《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠨᠠᠢ᠍ᠮᠠᠳᠤᠭᠠᠷ ᠪᠦᠯᠦᠭ> "Хөх судар" он нөхвөр дэвтэр - Инжинаш <Жаран наймдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠨᠠᠢ᠍ᠮᠠᠳᠤᠭᠠᠷ ᠪᠦᠯᠦᠭ
ᠰᠢᠷ᠎ᠠ ᠯᠤᠤ ᠵᠢᠯ ᠦ᠋ᠨ ᠬᠣᠢᠲᠤ ᠬᠠᠭᠠᠰ ᠵᠢᠯ ᠦ᠋ᠨ ᠬᠡᠷᠡᠭ᠂ ᠲᠠᠢᠽᠦ ᠱᠧᠩ ᠡᠦ᠍ ᠬᠤᠸᠠᠩᠲᠠᠢ ᠴᠢᠩᠭᠢᠰ ᠬᠠᠭᠠᠨ ᠳᠥᠴᠢᠨ ᠳᠣᠯᠣᠭᠠᠨ ᠰᠡᠭᠦᠳᠡᠷᠲᠡᠢ᠂ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠭᠤᠷᠪᠠᠳᠤᠭᠠᠷ ᠣᠨ᠂ ᠰᠢᠷ᠎ᠠ ᠯᠤᠤ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠨᠠᠢ᠍ᠮᠠᠳᠤᠭᠠᠷ ᠣᠨ ᠪᠠᠢᠭᠰᠠᠭᠠᠷ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠰᠢᠨ᠎ᠡ ᠬᠠᠯᠠᠭᠰᠠᠨ ᠵᠢᠶᠠ ᠳ᠋ᠢᠩ ᠬᠡᠮᠡᠬᠦ ᠶ᠋ᠢᠨ ᠲᠡᠷᠢᠭᠦᠨ ᠣᠨ᠃
ᠵᠢᠷᠠᠨ ᠨᠠᠢ᠍ᠮᠠᠳᠤᠭᠠᠷ ᠪᠦᠯᠦᠭ
ᠢᠯᠳᠡᠰᠢ ᠬᠣᠲᠠ ᠳ᠋ᠤᠷ ᠲᠣᠳᠣ ᠶ᠋ᠢ ᠴᠠᠪᠴᠢᠭᠰᠠᠨᠠ ᠲᠣᠯᠣᠭᠠᠢ ᠰᠡᠭᠦᠯ ᠬᠣᠶᠠᠭᠤᠯᠠ ᠴᠥᠮ ᠬᠣᠣᠷᠲᠠᠢ
ᠢᠷᠬᠠᠢ ᠠᠢᠮᠠᠭ ᠤ᠋ᠨ ᠲᠣᠳᠢ ᠳ᠋ᠤᠷ ᠠᠭᠤᠯᠵᠠᠭᠰᠠᠨ᠎ᠠ ᠳᠣᠲᠣᠷ᠎ᠠ ᠭᠠᠳᠠᠨ᠎ᠠ ᠥᠪᠡᠷ ᠪᠤᠰᠤᠤᠡᠲᠠ ᠲᠤᠰᠠᠲᠠᠢ
ᠠᠷᠪᠠᠨ ᠭᠠᠢᠬᠠᠮᠰᠢᠭᠲᠤ ᠮᠣᠩᠭᠣᠯ ᠤ᠋ᠨ ᠦᠢᠯᠡᠰ ᠢ᠋ ᠠᠪᠠᠢ ᠬᠡᠨ ᠣᠯᠵᠤ ᠮᠡᠳᠡᠮᠦᠢ?
ᠠᠯᠢᠪᠠ ᠤᠯᠤᠰ ᠤ᠋ᠳ ᠢ᠋ ᠲᠣᠭᠠᠴᠢᠨ ᠴᠢᠳᠠᠭᠴᠢᠳ ᠥᠪᠡᠷᠦᠨ ᠦᠨᠳᠦᠰᠦ ᠪᠡᠨ ᠣᠭᠣᠷᠴᠤᠬᠤᠢ᠃
ᠠᠮᠠᠨ ᠳᠦᠭᠦᠷᠡᠩ ᠮᠠᠨ ᠤ᠋ ᠮᠣᠩᠭᠣᠯ ᠤ᠋ᠨ ᠴᠢᠩᠭᠢᠰ ᠪᠣᠭᠳᠠ ᠭᠡᠮᠡᠨ ᠳᠤᠷᠠᠳᠤᠨ ᠬᠡᠯᠡᠯᠴᠡᠭᠴᠢᠳ
ᠠᠶ᠎ᠠ ᠬᠠᠷᠢᠨ ᠯᠠᠮᠠ ᠬᠠᠭᠠᠨ ᠴᠤ᠌ ᠪᠣᠯᠪᠠᠤ ᠬᠡᠮᠡᠯᠳᠦᠬᠦ ᠶ᠋ᠢ ᠬᠡᠳᠦ ᠬᠡᠳᠦᠨᠲᠡ ᠰᠣᠨᠣᠰᠤᠯᠤᠭᠠ᠃
ᠲᠡᠨᠳᠡᠴᠡ ᠮᠠᠢᠯᠵᠢ ᠶ᠋ᠢᠨ ᠲᠣᠳᠣ᠂ 《ᠮᠣᠩᠭᠣᠯ ᠤ᠋ᠨ ᠬᠣᠰᠢᠭᠤᠴᠢ ᠶ᠋ᠢᠨ ᠴᠡᠷᠢᠭ ᠬᠦᠷᠴᠦ ᠢᠷᠡᠪᠡ 》ᠭᠡᠮᠡᠨ ᠰᠣᠨᠣᠰᠴᠤ ᠂ ᠥᠨᠳᠥᠷ ᠳᠠᠭᠤᠨ ᠢ᠋ᠶ᠋ᠠᠷ ᠪᠠᠷᠬᠢᠷᠠᠨ ᠵᠠᠷᠯᠠᠷᠤᠨ:
《ᠤᠬᠤᠷᠢᠵᠤ ᠪᠠᠢᠯᠳᠤᠬᠤ ᠠ᠋ᠴᠠ ᠪᠢᠳᠡ ᠤᠭᠲᠤᠵᠤ ᠠᠯᠠᠯᠳᠤᠶᠠ》ᠭᠡᠮᠡᠨ ᠬᠣᠲᠠ ᠶ᠋ᠢ ᠣᠷᠬᠢᠨ ᠡᠴᠢᠬᠦᠶ᠎ᠡ ᠪᠠᠪᠤ ᠢᠨᠢᠶᠡᠵᠦ ᠬᠣᠢᠨ᠎ᠠ ᠠ᠋ᠴᠠ ᠨᠡᠬᠡᠭᠰᠡᠨ ᠦᠭᠡᠢ᠂ ᠬᠣᠲᠠ ᠶ᠋ᠢᠨ ᠳᠡᠭᠡᠷᠡᠬᠢ ᠲᠤᠢᠯ ᠤ᠋ᠨ ᠥᠨᠳᠥᠷ ᠣᠷᠣᠰ ᠠᠰᠠᠷ ᠤ᠋ᠨ ᠣᠷᠣᠢ ᠳ᠋ᠤ᠌ ᠠᠪᠠᠷᠢᠵᠤ᠂ ᠬᠣᠯᠠᠳᠠᠬᠢ ᠶ᠋ᠢ ᠦᠵᠡᠬᠦ ᠮᠢᠩᠭᠠᠨ ᠪᠠᠷ᠎ᠠ ᠶ᠋ᠢᠨ ᠨᠢᠳᠦᠨ ᠬᠡᠮᠡᠬᠦ ᠳᠤᠷᠠᠨ ᠠᠪᠠᠢ ᠶ᠋ᠢᠨ ᠬᠣᠩᠬᠢᠶ᠎ᠠ ᠶ᠋ᠢ ᠪᠠᠷᠢᠨ ᠲᠣᠳᠣ ᠶ᠋ᠢᠨ ᠴᠡᠷᠢᠭ ᠢ᠋ ᠳᠠᠭᠠᠵᠤ ᠦᠵᠡᠬᠦᠶ᠎ᠡ ᠲᠠᠪᠤᠨ ᠭᠠᠵᠠᠷ ᠤ᠋ᠨ ᠦᠵᠦᠭᠦᠷ ᠲᠣᠷ ᠲᠣᠳᠣ᠂ ᠮᠣᠩᠭᠣᠯ ᠤ᠋ᠨ ᠬᠣᠰᠢᠭᠤᠴᠢ ᠸᠠᠢᠯᠠᠨ ᠠᠢᠮᠠᠭ ᠤ᠋ᠨ ᠲᠤᠭ ᠢ᠋ ᠦᠵᠡᠮᠡᠭᠴᠡ ᠴᠢᠬᠡ ᠤᠮᠠᠷᠠᠰᠢ ᠵᠦᠭ ᠲᠠᠰᠤ ᠭᠤᠶᠠᠳᠠᠵᠤ ᠪᠤᠷᠤᠭᠤᠯᠠᠨ ᠡᠭᠡᠪᠡ᠃
ᠲᠡᠳᠦᠢ ᠲᠣᠳᠣ ᠶ᠋ᠢᠨ ᠴᠡᠷᠢᠭ ᠢ᠋ ᠦᠵᠡᠬᠦ ᠪᠡᠨ ᠪᠠᠢᠭᠠᠳ ᠮᠣᠩᠭᠣᠯ ᠤ᠋ᠨ ᠴᠡᠷᠢᠭ ᠢ᠋ ᠦᠵᠡᠪᠡᠰᠦ᠂ ᠥᠪᠡᠷ᠎ᠡ ᠨᠢᠭᠡᠨ ᠵᠦᠢᠯ ᠦ᠋ᠨ ᠪᠠᠭᠠᠲᠤᠷ ᠴᠣᠭ ᠲᠠᠢ᠂ ᠸᠠᠢᠯᠠᠨ ᠠᠢᠮᠠᠭ ᠤ᠋ᠨ ᠴᠡᠷᠢᠭ ᠦ᠋ᠳ ᠢ᠋ ᠦᠵᠡᠪᠡᠰᠦ᠂ ᠮᠠᠰᠢ ᠵᠥᠭᠡᠯᠡᠨ ᠪᠠᠭᠤᠷᠠᠢ᠃ ᠮᠣᠩᠭᠣᠯ ᠤ᠋ᠨ ᠬᠣᠰᠢᠭᠤᠴᠢ ᠵᠡᠭᠦᠨ ᠪᠠᠷᠠᠭᠤᠨ ᠢ᠋ ᠥᠭᠡᠳᠡ ᠤᠷᠤᠭᠤ ᠦᠵᠡᠨ᠂ ᠭᠠᠵᠠᠷ ᠢ᠋ ᠬᠡᠮᠵᠢᠶᠡᠯᠡᠨ ᠤᠰᠤᠨ ᠢ᠋ ᠬᠠᠰᠢᠭᠤᠯᠤᠨ ᠬᠦᠷᠢᠶ᠎ᠡ ᠪᠠᠭᠤᠬᠤ ᠣᠨᠢᠭᠤᠯ ᠤᠬᠤᠭᠤᠯᠤᠮᠤᠢ᠃ ᠨᠠᠷᠠᠨ ᠲᠠᠰᠢᠬᠤ ᠦᠶ᠎ᠡ ᠳ᠋ᠦ᠍ᠷ ᠨᠢᠳᠦᠨ ᠦ᠌ ᠦᠵᠦᠭᠦᠷ ᠬᠥᠬᠡ ᠤᠨᠢᠶᠠᠷ ᠤ᠋ᠨ ᠳᠣᠲᠣᠷ᠎ᠠ᠂ ᠵᠢᠷᠠ ᠳᠠᠯᠠᠨ ᠭᠠᠵᠠᠷ ᠤ᠋ᠨ ᠦᠵᠦᠭᠦᠷ᠎ᠡ᠂ ᠳᠥᠷᠪᠡ ᠲᠠᠪᠤᠨ ᠬᠥᠮᠦᠭᠡ ᠰᠢᠯᠢ ᠶ᠋ᠢᠨ ᠠᠯᠤᠰ᠂ ᠪᠠᠷᠠᠭᠤᠨᠰᠢ ᠲᠠᠰᠢᠭᠰᠠᠨ ᠨᠠᠷᠠᠨ ᠤ᠋ ᠭᠡᠷᠡᠯ ᠳ᠋ᠦ᠍ᠷ ᠮᠣᠩᠭᠣᠯ ᠤ᠋ᠨ ᠴᠢᠩᠭᠢᠰ ᠬᠠᠭᠠᠨ ᠤ᠋ ᠶᠡᠬᠡ ᠴᠡᠷᠢᠭ ᠦ᠋ᠨ ᠬᠦᠷᠢᠶᠡᠨ ᠦ᠌ ᠴᠠᠭᠠᠨ ᠲᠤᠭ ᠮᠢᠷᠠᠯᠵᠠᠨ ᠤᠳᠠᠬᠤ ᠦᠭᠡᠢ ᠳᠡᠷᠪᠡᠯᠵᠡᠨ ᠳᠡᠭᠳᠡᠵᠦ ᠶᠡᠬᠡ ᠪᠣᠯᠤᠨ ᠦᠵᠡᠭᠳᠡᠵᠦ᠂ ᠤᠳᠠᠬᠤ ᠦᠭᠡᠢ ᠣᠷᠢᠶᠠᠯᠳᠤᠨ ᠬᠤᠷᠠᠵᠤ ᠦᠵᠡᠭᠳᠡᠬᠦ ᠦᠯᠦ ᠦᠵᠡᠭᠳᠡᠬᠦᠢ ᠶ᠋ᠢᠨ ᠬᠣᠭᠣᠷᠣᠨᠳᠣ ᠪᠣᠯᠤᠨ᠂ ᠤᠳᠠᠬᠤ ᠦᠭᠡᠢ ᠪᠠᠰᠠ ᠰᠠᠯᠬᠢᠨ᠎ᠠ ᠠᠯᠳᠠᠷᠠᠨ ᠶᠢᠰᠦᠨ ᠶᠡᠬᠡ ᠮᠠᠨᠵᠢᠯᠭ᠎ᠠ ᠠᠨᠤ ᠰᠠᠯᠪᠠᠷᠠᠨ ᠰᠠᠷᠪᠠᠢᠯᠴᠠᠨ ᠳᠡᠭᠳᠡᠨ ᠮᠢᠷᠠᠯᠵᠠᠵᠤ ᠶᠡᠬᠡ ᠪᠣᠯᠬᠤ ᠠᠨᠤ ᠴᠠᠭᠠᠨ ᠭᠡᠷᠡᠯ ᠰᠠᠴᠤᠷᠠᠬᠤ ᠮᠡᠲᠦ ᠳ᠋ᠦ᠍ᠷ ᠤᠯᠠᠮ ᠭᠠᠢᠬᠠᠨ ᠦᠵᠡᠭᠰᠡᠭᠡᠷ ᠨᠠᠷᠠᠨ ᠰᠢᠩᠭᠡᠵᠦ ᠪᠦᠷᠦᠢ ᠪᠣᠯᠤᠭᠰᠠᠨ᠎ᠠ ᠲᠡᠷᠡ ᠴᠠᠭᠠᠨ ᠲᠤᠭ ᠤ᠋ᠨ ᠲᠠᠷᠪᠠᠯᠵᠠᠬᠤ ᠠᠨᠤ ᠨᠡᠩ ᠶᠡᠬᠡ ᠭᠡᠷᠡᠯ ᠲᠤᠶᠠᠭ᠎ᠠ ᠲᠠᠢ ᠪᠣᠯᠤᠨ ᠦᠵᠡᠭᠳᠡᠵᠦ᠂ ᠪᠠᠪᠤ ᠤᠯᠠᠮ ᠦᠵᠡᠭᠰᠡᠭᠡᠷ ᠤᠯᠠᠮ ᠠᠮᠲᠠ ᠳ᠋ᠤᠷ ᠠᠨᠤ ᠣᠷᠣᠵᠤ ᠰᠢᠭᠤᠳ ᠵᠤᠯᠠ ᠰᠢᠲᠠᠭᠠᠲᠠᠯ᠎ᠠ ᠦᠵᠡᠭᠰᠡᠭᠡᠷ ᠭᠡᠨᠡᠳᠲᠡ ᠨᠢᠭᠡᠨ ᠰᠠᠨᠠᠭᠠᠨ ᠣᠷᠣᠵᠤ᠂ ᠥᠪᠡᠷᠦᠨ ᠳᠣᠣᠷᠠᠬᠢ ᠪᠢᠴᠢᠭ ᠦ᠋ᠨ ᠵᠦᠷᠭᠡ ᠠᡁᠥ᠋ᠩ᠂ ᠴᠡᠷᠢᠭ ᠦ᠋ᠨ ᠬᠣᠵᠢ ᠠᡁᠥ᠋ᠩ ᠬᠣᠶᠠᠭᠤᠯᠠ ᠪᠠᠨ ᠳᠠᠭᠤᠳᠠᠨ᠂ ᠬᠠᠷᠠᠩᠭᠤᠢ ᠰᠥᠨᠢ᠂ ᠳᠤᠷᠠᠨ ᠠᠪᠠᠢ ᠪᠠᠷ ᠲᠣᠭᠲᠠᠭᠠᠨ ᠲᠠᠯᠪᠢᠭᠰᠠᠨ ᠬᠠᠷᠠᠯᠲᠠ ᠶ᠋ᠢ ᠴᠢᠭᠯᠡᠨ ᠦᠵᠡᠭᠦᠯᠵᠦ:
《ᠲᠡᠷᠡ ᠶᠠᠭᠤᠨ ᠪᠣᠢ? 》ᠬᠡᠮᠡᠪᠡᠰᠦ᠂ ᠵᠦᠷᠭᠡ ᠠᡁᠥ᠋ᠩ ᠦᠵᠡᠮᠡᠭᠴᠡ ᠥᠭᠦᠯᠡᠷᠦᠨ:
《ᠴᠠᠭᠠᠨ ᠭᠡᠷᠡᠯ ᠦ᠋ᠨ ᠳᠣᠲᠣᠷ᠎ᠠ ᠪᠣᠰᠬᠠᠭᠰᠠᠨ ᠴᠠᠭᠠᠨ ᠲᠤᠭ ᠪᠣᠯᠠᠢ! 》 ᠭᠡᠮᠡᠨ ᠣᠯᠠᠨ ᠢ᠋ᠶ᠋ᠠᠷ ᠦᠵᠡᠯᠴᠡᠨ ᠬᠠᠭᠤᠴᠢᠳ ᠤ᠋ᠨ ᠰᠠᠷᠠᠨ ᠤ᠋ ᠰᠥᠨᠢ᠂ ᠲᠠᠪᠢᠨ ᠭᠠᠵᠠᠷ ᠤ᠋ᠨ ᠦᠵᠦᠭᠦᠷ ᠦ᠋ᠨ ᠲᠤᠭ ᠦᠵᠡᠭᠳᠡᠬᠦ ᠢᠨᠦ ᠭᠡᠷᠡᠯ ᠦᠭᠡᠢ ᠪᠣᠯᠪᠠᠰᠤ ᠬᠡᠷᠬᠢᠵᠦ ᠦᠵᠡᠭᠳᠡᠮᠦᠢ᠂ ᠡᠭᠦᠨ ᠳ᠋ᠦ᠍ᠷ ᠯᠠᠪ ᠴᠢᠬᠤᠯᠠ ᠤᠴᠢᠷ ᠪᠣᠢ ᠭᠡᠮᠡᠨ ᠴᠡᠷᠢᠭ ᠦ᠋ᠨ ᠬᠡᠷᠡᠭ ᠢ᠋ ᠵᠦᠷᠭᠡ᠂ ᠬᠣᠵᠢ ᠬᠣᠶᠠᠭᠤᠯᠠ ᠳ᠋ᠤᠷ ᠲᠤᠰᠢᠶᠠᠨ《 ᠬᠣᠲᠠ ᠶ᠋ᠢ ᠰᠠᠢᠬᠠᠨ ᠬᠢᠴᠢᠶᠡᠨ ᠰᠠᠬᠢ 》ᠭᠡᠮᠡᠨ ᠬᠡᠯᠡᠭᠡᠳ ᠥᠪᠡᠷ ᠢ᠋ᠶ᠋ᠡᠨ ᠠᠰᠠᠷ ᠠ᠋ᠴᠠ ᠪᠠᠭᠤᠨ ᠡᠷᠳᠡᠨᠢ ᠬᠠᠲᠠᠮᠠᠯ ᠠᠯᠮᠠᠰ ᠰᠢᠷᠠᠮᠠᠯ ᠳᠡᠪᠡᠯ ᠬᠠᠯᠠᠨ ᠡᠮᠦᠰᠴᠦ᠂ ᠭᠠᠪ ᠭᠠᠭᠴᠠᠭᠠᠷ ᠲᠡᠭᠦᠨ ᠦ᠌ ᠯᠤᠤ ᠶ᠋ᠢᠨ ᠤᠨᠠᠭ᠎ᠠ ᠪᠣᠷᠣ ᠴᠣᠬᠣᠷ ᠮᠣᠷᠢ ᠪᠠᠨ ᠤᠨᠤᠵᠤ᠂ ᠭᠠᠷ ᠬᠣᠭᠣᠰᠣᠨ ᠵᠡᠭᠦᠨ ᠬᠠᠭᠠᠯᠭ᠎ᠠ ᠪᠠᠷ ᠭᠠᠷᠴᠤ᠂ ᠯᠤᠤ ᠤᠨᠠᠭ᠎ᠠ ᠶ᠋ᠢ ᠬᠡᠢᠰᠬᠡᠨ ᠲᠠᠯᠪᠢᠵᠤ ᠲᠠᠪᠢᠨ ᠭᠠᠵᠠᠷ ᠤ᠋ᠨ ᠦᠵᠦᠭᠦᠷ᠎ᠡ᠂ ᠴᠢᠩᠭᠢᠰ ᠬᠠᠭᠠᠨ ᠤ᠋ ᠶᠡᠬᠡ ᠴᠡᠷᠢᠭ ᠦ᠋ᠨ ᠬᠦᠷᠢᠶ᠎ᠡ ᠳ᠋ᠦ᠍ᠷ ᠴᠠᠭ ᠭᠱᠠᠨ᠎ᠠ ᠰᠥᠨᠢ ᠪᠡᠷ ᠬᠦᠷᠴᠦ ᠢᠷᠡᠭᠡᠳ᠂ ᠳᠠᠷᠤᠢ ᠴᠡᠷᠢᠭ ᠦ᠋ᠨ ᠬᠦᠷᠢᠶᠡᠨ ᠦ᠌ ᠲᠥᠪ ᠬᠠᠭᠠᠯᠭᠠᠨ ᠭᠠᠳᠠᠨ᠎ᠠ ᠮᠣᠷᠢᠨ ᠠ᠋ᠴᠠ ᠪᠠᠭᠤᠵᠤ ᠰᠠᠶᠢ ᠳᠠᠭᠤᠨ ᠭᠠᠷᠰᠤᠭᠠᠢ ᠬᠡᠮᠡᠲᠡᠯ᠎ᠡ ᠵᠡᠭᠦᠨ ᠮᠥᠷᠥ ᠶ᠋ᠢᠨ ᠶᠡᠬᠡ ᠵᠠᠩᠵᠤᠨ ᠳᠣᠭᠲᠠᠩᠭᠤ ᠪᠠᠭᠠᠲᠤᠷ ᠭᠤᠴᠢᠭᠠᠳ ᠮᠣᠷᠢᠲᠠᠨ ᠳᠠᠭᠠᠭᠤᠯᠤᠨ ᠶᠢᠰᠦᠨ ᠬᠦᠷᠢᠶ᠎ᠡ ᠶ᠋ᠢ ᠪᠠᠢᠴᠠᠭᠠᠨ ᠦᠵᠡᠭᠰᠡᠭᠡᠷ ᠡᠮᠦᠨ᠎ᠡ ᠬᠠᠭᠠᠯᠭᠠᠨ᠎ᠠ ᠬᠦᠷᠴᠦ ᠢᠷᠡᠭᠡᠳ ᠭᠠᠭᠴᠠ ᠮᠣᠷᠢᠲᠤ ᠪᠠᠪᠤ ᠶ᠋ᠢ ᠦᠵᠡᠮᠡᠭᠴᠡ ᠰᠡᠴᠡ ᠪᠡᠶᠡᠰᠦᠨ ᠥᠭᠦᠯᠡᠷᠦᠨ :
《ᠡᠨᠡ ᠬᠦ᠌ ᠰᠦᠷ ᠵᠢᠪᠬᠤᠯᠠᠩᠲᠤ ᠰᠥᠨᠢ ᠶ᠋ᠢᠨ ᠵᠠᠩᠵᠤᠨ ᠰᠦᠯᠳᠡᠲᠦ ᠪᠣᠭᠳᠠ ᠶ᠋ᠢᠨ ᠰᠠᠶᠢ ᠵᠠᠷᠯᠠᠭᠰᠠᠨ ᠵᠠᠷᠯᠢᠭ ᠤ᠋ᠨ ᠲᠦᠰᠢᠮᠡᠯ ᠮᠠᠭᠠᠳ ᠮᠥᠨ ᠪᠣᠯᠵᠤᠬᠤᠢ᠃ ᠥᠨᠥᠬᠡᠨ ᠰᠠᠶᠢ ᠬᠠᠭᠠᠨ ᠡᠵᠡᠨ ᠦ᠌ ᠥᠷᠭᠥᠭᠡ ᠳ᠋ᠦ᠍ᠷ ᠬᠤᠨ ᠭᠠᠯᠠᠭᠤ ᠨᠢᠰᠴᠦ ᠣᠷᠣᠭᠰᠠᠨ ᠢ᠋ ᠬᠣᠲᠣᠩ ᠤ᠋ᠨ ᠡᠵᠡᠳ ᠵᠣᠯᠭᠠᠷ᠎ᠠ ᠢᠷᠡᠮᠦᠢ ᠬᠡᠮᠡᠯᠦᠭᠡ᠂ ᠬᠤᠷᠳᠤᠨ ᠬᠦᠷᠢᠶᠡᠨ ᠳ᠋ᠦ᠍ᠷ ᠪᠠᠭᠤᠵᠤ᠂ ᠬᠤᠪᠢᠲᠤ ᠤᠴᠢᠷ ᠢ᠋ᠶ᠋ᠠᠨ ᠬᠡᠯᠡᠯᠴᠡᠰᠦᠭᠡᠢ 》ᠭᠡᠮᠡᠨ ᠬᠣᠶᠠᠷ ᠬᠥᠮᠦᠨ ᠢ᠋ᠶ᠋ᠡᠷ ᠮᠣᠷᠢ ᠶ᠋ᠢ ᠬᠥᠲᠥᠯᠦᠭᠦᠯᠦᠨ ᠡᠮᠦᠨᠡᠲᠦ ᠵᠠᠩᠵᠤᠨ ᠤ᠋ ᠴᠠᠴᠠᠷ ᠲᠤᠷ ᠠᠪᠠᠷᠢᠭᠤᠯᠤᠨ᠂ ᠡᠮᠦᠨᠡᠲᠦ ᠭᠠᠵᠠᠷ ᠤ᠋ᠨ ᠠᠮᠤ ᠪᠠᠷ ᠨᠡᠷᠡᠭᠰᠡᠨ ᠬᠠᠷ᠎ᠠ ᠠᠷᠢᠬᠢ ᠶ᠋ᠢ ᠬᠠᠰᠯᠢᠭ ᠠᠶᠠᠭ᠎ᠠ ᠳᠦᠭᠦᠷᠡᠩ ᠪᠠᠷᠢᠭᠰᠠᠨ ᠳ᠋ᠤᠷ ᠪᠠᠪᠤ᠂ ᠪᠠᠷᠠᠭᠳᠠᠰᠢ ᠦᠭᠡᠢ ᠪᠠᠬᠠᠷᠬᠠᠨ ᠪᠡᠶᠡᠰᠦᠨ᠂ ᠪᠠᠰᠠᠴᠤ ᠮᠠᠰᠢᠳᠠ ᠰᠣᠴᠢᠨ ᠭᠠᠢᠬᠠᠵᠤ ᠥᠭᠦᠯᠡᠷᠦᠨ :
《ᠬᠣᠲᠣᠩ ᠤᠯᠤᠰ ᠤ᠋ᠨ ᠢᠯᠢ ᠬᠣᠲᠠ ᠶ᠋ᠢᠨ ᠡᠵᠡᠨ ᠬᠤᠪᠢ ᠠᠬᠤ ᠠᡁᠥ᠋ᠩ ᠪᠠᠪᠤ ᠪᠢ᠂ ᠬᠣᠷᠢᠨ ᠣᠨ ᠤ᠋ ᠡᠮᠦᠨ᠎ᠡ ᠴᠢᠩᠭᠢᠰ ᠭᠠᠷᠬᠤ ᠶ᠋ᠢ ᠮᠡᠳᠡᠮᠦᠢ᠃ ᠬᠣᠴᠢ ᠦᠭᠡᠢ ᠪᠸᠲ᠋ᠠ᠋ ᠶ᠋ᠢᠨ ᠡᠵᠡᠨ ᠢ᠋ ᠮᠡᠳᠡᠭᠰᠡᠨ ᠪᠥᠭᠡᠰᠦ ᠬᠣᠴᠣᠷᠤᠯ ᠦᠭᠡᠢ ᠬᠦᠴᠦᠨ ᠪᠠᠷᠢᠭᠰᠠᠨ ᠪᠥᠯᠥᠭᠡ ᠪᠢ᠃ ᠬᠤᠷᠳᠤᠨ ᠨᠠᠮᠠᠶ᠋ᠢ ᠬᠠᠭᠠᠨ ᠡᠵᠡᠨ᠎ᠡ ᠪᠠᠷᠠᠭᠠᠳᠠᠭᠤᠯ᠂ ᠬᠣᠳᠣᠭᠣᠳᠣ ᠴᠡᠭᠡᠵᠢ ᠪᠡᠨ ᠬᠣᠭᠣᠰᠣᠷᠠᠲᠠᠯ᠎ᠠ ᠠᠢᠯᠠᠳᠬᠠᠶ᠎ᠠ ᠪᠢ 》ᠬᠡᠮᠡᠲᠡᠯ᠎ᠡ ᠬᠣᠢᠲᠤ ᠥᠷᠭᠥᠭᠡ ᠪᠡᠷ ᠬᠣᠶᠠᠷ ᠰᠢᠳᠠᠷ ᠲᠣᠭᠣᠰ ᠤ᠋ᠨ ᠤᠲᠤᠭᠠᠲᠤ ᠬᠢᠶ᠎ᠡ ᠲᠦᠰᠢᠮᠡᠯ ᠮᠡᠩᠳᠡᠨ ᠰᠡᠩᠳᠡᠨ ᠣᠷᠣᠵᠤ ᠢᠷᠡᠭᠡᠳ᠄
《ᠡᠵᠡᠨ ᠦ᠌ ᠵᠠᠷᠯᠢᠭ᠂ ᠭᠠᠭᠴᠠ ᠮᠣᠷᠢᠲᠤ ᠵᠠᠩᠵᠤᠨ ᠬᠦᠷᠴᠦ ᠢᠷᠡᠪᠡᠦ ᠦᠭᠡᠢ ᠤᠤ ? ᠬᠡᠷᠪᠡ ᠬᠦᠷᠴᠦ ᠢᠷᠡᠭᠰᠡᠨ ᠪᠥᠭᠡᠰᠦ ᠲᠤᠩᠭᠠᠯᠠᠭ ᠳᠡᠷᠡᠰᠦᠨ ᠢ᠋ᠶ᠋ᠡᠷ ᠪᠠᠶᠠᠷᠯᠠᠲᠠᠯᠠ ᠬᠠᠩᠭᠠᠵᠤ᠂ ᠲᠣᠭᠣᠰᠣᠨ ᠢ᠋ ᠭᠥᠪᠢᠯ ᠦᠭᠡᠢ ᠪᠡᠷ ᠳᠣᠲᠣᠭᠰᠢ ᠤᠳᠤᠷᠢᠳᠤᠨ ᠪᠠᠷᠠᠭᠠᠳᠠᠭᠤᠯ ᠬᠡᠮᠡᠪᠡ 》ᠬᠡᠮᠡᠭᠰᠡᠨ᠎ᠡ᠂ ᠲᠤᠬᠠᠢ ᠢᠷᠡᠭᠰᠡᠨ ᠪᠠᠪᠤ ᠳᠣᠲᠣᠷ᠎ᠠ ᠠ᠋ᠴᠠ ᠭᠠᠳᠠᠭᠰᠢ ᠤᠮᠳᠠᠷᠠᠳᠠᠯᠠ ᠠᠶᠤᠨ ᠰᠦᠰᠦᠭᠯᠡᠵᠦ᠂ ᠪᠠᠷᠠᠭᠤᠨ ᠵᠦᠭ ᠬᠠᠨᠳᠤᠨ ᠮᠠᠯᠠᠭ᠎ᠠ ᠪᠠᠨ ᠠᠪᠴᠤ ᠪᠠᠭᠰᠢ ᠪᠠᠨ ᠳᠠᠭᠤᠳᠠᠨ ᠮᠥᠷᠭᠥᠵᠦ᠂ ᠬᠠᠰ ᠤ᠋ᠨ ᠴᠦᠭᠦᠴᠡᠲᠦ ᠠᠷᠢᠬᠢ ᠶ᠋ᠢ ᠪᠠᠷᠠᠲᠠᠯ᠎ᠠ ᠤᠤᠭᠤᠵᠤ᠂ ᠪᠠᠭᠠᠲᠤᠷ ᠵᠠᠩᠵᠤᠨ ᠳᠤᠭᠲᠠᠩᠭᠤ ᠬᠢᠭᠡᠳ ᠳᠣᠲᠣᠭᠠᠳᠤ ᠬᠢᠶ᠎ᠡ ᠲᠠᠢᠹᠦ᠋ ᠨᠠᠷ ᠢ᠋ ᠳᠠᠭᠠᠵᠤ ᠳᠤᠮᠳᠠᠳᠤ ᠪᠠᠷᠰ ᠤ᠋ᠨ ᠠᠷᠠᠰᠤᠨ ᠤ᠋ ᠬᠦᠷᠢᠶᠡᠲᠦ ᠬᠠᠭᠠᠨ ᠤ᠋ ᠯᠤᠤ ᠶ᠋ᠢᠨ ᠥᠷᠭᠥᠭᠡ ᠳ᠋ᠦ᠍ᠷ ᠢᠷᠡᠲᠡᠯ᠎ᠡ᠂ ᠴᠠᠭᠠᠨ ᠲᠣᠰᠣᠨ ᠯᠠᠪ ᠵᠤᠯᠠ᠂ ᠰᠢᠷ᠎ᠠ ᠲᠣᠰᠣᠨ ᠭᠡᠷ᠎ᠡ ᠪᠠᠮᠪᠠᠷ ᠲᠡᠭᠷᠢ ᠭᠠᠵᠠᠷ ᠭᠡᠢᠲᠡᠯ᠎ᠡ ᠭᠢᠯᠪᠠᠰᠴᠤ᠂ ᠬᠠᠨ ᠥᠷᠭᠥᠭᠡ ᠶ᠋ᠢᠨ ᠳᠣᠲᠣᠭᠠᠳᠤ ᠠᠯᠲᠠᠨ ᠮᠠᠩᠨᠤᠭ ᠤ᠋ᠨ ᠯᠤᠤ ᠭᠢᠯᠪᠠᠰᠲᠠᠯᠠ ᠬᠡᠷᠡᠯᠳᠦᠵᠦᠬᠦᠢ᠃ ᠪᠠᠷᠰ ᠤ᠋ᠨ ᠠᠷᠠᠰᠤᠨ ᠤ᠋ ᠬᠦᠰᠡᠷ᠎ᠡ᠂ ᠪᠤᠯᠠᠭ᠎ᠠ ᠶ᠋ᠢᠨ ᠬᠠᠵᠢᠯᠭᠠᠲᠤ ᠢᠷᠪᠢᠰ ᠦ᠋ᠨ ᠣᠯᠪᠣᠭ ᠳᠡᠪᠢᠰᠵᠦᠬᠦᠢ᠃ ᠪᠠᠪᠤ ᠮᠠᠯᠠᠭ᠎ᠠ ᠪᠠᠨ ᠠᠪᠴᠤ ᠮᠠᠭᠰᠢᠨ ᠠᠯᠬᠤᠨ ᠥᠷᠥᠭᠡ ᠶ᠋ᠢᠨ ᠪᠣᠱᠣᠭ᠎ᠠ ᠶ᠋ᠢᠨ ᠭᠠᠳᠠᠨ᠎ᠠ ᠰᠥᠭᠥᠳᠴᠦ ᠲᠡᠷᠢᠭᠦᠨ ᠡᠷᠭᠦᠵᠦ ᠲᠦᠮᠡᠨ ᠵᠤᠯᠠ ᠶ᠋ᠢᠨ ᠳᠣᠣᠷ᠎ᠠ ᠲᠦᠭᠡᠯ ᠡᠵᠡᠨ ᠴᠢᠩᠭᠢᠰ ᠬᠠᠭᠠᠨ ᠢ᠋ ᠦᠵᠡᠮᠡᠭᠴᠡ ᠰᠡᠴᠡ᠂ ᠥᠪᠡᠷᠦᠨ ᠵᠢᠷᠦᠬᠡᠨ ᠦ᠌ ᠦᠵᠦᠭᠦᠷ ᠡᠴᠡ ᠬᠦᠨᠳᠦᠯᠡᠨ ᠥᠨᠳᠥᠷ ᠬᠣᠲᠣᠩ ᠤ᠋ᠨ ᠶᠣᠰᠣᠯᠠᠯ ᠢ᠋ᠶ᠋ᠠᠷ ᠳᠥᠷᠪᠡᠨᠲᠡ ᠰᠥᠭᠥᠳᠴᠦ᠂ ᠠᠷᠪᠠᠨ ᠬᠣᠶᠠᠷ ᠮᠥᠷᠭᠥᠯ ᠢ᠋ᠶ᠋ᠡᠨ ᠭᠦᠢᠴᠡᠳᠬᠡᠲᠡᠯᠡ᠂ ᠬᠠᠭᠠᠨ ᠡᠵᠡᠨ ᠵᠠᠷᠯᠢᠭ ᠪᠠᠭᠤᠯᠭᠠᠨ ᠰᠢᠳᠠᠷ ᠲᠠᠢᠹᠦ᠋ ᠨᠠᠷ ᠪᠠᠪᠤ ᠶ᠋ᠢ ᠲᠡᠳᠬᠦᠨ ᠪᠤᠯᠠᠭ᠎ᠠ ᠶ᠋ᠢᠨ ᠬᠠᠵᠢᠯᠭ᠎ᠠ ᠳ᠋ᠤᠷ ᠳᠡᠪᠰᠢᠭᠦᠯᠦᠨ᠂ ᠪᠣᠯᠣᠷ ᠠᠶᠠᠭᠠᠲᠤ ᠳᠦᠭᠦᠷᠡᠩ ᠪᠣᠷᠣᠵᠠ ᠱᠠᠩᠨᠠᠵᠤ᠂ ᠬᠠᠭᠠᠨ ᠡᠵᠡᠨ ᠵᠠᠷᠯᠢᠭ ᠪᠣᠯᠤᠨ ᠠᠰᠠᠭᠤᠷᠤᠨ :
《ᠬᠠᠷᠠᠩ ᠰᠥᠨᠢ ᠪᠡᠷ ᠬᠠᠷᠠᠯ ᠮᠠᠲᠠᠯ ᠦᠭᠡᠢ ᠢᠷᠡᠭᠰᠡᠨ ᠬᠠᠳᠠᠨ ᠵᠣᠷᠢᠭ ᠬᠠᠲᠠᠭᠤ ᠰᠥᠰᠥᠲᠦ ᠠᡁᠥ᠋ᠩ ᠦ᠋ᠨ ᠬᠠᠨᠳᠤᠬᠤ ᠵᠦᠭ ᠬᠠᠮᠢᠭ᠎ᠠ ? ᠬᠠᠮᠢᠶᠠᠲᠤ ᠬᠡᠷᠡᠭ ᠶᠠᠭᠤᠨ ᠢ᠋ᠶ᠋ᠠᠨ ᠬᠠᠯᠠᠰᠢᠷᠠᠯ ᠦᠭᠡᠢ ᠬᠡᠯᠡᠵᠦ᠂ ᠬᠠᠮᠲᠤ ᠪᠦᠭᠦᠳᠡᠭᠡᠷ ᠬᠡᠯᠡᠯᠴᠡᠰᠦᠭᠡᠢ 》ᠬᠡᠮᠡᠭᠰᠡᠨ ᠳ᠋ᠦ᠍ᠷ ᠪᠠᠪᠤ ᠠᡁᠥ᠋ᠩ ᠪᠠᠶᠠᠷᠯᠠᠨ ᠪᠥᠭᠡᠳ ᠪᠠᠬᠠᠷᠬᠠᠨ᠂ ᠪᠠᠬᠠᠷᠬᠠᠨ ᠪᠥᠭᠡᠳ ᠪᠠᠭᠰᠢᠵᠤ᠂ ᠪᠠᠰᠠ ᠪᠠᠰᠠ ᠮᠥᠷᠭᠥᠵᠦ ᠠᠢᠯᠠᠳᠬᠠᠷᠤᠨ᠄
《 ᠪᠠᠪᠤ ᠠᠯᠪᠠᠲᠤ ᠶ᠋ᠢᠨ ᠪᠠᠭᠰᠢ᠂ ᠴᠢᠩᠭᠢᠰ ᠢ᠋ ᠨᠢᠳᠤᠨᠤᠨ ᠵᠢᠯ ᠰᠣᠨᠣᠰᠤᠭᠰᠠᠨ ᠠ᠋ᠴᠠ ᠢᠨᠠᠷᠤ᠂ ᠪᠠᠪᠤ ᠶ᠋ᠢᠨ ᠡᠵᠡᠨ ᠴᠢᠩᠭᠢᠰ ᠲᠡᠭᠡᠨ ᠬᠡᠵᠢᠶ᠎ᠡ ᠴᠦ᠍ ᠠᠭᠤᠯᠵᠠᠶ᠎ᠠ᠃ ᠪᠠᠷ᠎ᠠ ᠬᠠᠷᠠᠪᠠᠴᠤ ᠢᠷᠡᠬᠦ ᠦᠭᠡᠢ ᠭᠤᠷᠪᠠᠨ ᠵᠢᠯ ᠵᠣᠪᠠᠪᠠ ᠪᠢ᠃ ᠪᠠᠪᠤ ᠶ᠋ᠢᠨ ᠪᠠᠷᠠᠭᠠᠳᠠᠯ ᠰᠠᠶᠢ ᠣᠳᠣ ᠭᠦᠢᠴᠡᠪᠡᠢ᠃ ᠪᠠᠷᠢᠯᠳᠤᠯᠭᠠᠲᠤ ᠡᠵᠡᠨ ᠦ᠌ ᠪᠡᠨ ᠡᠮᠦᠨ᠎ᠡ ᠪᠠᠭᠰᠢ ᠶ᠋ᠢᠨ ᠰᠤᠷᠭᠠᠯ ᠢ᠋ ᠭᠦᠢᠴᠡᠳᠬᠡᠶ᠎ᠡ 》ᠭᠡᠮᠡᠨ ᠲᠤᠭᠲᠠᠩᠭᠤ᠂ ᠰᠥᠪᠡᠭᠡᠲᠡᠢ ᠬᠣᠶᠠᠷ ᠪᠠᠭᠠᠲᠤᠷ ᠠ᠋ᠴᠠ ᠠᠰᠠᠭᠤᠷᠤᠨ᠄
《ᠬᠠᠭᠠᠨ ᠤ᠋ ᠰᠢᠳᠡᠷ᠎ᠡ᠂ ᠮᠠᠨ ᠤ᠋ ᠬᠣᠲᠣᠩ ᠤ᠋ᠨ ᠾᠦᠢ ᠾᠦᠢ ᠦᠰᠦᠭ ᠦᠵᠡᠭᠰᠡᠳ ᠪᠣᠢ ᠤᠤ ?》ᠳᠣᠭᠲᠠᠩᠭᠤ ᠥᠴᠢᠷᠦᠨ:
《ᠤᠢᠭᠤᠷ ᠤ᠋ᠨ ᠳ᠋ᠠᠳᠠᠳᠤᠩᠭ᠎ᠠ ᠡᠴᠢᠭᠡ ᠬᠥᠪᠡᠭᠦᠨ ᠴᠥᠮ ᠮᠡᠳᠡᠮᠦᠢ 》 ᠬᠡᠮᠡᠭᠰᠡᠨ ᠳ᠋ᠦ᠍ᠷ ᠪᠠᠪᠤ ᠪᠠᠶᠠᠷᠯᠠᠵᠤ᠂ ᠡᠪᠦᠷ ᠡᠴᠡᠭᠡᠨ ᠣᠷᠣᠰ ᠦᠵᠦᠭ ᠪᠠ ᠨᠤᠭᠤᠯᠪᠤᠷᠢ ᠭᠠᠷᠭᠠᠵᠤ ᠬᠡᠳᠦᠨ ᠮᠥᠷ ᠬᠥᠨᠳᠡᠯᠡᠨ ᠦᠰᠦᠭ ᠪᠢᠴᠢᠭᠡᠳ ᠰᠢᠷ᠎ᠠ ᠭᠬᠢᠪ ᠢ᠋ᠶ᠋ᠡᠷ ᠣᠷᠢᠶᠠᠨ ᠬᠠᠭᠠᠨ ᠡᠵᠡᠨ᠎ᠡ ᠰᠥᠭᠥᠳᠴᠦ ᠡᠷᠭᠦᠭᠡᠳ᠂ ᠮᠥᠷᠭᠥᠵᠦ ᠠᠶᠠᠷᠯᠠᠨ ᠠᠢᠯᠠᠳᠬᠠᠷᠤᠨ᠄
《ᠮᠠᠷᠭᠠᠲᠠ ᠶ᠋ᠢᠨ ᠡᠨᠡ ᠦᠶ᠎ᠡ ᠳ᠋ᠦ᠍ᠷ ᠳᠠᠬᠢᠨ ᠪᠠᠷᠠᠭᠠᠯᠠᠨ ᠮᠥᠷᠭᠥᠮᠦᠢ᠃ ᠴᠡᠷᠢᠭ ᠦ᠋ᠨ ᠴᠠᠭᠠᠵᠠᠨ ᠤ᠋ ᠪᠢᠴᠢᠭ ᠲᠤᠯᠠ ᠴᠡᠷᠢᠭ ᠦ᠋ᠨ ᠬᠠᠤᠯᠢ ᠪᠠᠷ ᠠᠢᠯᠠᠳᠤᠮᠤ 》ᠭᠡᠮᠡᠨ ᠮᠥᠯᠬᠥᠨ ᠤᠬᠤᠷᠢᠵᠤ ᠭᠠᠷᠬᠤᠢ ᠳ᠋ᠤᠷ ᠬᠠᠭᠠᠨ ᠵᠠᠷᠯᠢᠭ ᠪᠣᠯᠤᠷᠤᠨ:
《ᠪᠠᠭᠠᠲᠤᠷ ᠵᠠᠩᠵᠤᠨ ᠤ᠋ ᠪᠠᠲᠤ ᠶ᠋ᠢ ᠪᠢ ᠨᠢᠭᠡᠨᠲᠡ ᠮᠡᠳᠡᠪᠡᠢ᠃ ᠪᠠᠷᠠᠰᠢ ᠦᠭᠡᠢ ᠪᠠᠶᠠᠷᠯᠠᠨ ᠠᠮᠤᠢ》ᠬᠡᠮᠡᠵᠦ ᠰᠢᠳᠠᠷ ᠰᠠᠢᠳ ᠪᠠ ᠬᠣᠶᠠᠷ ᠵᠠᠩᠵᠤᠨ ᠮᠣᠷᠳᠠᠭᠤᠯᠤᠨ ᠴᠡᠷᠢᠭ ᠦ᠋ᠨ ᠬᠦᠷᠢᠶᠡᠨ ᠦ᠌ ᠡᠮᠦᠨ᠎ᠡ ᠵᠠᠷᠯᠢᠭ ᠪᠣᠢ ᠭᠡᠮᠡᠨ ᠮᠣᠷᠳᠠᠭᠤᠯᠵᠤ᠂ ᠪᠠᠪᠤ ᠭᠤᠷᠪᠠᠨᠲᠠ ᠮᠥᠷᠭᠥᠵᠦ ᠮᠣᠷᠢᠨ ᠳ᠋ᠤᠷ ᠭᠠᠷᠴᠤ᠂ ᠬᠦᠷᠢᠶᠡᠨ ᠦ᠌ ᠬᠠᠭᠠᠯᠭ᠎ᠠ ᠭᠠᠷᠤᠮᠠᠭᠴᠠ᠂ ᠨᠢᠭᠡᠨ ᠵᠤᠷᠪᠤᠰ ᠬᠠᠷᠪᠤᠭᠰᠠᠨ ᠣᠳᠣᠨ ᠤ᠋ ᠭᠡᠷᠡᠯ ᠰᠦᠷᠴᠢᠭᠢᠨᠡᠨ ᠡᠴᠢᠵᠦ ᠦᠵᠡᠭᠳᠡᠬᠦ ᠦᠭᠡᠢ ᠪᠣᠯᠤᠭᠰᠠᠨ ᠢ᠋ ᠬᠡᠯᠡᠯᠴᠡᠬᠦ ᠦᠭᠡᠢ᠃
ᠲᠡᠭᠦᠨᠴᠡ ᠴᠡᠷᠢᠭ ᠦ᠋ᠨ ᠲᠤᠬᠠᠢᠲᠤ ᠰᠠᠢᠳ ᠤ᠋ᠳ᠂ ᠬᠠᠭᠠᠨ ᠤ᠋ ᠰᠢᠳᠡᠷ᠎ᠡ ᠵᠤᠯᠠ ᠶ᠋ᠢᠨ ᠳᠣᠣᠷ᠎ᠠ ᠲᠡᠷᠡ ᠪᠢᠴᠢᠭ ᠢ᠋ ᠦᠵᠡᠪᠡᠰᠦ :
《ᠬᠣᠯᠠ ᠵᠠᠮ ᠤ᠋ᠨ ᠴᠡᠷᠢᠭ ᠲᠦᠷᠭᠡᠯᠡᠪᠡᠰᠦ ᠰᠠᠶᠢ ᠠᠰᠢᠭ ᠭᠠᠷᠤᠮᠤᠢ᠃ ᠤᠳᠠᠪᠠᠰᠤ ᠬᠤᠷᠴᠠ ᠦᠭᠡᠢ ᠪᠣᠯᠤᠮᠤᠢ᠃ ᠰᠠᠭᠤᠭᠠᠯᠢ ᠶ᠋ᠢᠨ ᠴᠡᠷᠢᠭ ᠤᠳᠠᠭᠠᠨ ᠰᠠᠬᠢᠪᠠᠰᠤ ᠰᠠᠶᠢ ᠲᠤᠰᠠᠲᠠᠢ᠂ ᠲᠦᠷᠭᠡᠨ᠎ᠡ ᠪᠠᠢᠯᠳᠤᠪᠠᠰᠤ ᠲᠦᠭᠰᠢᠭᠦᠷᠢ ᠲᠡᠢ ᠲᠤᠯᠠ᠂ ᠰᠠᠯᠪᠤᠷᠢ ᠮᠠᠢᠯᠵᠢ ᠶ᠋ᠢᠨ ᠲᠣᠳᠣ᠂ ᠰᠠᠯᠪᠠᠷᠠᠭᠰᠠᠨ ᠨᠠᠢ᠍ᠮᠠᠨ ᠤ᠋ ᠴᠢᠦᠢ ᠴᠦ ᠯᠢᠦᠢ ᠮᠠᠭᠠᠳ ᠢ᠋ᠶ᠋ᠠᠷ ᠪᠠᠲᠤᠯᠠᠨ ᠰᠠᠬᠢᠵᠤ ᠲᠤᠯᠤᠮᠤᠢ᠃ ᠲᠡᠢᠨ ᠬᠦ᠌ ᠬᠠᠭᠠᠨ ᠡᠵᠡᠨ ᠦ᠌ ᠴᠡᠷᠢᠭ ᠰᠢᠭᠤᠳ ᠪᠠᠪᠤ ᠮᠢᠨᠦ ᠢᠯᠢ ᠬᠣᠲᠠ ᠶ᠋ᠢ ᠴᠢᠩᠳᠠᠭᠠᠨ ᠬᠠᠭᠠᠵᠤ ᠪᠠᠢᠯᠳᠤᠪᠠᠰᠤ ᠭᠤᠷᠪᠠᠨ ᠡᠳᠦᠷ ᠦ᠋ᠨ ᠡᠴᠦᠰ ᠪᠣᠯᠲᠠᠯ᠎ᠠ᠂ ᠲᠡᠷᠡ ᠬᠣᠶᠠᠷ ᠵᠣᠯᠪᠢᠨ ᠢ᠋ ᠮᠠᠭᠠᠳ ᠪᠠᠷᠢᠵᠤ ᠪᠣᠯᠬᠤ ᠶ᠋ᠢ ᠠᠯᠪᠠᠲᠤ ᠪᠠᠪᠤ ᠪᠠᠲᠤᠯᠠᠨ ᠪᠡᠶ᠎ᠡ ᠳ᠋ᠦ᠍ᠷ ᠳᠠᠭᠠᠭᠠᠴᠢᠯᠠᠰᠤᠭᠠᠢ》 ᠬᠡᠮᠡᠵᠦᠬᠦᠢ᠃ ᠴᠢᠩᠭᠢᠰ ᠬᠠᠭᠠᠨ ᠡᠨᠡ ᠦᠭᠡᠰ ᠢ᠋ ᠰᠣᠨᠣᠰᠤᠮᠠᠭᠴᠠ ᠤᠬᠠᠭᠠᠨ ᠢ᠋ ᠠᠨᠤ ᠨᠡᠪᠲᠡ ᠠᠢᠯᠠᠳᠴᠤ ᠮᠦᠰᠢᠶᠡᠨ ᠵᠠᠷᠯᠢᠭ ᠪᠣᠯᠤᠷᠤᠨ᠄
《ᠮᠠᠰᠢᠳᠠ ᠮᠥᠨ᠂ ᠮᠠᠰᠢᠳᠠ ᠵᠥᠪ ! 》 ᠭᠡᠮᠡᠨ ᠭᠤᠷᠪᠠᠨ ᠵᠦᠭ ᠢ᠋ ᠲᠣᠭᠲᠠᠩᠭᠤ᠂ ᠰᠦᠪᠭᠡᠲᠡᠢ᠂ ᠪᠣᠯᠢᠭᠲᠤ ᠪᠠᠷᠰ ᠭᠤᠷᠪᠠᠨ ᠳ᠋ᠤᠷ ᠰᠡᠮᠡᠬᠡᠷ ᠦᠭᠡ ᠰᠤᠷᠭᠠᠨ ᠡᠮᠦᠨ᠎ᠡ ᠪᠡᠶ᠎ᠡ ᠶ᠋ᠢ ᠬᠠᠭᠠᠨ ᠤ᠋ ᠭᠡᠭᠡᠨ ᠥᠪᠡᠷ ᠢ᠋ᠶ᠋ᠡᠨ ᠵᠠᠬᠢᠷᠤᠨ ᠪᠠᠢᠯᠳᠤᠬᠤ ᠪᠠᠷ ᠬᠤᠪᠢᠶᠠᠨ ᠲᠣᠭᠲᠠᠭᠠᠭᠠᠳ᠂ ᠵᠢᠴᠢ ᠡᠳᠦᠷ ᠳᠠᠷᠤᠢ ᠪᠠᠢᠯᠳᠤᠬᠤᠢ ᠶ᠋ᠢᠨ ᠳᠦᠷᠢᠮ ᠢ᠋ᠶ᠋ᠡᠷ ᠬᠦᠷᠴᠦ᠂ ᠬᠡᠩᠭᠡᠷᠭᠡ ᠨᠢᠭᠡᠨᠲᠡ ᠳᠡᠯᠡᠳᠦᠮᠡᠭᠴᠡ ᠂ ᠤᠷᠢᠳᠤ ᠬᠣᠢᠲᠤ ᠥᠪᠡᠷ ᠪᠤᠰᠤᠳ ᠨᠡᠢᠲᠡ ᠴᠡᠷᠢᠭ ᠢ᠋ ᠠᠪᠴᠤ ᠢᠯᠢ ᠬᠣᠲᠠ ᠶ᠋ᠢ ᠭᠤᠷᠪᠠᠨ ᠳᠠᠪᠬᠤᠷ ᠲᠡᠮᠦᠷ ᠰᠠᠭᠤᠯᠠᠭ᠎ᠠ ᠮᠡᠲᠦ ᠲᠥᠭᠥᠷᠢᠭᠯᠡᠨ ᠬᠠᠭᠠᠵᠤ᠂ ᠬᠠᠭᠠᠯᠭ᠎ᠠ ᠪᠦᠷᠢ ᠳ᠋ᠦ᠍ᠷ ᠪᠠᠷᠬᠢᠷᠠᠨ ᠬᠡᠯᠡᠭᠦᠯᠦᠷᠦᠨ :
《ᠮᠠᠨ ᠤ᠋ ᠴᠡᠷᠢᠭ ᠤᠷᠢᠳᠠ ᠲᠠᠨ ᠤ᠋ ᠬᠣᠲᠠ ᠶ᠋ᠢ ᠪᠠᠢᠯᠳᠤᠨ ᠠᠪᠴᠤ᠂ ᠴᠡᠷᠢᠭ ᠵᠣᠭᠰᠣᠭᠠᠵᠤ᠂ ᠰᠠᠶᠢ ᠴᠢᠦᠢ ᠴᠦ ᠯᠢᠦᠢ᠂ ᠲᠣᠳᠣ ᠨᠠᠷ ᠢ᠋ ᠳᠠᠢᠯᠠᠨ ᠠᠷᠢᠯᠭᠠᠮᠤᠢ᠃ ᠰᠠᠢᠨ ᠢ᠋ᠶ᠋ᠠᠷ ᠠᠯᠪᠠ ᠪᠠᠷᠢᠨ ᠳᠠᠭᠠᠵᠤ᠂ ᠬᠣᠲᠠ ᠪᠠᠨ ᠲᠡᠭᠰᠢᠯᠡᠨ ᠮᠠᠨ ᠤ᠋ ᠴᠡᠷᠢᠭ ᠢ᠋ ᠪᠠᠭᠤᠳᠠᠯᠯᠠᠭᠤᠯᠪᠠᠰᠤ ᠰᠠᠯᠪᠤᠷᠢ ᠮᠠᠢᠯᠵᠢ ᠶ᠋ᠢ ᠲᠦᠪᠰᠢᠳᠬᠡᠭᠰᠡᠨ ᠬᠣᠢᠨ᠎ᠠ ᠪᠠᠰᠠᠴᠤ ᠲᠠᠨ ᠳ᠋ᠤᠷ ᠬᠤᠪᠢᠶᠠᠨ ᠵᠠᠬᠢᠷᠤᠭᠤᠯᠤᠮᠤᠢ᠃ ᠬᠡᠷᠪᠡ ᠲᠡᠢᠨ ᠡᠰᠡ ᠪᠣᠯᠪᠠᠰᠤ ᠰᠢᠭᠤᠳ ᠪᠠᠢᠯᠳᠤᠨ ᠠᠪᠤᠮᠤᠢ 》ᠬᠡᠮᠡᠬᠦᠢ ᠳ᠋ᠦ᠍ᠷ ᠢᠯᠢ ᠬᠣᠲᠠ ᠶ᠋ᠢᠨ ᠳᠥᠷᠪᠡᠨ ᠬᠦᠷᠢᠶᠡᠨ ᠦ᠌ ᠴᠡᠷᠢᠭ ᠦ᠋ᠳ ᠢᠨᠢᠶᠡᠯᠴᠡᠨ ᠬᠠᠷᠢᠭᠤ᠄
《ᠤᠴᠢᠷ ᠦᠭᠡᠢ ᠤᠯᠤᠰ ᠮᠣᠩᠭᠣᠯ᠂ ᠤᠯᠠᠭᠠᠨ ᠬᠥᠯᠲᠦ ᠣᠩᠭᠠᠰᠤᠲᠤ ᠠᠮᠢᠲᠠᠨ ᠤᠲᠤᠭ᠎ᠠ ᠤᠨᠢᠶᠠᠷ ᠤᠨᠳᠤᠷᠤᠨ ᠪᠤᠷᠭᠢᠭᠤᠯᠵᠤ᠂ ᠣᠨᠢᠭᠤᠯ ᠬᠣᠲᠠ ᠶ᠋ᠢ ᠪᠠᠢᠯᠳᠤᠬᠤ ᠲᠠᠨ ᠤ᠋ ᠶᠠᠭᠤᠨ? 》ᠬᠡᠮᠡᠵᠦ ᠠᠵᠢᠭ ᠦᠭᠡᠢ ᠪᠡᠷ ᠪᠠᠢᠯᠳᠤᠯᠴᠠᠨ ᠲᠤᠯᠭᠠᠯᠴᠠᠵᠤ᠂ ᠲᠥᠭᠡ ᠢᠮᠠᠬᠤ ᠶ᠋ᠢᠨ ᠵᠠᠢ ᠵᠠᠪᠰᠠᠷ ᠭᠠᠷᠬᠤ ᠦᠭᠡᠢ᠃ ᠵᠡᠪᠡ ᠴᠢᠯᠠᠭᠤᠨ ᠤ᠋ ᠡᠯᠪᠡᠭ ᠬᠡᠮᠡᠭᠴᠢ ᠠᠭᠤᠯᠠ ᠰᠢᠭᠤᠢ ᠮᠡᠲᠦ᠃ ᠡᠢᠨ ᠬᠦ᠌ ᠬᠣᠶᠠᠷ ᠡᠳᠦᠷ ᠲᠤᠯᠤᠯᠴᠠᠨ ᠪᠥᠬᠥᠶ᠎ᠡ᠂ ᠬᠣᠶᠠᠳᠤᠭᠠᠷ ᠡᠳᠦᠷ ᠵᠤᠯᠠ ᠰᠢᠲᠠᠭᠠᠮᠠᠭᠴᠠ ᠰᠠᠶᠢ ᠬᠠᠭᠠᠨ ᠤ᠋ ᠭᠡᠭᠡᠨ ᠦ᠌ ᠵᠠᠬᠢᠷᠬᠤ ᠡᠮᠦᠨ᠎ᠡ ᠬᠠᠭᠠᠯᠭ᠎ᠠ ᠪᠠᠷ ᠭᠡᠨᠡᠳᠲᠡ ᠨᠢᠭᠡᠨ ᠠᠩᠭᠢ ᠬᠡᠳᠦᠨ ᠮᠢᠩᠭᠠᠨ ᠴᠡᠷᠢᠭ ᠬᠠᠰᠬᠢᠷᠤᠨ ᠴᠣᠬᠢᠯᠠᠨ ᠭᠠᠷᠬᠤᠶ᠎ᠠ᠂ ᠬᠠᠭᠠᠨ ᠵᠠᠷᠯᠢᠭ ᠪᠠᠭᠤᠯᠭᠠᠨ ᠵᠠᠮ ᠲᠠᠯᠪᠢᠭᠤᠯᠤᠨ ᠭᠠᠷᠭᠠᠵᠤ ᠪᠠᠰᠠ ᠨᠡᠬᠡᠭᠰᠡᠨ ᠦᠭᠡᠢ᠃ ᠡᠨᠡ ᠴᠡᠷᠢᠭ ᠲᠦ᠍ᠷ ᠪᠠᠪᠤ ᠪᠡᠶ᠎ᠡ ᠪᠡᠷ ᠪᠠᠢᠯᠳᠤᠨ ᠭᠠᠷᠴᠤ ᠢᠷᠡᠭᠡᠳ ᠬᠣᠷᠢᠨ ᠭᠠᠵᠠᠷ ᠤ᠋ᠨ ᠬᠦᠩ ᠳᠠᠪᠠᠭᠠᠨ᠎ᠠ ᠬᠦᠷᠲᠡᠯ᠎ᠡ᠂ ᠮᠠᠢᠯᠵᠢ ᠠᠢᠮᠠᠭ ᠤ᠋ᠨ ᠲᠣᠳᠣ ᠶ᠋ᠢᠨ ᠶᠡᠬᠡ ᠴᠡᠷᠢᠭ ᠲᠦ᠍ᠷ ᠤᠴᠠᠷᠠᠵᠤ᠂ ᠲᠣᠳᠣ ᠴᠡᠷᠢᠭ ᠦ᠋ᠨ ᠡᠮᠦᠨ᠎ᠡ ᠭᠠᠷᠴᠤ᠂ ᠬᠠᠲᠠᠭᠠᠭᠠᠨ ᠢᠨᠢᠶᠡᠵᠦ ᠠᠰᠠᠭᠤᠷᠤᠨ᠄
《ᠪᠢᠳᠡ ᠨᠤᠲᠤᠭ ᠨᠠᠮ ᠨᠢᠭᠡᠨ ᠠᠲᠠᠯ᠎ᠠ᠂ ᠪᠢᠳᠡ ᠲᠠᠨ ᠤ᠋ ᠬᠣᠲᠠ ᠳ᠋ᠤᠷ ᠠᠮᠢ ᠰᠢᠷᠭᠤᠨ ᠮᠣᠩᠭᠣᠯ ᠯᠤᠭ᠎ᠠ ᠲᠤᠯᠰᠤᠭᠠᠢ ᠬᠡᠮᠡᠪᠡᠰᠦ ᠲᠠ ᠮᠠᠨ ᠢ᠋ ᠰᠡᠵᠢᠭᠯᠡᠨ ᠣᠷᠣᠭᠤᠯᠬᠤ ᠦᠭᠡᠢ᠃ ᠡᠳᠦᠭᠡ ᠮᠣᠩᠭᠣᠯ ᠤᠷᠢᠳᠠ ᠲᠠᠨ ᠤ᠋ ᠬᠣᠲᠠ ᠶ᠋ᠢ ᠡᠵᠡᠯᠡᠨ ᠠᠪᠴᠤ ᠰᠠᠶᠢ ᠮᠠᠨ ᠯᠤᠭ᠎ᠠ ᠪᠠᠢᠯᠳᠤᠮᠤᠢ᠃ ᠪᠢᠳᠡ ᠪᠠᠰᠠ ᠬᠦ᠌ ᠬᠠᠭᠤᠴᠢᠨ ᠰᠠᠢᠨ ᠢ᠋ ᠰᠠᠨᠠᠵᠤ ᠲᠠᠨ ᠤ᠋ ᠬᠣᠲᠠ ᠶ᠋ᠢ ᠲᠡᠩᠬᠡᠷᠡᠭᠦᠯᠦᠷ᠎ᠡ ᠪᠦᠬᠦ ᠴᠡᠷᠢᠭ ᠢ᠋ᠶ᠋ᠡᠨ ᠴᠥᠮ ᠠᠪᠴᠤ ᠢᠷᠡᠪᠡ᠃ ᠴᠢ ᠣᠳᠣ ᠮᠠᠨ ᠤ᠋ ᠴᠡᠷᠢᠭ ᠢ᠋ ᠬᠣᠲᠠ ᠳ᠋ᠠᠭᠠᠨ ᠣᠷᠣᠭᠤᠯᠤᠮᠤᠢ ᠤᠤ ᠦᠭᠡᠢ ᠤᠤ? 》ᠪᠠᠪᠤ ᠮᠣᠷᠢᠨ ᠳᠡᠭᠡᠷ᠎ᠡ ᠡᠴᠡ ᠭᠦᠨ᠎ᠡ ᠶᠣᠰᠣᠯᠠᠵᠤ ᠥᠭᠦᠯᠡᠷᠦᠨ :
《ᠡᠷᠭᠢᠨ ᠲᠠᠨ ᠤ᠋ ᠡᠨᠡ ᠦᠭᠡᠰ ᠦ᠋ᠨ ᠦᠨᠡᠨ ᠬᠤᠳᠠᠯ ᠢ᠋ ᠮᠡᠳᠡᠬᠦ ᠦᠭᠡᠢ᠂ ᠦᠨᠡᠬᠡᠷ ᠦᠨᠡᠨ ᠦᠭᠡ ᠪᠣᠯᠪᠠᠰᠤ᠂ ᠦᠬᠦᠭᠰᠡᠨ ᠢ᠋ ᠡᠳᠡᠭᠡᠵᠦ ᠮᠥᠬᠥᠭᠰᠡᠳ ᠢ᠋ ᠮᠤᠯᠲᠤᠷᠠᠭᠤᠯᠬᠤ ᠲᠡᠭᠷᠢ ᠶ᠋ᠢᠨ ᠬᠡᠰᠢᠭ ᠪᠣᠯᠠᠢ᠃ ᠮᠣᠩᠭᠣᠯ ᠤ᠋ᠨ ᠴᠡᠷᠢᠭ ᠢ᠋ ᠲᠤᠯᠤᠨ ᠡᠭᠡᠭᠦᠯᠦᠭᠰᠡᠨ ᠦ᠌ ᠬᠣᠢᠨ᠎ᠠ ᠨᠢᠭᠡᠨ ᠬᠣᠲᠠ ᠳ᠋ᠤᠷ ᠬᠤᠪᠢᠶᠠᠯᠴᠠᠨ ᠰᠠᠭᠤᠯᠴᠠᠵᠤ ᠵᠢᠷᠭᠠᠯᠠᠩ ᠵᠣᠪᠠᠯᠠᠩ ᠢ᠋ ᠬᠠᠮᠲᠤᠳᠬᠠᠨ᠂ ᠨᠢᠭᠡᠨ ᠨᠠᠰᠤᠨ ᠢ᠋ ᠲᠤᠭᠤᠯᠵᠤ ᠪᠣᠯᠬᠤ ᠪᠥᠯᠥᠭᠡ᠃ ᠭᠠᠭᠴᠠ ᠡᠷᠭᠢᠨ ᠲᠠ ᠶᠠᠭᠤᠨᠠᠢ ᠨᠠᠮᠠᠶ᠋ᠢ ᠲᠡᠢᠨ ᠬᠦ᠌ ᠲᠤᠰᠠᠯᠠᠬᠤ ᠠᠵᠠᠢ ? 》ᠲᠣᠳᠣ ᠶᠡᠬᠡᠳᠡ ᠣᠮᠣᠷᠬᠠᠨ ᠥᠭᠦᠯᠡᠷᠦᠨ᠄
《ᠥᠨᠥᠬᠡᠨ ᠦ᠌ ᠪᠠᠢᠯᠳᠤᠭᠰᠠᠨ ᠢ᠋ ᠪᠣᠳᠣᠪᠠᠰᠤ᠂ ᠲᠠᠨ ᠢ᠋ ᠮᠣᠩᠭᠣᠯ ᠤ᠋ᠨ ᠦᠯᠡᠳᠡᠪᠦᠷᠢ ᠪᠣᠯᠭᠠᠬᠤ ᠠᠨᠤ ᠴᠣᠬᠣᠮ ᠵᠦᠢ ᠪᠣᠯᠠᠢ᠂ ᠪᠢᠳᠡᠨ ᠦ᠌ ᠬᠠᠭᠠᠨ ᠡᠵᠡᠨ ᠬᠡᠮᠡᠭᠴᠢ ᠴᠤᠬᠤᠮᠬᠠᠨ ᠬᠠᠭᠠᠨ ᠦᠨᠳᠦᠰᠦᠲᠦ ᠨᠠᠢ᠍ᠮᠠᠨ ᠪᠣᠯᠠᠢ᠃ ᠭᠤᠷᠪᠠᠨ ᠵᠠᠭᠤᠨ ᠢᠯᠡᠭᠦᠦ ᠣᠨ᠂ ᠠᠷᠪᠠᠨ ᠬᠡᠳᠦᠨ ᠬᠠᠭᠠᠨ ᠰᠠᠭᠤᠭᠰᠠᠨ ᠯᠢᠶᠣᠣ ᠤᠯᠤᠰ ᠢ᠋ ᠴᠥᠮ ᠮᠥᠬᠥᠭᠡᠨ ᠴᠢᠳᠠᠭᠰᠠᠨ ᠡᠨᠳᠡᠯ᠎ᠡ ᠥᠴᠥᠭᠡᠳᠦᠷᠬᠡᠨ ᠰᠠᠶᠢ ᠬᠠᠭᠠᠨ ᠭᠡᠮᠡᠨ ᠲᠡᠷᠰᠯᠡᠭᠰᠡᠨ ᠲᠡᠮᠦᠵᠢᠨ ᠢ᠋ ᠠᠷᠢᠯᠭᠠᠬᠤᠢ ᠳ᠋ᠤᠷ ᠦᠨᠡᠬᠡᠷ ᠬᠤᠷᠤᠭᠤᠨ ᠦᠵᠦᠭᠦᠷ ᠬᠣᠮ ᠫᠠᠳ ᠪᠣᠯᠠᠢ᠃ ᠭᠠᠭᠴᠠ ᠲᠠᠨ ᠤ᠋ ᠰᠡᠳᠬᠢᠯ ᠮᠠᠭᠤ᠂ ᠦᠵᠡᠯ ᠪᠤᠷᠤᠭᠤ᠂ ᠮᠠᠨ ᠢ᠋ ᠡᠷᠬᠡᠪᠰᠢ ᠲᠠᠨ ᠤ᠋ ᠬᠣᠲᠠᠨ ᠳ᠋ᠤᠷ ᠳᠤᠷᠠᠯᠠᠵᠤ ᠪᠣᠢ ᠬᠡᠮᠡᠮᠦᠢ ᠤᠤ ? ᠪᠢᠳᠡ ᠬᠠᠮᠲᠤ ᠰᠠᠬᠢᠭᠰᠠᠨ ᠪᠥᠭᠡᠰᠦ ᠶᠠᠮᠪᠠᠷ ᠬᠢᠷᠢ ᠲᠡᠢ ᠪᠣᠢ ? ᠡᠳᠦᠭᠡ ᠭᠠᠭᠴᠠ ᠪᠡᠶ᠎ᠡ ᠬᠡᠳᠦᠬᠡᠨ ᠮᠢᠩᠭᠠᠨ ᠴᠡᠷᠢᠭ ᠠᠪᠤᠨ ᠭᠠᠷᠴᠤ ᠢᠷᠡᠭᠡᠳ ᠬᠠᠮᠢᠭᠠᠰᠢ ᠡᠴᠢᠮᠦᠢ ?》 ᠪᠠᠪᠤ ᠥᠴᠢᠷᠦᠨ :
《ᠤᠷᠢᠳᠠ ᠲᠠᠨ ᠢ᠋ ᠡᠷᠢᠨ ᠭᠤᠶᠤᠮᠤᠢ᠂ ᠡᠴᠢᠬᠦ ᠦᠭᠡᠢ ᠪᠣᠯᠪᠠᠰᠤ ᠪᠢ ᠤᠢᠭᠤᠷ ᠤᠯᠤᠰ ᠲᠤᠷ ᠤᠷᠭᠤᠨ ᠡᠴᠢᠮᠦᠢ᠃ 》 ᠲᠣᠳᠣ ᠠᠰᠠᠭᠤᠷᠤᠨ :
《ᠲᠡᠢᠮᠦ ᠪᠣᠯᠪᠠᠰᠤ ᠬᠣᠲᠠᠨ ᠳᠣᠲᠣᠷᠠᠬᠢ ᠭᠡᠷ ᠦ᠋ᠨ ᠡᠡᠮᠡᠨ ᠪᠠ ᠤᠯᠤᠰ ᠲᠥᠷᠥ ᠪᠡᠨ ᠬᠡᠷᠬᠢᠮᠦᠢ ? 》ᠪᠠᠪᠤ ᠥᠭᠦᠯᠡᠷᠦᠨ᠄
《ᠮᠣᠩᠭᠣᠯ ᠤ᠋ᠨ ᠡᠵᠡᠨ ᠤᠭ ᠠ᠋ᠴᠠ ᠥᠷᠥᠰᠢᠶᠡᠯ ᠵᠢᠷᠤᠮ ᠲᠠᠢ᠂ ᠠᠯᠪᠠᠨ ᠠᠪᠴᠤ ᠬᠠᠤᠯᠢ ᠴᠠᠭᠠᠵᠠ ᠪᠠᠷ ᠳᠠᠭᠠᠭᠤᠯᠬᠤ ᠶ᠋ᠢ ᠡᠷᠢᠬᠦ ᠪᠣᠢ ᠶᠠ᠂ ᠡᠰᠡᠷᠭᠦᠴᠡᠯ ᠡᠲᠡᠭᠡᠳ ᠦ᠋ᠨ ᠡᠮ᠎ᠡ ᠦᠷ᠎ᠡ ᠶ᠋ᠢ ᠬᠠᠯᠳᠠᠬᠤ ᠦᠭᠡᠢ᠂ ᠮᠢᠨᠦ ᠣᠯᠠᠨ ᠨᠥᠬᠥᠳ ᠲᠤᠯᠵᠤ ᠬᠦᠴᠦᠷᠡᠬᠦ ᠡᠰᠡᠬᠦ᠂ ᠬᠢᠷᠢ ᠪᠡᠨ ᠥᠪᠡᠷ ᠢ᠋ᠶ᠋ᠡᠨ ᠦᠵᠡᠵᠦ᠂ ᠬᠡᠷᠪᠡ ᠲᠤᠩ ᠴᠤ᠌ ᠲᠤᠯᠤᠨ ᠬᠦᠴᠦᠷᠡᠬᠦ ᠦᠭᠡᠢ ᠪᠣᠯᠪᠠᠰᠤ᠂ ᠠᠯᠪᠠ ᠪᠠᠷᠢᠨ ᠳᠠᠭᠠᠵᠤ ᠠᠮᠤᠷ ᠠᠮᠢᠳᠤᠷᠠᠬᠤ ᠶ᠋ᠢ ᠡᠷᠢᠮᠦᠢ ᠶᠠ᠂ ᠥᠪᠡᠷ᠎ᠡ ᠶᠠᠮᠪᠠᠷ ᠠᠷᠭ᠎ᠠ ᠪᠠᠢᠬᠤ ᠠᠵᠠᠢ ? 》ᠬᠡᠮᠡᠭᠰᠡᠨ ᠳ᠋ᠦ᠍ᠷ ᠲᠣᠳᠣ ᠶ᠋ᠢᠨ ᠳᠣᠲᠣᠷ᠎ᠠ ᠶᠡᠬᠡᠯ᠎ᠡ ᠡᠡᠮᠦᠷ ᠦᠭᠡᠢ ᠪᠣᠯᠵᠤ ᠥᠭᠦᠯᠡᠷᠦᠨ᠄
《ᠪᠢᠳᠡ ᠲᠠᠨ ᠤ᠋ ᠡᠨᠡ ᠮᠡᠲᠦ ᠮᠣᠩᠭᠣᠯ ᠯᠤᠭ᠎ᠠ ᠨᠡᠢᠯᠡᠵᠦ ᠬᠠᠮᠲᠤᠳᠬᠤ ᠠ᠋ᠴᠠ ᠠᠶᠤᠵᠤ ᠢᠯᠢ ᠬᠣᠲᠠ ᠶ᠋ᠢ ᠬᠠᠮᠲᠤ ᠬᠦᠴᠦᠨ ᠢ᠋ᠶ᠋ᠡᠷ ᠬᠠᠮᠠᠭᠠᠯᠠᠨ ᠰᠠᠬᠢᠵᠤ ᠮᠣᠩᠭᠣᠯ ᠢ᠋ ᠲᠤᠯᠰᠤᠭᠠᠢ ᠭᠡᠮᠡᠨ ᠢᠷᠡᠭᠰᠡᠨ ᠪᠥᠯᠥᠭᠡ᠂ ᠴᠢ ᠡᠳᠦᠭᠡ ᠭᠠᠷᠴᠤ ᠢᠷᠡᠬᠦᠢ ᠳ᠋ᠦ᠍ᠷ ᠮᠣᠩᠭᠣᠯ ᠴᠡᠷᠢᠭ ᠶᠠᠭᠤᠡᠲᠤ ᠡᠰᠡ ᠬᠥᠭᠡᠭᠡᠪᠡ ? 》ᠪᠠᠪᠤ ᠥᠭᠦᠯᠡᠷᠦᠨ᠄
《ᠮᠣᠩᠭᠣᠯ ᠤ᠋ᠨ ᠡᠵᠡᠨ ᠭᠠᠵᠠᠷ ᠣᠷᠣᠨ ᠤᠯᠤᠰ ᠢᠷᠭᠡᠨ ᠢ᠋ ᠬᠢᠴᠢᠶᠡᠬᠦ ᠪᠣᠢ ᠶᠠ᠃ ᠪᠤᠷᠤᠭᠤᠯᠠᠭᠰᠠᠨ ᠴᠡᠷᠢᠭ ᠢ᠋ ᠬᠠᠢᠬᠤᠷᠬᠤ ᠦᠭᠡᠢ᠂ ᠪᠢᠳᠡ ᠪᠠᠢᠯᠳᠤᠨ ᠭᠠᠷᠬᠤᠢ ᠳ᠋ᠤᠷ ᠴᠤ᠌ ᠮᠥᠨ ᠳᠡᠮᠡᠢ ᠬᠦᠨᠳᠦ ᠪᠠᠢᠯᠳᠤᠭᠰᠠᠨ ᠴᠤ᠌ ᠦᠭᠡᠢ》ᠲᠣᠳᠣ ᠳᠥᠷᠦᠭᠡᠨ ᠳᠡᠭᠡᠷ᠎ᠡ ᠬᠥᠯ ᠢ᠋ᠶ᠋ᠡᠨ ᠳᠡᠪᠢᠰᠦᠨ ᠥᠭᠦᠯᠡᠷᠦᠨ:
《ᠡᠨᠡ ᠶᠠᠭᠤᠨ ᠬᠡᠮᠡᠭᠴᠢ ᠪᠣᠢ ? ᠡᠨᠡ ᠦᠶ᠎ᠡ ᠳ᠋ᠦ᠍ᠷ ᠡᠢᠨ ᠬᠦ᠌ ᠪᠤᠰᠠᠨᠢᠨ ᠪᠤᠷᠤᠭᠤᠳᠬᠤ ᠠ᠋ᠴᠠ ᠲᠡᠷᠡ ᠦᠶ᠎ᠡ ᠳ᠋ᠦ᠍ᠷ ᠪᠢᠳᠡᠨ ᠦ᠌ ᠶᠡᠬᠡ ᠴᠡᠷᠢᠭ ᠢ᠋ ᠣᠷᠣᠭᠤᠯᠵᠤ ᠨᠢᠭᠡᠨ ᠰᠡᠳᠬᠢᠯ ᠨᠡᠢᠲᠡ ᠶ᠋ᠢᠨ ᠬᠦᠴᠦᠨ ᠢ᠋ᠶ᠋ᠡᠷ ᠮᠣᠩᠭᠣᠯ ᠢ᠋ ᠲᠤᠯᠤᠭᠰᠠᠨ ᠪᠥᠭᠡᠰᠦ ᠶᠠᠮᠪᠠᠷ ᠬᠢᠷᠢ ᠪᠣᠢ ! 》ᠬᠡᠮᠡᠵᠦ᠂ ᠴᠡᠷᠢᠭ ᠪᠠᠭᠤᠨ᠂ ᠳᠤᠮᠳᠠᠳᠤ ᠶᠡᠬᠡ ᠬᠦᠷᠢᠶ᠎ᠡ ᠳ᠋ᠦ᠍ᠷ ᠢᠷᠡᠵᠦ ᠴᠢᠦᠢ ᠴᠦ ᠯᠢᠦᠢ ᠳ᠋ᠦ᠍ᠷ ᠵᠣᠯᠭᠠᠨ ᠮᠥᠷᠭᠥᠵᠦ ᠮᠥᠯᠬᠥᠨ ᠣᠢᠷ᠎ᠠ ᠬᠦᠷᠴᠦ ᠥᠭᠦᠯᠡᠷᠦᠨ᠄
《ᠮᠠᠨ ᠤ᠋ ᠠᠷᠭ᠎ᠠ ᠶ᠋ᠢ ᠲᠩᠷᠢ ᠶᠠᠪᠤᠭᠤᠯᠵᠤ᠂ ᠴᠢᠪᠬᠢᠲᠡᠯ᠎ᠡ ᠪᠠᠪᠤ ᠶ᠋ᠢᠨ ᠴᠡᠷᠢᠭ ᠭᠣᠶᠣᠷ᠎ᠠ ᠢᠷᠡᠬᠦ ᠲᠣᠬᠢᠶᠠᠯ ᠳ᠋ᠤᠷ ᠠᠭᠤᠯᠵᠠᠵᠤᠬᠠᠢ᠃ ᠣᠳᠣ ᠡᠵᠡᠨ ᠪᠡᠯᠡᠨ ᠪᠦᠬᠦᠢ ᠬᠣᠲᠠ ᠶ᠋ᠢ ᠣᠯᠵᠤ᠂ ᠪᠡᠷᠢᠶᠡᠳ ᠬᠡᠦᠬᠡᠳ ᠲᠡᠢ ᠬᠥᠭᠰᠢᠷᠡᠲᠡᠯ᠎ᠡ ᠵᠢᠷᠭᠠᠬᠤᠢ ᠶ᠋ᠢᠨ ᠪᠡᠯᠡᠭᠲᠦ ᠲᠣᠬᠢᠶᠠᠯ ᠳᠠᠷᠤᠢ ᠡᠨᠡ ᠪᠣᠯᠠᠢ! 》ᠭᠡᠮᠡᠨ ᠡᠳᠦᠭᠡ ᠳᠠᠷᠤᠢ ᠬᠣᠲᠠᠨ ᠳ᠋ᠤᠷ ᠣᠷᠣᠵᠤ ᠪᠠᠲᠤᠯᠠᠨ ᠰᠠᠬᠢᠪᠠᠰᠤ᠂ ᠬᠣᠯᠠ ᠭᠠᠵᠠᠷ ᠠ᠋ᠴᠠ ᠢᠷᠡᠭᠰᠡᠨ ᠮᠣᠩᠭᠣᠯ ᠠᠰᠢᠭ ᠦᠭᠡᠢ ᠡᠭᠡᠪᠡᠰᠦ᠂ ᠪᠠᠪᠤ ᠨᠢᠭᠡᠬᠡᠨ ᠬᠥᠮᠥᠨ ᠢ᠋ ᠠᠷᠢᠯᠭᠠᠪᠠᠰᠤ᠂ ᠢᠯᠢ ᠬᠣᠲᠠ ᠢᠯᠲᠠᠰᠢ ᠮᠥᠷᠡᠨ᠂ ᠬᠠᠭᠤᠴᠢᠨ ᠨᠠᠢ᠍ᠮᠠᠨ ᠠ᠋ᠴᠠ ᠠᠭᠤᠳᠠᠮ ᠦᠭᠡᠢ ᠤᠤ? 》 ᠬᠡᠮᠡᠭᠰᠡᠨ ᠳ᠋ᠦ᠍ᠷ ᠴᠢᠦᠢ ᠴᠦ ᠯᠢᠦᠢ ᠠᠮᠠᠨ ᠳᠡᠭᠡᠷ᠎ᠡ ᠬᠡᠳᠦᠢᠪᠡᠷ ᠡᠳᠡᠭᠡᠷ ᠴᠥᠮ ᠮᠡᠷᠭᠡᠨ ᠴᠧᠩᠰᠢᠶᠠᠩ ᠤ᠋ᠨ ᠡᠷᠳᠡᠮ ᠤᠬᠠᠭᠠᠨ ᠳ᠋ᠤᠷ ᠪᠣᠯᠠᠢ ᠬᠡᠮᠡᠪᠡᠴᠦ᠂ ᠠᠯᠤᠰ ᠴᠠᠭᠠᠨ᠎ᠠ ᠪᠠᠨ ᠮᠣᠩᠭᠣᠯ ᠳ᠋ᠤᠷ ᠤᠳᠠᠭ᠎ᠠ ᠳᠠᠷᠠᠭ᠎ᠠ ᠳᠠᠷᠤᠭᠳᠠᠭᠰᠠᠭᠠᠷ ᠨᠢᠭᠡᠮᠦᠰᠦᠨ ᠬᠠᠯᠠᠬᠠᠢ ᠪᠡᠯᠡᠩᠴᠢ ᠪᠣᠯᠤᠭᠠᠳ᠂ ᠮᠣᠩᠭᠣᠯ ᠴᠡᠷᠢᠭ ᠬᠡᠮᠡᠪᠡᠰᠦ ᠵᠢᠷᠦᠬᠡ ᠴᠡᠴᠡᠷᠡᠨ ᠰᠥᠰᠥ ᠬᠡᠮᠬᠡᠷᠡᠵᠦᠬᠦᠢ᠃ ᠡᠳᠦᠭᠡ ᠠᠷᠭ᠎ᠠ ᠦᠭᠡᠢ ᠲᠣᠳᠣ ᠶ᠋ᠢᠨ ᠲᠥᠭᠡᠷᠢᠯ ᠳ᠋ᠦ᠍ᠷ ᠲᠤᠯᠤᠨ ᠴᠢᠭᠢᠷᠠᠭᠰᠢᠨ ᠶᠠᠪᠤᠬᠤ ᠠᠵᠤᠭᠤ᠃ ᠨᠡᠩ ᠪᠠᠰᠠ ᠨᠢᠭᠡᠨ ᠶᠡᠬᠡ ᠵᠣᠪᠠᠯᠠᠩ ᠠᠨᠤ᠂ ᠡᠨᠡ ᠴᠢᠦᠢ ᠴᠦ ᠯᠢᠦᠢ - ᠢᠦᠢ ᠬᠠᠭᠠᠨ ᠤ᠋ ᠶᠡᠬᠡ ᠰᠢᠷᠡᠭᠡᠨ ᠳ᠋ᠦ᠍ ᠬᠤᠸᠠᠩᠬᠡᠦ ᠬᠠᠲᠤᠨ ᠠᠨᠤ ᠠᠩᠬᠠᠨ ᠤ᠋ ᠬᠡᠳᠦᠨ ᠤᠳᠠᠭ᠎ᠠ ᠶ᠋ᠢᠨ ᠲᠦᠭᠰᠢᠯ ᠡᠴᠡ ᠨᠢᠭᠡᠮᠦᠰᠦᠨ ᠡᠷ᠎ᠡ ᠡᠴᠡᠭᠡᠨ ᠨᠢᠭᠡᠨ ᠠᠯᠬᠤᠮ ᠴᠤ᠌ ᠠᠩᠭᠢᠵᠢᠷᠠᠬᠤ ᠦᠭᠡᠢ ᠰᠡᠭᠦᠯ ᠪᠣᠯᠤᠨ ᠳᠠᠭᠠᠵᠤ᠂ ᠲᠡᠷᠭᠡ ᠮᠣᠷᠢ ᠬᠡᠳᠦᠨ ᠵᠠᠭᠤᠨ ᠬᠥᠮᠦᠨ ᠴᠡᠷᠢᠭ ᠲᠦ᠍ᠷ ᠵᠠᠭᠤᠷᠠᠯᠳᠤᠨ ᠲᠠᠭᠠᠯᠴᠠᠵᠤ ᠵᠦᠳᠡᠭ ᠦᠳᠡᠭ ᠡᠭᠦᠷᠴᠦ ᠴᠢᠷᠬᠦᠢ ᠳ᠋ᠦ᠍ᠷ ᠬᠦᠷᠴᠦᠬᠦᠢ᠃ ᠡᠨᠡ ᠤᠳᠠᠭ᠎ᠠ ᠢᠯᠳᠠᠰᠢ ᠶ᠋ᠢᠨ ᠶᠡᠬᠡ ᠪᠠᠯᠭᠠᠳ ᠢᠯᠢ ᠬᠣᠲᠠ ᠶ᠋ᠢ ᠡᠵᠡᠯᠡᠮᠦᠢ ᠬᠡᠮᠡᠬᠦᠢ ᠳ᠋ᠦ᠍ᠷ ᠡᠷ᠎ᠡ ᠪᠡᠨ ᠬᠣᠷᠢᠭᠯᠠᠨ ᠮᠣᠩᠭᠣᠯ ᠯᠤᠭ᠎ᠠ ᠡᠪᠰᠡᠬᠦ ᠬᠡᠷᠡᠭ ᠢ᠋ ᠬᠡᠯᠡᠬᠦ ᠦᠭᠡᠢ ᠪᠡᠷ ᠦᠯᠦ ᠪᠠᠷᠠᠮ᠂ ᠢᠯᠢ ᠬᠣᠲᠠ ᠶ᠋ᠢᠨ ᠶᠡᠬᠡ ᠡᠵᠡᠨ ᠬᠤᠸᠠᠩᠬᠡᠦ ᠪᠣᠯᠬᠤ ᠶ᠋ᠢ ᠡᠰᠢᠳᠡᠨ ᠶᠠᠭᠠᠷᠠᠵᠤ᠂ ᠡᠰᠡᠷᠭᠦᠴᠡᠯ ᠦ᠋ᠨ ᠴᠡᠷᠢᠭ ᠦ᠋ᠨ ᠶᠡᠬᠡ ᠲᠦᠭᠰᠢᠯ ᠢ᠋ ᠣᠭᠲᠣᠬᠠᠨ ᠴᠤ᠌ ᠰᠡᠳᠬᠢᠵᠦ ᠰᠠᠨᠠᠬᠤ ᠦᠭᠡᠢ ᠪᠡᠷ ᠣᠳᠣ ᠭᠠᠭᠴᠠ ᠢᠯᠢ ᠬᠣᠲᠠ ᠶ᠋ᠢ ᠬᠠᠭᠠᠬᠤ ᠮᠣᠩᠭᠣᠯ ᠤ᠋ᠨ ᠴᠡᠷᠢᠭ ᠢ᠋ ᠬᠡᠷᠬᠢᠨ ᠰᠢᠪᠲᠤᠯᠵᠤ ᠬᠣᠲᠠ ᠳ᠋ᠤᠷ ᠣᠷᠣᠰᠤᠭᠠᠢ ᠭᠡᠮᠡᠨ ᠵᠥᠪᠳᠡᠵᠦ᠂ ᠶᠡᠬᠡ ᠴᠡᠷᠢᠭ ᠦ᠋ᠨ ᠬᠦᠷᠢᠶ᠎ᠡ ᠪᠠᠭᠤᠨ᠂ ᠰᠠᠶᠢ ᠵᠤᠯᠠ ᠰᠢᠲᠠᠭᠠᠲᠠᠯ᠎ᠠ ᠪᠠᠪᠤ ᠶ᠋ᠢᠨ ᠬᠣᠢᠨ᠎ᠠ ᠠ᠋ᠴᠠ ᠬᠡᠳᠦᠨ ᠠᠷᠪᠠᠨ ᠬᠣᠲᠠ ᠶ᠋ᠢᠨ ᠴᠡᠷᠢᠭ ᠦ᠋ᠳ ᠨᠡᠬᠡᠵᠦ ᠢᠷᠡᠨ ᠮᠡᠳᠡᠭᠦᠯᠬᠦ ᠢᠨᠦ᠄
《ᠡᠵᠡᠨ ᠢ᠋ ᠪᠠᠢᠯᠳᠤᠨ ᠭᠠᠷᠴᠤ ᠢᠷᠡᠭᠰᠡᠨ ᠳᠠᠷᠤᠢ ᠮᠠᠨ ᠤ᠋ ᠬᠣᠲᠠ ᠶ᠋ᠢᠨ ᠳᠡᠳ᠋ ᠳᠠᠷᠤᠭ᠎ᠠ᠂ ᠵᠥᠷᠭᠡ ᠠᡁᠥ᠋ᠩ᠂ ᠬᠣᠵᠢ ᠠᡁᠥ᠋ᠩ ᠨᠠᠷ᠂ ᠡᠵᠡᠨ ᠬᠠᠲᠤᠨ ᠯᠤᠭ᠎ᠠ ᠵᠥᠪᠳᠡᠵᠦ᠂ ᠮᠣᠩᠭᠣᠯ ᠤ᠋ᠨ ᠴᠢᠩᠭᠢᠰ ᠬᠠᠭᠠᠨ ᠠ᠋ᠴᠠ ᠭᠤᠷᠪᠠᠨ ᠡᠳᠦᠷ ᠦ᠋ᠨ ᠴᠢᠯᠥᠭᠡ ᠭᠤᠶᠤᠨ ᠵᠥᠪᠳᠡᠯᠴᠡᠵᠦ᠂ ᠵᠢᠯ ᠪᠦᠷᠢ ᠶ᠋ᠢᠨ ᠲᠤᠰᠢᠶᠠᠬᠤ ᠠᠯᠪᠠ ᠶ᠋ᠢ ᠬᠡᠯᠡᠯᠴᠡᠨ ᠲᠣᠭᠲᠠᠭᠠᠯᠭᠠᠮᠤ 》 ᠬᠡᠮᠡᠭᠰᠡᠨ ᠳ᠋ᠦ᠍ᠷ ᠮᠣᠩᠭᠣᠯ ᠤ᠋ᠨ ᠡᠵᠡᠨ ᠵᠥᠪᠰᠢᠶᠡᠵᠦ᠂ ᠴᠡᠷᠢᠭ ᠢ᠋ ᠲᠠᠲᠠᠵᠤ ᠠᠷᠪᠠᠨ ᠭᠠᠵᠠᠷ ᠤ᠋ᠨ ᠦᠵᠦᠭᠦᠷ᠎ᠡ ᠪᠠᠭᠤᠯᠭᠠᠪᠠᠢ 》ᠬᠡᠮᠡᠭᠰᠡᠨ ᠳ᠋ᠦ᠍ᠷ᠂ ᠲᠣᠳᠣ ᠶ᠋ᠢᠨ ᠲᠣᠯᠣᠭᠠᠢ ᠲᠡᠭᠷᠢ ᠶ᠋ᠢ ᠬᠠᠨᠳᠤᠨ ᠶᠡᠬᠡᠷᠬᠡᠨ ᠠᠭᠠᠰᠢᠯᠠᠨ ᠡᠭᠦᠰᠬᠡᠵᠦ᠂ 《ᠡᠨᠡ ᠢᠯᠢ ᠬᠣᠲᠠ ᠭᠠᠷᠤᠴᠠ ᠦᠭᠡᠢ ᠮᠠᠨ ᠤ᠋ ᠭᠠᠷ ᠲᠤᠷ ᠣᠷᠣᠪᠠ》 ᠭᠡᠮᠡᠨ ᠮᠥᠨ ᠰᠥᠨᠢ ᠶ᠋ᠢᠨ ᠦᠬᠡᠷ ᠴᠠᠭ ᠲᠤᠷ ᠳᠠᠷᠤᠢ ᠪᠣᠰᠴᠤ ᠪᠠᠷᠰ ᠴᠠᠭ ᠲᠤᠷ ᠪᠤᠳᠠᠭᠠᠯᠠᠨ᠂ ᠲᠠᠤᠯᠠᠢ ᠴᠠᠭ ᠲᠤᠷ ᠮᠣᠷᠳᠠᠨ ᠬᠥᠳᠡᠯᠵᠦᠬᠦᠢ᠃ ᠪᠠᠪᠤ ᠵᠠᠪᠳᠤᠵᠤ ᠤᠷᠢᠳᠠ ᠳᠣᠪᠲᠣᠯᠤᠨ ᠬᠦᠷᠴᠦ ᠬᠣᠲᠠ ᠶ᠋ᠢᠨ ᠳᠥᠷᠪᠡᠨ ᠬᠠᠭᠠᠯᠭ᠎ᠠ ᠶ᠋ᠢ ᠴᠡᠯᠳᠡᠢᠲᠡᠯᠡ ᠨᠡᠭᠡᠭᠡᠯᠭᠡᠵᠦ᠂ ᠮᠠᠢᠯᠵᠢ ᠶ᠋ᠢᠨ ᠶᠡᠬᠡ ᠴᠡᠷᠢᠭ ᠬᠣᠲᠠ ᠣᠢᠷ᠎ᠠ ᠬᠦᠷᠪᠡᠰᠦ ᠮᠣᠩᠭᠣᠯ ᠤ᠋ᠨ ᠴᠡᠷᠢᠭ ᠦ᠋ᠳ ᠦᠨᠡᠬᠡᠷ ᠲᠡᠳᠡᠨ ᠤᠬᠤᠷᠢᠵᠤ ᠬᠣᠲᠠ ᠲᠣᠭᠣᠷᠢᠨ ᠰᠡᠪ ᠰᠡᠯᠡᠭᠦᠨ ᠳ᠋ᠦ᠍ᠷ ᠪᠦᠭᠦᠳᠡᠭᠡᠷ ᠪᠠᠶᠠᠷᠯᠠᠯᠳᠤᠨ ᠶᠡᠬᠡ ᠴᠡᠷᠢᠭ ᠵᠠᠮ ᠬᠤᠪᠢᠶᠠᠯᠳᠤᠨ᠂ ᠳᠥᠷᠪᠡᠨ ᠵᠤᠷᠪᠤᠰ ᠢ᠋ᠶ᠋ᠠᠷ ᠶᠠᠭᠠᠷᠠᠨ ᠬᠣᠲᠠ ᠳ᠋ᠤᠷ ᠣᠴᠣᠯᠴᠠᠬᠤ᠊ᠢ ᠳ᠋ᠤᠷ ᠲᠣᠳᠣ ᠡᠮᠦᠨ᠎ᠡ ᠬᠠᠭᠠᠯᠭ᠎ᠠ ᠪᠠᠷ ᠤᠷᠢᠳᠠ ᠣᠷᠣᠵᠤ᠂ ᠢᠦᠢ ᠬᠠᠭᠠᠨ ᠬᠣᠢᠲᠤ ᠬᠠᠭᠠᠯᠭ᠎ᠠ ᠪᠠᠷ ᠵᠦᠭᠯᠡᠵᠦ᠂ ᠮᠠᠢᠯᠵᠢ ᠶ᠋ᠢᠨ ᠪᠤᠰᠤ ᠬᠣᠶᠠᠷ ᠬᠣᠶᠠᠷ ᠵᠠᠩᠵᠤᠨ᠂ ᠵᠡᠭᠦᠨ ᠪᠠᠷᠠᠭᠤᠨ ᠬᠠᠭᠠᠯᠠᠭᠡ ᠪᠡᠷ ᠣᠷᠣᠯᠴᠠᠵᠤ᠂ ᠳᠥᠷᠪᠡᠨ ᠵᠠᠮ ᠤ᠋ᠨ ᠴᠡᠷᠢᠭ ᠦ᠋ᠳ ᠤᠷᠤᠭᠰᠢ ᠲᠡᠮᠡᠴᠡᠯᠳᠦᠨ ᠳᠣᠪᠲᠣᠯᠤᠯᠴᠠᠨ ᠣᠷᠣᠯᠴᠠᠬᠤᠢ ᠳ᠋ᠤᠷ ᠴᠢᠦᠢ ᠴᠦ ᠯᠢᠦᠢ ᠶ᠋ᠢᠨ ᠵᠢᠷᠦᠬᠡ ᠲᠦᠩᠰᠢᠨ ᠨᠢᠳᠦ ᠲᠠᠲᠠᠵᠤ᠂ ᠲᠡᠷᠢᠭᠦᠯᠡᠨ ᠣᠷᠣᠬᠤ ᠪᠠᠨ ᠲᠦᠷ ᠲᠠᠲᠠᠵᠤ᠂ ᠮᠣᠷᠢ ᠪᠠᠨ ᠵᠣᠭᠰᠣᠭᠠᠨ᠂ ᠴᠡᠷᠢᠭ ᠦ᠋ᠳ ᠢ᠋ ᠤᠷᠢᠳᠠ ᠣᠷᠣᠭᠤᠯᠤᠨ ᠪᠠᠰᠠ ᠰᠢᠳᠠᠷ ᠠᠷᠠᠳ ᠠ᠋ᠴᠠ《ᠬᠤᠸᠠᠩᠬᠡᠦ ᠠᠯᠢ ᠬᠠᠭᠠᠯᠭ᠎ᠠ ᠪᠠᠷ ᠣᠷᠣᠪᠠ ? ᠬᠡᠮᠡᠬᠦᠶ᠎ᠡ ᠮᠡᠳᠡᠬᠦ ᠠᠷᠠᠳ ᠠᠢᠯᠠᠳᠬᠠᠷᠤᠨ᠄
《ᠬᠤᠸᠠᠩᠬᠡᠦ ᠶ᠋ᠢᠨ ᠲᠡᠷᠭᠡ ᠵᠢᠭᠰᠠᠭᠠᠯ ᠪᠠᠷᠠᠭᠤᠨ ᠬᠠᠭᠠᠯᠠᠭ᠎ᠠ ᠪᠠᠷ ᠣᠷᠣᠬᠤ ᠴᠡᠷᠢᠭ ᠦ᠋ᠨ ᠬᠠᠭᠠᠰ ᠳᠤᠮᠳᠠ ᠳ᠋ᠤᠷ ᠪᠣᠢ 》ᠬᠡᠮᠡᠬᠦᠢ ᠳ᠋ᠦ᠍ᠷ ᠴᠢᠦᠢ ᠴᠦ ᠯᠢᠦᠢ ᠰᠠᠶᠢ ᠪᠠᠰᠠ ᠴᠡᠷᠢᠭ ᠦ᠋ᠨ ᠳᠤᠮᠳᠠ ᠳ᠋ᠤᠷ ᠣᠷᠣᠵᠤ᠂ ᠬᠠᠭᠠᠨ ᠤ᠋ ᠵᠢᠭᠰᠠᠭᠠᠯ ᠬᠥᠳᠡᠯᠦᠨ ᠰᠠᠶᠢ ᠬᠣᠲᠠ ᠶ᠋ᠢᠨ ᠴᠣᠯᠴᠣᠩ ᠢ᠋ᠶ᠋ᠠᠷ ᠨᠡᠪᠲᠡᠯᠦᠨ ᠬᠣᠲᠠ ᠶ᠋ᠢᠨ ᠲᠥᠪ ᠬᠠᠭᠠᠯᠭ᠎ᠠ ᠶ᠋ᠢ ᠣᠷᠣᠵᠤ᠂ ᠰᠠᠶᠢ ᠳᠣᠲᠣᠭᠠᠳᠤ ᠠᠮᠠᠰᠠᠷ ᠲᠤᠷ ᠬᠦᠷᠲᠡᠯ᠎ᠡ ᠬᠣᠲᠠ ᠶ᠋ᠢᠨ ᠳᠣᠲᠣᠷ᠎ᠠ ᠶᠡᠬᠡ ᠦᠭᠡᠷᠯᠢᠭ ᠬᠠᠨ ᠫᠤᠤ ᠶ᠋ᠢᠨ ᠳᠠᠭᠤᠨ ᠭᠠᠷᠤᠭᠰᠠᠨ᠎ᠠ ᠬᠣᠲᠠ ᠶ᠋ᠢᠨ ᠬᠣᠲᠠᠯᠠᠭᠠᠷ ᠳᠣᠯᠭᠢᠰᠤᠨ ᠬᠥᠳᠡᠯᠦᠭᠰᠡᠨ ᠳ᠋ᠦ᠍ᠷ 《ᠠᠶ᠎ᠠ ᠭᠡᠮᠡᠨ 》ᠮᠣᠷᠢ ᠪᠠᠨ ᠲᠡᠳᠡᠨ ᠬᠡᠳᠦᠨᠲᠡ ᠲᠠᠰᠢᠭᠤᠷᠳᠠᠨ ᠡᠭᠡᠭᠦᠯᠦᠨ ᠰᠠᠶᠢ ᠶᠡᠬᠡ ᠴᠢᠯᠠᠭᠤᠨ ᠪᠣᠱᠣᠭ ᠬᠦᠷᠲᠡᠯ᠎ᠡ ᠬᠣᠲᠠ ᠶ᠋ᠢᠨ ᠮᠡᠯᠡᠬᠡᠢ ᠬᠠᠭᠠᠯᠭ᠎ᠠ ᠶ᠋ᠢᠨ ᠲᠦᠮᠡᠨ ᠵᠢᠩ ᠦ᠋ᠨ ᠲᠡᠮᠦᠷ ᠳᠠᠷᠤᠭᠤᠯ ᠵᠠ ᠠᠶᠤᠩᠭ᠎ᠠ ᠮᠡᠲᠦ ᠳᠤᠤᠭᠠᠷᠤᠨ ᠤᠨᠠᠵᠤ ᠢᠷᠡᠭᠡᠳ᠂ ᠢᠦᠢ ᠬᠠᠭᠠᠨ ᠤ᠋ ᠤᠨᠤᠭᠰᠠᠨ ᠬᠠᠰ ᠴᠠᠭᠠᠨ ᠯᠤᠤ ᠶ᠋ᠢᠨ ᠮᠣᠷᠢᠨ ᠤ᠋ ᠤᠭᠤᠴᠠ ᠪᠠᠯᠪᠠ ᠳᠠᠷᠤᠭᠳᠠᠵᠤ᠂ ᠭᠠᠳᠠᠭᠰᠢ ᠬᠠᠨᠳᠤᠭᠰᠠᠨ ᠢᠦᠢ ᠬᠠᠭᠠᠨ ᠠᠷᠤ ᠪᠠᠷ ᠲᠠᠪᠠᠷᠴᠠᠭᠯᠠᠨ ᠳᠤᠬᠤ ᠪᠠᠨ ᠲᠡᠮᠦᠷ ᠵᠠ ᠳ᠋ᠤᠷ ᠮᠥᠷᠭᠥᠵᠦ᠂ ᠳᠠᠩ ᠬᠠᠭᠠᠨ ᠤ᠋ ᠠᠯᠲᠠᠨ ᠰᠤᠪᠤᠳᠲᠤ ᠤᠨᠵᠢᠯᠭ᠎ᠠ ᠴᠠᠴᠤᠭᠲᠤ ᠮᠢᠶᠠᠨ ᠮᠠᠯᠠᠭ᠎ᠠ ᠬᠡᠳᠦᠢᠨ ᠮᠤᠯᠲᠤᠷᠠᠨ ᠦᠮᠭᠥᠷᠢᠳᠦᠨ ᠮᠣᠷᠢᠨ ᠤ᠋ ᠳᠣᠣᠷ᠎ᠠ ᠣᠷᠣᠵᠤ ᠡᠴᠢᠨ᠂ ᠮᠥᠨ ᠪᠡᠶ᠎ᠡ ᠥᠮᠭᠥᠷᠢᠳᠦᠭᠰᠡᠨ ᠲᠠᠰᠢᠷᠠᠮᠠ ᠬᠠᠭᠠᠨᠨ ᠤ᠋ ᠶᠢᠰᠦᠨ ᠠᠯᠲᠠᠨ ᠯᠤᠤᠲᠤ ᠬᠤᠪᠴᠠᠳ ᠤ᠋ᠨ ᠲᠣᠪᠴᠢ ᠪᠦᠴᠡ ᠶ᠋ᠢ ᠰᠡᠳᠡ ᠰᠡᠳᠡ ᠤᠷᠠᠵᠤ ᠲᠠᠶᠠᠭᠳᠠᠨ᠂ ᠭᠤᠲᠤᠯ ᠢ᠋ ᠰᠢᠪᠲᠤᠯᠤᠨ ᠭᠡᠭᠡᠭᠡᠳ᠂ ᠣᠢᠮᠣᠰᠤᠨ ᠤᠯᠠ ᠪᠠᠷ ᠬᠣᠲᠠ ᠶ᠋ᠢᠨ ᠴᠣᠯᠴᠣᠩ ᠳ᠋ᠤᠷ ᠬᠣᠷᠢᠭᠳᠠᠭᠰᠠᠨ ᠴᠡᠷᠢᠭ ᠦ᠋ᠨ ᠳᠣᠲᠣᠷ᠎ᠠ ᠰᠢᠷᠭᠤᠨ ᠣᠷᠣᠵᠤ ᠡᠴᠢᠪᠡ᠃ ᠡᠨᠡ ᠦᠶ᠎ᠡ ᠳ᠋ᠦ᠍ᠷ ᠳᠥᠷᠪᠡᠨ ᠬᠠᠭᠠᠯᠭᠠᠨ ᠤ᠋ ᠨᠠᠢ᠍ᠮᠠᠨ ᠳᠠᠪᠬᠤᠷ ᠲᠡᠮᠦᠷ ᠳᠠᠷᠤᠭᠤᠯ ᠫᠤᠤ ᠶ᠋ᠢᠨ ᠳᠠᠭᠤᠨ ᠤ᠋ ᠲᠡᠮᠳᠡᠭ ᠳᠣᠬᠢᠶ᠎ᠠ ᠳ᠋ᠤᠷ ᠬᠠᠮᠲᠤ ᠴᠤᠭᠭᠠᠷ ᠤᠨᠠᠵᠤ ᠢᠷᠡᠭᠡᠳ᠂ ᠬᠠᠭᠠᠯᠭ᠎ᠠ ᠪᠦᠷᠢ ᠶ᠋ᠢᠨ ᠠᠰᠠᠷ ᠳᠡᠭᠡᠷᠡᠬᠢ ᠦᠭᠡᠷᠯᠢᠭ ᠫᠤᠤ᠂ ᠠᠶᠤᠩᠭ᠎ᠠ ᠦᠷᠭᠦᠯᠵᠢᠯᠡᠭᠰᠡᠨ ᠮᠡᠲᠦ ᠲᠦᠷᠴᠢᠭᠢᠨᠡᠨ ᠥᠩᠭᠡᠷᠡᠮᠡᠭᠴᠡ᠂ ᠬᠣᠲᠠ ᠶ᠋ᠢᠨ ᠠᠰᠠᠷ ᠪᠦᠷᠢ ᠶ᠋ᠢᠨ ᠳᠡᠭᠡᠷᠡᠬᠢ ᠵᠡᠪᠡ ᠴᠢᠯᠠᠭᠤᠨ ᠴᠤᠭᠭᠠᠷ ᠬᠥᠳᠡᠯᠦᠯᠴᠡᠨ᠂ ᠳᠣᠲᠣᠭᠰᠢ ᠭᠠᠳᠠᠭᠰᠢ ᠠᠳᠠᠯᠢ ᠪᠠᠷ ᠳᠡᠯᠡᠳᠦᠯᠴᠡᠨ ᠡᠭᠦᠰᠬᠡᠪᠡ᠃ ᠴᠢᠦᠢ ᠴᠦ ᠯᠢᠦᠢ ᠬᠡᠮᠡᠭᠴᠢ ᠤᠭ ᠠ᠋ᠴᠠ ᠭᠤᠯᠳᠤᠷᠠᠨ ᠳᠤᠲᠠᠭᠠᠬᠤᠢ ᠳ᠋ᠤᠷ ᠮᠠᠰᠢᠳᠠ ᠳᠠᠳᠤᠭᠰᠠᠨ ᠬᠥᠮᠦᠨ ᠲᠤᠯᠠ᠂ ᠭᠤᠷᠪᠠ ᠳᠥᠷᠪᠡᠨ ᠴᠡᠷᠢᠭ ᠦ᠋ᠨ ᠡᠮᠡᠭᠡᠯ ᠦ᠋ᠨ ᠰᠢᠷᠲᠡᠭ ᠢ᠋ ᠰᠤᠭᠴᠢᠵᠤ ᠠᠪᠤᠭᠤᠯᠤᠨ ᠪᠡᠶ᠎ᠡ ᠪᠡᠨ ᠲᠣᠭᠣᠷᠢᠭᠤᠯᠤᠨ ᠣᠷᠢᠶᠠᠯᠭᠠᠨ ᠮᠣᠷᠢᠨ ᠤ᠋ ᠵᠢᠯᠣᠭᠣ ᠴᠣᠤᠯᠪᠤᠭᠤᠷ ᠤ᠋ᠳ ᠢ᠋ ᠠᠯᠳᠠᠷᠭᠠᠨ ᠠᠪᠴᠤ ᠵᠠᠯᠭᠠᠵᠤ᠂ ᠨᠢᠭᠡᠨ ᠦᠵᠦᠭᠦᠷ ᠢ᠋ᠶ᠋ᠡᠷ ᠤᠶᠠᠵᠤ᠂ ᠠᠷᠪᠠᠭᠠᠳ ᠬᠥᠮᠦᠨ ᠬᠣᠲᠠ ᠶ᠋ᠢᠨ ᠴᠣᠯᠴᠣᠩ ᠳᠡᠭᠡᠷ᠎ᠡ ᠴᠢᠬᠢᠯᠴᠡᠨ ᠢᠪᠡᠯᠴᠡᠨ᠂ ᠢᠦᠢ ᠬᠠᠭᠠᠨ ᠢ᠋ ᠬᠣᠲᠠ ᠤᠷᠤᠭᠤ ᠳᠡᠭᠡᠰᠦ ᠪᠡᠷ ᠰᠢᠪᠲᠤᠷᠠᠭᠤᠯᠤᠨ ᠪᠠᠭᠤᠯᠭᠠᠵᠤ᠂ ᠱᠠᠯᠠᠮᠠᠭᠠᠢ ᠬᠡᠳᠦᠨ ᠴᠡᠷᠢᠭ ᠰᠢᠪᠲᠤᠷᠠᠯᠴᠠᠨ ᠪᠠᠭᠤᠯᠴᠠᠭᠠᠳ᠂ ᠴᠢᠦᠢ ᠴᠦ ᠯᠢᠦᠢ ᠶ᠋ᠢ ᠴᠢᠷᠴᠦ ᠠᠪᠠᠴᠢᠲᠠᠯᠠ᠂ ᠴᠡᠷᠢᠭ ᠦ᠋ᠨ ᠠᠷᠠᠳ ᠤ᠋ᠨ ᠪᠡᠶ᠎ᠡ ᠳ᠋ᠦ᠍ᠷ ᠬᠡᠳᠦ ᠬᠡᠳᠦᠨ ᠰᠠᠮᠠᠭᠤᠨ ᠵᠡᠪᠡ ᠬᠠᠲᠠᠵᠤ᠂ ᠢᠦᠢ ᠬᠠᠭᠠᠨ ᠤ᠋ ᠪᠠᠷᠠᠭᠤᠨ ᠮᠥᠷᠥ ᠳ᠋ᠦ᠍ᠷ ᠪᠠᠰᠠ ᠨᠢᠭᠡᠨ ᠵᠡᠪᠡ ᠬᠠᠳᠠᠲᠠᠯ᠎ᠠ ᠬᠣᠲᠠ ᠶ᠋ᠢᠨ ᠭᠠᠳᠠᠨ᠎ᠠ ᠲᠠᠰᠤᠯᠤᠭᠳᠠᠭᠰᠠᠨ ᠴᠡᠷᠢᠭ ᠦ᠋ᠳ ᠴᠤᠭᠭᠠᠷ ᠣᠷᠣᠵᠤ ᠪᠤᠯᠢᠶᠠᠨ ᠭᠠᠷᠭᠠᠵᠤ᠂ ᠬᠣᠶᠠᠷ ᠬᠥᠮᠦᠨ ᠮᠣᠷᠢ ᠬᠠᠪᠰᠤᠨ ᠴᠢᠦᠢ ᠴᠦ ᠯᠢᠦᠢ ᠶ᠋ᠢ ᠰᠤᠨᠳᠠᠯᠠᠵᠤ᠂ ᠦᠯᠡᠳᠡᠭᠰᠡᠨ ᠴᠡᠷᠢᠭ ᠦ᠋ᠨ ᠳᠤᠮᠳᠠ ᠪᠠᠨ ᠠᠪᠤᠨ ᠣᠷᠣᠵᠤ᠂ ᠰᠢᠷᠭ᠎ᠠ ᠶ᠋ᠢᠨ ᠬᠣᠷᠣᠭ᠎ᠠ ᠶ᠋ᠢᠨ ᠵᠦᠭ ᠪᠤᠷᠤᠭᠤᠯᠠᠬᠤᠶ᠎ᠠ᠂ ᠮᠣᠩᠭᠣᠯ ᠤ᠋ᠨ ᠵᠡᠷᠭᠡ ᠵᠡᠷᠭᠡ ᠪᠦᠭᠭᠦᠭᠰᠡᠨ ᠴᠡᠷᠢᠭ ᠦ᠋ᠳ ᠬᠠᠮᠲᠤᠪᠠᠷ ᠭᠠᠷᠴᠤ ᠨᠡᠬᠡᠯᠴᠡᠨ ᠠᠯᠠᠨ ᠣᠷᠣᠪᠠ᠃ ᠲᠡᠨᠳᠡᠴᠡ ᠡᠮᠦᠨ᠎ᠡ ᠬᠠᠭᠠᠯᠭ᠎ᠠ ᠪᠠᠷ ᠣᠷᠣᠭᠰᠠᠨ ᠲᠣᠳᠣ᠂ ᠠᠵᠢᠭ ᠦᠭᠡᠢ ᠶᠡᠬᠡᠯ᠎ᠡ ᠰᠦᠷ ᠲᠠᠯᠪᠢᠨ ᠬᠠᠰᠬᠢᠷᠤᠨ ᠪᠠᠭᠠᠲᠤᠷᠬᠢᠯᠠᠨ ᠪᠥᠵᠢᠭᠯᠡᠵᠦ ᠬᠠᠲᠠᠷᠢᠭᠤᠯᠤᠨ᠂ ᠬᠣᠲᠠ ᠶ᠋ᠢᠨ ᠬᠦᠢᠰᠦ ᠠᠰᠠᠷ ᠰᠢᠬᠠᠲᠠᠯ᠎ᠠ ᠬᠣᠲᠠ ᠶ᠋ᠢᠨ ᠳᠤᠮᠳᠠᠬᠢ ᠶᠡᠬᠡ ᠦᠬᠡᠷ ᠫᠤᠤ ᠶ᠋ᠢᠨ ᠲᠡᠮᠳᠡᠭ ᠳᠣᠬᠢᠶ᠎ᠠ ᠲᠡᠭᠷᠢ ᠳᠡᠯᠪᠡᠷᠡᠨ ᠭᠠᠵᠠᠷ ᠬᠠᠭᠠᠷᠠᠲᠠᠯ᠎ᠠ ᠬᠦᠩᠭᠢᠷᠡᠰᠦᠨ ᠳᠠᠭᠤᠷᠢᠰᠴᠤ᠂ ᠳᠥᠷᠪᠡᠨ ᠬᠠᠭᠠᠯᠭᠠᠨ ᠤ᠋ ᠲᠡᠮᠦᠷ ᠵᠠ ᠴᠤᠭᠭᠠᠷ ᠤᠨᠠᠵᠤ᠂ ᠬᠠᠭᠠᠯᠭ᠎ᠠ ᠪᠦᠷᠢ ᠶ᠋ᠢᠨ ᠲᠡᠮᠳᠡᠭ ᠫᠤᠤ ᠬᠠᠮᠲᠤ ᠵᠠᠯᠭᠠᠯᠳᠤᠨ ᠳᠦᠴᠢᠭᠢᠨᠡᠮᠡᠭᠴᠡ᠂ ᠰᠥᠨᠢ ᠪᠡᠷ ᠬᠣᠲᠠ ᠳ᠋ᠤᠷ ᠣᠷᠣᠵᠤ ᠪᠦᠭᠭᠦᠭᠰᠡᠨ ᠨᠠᠢ᠍ᠮᠠᠨ ᠵᠠᠮ ᠤ᠋ᠨ ᠮᠣᠩᠭᠣᠯ ᠴᠡᠷᠢᠭ ᠦ᠋ᠳ ᠴᠤᠭᠭᠠᠷ ᠪᠠᠢᠯᠳᠤᠨ ᠭᠠᠷᠴᠤ᠂ ᠳᠣᠭᠲᠠᠩᠭᠤ ᠪᠠᠭᠠᠲᠤᠷ ᠤ᠋ᠨ ᠴᠡᠷᠢᠭ ᠴᠢᠪᠬᠢᠲᠡᠯ᠎ᠡ ᠬᠣᠲᠠ ᠶ᠋ᠢᠨ ᠬᠦᠢᠰᠦᠨ ᠦ᠌ ᠳᠥᠷᠪᠡᠨ ᠡᠲᠡᠭᠡᠳ ᠲᠣᠷ ᠪᠦᠭᠭᠦᠵᠦ ᠬᠦᠯᠢᠶᠡᠭᠰᠡᠨ ᠲᠤᠯᠠ ᠲᠣᠳᠣ ᠶ᠋ᠢᠨ ᠢᠷᠡᠬᠦᠢ ᠳ᠋ᠦ᠍ᠷ ᠤᠴᠠᠷᠠᠭᠠᠳ ᠳᠣᠭᠲᠠᠩᠭᠤ ᠪᠠᠭᠠᠲᠤᠷ ᠶᠡᠬᠡᠳᠡ ᠵᠠᠩᠳᠠᠨ᠄
《ᠲᠠᠤᠯᠠᠢ ᠵᠣᠷᠮ᠎ᠠ ᠶ᠋ᠢᠨ ᠲᠣᠳᠣ ᠵᠣᠯᠪᠢᠨ ᠴᠢᠨᠦ ᠲᠣᠭ᠎ᠠ ᠤᠯᠠᠷᠢᠯ ᠣᠳᠣᠬᠠᠨ ᠴᠤ᠌ ᠭᠦᠢᠴᠡᠪᠡᠢ ᠶᠡ! 》ᠭᠡᠮᠡᠨ᠂ ᠶᠡᠬᠡ ᠯᠤᠤ ᠶ᠋ᠢᠨ ᠠᠮᠠᠲᠤ ᠳᠠᠮ ᠢᠯᠳᠦ ᠪᠡᠨ ᠳᠠᠯᠠᠢᠵᠤ ᠭᠠᠷᠤᠭᠰᠠᠨ ᠳ᠋ᠤᠷ ᠲᠣᠳᠣ ᠲᠦᠮᠡᠨ ᠳ᠋ᠦ᠍ᠷ ᠡᠢᠮᠦ ᠠᠷᠭ᠎ᠠ ᠶ᠋ᠢ ᠰᠠᠨᠠᠭᠰᠠᠨ ᠦᠭᠡᠢ ᠲᠤᠯᠠ ᠰᠠᠨᠠᠮᠰᠠᠷ ᠦᠭᠡᠢ ᠳᠠᠭᠤᠨ ᠠᠯᠲᠠᠨ ᠪᠠᠯᠢᠳᠠᠵᠤ᠂ ᠮᠣᠷᠢ ᠪᠠᠨ ᠡᠭᠡᠭᠦᠯᠵᠦ ᠪᠤᠷᠤᠭᠤᠯᠠᠲᠠᠯ᠎ᠠ ᠳᠡᠭᠦᠨᠦ ᠬᠠᠷ᠎ᠠ ᠡᠳᠦᠷ ᠢ᠋ᠶ᠋ᠡᠷ ᠬᠠᠷᠪᠤᠭᠳᠠᠨ ᠠᠯᠠᠵᠤ᠂ ᠮᠣᠷᠢ ᠪᠠᠨ ᠪᠤᠯᠢᠶᠠᠭᠳᠠᠭᠰᠠᠨ ᠬᠢᠳᠠᠨ ᠤᠯᠤᠰ ᠤ᠋ᠨ ᠦᠢᠯᠡ᠂ ᠦᠰᠦ ᠪᠡᠨ ᠲᠠᠯᠪᠢᠨ᠂ ᠰᠢᠲᠦ ᠪᠡᠨ ᠠᠷᠵᠠᠢᠵᠤ ᠴᠢᠰᠤ ᠴᠤᠪᠤᠷᠢᠭᠤᠯᠤᠨ ᠮᠣᠷᠢᠨ ᠤ᠋ ᠵᠢᠯᠣᠭᠣ ᠶ᠋ᠢ ᠠᠳᠬᠤᠨ ᠠᠪᠴᠤ ᠨᠢᠳᠦ ᠶ᠋ᠢ ᠴᠢᠴᠢᠬᠦ ᠶ᠋ᠢ ᠦᠵᠡᠭᠡᠳ ᠠᠶ᠎ᠠ ᠭᠡᠮᠡᠨ ᠪᠠᠷᠬᠢᠷᠠᠨ ᠵᠠᠩᠳᠠᠲᠠᠯᠠ᠂ ᠳᠣᠭᠲᠠᠩᠭᠤ ᠪᠠᠭᠠᠲᠤᠷ ᠲᠣᠳᠣ ᠶ᠋ᠢᠨ ᠪᠤᠯᠭᠢᠨ ᠳᠤᠲᠠᠭᠠᠬᠤ ᠶ᠋ᠢ ᠦᠵᠡᠭᠡᠳ ᠲᠣᠰᠴᠤ ᠡᠴᠢᠨ ᠶᠡᠬᠡ ᠳᠠᠮ ᠢᠯᠳᠦ ᠪᠡᠨ ᠬᠥᠨᠳᠡᠯᠡᠨ ᠰᠤᠩᠭᠠᠨ ᠳᠠᠯᠠᠢᠵᠤ᠂ ᠲᠣᠳᠣ ᠶ᠋ᠢᠨ ᠡᠷᠡᠦ ᠥᠭᠡᠳᠡ ᠨᠢᠭᠡᠨᠲᠡ ᠡᠷᠭᠢᠭᠦᠯᠦᠨ ᠴᠠᠪᠴᠢᠭᠰᠠᠨ ᠳ᠋ᠤᠷ ᠲᠣᠳᠣ ᠶ᠋ᠢᠨ ᠮᠣᠷᠢᠨ ᠤ᠋ ᠲᠤᠢᠯᠠᠭᠰᠠᠨ ᠬᠦᠴᠦᠨ᠎ᠡ ᠲᠣᠯᠣᠭᠠᠢ ᠲᠠᠰᠤ ᠦᠰᠦᠷᠦᠨ ᠡᠮᠦᠰᠦᠭᠰᠡᠨ ᠮᠠᠯᠠᠭ᠎ᠠ ᠬᠢᠭᠡᠳ ᠵᠡᠭᠦᠭᠰᠡᠨ ᠬᠣᠶᠠᠷ ᠮᠥᠩᠭᠥᠨ ᠴᠢᠬᠢ ᠲᠤᠰ ᠲᠤᠰ ᠲᠠᠭᠠᠨ ᠪᠤᠲᠠᠷᠠᠨ ᠡᠴᠢᠵᠦ᠂ ᠲᠣᠳᠣ ᠶ᠋ᠢᠨ ᠲᠣᠢᠮᠣᠭ ᠲᠣᠯᠣᠭᠠᠢ ᠬᠡᠢ ᠲᠡᠢ ᠪᠥᠮᠪᠥᠭᠡ ᠮᠡᠲᠦ ᠳᠡᠭᠡᠭᠰᠢ ᠥᠨᠳᠥᠷ ᠦᠰᠦᠷᠦᠨ ᠭᠠᠷᠴᠤ᠂ ᠳᠠᠬᠢᠨ ᠪᠠᠭᠤᠵᠤ ᠢᠷᠡᠬᠦᠢ ᠳ᠋ᠡᠭᠡᠨ ᠶᠡᠬᠡ ᠵᠡᠭᠡᠯᠢ ᠶ᠋ᠢᠨ ᠵᠡᠭᠦᠨ ᠬᠠᠵᠠᠭᠤ ᠶ᠋ᠢᠨ ᠶᠡᠬᠡ ᠪᠤᠳᠠᠭ᠎ᠠ ᠶ᠋ᠢᠨ ᠠᠰᠠᠷ ᠤ᠋ᠨ ᠵᠠᠳᠠᠭᠠᠢ ᠲᠠᠭᠲᠤ ᠳ᠋ᠤᠷ ᠴᠤᠭᠯᠠᠯᠴᠠᠨ ᠴᠢᠬᠢᠯᠴᠡᠵᠦ᠂ ᠭᠠᠢᠬᠠᠯ ᠦᠵᠡᠬᠦ ᠨᠢᠭᠡᠨ ᠬᠥᠮᠦᠨ ᠦ᠌ ᠲᠣᠯᠣᠭᠠᠢ ᠳᠡᠭᠡᠷ᠎ᠡ ᠲᠣᠰᠴᠤ᠂ ᠣᠯᠠᠨ ᠤ᠋ ᠳᠤᠮᠳᠠ ᠤᠨᠠᠪᠠ᠃ ᠡᠭᠦᠨ ᠳ᠋ᠦ᠍ᠷ ᠲᠣᠳᠣ ᠶ᠋ᠢᠨ ᠲᠣᠯᠣᠭᠠᠢ ᠦᠭᠡᠢ ᠪᠡᠶ᠎ᠡ ᠮᠣᠷᠢᠨ ᠠ᠋ᠴᠠ ᠤᠨᠠᠵᠤ ᠵᠠᠪᠳᠤᠬᠤ ᠦᠭᠡᠢ᠂ ᠮᠣᠷᠢ ᠳᠡᠭᠦᠨᠦ ᠬᠠᠵᠠᠢᠬᠤ ᠵᠦᠭ ᠢ᠋ᠶ᠋ᠡᠷ ᠳᠦᠢᠯᠡᠨ ᠳᠣᠪᠲᠣᠯᠵᠤ᠂ ᠲᠣᠳᠣ ᠶ᠋ᠢᠨ ᠪᠡᠶ᠎ᠡ ᠵᠡᠪᠰᠡᠭ ᠢ᠋ᠶ᠋ᠡᠨ ᠴᠦ᠍ ᠠᠯᠳᠠᠬᠤ ᠵᠠᠢ ᠦᠭᠡᠢ ᠪᠡᠷ ᠪᠠᠷᠠᠭᠤᠨ ᠵᠡᠭᠡᠯᠢ ᠶ᠋ᠢᠨ ᠵᠦᠭ ᠳᠣᠪᠲᠣᠯᠤᠨ ᠣᠷᠣᠭᠰᠠᠨ ᠳ᠋ᠤᠷ ᠣᠯᠠᠨ ᠴᠢᠷᠢᠭ ᠦ᠋ᠳ ᠳᠠᠭᠤᠨ ᠠᠯᠲᠠᠨ ᠬᠠᠰᠬᠢᠷᠤᠯᠳᠤᠨ᠂ ᠲᠣᠯᠣᠭᠠᠢ ᠦᠭᠡᠢ ᠪᠡᠶ᠎ᠡ ᠵᠡᠪᠰᠡᠭ ᠪᠠᠷᠢᠨ ᠳᠣᠪᠲᠣᠯᠬᠤᠢ ᠳ᠋ᠤᠷ ᠠᠶᠤᠮᠰᠢᠭ ᠦᠭᠡᠢ ᠣᠢᠷ᠎ᠠ ᠡᠴᠢᠵᠦ ᠴᠠᠪᠴᠢᠬᠤ ᠦᠭᠡᠢ ᠴᠥᠮ ᠵᠡᠪᠡ ᠪᠡᠨ ᠰᠤᠭᠤᠯᠤᠯᠴᠠᠨ ᠬᠠᠷᠪᠤᠯᠴᠠᠬᠤᠶᠠ ᠲᠣᠳᠣ ᠶ᠋ᠢᠨ ᠪᠡᠶ᠎ᠡ ᠳ᠋ᠦ᠍ᠷ ᠴᠠᠭ ᠭᠱᠠᠨ᠎ᠠ ᠠᠷᠪᠠᠨ ᠢᠯᠡᠭᠦᠦ ᠵᠡᠪᠡ ᠬᠠᠲᠠᠵᠤ᠂ ᠮᠣᠷᠢ ᠰᠢᠭᠤᠷᠤᠨ ᠭᠦᠶᠦᠭᠰᠡᠭᠡᠷ ᠴᠢᠪᠬᠢᠲᠡᠯ᠎ᠡ ᠴᠢᠦᠢ ᠴᠦ ᠯᠢᠦᠢ - ᠢᠦᠢ ᠬᠠᠭᠠᠨ ᠤ᠋ ᠬᠤᠸᠠᠩᠬᠡᠦ᠂ ᠶᠧ ᠯᠢᠦᠢ ᠱᠢ ᠬᠠᠲᠤᠨ ᠤ᠋ ᠶᠡᠬᠡ ᠠᠶᠠᠨ ᠲᠡᠷᠭᠡᠨ ᠦ᠌ ᠠᠷᠠᠯ ᠢ ᠮᠥᠷᠭᠥᠵᠦ ᠵᠣᠭᠰᠣᠭᠰᠠᠨ ᠳ᠋ᠤᠷ ᠲᠣᠯᠣᠭᠠᠢ ᠦᠭᠡᠢ ᠲᠣᠳᠣ ᠶ᠋ᠢᠨ ᠪᠡᠶ᠎ᠡ ᠵᠡᠪᠡ ᠬᠠᠳᠠᠭᠤᠯᠤᠭᠰᠠᠭᠠᠷ ᠶᠧ ᠯᠢᠦᠢ ᠱᠢ ᠬᠠᠲᠤᠨ ᠤ᠋ ᠪᠡᠶ᠎ᠡ ᠳᠡᠭᠡᠷ᠎ᠡ ᠡᠯᠢᠭᠡ ᠲᠥᠷᠥᠭᠦᠯᠦᠨ ᠤᠨᠠᠵᠤ ᠬᠠᠲᠤᠨ ᠤ᠋ ᠬᠡᠬᠦᠳᠡᠭ ᠳᠡᠭᠡᠷ᠎ᠡ ᠮᠥᠷᠭᠥᠨ ᠤᠨᠠᠵᠤ ᠳᠠᠷᠤᠨ ᠬᠡᠪᠲᠡᠵᠦ ᠶᠠᠭ ᠶᠠᠭᠰᠢᠷᠠᠨ ᠲᠡᠪᠡᠷᠢᠵᠦ ᠬᠥᠰᠢᠪᠡᠢ᠃ ᠴᠠᠪᠴᠢᠭᠳᠠᠭᠰᠠᠨ ᠠᠨᠤ ᠠᠰᠤᠷᠤ ᠬᠤᠷᠳᠤᠨ ᠬᠤᠷᠴᠠ ᠳ᠋ᠤᠷ ᠦᠬᠦᠵᠦ ᠵᠠᠪᠳᠤᠬᠤ ᠦᠭᠡᠢ ᠳ᠋ᠡᠭᠡᠨ ᠬᠢᠯᠢᠰ ᠦᠬᠦᠭᠰᠡᠨ ᠦᠢᠯᠡ ᠶ᠋ᠢᠨ ᠰᠦᠨᠡᠰᠦ ᠮᠥᠨ ᠪᠠᠬᠠᠨ ᠳᠠᠪᠬᠤᠴᠠᠨ ᠰᠢᠯᠲᠠᠭᠠᠨ ᠪᠠᠷᠴᠢᠳ ᠪᠣᠯᠤᠭᠰᠠᠨ ᠮᠡᠲᠦ ᠡᠨᠡ ᠦᠶ᠎ᠡ ᠳ᠋ᠦ᠍ᠷ ᠮᠣᠩᠭᠣᠯ ᠤᠯᠤᠰ ᠤ᠋ᠨ ᠢᠯᠢ ᠬᠣᠲᠠ ᠳ᠋ᠤᠷ ᠪᠦᠭᠭᠦᠭᠰᠡᠨ᠂ ᠠᠯᠤᠬ᠎ᠠ᠂ ᠰᠦᠬᠡ ᠲᠡᠷᠢᠭᠦᠯᠡᠨ ᠰᠢᠯᠢᠭᠲᠦ ᠪᠠᠷᠰ᠂ ᠲᠡᠰᠬᠡᠯ ᠪᠠᠷᠰ᠂ ᠬᠤᠢᠯᠲᠤᠷ ᠬᠣᠰᠢᠭᠤᠴᠢ᠂ ᠭᠢᠯᠦᠭᠡᠨ ᠪᠠᠭᠠᠲᠤᠷ᠂ ᠭᠠᠯ ᠭᠠᠷᠤᠵᠠ᠂ ᠪᠣᠷᠣ ᠪᠦᠷᠭᠦᠳ ᠨᠠᠢ᠍ᠮᠠᠭᠤᠯᠠ ᠲᠤᠰ ᠲᠤᠰ ᠤ᠋ᠨ ᠥᠪᠡᠷ ᠥᠪᠡᠷᠦᠨ ᠪᠦᠭᠭᠦᠵᠦ ᠬᠠᠮᠢᠶᠠᠷᠤᠭᠰᠠᠨ ᠵᠡᠭᠡᠯᠢ ᠵᠡᠭᠡᠯᠢ ᠶ᠋ᠢᠨ ᠠᠮᠠᠰᠠᠷ ᠢ᠋ ᠪᠥᠭᠯᠡᠨ ᠠᠪᠴᠤ᠂ ᠮᠠᠢᠯᠵᠢ ᠬᠢᠭᠡᠳ ᠴᠢᠦᠢ ᠴᠦ ᠯᠢᠦᠢ ᠶ᠋ᠢᠨ ᠬᠣᠲᠠ ᠳ᠋ᠤᠷ ᠣᠷᠣᠭᠰᠠᠨ ᠳᠥᠷᠪᠡᠨ ᠵᠠᠮ ᠤ᠋ᠨ ᠴᠡᠷᠢᠭ ᠦ᠋ᠳ ᠢ᠋ ᠬᠥᠯ ᠰᠢᠯᠵᠢᠭᠦᠯᠦᠯ ᠦᠭᠡᠢ ᠳᠠᠷᠤᠨ ᠬᠠᠭᠠᠵᠤ᠂ ᠵᠡᠪᠰᠡᠭ ᠢ᠋ ᠬᠤᠷᠢᠶᠠᠮᠵᠢᠯᠠᠨ ᠠᠪᠴᠤ᠂ ᠰᠠᠶᠢ ᠬᠤᠶᠠᠭ ᠢ᠋ ᠲᠠᠢᠯᠤᠭᠤᠯᠤᠨ᠂ ᠮᠣᠷᠢ ᠶ᠋ᠢ ᠬᠥᠲᠥᠯᠦᠭᠦᠯᠦᠨ ᠵᠣᠭᠰᠣᠭᠠᠵᠤ᠂ ᠲᠣᠳᠣ ᠶ᠋ᠢᠨ ᠦᠬᠦᠳᠡᠯ᠂ ᠴᠢᠦᠢ ᠴᠦ ᠯᠢᠦᠢ ᠶ᠋ᠢᠨ ᠬᠠᠲᠤᠨ ᠬᠣᠶᠠᠭᠤᠯᠠ ᠰᠢᠷᠠᠯᠳᠤᠵᠤ᠂ ᠲᠣᠳᠣ ᠶ᠋ᠢᠨ ᠦᠬᠦᠳᠡᠯ ᠢ᠋ ᠴᠢᠷᠴᠦ ᠭᠠᠷᠭᠠᠬᠤᠶ᠎ᠠ ᠶᠧ ᠯᠢᠦᠢ ᠱᠢ ᠶ᠋ᠢᠨ ᠪᠡᠶ᠎ᠡ ᠲᠡᠢ ᠴᠢᠷᠦᠯᠳᠦᠨ ᠭᠠᠷᠴᠤ ᠢᠷᠡᠭᠡᠳ᠂ ᠰᠥᠰᠥ ᠴᠠᠯᠭᠢᠲᠠᠯ᠎ᠠ ᠠᠶᠤᠨ ᠦᠬᠦᠵᠦᠬᠦᠢ᠃ ᠠᠯᠤᠬ᠎ᠠ ᠴᠡᠷᠢᠭ ᠦ᠋ᠨ ᠠᠷᠠᠳ ᠢ᠋ ᠵᠠᠩᠳᠠᠨ᠂ ᠲᠣᠳᠣ ᠶ᠋ᠢᠨ ᠵᠠᠭᠤᠷᠠᠭᠰᠠᠨ ᠭᠠᠷ ᠢ᠋ ᠴᠠᠪᠴᠢᠨ ᠰᠠᠯᠭᠠᠭᠤᠯᠵᠤ᠂ ᠶᠧ ᠯᠢᠦᠢ ᠱᠢ ᠶ᠋ᠢᠨ ᠦᠬᠦᠳᠡᠯ ᠢ᠋ ᠡᠭᠡᠭᠦᠯᠦᠨ ᠲᠡᠷᠭᠡᠨ ᠳ᠋ᠦ᠍ᠷ ᠲᠡᠭᠡᠭᠡᠯᠭᠡᠨ᠂ ᠪᠠᠰᠠ ᠲᠣᠳᠣ ᠶ᠋ᠢᠨ ᠠᠰᠠᠷ ᠲᠤᠷ ᠦᠰᠦᠷᠦᠭᠰᠡᠨ ᠲᠣᠯᠣᠭᠠᠢ ᠶ᠋ᠢ ᠪᠠᠢᠴᠠᠭᠠᠨ ᠬᠤᠷᠢᠶᠠᠮᠵᠢᠯᠠᠬᠤᠢ ᠳ᠋ᠤᠷ ᠲᠡᠭᠦᠨᠦ ᠲᠣᠯᠣᠭᠠᠢ ᠳ᠋ᠤᠷ ᠳᠠᠭᠠᠷᠢᠭᠳᠠᠵᠤ ᠣᠨᠣᠭᠳᠠᠭᠰᠠᠨ ᠬᠥᠮᠦᠨ ᠢᠨᠤ ᠥᠪᠡᠷ᠎ᠡ ᠬᠥᠮᠦᠨ ᠪᠤᠰᠤ᠂ ᠴᠢᠪ ᠴᠢᠬᠡ ᠲᠣᠳᠣ ᠶ᠋ᠢᠨ ᠲᠥᠷᠥᠭᠰᠡᠨ ᠶᠢᠰᠦᠳᠦᠭᠡᠷ ᠠᠪᠠᠭ᠎ᠠ ᠱ᠌ᠢᠷᠦ ᠬᠡᠮᠡᠭᠴᠢ ᠴᠡᠷᠢᠭ ᠦ᠋ᠨ ᠳᠡᠳ᠋ ᠵᠠᠩᠵᠤᠨ ᠫᠤᠤ ᠶ᠋ᠢᠨ ᠳᠠᠭᠤᠨ ᠢ᠋ ᠰᠣᠨᠣᠰᠤᠮᠠᠭᠴᠠ ᠠᠷᠭ᠎ᠠ ᠳ᠋ᠤᠷ ᠤᠨᠠᠭᠰᠠᠨ ᠢ᠋ᠶ᠋ᠠᠨ ᠮᠡᠳᠡᠵᠦ ᠲᠡᠮᠳᠡᠭᠲᠦ ᠮᠠᠯᠠᠭ᠎ᠠ ᠪᠠᠨ ᠭᠡᠭᠡᠵᠦ᠂ ᠪᠤᠳᠠᠭ᠎ᠠ ᠶ᠋ᠢᠨ ᠠᠰᠠᠷᠠ ᠰᠢᠷᠭᠤᠨ ᠣᠷᠣᠵᠤ ᠰᠤᠯᠠ ᠬᠥᠮᠦᠨ ᠪᠣᠯᠤᠨ ᠣᠪᠯᠠᠵᠤ ᠣᠯᠠᠨ ᠵᠣᠴᠢᠳ ᠤ᠋ᠨ ᠰᠦᠷᠦᠭ ᠲᠣᠷ ᠰᠢᠷᠭᠤᠨ ᠣᠷᠣᠲᠠᠯ᠎ᠠ ᠲᠣᠳᠣᠷᠠᠬᠠᠢ ᠵᠠᠰᠠᠭᠲᠤ ᠲᠣᠳᠣ ᠶ᠋ᠢᠨ ᠲᠣᠯᠣᠭᠠᠢ ᠲᠥᠩᠬᠢᠵᠦ ᠤᠨᠠᠬᠤᠢ ᠳ᠋ᠤᠷ᠂ ᠴᠡᠷᠢᠭ ᠦ᠋ᠨ ᠠᠷᠠᠳ ᠲᠡᠷᠡ ᠰᠤᠯᠠ ᠬᠥᠮᠦᠨ ᠢ᠋ ᠲᠣᠳᠣ ᠶ᠋ᠢᠨ ᠲᠥᠷᠥᠭᠰᠡᠨ ᠠᠪᠠᠭ᠎ᠠ ᠭᠡᠮᠡᠨ ᠰᠣᠨᠣᠰᠴᠤ᠂ ᠲᠣᠳᠣ ᠶ᠋ᠢᠨ ᠬᠢᠯᠢᠩ ᠢ᠋ ᠭᠠᠷᠭᠠᠨ ᠲᠣᠯᠣᠭᠠᠢ ᠶ᠋ᠢ ᠪᠠᠰᠠ ᠲᠠᠰᠤ ᠴᠠᠪᠴᠢᠨ ᠠᠪᠴᠤ᠂ ᠪᠡᠶ᠎ᠡ ᠶ᠋ᠢ ᠵᠡᠭᠡᠯᠢ ᠳ᠋ᠦ᠍ᠷ ᠴᠣᠬᠢᠨ ᠪᠠᠭᠤᠯᠭᠠᠵᠤ᠂ ᠬᠣᠶᠠᠷ ᠲᠣᠯᠣᠭᠠᠢ ᠶ᠋ᠢ ᠭᠡᠵᠢᠭᠡ ᠪᠡᠷ ᠬᠣᠯᠪᠣᠨ ᠤᠶᠠᠵᠤ᠂ ᠥᠨᠳᠥᠷ ᠰᠢᠷᠤᠭ ᠲᠤᠷ ᠳᠡᠭᠦᠵᠢᠯᠡᠵᠦ᠂ ᠢᠯᠢ ᠬᠣᠲᠠ ᠳ᠋ᠤᠷ ᠣᠷᠣᠭᠰᠠᠨ ᠮᠠᠢᠯᠵᠢ ᠶ᠋ᠢᠨ ᠴᠡᠷᠢᠭ ᠦ᠋ᠳ ᠲᠣᠷ ᠴᠡᠭᠡᠷ ᠦᠵᠡᠭᠦᠯᠵᠦ᠂ ᠮᠥᠨ ᠬᠦ᠌ ᠨᠠᠢ᠍ᠮᠠᠨ ᠠᠩᠭᠢ ᠰᠠᠯᠭᠠᠨ ᠳᠠᠷᠤᠩᠭᠤᠢᠯᠠᠨ ᠵᠠᠬᠢᠷᠤᠭᠤᠯᠵᠤ᠂ ᠬᠣᠲᠠ ᠶ᠋ᠢᠨ ᠳᠥᠷᠪᠡᠨ ᠬᠠᠭᠠᠯᠭ᠎ᠠ ᠶ᠋ᠢ ᠴᠡᠯᠳᠡᠢᠲᠡᠯᠡ ᠨᠡᠭᠡᠭᠡᠯᠭᠡᠨ ᠠᠯᠢ ᠵᠠᠮ ᠢ᠋ᠶ᠋ᠠᠷ ᠣᠷᠣᠵᠤ ᠢᠷᠡᠭᠰᠡᠨ ᠢ᠋ ᠲᠡᠷᠡ ᠵᠠᠮ ᠢ᠋ᠶ᠋ᠠᠷ ᠤᠬᠤᠷᠢᠭᠤᠯᠤᠨ ᠭᠠᠷᠭᠠᠵᠤ᠂ ᠬᠣᠲᠠ ᠶ᠋ᠢᠨ ᠭᠠᠳᠠᠨ᠎ᠠ ᠶᠡᠬᠡ ᠪᠠᠭᠤᠳᠠᠯ ᠳ᠋ᠤᠷ ᠪᠠᠭᠤᠯᠭᠠᠪᠠ᠃ ᠢᠯᠢ ᠬᠣᠲᠠ ᠶ᠋ᠢᠨ ᠡᠵᠡᠨ ᠪᠠᠪᠤ ᠶᠡᠬᠡᠯ᠎ᠡ ᠢᠨᠢᠶᠡᠨ ᠥᠪᠡᠷᠦᠨ ᠪᠡᠶ᠎ᠡ ᠪᠡᠷ ᠮᠣᠩᠭᠣᠯ ᠤ᠋ᠨ ᠲᠠᠢᠽᠦ ᠴᠢᠩᠭᠢᠰ ᠬᠠᠭᠠᠨ ᠢ᠋ ᠮᠥᠷᠭᠥᠨ ᠵᠠᠯᠠᠵᠤ ᠬᠣᠲᠠ ᠳ᠋ᠠᠭᠠᠨ ᠪᠠᠭᠤᠯᠭᠠᠪᠠ᠃ ᠲᠣᠭᠲᠠᠩᠭᠣ ᠪᠠᠭᠠᠲᠤᠷ ᠤ᠋ᠨ ᠲᠣᠭᠲᠠᠭᠠᠵᠤ ᠠᠪᠤᠭᠰᠠᠨ᠂ ᠲᠣᠳᠣ᠂ ᠱ᠌ᠢᠷᠦ ᠬᠣᠶᠠᠷ ᠤ᠋ᠨ ᠲᠣᠯᠣᠭᠠᠢ ᠲᠡᠷᠢᠭᠦᠯᠡᠨ ᠨᠢᠢ᠌ᠳᠡ ᠨᠢᠭᠡᠨ ᠲᠦᠮᠡᠨ ᠨᠠᠢ᠍ᠮᠠᠨ ᠮᠢᠩᠭᠠᠨ ᠢᠯᠡᠭᠦᠦ ᠮᠣᠷᠢᠲᠤ ᠴᠡᠷᠢᠭ᠂ ᠡᠭᠦᠨ ᠡᠴᠡ ᠬᠣᠲᠠ ᠶ᠋ᠢᠨ ᠭᠠᠳᠠᠨ᠎ᠠ ᠦᠯᠡᠭᠰᠡᠨ ᠴᠡᠷᠢᠭ ᠢ᠋ ᠶᠡᠬᠡ ᠵᠠᠩᠵᠤᠨ ᠰᠦᠪᠡᠭᠡᠲᠡᠢ ᠪᠠᠭᠠᠲᠤᠷ ᠮᠥᠨ ᠬᠦ᠌ ᠨᠠᠢ᠍ᠮᠠᠨ ᠵᠠᠮ ᠤ᠋ᠨ ᠪᠠᠭ᠎ᠠ ᠵᠠᠩᠵᠤᠨ ᠬᠠᠳᠤ ᠲᠡᠮᠦᠷ᠂ ᠳᠤᠭᠤᠯᠠᠭ᠎ᠠ ᠲᠡᠮᠦᠷ᠂ ᠬᠤᠪᠣᠯᠣᠢ ᠪᠣᠯᠣᠳ᠂ ᠱᠤᠪᠣᠯᠣᠢ ᠪᠣᠯᠣᠳ᠂ ᠬᠦᠳᠡᠷ ᠪᠦᠰᠡ᠂ ᠬᠦᠷᠡᠯ ᠪᠦᠰᠡ᠂ ᠸᠴᠢᠷ ᠪᠡᠬᠢ᠂ ᠸᠴᠢᠷ ᠭᠠᠳᠠᠰᠤ ᠶ᠋ᠢ ᠠᠪᠴᠤ ᠮᠥᠨ ᠬᠦ᠌ ᠨᠠᠢ᠍ᠮᠠᠨ ᠵᠠᠮ ᠢ᠋ᠶ᠋ᠠᠷ ᠲᠣᠰᠴᠤ ᠬᠠᠭᠠᠭᠠᠳ ᠶᠡᠬᠡ ᠵᠠᠮᠰᠤ᠂ ᠪᠠᠭ᠎ᠠ ᠵᠠᠮᠰᠤ ᠬᠡᠮᠡᠬᠦ ᠬᠣᠶᠠᠷ ᠲᠡᠷᠢᠭᠦᠯᠡᠭᠰᠡᠨ ᠵᠠᠩᠵᠤᠨ ᠢ᠋ ᠠᠮᠢᠳᠤ ᠪᠠᠷ ᠪᠠᠷᠢᠭᠠᠳ᠂ ᠡᠭᠦᠨ ᠢ᠋ ᠮᠣᠷᠢᠨ ᠳᠡᠭᠡᠷ᠎ᠡ ᠬᠥᠨᠳᠡᠯᠡᠨ ᠳᠡᠭᠦᠷᠴᠦ ᠦᠵᠡᠭᠦᠯᠦᠨ ᠪᠠᠢᠵᠤ᠂ ᠳᠠᠭᠠᠭᠤᠯᠤᠨ ᠠᠪᠤᠭᠰᠠᠨ ᠠᠨᠤ ᠨᠢᠭᠡᠨ ᠲᠦᠮᠡᠨ ᠳᠥᠷᠪᠡᠨ ᠮᠢᠩᠭᠠᠨ ᠢᠯᠡᠭᠦᠦ ᠮᠣᠷᠢᠲᠤ ᠴᠡᠷᠢᠭ᠂ ᠡᠭᠥᠨᠴᠡ ᠭᠠᠳᠠᠨ᠎ᠠ ᠪᠤᠯᠢᠭᠳᠤ ᠪᠠᠷᠰ᠂ ᠡᠭᠦᠯᠡᠨ ᠴᠡᠷᠪᠢ᠂ ᠴᠠᠰ ᠲᠣᠭᠣᠷᠤᠤ᠂ ᠪᠤᠭᠤᠲᠤ ᠬᠤᠸᠠ᠂ ᠠᠯᠠᠭ ᠲᠤᠭᠤᠯ ᠳᠥᠷᠪᠡᠨ ᠵᠠᠩᠵᠤᠨ ᠤ᠋ ᠴᠡᠷᠢᠭ ᠢ᠋ ᠠᠪᠴᠤ ᠂ ᠰᠠᠯᠪᠤᠷᠢ ᠮᠡᠢᠯᠵᠢ ᠶ᠋ᠢᠨ ᠰᠢᠷᠭ᠎ᠠ ᠭᠣᠣᠯ ᠤ᠋ᠨ ᠪᠦᠬᠦ ᠪᠠᠭᠤᠳᠠᠯ ᠢ᠋ ᠳᠠᠷᠤᠨ ᠠᠪᠤᠪᠡ᠃ ᠰᠡᠭᠦᠯ ᠦ᠋ᠨ ᠬᠠᠢᠭᠤᠯ ᠴᠡᠷᠢᠭ ᠦ᠋ᠨ 《ᠳᠡ ᠴᠢᠶᠠᠨ ᠰᠦᠢ 》 ᠵᠣᠴᠢ ᠲᠠᠢᠽᠢ ᠴᠢᠨ ᠸᠠᠩ᠂ 《ᠡᠯ ᠴᠢᠶᠠᠨ ᠰᠦᠢ 》 ᠴᠠᠭᠠᠲᠠᠢ ᠴᠢᠨ ᠸᠠᠩ᠂ ᠠᠨᠠᠨᠳᠠ᠂ ᠰᠣᠪᠣᠳᠢ᠂ ᠪᠤᠳᠤᠯᠠᠩ᠂ ᠣᠭᠣᠲᠠᠢ᠂ ᠫᠣᠯᠢᠨᠳᠠᠢ᠂ ᠫᠠᠯᠠᠨᠳᠠᠢ᠂ ᠸᠡᠢᠵᠢᠩ᠂ ᠠᠯᠠᠢᠵᠢᠩ᠂ ᠤᠨᠵᠢᠭᠠᠢ ᠰᠤᠡᠵᠠᠭᠠᠢ᠂ ᠴᠠᠷᠠᠰᠤ ᠰᠣᠨᠵᠢᠷᠠ᠂ ᠰᠠᠷᠲᠡ᠂ ᠯᠠᠬᠠᠮᠠᠢ᠂ ᠬᠠᠷ᠎ᠠ ᠯᠤᠤᠰ᠂ ᠶᠣᠯᠣ ᠮᠢᠬ᠎ᠠ ᠡᠨᠡ ᠠᠷᠪᠠᠨ ᠵᠢᠷᠭᠤᠭᠠᠨ ᠵᠠᠩᠵᠤᠨ ᠳ᠋ᠤᠷ ᠬᠥᠮᠥᠨᠨ ᠪᠦᠷᠢ ᠳ᠋ᠦ᠍ᠷ ᠮᠢᠩᠭᠠᠨ ᠴᠡᠷᠢᠭ ᠵᠠᠬᠢᠷᠤᠭᠤᠯᠤᠨ᠂ ᠬᠣᠶᠠᠷ ᠲᠠᠢᠽᠢ ᠬᠥᠮᠦᠨ ᠪᠦᠷᠢ ᠨᠠᠢ᠍ᠮᠠᠨ ᠪᠠᠭ ᠬᠤᠪᠢᠶᠠᠨ ᠠᠪᠴᠤ᠂ ᠴᠢᠦᠢ ᠴᠦ ᠯᠢᠦᠢ ᠶ᠋ᠢᠨ ᠬᠠᠭᠠᠨ ᠰᠠᠭᠤᠭᠰᠠᠨ ᠢᠯᠲᠠᠰᠢ ᠮᠥᠷᠡᠨ ᠦ᠌ ᠵᠢᠷᠭᠤᠭᠠᠨ ᠳᠥᠭᠥᠮ ᠦ᠋ᠨ ᠡᠭᠦᠷ ᠯᠣᠪᠰᠢ ᠶ᠋ᠢ ᠭᠢᠰᠬᠢᠯᠡᠨ ᠲᠡᠭᠰᠢᠯᠡᠵᠦ ᠤᠬᠢᠶᠠᠨ ᠠᠷᠢᠭᠤᠳᠬᠠᠵᠤ᠂ ᠬᠤᠷᠢᠶᠠᠮᠵᠢᠯᠠᠨ ᠲᠠᠯᠪᠢᠪᠠᠢ᠃ ᠲᠠᠢᠽᠦ ᠴᠢᠩᠭᠢᠰ ᠬᠠᠭᠠᠨ ᠦᠯᠡᠳᠡᠭᠰᠡᠨ ᠣᠯᠠᠨ ᠵᠠᠩᠵᠤᠨ ᠪᠠᠭᠠᠲᠤᠳ ᠰᠡᠴᠡᠳ ᠲᠠᠢᠹᠦ᠋ ᠨᠠᠷ ᠤ᠋ᠨ ᠵᠠᠭᠤᠨ ᠰᠠᠢᠳ ᠤ᠋ᠳ ᠢ᠋ ᠠᠪᠴᠤ᠂ ᠬᠣᠲᠣᠩ ᠤ᠋ᠨ ᠪᠠᠪᠤ ᠶ᠋ᠢᠨ ᠵᠠᠯᠠᠯᠭᠠᠨᠠ ᠢᠯᠢ ᠬᠣᠲᠠ ᠳ᠋ᠤᠷ ᠵᠠᠯᠠᠷᠠᠨ ᠰᠠᠭᠤᠵᠤ᠂ ᠣᠯᠠᠨ ᠵᠠᠮ ᠤ᠋ᠨ ᠴᠡᠷᠢᠭ ᠦ᠋ᠳ ᠦ᠋ᠨ ᠲᠣᠪᠴᠢ ᠶ᠋ᠢ ᠪᠠᠷᠢᠨ᠂ ᠴᠢᠦᠢ ᠴᠦ ᠯᠢᠦᠢ ᠶ᠋ᠢᠨ ᠮᠡᠳᠡᠭᠡ ᠶ᠋ᠢ ᠬᠦᠯᠢᠶᠡᠮᠦᠢ᠃ ᠡᠭᠦᠨ ᠳ᠋ᠦ᠍ᠷ ᠲᠣᠳᠣ ᠶ᠋ᠢᠨ ᠮᠠᠢᠯᠵᠢ ᠶ᠋ᠢ ᠲᠣᠭᠲᠠᠭᠠᠬᠤᠶ᠎ᠠ ᠲᠣᠳᠣ ᠶ᠋ᠢᠨ ᠳᠡᠭᠦᠵᠢᠯᠡᠭᠰᠡᠨ ᠲᠣᠯᠣᠭᠠᠢ ᠶ᠋ᠢᠨ ᠴᠢᠬᠢ ᠦᠭᠡᠢ ᠳ᠋ᠦ᠍ᠷ ᠦᠵᠡᠭᠰᠡᠨ ᠪᠦᠬᠦᠨ ᠥᠪᠡᠷ᠎ᠡ ᠪᠤᠰᠤᠳ ᠴᠥᠮ ᠢᠨᠢᠶᠡᠯᠴᠡᠨ :
ᠲᠣᠳᠣ ᠶ᠋ᠢᠨ ᠲᠣᠯᠣᠭᠠᠢ ᠲᠣᠢᠮᠣᠭ ᠦᠭᠡᠢ ᠪᠥᠭᠡᠲᠡᠯ᠎ᠡ ᠳᠣᠷᠲᠤᠯ ᠦᠭᠡᠢ ᠮᠤᠯᠲᠤᠷᠠᠵᠤ᠂ ᠲᠣᠭᠣᠲᠤᠭ ᠤ᠋ᠨ ᠪᠤᠬᠤᠷ ᠲᠣᠰᠣ ᠦᠭᠡᠢ ᠪᠣᠯᠪᠠᠴᠤ ᠲᠣᠭᠣᠭ᠎ᠠ ᠳᠦᠭᠦᠷᠡᠩ ᠲᠣᠰᠣ᠂ ᠲᠤᠬᠠᠢ ᠳ᠋ᠤᠷ ᠲᠣᠳᠣᠷᠬᠠᠢ ᠲᠣᠳᠣ ᠶ᠋ᠢᠨ ᠲᠣᠯᠣᠭᠠᠢ᠂ ᠲᠥᠷᠥᠭᠰᠡᠨ ᠠᠪᠠᠭ᠎ᠠ ᠪᠠᠨ ᠳᠤᠭᠭᠢᠮᠤ᠃ ᠲᠣᠯᠣᠭᠠᠢ ᠪᠠᠨ ᠥᠰᠥᠷᠬᠡᠪᠡᠴᠦ ᠲᠣᠰᠳᠤ ᠡᠵᠡᠨ ᠦ᠌ ᠲᠣᠣᠷᠲᠤ ᠲᠡᠷᠭᠡᠨ ᠤ ᠳᠣᠲᠣᠷ᠎ᠠ ᠲᠣᠩᠭᠣᠢᠮᠤ᠃ ᠲᠣᠯᠣᠭᠠᠢ ᠲᠤᠭᠤᠷᠠᠢ ᠬᠣᠶᠠᠷ ᠦᠵᠦᠭᠦᠷ ᠴᠥᠮ ᠢ᠋ᠶ᠋ᠡᠷ ᠲᠤᠰᠠᠲᠠᠢ ᠲᠣᠳᠣ᠂᠂᠂᠂ ᠬᠡᠮᠡᠯᠳᠦᠨ ᠦᠢᠮᠡᠯᠳᠦᠵᠦ᠂ ᠲᠣᠯᠣᠭᠠᠢ ᠦᠭᠡᠢ ᠲᠣᠳᠣ᠂ ᠲᠣᠭ᠎ᠠ ᠦᠭᠡᠢ ᠰᠤᠮᠤ ᠬᠠᠲᠠᠵᠤ ᠳᠤᠲᠠᠭᠠᠨ ᠴᠢᠳᠠᠮᠤᠢ ᠭᠡᠮᠡᠨ ᠳᠠᠭᠤᠯᠠᠯ ᠭᠠᠷᠴᠤ ᠳᠣᠷᠭᠢᠯᠤᠨ ᠬᠡᠯᠡᠯᠴᠡᠪᠡᠢ᠃ ᠵᠠᠷᠢᠮ ᠶᠤᠸᠠᠨ ᠤᠯᠤᠰ ᠤ᠋ᠨ ᠪᠠᠭ᠎ᠠ ᠬᠤᠷᠢᠶᠠᠩᠭᠤᠢ ᠴᠡᠷᠢᠭ ᠦ᠋ᠨ ᠲᠣᠪᠴᠢ ᠳ᠋ᠤᠷ ᠲᠣᠳᠣ ᠶ᠋ᠢ ᠲᠣᠭ᠎ᠠ ᠦᠭᠡᠢ ᠰᠤᠮᠤ ᠳ᠋ᠤᠷ ᠦᠬᠦᠪᠡ ᠬᠡᠮᠡᠭᠴᠢ ᠳᠠᠷᠤᠢ ᠡᠨᠡ ᠨᠢᠭᠡᠨ ᠰᠣᠨᠢᠨ ᠲᠣᠬᠢᠶᠠᠯ ᠢ᠋ᠶ᠋ᠠᠷ ᠠᠨᠤ ᠬᠠᠲᠠᠭᠰᠠᠨ ᠪᠤᠶᠤ᠃ ᠲᠣᠳᠣᠷᠬᠠᠢ ᠴᠣᠬᠣᠮ ᠤᠴᠢᠷ ᠠᠨᠤ ᠲᠣᠭᠲᠣᠩᠭᠤ ᠪᠠᠭᠠᠲᠤᠷ ᠤ᠋ᠨ ᠶᠡᠬᠡ ᠳᠠᠮ ᠢᠯᠳᠦ ᠳ᠋ᠦ᠍ᠷ ᠲᠣᠯᠣᠭᠠᠢ ᠲᠠᠰᠤᠷᠠᠨ ᠦᠰᠦᠷᠦᠭᠡᠳ᠂ ᠦᠬᠦᠵᠦ ᠵᠠᠪᠲᠤᠡᠣ᠋ᠢ ᠶ᠋ᠢᠨ ᠤᠷᠢᠳᠠ ᠤᠷᠤᠭᠰᠢ ᠤᠨᠠᠬᠤᠢ ᠶ᠋ᠢᠨ ᠲᠣᠬᠢᠶᠠᠯ᠎ᠠ ᠤᠨᠤᠭᠰᠠᠨ ᠮᠣᠷᠢᠨ ᠰᠠᠢᠨ ᠤ᠋ ᠲᠤᠯᠠ ᠣᠷᠣᠭᠰᠢ ᠭᠦᠶᠦᠬᠦᠢ ᠳ᠋ᠦ᠍ᠷ ᠲᠡᠩᠨᠡᠭᠡᠳ ᠳᠠᠪ ᠲᠠᠪᠤᠨ ᠤᠨᠠᠭᠰᠠᠨ ᠦᠭᠡᠢ ᠭᠦᠶᠦᠬᠦᠢ ᠳ᠋ᠦ᠍ᠷ ᠣᠯᠠᠨ ᠢ᠋ᠶ᠋ᠠᠷ ᠤᠴᠢᠷ ᠢ᠋ ᠡᠰᠡ ᠬᠢᠨᠠᠨ ᠣᠯᠠᠨᠲᠠ ᠵᠡᠪᠡᠳᠡᠭᠰᠡᠨ ᠢᠨᠦ ᠪᠣᠯᠠᠢ᠃ ᠤᠷᠢᠳᠠ ᠠᠠᠯᠠᠭᠳᠠᠵᠤ ᠬᠣᠢᠨ᠎ᠠ ᠬᠠᠷᠪᠤᠭᠳᠠᠭᠰᠠᠨ ᠪᠤᠶᠤ᠃ ᠵᠠᠷᠢᠮᠤᠤᠨ ᠲᠣᠭᠣᠮᠵᠢᠯᠠᠨ ᠮᠠᠭᠲᠠᠭᠰᠠᠨ ᠠᠨᠤ᠄
ᠲᠣᠮᠣᠭ᠎ᠠ ᠰᠠᠢᠲᠤ ᠲᠣᠯᠣᠭᠠᠢ ᠲᠠᠰᠤᠷᠠᠪᠠᠴᠤ ᠲᠣᠭᠣᠷᠢᠨ ᠪᠠᠢᠯᠳᠤᠵᠤ ᠲᠥᠰᠦᠭᠯᠡᠵᠦᠬᠦᠢ᠃
ᠲᠣᠳᠣ ᠵᠤᠯᠪᠢᠨ ᠤ᠋ ᠲᠣᠭᠣᠰᠣᠨ ᠳᠡᠭᠳᠡᠭᠦᠯᠦᠭᠰᠡᠨ ᠲᠤᠩ ᠴᠤ᠌ ᠪᠤᠷᠤᠭᠤ ᠦᠭᠡᠢ ᠬᠡᠮᠡᠵᠦᠬᠦᠢ᠃
ᠲᠣᠳᠣ ᠵᠣᠯᠪᠢᠨ ᠤ᠋ ᠲᠣᠯᠣᠭᠠᠢ ᠶ᠋ᠢ ᠲᠣᠭᠲᠠᠩᠭᠤ ᠪᠠᠭᠠᠲᠤᠷ ᠲᠣᠭᠲᠠᠭᠠᠨ ᠲᠣᠭᠣᠷᠢᠭᠤᠯᠤᠭᠰᠠᠨ ᠲᠤᠯᠠ ᠳᠤᠲᠠᠭᠠᠵᠤ ᠰᠢᠯᠢᠷᠡᠭᠰᠡᠨ ᠴᠢᠦᠢ ᠴᠦ ᠯᠢᠦᠢ ᠶ᠋ᠢ ᠲᠣᠭᠠᠴᠢᠵᠤ ᠥᠭᠦᠯᠡᠨ ᠦᠵᠦᠭᠦᠷ ᠭᠠᠷᠭᠠᠬᠤ ᠠᠨᠤ :
ᠲᠡᠭᠦᠨᠴᠡ ᠬᠣᠢᠲᠤ ᠬᠠᠭᠠᠯᠭᠠᠨ ᠤ᠋ ᠭᠠᠳᠠᠨ᠎ᠠ᠂ ᠬᠣᠴᠣᠷᠤᠨ ᠲᠠᠰᠤᠯᠤᠭᠳᠠᠭᠰᠠᠨ ᠮᠢᠩᠭᠠᠨ ᠢᠯᠡᠭᠦᠦ ᠴᠡᠷᠢᠭ ᠬᠣᠨᠢᠨ ᠤᠩᠭᠠᠰᠤᠨ ᠤ᠋ ᠰᠢᠷᠳᠡᠭ ᠲᠣᠬᠣᠮ ᠤ᠋ᠨ ᠳᠣᠲᠣᠷ᠎ᠠ ᠠ᠋ᠴᠠ ᠬᠤᠪᠢ ᠢᠷᠦᠭᠡᠯᠲᠦ ᠢᠦᠢ ᠬᠠᠭᠠᠨ ᠡᠵᠡᠨ ᠢ᠋ᠶ᠋ᠡᠨ ᠣᠯᠵᠤ ᠠᠪᠤᠭᠠᠳ᠂ ᠬᠣᠶᠠᠷ ᠮᠣᠷᠢᠲᠠᠨ ᠬᠥᠨᠳᠡᠯᠡᠨ ᠢ᠋ᠶ᠋ᠡᠷ ᠲᠥᠬᠥᠭᠡᠷᠴᠦ ᠶᠡᠬᠡ ᠴᠡᠷᠢᠭ ᠦ᠋ᠨ ᠳᠤᠮᠳᠠ ᠣᠷᠣᠵᠤ᠂ ᠰᠠᠶᠢ ᠮᠣᠷᠢ ᠬᠠᠯᠠᠨ ᠤᠨᠤᠭᠤᠯᠵᠤ ᠢᠯᠳᠡᠰᠢ ᠮᠥᠷᠡᠨ ᠦ᠌ ᠰᠢᠷᠭ᠎ᠠ ᠭᠣᠣᠯ ᠵᠡᠷᠭᠡ ᠭᠠᠵᠠᠷ ᠲᠤᠷ ᠳᠣᠪᠲᠣᠯᠤᠨ ᠬᠦᠷᠪᠡᠰᠦ᠂ ᠮᠣᠩᠭᠣᠯ ᠤ᠋ᠨ ᠴᠡᠷᠢᠭ ᠬᠡᠳᠦᠢᠨᠡᠢ ᠭᠠᠵᠠᠷ ᠭᠠᠵᠠᠷ ᠲᠤᠷ ᠳᠦᠭᠦᠷᠴᠦ᠂ ᠲᠤᠭ ᠬᠢᠭᠢᠷᠢ ᠳᠡᠷᠪᠡᠯᠵᠡᠨ ᠬᠡᠢᠰᠴᠦ᠂ ᠭᠠᠯ ᠤᠲᠤᠭ᠎ᠠ ᠣᠭᠲᠠᠷᠭᠤᠢ ᠳ᠋ᠤᠷ ᠦᠷᠭᠦᠯᠵᠢᠯᠡᠨ ᠦᠨᠡᠨ ᠢ᠋ᠶ᠋ᠡᠷ ᠦᠨᠡᠰᠦᠨ ᠲᠣᠪᠷᠠᠭ ᠪᠣᠯᠭᠠᠯᠴᠠᠬᠤᠢ ᠳ᠋ᠤᠷ ᠴᠢᠦᠢ ᠴᠦ ᠯᠢᠦᠢ ᠳᠠᠭᠤ ᠲᠠᠯᠪᠢᠨ ᠡᠭᠡᠷᠡᠯᠡᠵᠦ 《ᠲᠣᠪᠷᠠᠭ ᠪᠣᠯᠭᠠᠭᠰᠠᠨ ᠲᠣᠳᠣ᠂ ᠲᠣᠭᠣᠰᠣᠨ ᠢ᠋ ᠬᠡᠢᠰᠬᠡᠭᠰᠡᠨ ᠵᠤᠯᠪᠢᠨ᠋᠂ ᠲᠤᠷᠪᠯᠵᠠᠨ ᠳᠤᠷᠪᠠᠯᠵᠠᠨ ᠲᠤᠬᠢᠷᠤᠭᠰᠠᠭᠠᠷ᠂ ᠲᠤᠯᠭ᠎ᠠ ᠠ᠋ᠴᠠ ᠮᠢᠨᠦ ᠳᠤᠲᠠᠯᠭᠠᠵᠤ᠂ ᠲᠤᠭᠤᠯ ᠠ᠋ᠴᠠ ᠮᠢᠨᠦ ᠰᠠᠯᠭᠠᠪᠠᠢ᠃ ᠲᠣᠪᠷᠠᠭ ᠢ᠋ᠶ᠋ᠠᠨ ᠭᠠᠷᠤᠭᠰᠠᠨ ᠲᠣᠳᠣ᠂ ᠲᠣᠩᠭᠣᠢᠨ ᠲᠣᠩᠭᠣᠢᠨ ᠲᠤᠬᠢᠷᠤᠭᠰᠠᠭᠠᠷ᠂ ᠲᠣᠭᠣᠭᠠᠨ ᠠ᠋ᠴᠠ ᠮᠢᠨᠦ ᠬᠠᠭᠠᠴᠠᠭᠤᠯᠵᠤ ᠲᠣᠷᠣᠡᠴᠢᠭ᠋ ᠢ᠋ ᠮᠢᠨᠦ ᠭᠠᠷᠭᠠᠪᠠ ᠨᠠᠮᠠᠶ᠋ᠢ》ᠭᠡᠮᠡᠨ ᠲᠣᠩᠭᠣᠢᠨ ᠲᠣᠩᠭᠣᠢᠨ ᠤᠨᠠᠵᠤ ᠲᠣᠭᠠᠴᠢᠨ ᠲᠣᠭᠠᠴᠢᠨ ᠤᠬᠢᠯᠠᠵᠤ ᠤᠨᠵᠢᠨ᠂ ᠶᠠᠷᠢᠵᠤ ᠶᠠᠩᠰᠢᠨ᠂ ᠬᠠᠷᠢᠶᠠᠯ ᠵᠦᠬᠡᠯ ᠢ᠋ᠶ᠋ᠡᠨ ᠲᠠᠯᠪᠢᠨ ᠬᠠᠷᠠᠩᠭᠤᠳᠠᠨ ᠬᠠᠷᠠᠩᠭᠤᠳᠠᠨ ᠤᠨᠠᠬᠤᠢ ᠳ᠋ᠤᠷ ᠬᠠᠯᠠᠮᠵᠢᠲᠠᠢᠬᠠᠨ ᠴᠡᠷᠢᠭ ᠦ᠋ᠨ ᠠᠷᠠᠳ ᠠᠨᠤ ᠳᠠᠬᠢᠨ ᠳᠠᠪᠲᠠᠨ ᠬᠣᠷᠢᠭᠯᠠᠨ ᠪᠠᠢᠵᠤ᠂ ᠬᠢᠳᠠᠨ ᠤᠯᠤᠰ ᠲᠤᠷ ᠣᠴᠢᠮᠤᠢ ᠭᠡᠮᠡᠨ ᠠᠯᠳᠠᠷᠰᠢᠭᠤᠯᠤᠨ ᠵᠠᠮ ᠪᠤᠷᠤᠭᠤᠯᠠᠨ᠂ ᠰᠠᠷᠲᠢᠬᠴᠢᠨ ᠤᠯᠤᠰ ᠤ᠋ᠨ ᠠᠮᠪᠠᠬᠠᠢ ᠬᠠᠭᠠᠨ ᠠ᠋ᠴᠠ ᠠᠪᠤᠷᠠᠯ ᠭᠣᠶᠣᠷ᠎ᠠ ᠡᠴᠢᠬᠦᠶ᠎ᠡ᠂ ᠵᠠᠮ ᠤ᠋ᠨ ᠭᠣᠳᠣᠰ ᠲᠤᠷ ᠢᠯᠲᠠᠰᠢ ᠮᠥᠷᠡᠨ ᠦ᠌ ᠬᠠᠷᠢᠶᠠᠲᠤ ᠪᠠᠭᠤᠳᠠᠯ ᠨᠡᠭᠦᠳᠡᠯ ᠦ᠋ᠨ ᠬᠣᠲᠣᠩ ᠤ᠋ᠳ ᠢ᠋ ᠳᠡᠭᠡᠷᠡᠮᠯᠡᠨ ᠢᠳᠡᠵᠦ ᠬᠣᠶᠠᠷ ᠡᠳᠦᠷ ᠦ᠋ᠨ ᠵᠠᠮ ᠳᠣᠪᠲᠣᠯᠤᠨ ᠭᠠᠷᠲᠠᠯ᠎ᠠ ᠦᠨᠡᠬᠡᠷ ᠬᠦᠷᠭᠡᠨ ᠠᠮᠪᠠᠬᠠᠢ ᠬᠠᠭᠠᠨ ᠤ᠋ ᠠᠪᠤᠷᠠᠯ ᠴᠡᠷᠢᠭ ᠨᠢᠭᠡᠨ ᠮᠢᠩᠭᠠᠨ ᠬᠡᠳᠦᠨ ᠵᠠᠭᠤᠨ ᠠᠴᠢᠶ᠎ᠠ ᠬᠦᠨᠡᠰᠦᠨ ᠦ᠌ ᠬᠠᠲᠠᠭᠠᠮᠠᠯ ᠮᠢᠬ᠎ᠠ ᠶ᠋ᠢᠨ ᠵᠠᠷᠮ᠎ᠠ ᠲᠠᠯᠬ᠎ᠠ ᠲᠠᠢ ᠠᠴᠢᠵᠤ ᠤᠴᠠᠷᠠᠯᠳᠤᠭᠠᠳ᠂ ᠬᠢᠳᠠᠨ ᠤᠯᠤᠰ ᠨᠢᠭᠡᠨᠲᠡ ᠮᠣᠩᠭᠣᠯ ᠳ᠋ᠤᠷ ᠳᠠᠭᠠᠭᠰᠠᠨ ᠲᠤᠯᠠ᠂ ᠲᠡᠭᠦᠨ ᠢ᠋ ᠪᠤᠯᠢᠶᠠᠨ ᠠᠪᠴᠤ᠂ ᠡᠭᠦᠷᠢᠳᠡ ᠶ᠋ᠢᠨ ᠠᠮᠢᠳᠤᠷᠠᠯ ᠪᠣᠯᠭᠠᠰᠤᠭᠠᠢ ᠭᠡᠮᠡᠨ ᠦᠯᠡᠵᠦ ᠲᠤᠰᠤᠭᠰᠠᠨ ᠥᠯᠥᠨ ᠳᠣᠷᠭᠣᠨ ᠭᠤᠷᠪᠠᠨ ᠮᠢᠩᠭᠠᠨ ᠴᠡᠷᠢᠭ ᠢ᠋ᠶ᠋ᠡᠨ ᠠᠪᠴᠤ᠂ ᠪᠤᠰᠤ ᠵᠠᠮ ᠢ᠋ᠶ᠋ᠠᠷ ᠪᠤᠷᠤᠭᠤᠯᠠᠨ᠂ ᠬᠢᠳᠠᠨ ᠤᠯᠤᠰ ᠢ᠋ ᠲᠠᠪᠴᠢᠯᠠᠷᠠ ᠴᠡᠷᠢᠭ ᠢ᠋ ᠡᠭᠡᠭᠦᠯᠦᠨ ᠪᠠᠷᠠᠭᠤᠨ ᠵᠠᠮ ᠢ᠋ᠶ᠋ᠠᠷ ᠬᠢᠳᠠᠨ ᠤᠯᠤᠰ ᠤ᠋ᠨ ᠵᠦᠭ ᠵᠠᠮ ᠤ᠋ᠨ ᠭᠣᠳᠣᠰ ᠪᠤᠯᠢᠶᠠᠨ ᠳᠡᠭᠡᠷᠡᠮᠳᠡᠨ ᠢᠳᠡᠭᠰᠡᠭᠡᠷ ᠵᠦᠭᠯᠡᠨ ᠡᠴᠢᠪᠡᠢ᠃ ᠡᠭᠦᠨ ᠢ᠋ ᠲᠦᠷ ᠲᠠᠯᠪᠢᠨ ᠦᠭᠡ ᠶ᠋ᠢ ᠡᠭᠡᠭᠦᠯᠵᠦ᠂ ᠴᠢᠩᠭᠢᠰ ᠬᠠᠭᠠᠨ ᠳᠥᠷᠪᠡᠨ ᠵᠦᠭ ᠢ᠋ ᠲᠦᠳᠡ ᠪᠡᠷ ᠬᠣᠷᠢᠶᠠᠨ᠂ ᠮᠠᠢᠯᠵᠢ ᠶ᠋ᠢᠨ ᠰᠠᠯᠪᠤᠷᠢ ᠶ᠋ᠢ ᠮᠢᠲᠠᠷᠠᠬᠤ ᠮᠠᠢᠯᠵᠢ ᠶ᠋ᠢᠨ ᠡᠷᠲᠡ ᠶ᠋ᠢᠨ ᠡᠵᠡᠨ ᠥᠨᠳᠥᠷ ᠰᠡᠴᠡᠨ ᠦ᠌ ᠭᠤᠷᠪᠠᠨ ᠪᠠᠷᠰ ᠤ᠋ᠨ ᠬᠡᠦᠬᠡᠳ ᠲᠣᠷ ᠱᠠᠩᠨᠠᠨ ᠥᠭᠴᠦ ᠵᠠᠬᠢᠷᠤᠭᠤᠯᠤᠭᠠᠳ᠂ ᠦᠯᠡᠳᠡᠭᠰᠡᠨ ᠢ᠋ ᠡᠪᠬᠡᠨ ᠬᠤᠷᠢᠶᠠᠵᠤ᠂ ᠳᠠᠭᠠᠵᠤ ᠡᠴᠢᠬᠦ ᠳᠤᠷᠠᠲᠠᠢ ᠶ᠋ᠢ ᠠᠨᠤ ᠬᠣᠶᠠᠷ ᠲᠠᠢᠽᠢ ᠳ᠋ᠤᠷ ᠵᠠᠬᠢᠷᠤᠭᠤᠯᠤᠨ᠂ ᠡᠮᠦᠨᠡᠲᠦ ᠵᠠᠮ ᠢ᠋ᠶ᠋ᠠᠷ ᠴᠢᠦᠢ ᠴᠦ ᠯᠢᠦᠢ ᠶ᠋ᠢᠨ ᠮᠥᠷ ᠢ᠋ ᠮᠥᠰᠬᠢᠨ ᠮᠤᠷᠤᠢ ᠨᠢᠭᠤᠴᠠ ᠭᠠᠵᠠᠷ ᠪᠣᠯᠭᠠᠨ ᠢ᠋ ᠮᠥᠷᠳᠡᠨ ᠨᠡᠬᠡᠵᠦ ᠭᠦᠢᠴᠡᠭᠡᠳ᠂ ᠡᠷᠬᠡᠪᠰᠢ ᠪᠠᠷᠢᠵᠤ ᠡᠭᠦᠷᠢᠳᠡ ᠶ᠋ᠢᠨ ᠪᠤᠷᠭᠢᠷᠠᠯ ᠢ᠋ ᠤᠬᠢᠶᠠᠨ ᠲᠠᠰᠤᠯᠤᠭᠲᠤᠨ᠃ ᠦᠨᠡᠨ ᠴᠢᠦᠢ ᠴᠦ ᠯᠢᠦᠢ ᠶ᠋ᠢ ᠣᠯᠵᠤ ᠡᠰᠡ ᠪᠠᠷᠢᠪᠠᠰᠤ ᠥᠪᠡᠷ᠎ᠡ ᠤᠯᠤᠰ ᠴᠤ᠌ ᠠᠮᠠᠷᠠᠬᠤ ᠶ᠋ᠢ ᠪᠢᠲᠡᠭᠡᠢ ᠰᠠᠨᠠ ᠭᠡᠮᠡᠨ ᠵᠠᠷᠯᠢᠭ ᠢ ᠳᠣᠪᠲᠣᠯᠭᠠᠨ ᠵᠢᠴᠢ ᠡᠨᠡ ᠭᠠᠵᠠᠷ ᠠ᠋ᠴᠠ ᠬᠠᠭᠠᠴᠠᠬᠤᠢ ᠶ᠋ᠢ ᠦᠯᠦ ᠳᠤᠷᠠᠯᠠᠬᠤ ᠣᠯᠠᠨ ᠵᠡᠷᠯᠢᠭ ᠦ᠋ᠳ ᠦ᠋ᠨ ᠴᠡᠷᠢᠭ ᠦ᠋ᠳ ᠢ᠋ ᠴᠥᠮ ᠢᠯᠢ ᠶ᠋ᠢᠨ ᠪᠠᠪᠤ ᠠᡁᠥ᠋ᠩ ᠳ᠋ᠦ᠍ᠷ ᠱᠠᠩᠨᠠᠨ ᠵᠠᠬᠢᠷᠤᠭᠤᠯᠵᠤ᠂ ᠪᠠᠪᠤ ᠶ᠋ᠢ ᠢᠯᠳᠡᠰᠢ ᠮᠥᠷᠡᠨ ᠥᠭᠡᠳᠡ ᠤᠷᠤᠭᠤ ᠮᠢᠩᠭᠠᠨ ᠢᠯᠡᠭᠦᠦ ᠭᠠᠵᠠᠷ ᠢ᠋ ᠨᠡᠢᠭᠡᠮᠯᠡᠨ ᠵᠠᠬᠢᠷᠬᠤ ᠵᠣᠣ ᠲᠤᠤ ᠱᠢ ᠲᠦᠰᠢᠮᠡᠯ ᠳᠦ ᠶᠤᠸᠠᠨᠱᠤᠸᠠᠢ ᠪᠥᠭᠡᠳ ᠢᠯᠳᠠᠰᠢ ᠮᠥᠷᠡᠨ ᠤ ᠶᠡᠬᠡ ᠬᠤᠪᠢᠯᠭᠠᠨ ᠬᠦᠯᠦᠭᠲᠦ ᠡᠵᠡᠨ ᠪᠡᠢᠯᠡ ᠭᠡᠮᠡᠨ ᠱᠠᠩᠨᠠᠨ ᠡᠷᠭᠦᠮᠵᠢᠯᠡᠵᠦ᠂ ᠠᠯᠲᠠᠨ ᠢ᠋ᠶ᠋ᠠᠷ ᠴᠢᠳᠬᠤᠭᠰᠠᠨ ᠪᠠᠷᠰ ᠤ᠋ᠨ ᠪᠠᠷᠢᠭᠤᠯᠲᠤ ᠲᠠᠮᠠᠭ᠎ᠠ ᠴᠠᠴᠤᠭ ᠥᠭᠴᠦ᠂ ᠮᠠᠢᠯᠵᠢ ᠠᠢᠮᠠᠭ ᠤ᠋ᠨ ᠭᠤᠷᠪᠠᠨ ᠪᠠᠷᠰ ᠤ᠋ᠨ ᠵᠠᠩᠵᠤᠨ ᠳᠤᠮᠳᠠ ᠮᠥᠩᠭᠥᠨ ᠲᠠᠮᠠᠭ᠎ᠠ ᠥᠭᠴᠦ᠂ ᠨᠢᠭᠡᠨ ᠳ᠋ᠦᠲ᠋ᠦ᠋ᠩ ᠦ᠋ᠨ ᠲᠤᠰᠢᠶᠠᠯ ᠪᠠᠢᠭᠤᠯᠤᠨ ᠢᠯᠳᠠᠰᠢ ᠮᠥᠷᠡᠨ᠎ᠡ ᠳᠡᠳ᠋ ᠳᠠᠷᠤᠭ᠎ᠠ᠂ ᠥᠨᠳᠥᠷ ᠤᠭᠰᠠᠭ᠎ᠠ ᠶ᠋ᠢᠨ ᠬᠦᠩ ᠦ᠋ᠨ ᠴᠣᠯᠠ ᠡᠷᠭᠦᠮᠵᠢᠯᠡᠨ᠂ ᠠᠬ᠎ᠠ ᠳᠡᠭᠦᠦ ᠭᠤᠷᠪᠠᠭᠤᠯᠠ ᠵᠢᠰᠢᠶᠠᠯᠠᠨ ᠡᠵᠡᠯᠡᠵᠦ ᠰᠠᠭᠤᠭᠲᠤᠨ᠃ ᠬᠡᠷᠪᠡ ᠡᠨᠡ ᠭᠠᠵᠠᠷ ᠳᠤᠷ᠎ᠠ ᠦᠭᠡᠢ ᠪᠣᠯᠪᠠᠰᠤ᠂ ᠭᠤᠷᠪᠠᠨ ᠪᠠᠷᠰ ᠤ᠋ᠨ ᠠᠯᠢᠨ ᠤ᠋ ᠬᠥᠪᠡᠭᠦᠨ ᠡᠷᠡᠴᠢᠯᠡᠭᠰᠡᠨ ᠢ᠋ᠶ᠋ᠡᠷ ᠢᠨᠦ ᠡᠵᠡᠯᠡᠭᠦᠯᠪᠡᠴᠦ ᠪᠣᠯᠤᠮᠤᠢ᠃ ᠲᠦᠮᠡᠨ ᠢᠭᠢᠷᠢᠲᠦ ᠤᠰᠤᠨ ᠠᠷᠪᠠᠢ ᠶ᠋ᠢᠨ ᠲᠠᠷᠢᠶ᠎ᠠ᠂ ᠬᠡᠳᠦᠨ ᠭᠣᠣᠯ ᠳᠦᠭᠦᠷᠡᠩ ᠠᠳᠤᠭᠤ ᠶ᠋ᠢ ᠬᠥᠩᠭᠡᠨ ᠦᠵᠡᠪᠡᠰᠦ ᠦᠯᠦ ᠪᠣᠯᠤᠮᠤᠢ᠃ ᠡᠨᠡ ᠤᠳᠠᠭ᠎ᠠ ᠶ᠋ᠢᠨ ᠴᠢᠦᠢ ᠴᠦ ᠯᠢᠦᠢ - ᠢᠦᠢ ᠬᠠᠭᠠᠨ ᠬᠢᠭᠡᠳ ᠲᠣᠳᠣ ᠴᠧᠩᠰᠢᠶᠠᠩ ᠤ᠋ᠨ ᠬᠦᠨᠳᠦ ᠦᠨᠡᠲᠡᠢ ᠰᠠᠩ ᠬᠥᠮᠥᠷᠭᠡ ᠡᠴᠡ ᠡᠬᠢᠯᠡᠨ᠂ ᠡᠨᠡ ᠤᠳᠠᠭ᠎ᠠ ᠶ᠋ᠢᠨ ᠪᠦᠬᠦᠯᠢ ᠣᠯᠵᠠ ᠶ᠋ᠢ ᠠᠷᠪᠠᠨ ᠬᠤᠪᠢ ᠪᠠᠷ ᠬᠠᠭᠠᠰᠯᠠᠨ ᠬᠣᠶᠠᠷ ᠬᠤᠪᠢ ᠶ᠋ᠢ ᠪᠡᠢᠯᠡ ᠪᠠᠪᠤ ᠳ᠋ᠤᠷ ᠱᠠᠩᠨᠠᠨ᠂ ᠨᠢᠭᠡᠨ ᠬᠤᠪᠢ ᠶ᠋ᠢ ᠭᠤᠷᠪᠠᠨ ᠪᠠᠷᠰ ᠲᠤᠷ ᠬᠦᠷᠲᠡᠭᠡᠵᠦ᠂ ᠢᠯᠳᠡᠰᠢ ᠬᠣᠲᠠ ᠳ᠋ᠤᠷ ᠲᠡᠢᠨ ᠢ᠋ ᠳᠠᠷᠤᠵᠤ ᠰᠠᠮᠠᠭᠤᠨ ᠢ᠋ ᠠᠷᠢᠯᠭᠠᠭᠰᠠᠨ ᠭᠤᠷᠪᠠᠨ ᠡᠳᠦᠷ ᠦ᠋ᠨ ᠶᠡᠬᠡ ᠪᠠᠶᠠᠰᠬᠤᠯᠠᠩ ᠤ᠋ᠨ ᠬᠤᠷᠢᠮ ᠬᠤᠷᠢᠮᠯᠠᠨ᠂ ᠰᠢᠨ᠎ᠡ ᠳᠠᠭᠠᠭᠰᠠᠨ᠂ ᠬᠠᠭᠤᠴᠢᠨ ᠢᠷᠡᠭᠰᠡᠨ ᠵᠠᠭᠤᠨ ᠲᠦᠰᠢᠮᠡᠳ ᠪᠠᠶᠠᠷ ᠤ᠋ᠨ ᠪᠣᠳᠣᠷᠣᠣᠯ ᠠᠢᠯᠠᠳᠬᠠᠨ ᠮᠥᠷᠭᠥᠵᠦ᠂ ᠵᠠᠩᠵᠤᠨ ᠴᠡᠷᠢᠭ ᠦ᠋ᠳ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠦᠯᠡᠭᠰᠡᠨ ᠳᠣᠯᠣᠭᠠᠨ ᠬᠤᠪᠢ ᠣᠯᠵᠠ ᠠ᠋ᠴᠠ ᠲᠠᠪᠤᠨ ᠬᠤᠪᠢ ᠶ᠋ᠢ ᠭᠠᠪᠢᠶᠠᠲᠤ ᠵᠠᠩᠵᠤᠨ ᠲᠦᠰᠢᠮᠡᠳ ᠪᠠᠭᠠᠲᠤᠳ ᠴᠡᠷᠢᠭ ᠦ᠋ᠳ ᠲᠣᠷ ᠬᠤᠪᠢᠶᠠᠨ ᠲᠦᠭᠡᠭᠡᠵᠦ᠂ ᠸᠠᠢᠯᠠᠨ ᠤ᠋ ᠬᠣᠶᠠᠷ ᠡᠵᠡᠨ ᠢ᠋ ᠬᠦᠩ ᠦ᠋ᠨ ᠴᠣᠯᠠ ᠡᠷᠭᠦᠮᠵᠢᠯᠡᠨ᠂ ᠪᠠᠪᠤ ᠶ᠋ᠢᠨ ᠵᠦᠷᠭᠡ᠂ ᠬᠣᠵᠢ ᠬᠣᠶᠠᠭᠤᠯᠠ ᠶ᠋ᠢ ᠵᠡᠭᠦᠨ ᠪᠠᠷᠠᠭᠤᠨ ᠵᠦᠩ ᠲᠠᠢᠹᠦ᠋ ᠲᠦᠰᠢᠮᠡᠯ᠂ ᠸᠠᠢᠯᠠᠨ ᠤ᠋ ᠲᠤᠷᠪᠢ ᠮᠡᠷᠭᠡᠨ᠂ ᠪᠤᠭᠤᠯᠠᠭ᠎ᠠ ᠰᠡᠴᠡᠨ ᠢ᠋ ᠵᠡᠭᠦᠨ ᠪᠠᠷᠠᠭᠤᠨ ᠰᠢᠶᠠ ᠲᠠᠢᠹᠦ᠋ ᠲᠦᠰᠢᠮᠡᠯ᠂ ᠪᠤᠰᠤᠳ ᠢ᠋ ᠴᠥᠮ ᠨᠢᠭᠡᠨ ᠵᠡᠷᠭᠡ ᠨᠡᠮᠡᠨ ᠡᠷᠭᠦᠵᠦ ᠬᠦᠨᠳᠦᠳᠡ ᠱᠠᠩᠨᠠᠨ᠂ ᠰᠡᠭᠦᠯ ᠦ᠋ᠨ ᠡᠳᠦᠷ ᠶᠡᠬᠡ ᠲᠤᠭ ᠢ᠋ ᠬᠣᠣᠰ ᠲᠣᠯᠣᠭᠠᠢ ᠲᠡᠷᠢᠭᠦᠯᠡᠨ ᠶᠢᠰᠦᠨ ᠶᠡᠬᠡ ᠮᠠᠯ ᠤ᠋ᠨ ᠲᠠᠬᠢᠯᠭ᠎ᠠ ᠪᠠᠷ ᠳᠠᠬᠢᠵᠤ᠂ ᠡᠭᠡᠭᠦᠯᠦᠨ ᠬᠠᠨᠳᠤᠭᠤᠯᠵᠤ ᠪᠠᠶᠠᠷ ᠤ᠋ᠨ ᠰᠠᠴᠤᠯᠢ ᠰᠠᠴᠤᠭᠠᠳ ᠬᠠᠭᠠᠨ ᠤ᠋ ᠶᠡᠬᠡ ᠵᠢᠭᠰᠠᠭᠠᠯ ᠮᠣᠷᠳᠠᠨ ᠬᠥᠳᠡᠯᠵᠦ ᠤᠯᠤᠰ ᠤ᠋ᠨ ᠵᠦᠭ ᠡᠭᠡᠨ ᠮᠣᠷᠢᠯᠠᠬᠤᠢ ᠳ᠋ᠤᠷ ᠢᠯᠳᠠᠰᠢ ᠮᠥᠷᠡᠨ ᠪᠠ ᠢᠯᠢ ᠬᠣᠲᠠ ᠶ᠋ᠢᠨ ᠬᠣᠲᠠᠯᠠᠭᠠᠷ ᠣᠯᠠᠨ ᠢ᠋ᠶ᠋ᠠᠷ ᠡᠭᠦᠳᠡ ᠪᠦᠷᠢ ᠬᠦᠵᠢᠰ ᠦ᠋ᠨ ᠰᠢᠷᠡᠭᠡ ᠵᠢᠭᠰᠠᠭᠠᠨ ᠣᠳᠣ ᠠᠯᠢ ᠡᠳᠦᠷ᠎ᠡ ᠬᠥᠮᠦᠨ ᠦ᠌ ᠶᠢᠷᠲᠢᠨᠴᠦ ᠶ᠋ᠢᠨ ᠲᠡᠭᠷᠢ ᠶ᠋ᠢᠨ ᠬᠥᠪᠡᠭᠦᠨ ᠦ᠌ ᠨᠢᠭᠤᠷ ᠲᠤᠷ ᠳᠠᠬᠢᠨ ᠣᠯᠵᠤ ᠠᠭᠤᠯᠵᠠᠶ᠎ᠠ ᠭᠡᠮᠡᠨ ᠨᠢᠳᠦᠨ ᠡᠴᠠᠭᠠᠨ ᠨᠢᠯᠪᠤᠰᠤᠨ ᠴᠤᠪᠤᠷᠢᠭᠤᠯᠬᠤᠶᠠ ᠨᠠᠷᠠᠨ ᠤ᠋ ᠭᠡᠷᠡᠯ ᠳ᠋ᠦ᠍ᠷ ᠭᠢᠯᠪᠡᠯᠵᠡᠪᠡ᠃ ᠢᠯᠳᠠᠰᠢ ᠮᠥᠷᠡᠨ ᠦ ᠵᠠᠬ᠎ᠠ ᠬᠦᠷᠴᠦ ᠢᠯᠢ ᠶ᠋ᠢᠨ ᠪᠡᠢᠯᠡ ᠪᠠᠪᠤ ᠶ᠋ᠢ ᠣᠳᠣ ᠡᠭᠡᠲᠦᠭᠡᠢ ᠬᠡᠮᠡᠪᠡᠰᠦ ᠂ ᠪᠡᠢᠯᠡ ᠪᠠᠪᠤ ᠮᠥᠷᠭᠥᠵᠦ ᠠᠢᠯᠠᠳᠬᠠᠷᠤᠨ᠄
《ᠠᠷᠪᠠᠨ ᠬᠡᠳᠦᠨ ᠵᠢᠯ ᠴᠢᠩᠨᠠᠨ ᠬᠦᠰᠡᠵᠦ ᠠᠷᠠᠢ ᠰᠠᠶᠢ ᠠᠭᠤᠯᠵᠠᠨ ᠤᠴᠠᠷᠠᠭᠰᠠᠨ ᠦᠨᠡᠨ ᠪᠣᠭᠳᠠ ᠬᠠᠭᠠᠨ ᠠ᠋ᠴᠠ ᠠᠢᠳᠠᠷ ᠲᠠᠢᠲᠠᠷ ᠬᠡᠳᠦᠬᠡᠨ ᠡᠳᠦᠷ ᠬᠠᠮᠲᠤᠳᠴᠤ ᠰᠠᠯᠪᠠᠰᠤ ᠠᠯᠲᠠᠨ ᠳᠡᠯᠡᠬᠡᠢ ᠳ᠋ᠦ᠍ᠷ ᠠᠷᠪᠠᠨ ᠵᠦᠢᠯ ᠦ᠋ᠨ ᠡᠷ᠎ᠡ ᠶ᠋ᠢᠨ ᠪᠡᠶ᠎ᠡ ᠳ᠋ᠦ᠍ᠷ ᠪᠦᠷᠢᠳᠦᠭᠰᠡᠨ ᠭᠠᠪᠢᠶ᠎ᠠ ᠦᠭᠡᠢ ᠪᠣᠯᠤᠮᠤᠢ᠃ ᠪᠠᠷᠳᠠᠩ ᠬᠥᠭᠡᠷᠳᠡᠩ ᠪᠠᠪᠤ ᠪᠣᠭᠣᠯ ᠤ᠋ᠨ ᠪᠠᠭ᠎ᠠ ᠨᠡᠭᠦᠳᠡᠯ ᠦ᠋ᠨ ᠭᠡᠷᠭᠡᠢ ᠬᠥᠪᠡᠭᠦᠨ ᠤ ᠬᠥᠰᠬᠡ ᠬᠣᠷᠣᠭ᠎ᠠ ᠬᠥᠳᠡᠯᠵᠦ ᠮᠣᠷᠳᠠᠭᠰᠠᠭᠠᠷ ᠭᠤᠷᠪᠠᠨ ᠡᠳᠦᠷ ᠪᠣᠯᠪᠠ᠃ ᠬᠥᠮᠦᠨ ᠪᠦᠬᠦᠨ ᠬᠥᠮᠦᠨ ᠦ᠌ ᠡᠵᠡᠨ ᠲᠩᠷᠢ ᠶ᠋ᠢᠨ ᠬᠥᠪᠡᠬᠦᠨᠡ ᠲᠠᠭᠠᠯᠠᠮᠵᠢᠲᠠᠢ ᠦᠯᠦ ᠦᠵᠡᠭᠳᠡᠮᠦᠢ᠃ ᠪᠠᠪᠤ ᠨᠠᠳᠤᠷ ᠬᠡᠳᠦᠢᠪᠡᠷ ᠲᠤᠷᠪᠢ ᠮᠡᠷᠭᠡᠨ ᠦ᠌ ᠲᠣᠳᠣᠷᠬᠠᠢ ᠭᠡᠭᠡᠬᠡᠨ ᠪᠢᠯᠢᠭ ᠦ᠋ᠨ ᠨᠢᠳᠦ ᠦᠭᠡᠢ ᠪᠣᠯᠪᠠᠴᠤ᠂ ᠪᠠᠪᠤ ᠪᠣᠭᠣᠯ ᠡᠬᠡ ᠡᠴᠡ ᠲᠥᠷᠥᠵᠦ ᠡᠨᠡ ᠶᠢᠷᠲᠢᠨᠴᠦ ᠳ᠋ᠦ᠍ᠷ ᠥᠰᠦᠭᠰᠡᠭᠡᠷ ᠡᠵᠡᠨ ᠪᠣᠭᠳᠠ ᠶ᠋ᠢᠨ ᠮᠡᠲᠦ ᠬᠥᠮᠦᠨ ᠲᠥᠷᠥᠯᠬᠢᠲᠡᠨ ᠰᠠᠬᠢᠭᠤᠯᠰᠤᠨ ᠢ᠋ ᠣᠯᠵᠤ ᠦᠵᠡᠭᠡᠳᠦᠢ ᠴᠦ᠍ ᠪᠠᠢᠲᠤᠭᠠᠢ᠂ ᠵᠡᠭᠦᠳᠦᠨ ᠳ᠋ᠦ᠍ᠷ ᠮᠥᠨ ᠣᠷᠣᠭᠰᠠᠨ ᠦᠭᠡᠢ᠃ ᠡᠷᠳᠡᠨᠢ ᠮᠡᠲᠦ ᠡᠷ᠎ᠡ ᠪᠡᠶ᠎ᠡ ᠶ᠋ᠢ ᠡᠵᠡᠨ ᠦᠭᠡᠢ ᠭᠠᠵᠠᠷ ᠰᠢᠷᠭᠤᠨ ᠨᠠᠰᠤᠨ ᠢ᠋ ᠪᠠᠷᠠᠬᠤ ᠠᠨᠤ ᠦᠨᠡᠬᠡᠷ ᠬᠠᠢᠷᠠᠬᠠᠨ᠂ ᠡᠷᠬᠡᠪᠰᠢ ᠡᠵᠡᠨ ᠢ᠋ᠶ᠋ᠡᠨ ᠳᠠᠭᠠᠵᠤ ᠤᠯᠤᠰ ᠲᠤᠷ ᠬᠦᠷᠭᠡᠵᠦ ᠬᠡᠳᠦᠨ ᠵᠢᠯ ᠣᠢᠷᠠᠯᠴᠠᠭ᠎ᠠ ᠶᠠᠪᠤᠨ᠂ ᠬᠥᠮᠦᠨ ᠪᠣᠯᠤᠨ ᠲᠥᠷᠥᠭᠰᠡᠨ ᠭᠠᠪᠢᠶ᠎ᠠ ᠳ᠋ᠤᠷ ᠭᠦᠢᠴᠡᠳᠬᠡᠰᠦᠭᠡᠢ᠃》ᠬᠠᠭᠠᠨ ᠵᠠᠷᠯᠢᠭ ᠪᠣᠯᠤᠷᠤᠨ᠄
《ᠡᠨᠡ ᠣᠷᠣᠨ ᠢ᠋ ᠬᠡᠷᠬᠢᠮᠦᠢ ? 》ᠪᠠᠪᠤ ᠠᠢᠯᠠᠳᠬᠠᠷᠤᠨ :
《ᠡᠵᠡᠨ ᠪᠣᠭᠳᠠ ᠨᠢᠭᠡᠨᠲᠡ ᠵᠠᠯᠠᠷᠠᠨ ᠬᠦᠷᠴᠦ ᠢᠷᠡᠭᠰᠡᠨ ᠳ᠋ᠦ᠍ᠷ ᠵᠠᠭᠤᠨ ᠣᠨ ᠤ᠋ ᠵᠣᠪᠠᠯᠠᠩ ᠵᠦᠳᠡᠭᠦᠷᠢ ᠠᠯᠳᠠᠷᠠᠨ ᠤᠰᠠᠳᠴᠤ ᠵᠣᠬᠢᠷᠠᠨ ᠵᠢᠷᠭᠠᠬᠤ ᠶ᠋ᠢᠨ ᠴᠠᠭ ᠪᠣᠯᠵᠤᠬᠤᠢ᠃ ᠲᠦᠮᠡᠨ ᠳ᠋ᠦ᠍ᠷ ᠨᠢᠭᠡᠨ ᠲᠦᠭᠰᠢᠯ ᠦᠭᠡᠢ ᠪᠣᠯᠪᠠ 》ᠬᠡᠮᠡᠭᠰᠡᠨ᠎ᠡ ᠬᠠᠭᠠᠨ ᠡᠵᠡᠨ ᠶᠡᠬᠡᠳᠡ ᠪᠡᠶᠡᠰᠦᠨ ᠰᠠᠢᠰᠢᠶᠠᠵᠤ ᠦᠨᠡᠨ ᠦᠭᠡᠰ ᠦ᠋ᠨ ᠠᠯᠲᠠᠨ ᠤ᠋ ᠠᠮᠠᠨ ᠢ᠋ᠶ᠋ᠠᠷ ᠵᠠᠷᠯᠢᠭ ᠪᠣᠯᠤᠷᠤᠨ :
《ᠬᠤᠪᠢ ᠪᠠᠢᠬᠤ ᠬᠣᠲᠣᠩ᠂ ᠬᠣᠶᠠᠷ ᠦᠭᠡᠢ ᠰᠡᠳᠬᠢᠯᠲᠦ᠂ ᠬᠣᠯᠴᠢᠷᠭᠠᠨ ᠦᠭᠡᠢ ᠵᠠᠩᠲᠤ᠂ ᠬᠣᠢᠰᠢᠯᠠᠰᠢ ᠦᠭᠡᠢ ᠰᠢᠭᠤᠲᠠᠯᠳᠤ᠂ ᠬᠣᠴᠢ ᠦᠭᠡᠢ ᠬᠣᠲᠣᠩ᠂ ᠬᠤᠢᠬᠤᠷ ᠦᠭᠡᠢ ᠶᠠᠪᠤᠳᠠᠯᠲᠤ᠂ ᠬᠤᠳᠠᠯ ᠦᠭᠡᠢ ᠵᠣᠷᠢᠭᠲᠤ᠂ ᠬᠣᠣᠰ ᠦᠭᠡᠢ ᠪᠠᠭᠠᠲᠤᠷ᠃ 》ᠭᠡᠮᠡᠨ ᠰᠠᠢᠰᠢᠶᠡᠪᠠ᠊ᠢ᠃ ᠪᠡᠢᠯᠡ ᠪᠠᠪᠤ ᠴᠢᠩᠭᠢᠰ ᠬᠠᠭᠠᠨ ᠤ᠋ ᠬᠣᠨᠢᠨ ᠤ᠋ ᠳᠠᠯᠤ ᠶ᠋ᠢᠨ ᠲᠥᠯᠭᠡ ᠶ᠋ᠢᠨ ᠮᠡᠷᠭᠡᠨ ᠭᠡᠭᠡᠬᠡᠨ ᠢ᠋ ᠭᠠᠢᠬᠠᠨ ᠪᠢᠰᠢᠷᠡᠵᠦ ᠠᠢᠯᠠᠳᠬᠠᠷᠤᠨ :
《ᠲᠥᠯᠭᠡ ᠪᠡᠯᠭᠡ ᠶ᠋ᠢ ᠴᠥᠮ ᠬᠠᠭᠠᠨ ᠠᠳᠠᠯᠢ ᠲᠣᠳᠣᠷᠬᠠᠢ ᠦᠵᠡᠬᠦ ᠪᠥᠭᠡᠰᠦ᠂ ᠲᠥᠭᠡᠷᠢᠬᠦ ᠠᠯᠳᠠᠭᠳᠠᠬᠤ ᠬᠡᠷᠡᠭ ᠪᠠᠢᠵᠤ ᠪᠣᠯᠤᠮᠤᠢ ᠤᠤ ? ᠲᠦᠮᠡᠨ ᠵᠦᠢᠯ ᠦ᠋ᠨ ᠲᠥᠯᠭᠡ ᠳ᠋ᠦ᠍ᠷ ᠡᠷᠬᠡᠪᠰᠢ ᠡᠵᠡᠳ ᠪᠠᠢᠬᠤ ᠬᠡᠷᠡᠭᠲᠡᠢ᠂ ᠡᠵᠡᠳ ᠬᠤᠪᠢᠯᠭᠠᠨ ᠡᠩ ᠦ᠋ᠨ ᠠᠷᠠᠳ ᠪᠠ ᠡᠵᠡᠨ ᠪᠣᠭᠳᠠ ᠶ᠋ᠢ ᠨᠢᠭᠡᠨ ᠠᠳᠠᠯᠢ ᠠᠪᠠᠴᠢᠵᠤ ᠴᠢᠳᠠᠮᠤᠢ ᠤᠤ ? 》ᠬᠡᠮᠡᠭᠰᠡᠨ ᠳ᠋ᠦ᠍ᠷ ᠣᠯᠠᠨ ᠰᠠᠢᠳ ᠲᠦᠰᠢᠮᠡᠳ ᠨᠢᠭᠡᠨ ᠵᠡᠷᠭᠡ ᠬᠢᠷᠳ᠋ᠬᠢᠨ ᠰᠡᠩᠬᠡᠷᠡᠵᠦ᠂ ᠡᠨᠡ ᠬᠣᠲᠣᠩ ᠳ᠋ᠤᠷ ᠬᠤᠪᠢ ᠶ᠋ᠢᠨ ᠭᠠᠳᠠᠨ᠎ᠠ ᠣᠶᠤᠨ ᠲᠠᠢ ᠬᠡᠮᠡᠯᠳᠦᠪᠡᠢ᠃ ᠳᠣᠭᠲᠠᠩᠭᠤ ᠪᠠᠭᠠᠲᠤᠷ ᠳᠣᠲᠣᠷ᠎ᠠ ᠣᠷᠣᠵᠤ : ᠤᠯᠤᠰ ᠠ᠋ᠴᠠ ᠴᠡᠷᠢᠭ ᠦ᠋ᠨ ᠵᠢᠨᠦᠩ ᠢ᠋ ᠪᠠᠷᠠᠭᠤᠨ ᠲᠠᠩᠭᠤᠳ ᠲᠤᠷ ᠢᠯᠡᠭᠡᠭᠰᠡᠨ ᠱᠠᠩ ᠲᠠᠢᠹᠦ᠋ ᠥᠳᠥ ᠪᠡᠷ ᠨᠤᠭᠤᠯᠪᠤᠷᠢ ᠠᠢᠯᠠᠳᠬᠠᠨ ᠢᠷᠡᠵᠦᠬᠦᠢ ᠬᠡᠮᠡᠭᠰᠡᠨ᠎ᠡ ᠲᠠᠢᠽᠦ ᠴᠢᠩᠭᠢᠰ ᠬᠠᠭᠠᠨ ᠳᠠᠭᠤᠳᠠᠨ ᠪᠠᠷᠠᠭᠠᠯᠠᠭᠤᠯᠵᠤ ᠨᠤᠭᠤᠯᠪᠤᠷᠢ ᠶ᠋ᠢ ᠠᠢᠯᠠᠳᠪᠠᠰᠤ᠂ ᠦᠵᠡᠰᠡ ᠨᠢᠳᠤᠨᠤᠨ ᠨᠠᠮᠤᠷ ᠲᠠᠩᠭᠤᠳ ᠤᠯᠤᠰ ᠤ᠋ᠨ ᠵᠢᠨ ᠭᠦᠩᠵᠦ᠂ ᠤᠯᠤᠰ ᠲᠤᠷ ᠢ᠋ᠶ᠋ᠠᠨ ᠢᠷᠡᠭᠰᠡᠨ ᠬᠣᠭᠣᠷᠣᠨᠳᠣ᠂ ᠲᠢᠶᠠᠨ ᠱᠠᠨ ᠤ᠋ ᠪᠠᠷ᠎ᠠ ᠬᠥᠦᠯ ᠦ᠋ᠨ ᠤᠢᠭᠤᠷ ᠤᠯᠤᠰ ᠤ᠋ᠨ ᠡᠵᠡᠨ ᠦᠷᠭᠦᠩᠭᠡ᠂ ᠲᠠᠩᠭᠤᠳ ᠤᠯᠤᠰ ᠤ᠋ᠨ ᠰᠢᠩᠰᠠ ᠳᠠᠯᠠᠢ ᠶ᠋ᠢ ᠳᠠᠬᠢᠨ ᠳᠠᠪᠴᠢᠯᠠᠭᠰᠠᠨ ᠳ᠋ᠤᠷ ᠵᠢᠨ ᠭᠦᠩᠵᠦ ᠮᠥᠨ ᠬᠦ᠌ ᠥᠪᠡᠷᠦᠨ ᠪᠡᠶ᠎ᠡ ᠴᠡᠷᠢᠭ ᠢ᠋ ᠠᠪᠤᠨ ᠮᠣᠷᠳᠠᠵᠤ᠂ ᠨᠢᠭᠡᠨ ᠳᠡᠭᠡᠭᠦᠷ ᠥᠳᠥ ᠪᠡᠷ ᠮᠣᠩᠭᠣᠯ ᠤᠯᠤᠰ ᠤ᠋ᠨ ᠵᠢᠨᠦᠩ ᠮᠤᠬᠤᠯᠢ ᠳ᠋ᠤᠷ ᠭᠤᠶᠤᠴᠢᠯᠠᠨ ᠳᠡᠭᠡᠭᠰᠢ ᠤᠯᠠᠮᠵᠢᠯᠠᠨ ᠬᠠᠭᠠᠨ ᠡᠴᠢᠭᠡ ᠳ᠋ᠦ᠍ᠷ ᠠᠢᠯᠠᠳᠬᠠᠨ ᠭᠤᠶᠤᠴᠢᠯᠠᠵᠤ᠂ ᠳᠥᠷᠪᠡᠨ ᠲᠠᠢᠽᠢ ᠸᠠᠩ ᠨᠠᠷ ᠤ᠋ᠨ ᠨᠢᠭᠡᠨ ᠳ᠋ᠦ᠍ᠷ ᠢᠨᠤ ᠴᠡᠷᠢᠭ ᠥᠭᠴᠦ ᠳᠠᠷᠤᠯᠠᠯ ᠠ᠋ᠴᠠ ᠲᠡᠩᠬᠡᠷᠡᠭᠦᠯᠦᠮᠦ ᠬᠡᠮᠡᠭᠰᠡᠨ ᠲᠤᠯᠠ᠂ ᠵᠢᠨᠦᠩ ᠮᠤᠬᠤᠯᠢ ᠮᠥᠨ ᠬᠦ᠌ ᠴᠠᠭᠠᠲᠠᠢ ᠲᠠᠢᠽᠢ ᠪᠠᠷ ᠲᠡᠩᠬᠡᠷᠡᠭᠦᠯᠬᠦ ᠪᠣᠯᠪᠠᠤ ᠬᠡᠮᠡᠭᠰᠡᠨ ᠠᠵᠤᠭᠤ᠃ ᠬᠠᠭᠠᠨᠨ ᠤ᠋ ᠭᠡᠭᠡᠨ ᠡᠭᠦᠨ ᠦ᠌ ᠳᠣᠲᠣᠷ᠎ᠠ ᠭᠦᠨ ᠰᠠᠨᠠᠭᠠᠨ ᠪᠠᠢᠬᠤ ᠶ᠋ᠢ ᠲᠣᠯᠢᠯᠠᠵᠤ᠂ ᠳᠠᠷᠤᠢ ᠥᠳᠥ ᠲᠠᠢᠹᠦ᠋ ᠳ᠋ᠦ᠍ᠷ ᠵᠠᠷᠯᠢᠭ ᠡᠭᠦᠷᠦᠭᠦᠯᠦᠨ᠂ ᠳᠡᠳ᠋ ᠲᠠᠢᠽᠢ ᠴᠠᠭᠠᠲᠠᠢ ᠴᠢᠨ ᠸᠠᠩ ᠳ᠋ᠤᠷ ᠪᠠᠰᠠ ᠨᠢᠭᠡᠨ ᠲᠦᠮᠡᠨ ᠴᠡᠷᠢᠭ ᠨᠡᠮᠡᠨ ᠥᠭᠴᠦ ᠬᠠᠳᠠᠮ ᠤ᠋ᠨ ᠠᠮᠢᠳᠤᠷᠠᠯ ᠢ᠋ ᠣᠯᠭᠣᠭᠤᠯᠤᠨ ᠥᠭ᠂ ᠶᠡᠬᠡ ᠲᠠᠢᠽᠢ ᠴᠢᠨ ᠸᠠᠩ ᠵᠣᠴᠢ ᠶ᠋ᠢ ᠡᠮᠦᠨ᠎ᠡ ᠵᠠᠮ ᠢ᠋ᠶ᠋ᠠᠷ ᠴᠢᠦᠢ ᠴᠦ ᠯᠢᠦᠢ ᠶ᠋ᠢᠨ ᠬᠢᠳᠠᠨ ᠤᠯᠤᠰ ᠲᠤᠷ ᠣᠷᠣᠬᠤ ᠮᠥᠷ ᠢ᠋ ᠮᠥᠰᠬᠢᠵᠦ ᠤᠯᠤᠰ ᠲᠤᠷ ᠡᠬᠡ ᠭᠡᠮᠡᠨ ᠵᠠᠷᠯᠠᠨ ᠶᠠᠪᠤᠭᠤᠯᠤᠭᠠᠳ᠂ ᠬᠠᠭᠠᠨ ᠤ᠋ ᠭᠡᠭᠡᠨ ᠤᠯᠤᠰ ᠤ᠋ᠨ ᠵᠦᠭ ᠮᠣᠷᠳᠠᠨ ᠬᠥᠳᠡᠯᠪᠡ᠃
ᠲᠡᠨᠳᠡᠴᠡ ᠲᠠᠢᠹᠦ᠋ ᠥᠳᠥ ᠵᠠᠷᠯᠢᠭ ᠢ᠋ ᠡᠭᠦᠷᠦᠨ ᠵᠠᠭᠤᠨ ᠢᠯᠡᠭᠦᠦ ᠳᠠᠭᠠᠯᠲᠠ ᠪᠠᠨ ᠠᠪᠴᠤ᠂ ᠳᠡᠳ᠋ ᠲᠠᠢᠽᠢ ᠶ᠋ᠢᠨ ᠬᠥᠳᠡᠯᠦᠭᠡᠳᠦᠢ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠵᠠᠷᠯᠢᠭ ᠢ᠋ ᠲᠤᠰᠢᠶᠠᠭᠰᠠᠨᠠ ᠲᠠᠢᠽᠢ ᠴᠠᠭᠠᠲᠠᠢ ᠠᠯᠠᠰᠬᠢᠨ ᠪᠠᠶᠠᠷᠯᠠᠵᠤ ᠵᠠᠷᠯᠢᠭ ᠲᠤᠷ ᠮᠥᠷᠭᠥᠨ᠂ ᠡᠨᠡ ᠤᠳᠠᠭ᠎ᠠ ᠶ᠋ᠢᠨ ᠰᠢᠨ᠎ᠡ ᠳᠠᠭᠠᠭᠰᠠᠨ ᠴᠡᠷᠢᠭ ᠡᠴᠡ ᠨᠢᠭᠡᠨ ᠲᠦᠮᠡᠨ ᠴᠡᠷᠢᠭ ᠰᠢᠯᠭᠠᠨ ᠠᠪᠴᠤ ᠤᠳᠠᠭᠠᠨ ᠰᠠᠭᠤᠬᠤ ᠶᠡᠬᠡ ᠭᠡᠷ ᠤᠷᠲᠤᠲᠤ ᠬᠥᠰᠬᠡ ᠪᠡᠯᠡᠳᠬᠡᠨ᠂ ᠣᠯᠵᠠ ᠶ᠋ᠢ ᠠᠪᠴᠤ ᠪᠠᠷᠠᠭᠤᠨ ᠵᠦᠭ ᠮᠣᠷᠳᠠᠨ ᠠᠷᠪᠠᠭᠠᠳ ᠡᠳᠦᠷ ᠶᠠᠪᠤᠵᠤ᠂ ᠵᠠᠮ ᠤ᠋ᠨ ᠭᠣᠳᠣᠰ ᠲᠤᠷ ᠰᠢᠷᠬᠠᠢ ᠠᠢᠮᠠᠭ ᠤ᠋ᠨ ᠡᠵᠡᠨ ᠲᠣᠳᠢ ᠬᠡᠮᠡᠭᠴᠢ ᠳ᠋ᠦ᠍ᠷ ᠤᠴᠠᠷᠠᠪᠠᠢ᠃ ᠲᠡᠷᠡ ᠮᠥᠨ ᠲᠢᠶᠠᠨ ᠱᠠᠨ ᠠᠭᠤᠯᠠᠨ᠎ᠠ ᠴᠢᠦ ᠰᠢᠶᠠᠨ ᠬᠦ ᠳ᠋ᠦ᠍ᠷ ᠵᠣᠯᠭᠠᠷ᠎ᠠ ᠤᠳᠤᠮᠤᠢ᠃ ᠡᠨᠡ ᠪᠠᠷᠠᠭᠤᠨ ᠤ᠋ ᠵᠠᠮ ᠤ᠋ᠨ ᠰᠢᠩᠰᠡ ᠳᠠᠯᠠᠢ ᠶ᠋ᠢᠨ ᠤᠴᠢᠷ ᠪᠠ ᠨᠠᠷᠢᠨ ᠨᠢᠭᠤᠴᠠ ᠶᠠᠪᠤᠳᠠᠯ ᠢ᠋ ᠪᠢ ᠴᠥᠮ ᠮᠡᠳᠡᠮᠦᠢ᠃ ᠴᠢᠦ ᠰᠢᠶᠠᠨ ᠬᠦ ᠨᠠᠮᠠᠶ᠋ᠢ ᠮᠥᠨ ᠴᠢᠩᠭᠢᠰ ᠬᠡᠮᠡᠬᠦ ᠬᠠᠭᠠᠨ ᠳ᠋ᠤᠷ ᠬᠦᠴᠦᠨ ᠪᠠᠷᠢᠬᠤ ᠬᠤᠪᠢ ᠪᠣᠢ ᠭᠡᠮᠡᠨ ᠠᠷᠪᠠᠨ ᠣᠨ ᠤ᠋ ᠡᠮᠦᠨ᠎ᠡ ᠰᠤᠷᠭᠠᠵᠤ᠂ ᠡᠨᠡ ᠵᠢᠯ ᠪᠡᠶ᠎ᠡ ᠳ᠋ᠡᠭᠡᠨ ᠵᠣᠯᠭᠠᠷ᠎ᠠ ᠢᠷ᠎ᠡ᠂ ᠵᠠᠮ ᠤ᠋ᠨ ᠵᠠᠭᠤᠷ᠎ᠠ ᠪᠠᠰᠠ ᠴᠠᠭᠠᠨ ᠨᠡᠷᠡᠲᠦ ᠪᠠᠷᠠᠭᠤᠨ ᠰᠢ ᠢᠦᠢ ᠲᠢᠪ ᠦ᠋ᠨ ᠶᠡᠬᠡ ᠡᠵᠡᠨ ᠬᠠᠭᠠᠨ᠎ᠠ ᠠᠭᠤᠯᠵᠠᠮᠤᠢ ᠬᠡᠮᠡᠭᠰᠡᠨ ᠢᠨᠣ ᠯᠠᠪ ᠲᠠᠢᠽᠢ ᠴᠢᠮᠠᠶ᠋ᠢ ᠬᠡᠯᠡᠪᠡᠢ ᠶᠠ᠃ ᠪᠢ ᠳᠤᠷᠠᠲᠠᠶ᠎ᠠ ᠡᠮᠦᠨ᠎ᠡ ᠭᠠᠵᠠᠷᠴᠢ ᠪᠣᠯᠤᠨ ᠥᠷᠲᠡᠭᠡ ᠪᠡᠯᠡᠳᠬᠡᠰᠦ ᠭᠡᠮᠡᠨ ᠶᠣᠰᠣᠯᠠᠭᠰᠠᠨ ᠳ᠋ᠤᠷ ᠴᠠᠭᠠᠲᠠᠢ ᠲᠠᠢᠽᠢ ᠮᠠᠰᠢᠳᠠ ᠪᠡᠶᠡᠰᠦᠨ ᠠᠯᠲᠠᠨ ᠮᠥᠩᠭᠥᠨ ᠦ᠌ ᠰᠠᠪᠠ ᠰᠠᠭᠠᠯᠢᠲᠤ ᠬᠤᠷᠢᠮ ᠢ᠋ᠶ᠋ᠠᠷ ᠶᠡᠬᠡᠯ᠎ᠡ ᠬᠤᠷᠢᠮᠯᠠᠨ ᠰᠠᠢᠰᠢᠶᠠᠪᠠᠢ᠃ ᠡᠨᠡ ᠲᠣᠳᠢ ᠬᠡᠮᠡᠭᠴᠢ ᠶ᠋ᠢᠨ ᠲᠥᠷᠥᠭᠰᠡᠨ ᠢᠨᠤ ᠵᠦᠯᠭᠦᠭᠰᠡᠨ ᠬᠠᠰ᠂ ᠵᠥᠭᠡᠬᠡᠢ ᠶ᠋ᠢᠨ ᠲᠠᠷᠠᠭ ᠮᠡᠲᠦ ᠴᠣᠭ ᠭᠡᠷᠡᠯᠲᠡᠢ ᠲᠤᠯᠠ᠂ ᠲᠠᠢᠽᠢ ᠴᠠᠭᠠᠲᠠᠢ ᠡᠨᠡ ᠬᠥᠮᠦᠨ ᠮᠠᠨ ᠤ᠋ ᠤᠯᠤᠰ ᠲᠥᠷᠥ ᠳ᠋ᠦ᠍ᠷ ᠮᠠᠭᠠᠳ ᠨᠢᠭᠡᠨ ᠲᠤᠰᠠᠲᠠᠢ ᠭᠡᠮᠡᠨ ᠮᠠᠰᠢ ᠬᠠᠢᠷᠠᠯᠠᠨ ᠬᠠᠮᠲᠤ ᠠᠪᠤᠨ ᠶᠠᠪᠤᠪᠠᠢ᠃ ᠲᠡᠭᠦᠨᠴᠡ ᠲᠠᠢᠽᠦ ᠴᠢᠩᠭᠢᠰ ᠬᠠᠭᠠᠨ ᠤ᠋ ᠭᠡᠭᠡᠨ᠂ ᠶᠢᠰᠦᠨ ᠤᠭᠲᠤᠯᠭ᠎ᠠ ᠠᠷᠪᠠᠨ ᠬᠤᠷᠢᠮ ᠢ᠋ ᠠᠭᠤᠯᠵᠠᠭᠰᠠᠭᠠᠷ ᠤᠯᠤᠰ ᠲᠠᠭᠠᠨ ᠬᠦᠷᠴᠦ᠂ ᠵᠢᠪᠬᠤᠯᠠᠩ ᠪᠠᠯᠭᠠᠰᠤᠨ ᠤ᠋ ᠡᠮᠦᠨ᠎ᠡ ᠵᠢᠨᠦᠩ ᠮᠤᠬᠤᠯᠢ ᠵᠠᠩᠵᠤᠨ ᠪᠤᠭᠤᠷᠵᠢ ᠶᠤᠭᠠᠨ ᠬᠣᠶᠠᠷ ᠤ᠋ᠨ ᠭᠠᠷ ᠢ᠋ ᠪᠠᠷᠢᠵᠤ᠂ ᠵᠢᠨᠦᠩ ᠦ᠋ᠨ ᠵᠢᠭᠠᠯᠲᠠ᠂ ᠵᠠᠩᠵᠤᠨ ᠤ᠋ ᠵᠢᠳᠬᠦᠯᠭᠡ ᠣᠭᠲᠣ ᠡᠨᠳᠡᠭᠰᠡᠨ ᠦᠭᠡᠢ᠂ ᠵᠠᠭᠤᠨ ᠬᠤᠪᠢ ᠪᠠᠶᠠᠷᠲᠠᠢ ᠢᠷᠡᠪᠡ ᠪᠢ ᠭᠡᠮᠡᠨ ᠬᠣᠲᠣᠩ ᠤ᠋ᠨ ᠪᠡᠢᠯᠡ ᠪᠠᠪᠤ ᠶ᠋ᠢ ᠳᠠᠭᠤᠳᠠᠨ ᠵᠣᠯᠭᠠᠭᠤᠯᠵᠤ᠂ ᠡᠪᠦᠯ ᠦ᠋ᠨ ᠳᠤᠮᠳᠠᠳᠤ ᠰᠠᠷ᠎ᠠ ᠶ᠋ᠢᠨ ᠪᠢᠳᠡᠬᠦᠨᠡ ᠶᠡᠬᠡ ᠨᠡᠢᠰᠯᠡᠯ ᠳ᠋ᠡᠭᠡᠨ ᠪᠠᠭᠤᠲᠠᠯ᠎ᠠ᠂ ᠠᠬᠠᠮᠠᠳ ᠲᠠᠢᠽᠢ ᠵᠣᠴᠢ ᠮᠥᠨ ᠳᠠᠭᠠᠯᠳᠤᠭ᠎ᠠ ᠬᠦᠷᠴᠦ ᠢᠷᠡᠨ᠂ ᠴᠢᠦᠢ ᠴᠦ ᠯᠢᠦᠢ ᠶ᠋ᠢᠨ ᠬᠢᠳᠠᠨ ᠤᠯᠤᠰ ᠢ᠋ ᠳᠡᠪᠴᠢᠯᠡᠷᠡ ᠡᠴᠢᠭᠰᠡᠨ ᠢ᠋ ᠭᠦᠢᠴᠡᠵᠦ ᠪᠠᠢᠯᠳᠤᠨ ᠰᠠᠷᠨᠢᠭᠤᠯᠵᠤ᠂ ᠴᠢᠦᠢ ᠴᠦ ᠯᠢᠦᠢ ᠮᠦᠯᠰᠦᠨ ᠢ ᠴᠠᠪᠴᠢᠨ ᠣᠪᠣᠭᠠᠯᠠᠵᠤ ᠳᠣᠲᠣᠷ᠎ᠠ ᠰᠢᠷᠭᠤᠨ ᠨᠢᠭᠤᠵᠤ ᠭᠠᠷᠤᠨ ᠴᠡᠷᠢᠭ ᠦ᠋ᠨ ᠰᠡᠭᠦᠯ ᠳ᠋ᠦ᠍ᠷ ᠪᠣᠯᠵᠤ ᠵᠠᠢ ᠣᠯᠤᠨ ᠲᠠᠩᠭᠤᠳ ᠤᠯᠤᠰ ᠤ᠋ᠨ ᠵᠠᠬ᠎ᠠ ᠳ᠋ᠤᠷ ᠰᠢᠷᠭᠤᠨ ᠵᠠᠪᠬᠠᠪᠠ᠃ ᠵᠠᠭᠤᠨ ᠴᠡᠷᠢᠭ ᠦᠯᠡᠳᠡᠭᠡᠨ ᠲᠠᠩᠭᠤᠳ ᠤᠯᠤᠰ ᠠ᠋ᠴᠠ ᠨᠡᠭᠡᠭᠦᠯᠦᠨ ᠠᠪᠤᠷᠠ ᠢᠯᠡᠭᠡᠵᠦ ᠤᠷᠢᠳᠠ ᠵᠠᠷᠯᠢᠭ ᠢ᠋ ᠡᠭᠡᠭᠦᠯᠦᠷᠡ ᠢᠷᠡᠪᠡ ᠬᠡᠮᠡᠪᠡᠢ᠃ ᠡᠭᠥᠨᠴᠠ ᠬᠠᠭᠠᠨ ᠡᠵᠡᠨ ᠦ᠌ ᠬᠣᠯᠠᠳᠠᠬᠢ ᠲᠡᠢᠨ ᠡᠴᠡ ᠡᠭᠡᠭᠰᠡᠨᠡ ᠪᠠᠰᠠ ᠰᠢᠨᠡᠯᠡᠬᠦ ᠵᠢᠰᠢᠶᠡᠨ ᠦ᠌ ᠤᠴᠠᠷᠠᠯ ᠯᠤᠭ᠎ᠠ ᠲᠣᠬᠢᠶᠠᠯᠳᠤᠭᠰᠠᠨᠠ ᠶᠡᠬᠡ ᠬᠣᠯᠠᠬᠢ ᠰᠣᠯᠣᠩᠭᠣᠰ ᠤᠯᠤᠰ ᠤ᠋ᠨ ᠳᠡᠭᠡᠳᠦ ᠤᠷᠤᠭ ᠤ᠋ᠨ ᠪᠥᠬᠡ ᠴᠠᠭᠠᠨ ᠬᠠᠨ ᠠ᠋ᠴᠠ ᠲᠡᠷᠢᠭᠦᠯᠡᠨ ᠬᠣᠯᠠ ᠠᠢᠮᠠᠭ ᠤ᠋ᠳ ᠪᠦᠷᠢᠨ᠎ᠡ ᠴᠤᠭᠯᠠᠯᠴᠠᠨ ᠣᠨ ᠤ᠋ ᠰᠡᠭᠦᠯ ᠦ᠋ᠨ ᠬᠤᠷᠢᠮ ᠪᠠ ᠵᠢᠯ ᠦ᠋ᠨ ᠡᠬᠢᠨ ᠦ᠌ ᠪᠠᠶᠠᠷ᠎ᠠ ᠮᠥᠷᠭᠥᠷ᠎ᠡ ᠢᠷᠡᠵᠦ ᠴᠤᠭᠯᠠᠭᠰᠠᠨ ᠠᠨᠤ ᠂ ᠠᠯᠢ ᠠᠯᠢ ᠵᠢᠯ ᠡᠴᠡ ᠴᠦ᠍ ᠵᠤᠵᠠᠭᠠᠨ ᠪᠣᠯᠵᠤ᠂ ᠣᠯᠠᠩᠬᠢᠨ ᠵᠢᠰᠢᠶ᠎ᠠ ᠰᠢᠪᠠᠭ᠎ᠠ ᠶ᠋ᠢᠨ ᠣᠨ ᠵᠢᠯ ᠪᠤᠰᠤ ᠪᠣᠯᠪᠠᠴᠤ ᠬᠣᠯᠠ ᠤᠯᠤᠰ ᠢ᠋ ᠳᠠᠢᠯᠠᠨ᠂ ᠬᠣᠣᠷᠲᠤ ᠲᠣᠳᠣ ᠶ᠋ᠢ ᠲᠠᠰᠤᠯᠤᠨ ᠠᠷᠢᠯᠭᠠᠪᠠ ᠭᠡᠮᠡᠨ ᠪᠠᠶᠠᠷ ᠲᠤᠷ ᠥᠪᠡᠷ ᠥᠪᠡᠷ ᠢ᠋ᠶ᠋ᠡᠨ ᠬᠤᠷᠠᠯᠴᠠᠵᠤᠬᠤᠢ᠃ ᠨᠡᠩ ᠪᠠᠰᠠ ᠨᠠᠢ᠍ᠮᠠᠨ ᠤ᠋ ᠬᠦᠩ ᠲᠠᠢᠽᠢ ᠠᠯᠲᠠᠨᠱᠠᠭ᠎ᠠ ᠳᠠᠪᠠᠬᠤᠢ ᠬᠡᠰᠢᠭ ᠲᠣᠷ ᠮᠥᠷᠭᠥᠬᠦ ᠬᠡᠷᠡᠭᠲᠡᠢ ᠢᠨᠤ᠂ ᠳᠡᠭᠦᠨᠦ ᠦᠶᠡᠯᠢᠳ ᠠᠬ᠎ᠠ ᠴᠢᠦᠢ ᠴᠦ ᠯᠢᠦᠢ - ᠢᠦᠢ ᠬᠠᠭᠠᠨ ᠤ᠋ ᠬᠤᠸᠠᠩᠬᠡᠦ ᠶᠧ ᠯᠢᠦᠢ ᠱᠢ ᠬᠠᠲᠤᠨ ᠤ᠋ ᠲᠣᠳᠣ ᠳ᠋ᠤᠷ ᠮᠥᠷᠭᠥᠭᠳᠡᠵᠦ ᠦᠬᠦᠭᠰᠡᠨ ᠶᠠᠰᠤ ᠶ᠋ᠢ ᠲᠡᠳᠡᠨ ᠦ᠌ ᠶᠣᠰᠣᠲᠤ ᠠᠪᠰᠠᠨᠠ ᠠᠪᠰᠠᠯᠠᠭᠤᠯᠤᠨ ᠲᠦᠷ ᠪᠤᠯᠠᠭᠤᠯᠵᠤ᠂ ᠬᠣᠵᠢᠮ ᠴᠢᠦᠢ ᠴᠦ ᠯᠢᠦᠢ ᠶ᠋ᠢ ᠪᠠᠷᠢᠵᠤ ᠠᠯᠠᠪᠠᠰᠤ᠂ ᠬᠣᠶᠠᠷ ᠶᠠᠰᠤ ᠶ᠋ᠢ ᠨᠡᠢᠯᠡᠭᠦᠯ ᠬᠡᠮᠡᠭᠰᠡᠨ ᠵᠠᠷᠯᠢᠭ ᠢ᠋ᠶ᠋ᠠᠷ ᠪᠡᠢᠯᠡ ᠪᠠᠪᠤ ᠪᠠᠷ ᠰᠢᠳᠬᠡᠭᠦᠯᠵᠦ ᠲᠡᠭᠦᠨᠦ ᠦᠨᠳᠦᠰᠦ ᠢᠵᠠᠭᠤᠷ ᠢ ᠨᠢᠭᠦᠯᠡᠰᠬᠦᠢ ᠥᠷᠥᠰᠢᠶᠡᠪᠡ ᠭᠡᠮᠡᠨ ᠪᠢᠰᠢᠷᠡᠯ ᠦ᠋ᠨ ᠨᠢᠯᠪᠤᠰᠤᠨ ᠴᠤᠪᠤᠷᠢᠭᠤᠯᠤᠨ ᠬᠡᠰᠢᠭ ᠲᠣᠷ ᠮᠥᠷᠭᠥᠵᠦ ᠲᠣᠭᠲᠠᠩᠭᠤ᠂ ᠰᠦᠪᠡᠭᠡᠲᠡᠢ᠂ ᠪᠡᠢᠯᠡ ᠪᠠᠪᠤ ᠨᠠᠷ ᠲᠤᠷ ᠶᠡᠬᠡ ᠬᠤᠷᠢᠮ ᠡᠷᠭᠦᠨ ᠶᠣᠰᠣᠯᠠᠪᠠ᠃ ᠡᠨᠡ ᠢᠨᠤ ᠦᠶᠡᠯᠢᠳ ᠪᠡᠷᠭᠡᠨ ᠢ᠋ᠶ᠋ᠡᠨ ᠰᠠᠨᠠᠭᠰᠠᠨ ᠪᠤᠰᠤ᠂ ᠥᠪᠡᠷ ᠦ᠋ᠨ ᠡᠵᠡᠨ ᠶᠠᠪᠤᠭᠰᠠᠳ ᠤ᠋ᠨ ᠶᠠᠰᠤ ᠢᠵᠠᠭᠤᠷ ᠢ᠋ᠶ᠋ᠠᠨ ᠬᠦᠨᠳᠦ ᠦᠵᠡᠭᠰᠡᠨ ᠤᠴᠢᠷ ᠪᠣᠯᠠᠢ᠃ ᠶᠠᠯ᠎ᠠ ᠠᠨᠤ ᠶᠠᠯ᠎ᠠ᠂ ᠶᠣᠰᠣ ᠠᠨᠤ ᠶᠣᠰᠣ ᠬᠡᠮᠡᠭᠴᠢ ᠡᠨᠡ ᠮᠥᠨ᠃ ᠡᠨᠡ ᠬᠦ᠌ ᠰᠢᠷ᠎ᠠ ᠯᠤᠤ ᠵᠢᠯ ᠦ᠋ᠨ ᠰᠡᠭᠦᠯ ᠢ᠋ ᠢᠯᠳᠠᠰᠢ ᠶ᠋ᠢ ᠬᠣᠷᠢᠶᠠᠨ ᠲᠣᠳᠣ ᠶ᠋ᠢ ᠲᠣᠨᠢᠯᠭᠠᠭᠰᠠᠨ ᠢ᠋ᠶ᠋ᠠᠷ ᠲᠣᠪᠴᠢᠶᠠᠯᠠᠨ ᠬᠤᠷᠢᠶᠠᠵᠤ᠂ ᠣᠳᠣ ᠬᠣᠢᠲᠤ ᠣᠨ ᠤ᠋ ᠬᠤᠪᠢᠯᠤᠨ ᠬᠦᠷᠴᠦ ᠢᠷᠡᠬᠦ ᠰᠢᠷᠠᠭᠴᠢᠨ ᠮᠣᠭᠠᠢ ᠵᠢᠯ ᠦ᠋ᠨ ᠡᠬᠢᠨ᠎ᠡ᠂ ᠬᠤᠷᠠᠭᠰᠠᠨ ᠴᠢᠭᠤᠯᠭᠠᠨ ᠬᠤᠷᠠᠯ ᠨᠡᠩ ᠶᠡᠬᠡᠳᠴᠦ ᠶᠣᠰᠣᠯᠠᠯ ᠳᠦᠷᠢᠮ ᠬᠥᠷ ᠨᠠᠢᠷ᠂ ᠵᠢᠭᠰᠠᠭᠠᠯ ᠪᠠᠢᠷᠢᠯᠠᠯ ᠤ᠋ᠨ ᠬᠡᠪ ᠬᠠᠤᠯᠢ ᠶ᠋ᠢ ᠬᠡᠷᠬᠢᠨ ᠠᠷᠪᠠᠨ ᠬᠤᠪᠢ ᠶ᠋ᠢᠨ ᠲᠠᠲᠠᠵᠤ ᠳᠠᠷᠤᠨ ᠲᠣᠪᠴᠢᠶᠠᠯᠠᠨ ᠬᠤᠷᠢᠶᠠᠩᠭᠤᠢᠯᠠᠵᠤ ᠪᠠᠢᠲᠠᠯ᠎ᠠ ᠪᠠᠰᠠ ᠪᠠᠬᠠᠨ ᠨᠡᠮᠡᠭᠳᠡᠵᠦᠬᠦᠢ᠃
ᠲᠡᠳᠦᠢ ᠵᠠᠭᠤᠨ ᠲᠦᠰᠢᠮᠡᠳ ᠦ᠋ᠨ ᠳᠣᠲᠣᠷ᠎ᠠ ᠠ᠋ᠴᠠ ᠣᠯᠠᠨ ᠰᠡᠴᠡᠳ ᠰᠠᠢᠳ ᠤ᠋ᠳ ᠰᠢᠨᠵᠢᠵᠦ ᠣᠯᠤᠭᠰᠠᠨ ᠳᠥᠷᠪᠡᠨ ᠵᠦᠢᠯ ᠦ᠋ᠨ ᠪᠡᠯᠭᠡ ᠶ᠋ᠢ ᠠᠢᠯᠠᠳᠬᠠᠵᠤᠬᠤᠢ᠃ ᠶᠠᠮᠪᠠᠷ ᠪᠡᠯᠭᠡ ᠶ᠋ᠢ ᠳᠣᠣᠷᠠᠲᠤ ᠪᠦᠯᠦᠭ ᠲᠣᠷ ᠮᠡᠳᠡᠭᠳᠡᠬᠦᠢ᠃
ᠲᠠᠤᠯᠠᠢ ᠶ᠋ᠢᠨ ᠲᠣᠯᠣᠭᠠᠢ ᠮᠣᠭᠠᠢ ᠶ᠋ᠢᠨ ᠨᠢᠳᠦᠲᠦ
ᠲᠣᠳᠣ ᠵᠣᠯᠪᠢᠨ ᠤ᠋ ᠬᠣᠯᠴᠢᠷᠭᠠᠨ ᠬᠤᠢᠬᠤᠷ
ᠳᠣᠲᠣᠷ᠎ᠠ ᠮᠠᠭᠤᠲᠤ ᠢᠦᠢ ᠬᠠᠭᠠᠨ ᠠ᠋ᠴᠠ ᠬᠡᠲᠦᠷᠡᠬᠦ ᠪᠥᠭᠡᠲᠡᠯ᠎ᠡ
ᠲᠣᠯᠣᠭᠠᠢ ᠤᠷᠢᠳᠠ ᠦᠰᠦᠷᠪᠡ᠃
ᠲᠣᠭᠲᠠᠭᠰᠠᠨ ᠬᠡᠮᠵᠢᠶ᠎ᠡ ᠬᠡᠮᠡᠭᠴᠢ ᠬᠡᠴᠡᠭᠦᠦ ᠪᠠᠢᠨᠠᠮ᠃
ᠳᠤᠲᠠᠭᠠᠬᠤ ᠪᠢᠰᠢᠯᠭᠠᠯᠲᠤ ᠴᠢᠦᠢ ᠴᠦ ᠯᠢᠦᠢ ᠶ᠋ᠢ
ᠲᠤᠬᠠᠢᠲᠤ ᠰᠤᠳᠤᠷ ᠪᠤᠰᠤ ᠪᠤᠯᠠᠰᠠ
ᠪᠡᠶ᠎ᠡ ᠬᠠᠯᠬᠠᠯᠠᠬᠤ ᠤᠪᠠᠳᠢᠰᠲᠠᠢ ᠬᠡᠮᠡᠬᠦ ᠪᠥᠯᠥᠭᠡ᠃
ᠰᠢᠷ᠎ᠠ ᠯᠤᠤ ᠵᠢᠯ ᠠᠳᠠ ᠲᠡᠭᠦᠰᠦᠮᠦᠢ᠃ ᠬᠣᠢᠲᠤ ᠵᠢᠯ ᠠᠯᠲᠠᠨ ᠤᠯᠤᠰ ᠤ᠋ᠨ ᠸᠧᠢ ᠱᠣᠣ ᠸᠠᠩ᠂ ᠶᠦᠩ ᠵᠢᠢ ᠶ᠋ᠢᠨ ᠳᠡ ᠠᠨ ᠬᠡᠮᠡᠬᠦ ᠣᠨ ᠪᠣᠯᠤᠮᠤᠢ᠃
