ᠰᠠᠷᠠᠨ ᠭᠣᠸ᠎ᠠ ᠠᠪᠠᠬᠠᠢ ᠠ᠋ᠴᠠ ᠠᠰᠠᠭᠤᠬᠤ ᠠᠨᠤ ᠬᠡᠮᠡᠬᠦ ᠱᠠᠳ ᠰᠢᠯᠦᠭ – ᠶᠣᠨᠳᠣᠨ ᠤ ᠪᠢᠯᠢᠭ᠌ - ᠪᠠᠭᠠᠲᠤᠷ Саран гоо авхайгаас асуух ануу хэмээх шад шүлэг – Ёндоны Билиг - Баатар
ᠰᠠᠷᠠᠨ ᠭᠣᠸ᠎ᠠ ᠠᠪᠠᠬᠠᠢ ᠠ᠋ᠴᠠ ᠠᠰᠠᠭᠤᠬᠤ ᠠᠨᠤ ᠬᠡᠮᠡᠬᠦ ᠱᠠᠳ ᠰᠢᠯᠦᠭ
ᠳᠠᠪ ᠲᠡᠷᠭᠡᠯ ᠮᠢᠰᠢᠶᠡᠩᠬᠡᠨ ᠪᠠᠢᠭᠰᠠᠨ
ᠦᠵᠡᠰᠬᠦᠯᠡᠩᠲᠦ ᠰᠠᠷᠠᠨ ᠭᠤᠸ᠎ᠠ ᠲᠠ
ᠡᠨᠡᠦᠬᠡᠨ ᠬᠣᠷᠣᠮᠬᠠᠨ ᠳ᠋ᠤ᠌
ᠥᠨᠥ ᠰᠥᠨᠢ ᠪᠡᠷ
ᠬᠡᠪ ᠭᠡᠨᠡᠳᠲᠡᠬᠡᠨ ᠯᠡ
ᠶᠠᠭᠤᠨ ᠤ᠋ ᠤᠴᠢᠷ
ᠬᠡᠯᠲᠡᠭᠡᠢ ᠬᠣᠩᠬᠣᠢ ᠪᠣᠯᠤᠭ᠎ᠠ ᠶᠤᠮ ᠪᠣᠢ
᠁ ᠁
ᠢᠪᠡᠯᠡᠭᠡᠭᠰᠡᠨ ᠤᠭᠤᠷᠠᠭ ᠰᠦᠨ ᠲᠠᠨᠢ
ᠢᠯᠡᠭᠦᠦ ᠬᠤᠷᠳᠤᠨ ᠲᠤᠨᠲᠠᠷᠠᠭᠰᠠᠨ ᠤ᠋ ᠤᠤ
ᠠᠯᠢ ᠡᠰᠡᠪᠡᠯ ᠠ᠋
ᠠᠯᠢᠶᠠᠯᠠᠩᠬᠠᠨ ᠪᠠᠢᠭ᠎ᠠ ᠶᠤᠮ ᠤᠤ ᠳᠠ
ᠠᠯᠢᠪ᠂ ᠥᠴᠦᠬᠡᠨ ᠬᠥᠪᠡᠭᠦᠨ ᠪᠢ
ᠠᠷᠠᠢ ᠬᠡᠲᠦᠷᠬᠡᠢ ᠡᠷᠬᠡᠯᠡᠭᠰᠡᠨ ᠡᠴᠡ ᠤᠤ
ᠭᠡᠷᠡᠯᠯᠢᠭ ᠰᠦᠨ ᠢ᠋ ᠲᠠᠨᠢ ᠪᠢ
ᠳᠡᠩᠳᠡᠭᠦᠦ ᠰᠢᠨᠤᠯᠲᠠᠢ ᠬᠥᠬᠥᠭᠰᠡᠨ ᠡᠴᠡ ᠤᠤ
ᠲᠡᠭᠡᠭᠰᠡᠨ ᠰᠠᠨ ᠪᠣᠯ ᠠ᠋
ᠲᠡᠭᠷᠢ ᠲᠠ ᠬᠣᠶᠠᠭᠤᠯᠠ ᠪᠠᠨ
ᠲᠡᠨᠡᠭ ᠨᠠᠮ᠎ᠠ ᠶ᠋ᠢ ᠠᠭᠤᠴᠢᠯᠠ ᠠ᠋
ᠭᠤᠷᠪᠠᠨᠲᠠ ᠮᠥᠷᠭᠥᠨ ᠵᠠᠯᠪᠢᠷᠠᠩᠬᠠᠨ
ᠭᠤᠶᠤᠵᠤ ᠪᠠᠢᠨᠠᠮ ᠠ᠋
ᠲᠦᠰ! ᠲᠦᠰ! ᠲᠦᠰ!
ᠲᠦᠮᠡᠨ ᠵᠢᠸ᠎ᠠ ᠵᠢᠯ ᠢ᠋ᠶ᠋ᠡᠷ
ᠬᠣᠵᠢᠮ ᠤ᠋ᠨ ᠬᠣᠵᠢᠮ ᠳ᠋ᠠᠭᠠᠨ
ᠲᠠᠨ ᠤ᠋ ᠬᠢ ᠪᠠᠨ
ᠯᠤᠲᠤ ᠶᠡᠬᠡ ᠲᠣᠮᠣ ᠥᠨᠳᠥᠷ
ᠠᠴᠢ ᠬᠠᠢᠷ᠎ᠠ ᠶ᠋ᠢ ᠬᠠᠷᠢᠭᠤᠯᠤᠶ᠎ᠠ!
ᠲᠠᠯᠠᠷᠬᠠᠯ ᠤ᠋ᠨ ᠲᠠᠯᠠᠷᠬᠠᠯ!
ᠬᠦᠨᠳᠦᠳᠬᠡᠯ ᠦ᠋ᠨ ᠬᠦᠨᠳᠦᠳᠬᠡᠯ!
ᠳᠡᠪᠰᠢᠭᠦᠯᠦᠶ᠎ᠡ!! ᠲᠡᠪᠴᠢᠶᠡᠷᠢ ᠲᠡᠢ ᠁
ᠳᠡᠪᠰᠢᠭᠦᠯᠦᠶ᠎ᠡ!!!
2024᠂ 07᠂ 24᠃ 0᠄ 13 ᠮᠢᠨᠦ᠋ᠲ
ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ᠃
