ᠡᠵᠡᠨ᠎ᠡ ᠪᠠ ᠡᠯᠡᠰᠦᠨ ᠰᠢᠭᠤᠷᠭ᠎ᠠ- ᠭ· ᠴᠢᠩᠪᠠᠭᠠᠲᠤᠷЭзэнэ ба элсэн шуурга-Г·Чинбаатар
ᠭ· ᠴᠢᠩᠪᠠᠭᠠᠲᠤᠷ
—《ᠮᠣᠩᠭᠣᠯ ᠰᠣᠶᠣᠯ ᠤ᠋ᠨ ᠭᠠᠯ ᠠᠶᠠᠨ》 ᠬᠡᠮᠡᠬᠦ ᠰᠤᠷᠪᠤᠯᠵᠢᠯᠠᠨ ᠮᠡᠳᠡᠭᠡᠯᠡᠬᠦ ᠠᠵᠢᠯᠯᠠᠭ᠎ᠠ ᠶ᠋ᠢᠨ ᠰᠢᠭᠤᠳ ᠨᠡᠪᠲᠡᠷᠡᠭᠦᠯᠭᠡ ᠶ᠋ᠢ ᠬᠥᠲᠥᠯᠦᠭᠰᠡᠨ ᠰᠢᠭᠦᠷᠭᠡᠢ ᠰᠡᠳᠬᠢᠭᠳᠡᠯ (ᠬᠣᠶᠠᠷ)
ᠮᠠᠨ ᠤ᠋ ᠰᠤᠷᠪᠤᠯᠵᠢᠯᠠᠭᠴᠢᠳ2006 ᠣᠨ ᠤ᠋6 ᠳ᠋ᠤᠭᠠᠷ ᠰᠠᠷ᠎ᠠ ᠳ᠋ᠤ᠌ ᠠᠯᠠᠱᠠ ᠠᠢᠮᠠᠭ ᠤ᠋ᠨ ᠡᠵᠡᠨ᠎ᠡ ᠬᠤᠰᠢᠭᠤᠨ ᠠ᠋ᠴᠠ ᠨᠡᠭᠦᠳᠡᠯ ᠰᠢᠭᠤᠳ ᠨᠡᠪᠲᠡᠷᠡᠭᠦᠯᠭᠡ ᠬᠢᠭᠰᠡᠨ ᠪᠢᠯᠡ! ᠨᠡᠪᠲᠡᠷᠡᠭᠦᠯᠭᠡ ᠶ᠋ᠢᠨ ᠳᠠᠷᠠᠭ᠎ᠠ ᠭᠣᠮᠣᠳᠠᠬᠤ᠂ ᠬᠠᠷᠠᠭᠤᠰᠠᠬᠤ᠂ ᠦᠷᠦ ᠡᠪᠡᠳᠬᠦ᠂ ᠠᠭᠤᠷᠯᠠᠬᠤ᠂ ᠪᠤᠬᠢᠨᠢᠳᠤᠬᠤ᠁ ᠶᠠᠩᠵᠤ ᠶ᠋ᠢᠨ ᠰᠡᠳᠬᠢᠯᠭᠡ ᠨᠠᠮᠠᠶ᠋ᠢ ᠨᠠᠷᠮᠠᠵᠤ᠂ ᠣᠯᠠᠨ ᠶᠠᠭᠤᠮ᠎ᠠ ᠪᠣᠳᠣᠭᠳᠠᠭᠤᠯᠤᠭᠰᠠᠨ ᠰᠠᠨ᠁
᠁
ᠰᠠᠷ᠎ᠠ ᠨᠠᠷᠠᠨ ᠤ᠋ ᠳᠤᠮᠳᠠ
ᠰᠡᠭᠦᠳᠡᠷ ᠨᠢ ᠪᠦᠲᠦᠨ ᠲᠣᠣᠷᠠᠢ ᠮᠢᠨᠢ
ᠡᠵᠡᠨ᠎ᠡ ᠭᠣᠪᠢ ᠶ᠋ᠢᠨ
ᠡᠯᠢᠭᠡᠨ ᠳ᠋ᠦ᠍ ᠢᠰᠡᠭᠡᠢ ᠲᠤᠭᠤᠷᠭᠠᠲᠠᠨ ᠲᠣᠷᠭᠤᠳ ᠮᠢᠨᠢ
᠁
ᠠᠯᠠᠱᠠ ᠠᠢᠮᠠᠭ ᠤ᠋ᠨ ᠬᠠᠮᠤᠭ ᠤ᠋ᠨ ᠪᠠᠷᠠᠭᠤᠨ ᠵᠠᠬ᠎ᠠ ᠳ᠋ᠤ᠌ ᠪᠠᠢᠭ᠎ᠠ ᠡᠵᠡᠨ᠎ᠡ ᠬᠣᠰᠢᠭᠤ ᠪᠣᠯ11᠂4 ᠲᠦᠮᠡᠨ ᠬᠠᠪᠲᠠᠭᠠᠢ ᠳᠥᠷᠪᠡᠯᠵᠢᠨ ᠺᠢᠯᠣᠮᠧᠲ᠋ᠷ ᠲᠠᠯᠠᠪᠠᠢ ᠲᠠᠢ ᠪᠠᠷ ᠢ᠋ᠶ᠋ᠠᠨ ᠮᠠᠨ ᠤ᠋ ᠣᠷᠣᠨ ᠤ᠋ ᠬᠠᠮᠤᠭ ᠤ᠋ᠨ
ᠠᠭᠤᠳᠠᠮ ᠨᠤᠲᠤᠭ ᠲᠠᠢ ᠬᠣᠰᠢᠭᠤ ᠶᠤᠮ᠃3500 ᠵᠢᠯ ᠦ᠋ᠨ ᠡᠮᠦᠨ᠎ᠡ ᠰᠢᠨ᠎ᠡ ᠬᠠᠭᠤᠴᠢᠨ ᠴᠢᠯᠠᠭᠤᠨ ᠵᠡᠪᠰᠡᠭ ᠦ᠋ᠨ ᠠᠭᠤᠯᠵᠠᠪᠤᠷᠢ ᠣᠷᠣᠨ ᠪᠠᠢᠭᠰᠠᠨ ᠡᠵᠡᠨ᠎ᠡ ᠣᠷᠣᠨ ᠨᠢ ᠰᠢᠶᠠ᠂ ᠱᠠᠩ᠂ ᠵᠧᠦ ᠤᠯᠤᠰ ᠤ᠋ᠨ ᠦᠶ᠎ᠡ ᠳ᠋ᠦ᠍ ᠦᠰᠥ᠋ᠨ ᠳ᠋ᠦ᠍ ᠵᠠᠬᠢᠷᠤᠭᠳᠠᠵᠤ᠂ ᠴᠢᠨ ᠤᠯᠤᠰ ᠤ᠋ᠨ ᠦᠶ᠎ᠡ ᠳ᠋ᠤ᠌ ᠳᠠ ᠶᠤᠸᠠᠢ ᠱᠢ ᠶ᠋ᠢᠨ ᠵᠠᠬᠢᠷᠭᠠᠨ ᠳ᠋ᠤ᠌ ᠪᠠᠢᠵᠤ᠂ ᠪᠠᠷᠠᠭᠤᠨ ᠬᠠᠨ ᠤᠯᠤᠰ ᠤ᠋ᠨ ᠦᠶ᠎ᠡ ᠳ᠋ᠦ᠍ ᠾᠦᠩᠨᠦ ᠶ᠋ᠢᠨ ᠪᠡᠯᠴᠢᠭᠡᠷ ᠪᠠᠢᠪᠠ᠃ ᠣᠨ ᠲᠣᠭᠠᠯᠠᠯ ᠤ᠋ᠨ1004—1008 ᠣᠨ ᠳ᠋ᠤ᠌ ᠪᠠᠷᠠᠭᠤᠨ ᠰᠢᠶᠠ ᠤᠯᠤᠰ ᠲᠤ ᠵᠠᠬᠢᠷᠤᠭᠳᠠᠨ ᠮᠠᠰᠢ ᠬᠥᠭᠵᠢᠯ ᠲᠡᠢ ᠣᠷᠣᠨ ᠪᠣᠯᠵᠠᠢ᠃ ᠶᠤᠸᠠᠨ ᠤᠯᠤᠰ ᠤ᠋ᠨ ᠦᠶ᠎ᠡ ᠳ᠋ᠦ᠍ ᠡᠵᠡᠨ᠎ᠡ ᠶ᠋ᠢᠨ ᠵᠢᠦᠢ ᠶᠠᠨ ᠣᠷᠣᠨ ᠨᠢ ᠭᠠᠵᠠᠷ ᠵᠦᠢ᠂ ᠴᠡᠷᠢᠭ ᠦ᠋ᠨ ᠶᠠᠪᠤᠳᠠᠯ ᠤ᠋ᠨ ᠴᠢᠬᠤᠯᠠ ᠣᠷᠣᠨ ᠪᠠᠢᠵᠤ᠂ ᠤᠯᠤᠰ ᠲᠥᠷᠥ᠂ ᠠᠵᠤ ᠠᠬᠤᠢ᠂ ᠰᠣᠶᠣᠯ ᠤ᠋ᠨ ᠲᠠᠯ᠎ᠠ ᠪᠠᠷ ᠰᠢᠨ᠎ᠡ ᠬᠥᠭᠵᠢᠯ ᠲᠡᠢ ᠪᠣᠯᠵᠠᠢ᠃ ᠶᠡᠷᠦ ᠨᠢ ᠵᠢᠦᠢ ᠶᠠᠨ ᠢ᠋ ᠠᠯᠢ ᠴᠤ ᠲᠥᠷᠥ ᠶ᠋ᠢᠨ ᠦᠶ᠎ᠡ ᠳ᠋ᠦ᠍ ᠴᠢᠬᠤᠯᠠᠴᠢᠯᠠᠨ ᠦᠵᠡᠵᠦ ᠪᠠᠢᠵᠠᠢ᠃ ᠡᠭᠦᠨ ᠳ᠋ᠦ᠍ ᠬᠠᠮᠤᠭ ᠤ᠋ᠨ ᠠᠯᠳᠠᠷᠲᠠᠢ ᠨᠢ ᠱᠦᠢ ᠶ᠋ᠢᠨ ᠭᠤᠸᠠᠨ᠂ ᠬᠠᠷ᠎ᠠ ᠬᠣᠲᠠ᠂ ᠤᠯᠠᠭᠠᠨ ᠬᠣᠲᠠ᠂ ᠨᠣᠭᠣᠭᠠᠨ ᠬᠣᠲᠠ ᠶᠤᠮ᠃ ᠣᠨ ᠲᠣᠭᠠᠯᠠᠯ ᠤ᠋ᠨ1753 ᠣᠨ ᠳ᠋ᠤ᠌ ᠴᠢᠩ ᠤᠯᠤᠰ《ᠡᠵᠡᠨ᠎ᠡ ᠶ᠋ᠢᠨ ᠬᠠᠭᠤᠴᠢᠨ ᠲᠣᠷᠭᠤᠳ ᠤ᠋ᠨ ᠣᠨᠴᠠᠭᠠᠢ ᠬᠣᠰᠢᠭᠤ》 ᠶ᠋ᠢ ᠪᠠᠢᠭᠤᠯᠵᠤ᠂ ᠵᠠᠰᠠᠭ ᠲᠠᠮᠠᠭ᠎ᠠ ᠬᠠᠢᠷᠠᠯᠠᠵᠠᠢ᠃1949 ᠣᠨ ᠤ᠋9 ᠰᠠᠷ᠎ᠠ ᠶ᠋ᠢᠨ27 ᠳ᠋ᠤ᠌ ᠵᠠᠰᠠᠭ ᠵᠢᠶᠦ᠋ᠨ ᠸᠠᠩ ᠲᠠᠸᠠᠩᠵᠠᠪ ᠡᠪ ᠬᠠᠮᠲᠤ ᠨᠠᠮ ᠢ᠋ ᠳᠠᠭᠠᠬᠤ ᠪᠠᠨ ᠢᠯᠡᠷᠬᠡᠢᠯᠡᠵᠡᠢ᠃ ᠡᠢᠨ ᠬᠦ᠌1951 ᠣᠨ ᠤ᠋1 ᠰᠠᠷ᠎ᠠ ᠳ᠋ᠤ᠌ ᠡᠵᠡᠨ᠎ᠡ ᠬᠤᠰᠢᠭᠤᠨ ᠤ᠋ ᠥᠪᠡᠷᠲᠡᠭᠡᠨ ᠵᠠᠰᠠᠬᠤ ᠣᠷᠣᠨ ᠪᠠᠢᠭᠤᠯᠤᠭᠳᠠᠵᠤ᠂1979 ᠣᠨ ᠤ᠋7 ᠰᠠᠷ᠎ᠠ ᠶ᠋ᠢᠨ1 ᠳ᠋ᠦ᠍ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠠᠷᠢᠶᠠᠨ ᠳ᠋ᠤ᠌ ᠣᠷᠣᠵᠤ᠂1980 ᠣᠨ ᠳ᠋ᠤ᠌ ᠠᠯᠠᠱᠠ ᠠᠢᠮᠠᠭ ᠤ᠋ᠨ ᠵᠠᠬᠢᠷᠭᠠᠨ ᠳ᠋ᠤ᠌ ᠣᠷᠣᠵᠠᠢ᠃ ᠣᠳᠣ ᠡᠨᠳᠡ ᠲᠣᠷᠭᠤᠳ᠂ ᠬᠠᠯᠬᠠᠴᠤᠳ ᠢ᠋ᠶ᠋ᠠᠷ ᠭᠣᠣᠯᠯᠠᠭᠰᠠᠨ ᠮᠣᠩᠭᠣᠯᠴᠤᠳ ᠰᠠᠭᠤᠷᠢᠰᠢᠵᠤ ᠪᠣᠢ᠃ ᠡᠵᠡᠨ᠎ᠡ ᠲᠣᠷᠭᠤᠳ ᠢ᠋ ᠰᠢᠨ᠎ᠡ᠂ ᠬᠠᠭᠤᠴᠢᠨ ᠲᠣᠷᠭᠤᠳ ᠭᠡᠵᠦ ᠬᠤᠪᠢᠶᠠᠵᠤ ᠨᠡᠷᠡᠯᠡᠳᠡᠭ᠃ ᠴᠢᠩ ᠤᠯᠤᠰ ᠤ᠋ᠨ ᠨᠠᠢᠷᠠᠯᠲᠤ ᠲᠥᠪ ᠦ᠋ᠨ9 ᠳ᠋ᠦ᠍ᠭᠡᠷ ᠣᠨ᠂1731 ᠣᠨ ᠳ᠋ᠤ᠌ ᠬᠣᠱᠣᠢ ᠪᠠᠢᠰᠠ ᠳᠠᠨᠵᠥ᠋ᠩ ᠬᠠᠷᠢᠶᠠᠲᠤ ᠢᠷᠡᠭᠡᠳ ᠢ᠋ᠶ᠋ᠡᠨ ᠳᠠᠭᠠᠭᠤᠯᠤᠨ ᠡᠵᠡᠨ᠎ᠡ ᠭᠣᠣᠯ ᠤ᠋ᠨ ᠰᠠᠪᠠ ᠳᠠᠭᠠᠤ ᠨᠤᠲᠤᠭᠯᠠᠭᠰᠠᠨ ᠪᠠ ᠲᠩᠷᠢ ᠲᠡᠳᠬᠦᠭᠴᠢ ᠶ᠋ᠢᠨ36 ᠣᠨ᠂1771 ᠣᠨ ᠳ᠋ᠤ᠌ ᠣᠷᠣᠰ ᠤ᠋ᠨ ᠢᠵᠢᠯ ᠮᠥᠷᠡᠨ ᠡᠴᠡ ᠰᠢᠨᠵᠢᠶᠠᠩ ᠳ᠋ᠤ᠌ ᠢᠷᠡᠭᠰᠡᠨ ᠲᠣᠷᠭᠤᠳ ᠤ᠋ᠳ ᠤ᠋ᠨ ᠨᠢᠭᠡ ᠬᠡᠰᠡᠭ—29 ᠡᠷᠦᠬᠡ1821 ᠣᠨ ᠤ᠋ ᠦᠶ᠎ᠡ ᠳ᠋ᠦ᠍ ᠡᠵᠡᠨ᠎ᠡ ᠳ᠋ᠦ᠍ ᠢᠷᠡᠵᠦ ᠨᠤᠲᠤᠭᠯᠠᠭᠰᠠᠨ ᠨᠢ ᠳᠠᠷᠤᠢ ᠬᠠᠭᠤᠴᠢᠨ ᠲᠣᠷᠭᠤᠳ᠃ ᠰᠢᠨᠵᠢᠶᠠᠩ ᠤ᠋ᠨ ᠪᠤᠯᠠᠭᠠᠨ ᠭᠣᠣᠯ ᠠ᠋ᠴᠠ1908—1934 ᠣᠨ ᠤ᠋ ᠬᠣᠭᠣᠷᠣᠨᠳᠣ ᠳᠥᠷᠪᠡᠨ ᠡᠷᠦᠬᠡ ᠲᠣᠷᠭᠤᠳ ᠢᠷᠡᠵᠦ ᠨᠤᠲᠤᠭᠯᠠᠭᠰᠠᠨ ᠨᠢ ᠰᠢᠨ᠎ᠡ ᠲᠣᠷᠭᠤᠳ ᠪᠢᠯᠡ! ᠡᠭᠦᠨ ᠡᠴᠡ ᠭᠠᠳᠠᠨ᠎ᠠ1920—1940 ᠣᠨ ᠤ᠋ ᠬᠣᠭᠣᠷᠣᠨᠳᠣ ᠮᠣᠩᠭᠣᠯ ᠤᠯᠤᠰ ᠠ᠋ᠴᠠ70—80 ᠡᠷᠦᠬᠡ ᠬᠠᠯᠬᠠᠴᠤᠳ ᠨᠡᠭᠦᠳᠡᠯᠯᠡᠨ ᠢᠷᠡᠵᠦ ᠨᠤᠲᠤᠭᠯᠠᠭᠠᠳ ᠥᠨᠥ ᠪᠣᠯᠵᠠᠢ᠃
ᠴᠠᠭ ᠤ᠋ᠨ ᠬᠦᠷᠳᠦ ᠡᠷᠭᠢᠭᠰᠡᠭᠡᠷ21 ᠳ᠋ᠦ᠍ᠭᠡᠷ ᠵᠠᠭᠤᠨ ᠤ᠋ ᠪᠣᠱᠣᠭ᠎ᠠ ᠶ᠋ᠢ ᠳᠠᠪᠠᠯ᠎ᠠ᠃ ᠭᠡᠪᠡᠴᠦ ᠥᠩ ᠲᠡᠢ ᠰᠠᠢᠬᠠᠨ ᠮᠣᠩᠭᠣᠯ ᠤ᠋ᠨ ᠥᠨᠳᠥᠷᠯᠢᠭ ᠦ᠋ᠨ ᠠᠮᠢ ᠠᠬᠤᠢ ᠰᠡᠭᠦᠯ ᠦ᠋ᠨ ᠵᠢᠯ ᠦ᠋ᠳ ᠲᠦ᠍ ᠡᠪᠳᠡᠭᠳᠡᠵᠦ᠂ ᠤᠯᠠᠮᠵᠢᠯᠠᠯᠲᠤ ᠦᠢᠯᠡᠳᠪᠦᠷᠢᠯᠡᠯ ᠦ᠋ᠨ ᠠᠷᠭ᠎ᠠ ᠴᠤ ᠲᠣᠭᠲᠠᠯᠴᠠᠭ᠎ᠠ ᠪᠠᠨ ᠠᠯᠳᠠᠭᠰᠠᠨ ᠢ᠋ᠶ᠋ᠠᠷ《ᠰᠣᠶᠣᠯ ᠢ᠋ᠶ᠋ᠠᠨ ᠶᠠᠭᠠᠬᠢᠬᠤ ᠪᠣᠢ?》 ᠭᠡᠳᠡᠭ ᠬᠥᠨᠳᠡᠭᠦᠷ ᠲᠡᠢ ᠠᠰᠠᠭᠤᠳᠠᠯ ᠪᠢᠳᠡᠨ ᠲᠡᠢ ᠨᠢᠭᠤᠷᠯᠠᠭᠰᠠᠨ ᠪᠢᠯᠡ! ᠦᠨᠡᠬᠡᠷ ᠪᠢᠳᠡ ᠰᠣᠶᠣᠯ ᠤᠯᠠᠮᠵᠢᠯᠠᠯ ᠢ᠋ᠶ᠋ᠠᠨ ᠶᠠᠭᠠᠬᠢᠬᠤ ᠪᠣᠢ? ᠨᠤᠷ᠎ᠠ ᠡᠯᠡᠰᠦᠨ ᠳ᠋ᠦ᠍ ᠳᠠᠷᠤᠭᠳᠠᠮᠠᠷ ᠪᠠᠢᠭ᠎ᠠ ᠬᠠᠷ᠎ᠠ ᠬᠣᠲᠠ ᠶ᠋ᠢᠨ ᠪᠠᠭᠤᠷᠢ ᠰᠢᠭ᠋᠂ ᠰᠢᠷᠭᠢᠨ ᠬᠠᠲᠠᠭᠰᠠᠨ ᠵᠢᠦᠢ ᠶᠠᠨ ᠳᠠᠯᠠᠢ ᠰᠢᠭ᠂ ᠥᠭᠢᠷᠡᠨ ᠦᠬᠦᠵᠦ ᠪᠣᠢ ᠲᠣᠣᠷᠠᠢ ᠤᠯᠢᠶᠠᠰᠤ ᠰᠢᠭ᠋᠂ ᠤᠷᠤᠰᠬᠠᠯ ᠲᠠᠰᠤᠷᠠᠭᠰᠠᠨ ᠬᠠᠷ᠎ᠠ ᠭᠣᠣᠯ ᠰᠢᠭ᠋᠁ ᠲᠡᠦᠬᠡ ᠶ᠋ᠢᠨ ᠬᠠᠭᠤᠳᠠᠰᠤᠨ ᠠ᠋ᠴᠠ ᠠᠷᠴᠢᠭᠳᠠᠨ ᠪᠠᠯᠠᠷᠠᠵᠤ᠂ ᠳᠣᠮᠣᠭ ᠪᠣᠯᠤᠨ ᠡᠯᠡᠷᠡᠵᠦ᠂ ᠳᠠᠭᠤᠤ ᠪᠣᠯᠤᠨ ᠮᠡᠭᠰᠢᠬᠦ ᠶᠦᠮ ᠭᠡᠵᠦ ᠤᠤ? ᠬᠥᠳᠡᠭᠡ ᠮᠢᠨᠢ ᠡᠵᠡᠭᠦᠢ ᠬᠣᠴᠣᠷᠴᠤ᠂ ᠪᠢᠳᠡ ᠬᠣᠲᠠ ᠬᠡᠮᠡᠬᠦ ᠰᠠᠭᠤᠷᠢᠰᠢᠯ ᠰᠣᠶᠣᠯ ᠤ᠋ᠨ ᠳᠠᠯᠠᠢ ᠳ᠋ᠤ᠌ ᠰᠢᠪᠡᠷ ᠦᠬᠡᠷ ᠰᠢᠭ ᠠᠭᠤᠰᠤᠨ ᠵᠢᠪᠴᠦ᠂ ᠮᠠᠯ ᠰᠦᠷᠦᠭ ᠮᠢᠨᠢ ᠡᠨᠡ ᠨᠤᠲᠤᠭ ᠤ᠋ᠨ ᠠᠮᠢᠲᠠᠨ ᠭᠥᠷᠥᠭᠡᠰᠦ ᠰᠢᠭ ᠬᠣᠪᠣᠷᠳᠠᠨ ᠴᠥᠭᠡᠷᠡᠵᠦ᠂ ᠦᠷ᠎ᠡ ᠬᠣᠢᠴᠢᠰ ᠮᠢᠨᠢ ᠥᠭᠡᠷ᠎ᠡ ᠰᠣᠶᠣᠯ ᠤ᠋ᠨ ᠰᠢᠬᠢᠷ ᠢ᠋ ᠬᠦᠯᠬᠦᠭᠰᠡᠭᠡᠷ ᠥᠰᠬᠦ ᠶᠦᠮ ᠭᠡᠵᠦ ᠤᠤ? ᠲᠡᠦᠬᠡ ᠪᠡᠨ ᠪᠢᠳᠡ ᠶᠠᠭᠠᠬᠢᠵᠤ ᠦᠷᠭᠦᠯᠵᠢᠯᠡᠭᠦᠯᠦᠨ ᠪᠢᠴᠢᠬᠦ ᠶᠦᠮ ᠪᠣᠢ? ᠪᠢ ᠰᠢᠭᠤᠳ ᠨᠡᠪᠲᠡᠷᠡᠭᠦᠯᠭᠡ ᠪᠡᠨ ᠪᠠᠷᠠᠭᠠᠳ ᠬᠡᠨ ᠨᠢᠭᠡᠨ ᠬᠥᠮᠦᠨ ᠡᠴᠡ ᠢᠩᠭᠢᠵᠦ ᠬᠠᠰᠬᠢᠴᠢᠨ ᠠᠰᠠᠭᠤᠮᠠᠷ ᠰᠠᠨᠠᠭᠳᠠᠭᠰᠠᠨ᠁᠃《ᠤᠰᠤ ᠤᠰᠤᠨ ᠠ᠋ᠴᠠ ᠲᠤᠩᠭᠠᠯᠠᠭ᠂ ᠡᠵᠡᠨ᠎ᠡ ᠲᠤᠤᠯᠠ ᠶ᠋ᠢᠨ ᠤᠰᠤᠨ᠂ ᠡᠪᠡᠰᠦ ᠡᠪᠡᠰᠦᠨ ᠡᠴᠡ ᠦᠯᠡᠮᠵᠢ᠂ ᠶᠣᠩᠬᠣᠷ ᠨᠡᠷ᠎ᠡ ᠲᠡᠢ ᠡᠪᠡᠰᠦᠨ᠂ ᠥᠩ ᠲᠡᠢ ᠵᠤᠨ ᠲᠠᠢ ᠨᠤᠲᠤᠭ ᠲᠤ᠂ ᠦᠶ᠎ᠡ ᠦᠶ᠎ᠡ ᠳ᠋ᠡᠭᠡᠨ ᠲᠣᠭᠲᠠᠶ᠎ᠠ᠂ ᠦᠢᠯᠡ ᠪᠡᠨ ᠰᠠᠢᠬᠠᠨ ᠪᠦᠲᠦᠭᠡᠭᠡᠳ᠂ ᠦᠷᠭᠦᠯᠵᠢᠳᠡ ᠬᠠᠮᠲᠤ ᠳ᠋ᠠᠭᠠᠨ ᠵᠢᠷᠭᠠᠶ᠎ᠠ》 ᠭᠡᠰᠡᠨ ᠡᠵᠡᠨ᠎ᠡ ᠠᠷᠠᠳ ᠤ᠋ᠨ ᠳᠠᠭᠤᠤ ᠪᠣᠢ᠃ ᠲᠡᠢᠮᠦ ᠠ᠋! ᠡᠵᠡᠨ᠎ᠡ ᠪᠤᠮᠪᠠ ᠶ᠋ᠢᠨ ᠣᠷᠣᠨ ᠰᠢᠭ᠋ ᠨᠤᠲᠤᠭ ᠪᠠᠢᠭᠰᠠᠨ ᠨᠢ ᠦᠨᠡᠨ ᠭᠡᠳᠡᠭ ᠢ᠋ ᠲᠡᠦᠬᠡᠨ ᠲᠡᠮᠳᠡᠭᠯᠡᠯ ᠪᠤᠶᠤ ᠨᠠᠰᠤᠲᠠᠢᠴᠤᠳ ᠤ᠋ᠨ ᠶᠠᠷᠢᠶ᠎ᠠ ᠭᠡᠷᠡᠴᠢᠯᠡᠵᠦ ᠪᠠᠢᠨ᠎ᠠ᠃ ᠭᠡᠪᠡᠴᠦ ᠲᠡᠦᠬᠡ ᠪᠣᠯᠤᠨ ᠣᠳᠣ ᠶ᠋ᠢᠨ ᠬᠠᠷᠢᠴᠠᠭᠤᠯᠤᠯ ᠳᠤᠮᠳᠠ ᠠ᠋ᠴᠠ ᠪᠢᠳᠡ ᠠᠰᠤᠷᠤ ᠶᠡᠬᠡ ᠭᠤᠨᠢᠭ ᠢ᠋ ᠯᠡ ᠰᠡᠳᠬᠢᠯ ᠳ᠋ᠡᠭᠡᠨ ᠠᠪᠴᠤ ᠦᠯᠡᠳᠡᠬᠦ ᠪᠣᠯᠤᠨ᠎ᠠ᠃
ᠳᠡᠯᠡᠬᠡᠢ ᠶ᠋ᠢᠨ ᠭᠤᠷᠪᠠᠨ ᠶᠡᠬᠡ ᠲᠣᠣᠷᠠᠢ ᠶ᠋ᠢᠨ ᠣᠢ ᠶ᠋ᠢᠨ ᠨᠢᠭᠡ ᠪᠣᠯᠤᠭᠰᠠᠨ ᠡᠵᠡᠨ᠎ᠡ ᠲᠣᠣᠷᠠᠢ ᠣᠢ ᠨᠢ20 ᠳ᠋ᠤᠭᠠᠷ ᠵᠠᠭᠤᠨ ᠤ᠋ ᠲᠠᠪᠢᠭᠠᠳ ᠣᠨ ᠳ᠋ᠤ᠌75 ᠲᠦᠮᠡᠨ ᠮᠦ᠍ ᠪᠠᠢᠭᠰᠠᠨ ᠠ᠋ᠴᠠ ᠪᠠᠨ30 ᠲᠦᠮᠡᠨ ᠮᠦ᠍ ᠪᠣᠯᠤᠨ ᠪᠠᠭᠠᠰᠤᠭᠰᠠᠨ; ᠤᠯᠠᠭᠠᠨ ᠰᠤᠬᠠᠢ ᠶ᠋ᠢᠨ ᠣᠢ225 ᠲᠦᠮᠡᠨ ᠮᠦ᠍ ᠪᠠᠢᠭᠰᠠᠨ ᠢ᠋ᠶ᠋ᠠᠨ150 ᠲᠦᠮᠡᠨ ᠮᠦ᠍ ᠪᠣᠯᠤᠭᠰᠠᠨ; ᠬᠡᠭᠡᠷ᠎ᠡ ᠶ᠋ᠢᠨ ᠠᠮᠢᠲᠠᠨ ᠦᠨᠡᠭᠡ᠂ ᠴᠢᠨᠣ᠎ᠠ᠂ ᠵᠡᠭᠡᠷ᠎ᠡ᠂ᠠᠷᠭᠠᠯᠢ᠂ ᠶᠠᠩᠭᠢᠷ᠂ ᠬᠤᠯᠠᠨ᠂ ᠬᠠᠪᠲᠠᠭᠠᠢ᠂ ᠵᠣᠷᠬᠣᠨ᠂ ᠰᠢᠯᠦᠭᠦᠰᠦ᠂ ᠲᠠᠤᠯᠠᠢ᠂ ᠭᠤᠷᠭᠤᠤᠯ᠁ ᠵᠡᠷᠭᠡ180 ᠭᠠᠷᠤᠢ ᠲᠥᠷᠥᠯ ᠪᠠᠢᠭᠰᠠᠨ ᠪᠣᠯ ᠣᠳᠣ ᠣᠯᠠᠩᠬᠢ ᠨᠢ ᠦᠨᠳᠦᠰᠦ ᠲᠠᠰᠤᠷᠠᠭᠰᠠᠨ; ᠡᠵᠡᠨ᠎ᠡ ᠶ᠋ᠢᠨ ᠨᠣᠭᠣᠭᠠᠨ ᠪᠦᠷᠢᠳᠦ3.2 ᠲᠦᠮᠡᠨ ᠬᠠᠪᠲᠠᠭᠠᠢ ᠳᠥᠷᠪᠡᠯᠵᠢᠨ ᠺᠢᠯᠣᠮᠧᠲ᠋ᠷ ᠪᠠᠢᠭᠰᠠᠨ 2001 ᠪᠣᠯᠬᠤ ᠳ᠋ᠤ᠌ ᠰᠠᠶᠢ0.332 ᠲᠦᠮᠡᠨ ᠬᠠᠪᠲᠠᠭᠠᠢ ᠳᠥᠷᠪᠡᠯᠵᠢᠨ ᠺᠢᠯᠣᠮᠧᠲ᠋ᠷ ᠦᠯᠡᠳᠡᠭᠰᠡᠨ;130 ᠭᠤᠴᠢ ᠭᠠᠷᠤᠢ ᠲᠥᠷᠥᠯ ᠦ᠋ᠨ ᠡᠪᠡᠰᠦ ᠪᠠᠢᠭᠰᠠᠨ ᠢ᠋ᠶ᠋ᠠᠨ ᠣᠳᠣ 30 ᠭᠠᠷᠤᠢᠬᠠᠨ ᠲᠥᠷᠥᠯ ᠪᠣᠯᠤᠭᠰᠠᠨ᠃ ᠵᠢᠷᠠᠭᠠᠳ ᠣᠨ ᠤ᠋ ᠠᠯᠠᠱᠠ ᠠᠭᠤᠯᠠ ᠶ᠋ᠢᠨ 36 ᠲᠦᠮᠡᠨ ᠮᠦ᠍ ᠪᠠᠢᠭᠠᠯᠢ ᠶ᠋ᠢᠨ ᠣᠢᠲᠤ ᠣᠷᠣᠨ ᠳ᠋ᠤ᠌ 248 ᠭᠣᠣᠯ ᠭᠣᠷᠣᠬ᠎ᠠ ᠲᠠᠢ ᠪᠠᠢᠭᠰᠠᠨ ᠢ᠋ ᠨᠤᠲᠤᠭ ᠤ᠋ᠨ ᠪᠤᠭᠤᠷᠤᠯᠴᠤᠳ ᠳᠤᠷᠠᠰᠴᠤ ᠪᠣᠢ᠃ ᠭᠡᠪᠡᠴᠦ ᠣᠳᠣ ᠳᠥᠩᠭᠡᠵᠦ 13 ᠯᠡ ᠦᠯᠡᠳᠡᠭᠡᠳ ᠪᠣᠢ᠃ ᠲᠦᠷᠦᠭᠦᠦ ᠬᠡᠳᠦᠨ ᠵᠢᠯ ᠡᠵᠡᠨ᠎ᠡ ᠶ᠋ᠢᠨ ᠲᠡᠮᠡᠭᠡ ᠪᠦᠳᠦᠷᠢᠵᠦ ᠤᠨᠠᠪᠠᠯ ᠬᠥᠯ ᠨᠢ ᠬᠤᠭᠤᠷᠠᠳᠠᠭ ᠪᠣᠯᠤᠭᠰᠠᠨ᠂ ᠭᠠᠩ ᠭᠠᠴᠢᠭ ᠬᠡᠴᠡᠭᠦᠦ ᠦᠶ᠎ᠡ ᠳ᠋ᠦ᠍ ᠠᠲᠠᠨ ᠲᠡᠮᠡᠭᠡ ᠶ᠋ᠢ50 ᠲᠥᠭᠥᠷᠢᠭ ᠢ᠋ᠶ᠋ᠡᠷ ᠠᠪᠬᠤ ᠬᠥᠮᠦᠨ ᠦᠭᠡᠢ ᠬᠡᠮᠵᠢᠶᠡᠨ ᠳ᠋ᠦ᠍ ᠬᠦᠷᠦᠭᠰᠡᠨ᠃2002.5.10 ᠤ᠋《ᠥᠪᠥᠷ ᠮᠣᠩᠭᠣᠯ ᠤ᠋ᠨ ᠡᠳᠦᠷ ᠦ᠋ᠨ ᠰᠣᠨᠢᠨ 》 ᠢ᠋ ᠦᠨᠳᠦᠰᠦᠯᠡᠪᠡᠯ᠂ ᠢᠳᠡᠬᠦ ᠡᠪᠡᠰᠦ ᠦᠭᠡᠢ ᠪᠣᠯᠤᠭᠰᠠᠨ ᠢᠮᠠᠭ᠎ᠠ ᠪᠡᠶ᠎ᠡ ᠪᠡᠶ᠎ᠡ ᠶ᠋ᠢᠨ ᠢ᠋ᠶ᠋ᠡᠨ ᠨᠣᠯᠤᠤᠷ ᠢ᠋ ᠵᠤᠯᠭᠠᠭᠠᠨ ᠢᠳᠡᠬᠦ ᠪᠣᠯᠤᠭᠰᠠᠨ ᠢ᠋ᠶ᠋ᠠᠷ ᠠᠯᠠᠱᠠ ᠶ᠋ᠢᠨ ᠮᠠᠯᠴᠢᠳ ᠠᠷᠭ᠎ᠠ ᠪᠤᠰᠤ ᠬᠤᠪᠴᠠᠰᠤ ᠣᠶᠣᠵᠤ ᠡᠮᠦᠰᠬᠡᠳᠡᠭ ᠪᠣᠯᠵᠠᠢ᠃ ᠵᠠᠷᠢᠮ ᠮᠠᠯᠴᠢᠳ80 ᠲᠡᠮᠡᠭᠡ ᠪᠡᠨ3 ᠲᠦᠮᠡᠨ ᠲᠥᠭᠥᠷᠢᠭ ᠢ᠋ᠶ᠋ᠡᠷ ᠬᠤᠳᠠᠯᠳᠤᠵᠤ ᠪᠠᠢᠭᠰᠠᠨ ᠲᠡᠦᠬᠡ ᠲᠡᠢ᠃ ᠡᠢᠨ ᠬᠦ᠌ ᠬᠠᠷ᠎ᠠ ᠭᠣᠣᠯ ᠤ᠋ᠨ ᠳᠣᠣᠷᠠᠲᠤ ᠤᠷᠤᠰᠬᠠᠯ ᠳᠠᠭᠠᠤ ᠮᠠᠯ ᠴᠥᠭᠡᠷᠡᠵᠦ᠂ ᠮᠠᠯᠴᠢᠳ ᠠᠮᠢᠳᠤᠷᠠᠬᠤ ᠠᠷᠭ᠎ᠠ ᠪᠠᠨ ᠣᠯᠵᠤ ᠶᠠᠳᠠᠨ ᠭᠠᠰᠠᠯᠵᠤ ᠪᠠᠢᠬᠤ ᠳ᠋ᠤ᠌ ᠬᠠᠷ᠎ᠠ ᠭᠣᠣᠯ ᠤ᠋ᠨ ᠳᠤᠮᠳᠠ ᠤᠷᠤᠰᠬᠠᠯ ᠳᠠᠭᠠᠤ ᠳ᠋ᠠᠬᠢ ᠭᠠᠨᠰᠦ ᠮᠣᠵᠢ ᠶ᠋ᠢᠨ ᠵᠠᠩ ᠶᠧ᠂ ᠵᠢᠦ ᠴᠢᠤᠸᠠᠨ ᠤ᠋ ᠲᠠᠷᠢᠶ᠎ᠠ157 ᠲᠦᠮᠡᠨ ᠮᠦ᠍ ᠪᠠᠢᠭᠰᠠᠨ ᠢ᠋ᠶ᠋ᠠᠨ 380 ᠲᠦᠮᠡᠨ ᠮᠦ᠍ ᠪᠣᠯᠤᠨ ᠨᠡᠮᠡᠭᠳᠡᠭᠰᠡᠨ᠃ ᠰᠣᠪ ᠨᠠᠭᠤᠷ ᠪᠣᠯᠤᠨ ᠭᠠᠰᠢᠭᠤᠨ ᠨᠠᠭᠤᠷ ᠢ᠋ ᠪᠠᠭᠲᠠᠭᠠᠳᠠᠭ ᠵᠢᠦᠢ ᠶᠠᠨ ᠨᠠᠭᠤᠷ2600 ᠬᠠᠪᠲᠠᠭᠠᠢ ᠳᠥᠷᠪᠡᠯᠵᠢᠨ ᠺᠢᠯᠣᠮᠧᠲ᠋ᠷ ᠲᠠᠯᠠᠪᠠᠢ ᠲᠠᠢ ᠪᠠᠢᠳᠠᠭ ᠢ᠋ᠶ᠋ᠠᠷ ᠢ᠋ᠶ᠋ᠠᠨ ᠮᠠᠨ ᠤ᠋ ᠤᠯᠤᠰ ᠤ᠋ᠨ ᠪᠠᠷᠠᠭᠤᠨ ᠬᠣᠢᠲᠤ ᠬᠡᠰᠡᠭ ᠦ᠋ᠨ ᠬᠠᠮᠤᠭ ᠤ᠋ᠨ ᠲᠣᠮᠣ ᠨᠠᠭᠤᠷ ᠶᠤᠮ᠃ ᠭᠡᠪᠡᠴᠦ ᠰᠣᠪ ᠨᠠᠭᠤᠷ1992 ᠣᠨ ᠳ᠋ᠤ᠌᠂ ᠭᠠᠰᠢᠭᠤᠨ ᠨᠠᠭᠤᠷ1961 ᠣᠨ ᠳ᠋ᠤ᠌ ᠰᠢᠷᠭᠢᠭᠰᠡᠨ ᠪᠠᠢᠨ᠎ᠠ᠃ ᠡᠵᠡᠨ᠎ᠡ ᠭᠣᠣᠯ ᠤ᠋ᠨ ᠤᠰᠤ ᠵᠢᠯ ᠪᠦᠷᠢ7.3 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲ᠋ᠷ ᠪᠠᠢᠪᠠᠯ ᠰᠠᠶᠢ ᠬᠡᠷᠡᠭᠴᠡᠭᠡ ᠶ᠋ᠢ ᠬᠠᠩᠭᠠᠵᠤ ᠴᠢᠳᠠᠨ᠎ᠠ ᠭᠡᠵᠦ ᠲᠤᠰᠬᠠᠢ ᠮᠡᠷᠭᠡᠵᠢᠯᠲᠡᠨ ᠦ᠌ ᠵᠢᠱ᠌ᠢᠯᠲᠡ ᠪᠣᠢ ᠪᠣᠯᠪᠠᠴᠤ ᠵᠢᠯ ᠪᠦᠷᠢ10 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲ᠋ᠷ ᠦ᠋ᠨ ᠬᠠᠩᠭᠠᠯᠲᠠ ᠨᠢ ᠡᠷᠡᠰ ᠢ᠋ᠶ᠋ᠡᠷ ᠪᠠᠭᠤᠷᠠᠨ 2001 ᠣᠨ ᠳ᠋ᠤ᠌ 3 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲ᠋ᠷ ᠯᠡ ᠪᠣᠯᠤᠭᠰᠠᠨ ᠭᠡᠵᠦ ᠪᠣᠳᠣᠭᠠᠴᠢ ᠳᠠ᠃ ᠬᠠᠷ᠎ᠠ ᠭᠣᠣᠯ ᠨᠢ ᠲᠣᠣᠷᠠᠢ ᠶ᠋ᠢᠨ ᠣᠢ ᠳᠤᠮᠳᠠᠭᠤᠷ 19 ᠰᠠᠯᠪᠤᠷᠢ ᠪᠣᠯᠤᠨ ᠤᠷᠤᠰᠴᠤ᠂ ᠡᠵᠡᠨ᠎ᠡ ᠶ᠋ᠢᠨ ᠠᠮᠢ ᠠᠬᠤᠢ ᠶ᠋ᠢᠨ ᠨᠣᠭᠣᠭᠠᠨ ᠪᠦᠷᠢᠳᠦ ᠪᠣᠯᠤᠭᠰᠠᠨ ᠲᠣᠣᠷᠠᠢ ᠶ᠋ᠢᠨ ᠣᠢ ᠶ᠋ᠢ ᠤᠮᠳᠠᠯᠠᠳᠠᠭ ᠪᠠᠢᠯ᠎ᠠ᠃ ᠭᠡᠪᠡᠴᠦ ᠰᠡᠭᠦᠯ ᠦ᠋ᠨ ᠦᠶ᠎ᠡ ᠳ᠋ᠦ᠍ ᠬᠠᠷ᠎ᠠ ᠭᠣᠣᠯ ᠤ᠋ᠨ ᠤᠷᠤᠰᠬᠠᠯ ᠲᠠᠰᠤᠷᠠᠭᠰᠠᠨ ᠠ᠋ᠴᠠ ᠲᠣᠣᠷᠠᠢ ᠴᠤ ᠶᠡᠬᠡᠪᠡᠷ ᠬᠠᠲᠠᠵᠤ ᠦᠬᠦᠭᠰᠡᠨ ᠪᠠ ᠥᠨᠥ ᠬᠡᠳᠦᠢᠪᠡᠷ ᠤᠰᠤ ᠲᠠᠢ ᠪᠣᠯᠤᠭᠰᠠᠨ ᠪᠣᠯᠪᠠᠴᠤ ᠼᠧᠮᠸᠨ᠋ᠲ ᠢ᠋ᠶ᠋ᠡᠷ ᠰᠤᠪᠠᠭ ᠲᠡᠳᠡᠨ ᠰᠢᠭᠤᠳ ᠰᠣᠪ ᠨᠠᠭᠤᠷ ᠲᠤ ᠤᠰᠤ ᠶ᠋ᠢ ᠨᠢ ᠵᠠᠯᠠᠨ ᠣᠷᠣᠭᠤᠯᠵᠤ ᠪᠠᠢᠭ᠎ᠠ ᠪᠣᠯᠬᠣᠷ ᠲᠣᠣᠷᠠᠢ ᠶ᠋ᠢ ᠤᠰᠤᠯᠠᠬᠤ ᠪᠣᠯᠤᠮᠵᠢ ᠦᠭᠡᠢ ᠪᠠᠢᠭ᠎ᠠ ᠶᠤᠮ᠃ ᠰᠣᠪ ᠨᠠᠭᠤᠷ ᠲᠤ ᠦᠭᠭᠦᠭᠰᠡᠨ ᠨᠢ ᠴᠦ᠍ ᠰᠤᠷᠪᠤᠯᠵᠢᠯᠠᠭᠴᠢ ᠪᠤᠶᠤ ᠪᠠᠢᠴᠠᠭᠠᠬᠤ ᠪᠠᠷ ᠢᠷᠡᠭᠰᠡᠳ ᠢ᠋ ᠠᠷᠭᠠᠴᠠᠭᠠᠬᠤ ᠶ᠋ᠢᠨ ᠲᠥᠯᠥᠭᠡ ᠠᠵᠢ᠃ ᠪᠠᠷᠠᠭᠤᠨ ᠬᠠᠨ ᠤᠯᠤᠰ ᠤ᠋ᠨ ᠦᠶ᠎ᠡ ᠡᠴᠡ ᠲᠡᠦᠬᠡ ᠲᠡᠮᠳᠡᠭᠯᠡᠯ ᠲᠡᠢ ᠵᠢᠦᠢ ᠶᠠᠨ ᠨᠠᠭᠤᠷ ᠤ᠋ᠨ ᠴᠢᠳᠬᠤᠯᠠᠩ ᠲᠠᠰᠤᠯᠤᠭᠳᠠᠭᠰᠠᠨ ᠤ᠋ ᠳᠠᠷᠠᠭ᠎ᠠ ᠠᠷᠪᠠᠨ ᠵᠢᠯ ᠪᠣᠯᠤᠭ᠎ᠠ ᠥᠬᠡᠢ ᠰᠢᠷᠭᠢᠵᠡᠢ᠃《ᠬᠠᠷ᠎ᠠ ᠭᠣᠣᠯ ᠪᠣᠯ ᠳᠣᠲᠣᠭᠠᠳᠤ ᠤᠷᠤᠰᠬᠠᠯᠲᠤ ᠭᠣᠣᠯ᠂ ᠭᠠᠨᠰᠦ ᠪᠣᠯᠤᠨ ᠬᠥᠬᠡᠨᠠᠭᠤᠷ ᠮᠣᠵᠢ ᠶ᠋ᠢᠨ ᠵᠠᠭᠠᠭ ᠳᠠᠬᠢ4400 ᠮᠧᠲ᠋ᠷ ᠥᠨᠳᠥᠷ ᠴᠢ ᠯᠢᠶᠠᠨ ᠱᠠᠨ ᠠᠭᠤᠯᠠ᠂ ᠳᠠᠷᠤᠢ ᠲᠩᠷᠢ ᠳᠠᠪᠠᠭᠠᠨ ᠠ᠋ᠴᠠ ᠡᠬᠢ ᠠᠪᠴᠤ ᠬᠣᠶᠠᠷ ᠮᠣᠵᠢ᠂ ᠨᠢᠭᠡ ᠣᠷᠣᠨ ᠢ᠋ ᠳᠠᠮᠵᠢᠨ ᠵᠢᠦᠢ ᠶᠠᠨ ᠨᠠᠭᠤᠷ ᠲᠤ᠌ ᠴᠢᠳᠬᠤᠵᠤ ᠪᠠᠢᠳᠠᠭ᠃ ᠬᠠᠷ᠎ᠠ ᠭᠣᠣᠯ ᠪᠣᠯ ᠾᠸᠰᠢ( ᠬᠠᠰᠢᠨ ᠤ᠋ ᠬᠣᠩᠭᠢᠯ) ᠶ᠋ᠢᠨ ᠬᠣᠩᠭᠢᠯ ᠤ᠋ᠨ ᠬᠠᠮᠤᠭ ᠤ᠋ᠨ ᠲᠣᠮᠣ ᠳᠣᠲᠣᠭᠠᠳᠤ ᠤᠷᠤᠰᠬᠠᠯᠲᠤ ᠭᠣᠣᠯ ᠶᠤᠮ᠃ ᠭᠡᠪᠡᠴᠦ ᠬᠠᠷ᠎ᠠ ᠭᠣᠣᠯ ᠤ᠋ᠨ ᠳᠡᠭᠡᠳᠦ᠂ ᠳᠤᠮᠳᠠᠳᠤ ᠤᠷᠤᠰᠬᠠᠯ ᠳᠠᠭᠠᠤ ᠠᠵᠤ ᠠᠬᠤᠢ ᠶ᠋ᠢᠨ ᠬᠡᠷᠡᠭᠴᠡᠭᠡᠨ ᠡᠴᠡ ᠪᠣᠯᠵᠤ᠂ ᠤᠰᠤ ᠬᠠᠰᠢᠵᠤ ᠬᠡᠷᠡᠭᠯᠡᠭᠰᠡᠨ ᠡᠴᠡ ᠳᠣᠣᠷᠠᠲᠤ ᠤᠷᠤᠰᠬᠠᠯ ᠳᠠᠭᠠᠤ ᠣᠷᠣᠨ ᠳ᠋ᠤ᠌ ᠤᠰᠤ ᠳᠤᠲᠠᠭᠳᠠᠨ᠂1992 ᠣᠨ ᠳ᠋ᠤ᠌ ᠰᠢᠷᠭᠢᠭᠡᠳ᠂ ᠡᠯᠡᠰᠦᠨ ᠰᠢᠭᠤᠷᠭᠠᠨ ᠤ᠋ ᠡᠬᠢ ᠪᠣᠯᠤᠭᠰᠠᠨ ᠪᠢᠯᠡ 》 ᠭᠡᠵᠦ ᠬᠢᠲᠠᠳ ᠬᠡᠯᠡᠨ ᠦ᠌《ᠰᠢᠨᠵᠢᠯᠡᠬᠦ ᠤᠬᠠᠭᠠᠨ ᠠᠮᠢᠳᠤᠷᠠᠯ》 ᠰᠡᠳᠬᠦᠯ ᠦ᠋ᠨ2003 ᠣᠨ ᠤ᠋7 ᠳ᠋ᠤᠭᠠᠷ ᠰᠠᠷ᠎ᠠ ᠶ᠋ᠢᠨ ᠬᠡᠪᠯᠡᠯ ᠳ᠋ᠦ᠍ ᠪᠢᠴᠢᠭᠰᠡᠨ ᠪᠠᠢᠳᠠᠭ᠃ ᠢᠩᠭᠢᠭᠡᠳ ᠯᠡ ᠥᠪᠥᠷ ᠮᠣᠩᠭᠣᠯ ᠤ᠋ᠨ ᠠᠯᠠᠱᠠ ᠠᠢᠮᠠᠭ ᠤ᠋ᠨ ᠡᠵᠡᠨ᠎ᠡ ᠬᠣᠰᠢᠭᠤ ᠳᠤᠮᠳᠠᠳᠤ ᠤᠯᠤᠰ ᠤ᠋ᠨ ᠡᠯᠡᠰᠦᠨ ᠰᠢᠭᠤᠷᠭ᠎ᠠ ᠶ᠋ᠢᠨ ᠡᠬᠢ ᠭᠡᠭᠳᠡᠬᠦ ᠪᠣᠯᠤᠭᠰᠠᠨ ᠶᠤᠮ᠃ ᠲᠩᠷᠢ ᠮᠢᠨᠢ! ᠮᠣᠩᠭᠣᠯ ᠬᠥᠮᠦᠨ᠂ ᠲᠠᠪᠤᠨ ᠬᠣᠰᠢᠭᠤ ᠮᠠᠯ ᠲᠠᠢ ᠪᠠᠨ ᠬᠠᠮᠰᠠᠵᠤ ᠠᠮᠢ ᠠᠬᠤᠢ ᠶ᠋ᠢ ᠡᠪᠳᠡᠴᠢᠬᠡᠭᠡᠳ᠂ ᠣᠷᠣᠨ ᠳ᠋ᠤᠨᠢ ᠡᠯᠡᠰᠦ ᠲᠠᠷᠢᠴᠢᠬᠠᠭᠰᠠᠨ ᠮᠡᠲᠦ ᠪᠡᠷ ᠣᠢᠯᠠᠭᠠᠭᠳᠠᠵᠤ ᠪᠠᠢᠨ᠎ᠠ᠃ ᠰᠣᠶᠣᠯ ᠢ᠋ᠶ᠋ᠠᠨ ᠣᠢᠯᠠᠭᠠᠳᠠᠭ ᠦᠭᠡᠢ ᠵᠠᠷᠢᠮ ᠮᠣᠩᠭᠣᠯ ᠰᠡᠭᠡᠭᠡᠲᠡᠳ ᠬᠦᠷᠲᠡᠯ᠎ᠡ ᠡᠭᠦᠨ ᠢ᠋ ᠴᠤᠤᠷᠢᠶᠠᠲᠤᠨ ᠤᠤᠬᠠᠢ ᠶ᠋ᠢᠨ ᠲᠠᠰᠤ ᠪᠤᠯᠵᠠᠭᠠᠬᠤ ᠶ᠋ᠢ ᠬᠠᠷᠠᠭᠠᠳ ᠬᠠᠳᠠ ᠮᠥᠷᠭᠥᠴᠢᠬᠡᠮᠡᠷ ᠰᠠᠨᠠᠭᠳᠠᠨ᠎ᠠ᠁᠃ ᠨᠤᠲᠤᠭ ᠤᠰᠤ ᠶ᠋ᠢ ᠮᠢᠨᠢ ᠬᠡᠨ ᠡᠪᠳᠡᠭᠡ ᠪᠣᠢ? ᠪᠢᠳᠡ ᠥᠪᠡᠷ ᠢ᠋ᠶ᠋ᠡᠨ ᠦᠦ? ᠪᠢᠰᠢ! ᠠᠯᠠᠱᠠ ᠶ᠋ᠢᠨ ᠲᠡᠦᠬᠡᠨ ᠳᠠᠩᠰᠠ ᠡᠪᠬᠡᠮᠡᠯ ᠢ᠋ ᠰᠡᠬᠦᠪᠡᠯ᠂ ᠴᠢᠯᠥᠭᠡᠯᠡᠭᠳᠡᠬᠦ ᠡᠴᠡ ᠡᠮᠦᠨ᠎ᠡ ᠨᠠᠭᠤᠷ ᠪᠤᠯᠠᠭ᠂ ᠣᠢ ᠮᠣᠳᠣ ᠬᠦᠷᠲᠡᠯ᠎ᠡ ᠳᠠᠷᠤᠭ᠎ᠠ ᠳᠠᠭᠠᠭᠠᠮᠠᠯ ᠲᠠᠢ ᠪᠠᠢᠵᠤ ᠴᠢᠩᠭ᠎ᠠ ᠬᠣᠷᠢᠭ᠎ᠠ ᠴᠡᠭᠡᠷ ᠲᠡᠢ᠂ ᠬᠠᠮᠠᠭᠠᠯᠠᠯᠲᠠ ᠰᠠᠢᠲᠠᠢ ᠪᠠᠢᠭᠰᠠᠨ ᠢ᠋ ᠲᠣᠳᠣᠷᠬᠠᠢ ᠮᠡᠳᠡᠵᠦ ᠪᠣᠯᠤᠨ᠎ᠠ᠃ ᠮᠣᠩᠭᠣᠯᠴᠤᠳ ᠪᠠᠢᠭᠠᠯᠢ ᠠᠬᠤᠢ ᠪᠠᠨ ᠶᠠᠭᠠᠬᠢᠵᠤ ᠬᠠᠮᠠᠭᠠᠯᠠᠵᠤ ᠪᠠᠢᠭᠰᠠᠨ ᠤ᠋ ᠨᠢᠭᠡᠨ ᠵᠢᠱ᠌ᠢᠶ᠎ᠡ ᠡᠨᠡ!
ᠣᠳᠣ ᠡᠵᠡᠨ᠎ᠡ ᠶ᠋ᠢᠨ ᠲᠠᠪᠤᠨ ᠤ᠋ ᠳᠥᠷᠪᠡ ᠶ᠋ᠢᠨ ᠮᠠᠯᠴᠢᠳ ᠬᠣᠲᠠ ᠪᠠᠯᠭᠠᠰᠤ ᠪᠤᠶᠤ ᠨᠡᠭᠦᠳᠡᠯ ᠠᠷᠠᠳ ᠤ᠋ᠨ ᠲᠣᠭᠣᠷᠢᠭ ᠲᠤ᠌ ᠨᠥᠬᠥᠪᠥᠷᠢ ᠶ᠋ᠢᠨ ᠮᠥᠩᠭᠥ ᠴᠢᠷᠠᠢᠳᠠᠨ ᠠᠮᠢᠳᠤᠷᠠᠭ᠎ᠠ ᠭᠡᠨ᠎ᠡ᠃ ᠠᠮᠢ ᠠᠬᠤᠢ ᠶ᠋ᠢ ᠬᠠᠮᠠᠭᠠᠯᠠᠨ᠎ᠠ ᠭᠡᠳᠡᠭ ᠱᠠᠭᠠᠷᠳᠠᠯᠭ᠎ᠠ ᠪᠠᠷ ᠡᠢᠨ ᠬᠦ᠌ ᠮᠠᠯᠴᠢᠳ ᠢ᠋ ᠨᠡᠭᠦᠯᠭᠡᠵᠦ᠂ ᠦᠨᠳᠦᠰᠦᠨ ᠠᠮᠢᠵᠢᠷᠠᠭ᠎ᠠ ᠠ᠋ᠴᠠ ᠨᠢ ᠰᠠᠯᠭᠠᠭᠰᠠᠨ ᠬᠣᠢᠨ᠎ᠠ ᠮᠠᠯᠵᠢᠯ ᠳ᠋ᠤ᠌ ᠰᠠᠭᠤᠷᠢᠯᠠᠭᠰᠠᠨ ᠰᠣᠶᠣᠯ ᠤᠯᠠᠮᠵᠢᠯᠠᠯ ᠢ᠋ ᠨᠢ ᠶᠠᠭᠠᠬᠢᠵᠤ ᠬᠠᠮᠠᠭᠠᠯᠠᠬᠤ ᠶᠤᠮ ᠪᠣᠢ? ᠡᠨᠡ ᠲᠤᠬᠠᠢ ᠶᠠᠮᠠᠷ ᠠᠷᠭ᠎ᠠ ᠪᠣᠳᠣᠯᠭ᠎ᠠ ᠭᠠᠷᠭᠠᠭᠰᠠᠨ ᠶᠤᠮ ᠪᠣᠢ? ᠬᠡᠴᠢᠨᠡᠨ ᠬᠡᠴᠢᠨᠡᠨ ᠮᠥᠩᠭᠥᠨ ᠦ᠌ ᠳᠡᠮᠵᠢᠯᠭᠡ ᠥᠭᠴᠦ ᠠᠮᠢ ᠠᠬᠤᠢ ᠶ᠋ᠢᠨ ᠪᠦᠲᠦᠭᠡᠨ ᠪᠠᠢᠭᠤᠯᠤᠯᠲᠠ ᠳ᠋ᠤ᠌ ᠵᠣᠷᠢᠭᠤᠯᠤᠭᠰᠠᠨ ᠭᠡᠬᠦ ᠶᠦᠮ᠃ ᠭᠡᠪᠡᠴᠦ ᠠᠮᠢ ᠠᠬᠤᠢ ᠶ᠋ᠢᠨ ᠡᠪᠳᠡᠭᠳᠡᠯ ᠢ᠋ ᠳᠠᠭᠠᠯᠳᠤᠨ ᠪᠣᠢ ᠪᠣᠯᠤᠭᠰᠠᠨ ᠰᠣᠶᠣᠯ ᠤ᠋ᠨ ᠡᠪᠳᠡᠭᠳᠡᠯ ᠢ᠋ ᠬᠡᠳᠦᠢ ᠵᠣᠭᠣᠰ ᠢ᠋ᠶ᠋ᠠᠷ ᠴᠤ ᠨᠥᠬᠥᠵᠦ ᠳᠡᠢᠯᠬᠦ ᠦᠭᠡᠢ᠃ ᠬᠥᠮᠦᠨ ᠲᠥᠷᠥᠯᠬᠢᠲᠡᠨ ᠦ᠌ ᠣᠯᠠᠨ ᠶᠠᠩᠵᠤᠲᠤ ᠰᠣᠶᠣᠯ ᠤ᠋ᠨ ᠨᠢᠭᠡᠨ ᠪᠦᠷᠢᠯᠳᠦᠬᠦᠨ ᠡᠨᠳᠡ᠂ ᠡᠵᠡᠨ᠎ᠡ ᠳ᠋ᠦ᠍ ᠠᠯᠳᠠᠭᠳᠠᠵᠤ ᠪᠠᠢᠨ᠎ᠠ᠃ ᠬᠡᠨ ᠬᠠᠮᠠᠭᠠᠯᠠᠬᠤ ᠪᠣᠢ? ᠡᠭᠦᠨ ᠦ᠌ ᠲᠥᠯᠥᠭᠡ ᠬᠡᠨ ᠬᠠᠷᠠᠮᠰᠠᠨ ᠭᠠᠰᠢᠭᠤᠳᠠᠵᠤ᠂ ᠡᠨᠡᠯᠦᠨ ᠵᠣᠪᠠᠬᠤ ᠪᠣᠢ? ᠵᠠᠭᠤᠭᠠᠳ ᠵᠢᠯ ᠦ᠋ᠨ ᠡᠮᠦᠨ᠎ᠡ ᠡᠴᠡ ᠡᠵᠡᠨ᠎ᠡ ᠶ᠋ᠢᠨ ᠮᠠᠯ ᠰᠦᠷᠦᠭ ᠦ᠋ᠨ ᠪᠦᠲᠦᠴᠡ ᠳ᠋ᠦ᠍ ᠬᠤᠪᠢᠷᠠᠯᠲᠠ ᠭᠠᠷᠴᠤ ᠪᠠᠢᠵᠠᠢ᠃ ᠤᠤᠯ ᠨᠢ ᠡᠵᠡᠨ᠎ᠡ ᠳ᠋ᠦ᠍ ᠠᠳᠤᠭᠤ᠂ ᠦᠬᠡᠷ᠂ ᠬᠣᠨᠢ᠂ ᠢᠮᠠᠭ᠎ᠠ ᠭᠣᠣᠯᠯᠠᠵᠤ᠂ ᠲᠡᠮᠡᠭᠡ ᠴᠥᠭᠡᠨ ᠪᠠᠢᠭᠰᠠᠨ ᠪᠣᠯᠪᠠᠴᠤ1900 ᠣᠨ ᠠ᠋ᠴᠠ ᠡᠬᠢᠯᠡᠨ ᠲᠡᠮᠡᠭᠡ᠂ ᠢᠮᠠᠭ᠎ᠠ ᠥᠰᠴᠦ ᠪᠤᠰᠤᠳ ᠮᠠᠯ ᠴᠥᠭᠡᠷᠡᠭᠰᠡᠨ ᠪᠠᠢᠨ᠎ᠠ᠃ ᠡᠨᠡ ᠨᠢ ᠵᠠᠢᠯᠠᠰᠢ ᠦᠭᠡᠢ ᠰᠣᠶᠣᠯ ᠤ᠋ᠨ ᠦᠨᠳᠦᠰᠦᠨ ᠰᠠᠭᠤᠷᠢ ᠳ᠋ᠠᠬᠢ ᠬᠤᠪᠢᠷᠠᠯᠲᠠ ᠪᠠᠢᠭᠰᠠᠨ ᠶᠤᠮ᠃
ᠭᠡᠪᠡᠴᠦ ᠣᠳᠣ ᠣᠯᠠᠩᠬᠢ ᠪᠡᠯᠴᠢᠭᠡᠷ ᠨᠤᠲᠤᠭ ᠲᠤ ᠬᠥᠮᠦᠨ ᠮᠠᠯ ᠦᠭᠡᠢ ᠪᠣᠯᠤᠭᠰᠠᠨ ᠬᠣᠢᠨ᠎ᠠ ᠲᠡᠷᠡ ᠭᠠᠵᠠᠷ ᠣᠷᠣᠨ ᠳ᠋ᠤ᠌ ᠰᠣᠶᠣᠯ ᠭᠡᠵᠦ ᠨᠡᠩ ᠶᠠᠭᠤ ᠦᠯᠡᠳᠡᠬᠦ ᠶᠦᠮ ᠪᠣᠢ? ᠴᠠᠭᠠᠰᠤᠨ ᠳ᠋ᠤ᠌ ᠲᠡᠮᠳᠡᠭᠯᠡᠭᠰᠡᠨ ᠬᠡᠳᠦᠨ ᠶᠠᠭᠤᠮ᠎ᠠ ᠴᠢᠨᠢ ᠰᠣᠶᠣᠯ ᠪᠢᠰᠢ᠂ ᠲᠡᠮᠳᠡᠭᠯᠡᠯ ᠶᠦᠮ᠃ ᠲᠡᠷᠡ ᠶ᠋ᠢ ᠴᠢᠨᠢ ᠠᠪᠤᠷᠠᠯ᠎ᠠ ᠭᠡᠳᠡᠭ ᠦᠭᠡᠢ ᠲᠡᠮᠳᠡᠭᠯᠡᠯ᠎ᠡ ᠭᠡᠳᠡᠭ ᠶᠦᠮ᠃ ᠠᠮᠢ ᠠᠬᠤᠢ ᠶ᠋ᠢᠨ ᠡᠪᠳᠡᠭᠳᠡᠯ ᠲᠠᠴᠢᠷᠳᠠᠯ ᠤ᠋ᠨ ᠬᠠᠮᠲᠤ ᠰᠣᠶᠣᠯ ᠤ᠋ᠨ ᠡᠪᠳᠡᠭᠳᠡᠯ ᠲᠠᠴᠢᠷᠳᠠᠯ ᠴᠤ ᠪᠣᠢ ᠪᠣᠯᠤᠯ᠎ᠠ᠃ ᠡᠨᠳᠡᠬᠢ ᠶ᠋ᠢᠨ ᠪᠠᠢᠭᠠᠯᠢ ᠶ᠋ᠢ ᠬᠠᠮᠠᠭᠠᠯᠠᠬᠤ ᠴᠢᠬᠤᠯᠠᠲᠠᠢ᠃ ᠭᠡᠪᠡᠴᠦ ᠤᠯᠠᠮᠵᠢᠯᠠᠯᠲᠤ ᠰᠣᠶᠣᠯ ᠢ᠋ ᠬᠠᠮᠠᠭᠠᠯᠠᠬᠤ ᠨᠢ ᠨᠡᠩ ᠴᠢᠬᠤᠯᠠ᠃ ᠰᠣᠶᠣᠯ ᠤ᠋ᠨ ᠲᠣᠭᠲᠠᠯᠴᠠᠭ᠎ᠠ ᠶ᠋ᠢ ᠨᠢ ᠬᠠᠮᠠᠭᠠᠯᠠᠵᠤ ᠴᠢᠳᠠᠬᠤ ᠦᠭᠡᠢ ᠶᠦᠮ ᠪᠣᠯ ᠠᠮᠢ ᠠᠬᠤᠢ ᠶ᠋ᠢ ᠨᠢ ᠬᠠᠮᠠᠭᠠᠯᠠᠨ᠎ᠠ ᠭᠡᠳᠡᠭ ᠴᠦ᠍ ᠭᠤᠨᠵᠢ ᠶ᠋ᠢᠨ ᠵᠣᠭᠣᠭ᠃ ᠬᠥᠮᠦᠨ ᠠᠮᠢᠳᠤ ᠶᠠᠪᠤᠬᠤ ᠶ᠋ᠢᠨ ᠲᠥᠯᠥᠭᠡ ᠢᠳᠡᠬᠦ᠂ ᠡᠮᠦᠰᠬᠦ᠂ ᠬᠡᠷᠡᠭᠯᠡᠬᠦ ᠡᠴᠡ ᠭᠠᠳᠠᠨ᠎ᠠ ᠣᠷᠣᠰᠢᠨ ᠲᠣᠭᠲᠠᠨᠢᠬᠤ ᠶ᠋ᠢᠨ ᠤᠳᠬ᠎ᠠ ᠠᠭᠤᠯᠭ᠎ᠠ ᠭᠡᠵᠦ ᠪᠠᠢᠳᠠᠭ᠃ ᠲᠡᠷᠡ ᠤᠳᠬ᠎ᠠ ᠠᠭᠤᠯᠭ᠎ᠠ ᠨᠢ ᠰᠣᠶᠣᠯ ᠤ᠋ᠨ ᠣᠷᠣᠰᠢᠨ ᠲᠣᠭᠲᠠᠨᠢᠯ ᠢ᠋ᠶ᠋ᠠᠷ ᠣᠴᠢᠵᠤ ᠪᠡᠶᠡᠯᠡᠳᠡᠭ᠃ ᠬᠡᠷᠪᠡ ᠰᠣᠶᠣᠯ ᠤ᠋ᠨ ᠣᠷᠣᠰᠢᠨ ᠲᠣᠭᠲᠠᠨᠢᠯ ᠢ᠋ᠶ᠋ᠠᠨ ᠠᠯᠳᠠᠴᠢᠬᠠᠪᠠᠯ ᠡᠨᠡ ᠦᠨᠳᠦᠰᠦᠨ ᠳ᠋ᠦ᠍ ᠥᠭᠡᠷ᠎ᠡ ᠶᠠᠭᠤ ᠦᠯᠡᠳᠡᠬᠦ ᠶᠦᠮ ᠪᠣᠢ? ᠣᠷᠣᠰᠢᠨ ᠲᠣᠭᠲᠠᠨᠢᠬᠤ ᠶ᠋ᠢᠨ ᠤᠳᠬ᠎ᠠ ᠠᠭᠤᠯᠭ᠎ᠠ ᠨᠢ ᠶᠠᠭᠤ ᠪᠠᠢᠬᠤ ᠪᠣᠢ? ᠢᠷᠭᠡᠳ ᠨᠢ ᠢᠳᠡᠭᠡᠳ ᠡᠮᠦᠰᠦᠭᠡᠳ᠂ ᠤᠯᠤᠰ ᠤ᠋ᠨ ᠨᠥᠬᠥᠪᠥᠷᠢ ᠪᠡᠷ ᠲᠡᠵᠢᠭᠡᠯᠭᠡᠵᠦ ᠠᠮᠢᠳᠤ ᠶᠠᠪᠤᠭᠠᠳ ᠯᠠ᠁ ᠪᠣᠯᠤᠭᠠᠳ ᠯᠠ ᠪᠠᠢᠳᠠᠭ ᠭᠡᠵᠦ ᠤᠤ? ᠦᠭᠡᠢ ᠲᠡᠭᠡᠵᠦ ᠣᠷᠣᠰᠢᠨ ᠲᠣᠭᠲᠠᠨᠢᠬᠤ ᠶ᠋ᠢᠨ ᠤᠳᠬ᠎ᠠ ᠪᠠᠨ ᠠᠯᠳᠠᠭᠰᠠᠨ ᠠ᠋ᠴᠠ ᠦᠬᠦᠭᠰᠡᠨ ᠮᠠᠨᠢ ᠳᠡᠭᠡᠷ᠎ᠡ!
ᠳᠣᠮᠣᠭ ᠪᠣᠯᠤᠭᠰᠠᠨ ᠬᠠᠷ᠎ᠠ ᠬᠣᠲᠠ ᠡᠵᠡᠨ᠎ᠡ ᠶ᠋ᠢᠨ ᠭᠠᠩᠳᠠᠵᠤ ᠬᠠᠲᠠᠭᠰᠠᠨ ᠡᠯᠢᠭᠡᠨ ᠳᠡᠭᠡᠷ᠎ᠡ ᠡᠷᠲᠡᠨ ᠦ᠌ ᠲᠡᠦᠬᠡ ᠶ᠋ᠢᠨ ᠭᠢᠯᠠᠯᠵᠠᠭᠰᠠᠨ ᠬᠠᠭᠤᠳᠠᠰᠤ ᠶ᠋ᠢ ᠳᠤᠷᠠᠰᠬᠤ ᠮᠡᠲᠦ᠂ ᠲᠡᠷᠡ ᠯᠠ ᠴᠠᠭ ᠤ᠋ᠨ ᠰᠣᠶᠣᠯ ᠪᠣᠯᠪᠠᠰᠤᠨ ᠤ᠋ ᠲᠠᠯᠬᠢᠭᠳᠠᠯ ᠤ᠋ᠨ ᠲᠥᠯᠥᠭᠡ ᠭᠠᠰᠢᠭᠤᠳᠠᠬᠤ ᠮᠡᠲᠦ ᠲᠣᠷᠣᠢᠨᠠ᠃ ᠬᠠᠷ᠎ᠠ ᠪᠠᠭᠠᠲᠤᠷ ᠤ᠋ᠨ ᠠᠷᠢᠭᠤᠨ ᠰᠦᠨᠡᠰᠦ ᠥᠨᠥ ᠲᠩᠷᠢ ᠶ᠋ᠢᠨ ᠣᠷᠣᠨ ᠠ᠋ᠴᠠ ᠡᠨᠡ ᠪᠦᠬᠦᠨ ᠢ᠋ ᠭᠠᠰᠢᠭᠤᠳᠠᠨ ᠰᠢᠷᠳᠡᠵᠦ ᠪᠠᠢᠭ᠎ᠠ ᠳᠠ᠁ ᠬᠠᠷ᠎ᠠ ᠬᠣᠲᠠ ᠶ᠋ᠢᠨ ᠤᠷᠤᠰᠬᠠᠯ ᠢ᠋ ᠲᠠᠰᠤᠯᠤᠭᠰᠠᠨ ᠤ᠋ ᠤᠴᠢᠷ ᠢ᠋ᠶ᠋ᠠᠷ ᠬᠠᠷ᠎ᠠ ᠬᠣᠲᠠ ᠶ᠋ᠢᠨ ᠰᠣᠶᠣᠯ ᠪᠣᠯᠪᠠᠰᠤᠨ ᠰᠥᠨᠥᠵᠦ᠂ ᠡᠨᠡ ᠣᠷᠣᠨ ᠢ᠋ ᠨᠤᠷ᠎ᠠ ᠡᠯᠡᠰᠦ ᠪᠤᠯᠠᠭᠰᠠᠨ ᠶᠤᠮ᠃ ᠡᠵᠡᠨ᠎ᠡ ᠳ᠋ᠦ᠍ ᠬᠠᠷ᠎ᠠ ᠭᠣᠣᠯ ᠤ᠋ᠨ ᠤᠰᠤ ᠶᠠᠭᠤᠲᠠᠢ ᠴᠢᠬᠤᠯᠠ ᠭᠡᠳᠡᠭ ᠢ᠋ ᠲᠡᠦᠬᠡ ᠴᠢᠰᠤᠲᠤ ᠰᠤᠷᠭᠠᠮᠵᠢ ᠪᠠᠷ ᠢ᠋ᠶ᠋ᠠᠨ ᠨᠢᠭᠡᠨᠲᠡ ᠭᠡᠷᠡᠴᠢᠯᠡᠭᠰᠡᠨ ᠰᠢᠦ ᠳᠡ᠃ ᠭᠡᠪᠡᠴᠦ ᠡᠵᠡᠨ᠎ᠡ ᠶ᠋ᠢᠨ ᠪᠦᠬᠦ ᠲᠣᠣᠷᠠᠢ᠂ ᠵᠠᠭ ᠥᠭᠢᠷᠡᠵᠦ ᠳᠠᠭᠤᠰᠤᠭᠠᠳ᠂ ᠪᠦᠬᠦ ᠮᠠᠯ ᠤ᠋ᠨ ᠮᠥᠷ ᠠᠷᠢᠯᠬᠤ ᠠ᠋ᠴᠠ ᠨᠠᠭᠠᠰᠢ ᠵᠣᠭᠰᠣᠬᠤ ᠦᠭᠡᠢ ᠨᠡᠬᠡᠯ ᠬᠠᠲᠠᠭᠤ ᠬᠣᠷᠸ᠎ᠠ ᠶᠤᠮ ᠭᠡᠵᠦ ᠤᠤ? ᠬᠠᠷ᠎ᠠ ᠬᠣᠲᠠ ᠶ᠋ᠢᠨ ᠪᠣᠯᠪᠠᠰᠤᠨ ᠠ᠋ᠴᠠ ᠥᠨᠥᠳᠥᠷ ᠦ᠋ᠨ ᠪᠢᠳᠡᠨ ᠳ᠋ᠦ᠍ ᠰᠢᠷᠣᠢ ᠶ᠋ᠢᠨ ᠰᠤᠪᠤᠷᠭ᠎ᠠ᠂ ᠡᠪᠳᠡᠷᠬᠡᠢ ᠬᠡᠷᠡᠮ᠂ ᠭᠠᠰᠢᠭᠤᠨ ᠰᠤᠷᠭᠠᠮᠵᠢ ᠠ᠋ᠴᠠ ᠥᠭᠡᠷ᠎ᠡ ᠶᠠᠭᠤ ᠦᠯᠡᠳᠡᠭᠰᠡᠨ ᠶᠦᠮ ᠪᠣᠢ?20 ᠳ᠋ᠤᠭᠠᠷ ᠵᠠᠭᠤᠨ ᠤ᠋ ᠡᠬᠢ ᠪᠡᠷ ᠡᠨᠳᠡᠬᠢ ᠶ᠋ᠢᠨ ᠲᠡᠦᠬᠡᠨ ᠳᠤᠷᠠᠰᠬᠠᠯᠲᠤ ᠵᠦᠢᠯ ᠶᠡᠬᠡ ᠪᠡᠷ ᠲᠣᠨᠣᠭᠳᠠᠵᠤ ᠪᠠᠢᠭᠰᠠᠨ ᠢ᠋ ᠠᠩᠭ᠌ᠯᠢ ᠶ᠋ᠢᠨ ᠡᠷᠳᠡᠮᠲᠡᠨ ᠫᠢᠲᠧᠷ ᠾᠤ᠌ᠢᠫᠸᠺ《ᠲᠣᠷᠭᠠᠨ ᠵᠠᠮ ᠤ᠋ᠨ ᠭᠣᠳᠣᠰ ᠳᠠᠬᠢ ᠬᠠᠷᠢ ᠶ᠋ᠢᠨ ᠴᠢᠳᠬᠥᠷ ᠦ᠋ᠳ》 ᠬᠡᠮᠡᠬᠦ ᠨᠣᠮ ᠳ᠋ᠠᠭᠠᠨ ᠨᠠᠷᠢᠨ ᠪᠢᠴᠢᠭᠰᠡᠨ ᠪᠠᠢᠳᠠᠭ᠃ ᠺᠧᠽᠢᠷᠤᠸᠧᠹᠧ ᠬᠠᠷ᠎ᠠ ᠬᠣᠲᠠ ᠠ᠋ᠴᠠ ᠪᠠᠷᠠᠭᠤᠨ ᠰᠢᠶᠠ ᠤᠯᠤᠰ ᠤ᠋ᠨ ᠳᠠᠷᠤᠮᠠᠯ ᠪᠠ ᠪᠢᠴᠢᠮᠡᠯ ᠨᠣᠮ ᠵᠢᠴᠢ ᠪᠤᠷᠬᠠᠨ ᠤ᠋ ᠰᠤᠳᠤᠷ ᠢ᠋ ᠬᠡᠳᠦᠨ ᠮᠢᠩᠭᠠᠨ ᠳᠡᠪᠲᠡᠷ ᠠᠪᠠᠴᠢᠵᠠᠢ᠃ ᠡᠭᠦᠨ ᠡᠴᠡ ᠭᠠᠳᠠᠨ᠎ᠠ ᠬᠢᠲᠠᠳ᠂ ᠲᠥᠪᠡᠳ᠂ ᠤᠢᠭᠤᠷ᠂ ᠲᠦᠷᠺ᠂ ᠵᠦᠷᠴᠢᠨ᠂ ᠮᠣᠩᠭᠣᠯ᠂ ᠰᠢᠷᠢᠶ᠎ᠡ ᠵᠡᠷᠭᠡ ᠬᠡᠯᠡ ᠪᠡᠷ ᠪᠢᠴᠢᠭᠰᠡᠨ ᠨᠣᠮ ᠰᠤᠳᠤᠷ ᠣᠯᠠᠨ ᠲᠣᠭ᠎ᠠ ᠪᠠᠷ ᠴᠥᠯᠪᠡᠭᠳᠡᠵᠦ᠂ ᠵᠥᠪᠬᠡᠨ ᠣᠷᠣᠰ ᠦ᠋ᠨ ᠰᠠᠨᠲ ᠫᠧᠲ᠋ᠷᠪᠥ᠋ᠷᠡᠭ ᠦ᠋ᠨ ᠡᠷᠮᠢᠳ᠋ᠧᠱ ᠮᠦᠽᠧᠢ ᠳ᠋ᠦ᠍ ᠬᠦᠷᠴᠦ ᠬᠠᠷ᠎ᠠ ᠬᠣᠲᠠ ᠠ᠋ᠴᠠ ᠠᠪᠠᠴᠢᠭᠰᠠᠨ ᠪᠤᠷᠬᠠᠨ ᠤ᠋ ᠬᠥᠷᠥᠭ ᠬᠣᠶᠠᠷ ᠵᠠᠭᠤ ᠭᠠᠷᠤᠢ᠂ ᠮᠣᠳᠣᠨ ᠢ᠋ᠶ᠋ᠠᠷ ᠤ᠋ᠨ ᠵᠢᠷᠤᠭ ᠠᠷᠪᠠ᠂ ᠱᠤᠭᠤᠮᠠᠯ ᠲᠠᠪᠢᠨ ᠬᠡᠰᠡᠭ ᠪᠠᠢᠳᠠᠭ᠃ ᠡᠭᠦᠨ ᠳ᠋ᠦ᠍ ᠵᠠᠷᠢᠮ ᠪᠤᠷᠬᠠᠨ ᠤ᠋ ᠬᠥᠷᠥᠭ ᠨᠢ ᠳ᠋ᠥ᠋ᠨᠬᠤᠸᠠᠩ ᠤ᠋ᠨ ᠬᠠᠨᠠᠨ ᠵᠢᠷᠤᠭ ᠲᠠᠢ ᠮᠥᠴᠡᠭᠡᠷᠬᠡᠮᠡᠷ ᠭᠣᠢᠳᠠ ᠪᠠᠢᠳᠠᠭ᠃ ᠡᠭᠦᠨ ᠡᠴᠡ ᠭᠠᠳᠠᠨ᠎ᠠ ᠣᠷᠣᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠳᠣᠷᠣᠨᠠᠳᠠᠬᠢᠨ ᠢ᠋ ᠰᠤᠳᠤᠯᠬᠤ ᠭᠠᠵᠠᠷ ᠦ᠋ᠨ ᠰᠠᠨᠲ ᠫᠧᠲ᠋ᠷᠪᠥ᠋ᠷᠡᠭ ᠳᠠᠬᠢ ᠰᠠᠯᠪᠤᠷᠢ ᠭᠠᠵᠠᠷ᠂ ᠠᠩᠭ᠌ᠯᠢ ᠶ᠋ᠢᠨ ᠯᠣᠨᠳᠣᠨ᠂ ᠡᠨᠡᠳᠬᠡᠭ ᠦ᠋ᠨ ᠰᠢᠨ᠎ᠡ ᠳ᠋ᠧᠯᠢ᠂ ᠶᠠᠫᠣᠨ ᠤ᠋ ᠲᠣᠣᠺᠢᠣ᠋᠂ ᠰᠸᠧᠳᠧᠨ᠂ ᠹᠷᠠᠨᠼᠢ ᠶ᠋ᠢᠨ ᠫᠠᠷᠢᠰ ᠵᠡᠷᠭᠡ ᠭᠠᠵᠠᠷ ᠤ᠋ᠳ ᠲᠤ᠌ ᠬᠠᠷ᠎ᠠ ᠬᠣᠲᠠ ᠠ᠋ᠴᠠ ᠣᠯᠳᠠᠭᠰᠠᠨ ᠦᠨᠡᠲᠦ ᠬᠣᠪᠣᠷ ᠲᠡᠦᠬᠡ ᠶ᠋ᠢᠨ ᠣᠯᠳᠠᠪᠤᠷᠢ ᠨᠤᠭᠤᠳ ᠢ᠋ ᠬᠠᠳᠠᠭᠠᠯᠠᠵᠤ ᠪᠠᠢᠳᠠᠭ ᠠᠵᠢ᠃
᠁
ᠰᠠᠷᠠᠨ ᠨᠠᠷᠠᠨ ᠤ᠋ ᠬᠣᠭᠣᠷᠣᠨᠳᠣ
ᠰᠡᠭᠦᠳᠡᠷ ᠨᠢ ᠪᠦᠲᠦᠨ ᠲᠣᠣᠷᠠᠢ ᠮᠢᠨᠢ
ᠡᠵᠡᠨ᠎ᠡ ᠭᠣᠪᠢ ᠶ᠋ᠢᠨ ᠡᠯᠢᠭᠡᠨ ᠳ᠋ᠦ᠍
ᠢᠰᠡᠭᠡᠢ ᠲᠤᠭᠤᠷᠭᠠᠲᠠᠨ ᠲᠣᠷᠭᠤᠳ ᠮᠢᠨᠢ
᠁
ᠡᠨᠡ ᠳᠡᠯᠡᠬᠡᠢ ᠰᠢᠭᠦᠷᠭᠡᠢ ᠰᠡᠳᠬᠢᠭᠳᠡᠯ ᠢ᠋ᠶ᠋ᠡᠨ ᠪᠢᠴᠢᠵᠦ ᠪᠠᠷᠠᠮᠠᠷ ᠪᠠᠢᠬᠤ ᠦᠶ᠎ᠡ ᠳ᠋ᠦ᠍《ᠥᠪᠥᠷ ᠮᠣᠩᠭᠣᠯ ᠤ᠋ᠨ ᠡᠳᠦᠷ ᠦ᠋ᠨ ᠰᠣᠨᠢᠨ》 ᠤ᠋2006.6.30 ᠤ᠋ ᠡᠳᠦᠷ ᠦ᠋ᠨ ᠬᠡᠪᠯᠡᠯ ᠡᠴᠡ《198 ᠮᠣᠩᠭᠣᠯ ᠬᠡᠦᠬᠡᠳ ᠬᠢᠲᠠᠳ ᠰᠤᠷᠭᠠᠭᠤᠯᠢ ᠳ᠋ᠤ᠌ ᠣᠷᠣᠭᠰᠠᠨ ᠠ᠋ᠴᠠ ᠡᠵᠡᠨ᠎ᠡ ᠬᠤᠰᠢᠭᠤᠨ ᠤ᠋ ᠴᠣᠷ ᠤ᠋ᠨ ᠭᠠᠭᠴᠠ ᠮᠣᠩᠭᠣᠯ ᠰᠤᠷᠭᠠᠭᠤᠯᠢ ᠶ᠋ᠢᠨ ᠰᠤᠷᠤᠭᠴᠢ ᠴᠥᠭᠡᠷᠡᠪᠡ》ᠭᠡᠰᠡᠨ ᠮᠡᠳᠡᠭᠡᠯᠡᠯ ᠢ᠋ ᠰᠣᠨᠣᠰᠤᠭᠠᠳ ᠰᠡᠳᠬᠢᠯ ᠨᠡᠩ ᠬᠦᠨᠳᠦᠷᠡᠯ᠎ᠡ᠃ ᠡᠵᠡᠨ᠎ᠡ ᠬᠤᠰᠢᠭᠤᠨ ᠤ᠋ ᠮᠣᠩᠭᠣᠯ ᠦᠨᠳᠦᠰᠦᠲᠡᠨ ᠦ᠌ ᠴᠣᠮᠣᠷᠯᠢᠭ ᠰᠤᠷᠭᠠᠭᠤᠯᠢ ᠪᠣᠯ ᠡᠨᠳᠡᠬᠢ ᠶ᠋ᠢᠨ ᠮᠣᠩᠭᠣᠯ ᠢ᠋ᠶ᠋ᠠᠷ ᠬᠢᠴᠢᠶᠡᠯᠯᠡᠵᠦ ᠪᠠᠢᠭ᠎ᠠ ᠴᠣᠷ ᠤ᠋ᠨ ᠭᠠᠭᠴᠠ ᠰᠤᠷᠭᠠᠭᠤᠯᠢ ᠪᠠᠢᠵᠤ᠂ ᠣᠳᠣ 242 ᠰᠤᠷᠤᠭᠴᠢ ᠲᠠᠢ ᠪᠠᠢᠭ᠎ᠠ ᠨᠢ ᠳᠡᠭᠡᠷ᠎ᠡ ᠵᠠᠭᠤᠨ ᠤ᠋ ᠶᠡᠷᠡᠭᠡᠳ ᠣᠨ ᠤ᠋ ᠳᠥᠷᠪᠡᠨ ᠦ᠌ ᠨᠢᠭᠡ ᠶ᠋ᠢᠨ ᠯᠡ ᠲᠣᠭ᠎ᠠ ᠠᠵᠢ᠃ ᠡᠨᠡ ᠰᠤᠷᠭᠠᠭᠤᠯᠢ ᠶ᠋ᠢᠨ ᠪᠠᠭᠰᠢ ᠨᠠᠷ ᠬᠦᠷᠲᠡᠯ᠎ᠡ ᠬᠡᠦᠬᠡᠳ ᠢ᠋ᠶ᠋ᠡᠨ ᠬᠢᠲᠠᠳ ᠰᠤᠷᠭᠠᠭᠤᠯᠢ ᠳ᠋ᠤ᠌ ᠰᠤᠷᠤᠯᠴᠠᠭᠤᠯᠵᠤ ᠪᠠᠢᠭ᠎ᠠ ᠨᠢ ᠨᠡᠩ ᠴᠤ ᠨᠠᠵᠠᠭᠠᠢ ᠳᠠᠭᠤᠷᠢᠶᠠᠯ ᠪᠣᠯᠬᠤ ᠨᠢ ᠭᠠᠷᠴᠠᠭ᠎ᠠ ᠦᠭᠡᠢ᠃ ᠴᠣᠮᠣᠷᠯᠢᠭ ᠰᠤᠷᠭᠠᠭᠤᠯᠢ ᠭᠡᠰᠡᠨ ᠡᠨᠡ ᠪᠡᠯᠭᠡᠳᠡᠯᠲᠦ ᠨᠡᠷ᠎ᠡ ᠠᠷᠠᠢ ᠪᠠᠢᠭᠠᠯᠢ ᠶ᠋ᠢᠨ ᠭᠠᠩ ᠳ᠋ᠤ᠌ ᠥᠭᠢᠷᠡᠨ ᠬᠠᠲᠠᠭᠰᠠᠨ ᠡᠵᠡᠨ᠎ᠡ ᠲᠣᠣᠷᠠᠢ ᠰᠢᠭ᠋ ᠰᠣᠶᠣᠯ ᠤ᠋ᠨ《ᠭᠠᠩᠳᠠᠯ》ᠳᠤᠮᠳᠠ ᠬᠣᠷᠪᠣᠢᠴᠢᠬᠠᠬᠤ ᠦᠭᠡᠢ ᠪᠢᠵᠡ ᠭᠡᠰᠡᠨ ᠠᠢᠳᠠᠰ ᠢ᠋ ᠡᠷᠬᠡ ᠦᠭᠡᠢ ᠲᠥᠷᠥᠭᠦᠯᠦᠨ᠎ᠡ᠃ ᠶᠠᠭᠠᠬᠢᠭᠠᠳ᠁ ᠶᠠᠭᠠᠬᠢᠭᠠᠳ ᠰᠣᠶᠣᠯ ᠤᠯᠠᠮᠵᠢᠯᠠᠯ ᠨᠢ ᠮᠠᠷᠲᠠᠭᠳᠠᠨ ᠭᠡᠭᠡᠭᠳᠡᠬᠦ ᠬᠢᠮᠤᠷᠠᠯ ᠲᠠᠢ ᠦᠶ᠎ᠡ ᠳ᠋ᠦ᠍ ᠪᠢᠳᠡ ᠥᠪᠡᠷ ᠦ᠋ᠨ ᠠᠮᠢᠨ ᠴᠢᠬᠤᠯᠠ ᠶᠠᠭᠤᠮᠠᠨ ᠠ᠋ᠴᠠ ᠪᠠᠨ ᠢᠩᠭᠢᠲᠡᠯ᠎ᠡ ᠪᠡᠨ ᠵᠠᠢᠯᠠᠨ ᠴᠡᠷᠪᠡᠳᠡᠭ ᠶᠦᠮ ᠪᠣᠢ? ᠪᠢᠳᠡᠨ ᠳ᠋ᠦ᠍ ᠡᠢᠮᠦ ᠰᠡᠳᠬᠢᠯ ᠦ᠋ᠨ
ᠲᠡᠩᠬᠡᠭᠡ᠂ ᠵᠢᠷᠦᠬᠡᠨ ᠦ᠌ ᠲᠠᠮᠢᠷ ᠦᠭᠡᠢ ᠶᠦᠮ ᠭᠡᠵᠦ ᠤᠤ?《ᠬᠡᠦᠬᠡᠳ ᠦ᠋ᠨ ᠢ᠋ᠶ᠋ᠡᠨ ᠢᠷᠡᠭᠡᠳᠦᠢ ᠶ᠋ᠢᠨ ᠲᠥᠯᠥᠭᠡ!》ᠭᠡᠰᠡᠨ ᠣᠢᠷᠠᠬᠠᠨ ᠪᠣᠳᠣᠯ ᠤ᠋ᠨ ᠡᠷᠬᠡᠨ ᠳ᠋ᠡᠭᠡᠨ ᠰᠣᠶᠣᠯ ᠤ᠋ᠨ ᠢᠷᠡᠭᠡᠳᠦᠢ᠂ ᠦᠨᠳᠦᠰᠦᠲᠡᠨ ᠦ᠌ ᠢᠷᠡᠭᠡᠳᠦᠢ ᠪᠡᠨ ᠬᠦᠷᠲᠡᠯ᠎ᠡ ᠶᠢᠰᠦᠨ ᠲᠩᠷᠢ ᠶ᠋ᠢᠨ ᠴᠠᠭᠠᠨ᠎ᠠ ᠮᠠᠷᠲᠠᠴᠢᠬᠠᠨ᠎ᠠ ᠭᠡᠳᠡᠭ ᠮᠥᠨ ᠴᠤ ᠠᠶᠤᠮᠰᠢᠭᠲᠠᠢ ᠶᠤᠮ ᠳᠠ! ᠮᠣᠩᠭᠣᠯ ᠢ᠋ᠶ᠋ᠠᠷ ᠢ᠋ᠶ᠋ᠠᠨ ᠰᠤᠷᠴᠤ ᠪᠠᠢᠭ᠎ᠠ242 ᠰᠤᠷᠤᠭᠴᠢ ᠡᠵᠡᠨ᠎ᠡ ᠣᠷᠣᠨ ᠤ᠋ ᠮᠣᠩᠭᠣᠯ ᠰᠣᠶᠣᠯ ᠤ᠋ᠨ ᠢᠷᠡᠭᠡᠳᠦᠢ ᠶ᠋ᠢᠨ ᠴᠣᠮᠣᠷᠯᠢᠭ ᠤ᠋ᠳ ᠶᠤᠮ᠃ ᠡᠳᠡᠭᠡᠷ ᠴᠣᠮᠣᠷᠯᠢᠭ ᠤ᠋ᠨ ᠢᠷᠡᠭᠡᠳᠦᠢ ᠶ᠋ᠢᠨ ᠲᠥᠯᠥᠭᠡ᠂ ᠡᠨᠳᠡᠬᠢ ᠮᠣᠩᠭᠣᠯ ᠰᠣᠶᠣᠯ ᠤ᠋ᠨ ᠢᠷᠡᠭᠡᠳᠦᠢ ᠶ᠋ᠢᠨ ᠲᠥᠯᠥᠭᠡ ᠰᠤᠷᠭᠠᠭᠤᠯᠢ ᠨᠢ ᠲᠤᠰᠬᠠᠢᠯᠠᠨ ᠵᠠᠩ ᠦᠢᠯᠡ᠂ ᠲᠡᠦᠬᠡ ᠰᠣᠶᠣᠯ ᠤ᠋ᠨ ᠬᠢᠴᠢᠶᠡᠯ ᠨᠡᠭᠡᠭᠡᠭᠰᠡᠨ ᠨᠢ ᠯᠡ ᠶᠠᠭᠤᠨ ᠠ᠋ᠴᠠ ᠴᠤ ᠨᠠᠨᠳᠢᠨ ᠰᠠᠨᠠᠭᠳᠠᠯ᠎ᠠ᠃
ᠲᠣᠣᠷᠠᠢ᠂ ᠰᠣᠪ ᠨᠠᠭᠤᠷ᠂ ᠬᠠᠷ᠎ᠠ ᠬᠣᠲᠠ— ᠡᠵᠡᠨ᠎ᠡ ᠶ᠋ᠢᠨ ᠭᠤᠷᠪᠠᠨ ᠪᠡᠯᠭᠡ ᠲᠡᠮᠳᠡᠭ᠃ ᠲᠣᠣᠷᠠᠢ ᠭᠡᠬᠦ ᠨᠣᠭᠣᠭᠠᠨ ᠪᠦᠰᠡ᠂ ᠰᠣᠪ ᠨᠠᠭᠤᠷ ᠬᠡᠮᠡᠬᠦ ᠤᠰᠤᠨ ᠰᠤᠷᠪᠤᠯᠵᠢ ᠶ᠋ᠢᠨ ᠨᠥᠬᠥᠴᠡᠯ ᠳ᠋ᠦ᠍ ᠬᠠᠷ᠎ᠠ ᠬᠣᠲᠠ ᠰᠢᠭ᠋ ᠪᠣᠯᠪᠠᠰᠤᠨ ᠬᠥᠯᠵᠢᠨ ᠬᠥᠭᠵᠢᠳᠡᠭ ᠪᠣᠯ ᠠᠮᠢ ᠠᠬᠤᠢ ᠶ᠋ᠢᠨ ᠲᠦᠰᠢᠭ ᠦᠭᠡᠢ ᠪᠣᠯ ᠰᠣᠶᠣᠯ ᠪᠣᠯᠪᠠᠰᠤᠨ ᠣᠷᠣᠰᠢᠨ ᠲᠣᠭᠲᠠᠬᠤ ᠪᠦᠬᠦ ᠪᠣᠯᠤᠮᠵᠢ ᠪᠠᠨ ᠠᠯᠳᠠᠨ᠎ᠠ ᠭᠡᠳᠡᠭ ᠢ᠋ ᠪᠣᠳᠠᠲᠤ ᠵᠢᠱ᠌ᠢᠶ᠎ᠡ ᠭᠡᠷᠡᠴᠢᠯᠡᠵᠦ ᠪᠣᠢ᠃ ᠲᠡᠢᠮᠦ ᠪᠣᠯᠬᠣᠷ ᠠᠮᠢ ᠠᠬᠤᠢ ᠶ᠋ᠢᠨ ᠠᠰᠠᠭᠤᠳᠠᠯ ᠨᠢ ᠵᠥᠪᠬᠡᠨ ᠠᠮᠢ ᠠᠬᠤᠢ ᠶ᠋ᠢᠨ ᠠᠰᠠᠭᠤᠳᠠᠯ ᠯᠠ ᠪᠢᠰᠢ᠂ ᠬᠠᠷᠢᠨ ᠰᠣᠶᠣᠯ ᠤ᠋ᠨ ᠠᠰᠠᠭᠤᠳᠠᠯ᠂ ᠦᠨᠳᠦᠰᠦᠲᠡᠨ ᠦ᠌ ᠠᠰᠠᠭᠤᠳᠠᠯ᠂ ᠲᠥᠷᠥ ᠶ᠋ᠢᠨ ᠪᠣᠳᠣᠯᠭ᠎ᠠ ᠶ᠋ᠢᠨ ᠠᠰᠠᠭᠤᠳᠠᠯ ᠶᠤᠮ᠃ ᠮᠠᠨ ᠤ᠋ ᠰᠤᠷᠪᠤᠯᠵᠢᠯᠠᠭᠴᠢᠳ ᠤ᠋ᠨ ᠰᠤᠷᠪᠤᠯᠵᠢᠯᠠᠭ᠎ᠠ ᠶ᠋ᠢ ᠦᠨᠳᠦᠰᠦᠯᠡᠪᠡᠯ᠂ ᠡᠳᠦᠭᠡ ᠬᠠᠷ᠎ᠠ ᠬᠣᠲᠠ ᠶ᠋ᠢ ᠭᠤᠷᠪᠠᠨ ᠮᠣᠩᠭᠣᠯ ᠭᠡᠷ ᠲᠡᠢ ᠨᠢᠭᠡ ᠨᠠᠰᠤᠲᠠᠨ᠂ ᠣᠩᠭᠣᠨ ᠲᠣᠣᠷᠠᠢ ᠶ᠋ᠢ ᠭᠠᠭᠴᠠ ᠨᠣᠬᠠᠢ ᠲᠠᠢ ᠨᠢᠭᠡ ᠮᠠᠯᠴᠢᠨ ᠡᠵᠢ᠂ ᠰᠣᠪ ᠨᠠᠭᠤᠷ ᠢ᠋ ᠥᠨᠥᠴᠢᠨ ᠪᠣᠲᠣᠭᠣ᠂ ᠥᠨᠥᠴᠢᠨ ᠢᠰᠢᠭᠡ ᠲᠡᠢ ᠨᠢᠭᠡ ᠮᠠᠯᠴᠢᠨ ᠵᠠᠯᠠᠭᠤ ᠰᠠᠬᠢᠨ ᠰᠠᠭᠤᠵᠤ ᠪᠠᠢᠭ᠎ᠠ ᠭᠡᠨ᠎ᠡ᠃ ᠲᠡᠳᠡ ᠪᠣᠯ ᠨᠤᠲᠤᠭ ᠤᠰᠤᠨ ᠳ᠋ᠠᠭᠠᠨ ᠦᠨᠡᠨᠴᠢ ᠰᠦᠰᠦᠭ ᠢ᠋ᠶ᠋ᠡᠨ ᠭᠦᠢᠴᠡᠳᠬᠡᠵᠦ ᠪᠠᠢᠭ᠎ᠠ ᠮᠣᠩᠭᠣᠯ ᠬᠥᠮᠦᠨ᠃ ᠲᠡᠳᠡ ᠪᠣᠯ ᠥᠪᠡᠷ ᠦ᠋ᠨ ᠰᠣᠶᠣᠯ ᠤᠯᠠᠮᠵᠢᠯᠠᠯ ᠳ᠋ᠠᠭᠠᠨ ᠡᠭᠡᠨᠡᠭᠰᠢᠨ ᠬᠣᠷᠭᠣᠳᠠᠵᠤ ᠪᠠᠢᠭ᠎ᠠ ᠮᠣᠩᠭᠣᠯ ᠬᠥᠮᠦᠨ! ᠲᠡᠳᠡ ᠪᠣᠯ ᠰᠣᠶᠣᠯ ᠪᠣᠯᠪᠠᠰᠤᠨ ᠤ᠋ ᠮᠠᠨᠢ ᠴᠢᠩ ᠵᠣᠷᠢᠭᠲᠤ ᠬᠠᠷᠠᠭᠤᠯ! ᠥᠭᠡᠷ᠎ᠡ ᠬᠡᠨ ᠴᠦ᠍ ᠮᠣᠩᠭᠣᠯ ᠬᠥᠮᠦᠨ ᠦ᠌ ᠰᠡᠳᠬᠢᠯ ᠦ᠋ᠨ ᠭᠦᠨ ᠳ᠋ᠡᠬᠢ ᠡᠢᠮᠦᠷᠬᠦᠦ ᠦᠨᠡᠨ ᠰᠦᠵᠢᠭ ᠢ᠋ ᠣᠢᠯᠠᠭᠠᠬᠤ ᠦᠭᠡᠢ᠃ ᠡᠢᠮᠦ ᠦᠨᠡᠨᠴᠢ ᠰᠦᠵᠢᠭ ᠲᠡᠢ ᠪᠡᠨ ᠪᠠᠢᠪᠠᠯ ᠨᠤᠲᠤᠭ ᠤᠰᠤ᠂ ᠰᠣᠶᠣᠯ ᠤᠯᠠᠮᠵᠢᠯᠠᠯ ᠮᠠᠨᠢ ᠬᠡᠵᠢᠶ᠎ᠡ ᠴᠦ᠍ ᠠᠯᠵᠠᠬᠤ ᠦᠭᠡᠢ᠃
ᠡᠵᠡᠨ᠎ᠡ— ᠡᠯᠡᠰᠦᠨ ᠰᠢᠭᠤᠷᠭᠠᠨ ᠤ᠋ ᠡᠬᠢ ᠪᠣᠯᠤᠭᠰᠠᠨ ᠨᠢ ᠣᠯᠠᠨ ᠰᠢᠯᠲᠠᠭᠠᠨ ᠲᠠᠢ᠃ ᠲᠡᠷᠡ ᠰᠢᠯᠲᠠᠭᠠᠨ ᠨᠤᠭᠤᠳ ᠢ᠋ ᠬᠣᠵᠢᠮ ᠤ᠋ᠨ ᠲᠡᠦᠬᠡ ᠭᠣᠣᠯᠴᠢ ᠪᠠᠷ ᠲᠣᠳᠣᠷᠬᠠᠢᠯᠠᠨ ᠪᠢᠴᠢᠬᠦ ᠪᠣᠢ ᠊ᠢ᠎ᠠ᠃ ᠬᠠᠷᠢᠨ ᠳᠤᠮᠳᠠᠳᠤ ᠤᠯᠤᠰ ᠤ᠋ᠨ ᠡᠯᠡᠰᠦᠨ ᠰᠢᠭᠤᠷᠭᠠᠨ ᠤ᠋ ᠡᠬᠢ ᠭᠡᠭᠳᠡᠭᠰᠡᠨ ᠡᠵᠡᠨ᠎ᠡ ᠮᠢᠨᠢ ᠪᠢᠲᠡᠭᠡᠢ ᠯᠡ ᠮᠣᠩᠭᠣᠯ ᠰᠣᠶᠣᠯ ᠤ᠋ᠨ ᠳᠠᠴᠢᠷᠳᠠᠯ᠂ ᠡᠪᠳᠡᠭᠳᠡᠯ ᠦ᠋ᠨ ᠡᠬᠢ ᠪᠣᠯᠴᠢᠬᠠᠭᠠᠰᠠᠢ ᠭᠡᠵᠦ ᠮᠥᠩᠬᠡ ᠬᠥᠬᠡ ᠲᠩᠷᠢ ᠳ᠋ᠡᠭᠡᠨ ᠳᠠᠭᠠᠳᠬᠠᠨᠠᠮ!
ᠦᠰᠦᠭ ᠠᠮᠢᠯᠠᠭᠤᠯᠤᠭᠴᠢ᠄ ᠪᠠᠯ ᠂ ᠱᠠᠭᠰᠠᠯ᠂ ᠠᠯᠲᠠᠨᠱᠠ᠂ ᠨᠡᠭᠦᠳᠡᠯ᠂ ᠨᠠᠷᠠᠨᠲᠤᠶᠠᠭ᠎ᠠ᠂ ᠪᠠᠶᠠᠨᠴᠡᠴᠡᠭ ᠂ᠡᠷᠳᠡᠨᠢᠭᠣᠤ᠎ᠠ᠂ ᠸᠠᠩ᠂ ᠪᠠᠳᠮ᠎ᠠ
ᠬᠢᠨᠠᠭᠴᠢ ᠪᠠᠭᠰᠢ᠄ ᠰᠡᠬᠡᠭᠡᠷᠡᠯ᠂ ᠠᠯᠲᠠᠨᠱᠠ᠂ ᠭᠠᠷᠮ᠎ᠠ᠂ ᠣᠳᠬᠠᠨᠰᠣ᠎ᠠ
