ᠶᠠᠫᠣᠨ ᠳ᠋ᠠᠬᠢ ᠨᠠᠢ᠍ᠮᠠᠨ ᠬᠣᠨᠣᠭ- ᠭ· ᠴᠢᠩᠪᠠᠭᠠᠲᠤᠷЯпон даахь найман хоног-Г·Чинбаатар
ᠭ· ᠴᠢᠩᠪᠠᠭᠠᠲᠤᠷ
2007 ᠣᠨ ᠤ᠋6 ᠳ᠋ᠤᠭᠠᠷ ᠰᠠᠷ᠎ᠠ ᠶ᠋ᠢᠨ21 ᠡᠴᠡ6 ᠳ᠋ᠤᠭᠠᠷ ᠰᠠᠷ᠎ᠠ ᠶ᠋ᠢᠨ29 ᠦ᠌ ᠡᠳᠦᠷ ᠪᠣᠯᠲᠠᠯ᠎ᠠ ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ( ᠪᠢᠳᠡᠨ ᠦ᠌ ᠠᠵᠢᠯ ᠳ᠋ᠤ᠌ ᠶᠡᠬᠡᠬᠡᠨ ᠲᠤᠰᠠ ᠬᠦᠷᠭᠡᠭᠰᠡᠨ ᠪᠠᠢᠭᠠᠯᠢ ᠶ᠋ᠢᠨ ᠰᠢᠨᠵᠢᠯᠡᠬᠦ ᠤᠬᠠᠭᠠᠨ ᠤ᠋ ᠳ᠋ᠣᠺᠲ᠋ᠣᠷ ᠬᠠᠷᠠᠨᠤᠳ ᠰᠠᠢᠨᠴᠣᠭᠲᠣ᠂ ᠡᠷᠳᠡᠮ ᠰᠢᠨᠵᠢᠯᠡᠭᠡᠨ ᠦ᠌ ᠳ᠋ᠣᠺᠲ᠋ᠣᠷ ᠪᠠ᠊· ᠪᠣᠯᠣᠳ᠂ ᠲᠡᠦᠬᠡ ᠶ᠋ᠢᠨ ᠤᠬᠠᠭᠠᠨ ᠤ᠋ ᠮᠠᠬᠢᠰᠲ᠋ᠸᠷ ᠮᠥᠩᠬᠡᠳᠡᠯᠭᠡᠷ ᠨᠠᠷ ᠲᠤ ᠴᠢᠩ ᠰᠡᠳᠬᠢᠯ ᠦ᠋ᠨ ᠲᠠᠯᠠᠷᠬᠠᠯ ᠳᠡᠪᠰᠢᠭᠦᠯᠦᠶ᠎ᠡ) ᠶ᠋ᠢᠨ ᠤᠷᠢᠯᠭ᠎ᠠ ᠪᠠᠷ ᠥᠪᠥᠷ ᠮᠣᠩᠭᠣᠯ ᠤ᠋ᠨ ᠲᠧᠯᠸᠢᠰ ᠬᠣᠷᠢᠶᠠᠨ ᠤ᠋ ᠬᠠᠰᠡᠷᠳᠡᠨᠢ᠂ ᠢᠯᠠᠯᠲᠠ ᠪᠢᠳᠡ ᠭᠤᠷᠪᠠᠭᠤᠯᠠ ᠠᠩᠬ᠎ᠠ ᠤᠳᠠᠭ᠎ᠠ ᠪᠠᠨ ᠶᠠᠫᠣᠨ ᠬᠡᠮᠡᠬᠦ ᠠᠷᠠᠯ ᠤ᠋ᠨ ᠤᠯᠤᠰ ᠲᠤ ᠰᠤᠷᠪᠤᠯᠵᠢᠯᠠᠭ᠎ᠠ ᠶ᠋ᠢᠨ ᠠᠵᠢᠯ ᠢ᠋ᠶ᠋ᠠᠷ ᠬᠦᠷᠦᠯ᠎ᠡ᠃ ᠬᠡᠳᠦᠢᠪᠡᠷ《ᠨᠠᠢ᠍ᠮᠠᠬᠠᠨ ᠬᠣᠨᠣᠭ ᠤ᠋ᠨ ᠠᠶᠠᠯᠠᠯ ᠠ᠋ᠴᠠ ᠶᠠᠷᠢᠮᠠᠷ ᠵᠦᠢᠯ ᠶᠠᠭᠤ ᠯᠠ ᠪᠠᠢᠬᠤ ᠪᠣᠢ》 ᠭᠡᠵᠦ ᠲᠠᠲᠠᠭᠠᠯᠵᠠᠵᠤ ᠠᠭᠰᠠᠨ ᠴᠤ᠌ ᠬᠠᠰᠢ ᠯᠠ ᠡᠨᠡ ᠪᠡᠰᠡᠷᠡᠭ ᠵᠣᠬᠢᠶᠠᠯ ᠢ᠋ᠶ᠋ᠠᠨ ᠡᠷᠢᠶᠡᠴᠢᠯᠡ᠃ ᠥᠩᠭᠡᠷᠡᠭᠰᠡᠨ ᠵᠠᠭᠤᠨ ᠵᠢᠯ ᠦ᠋ᠨ ᠲᠡᠦᠬᠡᠨ ᠳ᠋ᠦ᠍ ᠮᠣᠩᠭᠣᠯᠴᠤᠳ᠂ ᠲᠡᠷᠡ ᠲᠣᠰᠤᠮ ᠢ᠋ᠶ᠋ᠠᠨ ᠥᠪᠥᠷ ᠮᠣᠩᠭᠣᠯᠴᠤᠳ ᠶᠠᠫᠣᠨ ᠭᠦᠷᠦᠨ ᠳ᠋ᠦ᠍ ᠣᠯᠠᠨᠲᠠ ᠣᠴᠢᠵᠤ ᠪᠠᠢᠭᠰᠠᠨ ᠪᠠ ᠰᠡᠭᠦᠯ ᠦ᠋ᠨ ᠦᠶ᠎ᠡ ᠳ᠋ᠦ᠍ ᠪᠦᠷ ᠴᠦ᠍ ᠪᠥᠭᠡᠮ ᠢ᠋ᠶ᠋ᠡᠷ ᠢ᠋ᠶ᠋ᠡᠨ ᠣᠴᠢᠬᠤ ᠪᠣᠯᠤᠭᠰᠠᠨ ᠨᠢ ᠨᠠᠷᠠᠨ ᠤᠯᠤᠰ ᠤ᠋ᠨ ᠲᠤᠬᠠᠢ ᠪᠢᠳᠡᠨ ᠦ᠌ ᠨᠢᠳᠦᠨ ᠬᠠᠷᠠᠭ᠎ᠠ᠂ ᠴᠢᠬᠢᠨ ᠰᠣᠨᠣᠷ ᠢ᠋ ᠶᠡᠬᠡᠬᠡᠨ ᠳᠡᠯᠡᠭᠰᠡᠨ ᠶᠦᠮ᠃ ᠡᠢᠨ ᠬᠦ᠌ ᠲᠧᠭᠨᠢᠭ ᠦ᠋ᠨ ᠣᠳᠣᠬᠢᠴᠢᠯᠠᠯ ᠢ᠋ᠶ᠋ᠠᠷ ᠢ᠋ᠶ᠋ᠠᠨ ᠳᠡᠯᠡᠬᠡᠢ ᠳ᠋ᠦ᠍ ᠣᠷᠣᠢᠯᠠᠵᠤ ᠪᠠᠢᠭ᠎ᠠ ᠶᠠᠫᠣᠨ ᠭᠦᠷᠦᠨ ᠦ᠌ ᠲᠤᠬᠠᠢ ᠠᠯᠳᠠᠭ ᠣᠨᠣᠭ ᠣᠢᠯᠠᠭᠠᠭᠰᠠᠨ ᠢ᠋ᠶ᠋ᠠᠨ ᠲᠣᠪᠴᠢᠬᠠᠨ ᠶᠠᠷᠢᠬᠤ ᠶ᠋ᠢᠨ ᠳᠠᠭᠠᠤ ᠶᠠᠫᠣᠨ ᠳ᠋ᠤ᠌ ᠪᠠᠢᠭ᠎ᠠ ᠮᠣᠩᠭᠣᠯᠴᠤᠳ᠂ ᠶᠠᠫᠣᠨ ᠤ᠋ ᠮᠣᠩᠭᠣᠯᠴᠢ ᠡᠷᠳᠡᠮᠲᠡᠳ ᠢ᠋ ᠰᠤᠷᠪᠤᠯᠵᠢᠯᠠᠭᠰᠠᠨ ᠲᠦᠭᠦᠬᠡᠢ ᠰᠡᠳᠬᠢᠭᠳᠡᠯ ᠢ᠋ᠶ᠋ᠡᠨ ᠤᠩᠰᠢᠭᠴᠢ ᠲᠠ ᠪᠦᠬᠦᠨ ᠲᠡᠢ ᠪᠡᠨ ᠬᠤᠪᠢᠶᠠᠯᠴᠠᠰᠤ!
ᠨᠢᠭᠡ᠂ ᠶᠠᠫᠣᠨ ᠤ᠋ ᠣᠳᠣᠬᠢᠴᠢᠯᠠᠯ
《2000 ᠣᠨ ᠤ᠋ ᠪᠦᠷᠢᠳᠬᠡᠯ ᠢ᠋ ᠦᠨᠳᠦᠰᠦᠯᠡᠪᠡᠯ᠂ ᠶᠠᠫᠣᠨ ᠤ᠋ ᠲᠦᠮᠡᠨ ᠬᠥᠮᠦᠨ ᠳᠣᠳᠣᠮ ᠳ᠋ᠤ᠌109.3 ᠡᠷᠳᠡᠮᠲᠡᠨ ᠲᠡᠢ ᠪᠠᠢᠬᠤ ᠳ᠋ᠤ᠌ ᠠᠮᠧᠷᠢᠺᠠ ᠶ᠋ᠢᠨ ᠬᠢ ᠰᠠᠶᠢ10000᠄73.8 ᠯᠡ ᠪᠠᠢᠳᠠᠭ᠃2005 ᠣᠨ ᠪᠣᠯᠲᠠᠯ᠎ᠠ12 ᠶᠠᠫᠣᠨ ᠬᠥᠮᠦᠨ ᠨᠣᠪᠧᠯ ᠦ᠋ᠨ ᠱᠠᠩᠨᠠᠯ ᠲᠤᠰᠤᠭᠰᠠᠨ᠃ ᠳᠡᠯᠡᠬᠡᠢ ᠶ᠋ᠢᠨ500 ᠬᠦᠴᠦᠷᠬᠡᠭ ᠠᠵᠤ ᠠᠬᠤᠢᠯᠠᠯ ᠳᠣᠲᠣᠷ᠎ᠠ ᠶᠠᠫᠣᠨ ᠤ᠋ ᠬᠢ88 ᠪᠣᠢ᠃<2004 ᠣᠨ ᠤ᠋ ᠳᠡᠯᠡᠬᠡᠢ ᠶ᠋ᠢᠨ ᠠᠪᠯᠢᠭᠠᠯ ᠢ᠋ ᠡᠰᠡᠷᠭᠦᠴᠡᠬᠦ ᠮᠡᠳᠡᠭᠦᠯᠦᠯᠲᠡ> ᠶ᠋ᠢ ᠦᠨᠳᠦᠰᠦᠯᠡᠪᠡᠯ᠂ ᠶᠠᠫᠣᠨ ᠬᠠᠮᠤᠭ ᠤ᠋ᠨ ᠠᠷᠢᠭᠤᠨ ᠴᠢᠬᠡᠴᠢ30 ᠤᠯᠤᠰ ᠤ᠋ᠨ ᠨᠢᠭᠡᠨ ᠪᠣᠯᠵᠠᠢ》— ᠡᠨᠡ ᠳᠥᠬᠥᠮᠬᠡᠨ ᠪᠦᠷᠢᠳᠬᠡᠯ ᠶᠠᠫᠣᠨ ᠬᠡᠮᠡᠬᠦ ᠬᠥᠮᠦᠨ ᠣᠯᠠᠨ ᠲᠠᠢ᠂ ᠡᠬᠢ ᠪᠠᠶᠠᠯᠢᠭ ᠬᠣᠮᠰᠠ ᠵᠢᠵᠢᠭᠬᠡᠨ ᠤᠯᠤᠰ ᠤ᠋ᠨ ᠥᠨᠳᠥᠷ ᠬᠥᠭᠵᠢᠯ ᠢ᠋ ᠨᠢᠭᠡᠨ ᠬᠡᠮᠵᠢᠶᠡᠨ ᠳ᠋ᠦ᠍ ᠬᠠᠷᠠᠭᠤᠯᠵᠤ ᠴᠢᠳᠠᠬᠤ ᠮᠡᠲᠦ᠃ ᠶᠠᠫᠣᠨ ᠤ᠋ ᠲᠧᠭᠨᠢᠭ ᠦ᠋ᠨ ᠣᠳᠣᠬᠢᠴᠢᠯᠠᠯ ᠠᠯᠢ ᠵᠡᠷᠭᠡ ᠭᠡᠳᠡᠭ ᠢ᠋ ᠪᠦᠭᠦᠳᠡᠭᠡᠷ ᠢ᠋ᠶ᠋ᠡᠨ ᠮᠡᠳᠡᠵᠦ ᠪᠠᠢᠭ᠎ᠠ᠃ ᠶᠠᠫᠣᠨ ᠤ᠋ ᠲᠣᠤᠺᠢᠣ᠋ ᠪᠣᠯ ᠳᠡᠯᠡᠬᠡᠢ ᠶ᠋ᠢᠨ ᠬᠠᠮᠤᠭ ᠤ᠋ᠨ ᠶᠡᠬᠡ ᠬᠣᠲᠠ᠂ ᠬᠠᠷᠢᠶᠠᠨ ᠳ᠋ᠤᠨᠢ23 ᠣᠨᠴᠠᠭᠠᠢ ᠣᠷᠣᠨ᠂27 ᠵᠢᠵᠢᠭ ᠬᠣᠲᠠ ᠲᠠᠢ᠂2155 ᠺᠦᠸᠠᠳ᠋ ᠺᠢᠯᠣᠮᠧᠲ᠋ᠷ ᠲᠠᠯᠠᠪᠠᠢ ᠲᠠᠢ᠂ ᠲᠥᠪ ᠬᠣᠲᠠ ᠨᠢ1264 ᠲᠦᠮᠡᠨ ᠬᠥᠮᠦᠨ ᠲᠡᠢ᠂ ᠬᠠᠷᠢᠶ᠎ᠠ ᠲᠣᠭᠣᠷᠢᠭ ᠢ᠋ᠶ᠋ᠠᠨ ᠨᠡᠢᠯᠡᠭᠦᠯᠪᠡᠯ3400 ᠭᠠᠷᠤᠢ ᠲᠦᠮᠡᠨ ᠬᠥᠮᠦᠨ ᠲᠡᠢ᠃ ᠶᠠᠫᠣᠨ ᠤ᠋ ᠣᠳᠣᠬᠢᠴᠢᠯᠠᠯ ᠢ᠋ ᠵᠥᠪᠬᠡᠨ ᠵᠠᠮ ᠬᠠᠷᠢᠯᠴᠠᠭᠠᠨ ᠤ᠋ ᠬᠢᠨᠢ ᠴᠢᠬᠤᠯᠠ ᠪᠠᠭᠠᠵᠢ—《ᠰᠢᠨ ᠺᠠᠨ ᠰᠸᠨ》 ᠬᠡᠮᠡᠬᠦ ᠬᠤᠷᠳᠤᠨ ᠭᠠᠯᠲᠤ ᠪᠠᠷ ᠨᠢ ᠵᠢᠱ᠌ᠢᠶᠡᠯᠡᠬᠦ ᠳ᠋ᠦ᠍ ᠯᠡ ᠣᠢᠯᠠᠭᠠᠮᠵᠢᠲᠠᠢ᠃1964 ᠣᠨ ᠤ᠋10 ᠳ᠋ᠤᠭᠠᠷ ᠰᠠᠷ᠎ᠠ ᠶ᠋ᠢᠨ1 ᠳ᠋ᠦ᠍ ᠠᠰᠢᠭᠯᠠᠯᠲᠠ ᠳ᠋ᠤ᠌ ᠣᠷᠣᠬᠤ ᠦᠶ᠎ᠡ ᠶ᠋ᠢᠨ ᠬᠤᠷᠳᠤᠨ ᠭᠠᠯᠲᠤ ᠨᠢ ᠴᠠᠭ ᠳᠤ210km ᠳᠠᠪᠬᠢᠳᠠᠭ ᠢ᠋ᠶ᠋ᠠᠷ ᠢ᠋ᠶ᠋ᠠᠨ ᠳᠡᠯᠡᠬᠡᠢ ᠳ᠋ᠦ᠍ ᠣᠷᠣᠢᠯᠠᠵᠤ ᠪᠠᠢᠭᠰᠠᠨ᠃1975 ᠣᠨ ᠳ᠋ᠤ᠌ ᠳᠡᠯᠡᠬᠡᠢ ᠳᠡᠭᠡᠷᠡᠬᠢ ᠬᠠᠮᠤᠭ ᠤ᠋ᠨ ᠤᠷᠲᠤ ᠳᠠᠯᠠᠢ ᠳᠣᠣᠷᠠᠬᠢ ᠲᠡᠮᠦᠷ ᠵᠠᠮ ᠨᠡᠪᠲᠡᠷᠡᠭᠰᠡᠨ᠃1985 ᠣᠨ ᠳ᠋ᠤ᠌ ᠬᠤᠷᠳᠤᠨ ᠭᠠᠯᠲᠤ ᠶ᠋ᠢᠨ ᠬᠤᠷᠳᠤ ᠨᠢ240km᠂1990 ᠣᠨ ᠳ᠋ᠤ᠌275km᠂1997 ᠣᠨ ᠳ᠋ᠤ᠌《ᠬᠦᠰᠡᠯᠡᠩ500》 ᠨᠡᠷᠡᠮᠵᠢᠲᠦ ᠰᠢᠨ᠎ᠡ ᠬᠡᠯᠪᠡᠷᠢ ᠶ᠋ᠢᠨ ᠲᠡᠷᠭᠡᠨ ᠦ᠌ ᠬᠤᠷᠳᠤ ᠨᠢ300km᠂ ᠣᠷᠴᠢᠮ ᠠᠰᠢᠭᠯᠠᠯᠲᠠ ᠳ᠋ᠤ᠌ ᠣᠷᠣᠭᠰᠠᠨ ᠲᠡᠷᠭᠡᠨ ᠦ᠌ ᠬᠤᠷᠳᠤ ᠨᠢ340km ᠪᠣᠯᠤᠭᠰᠠᠨ ᠠᠵᠢ᠃ ᠬᠤᠷᠳᠤ ᠪᠣᠯ ᠨᠢᠭᠡᠨ ᠤᠯᠤᠰ ᠤ᠋ᠨ ᠬᠥᠭᠵᠢᠯᠲᠡ ᠶ᠋ᠢᠨ ᠴᠢᠬᠤᠯᠠ ᠨᠢᠭᠡᠨ ᠪᠡᠯᠭᠡ ᠲᠡᠮᠳᠡᠭ ᠃ ᠲᠣᠤᠺᠢᠣ᠋ ᠠᠴᠠ ᠣᠣᠰᠡᠷᠺᠡ ᠬᠦᠷᠬᠦ ᠳ᠋ᠦ᠍ ᠨᠡᠢᠲᠡ ᠶ᠋ᠢᠨ ᠮᠠᠰᠢᠨ ᠢ᠋ᠶ᠋ᠠᠷ ᠪᠦᠲᠦᠨ ᠰᠥᠨᠢ ᠶᠠᠪᠤᠭᠰᠠᠨ ᠪᠣᠯ ᠲᠣᠣᠺᠢᠣ᠋ ᠤᠷᠤᠭᠤ ᠪᠤᠴᠠᠬᠤ ᠳ᠋ᠠᠭᠠᠨ《ᠰᠢᠨ ᠺᠠᠨ ᠰᠸᠨ》 ᠬᠤᠷᠳᠤᠨ ᠭᠠᠯᠲᠤ ᠪᠠᠷ ᠬᠣᠶᠠᠷᠬᠠᠨ ᠴᠠᠭ ᠢᠯᠡᠭᠦᠦ ᠶᠠᠪᠤᠭᠰᠠᠨ ᠪᠢᠯᠡ᠃ ᠶᠠᠫᠣᠨ ᠤ᠋ ᠣᠳᠣᠬᠢᠴᠢᠯᠠᠯ ᠢ᠋ ᠲᠡᠨᠳᠡᠬᠢ ᠶ᠋ᠢᠨ ᠠᠥ᠋ᠲ᠋ᠣᠴᠢᠯᠠᠭᠰᠠᠨ ᠦᠢᠯᠡᠴᠢᠯᠡᠭᠡ᠂ ᠮᠠᠰᠢᠨ ᠲᠡᠷᠭᠡ᠂ ᠡᠯᠧᠺᠲ᠋ᠷᠣᠨ ᠡᠳ᠋ᠯᠡᠯ ᠢ᠋ᠶ᠋ᠡᠷ ᠨᠢ ᠪᠠᠰᠠ ᠬᠡᠮᠵᠢᠶᠡᠯᠡᠵᠦ ᠪᠣᠯᠤᠨ᠎ᠠ᠃ ᠣᠳᠣᠬᠢᠴᠢᠯᠠᠯ ᠤ᠋ᠨ ᠡᠢᠮᠦ ᠥᠨᠳᠥᠷ ᠬᠥᠭᠵᠢᠯ ᠲᠡᠢ ᠪᠡᠨ ᠵᠣᠬᠢᠴᠠᠵᠤ ᠨᠡᠢᠭᠡᠮ ᠦ᠋ᠨ ᠲᠢᠭᠯᠡᠮ᠂ ᠠᠮᠢᠳᠤᠷᠠᠯ ᠤ᠋ᠨ ᠪᠠᠲᠤᠯᠠᠭ᠎ᠠ᠂ ᠢᠷᠭᠡᠳ ᠦ᠋ᠨ ᠬᠢᠨᠢ ᠪᠣᠯᠪᠠᠰᠤᠷᠠᠯ ᠴᠤ ᠮᠠᠰᠢ ᠥᠨᠳᠥᠷ ᠲᠦᠪᠰᠢᠨ ᠳ᠋ᠦ᠍ ᠪᠠᠢᠭ᠎ᠠ ᠶ᠋ᠢ ᠪᠢᠳᠡ ᠪᠠᠬᠠᠷᠬᠠᠵᠤ ᠶᠠᠪᠤᠯ᠎ᠠ᠃ ᠶᠠᠫᠣᠨ ᠳ᠋ᠤ᠌ ᠬᠤᠯᠠᠭᠠᠢ ᠵᠡᠯᠡᠭᠡᠢ ᠴᠥᠭᠡᠨᠲᠡᠢ᠂ ᠬᠠᠭᠤᠷᠮᠠᠭ ᠮᠠᠭᠤ ᠲᠠᠸᠠᠷ ᠦᠭᠡᠢ᠂ ᠢᠯᠠᠩᠭᠤᠶ᠎ᠠ ᠢᠳᠡᠭᠡᠨ ᠦ᠌ ᠪᠠᠲᠤᠯᠠᠭ᠎ᠠ ᠰᠠᠢᠲᠠᠢ( ᠢᠳᠡᠭᠡᠨ ᠤᠮᠳᠠᠭᠠᠨ ᠤ᠋ ᠴᠢᠨᠠᠷ ᠴᠢᠨᠰᠠᠭ᠎ᠠ ᠶ᠋ᠢᠨ ᠣᠯᠠᠨ ᠤᠯᠤᠰ ᠤ᠋ᠨISO9002 ᠵᠡᠷᠭᠡ ᠪᠠᠷᠢᠮᠵᠢᠶ᠎ᠠ ᠪᠠᠢᠳᠠᠭ ᠪᠣᠯᠪᠠᠴᠤ ᠶᠠᠫᠣᠨ ᠤ᠋ ᠪᠠᠷᠢᠮᠵᠢᠶ᠎ᠠ ᠡᠭᠦᠨ ᠡᠴᠡ ᠴᠤ ᠥᠨᠳᠥᠷ ᠱᠠᠭᠠᠷᠳᠠᠯᠭ᠎ᠠ ᠲᠠᠢ ᠪᠠᠢᠳᠠᠭ ᠠᠵᠢ)᠂ ᠴᠡᠪᠡᠷ ᠲᠠᠩᠰᠤᠭ ᠪᠠᠢᠳᠠᠭ ᠨᠢ ᠦᠨᠡᠬᠡᠷ ᠰᠡᠳᠬᠢᠯ ᠳ᠋ᠦ᠍ ᠥᠶᠥᠭ ᠪᠠᠢᠯ᠎ᠠ᠃ ᠶᠠᠫᠣᠨ ᠤ᠋ ᠴᠠᠭᠠᠨ ᠢᠳᠡᠭᠡᠨ ᠦ᠌ ᠨᠢᠭᠡ ᠲᠣᠮᠣ ᠺᠣᠮᠫᠠᠨᠢ ᠰᠦ ᠪᠡᠨ ᠥᠳᠬᠡᠷᠡᠭᠦᠯᠬᠦ ᠭᠡᠵᠦ ᠬᠠᠭᠤᠷᠠᠢ ᠰᠦ ᠬᠣᠯᠢᠭᠠᠳ( ᠬᠥᠮᠦᠨ ᠦ᠌ ᠪᠡᠶ᠎ᠡ ᠳ᠋ᠦ᠍ ᠬᠣᠣᠷᠳᠠᠯᠭ᠎ᠠ ᠦᠭᠡᠢ ᠪᠣᠯᠪᠠᠴᠤ) ᠰᠡᠷᠡᠭᠳᠡᠭᠰᠡᠨ ᠢ᠋ᠶ᠋ᠡᠷ ᠲᠠᠮᠪᠠᠷᠠᠭᠰᠠᠨ᠃ ᠮᠢᠬ᠎ᠠ ᠪᠣᠷᠣᠯᠠᠭᠤᠯᠳᠠᠭ ᠨᠢᠭᠡ ᠲᠣᠮᠣ ᠺᠣᠮᠫᠠᠨᠢ ᠡᠳ᠋ᠰᠢᠭᠦᠯᠦᠭᠰᠡᠨ ᠮᠠᠯ ᠤ᠋ᠨ ᠮᠢᠬᠠᠨ ᠳ᠋ᠠᠭᠠᠨ ᠲᠠᠬᠢᠶᠠᠨ ᠮᠢᠬ᠎ᠠ ᠬᠣᠯᠢᠭᠠᠳ ᠮᠥᠨ ᠰᠡᠷᠡᠭᠳᠡᠭᠡᠳ ᠲᠠᠮᠪᠠᠷᠠᠭᠰᠠᠨ ᠭᠡᠵᠦ ᠲᠡᠨᠳᠡᠬᠢ ᠮᠣᠩᠭᠣᠯᠴᠤᠳ ᠶᠠᠷᠢᠵᠤ ᠪᠠᠢᠯ᠎ᠠ᠃ ᠬᠠᠷᠢᠨ ᠣᠷᠴᠢᠮ ᠤ᠋ᠨ ᠬᠤᠭᠤᠴᠠᠭᠠᠨ ᠳ᠋ᠤ᠌ ᠦᠢᠮᠡᠵᠦ ᠪᠣᠢ ᠳᠤᠮᠳᠠᠳᠤ ᠤᠯᠤᠰ ᠤ᠋ᠨ ᠰᠦᠨ ᠲᠠᠯᠬ᠎ᠠ ᠶ᠋ᠢᠨ ᠬᠣᠣᠷᠳᠠᠯᠭ᠎ᠠ ᠶ᠋ᠢᠨ ᠬᠡᠷᠡᠭ ᠲᠦ᠍ ᠬᠣᠯᠪᠣᠭᠳᠠᠭᠰᠠᠨ ᠲᠣᠮᠣ ᠲᠣᠮᠣ ᠰᠦᠨ ᠦ᠌ ᠺᠣᠮᠫᠠᠨᠢ ᠬᠡᠷᠪᠡ ᠶᠠᠫᠣᠨ ᠳ᠋ᠤ᠌ ᠪᠠᠢᠭᠰᠠᠨ ᠪᠣᠯ ᠠᠯᠢ ᠬᠡᠵᠢᠶᠡᠨ ᠦ᠌ ᠡᠭᠦᠳᠡ ᠪᠡᠨ ᠬᠠᠭᠠᠵᠤ᠂ ᠬᠠᠷᠢᠭᠤᠴᠠᠯᠭ᠎ᠠ ᠲᠠᠢ ᠬᠥᠮᠦᠰ ᠨᠢ ᠶᠠᠯ᠎ᠠ ᠬᠦᠯᠢᠶᠡᠬᠦ ᠪᠠᠢᠭᠰᠠᠨ ᠠᠵᠢ᠃ ᠭᠡᠪᠡᠴᠦ《ᠠᠯᠢ ᠠᠯᠢ ᠺᠣᠮᠫᠠᠨᠢ ᠳᠣᠣᠷ᠎ᠠ ᠪᠠᠨ ᠵᠠᠬ᠎ᠠ ᠳᠡᠭᠡᠷ᠎ᠡ ᠪᠠᠢᠭ᠎ᠠ ᠪᠠᠷᠠᠭ᠎ᠠ ᠪᠠᠨ ᠬᠤᠷᠢᠶᠠᠯ᠎ᠠ》 ᠭᠡᠵᠦ ᠶᠠᠭ ᠯᠠ ᠲᠡᠳᠡᠭᠡᠷ ᠺᠣᠮᠫᠠᠨᠢ ᠨᠤᠭᠤᠳ ᠭᠠᠪᠢᠶ᠎ᠠ ᠲᠠᠢ ᠮᠡᠲᠦ ᠪᠡᠷ ᠷᠠᠳᠢᠣ᠋ ᠲᠧᠯᠸᠢᠰ ᠢ᠋ᠶ᠋ᠡᠷ ᠤᠬᠠᠭᠤᠯᠵᠤ ᠪᠠᠢᠭ᠎ᠠ ᠶ᠋ᠢ ᠬᠠᠷᠠᠭᠠᠳ ᠦᠨᠡᠬᠡᠷ ᠭᠠᠢᠬᠠᠰᠢ ᠠᠯᠳᠠᠮᠠᠷ᠃
ᠴᠠᠬᠢᠯᠭᠠᠨ ᠱᠠᠲᠤ ᠪᠠᠷ ᠥᠭᠰᠥᠬᠦ ᠳ᠋ᠦ᠍ ᠲᠣᠤᠺᠢᠣ᠋ ᠳ᠋ᠤ᠌ ᠪᠣᠯ ᠵᠡᠭᠦᠨ ᠭᠠᠷ ᠲᠠᠯ᠎ᠠ ᠪᠠᠨ ᠳᠠᠭᠠᠵᠤ ᠵᠣᠭᠰᠣᠵᠤ᠂ ᠤᠤᠰᠠᠺᠠ ᠳ᠋ᠤ᠌ ᠪᠣᠯ ᠪᠠᠷᠠᠭᠤᠨ ᠭᠠᠷ ᠲᠠᠯ᠎ᠠ ᠪᠠᠨ ᠳᠠᠭᠠᠵᠤ ᠵᠣᠭᠰᠣᠵᠤ᠂ ᠠᠰᠠᠷ ᠤ᠋ᠨ ᠭᠤᠳᠤᠮᠵᠢ ᠪᠠᠷ ᠶᠠᠪᠤᠬᠤ ᠳ᠋ᠤ᠌ ᠬᠡᠷᠡᠮ ᠳᠠᠭᠠᠵᠤ ᠶᠠᠪᠤᠬᠤ ᠵᠡᠷᠭᠡ ᠪᠡᠷ ᠳᠦᠷᠢᠮᠵᠢᠭᠰᠡᠨ ᠪᠠᠢᠳᠠᠭ ᠨᠢ ᠶᠠᠭᠠᠷᠠᠤ ᠶᠠᠪᠤᠭ᠎ᠠ ᠬᠥᠮᠦᠰ ᠲᠡᠭᠡᠨ ᠵᠠᠢ ᠲᠠᠯᠪᠢᠵᠤ ᠪᠠᠢᠭ᠎ᠠ ᠤᠴᠢᠷ ᠲᠠᠢ ᠠᠵᠢ᠃ ᠵᠠᠮ ᠤ᠋ᠨ ᠳᠦᠷᠢᠮ ᠦ᠋ᠨ ᠰᠠᠬᠢᠯᠭ᠎ᠠ ᠰᠠᠢᠲᠠᠢ᠂ ᠤᠨᠤᠭ᠎ᠠ ᠲᠠᠢ᠂ ᠶᠠᠪᠠᠭᠠᠨ ᠶᠠᠮᠠᠷ ᠴᠤ ᠬᠥᠮᠦᠨ ᠤᠯᠠᠭᠠᠨ ᠳ᠋ᠧᠩ ᠦ᠋ᠨ ᠳᠦᠷᠢᠮ ᠵᠥᠷᠢᠴᠡᠨ᠎ᠡ ᠭᠡᠵᠦ ᠦᠭᠡᠢ᠃ ᠨᠢᠰᠦ ᠨᠢᠯᠪᠤᠰᠤ ᠪᠠᠨ ᠳᠤᠷ᠎ᠠ ᠪᠠᠷ ᠴᠡᠪᠡᠷᠯᠡᠬᠦ᠂ ᠥᠨᠴᠥᠭ ᠪᠤᠯᠤᠩ ᠳ᠋ᠤ᠌ ᠪᠡᠶ᠎ᠡ ᠵᠠᠰᠠᠬᠤ᠂ ᠬᠣᠭ ᠨᠣᠪᠰᠢ ᠪᠠᠨ ᠬᠠᠮᠢᠶ᠎ᠠ ᠦᠭᠡᠢ ᠬᠠᠶᠠᠬᠤ᠂ ᠡᠨᠳᠡ ᠲᠡᠨᠳᠡ ᠦᠭᠡᠢ ᠲᠠᠮᠠᠬᠢ ᠲᠠᠲᠠᠬᠤ ᠵᠡᠷᠭᠡ ᠵᠠᠪᠠᠭᠠᠨ ᠵᠠᠩᠰᠢᠯ ᠬᠠᠷᠠᠭᠳᠠᠬᠤ ᠦᠭᠡᠢ᠃ ᠨᠣᠬᠠᠢ ᠬᠥᠲᠥᠯᠦᠭᠰᠡᠨ ᠬᠥᠮᠦᠰ ᠬᠤᠰᠤᠭᠤᠷ᠂ ᠤᠭᠤᠲᠠ ᠬᠡᠵᠢᠶᠡᠳᠡ ᠪᠡᠯᠡᠨ ᠶᠠᠪᠤᠵᠤ᠂ ᠨᠣᠬᠠᠢ ᠨᠢ ᠪᠠᠭᠠᠪᠠᠯ ᠳᠣᠣᠷᠠᠬᠠᠨ ᠢ᠋ᠶ᠋ᠠᠨ ᠬᠤᠰᠤᠵᠤ ᠴᠡᠪᠡᠷᠯᠡᠨ᠎ᠡ᠃ ᠵᠠᠮ ᠠᠰᠠᠭᠤᠬᠤ ᠳ᠋ᠤ᠌ ᠬᠡᠨ ᠨᠢ ᠴᠦ᠍ ᠭᠡᠳ ᠳᠤᠷᠠᠲᠠᠶ᠎ᠠ ᠵᠢᠭᠠᠵᠤ ᠥᠭᠬᠦ ᠪᠥᠭᠡᠳ ᠪᠤᠳᠤᠯᠢᠭᠰᠠᠨ ᠲᠣᠬᠢᠶᠠᠯᠳᠤᠯ ᠳ᠋ᠤ᠌ ᠪᠦᠷ ᠵᠠᠮ ᠳᠠᠭᠠᠭᠤᠯᠵᠤ ᠥᠭᠭᠦᠨ᠎ᠡ᠃ ᠬᠣᠭᠣᠯᠠᠨ ᠭᠡᠷ ᠡᠴᠡ ᠪᠤᠰᠤᠳ ᠨᠡᠢᠲᠡ ᠶ᠋ᠢᠨ ᠲᠠᠯᠠᠪᠠᠢ ᠳ᠋ᠤ᠌ ᠥᠨᠳᠥᠷ ᠳᠠᠭᠤᠨ ᠢ᠋ᠶ᠋ᠠᠷ ᠶᠠᠷᠢᠵᠤ ᠦᠢᠮᠡᠯᠳᠦᠨ᠎ᠡ ᠭᠡᠵᠦ ᠦᠭᠡᠢ᠃ ᠮᠠᠨ ᠤ᠋ ᠬᠢᠨ ᠦ᠌ ᠬᠤᠷᠠᠯ ᠬᠤᠢ᠂ ᠦᠳᠡᠰᠢᠯᠡᠭᠡ ᠠᠭᠤᠯᠵᠠᠯᠲᠠ ᠶ᠋ᠢᠨ ᠬᠡᠳᠦᠢ ᠳ᠋ᠦ᠍ ᠴᠦ᠍ ᠳᠤᠤᠭᠠᠷᠤᠭᠠᠳ ᠪᠠᠢᠳᠠᠭ ᠭᠠᠷ ᠤᠲᠠᠰᠤᠨ ᠤ᠋ ᠴᠢᠬᠢᠷ᠎ᠡ ᠲᠡᠢ ᠳᠠᠭᠤ ᠴᠤ ᠦᠯᠦ ᠰᠣᠨᠣᠰᠳᠠᠳᠠᠭ ᠨᠢ ᠥᠪᠡᠷ ᠦ᠋ᠨ ᠢ᠋ᠶ᠋ᠡᠨ ᠲᠥᠯᠥᠭᠡ ᠪᠤᠰᠤᠳ ᠤ᠋ᠨ ᠨᠠᠮ ᠲᠠᠢᠪᠤᠩ ᠢ᠋ ᠡᠪᠳᠡᠬᠦ ᠪᠣᠯ ᠮᠣᠷᠠᠯ ᠦᠭᠡᠢ ᠶᠠᠪᠤᠳᠠᠯ ᠭᠡᠵᠦ ᠣᠢᠯᠠᠭᠠᠳᠠᠭ ᠤ᠋ᠨ ᠬᠢ ᠠᠵᠢ᠃ ᠶᠠᠫᠣᠨ ᠪᠣᠯ ᠳᠡᠯᠡᠬᠡᠢ ᠳᠡᠭᠡᠷ᠎ᠡ ᠣᠯᠠᠨ ᠨᠡᠢᠲᠡ ᠶ᠋ᠢᠨ ᠮᠡᠳᠡᠭᠡᠯᠡᠯ ( ᠠᠩᠭ᠌ᠯᠢ ᠪᠠᠷPublic ᠭᠡᠳᠡᠭ᠃ ᠡᠢᠮᠦᠷᠬᠦᠦ ᠮᠡᠳᠡᠭᠡᠯᠡᠯ ᠨᠢ ᠵᠠᠰᠠᠭ ᠠ᠋ᠴᠠ ᠮᠥᠩᠭᠥ ᠠᠪᠬᠤ ᠦᠭᠡᠢ᠂ ᠵᠠᠷ ᠨᠡᠪᠲᠡᠷᠡᠭᠦᠯᠬᠦ ᠦᠭᠡᠢ᠃ ᠬᠠᠷᠢᠨ ᠦᠵᠡᠭᠴᠢ᠂ ᠰᠣᠨᠣᠰᠤᠭᠴᠢ ᠠ᠋ᠴᠠ ᠪᠠᠨ ᠵᠣᠬᠢᠬᠤ ᠰᠦᠢᠳᠬᠡᠯ ᠬᠤᠷᠢᠶᠠᠵᠤ ᠡᠷᠬᠢᠯᠡᠳᠡᠭ ᠪᠣᠯᠬᠣᠷ ᠢ᠋ᠶ᠋ᠠᠨ ᠵᠥᠪᠬᠡᠨ ᠲᠡᠳᠡᠨ ᠦ᠌ ᠪᠠᠨ ᠯᠠ ᠲᠥᠯᠥᠭᠡ ᠦᠭᠡ ᠬᠡᠯᠡᠳᠡᠭ ᠣᠨᠴᠠᠯᠢᠭ ᠲᠠᠢ᠃ ᠣᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠠ᠋ᠴᠠ ᠣᠯᠠᠨ ᠨᠡᠢᠲᠡ ᠶ᠋ᠢᠨ ᠮᠡᠳᠡᠭᠡᠯᠡᠯ ᠢ᠋ ᠤᠯᠤᠰ ᠪᠣᠯᠭᠠᠨ ᠬᠥᠭᠵᠢᠭᠦᠯᠵᠦ᠂ ᠢᠷᠭᠡᠳ ᠦ᠋ᠨ ᠡᠷᠬᠡ ᠠᠰᠢᠭ ᠲᠤ ᠦᠢᠯᠡᠴᠢᠯᠡᠬᠦ ᠬᠡᠷᠡᠭᠲᠡᠢ ᠭᠡᠰᠡᠨ ᠵᠢᠭᠠᠯᠲᠠ ᠪᠣᠢ) ᠬᠠᠮᠤᠭ ᠤ᠋ᠨ ᠬᠥᠭᠵᠢᠯ ᠲᠡᠢ ᠤᠯᠤᠰ ᠤ᠋ᠨ ᠨᠢᠭᠡᠨ᠃ ᠶᠡᠷᠦᠩᠬᠡᠢ ᠰᠠᠢᠳ ᠢ᠋ ᠪᠠᠭᠲᠠᠭᠠᠭᠰᠠᠨ ᠪᠦᠬᠦ ᠲᠤᠰᠢᠶᠠᠯᠲᠠᠳ ᠢ᠋ ᠲᠧᠯᠸᠢᠰ ᠢ᠋ᠶ᠋ᠡᠷ ᠰᠢᠭᠦᠮᠵᠢᠯᠡᠬᠦ ᠨᠢ ᠶᠡᠷᠦᠳᠡ ᠶ᠋ᠢᠨ ᠤᠴᠢᠷ ᠠᠵᠢ᠃ ᠪᠢᠳᠡᠨ ᠢ᠋ ᠪᠠᠢᠬᠤ ᠳ᠋ᠤ᠌ ᠶᠠᠫᠣᠨ ᠤ᠋ ᠤᠯᠤᠰ ᠤ᠋ᠨ ᠠᠮᠤᠷ ᠲᠦᠪᠰᠢᠨ ᠦ᠌ ᠪᠠᠢᠭᠤᠯᠭ᠎ᠠ ᠬᠠᠮᠤᠭ ᠤ᠋ᠨ ᠳᠡᠭᠡᠳᠦ ᠲᠤᠰᠢᠶᠠᠯᠲᠠᠨ ᠮᠥᠩᠭᠥᠨ ᠦ᠌ ᠬᠡᠷᠡᠭ ᠲᠦ᠍ ᠬᠣᠯᠪᠣᠭᠳᠠᠭᠰᠠᠨ ᠢ᠋ ᠲᠧᠯᠸᠢᠰ ᠢ᠋ᠶ᠋ᠡᠷ ᠴᠢᠩᠭ᠎ᠠ ᠰᠢᠭᠦᠮᠵᠢᠯᠡᠵᠦ ᠪᠠᠢᠭᠰᠠᠨ ᠪᠠ ᠵᠤᠭ᠎ᠠ ᠴᠡᠩᠭᠡᠭᠡᠨ ᠦ᠌ ᠨᠡᠪᠲᠡᠷᠡᠭᠦᠯᠭᠡ ᠪᠡᠷ ᠢ᠋ᠶ᠋ᠡᠨ ᠶᠡᠷᠦᠩᠬᠡᠢ ᠰᠠᠢᠳ ᠢ᠋ᠶ᠋ᠠᠨ ᠳᠠᠭᠤᠷᠢᠶᠠᠵᠤ ᠵᠦᠴᠦᠭᠡᠯᠡᠭᠡᠳ ᠬᠥᠮᠦᠰ ᠦ᠋ᠨ ᠡᠯᠢᠭᠡ ᠬᠥᠰᠢᠭᠡᠵᠦ ᠪᠠᠢᠭᠰᠠᠨ᠃《ᠶᠠᠫᠣᠨ ᠳ᠋ᠤ᠌ ᠨᠣᠶᠠᠨᠴᠢ ᠰᠤᠷᠲᠠᠯ ᠭᠠᠵᠠᠷ ᠠᠪᠬᠤ ᠦᠭᠡᠢ ᠰᠢᠦ ᠳᠡ᠃ ᠲᠣᠤᠺᠢᠣ᠋ ᠬᠣᠲᠠ ᠶ᠋ᠢᠨ ᠳᠠᠷᠤᠭ᠎ᠠ ᠠᠯᠪᠠᠨ ᠤ᠋ ᠮᠠᠰᠢᠨ ᠢ᠋ᠶ᠋ᠠᠷ ᠢ᠋ᠶ᠋ᠠᠨ ᠬᠤᠪᠢ ᠶ᠋ᠢᠨ ᠺᠣᠮᠫᠠᠨᠢ ᠪᠠᠷ ᠢ᠋ᠶ᠋ᠠᠨ ᠳᠠᠭᠠᠷᠢᠭᠠᠳ ᠭᠠᠷᠤᠭᠰᠠᠨ ᠢ᠋ ᠬᠦᠷᠲᠡᠯ᠎ᠡ( ᠠᠯᠪᠠᠨ ᠤ᠋ ᠮᠠᠰᠢᠨ ᠢ᠋ ᠬᠤᠪᠢ ᠶ᠋ᠢᠨ ᠠᠵᠢᠯ ᠳ᠋ᠠᠭᠠᠨ ᠦᠢᠯᠡᠴᠢᠯᠡᠭᠦᠯᠦᠯᠡ) ᠭᠡᠵᠦ ᠲᠧᠯᠸᠢᠰ ᠢ᠋ᠶ᠋ᠡᠷ ᠵᠠᠳᠠ ᠰᠢᠭᠦᠮᠵᠢᠯᠡᠳᠡᠭ᠃ ᠪᠢᠳᠡ ᠴᠤ ᠳᠠᠷᠤᠭ᠎ᠠ ᠨᠠᠷ ᠲᠠᠢ ᠪᠠᠨ ᠡᠩ ᠦ᠋ᠨ ᠶᠣᠰᠣ ᠪᠠᠷ ᠬᠠᠷᠢᠴᠠᠳᠠᠭ ᠠ᠋ᠴᠠ ᠪᠢᠰᠢ᠂ ᠪᠢᠯᠳᠠᠤᠴᠢ ᠴᠢᠷᠠᠢ ᠲᠠᠢ ᠬᠠᠨᠳᠤᠨ᠎ᠠ ᠭᠡᠵᠦ ᠬᠡᠵᠢᠶ᠎ᠡ ᠴᠦ᠍ ᠪᠠᠢᠬᠤ ᠦᠭᠡᠢ᠃ ᠠᠵᠢᠯᠲᠠᠨ ᠪᠠᠢᠬᠤ ᠦᠭᠡᠢ ᠪᠣᠯ ᠳᠠᠷᠤᠭ᠎ᠠ ᠭᠡᠳᠡᠭ ᠴᠢᠨᠢ ᠬᠡᠷᠡᠭ ᠦᠭᠡᠢ ᠯᠡ ᠬᠥᠮᠦᠨ᠃ ᠳᠠᠷᠤᠭ᠎ᠠ ᠭᠡᠳᠡᠭ ᠴᠢᠨᠢ ᠪᠠᠰᠠ ᠯᠠ ᠬᠠᠷᠢᠭᠤᠴᠠᠯᠭ᠎ᠠ ᠨᠢ ᠠᠳᠠᠯᠢ ᠦᠭᠡᠢ ᠡᠩ ᠦ᠋ᠨ ᠠᠵᠢᠯᠲᠠᠨ ᠭᠡᠰᠡᠨ ᠣᠢᠯᠠᠭᠠᠯᠲᠠ ᠶᠠᠫᠣᠨ ᠳ᠋ᠤ᠌ ᠪᠠᠢᠳᠠᠭ᠃ ᠳᠠᠷᠤᠭ᠎ᠠ ᠨᠠᠷ ᠥᠴᠦᠬᠡᠨ ᠠᠯᠳᠠᠭ᠎ᠠ ᠠ᠋ᠴᠠ ᠪᠠᠨ ᠪᠣᠯᠵᠤ ᠲᠤᠰᠢᠶᠠᠯ ᠠ᠋ᠴᠠ ᠪᠠᠨ ᠣᠭᠴᠣᠷᠠᠬᠤ ᠪᠣᠯᠤᠮᠵᠢ ᠲᠠᠢ》 ᠭᠡᠵᠦ ᠲᠡᠨᠳᠡ ᠪᠠᠢᠭ᠎ᠠ ᠮᠣᠩᠭᠣᠯᠴᠤᠳ ᠶᠠᠷᠢᠬᠤ ᠪᠠᠷ ᠰᠠᠯᠠᠭᠠᠨ ᠳᠠᠷᠤᠭ᠎ᠠ ᠨᠢ ᠭᠠᠵᠠᠷ ᠤ᠋ᠨ ᠳᠠᠷᠤᠭ᠎ᠠ ᠳ᠋ᠠᠭᠠᠨ᠂ ᠭᠠᠵᠠᠷ ᠤ᠋ᠨ ᠳᠠᠷᠤᠭ᠎ᠠ ᠨᠢ ᠲᠢᠩᠬᠢᠮ ᠦ᠋ᠨ ᠳᠠᠷᠤᠭ᠎ᠠ ᠳ᠋ᠠᠭᠠᠨ ᠪᠥᠬᠥᠯᠵᠡᠳᠡᠭ ᠪᠣᠭᠣᠯᠴᠢ ᠪᠠᠢᠳᠠᠯ ᠮᠠᠨᠢ ᠰᠠᠨᠠᠭᠠᠨ ᠳ᠋ᠤ᠌ ᠣᠷᠣᠵᠤ ᠪᠢᠯᠡ᠃
ᠡᠨᠡ ᠪᠦᠬᠦᠨ ᠯᠦ᠍ᠭᠡ ᠬᠣᠯᠪᠣᠭᠳᠠᠭᠤᠯᠤᠨ ᠰᠡᠳᠬᠢᠪᠡᠰᠦ᠂《ᠬᠥᠭᠵᠢᠯ》 ᠭᠡᠳᠡᠭ ᠦ᠋ᠨ ᠲᠤᠬᠠᠢ ᠥᠪᠡᠷ ᠦ᠋ᠨ ᠡᠷᠬᠡ ᠦᠭᠡᠢ ᠲᠤᠩᠭᠠᠵᠤ ᠪᠣᠳᠣᠬᠤ ᠳ᠋ᠤ᠌ ᠬᠦᠷᠦᠨ᠎ᠡ᠃ ᠶᠠᠭᠤ ᠶ᠋ᠢ ᠬᠥᠭᠵᠢᠯ ᠭᠡᠬᠦ ᠪᠣᠢ? ᠥᠨᠳᠥᠷ ᠠᠰᠠᠷ᠂ ᠦᠢᠯᠡᠳᠪᠦᠷᠢ ᠶ᠋ᠢᠨ ᠬᠤᠯᠠᠩ᠂ ᠭᠣᠶᠣ ᠮᠠᠰᠢᠨ᠂ ᠳᠡᠭᠡᠳᠦ ᠲᠧᠭᠨᠢᠭ ᠦ᠋ᠨ ᠬᠡᠷᠡᠭᠯᠡᠭᠡ ᠲᠠᠢ ᠯᠠ ᠪᠠᠢᠪᠠᠯ ᠬᠥᠭᠵᠢᠯ ᠮᠥᠨ ᠤᠤ? ᠬᠠᠮᠤᠭ ᠤ᠋ᠨ ᠲᠠᠩᠰᠤᠭ ᠵᠦᠢᠯ ᠢ᠋ ᠡᠳ᠋ᠯᠡᠵᠦ ᠪᠣᠢ ᠮᠥᠷᠲᠡᠭᠡᠨ ᠬᠠᠮᠤᠭ ᠤ᠋ᠨ ᠪᠦᠳᠦᠭᠦᠯᠢᠭ ᠰᠤᠷᠲᠠᠯ᠂ ᠮᠠᠷᠵᠠᠩ ᠵᠠᠩᠰᠢᠯ ᠲᠠᠢ ᠶᠠᠪᠤᠭ᠎ᠠ ᠪᠠᠨ ᠬᠥᠭᠵᠢᠯ ᠲᠡᠢ ᠪᠠᠢᠨ᠎ᠠ᠂ ᠣᠳᠣᠬᠢᠴᠢᠯᠠᠯᠠ ᠭᠡᠵᠦ ᠣᠢᠯᠠᠭᠠᠵᠤ ᠪᠣᠯᠤᠨ᠎ᠠ ᠤᠤ?《ᠪᠧᠨ᠋ᠽ》 ᠲᠡᠷᠭᠡᠨ ᠦ᠌ ᠪᠡᠨ ᠴᠣᠩᠬᠣ ᠪᠠᠷ ᠬᠣᠭᠣᠯᠠᠢ ᠪᠠᠨ ᠰᠢᠪᠬᠠᠵᠤ ᠪᠠᠢᠭᠠᠳ ᠨᠤᠯᠮᠤᠳᠠᠭ《ᠲᠣᠮᠣᠴᠤᠤᠯ》; ᠪᠤᠯᠤᠩ ᠦᠵᠡᠪᠡᠯ ᠪᠤᠲᠠ ᠬᠠᠷᠠᠭᠰᠠᠨ ᠨᠣᠬᠠᠢ ᠰᠢᠭ᠋ ᠭᠠᠳᠠᠭᠠᠯᠠᠬᠤ ᠪᠠᠨ ᠰᠠᠨᠠᠭᠠᠨ ᠳ᠋ᠤ᠌ ᠣᠷᠣᠴᠢᠬᠠᠳᠠᠭ ᠬᠣᠲᠠ ᠶ᠋ᠢᠨ ᠪᠣᠷᠣᠴᠤᠤᠯ; ᠬᠥᠭᠡᠷᠦᠬᠦᠨ ᠵᠢᠵᠢᠭ ᠮᠠᠰᠢᠨ ᠤ᠋ ᠪᠠᠨ ᠴᠣᠩᠬᠣ ᠪᠠᠷ ᠤᠮᠳᠠᠭᠠᠨ ᠤ᠋ ᠯᠣᠩᠬᠣ᠂ ᠰᠢᠬᠢᠷ ᠦ᠋ᠨ ᠴᠠᠭᠠᠰᠤ ᠪᠠᠨ ᠬᠠᠶᠠᠳᠠᠭ《ᠭᠠᠩᠭᠠᠩ ᠪᠦᠰᠡᠭᠦᠢ》; ᠬᠤᠷᠠᠯ ᠴᠤᠭᠯᠠᠭ᠎ᠠ ᠳᠡᠭᠡᠷ᠎ᠡ ᠴᠦ᠍ ᠵᠢᠵᠢᠬᠢᠨᠡᠭᠡᠳ ᠪᠠᠢᠳᠠᠭ ᠭᠠᠷ ᠤᠲᠠᠰᠤ; ᠶᠠᠭᠤᠮ᠎ᠠ ᠶ᠋ᠢ ᠨᠢ ᠵᠦᠭᠡᠷ ᠠᠪᠬᠤ ᠭᠡᠵᠦ ᠪᠠᠢᠭ᠎ᠠ ᠰᠢᠭ᠋ ᠬᠦᠢᠲᠡᠨ ᠴᠢᠷᠠᠢ ᠲᠠᠢ ᠦᠢᠯᠡᠴᠢᠯᠡᠭᠴᠢᠳ; ᠲᠦᠮᠡᠨ ᠳᠠᠪᠬᠤᠷ ᠣᠨᠢᠰᠣ ᠲᠠᠢ ᠠᠲᠠᠯ᠎ᠠ ᠭᠡᠭᠡᠭᠡᠳ ᠪᠠᠢᠳᠠᠭ ᠳᠤᠭᠤᠢ; ᠬᠣᠭ ᠬᠥᠭᠯᠡᠷᠡᠭᠰᠡᠨ ᠵᠡᠭᠡᠯᠢ ᠭᠤᠳᠤᠮᠵᠢ; ᠬᠤᠭᠤᠴᠠᠭ᠎ᠠ ᠨᠢ ᠥᠩᠭᠡᠷᠡᠭᠰᠡᠨ ᠪᠢᠰᠢ ᠪᠣᠯ ᠬᠣᠯᠢᠴᠠ ᠨᠢ ᠬᠡᠲᠦᠷᠡᠭᠰᠡᠨ ᠢᠳᠡᠭᠡᠨ ᠤᠮᠳᠠᠭᠠᠨ; ᠬᠠᠮᠢᠭ᠎ᠠ ᠴᠤ ᠬᠠᠮᠢᠶ᠎ᠠ ᠦᠭᠡᠢ ᠤᠲᠤᠭ᠎ᠠ ᠮᠠᠨᠠᠷᠠᠭᠤᠯᠵᠤ ᠦᠨᠡᠰᠦ ᠶ᠋ᠢ ᠨᠢ ᠪᠤᠲᠠᠷᠠᠭᠤᠯᠤᠨ ᠲᠠᠮᠠᠬᠢ ᠲᠠᠲᠠᠳᠠᠭ ᠪᠣᠯᠬᠢ ᠰᠤᠷᠲᠠᠯ; ᠳᠦᠯᠡᠢ ᠬᠥᠮᠦᠨ ᠲᠡᠢ ᠦᠭᠡ ᠶᠠᠷᠢᠵᠤ ᠪᠠᠢᠭ᠎ᠠ ᠰᠢᠭ᠋ ᠴᠢᠩᠭ᠎ᠠ ᠬᠠᠰᠬᠢᠴᠢᠳᠠᠭ ᠬᠠᠴᠢᠨ ᠵᠠᠩ᠁ ᠡᠨᠡ ᠪᠦᠬᠦᠨ ᠢ᠋ ᠬᠥᠭᠵᠢᠯ ᠲᠡᠢ ᠪᠠᠢᠨ᠎ᠠ ᠭᠡᠵᠦ ᠪᠣᠯᠬᠤ ᠤᠤ? ᠲᠧᠭᠨᠢᠭ ᠦ᠋ᠨ ᠲᠦᠪᠰᠢᠨ ᠬᠡᠴᠢᠨᠡᠨ ᠠᠬᠢᠯᠠ ᠴᠤ ᠨᠡᠢᠲᠡ ᠢᠷᠭᠡᠳ ᠦ᠋ᠨ ᠪᠣᠯᠪᠠᠰᠤᠷᠠᠯ ᠪᠣᠯᠬᠢ ᠲᠦᠪᠰᠢᠨ ᠳ᠋ᠡᠭᠡᠨ ᠪᠠᠢᠭᠠᠳ ᠪᠠᠢᠪᠠᠯ ᠬᠥᠭᠵᠢᠯ ᠭᠡᠳᠡᠭ ᠢ᠋ ᠶᠠᠷᠢᠬᠤᠶᠠ ᠬᠡᠴᠡᠭᠦᠦ᠃ ᠬᠥᠭᠵᠢᠯ ᠭᠡᠳᠡᠭ ᠮᠠᠨᠢ ᠡᠳ᠋ ᠦ᠋ᠨ ᠪᠠ ᠣᠶᠤᠨ ᠤ᠋ ᠪᠣᠯᠪᠠᠰᠤᠨ ᠤ᠋ ᠬᠠᠮᠲᠤ ᠶ᠋ᠢᠨ ᠬᠥᠭᠵᠢᠯ ᠢ᠋ ᠬᠡᠯᠡᠬᠦ ᠡᠴᠡ ᠪᠤᠰᠤ᠂ ᠭᠣᠶᠣ ᠲᠧᠭᠨᠢᠭ ᠢ᠋ᠶ᠋ᠡᠷ ᠵᠡᠪᠰᠡᠭᠯᠡᠭᠰᠡᠨ ᠪᠣᠯᠬᠢᠴᠤᠤᠯ ᠪᠣᠯᠬᠤ ᠶ᠋ᠢ ᠬᠡᠯᠡᠳᠡᠭ ᠦᠭᠡᠢ᠃
ᠪᠠᠭᠠᠵᠢ ᠠ᠋ᠴᠠ ᠪᠠᠨ ᠬᠣᠴᠣᠷᠤᠭᠰᠠᠨ ᠪᠦᠳᠦᠭᠦᠯᠢᠭ ᠪᠣᠯᠪᠠᠰᠤᠷᠠᠯ ᠲᠠᠢ ᠪᠠᠢᠳᠠᠯ ᠢ᠋ ᠬᠡᠯᠡᠳᠡᠭ ᠦᠭᠡᠢ᠃ᠶᠠᠫᠣᠨᠴᠤᠳ ᠤ᠋ᠨ ᠡᠷᠬᠢᠮᠰᠦᠭ ᠪᠣᠯᠪᠠᠰᠤᠨ ᠵᠠᠩ ᠢ᠋ ᠬᠠᠷᠠᠬᠤ ᠪᠠᠷ ᠬᠠᠭᠤᠴᠢᠨ ᠴᠠᠭ ᠤ᠋ᠨ ᠮᠣᠩᠭᠣᠯ ᠬᠥᠮᠦᠨ ᠦ᠌ ᠬᠦᠨᠳᠦᠯᠡᠬᠦ᠂ ᠮᠡᠨᠳᠦᠯᠡᠬᠦ᠂ ᠲᠠᠯᠠᠷᠬᠠᠬᠤ ᠶᠣᠰᠣᠨ ᠠᠷᠭ᠎ᠠ ᠦᠭᠡᠢ ᠯᠡ ᠦᠭᠡᠢᠯᠡᠭᠳᠡᠨ᠎ᠡ᠃ ᠪᠢᠳᠡ ᠴᠢᠨᠢ ᠳᠡᠯᠡᠬᠡᠢ ᠶ᠋ᠢᠨ ᠪᠣᠯᠪᠠᠰᠤᠷᠠᠯ ᠲᠠᠢ ᠦᠨᠳᠦᠰᠦᠲᠡᠨ ᠪᠠᠢᠵᠤ᠂ ᠲᠡᠭᠦᠨ ᠢ᠋ᠶ᠋ᠡᠨ ᠬᠠᠶᠠᠭᠠᠳ ᠪᠣᠬᠢᠷ ᠵᠠᠩᠰᠢᠯ ᠳ᠋ᠤ᠌ ᠢᠳᠡᠭᠡᠰᠢᠨᠡ ᠭᠡᠳᠡᠭ ᠦᠨᠡᠬᠡᠷ ᠦ᠋ᠨ ᠬᠠᠷᠠᠮᠰᠠᠯᠲᠠᠢ ᠰᠠᠨᠠᠭᠳᠠᠨ᠎ᠠ᠃ ᠠᠭᠠᠯᠵᠢᠨ ᠲᠣᠣᠷ ᠰᠢᠭ᠋ ᠠᠰᠢᠭ ᠤ᠋ᠨ ᠬᠠᠷᠢᠴᠠᠭ᠎ᠠ ᠶ᠋ᠢ ᠠᠰᠢᠭᠯᠠᠵᠤ ᠴᠢᠳᠠᠬᠤ ᠪᠠᠨ ᠤᠬᠠᠭᠠᠨ ᠲᠠᠢ ᠳ᠋ᠤ᠌;ᠠᠷᠤ ᠡᠭᠦᠳᠡ ᠭᠦᠶᠦᠵᠦ ᠴᠢᠳᠠᠬᠤ ᠪᠠᠨ ᠴᠢᠳᠠᠯ ᠲᠠᠢ ᠳ᠋ᠤ᠌;ᠱᠠᠩᠨᠠᠯ ᠮᠠᠭᠲᠠᠭᠠᠯ᠂ ᠵᠡᠷᠭᠡ ᠲᠤᠰᠢᠶᠠᠯ ᠣᠯᠵᠤ ᠪᠠᠢᠬᠤ ᠪᠠᠨ ᠠᠭᠤᠤ ᠶᠡᠬᠡ ᠳ᠋ᠦ᠍;ᠤᠷᠠᠨ ᠦᠭᠡ ᠪᠡᠷ ᠤᠯᠤᠰ ᠢ᠋ ᠮᠡᠬᠡᠯᠡᠵᠦ᠂ ᠤᠰᠤᠨ ᠪᠠᠯᠢᠩ ᠢ᠋ᠶ᠋ᠠᠷ ᠯᠤᠤᠰ ᠢ᠋ ᠬᠠᠭᠤᠷᠬᠤ ᠪᠠᠨ ᠮᠡᠷᠭᠡᠨ ᠳ᠋ᠦ᠍᠁ ᠪᠣᠳᠣᠵᠤ ᠠᠮᠢᠳᠤᠷᠠᠬᠤ ᠪᠠᠨ ᠬᠠᠮᠤᠭ ᠤ᠋ᠨ ᠵᠢᠷᠭᠠᠯ ᠲᠠᠢ ᠮᠡᠲᠦ ᠪᠡᠷ ᠡᠨᠳᠡᠭᠦᠷᠡᠨ ᠶᠠᠪᠤᠭ᠎ᠠ ᠬᠥᠮᠦᠨ ᠵᠠᠬ᠎ᠠ ᠠ᠋ᠴᠠ ᠪᠠᠨ᠃ ᠪᠢᠳᠡ ᠶᠠᠭᠤ ᠭᠡᠵᠦ ᠶᠢᠷᠲᠢᠨᠴᠦ ᠳ᠋ᠦ᠍ ᠬᠣᠣᠰ ᠦᠭᠡᠢ ᠢᠷᠭᠡᠳ ᠦ᠋ᠨ ᠪᠣᠯᠪᠠᠰᠤᠷᠠᠯ ᠢ᠋ᠶ᠋ᠠᠨ ᠬᠠᠶᠠᠵᠤ᠂ ᠶᠠᠭᠤ ᠪᠠᠷ ᠴᠣ ᠰᠣᠯᠢᠰᠢ ᠦᠭᠡᠢ ᠥᠪ ᠤᠯᠠᠮᠵᠢᠯᠠᠯ ᠢ᠋ᠶ᠋ᠠᠨ ᠭᠡᠭᠡᠬᠦ ᠪᠣᠢ? ᠪᠢᠳᠡ ᠶᠠᠭᠤ ᠭᠡᠵᠦ ᠬᠥᠭᠵᠢᠯ ᠦ᠋ᠨ ᠬᠥᠯ ᠢ᠋ᠶ᠋ᠡᠨ ᠥᠪᠡᠷ ᠢ᠋ᠶ᠋ᠡᠨ ᠲᠤᠱᠠᠵᠤ᠂ ᠬᠠᠮᠤᠭ ᠤ᠋ᠨ ᠪᠣᠯᠬᠢ ᠵᠠᠩᠰᠢᠯ ᠳ᠋ᠤ᠌ ᠠᠭᠤᠰᠤᠨ ᠢᠳᠡᠭᠡᠰᠢᠬᠦ ᠪᠣᠢ? ᠶᠠᠫᠣᠨ ᠳ᠋ᠤ᠌ ᠪᠠᠢᠭᠰᠠᠨ ᠬᠡᠳᠦᠨ ᠡᠳᠦᠷ ᠨᠠᠳᠠ ᠳ᠋ᠤ᠌ ᠡᠢᠮᠦ ᠪᠣᠳᠣᠯ ᠪᠠᠢᠩᠭᠤ ᠣᠷᠣᠵᠤ᠂ ᠬᠠᠮᠲᠤ ᠶᠠᠪᠤᠭ᠎ᠠ ᠭᠤᠷᠪᠠᠭᠤᠯᠠ ᠪᠠᠨ ᠪᠠᠭᠤᠳᠠᠯ ᠳ᠋ᠠᠭᠠᠨ ᠬᠠᠷᠢᠪᠠᠯ ᠦᠵᠡᠭᠰᠡᠨ ᠬᠠᠷᠠᠭᠰᠠᠨ ᠢ᠋ᠶ᠋ᠠᠨ ᠰᠣᠨᠢᠷᠬᠠᠨ ᠶᠠᠷᠢᠵᠤ ᠬᠥᠭᠡᠷᠦᠯᠳᠦᠵᠦ᠂ ᠵᠠᠷᠢᠮ ᠳ᠋ᠠᠭᠠᠨ ᠰᠢᠨᠠᠯᠵᠤ᠂ ᠵᠠᠷᠢᠮ ᠳ᠋ᠠᠭᠠᠨ ᠭᠤᠲᠤᠷᠠᠵᠤ ᠶᠠᠪᠤᠯ᠎ᠠ᠃
ᠬᠣᠶᠠᠷ᠂ ᠶᠠᠫᠣᠨ ᠳ᠋ᠠᠬᠢ ᠮᠣᠩᠭᠣᠯᠴᠢ ᠡᠷᠳᠡᠮᠲᠡᠳ ᠢ᠋ ᠰᠤᠷᠪᠤᠯᠵᠢᠯᠠᠭᠰᠠᠨ ᠮᠠᠨᠢ
᠂ 1274 ᠣᠨ ᠳ᠋ᠤ᠌ ᠶᠡᠬᠡ ᠶᠤᠸᠠᠨ ᠤᠯᠤᠰ ᠤ᠋ᠨ ᠬᠤᠪᠢᠯᠠᠢ ᠬᠠᠭᠠᠨ ᠠᠷᠪᠠᠨ ᠲᠦᠮᠡᠨ ᠴᠡᠷᠢᠭ ᠳᠠᠢᠴᠢᠯᠠᠵᠤ ᠶᠠᠫᠣᠨ ᠢ᠋ ᠲᠠᠢᠯᠠᠭᠤᠯᠤᠭᠰᠠᠨ ᠢ᠋ᠶ᠋ᠠᠷ ᠮᠣᠩᠭᠣᠯ ᠶᠠᠫᠣᠨ ᠤ᠋ ᠬᠠᠷᠢᠯᠴᠠᠭ᠎ᠠ ᠡᠬᠢᠯᠡᠭᠰᠡᠨ ᠭᠡᠵᠦ ᠬᠡᠯᠡᠵᠦ ᠪᠣᠯᠤᠨ᠎ᠠ᠃ ᠠᠩᠬᠠᠨ ᠤ᠋ ᠳᠣᠪᠲᠣᠯᠤᠯᠲᠠ ᠨᠢ ᠳᠠᠯᠠᠢ ᠶ᠋ᠢᠨ ᠰᠠᠯᠬᠢᠨ ᠤ᠋ ᠰᠢᠯᠲᠠᠭᠠᠨ ᠢ᠋ᠶ᠋ᠠᠷ ᠢᠯᠠᠭᠳᠠᠭᠰᠠᠨ ᠤ᠋ ᠳᠠᠷᠠᠭ᠎ᠠ1278 ᠣᠨ ᠳ᠋ᠤ᠌ ᠳᠠᠬᠢᠨ ᠳᠣᠪᠲᠣᠯᠵᠤ ᠮᠥᠨ ᠯᠡ ᠳᠠᠯᠠᠢ ᠶ᠋ᠢᠨ ᠰᠠᠯᠬᠢᠨ ᠠ᠋ᠴᠠ ᠪᠣᠯᠵᠤ ᠢᠯᠠᠭᠳᠠᠭᠰᠠᠨ ᠠᠵᠢ᠃ ᠬᠠᠨᠳᠤᠭᠰᠠᠨ ᠵᠦᠭ ᠲᠦ᠍ ᠳᠠᠢᠰᠤᠨ ᠦᠭᠡᠢ ᠪᠠᠢᠭᠰᠠᠨ ᠮᠣᠩᠭᠣᠯ ᠴᠡᠷᠢᠭ ᠦ᠋ᠨ ᠢᠯᠠᠭᠳᠠᠯ ᠪᠠᠭᠤᠷᠠᠢ ᠪᠠᠢᠭᠰᠠᠨ ᠶᠠᠫᠣᠨᠴᠤᠳ ᠢ᠋ ᠤᠷᠮᠠᠰᠢᠭᠤᠯᠵᠤ᠂《ᠪᠢᠳᠡ ᠪᠣᠯ ᠲᠩᠷᠢ ᠳ᠋ᠦ᠍ ᠢᠪᠡᠭᠡᠭᠳᠡᠭᠰᠡᠨ ᠬᠥᠮᠦᠰ》 ᠭᠡᠮᠡᠨ ᠢᠲᠡᠭᠡᠬᠦ ᠪᠣᠯᠵᠤ᠂ ᠰᠠᠮᠤᠷᠠᠢ ᠶ᠋ᠢᠨ ᠵᠣᠷᠢᠭ ᠰᠠᠨᠠᠭ᠎ᠠ ᠲᠥᠯᠥᠪᠰᠢᠨ ᠲᠣᠭᠲᠠᠬᠤ ᠡᠷᠴᠢ ᠶ᠋ᠢ ᠨᠢ ᠨᠡᠮᠡᠭᠰᠡᠨ ᠠᠵᠢ᠃ ᠮᠥᠨ ᠡᠨᠡ ᠣᠮᠣᠭ ᠤ᠋ᠨ ᠢ᠋ᠶ᠋ᠠᠨ ᠡᠷᠴᠢᠨ ᠳ᠋ᠦ᠍ ᠶᠠᠫᠣᠨᠴᠤᠳ ᠳᠡᠯᠡᠬᠡᠢ ᠶ᠋ᠢᠨ ᠬᠣᠶᠠᠳᠤᠭᠠᠷ ᠲᠡᠢᠨ ᠳ᠋ᠦ᠍ ᠲᠦᠷᠢᠮᠡᠬᠡᠢᠯᠡᠭᠴᠢ ᠤᠯᠤᠰ ᠤ᠋ᠨ ᠨᠢᠭᠡᠨ ᠪᠣᠯᠤᠭᠰᠠᠨ ᠪᠢᠯᠡ᠃13 ᠳ᠋ᠤᠭᠠᠷ ᠵᠠᠭᠤᠨ ᠤ᠋《ᠮᠣᠩᠭᠣᠯ ᠤ᠋ᠨ ᠳᠠᠭᠠᠷᠢᠯᠲᠠ》 ᠠ᠋ᠴᠠ ᠬᠣᠢᠰᠢ ᠪᠠᠷᠤᠭ ᠬᠣᠷᠢᠳᠤᠭᠠᠷ ᠵᠠᠭᠤᠨ ᠪᠣᠯᠲᠠᠯ᠎ᠠ ᠮᠣᠩᠭᠣᠯ ᠶᠠᠫᠣᠨ ᠦᠨᠳᠦᠰᠦᠨ ᠳ᠋ᠡᠭᠡᠨ ᠬᠠᠷᠢᠯᠴᠠᠭ᠎ᠠ ᠦᠭᠡᠢ ᠪᠠᠢᠭᠰᠠᠨ ᠢ᠋ᠶ᠋ᠠᠨ1907 ᠣᠨ ᠳ᠋ᠤ᠌ ᠬᠠᠷᠠᠴᠢᠨ ᠴᠢᠨ ᠸᠠᠩ ᠭᠦᠩᠰᠡᠩᠨᠣᠷᠪᠤ ᠬᠣᠶᠠᠷ ᠡᠮᠡᠭᠲᠡᠢ ᠣᠶᠤᠲᠠᠨ ᠢ᠋ ᠶᠠᠫᠣᠨ ᠳ᠋ᠤ᠌ ᠲᠣᠮᠢᠯᠠᠨ ᠰᠤᠷᠤᠯᠴᠠᠭᠤᠯᠤᠭᠰᠠᠨ ᠢ᠋ᠶ᠋ᠠᠷ ᠥᠪᠥᠷ ᠮᠣᠩᠭᠣᠯᠴᠤᠳ ᠶᠠᠫᠣᠨ ᠳ᠋ᠤ᠌ ᠰᠤᠷᠤᠯᠴᠠᠬᠤ ᠬᠠᠭᠠᠯᠭ᠎ᠠ ᠨᠡᠭᠡᠭᠡᠭᠳᠡᠵᠡᠢ᠃ ᠡᠢᠨ ᠬᠦ᠌ ᠳᠠᠮᠴᠤᠭᠳᠣᠩᠷᠣᠪ ᠸᠠᠩ ᠴᠣ ᠶᠠᠫᠣᠨ ᠳ᠋ᠤ᠌ ᠣᠶᠤᠲᠠᠨ ᠲᠣᠮᠢᠯᠠᠵᠤ ᠪᠠᠢᠭᠰᠠᠨ ᠪᠠ ᠥᠪᠥᠷ ᠮᠣᠩᠭᠣᠯ ᠤ᠋ᠨ ᠲᠤᠬᠠᠢ ᠤ᠋ ᠦᠶ᠎ᠡ ᠶ᠋ᠢᠨ ᠪᠠᠢᠳᠠᠯ ᠢ᠋ ᠶᠠᠫᠣᠨ ᠤ᠋ ᠳᠡᠮᠵᠢᠯᠭᠡ ᠪᠡᠷ ᠰᠢᠢᠳᠦᠨ᠎ᠡ ᠭᠡᠳ ᠴᠢᠳᠠᠭ᠎ᠠ ᠦᠭᠡᠢ ᠲᠡᠦᠬᠡ ᠲᠡᠢ ᠪᠢᠯᠡ᠃ ᠶᠠᠮᠠᠷ ᠴᠤ ᠭᠡᠰᠡᠨ ᠶᠠᠫᠣᠨ ᠳ᠋ᠤ᠌ ᠰᠤᠷᠤᠯᠴᠠᠭᠰᠠᠨ ᠰᠡᠭᠡᠭᠡᠲᠡᠳ ᠥᠪᠥᠷ ᠮᠣᠩᠭᠣᠯ ᠤ᠋ᠨ20 ᠳ᠋ᠤᠭᠠᠷ ᠵᠠᠭᠤᠨ ᠤ᠋ ᠲᠡᠦᠬᠡᠨ ᠳ᠋ᠦ᠍ ᠶᠡᠬᠡᠬᠡᠨ ᠬᠠᠨᠳᠢᠪ ᠣᠷᠣᠭᠤᠯᠤᠭᠰᠠᠨ ᠭᠡᠳᠡᠭ ᠢ᠋ ᠬᠡᠨ ᠴᠦ᠍ ᠦᠭᠡᠢᠰᠬᠡᠵᠦ ᠴᠢᠳᠠᠬᠤ ᠦᠭᠡᠢ᠃ ᠣᠷᠴᠢᠨ ᠦᠶ᠎ᠡ ᠶ᠋ᠢᠨ ᠤᠷᠠᠨ ᠵᠣᠬᠢᠶᠠᠯ ᠤ᠋ᠨ ᠦᠨᠳᠦᠰᠦᠯᠡᠭᠴᠢ ᠨᠠ᠊· ᠰᠠᠢᠨᠴᠣᠭᠲᠣ ᠪᠣᠯ ᠡᠭᠦᠨ ᠦ᠌ ᠨᠢᠭᠡᠨ ᠲᠣᠮᠣᠬᠠᠨ ᠵᠢᠱ᠌ᠢᠶ᠎ᠡ ᠮᠥᠷᠲᠡᠭᠡᠨ ᠰᠡᠭᠦᠯ ᠦ᠋ᠨ ᠦᠶ᠎ᠡ ᠶ᠋ᠢᠨ ᠮᠠᠰᠢ ᠣᠯᠠᠨ ᠡᠷᠳᠡᠮᠲᠡᠳ ᠦ᠋ᠨ ᠣᠯᠠᠩᠬᠢ ᠨᠢ ᠶᠠᠫᠣᠨ ᠳ᠋ᠤ᠌ ᠰᠤᠷᠤᠯᠴᠠᠭᠰᠠᠨ ᠪᠠᠢᠳᠠᠭ ᠨᠢ《ᠶᠠᠭᠠᠬᠢᠭᠠᠳ ᠥᠪᠥᠷ ᠮᠣᠩᠭᠣᠯᠴᠤᠳ ᠶᠠᠫᠣᠨ ᠳ᠋ᠤ᠌ ᠰᠤᠷᠤᠯᠴᠠᠬᠤ ᠰᠣᠨᠢᠷᠬᠠᠯ ᠲᠠᠢ ᠪᠠᠢᠭᠰᠠᠨ ᠪᠣᠢ?》 ᠭᠡᠰᠡᠨ ᠪᠣᠳᠣᠯ ᠢ᠋ ᠡᠷᠬᠡ ᠦᠭᠡᠢ ᠲᠥᠷᠥᠭᠦᠯᠦᠨ᠎ᠡ᠃ ᠳᠡᠯᠡᠬᠡᠢ ᠶ᠋ᠢᠨ ᠬᠣᠶᠠᠳᠤᠭᠠᠷ ᠲᠡᠢᠨ ᠳ᠋ᠦ᠍ ᠶᠠᠫᠣᠨᠴᠤᠳ ᠠᠽᠢᠶ᠎ᠠ ᠲᠢᠪ ᠲᠦ᠍ ᠬᠦᠴᠦᠨ ᠦ᠌ ᠬᠦᠷᠢᠶ᠎ᠡ ᠪᠠᠢᠭᠤᠯᠬᠤ ᠪᠠᠷ ᠣᠷᠣᠯᠳᠣᠬᠤ ᠳ᠋ᠠᠭᠠᠨ ᠮᠣᠩᠭᠣᠯ ᠣᠷᠣᠨ ᠢ᠋ᠶ᠋ᠠᠷ ᠭᠣᠣᠯ ᠰᠠᠭᠤᠷᠢᠨ ᠢ᠋ᠶ᠋ᠠᠨ ᠪᠣᠯᠭᠠᠬᠤ ᠭᠣᠷᠢᠳᠠᠯᠭ᠎ᠠ ᠲᠠᠯᠪᠢᠵᠤ᠂ ᠮᠣᠩᠭᠣᠯᠴᠤᠳ ᠢ᠋ ᠳᠡᠮᠵᠢᠬᠦ᠂ ᠮᠣᠩᠭᠣᠯᠴᠤᠳ ᠢ᠋ ᠬᠥᠭᠡᠷᠭᠡᠳᠡᠬᠦ ᠠᠷᠭ᠎ᠠ ᠠᠪᠴᠤ ᠪᠠᠢᠭᠰᠠᠨ ᠨᠢ ᠣᠯᠠᠨ ᠲᠣᠭᠠᠨ ᠤ᠋ ᠬᠥᠮᠦᠨ ᠶᠠᠫᠣᠨ ᠳ᠋ᠤ᠌ ᠰᠤᠷᠤᠯᠴᠠᠬᠤ ᠪᠣᠯᠤᠮᠵᠢ ᠶ᠋ᠢ ᠬᠠᠩᠭᠠᠵᠤ ᠥᠭᠭᠦᠭᠰᠡᠨ ᠶᠦᠮ᠃《ᠵᠠᠭᠤᠨ ᠵᠢᠯ ᠦ᠋ᠨ ᠡᠮᠦᠨ᠎ᠡ ᠶᠠᠫᠣᠨ ᠤ᠋ ᠡᠷᠳᠡᠮᠲᠡᠨ<ᠮᠣᠩᠭᠣᠯ ᠤ᠋ᠨ ᠨᠢᠭᠤᠴᠠ ᠲᠣᠪᠴᠢᠶᠠᠨ> ᠢ᠋ ᠶᠠᠫᠣᠨᠴᠢᠯᠠᠵᠤ᠂ ᠤᠷᠠᠨ ᠵᠣᠬᠢᠶᠠᠯ ᠤ᠋ᠨ ᠬᠡᠯᠪᠡᠷᠢ ᠪᠡᠷ ᠲᠠᠨᠢᠯᠴᠠᠭᠤᠯᠤᠭᠰᠠᠨ ᠶᠠᠪᠤᠳᠠᠯ ᠴᠢᠩᠭᠢᠰ ᠬᠠᠭᠠᠨ ᠤ᠋ ᠲᠤᠬᠠᠢ᠂ ᠮᠣᠩᠭᠣᠯ ᠤ᠋ᠨ ᠲᠤᠬᠠᠢ ᠶᠠᠫᠣᠨᠴᠤᠳ ᠤ᠋ᠨ ᠣᠢᠯᠠᠭᠠᠯᠲᠠ ᠶ᠋ᠢ ᠲᠡᠯᠡᠵᠦ᠂ ᠡᠭᠦᠨ ᠦ᠌ ᠤᠯᠠᠮ ᠢ᠋ᠶ᠋ᠠᠷ ᠮᠣᠩᠭᠣᠯ ᠳ᠋ᠤ᠌ ᠰᠣᠨᠢᠷᠬᠠᠯᠲᠠᠢ ᠪᠣᠯᠤᠭᠰᠠᠨ᠃ ᠡᠢᠨ ᠬᠦ᠌ ᠴᠢᠩᠭᠢᠰ ᠬᠠᠭᠠᠨ ᠢ᠋ ᠪᠢᠰᠢᠷᠡᠳᠡᠭ ᠶᠠᠫᠣᠨᠴᠤᠳ ᠮᠣᠩᠭᠣᠯᠴᠤᠳ ᠲᠤ ᠨᠥᠬᠥᠷᠰᠡᠭ᠂ ᠢᠲᠡᠭᠡᠮᠡᠲᠡᠭᠡᠢ ᠪᠣᠯᠤᠭᠰᠠᠨ》 ᠭᠡᠵᠦ ᠶᠠᠫᠣᠨ ᠤ᠋ ᠤᠭᠰᠠᠭᠠᠲᠠᠨ ᠤ᠋ ᠵᠦᠢ ᠶ᠋ᠢᠨ ᠮᠦᠽᠧᠢ ᠶ᠋ᠢᠨ ᠰᠤᠳᠤᠯᠤᠭᠴᠢ᠂ ᠮᠣᠩᠭᠣᠯᠴᠢ ᠡᠷᠳᠡᠮᠲᠡᠨ ᠺᠤᠨᠠᠭᠠᠶᠠ ᠶᠦᠺᠢ ᠶᠠᠷᠢᠵᠤ ᠪᠠᠢᠯ᠎ᠠ᠃ ᠬᠣᠷᠢᠳᠤᠭᠠᠷ ᠵᠠᠭᠤᠨ ᠤ᠋ ᠶᠡᠷᠡᠭᠡᠳ ᠣᠨ ᠳ᠋ᠤ᠌ ᠶᠠᠫᠣᠨ ᠯᠤᠭ᠎ᠠ ᠶ᠋ᠢᠨ ᠬᠠᠷᠢᠴᠠᠭ᠎ᠠ ᠰᠠᠢᠵᠢᠷᠠᠬᠤ ᠶ᠋ᠢ ᠳᠠᠭᠠᠯᠳᠤᠨ ᠬᠥᠳᠡᠯᠮᠦᠷᠢ ᠬᠦᠴᠦ ᠬᠢᠮᠳᠠᠬᠠᠨ ᠥᠪᠥᠷ ᠮᠣᠩᠭᠣᠯ ᠤ᠋ᠨ ᠬᠥᠮᠦᠰ ᠬᠥᠳᠡᠯᠮᠦᠷᠢ ᠬᠦᠴᠦ ᠦᠨᠡᠲᠡᠢ ᠶᠠᠫᠣᠨ ᠤᠷᠤᠭᠤ ᠶᠠᠪᠤᠵᠠᠭᠠᠬᠤ ᠪᠣᠯᠤᠭᠰᠠᠨ ᠶᠤᠮ᠃ ᠡᠨᠡ ᠨᠢ ᠬᠡᠳᠦᠢᠪᠡᠷ ᠮᠥᠩᠭᠥ ᠣᠯᠬᠤ ᠲᠣᠬᠢᠶᠠᠯ ᠬᠠᠢᠭᠰᠠᠨ ᠰᠢᠨᠵᠢ ᠲᠡᠢ ᠪᠠᠢᠭᠰᠠᠨ ᠴᠤ ᠲᠡᠷᠡ ᠳᠤᠮᠳᠠ ᠠ᠋ᠴᠠ ᠮᠠᠰᠢ ᠣᠯᠠᠨ ᠬᠥᠮᠦᠨ ᠡᠷᠳᠡᠮ ᠪᠣᠯᠪᠠᠰᠤᠷᠠᠯ ᠳ᠋ᠤ᠌ ᠰᠢᠮᠳᠠᠭᠰᠠᠨ ᠢ᠋ ᠣᠮᠲᠣᠭᠠᠢᠯᠠᠵᠤ ᠡᠰᠡ ᠪᠣᠯᠤᠨ᠎ᠠ᠃
ᠳᠡᠯᠡᠬᠡᠢ ᠶ᠋ᠢᠨ ᠬᠣᠶᠠᠳᠤᠭᠠᠷ ᠲᠡᠢᠨ ᠦ᠌ ᠦᠶ᠎ᠡ ᠳ᠋ᠦ᠍ ᠣᠷᠣᠰ ᠤ᠋ᠨ ᠲᠦᠷᠢᠯᠲᠡ ᠡᠴᠡ ᠰᠢᠯᠲᠠᠭᠠᠯᠠᠵᠤ ᠶᠠᠫᠣᠨᠴᠤᠳ ᠬᠠᠯᠬ᠎ᠠ ᠨᠤᠲᠤᠭ ᠳᠤ ᠨᠢᠭᠡ ᠶᠡᠬᠡ ᠭᠦᠨᠵᠡᠭᠡᠢᠷᠡᠵᠦ ᠴᠢᠳᠠᠭ᠎ᠠ ᠦᠭᠡᠢ᠃ ᠥᠪᠥᠷ ᠮᠣᠩᠭᠣᠯ ᠤ᠋ᠨ ᠬᠡᠪᠴᠢᠶᠡᠨ ᠳ᠋ᠦ᠍ ᠯᠡ ᠠᠵᠢᠯᠯᠠᠭ᠎ᠠ ᠲᠠᠢ ᠪᠠᠢᠭᠰᠠᠨ ᠪᠥᠭᠡᠳ ᠶᠠᠫᠣᠨ ᠤ᠋ ᠮᠣᠩᠭᠣᠯ ᠤ᠋ᠨ ᠰᠤᠳᠤᠯᠤᠯ ᠴᠤ᠌ ᠥᠪᠥᠷ ᠮᠣᠩᠭᠣᠯ ᠠ᠋ᠴᠠ ᠡᠬᠢᠯᠡᠭᠰᠡᠨ ᠶᠦᠮ᠃ ᠠᠩᠬᠠᠨ ᠳ᠋ᠠᠭᠠᠨ ᠬᠡᠳᠦᠢᠪᠡᠷ ᠣᠨᠳᠣᠣ ᠵᠣᠷᠢᠯᠭ᠎ᠠ ᠪᠠᠷ ᠬᠢᠭᠳᠡᠵᠦ ᠪᠠᠢᠭᠰᠠᠨ ᠴᠤ ᠲᠡᠷᠡ ᠰᠠᠭᠤᠷᠢᠨ ᠳᠡᠭᠡᠷ᠎ᠡ ᠭᠠᠷᠤᠭ᠎ᠠ ᠪᠠᠨ ᠠᠪᠤᠭᠰᠠᠨ ᠶᠠᠫᠣᠨ ᠤ᠋ ᠮᠣᠩᠭᠣᠯ ᠤ᠋ᠨ ᠰᠤᠳᠤᠯᠤᠯ ᠥᠨᠥᠳᠥᠷ ᠳᠡᠯᠡᠬᠡᠢ ᠳ᠋ᠦ᠍ ᠲᠡᠷᠢᠭᠦᠯᠡᠵᠦ ᠪᠠᠢᠭ᠎ᠠ᠃ ᠪᠢᠳᠡ ᠭᠤᠷᠪᠠ ᠶᠠᠫᠣᠨ ᠤ᠋ ᠸᠠᠰᠠᠢᠳᠠ ᠶᠡᠬᠡ ᠰᠤᠷᠭᠠᠭᠤᠯᠢ᠂ ᠲᠣᠤᠺᠢᠣ᠋ ᠶ᠋ᠢᠨ ᠭᠠᠳᠠᠭᠠᠳᠤ ᠰᠤᠳᠤᠯᠤᠯ ᠤ᠋ᠨ ᠶᠡᠬᠡ ᠰᠤᠷᠭᠠᠭᠤᠯᠢ᠂ ᠣᠣᠰᠠᠺᠠ ᠳ᠋ᠦ᠍ ᠪᠠᠢᠭ᠎ᠠ ᠶᠠᠫᠣᠨ ᠤ᠋ ᠤᠭᠰᠠᠭᠠᠲᠠᠨ ᠤ᠋ ᠰᠤᠳᠤᠯᠤᠯ ᠤ᠋ᠨ ᠮᠦᠽᠧᠢ ᠵᠡᠷᠭᠡ ᠭᠠᠵᠠᠷ ᠬᠦᠷᠦᠭᠰᠡᠨ ᠪᠢᠯᠡ᠃
1. ᠸᠠᠰᠠᠢᠳᠠ ᠶᠡᠬᠡ ᠰᠤᠷᠭᠠᠭᠤᠯᠢ ᠶ᠋ᠢᠨ ᠮᠣᠩᠭᠣᠯᠴᠢ ᠡᠷᠳᠡᠮᠲᠡᠨ ᠶᠣᠰᠢᠳᠠ ᠵᠦᠨᠶᠢᠴᠢ 6 ᠳ᠋ᠤᠭᠠᠷ ᠰᠠᠷ᠎ᠠ ᠶ᠋ᠢᠨ 26 ᠳ᠋ᠤ᠌ ᠸᠠᠰᠠᠢᠳᠠ ᠶᠡᠬᠡ ᠰᠤᠷᠭᠠᠭᠤᠯᠢ ᠶ᠋ᠢᠨ ᠮᠣᠩᠭᠣᠯ ᠰᠤᠳᠤᠯᠤᠯ ᠤ᠋ᠨ ᠭᠠᠵᠠᠷ ᠤ᠋ᠨ ᠮᠣᠩᠭᠣᠯᠴᠢ ᠡᠷᠳᠡᠮᠲᠡᠨ ᠶᠣᠰᠢᠳᠠ ᠵᠦᠨᠶᠢᠴᠢ ᠭᠤᠸᠠᠢ ᠶ᠋ᠢᠨ ᠠᠯᠪᠠᠨ ᠭᠡᠷ ᠲᠦ᠍ ᠬᠠᠷᠠᠨᠤᠳ ᠰᠠᠢᠨᠴᠣᠭᠲᠣ ᠭᠤᠸᠠᠢ ᠶ᠋ᠢᠨ ᠬᠡᠯᠡᠮᠦᠷᠴᠢᠯᠡᠭᠡ ᠪᠡᠷ ᠶᠠᠷᠢᠯᠴᠠᠭᠰᠠᠨ ᠶᠤᠮ᠃1964 ᠣᠨ ᠳ᠋ᠤ᠌ ᠮᠣᠩᠭᠣᠯ ᠤ᠋ᠨ ᠲᠤᠬᠠᠢ ᠰᠤᠳᠤᠯᠭᠠᠨ ᠢ᠋ᠶ᠋ᠠᠨ ᠡᠬᠢᠯᠡᠭᠦᠯᠦᠭᠰᠡᠨ ᠵᠦᠨᠶᠢᠴᠢ ᠭᠤᠸᠠᠢ ᠮᠣᠩᠭᠣᠯ ᠪᠢᠴᠢᠭ ᠲᠠᠨᠢᠳᠠᠭ᠂ ᠶᠠᠷᠢᠬᠤ ᠶ᠋ᠢ ᠣᠢᠯᠠᠭᠠᠳᠠᠭ ᠪᠣᠯᠪᠠᠴᠤ ᠥᠪᠡᠷ ᠢ᠋ᠶ᠋ᠡᠨ ᠮᠣᠩᠭᠣᠯ ᠢ᠋ᠶ᠋ᠠᠷ ᠳᠡᠮᠡᠢ ᠶᠠᠷᠢᠳᠠᠭ ᠦᠭᠡᠢ ᠠᠵᠢ᠃ ᠥᠪᠥᠷ ᠮᠣᠩᠭᠣᠯ ᠠ᠋ᠴᠠ ᠢᠷᠡᠭᠰᠡᠨ ᠮᠣᠩᠭᠣᠯ ᠬᠥᠮᠦᠨ ᠭᠡᠳᠡᠭ ᠢ᠋ ᠰᠣᠨᠣᠰᠤᠭᠠᠳ ᠪᠢᠳᠡᠨ ᠢ᠋ ᠮᠠᠰᠢ ᠬᠠᠯᠠᠭᠤᠮᠰᠤᠭ ᠢ᠋ᠶ᠋ᠠᠷ ᠬᠦᠯᠢᠶᠡᠨ ᠠᠪᠴᠤ ᠴᠠᠭ ᠰᠢᠬᠠᠮ ᠤ᠋ᠨ ᠶᠠᠷᠢᠯᠴᠠᠭ᠎ᠠ ᠥᠭᠭᠦᠯ᠎ᠡ᠃《ᠮᠣᠩᠭᠣᠯ ᠤ᠋ᠨ ᠨᠢᠭᠤᠴᠠ ᠲᠣᠪᠴᠢᠶᠠᠨ》 ᠢ᠋ᠶ᠋ᠠᠷ ᠰᠤᠳᠤᠯᠭᠠᠨ ᠢ᠋ᠶ᠋ᠠᠨ ᠡᠬᠢᠯᠡᠭᠦᠯᠦᠭᠰᠡᠨ ᠲᠡᠷᠡ ᠪᠡᠷ ᠰᠡᠭᠦᠯ ᠦ᠋ᠨ ᠦᠶ᠎ᠡ ᠳ᠋ᠦ᠍ ᠨᠡᠭᠦᠳᠡᠯ ᠮᠠᠯᠵᠢᠯ ᠰᠣᠶᠣᠯ ᠤ᠋ᠨ ᠲᠤᠬᠠᠢ ᠭᠣᠣᠯᠳᠠᠭᠤ ᠠᠩᠬᠠᠷᠴᠤ ᠪᠠᠢᠭ᠎ᠠ ᠶᠤᠮ ᠪᠠᠢᠨ᠎ᠠ᠃《ᠮᠣᠩᠭᠣᠯ ᠤ᠋ᠨ ᠨᠡᠭᠦᠳᠡᠯ ᠮᠠᠯᠵᠢᠯ ᠤ᠋ᠨ ᠰᠣᠶᠣᠯ ᠤ᠋ᠨ ᠲᠤᠬᠠᠢ ᠳᠡᠯᠡᠬᠡᠢ ᠨᠡᠢᠲᠡ ᠶ᠋ᠢᠨ ᠰᠤᠳᠤᠯᠭᠠᠨ ᠤᠤᠯ ᠢ᠋ᠶ᠋ᠠᠨ ᠪᠣᠳᠣᠪᠠᠯ ᠵᠣᠭᠰᠣᠩᠭᠤᠢᠷᠠᠬᠤ ᠬᠠᠨᠳᠤᠰᠢ ᠲᠠᠢ᠃ ᠳᠡᠯᠡᠬᠡᠢ ᠨᠡᠢᠲᠡ ᠶ᠋ᠢᠨ ᠰᠤᠳᠤᠯᠭᠠᠨ ᠤ᠋ ᠠᠩᠬᠠᠷᠤᠯ ᠰᠡᠭᠦᠯ ᠦ᠋ᠨ ᠦᠶ᠎ᠡ ᠳ᠋ᠦ᠍ ᠲᠥᠪᠡᠳ ᠤᠷᠤᠭᠤ ᠢᠯᠡᠭᠦᠦ ᠬᠡᠯᠪᠡᠢᠭᠰᠡᠨ ᠶᠦᠮ᠃ ᠭᠡᠪᠡᠴᠦ ᠮᠣᠩᠭᠣᠯ ᠤ᠋ᠨ ᠨᠡᠭᠦᠳᠡᠯ ᠮᠠᠯᠵᠢᠯ ᠤ᠋ᠨ ᠰᠣᠶᠣᠯ ᠪᠣᠯ ᠬᠠᠮᠤᠭ ᠤ᠋ᠨ ᠰᠣᠩᠭᠣᠳᠠᠭ ᠰᠣᠶᠣᠯ ᠪᠣᠯᠬᠣᠷ ᠲᠡᠭᠦᠨ ᠢ᠋ ᠰᠤᠳᠤᠯᠬᠤ᠂ ᠬᠠᠮᠠᠭᠠᠯᠠᠬᠤ ᠠᠵᠢᠯ ᠢ᠋ᠶ᠋ᠠᠨ ᠵᠣᠭᠰᠣᠵᠤ ᠪᠣᠯᠬᠤ ᠦᠭᠡᠢ᠃ ᠨᠡᠭᠦᠳᠡᠯ ᠮᠠᠯᠵᠢᠯ ᠤ᠋ᠨ ᠰᠣᠶᠣᠯ ᠪᠣᠯ ᠲᠥᠪ ᠠᠽᠢᠶ᠎ᠠ ᠶ᠋ᠢᠨ ᠨᠤᠲᠤᠭ ᠲᠤ ᠬᠠᠮᠤᠭ ᠠ᠋ᠴᠠ ᠢᠯᠡᠭᠦᠦ ᠲᠣᠬᠢᠷᠠᠬᠤ ᠦᠢᠯᠡᠳᠪᠦᠷᠢᠯᠡᠯ ᠦ᠋ᠨ ᠬᠡᠯᠪᠡᠷᠢ᠃ ᠭᠡᠪᠡᠴᠦ ᠥᠨᠥᠳᠥᠷ ᠡᠨᠡ ᠰᠣᠶᠣᠯ ᠬᠢᠮᠤᠷᠠᠯ ᠳ᠋ᠤ᠌ ᠤᠴᠠᠷᠠᠵᠤ ᠪᠠᠢᠭ᠎ᠠ ᠶᠠᠪᠤᠳᠠᠯ ᠬᠡᠴᠡᠭᠦᠦ ᠪᠠᠢᠨ᠎ᠠ᠃ ᠬᠡᠷᠪᠡ ᠮᠣᠩᠭᠣᠯ ᠤ᠋ᠨ ᠨᠡᠭᠦᠳᠡᠯ ᠮᠠᠯᠵᠢᠯ ᠤ᠋ᠨ ᠰᠣᠶᠣᠯ ᠢ᠋ ᠰᠠᠢᠨ ᠣᠢᠯᠠᠭᠠᠬᠤ ᠦᠭᠡᠢ ᠪᠣᠯ ᠮᠣᠩᠭᠣᠯ ᠲᠡᠦᠬᠡ ᠶ᠋ᠢᠨ ᠨᠢᠭᠤᠴᠠ ᠶ᠋ᠢ ᠣᠢᠯᠠᠭᠠᠵᠤ ᠴᠢᠳᠠᠬᠤ ᠦᠭᠡᠢ᠃ ᠨᠡᠭᠦᠳᠡᠯ ᠮᠠᠯᠵᠢᠯ ᠤ᠋ᠨ ᠰᠣᠶᠣᠯ ᠢ᠋ ᠬᠠᠮᠠᠭᠠᠯᠠᠬᠤ ᠪᠣᠯ ᠲᠤᠩ ᠴᠢᠬᠤᠯᠠ᠃<ᠮᠣᠩᠭᠣᠯ ᠤ᠋ᠨ ᠨᠢᠭᠤᠴᠠ ᠲᠣᠪᠴᠢᠶᠠᠨ> ᠤ᠋ ᠨᠢᠭᠤᠴᠠ ᠶ᠋ᠢ ᠲᠠᠢᠯᠬᠤ ᠲᠦᠯᠬᠢᠭᠦᠷ ᠴᠤ ᠨᠡᠭᠦᠳᠡᠯ ᠮᠠᠯᠵᠢᠯ ᠰᠣᠶᠣᠯ ᠳ᠋ᠤᠨᠢ ᠪᠣᠢ》 ᠭᠡᠵᠦ ᠵᠥᠨᠶᠢᠴᠢ ᠭᠤᠸᠠᠢ ᠨᠡᠭᠦᠳᠡᠯ ᠮᠠᠯᠵᠢᠯ ᠤ᠋ᠨ ᠰᠣᠶᠣᠯ ᠤ᠋ᠨ ᠠᠭᠤᠤ ᠶᠡᠬᠡ ᠭᠡᠳᠡᠭ ᠢ᠋ ᠶᠡᠬᠡ ᠣᠯᠠᠨ ᠪᠠᠷᠢᠮᠲᠠ ᠲᠠᠲᠠᠵᠤ ᠶᠠᠷᠢᠯ᠎ᠠ᠃ ᠶᠣᠰᠢᠳᠠ ᠵᠥᠨᠶᠢᠴᠢ ᠭᠤᠸᠠᠢ ᠪᠣᠯ ᠳᠡᠯᠡᠬᠡᠢ ᠳ᠋ᠦ᠍ ᠠᠯᠳᠠᠷᠰᠢᠭᠰᠠᠨ ᠮᠣᠩᠭᠣᠯᠴᠢ ᠡᠷᠳᠡᠮᠲᠡᠨ ᠪᠥᠭᠡᠳ《ᠮᠣᠩᠭᠣᠯ ᠤ᠋ᠨ ᠨᠢᠭᠤᠴᠠ ᠲᠣᠪᠴᠢᠶᠠᠨ》 ᠤ᠋ ᠰᠤᠳᠤᠯᠭᠠᠨ ᠢ᠋ᠶ᠋ᠠᠷ ᠢ᠋ᠶ᠋ᠠᠨ ᠣᠷᠣᠢᠯᠠᠵᠤ ᠶᠠᠪᠤᠭ᠎ᠠ ᠡᠷᠳᠡᠮᠲᠡᠨ ᠦ᠌ ᠨᠢᠭᠡᠨ ᠶᠦᠮ᠃ ᠰᠣᠨᠢᠷᠬᠠᠯᠲᠠᠢ ᠨᠢ ᠡᠨᠡ ᠬᠥᠮᠦᠨ ᠦ᠌ ᠪᠢᠴᠢᠭᠰᠡᠨ《ᠮᠣᠩᠭᠣᠯ ᠤ᠋ᠨ ᠨᠢᠭᠤᠴᠠ ᠲᠣᠪᠴᠢᠶᠠᠨ》 ᠤ᠋ ᠲᠤᠬᠠᠢ ᠰᠤᠳᠤᠯᠭᠠᠨ ᠨᠣᠮ ᠨᠢ ᠶᠠᠫᠣᠨ ᠳ᠋ᠤ᠌
ᠣᠬᠣᠷᠬᠠᠨ ᠬᠡᠳᠦᠨ ᠵᠢᠯ ᠳ᠋ᠦ᠍ ᠬᠡᠳᠦ ᠤᠳᠠᠭ᠎ᠠ ᠳᠠᠭᠢᠵᠤ ᠬᠡᠪᠯᠡᠭᠳᠡᠭᠰᠡᠨ ᠠᠪᠠᠴᠤ ᠥᠪᠥᠷ ᠮᠣᠩᠭᠣᠯ ᠳ᠋ᠤ᠌ ᠬᠡᠪᠯᠡᠭᠰᠡᠨ ᠬᠣᠶᠠᠷ ᠮᠢᠩᠭᠠᠬᠠᠨ ᠳᠡᠪᠲᠡᠷ ᠨᠢ ᠣᠳᠣ ᠪᠣᠯᠲᠠᠯ᠎ᠠ ᠪᠦᠷᠢᠨ ᠪᠣᠷᠣᠯᠠᠭᠤᠯᠤᠭᠳᠠᠭᠠ ᠦᠭᠡᠢ ᠠᠵᠢ᠃
ᠵᠦᠨᠶᠢᠴᠢ ᠭᠤᠸᠠᠢ ᠵᠢᠯ ᠪᠣᠯᠭᠠᠨ ᠮᠣᠩᠭᠣᠯ ᠣᠷᠣᠨ ᠳ᠋ᠤ᠌ ᠢᠷᠡᠵᠦ ᠬᠡᠭᠡᠷ᠎ᠡ ᠶ᠋ᠢᠨ ᠰᠢᠨᠵᠢᠯᠡᠭᠡ ᠬᠢᠵᠦ᠂ ᠨᠣᠮ ᠮᠠᠲ᠋ᠧᠷᠢᠶᠠᠯ ᠴᠤᠭᠯᠠᠭᠤᠯᠵᠤ᠂ ᠨᠡᠭᠦᠳᠡᠯ ᠮᠠᠯᠵᠢᠯ ᠰᠣᠶᠣᠯ ᠤ᠋ᠨ ᠲᠤᠬᠠᠢ ᠣᠢᠯᠠᠭᠠᠵᠤ ᠶᠠᠪᠤᠳᠠᠭ ᠶᠤᠮ ᠪᠠᠢᠨ᠎ᠠ᠃ 《<ᠮᠣᠩᠭᠣᠯ ᠤ᠋ᠨ ᠨᠢᠭᠤᠴᠠ ᠲᠣᠪᠴᠢᠶᠠᠨ> ᠪᠣᠯ ᠲᠠ ᠨᠠᠷ ᠤ᠋ᠨ ᠥᠪ ᠶᠡᠬᠡ ᠡᠷᠳᠡᠨᠢ᠃<ᠮᠣᠩᠭᠣᠯ ᠤ᠋ᠨ ᠨᠢᠭᠤᠴᠠ ᠲᠣᠪᠴᠢᠶᠠᠨ> ᠳ᠋ᠤ᠌ ᠮᠣᠩᠭᠣᠯ ᠬᠥᠮᠦᠨ ᠦ᠌ ᠬᠡᠯᠡ ᠰᠣᠶᠣᠯ᠂ ᠲᠡᠦᠬᠡ᠂ ᠵᠣᠷᠢᠭ ᠰᠠᠨᠠᠭ᠎ᠠ ᠪᠦᠷᠢᠨ ᠬᠠᠳᠠᠭᠠᠯᠠᠭᠳᠠᠵᠤ ᠪᠠᠢᠨ᠎ᠠ᠃ ᠮᠣᠩᠭᠣᠯ ᠬᠥᠮᠦᠨ ᠪᠣᠯᠭᠠᠨ<ᠨᠢᠭᠤᠴᠠ ᠲᠣᠪᠴᠢᠶᠠᠨ> ᠢ᠋ᠶ᠋ᠠᠨ ᠤᠩᠰᠢᠬᠤ ᠬᠡᠷᠡᠭᠲᠡᠢ᠃ ᠨᠡᠭᠦᠳᠡᠯ ᠮᠠᠯᠵᠢᠯ ᠤ᠋ᠨ ᠰᠣᠶᠣᠯ ᠢ᠋ᠶ᠋ᠠᠨ ᠣᠢᠯᠠᠭᠠᠳᠠᠭ ᠮᠣᠩᠭᠣᠯ ᠬᠥᠮᠦᠨ ᠯᠡ ᠰᠠᠶᠢ<ᠨᠢᠭᠤᠴᠠ ᠲᠣᠪᠴᠢᠶᠠᠨ> ᠢ᠋ᠶ᠋ᠠᠨ ᠪᠦᠷᠢᠨ ᠣᠢᠯᠠᠭᠠᠵᠤ᠂ ᠨᠢᠭᠤᠴᠠ ᠶ᠋ᠢ ᠨᠢ ᠲᠠᠢᠯᠵᠤ ᠴᠢᠳᠠᠨ᠎ᠠ᠃ ᠭᠡᠪᠡᠴᠦ<ᠨᠢᠭᠤᠴᠠ ᠲᠣᠪᠴᠢᠶᠠᠨ> ᠢ᠋ ᠰᠤᠳᠤᠯᠬᠤ ᠳ᠋ᠤ᠌ ᠵᠥᠪᠬᠡᠨ ᠦᠭᠡ ᠦᠰᠦᠭ ᠦ᠋ᠨ ᠲᠠᠢᠯᠪᠤᠷᠢ᠂ ᠬᠡᠯᠡᠨ ᠦ᠌ ᠰᠢᠨᠵᠢᠯᠡᠯ᠂ ᠤᠳᠬ᠎ᠠ ᠵᠣᠬᠢᠶᠠᠯ᠂ ᠲᠡᠦᠬᠡ ᠵᠡᠷᠭᠡ ᠲᠠᠯ᠎ᠠ ᠠ᠋ᠴᠠ ᠯᠠ ᠳᠠᠪᠲᠠᠭᠳᠠᠭᠰᠠᠨ ᠰᠤᠳᠤᠯᠭᠠᠨ ᠢ᠋ ᠭᠣᠣᠯᠳᠠᠭᠤ ᠬᠢᠵᠦ᠂ ᠬᠠᠷᠢᠨ ᠨᠡᠭᠦᠳᠡᠯ ᠮᠠᠯᠵᠢᠯ ᠰᠣᠶᠣᠯ ᠤ᠋ᠨ ᠬᠠᠷᠠᠭᠠᠰᠤ ᠪᠠᠷ ᠰᠤᠳᠤᠯᠬᠤ ᠶᠠᠪᠤᠳᠠᠯ ᠣᠮᠲᠠᠭᠠᠢᠯᠠᠭᠳᠠᠵᠤ ᠪᠠᠢᠨ᠎ᠠ᠃ ᠮᠣᠩᠭᠣᠯ ᠨᠡᠭᠦᠳᠡᠯ ᠰᠣᠶᠣᠯ ᠪᠣᠯ ᠳᠡᠯᠡᠬᠡᠢ ᠶ᠋ᠢᠨ ᠨᠡᠭᠦᠳᠡᠯ ᠰᠣᠶᠣᠯ ᠤ᠋ᠨ ᠣᠷᠭᠢᠯ ᠶᠤᠮ》 ᠭᠡᠵᠦ ᠲᠡᠷᠡ ᠶᠠᠷᠢᠭᠰᠠᠨ ᠨᠢ ᠶᠠᠭᠠᠬᠢᠬᠤ ᠠᠷᠭ᠎ᠠ ᠦᠭᠡᠢ ᠵᠥᠪ ᠭᠡᠮᠡᠨ ᠰᠠᠨᠠᠭᠳᠠᠭᠰᠠᠨ᠃ ᠳᠠᠷᠤᠤᠬᠠᠨ ᠵᠠᠩ ᠲᠠᠢ᠂ ᠵᠢᠩᠬᠢᠨᠢ ᠶᠠᠫᠣᠨ ᠬᠥᠮᠦᠨ ᠦ᠌ ᠠᠵᠢᠯᠴᠢ ᠬᠢᠴᠢᠶᠡᠩᠭᠦᠢ ᠣᠪᠣᠷ ᠲᠠᠢ ᠵᠥᠨᠶᠢᠴᠢ ᠭᠤᠸᠠᠢ ᠥᠪᠡᠷ ᠲᠦ᠋ᠨᠢ ᠱᠠᠪᠢᠯᠠᠵᠤ ᠪᠠᠢᠭᠰᠠᠨ ᠥᠪᠥᠷ ᠮᠣᠩᠭᠣᠯ ᠤ᠋ᠨ ᠰᠤᠷᠤᠭᠴᠢᠳ ᠢ᠋ᠶ᠋ᠠᠨ ᠰᠤᠷᠠᠭᠯᠠᠵᠤ᠂ ᠠᠮᠤᠷ ᠮᠡᠨᠳᠦ ᠶ᠋ᠢ ᠨᠢ ᠠᠰᠠᠭᠤᠵᠤ ᠪᠠᠢᠭᠰᠠᠨ ᠪᠠ ᠥᠪᠡᠷ ᠦ᠋ᠨ ᠬᠡᠪᠯᠡᠭᠦᠯᠦᠭᠰᠡᠨ ᠨᠣᠮ ᠢ᠋ᠶ᠋ᠠᠨ ᠪᠡᠯᠡᠭ ᠪᠣᠯᠭᠠᠵᠤ ᠪᠢᠳᠡᠨ ᠢ᠋ᠶ᠋ᠡᠷ ᠳᠠᠮᠵᠢᠭᠤᠯᠵᠤ ᠪᠢᠯᠡ᠃ ᠢᠩᠭᠢᠭᠡᠳ ᠥᠷᠥᠭᠡ ᠳᠦᠭᠦᠷᠡᠩ ᠨᠣᠮ ᠲᠠᠢ᠂ ᠬᠣᠶᠠᠷ ᠬᠥᠮᠦᠨ ᠣᠷᠣᠪᠠᠯ ᠪᠡᠶ᠎ᠡ ᠡᠷᠭᠢᠬᠦ ᠵᠠᠢ ᠦᠭᠡᠢ ᠪᠣᠯᠤᠭᠰᠠᠨ ᠠᠯᠪᠠᠨ ᠭᠡᠷ ᠲᠦ᠋ᠨᠢ ᠪᠢᠳᠡ ᠡᠢᠨ ᠬᠦ᠌ ᠲᠦᠷ ᠶᠠᠷᠢᠯᠴᠠᠭᠠᠳ ᠰᠤᠷᠪᠤᠯᠵᠢᠯᠠᠭ᠎ᠠ ᠪᠠᠨ ᠥᠨᠳᠦᠷᠯᠡᠭᠦᠯᠬᠦ ᠦᠶ᠎ᠡ ᠳ᠋ᠦ᠍ ᠦᠳᠡ ᠪᠣᠯᠤᠭᠰᠠᠨ ᠪᠣᠯᠬᠣᠷ ᠸᠡᠰᠡᠢᠳᠠ ᠶᠡᠬᠡ ᠰᠤᠷᠭᠠᠭᠤᠯᠢ ᠶ᠋ᠢᠨ ᠰᠤᠷᠤᠭᠴᠢᠳ ᠤ᠋ᠨ ᠬᠣᠭᠣᠯᠠᠨ ᠭᠡᠷ ᠲᠦ᠍ ᠣᠯᠠᠨ ᠰᠤᠷᠤᠭᠴᠢᠳ ᠤ᠋ᠨ ᠬᠠᠮᠲᠤ ᠬᠣᠭᠣᠯᠠᠯᠠᠭᠠᠳ ᠳᠠᠷᠠᠭᠠᠴᠢ ᠶ᠋ᠢᠨ ᠥᠷᠢᠳᠡᠭᠡ ᠪᠡᠨ ᠵᠣᠷᠢᠭᠰᠠᠨ ᠰᠠᠨ᠃ ᠬᠠᠷᠢᠨ ᠬᠡᠯᠡᠬᠦ ᠡᠴᠡ ᠪᠢᠳᠡ ᠬᠥᠬᠡᠬᠣᠲᠠ ᠠ᠋ᠴᠠ ᠣᠴᠢᠬᠤ ᠳ᠋ᠠᠭᠠᠨ ᠪᠦᠷ ᠯᠡ ᠡᠩ ᠦ᠋ᠨ ᠴᠠᠭ ᠳᠤ ᠡᠮᠦᠰᠳᠡᠭ ᠵᠢᠩᠰᠡᠨ ᠥᠮᠥᠳᠥ᠂ ᠵᠤᠭᠠᠴᠠᠯ ᠳ᠋ᠤ᠌ ᠡᠮᠦᠰᠳᠡᠭ ᠱᠠᠬᠠᠢ᠂ ᠪᠣᠭᠣᠨᠢ ᠬᠠᠨᠴᠤᠢ ᠲᠠᠢ ᠶᠡᠷᠦ ᠶ᠋ᠢᠨ ᠬᠤᠪᠴᠠᠰᠤ ᠲᠠᠢ ᠪᠠᠢᠭᠰᠠᠨ ᠮᠠᠨᠢ ᠪᠤᠷᠤᠭᠤᠳᠴᠤ᠂ ᠲᠡᠨᠳᠡᠬᠢ ᠶ᠋ᠢᠨ ᠮᠣᠩᠭᠣᠯᠴᠤᠳ ᠢ᠋ᠶ᠋ᠠᠷ ᠵᠢᠮᠡᠯᠡᠭᠦᠯᠵᠦ ᠪᠢᠯᠡ᠃ ᠶᠠᠭᠠᠬᠢᠭᠠᠳ ᠭᠡᠬᠦ ᠪᠡᠷ ᠶᠠᠫᠣᠨᠴᠤᠳ ᠰᠤᠷᠪᠤᠯᠵᠢᠯᠠᠭ᠎ᠠ᠂ ᠬᠤᠷᠠᠯ ᠴᠤᠭᠯᠠᠭ᠎ᠠ᠂ ᠠᠭᠤᠯᠵᠠᠯᠲᠠ ᠪᠣᠯᠬᠤ ᠪᠦᠷᠢ ᠵᠠᠪᠠᠯ ᠧᠦ᠋ᠷᠣᠫᠠ ᠬᠤᠪᠴᠠᠰᠤ ᠲᠠᠢ ᠪᠠᠢᠬᠤ ᠶ᠋ᠢ ᠴᠢᠬᠤᠯᠠᠴᠢᠯᠠᠵᠤ᠂ ᠤᠭ ᠠᠵᠢᠯᠯᠠᠭ᠎ᠠ ᠪᠣᠯᠤᠨ ᠬᠥᠮᠦᠨ ᠢ᠋ ᠠᠯᠢ ᠵᠡᠷᠭᠡ ᠬᠦᠨᠳᠦᠳᠬᠡᠵᠦ ᠪᠠᠢᠭ᠎ᠠ ᠶ᠋ᠢᠨ ᠨᠢᠭᠡᠨ ᠢᠯᠡᠷᠬᠡᠢᠯᠡᠯ ᠪᠣᠯᠭᠠᠳᠠᠭ ᠪᠠᠢᠵᠠᠢ᠃ ᠲᠡᠳᠡ ᠳᠤᠷ᠎ᠠ ᠶ᠋ᠢᠨ ᠨᠢᠭᠡ ᠬᠤᠪᠴᠠᠰᠤ ᠲᠠᠢ ᠠᠵᠢᠯᠯᠠᠨ᠎ᠠ ᠭᠡᠵᠦ ᠶᠡᠷᠦ ᠪᠠᠢᠬᠤ ᠦᠭᠡᠢ᠃ ᠵᠠᠪᠠᠯ ᠲᠥᠪ ᠲᠡᠭᠰᠢ ᠬᠤᠪᠴᠠᠯᠠᠬᠤ ᠶ᠋ᠢ ᠡᠷᠬᠢᠮ ᠪᠣᠯᠭᠠᠳᠠᠭ ᠪᠠᠢᠨ᠎ᠠ᠃ ᠨᠡᠢᠭᠡᠮ ᠦ᠋ᠨ ᠬᠠᠷᠢᠯᠴᠠᠭᠠᠨ ᠳ᠋ᠤ᠌ ᠤᠯᠠᠮ ᠢ᠋ᠶ᠋ᠠᠷ ᠭᠠᠵᠠᠷ ᠠᠪᠴᠤ ᠪᠣᠢ ᠡᠨᠡ ᠬᠦ᠌ ᠶᠣᠰᠣ ᠶ᠋ᠢ ᠥᠷᠥᠨᠡᠳᠠᠬᠢᠨ ᠤ᠋ ᠶᠣᠰᠣ ᠭᠡᠵᠦ ᠪᠢᠳᠡ ᠣᠢᠯᠠᠭᠠᠳᠠᠭ ᠪᠣᠯᠪᠠᠴᠤ ᠮᠣᠩᠭᠣᠯᠴᠤᠳ ᠴᠤ ᠵᠠᠭᠠᠮ᠎ᠠ ᠵᠠᠳᠠᠭᠠᠢ᠂ ᠬᠠᠨᠴᠤᠢ ᠪᠠᠨ ᠰᠢᠮᠠᠯᠠᠭᠰᠠᠨ ᠰᠠᠯᠠᠩ ᠡᠮᠦᠰᠬᠡᠯ ᠢ᠋ᠶ᠋ᠡᠷ ᠠᠭᠤᠯᠵᠠᠵᠤ ᠤᠴᠠᠷᠠᠬᠤ ᠶ᠋ᠢ ᠴᠡᠭᠡᠷᠯᠡᠳᠡᠭ ᠪᠠᠢᠭᠰᠠᠨ ᠢ᠋ ᠬᠣᠯᠪᠣᠭᠳᠠᠭᠤᠯᠤᠨ ᠰᠡᠳᠬᠢᠪᠡᠰᠦ ᠦᠨᠡᠬᠡᠷ ᠣᠯᠠᠨ ᠶᠠᠭᠤᠮ᠎ᠠ ᠪᠣᠳᠣᠭᠳᠠᠨ᠎ᠠ᠃
2. ᠲᠣᠤᠺᠢᠣ᠋ ᠶ᠋ᠢᠨ ᠭᠠᠳᠠᠭᠠᠳᠤ ᠬᠡᠯᠡᠨ ᠦ᠌ ᠳᠡᠭᠡᠳᠦ ᠰᠤᠷᠭᠠᠭᠤᠯᠢ ᠳ᠋ᠠᠬᠢ ᠰᠤᠷᠪᠤᠯᠵᠢᠯᠠᠭ᠎ᠠ
6 ᠳ᠋ᠤᠭᠠᠷ ᠰᠠᠷ᠎ᠠ ᠶ᠋ᠢᠨ 26 ᠤ᠋ ᠣᠷᠣᠢᠬᠠᠨ ᠪᠢᠳᠡ ᠲᠣᠤᠺᠢᠣ᠋ ᠶ᠋ᠢᠨ ᠭᠠᠳᠠᠭᠠᠳᠤ ᠬᠡᠯᠡᠨ ᠦ᠌ ᠶᠡᠬᠡ ᠰᠤᠷᠭᠠᠭᠤᠯᠢ ᠳ᠋ᠤ᠌ ᠣᠴᠢᠵᠤ᠂ ᠮᠣᠩᠭᠣᠯᠴᠢ ᠡᠷᠳᠡᠮᠲᠡᠨ ᠥᠺᠡᠳᠡ᠂ ᠹᠦᠲ᠋ᠡᠺᠢ ᠬᠡᠮᠡᠬᠦ ᠬᠣᠶᠠᠷ ᠡᠷᠳᠡᠮᠲᠡᠨ ᠢ᠋ ᠰᠤᠷᠪᠤᠯᠵᠢᠯᠠᠯ᠎ᠠ᠃ ᠲᠡᠳᠡ ᠬᠣᠶᠠᠭᠤᠯᠠ ᠪᠠᠨ ᠮᠣᠩᠭᠣᠯ ᠢ᠋ᠶ᠋ᠠᠷ ᠭᠣᠶᠣ ᠶᠠᠷᠢᠳᠠᠭ ᠪᠣᠯᠬᠣᠷ ᠶᠠᠮᠠᠷ ᠴᠤ ᠬᠡᠯᠡᠮᠦᠷᠴᠢᠯᠡᠭᠡ ᠱᠠᠭᠠᠷᠳᠠᠯᠭ᠎ᠠ ᠥᠬᠡᠢ ᠴᠢᠯᠥᠭᠡᠲᠡᠢ ᠶᠠᠷᠢᠯᠴᠠᠯ᠎ᠠ᠃ ᠲᠡᠷᠡ ᠡᠳᠦᠷ ᠦ᠋ᠨ ᠠᠵᠢᠯ ᠶᠡᠬᠡᠲᠡᠢ᠂ ᠵᠠᠮ ᠬᠣᠯᠠ ᠵᠡᠷᠭᠡ ᠡᠴᠡ ᠰᠢᠯᠲᠠᠭᠠᠯᠠᠨ ᠪᠢᠳᠡ ᠪᠣᠯᠵᠣᠭᠰᠠᠨ ᠴᠠᠭ ᠠ᠋ᠴᠠ ᠪᠠᠨ ᠨᠡᠯᠢᠶᠡᠳ ᠬᠣᠵᠢᠮᠳᠠᠵᠤ ᠬᠦᠷᠦᠭᠰᠡᠨ ᠳ᠋ᠡᠭᠡᠨ ᠮᠠᠰᠢ ᠡᠪ ᠦᠭᠡᠢᠷᠡᠭᠰᠡᠨ ᠶᠦᠮ᠃ ᠪᠢᠳᠡᠨ ᠳ᠋ᠦ᠍ ᠵᠠᠮᠴᠢᠯᠠᠭᠰᠠᠨ ᠲᠡᠭᠦᠰ᠂( ᠮᠥᠨ ᠲᠤᠰ ᠰᠤᠷᠭᠠᠭᠤᠯᠢ ᠶ᠋ᠢᠨ ᠠᠽᠢᠶ᠎ᠠ ᠠᠹᠷᠢᠺᠠ ᠶ᠋ᠢᠨ ᠬᠡᠯᠡ ᠰᠣᠶᠣᠯ ᠰᠤᠳᠤᠯᠬᠤ ᠬᠦᠷᠢᠶᠡᠯᠡᠩ ᠦ᠋ᠨ ᠳᠡᠳ᠋ ᠫᠷᠣᠹᠧᠰᠰᠣᠷ᠂ ᠳ᠋ᠣᠺᠲ᠋ᠣᠷ) ᠭᠤᠸᠠᠢ ᠡᠨᠡ ᠲᠤᠬᠠᠢ ᠲᠠᠢᠯᠪᠤᠷᠢᠯᠠᠬᠤ ᠳ᠋ᠤ᠌ ᠮᠠᠨᠢ᠄《ᠬᠠᠮᠢᠶ᠎ᠠ ᠦᠭᠡᠢ᠂ ᠬᠠᠮᠢᠶ᠎ᠠ ᠦᠭᠡᠢ᠃ ᠪᠢᠳᠡ ᠣᠢᠯᠠᠭᠠᠨ᠎ᠠ᠃ ᠮᠣᠩᠭᠣᠯ ᠴᠠᠭ ᠢ᠋ᠶ᠋ᠠᠷ ᠢ᠋ᠶ᠋ᠠᠨ ᠶᠠᠪᠤᠵᠤ ᠪᠠᠢᠭ᠎ᠠ ᠶᠤᠮ ᠪᠠᠢᠨ᠎ᠠ》 ᠭᠡᠵᠦ ᠱᠣᠭ ᠭᠠᠷᠭᠠᠵᠤ ᠪᠠᠢᠭᠰᠠᠨ ᠰᠠᠨ᠃《ᠶᠠᠫᠣᠨ ᠳ᠋ᠤ᠌ ᠴᠠᠭ ᠤ᠋ᠨ ᠤᠬᠠᠮᠰᠠᠷ ᠮᠠᠰᠢ ᠴᠢᠩᠭ᠎ᠠ ᠪᠣᠯᠬᠣᠷ ᠬᠡᠷᠪᠡ ᠪᠤᠰᠤᠳ ᠲᠣᠬᠢᠶᠠᠯᠳᠤᠯ ᠳ᠋ᠤ᠌ ᠶᠤᠮ ᠪᠣᠯ ᠢᠩᠭᠢᠵᠦ ᠬᠦᠯᠢᠶᠡᠬᠦ ᠶᠣᠰᠣ ᠥᠴᠦᠬᠡᠨ ᠴᠦ᠍ ᠦᠭᠡᠢ᠃ ᠭᠡᠪᠡᠴᠦ ᠲᠠ ᠨᠠᠷ ᠢ᠋ ᠥᠪᠥᠷ ᠮᠣᠩᠭᠣᠯ ᠠ᠋ᠴᠠ ᠢᠷᠡᠵᠦ ᠰᠤᠷᠪᠤᠯᠵᠢᠯᠠᠬᠤ ᠭᠡᠵᠦ ᠪᠠᠢᠨ᠎ᠠ ᠭᠡᠳ ᠪᠠᠭᠰᠢ ᠨᠠᠷ ᠨᠢᠭᠤᠷ ᠤ᠋ᠨ ᠭᠡᠭᠡ ᠬᠠᠢᠷᠠᠯᠠᠭᠰᠠᠨ》 ᠭᠡᠵᠦ ᠲᠡᠭᠦᠰ ᠭᠤᠸᠠᠢ ᠪᠢᠳᠡᠨ ᠳ᠋ᠦ᠍ ᠰᠠᠨᠠᠭᠤᠯᠤᠯ᠎ᠠ᠃
ᠥᠺᠡᠳᠡ ᠭᠤᠸᠠᠢ ᠭᠡᠵᠦ ᠮᠣᠩᠭᠣᠯ ᠤᠷᠠᠨ ᠵᠣᠬᠢᠶᠠᠯ ᠰᠤᠳᠤᠯᠳᠠᠭ᠂ ᠮᠣᠩᠭᠣᠯ ᠤᠯᠤᠰ ᠪᠣᠯᠤᠨ ᠥᠪᠥᠷ ᠮᠣᠩᠭᠣᠯ ᠤ᠋ᠨ ᠤᠷᠠᠨ ᠵᠣᠬᠢᠶᠠᠯ ᠢ᠋ ᠮᠠᠰᠢ ᠭᠦᠨᠵᠡᠭᠡᠢ ᠣᠢᠯᠠᠭᠠᠳᠠᠭ ᠬᠥᠮᠦᠨ ᠪᠠᠢᠯ᠎ᠠ᠃ ᠳ· ᠨᠠᠴᠤᠭᠳᠣᠷᠵᠢ᠂ ᠨᠠ᠊· ᠰᠠᠢᠨᠴᠣᠭᠲᠣ᠂ ᠪᠡᠭᠵᠢ ᠶ᠋ᠢᠨ ᠶᠠᠪᠤᠭᠤᠬᠤᠯᠠᠩ ᠤ᠋ᠨ ᠲᠤᠬᠠᠢ ᠭᠣᠣᠯᠳᠠᠭᠤ ᠶᠠᠷᠢᠵᠤ᠂ ᠮᠣᠩᠭᠣᠯ ᠤᠷᠠᠨ ᠵᠣᠬᠢᠶᠠᠯ ᠳ᠋ᠤ᠌ ᠦᠵᠡᠭᠦᠯᠦᠭᠰᠡᠨ ᠲᠡᠳᠡᠨ ᠦ᠌ ᠨᠥᠯᠥᠭᠡ ᠶ᠋ᠢ ᠥᠨᠳᠥᠷ ᠦᠨᠡᠯᠡᠵᠦ ᠪᠠᠢᠪᠠ᠃ ᠠᠳᠠᠯᠢ ᠦᠭᠡᠢ ᠴᠠᠭ ᠦᠶ᠎ᠡ ᠳ᠋ᠦ᠍ ᠮᠣᠩᠭᠣᠯ ᠤᠷᠠᠨ ᠵᠣᠬᠢᠶᠠᠯ ᠶᠠᠮᠠᠷ ᠣᠨᠴᠠᠯᠢᠭ ᠲᠠᠢ ᠪᠠᠢᠭᠰᠠᠨ᠂ ᠲᠡᠷᠡ ᠨᠢ ᠲᠤᠬᠠᠢ ᠶ᠋ᠢᠨ ᠨᠡᠢᠭᠡᠮ ᠲᠡᠦᠬᠡ ᠶ᠋ᠢᠨ ᠬᠥᠭᠵᠢᠯ ᠲᠡᠢ ᠪᠡᠨ ᠶᠠᠮᠠᠷ ᠴᠢᠬᠤᠯᠠ ᠬᠣᠯᠪᠣᠭ᠎ᠠ ᠲᠠᠢ ᠪᠠᠢᠭᠰᠠᠨ᠃ ᠠᠳᠠᠯᠢ ᠪᠤᠰᠤ ᠴᠠᠭ ᠦᠶ᠎ᠡ ᠶ᠋ᠢᠨ ᠢᠷᠭᠡᠳ ᠦ᠋ᠨ ᠦᠵᠡᠯ ᠰᠠᠨᠠᠭᠠᠨ ᠤ᠋ ᠴᠢᠭ ᠬᠠᠨᠳᠤᠯᠭ᠎ᠠ ᠶ᠋ᠢ ᠤᠷᠠᠨ ᠵᠣᠬᠢᠶᠠᠯ ᠤ᠋ᠨ ᠰᠤᠳᠤᠯᠭ᠎ᠠ ᠪᠠᠷ ᠶᠠᠭᠠᠬᠢᠵᠤ ᠲᠣᠳᠣᠷᠬᠠᠢᠯᠠᠬᠤ ᠵᠡᠷᠭᠡ ᠶ᠋ᠢ ᠰᠤᠳᠤᠯᠭᠠᠨ ᠳ᠋ᠠᠭᠠᠨ ᠶᠡᠬᠡ ᠯᠡ ᠠᠩᠬᠠᠷᠴᠤ ᠪᠠᠢᠭ᠎ᠠ ᠪᠥᠭᠡᠳ ᠮᠣᠩᠭᠣᠯ ᠵᠣᠬᠢᠶᠠᠯ ᠢ᠋ ᠶᠠᠫᠣᠨᠴᠢᠯᠠᠬᠤ ᠠᠵᠢᠯ ᠢ᠋ ᠴᠦ᠍ ᠬᠢᠵᠦ ᠪᠠᠢᠭ᠎ᠠ ᠶᠤᠮ ᠪᠠᠢᠨ᠎ᠠ᠃《ᠮᠣᠩᠭᠣᠯ ᠤᠷᠠᠨ ᠵᠣᠬᠢᠶᠠᠯ ᠪᠣᠯ ᠳᠡᠯᠡᠬᠡᠢ ᠶ᠋ᠢᠨ ᠤᠷᠠᠨ ᠵᠣᠬᠢᠶᠠᠯ ᠤ᠋ᠨ ᠶᠡᠬᠡ ᠳᠠᠯᠠᠢ ᠶ᠋ᠢᠨ ᠴᠢᠳᠬᠤᠯᠠᠩ ᠶᠤᠮ᠃ ᠮᠣᠩᠭᠣᠯ ᠤ᠋ᠨ ᠲᠤᠬᠠᠢ ᠰᠤᠳᠤᠯᠭᠠᠨ ᠬᠢᠬᠦ ᠳ᠋ᠦ᠍ ᠮᠣᠩᠭᠣᠯ ᠤᠷᠠᠨ ᠵᠣᠬᠢᠶᠠᠯ ᠢ᠋ ᠣᠮᠲᠣᠭᠠᠶ᠋ᠢᠯᠠᠵᠤ ᠪᠣᠯᠬᠤ ᠦᠭᠡᠢ᠃ ᠮᠣᠩᠭᠣᠯ ᠰᠤᠳᠤᠯᠤᠯ ᠣᠳᠣ ᠮᠣᠩᠭᠣᠯ ᠬᠥᠮᠦᠨ ᠦ᠌ ᠪᠡᠨ ᠭᠠᠷ ᠳᠤ ᠪᠤᠴᠠᠬᠤ ᠴᠠᠭ ᠪᠣᠯᠤᠭᠰᠠᠨ᠃ ᠶᠠᠭᠠᠬᠢᠭᠠᠳ ᠭᠡᠪᠡᠯ ᠮᠣᠩᠭᠣᠯ ᠡᠷᠳᠡᠮᠲᠡᠨ ᠣᠯᠠᠨ ᠪᠣᠯᠤᠭᠰᠠᠨ ᠪᠠᠢᠨ᠎ᠠ》 ᠭᠡᠵᠦ ᠥᠺᠡᠳᠡ ᠭᠤᠸᠠᠢ ᠶᠠᠷᠢᠵᠤ ᠪᠠᠢᠪᠠ᠃《ᠲᠠ ᠮᠣᠩᠭᠣᠯ ᠢ᠋ᠶ᠋ᠠᠷ ᠭᠣᠶᠣ ᠶᠠᠷᠢᠵᠤ ᠪᠠᠢᠨ᠎ᠠ 》ᠭᠡᠪᠡᠯ《ᠪᠢ ᠮᠣᠩᠭᠣᠯ ᠤᠯᠤᠰ ᠲᠤ ᠲᠤᠰᠬᠠᠢᠯᠠᠨ ᠰᠤᠷᠤᠭᠰᠠᠨ᠃ ᠨᠢᠭᠡ ᠦᠨᠳᠦᠰᠦᠲᠡᠨ ᠦ᠌ ᠤᠷᠠᠨ ᠵᠣᠬᠢᠶᠠᠯ ᠢ᠋ ᠰᠤᠳᠤᠯᠬᠤ ᠳ᠋ᠤ᠌ ᠬᠡᠯᠡ ᠶ᠋ᠢ ᠨᠢ ᠡᠵᠡᠮᠳᠡᠬᠦ ᠦᠭᠡᠢ ᠪᠡᠷ ᠶᠠᠭᠠᠬᠢᠵᠤ ᠪᠣᠯᠬᠤ ᠪᠣᠢ᠃ ᠮᠢᠨᠦ ᠡᠨᠡ ᠴᠢᠨᠢ ᠪᠠᠰᠠ ᠬᠦᠷᠦᠯᠴᠡᠭᠡ ᠦᠭᠡᠢ ᠪᠠᠢᠨ᠎ᠠ》 ᠭᠡᠵᠦ ᠲᠡᠷᠡ ᠪᠡᠷ ᠳᠠᠷᠤᠤᠬᠠᠨ ᠶᠠᠷᠢᠵᠤ ᠪᠢᠯᠡ᠃ ᠲᠡᠭᠦᠨ ᠦ᠌ ᠠᠯᠪᠠᠨ ᠭᠡᠷ ᠲᠦ᠍ ᠺᠢᠷᠢᠯ ᠦᠰᠦᠭ᠂ ᠤᠢᠭᠤᠷᠵᠢᠨ ᠮᠣᠩᠭᠣᠯ ᠦᠰᠦᠭ ᠦ᠋ᠨ ᠤᠷᠠᠨ ᠵᠣᠬᠢᠶᠠᠯ ᠤ᠋ᠨ ᠨᠣᠮ ᠲᠡᠭᠦᠪᠦᠷᠢ ᠦᠯᠡᠮᠵᠢ ᠣᠯᠠᠨ ᠪᠠᠢᠭᠰᠠᠨ ᠪᠠ《ᠥᠨᠢᠷ ᠴᠡᠴᠡᠭ》 ᠵᠡᠷᠭᠡ ᠰᠡᠳᠬᠦᠯ ᠴᠦ᠍ ᠣᠯᠠᠨ ᠪᠠᠢᠯ᠎ᠠ᠃
ᠥᠺᠡᠳᠡ ᠭᠤᠸᠠᠢ ᠶᠢ ᠰᠤᠷᠪᠤᠯᠵᠢᠯᠠᠭᠰᠠᠨ ᠤ᠋ ᠳᠠᠷᠠᠭ᠎ᠠ ᠪᠢᠳᠡ ᠲᠡᠦᠬᠡ ᠰᠤᠳᠤᠯᠤᠭᠴᠢ ᠫᠦᠨᠲ᠋ᠡᠺᠢ ᠭᠤᠸᠠᠢ ᠲᠠᠢ ᠶᠠᠷᠢᠯᠴᠠᠯ᠎ᠠ᠃ ᠮᠣᠩᠭᠣᠯ ᠲᠡᠦᠬᠡ ᠶ᠋ᠢᠨ ᠰᠤᠳᠤᠯᠭᠠᠨ ᠤ᠋ ᠲᠠᠯ᠎ᠠ ᠪᠠᠷ ᠠᠵᠢᠯᠯᠠᠵᠤ ᠪᠣᠢ ᠲᠡᠷᠡ ᠪᠡᠷ ᠮᠣᠩᠭᠣᠯ ᠲᠡᠦᠬᠡ ᠶ᠋ᠢᠨ ᠪᠤᠳᠤᠯᠢᠶᠠᠨ ᠲᠠᠢ ᠴᠠᠭ ᠦᠶ᠎ᠡ ᠶ᠋ᠢᠨ ᠲᠤᠬᠠᠢ ᠥᠪᠡᠷ ᠦ᠋ᠨ ᠦᠵᠡᠯᠲᠡ ᠪᠡᠨ ᠶᠠᠷᠢᠵᠤ᠂ ᠲᠡᠦᠬᠡᠲᠦ ᠬᠥᠮᠦᠰ ᠢ᠋ ᠵᠥᠪ ᠦᠨᠡᠯᠡᠬᠦ᠂ ᠲᠡᠦᠬᠡᠲᠦ ᠬᠥᠮᠦᠰ ᠦ᠋ᠨ ᠦᠢᠯᠡ ᠠᠵᠢᠯᠯᠠᠭ᠎ᠠ ᠳ᠋ᠤ᠌ ᠲᠣᠳᠣᠷᠬᠠᠢ ᠪᠠᠷᠢᠮᠲᠠ ᠪᠠᠷ ᠳ᠋ᠦᠩᠨᠡᠯᠲᠡ ᠥᠭᠬᠦ ᠶ᠋ᠢ ᠮᠠᠰᠢ ᠴᠢᠬᠤᠯᠠᠴᠢᠯᠠᠨ ᠶᠠᠷᠢᠪᠠ᠃ ᠢᠯᠠᠩᠭᠤᠶ᠎ᠠ ᠣᠷᠴᠢᠨ ᠦᠶ᠎ᠡ ᠶ᠋ᠢᠨ ᠮᠣᠩᠭᠣᠯ ᠲᠡᠦᠬᠡ ᠶ᠋ᠢ ᠶᠠᠭᠠᠬᠢᠵᠤ ᠰᠤᠳᠤᠯᠬᠤ᠂ ᠶᠠᠭᠠᠬᠢᠵᠤ ᠵᠥᠪ ᠦᠨᠡᠯᠡᠬᠦ᠂ ᠲᠡᠦᠬᠡᠲᠦ ᠬᠥᠮᠦᠰ ᠢ᠋ ᠨᠢ ᠶᠠᠭᠠᠬᠢᠵᠤ ᠣᠢᠯᠠᠭᠠᠬᠤ ᠪᠣᠯ ᠮᠣᠩᠭᠣᠯ ᠬᠥᠮᠦᠨ ᠦ᠌ ᠢᠷᠡᠭᠡᠳᠦᠢ ᠬᠣᠵᠢᠮ ᠳ᠋ᠤ᠌ ᠬᠣᠯᠪᠣᠭᠳᠠᠭᠰᠠᠨ ᠴᠢᠬᠤᠯᠠ ᠠᠰᠠᠭᠤᠳᠠᠯ ᠭᠡᠵᠦ ᠪᠢᠯᠡ᠃ ᠭᠦᠩᠰᠡᠩᠨᠣᠷᠪᠤ᠂ ᠭᠦᠸᠧ ᠳ᠋ᠣᠣ ᠹᠦ᠂ ᠳᠡᠮᠴᠤᠭᠳᠣᠩᠷᠤᠪ᠂ ᠤᠯᠠᠭᠠᠨᠬᠦᠦ᠁ ᠵᠡᠷᠭᠡ ᠲᠡᠦᠬᠡᠲᠦ ᠬᠥᠮᠦᠰ ᠦ᠋ᠨ ᠲᠤᠬᠠᠢ ᠰᠢᠨ᠎ᠡ ᠪᠠᠷᠢᠮᠲᠠ ᠣᠯᠳᠠᠵᠤ ᠪᠠᠢᠭ᠎ᠠ᠂ ᠰᠤᠳᠤᠯᠭᠠᠨ ᠤᠯᠠᠮ ᠭᠦᠨᠵᠡᠭᠡᠢᠷᠡᠵᠦ ᠪᠠᠢᠭ᠎ᠠ ᠲᠤᠬᠠᠢ ᠪᠢᠳᠡ ᠴᠤ ᠰᠣᠨᠢᠷᠬᠠᠯᠲᠠᠢ ᠮᠡᠳᠡᠭᠡᠯᠡᠯ ᠰᠣᠨᠣᠰᠤᠭᠰᠠᠨ ᠶᠤᠮ᠃ ᠣᠷᠴᠢᠨ ᠦᠶ᠎ᠡ ᠶ᠋ᠢᠨ ᠮᠣᠩᠭᠣᠯ ᠲᠡᠦᠬᠡ ᠶ᠋ᠢᠨ ᠰᠤᠳᠤᠯᠭᠠᠨ ᠶᠠᠫᠣᠨ ᠳ᠋ᠤ᠌ ᠠᠰᠤᠷᠤ ᠬᠥᠭᠵᠢᠭᠰᠡᠨ ᠰᠢᠯᠲᠠᠭᠠᠨ ᠨᠢ ᠬᠣᠷᠢᠳᠤᠭᠠᠷ ᠵᠠᠭᠤᠨ ᠳ᠋ᠤ᠌ ᠶᠠᠫᠣᠨᠴᠤᠳ ᠮᠣᠩᠭᠣᠯ ᠣᠷᠣᠨ ᠢ᠋ ᠲᠦᠷᠢᠮᠡᠬᠡᠢᠯᠡᠵᠦ᠂ ᠡᠯᠪᠡᠭ ᠶᠡᠬᠡ ᠪᠠᠷᠢᠮᠲᠠ ᠰᠡᠯᠲᠡ ᠴᠤᠭᠯᠠᠭᠤᠯᠤᠨ᠂ ᠶᠡᠬᠡ ᠡᠷᠲᠡ ᠡᠴᠡ ᠰᠤᠳᠤᠯᠭᠠᠨ ᠢ᠋ᠶ᠋ᠠᠨ ᠡᠬᠢᠯᠡᠭᠦᠯᠦᠭᠰᠡᠨ ᠲᠡᠢ ᠨᠢ ᠬᠣᠯᠪᠣᠭ᠎ᠠ ᠲᠠᠢ᠃《ᠮᠣᠩᠭᠣᠯᠴᠤᠳ ᠳᠡᠯᠡᠬᠡᠢ ᠳ᠋ᠠᠬᠢᠨ ᠢ᠋ ᠳᠠᠢᠯᠠᠨ ᠳᠠᠭᠠᠭᠤᠯᠤᠭᠰᠠᠨ ᠨᠢ ᠳᠠᠶᠠᠭᠠᠷᠰᠢᠯ ᠤ᠋ᠨ ᠠᠩᠬᠠᠨ ᠤ᠋ ᠠᠯᠬᠤᠮ ᠢ᠋ ᠠᠯᠬᠤᠭᠰᠠᠨ ᠬᠡᠷᠡᠭ ᠶᠦᠮ᠃ ᠭᠡᠪᠡᠴᠦ ᠮᠣᠩᠭᠣᠯᠴᠤᠳ ᠤ᠋ᠨ ᠲᠡᠦᠬᠡ13 ᠳ᠋ᠤᠭᠠᠷ ᠵᠠᠭᠤᠨ ᠠ᠋ᠴᠠ ᠯᠠ ᠡᠬᠢᠯᠡᠭᠰᠡᠨ ᠪᠢᠰᠢ᠂ ᠲᠡᠭᠦᠨ ᠡᠴᠡ ᠡᠮᠦᠨ᠎ᠡ ᠬᠥᠭᠵᠢᠯ ᠦ᠋ᠨ ᠤᠯᠪᠠᠭ᠎ᠠ ᠲᠠᠢ ᠪᠠᠢᠭᠰᠠᠨ ᠶᠤᠮ᠃ ᠶᠠᠫᠣᠨᠴᠤᠳ ᠮᠣᠩᠭᠣᠯ ᠣᠷᠣᠨ ᠢ᠋ ᠲᠦᠷᠢᠮᠡᠬᠡᠢᠯᠡᠭᠰᠡᠨ ᠶᠠᠪᠤᠳᠠᠯ ᠪᠣᠯ ᠭᠠᠷᠴᠠᠭ᠎ᠠ ᠦᠭᠡᠢ ᠲᠦᠷᠢᠮᠡᠬᠡᠢ ᠠᠵᠢᠯᠯᠠᠭ᠎ᠠ᠃ ᠭᠡᠪᠡᠴᠦ ᠲᠤᠬᠠᠢ ᠶ᠋ᠢᠨ ᠦᠶ᠎ᠡ ᠶ᠋ᠢᠨ ᠲᠡᠦᠬᠡᠲᠦ ᠪᠠᠢᠳᠠᠯ ᠳᠣᠣᠷ᠎ᠠ ᠶᠠᠫᠣᠨ ᠤ᠋ ᠵᠠᠷᠢᠮ ᠳᠠᠪᠰᠢᠩᠭᠤᠢ ᠬᠥᠮᠦᠰ ᠵᠠᠷᠢᠮ ᠲᠠᠯ᠎ᠠ ᠪᠠᠷ ᠮᠣᠩᠭᠣᠯ ᠣᠷᠣᠨ᠂ ᠮᠣᠩᠭᠣᠯ ᠰᠣᠶᠣᠯ ᠤ᠋ᠨ ᠬᠤᠪᠢ ᠳ᠋ᠤ᠌ ᠬᠠᠮᠠᠭᠠᠯᠠᠬᠤ ᠦᠢᠯᠡᠳᠦᠯ ᠦᠵᠡᠭᠦᠯᠦᠭᠰᠡᠨ》 ᠭᠡᠵᠦ ᠫᠦᠲ᠋ᠡᠺᠢ ᠭᠤᠸᠠᠢ ᠶᠠᠷᠢᠯ᠎ᠠ᠃
ᠶᠠᠫᠣᠨ ᠳ᠋ᠤ᠌ ᠣᠴᠢᠵᠤ ᠡᠷᠳᠡᠮ ᠪᠣᠯᠪᠠᠰᠤᠷᠠᠯ ᠳ᠋ᠤ᠌ ᠰᠢᠮᠳᠠᠵᠤ ᠪᠠᠢᠭ᠎ᠠ ᠮᠣᠩᠭᠣᠯ ᠬᠥᠮᠦᠨ ᠣᠯᠠᠨ ᠪᠣᠯᠵᠤ᠂ ᠲᠡᠳᠡᠨ ᠦ᠌ ᠳᠤᠮᠳᠠ ᠠ᠋ᠴᠠ ᠵᠠᠷᠢᠮ ᠨᠢ ᠣᠷᠴᠢᠨ ᠦᠶ᠎ᠡ ᠶ᠋ᠢᠨ ᠲᠡᠦᠬᠡ ᠰᠣᠶᠣᠯ ᠤ᠋ᠨ ᠰᠤᠳᠤᠯᠭᠠᠨ ᠳ᠋ᠤ᠌ ᠵᠢᠩ ᠲᠡᠢ ᠪᠦᠲᠦᠭᠡᠯ ᠢ᠋ᠶ᠋ᠡᠨ ᠨᠡᠮᠡᠷᠢᠯᠡᠵᠦ ᠶᠠᠪᠤᠭ᠎ᠠ ᠶ᠋ᠢ ᠲᠠ ᠪᠦᠬᠦᠨ ᠶᠠᠭᠤ ᠠᠨᠳᠠᠬᠤ ᠪᠣᠢ᠃ ᠶᠠᠫᠣᠨ ᠤᠯᠤᠰ ᠲᠤ ᠤᠳᠠᠭᠠᠨ ᠵᠢᠯ ᠠᠵᠢᠯᠯᠠᠵᠤ ᠰᠤᠷᠤᠯᠴᠠᠵᠤ ᠪᠠᠢᠭᠰᠠᠨ᠂ ᠡᠳᠦᠭᠡ ᠥᠪᠥᠷ ᠮᠣᠩᠭᠣᠯ ᠤ᠋ᠨ ᠶᠡᠬᠡ ᠰᠤᠷᠭᠠᠭᠤᠯᠢ ᠳ᠋ᠤ᠌ ᠠᠵᠢᠯᠯᠠᠵᠤ ᠪᠠᠢᠭ᠎ᠠ ᠥᠷᠭᠡᠳᠡᠢ ᠲᠠᠢᠪᠤᠩ ᠭᠤᠸᠠᠢ ᠶ᠋ᠢᠨ《<ᠦᠬᠡᠷ ᠵᠢᠯ ᠦ᠋ᠨ ᠦᠢᠮᠡᠭᠡᠨ> ᠦ᠌ ᠭᠡᠷᠡᠯ ᠪᠠ ᠰᠡᠭᠦᠳᠡᠷ》 ᠨᠣᠮ ᠪᠣᠯ ᠲᠥᠯᠥᠭᠡᠯᠡᠬᠦ ᠪᠦᠲᠦᠭᠡᠯ ᠦ᠋ᠨ ᠨᠢᠭᠡᠨ ᠭᠡᠵᠦ ᠪᠣᠯᠤᠨ᠎ᠠ᠃《ᠬᠡᠷᠪᠡ ᠮᠣᠩᠭᠣᠯᠴᠤᠳ ᠤ᠋ᠨ ᠣᠢᠷ᠎ᠠ ᠣᠷᠴᠢᠨ ᠦᠶ᠎ᠡ ᠶ᠋ᠢᠨ ᠲᠡᠦᠬᠡ ᠶ᠋ᠢ ᠭᠦᠨᠵᠡᠭᠡᠢ ᠰᠤᠳᠤᠯᠤᠶ᠎ᠠ ᠭᠡᠪᠡᠯ ᠶᠠᠫᠣᠨ ᠳ᠋ᠤ᠌ ᠪᠠᠢᠭ᠎ᠠ ᠦᠯᠡᠮᠵᠢ ᠣᠯᠠᠨ ᠮᠠᠲ᠋ᠧᠷᠢᠶᠠᠯ ᠢ᠋ ᠠᠰᠢᠭᠯᠠᠬᠤ ᠶᠠᠪᠤᠳᠠᠯ ᠲᠤᠢᠯ ᠤ᠋ᠨ ᠴᠢᠬᠤᠯᠠ》 ᠭᠡᠵᠦ ᠥᠷᠭᠡᠳᠡᠢ ᠲᠠᠢᠪᠤᠩ ᠭᠤᠸᠠᠢ ᠨᠣᠮ ᠳ᠋ᠠᠭᠠᠨ ᠪᠢᠴᠢᠭᠰᠡᠨ ᠨᠢ ᠪᠣᠢ᠃ ᠨᠡᠩ ᠣᠯᠠᠨ ᠮᠣᠩᠭᠣᠯ ᠬᠥᠮᠦᠨ ᠶᠠᠫᠣᠨ ᠳ᠋ᠤ᠌ ᠪᠠᠢᠭ᠎ᠠ ᠮᠣᠩᠭᠣᠯ ᠲᠡᠦᠬᠡ ᠤ᠋ ᠪᠠᠷᠢᠮᠲᠠ ᠰᠡᠯᠲᠡ᠂ ᠠᠷᠬᠢᠤᠪ ᠤ᠋ᠨ ᠬᠠᠳᠠᠭᠠᠯᠠᠯᠲᠠ ᠶ᠋ᠢ ᠠᠰᠢᠭᠯᠠᠨ ᠵᠢᠩ ᠲᠡᠢ ᠪᠦᠲᠦᠭᠡᠯ ᠲᠤᠷᠪᠢᠬᠤ ᠪᠣᠯᠲᠤᠭᠠᠢ ᠭᠡᠵᠦ ᠵᠥᠩᠨᠡᠶ᠎ᠡ!
ᠥᠨᠥ ᠭᠡᠷᠡᠴᠢᠯᠡᠬᠦ ᠪᠢᠯᠡ? ᠮᠣᠩᠭᠣᠯ ᠨᠤᠲᠤᠭ ᠤ᠋ᠨ ᠠᠮᠢᠲᠠᠨ ᠠᠷᠢᠶᠠᠲᠠᠨ ᠦᠨᠳᠦᠰᠦ ᠤᠭᠰᠠᠭ᠎ᠠ ᠲᠠᠰᠤᠷᠠᠭᠠᠳ ᠶᠣᠰᠣᠲᠠᠢ ᠴᠤ《ᠨᠠᠮ ᠭᠦᠮ ᠪᠠᠢᠭᠠᠯᠢ》 ᠪᠣᠯᠤᠭᠰᠠᠨ ᠪᠤᠰᠤ ᠤᠤ? ᠡᠢᠮᠦ ᠠᠶᠤᠮᠰᠢᠭᠲᠠᠢ ᠨᠠᠮ ᠭᠦᠮ ᠣᠷᠴᠢᠨ ᠳ᠋ᠤ᠌ ᠲᠡᠷᠭᠡ ᠤᠨᠤᠭ᠎ᠠ᠂ ᠬᠥᠮᠦᠨ ᠬᠠᠷ᠎ᠠ ᠯᠠ ᠥᠪᠡᠷ ᠦ᠋ᠨ ᠪᠤᠵᠠᠷ ᠮᠠᠭᠤᠬᠠᠢ ᠳᠠᠭᠤ ᠴᠢᠮᠡᠭᠡ ᠪᠡᠨ ᠨᠡᠮᠡᠭᠰᠡᠭᠡᠷ ᠪᠠᠢᠭ᠎ᠠ ᠪᠤᠰᠤ ᠤᠤ?
4. ᠺᠣᠨᠠᠭᠠᠶᠠ ᠶᠦᠺᠢ ᠭᠤᠸᠠᠢ ᠶ᠋ᠢ ᠰᠤᠷᠪᠤᠯᠵᠢᠯᠠᠭᠰᠠᠨ ᠮᠠᠨᠢ
6 ᠳ᠋ᠤᠭᠠᠷ ᠰᠠᠷ᠎ᠠ ᠶ᠋ᠢᠨ 24 ᠳ᠋ᠦ᠍ ᠪᠣᠯᠤᠭᠰᠠᠨ ᠪᠥᠬᠡ ᠶ᠋ᠢᠨ ᠨᠠᠢᠷ ᠢ᠋ᠶ᠋ᠠᠷ ᠰᠣᠶᠣᠯ ᠤ᠋ᠨ ᠰᠠᠩ ᠤ᠋ᠨ ᠦᠢᠯᠡ ᠠᠵᠢᠯᠯᠠᠭ᠎ᠠ ᠥᠨᠳᠥᠷᠯᠡᠭᠰᠡᠨ ᠢ᠋ᠶ᠋ᠡᠷ ᠪᠢᠳᠡ ᠲᠡᠷᠡ ᠦᠳᠡᠰᠢ ᠨᠢ ᠶᠠᠫᠣᠨ ᠤ᠋ ᠬᠣᠶᠠᠳᠤᠭᠠᠷ ᠲᠣᠮᠣ ᠬᠣᠲᠠ— ᠣᠣᠰᠠᠺᠠ ᠳ᠋ᠤ᠌ ᠣᠴᠢᠵᠤ᠂《ᠶᠠᠫᠣᠨ ᠤ᠋ ᠤᠭᠰᠠᠭᠠᠲᠠᠨ ᠤ᠋ ᠵᠦᠢ ᠶ᠋ᠢᠨ ᠮᠦᠽᠧᠢ》 ᠳ᠋ᠦ᠍ ᠠᠵᠢᠯᠯᠠᠵᠤ ᠪᠠᠢᠭ᠎ᠠ ᠮᠣᠩᠭᠣᠯᠴᠢ ᠡᠷᠳᠡᠮᠲᠡᠨ ᠺᠣᠨᠠᠭᠠᠶᠠ ᠶᠦᠺᠢ ᠭᠤᠸᠠᠢ ᠶ᠋ᠢ ᠰᠤᠷᠪᠤᠯᠵᠢᠯᠠᠨ᠂ ᠳᠠᠭᠠᠤ ᠳ᠋ᠤᠨᠢ ᠰᠣᠶᠣᠯ ᠤ᠋ᠨ ᠰᠠᠩ ᠤ᠋ᠨ ᠢᠪᠡᠭᠡᠨ ᠲᠡᠳᠬᠦᠯᠲᠡ ᠶ᠋ᠢ ᠣᠯᠵᠤ ᠡᠪᠡᠳᠴᠢᠨ ᠢ᠋ᠶ᠋ᠡᠨ ᠡᠮᠨᠡᠭᠦᠯᠵᠦ ᠡᠳᠡᠭᠡᠷᠡᠭᠰᠡᠨ ᠵᠤᠯᠠ ᠬᠡᠮᠡᠬᠦ ᠥᠬᠢᠨ ᠢ᠋ ᠰᠤᠷᠪᠤᠯᠵᠢᠯᠠᠬᠤ ᠪᠠᠷ ᠪᠣᠯᠵᠤ ᠪᠢᠯᠡ᠃ ᠬᠠᠷᠠᠨᠤᠳ ᠰᠠᠢᠨᠴᠣᠭᠲᠣ ᠭᠤᠸᠠᠢ ᠶ᠋ᠢᠨ ᠲᠣᠬᠢᠷᠠᠭᠤᠯᠭ᠎ᠠ ᠪᠠᠷ ᠶᠠᠫᠣᠨ ᠤ᠋ ᠺᠣᠪᠠᠢ ᠬᠣᠲᠠ ᠳ᠋ᠤ᠌ ᠠᠵᠢᠯᠯᠠᠵᠤ ᠪᠠᠢᠭ᠎ᠠ ᠮᠢᠨᠦ ᠬᠠᠮᠲᠤ ᠰᠤᠷᠤᠭᠴᠢ ᠭᠠᠩᠪᠥ᠋ᠬᠡ ᠮᠠᠨᠢ ᠪᠢᠳᠡᠨ ᠳ᠋ᠦ᠍ ᠵᠠᠮᠴᠢᠯᠠᠵᠤ ᠲᠣᠣᠺᠢᠣ᠋ ᠠ᠋ᠴᠠ ᠠᠶᠠᠨᠴᠢᠳ ᠤ᠋ᠨ ᠮᠠᠰᠢᠨ ᠳ᠋ᠤ᠌ ᠰᠠᠭᠤᠵᠤ ᠪᠦᠲᠦᠨ ᠰᠥᠨᠢᠵᠢᠨ ᠰᠠᠵᠢᠯᠠᠭᠠᠳ ᠣᠣᠰᠠᠺᠠ ᠬᠦᠷᠪᠡ᠃ ᠥᠷᠲᠡᠭᠡᠨ ᠳ᠋ᠦ᠍ ᠪᠠᠭᠤᠭᠠᠳ ᠪᠠᠰᠠ ᠴᠠᠬᠢᠯᠭᠠᠨ ᠲᠡᠷᠭᠡ ᠪᠡᠷ ᠬᠣᠶᠠᠷ ᠴᠠᠭ ᠭᠠᠷᠤᠢ ᠵᠠᠮᠨᠠᠵᠤ ᠪᠠᠢᠵᠤ ᠠᠷᠠᠢ ᠭᠡᠵᠦ ᠵᠣᠷᠢᠭᠰᠠᠨ ᠭᠠᠵᠠᠷ ᠢ᠋ᠶ᠋ᠠᠨ ᠬᠦᠷᠦᠭᠰᠡᠨ ᠪᠣᠯᠬᠣᠷ ᠲᠦᠷᠦᠭᠦᠦ ᠡᠳᠦᠷ ᠨᠢ ᠵᠢᠷᠤᠭ ᠪᠢᠴᠢᠯᠭᠡ᠂ ᠰᠤᠷᠪᠤᠯᠵᠢᠯᠠᠭ᠎ᠠ ᠶᠠᠷᠢᠯᠴᠠᠯᠭ᠎ᠠ ᠠᠪᠴᠤ ᠰᠦᠷᠡᠬᠡᠢ ᠶᠠᠭᠠᠷᠠᠭᠰᠠᠨ ᠪᠢᠳᠡ ᠭᠤᠷᠪᠠᠭᠤᠯᠠ ᠦᠨᠡᠬᠡᠷ ᠶᠠᠳᠠᠷᠠᠵᠤ ᠪᠢᠯᠡ᠃ ᠲᠤᠬᠠᠢ ᠶ᠋ᠢᠨ ᠦᠶ᠎ᠡ ᠳ᠋ᠦ᠍ ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠫᠷᠣᠹᠧᠰᠰᠣᠷ᠂ ᠳ᠋ᠣᠺᠲ᠋ᠣᠷ ᠨᠠᠰᠤᠨᠪᠠᠶᠠᠷ ᠭᠤᠸᠠᠢ ᠶᠠᠭ ᠣᠣᠰᠠᠺᠠ ᠳ᠋ᠤ᠌ ᠪᠠᠢᠭ᠎ᠠ《ᠶᠠᠫᠣᠨ ᠤ᠋ ᠤᠭᠰᠠᠭᠠᠲᠠᠨ ᠤ᠋ ᠵᠦᠢ ᠶ᠋ᠢᠨ ᠮᠦᠽᠧᠢ》 ᠶ᠋ᠢᠨ ᠤᠷᠢᠯᠭ᠎ᠠ ᠪᠠᠷ᠂《ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠣᠳᠣᠬᠢ ᠪᠠᠢᠳᠠᠯ ᠪᠣᠯᠤᠨ ᠣᠷᠣᠰᠢᠵᠤ ᠪᠣᠢ ᠠᠰᠠᠭᠤᠳᠠᠯ》 ᠬᠡᠮᠡᠬᠦ ᠰᠡᠳᠦᠪ ᠢ᠋ᠶ᠋ᠡᠷ ᠠᠵᠢᠯᠯᠠᠵᠤ ᠪᠠᠢᠭᠰᠠᠨ ᠪᠣᠯᠬᠣᠷ ᠺᠣᠨᠠᠭᠠᠶᠠ ᠶᠦᠺᠢ ᠭᠤᠸᠠᠢ ᠲᠠᠢ ᠠᠭᠤᠯᠵᠠᠭᠤᠯᠵᠤ᠂ ᠮᠦᠽᠧᠢ ᠲᠣᠭᠣᠷᠢᠭᠤᠯᠬᠤ ᠠᠵᠢᠯ ᠳ᠋ᠤ᠌ ᠬᠠᠮᠵᠢᠯᠴᠠᠵᠤ ᠪᠢᠯᠡ᠃
ᠺᠣᠨᠠᠭᠠᠶᠠ ᠶᠦᠺᠢ ᠭᠤᠸᠠᠢ ᠶ᠋ᠢᠨ《ᠮᠣᠩᠭᠣᠯ ᠨᠤᠲᠤᠭ ᠤ᠋ᠨ ᠠᠮᠢᠳᠤᠷᠠᠯ ᠬᠣᠷᠸ᠎ᠠ》 ᠭᠡᠰᠡᠨ ᠨᠣᠮ ᠢ᠋ ᠤᠩᠰᠢᠵᠤ ᠪᠠᠢᠭᠰᠠᠨ ᠪᠢ ᠲᠡᠭᠦᠨ ᠢ᠋ ᠡᠷᠡᠭᠲᠡᠢ ᠡᠷᠳᠡᠮᠲᠡᠨ ᠭᠡᠵᠦ ᠯᠡ ᠲᠥᠰᠦᠭᠡᠯᠡᠵᠦ ᠪᠠᠢᠭᠰᠠᠨ ᠮᠠᠨᠢ ᠱᠠᠯ ᠪᠤᠷᠤᠭᠤᠳᠴᠤ᠂ ᠲᠠᠪᠢ ᠭᠠᠷᠤᠢ ᠨᠠᠰᠤᠨ ᠤ᠋ ᠨᠠᠮᠬᠠᠨ ᠪᠡᠶ᠎ᠡ ᠲᠡᠢ ᠪᠦᠰᠡᠭᠦᠢ ᠪᠢᠳᠡᠨ ᠲᠡᠢ ᠮᠡᠨᠳᠦᠯᠡᠵᠦ ᠪᠢᠯᠡ᠃ ᠮᠣᠩᠭᠣᠯ ᠢ᠋ᠶ᠋ᠠᠷ ᠶᠡᠬᠡ ᠭᠣᠶᠣ ᠶᠠᠷᠢᠳᠠᠭ ᠪᠣᠯᠬᠣᠷ ᠪᠢᠳᠡ ᠶᠠᠮᠠᠷ ᠴᠤ ᠰᠠᠭᠠᠳ ᠦᠭᠡᠢ ᠶᠠᠷᠢᠯᠴᠠᠭᠰᠠᠨ ᠶᠤᠮ᠃ 《ᠪᠢ ᠶᠠᠫᠣᠨ ᠳ᠋ᠤ᠌ ᠲᠥᠷᠥᠵᠦ ᠥᠰᠦᠭᠰᠡᠨ ᠬᠥᠮᠦᠨ᠃ ᠪᠠᠭ᠎ᠠ ᠳ᠋ᠠᠭᠠᠨ ᠬᠣᠲᠠ ᠰᠠᠭᠤᠷᠢᠨ ᠳᠦᠭᠦᠷᠦᠭᠰᠡᠨ᠂ ᠲᠡᠷᠭᠡ ᠤᠨᠤᠭ᠎ᠠ ᠴᠢᠬᠢᠯᠳᠦᠭᠰᠡᠨ ᠶᠠᠫᠣᠨ ᠢ᠋ ᠪᠢ ᠪᠠᠷᠤᠭ ᠵᠢᠭᠰᠢᠬᠦ ᠬᠡᠮᠵᠢᠶᠡᠨ ᠳ᠋ᠦ᠍ ᠬᠦᠷᠦᠭᠡᠳ ᠳᠡᠯᠡᠬᠡᠢ ᠳᠡᠭᠡᠷ᠎ᠡ ᠠᠭᠤᠳᠠᠮ ᠰᠠᠢᠬᠠᠨ ᠭᠠᠵᠠᠷ ᠨᠤᠲᠤᠭ ᠲᠠᠢ ᠣᠷᠣᠨ ᠬᠠᠮᠢᠭ᠎ᠠ ᠪᠠᠢᠭ᠎ᠠ ᠪᠣᠯ ᠭᠡᠵᠦ ᠰᠠᠨᠠᠳᠠᠭ ᠪᠠᠢᠭᠰᠠᠨ᠃ ᠰᠡᠭᠦᠯ ᠳ᠋ᠦ᠍ᠨᠢ ᠮᠣᠩᠭᠣᠯ ᠨᠤᠲᠤᠭ ᠲᠡᠢᠮᠦ ᠭᠣᠶᠣ ᠭᠡᠳᠡᠭ ᠢ᠋ ᠮᠡᠳᠡᠭᠰᠡᠨ᠃ ᠲᠡᠭᠡᠭᠡᠳ ᠮᠣᠩᠭᠣᠯ ᠤ᠋ᠨ ᠲᠤᠬᠠᠢ ᠠᠩᠬᠠᠷᠳᠠᠭ ᠪᠣᠯᠵᠤ᠂ ᠰᠡᠭᠦᠯ ᠳ᠋ᠦ᠍ ᠰᠤᠳᠤᠯᠳᠠᠭ ᠪᠣᠯᠤᠭᠰᠠᠨ᠃ ᠪᠢ ᠶᠠᠫᠣᠨ ᠳ᠋ᠠᠭᠠᠨ ᠬᠠᠢᠷᠠᠲᠠᠢ᠂ ᠮᠣᠩᠭᠣᠯ ᠨᠤᠲᠤᠭ ᠲᠤ ᠴᠤ ᠬᠠᠢᠷᠠᠲᠠᠢ᠃ ᠭᠡᠪᠡᠴᠦ ᠮᠣᠩᠭᠣᠯ ᠨᠤᠲᠤᠭ᠂ ᠮᠣᠩᠭᠣᠯ ᠰᠣᠶᠣᠯ᠂ ᠨᠡᠭᠦᠳᠡᠯ ᠮᠠᠯᠵᠢᠯ ᠣᠳᠣ ᠬᠡᠴᠡᠭᠦᠦ ᠡᠪᠳᠡᠭᠳᠡᠵᠦ ᠪᠠᠢᠨ᠎ᠠ᠃ ᠪᠢ ᠡᠭᠦᠨ ᠦ᠌ ᠲᠥᠯᠥᠭᠡ ᠶᠡᠬᠡ ᠵᠣᠪᠠᠳᠠᠭ᠃ ᠡᠨᠡ ᠨᠢ ᠣᠯᠠᠨ ᠵᠦᠢᠯ ᠦ᠋ᠨ ᠰᠢᠯᠲᠠᠭᠠᠨ ᠲᠠᠢ᠃ ᠨᠠᠮᠠᠶ᠋ᠢ ᠠᠩᠬ᠎ᠠ ᠥᠪᠥᠷ ᠮᠣᠩᠭᠣᠯ ᠳ᠋ᠤ᠌ ᠣᠴᠢᠬᠤ ᠦᠶ᠎ᠡ ᠳ᠋ᠦ᠍᠂ ᠮᠣᠩᠭᠣᠯ ᠬᠥᠮᠦᠨ ᠪᠣᠯᠤᠨ ᠮᠠᠯ ᠤ᠋ᠨ ᠬᠠᠷᠢᠴᠠᠭ᠎ᠠ ᠣᠳᠣᠬᠢ ᠲᠠᠢ ᠠᠳᠠᠯᠢ ᠦᠭᠡᠢ ᠪᠠᠢᠭᠰᠠᠨ᠃ ᠲᠡᠷᠡ ᠦᠶ᠎ᠡ ᠳ᠋ᠦ᠍ ᠮᠠᠯᠴᠢᠳ ᠮᠠᠯ ᠢ᠋ᠶ᠋ᠠᠨ ᠶᠡᠬᠡ ᠬᠠᠢᠷᠠᠯᠠᠳᠠᠭ᠃ ᠭᠡᠷ ᠦ᠋ᠨ ᠢ᠋ᠶ᠋ᠡᠨ ᠨᠢᠭᠡ ᠭᠡᠰᠢᠭᠦᠨ ᠰᠢᠭ ᠦᠵᠡᠳᠡᠭ᠂ ᠪᠦᠷ ᠨᠡᠷ᠎ᠡ ᠥᠭᠭᠦᠭᠰᠡᠨ ᠪᠠᠢᠳᠠᠭ᠃ ᠲᠡᠷᠡ ᠶᠡᠬᠡ ᠰᠠᠢᠬᠠᠨ᠃ ᠲᠡᠷᠡ ᠴᠢᠨᠢ ᠪᠠᠢᠭᠠᠯᠢ ᠲᠠᠢ ᠪᠠᠨ ᠬᠠᠷᠢᠴᠠᠳᠠᠭ ᠠᠭᠤᠤ ᠶᠡᠬᠡ ᠰᠣᠶᠣᠯ ᠪᠠᠢᠬᠤ ᠦᠭᠡᠢ ᠤᠤ! ᠭᠡᠪᠡᠴᠦ ᠣᠳᠣ ᠲᠡᠢᠮᠦ ᠪᠢᠰᠢ ᠪᠣᠯᠵᠠᠢ᠃ ᠣᠳᠣ ᠮᠣᠩᠭᠣᠯᠴᠤᠳ ᠪᠠᠰᠠ ᠮᠠᠯ ᠢ᠋ᠶ᠋ᠠᠨ ᠰᠦ᠂ ᠮᠢᠬ᠎ᠠ᠂ ᠠᠷᠠᠰᠤ᠂ ᠨᠣᠣᠰᠣ ᠬᠠᠩᠭᠠᠳᠠᠭ ᠦᠢᠯᠡᠳᠪᠦᠷᠢ ᠭᠡᠵᠦ ᠯᠡ ᠣᠢᠯᠠᠭᠠᠳᠠᠭ ᠪᠣᠯᠵᠠᠢ᠃ ᠥᠭᠡᠷ᠎ᠡ ᠪᠡᠷ ᠬᠡᠯᠡᠪᠡᠯ ᠬᠥᠮᠦᠨ ᠮᠠᠯ ᠤ᠋ᠨ ᠬᠠᠷᠢᠴᠠᠭ᠎ᠠ ᠱᠠᠯ ᠣᠨᠳᠣᠣ ᠪᠣᠯᠤᠭᠰᠠᠨ ᠪᠠᠢᠨ᠎ᠠ᠃ ᠰᠣᠶᠣᠯ ᠤ᠋ᠨ ᠲᠣᠭᠲᠠᠯᠴᠠᠭ᠎ᠠ ᠬᠤᠪᠢᠷᠠᠭᠰᠠᠨ ᠪᠠᠢᠨ᠎ᠠ᠃ ᠵᠠᠬ᠎ᠠ ᠵᠡᠭᠡᠯᠢ ᠶ᠋ᠢᠨ ᠰᠢᠯᠲᠠᠭᠠᠨ ᠢ᠋ᠶ᠋ᠠᠷ ᠢᠩᠭᠢᠭᠰᠡᠨ ᠪᠠᠢᠬ᠎ᠠ᠃ ᠲᠡᠭᠡᠵᠦ ᠪᠣᠯᠬᠤ ᠦᠭᠡᠢ ᠶᠦᠮ ᠳᠡ᠃ ᠵᠣᠭᠣᠰ ᠮᠥᠩᠭᠥ ᠴᠢᠨᠢ ᠰᠣᠶᠣᠯ ᠤ᠋ᠨ ᠬᠠᠵᠠᠭᠤ ᠳ᠋ᠤ᠌ ᠶᠠᠭᠤ ᠴᠤ ᠪᠢᠰᠢ ᠰᠢᠲᠠ᠃ ᠪᠢᠳᠡ ᠰᠣᠶᠣᠯ ᠢ᠋ᠶ᠋ᠠᠨ ᠠᠯᠳᠠᠵᠤ ᠪᠣᠯᠬᠤ ᠦᠭᠡᠢ᠃ ᠥᠪᠥᠷ ᠮᠣᠩᠭᠣᠯᠴᠤᠳ ᠬᠡᠯᠡ ᠪᠡᠨ ᠮᠠᠷᠲᠠᠵᠤ ᠪᠠᠢᠨ᠎ᠠ᠃ ᠮᠣᠩᠭᠣᠯ ᠰᠤᠷᠭᠠᠭᠤᠯᠢ ᠳ᠋ᠠᠭᠠᠨ ᠰᠤᠷᠤᠯᠴᠠᠬᠤ ᠦᠭᠡᠢ ᠪᠣᠯᠵᠤ ᠪᠠᠢᠨ᠎ᠠ᠃ ᠪᠠᠢᠩᠭᠤ ᠣᠴᠢᠳᠠᠭ ᠪᠣᠯᠬᠣᠷ ᠡᠳᠡᠭᠡᠷ ᠬᠤᠪᠢᠷᠠᠯᠲᠠ ᠶ᠋ᠢ ᠮᠠᠰᠢ ᠲᠣᠳᠣᠷᠬᠠᠢ ᠮᠡᠳᠡᠨ᠎ᠡ᠃ ᠲᠡᠭᠡᠭᠡᠳ ᠪᠢ ᠪᠣᠳᠣᠳᠠᠭ ᠶᠤᠮ᠃ ᠬᠣᠵᠢᠮ ᠥᠪᠥᠷ ᠮᠣᠩᠭᠣᠯ ᠳ᠋ᠤ᠌ ᠮᠣᠩᠭᠣᠯ ᠰᠤᠷᠭᠠᠭᠤᠯᠢ ᠦᠭᠡᠢ ᠪᠣᠯᠪᠠᠯ ᠪᠢ ᠶᠠᠫᠣᠨ ᠳ᠋ᠤ᠌ ᠮᠣᠩᠭᠣᠯ ᠰᠤᠷᠭᠠᠭᠤᠯᠢ ᠪᠠᠢᠭᠤᠯᠤᠨ᠎ᠠ᠂ ᠥᠪᠥᠷ ᠮᠣᠩᠭᠣᠯ ᠤ᠋ᠨ ᠮᠣᠩᠭᠣᠯ ᠬᠡᠦᠬᠡᠳ ᠦ᠋ᠳ ᠡᠨᠳᠡ ᠢᠷᠡᠵᠦ ᠮᠣᠩᠭᠣᠯ ᠬᠡᠯᠡ ᠪᠡᠨ ᠰᠤᠷᠤᠭᠠᠷᠠᠢ ᠭᠡᠵᠦ ᠬᠡᠯᠡᠮᠡᠷ ᠪᠠᠢᠨ᠎ᠠ᠃ ᠭᠡᠪᠡᠴᠦ ᠡᠢᠮᠦ ᠪᠠᠢᠬᠤ ᠶ᠋ᠢ ᠬᠦᠰᠡᠬᠦ ᠦᠭᠡᠢ᠃ ᠪᠢ ᠶᠡᠬᠡ ᠵᠣᠪᠠᠵᠤ ᠪᠠᠢᠨ᠎ᠠ᠃ ᠮᠣᠩᠭᠣᠯ ᠰᠡᠭᠡᠭᠡᠲᠡᠳ ᠪᠠᠰᠠ ᠥᠪᠡᠷ ᠦ᠋ᠨ ᠬᠠᠷᠢᠭᠤᠴᠠᠯᠭ᠎ᠠ ᠠ᠋ᠴᠠ ᠪᠠᠨ ᠮᠣᠩᠭᠣᠯ ᠰᠣᠶᠣᠯ ᠤ᠋ᠨ ᠢ᠋ᠶ᠋ᠠᠨ ᠲᠥᠯᠥᠭᠡ ᠦᠭᠡ ᠬᠡᠯᠡᠵᠦ᠂ ᠠᠵᠢᠯ ᠬᠢᠬᠦ ᠬᠡᠷᠡᠭᠲᠡᠢ》 ᠭᠡᠵᠦ ᠺᠣᠨᠠᠭᠠᠶᠠ ᠶᠦᠺᠢ ᠭᠤᠸᠠᠢ ᠶᠠᠷᠢᠯ᠎ᠠ᠃《ᠬᠣᠵᠢᠮ ᠥᠪᠥᠷ ᠮᠣᠩᠭᠣᠯ ᠳ᠋ᠤ᠌ ᠮᠣᠩᠭᠣᠯ ᠰᠤᠷᠭᠠᠭᠤᠯᠢ ᠦᠭᠡᠢ ᠪᠣᠯᠪᠠᠯ ᠪᠢ ᠶᠠᠫᠣᠨ ᠳ᠋ᠤ᠌ ᠮᠣᠩᠭᠣᠯ ᠰᠤᠷᠭᠠᠭᠤᠯᠢ ᠪᠠᠢᠭᠤᠯᠤᠨ᠎ᠠ᠂ ᠥᠪᠥᠷ ᠮᠣᠩᠭᠣᠯ ᠤ᠋ᠨ ᠮᠣᠩᠭᠣᠯ ᠬᠡᠦᠬᠡᠳ ᠦ᠋ᠳ ᠡᠨᠳᠡ ᠢᠷᠡᠵᠦ ᠮᠣᠩᠭᠣᠯ ᠬᠡᠯᠡ ᠪᠡᠨ ᠰᠤᠷᠤᠭᠠᠷᠠᠢ》 ᠭᠡᠰᠡᠨ ᠦᠭᠡ ᠨᠢ ᠨᠠᠳᠠ ᠳ᠋ᠤ᠌ ᠶᠠᠭᠠᠬᠢᠭᠠᠳ ᠴᠤ᠌ ᠮᠠᠷᠲᠠᠭᠳᠠᠬᠤ ᠪᠠᠷ ᠦᠭᠡᠢ ᠴᠡᠭᠡᠵᠢᠯᠡᠭᠳᠡᠭᠰᠡᠨ᠃ ᠡᠢᠮᠦ ᠠᠶᠤᠮᠰᠢᠭᠲᠠᠢ ᠲᠥᠰᠦᠭᠡᠯᠡᠯ ᠢ᠋ ᠪᠢ ᠬᠡᠵᠢᠶ᠎ᠡ ᠴᠦ᠍ ᠬᠢᠭᠡ ᠦᠭᠡᠢ ᠮᠥᠷᠲᠡᠭᠡᠨ ᠬᠡᠵᠢᠶ᠎ᠡ ᠴᠦ᠍ ᠬᠢᠬᠦ ᠵᠣᠷᠢᠭ ᠪᠠᠢᠬᠤ ᠦᠭᠡᠢ᠃ ᠭᠡᠪᠡᠴᠦ ᠵᠠᠷᠢᠮ ᠦᠶ᠎ᠡ ᠳ᠋ᠦ᠍ ᠠᠶᠤᠮᠰᠢᠭᠲᠠᠢ ᠲᠥᠰᠦᠭᠡᠯᠡᠯ ᠨᠢ ᠪᠢᠳᠡᠨ ᠢ᠋ ᠰᠡᠬᠢᠰᠬᠢᠯᠭᠡᠵᠦ᠂ ᠲᠡᠢᠮᠦ ᠦᠷ᠎ᠡ ᠳ᠋ᠦᠩ ᠳ᠋ᠦ᠍ ᠬᠦᠷᠬᠦ ᠡᠴᠡ ᠵᠠᠢᠯᠠᠬᠤ ᠳ᠋ᠤ᠌ ᠮᠠᠨᠢ ᠲᠤᠰᠠ ᠪᠠᠨ ᠥᠭᠬᠦ ᠪᠣᠯᠪᠠ ᠤᠤ ᠭᠡᠵᠦ ᠭᠣᠷᠢᠳᠠᠨᠠᠮ!
ᠰᠤᠷᠪᠤᠯᠵᠢᠯᠠᠭ᠎ᠠ ᠶ᠋ᠢᠨ ᠳᠠᠷᠠᠭ᠎ᠠ ᠪᠢᠳᠡ《ᠶᠠᠫᠣᠨ ᠤ᠋ ᠤᠭᠰᠠᠭᠠᠲᠠᠨ ᠤ᠋ ᠵᠦᠢ ᠶ᠋ᠢᠨ ᠮᠦᠽᠧᠢ》 ᠶ᠋ᠢ ᠲᠣᠭᠣᠷᠢᠯᠠ᠃ ᠳᠡᠯᠡᠬᠡᠢ ᠶ᠋ᠢᠨ ᠡᠯ᠎ᠡ ᠤᠯᠤᠰ ᠦᠨᠳᠦᠰᠦᠲᠡᠨ ᠦ᠌ ᠰᠣᠶᠣᠯ ᠤ᠋ᠨ ᠥᠪᠡᠷᠮᠢᠴᠡ ᠣᠨᠴᠠᠯᠢᠭ ᠲᠠᠢ ᠡᠳ᠋ ᠥᠯᠥᠭ᠂ ᠪᠢᠴᠢᠯᠭᠡ ᠶ᠋ᠢ ᠬᠠᠳᠠᠭᠠᠯᠠᠵᠤ ᠪᠠᠢᠭ᠎ᠠ ᠲᠡᠷᠡ ᠲᠣᠮᠣᠬᠠᠨ ᠮᠦᠽᠧᠢ ᠳ᠋ᠦ᠍ ᠪᠠᠢᠭ᠎ᠠ ᠬᠠᠭᠤᠴᠢᠨ ᠮᠣᠩᠭᠣᠯ ᠭᠡᠷ ᠢ᠋ ᠥᠨᠳᠥᠷ ᠦᠨ᠎ᠡ ᠪᠡᠷ ᠬᠤᠳᠠᠯᠳᠤᠨ ᠠᠪᠴᠢᠷᠠᠭᠰᠠᠨ ᠪᠥᠭᠡᠳ ᠳᠣᠲᠣᠷᠠᠬᠢ ᠡᠳ᠋ᠯᠡᠯ ᠬᠡᠷᠡᠭᠰᠡᠯ ᠨᠢ ᠥᠪᠴᠢ ᠪᠦᠷᠢᠨ ᠠᠵᠢ᠃ ᠺᠣᠨᠠᠭᠠᠶᠠ ᠶᠦᠺᠢ ᠭᠤᠸᠠᠢ᠄《ᠡᠨᠡ ᠮᠣᠩᠭᠣᠯ ᠭᠡᠷ ᠲᠦ᠍ ᠪᠢᠳᠡ ᠲᠠᠩᠳᠠ ᠰᠦ ᠰᠦᠷᠴᠢᠳᠡᠭ᠃ ᠪᠠᠰᠠ ᠠᠷᠠᠰᠤ ᠨᠡᠬᠡᠢ ᠠᠪᠴᠢᠷᠠᠵᠤ ᠲᠠᠯᠪᠢᠭᠰᠠᠨ᠃ ᠵᠣᠷᠢᠯᠭ᠎ᠠ ᠨᠢ ᠮᠣᠩᠭᠣᠯ ᠠᠢᠯ ᠭᠡᠷ ᠲᠦ᠍ ᠯᠡ ᠪᠠᠢᠳᠠᠭ ᠥᠪᠡᠷᠮᠢᠴᠡ ᠦᠨᠦᠷ ᠢ᠋ ᠨᠢ ᠬᠠᠳᠠᠭᠠᠯᠠᠬᠤ ᠶ᠋ᠢᠨ ᠲᠥᠯᠥᠭᠡ ᠶᠦᠮ᠃ ᠲᠡᠢᠮᠦ ᠦᠨᠦᠷ ᠬᠦᠷᠲᠡᠯ᠎ᠡ ᠰᠣᠶᠣᠯ ᠤ᠋ᠨ ᠨᠢᠭᠡ ᠣᠨᠴᠠᠯᠢᠭ ᠰᠢᠦ!》 ᠭᠡᠵᠦ ᠲᠠᠨᠢᠯᠴᠠᠭᠤᠯᠤᠯ᠎ᠠ᠃ ᠡᠭᠦᠨ ᠢ᠋ ᠰᠣᠨᠣᠰᠤᠭᠠᠳ ᠪᠢ ᠦᠨᠡᠬᠡᠷ ᠪᠢᠰᠢᠷᠡᠪᠡ᠃ ᠪᠢᠳᠡ ᠴᠢᠨᠢ ᠣᠳᠣᠬᠢᠴᠢᠯᠠᠵᠤ ᠰᠢᠨᠡᠴᠢᠯᠡᠵᠦ ᠪᠠᠢᠨ᠎ᠠ ᠭᠡᠳ ᠬᠠᠭᠤᠴᠢᠨ ᠪᠠᠷᠢᠯᠭ᠎ᠠ ᠪᠠᠨ ᠨᠤᠷᠠᠭᠠᠵᠤ᠂ ᠡᠳ᠋ᠯᠡᠯ ᠬᠡᠷᠡᠭᠰᠡᠯ ᠢ᠋ᠶ᠋ᠡᠨ ᠦᠭᠡᠢ ᠬᠢᠳᠡᠭ ᠯᠡ ᠪᠢᠰᠢ ᠤᠤ? ᠰᠣᠨᠣᠰᠬᠤ ᠳ᠋ᠤ᠌ ᠮᠠᠨ ᠤ᠋ ᠣᠷᠣᠨ ᠤ᠋ ᠨᠢᠭᠡᠨ ᠬᠣᠰᠢᠭᠤ ᠭᠤᠷᠪᠠᠨ ᠵᠠᠭᠤᠨ ᠵᠢᠯ ᠦ᠋ᠨ ᠲᠡᠦᠬᠡ ᠲᠡᠢ ᠬᠠᠭᠤᠴᠢᠨ ᠰᠦᠮ᠎ᠡ ᠪᠡᠨ ᠨᠤᠷᠠᠭᠠᠵᠤ᠂ ᠰᠢᠨ᠎ᠡ ᠪᠡᠷ ᠪᠠᠢᠭᠤᠯᠤᠨ ᠰᠡᠷᠭᠦᠭᠡᠵᠦ ᠪᠠᠢᠭ᠎ᠠ ᠶᠤᠮ ᠭᠡᠨ᠎ᠡ᠃ ᠰᠣᠶᠣᠯ ᠤ᠋ᠨ ᠥᠪ ᠶᠠᠭᠤ ᠭᠡᠳᠡᠭ ᠢ᠋ ᠴᠦ᠍ ᠮᠡᠳᠡᠬᠦ ᠦᠭᠡᠢ ᠪᠠᠯᠠᠢ ᠤᠬᠠᠮᠰᠠᠷ ᠢ᠋ᠶ᠋ᠠᠷ ᠰᠣᠶᠣᠯ ᠢ᠋ ᠠᠪᠤᠷᠠᠵᠤ ᠰᠡᠷᠭᠦᠭᠡᠵᠦ ᠪᠠᠢᠨ᠎ᠠ ᠭᠡᠵᠦ ᠢᠩᠭᠢᠵᠦ ᠪᠦᠳᠦᠭᠦᠯᠢᠭ ᠠᠭᠠᠰᠢᠯᠠᠬᠤ ᠨᠢ ᠦᠨᠡᠬᠡᠷ ᠪᠠᠯᠠᠢ ᠤᠴᠢᠷ ᠶᠤᠮ ᠳᠠ᠃ ᠲᠡᠭᠡᠬᠦ ᠳ᠋ᠦ᠍᠂ ᠮᠣᠩᠭᠣᠯ ᠭᠡᠷ ᠦ᠋ᠨ ᠦᠨᠦᠷ ᠢ᠋ ᠬᠦᠷᠲᠡᠯ᠎ᠡ ᠰᠣᠶᠣᠯ ᠲᠠᠢ ᠨᠢ ᠬᠣᠯᠪᠣᠭᠳᠠᠭᠤᠯᠤᠨ ᠰᠡᠳᠬᠢᠵᠦ ᠪᠣᠢ ᠬᠣᠯᠠᠴᠢ ᠤᠬᠠᠮᠰᠠᠷ ᠢ᠋ ᠪᠢᠳᠡ ᠰᠤᠷᠤᠯᠴᠠᠬᠤ ᠶᠣᠰᠣᠲᠠᠢ᠃
ᠮᠦᠽᠧᠢ ᠳ᠋ᠦ᠍ ᠡᠯᠧᠺᠲ᠋ᠷᠣᠨ ᠪᠢᠴᠢᠯᠭᠡ ᠪᠡᠷ ᠮᠣᠩᠭᠣᠯ ᠤ᠋ᠨ ᠮᠠᠰᠢ ᠣᠯᠠᠨ ᠡᠳ᠋ ᠦᠯᠦᠭ ᠢ᠋ ᠠᠯᠢ ᠴᠤ᠌ ᠲᠠᠯ᠎ᠠ ᠠ᠋ᠴᠠ ᠨᠢ ᠬᠠᠷᠠᠭᠤᠯᠵᠤ ᠴᠢᠳᠠᠬᠤ ᠰᠣᠹᠲ ᠤ᠋ᠨ ᠪᠡᠯᠡᠳᠬᠡᠮᠵᠢ ᠲᠡᠢ᠂ ᠮᠠᠲ᠋ᠧᠷᠢᠶᠠᠯ ᠬᠠᠢᠬᠤ ᠡᠯᠪᠡᠭ ᠬᠦᠷᠦᠯᠴᠡᠭᠡ ᠪᠦᠬᠦᠢ ᠬᠠᠳᠠᠭᠠᠯᠠᠮᠵᠢ ᠲᠠᠢ᠂ ᠣᠳᠣᠬᠢᠴᠢᠯᠠᠭᠰᠠᠨ ᠬᠠᠮᠢᠶᠠᠷᠤᠯᠲᠠ ᠲᠠᠢ ᠪᠠᠢᠯ᠎ᠠ᠃ ᠶᠡᠷᠦ ᠨᠢ ᠶᠠᠫᠣᠨ ᠵᠡᠷᠭᠡ ᠬᠥᠭᠵᠢᠭᠰᠡᠨ ᠤᠯᠤᠰ ᠤ᠋ᠨ ᠮᠦᠽᠧᠢ ᠨᠦ᠍ᠭᠦᠳ ᠵᠠᠪᠠᠯ ᠡᠷᠳᠡᠮ ᠰᠢᠨᠵᠢᠯᠡᠭᠡ ᠶ᠋ᠢ ᠬᠠᠮᠲᠤ ᠳ᠋ᠤᠨᠢ ᠬᠥᠭᠵᠢᠭᠦᠯᠬᠦ ᠱᠠᠭᠠᠷᠳᠠᠯᠭ᠎ᠠ ᠲᠠᠢ ᠪᠣᠯᠬᠣᠷ ᠪᠦᠷ ᠡᠷᠳᠡᠮ ᠰᠢᠨᠵᠢᠯᠡᠭᠡ ᠡᠷᠬᠢᠯᠡᠳᠡᠭ ᠰᠠᠯᠪᠤᠷᠢ ᠪᠠᠢᠭᠤᠯᠤᠮᠵᠢ ᠲᠠᠢ ᠶᠤᠮ ᠪᠠᠢᠨ᠎ᠠ᠃
ᠭᠤᠷᠪᠠ᠂ ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ ᠤ᠋ᠨ ᠲᠤᠬᠠᠢ
ᠶᠠᠫᠣᠨ ᠳ᠋ᠤ᠌ ᠶᠠᠪᠤᠬᠤ ᠠ᠋ᠴᠠ ᠪᠠᠨ ᠡᠮᠦᠨ᠎ᠡ ᠪᠢᠳᠡ ᠶᠠᠷᠰᠢᠭ ᠶᠡᠬᠡᠲᠡᠢ ᠭᠠᠷ ᠭᠦᠢᠴᠡᠳᠬᠡᠯ ᠢ᠋ᠶ᠋ᠡᠨ ᠪᠦᠷᠢᠳᠦᠭᠦᠯᠦᠨ᠂ ᠨᠢᠭᠡ ᠶᠡᠬᠡ ᠮᠠᠰᠢᠨ ᠲᠣᠨᠣᠭ ᠤ᠋ᠨ ᠡᠭᠦᠷᠭᠡ ᠲᠡᠭᠦᠷᠭᠡ ᠲᠡᠢ ᠪᠡᠷ ᠠᠶᠠᠨ ᠢ᠋ᠶ᠋ᠠᠨ ᠡᠬᠢᠯᠡᠭᠦᠯᠦᠭᠰᠡᠨ ᠶᠦᠮ᠃2007 ᠣᠨ ᠤ᠋6 ᠰᠠᠷ᠎ᠠ ᠶ᠋ᠢᠨ22 ᠤ᠋2᠄55 ᠴᠠᠭ (ᠲᠣᠤᠺᠢᠣ᠋ ᠶ᠋ᠢᠨ ᠴᠠᠭ ᠢ᠋ᠶ᠋ᠠᠷ) ᠲᠤ᠌ ᠶᠠᠫᠣᠨ ᠤ᠋ ᠴᠢᠪᠠ ᠰᠢᠶᠠᠨ ᠤ᠋ ᠣᠢᠷᠠᠬᠠᠨ ᠪᠠᠢᠭ᠎ᠠ ᠨᠠᠷᠢᠲ᠋ᠠ ᠨᠢᠰᠬᠡᠯ ᠦ᠋ᠨ ᠵᠣᠭᠰᠣᠭᠠᠯ ᠳ᠋ᠤ᠌ ᠪᠠᠭᠤᠭᠠᠳ ᠬᠡᠯᠡ ᠠᠮᠠ ᠨᠡᠪᠲᠡᠷᠡᠬᠦ ᠦᠭᠡᠢ ᠶ᠋ᠢᠨ ᠬᠠᠷᠠᠭ᠎ᠠ ᠪᠠᠷ ᠪᠠᠬᠠᠨ ᠪᠤᠳᠤᠯᠢᠭᠠᠳ᠂ ᠰᠣᠶᠣᠯ ᠤ᠋ᠨ ᠰᠠᠩ ᠤ᠋ᠨ ᠬᠠᠷᠢᠭᠤᠴᠠᠯᠭᠠᠲᠠᠨ ᠪᠠ᠊· ᠪᠣᠯᠣᠳ᠂ ᠮᠥᠩᠬᠡᠳᠡᠯᠭᠡᠷ ᠬᠣᠶᠠᠷ ᠤ᠋ᠨ ᠤᠭᠲᠤᠯᠭ᠎ᠠ ᠶ᠋ᠢ ᠬᠦᠯᠢᠶᠡᠨ ᠵᠠᠭᠤ ᠭᠠᠷᠤᠢ ᠺᠢᠯᠣᠮᠧᠲ᠋ᠷ ᠳᠠᠪᠬᠢᠭᠠᠳ ᠲᠣᠣᠺᠢᠦ ᠳ᠋ᠦ᠍ ᠬᠦᠷᠦᠭᠰᠡᠨ ᠶᠦᠮ᠃ ᠰᠠᠶᠢ ᠯᠠ ᠣᠴᠢᠵᠤ ᠪᠠᠢᠭ᠎ᠠ ᠪᠣᠯᠬᠣᠷ ᠶᠠᠭᠤᠮ᠎ᠠ ᠪᠦᠬᠦᠨ ᠰᠣᠨᠢᠨ ᠰᠡᠪᠡᠭᠦᠨ ᠪᠠᠢᠯᠭᠦᠢ ᠶᠠᠭᠠᠬᠢᠬᠤ ᠪᠣᠢ᠃ ᠶᠠᠫᠣᠨ ᠤ᠋ ᠪᠣᠷᠣᠭᠠᠨ ᠤ᠋ ᠤᠯᠠᠷᠢᠯ ᠡᠬᠢᠯᠡᠵᠦ ᠪᠠᠢᠭ᠎ᠠ ᠪᠣᠯᠬᠣᠷ ᠪᠦᠷᠬᠦᠭ᠃ ᠵᠠᠮ ᠳᠠᠭᠠᠤ ᠣᠢ ᠮᠣᠳᠣ ᠦᠷᠭᠦᠯᠵᠢᠯᠡᠨ᠂ ᠴᠡᠪᠡᠷᠬᠡᠨ ᠨᠢ ᠠᠷᠭ᠎ᠠ ᠦᠭᠡᠢ ᠬᠠᠷᠠᠭᠳᠠᠵᠤ ᠪᠠᠢᠯ᠎ᠠ᠃ ᠣᠷᠣᠢ ᠨᠢ ᠬᠠᠷᠠᠨᠤᠳ ᠰᠠᠢᠨᠴᠣᠭᠲᠣ ᠭᠤᠸᠠᠢ ᠶ᠋ᠢᠨ《ᠨᠤᠲᠤᠭ》 ᠬᠡᠮᠡᠬᠦ ᠵᠣᠭᠣᠭ ᠤ᠋ᠨ ᠭᠠᠵᠠᠷ ᠮᠣᠩᠭᠣᠯ ᠬᠣᠭᠣᠯᠠ ᠵᠣᠭᠣᠭᠯᠠᠭᠠᠳ ᠮᠠᠷᠭᠠᠰᠢ ᠨᠢ ᠰᠢᠭᠤᠳ ᠯᠠ ᠠᠵᠢᠯ ᠢ᠋ᠶ᠋ᠠᠨ ᠡᠬᠢᠯᠡᠭᠦᠯᠦᠭᠰᠡᠨ ᠶᠦᠮ᠃ ᠰᠣᠨᠢᠷᠬᠠᠯ ᠲᠠᠢ ᠨᠢ ᠪᠢᠳᠡ ᠭᠤᠷᠪᠠᠭᠤᠯᠠ ᠪᠠᠨ ᠨᠢᠭᠡ ᠥᠷᠥᠭᠡᠨ ᠳ᠋ᠦ᠍ ᠪᠠᠭᠤᠳᠠᠯᠯᠠᠨᠠ ᠭᠡᠰᠡᠨ ᠳ᠋ᠦ᠍ ᠪᠠᠭᠤᠳᠠᠯ ᠤ᠋ᠨ ᠦᠢᠯᠡᠴᠢᠯᠡᠭᠴᠢ ᠣᠭᠲᠣ ᠵᠥᠪᠰᠢᠶᠡᠷᠡᠬᠦ ᠦᠭᠡᠢ ᠲᠣᠯᠣᠭᠠᠢ ᠪᠠᠨ ᠰᠠᠵᠢᠭᠰᠠᠨ ᠳᠡᠭᠡᠷ᠎ᠡ ᠨᠢ ᠰᠠᠵᠢᠵᠤ᠂ ᠭᠠᠢᠬᠠᠰᠢ ᠠᠯᠳᠠᠵᠤ ᠪᠠᠢᠯ᠎ᠠ᠃ ᠶᠠᠭᠠᠬᠢᠭᠠᠳ ᠭᠡᠬᠦ ᠳ᠋ᠦ᠍ ᠶᠠᠫᠣᠨ ᠳ᠋ᠤ᠌ ᠬᠣᠶᠠᠷ ᠪᠤᠶᠤ ᠭᠤᠷᠪᠠᠨ ᠡᠷᠡᠭᠲᠡᠢ ᠨᠢᠭᠡ ᠥᠷᠥᠭᠡᠨᠠ ᠪᠠᠭᠤᠪᠠᠯ《ᠢᠵᠢᠯ ᠪᠡᠯᠭᠡᠳᠡᠨ ᠦ᠌ ᠢᠨᠠᠭ》ᠯᠤᠭ᠎ᠠ ᠬᠣᠯᠪᠣᠵᠤ ᠣᠢᠯᠠᠭᠠᠳᠠᠭ ᠶᠤᠮ ᠪᠠᠢᠨ᠎ᠠ᠃ ᠭᠡᠪᠡᠴᠦ ᠪᠠ᠊· ᠪᠣᠯᠣᠳ ᠭᠤᠸᠠᠢ ᠶ᠋ᠢᠨ ᠵᠣᠬᠢᠴᠠᠭᠤᠯᠭ᠎ᠠ ᠪᠠᠷ ᠶᠠᠮᠠᠷ ᠴᠤ ᠭᠡᠰᠡᠨ ᠨᠢᠭᠡ ᠥᠷᠥᠭᠡᠨᠡ ᠪᠠᠭᠤᠳᠠᠯᠯᠠᠯ᠎ᠠ᠃ ᠣᠷᠣᠢ ᠨᠢ ᠭᠤᠷᠪᠠᠭᠤᠯᠠ ᠶᠠᠫᠣᠨ ᠤ᠋ ᠲᠧᠯᠸᠢᠰ ᠢ᠋ ᠪᠠᠭ᠎ᠠ ᠱᠠᠭᠠᠢᠵᠤ᠂ ᠬᠡᠯᠡ ᠮᠡᠳᠡᠬᠦ ᠦᠭᠡᠢ ᠶ᠋ᠢᠨ ᠵᠣᠪᠠᠯᠠᠩ ᠢ᠋ᠶ᠋ᠠᠨ ᠶᠠᠷᠢᠯᠴᠠᠵᠤ᠂ ᠠᠵᠢᠯ ᠢ᠋ᠶ᠋ᠠᠨ ᠶᠠᠭᠠᠬᠢᠵᠤ ᠬᠢᠬᠦ ᠲᠤᠬᠠᠢ ᠪᠠᠨ ᠵᠥᠪᠳᠡᠯᠴᠡᠭᠡᠳ ᠠᠮᠠᠷᠠᠵᠤ ᠪᠢᠯᠡ᠃
ᠪᠢᠳᠡᠨ ᠦ᠌ ᠶᠠᠫᠣᠨ ᠳ᠋ᠤ᠌ ᠶᠠᠪᠤᠭᠰᠠᠨ ᠭᠣᠣᠯ ᠵᠣᠷᠢᠯᠭ᠎ᠠ ᠪᠣᠯ《ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ》 ᠤ᠋ᠨ ᠤᠷᠢᠯᠭ᠎ᠠ ᠪᠠᠷ ᠲᠡᠳᠡᠨ ᠦ᠌ ᠦᠢᠯᠡ ᠠᠵᠢᠯᠯᠠᠭ᠎ᠠ ᠶ᠋ᠢ ᠰᠤᠷᠪᠤᠯᠵᠢᠯᠠᠨ ᠨᠤᠲᠤᠭ ᠣᠷᠣᠨ ᠳ᠋ᠠᠭᠠᠨ ᠪᠠᠢᠭ᠎ᠠ ᠮᠣᠩᠭᠣᠯᠴᠤᠳ ᠲᠠᠭᠠᠨ ᠣᠢᠯᠠᠭᠠᠭᠤᠯᠬᠤ ᠶ᠋ᠢᠨ ᠲᠥᠯᠥᠭᠡ ᠶᠦᠮ᠃ ᠳᠡᠭᠡᠷ᠎ᠡ ᠵᠠᠭᠤᠨ ᠤ᠋ ᠶᠡᠷᠡᠭᠡᠳ ᠣᠨ ᠳ᠋ᠤ᠌ ᠶᠠᠫᠣᠨ ᠳ᠋ᠤ᠌ ᠠᠵᠢᠯᠯᠠᠵᠤ ᠰᠤᠷᠤᠯᠴᠠᠵᠤ ᠪᠠᠢᠭᠰᠠᠨ ᠮᠣᠩᠭᠣᠯ ᠬᠥᠮᠦᠨ ᠬᠠᠷᠢᠴᠠᠩᠭᠤᠢ ᠴᠥᠭᠡᠨ ᠪᠠᠢᠭᠰᠠᠨ ᠦᠶ᠎ᠡ ᠳ᠋ᠦ᠍ ᠪᠠᠢᠩᠭᠤ ᠠᠭᠤᠯᠵᠠᠯᠳᠤᠨ ᠠᠵᠢᠯ ᠰᠤᠳᠤᠯᠭᠠᠨ ᠤ᠋ ᠪᠠᠨ ᠲᠤᠬᠠᠢ ᠰᠠᠨᠠᠯ ᠢ᠋ᠶ᠋ᠠᠨ ᠰᠣᠯᠢᠯᠴᠠᠨ ᠶᠠᠷᠢᠯᠴᠠᠳᠠᠭ ᠪᠠᠢᠭᠰᠠᠨ ᠢ᠋ᠶ᠋ᠠᠨ ᠰᠡᠭᠦᠯᠡᠷ ᠨᠢ ᠲᠤᠰᠬᠠᠢ ᠡᠷᠳᠡᠮ ᠰᠢᠨᠵᠢᠯᠡᠭᠡᠨ ᠦ᠌ ᠴᠢᠯᠥᠭᠡᠲᠦ ᠶᠠᠷᠢᠯᠴᠠᠯᠭ᠎ᠠ ᠪᠤᠶᠤ ᠰᠠᠮᠢᠨᠠᠷ ᠬᠢᠳᠡᠭ ᠪᠠᠢᠵᠠᠢ᠃ ᠡᠨᠡ ᠨᠢ ᠬᠥᠭᠵᠢᠭᠡᠳ ᠰᠠᠷ᠎ᠠ ᠪᠦᠷᠢ ᠶᠠᠫᠣᠨ ᠤ᠋ ᠶᠡᠬᠡ ᠰᠤᠷᠭᠠᠭᠤᠯᠢ ᠳ᠋ᠤ᠌ ᠣᠴᠢᠵᠤ ᠬᠢᠳᠡᠭ ᠪᠣᠯᠤᠭᠰᠠᠨ ᠢ᠋ᠶ᠋ᠠᠷ ᠶᠠᠫᠣᠨ ᠪᠠᠭᠰᠢ ᠨᠠᠷ ᠴᠤ ᠣᠷᠣᠯᠴᠠᠵᠤ ᠡᠷᠳᠡᠮ ᠰᠢᠨᠵᠢᠯᠡᠭᠡᠨ ᠦ᠌ ᠲᠤᠬᠠᠢ ᠶᠠᠷᠢᠯᠴᠠᠳᠠᠭ ᠪᠣᠯᠵᠠᠢ᠃ ᠲᠤᠬᠠᠢ ᠶ᠋ᠢᠨ ᠦᠶ᠎ᠡ ᠳ᠋ᠦ᠍ ᠸᠠᠰᠠᠢᠲᠠ ᠶᠡᠬᠡ ᠰᠤᠷᠭᠠᠭᠤᠯᠢ ᠶ᠋ᠢᠨ ᠶᠣᠰᠢᠳᠠ ᠵᠦᠨᠶᠢᠴᠢ ᠭᠤᠸᠠᠢ ᠶᠡᠬᠡᠬᠡᠨ ᠳᠡᠮᠵᠢᠯᠭᠡ ᠦᠵᠡᠭᠦᠯᠵᠦ ᠪᠠᠢᠭᠰᠠᠨ ᠠᠵᠢ᠃ ᠢᠩᠭᠢᠭᠡᠳ 2000 ᠣᠨ ᠳ᠋ᠤ᠌ ᠬᠠᠷᠠᠨᠤᠳ ᠰᠠᠢᠨᠴᠣᠭᠲᠣ ᠭᠤᠸᠠᠢ《ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ》 ᠢ᠋ ᠪᠠᠢᠭᠤᠯᠬᠤ ᠠᠩᠬᠠᠨ ᠤ᠋ ᠰᠠᠨᠠᠭᠠᠴᠢᠯᠠᠭ᠎ᠠ ᠶ᠋ᠢ ᠭᠠᠷᠭᠠᠵᠤ᠂2002 ᠣᠨ ᠳ᠋ᠤ᠌ ᠮᠣᠩᠭᠣᠯ ᠰᠣᠶᠣᠯ᠂ ᠮᠣᠩᠭᠣᠯ ᠬᠡᠯᠡᠨ ᠦ᠌ ᠰᠤᠷᠭᠠᠨ ᠬᠥᠮᠦᠵᠢᠯ ᠵᠡᠷᠭᠡ ᠲᠡᠢ ᠬᠣᠯᠪᠣᠭᠳᠠᠭᠰᠠᠨ ᠰᠡᠳᠦᠪ ᠢ᠋ᠶ᠋ᠡᠷ ᠪᠦᠷᠢᠨᠰᠠᠢᠨ ᠂ ᠪᠠ᠊· ᠪᠣᠯᠣᠳ᠂ ᠰᠡᠷᠭᠦᠯᠡᠩ ᠨᠠᠷ ᠲᠠᠢ ᠬᠠᠮᠵᠢᠯᠴᠠᠨ ᠰᠣᠶᠣᠯ ᠤ᠋ᠨ ᠰᠠᠩ ᠪᠠᠢᠭᠤᠯᠬᠤ ᠳᠦᠷᠢᠮ ᠲᠤᠭᠤᠷᠪᠢᠭᠠᠳ᠂ ᠢᠮᠧᠯ ᠢ᠋ᠶ᠋ᠡᠷ ᠣᠯᠠᠭᠤᠯᠠ ᠲᠠᠢ ᠰᠠᠨᠠᠯ ᠢ᠋ᠶ᠋ᠠᠨ ᠰᠣᠯᠢᠯᠴᠠᠨ ᠪᠠᠲᠤᠯᠠᠭᠠᠳ 25 ᠵᠥᠪᠯᠡᠯ ᠰᠣᠩᠭᠣᠵᠠᠢ᠃ ᠡᠨᠡ25 ᠵᠥᠪᠯᠡᠯ ᠨᠢ ᠬᠡᠷᠡᠭ ᠡᠷᠬᠢᠯᠡᠭᠴᠢ ᠶ᠋ᠢᠨ ᠵᠥᠪᠯᠡᠯ ᠢ᠋ᠶ᠋ᠡᠨ ᠲᠣᠭᠲᠠᠭᠠᠭᠠᠳ ᠳᠠᠷᠠᠭ᠎ᠠ ᠨᠢ ᠵᠥᠪᠯᠡᠯ ᠦ᠋ᠨ ᠳᠠᠷᠤᠭ᠎ᠠ ᠪᠠᠨ ᠰᠣᠩᠭᠣᠭᠰᠠᠨ ᠶᠤᠮ ᠪᠠᠢᠨ᠎ᠠ᠃ ᠵᠥᠪᠯᠡᠯ ᠦ᠋ᠨ ᠳᠠᠷᠤᠭ᠎ᠠ ᠶ᠋ᠢᠨ ᠲᠤᠰᠢᠶᠠᠯ ᠬᠠᠷᠢᠭᠤᠴᠠᠬᠤ ᠬᠤᠭᠤᠴᠠᠭ᠎ᠠ ᠨᠢ ᠬᠣᠶᠠᠷ ᠵᠢᠯ᠃ ᠢᠩᠭᠢᠭᠡᠳ ᠠᠩᠬᠠᠨ ᠤ᠋ ᠵᠠᠬᠢᠷᠤᠯ ᠨᠢ ᠪᠠ᠊· ᠪᠣᠯᠣᠳ᠂ ᠤᠳᠠᠭᠠᠬᠢ ᠵᠠᠬᠢᠷᠤᠯ ᠨᠢ ᠪᠦᠷᠢᠨᠰᠠᠢᠨ᠂ ᠭᠤᠷᠪᠠᠳᠠᠬᠢ ᠵᠠᠬᠢᠷᠤᠯ ᠨᠢ ᠬᠠᠷᠠᠨᠤᠳ ᠰᠠᠢᠨᠴᠣᠭᠲᠣ ᠪᠣᠯᠵᠠᠢ᠃ ᠲᠤᠰ ᠰᠠᠩ ᠨᠢ ᠶᠠᠫᠣᠨ ᠳ᠋ᠤ᠌ ᠪᠠᠢᠭ᠎ᠠ ᠮᠣᠩᠭᠣᠯᠴᠤᠳ ᠤ᠋ᠨ ᠪᠤᠶᠠᠨ ᠤ᠋ ᠦᠢᠯᠡᠰ ᠦ᠋ᠨ ᠢᠷᠭᠡᠨ ᠦ᠌ ᠪᠠᠢᠭᠤᠯᠤᠮᠵᠢ ᠪᠠᠢᠵᠤ᠂ ᠥᠪᠡᠷᠰᠡᠳ ᠦ᠋ᠨ ᠪᠡᠯᠡᠳᠬᠡᠭᠰᠡᠨ ᠶᠠᠮᠠᠷ ᠨᠢᠭᠡᠨ ᠠᠵᠢᠯᠯᠠᠭ᠎ᠠ ᠪᠠᠷ ᠢ᠋ᠶ᠋ᠠᠨ ᠪᠢᠯᠧᠲ ᠬᠤᠳᠠᠯᠳᠤᠵᠤ ᠣᠯᠤᠭᠰᠠᠨ ᠮᠥᠩᠭᠥ ᠪᠣᠯᠤᠨ ᠪᠤᠶᠠᠨᠰᠠᠭ ᠰᠡᠳᠬᠢᠯᠲᠦ ᠶᠠᠫᠣᠨ ᠬᠥᠮᠦᠰ ᠵᠢᠴᠢ ᠰᠣᠶᠣᠯ ᠤ᠋ᠨ ᠰᠠᠩ ᠤ᠋ᠨ ᠭᠡᠰᠢᠭᠦᠳ ᠦ᠋ᠨ ᠰᠠᠢᠨ ᠳᠤᠷ᠎ᠠ ᠠ᠋ᠴᠠ ᠪᠠᠨ ᠬᠠᠨᠳᠢᠪᠯᠠᠭᠰᠠᠨ ᠮᠥᠩᠭᠥ ᠪᠡᠷ ᠰᠠᠭᠤᠷᠢ ᠪᠣᠯᠭᠠᠵᠤ᠂ ᠵᠢᠯ ᠪᠦᠷᠢ ᠨᠠᠢ᠍ᠮᠠᠨ ᠮᠣᠵᠢ ᠣᠷᠣᠨ ᠤ᠋ ᠬᠡᠪᠴᠢᠶᠡᠨ ᠳ᠋ᠡᠬᠢ ᠮᠣᠩᠭᠣᠯ ᠰᠤᠷᠭᠠᠭᠤᠯᠢ ᠶ᠋ᠢᠨ ᠰᠤᠷᠤᠯᠭ᠎ᠠ ᠰᠠᠢᠲᠠᠢ᠂ ᠠᠮᠢᠳᠤᠷᠠᠯ ᠨᠢ ᠬᠦᠴᠢᠷᠲᠡᠢ ᠬᠡᠦᠬᠡᠳ ᠦ᠋ᠳ ᠲᠦ᠍ ᠱᠠᠩᠨᠠᠯ ᠤ᠋ᠨ ᠮᠥᠩᠭᠥ ᠥᠭᠳᠡᠭ ᠠᠵᠢ᠃《ᠰᠣᠶᠣᠯ ᠤ᠋ᠨ ᠰᠠᠩ ᠮᠠᠨᠢ ᠮᠣᠩᠭᠣᠯ ᠬᠥᠮᠦᠨ ᠥᠪᠡᠷ ᠦ᠋ᠨ ᠰᠣᠶᠣᠯ ᠢ᠋ᠶ᠋ᠠᠨ ᠥᠪᠡᠷ ᠢ᠋ᠶ᠋ᠡᠨ ᠬᠠᠢᠷᠠᠯᠠᠵᠤ᠂ ᠬᠠᠮᠠᠭᠠᠯᠠᠵᠤ᠂ ᠲᠡᠭᠦᠨ ᠦ᠌ ᠪᠡᠨ ᠲᠥᠯᠥᠭᠡ ᠴᠢᠷᠮᠠᠢᠵᠤ ᠶᠠᠭᠤᠮ᠎ᠠ ᠬᠢᠵᠦ ᠶᠠᠪᠤᠶ᠎ᠠ; ᠮᠣᠩᠭᠣᠯ ᠢ᠋ᠶ᠋ᠠᠷ ᠢ᠋ᠶ᠋ᠠᠨ ᠰᠤᠷᠤᠯᠴᠠᠵᠤ ᠪᠠᠢᠭ᠎ᠠ ᠬᠡᠦᠬᠡᠳ ᠦ᠋ᠳ ᠲᠡᠭᠡᠨ ᠱᠠᠩᠨᠠᠯ ᠤ᠋ᠨ ᠮᠥᠩᠭᠥ ᠥᠭᠴᠦ ᠵᠣᠷᠢᠭᠵᠢᠭᠤᠯᠤᠶ᠎ᠠ ᠭᠡᠰᠡᠨ ᠴᠢᠭᠯᠡᠯ ᠢ᠋ᠶ᠋ᠡᠷ ᠠᠵᠢᠯᠯᠠᠳᠠᠭ》 ᠭᠡᠵᠦ ᠬᠠᠷᠠᠨᠤᠳ ᠰᠠᠢᠨᠴᠣᠭᠲᠣ ᠭᠤᠸᠠᠢ ᠶᠠᠷᠢᠯ᠎ᠠ᠃《ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ》 ᠪᠠᠢᠭᠤᠯᠤᠭᠳᠠᠭᠰᠠᠨ ᠤ᠋ ᠪᠠᠨ ᠳᠠᠷᠠᠭᠠᠬᠠᠨ 2004 ᠣᠨ ᠳ᠋ᠤ᠌ ᠥᠪᠥᠷ ᠮᠣᠩᠭᠣᠯ ᠤ᠋ᠨ12 ᠰᠤᠷᠭᠠᠭᠤᠯᠢ᠂ ᠪᠤᠰᠤᠳ ᠮᠣᠵᠢ ᠣᠷᠣᠨ ᠤ᠋ 4 ᠰᠤᠷᠭᠠᠭᠤᠯᠢ ᠶ᠋ᠢᠨ ᠰᠤᠷᠤᠭᠴᠢᠳ ᠳ ᠪᠠᠨᠤ ᠱᠠᠩᠨᠠᠯ ᠥᠭᠭᠦᠭᠰᠡᠨ᠃ 2005 ᠣᠨ ᠳ᠋ᠤ᠌ ᠥᠪᠥᠷ ᠮᠣᠩᠭᠣᠯ ᠤ᠋ᠨ 12 ᠰᠤᠷᠭᠠᠭᠤᠯᠢ᠂ ᠰᠢᠨᠵᠢᠶᠠᠩ ᠵᠡᠷᠭᠡ ᠪᠤᠰᠤᠳ ᠮᠣᠵᠢ ᠣᠷᠣᠨ ᠤ᠋ 18 ᠰᠤᠷᠭᠠᠭᠤᠯᠢ ᠶ᠋ᠢᠨ ᠰᠤᠷᠤᠭᠴᠢᠳ ᠲᠤ ᠱᠠᠩᠨᠠᠯ ᠣᠯᠭᠣᠵᠤ᠂ 2006 ᠣᠨ ᠳ᠋ᠤ᠌ ᠨᠠᠢ᠍ᠮᠠᠨ ᠮᠣᠵᠢ ᠣᠷᠣᠨ ᠤ᠋ 21 ᠰᠤᠷᠭᠠᠭᠤᠯᠢ ᠶ᠋ᠢᠨ ᠰᠤᠷᠤᠭᠴᠢᠳ ᠲᠤ᠂ 2007 ᠣᠨ ᠳ᠋ᠤ᠌ 22 ᠰᠤᠷᠭᠠᠭᠤᠯᠢ ᠶ᠋ᠢᠨ ᠰᠤᠷᠤᠭᠴᠢᠳ ᠲᠤ ᠱᠠᠩᠨᠠᠯ ᠤ᠋ᠨ ᠮᠥᠩᠭᠥ ᠥᠭᠴᠦ ᠪᠠᠢᠵᠠᠢ᠃ ᠯᠢᠶᠣᠤᠨᠢᠩ ᠤ᠋ᠨ ᠹᠦᠰᠢᠨ ᠦ᠌ ᠲᠦᠢᠮᠡᠷ ᠲᠦ᠍ ᠰᠢᠲᠠᠭᠳᠠᠵᠤ ᠰᠦᠢᠳᠦᠭᠰᠡᠨ ᠨᠢᠭᠡᠨ ᠮᠣᠩᠭᠣᠯ ᠰᠤᠷᠭᠠᠭᠤᠯᠢ ᠳ᠋ᠤ᠌ ᠪᠠᠰᠠ ᠨᠡᠯᠢᠶᠡᠳ ᠳᠡᠮᠵᠢᠯᠭᠡ ᠦᠵᠡᠭᠦᠯᠦᠭᠰᠡᠨ ᠲᠡᠦᠬᠡ ᠲᠡᠢ᠃
2007 ᠣᠨ ᠤ᠋ ᠦᠢᠯᠡ ᠠᠵᠢᠯᠯᠠᠭ᠎ᠠ ᠨᠢ ᠭᠣᠣᠯᠳᠠᠭᠤ 6 ᠳ᠋ᠤᠭᠠᠷ ᠰᠠᠷ᠎ᠠ ᠶ᠋ᠢᠨ 22 ᠤ᠋ ᠡᠳᠦᠷ ᠲᠣᠤᠺᠢᠣ᠋ ᠳ᠋ᠤ᠌᠂ 6 ᠳ᠋ᠤᠭᠠᠷ ᠰᠠᠷ᠎ᠠ ᠶ᠋ᠢᠨ 23 ᠤ᠋ ᠡᠳᠦᠷ ᠲᠣᠤᠺᠢᠣ᠋ ᠠ᠋ᠴᠠ ᠣᠢᠷᠠᠬᠠᠨ ᠪᠠᠢᠭ᠎ᠠ ᠴᠢᠪᠠ ᠰᠢᠶᠠᠨ ᠤ᠋ ᠹᠣᠨᠠᠪᠠᠰᠢ ᠬᠡᠮᠡᠬᠦ ᠵᠢᠵᠢᠭ ᠬᠣᠲᠠᠨ᠎ᠠ ᠪᠣᠯᠤᠭᠰᠠᠨ ᠪᠠ 6 ᠳ᠋ᠤᠭᠠᠷ ᠰᠠᠷ᠎ᠠ ᠶ᠋ᠢᠨ 24 ᠦ᠌ ᠡᠳᠦᠷ ᠲᠣᠤᠺᠢᠣ᠋ ᠳ᠋ᠤ᠌ ᠮᠣᠩᠭᠣᠯ ᠪᠥᠬᠡ ᠶ᠋ᠢᠨ ᠨᠠᠢᠷ ᠵᠣᠬᠢᠶᠠᠨ ᠪᠠᠢᠭᠤᠯᠤᠭᠰᠠᠨ ᠶᠤᠮ᠃《ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ》 ᠤ᠋ᠨ ᠦᠢᠯᠡ ᠠᠵᠢᠯᠯᠠᠭᠠᠨ ᠤ᠋ ᠲᠡᠷᠡ ᠡᠳᠦᠷ ᠲᠡᠨᠳᠡ ᠪᠠᠢᠭ᠎ᠠ ᠮᠣᠩᠭᠣᠯ ᠣᠶᠤᠲᠠᠳ᠂ ᠵᠠᠯᠠᠭᠤᠴᠤᠳ᠂ ᠡᠷᠳᠡᠮᠲᠡᠳ ᠢ᠋ ᠪᠠᠭᠲᠠᠭᠠᠭᠰᠠᠨ ᠮᠠᠰᠢ ᠣᠯᠠᠨ ᠬᠥᠮᠦᠨ ᠬᠦᠷᠦᠯᠴᠡᠨ ᠢᠷᠡᠵᠦ ᠳᠠᠭᠤᠤ ᠪᠥᠵᠢᠭ᠂ ᠬᠥᠭᠵᠢᠮ ᠤᠶᠠᠯᠳᠤᠭᠰᠠᠨ ᠲᠣᠭᠯᠠᠯᠲᠠ ᠶ᠋ᠢ ᠵᠣᠬᠢᠶᠠᠨ ᠪᠠᠢᠭᠤᠯᠬᠤ ᠠᠵᠢᠯ ᠳ᠋ᠤ᠌ ᠬᠠᠮᠵᠢᠯᠴᠠᠭᠰᠠᠨ ᠪᠥᠭᠡᠳ ᠶᠠᠫᠣᠨ ᠤᠷᠠᠯᠢᠭᠴᠢᠳ ᠴᠤ᠌ ᠥᠪᠡᠷ ᠦ᠋ᠨ ᠰᠠᠢᠨ ᠳᠤᠷ᠎ᠠ ᠠ᠋ᠴᠠ ᠪᠠᠨ ᠶᠠᠮᠠᠷ ᠴᠤ ᠬᠠᠷᠠᠮᠵᠢ ᠮᠥᠩᠭᠥ ᠠᠪᠤᠭ᠎ᠠ ᠦᠭᠡᠢ ᠲᠣᠭᠯᠠᠯᠲᠠ ᠳ᠋ᠤ᠌ ᠣᠷᠣᠯᠴᠠᠭᠰᠠᠨ ᠶᠠᠪᠤᠳᠠᠯ ᠪᠢᠳᠡᠨ ᠦ᠌ ᠰᠡᠳᠬᠢᠯ ᠢ᠋ ᠮᠠᠰᠢ ᠬᠥᠳᠡᠯᠭᠡᠯᠡ᠃ ᠠᠯᠳᠠᠷᠲᠤ ᠮᠣᠷᠢᠨ ᠬᠤᠭᠤᠷᠴᠢ ᠴᠢ· ᠪᠤᠯᠠᠭ ᠭᠤᠸᠠᠢ ᠶ᠋ᠢᠨ ᠬᠦᠦ ᠪᠦᠷᠭᠦᠳ ᠲᠤᠰ ᠲᠣᠭᠯᠠᠯᠲᠠ ᠶ᠋ᠢ ᠪᠡᠯᠡᠳᠬᠡᠬᠦ ᠳ᠋ᠦ᠍ ᠮᠠᠰᠢ ᠶᠡᠬᠡ ᠴᠢᠷᠮᠠᠢᠯᠭ᠎ᠠ ᠭᠠᠷᠭᠠᠵᠤ᠂ ᠥᠪᠡᠷ ᠲᠤᠨᠢ ᠱᠠᠪᠢᠯᠠᠵᠤ ᠪᠠᠢᠭ᠎ᠠ ᠶᠠᠫᠣᠨ ᠬᠤᠭᠤᠷᠴᠢᠳ ᠢ᠋ ᠴᠤ ᠳᠠᠭᠤᠳᠠᠵᠤ ᠣᠷᠣᠯᠴᠠᠭᠤᠯᠤᠯᠠ᠃ ᠴᠢᠪᠠ ᠰᠢᠶᠠᠨ ᠤ᠋ ᠹᠣᠨᠠᠪᠠᠰᠢ ᠬᠣᠲᠠ ᠶ᠋ᠢᠨ ᠶᠠᠫᠣᠨᠴᠤᠳ《ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ ᠤ᠋ᠨ ᠪᠤᠶᠠᠨᠲᠤ ᠦᠢᠯᠡᠰ ᠢ᠋ ᠲᠡᠳᠬᠦᠬᠦ ᠵᠥᠪᠯᠡᠯ》 ᠭᠡᠵᠦ ᠲᠤᠰᠬᠠᠢ ᠪᠠᠢᠭᠤᠯᠤᠮᠵᠢ ᠪᠠᠢᠭᠤᠯᠤᠭᠠᠳ ᠹᠣᠨᠠᠪᠠᠰᠢ ᠬᠣᠲᠠ ᠳ᠋ᠤ᠌ ᠪᠣᠯᠵᠤ ᠪᠣᠢ ᠠᠵᠢᠯᠯᠠᠭ᠎ᠠ ᠶ᠋ᠢ ᠳᠡᠮᠵᠢᠵᠦ ᠪᠠᠢᠭ᠎ᠠ ᠶᠤᠮ ᠪᠠᠢᠨ᠎ᠠ᠃ ᠹᠣᠨᠠᠪᠠᠰᠢ ᠬᠣᠲᠠ ᠳ᠋ᠠᠬᠢ ᠲᠣᠭᠯᠠᠯᠲᠠ ᠨᠢ《ᠮᠣᠩᠭᠣᠯ ᠬᠡᠦᠬᠡᠳ ᠦ᠋ᠨ ᠢᠷᠡᠭᠡᠳᠦᠢ ᠶ᠋ᠢᠨ ᠲᠥᠯᠥᠭᠡ》 ᠭᠡᠰᠡᠨ ᠰᠡᠳᠦᠪ ᠢ᠋ᠶ᠋ᠡᠷ ᠬᠢᠭᠳᠡᠭᠰᠡᠨ ᠶᠦᠮ᠃ ᠠᠯᠳᠠᠷᠲᠤ ᠳᠠᠭᠤᠴᠢᠨ᠂ ᠪᠥᠵᠢᠭᠴᠢᠨ᠂ ᠬᠥᠭᠵᠢᠮᠴᠢᠨ ᠦᠭᠡᠢ ᠴᠦ᠍ ᠮᠣᠩᠭᠣᠯ ᠬᠡᠦᠬᠡᠳ ᠦ᠋ᠳ ᠦ᠋ᠨ ᠲᠥᠯᠥᠭᠡ ᠭᠡᠵᠦ ᠪᠡᠶ᠎ᠡ ᠰᠡᠳᠬᠢᠯ ᠦ᠋ᠨ ᠬᠥᠳᠡᠯᠮᠦᠷᠢ ᠪᠡᠨ ᠵᠣᠷᠢᠭᠤᠯᠤᠨ ᠪᠡᠯᠡᠳᠬᠡᠭᠰᠡᠨ ᠡᠨᠡ ᠬᠦ᠌ ᠲᠣᠭᠯᠠᠯᠲᠠ ᠶ᠋ᠢ ᠶᠠᠫᠣᠨᠴᠤᠳ ᠠᠰᠤᠷᠤ ᠥᠨᠳᠥᠷ ᠰᠡᠳᠬᠢᠯ ᠢ᠋ᠶ᠋ᠡᠷ ᠬᠦᠯᠢᠶᠡᠨ ᠠᠪᠴᠤ᠂ ᠪᠢᠯᠧᠲ ᠠᠪᠤᠭᠰᠠᠨ ᠠᠲᠠᠯ᠎ᠠ ᠪᠠᠨ ᠲᠣᠭᠯᠠᠯᠲᠠ ᠶ᠋ᠢᠨ ᠵᠠᠪᠰᠠᠷᠯᠠᠭ᠎ᠠ ᠪᠠᠷ ᠪᠠᠷᠤᠭ ᠯᠠ ᠬᠥᠮᠦᠨ ᠪᠣᠯᠭᠠᠨ ᠠᠳᠠᠯᠢ ᠦᠭᠡᠢ ᠬᠡᠮᠵᠢᠶᠡᠨ ᠦ᠌ ᠮᠥᠩᠭᠥ ᠪᠡᠨ ᠬᠠᠨᠳᠢᠪ ᠤ᠋ᠨ ᠬᠠᠢᠷᠴᠠᠭ ᠲᠤ᠌ ᠬᠢᠵᠦ ᠯᠡ ᠪᠠᠢᠯ᠎ᠠ᠃
ᠲᠣᠭᠯᠠᠯᠲᠠ ᠶ᠋ᠢᠨ ᠳᠠᠷᠠᠭ᠎ᠠ ᠰᠣᠶᠣᠯ ᠤ᠋ᠨ ᠰᠠᠩ ᠤ᠋ᠨ ᠭᠤᠷᠪᠠᠳᠠᠬᠢ ᠡᠭᠡᠯᠵᠢ ᠶ᠋ᠢᠨ ᠵᠠᠬᠢᠷᠤᠯ ᠬᠠᠷᠠᠨᠤᠳ ᠰᠠᠢᠨᠴᠣᠭᠲᠣ ᠭᠤᠸᠠᠢ ᠪᠢᠳᠡᠨ ᠢ᠋ ᠬᠦᠨᠳᠦᠲᠦ ᠵᠣᠴᠢᠳ ᠤ᠋ᠨ ᠬᠠᠮᠲᠤ ᠥᠪᠡᠷ ᠦ᠋ᠨ ᠡᠷᠬᠢᠯᠡᠵᠦ ᠪᠣᠢ《ᠶᠡᠬᠡ ᠮᠣᠩᠭᠣᠯ ᠵᠣᠭᠣᠭ ᠤ᠋ᠨ ᠭᠠᠵᠠᠷ》 ᠢ᠋ᠶ᠋ᠠᠨ ᠤᠷᠢᠵᠤ ᠵᠣᠴᠢᠯᠠᠯ᠎ᠠ᠃ ᠡᠨᠡ ᠵᠣᠭᠣᠭ ᠤ᠋ᠨ ᠭᠠᠵᠠᠷ ᠲᠤ᠌ ᠰᠦᠮᠦᠦ ᠶ᠋ᠢᠨ ᠠᠪᠤᠷᠭᠤ ᠳᠠᠪᠬᠠᠳᠣᠷᠵᠢ᠂ ᠲᠤᠸᠠᠵᠢᠷᠭᠠᠯ ᠨᠠᠷ ᠪᠠᠢᠩᠭᠤ ᠢᠷᠡᠳᠡᠭ ᠶᠦᠮ ᠪᠠᠢᠨ᠎ᠠ᠃ ᠨᠤᠲᠤᠭ ᠠ᠋ᠴᠠ ᠮᠢᠨᠢ ᠢᠷᠡᠭᠰᠡᠨ ᠬᠥᠮᠦᠰ ᠭᠡᠵᠦ ᠪᠢᠳᠡ ᠭᠤᠷᠪᠠ ᠶ᠋ᠢ ᠬᠠᠯᠠᠭᠤᠨ ᠢ᠋ᠶ᠋ᠠᠷ ᠬᠦᠯᠢᠶᠡᠵᠦ ᠠᠪᠤᠭᠰᠠᠨ ᠮᠣᠩᠭᠣᠯ ᠠᠬᠠᠨ ᠳᠡᠭᠥᠥᠰ ᠢ᠋ᠶ᠋ᠡᠨ ᠬᠠᠷᠢ ᠨᠤᠲᠤᠭ ᠲᠤ᠌ ᠬᠠᠷᠠᠭᠠᠳ ᠡᠯᠢᠭᠡᠨ ᠰᠠᠳᠤᠨ᠂ ᠡᠵᠢ ᠠᠪᠤ᠂ ᠨᠤᠲᠤᠭ ᠤᠰᠤ ᠪᠠᠨ ᠰᠠᠨᠠᠳᠠᠭ ᠲᠡᠳᠡᠨ ᠦ᠌ ᠪᠡᠨ ᠪᠣᠳᠣᠯ ᠰᠡᠳᠬᠢᠯ ᠢ᠋ ᠤᠯᠠᠮ ᠭᠦᠨᠵᠡᠭᠡᠢ ᠣᠢᠯᠠᠭᠠᠪᠠ᠃
《ᠡᠯᠡᠰᠦ ᠲᠡᠢ ᠲᠤᠯᠤᠭᠠᠳ ᠮᠢᠨᠢ ᠵᠡᠭᠦᠳᠦᠯᠡᠭᠳᠡᠭᠡᠳ ᠪᠠᠢᠨ᠎ᠠ
ᠡᠵᠢ ᠮᠢᠨᠢ ᠲᠣᠷᠣᠢᠨ ᠬᠠᠷᠠᠭᠳᠠᠭᠠᠳ ᠪᠠᠢᠨ᠎ᠠ
ᠡᠪᠡᠷᠰᠢᠭᠰᠡᠨ ᠠᠯᠠᠭ᠎ᠠ ᠨᠢ ᠪᠣᠳᠣᠭᠳᠠᠭᠠᠳ ᠪᠠᠢᠨ᠎ᠠ
ᠡᠩᠭᠡᠷ ᠦ᠋ᠨ ᠬᠢᠨᠢ ᠦᠨᠦᠷ ᠰᠠᠨᠠᠭᠳᠠᠭᠠᠳ ᠪᠠᠢᠨ᠎ᠠ
ᠰᠠᠷᠠᠪᠴᠢᠯᠠᠨ ᠲᠣᠰᠳᠠᠭ ᠨᠢ ᠠᠪᠤ ᠮᠢᠨᠢ ᠪᠠᠢᠨ᠎ᠠ
ᠰᠠᠨᠳᠤᠷᠴᠤ ᠭᠦᠶᠦᠭᠡ ᠨᠢ ᠡᠵᠢ ᠮᠢᠨᠢ ᠪᠠᠢᠨ᠎ᠠ
ᠰᠠᠭᠠᠯᠢ ᠨᠢ ᠬᠠᠩᠬᠤᠯᠤᠭᠰᠠᠨ ᠭᠡᠷ ᠮᠢᠨᠢ ᠪᠠᠢᠨ᠎ᠠ
ᠰᠠᠢᠬᠠᠨ ᠪᠦᠭᠦᠳᠡ ᠶ᠋ᠢᠨ ᠳᠡᠭᠡᠵᠢ ᠨᠢ ᠪᠠᠢᠨ᠎ᠠ
ᠠᠪᠤ ᠳ᠋ᠠᠭᠠᠨ ᠳᠠᠬᠢᠨ ᠰᠢᠪᠬᠠᠷᠠᠭᠤᠯᠤᠮᠠᠷ ᠪᠠᠢᠨ᠎ᠠ
ᠠᠶᠤᠯᠭᠠᠵᠤ ᠳᠠᠷᠠᠭ᠎ᠠ ᠨᠢ ᠲᠣᠨᠢᠷᠠᠬᠮᠠᠷ ᠪᠠᠢᠨ᠎ᠠ
ᠡᠵᠢ ᠳ᠋ᠡᠭᠡᠨ ᠣᠴᠢᠭᠠᠳ ᠦᠨᠦᠰᠦᠭᠦᠯᠦᠮᠡᠷ ᠪᠠᠢᠨ᠎ᠠ
ᠡᠷᠬᠡᠯᠡᠵᠦ ᠨᠢᠯᠬᠠᠷᠠᠨ ᠠᠷᠭᠠᠳᠠᠭᠤᠯᠤᠮᠠᠷ ᠪᠠᠢᠨ᠎ᠠ
ᠴᠡᠭᠡᠯᠬᠡᠨ ᠳᠠᠭᠤᠤ ᠪᠠᠨ ᠳᠠᠭᠤᠯᠠᠮᠠᠷ ᠪᠠᠢᠨ᠎ᠠ
ᠰᠡᠮᠬᠡᠨ ᠨᠢᠯᠪᠤᠰᠤ ᠪᠠᠨ ᠲᠤᠰᠤᠭᠠᠮᠠᠷ ᠪᠠᠢᠨ᠎ᠠ
ᠰᠡᠳᠬᠢᠯ ᠵᠢᠷᠦᠬᠡ ᠮᠢᠨᠢ ᠮᠣᠩᠭᠣᠯ ᠳ᠋ᠠᠭᠠᠨ ᠯᠠ ᠪᠠᠢᠨ᠎ᠠ
ᠰᠡᠯᠡᠭᠦᠬᠡᠨ ᠲᠠᠯ᠎ᠠ ᠳ᠋ᠠᠭᠠᠨ ᠬᠥᠷᠪᠡᠭᠡᠮᠡᠷ ᠪᠠᠢᠨ᠎ᠠ
ᠬᠠᠷᠢ ᠶ᠋ᠢᠨ ᠨᠤᠲᠤᠭ ᠳᠠᠪᠴᠢᠭᠤᠳᠠᠭᠠᠳ ᠪᠠᠢᠨ᠎ᠠ
ᠬᠠᠷᠠᠭᠰᠠᠨ ᠵᠦᠭ ᠲᠡᠭᠡᠨ ᠭᠦᠶᠦᠮᠡᠷ ᠪᠠᠢᠨ᠎ᠠ
ᠬᠠᠲᠠᠭᠤ ᠳᠠᠷᠠᠰᠤ ᠶ᠋ᠢ ᠨᠢ ᠲᠤᠯᠭᠠᠮᠠᠷ ᠪᠠᠢᠨ᠎ᠠ
ᠬᠠᠢᠷᠠᠯᠠᠨ ᠳᠠᠭᠤᠯᠠᠮᠠᠷ ᠤᠬᠢᠯᠠᠮᠠᠷ ᠪᠠᠢᠨ᠎ᠠ》 ᠭᠡᠵᠦ ᠬᠠᠷᠠᠨᠤᠳ ᠰᠠᠢᠨᠴᠣᠭᠲᠣ ᠭᠤᠸᠠᠢ ᠶ᠋ᠢᠨ ᠳᠠᠭᠤᠯᠠᠭᠰᠠᠨ ᠳᠠᠭᠤᠤ ᠪᠠᠷ ᠲᠡᠷᠡ ᠦᠳᠡᠰᠢ ᠶ᠋ᠢᠨ ᠮᠠᠷᠲᠠᠭᠳᠠᠰᠢ ᠦᠭᠡᠢ ᠮᠥᠴᠡ ᠡᠬᠢᠯᠡᠭᠰᠡᠨ ᠰᠠᠨ᠃ ᠬᠠᠮᠲᠤ ᠪᠠᠢᠯᠴᠠᠭᠰᠠᠨ ᠶᠠᠫᠣᠨ ᠤᠷᠠᠯᠢᠭᠴᠢᠳ ᠴᠤ᠌ ᠮᠣᠩᠭᠣᠯᠴᠤᠳ ᠲᠠᠢ ᠬᠠᠮᠲᠤ ᠬᠥᠭᠡᠷᠴᠦ ᠪᠠᠶᠠᠷᠯᠠᠵᠤ᠂ ᠳᠠᠭᠤᠯᠠᠵᠤ ᠤᠬᠢᠯᠠᠴᠤ ᠰᠥᠨᠢ ᠣᠷᠣᠢ ᠪᠣᠯᠲᠠᠯ᠎ᠠ ᠨᠠᠷᠭᠢᠭᠠᠳ ᠪᠤᠴᠠᠬᠤ ᠳ᠋ᠠᠭᠠᠨ ᠠᠯᠢᠪᠠ ᠵᠠᠮ ᠤ᠋ᠨ ᠵᠠᠷᠤᠳᠠᠯ᠂ ᠬᠣᠨᠣᠭ ᠬᠣᠭᠣᠯᠠᠨ ᠤ᠋ ᠵᠠᠷᠤᠳᠠᠯ ᠢ᠋ᠶ᠋ᠠᠨ ᠪᠦᠷ ᠠᠪᠤᠭᠰᠠᠨ ᠦᠭᠡᠢ ᠮᠥᠷᠲᠡᠭᠡᠨ ᠰᠣᠶᠣᠯ ᠤ᠋ᠨ ᠰᠠᠩ ᠤ᠋ᠨ ᠳᠡᠮᠵᠢᠯᠭᠡ ᠶ᠋ᠢ ᠣᠯᠵᠤ ᠪᠠᠢᠭ᠎ᠠ ᠮᠣᠩᠭᠣᠯ ᠬᠡᠦᠬᠡᠳ ᠦ᠋ᠳ ᠲᠦ᠍ ᠥᠭᠴᠦ ᠪᠠᠢᠭ᠎ᠠ ᠥᠴᠦᠬᠡᠨ ᠬᠠᠨᠳᠢᠪ ᠭᠡᠮᠡᠨ ᠮᠥᠩᠭᠥ ᠬᠠᠨᠳᠢᠪᠯᠠᠭᠠᠳ ᠬᠠᠷᠢᠭᠰᠠᠨ ᠪᠢᠯᠡ᠃ ᠰᠣᠶᠣᠯ ᠤ᠋ᠨ ᠰᠠᠩ ᠤ᠋ᠨ ᠨᠥᠬᠥᠳ ᠦ᠋ᠨ ᠬᠡᠯᠡᠬᠦ ᠪᠡᠷ ᠲᠡᠳᠡ ᠡᠨᠡ ᠬᠦ᠌ ᠲᠣᠭᠯᠠᠯᠲᠠ ᠳ᠋ᠤ᠌ ᠣᠷᠣᠯᠴᠠᠬᠤ ᠶ᠋ᠢᠨ ᠲᠥᠯᠥᠭᠡ ᠥᠭᠡᠷ᠎ᠡ ᠬᠣᠲᠠ ᠠ᠋ᠴᠠ ᠪᠤᠶᠤ ᠲᠣᠣᠺᠢᠣ᠋ ᠶ᠋ᠢᠨ ᠬᠣᠯᠠ ᠪᠠᠢᠭ᠎ᠠ ᠲᠣᠭᠣᠷᠢᠭ ᠠ᠋ᠴᠠ ᠢᠷᠡᠵᠦ ᠪᠠᠢᠭ᠎ᠠ ᠪᠣᠯᠬᠣᠷ ᠵᠠᠮ ᠤ᠋ᠨ ᠵᠠᠷᠤᠳᠠᠯ᠂ ᠬᠣᠭᠣᠯᠠ ᠬᠣᠨᠣᠭ ᠤ᠋ᠨ ᠵᠠᠷᠤᠳᠠᠯ ᠨᠡᠯᠢᠶᠡᠳ ᠣᠷᠣᠨ᠎ᠠ᠃ ᠲᠡᠭᠡᠭᠡᠳ ᠶᠠᠮᠠᠷᠴᠤ ᠬᠠᠷᠠᠮᠵᠢ ᠦᠭᠡᠢ ᠲᠣᠭᠯᠠᠵᠤ ᠪᠠᠢᠭ᠎ᠠ ᠪᠣᠯᠬᠣᠷ ᠴᠠᠭ ᠢ᠋ᠶ᠋ᠠᠷ ᠴᠠᠯᠢᠩ ᠣᠯᠳᠠᠭ ᠶᠠᠫᠣᠨ ᠳ᠋ᠤ᠌ ᠪᠣᠯ ᠴᠢᠮᠠᠯᠠᠮᠠᠷ ᠦᠭᠡᠢ ᠮᠥᠩᠭᠥ ᠠᠯᠳᠠᠵᠤ ᠪᠠᠢᠭ᠎ᠠ ᠶᠤᠮ ᠭᠡᠨ᠎ᠡ᠃《ᠬᠥᠮᠦᠨ ᠰᠠᠢᠬᠠᠨ ᠰᠡᠳᠬᠢᠯ ᠲᠡᠢ ᠪᠠᠢᠬᠤ ᠬᠡᠷᠡᠭᠲᠡᠢ᠃ ᠶᠠᠫᠣᠨ ᠴᠤ᠌ ᠶᠠᠳᠠᠭᠤ ᠵᠦᠳᠡᠭᠦᠦ ᠪᠠᠢᠭᠰᠠᠨ᠃ ᠳᠡᠯᠡᠬᠡᠢ ᠶ᠋ᠢᠨ ᠬᠣᠶᠠᠳᠤᠭᠠᠷ ᠲᠡᠢᠨ ᠦ᠌ ᠳᠠᠷᠠᠭ᠎ᠠ ᠶᠠᠫᠣᠨ ᠤ᠋ ᠨᠡᠢᠭᠡᠮ ᠦ᠋ᠨ ᠠᠮᠢᠳᠤᠷᠠᠯ ᠲᠤᠢᠯ ᠤ᠋ᠨ ᠬᠦᠴᠢᠷᠲᠡᠢ ᠪᠠᠢᠬᠤ ᠦᠶ᠎ᠡ ᠳ᠋ᠦ᠍ ᠳᠡᠯᠡᠬᠡᠢ ᠶ᠋ᠢᠨ ᠡᠯ᠎ᠡ ᠤᠯᠤᠰ ᠣᠷᠣᠨ ᠪᠢᠳᠡᠨ ᠢ᠋ ᠳᠡᠮᠵᠢᠵᠦ ᠪᠠᠢᠭᠰᠠᠨ ᠢ᠋ ᠮᠠᠷᠲᠠᠵᠤ ᠴᠢᠳᠠᠬᠤ ᠦᠭᠡᠢ᠃ ᠮᠠᠷᠲᠠᠬᠤ ᠴᠤ᠌ ᠶᠣᠰᠣ ᠦᠭᠡᠢ᠃ ᠥᠨᠥᠳᠥᠷ ᠶᠠᠫᠣᠨ ᠴᠢᠨᠡᠭᠡᠯᠢᠭ ᠪᠣᠯᠤᠭᠰᠠᠨ᠃ ᠪᠢᠳᠡ ᠣᠳᠣ ᠪᠤᠰᠤᠳ ᠶᠠᠳᠠᠭᠤ ᠵᠦᠳᠡᠭᠦᠦ ᠤᠯᠤᠰ ᠦᠨᠳᠦᠰᠦᠲᠡᠨ ᠳ᠋ᠦ᠍ ᠲᠤᠰᠠᠯᠠᠮᠵᠢ ᠥᠭᠬᠦ ᠶᠣᠰᠣᠲᠠᠢ᠃ ᠮᠣᠩᠭᠣᠯ ᠬᠡᠦᠬᠡᠳ ᠦ᠋ᠳ ᠲᠦ᠍ ᠲᠤᠰᠠᠯᠠᠮᠵᠢ ᠥᠭᠴᠦ ᠴᠢᠳᠠᠭᠰᠠᠨ ᠳ᠋ᠠᠭᠠᠨ ᠮᠠᠰᠢ ᠪᠠᠶᠠᠷᠲᠠᠢ ᠪᠠᠢᠨ᠎ᠠ》 ᠭᠡᠵᠦ ᠶᠠᠫᠣᠨ ᠤ᠋ ᠨᠢᠭᠡᠨ ᠮᠣᠷᠢᠨ ᠬᠤᠭᠤᠷᠴᠢ ᠰᠤᠷᠪᠤᠯᠵᠢᠯᠠᠭ᠎ᠠ ᠶᠠᠷᠢᠵᠤ ᠪᠢᠯᠡ᠃ ᠹᠣᠨᠠᠪᠠᠰᠢ ᠬᠣᠲᠠ ᠳ᠋ᠤ᠌ ᠰᠣᠶᠣᠯ ᠤ᠋ᠨ ᠰᠠᠩ ᠤ᠋ᠨ ᠦᠢᠯᠡ ᠠᠵᠢᠯᠯᠠᠭ᠎ᠠ ᠦᠷᠭᠦᠯᠵᠢᠯᠡᠬᠦ ᠳ᠋ᠦ᠍ ᠮᠥᠨ ᠮᠠᠰᠢ ᠣᠯᠠᠨ ᠶᠠᠫᠣᠨ ᠬᠥᠮᠦᠨ ᠦ᠌ ᠳᠡᠮᠵᠢᠯᠭᠡ ᠶ᠋ᠢ ᠣᠯᠤᠭᠰᠠᠨ ᠪᠠ ᠵᠠᠷᠢᠮ ᠳ᠋ᠠᠭᠠᠨ ᠲᠡᠳᠡ ᠲᠢᠶᠠᠲ᠋ᠷ ᠢ᠋ᠶ᠋ᠠᠨ ᠶᠠᠮᠠᠷ ᠴᠤ᠌ ᠦᠨ᠎ᠡ ᠲᠥᠯᠥᠪᠦᠷᠢ ᠦᠭᠡᠢ ᠪᠡᠷ ᠬᠡᠷᠡᠭᠯᠡᠭᠦᠯᠳᠡᠭ ᠠᠵᠢ᠃ ᠶᠠᠫᠣᠨ ᠳ᠋ᠤ᠌ ᠪᠠᠢᠭ᠎ᠠ ᠮᠣᠩᠭᠣᠯᠴᠤᠳ ᠮᠠᠨᠢ ᠥᠪᠡᠷᠰᠡᠳ ᠦ᠋ᠨ᠃ ᠴᠢᠷᠮᠠᠢᠯᠭ᠎ᠠ ᠪᠠᠷ ᠢ᠋ᠶ᠋ᠠᠨ ᠲᠡᠨᠳᠡᠬᠢ ᠬᠥᠮᠦᠰ ᠦ᠋ᠨ ᠢᠲᠡᠭᠡᠯ ᠨᠠᠢᠳᠠᠪᠤᠷᠢ ᠶ᠋ᠢ ᠣᠯᠤᠭᠰᠠᠨ ᠪᠥᠭᠡᠳ ᠡᠬᠡ ᠨᠤᠲᠤᠭ᠂ ᠡᠯᠢᠭᠡ ᠨᠢᠭᠡᠲᠡᠢ ᠮᠣᠩᠭᠣᠯᠴᠤᠳ ᠢ᠋ᠶ᠋ᠠᠨ ᠡᠷᠢᠨ ᠰᠠᠨᠠᠬᠤ ᠵᠢᠷᠦᠬᠡᠨ ᠦ᠌ ᠡᠷᠢᠯ ᠢ᠋ᠶ᠋ᠡᠨ ᠲᠡᠭᠡᠵᠦ ᠯᠡ ᠠᠷᠭᠠᠳᠠᠵᠤ᠂ ᠲᠠᠢᠳᠬᠤᠷᠠᠵᠤ᠂ ᠪᠠᠶᠠᠷᠯᠠᠵᠤ ᠶᠠᠪᠤᠳᠠᠭ ᠶᠤᠮ ᠪᠠᠢᠨ᠎ᠠ ᠭᠡᠮᠡᠨ ᠪᠢᠳᠡᠨ ᠳ᠋ᠦ᠍ ᠪᠣᠳᠣᠭᠳᠠᠭᠰᠠᠨ᠃《ᠶᠠᠫᠣᠨ ᠳ᠋ᠠᠬᠢ ᠮᠣᠩᠭᠣᠯ ᠦᠨᠳᠦᠰᠦᠲᠡᠨ ᠦ᠌ ᠰᠣᠶᠣᠯ ᠤ᠋ᠨ ᠰᠠᠩ》 ᠤᠷᠠᠨ ᠰᠠᠢᠬᠠᠨ ᠤ᠋ ᠲᠣᠭᠯᠠᠯᠲᠠ ᠠ᠋ᠴᠠ ᠭᠠᠳᠠᠨ᠎ᠠ ᠲᠡᠨᠳᠡ ᠪᠠᠢᠭ᠎ᠠ ᠭᠠᠴᠢᠭᠳᠠᠵᠤ ᠲᠦᠪᠡᠭᠳᠡᠭᠰᠡᠨ ᠮᠣᠩᠭᠣᠯᠴᠤᠳ ᠲᠠᠭᠠᠨ ᠲᠤᠰᠠᠯᠠᠮᠵᠢ ᠦᠵᠡᠭᠦᠯᠬᠦ; ᠨᠠᠢ᠍ᠮᠠᠨ ᠮᠣᠵᠢ ᠣᠷᠣᠨ ᠤ᠋ ᠰᠢᠯᠢᠳᠡᠭ ᠪᠠᠭᠰᠢ᠂ ᠰᠣᠶᠣᠯ ᠤ᠋ᠨ ᠵᠢᠳᠬᠦᠯᠳᠡᠳ ᠲᠦ᠍ ᠱᠠᠩᠨᠠᠯ ᠥᠭᠬᠦ ᠵᠡᠷᠭᠡ ᠠᠵᠢᠯ ᠢ᠋ ᠬᠢᠵᠦ ᠪᠠᠢᠭ᠎ᠠ ᠪᠤᠶᠤ ᠬᠢᠬᠦ ᠪᠡᠷ ᠪᠠᠢᠭ᠎ᠠ ᠠᠵᠢ᠃ ᠪᠢᠳᠡᠨ ᠢ᠋ ᠬᠠᠷᠢᠵᠤ ᠢᠷᠡᠭᠰᠡᠨ ᠦ᠌ ᠳᠠᠷᠠᠭ᠎ᠠ ᠰᠣᠶᠣᠯ ᠤ᠋ᠨ ᠰᠠᠩ ᠤ᠋ᠨ ᠬᠢᠨ ᠬᠥᠬᠡᠬᠣᠲᠠ ᠳ᠋ᠤ᠌ ᠢᠷᠡᠵᠦ᠂ ᠨᠠᠢ᠍ᠮᠠᠨ ᠮᠣᠵᠢ ᠣᠷᠣᠨ ᠤ᠋ ᠬᠡᠪᠴᠢᠶᠡᠨ ᠳ᠋ᠦ᠍ ᠪᠠᠢᠭ᠎ᠠ ᠱᠠᠩᠨᠠᠯ ᠭᠠᠷᠳᠠᠭᠰᠠᠨ ᠬᠡᠦᠬᠡᠳ ᠦ᠋ᠳ ᠦ᠋ᠨ ᠠᠯᠢᠪᠠ ᠵᠠᠷᠤᠳᠠᠯ ᠢ᠋ ᠬᠠᠷᠢᠭᠤᠴᠠᠨ ᠵᠤᠰᠠᠯᠠᠩ ᠤ᠋ᠨ ᠠᠵᠢᠯᠯᠠᠭ᠎ᠠ ᠬᠢᠭᠰᠡᠨ ᠪᠠ ᠠᠯᠳᠠᠷᠲᠤ ᠳᠠᠭᠤᠴᠢᠨ ᠲᠩᠷᠢ ᠶ᠋ᠢ ᠶᠠᠫᠣᠨ ᠳ᠋ᠤ᠌ ᠤᠷᠢᠨ ᠲᠣᠭᠯᠠᠭᠤᠯᠤᠭᠰᠠᠨ ᠶᠤᠮ᠃
ᠤᠷᠠᠨ ᠰᠠᠢᠬᠠᠨ ᠤ᠋ ᠬᠣᠶᠠᠷ ᠤᠳᠠᠭᠠᠨ ᠤ᠋ ᠲᠣᠭᠯᠠᠯᠲᠠ ᠶ᠋ᠢᠨ ᠳᠠᠷᠠᠭ᠎ᠠ ᠰᠣᠶᠣᠯ ᠤ᠋ᠨ ᠰᠠᠩ ᠤ᠋ᠨ ᠬᠢᠨ ᠮᠣᠩᠭᠣᠯ ᠪᠥᠬᠡ ᠶ᠋ᠢᠨ ᠨᠠᠢᠷ ᠵᠣᠬᠢᠶᠠᠨ ᠪᠠᠢᠭᠤᠯᠵᠤ᠂ ᠲᠣᠤᠺᠢᠣ᠋ ᠬᠣᠲᠠ ᠶ᠋ᠢᠨ ᠨᠢᠭᠡᠨ ᠴᠡᠴᠡᠷᠯᠢᠭ ᠲᠦ᠍ ᠮᠣᠩᠭᠣᠯ ᠭᠡᠷ ᠢ᠋ᠶ᠋ᠡᠨ ᠪᠠᠷᠢᠵᠤ᠂ ᠭᠣᠶᠣ ᠨᠠᠭᠠᠳᠤᠮ ᠪᠣᠯᠤᠭᠰᠠᠨ ᠶᠤᠮ᠃ ᠺᠣᠣᠪᠡᠢ᠂ ᠣᠣᠰᠠᠺᠠ᠂ ᠴᠢᠪᠠ᠂ ᠨᠠᠭᠤᠶᠠ ᠵᠡᠷᠭᠡ ᠬᠣᠲᠠ ᠰᠢᠶᠠᠨ ᠳ᠋ᠤ᠌ ᠪᠠᠢᠭ᠎ᠠ ᠮᠣᠩᠭᠣᠯᠴᠤᠳ ᠡᠨᠡ ᠨᠠᠢᠷ ᠲᠤ ᠬᠦᠷᠦᠯᠴᠡᠨ ᠢᠷᠡᠭᠰᠡᠨ ᠢ᠋ᠶ᠋ᠡᠷ ᠦᠨᠡᠬᠡᠷ ᠶᠠᠫᠣᠨ ᠳ᠋ᠠᠬᠢ ᠮᠣᠩᠭᠣᠯᠴᠤᠳ ᠤ᠋ᠨ ᠠᠭᠤᠯᠵᠠᠯᠲᠠ ᠶ᠋ᠢᠨ ᠨᠠᠭᠠᠳᠤᠮ ᠪᠣᠯᠤᠭᠰᠠᠨ ᠰᠠᠨ᠃ ᠨᠠᠷᠢᠨ ᠪᠣᠷᠣᠭ᠎ᠠ ᠰᠢᠪᠡᠷᠡᠭᠰᠡᠨ ᠲᠡᠷᠡ ᠡᠳᠦᠷ ᠪᠢᠳᠡ ᠮᠣᠩᠭᠣᠯ ᠨᠠᠭᠠᠳᠤᠮ ᠳ᠋ᠤ᠌ ᠠᠭᠤᠰᠤᠨ ᠵᠢᠷᠭᠠᠵᠤ᠂ ᠨᠣᠮᠣᠬᠠᠨ ᠳᠠᠯᠠᠢ ᠳ᠋ᠠᠬᠢ ᠠᠷᠠᠯ ᠤ᠋ᠨ ᠤᠯᠤᠰ ᠲᠤ ᠪᠠᠢᠭ᠎ᠠ ᠪᠠᠨ ᠮᠠᠷᠲᠠᠴᠢᠬᠠᠭᠰᠠᠨ ᠶᠤᠮ᠃
ᠡᠢᠨ ᠬᠦ᠌ ᠰᠣᠶᠣᠯ ᠤ᠋ᠨ ᠰᠠᠩ ᠤ᠋ᠨ ᠡᠷᠬᠢᠮ ᠰᠠᠢᠬᠠᠨ ᠦᠢᠯᠡ ᠠᠵᠢᠯᠯᠠᠭ᠎ᠠ ᠳ᠋ᠤ᠌ ᠣᠷᠣᠯᠴᠠᠬᠤ ᠮᠣᠩᠭᠣᠯ ᠬᠥᠮᠦᠨ ᠤᠯᠠᠮ ᠣᠯᠠᠰᠢᠷᠠᠵᠤ ᠪᠠᠢᠭ᠎ᠠ ᠪᠥᠭᠡᠳ ᠲᠡᠳᠡᠨ ᠦ᠌ ᠵᠠᠷᠢᠮ ᠦᠢᠯᠡ ᠠᠵᠢᠯᠯᠠᠭ᠎ᠠ ᠪᠦᠬᠦ ᠶᠠᠫᠣᠨ ᠳ᠋ᠤ᠌ ᠠᠯᠳᠠᠷᠰᠢᠭᠰᠠᠨ ᠠᠵᠢ᠃ ᠡᠨᠳᠡ ᠨᠢᠭᠡᠨ ᠵᠢᠱ᠌ᠢᠶ᠎ᠡ ᠶᠠᠷᠢᠶ᠎ᠠ᠃ ᠣᠣᠰᠠᠺᠠ ᠳ᠋ᠤ᠌ ᠰᠠᠶᠢᠬᠠᠨ ᠣᠴᠢᠭᠠᠳ ᠰᠤᠷᠤᠯᠴᠠᠵᠤ ᠪᠠᠢᠭᠰᠠᠨ ᠣᠷᠳᠣᠰ ᠨᠤᠲᠤᠭ ᠲᠠᠢ ᠵᠤᠯᠠ ᠬᠡᠮᠡᠬᠦ ᠥᠨᠥᠴᠢᠨ ᠥᠬᠢᠨ ᠭᠡᠨᠡᠳᠲᠡ ᠬᠣᠣᠷᠲᠤ ᠬᠠᠪᠤᠳᠠᠷ ᠲᠤ ᠨᠡᠷᠪᠡᠭᠳᠡᠭᠡᠳ ᠡᠮᠨᠡᠭᠦᠯᠵᠦ ᠴᠢᠳᠠᠬᠤ ᠦᠭᠡᠢ᠂ ᠲᠠᠨᠢᠯ ᠬᠥᠮᠦᠨ ᠴᠦ᠍ ᠪᠠᠢᠬᠤ ᠦᠭᠡᠢ ᠭᠠᠴᠢᠭᠳᠠᠵᠤ ᠪᠠᠢᠭᠰᠠᠨ ᠦᠶ᠎ᠡ ᠳ᠋ᠦ᠍ ᠰᠣᠶᠣᠯ ᠤ᠋ᠨ ᠰᠠᠩ ᠤ᠋ᠨ ᠤᠷᠢᠶᠠᠯᠠᠭ᠎ᠠ ᠪᠠᠷ ᠶᠠᠫᠣᠨ ᠳ᠋ᠤ᠌ ᠪᠠᠢᠭ᠎ᠠ ᠮᠣᠩᠭᠣᠯᠴᠤᠳ ᠬᠠᠨᠳᠢᠪ ᠴᠤᠭᠯᠠᠭᠤᠯᠤᠨ ᠡᠮᠨᠡᠯᠭᠡ ᠶ᠋ᠢᠨ ᠵᠠᠷᠤᠳᠠᠯ ᠢ᠋ ᠨᠢ ᠪᠦᠷᠢᠳᠦᠭᠦᠯᠦᠭᠡᠳ ᠪᠦᠷᠢᠨᠰᠠᠶ᠋ᠢᠨ ᠭᠤᠸᠠᠢ ᠳ᠋ᠤ᠌ ᠬᠦᠷᠭᠡᠵᠦ ᠣᠴᠢᠵᠠᠢ᠃ ᠲᠡᠭᠡᠬᠦ ᠳ᠋ᠦ᠍ ᠣᠣᠰᠠᠺᠠ ᠬᠣᠲᠠ ᠶ᠋ᠢᠨ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ᠂ ᠡᠮᠴᠢ ᠰᠤᠪᠢᠯᠠᠭᠴᠢᠳ ᠨᠢ ᠪᠦᠷ ᠰᠡᠳᠬᠢᠯ ᠢᠭᠲᠦᠯᠵᠦ᠄《ᠲᠠᠨ ᠤ᠋ ᠮᠣᠩᠭᠣᠯᠴᠤᠳ ᠶᠠᠮᠠᠷ ᠰᠠᠢᠬᠠᠨ ᠬᠥᠮᠦᠯᠢᠭ ᠰᠡᠳᠬᠢᠯ ᠲᠡᠢ ᠬᠥᠮᠦᠰ ᠪᠣᠢ!》ᠭᠡᠮᠡᠨ ᠡᠮᠨᠡᠯᠭᠡ ᠶ᠋ᠢᠨ ᠠᠰᠤᠷᠤ ᠶᠡᠬᠡ ᠵᠠᠷᠤᠳᠠᠯ ᠢ᠋ ᠨᠢ ᠬᠥᠩᠭᠡᠯᠡᠨ ᠨᠢᠮᠪᠠᠢ ᠡᠮᠴᠢᠯᠡᠭᠰᠡᠨ ᠢ᠋ᠶ᠋ᠡᠷ ᠡᠳᠦᠭᠡ ᠵᠤᠯᠠ ᠶ᠋ᠢᠨ ᠡᠪᠡᠳᠴᠢᠨ ᠪᠦᠷᠢᠮᠦᠰᠦᠨ ᠡᠷᠡᠭᠦᠯᠵᠢᠵᠦ᠂ ᠰᠤᠷᠤᠯᠭ᠎ᠠ ᠪᠠᠨ ᠦᠷᠭᠦᠯᠵᠢᠯᠡᠭᠦᠯᠵᠦ ᠪᠠᠢᠭ᠎ᠠ ᠶᠤᠮ ᠪᠠᠢᠨ᠎ᠠ᠃ ᠪᠢᠳᠡ ᠵᠤᠯᠠ ᠶ᠋ᠢ ᠰᠤᠷᠪᠤᠯᠵᠢᠯᠠᠬᠤ ᠦᠶ᠎ᠡ ᠳ᠋ᠦ᠍᠂《ᠬᠡᠷᠪᠡ ᠡᠯᠢᠭᠡ ᠨᠢᠭᠡᠲᠡᠢ ᠮᠣᠩᠭᠣᠯᠴᠤᠳ ᠮᠠᠨᠢ ᠪᠠᠢᠭ᠎ᠠ ᠦᠭᠡᠢ ᠪᠣᠯ᠂ ᠬᠡᠷᠪᠡ ᠰᠣᠶᠣᠯ ᠤ᠋ᠨ ᠰᠠᠩ ᠤ᠋ᠨ ᠣᠯᠠᠨ ᠨᠥᠬᠥᠳ ᠦ᠋ᠨ ᠳᠡᠮᠵᠢᠯᠭᠡ ᠪᠠᠢᠭ᠎ᠠ ᠦᠭᠡᠢ ᠪᠣᠯ ᠪᠢ ᠣᠳᠣ ᠪᠠᠢᠬᠤ ᠦᠭᠡᠢ ᠪᠠᠢᠬ᠎ᠠ᠁》 ᠭᠡᠮᠡᠨ ᠤᠬᠢᠯᠠᠵᠤ ᠪᠠᠢᠯ᠎ᠠ᠃ ᠬᠥᠮᠦᠨ ᠦ᠌ ᠨᠤᠲᠤᠭ᠂ ᠬᠥᠨᠳᠡᠯᠡᠨ ᠦ᠌ ᠭᠠᠵᠠᠷ ᠡᠯᠢᠭᠡ ᠨᠢᠭᠡᠲᠡᠢ ᠠᠬᠠᠨ ᠳᠡᠭᠦᠦᠰ ᠦ᠋ᠨ ᠢ᠋ᠶ᠋ᠡᠨ ᠬᠥᠮᠦᠯᠢᠭ ᠨᠢᠩᠵᠢᠨ ᠰᠡᠳᠬᠢᠯ ᠦ᠋ᠨ ᠲᠤᠰᠠᠯᠠᠮᠵᠢ ᠶ᠋ᠢ ᠣᠯᠬᠤ ᠰᠢᠭ᠋ ᠠᠵᠠ ᠪᠤᠶᠠᠨ ᠲᠠᠢ ᠶᠠᠪᠤᠳᠠᠯ ᠥᠭᠡᠷ᠎ᠡ ᠪᠠᠢᠭ᠎ᠠ ᠴᠤ᠌ ᠪᠢᠯᠡ ᠤᠤ? ᠲᠡᠢᠨ ᠬᠦ᠌ ᠪᠢᠳᠡ ᠭᠤᠷᠪᠠᠭᠤᠯᠠ ᠪᠠᠨ《ᠬᠥᠮᠦᠨ ᠦ᠌ ᠰᠠᠢᠬᠠᠨ ᠰᠡᠳᠬᠢᠯ ᠢ᠋ ᠬᠠᠢᠷᠠᠯᠠᠵᠤ ᠶᠠᠪᠤᠭᠠᠷᠠᠢ ᠭᠡᠵᠦ᠂ ᠬᠦᠵᠢ ᠳᠡᠯᠡᠬᠡᠢ ᠳ᠋ᠦ᠍ ᠪᠢ ᠬᠦᠰᠡᠯ ᠢ᠋ᠶ᠋ᠡᠨ ᠰᠢᠪᠡᠨᠡᠵᠦ ᠳᠠᠭᠤᠯᠠᠮᠠᠷ ᠪᠠᠢᠨ᠎ᠠ᠂ ᠶᠠᠮᠠᠷ ᠰᠠᠢᠬᠠᠨ ᠬᠥᠮᠦᠰ ᠢ᠋ ᠪᠤᠷᠬᠠᠨ ᠨᠠᠳᠠ ᠳ᠋ᠤ᠌ ᠢᠯᠡᠭᠡᠭᠰᠡᠨ ᠢ᠋᠂ ᠢᠯᠭᠤᠨ ᠰᠠᠷᠠᠨ ᠤ᠋ ᠳᠣᠣᠷ᠎ᠠ ᠦᠭᠡ ᠪᠡᠷ ᠬᠡᠯᠡᠬᠦ ᠶ᠋ᠢᠨ ᠠᠷᠭ᠎ᠠ ᠦᠭᠡᠢ》 ᠭᠡᠵᠦ ᠵᠥᠩᠳᠡᠭᠡᠨ ᠳᠠᠭᠤᠯᠠᠵᠤ ᠪᠠᠢᠭᠰᠠᠨ ᠮᠠᠨᠢ ᠦᠨᠡᠬᠡᠷ ᠴᠢᠩ ᠰᠡᠳᠬᠢᠯ ᠦ᠋ᠨ ᠮᠠᠨᠢ ᠳᠠᠭᠤᠤ ᠪᠠᠢᠭᠰᠠᠨ ᠰᠠᠨ!
ᠡᠨᠳᠡ ᠰᠣᠶᠣᠯ ᠤ᠋ᠨ ᠰᠠᠩ ᠤ᠋ᠨ ᠭᠤᠷᠪᠠᠨ ᠡᠭᠡᠯᠵᠢ ᠶ᠋ᠢᠨ ᠵᠠᠬᠢᠷᠤᠯ ᠤ᠋ᠨ ᠲᠤᠬᠠᠢ ᠲᠣᠪᠴᠢᠬᠠᠨ ᠶᠠᠷᠢᠮᠠᠷ ᠪᠠᠢᠨ᠎ᠠ᠃ ᠰᠣᠶᠣᠯ ᠤ᠋ᠨ ᠰᠠᠩ ᠤ᠋ᠨ ᠠᠩᠬᠠᠨ ᠤ᠋ ᠵᠠᠬᠢᠷᠤᠯ ᠨᠢ ᠪᠠ᠊· ᠪᠣᠯᠣᠳ᠂ ᠤᠳᠠᠭᠠᠬᠢ ᠵᠠᠬᠢᠷᠤᠯ ᠨᠢ ᠪᠦᠷᠢᠨᠰᠠᠶ᠋ᠢᠨ᠂ ᠭᠤᠷᠪᠠᠳᠠᠬᠢ ᠡᠭᠡᠯᠵᠢ ᠶ᠋ᠢᠨ ᠵᠠᠬᠢᠷᠤᠯ ᠨᠢ ᠬᠠᠷᠠᠨᠤᠳ ᠰᠠᠢᠨᠴᠣᠭᠲᠣ ᠭᠤᠸᠠᠢ ᠶᠤᠮ᠃2007 ᠣᠨ ᠤ᠋ ᠠᠵᠢᠯᠯᠠᠭ᠎ᠠ ᠳ᠋ᠤ᠌ ᠲᠣᠤᠺᠢᠣ᠋ ᠳ᠋ᠤ᠌ ᠪᠠᠢᠭ᠎ᠠ ᠪᠠ᠊· ᠪᠣᠯᠣᠳ᠂ ᠰᠠᠢᠨᠴᠣᠭᠲᠣ ᠭᠤᠸᠠᠢ ᠠ᠋ᠴᠠ ᠭᠠᠳᠠᠨ᠎ᠠ ᠥᠭᠡᠷ᠎ᠡ ᠬᠣᠲᠠ ᠳ᠋ᠤ᠌ ᠠᠵᠢᠯᠯᠠᠵᠤ ᠪᠠᠢᠭ᠎ᠠ ᠪᠦᠷᠢᠨᠰᠠᠶ᠋ᠢᠨ ᠭᠤᠸᠠᠢ ᠴᠤ ᠬᠦᠷᠦᠯᠴᠡᠨ ᠢᠷᠡᠵᠦ᠂ ᠰᠣᠶᠣᠯ ᠤ᠋ᠨ ᠰᠠᠩ ᠤ᠋ᠨ ᠠᠵᠢᠯᠯᠠᠭ᠎ᠠ ᠳ᠋ᠠᠭᠠᠨ ᠣᠷᠣᠯᠴᠠᠯ᠎ᠠ᠃ ᠪᠠ᠊· ᠪᠣᠯᠣᠳ ᠭᠤᠸᠠᠢ ᠶ᠋ᠢ ᠲᠠ ᠪᠦᠬᠦᠨ ᠰᠠᠢᠨ ᠮᠡᠳᠡᠬᠦ ᠪᠠᠢᠬ᠎ᠠ᠃ ᠲᠡᠷᠡ ᠪᠡᠷ ᠶᠠᠫᠣᠨ ᠳ᠋ᠤ᠌ ᠣᠴᠢᠭᠠᠳ ᠣᠯᠠᠨ ᠵᠢᠯ ᠪᠣᠯᠵᠤ ᠪᠠᠢᠭ᠎ᠠ ᠪᠥᠭᠡᠳ ᠮᠣᠩᠭᠣᠯ ᠪᠥᠬᠡ ᠶ᠋ᠢᠨ ᠲᠤᠬᠠᠢ ᠰᠤᠳᠤᠯᠭ᠎ᠠ ᠪᠠᠷ ᠢ᠋ᠶ᠋ᠠᠨ ᠳ᠋ᠣᠺᠲ᠋ᠣᠷ ᠤ᠋ᠨ ᠵᠡᠷᠭᠡ ᠬᠠᠮᠠᠭᠠᠯᠠᠵᠤ᠂ ᠡᠳᠦᠭᠡ ᠥᠪᠡᠷ ᠢ᠋ᠶ᠋ᠡᠨ ᠺᠣᠮᠫᠠᠨᠢ ᠪᠠᠢᠭᠤᠯᠤᠨ ᠠᠵᠢᠯᠯᠠᠭᠤᠯᠬᠤ ᠶ᠋ᠢᠨ ᠳᠠᠭᠠᠤ ᠮᠣᠩᠭᠣᠯ ᠪᠥᠬᠡ᠂ ᠮᠣᠩᠭᠣᠯ ᠰᠣᠶᠣᠯ ᠤ᠋ᠨ ᠲᠤᠬᠠᠢ ᠶᠠᠫᠣᠨ ᠤ᠋ ᠰᠤᠷᠭᠠᠭᠤᠯᠢ ᠨᠤᠭᠤᠳ ᠲᠤ ᠪᠠᠢᠩᠭᠤ ᠢᠯᠡᠳᠬᠡᠯ ᠬᠢᠳᠡᠭ ᠠᠵᠢ᠃ ᠮᠥᠨ ᠴᠦ᠍ ᠣᠯᠠᠨ ᠤᠳᠠᠭ᠎ᠠ ᠮᠣᠩᠭᠣᠯ ᠪᠥᠬᠡ ᠶ᠋ᠢᠨ ᠨᠠᠭᠠᠳᠤᠮ ᠵᠣᠬᠢᠶᠠᠨ ᠪᠠᠢᠭᠤᠯᠵᠤ᠂ ᠮᠣᠩᠭᠣᠯ ᠪᠥᠬᠡ ᠶ᠋ᠢᠨ ᠬᠠᠷᠢ ᠭᠦᠷᠦᠨ ᠳ᠋ᠡᠬᠢ ᠰᠤᠷᠲᠠᠯᠴᠢᠯᠠᠭ᠎ᠠ ᠶ᠋ᠢᠨ ᠠᠵᠢᠯ ᠳ᠋ᠤ᠌ ᠮᠠᠬᠠᠷᠠᠨ ᠵᠢᠳᠬᠦᠬᠦ ᠶ᠋ᠢᠨ ᠵᠡᠷᠭᠡᠴᠡᠭᠡ ᠲᠡᠨᠳᠡ ᠪᠠᠢᠭ᠎ᠠ ᠰᠦᠮᠦᠦ ᠶ᠋ᠢᠨ ᠠᠪᠤᠷᠭᠤᠴᠤᠳ ᠲᠠᠢ ᠳᠣᠲᠣᠨᠣ ᠨᠥᠬᠥᠷᠯᠡᠨ᠂ ᠪᠥᠬᠡ ᠶ᠋ᠢᠨ ᠦᠢᠯᠡᠰ ᠦ᠋ᠨ ᠲᠥᠯᠥᠭᠡ ᠰᠢᠭᠤᠳᠷᠠᠵᠤ ᠶᠠᠪᠤᠭ᠎ᠠ ᠶᠤᠮ ᠪᠠᠢᠨ᠎ᠠ᠃ ᠪᠦᠷᠢᠨᠰᠠᠶ᠋ᠢᠨ ᠭᠤᠸᠠᠢ ᠤᠤᠯ ᠨᠢ ᠥᠪᠥᠷ ᠮᠣᠩᠭᠣᠯ ᠤ᠋ᠨ ᠷᠠᠳᠢᠣ᠋ ᠬᠣᠷᠢᠶᠠᠨ ᠳ᠋ᠤ᠌ ᠠᠵᠢᠯᠯᠠᠵᠤ ᠪᠠᠢᠭᠠᠳ ᠰᠡᠭᠦᠯᠡᠷ ᠨᠢ ᠶᠠᠫᠣᠨ ᠳ᠋ᠤ᠌ ᠣᠴᠢᠵᠤ ᠰᠤᠷᠤᠯᠴᠠᠭᠰᠠᠨ ᠪᠠ ᠡᠳᠦᠭᠡ ᠲᠡᠨᠳᠡ ᠪᠡᠨ ᠪᠠᠭᠰᠢᠯᠠᠵᠤ ᠪᠣᠢ᠃
ᠬᠠᠷᠠᠨᠤᠳ ᠰᠠᠢᠨᠴᠣᠭᠲᠣ ᠭᠤᠸᠠᠢ ᠪᠣᠯ ᠴᠠᠬᠢᠯᠭᠠᠨ ᠬᠢᠮᠢ ᠶ᠋ᠢᠨ ᠤᠬᠠᠭᠠᠨ ᠤ᠋ ᠳ᠋ᠣᠺᠲ᠋ᠣᠷ᠃ ᠤᠭ ᠨᠢ ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠳ᠋ᠤ᠌ ᠠᠵᠢᠯᠯᠠᠵᠤ ᠪᠠᠢᠭᠰᠠᠨ ᠲᠡᠷᠡ ᠪᠡᠷ ᠶᠠᠫᠣᠨ ᠳ᠋ᠤ᠌ ᠣᠴᠢᠭᠠᠳ ᠬᠣᠷᠢᠭᠠᠳ ᠵᠢᠯ ᠪᠣᠯᠵᠤ ᠪᠠᠢᠭ᠎ᠠ ᠪᠠ ᠡᠳᠦᠭᠡ《ᠨᠤᠲᠤᠭ》᠂《ᠶᠡᠬᠡ ᠮᠣᠩᠭᠣᠯ》 ᠬᠡᠮᠡᠬᠦ ᠬᠣᠶᠠᠷ ᠵᠣᠭᠣᠭ ᠤ᠋ᠨ ᠭᠠᠵᠠᠷ ᠲᠠᠢ᠃ ᠶᠠᠫᠣᠨ ᠤ᠋ ᠨᠢᠭᠡᠨ ᠲᠣᠮᠣ ᠺᠣᠮᠫᠠᠨᠢ ᠳ᠋ᠤ᠌ ᠬᠡᠯᠲᠡᠰ ᠦ᠋ᠨ ᠡᠷᠬᠢᠯᠩᠴᠢ᠂ ᠰᠤᠳᠤᠯᠤᠭᠠᠴᠢ ᠪᠠᠷ ᠠᠵᠢᠯᠯᠠᠵᠤ ᠪᠠᠢᠬᠤ ᠳ᠋ᠠᠭᠠᠨ ᠶᠠᠫᠣᠨ ᠤ᠋ ᠪᠠ ᠣᠯᠠᠨ ᠤᠯᠤᠰ ᠤ᠋ᠨ ᠡᠭᠦᠳᠦᠯᠲᠡ ᠶ᠋ᠢᠨ ᠲᠤᠰᠬᠠᠢ ᠠᠰᠢᠭ ᠤ᠋ᠨ ᠡᠷᠬᠡ ᠶ᠋ᠢ ᠠᠷᠪᠠᠨ ᠬᠡᠳᠦ ᠤᠳᠠᠭ᠎ᠠ ᠬᠦᠷᠲᠡᠵᠦ ᠪᠠᠢᠭᠰᠠᠨ ᠨᠥᠯᠥᠭᠡ ᠶᠡᠬᠡᠲᠡᠢ ᠡᠷᠳᠡᠮᠲᠡᠨ ᠶᠦᠮ᠃
190cm ᠵᠠᠪᠳᠤᠭᠤ ᠥᠨᠳᠥᠷ ᠪᠦᠳᠦᠭᠦᠨ ᠪᠡᠶ᠎ᠡ ᠲᠡᠢ ᠪᠣᠯᠬᠣᠷ ᠨᠢ ᠲᠠᠨᠢᠯ ᠤ᠋ᠳ ᠨᠢ《ᠪᠦᠳᠦᠭᠦᠨ ᠴᠣᠭᠲᠤ》 ᠭᠡᠵᠡᠭᠡᠳᠡᠭ᠃ ᠳ᠋ᠣᠺᠲ᠋ᠣᠷ ᠤ᠋ᠨ ᠰᠤᠷᠤᠯᠭ᠎ᠠ ᠪᠠᠨ ᠲᠡᠭᠦᠰᠬᠡᠭᠰᠡᠨ ᠦ᠌ ᠪᠡᠨ ᠳᠠᠷᠠᠭᠠᠬᠠᠨ ᠨᠢᠭᠡ ᠲᠣᠮᠣ ᠺᠣᠮᠫᠠᠨᠢ ᠶ᠋ᠢᠨ ᠤᠷᠢᠯᠭ᠎ᠠ ᠪᠠᠷ ᠣᠯᠠᠨ ᠤᠯᠤᠰ ᠤ᠋ᠨ ᠬᠡᠪᠴᠢᠶᠡᠨ ᠳ᠋ᠦ᠍ ᠲᠠᠪᠢ ᠭᠠᠷᠤᠢ ᠵᠢᠯ ᠰᠤᠳᠤᠯᠤᠭᠠᠳ ᠦᠷ᠎ᠡ ᠳ᠋ᠦᠩ ᠦᠭᠡᠢ ᠪᠠᠢᠭᠰᠠᠨ ᠮᠡᠷᠭᠡᠵᠢᠯ ᠦ᠋ᠨ ᠠᠰᠠᠭᠤᠳᠠᠯ ᠢ᠋ ᠬᠡᠳᠦᠬᠡᠨ ᠰᠠᠷ᠎ᠠ ᠳ᠋ᠤ᠌ ᠰᠢᠢᠳᠪᠦᠷᠢᠯᠡᠭᠡᠳ ᠲᠤᠰ ᠺᠣᠮᠫᠠᠨᠢ ᠶ᠋ᠢᠨ ᠬᠢᠨ ᠳ᠋ᠦ᠍ ᠲᠣᠭᠣᠭᠳᠠᠵᠤ ᠤᠷᠢᠯᠭ᠎ᠠ ᠬᠦᠯᠢᠶᠡᠨ ᠠᠵᠢᠯᠯᠠᠭᠰᠠᠨ ᠠᠵᠢ᠃ ᠲᠡᠷᠡ ᠪᠡᠷ ᠠᠷᠢᠭᠤᠬᠠᠠᠬᠠᠴᠢ᠂ ᠰᠢᠯᠭᠠᠬᠤ ᠪᠠᠭᠠᠵᠢ᠂ ᠬᠤᠪᠴᠠᠰᠤᠨ ᠤ᠋ ᠮᠡᠷᠭᠡᠵᠢᠯ᠁ ᠵᠡᠷᠭᠡ ᠮᠠᠰᠢ ᠣᠯᠠᠨ ᠲᠠᠯ᠎ᠠ ᠪᠠᠷ ᠣᠯᠠᠨ ᠤᠯᠤᠰ ᠤ᠋ᠨ ᠬᠡᠮᠵᠢᠶᠡᠨ ᠳ᠋ᠦ᠍ ᠮᠡᠳᠡᠷᠡᠭᠳᠡᠭᠰᠡᠨ ᠡᠭᠦᠳᠦᠯᠲᠡ ᠲᠡᠢ᠃ ᠳᠡᠭᠦᠦ ᠰᠦᠬᠡ ᠨᠢ ᠴᠦ᠍ ᠡᠳᠦᠭᠡ ᠠᠮᠧᠷᠢᠺᠠ ᠤᠯᠤᠰ ᠲᠤ ᠴᠥᠮ᠎ᠡ ᠶ᠋ᠢᠨ ᠹᠢᠽᠢᠺ ᠦ᠋ᠨ ᠮᠡᠷᠭᠡᠵᠢᠯ ᠢ᠋ᠶ᠋ᠡᠷ ᠠᠵᠢᠯᠯᠠᠵᠤ ᠪᠣᠢ ᠲᠣᠮᠣᠬᠠᠨ ᠡᠷᠳᠡᠮᠲᠡᠨ ᠠᠵᠢ᠃ ᠪᠠᠢᠭᠠᠯᠢ ᠶ᠋ᠢᠨ ᠰᠢᠨᠵᠢᠯᠡᠬᠦ ᠤᠬᠠᠭᠠᠨᠲᠠᠨ ᠠᠲᠠᠯ᠎ᠠ ᠪᠠᠨ ᠠᠯᠢᠶ᠎ᠠ ᠱᠣᠭ ᠲᠠᠢ᠂ ᠰᠡᠳᠬᠢᠯ ᠬᠥᠳᠡᠯᠦᠮᠡᠲᠡᠭᠡᠢ ᠰᠠᠢᠨᠴᠣᠭᠲᠣ ᠭᠤᠸᠠᠢ ᠬᠡᠳᠦᠢᠪᠡᠷ ᠲᠠᠪᠢ ᠭᠠᠷᠴᠤ ᠪᠠᠢᠭ᠎ᠠ ᠪᠣᠯᠪᠠᠴᠤ ᠳᠥᠴᠢ ᠳᠥᠭᠥᠵᠦ ᠪᠠᠢᠭ᠎ᠠ ᠰᠢᠭ᠋ ᠵᠠᠯᠠᠭᠤ ᠬᠠᠷᠠᠭᠳᠠᠳᠠᠭ ᠬᠥᠮᠦᠨ ᠶᠦᠮ᠃ ᠡᠨᠡ ᠬᠥᠮᠦᠨ ᠦ᠌ ᠲᠤᠬᠠᠢ ᠠᠯᠳᠠᠷᠲᠤ ᠵᠣᠬᠢᠶᠠᠯᠴᠢ ᠯᠢᠭᠳᠡᠨ ᠭᠤᠸᠠᠢ ᠶ᠋ᠢᠨ《ᠯᠢᠭᠳᠡᠨ ᠦ᠌ ᠤᠷᠠᠨ ᠲᠡᠮᠳᠡᠭᠯᠡᠯ ᠦ᠋ᠳ》 ᠭᠡᠰᠡᠨ ᠨᠣᠮ ᠠ᠋ᠴᠠ ᠯᠠᠪᠯᠠᠵᠤ ᠪᠣᠯᠤᠨ᠎ᠠ
ᠳᠥᠷᠪᠡ᠂ ᠲᠡᠭᠦᠰᠬᠡᠯ ᠬᠡᠰᠡᠭ
ᠶᠠᠫᠣᠨ ᠳ᠋ᠤ᠌ ᠪᠠᠢᠭ᠎ᠠ ᠬᠡᠳᠦᠨ ᠬᠣᠨᠣᠭ ᠲᠤ ᠴᠣᠬᠣᠮ ᠯᠠ ᠮᠣᠷᠢᠨ ᠳᠣᠪᠲᠣᠯᠭ᠎ᠠ ᠪᠠᠷ ᠶᠠᠭᠠᠷᠠᠭᠰᠠᠨ ᠪᠣᠯᠬᠣᠷ ᠲᠤᠬᠠᠲᠠᠢ ᠲᠣᠭᠣᠷᠢᠬᠤ ᠴᠢᠯᠥᠭᠡ ᠴᠦ᠍ ᠣᠯᠤᠭᠰᠠᠨ ᠦᠭᠡᠢ᠃ ᠲᠡᠨᠳᠡᠬᠢ ᠶ᠋ᠢᠨ ᠪᠠᠷᠠᠭ᠎ᠠ ᠲᠠᠸᠠᠷ ᠴᠤ᠌ ᠳᠡᠩᠳᠡᠭᠦᠦ ᠦᠨ᠎ᠡ ᠲᠡᠢ ᠪᠣᠯᠬᠣᠷ ᠶᠠᠭᠤᠮ᠎ᠠ ᠠᠪᠤᠭᠠᠳ ᠪᠠᠢᠬᠤ ᠴᠢᠳᠠᠯ ᠴᠤ᠂ ᠪᠠᠢᠭᠰᠠᠨ ᠦᠭᠡᠢ᠃ ᠭᠠᠭᠴᠠ ᠠᠶᠠᠭ᠎ᠠ ᠭᠤᠯᠢᠷ ᠪᠤᠳᠠᠭ᠎ᠠ ᠭᠡᠬᠦ ᠳ᠋ᠦ᠍ ᠯᠡ ᠠᠷᠠᠳ ᠤ᠋ᠨ ᠮᠥᠩᠭᠥ ᠪᠡᠷ ᠲᠠᠪᠢᠭᠠᠳ ᠲᠥᠭᠥᠷᠢᠭ᠂ ᠲᠠᠺᠰᠢ ᠨᠢ ᠡᠬᠢᠯᠡᠩᠭᠦᠲᠡ ᠪᠡᠨ ᠲᠠᠪᠢᠨ ᠲᠥᠭᠥᠷᠢᠭ ᠭᠡᠳ ᠪᠣᠳᠣᠭᠠᠴᠢ᠃ ᠬᠠᠷᠢᠨ ᠡᠯᠧᠺᠲ᠋ᠷᠣᠨ ᠤ᠋ ᠵᠦᠢᠯ ᠬᠠᠷᠢᠴᠠᠩᠭᠤᠢ ᠬᠢᠮᠳᠠ ᠮᠥᠷᠲᠡᠭᠡᠨ ᠴᠢᠨᠠᠷ ᠨᠢ ᠪᠠᠲᠤᠯᠠᠭ᠎ᠠ ᠲᠠᠢ ᠪᠣᠯᠬᠣᠷ ᠲᠣᠤᠺᠢᠣ᠋ ᠶ᠋ᠢᠨ ᠢᠺᠠᠢᠪᠤᠺᠦᠷᠣ᠋ ᠭᠡᠳᠡᠭ ᠭᠠᠵᠠᠷ ᠬᠠᠭᠠᠰ ᠡᠳᠦᠷ ᠡᠷᠭᠢᠴᠡᠨ ᠪᠠᠢᠵᠤ᠂ ᠲᠣᠭᠠᠵᠢᠭᠤᠯᠤᠭᠰᠠᠨ ᠵᠢᠷᠤᠭ ᠤ᠋ᠨ ᠮᠠᠰᠢᠨ ᠠᠪᠴᠠᠭᠠᠯᠠ᠃ ᠬᠠᠭᠤᠴᠢᠨ ᠺᠣᠮᠫᠢᠦ᠋ᠲ᠋ᠧᠷ ᠪᠣᠷᠣᠯᠠᠭᠤᠯᠵᠤ ᠪᠠᠢᠭ᠎ᠠ ᠳᠡᠯᠭᠡᠭᠦᠷ ᠲᠦ᠍ ᠣᠷᠣᠵᠤ ᠪᠠᠭ᠎ᠠ ᠰᠠᠭ᠎ᠠ ᠦᠵᠡᠭᠰᠡᠨ ᠪᠣᠯᠪᠠᠴᠤ ᠡᠭᠦᠷᠭᠡ ᠲᠡᠭᠦᠷᠭᠡ ᠬᠦᠨᠳᠦ ᠪᠣᠯᠬᠤ ᠠ᠋ᠴᠠ ᠪᠣᠯᠭᠣᠮᠵᠢᠯᠠᠭᠠᠳ ᠠᠪᠴᠤ ᠴᠢᠳᠠᠭ᠎ᠠ ᠦᠭᠡᠢ᠃ ᠲᠣᠤᠺᠢᠣ᠋ ᠶ᠋ᠢᠨ ᠬᠠᠮᠢᠭ᠎ᠠ ᠨᠢ ᠣᠴᠢᠭᠰᠠᠨ ᠴᠤ᠌ ᠦᠢᠯᠡᠴᠢᠯᠡᠭᠴᠢᠳ ᠨᠢ ᠣᠪᠣᠷ ᠰᠠᠢᠲᠠᠢ᠂ ᠳᠠᠷᠤᠤ ᠡᠶᠡᠯᠳᠡᠭ ᠪᠣᠯᠬᠣᠷ ᠰᠡᠳᠬᠢᠯ ᠳ᠋ᠦ᠍ ᠲᠠᠭᠠᠲᠠᠢ ᠪᠠᠢᠭᠰᠠᠨ ᠢ᠋ ᠬᠡᠯᠡᠭᠡᠳ ᠶᠠᠭᠠᠬᠢᠬᠤ ᠪᠣᠢ! ᠪᠣᠷᠣᠭᠠᠨ ᠲᠠᠢ ᠦᠶ᠎ᠡ ᠳ᠋ᠦ᠍ ᠬᠡᠨ ᠴᠦ᠍ ᠬᠡᠳᠦᠢ ᠳ᠋ᠦ᠍ ᠴᠦ᠍ ᠬᠡᠷᠡᠭᠯᠡᠵᠦ ᠪᠣᠯᠬᠤ ᠰᠢᠬᠦᠷ ᠳᠡᠯᠭᠡᠭᠦᠷ ᠪᠣᠯᠭᠠᠨ ᠳ᠋ᠤ᠌ ᠡᠯᠭᠦᠭᠡ ᠲᠡᠢ᠂ ᠲᠡᠭᠦᠨ ᠢ᠋ ᠭᠡᠷ ᠲᠡᠭᠡᠨ ᠠᠪᠤᠭᠠᠳ ᠬᠠᠷᠢᠬᠤ ᠬᠥᠮᠦᠨ ᠭᠡᠵᠦ ᠦᠭᠡᠢ᠃ ᠥᠭᠡᠷ᠎ᠡ ᠳᠡᠯᠭᠡᠭᠦᠷ ᠲᠦ᠍ ᠣᠷᠣᠬᠤ ᠳ᠋ᠠᠭᠠᠨ ᠲᠤᠰᠬᠠᠢ ᠪᠡᠯᠡᠳᠬᠡᠭᠰᠡᠨ ᠡᠯᠭᠦᠭᠦᠷ ᠲᠤᠨᠢ ᠡᠯᠭᠦᠴᠢᠬᠡᠳᠡᠭ ᠶᠦᠮ ᠪᠠᠢᠨ᠎ᠠ᠃ ᠡᠢᠮᠦᠷᠬᠦᠦ ᠵᠢᠵᠢᠭ ᠰᠠᠵᠢᠭ ᠵᠦᠢᠯ ᠢ᠋ ᠲᠣᠭᠠᠴᠠᠭᠠᠳ ᠪᠠᠷᠠᠬᠤ ᠦᠭᠡᠢ᠃ ᠬᠥᠭᠵᠢᠯ ᠭᠡᠳᠡᠭ ᠦ᠋ᠨ ᠵᠢᠩᠬᠢᠨᠢ ᠤᠴᠢᠷ ᠤᠳᠬ᠎ᠠ ᠲᠡᠢᠮᠦᠷᠬᠦᠦ ᠬᠥᠮᠦᠯᠢᠭ ᠬᠠᠯᠠᠮᠵᠢᠯᠠᠯ᠂ ᠪᠠᠲᠤ ᠢᠲᠡᠭᠡᠯ᠂ ᠳᠡᠭᠡᠳᠦ ᠲᠧᠭᠨᠢᠭ᠂ ᠰᠣᠶᠣᠯᠴᠢ ᠵᠠᠩ ᠯᠤᠭ᠎ᠠ ᠯᠠ ᠬᠣᠯᠪᠣᠭ᠎ᠠ ᠲᠠᠢ ᠪᠠᠢᠳᠠᠭ ᠠᠵᠢ᠃
ᠶᠠᠫᠣᠨ ᠤ᠋ ᠡᠷᠡᠭᠲᠡᠢᠴᠦᠳ ᠦ᠋ᠨ ᠠᠵᠢᠯ ᠮᠠᠰᠢ ᠶᠠᠭᠠᠷᠠᠤ ᠪᠠᠢᠳᠠᠭ ᠪᠣᠯᠤᠯᠲᠠᠢ᠃ ᠵᠣᠭᠣᠭ ᠤ᠋ᠨ ᠭᠠᠵᠠᠷ ᠠᠷᠢᠬᠢᠳᠠᠵᠤ ᠨᠠᠷᠭᠢᠵᠤ ᠰᠠᠭᠤᠭ᠎ᠠ ᠡᠷᠡᠭᠲᠡᠢᠴᠦᠳ ᠵᠥᠩᠳᠡᠭᠡᠨ ᠪᠠᠢᠳᠠᠭ ᠨᠢ ᠲᠡᠨᠳᠡ ᠪᠣᠯ ᠰᠣᠨᠢᠨ ᠪᠢᠰᠢ᠃ ᠬᠠᠷᠢᠨ ᠠᠵᠢᠯ ᠤ᠋ᠨ ᠳᠠᠷᠤᠮᠲᠠ ᠠ᠋ᠴᠠ ᠪᠠᠨ ᠪᠣᠯᠵᠤ ᠭᠡᠷ ᠪᠦᠯᠢ ᠡᠴᠡ ᠪᠡᠨ ᠬᠥᠨᠳᠡᠢᠷᠡᠵᠦ ᠶᠠᠪᠤᠭ᠎ᠠ ᠶᠠᠫᠣᠨ ᠡᠷᠡᠭᠲᠡᠢ ᠵᠥᠩᠳᠡᠭᠡᠨ ᠪᠠᠢᠳᠠᠭ ᠭᠡᠵᠦ ᠳᠤᠭᠤᠯᠤᠯ᠎ᠠ᠃ ᠨᠡᠢᠲᠡ ᠶ᠋ᠢᠨ ᠮᠠᠰᠢᠨ ᠳᠡᠭᠡᠷ᠎ᠡ ᠥᠪᠴᠢ ᠧᠦ᠋ᠷᠣᠫᠠ ᠬᠤᠪᠴᠠᠰᠤ ᠲᠠᠢ ᠴᠡᠪᠡᠷᠬᠡᠨ ᠵᠠᠯᠠᠭᠤᠴᠤᠳ ᠨᠣᠮ ᠰᠡᠳᠬᠦᠯ ᠤᠩᠰᠢᠵᠤ᠂ ᠡᠯᠧᠺᠲ᠋ᠷᠣᠨ ᠲᠣᠭᠯᠠᠭᠠᠮ ᠲᠣᠭᠯᠠᠵᠤ᠂ ᠭᠠᠷ ᠤᠲᠠᠰᠤ ᠪᠠᠷ ᠢ᠋ᠶ᠋ᠠᠨ ᠰᠦᠯᠵᠢᠶ᠎ᠡ ᠤᠩᠰᠢᠵᠤ᠂ ᠡᠰᠡᠬᠦᠯ᠎ᠡ ᠤᠨᠲᠠᠵᠤ ᠦᠷᠭᠡᠯᠡᠵᠦ ᠶᠠᠪᠤᠭ᠎ᠠ ᠨᠢ ᠪᠠᠢᠩᠭᠤ ᠬᠠᠷᠠᠭᠳᠠᠨ᠎ᠠ᠃ ᠬᠣᠭᠣᠷᠣᠨᠳᠣ ᠪᠠᠨ ᠶᠠᠷᠢᠬᠤ ᠨᠢ ᠪᠣᠢ ᠪᠣᠯᠪᠠᠴᠤ ᠰᠢᠪᠡᠨᠡᠬᠦ ᠶ᠋ᠢᠨ ᠨᠠᠭᠠᠭᠤᠷ ᠪᠤᠰᠤᠳ ᠲᠤ ᠳᠤᠭᠤᠯᠳᠠᠬᠤ ᠪᠠᠷ ᠦᠭᠡᠢ ᠨᠠᠮ ᠶᠠᠷᠢᠯᠴᠠᠨ᠎ᠠ᠃ ᠭᠠᠷ ᠤᠲᠠᠰᠤ ᠪᠠᠨ ᠪᠠᠷᠢᠭᠠᠳ ᠨᠥᠭᠥᠭᠡᠳᠡᠬᠢ ᠤᠷᠤᠭᠤ ᠪᠠᠨ ᠬᠠᠰᠬᠢᠴᠢᠭᠠᠳ ᠬᠠᠷᠢᠶᠠᠯ ᠤᠷᠤᠰᠬᠠᠭᠠᠳ ᠪᠠᠢᠳᠠᠭ ᠵᠠᠩᠰᠢᠯ ᠶᠡᠷᠦ ᠬᠠᠷᠠᠭᠳᠠᠬᠤ ᠦᠭᠡᠢ᠃ ᠶᠠᠫᠣᠨ ᠳ᠋ᠤ᠌ ᠪᠠᠭ᠎ᠠ ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠴᠠᠬᠢᠯᠭᠠᠨ ᠲᠡᠷᠭᠡᠨ ᠳ᠋ᠦ᠍ ᠰᠠᠭᠤᠵᠤ ᠪᠣᠯᠬᠤ ᠦᠭᠡᠢ ᠭᠡᠰᠡᠨ ᠲᠣᠭᠲᠠᠭᠠᠯ ᠲᠠᠢ ᠪᠣᠯᠬᠣᠷ ᠬᠥᠮᠦᠨ ᠲᠡᠢ ᠬᠥᠮᠦᠨ ᠦᠭᠡᠢ ᠶᠠᠮᠠᠷᠪᠠ ᠦᠶ᠎ᠡ ᠳ᠋ᠦ᠍ ᠬᠡᠦᠬᠡᠳ ᠦ᠋ᠳ ᠰᠠᠭᠤᠳᠠᠯ ᠡᠵᠡᠯᠡᠨ ᠲᠤᠭᠲᠠᠢ ᠰᠠᠭᠤᠨ᠎ᠠ ᠭᠡᠰᠡᠨ ᠶᠠᠪᠤᠳᠠᠯ ᠦᠭᠡᠢ ᠶᠦᠮ ᠪᠠᠢᠨ᠎ᠠ᠃ ᠶᠠᠫᠣᠨ ᠪᠦᠰᠡᠭᠦᠢᠴᠦᠳ ᠭᠡᠷ ᠪᠦᠯᠢ ᠶ᠋ᠢᠨ ᠠᠵᠢᠯ ᠢ᠋ᠶ᠋ᠠᠨ ᠭᠣᠣᠯᠳᠠᠭᠤ ᠬᠠᠮᠢᠶᠠᠷᠴᠤ ᠪᠠᠢᠳᠠᠭ ᠨᠢ ᠠᠩᠵᠠᠭᠠᠷᠠᠭᠳᠠᠵᠤ ᠪᠠᠢᠨ᠎ᠠ᠃ ᠰᠡᠭᠦᠯ ᠦ᠋ᠨ ᠦᠶ᠎ᠡ ᠳ᠋ᠦ᠍ ᠡᠮᠡᠭᠲᠡᠢᠴᠦᠳ ᠴᠦ᠍ ᠠᠵᠢᠯ ᠦᠢᠯᠡᠰ ᠲᠡᠢ ᠪᠠᠢᠬᠤ ᠶᠣᠰᠣᠲᠠᠢ ᠭᠡᠰᠡᠨ ᠣᠢᠯᠠᠭᠠᠯᠲᠠ ᠨᠡᠯᠢᠶᠡᠳ ᠭᠠᠵᠠᠷ ᠠᠪᠴᠤ᠂ ᠴᠥᠭᠡᠨ ᠪᠤᠰᠤ ᠡᠮᠡᠭᠲᠡᠢᠴᠦᠳ ᠭᠡᠷ ᠪᠦᠯᠢ ᠶ᠋ᠢᠨ ᠡᠵᠡᠭᠲᠡᠢ ᠪᠣᠯᠤᠯ ᠦᠭᠡᠢ ᠠᠵᠢᠯ ᠦᠢᠯᠡᠰ ᠬᠥᠭᠡᠭᠡᠴᠡᠯᠳᠦᠵᠦ ᠪᠠᠢᠭ᠎ᠠ ᠶᠤᠮ ᠭᠡᠨ᠎ᠡ᠃ ᠡᠷᠡᠭᠲᠡᠢ ᠡᠮᠡᠭᠲᠡᠢ ᠠᠳᠠᠯᠢᠬᠠᠨ ᠬᠥᠮᠦᠨ ᠪᠣᠯᠬᠣᠷ ᠠᠵᠢᠯ ᠦᠢᠯᠡᠰ ᠦ᠋ᠨ ᠬᠥᠭᠡᠭᠡᠴᠡᠯᠳᠦᠯᠭᠡ ᠲᠡᠢ ᠪᠠᠢᠬᠤ ᠲᠡᠭᠰᠢ ᠡᠷᠬᠡ ᠲᠡᠢ ᠭᠡᠳᠡᠭ ᠢ᠋ ᠪᠢ ᠵᠥᠪᠰᠢᠶᠡᠷᠡᠨ᠎ᠡ᠃ ᠭᠡᠪᠡᠴᠦ ᠵᠠᠷᠢᠮ ᠪᠠᠢᠳᠠᠯ ᠢ᠋ ᠪᠢᠳᠡ ᠪᠠᠰᠠ ᠴᠠᠭᠠᠰᠢ ᠨᠢ ᠲᠤᠩᠭᠠᠬᠤ ᠶᠣᠰᠣᠲᠠᠢ ᠪᠣᠯᠪᠠ ᠤᠤ ᠭᠡᠵᠦ ᠪᠣᠳᠣᠳᠠᠭ ᠪᠣᠯᠬᠣᠷ ᠡᠮᠡᠭᠲᠡᠢᠴᠦᠳ ᠭᠡᠷ ᠪᠦᠯᠢ ᠪᠡᠨ ᠬᠠᠷᠠᠭᠠᠯᠵᠠᠬᠤ ᠶ᠋ᠢᠨ ᠠᠴᠢ ᠬᠣᠯᠪᠣᠭᠳᠠᠯ ᠢ᠋ ᠵᠠᠪᠠᠯ ᠤᠪᠠᠢᠯᠠᠬᠤ ᠬᠡᠷᠡᠭᠲᠡᠢ᠃ ᠵᠢᠱ᠌ᠢᠶᠡᠯᠡᠪᠡᠯ᠂ ᠨᠢᠭᠡ ᠭᠡᠷ ᠪᠦᠯᠢ ᠶ᠋ᠢᠨ ᠡᠪ ᠨᠠᠢᠷᠠᠮ᠂ ᠰᠠᠢᠨ ᠰᠠᠢᠬᠠᠨ ᠭᠡᠷ ᠦ᠋ᠨ ᠡᠵᠡᠭᠲᠡᠢ ᠡᠴᠡ ᠢᠯᠡᠭᠦᠦ ᠬᠠᠮᠢᠶᠠᠷᠤᠨ᠎ᠠ᠃ ᠬᠠᠯᠠᠭᠤᠨ ᠳᠤᠯᠠᠭᠠᠨ ᠭᠡᠷ ᠪᠦᠯᠢ ᠶ᠋ᠢᠨ ᠣᠷᠴᠢᠨ ᠲᠠᠢ ᠪᠠᠢᠬᠤ ᠳ᠋ᠤ᠌ ᠯᠠ ᠲᠡᠷᠡ ᠠᠢᠯ ᠭᠡᠷ ᠲᠠᠩᠰᠤᠭ ᠰᠠᠢᠬᠠᠨ᠂ ᠢᠨᠢᠶᠡᠳᠦ ᠬᠠᠯᠭᠢᠭᠰᠠᠨ᠂ ᠴᠡᠪᠡᠷ ᠲᠣᠬᠢᠯᠢᠭ ᠪᠠᠢᠵᠤ ᠴᠢᠳᠠᠬᠤ ᠶ᠋ᠢᠨ ᠤᠯᠠᠮ ᠠ᠋ᠴᠠ ᠭᠡᠷ ᠪᠦᠯᠢ ᠡᠴᠡ ᠪᠡᠨ ᠬᠥᠨᠳᠡᠢᠷᠡᠵᠦ ᠰᠡᠳᠬᠢᠯ ᠨᠢ ᠬᠦᠷᠦᠬᠦ ᠡᠷ᠎ᠡ ᠬᠥᠮᠦᠨ ᠴᠦ᠍ ᠴᠥᠭᠡᠨ ᠪᠣᠯᠤᠨ᠎ᠠ᠃ ᠬᠠᠮᠤᠭ ᠤ᠋ᠨ ᠴᠢᠬᠤᠯᠠ ᠨᠢ ᠭᠡᠷ ᠪᠦᠯᠢ ᠪᠡᠨ ᠤᠬᠠᠭᠠᠯᠢᠭ ᠡᠵᠡᠩᠨᠡᠭᠰᠡᠨ ᠪᠦᠰᠡᠭᠦᠢᠴᠦᠳ ᠨᠢᠭᠡ ᠠᠢᠯ ᠭᠡᠷ ᠦ᠋ᠨ᠂ ᠨᠢᠭᠡ ᠦᠨᠳᠦᠰᠦᠲᠡᠨ ᠤᠭᠰᠠᠭᠠᠲᠠᠨ ᠤ᠋ ᠬᠣᠢᠴᠢ ᠶ᠋ᠢ ᠥᠰᠬᠡᠵᠦ ᠬᠥᠮᠦᠵᠢᠭᠦᠯᠬᠦ ᠠᠭᠤᠤ ᠶᠡᠬᠡ ᠬᠠᠷᠢᠭᠤᠴᠠᠯᠭ᠎ᠠ ᠶ᠋ᠢ ᠡᠭᠦᠷᠭᠡᠯᠡᠵᠦ ᠪᠠᠢᠭ᠎ᠠ ᠤᠴᠢᠷ ᠶᠤᠮ᠃ ᠬᠡᠷᠪᠡ ᠨᠥᠬᠥᠷ ᠭᠡᠷᠭᠡᠢ ᠬᠣᠶᠠᠭᠤᠯᠠ ᠪᠠᠨ ᠠᠵᠢᠯ ᠠᠯᠪᠠᠨ ᠳ᠋ᠤ᠌ ᠬᠣᠪᠢᠨ ᠤ᠋ ᠴᠠᠭ ᠢ᠋ᠶ᠋ᠠᠨ ᠪᠦᠭᠦᠳᠡ ᠶ᠋ᠢ ᠥᠷᠭᠡᠨ ᠶᠠᠭᠠᠷᠠᠬᠤ ᠳ᠋ᠤ᠌ ᠬᠦᠷᠪᠡᠯ ᠬᠡᠳᠦᠢᠪᠡᠷ ᠡᠨᠡ ᠴᠠᠭ ᠦᠶ᠎ᠡ ᠶ᠋ᠢᠨ ᠬᠥᠭᠵᠢᠯ ᠳ᠋ᠦ᠍ ᠬᠡᠷᠡᠭ ᠲᠡᠢ᠂ ᠥᠪᠡᠷᠰᠡᠳ ᠦ᠋ᠨ ᠬᠦᠰᠡᠯ ᠢ᠋ᠶ᠋ᠡᠨ ᠪᠡᠶᠡᠯᠡᠭᠦᠯᠬᠦ ᠳ᠋ᠦ᠍ ᠲᠤᠰᠠᠲᠠᠢ ᠪᠣᠯᠪᠠᠴᠤ ᠡᠭᠦᠨ ᠦ᠌ ᠤᠯᠠᠮ ᠢ᠋ᠶ᠋ᠠᠷ ᠭᠡᠷ ᠪᠦᠯᠢ ᠨᠢ ᠬᠠᠶᠠᠭᠳᠠᠵᠤ᠂ ᠬᠡᠦᠬᠡᠳ ᠠᠪᠬᠤ ᠪᠣᠯᠤᠮᠵᠢ ᠦᠭᠡᠢ ᠪᠤᠶᠤ ᠬᠡᠦᠬᠡᠳ ᠲᠡᠢ ᠪᠠᠢᠯ᠎ᠠ ᠴᠤ ᠬᠠᠷᠠᠭᠠᠯᠵᠠᠵᠤ ᠬᠠᠢᠷ᠎ᠠ ᠰᠤᠷᠭᠠᠯ ᠢ᠋ᠶ᠋ᠠᠨ ᠵᠣᠷᠢᠭᠤᠯᠵᠤ ᠠᠮᠵᠢᠬᠤ ᠦᠭᠡᠢ ᠡᠴᠡ ᠪᠣᠯᠵᠤ ᠪᠢᠳᠡᠨ ᠦ᠌ ᠳᠠᠷᠠᠭ᠎ᠠ ᠦᠶ᠎ᠡ ᠮᠠᠨᠢ ᠭᠡᠷ ᠦ᠋ᠨ ᠬᠥᠮᠦᠵᠢᠯ ᠦᠭᠡᠢ᠂ ᠠᠢᠯ ᠭᠡᠷ ᠦ᠋ᠨ ᠳᠤᠯᠠᠭᠠᠨ ᠵᠢᠷᠭᠠᠯ ᠥᠬᠡᠢ ᠣᠷᠴᠢᠨ ᠳ᠋ᠤ᠌ ᠥᠰᠬᠦ ᠪᠣᠯᠤᠨ᠎ᠠ᠃ ᠡᠨᠡ ᠴᠠᠭ ᠦᠶ᠎ᠡ ᠶ᠋ᠢᠨ ᠰᠤᠷᠭᠠᠨ ᠬᠥᠮᠦᠵᠢᠯ ᠬᠥᠭᠵᠢᠭᠰᠡᠨ ᠭᠡᠳᠡᠭ ᠪᠣᠯᠪᠠᠴᠤ ᠡᠬᠡ ᠶ᠋ᠢᠨ ᠬᠠᠢᠷ᠎ᠠ ᠰᠤᠷᠭᠠᠯ᠂ ᠭᠡᠷ ᠪᠦᠯᠢ ᠶ᠋ᠢᠨ ᠬᠠᠯᠠᠭᠤᠨ ᠳᠤᠯᠠᠭᠠᠨ ᠣᠷᠴᠢᠨ ᠲᠣᠭᠣᠷᠢᠨ ᠢ᠋ ᠶᠠᠭᠤ ᠴᠤ ᠣᠷᠣᠯᠠᠵᠤ ᠴᠢᠳᠠᠬᠤ ᠦᠭᠡᠢ ᠶᠦᠮ᠃ ᠡᠨᠡ ᠴᠠᠭ ᠦᠶ᠎ᠡ ᠶ᠋ᠢᠨ ᠠᠪᠤ ᠨᠠᠷ ᠠᠵᠢᠯ ᠠᠯᠪᠠ ᠭᠡᠳ ᠴᠠᠭ ᠦᠶ᠎ᠡ ᠶ᠋ᠢᠨ ᠬᠠᠷᠢᠭᠤᠴᠠᠯᠭ᠎ᠠ ᠪᠠᠨ ᠭᠦᠢᠴᠡᠳᠬᠡᠨ ᠶᠠᠭᠠᠷᠠᠵᠤ ᠪᠠᠢᠬᠤ ᠳ᠋ᠤ᠌᠂ ᠨᠢᠭᠡ ᠦᠨᠳᠦᠰᠦᠲᠡᠨ ᠦ᠌ ᠮᠠᠷᠭᠠᠰᠢ ᠶ᠋ᠢᠨ ᠠᠯᠢᠪᠠ ᠶ᠋ᠢ ᠠᠪᠤ ᠠ᠋ᠴᠠ ᠪᠠᠨ ᠳᠠᠪᠠᠭᠤᠯᠤᠨ ᠭᠦᠢᠴᠡᠳᠬᠡᠬᠦ ᠶᠣᠰᠣᠲᠠᠢ ᠬᠡᠦᠬᠡᠳ ᠦ᠋ᠳ ᠢ᠋ ᠡᠵᠢ ᠨᠠᠷ ᠨᠢ ᠥᠰᠬᠡᠵᠦ᠂ ᠰᠤᠷᠭᠠᠵᠤ ᠪᠠᠢᠬᠤ ᠨᠢ ᠠᠷᠢᠭᠤᠨ ᠳᠠᠷᠬᠠᠨ ᠠᠵᠢᠯ ᠦᠢᠯᠡᠰ ᠪᠢᠯᠡ᠃ ᠨᠢᠭᠡ ᠦᠨᠳᠦᠰᠦᠲᠡᠨ ᠦ᠌ ᠬᠣᠢᠴᠢ ᠮᠠᠷᠭᠠᠰᠢ ᠶ᠋ᠢ ᠲᠥᠷᠥᠵᠦ᠂ ᠥᠰᠬᠡᠵᠦ ᠬᠥᠮᠦᠵᠢᠭᠦᠯᠬᠦ ᠰᠢᠭ ᠠᠭᠤᠤ ᠶᠡᠬᠡ ᠦᠢᠯᠡᠰ ᠥᠭᠡᠷ᠎ᠡ ᠪᠠᠢᠭ᠎ᠠ ᠶᠤᠮ ᠭᠡᠵᠦ ᠤᠤ? ᠡᠢᠮᠦ ᠠᠭᠤᠤ ᠶᠡᠬᠡ ᠬᠠᠷᠢᠭᠤᠴᠠᠯᠭ᠎ᠠ ᠶ᠋ᠢ ᠡᠷᠡᠭᠲᠡᠢᠴᠦᠳ ᠡᠭᠦᠷᠭᠡᠯᠡᠵᠦ ᠴᠢᠳᠠᠬᠤ ᠶᠤᠮ ᠭᠡᠵᠦ ᠤᠤ? ᠮᠣᠩᠭᠣᠯ ᠠᠢᠯ ᠭᠡᠷ ᠦ᠋ᠨ ᠲᠢᠭ ᠶᠣᠰᠣ᠂ ᠦᠨᠳᠦᠰᠦᠲᠡᠨ ᠦ᠌ ᠵᠠᠩ ᠦᠢᠯᠡ ᠰᠣᠶᠣᠯ ᠤ᠋ᠨ ᠤᠯᠠᠮᠵᠢᠯᠠᠯ ᠲᠡᠷᠡ ᠪᠦᠬᠦᠨ ᠮᠣᠩᠭᠣᠯ ᠡᠬᠡᠴᠦᠳ ᠦ᠋ᠨ ᠰᠤᠷᠭᠠᠯ ᠢ᠋ᠶ᠋ᠠᠷ ᠦᠶ᠎ᠡ ᠳᠠᠮᠵᠢᠨ ᠤᠯᠠᠮᠵᠢᠯᠠᠭᠳᠠᠭᠰᠠᠭᠠᠷ ᠢᠷᠡᠭᠰᠡᠨ ᠰᠢᠦ ᠳᠡ! ᠲᠡᠢᠮᠦ ᠡᠴᠡ ᠯᠡ ᠠᠯᠤᠨ ᠭᠤᠸ᠎ᠠ ᠡᠵᠢ᠂ ᠥᠭᠡᠯᠦᠨ ᠡᠵᠢ᠂ ᠪᠥᠷᠲᠡ ᠬᠠᠲᠤᠨ᠂ ᠮᠠᠨᠳᠤᠬᠠᠢ ᠬᠠᠲᠤᠨ᠁ ᠭᠡᠳ ᠮᠣᠩᠭᠣᠯ ᠡᠵᠢ ᠶ᠋ᠢᠨ ᠦᠯᠢᠭᠡᠷ ᠳᠠᠭᠤᠷᠢᠶᠠᠯ ᠪᠣᠯᠤᠭᠰᠠᠨ ᠠᠭᠤᠤ ᠡᠵᠢ ᠨᠠᠷ ᠤ᠋ᠨ ᠡᠪᠦᠷ ᠳᠡᠭᠡᠷ᠎ᠡ ᠮᠣᠩᠭᠣᠯ ᠬᠥᠮᠦᠨ ᠦ᠌ ᠢᠷᠡᠭᠡᠳᠦᠢ ᠬᠣᠢᠴᠢ ᠦᠶ᠎ᠡ ᠶ᠋ᠢᠨ ᠬᠢᠨᠢ ᠠᠭᠤᠤ ᠬᠥᠮᠦᠰ ᠥᠰᠴᠦ ᠥᠨᠳᠡᠢᠭᠰᠡᠨ ᠪᠠᠢᠭ᠎ᠠ ᠶᠤᠮ᠃ ᠡᠨᠳᠡ ᠪᠢ ᠮᠠᠨᠳᠤᠬᠠᠢ ᠰᠡᠴᠡᠨ ᠬᠠᠲᠤᠨ ᠤ᠋ ᠲᠤᠬᠠᠢ ᠪᠠᠭ᠎ᠠ ᠳᠡᠯᠭᠡᠷᠡᠭᠦᠯᠦᠨ ᠶᠠᠷᠢᠶ᠎ᠠ᠃ ᠲᠡᠷᠡ ᠪᠡᠷ ᠪᠠᠲᠤᠮᠥ᠋ᠩᠬᠡ ᠳᠠᠶᠠᠨ ᠬᠠᠭᠠᠨ ᠢ᠋ ᠪᠠᠯᠴᠢᠷ ᠪᠠᠢᠬᠤ ᠳ᠋ᠤᠨᠢ ᠬᠠᠲᠤᠨ ᠨᠢ ᠮᠥᠷᠲᠡᠭᠡᠨ ᠡᠵᠢ ᠶ᠋ᠢᠨ ᠣᠷᠣᠨ ᠳ᠋ᠤ᠌ ᠡᠵᠢ ᠨᠢ ᠪᠠᠢᠵᠤ ᠥᠰᠬᠡᠵᠦ ᠬᠥᠮᠦᠵᠢᠭᠦᠯᠬᠦ ᠡᠴᠡ ᠥᠭᠰᠥᠭᠦᠯᠦᠭᠡᠳ ᠪᠤᠲᠠᠷᠠᠭᠰᠠᠨ ᠤᠯᠤᠰ ᠢ᠋ ᠨᠢ ᠨᠢᠭᠡᠳᠬᠡᠵᠦ᠂ ᠲᠥᠷᠥ ᠶ᠋ᠢᠨ ᠵᠢᠯᠣᠭᠣ ᠶ᠋ᠢ ᠠᠳᠬᠤᠭᠤᠯᠵᠤ ᠥᠭᠬᠦ ᠵᠡᠷᠭᠡ ᠠᠯᠢᠪᠠ ᠪᠦᠬᠦᠨ ᠢ᠋ ᠨᠢ ᠬᠠᠮᠵᠢᠯᠴᠠᠨ ᠭᠦᠢᠴᠡᠳᠬᠡᠭᠰᠡᠨ ᠶᠦᠮ᠃ ᠲᠡᠭᠡᠭᠡᠳ ᠡᠷ᠎ᠡ ᠶ᠋ᠢᠨ ᠴᠡᠭᠡᠯ ᠳ᠋ᠦ᠍ ᠬᠦᠷᠦᠭᠰᠡᠨ ᠦ᠌ ᠬᠢᠨᠢ ᠳᠠᠷᠠᠭ᠎ᠠ᠄《ᠪᠢ ᠨᠢᠭᠡᠨ ᠪᠦᠰᠡᠭᠦᠢ ᠬᠥᠮᠦᠨ ᠲᠥᠷᠥ ᠶ᠋ᠢᠨ ᠠᠵᠢᠯ ᠳ᠋ᠤ᠌ ᠣᠷᠣᠯᠴᠠᠬᠤ ᠨᠢ ᠵᠦᠢ ᠦᠭᠡᠢ᠃ ᠠᠯᠲᠠᠨ ᠤᠷᠤᠭ ᠤ᠋ᠨ ᠵᠠᠯᠭᠠᠮᠵᠢᠯᠠᠭᠴᠢ ᠪᠣᠯᠤᠭᠰᠠᠨ ᠳᠠᠶᠠᠨ ᠬᠠᠭᠠᠨ ᠥᠪᠡᠷ ᠢ᠋ᠶ᠋ᠡᠨ ᠮᠡᠳᠡᠭᠲᠦᠨ》 ᠬᠡᠮᠡᠭᠡᠳ ᠰᠠᠢᠨ ᠳᠤᠷ᠎ᠠ ᠠ᠋ᠴᠠ ᠪᠠᠨ ᠭᠡᠷ ᠦ᠋ᠨ ᠡᠵᠡᠭᠲᠡᠢ ᠪᠣᠯᠤᠭᠰᠠᠨ ᠰᠠᠨ᠃ ᠪᠢᠳᠡᠨ ᠦ᠌ ᠮᠤᠬᠤᠷ ᠪᠣᠳᠣᠯ ᠳ᠋ᠤ᠌ ᠪᠣᠯ ᠮᠠᠨᠳᠤᠬᠠᠢ ᠬᠠᠭᠠᠨ ᠰᠠᠭᠤᠵᠤ ᠲᠥᠷᠥ ᠵᠠᠬᠢᠷᠬᠤ ᠳ᠋ᠤ᠌ ᠪᠣᠯᠬᠤ ᠯᠠ ᠪᠠᠢᠭᠰᠠᠨ᠃ ᠭᠡᠪᠡᠴᠦ ᠲᠡᠷᠡ ᠥᠭᠡᠷ᠎ᠡ ᠰᠣᠩᠭᠣᠯᠲᠠ ᠠᠪᠤᠭᠰᠠᠨ ᠨᠢ ᠬᠠᠲᠤᠨ ᠬᠥᠮᠦᠨ ᠬᠠᠭᠠᠨ ᠲᠥᠷᠥ ᠶ᠋ᠢᠨ ᠬᠡᠷᠡᠭ ᠲᠦ᠍ ᠭᠠᠷ ᠲᠥᠷᠥᠬᠦ ᠪᠤᠰᠤ᠂ ᠬᠠᠭᠠᠨ ᠲᠥᠷᠥ ᠶ᠋ᠢᠨ ᠵᠠᠯᠭᠠᠮᠵᠢᠯᠠᠭᠴᠢ ᠶ᠋ᠢ ᠬᠥᠮᠦᠵᠢᠭᠦᠯᠬᠦ ᠶᠠᠪᠤᠳᠠᠯ ᠭᠡᠮᠡᠨ ᠲᠣᠳᠣ ᠤᠬᠠᠭᠠᠷᠠᠭᠰᠠᠨ ᠤ᠋ ᠬᠢ ᠪᠥᠯᠥᠭᠡ᠃ ᠲᠡᠢᠮᠦ ᠡᠴᠡ ᠮᠠᠨᠳᠤᠬᠠᠢ《ᠰᠡᠴᠡᠨ》 ᠴᠣᠯᠠ ᠲᠠᠢ ᠪᠣᠯᠤᠭᠰᠠᠨ ᠶᠤᠮ᠃ ᠢᠩᠭᠢᠵᠦ ᠪᠣᠳᠣᠪᠠᠯ ᠡᠮᠡᠭᠲᠡᠢᠴᠦᠳ ᠦ᠋ᠨ ᠡᠨᠡ ᠴᠠᠭ ᠦᠶ᠎ᠡ ᠳ᠋ᠡᠬᠢ ᠠᠵᠢᠯ ᠦᠢᠯᠡᠰ ᠦ᠋ᠨ ᠵᠠᠷᠢᠮ ᠦᠷᠡᠭᠳᠡᠯ (ᠠᠯᠢᠪᠠ ᠠᠵᠢᠯ ᠦᠢᠯᠡᠰ ᠢ᠋ᠶ᠋ᠡᠨ ᠣᠷᠬᠢᠭᠠᠳ ᠭᠡᠷ ᠦ᠋ᠨ ᠠᠵᠢᠯ ᠬᠢ ᠭᠡᠰᠡᠨ ᠦᠭᠡ ᠪᠢᠰᠢ ᠰᠢᠦ ᠳᠡ) ᠨᠢ ᠦᠨᠡᠨ ᠳ᠋ᠡᠭᠡᠨ ᠬᠣᠢᠴᠢ ᠦᠶ᠎ᠡ ᠶ᠋ᠢᠨ ᠢ᠋ᠶ᠋ᠡᠨ ᠠᠰᠤᠷᠤ ᠲᠣᠮᠣ ᠢᠷᠡᠭᠡᠳᠦᠢ ᠳ᠋ᠦ᠍ ᠬᠣᠯᠪᠣᠭᠳᠠᠭᠰᠠᠨ ᠤᠴᠢᠷᠲᠠᠢ ᠪᠣᠯᠬᠣᠷ ᠦᠨᠡᠬᠡᠷ ᠦ᠋ᠨ ᠠᠭᠤᠤ ᠶᠡᠬᠡ ᠦᠢᠯᠡᠰ ᠪᠢᠯᠡ᠃ ᠶᠠᠫᠣᠨ ᠤ᠋ ᠮᠠᠰᠢ ᠣᠯᠠᠨ ᠡᠮᠡᠭᠲᠡᠢᠴᠦᠳ ᠵᠢᠭᠠᠬᠠᠨ ᠬᠡᠦᠬᠡᠳ ᠢ᠋ᠶ᠋ᠡᠨ ᠲᠡᠷᠭᠡᠨ ᠳ᠋ᠦ᠍ ᠰᠠᠭᠤᠯᠭᠠᠨ ᠲᠦᠯᠬᠢᠴᠢᠬᠡᠭᠰᠡᠨ᠂ ᠡᠰᠡᠬᠦᠯ᠎ᠡ ᠬᠣᠶᠠᠭᠤᠯᠠ ᠭᠤᠷᠪᠠᠭᠤᠯᠠ ᠪᠠᠨ ᠤᠮᠳᠠᠭᠠᠨ ᠤ᠋ ᠵᠢᠵᠢᠭ ᠪᠠᠭᠠᠷ ᠲᠤ ᠶᠠᠷᠢᠯᠴᠠᠨ ᠰᠠᠭᠤᠯᠴᠠᠵᠤ ᠪᠠᠢᠭ᠎ᠠ ᠶ᠋ᠢ ᠣᠯᠠᠨ ᠬᠠᠷᠠᠯ᠎ᠠ᠃ ᠴᠡᠪᠡᠷᠬᠡᠨ ᠨᠠᠮᠤᠭᠤᠨ ᠲᠥᠷᠥᠭᠰᠡᠨ ᠶᠠᠫᠣᠨ ᠪᠦᠰᠡᠭᠦᠢᠴᠦᠳ ᠨᠢᠳᠦᠨ ᠳ᠋ᠦ᠍ ᠡᠭᠡᠯᠢᠲᠡᠢ ᠬᠠᠷᠠᠭᠳᠠᠵᠤ ᠪᠠᠢᠭᠰᠠᠨ ᠢ᠋ ᠮᠠᠨ ᠤ᠋ ᠭᠤᠷᠪᠠᠭᠤᠯᠠ ᠢ᠋ᠶ᠋ᠠᠨ ᠡᠷ᠎ᠡ ᠬᠥᠮᠦᠨ ᠪᠣᠯᠬᠣᠷ ᠱᠣᠬᠣᠭᠣᠷᠬᠠᠵᠤ ᠯᠠ ᠶᠠᠪᠤᠯ᠎ᠠ᠃
ᠢᠩᠭᠢᠭᠡᠳ ᠶᠠᠫᠣᠨ ᠳ᠋ᠤ᠌ ᠶᠠᠪᠤᠭᠰᠠᠨ ᠬᠡᠳᠦᠬᠡᠨ ᠬᠣᠨᠣᠭ ᠤ᠋ᠨ ᠲᠦᠭᠦᠬᠡᠢ ᠰᠡᠳᠬᠢᠭᠳᠡᠯ ᠢ᠋ᠶ᠋ᠡᠨ ᠲᠠ ᠪᠦᠬᠦᠨ᠎ᠡ ᠲᠣᠯᠢᠯᠠᠭᠤᠯᠵᠤ ᠪᠠᠢᠨ᠎ᠠ᠃ ᠬᠠᠷᠢ ᠭᠠᠳᠠᠭᠠᠳᠤ ᠪᠠᠷ ᠣᠯᠠᠨ ᠶᠠᠪᠤᠵᠤ ᠪᠠᠢᠭᠰᠠᠨ ᠬᠥᠮᠦᠰ ᠤᠩᠰᠢᠪᠠᠰᠤ ᠬᠥᠬᠡ ᠢᠨᠢᠶᠡᠳᠦ ᠨᠢ ᠬᠦᠷᠦᠮᠡᠷ ᠡᠨᠡ ᠬᠦ᠌ ᠪᠡᠰᠡᠷᠡᠭ ᠰᠡᠳᠬᠢᠭᠳᠡᠯ ᠢ᠋ᠶ᠋ᠡᠨ ᠨᠡᠢᠲᠡᠯᠡᠬᠦ ᠡᠴᠡ ᠲᠦᠳᠡᠭᠡᠯᠵᠡᠵᠦ ᠠᠭᠰᠠᠨ ᠴᠤ ᠵᠠᠷᠢᠮ ᠨᠢᠭᠡᠨ ᠵᠦᠢᠯ ᠨᠢ ᠰᠣᠨᠢᠷᠬᠠᠯᠲᠠᠢ ᠪᠠᠢᠭ᠎ᠠ ᠪᠣᠯᠪᠠ ᠤᠤ ᠭᠡᠮᠡᠨ ᠰᠠᠨᠠᠭᠠᠳ ᠬᠠᠷ᠎ᠠ ᠴᠢᠷᠠᠢ ᠪᠠᠨ ᠰᠢᠷᠢᠯᠡᠨ ᠪᠠᠢᠵᠤ ᠰᠦᠯᠵᠢᠶᠡᠨᠡ ᠨᠡᠢᠲᠡᠯᠡᠯ᠎ᠡ᠃ ᠪᠢᠴᠢᠶ᠎ᠡ ᠭᠡᠵᠦ ᠪᠣᠳᠣᠭᠠᠳ ᠪᠢᠷ ᠴᠠᠭᠠᠰᠤ ᠨᠡᠢᠯᠡᠭᠦᠯᠦᠭᠰᠡᠨ ᠪᠣᠯᠪᠠᠴᠤ ᠠᠵᠢᠯ ᠠᠯᠪᠠ᠂ ᠠᠮᠢᠨ ᠤ᠋ ᠶᠠᠪᠤᠳᠠᠯ ᠭᠡᠵᠦ ᠦᠷᠬᠦᠢ ᠶᠠᠭᠠᠷᠠᠤ ᠪᠠᠢᠭᠰᠠᠨ ᠪᠠ ᠢᠯᠠᠩᠭᠤᠶ᠎ᠠ ᠥᠪᠡᠷ ᠦ᠋ᠨ ᠵᠠᠯᠬᠠᠭᠤ᠂ ᠪᠢᠴᠢᠵᠦ ᠨᠠᠢᠷᠠᠭᠤᠯᠬᠤ ᠳ᠋ᠠᠭᠠᠨ ᠪᠢᠳᠠᠭᠤ ᠵᠡᠷᠭᠡ ᠡᠴᠡ ᠰᠢᠯᠲᠠᠭᠠᠯᠠᠨ《ᠳᠦᠯᠢᠭᠰᠡᠭᠡᠷ》 ᠪᠠᠢᠵᠤ ᠠᠷᠠᠢ ᠭᠡᠵᠦ ᠭᠠᠷ ᠠ᠋ᠴᠠ ᠭᠠᠷᠭᠠᠯ᠎ᠠ᠃2008 ᠣᠨ ᠤ᠋10 ᠳ᠋ᠤᠭᠠᠷ ᠰᠠᠷ᠎ᠠ ᠶ᠋ᠢᠨ ᠳᠣᠯᠣᠭᠠᠨ ᠬᠣᠨᠣᠭ ᠤ᠋ᠨ ᠠᠮᠠᠷᠠᠯᠲᠠ ᠪᠠᠷ ᠬᠣᠶᠠᠷ ᠰᠥᠨᠢ ᠰᠠᠭᠤᠵᠤ ᠪᠠᠢᠭᠠᠳ ᠡᠨᠡ ᠰᠡᠳᠬᠢᠭᠳᠡᠯ ᠢ᠋ᠶ᠋ᠡᠨ ᠳᠥᠩᠭᠡᠨ ᠲᠠᠩᠭᠠᠨ ᠪᠢᠴᠢᠭᠰᠡᠨ ᠶᠦᠮ᠃ ᠪᠢᠴᠢᠭᠰᠡᠨ ᠮᠠᠨᠢ ᠤᠩᠰᠢᠪᠤᠷᠢ ᠮᠠᠭᠤᠲᠠᠢ᠂ ᠮᠡᠳᠡᠭᠡᠯᠡᠯ ᠪᠠᠭᠠᠲᠠᠢ᠂ ᠲᠡᠭᠡᠭᠡᠳ ᠴᠦ᠍ ᠨᠢᠳᠤᠨᠤᠨ ᠪᠣᠯᠤᠭᠰᠠᠨ ᠡᠨᠡ ᠬᠦ᠌ ᠠᠶᠠᠨ ᠤ᠋ ᠪᠠᠨ ᠨᠠᠷᠢᠨ ᠰᠢᠷᠢᠨ ᠵᠦᠢᠯ ᠢ᠋ ᠮᠠᠷᠲᠠᠵᠤ ᠣᠷᠬᠢᠭᠰᠠᠨ ᠪᠣᠯᠬᠣᠷ ᠲᠤᠰ ᠵᠣᠬᠢᠶᠠᠯ ᠳᠡᠩᠳᠡᠭᠦᠦ ᠳᠥᠭᠥᠮ ᠪᠦᠳᠦᠭᠦᠯᠢᠭ ᠪᠣᠯᠤᠭᠰᠠᠨ ᠨᠢ ᠭᠠᠷᠴᠠᠭ᠎ᠠ ᠦᠭᠡᠢ᠃ ᠦᠵᠡᠬᠦ ᠮᠡᠷᠭᠡᠳ ᠦ᠋ᠨ ᠨᠢᠳᠦ ᠴᠠᠭ ᠣᠶᠤᠨ ᠭᠤᠷᠪᠠ ᠶ᠋ᠢ ᠠᠯᠵᠢᠶᠠᠯᠭᠠᠬᠤ ᠪᠣᠯᠤᠭᠰᠠᠨ ᠳ᠋ᠠᠭᠠᠨ ᠠᠭᠤᠴᠢᠯᠠᠯ ᠬᠦᠰᠡᠨᠡᠮ!
2008 ᠣᠨ ᠤ᠋10 ᠰᠠᠷ᠎ᠠ ᠶ᠋ᠢᠨ1 ᠦ᠌ ᠰᠥᠨᠢ ᠶ᠋ᠢᠨ1᠄ 30 ᠳᠤ ᠨᠣᠮ ᠤ᠋ᠨ ᠥᠷᠦᠭᠡᠨ᠎ᠡ ᠪᠢᠴᠢᠪᠡᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ ᠂ ᠰᠤᠳᠤᠯᠲᠤ ᠂ ᠸᠠᠩ᠂ ᠪᠠᠳᠮ᠎ᠠ᠂ ᠪᠠᠯ᠂ ᠱᠠᠭᠰᠠᠯ᠂ ᠡᠷᠳᠡᠨᠢᠭᠤᠸ᠎ᠠ᠂ ᠤᠷᠠᠨᠴᠢᠮᠡᠭ᠂ ᠠᠯᠲᠠᠨᠱᠠ
ᠬᠢᠨᠠᠭᠴᠢ ᠪᠠᠭᠰᠢ᠄ ᠴᠡᠴᠡᠭ᠂ ᠭᠠᠷᠮ᠎ᠠ᠂ ᠪᠠᠯ᠂ ᠰᠡᠬᠡᠭᠡᠷᠡᠯ᠂ ᠣᠳᠬᠠᠨᠰᠣ᠎ᠠ᠂ ᠡᠷᠳᠡᠨᠢᠭᠤᠸ᠎ᠠ
