ᠬᠥᠬᠡ ᠲᠣᠷᠭᠠᠨ ᠲᠡᠷᠯᠢᠭ- ᠰᠢᠯᠦᠭ-ᠨᠠ‍ · ᠰᠠᠢᠨᠴᠣᠭᠲᠣ-ᠰ᠂ ᠨᠠᠷᠭᠢᠯ ᠤᠩᠰᠢᠪᠠХөх торгон тэрлэг-шүлэг-н·сайнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠲᠣᠷᠭᠠᠨ ᠲᠡᠷᠯᠢᠭ- ᠰᠢᠯᠦᠭ-ᠨᠠ‍ · ᠰᠠᠢᠨᠴᠣᠭᠲᠣ-ᠰ᠂ ᠨᠠᠷᠭᠢᠯ ᠤᠩᠰᠢᠪᠠХөх торгон тэрлэг-шүлэг-н·сайнцогт

ᠬᠥᠬᠡ ᠲᠣᠷᠭᠠᠨ ᠲᠡᠷᠯᠢᠭ- ᠰᠢᠯᠦᠭ-ᠨᠠ‍ · ᠰᠠᠢᠨᠴᠣᠭᠲᠣ-ᠰ᠂ ᠨᠠᠷᠭᠢᠯ ᠤᠩᠰᠢᠪᠠХөх торгон тэрлэг-шүлэг-н·сайнцогт

2022-06-18

4530

ᠬᠥᠬᠡ ᠲᠣᠷᠭᠠᠨ ᠲᠡᠷᠯᠢᠭ  


  ᠨᠠ‍ · ᠰᠠᠢᠨᠴᠣᠭᠲᠣ 

ᠰᠢᠯᠢ ᠶ᠋ᠢᠨ ᠨᠣᠭᠣᠭᠠᠨ ᠳᠡᠨᠵᠢᠨ ᠳᠡᠭᠡᠷ᠎ᠡ 
ᠰᠢᠨᠡᠬᠡᠨ ᠴᠠᠭᠠᠨ ᠭᠡᠷ ᠲᠡᠬᠢ 
ᠰᠡᠷᠭᠦᠯᠡᠩ ᠵᠠᠩ ᠲᠠᠢ ᠬᠡᠦᠬᠡᠨ ᠦ᠌ 
ᠰᠡᠳᠬᠢᠯ ᠢ᠋ ᠨᠢ ᠶᠡᠷᠦ ᠮᠡᠳᠡᠭᠰᠡᠨ ᠦᠭᠡᠢ ᠃
ᠬᠥᠬᠡ ᠲᠣᠷᠭᠠᠨ ᠲᠡᠷᠯᠢᠭ ᠢ᠋ᠶ᠋ᠡᠨ 
ᠬᠦᠳᠡᠷ ᠰᠠᠢᠬᠠᠨ ᠣᠶᠣᠵᠤ ᠪᠠᠢᠨ᠎ᠠ ᠃
ᠬᠥᠭᠡᠷᠦᠬᠦᠨ ᠲᠥᠷᠥᠭᠰᠡᠨ ᠬᠡᠦᠬᠡᠨ ᠭᠤᠸᠠᠢ 
ᠬᠡᠨ ᠳ᠋ᠦ᠍ ᠴᠦ᠍ ᠣᠶᠣᠵᠤ ᠠᠬᠤ ᠶ᠋ᠢ ᠪᠤᠤ ᠮᠡᠳᠡ ᠃
ᠤᠯᠠᠭᠠᠨ ᠪᠣᠨᠲᠣᠭᠣᠷ ᠬᠠᠴᠠᠷ ᠲᠠᠢ
ᠤᠳᠠ ᠶ᠋ᠢᠨ ᠨᠠᠪᠴᠢᠨ ᠬᠥᠮᠥᠰᠬᠡ ᠲᠡᠢ
ᠤᠯᠢᠶᠠᠷᠬᠠᠭ ᠵᠠᠩ ᠲᠠᠢ ᠬᠡᠦᠬᠡᠨ ᠦ᠌
ᠤᠷᠠᠨ ᠴᠤ᠌ ᠭᠡᠳᠡᠭ ᠨᠢ ᠶᠠᠷᠢᠶᠠᠨ ᠦᠭᠡᠢ
ᠲᠣᠷᠭ᠎ᠠ ᠴᠤ᠌ ᠭᠡᠵᠦ ᠲᠣᠷᠭ᠎ᠠ ᠤᠤ ᠳᠠ
ᠲᠣᠳᠣᠬᠠᠨ ᠬᠤᠷᠴᠠ ᠥᠩᠭᠡᠲᠡᠢ ᠳᠡ
ᠲᠣᠷᠮᠣᠭᠣᠷ ᠨᠢᠳᠦ ᠲᠡᠢ ᠬᠡᠦᠬᠡᠨ ᠦ᠌
ᠲᠣᠭᠣᠵᠤ ᠠᠪᠤᠭᠰᠠᠨ ᠲᠣᠷᠭ᠎ᠠ ᠶᠤᠮ ᠪᠠᠢᠨ᠎ᠠ ᠃
ᠤᠷᠠᠨ ᠵᠥᠭᠡᠯᠡᠨ ᠭᠠᠷ ᠤ᠋ᠨ ᠬᠢᠨᠢ
ᠬᠥᠳᠡᠯᠵᠦ ᠪᠠᠢᠬᠤ ᠨᠢ ᠲᠦᠷᠭᠡᠨ ᠭᠡᠵᠦ ᠠ᠋ !
ᠤᠯᠠᠪᠤᠷ ᠰᠢᠷ᠎ᠠ ᠡᠮᠵᠢᠶᠡᠷᠢ ᠶ᠋ᠢ
ᠳᠠᠷᠤᠭᠤᠯᠵᠤ ᠪᠠᠢᠬᠤ ᠨᠢ ᠰᠠᠢᠬᠠᠨ ᠭᠡᠵᠦ ᠠ᠋ !
ᠶᠠᠭᠠᠷᠠᠤ ᠮᠠᠶᠢᠭᠲᠠᠢ ᠣᠶᠣᠵᠤ ᠠᠲᠠᠯ᠎ᠠ ᠪᠠᠨ
ᠶᠠᠭᠠᠬᠢᠭᠰᠠᠨ ᠨᠢᠮᠪᠠᠢ ᠣᠶᠣᠬᠤ ᠨᠢ ᠪᠣᠢ ?
ᠶᠠᠮᠠᠷ ᠬᠥᠮᠦᠨ ᠳ᠋ᠦ᠍ ᠵᠣᠷᠢᠭᠤᠯᠤᠭᠰᠠᠨ ᠢ᠋ ᠨᠢ
ᠶᠠᠷᠢᠯᠴᠠᠵᠤ ᠮᠡᠳᠡᠶ᠎ᠡ ᠭᠡᠵᠦ ᠪᠣᠳᠣᠭᠳᠠᠯ᠎ᠠ ᠃

《 ᠲᠠᠭᠠᠲᠠᠢ ᠭᠣᠶᠣᠬᠠᠨ ᠲᠡᠷᠯᠢᠭ ᠪᠠᠢᠨ᠎ᠠ ᠃
ᠲᠠ ᠪᠡᠶ᠎ᠡ ᠳ᠋ᠦ᠍ ᠪᠡᠨ ᠣᠶᠣᠵᠤ ᠪᠠᠢᠨ᠎ᠠ ᠤᠤ ? 》 ᠭᠡᠵᠦ
ᠲᠠᠩᠬᠢᠯ ᠵᠠᠯᠠᠭᠤᠬᠠᠨ ᠬᠡᠦᠬᠡᠨ ᠡᠴᠡ
ᠲᠠᠭᠠᠮᠠᠭᠯᠠᠵᠤ ᠪᠢ ᠠᠰᠠᠭᠤᠯ᠎ᠠ ᠃

《 ᠦᠭᠡᠢ ! ᠡᠨᠡ ᠮᠢᠨᠦᠬᠢ ᠪᠢᠰᠢ ᠃
ᠥᠪᠡᠷ ᠢ᠋ᠶ᠋ᠡᠨ ᠪᠢ ᠡᠮᠦᠰᠬᠦ ᠶᠤᠮ ᠪᠣᠯ
ᠨᠣᠭᠣᠭᠠᠨ ᠥᠩᠭᠡ ᠶ᠋ᠢᠨ ᠲᠡᠷᠯᠢᠭ ᠲᠦ᠍ ᠪᠡᠨ
ᠤᠯᠠᠭᠠᠨ ᠡᠮᠵᠢᠶᠡᠷᠢ ᠳᠠᠷᠤᠭᠤᠯᠤᠨ᠎ᠠ ᠰᠢᠦ 》 ᠭᠡᠯ᠎ᠡ ᠃

《 ᠤᠷᠤᠭᠯᠠᠵᠤ ᠪᠠᠷᠢᠯᠳᠤᠭᠰᠠᠨ ᠨᠥᠬᠥᠷ ᠲᠦ᠍ ᠪᠡᠨ
ᠤᠷᠠᠯᠠᠨ ᠣᠶᠣᠵᠤ ᠪᠠᠢᠭ᠎ᠠ ᠶᠤᠮ ᠤᠤ ? 》 ᠭᠡᠵᠦ
ᠤᠬᠠᠭᠠᠨ ᠰᠡᠷᠭᠦᠯᠡᠩ ᠬᠡᠦᠬᠡᠨ ᠡᠴᠡ
ᠤᠬᠤᠴᠢᠯᠠᠵᠤ ᠪᠠᠰᠠ ᠠᠰᠠᠭᠤᠯ᠎ᠠ ᠃

《 ᠠᠷᠪᠠᠨ ᠨᠠᠢ᠍ᠮᠠᠨ ᠨᠠᠰᠤᠲᠠᠢ ᠪᠢ
ᠠᠢᠯ ᠤ᠋ᠨ ᠭᠠᠵᠠᠷ ᠮᠣᠷᠳᠠᠭ᠎ᠠ ᠦᠭᠡᠢ 》 ᠭᠡᠳ
ᠠᠭᠠᠵᠢᠭᠤᠬᠠᠨ ᠰᠢᠭ᠋ ᠢ᠋ᠶ᠋ᠡᠷ ᠬᠠᠷᠢᠭᠤᠯᠤᠭᠠᠳ
ᠠᠯᠠᠭ ᠨᠢᠳᠦ ᠨᠢ ᠢᠨᠢᠶᠡᠮᠰᠦᠭᠯᠡᠯ᠎ᠡ ᠃
《 ᠠ ᠂ ᠲᠡᠭᠡᠪᠡᠯ ᠲᠠ ᠡᠭᠦᠨ ᠢ᠋
ᠠᠬ᠎ᠠ ᠳ᠋ᠤ᠌ ᠪᠠᠨ ᠣᠶᠣᠵᠤ ᠪᠠᠢᠨ᠎ᠠ ᠰᠢᠳᠡ ᠠ᠋ ! 》 ᠭᠡᠵᠦ
ᠠᠭᠠᠰᠢ ᠢᠴᠢᠮᠡᠲᠡᠭᠡᠢ ᠬᠡᠦᠬᠡᠨ ᠡᠴᠡ
ᠠᠬᠢᠭᠠᠳ ᠪᠠᠰᠠ ᠠᠰᠠᠭᠤᠯ᠎ᠠ ᠃

《 ᠡᠵᠢ ᠠᠪᠤ ᠡᠴᠡ ᠲᠥᠷᠥᠬᠦ ᠳ᠋ᠦ᠍ ᠪᠡᠨ ᠪᠢ
ᠡᠭᠡᠴᠢ ᠳᠡᠭᠦᠦ ᠬᠣᠶᠠᠭᠤᠯᠠ ᠪᠢᠯᠡ ᠃
ᠡᠩᠬᠦᠷᠡᠢ ᠬᠠᠢᠷᠠᠲᠠᠢ ᠳᠡᠭᠦᠦ ᠮᠢᠨᠢ
ᠡᠳᠦᠭᠡ ᠰᠤᠷᠭᠠᠭᠤᠯᠢ ᠳ᠋ᠤ᠌ ᠰᠠᠭᠤᠵᠤ ᠪᠠᠢᠨ᠎ᠠ 》 ᠭᠡᠯ᠎ᠡ ᠃
《 ᠢᠩᠭᠢᠪᠡᠯ ᠬᠡᠨ ᠦ᠌ ᠬᠢ ᠪᠣᠯᠴᠢᠬᠠᠪᠠ 》 ᠭᠡᠬᠦ ᠳ᠋ᠦ᠍
ᠢᠯᠡᠬᠡᠨ ᠬᠠᠷᠢᠭᠤᠯᠵᠤ ᠥᠭᠭᠥᠭᠰᠡᠨ ᠦᠭᠡᠢ
ᠢᠴᠢᠵᠦ ᠳᠣᠭᠣᠭᠰᠢ ᠪᠠᠨ ᠬᠠᠷᠠᠭᠠᠳ
ᠢᠨᠢᠶᠡᠮᠰᠦᠭᠯᠡᠵᠦ ᠴᠢᠷᠠᠢ ᠨᠢ ᠤᠯᠠᠢᠯ᠎ᠠ ᠃
ᠠᠭᠠᠭᠢᠮ᠎ᠠ ᠵᠠᠯᠠᠭᠤᠬᠠᠨ ᠨᠠᠰᠤᠲᠠᠢ
ᠠᠢᠯ ᠤ᠋ᠨ ᠲᠠᠨᠢᠬᠤ ᠦᠭᠡᠢ ᠬᠡᠦᠬᠡᠨ ᠡᠴᠡ
ᠠᠷᠠᠢ ᠲᠣᠮᠣᠭ᠎ᠠ ᠦᠭᠡᠢ ᠠᠰᠠᠭᠤᠭᠰᠠᠨ ᠳ᠋ᠤ᠌ ᠪᠠᠨ
ᠠᠷᠭ᠎ᠠ ᠮᠢᠨᠢ ᠵᠢᠭᠠᠬᠠᠨ ᠪᠠᠷᠠᠭᠳᠠᠯ᠎ᠠ ᠃
ᠬᠠᠯᠠᠭᠤᠨ ᠴᠠᠢ ᠪᠠᠨ ᠰᠦᠯᠡᠭᠰᠡᠭᠡᠷ
ᠬᠠᠷᠠᠵᠤ ᠪᠠᠢᠭᠰᠠᠨ ᠡᠮᠡᠭᠡᠨ ᠭᠤᠸᠠᠢ
ᠬᠠᠪᠤ ᠦᠭᠡᠢ ᠰᠢᠭ ᠪᠣᠯᠤᠭᠰᠠᠨ ᠢ᠋ ᠦᠵᠡᠭᠡᠳ
ᠬᠠᠵᠠᠭᠤ ᠡᠴᠡ ᠶᠠᠷᠢᠵᠤ ᠡᠬᠢᠯᠡᠯ᠎ᠡ ᠄
《 ᠡᠨᠡ ᠴᠠᠭ ᠤ᠋ᠨ ᠬᠡᠦᠬᠡᠳ ᠦ᠋ᠳ
ᠡᠷᠬᠡ ᠴᠢᠯᠥᠭᠡᠲᠡᠢ ᠰᠠᠢᠬᠠᠨ ᠪᠠᠢᠨ᠎ᠠ ᠃
ᠳᠤᠷᠠᠯᠠᠭᠰᠠᠨ ᠵᠦᠢᠯ ᠪᠦᠬᠦᠨ ᠢ᠋ᠶ᠋ᠡᠨ
ᠳᠤᠷ᠎ᠠ ᠪᠠᠷ ᠢ᠋ᠶ᠋ᠠᠨ ᠦᠢᠯᠡᠳᠬᠦ ᠬᠤᠪᠢ ᠲᠠᠢ ᠃
ᠬᠠᠷᠠᠩᠭᠤᠢ ᠲᠡᠷᠡ ᠨᠡᠢᠭᠡᠮ ᠳᠡᠭᠡᠷ᠎ᠡ
ᠬᠠᠯᠠ ᠶ᠋ᠢ ᠦᠵᠡᠭᠰᠡᠨ ᠪᠢᠳᠡ ᠬᠣᠶᠠᠭᠤᠯᠠ
ᠬᠠᠢᠷᠠᠲᠤ ᠬᠡᠦᠬᠡᠳ ᠦ᠋ᠨ ᠶᠠᠪᠤᠳᠠᠯ ᠢ᠋
ᠬᠠᠮᠢᠶᠠᠷᠴᠤ ᠶᠡᠷᠦ ᠬᠣᠷᠢᠳᠠᠭ ᠦᠭᠡᠢ ᠰᠢᠦ ᠃

ᠠᠵᠠ ᠲᠠᠢ ᠲᠥᠷᠥᠭᠰᠡᠨ ᠬᠡᠦᠬᠡᠨ ᠮᠢᠨᠢ
ᠠᠵᠢᠯ ᠳ᠋ᠤ᠌ ᠶᠡᠬᠡ ᠰᠠᠢᠨ ᠰᠢᠦ
ᠠᠢᠯ ᠤ᠋ᠨ ᠣᠯᠠᠨ ᠪᠦᠭᠦᠳᠡᠭᠡᠷ ᠢ᠋ᠶ᠋ᠡᠨ ᠴᠦ᠍
ᠠᠶᠠᠲᠠᠢ ᠬᠡᠦᠬᠡᠨ ᠭᠡᠵᠦ ᠮᠠᠭᠲᠠᠳᠠᠭ ᠰᠢᠦ 》 ᠭᠡᠯ᠎ᠡ ᠃
ᠬᠥᠬᠡ ᠴᠡᠩᠬᠡᠷ ᠠᠯᠴᠢᠭᠤᠷ ᠢ᠋ᠶ᠋ᠠᠨ
ᠬᠦᠵᠦᠭᠦᠨ ᠳᠡᠭᠡᠷ᠎ᠡ ᠪᠡᠨ ᠪᠠᠭᠤᠯᠭᠠᠭᠰᠠᠨ
ᠬᠦᠷᠡᠩ ᠤᠯᠠᠭᠠᠨ ᠴᠢᠷᠠᠢ ᠲᠠᠢ
ᠬᠡᠦᠬᠡᠨ ᠨᠢ ᠳᠤᠭᠤᠢ ᠯᠠ ᠢᠨᠢᠶᠡᠵᠦ ᠪᠠᠢᠨ᠎ᠠ ᠃
《 ᠴᠢᠨᠠᠳᠤᠬᠢ ᠣᠶᠣᠳᠠᠯ ᠢ᠋ᠶ᠋ᠠᠨ ᠳᠡᠯᠪᠢ ᠳᠠ
ᠴᠠᠢ ᠪᠠᠨ ᠬᠠᠯᠠᠭᠤᠨ ᠳ᠋ᠤ᠌ ᠨᠢ ᠤᠤᠭᠤ ᠳᠠ 》 ᠭᠡᠵᠦ
ᠴᠠᠭᠯᠠᠰᠢ ᠦᠭᠡᠢ ᠬᠠᠢᠷᠠᠲᠠᠢ ᠡᠵᠢ ᠨᠢ
ᠴᠠᠭᠠᠰᠢ ᠪᠠᠨ ᠬᠡᠦᠬᠡᠨ ᠳ᠋ᠦ᠍ ᠪᠡᠨ ᠬᠡᠯᠡᠯ᠎ᠡ ᠃
《 ᠠᠢᠮᠠᠭ ᠤ᠋ᠨ ᠨᠠᠭᠠᠳᠤᠮ ᠡᠴᠡ ᠤᠷᠢᠲᠠᠵᠤ ᠪᠢ
ᠠᠮᠵᠢᠵᠤ ᠣᠶᠣᠶ᠎ᠠ ᠭᠡᠰᠡᠨ ᠶᠤᠮ ᠡᠵᠢ ᠠ᠋ ! 》 ᠭᠡᠳ
ᠠᠮᠠ ᠠᠯᠳᠠᠵᠤ ᠭᠠᠷᠭᠠᠭᠰᠠᠨ ᠳ᠋ᠤ᠌ ᠪᠠᠨ
ᠠᠷᠭ᠎ᠠ ᠪᠠᠷᠠᠭᠰᠠᠨ ᠰᠢᠭ᠋ ᠪᠣᠯᠴᠢᠬᠠᠯ᠎ᠠ ᠃
ᠬᠥᠭᠡᠷᠦᠬᠦᠨ ᠲᠥᠷᠥᠭᠰᠡᠨ ᠬᠡᠦᠬᠡᠨ ᠦ᠌ ᠪᠡᠨ
ᠬᠦ ᠬᠠᠷᠠᠬᠠᠨ ᠭᠡᠵᠢᠭᠡ ᠶ᠋ᠢ ᠨᠢ
ᠥᠬᠥᠭᠡᠷᠳᠡᠨ ᠲᠠᠭᠠᠯᠠᠨ ᠢᠯᠪᠢᠭᠰᠡᠭᠡᠷ
ᠬᠥᠭᠰᠢᠨ ᠢᠩᠭᠢᠵᠦ ᠬᠡᠯᠡᠯ᠎ᠡ ᠄
《 ᠥᠨᠢᠷ ᠦ᠋ᠨ ᠬᠥᠪᠡᠭᠦᠨ ᠵᠢᠷᠭᠠᠯᠰᠠᠢᠨ
ᠦᠨᠡᠨᠴᠢ ᠰᠢᠳᠤᠷᠭᠤ ᠬᠦᠦ ᠶᠤᠮ ᠃
ᠬᠥᠳᠡᠯᠮᠦᠷᠢ ᠶ᠋ᠢᠨ ᠵᠢᠱ᠌ᠢᠶᠡᠴᠢ ᠪᠣᠯᠤᠯ᠎ᠠ ᠭᠡᠳ
ᠬᠥᠮᠦᠨ ᠪᠦᠬᠦᠨ ᠬᠠᠢᠷᠠᠯᠠᠳᠠᠭ ᠶᠤᠮ ᠃
ᠵᠢᠷᠭᠠᠯᠲᠠᠢ ᠴᠠᠭ ᠤ᠋ᠨ ᠬᠡᠦᠬᠡᠳ ᠪᠠᠢᠨ᠎ᠠ
ᠵᠠᠶᠠᠭᠠᠲᠠᠢ ᠲᠥᠷᠥᠭᠰᠡᠨ ᠪᠠᠭᠠᠴᠤᠳ ᠪᠠᠢᠨ᠎ᠠ ᠃
ᠵᠠᠩ ᠵᠠᠩ ᠢ᠋ᠶ᠋ᠠᠨ ᠮᠡᠳᠡᠯᠴᠡᠪᠡᠯ
ᠵᠠ ᠶᠠᠭᠠᠬᠢᠬᠤ ᠪᠣᠢ ᠂ ᠳᠤᠷ᠎ᠠ ᠪᠠᠷ ᠢ᠋ᠶ᠋ᠠᠨ ᠪᠣᠯᠤᠭ 》 ᠭᠡᠯ᠎ᠡ ᠃
《 ᠡᠷᠦᠢ ᠬᠤᠷᠤᠢ ᠦᠭᠡᠢ ᠶᠠᠷᠢᠭᠠᠳ ᠯᠠ
ᠡᠵᠢ ᠲᠠᠩᠳᠠ ᠰᠣᠯᠢᠶᠠᠷᠠᠬᠤ ᠶᠤᠮ ᠃
ᠬᠥᠮᠦᠨ ᠦ᠌ ᠬᠦᠦ ᠰᠠᠢᠨ ᠴᠦ᠍ ᠪᠠᠢᠭ
ᠨᠠᠳᠠ ᠳ᠋ᠤ᠌ ᠶᠠᠭᠤᠨ ᠤ᠋ ᠬᠠᠮᠢᠶ᠎ᠠ ᠶᠤᠮ 》 ᠭᠡᠵᠦ
ᠤᠲᠠᠰᠤ ᠵᠡᠭᠦᠦ ᠪᠡᠨ ᠲᠠᠲᠠᠯᠠᠭᠠᠳ
ᠠᠭᠤᠷᠯᠠᠭᠰᠠᠨ ᠮᠠᠶᠢᠭ ᠭᠠᠷᠭᠠᠭᠰᠠᠨ ᠴᠤ᠌
《 ᠤᠤᠬᠠᠢ ᠦᠨᠡᠬᠡᠷ ᠲᠡᠢᠮᠦ 》 ᠭᠡᠰᠡᠨ ᠰᠢᠭ
ᠤᠯᠠᠢᠭᠰᠠᠨ ᠴᠢᠷᠠᠢ ᠨᠢ ᠪᠠᠶᠠᠷᠲᠠᠢ ᠯᠠ ᠪᠠᠢᠨ᠎ᠠ ᠃
ᠰᠢᠯᠢ ᠶ᠋ᠢᠨ ᠨᠣᠭᠣᠭᠠᠨ ᠳᠡᠨᠵᠢᠨ ᠳᠡᠭᠡᠷ᠎ᠡ
ᠰᠢᠨᠡᠬᠡᠨ ᠴᠠᠭᠠᠨ ᠭᠡᠷ ᠲᠡᠬᠢ
ᠰᠡᠷᠭᠦᠯᠡᠩ ᠵᠠᠩ ᠲᠠᠢ ᠬᠡᠦᠬᠡᠨ ᠦ᠌
ᠰᠡᠳᠬᠢᠯ ᠢ᠋ ᠨᠢ ᠶᠡᠷᠦ ᠮᠡᠳᠡᠭᠰᠡᠨ ᠦᠭᠡᠢ
ᠬᠥᠬᠡ ᠲᠣᠷᠭᠠᠨ ᠲᠡᠷᠯᠢᠭ ᠢ᠋ᠶ᠋ᠡᠨ
ᠬᠦᠳᠡᠷ ᠰᠠᠢᠬᠠᠨ ᠣᠶᠣᠵᠤ ᠪᠠᠢᠨ᠎ᠠ ᠃
ᠬᠥᠭᠡᠷᠦᠬᠦᠨ ᠲᠥᠷᠥᠭᠰᠡᠨ ᠬᠡᠦᠬᠡᠨ ᠭᠤᠸᠠᠢ
ᠬᠡᠨ ᠳ᠋ᠦ᠍ ᠴᠦ᠍ ᠣᠶᠣᠵᠤ ᠠᠬᠤ ᠶ᠋ᠢ ᠪᠤᠤ ᠮᠡᠳᠡ ᠃

   ᠰ᠂ ᠨᠠᠷᠭᠢᠯ ᠤᠩᠰᠢᠪᠠ