ᠨᠢᠭᠤᠴᠠ ᠶᠢ ᠵᠠᠳᠠᠷᠠᠭᠤᠯᠤᠭᠰᠠᠨ ᠵᠠᠬᠢᠶ᠎ᠠ-ᠪ᠂ᠷᠢᠨᠴᠢᠨ-ᠥᠭᠦᠯᠡᠯᠭᠡНууцыг задруулсан захиа-Б.Ринчен өгүүллэг Nuutsiig zadruulsan zahia
ᠨᠢᠭᠤᠴᠠ ᠶᠢ ᠵᠠᠳᠠᠷᠠᠭᠤᠯᠤᠭᠰᠠᠨ ᠵᠠᠬᠢᠶ᠎ᠠ
ᠪᠢᠮᠪᠠ ᠶ᠋ᠢᠨ ᠷᠢᠨᠴᠢᠨ (1905-1977)
ᠮᠣᠩᠭᠣᠯ ᠤᠯᠤᠰ ᠤ᠋ᠨ ᠠᠷᠪᠠᠨ ᠲᠠᠪᠤᠨ ᠵᠢᠷᠭᠤᠭᠠᠨ ᠣᠨ ᠳ᠋ᠤ᠌ ᠵᠠᠯᠠᠭᠤ ᠣᠶᠤᠲᠠᠨ ᠪᠠᠢᠬᠤ ᠳ᠋ᠠᠭᠠᠨ ᠠᠯᠤᠰ ᠯᠧᠨᠢᠩᠭᠷᠡᠳ᠋ ᠬᠣᠲᠠᠨ ᠳ᠋ᠤ᠌ ᠰᠢᠨᠵᠢᠯᠡᠬᠦ ᠤᠬᠠᠭᠠᠨ ᠤ᠋ ᠠᠺᠠᠳᠧᠮᠢ ᠶ᠋ᠢᠨ ᠠᠽᠢᠶ᠎ᠠ ᠶ᠋ᠢᠨ ᠮᠦᠽᠧᠢ ᠳ᠋ᠦ᠍ ᠣᠷᠣᠰ ᠤ᠋ᠨ ᠣᠯᠠᠨ ᠡᠷᠳᠡᠮᠲᠡᠨ ᠦ᠌ ᠠᠽᠢᠶ᠎ᠠ ᠲᠢᠪ ᠡᠴᠡ ᠣᠯᠵᠤ ᠬᠤᠷᠠᠮᠳᠤᠯᠠᠭᠰᠠᠨ ᠬᠣᠪᠣᠷ ᠨᠠᠨᠳᠢᠨ ᠪᠢᠴᠢᠭ ᠰᠤᠳᠤᠷ ᠦᠵᠡᠵᠦ᠂ ᠲᠣᠳᠣ ᠮᠣᠩᠭᠣᠯ ᠬᠠᠭᠤᠴᠢᠨ ᠵᠠᠬᠢᠳᠠᠯ ᠳ᠋ᠤ᠌ ᠠᠮᠤᠷ ᠮᠡᠨᠳᠦ ᠶ᠋ᠢ ᠠᠰᠠᠭᠤᠨ 《ᠬᠡᠯᠡᠬᠦ ᠦᠭᠡ ᠡᠯᠴᠢ ᠶ᠋ᠢᠨ ᠠᠮᠠᠨ ᠳ᠋ᠤ᠌ ᠪᠣᠢ》 ᠭᠡᠰᠡᠨ ᠦᠭᠡ ᠴᠥᠭᠡᠨ ᠤᠳᠬ᠎ᠠ ᠪᠢᠲᠡᠭᠦᠯᠢᠭ ᠪᠠᠢᠳᠠᠭ ᠲᠤᠨᠢ ᠶᠡᠬᠡ ᠭᠠᠢᠬᠠᠳᠠᠭ ᠪᠢᠯᠡ᠃ ᠲᠡᠷᠡ ᠳᠡᠭᠡᠷ᠎ᠡ ᠴᠠᠭ ᠲᠤ᠌ ᠵᠠᠬᠢᠳᠠᠯ ᠳ᠋ᠤ᠌ ᠭᠠᠭᠴᠠ ᠬᠦ᠌ ᠲᠡᠢᠮᠦ ᠬᠦᠩ ᠢ᠋ᠶ᠋ᠡᠷ ᠶᠠᠪᠤᠭᠤᠯᠤᠯ᠎ᠠ ᠭᠡᠵᠦ ᠤᠭ ᠮᠡᠳᠡᠭᠳᠡᠬᠦ ᠵᠦᠢᠯ ᠢ᠋ᠶ᠋ᠡᠨ ᠡᠯᠴᠢ ᠳ᠋ᠦ᠍ ᠢᠲᠡᠭᠡᠮᠵᠢᠯᠡᠳᠡᠭ ᠨᠢᠭᠡ ᠤᠴᠢᠷ ᠪᠠᠢᠭᠰᠠᠨ ᠪᠠᠢᠬᠤ ᠭᠡᠵᠦ ᠮᠢᠨᠦ ᠪᠠᠭᠰᠢ ᠠᠺᠠᠳᠧᠮᠴᠢ ᠸᠯᠠᠳᠢᠮᠠᠷᠼᠣᠸ ᠬᠡᠯᠡᠳᠡᠭ ᠪᠠᠢᠯ᠎ᠠ᠃
ᠬᠣᠵᠢᠮ ᠬᠣᠪᠲᠣ ᠶ᠋ᠢᠨ ᠬᠢᠵᠠᠭᠠᠷ ᠲᠤ᠌ ᠠᠷᠠᠳ ᠤ᠋ᠨ ᠠᠮᠠᠨ ᠵᠣᠬᠢᠶᠠᠯ᠂ ᠨᠤᠲᠤᠭ ᠤ᠋ᠨ ᠠᠶᠠᠯᠭᠤ ᠲᠡᠮᠳᠡᠭᠯᠡᠵᠦ᠂ ᠡᠷᠲᠡᠨ ᠦ᠌ ᠪᠢᠴᠢᠭ ᠦᠰᠦᠭ ᠲᠡᠢ ᠬᠥᠰᠢᠶ᠎ᠡ ᠴᠢᠯᠠᠭᠤ ᠰᠤᠷᠠᠭᠯᠠᠵᠤ᠂ ᠥᠷᠲᠡᠭᠡ ᠤᠷᠭ᠎ᠠ ᠶ᠋ᠢᠨ ᠤᠯᠠᠭ᠎ᠠ ᠪᠠᠷ ᠶᠠᠪᠤᠵᠤ ᠪᠠᠢᠬᠤ ᠳ᠋ᠠᠭᠠᠨ᠂ ᠴᠣᠷᠣᠰ ᠣᠪᠣᠭ ᠲᠠᠢ᠂ ᠠᠪᠳᠠᠷ᠎ᠠ ᠪᠠᠷ ᠢ᠋ᠶ᠋ᠠᠨ ᠳᠦᠭᠦᠷᠡᠩ ᠬᠠᠭᠤᠴᠢᠨ ᠲᠣᠳᠣ ᠮᠣᠩᠭᠣᠯ ᠨᠣᠮ ᠰᠤᠳᠤᠷ ᠲᠠᠢ ᠬᠠᠯᠲᠠᠷ ᠡᠪᠦᠭᠡᠨ ᠦ᠌ ᠳ᠋ᠦ᠍ ᠥᠨᠵᠢᠨ ᠬᠣᠨᠣᠨ ᠰᠠᠭᠠᠲᠠᠵᠤ᠂ ᠪᠢᠴᠢᠭ ᠰᠤᠳᠤᠷ ᠤ᠋ᠨ ᠨᠢ ᠱᠣᠬᠣᠭᠣᠷᠬᠠᠨ ᠦᠵᠡᠬᠦ ᠳ᠋ᠡᠭᠡᠨ 《ᠵᠠᠬᠢᠬᠤ ᠦᠭᠡ ᠡᠯᠴᠢ ᠶ᠋ᠢᠨ ᠠᠮᠠᠨ ᠳ᠋ᠤ᠌ ᠪᠣᠢ》ᠭᠡᠰᠡᠨ ᠦ᠌ ᠤᠴᠢᠷ ᠢ᠋ ᠲᠡᠷᠡ ᠬᠥᠳᠡᠭᠡᠨ ᠦ᠌ ᠲᠡᠦᠬᠡᠴᠢ ᠡᠪᠦᠭᠡᠨ ᠡᠴᠡ ᠣᠯᠵᠤ ᠰᠣᠨᠣᠰᠤᠭᠰᠠᠨ ᠢ᠋ᠶ᠋ᠠᠨ ᠭᠤᠴᠢ ᠰᠢᠬᠠᠮ ᠵᠢᠯ ᠴᠡᠭᠡᠵᠢᠨ ᠳ᠋ᠡᠭᠡᠨ ᠬᠠᠳᠠᠭᠠᠯᠠᠵᠤ ᠶᠠᠪᠤᠭᠠᠳ᠂ ᠣᠳᠣ ᠦᠰᠦ ᠪᠤᠭᠤᠷᠤᠯ ᠵᠣᠬᠢᠶᠠᠯᠴᠢ ᠪᠣᠯᠤᠭᠰᠠᠨ ᠬᠣᠢᠨ᠎ᠠ ᠡᠪᠯᠡᠭᠦᠯᠦᠨ ᠪᠢᠴᠢᠵᠦ᠂ ᠦᠵᠡᠭᠴᠢ ᠣᠯᠠᠨ ᠳ᠋ᠤ᠌ ᠪᠠᠨ ᠤᠯᠠᠮᠵᠢᠯᠠᠬᠤ ᠬᠦᠰᠡᠯ ᠲᠥᠷᠥᠯ᠎ᠡ᠃
ᠠᠷᠪᠠᠨ ᠳᠣᠯᠣᠳᠤᠭᠠᠷ ᠵᠠᠭᠤᠨ ᠤ᠋ ᠦᠶ᠎ᠡ ᠶ᠋ᠢᠨ ᠮᠠᠨ ᠤ᠋ ᠠᠷᠠᠳ ᠲᠦᠮᠡᠨ ᠦ᠌ ᠲᠡᠦᠬᠡ᠂ ᠡᠮᠭᠡᠨᠢᠯᠲᠦ ᠶᠠᠪᠤᠳᠠᠯ ᠣᠯᠠᠨ ᠲᠠᠢ ᠪᠥᠭᠡᠳ ᠰᠤᠳᠤᠷᠴᠢᠨ ᠬᠥᠮᠦᠨ᠂ ᠰᠤᠳᠤᠯᠤᠨ ᠭᠦᠢᠴᠡᠭᠡᠭᠡ ᠦᠭᠡᠢ ᠶ᠋ᠢᠨ ᠤᠴᠢᠷ 《ᠪᠠᠯᠠᠷ ᠦᠶ᠎ᠡ》 ᠭᠡᠳᠡᠭ ᠲᠡᠷᠡ ᠡᠷᠡᠨ ᠴᠠᠭ ᠤ᠋ᠨ ᠭᠤᠨᠢᠭᠲᠤ ᠳᠣᠮᠣᠭ ᠤ᠋ᠨ ᠲᠣᠢᠮᠣ ᠶ᠋ᠢ ᠨᠢ ᠨᠠᠢᠷᠠᠭᠤᠯᠤᠨ ᠥᠭᠦᠯᠡᠪᠡᠰᠦ ᠡᠨᠡ ᠪᠤᠶᠤ᠄
ᠪᠠᠷᠠᠭᠤᠨ ᠮᠣᠩᠭᠣᠯ ᠤ᠋ᠨ ᠭᠠᠯᠳᠠᠨ ᠪᠣᠱᠣᠭᠲᠤ ᠶ᠋ᠢᠨ ᠴᠡᠷᠢᠭ᠂ ᠮᠠᠨᠵᠤ ᠡᠩᠬᠡ ᠠᠮᠤᠭᠤᠯᠠᠩ ᠬᠠᠭᠠᠨ ᠤ᠋ ᠴᠡᠷᠢᠭ ᠲᠦ᠍ ᠲᠤᠤᠯᠠ ᠶ᠋ᠢᠨ ᠵᠠᠭᠤᠨ ᠮᠣᠳᠣᠨ ᠤ᠋ ᠭᠠᠵᠠᠷ ᠶᠡᠬᠡᠳᠡ ᠳᠠᠷᠤᠭᠳᠠᠭᠠᠳ᠂ ᠵᠡᠭᠦᠨᠭᠠᠷ ᠬᠡᠮᠡᠬᠦ ᠮᠣᠩᠭᠣᠯ ᠤ᠋ᠨ ᠬᠦᠴᠦᠨ ᠮᠣᠬᠣᠵᠤ ᠣᠷᠬᠣᠨ ᠭᠣᠣᠯ ᠤ᠋ᠨ ᠦᠶᠡᠷ ᠲᠦ᠍ ᠠᠪᠬᠠᠭᠤᠯᠤᠨ ᠰᠠᠷᠨᠢᠵᠤ ᠳᠤᠲᠠᠭᠠᠭᠰᠠᠨ ᠴᠣᠷᠣᠰ ᠣᠮᠣᠭ ᠤ᠋ᠨ ᠭᠥᠯᠥᠭᠡᠳᠡᠢ ᠪᠠᠭᠠᠲᠤᠷ ᠴᠡᠷᠢᠭ ᠡᠷᠦᠬᠡ ᠶ᠋ᠢᠨ ᠬᠠᠮᠲᠤ ᠪᠠᠷ ᠪᠠᠷᠠᠭᠤᠨ ᠵᠦᠭ ᠲᠡᠮᠡᠴᠡᠨ᠂ ᠭᠣᠪᠢ ᠳ᠋ᠤ᠌ ᠮᠠᠨᠵᠤ ᠶ᠋ᠢᠨ ᠴᠡᠷᠢᠭ ᠲᠦ᠍ ᠭᠦᠢᠴᠡᠭᠳᠡᠵᠦ᠂ ᠳᠡᠢᠯᠦᠭᠰᠡᠨ ᠴᠡᠷᠢᠭ ᠦ᠋ᠨ ᠬᠤᠷᠴᠠ ᠰᠦᠷ ᠲᠦ᠍ ᠠᠪᠲᠠᠭᠳᠠᠨ᠂ ᠠᠷᠭ᠎ᠠ ᠪᠤᠶᠤ ᠳᠠᠭᠠᠭᠰᠠᠨ ᠪᠢᠯᠡ᠃
ᠲᠡᠢᠨ ᠳ᠋ᠦ᠍ ᠳᠠᠷᠤᠭᠳᠠᠭᠰᠠᠨ ᠴᠡᠷᠢᠭ ᠦ᠋ᠨ ᠲᠤᠤᠯᠠ ᠶ᠋ᠢᠨ ᠵᠠᠭᠤᠨ ᠮᠣᠳᠣᠨ ᠤ᠋ ᠲᠡᠨᠳᠡ ᠣᠯᠤᠭᠰᠠᠨ ᠰᠢᠷᠬ᠎ᠠ ᠭᠦᠢᠴᠡᠳ ᠡᠳᠡᠭᠡᠭᠡ ᠦᠭᠡᠢ᠂ ᠰᠡᠳᠬᠢᠯ ᠳ᠋ᠦ᠍ ᠲᠦᠮᠡᠨ ᠭᠠᠰᠢᠭᠤᠳᠠᠯ ᠵᠠᠩᠭᠢᠷᠠᠭᠰᠠᠨ ᠨᠢ ᠠᠯᠳᠠᠷᠠᠭ᠎ᠠ ᠦᠭᠡᠢ᠂ ᠮᠠᠨᠵᠤ ᠬᠠᠨ ᠤ᠋ ᠴᠡᠷᠢᠭ ᠲᠦ᠍ ᠥᠩᠭᠡᠨ ᠳ᠋ᠡᠭᠡᠨ ᠳᠠᠷᠤᠭᠳᠠᠯ᠎ᠠ ᠴᠤ᠌᠂ ᠥᠰᠢᠶ᠎ᠡ ᠬᠣᠷᠣᠰᠤᠯ ᠬᠡᠬᠦᠳᠡᠭ ᠴᠡᠭᠡᠵᠢ ᠪᠡᠷ ᠳᠦᠭᠦᠷᠡᠩ ᠪᠠᠢᠵᠠᠢ᠃
ᠭᠥᠯᠥᠭᠡᠳᠡᠢ ᠪᠠᠭᠠᠲᠤᠷ ᠤ᠋ᠨ ᠥᠷᠥᠭᠡᠨ ᠡᠴᠡ ᠥᠷᠲᠡᠭᠡ ᠬᠢᠷᠢᠲᠡᠢ ᠭᠠᠵᠠᠷ᠂ ᠮᠠᠨᠵᠤ ᠴᠡᠷᠢᠭ ᠬᠤᠸᠠᠷᠠᠩᠨᠠᠵᠤ ᠰᠦᠷ ᠪᠠᠳᠠᠷᠠᠭᠤᠯᠤᠭᠴᠢ ᠭᠡᠳᠡᠭ ᠴᠣᠯᠠᠲᠠᠢ ᠮᠠᠨᠵᠤ ᠵᠠᠩᠵᠤᠨ ᠤ᠋ ᠯᠤᠤᠲᠤ ᠲᠤᠭ ᠵᠠᠩᠵᠤᠨ ᠤ᠋ ᠥᠷᠥᠭᠡᠨ ᠦ᠌ ᠡᠮᠦᠨ᠎ᠡ ᠬᠡᠭᠡᠷ᠎ᠡ ᠶ᠋ᠢᠨ ᠰᠠᠯᠬᠢᠨ ᠢ᠋ᠶ᠋ᠠᠨ ᠨᠠᠮᠢᠷᠠᠨ᠂ ᠮᠠᠨᠵᠤ ᠴᠡᠷᠢᠭ ᠦ᠋ᠨ ᠡᠷᠭᠢᠭᠦᠯ ᠬᠠᠷᠠᠭᠤᠯ ᠬᠠᠮᠢᠶ᠎ᠠ ᠦᠭᠡᠢ ᠬᠥᠮᠦᠨ ᠢ᠋ ᠬᠤᠸᠠᠷᠠᠨ ᠳ᠋ᠠᠭᠠᠨ ᠣᠢᠷᠠᠲᠤᠭᠤᠯᠳᠠᠭ ᠦᠭᠡᠢ ᠪᠠᠢᠯ᠎ᠠ᠃
ᠰᠦᠷ ᠪᠠᠳᠠᠷᠠᠭᠤᠯᠤᠭᠴᠢ ᠵᠠᠩᠵᠤᠨ ᠹᠦ ᠭᠡᠳᠡᠭ᠂ ᠪᠡᠶ᠎ᠡ ᠥᠨᠳᠥᠷ ᠲᠤᠷᠠᠩᠬᠠᠢ ᠴᠢᠭᠢᠷᠠᠭ ᠡᠪᠦᠭᠡᠨ ᠥᠷᠯᠥᠭᠡ ᠪᠦᠷᠢ ᠴᠡᠷᠢᠭ ᠢ᠋ᠶ᠋ᠡᠨ ᠰᠤᠷᠭᠠᠭᠤᠯᠢ ᠬᠢᠯᠭᠡᠵᠦ᠂ ᠬᠠᠬᠢᠷ ᠳᠠᠭᠤᠲᠤ ᠴᠡᠷᠢᠭ ᠦ᠋ᠨ ᠪᠦᠷᠢᠶ᠎ᠡ ᠦᠯᠢᠶᠡᠨ᠂ ᠮᠠᠨᠵᠤ ᠴᠡᠷᠢᠭ ᠰᠠᠷᠠᠨ ᠫᠠᠢ ᠬᠠᠷᠪᠤᠬᠤ᠂ ᠮᠣᠷᠢᠨ ᠰᠤᠷᠭᠠᠭᠤᠯᠢ ᠬᠢᠬᠦ ᠶ᠋ᠢ ᠬᠣᠨᠢᠴᠢᠨ ᠬᠡᠦᠬᠡᠳ ᠬᠣᠯᠠ ᠡᠴᠡ ᠰᠣᠨᠢᠷᠬᠠᠨ ᠬᠠᠷᠠᠳᠠᠭ ᠪᠠᠢᠯ᠎ᠠ᠃
ᠭᠥᠯᠥᠭᠡᠳᠡᠢ ᠪᠠᠭᠠᠲᠤᠷ᠂ ᠹᠦ ᠵᠠᠩᠵᠤᠨ ᠤ᠋ ᠳ᠋ᠤ᠌ ᠬᠠᠶᠠ ᠢᠷᠡᠳᠡᠭ ᠪᠣᠯᠵᠤ᠂ ᠮᠠᠨᠵᠤ ᠴᠡᠷᠢᠭ ᠦ᠋ᠨ ᠨᠣᠶᠠᠨ᠂ ᠡᠪᠦᠭᠡᠨ ᠪᠠᠭᠠᠲᠤᠷ ᠢ᠋ ᠢᠷᠡᠬᠦ ᠪᠦᠷ ᠥᠷᠥᠭᠡᠨ ᠡᠴᠡ ᠪᠡᠨ ᠭᠠᠷᠴᠤ ᠤᠭᠲᠤᠨ ᠤᠯᠠᠮ ᠳᠣᠲᠣᠨᠣ ᠪᠠᠢᠳᠠᠯ ᠲᠠᠢ ᠪᠣᠯᠤᠭᠰᠠᠨ ᠮᠡᠲᠦ᠂ ᠰᠠᠢᠬᠠᠨ ᠳᠠᠢᠰᠤᠩᠨᠠᠨ ᠪᠠᠢᠯᠳᠤᠵᠤ ᠪᠠᠢᠭᠰᠠᠨ ᠬᠣᠶᠠᠷ ᠴᠡᠷᠢᠭ ᠦ᠋ᠨ ᠵᠠᠩᠵᠤᠨ ᠪᠡᠶ᠎ᠡ ᠪᠡᠶ᠎ᠡ ᠳ᠋ᠡᠭᠡᠨ ᠢᠵᠢᠯᠢᠳᠡᠨ ᠲᠡᠰᠴᠦ ᠮᠠᠨᠵᠤ ᠨᠣᠶᠠᠨ᠂ ᠮᠣᠩᠭᠣᠯ ᠰᠢᠳᠡᠷ᠎ᠡ ᠰᠤᠷᠤᠭᠠᠳ᠂ ᠭᠥᠯᠥᠭᠡᠳᠡᠢ ᠵᠠᠷᠢᠮ ᠳ᠋ᠠᠭᠠᠨ ᠥᠨᠵᠢᠨ ᠬᠣᠨᠣᠨ ᠰᠢᠲᠠᠷ᠎ᠠ ᠨᠡᠭᠦᠳᠡᠭ ᠪᠣᠯᠤᠯ᠎ᠠ᠃
ᠣᠲᠣᠭ ᠴᠡᠷᠢᠭ ᠢ᠋ᠶ᠋ᠡᠨ ᠤᠳᠤᠷᠢᠳᠤᠭᠰᠠᠨ ᠡᠪᠦᠭᠡᠨ ᠭᠥᠯᠥᠭᠡᠳᠡᠢ ᠪᠠᠭᠠᠲᠤᠷ᠂ ᠮᠠᠨᠵᠤ ᠶ᠋ᠢᠨ ᠰᠦᠷ ᠪᠠᠳᠠᠷᠠᠭᠤᠯᠤᠭᠴᠢ ᠹᠦ ᠵᠠᠩᠵᠤᠨ ᠲᠠᠢ ᠭᠡᠨᠡᠳᠲᠡ ᠳᠣᠲᠣᠨᠣ ᠨᠠᠢᠷᠲᠠᠢ ᠪᠣᠯᠵᠤ ᠪᠠᠢᠨ ᠪᠠᠢᠨ ᠮᠠᠨᠵᠤ ᠵᠠᠩᠵᠤᠨ ᠤ᠋ ᠥᠷᠥᠭᠡᠨ ᠳ᠋ᠦ᠍ ᠠᠢᠯᠴᠢᠯᠠᠨ ᠣᠴᠢᠳᠠᠭ ᠪᠣᠯᠤᠭᠰᠠᠨ ᠳ᠋ᠤ᠌᠂ ᠬᠥᠭᠰᠢᠨ ᠵᠠᠯᠠᠭᠤ ᠦᠭᠡᠢ ᠭᠠᠢᠬᠠᠪᠠᠴᠤ᠂ ᠡᠪᠦᠭᠡᠨ ᠪᠠᠭᠠᠲᠤᠷ ᠮᠠᠨᠢ ᠠᠷᠠᠢ ᠴᠤ᠌ ᠳᠠᠢᠰᠤᠨ ᠳ᠋ᠤ᠌ ᠵᠢᠰᠤᠷᠳᠠᠮ ᠦᠭᠡᠢ ᠰᠢᠳᠤᠷᠭᠤ ᠵᠢᠷᠤᠮᠲᠤ ᠬᠥᠮᠦᠨ᠂ ᠯᠠᠪ ᠨᠢᠭᠡ ᠤᠴᠢᠷ ᠪᠣᠢ ᠭᠡᠵᠦ ᠱᠠᠭ ᠱᠣᠭ ᠬᠡᠯᠡᠴᠡᠳᠡᠭ ᠪᠣᠯᠵᠠᠢ᠃
ᠲᠡᠭᠡᠲᠡᠯ᠎ᠡ ᠡᠪᠦᠭᠡᠨ ᠪᠠᠭᠠᠲᠤᠷ᠂ ᠰᠦᠷ ᠪᠠᠳᠠᠷᠠᠭᠤᠯᠤᠭᠴᠢ ᠹᠦ ᠵᠠᠩᠵᠤᠨ ᠢ᠋ ᠲᠥᠷᠥᠭᠰᠡᠨ ᠡᠳᠦᠷ ᠦ᠋ᠨ ᠢ᠋ᠶ᠋ᠡᠨ ᠨᠠᠢᠷ ᠲᠤ᠌ ᠤᠷᠢᠨ ᠬᠤᠷᠢᠮᠯᠠᠬᠤ ᠴᠢᠮᠡᠭᠡ ᠭᠠᠷᠴᠤ᠂ ᠵᠠᠭᠤᠲᠤ ᠶ᠋ᠢᠨ ᠲᠤᠰᠢᠶᠠᠯ ᠢ᠋ᠶ᠋ᠠᠷ ᠠᠷᠪᠠᠨ ᠤ᠋ ᠳᠠᠷᠤᠭ᠎ᠠ ᠨᠠᠷ᠂ ᠨᠠᠢᠷ ᠤ᠋ᠨ ᠬᠡᠷᠡᠭᠰᠡᠯ᠂ ᠠᠢᠷᠠᠭ ᠴᠡᠬᠡ᠂ ᠴᠠᠭᠠᠨ ᠢᠳᠡᠭᠡ ᠰᠠᠷᠬᠤᠳ ᠪᠡᠯᠡᠳᠬᠡᠭᠦᠯᠵᠡᠢ᠃
ᠡᠢᠮᠦ ᠴᠠᠭ ᠲᠤ᠌ ᠨᠠᠢᠷ ᠴᠡᠩᠭᠡᠯ ᠬᠢᠬᠦ ᠭᠡᠳᠡᠭ ᠶᠠᠭᠤ ᠪᠢᠯᠡ ᠭᠡᠵᠦ ᠡᠪᠦᠭᠡᠳ ᠡᠮᠡᠭᠡᠳ ᠢᠳᠡᠷ ᠴᠡᠷᠢᠭ ᠦ᠋ᠨ ᠡᠷᠡᠰ ᠪᠡᠶ᠎ᠡ ᠪᠡᠶ᠎ᠡ ᠡᠴᠡ ᠠᠰᠠᠭᠤᠨ᠂ ᠠᠷᠪᠠᠨ ᠵᠠᠭᠤᠨ ᠴᠡᠷᠢᠭ ᠦ᠋ᠨ ᠳᠠᠷᠤᠭ᠎ᠠ ᠡᠴᠡ ᠯᠠᠪᠯᠠᠵᠠᠭᠠᠪᠠᠯ 《ᠡᠪᠦᠭᠡᠨ ᠪᠠᠭᠠᠲᠤᠷ ᠤ᠋ᠨ ᠵᠠᠬᠢᠶ᠎ᠠ ᠡᠯᠴᠢ ᠶ᠋ᠢᠨ ᠦᠭᠡ》 ᠭᠡᠵᠦ ᠵᠠᠭᠤᠨ ᠤ᠋ ᠳᠠᠷᠤᠭ᠎ᠠ ᠪᠢᠲᠡᠭᠦᠯᠢᠭ ᠢᠨᠢᠶᠡᠮᠰᠦᠭᠯᠡᠨ ᠢᠯᠡᠭᠦᠦ ᠳᠤᠲᠠᠭᠤ ᠦᠭᠡ ᠬᠡᠯᠡᠬᠦ ᠦᠭᠡᠢ ᠠᠵᠠᠢ᠃ ᠪᠣᠯᠵᠣᠭᠰᠠᠨ ᠡᠳᠦᠷ ᠲᠩᠷᠢ ᠴᠡᠯᠮᠡᠭ᠂ ᠮᠠᠰᠢ ᠰᠠᠢᠬᠠᠨ ᠪᠠᠢᠵᠠᠢ᠃
ᠮᠠᠨᠵᠤ ᠴᠡᠷᠢᠭ ᠲᠤᠭ ᠳᠠᠯᠪᠠᠭ᠎ᠠ ᠪᠠᠷᠢᠵᠠᠭᠠᠨ᠂ ᠥᠪᠴᠢ ᠵᠡᠪᠰᠡᠭᠯᠡᠵᠦ᠂ ᠰᠦᠷ ᠪᠠᠳᠠᠷᠠᠭᠤᠯᠤᠭᠴᠢ ᠹᠦ ᠵᠠᠩᠵᠤᠨ ᠬᠤᠸᠠᠷᠠᠨ ᠳ᠋ᠠᠭᠠᠨ ᠫᠤᠤ ᠲᠠᠯᠪᠢᠨ᠂ ᠲᠣᠷᠭᠠᠨ ᠴᠡᠷᠢᠭ ᠢ᠋ᠶ᠋ᠡᠷ ᠬᠦᠷᠢᠶᠡᠯᠡᠭᠦᠯᠵᠦ᠂ ᠭᠥᠯᠥᠭᠡᠳᠡᠢ ᠪᠠᠭᠠᠲᠤᠷ ᠤ᠋ᠨ ᠬᠦᠷᠢᠶᠡᠨ ᠳ᠋ᠦ᠍ ᠬᠦᠷᠦᠯᠴᠡᠨ ᠢᠷᠡᠭᠡᠳ᠂ ᠡᠪᠦᠭᠡᠨ ᠪᠠᠭᠠᠲᠤᠷ᠂ ᠢᠳᠡᠷ ᠵᠠᠯᠠᠭᠤ ᠶ᠋ᠢᠨ ᠵᠢᠪᠬᠤᠯᠠᠩ ᠪᠦᠷᠢᠳᠦᠭᠰᠡᠨ ᠭᠠᠭᠴᠠ ᠬᠦᠦ ᠪᠡᠨ ᠳᠠᠭᠠᠭᠤᠯᠤᠨ᠂ ᠬᠠᠲᠤᠨ ᠲᠠᠢ ᠪᠠᠨ ᠭᠠᠷᠴᠤ᠂ ᠬᠦᠨᠳᠦᠲᠦ ᠵᠣᠴᠢᠨ ᠢ᠋ᠶ᠋ᠠᠨ ᠬᠣᠯᠠ ᠡᠴᠡ ᠤᠭᠲᠤᠪᠠ᠃
ᠮᠠᠨᠵᠤ ᠵᠠᠩᠵᠤᠨ ᠮᠣᠷᠢᠨ ᠠ᠋ᠴᠠ ᠪᠠᠨ ᠪᠠᠭᠤᠵᠤ᠂ ᠨᠠᠢᠷᠰᠠᠭ ᠪᠠᠢᠳᠠᠯ ᠢ᠋ᠶ᠋ᠠᠷ ᠡᠪᠦᠭᠡᠨ ᠪᠠᠭᠠᠲᠤᠷ ᠢ᠋ ᠶᠣᠰᠣᠯᠠᠨ᠂ ᠠᠷᠪᠠᠨ ᠬᠠᠨ᠎ᠠ ᠲᠠᠢ ᠤᠯᠠᠭᠠᠨ ᠬᠠᠯᠵᠠᠨ ᠬᠥᠯᠲᠥᠷᠭᠡ ᠲᠡᠢ ᠥᠷᠥᠭᠡᠨ ᠳ᠋ᠦ᠍ ᠨᠢ ᠣᠷᠣᠵᠠᠢ᠃ ᠵᠠᠩᠵᠤᠨ ᠤ᠋ ᠴᠡᠷᠢᠭ᠂ ᠪᠠᠭ ᠪᠠᠭ ᠢ᠋ᠶ᠋ᠠᠷ ᠢ᠋ᠶ᠋ᠠᠨ ᠵᠢᠭᠰᠠᠨ᠂ ᠴᠡᠷᠢᠭ ᠦ᠋ᠨ ᠳᠣᠬᠢᠶᠠᠨ ᠤ᠋ ᠪᠦᠷᠢᠶ᠎ᠡ ᠬᠠᠩᠭᠢᠨᠠᠵᠤ᠂ ᠳᠠᠷᠤᠭ᠎ᠠ ᠨᠠᠷ ᠤ᠋ᠨ ᠥᠨᠳᠥᠷ ᠳᠠᠭᠤ ᠪᠠᠷ ᠲᠤᠰᠢᠶᠠᠬᠤ ᠮᠠᠨᠵᠤ ᠴᠡᠷᠢᠭ ᠦ᠋ᠨ ᠦᠭᠡ ᠡᠪᠦᠭᠡᠨ ᠪᠠᠭᠠᠲᠤᠷ ᠤ᠋ᠨ ᠬᠦᠷᠢᠶᠡᠨ ᠳ᠋ᠦ᠍ ᠳᠠᠭᠤᠷᠢᠰᠴᠤ᠂ ᠮᠠᠨᠵᠤ ᠵᠠᠩᠵᠤᠨ ᠤ᠋ ᠲᠣᠷᠭᠠᠨ ᠴᠡᠷᠢᠭ᠂ ᠥᠷᠥᠭᠡᠨ ᠦ᠌ ᠳᠥᠷᠪᠡᠨ ᠡᠲᠡᠭᠡᠳ ᠲᠦ᠍ ᠬᠦᠨᠳᠦᠲᠦ ᠬᠠᠷᠠᠭᠤᠯ ᠵᠣᠭᠰᠣᠪᠠ᠃
ᠭᠥᠯᠥᠭᠡᠳᠡᠢ ᠪᠠᠭᠠᠲᠤᠷ ᠤ᠋ᠨ ᠲᠤᠭ ᠤ᠋ᠨ ᠳᠡᠷᠭᠡᠳᠡ ᠮᠠᠨᠵᠤ ᠶ᠋ᠢᠨ ᠯᠤᠤᠲᠤ ᠲᠤᠭ ᠵᠤᠭᠤᠵᠤ᠂ ᠥᠪᠴᠢ ᠬᠤᠶᠠᠭᠲᠤ᠂ ᠴᠡᠷᠢᠭ᠂ ᠲᠤᠭ ᠲᠣᠭᠣᠷᠢᠨ ᠵᠢᠭᠰᠠᠪᠠ᠃ ᠹᠦ ᠵᠠᠩᠵᠤᠨ ᠤ᠋ ᠰᠢᠳᠠᠷ ᠪᠡᠶ᠎ᠡ ᠬᠠᠮᠠᠭᠠᠯᠠᠭᠴᠢ ᠥᠨᠳᠥᠷ ᠴᠢᠭᠢᠷᠠᠭ ᠬᠡᠳᠦᠨ ᠰᠣᠯᠢᠶᠠᠨ ᠴᠡᠷᠢᠭ᠂ ᠵᠠᠩᠵᠤᠨ ᠢ᠋ᠶ᠋ᠠᠨ ᠳᠠᠭᠠᠵᠤ ᠡᠪᠦᠭᠡᠨ ᠪᠠᠭᠠᠲᠤᠷ ᠤ᠋ᠨ ᠥᠷᠥᠭᠡᠨ ᠳ᠋ᠦ᠍ ᠪᠡᠯᠡᠭ ᠦ᠋ᠨ ᠵᠦᠢᠯᠡᠰ ᠪᠠᠷᠢᠨ ᠣᠷᠣᠴᠠᠭᠠᠵᠤ᠂ ᠤᠳᠠᠯ ᠦᠭᠡᠢ ᠭᠠᠳᠠᠨ᠎ᠠ ᠡᠴᠡ ᠰᠣᠨᠣᠰᠪᠠᠯ᠂ ᠰᠠᠷᠬᠤᠳ ᠪᠠᠷᠢᠨ ᠬᠥᠭᠵᠢᠮ ᠡᠷᠭᠦᠬᠦ ᠴᠢᠮᠡᠭᠡ ᠰᠣᠨᠣᠰᠤᠭᠳᠠᠯ᠎ᠠ᠃
ᠭᠥᠯᠥᠭᠡᠳᠡᠢ ᠪᠠᠭᠠᠲᠤᠷ ᠤ᠋ᠨ ᠥᠷᠥᠭᠡᠨ ᠡᠴᠡ ᠵᠠᠢᠳᠠᠭᠤᠬᠠᠨ᠂ ᠰᠠᠭᠠᠬᠠᠯᠲᠠ ᠬᠢᠷᠢ ᠶ᠋ᠢᠨ ᠭᠠᠵᠠᠷ ᠨᠡᠢᠲᠡ ᠶ᠋ᠢᠨ ᠨᠠᠢᠷ ᠵᠠᠷᠯᠠᠭᠰᠠᠨ ᠭᠠᠵᠠᠷ᠂ ᠨᠠᠢᠷ ᠬᠤᠷᠢᠮ ᠤ᠋ᠨ ᠭᠣᠶᠣᠯ ᠴᠢᠮᠡᠭ ᠲᠡᠢ ᠰᠠᠢᠬᠠᠨ ᠬᠤᠪᠴᠠᠰᠤ ᠲᠠᠢ ᠬᠥᠮᠦᠨ ᠴᠤᠭᠯᠠᠨ᠂ ᠥᠷᠭᠡᠨ ᠲᠠᠯ᠎ᠠ ᠶ᠋ᠢᠨ ᠲᠡᠷᠡ ᠬᠡᠰᠡᠭ ᠨᠢ ᠡᠮᠡᠭᠡᠯ ᠬᠠᠵᠠᠭᠠᠷ ᠲᠠᠢ ᠬᠡᠳᠦᠨ ᠮᠢᠩᠭᠠᠨ ᠮᠣᠷᠢ ᠬᠠᠳᠠ ᠮᠡᠲᠦ ᠬᠠᠨᠳᠠᠢᠷᠠᠭᠠᠰᠤ ᠲᠠᠢ᠂ ᠬᠠᠢᠴᠠᠭ ᠮᠡᠲᠦ ᠲᠤᠱᠠ ᠲᠠᠢ᠂ ᠬᠣᠢᠮᠣᠷ ᠲᠠᠯ᠎ᠠ ᠶ᠋ᠢᠨ ᠠᠰᠠᠷ ᠢ᠋ᠶ᠋ᠠᠷ ᠡᠪᠦᠭᠡᠨ ᠪᠠᠭᠠᠲᠤᠷ ᠮᠠᠨᠵᠤ ᠨᠣᠶᠠᠳ ᠤ᠋ᠨ ᠰᠠᠭᠤᠳᠠᠯ ᠵᠠᠰᠠᠭ᠎ᠠ ᠲᠠᠢ ᠪᠠᠷᠠᠭᠤᠨ ᠲᠠᠯ᠎ᠠ ᠳ᠋ᠤ᠌ ᠣᠲᠣᠭ ᠤ᠋ᠨ ᠡᠪᠦᠭᠡᠳ ᠬᠥᠭᠰᠢᠳ᠂ ᠡᠬᠡᠨᠡᠷ᠂ ᠥᠬᠢᠳ ᠲᠠᠯ᠎ᠠ ᠶ᠋ᠢᠨ ᠴᠡᠴᠡᠭ ᠮᠡᠲᠦ ᠡᠷᠢᠶᠡᠨ ᠮᠢᠷᠢᠶᠠᠨ᠂ ᠴᠥᠮ ᠭᠥᠯᠥᠭᠡᠳᠡᠢ ᠪᠠᠭᠠᠲᠤᠷ ᠢ᠋ ᠹᠦ ᠵᠠᠩᠵᠤᠨ ᠤ᠋ ᠬᠠᠮᠲᠤ ᠢᠷᠡᠬᠦ ᠶ᠋ᠢ ᠬᠦᠯᠢᠶᠡᠵᠡᠢ᠃
ᠲᠡᠷᠡ ᠵᠠᠪᠰᠠᠷ ᠡᠪᠦᠭᠡᠨ ᠪᠠᠭᠠᠲᠤᠷ ᠤ᠋ᠨ ᠥᠷᠭᠥᠭᠡ ᠭᠡᠷ ᠲᠦ᠍ ᠡᠭᠡᠰᠢᠭᠲᠦ ᠰᠠᠢᠬᠠᠨ ᠬᠣᠭᠣᠯᠠᠢ ᠳ᠋ᠤ᠌ ᠡᠮᠡᠭᠲᠡᠢᠴᠦᠳ ᠬᠤᠨᠳᠠᠭ᠎ᠠ ᠪᠠᠷᠢᠬᠤ ᠳ᠋ᠤ᠌ ᠡᠷᠭᠦᠬᠦ ᠬᠤᠷᠢᠮ ᠤ᠋ᠨ ᠠᠶ᠎ᠠ ᠭᠦᠢᠴᠡᠭᠡᠭᠡᠳ᠂ ᠵᠣᠴᠢᠨ ᠢ᠋ ᠬᠦᠨᠳᠦᠳᠬᠡᠨ ᠰᠠᠷᠬᠤᠳ ᠰᠥᠩᠨᠡᠵᠦ ᠪᠠᠢᠭᠰᠠᠨ᠂ ᠡᠪᠦᠭᠡᠨ ᠪᠠᠭᠠᠲᠤᠷ ᠣᠨ ᠭᠠᠭᠴᠠ ᠬᠦᠦ᠂ ᠨᠢᠳᠦᠨ ᠳ᠋ᠡᠭᠡᠨ ᠭᠠᠯ ᠲᠠᠢ ᠨᠢᠭᠤᠷ ᠲᠠᠭᠠᠨ ᠴᠣᠭ ᠲᠠᠢ ᠱᠣᠨᠤ᠂ ᠬᠠᠰ ᠬᠤᠨᠳᠠᠭᠠᠨ ᠳ᠋ᠤ᠌ ᠳᠠᠬᠢᠨ ᠠᠷᠢᠬᠢ ᠳᠦᠭᠦᠷᠭᠡᠵᠦ᠂ ᠡᠪᠦᠭᠡᠨ ᠪᠠᠭᠠᠲᠤᠷ ᠬᠤᠨᠳᠠᠭ᠎ᠠ ᠲᠣᠰᠣᠨ᠂ ᠵᠠᠩᠵᠤᠨ ᠳ᠋ᠤ᠌ ᠡᠷᠭᠦᠬᠦ ᠭᠡᠲᠡᠯ᠎ᠡ᠂ ᠹᠦ ᠵᠠᠩᠵᠤᠨ ᠨᠢᠳᠦ ᠢᠷᠮᠡᠰᠬᠢᠪᠠ᠃ ᠲᠡᠷᠡ ᠳᠣᠬᠢᠶ᠎ᠠ ᠪᠠᠷ ᠬᠠᠴᠠᠪᠴᠢ ᠶ᠋ᠢᠨ ᠬᠣᠶᠠᠷ ᠲᠠᠯ᠎ᠠ ᠳ᠋ᠤ᠌ ᠵᠠᠩᠵᠤᠨ ᠡᠴᠡ ᠨᠢᠳᠦ ᠰᠢᠯᠵᠢᠭᠦᠯᠦᠯ ᠦᠭᠡᠢ ᠵᠣᠭᠰᠣᠵᠤ ᠪᠠᠢᠭᠰᠠᠨ ᠰᠣᠯᠢᠶᠠᠨ ᠪᠠᠭᠠᠲᠤᠷ ᠤ᠋ᠳ ᠭᠡᠨᠡᠳᠲᠡ ᠤᠬᠤᠰᠬᠢᠵᠦ ᠱᠣᠨᠤ ᠭᠥᠯᠥᠭᠡᠳᠡᠢ ᠬᠣᠶᠠᠷ ᠢ᠋ ᠳᠠᠷᠤᠨ ᠤᠨᠠᠵᠤ᠂ ᠬᠠᠰ ᠬᠤᠨᠳᠠᠭ᠎ᠠ ᠨᠢᠴᠠ ᠭᠢᠰᠬᠢᠨ᠂ ᠬᠣᠷᠣᠮᠬᠠᠨ ᠵᠠᠭᠤᠷ᠎ᠠ ᠬᠦᠯᠢᠵᠦ ᠣᠷᠬᠢᠪᠠ᠃
-ᠬᠥᠬᠡ ᠲᠩᠷᠢ᠂ ᠭᠡᠵᠦ ᠰᠣᠴᠢᠨ ᠭᠡᠯᠮᠡᠭᠳᠡᠭᠰᠡᠨ ᠡᠮᠡᠭᠲᠡᠢᠴᠦᠳ ᠦ᠋ᠨ ᠤᠤᠯᠭ᠎ᠠ ᠠᠯᠳᠠᠬᠤ ᠳ᠋ᠤ᠌ ᠴᠢᠭᠢᠷᠠᠭ ᠮᠠᠨᠵᠤ ᠴᠡᠷᠢᠭ ᠭᠱᠠᠨ ᠵᠠᠭᠤᠷ᠎ᠠ ᠠᠮᠠᠨ ᠳ᠋ᠤᠨᠢ ᠲᠠᠭᠯᠠᠭ᠎ᠠ ᠬᠢᠵᠦ ᠭᠠᠷ ᠢ ᠨᠢ ᠬᠦᠯᠢᠭᠡᠳ᠂ ᠲᠣᠮᠣ ᠭᠡᠷ ᠲᠦ᠍ ᠴᠢᠪ ᠴᠢᠮᠡᠭᠡ ᠦᠭᠡᠢ ᠪᠣᠯᠵᠤ᠂ ᠭᠠᠭᠴᠠ ᠬᠦ᠌ ᠨᠣᠴᠣᠯᠳᠤᠵᠤ ᠠᠮᠢᠰᠬᠤᠯ ᠳᠠᠪᠬᠤᠴᠠᠭᠰᠠᠨ ᠬᠥᠮᠦᠨ ᠦ᠌ ᠤᠭᠤᠬᠢᠯᠠᠬᠤ ᠨᠢ ᠰᠣᠨᠣᠰᠳᠠᠬᠤ ᠠᠵᠠᠢ᠃
ᠹᠦ ᠵᠠᠩᠵᠤᠨ ᠤ᠋ ᠲᠣᠯᠣᠭᠠᠢ ᠲᠣᠬᠢᠮᠠᠭᠴᠠ ᠨᠢᠭᠡ ᠪᠠᠭᠠᠲᠤᠷ ᠨᠢ ᠭᠠᠳᠠᠭᠰᠢ ᠭᠠᠷᠴᠤ᠂ ᠴᠡᠷᠢᠭ ᠲᠡᠭᠡᠨ ᠶᠠᠮᠠᠷᠬᠠᠨ ᠨᠢᠭᠡᠨ ᠲᠤᠰᠢᠶᠠᠯ ᠥᠭᠭᠦᠭᠡᠳ᠂ ᠡᠷᠭᠢᠵᠦ ᠥᠷᠥᠭᠡᠨ ᠳ᠋ᠡᠭᠡᠨ ᠣᠷᠣᠪᠠ᠃ ᠹᠦ ᠵᠠᠩᠵᠤᠨ ᠢᠨᠢᠶᠡᠮᠰᠦᠭᠯᠡᠨ᠂ ᠬᠦᠯᠢᠶᠡᠰᠦ ᠲᠡᠢ᠂ ᠠᠮᠠᠨ ᠳ᠋ᠠᠭᠠᠨ ᠲᠠᠭᠯᠠᠭ᠎ᠠ ᠰᠢᠭᠠᠯᠲᠠ ᠲᠠᠢ ᠭᠥᠯᠥᠭᠡᠳᠡᠢ᠂ ᠱᠣᠨᠤ᠂ ᠡᠪᠦᠭᠡᠨ ᠪᠠᠭᠠᠲᠤᠷ ᠤ᠋ᠨ ᠬᠠᠲᠤᠨ ᠥᠬᠢᠳ ᠦ᠋ᠨ ᠵᠦᠭ ᠬᠠᠨᠳᠤᠵᠤ
-ᠡᠷᠬᠢᠮ ᠭᠡᠷ ᠦ᠋ᠨ ᠡᠵᠡᠨ ᠠᠭᠤᠴᠢᠯᠠᠬᠤ ᠠᠵᠢᠶᠠᠮᠤ᠃ ᠲᠠᠨ ᠤ᠋ ᠨᠢᠭᠤᠴᠠ ᠠᠷᠭ᠎ᠠ ᠳ᠋ᠤ᠌ ᠦᠯᠦ ᠠᠪᠲᠠᠭᠳᠠᠬᠤ ᠶ᠋ᠢᠨ ᠤᠴᠢᠷ ᠵᠠᠩᠵᠤᠨ ᠮᠢᠨᠦ ᠪᠡᠶ᠎ᠡ ᠤᠷᠢᠳᠴᠢᠯᠠᠭᠰᠠᠨ ᠰᠡᠷᠭᠡᠢᠯᠡᠬᠦ ᠠᠷᠭ᠎ᠠ ᠬᠡᠷᠡᠭᠯᠡᠭᠰᠡᠨ ᠪᠢᠯᠡ᠃ ᠡᠰᠡ ᠴᠢᠩᠭᠢᠪᠡᠯ᠂ ᠮᠢᠨᠦ ᠴᠡᠷᠢᠭ ᠳᠠᠷᠤᠢ ᠲᠣᠯᠣᠭᠠᠢ ᠦᠭᠡᠢ ᠴᠢᠳᠬᠥᠷ ᠪᠣᠯᠬᠤ ᠶᠤᠮᠰᠠᠨᠵᠠᠢ᠃ ᠪᠢ ᠴᠦ᠍ ᠲᠠᠨ ᠤ᠋ ᠳᠠᠯᠳᠠ ᠬᠣᠣᠷᠲᠤ ᠠᠷᠭᠠᠨ ᠳ᠋ᠤ᠌ ᠣᠷᠣᠵᠤ ᠪᠣᠯᠵᠣᠰᠢ ᠦᠭᠡᠢ ᠪᠠᠢᠯ᠎ᠠ᠃ ᠭᠠᠭᠴᠠ ᠬᠦ᠌ ᠡᠩᠬᠡ ᠠᠮᠤᠭᠤᠯᠠᠩ ᠬᠠᠭᠠᠨ ᠤ᠋ ᠲᠣᠭᠰᠢᠨ ᠰᠠᠬᠢᠭᠤᠰᠤ ᠭᠡᠰᠡᠷ ᠭᠤᠸᠠᠨ ᠯᠣᠣᠶᠧ ᠢᠪᠡᠭᠡᠵᠦ ᠲᠠᠨ ᠤ᠋ ᠶᠠᠪᠤᠭᠤᠯᠤᠭᠰᠠᠨ ᠵᠠᠬᠢᠶ᠎ᠠ ᠪᠢᠴᠢᠭ ᠦ᠋ᠨ ᠨᠢᠭᠡ ᠶ᠋ᠢ ᠥᠭᠦᠯᠡᠭᠰᠡᠨ ᠨᠢ ᠵᠠᠳᠠᠷᠠᠨ ᠮᠡᠳᠡᠭᠳᠡᠵᠦ᠂ ᠪᠢ ᠬᠠᠷᠢᠭᠤ ᠠᠷᠭ᠎ᠠ ᠬᠡᠷᠡᠭᠯᠡᠯ᠎ᠡ᠃
ᠬᠠᠷᠠᠭᠠᠲᠤ ᠲᠤᠭ ᠢ᠋ᠶ᠋ᠠᠨ ᠰᠠᠴᠤᠨ᠎ᠠ ᠤᠤ ᠪᠢ
ᠬᠠᠷ᠎ᠠ ᠪᠤᠬ᠎ᠠ ᠶ᠋ᠢᠨ ᠠᠷᠠᠰᠤ ᠪᠠᠷ ᠪᠦᠷᠢᠭᠰᠡᠨ
ᠪᠦᠷᠬᠦᠭᠰᠡᠨ ᠪᠦᠬᠦᠢ ᠳᠠᠭᠤᠲᠤ ᠬᠡᠩᠭᠡᠷᠭᠡ ᠪᠡᠨ
ᠪᠦᠭᠦᠳᠡ ᠶ᠋ᠢᠨ ᠳᠤᠮᠳᠠ ᠳᠡᠯᠡᠳᠦᠭᠦᠯᠦᠨᠡ ᠪᠢ
ᠬᠠᠷᠢ ᠮᠠᠨᠵᠤ ᠴᠡᠷᠢᠭ ᠢ᠋ ᠲᠡᠷᠡ ᠳᠣᠬᠢᠶ᠎ᠠ ᠪᠠᠷ
ᠬᠠᠪᠴᠢᠨ ᠬᠢᠳᠤᠵᠤ ᠬᠤᠷᠢᠮᠯᠠᠨ᠎ᠠ ᠪᠢᠳᠡ
ᠤᠷᠲᠤ ᠬᠠᠷᠠᠭᠠᠲᠤ ᠲᠤᠭ ᠢ᠋ᠶ᠋ᠠᠨ ᠰᠠᠴᠤᠨ᠎ᠠ ᠪᠢ
ᠦᠬᠡᠷ ᠦ᠋ᠨ ᠬᠠᠷᠠᠭᠠᠲᠤ ᠲᠤᠭ ᠢ᠋ᠶ᠋ᠠᠨ ᠰᠠᠴᠤᠨ᠎ᠠ ᠪᠢ
ᠦᠢ ᠣᠯᠠᠨ ᠤ᠋ ᠳᠤᠮᠳᠠ ᠳᠡᠯᠡᠳᠦᠭᠦᠯᠦᠨᠡ ᠪᠢ
ᠦᠰ ᠲᠡᠢ ᠮᠠᠨᠵᠤ ᠴᠡᠷᠢᠭ ᠦ᠋ᠨ ᠲᠡᠷᠡ ᠳᠣᠬᠢᠶ᠎ᠠ ᠪᠠᠷ
ᠥᠷᠥᠯᠡᠨ ᠬᠢᠳᠤᠵᠤ ᠬᠤᠷᠢᠮᠯᠠᠶᠠ ᠪᠢᠳᠡ
ᠭᠡᠵᠦ ᠨᠢᠭᠤᠴᠠ ᠵᠠᠬᠢᠶ᠎ᠠ ᠶᠠᠪᠤᠭᠤᠯᠤᠭᠰᠠᠨ ᠢ᠋ ᠮᠠᠨ ᠤ᠋ ᠴᠡᠷᠢᠭ ᠡᠯᠴᠢ ᠶ᠋ᠢ ᠪᠠᠷᠢᠵᠤ ᠵᠠᠩᠵᠤᠨ ᠤ᠋ ᠬᠠᠮᠲᠤ ᠨᠠᠳᠠ ᠬᠦᠷᠭᠡᠵᠦ ᠪᠢᠯᠡ᠃
ᠲᠥᠷᠥᠭᠰᠡᠨ ᠡᠳᠦᠷ ᠦ᠋ᠨ ᠨᠠᠢᠷ ᠭᠡᠮᠡᠨ᠂ ᠮᠠᠨ ᠤ᠋ ᠮᠠᠨᠵᠤ ᠴᠡᠷᠢᠭ ᠦ᠋ᠨ ᠵᠠᠩᠵᠤᠨ ᠳᠠᠷᠤᠭ᠎ᠠ ᠨᠠᠷ ᠢ᠋ ᠤᠷᠢᠨ ᠢᠷᠡᠭᠦᠯᠵᠦ᠂ ᠰᠠᠷᠬᠤᠳ ᠢ᠋ᠶ᠋ᠠᠷ ᠰᠣᠭᠲᠣᠭᠠᠨ ᠬᠦᠢᠰᠦ ᠲᠡᠮᠲᠡᠷᠢᠬᠦ ᠭᠡᠮᠡᠨ ᠰᠠᠮ ᠬᠤᠤᠪᠢᠯᠳᠤᠭᠰᠠᠨ ᠬᠣᠣᠷᠲᠤ ᠬᠡᠷᠡᠭ ᠦ᠋ᠨ ᠪᠠᠷᠢᠮᠲᠠ ᠡᠨᠡ ᠭᠡᠵᠦ ᠡᠪᠦᠷ ᠡᠴᠡ ᠪᠡᠨ ᠵᠤᠷᠪᠤᠰ ᠪᠢᠴᠢᠭ ᠭᠠᠷᠭᠠᠭᠠᠳ᠂ ᠬᠦᠢᠲᠡᠨ ᠢ᠋ᠶ᠋ᠡᠷ ᠢᠨᠢᠶᠡᠮᠰᠦᠭᠯᠡᠨ ᠴᠠᠭ ᠡᠴᠡ ᠡᠮᠦᠨ᠎ᠡ ᠰᠡᠵᠢᠭ ᠦᠯᠦ ᠠᠪᠤᠭᠤᠯᠬᠤ ᠶ᠋ᠢᠨ ᠤᠴᠢᠷ ᠡᠨᠡ ᠪᠢᠴᠢᠭ ᠢ᠋ ᠦᠯᠡᠳᠡᠭᠡᠨ᠂ ᠦᠰᠦᠭ ᠳᠠᠭᠤᠷᠢᠶᠠᠨ ᠬᠠᠭᠤᠯᠤᠭᠰᠠᠨ ᠪᠢᠴᠢᠭ ᠢ᠋ ᠱᠠᠯᠠᠮᠠᠭᠠᠢᠯᠠᠨ ᠡᠯᠴᠢ ᠳ᠋ᠦ᠍ ᠥᠭᠴᠦ ᠶᠠᠪᠤᠭᠤᠯᠤᠭᠰᠠᠨ ᠪᠢᠯᠡ ᠭᠡᠬᠦ ᠳ᠋ᠦ᠍ ᠭᠥᠯᠥᠭᠡᠳᠡᠢ ᠪᠠᠭᠠᠲᠤᠷ ᠤ᠋ᠨ ᠬᠦᠷᠡᠩ ᠴᠢᠷᠠᠢ ᠪᠠᠷᠤᠢᠵᠤ᠂ ᠱᠣᠨᠤ ᠶ᠋ᠢᠨ ᠵᠦᠭ ᠬᠠᠷᠠᠪᠠ᠃ ᠱᠣᠨᠤ ᠲᠦᠮᠡᠨ ᠪᠤᠷᠤᠭᠤᠲᠠᠢ ᠶ᠋ᠢᠨ ᠰᠢᠨᠵᠢ ᠢᠯᠡᠷᠡᠵᠦ᠂ ᠲᠣᠯᠣᠭᠠᠢ ᠳᠠᠷᠤᠨ ᠭᠠᠭᠴᠠ ᠬᠦ᠌ ᠭᠦᠨ ᠰᠡᠭᠦᠷᠡᠰᠦ ᠠᠯᠳᠠᠪᠠ᠃
ᠮᠠᠨᠵᠤ ᠵᠠᠩᠵᠤᠨ ᠢ᠋ ᠲᠣᠬᠢᠮᠠᠭᠴᠠ᠂ ᠪᠠᠭᠠᠲᠤᠷ ᠨᠢ ᠭᠥᠯᠥᠭᠡᠳᠡᠢ ᠱᠣᠨᠤ ᠬᠣᠶᠠᠷ ᠤ᠋ᠨ ᠠᠮᠠᠨ ᠡᠴᠡ ᠲᠠᠭᠯᠠᠭ᠎ᠠ ᠶ᠋ᠢ ᠨᠢ ᠰᠤᠭᠤᠯᠤᠭᠠᠳ᠃
-ᠲᠠ ᠨᠠᠷ ᠬᠠᠰᠬᠢᠷᠤᠭᠠᠳ ᠳᠡᠮᠡᠢ᠂ ᠮᠠᠨ ᠤ᠋ ᠴᠡᠷᠢᠭ ᠪᠠᠢᠯᠳᠤᠬᠤ ᠳ᠋ᠤ᠌ ᠪᠡᠯᠡᠨ᠂ ᠲᠠ ᠨᠠᠷ ᠤ᠋ᠨ ᠬᠠᠰᠬᠢᠷᠪᠠᠯ ᠲᠡᠷᠡ ᠴᠢᠮᠡᠭᠡ ᠪᠡᠷ ᠲᠠᠨ ᠤ᠋ ᠡᠨᠳᠡ ᠴᠤᠭᠯᠠᠭᠰᠠᠨ ᠪᠦᠭᠦᠳᠡ ᠶ᠋ᠢ ᠳᠠᠭᠠᠷᠢᠨ ᠣᠷᠣᠵᠤ ᠬᠢᠳᠤᠨ ᠠᠯᠠᠨ᠎ᠠ᠃ ᠲᠠ ᠨᠠᠷ ᠬᠠᠮᠤᠭ ᠤ᠋ᠨ ᠲᠦᠷᠦᠭᠦᠨ ᠳ᠋ᠦ᠍ ᠭᠡᠷ ᠬᠣᠲᠠᠯᠠ ᠪᠠᠷ ᠢ᠋ᠶ᠋ᠠᠨ ᠠᠯᠠᠭᠤᠯᠤᠨᠠ ᠭᠡᠳ᠂ ᠭᠥᠯᠥᠭᠡᠳᠡᠢ ᠪᠠᠭᠠᠲᠤᠷ ᠤ᠋ᠨ ᠬᠠᠲᠤᠨ᠂ ᠥᠬᠢᠳ ᠬᠡᠦᠬᠡᠳ ᠦ᠋ᠨ ᠠᠮᠠᠨ ᠤ᠋ ᠲᠠᠭᠯᠠᠭ᠎ᠠ ᠶ᠋ᠢ ᠰᠤᠭᠤ ᠲᠠᠲᠠᠭᠠᠳ᠂ ᠬᠠᠲᠤᠨ ᠤ᠋ ᠬᠦᠯᠢᠶᠡᠰᠦ ᠲᠡᠢ ᠭᠠᠷ ᠴᠢᠨᠦᠷᠡᠭᠰᠡᠨ ᠢ᠋ ᠠᠵᠢᠭᠯᠠᠨ ᠬᠦᠯᠢᠶᠡᠰᠦ ᠶ᠋ᠢ ᠨᠢ ᠳᠡᠢᠯᠵᠡᠢ᠃
ᠡᠪᠦᠭᠡᠨ ᠪᠠᠭᠠᠲᠤᠷ᠂ ᠬᠦᠦ ᠶ᠋ᠢᠨ ᠥᠭᠡᠳᠡ ᠡᠴᠡ ᠬᠠᠷᠠᠭᠠᠳ ᠭᠤᠨᠢᠬᠠᠷᠠᠭᠰᠠᠨ ᠰᠤᠯᠠ ᠳᠠᠭᠤ ᠪᠠᠷ᠄
-ᠬᠦᠦ ᠮᠢᠨᠢ᠂ ᠶᠠᠭᠠᠬᠢᠪᠠ ᠳᠠ ᠴᠢ᠂ ᠲᠡᠢᠨ ᠬᠥᠯ ᠶᠡᠬᠡᠲᠦ ᠶ᠋ᠢᠨ ᠴᠠᠭ᠂ ᠡᠯᠴᠢᠳ ᠢ᠋ᠶ᠋ᠡᠨ ᠢᠲᠡᠭᠡᠬᠦ ᠦᠭᠡᠢ ᠪᠢᠴᠢᠭ ᠵᠠᠬᠢᠳᠠᠯ ᠳ᠋ᠤ᠌ ᠶᠠᠭᠤᠨ ᠳ᠋ᠤ᠌ ᠢᠲᠡᠭᠡᠪᠡ ᠳᠡ ᠴᠢ᠃
ᠱᠣᠨᠤ ᠡᠴᠢᠭᠡ ᠶ᠋ᠢᠨ ᠥᠭᠡᠳᠡ ᠡᠴᠡ ᠬᠠᠷᠠᠵᠤ ᠴᠢᠳᠠᠯ ᠦᠭᠡᠢ ᠲᠣᠯᠣᠭᠠᠢ ᠪᠠᠨ ᠳᠣᠲᠣᠭᠰᠢ ᠳᠠᠷᠤᠨ᠄
-ᠮᠢᠨᠦ ᠲᠦᠮᠡᠨ ᠪᠤᠷᠤᠭᠤ᠃ ᠣᠴᠢᠵᠤ ᠣᠴᠢᠵᠤ᠂ ᠲᠡᠷᠡ ᠵᠠᠬᠢᠳᠠᠯ ᠪᠤᠷᠤᠭᠤ ᠭᠠᠷ ᠲᠤ᠌ ᠣᠷᠣᠨ᠎ᠠ ᠭᠡᠵᠦ ᠮᠡᠳᠡᠭᠰᠡᠨ ᠦᠭᠡᠢ ᠭᠡᠵᠦ ᠰᠢᠪᠡᠨᠡᠨ ᠬᠡᠯᠡᠯ᠎ᠡ᠃
ᠭᠥᠯᠥᠭᠡᠳᠡᠢ ᠪᠠᠭᠠᠲᠤᠷ ᠤ᠋ᠨ ᠥᠷᠥᠭᠡᠨ ᠳ᠋ᠦ᠍ ᠡᠢᠮᠦ ᠶᠠᠪᠤᠳᠠᠯ ᠭᠠᠷᠴᠤ ᠪᠠᠢᠬᠤ ᠵᠠᠪᠰᠠᠷ᠂ ᠭᠠᠳᠠᠨ᠎ᠠ ᠪᠠᠢᠭᠰᠠᠨ ᠮᠠᠨᠵᠤ ᠴᠡᠷᠢᠭ ᠡᠪᠦᠭᠡᠨ ᠪᠠᠭᠠᠲᠤᠷ ᠤ᠋ᠨ ᠣᠢᠷ᠎ᠠ ᠰᠢᠳᠠᠷ ᠬᠥᠮᠦᠨ ᠦ᠌ ᠭᠡᠷ ᠲᠦ᠍ ᠣᠷᠣᠵᠤ᠂ ᠨᠣᠮᠣᠨ ᠤ᠋ ᠬᠥᠪᠴᠢ᠂ ᠰᠡᠯᠡᠮ᠎ᠡ ᠶ᠋ᠢ ᠬᠣᠷᠢᠶᠠᠨ ᠠᠪᠴᠤ᠂ ᠳᠠᠭᠤ ᠲᠠᠯᠪᠢᠭᠰᠠᠨ ᠬᠥᠮᠦᠨ ᠢ᠋ ᠠᠯᠠᠨ᠎ᠠ᠃ ᠭᠡᠷ ᠡᠴᠡ ᠭᠠᠷᠤᠭᠰᠠᠨ ᠬᠥᠮᠦᠨ ᠠᠮᠢ ᠠᠯᠳᠠᠨ᠎ᠠ ᠭᠡᠵᠦ ᠴᠢᠩᠭᠠᠯᠠᠨ ᠲᠤᠰᠢᠶᠠᠭᠠᠳ᠂ ᠵᠡᠪᠰᠡᠭ ᠦ᠋ᠨ ᠰᠠᠩ᠂ ᠨᠠᠢᠷᠯᠠᠬᠤ ᠠᠰᠠᠷ ᠢ᠋ ᠮᠣᠷᠢᠲᠠᠨ ᠴᠡᠷᠢᠭ ᠪᠦᠰᠡᠯᠡᠨ ᠲᠡᠨᠳᠡ ᠪᠠᠢᠭᠰᠠᠨ ᠬᠥᠮᠦᠨ ᠢ᠋ ᠰᠠᠭᠤᠵᠠᠭ᠎ᠠ ᠪᠣᠰᠪᠠᠯ ᠬᠠᠷᠪᠤᠨ᠎ᠠ ᠭᠡᠵᠦ᠂ ᠬᠣᠲᠠᠨ ᠳ᠋ᠠᠬᠢ ᠬᠣᠨᠢ ᠰᠢᠭ᠋ ᠬᠠᠰᠢᠨ ᠬᠦᠷᠢᠶᠡᠯᠡᠵᠡᠢ᠃
ᠦᠯᠦ ᠮᠡᠳᠡᠬᠦ ᠮᠠᠨᠵᠤ ᠲᠦᠰᠢᠮᠡᠯ ᠦ᠋ᠨ ᠦᠭᠡ᠂ ᠴᠢᠮᠡᠭᠡ ᠦᠭᠡᠢ ᠭᠡᠯᠮᠡᠭᠳᠡᠭᠰᠡᠨ ᠣᠯᠠᠨ ᠤ᠋ ᠴᠢᠬᠢᠨ ᠳ᠋ᠦ᠍ ᠬᠠᠷᠢᠯᠬᠠᠭ ᠰᠣᠨᠣᠰᠳᠠᠵᠤ᠂ ᠨᠢᠭᠡᠨ ᠬᠡᠰᠡᠭ ᠮᠠᠨᠵᠤ ᠴᠡᠷᠢᠭ᠂ ᠮᠣᠷᠢᠨ ᠡᠴᠡ ᠪᠠᠭᠤᠭᠠᠳ᠂ ᠮᠣᠩᠭᠣᠯ ᠠᠷᠪᠠᠲᠤ ᠶ᠋ᠢᠨ ᠵᠠᠭᠤᠲᠤ ᠶ᠋ᠢᠨ ᠰᠡᠯᠡᠮ᠎ᠡ ᠬᠤᠷᠢᠶᠠᠵᠤ ᠠᠪᠬᠤ ᠳ᠋ᠤ᠌ ᠥᠨᠳᠥᠷ ᠪᠡᠶ᠎ᠡ ᠲᠡᠢ᠂ ᠥᠷᠭᠡᠨ ᠴᠡᠭᠡᠵᠢ ᠲᠡᠢ᠂ ᠤᠷᠲᠤ ᠰᠣᠶᠣᠭ᠎ᠠ ᠰᠠᠬᠠᠯᠲᠤ ᠨᠢᠭᠡ ᠡᠪᠦᠭᠡᠨ ᠮᠢᠩᠭᠠᠲᠠᠨ᠃
-ᠭᠡᠨᠡᠨ ᠵᠠᠯᠠᠭᠤ ᠱᠣᠨᠣ᠌ ᠵᠢᠨ ᠵᠠᠬᠢᠶᠠᠨ ᠡᠴᠡ ᠪᠣᠯᠤᠯ᠎ᠠ᠂ ᠭᠡᠵᠦ ᠭᠠᠰᠢᠭᠤᠳᠠᠨ ᠬᠡᠯᠡᠭᠡᠳ ᠶᠢᠰᠦᠨ ᠦᠶ᠎ᠡ ᠶ᠋ᠢᠨ ᠮᠢᠰᠢᠷ ᠪᠣᠯᠣᠳ ᠢᠯᠳᠦ ᠶ᠋ᠢ ᠢᠩᠭᠢᠵᠦ ᠬᠤᠷᠢᠶᠠᠯᠭᠠᠬᠤ ᠶ᠋ᠢ ᠦᠵᠡᠯ᠎ᠡ ᠭᠡᠳ ᠵᠢᠵᠸᠦ ᠮᠥᠩᠭᠥᠨ ᠬᠤᠢ ᠳ᠋ᠤᠨᠢ ᠨᠠᠯ ᠡᠷᠳᠡᠨᠢ ᠰᠢᠭᠢᠳᠬᠡᠭᠰᠡᠨ ᠢᠯᠳᠦ ᠡᠴᠡ ᠪᠡᠨ ᠠᠳᠢᠰ ᠠᠪᠴᠤ᠂ ᠮᠠᠨᠵᠤ ᠴᠡᠷᠢᠭ ᠦ᠋ᠨ ᠠᠷᠪᠠᠨ ᠤ᠋ ᠳᠠᠷᠤᠭ᠎ᠠ ᠳ᠋ᠤ᠌ ᠥᠭᠭᠦᠯ᠎ᠡ᠃
-ᠵᠠᠬᠢᠶ᠎ᠠ ᠳ᠋ᠤ᠌ ᠢᠯᠡᠭᠦᠦ ᠦᠭᠡ ᠦᠭᠡᠢ ᠭᠡᠵᠦ ᠪᠣᠳᠣᠭᠠᠳ᠂ ᠮᠠᠨᠵᠤ ᠴᠡᠷᠢᠭ ᠲᠦ᠍ ᠵᠠᠮ ᠵᠠᠭᠤᠷ᠎ᠠ ᠪᠠᠷᠢᠭᠳᠠᠭᠰᠠᠨ ᠢ᠋ᠶ᠋ᠠᠨ ᠡᠰᠡ ᠬᠡᠯᠡᠭᠰᠡᠨ ᠮᠢᠨᠦ ᠪᠤᠷᠤᠭᠤ ᠪᠣᠯᠤᠯ᠎ᠠ ᠭᠡᠳ ᠨᠢᠭᠡ ᠵᠠᠯᠠᠭᠤ ᠴᠢᠭᠢᠷᠠᠭ ᠴᠡᠷᠢᠭ ᠡᠷ᠎ᠡ᠂ ᠬᠢᠲᠤᠭ᠎ᠠ ᠪᠠᠨ ᠰᠤᠭᠤ ᠲᠡᠳᠡᠨ᠂ ᠡᠪᠦᠭᠡᠨ ᠡᠷᠭᠦᠯ ᠦ᠋ᠨ ᠢᠯᠳᠦ ᠶ᠋ᠢ ᠠᠪᠴᠤ ᠰᠣᠨᠢᠷᠬᠠᠨ ᠦᠵᠡᠵᠦ ᠪᠠᠢᠭᠰᠠᠨ ᠮᠠᠨᠵᠤ ᠠᠷᠪᠠᠲᠤ ᠶ᠋ᠢᠨ ᠬᠣᠭᠣᠯᠠᠢ ᠶ᠋ᠢ ᠪᠠᠷᠢᠭᠤᠯ ᠳ᠋ᠤᠨᠢ ᠲᠤᠯᠲᠠᠯ᠎ᠠ ᠰᠢᠭᠠᠭᠠᠳ᠂ ᠮᠢᠰᠢᠷ ᠪᠣᠯᠣᠳ ᠢᠯᠳᠦ ᠶ᠋ᠢ ᠰᠢᠭᠦᠷᠡᠨ ᠠᠪᠴᠤ ᠬᠤᠢ ᠡᠴᠡ ᠨᠢ ᠰᠤᠭᠤ ᠲᠡᠳᠡᠨ᠂ ᠵᠡᠪᠰᠡᠭ ᠬᠤᠷᠢᠶᠠᠵᠤ ᠪᠠᠢᠭᠰᠠᠨ ᠮᠠᠨᠵᠤ ᠴᠡᠷᠢᠭ ᠢ᠋ ᠳᠠᠭᠠᠷᠢᠨ ᠣᠷᠣᠵᠤ ᠭᠱᠠᠨ ᠵᠠᠭᠤᠷ᠎ᠠ ᠬᠡᠳᠦᠨ ᠬᠥᠮᠦᠨ ᠢ᠋ ᠴᠠᠪᠴᠢᠨ ᠬᠥᠰᠡᠷ ᠤᠨᠠᠭᠠᠪᠠ᠃ ᠴᠣᠬᠣᠷ ᠴᠢᠷᠠᠢ ᠲᠠᠢ ᠨᠢᠭᠡ ᠰᠣᠯᠢᠶᠠᠨ ᠴᠡᠷᠢᠭ ᠮᠣᠷᠢᠨ ᠳᠡᠭᠡᠷ᠎ᠡ ᠡᠴᠡ ᠪᠡᠨ ᠶᠠᠭᠠᠷᠠᠨ ᠡᠷᠢᠶᠡᠨ ᠨᠤᠮᠤ ᠪᠠᠨ ᠰᠢᠭᠦᠷᠴᠦ ᠰᠤᠮᠤ ᠪᠠᠨ ᠪᠣᠯᠴᠤᠤ ᠳ᠋ᠤᠨᠢ ᠬᠦᠷᠲᠡᠯ᠎ᠡ ᠲᠠᠲᠠᠭᠠᠳ ᠬᠠᠷᠪᠤᠮᠠᠭᠴᠠ᠂ ᠬᠠᠷ ᠬᠢᠵᠦ᠂ ᠬᠠᠪᠢᠷᠭ᠎ᠠ ᠶᠠᠰᠤ ᠨᠡᠪᠲᠡ ᠴᠣᠬᠢᠬᠤ ᠴᠢᠮᠡᠭᠡ ᠰᠣᠨᠣᠰᠳᠠᠨ ᠠᠷᠤ ᠡᠴᠡ ᠨᠢ ᠲᠤᠰᠤᠭᠰᠠᠨ ᠰᠤᠮᠤ ᠶ᠋ᠢᠨ ᠵᠡᠪᠡ ᠵᠠᠯᠠᠭᠤ ᠡᠷ᠎ᠡ ᠶ᠋ᠢᠨ ᠴᠡᠭᠡᠵᠢᠨ ᠡᠴᠡ ᠭᠢᠯᠠᠰᠬᠢᠨ ᠭᠠᠷᠴᠤ᠂ ᠬᠥᠭᠡᠷᠦᠬᠦᠢ ᠵᠠᠯᠠᠭᠤ᠂ ᠢᠯᠳᠦ ᠪᠡᠨ ᠠᠳᠬᠤᠨ ᠳᠠᠯᠠᠢᠭᠰᠠᠭᠠᠷ ᠣᠢᠴᠢᠯ᠎ᠠ᠃
ᠰᠣᠴᠢᠭᠰᠠᠨ ᠣᠯᠠᠨ᠂ ᠤᠤᠯᠭ᠎ᠠ ᠠᠯᠳᠠᠵᠤ᠂ ᠮᠠᠨᠵᠤ ᠴᠡᠷᠢᠭ ᠨᠤᠮᠤ ᠰᠤᠮᠤ ᠪᠠᠨ ᠬᠠᠷᠪᠤᠬᠤ ᠳ᠋ᠤ᠌ ᠪᠡᠯᠡᠳᠦᠨ ᠮᠠᠨᠵᠤ ᠴᠡᠷᠢᠭ ᠦ᠋ᠨ ᠳᠠᠷᠤᠭ᠎ᠠ
-ᠭᠠᠷ ᠬᠥᠳᠡᠯᠪᠡᠯ ᠴᠥᠮ ᠢ᠋ ᠬᠠᠷᠪᠤᠨ ᠠᠯᠠᠨ᠎ᠠ ᠭᠡᠵᠦ ᠬᠠᠬᠢᠷ ᠳᠠᠭᠤ ᠪᠠᠷ ᠬᠠᠰᠬᠢᠷᠤᠨ ᠲᠤᠰᠢᠶᠠᠪᠠ᠃ ᠴᠢᠩᠭᠢᠭᠡᠳ ᠭᠥᠯᠥᠭᠡᠳᠡᠢ ᠪᠠᠭᠠᠲᠤᠷ ᠤ᠋ᠨ ᠥᠷᠥᠭᠡᠨ ᠦ᠌ ᠵᠦᠭ ᠨᠢᠭᠡ ᠴᠡᠷᠢᠭ ᠳᠠᠪᠬᠢᠭᠤᠯᠵᠤ᠂ ᠨᠠᠢᠷ ᠤ᠋ᠨ ᠲᠠᠯᠠᠪᠠᠢ ᠡᠴᠡ ᠦᠬᠦᠭᠰᠡᠳ ᠢ᠋ ᠵᠠᠢᠯᠠᠭᠤᠯᠬᠤ ᠲᠤᠰᠢᠶᠠᠯ ᠥᠭᠴᠡᠢ᠃
ᠤᠳᠠᠯ ᠦᠭᠡᠢ ᠥᠷᠥᠭᠡᠨ ᠦ᠌ ᠵᠦᠭ ᠡᠴᠡ ᠨᠢᠭᠡ ᠮᠠᠨᠵᠤ ᠪᠠᠭᠠᠲᠤᠷ ᠳᠠᠪᠬᠢᠨ ᠢᠷᠡᠭᠡᠳ᠂ ᠥᠨᠳᠥᠷ ᠳᠠᠭᠤ ᠪᠠᠷ
-ᠴᠣᠷᠣᠰ ᠭᠥᠯᠥᠭᠡᠳᠡᠢ ᠪᠠᠭᠠᠲᠤᠷ᠂ ᠰᠦᠷ ᠪᠠᠳᠠᠷᠠᠭᠤᠯᠤᠭᠴᠢ ᠵᠠᠩᠵᠤᠨ ᠹᠦ᠂ ᠲᠩᠷᠢ ᠶ᠋ᠢᠨ ᠴᠡᠷᠢᠭ ᠰᠡᠯᠲᠡ ᠶ᠋ᠢ ᠬᠣᠣᠷᠯᠠᠬᠤ ᠮᠠᠭᠤ ᠰᠠᠨᠠᠭ᠎ᠠ ᠡᠪᠦᠷᠯᠡᠨ᠂ ᠰᠠᠮ ᠬᠤᠤᠪᠢᠯᠳᠤᠵᠠᠢ᠃ ᠡᠵᠡᠨ ᠦ᠌ ᠰᠦᠯᠳᠡ ᠬᠠᠷᠠᠵᠤ᠂ ᠪᠤᠷᠤᠭᠤ ᠰᠠᠨᠠᠭᠠᠲᠤ ᠮᠠᠭᠤ ᠬᠤᠯᠠᠭᠠᠢ ᠭᠥᠯᠥᠭᠡᠳᠡᠢ ᠶ᠋ᠢ ᠵᠠᠩᠵᠤᠨ ᠤ᠋ ᠭᠠᠷ ᠲᠤ᠌ ᠲᠤᠰᠢᠶᠠᠨ ᠥᠭᠴᠡᠢ᠃ ᠮᠠᠭᠤ ᠬᠤᠯᠠᠭᠠᠢ ᠶ᠋ᠢᠨ ᠬᠣᠷᠣᠬᠠᠢ ᠮᠡᠲᠦ ᠠᠮᠢ ᠬᠡᠷᠬᠢᠨ ᠪᠣᠯᠬᠤ ᠶ᠋ᠢ ᠠᠶᠤᠨ ᠡᠮᠢᠶᠡᠨ ᠬᠦᠯᠢᠶᠡ᠂ ᠬᠥᠳᠡᠯᠪᠡᠯ ᠬᠠᠷᠪᠤᠨ᠎ᠠ ᠭᠡᠳ ᠮᠠᠨᠵᠤ ᠴᠡᠷᠢᠭ ᠦ᠋ᠨ ᠳᠠᠷᠤᠭ᠎ᠠ ᠨᠠᠷ ᠲᠤ᠌ ᠶᠠᠮᠠᠷᠬᠠᠨ ᠲᠤᠰᠢᠶᠠᠯ ᠥᠭᠴᠦ᠂ ᠳᠠᠷᠤᠢ ᠥᠷᠥᠭᠡᠨ ᠦ᠌ ᠵᠦᠭ ᠳᠣᠪᠲᠣᠯᠤᠨ ᠣᠳᠪᠠ᠃
-ᠬᠥᠬᠡ ᠲᠩᠷᠢ ᠲᠡᠨᠡᠭ ᠮᠠᠭᠤ ᠡᠮ᠎ᠡ ᠪᠢ᠂ ᠪᠠᠭᠠᠲᠤᠷ ᠨᠣᠶᠠᠨ ᠳᠠᠢᠰᠤᠨ ᠲᠠᠢ ᠡᠯᠢᠭᠡ ᠨᠢᠭᠡᠳᠦᠯ᠎ᠡ ᠭᠡᠵᠦ ᠬᠢᠯᠢᠨᠴᠡ ᠬᠤᠷᠢᠶᠠᠵᠤ ᠶᠠᠪᠤᠯ᠎ᠠ᠃
ᠬᠥᠭᠡᠷᠦᠬᠦᠢ ᠪᠠᠭᠠᠲᠤᠷ ᠨᠣᠶᠠᠨ ᠮᠢᠨᠢ᠂ ᠬᠥᠭᠡᠷᠦᠬᠦᠢ ᠪᠠᠭᠠᠲᠤᠷ ᠨᠣᠶᠠᠨ ᠮᠢᠨᠢ᠃ ᠭᠡᠵᠦ ᠨᠢᠭᠡ ᠡᠪᠦᠭᠡᠨ ᠦᠨᠡᠨ ᠰᠡᠳᠬᠢᠯ ᠡᠴᠡ ᠭᠠᠰᠠᠯᠤᠨ᠂ ᠣᠯᠠᠨ ᠬᠥᠮᠦᠨ ᠦ᠌ ᠭᠠᠰᠢᠭᠤᠳᠠᠬᠤ ᠴᠢᠮᠡᠭᠡ ᠵᠥᠭᠡᠯᠡᠨ ᠰᠠᠯᠬᠢᠨ ᠳ᠋ᠤ᠌ ᠬᠤᠯᠤᠰᠤ ᠵᠡᠭᠡᠰᠦ ᠶ᠋ᠢᠨ ᠱᠤᠤᠭᠢᠶᠠᠨ ᠮᠡᠲᠦ᠂ ᠵᠠᠷᠢᠮ ᠬᠥᠮᠦᠨ ᠴᠢᠭ ᠴᠢᠭ ᠭᠡᠵᠦ ᠭᠠᠰᠢᠭᠤᠳᠠᠨ ᠱᠠᠭᠰᠢᠷᠠᠵᠤ᠂ ᠵᠠᠷᠢᠮ ᠬᠥᠮᠦᠨ ᠭᠠᠰᠢᠭᠤᠨ ᠢ᠋ᠶ᠋ᠠᠷ ᠰᠡᠭᠦᠷᠡᠰᠦ ᠠᠯᠳᠠᠪᠠ᠃
ᠭᠥᠯᠥᠭᠡᠳᠡᠢ ᠪᠠᠭᠠᠲᠤᠷ ᠤ᠋ᠨ ᠭᠡᠷ ᠲᠦ᠍᠂ ᠬᠣᠢᠮᠣᠷ ᠲᠤᠨᠢ ᠡᠷᠬᠢᠮᠰᠦᠭ ᠰᠦᠷ ᠦᠵᠡᠭᠦᠯᠦᠨ ᠯᠠᠭᠯᠠᠢᠵᠤ ᠰᠠᠭᠤᠭᠰᠠᠨ ᠮᠠᠨᠵᠤ ᠵᠠᠩᠵᠤᠨ᠂ ᠨᠠᠢᠷ ᠤ᠋ᠨ ᠲᠠᠯᠠᠪᠠᠢ ᠳ᠋ᠤ᠌ ᠪᠤᠳᠤᠯᠢᠶᠠᠨ ᠭᠠᠷᠤᠭᠰᠠᠨ ᠢ᠋ ᠰᠣᠨᠣᠰᠴᠤ ᠳᠣᠲᠣᠷ᠎ᠠ ᠡᠮᠢᠶᠡᠭᠰᠡᠨ ᠪᠣᠯᠪᠠᠴᠤ᠂ ᠴᠡᠷᠢᠭ ᠦ᠋ᠨ ᠳᠠᠷᠤᠭ᠎ᠠ ᠬᠦᠷᠴᠦ ᠢᠷᠡᠨ᠂ ᠰᠡᠳᠬᠢᠯ ᠲᠠᠢᠳᠬᠤᠷᠠᠬᠤ ᠮᠡᠳᠡᠭᠡ ᠰᠣᠨᠣᠰᠬᠠᠭᠰᠠᠨ ᠳ᠋ᠤ᠌ ᠪᠠᠷᠠᠭᠤᠨ ᠬᠠᠴᠠᠷ ᠲᠤ᠌ ᠪᠠᠨ ᠰᠡᠯᠡᠮ᠎ᠡ ᠶ᠋ᠢᠨ ᠰᠣᠷᠪᠢ ᠲᠠᠢ ᠬᠦᠷᠡᠩ ᠴᠢᠷᠠᠢ ᠳ᠋ᠤᠨᠢ ᠢᠯᠠᠭᠰᠠᠨ ᠪᠠᠶᠠᠷ ᠲᠣᠳᠣᠷᠠᠵᠤ ᠰᠣᠶᠣᠭ᠎ᠠ ᠬᠠᠷ᠎ᠠ ᠰᠠᠬᠠᠯ ᠳᠣᠣᠷᠠᠬᠢ ᠤᠷᠤᠭᠤᠯ ᠤ᠋ᠨ ᠵᠠᠪᠠᠵᠢᠨ ᠳ᠋ᠤ᠌ ᠪᠠᠬᠠᠷᠬᠠᠬᠤ ᠮᠢᠰᠢᠶᠡᠯ ᠨᠢᠭᠤᠭᠳᠠᠨ᠂ ᠮᠠᠨᠵᠤ ᠨᠣᠶᠠᠨ ᠭᠥᠯᠥᠭᠡᠳᠡᠢ ᠪᠠᠭᠠᠲᠤᠷ ᠤ᠋ᠨ ᠵᠦᠭ ᠰᠢᠷᠲᠡᠰᠬᠢᠵᠦ᠂
-ᠲᠠᠨ ᠤ᠋ ᠬᠠᠷ᠎ᠠ ᠰᠠᠨᠠᠭ᠎ᠠ ᠡᠪᠦᠷᠯᠡᠭᠰᠡᠨ ᠡᠴᠡ ᠪᠣᠯᠵᠤ᠂ ᠮᠢᠨᠦ ᠬᠡᠳᠦᠨ ᠴᠡᠷᠢᠭ᠂ ᠡᠪᠲᠡᠢ ᠰᠠᠢᠬᠠᠨ ᠢ᠋ᠶ᠋ᠠᠷ ᠨᠠᠢᠷᠠᠭᠰᠠᠨ ᠨᠠᠢᠷᠠᠮᠳᠠᠬᠤ ᠭᠡᠵᠦ ᠢᠷᠡᠭᠡᠳ᠂ ᠣᠳᠣ ᠠᠮᠢ ᠪᠠᠨ ᠠᠯᠳᠠᠭᠰᠠᠨ ᠳ᠋ᠤ᠌ ᠦᠨᠡᠬᠡᠷ ᠭᠠᠰᠢᠭᠤᠳᠠᠯᠲᠠᠢ᠃ ᠡᠨᠡ ᠴᠥᠮ ᠲᠠᠨ ᠤ᠋ ᠶᠠᠯ᠎ᠠ᠃ ᠭᠡᠯᠳᠦᠷᠢᠭᠦᠯᠵᠦ ᠦᠯᠦ ᠪᠣᠯᠤᠨ᠎ᠠ᠃ ᠰᠠᠮᠠᠭᠤᠨ ᠴᠠᠭ ᠤ᠋ᠨ ᠴᠡᠷᠢᠭ ᠦ᠋ᠨ ᠴᠠᠭᠠᠵᠠ ᠪᠠᠷ ᠭᠦᠢᠴᠡᠳᠬᠡᠪᠡᠰᠦ᠂ ᠲᠠᠨ ᠤ᠋ ᠬᠠᠷᠢᠶᠠᠲᠤ ᠣᠯᠠᠨ ᠤ᠋ ᠠᠷᠪᠠᠨ ᠬᠥᠮᠦᠨ ᠳᠣᠳᠣᠮ ᠡᠴᠡ ᠨᠢᠭᠡ ᠶ᠋ᠢ ᠴᠠᠭᠠᠵᠠ ᠪᠠᠷ ᠠᠪᠤᠭᠠᠴᠢ ᠰᠦᠷᠳᠡᠭᠦᠯᠵᠦ᠂ ᠬᠣᠢᠴᠢ ᠶ᠋ᠢᠨ ᠴᠡᠭᠡᠷᠯᠡᠯ ᠪᠣᠯᠭᠠᠪᠠᠰᠤ ᠵᠣᠬᠢᠬᠤ ᠪᠢᠯᠡ᠃ ᠡᠬᠢ ᠪᠤᠯᠠᠩᠭᠢᠷ ᠠᠬᠤᠯ᠎ᠠ ᠠᠳᠠᠭ ᠲᠤᠩᠭᠠᠯᠠᠭ ᠪᠠᠢᠬᠤ ᠶᠣᠰᠣᠨ ᠦᠭᠡᠢ ᠲᠤᠯᠠ ᠲᠠᠨ ᠤ᠋ ᠭᠡᠷ ᠦ᠋ᠨ ᠬᠣᠲᠠᠯᠠ ᠪᠠᠷ ᠶᠠᠯ᠎ᠠ ᠰᠢᠳᠬᠡᠯ ᠬᠦᠯᠢᠶᠡᠵᠦ ᠶᠢᠰᠦᠨ ᠦᠶ᠎ᠡ ᠬᠦᠷᠲᠡᠯ᠎ᠡ ᠠᠯᠪᠠᠨ ᠢ᠋ᠶ᠋ᠠᠨ ᠵᠢᠳᠬᠦᠬᠦ ᠬᠡᠷᠡᠭ᠃ ᠡᠨᠡᠷᠢᠯᠲᠦ ᠪᠣᠭᠳᠠ ᠡᠵᠡᠨ ᠡᠩᠬᠡ ᠠᠮᠤᠭᠤᠯᠠᠩ ᠬᠤᠸᠠᠩᠳᠢ ᠬᠠᠭᠠᠨ ᠤ᠋ ᠥᠷᠥᠰᠢᠶᠡᠯᠲᠦ ᠵᠠᠷᠯᠢᠭ ᠲᠤ᠌᠂ ᠲᠡᠷᠰᠯᠡᠭᠦᠦ ᠶ᠋ᠢ ᠴᠡᠭᠡᠷᠯᠡᠭᠦᠯᠦᠨ᠂ ᠨᠣᠮᠣᠬᠠᠨ ᠢᠷᠭᠡᠨ ᠢ᠋ ᠢᠯᠡᠪᠢᠨ ᠲᠣᠬᠣᠨᠢᠭᠤᠯ ᠬᠡᠮᠡᠭᠰᠡᠨ ᠤᠴᠢᠷ᠂ ᠲᠠᠨ ᠤ᠋ ᠴᠡᠷᠢᠭ ᠠᠷᠠᠳ ᠡᠴᠡ ᠶᠠᠯ᠎ᠠ ᠦᠯᠦ ᠠᠰᠠᠭᠤᠨ᠎ᠠ᠃ ᠭᠠᠭᠴᠠ ᠬᠦ᠌ ᠲᠠᠨ ᠤ᠋ ᠨᠢᠭᠡᠨ ᠭᠡᠷ ᠦ᠋ᠨ ᠲᠡᠳᠦᠢᠬᠡᠨ ᠢ᠋ ᠴᠡᠷᠢᠭ ᠦ᠋ᠨ ᠴᠠᠭᠠᠵᠠ ᠪᠠᠷ ᠠᠪᠠᠴᠢᠵᠤ ᠢᠯᠠᠭᠰᠠᠨ ᠪᠠᠭᠠᠲᠤᠷ ᠲᠠᠢ ᠲᠦᠮᠡᠨ ᠦᠶ᠎ᠡ ᠳ᠋ᠦ᠍ ᠵᠢᠷᠦᠬᠡᠯᠡᠵᠦ ᠲᠡᠮᠡᠴᠡᠯᠳᠦᠬᠦ ᠰᠠᠨᠠᠭ᠎ᠠ ᠰᠡᠳᠦᠬᠦ ᠦᠭᠡᠢ ᠪᠣᠯᠭᠠᠬᠤ ᠶ᠋ᠢᠨ ᠲᠤᠯᠠᠳᠠ ᠡᠬᠡᠨᠡᠷ ᠬᠡᠦᠬᠡᠳ ᠢ᠋ ᠨᠢ ᠨᠢᠳᠦᠨ ᠦ᠌ ᠡᠮᠦᠨ᠎ᠡ ᠬᠣᠷᠣᠨ ᠰᠠᠨᠠᠭᠠᠲᠤ ᠬᠡᠷᠡᠭ ᠦ᠋ᠨ ᠭᠣᠣᠯ ᠡᠵᠡᠨ ᠡᠴᠢᠭᠡ ᠬᠦᠦ ᠬᠣᠶᠠᠷ ᠢ᠋ ᠵᠣᠭᠣᠰᠤᠨ ᠤ᠋ ᠨᠦᠬᠡ ᠪᠡᠷ ᠰᠦᠪᠡᠯᠡᠨ ᠴᠠᠭᠠᠵᠠᠯᠠᠭᠠᠳ ᠳᠠᠷᠠᠭ᠎ᠠ ᠨᠢ ᠬᠠᠢᠷᠠᠲᠤ ᠶ᠋ᠢᠨ ᠢ᠋ᠶ᠋ᠡᠨ ᠵᠣᠪᠠᠬᠤ ᠶ᠋ᠢ ᠦᠵᠡᠵᠦ ᠰᠡᠳᠬᠢᠯ ᠢ᠋ᠶ᠋ᠡᠷ ᠲᠠᠷᠴᠢᠯᠠᠭᠰᠠᠨ ᠢ᠋ ᠨᠢ ᠪᠣᠳᠣᠵᠤ ᠦᠯᠡᠳᠡᠭᠰᠡᠨ ᠬᠥᠮᠦᠰ ᠢ᠋ ᠨᠢ ᠵᠦᠭᠡᠷ ᠰᠡᠯᠡᠮᠡᠳᠡᠨ ᠴᠠᠭᠠᠵᠠᠯᠠᠨ᠎ᠠ ᠭᠡᠬᠦ ᠳ᠋ᠦ᠍ ᠭᠥᠯᠥᠭᠡᠳᠡᠢ᠂ ᠱᠣᠨᠤ᠂ ᠰᠡᠳᠬᠢᠯ ᠲᠦᠮᠡᠨ ᠲᠦᠭᠰᠢᠭᠦᠷᠢᠲᠡᠢ ᠪᠣᠯᠪᠠᠴᠤ᠂ ᠬᠠᠷᠢ ᠬᠥᠮᠦᠨ ᠳ᠋ᠦ᠍ ᠮᠠᠭᠤ ᠶ᠋ᠢ ᠪᠡᠨ ᠦᠵᠡᠭᠦᠯᠬᠦ ᠦᠭᠡᠢ ᠭᠡᠵᠦ᠂ ᠬᠣᠶᠠᠷ ᠪᠠᠭ᠎ᠠ ᠬᠡᠦᠬᠡᠳ ᠢ᠋ᠶ᠋ᠡᠨ ᠲᠡᠪᠡᠷᠢᠨ᠂ ᠬᠠᠲᠠᠭᠤᠵᠢᠵᠤ ᠰᠠᠭᠤᠭᠰᠠᠨ ᠬᠠᠲᠤᠨ ᠤ᠋ ᠴᠢᠷᠠᠢ ᠶ᠋ᠢ ᠠᠵᠢᠭᠯᠠᠨ ᠰᠠᠭᠤᠪᠠ᠃
ᠤᠭ ᠬᠡᠷᠡᠭ ᠢ᠋ ᠡᠭᠦᠰᠬᠡᠨ ᠰᠡᠳᠦᠪᠴᠢᠯᠡᠭᠰᠡᠨ ᠡᠵᠡᠨ ᠪᠢ ᠪᠢᠯᠡ᠃
ᠵᠡᠭᠦᠨᠭᠠᠷ ᠤᠯᠤᠰ ᠤ᠋ᠨ ᠴᠡᠷᠢᠭ ᠢ᠋ ᠳᠠᠷᠤᠭᠰᠠᠨ ᠲᠠ ᠨᠠᠷ ᠢ᠋ ᠬᠥᠭᠰᠢᠨ ᠴᠡᠷᠢᠭ ᠦ᠋ᠨ ᠡᠷ᠎ᠡ ᠪᠢ ᠶᠠᠭᠠᠬᠢᠨ ᠪᠣᠭᠣᠯ ᠮᠡᠲᠦ ᠳᠠᠭᠠᠵᠤ᠂ ᠵᠠᠷᠤᠴᠠ ᠮᠡᠲᠦ ᠰᠥᠭᠥᠳᠬᠦ ᠪᠢᠯᠡ᠃ ᠡᠷ᠎ᠡ ᠬᠥᠮᠦᠨ ᠭᠡᠷ ᠲᠦ᠍ ᠲᠥᠷᠥᠭᠡᠳ ᠡᠷᠡᠯᠬᠡᠭ ᠪᠠᠭᠠᠲᠤᠷ ᠢ᠋ᠶ᠋ᠠᠷ ᠳᠠᠢᠰᠤᠨ ᠲᠠᠢ ᠲᠤᠯᠤᠯᠳᠤᠵᠤ ᠬᠡᠭᠡᠷ᠎ᠡ ᠦᠬᠦᠬᠦ ᠳ᠋ᠦ᠍ ᠭᠣᠮᠣᠳᠠᠯ ᠦᠭᠡᠢ ᠬᠡᠷᠡᠭ᠃ ᠬᠠᠷᠢ ᠶ᠋ᠢᠨ ᠬᠠᠯᠳᠠᠨ ᠲᠦᠷᠢᠮᠡᠬᠡᠢᠯᠡᠭᠰᠡᠨ ᠡᠲᠡᠭᠡᠳ ᠲᠡᠢ ᠵᠡᠪᠰᠡᠭ ᠪᠠᠷᠢᠨ ᠲᠤᠯᠤᠯᠳᠤᠬᠤ ᠡᠴᠡ ᠦᠯᠦ ᠡᠮᠢᠶᠡᠬᠦ ᠮᠢᠨᠦ ᠪᠡᠶ᠎ᠡ ᠲᠠᠨ ᠤ᠋ ᠭᠠᠷ ᠲᠤ᠌ ᠣᠷᠣᠭᠠᠳ ᠲᠣᠯᠣᠭᠠᠢ ᠠᠪᠤᠭᠤᠯᠬᠤ ᠡᠴᠡ ᠥᠴᠦᠬᠡᠨ ᠴᠦ᠍ ᠦᠯᠦ ᠵᠣᠪᠠᠨ᠎ᠠ᠃ ᠭᠤᠶᠤᠬᠤ ᠦᠭᠡ ᠠᠮᠠᠨ ᠡᠴᠡ ᠭᠠᠷᠬᠤ ᠨᠢ ᠲᠦᠮᠡᠨ ᠪᠡᠷᠬᠡ ᠪᠣᠯᠪᠠᠴᠤ ᠦᠬᠦᠯ ᠦ᠋ᠨ ᠡᠮᠦᠨ᠎ᠡ ᠦᠭᠡ ᠬᠡᠯᠡᠵᠦ ᠮᠢᠨᠦ ᠡᠪᠦᠭᠡᠳ ᠳᠡᠭᠡᠳᠦᠰ ᠦ᠋ᠨ ᠭᠠᠯ ᠭᠣᠯᠣᠮᠲᠠ ᠵᠠᠯᠭᠠᠮᠵᠢᠯᠠᠬᠤ ᠭᠠᠭᠴᠠ ᠬᠦ᠌ ᠱᠣᠨᠤ ᠪᠠᠭᠠᠲᠤᠷ ᠤ᠋ᠨ ᠠᠮᠢ ᠬᠡᠯᠲᠦᠷᠢᠭᠦᠯᠦᠮᠦ ᠭᠡᠳ ᠡᠪᠦᠭᠡᠨ ᠭᠥᠯᠥᠭᠡᠳᠡᠢ ᠪᠠᠭᠠᠲᠤᠷ ᠹᠦ ᠵᠠᠩᠵᠤᠨ ᠤ᠋ ᠥᠭᠡᠳᠡ ᠡᠴᠡ ᠬᠠᠷᠢᠭᠤ ᠶᠠᠭᠤ ᠬᠡᠯᠡᠬᠦ ᠶ᠋ᠢ ᠰᠢᠷᠳᠡᠨ ᠬᠦᠯᠢᠶᠡᠪᠡ᠃
-ᠠᠪᠤ᠂ ᠶᠠᠭᠠᠬᠢᠵᠤ ᠪᠣᠯᠬᠤ ᠪᠣᠢ? ᠡᠷᠲᠡᠨ ᠦ᠌ ᠮᠡᠷᠭᠡᠨ ᠶᠣᠰᠣ ᠠᠯᠳᠠᠵᠤ᠂ ᠡᠯᠴᠢᠳ ᠢ᠋ᠶ᠋ᠡᠨ ᠢᠲᠡᠭᠡᠯ ᠦᠭᠡᠢ ᠡᠷᠢᠶᠡᠨ ᠵᠠᠬᠢᠳᠠᠯ ᠳ᠋ᠤ᠌ ᠢᠲᠡᠭᠡᠵᠦ᠂ ᠨᠢᠭᠤᠴᠠ ᠪᠠᠨ ᠵᠠᠳᠠᠷᠠᠭᠤᠯᠤᠭᠰᠠᠨ ᠢ᠋ᠶ᠋ᠠᠷ ᠢ᠋ᠶ᠋ᠠᠨ ᠬᠠᠮᠤᠭ ᠶᠠᠯ᠎ᠠ ᠶ᠋ᠢ ᠪᠢ ᠭᠠᠭᠴᠠᠭᠠᠷ ᠡᠳ᠋ᠯᠡᠬᠦ ᠶᠣᠰᠣᠲᠠᠢ᠃ ᠡᠴᠢᠭᠡ᠂ ᠡᠬᠡ ᠭᠡᠭᠴᠢ ᠪᠡᠶ᠎ᠡ ᠶ᠋ᠢ ᠨᠢ ᠲᠥᠷᠥᠭᠦᠯᠬᠦ ᠡᠴᠡ ᠪᠢᠰᠢ ᠰᠠᠨᠠᠭ᠎ᠠ ᠶ᠋ᠢ ᠨᠢ ᠲᠥᠷᠥᠭᠦᠯᠬᠦ ᠶᠣᠰᠣ ᠦᠭᠡᠢ᠃ ᠵᠣᠭᠣᠰᠤᠨ ᠤ᠋ ᠨᠦᠬᠡ ᠪᠡᠷ ᠰᠦᠪᠡᠯᠡᠵᠦ ᠬᠡᠷᠴᠢᠨ ᠲᠠᠮᠤᠯᠠᠬᠤ ᠪᠢᠲᠡᠭᠡᠢ ᠬᠡᠯᠡ᠂ ᠬᠥᠮᠦᠨ ᠦ᠌ ᠤᠬᠠᠭᠠᠨ ᠬᠦᠷᠴᠦ ᠲᠠᠮᠤᠯᠠᠬᠤ ᠪᠢᠲᠡᠭᠡᠢ ᠬᠡᠯᠡ᠂ ᠬᠥᠮᠦᠨ ᠦ᠌ ᠤᠬᠠᠭᠠᠨ ᠬᠦᠷᠴᠦ ᠪᠣᠳᠣᠵᠤ ᠰᠡᠳᠦᠵᠦ ᠣᠯᠵᠤ ᠴᠢᠳᠠᠬᠤ ᠠᠬᠤᠯ᠎ᠠ ᠳᠡᠷᠡᠨ ᠡᠴᠡ ᠢᠯᠡᠭᠦᠦ ᠶᠠᠯ᠎ᠠ ᠪᠠᠷ ᠭᠠᠭᠴᠠᠬᠠᠨ ᠨᠠᠮᠠᠶ᠋ᠢ ᠯᠠ ᠴᠠᠭᠠᠵᠠᠯᠠᠵᠤ ᠡᠴᠢᠭᠡ᠂ ᠡᠬᠡ ᠳᠡᠭᠦᠦ ᠨᠠᠷ ᠤ᠋ᠨ ᠠᠮᠢ ᠶ᠋ᠢ ᠭᠡᠯᠳᠦᠷᠢᠭᠦᠯ ᠭᠡᠵᠦ ᠱᠣᠨᠤ᠂ ᠮᠠᠨᠵᠤ ᠵᠠᠩᠵᠤᠨ ᠤ᠋ ᠵᠦᠭ ᠮᠡᠬᠦᠢᠨ ᠬᠡᠯᠡᠪᠡ᠃
-ᠲᠥᠷᠥᠭᠰᠡᠨ ᠭᠠᠭᠴᠠ ᠬᠦᠦ ᠶ᠋ᠢᠨ ᠢ᠋ᠶ᠋ᠡᠨ ᠮᠠᠭᠤ ᠶ᠋ᠢ ᠦᠵᠡᠭᠰᠡᠨ ᠡᠴᠡ ᠲᠦᠷᠦᠭᠦᠯᠡᠵᠦ ᠪᠢ ᠦᠬᠦᠶ᠎ᠡ᠂ ᠦᠷ᠎ᠡ ᠬᠡᠦᠬᠡᠳ ᠦ᠋ᠨ ᠢ᠋ᠶ᠋ᠡᠨ ᠮᠠᠭᠤ ᠶ᠋ᠢ ᠪᠤᠤ ᠦᠵᠡᠶ᠎ᠡ᠃ ᠡᠬᠡ ᠬᠥᠮᠦᠨ ᠭᠡᠵᠦ ᠪᠠᠢᠬᠤ ᠦᠭᠡᠢ ᠪᠣᠯ ᠡᠨᠡ ᠶᠢᠷᠲᠢᠨᠴᠦ ᠳ᠋ᠦ᠍ ᠬᠦᠦ ᠬᠠᠮᠢᠭ᠎ᠠ ᠡᠴᠡ ᠲᠥᠷᠥᠬᠦ ᠪᠣᠢ᠃ ᠭᠡᠨᠡᠨ ᠪᠣᠯᠭᠣᠮᠵᠢ ᠦᠭᠡᠢ ᠥᠰᠬᠡᠭᠰᠡᠨ ᠨᠢ ᠡᠬᠡ ᠮᠢᠨᠦ ᠯᠡ ᠮᠢᠩᠭᠠᠨ ᠪᠤᠷᠤᠭᠤ᠃ ᠦᠷ᠎ᠡ ᠬᠡᠦᠬᠡᠳ ᠦ᠋ᠨ ᠮᠢᠨᠢ ᠣᠷᠣᠨ ᠳ᠋ᠤ᠌ ᠵᠣᠭᠣᠰᠤᠨ ᠤ᠋ ᠨᠦᠬᠡ ᠪᠡᠷ ᠨᠠᠮᠠᠶ᠋ᠢ ᠯᠠ ᠰᠦᠪᠡᠯᠡᠵᠦ ᠴᠠᠭᠠᠵᠠᠯᠠ᠂ ᠦᠷ᠎ᠡ ᠬᠡᠦᠬᠡᠳ ᠢ᠋ ᠮᠢᠨᠢ ᠥᠷᠥᠰᠢᠶᠡ᠃ ᠬᠥᠭᠡᠷᠦᠬᠦᠢ ᠲᠡᠷᠡ ᠮᠢᠨᠢ ᠠᠯᠲᠠᠨ ᠨᠠᠷᠠᠨ ᠤ᠋ ᠭᠡᠷᠡᠯ ᠢ᠋ ᠬᠠᠨᠲᠠᠯ᠎ᠠ ᠪᠠᠨ ᠦᠵᠡᠵᠦ ᠠᠮᠵᠢᠭ᠎ᠠ ᠦᠭᠡᠢ ᠶᠠᠪᠤᠭ᠎ᠠ ᠶᠤᠮ ᠰᠢᠦ ᠭᠡᠵᠦ ᠭᠥᠯᠥᠭᠡᠳᠡᠢ ᠶ᠋ᠢᠨ ᠬᠠᠲᠤᠨ ᠤᠶᠠᠷᠠᠩᠭᠤᠢ ᠳᠠᠭᠤ ᠪᠠᠷ ᠬᠡᠯᠡᠪᠡ᠃
-ᠮᠠᠨᠵᠤ ᠵᠠᠩᠵᠤᠨ ᠲᠠᠪᠠ ᠬᠠᠨᠤᠭᠰᠠᠨ ᠪᠠᠢᠳᠠᠯ ᠲᠠᠢ ᠭᠡᠳᠡᠢᠨ ᠰᠠᠭᠤᠵᠤ᠂ ᠪᠠᠷᠢᠭᠳᠠᠨ ᠣᠯᠵᠠᠯᠠᠭᠳᠠᠭᠰᠠᠨ ᠲᠡᠳᠡᠨ ᠦ᠌ ᠰᠡᠳᠬᠢᠯ ᠦ᠋ᠨ ᠵᠣᠪᠠᠯᠠᠩ ᠳ᠋ᠤ᠌ ᠪᠠᠬᠠᠷᠬᠠᠨ ᠬᠠᠷᠠᠵᠤ ᠨᠢᠭᠡᠨ ᠬᠡᠰᠡᠭ ᠳᠠᠭᠤ ᠴᠢᠮᠡᠭᠡ ᠦᠭᠡᠢ ᠪᠠᠢᠭᠰᠠᠨ ᠢ᠋ᠶ᠋ᠠᠨ᠂
-ᠡᠷ᠎ᠡ ᠬᠥᠮᠦᠨ ᠨᠢᠭᠡᠨ ᠰᠡᠳᠬᠢᠯ᠂ ᠨᠢᠭᠡᠨ ᠠᠮᠢ ᠲᠠᠢ ᠪᠠᠢᠪᠠᠯ ᠵᠣᠬᠢᠨ᠎ᠠ᠃ ᠤᠯᠤᠰ ᠲᠥᠷᠥ ᠶ᠋ᠢᠨ ᠬᠦᠨᠳᠦ ᠶᠠᠯ᠎ᠠ ᠬᠡᠯᠲᠦᠷᠢᠭᠦᠯᠵᠦ ᠦᠯᠦ ᠪᠣᠯᠤᠨ᠎ᠠ᠃ ᠭᠠᠭᠴᠠ ᠬᠦ᠌ ᠭᠥᠯᠥᠭᠡᠳᠡᠢ ᠪᠠᠭᠠᠲᠤᠷ ᠤ᠋ᠨ ᠡᠪᠦᠭᠡᠳ ᠳᠡᠭᠡᠳᠦᠰ ᠦ᠋ᠨ ᠲᠠᠬᠢᠯᠭ᠎ᠠ ᠳᠠᠰᠤᠷᠴᠤ᠂ ᠭᠠᠯ ᠭᠣᠯᠣᠮᠲᠠ ᠪᠠᠯᠠᠷᠠᠬᠤ ᠶ᠋ᠢᠨ ᠭᠠᠰᠢᠭᠤᠨ ᠢ᠋ ᠪᠣᠳᠣᠨ᠂ ᠨᠢᠭᠡᠨ ᠪᠣᠯᠵᠣᠯ ᠲᠠᠯᠪᠢᠵᠤ᠂ ᠭᠤᠶᠤᠨ ᠬᠦᠰᠡᠭᠰᠡᠨ ᠶᠣᠰᠣᠭᠠᠷ ᠱᠣᠨᠣ᠌ ᠵᠢᠨ ᠠᠮᠢ ᠶ᠋ᠢ ᠬᠡᠯᠲᠦᠷᠢᠭᠦᠯᠦᠶᠡ᠃ ᠱᠣᠨᠤ᠂ ᠴᠢ ᠡᠴᠢᠭᠡ ᠡᠬᠡ᠂ ᠳᠡᠭᠦᠦ ᠨᠠᠷ ᠤ᠋ᠨ ᠲᠣᠯᠣᠭᠠᠢ ᠶ᠋ᠢ ᠥᠪᠡᠷ ᠦ᠋ᠨ ᠭᠠᠷ ᠢ᠋ᠶ᠋ᠠᠷ ᠠᠪᠤᠪᠠᠯ ᠲᠩᠷᠢ ᠶ᠋ᠢᠨ ᠬᠡᠰᠢᠭ ᠬᠦᠷᠲᠡᠵᠦ ᠡᠴᠢᠭᠡ ᠬᠦᠦ ᠬᠣᠶᠠᠷ ᠢ᠋ ᠵᠣᠭᠣᠰᠤᠨ ᠤ᠋ ᠨᠦᠬᠡ ᠪᠡᠷ ᠰᠦᠪᠡᠯᠡᠬᠦ ᠶᠠᠯ᠎ᠠ ᠶ᠋ᠢ ᠥᠭᠡᠷᠡᠴᠢᠯᠡᠬᠦ ᠪᠡᠷ ᠪᠠᠷᠠᠬᠤ ᠦᠭᠡᠢ ᠴᠢᠮᠠᠶ᠋ᠢ ᠠᠮᠢᠳᠤ ᠦᠯᠡᠳᠡᠭᠡᠵᠦ᠂ ᠴᠣᠷᠣᠰ ᠭᠥᠯᠥᠭᠡᠳᠡᠢ ᠶ᠋ᠢᠨ ᠭᠠᠯ ᠭᠣᠯᠣᠮᠲᠠ ᠵᠠᠯᠭᠠᠮᠵᠢᠯᠠᠭᠤᠯᠤᠶᠠ᠃ ᠮᠢᠨᠦ ᠰᠠᠨᠠᠯ ᠨᠢᠭᠡᠨᠲᠡ ᠲᠣᠭᠲᠠᠪᠠ᠃ ᠡᠭᠦᠨ ᠡᠴᠡ ᠥᠴᠦᠬᠡᠨ ᠴᠦ᠍ ᠥᠭᠡᠷᠡᠴᠢᠯᠡᠬᠦ ᠶᠣᠰᠣ ᠦᠭᠡᠢ᠃ ᠪᠦᠭᠦᠳᠡᠭᠡᠷ ᠴᠠᠭᠠᠵᠠ ᠪᠠᠷ ᠠᠪᠤᠭᠤᠯᠬᠤ᠂ ᠱᠣᠨᠤ ᠶ᠋ᠢ ᠠᠮᠢᠳᠤ ᠦᠯᠡᠳᠡᠭᠡᠬᠦ ᠶ᠋ᠢ ᠲᠠ ᠨᠠᠷ ᠵᠥᠪᠯᠡᠨ ᠲᠣᠭᠲᠠ ᠭᠡᠳ᠂ ᠴᠠᠭᠠᠵᠠ ᠪᠠᠷ ᠠᠪᠠᠴᠢᠬᠤ ᠶ᠋ᠢᠨ ᠪᠡᠯᠡᠳᠬᠡᠯ ᠬᠢᠬᠦ ᠲᠤᠰᠢᠶᠠᠯ ᠥᠭᠭᠦᠭᠰᠡᠨ ᠳ᠋ᠦ᠍ ᠰᠢᠳᠠᠷ ᠪᠠᠭᠠᠲᠤᠷ ᠤ᠋ᠨ ᠨᠢᠭᠡ ᠨᠢ ᠭᠠᠳᠠᠭᠰᠢ ᠭᠠᠷᠴᠤ᠂ ᠲᠡᠳᠦᠬᠡᠨ ᠮᠠᠨᠵᠤ ᠴᠡᠷᠢᠭ ᠦ᠋ᠨ ᠪᠦᠷᠢᠶ᠎ᠡ ᠬᠠᠩᠭᠢᠨᠠᠬᠤ ᠴᠢᠮᠡᠭᠡ ᠳᠠᠭᠤᠷᠢᠰᠪᠠ᠃
-ᠬᠡᠷᠡᠭ ᠨᠢᠭᠡᠨᠲᠡ ᠡᠢᠮᠦ ᠪᠣᠯᠤᠭᠰᠠᠨ ᠡᠴᠡ ᠬᠣᠢᠰᠢ᠂ ᠬᠦᠦ ᠮᠢᠨᠢ ᠵᠣᠷᠢᠭ ᠬᠠᠲᠠᠭᠤᠵᠢᠨ ᠂ ᠪᠢᠳᠡᠨ ᠦ᠌ ᠲᠣᠯᠣᠭᠠᠢ ᠶ᠋ᠢ ᠠᠪ᠃ ᠡᠷ᠎ᠡ ᠬᠥᠮᠦᠨ ᠦ᠌ ᠵᠢᠯᠣᠭᠣ ᠤᠷᠲᠤ᠃ ᠴᠢ ᠠᠮᠢᠳᠤ ᠶᠠᠪᠤᠪᠠᠯ᠂ ᠨᠢᠭᠡ ᠤᠴᠢᠷ ᠪᠣᠢ᠃ ᠪᠢᠲᠡᠭᠡᠢ ᠭᠤᠲᠤᠷᠠ᠃ ᠰᠡᠳᠬᠢᠯ ᠢ᠋ᠶ᠋ᠡᠨ ᠬᠠᠲᠠᠮᠵᠢᠯᠠ ᠭᠡᠵᠦ ᠭᠥᠯᠥᠭᠡᠳᠡᠢ ᠪᠠᠭᠠᠲᠤᠷ ᠱᠣᠨᠤ ᠬᠦᠦ ᠳ᠋ᠡᠭᠡᠨ ᠡᠩᠬᠦᠷᠡᠢᠯᠡᠨ ᠵᠣᠷᠢᠭᠵᠢᠭᠤᠯᠵᠤ ᠬᠡᠯᠡᠪᠡ᠃ ᠦᠭᠡᠢ ᠠᠪᠤ ᠮᠢᠨᠢ ᠪᠢ ᠲᠠ ᠨᠠᠷ ᠤ᠋ᠨ ᠲᠦᠷᠦᠭᠦᠨ ᠳ᠋ᠦ᠍ ᠲᠣᠯᠣᠭᠠᠢ ᠶ᠋ᠢ ᠪᠡᠨ ᠠᠪᠤᠭᠤᠯᠤᠶᠠ ᠭᠡᠵᠦ ᠱᠣᠨᠤ ᠨᠠᠮᠬᠠᠨ ᠳᠠᠭᠤ ᠪᠠᠷ ᠬᠡᠯᠡᠯ᠎ᠡ᠃
-ᠲᠣᠭᠣᠯᠭᠠᠨ ᠵᠢᠳᠠ ᠮᠡᠲᠦ ᠪᠢᠲᠡᠭᠡᠢ ᠵᠣᠷᠢᠭ ᠰᠢᠨᠲᠠᠷᠠ᠂ ᠦᠬᠦᠯ ᠡᠴᠡ ᠵᠠᠢᠯᠠᠭᠰᠠᠨ ᠬᠥᠮᠦᠨ᠂ ᠡᠨᠡ ᠶᠢᠷᠲᠢᠨᠴᠦ ᠳ᠋ᠦ᠍ ᠪᠠᠢᠳᠠᠭ ᠦᠭᠡᠢ᠃ ᠴᠢᠮᠠᠶ᠋ᠢ ᠠᠮᠢᠳᠤ ᠶᠠᠪᠤᠪᠠᠯ᠂ ᠨᠢᠭᠡ ᠤᠴᠢᠷ ᠪᠣᠢ ᠭᠡᠰᠡᠨ ᠠᠪᠤ ᠶ᠋ᠢᠨ ᠢ᠋ᠶ᠋ᠡᠨ ᠰᠤᠷᠭᠠᠮᠵᠢ ᠶ᠋ᠢ ᠳᠠᠭ᠎ᠠ᠃ ᠬᠥᠮᠦᠨ ᠦ᠌ ᠭᠠᠷ ᠲᠤ᠌ ᠡᠴᠢᠭᠡ ᠬᠦᠦ ᠬᠣᠶᠠᠷ ᠢ᠋ᠶ᠋ᠠᠨ ᠵᠢᠷᠦᠬᠡ ᠬᠠᠭᠠᠷᠠᠮ᠎ᠠ ᠲᠠᠮᠤᠯᠠᠭᠤᠯᠬᠤ ᠶ᠋ᠢ ᠦᠵᠡᠭᠰᠡᠨ ᠡᠴᠡ ᠬᠦᠦ ᠶ᠋ᠢᠨ ᠢ᠋ᠶ᠋ᠡᠨ ᠭᠠᠷ ᠲᠤ᠌ ᠦᠬᠦᠶ᠎ᠡ ᠭᠡᠵᠦ ᠪᠢᠳᠡ ᠰᠠᠨᠠᠯ ᠲᠣᠭᠲᠠᠯ᠎ᠠ᠃ ᠡᠴᠢᠭᠡ ᠶ᠋ᠢᠨ ᠢ᠋ᠶ᠋ᠡᠨ ᠲᠠᠮᠤᠯᠠᠭᠤᠯᠬᠤ ᠡᠰᠡᠬᠦ ᠶ᠋ᠢ ᠦᠷ᠎ᠡ ᠶ᠋ᠢᠨ ᠮᠢᠨᠢ ᠵᠣᠷᠢᠭ ᠯᠠ ᠮᠡᠳᠡᠬᠦ ᠨᠢ ᠪᠠᠢᠨ᠎ᠠ᠃ ᠵᠠᠩᠵᠤᠨ ᠲᠠ ᠬᠡᠯᠡᠭᠰᠡᠨ ᠦᠭᠡᠨ ᠳ᠋ᠡᠭᠡᠨ ᠡᠵᠡᠨ ᠪᠣᠯᠳᠠᠭ ᠶᠤᠮ ᠪᠣᠯ᠂ ᠱᠣᠨᠣ᠌ ᠵᠢᠨ ᠪᠡᠶ᠎ᠡ ᠳ᠋ᠦ᠍ ᠭᠠᠷ ᠦᠯᠦ ᠬᠦᠷᠬᠦ ᠶ᠋ᠢ ᠴᠡᠷᠢᠭ ᠣᠯᠠᠨ ᠤ᠋ ᠡᠮᠦᠨ᠎ᠡ ᠠᠮᠠᠯᠳᠠ᠃ ᠪᠢᠳᠡᠨ ᠢ᠋ ᠴᠠᠭᠠᠵᠠ ᠪᠠᠷ ᠠᠪᠤᠭᠠᠴᠢ᠂ ᠱᠣᠨᠤ ᠶ᠋ᠢ ᠦᠯᠡᠳᠡᠭᠡ ᠭᠡᠵᠦ ᠰᠡᠳᠬᠢᠯ ᠬᠠᠲᠠᠮᠵᠢᠯᠠᠭᠰᠠᠨ ᠳᠠᠭᠤ ᠪᠠᠷ ᠬᠠᠲᠤᠨ ᠤ᠋ ᠬᠡᠯᠡᠮᠡᠭᠴᠡ᠂ ᠱᠣᠨᠤ᠂ ᠡᠴᠢᠭᠡ ᠡᠬᠡ ᠶ᠋ᠢᠨ ᠡᠮᠦᠨ᠎ᠡ ᠰᠥᠭᠥᠳᠦᠨ ᠮᠥᠷᠭᠥᠵᠦ᠂
-ᠡᠷᠲᠡᠨ ᠦ᠌ ᠪᠢᠴᠢᠭ ᠦ᠋ᠨ ᠶᠣᠰᠣ ᠠᠯᠳᠠᠭᠰᠠᠨ ᠡᠴᠡ ᠪᠢ ᠲᠠ ᠪᠦᠬᠦᠨ ᠳ᠋ᠦ᠍ ᠡᠢᠮᠦ ᠭᠠᠮᠰᠢᠭ ᠵᠣᠪᠠᠯᠠᠩ ᠳᠠᠯᠠᠯᠤᠨ ᠢᠷᠡᠭᠦᠯᠦᠭᠰᠡᠨ ᠪᠣᠯᠬᠣᠷ ᠪᠢ ᠠᠮᠢᠳᠤ ᠶᠠᠪᠤᠭᠰᠠᠨ ᠤ᠋ ᠬᠡᠷᠡᠭ ᠠᠯᠠᠭ᠎ᠠ᠃ ᠡᠨᠡ ᠳᠡᠯᠡᠬᠡᠢ ᠳ᠋ᠦ᠍ ᠬᠥᠮᠦᠨ ᠪᠣᠯᠭᠠᠭᠰᠠᠨ ᠬᠡᠮᠵᠢᠶ᠎ᠡ ᠦᠭᠡᠢ ᠠᠴᠢᠲᠠᠨ ᠤ᠋ ᠪᠠᠨ ᠥᠭᠡᠳᠡ ᠡᠴᠡ ᠢᠯᠳᠦ ᠶᠠᠭᠠᠬᠢᠵᠤ ᠳᠠᠯᠠᠢᠬᠤ ᠪᠣᠢ? ᠶᠠᠭᠠᠬᠢᠯ᠎ᠠ ᠴᠤ᠌ ᠰᠡᠳᠬᠢᠯ ᠲᠦᠪᠳᠡᠬᠦ ᠦᠭᠡᠢ ᠨᠢ ᠭᠡᠵᠦ ᠱᠣᠨᠤ ᠬᠡᠯᠡᠬᠦ ᠳ᠋ᠦ᠍᠂
-ᠦᠷ᠎ᠡ ᠶ᠋ᠢᠨ ᠰᠡᠳᠬᠢᠯ ᠢ᠋ᠶ᠋ᠡᠷ ᠲᠥᠷᠥᠭᠦᠯᠵᠦ ᠥᠰᠬᠡᠭᠰᠡᠨ ᠦ᠌ ᠮᠢᠨᠢ ᠠᠴᠢ ᠶ᠋ᠢ ᠰᠠᠨᠠᠵᠤ ᠮᠡᠳᠡᠵᠦ ᠶᠠᠪᠤᠭ᠎ᠠ ᠪᠣᠯ ᠦᠬᠦᠬᠦ ᠶ᠋ᠢᠨ ᠢ᠋ᠶ᠋ᠡᠨ ᠡᠮᠦᠨ᠎ᠡ ᠡᠴᠢᠭᠡ ᠡᠬᠡ ᠶ᠋ᠢᠨ ᠢ᠋ᠶ᠋ᠡᠨ ᠵᠠᠬᠢᠭᠰᠠᠨ ᠰᠤᠷᠭᠠᠯ ᠢ᠋ ᠳᠠᠭᠠᠬᠤ ᠨᠢ ᠶᠣᠰᠣᠲᠠᠢ ᠳᠡᠭᠡᠳᠦ ᠡᠯᠪᠡᠷᠢᠯ ᠭᠡᠭᠴᠢ ᠲᠡᠷᠡ ᠰᠢᠦ᠃ ᠵᠠ ᠬᠦᠦ ᠮᠢᠨᠢ ᠵᠣᠷᠢᠭ ᠬᠠᠲᠠᠮᠵᠢᠯᠠ᠃ ᠡᠨᠡᠨ ᠢ᠋ ᠳᠠᠪᠠᠵᠤ ᠭᠦᠢᠴᠡᠳᠬᠡᠵᠦ ᠴᠢᠳᠠᠪᠠᠯ ᠶᠣᠰᠣᠲᠠᠢ ᠬᠦᠦ ᠲᠥᠷᠥᠭᠦᠯᠦᠭᠰᠡᠨ ᠳ᠋ᠡᠭᠡᠨ ᠡᠵᠢ ᠠᠪᠤ ᠨᠢ ᠪᠠᠬᠠᠳᠤᠭᠰᠠᠭᠠᠷ ᠦᠬᠦᠨ᠎ᠡ ᠭᠡᠵᠦ ᠡᠬᠡ ᠨᠢ ᠬᠡᠯᠡᠪᠡ᠃
ᠠᠪᠤ ᠡᠵᠢ ᠶ᠋ᠢᠨ ᠠᠯᠲᠠᠨ ᠰᠤᠷᠭᠠᠯ ᠢ᠋ ᠥᠭᠦᠯᠡᠰᠢ ᠦᠭᠡᠢ ᠪᠡᠷᠬᠡ ᠴᠦ᠍ ᠭᠡᠰᠡᠨ ᠴᠢᠨᠢ ᠶᠡᠬᠡ ᠬᠠᠢᠷᠠᠯᠠᠨ ᠰᠡᠳᠬᠢᠯ ᠡᠴᠡ ᠪᠡᠨ ᠬᠦᠨᠳᠦᠳᠬᠡᠵᠡᠭᠡᠶᠡ ᠭᠡᠬᠦ ᠪᠣᠢ ᠳᠠᠭᠠᠶ᠎ᠠ ᠳᠠ ᠭᠡᠵᠦ ᠵᠢᠷᠦᠬᠡ ᠠᠯᠲᠠᠨ ᠪᠠᠢᠵᠤ ᠬᠡᠯᠡᠭᠡᠳ ᠮᠠᠨᠵᠤ ᠵᠠᠩᠵᠤᠨ ᠤ᠋ ᠵᠦᠭ ᠡᠷᠭᠢᠵᠦ 《ᠪᠢ ᠪᠡᠯᠡᠨ》 ᠭᠡᠵᠦ ᠰᠡᠳᠬᠢᠯ ᠬᠠᠲᠠᠭᠤᠵᠢᠵᠤ ᠬᠡᠯᠡᠭᠰᠡᠨ ᠳ᠋ᠦ᠍᠄
-ᠢᠩᠭᠢᠪᠡᠰᠦ ᠲᠠ ᠨᠠᠷ ᠬᠠᠷᠢᠯᠴᠠᠨ ᠬᠠᠭᠠᠴᠠᠬᠤ ᠶᠣᠰᠣ ᠬᠢᠲᠦᠭᠡᠢ᠃
ᠴᠠᠭᠠᠵᠠ ᠶ᠋ᠢᠨ ᠭᠠᠵᠠᠷ ᠬᠦᠷᠭᠡᠬᠦ ᠳ᠋ᠦ᠍ ᠨᠢ ᠲᠠ ᠨᠠᠷ ᠤ᠋ᠨ ᠭᠠᠷ ᠢ᠋ ᠬᠦᠯᠢᠪᠡᠰᠦ ᠵᠣᠬᠢᠬᠤ ᠪᠥᠯᠥᠭᠡ᠃ ᠵᠣᠷᠢᠭᠲᠤ ᠪᠠᠭᠠᠲᠤᠷ ᠤ᠋ᠨ ᠭᠡᠷ ᠪᠦᠯᠢ ᠶ᠋ᠢ ᠬᠦᠨᠳᠦᠳᠬᠡᠵᠦ ᠭᠠᠷ ᠬᠦᠯᠢᠶᠡᠰᠦ ᠦᠭᠡᠢ ᠶᠠᠪᠤᠭᠤᠯᠤᠨ᠎ᠠ ᠭᠡᠳ ᠭᠠᠷᠬᠤ ᠳ᠋ᠤᠨᠢ ᠡᠭᠦᠳᠡᠨ ᠦ᠌ ᠬᠠᠴᠠᠪᠴᠢ ᠶ᠋ᠢᠨ ᠲᠡᠨᠳᠡ ᠬᠣᠶᠠᠷ ᠮᠠᠨᠵᠤ ᠪᠠᠭᠠᠲᠤᠷ᠂ ᠭᠡᠷ ᠦ᠋ᠨ ᠭᠠᠳᠠᠨ᠎ᠠ ᠬᠠᠷᠠᠭᠤᠯ ᠤ᠋ᠨ ᠴᠡᠷᠢᠭ ᠦᠯᠡᠳᠡᠨ᠂ ᠰᠦᠷ ᠪᠠᠳᠠᠷᠠᠭᠤᠯᠤᠭᠴᠢ ᠵᠠᠩᠵᠤᠨ ᠹᠦ᠂ ᠨᠠᠢᠷ ᠤ᠋ᠨ ᠲᠠᠯᠠᠪᠠᠢ ᠳ᠋ᠤ᠌ ᠰᠢᠳᠠᠷ ᠴᠡᠷᠢᠭ ᠢ᠋ᠶ᠋ᠡᠷ ᠬᠦᠷᠢᠶᠡᠯᠡᠭᠦᠯᠦᠨ ᠣᠴᠢᠵᠤ᠂ ᠭᠥᠯᠥᠭᠡᠳᠡᠢ ᠪᠠᠭᠠᠲᠤᠷ ᠤ᠋ᠨ ᠠᠰᠠᠷ ᠲᠤ᠌ ᠴᠡᠷᠢᠭ ᠦ᠋ᠨ ᠨᠣᠶᠠᠳ ᠤ᠋ᠨ ᠬᠠᠮᠲᠤ ᠰᠠᠭᠤᠪᠠ᠃
ᠨᠠᠢᠷ ᠤ᠋ᠨ ᠭᠠᠵᠠᠷ ᠴᠤᠭᠯᠠᠭᠰᠠᠨ ᠣᠯᠠᠨ ᠢ᠋ ᠮᠠᠨᠵᠤ ᠴᠡᠷᠢᠭ᠂ ᠭᠣᠶᠣ ᠡᠷᠢᠶᠡᠨ ᠠᠰᠠᠷ ᠤ᠋ᠨ ᠡᠮᠦᠨ᠎ᠡ ᠡᠲᠡᠭᠡᠳ ᠲᠦ᠍ ᠨᠤᠮᠤ ᠮᠡᠲᠦ ᠲᠣᠭᠣᠷᠢᠭᠤᠯᠤᠨ ᠰᠠᠭᠤᠯᠭᠠᠭᠠᠳ ᠹᠦ ᠵᠠᠩᠵᠤᠨ ᠤ᠋ ᠲᠤᠰᠢᠶᠠᠯ ᠢ᠋ᠶ᠋ᠠᠷ ᠮᠠᠨᠵᠤ ᠴᠡᠷᠢᠭ ᠦ᠋ᠨ ᠨᠣᠶᠠᠨ᠂ ᠠᠰᠠᠷ ᠤ᠋ᠨ ᠡᠮᠦᠨ᠎ᠡ ᠭᠠᠷᠴᠤ ᠢᠷᠡᠨ᠂ ᠭᠥᠯᠥᠭᠡᠳᠡᠢ ᠪᠠᠭᠠᠲᠤᠷ ᠤ᠋ᠨ ᠶᠠᠯ᠎ᠠ ᠲᠣᠭᠠᠴᠢᠨ᠂ ᠲᠩᠷᠢ ᠶ᠋ᠢᠨ ᠬᠡᠰᠢᠭ ᠬᠦᠷᠲᠡᠭᠡᠨ᠂ ᠬᠦᠦ ᠱᠣᠨᠣ᠌ ᠵᠢᠨ ᠭᠠᠷ ᠢ᠋ᠶ᠋ᠠᠷ ᠳᠠᠢᠴᠢᠨ ᠤᠯᠤᠰ ᠤ᠋ᠨ ᠪᠣᠭᠳᠠ ᠡᠵᠡᠨ ᠬᠠᠭᠠᠨ ᠤ᠋ ᠳᠠᠢᠰᠤᠨ ᠭᠥᠯᠥᠭᠡᠳᠡᠢ ᠶ᠋ᠢᠨ ᠭᠡᠷ ᠪᠦᠯᠢ ᠶ᠋ᠢ ᠴᠠᠭᠠᠵᠠ ᠪᠠᠷ ᠠᠪᠠᠴᠢᠬᠤ ᠵᠠᠩᠵᠤᠨ ᠤ᠋ ᠲᠤᠰᠢᠶᠠᠯ ᠰᠣᠨᠣᠰᠬᠠᠪᠠ᠃ ᠣᠯᠠᠨ ᠴᠥᠮ ᠬᠢᠷᠳ᠋ᠬᠢᠨ ᠰᠣᠴᠢᠵᠤ᠂ ᠰᠦᠷᠲᠦ ᠲᠤᠰᠢᠶᠠᠯ ᠤ᠋ᠨ ᠦᠭᠡ ᠶ᠋ᠢ ᠴᠢᠪ ᠴᠢᠮᠡᠭᠡ ᠦᠭᠡᠢ ᠰᠣᠨᠣᠰᠤᠯ᠎ᠠ᠃ ᠮᠠᠨᠵᠤ ᠨᠣᠶᠠᠨ ᠨᠢᠭᠡᠨ ᠬᠡᠰᠡᠭ ᠳᠠᠭᠤ ᠦᠭᠡᠢ ᠵᠣᠭᠰᠣᠭᠠᠳ᠂ ᠳᠠᠬᠢᠨ ᠥᠨᠳᠥᠷ ᠳᠠᠭᠤ ᠪᠠᠷ ᠰᠣᠨᠣᠰᠬᠠᠨ ᠡᠪᠦᠭᠡᠨ ᠪᠠᠭᠠᠲᠤᠷ ᠭᠥᠯᠥᠭᠡᠳᠡᠢ᠂ ᠬᠠᠲᠤᠨ ᠤ᠋ ᠬᠠᠮᠲᠤ ᠪᠠᠷ ᠭᠤᠶᠤᠵᠤ᠂ ᠬᠦᠦ ᠶ᠋ᠢᠨ ᠢ᠋ᠶ᠋ᠡᠨ ᠠᠮᠢ ᠬᠡᠯᠲᠦᠷᠢᠭᠦᠯᠬᠦ ᠶ᠋ᠢ ᠬᠦᠰᠡᠨ ᠢᠯᠡᠷᠬᠡᠢᠯᠡᠭᠰᠡᠨ ᠢ᠋ ᠰᠦᠷ ᠪᠠᠳᠠᠷᠠᠭᠤᠯᠤᠭᠴᠢ ᠵᠠᠩᠵᠤᠨ ᠹᠦ ᠡᠪ ᠡᠶ᠎ᠡ ᠲᠣᠭᠲᠠᠭᠠᠵᠤ᠂ ᠱᠣᠨᠤ ᠬᠦᠦ᠂ ᠡᠴᠢᠭᠡ ᠡᠬᠡ ᠳᠡᠭᠦᠦ ᠨᠠᠷ ᠤ᠋ᠨ ᠲᠣᠯᠣᠭᠠᠢ ᠶ᠋ᠢ ᠥᠪᠡᠷ ᠦ᠋ᠨ ᠭᠠᠷ ᠢ᠋ᠶ᠋ᠠᠷ ᠠᠪᠤᠪᠠᠯ ᠠᠮᠢ ᠬᠡᠯᠲᠦᠷᠢᠭᠦᠯᠬᠦ ᠵᠥᠪᠰᠢᠶᠡᠷᠡᠯ ᠣᠯᠭᠣᠭᠰᠠᠨ ᠢ᠋ ᠮᠡᠳᠡᠭᠳᠡᠭᠰᠡᠨ ᠳ᠋ᠦ᠍᠂ ᠣᠯᠠᠨ ᠴᠥᠮ ᠰᠣᠴᠢᠨ ᠰᠠᠨᠠᠭ᠎ᠠ ᠠᠯᠳᠠᠴᠢᠬᠠᠯ᠎ᠠ᠃
-ᠲᠡᠭᠡᠲᠡᠯ᠎ᠡ᠂ ᠥᠷᠥᠭᠡᠨ ᠦ᠌ ᠵᠦᠭ ᠡᠴᠡ ᠮᠠᠨᠵᠤ ᠴᠡᠷᠢᠭ ᠢ᠋ᠶ᠋ᠡᠷ ᠲᠠᠭᠤᠯᠭᠠᠭᠰᠠᠨ ᠭᠥᠯᠥᠭᠡᠳᠡᠢ ᠪᠠᠭᠠᠲᠤᠷ ᠂ ᠬᠠᠲᠤᠨ ᠬᠣᠶᠠᠷ ᠪᠠᠭ᠎ᠠ ᠥᠬᠢᠨ ᠦ᠌ ᠬᠠᠮᠲᠤ ᠬᠦᠷᠴᠦ ᠢᠷᠡᠭᠰᠡᠨ᠂ ᠠᠰᠠᠷ ᠤ᠋ᠨ ᠡᠮᠦᠨ᠎ᠡ ᠮᠠᠨᠵᠤ ᠴᠡᠷᠢᠭ ᠲᠦ᠍ ᠲᠤᠰᠢᠶᠠᠵᠤ ᠲᠡᠳᠡᠨ ᠢ᠋ ᠰᠥᠭᠥᠳᠬᠡᠨ ᠰᠠᠭᠤᠯᠭᠠᠵᠠᠢ᠃ ᠴᠡᠷᠢᠭ ᠦ᠋ᠨ ᠪᠦᠷᠢᠶ᠎ᠡ ᠲᠠᠲᠠᠵᠤ᠂ ᠨᠠᠮ ᠭᠦᠮ ᠪᠣᠯᠤᠭᠰᠠᠨ ᠣᠯᠠᠨ ᠬᠥᠮᠦᠨ ᠦ᠌ ᠨᠢᠳᠦ᠂ ᠪᠠᠶᠠᠷ ᠲᠤ᠌ ᠵᠣᠷᠢᠭᠤᠯᠵᠤ ᠪᠠᠷᠢᠭᠰᠠᠨ ᠭᠣᠶᠣ ᠡᠷᠢᠶᠡᠨ ᠠᠰᠠᠷ ᠤ᠋ᠨ ᠡᠮᠦᠨ᠎ᠡ ᠰᠥᠭᠥᠳᠦᠨ ᠳᠥᠷᠪᠡᠨ ᠬᠥᠮᠦᠨ ᠦ᠌ ᠵᠦᠭ ᠰᠢᠷᠲᠡᠨ᠂ ᠮᠠᠨᠵᠤ ᠴᠡᠷᠢᠭ ᠦ᠋ᠨ ᠳᠠᠷᠤᠭ᠎ᠠ᠂ ᠴᠠᠭᠠᠵᠠ ᠶ᠋ᠢᠨ ᠰᠤᠮᠤ ᠪᠠᠷ ᠳᠣᠬᠢᠶ᠎ᠠ ᠥᠭᠭᠦᠮᠡᠭᠴᠡ ᠱᠣᠨᠤ᠂ ᠡᠴᠢᠭᠡ ᠶ᠋ᠢᠨ ᠡᠮᠦᠨ᠎ᠡ ᠰᠥᠭᠥᠳᠦᠨ ᠮᠥᠷᠭᠥᠭᠡᠳ᠂ ᠡᠪᠦᠳᠦᠭᠡᠨ ᠡᠴᠡ ᠨᠢ ᠮᠥᠯᠬᠥᠨ ᠠᠳᠢᠰ ᠠᠪᠤᠭᠠᠳ ᠪᠣᠰᠴᠤ ᠰᠡᠯᠡᠮ᠎ᠡ ᠪᠡᠨ ᠳᠠᠯᠠᠢᠨ ᠬᠢᠯᠠᠰᠬᠢᠮᠡᠭᠴᠡ ᠡᠪᠦᠭᠡᠨ ᠭᠥᠯᠥᠭᠡᠳᠡᠢ ᠪᠠᠭᠠᠲᠤᠷ ᠤ᠋ᠨ ᠲᠣᠯᠣᠭᠠᠢ ᠥᠩᠬᠥᠷᠢᠨ ᠤᠨᠠᠪᠠ᠃ ᠣᠯᠠᠨ ᠮᠢᠩᠭᠠᠨ ᠬᠥᠮᠦᠨ ᠦ᠌ ᠬᠥᠨᠳᠡᠢ ᠴᠡᠭᠡᠵᠢᠨ ᠡᠴᠡ ᠭᠠᠭᠴᠠ ᠬᠥᠮᠦᠨ ᠰᠢᠭ ᠰᠠᠨᠠᠭ᠎ᠠ ᠠᠯᠳᠠᠬᠤ ᠴᠢᠮᠡᠭᠡ ᠰᠣᠨᠣᠰᠳᠠᠵᠤ᠂ ᠡᠮᠡᠭᠲᠡᠢᠴᠦᠳ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠬᠠᠯᠬᠠᠯᠠᠵᠠᠭᠠᠪᠠ᠃ ᠱᠣᠨᠣ᠌ ᠵᠢᠨ ᠥᠷᠭᠡᠨ ᠴᠡᠭᠡᠵᠢᠨ ᠳᠣᠲᠣᠷ᠎ᠠ ᠨᠢ ᠬᠣᠷᠣᠰᠤᠯ ᠤ᠋ᠨ ᠭᠠᠯ ᠪᠠᠳᠠᠷᠠᠵᠤ ᠪᠠᠢᠭ᠎ᠠ ᠪᠣᠯᠪᠠᠴᠤ᠂ ᠤᠲᠤᠭ᠎ᠠ ᠶ᠋ᠢ ᠨᠢ ᠬᠠᠮᠠᠷ ᠤ᠋ᠨ ᠢ᠋ᠶ᠋ᠠᠨ ᠨᠦᠬᠡ ᠪᠡᠷ ᠭᠠᠷᠭᠠᠯ ᠦᠭᠡᠢ᠂ ᠴᠢᠷᠠᠢ ᠨᠢ ᠴᠢᠯᠠᠭᠤᠨ ᠬᠥᠮᠦᠨ ᠦ᠌ ᠴᠢᠷᠠᠢ ᠰᠢᠭ᠋ ᠣᠭᠲᠣ ᠬᠥᠳᠡᠯᠪᠦᠷᠢ ᠦᠭᠡᠢ᠂ ᠭᠠᠭᠴᠠ ᠬᠦ᠌ ᠨᠢᠳᠦᠨ ᠦ᠌ ᠬᠢᠨᠢ ᠬᠠᠷᠠᠴᠠ ᠲᠤᠢᠯ ᠤ᠋ᠨ ᠬᠠᠴᠢᠨ ᠪᠣᠯᠵᠠᠢ᠃
ᠡᠬᠡ ᠶ᠋ᠢᠨ ᠡᠮᠦᠨ᠎ᠡ ᠰᠥᠭᠥᠳᠦᠨ᠂ ᠬᠣᠷᠮᠣᠢ ᠡᠴᠡ ᠨᠢ ᠠᠳᠢᠰ ᠠᠪᠤᠭᠠᠳ᠂ ᠳᠣᠭᠣᠯᠠᠩ ᠨᠢᠯᠪᠤᠰᠤ ᠬᠠᠴᠠᠷ ᠲᠤ᠌ ᠲᠣᠭᠲᠠᠭᠰᠠᠨ ᠤ᠋ ᠨᠢ ᠬᠠᠷᠠᠭᠠᠳ᠂ ᠰᠡᠳᠬᠢᠯ ᠦᠯᠦ ᠲᠦᠪᠳᠡᠬᠦ ᠮᠡᠲᠦ ᠪᠠᠢᠳᠠᠯ ᠴᠢᠷᠠᠢ ᠳ᠋ᠤ᠌ ᠮᠡᠳᠡᠭᠳᠡᠭᠰᠡᠨ ᠢ᠋ ᠡᠬᠡ ᠨᠢ ᠦᠵᠡᠭᠡᠳ᠂
-ᠬᠠᠷᠢᠲᠠᠨ ᠳ᠋ᠤ᠌ ᠮᠠᠭᠤ ᠶ᠋ᠢ ᠪᠡᠨ ᠪᠤᠤ ᠦᠵᠡᠭᠦᠯ᠃ ᠬᠠᠲᠠᠭᠤᠵᠢᠨ᠂ ᠲᠦᠷᠭᠡᠯᠡ ᠭᠡᠵᠦ ᠵᠣᠷᠢᠭᠲᠠᠢ ᠳᠤᠤᠭᠠᠷᠤᠭᠰᠠᠨ ᠤ᠋ ᠨᠢ ᠠᠰᠠᠷ ᠤ᠋ᠨ ᠡᠮᠦᠨ᠎ᠡ ᠴᠢᠮᠡᠭᠡ ᠦᠭᠡᠢ ᠬᠦᠷᠢᠶᠡᠯᠡᠨ ᠰᠠᠭᠤᠭᠰᠠᠨ ᠣᠯᠠᠨ ᠡᠯᠢᠭᠡ ᠡᠮᠲᠡᠷᠡᠨ ᠰᠣᠨᠣᠰᠤᠯ᠎ᠠ᠃
ᠵᠢᠷᠭᠠᠯ ᠵᠣᠪᠠᠯᠠᠩ ᠬᠠᠮᠲᠤᠳᠬᠠᠭᠰᠠᠨ ᠪᠤᠭᠤᠷᠤᠯ ᠭᠥᠯᠥᠭᠡᠳᠡᠢ ᠪᠠᠭᠠᠲᠤᠷ ᠤ᠋ᠨ ᠢ᠋ᠶ᠋ᠠᠨ ᠠᠮᠢ ᠦᠭᠡᠢ ᠪᠡᠶ᠎ᠡ ᠶ᠋ᠢ ᠨᠢᠭᠡ ᠬᠠᠷᠠᠭᠠᠳ ᠂ ᠬᠠᠲᠤᠨ ᠬᠦᠵᠦᠭᠦᠦ ᠰᠤᠩᠭᠠᠨ᠂ ᠣᠭᠵᠣᠮ ᠳᠠᠭᠤ ᠪᠠᠷ ᠵᠠ ᠭᠡᠵᠦ ᠳᠤᠤᠭᠠᠷᠤᠮᠠᠭᠴᠠ᠂ ᠰᠡᠯᠡᠮ᠎ᠡ ᠶ᠋ᠢᠨ ᠵᠣᠷ ᠬᠢᠬᠦ ᠴᠢᠮᠡᠭᠡ ᠭᠠᠷᠴᠤ ᠬᠠᠲᠤᠨ ᠤ᠋ ᠲᠣᠯᠣᠭᠠᠢ ᠳᠡᠷᠭᠡᠳᠡ ᠥᠩᠬᠥᠷᠢᠨ ᠣᠢᠴᠢᠭᠠᠳ᠂ ᠴᠢᠬᠢᠨ ᠳ᠋ᠦ᠍ ᠨᠢ ᠨᠢᠭᠡ ᠶᠠᠭᠤᠮ᠎ᠠ ᠬᠡᠯᠡᠵᠦ ᠪᠠᠢᠭ᠎ᠠ ᠶᠤᠮ ᠰᠢᠭ᠋ ᠨᠠᠭᠠᠯᠳᠤᠨ ᠲᠣᠭᠲᠠᠪᠠ᠃
ᠱᠣᠨᠣ᠌ ᠵᠢᠨ ᠳᠡᠭᠦᠦ᠂ ᠦᠭᠡ ᠳᠠᠭᠤ ᠦᠭᠡᠢ ᠨᠠᠷᠢᠬᠠᠨ ᠬᠡᠦᠬᠡᠳ ᠬᠦᠵᠦᠭᠦᠦ ᠪᠡᠨ ᠰᠤᠩᠭᠠᠵᠤ᠂ ᠬᠣᠩᠭᠣᠷ ᠦᠰᠦᠲᠡᠢ ᠲᠣᠯᠣᠭᠠᠢ ᠨᠢ ᠪᠠᠭ᠎ᠠ ᠳᠡᠭᠦᠦ ᠶ᠋ᠢᠨ ᠬᠣᠷᠮᠣᠢ ᠶ᠋ᠢᠨ ᠡᠮᠦᠨ᠎ᠡ ᠨᠢᠳᠦ ᠪᠡᠨ ᠬᠠᠷᠠᠨ ᠣᠢᠴᠢᠬᠤ ᠳ᠋ᠤ᠌ ᠲᠠᠪᠤ ᠵᠢᠷᠭᠤᠭᠠᠨ ᠨᠠᠰᠤᠲᠠᠢ ᠣᠳᠬᠠᠨ ᠪᠠᠭ᠎ᠠ ᠥᠬᠢᠨ᠂ ᠡᠭᠡᠴᠢ ᠶ᠋ᠢᠨ ᠢ᠋ᠶ᠋ᠡᠨ ᠲᠣᠯᠣᠭᠠᠢ ᠶ᠋ᠢ ᠨᠢᠳᠦ ᠴᠠᠪᠴᠢᠯ ᠦᠭᠡᠢ ᠬᠠᠷᠠᠨ᠂ ᠬᠦᠵᠦᠭᠦᠦ ᠪᠡᠨ ᠰᠤᠩᠭᠠᠭᠠᠳ᠂ ᠬᠡᠦᠬᠡᠳ ᠬᠣᠩᠭᠣᠷ ᠬᠣᠭᠣᠯᠠᠢ ᠪᠠᠷ᠂
-ᠠᠬ᠎ᠠ ᠠ᠂ ᠮᠢᠨᠦ ᠡᠨᠳᠡ ᠬᠠᠲᠠᠭᠢ ᠭᠠᠷᠤᠭᠰᠠᠨ ᠶᠤᠮ᠂ ᠭᠦᠨᠳᠡᠪᠡᠯ ᠶᠡᠬᠡ ᠡᠪᠡᠳᠳᠡᠭ᠃ ᠡᠨᠡᠭᠦᠷ ᠴᠠᠪᠴᠢᠭᠠᠷᠠᠢ᠃ ᠬᠠᠲᠠᠭᠢ ᠪᠢᠲᠡᠭᠡᠢ ᠬᠥᠨᠳᠡᠭᠡᠷᠡᠢ ᠭᠠᠷ ᠢ᠋ᠶ᠋ᠠᠷ ᠢ᠋ᠶ᠋ᠠᠨ ᠵᠢᠭᠠᠵᠤ ᠬᠡᠯᠡᠭᠰᠡᠨ ᠨᠢ ᠠᠮᠢᠰᠬᠤᠭ᠎ᠠ ᠪᠠᠨ ᠳᠠᠷᠤᠵᠤ᠂ ᠴᠢᠮᠡᠭᠡ ᠠᠨᠢᠷ ᠦᠭᠡᠢ ᠪᠠᠢᠭ᠎ᠠ ᠣᠯᠠᠨ ᠳ᠋ᠤ᠌ ᠲᠣᠪ ᠲᠣᠳᠣ ᠰᠣᠨᠣᠰᠳᠠᠨ᠂ ᠵᠢᠷᠦᠬᠡ ᠶ᠋ᠢ ᠰᠢᠪᠦᠭᠡ ᠪᠡᠷ ᠴᠢᠴᠢᠬᠦ ᠰᠢᠭ ᠪᠣᠯᠪᠠ᠃
ᠣᠳᠬ᠍ᠨ ᠥᠬᠢᠨ ᠦ᠌ ᠲᠣᠯᠣᠭᠠᠢ ᠣᠢᠴᠢᠮᠠᠭᠴᠠ᠂ ᠮᠠᠨᠵᠤ ᠴᠡᠷᠢᠭ ᠦ᠋ᠨ ᠪᠦᠷᠢᠶ᠎ᠡ ᠬᠠᠩᠭᠢᠨᠠᠵᠤ ᠱᠣᠨᠤ ᠶ᠋ᠢ ᠮᠠᠨᠵᠤ ᠴᠡᠷᠢᠭ ᠳᠠᠷᠤᠭ᠎ᠠ ᠳᠤᠮᠳᠠ ᠪᠠᠨ ᠠᠪᠴᠤ᠂ ᠥᠷᠯᠥᠭᠡᠨ ᠦ᠌ ᠮᠠᠨᠳᠤᠬᠤ ᠤᠯᠠᠭᠠᠨ ᠨᠠᠷᠠᠨ ᠢ᠋ᠶ᠋ᠠᠷ ᠡᠯᠢᠭᠡ ᠪᠦᠲᠦᠨ ᠠᠢᠯ ᠪᠠᠢᠭᠰᠠᠨ ᠪᠠᠭ᠎ᠠ ᠦᠳᠡ ᠶ᠋ᠢᠨ ᠨᠠᠷᠠᠨ ᠢ᠋ᠶ᠋ᠠᠷ ᠥᠨᠥᠴᠢᠷᠡᠭᠰᠡᠨ ᠭᠡᠷ ᠥᠷᠥᠭᠡᠨ ᠳ᠋ᠦ᠍ ᠨᠢ ᠬᠦᠷᠭᠡᠵᠦ ᠥᠭᠭᠦᠭᠰᠡᠨ ᠪᠢᠯᠡ᠃ ᠨᠢᠭᠤᠴᠠ ᠶ᠋ᠢ ᠵᠠᠳᠠᠷᠠᠭᠤᠯᠤᠭᠰᠠᠨ ᠵᠠᠬᠢᠳᠠᠯ ᠤ᠋ᠨ ᠭᠠᠢ ᠪᠠᠷ ᠴᠣᠷᠣᠰ ᠭᠥᠯᠥᠭᠡᠳᠡᠢ ᠪᠠᠭᠠᠲᠤᠷ ᠤ᠋ᠨ ᠨᠢᠭᠡᠨ ᠭᠡᠷ ᠢ᠋ ᠬᠦᠢᠰᠦ ᠲᠡᠮᠲᠡᠷᠢᠨ ᠬᠢᠳᠤᠭᠰᠠᠨ ᠲᠡᠷᠡ ᠶᠠᠪᠤᠳᠠᠯ ᠡᠴᠡ ᠬᠣᠢᠰᠢ ᠡᠪᠦᠭᠡᠳ ᠡᠮᠡᠭᠡᠳ᠂ ᠬᠦᠢᠰᠦ ᠶ᠋ᠢᠨ ᠭᠣᠪᠢ ᠭᠡᠵᠦ ᠲᠡᠷᠡ ᠨᠤᠲᠤᠭ ᠢ᠋ ᠨᠡᠷᠡᠯᠡᠳᠡᠭ ᠪᠣᠯᠤᠭᠰᠠᠨ ᠭᠡᠳᠡᠭ ᠬᠠᠭᠤᠴᠢᠨ ᠤ᠋ ᠦᠭᠡ ᠪᠣᠢ᠃
ᠱᠣᠨᠤ ᠶᠠᠭᠠᠬᠢᠭᠰᠠᠨ ᠪᠣᠢ ᠭᠡᠪᠡᠯ᠂ ᠲᠡᠷᠡ ᠰᠥᠨᠢ ᠳ᠋ᠡᠭᠡᠨ ᠬᠡᠳᠦᠨ ᠴᠡᠷᠢᠭ ᠦ᠋ᠨ ᠬᠠᠮᠲᠤ ᠤᠷᠭᠤᠨ ᠪᠣᠰᠴᠤ᠂ ᠮᠠᠨᠵᠤ ᠴᠡᠷᠢᠭ ᠦ᠋ᠨ ᠭᠠᠭᠴᠠ ᠨᠢᠭᠡ ᠪᠡᠷ ᠪᠦᠯᠦᠭ ᠢ᠋ᠶ᠋ᠡᠷ ᠶᠠᠪᠤᠬᠤ ᠳ᠋ᠤᠨᠢ ᠬᠢᠳᠤᠨ ᠤᠰᠠᠳᠬᠠᠵᠤ᠂ ᠰᠦᠷ ᠪᠠᠳᠠᠷᠠᠭᠤᠯᠤᠭᠴᠢ ᠹᠦ ᠵᠠᠩᠵᠤᠨ ᠴᠤ᠌ ᠭᠠᠳᠠᠭᠰᠢ ᠭᠠᠷᠬᠤ ᠪᠦᠷᠢ᠂ ᠬᠠᠮᠠᠭᠠᠯᠠᠬᠤ ᠪᠠᠭᠠᠲᠤᠷ ᠴᠡᠷᠢᠭ ᠦᠭᠡᠢ ᠭᠠᠷᠬᠤ ᠪᠠᠨ ᠪᠠᠢᠵᠤ᠂ ᠱᠣᠨᠤ ᠶ᠋ᠢ ᠠᠭᠤᠯᠠ ᠶ᠋ᠢᠨ ᠬᠤᠯᠠᠭᠠᠢᠴᠢ ᠭᠡᠵᠦ ᠠᠮᠢᠳᠤ ᠪᠠᠷᠢᠭᠰᠠᠨ ᠬᠥᠮᠦᠨ ᠳ᠋ᠦ᠍ ᠲᠦᠮᠡᠨ ᠯᠠᠩ᠂ ᠲᠣᠯᠣᠭᠠᠢ ᠶ᠋ᠢ ᠨᠢ ᠬᠦᠷᠭᠡᠵᠦ ᠢᠷᠡᠭᠰᠡᠨ ᠬᠥᠮᠦᠨ ᠳ᠋ᠦ᠍ ᠲᠠᠪᠤᠨ ᠮᠢᠩᠭᠠᠨ ᠯᠠᠩ ᠱᠠᠩᠨᠠᠨ᠎ᠠ ᠭᠡᠵᠦ ᠵᠠᠷᠯᠠᠪᠠᠴᠤ᠂ ᠠᠮᠢᠰᠬᠤᠯ ᠲᠠᠰᠤᠷᠠᠲᠠᠯ᠎ᠠ ᠪᠠᠨ ᠥᠰᠢᠶ᠎ᠡ ᠵᠠᠩᠭᠢᠷᠠᠭᠰᠠᠨ ᠱᠣᠨᠤ ᠶ᠋ᠢ ᠪᠠᠷᠢᠵᠤ ᠰᠠᠨᠠᠭ᠎ᠠ ᠠᠮᠠᠷᠠᠵᠤ ᠴᠢᠳᠠᠭᠰᠠᠨ ᠦᠭᠡᠢ᠂ ᠡᠳᠦᠷ ᠪᠦᠷᠢ ᠶ᠋ᠢᠨ ᠴᠡᠷᠢᠭ ᠦ᠋ᠨ ᠮᠡᠳᠡᠭᠡᠨ ᠳ᠋ᠦ᠍ ᠬᠡᠳᠦ ᠬᠡᠳᠦᠨ ᠠᠮᠢ ᠬᠣᠬᠢᠷᠠᠭᠰᠠᠨ ᠢ᠋ ᠬᠥᠮᠥᠰᠬᠡ ᠵᠠᠩᠭᠢᠳᠤᠨ ᠰᠣᠨᠣᠰᠴᠤ᠂ 《ᠠᠭᠤᠯᠠ ᠶ᠋ᠢᠨ ᠬᠤᠯᠠᠭᠠᠢ》 ᠬᠡᠵᠢᠶ᠎ᠡ ᠨᠠᠳᠠ ᠡᠴᠡ ᠬᠠᠷᠢᠭᠤ ᠠᠪᠬᠤ ᠪᠣᠯ? ᠭᠡᠵᠦ ᠮᠠᠨᠵᠤ ᠨᠤᠲᠤᠭ ᠡᠭᠡᠬᠦ ᠵᠥᠪᠰᠢᠶᠡᠷᠡᠯ ᠦ᠋ᠨ ᠪᠢᠴᠢᠭ ᠠᠯᠤᠰ ᠪᠡᠭᠡᠵᠢᠩ ᠡᠴᠡ ᠬᠦᠯᠢᠶᠡᠭᠰᠡᠭᠡᠷ ᠪᠠᠢᠭᠰᠠᠨ ᠭᠡᠵᠦ ᠤᠷᠢᠳᠤ ᠶ᠋ᠢᠨ ᠭᠤᠨᠢᠭᠲᠤ ᠳᠣᠮᠣᠭ ᠤ᠋ᠨ ᠦᠭᠡ ᠰᠣᠨᠣᠰᠤᠭᠰᠠᠨ ᠪᠠᠨ ᠡᠨᠳᠡ ᠴᠢᠳᠠᠨ ᠶᠠᠳᠠᠨ ᠡᠪᠯᠡᠭᠦᠯᠦᠨ ᠪᠢᠴᠢᠯ᠎ᠡ᠃
