《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠳᠣᠯᠣᠳᠤᠭᠠᠷ ᠪᠦᠯᠦᠭ> "Хөх судар" он нөхвөр дэвтэр - Инжинаш <Жаран долдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠳᠣᠯᠣᠳᠤᠭᠠᠷ ᠪᠦᠯᠦᠭ
ᠵᠢᠷᠠᠨ ᠳᠣᠯᠣᠳᠤᠭᠠᠷ ᠪᠦᠯᠦᠭ
ᠸᠠᠢᠯᠠᠨ ᠠᠢᠮᠠᠭ ᠤ᠋ᠨ ᠡᠵᠡᠳ ᠰᠠᠢᠳ ᠤ᠋ᠳ ᠮᠣᠩᠭᠣᠯ ᠤᠯᠤᠰ ᠤ᠋ᠨ ᠠᠷᠪᠠᠨ ᠭᠠᠢᠬᠠᠮᠰᠢᠭ ᠢ᠋ ᠲᠣᠭᠠᠴᠢᠪᠠᠢ
ᠲᠤᠷᠪᠢ ᠮᠡᠷᠭᠡᠨ ᠦ᠌ ᠡᠴᠢᠭᠡ ᠬᠥᠪᠡᠭᠦᠨ ᠴᠢᠩᠭᠢᠰ ᠬᠠᠭᠠᠨ ᠤ᠋ ᠭᠤᠷᠪᠠᠨ ᠨᠢᠳᠦ ᠲᠡᠢ ᠶ᠋ᠢ ᠲᠤᠩᠬᠠᠭᠯᠠᠪᠠᠢ
ᠮᠥᠩᠭᠥᠨ ᠡᠭᠦᠯᠡᠰ ᠦ᠋ᠨ ᠲᠤᠨᠤᠮᠠᠯ ᠲᠤᠶᠠᠭ᠎ᠠ ᠪᠣᠯᠣᠷ ᠤ᠋ᠨ ᠭᠡᠭᠡᠪᠴᠢ ᠪᠡᠷ ᠨᠡᠪᠲᠡ
ᠮᠡᠬᠦᠢᠨ ᠪᠢᠴᠢᠬᠦ ᠪᠢᠴᠢᠭ ᠦ᠋ᠨ ᠰᠢᠷᠡᠭᠡᠨ ᠦ᠌ ᠶᠤᠸᠠᠨ ᠤ᠋ ᠰᠤᠳᠤᠷ ᠢ᠋ ᠭᠡᠢᠭᠦᠯᠵᠦᠬᠦᠢ᠃
ᠮᠥᠷᠳᠡᠨ ᠴᠥᠯᠪᠡᠵᠦ ᠳᠠᠷᠠᠭᠠᠯᠠᠨ ᠣᠷᠣᠰᠢᠭᠤᠯᠬᠤ ᠰᠤᠳᠤᠷᠴᠢ ᠪᠢ ᠪᠡᠷ ᠰᠢᠯᠦᠭᠯᠡᠷᠦᠨ
ᠮᠥᠷᠥᠭᠡᠳᠦᠨ ᠳᠤᠯᠢᠳᠠᠭᠴᠢ ᠬᠤᠢᠴᠢᠭᠢ ᠶ᠋ᠢᠨ ᠮᠡᠷᠭᠡᠳ ᠢ᠋ᠶ᠋ᠡᠷ ᠮᠥᠨ ᠦᠵᠡᠮᠵᠢ ᠶ᠋ᠢ ᠰᠡᠳᠬᠢᠭᠳᠡᠬᠦᠢ᠃
ᠲᠡᠨᠳᠡᠴᠡ ᠮᠣᠩᠭᠣᠯ ᠤᠯᠤᠰ ᠤ᠋ᠨ ᠲᠠᠢᠽᠦ ᠴᠢᠩᠭᠢᠰ ᠬᠠᠭᠠᠨ ᠤ᠋ ᠶᠡᠬᠡ ᠴᠡᠷᠢᠭ ᠵᠡᠭᠦᠨ ᠪᠠᠷᠠᠭᠤᠨ ᠬᠢᠭᠡᠳ ᠡᠮᠦᠨ᠎ᠡ ᠵᠦᠭ ᠢ᠋ ᠲᠣᠭᠣᠷᠢᠨ ᠬᠠᠭᠠᠵᠤ ᠪᠠᠭᠤᠵᠤᠬᠤᠢ ᠡᠭᠦᠨ ᠳ᠋ᠦ᠍ᠷ ᠵᠡᠭᠦᠨ ᠪᠠᠷᠠᠭᠤᠨ ᠬᠣᠶᠠᠷ ᠮᠥᠷᠥ ᠶ᠋ᠢᠨ ᠶᠡᠬᠡ ᠵᠠᠩᠵᠤᠨ ᠳᠣᠭᠲᠤᠩᠭᠤ ᠪᠠᠭᠠᠲᠤᠷ᠂ ᠰᠦᠪᠡᠭᠡᠲᠡᠢ ᠪᠠᠭᠠᠲᠤᠷ ᠬᠣᠶᠠᠭᠤᠯᠠ ᠶᠡᠬᠡ ᠬᠣᠰᠢᠭᠤᠴᠢ᠂ ᠪᠣᠯᠢᠭᠲᠤ ᠪᠠᠷᠰ ᠢ᠋ ᠠᠪᠤᠨ ᠭᠠᠷᠴᠤ ᠴᠢᠩᠭᠢᠰ ᠬᠠᠭᠠᠨ ᠳ᠋ᠤᠷ ᠰᠥᠭᠥᠳᠴᠦ᠂ ᠪᠤᠯᠢᠭ᠍ᠲᠤ ᠪᠠᠷᠰ ᠠᠢᠯᠠᠳᠬᠠᠷᠤᠨ᠄
《ᠬᠢᠲᠠᠳ ᠢᠵᠠᠭᠤᠷ ᠤ᠋ᠨ ᠸᠠᠢᠯᠠᠨ ᠤᠯᠤᠰ ᠤ᠋ᠨ ᠵᠡᠭᠦᠨ ᠭᠠᠷ ᠤ᠋ᠨ ᠶᠡᠬᠡ ᠡᠵᠡᠨ ᠬᠤᠪᠢᠲᠤ ᠬᠤᠸᠠ᠂ ᠪᠠᠷᠠᠭᠤᠨ ᠭᠠᠷ ᠤ᠋ᠨ ᠳᠡᠳ᠋ ᠡᠵᠡᠨ ᠴᠧᠨ ᠵᠦᠩ ᠬᠣᠶᠠᠭᠤᠯᠠ᠂ ᠬᠣᠶᠠᠷ ᠲᠦᠮᠡᠨ ᠲᠠᠪᠤᠨ ᠮᠢᠩᠭᠠᠨ ᠴᠡᠷᠢᠭ ᠢ᠋ᠶ᠋ᠡᠨ ᠠᠪᠴᠤ᠂ ᠪᠠᠷᠠᠭᠤᠨ ᠬᠣᠢᠲᠤ ᠤᠯᠤᠰ ᠤ᠋ᠨ ᠵᠠᠬ᠎ᠠ ᠪᠠᠷ ᠭᠠᠷᠬᠤ ᠶ᠋ᠢ ᠦᠵᠡᠪᠡᠰᠦ᠂ ᠲᠡᠳᠡᠨ ᠦ᠌ ᠴᠡᠷᠢᠭ ᠪᠠᠷᠠᠭᠤᠨ ᠬᠣᠢᠲᠤ ᠪᠡᠶ᠎ᠡ ᠶ᠋ᠢᠨ ᠥᠨᠳᠥᠷ ᠭᠠᠵᠠᠷ ᠢ᠋ ᠪᠦᠷᠬᠦᠲᠡᠯ᠎ᠡ ᠪᠠᠭᠤᠳᠠᠯᠯᠠᠵᠤ᠂ ᠳᠤᠮᠳᠠ ᠠᠨᠤ ᠠᠷᠪᠠᠨ ᠠᠯᠲᠠ ᠥᠨᠳᠥᠷ ᠡᠰᠢᠲᠦ ᠶᠡᠬᠡ ᠴᠠᠭᠠᠨ ᠲᠤᠭ ᠪᠤᠰᠬᠠᠵᠤ᠂ ᠰᠢᠷ᠎ᠠ ᠡᠯᠡᠰᠦ ᠮᠠᠩᠬ᠎ᠠ ᠶ᠋ᠢᠨ ᠳᠤᠮᠳᠠ ᠨᠠᠷᠠᠨ ᠤ᠋ ᠭᠡᠷᠡᠯ ᠳ᠋ᠦ᠍ᠷ ᠴᠠᠢᠪᠠᠯᠵᠠᠨ ᠳᠡᠷᠪᠡᠯᠵᠡᠵᠦ ᠬᠡᠢᠰᠬᠦ ᠢᠨᠦ ᠮᠠᠰᠢ ᠲᠣᠳᠣᠷᠬᠠᠢ᠃ ᠮᠣᠩᠭᠣᠯ ᠤᠯᠤᠰ ᠤ᠋ᠨ ᠤᠷᠤᠭᠰᠢᠯᠠᠨ ᠶᠠᠪᠤᠬᠤ ᠭᠤᠷᠪᠠᠨ ᠪᠠᠷᠰ ᠤ᠋ᠨ ᠵᠠᠩᠵᠤᠨ ᠬᠣᠰᠢᠭᠤᠴᠢ ᠲᠠᠢ ᠪᠠᠨ ᠲᠤᠭ ᠪᠤᠰᠬᠠᠨ᠂ ᠬᠦᠰᠡᠨ ᠪᠢᠰᠢᠷᠡᠵᠦ ᠤᠭᠲᠤᠨ ᠳᠠᠭᠠᠷ᠎ᠠ ᠢᠷᠡᠬᠦ ᠵᠠᠮ ᠢ᠋ ᠲᠣᠰᠴᠤ ᠪᠠᠭᠤᠳᠠᠯᠯᠠᠨ ᠬᠦᠯᠢᠶᠡᠵᠦᠬᠦᠢ᠃ ᠲᠡᠳᠡᠨᠡᠷ ᠨᠢᠳᠤᠨᠤᠨ ᠵᠢᠯ ᠬᠡᠳᠦᠢᠪᠡᠷ ᠮᠠᠨ ᠤ᠋ ᠤᠯᠤᠰ ᠤ᠋ᠨ ᠲᠠᠢᠽᠢ᠂ ᠲᠠᠢᠪᠤᠤ ᠶᠡᠬᠡᠰ ᠨᠣᠶᠠᠳ ᠢ᠋ ᠤᠭᠲᠤᠨ ᠬᠤᠷᠢᠮ ᠪᠠᠷᠢᠵᠤ ᠨᠠᠢᠷᠯᠠᠪᠠ ᠬᠡᠮᠡᠪᠡᠴᠦ᠂ ᠲᠣᠳᠣᠷᠬᠠᠢᠯᠠ ᠠᠢᠯᠠᠳᠬᠠᠭᠰᠠᠨ ᠪᠣᠳᠣᠷᠣᠣᠯ ᠪᠢᠴᠢᠭ ᠦᠭᠡᠢ ᠪᠥᠭᠡᠳ ᠪᠡᠶ᠎ᠡ ᠪᠡᠷ ᠪᠠᠷᠠᠭᠠᠯᠠᠷᠠ ᠢᠷᠡᠭᠰᠡᠨ ᠦᠭᠡᠢ ᠲᠤᠯᠠ ᠬᠠᠭᠤᠷᠮᠠᠭᠯᠠᠨ ᠳᠠᠭᠠᠵᠤ ᠭᠡᠨᠡᠳᠡᠭᠦᠯᠬᠦ ᠵᠠᠮ ᠪᠣᠢ ᠪᠣᠯᠪᠠᠤ ᠭᠡᠮᠡᠨ ᠪᠣᠭᠣᠯ ᠪᠣᠯᠢᠭᠲᠤ ᠪᠢ᠂ ᠪᠡᠶ᠎ᠡ ᠪᠡᠷ ᠲᠡᠳᠡᠨ ᠦ᠌ ᠴᠡᠷᠢᠭ ᠦ᠋ᠨ ᠬᠦᠷᠢᠶᠡᠨ ᠦ᠌ ᠳᠣᠲᠣᠷ᠎ᠠ ᠣᠷᠣᠵᠤ ᠢᠯᠡ ᠳᠠᠯᠳᠠ ᠶ᠋ᠢ ᠨᠢᠭᠲᠠᠯᠠᠨ ᠪᠠᠢᠴᠠᠭᠠᠵᠤ᠂ ᠬᠠᠮᠲᠤ ᠬᠤᠷᠢᠮᠯᠠᠨ ᠲᠠᠩᠭᠠᠷᠢᠭ ᠨᠡᠢᠯᠡᠨ ᠬᠠᠮᠲᠤ ᠬᠣᠨᠣᠵᠤ᠂ ᠤᠭ ᠤᠴᠢᠷ ᠢ᠋ ᠠᠰᠠᠭᠤᠪᠠᠰᠤ᠂ ᠦᠵᠡᠰᠡ ᠴᠢᠦᠢ ᠴᠦ ᠯᠢᠦᠢ ᠬᠠᠭᠠᠨ᠂ ᠲᠣᠳᠣ ᠨᠠᠷ ᠰᠠᠷᠲᠢᠭᠴᠢᠨ ᠤᠯᠤᠰ ᠤ᠋ᠨ ᠠᠮᠪᠠᠬᠠᠢ ᠬᠠᠭᠠᠨ ᠳ᠋ᠤᠷ ᠲᠠᠩᠭᠤᠳ ᠤᠯᠤᠰ ᠲᠤᠷ ᠥᠭᠭᠦᠭᠰᠡᠨ ᠬᠣᠶᠠᠷ ᠭᠦᠩᠵᠦ ᠪᠡᠨ ᠥᠭᠴᠦ ᠤᠷᠤᠭ ᠪᠠᠷᠢᠭᠠᠳ᠂ ᠳᠡᠭᠦᠨᠦ ᠲᠦᠭᠦᠬᠡᠢ ᠬᠦᠴᠦᠨ ᠳ᠋ᠦ᠍ᠷ ᠡᠷᠡᠮᠰᠢᠵᠦ ᠲᠣᠭᠣᠷᠢᠭᠰᠠᠨ ᠣᠯᠠᠨ ᠪᠠᠭ᠎ᠠ ᠠᠢᠮᠠᠭ ᠤ᠋ᠳ ᠢ᠋ ᠠᠶᠤᠯᠭᠠᠨ ᠳᠠᠷᠤᠯᠠᠵᠤ ᠬᠦᠴᠦᠯᠡᠨ ᠳᠠᠭᠠᠭᠤᠯᠤᠨ᠂ ᠲᠣᠳᠣ ᠪᠠᠰᠠ ᠬᠠᠭᠤᠷᠮᠠᠭ ᠴᠤᠤ ᠦᠭᠡᠰ ᠵᠣᠬᠢᠶᠠᠨ᠂ ᠮᠠᠨ ᠤ᠋ ᠮᠣᠩᠭᠣᠯ ᠤᠯᠤᠰ ᠤ᠋ᠨ ᠴᠢᠩᠭᠢᠰ ᠬᠠᠭᠠᠨ ᠲᠡᠳᠡᠨ ᠦ᠌ ᠶᠠᠯ᠎ᠠ ᠶ᠋ᠢ ᠭᠡᠭᠡᠵᠦ ᠨᠠᠢᠷᠯᠠᠨ ᠵᠣᠬᠢᠴᠠᠵᠤ᠂ ᠴᠢᠦᠢ ᠴᠦ ᠯᠢᠦᠢ – ᠢᠦᠢ ᠬᠠᠭᠠᠨ ᠢ᠋ ᠪᠠᠷᠠᠭᠤᠨ ᠬᠣᠢᠲᠤ ᠵᠣᠪᠬᠢᠰ ᠲᠢᠪ ᠢ ᠨᠡᠢᠲᠡ ᠪᠡᠷ ᠳᠠᠢᠯᠠᠨ ᠬᠤᠷᠢᠶᠠᠮᠵᠢᠯᠠᠬᠤ ᠵᠣᠣ ᠲᠤᠤ ᠱᠢ ᠬᠡᠮᠡᠬᠦ ᠲᠦᠰᠢᠮᠡᠯ ᠶᠤᠸᠠᠨᠱᠤᠸᠠᠢ ᠲᠠᠯᠪᠢᠵᠤ᠂ ᠲᠡᠳᠡᠨ ᠢ᠋ ᠲᠠᠢᠯᠠᠭᠤᠯᠤᠮᠤᠢ ᠭᠡᠮᠡᠨ ᠠᠯᠳᠠᠷᠰᠢᠭᠤᠯᠵᠤ᠂ ᠬᠤᠳᠠᠯ ᠦᠨᠡᠨ ᠦᠭᠡ ᠪᠡᠷ ᠮᠡᠬᠡᠯᠡᠨ ᠵᠣᠬᠢᠶᠠᠵᠤ ᠣᠯᠠᠨ ᠠᠢᠮᠠᠭ ᠤ᠋ᠳ ᠢ᠋ ᠦᠢᠮᠡᠭᠡᠨ ᠮᠥᠯᠵᠢᠵᠦ᠂ ᠮᠥᠨ ᠲᠠᠪᠤᠨ ᠲᠦᠮᠡᠨ ᠢᠯᠡᠭᠦᠦ ᠵᠡᠷᠯᠢᠭ ᠴᠡᠷᠢᠭ ᠦ᠋ᠳ ᠢ᠋ ᠡᠯᠰᠡᠨ ᠣᠯᠵᠤ᠂ ᠡᠷᠬᠡᠪᠰᠢ ᠠᠷᠪᠠᠨ ᠲᠠᠪᠤᠨ ᠲᠦᠮᠡᠨ ᠴᠡᠷᠢᠭ ᠪᠣᠯᠭᠠᠵᠤ᠂ ᠰᠠᠶᠢ ᠮᠣᠩᠭᠣᠯ ᠠ᠋ᠴᠠ ᠦᠰ ᠥᠰᠢᠶ᠎ᠡ ᠨᠡᠬᠡᠯᠴᠡᠮᠦᠢ ᠬᠡᠮᠡᠮᠦᠢ᠃ ᠬᠡᠳᠦᠨ ᠵᠢᠯ ᠦ᠋ᠨ ᠡᠮᠦᠨ᠎ᠡ᠂ ᠴᠢᠦᠢ ᠴᠦ ᠯᠢᠦᠢ ᠭᠤᠷᠪᠠᠳᠤᠭᠠᠷ ᠤᠳᠠᠭ᠎ᠠ ᠴᠡᠷᠢᠭ ᠪᠠᠢᠭᠤᠯᠬᠤᠢ ᠳ᠋ᠤᠷ ᠸᠠᠢᠯᠠᠨ ᠠᠢᠮᠠᠭ ᠤ᠋ᠨ ᠴᠸᠨ ᠵᠦᠩ ᠦ᠋ᠨ ᠤᠯᠤᠰ ᠢ᠋ ᠶᠡᠬᠡᠳᠡ ᠳᠠᠪᠴᠢᠯᠠᠭᠰᠠᠨ ᠬᠦᠨᠳᠦ ᠦᠰ ᠪᠣᠢ ᠢᠨᠤ ᠴᠢᠩ ᠦᠨᠡᠨ᠂ ᠲᠡᠢᠨ ᠬᠦ᠌ ᠦᠨᠡᠨ ᠪᠠᠷᠤᠭ ᠢ᠋ ᠠᠢᠯᠠᠳᠬᠠᠨ ᠵᠠᠷᠯᠢᠭ ᠭᠤᠶᠤᠷ᠎ᠠ ᠢᠷᠡᠪᠡ 》ᠬᠡᠮᠡᠭᠰᠡᠨ ᠳ᠋ᠦ᠍ᠷ ᠴᠢᠩᠭᠢᠰ ᠬᠠᠭᠠᠨ ᠪᠡᠶᠡᠰᠦᠨ ᠵᠠᠷᠯᠢᠭ ᠪᠣᠯᠤᠷᠤᠨ᠄
《ᠤᠬᠠᠭᠠᠨᠲᠤ ᠵᠢᠨᠦᠩ ᠮᠢᠨᠦ᠂ ᠤᠭᠲᠤᠨ ᠲᠦᠯᠬᠢᠯᠡᠵᠦ ᠤᠬᠠᠵᠤ ᠮᠡᠳᠡᠭᠡᠳ᠂ ᠤᠯᠤᠰ ᠤ᠋ᠨ ᠵᠠᠬ᠎ᠠ ᠭᠠᠷᠤᠮᠠᠭᠴᠠ ᠣᠷᠣᠵᠤ ᠥᠭᠬᠦ ᠤᠯᠤᠰ ᠠᠮᠤᠢ ᠬᠡᠮᠡᠯᠦᠭᠡ᠃ ᠤᠴᠢᠷ ᠡᠭᠦᠨ ᠳ᠋ᠦ᠍ᠷ ᠲᠣᠬᠢᠶᠠᠯᠳᠤᠭᠰᠠᠨ ᠢ᠋ᠶ᠋ᠠᠷ ᠣᠯᠠᠨᠲᠠ ᠰᠡᠵᠢᠭᠯᠡᠬᠦ ᠬᠡᠷᠡᠭ ᠦᠭᠡᠢ᠃ ᠣᠯᠠᠨ ᠤ᠋ ᠦᠨᠡᠨ ᠢ᠋ ᠪᠢᠲᠡᠭᠡᠢ ᠣᠭᠣᠷ᠂ ᠣᠷᠣᠭᠤᠯᠵᠤ ᠠᠪᠬᠤ ᠠᠨᠤ ᠵᠦᠢ 》ᠬᠡᠮᠡᠪᠡ᠃ ᠡᠭᠦᠨ ᠳ᠋ᠦ᠍ᠷ ᠡᠨᠡ ᠸᠠᠢᠯᠠᠨ ᠠᠢᠮᠠᠭ ᠤ᠋ᠨ ᠳᠠᠭᠠᠵᠤ ᠢᠷᠡᠭᠰᠡᠨ ᠤᠭ ᠤᠴᠢᠷ ᠢ᠋ ᠨᠠᠷᠢᠪᠴᠢᠯᠠᠨ ᠡᠰᠡ ᠭᠠᠷᠭᠠᠪᠠᠰᠤ᠂ ᠪᠢᠴᠢᠭ ᠦᠵᠡᠬᠦ ᠮᠡᠷᠭᠡᠳ ᠦ᠋ᠨ ᠮᠡᠳᠡᠬᠦ ᠦᠭᠡᠢ ᠮᠡᠨᠡᠷᠡᠬᠦ ᠶ᠋ᠢ ᠦᠭᠡᠢ ᠪᠣᠯᠭᠠᠬᠤᠶ᠎ᠠ ᠪᠡᠷᠬᠡ ᠲᠤᠯᠠᠳᠠ᠂ ᠡᠨᠡ ᠬᠦ᠌ ᠸᠠᠢᠯᠠᠨ ᠠᠢᠮᠠᠭ ᠤ᠋ᠳ ᠤ᠋ᠨ ᠤᠭ ᠤᠴᠢᠷ ᠢ᠋ ᠣᠷᠣ ᠶ᠋ᠢᠨ ᠲᠡᠳᠦᠢ ᠤᠬᠤᠴᠢᠯᠠᠨ ᠳᠤᠷᠠᠳᠴᠤ᠂ ᠦᠵᠡᠬᠦ ᠮᠡᠷᠭᠡᠳ ᠦ᠋ᠨ ᠣᠶᠣᠨ᠎ᠠ ᠰᠠᠭᠤᠯᠭᠠᠬᠤ ᠶ᠋ᠢ ᠡᠷᠢᠬᠦ ᠢᠨᠤ᠄
ᠡᠨᠡ ᠬᠦ᠌ ᠸᠠᠢᠯᠠᠨ ᠬᠡᠮᠡᠭᠴᠢ᠂ ᠠᠯᠲᠠᠨ ᠤᠯᠤᠰ ᠤ᠋ᠨ ᠡᠷᠲᠡᠨ ᠦ᠌ ᠪᠠᠭ᠎ᠠ ᠵᠦᠷᠴᠢᠨ ᠤᠯᠤᠰ ᠤ᠋ᠨ ᠬᠢᠲᠠᠳ ᠬᠡᠮᠡᠬᠦ ᠦᠭᠡᠰ᠂ ᠡᠳᠦᠭᠡ ᠮᠠᠨᠵᠤ ᠦᠰᠦᠭ ᠢ᠋ᠶ᠋ᠡᠷ ᠬᠢᠲᠠᠳ ᠬᠡᠮᠡᠬᠦ ᠶ᠋ᠢ《ᠸᠠᠢᠯᠠᠨ 》ᠭᠡᠮᠡᠨ ᠪᠢᠴᠢᠬᠦ ᠪᠣᠯᠠᠢ᠃ ᠡᠨᠡ ᠸᠠᠢᠯᠠᠨ ᠬᠡᠮᠡᠭᠴᠢ ᠨᠡᠷ᠎ᠡ ᠶ᠋ᠢ ᠠᠯᠲᠠᠨ ᠤᠯᠤᠰ ᠤ᠋ᠨ ᠰᠤᠳᠤᠷ ᠤ᠋ᠨ ᠶᠣᠰᠣᠭᠠᠷ ᠨᠡᠷᠡᠯᠡᠨ ᠪᠢᠴᠢᠵᠦᠬᠦᠢ᠃ ᠴᠣᠬᠣᠮ ᠤᠴᠢᠷ ᠠᠨᠤ᠂ ᠳᠠᠩ ᠤᠯᠤᠰ ᠤ᠋ᠨ ᠦᠶ᠎ᠡ ᠳ᠋ᠦ᠍ᠷ ᠤᠮᠠᠷᠠᠲᠤ ᠶ᠋ᠢ ᠳᠠᠢᠯᠠᠬᠤᠶᠠ ᠳᠠᠩ ᠲᠠᠢᠽᠥ᠋ᠡᠭ ᠯᠢ ᠱᠢ ᠮᠢᠨ ᠦ᠌ ᠦᠶ᠎ᠡ ᠳ᠋ᠦ᠍ᠷ ᠴᠸᠨ ᠱᠤ᠌ ᠳᠠ ᠶ᠋ᠢᠨ ᠨᠢᠭᠡᠨ ᠠᠢᠮᠠᠭ ᠤ᠋ᠨ ᠨᠢᠭᠡᠨ ᠰᠠᠯᠠᠭᠠᠨ ᠢ᠋ ᠱᠠᠨ ᠰᠢ ᠶ᠋ᠢᠨ ᠤᠮᠠᠷᠠᠲᠤ ᠳ᠋ᠤᠷ ᠤᠮᠠᠷᠠᠲᠤ ᠶ᠋ᠢᠨ ᠬᠠᠷᠠᠭᠤᠯ ᠲᠠᠯᠪᠢᠭᠠᠳ᠂ ᠬᠣᠢᠨ᠎ᠠ ᠬᠢᠵᠠᠭᠠᠷ ᠤ᠋ᠨ ᠣᠴᠢᠷ᠎ᠠ ᠬᠦᠨᠳᠦ ᠶᠠᠯ᠎ᠠ ᠣᠯᠵᠤ᠂ ᠨᠢᠭᠡᠨ ᠠᠢᠮᠠᠭ ᠢ᠋ᠶ᠋ᠠᠨ ᠠᠪᠴᠤ᠂ ᠤᠮᠠᠷᠠᠲᠤ ᠣᠷᠣᠨ ᠠᠢᠮᠠᠭ ᠤ᠋ᠳ ᠤ᠋ᠨ ᠡᠵᠡᠳ ᠲᠣᠷ ᠰᠢᠷᠭᠤᠨ ᠣᠷᠣᠵᠤ ᠳᠠᠭᠠᠭᠠᠳ᠂ ᠣᠨ ᠤᠳᠠᠵᠤ ᠦᠭᠡ ᠬᠡᠯᠡ ᠴᠥᠮ ᠤᠮᠠᠷᠠᠲᠤ ᠶ᠋ᠢᠨ ᠤᠯᠤᠰ ᠪᠣᠯᠤᠨ ᠬᠤᠪᠢᠯᠵᠤ᠂ ᠵᠠᠷᠢᠮ ᠳ᠋ᠤᠷ ᠴᠢᠤᠸᠠᠨ ᠵᠦᠩ ᠭᠡᠮᠡᠨ ᠬᠡᠯᠡᠮᠦᠢ᠂ ᠵᠠᠷᠢᠮ ᠳ᠋ᠤᠷ ᠰᠢᠶᠦ᠋ᠩ ᠨᠦ᠍ ᠭᠡᠮᠡᠨ ᠭᠠᠷᠤᠮᠤᠢ᠃ ᠤᠭ ᠢᠵᠠᠭᠤᠷ ᠠᠨᠤ ᠬᠢᠲᠠᠳ ᠬᠥᠮᠦᠨ ᠲᠤᠯᠠ᠂ ᠮᠠᠰᠢ ᠰᠡᠴᠡᠨ ᠰᠡᠷᠭᠦᠯᠡᠩ᠂ ᠡᠭᠡᠵᠦ ᠬᠢᠲᠠᠳ ᠭᠠᠵᠠᠷ ᠤ᠋ᠨ ᠵᠧᠦ ᠰᠢᠶᠠᠨ ᠢ᠋ ᠳᠠᠪᠴᠢᠯᠠᠨ ᠢᠳᠡᠬᠦᠢ ᠳ᠋ᠦ᠍ᠷ ᠤᠮᠠᠷᠠᠲᠤ ᠶ᠋ᠢᠨ ᠬᠥᠮᠦᠨ ᠡᠴᠡ ᠢᠯᠡᠭᠦᠦ ᠠᠷᠭ᠎ᠠ ᠮᠡᠬᠡᠲᠡᠢ᠃ ᠲᠡᠢᠨ ᠬᠦ᠌ ᠡᠭᠦᠨᠦ ᠳᠣᠲᠣᠷ᠎ᠠ ᠴᠸᠨ ᠵᠦᠩ ᠬᠡᠮᠡᠬᠦ ᠬᠥᠮᠦᠨ ᠪᠣᠢ ᠲᠤᠯᠠ ᠡᠨᠡ ᠤᠳᠠᠭ᠎ᠠ ᠳ᠋ᠤᠷ ᠴᠢᠦᠢ ᠴᠦ ᠯᠢᠦᠢ – ᠢᠦᠢ ᠬᠠᠭᠠᠨ᠂ ᠲᠣᠳᠣ ᠴᠧᠩᠰᠢᠶᠠᠩ ᠤ᠋ᠨ ᠬᠤᠢᠬᠤᠷ ᠠᠷᠭ᠎ᠠ ᠶ᠋ᠢᠨ ᠴᠤᠤ ᠦᠭᠡᠰ ᠠᠯᠳᠠᠷᠰᠢᠭᠤᠯᠤᠨ᠂ ᠪᠠᠰᠠ ᠠᠮᠪᠠᠬᠠᠢ ᠬᠠᠭᠠᠨ ᠤ᠋ ᠠᠷᠵᠢᠯᠲᠤ ᠳᠣᠭᠰᠢᠨ ᠨᠠᠢ᠍ᠮᠠᠨ ᠮᠢᠩᠭᠠᠨ ᠴᠡᠷᠢᠭ ᠢ᠋ ᠥᠪᠡᠷᠦᠨ ᠬᠣᠶᠠᠷ ᠲᠦᠮᠡᠨ ᠴᠡᠷᠢᠭ ᠯᠦ᠍ᠭᠡ ᠨᠡᠢᠯᠡᠭᠦᠯᠦᠨ᠂ ᠣᠯᠠᠨ ᠪᠠᠭ᠎ᠠ ᠪᠠᠭ᠎ᠠ ᠠᠢᠮᠠᠭ ᠤᠯᠤᠰ ᠤ᠋ᠳ ᠢ᠋ ᠰᠦᠷᠳᠡᠭᠦᠯᠦᠨ ᠡᠯᠰᠡᠨ ᠬᠤᠷᠢᠶᠠᠵᠤ᠂ ᠵᠢᠷᠭᠤᠭᠠᠨ ᠲᠦᠮᠡᠨ ᠰᠢᠬᠠᠮ ᠪᠣᠯᠭᠠᠵᠤ᠂ ᠪᠠᠰᠠ ᠬᠣᠯᠠᠳᠠᠬᠢ ᠲᠤᠷᠰᠢᠭᠤᠯ ᠠᠴᠠ ᠮᠣᠩᠭᠣᠯ ᠤᠯᠤᠰ ᠤ᠋ᠨ ᠴᠡᠷᠢᠭ ᠦ᠋ᠨ ᠮᠡᠳᠡᠭᠡ ᠶ᠋ᠢ ᠣᠯᠤᠮᠠᠭᠴᠠ᠂ ᠳᠠᠷᠤᠢ ᠶᠡᠬᠡ ᠡᠯᠴᠢ ᠲᠣᠮᠢᠯᠠᠨ ᠸᠠᠢᠯᠠᠨ ᠠᠢᠮᠠᠭ ᠤ᠋ᠨ ᠬᠤᠪᠢᠲᠤ ᠬᠤᠸᠠ᠂ ᠴᠸᠨ ᠵᠦᠩ ᠨᠠᠷ ᠲᠤᠷ ᠵᠠᠷᠯᠢᠭ ᠳᠣᠪᠲᠣᠯᠭᠠᠨ᠂ ᠲᠡᠳᠡᠨ ᠦ᠌ ᠠᠢᠮᠠᠭ ᠤ᠋ᠨ ᠴᠡᠷᠢᠭ ᠢ᠋ᠶ᠋ᠡᠨ ᠪᠠᠷᠠᠲᠠᠯ᠎ᠠ ᠠᠪᠴᠤ᠂ ᠢᠯᠳᠠᠰᠢ ᠮᠥᠷᠡᠨ ᠤ ᠵᠡᠭᠦᠨ ᠵᠠᠮ ᠤ᠋ᠨ ᠠᠮᠠᠨ ᠤ᠋ ᠭᠠᠵᠠᠷ᠎ᠠ ᠲᠣᠰᠴᠤ ᠪᠠᠭᠤᠨ ᠮᠣᠩᠭᠣᠯ ᠤ᠋ᠨ ᠴᠡᠷᠢᠭ ᠢ᠋ ᠵᠣᠷᠢᠭ ᠢ᠋ᠶ᠋ᠠᠷ ᠮᠠᠨ ᠤ᠋ ᠵᠠᠬ᠎ᠠ ᠳ᠋ᠤᠷ ᠣᠷᠣᠵᠤ ᠢᠷᠡᠬᠦ ᠶ᠋ᠢ ᠬᠠᠯᠬᠠᠯᠠᠨ ᠤᠭᠲᠤᠵᠤ ᠪᠠᠢᠯᠳᠤ᠂ ᠡᠶᠡᠳᠡᠵᠦ ᠵᠣᠬᠢᠴᠠᠪᠠ ᠬᠡᠮᠡᠪᠡᠰᠦ ᠦᠨᠡᠮᠰᠢᠶᠡᠨ ᠢᠲᠡᠭᠡᠬᠦᠶ᠎ᠡ ᠪᠡᠷᠬᠡ᠂ ᠲᠠᠨ ᠤ᠋ ᠤᠯᠤᠰ ᠤ᠋ᠨ ᠨᠤᠲᠤᠭ ᠨᠠᠮ ᠮᠢᠨᠦ ᠭᠠᠵᠠᠷ᠎ᠠ ᠣᠢᠷ᠎ᠠ᠂ ᠲᠠ ᠬᠡᠷᠪᠡ ᠮᠢᠨᠦ ᠵᠠᠷᠯᠢᠭ ᠠ᠋ᠴᠠ ᠵᠥᠷᠢᠴᠡᠪᠡᠰᠦ ᠰᠠᠷᠲᠢᠭᠴᠢᠨ ᠤ᠋ ᠠᠮᠪᠠᠬᠠᠢ ᠬᠠᠭᠠᠨ ᠪᠡᠶ᠎ᠡ ᠪᠡᠷ ᠴᠡᠷᠢᠭ ᠠᠪᠤᠨ ᠡᠴᠢᠵᠦ᠂ ᠲᠠᠨ ᠤ᠋ ᠪᠢᠴᠢᠬᠠᠨ ᠠᠢᠮᠠᠭ ᠤ᠋ᠨ ᠢᠲᠠᠭᠤ ᠶ᠋ᠢ ᠠᠷᠢᠯᠲᠠᠯ᠎ᠠ ᠂ ᠠᠮᠢᠳᠤᠷᠠᠯ ᠢ ᠲᠠᠰᠤᠷᠠᠲᠠᠯ᠎ᠠ ᠪᠠᠢᠯᠳᠤᠨ ᠲᠠᠰᠤᠯᠤᠮᠤᠢ ᠭᠡᠮᠡᠨ ᠪᠠᠰᠠ ᠲᠣᠳᠣ ᠴᠧᠩᠰᠢᠶᠠᠩ ᠤ᠋ᠨ ᠣᠯᠤᠭᠰᠠᠨ ᠡᠳ᠋ ᠲᠡᠮᠦᠷ ᠦ᠋ᠨ ᠠᠴᠢᠶ᠎ᠠ ᠶ᠋ᠢᠨ ᠨᠢᠭᠡᠨ ᠵᠠᠭᠤᠨ ᠢ᠋ ᠬᠦᠷᠭᠡᠭᠦᠯᠤᠨ ᠢᠷᠡᠭᠰᠡᠨ ᠳ᠋ᠦ᠍ᠷ ᠸᠠᠢᠯᠠᠨ ᠠᠢᠮᠠᠭ ᠤ᠋ᠨ ᠡᠵᠡᠨ ᠬᠤᠪᠢᠲᠤ ᠬᠤᠸᠠ ᠶᠡᠬᠡ ᠴᠢᠭᠤᠯᠭᠠᠨ ᠴᠤᠭᠯᠠᠨ ᠢᠷᠡᠭᠰᠡᠨ ᠡᠯᠴᠢ ᠶ᠋ᠢ ᠬᠦᠨᠳᠦᠳᠡ ᠬᠤᠷᠢᠮᠯᠠᠨ ᠡᠭᠡᠭᠦᠯᠦᠭᠡᠳ ᠰᠠᠶᠢ ᠥᠪᠡᠷᠦᠨ ᠣᠯᠠᠨ ᠲᠡᠷᠢᠭᠦᠯᠡᠭᠰᠡᠨ ᠲᠦᠰᠢᠮᠡᠳ ᠦ᠋ᠨ ᠵᠦᠭ ᠵᠥᠪᠳᠡᠨ ᠥᠭᠦᠯᠡᠷᠦᠨ :
《ᠡᠨᠡ ᠬᠡᠷᠡᠭ ᠢ᠋ ᠬᠡᠷᠬᠢᠪᠡᠰᠦ ᠰᠠᠢᠨ? ᠡᠨᠡ ᠴᠢᠦᠢ ᠴᠦ ᠯᠢᠦᠢ – ᠢᠦᠢ ᠬᠠᠭᠠᠨ ᠤ᠋ ᠵᠠᠷᠯᠢᠭ ᠤ᠋ᠨ ᠡᠯᠴᠢ ᠢᠷᠡᠬᠦ ᠶ᠋ᠢᠨ ᠥᠷᠯᠥᠭᠡ ᠶ᠋ᠢᠨ ᠵᠡᠭᠦᠳᠦᠨ ᠳ᠋ᠦ᠍ᠷ ᠵᠡᠭᠦᠨ ᠡᠲᠡᠭᠡᠳ ᠦ᠋ᠨ ᠪᠠᠭ᠎ᠠ ᠦᠳᠡ ᠶ᠋ᠢᠨ ᠤᠯᠠᠭᠠᠨ ᠨᠠᠷᠠᠨ ᠤ᠋ ᠳᠤᠮᠳᠠ ᠠ᠋ᠴᠠ ᠨᠢᠭᠡᠨ ᠶᠡᠬᠡ ᠭᠠᠯ ᠤ᠋ᠨ ᠯᠤᠤ ᠬᠤᠪᠢᠯᠤᠨ ᠭᠠᠷᠴᠤ ᠣᠭᠲᠠᠷᠭᠤᠢ ᠳᠦᠭᠦᠷᠡᠩ ᠭᠡᠷᠡᠯ ᠭᠢᠯᠪᠠᠰᠤᠭᠤᠯᠤᠨ ᠲᠣᠭᠯᠠᠬᠤᠢ ᠶ᠋ᠢ ᠪᠢ ᠬᠠᠷᠠᠬᠠᠨ ᠬᠠᠷᠠᠵᠤ ᠪᠥᠬᠥᠶ᠎ᠡ᠂ ᠭᠡᠨᠡᠳᠲᠡ ᠬᠣᠢᠲᠤ ᠡᠲᠡᠭᠡᠳ ᠡᠴᠡ ᠦᠬᠡᠷ ᠵᠠᠭᠠᠨ ᠠ᠋ᠴᠠ ᠪᠠᠰᠠ ᠶᠡᠬᠡ ᠪᠡᠶᠡᠲᠦ ᠲᠡᠭᠷᠢ ᠶ᠋ᠢᠨ ᠲᠠᠤᠯᠠᠢ ᠲᠡᠪᠬᠡᠯᠡᠨ ᠡᠮᠦᠨ᠎ᠡ ᠵᠦᠭ ᠳᠤᠲᠠᠭᠠᠲᠠᠯᠠ᠂ ᠲᠡᠷᠡ ᠭᠠᠯ ᠤ᠋ᠨ ᠯᠤᠤ ᠨᠢᠭᠡᠬᠡᠨ ᠬᠥᠯ ᠢ᠋ᠶ᠋ᠡᠨ ᠰᠤᠩᠭᠠᠮᠠᠭᠴᠠ ᠲᠡᠷᠡ ᠲᠠᠤᠯᠠᠢ ᠶ᠋ᠢ ᠰᠢᠭᠦᠷᠦᠨ ᠪᠠᠷᠢᠵᠤ ᠠᠮᠠᠨ ᠳ᠋ᠠᠭᠠᠨ ᠡᠮᠬᠦᠵᠦ ᠢᠳᠡᠪᠡ ᠬᠡᠮᠡᠪᠡ᠃ ᠡᠳᠦᠭᠡ ᠮᠣᠩᠭᠣᠯ ᠤ᠋ᠨ ᠴᠢᠩᠭᠢᠰ ᠬᠠᠭᠠᠨ ᠤ᠋ ᠴᠡᠷᠢᠭ ᠵᠡᠭᠦᠨ ᠡᠮᠦᠨ᠎ᠡ ᠪᠠᠢᠬᠤ ᠪᠠ ᠥᠴᠥᠭᠡᠳᠦᠷ ᠦ᠋ᠨ ᠢᠯᠲᠠᠰᠢ ᠮᠥᠷᠡᠨ ᠦ᠌ ᠴᠢᠦᠢ ᠴᠦ ᠯᠢᠦᠢ –ᠢᠦᠢ ᠬᠠᠭᠠᠨ ᠤ᠋ ᠢᠷᠡᠭᠰᠡᠨ ᠡᠯᠴᠢ ᠶ᠋ᠢᠨ ᠬᠡᠷᠡᠭ ᠢ᠋ᠶ᠋ᠡᠷ ᠬᠣᠣᠰᠯᠠᠭᠤᠯᠤᠨ ᠦᠵᠡᠪᠡᠰᠦ᠂ ᠢᠦᠢ ᠬᠠᠭᠠᠨ ᠬᠠᠰ ᠲᠠᠤᠯᠠᠢ ᠪᠣᠯᠤᠭᠠᠳ᠂ ᠴᠢᠩᠭᠢᠰ ᠬᠠᠭᠠᠨ ᠭᠠᠯ ᠤ᠋ᠨ ᠯᠤᠤ ᠪᠣᠯᠵᠤᠬᠤᠢ᠃ ᠯᠤᠤ ᠲᠠᠤᠯᠠᠢ ᠬᠣᠶᠠᠷ ᠡᠵᠡᠯᠳᠡ ᠮᠥᠨ ᠴᠢᠪ ᠴᠢᠬᠡ ᠲᠤᠰ ᠬᠠᠷᠰᠢᠯ ᠪᠣᠯᠬᠤ ᠲᠤᠯᠠ ᠡᠨᠡ ᠤᠳᠠᠭ᠎ᠠ ᠶ᠋ᠢᠨ ᠢᠯᠳᠠᠰᠢ ᠮᠥᠷᠡᠨ ᠦ᠌ ᠮᠠᠢᠯᠵᠢ ᠶ᠋ᠢᠨ ᠲᠣᠳᠣ ᠬᠢᠭᠡᠳ ᠴᠢᠦᠢ ᠴᠦ ᠯᠢᠦᠢ ᠶ᠋ᠢᠨ ᠴᠡᠷᠢᠭ᠂ ᠲᠦᠮᠡᠨ ᠦ᠌ ᠳᠣᠲᠣᠷ᠎ᠠ ᠨᠢᠭᠡᠬᠡᠨ ᠬᠤᠪᠢ ᠴᠤ᠌ ᠲᠠᠢᠯᠤᠨ ᠴᠢᠳᠠᠬᠤ ᠶᠣᠰᠣ ᠦᠭᠡᠢ᠃ ᠮᠣᠩᠭᠣᠯ ᠤᠯᠤᠰ ᠤ᠋ᠨ ᠴᠡᠷᠢᠭ ᠢ᠋ ᠲᠩᠷᠢ ᠶ᠋ᠢᠨ ᠰᠠᠯᠬᠢᠨ ᠪᠣᠷᠣᠭᠠᠨ ᠠ᠋ᠴᠠ ᠴᠤ᠌ ᠲᠡᠷᠢᠭᠦᠯᠡᠨ ᠴᠥᠮ ᠲᠤᠰᠠᠯᠠᠮᠤᠢ᠃ ᠪᠢᠳᠡ ᠣᠳᠣ ᠬᠡᠷᠬᠢᠪᠡᠰᠦ ᠰᠠᠢᠨ ᠪᠣᠢ? 》ᠬᠡᠮᠡᠭᠰᠡᠨ ᠳ᠋ᠦ᠍ᠷ ᠸᠠᠢᠯᠠᠨ ᠠᠢᠮᠠᠭ ᠤ᠋ᠨ ᠵᠥᠪᠯᠡᠯ ᠦ᠋ᠨ ᠶᠡᠬᠡᠬᠡᠨ ᠰᠠᠢᠳ ᠪᠤᠭᠤᠯᠠᠭ᠎ᠠ ᠰᠡᠴᠡᠨ᠂ ᠲᠤᠷᠪᠢ ᠮᠡᠷᠭᠡᠨ ᠬᠣᠶᠠᠭᠤᠯᠠ ᠵᠡᠷᠭᠡ ᠪᠡᠷ ᠶᠣᠰᠣᠯᠠᠵᠤ ᠪᠤᠭᠤᠯᠠᠭ᠎ᠠ ᠮᠡᠳᠡᠭᠦᠯᠦᠷᠦᠨ:
《ᠡᠵᠡᠨ ᠦ᠌ ᠡᠨᠡ ᠴᠤᠬᠤᠮᠬᠠᠨ ᠮᠠᠰᠢᠳᠠ ᠤᠨᠤᠭᠰᠠᠨ ᠪᠣᠳᠣᠯᠭ᠎ᠠ ᠮᠥᠨ᠃ ᠮᠣᠩᠭᠣᠯ ᠤᠯᠤᠰ ᠤ᠋ᠨ ᠴᠢᠩᠭᠢᠰ ᠬᠠᠭᠠᠨ ᠲᠡᠮᠦᠵᠢᠨ ᠬᠡᠮᠡᠭᠴᠢ ᠨᠢᠭᠡᠨ ᠰᠣᠨᠢᠨ ᠵᠢᠭᠲᠡᠢ ᠪᠤᠶᠠᠨᠲᠠᠨ ᠬᠥᠮᠦᠨ ᠪᠠᠢᠨᠠᠮ᠃ ᠬᠠᠷᠠᠬᠠᠨ ᠪᠢᠴᠢᠬᠠᠨ ᠠ᠋ᠴᠠ ᠮᠢᠨᠦ ᠮᠡᠳᠡᠭᠰᠡᠭᠡᠷ ᠪᠤᠶᠤ᠃ ᠰᠠᠢᠳ ᠪᠢᠳᠡ ᠵᠢᠷᠠᠨ ᠨᠠᠰᠤᠨ ᠭᠠᠷᠲᠠᠯ᠎ᠠ ᠶᠡᠬᠡ ᠰᠠᠮᠠᠭᠤᠨᠠ ᠬᠠᠳ ᠡᠵᠡᠳ ᠢ᠋ ᠣᠯᠠᠨ ᠴᠤ᠌ ᠦᠵᠡᠯᠦᠭᠡ᠃ ᠡᠨᠡ ᠲᠡᠮᠦᠵᠢᠨ ᠦ᠌ ᠮᠡᠲᠦ ᠶ᠋ᠢ ᠨᠢᠭᠡᠬᠡᠨ ᠴᠦ᠍ ᠭᠡᠮᠡᠨ ᠡᠰᠡ ᠣᠯᠵᠤ ᠦᠵᠡᠪᠡ᠃ ᠲᠡᠭᠦᠨᠦ ᠡᠴᠢᠭᠡ ᠶᠢᠰᠦᠭᠡᠢ ᠪᠠᠭᠠᠲᠤᠷ ᠦᠬᠦᠵᠦ᠂ ᠪᠸᠲ᠋ᠠ᠋ ᠤᠯᠤᠰ ᠪᠠᠭᠤᠷᠠᠢ ᠪᠣᠯᠤᠭᠰᠠᠨ ᠢ᠋ᠶ᠋ᠠᠷ ᠲᠠᠲ᠋ᠠᠷ᠂ ᠲᠠᠢᠴᠢᠭᠤᠳ᠂ ᠬᠡᠷᠡᠢᠳ᠂ ᠨᠠᠢ᠍ᠮᠠᠨ ᠤ᠋ ᠵᠡᠷᠭᠡ ᠶ᠋ᠢᠨ ᠬᠦᠴᠦᠷᠬᠡᠭ ᠶᠡᠬᠡ ᠤᠯᠤᠰ ᠠᠢᠮᠠᠭ ᠤ᠋ᠳ ᠶᠢᠰᠦ ᠠᠷᠪᠠ ᠪᠠᠷ ᠨᠡᠢᠯᠡᠵᠦ᠂ ᠪᠸᠲ᠋ᠠ᠋ ᠤᠯᠤᠰ ᠢ᠋ ᠪᠠᠢᠯᠳᠤᠭᠰᠠᠨ ᠠᠨᠤ ᠦᠨᠡᠬᠡᠷ ᠬᠢᠯᠪᠠᠷ ᠪᠤᠰᠤ ᠪᠥᠯᠥᠭᠡ᠂ ᠣᠯᠠᠨ ᠢ᠋ᠶ᠋ᠠᠷ ᠪᠸᠲ᠋ᠠ᠋ ᠤᠯᠤᠰ ᠯᠠᠪ ᠮᠥᠬᠥᠮᠦᠢ ᠭᠡᠮᠡᠨ ᠰᠠᠨᠠᠭᠰᠠᠨ ᠪᠥᠭᠡᠲᠡᠯ᠎ᠡ᠂ ᠡᠴᠦᠰᠲᠡᠯ᠎ᠡ ᠮᠥᠬᠥᠬᠦ ᠦᠭᠡᠢ ᠪᠡᠷ ᠦᠯᠦ ᠪᠠᠷᠠᠮ ᠭᠡᠳᠡᠷᠭᠦ ᠬᠠᠷᠢᠨ ᠲᠡᠳᠡᠨ ᠢ᠋ ᠤᠳᠠᠭ᠎ᠠ ᠳᠠᠷᠠᠭ᠎ᠠ ᠪᠠᠷ ᠳᠡᠢᠯᠦᠭᠰᠡᠭᠡᠷ ᠡᠳᠦᠭᠡ ᠳᠠᠯᠠᠨ ᠲᠠᠪᠤᠨ ᠠᠢᠮᠠᠭ ᠢ᠋ ᠨᠡᠢᠯᠡᠭᠦᠯᠵᠦ᠂ ᠰᠣᠯᠣᠩᠭᠤᠳ ᠢ ᠰᠤᠨᠳᠠᠯᠠᠵᠤ᠂ ᠬᠢᠳᠠᠨ ᠢ᠋ ᠬᠢᠳᠤᠭᠠᠳ᠂ ᠲᠠᠩᠭᠤᠳ ᠢ᠋ ᠲᠠᠪᠠᠷᠴᠠᠭᠯᠠᠭᠤᠯᠤᠨ᠂ ᠣᠷᠣᠰ ᠢ᠋ ᠣᠷᠣᠭᠤᠯᠤᠨ ᠠᠪᠴᠤᠬᠤᠢ᠃ ᠭᠠᠳᠠᠭᠠᠳᠤ ᠶᠡᠬᠡ ᠤᠯᠤᠰ ᠤ᠋ᠳ ᠪᠥᠭᠡᠲᠡᠯ᠎ᠡ ᠴᠥᠮ ᠳᠠᠭᠠᠵᠤ ᠠᠯᠪᠠ ᠪᠠᠷᠢᠯᠴᠠᠨ᠂ ᠲᠡᠮᠦᠵᠢᠨ ᠳᠡ ᠬᠤᠸᠠᠩᠳᠢ ᠶ᠋ᠢᠨ ᠰᠠᠭᠤᠷᠢᠨ ᠳ᠋ᠤᠷ ᠰᠠᠭᠤᠭᠠᠳ᠂ ᠬᠣᠲᠣᠩ ᠾᠦᠢ ᠾᠦᠢ᠂ ᠲᠥᠪᠡᠳ᠂ ᠨᠠᠩᠭᠢᠶᠠᠳ ᠢ ᠴᠥᠮ ᠨᠠᠮ ᠳ᠋ᠠᠭᠠᠨ ᠬᠤᠷᠢᠶᠠᠬᠤᠢ ᠳ᠋ᠤᠷ ᠬᠦᠷᠦᠭᠰᠡᠨ ᠢ᠋ ᠬᠢᠨᠠᠪᠠᠰᠤ ᠦᠨᠡᠬᠡᠷ ᠰᠡᠳᠬᠢᠯ ᠦ᠋ᠨ ᠳᠣᠲᠣᠷ᠎ᠠ ᠰᠡᠮᠡᠬᠡᠷ ᠰᠡᠳᠬᠢᠪᠡᠰᠦ ᠠᠶᠤᠯᠲᠠᠢ ᠪᠣᠳᠣᠭᠳᠠᠮᠤᠢ᠃ ᠲᠡᠭᠦᠨ ᠦ᠌ ᠣᠯᠠᠨ ᠡᠰᠡᠷᠭᠦᠴᠡᠯ ᠦ᠋ᠳ ᠲᠡᠮᠦᠵᠢᠨ ᠢ᠋ ᠲᠦᠮᠡᠨ ᠮᠢᠩᠭᠠᠨ ᠠᠷᠭ᠎ᠠ ᠮᠡᠬᠡ᠂ ᠵᠢᠭᠰᠠᠭᠠᠯ ᠪᠠᠢᠷᠢᠯᠠᠯ ᠪᠡᠯᠡᠳᠬᠡᠵᠦ ᠪᠠᠢᠯᠳᠤᠯᠴᠠᠭᠰᠠᠨ ᠢ᠋ᠶ᠋ᠠᠷ ᠪᠣᠯᠪᠠᠰᠤ᠂ ᠨᠢᠭᠡᠬᠡᠨ ᠲᠡᠮᠦᠵᠢᠨ ᠢ᠋ ᠴᠦ᠍ ᠪᠠᠢᠲᠤᠭᠠᠢ᠂ ᠵᠠᠭᠤᠨ ᠲᠡᠮᠦᠵᠢᠨ ᠪᠣᠯᠪᠠᠴᠤ ᠭᠤᠴᠢᠨ ᠵᠢᠯ ᠢᠯᠡᠭᠦᠦ ᠶ᠋ᠢᠨ ᠪᠠᠢᠯᠳᠤᠭᠠᠨ ᠳ᠋ᠤᠷ ᠬᠡᠳᠦᠢᠨ ᠠᠷᠢᠯᠭᠠᠵᠤ ᠪᠠᠷᠠᠭᠰᠠᠨ ᠪᠣᠯᠠᠢ᠃ ᠪᠤᠰᠤᠳ ᠤ᠋ᠳ ᠲᠡᠭᠦᠨ ᠢ ᠠᠷᠢᠯᠭᠠᠨ ᠦᠯᠦ ᠴᠢᠳᠠᠬᠤ ᠪᠠᠷ ᠦᠯᠦ ᠪᠠᠷᠠᠮ᠂ ᠭᠡᠳᠡᠷᠭᠦ ᠲᠡᠭᠦᠨ ᠳ᠋ᠦ᠍ᠷ ᠠᠯᠪᠠ ᠪᠠᠷᠢᠭᠰᠠᠨ ᠢ᠋ᠶ᠋ᠠᠷ ᠦᠵᠡᠪᠡᠰᠦ ᠡᠨᠡ ᠢᠨᠤ ᠲᠣᠳᠣᠷᠬᠠᠶ᠎ᠠ ᠮᠠᠭᠠᠳ ᠲᠡᠭᠷᠢ ᠶ᠋ᠢᠨ ᠰᠠᠨᠠᠭᠠᠨ ᠢ ᠢᠯᠡ ᠮᠡᠳᠡᠪᠡᠰᠦ ᠪᠣᠯᠤᠮᠤᠢ᠃ ᠡᠷᠲᠡᠨ ᠦ᠌ ᠮᠠᠨ ᠤ᠋ ᠸᠠᠢᠯᠠᠨ ᠤ᠋ ᠦᠭᠡᠰ ᠲᠣᠷ < ᠲᠩᠷᠢ ᠳ᠋ᠦ᠍ᠷ ᠲᠡᠩᠨᠡᠭᠦᠯᠪᠡᠰᠦ ᠲᠦᠪᠰᠢᠷᠡᠭᠡᠳ᠂ ᠲᠡᠭᠷᠢ ᠳ᠋ᠦ᠍ᠷ ᠲᠡᠷᠰᠯᠡᠪᠡᠰᠦ ᠲᠡᠪᠴᠢᠭᠳᠡᠮᠦᠢ > ᠬᠡᠮᠡᠵᠦᠬᠦᠢ᠃ ᠲᠡᠷᠡ ᠵᠢᠯ ᠨᠠᠢ᠍ᠮᠠᠨ ᠤᠯᠤᠰ ᠤ᠋ᠨ ᠲᠠᠢᠶᠠᠩ ᠬᠠᠭᠠᠨ ᠪᠣᠯᠣᠢ ᠪᠸᠲ᠋ᠠ᠋ ᠤᠯᠤᠰ ᠢ᠋ ᠪᠠᠢᠯᠳᠤᠭᠰᠠᠨ ᠲᠡᠷᠡ ᠤᠳᠠᠭ᠎ᠠ ᠨᠠᠢ᠍ᠮᠠᠨ ᠠᠢᠮᠠᠭ ᠤ᠋ᠨ ᠴᠤᠭᠯᠠᠭᠤᠯᠤᠭᠰᠠᠨ ᠠᠷᠪᠠᠨ ᠬᠡᠳᠦᠨ ᠠᠢᠮᠠᠭ ᠤ᠋ᠨ ᠴᠡᠷᠢᠭ ᠬᠣᠷᠢ ᠭᠤᠴᠢᠨ ᠲᠦᠮᠡᠨ ᠪᠣᠯᠵᠤ᠂ ᠳᠥᠷᠪᠡᠨ ᠵᠦᠭ ᠨᠠᠢ᠍ᠮᠠᠨ ᠵᠣᠪᠬᠢᠰ ᠠᠭᠤᠯᠠ ᠲᠠᠯ᠎ᠠ ᠳᠦᠭᠦᠷᠦᠭᠰᠡᠨ ᠢ᠋ᠶ᠋ᠡᠷ ᠮᠠᠨ ᠤ᠋ ᠤᠯᠤᠰ ᠤ᠋ᠨ ᠴᠡᠷᠢᠭ ᠵᠠᠪ ᠣᠯᠵᠤ ᠡᠷᠳᠡᠰᠡ ᠪᠤᠷᠤᠭᠤᠯᠠᠨ ᠭᠠᠷᠤᠭᠰᠠᠨ ᠢ᠋ᠶ᠋ᠠᠷ ᠪᠸᠲ᠋ᠠ᠋ ᠤᠯᠤᠰ ᠡᠰᠡ ᠤᠪᠠᠢᠯᠠᠭᠰᠠᠨ ᠲᠤᠯᠠ᠂ ᠪᠢᠳᠡᠨ ᠢ᠋ ᠡᠳᠦᠢ ᠪᠣᠯᠲᠠᠯ᠎ᠠ ᠠᠮᠤᠷ ᠰᠠᠭᠤᠯᠭᠠᠪᠠ᠃ ᠡᠨᠡ ᠳᠠᠷᠤᠢ ᠮᠣᠩᠭᠣᠯ ᠤᠯᠤᠰ ᠤ᠋ᠨ ᠠᠭᠤᠳᠠᠮ ᠶᠡᠬᠡ ᠰᠠᠨᠠᠭ᠎ᠠ ᠲᠠᠢ ᠶ᠋ᠢᠨ ᠰᠠᠢᠨ ᠳ᠋ᠤᠷ ᠪᠣᠯᠠᠢ᠃ ᠡᠳᠦᠭᠡ ᠣᠳᠣ ᠡᠰᠡ ᠬᠢᠨᠠᠵᠤ ᠡᠰᠡ ᠰᠡᠷᠡᠮᠵᠢᠯᠡᠪᠡᠰᠦ ᠦᠯᠦ ᠪᠣᠯᠤᠮᠤᠢ᠃ ᠵᠥᠪ ᠵᠦᠭᠡᠷ ᠠᠵᠤ᠂ ᠴᠢᠦᠢ ᠴᠦ ᠯᠢᠦᠢ ᠶ᠋ᠢᠨ ᠴᠢᠴᠢᠬᠦ ᠵᠢᠳᠠ ᠶ᠋ᠢᠨ ᠦᠵᠦᠭᠦᠷ ᠪᠣᠯᠤᠨ᠂ ᠲᠣᠳᠣ ᠵᠣᠯᠪᠢᠨ ᠤ᠋ ᠳᠣᠯᠣᠯᠭᠠ ᠶ᠋ᠢᠨ ᠬᠠᠯᠬᠠᠪᠴᠢ ᠪᠣᠯᠬᠤ ᠠᠨᠤ ᠦᠨᠡᠬᠡᠷ ᠠᠮᠢ ᠯᠤᠭ᠎ᠠ ᠬᠣᠯᠪᠣᠨ ᠦᠬᠦᠯ ᠯᠦ᠍ᠭᠡ ᠦᠷᠭᠦᠯᠵᠢᠯᠡᠭᠰᠡᠨ ᠶᠡᠬᠡ ᠬᠡᠷᠡᠭ ᠪᠣᠯᠠᠢ᠃ ᠳᠡᠭᠡᠭᠰᠢᠳᠡ ᠲᠦᠮᠡᠨ ᠦ᠌ ᠬᠡᠰᠢᠭ ᠢ᠋ᠶ᠋ᠡᠷ ᠡᠵᠡᠨ ᠡᠢᠨ ᠬᠦ᠌ ᠵᠡᠭᠦᠳᠦᠯᠡᠵᠦ ᠲᠩᠷᠢ ᠶ᠋ᠢᠨ ᠲᠤᠰᠠᠯᠠᠯ ᠪᠣᠯᠪᠠ᠃ 》ᠬᠤᠪᠢᠲᠤ ᠬᠤᠸᠠ ᠥᠴᠢᠷᠦᠨ᠄
《< ᠠᠯᠢᠪᠠ ᠬᠡᠷᠡᠭ ᠢ᠋ ᠡᠷᠬᠡᠪᠰᠢ ᠭᠤᠷᠪᠠᠨᠲᠠ ᠡᠷᠭᠢᠴᠡᠭᠦᠯ > ᠬᠡᠮᠡᠭᠴᠢ ᠡᠷᠲᠡᠨ ᠦ᠌ ᠦᠭᠡᠰ ᠪᠤᠶᠤ᠃ ᠡᠳᠦᠭᠡ ᠮᠣᠩᠭᠣᠯ ᠤ᠋ᠨ ᠡᠵᠡᠨ ᠢᠯᠳᠠᠰᠢ ᠶ᠋ᠢᠨ ᠴᠢᠦᠢ ᠴᠦ ᠯᠢᠦᠢ ᠨᠠᠷ ᠢ᠋ ᠲᠦᠪᠰᠢᠳᠬᠡᠨ ᠡᠰᠡ ᠴᠢᠳᠠᠪᠠᠰᠤ᠂ ᠮᠠᠨ ᠤ᠋ ᠨᠤᠲᠤᠭ ᠨᠠᠮ ᠡᠢ᠍ᠯᠳᠠᠰᠢ ᠳ᠋ᠤᠷ ᠣᠢᠷ᠎ᠠ ᠲᠤᠯᠠ ᠲᠡᠷᠡ ᠬᠣᠣᠷᠯᠠᠯ ᠦᠨᠡᠬᠡᠷ ᠣᠢᠷ᠎ᠠ᠂ ᠮᠣᠩᠭᠣᠯ ᠤ᠋ᠨ ᠲᠤᠰᠠᠯᠠᠯ ᠬᠣᠯᠠ᠂ ᠡᠭᠦᠳᠡ ᠶ᠋ᠢᠨ ᠡᠰᠡᠷᠭᠦ ᠡᠷᠦᠬᠡ ᠶ᠋ᠢᠨ ᠬᠠᠶᠠᠭ᠎ᠠ ᠳ᠋ᠤᠷ ᠡᠭᠦᠷᠢᠳᠡ ᠶ᠋ᠢᠨ ᠵᠣᠪᠠᠯᠠᠩ ᠵᠦᠳᠡᠭᠦᠷᠢ ᠪᠣᠯᠬᠤ ᠶ᠋ᠢ ᠮᠥᠨ ᠪᠣᠳᠣᠬᠤ ᠬᠡᠷᠡᠭᠲᠡᠢ ᠪᠢᠰᠢᠦ? 》 ᠬᠡᠮᠡᠭᠰᠡᠨ ᠳ᠋ᠦ᠍ᠷ ᠬᠠᠵᠠᠭᠤ ᠠ᠋ᠴᠠ ᠵᠡᠭᠦᠨ ᠭᠠᠷ ᠤ᠋ᠨ ᠳᠡᠳ᠋ ᠳᠠᠷᠤᠭ᠎ᠠ ᠴᠸᠨ ᠵᠦᠩ ᠲᠣᠰᠴᠤ ᠥᠭᠦᠯᠡᠷᠦᠨ᠄
《 ᠳᠡᠳ᠋ ᠳᠠᠷᠤᠭ᠎ᠠ ᠪᠢ ᠦᠵᠡᠪᠡᠰᠦ ᠡᠨᠡ ᠤᠳᠠᠭ᠎ᠠ ᠮᠣᠩᠭᠣᠯ ᠤ᠋ᠨ ᠴᠢᠩᠭᠢᠰ ᠬᠠᠭᠠᠨ ᠤ᠋ ᠯᠠᠪ ᠪᠦᠷᠢᠨ᠎ᠡ ᠪᠡᠷ ᠳᠡᠢᠯᠬᠦ ᠶ᠋ᠢ ᠣᠯᠵᠤ ᠮᠡᠳᠡᠭᠰᠡᠨ ᠬᠡᠳᠦᠨ ᠵᠦᠢᠯ ᠪᠣᠢ᠂ ᠠᠯᠢ ᠠᠯᠢ ᠶᠠᠮᠪᠠᠷ ᠵᠦᠢᠯ ᠬᠡᠮᠡᠪᠡᠰᠦ᠄ ᠡᠩ ᠲᠡᠷᠢᠭᠦᠨ ᠳ᠋ᠦ᠍ᠷ ᠮᠣᠩᠭᠣᠯ ᠤ᠋ᠨ ᠡᠵᠡᠨ ᠤᠭ ᠠ᠋ᠴᠠ ᠳᠥᠷᠪᠡᠨ ᠵᠦᠭ ᠢ᠋ ᠳᠠᠢᠯᠠᠨ ᠠᠪᠬᠤ ᠰᠠᠨᠠᠭᠠᠨ ᠦᠭᠡᠢ᠂ ᠲᠠᠲ᠋ᠠᠷ᠂ ᠲᠠᠢᠴᠢᠭᠤᠳ᠂ ᠬᠡᠷᠡᠢᠳ᠂ ᠨᠠᠢ᠍ᠮᠠᠨ ᠤ᠋ ᠵᠡᠷᠭᠡ ᠶ᠋ᠢᠨ ᠣᠯᠠᠨ ᠤᠯᠤᠰ ᠠᠢᠮᠠᠭ ᠤ᠋ᠳ ᠪᠦᠭᠦᠳᠡᠭᠡᠷ ᠥᠰᠢᠶᠡᠯᠡᠨ ᠲᠡᠮᠦᠵᠢᠨ ᠢ᠋ ᠢᠯᠡᠭᠦᠦ ᠦᠵᠡᠵᠦ ᠨᠢᠯᠬ᠎ᠠ ᠴᠠᠭ ᠲᠤᠷ ᠵᠠᠪᠳᠤᠨ ᠠᠷᠢᠯᠭᠠᠰᠤᠭᠠᠢ ᠭᠡᠮᠡᠨ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠬᠠᠮᠵᠢᠨ ᠣᠷᠣᠵᠤ ᠵᠠᠪ ᠭᠠᠷᠭᠠᠯ ᠦᠭᠡᠢ ᠬᠠᠯᠳᠠᠨ ᠳᠠᠷᠤᠯᠠᠭᠰᠠᠭᠠᠷ᠂ ᠲᠡᠭᠦᠨ ᠢ᠋ ᠭᠡᠳᠡᠷᠭᠦ ᠬᠢᠴᠢᠶᠡᠯ ᠰᠡᠷᠡᠮᠵᠢ ᠪᠠ ᠲᠤᠯᠬᠤ ᠪᠠᠢᠯᠳᠤᠭᠠᠨ ᠢ᠋ ᠪᠦᠷᠢᠨ᠎ᠡ ᠪᠣᠯᠪᠠᠰᠤᠷᠠᠭᠤᠯᠤᠨ ᠰᠤᠷᠭᠠᠵᠤ ᠭᠠᠷᠭᠠᠭᠠᠳ᠂ ᠡᠳᠦᠭᠡ ᠳᠥᠷᠪᠡᠨ ᠢ᠋ ᠭᠡᠳᠡᠷᠭᠦ ᠡᠭᠡᠭᠦᠯᠵᠦ ᠬᠤᠷᠢᠶᠠᠭᠰᠠᠨ ᠠᠨᠤ ᠦᠨᠡᠬᠡᠷ ᠬᠥᠮᠦᠨ ᠦ᠌ ᠬᠦᠴᠦᠨ ᠪᠤᠰᠤ᠂ ᠲᠣᠳᠣᠷᠬᠠᠢ ᠲᠡᠭᠷᠢ ᠶ᠋ᠢᠨ ᠰᠠᠨᠠᠭᠠᠨ ᠮᠥᠨ᠃ ᠡᠭᠦᠨᠦ ᠳᠡᠭᠡᠷ᠎ᠡ᠂ ᠮᠣᠩᠭᠣᠯ ᠤ᠋ᠨ ᠴᠢᠩᠭᠢᠰ ᠬᠠᠭᠠᠨ ᠴᠢᠬᠡ ᠵᠢᠷᠤᠮᠲᠤ ᠢᠯᠡᠷᠬᠡᠢ ᠠᠷᠪᠠᠨ ᠵᠦᠢᠯ ᠦ᠋ᠨ ᠰᠠᠢᠨ ᠵᠠᠰᠠᠭ᠂ ᠰᠠᠢᠨ ᠦᠵᠡᠯ ᠪᠠᠢᠬᠤ ᠠᠨᠤ᠂ ᠠᠯᠢᠪᠠ ᠣᠯᠤᠭᠰᠠᠨ ᠠᠢᠮᠠᠭ ᠤ᠋ᠨ ᠬᠠᠳ ᠡᠵᠡᠳ ᠢ᠋ ᠠᠯᠠᠭᠤᠯᠬᠤ ᠦᠭᠡᠢ᠃ ᠠᠯᠭᠤᠷ ᠬᠣᠷᠢᠭᠰᠠᠭᠠᠷ ᠨᠣᠮᠣᠬᠠᠷᠠᠭᠤᠯᠬᠤ ᠪᠠ ᠳᠠᠭᠠᠭᠰᠠᠳ ᠢ᠋ ᠳᠠᠷᠤᠯᠠᠬᠤ ᠦᠭᠡᠢ᠂ ᠲᠡᠷᠰᠯᠡᠭᠦᠦ ᠰᠡᠳᠬᠢᠯ ᠲᠡᠭᠰᠢᠷᠡᠮᠡᠭᠴᠡ ᠤᠯᠤᠰ ᠠᠢᠮᠠᠭ ᠲᠤᠷ ᠡᠭᠡᠭᠦᠯᠵᠦ ᠨᠡᠢᠭᠡᠮ ᠢ᠋ ᠲᠦᠪᠰᠢᠨ ᠪᠣᠯᠭᠠᠮᠤᠢ᠃ ᠥᠪᠡᠷ ᠢ᠋ᠶ᠋ᠡᠨ ᠡᠷᠡᠮᠰᠢᠵᠦ ᠲᠡᠢᠨ ᠳ᠋ᠦ᠍ᠷ ᠤᠨᠠᠭᠰᠠᠳ ᠤ᠋ᠨ ᠬᠡᠭᠦᠷ ᠶᠠᠰᠤ ᠶ᠋ᠢ ᠬᠤᠷᠢᠶᠠᠯᠭᠠᠨ ᠣᠷᠣᠰᠢᠭᠤᠯᠵᠤ᠂ ᠪᠡᠶ᠎ᠡ ᠦᠬᠦᠭᠰᠡᠳ ᠦ᠋ᠨ ᠬᠡᠦᠬᠡᠳ ᠳᠡᠭᠦᠦᠨᠠᠷ ᠢ ᠢᠨᠦ ᠡᠷᠢᠭᠦᠯᠦᠨ ᠭᠠᠷᠭᠠᠵᠤ᠂ ᠬᠡᠷᠪᠡ ᠪᠠᠭ᠎ᠠ ᠨᠢᠯᠬ᠎ᠠ ᠪᠥᠭᠡᠰᠦ ᠠᠰᠠᠷᠠᠨ ᠲᠡᠵᠢᠭᠡᠯᠭᠡᠵᠦ ᠥᠰᠬᠡᠨ ᠬᠥᠮᠦᠵᠢᠭᠦᠯᠦᠨ᠂ ᠥᠬᠢᠨ ᠪᠣᠯᠪᠠᠰᠤ ᠬᠦᠷᠭᠡᠨ ᠳ᠋ᠦ᠍ᠷ ᠥᠭᠴᠦ᠂ ᠬᠥᠪᠡᠭᠦᠨ ᠪᠣᠯᠪᠠᠰᠤ ᠪᠡᠷᠢ ᠠᠪᠴᠤ ᠥᠭᠭᠦᠨ᠂ ᠡᠷᠬᠡᠪᠰᠢ ᠳᠡᠭᠦᠨᠦ ᠦᠷ᠎ᠡ ᠶ᠋ᠢ ᠵᠠᠯᠭᠠᠮᠵᠢᠯᠠᠭᠤᠯᠬᠤ - ᠡᠳᠡᠭᠡᠷ ᠴᠥᠮ ᠢ᠋ᠶ᠋ᠡᠷ ᠥᠪᠡᠷᠦᠨ ᠴᠢᠩ ᠦᠨᠡᠨ ᠰᠡᠳᠬᠢᠯ ᠦ᠋ᠨ ᠳᠣᠲᠣᠷ᠎ᠠ ᠠ᠋ᠴᠠ ᠭᠠᠷᠤᠭᠰᠠᠨ ᠲᠩᠷᠢ ᠶ᠋ᠢᠨ ᠰᠠᠨᠠᠭᠠᠨ᠎ᠠ ᠵᠣᠬᠢᠯᠳᠤᠬᠤᠢ ᠶ᠋ᠢᠨ ᠵᠠᠩ ᠠᠪᠤᠴᠠ ᠪᠣᠯᠠᠢ᠃ ᠨᠡᠩ ᠢᠯᠠᠩᠭᠤᠶ᠎ᠠ ᠬᠡᠷᠡᠢᠳ ᠨᠠᠢ᠍ᠮᠠᠨ ᠤ᠋ ᠵᠡᠷᠭᠡ ᠶ᠋ᠢᠨ ᠤᠯᠤᠰ ᠤ᠋ᠳ ᠬᠡᠮᠡᠭᠴᠢ ᠴᠥᠮ ᠲᠡᠭᠦᠨ ᠯᠦ᠍ᠭᠡ ᠵᠡᠷᠭᠡᠯᠡᠳᠡᠭᠡ ᠪᠠᠢᠵᠤ᠂ ᠳᠠᠬᠢᠨ ᠳᠠᠪᠲᠠᠨ ᠬᠠᠯᠳᠠᠨ ᠳᠠᠷᠤᠯᠠᠵᠤ᠂ ᠥᠰᠢᠶᠡᠲᠡᠨ ᠤᠭᠰᠠᠭ᠎ᠠ ᠪᠥᠭᠡᠲᠡᠯ᠎ᠡ ᠭᠡᠳᠡᠷᠭᠦ ᠡᠭᠡᠭᠦᠯᠦᠨ᠂ ᠲᠡᠳᠡᠭᠡᠷ ᠦ᠋ᠳ ᠦ᠋ᠨ ᠬᠡᠦᠬᠡᠳ ᠢ᠋ ᠢᠨᠦ ᠬᠦᠪᠡᠭᠦᠳᠴᠢᠯᠡᠨ ᠬᠥᠮᠦᠵᠢᠭᠦᠯᠵᠦ᠂ ᠥᠬᠢᠳ ᠢ᠋ ᠢᠨᠦ ᠦᠷᠡᠴᠢᠯᠡᠨ ᠡᠷᠭᠦᠮᠵᠢᠯᠡᠵᠦ᠂ ᠣᠨᠴᠠ ᠭᠠᠳᠠᠭᠠᠳᠤ ᠤᠯᠤᠰ ᠤ᠋ᠨ ᠪᠡᠶᠡᠰᠦᠨ ᠪᠢᠰᠢᠷᠡᠬᠦ ᠰᠦᠰᠦᠭ ᠰᠡᠳᠬᠢᠯ ᠢ᠋ ᠢᠨᠦ ᠪᠡᠶᠡᠰᠦᠨ ᠪᠢᠰᠢᠷᠡᠭᠦᠯᠵᠦ᠂ ᠡᠭᠦᠷᠢ ᠤᠷᠲᠤ ᠪᠠᠲᠤ ᠪᠡᠬᠢ ᠪᠣᠯᠭᠠᠬᠤ ᠠᠨᠤ ᠴᠤᠬᠤᠮᠬᠠᠨ ᠲᠩᠷᠢ ᠶ᠋ᠢᠨ ᠬᠥᠪᠡᠭᠦᠨ ᠦ᠌ ᠶᠠᠪᠤᠳᠠᠯ ᠦᠵᠡᠯ ᠪᠤᠶᠤ᠃ ᠮᠠᠨ ᠤ᠋ ᠳᠡᠭᠡᠷ᠎ᠡ ᠬᠡᠲᠦᠢᠳᠦᠭᠰᠡᠨ ᠡᠳᠡᠭᠡᠷ ᠵᠦᠢᠯ ᠵᠦᠢᠯ ᠦ᠋ᠨ ᠵᠠᠰᠠᠭ ᠵᠠᠷᠯᠠᠯ ᠪᠣᠢ ᠪᠥᠭᠡᠲᠡᠯ᠎ᠡ᠂ ᠬᠠᠷᠭᠢᠰ ᠵᠠᠯᠢᠬᠠᠢ ᠪᠠᠷ ᠰᠠᠷᠪᠠᠯᠵᠠᠬᠤ ᠴᠢᠦᠢ ᠴᠦ ᠯᠢᠦᠢ᠂ ᠲᠣᠳᠣ ᠨᠠᠷ ᠬᠡᠷᠬᠢᠨ ᠲᠡᠭᠦᠨ ᠯᠦ᠍ᠭᠡ ᠲᠡᠩᠴᠡᠵᠦ ᠪᠠᠢᠯᠳᠤᠪᠠᠰᠤ ᠪᠣᠯᠤᠮᠤᠢ ? ᠪᠢᠳᠡ ᠴᠦ᠍ ᠶᠠᠭᠤ ᠬᠢᠵᠦ ᠨᠢᠭᠡᠬᠡᠨ ᠴᠢᠦᠢ ᠴᠦ ᠯᠢᠦᠢ ᠶ᠋ᠢᠨ ᠦᠭᠡ ᠪᠡᠷ ᠲᠡᠭᠦᠨ ᠯᠦ᠍ᠭᠡ ᠪᠠᠢᠯᠳᠤᠯᠴᠠᠨ ᠠᠯᠠᠯᠳᠤᠪᠠᠰᠤ ᠪᠣᠯᠬᠤ ᠠᠵᠠᠢ ? 》ᠬᠡᠮᠡᠭᠰᠡᠨ ᠳ᠋ᠦ᠍ᠷ ᠬᠤᠪᠢᠲᠤ ᠬᠤᠸᠠ ᠢᠨᠢᠶᠡᠨ ᠥᠭᠦᠯᠡᠷᠦᠨ᠄
《ᠮᠣᠩᠭᠣᠯ ᠤ᠋ᠨ ᠡᠵᠡᠨ ᠲᠡᠮᠦᠵᠢᠨ ᠦ᠌ ᠲᠥᠷᠥᠯᠬᠢ ᠶ᠋ᠢᠨ ᠵᠠᠶᠠᠭ᠎ᠠ ᠤᠯᠠᠷᠢᠯ ᠤ᠋ᠨ ᠰᠠᠢᠨ ᠤ᠋ ᠳᠡᠭᠡᠷ᠎ᠡ᠂ ᠵᠢᠰᠢᠯᠭᠡ ᠮᠡᠷᠭᠡᠨ᠂ ᠪᠣᠳᠣᠯᠭ᠎ᠠ ᠰᠠᠢᠲᠤ ᠵᠢᠨᠦᠩ ᠮᠤᠬᠤᠯᠢ ᠶ᠋ᠢᠨ ᠡᠷᠳᠡᠮ ᠪᠠ ᠡᠷ᠎ᠡ ᠶ᠋ᠢᠨ ᠰᠠᠢᠨ ᠳ᠋ᠤᠷ ᠡᠷᠡᠮᠰᠢᠭᠰᠡᠨ ᠢᠨᠦ ᠦᠨᠡᠨ ᠪᠣᠢ ᠶᠠ᠂ ᠡᠷᠬᠡᠪᠰᠢ ᠳᠡᠭᠡᠳᠦ ᠲᠡᠭᠷᠢ᠂ ᠲᠡᠮᠦᠵᠢᠨ ᠢ᠋ ᠲᠤᠰᠠᠯᠠᠮᠤᠢ ᠬᠡᠮᠡᠭᠴᠢ ᠬᠡᠷᠡᠭ ᠬᠠᠮᠢᠭ᠎ᠠ ᠪᠠᠢᠬᠤ ᠪᠣᠢ? 》ᠬᠡᠮᠡᠭᠰᠡᠨ ᠳ᠋ᠦ᠍ᠷ ᠲᠤᠷᠪᠢ ᠮᠡᠷᠭᠡᠨ ᠳᠣᠷᠪᠣᠢᠨ ᠵᠣᠭᠰᠣᠭᠰᠠᠭᠠᠷ ᠲᠣᠬᠣᠢ ᠤᠷᠲᠤ ᠰᠠᠬᠠᠯ ᠢ᠋ᠶ᠋ᠠᠨ ᠰᠢᠪᠲᠤᠷᠤᠨ ᠢᠨᠢᠶᠡᠳᠦᠮ ᠠᠯᠳᠠᠭᠰᠠᠨ ᠳ᠋ᠤᠷ ᠬᠤᠪᠢᠲᠤ ᠬᠤᠸᠠ ᠠᠰᠠᠭᠤᠷᠤᠨ᠄
《ᠲᠣᠮᠣᠭ᠎ᠠ ᠰᠠᠢᠲᠤ ᠲᠤᠷᠪᠢ ᠰᠠᠢᠳ ᠤ᠋ᠨ ᠲᠣᠰᠴᠤ ᠢᠨᠢᠶᠡᠭᠰᠡᠨ ᠵᠢᠭᠲᠡᠢ ᠪᠠᠢᠨᠠᠮ᠂ ᠲᠣᠳᠣᠷᠬᠠᠢ ᠲᠡᠭᠷᠢ ᠲᠡᠮᠦᠵᠢᠨ ᠳ᠋ᠦ᠍ᠷ ᠲᠤᠰᠠᠯᠠᠭᠰᠠᠨ ᠢ᠋ ᠲᠣᠭᠠᠴᠢᠵᠤ ᠪᠣᠯᠬᠤ ᠯᠠᠪ ᠯᠣᠪ ᠲᠡᠮᠳᠡᠭ ᠬᠡᠷᠡᠴᠢᠲᠦ ᠬᠡᠷᠡᠭ ᠪᠠᠢᠬᠤ ᠶ᠋ᠢ ᠴᠢᠨᠦ ᠮᠡᠳᠡᠭᠰᠡᠨ ᠭᠠᠵᠠᠷ ᠪᠣᠢ ᠤᠤ ? 》ᠬᠡᠮᠡᠭᠰᠡᠨ ᠳ᠋ᠦ᠍ᠷ ᠲᠤᠷᠪᠢ ᠮᠡᠷᠭᠡᠨ ᠲᠣᠰᠴᠤ ᠮᠡᠳᠡᠭᠦᠯᠦᠷᠦᠨ᠄
《ᠲᠤᠷᠪᠢ ᠮᠢᠨᠦ ᠲᠣᠮᠣᠭ᠎ᠠ ᠦᠭᠡᠢ ᠠᠬᠠᠮᠠᠳ ᠬᠥᠪᠡᠭᠦᠨ ᠨᠡᠷ᠎ᠡ ᠲᠠᠮᠠᠭ᠎ᠠ᠂ ᠡᠨᠡ ᠵᠢᠯ ᠳᠥᠴᠢᠨ ᠨᠠᠰᠤᠲᠠᠢ ᠮᠣᠩᠭᠣᠯ ᠤᠯᠤᠰ ᠤ᠋ᠨ ᠴᠢᠮᠡᠳ ᠠᠢᠮᠠᠭ ᠤ᠋ᠨ ᠦᠯᠡᠭᠦᠦ ᠰᠠᠢᠳ ᠤ᠋ᠨ ᠲᠥᠷᠥᠭᠰᠡᠨ ᠵᠢᠭᠡ ᠬᠥᠪᠡᠭᠦᠨ ᠪᠣᠯᠤᠮᠤᠢ᠃ ᠲᠡᠭᠦᠨᠦ ᠡᠬᠡ ᠨᠢᠯᠬ᠎ᠠ ᠳ᠋ᠤᠷ ᠣᠷᠬᠢᠵᠤ ᠡᠴᠦᠰᠯᠡᠭᠰᠡᠨ ᠢ᠋ᠶ᠋ᠡᠷ ᠲᠡᠭᠦᠨᠦ ᠨᠠᠭᠠᠴᠤ ᠶ᠋ᠢᠨ ᠬᠡᠷᠲᠡ ᠲᠡᠵᠢᠭᠡᠨ ᠥᠰᠬᠡᠵᠦ᠂ ᠲᠡᠮᠦᠵᠢᠨ ᠦ᠌ ᠶᠡᠬᠡ ᠲᠠᠢᠽᠢ ᠬᠥᠪᠡᠭᠦᠨ ᠵᠣᠴᠢ ᠯᠤᠭ᠎ᠠ ᠨᠠᠭᠠᠳᠤᠨ ᠥᠰᠴᠦ᠂ ᠲᠡᠨᠳᠡ ᠡᠴᠡ ᠪᠡᠷᠢ ᠠᠪᠴᠤ ᠥᠭᠴᠦᠬᠦᠢ᠃ ᠥᠨᠥᠬᠡᠨ ᠮᠣᠩᠭᠣᠯ ᠤ᠋ᠨ ᠵᠣᠴᠢ ᠴᠢᠨ ᠸᠠᠩ᠂ ᠡᠬᠡ ᠬᠠᠲᠤᠨ ᠯᠤᠭ᠎ᠠ ᠪᠠᠨ ᠵᠥᠪᠳᠡᠨ ᠳᠡᠭᠦᠨᠦ ᠤᠯᠤᠰ ᠲᠥᠷᠥ ᠠᠭᠤᠤ ᠶᠡᠬᠡ ᠪᠣᠯᠵᠤ᠂ ᠤᠭ ᠰᠠᠢᠳ ᠤ᠋ᠳ ᠡᠷᠬᠡ ᠭᠠᠪᠢᠶᠠᠲᠠᠨ ᠮᠠᠰᠢ ᠣᠯᠠᠨ ᠤ᠋ ᠲᠤᠯᠠᠳᠠ᠂ ᠤᠯᠤᠰ ᠤ᠋ᠨ ᠵᠠᠰᠠᠭ ᠴᠡᠷᠢᠭ ᠦ᠋ᠨ ᠴᠠᠭᠠᠵᠠ ᠶ᠋ᠢ ᠬᠠᠳᠠᠨ ᠴᠢᠩᠭ᠎ᠠ ᠪᠣᠯᠭᠠᠬᠤᠢ ᠶ᠋ᠢᠨ ᠣᠴᠢᠷ᠎ᠠ᠂ ᠵᠣᠴᠢ ᠲᠠᠢᠽᠢ ᠠᠨᠤ ᠵᠣᠷᠢᠮᠠᠭ ᠢ᠋ᠶ᠋ᠠᠷ ᠵᠢᠨᠦᠩ ᠯᠤᠭ᠎ᠠ ᠵᠥᠷᠢᠴᠡᠨ ᠮᠥᠷᠥᠢᠴᠡᠵᠦ᠂ ᠴᠡᠷᠢᠭ ᠦ᠋ᠨ ᠴᠠᠭᠠᠵᠠᠨ ᠤ᠋ ᠮᠡᠯᠵᠢᠯᠭᠡ ᠪᠢᠴᠢᠭ ᠪᠠᠢᠭᠤᠯᠤᠨ ᠪᠠᠲᠤᠯᠠᠭᠠᠳ᠂ ᠬᠣᠢᠨ᠎ᠠ ᠮᠡᠯᠵᠢᠯᠭᠡ ᠱᠦᠭᠦᠭᠳᠡᠨ ᠶᠠᠯ᠎ᠠ ᠬᠦᠯᠢᠶᠡᠨ ᠣᠷᠣᠰ ᠤᠯᠤᠰ ᠤ᠋ᠨ ᠡᠮᠦᠨ᠎ᠡ ᠬᠢᠵᠠᠭᠠᠷ᠎ᠠ ᠴᠥᠯᠡᠭᠳᠡᠨ ᠡᠴᠢᠬᠦᠶ᠎ᠡ᠂ ᠲᠤᠷᠪᠢ ᠮᠢᠨᠦ ᠬᠥᠪᠡᠭᠦᠨ ᠲᠡᠢ ᠪᠡᠨ ᠳᠠᠭᠠᠨ ᠢᠷᠡᠵᠦ ᠵᠢᠯ ᠢᠯᠡᠭᠦᠦ ᠪᠣᠯᠵᠤ᠂ ᠣᠷᠣᠰ ᠤ᠋ᠨ ᠵᠠᠬ᠎ᠠ ᠶ᠋ᠢᠨ ᠣᠯᠠᠨ ᠵᠡᠷᠯᠢᠭ ᠤᠯᠤᠰ ᠤ᠋ᠳ ᠢ᠋ ᠴᠤᠭᠯᠠᠭᠤᠯᠤᠨ ᠨᠡᠢᠯᠡᠭᠦᠯᠦᠭᠰᠡᠨ ᠭᠠᠪᠢᠶ᠎ᠠ ᠳ᠋ᠤᠷ ᠠᠨᠤ ᠨᠢᠭᠡᠨ ᠵᠢᠯ ᠢᠯᠡᠭᠦᠦ ᠦᠯᠡᠭᠰᠡᠨ ᠶᠠᠯ᠎ᠠ ᠶ᠋ᠢ ᠬᠡᠯᠲᠦᠷᠢᠭᠦᠯᠦᠨ ᠡᠭᠡᠭᠦᠯᠦᠨ ᠵᠠᠷᠯᠠᠭᠰᠠᠨ ᠳ᠋ᠤᠷ ᠲᠤᠷᠪᠢ ᠨᠡᠮᠡᠢ᠍ᠢ ᠬᠥᠭᠰᠢᠷᠡᠪᠡ ᠭᠡᠮᠡᠨ ᠬᠥᠪᠡᠭᠦᠨ ᠪᠡᠷᠢ ᠳ᠋ᠦ᠍ᠷ ᠬᠦᠨᠳᠦ ᠱᠠᠩ ᠥᠭᠴᠦ᠂ ᠪᠠᠰᠠ ᠨᠢᠭᠡᠨ ᠵᠢᠯ ᠦ᠋ᠨ ᠴᠢᠯᠥᠭᠡ ᠬᠠᠢᠷᠠᠯᠠᠨ ᠦᠯᠡᠳᠡᠭᠡᠵᠦ ᠡᠴᠢᠪᠡ᠃ ᠲᠡᠢᠨ ᠬᠦ᠌ ᠬᠥᠪᠡᠭᠦᠨ ᠲᠠᠮᠠᠭ᠎ᠠ ᠶ᠋ᠢᠨ ᠭᠠᠷ ᠲᠤᠷ ᠳᠡᠭᠦᠨᠦ ᠨᠠᠭᠠᠴᠤ ᠦᠯᠡᠭᠦᠦ ᠰᠠᠢᠳ ᠤ᠋ᠨ ᠲᠡᠮᠳᠡᠭᠯᠡᠭᠰᠡᠨ ᠡᠵᠡᠨ ᠲᠡᠮᠦᠵᠢᠨ ᠳ᠋ᠦ᠍ᠷ ᠲᠡᠮᠳᠡᠭ ᠪᠡᠯᠭᠡᠲᠦ ᠲᠡᠭᠷᠢ ᠶ᠋ᠢᠨ ᠲᠡᠳᠬᠦᠮᠵᠢ ᠲᠤᠰᠠᠯᠠᠯ ᠪᠣᠯᠤᠭᠰᠠᠨ ᠪᠢᠴᠢᠬᠠᠨ ᠰᠣᠳᠤᠷᠯᠢᠭ᠋ ᠪᠠᠢᠬᠤ ᠶ᠋ᠢ ᠣᠯᠵᠤ ᠦᠵᠡᠪᠡ᠃ ᠦᠵᠡᠰᠡ ᠴᠥᠮ ᠦᠨᠡᠨ ᠬᠡᠷᠡᠭ ᠦ᠋ᠳ ᠠᠵᠤᠭᠤ᠂ ᠴᠥᠮ ᠢ᠋ᠶ᠋ᠡᠷ ᠣᠨ ᠵᠢᠯ ᠰᠠᠷ᠎ᠠ ᠡᠳᠦᠷ ᠦ᠋ᠨ ᠴᠠᠭ ᠬᠡᠮᠵᠢᠶ᠎ᠡ ᠪᠣᠢ᠃ 》ᠬᠤᠪᠢᠲᠤ ᠬᠤᠸᠠ ᠰᠣᠨᠢᠷᠬᠠᠨ ᠠᠰᠠᠭᠤᠷᠤᠨ᠄
《ᠲᠡᠭᠦᠨᠦ ᠰᠣᠳᠣᠷᠯᠢᠭ ᠲᠤᠷ ᠲᠡᠮᠳᠡᠭᠯᠡᠭᠰᠡᠨ ᠢᠨᠤ ᠡᠭᠡᠨᠡᠭᠲᠡ ᠶᠠᠮᠪᠠᠷ ᠶᠠᠮᠪᠠᠷ ᠲᠡᠭᠷᠢ ᠶ᠋ᠢᠨ ᠲᠡᠮᠳᠡᠭᠲᠦ ᠲᠡᠳᠬᠦᠮᠵᠢ ᠲᠤᠰᠠᠯᠠᠯ ᠬᠡᠮᠡᠪᠡ ? 》 ᠲᠤᠷᠪᠢ ᠮᠡᠷᠭᠡᠨ ᠮᠡᠳᠡᠭᠦᠯᠦᠷᠦᠨ᠄
《ᠳᠡᠭᠦᠨᠦ ᠣᠨ ᠵᠢᠯ ᠰᠠᠷ᠎ᠠ ᠡᠳᠦᠷ ᠢ᠋ ᠨᠠᠷᠢᠪᠴᠢᠯᠠᠨ ᠴᠡᠭᠡᠵᠢᠯᠡᠭᠰᠡᠨ ᠦᠭᠡᠢ ᠪᠣᠯᠪᠠᠴᠤ᠂ ᠤᠷᠲᠤᠳᠠ ᠤᠯᠠᠮᠵᠢᠯᠠᠨ ᠬᠡᠯᠡᠯᠴᠡᠬᠦ ᠶ᠋ᠢ ᠣᠯᠵᠤ ᠰᠣᠨᠣᠰᠤᠭᠰᠠᠨ ᠤ᠋ ᠪᠠᠷᠤᠭ ᠲᠥᠯᠥᠪ ᠦ᠋ᠨ ᠲᠣᠪᠴᠢᠶ᠎ᠠ ᠶ᠋ᠢ ᠤᠢᠯᠠᠨ ᠲᠡᠮᠳᠡᠭᠯᠡᠭᠰᠡᠨ ᠢᠨᠤ᠄ ᠡᠩ ᠲᠡᠷᠢᠭᠦᠨ ᠳ᠋ᠦ᠍ᠷ ᠮᠣᠩᠭᠣᠯ ᠤ᠋ᠨ ᠡᠵᠡᠨ ᠢ᠋ ᠠᠷᠪᠠᠨ ᠬᠡᠳᠦᠬᠡᠨ ᠨᠠᠰᠤᠨ᠎ᠠ ᠲᠠᠢᠴᠢᠭᠤᠳ ᠠᠢᠮᠠᠭ ᠤ᠋ᠨ ᠲᠠᠬᠠᠷ᠂ ᠭᠤᠷᠪᠠᠨ ᠲᠦᠮᠡᠨ ᠴᠡᠷᠢᠭ ᠠᠪᠴᠤ ᠪᠠᠢᠯᠳᠤᠨ ᠠᠮᠢᠳᠤ ᠪᠠᠷ ᠪᠠᠷᠢᠵᠤ ᠠᠪᠠᠴᠢᠨ᠂ ᠭᠠᠩ ᠲᠡᠮᠦᠷ ᠦ᠋ᠨ ᠰᠤᠭᠤᠨᠠᠭ ᠪᠠ ᠨᠣᠢᠲᠠᠨ ᠮᠣᠳᠣᠨ ᠤ᠋ ᠳᠥᠩᠭᠡ ᠪᠡᠷ ᠬᠠᠳᠠᠭᠠᠯᠠᠨ ᠠᠲᠠᠯ᠎ᠠ᠂ ᠲᠡᠷᠡ ᠪᠡᠷ ᠰᠠᠬᠢᠭᠤᠯ ᠬᠥᠮᠦᠨ ᠦ᠌ ᠬᠠᠷᠢᠶᠠᠯ ᠳ᠋ᠤᠷ ᠲᠡᠰᠬᠡᠯ ᠦᠭᠡᠢ ᠠᠭᠤᠷᠯᠠᠨ ᠪᠠᠷᠬᠢᠷᠠᠨ ᠵᠠᠩᠳᠠᠭᠰᠠᠨ ᠳᠠᠭᠤᠨ ᠳ᠋ᠤᠷ ᠬᠣᠭᠣᠰᠣᠨ ᠭᠠᠵᠠᠷ ᠲᠡᠭᠷᠢ ᠠᠶᠤᠩᠭᠠᠯᠠᠨ ᠭᠠᠯ ᠭᠢᠯᠪᠠᠰᠤᠨ ᠳᠥᠩᠭᠡ ᠶ᠋ᠢ ᠰᠡᠳᠡ ᠢᠰᠬᠦᠯᠦᠭᠡᠳ᠂ ᠮᠥᠨ ᠰᠡᠲᠡᠷᠡᠭᠰᠡᠨ ᠳᠥᠩᠭᠡ ᠪᠡᠷ ᠬᠠᠷᠢᠶᠠᠯ ᠲᠠᠯᠪᠢᠭᠰᠠᠨ ᠰᠠᠬᠢᠭᠤᠯ ᠤ᠋ᠨ ᠬᠣᠶᠠᠷ ᠬᠥᠮᠦᠨ ᠦ᠌ ᠲᠣᠯᠣᠭᠠᠢ ᠶ᠋ᠢ ᠳᠡᠯᠪᠡ ᠳᠡᠯᠡᠳᠴᠦ ᠳᠤᠲᠠᠭᠠᠵᠤ ᠭᠠᠷᠪᠠ᠃ ᠬᠣᠢᠨ᠎ᠠ ᠰᠡᠲᠡᠷᠡᠭᠰᠡᠨ ᠳᠥᠩᠭᠡ ᠪᠠ ᠠᠯᠠᠭᠳᠠᠭᠰᠠᠨ ᠬᠥᠮᠦᠨ ᠦ᠌ ᠦᠬᠦᠳᠡᠯ ᠢ᠋ ᠪᠠᠢᠴᠠᠭᠠᠪᠠᠰᠤ ᠴᠥᠮ ᠭᠠᠯ ᠤ᠋ᠨ ᠬᠤᠢᠬᠠᠯᠠᠯ ᠪᠠ ᠠᠶᠤᠩᠭ᠎ᠠ ᠶ᠋ᠢᠨ ᠳᠡᠯᠪᠡᠷᠡᠯ ᠦ᠋ᠨ ᠰᠢᠷᠬ᠎ᠠ ᠪᠣᠢ᠃ ᠡᠨᠡ ᠪᠣᠯᠪᠠᠰᠤ ᠲᠡᠭᠷᠢ ᠶ᠋ᠢᠨ ᠢᠯᠡ ᠲᠡᠳᠬᠦᠮᠵᠢᠯᠡᠯ ᠦ᠋ᠨ ᠨᠢᠭᠡ᠃ ᠬᠣᠶᠠᠳᠤᠭᠠᠷ ᠠᠨᠤ᠂ ᠬᠣᠢᠨ᠎ᠠ ᠬᠤᠯᠠᠭᠠᠢ ᠶ᠋ᠢᠨ ᠦᠷᠡᠰ᠂ ᠯᠠᠢᠬᠠᠳ ᠠᠢᠮᠠᠭ ᠤ᠋ᠨ ᠰᠡᠴᠢᠡᠭ ᠪᠥᠬᠡ ᠶ᠋ᠢᠨ ᠭᠠᠵᠢᠭᠤ ᠤᠪᠠᠳᠢᠰ ᠤ᠋ᠨ ᠶᠡᠬᠡ ᠰᠠᠯᠬᠢᠨ ᠴᠠᠰᠤᠨ ᠤ᠋ ᠰᠢᠭᠤᠷᠭᠠᠨ᠎ᠠ ᠡᠷᠦᠵᠦ ᠣᠬᠣᠭᠰᠠᠨ ᠴᠡᠷᠢᠭ ᠮᠣᠷᠢᠨ ᠢ᠋ ᠤᠨᠠᠭᠠᠵᠤ ᠠᠯᠠᠬᠤ ᠭᠦᠨ ᠭᠣᠣ ᠳ᠋ᠤᠷ ᠮᠣᠩᠭᠣᠯ ᠤ᠋ᠨ ᠡᠵᠡᠨ ᠮᠣᠷᠢ ᠬᠥᠮᠦᠨ ᠲᠡᠢ ᠪᠡᠨ ᠤᠨᠠᠭᠰᠠᠨ ᠢ᠋ ᠳᠠᠷᠬᠢ ᠬᠣᠩᠭᠣᠷ ᠬᠦᠯᠦᠭ ᠢᠨᠤ ᠡᠵᠡᠨ ᠤ ᠪᠠᠨ ᠳᠡᠭᠡᠷ᠎ᠡ ᠬᠥᠯ ᠢ᠋ᠶ᠋ᠡᠷ ᠲᠤᠯᠤᠨ ᠵᠣᠭᠰᠣᠵᠤ᠂ ᠰᠠᠮᠠᠭᠤᠨ ᠵᠡᠪᠡ ᠶ᠋ᠢ ᠳᠡᠯ ᠰᠡᠭᠦᠯ ᠢ᠋ᠶ᠋ᠡᠷ ᠭᠦᠪᠢᠨ ᠬᠠᠯᠬᠠᠯᠠᠵᠤ᠂ ᠢᠨᠴᠠᠭᠠᠬᠤ ᠳᠠᠭᠤᠨ ᠢ᠋ᠶ᠋ᠠᠷ ᠬᠦᠯᠦᠭ ᠪᠤᠭᠤᠷᠵᠢ ᠶ᠋ᠢ ᠤᠳᠤᠷᠢᠳᠤᠨ ᠠᠪᠠᠴᠢᠵᠤ᠂ ᠠᠮᠠ ᠬᠡᠯᠡᠲᠦ ᠠᠳᠤᠭᠤᠰᠤ ᠡᠵᠡᠨ ᠢ᠋ᠶ᠋ᠡᠨ ᠠᠯᠠᠯᠭᠠᠨ ᠠ᠋ᠴᠠ ᠲᠡᠳᠬᠦᠨ ᠭᠠᠷᠭᠠᠭᠰᠠᠨ ᠡᠨᠡ ᠬᠣᠶᠠᠷ᠃ ᠭᠤᠷᠪᠠᠳᠤᠭᠠᠷ ᠠᠨᠤ ᠳᠠᠯᠤ ᠳ᠋ᠤᠷ ᠴᠠᠭ ᠤ᠋ᠨ ᠬᠣᠣᠷᠠᠲᠤ ᠵᠡᠪᠡ ᠰᠢᠭᠠᠭᠰᠠᠨ ᠪᠥᠭᠡᠲᠡᠯ᠎ᠡ᠂ ᠵᠡᠯᠮ᠎ᠡ ᠰᠠᠢᠳ ᠠᠨᠤ ᠳᠠᠢᠰᠤᠨ ᠤ᠋ ᠴᠡᠷᠢᠭ ᠢ᠋ ᠠᠯᠠᠨ᠂ ᠳᠡᠪᠡᠯ ᠮᠣᠷᠢ ᠶ᠋ᠢ ᠠᠪᠴᠤ᠂ ᠰᠡᠴᠢᠡᠭ ᠪᠥᠬᠡ ᠶ᠋ᠢᠨ ᠥᠷᠭᠥᠭᠡ ᠳ᠋ᠦ᠍ᠷ ᠳᠣᠪᠲᠣᠯᠤᠨ ᠣᠷᠣᠵᠤ᠂ ᠬᠦᠢᠲᠡᠨ ᠲᠠᠷᠠᠭ ᠨᠢᠭᠡᠨ ᠯᠣᠩᠬᠣ ᠠᠴᠢᠷᠠᠵᠤ ᠤᠬᠢᠶᠠᠨ᠂ ᠤᠤᠭᠤᠯᠭᠠᠵᠤ᠂ ᠠᠮᠢᠨ ᠭᠠᠷᠴᠤ ᠡᠰᠡ ᠦᠬᠦᠭᠰᠡᠨ ᠲᠡᠭᠷᠢ ᠶ᠋ᠢᠨ ᠲᠤᠰᠠᠯᠠᠯ ᠡᠨᠡ ᠭᠤᠷᠪᠠ᠃ ᠳᠥᠷᠪᠡᠳᠦᠭᠡᠷ ᠲᠣᠷ ᠡᠷᠲᠡᠨ ᠦ᠌ ᠳᠠᠲ᠋ᠠᠷ ᠤ᠋ᠨ ᠮᠠᠭ᠌ᠵᠢᠨ ᠰᠡᠭᠦᠯ᠂ ᠣᠷᠭᠣᠯ ᠨᠠᠷ ᠨᠡᠢᠯᠡᠨ᠂ ᠵᠠᠭᠠᠯ ᠬᠠᠨ ᠤ᠋ ᠠᠷᠤ ᠵᠡᠯᠮ᠎ᠡ ᠬᠠᠨ ᠤ᠋ ᠦᠯᠭᠡ ᠳ᠋ᠦ᠍ᠷ ᠨᠢᠭᠡᠬᠡᠨ ᠮᠣᠷᠢᠨ ᠤ᠋ ᠴᠤᠪᠤᠷᠠᠨ ᠶᠠᠪᠤᠬᠤ ᠨᠠᠷᠢᠨ ᠬᠠᠪᠴᠠᠬᠠᠢ ᠴᠢᠯᠠᠭᠤᠨ ᠵᠠᠮ ᠳ᠋ᠤᠷ ᠭᠤᠷᠪᠠᠨ ᠵᠠᠭᠤᠨ ᠬᠣᠣᠷᠠᠲᠤ ᠵᠡᠪᠡᠲᠦ ᠬᠣᠯᠬᠣᠪᠴᠢ ᠨᠣᠮᠣᠨ ᠤ᠋ ᠰᠠᠭᠠᠯᠢ ᠲᠠᠯᠪᠢᠨ᠂ ᠪᠣᠷᠣᠭᠠᠨ ᠮᠥᠨᠳᠥᠷ ᠮᠡᠲᠦ ᠬᠠᠷᠪᠤᠨ ᠠᠲᠠᠯ᠎ᠠ ᠪᠤᠭᠤᠷᠤᠯ ᠬᠦᠯᠦᠭ ᠢᠰᠡᠭᠡᠢ ᠰᠢᠷᠳᠡᠭ ᠢ᠋ᠶ᠋ᠡᠷ ᠵᠡᠪᠡ ᠶ᠋ᠢ ᠬᠠᠯᠬᠠᠯᠠᠨ᠂ ᠰᠡᠴᠡᠨ ᠵᠡᠯᠮ᠎ᠡ ᠳᠠᠢᠰᠤᠨ ᠤ᠋ ᠬᠠᠷ᠎ᠠ ᠳᠡᠰ ᠰᠢᠪᠠᠭᠤᠨ ᠤ᠋ ᠲᠤᠭ ᠢ᠋ ᠰᠢᠷᠭᠤᠯᠠᠨ ᠣᠷᠣᠵᠤ ᠲᠤᠭ ᠪᠠᠷᠢᠭᠴᠢᠳ ᠢ᠋ ᠴᠠᠪᠴᠢᠨ ᠠᠯᠠᠵᠤ ᠲᠡᠮᠳᠡᠭ ᠲᠤᠭ ᠢ᠋ ᠤᠷᠤᠭᠤ ᠬᠠᠨᠳᠤᠭᠤᠯᠤᠨ ᠬᠠᠳᠬᠤᠵᠤ᠂ ᠣᠯᠠᠨ ᠵᠠᠩᠵᠤᠨ ᠨᠠᠷ ᠵᠠᠢ ᠣᠯᠵᠤ ᠪᠠᠢᠯᠳᠤᠯᠴᠠᠨ ᠳᠠᠢᠰᠤᠨ ᠢ᠋ ᠳᠠᠷᠤᠵᠤ᠂ ᠡᠵᠡᠨ ᠢ᠋ᠶ᠋ᠡᠨ ᠭᠠᠷᠭᠠᠭᠰᠠᠨ ᠢᠯᠡᠷᠬᠡᠢ ᠲᠡᠭᠷᠢ ᠶ᠋ᠢᠨ ᠲᠤᠰᠠᠯᠠᠯ ᠡᠨᠡ ᠳᠥᠷᠪᠡ᠃ ᠲᠠᠪᠤᠳᠤᠭᠠᠷ ᠲᠤᠷ ᠨᠠᠢ᠍ᠮᠠᠨ ᠤᠯᠤᠰ ᠤ᠋ᠨ ᠶᠡᠬᠡ ᠵᠠᠩᠵᠤᠨ ᠬᠠᠭᠤᠴᠢᠨ ᠯᠢᠶᠣᠣ ᠶ᠋ᠢᠨ ᠤᠭᠰᠠᠭ᠎ᠠ - ᠴᠢᠦᠢ ᠰᠢᠦᠸᠠᠢ ᠡᠦ ᠶ᠋ᠢᠨ ᠪᠥᠬᠡ ᠢᠳᠠᠮ ᠵᠡᠳ ᠪᠠᠷᠢᠨ ᠰᠠᠯᠬᠢᠨ ᠰᠢᠭᠤᠷᠭᠠᠨ ᠤᠷᠢᠵᠤ᠂ ᠭᠤᠷᠪᠠᠨ ᠲᠦᠮᠡᠨ ᠦ᠌ ᠶᠡᠬᠡ ᠴᠡᠷᠢᠭ ᠢ᠋ᠶ᠋ᠡᠷ ᠲᠡᠭᠷᠢ ᠶ᠋ᠢᠨ ᠭᠠᠯ ᠤ᠋ᠨ ᠶᠡᠬᠡ ᠪᠠᠢᠯᠳᠤᠭᠠᠨ᠎ᠠ ᠮᠣᠩᠭᠣᠯ ᠤ᠋ᠨ ᠴᠡᠷᠢᠭ ᠰᠢᠲᠠᠭᠳᠠᠨ ᠪᠤᠰᠠᠨᠢᠬᠤ ᠰᠢᠬᠠᠲᠠᠯ᠎ᠠ᠂ ᠮᠣᠩᠭᠣᠯ ᠤ᠋ᠨ ᠡᠵᠡᠨ ᠠᠯᠠᠭᠲᠠᠢ ᠠᠭᠤᠯᠠᠨ ᠤ᠋ ᠳᠡᠭᠡᠷ᠎ᠡ ᠵᠣᠭᠰᠣᠵᠤ ᠦᠵᠡᠭᠰᠡᠭᠡᠷ ᠭᠡᠨᠡᠳᠲᠡ ᠲᠩᠷᠢ ᠶ᠋ᠢ ᠬᠠᠨᠳᠤᠨ ᠳᠠᠭᠠᠳᠬᠠᠵᠤ ᠪᠠᠷᠬᠢᠷᠠᠨ ᠵᠠᠩᠳᠠᠭᠰᠠᠨᠠ ᠬᠣᠭᠣᠰᠣᠨ ᠠᠭᠠᠷ᠎ᠠ ᠠᠶᠤᠩᠭ᠎ᠠ ᠨᠢᠵᠢᠭᠢᠨᠡᠨ᠂ ᠬᠠᠳᠠ ᠶ᠋ᠢᠨ ᠣᠷᠭᠢᠯ ᠡᠷᠭᠢ ᠬᠠᠭ᠎ᠠ ᠳᠡᠯᠪᠡᠷᠡᠵᠦ ᠂ ᠭᠠᠯ ᠤ᠋ᠨ ᠣᠴᠢ ᠣᠭᠲᠠᠷᠭᠤᠢ ᠲᠤᠯᠲᠠᠯ᠎ᠠ ᠦᠰᠦᠷᠦᠨ ᠴᠠᠭ ᠭᠱᠠᠨ᠎ᠠ ᠡᠰᠡᠷᠭᠦ ᠰᠠᠯᠬᠢᠨ ᠴᠢᠨᠠᠭᠰᠢ ᠬᠠᠨᠳᠤᠨ ᠤᠷᠪᠠᠨ ᠰᠢᠭᠤᠷᠴᠤ᠂ ᠲᠠᠯ᠎ᠠ ᠶ᠋ᠢᠨ ᠲᠦᠢᠮᠡᠷ ᠦᠷᠭᠦᠯᠵᠢᠯᠡᠨ ᠨᠣᠴᠣᠵᠤ᠂ ᠨᠠᠢ᠍ᠮᠠᠨ ᠤ᠋ ᠴᠡᠷᠢᠭ ᠲᠦ᠍ᠷ ᠬᠥᠭᠵᠢᠨ ᠬᠦᠷᠴᠦ᠂ ᠨᠠᠢ᠍ᠮᠠᠨ ᠤ᠋ ᠵᠠᠭᠤᠨ ᠵᠦᠢᠯ ᠦ᠋ᠨ ᠭᠠᠯ ᠤ᠋ᠨ ᠪᠡᠯᠡᠳᠬᠡᠯ ᠦ᠋ᠨ ᠳᠠᠷᠢ ᠡᠮ᠂ ᠲᠣᠰᠣᠲᠤ ᠡᠪᠡᠰᠦ ᠬᠥᠭᠵᠢᠭᠡᠳ ᠤᠷᠪᠠᠨ ᠦᠮᠬᠦᠷᠢᠯᠳᠦᠨ ᠬᠡᠢᠰᠴᠦ᠂ ᠲᠩᠷᠢ ᠶ᠋ᠢᠨ ᠭᠠᠯ᠂ ᠭᠠᠵᠠᠷ ᠤ᠋ᠨ ᠭᠠᠯ᠂ ᠪᠠᠰᠠ ᠤᠪᠠᠳᠢᠰ ᠤ᠋ᠨ ᠭᠠᠯ᠂ ᠭᠤᠷᠪᠠᠨ ᠭᠠᠯ ᠬᠠᠮᠲᠤᠪᠠᠷ ᠵᠠᠳᠯᠠᠭᠰᠠᠨ ᠰᠢᠭᠤᠷᠭᠠᠨ᠎ᠠ ᠡᠭᠡᠭᠦᠯᠦᠨ ᠲᠦᠢᠮᠡᠷᠳᠡᠵᠦ ᠨᠠᠢ᠍ᠮᠠᠨ ᠤ᠋ ᠶᠡᠬᠡ ᠶᠤᠸᠠᠨᠱᠤᠸᠠᠢ ᠴᠢᠦᠢ ᠰᠢᠦᠸᠠᠢ ᠡᠦ ᠶ᠋ᠢᠨ ᠤᠨᠤᠭᠰᠠᠨ ᠮᠣᠷᠢᠨ ᠰᠢᠳᠡᠵᠦ ᠦᠬᠦᠭᠡᠳ᠂ ᠨᠢᠭᠤᠷ ᠨᠡᠷᠡᠲᠦ ᠶᠡᠬᠡ ᠵᠠᠩᠵᠤᠨ ᠥᠪᠡᠷᠦᠨ ᠤᠯᠤᠰ ᠤ᠋ᠨ ᠮᠡᠯᠵᠢᠯᠭᠡ ᠦᠭᠡᠰ ᠲᠣᠷ ᠲᠣᠯᠣᠭᠠᠢ ᠪᠠᠨ ᠣᠭᠲᠣᠯᠤᠨ ᠥᠭᠴᠦ ᠢᠯᠡᠭᠡᠭᠰᠡᠨ ᠢᠯᠡ ᠲᠣᠳᠣᠷᠬᠠᠢ ᠲᠡᠭᠷᠢ ᠶ᠋ᠢᠨ ᠲᠤᠰᠠᠯᠠᠯ ᠡᠨᠡ ᠲᠠᠪᠤ᠃ ᠵᠢᠷᠭᠤᠳᠤᠭᠠᠷ ᠲᠤᠷ ᠬᠡᠷᠡᠢᠳ ᠤᠯᠤᠰ ᠤ᠋ᠨ ᠶᠡᠬᠡ ᠪᠠᠢᠯᠳᠤᠭᠠᠨ᠎ᠠ ᠬᠠᠩᠭᠢᠨᠠᠮ᠎ᠠ ᠬᠠᠭᠤᠷᠠᠢ ᠬᠠᠪᠤᠷᠤᠨ ᠴᠠᠭ ᠲᠤᠷ ᠭᠠᠯᠠᠭᠤᠲᠤ ᠠᠭᠤᠯᠠᠨ᠎ᠠ ᠲᠡᠭᠷᠢ ᠶ᠋ᠢᠨ ᠳᠣᠭᠰᠢᠨ ᠬᠤᠷ᠎ᠠ ᠴᠢᠳᠬᠤᠨ ᠶᠡᠬᠡᠳᠡ ᠦᠶᠡᠷᠯᠡᠨ᠂ ᠬᠡᠷᠡᠢᠳ ᠦ᠋ᠨ ᠴᠡᠷᠢᠭ ᠢ᠋ ᠤᠷᠤᠰᠬᠠᠨ᠂ ᠪᠠᠰᠠ ᠪᠠᠵᠤᠨᠠᠢ ᠮᠦᠷᠡᠨ᠎ᠡ ᠭᠤᠷᠪᠠᠬᠠᠨ ᠵᠠᠭᠤᠨ ᠭᠡᠷᠦᠨ ᠴᠡᠷᠢᠭ᠂ ᠬᠡᠷᠡᠢᠳ ᠦ᠋ᠨ ᠭᠤᠷᠪᠠᠨ ᠲᠦᠮᠡᠨ ᠦ᠌ ᠶᠡᠬᠡ ᠴᠡᠷᠢᠭ ᠲᠦ᠍ᠷ ᠪᠦᠰᠡᠯᠡᠭᠳᠡᠨ ᠬᠠᠭᠠᠭᠳᠠᠵᠤ᠂ ᠬᠦᠨᠡᠰᠦ ᠲᠠᠰᠤᠷᠠᠨ ᠥᠯᠪᠡᠷᠭᠦᠢ ᠳ᠋ᠤᠷ ᠮᠥᠨ ᠬᠦ᠌ ᠬᠠᠪᠤᠷᠤᠨ ᠬᠠᠭᠤᠷᠠᠢ ᠴᠠᠭ ᠲᠤᠷ ᠲᠡᠭᠷᠢ ᠥᠴᠦᠬᠡᠨ ᠠᠶᠤᠩᠭᠠᠯᠠᠨ ᠂ ᠬᠡᠳᠦ ᠬᠡᠳᠦᠨ ᠴᠢᠬᠢᠲᠡᠢ ᠦᠷᠭᠦᠨ ᠨᠠᠳᠬᠤᠵᠤ᠂ ᠮᠣᠩᠭᠣᠯ ᠤ᠋ᠨ ᠴᠡᠷᠢᠭ ᠦ᠋ᠨ ᠳᠣᠲᠣᠷ᠎ᠠ ᠣᠷᠣᠵᠤ᠂ ᠬᠦᠨᠡᠰᠦ ᠵᠠᠯᠭᠠᠵᠤ ᠪᠠᠢᠯᠳᠤᠨ ᠭᠠᠷᠤᠭᠰᠠᠨ ᠡᠨᠡ ᠲᠩᠷᠢ ᠶ᠋ᠢᠨ ᠢᠯᠡᠷᠬᠡᠢ ᠲᠤᠰᠠᠯᠠᠯ ᠵᠢᠷᠭᠤᠭ᠎ᠠ᠃ ᠳᠣᠯᠣᠳᠤᠭᠠᠷ ᠲᠤᠷ ᠡᠷᠲᠡ ᠡᠳᠦᠷ ᠲᠠᠢᠴᠢᠭᠤᠳ ᠤ᠋ᠨ ᠰᠠᠷᠠᠨ ᠪᠥᠬᠡ᠂ ᠥᠷᠭᠥᠭᠡ ᠶ᠋ᠢᠨ ᠣᠷᠣᠨ ᠰᠢᠷᠡᠭᠡᠨ ᠦ᠌ ᠳᠣᠣᠷ᠎ᠠ ᠮᠡᠰᠡ ᠵᠢᠳᠠᠲᠤ ᠯᠤᠤ ᠬᠤᠳᠳᠤᠭ ᠡᠷᠦᠨ᠂ ᠬᠤᠳᠳᠤᠭ ᠤ᠋ᠨ ᠳᠡᠭᠡᠷ᠎ᠡ ᠣᠯᠪᠣᠭ ᠲᠦᠰᠢᠯᠭᠡ ᠵᠢᠭᠰᠠᠭᠠᠭᠰᠠᠨ ᠢ᠋ ᠬᠠᠷᠴᠠᠭᠠᠢ ᠰᠢᠪᠠᠭᠤ ᠨᠢᠰᠴᠦ ᠰᠠᠭᠤᠨ᠂ ᠳᠡᠪᠢᠰᠦᠭᠰᠡᠨ ᠣᠯᠪᠣᠭ ᠢ᠋ ᠰᠢᠭᠦᠷᠦᠨ ᠠᠪᠴᠤ᠂ ᠨᠦᠬᠡ ᠣᠩᠭᠣᠢᠭᠰᠠᠨ ᠡᠨᠡ ᠲᠩᠷᠢ ᠶ᠋ᠢᠨ ᠡᠢ᠍ᠯᠡᠷᠭᠡᠢ ᠲᠤᠰᠠᠯᠠᠯ ᠳᠣᠯᠣᠭ᠎ᠠ᠃ ᠨᠠᠢ᠍ᠮᠠᠳᠤᠭᠠᠷ ᠲᠤᠷ ᠲᠣᠭᠮᠣᠭ ᠤᠯᠤᠰ ᠢ᠋ ᠪᠠᠢᠯᠳᠤᠬᠤᠢ ᠳ᠋ᠤᠷ ᠠᠭᠤᠯᠠᠨ ᠤ᠋ ᠣᠷᠣᠢ ᠶ᠋ᠢᠨ ᠥᠩᠭᠡᠢᠮᠡᠯ ᠬᠠᠳᠠᠨ ᠤ᠋ ᠠᠷᠪᠠᠨ ᠬᠣᠷᠢᠨ ᠦᠬᠡᠷ ᠴᠢᠯᠠᠭᠤᠨ ᠤ᠋ ᠥᠮᠭᠥᠷᠢᠯ ᠳ᠋ᠦ᠍ᠷ ᠮᠣᠩᠭᠣᠯ ᠤ᠋ᠨ ᠡᠵᠡᠨ ᠤ ᠠᠷᠤ ᠶ᠋ᠢᠨ ᠬᠣᠢᠨ᠎ᠠ ᠠ᠋ᠴᠠ ᠠᠯᠲᠠᠨ ᠤ᠋ ᠯᠤᠤ ᠢᠯᠡᠷᠡᠨ ᠭᠠᠷᠴᠤ᠂ ᠭᠡᠷ ᠦ᠋ᠨ ᠴᠢᠨᠡᠭᠡᠨ ᠶᠡᠬᠡ ᠬᠠᠳᠠ ᠶ᠋ᠢ ᠲᠣᠰᠴᠤ ᠠᠪᠤᠭᠠᠳ ᠮᠣᠩᠭᠣᠯ ᠤ᠋ᠨ ᠡᠵᠡᠨ ᠦ᠌ ᠣᠷᠣᠢ ᠳᠡᠭᠡᠭᠦᠷ ᠳᠣᠷᠣᠭᠰᠢ ᠰᠢᠳᠡᠨ ᠭᠠᠷᠭᠠᠭᠰᠠᠨ ᠲᠡᠭᠷᠢ ᠶ᠋ᠢᠨ ᠢᠯᠡ ᠲᠤᠰᠠᠯᠠᠯ ᠪᠣᠯᠤᠭᠰᠠᠨ ᠡᠨᠡ ᠨᠠᠢ᠍ᠮᠠ᠃ ᠶᠢᠰᠦᠳᠦᠭᠡᠷ ᠲᠣᠷ ᠪᠠᠷᠠᠭᠤᠨ ᠬᠣᠲᠣᠩ ᠤ᠋ᠳ ᠢ᠋ ᠪᠠᠢᠯᠳᠤᠬᠤᠢ ᠳ᠋ᠤᠷ ᠲᠦᠭᠦᠬᠡᠢ ᠰᠢᠷᠠᠮᠤ ᠪᠠᠷ ᠴᠢᠳᠬᠤᠭᠰᠠᠨ ᠦᠬᠡᠷ ᠴᠢᠯᠠᠭᠤ ᠶ᠋ᠢ ᠮᠣᠩᠭᠣᠯ ᠤ᠋ᠨ ᠡᠵᠡᠨ ᠦ᠌ ᠨᠢᠭᠡᠬᠡᠨ ᠰᠤᠮᠤ ᠳ᠋ᠤᠷ ᠠᠶᠤᠩᠭ᠎ᠠ ᠲᠠᠭᠠᠯᠴᠠᠨ ᠪᠠᠭᠤᠵᠤ᠂ ᠬᠠᠷᠪᠤᠨ ᠬᠡᠮᠬᠡᠯᠡᠭᠰᠡᠨ ᠲᠡᠭᠷᠢ ᠶ᠋ᠢᠨ ᠢᠯᠡ ᠦᠵᠡᠭᠳᠡᠯ ᠡᠨᠡ ᠶᠢᠰᠦ᠃ ᠬᠠᠮᠤᠭ ᠤ᠋ᠨ ᠰᠡᠭᠦᠯ ᠳ᠋ᠦ᠍ᠷ ᠣᠯᠠᠨ ᠪᠦᠬᠦᠨ ᠤᠯᠤᠰ ᠤ᠋ᠨ ᠬᠣᠲᠠᠯᠠᠭᠠᠷ ᠤ᠋ᠨ ᠬᠠᠭᠠᠨ ᠰᠠᠭᠤᠷᠢᠨ᠎ᠠ ᠰᠠᠭᠤᠯᠭᠠᠮᠤᠢ ᠬᠡᠮᠡᠬᠦᠢ ᠶ᠋ᠢᠨ ᠰᠢᠬᠠᠮᠳᠠᠯᠠᠯ ᠳ᠋ᠤᠷ ᠬᠡᠷᠬᠢᠪᠡᠴᠦ ᠦᠯᠦ ᠪᠣᠯᠬᠤᠢ ᠶ᠋ᠢᠨ ᠰᠢᠯᠲᠠᠭ ᠪᠣᠯᠭᠠᠨ ᠲᠦᠯᠬᠢᠬᠦᠢ ᠶ᠋ᠢᠨ ᠣᠴᠢᠷ᠎ᠠ ᠶᠢᠰᠦᠨ ᠥᠷᠯᠥᠭᠡ ᠶ᠋ᠢᠨ ᠲᠡᠭᠷᠢ ᠶ᠋ᠢᠨ ᠪᠡᠯᠭᠡ ᠶ᠋ᠢ ᠭᠤᠶᠤᠭᠰᠠᠨ ᠳ᠋ᠤᠷ ᠶᠣᠰᠣ ᠵᠦᠢ ᠳ᠋ᠦ᠍ᠷ ᠦᠯᠦ ᠠᠬᠤ ᠶᠢᠰᠦᠨ ᠪᠡᠯᠭᠡ᠂ ᠶᠢᠰᠦᠨ ᠥᠷᠯᠥᠭᠡ ᠶᠢᠰᠦ ᠶᠢᠰᠦᠭᠦᠯᠡ ᠴᠥᠮ ᠭᠤᠶᠤᠭᠰᠠᠨ ᠶᠣᠰᠣᠭᠠᠷ ᠪᠣᠯᠤᠯᠴᠠᠨ ᠭᠡᠢᠭᠦᠯᠵᠦ᠂ ᠺᠠᠷᠣᠳᠢ ᠳᠣᠩᠭᠣᠳᠤᠨ᠂ ᠴᠢᠯᠠᠭᠤ ᠬᠠᠭᠠᠷᠠᠨ ᠬᠠᠰ ᠭᠠᠷᠴᠤ᠂ ᠭᠡᠷᠡᠯ ᠪᠠᠭᠤᠵᠤ ᠷᠠᠰᠢᠶᠠᠨ ᠬᠠᠢᠷᠠᠯᠠᠨ᠂ ᠬᠠᠷᠠᠩᠭᠤᠢ ᠰᠥᠨᠢ ᠰᠦᠨ ᠴᠠᠭᠠᠨ ᠭᠡᠷᠡᠯ ᠲᠤᠶᠠᠭ᠎ᠠ ᠮᠠᠨᠳᠠᠯ ᠢ᠋ ᠪᠦᠷᠬᠦᠨ ᠮᠣᠩᠭᠣᠯ ᠤ᠋ᠨ ᠡᠵᠡᠨ ᠬᠤᠸᠠᠩᠳᠠᠢ ᠶ᠋ᠢᠨ ᠰᠠᠭᠤᠷᠢᠨ᠎ᠠ ᠰᠠᠭᠤᠵᠤ᠂ ᠲᠡᠭᠷᠢ ᠶ᠋ᠢᠨ ᠬᠥᠪᠡᠭᠦᠨ ᠪᠣᠯᠤᠨ ᠴᠢᠩᠭᠢᠰ ᠬᠠᠭᠠᠨ ᠪᠣᠯᠪᠠᠢ᠃ ᠡᠨᠡ ᠲᠡᠭᠷᠢ ᠶ᠋ᠢᠨ ᠮᠠᠰᠢᠳᠠ ᠢᠯᠡᠷᠬᠡᠢ ᠲᠤᠰᠠᠯᠠᠯ ᠤ᠋ᠨ ᠠᠷᠪᠠ᠃ ᠡᠢᠮᠦ ᠠᠷᠪᠠᠨ ᠵᠦᠢᠯ ᠦ᠋ᠨ ᠠᠰᠤᠷᠤ ᠢᠯᠡᠷᠬᠡᠢ᠂ ᠮᠠᠰᠢᠳᠠ ᠲᠣᠳᠣᠷᠬᠠᠢ ᠲᠡᠭᠷᠢ ᠶ᠋ᠢᠨ ᠪᠡᠯᠭᠡ ᠶ᠋ᠢ ᠣᠯᠠᠨ ᠨᠡᠢᠲᠡ ᠶ᠋ᠢᠨ ᠤᠯᠤᠰ ᠠᠢᠮᠠᠭ ᠤ᠋ᠳ ᠤ᠋ᠨ ᠤᠯᠠᠮᠵᠢᠯᠠᠯᠴᠠᠨ ᠦᠢᠮᠡᠨ ᠬᠡᠯᠡᠯᠴᠡᠬᠦ ᠥᠪ ᠦᠨᠡᠩᠬᠦ ᠲᠩᠷᠢ ᠶ᠋ᠢᠨ ᠰᠠᠨᠠᠭᠠᠨ ᠢ᠋ ᠦᠵᠡᠲᠡᠯ᠎ᠡ ᠦᠵᠡᠨ ᠬᠠᠷᠠᠲᠠᠯ᠎ᠠ ᠬᠠᠷᠠᠵᠤ ᠪᠠᠢᠭᠠᠳ ᠬᠠᠷᠢᠶ᠎ᠠ ᠬᠠᠷᠰᠢᠯ ᠦᠭᠡᠢ᠂ ᠬᠠᠭᠠᠨ ᠵᠠᠶᠠᠭᠠᠲᠤ ᠴᠢᠩᠭᠢᠰ ᠯᠦ᠍ᠭᠡ ᠬᠠᠯᠳᠠᠨ ᠪᠠᠢᠯᠳᠤᠵᠤ ᠬᠡᠷᠬᠢᠨ ᠪᠣᠯᠬᠤ ᠠᠵᠠᠢ? ᠡᠯ᠎ᠡ ᠵᠦᠢᠯ ᠢ᠋ ᠡᠷᠭᠢᠴᠡᠭᠦᠯᠦᠨ ᠲᠣᠯᠢᠳᠠᠭᠴᠢ ᠡᠵᠡᠨ ᠴᠢᠨᠦ ᠡᠷᠲᠡᠬᠡᠨ ᠳᠠᠭᠠᠰᠤᠭᠠᠢ ᠬᠡᠮᠡᠭᠴᠢ ᠢᠨᠤ ᠴᠢᠪ ᠴᠢᠬᠡ ᠲᠩᠷᠢ ᠶ᠋ᠢᠨ ᠴᠠᠭ ᠲᠤᠷ ᠲᠡᠩᠨᠡᠭᠰᠡᠨ᠂ ᠲᠡᠭᠰᠢ ᠠᠮᠤᠭᠤᠯᠠᠩ ᠥᠨᠢ ᠤᠳᠠᠲᠠᠯ᠎ᠠ ᠵᠢᠷᠭᠠᠨ ᠠᠮᠢᠳᠤᠷᠠᠬᠤᠢ ᠶ᠋ᠢᠨ ᠳᠡᠭᠡᠳᠦ ᠶ᠋ᠢᠨ ᠳᠡᠭᠡᠳᠦ ᠦᠢᠯᠡᠰ ᠶᠠᠪᠤᠳᠠᠯ ᠪᠣᠯᠠᠢ᠃ ᠳᠡᠭᠡᠭᠰᠢᠳᠡ ᠡᠵᠡᠨ ᠦ᠌ ᠡᠩᠭᠡᠷ ᠡᠪᠦᠭᠡᠳ ᠳᠡᠭᠡᠳᠦᠰ ᠲᠣᠷ ᠲᠤᠯᠲᠠᠯ᠎ᠠ ᠡᠩᠬᠡ ᠠᠮᠤᠭᠤᠯᠠᠩ᠂ ᠳᠣᠷᠣᠭᠰᠢ ᠣᠯᠠᠨ ᠲᠦᠮᠡᠨ ᠦ᠌ ᠵᠠᠩᠵᠤᠨ ᠴᠡᠷᠢᠭ᠂ ᠤᠯᠤᠰ ᠢᠷᠭᠡᠳ ᠦ᠋ᠨ ᠲᠦᠮᠡᠨ ᠪᠤᠶᠠᠨ ᠮᠢᠩᠭᠠᠨ ᠵᠠᠪᠰᠢᠶᠠᠨ ᠪᠣᠯᠠᠢ᠃ ᠡᠳᠡᠭᠡᠷ ᠦᠭᠡᠰ ᠢ᠋ ᠰᠠᠢᠳ ᠲᠦᠰᠢᠮᠡᠳ ᠪᠣᠯᠤᠭᠴᠢᠳ ᠤ᠋ᠨ ᠬᠡᠯᠡᠬᠦ ᠢᠨᠦ ᠪᠤᠰᠤ ᠪᠥᠯᠥᠭᠡ᠃ ᠭᠠᠭᠴᠠ ᠡᠵᠡᠨ ᠡᠶᠡᠪᠡᠷᠭᠦ ᠭᠡᠭᠡᠬᠡᠨ ᠮᠠᠲᠠᠯ ᠤᠬᠠᠭᠠᠨ ᠢ᠋ᠶ᠋ᠠᠷ ᠠᠢᠯᠠᠳᠴᠤ ᠭᠠᠷᠭᠠᠨ᠂ ᠪᠠᠰᠠ ᠲᠡᠭᠷᠢ ᠶ᠋ᠢᠨ ᠲᠤᠰᠠᠯᠠᠯ ᠢᠯᠡᠳᠲᠡ ᠢᠯᠡᠷᠡᠨ ᠲᠡᠢᠮᠦ ᠲᠣᠳᠣᠷᠬᠠᠢ ᠢᠷᠣ᠎ᠠ ᠲᠡᠮᠳᠡᠭᠲᠦ ᠭᠠᠢᠬᠠᠮᠰᠢᠭ ᠪᠡᠯᠡᠭᠲᠦ ᠵᠡᠭᠦᠳᠦᠨ ᠢ᠋ ᠡᠵᠡᠳ ᠰᠠᠬᠢᠭᠤᠯᠰᠤᠨ ᠢᠪᠡᠭᠡᠨ ᠬᠠᠢᠷᠠᠯᠠᠬᠤᠢ ᠳ᠋ᠤᠷ ᠦᠨᠡᠨ ᠢ᠋ᠶ᠋ᠡᠨ ᠡᠰᠡ ᠮᠡᠳᠡᠭᠦᠯᠪᠡᠰᠦ ᠪᠣᠯᠤᠮᠤᠢ ᠤᠤ? 》ᠬᠡᠮᠡᠪᠡ᠃
ᠲᠡᠳᠦᠢ ᠬᠤᠪᠢᠲᠤ ᠬᠤᠸᠠ᠂ ᠡᠨᠡ ᠭᠤᠷᠪᠠᠨ ᠤ᠋ ᠰᠠᠨᠠᠭ᠎ᠠ ᠲᠡᠭᠦᠨ ᠦ᠌ ᠰᠡᠳᠬᠢᠯ ᠳ᠋ᠦ᠍ᠷ ᠨᠡᠢᠴᠡᠵᠦ ᠪᠠᠰᠠ ᠵᠡᠭᠦᠳᠦᠨ ᠵᠡᠷᠭᠡᠯᠭᠡᠨ ᠵᠢᠷᠦᠬᠡᠨ᠎ᠡ ᠤᠨᠠᠵᠤ᠂ ᠰᠡᠳᠬᠢᠯ ᠢ᠋ ᠲᠠᠰᠤᠯᠤᠨ ᠰᠠᠨᠠᠭ᠎ᠠ ᠰᠢᠭᠤᠳᠴᠤ ᠮᠥᠨ ᠭᠡᠮᠡᠨ ᠵᠥᠪᠰᠢᠶᠡᠨ ᠰᠠᠢᠰᠢᠶᠠᠵᠤ ᠬᠤᠷᠢᠮ ᠬᠤᠷᠢᠮᠯᠠᠨ ᠮᠣᠩᠭᠣᠯ ᠤᠯᠤᠰ ᠲᠤᠷ ᠳᠠᠭᠠᠬᠤ ᠤᠢᠭᠤᠷ ᠦᠰᠦᠭ ᠦ᠋ᠨ ᠪᠣᠳᠣᠷᠣᠣᠯ ᠪᠢᠴᠢᠭ ᠪᠢᠴᠢᠭᠦᠯᠦᠨ᠂ ᠪᠠᠰᠠ ᠥᠪᠡᠷᠦᠨ ᠣᠷᠣᠨ ᠭᠠᠵᠠᠷ ᠠ᠋ᠴᠠ ᠭᠠᠷᠬᠤ ᠡᠳ᠋ ᠠᠭᠤᠷᠠᠰᠤᠨ ᠤ᠋ ᠵᠦᠢᠯ ᠪᠠ ᠴᠢᠦᠢ ᠴᠦ ᠯᠢᠦᠢ ᠶ᠋ᠢᠨ ᠢᠯᠡᠭᠡᠭᠰᠡᠨ ᠵᠠᠭᠤᠨ ᠠᠴᠢᠶ᠎ᠠ ᠣᠷᠣᠰ ᠲᠡᠮᠦᠷ ᠲᠡᠢ ᠭᠤᠷᠪᠠᠨ ᠵᠠᠭᠤᠨ ᠠᠴᠢᠶ᠎ᠠ ᠠᠯᠪᠠ ᠶ᠋ᠢᠨ ᠡᠳ᠋ ᠲᠡᠢ ᠳᠠᠷᠤᠢ ᠲᠤᠷᠪᠢ ᠮᠡᠷᠭᠡᠨ ᠲᠠᠮᠠᠭ᠎ᠠ ᠡᠴᠢᠭᠡ ᠬᠥᠪᠡᠭᠦᠨ ᠳ᠋ᠦ᠍ᠷ ᠲᠤᠰᠢᠶᠠᠨ ᠤᠷᠢᠳᠠ ᠮᠣᠷᠳᠠᠭᠤᠯᠤᠨ᠂ ᠳᠠᠭᠠᠯᠳᠤᠭ᠎ᠠ ᠰᠠᠶᠢ ᠵᠡᠭᠦᠨ ᠪᠠᠷᠠᠭᠤᠨ ᠤᠯᠤᠰ ᠤ᠋ᠨ ᠬᠣᠲᠠᠯᠠᠭᠠᠷ ᠵᠠᠩᠵᠤᠨ ᠴᠡᠷᠢᠭ ᠠᠷᠠᠳ ᠢᠷᠭᠡᠳ ᠢ᠋ᠶ᠋ᠡᠨ ᠠᠪᠴᠤ᠂ ᠮᠣᠩᠭᠣᠯ ᠤ᠋ᠨ ᠵᠠᠬ᠎ᠠ ᠳ᠋ᠤᠷ ᠢᠷᠡᠵᠦ ᠮᠣᠩᠭᠣᠯ ᠳ᠋ᠤᠷ ᠤᠭᠲᠤᠨ ᠳᠠᠭᠠᠬᠤ ᠶ᠋ᠢ ᠪᠡᠯᠡᠳᠬᠡᠵᠦ ᠪᠠᠭᠤᠯᠭᠠᠭᠰᠠᠨ ᠠᠵᠤᠭᠤ᠃ ᠡᠨᠡ ᠳᠠᠭᠠᠬᠤ ᠮᠡᠳᠡᠭᠡ ᠮᠣᠩᠭᠣᠯ ᠤ᠋ᠨ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠢᠷᠡᠬᠦᠢ ᠶ᠋ᠢᠨ ᠡᠮᠦᠨ᠎ᠡ᠂ ᠥᠷᠯᠥᠭᠡ ᠶ᠋ᠢᠨ ᠯᠤᠤ ᠴᠠᠭ ᠲᠤᠷ ᠮᠣᠩᠭᠣᠯ ᠤ᠋ᠨ ᠴᠢᠩᠭᠢᠰ ᠬᠠᠭᠠᠨ ᠤ᠋ ᠥᠷᠭᠥᠭᠡ ᠶ᠋ᠢᠨ ᠡᠮᠦᠨ᠎ᠡ ᠲᠡᠭᠰᠢ ᠵᠦᠯᠭᠡ ᠳ᠋ᠦ᠍ᠷ ᠨᠢᠭᠡᠨ ᠬᠣᠶᠠᠷ ᠲᠣᠬᠣᠢ ᠢᠯᠡᠭᠦᠦ ᠥᠨᠳᠥᠷ ᠮᠠᠰᠢ ᠶᠡᠬᠡ ᠪᠡᠶᠡᠲᠦ ᠣᠭᠣᠯᠢ ᠰᠢᠪᠠᠭᠤ ᠪᠠᠭᠤᠭᠠᠳ ᠲᠠᠢᠽᠦ ᠶ᠋ᠢᠨ ᠥᠷᠭᠥᠭᠡ ᠶ᠋ᠢᠨ ᠵᠦᠭ ᠭᠤᠷᠪᠠᠨ ᠵᠡᠷᠭᠡ ᠵᠢᠵᠢᠭᠢᠨᠠᠨ ᠳᠣᠩᠭᠣᠳᠴᠤ᠂ ᠪᠠᠰᠠ ᠬᠦ᠌ ᠪᠠᠷᠠᠭᠤᠨ ᠬᠣᠢᠲᠤ ᠵᠦᠭ ᠨᠢᠰᠴᠦ ᠡᠴᠢᠭᠰᠡᠨ ᠳ᠋ᠦ᠍ᠷ ᠲᠠᠢᠽᠦ᠂ ᠳᠣᠭᠲᠤᠩᠭᠤ ᠰᠦᠪᠡᠭᠡᠳᠡᠢ ᠬᠣᠶᠠᠷ ᠤ᠋ᠨ ᠵᠦᠭ ᠠᠰᠠᠭᠤᠷᠤᠨ᠄
《ᠡᠨᠡ ᠶᠠᠮᠪᠠᠷ ᠢᠷᠣ᠎ᠠ ᠪᠣᠢ?》ᠳᠤᠭᠲᠣᠩᠭᠤ ᠪᠠᠭᠠᠲᠤᠷ ᠠᠢᠯᠠᠳᠬᠠᠷᠤᠨ᠄
《ᠯᠠᠪ ᠰᠥᠨᠢ ᠪᠡᠷ ᠳᠠᠢᠰᠤᠨ ᠤ᠋ ᠡᠲᠡᠭᠡᠳ ᠬᠤᠯᠠᠭᠤᠵᠤ ᠬᠦᠷᠢᠶ᠎ᠡ ᠳᠠᠷᠤᠷ᠎ᠠ ᠢᠷᠡᠮᠦᠢ ᠶᠠ 》 ᠬᠡᠮᠡᠭᠰᠡᠨ ᠳ᠋ᠦ᠍ᠷ ᠴᠢᠩᠭᠢᠰ ᠬᠠᠭᠠᠨ ᠮᠦᠰᠢᠶᠡᠵᠦ ᠵᠠᠷᠯᠢᠭ ᠪᠣᠯᠤᠷᠤᠨ᠄
《ᠪᠤᠰᠤ ᠪᠣᠯᠠᠢ᠂ ᠣᠭᠣᠯᠢ ᠬᠡᠮᠡᠭᠴᠢ ᠰᠥᠨᠢ ᠶ᠋ᠢᠨ ᠰᠢᠪᠠᠭᠤ ᠪᠤᠶᠤ᠂ ᠡᠳᠦᠷ ᠪᠣᠯᠪᠠᠰᠤ ᠬᠤᠷᠴᠠ ᠨᠠᠷᠠᠨ ᠤ᠋ ᠭᠡᠷᠡᠯ ᠳ᠋ᠦ᠍ᠷ ᠨᠢᠳᠦ ᠢᠨᠦ ᠪᠠᠯᠠᠷ ᠬᠠᠷᠠᠩ ᠪᠣᠯᠬᠤ ᠪᠣᠯᠠᠢ᠃ ᠪᠠᠯᠠᠷ ᠬᠠᠷᠠᠩ ᠨᠢᠳᠦ ᠭᠢᠷᠠᠬᠠᠢ ᠭᠡᠭᠡᠬᠡᠨ ᠪᠣᠯᠵᠤ᠂ ᠬᠠᠷᠠᠩᠭᠤᠢ ᠰᠥᠨᠢ ᠶ᠋ᠢᠨ ᠰᠢᠪᠠᠭᠤ ᠭᠡᠭᠡᠬᠡᠨ ᠡᠳᠦᠷ ᠪᠡᠶᠡᠰᠦᠨ ᠳᠣᠩᠭᠣᠳᠬᠤ ᠠᠨᠤ ᠲᠡᠭᠦᠨᠦ ᠥᠪᠡᠷᠦᠨ ᠳᠤᠷᠠᠯᠠᠯ ᠪᠤᠰᠤ᠂ ᠡᠷᠬᠡᠪᠰᠢ ᠭᠠᠵᠠᠷ ᠣᠷᠣᠨ ᠤ᠋ ᠡᠵᠡᠳ ᠰᠠᠬᠢᠭᠤᠯᠰᠤᠨ ᠤ᠋ ᠡᠷᠬᠡ ᠪᠣᠯᠠᠢ᠃ ᠪᠦᠳᠦᠭᠦᠨ ᠦᠭᠡᠰ ᠢ᠋ᠶ᠋ᠡᠷ ᠬᠡᠯᠡᠪᠡᠰᠦ᠂ ᠰᠥᠨᠢ ᠶ᠋ᠢᠨ ᠵᠢᠭᠦᠷᠲᠡᠨ ᠡᠳᠦᠷ ᠨᠡᠷᠡᠨ᠎ᠡ ᠳᠣᠩᠭᠣᠳᠪᠠᠰᠤ᠂ ᠮᠠᠭᠤ ᠤᠯᠠᠷᠢᠨ ᠰᠠᠢᠨ ᠪᠣᠯᠤᠨ ᠬᠤᠪᠢᠯᠬᠤᠢ ᠶ᠋ᠢᠨ ᠲᠣᠳᠣᠷᠬᠠᠢ ᠲᠡᠮᠳᠡᠭ ᠪᠡᠯᠭᠡ ᠪᠣᠯᠠᠢ᠃ ᠡᠨᠡ ᠡᠳᠦᠷ ᠡᠷᠬᠡ ᠦᠭᠡᠢ ᠨᠢᠭᠡᠨ ᠵᠦᠢᠯ ᠦ᠋ᠨ ᠮᠠᠭᠤ ᠬᠡᠷᠡᠭ ᠰᠠᠢᠨ ᠪᠣᠯᠤᠨ ᠤᠷᠪᠠᠬᠤᠢ ᠶ᠋ᠢᠨ ᠰᠠᠨᠠᠭᠠᠨ ᠤ᠋ ᠭᠠᠳᠠᠨᠠᠬᠢ ᠰᠠᠢᠨ ᠮᠡᠳᠡᠭᠡ ᠪᠣᠢ 》ᠬᠡᠮᠡᠬᠦ ᠵᠠᠷᠯᠢᠭ ᠰᠠᠶᠢ ᠳᠠᠭᠤᠰᠤᠮᠠᠭᠴᠠ᠂ ᠡᠮᠦᠨᠡᠲᠦ ᠬᠣᠰᠢᠭᠤᠴᠢ ᠵᠠᠩᠵᠤᠨ ᠪᠣᠯᠢᠭᠲᠣ ᠪᠠᠷᠰ᠂ ᠸᠠᠢᠯᠠᠨ ᠠᠢᠮᠠᠭ ᠤ᠋ᠨ ᠪᠣᠳᠣᠷᠣᠣᠯ ᠪᠢᠴᠢᠭ ᠡᠷᠭᠦᠨ ᠳᠠᠭᠠᠬᠤ ᠲᠡᠷᠢᠭᠦᠨ ᠡᠯᠴᠢ ᠲᠤᠷᠪᠢ᠂ ᠲᠠᠮᠠᠭ᠎ᠠ ᠬᠣᠶᠠᠭᠤᠯᠠ ᠪᠠ ᠭᠤᠷᠪᠠᠨ ᠵᠠᠭᠤᠨ ᠠᠴᠢᠶ᠎ᠠ ᠠᠯᠪᠠ ᠪᠠᠷᠢᠬᠤ ᠡᠳ᠋ ᠲᠡᠢ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠢᠷᠡᠭᠰᠡᠨ ᠳ᠋ᠦ᠍ᠷ ᠣᠯᠠᠨ ᠵᠠᠩᠵᠤᠨ ᠴᠡᠷᠢᠭ ᠦ᠋ᠳ ᠬᠠᠭᠠᠨ ᠤ᠋ ᠵᠠᠷᠯᠢᠭ ᠢ᠋ ᠶᠡᠬᠡᠯ᠎ᠡ ᠭᠠᠢᠬᠠᠯᠳᠤᠨ ᠰᠦᠰᠦᠭᠯᠡᠨ᠂ ᠥᠪᠡᠷ ᠵᠠᠭᠤᠷ᠎ᠠ ᠪᠠᠨ ᠦᠭᠦᠯᠡᠯᠳᠦᠷᠦᠨ᠄
《ᠪᠣᠭᠳᠠ ᠬᠠᠭᠠᠨ ᠤ᠋ ᠮᠡᠷᠭᠡᠨ ᠭᠡᠭᠡᠬᠡᠨ ᠢ᠋ ᠬᠡᠨ ᠴᠦ᠍ ᠮᠡᠳᠡᠵᠦ ᠪᠠᠢᠪᠠᠴᠤ᠂ ᠪᠣᠳᠠᠲᠤ ᠬᠣᠶᠠᠷ ᠨᠢᠳᠦ ᠪᠡᠷ ᠪᠤᠷᠤᠭᠤ ᠮᠠᠭᠤ ᠣᠭᠣᠯᠢ ᠰᠢᠪᠠᠭᠤᠨ ᠤ᠋ ᠪᠤᠷᠤᠭᠤ ᠬᠠᠷᠢᠨ ᠵᠥᠪ ᠪᠣᠯᠤᠨ᠂ ᠮᠠᠭᠤ ᠤᠷᠪᠠᠨ ᠰᠠᠢᠨ ᠬᠤᠪᠢᠯᠬᠤ ᠶ᠋ᠢ ᠬᠡᠷᠬᠢᠨ ᠤᠬᠠᠵᠤ ᠲᠣᠯᠢᠯᠠᠭᠰᠠᠨ ᠪᠣᠯᠪᠠ ? 》 ᠬᠡᠮᠡᠯᠳᠦᠬᠦᠢ ᠶ᠋ᠢ ᠸᠠᠢᠯᠠᠨ ᠤᠯᠤᠰ ᠤ᠋ᠨ ᠲᠡᠷᠢᠭᠦᠯᠡᠭᠰᠡᠨ ᠡᠯᠴᠢ ᠲᠤᠷᠪᠢ ᠲᠣᠳᠤᠷᠬᠠᠶ᠎ᠠ ᠣᠯᠵᠤ ᠰᠣᠨᠣᠰᠤᠭᠰᠠᠨ ᠠᠵᠤᠭᠤ᠃
ᠲᠡᠳᠦᠢ ᠳᠣᠲᠣᠷ᠎ᠠ ᠪᠠᠨ ᠭᠠᠢᠬᠠᠵᠤ᠂ ᠳᠡᠯᠡᠬᠡᠢ ᠳ᠋ᠠᠬᠢᠨ ᠳ᠋ᠤᠷ ᠪᠠᠰᠠ ᠭᠤᠷᠪᠠᠨ ᠨᠢᠳᠦᠲᠦ ᠬᠥᠮᠦᠨ ᠭᠡᠮᠡᠨ ᠪᠣᠢ ᠠᠮᠤᠢ ᠤᠤ ? ᠠᠯᠢ ᠮᠡᠷᠭᠡᠨ ᠭᠡᠭᠡᠬᠡᠨ ᠬᠠᠭᠠᠨ ᠡᠵᠡᠳ᠂ ᠪᠣᠭᠳᠠ ᠲᠥᠷᠥᠯᠬᠢᠲᠡᠨ ᠬᠤᠸᠠᠩᠳᠢ ᠪᠣᠯᠪᠠᠴᠤ ᠴᠥᠮ ᠢ᠋ᠶ᠋ᠡᠷ ᠪᠣᠳᠠᠲᠠᠶ᠎ᠠ ᠬᠣᠶᠠᠷᠬᠠᠨ ᠨᠢᠳᠦᠲᠡᠢ ᠪᠣᠢ ᠶᠠ᠃ ᠭᠡᠮᠡᠨ ᠬᠠᠷᠠᠬᠠᠨ ᠤᠷᠪᠠᠭᠤᠯᠤᠨ ᠬᠥᠷᠪᠡᠭᠦᠯᠦᠨ ᠮᠠᠨᠠᠷᠠᠵᠤ ᠪᠣᠳᠣᠯᠬᠢᠯᠠᠬᠤᠶᠠ᠂ ᠴᠡᠷᠢᠭ ᠦ᠋ᠨ ᠬᠦᠷᠢᠶᠡᠨ ᠦ᠌ ᠳᠣᠲᠣᠷ᠎ᠠ ᠶᠡᠬᠡ ᠦᠬᠡᠷ ᠫᠤᠤ ᠶ᠋ᠢᠨ ᠳᠠᠭᠤᠨ ᠲᠡᠭᠷᠢ ᠭᠠᠵᠠᠷ ᠢ᠋ ᠳᠡᠯᠪᠡᠷᠡᠭᠦᠯᠦᠨ ᠥᠰᠥᠷᠬᠡᠵᠦ᠂ ᠵᠠᠭᠤᠨ ᠵᠦᠢᠯ ᠦ᠋ᠨ ᠴᠡᠷᠢᠭ ᠦ᠋ᠨ ᠬᠥᠭᠵᠢᠮ ᠥᠨᠳᠥᠷ ᠪᠣᠭᠣᠨᠢ ᠪᠠᠷ ᠡᠭᠦᠰᠬᠡᠯᠴᠡᠨ᠂ ᠲᠦᠭ ᠲᠦᠮᠡᠨ ᠴᠡᠷᠢᠭ ᠬᠤᠶᠠᠭ ᠤ᠋ᠳ ᠳᠠᠯᠠᠢ ᠳᠡᠪᠡᠯᠬᠢᠯᠡᠨ᠂ ᠭᠠᠵᠠᠷ ᠬᠥᠳᠡᠯᠬᠦ ᠮᠡᠲᠦ ᠨᠠᠮ ᠢ᠋ᠶ᠋ᠠᠷ ᠲᠣᠷᠭᠢᠯᠤᠨ ᠦᠢᠮᠡᠯᠳᠦᠵᠦ᠂ ᠲᠡᠭᠦᠨ ᠢ᠋ ᠳᠠᠭᠠᠭᠤᠯᠵᠤ ᠢᠷᠡᠭᠰᠡᠨ᠂ ᠶᠡᠬᠡ ᠬᠣᠰᠢᠭᠤᠴᠢ ᠵᠠᠩᠵᠤᠨ ᠪᠣᠯᠢᠬᠳᠦ ᠪᠠᠷᠰ ᠳᠣᠲᠣᠷ᠎ᠠ ᠠ᠋ᠴᠠ ᠠᠮᠢᠰᠬᠤᠭ᠎ᠠ ᠶᠠᠳᠠᠨ ᠭᠦᠶᠦᠨ ᠭᠠᠷᠴᠤ ᠢᠷᠡᠨ :
《ᠬᠠᠭᠠᠨ ᠡᠵᠡᠨ ᠨᠢᠭᠤᠷ ᠪᠠᠷᠠᠭᠠᠯᠠᠮᠤᠢ᠂ ᠲᠦᠷᠭᠡᠨ᠎ᠡ ᠶᠠᠪᠤ 》ᠭᠡᠮᠡᠨ ᠲᠡᠭᠦᠨᠦ ᠪᠣᠳᠣᠷᠣᠣᠯ ᠪᠢᠴᠢᠭ ᠢ᠋ ᠣᠷᠣᠢ ᠳ᠋ᠤᠷ ᠠᠨᠤ ᠪᠠᠷᠢᠭᠤᠯᠤᠨ᠂ ᠬᠠᠨᠴᠤᠢ ᠮᠥᠷᠥ ᠡᠴᠡ ᠲᠡᠳᠡᠨ ᠠᠪᠤᠨ ᠣᠷᠣᠵᠤ ᠬᠡᠳᠦᠢᠴᠢᠨᠡᠭᠡᠨ ᠳᠠᠪᠬᠤᠷ ᠤ᠋ᠨ ᠴᠠᠴᠠᠷ ᠲᠠᠭᠲᠤ ᠥᠷᠭᠥᠭᠡ ᠮᠠᠢᠬᠠᠨ ᠢ᠋ ᠨᠡᠪᠲᠡᠯᠦᠨ ᠣᠷᠣᠬᠤᠶ᠎ᠠ ᠴᠠᠴᠠᠷ ᠪᠦᠬᠦᠨ᠎ᠡ ᠵᠠᠩᠵᠤᠨ ᠴᠡᠷᠢᠭ ᠬᠣᠶᠠᠷ ᠵᠢᠭᠦᠷᠯᠡᠨ ᠵᠢᠭᠰᠠᠵᠤ᠂ ᠢᠯᠳᠦ ᠵᠢᠳᠠ ᠨᠤᠮᠤ ᠵᠡᠪᠡ ᠰᠢᠭᠤᠢ ᠮᠡᠲᠦ ᠶ᠋ᠢᠨ ᠳᠣᠭᠤᠤᠷ ᠰᠢᠷᠭᠤᠭᠰᠠᠭᠠᠷ ᠣᠷᠣᠵᠤ᠂ ᠬᠠᠭᠠᠨ ᠤ᠋ ᠪᠠᠷᠰ ᠤ᠋ᠨ ᠠᠷᠠᠰᠤᠨ ᠤ᠋ ᠴᠠᠴᠠᠷ ᠳᠣᠲᠣᠷ᠎ᠠ ᠣᠷᠣᠵᠤ᠂ ᠶᠢᠰᠦᠨ ᠶᠡᠬᠡ ᠰᠢᠵᠢᠷ ᠠᠯᠳᠠᠮᠠᠯ ᠤ᠋ᠨ ᠯᠤᠤ ᠶ᠋ᠢᠨ ᠥᠷᠭᠥᠭᠡ ᠶ᠋ᠢᠨ ᠡᠭᠦᠳᠡᠨ ᠦ᠌ ᠪᠣᠱᠣᠭ ᠤ᠋ᠨ ᠭᠠᠳᠠᠨ᠎ᠠ ᠳᠡᠪᠢᠰᠦᠭᠰᠡᠨ ᠪᠠᠷᠰ ᠤ᠋ᠨ ᠠᠷᠠᠰᠤᠨ ᠳᠡᠭᠡᠷ᠎ᠡ ᠰᠥᠭᠥᠳᠴᠦ᠂ ᠪᠢᠴᠢᠭ ᠢ᠋ ᠢᠨᠦ ᠡᠷᠭᠦᠭᠦᠯᠵᠦ᠂ ᠰᠢᠳᠠᠷ ᠰᠠᠢᠳ ᠳᠡᠭᠡᠳᠦ ᠲᠠᠢᠹᠦ᠋ ᠳ᠋ᠦᠩ ᠶᠦᠨ ᠨᠤᠭᠤᠯᠪᠤᠷᠢ ᠶ᠋ᠢ ᠲᠡᠷᠢᠭᠦᠨ ᠦ᠌ ᠳᠡᠭᠡᠷ᠎ᠡ ᠡᠴᠡ ᠠᠪᠴᠤ ᠳᠣᠲᠣᠭᠰᠢ ᠣᠷᠣᠵᠤ ᠡᠴᠢᠭᠰᠡᠨ ᠳ᠋ᠦ᠍ᠷ ᠲᠤᠷᠪᠢ ᠮᠡᠷᠭᠡᠨ ᠰᠠᠶᠢ ᠲᠣᠯᠣᠭᠠᠢ ᠪᠠᠨ ᠡᠷᠭᠦᠨ ᠳᠣᠲᠣᠭᠰᠢ ᠵᠦᠭ ᠥᠭᠡᠳᠡ ᠬᠠᠨᠳᠤᠨ ᠲᠡᠷᠡ ᠴᠢᠩᠭᠢᠰ ᠬᠠᠭᠠᠨ ᠢ᠋ ᠨᠢᠭᠡᠨᠲᠡ ᠬᠠᠷᠠᠵᠤ ᠦᠵᠡᠭᠡᠳ᠂ ᠡᠯᠢᠭᠡ ᠰᠥᠰᠥ ᠬᠡᠮᠬᠡ ᠡᠴᠢᠵᠦ᠂ ᠪᠦᠬᠦᠯᠢ ᠪᠡᠶ᠎ᠡ ᠪᠠᠯᠪᠠ ᠡᠴᠢᠲᠡᠯ᠎ᠡ ᠠᠶᠤᠨ ᠴᠡᠴᠡᠷᠡᠵᠦ᠂ ᠶᠠᠰᠤ ᠬᠥᠰᠦ ᠮᠠᠨᠠᠷᠠᠨ ᠤᠮᠳᠠᠷᠠᠵᠤ᠂ ᠳᠥᠷᠪᠡᠨ ᠮᠥᠴᠡ ᠪᠡᠷ ᠬᠦᠰᠡᠷ᠎ᠡ ᠮᠥᠯᠬᠥᠨ ᠲᠣᠯᠣᠭᠠᠢ ᠪᠠᠨ ᠨᠢᠭᠡᠨᠲᠡ ᠭᠣᠳᠣᠢᠵᠤ ᠭᠠᠵᠠᠷ ᠲᠤᠷ ᠲᠤᠯᠵᠤ ᠨᠢᠭᠡᠮᠦᠰᠦᠨ ᠳᠡᠭᠡᠭᠰᠢ ᠬᠠᠨᠳᠤᠬᠤ ᠦᠭᠡᠢ ᠪᠣᠯᠪᠠ᠃ ᠡᠭᠦᠨ ᠳ᠋ᠦ᠍ᠷ ᠪᠣᠳᠣᠷᠣᠣᠯ ᠤᠩᠰᠢᠭᠴᠢ ᠰᠠᠢᠳ᠂ ᠳ᠋ᠦᠩ ᠶᠦᠨ ᠶᠡᠬᠡ ᠳᠠᠭᠤᠨ ᠢ᠋ᠶ᠋ᠠᠷ ᠤᠩᠰᠢᠷᠤᠨ᠂ ᠳᠡᠭᠦᠨᠦ ᠦᠭᠡ :
《ᠸᠠᠢᠯᠠᠨ ᠠᠢᠮᠠᠭ ᠤ᠋ᠨ ᠪᠦᠯᠦᠭ ᠦ᠋ᠨ ᠳᠠᠷᠤᠭ᠎ᠠ ᠰᠠᠢᠳ ᠬᠤᠪᠢᠲᠤ ᠬᠤᠸᠠ ᠴᠧᠨ ᠵᠦᠩ᠂ ᠣᠯᠠᠨ ᠪᠦᠬᠦᠨ ᠢ᠋ᠶ᠋ᠡᠷ ᠠᠪᠴᠤ ᠲᠡᠭᠷᠢᠯᠢᠭ ᠡᠵᠡᠨ ᠴᠢᠩᠭᠢᠰ ᠬᠠᠭᠠᠨ ᠤ᠋ ᠲᠡᠭᠷᠢ ᠶ᠋ᠢᠨ ᠬᠠᠭᠠᠯᠭᠠᠨ ᠤ᠋ ᠮᠣᠷᠢᠨ ᠲᠣᠭᠣᠰᠤᠨᠠ ᠵᠦᠭᠴᠢᠯᠡᠨ ᠰᠥᠭᠥᠳᠴᠦ᠂ ᠦᠨᠡᠨ ᠰᠠᠨᠠᠭᠠᠨ ᠢ᠋ᠶ᠋ᠠᠨ ᠠᠢᠯᠠᠳᠬᠠᠷᠤᠨ᠄ ᠵᠠᠶᠠᠭ᠎ᠠ ᠮᠠᠭᠤ ᠤᠯᠠᠷᠢᠯ ᠣᠷᠣᠢ᠂ ᠰᠢᠷᠠᠯᠵᠢ ᠰᠤᠢᠬᠠ ᠶ᠋ᠢᠨ ᠵᠡᠷᠯᠢᠭ ᠬᠡᠭᠡᠷ᠎ᠡ ᠶ᠋ᠢᠨ ᠠᠢᠮᠠᠭ ᠪᠦᠯᠦᠭ᠂ ᠲᠡᠭᠷᠢ ᠶ᠋ᠢᠨ ᠰᠦᠷ ᠢ᠋ ᠬᠡᠳᠦᠢᠨ ᠰᠣᠨᠣᠰᠴᠤ ᠪᠠᠢᠭᠠᠳ ᠠᠶᠤᠩᠭ᠎ᠠ ᠶ᠋ᠢᠨ ᠰᠦᠷ᠂ ᠴᠠᠬᠢᠯᠭᠠᠨ ᠤ᠋ ᠵᠠᠰᠠᠭ ᠠ᠋ᠴᠠ ᠠᠶᠤᠨ ᠴᠡᠴᠡᠷᠡᠬᠦ ᠶ᠋ᠢ ᠮᠡᠳᠡᠭᠰᠡᠨ ᠪᠣᠢ ᠊ᠢ᠎ᠡ᠃ ᠭᠡᠭᠡᠬᠡᠨ ᠨᠠᠷᠠᠨ ᠤ᠋ ᠡᠭᠡᠯᠲᠡ ᠳᠤᠯᠠᠭᠠᠨ ᠤ᠋ ᠢᠪᠡᠭᠡᠯ ᠬᠠᠮᠠᠭᠠᠯᠠᠯ ᠢ᠋ ᠡᠷᠳᠡᠰᠡ ᠡᠷᠢᠨ ᠡᠴᠢᠬᠦ ᠶ᠋ᠢ ᠣᠰᠣᠯᠳᠠᠨ ᠠᠯᠳᠠᠵᠤ ᠮᠤᠩᠬᠠᠭᠳᠠᠨ ᠣᠪᠯᠠᠭᠰᠠᠨ ᠶᠠᠯ᠎ᠠ ᠪᠠᠨ ᠢᠯᠡᠳᠲᠡ ᠬᠦᠯᠢᠶᠡᠨ᠂ ᠭᠠᠷ ᠢ᠋ᠶ᠋ᠠᠨ ᠬᠦᠯᠢᠵᠦ ᠡᠪᠦᠳᠦᠭ ᠢ᠋ᠶ᠋ᠡᠷ ᠮᠥᠯᠬᠥᠨ ᠳᠠᠭᠠᠬᠤ ᠠᠨᠤ᠂ ᠡᠳᠦᠭᠡ ᠰᠣᠨᠣᠰᠬᠤᠯ᠎ᠠ ᠲᠡᠭᠷᠢ ᠶ᠋ᠢᠨ ᠬᠥᠪᠡᠭᠦᠨ ᠤ ᠬᠠᠰ ᠬᠦᠯᠦᠭ ᠦ᠋ᠨ ᠮᠥᠷ ᠢᠯᠳᠠᠰᠢ ᠮᠥᠷᠡᠨ᠎ᠡ ᠵᠠᠯᠠᠷᠠᠬᠤᠶᠠ᠂ ᠪᠤᠵᠠᠷ ᠵᠦᠯᠭᠡᠲᠦ ᠰᠠᠢᠳ ᠤ᠋ᠨ ᠠᠢᠮᠠᠭ ᠢ᠋ᠶ᠋ᠠᠷ ᠳᠠᠭᠠᠷᠢᠨ ᠵᠠᠮᠨᠠᠵᠤ ᠥᠩᠭᠡᠷᠡᠨ ᠬᠥᠳᠡᠭᠡᠰᠡᠮᠦᠢ ᠬᠡᠮᠡᠬᠦ ᠶ᠋ᠢᠨ ᠵᠠᠷᠯᠠᠯ ᠢ᠋ ᠰᠣᠨᠣᠰᠬᠤᠢ ᠶ᠋ᠢᠨ ᠥᠷᠯᠥᠭᠡ᠂ ᠠᠯᠲᠠᠨ ᠥᠩᠭᠡᠲᠦ ᠭᠠᠯ ᠯᠤᠤ ᠨᠠᠷᠠᠨ ᠠ᠋ᠴᠠ ᠪᠠᠭᠤᠨ ᠢᠷᠡᠵᠦ ᠤᠮᠠᠷ᠎ᠠ ᠣᠭᠲᠠᠷᠭᠤᠢ ᠶ᠋ᠢᠨ ᠬᠠᠷ᠎ᠠ ᠠᠭᠤᠷ ᠤ᠋ᠨ ᠵᠠᠭᠠᠨ ᠤ᠋ ᠴᠢᠨᠡᠭᠡᠨ ᠶᠡᠬᠡ ᠬᠠᠰ ᠲᠠᠤᠯᠠᠢ ᠶ᠋ᠢ ᠠᠳᠬᠤᠨ ᠠᠪᠴᠤ ᠡᠴᠢᠪᠡ ᠭᠡᠮᠡᠨ ᠵᠡᠭᠦᠳᠦᠯᠡᠭᠡᠳ᠂ ᠣᠳᠣ ᠡᠰᠡ ᠰᠡᠩᠬᠡᠷᠡᠨ ᠮᠡᠳᠡᠵᠦ᠂ ᠣᠷᠣᠵᠤ ᠡᠰᠡ ᠮᠥᠷᠭᠥᠨ ᠳᠠᠭᠠᠪᠠᠰᠤ᠂ ᠲᠠᠤᠯᠠᠢ ᠯᠤᠭ᠎ᠠ ᠲᠠᠭᠠᠴᠠᠯ ᠪᠣᠯᠤᠨ᠂ ᠲᠠᠯ᠎ᠠ ᠶ᠋ᠢᠨ ᠠᠪᠠ ᠶ᠋ᠢᠨ ᠬᠠᠮᠵᠢᠯ ᠳ᠋ᠤᠷ ᠣᠷᠣᠵᠤ᠂ ᠲᠠᠯᠬ᠎ᠠ ᠪᠠᠨ ᠭᠠᠷᠲᠠᠯ᠎ᠠ ᠲᠠᠰᠤᠷᠠᠨ ᠲᠠᠮᠲᠤᠭᠯᠠᠭᠳᠠᠬᠤ ᠵᠣᠪᠠᠯᠠᠩ ᠳ᠋ᠤᠷ ᠨᠡᠷᠪᠡᠭᠳᠡᠬᠦ ᠶ᠋ᠢ ᠲᠠᠳᠠᠭᠠᠯᠵᠠᠯᠠᠯ ᠦᠭᠡᠢ ᠨᠡᠢᠲᠡ ᠪᠡᠷ ᠵᠥᠪᠳᠡᠵᠦ᠂ ᠲᠠᠰᠢᠭᠤᠷ ᠡᠷᠭᠦᠨ ᠳᠥᠷᠥᠭᠡ ᠳᠠᠷᠤᠨ ᠳᠠᠭᠠᠵᠤ᠂ ᠲᠠᠯᠠᠭᠳᠠᠨ ᠳᠠᠢᠯᠠᠬᠤ ᠳᠠᠢᠰᠤᠨ ᠢ ᠳᠠᠷᠤᠬᠤᠢ ᠶ᠋ᠢᠨ ᠬᠣᠰᠢᠭᠤᠴᠢ ᠪᠣᠯᠤᠨ ᠦᠬᠦᠨ ᠵᠢᠳᠬᠦᠬᠦ ᠶ᠋ᠢ ᠦᠨᠡᠮᠴᠢᠯᠡᠨ ᠭᠤᠶᠤᠵᠤ ᠪᠣᠳᠣᠷᠣᠣᠯ ᠠᠢᠯᠠᠳᠬᠠᠪᠠᠢ᠃ ᠠᠯᠲᠠᠨ ᠥᠩᠭᠡᠲᠦ ᠲᠡᠭᠷᠢᠯᠢᠭ ᠡᠵᠡᠨ ᠮᠢᠨᠦ᠂ ᠮᠣᠷᠢᠨ ᠲᠣᠭᠣᠰᠤᠨᠠ ᠰᠡᠵᠢᠭᠯᠡᠯ ᠦᠭᠡᠢ ᠪᠡᠷ ᠬᠤᠷᠢᠶᠠᠮᠵᠢᠯᠠᠨ ᠳᠠᠭᠠᠭᠤᠯᠤᠮᠤ 》ᠬᠡᠮᠡᠵᠦᠬᠦᠢ᠃ ᠲᠠᠢᠽᠦ ᠴᠢᠩᠭᠢᠰ ᠬᠠᠭᠠᠨ ᠢ᠋ᠶ᠋ᠠᠷ ᠲᠠᠭᠠᠮᠵᠢᠯᠠᠨ ᠪᠡᠶᠡᠰᠴᠦ ᠵᠠᠷᠯᠢᠭ ᠪᠣᠯᠤᠷᠤᠨ:
《ᠸᠠᠢᠯᠠᠨ ᠠᠢᠮᠠᠭ ᠲᠤᠷ ᠡᠷᠳᠡᠮᠲᠡᠨ ᠠᠬᠤ ᠠᠵᠤᠭᠤ᠃ ᠶᠠᠭᠤᠲᠠᠢ ᠰᠠᠢᠬᠠᠨ ᠲᠣᠪᠴᠢᠲᠤ ᠪᠣᠳᠣᠷᠣᠣᠯ ᠠᠵᠠᠢ᠃ ᠮᠢᠨᠦ ᠪᠢᠴᠢᠭ ᠦ᠋ᠨ ᠰᠠᠢᠳ ᠤ᠋ᠳ ᠰᠣᠷᠣᠯᠲᠠᠢ ᠮᠥᠷᠳᠡᠯᠲᠡᠢ 》ᠬᠡᠮᠡᠵᠦ᠂ ᠸᠠᠢᠯᠠᠨ ᠤ᠋ ᠡᠯᠴᠢ ᠲᠤᠷᠪᠢ ᠶ᠋ᠢᠨ ᠵᠦᠭ ᠵᠠᠷᠯᠢᠭ ᠪᠣᠯᠤᠷᠤᠨ:
《ᠡᠷᠳᠡᠮᠲᠦ ᠰᠠᠢᠳ ᠲᠤᠷ ᠡᠵᠡᠨ ᠡᠷᠬᠢᠮ᠂ ᠡᠵᠡᠨ ᠰᠠᠢᠲᠤ ᠶ᠋ᠢᠨ ᠤᠯᠤᠰ ᠡᠩᠬᠡ ᠬᠡᠮᠡᠭᠴᠢ ᠡᠨᠡ ᠪᠣᠯᠠᠢ᠃ ᠡᠶ᠎ᠡ ᠨᠢᠭᠡᠳᠴᠦ ᠡᠩᠭᠡᠷ ᠢ᠋ ᠠᠮᠤᠭᠤᠯᠤᠨ᠂ ᠡᠷᠬᠡ ᠬᠠᠮᠲᠤᠲᠠᠨ ᠤᠯᠤᠰ ᠢ᠋ ᠵᠠᠰᠠᠬᠤᠢ ᠳ᠋ᠤᠷ ᠡᠷᠳᠡᠮ ᠭᠠᠪᠢᠶ᠎ᠠ ᠪᠠᠷᠠᠰᠢ ᠦᠭᠡᠢ᠂ ᠡᠭᠦᠳᠡ ᠪᠦᠷᠢ ᠶ᠋ᠢᠨ ᠡᠩᠬᠡᠵᠢᠯ ᠪᠣᠯᠠᠢ᠃ ᠡᠷᠳᠡᠮᠲᠦ ᠡᠯᠴᠢ ᠶ᠋ᠢ ᠲᠡᠳᠬᠦᠨ ᠪᠣᠰᠬ᠎ᠠ》ᠬᠡᠮᠡᠭᠰᠡᠨ ᠳ᠋ᠦ᠍ᠷ ᠶᠡᠬᠡ ᠬᠣᠰᠢᠭᠤᠴᠢ ᠪᠣᠯᠢᠬᠲᠤ ᠪᠠᠷᠰ᠂ ᠲᠤᠷᠪᠢ ᠮᠡᠷᠭᠡᠨ ᠦ᠌ ᠬᠤᠪᠴᠠᠳ ᠢ᠋ ᠲᠡᠳᠡᠨ ᠬᠡᠰᠢᠭ ᠲᠣᠷ ᠮᠥᠷᠭᠥᠵᠦ ᠪᠣᠰ ᠬᠡᠮᠡᠪᠡᠰᠦ᠂ ᠲᠦᠷᠪᠢ ᠬᠠᠷᠢᠨ ᠲᠣᠩᠭᠣᠢᠨ ᠰᠥᠭᠥᠳᠴᠦ ᠨᠢᠭᠡᠮᠦᠰᠦᠨ ᠬᠥᠳᠡᠯᠬᠦ ᠦᠭᠡᠢ ᠳ᠋ᠦ᠍ᠷ ᠴᠢᠩᠭᠢᠰ ᠬᠠᠭᠠᠨ ᠵᠠᠷᠯᠢᠭ ᠪᠣᠯᠤᠷᠤᠨ:
《ᠴᠢᠩ ᠦᠨᠡᠨ ᠰᠠᠨᠠᠭᠠᠨ ᠤ᠋ ᠦᠭᠡᠰ ᠢ᠋ᠶ᠋ᠡᠨ ᠬᠡᠯᠡᠰᠦᠭᠡᠢ ᠬᠡᠮᠡᠪᠡᠰᠦ ᠬᠡᠯᠡᠲᠦᠭᠡᠢ᠂ ᠭᠠᠢ ᠦᠭᠡᠢ ᠪᠣᠰᠴᠤ ᠵᠣᠭᠰᠣᠭᠠᠳ ᠪᠦᠷᠢᠳᠲᠡᠯᠡ ᠠᠢᠯᠠᠳᠬᠠᠲᠤᠭᠠᠢ》ᠬᠡᠮᠡᠪᠡᠰᠦ᠂ ᠲᠤᠷᠪᠢ ᠰᠠᠢᠳ ᠲᠣᠩᠭᠣᠰ ᠲᠣᠩᠭᠣᠰ ᠮᠥᠷᠭᠥᠯᠬᠢᠯᠡᠨ ᠠᠢᠯᠠᠳᠬᠠᠷᠤᠨ:
《ᠭᠤᠲᠤᠮᠰᠢᠭ ᠪᠣᠭᠣᠯ ᠲᠤᠷᠪᠢ ᠴᠢᠨᠦ ᠲᠥᠷᠥᠭᠰᠡᠭᠡᠷ ᠭᠤᠷᠪᠠᠨ ᠨᠢᠳᠦᠲᠦ ᠬᠠᠭᠠᠨ ᠡᠵᠡᠨ ᠢ᠋ ᠦᠵᠡᠭᠡᠳᠦᠢ᠂ ᠭᠣᠣᠯ ᠵᠢᠷᠦᠬᠡ ᠡᠴᠡ ᠠᠶᠤᠨ ᠴᠡᠴᠡᠷᠡᠬᠦᠢ ᠶ᠋ᠢᠨ ᠲᠤᠯᠠᠳᠠ ᠭᠤᠳᠤᠢᠭᠰᠠᠨ ᠲᠣᠯᠣᠭᠠᠢ ᠪᠠᠨ ᠡᠷᠭᠦᠵᠦ ᠦᠯᠦ ᠴᠢᠳᠠᠮᠤᠢ 》ᠬᠡᠮᠡᠬᠦᠢ ᠳ᠋ᠦ᠍ᠷ ᠬᠠᠭᠠᠨ ᠡᠵᠡᠨ ᠮᠦᠰᠢᠶᠡᠵᠦ ᠵᠠᠷᠯᠢᠭ ᠪᠣᠯᠤᠷᠤᠨ :
《ᠮᠡᠷᠭᠡᠨ ᠰᠠᠢᠳ ᠳᠡᠭᠡᠭᠰᠢ ᠪᠣᠰᠴᠤ ᠦᠵᠡ᠃ ᠮᠡᠬᠦᠰ ᠬᠥᠮᠦᠨᠠ ᠶᠠᠭᠠᠬᠢᠭᠰᠠᠨ ᠭᠤᠷᠪᠠᠨ ᠨᠢᠳᠦ ᠪᠣᠢ ? 》ᠬᠡᠮᠡᠭᠰᠡᠨ ᠳ᠋ᠦ᠍ᠷ ᠪᠣᠯᠢᠭ᠍ᠲᠤ ᠪᠠᠷᠰ᠂ ᠲᠡᠭᠦᠨ ᠢ ᠵᠠᠷᠯᠢᠭ ᠳᠠᠭ᠎ᠠ ᠭᠡᠮᠡᠨ ᠰᠤᠭᠤᠳᠠᠵᠤ ᠪᠤᠰᠬᠠᠭᠰᠠᠨᠠ ᠲᠤᠷᠪᠢ ᠳᠠᠬᠢᠨ ᠨᠢᠭᠡᠨᠲᠡ ᠬᠠᠷᠠᠵᠤ ᠦᠵᠡᠭᠡᠳ᠂ ᠲᠣᠪ ᠲᠣᠳᠣᠷᠬᠠᠢ ᠭᠤᠷᠪᠠᠨ ᠨᠢᠳᠦ ᠲᠡᠢ ᠶ᠋ᠢ ᠯᠠᠪᠳᠠ ᠦᠵᠡᠭᠡᠳ᠂ ᠲᠣᠩᠭᠣᠢᠨ ᠤᠨᠠᠵᠤ᠂ ᠮᠥᠯᠬᠥᠨ ᠰᠥᠭᠥᠳᠴᠦ᠂ ᠲᠦᠰ ᠲᠦᠰᠬᠢᠲᠡᠯ᠎ᠡ ᠮᠥᠷᠭᠥᠵᠦ ᠠᠢᠯᠠᠳᠬᠠᠷᠤᠨ:
《ᠲᠣᠪ ᠲᠣᠳᠣᠷᠬᠠᠢ ᠭᠤᠷᠪᠠᠨ ᠭᠡᠭᠡᠬᠡᠨ ᠨᠢᠳᠦ ᠪᠣᠢ᠂ ᠲᠤᠷᠪᠢ ᠪᠣᠭᠣᠯ ᠤᠭ ᠠ᠋ᠴᠠ ᠪᠡᠯᠡᠩᠴᠢ ᠦᠭᠡᠢ ᠪᠥᠯᠥᠭᠡ᠃ ᠳᠣᠲᠣᠷ᠎ᠠ ᠦᠨᠡᠬᠡᠷ ᠦᠬᠦᠬᠦᠢ ᠪᠡᠷ ᠠᠶᠤᠬᠤ ᠪᠣᠯᠪᠠᠴᠤ᠂ ᠲᠤᠰᠬᠠᠢ ᠶᠠᠯ᠎ᠠ ᠪᠠᠨ ᠲᠣᠭᠠᠴᠢᠨ ᠠᠢᠯᠠᠳᠬᠠᠵᠤ ᠠᠮᠠᠷᠠᠶ᠎ᠠ᠃ ᠪᠣᠭᠣᠯ ᠤ᠋ᠨ ᠡᠵᠡᠨ᠎ᠡ ᠪᠣᠳᠠᠲᠠᠢ ᠶᠠᠯ᠎ᠠ ᠪᠣᠢ᠃ ᠪᠣᠯᠣᠢ ᠳᠠᠢᠶᠠᠩ ᠤ᠋ᠨ ᠨᠡᠢ᠍ᠮᠡᠨᠡ ᠡᠴᠢᠭᠰᠡᠨ ᠪᠥᠯᠥᠭᠡ᠃ ᠪᠣᠭᠳᠠ ᠡᠵᠡᠨ᠂ ᠪᠤᠷᠤᠭᠤ ᠶᠠᠯ᠎ᠠ ᠶ᠋ᠢ ᠭᠡᠯᠳᠦᠷᠢᠭᠦᠯᠪᠡᠰᠦ ᠪᠣᠭᠣᠯ ᠪᠢ ᠠᠶᠤᠵᠤ ᠦᠬᠦᠪᠡᠴᠦ ᠪᠣᠯᠤᠯᠲᠠᠢ》ᠬᠡᠮᠡᠭᠰᠡᠨ᠎ᠡ ᠦᠨᠡᠨ ᠡᠵᠡᠨ ᠥᠴᠦᠬᠡᠨ ᠮᠦᠰᠢᠶᠡᠵᠦ ᠵᠠᠷᠯᠢᠭ ᠪᠣᠯᠤᠷᠤᠨ:
《 ᠥᠩᠭᠡᠷᠡᠭᠰᠡᠨ ᠡᠳᠦᠷ ᠦ᠋ᠨ ᠦᠯᠡᠮᠵᠢ ᠳ᠋ᠠᠬᠢᠨ ᠤ᠋ ᠰᠠᠮᠠᠭᠤᠨᠠ᠂ ᠥᠪᠡᠷ ᠥᠪᠡᠷᠦᠨ ᠦᠢᠯᠡᠰ ᠶᠠᠪᠤᠳᠠᠯ ᠤ᠋ᠨ ᠦᠢᠯᠡ ᠶ᠋ᠢ ᠥᠪᠡᠷ ᠢ᠋ᠶ᠋ᠡᠨ ᠳᠠᠭᠠᠷ᠎ᠠ ᠢᠷᠡᠭᠰᠡᠨ᠎ᠡ ᠳᠤᠷᠠᠳᠬᠤ ᠶᠣᠰᠣ ᠪᠠᠢᠳᠠᠭ ᠦᠭᠡᠢ᠂ ᠦᠯᠡᠮᠵᠢ ᠶᠡᠬᠡ ᠱᠠᠩ ᠡᠷᠭᠦᠮᠵᠢᠯᠡᠯ ᠪᠠᠢᠬᠤ ᠪᠣᠢ ᠢ᠋᠎ᠠ᠃ ᠥᠴᠦᠬᠡᠨ ᠲᠡᠳᠦᠢ ᠭᠡᠮ ᠰᠤᠨᠵᠢᠭᠤᠷᠢ ᠦᠭᠡᠢ ᠪᠣᠯᠠᠢ! 》 ᠬᠡᠮᠡᠪᠡ᠃ ᠲᠤᠷᠪᠢ ᠮᠡᠷᠭᠡᠨ ᠲᠣᠩᠭᠣᠰ ᠲᠣᠩᠭᠣᠰ ᠮᠥᠷᠭᠥᠵᠦ :
《ᠭᠤᠷᠪᠠᠨ ᠨᠢᠳᠦᠲᠦ ᠭᠤᠴᠢᠨ ᠭᠤᠷᠪᠠᠨ ᠲᠡᠭᠷᠢ ᠡᠵᠡᠨ ᠦ᠌ ᠭᠣᠣᠯ ᠦᠨᠡᠨ ᠦᠭᠡᠰ ᠦ᠋ᠨ ᠰᠣᠶᠣᠷᠬᠠᠯ ᠪᠠᠭᠤᠪᠠ᠃ ᠭᠤᠶᠤᠳᠠᠯ ᠪᠦᠬᠦᠨ ᠢ᠋ ᠴᠥᠮ ᠵᠥᠪᠰᠢᠶᠡᠨ ᠲᠣᠭᠲᠠᠭᠠᠭᠰᠠᠨ ᠲᠤᠯᠠ᠂ ᠲᠤᠷᠪᠢ ᠪᠣᠭᠣᠯ ᠤ᠋ᠨ ᠲᠣᠯᠣᠭᠠᠢ ᠪᠠᠨ ᠠᠪᠲᠠᠪᠠᠴᠤ ᠲᠤᠰ ᠬᠡᠷᠡᠭ ᠪᠦᠲᠦᠵᠦ ᠪᠣᠯᠤᠭᠰᠠᠨ᠎ᠠ ᠵᠠᠯᠪᠠᠷᠢᠨ ᠰᠦᠰᠦᠭᠯᠡᠮᠦᠢ》ᠭᠡᠮᠡᠨ ᠲᠣᠩᠭᠣᠢᠵᠤ ᠶᠢᠰᠦᠨ ᠵᠡᠷᠭᠡ ᠮᠥᠷᠭᠥᠵᠦ ᠪᠥᠬᠥᠢᠭᠰᠡᠭᠡᠷ ᠤᠬᠤᠷᠢᠨ ᠭᠠᠷᠴᠤ ᠢᠷᠡᠭᠡᠳ᠂ ᠲᠤᠰ ᠬᠣᠰᠢᠭᠤᠴᠢ ᠪᠣᠯᠢᠭᠲᠤ ᠪᠠᠷᠰ ᠢ᠋ ᠪᠤᠷᠤᠭᠤᠰᠢᠶᠠᠨ ᠥᠭᠦᠯᠡᠷᠦᠨ᠄
《ᠪᠣᠭᠳᠠ ᠡᠵᠡᠨ ᠪᠣᠳᠠᠲᠠᠶ᠎ᠠ ᠭᠤᠷᠪᠠᠨ ᠨᠢᠳᠦ ᠲᠡᠢ ᠶ᠋ᠢ ᠲᠠ ᠶᠠᠭᠤᠨᠲᠤ ᠬᠣᠶᠠᠷ ᠨᠢᠳᠦ ᠲᠡᠢ ᠭᠡᠮᠡᠨ ᠨᠠᠳᠠ ᠠ᠋ᠴᠠ ᠨᠢᠭᠤᠵᠤ ᠨᠠᠮᠠᠶ᠋ᠢ ᠠᠷᠠᠢ ᠡᠰᠡ ᠠᠶᠤᠯᠭᠠᠨ ᠦᠬᠦᠭᠦᠯᠪᠡ 》ᠬᠡᠮᠡᠪᠡᠢ᠃ ᠡᠭᠦᠨ ᠳ᠋ᠦ᠍ᠷ ᠲᠤᠬᠠᠢ ᠦᠶᠡᠰ ᠦ᠋ᠨ ᠲᠣᠭᠲᠤᠩᠭᠤ᠂ ᠰᠦᠪᠡᠬᠡᠲᠡᠢ ᠪᠠᠭᠠᠲᠤᠷ ᠤ᠋ᠳ ᠠ᠋ᠴᠠ ᠡᠬᠢᠯᠡᠨ᠂ ᠲᠣᠬᠣᠢ ᠤᠷᠲᠤ ᠰᠠᠬᠠᠯᠲᠤ ᠲᠤᠷᠪᠢ ᠮᠡᠷᠭᠡᠨ ᠲᠣᠩᠭᠣᠢᠨ ᠰᠥᠭᠥᠳᠦᠭᠰᠡᠭᠡᠷ ᠲᠣᠯᠣᠭᠠᠢ ᠡᠷᠭᠢᠨ ᠲᠣᠮᠣᠭ᠎ᠠ ᠠᠯᠳᠠᠷᠠᠨ᠂ ᠲᠣᠳᠣᠷᠬᠠᠶ᠎ᠠ ᠡᠵᠡᠨ ᠢ᠋ ᠭᠤᠷᠪᠠᠨ ᠨᠢᠳᠦ ᠲᠡᠢ ᠪᠣᠯᠭᠠᠨ ᠦᠵᠡᠪᠡ ᠭᠡᠮᠡᠨ ᠢᠨᠢᠶᠡᠯᠴᠡᠵᠦ᠂ ᠲᠤᠰ ᠬᠥᠪᠡᠭᠦᠨ ᠲᠠᠮᠠᠭ᠎ᠠ ᠴᠤ᠌ ᠮᠡᠬᠡᠢᠷᠡᠨ᠄
《ᠮᠢᠨᠦ ᠡᠴᠢᠭᠡ ᠡᠨᠡ ᠵᠢᠯ ᠵᠢᠷᠠᠨ ᠵᠢᠷᠭᠤᠭᠠᠨ ᠨᠠᠰᠤᠯᠠᠵᠤ᠂ ᠵᠢᠮᠡᠯᠡᠯ ᠰᠤᠨᠵᠢᠭᠤᠷᠢ ᠶ᠋ᠢ ᠰᠡᠳᠦᠭᠰᠡᠨ ᠡᠴᠡ ᠪᠣᠯᠪᠠ》 ᠭᠡᠮᠡᠨ ᠵᠠᠰᠠᠯᠬᠢᠯᠠᠨ ᠬᠡᠯᠡᠵᠦ ᠥᠩᠭᠡᠷᠡᠭᠡᠪᠡ᠃ ᠵᠢᠴᠢ ᠥᠷᠯᠥᠭᠡ ᠬᠠᠭᠠᠨ ᠡᠵᠡᠨ ᠳᠠᠬᠢᠨ ᠳᠠᠭᠤᠳᠠᠨ ᠪᠠᠷᠠᠭᠠᠯᠠᠭᠤᠯᠵᠤ᠂ ᠮᠥᠷᠭᠥᠵᠦ ᠪᠠᠷᠠᠮᠠᠭᠴᠠ ᠲᠤᠷᠪᠢ ᠶ᠋ᠢ ᠬᠣᠶᠠᠷ ᠬᠥᠮᠦᠨ ᠢ᠋ᠶ᠋ᠡᠷ ᠲᠦᠰᠢᠭᠦᠯᠦᠨ ᠪᠤᠰᠬᠠᠵᠤ ᠵᠣᠭᠰᠣᠭᠠᠭᠠᠳ ᠲᠡᠭᠦᠨ ᠦ᠌ ᠨᠢᠳᠦ ᠶ᠋ᠢ ᠯᠠᠪᠯᠠᠨ ᠦᠵᠡᠪᠡᠰᠦ ᠬᠡᠪ ᠭᠡᠭᠡᠬᠡᠨ ᠨᠢᠳᠦ ᠲᠤᠯᠠ ᠵᠠᠷᠯᠢᠭ ᠪᠣᠯᠤᠷᠤᠨ᠄
《ᠬᠥᠭᠡᠷᠦᠬᠦᠢ ᠬᠥᠭᠰᠢᠨ ᠡᠯᠴᠢ ᠶ᠋ᠢ ᠥᠴᠥᠭᠡᠳᠦᠷ ᠲᠣᠯᠣᠭᠠᠢ ᠪᠥᠬᠥᠢᠵᠦ ᠬᠦᠨᠳᠡᠷᠦᠭᠰᠡᠭᠡᠷ ᠨᠢᠳᠦ ᠴᠢᠨᠦ ᠴᠢᠯᠡᠵᠦ ᠪᠦᠷᠭᠦᠯᠵᠡᠪᠡ᠃ ᠡᠨᠡ ᠡᠳᠦᠷ ᠪᠢᠲᠡᠭᠡᠢ ᠪᠥᠬᠥᠢᠭᠲᠦᠨ 》ᠬᠡᠮᠡᠪᠡᠰᠦ ᠲᠤᠷᠪᠢ ᠮᠡᠷᠭᠡᠨ ᠵᠠᠷᠯᠢᠭ ᠢ᠋ ᠳᠠᠭᠠᠨ ᠬᠠᠭᠠᠨ ᠤ᠋ ᠴᠢᠷᠠᠢ ᠶ᠋ᠢ ᠭᠤᠷᠪᠠᠨ ᠵᠡᠷᠭᠡ ᠬᠠᠷᠠᠵᠤ ᠦᠵᠡᠭᠡᠳ ᠡᠭᠡᠨᠡᠭᠲᠡ ᠴᠢᠬᠡ ᠡᠰᠡᠷᠭᠦ ᠲᠤᠯᠵᠤ ᠪᠠᠷᠠᠭᠠᠳᠠᠨ ᠴᠢᠳᠠᠬᠤ ᠦᠭᠡᠢ ᠮᠥᠨ ᠬᠦ᠌ ᠲᠡᠷᠢᠭᠦᠨ ᠳᠠᠷᠤᠵᠤ ᠠᠢᠯᠠᠳᠬᠠᠷᠤᠨ :
《ᠪᠣᠭᠣᠯ ᠤ᠋ᠨ ᠨᠢᠳᠦ ᠣᠭᠲᠣ ᠪᠠᠯᠠᠷᠠᠭᠰᠠᠨ ᠦᠭᠡᠢ᠂ ᠪᠣᠭᠣᠯ ᠲᠤᠷᠪᠢ ᠶ᠋ᠢᠨ ᠡᠭᠡᠯ ᠥᠲᠡᠯ᠎ᠡ ᠬᠣᠶᠠᠷᠬᠠᠨ ᠮᠢᠬᠠᠨ ᠨᠢᠳᠦ ᠬᠢᠷᠬᠢᠪᠡᠴᠦ ᠭᠡᠮᠡᠨ ᠪᠣᠭᠳᠠ ᠡᠵᠡᠨ ᠦ᠌ ᠬᠤᠪᠢᠯᠭᠠᠨ ᠭᠤᠷᠪᠠᠨ ᠨᠢᠳᠦ ᠶ᠋ᠢᠨ ᠡᠰᠡᠷᠭᠦ ᠴᠢᠬᠡ ᠬᠠᠨᠳᠤᠨ ᠴᠢᠳᠠᠬᠤ ᠦᠭᠡᠢ 》ᠬᠡᠮᠡᠪᠡᠢ᠃
ᠲᠡᠳᠦᠢ ᠬᠠᠭᠠᠨ ᠡᠵᠡᠨ ᠮᠦᠰᠢᠶᠡᠵᠦ᠂ ᠸᠠᠩ ᠰᠠᠢᠳ ᠤ᠋ᠳ ᠠᠪᠴᠤ ᠬᠤᠷᠢᠮᠯᠠ ᠭᠡᠮᠡᠨ ᠬᠦᠨᠳᠦ ᠱᠠᠩ ᠬᠦᠷᠲᠡᠭᠡᠨ ᠥᠷᠥᠰᠢᠶᠡᠯᠲᠦ ᠪᠠᠲᠤ ᠬᠠᠷᠢᠭᠤ ᠵᠠᠷᠯᠢᠭ ᠪᠢᠴᠢᠭ ᠪᠠᠭᠤᠯᠭᠠᠨ᠂ ᠪᠣᠯᠢᠭᠲᠤ ᠪᠠᠷᠰ ᠡᠭᠡᠵᠦ ᠸᠠᠢᠯᠠᠨ ᠠᠢᠮᠠᠭ ᠤ᠋ᠨ ᠴᠡᠷᠢᠭ ᠦ᠋ᠨ ᠬᠦᠷᠢᠶ᠎ᠡ ᠳ᠋ᠦ᠍ᠷ ᠡᠴᠢᠵᠦ᠂ ᠬᠠᠭᠠᠨ ᠤ᠋ ᠵᠠᠷᠯᠢᠭ ᠢ᠋ ᠳᠠᠭᠤᠳᠠᠨ ᠰᠣᠨᠣᠰᠬᠠᠵᠤ ᠬᠤᠪᠢᠲᠤ ᠬᠤᠸᠠ᠂ ᠴᠸᠨ ᠵᠦᠩ ᠲᠠᠨ ᠵᠠᠭᠤᠨ ᠰᠠᠢᠳ ᠲᠦᠰᠢᠮᠡᠳ ᠲᠡᠢ ᠳᠠᠭᠠᠭᠤᠯᠤᠨ ᠢᠷᠡᠵᠦ ᠮᠥᠷᠭᠥᠭᠦᠯᠬᠦᠢ ᠳ᠋ᠦ᠍ᠷ ᠬᠤᠪᠢᠲᠤ ᠬᠤᠸᠠ ᠡᠵᠡᠨ ᠦ᠌ ᠳᠡᠷᠭᠡᠳᠡ ᠬᠦᠷᠴᠦ᠂ ᠪᠡᠶ᠎ᠡ ᠳ᠋ᠦ᠍ᠷ ᠶᠠᠯᠠᠲᠤ ᠬᠤᠪᠴᠠᠳ ᠡᠮᠦᠰᠦᠨ᠂ ᠭᠠᠷ ᠢ᠋ᠶ᠋ᠠᠨ ᠬᠦᠯᠢᠭᠦᠯᠦᠨ ᠰᠥᠭᠥᠳᠦᠭᠰᠡᠨ ᠳ᠋ᠦ᠍ᠷ ᠬᠠᠭᠠᠨ ᠡᠵᠡᠨ ᠮᠠᠰᠢᠳᠠ ᠡᠨᠡᠷᠢᠨ᠂ ᠥᠪᠡᠷᠦᠨ ᠮᠣᠳᠣᠷ ᠢ᠋ᠶ᠋ᠠᠷ ᠬᠦᠯᠢᠶᠡᠰᠦᠨ ᠢ᠋ ᠲᠠᠢᠯᠤᠨ᠂ ᠥᠪᠡᠷᠦᠨ ᠡᠮᠦᠰᠦᠭᠰᠡᠨ ᠬᠤᠪᠴᠠᠳ ᠢ᠋ ᠱᠠᠩᠨᠠᠨ ᠡᠮᠦᠰᠬᠡᠵᠦ ᠤᠷᠢᠳᠠ ᠶ᠋ᠢᠨ ᠶᠠᠯ᠎ᠠ ᠶ᠋ᠢ ᠦᠷᠡᠨ ᠬᠡᠯᠲᠦᠷᠢᠭᠦᠯᠵᠦ᠂ ᠣᠯᠠᠨ ᠰᠠᠢᠳ ᠤ᠋ᠳ ᠢ᠋ᠶ᠋ᠠᠷ ᠳᠠᠢᠴᠢᠯᠠᠭᠤᠯᠤᠨ ᠬᠤᠷᠢᠮᠯᠠᠭᠤᠯᠵᠤ᠂ ᠪᠠᠢᠨ ᠪᠠᠢᠨ ᠮᠣᠳᠣᠷ ᠢ᠋ᠶ᠋ᠠᠷ ᠠᠷᠢᠬᠢ ᠬᠦᠷᠲᠡᠭᠡᠨ ᠵᠠᠷᠯᠢᠭ ᠪᠣᠯᠤᠷᠤᠨ᠄
《ᠤᠷᠢᠳᠤ ᠦᠶ᠎ᠡ ᠶ᠋ᠢᠨ ᠣᠯᠠᠨ ᠨᠡᠢᠲᠡ ᠶ᠋ᠢᠨ ᠰᠠᠮᠠᠭᠤᠨᠠ᠂ ᠣᠷᠣᠨ ᠭᠠᠵᠠᠷ ᠤ᠋ᠨ ᠥᠪᠡᠷ ᠥᠪᠡᠷᠦᠨ ᠦᠢᠯᠡ ᠶᠠᠪᠤᠳᠠᠯ ᠪᠣᠢ᠃ ᠣᠳᠣ ᠡᠳᠦᠭᠡ ᠨᠠᠳᠤᠷ ᠲᠤᠰᠠᠯᠠᠨ ᠣᠯᠠᠨ ᠨᠡᠢᠲᠡ ᠶ᠋ᠢ ᠠᠮᠤᠭᠤᠯᠬᠤᠢ ᠳ᠋ᠤᠷ ᠤᠯᠤᠰ ᠲᠥᠷᠥ ᠶ᠋ᠢᠨ ᠬᠠᠤᠯᠢ ᠶᠣᠰᠣ ᠪᠠᠷ ᠶᠠᠪᠤᠪᠠᠰᠤ ᠪᠠᠷᠠᠪᠠ᠃ ᠣᠨᠴᠠ ᠪᠢ ᠭᠠᠭᠴᠠᠭᠠᠷ ᠪᠡᠶ᠎ᠡ ᠪᠡᠨ ᠭᠠᠢᠬᠠᠭᠤᠯᠬᠤ ᠶ᠋ᠢᠨ ᠤᠴᠢᠷ ᠲᠤᠷ ᠪᠤᠰᠤ᠃ ᠣᠯᠠᠨ ᠠᠮᠢᠲᠠᠨ ᠠᠮᠤᠷ ᠠᠮᠢᠳᠤᠷᠠᠯᠴᠠᠬᠤ ᠶ᠋ᠢ ᠡᠷᠢᠭᠰᠡᠨ ᠢᠨᠤ ᠪᠤᠶᠤ 》ᠬᠡᠮᠡᠪᠡ᠃
ᠸᠠᠢᠯᠠᠨ ᠠᠢᠮᠠᠭ ᠤ᠋ᠨ ᠡᠵᠡᠳ ᠲᠦᠰᠢᠮᠡᠳ ᠨᠢᠳᠦᠨ ᠡᠴᠡᠭᠡᠨ ᠨᠢᠯᠪᠤᠰᠤᠨ ᠴᠤᠪᠤᠷᠢᠭᠤᠯᠤᠨ ᠬᠡᠰᠢᠭ ᠲᠣᠷ ᠮᠥᠷᠭᠥᠵᠦ ᠢᠭᠲᠦᠯᠦᠯᠴᠡᠬᠦᠶᠡ ᠳᠣᠭᠲᠤᠩᠭᠤ ᠪᠠᠭᠠᠲᠤᠷ᠂ ᠲᠣᠬᠣᠢ ᠤᠷᠲᠤ ᠰᠠᠬᠠᠯᠲᠤ ᠲᠤᠷᠪᠢ ᠮᠡᠷᠭᠡᠨ ᠦ᠌ ᠤᠭ ᠲᠤᠷ ᠶᠠᠮᠪᠠᠷ ᠰᠤᠷᠭᠠᠯ ᠤ᠋ᠨ ᠬᠥᠮᠦᠨ ᠪᠣᠢ ? ᠶᠠᠭᠤᠨᠳᠣ ᠪᠢᠳᠡᠨ ᠦ᠌ ᠬᠠᠭᠠᠨ ᠢ᠋ ᠳᠠᠬᠢᠨ ᠳᠠᠪᠲᠠᠨ ᠭᠤᠷᠪᠠᠨ ᠨᠢᠳᠦ ᠲᠡᠢ ᠬᠡᠮᠡᠬᠦ ᠤᠴᠢᠷ ᠢ᠋ ᠠᠰᠠᠭᠤᠭᠰᠠᠨ ᠳ᠋ᠤᠷ ᠬᠤᠪᠢᠲᠤ ᠬᠤᠸᠠ ᠥᠴᠢᠷᠦᠨ᠄
《ᠲᠡᠷᠡ ᠤᠭ ᠠ᠋ᠴᠠ ᠤᠢᠭᠤᠷ ᠤᠯᠤᠰ ᠤ᠋ᠨ ᠬᠥᠮᠦᠨ ᠪᠥᠯᠥᠭᠡ᠃ ᠪᠠᠭ᠎ᠠ ᠶ᠋ᠢᠨ ᠴᠠᠭᠳᠠ ᠲᠠᠨ ᠤ᠋ ᠤᠯᠤᠰ ᠤ᠋ᠨ ᠴᠢᠮᠡᠳ ᠠᠢᠮᠠᠭ ᠯᠤᠭ᠎ᠠ ᠤᠷᠤᠭ ᠰᠠᠭᠤᠵᠤ ᠬᠣᠶᠠᠷ ᠬᠥᠪᠡᠭᠦᠨ ᠲᠥᠷᠥᠵᠦ᠂ ᠡᠮ᠎ᠡ ᠦᠬᠦᠭᠰᠡᠨ ᠳ᠋ᠦ᠍ᠷ ᠳᠠᠬᠢᠵᠤ ᠠᠪᠤᠭᠰᠠᠨ ᠦᠭᠡᠢ᠂ ᠡᠩ ᠦ᠋ᠨ ᠡᠳᠦᠷ᠎ᠡ ᠴᠠᠭ ᠴᠠᠭ ᠤ᠋ᠨ ᠰᠠᠯᠬᠢᠨ ᠪᠣᠷᠣᠭᠠᠨ ᠢ᠋ ᠤᠭᠲᠤᠵᠤ ᠮᠡᠳᠡᠬᠦ ᠢᠨᠤ ᠬᠡᠴᠡᠭᠦᠦ᠂ ᠰᠤᠯᠠ ᠠᠬᠤᠢ ᠳ᠋ᠤᠷ ᠦᠭᠡ ᠦᠭᠡᠢ᠂ ᠤᠷᠲᠤᠳᠠ ᠬᠣᠭᠣᠰᠣᠨ ᠠᠭᠠᠷ ᠢ᠋ ᠬᠠᠷᠠᠵᠤ᠂ ᠵᠠᠷᠢᠮ ᠳ᠋ᠤᠷ ᠪᠠᠶᠠᠷ ᠤ᠋ᠨ ᠴᠢᠷᠠᠢ᠂ ᠵᠠᠷᠢᠮ ᠳ᠋ᠤᠷ ᠡᠩ ᠦ᠋ᠨ ᠵᠢᠰᠦ᠃ ᠬᠡᠨ ᠠᠰᠠᠭᠤᠪᠠᠴᠤ ᠲᠡᠷᠢᠭᠦᠨ ᠰᠠᠵᠢᠵᠤ ᠳᠠᠭᠤᠨ ᠦᠭᠡᠢ ᠪᠥᠯᠥᠭᠡ᠃ ᠡᠨᠡ ᠡᠳᠦᠷ ᠦᠨᠡᠨ ᠲᠡᠭᠷᠢ ᠶ᠋ᠢᠨ ᠦᠷ᠎ᠡ ᠶ᠋ᠢ ᠦᠵᠡᠭᠡᠳ᠂ ᠦᠨᠡᠨ ᠢ᠋ᠶ᠋ᠡᠨ ᠰᠠᠶᠢ ᠬᠡᠯᠡᠵᠦ ᠭᠠᠷᠭᠠᠭᠰᠠᠨ ᠪᠣᠢ ᠶᠠ᠃ ᠠᠯᠲᠠᠨ ᠥᠩᠭᠡᠲᠦ ᠬᠠᠭᠠᠨ ᠡᠵᠡᠨ ᠦ᠌ ᠠᠷᠪᠠᠨ ᠵᠦᠢᠯ ᠦ᠋ᠨ ᠲᠡᠭᠷᠢ ᠶ᠋ᠢᠨ ᠲᠤᠰᠠᠯᠠᠯ ᠢ᠋ ᠲᠡᠷᠡ ᠲᠣᠭᠠᠴᠢᠵᠤ ᠳᠠᠭᠠᠨ ᠢᠷᠡᠭᠰᠡᠨ ᠪᠣᠯᠠᠢ᠃ ᠲᠡᠢᠨ ᠬᠦ᠌ ᠣᠯᠠᠨ ᠢ᠋ᠶ᠋ᠠᠷ ᠮᠡᠷᠭᠡᠨ ᠭᠡᠮᠡᠨ ᠳᠠᠭᠤᠳᠠᠯᠴᠠᠵᠤᠬᠤᠢ 》ᠬᠡᠮᠡᠭᠰᠡᠨ ᠳ᠋ᠦ᠍ᠷ ᠬᠠᠭᠠᠨ ᠡᠵᠡᠨ ᠲᠡᠷᠢᠭᠦᠯᠡᠨ᠂ ᠬᠠᠮᠤᠭ ᠲᠥᠷᠥ ᠶ᠋ᠢᠨ ᠰᠠᠢᠳ ᠤ᠋ᠳ ᠪᠦᠭᠦᠳᠡᠭᠡᠷ ᠰᠣᠨᠢᠷᠬᠠᠨ ᠭᠠᠢᠬᠠᠯᠳᠤᠪᠠᠢ᠃ ᠬᠠᠭᠤᠴᠢᠨ 《ᠬᠥᠬᠡ ᠰᠤᠳᠤᠷ 》 ᠲᠤᠷ ᠲᠤᠷᠪᠢ ᠮᠡᠷᠭᠡᠨ ᠦ᠌ ᠴᠢᠩᠭᠢᠰ ᠬᠠᠭᠠᠨ ᠢ᠋ ᠭᠤᠷᠪᠠᠨ ᠨᠢᠳᠦ ᠲᠡᠢ ᠶ᠋ᠢ ᠣᠯᠵᠤ ᠦᠵᠡᠭᠰᠡᠨ ᠢ᠋ ᠬᠡᠳᠦ ᠬᠡᠳᠦᠨ ᠴᠠᠭᠠᠰᠤ ᠮᠠᠰᠢ ᠦᠯᠡᠮᠵᠢ ᠣᠯᠠᠨ ᠰᠢᠭᠦᠮᠵᠢᠯᠡᠯ ᠢ᠋ ᠲᠠᠲᠠᠵᠤ ᠮᠠᠭᠲᠠᠭᠰᠠᠨ ᠦᠭᠡᠰ ᠣᠯᠠᠨ ᠪᠣᠢ ᠪᠥᠯᠥᠭᠡ᠃ ᠤᠯᠤᠰ ᠭᠦᠷᠦᠨ ᠦ᠌ ᠲᠥᠪ ᠰᠤᠳᠤᠷ ᠲᠤᠯᠠ᠂ ᠤᠴᠢᠷ ᠲᠤᠬᠠᠢ ᠳ᠋ᠤᠷ ᠦᠯᠦ ᠬᠤᠰᠤᠯᠳᠤᠬᠤ ᠶ᠋ᠢ ᠣᠯᠠᠨᠲᠠ ᠲᠣᠭᠠᠴᠢᠪᠠᠰᠤ ᠲᠥᠪ ᠰᠤᠳᠤᠷ ᠤ᠋ᠨ ᠭᠡᠷᠡᠴᠢ ᠪᠠᠷᠢᠮᠲᠠᠲᠤ ᠲᠤᠬᠠᠢ ᠤᠴᠢᠷ ᠲᠤᠷ ᠬᠠᠷᠰᠢᠭᠤᠵᠠᠢ ᠭᠡᠮᠡᠨ ᠲᠥᠪᠡᠳ ᠦᠰᠦᠭ ᠡᠴᠡ ᠣᠷᠴᠢᠭᠤᠯᠤᠨ ᠠᠪᠤᠭᠰᠠᠨ 《ᠬᠦᠴᠦᠨ ᠬᠦᠷᠳᠦᠨ ᠢ᠋ ᠣᠴᠢᠭᠤᠯᠤᠭᠴᠢ ᠶᠡᠬᠡ ᠬᠠᠭᠠᠨ ᠴᠢᠩᠭᠢᠰ 》ᠬᠡᠮᠡᠬᠦ ᠰᠣᠳᠣᠷᠡ ᠲᠥᠬᠥᠭᠡ ᠲᠣᠮᠣᠭ᠎ᠠ ᠦᠭᠡᠢ ᠣᠯᠠᠨ ᠡᠷᠭᠦᠯᠬᠢᠯᠡᠨ ᠲᠡᠮᠳᠡᠭᠯᠡᠭᠰᠡᠨ ᠢ᠋ ᠡᠭᠦᠨ᠎ᠡ ᠪᠢᠴᠢᠪᠡᠰᠦ ᠵᠣᠬᠢᠰ ᠦᠭᠡᠢ ᠲᠤᠯᠠ ᠡᠰᠡ ᠭᠠᠷᠭᠠᠪᠠᠢ᠃ ᠪᠣᠭᠳᠠ ᠴᠢᠩᠭᠢᠰ ᠬᠠᠭᠠᠨ ᠢ᠋ ᠭᠤᠷᠪᠠᠨ ᠨᠢᠳᠦᠲᠡᠢ ᠬᠡᠮᠡᠭᠴᠢ ᠦᠭᠡᠰ ᠡᠬᠢᠯᠡᠨ ᠭᠠᠷᠤᠭᠰᠠᠨ ᠠᠨᠤ ᠡᠢᠮᠦ ᠨᠢᠭᠡᠨ ᠰᠢᠯᠲᠠᠭᠠᠨ ᠠ᠋ᠴᠠ ᠪᠤᠶᠤ᠃ ᠡᠳᠦᠭᠡ ᠪᠣᠭᠳᠠ ᠴᠢᠩᠭᠢᠰ ᠬᠠᠭᠠᠨ ᠢ᠋ ᠡᠷᠲᠡᠨ ᠦ᠌ ᠪᠠᠨᠴᠢᠨ ᠡᠷᠳᠡᠨᠢ ᠪᠯᠠᠮ᠎ᠠ ᠴᠢᠩᠭᠢᠰ ᠬᠠᠭᠠᠨ ᠤ᠋ ᠬᠥᠷᠥᠭ ᠳᠦᠷᠰᠦ ᠶ᠋ᠢ ᠴᠠᠭᠠᠨ ᠴᠢᠷᠠᠢ ᠭᠤᠷᠪᠠᠨ ᠨᠢᠳᠦ ᠲᠡᠢ ᠪᠡᠷ ᠬᠥᠷᠥᠭᠯᠡᠨ ᠲᠠᠬᠢᠭᠤᠯᠵᠤᠬᠤᠢ᠃ ᠬᠠᠭᠤᠴᠢᠨ 《ᠬᠥᠬᠡ ᠰᠤᠳᠤᠷ 》 ᠤ᠋ᠨ ᠴᠢᠩᠭᠢᠰ ᠬᠠᠭᠠᠨ ᠤ᠋ ᠭᠤᠷᠪᠠᠨ ᠨᠢᠳᠦ ᠶ᠋ᠢ ᠦᠵᠡᠵᠦ ᠭᠠᠷᠤᠭᠰᠠᠨ ᠸᠠᠢᠯᠠᠨ ᠤᠯᠤᠰ ᠤ᠋ᠨ ᠰᠠᠢᠳ᠂ ᠤᠢᠭᠤᠷ ᠤ᠋ᠨ ᠲᠤᠷᠪᠢ ᠮᠡᠷᠭᠡᠨ ᠲᠣᠳᠣᠷᠬᠠᠶ᠎ᠠ ᠲᠣᠭᠠᠴᠢᠵᠤ᠂ ᠳᠣᠲᠣᠭᠠᠳᠤ ᠭᠠᠳᠠᠭᠠᠳᠤ ᠳ᠋ᠤᠷ ᠲᠤᠩᠬᠠᠭ ᠪᠣᠯᠭᠠᠨ ᠲᠠᠷᠬᠠᠭᠠᠪᠠ ᠭᠡᠮᠡᠨ ᠲᠣᠪᠬᠢᠨ ᠲᠡᠮᠳᠡᠭᠯᠡᠵᠦᠬᠦᠢ᠃ ᠲᠡᠭᠦᠨᠴᠡ ᠲᠤᠬᠠᠢ ᠰᠤᠳᠤᠷ ᠤ᠋ᠨ ᠴᠡᠷᠢᠭ ᠦ᠋ᠨ ᠦᠢᠯᠡ ᠪᠡᠨ ᠵᠠᠯᠭᠠᠵᠤ ᠥᠭᠦᠯᠡᠬᠦ ᠢᠨᠤ :
ᠲᠡᠨᠳᠡᠴᠡ ᠸᠠᠢᠯᠠᠨ ᠠᠢᠮᠠᠭ ᠤ᠋ᠨ ᠡᠵᠡᠨ ᠰᠠᠢᠳ ᠴᠡᠷᠢᠭ ᠢᠷᠭᠡᠳ ᠲᠣᠷ ᠬᠦᠷᠲᠡᠯ᠎ᠡ ᠭᠤᠷᠪᠠᠨ ᠡᠳᠦᠷ ᠦ᠋ᠨ ᠬᠦᠨᠳᠦ ᠱᠠᠩ ᠬᠤᠷᠢᠮ ᠳ᠋ᠤᠷ ᠬᠦᠷᠲᠡᠯᠴᠡᠨ ᠰᠦᠰᠦᠭᠯᠡᠨ ᠪᠢᠰᠢᠷᠡᠯᠴᠡᠭᠡᠳ ᠪᠦᠭᠦᠳᠡᠭᠡᠷ ᠲᠠᠯ᠎ᠠ ᠳᠦᠭᠦᠷᠡᠩ ᠰᠥᠭᠥᠳᠦᠯᠴᠡᠨ 《ᠡᠷᠲᠡ ᠡᠳᠦᠷ ᠪᠸᠲ᠋ᠠ᠋ ᠤᠯᠤᠰ ᠤ᠋ᠨ ᠲᠩᠷᠢᠯᠢᠭ ᠡᠵᠡᠨ ᠤᠨᠤᠭᠰᠠᠨ ᠮᠣᠷᠢ ᠪᠠᠨ ᠪᠤᠰᠤᠳ ᠲᠤᠷ ᠥᠭᠴᠦ ᠤᠨᠤᠭᠤᠯᠤᠨ᠂ ᠡᠮᠦᠰᠦᠭᠰᠡᠨ ᠳᠡᠪᠡᠯ ᠢ᠋ᠶ᠋ᠡᠨ ᠲᠠᠢᠯᠤᠨ ᠬᠥᠮᠦᠨ ᠳ᠋ᠦ᠍ᠷ ᠡᠮᠦᠰᠬᠡᠮᠦᠢ᠂ ᠵᠦᠰᠡ ᠬᠤᠷ᠎ᠠ ᠰᠡᠬᠦᠵᠦ ᠤᠯᠠᠭᠠᠨ ᠨᠠᠷᠠᠨ ᠢ᠋ ᠦᠵᠡᠭᠰᠡᠨ ᠮᠡᠲᠦ᠂ ᠴᠤᠬᠤᠮᠬᠠᠨ ᠪᠢᠳᠡᠨ ᠦ᠌ ᠡᠴᠢᠭᠡ ᠡᠬᠡ ᠡᠵᠡᠨ ᠬᠠᠭᠠᠨ ᠮᠢᠨᠦ ᠮᠥᠨ ᠪᠣᠯᠠᠢ》 ᠬᠡᠮᠡᠭᠰᠡᠨ ᠳᠠᠭᠤᠯᠠᠯ ᠢ᠋ ᠮᠢᠩᠭᠠᠨ ᠬᠥᠮᠦᠨ ᠨᠢᠭᠡᠨ ᠬᠣᠭᠣᠯᠠᠢ ᠪᠠᠷ ᠡᠭᠡᠰᠢᠭᠯᠡᠨ ᠳᠠᠭᠤᠯᠠᠯᠴᠠᠨ ᠨᠢᠳᠦᠨ ᠡᠴᠡᠭᠡᠨ ᠨᠢᠯᠪᠤᠰᠤᠨ ᠴᠤᠪᠤᠷᠢᠭᠤᠯᠤᠨ ᠮᠥᠷᠭᠥᠬᠦᠢ ᠳ᠋ᠦ᠍ᠷ ᠬᠠᠭᠠᠨ ᠡᠵᠡᠨ ᠬᠠᠷᠢᠭᠤ ᠵᠠᠷᠯᠢᠭ ᠪᠣᠯᠤᠷᠤᠨ᠄
《ᠬᠠᠮᠤᠭ ᠪᠦᠭᠦᠳᠡᠭᠡᠷ ᠬᠠᠭᠠᠨ ᠨᠡᠷ᠎ᠡ ᠶ᠋ᠢ ᠨᠥᠮᠥᠷᠭᠡᠭᠰᠡᠨᠡ ᠬᠠᠲᠠᠭᠤᠵᠢᠨ ᠴᠢᠷᠮᠠᠢᠵᠤ ᠬᠠᠯᠬᠠᠯᠠᠨ ᠵᠠᠰᠠᠵᠤ ᠶᠠᠪᠤᠮᠤᠢ ᠶᠠ᠃ ᠬᠠᠷᠠᠬᠠᠨ ᠪᠠᠭ᠎ᠠ ᠠ᠋ᠴᠠ ᠬᠠᠷᠠᠳᠠᠨ ᠳᠠᠢᠰᠤᠨ᠎ᠠ ᠪᠠᠢᠯᠳᠤᠭᠰᠠᠨ ᠨᠠᠳᠤᠷ ᠬᠠᠮᠢᠭ᠎ᠠ ᠠ᠋ᠴᠠ ᠬᠠᠭᠠᠨ ᠬᠥᠮᠦᠨ ᠦ᠌ ᠦᠨᠡᠨ ᠭᠠᠢᠬᠠᠮᠰᠢᠭ ᠪᠠᠢᠬᠤ ᠪᠣᠢ !》ᠬᠡᠮᠡᠪᠡ᠃ ᠲᠡᠭᠦᠨᠴᠡ᠂ ᠸᠠᠢᠯᠡᠨ ᠤᠯᠤᠰ ᠤᠷᠢᠳᠠ ᠳᠣᠪᠲᠣᠯᠤᠨ ᠥᠷᠲᠡᠭᠡ ᠪᠡᠯᠡᠳᠬᠡᠯᠴᠡᠨ᠂ ᠤᠯᠤᠰ ᠤ᠋ᠨ ᠬᠣᠳᠠᠯᠭᠠᠷ ᠤ᠋ᠨ ᠶᠡᠬᠡ ᠴᠢᠭᠤᠯᠭᠠᠨ ᠨᠡᠮᠡᠵᠦ ᠴᠤᠭᠯᠠᠯᠴᠠᠨ ᠂ ᠤᠯᠤᠰ ᠤ᠋ᠨ ᠵᠠᠬ᠎ᠠ ᠳ᠋ᠠᠭᠠᠨ ᠳᠠᠬᠢᠨ ᠮᠥᠷᠭᠥᠵᠦ ᠤᠭᠲᠤᠯᠴᠠᠨ᠂ ᠬᠣᠲᠠ ᠳ᠋ᠠᠭᠠᠨ ᠵᠠᠯᠠᠨ ᠪᠠᠭᠤᠯᠭᠠᠵᠤ ᠴᠡᠷᠢᠭ ᠢ᠋ ᠲᠠᠪᠤᠨ ᠡᠳᠦᠷ ᠰᠡᠭᠬᠢᠭᠦᠯᠦᠨ ᠶᠡᠬᠡᠳᠡ ᠨᠠᠢᠷ ᠬᠤᠷᠢᠮ ᠡᠷᠭᠦᠨ᠂ ᠤᠯᠤᠰ ᠢᠷᠭᠡᠨ ᠡᠷ᠎ᠡ ᠡᠮ᠎ᠡ ᠪᠦᠭᠦᠳᠡᠭᠡᠷ᠂ ᠵᠢᠪᠬᠤᠯᠠᠩ ᠭᠡᠷᠡᠯᠲᠦ ᠬᠠᠭᠠᠨ ᠤ᠋ ᠨᠢᠭᠤᠷ ᠴᠢᠷᠠᠢ ᠶ᠋ᠢ ᠪᠠᠷᠠᠭᠠᠯᠠᠨ ᠴᠢᠩ ᠦᠨᠡᠨ ᠰᠡᠳᠬᠢᠯ ᠰᠠᠨᠠᠭᠠᠨ ᠳᠤᠭᠳᠣᠯᠴᠠᠨ ᠬᠥᠳᠡᠯᠵᠦ᠂ ᠴᠢᠰᠤ ᠰᠠᠴᠤᠯᠴᠠᠨ ᠴᠢᠩᠳᠠ ᠲᠠᠩᠭᠠᠷᠢᠭᠯᠠᠯᠴᠠᠨ ᠤᠬᠢᠯᠠᠯᠳᠤᠨ ᠲᠠᠭᠠᠯᠴᠠᠵᠤ᠂ ᠪᠠᠰᠠ ᠨᠢᠭᠡᠨ ᠣᠷᠣᠰ ᠠᠶᠠᠰᠲᠤ ᠪᠢᠰᠢᠷᠡᠯ ᠦ᠋ᠨ ᠤᠷᠲᠤ ᠳᠠᠭᠤᠯᠠᠯ ᠭᠠᠷᠴᠤ᠂ ᠤᠯᠤᠰ ᠤ᠋ᠨ ᠬᠣᠲᠠᠯᠠᠭᠠᠷ ᠦᠢᠮᠡᠯᠴᠡᠨ ᠳᠠᠭᠤᠯᠠᠯᠴᠠᠬᠤ ᠳᠠᠭᠤᠨ ᠤ᠋ ᠦᠭᠡ :
ᠵᠠᠭᠤᠨ ᠵᠢᠯ ᠳ᠋ᠦ᠍ᠷ ᠵᠣᠪᠠᠯᠠᠩ ᠦᠭᠡᠢ ᠪᠣᠯᠭᠠᠭᠰᠠᠨ
ᠮᠢᠩᠭᠠᠨ ᠣᠨ ᠤ᠋ ᠮᠢᠷᠠᠯᠵᠠᠬᠤ ᠭᠡᠷᠡᠯᠲᠦ ᠴᠢᠩᠭᠢᠰ᠃
ᠪᠠᠳᠠᠷᠠᠩᠭᠤᠢ ᠴᠠᠭᠠᠨ ᠰᠦᠯᠳᠡ ᠲᠩᠷᠢ ᠶ᠋ᠢᠨ ᠬᠥᠪᠡᠭᠦᠨ
ᠪᠠᠲᠤ ᠴᠠᠭᠠᠨ ᠥᠭᠡᠯᠦᠨ ᠡᠬᠡ ᠡᠴᠡ ᠮᠡᠨᠳᠦᠯᠡᠪᠡᠢ᠃
ᠪᠠᠷᠠᠭᠳᠠᠰᠢ ᠦᠭᠡᠢ ᠲᠦᠭ ᠲᠦᠮᠡᠨ ᠭᠠᠢᠬᠠᠮᠰᠢᠭ
ᠪᠠᠰᠠ ᠪᠠᠰᠠ ᠮᠣᠬᠣᠷᠠᠰᠢ ᠦᠭᠡᠢ ᠬᠥᠭᠵᠢᠯᠳᠦᠮᠦᠢ᠃
ᠵᠠᠭᠤᠨ ᠢ ᠵᠣᠬᠢᠷᠭᠠᠭᠰᠠᠨ ᠵᠣᠭᠰᠣᠭ᠎ᠠ ᠲᠩᠷᠢ ᠴᠢᠩᠭᠢᠰ
ᠮᠢᠩᠭᠠᠨ ᠳᠠᠢᠰᠤᠨ᠎ᠠ ᠮᠢᠲᠠᠷᠠᠯ ᠦᠭᠡᠢ ᠪᠠᠢᠯᠳᠤᠪᠠᠢ᠃
ᠪᠠᠷᠠᠭᠠᠯᠠᠭᠰᠠᠨ ᠪᠦᠬᠦᠨ ᠪᠡᠶᠡᠰᠦᠨ ᠪᠢᠰᠢᠷᠡᠵᠦ ᠲᠠᠭᠠᠯᠴᠠᠮᠤᠢ᠂
ᠪᠠᠷᠢᠭᠳᠠᠭᠰᠠᠨ ᠪᠦᠬᠦᠨ ᠪᠠᠶᠠᠨ ᠡᠯᠪᠡᠭ ᠪᠣᠯᠤᠯᠴᠠᠵᠤ
ᠪᠠᠭᠤᠭᠰᠠᠨ ᠭᠠᠵᠠᠷ ᠪᠠᠶᠠᠷ ᠴᠡᠩᠭᠡᠯ ᠪᠠᠳᠠᠷᠠᠯᠴᠠᠨ᠂
ᠪᠠᠢᠭᠰᠠᠨ ᠢ᠋ ᠪᠠᠭᠲᠠᠭᠠᠬᠤ ᠭᠤᠷᠪᠠᠨ ᠨᠢᠳᠦᠲᠦ ᠪᠣᠭᠳᠠ ᠠᠵᠤᠭᠤ 》ᠬᠡᠮᠡᠯᠳᠦᠪᠡᠢ᠃
ᠲᠡᠭᠦᠨᠴᠡ ᠡᠨᠡ ᠠᠷᠤ ᠭᠠᠵᠠᠷ ᠤ᠋ᠨ ᠡᠯᠡᠰᠦ ᠮᠠᠩᠬᠠᠨ ᠤ᠋ ᠪᠠᠷᠠᠭᠤᠨ ᠬᠣᠢᠲᠤ ᠵᠣᠪᠬᠢᠰ ᠲᠤᠷ ᠵᠤᠷᠪᠤᠰ ᠵᠤᠷᠪᠤᠰ᠂ ᠬᠡᠰᠡᠭ ᠬᠡᠰᠡᠭ ᠰᠠᠢᠨ ᠰᠢᠷᠣᠢᠲᠤ ᠬᠣᠲᠠ ᠴᠣᠭᠴᠠᠯᠠᠨ᠂ ᠪᠠᠯᠭᠠᠰᠤᠨ ᠲᠠᠭᠲᠠᠷᠰᠢᠭᠤᠯᠵᠤ ᠪᠣᠯᠬᠤ ᠭᠠᠵᠠᠷ ᠣᠯᠠᠨᠲᠠ ᠪᠠᠢᠬᠤ ᠲᠤᠯᠠ᠂ ᠰᠠᠢᠨ ᠰᠢᠷᠣᠢᠲᠤ ᠭᠠᠵᠠᠷ᠎ᠠ ᠪᠠᠰᠠ ᠬᠦ᠌ ᠬᠣᠲᠠ ᠪᠠᠯᠭᠠᠳ ᠪᠠᠷᠢᠵᠤ ᠰᠠᠭᠤᠬᠤ ᠠᠵᠤᠭᠤ᠃
ᠲᠡᠭᠦᠨᠴᠡ ᠮᠣᠩᠭᠣᠯ ᠤ᠋ᠨ ᠶᠡᠬᠡ ᠴᠡᠷᠢᠭ ᠦ᠋ᠨ ᠮᠡᠳᠡᠭᠡ ᠶ᠋ᠢ ᠢᠯᠳᠠᠰᠢ ᠮᠥᠷᠡᠨ ᠦ᠌ ᠢᠯᠢ ᠪᠠᠯᠭᠠᠳ ᠤ᠋ᠨ ᠭᠠᠳᠠᠨ᠎ᠠ ᠪᠦᠬᠦᠢ ᠰᠠᠯᠪᠤᠷᠢ ᠮᠠᠢᠯᠵᠢ ᠶ᠋ᠢᠨ ᠰᠢᠷᠭ᠎ᠠ ᠭᠣᠣᠯ ᠵᠡᠷᠭᠡ ᠶ᠋ᠢᠨ ᠴᠢᠦᠢ ᠴᠦ ᠯᠢᠦᠢ ᠬᠠᠭᠠᠨ ᠤ᠋ ᠣᠯᠠᠨ ᠬᠣᠷᠣᠭ᠎ᠠ ᠬᠣᠷᠢᠶ᠎ᠠ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠢᠷᠡᠭᠰᠡᠨ ᠳ᠋ᠦ᠍ᠷ ᠴᠢᠦᠢ ᠴᠦ ᠯᠢᠦᠢ ᠴᠢᠷᠠᠢ ᠠᠯᠳᠠᠵᠤ᠂ ᠲᠣᠳᠣ ᠴᠧᠩᠰᠢᠶᠠᠩ ᠤ᠋ᠨ ᠵᠦᠭ ᠵᠥᠪᠳᠡᠨ ᠥᠭᠦᠯᠡᠷᠦᠨ᠄
《ᠵᠠ ᠣᠳᠣ ᠴᠧᠩᠰᠢᠶᠠᠩ ᠴᠢᠨᠦ ᠲᠡᠮᠦᠵᠢᠨ ᠦ᠌ ᠬᠡᠳᠦᠨ ᠮᠢᠩᠭᠠᠨ ᠠᠴᠢᠶ᠎ᠠ ᠲᠡᠮᠦᠷ ᠢ᠋ ᠲᠣᠰᠣᠨ ᠠᠪᠤᠭᠰᠠᠨ ᠤ᠋ ᠵᠣᠪᠠᠯᠠᠩ ᠬᠦᠷᠴᠦ ᠢᠷᠡᠭᠰᠡᠨ ᠪᠣᠯᠠᠢ᠃ ᠸᠡᠢᠯᠠᠨ ᠤ᠋ ᠬᠤᠪᠢᠲᠤ ᠬᠤᠸᠠ ᠵᠠᠭᠤᠨ ᠠᠴᠢᠶ᠎ᠠ ᠪᠡᠯᠡᠭ ᠠᠪᠴᠤ᠂ ᠬᠣᠣᠷᠲᠤ ᠮᠣᠩᠭᠣᠯ ᠳ᠋ᠤᠷ ᠳᠠᠭᠠᠭᠰᠠᠨ ᠡᠨᠡ ᠬᠡᠷᠡᠭ ᠮᠠᠰᠢ ᠶᠡᠬᠡᠳᠡ ᠭᠡᠮ ᠪᠣᠯᠪᠠᠢ᠃ ᠲᠡᠷᠡ ᠮᠠᠨ ᠤ᠋ ᠴᠡᠷᠢᠭ ᠦ᠋ᠨ ᠦᠨᠡᠨ ᠬᠤᠳᠠᠯ᠂ ᠬᠥᠨᠳᠡᠢ ᠴᠤᠯᠤ ᠶ᠋ᠢ ᠴᠥᠮ ᠢ᠋ᠶ᠋ᠡᠷ ᠮᠡᠳᠡᠬᠦ ᠪᠥᠭᠡᠳ ᠨᠡᠩ ᠪᠠᠰᠠ ᠮᠠᠨ ᠤ᠋ ᠴᠡᠷᠢᠭ ᠰᠠᠢᠨ ᠮᠠᠭᠤ ᠲᠠᠢ ᠪᠠᠨ ᠨᠡᠢᠯᠡᠨ ᠵᠢᠷᠭᠤᠭᠠᠨ ᠲᠦᠮᠡ ᠪᠠᠰᠠ ᠬᠦᠷᠬᠦ ᠦᠭᠡᠢ ᠂ ᠮᠣᠩᠭᠣᠯ ᠴᠡᠷᠢᠭ ᠢ᠋ ᠰᠣᠨᠣᠰᠬᠤᠯ᠎ᠠ ᠠᠷᠪᠠᠨ ᠲᠦᠮᠡᠨ ᠢᠯᠡᠭᠦᠦ ᠬᠡᠮᠡᠮᠦᠢ᠃ ᠪᠢᠳᠡ ᠳ᠋ᠦ᠍ᠷ ᠪᠠᠰᠠ ᠬᠣᠲᠠ ᠪᠠᠯᠭᠠᠰᠤᠨ ᠦᠭᠡᠢ᠂ ᠡᠨᠡ ᠬᠡᠭᠡᠷ᠎ᠡ ᠲᠠᠯ᠎ᠠ ᠶ᠋ᠢᠨ ᠬᠥᠭᠰᠢᠨ ᠶᠠᠳᠠᠭᠤᠯᠢᠭ ᠬᠠᠭᠠᠰ ᠬᠤᠪᠢ ᠶ᠋ᠢ ᠡᠵᠡᠯᠡᠭᠰᠡᠨ ᠴᠡᠷᠢᠭ ᠢ᠋ᠶ᠋ᠡᠷ ᠮᠣᠩᠭᠣᠯ ᠤ᠋ᠨ ᠠᠷᠪᠠᠨ ᠲᠦᠮᠡᠨ ᠢᠯᠡᠭᠦᠦ ᠴᠡᠷᠢᠭ ᠲᠦ᠍ᠷ ᠬᠡᠷᠬᠢᠨ ᠲᠤᠯᠵᠤ ᠪᠠᠢᠯᠳᠤᠮᠤᠢ ? ᠪᠠᠰᠠ ᠰᠣᠨᠣᠰᠬᠤᠯ᠎ᠠ᠂ ᠸᠡᠢᠯᠠᠨ ᠠᠢᠮᠠᠭ ᠤ᠋ᠨ ᠬᠤᠪᠢᠲᠤ ᠬᠤᠸᠠ᠂ ᠮᠣᠩᠭᠣᠯ ᠤ᠋ᠨ ᠬᠣᠰᠢᠭᠤᠴᠢ ᠶ᠋ᠢᠨ ᠡᠮᠦᠨ᠎ᠡ ᠭᠠᠵᠠᠷᠴᠢ ᠪᠣᠯᠤᠨ᠂ ᠥᠷᠲᠡᠭᠡ ᠪᠡᠯᠡᠳᠬᠡᠵᠦ ᠠᠢᠰᠤᠢ ᠬᠡᠮᠡᠮᠦᠢ᠃ ᠳᠠᠭᠠᠰᠤᠭᠠᠢ ᠬᠡᠮᠡᠬᠦᠯ᠎ᠡ ᠳᠠᠪᠬᠤᠷ ᠶᠠᠯ᠎ᠠ ᠶᠡᠬᠡᠯ᠎ᠡ ᠬᠦᠨᠳᠦ᠂ ᠳᠤᠲᠠᠭᠠᠰᠤᠭᠠᠢ ᠬᠡᠮᠡᠬᠦᠯ᠎ᠡ ᠲᠤᠯᠭᠠᠯᠴᠠᠬᠤ ᠦᠭᠡᠢ ᠪᠡᠷ ᠪᠠᠷᠢᠭᠳᠠᠮᠤᠢ᠂ ᠳᠤᠲᠠᠭᠠᠵᠤ ᠭᠠᠷᠤᠭᠠᠳ ᠲᠣᠯᠣᠭᠠᠢ ᠰᠢᠷᠭᠤᠬᠤ ᠭᠠᠵᠠᠷ ᠪᠠᠰᠠ ᠦᠭᠡᠢ᠃ ᠰᠠᠷᠲᠢᠭᠴᠢᠨ ᠤ᠋ ᠠᠮᠪᠠᠬᠠᠢ ᠬᠠᠭᠠᠨ ᠤ᠋ ᠳᠡᠷᠭᠡᠳᠡ ᠡᠴᠢᠰᠦᠭᠡᠢ ᠬᠡᠮᠡᠬᠦᠯ᠎ᠡ ᠵᠠᠮ ᠬᠣᠯᠠ ᠪᠠᠷ ᠦᠯᠦ ᠪᠠᠷᠠᠮ᠂ ᠲᠡᠷᠡ ᠭᠠᠵᠠᠷ ᠴᠡᠷᠢᠭ ᠦ᠋ᠨ ᠲᠡᠵᠢᠭᠡᠯ ᠣᠭᠲᠣ ᠦᠭᠡᠢ᠂ ᠣᠳᠣ ᠬᠡᠷᠬᠢᠪᠡᠰᠦ ᠰᠠᠢᠨ ᠪᠣᠢ ? 》 ᠬᠡᠮᠡᠬᠦᠢ ᠳ᠋ᠦ᠍ᠷ ᠲᠣᠳᠣ ᠳᠡᠭᠦᠨᠦ ᠣᠷᠣᠰ ᠲᠡᠮᠦᠷ ᠦ᠋ᠨ ᠠᠴᠢᠶ᠎ᠠ ᠶ᠋ᠢ ᠲᠠᠪᠴᠢᠯᠠᠨ ᠲᠦᠷᠭᠡᠨ ᠲᠦᠭᠦᠬᠡᠢ ᠵᠣᠪᠠᠯᠠᠩ ᠢ᠋ ᠡᠳᠦᠪᠡ ᠭᠡᠮᠡᠨ ᠬᠡᠯᠡᠬᠦᠢ ᠳ᠋ᠦ᠍ᠷ ᠳᠣᠲᠣᠷ᠎ᠠ ᠶᠡᠬᠡᠯ᠎ᠡ ᠬᠠᠯᠠᠭᠤᠴᠠᠨ ᠠᠮᠤᠷ ᠦᠭᠡᠢ ᠪᠣᠯᠵᠤ᠂ ᠴᠢᠷᠮᠠᠢᠨ ᠴᠢᠭᠢᠷᠠᠭᠰᠢᠨ ᠠᠭᠠᠰᠢᠯᠠᠵᠤ ᠥᠭᠦᠯᠡᠷᠦᠨ᠄
《ᠦᠬᠦᠬᠦ ᠪᠠ ᠰᠡᠬᠡᠬᠦ᠂ ᠳᠡᠢᠯᠬᠦ ᠪᠠ ᠳᠡᠢᠯᠦᠭᠳᠡᠬᠦ ᠶ᠋ᠢ ᠢᠨᠤ ᠡᠨᠡ ᠤᠳᠠᠭ᠎ᠠ ᠳ᠋ᠤᠷ ᠲᠠᠰᠤᠯᠬᠤ ᠪᠣᠯᠠᠢ᠃ ᠳᠠᠢᠰᠤᠨ ᠢᠷᠠᠪᠠᠰᠤ ᠲᠤᠯᠬᠤ ᠪᠣᠢ ᠶᠠ᠂ ᠳᠤᠲᠠᠭᠠᠬᠤ ᠶᠣᠰᠣ ᠪᠣᠢ ᠤᠤ? ᠳᠠᠭᠠᠬᠤ ᠦᠭᠡᠢ ᠪᠡᠷ ᠳᠠᠢᠯᠠᠨ ᠨᠡᠬᠡᠬᠦ ᠪᠥᠭᠡᠲᠡᠯ᠎ᠡ᠂ ᠳᠠᠭᠠᠵᠤ ᠡᠴᠢᠪᠡᠰᠦ ᠳᠠᠪᠬᠤᠷ ᠢᠯᠳᠤᠨᠠ ᠳᠠᠭᠠᠷᠢᠭᠳᠠᠬᠤ ᠪᠣᠯᠠᠢ᠃ ᠲᠡᠨᠡᠭ ᠮᠠᠩᠬᠤᠤ ᠮᠣᠩᠭᠣᠯ ᠤ᠋ᠨ ᠲᠡᠮᠦᠵᠢᠨ ᠬᠠᠷᠢᠨᠴᠤ ᠭᠠᠢᠭᠤᠢ ᠬᠡᠮᠡᠲᠦᠭᠡᠢ᠂ ᠳᠠᠯᠳᠠᠭᠤᠷ ᠠᠯᠠᠭᠳᠠᠭᠰᠠᠨ ᠲᠠᠢᠶᠠᠩ ᠬᠠᠭᠠᠨ ᠤ᠋ ᠬᠥᠪᠡᠭᠦᠨ ᠠᠯᠲᠠᠨᠱᠠᠭ᠎ᠠ᠂ ᠴᠢᠬᠢ ᠶ᠋ᠢ ᠴᠢᠨᠦ ᠲᠠᠰᠤ ᠬᠠᠵᠠᠭᠰᠠᠨ ᠢᠳᠡᠷ ᠳᠣᠪᠣ ᠴᠢᠮᠠᠶ᠋ᠢ ᠦᠬᠦᠪᠡᠴᠦ ᠠᠮᠢᠳᠤ ᠭᠠᠷᠭᠠᠮᠤᠢ ᠤᠤ ? ᠣᠯᠠᠨ ᠦᠭᠡ ᠬᠡᠷᠡᠭ ᠦᠭᠡᠢ᠂ ᠣᠳᠣ ᠮᠢᠨᠦ ᠤᠪᠠᠳᠢᠰ ᠡᠭᠦᠰᠬᠡᠵᠦ᠂ ᠢᠯᠢ ᠬᠣᠲᠠ ᠶ᠋ᠢ ᠪᠤᠯᠢᠶᠠᠨ ᠡᠵᠡᠯᠡᠵᠦ᠂ ᠢᠷᠡᠬᠦ ᠮᠣᠩᠭᠣᠯ ᠳ᠋ᠤᠷ ᠲᠤᠯᠬᠤ ᠶ᠋ᠢ ᠦᠵᠡᠲᠦᠭᠡᠢ ? 》ᠭᠡᠮᠡᠨ ᠤᠷᠪᠠᠨ ᠬᠠᠨᠳᠤᠮᠠᠭᠴᠠ ᠣᠯᠠᠨ ᠴᠡᠷᠢᠭ ᠦ᠋ᠨ ᠳᠣᠬᠢᠶ᠎ᠠ ᠪᠠᠨ ᠲᠠᠯᠪᠢᠭᠤᠯᠤᠨ ᠣᠯᠠᠨ ᠵᠦᠢᠯ ᠦ᠋ᠨ ᠪᠠᠭ ᠵᠣᠬᠢᠶᠠᠨ᠂ ᠲᠠᠪᠢ᠂ ᠵᠢᠷᠠ᠂ ᠳᠠᠯᠠᠨ᠂ ᠨᠠᠶᠠᠨ ᠢ᠋ᠶ᠋ᠠᠷ ᠰᠠᠯᠭᠠᠵᠤ᠂ ᠲᠠᠷᠢᠶᠠᠴᠢᠨ᠂ ᠬᠤᠳᠠᠯᠳᠤᠭᠠᠴᠢᠨ᠂ ᠦᠢᠯᠡᠳᠦᠴᠢᠨ᠂ ᠤᠷᠠᠴᠤᠳ ᠤ᠋ᠨ ᠶᠣᠰᠣᠭᠠᠷ ᠵᠠᠰᠠᠵᠤ ᠴᠢᠮᠡᠭᠯᠡᠭᠦᠯᠦᠨ᠂ ᠬᠤᠶᠠᠭ ᠳᠤᠭᠤᠯᠠᠭ᠎ᠠ᠂ ᠵᠠᠷ ᠵᠡᠪᠰᠡᠭ ᠢ᠋ ᠲᠦᠯᠡᠭᠡ ᠶ᠋ᠢᠨ ᠲᠡᠷᠭᠡᠨ᠎ᠡ ᠨᠢᠭᠤᠨ᠂ ᠪᠤᠷᠭᠠᠰᠤᠨ ᠤ᠋ ᠬᠠᠰᠠᠭ ᠲᠤᠷ ᠲᠡᠭᠡᠭᠡᠵᠦ᠂ ᠵᠢᠴᠢ ᠥᠷᠯᠥᠭᠡ ᠬᠣᠲᠠ ᠶ᠋ᠢᠨ ᠠᠰᠠᠷᠲᠤ ᠬᠠᠭᠠᠯᠭ᠎ᠠ ᠨᠡᠭᠡᠭᠡᠮᠡᠭᠴᠡ ᠳᠥᠷᠪᠡᠨ ᠵᠦᠭ ᠢ᠋ᠶ᠋ᠡᠷ ᠲᠠᠷᠬᠠᠯᠴᠠᠨ ᠣᠷᠣᠯᠴᠠᠬᠤᠢ ᠳ᠋ᠤᠷ ᠢᠯᠢ ᠬᠣᠲᠠ ᠶ᠋ᠢᠨ ᠬᠣᠲᠣᠩ ᠾᠦᠢ ᠾᠦᠢ ᠶ᠋ᠢᠨ ᠶᠡᠬᠡ ᠡᠵᠡᠨ ᠪᠠᠪᠤ ᠠᠾᠦ᠋ᠩ ᠬᠡᠮᠡᠭᠴᠢ ᠮᠠᠰᠢ ᠨᠢᠭᠡᠨ ᠰᠡᠴᠡᠨ ᠬᠤᠷᠴᠠ ᠡᠷᠡᠯᠬᠡᠭ ᠪᠠᠭᠠᠲᠤᠷ ᠬᠥᠮᠦᠨ ᠲᠤᠯᠠ᠂ ᠬᠡᠳᠦᠢᠨ ᠡᠴᠡ ᠴᠢᠦᠢ ᠴᠦ ᠯᠢᠦᠢ᠂ ᠲᠣᠳᠣ ᠨᠠᠷ ᠢ᠋ ᠵᠡᠪᠡᠬᠦᠷᠡᠨ ᠰᠡᠵᠢᠭᠯᠡᠭᠰᠡᠭᠡᠷ ᠢᠷᠡᠭᠰᠡᠨ ᠦ᠌ ᠳᠡᠭᠡᠷ᠎ᠡ᠂ ᠡᠳᠦᠭᠡ ᠪᠠᠰᠠ ᠮᠣᠩᠭᠣᠯ ᠤ᠋ᠨ ᠠᠯᠪᠠᠨ ᠤ᠋ ᠠᠴᠢᠶ᠎ᠠ ᠶ᠋ᠢ ᠳᠠᠪᠴᠢᠯᠠᠨ ᠬᠡᠷᠡᠭ ᠡᠳᠦᠭᠦᠯᠵᠦ᠂ ᠳᠠᠷᠠᠭ᠎ᠠ ᠪᠠᠷ ᠮᠣᠩᠭᠣᠯ ᠤ᠋ᠨ ᠶᠡᠬᠡ ᠴᠡᠷᠢᠭ ᠦ᠋ᠨ ᠮᠡᠳᠡᠭᠡ ᠶ᠋ᠢ ᠰᠣᠨᠣᠰᠴᠤ᠂ ᠪᠠᠰᠠ ᠡᠷᠲᠡ ᠡᠳᠦᠷ ᠳᠡᠭᠦᠨᠦ ᠰᠢ ᠢᠦᠢ ᠤᠯᠤᠰ ᠤ᠋ᠨ ᠪᠢᠰᠢᠯᠭᠠᠯᠲᠤ ᠾᠦᠢ ᠾᠦᠢ ᠶ᠋ᠢᠨ ᠪᠠᠭᠰᠢ ᠶ᠋ᠢᠨ ᠰᠤᠷᠭᠠᠭᠰᠠᠨ 《ᠴᠢᠩᠭᠢᠰ ᠬᠡᠮᠡᠭᠴᠢ ᠨᠡᠷᠡᠲᠦ ᠶ᠋ᠢᠨ ᠴᠡᠷᠢᠭ ᠲᠦ᠍ᠷ ᠤᠴᠠᠷᠠᠪᠠᠰᠤ ᠴᠢᠳᠠᠬᠤᠯ᠎ᠠ ᠴᠢᠰᠤᠨ ᠤᠤᠭᠤᠵᠤ ᠲᠠᠩᠭᠠᠷᠢᠭ ᠨᠡᠢᠯᠡᠨ᠂ ᠶᠠᠳᠠᠬᠤᠢ ᠳ᠋ᠠᠭᠠᠨ ᠶᠠᠭᠠᠬᠢᠪᠠᠴᠤ ᠪᠢᠲᠡᠭᠡᠢ ᠬᠠᠯᠳᠠᠵᠤ ᠪᠠᠢᠯᠳᠤᠭᠲᠤᠨ᠃ ᠴᠢᠩᠭᠢᠰ ᠬᠡᠮᠡᠬᠦ ᠦᠰᠦᠭ ᠡᠳᠦᠭᠡ ᠭᠠᠷᠤᠭᠠᠳᠤᠢ᠂ ᠲᠡᠢᠮᠦ ᠦᠭᠡᠰ ᠴᠢᠬᠢᠨ ᠳ᠋ᠦ᠍ ᠰᠣᠨᠣᠰᠳᠠᠮᠠᠭᠴᠠ ᠴᠡᠭᠡᠵᠢᠨ ᠳ᠋ᠡᠭᠡᠨ ᠲᠡᠮᠳᠡᠭᠯᠡᠨ ᠴᠢᠭᠯᠡᠵᠦ ᠂ ᠲᠡᠭᠦᠨ ᠳ᠋ᠦ᠍ᠷ ᠳᠠᠭᠠᠪᠠᠰᠤ ᠪᠡᠶ᠎ᠡ ᠡᠴᠦᠰᠲᠡᠯ᠎ᠡ ᠪᠠᠶᠠᠨ ᠡᠷᠬᠢᠮ ᠪᠠᠲᠤᠳᠪᠠ ᠭᠡᠮᠡᠨ ᠰᠠᠨᠠᠭᠳᠠᠬᠤᠢ 》ᠬᠡᠮᠡᠭᠰᠡᠨ ᠦᠭᠡᠰ ᠢ᠋ ᠰᠠᠨᠠᠭᠠᠯᠵᠠᠭᠰᠠᠨ ᠢ᠋ᠶ᠋ᠠᠷ ᠡᠳᠦᠭᠡ ᠮᠣᠩᠭᠣᠯ ᠤ᠋ᠨ ᠴᠢᠩᠭᠢᠰ ᠬᠠᠭᠠᠨ ᠤ᠋ ᠶᠡᠬᠡ ᠴᠡᠷᠢᠭ ᠂ ᠴᠢᠦᠢ ᠴᠦ ᠯᠢᠦᠢ ᠶ᠋ᠢ ᠳᠠᠢᠯᠠᠷ᠎ᠠ ᠠᠢᠰᠤᠢ ᠭᠡᠮᠡᠨ ᠰᠣᠨᠣᠰᠴᠤ᠂ ᠡᠨᠡ ᠬᠣᠶᠠᠷ ᠵᠣᠯᠪᠢᠨ ᠠᠳᠤᠭᠤᠰᠤ ᠯᠠᠪ ᠮᠢᠨᠦ ᠬᠣᠲᠠ ᠳ᠋ᠤᠷ ᠳᠤᠷᠠᠯᠠᠮᠤᠢ ᠭᠡᠮᠡᠨ ᠲᠠᠪᠤᠨ ᠥᠩᠭᠡ ᠶ᠋ᠢᠨ ᠲᠤᠭ ᠢ᠋ᠶ᠋ᠠᠨ ᠪᠣᠰᠬᠠᠵᠤ ᠂ ᠮᠤᠷᠤᠢ ᠰᠠᠷᠤᠢ ᠡᠷᠭᠢᠭᠦᠦ ᠲᠣᠭᠣᠷᠢᠭᠤ᠂ ᠮᠤᠰᠬᠢᠯᠳᠤᠭᠰᠠᠨ ᠪᠦᠷᠢᠶ᠎ᠡ ᠦᠯᠢᠶᠡᠯᠭᠡᠨ ᠴᠡᠷᠢᠭ ᠦ᠋ᠨ ᠳᠣᠬᠢᠶ᠎ᠠ ᠪᠠᠨ ᠲᠠᠯᠪᠢᠭᠤᠯᠵᠤ ᠂ ᠬᠣᠲᠠ ᠶ᠋ᠢᠨ ᠳᠣᠲᠣᠷ᠎ᠠ ᠭᠠᠳᠠᠨ᠎ᠠ ᠳᠥᠷᠪᠡᠨ ᠬᠠᠭᠠᠯᠭ᠎ᠠ ᠶ᠋ᠢ ᠪᠠᠢᠴᠠᠭᠠᠨ ᠴᠠᠭᠳᠠᠭᠤᠯᠵᠤ᠂ ᠲᠡᠷᠢᠭᠦᠨ ᠪᠠᠭ ᠤ᠋ᠨ ᠠᠷᠠᠳ ᠢ᠋ ᠪᠠᠢᠴᠠᠭᠠᠨ ᠣᠯᠤᠭᠠᠳ ᠂ ᠪᠠᠷᠢᠯᠠᠨ ᠠᠪᠴᠤ ᠴᠠᠪᠴᠢᠯᠴᠠᠨ ᠠᠯᠠᠬᠤᠢ ᠳ᠋ᠤᠷ ᠲᠣᠳᠣ ᠶ᠋ᠢᠨ ᠴᠡᠷᠢᠭ ᠦ᠋ᠨ ᠰᠡᠭᠦᠯ ᠦ᠋ᠨ ᠪᠠᠭ ᠬᠣᠲᠠ ᠳ᠋ᠤᠷ ᠣᠷᠣᠵᠤ ᠴᠢᠳᠠᠭᠰᠠᠨ ᠦᠭᠡᠢ ᠳ᠋ᠦ᠍ᠷ ᠲᠣᠳᠣ ᠶᠡᠬᠡᠯ᠎ᠡ ᠴᠢᠬᠤᠯᠳᠠᠨ ᠂ ᠰᠢᠭᠤᠳ ᠢᠯᠡᠷᠬᠡᠢ ᠴᠡᠷᠢᠭ ᠠᠪᠤᠨ ᠢᠷᠡᠵᠦ᠂ ᠬᠣᠲᠠ ᠶ᠋ᠢ ᠬᠠᠭᠠᠵᠤ ᠪᠠᠢᠯᠳᠤᠯᠴᠠᠨ ᠡᠬᠢᠯᠡᠵᠦ᠂ ᠪᠠᠪᠤ ᠶᠡᠬᠡᠯ᠎ᠡ ᠬᠢᠯᠢᠭᠯᠡᠨ 《ᠴᠢᠨᠣ᠎ᠠ ᠶ᠋ᠢᠨ ᠵᠤᠯᠵᠠᠭ᠎ᠠ ᠴᠢᠦᠢ ᠴᠦ ᠯᠢᠦᠢ ᠵᠤᠯᠪᠢᠨ ᠲᠠᠤᠯᠠᠢ ᠶ᠋ᠢᠨ ᠪᠥᠵᠥᠩ ᠲᠣᠳᠣ ᠪᠣᠭᠣᠯ᠂ ᠶᠠᠮᠪᠠᠷ ᠠᠶᠤᠮᠰᠢᠭ ᠦᠭᠡᠢ ᠨᠠᠢ᠍ᠮᠠᠨ ᠦᠶ᠎ᠡ ᠶ᠋ᠢᠨ ᠡᠪᠦᠭᠡ ᠡᠴᠢᠭᠡ ᠪᠠᠪᠤ ᠯᠤᠭ᠎ᠠ ᠬᠠᠯᠳᠠᠮᠤᠢ ? 》ᠭᠡᠮᠡᠨ ᠬᠠᠷᠠᠬᠠᠨ ᠲᠤᠯᠭᠠᠯᠴᠠᠨ᠂ ᠭᠤᠷᠪᠠᠨ ᠡᠳᠦᠷ ᠪᠠᠢᠯᠳᠤᠯᠴᠠᠨ᠂ ᠳᠡᠢᠯᠬᠦ ᠳᠡᠢᠯᠦᠭᠳᠡᠬᠦ ᠢᠯᠭᠠᠷᠠᠬᠤ ᠦᠭᠡᠢ ᠬᠠᠷᠠᠬᠠᠨ ᠠᠮᠲᠠᠲᠠᠶᠠ ᠪᠠᠢᠯᠳᠤᠯᠴᠠᠨ ᠡᠷᠡᠭᠴᠢᠨ ᠡᠮᠡᠭᠴᠢᠨ ᠢᠯᠭᠠᠭᠳᠠᠬᠤ ᠦᠭᠡᠢ ᠪᠥᠬᠥᠶ᠎ᠡ᠂ ᠬᠣᠲᠠ ᠶ᠋ᠢᠨ ᠭᠠᠳᠠᠨ᠎ᠠ ᠶᠡᠬᠡᠯ᠎ᠡ ᠦᠢᠮᠡᠯᠳᠦᠨ᠂ ᠵᠡᠭᠦᠨ ᠡᠮᠦᠨ᠎ᠡ ᠶ᠋ᠢᠨ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠶᠡᠬᠡ ᠲᠡᠭᠷᠢ ᠶ᠋ᠢᠨ ᠴᠡᠷᠢᠭ ᠭᠠᠵᠠᠷ ᠳᠡᠯᠡᠬᠡᠢ ᠶ᠋ᠢ ᠪᠦᠷᠬᠦᠨ ᠬᠦᠷᠴᠦ ᠢᠷᠡᠪᠡ ᠬᠡᠮᠡᠬᠦᠶ᠎ᠡ᠂ ᠮᠠᠢᠯᠵᠢ ᠶ᠋ᠢᠨ ᠴᠡᠷᠢᠭ ᠦ᠋ᠳ ᠮᠡᠳᠡᠷᠡᠯ ᠦᠭᠡᠢ ᠪᠠᠢᠯᠳᠤᠷ᠎ᠠ ᠬᠥᠳᠡᠯᠪᠡ᠃ ᠬᠡᠷᠬᠢᠬᠦ ᠶ᠋ᠢ ᠳᠣᠣᠷᠠᠲᠤ ᠪᠦᠯᠦᠭ ᠲᠣᠷ ᠦᠵᠡᠭᠳᠡᠬᠦᠢ᠃
ᠤᠴᠢᠷ ᠵᠦᠢ ᠪᠡᠷ ᠤᠬᠠᠵᠤ ᠮᠡᠳᠡᠬᠦᠢ ᠶ᠋ᠢ ᠮᠡᠷᠭᠡᠨ ᠭᠡᠭᠡᠬᠡᠨ ᠬᠡᠮᠡᠮᠦᠢ
ᠣᠶᠤᠨ ᠤᠬᠠᠭᠠᠨ ᠢ᠋ᠶ᠋ᠠᠷ ᠰᠢᠨᠵᠢᠵᠦ ᠲᠥᠰᠦᠭᠡᠯᠡᠬᠦ ᠶ᠋ᠢ ᠪᠡᠯᠭᠡ ᠪᠢᠯᠢᠭ ᠬᠡᠮᠡᠵᠦᠬᠦᠢ᠃
ᠤᠭ ᠦᠨᠳᠦᠰᠦ ᠪᠤᠶᠠᠨ ᠤ᠋ ᠡᠷᠬᠡ ᠶ᠋ᠢ ᠲᠣᠪᠴᠢᠶᠠᠯᠠᠨ ᠭᠠᠷᠭᠠᠬᠤᠢ ᠶ᠋ᠢᠨ ᠣᠴᠢᠷ᠎ᠠ
ᠤᠷᠠᠯᠠᠨ ᠦᠯᠢᠳᠬᠡᠬᠦᠢ ᠳ᠋ᠡᠭᠡᠨ ᠭᠤᠷᠪᠠᠨ ᠨᠢᠳᠦᠲᠦ ᠪᠣᠭᠳᠠ ᠬᠡᠮᠡᠭᠰᠡᠨ ᠢᠨᠤ ᠪᠣᠯᠠᠢ᠃
