ᠡᠬᠡ ᠬᠡᠯᠡᠨ ᠦ᠌ ᠬᠡᠰᠢᠭЭх хэлний хишиг ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠬᠡᠯᠡᠨ ᠦ᠌ ᠬᠡᠰᠢᠭЭх хэлний хишиг

ᠡᠬᠡ ᠬᠡᠯᠡᠨ ᠦ᠌ ᠬᠡᠰᠢᠭЭх хэлний хишиг

ᠠᠩᠭᠢᠯᠠᠯ:ᠬᠡᠯᠡ ᠪᠢᠴᠢᠭ
2024-07-23

3936

ᠬᠡᠯᠡᠨ ᠦ ᠬᠡᠰᠢᠭ

    ᠶᠡᠷᠦ ᠨᠢ ᠨᠤᠲᠤᠭ ᠲᠠᠢ ᠬᠥᠮᠦᠨ ᠢ᠋ ᠡᠵᠡᠨ ᠭᠡᠵᠦ ᠡᠵᠡᠨ ᠲᠡᠢ ᠭᠠᠵᠠᠷ ᠢ᠋ ᠨᠤᠲᠤᠭ ᠭᠡᠵᠦ ᠬᠡᠯᠡᠳᠡᠭ ᠶᠦ᠍ᠮ᠂ ᠡᠬᠡ ᠬᠡᠯᠡ ᠮᠢᠨᠢ ᠬᠠᠮᠢᠭ᠎ᠠ ᠪᠠᠢᠳᠠᠭ ᠶᠤᠮ ᠨᠤᠲᠤᠭ ᠲᠤ᠌ ᠮᠢᠨᠢ ᠪᠠᠢᠳᠠᠭ ᠶᠤᠮ᠃
    ᠮᠠᠨᠤᠰ ᠡᠬᠡ ᠨᠤᠲᠤᠭ ᠡᠬᠡ ᠣᠷᠣᠨ ᠢᠩᠭᠢᠵᠦ ᠬᠡᠯᠡᠳᠡᠭ ᠲᠡᠢ ᠠᠳᠠᠯᠢᠬᠠᠨ ᠤᠨᠠᠭᠰᠠᠨ ᠭᠠᠵᠠᠷ ᠢ᠋ᠶ᠋ᠠᠨ ᠡᠬᠡ ᠣᠷᠣᠨ ᠭᠡᠳᠡᠭ ᠶᠦᠮ ᠪᠣᠯ ᠶᠠᠷᠢᠭᠰᠠᠨ ᠬᠡᠯᠡ ᠶ᠋ᠢ ᠪᠡᠨ ᠡᠬᠡ ᠬᠡᠯᠡ ᠭᠡᠵᠦ ᠪᠢ ᠣᠢᠯᠠᠭᠠᠳᠠᠭ᠃
    ᠡᠬᠡ ᠬᠡᠯᠡᠨ ᠦ᠌ ᠬᠡᠰᠢᠭ ᠭᠡᠳᠡᠭ ᠪᠣᠯ ᠳᠡᠭᠡᠳᠦᠰ ᠡᠴᠡ ᠪᠡᠨ ᠮᠠᠨ ᠳ᠋ᠤ᠌ ᠤᠯᠠᠮᠵᠢᠯᠠᠭᠰᠠᠨ ᠰᠣᠶᠣᠯ ᠤ᠋ᠨ ᠬᠡᠰᠢᠭ ᠰᠢᠮ᠎ᠡ ᠨᠢ ᠶᠦ᠍ᠮ᠃
    (ᠡᠬᠡ ᠬᠡᠯᠡᠨ ᠦ᠌ ᠬᠡᠰᠢᠭ)ᠡᠨᠡ ᠨᠡᠷ᠎ᠡ ᠪᠣᠯ ᠶᠡᠬᠡ ᠰᠠᠢᠬᠠᠨ ᠨᠡᠷ᠎ᠡ ᠪᠠᠰᠠ ᠣᠳᠣᠬᠢ ᠴᠠᠭ ᠦᠶ᠎ᠡ ᠳ᠋ᠦ᠍ ᠪᠡᠨ ᠲᠠᠭᠠᠷᠠᠵᠤ ᠪᠠᠢᠨ᠎ᠠ᠃ ᠨᠢᠭᠡ ᠨᠢ ᠪᠣᠯ ᠮᠠᠨ ᠤ᠋ ᠮᠣᠩᠭᠣᠯ ᠦᠭᠡ ᠬᠡᠯᠡ ᠦᠰᠦᠭ ᠪᠢᠴᠢᠭ ᠪᠣᠯ ᠨᠡᠯᠢᠶᠡᠳ ᠬᠠᠢᠯᠬᠤ  ᠬᠣᠯᠢᠮᠠᠭᠰᠢᠬᠤ ᠪᠤᠵᠠᠷᠲᠤᠬᠤ ᠡᠢᠮᠦ ᠪᠠᠢᠳᠠᠯ ᠤ᠋ᠨ ᠳᠣᠣᠷ᠎ᠠ ᠪᠢᠳᠡ ᠡᠨᠡ ᠪᠤᠶᠠᠨ ᠬᠡᠰᠢᠭ ᠢ᠋ᠶ᠋ᠡᠨ ᠶᠠᠭᠠᠬᠢᠵᠤ ᠠᠪᠤᠷᠠᠬᠤ ᠪᠣᠢ ᠭᠡᠰᠡᠨ ᠡᠢᠮᠦ ᠠᠭᠤᠯᠭ᠎ᠠ ᠪᠠᠭᠲᠠᠵᠤ ᠪᠠᠢᠨ᠎ᠠ᠃
    ᠲᠡᠭᠡᠭᠡᠳ ᠨᠢᠭᠡ ᠦᠨᠳᠦᠰᠦᠲᠡᠨ ᠶᠠᠭᠤᠨ ᠳᠡᠭᠡᠷ᠎ᠡ ᠲᠣᠭᠲᠠᠵᠤ ᠬᠥᠭᠵᠢᠵᠦ ᠴᠢᠳᠠᠨ᠎ᠠ ᠪᠣᠢ ᠭᠡᠪᠡᠯ ᠮᠢᠨᠦ ᠦᠵᠡᠬᠦ ᠪᠡᠷ ᠬᠠᠰᠢᠯᠠ ᠥᠪᠡᠷ ᠦ᠋ᠨ ᠢ᠋ᠶ᠋ᠡᠨ ᠡᠬᠡ ᠬᠡᠯᠡ᠂ ᠡᠬᠡ ᠬᠡᠯᠡ ᠪᠡᠨ ᠠᠯᠳᠠᠴᠢᠬᠠᠪᠠᠯ ᠥᠪᠡᠷ ᠦ᠋ᠨ ᠪᠣᠢ ᠪᠦᠬᠦᠢ ᠶᠠᠭᠤᠮ᠎ᠠ ᠪᠠᠨ ᠪᠦᠷ ᠠᠯᠳᠠᠭᠠᠳ ᠶᠠᠪᠤᠭᠤᠯᠴᠢᠬᠠᠯ᠎ᠠ ᠭᠡᠵᠦ ᠪᠣᠳᠣᠨ᠎ᠠ᠂ ᠪᠢ ᠪᠣᠯ ᠢᠩᠭᠢᠵᠦ ᠦᠵᠡᠨ᠎ᠡ᠃
     ᠬᠡᠨ ᠥᠨᠥᠳᠥᠷ ᠪᠢᠳᠡᠨ ᠢ᠋ ᠮᠣᠩᠭᠣᠯ ᠮᠠᠶᠢᠭ ᠢ᠋ᠶ᠋ᠠᠷ ᠠᠪᠴᠤ ᠢᠷᠡᠭᠰᠡᠨ ᠪᠣᠢ?ᠡᠨᠡ ᠥᠭᠡᠷ᠎ᠡ ᠶᠠᠭᠤᠮ᠎ᠠ ᠪᠢᠰᠢ᠂ ᠡᠨᠡ ᠪᠣᠯ ᠮᠠᠨ ᠤ᠋ ᠡᠬᠡ ᠬᠡᠯᠡ᠃
    ᠨᠢᠭᠡ ᠦᠨᠳᠦᠰᠦᠲᠡᠨ ᠬᠡᠯᠡ ᠪᠡᠨ ᠠᠯᠳᠠᠴᠢᠬᠠᠬᠤ ᠳᠡᠭᠡᠷ᠎ᠡ ᠬᠦᠷᠪᠡᠯ ᠲᠡᠷᠡ ᠪᠦᠷᠢᠨ ᠦᠨᠳᠦᠰᠦᠲᠡᠨ ᠪᠢᠰᠢ᠂ ᠣᠳᠣ ᠮᠠᠨ ᠤ᠋ ᠣᠢᠯᠠᠭᠠᠯᠲᠠ ᠪᠠᠷ ᠦᠵᠡᠪᠡᠯ᠂ ᠪᠠᠷᠤᠭ ᠮᠣᠩᠭᠣᠯ ᠬᠤᠪᠴᠠᠰᠤ ᠡᠮᠦᠰᠴᠢᠬᠡᠪᠡᠯ ᠮᠣᠩᠭᠣᠯ ᠬᠥᠮᠦᠨ᠂ ᠮᠣᠩᠭᠣᠯ ᠭᠡᠷ ᠲᠦ᠍ ᠰᠠᠭᠤᠴᠢᠬᠠᠪᠠᠯ ᠮᠣᠩᠭᠣᠯ ᠬᠥᠮᠦᠨ᠂ ᠮᠣᠩᠭᠣᠯ ᠳᠠᠭᠤᠤ ᠪᠠᠨ ᠳᠠᠭᠤᠯᠠᠴᠢᠬᠠᠪᠠᠯ ᠮᠣᠩᠭᠣᠯ ᠬᠥᠮᠦᠨ᠃ ᠡᠨᠡ ᠪᠣᠯ ᠮᠣᠩᠭᠣᠯ ᠬᠥᠮᠦᠨ ᠪᠢᠰᠢ᠂ ᠮᠣᠩᠭᠣᠯ ᠢ᠋ᠶ᠋ᠠᠷ ᠰᠡᠳᠬᠢᠳᠡᠭ ᠬᠥᠮᠦᠨ ᠰᠠᠶᠢ ᠮᠣᠩᠭᠣᠯ ᠬᠥᠮᠦᠨ᠃ ᠲᠡᠭᠡᠬᠦᠯᠡᠷ ᠬᠡᠯᠡ ᠭᠡᠳᠡᠭ ᠪᠣᠯ ᠶᠠᠭᠤᠨ ᠤ᠋ ᠤᠷᠢᠳ ᠨᠢᠭᠡ ᠦᠨᠳᠦᠰᠦᠲᠡᠨ ᠦ᠌ ᠰᠣᠶᠣᠯ ᠢ᠋ (ᠶᠠᠭ ᠦᠨᠡᠨ ᠢ᠋ ᠬᠡᠯᠡᠪᠡᠯ) ᠠᠴᠢᠶᠠᠯᠠᠵᠤ ᠶᠠᠪᠤᠵᠤ ᠪᠠᠢᠭ᠎ᠠ ᠬᠠᠮᠤᠭ ᠤ᠋ᠨ ᠰᠠᠢᠬᠠᠨ ᠪᠠᠭᠠᠵᠢ ᠬᠡᠷᠡᠭᠰᠡᠯ ᠭᠡᠵᠦ ᠪᠣᠳᠣᠵᠤ ᠪᠠᠢᠨ᠎ᠠ᠃
     ᠬᠡᠯᠡᠨ ᠡᠴᠡ ᠮᠢᠨᠢ ᠦᠭᠭᠦᠭᠰᠡᠨ ᠬᠡᠰᠢᠭ ᠭᠡᠳᠡᠭ ᠪᠣᠯ ᠪᠢᠳᠡᠨᠦᠰ ᠦ᠋ᠨ ᠡᠨᠡ ᠬᠡᠯᠡ ᠪᠡᠷ ᠢ᠋ᠶ᠋ᠡᠨ ᠠᠮᠢᠳᠤᠷᠠᠵᠤ᠂ ᠡᠨᠡ ᠬᠡᠯᠡ ᠪᠡᠨ ᠬᠡᠷᠡᠭᠯᠡᠵᠦ᠂ ᠡᠨᠡ ᠬᠡᠯᠡᠨ ᠦ᠌ ᠪᠢᠳᠡᠨ ᠳ᠋ᠦ᠍ ᠦᠭᠭᠦᠭᠰᠡᠨ ᠬᠡᠰᠢᠭ᠂ ᠡᠭᠦᠨ ᠢ᠋ᠶ᠋ᠡᠷ ᠠᠮᠢᠳᠤᠷᠠᠬᠤ ᠨᠢ ᠪᠢᠳᠡᠨ ᠳ᠋ᠦ᠍ ᠦᠭᠭᠦᠭᠰᠡᠨ ᠬᠡᠰᠢᠭ ᠮᠥᠨ ᠭᠡᠵᠦ ᠪᠣᠳᠣᠳᠠᠭ᠃ ᠪᠢᠳᠡ ᠡᠬᠡ ᠬᠡᠯᠡᠨ ᠦ᠌ ᠪᠡᠨ ᠬᠡᠰᠢᠭ ᠪᠤᠶᠠᠨ ᠢ᠋ᠶ᠋ᠠᠷ ᠨᠤᠲᠤᠭ ᠲᠣᠭᠲᠠᠵᠤ ᠬᠤᠲᠤᠭ ᠲᠣᠭᠲᠠᠵᠤ᠂ ᠡᠢᠮᠦ ᠰᠠᠢᠬᠠᠨ ᠢᠷᠠᠭᠤ ᠰᠠᠢᠬᠠᠨ ᠡᠬᠡ ᠬᠡᠯᠡᠨ ᠦ᠌ ᠬᠥᠷᠥᠰᠥ ᠰᠢᠷᠣᠢ ᠳᠡᠭᠡᠷ᠎ᠡ ᠠᠮᠢᠳᠤᠷᠠᠵᠤ ᠪᠠᠢᠬᠤ ᠡᠨᠡ ᠪᠣᠯ ᠮᠠᠨ ᠤ᠋ ᠡᠬᠡ ᠬᠡᠯᠡᠨ ᠦ᠌ ᠬᠢᠨᠢ ᠬᠡᠰᠢᠭ ᠪᠤᠶᠠᠨ ᠭᠡᠵᠦ ᠦᠵᠡᠵᠦ ᠪᠠᠢᠨ᠎ᠠ᠃
    ᠵᠠ᠂ ᠢᠩᠭᠢᠭᠡᠳ ᠡᠬᠡ ᠬᠡᠯᠡᠨ ᠦ᠌ ᠬᠡᠰᠢᠭ ᠨᠡᠪᠲᠡᠷᠡᠭᠦᠯᠭᠡ ᠮᠠᠨᠢ ᠰᠢᠷ᠎ᠠ ᠨᠣᠬᠠᠢ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠡᠴᠡ ᠡᠬᠢᠯᠡᠵᠦ ᠡᠷᠬᠢᠮ ᠲᠠ ᠪᠦᠬᠦᠨ ᠲᠡᠢ ᠪᠡᠨ ᠴᠡᠭᠡᠨ ᠬᠥᠰᠢᠭᠡ ᠪᠡᠷ ᠤᠴᠠᠷᠠᠨ ᠵᠣᠯᠭᠠᠨ᠎ᠠ᠃
    ᠣᠷᠳᠣᠰ ᠬᠣᠲᠠ ᠶ᠋ᠢᠨ ᠷᠠᠳᠢᠣ᠋ ᠲᠧᠯᠸᠢᠰ ᠬᠣᠷᠢᠶ᠎ᠠ᠂ ᠣᠷᠳᠣᠰ ᠬᠣᠲᠠ ᠶ᠋ᠢᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠲᠡᠢ ᠬᠠᠮᠲᠤᠷᠠᠨ ᠡᠷᠬᠢᠯᠡᠭᠰᠡᠨ ᠡᠬᠡ ᠬᠡᠯᠡᠨ ᠦ᠌ ᠬᠡᠰᠢᠭ ᠨᠡᠪᠲᠡᠷᠡᠭᠦᠯᠭᠡ ᠪᠡᠨ ᠲᠠ ᠪᠦᠬᠦᠨ ᠲᠠᠭᠠᠯᠠᠨ ᠪᠣᠯᠭᠣᠭᠠᠬᠤ ᠶ᠋ᠢ ᠬᠦᠰᠡᠵᠦ ᠪᠠᠢᠨ᠎ᠠ᠃
    ᠲᠤᠰ ᠨᠡᠪᠲᠡᠷᠡᠭᠦᠯᠭᠡ ᠶ᠋ᠢ ᠣᠷᠳᠣᠰ ᠬᠣᠲᠠ ᠶ᠋ᠢᠨ ᠦᠨᠳᠦᠰᠦᠲᠡᠨ ᠦ᠌ ᠬᠡᠷᠡᠭ ᠡᠷᠬᠢᠯᠡᠬᠦ ᠵᠥᠪᠯᠡᠯ ᠲᠡᠢ ᠬᠠᠮᠲᠤᠷᠠᠨ ᠦᠢᠯᠡᠳᠪᠡ᠃
             ᠣᠷᠳᠣᠰ ᠤ᠋ᠨ ᠷᠠᠳᠢᠣ᠋ ᠲᠧᠯᠸᠢᠰ ᠬᠣᠷᠢᠶ᠎ᠠ

        ᠦᠰᠦᠭ ᠠᠮᠢᠯᠠᠭᠤᠯᠤᠭᠴᠢ᠄ ᠲᠦᠮᠡᠨᠴᠡᠴᠡᠭ
        ᠦᠰᠦᠭ ᠳᠠᠭᠠᠷᠠᠭᠤᠯᠤᠭᠴᠢ᠄ ᠤᠷᠢᠶᠠᠩᠬᠠᠢ· ᠨᠠᠷᠠᠨᠮᠠᠨᠳᠠ
        ᠬᠢᠨᠠᠭᠴᠢ᠄ ᠬᠦᠳᠡᠷᠪᠣᠯᠣᠳ