠷᠡᠨ ᠢ᠋ ᠳᠠᠭᠠᠵᠤ ᠠᠷᠤ ᠬᠣᠷᠴᠢᠨ ᠬᠤᠰᠢᠭᠤᠨ ᠤ᠋ ᠬᠠᠨᠰᠦ᠋ᠮ᠎ᠡ ᠨᠤᠲᠤᠭ ᠤ᠋ᠨ ᠰᠢᠨᠠ ᠠᠢᠯ ᠳ᠋ᠤ᠌ ᠢᠷᠡᠵᠦ ᠨᠤᠲᠤᠭᠰᠢᠪᠠ᠃ (ᠲᠠᠪᠤᠨ ᠨᠠᠰᠤᠲᠠᠢ)
    1930-1934 ᠣᠨ ᠤ᠋ ᠬᠠᠪᠤᠷ ᠬᠦᠷᠲᠡᠯ᠎ᠡ ᠠᠷᠤ ᠬᠣᠷᠴᠢᠨ ᠬᠤᠰᠢᠭᠤᠨ ᠤ᠋ ᠬᠠᠨᠰᠦ᠋ᠮ᠎ᠡ ᠨᠤᠲᠤᠭ ᠤ᠋ᠨ ᠰᠢᠨᠡ ᠠᠢᠯ ᠳ᠋ᠤ᠌ ᠥᠪᠡᠷ ᠦ᠋ᠨ ᠭᠡᠷ ᠲᠡᠭᠡᠨ ᠰᠠᠭᠤᠵᠤ ᠪᠠᠢᠭᠰᠠᠨ᠃ (ᠲᠠᠪᠤ ᠠ᠋ᠴᠠ ᠶᠢᠰᠦᠨ ᠨᠠᠰᠤ ᠲᠠᠢ) 
    1934-1938 ᠣᠨ ᠤ᠋ ᠬᠠᠪᠤᠷ ᠪᠣᠯᠲᠠᠯ᠎ᠠ ᠥᠪᠡᠷᠦᠨ ᠪᠠ ᠪᠤᠰᠤᠳ ᠬᠥᠮᠦᠨ ᠦ᠌ ᠬᠣᠨᠢ ᠢᠮᠠᠭ᠎ᠠ ᠶ᠋ᠢ ᠠᠳᠤᠭᠤᠯᠠᠵᠤ ᠪᠠᠢᠭᠰᠠᠨ᠃ (ᠶᠢᠰᠦᠨ ᠨᠠᠰᠤ ᠠ᠋ᠴᠠ ᠠᠷᠪᠠᠨ ᠭᠤᠷᠪᠠ ᠨᠠᠰᠤᠲᠠᠢ)
    1938-1941 ᠣᠨ ᠪᠣᠯᠲᠠᠯ᠎ᠠ ᠬᠠᠨᠰᠦ᠋ᠮ᠎ᠡ ᠨᠤᠲᠤᠭ ᠤ᠋ᠨ ᠪᠠᠭ᠎ᠠ ᠰᠤᠷᠭᠠᠭᠤᠯᠢ ᠳ᠋ᠤ᠌ ᠰᠤᠷᠤᠯᠴᠠᠪᠠ᠃ (ᠠᠷᠪᠠᠨ ᠭᠤᠷᠪᠠ ᠠ᠋ᠴᠠ ᠠᠷᠪᠠᠨ ᠵᠢᠷᠭᠤᠭᠠᠨ ᠨᠠᠰᠤᠲᠠᠢ) 
    1942-1943 ᠣᠨ ᠤ᠋ ᠬᠠᠪᠤᠷ ᠬᠦᠷᠲᠡᠯ᠎ᠡ ᠠᠷᠤ ᠬᠣᠷᠴᠢᠨ ᠬᠤᠰᠢᠭᠤᠨ ᠤ᠋ ᠬᠣᠨᠳᠣ ᠨᠤᠲᠤᠭ ᠤ᠋ᠨ ᠦᠯᠡᠮᠵᠢ ᠵᠡᠷᠭᠡ ᠶ᠋ᠢᠨ ᠰᠤᠷᠭᠠᠭᠤᠯᠢ ᠳ᠋ᠤ᠌ ᠪᠢᠴᠢᠭ ᠦᠵᠡᠵᠦ ᠪᠠᠢᠭᠰᠠᠨ᠃ (ᠠᠷᠪᠠᠨ ᠳᠣᠯᠣᠭ᠎ᠠ ᠨᠠᠰᠤ ᠠ᠋ᠴᠠ ᠠᠷᠪᠠᠨ ᠨᠠᠢ᠍ᠮᠠᠨ)
    1944-1945 ᠣᠨ ᠬᠦᠷᠲᠡᠯ᠎ᠡ ᠬᠠᠨᠰᠦ᠋ᠮ᠎ᠡ ᠨᠤᠲᠤᠭ ᠤ᠋ᠨ ᠰᠢᠨᠠ ᠭᠠᠴᠠᠭ᠎ᠠ ᠳ᠋ᠤ᠌ ᠮᠠᠯᠴᠢᠨ ᠠᠷᠠᠳ ᠢ᠋ᠶ᠋ᠠᠷ ᠠᠮᠢᠳᠤᠷᠠᠯ ᠬᠢᠵᠦ᠂ ᠪᠠᠰᠠ ᠬᠠᠭᠠᠰ ᠵᠢᠯ ᠰᠢᠬᠠᠮ ᠭᠠᠴᠠᠭ᠎ᠠ ᠶ᠋ᠢᠨ ᠨᠠᠷᠢᠨ ᠪᠢᠴᠢᠭᠡᠴᠢ ᠶᠠᠪᠤᠵᠤ ᠪᠠᠢᠭᠰᠠᠨ ᠪᠥᠭᠡᠳ ᠡᠷᠦᠬᠡ ᠶ᠋ᠢᠨ ᠴᠡᠷᠢᠭ ᠦ᠋ᠨ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ ᠶᠠᠪᠤᠭᠰᠠᠨ ᠶᠤᠮ᠃ (ᠬᠣᠷᠢᠨ ᠨᠠᠰᠤᠲᠠᠢ) 
    1945ᠣᠨ ᠤ᠋ ᠬᠠᠪᠤᠷ ᠮᠠᠨᠵᠤ ᠤᠯᠤᠰ ᠤ᠋ᠨ ᠬᠠᠷ᠎ᠠ ᠠᠵᠢᠯ (ᠯᠤᠤ ᠬᠦᠩ) ᠳ᠋ᠦ᠍ ᠪᠠᠷᠢᠭᠳᠠᠵᠤ ᠮᠦᠭᠳᠡᠨ ᠬᠣᠲᠠᠨ ᠤ᠋ ᠶᠢᠨ ᠺᠦ ᠶ᠋ᠢᠨ ᠸᠠᠨ ᠱᠢ ᠴᠢᠶᠣᠤ ᠬᠡᠮᠡᠬᠦ ᠭᠠᠵᠠᠷ ᠶᠠᠫᠣᠨ ᠬᠥᠮᠦᠨ ᠦ᠌ ᠳᠠᠷᠤᠯᠠᠯ ᠳᠣᠣᠷ᠎ᠠ ᠬᠥᠳᠡᠯᠮᠦᠷᠢᠯᠡᠪᠡ᠃ (ᠬᠣᠷᠢᠨ ᠨᠢᠭᠡᠨ ᠨᠠᠰᠤᠲᠠᠢ)
    1946 ᠣᠨ ᠳ᠋ᠤ᠌ ᠵᠥᠪᠯᠡᠯᠲᠦ ᠶ᠋ᠢᠨ ᠤᠯᠠᠭᠠᠨ ᠠᠷᠮᠢ ᠳᠤᠮᠳᠠᠳᠤ ᠶ᠋ᠢ ᠴᠢᠯᠥᠭᠡᠯᠡᠬᠦ ᠳ᠋ᠦ᠍ ᠵᠣᠯ ᠢ᠋ᠶ᠋ᠠᠷ ᠠᠪᠤ ᠮᠢᠨᠢ ᠭᠡᠷ ᠲᠡᠭᠡᠨ ᠬᠠᠷᠢᠵᠤ ᠢᠷᠡᠵᠦ ᠥᠪᠡᠷ ᠦ᠋ᠨ ᠠᠮᠢᠳᠤᠷᠠᠯᠭ᠎ᠠ ᠪᠠᠨ ᠬᠢᠭᠰᠡᠨ ᠶᠦ᠍ᠮ᠃ (ᠬᠣᠷᠢᠨ ᠬᠣᠶᠠᠷ ᠨᠠᠰᠤᠲᠠᠢ)
    1947—1948 ᠣᠨ ᠢ᠋ᠶ᠋ᠠᠷ ᠰᠢᠨᠡ ᠠᠢᠯ ᠤ᠋ᠨ ᠢ᠋ᠶ᠋ᠠᠨ ᠨᠠᠷᠢᠨ ᠪᠢᠴᠢᠭᠡᠴᠢ᠂ 
    ᠡᠷᠦᠬᠡ ᠶ᠋ᠢᠨ ᠴᠡᠷᠢᠭ ᠦ᠋ᠨ ᠳᠠᠷᠤᠭ᠎ᠠ ᠶ᠋ᠢᠨ ᠠᠵᠢᠯ ᠢ᠋ ᠬᠢᠵᠦ ᠶᠠᠪᠤᠯ᠎ᠠ᠃ (ᠬᠣᠷᠢᠨ ᠭᠤᠷᠪᠠᠨ ᠨᠠᠰᠤᠨ ᠠ᠋ᠴᠠ ᠬᠣᠷᠢᠨ ᠳᠥᠷᠪᠡᠨ ᠨᠠᠰᠤ ᠬᠦᠷᠲᠡᠯ᠎ᠡ)
    1949ᠣᠨ ᠤ᠋ ᠬᠠᠪᠤᠷ ᠬᠠᠨᠰᠦ᠋ᠮ᠎ᠡ ᠨᠤᠲᠤᠭ ᠤ᠋ᠨ ᠨᠠᠷᠢᠨ ᠪᠢᠴᠢᠭ ᠦ᠋ᠨ ᠲᠤᠰᠠᠯᠠᠭᠴᠢ᠂ ᠡᠷᠦᠬᠡ ᠶ᠋ᠢᠨ ᠴᠡᠷᠢᠭ ᠦ᠋ᠨ ᠳᠠᠷᠤᠭ᠎ᠠ ᠶ᠋ᠢᠨ ᠠᠵᠢᠯ ᠢ᠋ ᠬᠠᠷᠢᠭᠤᠴᠠᠵᠤ ᠪᠠᠢᠪᠠ᠃  (ᠬᠣᠷᠢᠨ ᠲᠠᠪᠤᠨ ᠨᠠᠰᠤᠲᠠᠢ)
    1950 ᠣᠨ ᠤ᠋ 6 ᠰᠠᠷ᠎ᠠ ᠶ᠋ᠢᠨ1 ᠦ᠌ ᠡᠳᠦᠷ ᠳᠤᠮᠳᠠᠳᠤ ᠤᠯᠤᠰ ᠤ᠋ᠨ ᠡᠪ ᠬᠠᠮᠲᠤ ᠨᠠᠮ ᠳ᠋ᠤ᠌ ᠡᠯᠰᠡᠭᠳᠡᠨ ᠣᠷᠣᠵᠤ ᠨᠢᠭᠡ ᠵᠢᠯ ᠦ᠋ᠨ ᠣᠷᠣᠯᠠᠭᠴᠢ ᠬᠤᠭᠤᠴᠠᠭ᠎ᠠ ᠲᠠᠢ ᠪᠠᠢᠵᠤ᠂ 
    1951 ᠣᠨ ᠤ᠋ 3 ᠰᠠᠷ᠎ᠠ ᠠ᠋ᠴᠠ1955 ᠣᠨ ᠤ᠋11 ᠰᠠᠷ᠎ᠠ ᠪᠣᠯᠲᠠᠯ᠎ᠠ ᠲᠣᠣᠳ᠋ᠠᠨ ᠨᠤᠲᠤᠭ ᠤ᠋ᠨ ᠳᠣᠲᠣᠭᠠᠳᠤ ᠶ᠋ᠢ ᠬᠠᠮᠠᠭᠠᠯᠠᠬᠤ ᠲᠤᠰᠠᠯᠠᠭᠴᠢ ᠶ᠋ᠢᠨ ᠠᠵᠢᠯ ᠢ᠋ ᠬᠢᠭᠰᠡᠨ ᠪᠠᠢᠨ᠎ᠠ᠃  (ᠬᠣᠷᠢᠨ ᠵᠢᠷᠭᠤᠭᠠᠨ ᠨᠠᠰᠤᠲᠠᠢ)
    1952 ᠣᠨ ᠤ᠋ 8 ᠰᠠᠷ᠎ᠠ ᠶ᠋ᠢᠨ8 ᠤ᠋ ᠡᠳᠦᠷ ᠡᠪ ᠬᠠᠮᠲᠤ ᠨᠠᠮ ᠤ᠋ᠨ ᠭᠡᠰᠢᠭᠦᠨ ᠪᠣᠯᠤᠭᠰᠠᠨ ᠪᠠᠢᠯ᠎ᠠ᠃ (ᠬᠣᠷᠢᠨ ᠳᠣᠯᠣᠭᠠᠨ ᠨᠠᠰᠤᠲᠠᠢ)
    1953-1954 ᠣᠨ ᠳ᠋ᠤ᠌ ᠵᠢᠭᠠᠰᠤᠲᠠᠢ ᠨᠤᠲᠤᠭ ᠤ᠋ᠨ ᠳᠣᠲᠣᠭᠠᠳᠤ ᠶ᠋ᠢ ᠬᠠᠮᠠᠭᠠᠯᠠᠬᠤ ᠲᠤᠰᠠᠯᠠᠭᠴᠢ ᠶ᠋ᠢᠨ ᠠᠵᠢᠯ ᠢ᠋ ᠬᠢᠭᠰᠡᠨ ᠪᠠᠢᠨ᠎ᠠ᠃ 
    1955.12-1956.5 ᠪᠣᠯᠲᠠᠯ᠎ᠠ ᠠᠢᠮᠠᠭ ᠤ᠋ᠨ ᠳᠣᠲᠣᠭᠠᠳᠤ ᠶ᠋ᠢ ᠬᠠᠮᠠᠭᠠᠯᠠᠬᠤ ᠭᠠᠵᠠᠷ ᠲᠤ᠌ ᠰᠤᠳᠤᠯᠤᠭᠴᠢ ᠪᠠᠢᠪᠠ᠃ 
    1956.6-1958.9 ᠠᠷᠤ ᠬᠣᠷᠴᠢᠨ ᠬᠤᠰᠢᠭᠤᠨ ᠤ᠋ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠳᠡᠳ᠋ ᠲᠠᠰᠤᠭ ᠤ᠋ᠨ ᠳᠠᠷᠤᠭ᠎ᠠ ᠪᠠᠷ ᠠᠵᠢᠯᠯᠠᠪᠠ᠃ 
    1958.9-1959.5 ᠪᠣᠯᠲᠠᠯ᠎ᠠ ᠬᠥᠬᠡᠠᠠᠣᠳ᠋ᠠ ᠳ᠋ᠤ᠌《ᠥᠪᠥᠷ ᠮᠣᠩᠭᠣᠯ ᠤ᠋ᠨ ᠳᠣᠲᠣᠭᠠᠳᠤ ᠶ᠋ᠢ ᠬᠠᠮᠠᠭᠠᠯᠠᠬᠤ ᠰᠤᠷᠭᠠᠭᠤᠯᠢ》 ᠳ᠋ᠤ᠌ ᠰᠤᠷᠤᠯᠴᠠᠵᠤ ᠪᠠᠢᠪᠠ᠃ 
    1959.6-1961.12 ᠠᠷᠤ ᠬᠣᠷᠴᠢᠨ ᠬᠤᠰᠢᠭᠤᠨ ᠤ᠋ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠳᠡᠳ᠋ ᠲᠠᠰᠤᠭ ᠤ᠋ᠨ ᠳᠠᠷᠤᠭ᠎ᠠ ᠶ᠋ᠢᠨ ᠠᠵᠢᠯ ᠢ᠋ᠶ᠋ᠠᠨ ᠦᠷᠭᠦᠯᠵᠢᠯᠡᠨ ᠬᠢᠭᠰᠡᠨ ᠶᠦ᠍ᠮ᠃ 
    1962-1968 ᠬᠦᠷᠲᠡᠯ᠎ᠡ ᠪᠠᠶᠠᠠᠠᠣᠠᠳ᠋ᠣᠷ ᠨᠢᠭᠡᠳᠦᠯ ᠳ᠋ᠦ᠍ ᠨᠤᠲᠤᠭ ᠤ᠋ᠨ ᠳᠣᠲᠣᠭᠠᠳᠤ ᠶ᠋ᠢ ᠬᠠᠮᠠᠭᠠᠯᠠᠬᠤ ᠰᠠᠯᠪᠤᠷᠢ ᠶ᠋ᠢᠨ ᠳᠠᠷᠤᠭ᠎ᠠ ᠶ᠋ᠢᠨ ᠠᠵᠢᠯ ᠢ᠋ ᠬᠢᠭᠰᠡᠨ ᠪᠠᠢᠨ᠎ᠠ᠃ 
    1968 ᠣᠨ ᠳ᠋ᠤ᠌ ᠠᠪᠤ《ᠰᠢᠨ᠎ᠡ ᠥᠪᠥᠷ ᠠᠷᠠᠳ ᠤ᠋ᠨ ᠨᠠᠮᠲᠠᠨ》ᠢ᠋ᠶ᠋ᠠᠷ ᠰᠡᠵᠢᠭᠯᠡᠭᠳᠡᠨ ᠬᠢᠯᠢᠰ ᠭᠦᠵᠢᠷ ᠢ᠋ ᠬᠠᠨᠲᠠᠯ᠎ᠠ ᠠᠮᠰᠠᠵᠤ ᠭᠦᠢᠴᠡᠳ ᠡᠳ᠋ᠯᠡᠪᠡ᠃ 
    1978 ᠣᠨ ᠤ᠋ 6 ᠰᠠᠷ᠎ᠠ ᠳ᠋ᠤ᠌ ᠬᠢᠯᠢᠰ ᠢ᠋ ᠨᠢ ᠴᠠᠭᠠᠣᠠᠠᠠᠠᠵᠤ ᠥᠭᠭᠦᠭᠰᠡᠨ ᠡᠴᠡ ᠪᠠᠶᠠᠠᠠᠣᠠᠳ᠋ᠣᠷ ᠨᠢᠭᠡᠳᠦᠯ ᠳ᠋ᠦ᠍ ᠠᠷᠠᠳ ᠤ᠋ᠨ ᠵᠠᠰᠠᠭ ᠤ᠋ᠨ ᠣᠷᠳᠣᠨ ᠤ᠋ ᠲᠤᠰᠠᠯᠠᠭᠴᠢ᠂ ᠡᠷᠡᠭᠦᠯ ᠬᠠᠮᠠᠭᠠᠯᠠᠯ ᠤ᠋ᠨ ᠬᠣᠷᠢᠶᠠᠨ ᠤ᠋ ᠳᠠᠷᠤᠭ᠎ᠠ᠂ ᠣᠢ ᠰᠢᠭᠤᠢ ᠶ᠋ᠢᠨ ᠠᠵᠢᠯ ᠤ᠋ᠨ ᠲᠤᠰᠠᠯᠠᠭᠴᠢ ᠵᠡᠷᠭᠡ ᠡᠭᠦᠷᠭᠡ ᠲᠤᠰᠢᠶᠠᠯ ᠢ᠋ ᠬᠠᠷᠢᠭᠤᠴᠠᠵᠤ ᠶᠠᠪᠤᠭᠠᠳ1980 ᠣᠨ ᠤ᠋ 5 ᠰᠠᠷ᠎ᠠ ᠳ᠋ᠤ᠌ ᠠᠵᠢᠯ ᠡᠴᠡ ᠪᠡᠨ ᠳᠠᠷᠬᠠᠯᠠᠭᠳᠠᠪᠠ᠃ 
    2017 ᠣᠨ ᠤ᠋ 3 ᠤ᠋ 13 ᠤ᠋ ᠡᠳᠦᠷ ᠠᠪᠤ ᠮᠢᠨᠢ ᠶᠡᠷᠡᠨ ᠳᠥᠷᠪᠡᠨ ᠨᠠᠰᠤᠨ ᠤ᠋ ᠥᠨᠳᠥᠷ ᠪᠤᠶᠠᠨ ᠲᠠᠢ ᠲᠩᠷᠢ ᠳ᠋ᠦ᠍ ᠬᠠᠯᠢᠭᠰᠠᠨ ᠪᠢᠯᠡ᠃ 
    ᠠᠪᠤ ᠮᠢᠨᠢ ᠪᠠᠭ᠎ᠠ ᠨᠠᠰᠤᠨ ᠠ᠋ᠴᠠ ᠪᠠᠨ ᠠᠵᠢᠯ ᠬᠥᠳᠡᠯᠮᠦᠷᠢ ᠳ᠋ᠦ᠍ ᠰᠠᠢᠨ ᠣᠷᠣᠯᠴᠠᠳᠠᠭ ᠪᠠᠢᠭᠰᠠᠨ ᠭᠡᠳᠡᠭ᠃ ᠠᠪᠤ ᠶ᠋ᠢ ᠮᠢᠨᠢ ᠠᠷᠪᠠᠨ ᠭᠤᠷᠪᠠᠨ ᠨᠠᠰᠤᠲᠠᠢ ᠵᠢᠯ ᠳ᠋ᠦ᠍ ᠡᠪᠦᠭᠡ ᠬᠠᠯᠠᠭᠤᠨ ᠲᠣᠮᠣᠭᠣ ᠡᠪᠡᠳᠴᠢᠨ ᠢ᠋ᠶ᠋ᠡᠷ ᠨᠠᠰᠤ ᠪᠠᠷᠠᠭᠰᠠᠨ ᠲᠤᠯᠠ ᠡᠪᠦᠭᠡ ᠪᠡᠨ ᠳᠠᠭᠠᠵᠤ ᠶᠠᠪᠤᠭᠰᠠᠭᠠᠷ ᠬᠥᠯ ᠳ᠋ᠦ᠍ ᠣᠷᠣᠭᠰᠠᠨ ᠶᠤᠮ᠃ 
    ᠲᠡᠷᠡ ᠬᠡᠦᠬᠡᠳ ᠬᠢ ᠪᠡᠨ ᠬᠠᠮᠤᠭ ᠠᠬ᠎ᠠ ᠪᠣᠯᠤᠭᠰᠠᠨ ᠤ᠋ ᠬᠤᠪᠢ ᠠ᠋ᠴᠠ ᠭᠡᠷ ᠦ᠋ᠨ ᠳᠣᠲᠣᠷ᠎ᠠ ᠭᠠᠳᠠᠨᠠᠬᠢ ᠬᠦᠨᠳᠦ ᠬᠥᠩᠭᠡᠨ ᠠᠯᠢᠪᠠ ᠠᠵᠢᠯ ᠬᠤᠷᠠᠭ᠎ᠠ ᠢᠰᠢᠭᠡ ᠲᠤᠭᠤᠯ ᠬᠠᠷᠢᠭᠤᠯᠬᠤ᠂ ᠬᠣᠨᠢ ᠮᠠᠯ ᠳ᠋ᠤ᠌ ᠶᠠᠪᠤᠬᠤ᠂ ᠭᠡᠷ ᠣᠷᠣᠨ ᠴᠡᠪᠡᠷᠯᠡᠬᠦ᠂ ᠤᠰᠤ ᠳᠠᠮᠨᠠᠬᠤ᠂ ᠠᠷᠭᠠᠯ ᠲᠡᠭᠦᠬᠦ᠂ ᠴᠥᠪᠥᠳᠡᠯ ᠲᠦᠯᠡᠭᠡ ᠠᠪᠬᠤ᠂ ᠮᠣᠷᠢ ᠠᠷᠭᠠᠮᠵᠢᠬᠤ᠂᠂᠂᠂᠂ ᠵᠡᠷᠭᠡ ᠬᠢᠵᠦ ᠳᠡᠢᠯᠬᠦ ᠬᠡᠪᠴᠢᠶᠡᠨ ᠳ᠋ᠦ᠍ ᠪᠡᠨ ᠡᠵᠢ ᠪᠡᠨ ᠬᠠᠪᠰᠤᠷᠤᠨ ᠠᠵᠢᠯ ᠬᠢᠳᠡᠭ ᠪᠠᠢᠭᠰᠠᠨ᠃ 
    1938ᠣᠨ ᠳ᠋ᠤ᠌ ᠳᠤᠮᠳᠠᠳᠤ ᠢᠷᠭᠡᠨ ᠤᠯᠤᠰ ᠤ᠋ᠨ ᠪᠠᠢᠭᠤᠯᠤᠭᠰᠠᠨ ᠬᠠᠨᠰᠦ᠋ᠮ᠎ᠡ ᠨᠤᠲᠤᠭ ᠤ᠋ᠨ ᠪᠠᠭ᠎ᠠ ᠰᠤᠷᠭᠠᠭᠤᠯᠢ ᠳ᠋ᠤ᠌ ᠰᠤᠷᠤᠯᠴᠠᠵᠤ ᠮᠣᠩᠭᠣᠯ ᠬᠢᠲᠠᠳ ᠶᠠᠫᠣᠨ ᠭᠤᠷᠪᠠᠨ ᠬᠡᠯᠡ ᠪᠢᠴᠢᠭ ᠰᠤᠷᠴᠤ᠂ 1942 ᠣᠨ ᠳ᠋ᠤ᠌ ᠬᠣᠨᠳᠣ ᠨᠤᠲᠤᠭ ᠤ᠋ᠨ ᠦᠯᠡᠮᠵᠢ ᠵᠡᠷᠭᠡ ᠶ᠋ᠢᠨ ᠰᠤᠷᠭᠠᠭᠤᠯᠢ ᠳ᠋ᠤ᠌ ᠪᠢᠴᠢᠭ ᠦᠵᠡᠵᠦ ᠪᠠᠢᠭᠰᠠᠨ ᠪᠢᠯᠡ᠃ ᠬᠣᠷᠢᠨ ᠨᠢᠭᠡᠨ ᠨᠠᠰᠤᠲᠠᠢ ᠮᠠᠨᠵᠤ ᠤᠯᠤᠰ ᠤ᠋ᠨ (ᠯᠤᠤ ᠬᠦᠩ) ᠳ᠋ᠦ᠍ ᠪᠠᠷᠢᠴᠠᠭᠠᠨ ᠤ᠋ ᠠᠵᠢᠯᠴᠢᠨ ᠢ᠋ᠶ᠋ᠠᠷ ᠪᠠᠷᠢᠭᠳᠠᠵᠤ ᠮᠦᠭᠳᠡᠨ ᠬᠣᠲᠠᠨ ᠤ᠋ ᠶᠢᠨ ᠺᠦ ᠶ᠋ᠢᠨ ᠸᠠᠨ ᠱᠢ ᠴᠢᠶᠣᠤ ᠬᠡᠮᠡᠬᠦ ᠭᠠᠵᠠᠷ ᠬᠥᠳᠡᠯᠮᠦᠷᠢᠯᠡᠪᠡ᠃ 
    ᠲᠤᠬᠠᠢ ᠶ᠋ᠢᠨ ᠦᠶ᠎ᠡ ᠳ᠋ᠦ᠍ ᠬᠥᠭᠥᠷᠭᠡ ᠶ᠋ᠢᠨ ᠠᠵᠢᠯ᠂ ᠨᠢᠰᠬᠡᠯ ᠦ᠋ᠨ ᠲᠠᠯᠠᠪᠠᠢ ᠳᠡᠪᠢᠰᠬᠦ ᠵᠡᠷᠭᠡ ᠬᠦᠨᠳᠦ ᠬᠡᠴᠡᠭᠦᠦ ᠠᠵᠢᠯ ᠢ᠋ ᠬᠢᠬᠦ ᠶᠠᠪᠤᠴᠠ ᠳ᠋ᠤ᠌ ᠬᠣᠭᠣᠯᠠ ᠤᠮᠳᠠ ᠳ᠋ᠤ᠌ ᠪᠠᠨ ᠴᠠᠣᠠᠠᠠᠤ ᠦᠭᠡᠢ᠂ ᠬᠠᠷ᠎ᠠ ᠰᠢᠷᠣᠢ᠂ ᠴᠢᠯᠠᠭᠤ ᠶ᠋ᠢ ᠬᠣᠶᠠᠷ ᠮᠥᠷᠦᠨ ᠦ᠌ ᠬᠦᠴᠦᠨ ᠳ᠋ᠦ᠍ ᠪᠡᠨ ᠲᠦᠰᠢᠵᠦ ᠬᠥᠯ ᠨᠢᠴᠦᠭᠦᠨ ᠢ᠋ᠶ᠋ᠡᠷ ᠬᠠᠯᠠᠭᠤᠨ ᠬᠦᠢᠲᠡᠨ ᠢ᠋ ᠬᠠᠢ᠍ᠢᠠᠠᠣᠷᠣᠯ ᠦᠭᠡᠢ ᠬᠠᠰᠢᠷᠠᠲᠠᠯ᠎ᠠ ᠬᠢᠭᠰᠡᠨ ᠪᠥᠭᠡᠳ ᠬᠠᠯᠠᠵᠤ ᠡᠮᠦᠰᠬᠦ ᠬᠤᠪᠴᠠᠰᠤ ᠦᠭᠡᠢ ᠦᠢᠯᠡ ᠲᠠᠮᠤ ᠪᠠᠨ ᠠᠮᠰᠠᠵᠤ ᠪᠠᠢᠯ᠎ᠠ ᠁
    ᠶᠠᠳᠠᠷᠠᠵᠤ ᠦᠬᠦᠭᠰᠡᠨ ᠨᠢᠭᠡᠨ ᠢ᠋ ᠨᠢ ᠲᠤᠬᠠᠢ ᠭᠠᠵᠠᠷ ᠤ᠋ᠨ ᠠᠵᠢᠯ ᠤ᠋ᠨ ᠲᠠᠯᠠᠪᠠᠢ ᠳ᠋ᠤ᠌ ᠨᠢ ᠪᠤᠯᠠᠭᠠᠳ ᠬᠠᠶᠠᠴᠢᠬᠠᠳᠠᠭ ᠪᠥᠭᠡᠳ ᠳᠤᠲᠠᠭᠠᠵᠤ ᠣᠷᠭᠣᠠᠠᠰᠠᠣᠨ ᠢ᠋ ᠫᠤᠤᠳᠠᠵᠤ ᠴᠡᠭᠡᠷᠯᠡᠯ ᠦᠵᠡᠭᠦᠯᠳᠡᠭ ᠪᠠᠢᠭᠰᠠᠨ ᠭᠡᠳᠡᠭ᠃ ᠡᠳᠦᠷᠵᠢᠨ ᠥᠨᠳᠥᠷ ᠬᠡᠷᠡᠮ ᠦ᠋ᠨ ᠳᠣᠲᠣᠷ᠎ᠠ ᠬᠠᠷᠠᠭᠤᠯ ᠮᠠᠨᠠᠭ᠎ᠠ ᠲᠠᠢ ᠬᠠᠷ᠎ᠠ ᠬᠥᠯᠥᠰᠥ ᠪᠡᠨ ᠰᠢᠪᠬᠡᠷᠡᠲᠡᠯ᠎ᠡ ᠠᠵᠢᠯ ᠬᠢᠳᠡᠭ ᠪᠠᠢᠵᠠᠢ᠃ ᠲᠡᠷᠡ ᠦᠶ᠎ᠡ ᠳ᠋ᠦ᠍ ᠠᠪᠤ ᠬᠠᠷ᠎ᠠ ᠠᠵᠢᠯ ᠪᠢᠲᠡᠭᠡᠢ ᠬᠢᠶ᠎ᠡ ᠭᠡᠵᠦ ᠪᠣᠳᠣᠪᠠᠴᠤ ᠴᠢᠳᠠᠯ ᠬᠢᠷᠢ ᠬᠡᠮᠵᠢᠶ᠎ᠡ ᠬᠦᠷᠦᠯᠴᠡᠬᠦ ᠦᠭᠡᠢ ᠤᠴᠢᠷ ᠠ᠋ᠴᠠ ᠠᠷᠭ᠎ᠠ ᠦᠭᠡᠢ ᠳᠠᠷᠤᠯᠠᠭᠳᠠᠯ ᠤ᠋ᠨ ᠳᠣᠣᠷ᠎ᠠ ᠠᠵᠢᠯ ᠢ᠋ᠶ᠋ᠠᠨ ᠬᠢᠵᠦ ᠵᠠᠷᠢᠮ ᠴᠠᠭ ᠲᠤ ᠪᠠᠨ ᠪᠤᠰᠤᠳ ᠠᠵᠢᠯ ᠳ᠋ᠤ᠌ ᠣᠷᠣᠠᠠᠤ ᠪᠤᠶᠤ ᠭᠡᠷ ᠲᠡᠭᠡᠨ ᠤᠷᠭᠤᠨ ᠬᠠᠷᠢᠵᠤ ᠠᠮᠢᠳᠤᠷᠠᠯ ᠢ᠋ᠶ᠋ᠠᠨ ᠬᠢᠬᠦ ᠶ᠋ᠢ ᠪᠣᠳᠣᠵᠤ ᠪᠠᠢᠯ᠎ᠠ ᠭᠡᠰᠡᠨ᠃ ᠲᠤᠬᠠᠢ ᠶ᠋ᠢᠨ ᠦᠶ᠎ᠡ ᠳ᠋ᠦ᠍ ᠠᠪᠤ ᠲᠠᠢ ᠬᠠᠮᠲᠤ ᠬᠠᠷ᠎ᠠ ᠠᠵᠢᠯ ᠳ᠋ᠤ᠌ ᠪᠠᠷᠢᠭᠳᠠᠵᠤ ᠶᠠᠪᠤᠭᠰᠠᠨ ᠬᠥᠮᠦᠰ ᠡᠴᠡ ᠲᠣᠭ᠎ᠠ ᠲᠠᠢ ᠬᠡᠳᠦᠬᠡᠨ ᠨᠢ ᠠᠮᠢᠳᠤ ᠦᠯᠡᠳᠡᠵᠦ ᠨᠤᠲᠤᠭ ᠲᠤ᠌ ᠪᠠᠨ ᠪᠤᠴᠠᠯ᠎ᠠ ᠭᠡᠵᠦ ᠬᠠᠯᠠ ᠲᠠᠮᠤ ᠠᠮᠰᠠᠵᠤ ᠶᠠᠪᠤᠭᠰᠠᠨ ᠬᠥᠮᠦᠰ ᠢ᠋ᠶ᠋ᠡᠨ ᠨᠡᠷ᠎ᠡ ᠵᠢᠯ ᠲᠡᠢ ᠨᠢ ᠳᠤᠷᠠᠰᠤᠨ ᠶᠠᠷᠢᠳᠠᠭ ᠪᠠᠢᠭᠰᠠᠨ ᠶᠤᠮᠰᠠᠨ᠃ 
    1946 ᠣᠨ ᠳ᠋ᠤ᠌ ᠬᠣᠷᠢᠨ ᠬᠣᠶᠠᠷ ᠨᠠᠰᠤᠲᠠᠢ ᠳ᠋ᠤ᠌ ᠵᠥᠪᠯᠡᠯᠲᠦ ᠶ᠋ᠢᠨ ᠤᠯᠠᠭᠠᠨ ᠠᠷᠮᠢ ᠥᠪᠥᠷ ᠮᠣᠩᠭᠣᠯ ᠳ᠋ᠤ᠌ ᠣᠷᠣᠵᠤ ᠢᠷᠡᠭᠰᠡᠨ ᠳ᠋ᠦ᠍ ᠵᠣᠯ ᠢ᠋ᠶ᠋ᠠᠷ ᠠᠪᠤ ᠮᠢᠨᠢ ᠭᠡᠷ ᠲᠡᠭᠡᠨ ᠬᠠᠷᠢᠵᠤ ᠢᠷᠡᠵᠦ ᠥᠪᠡᠷ ᠦ᠋ᠨ ᠠᠮᠢᠳᠤᠷᠠᠯᠭ᠎ᠠ ᠪᠠᠨ ᠬᠢᠭᠰᠡᠨ ᠶᠦᠮ᠃ ᠬᠠᠷᠢᠵᠤ ᠢᠷᠡᠬᠦ ᠵᠠᠮ ᠳ᠋ᠤ᠌ ᠪᠠᠨ ᠬᠥᠯ ᠨᠢᠴᠦᠭᠦᠨ ᠢ᠋ᠶ᠋ᠡᠷ ᠮᠦᠭᠳᠡᠨ ᠬᠣᠲᠠᠨ ᠠ᠋ᠴᠠ ᠶᠠᠪᠠᠭᠠᠨ ᠢ᠋ᠶ᠋ᠠᠷ ᠠᠯᠠᠠᠣᠵᠤ ᠢᠷᠡᠯ᠎ᠡ ᠭᠡᠳᠡᠭ᠃ ᠲᠤᠬᠠᠢ ᠶ᠋ᠢᠨ ᠦᠶ᠎ᠡ ᠳ᠋ᠦ᠍ ᠵᠠᠮ ᠵᠠᠭᠤᠷ᠎ᠠ ᠲᠠᠷᠢᠶᠠᠴᠢᠨ ᠠᠢᠯ ᠠ᠋ᠴᠠ ᠲᠠᠬᠢᠶᠠᠨ ᠥᠨᠳᠡᠭᠡ᠂ ᠠᠮᠤ ᠬᠦᠨᠡᠰᠦ᠂ ᠤᠰᠤ ᠣᠯᠵᠤ ᠤᠮᠳᠠ ᠬᠣᠭᠣᠯᠠ ᠪᠠᠨ ᠵᠠᠯᠭᠠᠵᠤ ᠬᠡᠭᠡᠷ᠎ᠡ ᠬᠣᠨᠣᠵᠤ ᠬᠡᠲᠡ ᠳᠡᠷᠡᠯᠡᠨ ᠨᠤᠲᠤᠭ ᠲᠤ᠌ ᠪᠠᠨ ᠢᠷᠡᠬᠦ ᠦᠶ᠎ᠡ ᠳ᠋ᠦ᠍ ᠬᠥᠯ ᠦ᠋ᠨ ᠤᠯᠠ ᠨᠢ ᠡᠪᠡᠷᠰᠢᠨ ᠬᠠᠲᠠᠭᠤᠷᠠᠵᠤ ᠨᠢᠭᠡ ᠳᠠᠪᠬᠤᠷᠭ᠎ᠠ ᠬᠣᠭᠵᠢᠷᠠᠨ ᠤᠨᠠᠯ᠎ᠠ ᠭᠡᠳᠡᠭ᠃ ᠣᠯᠠᠨ ᠡᠳᠦᠷ ᠶᠠᠳᠠᠷᠠᠵᠤ ᠵᠦᠳᠡᠷᠡᠭᠰᠡᠨ ᠡᠴᠡ ᠬᠠᠯᠠᠭᠤᠨ ᠡᠪᠡᠳᠴᠢᠨ ᠳ᠋ᠦ᠍ ᠬᠦᠨᠳᠦ ᠨᠡᠷᠪᠡᠭᠳᠡᠨ ᠨᠤᠲᠤᠭ ᠤ᠋ᠨ ᠯᠠᠮ᠎ᠠ ᠡᠮᠴᠢ ᠶ᠋ᠢᠨ ᠰᠠᠢᠨ ᠢ᠋ᠶ᠋ᠠᠷ ᠲᠡᠩᠬᠡᠷᠡᠯ᠎ᠡ ᠭᠡᠳᠡᠭ ᠶᠤᠮᠰᠠᠨ᠃ ᠡᠨᠡ ᠦᠶ᠎ᠡ ᠶ᠋ᠢᠨ ᠪᠣᠳᠣᠯᠭ᠎ᠠ ᠪᠣᠯ ᠥᠪᠡᠷ ᠦ᠋ᠨ ᠠᠮᠢᠳᠤᠷᠠᠯ ᠢ᠋ᠶ᠋ᠠᠨ ᠰᠠᠢᠵᠢᠷᠠᠭᠤᠯᠪᠠᠯ ᠪᠣᠯᠤᠨ᠎ᠠ᠂ ᠪᠤᠰᠤᠳ ᠶᠠᠮᠠᠷᠴᠤ ᠠᠵᠢᠯ ᠳ᠋ᠤ᠌ ᠣᠷᠣᠯᠴᠠᠠᠠᠤ ᠦᠭᠡᠢ ᠭᠡᠵᠦ ᠵᠣᠷᠢᠭ ᠰᠢᠭᠤᠳᠤᠭᠰᠠᠨ ᠪᠠᠢᠵᠠᠢ᠃ ᠲᠤᠬᠠᠢ ᠶ᠋ᠢᠨ ᠦᠶ᠎ᠡ ᠳ᠋ᠦ᠍ ᠭᠡᠷ ᠦ᠋ᠨ ᠠᠮᠢᠳᠤᠷᠠᠯ ᠤ᠋ᠨ ᠪᠠᠢᠳᠠᠯ ᠳᠤᠮᠳᠠ ᠲᠥᠯᠥᠪᠲᠡᠢ᠂ ᠪᠤᠲᠠ ᠮᠠᠯ 22 ᠲᠣᠯᠣᠭᠠᠢ᠂ ᠪᠤᠭ ᠮᠠᠯ 50 ᠲᠣᠯᠣᠭᠠᠢ᠂ ᠡᠯᠵᠢᠭᠡ 2 ᠲᠣᠯᠣᠭᠠᠢ᠂ ᠲᠡᠷᠭᠡ 2᠂ ᠮᠣᠩᠭᠣᠯ ᠭᠡᠷ 2 ᠭᠡᠷ ᠲᠡᠭᠡᠨ ᠬᠣᠶᠠᠷ ᠡᠬᠡ ᠪᠤᠮᠰᠠᠢ᠂ ᠰᠠᠮᠠᠭ᠎ᠠ᠂ ᠬᠣᠶᠠᠷ ᠥᠬᠢᠨ ᠳᠡᠭᠦᠦ ᠯᠦᠭ᠍ᠫᠸᠢ ᠭᠠᠷᠠᠢᠮ᠎ᠠ᠂ ᠬᠦᠦ ᠳᠡᠭᠦᠦ ᠫᠧᠷᠯᠡᠢ᠂ ᠳᠡᠭᠦᠦ ᠯᠠᠮ᠎ᠠ ᠰᠠᠮᠫᠢᠯ ᠡᠬᠡᠨᠡᠷ ᠴᠠᠭᠰᠤᠯᠮ᠎ᠠ᠂ ᠥᠬᠢᠨ ᠬᠦᠪᠤᠯᠠᠭ ᠪᠠ ᠡᠬᠡ ᠥᠭᠡᠷ᠎ᠡ ᠠᠬ᠎ᠠ ᠯᠠᠮ᠎ᠠ ᠪᠢᠰᠢᠷᠡᠯᠲᠦ ᠲᠡᠢ ᠪᠡᠨ ᠠᠮᠠ ᠪᠦᠯᠢ ᠠᠷᠪᠠᠭᠤᠯᠠ ᠠᠮᠢᠳᠤᠷᠠᠵᠤ ᠪᠠᠢᠪᠠ᠃ 
    1947ᠣᠨ ᠳ᠋ᠤ᠌ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠪᠠᠢᠭᠤᠯᠤᠭᠳᠠᠵᠤ ᠠᠪᠤ ᠶ᠋ᠢ ᠰᠣᠶᠣᠯ ᠪᠣᠯᠪᠠᠰᠤᠷᠠᠯ ᠲᠠᠢ ᠬᠥᠮᠦᠨ ᠭᠡᠵᠦ ᠰᠢᠨᠠ ᠠᠢᠯ ᠤ᠋ᠨ ᠢ᠋ᠶ᠋ᠠᠨ ᠨᠠᠷᠢᠨ ᠪᠢᠴᠢᠭᠡᠴᠢ᠂ ᠡᠷᠦᠬᠡ ᠶ᠋ᠢᠨ ᠴᠡᠷᠢᠭ ᠦ᠋ᠨ ᠳᠠᠷᠤᠭ᠎ᠠ ᠶ᠋ᠢᠨ ᠠᠵᠢᠯ ᠢ᠋ ᠬᠠᠷᠢᠴᠠᠭᠤᠯᠪᠠ᠃ 
    1949 ᠣᠨ ᠤ᠋ ᠬᠠᠪᠤᠷ ᠤ᠋ᠨ ᠤᠯᠠᠷᠢᠯ ᠤ᠋ᠨ ᠬᠣᠶᠠᠷ ᠰᠠᠷ᠎ᠠ ᠳ᠋ᠤ᠌ ᠠᠷᠤ ᠬᠣᠷᠴᠢᠨ ᠬᠤᠰᠢᠭᠤᠨ ᠤ᠋ ᠳᠣᠲᠣᠭᠠᠳᠤ ᠶ᠋ᠢ ᠬᠠᠮᠠᠭᠠᠯᠠᠬᠤ ᠬᠣᠷᠢᠶ᠎ᠠ ᠶ᠋ᠢᠨ ᠬᠢᠨ ᠠᠪᠤ ᠶ᠋ᠢᠨ ᠭᠠᠯ ᠵᠠᠯᠠᠭᠤ ᠬᠣᠷᠢᠨ ᠲᠠᠪᠤᠨ ᠨᠠᠰᠤᠨ ᠤ᠋ ᠴᠣᠭ ᠵᠣᠯᠪᠣᠭ᠎ᠠ ᠪᠠ ᠠᠵᠢᠯ ᠳ᠋ᠤ᠌ ᠭᠠᠷᠮᠠᠭᠠᠢ᠂ ᠰᠣᠶᠣᠯ ᠮᠡᠳᠡᠯᠭᠡ ᠲᠡᠢ ᠭᠡᠮᠡᠨ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳ᠋ᠤ᠌ ᠡᠯᠰᠡᠨ ᠠᠵᠢᠯᠯᠠᠭᠤᠯᠪᠠ᠃ ᠮᠥᠨ ᠲᠤᠰ ᠵᠢᠯ ᠨᠢ ᠵᠣᠣ ᠤᠳᠠ ᠴᠢᠭᠤᠯᠭᠠᠨ ᠤ᠋ ᠳᠣᠲᠣᠭᠠᠳᠤ ᠶ᠋ᠢ ᠬᠠᠮᠠᠭᠠᠯᠠᠬᠤ ᠰᠤᠷᠭᠠᠭᠤᠯᠢ ᠳ᠋ᠤ᠌ ᠪᠣᠯᠪᠠᠰᠤᠷᠠᠯ ᠰᠤᠷᠤᠯᠴᠠᠯᠭ᠎ᠠ ᠬᠢᠵᠡᠢ᠃ ᠳᠠᠬᠢᠨ ᠵᠢᠷᠭᠤᠭᠠᠨ ᠰᠠᠷ᠎ᠠ ᠠ᠋ᠴᠠ ᠶᠢᠰᠦᠨ ᠰᠠᠷ᠎ᠠ ᠶ᠋ᠢᠨ ᠰᠡᠭᠦᠯ ᠪᠣᠯᠲᠠᠯ᠎ᠠ ᠤᠯᠠᠭᠠᠨ ᠬᠣᠲᠠ ᠶ᠋ᠢᠨ ᠳᠣᠲᠣᠭᠠᠳᠤ ᠶ᠋ᠢ ᠬᠠᠮᠠᠭᠠᠯᠠᠬᠤ ᠶᠠᠮᠤᠨ ᠳ᠋ᠤ᠌ ᠨᠡᠢᠲᠡ ᠵᠢᠷᠭᠤᠭᠠᠨ ᠰᠠᠷ᠎ᠠ ᠶ᠋ᠢᠨ ᠪᠣᠯᠪᠠᠰᠤᠷᠠᠯ ᠬᠢᠵᠡᠢ᠃ ᠠᠷᠪᠠᠨ ᠰᠠᠷ᠎ᠠ ᠠ᠋ᠴᠠ ᠠᠷᠤ ᠬᠣᠷᠴᠢᠨ ᠬᠤᠰᠢᠭᠤᠨ ᠤ᠋ ᠳᠣᠲᠣᠭᠠᠳᠤ ᠶ᠋ᠢ ᠬᠠᠮᠠᠭᠠᠯᠠᠬᠤ ᠬᠣᠷᠢᠶ᠎ᠠ ᠳ᠋ᠤ᠌ ᠪᠠᠨ ᠠᠵᠢᠯᠯᠠᠪᠠ᠃ 
    1951 ᠣᠨ ᠳ᠋ᠤ᠌ ᠠᠷᠤ ᠬᠣᠷᠴᠢᠨ ᠬᠤᠰᠢᠭᠤᠨ ᠤ᠋ ᠳᠣᠲᠣᠭᠠᠳᠤ ᠶ᠋ᠢ ᠬᠠᠮᠠᠭᠠᠯᠠᠬᠤ ᠬᠣᠷᠢᠶ᠎ᠠ ᠠ᠋ᠴᠠ ᠠᠷᠪᠠᠨ ᠬᠣᠶᠠᠷ ᠰᠠᠷ᠎ᠠ ᠶ᠋ᠢᠨ ᠲᠠᠪᠤᠨ ᠤ᠋ ᠡᠳᠦᠷ ᠡᠳ᠋ ᠪᠣᠳᠠᠰ ᠤ᠋ᠨ ᠬᠥᠬᠢᠭᠦᠯᠦᠯ ᠢ᠋ ᠥᠭᠴᠦ《ᠵᠢᠱ᠌ᠢᠶᠡᠴᠢ》 ᠪᠡᠷ ᠴᠣᠯᠠᠯᠠᠭᠳᠠᠨ ᠱᠠᠩᠨᠠᠨ ᠬᠥᠬᠢᠭᠦᠯᠦᠭᠳᠡᠵᠦ ᠪᠠᠢᠪᠠ᠃ 
    ᠲᠤᠬᠠᠢ ᠶ᠋ᠢᠨ ᠦᠶ᠎ᠡ ᠶ᠋ᠢᠨ ᠨᠠᠮ ᠤ᠋ᠨ ᠺᠣᠮᠢᠰ ᠤ᠋ᠨ ᠬᠢᠨᠠᠨ ᠲᠣᠭᠲᠠᠭᠠᠯ ᠢ᠋ ᠰᠡᠢᠷᠡᠭᠦᠯᠪᠡᠯ ᠄ ᠲᠤᠰ ᠲᠣᠣᠳ᠋ᠠᠨ ᠨᠤᠲᠤᠭ ᠤ᠋ᠨ ᠣᠨᠴᠠᠭᠠᠢ ᠲᠦᠯᠣᠬᠡᠯᠩᠴᠢ ᠶ᠋ᠢ ᠬᠢᠨᠠᠨ ᠲᠣᠭᠲᠠᠭᠠᠭᠰᠠᠨ ᠨᠤᠲᠤᠭ ᠤ᠋ᠨ ᠨᠠᠮ ᠤ᠋ᠨ ᠺᠣᠮᠢᠰ ᠠ᠋ᠴᠠ᠃ ᠲᠤᠰ ᠲᠦᠯᠣᠬᠡᠯᠩᠴᠢ ᠥᠪᠡᠷ ᠦ᠋ᠨ ᠪᠡᠶ᠎ᠡ ᠪᠡᠨ ᠥᠪᠡᠷᠲᠡᠭᠡᠨ ᠬᠢᠨᠠᠨ ᠲᠣᠭᠲᠠᠭᠠᠭᠰᠠᠨ ᠢ᠋ ᠨᠢᠭᠡᠨ ᠵᠡᠷᠭᠡ ᠬᠢᠨᠠᠵᠤ ᠨᠢᠭᠲᠠᠯᠠᠪᠠ᠂ ᠲᠤᠰ ᠲᠦᠯᠣᠬᠡᠯᠩᠴᠢ ᠥᠪᠡᠷᠦᠨ ᠪᠡᠶ᠎ᠡ ᠪᠡᠨ ᠬᠢᠨᠠᠨ ᠲᠣᠭᠲᠠᠭᠠᠭᠰᠠᠨ ᠳ᠋ᠤ᠌ ᠨᠤᠲᠤᠭ ᠤ᠋ᠨ ᠨᠠᠮ ᠤ᠋ᠨ ᠺᠣᠮᠢᠰ ᠠ᠋ᠴᠠ ᠰᠠᠨᠠᠯ ᠦᠭᠡᠢ᠃ ᠥᠪᠡᠷ ᠦ᠋ᠨ ᠪᠡᠶ᠎ᠡ ᠪᠡᠨ ᠡᠷᠭᠦᠵᠦ ᠪᠢᠴᠢᠭᠰᠡᠨ ᠦᠭᠡᠢ ᠪᠢᠯᠡ᠂ ᠬᠠᠷᠢᠨ ᠴᠤ᠌ ᠳᠤᠲᠠᠭᠤ ᠪᠢᠴᠢᠭᠰᠡᠨ ᠪᠠᠢᠨ᠎ᠠ᠃ ᠲᠡᠢᠮᠦ ᠪᠣᠯᠠᠠᠣᠷ ᠨᠤᠲᠤᠭ ᠤ᠋ᠨ ᠺᠣᠮᠢᠰ ᠠ᠋ᠴᠠ ᠨᠥᠬᠥᠪᠥᠷᠢᠯᠡᠭᠰᠡᠨ ᠰᠠᠨᠠᠯ᠃ 
    ⒈ ᠦᠵᠡᠯ ᠦ᠋ᠨ ᠣᠪᠣᠷ ᠳᠦᠷᠢ ᠪᠣᠯ ᠰᠠᠢᠨ᠂ ᠨᠠᠮ ᠵᠠᠰᠠᠭ ᠤ᠋ᠨ ᠡᠯ᠎ᠡ ᠵᠦᠢᠯ ᠦ᠋ᠨ ᠠᠵᠢᠯ ᠢ᠋ ᠲᠤᠰᠢᠶᠠᠵᠤ ᠥᠭᠪᠡᠯ ᠴᠢᠳᠠᠯ ᠤ᠋ᠨ ᠴᠢᠨᠡᠭᠡ ᠪᠡᠷ ᠴᠢᠷᠮᠠᠢᠵᠤ ᠠᠵᠢᠯᠯᠠᠳᠠᠭ᠃ ᠵᠢᠰᠢᠶᠠᠯᠠᠪᠠᠯ ᠄ ᠲᠤᠰ ᠬᠠᠪᠤᠷ ᠮᠠᠨ ᠤ᠋ ᠨᠤᠲᠤᠭ ᠤ᠋ᠨ ᠪᠠᠷᠠᠭᠤᠨ ᠬᠣᠢᠨ᠎ᠠ ᠬᠣᠶᠠᠷ ᠤᠳᠠᠭ᠎ᠠ ᠲᠦᠢᠮᠡᠷ ᠭᠠᠷᠤᠭᠰᠠᠨ ᠳ᠋ᠤ᠌ ᠲᠤᠰ ᠨᠥᠬᠥᠷ ᠢ᠋ ᠤᠳᠤᠷᠢᠳᠤᠯᠭ᠎ᠠ ᠶ᠋ᠢᠨ ᠲᠤᠰᠢᠶᠠᠯ ᠡᠭᠦᠷᠭᠡᠯᠡᠭᠦᠯᠵᠦ ᠶᠠᠪᠤᠭᠤᠯᠤᠭᠰᠠᠨ ᠳ᠋ᠤ᠌ ᠨᠢᠭᠡᠨ ᠰᠡᠳᠬᠢᠯ ᠢ᠋ᠶ᠋ᠡᠷ ᠶᠠᠪᠤᠵᠤ ᠨᠢᠭᠡ ᠡᠳᠦᠷ ᠰᠥᠨᠢ ᠬᠣᠭᠣᠷᠣᠨᠳᠣ ᠬᠣᠭᠣᠯᠠ ᠤᠮᠳᠠ ᠦᠭᠡᠢ ᠪᠡᠷ ᠶᠠᠪᠤᠵᠤ ᠪᠠᠢᠭᠠᠳ ᠭᠠᠯ ᠠᠯᠳᠠᠭᠰᠠᠳ ᠤ᠋ᠨ ᠦᠨᠳᠦᠰᠦ ᠶ᠋ᠢ ᠨᠢ ᠣᠯᠵᠤ ᠠᠪᠤᠭᠰᠠᠨ ᠪᠥᠭᠡᠳ ᠦᠯᠢᠶᠡᠵᠦ ᠨᠣᠴᠣᠵᠤ ᠪᠠᠢᠭᠰᠠᠨ ᠭᠠᠯ ᠴᠤ᠌ ᠲᠦᠬᠥᠷᠠᠠᠳ᠋ᠠᠯ᠎ᠠ ᠭᠠᠴᠠᠭ᠎ᠠ ᠶ᠋ᠢᠨ ᠠᠷᠠᠳ ᠢ᠋ ᠬᠥᠳᠡᠯᠭᠡᠵᠦ ᠴᠣᠬᠢᠭᠤᠯᠤᠭᠰᠠᠨ ᠠ᠋ᠴᠠ ᠮᠠᠯ ᠤ᠋ᠨ ᠪᠡᠯᠴᠢᠭᠡᠷ ᠢ᠋ ᠬᠣᠬᠢᠷᠠᠯ ᠤᠴᠠᠷᠠᠭᠤᠯᠤᠭᠰᠠᠨ ᠦᠭᠡᠢ ᠪᠥᠭᠡᠳ ᠥᠪᠡᠷ ᠦ᠋ᠨ ᠪᠡᠶ᠎ᠡ ᠪᠡᠷ ᠢ᠋ᠶ᠋ᠡᠨ ᠣᠷᠣᠯᠴᠠᠵᠤ ᠭᠠᠮᠰᠢᠭ ᠭᠠᠯ ᠬᠣᠶᠠᠷ ᠳᠤᠮᠳᠠ ᠶ᠋ᠢᠨ ᠦᠶ᠎ᠡ ᠳ᠋ᠦ᠍ ᠴᠣᠬᠢᠵᠤ ᠤᠨᠲᠠᠷᠠᠭᠠᠵᠤ ᠴᠢᠳᠠᠭᠰᠠᠨ ᠪᠠᠢᠨ᠎ᠠ᠃ ᠳᠠᠬᠢᠨ ᠭᠠᠯ ᠤᠨᠲᠠᠷᠠᠭᠠᠵᠤ ᠲᠦᠢᠮᠡᠷ ᠢ᠋ ᠴᠣᠬᠢᠠᠠᠤ ᠵᠠᠮ ᠤ᠋ᠨ ᠳᠤᠮᠳᠠ ᠪᠠᠶᠠᠨᠲᠠᠯ᠎ᠠ ᠨᠤᠲᠤᠭ ᠠ᠋ᠴᠠ ᠲᠦᠢᠮᠡᠷ ᠭᠠᠷᠤᠭᠰᠠᠨ ᠳ᠋ᠤ᠌ ᠴᠤᠭᠯᠠᠷᠠᠵᠤ ᠪᠠᠢᠭᠰᠠᠨ ᠨᠤᠲᠤᠭ ᠤ᠋ᠨ ᠣᠯᠠᠨ ᠢ᠋ᠶ᠋ᠠᠨ ᠬᠥᠳᠡᠯᠭᠡᠵᠦ ᠡᠳᠦᠷ ᠬᠠᠭᠠᠰ ᠤ᠋ᠨ ᠳᠣᠲᠣᠷ᠎ᠠ ᠲᠤᠰ ᠨᠥᠬᠥᠷ ᠣᠯᠠᠨ ᠢ᠋ ᠳᠠᠭᠠᠭᠤᠯᠤᠨ ᠴᠣᠬᠢᠵᠤ ᠤᠨᠲᠠᠷᠠᠭᠠᠭᠰᠠᠨ ᠪᠠᠢᠨ᠎ᠠ᠃ ᠡᠭᠦᠨ ᠦ᠌ ᠳᠤᠮᠳᠠ ᠪᠣᠳᠠᠲᠠᠢ ᠢᠯᠡᠷᠡᠵᠦ ᠪᠠᠢᠬᠤ ᠢᠯᠡᠷᠡᠯ ᠪᠣᠯ ᠲᠦᠢᠮᠡᠷ ᠭᠠᠷᠤᠭᠰᠠᠨ ᠲᠡᠷᠡ ᠣᠷᠣᠢ ᠪᠤᠰᠤᠳ ᠣᠯᠠᠨ ᠵᠣᠷᠢᠭ ᠮᠣᠠᠠᠣᠵᠤ ᠡᠷᠲᠡ ᠪᠤᠳᠠᠭ᠎ᠠ ᠢᠳᠡᠨ᠎ᠡ ᠭᠡᠮᠡᠨ ᠪᠤᠴᠠᠵᠤ ᠢᠷᠡᠭᠰᠡᠨ ᠪᠣᠯᠪᠠᠴᠤ ᠲᠤᠰ ᠨᠥᠬᠥᠷ ᠢ᠋ ᠶᠠᠭ ᠳᠠᠭᠠᠵᠤ ᠶᠠᠪᠤᠵᠤ ᠪᠠᠢᠭᠰᠠᠨ ᠬᠣᠷᠢ ᠢᠯᠡᠭᠦᠦ ᠨᠥᠬᠥᠳ ᠬᠣᠭᠣᠯᠠ ᠤᠮᠳᠠ ᠦᠭᠡᠢ ᠪᠡᠷ ᠬᠦᠴᠢᠷ ᠢ᠋ ᠲᠡᠰᠪᠦᠷᠢᠯᠡᠨ ᠰᠥᠨᠢ ᠳᠤᠮᠳᠠ ᠶ᠋ᠢᠨ ᠦᠶ᠎ᠡ ᠳ᠋ᠦ᠍ ᠠᠷᠭ᠎ᠠ ᠦᠭᠡᠢ ᠪᠤᠴᠠᠵᠤ᠂ ᠪᠤᠰᠤᠳ ᠨᠥᠬᠥᠳ ᠨᠠᠷ ᠢ᠋ ᠳᠠᠢᠴᠢᠯᠠᠨ ᠳᠠᠭᠠᠭᠤᠯᠵᠤ ᠳᠠᠷᠤᠢ ᠳ᠋ᠤ᠌ ᠬᠥᠳᠡᠯᠭᠡᠵᠦ ᠴᠣᠬᠢᠵᠤ ᠤᠨᠲᠠᠷᠠᠭᠠᠭᠰᠠᠨ ᠪᠠᠢᠨ᠎ᠠ᠃ ᠡᠭᠦᠨ ᠡᠴᠡ ᠭᠠᠳᠠᠨ᠎ᠠ ᠨᠡᠢᠲᠡ ᠶ᠋ᠢᠨ ᠠᠮᠤᠷ ᠢ᠋ ᠬᠠᠮᠠᠭᠠᠯᠠᠬᠤ ᠲᠠᠯ᠎ᠠ ᠪᠠᠷ ᠵᠠᠷᠤᠳ ᠬᠤᠰᠢᠭᠤᠨ ᠠ᠋ᠴᠠ ᠬᠡᠳᠦ ᠤᠳᠠᠭ᠎ᠠ ᠬᠣᠯᠪᠣᠭ᠎ᠠ ᠠᠪᠴᠤ ᠬᠣᠶᠠᠷ ᠨᠤᠲᠤᠭ ᠤ᠋ᠨ ᠠᠮᠤᠷ ᠢ᠋ ᠬᠠᠮᠠᠭᠠᠯᠠᠬᠤ ᠶ᠋ᠢᠨ ᠲᠥᠯᠥᠭᠡ ᠢᠳᠡᠪᠬᠢᠲᠡᠢ ᠣᠷᠣᠯᠴᠠᠵᠤ ᠭᠡᠷ᠎ᠡ ᠲᠣᠭᠲᠠᠭᠠᠵᠤ ᠠᠵᠢᠯᠯᠠᠵᠤ ᠪᠠᠢᠭᠰᠠᠨ ᠶᠤᠮ᠃ ᠪᠤᠰᠤᠳ ᠠᠵᠢᠯ ᠢ᠋ ᠥᠪᠡᠷᠦᠨ ᠦ᠌ ᠲᠣᠰᠠᠠᠠᠢ ᠠᠵᠢᠯ ᠲᠠᠢ ᠪᠠᠨ ᠤᠶᠠᠯᠳᠤᠭᠤᠯᠤᠨ ᠠᠵᠢᠯ ᠠᠯᠪᠠ ᠪᠠᠨ ᠬᠢᠬᠦ ᠪᠠ ᠳᠡᠭᠡᠷ᠎ᠡ ᠱᠠᠲᠤᠨ ᠠ᠋ᠴᠠ ᠢᠷᠡᠭᠰᠡᠨ ᠵᠢᠭᠠᠪᠤᠷᠢ ᠶ᠋ᠢ ᠠᠪᠴᠤ ᠨᠠᠮ ᠤ᠋ᠨ ᠡᠷᠭᠦᠳᠡᠯ ᠢ᠋ ᠰᠠᠢᠬᠠᠨ ᠨᠢᠭᠲᠠᠯᠠᠵᠤ ᠰᠤᠳᠤᠯᠤᠨ᠎ᠠ᠃ 
    ⒉ ᠲᠡᠦᠬᠡ ᠨᠢ ᠠᠷᠢᠭᠤᠨ ᠦᠭᠡᠢ ᠰᠡᠵᠢᠭᠯᠡᠯ ᠲᠡᠢ ᠬᠥᠮᠦᠰ ᠲᠦ᠍ ᠣᠨᠴᠠᠭᠠᠢ ᠠᠩᠠᠠᠠᠷᠣᠯ ᠲᠠᠯᠪᠢᠳᠠᠭ ᠶᠤᠮ᠃ ᠠᠵᠢᠯᠯᠠᠭᠰᠠᠨ ᠪᠠᠢᠳᠠᠯ ᠪᠠ ᠪᠤᠳᠤᠯᠢᠶᠠᠨ ᠲᠠᠢ ᠶᠠᠪᠤᠳᠠᠯ ᠵᠡᠷᠭᠡ ᠶ᠋ᠢ ᠨᠠᠮ ᠤ᠋ᠨ ᠺᠣᠮᠢᠰ ᠲᠤ ᠪᠠᠨ ᠮᠡᠳᠡᠭᠦᠯᠬᠦ ᠪᠠ ᠠᠰᠠᠭᠣᠯᠤ ᠲᠠᠰᠤᠯᠠᠨ᠎ᠠ᠃ ᠲᠠᠰᠤᠯᠠᠭᠰᠠᠨ ᠰᠡᠳᠦᠪ ᠢ᠋ᠶ᠋ᠡᠨ ᠮᠥᠨ ᠴᠦ᠍ ᠮᠡᠳᠡᠭᠦᠯᠳᠡᠭ ᠶᠦᠮ᠃ ᠲᠡᠢᠮᠦ ᠵᠣᠷᠢᠭ ᠮᠡᠳᠡᠭᠰᠡᠨ ᠳᠤᠷ᠎ᠠ ᠲᠠᠪᠠ ᠶ᠋ᠢᠨ ᠦᠵᠡᠯ ᠦᠭᠡᠢ ᠶᠦᠮ᠃ 
    ⒊ ᠳᠡᠭᠡᠷᠡᠬᠢ ᠶ᠋ᠢᠨ ᠤᠳᠤᠷᠢᠳᠤᠯᠭ᠎ᠠ ᠶ᠋ᠢ ᠳᠠᠭᠠᠨ᠎ᠠ᠂ ᠪᠠᠰᠠ ᠬᠣᠯᠪᠣᠭ᠎ᠠ ᠠᠪᠬᠤ ᠶᠤᠮ᠃ ᠬᠠᠮᠢᠭ᠎ᠠ ᠠᠵᠢᠯ ᠬᠤᠪᠢᠶᠠᠪᠠᠯ ᠲᠡᠨᠳᠡ ᠶᠠᠪᠤᠨ᠎ᠠ᠃ ᠴᠢᠬᠤᠯᠠ ᠶᠠᠪᠤᠳᠠᠯ ᠪᠠᠢᠬᠤ ᠭᠠᠴᠠᠭ᠎ᠠ ᠳ᠋ᠤ᠌ ᠢᠯᠡᠭᠦᠦ ᠣᠴᠢᠵᠤ ᠠᠵᠢᠯᠯᠠᠨ᠎ᠠ᠃ ᠰᠡᠳᠦᠪ ᠡᠷᠢᠵᠦ ᠣᠯᠠᠠᠤ ᠪᠥᠭᠡᠳ ᠲᠠᠰᠤᠯᠠᠨ᠎ᠠ᠃ ᠨᠤᠲᠤᠭ ᠭᠠᠴᠠᠭ᠎ᠠ ᠶ᠋ᠢᠨ ᠺᠠᠳ᠋ᠷ ᠯᠤᠭ᠎ᠠ ᠪᠦᠯᠬᠦᠮᠳᠡᠯ ᠨᠢ ᠰᠠᠢᠨ᠂ ᠬᠡᠵᠢᠶ᠎ᠡ ᠡᠭᠦᠷᠢᠳᠡ ᠨᠢᠭᠡᠨ ᠵᠠᠩ ᠠᠭᠠᠰᠢ ᠪᠠᠷ ᠢ᠋ᠶ᠋ᠠᠨ ᠬᠤᠪᠢᠷᠠᠯᠲᠠ ᠦᠭᠡᠢ ᠶᠠᠪᠤᠳᠠᠭ ᠶᠤᠮ᠃ ᠬᠠᠷᠢᠯᠴᠠᠨ ᠪᠦᠯᠬᠦᠮᠳᠡᠵᠦ ᠬᠠᠷᠢᠯᠴᠠᠨ ᠰᠣᠷᠣᠯᠴᠠᠠᠠᠤ ᠨᠢ ᠰᠠᠢᠨ᠃ 
    ᠭᠠᠷᠴᠤ ᠢᠷᠡᠭᠰᠡᠨ ᠰᠡᠳᠦᠪ ᠢ᠋ ᠨᠢᠭᠲᠠᠯᠠᠨ᠎ᠠ᠃ ᠠᠰᠠᠭᠤᠯᠲᠠ ᠪᠠ ᠬᠠᠷᠢᠭᠤᠯᠲᠠ ᠲᠠᠢ ᠶᠤᠮ᠃ ᠬᠦᠴᠢᠷ ᠪᠡᠷᠬᠡᠰᠢᠶᠡᠯ ᠢ᠋ ᠲᠡᠰᠪᠦᠷᠢᠯᠡᠨ᠎ᠡ᠃ ᠢᠯᠡ ᠪᠣᠳᠠᠲᠠᠢ ᠬᠡᠯᠡᠪᠡᠯ᠂ ᠡᠪᠡᠳᠴᠢᠨ ᠲᠡᠢ ᠪᠠᠢᠭᠠᠳ ᠠᠵᠢᠯᠯᠠᠳᠠᠭ ᠶᠠᠪᠤᠳᠠᠯ ᠪᠣᠯᠤᠨ᠎ᠠ᠃ ᠶᠠᠪᠠᠭᠠᠨ ᠪᠣᠯᠪᠠᠴᠤ ᠮᠥᠨ ᠬᠣᠯᠠ ᠣᠢᠷ᠎ᠠ ᠦᠭᠡᠢ ᠪᠡᠷ ᠶᠠᠪᠤᠨ᠎ᠠ᠃ (ᠮᠣᠷᠢ ᠪᠠᠨ ᠲᠠᠯᠪᠢᠬᠤ ᠬᠤᠭᠤᠴᠠᠭ᠎ᠠ ᠤᠤ᠂ ᠠᠯᠳᠠᠭᠰᠠᠨ ᠦᠶ᠎ᠡ ᠳ᠋ᠦ᠍ ᠤᠤ)
    ⒋ᠠᠵᠢᠯ ᠤ᠋ᠨ ᠲᠥᠯᠥᠪᠯᠡᠭᠡ ᠪᠡᠨ ᠴᠠᠭ ᠤᠯᠠᠷᠢᠯ ᠢ᠋ ᠪᠠᠷᠢᠮᠲᠠᠯᠠᠵᠤ ᠠᠵᠢᠯᠯᠠᠳᠠᠭ ᠶᠤᠮ᠃ ᠲᠥᠯᠥᠪᠯᠡᠭᠡ ᠬᠢᠵᠦ ᠭᠤᠷᠪᠠᠨ ᠰᠡᠷᠭᠡᠢᠯᠡᠯ ᠦ᠋ᠨ ᠠᠵᠢᠯ ᠢ᠋ ᠳᠣᠣᠷᠠᠬᠢ ᠭᠠᠴᠠᠭ᠎ᠠ ᠳ᠋ᠤ᠌ ᠪᠠᠭᠤᠯᠭᠠᠵᠤ ᠥᠭᠬᠦ ᠶᠦᠮ᠃ ᠭᠠᠴᠠᠭ᠎ᠠ ᠶ᠋ᠢᠨ ᠠᠮᠤᠷ ᠢ᠋ ᠬᠠᠮᠠᠭᠠᠯᠠᠬᠤ ᠭᠡᠰᠢᠭᠦᠳ ᠪᠣᠯ ᠰᠤᠷᠭᠠᠨ ᠬᠥᠮᠦᠵᠢᠭᠦᠯᠦᠨ᠎ᠡ᠃ 
    ⒌ ᠪᠣᠳᠣᠯ ᠰᠠᠨᠠᠯ ᠤ᠋ᠨ ᠲᠠᠯ᠎ᠠ ᠪᠠᠷ ᠲᠥᠪ ᠴᠢᠭᠴᠢ ᠶᠦᠮ᠃ ᠦᠨᠡᠨᠴᠢ ᠰᠢᠳᠤᠷᠭᠤ ᠪᠠᠷ ᠠᠷᠠᠳ ᠲᠦᠮᠡᠨ ᠳ᠋ᠦ᠍ ᠪᠡᠨ ᠲᠤᠰᠢᠶᠠᠯ ᠡᠭᠦᠷᠦᠨ᠎ᠡ᠃ ᠡᠷᠡᠭᠡᠯᠵᠡᠭᠡ ᠲᠡᠢ ᠪᠣᠳᠣᠯᠭ᠎ᠠ ᠦᠭᠡᠢ᠂ ᠰᠢᠭᠤᠳ ᠰᠡᠳᠬᠢᠯ ᠲᠡᠢ ᠶᠦᠮ᠃ ᠰᠠᠬᠢᠯᠭ᠎ᠠ ᠪᠠᠲᠤ ᠶ᠋ᠢ ᠵᠢᠷᠤᠮᠯᠠᠨ ᠳᠠᠭᠠᠨ᠎ᠠ᠂ ᠠᠷᠠᠳ ᠲᠦᠮᠡᠨ ᠢ᠋ ᠬᠦᠨᠳᠦᠳᠬᠡᠵᠦ᠂ ᠬᠥᠳᠡᠯᠮᠦᠷᠢ ᠶ᠋ᠢ ᠬᠦᠨᠳᠦᠳᠬᠡᠬᠦ ᠦᠵᠡᠯ ᠲᠡᠢ ᠠᠵᠢᠯᠯᠠᠬᠤ ᠰᠤᠷᠤᠯᠴᠠᠬᠤ ᠶ᠋ᠢᠨ ᠳᠤᠮᠳᠠ ᠢᠯᠡᠷᠡᠨ᠎ᠡ᠃ ᠲᠥᠪ ᠪᠤᠰᠤ ᠶᠡᠬᠡᠮᠰᠦᠭ ᠣᠪᠣᠷ ᠦᠭᠡᠢ᠂ ᠵᠣᠬᠢᠶᠠᠨ ᠪᠠᠢᠭᠤᠯᠤᠯᠲᠠ ᠪᠠᠨ ᠡᠰᠡᠷᠭᠦᠴᠡᠬᠦ ᠶᠠᠪᠤᠳᠠᠯ ᠦᠭᠡᠢ ᠶᠦ᠍ᠮ᠃ 
    ⒍ ᠵᠣᠭᠰᠣᠯᠲᠠ ᠨᠢ ᠬᠠᠲᠠᠭᠤ᠂ ᠱᠠᠮᠰᠢᠢᠬᠤ ᠪᠠ ᠪᠦᠷᠢᠯᠭᠡᠬᠦ᠂ ᠣᠮᠣᠷᠬᠠᠭᠯᠠᠬᠤ ᠪᠠᠢᠳᠠᠯ ᠦᠭᠡᠢ ᠶᠦᠮ᠃ 
    ⒎ ᠳᠤᠲᠠᠭᠳᠠᠯᠲᠠᠢ ᠨᠢ ᠪᠣᠯ ᠬᠦᠳᠡᠭᠢ ᠵᠠᠩ ᠲᠠᠢ ᠶᠤᠮ᠃ ᠶᠠᠭᠤᠮ᠎ᠠ ᠶ᠋ᠢ ᠠᠭᠠᠵᠢᠮ ᠬᠢᠨ᠎ᠡ᠃ ᠲᠦᠷᠭᠡᠨ ᠵᠠᠩ ᠦᠭᠡᠢ᠃ ᠨᠥᠬᠥᠳ ᠦ᠋ᠨ ᠳᠣᠲᠣᠷᠠᠬᠢ ᠪᠠᠢᠳᠠᠯ ᠢ᠋ ᠪᠣᠯ ᠥᠩᠭᠡᠷᠡᠭᠡᠵᠦ ᠬᠡᠯᠡᠨ᠎ᠡ᠃ ᠥᠭᠡᠷ᠎ᠡ ᠣᠨᠴᠠᠭᠠᠢ ᠶᠠᠪᠤᠳᠠᠯ ᠦᠭᠡᠢ᠃ ᠴᠢᠩᠭᠢᠪᠡᠯ ᠨᠤᠲᠤᠭ ᠤ᠋ᠨ ᠺᠣᠮᠢᠰ ᠠ᠋ᠴᠠ ᠳᠥᠭᠥᠮ ᠲᠦᠳᠡ ᠪᠡᠷ ᠲᠡᠭᠦᠨ ᠦ᠌ ᠬᠢᠨᠠᠭᠰᠠᠨ ᠢ᠋ ᠨᠢᠭᠲᠠᠯᠠᠭᠠᠳ ᠨᠥᠬᠥᠪᠥᠷᠢᠯᠡᠨ ᠰᠠᠨᠠᠯ ᠢ᠋ᠶ᠋ᠠᠨ ᠳᠤᠷᠠᠳᠤᠨ ᠭᠠᠷᠭᠠᠪᠠ᠃ ᠬᠠᠷᠢᠨ ᠴᠤ᠌ ᠨᠢᠭᠲᠠᠯᠠᠪᠠᠯ ᠦᠯᠡᠳᠡᠵᠦ ᠲᠣᠰᠬᠠᠷ ᠰᠣᠷᠣᠯᠴᠠᠠᠠᠤ ᠬᠠᠮᠲᠤᠪᠠᠷ ᠰᠣᠷᠣᠯᠴᠠᠠᠠᠤ ᠳ᠋ᠤ᠌ ᠰᠣᠨᠢᠨ ᠤ᠋ ᠳᠡᠭᠡᠷ᠎ᠡ ᠪᠠᠢᠬᠤ ᠰᠠᠢᠨ ᠭᠠᠵᠠᠷ ᠪᠠᠢᠬᠤ ᠮᠠᠭᠠᠳ ᠦᠭᠡᠢ᠃ ᠵᠢᠱ᠌ᠢᠶᠡᠴᠢ ᠪᠡᠷ ᠣᠯᠠᠨ ᠢ᠋ᠶ᠋ᠠᠷ ᠢ᠋ᠶ᠋ᠠᠨ ᠠᠷᠠᠳᠴᠢᠯᠠᠯ ᠢ᠋ᠶ᠋ᠠᠷ ᠶᠠᠷᠢᠯᠴᠠᠵᠤ ᠲᠣᠮᠢᠯᠠᠪᠠ᠃ 
    ᠡᠭᠦᠨ ᠦ᠌ ᠲᠤᠯᠠ ᠠᠷᠤ ᠬᠣᠷᠴᠢᠨ ᠬᠤᠰᠢᠭᠤᠨ ᠤ᠋ ᠲᠣᠣᠳ᠋ᠠᠨ ᠨᠤᠲᠤᠭ ᠤ᠋ᠨ ᠺᠣᠮᠢᠰ 1954.7.7᠃ (ᠲᠤᠬᠠᠢ ᠶ᠋ᠢᠨ ᠭᠠᠷ ᠪᠢᠴᠢᠮᠡᠯ ᠡᠴᠡ ᠪᠠᠭᠤᠯᠭᠠᠪᠠ)᠃ 
    ᠳᠡᠭᠡᠷᠡᠬᠢ ᠬᠢᠨᠠᠨ ᠲᠣᠭᠲᠠᠭᠠᠭᠰᠠᠨ ᠮᠠᠲ᠋ᠧᠷᠢᠶᠠᠯ ᠨᠢ ᠠᠪᠤ ᠶ᠋ᠢᠨ ᠮᠢᠨᠢ ᠠᠵᠢᠯ ᠦᠢᠯᠡᠰ ᠦ᠋ᠨ ᠢ᠋ᠶ᠋ᠡᠨ ᠲᠥᠯᠥᠭᠡ ᠨᠢᠭᠡ ᠯᠡ ᠰᠡᠳᠬᠢᠯ ᠢ᠋ᠶ᠋ᠡᠷ ᠴᠢᠷᠮᠠᠢᠨ ᠠᠵᠢᠯᠯᠠᠵᠤ ᠪᠠᠢᠭᠰᠠᠨ ᠢ᠋ ᠨᠢ ᠮᠠᠰᠢ ᠢᠯᠡ ᠲᠣᠳ᠋ᠣᠷᠠᠠᠠᠢ ᠬᠠᠷᠠᠭᠤᠯᠵᠤ ᠴᠢᠳᠠᠵᠠᠢ᠃ 
    1980 ᠣᠨ ᠤ᠋ 5 ᠰᠠᠷ᠎ᠠ ᠳ᠋ᠤ᠌ ᠠᠵᠢᠯ ᠡᠴᠡ ᠪᠡᠨ ᠳᠠᠷᠬᠠᠯᠠᠭᠳᠠᠪᠠ᠃ ᠠᠪᠤ ᠶ᠋ᠢᠨ ᠠᠵᠢᠯ ᠡᠴᠡ ᠪᠡᠨ ᠡᠷᠲᠡ ᠠᠮᠠᠷᠠᠭᠰᠠᠨ ᠰᠢᠯᠲᠠᠭᠠᠨ ᠨᠢ ᠪᠠᠰᠠ ᠠᠷᠤ ᠭᠡᠷ ᠦ᠋ᠨ ᠠᠵᠢᠯ ᠡᠭᠦᠷᠭᠡ ᠡᠴᠡ ᠪᠣᠯᠤᠭᠰᠠᠨ ᠭᠡᠵᠦ ᠶᠠᠷᠢᠳᠠᠭ ᠪᠠᠢᠭᠰᠠᠨ᠃ ᠠᠵᠢᠯ ᠡᠴᠡ ᠪᠡᠨ ᠳᠠᠷᠬᠠᠯᠠᠭᠳᠠᠭᠰᠠᠨ ᠣᠨ ᠵᠢᠯ ᠦ᠋ᠳ ᠲᠦ᠍ ᠠᠪᠤ ᠮᠢᠨᠢ ᠠᠢᠯ ᠭᠡᠷ ᠦ᠋ᠨ ᠠᠵᠢᠯ ᠢ᠋ᠶ᠋ᠠᠨ ᠬᠢᠬᠦ ᠡᠴᠡ ᠭᠠᠳᠠᠨ᠎ᠠ ᠭᠠᠴᠠᠭᠠᠨ ᠤ᠋ ᠠᠬᠠᠮᠠᠳ ᠨᠠᠮ ᠤ᠋ᠨ ᠭᠡᠰᠢᠭᠦᠨ ᠦ᠌ ᠬᠤᠪᠢ ᠡᠴᠡ ᠵᠢᠱ᠌ᠢᠶᠡᠴᠢ ᠳᠠᠭᠠᠭᠤᠯᠤᠭᠴᠢ ᠶ᠋ᠢᠨ ᠦᠢᠯᠡᠳᠦᠯ ᠢ᠋ ᠪᠠᠳᠠᠷᠠᠭᠤᠯᠤᠨ ᠶᠠᠳᠠᠭᠤ ᠡᠷᠦᠬᠡ ᠶ᠋ᠢ ᠳᠠᠭᠠᠭᠠᠨ ᠠᠪᠴᠤ ᠠᠮᠢᠳᠤᠷᠠᠯ ᠢ᠋ ᠨᠢ ᠳᠡᠭᠡᠭᠰᠢᠯᠡᠭᠦᠯᠦᠭᠰᠡᠨ ᠮᠥᠷᠲᠡᠭᠡᠨ ᠵᠢᠵᠢᠭ ᠡᠪᠡᠰᠦᠨ ᠬᠦᠷᠢᠶ᠎ᠡ ᠪᠢᠲᠡᠭᠦᠮᠵᠢᠯᠡᠨ ᠮᠣᠳᠣ ᠲᠠᠷᠢᠵᠤ ᠣᠢᠵᠢᠭᠤᠯᠤᠨ ᠨᠤᠲᠤᠭ ᠣᠷᠣᠨ ᠤ᠋ ᠨᠣᠭᠣᠭᠠᠷᠠᠭᠤᠯᠤᠯᠲᠠ ᠶ᠋ᠢᠨ ᠦᠢᠯᠡᠰ ᠲᠦ᠍ ᠬᠣᠰᠢᠭᠤᠴᠢ ᠳᠠᠭᠠᠭᠤᠯᠤᠭᠴᠢ ᠪᠣᠯᠵᠤ ᠶᠠᠪᠤᠭᠰᠠᠨ ᠶᠤᠮ᠃ 
    ᠨᠤᠲᠤᠭ ᠤ᠋ᠨ ᠬᠥᠮᠦᠰ《ᠵᠠᠩ ᠠᠪᠤ》ᠭᠡᠪᠡᠯ ᠲᠠᠨᠢᠬᠤ ᠦᠭᠡᠢ ᠮᠡᠳᠡᠬᠦ ᠦᠭᠡᠢ ᠬᠥᠮᠦᠨ ᠭᠡᠵᠦ ᠪᠠᠢᠬᠤ ᠦᠭᠡᠢ ᠪᠦᠷ ᠯᠡ ᠡᠷᠡᠬᠡᠢ ᠭᠠᠷᠭᠠᠨ ᠮᠠᠭᠲᠠᠳᠠᠭ ᠮᠥᠷᠲᠡᠭᠡᠨ ᠦᠨᠡᠨ ᠰᠡᠳᠬᠢᠯ ᠡᠴᠡ ᠪᠡᠨ ᠪᠢᠰᠢᠷᠡᠨ ᠬᠦᠨᠳᠦᠳᠬᠡᠵᠦ ᠲᠤᠰᠬᠠᠢᠯᠠᠨ ᠮᠡᠳᠡᠬᠦ ᠦᠭᠡᠢ ᠴᠢᠳᠠᠬᠤ ᠦᠭᠡᠢ ᠪᠡᠨ ᠠᠰᠠᠭᠣᠠᠠᠤ ᠪᠠᠷ ᠵᠣᠭᠣᠠᠠᠳ᠋ᠠᠠᠠᠤ ᠪᠠᠷ ᠢᠷᠡᠳᠡᠭ ᠪᠠᠢᠭᠰᠠᠨ᠃ 
    ᠠᠪᠤ ᠶᠣᠰᠣᠲᠠᠢ ᠴᠢᠳᠠᠬᠤ ᠦᠭᠡᠢ ᠠᠵᠢᠯ ᠭᠡᠵᠦ ᠦᠭᠡᠢ᠂ ᠠᠷᠠᠰᠤ ᠡᠯᠳᠡᠬᠦ᠂ ᠰᠤᠷ ᠪᠣᠯᠪᠠᠰᠤᠷᠠᠭᠤᠯᠤᠨ ᠨᠣᠭᠲᠣ ᠴᠢᠳᠥᠷ ᠮᠣᠰᠬᠢᠠᠠᠤ᠂ ᠮᠣᠷᠢ ᠰᠤᠷᠭᠠᠨ ᠮᠠᠯ ᠤᠨᠤᠭ᠎ᠠ ᠡᠷᠭᠢᠴᠡᠭᠦᠯᠦᠨ ᠨᠡᠭᠦᠳᠡᠯ ᠮᠠᠯᠵᠢᠯ ᠬᠢᠬᠦ᠂ ᠲᠡᠷᠭᠡ ᠰᠢᠭᠠᠬᠤ᠂ ᠰᠢᠪᠡᠭᠡ ᠪᠠᠷᠢᠬᠤ᠂ ᠪᠤᠷᠭᠠᠰᠤ ᠪᠠᠷ ᠬᠠᠰᠢᠶ᠎ᠠ᠂ ᠥᠪᠥᠩ ᠬᠥᠷᠥᠬᠦ᠂ ᠠᠷᠤᠭ᠂ ᠰᠠᠪᠠᠷ ᠬᠢᠬᠦ᠂ ᠡᠪᠡᠰᠦ ᠬᠠᠳ᠋ᠣᠠᠠᠤ᠂ ᠲᠦᠯᠡᠭᠡ ᠠᠪᠬᠤ᠂ ᠨᠣᠭᠣᠭ᠎ᠠ ᠲᠠᠷᠢᠵᠤ᠂ ᠲᠠᠷᠢᠶ᠎ᠠ ᠠᠷᠴᠢᠬᠤ᠂ ᠡᠯᠳᠡᠪ ᠵᠦᠢᠯ ᠦ᠋ᠨ ᠬᠣᠭᠣᠯᠠ ᠤᠮᠳᠠ ᠠ᠋ᠴᠠ ᠨᠣᠭᠣᠭ᠎ᠠ ᠲᠠᠷᠣᠠᠠᠤ ᠬᠦᠷᠲᠡᠯ᠎ᠡ᠂ ᠠᠷᠭᠠᠯ ᠲᠦᠯᠡᠰᠢ ᠣᠢᠷᠠᠲᠤᠭᠤᠯᠬᠤ ᠠ᠋ᠴᠠ ᠤᠰᠤ ᠳᠠᠮᠨᠠᠬᠤ᠂ ᠭᠡᠷ ᠪᠠᠷᠢᠵᠤ ᠴᠢᠯᠠᠭᠤ ᠭᠠᠷᠭᠠᠬᠤ᠂ ᠰᠢᠪᠡᠷ ᠰᠢᠷᠣᠢ ᠶ᠋ᠢᠨ ᠠᠵᠢᠯ ᠁ ᠬᠠᠷ᠎ᠠ ᠪᠣᠷᠣ ᠠᠵᠢᠯ ᠠ᠋ᠴᠠ ᠭᠡᠷ ᠦ᠋ᠨ ᠨᠠᠷᠢᠨ ᠰᠢᠷᠢᠨ ᠠᠵᠢᠯ ᠢ᠋ ᠪᠦᠷ ᠬᠢᠵᠦ ᠴᠢᠳᠠᠳᠠᠭ ᠠᠵᠢᠯᠴᠢ ᠬᠥᠳᠡᠯᠮᠦᠷᠢᠴᠢ ᠬᠥᠮᠦᠨ ᠪᠢᠯᠡ᠃ 
    ᠠᠪᠤ ᠮᠢᠨᠢ ᠬᠡᠵᠢᠶᠡᠳᠡ ᠦᠦᠷ ᠢ᠋ᠶ᠋ᠡᠷ ᠪᠣᠰᠴᠤ ᠠᠵᠢᠯᠯᠠᠳᠠᠭ ᠪᠠᠢᠭᠰᠠᠨ᠃ ᠨᠠᠮ᠎ᠠ ᠶ᠋ᠢ ᠮᠡᠳᠡᠭᠡ ᠣᠷᠣᠭᠰᠠᠨ ᠴᠠᠭ ᠠ᠋ᠴᠠ ᠠᠪᠤᠭᠠᠳ ᠥᠷᠯᠥᠭᠡ ᠡᠷᠲᠡᠯᠡᠨ ᠪᠣᠰᠴᠤ ᠡᠷᠲᠡ ᠶ᠋ᠢᠨ ᠰᠡᠷᠢᠭᠦᠨ ᠳ᠋ᠦ᠍ ᠨᠢ ᠠᠵᠢᠯ ᠬᠢᠳᠡᠭ᠃ ᠭᠡᠷ ᠭᠠᠳᠠᠨᠠᠬᠢ ᠠᠵᠢᠯ ᠢ᠋ ᠠᠯᠢᠨ ᠢ᠋ ᠴᠦ᠍ ᠬᠢᠵᠦ ᠴᠢᠳᠠᠳᠠᠭ ᠪᠥᠭᠡᠳ ᠰᠠᠢᠨ ᠬᠢᠵᠦ ᠴᠢᠳᠠᠳᠠᠭ᠃ ᠠᠪᠤ ᠠᠵᠢᠯᠴᠢ ᠬᠥᠮᠦᠨ᠂ ᠭᠣᠣᠯᠴᠢ ᠬᠥᠮᠦᠨ᠂ ᠰᠣᠶᠣᠯ ᠲᠠᠢ ᠬᠥᠮᠦᠨ ᠢ᠋ ᠯᠡ ᠬᠠᠮᠤᠭ ᠲᠣᠭᠣᠳᠠᠭ᠃ ᠠᠯᠵᠠᠭᠤ ᠵᠠᠯᠬᠠᠭᠤ᠂ ᠬᠤᠳᠠᠯᠴᠢ ᠬᠤᠯᠠᠭᠠᠢᠴᠢ᠂ ᠰᠤᠷᠲᠠᠯ ᠮᠣᠷᠠᠯ ᠦᠭᠡᠢ ᠬᠥᠮᠦᠰ ᠢ᠋ ᠦᠵᠡᠨ ᠶᠠᠳᠠᠳᠠᠭ ᠪᠠᠢᠭᠠᠳ᠃ ᠪᠢ ᠪᠠᠭ᠎ᠠ ᠳ᠋ᠤ᠌ ᠪᠠᠨ ᠠᠪᠤ ᠶ᠋ᠢ ᠳᠠᠭᠠᠵᠤ ᠠᠭᠤᠯᠠᠨ ᠳ᠋ᠤ᠌ ᠶᠠᠪᠤᠳᠠᠭ᠃ ᠬᠡᠭᠡᠷ᠎ᠡ ᠶ᠋ᠢᠨ ᠶᠠᠩᠵᠤ ᠪᠣᠯᠭᠠᠨ ᠤ᠋ ᠮᠣᠳᠣ᠂ ᠡᠮᠲᠦ ᠡᠪᠡᠰᠦᠨ ᠦ᠌ ᠨᠡᠷ᠎ᠡ ᠡᠯᠳᠡᠪ ᠵᠦᠢᠯ ᠦ᠋ᠨ ᠮᠥᠭᠥ᠂ ᠬᠡᠭᠡᠷ᠎ᠡ ᠶ᠋ᠢᠨ ᠠᠮᠢᠲᠠᠨ ᠰᠢᠪᠠᠭᠤ ᠶ᠋ᠢ ᠲᠣᠳ᠋ᠣᠷᠠᠠᠠᠢ ᠰᠠᠢᠨ ᠮᠡᠳᠡᠬᠦ ᠪᠥᠭᠡᠳ ᠡᠮ ᠦ᠋ᠨ ᠡᠪᠡᠰᠦ ᠴᠤᠭᠯᠠᠭᠤᠯᠤᠨ ᠲᠡᠭᠦᠵᠦ ᠠᠢᠯ ᠰᠠᠭᠠᠬᠠᠯᠲᠠ ᠶ᠋ᠢᠨ ᠮᠠᠯ ᠤᠨᠤᠭ᠎ᠠ᠂ ᠬᠡᠦᠬᠡᠳ ᠨᠢᠯᠬ᠎ᠠ ᠶ᠋ᠢᠨ ᠬᠠᠯᠠᠭᠤᠨ ᠡᠪᠡᠳᠴᠢᠨ ᠢ᠋ ᠴᠦ᠍ ᠡᠮᠨᠡᠵᠦ ᠳᠣᠮᠨᠣᠳᠠᠭ᠃ 
    ᠲᠡᠷᠡ ᠪᠠᠰᠠ ᠨᠣᠮ ᠪᠢᠴᠢᠭ ᠲᠦ᠍ ᠮᠠᠰᠢ ᠪᠠᠬ᠎ᠠ ᠲᠠᠢ᠃ ᠣᠢ ᠰᠢᠭᠤᠢ ᠶ᠋ᠢᠨ ᠬᠠᠮᠢᠶ᠎ᠠ ᠲᠠᠢ ᠨᠣᠮ᠂ ᠡᠮ ᠡᠮᠨᠡᠯᠭᠡ ᠶ᠋ᠢᠨ ᠬᠠᠮᠢᠶ᠎ᠠ ᠲᠠᠢ ᠨᠣᠮ᠂ ᠭᠡᠷ ᠦ᠋ᠨ ᠲᠡᠵᠢᠭᠡᠪᠦᠷᠢ ᠶ᠋ᠢᠨ ᠲᠤᠬᠠᠢ ᠨᠣᠮ᠂ ᠰᠢᠨ᠎ᠡ ᠮᠣᠩᠭᠣᠯ ᠦᠰᠦᠭ ᠦ᠋ᠨ ᠨᠣᠮ᠂ ᠮᠠᠤ ᠲᠡᠷᠢᠭᠦᠯᠡᠭᠴᠢ ᠶ᠋ᠢᠨ ᠰᠣᠩᠭᠣᠮᠠᠯ ᠵᠣᠬᠢᠶᠠᠯ᠂ ᠭᠡᠬᠦᠴᠢᠯᠡᠨ ᠶᠠᠩᠵᠤ ᠪᠣᠯᠭᠠᠨ ᠤ᠋ ᠨᠣᠮ ᠰᠤᠳᠤᠷ ᠬᠠᠳᠠᠭᠠᠯᠠᠨ ᠤᠩᠰᠢᠳᠠᠭ ᠪᠥᠭᠡᠳ ᠮᠠᠨ ᠳ᠋ᠤ᠌ ᠦᠵᠡᠭᠦᠯᠦᠨ ᠣᠩᠰᠢᠭᠤᠯᠠᠳᠠᠭ᠃ 
    ᠠᠪᠤ ᠮᠢᠨᠢ ᠣᠯᠠᠨ ᠲᠥᠷᠥᠯ ᠦ᠋ᠨ ᠪᠢᠴᠢᠭ ᠮᠡᠳᠡᠳᠡᠭ᠃ ᠲᠡᠷᠡ ᠬᠠᠷᠠᠬᠠᠨ ᠪᠠᠭ᠎ᠠ ᠠ᠋ᠴᠠ ᠪᠠᠨ ᠡᠪᠦᠭᠡ ᠡᠴᠡ ᠪᠡᠨ ᠮᠠᠨᠵᠤ ᠦᠰᠦᠭ ᠰᠤᠷᠤᠭᠰᠠᠨ ᠪᠥᠭᠡᠳ ᠯᠠᠮ᠎ᠠ ᠠᠬ᠎ᠠ ᠡᠴᠡ ᠪᠡᠨ ᠲᠥᠪᠡᠳ ᠦᠰᠦᠭ ᠰᠤᠷᠤᠭᠰᠠᠨ ᠪᠠᠢᠨ᠎ᠠ᠃ ᠰᠡᠭᠦᠯᠡᠷ ᠨᠢ ᠰᠤᠷᠭᠠᠭᠤᠯᠢ ᠳ᠋ᠤ᠌ ᠰᠤᠷᠤᠯᠴᠠᠵᠤ ᠪᠠᠢᠭ᠎ᠠ ᠦᠶᠡᠰ ᠲᠦ᠍ ᠪᠡᠨ ᠮᠣᠩᠭᠣᠯ ᠪᠢᠴᠢᠭ ᠡᠴᠡ ᠭᠠᠳᠠᠨ᠎ᠠ ᠬᠢᠲᠠᠳ ᠦᠰᠦᠭ᠂ ᠶᠠᠫᠣᠨ ᠦᠰᠦᠭ ᠰᠤᠷᠤᠭᠰᠠᠨ ᠪᠠᠢᠯ᠎ᠠ᠃ ᠰᠢᠨ᠎ᠡ ᠮᠣᠩᠭᠣᠯ ᠦᠰᠦᠭ ᠦ᠋ᠨ ᠨᠣᠮ ᠢ᠋ ᠴᠦ᠍ ᠤᠩᠰᠢᠵᠤ ᠴᠢᠳᠠᠳᠠᠭ ᠪᠥᠭᠡᠳ ᠨᠠᠳᠠ ᠳ᠋ᠤ᠌ ᠨᠢᠭᠡ ᠡᠴᠡ ᠠᠷᠪᠠ ᠬᠦᠷᠲᠡᠯᠡᠬᠢ ᠲᠣᠭ᠎ᠠ ᠶ᠋ᠢ ᠠᠩᠭ᠌ᠯᠢ ᠬᠡᠯᠡ᠂ ᠣᠷᠣᠰ ᠬᠡᠯᠡ ᠪᠡᠷ ᠲᠣᠭᠠᠯᠠᠠᠠᠤ ᠶ᠋ᠢ ᠵᠢᠭᠠᠵᠤ ᠥᠭᠴᠦ ᠪᠠᠢᠭᠰᠠᠨ᠃ ᠡᠭᠦᠨ ᠡᠴᠡ ᠭᠠᠳᠠᠨ᠎ᠠ ᠲᠩᠷᠢ ᠶ᠋ᠢᠨ ᠣᠶᠣᠳᠠᠯ᠂ ᠠᠯᠲᠠᠨ ᠭᠠᠳᠠᠰᠤ᠂ ᠳᠣᠬᠢᠭᠤᠷ ᠳᠣᠯᠣᠭᠠᠨ ᠣᠳᠣ᠂ ᠱᠦᠭᠦᠷ ᠣᠳᠣ ᠁ ᠭᠡᠬᠦᠴᠢᠯᠡᠨ ᠭᠠᠵᠠᠷ ᠬᠥᠳᠡᠯᠬᠦ ᠡᠴᠡ ᠰᠠᠷᠠ ᠭᠬᠢᠷᠲᠦᠬᠦ ᠵᠡᠷᠭᠡ ᠪᠠᠢᠭᠠᠯᠢ ᠳᠡᠯᠡᠬᠡᠢ ᠶ᠋ᠢᠨ ᠡᠯᠳᠡᠪ ᠦᠵᠡᠭᠳᠡᠯ ᠦ᠋ᠨ ᠲᠤᠬᠠᠢ ᠪᠢ ᠠᠪᠤ ᠠ᠋ᠴᠠ ᠪᠠᠨ ᠯᠠ ᠠᠩᠬ᠎ᠠ ᠰᠤᠷᠴᠤ ᠮᠡᠳᠡᠵᠦ ᠪᠠᠢᠭᠰᠠᠨ ᠶᠤᠮᠰᠠᠨ᠃ 
    ᠠᠪᠤ ᠮᠠᠨᠢ ᠬᠡᠴᠢᠨᠡᠨ ᠰᠣᠶᠣᠯ ᠮᠡᠳᠡᠯᠭᠡ ᠲᠡᠢ ᠬᠥᠮᠦᠨ ᠪᠠᠢᠭᠰᠠᠨ ᠭᠡᠳᠡᠭ ᠢ᠋ ᠪᠢ ᠮᠠᠰᠢ ᠬᠣᠵᠢᠳ ᠤᠬᠠᠭᠠᠷᠠᠵᠤ ᠮᠡᠳᠡᠭᠰᠡᠨ ᠪᠢᠯᠡ᠃ ᠶᠠᠮᠠᠷ ᠠᠵᠢᠯ ᠢ᠋ ᠬᠢᠬᠦ ᠳ᠋ᠦ᠍ ᠤᠷᠢᠳᠴᠢᠯᠠᠨ ᠪᠡᠯᠡᠳᠬᠡᠬᠦ ᠪᠣᠯ ᠲᠡᠭᠦᠨ ᠦ᠌ ᠬᠤᠪᠢᠷᠠᠰᠢ ᠦᠭᠡᠢ ᠠᠷᠠᠨᠰᠢᠨ ᠪᠠᠢᠪᠠ᠃ ᠮᠠᠨ ᠳ᠋ᠤ᠌ ᠬᠡᠵᠢᠶᠡᠳᠡ《ᠪᠡᠯᠡᠳᠬᠡᠯ ᠲᠡᠢ ᠪᠣᠯ ᠪᠠᠯᠠᠳᠠᠬᠤ ᠦᠭᠡᠢ》᠂《ᠳᠠᠮ ᠤ᠋ᠨ ᠦᠭᠡ ᠳᠠᠯᠠᠨ ᠬᠤᠳᠠᠯᠴᠢ ᠶᠤᠮ᠃ ᠶᠠᠭᠠᠬᠢᠭᠰᠠᠨ ᠴᠤ᠌ ᠭᠡᠷᠡᠴᠢ ᠪᠠᠷᠢᠮᠲᠠ ᠦᠭᠡᠢ ᠦᠭᠡ ᠬᠡᠯᠡᠵᠦ ᠪᠣᠯᠠᠠᠤ ᠦᠭᠡᠢ》ᠭᠡᠵᠦ ᠴᠢᠩᠳᠠᠯᠠᠨ ᠰᠤᠷᠭᠠᠳᠠᠭ ᠪᠠᠢᠭᠰᠠᠨ ᠨᠢ ᠠᠪᠤ ᠶ᠋ᠢᠨ ᠮᠢᠨᠢ ᠨᠢᠭᠡ ᠨᠠᠰᠤ ᠪᠠᠷ ᠢ᠋ᠶ᠋ᠠᠨ ᠬᠢᠵᠦ ᠢᠷᠡᠭᠰᠡᠨ ᠳᠣᠲᠣᠭᠠᠳᠤ ᠶ᠋ᠢ ᠬᠠᠮᠠᠭᠠᠯᠠᠬᠤ ᠠᠵᠢᠯ ᠤ᠋ᠨ ᠬᠢᠨ ᠣᠨᠴᠠᠯᠢᠭ ᠠ᠋ᠴᠠ ᠪᠣᠯᠤᠭᠰᠠᠨ ᠮᠠᠭᠠᠳ᠃ ᠠᠪᠤ ᠮᠢᠨᠢ ᠠᠵᠢᠯᠴᠢ ᠠᠷᠪᠢᠴᠢ ᠪᠥᠭᠡᠳ ᠠᠷᠢᠭᠤᠨ ᠴᠡᠪᠡᠷᠴᠢ ᠠᠮᠢᠳᠤᠷᠠᠯ ᠤ᠋ᠨ ᠳᠠᠳᠬᠠᠯ ᠲᠠᠢ ᠬᠥᠮᠦᠨ᠃ ᠡᠵᠢ ᠶ᠋ᠢᠨ ᠬᠡᠯᠡᠬᠦ ᠪᠡᠷ ᠲᠡᠷᠡ ᠯᠠᠮᠠ ᠬᠥᠮᠦᠨ ᠰᠢᠭ ᠴᠡᠪᠡᠷ᠂ ᠲᠡᠭᠦᠨ ᠦ᠌ ᠣᠷᠣ ᠳᠡᠪᠢᠰᠬᠡᠷ᠂ ᠨᠢᠭᠤᠷ ᠤ᠋ᠨ ᠠᠯᠴᠢᠭᠤᠷ᠂ ᠰᠢᠲᠦ ᠣᠬᠢᠶᠠᠠᠠᠤ ᠴᠣᠮᠣ ᠵᠡᠷᠭᠡ ᠡᠳ᠋ᠯᠡᠯ ᠬᠡᠷᠡᠭᠰᠡᠯ ᠪᠦᠷ ᠲᠣᠰᠬᠠᠷ ᠬᠤᠷᠢᠶᠠᠳᠠᠭ᠃ 
    ᠠᠮᠢᠳᠤᠷᠠᠯ ᠤ᠋ᠨ ᠲᠠᠯ᠎ᠠ ᠪᠠᠷ ᠥᠪᠡᠷ ᠪᠤᠰᠤᠳ ᠢ᠋ ᠪᠦᠷ ᠮᠠᠰᠢ ᠴᠢᠩᠭ᠎ᠠ ᠱᠠᠭᠠᠷᠳᠠᠳᠠᠭ᠃ ᠲᠡᠷᠡ ᠺᠢᠨᠣ᠋ ᠦᠵᠡᠬᠦ ᠪᠤᠶᠤ ᠬᠥᠵᠥᠷ ᠲᠣᠠᠠᠯᠠᠠᠠᠤ ᠦᠭᠡᠢ᠃ ᠨᠡᠩ ᠢᠯᠠᠩᠭᠤᠶ᠎ᠠ ᠮᠥᠷᠥᠢ ᠲᠡᠢ ᠨᠠᠭᠠᠳᠤᠮ ᠢ᠋ ᠡᠷᠡᠰ ᠡᠰᠡᠷᠭᠦᠴᠡᠨ᠎ᠡ᠃ ᠪᠦᠷᠢᠯᠭᠡᠨ ᠰᠦᠢᠳᠬᠡᠬᠦ ᠶ᠋ᠢ ᠡᠷᠡᠰ ᠡᠰᠠᠷᠬᠥᠴᠠᠳ᠋ᠩ᠃ 《ᠠᠮᠤ ᠪᠤᠳᠠᠭ᠎ᠠ ᠶ᠋ᠢ ᠬᠠᠢᠷᠠᠯᠠᠬᠤ ᠬᠡᠷᠡᠭᠲᠡᠢ ᠤᠰᠤ ᠶ᠋ᠢ ᠠᠷᠪᠢᠯᠠᠬᠤ ᠬᠡᠷᠡᠭᠲᠡᠢ》ᠭᠡᠵᠦ ᠦᠷᠭᠦᠯᠵᠢ ᠰᠤᠷᠭᠠᠳᠠᠭ ᠪᠥᠭᠡᠳ ᠥᠪᠡᠷ ᠢ᠋ᠶ᠋ᠡᠨ ᠬᠠᠢᠷᠠᠯᠠᠵᠤ ᠬᠢᠮᠠᠭᠠᠳᠠᠳᠠᠭ᠃ ᠪᠢᠳᠡ ᠠᠪᠤ ᠶ᠋ᠢ ᠬᠦᠴᠢᠷ ᠪᠡᠷᠬᠡᠰᠢᠶᠡᠯ ᠲᠡᠢ ᠣᠨ ᠵᠢᠯ ᠦ᠋ᠳ ᠢ᠋ ᠥᠩᠭᠡᠷᠡᠭᠡᠭᠰᠡᠨ ᠡᠴᠡ ᠢᠩᠭᠢᠳᠡᠭ ᠭᠡᠵᠦ ᠪᠣᠳᠣᠵᠤ ᠪᠠᠢᠭᠰᠠᠨ᠂ ᠭᠡᠲᠡᠯ᠎ᠡ ᠲᠡᠢᠮᠦ ᠪᠢᠰᠢ ᠲᠡᠷᠡ ᠥᠪᠡᠷ ᠢ᠋ ᠪᠡᠨ ᠮᠠᠰᠢ ᠴᠢᠩᠭ᠎ᠠ ᠱᠠᠭᠠᠷᠳᠠᠳᠠᠭ ᠪᠥᠭᠡᠳ ᠡᠨᠡᠬᠦ ᠠᠮᠢᠳᠤᠷᠠᠯ ᠤ᠋ᠨ ᠰᠤᠷᠲᠠᠯ ᠢ᠋ᠶ᠋ᠠᠨ ᠢᠮᠠᠭᠲᠠ ᠪᠠᠷᠢᠮᠲᠠᠯᠠᠳᠠᠭ ᠪᠠᠢᠭᠰᠠᠨ ᠨᠢ ᠦᠨᠡᠨ ᠦ᠌ ᠪᠢᠰᠢᠷᠡᠭᠦᠰᠢᠲᠡᠢ᠃ 
    ᠮᠢᠨᠦ ᠠᠪᠤ ᠡᠷᠡᠭᠦᠯ ᠮᠡᠨᠳᠦ ᠶ᠋ᠢ ᠣᠨᠴᠠ ᠴᠢᠬᠤᠯᠠᠴᠢᠯᠠᠨ ᠦᠵᠡᠵᠦ《ᠪᠡᠶ᠎ᠡ ᠪᠠᠢᠪᠠᠯ ᠪᠡᠭᠡᠵᠢᠩ》ᠭᠡᠵᠦ ᠦᠵᠡᠳᠡᠭ᠂ ᠬᠤᠪᠢᠰᠬᠠᠯ ᠳ᠋ᠤ᠌ ᠣᠷᠣᠯᠴᠠᠭᠰᠠᠨ ᠣᠨ ᠵᠢᠯ ᠦ᠋ᠳ ᠲᠦ᠍ ᠠᠪᠤ ᠬᠡᠳᠦ ᠤᠳᠠᠭ᠎ᠠ ᠬᠦᠨᠳᠦ ᠡᠪᠡᠳᠴᠢᠨ ᠳ᠋ᠦ᠍ ᠨᠡᠷᠪᠡᠭᠳᠡᠵᠦ ᠥᠩᠭᠡᠷᠡᠵᠡᠢ᠃ ᠬᠠᠷ᠎ᠠ ᠠᠵᠢᠯ ᠳ᠋ᠤ᠌ ᠪᠠᠷᠢᠭᠳᠠᠵᠤ ᠢᠷᠡᠭᠡᠳ ᠬᠠᠯᠠᠭᠤᠨ ᠡᠪᠡᠳᠴᠢᠨ ᠳ᠋ᠦ᠍ ᠨᠡᠷᠪᠡᠭᠳᠡᠭᠰᠡᠨ᠂ ᠳᠠ ᠵᠠᠢ ᠠ᠋ᠴᠠ ᠰᠣᠷᠣᠯᠴᠠᠠᠠᠤ ᠪᠠᠷ ᠶᠠᠪᠤᠭᠠᠳ ᠡᠯᠢᠭᠡᠨ ᠦᠷᠪᠢᠰᠦᠯ ᠳ᠋ᠦ᠍ ᠨᠡᠷᠪᠡᠭᠳᠡᠭᠰᠡᠨ᠂ ᠬᠢᠯᠢᠰ ᠭᠦᠵᠢᠷ ᠠᠮᠰᠠᠭᠠᠳ ᠵᠢᠷᠦᠬᠡᠨ ᠬᠡᠢ ᠡᠪᠡᠳᠴᠢᠨ ᠣᠯᠤᠭᠰᠠᠨ᠂ ᠦᠳᠡᠯᠦᠭᠡ ᠨᠠᠰᠤᠨ ᠳ᠋ᠤ᠌ ᠪᠠᠨ ᠴᠢᠰᠤᠨ ᠳᠠᠷᠤᠯᠲᠠ ᠥᠨᠳᠥᠷ ᠡᠪᠡᠳᠴᠢᠨ᠂ ᠨᠢᠳᠦᠨ ᠬᠠᠷᠠᠭᠠᠨ ᠤ᠋ ᠰᠤᠯᠠᠷᠠᠯ ᠢ᠋ᠶ᠋ᠠᠷ ᠬᠣᠶᠠᠷ ᠨᠢᠳᠦᠨ ᠦ᠌ ᠬᠠᠷᠠᠭ᠎ᠠ ᠪᠠᠨ ᠠᠯᠳᠠᠭᠰᠠᠨ ᠵᠡᠷᠭᠡ ᠡᠪᠡᠳᠴᠢᠨ ᠦ᠌ ᠲᠠᠷᠴᠢᠯᠠᠭᠠᠯ ᠢ᠋ ᠲᠤᠭᠤᠯᠵᠤ ᠢᠷᠡᠬᠦ ᠳ᠋ᠦ᠍ ᠪᠡᠨ《ᠡᠪᠡᠳᠴᠢᠨ ᠢ᠋ ᠡᠳᠡᠭᠡᠬᠦ ᠳ᠋ᠦ᠍ ᠭᠤᠷᠪᠠᠨ ᠬᠤᠪᠢ ᠶ᠋ᠢᠨ ᠡᠮ᠂ ᠳᠣᠯᠣᠭᠠᠨ ᠬᠤᠪᠢ ᠶ᠋ᠢᠨ ᠰᠤᠪᠢᠯᠠᠯᠲᠠ ᠴᠢᠬᠤᠯᠠ》ᠭᠡᠵᠦ ᠢᠮᠠᠭᠲᠠ ᠥᠪᠡᠷ ᠦ᠋ᠨ ᠪᠡᠶ᠎ᠡ ᠶ᠋ᠢᠨ ᠰᠤᠪᠢᠯᠠᠯᠲᠠ ᠶ᠋ᠢ ᠠᠩᠬᠠᠷᠴᠤ᠂ ᠢᠳᠡᠵᠦ ᠣᠣᠭᠣᠠᠠᠤ ᠪᠠᠨ ᠵᠣᠬᠢᠴᠠᠭᠤᠯᠳᠠᠭ᠃ ᠤᠯᠤᠰ ᠠ᠋ᠴᠠ ᠠᠵᠢᠯ ᠠ᠋ᠴᠠ ᠠᠮᠠᠷᠠᠭᠰᠠᠨ ᠠᠬᠠᠮᠠᠳ ᠺᠠᠳ᠋ᠷ ᠤ᠋ᠨ ᠡᠮᠨᠡᠯᠭᠡ ᠶ᠋ᠢᠨ ᠰᠦᠢᠳᠬᠡᠯ ᠢ᠋ ᠪᠦᠬᠦᠨ ᠢ᠋ ᠬᠠᠷᠢᠭᠤᠴᠠᠬᠤ ᠰᠠᠢᠨ ᠰᠠᠢᠬᠠᠨ ᠲᠥᠷᠥ ᠶ᠋ᠢᠨ ᠪᠣᠳᠣᠯᠭ᠎ᠠ ᠪᠠᠢᠭᠰᠠᠨ ᠴᠤ᠌ ᠠᠪᠤ ᠶᠡᠷᠦᠨᠢ ᠡᠮᠨᠡᠯᠭᠡ ᠳ᠋ᠦ᠍ ᠰᠠᠭᠤᠵᠤ ᠡᠮᠨᠡᠭᠦᠯᠦᠭᠰᠡᠨ ᠦᠭᠡᠢ ᠪᠢᠯᠡ᠃ ᠠᠷᠢᠬᠢ ᠲᠠᠮᠠᠬᠢᠨ ᠡᠴᠡ ᠪᠡᠨ ᠡᠷᠲᠡ ᠭᠠᠷᠴᠤ᠂《ᠡᠪᠡᠳᠴᠢᠨ ᠢ᠋ ᠰᠠᠢᠨ ᠵᠠᠰᠠᠪᠠᠯ ᠡᠳᠡᠭᠡᠷᠡᠳᠡᠭ》ᠭᠡᠵᠦ ᠶᠠᠷᠢᠳᠠᠭ᠃ ᠠᠪᠤ ᠶ᠋ᠢᠨ ᠴᠢᠰᠤᠨ ᠳᠠᠷᠤᠯᠲᠠ ᠥᠨᠳᠥᠷ ᠪᠠ ᠨᠢᠳᠦᠨ ᠬᠠᠷᠠᠭ᠎ᠠ ᠮᠠᠭᠤ ᠠ᠋ᠴᠠ ᠪᠤᠰᠤᠳ ᠡᠪᠡᠳᠴᠢᠨ ᠣᠷᠣ ᠲᠠᠰᠤ ᠠᠷᠢᠯᠵᠤ ᠣᠳᠤᠭᠰᠠᠨ ᠨᠢ ᠲᠡᠭᠦᠨ ᠦ᠌ ᠠᠮᠢᠳᠤᠷᠠᠯ ᠤ᠋ᠨ ᠣᠪᠣᠷ᠂ ᠭᠤᠢᠪᠢᠰᠢ ᠦᠭᠡᠢ ᠰᠡᠳᠬᠢᠯ ᠦ᠋ᠨ ᠲᠡᠩᠬᠡᠭᠡ ᠡᠴᠡ ᠪᠣᠯᠤᠭᠰᠠᠨ ᠭᠡᠵᠦ ᠪᠢ ᠦᠵᠡᠳᠡᠭ᠃ 
    ᠷᠠᠳᠢᠣ᠋ ᠰᠣᠨᠣᠰᠴᠤ ᠴᠠᠭ ᠤ᠋ᠨ ᠪᠠᠢᠳᠠᠯ ᠤ᠋ᠨ ᠤᠯᠤᠰ ᠲᠥᠷᠥ ᠶ᠋ᠢ ᠰᠤᠷᠤᠯᠴᠠᠳᠠᠭ ᠪᠥᠭᠡᠳ ᠲᠥᠪ ᠦ᠋ᠨ ᠰᠣᠨᠢᠨ ᠮᠡᠳᠡᠭᠡ᠂ ᠣᠯᠠᠨ ᠤᠯᠤᠰ ᠤ᠋ᠨ ᠰᠣᠨᠢᠨ ᠮᠡᠳᠡᠭᠡ᠂ ᠴᠠᠭ ᠠᠭᠤᠷ ᠤ᠋ᠨ ᠮᠡᠳᠡᠭᠡ ᠶ᠋ᠢ ᠲᠠᠰᠤᠷᠠᠯᠲᠠ ᠦᠭᠡᠢ ᠰᠣᠨᠣᠰᠳᠠᠭ᠃ ᠪᠢ ᠠᠵᠢᠯ ᠳ᠋ᠤ᠌ ᠭᠠᠷᠤᠭᠠᠳ ᠭᠠᠷᠠᠭ ᠤ᠋ᠨ ᠠᠮᠠᠷᠠᠯᠲᠠ ᠪᠠᠷ ᠠᠪᠤ ᠶ᠋ᠢ ᠡᠷᠭᠢᠨ ᠦᠵᠡᠬᠦ ᠪᠡᠷ ᠣᠴᠢᠬᠤ ᠪᠣᠯᠭᠠᠨ ᠨᠠᠳᠠ ᠠ᠋ᠴᠠ ᠤᠯᠤᠰ ᠤ᠋ᠨ ᠪᠠᠢᠳᠠᠯ᠂ ᠲᠥᠪ ᠬᠣᠷᠢᠶᠠᠨ ᠤ᠋ ᠰᠣᠨᠢᠨ ᠮᠡᠳᠡᠭᠡ᠂ ᠳᠡᠯᠡᠬᠡᠢ ᠨᠡᠢᠲᠡ ᠶ᠋ᠢᠨ ᠰᠣᠨᠢᠨ ᠰᠣᠨᠣᠰᠬᠠᠯ ᠤ᠋ᠨ ᠲᠤᠬᠠᠢ ᠠᠰᠠᠭᠤᠵᠤ ᠨᠠᠮ᠎ᠠ ᠶ᠋ᠢ ᠭᠠᠷᠲᠠᠭᠠᠵᠤ《ᠵᠠᠯᠠᠭᠤ ᠬᠥᠮᠦᠨ ᠪᠠᠢᠭᠠᠳ ᠰᠣᠷᠣᠯᠴᠠᠠᠠᠤ ᠦᠭᠡᠢ ᠪᠠᠢᠨ᠎ᠠ》ᠠᠪᠤ ᠨᠢᠭᠡ ᠨᠠᠰᠤᠨ ᠳ᠋ᠠᠭᠠᠨ ᠬᠡᠭᠡᠯᠢ ᠬᠠᠠᠠᠣᠣᠯᠢ ᠢᠳᠡᠬᠦ ᠨᠣᠶᠠᠨᠴᠢ ᠰᠤᠷᠲᠠᠯ ᠢ᠋ ᠡᠷᠡᠰ ᠡᠰᠠᠷᠬᠥᠴᠠᠳ᠋ᠩ ᠪᠠᠢᠪᠠ᠃ ᠶᠡᠬᠡ ᠠᠬ᠎ᠠ (ᠬᠠᠷᠠᠬᠦᠦ) ᠬᠠᠩᠭᠠᠨ ᠪᠣᠷᠣᠯᠠᠭᠣᠯᠠᠠᠤ ᠬᠣᠷᠰᠢᠶᠠᠨ ᠳ᠋ᠤ᠌ ᠠᠯᠪᠠᠯᠠᠵᠤ ᠪᠠᠢᠪᠠ᠂ ᠬᠣᠵᠢᠮ ᠨᠢ ᠬᠣᠣᠰ ᠳᠠᠭᠠᠭᠠᠴᠢᠯᠠᠯᠲᠠ ᠶ᠋ᠢᠨ ᠦᠶ᠎ᠡ ᠳ᠋ᠦ᠍ ᠠᠵᠢᠯ ᠡᠴᠡ ᠪᠡᠨ ᠰᠠᠯᠵᠤ ᠮᠠᠯᠴᠢᠨ ᠪᠣᠯᠪᠠ᠃ ᠠᠪᠤ ᠶ᠋ᠢᠨ ᠬᠤᠪᠢᠰᠬᠠᠯ ᠤ᠋ᠨ ᠦᠢᠯᠡᠰ ᠲᠦ᠍ ᠵᠢᠳᠬᠦᠵᠦ ᠢᠷᠡᠯ᠎ᠡ ᠭᠡᠮᠡᠨ ᠮᠠᠨ ᠤ᠋ ᠪᠠᠭ᠎ᠠ ᠠᠬ᠎ᠠ᠂ ᠥᠬᠢᠨ ᠳᠡᠭᠦᠦ (ᠥᠨᠢᠷᠴᠡᠴᠡᠭ) ᠪᠢᠳᠡ ᠭᠤᠷᠪᠠᠭᠤᠯᠠ ᠶ᠋ᠢ ᠬᠣᠲᠠ ᠶ᠋ᠢᠨ ᠡᠷᠦᠬᠡ ᠠᠮᠠ ᠲᠠᠢ ᠪᠣᠯᠭᠠᠵᠤ᠂ ᠪᠠᠭ᠎ᠠ ᠠᠬ᠎ᠠ (ᠨᠠᠷᠠᠨᠮᠠᠨᠳᠠ) ᠮᠥᠩᠭᠥᠨ ᠠᠭᠣᠷᠠᠠᠠᠢ ᠳ᠋ᠤ᠌ ᠰᠢᠯᠭᠠᠭᠳᠠᠨ ᠣᠷᠣᠵᠤ ᠠᠵᠢᠯᠯᠠᠭᠰᠠᠨ ᠪᠣᠯᠪᠠᠴᠤ ᠰᠡᠭᠦᠯᠡᠷ ᠨᠢ ᠠᠭᠣᠷᠠᠠᠠᠢ ᠳᠠᠮᠫᠤᠷᠠᠵᠤ ᠠᠵᠢᠯ ᠢ᠋ᠶ᠋ᠠᠨ ᠠᠯᠳᠠᠪᠠ᠃ ᠭᠡᠲᠡᠯ᠎ᠡ ᠠᠪᠤ ᠮᠢᠨᠢ ᠦᠷ᠎ᠡ ᠬᠡᠦᠬᠡᠳ ᠢ᠋ᠶ᠋ᠡᠨ ᠶᠠᠮᠠᠷ ᠨᠢᠭᠡᠨ ᠠᠷᠭ᠎ᠠ ᠪᠠᠷ ᠠᠵᠢᠯ ᠣᠯᠭᠣᠶ᠎ᠠ ᠭᠡᠵᠦ ᠬᠡᠨ ᠢ᠋ ᠴᠦ᠍ ᠡᠷᠢᠵᠦ ᠥᠩᠭᠡᠷᠡᠭᠰᠡᠨ ᠦᠭᠡᠢ ᠶᠦ᠍ᠮ᠃ ᠲᠡᠭᠦᠨ ᠦ᠌ ᠦᠵᠡᠬᠦ ᠪᠡᠷ ᠪᠢᠳᠡ ᠠᠷᠢᠭᠤᠨ ᠴᠠᠭᠠᠨ ᠬᠥᠳᠡᠯᠮᠦᠷᠢ ᠪᠠ ᠴᠢᠳᠠᠪᠤᠷᠢ ᠳ᠋ᠤ᠌ ᠪᠠᠨ ᠯᠠ ᠲᠦᠰᠢᠭᠯᠡᠨ ᠠᠮᠢᠳᠤᠷᠠᠬᠤ ᠬᠡᠷᠡᠭᠲᠡᠢ᠃ ᠪᠢᠯᠳᠠᠤᠴᠢ ᠵᠢᠰᠤᠷ ᠵᠠᠩ ᠢ᠋ ᠲᠡᠪᠴᠢᠬᠦ ᠬᠡᠷᠡᠭᠲᠡᠢ ᠭᠡᠳᠡᠭ ᠪᠠᠢᠯ᠎ᠠ᠃ 
    ᠲᠡᠷᠡ ᠬᠡᠵᠢᠶᠡᠳᠡ ᠲᠠᠭᠲᠠᠭᠠᠨ ᠥᠩᠭᠡᠲᠡᠢ ᠵᠦᠩᠱᠠᠨ ᠬᠤᠪᠴᠠᠰᠤ ᠡᠮᠦᠰᠬᠦ ᠳᠤᠷ᠎ᠠ ᠲᠠᠢ᠃ ᠲᠡᠭᠦᠨ ᠦ᠌ ᠬᠠᠮᠤᠭ ᠤ᠋ᠨ ᠲᠣᠭᠣᠳᠠᠭ ᠥᠩᠭᠡ ᠨᠢ ᠲᠠᠭᠲᠠᠭᠠᠨ ᠤ᠋ ᠦᠨᠡᠰᠦᠨ ᠥᠩᠭᠡ᠃ ᠮᠥᠨ ᠲᠠᠭᠲᠠᠭ᠎ᠠ ᠶ᠋ᠢ ᠶᠡᠬᠡ ᠯᠡ ᠬᠠᠢᠷᠠᠯᠠᠳᠠᠭ ᠪᠥᠭᠡᠳ ᠬᠡᠭᠡᠷ᠎ᠡ ᠶ᠋ᠢᠨ ᠠᠮᠢᠲᠠᠨ᠂ ᠭᠠᠯᠠᠭᠤ ᠰᠢᠪᠠᠭᠤ ᠶ᠋ᠢ ᠬᠥᠨᠥᠭᠡᠯ᠎ᠡ ᠭᠡᠵᠦ ᠡᠪᠳᠡᠯᠭᠡ ᠬᠢᠳᠡᠭ ᠬᠥᠮᠦᠰ ᠲᠦ᠍ ᠠᠭᠤᠷᠰᠠᠳᠠᠭ ᠤᠳᠠᠭ᠎ᠠ ᠴᠤ᠌ ᠪᠣᠢ᠃ ᠠᠪᠤ ᠦᠳᠡᠯᠦᠭᠡ ᠨᠠᠰᠤ ᠪᠠᠨ ᠪᠠᠭ᠎ᠠ ᠠᠬ᠎ᠠ ᠶ᠋ᠢᠨ ᠬᠢ ᠲᠡᠢ ᠬᠠᠮᠲᠤ ᠥᠩᠭᠡᠷᠡᠭᠡᠭᠰᠡᠨ ᠶᠦ᠍ᠮ᠃ ᠲᠡᠷᠡᠪᠡᠷ ᠣᠮᠪᠣᠯᠣ ᠬᠡᠦᠬᠡᠳ ᠦ᠋ᠳ ᠲᠤ ᠪᠠᠨ ᠮᠠᠰᠢ ᠬᠠᠢᠷᠠᠲᠠᠢ ᠪᠥᠭᠡᠳ ᠶᠣᠰᠣ ᠨᠣᠮ ᠲᠠᠢ ᠴᠢᠩᠭ᠎ᠠ ᠰᠤᠷᠭᠠᠳᠠᠭ᠃ 
    ᠠᠪᠤ ᠦᠷ᠎ᠡ ᠬᠡᠦᠬᠡᠳ ᠢ᠋ᠶ᠋ᠡᠨ ᠴᠢᠩᠭ᠎ᠠ ᠨᠢᠮᠪᠠᠢ ᠰᠤᠷᠭᠠᠨ ᠬᠥᠮᠦᠵᠢᠭᠦᠯᠦᠭᠰᠡᠨ ᠦ᠌ ᠠᠴᠢ ᠪᠠᠷ ᠶᠡᠬᠡ ᠡᠭᠡᠴᠢ (ᠬᠦᠦᠪᠤᠯᠠᠭ) ᠮᠢᠨᠢ ᠬᠤᠰᠢᠭᠤᠨ ᠳᠡᠰ ᠦ᠋ᠨ ᠪᠣᠳᠠᠰ ᠤ᠋ᠨ ᠪᠤᠰᠤ ᠰᠣᠶᠣᠯ ᠤ᠋ᠨ ᠤᠯᠠᠮᠵᠢᠯᠠᠭᠴᠢ ᠪᠠᠷ ᠨᠡᠷᠡᠢᠳᠦᠭᠳᠡᠵᠦ᠂ ᠮᠥᠨ ᠮᠠᠯ ᠠᠵᠤ ᠠᠬᠤᠢ ᠶ᠋ᠢᠨ ᠲᠤᠰᠬᠠᠢ ᠡᠷᠦᠬᠡ ᠪᠡᠷ ᠪᠦᠷᠢᠳᠬᠡᠭᠳᠡᠵᠦ᠂ ᠬᠣᠶᠠᠷ ᠠᠬ᠎ᠠ ᠮᠥᠨ ᠴᠦ᠍ ᠵᠢᠱ᠌ᠢᠶᠡᠴᠢ ᠮᠠᠯᠴᠢᠨ ᠰᠠᠢᠴᠤᠤᠯ ᠤ᠋ᠨ ᠡᠩᠨᠡᠭᠡᠨ ᠳ᠋ᠦ᠍ ᠭᠢᠯᠠᠷᠠᠭᠤᠯᠵᠤ ᠶᠠᠪᠤᠵᠤ ᠪᠠᠢᠬᠤ ᠪᠥᠭᠡᠳ ᠶᠡᠬᠡ ᠠᠬ᠎ᠠ ᠶ᠋ᠢᠨ ᠥᠬᠢᠨ(ᠤᠷᠭᠤᠮᠠᠯᠴᠡᠴᠡᠭ᠂ ᠥᠨᠥ ᠠᠷᠤ ᠬᠣᠷᠴᠢᠨ ᠬᠤᠰᠢᠭᠤᠨ ᠤ᠋ ᠪᠠᠶᠠᠨᠬᠤᠸᠠ ᠰᠤᠷᠭᠠᠭᠤᠯᠢ ᠳ᠋ᠤ᠌ ᠪᠠᠭᠰᠢᠯᠠᠵᠤ ᠪᠠᠢᠨ᠎ᠠ)᠂ ᠪᠠᠭ᠎ᠠ ᠠᠬ᠎ᠠ ᠶ᠋ᠢᠨ ᠬᠦᠦ (ᠢᠳᠡᠷᠡᠭᠦᠨ ᠵᠢᠴᠢ ᠲᠡᠭᠦᠨ ᠦ᠌ ᠪᠡᠷᠢ ᠡᠪᠦᠯᠴᠡᠴᠡᠭ᠂ ᠥᠨᠥ ᠠᠷᠤ ᠬᠣᠷᠴᠢᠨ ᠬᠤᠰᠢᠭᠤᠨ ᠤ᠋ ᠪᠠᠶᠠᠠᠠᠦ᠋ᠨᠳᠦᠷ ᠰᠤᠷᠭᠠᠭᠤᠯᠢ ᠳ᠋ᠤ᠌ ᠪᠠᠭᠰᠢᠯᠠᠵᠤ ᠪᠠᠢᠨ᠎ᠠ)᠂ ᠲᠤᠰ ᠲᠤᠰ ᠦᠨᠳᠦᠰᠦᠲᠡᠨ ᠦ᠌ ᠪᠡᠨ ᠰᠤᠷᠭᠠᠨ ᠬᠥᠮᠦᠵᠢᠯ ᠦ᠋ᠨ ᠦᠢᠯᠡᠰ ᠲᠦ᠍ ᠨᠢᠭᠡᠨ ᠮᠥᠷ ᠦ᠋ᠨ ᠬᠦᠴᠦᠨ ᠭᠠᠷᠭᠠᠨ ᠵᠢᠳᠬᠦᠵᠦ ᠪᠠᠢᠨ᠎ᠠ᠃ 
    ᠠᠪᠤ ᠬᠡᠵᠢᠶᠡᠳᠡ《ᠤᠰᠤ ᠶ᠋ᠢ ᠨᠢ ᠤᠤᠭᠤᠪᠠᠯ ᠡᠬᠢ ᠶ᠋ᠢ ᠨᠢ ᠪᠣᠳᠣ》ᠭᠡᠵᠦ ᠬᠡᠦᠬᠡᠳ ᠦᠷ᠎ᠡ ᠠᠴᠢ ᠨᠠᠷ ᠢ᠋ᠶ᠋ᠠᠨ ᠰᠤᠷᠭᠠᠳᠠᠭ᠃ ᠣᠳᠣ ᠪᠣᠳ᠋ᠣᠠᠠᠤ ᠳ᠋ᠤ᠌ ᠠᠪᠤ ᠶ᠋ᠢᠨ ᠨᠢᠭᠡ ᠨᠠᠰᠤ ᠪᠣᠯ ᠶᠣᠰᠣᠲᠠᠢ᠂ ᠠᠷᠠᠳ ᠲᠦᠮᠡᠨ ᠳ᠋ᠡᠭᠡᠨ ᠦᠢᠯᠠᠴᠢᠯᠩᠰᠠᠨ᠂ ᠰᠤᠷᠤᠯᠴᠠᠯᠭ᠎ᠠ ᠶ᠋ᠢ ᠲᠡᠷᠢᠭᠦᠨ ᠪᠠᠢᠷᠢᠨ ᠳ᠋ᠤ᠌ ᠲᠠᠯᠪᠢᠭᠰᠠᠨ᠂ ᠠᠷᠢᠭᠤᠨ ᠴᠢᠭᠴᠢ ᠪᠡᠷ ᠠᠵᠢᠯ ᠦᠢᠯᠡᠰ ᠲᠦ᠍ ᠪᠡᠨ ᠵᠢᠳᠬᠦᠵᠦ᠂ ᠬᠣᠰᠢᠭᠤᠴᠢ ᠶ᠋ᠢᠱᠢᠢᠶᠠᠴᠢ ᠦᠢᠯᠡᠳᠦᠯ ᠢ᠋ᠶ᠋ᠡᠨ ᠪᠠᠳᠠᠷᠠᠭᠤᠯᠵᠤ ᠶᠠᠪᠤᠭᠰᠠᠨ ᠨᠢᠭᠡᠨ ᠠᠮᠢᠳᠤᠷᠠᠯ ᠲᠡᠮᠡᠴᠡᠯ ᠵᠢᠳᠬᠦᠯ ᠴᠢᠷᠮᠠᠢ᠍ᠢᠯᠭ᠎ᠠ ᠪᠠᠢᠭ᠎ᠠ ᠶᠤᠮ᠃ 
    ᠭᠠᠵᠠᠷ ᠰᠢᠷᠣᠢ ᠶ᠋ᠢᠨ ᠥᠭᠡᠷᠡᠴᠢᠯᠡᠯᠲᠡ᠂ ᠶᠡᠬᠡ ᠦᠰᠦᠷᠦᠩᠭᠦᠢ ᠲᠠᠪᠰᠢᠯᠲᠠ᠂ ᠰᠣᠶᠣᠯ ᠤ᠋ᠨ ᠶᠡᠬᠡ ᠬᠤᠪᠢᠰᠬᠠᠯ᠂ ᠬᠣᠷᠰᠢᠶᠠᠵᠢᠯᠲᠠ ᠵᠡᠷᠭᠡ ᠠᠯᠢ ᠣᠯᠠᠨ ᠨᠡᠢᠭᠡᠮ ᠦ᠋ᠨ ᠬᠥᠳᠡᠯᠭᠡᠭᠡᠨ ᠦ᠌ ᠦᠶ᠎ᠡ ᠳ᠋ᠦ᠍ ᠳᠠᠪᠲᠠᠭᠳᠠᠨ ᠪᠣᠯᠪᠠᠰᠤᠷᠠᠵᠤ᠂ ᠳᠠᠵᠠᠢ ᠠ᠋ᠴᠠ ᠰᠣᠷᠣᠯᠴᠠᠠᠠᠤ ᠬᠥᠳᠡᠯᠭᠡᠭᠡᠨ ᠵᠡᠷᠭᠡ ᠬᠠᠲᠠᠭᠤ ᠪᠡᠷᠬᠡᠰᠢᠶᠡᠯ ᠲᠡᠢ ᠣᠨ ᠵᠢᠯ ᠦ᠋ᠳ ᠲᠦ᠍ ᠠᠪᠤ ᠮᠢᠨᠢ ᠥᠪᠡᠷ ᠦ᠋ᠨ ᠠᠵᠢᠯᠴᠢ ᠬᠣᠶᠠᠷ ᠭᠠᠷ ᠢ᠋ᠶ᠋ᠠᠷ ᠢ᠋ᠶ᠋ᠠᠨ ᠠᠮᠢᠳᠤᠷᠠᠯ ᠦᠢᠯᠡᠰ ᠢ᠋ᠶ᠋ᠡᠨ ᠪᠣᠰᠠᠠᠠᠵᠤ ᠶᠠᠪᠣᠠᠠᠤ ᠳ᠋ᠤ᠌ ᠪᠠᠨ ᠳᠣᠯᠣᠭᠠᠨ ᠬᠡᠦᠬᠡᠳ ᠲᠡᠢ ᠡᠬᠡᠨᠡᠷ ᠢ᠋ᠶ᠋ᠡᠨ ᠠᠷᠤ ᠭᠡᠷ ᠦ᠋ᠨ ᠠᠮᠢᠳᠤᠷᠠᠯᠭ᠎ᠠ ᠲᠠᠢ ᠨᠢ ᠣᠷᠬᠢᠵᠤ᠂ ᠠᠵᠢᠯ ᠦᠢᠯᠡᠰ ᠲᠡᠭᠡᠨ ᠵᠢᠳᠬᠦᠵᠦ ᠶᠠᠪᠣᠠᠠᠤ ᠳ᠋ᠤ᠌ ᠬᠡᠴᠢᠨᠡᠨ ᠬᠠᠲᠠᠭᠤ ᠰᠢᠯᠭᠠᠯᠲᠠ ᠲᠣᠬᠢᠶᠠᠯᠳᠤᠵᠤ ᠥᠩᠭᠡᠷᠡᠭᠰᠡᠨ ᠢ᠋ ᠬᠡᠨ ᠴᠦ᠍ ᠲᠥᠰᠦᠪᠯᠡᠵᠦ ᠳᠡᠢᠯᠬᠦ ᠦᠭᠡᠢ ᠶᠤᠮᠰᠠᠨ᠃ ᠭᠡᠪᠡᠴᠦ ᠠᠪᠤ ᠮᠢᠨᠢ ᠡᠭᠡᠯ ᠵᠢᠷ ᠦ᠋ᠨ ᠮᠥᠷᠲᠡᠯ᠎ᠡ ᠪᠡᠨ ᠠᠭᠤᠤ ᠶᠡᠬᠡ ᠡᠷᠴᠢ ᠵᠣᠷᠢᠭ ᠢ᠋ᠶ᠋ᠠᠷ ᠬᠥᠳᠡᠯᠮᠦᠷᠢᠯᠡᠵᠦ ᠲᠡᠮᠡᠴᠡᠵᠦ ᠢᠷᠡᠭᠰᠡᠨ ᠶᠦᠮ᠃ ᠲᠡᠭᠦᠨ ᠦ᠌ ᠡᠳᠡᠭᠡᠷ ᠵᠢᠯ ᠦ᠋ᠳ ᠳᠠᠬᠢ ᠬᠢᠵᠦ ᠢᠷᠡᠭᠰᠡᠨ ᠠᠵᠢᠯ ᠡᠭᠦᠷᠭᠡ᠂ ᠶᠠᠪᠤᠵᠤ ᠢᠷᠡᠭᠰᠡᠨ ᠤᠯᠠ ᠮᠥᠷ ᠨᠢ ᠤᠮᠳᠠᠯᠠᠵᠤ ᠥᠰᠦᠭᠰᠡᠨ ᠬᠠᠬᠢᠷ ᠳ᠋ᠠᠯᠠᠷ ᠤ᠋ᠨ ᠭᠣᠣᠯ᠂ ᠬᠠᠢᠷᠠᠯᠠᠨ ᠰᠢᠲᠦᠵᠦ ᠲᠠᠬᠡᠳ᠋ᠣᠯᠩᠰᠠᠨ ᠬᠠᠨ ᠬᠠᠢᠷᠠᠬᠠᠨ᠂ ᠠᠷᠤ ᠬᠣᠷᠴᠢᠨ ᠨᠤᠲᠤᠭ ᠤᠰᠤᠨ ᠤ᠋ ᠬᠥᠷᠥᠰᠥ ᠰᠢᠷᠣᠢ ᠳ᠋ᠤ᠌ ᠲᠠᠮᠠᠭᠠᠯᠠᠭᠳᠠᠨ ᠬᠣᠴᠣᠷᠴᠤ᠂ ᠬᠥᠮᠦᠨ ᠠᠷᠠᠳ ᠤ᠋ᠨ ᠰᠡᠳᠬᠢᠯ ᠳ᠋ᠦ᠍ ᠰᠢᠩᠭᠡᠵᠦ ᠦᠣᠬᠡ ᠲᠠᠣᠠᠬᠡ ᠪᠣᠯᠤᠨ ᠲᠣᠷᠠᠰᠣᠠᠠᠳ᠋ᠠᠠᠠᠤ ᠪᠠᠢᠬᠤ ᠳᠠ᠃ 
    ᠲᠡᠭᠦᠨ ᠦ᠌ ᠡᠭᠡᠯ ᠵᠢᠷ ᠦ᠋ᠨ ᠠᠮᠢᠳᠤᠷᠠᠯ ᠳᠤᠮᠳᠠᠬᠢ ᠶᠡᠷᠦ ᠪᠤᠰᠤ ᠶ᠋ᠢᠨ ᠵᠣᠷᠢᠭ ᠰᠠᠨᠠᠭ᠎ᠠ ᠨᠢ ᠦᠷ᠎ᠡ ᠬᠤᠢ᠍ᠢᠴᠢᠰ ᠤ᠋ᠨ ᠢ᠋ᠶ᠋ᠠᠨ ᠰᠡᠳᠬᠢᠯ ᠵᠢᠷᠦᠬᠡᠨ ᠮᠥᠩᠬᠡᠷᠡᠬᠦ ᠶᠣᠰᠣᠲᠠᠢ᠃ ᠠᠵᠢᠯ ᠦᠢᠯᠡᠰ ᠢ᠋ᠶ᠋ᠠᠨ ᠭᠡᠰᠡᠨ ᠦᠨᠡᠨᠴᠢ ᠵᠢᠳᠬᠦᠯ ᠨᠢ ᠵᠠᠯᠠᠭᠤ ᠨᠢᠭᠡ ᠦᠶ᠎ᠡ ᠶ᠋ᠢᠨ ᠬᠢᠨ ᠢ᠋ ᠳᠠᠭᠤᠳᠠᠨ ᠰᠡᠷᠡᠭᠡᠬᠦ ᠶᠣᠰᠣᠲᠠᠢ᠃ ᠠᠴᠢᠲᠤ ᠠᠪᠤ ᠶ᠋ᠢᠨ ᠮᠢᠨᠢ ᠶᠠᠪᠤᠵᠤ ᠢᠷᠡᠭᠰᠡᠨ ᠤᠯᠠ ᠮᠥᠷ ᠬᠡᠵᠢᠶᠡᠳᠡ ᠪᠠᠯᠠᠷᠠᠰᠢ ᠦᠭᠡᠢ!