ᠭᠦᠶᠦᠭ ᠬᠠᠭᠠᠨ ᠤ᠋ ᠲᠥᠷᠥ ᠶ᠋ᠢᠨ ᠲᠠᠮᠠᠭ᠎ᠠ ᠪᠠ ᠭᠦᠶᠦᠭ ᠬᠠᠭᠠᠨ ᠤ᠋ ᠪᠢᠴᠢᠭᠡᠰᠦГүюг хаан Ба Гүюг хааны бичээс ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠦᠶᠦᠭ ᠬᠠᠭᠠᠨ ᠤ᠋ ᠲᠥᠷᠥ ᠶ᠋ᠢᠨ ᠲᠠᠮᠠᠭ᠎ᠠ ᠪᠠ ᠭᠦᠶᠦᠭ ᠬᠠᠭᠠᠨ ᠤ᠋ ᠪᠢᠴᠢᠭᠡᠰᠦГүюг хаан Ба Гүюг хааны бичээс

ᠭᠦᠶᠦᠭ ᠬᠠᠭᠠᠨ ᠤ᠋ ᠲᠥᠷᠥ ᠶ᠋ᠢᠨ ᠲᠠᠮᠠᠭ᠎ᠠ ᠪᠠ ᠭᠦᠶᠦᠭ ᠬᠠᠭᠠᠨ ᠤ᠋ ᠪᠢᠴᠢᠭᠡᠰᠦГүюг хаан Ба Гүюг хааны бичээс

ᠠᠩᠭᠢᠯᠠᠯ:ᠲᠡᠦᠬᠡ ᠰᠣᠶᠣᠯ
2022-06-20

467

  1241 ᠣᠨ ᠳ᠋ᠤ᠌ ᠥᠭᠡᠳᠡᠢ ᠭᠡᠨᠡᠳᠲᠡ ᠨᠠᠰᠤ ᠪᠠᠷᠠᠵᠠᠢ᠂ ᠳᠠᠷᠠᠭ᠎ᠠ ᠵᠢᠯ ᠨᠢ ᠴᠠᠭᠠᠲᠠᠢ ᠡᠪᠡᠳᠴᠢᠨ ᠢ᠋ᠶ᠋ᠡᠷ ᠨᠠᠰᠤ ᠪᠠᠷᠠᠬᠤ ᠳ᠋ᠤ᠌ ᠴᠢᠩᠭᠢᠰ ᠬᠠᠭᠠᠨ ᠤ᠋ ᠵᠢᠩᠬᠢᠨᠢ ᠬᠡᠦᠬᠡᠳ ᠠᠯᠠᠭ᠎ᠠ ᠪᠣᠯᠤᠭᠰᠠᠨ ᠡᠵᠡᠨᠲᠦ ᠭᠦᠷᠦᠨ ᠳ᠋ᠦ᠍ ᠡᠷᠬᠡ ᠮᠠᠲᠠᠯ ᠤ᠋ᠨ ᠣᠷᠣᠨ ᠵᠠᠢ ᠡᠭᠦᠰᠴᠡᠢ᠃ ᠥᠭᠡᠳᠡᠢ ᠶ᠋ᠢᠨ ᠬᠠᠲᠤᠨ ᠳᠡᠷᠭᠦᠨ᠎ᠡ ᠮᠣᠩᠭᠣᠯ ᠤ᠋ᠨ ᠳᠠᠷᠤᠭ᠎ᠠ ᠶ᠋ᠢᠨ ᠬᠠᠭᠠᠨ ᠢ᠋ ᠰᠣᠩᠭᠣᠬᠤ ᠠᠵᠢᠯ ᠢ᠋ ᠬᠠᠷᠢᠭᠤᠴᠠᠵᠤ ᠪᠠᠢᠭᠰᠠᠨ ᠪᠣᠯᠪᠠᠴᠤ ᠠᠮᠢᠳᠤ ᠠᠬᠤᠢ ᠳ᠋ᠤ᠌ ᠪᠠᠨ ᠥᠭᠡᠳᠡᠢ ᠶ᠋ᠢᠨ ᠲᠣᠮᠢᠯᠠᠭᠰᠠᠨ ᠵᠠᠯᠭᠠᠮᠵᠢᠯᠠᠭᠴᠢ ᠰᠢᠯᠢᠶᠡᠮᠡᠨ ᠢ᠋ ᠦᠯᠦ ᠲᠣᠭᠣᠮᠰᠠᠷᠯᠠᠵᠤ᠂ ᠥᠪᠡᠷ ᠦ᠋ᠨ ᠬᠡᠦᠬᠡᠳ ᠭᠦᠶᠦᠭ ᠢ᠋ ᠭᠠᠷᠭᠠᠬᠤ ᠶ᠋ᠢ ᠣᠷᠣᠯᠳᠣᠭᠰᠠᠨ ᠲᠤᠯᠠ ᠰᠣᠩᠭᠣᠭᠤᠯᠢ ᠬᠣᠢᠰᠢᠯᠠᠵᠠᠢ ( ᠰᠢᠯᠢᠶᠡᠮᠡᠨ ᠪᠣᠯ 1236 ᠤ᠋ ᠳ᠋ᠤ᠌ ᠡᠮᠦᠨᠡᠲᠦ ᠰᠥᠩ ᠦ᠋ᠨ ᠲᠡᠢᠨ ᠦ᠌ ᠦᠶ᠎ᠡ ᠪᠡᠷ ᠨᠠᠰᠤ ᠪᠠᠷᠠᠭᠰᠠᠨ ᠭᠤᠷᠪᠠᠳᠠᠬᠢ ᠬᠦᠦ ᠪᠣᠯᠬᠤ ᠬᠣᠴᠤ ᠶ᠋ᠢᠨ ᠤᠤᠭᠠᠨ ᠬᠦᠦ ᠪᠥᠭᠡᠳ ᠥᠭᠡᠳᠡᠢ ᠲᠡᠭᠦᠨ ᠢ᠋ ᠨᠠᠰᠤ ᠪᠠᠷᠠᠬᠤ ᠠ᠋ᠴᠠ ᠡᠮᠦᠨ᠎ᠡ ᠵᠠᠯᠭᠠᠮᠵᠢᠯᠠᠭᠴᠢ ᠪᠠᠷ ᠲᠣᠮᠢᠯᠠᠵᠠᠢ)᠃ 1246 ᠣᠨ ᠳ᠋ᠤ᠌ ᠬᠤᠷᠠᠯᠳᠤᠵᠤ ᠡᠴᠦᠰ ᠲᠦ᠍ ᠨᠢ ᠭᠦᠶᠦᠭ ᠢ᠋ ᠬᠠᠭᠠᠨ ᠳ᠋ᠤ᠌ ᠡᠷᠭᠦᠮᠵᠢᠯᠡᠭᠰᠡᠨ ᠪᠣᠯᠪᠠᠴᠤ ᠭᠦᠶᠦᠭ ᠲᠡᠢ ᠳᠠᠭ᠎ᠠ ᠦᠭᠡᠢ ᠬᠠᠷᠢᠯᠴᠠᠭ᠎ᠠ ᠲᠠᠢ ᠪᠠᠢᠭᠰᠠᠨ ᠪᠠᠲᠤ ᠥᠪᠡᠷ ᠢ᠋ᠶ᠋ᠡᠨ ᠡᠪᠡᠳᠴᠢᠨ ᠲᠣᠰᠣᠭᠰᠠᠨ ᠭᠡᠵᠦ ᠶᠡᠬᠡ ᠬᠤᠷᠠᠯᠳᠠᠢ ᠣᠷᠣᠯᠴᠠᠭᠰᠠᠨ ᠦᠭᠡᠢ᠃ ᠡᠵᠡᠨ ᠬᠠᠭᠠᠨ ᠭᠦᠶᠦᠭ᠂ ᠪᠠᠷᠠᠭᠤᠨ ᠵᠦᠭ ᠦ᠋ᠨ ᠬᠦᠴᠦᠷᠬᠡᠭ ᠪᠠᠲᠤ ᠬᠣᠶᠠᠷ ᠤ᠋ᠨ ᠥᠷᠢᠰᠦᠯᠳᠦᠭᠡᠳ ᠨᠢ ᠡᠵᠡᠨᠲᠦ ᠭᠦᠷᠦᠨ ᠢ᠋ ᠲᠥᠷᠥ ᠬᠤᠪᠢᠶᠠᠬᠤ ᠠᠶᠤᠯ ᠳ᠋ᠤ᠌ ᠣᠷᠣᠭᠤᠯᠤᠭᠰᠠᠨ ᠪᠣᠯᠪᠠᠴᠤ ᠭᠦᠶᠦᠭ ᠬᠠᠭᠠᠨ ᠰᠢᠷᠡᠭᠡᠨ ᠳ᠋ᠦ᠍ ᠰᠠᠭᠤᠭᠰᠠᠨ ᠠ᠋ᠴᠠ ᠬᠣᠢᠰᠢ ᠶᠡᠷᠦᠳᠡᠭᠡᠨ ᠬᠣᠶᠠᠷ ᠵᠢᠯ ᠦ᠋ᠨ ᠳᠠᠷᠠᠭ᠎ᠠ 1248 ᠣᠨ ᠳ᠋ᠤ᠌ ᠨᠠᠰᠤ ᠪᠠᠷᠠᠵᠠᠢ᠃

ᠭᠦᠶᠦᠭ ᠬᠠᠭᠠᠨ ᠤ᠋ ᠲᠥᠷᠥ ᠶ᠋ᠢᠨ ᠲᠠᠮᠠᠭ᠎ᠠ

ᠮᠥᠩᠬᠡ ᠲᠩᠷᠢ ᠶ᠋ᠢᠨ

ᠬᠦᠴᠦᠨᠳᠦᠷ ᠶᠡᠬᠡ ᠮᠣᠩᠭᠣᠯ

ᠤᠯᠤᠰ ᠤ᠋ᠨ ᠳᠠᠯᠠᠢ ᠶ᠋ᠢᠨ 

ᠬᠠᠨᠤ ᠵᠠᠷᠯᠢᠭ ᠢ᠋ ᠪᠣᠯᠭᠠᠨ 

ᠢᠷᠭᠡᠨ ᠳ᠋ᠦ᠍ᠷ ᠬᠦᠷᠪᠡᠰᠦ

ᠪᠦᠰᠢᠷᠡᠲᠦᠭᠦᠶ ᠠᠶᠤᠲᠤᠭᠠᠢ

ᠭᠦᠶᠦᠭ ᠬᠠᠭᠠᠨ ᠤ᠋ ᠪᠢᠴᠢᠭᠡᠰᠦГүюг хаан Ба Гүюг хааны бичээс


ᠮᠥᠩᠬᠡ ᠲᠡᠭᠷᠢ ᠶ᠋ᠢᠨ ᠬᠦᠴᠦᠨ ᠳ᠋ᠦ᠍ᠷ ᠶᠡᠬᠡ ᠮᠣᠩᠭᠣᠯ ᠤᠯᠤᠰ ᠤ᠋ᠨ ᠠᠷᠠᠳ ᠤ᠋ᠨ ᠲᠠᠩᠭᠢᠰ ᠬᠠᠭᠠᠨ ᠤ᠋ ᠵᠠᠷᠯᠢᠭ᠂ ᠡᠨᠡ ᠪᠣᠯ ᠶᠡᠬᠡ ᠱᠠᠰᠢᠨ ᠤ᠋ ᠬᠠᠭᠠᠨ ᠳ᠋ᠤ᠌ ᠮᠡᠳᠡᠭᠦᠯᠬᠦ ᠶ᠋ᠢᠨ ᠲᠥᠯᠥᠭᠡ ᠶᠡᠬᠡ ᠱᠠᠰᠢᠨ ᠤ᠋ ᠬᠠᠭᠠᠨ ᠳ᠋ᠤ᠌ ᠬᠦᠷᠭᠡᠵᠦ ᠣᠴᠢᠭᠰᠠᠨ ᠵᠠᠷᠯᠢᠭ ᠤ᠋ᠨ ᠪᠢᠴᠢᠭ ᠪᠣᠯᠣᠨ᠎ᠠ ᠂ ᠭᠡᠷᠡᠯ (ᠬᠠᠭᠠᠨ ᠭᠡᠰᠡᠨ ᠤᠳᠬ᠎ᠠ ᠲᠠᠢ) ᠶ᠋ᠢᠨ ᠬᠠᠷᠢᠶᠠᠨ ᠨᠤᠲᠤᠭ ᠲᠣᠳᠣᠷᠠᠨ ᠁ ᠬᠤᠷᠠᠯᠳᠤᠭᠠᠨ ᠬᠢᠭᠰᠡᠨ ᠦ᠌ ᠰᠡᠭᠦᠯᠴᠢ ᠪᠡᠷ ᠲᠠᠨᠨᠤᠰ ᠮᠡᠬᠦᠰ ᠮᠢᠨᠦ ᠪᠠᠶᠠᠨ ᠢ᠋ ᠳᠠᠭᠠᠬᠤ ᠪᠠᠷ ᠭᠤᠶᠤᠴᠢᠯᠠᠵᠤ ᠪᠣᠢ᠂ ᠡᠭᠦᠨ ᠦ᠌ ᠲᠤᠬᠠᠢ ᠮᠡᠬᠦᠰ ᠪᠢ ᠲᠠᠨᠠᠷ ᠤ᠋ᠨ ᠡᠯᠴᠢᠨ ᠡᠴᠡ ᠰᠣᠨᠣᠰᠤᠭᠰᠠᠨ ᠤᠴᠢᠷ ᠪᠣᠯᠣᠨ᠎ᠠ ᠃ ᠭᠡᠲᠡᠯ᠎ᠡ ᠲᠠᠨᠠᠷ ᠶᠡᠬᠡ ᠬᠡᠮᠡᠭᠴᠢ ᠱᠠᠰᠢᠨ ᠤ᠋ ᠬᠠᠭᠠᠨ ᠬᠡᠮᠡᠭᠳᠡᠬᠦ ᠲᠠᠨᠤᠰ ᠬᠡᠷᠪᠡ ᠥᠪᠡᠷ ᠦ᠋ᠨ ᠢ᠋ᠶ᠋ᠡᠨ ᠬᠡᠯᠡᠭᠰᠡᠨ ᠶᠣᠰᠣᠭᠠᠷ ᠪᠣᠯᠬᠤ ᠬᠡᠮᠡᠪᠡᠰᠦ ᠲᠠᠨᠤᠰ ᠪᠠᠶᠠᠨ ᠢ᠋ᠶ᠋ᠠᠷ ᠮᠡᠬᠦᠰ ᠮᠢᠨᠦ ᠳᠡᠷᠭᠡᠳᠡ ᠢᠷᠡᠵᠦ ᠪᠠᠶᠠᠷᠯᠠᠨ ᠪᠠᠷᠢᠴᠠᠭ᠎ᠠ ᠡᠷᠭᠦᠬᠦ ᠶᠣᠰᠣᠲᠠᠢ ᠂ ᠲᠡᠭᠡᠬᠦ ᠦᠶ᠎ᠡ ᠳ᠋ᠦ᠍ ᠮᠡᠬᠦᠰ ᠪᠢ ᠲᠡᠷᠡᠬᠦ ᠴᠠᠭ ᠲᠤ᠌ ᠲᠠᠨᠠᠷ ᠲᠤ᠌ ᠵᠠᠰᠠᠭ ᠤ᠋ᠨ ᠬᠠᠤᠯᠢ ᠪᠠᠨ ᠰᠣᠨᠣᠰᠬᠠᠰᠤᠭᠠᠢ᠃ ᠴᠢᠨᠠᠭᠰᠢᠯᠠᠵᠤ ᠪᠠᠰᠠ ᠲᠠᠨᠤᠰ ᠮᠡᠬᠦᠰ ᠨᠡᠮᠡᠨ ᠢ᠋ ᠤᠬᠢᠶᠠᠯ ᠬᠦᠷᠲᠡᠬᠦ ᠶᠣᠰᠣᠲᠠᠢ ᠭᠡᠵᠦ ᠬᠡᠯᠡᠵᠦ ᠪᠠᠢᠨ᠎ᠠ᠃ ᠡᠨᠡ ᠴᠢᠨᠢ ᠰᠠᠢᠨ ᠪᠠᠢᠨ᠎ᠠ᠂ ᠲᠠᠨᠤᠰ ᠴᠣᠬᠣᠮ ᠨᠠᠳᠠ ᠳ᠋ᠤ᠌ ᠮᠡᠳᠡᠭᠳᠡᠵᠦ ᠨᠠᠳᠠ ᠳ᠋ᠤ᠌ ᠱᠠᠭᠠᠷᠳᠠᠯᠭ᠎ᠠ ᠲᠠᠯᠪᠢᠵᠤ ᠪᠠᠢᠨ᠎ᠠ᠂ ᠲᠠᠨᠤᠰ ᠤ᠋ᠨ ᠡᠨᠡ ᠮᠡᠲᠦ ᠶ᠋ᠢᠨ ᠱᠠᠭᠠᠷᠳᠠᠯᠭ᠎ᠠ ᠶ᠋ᠢ ᠮᠡᠬᠦᠰ ᠪᠢ ᠣᠢᠯᠭᠠᠬᠤ ᠦᠭᠡᠢ ᠪᠠᠢᠨ᠎ᠠ᠂ ᠲᠡᠷᠡᠴᠢᠯᠡᠨ ᠪᠠᠰᠠ ᠮᠡᠬᠦᠰ ᠨᠠᠳᠠ ᠳ᠋ᠤ᠌ ᠳᠠᠷᠠᠭᠠᠬᠢ ᠮᠡᠲᠦ ᠦᠭᠡ ᠶ᠋ᠢ ᠬᠡᠯᠡᠵᠦ ᠢᠯᠡᠭᠡᠭᠰᠡᠨ ᠪᠠᠢᠨ᠎ᠠ ᠄ ⟪ᠲᠠᠨᠠᠷ ᠮᠠᠵᠠᠷ ᠤ᠋ᠨ ᠪᠦᠬᠦᠯᠢ ᠬᠠᠷᠢᠶᠠᠨ ᠨᠤᠲᠤᠭ ᠪᠣᠯᠤᠨ ᠺᠢᠷᠢᠰᠲ᠋ᠠᠨ ᠤ᠋ ᠪᠦᠬᠦ ᠨᠤᠲᠤᠭ ᠢ᠋ ᠲᠠᠯᠬᠢᠭᠲᠠᠭᠤᠯᠵᠤ ᠪᠢᠳᠡ ᠨᠠᠷ ᠡᠭᠦᠨ ᠳ᠋ᠦ᠍ ᠰᠣᠴᠢᠪᠠ ᠂ ᠲᠠᠨᠤᠰ ᠶᠠᠮᠠᠷ ᠠᠯᠳᠠᠭ᠎ᠠ ᠭᠠᠷᠭᠠᠭᠰᠠᠨ ᠪᠣᠢ᠂ ᠡᠭᠦᠨ ᠢ᠋ ᠪᠡᠨ ᠨᠠᠳᠠ ᠬᠡᠯᠡᠰᠦᠭᠡᠢ⟫ ᠭᠡᠪᠡ᠃ ᠲᠠᠨᠤᠰ ᠤ᠋ᠨ ᠡᠨᠡᠬᠦ ᠦᠭᠡ ᠶ᠋ᠢ ᠮᠡᠬᠦᠰ ᠪᠢ ᠪᠦᠷᠢᠮᠦᠰᠦᠨ ᠣᠢᠯᠭᠠᠬᠤ ᠦᠭᠡᠢ ᠪᠠᠢᠨ᠎ᠠ᠂ ᠪᠤᠷᠬᠠᠨ ᠰᠠᠬᠢᠭᠤᠯᠰᠤᠨ ᠤ᠋ ᠵᠠᠷᠯᠢᠭ ᠢ᠋ ᠴᠢᠩᠭᠢᠰ ᠬᠠᠭᠠᠨ ᠪᠣᠯᠤᠨ ᠬᠠᠭᠠᠨ (ᠥᠭᠡᠳᠡᠢ) ᠲᠠᠨᠤᠰ ᠲᠤ᠌ ᠣᠢᠯᠠᠭᠤᠯᠬᠤ ᠭᠡᠰᠡᠨ ᠶᠦᠮ᠂ ᠬᠠᠷᠢᠨ ᠲᠡᠳᠡ ᠨᠠᠷ ᠰᠠᠬᠢᠭᠤᠯᠰᠤᠨ ᠤ᠋ ᠵᠠᠷᠯᠢᠭ ᠢ᠋ ᠰᠢᠲᠦᠬᠦ ᠦᠭᠡᠢ᠃ ᠴᠢᠨᠦ ᠬᠡᠯᠡᠳᠡᠭ ᠲᠡᠳᠡᠭᠡᠷ ᠬᠥᠮᠦᠰ ᠶᠡᠬᠡ ᠭᠡᠭᠴᠢ ᠬᠤᠷᠠᠯ ᠶᠠᠪᠤᠭᠳᠠᠭᠤᠯᠵᠤ ᠣᠮᠣᠷᠬᠠᠭ ᠪᠠᠷᠳᠠᠮ ᠢ᠋ᠶ᠋ᠠᠨ ᠬᠠᠷᠠᠭᠤᠯᠤᠨ ᠮᠡᠬᠦᠰ ᠮᠢᠨᠦ ᠡᠯᠴᠢᠳ ᠢ᠋ ᠬᠢᠳᠤᠭᠰᠠᠨ ᠪᠢᠯᠡ᠂ ᠡᠨᠡᠬᠦ ᠨᠤᠲᠤᠭ ᠳᠡᠭᠡᠷ᠎ᠡ ᠪᠠᠢᠭ᠎ᠠ ᠢᠷᠭᠡᠳ ᠢ᠋ ᠮᠥᠩᠬᠡ ᠶ᠋ᠢᠨ ᠰᠠᠬᠢᠭᠤᠯᠰᠤᠨ ᠬᠢᠳᠤᠵᠤ ᠰᠥᠨᠥᠭᠡᠭᠰᠡᠨ ᠪᠠᠢᠨ᠎ᠠ᠂ ᠰᠠᠬᠢᠭᠤᠯᠰᠤᠨ ᠤ᠋ ᠵᠠᠷᠯᠢᠭ ᠦᠭᠡᠢ ᠪᠣᠯᠪᠠᠰᠤ ᠶᠠᠮᠠᠷ ᠬᠥᠮᠦᠨ ᠭᠡᠳ ᠥᠪᠡᠷ ᠦ᠋ᠨ ᠬᠦᠴᠦᠨ ᠢ᠋ᠶ᠋ᠡᠷ ᠢ᠋ᠶ᠋ᠡᠨ ᠡᠳᠡᠨᠥᠰ ᠢ᠋ ᠲᠠᠯᠬᠢᠭᠲᠠᠭᠤᠯᠵᠤ ᠴᠢᠳᠠᠬᠤ ᠦᠭᠡᠢ᠃ ᠭᠡᠲᠡᠯ᠎ᠡ ᠲᠠᠨᠤᠰ ⟪ᠪᠢᠳᠡ ᠨᠠᠷ ᠪᠣᠯ ᠾᠷᠢᠰᠲ᠋ᠣᠰ ᠱᠠᠰᠢᠨᠲᠠᠨ ᠮᠥᠨ᠂ ᠪᠢᠳᠡ ᠨᠠᠷ ᠪᠤᠷᠬᠠᠨ ᠰᠠᠬᠢᠭᠤᠯᠰᠤᠨ ᠢ᠋ ᠰᠢᠲᠦᠳᠡᠭ᠂ ᠪᠢᠳᠡ ᠴᠢᠩ ᠰᠦᠵᠢᠭ ᠲᠡᠢ᠂ ᠭᠡᠲᠡᠯ᠎ᠡ ᠁⟫ ᠭᠡᠵᠦ ᠬᠡᠯᠡᠵᠦ ᠪᠠᠢᠪᠠ᠂ ᠪᠤᠷᠬᠠᠨ ᠰᠠᠬᠢᠭᠤᠯᠰᠤᠨ ᠶᠠᠮᠠᠷ ᠬᠥᠮᠦᠨ ᠢ᠋ ᠠᠭᠤᠴᠢᠯᠠᠵᠤ ᠶᠠᠮᠠᠷ ᠬᠥᠮᠦᠨ ᠦ᠌ ᠲᠥᠯᠥᠭᠡ ᠨᠢᠭᠦᠯᠡᠰᠦᠩᠭᠦᠢ ᠪᠡᠨ ᠬᠦᠷᠭᠡᠬᠦ ᠶ᠋ᠢ ᠲᠠᠨᠤᠰ ᠶᠠᠭᠠᠬᠢᠵᠤ ᠮᠡᠳᠡᠭᠰᠡᠨ ᠪᠣᠢ᠂ ᠲᠠᠨᠤᠰ ᠶᠠᠮᠠᠷ ᠤᠴᠢᠷ ᠠ᠋ᠴᠠ ᠡᠨᠡ ᠮᠡᠲᠦ ᠦᠭᠡ ᠶ᠋ᠢ ᠬᠡᠯᠡᠵᠦ ᠴᠢᠳᠠᠬᠤ ᠠᠵᠠᠢ᠃ ᠪᠤᠷᠬᠠᠨ ᠰᠠᠬᠢᠭᠤᠯᠰᠤᠨ ᠤ᠋ ᠬᠦᠴᠦᠨ ᠢ᠋ᠶ᠋ᠡᠷ ᠨᠠᠷᠠᠨ ᠮᠠᠨᠳᠤᠭᠰᠠᠨ ᠭᠠᠵᠠᠷ ᠠ᠋ᠴᠠ ᠨᠠᠷᠠᠨ ᠵᠢᠷᠭᠠᠬᠤ ᠣᠷᠣᠨᠬᠦᠷᠲᠡᠯ᠎ᠡ  ᠠᠯᠢᠪᠠ ᠨᠤᠲᠤᠭ ᠢ᠋ ᠪᠦᠷᠢᠮᠦᠰᠦᠨ ᠮᠡᠬᠦᠰ ᠨᠠᠳᠠ ᠳ᠋ᠤ᠌ ᠣᠯᠭᠣᠭᠰᠠᠨ ᠪᠠᠢᠨ᠎ᠠ᠂ ᠪᠤᠷᠬᠠᠨ ᠰᠠᠬᠢᠭᠤᠯᠰᠤᠨ ᠤ᠋ ᠵᠠᠷᠯᠢᠭ ᠪᠢᠰᠢ ᠪᠣᠯ ᠶᠠᠮᠠᠷ ᠬᠥᠮᠦᠨ ᠡᠭᠦᠨ ᠢ᠋ ᠪᠡᠶᠡᠯᠡᠭᠦᠯᠵᠦ ᠴᠢᠳᠠᠬᠤ ᠠᠵᠠᠢ᠂ ᠡᠳᠦᠭᠡ ᠲᠠᠨᠤᠰ ᠦᠨᠡᠨ ᠰᠡᠳᠬᠢᠯ ᠡᠴᠡ ᠪᠡᠨ ᠢᠩᠭᠢᠵᠦ ᠶᠠᠷᠢᠰᠤᠭᠠᠢ᠂ ⟪ᠪᠢᠳᠡ ᠨᠠᠷ ᠬᠠᠷᠢᠶᠠᠲᠤ ᠠᠯᠪᠠᠲᠤ ᠪᠣᠯᠵᠤ ᠪᠢᠳᠡ ᠨᠠᠷ ᠤ᠋ᠨ ᠬᠦᠴᠦᠨ ᠢ᠋ᠶ᠋ᠡᠨ ᠡᠷᠭᠦᠰᠦᠭᠡᠢ⟫ ᠬᠡᠮᠡᠭᠲᠦᠨ᠂ ᠲᠠᠨᠤᠰ ᠪᠠᠶᠠᠨ ᠢ᠋ᠶ᠋ᠠᠷ ᠢ᠋ᠶ᠋ᠠᠨ ᠲᠡᠷᠢᠭᠦᠯᠡᠨ ᠠᠯᠢᠪᠠ ᠪᠠᠨ ᠡᠷᠭᠦᠵᠦ ᠣᠯᠠᠨ ᠨᠣᠶᠠᠳ ᠤ᠋ᠨ ᠲᠡᠷᠢᠭᠦᠨ ᠳ᠋ᠦ᠍ ᠵᠣᠭᠰᠣᠵᠤ ᠮᠢᠨᠦ ᠳᠡᠷᠭᠡᠳᠡ ᠢᠷᠡᠵᠦ ᠮᠡᠬᠦᠰ ᠨᠠᠳᠠᠳᠤ ᠰᠢᠳᠠᠷᠯᠠᠵᠤ ᠠᠯᠪᠠᠲᠤ ᠪᠣᠯᠵᠤ ᠦᠭᠭᠦᠭᠲᠤᠨ᠂ ᠲᠡᠭᠡᠭᠰᠡᠨ ᠦᠶ᠎ᠡ  ᠳ᠋ᠦ᠍ ᠮᠡᠬᠦᠰ ᠪᠢ ᠲᠠᠨᠤᠰ ᠢ᠋ ᠠᠯᠪᠠᠲᠤ ᠬᠠᠷᠢᠶᠠᠲᠤ ᠭᠡᠮᠡᠨ ᠵᠥᠪᠰᠢᠶᠡᠷᠡᠬᠦ ᠪᠣᠯᠣᠨ᠎ᠠ᠂ ᠭᠡᠬᠦ ᠳ᠋ᠡᠭᠡᠨ ᠬᠡᠷᠪᠡ ᠲᠠᠨᠤᠰ ᠪᠤᠷᠬᠠᠨ ᠰᠠᠬᠢᠭᠤᠯᠰᠤᠨ ᠤ᠋ ᠵᠠᠷᠯᠢᠭ ᠢ᠋ ᠳᠠᠭᠠᠬᠤ ᠦᠭᠡᠢ ᠮᠡᠬᠦᠰ ᠮᠢᠨᠦ ᠵᠠᠷᠯᠢᠭ ᠠ᠋ᠴᠠ ᠵᠥᠷᠢᠴᠡᠳᠡᠭ ᠶᠦᠮ ᠪᠣᠯ ᠲᠠᠨᠤᠰ ᠳᠠᠷᠤᠢ ᠮᠡᠬᠦᠰ ᠮᠢᠨᠦ ᠳᠠᠢᠰᠤᠨ ᠪᠣᠯᠬᠤ ᠯᠠ ᠶᠣᠰᠣᠲᠠᠢ᠃ ᠡᠨᠡ ᠪᠣᠯ ᠮᠡᠬᠦᠰ ᠮᠢᠨᠦ ᠪᠠᠶᠠᠨ ᠠ᠋ᠴᠠ ᠲᠠᠨᠠᠷ ᠲᠤ᠌ ᠰᠡᠩᠬᠡᠷᠡᠭᠦᠯᠬᠦ ᠵᠦᠢᠯ ᠪᠣᠯᠣᠨ᠎ᠠ᠂ ᠬᠡᠷᠪᠡ ᠲᠠᠨᠤᠰ ᠡᠭᠦᠨ ᠡᠴᠡ ᠵᠥᠷᠢᠴᠡᠬᠦ ᠳ᠋ᠦ᠍ ᠬᠦᠷᠪᠡᠯ ᠮᠡᠬᠦᠰ ᠪᠢ ᠶᠠᠭᠤ ᠪᠣᠯᠬᠤ ᠶᠠᠮᠠᠷ ᠬᠡᠷᠡᠭ ᠡᠭᠦᠰᠬᠦ ᠶ᠋ᠢ ᠮᠡᠳᠡᠬᠦ ᠦᠭᠡᠢ᠂ ᠭᠠᠭᠴᠠᠬᠦ ᠪᠤᠷᠬᠠᠨ ᠰᠠᠬᠢᠭᠤᠯᠰᠤᠨ ᠣᠢᠯᠭᠠᠬᠤ ᠪᠠᠢᠬ᠎ᠠ ᠃ 

[ 1246 ᠣᠨ ᠤ᠋ 11ᠰᠠᠷᠠᠨ ᠶ᠋ᠢᠨ 3 ᠤ᠋ ᠡᠳᠦᠷ ᠡᠴᠡ11 ᠦ᠌ ᠡᠳᠦᠷ ] ᠰᠡᠺᠦᠴᠢᠲ᠋ᠤᠤᠷ᠋ᠤ ᠶ᠋ᠢᠨ ⟪ᠮᠣᠩᠭᠣᠯ ᠬᠠᠭᠠᠨᠲᠤ ᠤᠯᠤᠰ ᠪᠣᠯᠤᠨ ᠥᠷᠥᠨᠡᠳᠠᠬᠢᠨ⟫ ᠠ᠋ᠴᠠ ᠪᠠᠭᠤᠯᠭᠠᠪᠠ