ᠡᠬᠡ ᠣᠷᠣᠨ ᠢ᠋ᠶ᠋ᠠᠨ ᠵᠡᠭᠦᠳᠦᠯᠡᠭᠡᠳ ᠪᠢᠴᠢᠭᠰᠡᠨ ᠰᠢᠯᠦᠭ- ᠪᠢᠮᠪᠠᠵᠠᠪ ᠤ᠋ᠨ ᠬᠦᠷᠡᠯᠪᠠᠭᠠᠲᠤᠷЭх орноо зүүдлээд бичсэн шүлэг-Бямбажвын Хүрэлбаатар
ᠪᠢᠮᠪᠠᠵᠠᠪ ᠤ᠋ᠨ ᠬᠦᠷᠡᠯᠪᠠᠭᠠᠲᠤᠷ
— ᠰᠣᠶᠣᠯ ᠤ᠋ᠨ ᠭᠠᠪᠢᠶᠠᠲᠤ ᠵᠢᠳᠬᠦᠯᠲᠡᠨ᠂ ᠳ· ᠨᠠᠴᠤᠭᠳᠣᠷᠵᠢ ᠶ᠋ᠢᠨ ᠱᠠᠩᠨᠠᠯᠲᠤ
ᠭᠠᠩ ᠰᠢᠭ᠋ ᠬᠥᠬᠡ ᠠᠭᠤᠯᠠᠰ ᠢ᠋ᠶ᠋ᠠᠨ ᠠᠰᠠᠭᠠᠴᠢᠬᠠᠬᠤ ᠰᠢᠬᠠᠮ
ᠭᠠᠯ ᠮᠠᠨᠠᠯᠵᠠᠲᠠᠯᠠ ᠴᠠᠬᠢᠯᠭᠠᠨ ᠴᠠᠬᠢᠯᠵᠤ
ᠲᠩᠷᠢ ᠲᠡᠢ ᠰᠠᠢᠬᠠᠨ ᠳᠤᠤᠭᠠᠷᠳᠠᠭ
ᠲᠩᠷᠢ ᠶ᠋ᠢᠨ ᠳᠠᠭᠤᠤ ᠪᠠᠨ ᠰᠠᠨᠠᠵᠤ ᠪᠠᠢᠨ᠎ᠠ
ᠠᠭᠠᠳᠠᠷ ᠴᠢᠳᠬᠤᠬᠤ ᠳ᠋ᠤᠨᠢ ᠱᠠᠯᠪᠠ ᠨᠣᠷᠴᠤ
ᠠᠷᠭᠤᠮᠠᠭ ᠤ᠋ᠨ ᠵᠣ ᠳ᠋ᠤ᠌ ᠲᠠᠷᠴᠠᠭᠯᠠᠵᠤ ᠶᠠᠪᠤᠨ᠎ᠠ ᠠ᠋
ᠠᠯᠲᠠᠢ ᠥᠨᠳᠥᠷ ᠠᠭᠤᠯᠠᠰ ᠮᠢᠨᠢ ᠨᠠᠳᠠ ᠤᠷᠤᠭᠤ ᠬᠣᠰᠢᠭᠤᠷᠠᠨ ᠨᠡᠭᠦᠵᠦ
ᠠᠳᠤᠭᠤᠨ ᠤ᠋ ᠦᠨᠦᠷ ᠲᠡᠢ ᠰᠠᠯᠬᠢ ᠨᠠᠳᠠ ᠤᠷᠤᠭᠤ ᠡᠷᠭᠢᠨ ᠰᠠᠯᠬᠢᠯᠠᠵᠤ
ᠠᠢᠯ ᠤ᠋ᠨ ᠭᠠᠳᠠᠨᠠᠬᠢ ᠪᠣᠲᠣᠭᠣ ᠢᠨᠠᠭᠰᠢ ᠪᠠᠨ ᠬᠠᠷᠠᠨ ᠭᠤᠩᠭᠠᠨᠠᠵᠤ
ᠠᠩᠬᠢᠷᠲᠤ ᠭᠣᠣᠯ ᠤ᠋ᠨ ᠴᠡᠴᠡᠭ ᠢᠨᠠᠭᠰᠢ ᠪᠠᠨ ᠬᠠᠷᠠᠨ ᠭᠠᠩᠬᠤᠵᠤ ᠪᠠᠢᠨ᠎ᠠ ᠠ᠋
ᠳᠣᠲᠣᠷ᠎ᠠ ᠪᠠᠨ ᠪᠣᠳᠣᠳᠠᠭ ᠪᠦᠰᠡᠭᠦᠢ ᠶ᠋ᠢᠨ ᠮᠢᠨᠢ
ᠳᠣᠲᠣᠨᠣ ᠢᠨᠢᠶᠡᠮᠰᠦᠭᠯᠡᠯ ᠲᠣᠳᠣᠷᠠᠵᠤ
ᠳᠣᠯᠣᠭᠠᠨ ᠮᠢᠩᠭᠠᠨ ᠤ᠋ ᠴᠢᠨᠠᠳᠤ ᠳ᠋ᠠᠬᠢ
ᠳᠣᠷᠣᠨ᠎ᠠ ᠶ᠋ᠢᠨ ᠮᠣᠩᠭᠣᠯ ᠮᠢᠨᠢ ᠵᠡᠭᠦᠳᠦᠯᠡᠭᠳᠡᠵᠦ ᠪᠠᠢᠨ᠎ᠠ ᠠ᠋
ᠠᠮᠤᠭᠤᠯᠠᠩ ᠨᠠᠭᠤᠷ ᠠ᠋ᠴᠠ ᠨᠢᠰᠦᠭᠰᠡᠨ ᠬᠣᠣᠰ ᠬᠤᠨ ᠤ᠋
ᠠᠯᠳᠠᠯᠠᠨ ᠳᠡᠪᠢᠬᠦ ᠳᠠᠯᠠᠪᠴᠢᠨ ᠠ᠋ᠴᠠ ᠦᠰᠦᠷᠦᠭᠰᠡᠨ ᠤᠰᠤ
ᠬᠠᠴᠠᠷ ᠳᠡᠭᠡᠷ᠎ᠡ ᠮᠢᠨᠢ ᠤᠨᠠᠵᠤ
ᠬᠠᠯᠠᠭᠤᠨ ᠨᠣᠢᠷ ᠠ᠋ᠴᠠ ᠰᠡᠷᠡᠬᠦᠢ ᠳ᠋ᠦ᠍
ᠡᠵᠢ ᠶ᠋ᠢᠨ ᠢ᠋ᠶ᠋ᠡᠨ ᠡᠪᠦᠷ ᠲᠦ᠍ ᠡᠷᠬᠡᠯᠡᠭᠰᠡᠨ ᠮᠡᠲᠦ
ᠡᠬᠡ ᠣᠷᠣᠨ ᠳ᠋ᠠᠭᠠᠨ ᠲᠡᠪᠡᠷᠢᠭᠦᠯᠦᠭᠰᠡᠨ ᠪᠠᠢᠪᠠᠢ ᠠ᠋
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ᠄ ᠣᠳᠬᠠᠨᠰᠣ᠎ᠠ
