《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠵᠢᠷᠭᠤᠳᠤᠭᠠᠷ ᠪᠦᠯᠦᠭ> "Хөх судар" он нөхвөр дэвтэр - Инжинаш <Жаран зургадугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠵᠢᠷᠭᠤᠳᠤᠭᠠᠷ ᠪᠦᠯᠦᠭ
ᠰᠢᠷ᠎ᠠ ᠯᠤᠤ ᠵᠢᠯ ᠴᠢᠩᠭᠢᠰ ᠬᠠᠭᠠᠨ ᠤ᠋ ᠳᠥᠴᠢᠨ ᠳᠣᠯᠣᠭᠠᠨ ᠨᠠᠰᠤᠨ ᠰᠡᠭᠦᠳᠡᠷ ᠦ᠋ᠨ ᠬᠡᠷᠡᠭ ᠦᠢᠯᠡ ᠮᠥᠨ᠂ ᠶᠡᠬᠡ ᠬᠥᠬᠡ ᠮᠣᠩᠭᠣᠯ ᠤ᠋ᠨ ᠤᠯᠤᠰ ᠤ᠋ᠨ ᠴᠢᠩᠭᠢᠰ ᠬᠠᠭᠠᠨ ᠤ᠋ ᠭᠤᠷᠪᠠᠳᠤᠭᠠᠷ ᠣᠨ᠂ ᠰᠢᠷ᠎ᠠ ᠯᠤᠤ ᠵᠢᠯ᠃ ᠳᠤᠮᠳᠠᠳᠤ ᠠᠯᠲᠠᠨ ᠤᠯᠤᠰ ᠤ᠋ᠨ ᠵᠡᠩᠽᠦ᠋ᠩ ᠬᠠᠭᠠᠨ ᠤ᠋ ᠳᠠᠢ ᠾᠧ ᠬᠡᠮᠡᠬᠦ ᠶ᠋ᠢᠨ ᠨᠠᠢ᠍ᠮᠠᠳᠤᠭᠠᠷ ᠣᠨ᠂ ᠵᠡᠩᠽᠦ᠋ᠩ ᠡᠨᠡ ᠵᠢᠯ ᠬᠠᠯᠢᠮᠤᠢ᠃ ᠡᠮᠦᠨᠡᠲᠦ ᠰᠥᠩ ᠨᠢᠩᠽᠦ᠋ᠩ ᠦ᠋ᠨ ᠰᠢᠨ᠎ᠡ ᠬᠠᠯᠠᠭᠰᠠᠨ ᠵᠢᠶᠠ ᠳ᠋ᠢᠩ ᠬᠡᠮᠡᠬᠦ ᠶ᠋ᠢᠨ ᠲᠡᠷᠢᠭᠦᠨ ᠣᠨ᠃
ᠵᠢᠷᠠᠨ ᠵᠢᠷᠭᠤᠳᠤᠭᠠᠷ ᠪᠦᠯᠦᠭ
ᠬᠡᠷᠡᠭ ᠤᠰᠠᠳᠴᠤ ᠴᠡᠷᠢᠭ ᠠᠷᠢᠯᠤᠭᠰᠠᠨ ᠰᠥᠩ ᠨᠢᠩᠽᠦ᠋ᠩ ᠦ᠋ᠨ ᠥᠷᠥᠰᠢᠶᠡᠯ ᠡᠷᠭᠦᠮᠵᠢᠯᠡᠯ ᠦᠯᠡᠮᠵᠢ
ᠬᠡᠮᠵᠢᠶ᠎ᠡ ᠲᠡᠭᠦᠰᠴᠦ ᠴᠢᠷᠦᠭᠳᠡᠯ ᠵᠣᠭᠰᠣᠭᠰᠠᠨ ᠠᠯᠲᠠᠨ ᠤ᠋ ᠵᠡᠩᠽᠦ᠋ᠩ ᠦ᠋ᠨ ᠦᠯᠡᠳᠡᠭᠡᠬᠦ ᠭᠡᠷᠢᠶᠡᠰᠯᠡᠯ ᠤᠶᠠᠷᠠᠯᠲᠠᠢ
ᠣᠨ ᠤ᠋ ᠨᠡᠷ᠎ᠡ ᠶ᠋ᠢ ᠬᠠᠯᠠᠬᠤᠢ ᠳ᠋ᠤᠷ ᠬᠢᠯᠪᠠᠷ ᠣᠨᠣᠯ ᠮᠠᠲᠠᠯ ᠢ᠋ ᠬᠠᠯᠠᠬᠤᠶᠠ ᠮᠠᠰᠢ ᠪᠡᠷᠬᠡ
ᠣᠮᠣᠷᠬᠠᠭ ᠬᠠᠷᠭᠢᠰ ᠢ᠋ ᠠᠷᠢᠯᠭᠠᠭᠰᠠᠨ ᠪᠣᠯᠪᠠᠴᠤ ᠤᠭ ᠰᠤᠷᠲᠠᠯ ᠢ᠋ ᠠᠷᠢᠯᠭᠠᠬᠤᠶ᠎ᠠ ᠲᠦᠪᠡᠭ᠃
ᠣᠯᠠᠨ ᠵᠠᠯᠢᠬᠠᠢ ᠨᠠᠷ ᠤ᠋ᠨ ᠦᠯᠦ ᠲᠠᠰᠤᠷᠠᠬᠤ ᠠᠨᠤ ᠰᠥᠩ ᠤᠯᠤᠰ ᠤ᠋ᠨ ᠦᠶ᠎ᠡ ᠶ᠋ᠢᠨ ᠤᠯᠠᠷᠢᠯ
ᠣᠢᠷ᠎ᠠ ᠪᠠᠷ ᠠᠪᠴᠤ ᠲᠠᠰᠤᠯᠤᠨ ᠬᠡᠯᠡᠪᠡᠰᠦ ᠬᠠᠳ ᠡᠵᠡᠳ ᠢᠨᠤ ᠭᠡᠭᠡᠬᠡᠨ ᠦᠭᠡᠢ ᠶ᠋ᠢᠨ ᠤᠴᠢᠷ᠃
ᠲᠡᠨᠳᠡᠴᠡ ᠰᠥᠩ ᠤᠯᠤᠰ ᠤ᠋ᠨ ᠬᠡᠯᠡᠯᠴᠡᠭᠡᠷ ᠦ᠋ᠨ ᠡᠯᠴᠢ ᠨᠠᠷ᠂ ᠠᠯᠲᠠᠨ ᠤᠯᠤᠰ ᠤ᠋ᠨ ᠬᠦᠨᠳᠦᠳᠡ ᠱᠠᠩ ᠬᠤᠷᠢᠮ ᠳ᠋ᠤᠷ ᠬᠦᠷᠲᠡᠯᠴᠡᠨ ᠤᠯᠤᠰ ᠲᠠᠭᠠᠨ ᠡᠭᠡᠵᠦ᠂ ᠠᠯᠲᠠᠨ ᠤᠯᠤᠰ ᠤ᠋ᠨ ᠶᠢᠰᠦᠨ ᠵᠠᠮ ᠤ᠋ᠨ ᠴᠡᠷᠢᠭ ᠦ᠋ᠳ ᠪᠦᠷᠢᠨ᠎ᠡ ᠡᠭᠡᠭᠰᠡᠨ ᠳ᠋ᠦ᠍ᠷ ᠰᠥᠩ ᠨᠢᠩᠽᠦ᠋ᠩ ᠵᠣᠣ ᠺᠦᠸᠧ ᠶᠡᠬᠡᠳᠡ ᠪᠠᠶᠠᠷᠯᠠᠨ ᠬᠥᠭᠡᠷᠴᠦ᠂ ᠲᠥᠷᠥ ᠶ᠋ᠢᠨ ᠵᠢᠳᠬᠦᠯᠳᠦ ᠰᠠᠢᠳ ᠤ᠋ᠳ ᠢ᠋ᠶ᠋ᠠᠨ ᠭᠠᠪᠢᠶ᠎ᠠ ᠶ᠋ᠢ ᠢᠯᠭᠠᠬᠤᠶᠠ᠂ ᠱᠤ᠌ ᠮᠢ ᠶᠤᠸᠠᠨ ᠤ᠋ ᠬᠠᠪᠰᠤᠷᠭ᠎ᠠ ᠰᠠᠢᠳ ᠸᠧᠢ ᠵᠢᠩ ᠬᠡᠮᠡᠭᠴᠢ ᠤᠯᠤᠰ ᠲᠥᠷᠥ ᠡᠩᠬᠡᠵᠢᠪᠡ᠂ ᠣᠳᠣ ᠲᠤᠰᠢᠶᠠᠯ ᠡᠴᠠᠭᠠᠨ ᠪᠠᠢᠪᠠᠰᠤ ᠵᠣᠬᠢᠮᠤᠢ ᠭᠡᠮᠡᠨ ᠭᠡᠷ ᠲᠡᠭᠡᠨ ᠵᠢᠷᠭᠠᠷᠠ ᠡᠴᠢᠪᠡ᠃ ᠳᠠᠭᠠᠯᠳᠤᠯᠭᠠ ᠬᠠᠮᠲᠤ ᠲᠤᠰᠢᠶᠠᠯ ᠤ᠋ᠨ ᠰᠠᠢᠨ ᠰᠠᠢᠳ ᠯᠢᠨ ᠳᠡ ᠵᠦᠩ ᠬᠡᠮᠡᠭᠴᠢ ᠪᠠᠰᠠ ᠪᠡᠶ᠎ᠡ ᠡᠴᠦᠰᠯᠡᠪᠡ᠃ ᠡᠭᠦᠨ ᠳ᠋ᠦ᠍ᠷ ᠭᠠᠳᠠᠭᠠᠳᠤ ᠲᠤᠰᠢᠶᠠᠯ ᠳ᠋ᠤᠷ ᠭᠠᠷᠭᠠᠭᠰᠠᠨ ᠬᠠᠨ ᠲᠦᠸᠧ ᠵᠧᠦ ᠶ᠋ᠢᠨ ᠥᠰᠢᠶᠡᠲᠡᠨ᠂ ᠠᠩᠬᠠᠨ ᠤ᠋ ᠴᠢᠦ ᠴᠥᠩ ᠬᠡᠮᠡᠭᠴᠢ ᠶ᠋ᠢ ᠵᠠᠷᠯᠢᠭ ᠢ᠋ᠶ᠋ᠠᠷ ᠱᠤ᠌ ᠮᠢ ᠶᠤᠸᠠᠨ ᠳ᠋ᠤᠷ ᠳᠡᠪᠰᠢᠭᠦᠯᠦᠨ ᠲᠠᠯᠪᠢᠵᠤ᠂ ᠵᠠᠷᠯᠠᠵᠤ ᠢᠷᠡᠭᠦᠯᠬᠦᠶᠡ ᠴᠢᠦ ᠴᠥᠩ ᠵᠠᠮ ᠤ᠋ᠨ ᠵᠠᠭᠤᠷ᠎ᠠ ᠡᠪᠡᠳᠴᠦ ᠬᠦᠨᠳᠦᠷᠡᠭᠡᠳ᠂ ᠬᠠᠭᠠᠨ ᠤ᠋ ᠪᠠᠨ ᠵᠦᠭ ᠬᠠᠨᠳᠤᠵᠤ᠂ ᠮᠥᠷᠭᠥᠵᠦ ᠭᠡᠷᠢᠶᠡᠰᠯᠡᠨ ᠥᠭᠦᠯᠡᠷᠦᠨ᠄
《ᠴᠢᠦ ᠴᠥᠩ ᠪᠢ ᠠᠮᠢᠳᠤ ᠳ᠋ᠠᠭᠠᠨ ᠤᠯᠤᠰ ᠤ᠋ᠨ ᠬᠡᠰᠢᠭ ᠢ᠋ ᠦᠰᠦ ᠬᠢᠯᠭᠠᠰᠤᠨ ᠤ᠋ ᠲᠡᠳᠦᠢ ᠴᠦ᠍ ᠬᠠᠷᠢᠭᠤᠯᠠᠨ ᠴᠢᠳᠠᠭᠰᠠᠨ ᠦᠭᠡᠢ ᠶ᠋ᠢᠨ ᠲᠤᠯᠠ ᠡᠳᠦᠭᠡ ᠦᠬᠦᠪᠡᠰᠦ ᠬᠣᠢᠲᠤ ᠲᠥᠷᠥᠯ ᠳ᠋ᠦ᠍ᠷ ᠡᠷᠬᠡᠪᠰᠢ ᠨᠢᠭᠡᠨ ᠬᠤᠷᠴᠠ ᠪᠠᠲᠤ ᠪᠠᠭᠠᠲᠤᠷ ᠵᠢᠷᠤᠮᠲᠤ ᠵᠠᠩᠵᠤᠨ ᠪᠣᠯᠤᠨ ᠲᠥᠷᠥᠵᠦ᠂ ᠤᠯᠤᠰ ᠤ᠋ᠨ ᠲᠥᠯᠥᠭᠡ ᠤᠷᠪᠠᠭᠰᠠᠳ ᠰᠥᠷᠦᠭᠰᠡᠳ ᠲᠡᠷᠰᠯᠡᠭᠦᠦ ᠡᠰᠡᠷᠭᠦᠴᠡᠯ ᠢ᠋ ᠢᠨᠤ ᠠᠷᠢᠯᠭᠠᠵᠤ ᠥᠭᠭᠦᠨ᠂ ᠡᠨᠡ ᠲᠥᠷᠥᠯ ᠦ᠋ᠨ ᠤᠯᠤᠰ ᠤ᠋ᠨ ᠬᠡᠰᠢᠭ ᠲᠣᠷ ᠬᠦᠷᠲᠡᠭᠰᠡᠨ ᠠᠴᠢ ᠶ᠋ᠢ ᠬᠠᠷᠢᠭᠤᠯᠠᠰᠤᠭᠠᠢ!》 ᠭᠡᠮᠡᠨ ᠦᠭᠡ ᠳᠠᠭᠤᠰᠴᠤ ᠠᠮᠢᠨ ᠶᠠᠳᠠᠪᠠᠢ᠃
ᠰᠥᠩ ᠨᠢᠩᠽᠥ᠋ᠩ ᠰᠣᠨᠣᠰᠴᠤ ᠬᠦᠨᠳᠦ ᠪᠡᠷ ᠶᠣᠰᠣᠯᠠᠨ ᠪᠤᠮᠪᠠᠯᠠᠪᠠ᠄ ᠡᠨᠡ ᠴᠢᠦ ᠴᠥᠩ ᠤᠭ ᠠ᠋ᠴᠠ ᠵᠤᠸᠠᠩ ᠶᠤᠸᠠᠨ ᠤ᠋ ᠵᠡᠷᠭᠡ ᠳ᠋ᠦ᠍ᠷ ᠳᠠᠪᠰᠢᠭᠰᠠᠨ ᠠᠵᠤᠭᠤ᠃ ᠬᠥᠮᠦᠨ ᠢᠨᠤ ᠲᠥᠷᠥᠯᠬᠢ ᠴᠢᠬᠡᠴᠢ ᠴᠢᠭᠢᠷᠠᠭ᠂ ᠭᠠᠢᠬᠠᠮᠰᠢᠭ ᠮᠠᠲᠠᠯ ᠲᠠᠢ᠂ ᠬᠡᠬᠦᠳᠡᠭ ᠴᠡᠭᠡᠵᠢᠨ᠎ᠡ ᠭᠡᠭᠡᠬᠡᠨ ᠲᠠᠰᠤᠷᠬᠠᠢ ᠰᠢᠳᠤᠷᠭᠤ ᠵᠢᠷᠤᠮᠲᠤ ᠰᠠᠢᠨ ᠰᠠᠢᠳ ᠪᠥᠯᠥᠭᠡ᠃ ᠨᠢᠭᠡᠨ ᠨᠠᠰᠤᠨ᠎ᠠ ᠬᠠᠨ ᠲᠦᠸᠧ ᠵᠧᠦ ᠳ᠋ᠦ᠍ᠷ ᠳᠠᠷᠤᠯᠠᠭᠳᠠᠨ ᠠᠲᠠᠭᠠᠷᠬᠠᠭᠳᠠᠨ ᠵᠠᠨᠤᠭᠳᠠᠵᠤ᠂ ᠡᠳᠦᠭᠡ ᠰᠠᠶᠢ ᠦᠨᠡᠨ ᠢ᠋ᠶ᠋ᠡᠨ ᠭᠠᠷᠭᠠᠰᠤᠭᠠᠢ ᠬᠡᠮᠡᠲᠡᠯ᠎ᠡ᠂ ᠵᠠᠮ ᠤ᠋ᠨ ᠵᠠᠭᠤᠷ᠎ᠠ ᠦᠭᠡᠢ ᠪᠣᠯᠤᠭᠰᠠᠨ᠎ᠠ᠂ ᠰᠥᠩ ᠤᠯᠤᠰ ᠤ᠋ᠨ ᠡᠷᠳᠡᠮᠲᠡᠨ ᠰᠠᠢᠳ ᠪᠦᠬᠦᠨ ᠢ᠋ᠶ᠋ᠡᠷ《ᠡᠨᠡ ᠢᠨᠤ ᠮᠠᠨ ᠤ᠋ ᠰᠥᠩ ᠦ᠋ᠨ ᠤᠯᠤᠰ ᠲᠥᠷᠥ ᠶ᠋ᠢᠨ ᠤᠯᠠᠷᠢᠯ ᠮᠠᠭᠤ ᠳ᠋ᠤᠷ ᠰᠢᠳᠤᠷᠭᠤ ᠰᠠᠢᠳ ᠮᠠᠨᠳᠤᠬᠤ ᠦᠭᠡᠢ ᠶ᠋ᠢᠨ ᠪᠡᠯᠭᠡᠳᠡᠯ ᠪᠣᠯᠠᠢ》 ᠭᠡᠮᠡᠨ ᠭᠠᠰᠠᠯᠤᠯᠳᠤᠨ᠂ ᠳᠣᠯᠣᠭᠠᠨ ᠰᠠᠷ᠎ᠠ ᠶ᠋ᠢᠨ ᠠᠷᠪᠠᠨ ᠲᠠᠪᠤᠨ᠎ᠠ ᠡᠷᠳᠡᠮᠲᠡᠨ ᠰᠠᠢᠳ ᠤ᠋ᠳ ᠴᠤᠭᠯᠠᠨ ᠲᠠᠬᠢᠯᠴᠠᠪᠠᠢ᠃ ᠡᠳᠡᠭᠡᠷ ᠪᠢᠴᠢᠭ ᠦ᠋ᠨ ᠲᠦᠰᠢᠮᠡᠳ ᠦ᠋ᠨ ᠳᠣᠲᠣᠷ᠎ᠠ ᠠᠳᠠᠯᠢ ᠣᠪᠣᠭᠲᠤ ᠬᠣᠶᠠᠷ ᠯᠧᠦ ᠪᠣᠢ ᠪᠥᠯᠥᠭᠡ᠃ ᠣᠭᠲᠣ ᠲᠥᠷᠥᠯ ᠲᠥᠷᠥᠭᠰᠡᠨ ᠪᠤᠰᠤ᠂ ᠨᠢᠭᠡᠨ ᠦ᠌ ᠨᠡᠷ᠎ᠡ ᠯᠧᠦ ᠵᠢᠢ᠂ ᠨᠢᠭᠡᠨ ᠦ᠌ ᠨᠡᠷ᠎ᠡ ᠯᠧᠦ ᠶᠣᠣ᠂ ᠴᠥᠮ ᠥᠪᠡᠷ᠎ᠡ ᠥᠪᠡᠷ᠎ᠡ ᠯᠧᠦ ᠦᠰᠦᠭ ᠪᠥᠯᠥᠭᠡ᠃ ᠡᠨᠡ ᠨᠠᠢ᠍ᠮᠠᠨ ᠰᠡᠷᠡᠳᠡ ᠯᠧᠦ ᠵᠢᠢ ᠬᠡᠮᠡᠭᠴᠢ ᠶ᠋ᠢ ᠢᠨᠤ ᠱᠤ᠌ ᠮᠢ ᠶᠤᠸᠠᠨ ᠤ᠋ ᠬᠡᠷᠡᠭ ᠢ᠋ ᠵᠣᠩᠬᠢᠯᠠᠨ ᠰᠢᠳᠬᠡᠭᠦᠯᠵᠦ᠂ ᠯᠧᠦ ᠶᠣᠣ ᠬᠡᠮᠡᠭᠴᠢ ᠪᠡᠷ ᠢᠨᠤ ᠳᠡᠳ᠋ᠯᠡᠭᠦᠯᠦᠨ ᠬᠠᠪᠰᠤᠷᠭᠠᠭᠰᠠᠨ ᠳ᠋ᠤᠷ ᠡᠨᠡ ᠬᠣᠶᠠᠷ ᠥᠪᠡᠷ᠎ᠡ ᠯᠧᠦ ᠣᠪᠣᠭᠲᠤ ᠬᠣᠣᠰ ᠰᠠᠢᠳ᠂ ᠲᠥᠪ ᠢ᠋ ᠡᠷᠭᠦᠨ ᠲᠦᠷᠢᠮᠡᠬᠡᠢ ᠶ᠋ᠢ ᠳᠣᠷᠣᠮᠵᠢᠯᠠᠨ ᠵᠡᠷᠭᠡ ᠶ᠋ᠢᠨ ᠲᠦᠰᠢᠮᠡᠳ ᠦ᠋ᠨ ᠭᠡᠷ ᠦ᠋ᠨ ᠬᠤᠷᠢᠮ ᠤ᠋ᠨ ᠣᠯᠠᠨ ᠤ᠋ ᠴᠢᠭᠤᠯᠭᠠᠨ ᠬᠤᠷᠠᠯ ᠤ᠋ᠨ ᠳᠣᠲᠣᠷ᠎ᠠ᠂ ᠬᠠᠨ ᠲᠦᠸᠧ ᠵᠧᠦ ᠶ᠋ᠢᠨ ᠲᠥᠷᠥᠯᠬᠢ ᠵᠠᠩ ᠤ᠋ᠨ ᠡᠷᠳᠡᠮᠲᠡᠨ ᠢ᠋ ᠡᠰᠡᠷᠭᠦᠴᠡᠯᠡᠨ᠂ ᠴᠢᠳᠠᠯᠲᠠᠨ ᠢ᠋ ᠴᠠᠯᠢᠬᠤ ᠶ᠋ᠢ ᠵᠢᠭᠰᠢᠨ ᠰᠢᠭᠦᠮᠵᠢᠯᠡᠨ ᠥᠭᠦᠯᠡᠷᠦᠨ᠄
《ᠬᠠᠨ ᠲᠦᠸᠧ ᠵᠧᠦ ᠥᠪᠡᠷᠦᠨ ᠰᠥᠩ ᠤᠯᠤᠰ ᠢ᠋ᠶ᠋ᠠᠨ ᠠᠭᠤᠳᠠᠮ ᠶᠡᠬᠡ ᠪᠣᠯᠭᠠᠰᠤᠭᠠᠢ ᠬᠡᠮᠡᠬᠦ ᠶ᠋ᠢᠨ ᠲᠤᠯᠠ ᠰᠠᠶᠢ ᠬᠢᠵᠠᠭᠠᠷ ᠤ᠋ᠨ ᠭᠠᠳᠠᠨᠠᠬᠢ ᠠᠯᠲᠠᠨ ᠤᠯᠤᠰ ᠤ᠋ᠨ ᠭᠠᠵᠠᠷ ᠣᠷᠣᠨ ᠢ᠋ ᠪᠤᠯᠢᠶᠠᠨ ᠡᠵᠡᠯᠡᠰᠦᠭᠡᠢ ᠬᠡᠮᠡᠭᠰᠡᠨ ᠢᠨᠤ᠂ ᠬᠡᠳᠦᠢᠪᠡᠷ ᠥᠪᠡᠷᠦᠨ ᠤᠯᠤᠰ ᠲᠤᠷ ᠴᠢᠷᠮᠠᠢᠨ ᠵᠢᠳᠬᠦᠭᠰᠡᠨ ᠰᠠᠢᠨ ᠰᠡᠳᠬᠢᠯ ᠡᠴᠡ ᠡᠳᠦᠭᠰᠡᠨ ᠵᠢᠷᠤᠮᠲᠤ ᠶᠠᠪᠤᠳᠠᠯ ᠮᠥᠨ ᠪᠣᠯᠪᠠᠴᠤ᠂ ᠭᠠᠭᠴᠠ ᠬᠦ᠌ ᠥᠪᠡᠷ ᠦ᠋ᠨ ᠬᠦᠴᠦᠨ ᠡᠰᠡ ᠬᠦᠷᠦᠯᠴᠡᠪᠡᠰᠦ ᠭᠡᠳᠡᠷᠭᠦ ᠡᠭᠡᠵᠦ᠂ ᠴᠡᠷᠢᠭ ᠵᠠᠯᠭᠠᠯᠳᠤᠨ᠂ ᠵᠣᠪᠠᠯᠠᠩ ᠵᠤᠵᠠᠭᠠᠷᠠᠨ ᠶᠡᠬᠡ ᠭᠠᠮᠰᠢᠭ ᠳᠡᠭᠳᠡᠬᠦ ᠶ᠋ᠢ ᠬᠠᠨ ᠲᠦᠸᠧ ᠵᠧᠦ ᠪᠣᠳᠣᠵᠤ ᠡᠰᠡ ᠣᠯᠵᠤᠬᠤᠢ》ᠬᠡᠮᠡᠭᠰᠡᠨ᠎ᠡ᠂ ᠬᠠᠵᠠᠭᠤ ᠠ᠋ᠴᠠ ᠬᠠᠨ ᠲᠦᠸᠧ ᠵᠧᠦ ᠶ᠋ᠢᠨ ᠬᠠᠩᠰᠢᠷ ᠳᠡᠭᠡᠭᠡ ᠶᠠᠪᠤᠭᠰᠠᠨ ᠲᠧᠩ ᠢᠦ ᠯᠦᠩ ᠬᠡᠮᠡᠭᠴᠢ ᠬᠥᠮᠦᠨ ᠬᠡᠳᠦᠢᠪᠡᠷ ᠶᠠᠯᠠᠯᠠᠭᠳᠠᠨ ᠰᠤᠯᠠ ᠢᠷᠭᠡᠨ ᠪᠣᠯᠤᠭᠰᠠᠨ ᠪᠣᠯᠪᠠᠴᠤ ᠣᠯᠠᠨ ᠶᠡᠬᠡᠰ ᠰᠠᠢᠳ ᠲᠡᠭᠦᠨᠦ ᠬᠠᠭᠤᠴᠢᠨ ᠢ᠋ ᠰᠠᠨᠠᠵᠤ᠂ ᠣᠯᠠᠨ ᠤ᠋ ᠰᠦᠷᠦᠭ ᠲᠣᠷ ᠬᠤᠳᠬᠤᠯᠠᠭᠤᠯᠵᠤ ᠪᠠᠢᠭᠰᠠᠨ ᠲᠤᠯᠠ᠂ ᠲᠡᠷᠡ ᠳᠠᠷᠤᠢ ᠬᠣᠶᠠᠷ ᠯᠧᠦ ᠣᠪᠣᠭᠲᠤ ᠰᠠᠢᠳ ᠤ᠋ᠨ ᠦᠭᠡᠰ ᠢ᠋ ᠲᠣᠰᠴᠤ ᠠᠪᠤᠭᠠᠳ ᠬᠠᠷᠢᠭᠤ ᠥᠴᠢᠷᠦᠨ᠄
《 ᠠᠶ᠎ᠠ᠂ ᠬᠠᠨ ᠲᠦᠸᠧ ᠵᠧᠦ ᠬᠡᠷᠪᠡ ᠪᠣᠳᠣᠯᠭ᠎ᠠ ᠡᠰᠡ ᠠᠯᠳᠠᠵᠤ᠂ ᠪᠤᠷᠤᠭᠤ ᠦᠯᠦ ᠪᠣᠯᠤᠨ ᠡᠰᠡ ᠲᠠᠯᠠᠭᠳᠠᠭᠰᠠᠨ ᠪᠥᠭᠡᠰᠦ᠂ ᠠᠮᠠ ᠳᠦᠭᠦᠷᠡᠩ ᠠᠮᠠᠷᠬᠠᠨ ᠲᠠᠪᠠᠯᠠᠭᠴᠢ ᠡᠷᠭᠢᠨ ᠬᠣᠶᠠᠷ ᠰᠠᠢᠳ ᠶᠠᠭᠠᠬᠢᠨ ᠡᠨᠡ ᠬᠦ᠌ ᠬᠤᠪᠢ ᠰᠠᠭᠤᠷᠢᠨ᠎ᠠ ᠬᠦᠷᠴᠦ ᠴᠢᠳᠠᠬᠤ ᠠᠵᠠᠢ? ᠬᠠᠨ ᠲᠦᠸᠧ ᠵᠧᠦ ᠶ᠋ᠢᠨ ᠪᠣᠳᠣᠵᠤ ᠡᠰᠡ ᠣᠯᠤᠨ ᠪᠤᠷᠤᠭᠤᠳᠠᠭᠰᠠᠨ ᠳ᠋ᠤᠷ ᠪᠠᠶᠠᠷᠯᠠᠨ ᠰᠠᠨᠠᠪᠠᠰᠤ ᠵᠣᠬᠢᠬᠤ ᠠᠲᠠᠯ᠎ᠠ ᠭᠡᠳᠡᠷᠭᠦ ᠶᠠᠭᠤᠨᠳᠤ ᠪᠤᠷᠤᠭᠤᠰᠢᠶᠠᠨ ᠲᠠᠪᠠᠯᠠᠬᠤ ᠠᠵᠠᠢ? ᠡᠷᠭᠢᠨ ᠲᠠᠨ ᠤ᠋ ᠱᠤ᠌ ᠮᠢ ᠶᠤᠸᠠᠨ ᠤ᠋ ᠲᠤᠰᠢᠶᠠᠯ ᠳ᠋ᠤᠷ ᠣᠷᠣᠬᠤ ᠴᠠᠭ ᠲᠤᠷ ᠲᠡᠳᠡᠭᠡᠷ ᠡᠮᠢᠶᠡᠯ ᠲᠦᠭᠰᠢᠯ ᠨᠢᠭᠡᠨᠲᠡ ᠲᠠᠰᠤᠷᠠᠨ ᠲᠡᠭᠦᠰᠴᠦ ᠳᠠᠭᠤᠰᠴᠤ ᠪᠠᠷᠠᠭᠠᠳ᠂ ᠠᠯᠢᠪᠠ ᠬᠡᠷᠡᠭ ᠦᠢᠯᠡᠰ ᠴᠥᠮ ᠲᠣᠭᠲᠠᠨᠢᠨ ᠪᠦᠷᠢᠳᠦᠭᠰᠡᠨ ᠢ᠋ᠶ᠋ᠡᠷ ᠰᠠᠶᠢ ᠲᠠᠨ ᠲᠠᠨ ᠤ᠋ ᠡᠪᠰᠡᠯ ᠦ᠋ᠨ ᠡᠯᠴᠢ ᠶ᠋ᠢᠨ ᠡᠴᠢᠵᠦ ᠢᠷᠡᠭᠰᠡᠨ ᠬᠢᠯᠪᠠᠷ ᠳᠥᠭᠥᠮ ᠪᠣᠯᠤᠭᠰᠠᠨ ᠠᠨᠤ ᠴᠥᠮ ᠬᠠᠨ ᠲᠦᠸᠧ ᠵᠧᠦ ᠶ᠋ᠢᠨ ᠪᠣᠳᠣᠯᠭ᠎ᠠ ᠠᠯᠳᠠᠭᠠᠳ ᠪᠤᠷᠤᠭᠤᠲᠠᠨ ᠠᠯᠠᠭᠳᠠᠭᠰᠠᠨ ᠤ᠋ ᠰᠠᠢᠨ ᠲᠤᠯᠠ ᠵᠠᠪᠰᠢᠶᠠᠨ ᠢ᠋ ᠣᠯᠵᠤ ᠪᠡᠶᠡᠰᠪᠡᠰᠦ ᠵᠣᠬᠢᠨᠠᠮ ᠪᠥᠭᠡᠲᠡᠯ᠎ᠡ ᠪᠠᠰᠤᠮᠵᠢᠯᠠᠨ ᠲᠠᠪᠠᠯᠠᠬᠤ ᠠᠨᠤ ᠵᠣᠬᠢᠮᠤᠢ ᠤᠤ? ᠬᠠᠨ ᠲᠦᠸᠧ ᠵᠧᠦ ᠰᠠᠢᠨ ᠶᠠᠪᠤᠬᠤ ᠴᠠᠭ ᠲᠤᠷ ᠭᠠᠪᠢᠶ᠎ᠠ ᠰᠠᠭᠤᠷᠢᠨ ᠢ᠋ ᠬᠠᠨᠲᠠᠯ᠎ᠠ ᠣᠯᠵᠤ ᠶᠠᠪᠤᠪᠠ᠂ ᠮᠠᠭᠤ ᠪᠤᠯᠬᠤᠢ ᠶ᠋ᠢᠨ ᠦᠶ᠎ᠡ ᠳ᠋ᠦ᠍ᠷ ᠭᠠᠰᠢᠭᠤᠨ ᠴᠠᠭᠠᠵᠠ ᠶ᠋ᠢ ᠪᠡᠶ᠎ᠡ ᠳ᠋ᠦ᠍ᠷ ᠬᠦᠯᠢᠶᠡᠨ ᠦᠬᠦᠪᠡ᠃ ᠲᠡᠭᠦᠨ ᠳ᠋ᠦ᠍ᠷ ᠶᠠᠮᠪᠠᠷ ᠨᠢᠭᠡᠨ ᠤᠷᠪᠠᠵᠤ ᠲᠡᠷᠰᠯᠡᠭᠰᠡᠨ ᠪᠤᠷᠤᠭᠤ ᠪᠠᠢᠮᠤᠢ ᠤᠤ? ᠨᠢᠭᠡᠨ ᠦᠵᠡᠬᠦᠢ ᠳ᠋ᠦ᠍ᠷ ᠬᠠᠨ ᠲᠦᠸᠧ ᠵᠧᠦ ᠬᠠᠷᠢᠨ ᠣᠷᠣᠵᠤ ᠡᠭᠡᠬᠦᠢ ᠶ᠋ᠢ ᠴᠥᠮ ᠵᠢᠷᠤᠮ ᠳ᠋ᠤᠷ ᠪᠠᠷᠢᠯᠳᠤᠭᠤᠯᠤᠨ ᠴᠢᠳᠠᠵᠤ ᠵᠢᠳᠬᠦᠭᠰᠡᠨ ᠲᠤᠯᠠ ᠤᠷᠤᠭᠰᠢᠯᠠᠨ ᠣᠷᠣᠵᠤ ᠵᠢᠳᠬᠦᠬᠦᠢ ᠶ᠋ᠢᠨ ᠤᠴᠢᠷ ᠲᠤᠷ ᠠᠯᠠᠭᠳᠠᠵᠤ ᠴᠢᠳᠠᠭᠰᠠᠨ ᠠᠨᠤ ᠪᠣᠯᠠᠢ᠃ ᠣᠯᠠᠨ ᠢ᠋ᠶ᠋ᠠᠷ ᠦᠨᠡᠨ ᠲᠤᠰᠤᠯᠲᠠ ᠶ᠋ᠢ ᠠᠨᠤ ᠬᠢᠨᠠᠨ ᠲᠣᠯᠢᠯᠠᠵᠤ ᠦᠵᠡᠭᠳᠡᠬᠦᠢ᠃ ᠮᠢᠨᠦ ᠡᠨᠡ ᠢᠨᠤ ᠲᠡᠭᠦᠨ ᠢ᠋ ᠦᠬᠦᠪᠡ ᠭᠡᠮᠡᠨ ᠦᠯᠦ ᠳᠠᠷᠤᠯᠠᠨ ᠦᠨᠡᠨ ᠵᠢᠳᠬᠦᠯ ᠦ᠋ᠨ ᠤᠴᠢᠷ ᠢ᠋ ᠥᠭᠦᠯᠡᠵᠦ ᠭᠠᠷᠭᠠᠪᠠ᠃ ᠪᠠᠷᠠᠭᠤᠨ ᠱᠤ᠌ ᠭᠠᠵᠠᠷ ᠤ᠋ᠨ ᠡᠦ ᠰᠢ ᠤᠷᠪᠠᠵᠤ ᠠᠯᠲᠠᠨ ᠤᠯᠤᠰ ᠤ᠋ᠨ ᠸᠠᠩ ᠪᠣᠯᠵᠤ ᠠᠯᠠᠭᠳᠠᠬᠤ ᠠ᠋ᠴᠠ ᠵᠡᠭᠦᠨ ᠬᠤᠸᠠᠢ ᠶ᠋ᠢᠨ ᠲᠦᠸᠧ ᠵᠧᠦ ᠶ᠋ᠢᠨ ᠵᠢᠳᠬᠦᠵᠦ ᠠᠯᠲᠠᠨ ᠤᠯᠤᠰ ᠯᠤᠭ᠎ᠠ ᠡᠰᠡᠷᠭᠦᠯᠡᠭᠰᠡᠭᠡᠷ ᠥᠪᠡᠷᠦᠨ ᠡᠵᠡᠨ ᠳ᠋ᠡᠭᠡᠨ ᠠᠯᠠᠭᠳᠠᠭᠰᠠᠨ ᠠᠨᠤ ᠳᠡᠭᠡᠷ᠎ᠡ ᠦᠭᠡᠢ ᠤᠤ ? ᠡᠭᠦᠨᠦ ᠲᠤᠯᠠ ᠪᠢ ᠡᠷᠭᠢᠨ ᠰᠠᠢᠳ ᠤ᠋ᠨ ᠠᠭᠤᠷᠰᠠᠬᠤ ᠵᠠᠨᠤᠬᠤ ᠠ᠋ᠴᠠ ᠵᠠᠢᠯᠠᠬᠤ ᠦᠭᠡᠢ ᠦᠨᠡᠨ ᠢ᠋ ᠥᠭᠦᠯᠡᠵᠦ᠂ ᠣᠨᠣᠯ ᠢ᠋ ᠤᠬᠠᠭᠤᠯᠪᠠᠢ》 ᠬᠡᠮᠡᠭᠰᠡᠨ ᠳ᠋ᠦ᠍ᠷ ᠬᠣᠶᠠᠷ ᠯᠧᠦ ᠲᠡᠷᠢᠭᠦᠯᠡᠨ ᠬᠤᠷᠢᠮ ᠤ᠋ᠨ ᠬᠣᠲᠠᠯᠠᠭᠠᠷ ᠴᠥᠮ ᠢ᠋ᠶ᠋ᠡᠷ ᠠᠮᠤᠷ ᠦᠭᠡᠢ ᠪᠣᠯᠵᠤ ᠦᠭᠡ ᠦᠭᠡᠢ ᠲᠣᠪ ᠳᠤᠭᠤᠢ ᠪᠣᠯᠤᠨ ᠰᠠᠭᠤᠪᠠᠢ᠃ ᠪᠢᠴᠢᠭ ᠠᠢᠯᠠᠳᠬᠤ ᠮᠡᠷᠭᠡᠳ ᠢ᠋ᠶ᠋ᠡᠷ ᠡᠨᠡ ᠨᠢᠭᠡᠨ ᠬᠡᠰᠡᠭ ᠢ᠋ ᠦᠵᠡᠭᠡᠳ 《ᠭᠠᠩ ᠮᠦ᠍ ᠪᠢᠴᠢᠭ 》 ᠢ ᠳᠤᠯᠢᠳᠠᠪᠠᠰᠤ ᠰᠥᠩ ᠤᠯᠤᠰ ᠤ᠋ᠨ ᠵᠠᠰᠠᠭ ᠴᠠᠭᠠᠵᠠ ᠪᠠ ᠵᠠᠯᠢᠬᠠᠢ ᠶ᠋ᠢᠨ ᠵᠠᠮ ᠣᠭᠴᠣ ᠲᠠᠰᠤᠷᠠᠬᠤᠢ ᠶ᠋ᠢ ᠤᠬᠠᠭᠳᠠᠬᠤᠢ᠃ ᠲᠡᠭᠦᠨᠴᠡ ᠣᠯᠠᠨ ᠲᠦᠰᠢᠮᠡᠳ ᠬᠠᠷᠠᠬᠠᠨ ᠠᠮᠤᠷ ᠦᠭᠡᠢ ᠪᠥᠬᠥᠶ᠎ᠡ᠂ ᠲᠡᠷᠢᠭᠦᠯᠡᠭᠰᠡᠨ ᠲᠦᠰᠢᠮᠡᠯ ᠦ᠋ᠨ ᠭᠠᠵᠠᠷ ᠠ᠋ᠴᠠ ᠬᠠᠭᠠᠨ ᠤ᠋ ᠵᠠᠷᠯᠢᠭ ᠤ᠋ᠨ ᠬᠡᠷᠡᠭ ᠪᠣᠢ ᠬᠡᠮᠡᠭᠰᠡᠨ ᠳ᠋ᠦ᠍ᠷ ᠪᠡᠯᠡᠬᠡᠨ ᠰᠢᠯᠲᠠᠭ ᠣᠯᠤᠯᠴᠠᠨ ᠪᠤᠷᠭᠢᠲᠠᠯᠠ ᠳᠠᠷᠬᠠᠨ ᠲᠥᠷᠥ ᠳ᠋ᠦ᠍ᠷ ᠭᠠᠷᠴᠤ ᠪᠠᠭᠤᠭᠰᠠᠨ ᠵᠠᠷᠯᠢᠭ ᠢ᠋ ᠬᠦᠯᠢᠶᠡᠪᠡᠰᠦ᠂ ᠦᠵᠡᠰᠡ᠂ ᠰᠥᠩ ᠤᠯᠤᠰ ᠤ᠋ᠨ ᠨᠡᠢᠰᠯᠡᠯ ᠦ᠋ᠨ ᠣᠢᠷᠠᠯᠴᠠᠭ᠎ᠠ ᠵᠧ ᠵᠢᠶᠠᠩ ᠮᠣᠵᠢ ᠬᠢᠭᠡᠳ ᠵᠢᠴᠢ ᠵᠢᠶᠠᠩ ᠬᠤᠸᠠᠢ ᠶ᠋ᠢᠨ ᠭᠠᠵᠠᠷ ᠤ᠋ᠨ ᠭᠠᠮᠰᠢᠭ ᠲᠤᠷ ᠳᠠᠭᠠᠷᠢᠭᠳᠠᠭᠰᠠᠨ ᠬᠣᠶᠠᠷ ᠭᠠᠵᠠᠷ ᠤ᠋ᠨ ᠪᠣᠰᠨᠢᠨ ᠰᠠᠷᠨᠢᠭᠰᠠᠨ ᠣᠯᠠᠨ ᠢᠷᠭᠡᠨ᠎ᠡ ᠵᠠᠷᠯᠢᠭ ᠢ᠋ᠶ᠋ᠠᠷ ᠵᠣᠭᠣᠰ ᠨᠢᠭᠡᠨ ᠲᠦᠮᠡᠨ ᠬᠡᠯᠬᠢᠶ᠎ᠡ᠂ ᠠᠮᠤ ᠪᠤᠭᠤᠳᠠᠢ ᠬᠣᠷᠢᠨ ᠲᠦᠮᠡᠨ ᠳ᠋ᠠᠨ ᠪᠠᠭᠤᠯᠭᠠᠵᠤ᠂ ᠬᠠᠷᠢᠶ᠎ᠠ ᠬᠠᠷᠢᠶᠠᠲᠤ ᡁᠢ ᡁᠢ ᠱᠢ ᠲᠦᠰᠢᠮᠡᠯ ᠢ᠋ᠶ᠋ᠡᠷ ᠢᠨᠤ ᠲᠦᠭᠡᠭᠡᠯᠭᠡᠨ ᠲᠠᠷᠬᠠᠯᠭ᠎ᠠ ᠬᠡᠮᠡᠵᠦᠬᠦᠢ᠃
ᠡᠨᠡ ᠨᠢᠭᠡᠨ ᠰᠠᠢᠨ ᠦᠢᠯᠡᠰ ᠦ᠋ᠨ ᠲᠠᠰᠢᠷᠠᠮᠠ ᠮᠥᠨ ᠨᠢᠭᠡᠨ ᠰᠠᠢᠬᠠᠨ ᠰᠣᠨᠣᠰᠬᠠᠯ ᠬᠦᠷᠴᠦ ᠢᠷᠡᠭᠰᠡᠨ ᠢᠨᠤ ᠄ ᠡᠨᠡ ᠶᠢᠰᠦᠨ ᠰᠡᠷᠡᠳᠡ ᠂ ᠳᠤᠮᠳᠠᠳᠤ ᠠᠯᠲᠠᠨ ᠤᠯᠤᠰ ᠤ᠋ᠨ ᠬᠠᠭᠠᠨ ᠸᠠᠨ ᠶᠠᠨ ᠵᠢᠩ ᠭᠡᠨᠡᠳᠲᠡ ᠨᠢᠭᠡᠨ ᠡᠳᠦᠷ ᠦ᠋ᠨ ᠲᠥᠷᠥ ᠳ᠋ᠦ᠍ᠷ ᠵᠠᠷᠯᠢᠭ ᠪᠣᠯᠤᠨ ᠥᠭᠦᠯᠡᠷᠦᠨ :
《ᠡᠮᠦᠨᠡᠲᠦ ᠰᠥᠩ ᠤᠯᠤᠰ᠂ ᠬᠣᠢᠲᠤ ᠳ᠋ᠤᠷ ᠮᠣᠩᠭᠣᠯ ᠤᠯᠤᠰ᠂ ᠪᠠᠷᠠᠭᠤᠨ ᠳ᠋ᠤᠷ ᠲᠠᠩᠭᠤᠳ ᠤᠯᠤᠰ᠂ ᠵᠡᠭᠦᠨ ᠳ᠋ᠦ᠍ᠷ ᠯᠢᠶᠣᠣ ᠤᠯᠤᠰ ᠪᠣᠢ᠃ ᠮᠡᠬᠦᠰ ᠪᠢ ᠨᠢᠭᠡᠨ ᠨᠠᠰᠤᠨ ᠳ᠋ᠠᠭᠠᠨ ᠬᠢᠴᠢᠶᠡᠨ ᠲᠡᠭᠰᠢᠳᠬᠡᠵᠦ᠂ ᠠᠷᠭᠠᠴᠠᠰᠬᠢᠨ ᠲᠤᠯᠵᠤ ᠶᠠᠪᠤᠭᠰᠠᠨ ᠢ᠋ᠶ᠋ᠠᠷ ᠳᠥᠷᠪᠡᠨ ᠵᠦᠭ ᠦ᠋ᠨ ᠬᠠᠪᠴᠢᠭᠳᠠᠯ ᠢ᠋ ᠡᠳ᠋ᠯᠡᠭᠰᠡᠨ ᠦᠭᠡᠢ ᠪᠥᠯᠥᠭᠡ᠃ ᠪᠢ ᠡᠳᠦᠭᠡ ᠨᠠᠰᠤᠨ ᠳᠤᠮᠳᠠ ᠥᠩᠭᠡᠷᠡᠲᠡᠯ᠎ᠡ ᠬᠥᠪᠡᠭᠦᠨ ᠦᠭᠡᠢ᠂ ᠡᠴᠢᠭᠡ ᠬᠠᠭᠠᠨ ᠤ᠋ ᠬᠠᠢᠷᠠᠲᠤ ᠳᠡᠭᠦᠦ ᠸᠧᠢ ᠸᠠᠩ ᠶᠦᠩ ᠵᠢᠢ ᠵᠥᠭᠡᠯᠡᠨ ᠪᠠᠭᠤᠷᠠᠢ᠂ ᠪᠦᠷᠬᠦᠭ ᠪᠢᠳᠠᠭᠤ᠂ ᠬᠣᠢᠴᠢ ᠡᠳᠦᠷ ᠡᠷᠬᠡ ᠦᠭᠡᠢ ᠳᠥᠷᠪᠡᠨ ᠵᠦᠭ ᠦ᠋ᠨ ᠵᠣᠬᠢᠴᠠᠯ ᠢ ᠠᠯᠳᠠᠵᠤ ᠵᠦᠳᠡᠭᠦᠷᠢ ᠪᠣᠯᠭᠠᠮᠤᠢ᠃ ᠵᠡᠭᠦᠨ ᠪᠠᠷᠠᠭᠤᠨ ᠪᠠ ᠡᠮᠦᠨ᠎ᠡ ᠡᠲᠡᠭᠡᠳ ᠦ᠋ᠨ ᠲᠤᠯᠠ ᠬᠠᠷᠢᠨ ᠳᠡᠮᠡᠢ ᠵᠣᠪᠠᠬᠤ ᠦᠭᠡᠢ᠂ ᠵᠣᠪᠠᠭᠤᠷᠢᠰᠢᠶᠠᠨ ᠪᠣᠯᠭᠣᠮᠵᠢᠯᠠᠬᠤ ᠠᠨᠤ ᠤᠮᠠᠷᠠᠲᠤ ᠡᠲᠡᠭᠡᠳ ᠦ᠋ᠨ ᠪᠧᠲ᠋ᠠ᠋ ᠤᠯᠤᠰ ᠤ᠋ᠨ ᠡᠵᠡᠨ ᠲᠡᠮᠦᠵᠢᠨ ᠪᠣᠯᠠᠢ᠃ ᠲᠡᠷᠡ ᠬᠡᠮᠡᠭᠴᠢ ᠠᠷᠰᠯᠠᠨ ᠤ᠋ ᠵᠤᠯᠵᠠᠭ᠎ᠠ᠂ ᠬᠠᠨ ᠺᠠᠷᠣᠳᠢ ᠶ᠋ᠢᠨ ᠴᠤᠷᠪᠠᠭ᠎ᠠ ᠪᠤᠶᠤ᠃ ᠠᠷᠭ᠎ᠠ ᠤᠬᠠᠭᠠᠨ ᠢ᠋ᠶ᠋ᠠᠷ ᠡᠷᠬᠡ ᠳ᠋ᠦ᠍ᠷ ᠬᠣᠷᠢᠶᠠᠨ᠂ ᠡᠯ ᠪᠣᠯᠭᠠᠵᠤ ᠠᠪᠤᠪᠠᠰᠤ ᠵᠣᠬᠢᠨᠠᠮ ᠊ᠶ᠎ᠠ᠂ ᠠᠶᠤᠯᠭᠠᠵᠤ ᠰᠦᠷᠳᠡᠭᠦᠯᠦᠨ ᠠᠪᠤᠯᠴᠠᠨ ᠣᠷᠣᠯᠳᠣᠪᠠᠰᠤ ᠦᠯᠦ ᠪᠣᠯᠤᠮᠤᠢ᠃ ᠲᠡᠷᠡ ᠲᠡᠮᠦᠵᠢᠨ ᠢ᠋ ᠲᠥᠷᠥᠬᠦ ᠦᠶ᠎ᠡ ᠶ᠋ᠢᠨ ᠲᠡᠭᠷᠢ ᠶ᠋ᠢᠨ ᠴᠠᠭᠠᠨ ᠭᠡᠷᠡᠯ ᠦ᠋ᠨ ᠢᠷᠣ᠎ᠠ ᠶ᠋ᠢ ᠯᠢᠶᠣᠣ᠂ ᠰᠥᠩ᠂ ᠠᠯᠲᠠᠨ᠂ ᠲᠠᠩᠭᠤᠳ ᠪᠠ ᠮᠠᠨ ᠤ᠋ ᠡᠨᠡ ᠡᠮᠦᠨᠡᠲᠦ ᠶ᠋ᠢᠨ ᠲᠩᠷᠢ ᠶ᠋ᠢ ᠪᠣᠳᠣᠬᠤᠢ ᠶ᠋ᠢᠨ ᠶᠠᠮᠤᠨ᠎ᠠ ᠴᠥᠮ ᠲᠡᠮᠳᠡᠭᠯᠡᠭᠰᠡᠨ ᠰᠤᠳᠤᠷ ᠪᠣᠢ ᠪᠢᠰᠢᠦ? ᠤᠳᠠᠯ ᠦᠭᠡᠶ᠎ᠡ ᠡᠷᠬᠡ ᠦᠭᠡᠢ ᠨᠢᠭᠡᠨ ᠶᠡᠬᠡ ᠠᠶᠤᠩᠭ᠎ᠠ ᠴᠠᠬᠢᠯᠭᠠᠨ ᠤ᠋ ᠦᠢᠮᠡᠭᠡᠨ ᠰᠣᠨᠣᠰᠳᠠᠮᠤᠢ᠃ ᠲᠡᠢᠮᠦ ᠶ᠋ᠢᠨ ᠲᠤᠯᠠ ᠮᠡᠬᠦᠰ ᠪᠢ ᠠᠷᠤ ᠳ᠋ᠤᠷ ᠠᠮᠠᠷᠠᠭᠯᠠᠨ᠂ ᠡᠮᠦᠨ᠎ᠡ ᠶ᠋ᠢ ᠡᠮᠬᠦᠬᠦ ᠪᠥᠯᠥᠭᠡ᠂ ᠠᠷᠤ ᠡᠲᠡᠭᠡᠳ ᠢ᠋ ᠪᠠᠲᠤᠳᠠ ᠲᠦᠰᠢᠵᠦ᠂ ᠪᠤᠰᠤ ᠭᠤᠷᠪᠠᠨ ᠵᠦᠭ ᠢ᠋ ᠲᠤᠯᠬᠤᠢ ᠶ᠋ᠢᠨ ᠲᠤᠯᠠ᠂ ᠸᠧᠢ ᠸᠠᠩ ᠶᠦᠩ ᠵᠢᠢ ᠶ᠋ᠢ ᠬᠡᠳᠦᠨ ᠵᠡᠷᠭᠡ ᠲᠡᠮᠦᠵᠢᠨ ᠯᠦ᠍ᠭᠡ ᠠᠮᠠᠷᠠᠭᠯᠠᠷᠠ ᠢᠯᠡᠭᠡᠪᠡᠰᠦ᠂ ᠲᠡᠷᠡ ᠠᠮᠠᠷᠠᠭᠯᠠᠨ ᠡᠰᠡ ᠴᠢᠳᠠᠭᠰᠠᠨ ᠢ᠋ᠶ᠋ᠠᠷ ᠦᠯᠦ ᠪᠠᠷᠠᠮ᠂ ᠦᠰ ᠲᠡᠢ ᠪᠣᠯᠤᠨ ᠢᠷᠡᠵᠦ᠂ ᠠᠮᠠᠨ ᠠ᠋ᠴᠠ ᠪᠠᠢᠨ ᠪᠠᠢᠨ ᠠᠷᠤ ᠶ᠋ᠢᠨ ᠲᠡᠮᠦᠵᠢᠨ ᠢ᠋ ᠠᠷᠢᠯᠭ᠎ᠠ ᠬᠡᠮᠡᠬᠦ ᠦᠭᠡ ᠭᠠᠷᠤᠮᠤᠢ᠃ ᠠᠶ᠎ᠠ ᠠᠯᠢᠪᠠ ᠠᠯᠳᠠᠰᠢ ᠴᠥᠮ ᠡᠭᠦᠨᠴᠡ ᠡᠭᠦᠰᠦᠮᠦᠢ᠃ ᠡᠪᠡᠰᠦᠨ ᠦ᠌ ᠦᠷ᠎ᠡ ᠤᠰᠤᠨ ᠤ᠋ ᠰᠢᠮᠠᠭᠤᠯ ᠤ᠋ᠨ ᠢᠳᠡᠰᠢᠲᠦ ᠥᠬᠡᠨᠴᠡ ᠪᠠᠭᠤᠷᠠᠢ ᠡᠮᠦᠨᠡᠲᠦ ᠰᠥᠩ ᠤᠯᠤᠰ ᠢ᠋ ᠳᠠᠢᠯᠠᠨ ᠲᠦᠪᠰᠢᠳᠬᠡᠵᠦ ᠦᠯᠦ ᠴᠢᠳᠠᠨᠠᠮ ᠪᠥᠭᠡᠳ ᠦᠬᠡᠷ ᠦ᠋ᠨ ᠮᠢᠬ᠎ᠠ ᠶᠠᠰᠤᠨ ᠤ᠋ ᠴᠥᠮᠥᠭᠡ ᠶ᠋ᠢᠨ ᠠᠮᠢᠳᠤᠷᠠᠯᠳᠤ ᠠᠶᠤᠮᠰᠢᠭᠲᠠᠢ ᠰᠦᠷᠡᠬᠡᠢ ᠠᠷᠤ ᠮᠣᠩᠭᠣᠯ ᠤᠯᠤᠰ ᠢ᠋ ᠬᠡᠷᠬᠢᠨ ᠠᠯᠠᠵᠤ ᠠᠷᠢᠯᠭᠠᠨ ᠴᠢᠳᠠᠬᠤ ᠠᠵᠠᠢ? ᠤᠭ ᠲᠤᠷ ᠪᠢᠳᠡᠨ ᠦ᠌ ᠵᠦᠷᠴᠢᠨ ᠤᠯᠤᠰ ᠤ᠋ᠨ ᠲᠠᠢᠽᠦ ᠲᠠᠢᠽᠥ᠋ᠩ ᠦ᠋ᠨ ᠦᠶ᠎ᠡ ᠳ᠋ᠦ᠍ᠷ ᠮᠥᠨ ᠬᠦ᠌ ᠪᠧᠲ᠋ᠠ᠋ ᠤᠯᠤᠰ ᠤ᠋ᠨ ᠮᠣᠩᠭᠣᠯ ᠮᠡᠲᠦ ᠬᠠᠲᠠᠭᠤ ᠴᠠᠬᠢᠷᠠᠭ ᠪᠠᠢᠭᠰᠠᠨ ᠢ᠋ᠶ᠋ᠠᠷ ᠰᠠᠶᠢ ᠡᠨᠡ ᠠᠯᠲᠠᠨ ᠤ᠋ ᠤᠯᠤᠰ ᠲᠥᠷᠥ ᠶ᠋ᠢ ᠶᠡᠬᠡᠳᠬᠡᠵᠦ ᠪᠠᠢᠭᠤᠯᠤᠭᠰᠠᠨ ᠪᠥᠯᠥᠭᠡ᠃ ᠡᠳᠦᠭᠡ ᠳ᠋ᠡᠭᠡᠨ ᠬᠦᠷᠴᠦ ᠳᠤᠮᠳᠠᠳᠤ ᠤᠯᠤᠰ ᠤ᠋ᠨ ᠰᠢᠷᠣᠢ ᠤᠰᠤᠨ ᠤ᠋ ᠲᠠᠮᠢᠷ ᠠᠮᠢᠰᠬᠤᠯ ᠢ᠋ ᠠᠪᠴᠤ ᠴᠥᠮ ᠢ᠋ᠶ᠋ᠡᠷ ᠵᠥᠭᠡᠯᠡᠨ ᠪᠠᠭᠤᠷᠠᠢ ᠪᠣᠯᠤᠯᠴᠠᠵᠤ᠂ ᠪᠦᠷᠬᠦᠭ ᠪᠢᠳᠠᠭᠤ᠂ ᠤᠵᠢᠳ ᠴᠡᠩᠭᠡᠯ ᠳ᠋ᠦ᠍ᠷ ᠨᠡᠷᠪᠡᠭᠳᠡᠭᠰᠡᠨ ᠪᠥᠭᠡᠲᠡᠯ᠎ᠡ ᠰᠣᠭᠲᠣᠭᠤ ᠡᠷ᠎ᠡ ᠰᠤᠯᠠ ᠭᠠᠷ ᠢ᠋ᠶ᠋ᠠᠷ ᠪᠠᠷᠰ ᠢᠷᠪᠢᠰ ᠯᠦ᠍ᠭᠡ ᠠᠪᠤᠯᠴᠠᠬᠤ ᠰᠠᠨᠠᠭᠠᠨ ᠢ᠋ ᠪᠠᠷᠢᠬᠤ ᠠᠨᠤ ᠲᠦᠭᠰᠢᠭᠦᠷᠢ ᠦᠭᠡᠢ ᠤᠤ? ᠠᠷᠤ ᠳ᠋ᠤᠷ ᠠᠮᠠᠷᠠᠭᠯᠠᠨ ᠡᠰᠡ ᠴᠢᠳᠠᠪᠠᠰᠤ ᠂ ᠥᠪᠥᠷ ᠢ᠋ ᠡᠪᠦᠷᠯᠡᠨ ᠶᠠᠪᠤᠬᠤ ᠠᠨᠤ ᠵᠦᠢ ᠪᠤᠰᠤ ᠤᠤ? ᠡᠳᠦᠭᠡ ᠨᠢᠭᠡᠨᠲᠡ ᠠᠶᠤᠯᠭᠠᠨ ᠠᠪᠴᠤ ᠠᠯᠪᠠ ᠭᠤᠪᠴᠢᠭᠤᠷ ᠢ᠋ ᠨᠡᠮᠡᠵᠦ ᠲᠣᠭᠲᠠᠭᠠᠪᠠ᠂ ᠠᠯᠭᠤᠷ ᠢ᠋ᠶ᠋ᠠᠷ ᠠᠷᠭᠠᠳᠠᠵᠤ ᠰᠡᠳᠬᠢᠯ ᠢ᠋ ᠢᠨᠤ ᠠᠪᠴᠤ᠂ ᠠᠷᠤ ᠶ᠋ᠢᠨ ᠠᠶᠤᠯᠲᠠᠨ ᠯᠤᠭ᠎ᠠ ᠠᠮᠢᠰᠬᠤᠯ ᠡᠰᠡ ᠨᠢᠭᠡᠳᠦᠭᠦᠯᠬᠦ ᠪᠣᠯᠪᠠᠰᠤ ᠰᠠᠶᠢ ᠪᠣᠯᠤᠮᠤᠢ !》 ᠬᠡᠮᠡᠵᠦ᠂ ᠵᠠᠷᠯᠢᠭ ᠪᠠᠭᠤᠯᠭᠠᠨ ᠶᠡᠬᠡ ᠲᠦᠰᠢᠮᠡᠯ ᠠᠮᠠᠯᠠᠨ᠂ ᠰᠥᠩ ᠠᠯᠲᠠᠨ ᠬᠣᠶᠠᠷ ᠤᠯᠤᠰ ᠤ᠋ᠨ ᠬᠡᠷᠡᠭ ᠲᠡᠭᠦᠰᠴᠦ ᠬᠣᠷᠣᠰᠤᠯ ᠤᠰᠠᠳᠤᠭᠰᠠᠨ ᠨᠠᠢᠷ ᠨᠠᠢᠷᠠᠮᠳᠠᠭᠤ ᠡᠶ᠎ᠡ ᠡᠪ ᠲᠡᠢ ᠡᠪᠬᠡᠷᠡᠯᠳᠦ ᠵᠥᠭᠡᠯᠡᠨ ᠦᠭᠡᠰ ᠦ᠋ᠨ ᠵᠣᠣ ᠪᠢᠴᠢᠭ ᠪᠢᠴᠢᠭᠦᠯᠦᠨ᠂ ᠪᠠᠰᠠ ᠳᠤᠮᠳᠠᠳᠤ ᠤᠯᠤᠰ ᠤ᠋ᠨ ᠬᠦᠨᠳᠦ ᠪᠡᠯᠡᠭ - ᠣᠷᠬᠣᠳᠠᠢ ᠡᠮ᠂ ᠴᠢᠰᠤᠨ ᠡᠪᠡᠷ᠂ ᠪᠣᠷᠣ ᠪᠤᠯᠠᠭ᠎ᠠ᠂ ᠬᠠᠯᠢᠭᠤ᠂ ᠴᠢᠬᠢᠷ ᠦᠨᠡᠭᠡ᠂ ᠵᠦᠢᠯ ᠪᠦᠷᠢ ᠶ᠋ᠢᠨ ᠠᠷᠤ ᠦᠰᠦ ᠬᠢᠭᠡᠳ ᠬᠠᠴᠢ ᠭᠦᠷᠭᠦᠮ᠂ ᠲᠠᠮᠠᠬᠢ᠂ ᠰᠠᠢᠨ ᠮᠣᠷᠢᠨ ᠵᠡᠷᠭᠡ ᠬᠣᠢᠲᠤ ᠭᠠᠵᠠᠷ ᠡᠯᠪᠡᠭ ᠪᠣᠯᠪᠠᠴᠤ ᠡᠮᠦᠨ᠎ᠡ ᠭᠠᠵᠠᠷ᠎ᠠ ᠬᠣᠪᠣᠷ᠂ ᠮᠢᠩᠭᠠᠨ ᠲᠦᠮᠡᠨ ᠯᠠᠩ ᠮᠥᠩᠭᠥᠨ ᠦ᠌ ᠦᠨ᠎ᠡ ᠬᠦᠷᠬᠦ ᠶᠡᠬᠡ ᠪᠡᠯᠡᠭ ᠲᠡᠢ ᠬᠦᠷᠭᠡᠭᠦᠯᠵᠦ᠂ ᠬᠣᠶᠠᠷ ᠡᠲᠡᠭᠡᠳ ᠦ᠋ᠨ ᠵᠥᠭᠡᠯᠡᠨ ᠲᠠᠩᠭᠠᠷᠢᠭ ᠤ᠋ᠨ ᠠᠮᠠᠨ ᠦᠭᠡᠰ ᠨᠡᠢᠯᠡᠬᠦ ᠪᠡᠷ ᠡᠯᠴᠢᠯᠡᠨ ᠢᠯᠡᠭᠡᠭᠰᠡᠨ ᠠᠵᠤᠭᠤ᠃ ᠠᠯᠲᠠᠨ ᠤᠯᠤᠰ ᠤ᠋ᠨ ᠡᠯᠴᠢ ᠲᠦᠰᠢᠮᠡᠯ ᠶᠢᠰᠦᠨ ᠰᠡᠷᠡᠳᠡ᠂ ᠰᠥᠩ ᠤᠯᠤᠰ ᠤ᠋ᠨ ᠯᠢᠨ ᠠᠨ ᠪᠠᠯᠭᠠᠰᠤᠨ ᠤ᠋ ᠣᠢᠷ᠎ᠠ ᠬᠦᠷᠦᠮᠡᠭᠴᠡ ᠮᠡᠳᠡᠭᠡ ᠢᠯᠡᠭᠡᠭᠰᠡᠨ ᠢ᠋ᠶ᠋ᠡᠷ ᠬᠡᠳᠦᠢᠨ ᠰᠥᠩ ᠤᠯᠤᠰ ᠤ᠋ᠨ ᠬᠠᠭᠠᠨ ᠡᠵᠡᠨ ᠡᠴᠡ ᠡᠬᠢᠯᠡᠨ ᠬᠠᠷᠠᠴᠤᠰ ᠢᠷᠭᠡᠳ ᠲᠣᠷ ᠬᠦᠷᠲᠡᠯ᠎ᠡ ᠶᠡᠬᠡᠯ᠎ᠡ ᠬᠥᠭᠡᠷᠦᠯᠴᠡᠨ ᠪᠠᠶᠠᠰᠤᠯᠴᠠᠵᠤ᠂ ᠮᠥᠷᠡᠨ ᠦ᠌ ᠬᠥᠪᠡᠭᠡ ᠡᠴᠡ ᠰᠥᠩ ᠨᠢᠩᠽᠥ᠋ᠩ ᠬᠠᠭᠠᠨ ᠤ᠋ ᠣᠢᠷ᠎ᠠ ᠤᠭᠰᠠᠭ᠎ᠠ ᠶ᠋ᠢᠨ ᠵᠦᠩ ᠸᠠᠩ ᠤ᠋ᠨ ᠶᠡᠬᠡ ᠵᠢᠭᠰᠠᠭᠠᠯ ᠤᠭᠲᠤᠵᠤ ᠴᠡᠷᠢᠭ ᠢᠷᠭᠡᠨ ᠵᠠᠮ ᠬᠠᠪᠴᠢᠨ ᠬᠣᠷᠢᠨ ᠭᠠᠵᠠᠷ ᠤ᠋ᠨ ᠤᠷᠲᠤ ᠪᠠᠢᠷᠢᠯᠠᠨ ᠰᠥᠭᠥᠳᠦᠨ ᠤᠭᠲᠤᠵᠤ᠂ ᠰᠥᠩ ᠨᠢᠩᠽᠥ᠋ᠩ ᠪᠡᠶ᠎ᠡ ᠪᠡᠷ ᠬᠣᠲᠠ ᠶ᠋ᠢᠨ ᠠᠰᠠᠷ ᠲᠤᠷ ᠭᠠᠷᠴᠤ᠂ ᠫᠤᠤ ᠲᠠᠯᠪᠢᠨ ᠬᠥᠭᠵᠢᠮ ᠡᠭᠦᠰᠬᠡᠨ ᠶᠣᠰᠣᠯᠠᠨ ᠤᠭᠲᠤᠵᠤ᠂ ᠤᠯᠤᠰ ᠤ᠋ᠨ ᠶᠡᠬᠡ ᠬᠠᠷᠰᠢ ᠳ᠋ᠤᠷ ᠭᠤᠷᠪᠠᠨ ᠡᠳᠦᠷ ᠦ᠋ᠨ ᠶᠡᠬᠡ ᠬᠤᠷᠢᠮ ᠬᠤᠷᠢᠮᠯᠠᠨ᠂ ᠠᠯᠲᠠᠨ ᠤᠯᠤᠰ ᠤ᠋ᠨ ᠵᠠᠩᠽᠥ᠋ᠩ ᠬᠠᠭᠠᠨ ᠸᠠᠨ ᠶᠠᠨ ᠵᠢᠩ ᠦ᠋ᠨ ᠤᠯᠤᠰ ᠤᠯᠠᠷᠢᠬᠤ ᠡᠷᠳᠡᠨᠢ ᠶ᠋ᠢᠨ ᠬᠠᠰ ᠲᠠᠮᠠᠭ᠎ᠠ ᠳᠠᠷᠤᠭᠰᠠᠨ ᠦᠨᠡᠨ ᠨᠠᠢᠷ ᠨᠠᠢᠷᠠᠮᠳᠠᠭᠤ ᠡᠨᠡᠷᠢᠯᠲᠦ ᠦᠭᠡᠰ ᠦ᠋ᠨ ᠵᠣᠣ ᠪᠢᠴᠢᠭ ᠢ᠋ ᠯᠢᠨ ᠠᠨ ᠬᠣᠲᠠ ᠶ᠋ᠢᠨ ᠳᠥᠷᠪᠡᠨ ᠵᠦᠭ ᠲᠦ᠍ᠷ ᠳᠥᠷᠪᠡᠨ ᠶᠡᠬᠡ ᠰᠢᠷ᠎ᠠ ᠮᠠᠩᠨᠤᠭ ᠤ᠋ᠨ ᠮᠠᠨᠳᠠᠯ ᠲᠠᠭᠲᠤ ᠳᠡᠯᠡᠳᠦᠭᠦᠯᠦᠨ ᠠᠯᠲᠠᠨ ᠤᠯᠤᠰ ᠤ᠋ᠨ ᠵᠣᠣ ᠪᠢᠴᠢᠭ ᠢ᠋ ᠦᠵᠡᠭᠦᠯᠦᠨ ᠣᠯᠠᠨ ᠴᠡᠷᠢᠭ ᠢᠷᠭᠡᠨ ᠳ᠋ᠦ᠍ᠷ ᠭᠤᠷᠪᠠᠨ ᠡᠳᠦᠷ ᠲᠣᠭᠣᠷᠢᠨ ᠳᠠᠭᠤᠳᠠᠵᠤ ᠰᠣᠨᠣᠰᠬᠠᠨ᠂ ᠪᠠᠰᠠ ᠪᠡᠯᠡᠭ ᠲᠣᠷ ᠢᠷᠡᠭᠰᠡᠨ ᠮᠢᠩᠭᠠᠨ ᠲᠦᠮᠡᠨ ᠯᠠᠩ ᠤ᠋ᠨ ᠦᠨ᠎ᠡ ᠬᠦᠷᠬᠦ ᠴᠤᠬᠠᠭ ᠨᠠᠷᠢᠨ ᠣᠯᠠᠨ ᠵᠦᠢᠯ ᠦ᠋ᠨ ᠪᠤᠯᠠᠭ᠎ᠠ ᠬᠠᠯᠢᠭᠤ ᠶ᠋ᠢᠨ ᠵᠦᠢᠯ ᠢ ᠠᠯᠲᠠᠳᠠᠭᠰᠠᠨ ᠲᠠᠪᠰᠢ ᠳ᠋ᠤᠷ ᠳᠡᠯᠭᠡᠨ ᠵᠢᠭᠰᠠᠭᠠᠵᠤ ᠳᠠᠮᠨᠠᠵᠤ ᠲᠣᠭᠣᠷᠢᠭᠤᠯᠤᠨ ᠭᠠᠢᠬᠠᠭᠤᠯᠵᠤ᠂ ᠪᠠᠰᠠ ᠠᠯᠲᠠᠨ ᠤᠯᠤᠰ ᠤ᠋ᠨ ᠡᠶᠡᠯᠳᠡᠭ ᠡᠨᠡᠯᠭᠡᠲᠦ ᠵᠣᠣ ᠪᠢᠴᠢᠭ ᠢ᠋ ᠡᠷᠳᠡᠨᠢ ᠲᠠᠮᠠᠭ᠎ᠠ ᠲᠠᠢ ᠶᠡᠬᠡ ᠬᠡᠪ ᠲᠣᠷ ᠰᠡᠢᠯᠦᠨ᠂ ᠲᠦᠮᠡᠨ ᠬᠠᠭᠤᠳᠠᠰᠤ ᠳᠠᠷᠤᠭᠠᠳ᠂ ᠤᠯᠤᠰ ᠡᠩᠬᠡᠵᠢᠨ ᠬᠠᠭᠠᠨ ᠡᠵᠡᠳ ᠬᠠᠷᠢᠯᠴᠠᠨ ᠠᠮᠠᠷᠠᠭᠯᠠᠭᠰᠠᠨ ᠢ᠋ ᠡᠮᠦᠨᠡᠲᠦ ᠰᠥᠩ ᠤᠯᠤᠰ ᠤ᠋ᠨ ᠳᠣᠲᠣᠷ᠎ᠠ ᠪᠦᠬᠦᠢ ᠮᠣᠵᠢ᠂ ᠹᠦ᠂ ᠵᠧᠦ᠂ ᠰᠢᠶᠠᠨ᠂ ᠵᠡᠭᠡᠯᠢ ᠭᠠᠢ᠂ ᠠᠢᠯ ᠭᠠᠴᠠᠭ᠎ᠠ ᠳ᠋ᠤᠷ ᠬᠦᠷᠲᠡᠯ᠎ᠡ ᠳᠦᠭᠦᠷᠲᠡᠯ᠎ᠡ ᠲᠠᠷᠬᠠᠭᠠᠨ ᠨᠠᠭᠠᠯᠳᠤᠭᠤᠯᠵᠤ᠂ ᠶᠡᠬᠡ ᠪᠠᠶᠠᠰᠬᠤᠯᠠᠩ ᠤ᠋ᠨ ᠶᠣᠰᠣᠭᠠᠷ ᠥᠷᠯᠥᠭ ᠠᠭᠤᠴᠢᠯᠠᠯ ᠪᠠᠭᠤᠯᠭᠠᠨ ᠤᠯᠤᠰ ᠤ᠋ᠨ ᠬᠣᠲᠠᠯᠠᠭᠠᠷ ᠪᠢᠴᠢᠭ ᠠᠢᠯᠠᠳᠬᠠᠨ ᠪᠠᠶᠠᠷ ᠲᠤᠷ ᠮᠥᠷᠭᠥᠵᠦ᠂ ᠠᠯᠲᠠᠨ ᠤᠯᠤᠰ ᠤ᠋ᠨ ᠡᠯᠴᠢ ᠳ᠋ᠦ᠍ᠷ ᠰᠥᠩ ᠦ᠋ᠨ ᠤᠭᠰᠠᠭ᠎ᠠ ᠸᠠᠩ ᠨᠠᠷ ᠠᠷᠢᠬᠢ ᠪᠠᠷᠢᠨ᠂ ᠬᠠᠷᠢᠭᠤ ᠠᠯᠲᠠᠨ ᠬᠠᠰ ᠰᠤᠪᠤᠳ ᠡᠷᠳᠡᠨᠢ ᠲᠠᠵᠢ ᠮᠠᠩᠨᠤᠭ ᠤ᠋ᠨ ᠵᠦᠢᠯ ᠦ᠋ᠨ ᠪᠡᠯᠡᠭ ᠡᠷᠭᠦᠵᠦ᠂ ᠬᠠᠭᠠᠰ ᠰᠠᠷ᠎ᠠ ᠶ᠋ᠢᠨ ᠶᠡᠬᠡ ᠵᠦᠴᠦᠭᠡ ᠬᠥᠭᠵᠢᠮ᠂ ᠬᠤᠷᠢᠮ ᠲᠣᠢ ᠪᠠᠷ ᠬᠦᠨᠳᠦᠯᠡᠨ ᠳᠠᠢᠴᠢᠯᠠᠵᠤ᠂ ᠮᠥᠨ ᠬᠦ᠌ ᠸᠠᠩ ᠤ᠋ᠨ ᠵᠢᠭᠰᠠᠭᠠᠯ ᠢ᠋ᠶ᠋ᠠᠷ ᠮᠥᠷᠡᠨ ᠦ᠌ ᠢᠷᠮᠡᠭ ᠬᠦᠷᠲᠡᠯ᠎ᠡ ᠬᠦᠷᠭᠡᠨ ᠰᠥᠭᠥᠳᠴᠦ ᠦᠳᠡᠨ ᠮᠣᠷᠳᠠᠭᠤᠯᠪᠠ᠃ ᠭᠤᠷᠪᠠᠨ ᠵᠢᠯ ᠦ᠋ᠨ ᠵᠠᠷ ᠵᠡᠪᠰᠡᠭ ᠦ᠋ᠨ ᠭᠠᠯ ᠳᠤᠸᠠᠯᠠᠬᠤ ᠴᠢᠰᠤᠨ ᠪᠠᠢᠯᠳᠤᠭᠠᠨ ᠤ᠋ ᠦᠢᠮᠡᠭᠡᠨ ᠬᠣᠶᠠᠷᠬᠠᠨ ᠬᠥᠮᠦᠨ ᠦ᠌ ᠲᠡᠷᠢᠭᠦᠨ ᠦ᠌ ᠭᠡᠭᠡᠨ ᠢ᠋ ᠣᠭᠲᠣᠯᠤᠮᠠᠭᠴᠠ ᠰᠠᠷᠠᠨ ᠪᠣᠯᠣᠷ ᠤ᠋ᠨ ᠶᠢᠷᠲᠢᠨᠴᠦ ᠪᠣᠯᠤᠯᠴᠠᠪᠠᠢ᠃
ᠰᠥᠩ ᠤᠯᠤᠰ ᠤ᠋ᠨ ᠨᠢᠩᠽᠦ᠋ᠩ ᠬᠠᠭᠠᠨ ᠵᠣᠣ ᠺᠦᠸᠧ᠂ ᠮᠥᠨ ᠪᠠᠶᠠᠷ ᠤ᠋ᠨ ᠲᠠᠰᠢᠷᠠᠮᠡ ᠡᠨᠡ ᠡᠪᠦᠯ ᠦ᠋ᠨ ᠠᠷᠪᠠᠨ ᠰᠠᠷ᠎ᠠ ᠶ᠋ᠢᠨ ᠪᠠᠭ᠎ᠠ ᠬᠠᠪᠤᠷ ᠤ᠋ᠨ ᠳᠤᠯᠠᠭᠠᠨᠠ ᠲᠥᠷᠥ ᠶ᠋ᠢᠨ ᠲᠦᠰᠢᠮᠡᠳ ᠢ᠋ ᠬᠤᠷᠢᠮᠯᠠᠨ ᠳᠡᠪᠰᠢᠭᠦᠯᠦᠭᠰᠡᠨ ᠢᠨᠥ᠄ ᠯᠢ ᠪᠦ ᠱᠠᠩ ᠱᠤ᠌ ᠲᠦᠰᠢᠮᠡᠯ ᠱᠢ ᠮᠢ ᠶᠤᠸᠠᠨ ᠢ᠋ ᠳᠠᠬᠢᠨ ᠳᠡᠪᠰᠢᠭᠦᠯᠵᠦ ᠵᠡᠭᠦᠨ ᠡᠲᠡᠭᠡᠳ ᠦ᠋ᠨ ᠲᠡᠷᠢᠭᠦᠯᠡᠭᠰᠡᠨ ᠴᠧᠩᠰᠢᠶᠠᠩ᠂ ᠵᠢᠴᠢ ᠱᠤ᠌ ᠮᠢ ᠱᠢ ᠰᠠᠢᠳ ᠴᠢᠶᠠᠨ ᠰᠢᠶᠠᠩ ᠵᠢᠦᠢ ᠶ᠋ᠢ ᠳᠡᠪᠰᠢᠭᠦᠯᠦᠨ ᠪᠠᠷᠠᠭᠤᠨ ᠡᠲᠡᠭᠡᠳ ᠦ᠋ᠨ ᠶᠡᠬᠡ ᠴᠧᠩᠰᠢᠶᠠᠩ᠂ ᠪᠠᠰᠠ ᠯᠧᠢ ᠰᠢᠶᠣᠤ ᠢ ᠬᠡᠮᠡᠭᠴᠢ ᠶ᠋ᠢ ᠳᠡᠪᠰᠢᠭᠦᠯᠵᠦ᠂ ᠱᠤ᠌ ᠮᠢ ᠶᠤᠸᠠᠨ ᠤ᠋ ᠬᠡᠷᠡᠭ ᠢ᠋ ᠲᠤᠰᠢᠶᠠᠨ ᠰᠢᠳᠬᠡᠭᠦᠯᠵᠦ᠂ ᠬᠣᠶᠠᠷ ᠯᠧᠦ ᠶ᠋ᠢ ᠬᠠᠪᠰᠤᠷᠭᠠᠨ ᠮᠡᠳᠡᠭᠦᠯᠵᠦ᠂ ᠯᠧᠦ ᠵᠢᠢ ᠳ᠋ᠦ᠍ᠷ ᠪᠠᠰᠠ ᠼᠠᠨ ᡁᠢ ᠵᠧᠩ ᠱᠢ ᠶ᠋ᠢᠨ ᠲᠤᠰᠢᠶᠠᠯ ᠨᠡᠮᠡᠭᠦᠯᠪᠡ᠃ ᠡᠨᠡ ᠦᠨᠡᠬᠡᠷ ᠭᠠᠰᠢᠭᠤᠨ ᠤ᠋ ᠲᠤᠢᠯ ᠳ᠋ᠤᠷ ᠬᠦᠷᠪᠡᠰᠦ ᠡᠭᠡᠵᠦ ᠠᠮᠲᠠᠲᠠᠢᠬᠠᠨ ᠪᠣᠯᠤᠭᠰᠠᠨ ᠰᠥᠩ ᠢ᠋ ᠬᠡᠯᠡᠬᠦ ᠦᠭᠡᠢ᠂ ᠭᠠᠪᠢᠶ᠎ᠠ ᠶ᠋ᠢᠨ ᠥᠨᠳᠥᠷ ᠲᠣᠷ ᠲᠤᠯᠪᠠᠰᠤ ᠡᠷᠭᠢᠵᠦ ᠭᠠᠮᠰᠢᠭ ᠪᠣᠯᠬᠤ ᠠᠯᠲᠠᠨ ᠤᠯᠤᠰ ᠢ᠋ ᠥᠭᠦᠯᠡᠰᠦᠭᠡᠢ᠃
ᠮᠥᠨ ᠡᠨᠡ ᠡᠪᠦᠯ ᠦ᠋ᠨ ᠠᠷᠪᠠᠨ ᠰᠡᠷᠡᠳᠡ᠂ ᠰᠥᠩ ᠤᠯᠤᠰ ᠲᠤᠷ ᠡᠴᠢᠭᠰᠡᠨ ᠡᠯᠴᠢ ᠠᠯᠲᠠᠨ ᠤᠯᠤᠰ ᠤ᠋ᠨ ᠨᠡᠢᠰᠯᠡᠯ ᠶᠠᠨ ᠵᠢᠩ ᠪᠠᠯᠭᠠᠰᠤᠨ᠎ᠠ ᠡᠭᠡᠨ ᠬᠦᠷᠴᠦ᠂ ᠰᠥᠩ ᠤᠯᠤᠰ ᠦᠨᠡᠨ ᠰᠡᠳᠬᠢᠯ ᠡᠴᠡᠭᠡᠨ ᠪᠠᠶᠠᠷᠯᠠᠯᠴᠠᠨ ᠰᠢᠲᠦᠯᠴᠡᠭᠰᠡᠨ ᠢ᠋ ᠪᠦᠷᠢᠨ᠎ᠡ ᠲᠣᠭᠠᠴᠢᠨ ᠠᠢᠯᠠᠳᠬᠠᠵᠤ ᠵᠠᠷᠯᠢᠭ ᠢ᠋ ᠡᠭᠡᠭᠦᠯᠦᠭᠰᠡᠨ ᠰᠥᠨᠢ᠂ ᠠᠯᠲᠠᠨ ᠤ᠋ ᠵᠠᠩᠽᠦ᠋ᠩ ᠸᠠᠨ ᠶᠠᠨ ᠵᠢᠩ ᠦ᠋ᠨ ᠵᠡᠭᠦᠳᠦᠨ᠎ᠡ ᠤᠯᠠᠭᠠᠨ ᠨᠠᠷᠠᠨ ᠭᠡᠨᠡᠳᠲᠡ ᠨᠢᠭᠡᠨ ᠮᠥᠩᠭᠥᠨ ᠦ᠌ ᠲᠣᠯᠢ ᠪᠣᠯᠤᠨ ᠬᠤᠪᠢᠯᠵᠤ᠂ ᠤᠨᠠᠵᠤ ᠢᠷᠡᠨ᠂ ᠲᠠᠢᠱᠠᠨ ᠠᠭᠤᠯᠠᠨ ᠤ᠋ ᠶᠡᠬᠡ ᠰᠢᠷᠣᠢ ᠳ᠋ᠤᠷ ᠣᠷᠣᠵᠤ ᠪᠤᠯᠠᠭᠳᠠᠪᠠ ᠭᠡᠮᠡᠨ ᠰᠣᠴᠢᠨ ᠰᠡᠷᠢᠭᠡᠳ᠂ ᠰᠠᠬᠢᠯ ᠮᠠᠨᠠᠭᠤᠯ ᠳ᠋ᠤᠷ ᠰᠠᠭᠤᠬᠤ ᠵᠢᠰᠢᠶᠠᠨ ᠤ᠋ ᠣᠯᠠᠨ ᠲᠠᠢᠭᠠᠨ ᠠ᠋ᠴᠠ ᠶᠠᠮᠪᠠᠷ ᠴᠠᠭ ᠪᠣᠯᠪᠠ ᠭᠡᠮᠡᠨ ᠠᠰᠠᠭᠤᠪᠠᠰᠤ ᠣᠯᠠᠨ ᠲᠠᠢᠭᠠᠨ ᠨᠠᠷ ᠠᠢᠯᠠᠳᠬᠠᠷᠤᠨ᠄
《ᠭᠠᠬᠠᠢ ᠴᠠᠭ ᠤ᠋ᠨ ᠳᠤᠮᠳᠠ ᠪᠣᠯᠪᠠ᠂ ᠥᠨᠥᠬᠡᠨ ᠡᠮᠦᠨᠡᠲᠦ ᠬᠠᠷᠰᠢ ᠶ᠋ᠢᠨ ᠭᠣᠣᠯ ᠣᠷᠣᠢ ᠳ᠋ᠤᠷ ᠨᠢᠭᠡᠨ ᠶᠡᠬᠡ ᠣᠳᠣᠨ ᠤᠨᠠᠵᠤ᠂ ᠪᠠᠬᠠᠨ ᠬᠦᠷᠴᠢᠭᠢᠨᠡᠨ ᠳᠣᠯᠭᠢᠰᠬᠤ ᠴᠢᠮᠡᠭᠡ ᠳ᠋ᠦ᠍ᠷ ᠬᠠᠭᠠᠨ ᠡᠵᠡᠨ ᠰᠣᠴᠢᠨ ᠰᠡᠷᠢᠪᠡᠢ》 ᠬᠡᠮᠡᠭᠰᠡᠨ᠎ᠡ᠂ ᠸᠠᠨ ᠶᠠᠨ ᠵᠢᠩ ᠳᠠᠬᠢᠨ ᠰᠡᠳᠬᠢᠯ ᠢ᠋ᠶ᠋ᠡᠨ ᠲᠣᠭᠲᠠᠭᠠᠵᠤ ᠪᠣᠳᠣᠵᠤ ᠦᠵᠡᠬᠦᠯ᠎ᠡ᠂ ᠡᠨᠡ ᠵᠡᠭᠦᠳᠦᠨ ᠦ᠌ ᠨᠠᠷᠠᠨ ᠬᠡᠮᠡᠭᠴᠢ ᠬᠠᠭᠠᠨ ᠬᠥᠮᠦᠨ ᠦ᠌ ᠪᠠᠢᠳᠠᠯ᠂ ᠮᠥᠩᠭᠥᠨ ᠬᠡᠮᠡᠭᠴᠢ ᠮᠢᠨᠦ ᠣᠪᠣᠭ ᠸᠠᠨ ᠶᠠᠨ᠂ ᠲᠣᠯᠢ ᠬᠡᠮᠡᠭᠴᠢ ᠮᠢᠨᠦ ᠨᠡᠷ᠎ᠡ ᠶ᠋ᠢ ᠲᠠᠰᠢᠶᠠᠯᠠᠨ ᠲᠠᠢᠯᠪᠠᠰᠤ ᠵᠢᠩ ᠬᠡᠮᠡᠭᠴᠢ ᠮᠢᠨᠦ ᠨᠡᠷ᠎ᠡ᠂ ᠲᠠᠢᠱᠠᠨ ᠠᠭᠤᠯᠠ ᠬᠡᠮᠡᠭᠴᠢ ᠶᠡᠬᠡ ᠰᠢᠷᠣᠢ ᠮᠥᠨ᠂ ᠮᠥᠩᠭᠥᠨ ᠦ᠌ ᠲᠣᠯᠢ ᠶᠡᠬᠡ ᠰᠢᠷᠣᠢ ᠳ᠋ᠤᠷ ᠪᠤᠯᠠᠭᠳᠠᠨ ᠳᠠᠷᠤᠭᠳᠠᠪᠠᠰᠤ ᠤᠰᠠᠳᠴᠤ ᠳᠠᠭᠤᠰᠬᠤ ᠲᠤᠯᠠ ᠬᠠᠭᠠᠨ ᠰᠠᠭᠤᠬᠤ ᠸᠠᠨ ᠶᠠᠨ ᠵᠢᠩ ᠮᠢᠨᠦ ᠪᠡᠶ᠎ᠡ ᠡᠴᠦᠰᠯᠡᠨ ᠦᠬᠦᠬᠦ ᠴᠠᠭ ᠬᠦᠷᠴᠦ ᠢᠷᠡᠵᠦᠬᠦᠢ ᠭᠡᠮᠡᠨ ᠭᠠᠭᠴᠠᠭᠠᠷ ᠬᠡᠳᠦᠨᠲᠡ ᠪᠣᠳᠣᠭᠠᠳ ᠳᠠᠷᠤᠢ ᠪᠣᠰᠴᠤ ᠲᠠᠮᠠᠭ᠎ᠠ ᠳᠠᠷᠤᠭᠰᠠᠨ ᠪᠡᠯᠡᠨ ᠯᠤᠤᠲᠤ ᠬᠠᠭᠤᠳᠠᠰᠤᠨ ᠳ᠋ᠤᠷ ᠨᠡᠯᠢᠶᠡᠳ ᠵᠠᠷᠯᠢᠭ ᠪᠢᠴᠢᠭ ᠪᠢᠴᠢᠭᠡᠳ᠂ ᠲᠡᠷᠡ ᠰᠥᠨᠢ ᠶ᠋ᠢᠨ ᠵᠢᠰᠢᠶᠠᠨᠡ ᠢᠨᠠᠭ ᠹᠧᠢ ᠵᠢᠶᠠ ᠣᠪᠣᠭᠲᠤ ᠰᠢᠳᠠᠷ ᠪᠠᠢᠭᠰᠠᠨ ᠢ᠋ᠶ᠋ᠠᠷ ᠡᠨᠡ ᠪᠢᠲᠡᠭᠦᠮᠵᠢᠯᠡᠭᠰᠡᠨ ᠵᠠᠷᠯᠢᠭ ᠢ᠋ ᠲᠤᠰᠢᠶᠠᠨ ᠬᠠᠳᠠᠭᠠᠯᠠᠭᠤᠯᠵᠤ᠄
《ᠮᠡᠬᠦᠰ ᠪᠢ ᠰᠠᠭᠤᠷᠢᠨ ᠳ᠋ᠤᠷ ᠡᠭᠡᠬᠦ ᠡᠳᠦᠷ ᠣᠢᠷ᠎ᠠ ᠪᠣᠯᠪᠠ᠂ ᠠᠷᠪᠠᠨ ᠬᠣᠶᠠᠷ ᠬᠣᠨᠣᠭ ᠠ᠋ᠴᠠ ᠬᠡᠲᠦᠷᠡᠬᠦ ᠦᠭᠡᠢ᠃ ᠬᠤᠸᠠᠩᠬᠡᠦ ᠶ᠋ᠢᠨ ᠪᠡᠶ᠎ᠡ ᠰᠤᠪᠠᠢ ᠰᠤᠭᠤᠯᠳᠤᠷ ᠪᠣᠯᠪᠠᠴᠤ ᠹᠠᠨ ᠬᠦᠢ ᠹᠧᠢ ᠵᠢᠴᠢ ᠴᠢᠨᠦ ᠪᠡᠶ᠎ᠡ ᠴᠥᠮ ᠤᠷᠤᠭ ᠣᠯᠵᠤ ᠵᠢᠷᠮᠦᠰᠦᠨ ᠪᠣᠯᠪᠠ᠃ ᠴᠢ ᠡᠨᠡ ᠠᠷᠪᠠᠨ ᠨᠢᠭᠡᠨ ᠰᠡᠷᠡᠳᠡ ᠬᠥᠩᠭᠡᠵᠢᠮᠦᠢ᠂ ᠹᠠᠨ ᠹᠧᠢ ᠬᠣᠢᠲᠤ ᠵᠢᠯ ᠦ᠋ᠨ ᠴᠠᠭᠠᠨ ᠰᠡᠷᠡᠳᠡ ᠬᠥᠩᠭᠡᠵᠢᠮᠦᠢ᠃ ᠬᠣᠶᠠᠭᠤᠯᠠ ᠴᠥᠮ ᠬᠥᠪᠡᠭᠦᠨ ᠪᠣᠯᠪᠠᠰᠤ ᠠᠬᠠᠮᠠᠳ ᠢ᠋ ᠠᠨᠤ ᠬᠠᠭᠠᠨ ᠰᠠᠭᠤᠷᠢᠨ ᠢ᠋ ᠵᠠᠯᠭᠠᠮᠵᠢᠯᠠᠭᠤᠯᠤᠨ᠂ ᠳᠡᠭᠦᠦ ᠶ᠋ᠢ ᠢᠨᠤ ᠫᠢᠩ ᠵᠠᠩ ᠵᠧᠩ ᠱᠢ ᠶ᠋ᠢᠨ ᠡᠷᠬᠡ ᠶ᠋ᠢ ᠪᠠᠷᠢᠭᠤᠯᠵᠤ᠂ ᠸᠠᠩ ᠡᠷᠭᠦᠮᠵᠢᠯᠡᠭᠦᠯᠦᠨ ᠬᠣᠢᠲᠤ ᠮᠣᠩᠭᠣᠯ ᠤᠯᠤᠰ ᠤ᠋ᠨ ᠴᠢᠩᠭᠢᠰ ᠲᠡᠮᠦᠵᠢᠨ ᠦ᠌ ᠠᠴᠢ ᠥᠬᠢᠨ ᠡᠴᠡ ᠬᠠᠲᠤᠨ ᠪᠣᠯᠭᠠᠨ ᠠᠪᠴᠤ ᠥᠭ᠃ ᠬᠡᠷᠪᠡ ᠴᠥᠮ ᠥᠬᠢᠨ ᠲᠥᠷᠥᠪᠡᠰᠦ᠂ ᠮᠣᠩᠭᠣᠯ ᠲᠡᠮᠦᠵᠢᠨ ᠦ᠌ ᠠᠴᠢᠨᠠᠷᠠ ᠥᠭᠴᠦ ᠤᠷᠤᠭ ᠰᠠᠭᠤᠵᠤ᠂ ᠬᠣᠵᠢᠮ ᠤ᠋ᠨ ᠵᠣᠪᠠᠯᠠᠩ ᠢ᠋ ᠤᠰᠠᠳᠬᠠᠳᠤᠨ᠃ ᠠᠶ᠎ᠠ ᠭᠠᠭᠴᠠ ᠪᠢ ᠦᠬᠦᠪᠡᠰᠦ ᠂᠂᠂᠂ 》ᠬᠡᠮᠡᠬᠦ ᠦᠭᠡ ᠳ᠋ᠦ᠍ᠷ ᠬᠦᠷᠴᠦ᠂ ᠦᠭᠡ ᠴᠢᠭᠯᠡᠷᠡᠵᠦ ᠬᠠᠭᠠᠰ ᠴᠠᠭ ᠪᠣᠯᠵᠤ ᠥᠴᠢᠷᠦᠨ:
《ᠰᠠᠭᠤᠷᠢᠨ ᠢ᠋ ᠮᠢᠨᠦ ᠵᠠᠯᠭᠠᠮᠵᠢᠯᠠᠬᠤ ᠳᠣᠯᠣᠳᠤᠭᠠᠷ ᠳᠡᠭᠦᠦ ᠸᠧᠢ ᠸᠠᠩ ᠶᠦᠩ ᠵᠢᠢ ᠡᠴᠡ ᠥᠪᠡᠷ᠎ᠡ ᠬᠥᠮᠦᠨ ᠦᠭᠡᠢ ᠪᠣᠯᠵᠤᠬᠤᠢ᠃ ᠲᠡᠷᠡ ᠮᠢᠨᠦ ᠡᠴᠢᠭᠡ ᠬᠠᠭᠠᠨ ᠤ᠋ ᠢᠨᠠᠭ ᠠᠮᠠᠷᠠᠭ ᠬᠥᠪᠡᠭᠦᠨ᠂ ᠭᠠᠭᠴᠠ ᠶᠦᠩ ᠵᠢᠢ ᠶ᠋ᠢᠨ ᠬᠥᠮᠦᠨ ᠢᠨᠥ ᠪᠦᠷᠬᠦᠭ ᠪᠢᠳᠠᠭᠤ᠂ ᠳᠣᠲᠣᠭᠠᠳᠤ ᠶ᠋ᠢᠨ ᠪᠠᠭᠤᠷᠠᠢ ᠥᠪᠡᠷᠴᠢᠯᠡᠯ ᠪᠠᠢᠬᠤ ᠪᠣᠢ ᠢ᠎ᠠ᠂ ᠭᠠᠳᠠᠭᠠᠳᠤ ᠶ᠋ᠢᠨ ᠬᠠᠲᠠᠭᠤ ᠲᠤᠯᠭᠠᠭᠤᠷᠢ ᠦᠭᠡᠢ ᠲᠤᠯᠠ ᠤᠯᠤᠰ ᠲᠥᠷᠥ ᠶ᠋ᠢ ᠲᠡᠭᠰᠢᠯᠡᠨ ᠡᠵᠡᠯᠡᠵᠦ ᠴᠢᠳᠠᠬᠤ ᠦᠭᠡᠢ ᠪᠤᠳᠤᠯᠢᠶᠠᠨ ᠪᠣᠯᠭᠠᠮᠤᠢ ᠢ᠎ᠠ᠂ ᠡᠨᠡ ᠴᠦ᠍ ᠮᠥᠨ ᠲᠡᠭᠷᠢ ᠶ᠋ᠢᠨ ᠴᠠᠭ ᠤᠯᠤᠰ ᠤ᠋ᠨ ᠤᠯᠠᠷᠢᠯ ᠪᠣᠯᠠᠢ !》 ᠭᠡᠮᠡᠨ ᠤᠷᠲᠤ ᠰᠡᠭᠦᠷᠡᠰᠦᠨ ᠠᠯᠳᠠᠵᠤ ᠦᠭᠡ ᠪᠡᠨ ᠬᠤᠷᠢᠶᠠᠭᠠᠳ᠂ ᠭᠠᠳᠠᠨ᠎ᠠ ᠲᠥᠷᠥ ᠳ᠋ᠦ᠍ᠷ ᠭᠠᠷᠴᠤ ᠮᠥᠨ ᠶᠣᠰᠣᠭᠠᠷ ᠵᠠᠷᠯᠢᠭ ᠢ᠋ ᠪᠢᠴᠢᠭᠦᠯᠵᠦ᠂ ᠰᠢᠳᠠᠷ ᠰᠠᠢᠳ ᠫᠦ ᠰᠠᠨ ᠳ᠋ᠤᠸᠠᠨ ᠳ᠋ᠤᠷ ᠲᠤᠰᠢᠶᠠᠨ ᠬᠠᠳᠠᠭᠠᠯᠠᠭᠤᠯᠤᠨ᠂ ᠮᠥᠨ ᠬᠦ᠌ ᠫᠦ ᠰᠠᠨ ᠳ᠋ᠤᠸᠠᠨ ᠢ᠋ᠶ᠋ᠠᠷ ᠡᠤ ᠳ᠋ᠢᠩ ᠹᠦ ᠮᠣᠵᠢ ᠶ᠋ᠢ ᠳᠠᠷᠤᠩᠭᠤᠢᠯᠠᠨ ᠰᠠᠭᠤᠯᠭᠠᠬᠤ ᠸᠧᠢ ᠸᠠᠩ ᠶᠦᠩ ᠵᠢᠢ ᠶ᠋ᠢ ᠳᠠᠭᠤᠳᠠᠭᠤᠯᠤᠨ ᠢᠷᠡᠭᠦᠯᠵᠦ᠂ ᠬᠠᠷᠠᠭᠴᠢᠨ ᠭᠠᠬᠠᠢ ᠡᠳᠦᠷ ᠡᠪᠡᠳᠴᠦ ᠭᠤᠷᠪᠠᠳᠤᠭᠠᠷ ᠡᠳᠦᠷ ᠲᠣᠷ ᠵᠠᠭᠤᠨ ᠲᠦᠰᠢᠮᠡᠳ ᠲᠣᠷ《ᠸᠧᠢ ᠸᠠᠩ ᠶᠦᠩ ᠵᠢᠢ ᠶ᠋ᠢ ᠬᠠᠭᠠᠨ ᠰᠠᠭᠤᠯᠭ᠎ᠠ ᠂ ᠲᠠ ᠪᠦᠭᠦᠳᠡᠭᠡᠷ ᠦᠨᠡᠨ ᠰᠡᠳᠬᠢᠯ ᠢ᠋ᠶ᠋ᠡᠷ ᠲᠤᠰᠠᠯᠠᠨ ᠵᠢᠳᠬᠦᠭᠲᠦᠨ 》 ᠭᠡᠮᠡᠨ ᠲᠤᠰᠢᠶᠠᠨ ᠥᠭᠴᠦ ᠦᠭᠡ ᠳᠠᠭᠤᠰᠴᠤ ᠦᠨᠡᠬᠡᠷ ᠵᠡᠭᠦᠳᠦᠯᠡᠭᠰᠡᠨ ᠡᠳᠦᠷ ᠡᠴᠡ ᠬᠣᠶᠠᠳᠤᠭᠠᠷ ᠡᠳᠦᠷ ᠦ᠋ᠨ - ᠮᠥᠨ ᠬᠦ᠌ ᠬᠠᠷᠠᠭᠴᠢᠨ ᠭᠠᠬᠠᠢ ᠴᠠᠭ ᠲᠤᠷ ᠹᠦ ᠠᠨ ᠳ᠋ᠢᠶᠠᠨ ᠬᠠᠷᠰᠢ ᠳ᠋ᠤᠷ ᠳᠥᠴᠢᠨ ᠨᠢᠭᠡᠨ ᠰᠡᠭᠦᠳᠡᠷᠲᠡᠢ ᠬᠠᠯᠢᠪᠠ᠃ ᠠᠶ᠎ᠠ ᠬᠠᠢᠷᠠᠨ ᠨᠢᠭᠡᠨ ᠰᠠᠢᠨ ᠬᠠᠭᠠᠨ ᠪᠥᠯᠥᠭᠡ᠃
ᠭᠠᠳᠠᠨ᠎ᠠ ᠭᠡᠷᠡᠯᠲᠡᠢ ᠳᠣᠲᠣᠷ᠎ᠠ ᠭᠡᠭᠡᠬᠡᠨ ᠮᠡᠷᠭᠡᠨ ᠪᠥᠭᠡᠳ ᠪᠠᠭᠠᠲᠤᠷ ᠡᠵᠡᠨ
ᠭᠠᠷᠪᠠᠰᠤ ᠳᠡᠢᠯᠦᠭᠡᠳ ᠣᠷᠣᠪᠠᠰᠤ ᠰᠠᠬᠢᠭᠠᠳ ᠦᠢᠯᠡᠰ ᠢ᠋ᠶ᠋ᠡᠷ ᠬᠥᠮᠦᠨ ᠢ᠋ ᠲᠠᠨᠢᠭᠰᠠᠨ ᠬᠠᠭᠠᠨ ᠪᠤᠶᠤ᠃
ᠭᠠᠯ ᠤ᠋ᠨ ᠡᠲᠡᠭᠡᠳ ᠦ᠋ᠨ ᠰᠥᠩ ᠠᠯᠲᠠᠨ ᠲᠠᠩᠭᠤᠳ ᠤ᠋ᠨ ᠭᠤᠷᠪᠠᠨ ᠤᠯᠤᠰ ᠤ᠋ᠨ ᠬᠠᠳ ᠤ᠋ᠨ ᠳᠣᠲᠣᠷ᠎ᠠ
ᠭᠠᠭᠴᠠ ᠬᠦ᠌ ᠡᠨᠡ ᠠᠯᠲᠠᠨ ᠤ᠋ ᠵᠠᠩᠽᠦ᠋ᠩ ᠢᠨᠦ ᠬᠠᠭᠠᠨ ᠬᠥᠮᠦᠨ ᠦ᠌ ᠪᠤᠳᠠᠭᠠᠯᠢᠲᠤ ᠴᠣᠭᠴᠠᠰ ᠪᠣᠯᠠᠢ᠃
ᠠᠯᠲᠠᠨ ᠤᠯᠤᠰ ᠤ᠋ᠨ ᠬᠠᠭᠠᠨ ᠸᠠᠨ ᠶᠠᠨ ᠵᠢᠩ ᠢ᠋ ᠲᠡᠢ ᠮᠢᠶᠣᠤ ᠰᠦᠮ᠎ᠡ ᠳ᠋ᠦ᠍ᠷ ᠵᠠᠩᠽᠦ᠋ᠩ ᠬᠠᠭᠠᠨ ᠭᠡᠮᠡᠨ ᠨᠡᠬᠡᠮᠵᠢᠯᠡᠨ ᠡᠷᠭᠦᠮᠵᠢᠯᠡᠵᠦ ᠳᠠᠬᠢᠭᠠᠳ᠂ ᠵᠠᠩᠽᠦ᠋ᠩ ᠦ᠋ᠨ ᠤᠭ ᠰᠢᠷᠡᠭᠡᠨ ᠦ᠌ ᠯᠢ ᠬᠤᠸᠠᠩᠬᠡᠦ ᠶ᠋ᠢ ᠬᠠᠭᠠᠨ ᠤ᠋ ᠡᠭᠦᠳᠡᠨ ᠦ᠌ ᠲᠠᠢᠬᠡᠦ ᠡᠷᠭᠦᠮᠵᠢᠯᠡᠨ᠂ ᠯᠢ ᠲᠠᠢᠬᠡᠦ ᠶ᠋ᠢᠨ ᠠᠬ᠎ᠠ ᠯᠢ ᠰᠢᠨ ᠰᠢ ᠬᠡᠮᠡᠭᠴᠢ ᠶ᠋ᠢ ᠫᠢᠩ ᠵᠠᠩ ᠱᠢ ᠲᠦᠰᠢᠮᠡᠯ ᠪᠣᠯᠭᠠᠵᠤ᠂ ᠱᠤ᠌ ᠮᠢ ᠱᠢ ᠸᠠᠨ ᠶᠠᠨ ᠺᠤᠸᠠᠩ ᠵᠡᠷᠭᠡ ᠶ᠋ᠢᠨ ᠣᠯᠠᠨ ᠰᠠᠢᠳ ᠨᠠᠷ ᠴᠤᠭᠯᠠᠯᠳᠤᠨ᠂ ᠳᠡᠭᠡᠳᠦ ᠬᠠᠭᠠᠨ ᠤ᠋ ᠭᠡᠷᠢᠶᠡᠰ ᠵᠠᠷᠯᠢᠭ ᠢ᠋ ᠮᠥᠷᠳᠡᠵᠦ ᠪᠢᠴᠢᠭ ᠠᠢᠯᠠᠳᠬᠠᠨ᠂ ᠸᠧᠢ ᠸᠠᠩ ᠶᠦᠩ ᠵᠢᠢ ᠶ᠋ᠢ ᠡᠷᠭᠦᠨ᠂ ᠬᠠᠭᠠᠨ ᠤ᠋ ᠰᠠᠭᠤᠷᠢᠨ ᠢ ᠵᠠᠯᠭᠠᠮᠵᠢᠯᠠᠨ ᠰᠠᠭᠤᠯᠭᠠᠵᠤ᠂ ᠵᠠᠭᠤᠨ ᠲᠦᠰᠢᠮᠡᠳ ᠮᠥᠷᠭᠥᠵᠦ ᠬᠠᠭᠠᠨ ᠪᠣᠯᠭᠠᠮᠠᠭᠴᠠ ᠸᠧᠢ ᠱᠣᠣ ᠸᠠᠩ ᠶᠦᠩ ᠵᠢᠢ ᠸᠠᠩ ᠪᠦᠬᠦᠢ ᠳ᠋ᠦ᠍ᠷ ᠰᠠᠭᠤᠭᠰᠠᠨ ᠨᠡᠢᠰᠯᠡᠯ ᠦ᠋ᠨ ᠰᠢᠷ᠎ᠠ ᠬᠣᠲᠠ ᠶ᠋ᠢᠨ ᠪᠠᠷᠠᠭᠤᠨ ᠬᠣᠢᠨ᠎ᠠ ᠪᠦᠬᠦᠢ ᠸᠧᠢ ᠸᠠᠩ ᠹᠦ ᠶ᠋ᠢ ᠬᠠᠯᠠᠵᠤ ᠰᠦᠮ᠎ᠡ ᠪᠣᠯᠭᠠᠨ᠂ ᠶᠦᠩ ᠱᠧᠦ ᠰᠧ ᠬᠡᠢᠳ ᠬᠡᠮᠡᠪᠡ᠃ ᠡᠳᠦᠭᠡᠬᠢ ᠶ᠋ᠢᠨ ᠪᠡᠭᠡᠵᠢᠩ ᠦ᠋ᠨ ᠪᠠᠷᠠᠭᠤᠨ ᠬᠣᠲᠠ ᠶ᠋ᠢᠨ ᠬᠣ ᠭᠦᠸᠧ ᠰᠧ ᠬᠡᠮᠡᠭᠴᠢ ᠲᠡᠷᠡ ᠦᠶ᠎ᠡ ᠶ᠋ᠢᠨ ᠸᠧᠢ ᠸᠠᠩ ᠹᠦ ᠶ᠋ᠢᠨ ᠤᠭ ᠰᠠᠭᠤᠷᠢ ᠮᠥᠨ ᠪᠤᠶᠤ᠃ ᠬᠣᠵᠢᠮ ᠮᠠᠨ ᠤ᠋ ᠮᠣᠩᠭᠣᠯ ᠤ᠋ᠨ ᠶᠡᠬᠡ ᠶᠤᠸᠠᠨ ᠤᠯᠤᠰ ᠤ᠋ᠨ ᠲᠠᠪᠤᠳᠤᠭᠠᠷ ᠬᠠᠭᠠᠨ᠂ ᠸᠸᠨ ᠡᠤ ᠬᠤᠸᠠᠩᠳᠢ ᠶᠤᠸᠠᠨ ᠱᠢᠽᠦ ᠬᠤᠪᠢᠯᠠᠢ ᠰᠡᠴᠡᠨ ᠬᠠᠭᠠᠨ ᠤ᠋ ᠦᠶ᠎ᠡ ᠳ᠋ᠦ᠍ᠷ ᠡᠩ ᠲᠡᠷᠢᠭᠦᠨ ᠪᠤᠷᠬᠠᠨ ᠤ᠋ ᠱᠠᠰᠢᠨ ᠢ᠋ ᠳᠡᠯᠭᠡᠷᠡᠭᠦᠯᠦᠭᠰᠡᠨ - ᠮᠣᠩᠭᠣᠯ ᠦᠰᠦᠭ ᠢ᠋ ᠲᠤᠯᠭᠤᠷ ᠵᠣᠬᠢᠶᠠᠭᠰᠠᠨ ᠬᠠᠭᠠᠨ ᠤ᠋ ᠪᠠᠭᠰᠢ ᠱᠠᠵᠢᠨ ᠤ᠋ ᠡᠵᠡᠨ ᠶᠡᠬᠡ ᠤᠪᠠᠳᠢᠰ ᠡᠷᠳᠡᠨᠢᠰᠲᠦ᠂ ᠳᠡ ᠪᠤᠤ ᠹᠠ ᠸᠠᠩ - ᠫᠠᠭᠪᠠ ᠬᠤᠲᠤᠭᠲᠤ ᠪᠯᠠᠮ᠎ᠠ ᠶ᠋ᠢ ᠨᠣᠮ ᠤ᠋ᠨ ᠬᠠᠭᠠᠨ ᠡᠷᠭᠦᠮᠵᠢᠯᠡᠬᠦᠶ᠎ᠡ᠂ ᠲᠡᠷᠡ ᠰᠦᠮ᠎ᠡ ᠶ᠋ᠢ ᠳᠠᠬᠢᠨ ᠶᠡᠬᠡᠳᠬᠡᠨ ᠵᠠᠰᠠᠨ ᠪᠠᠢᠭᠤᠯᠵᠤ᠂ ᠤᠯᠤᠰ ᠢ᠋ ᠬᠠᠮᠠᠭᠠᠯᠠᠭᠴᠢ - ᠬᠣ ᠭᠦᠸᠧ ᠰᠧ ᠭᠡᠮᠡᠨ ᠨᠡᠷᠡᠯᠡᠵᠦ ᠫᠠᠭᠪᠠ ᠪᠯᠠᠮ᠎ᠠ ᠶ᠋ᠢ ᠲᠡᠨᠳᠡ ᠰᠠᠭᠤᠯᠭᠠᠭᠰᠠᠨ ᠪᠥᠯᠥᠭᠡ᠃ ᠬᠣᠢᠨ᠎ᠠ ᠲᠠᠢᠴᠢᠩ ᠤᠯᠤᠰ ᠤ᠋ᠨ ᠱᠧᠩ ᠽᠦ᠍ ᠥᠷᠥᠰᠢᠶᠡᠯᠲᠦ ᠬᠤᠸᠠᠩᠳᠢ ᠡᠩᠬᠡ ᠠᠮᠤᠭᠤᠯᠠᠩ ᠤ᠋ᠨ ᠣᠨ ᠳ᠋ᠤᠷ ᠠᠷᠤ ᠳᠥᠷᠪᠡᠨ ᠬᠠᠯᠬ᠎ᠠ᠂ ᠥᠪᠥᠷ ᠵᠢᠷᠭᠤᠭᠠᠨ ᠴᠢᠭᠤᠯᠭᠠᠨ ᠤ᠋ ᠮᠣᠩᠭᠣᠯ ᠨᠣᠶᠠᠳ ᠢ᠋ᠶ᠋ᠠᠷ ᠱᠧᠩ ᠽᠦ᠍ ᠿᠸᠨ ᠬᠤᠸᠠᠩᠳᠢ ᠶ᠋ᠢᠨ ᠵᠢᠷᠠᠨ ᠨᠠᠰᠤᠨ ᠤ᠋ ᠲᠦᠮᠡᠨ ᠥᠯᠵᠡᠢ ᠶ᠋ᠢᠨ ᠪᠠᠶᠠᠷ᠎ᠠ ᠡᠨᠡ ᠰᠦᠮ᠎ᠡ ᠶ᠋ᠢ ᠪᠠᠰᠠ ᠰᠢᠨᠡᠳᠬᠡᠨ ᠵᠠᠰᠠᠵᠤ᠂ ᠲᠦᠮᠡᠨ ᠥᠯᠵᠡᠢ ᠪᠠᠲᠤᠳᠠ ᠣᠷᠣᠰᠢᠬᠤ ᠬᠤᠲᠤᠭ ᠭᠤᠶᠤᠭᠰᠠᠨ ᠪᠥᠯᠥᠭᠡ᠃ ᠲᠡᠷᠡ ᠦᠶ᠎ᠡ ᠶ᠋ᠢᠨ ᠠᠷᠤ ᠲᠠᠪᠢᠨ ᠳᠣᠯᠣᠭ᠎ᠠ᠂ ᠥᠪᠥᠷ ᠳᠥᠴᠢᠨ ᠶᠢᠰᠦᠨ ᠬᠤᠰᠢᠭᠤᠨ ᠤ᠋ ᠲᠡᠷᠡ ᠦᠶ᠎ᠡ ᠶ᠋ᠢᠨ ᠸᠠᠩ ᠵᠠᠰᠠᠭ ᠤ᠋ᠳ ᠤ᠋ᠨ ᠨᠡᠷᠡᠰ ᠢ᠋ ᠪᠣᠭᠳᠠ ᠶ᠋ᠢᠨ ᠮᠣᠳᠣᠷ ᠢ᠋ᠶ᠋ᠠᠷ ᠪᠢᠴᠢᠭᠰᠡᠨ ᠵᠠᠷᠯᠢᠭ ᠪᠢᠴᠢᠭ ᠦ᠋ᠨ ᠮᠣᠩᠭᠣᠯ ᠦᠰᠦᠭ ᠦ᠋ᠨ ᠬᠠᠰ ᠴᠢᠯᠠᠭᠤᠨ ᠤ᠋ ᠬᠥᠰᠢᠶ᠎ᠡ ᠭᠤᠷᠪᠠᠳᠤᠭᠠᠷ ᠬᠠᠷᠰᠢ ᠶ᠋ᠢᠨ ᠪᠠᠷᠠᠭᠤᠨ ᠶᠡᠨᠳᠡᠷ ᠦ᠋ᠨ ᠳᠣᠣᠷ᠎ᠠ ᠰᠢᠨᠡᠬᠡᠨ ᠪᠣᠢ ᠪᠣᠯᠠᠢ᠃ ᠡᠨᠡ ᠴᠦ᠍ ᠬᠣ ᠭᠦᠸᠧ ᠰᠧ ᠰᠦᠮ᠎ᠡ ᠶ᠋ᠢᠨ ᠤᠭ ᠤᠴᠢᠷ᠃ ᠲᠤᠬᠠᠢ ᠰᠤᠳᠤᠷ ᠲᠤᠷ ᠬᠠᠷᠢᠶ᠎ᠠ ᠦᠭᠡᠢ᠃ ᠲᠤᠬᠠᠢᠲᠤ 《ᠬᠥᠬᠡ ᠰᠤᠳᠤᠷ 》 ᠢ᠋ᠶ᠋ᠠᠨ ᠥᠭᠦᠯᠡᠰᠦᠭᠡᠢ᠃
ᠲᠡᠨᠳᠡᠴᠡ ᠠᠯᠲᠠᠨ ᠤᠯᠤᠰ ᠤ᠋ᠨ ᠵᠢᠷᠭᠤᠳᠤᠭᠠᠷ ᠡᠵᠡᠨ ᠸᠧᠢ ᠱᠣᠣ ᠸᠠᠩ ᠶᠦᠩ ᠵᠢᠢ ᠬᠠᠭᠠᠨ ᠰᠠᠭᠤᠵᠤ᠂ ᠲᠥᠷᠥ ᠶ᠋ᠢᠨ ᠵᠠᠭᠤᠨ ᠲᠦᠰᠢᠮᠡᠳ ᠢ᠋ ᠨᠢᠭᠡᠨ ᠵᠡᠷᠭᠡ ᠶ᠋ᠢ ᠳᠡᠪᠰᠢᠭᠦᠯᠵᠦ᠂ ᠥᠷᠯᠥᠭ ᠠᠭᠤᠴᠢᠯᠠᠯ ᠪᠠᠭᠤᠯᠭᠠᠨ᠂ ᠳᠣᠲᠣᠭᠠᠳᠤ ᠭᠠᠳᠠᠭᠠᠳᠤ ᠳ᠋ᠤᠷ ᠵᠣᠣ ᠪᠢᠴᠢᠭ ᠪᠠᠭᠤᠯᠭᠠᠨ ᠵᠠᠷᠯᠠᠪᠠᠢ᠃ ᠶᠦᠩ ᠵᠢᠢ ᠪᠣᠯᠪᠠᠰᠤ ᠠᠯᠲᠠᠨ ᠤᠯᠤᠰ ᠤ᠋ᠨ ᠳᠥᠷᠪᠡᠳᠦᠭᠡᠷ ᠬᠠᠭᠠᠨ ᠱᠢᠽᠦ᠋ᠩ - ᠸᠠᠨ ᠶᠠᠨ ᠶᠦᠩ ᠦ᠋ᠨ ᠳᠣᠯᠣᠳᠤᠭᠠᠷ ᠬᠥᠪᠡᠭᠦᠨ᠂ ᠮᠠᠰᠢ ᠡᠷᠬᠡ ᠲᠠᠩᠬᠠᠢ ᠪᠠᠷ ᠥᠰᠦᠭᠰᠡᠨ ᠢ᠋ᠶ᠋ᠡᠷ ᠣᠷᠴᠢᠯᠠᠩ ᠤ᠋ᠨ ᠤᠴᠢᠷ᠂ ᠶᠢᠷᠲᠢᠨᠴᠦ ᠶ᠋ᠢᠨ ᠵᠦᠢ ᠶ᠋ᠢ ᠣᠭᠲᠣ ᠤᠬᠠᠬᠤ ᠦᠭᠡᠢ᠂ ᠭᠠᠳᠠᠭᠰᠢ ᠭᠠᠷᠭᠠᠬᠤ ᠴᠢᠳᠠᠪᠤᠷᠢ ᠣᠭᠲᠣ ᠦᠭᠡᠢ ᠪᠥᠭᠡᠳ ᠳᠣᠲᠣᠭᠠᠳᠤ ᠲᠥᠷᠥᠭᠰᠡᠨ ᠳ᠋ᠦ᠍ᠷ ᠢ᠋ᠶ᠋ᠡᠨ ᠮᠠᠰᠢ ᠬᠠᠷᠠᠩᠭᠤᠢ ᠠᠳᠬᠠᠭ᠂ ᠠᠷᠭ᠎ᠠ ᠴᠢᠳᠠᠯ ᠣᠭᠲᠣᠬᠠᠨ ᠴᠤ᠌ ᠦᠭᠡᠢ᠂ ᠳᠡᠭᠡᠷᠡᠩᠭᠦᠢ ᠰᠡᠳᠬᠢᠯ ᠠᠳᠠᠪᠠᠰᠢ ᠥᠨᠳᠥᠷ᠂ ᠡᠴᠢᠭᠡ ᠠᠬ᠎ᠠ ᠶ᠋ᠢᠨ ᠰᠤᠷᠭᠠᠯ ᠢ᠋ ᠦᠲᠡᠭᠡᠷᠦᠨ᠂ ᠡᠰᠡᠷᠭᠦᠴᠡᠯ ᠲᠡᠮᠡᠴᠡᠯ ᠦ᠋ᠨ ᠲᠡᠩᠬᠡᠭᠡ ᠶ᠋ᠢ ᠲᠦᠰᠦᠭᠯᠡᠬᠦ ᠦᠭᠡᠢ᠃ ᠠᠬ᠎ᠠ ᠬᠠᠭᠠᠨ ᠵᠠᠩᠽᠦ᠋ᠩ ᠸᠠᠨ ᠶᠠᠨ ᠵᠢᠩ ᠢ᠋ᠶ᠋ᠡᠷ ᠪᠧᠲ᠋ᠠ᠋ ᠤᠯᠤᠰ ᠤ᠋ᠨ ᠮᠣᠩᠭᠣᠯ ᠤ᠋ᠨ ᠡᠵᠡᠨ ᠲᠡᠮᠦᠵᠢᠨ ᠢ᠋ ᠠᠮᠠᠷᠠᠭᠯᠠᠨ ᠬᠠᠨᠢᠯᠠᠵᠤ ᠬᠣᠵᠢᠮ ᠤ᠋ᠨ ᠶᠡᠬᠡ ᠵᠣᠪᠠᠯᠠᠩ ᠢ᠋ ᠤᠰᠠᠳᠬ᠎ᠠ ᠭᠡᠮᠡᠨ ᠳᠠᠬᠢᠨ ᠳᠠᠪᠲᠠᠨ ᠰᠤᠷᠭᠠᠪᠠᠰᠤ᠂ ᠸᠠᠨ ᠶᠠᠨ ᠶᠦᠩ ᠵᠢᠢ ᠰᠤᠷᠭᠠᠯ ᠢ᠋ ᠰᠣᠨᠣᠰᠬᠤ ᠦᠭᠡᠢ ᠪᠡᠷ ᠦᠯᠦ ᠪᠠᠷᠠᠮ᠂ ᠭᠡᠳᠡᠷᠭᠦ ᠬᠠᠷᠢᠨ ᠥᠰᠢᠶᠡᠯᠡᠨ ᠠᠲᠠᠭᠠᠷᠬᠠᠨ ᠲᠡᠮᠦᠵᠢᠨ ᠢ᠋ ᠡᠰᠡ ᠠᠷᠢᠯᠭᠠᠪᠠᠰᠤ ᠪᠣᠯᠬᠤ ᠦᠭᠡᠢ ᠭᠡᠮᠡᠨ ᠬᠡᠳᠦ ᠬᠡᠳᠦᠨ ᠵᠡᠷᠭᠡ ᠬᠡᠯᠡᠭᠰᠡᠨ ᠳ᠋ᠦ᠍ᠷ ᠵᠠᠩᠽᠥ᠋ᠩ ᠸᠠᠨ ᠶᠠᠨ ᠵᠢᠩ ᠪᠠᠶᠠᠷ ᠦᠭᠡᠢ ᠪᠣᠯᠤᠨ ᠰᠡᠭᠦᠷᠡᠰᠦᠨ ᠠᠯᠳᠠᠵᠤ ᠬᠡᠯᠡᠭᠰᠡᠨ ᠢᠨᠤ᠄
《ᠮᠣᠩᠭᠣᠯ ᠤ᠋ᠨ ᠡᠵᠡᠨ ᠴᠢᠩᠭᠢᠰ ᠦ᠋ᠨ ᠦᠢᠯᠡᠰ ᠶᠠᠪᠤᠳᠠᠯ ᠢ᠋ ᠬᠢᠨᠠᠪᠠᠰᠤ᠂ ᠡᠷᠲᠡᠨ ᠦ᠌ ᠪᠣᠭᠳᠠᠰ ᠬᠠᠳ ᠤ᠋ᠨ ᠲᠥᠯᠥᠪ ᠳᠦᠷᠰᠦᠲᠡᠢ ᠢᠨᠤ ᠳᠡᠭᠦᠨᠦ ᠲᠥᠷᠥᠯᠬᠢ ᠶ᠋ᠢᠨ ᠠᠪᠴᠤ ᠲᠥᠷᠥᠭᠰᠡᠨ ᠵᠠᠩ ᠦᠵᠡᠯ ᠪᠣᠢ ᠶᠠ᠃ ᠵᠠᠰᠠᠪᠤᠷᠢᠯᠠᠨ ᠳᠠᠭᠤᠷᠢᠶᠠᠬᠤ ᠬᠠᠭᠤᠷᠮᠠᠭ ᠲᠥᠷᠥ ᠪᠤᠰᠤ᠂ ᠲᠡᠷᠡ ᠶᠠᠭᠤᠨᠠᠢ ᠴᠢᠮᠡᠳᠤᠷ ᠠᠯᠠᠭᠳᠠᠨ ᠠᠷᠢᠯᠭᠠᠭᠳᠠᠬᠤ ᠠᠵᠠᠢ! <ᠪᠠᠷᠰ ᠯᠤᠭ᠎ᠠ ᠬᠠᠯᠳᠠᠬᠤᠢ ᠳ᠋ᠤᠷ ᠪᠠᠭᠠᠲᠤᠷ ᠢ᠋ᠶ᠋ᠠᠨ ᠮᠡᠳᠡᠭᠳᠡᠬᠦᠢ᠂ ᠬᠥᠮᠦᠨ ᠯᠦ᠍ᠭᠡ ᠡᠰᠡᠷᠭᠦᠴᠡᠬᠦᠢ ᠳ᠋ᠦ᠍ᠷ ᠬᠦᠴᠦᠨ ᠢ᠋ᠶ᠋ᠡᠨ ᠲᠡᠩᠰᠡᠭᠳᠡᠬᠦᠢ > ᠬᠡᠮᠡᠵᠦᠬᠦᠢ᠃ ᠲᠦᠮᠡᠨ ᠭᠠᠵᠠᠷ ᠤ᠋ᠨ ᠤᠷᠲᠤ ᠡᠯᠡᠰᠦᠨ ᠦ᠌ ᠳᠠᠯᠠᠨ ᠲᠠᠪᠤᠨ ᠠᠢᠮᠠᠭ ᠤ᠋ᠳ ᠤ᠋ᠨ ᠳᠣᠲᠣᠷ᠎ᠠ᠂ ᠴᠢᠮᠡᠳᠤᠷ ᠠᠳᠠᠯᠢ ᠰᠡᠳᠬᠢᠯᠲᠡᠨ ᠨᠢᠭᠡᠬᠡᠨ ᠴᠦ᠍ ᠦᠭᠡᠢ ᠬᠡᠮᠠᠮᠦᠢ ᠤᠤ? ᠭᠤᠴᠢᠨ ᠵᠢᠯ ᠪᠠᠢᠯᠳᠤᠯᠴᠠᠨ᠂ ᠲᠡᠮᠦᠵᠢᠨ ᠢ᠋ ᠠᠷᠢᠯᠭᠠᠨ ᠡᠰᠡ ᠴᠢᠳᠠᠭᠰᠠᠨ ᠢ᠋ᠶ᠋ᠠᠷ ᠦᠯᠦ ᠪᠠᠷᠠᠮ᠂ ᠭᠡᠳᠡᠷᠭᠦ ᠡᠭᠡᠵᠦ ᠲᠡᠮᠦᠵᠢᠨ ᠳ᠋ᠦ᠍ᠷ ᠪᠣᠭᠣᠯᠴᠢᠯᠠᠭᠳᠠᠨ ᠲᠠᠭᠠᠯᠴᠠᠵᠤ᠂ ᠲᠡᠭᠦᠨ ᠢ᠋ ᠬᠠᠭᠠᠨ ᠬᠤᠸᠠᠩᠳᠢ ᠶ᠋ᠢᠨ ᠶᠡᠬᠡ ᠰᠠᠭᠤᠷᠢᠨ᠎ᠠ ᠰᠠᠭᠤᠯᠭᠠᠵᠤ᠂ ᠤᠮᠠᠷᠠᠲᠤ ᠬᠠᠭᠠᠰ ᠲᠢᠪ ᠦ᠋ᠳ ᠮᠥᠷᠭᠥᠨ ᠳᠠᠭᠠᠵᠤᠬᠤᠢ᠃ ᠤᠷᠢᠳ ᠬᠣᠵᠢᠳ ᠬᠣᠶᠠᠷ ᠯᠢᠶᠣᠣ ᠤᠯᠤᠰ ᠠᠷᠪᠠᠨ ᠳᠥᠷᠪᠡᠨ ᠡᠵᠡᠨ᠂ ᠨᠡᠢᠲᠡ ᠭᠤᠷᠪᠠᠨ ᠵᠠᠭᠤᠨ ᠪᠥᠭᠡᠳ ᠨᠠᠢ᠍ᠮᠠᠨ ᠵᠢᠯ ᠪᠣᠯᠤᠭᠰᠠᠨ ᠬᠠᠭᠤᠴᠢᠨ ᠶᠡᠬᠡ ᠯᠢᠶᠣᠣ ᠤᠯᠤᠰ ᠢ᠋ ᠮᠥᠬᠥᠭᠡᠨ ᠲᠠᠰᠤᠯᠵᠤ ᠴᠢᠳᠠᠭᠰᠠᠨ᠂ ᠨᠠᠢ᠍ᠮᠠᠨ ᠤᠯᠤᠰ ᠤ᠋ᠨ ᠲᠠᠢᠶᠠᠩ ᠬᠠᠭᠠᠨ ᠤ᠋ ᠡᠷᠬᠡ ᠬᠦᠴᠦᠨ ᠤᠬᠠᠭᠠᠨ ᠴᠢᠳᠠᠪᠤᠷᠢ ᠶᠦᠩ ᠵᠢᠢ ᠴᠢᠮᠠᠳᠦᠷ ᠦᠯᠢᠳᠬᠡᠪᠡᠰᠦ ᠶᠠᠮᠪᠠᠷ ᠬᠢᠷᠢᠲᠡᠢ ᠪᠣᠢ? ᠯᠢᠶᠣᠣ ᠤᠯᠤᠰ ᠢ᠋ ᠰᠢᠨᠡᠬᠡᠨ ᠮᠥᠬᠥᠭᠡᠵᠦ᠂ ᠲᠠᠪᠤᠬᠠᠨ ᠵᠢᠯ ᠪᠣᠯᠤᠭᠰᠠᠨ ᠡᠷᠬᠡ ᠰᠦᠷ ᠬᠠᠷᠠᠬᠠᠨ ᠪᠠᠳᠠᠷᠠᠵᠤ ᠪᠠᠢᠬᠤ ᠨᠠᠢ᠍ᠮᠠᠨ ᠤᠯᠤᠰ ᠤ᠋ᠨ ᠲᠠᠢᠶᠠᠩ ᠬᠠᠭᠠᠨ ᠪᠣᠯᠣᠢ ᠶ᠋ᠢ ᠴᠦ᠍ ᠪᠠᠢᠯᠳᠤᠨ ᠠᠪᠴᠤ ᠴᠢᠳᠠᠭᠰᠠᠨ ᠢ᠋ ᠰᠠᠨᠠᠵᠤ ᠦᠵᠡᠭᠳᠡᠬᠦᠢ᠂ ᠨᠠᠢ᠍ᠮᠠᠨ ᠤᠯᠤᠰ ᠤ᠋ᠨ ᠬᠥᠮᠦᠨ ᠮᠣᠷᠢᠨ ᠪᠧᠲ᠋ᠠ᠋ ᠤᠯᠤᠰ ᠠ᠋ᠴᠠ ᠠᠷᠪᠠᠨ ᠬᠤᠪᠢ ᠳᠠᠪᠠᠬᠤ ᠪᠥᠭᠡᠲᠡᠯ᠎ᠡ ᠪᠧᠲ᠋ᠠ᠋ ᠤᠯᠤᠰ ᠲᠤᠷ ᠪᠦᠷᠢᠨ᠎ᠡ ᠪᠡᠷ ᠳᠡᠢᠯᠦᠭᠳᠡᠨ ᠠᠪᠲᠠᠪᠠ᠃ ᠮᠠᠨ ᠤ᠋ ᠡᠨᠡ ᠠᠯᠲᠠᠨ ᠤᠯᠤᠰ ᠤ᠋ᠨ ᠬᠥᠮᠦᠨ ᠮᠣᠷᠢᠨ ᠯᠢᠶᠣᠣ ᠤᠯᠤᠰ ᠲᠤᠷ ᠴᠤ᠌ ᠪᠠᠢᠯᠳᠤᠨ ᠲᠡᠩᠴᠡᠬᠦ ᠦᠭᠡᠢ ᠪᠥᠭᠡᠲᠡᠯ᠎ᠡ᠂ ᠡᠳᠦᠭᠡ ᠨᠠᠢ᠍ᠮᠠᠨ ᠤᠯᠤᠰ ᠢ᠋ ᠴᠦ᠍ ᠲᠦᠳᠡᠯ ᠦᠭᠡᠢ ᠪᠠᠢᠯᠳᠤᠨ ᠠᠪᠤᠭᠰᠠᠨ ᠪᠧᠲ᠋ᠠ᠋ ᠤᠯᠤᠰ ᠤ᠋ᠨ ᠵᠦᠭ ᠮᠠᠨ ᠤ᠋ ᠡᠨᠡ ᠳᠤᠮᠳᠠᠳᠤ ᠤᠯᠤᠰ ᠤ᠋ᠨ ᠲᠠᠪᠤᠨ ᠲᠠᠷᠢᠶᠠᠨ ᠤ᠋ ᠦᠷᠡᠰ ᠢᠳᠡᠭᠴᠢ ᠬᠥᠮᠦᠨ ᠮᠣᠷᠢᠨ᠂ ᠲᠦᠭᠦᠬᠡᠢ ᠮᠢᠬ᠎ᠠ ᠢᠳᠡᠭᠴᠢ ᠤᠮᠠᠷᠠᠲᠤ ᠶ᠋ᠢᠨ ᠮᠣᠩᠭᠣᠯ ᠢ᠋ ᠪᠠᠰᠤᠮᠵᠢᠯᠠᠨ ᠦᠵᠡᠪᠡᠰᠦ ᠬᠢᠷᠢ ᠪᠣᠯᠬᠤ ᠠᠵᠠᠢ ? ᠳᠡᠭᠦᠦ ᠸᠠᠩ ᠴᠢ ᠡᠨᠡ ᠳᠡᠭᠡᠷᠡᠩᠭᠦᠢ ᠣᠮᠣᠭ ᠰᠡᠳᠬᠢᠯ ᠢ᠋ ᠰᠡᠩᠬᠡᠷᠡᠭᠦᠯᠦᠨ ᠡᠰᠡ ᠰᠡᠷᠭᠦᠭᠡᠨ ᠤᠬᠠᠮᠵᠢᠯᠠᠪᠠᠰᠤ ᠶᠡᠬᠡ ᠰᠣᠴᠢᠯ ᠭᠡᠮᠰᠢᠯ ᠡᠷᠬᠡ ᠦᠭᠡᠢ᠂ ᠤᠳᠠᠯ ᠦᠭᠡᠢ ᠪᠡᠶ᠎ᠡ ᠳ᠋ᠦ᠍ᠷ ᠴᠢᠨᠦ ᠬᠦᠷᠴᠦ ᠢᠷᠡᠮᠦᠢ !》 ᠬᠡᠮᠡᠪᠡᠰᠦ ᠶᠦᠩ ᠵᠢᠢ ᠬᠡᠮᠡᠭᠴᠢ ᠡᠭᠡᠨᠡᠭᠲᠡ ᠨᠢᠭᠡᠨ ᠮᠤᠩᠬᠠᠭ ᠬᠠᠷᠠᠩᠭᠤᠢ᠂ ᠭᠠᠵᠢᠭᠤ ᠵᠣᠵᠢᠭ ᠠᠮᠢᠲᠠᠨ ᠲᠤᠯᠠ ᠠᠮᠠᠨ ᠳ᠋ᠤᠷ ᠬᠡᠳᠦᠢ ᠵᠧ ᠵᠧ ᠬᠡᠮᠡᠪᠡᠴᠦ᠂ ᠠᠯᠤᠰ ᠴᠠᠭᠠᠨ᠎ᠠ ᠬᠠᠷᠢᠨ ᠠᠬ᠎ᠠ ᠬᠠᠭᠠᠨ ᠢ᠋ᠶ᠋ᠠᠨ ᠠᠶᠤᠮᠠᠬᠠᠢ ᠨᠤᠨᠵᠢ ᠭᠡᠮᠡᠨ ᠪᠠᠰᠤᠮᠵᠢᠯᠠᠨ ᠰᠡᠮᠡᠬᠡᠷ ᠢᠨᠢᠶᠡᠭᠰᠡᠨ ᠠᠵᠤᠭᠤ᠃ ᠡᠨᠡ ᠡᠳᠦᠷ ᠲᠡᠷᠡ ᠡᠷᠬᠢᠮ ᠶᠡᠬᠡ ᠬᠠᠭᠠᠨ ᠰᠠᠭᠤᠷᠢᠨ ᠳ᠋ᠤ᠌ ᠰᠠᠭᠤᠭᠠᠳ᠂ ᠡᠷᠭᠢᠭᠦᠦ ᠣᠮᠣᠭ ᠤᠯᠠᠮ ᠢ᠋ᠶ᠋ᠠᠷ ᠲᠩᠷᠢ ᠳ᠋ᠦ᠍ᠷ ᠲᠤᠯᠵᠤ᠂ ᠴᠢᠳᠠᠬᠤᠯ᠎ᠠ ᠮᠣᠩᠭᠣᠯ ᠤ᠋ᠨ ᠴᠢᠩᠭᠢᠰ ᠬᠠᠭᠠᠨ ᠢ ᠪᠦᠬᠦᠯᠢ ᠪᠡᠷ ᠵᠠᠯᠭᠢᠰᠤᠭᠠᠢ ᠬᠡᠮᠡᠬᠦ ᠰᠡᠳᠬᠢᠯ ᠪᠠᠷᠢᠭᠰᠠᠨ ᠢ᠋ ᠸᠠᠨ ᠶᠠᠨ ᠺᠤᠸᠠᠩ ᠂ ᠯᠢ ᠰᠢᠨ ᠰᠢ ᠲᠠᠨ ᠤ᠋ ᠵᠡᠷᠭᠡ ᠶ᠋ᠢᠨ ᠠᠷᠪᠠᠭᠠᠳ ᠮᠡᠷᠭᠡᠨ ᠰᠠᠢᠳ ᠤ᠋ᠳ ᠦᠵᠡᠵᠦ ᠭᠠᠷᠤᠭᠠᠳ᠄
《ᠪᠢᠳᠡᠨ ᠦ᠌ ᠠᠯᠲᠠᠨ ᠤᠯᠤᠰ ᠲᠤᠷ ᠤᠳᠠᠯ ᠦᠭᠡᠢ ᠠᠷᠤ ᠡᠲᠡᠭᠡᠳ ᠦ᠋ᠨ ᠠᠶᠤᠯᠲᠠᠢ ᠭᠠᠮᠰᠢᠭ ᠵᠣᠪᠠᠯᠠᠩ ᠬᠦᠷᠴᠦ ᠢᠷᠡᠮᠦᠢ》 ᠬᠡᠮᠡᠯᠳᠦᠪᠡᠢ᠃
《ᠰᠠᠷᠠᠨ ᠬᠦᠷᠢᠶᠡᠯᠡᠪᠡᠰᠦ ᠰᠠᠯᠬᠢᠨ》 ᠬᠡᠮᠡᠭᠰᠡᠨᠴᠢᠯᠡᠨ ᠬᠠᠭᠠᠨ ᠰᠠᠭᠤᠭᠰᠠᠨ ᠸᠧᠢ ᠱᠣᠣ ᠸᠠᠩ ᠶᠥᠩ ᠵᠢᠢ ᠳ᠋ᠦ᠍ᠷ ᠮᠥᠨ ᠬᠥᠪᠡᠭᠦᠨ ᠦᠭᠡᠢ᠂ ᠭᠠᠭᠴᠠ ᠨᠢᠭᠡᠨ ᠥᠬᠢᠨ ᠪᠣᠢ᠃ ᠨᠡᠷ᠎ᠡ ᠸᠠᠨ ᠶᠠᠨ ᠵᠸᠨ ᠵᠦ᠃ ᠤᠭ ᠠ᠋ᠴᠠ ᠤᠮᠠᠷᠠᠲᠤ ᠶᠠᠨ ᠤ᠋ ᠪᠠᠯᠭᠠᠰᠤᠨ ᠤ᠋ ᠠᠷᠭ᠎ᠠ ᠪᠢᠯᠢᠭ ᠦ᠋ᠨ ᠠᠭᠤᠷ ᠠᠮᠢᠰᠬᠤᠯ ᠳᠡᠩᠨᠡᠭᠰᠡᠨ ᠣᠷᠣᠨ ᠤ᠋ ᠥᠬᠢᠳ ᠡᠬᠡᠨᠡᠷ ᠦ᠋ᠨ ᠤᠯᠠᠭᠠᠨ ᠥᠩᠭᠡ ᠬᠡᠲᠦᠷᠬᠡᠢ ᠬᠡᠮᠡᠬᠦ ᠬᠡᠯᠡᠯᠴᠡᠭᠡ ᠪᠣᠢ ᠶ᠋ᠢᠨ ᠳᠡᠭᠡᠷ᠎ᠡ ᠡᠨᠡ ᠸᠧᠢ ᠱᠣᠣ ᠸᠠᠩ ᠶᠦᠩ ᠵᠢᠢ ᠶ᠋ᠢᠨ ᠥᠬᠢᠨ ᠸᠠᠨ ᠶᠠᠨ ᠵᠸᠨ ᠵᠦ ᠶ᠋ᠢᠨ ᠲᠥᠷᠥᠭᠰᠡᠨ ᠢᠨᠣ ᠰᠤᠪᠤᠳ ᠠ᠋ᠴᠠ ᠭᠡᠷᠡᠯᠲᠡᠢ᠂ ᠰᠣᠯᠣᠩᠭ᠎ᠠ ᠠ᠋ᠴᠠ ᠥᠩᠭᠡᠲᠡᠢ᠂ ᠰᠣᠨᠣᠰᠤᠭᠰᠠᠨ ᠳᠠᠷᠤᠢ ᠰᠤᠷᠴᠤ ᠴᠢᠳᠠᠭᠠᠳ ᠰᠤᠷᠭᠠᠯ ᠰᠣᠶᠣᠯ ᠳ᠋ᠤᠷ ᠰᠣᠨᠢᠬᠠᠨ ᠳᠤᠷᠠᠲᠠᠢ᠃ ᠸᠧᠢ ᠱᠣᠣ ᠸᠠᠩ 《ᠠᠮᠠᠨ ᠳ᠋ᠠᠭᠠᠨ ᠡᠮᠬᠦᠪᠡᠰᠦ ᠬᠠᠢᠯᠤᠭᠤᠵᠠᠢ᠂ ᠠᠯᠠᠭᠠᠨ ᠳ᠋ᠠᠭᠠᠨ ᠲᠠᠯᠪᠢᠪᠠᠰᠤ ᠪᠥᠮᠪᠥᠷᠢᠭᠦᠵᠡᠢ》 ᠭᠡᠮᠡᠨ ᠮᠠᠰᠢ ᠬᠡᠲᠦᠷᠬᠡᠢ ᠡᠷᠬᠡᠯᠡᠭᠦᠯᠦᠨ ᠲᠡᠵᠢᠭᠡᠭᠰᠡᠭᠡᠷ ᠡᠨᠡ ᠵᠢᠯ ᠰᠠᠶᠢ ᠠᠷᠪᠠᠨ ᠨᠢᠭᠡᠨ ᠨᠠᠰᠤᠲᠠᠢ ᠠᠲᠠᠯ᠎ᠠ ᠡᠭᠡᠯ ᠬᠡᠦᠬᠡᠳ ᠦ᠋ᠨ ᠦᠭᠡᠰ ᠠᠮᠠᠨ ᠠ᠋ᠴᠠ ᠡᠭᠦᠷᠢᠳᠡ ᠭᠠᠷᠬᠤ ᠦᠭᠡᠢ ᠪᠥᠯᠥᠭᠡ᠃ ᠡᠴᠢᠭᠡ ᠶᠦᠩ ᠵᠢᠢ ᠬᠠᠭᠠᠨ ᠰᠠᠭᠤᠵᠤ᠂ ᠡᠮ᠎ᠡ ᠶ᠋ᠢ ᠢᠨᠣ ᠬᠤᠸᠠᠩᠬᠡᠦ ᠡᠷᠭᠦᠮᠵᠢᠯᠡᠨ᠂ ᠥᠬᠢᠨ ᠢ᠋ᠶ᠋ᠡᠨ ᠭᠦᠩᠵᠦ ᠡᠷᠭᠦᠮᠵᠢᠯᠡᠵᠦ᠂ ᠤᠯᠤᠰ ᠤ᠋ᠨ ᠡᠵᠡᠨ ᠤ ᠭᠠᠭᠴᠠ ᠥᠬᠢᠨ ᠭᠠᠷᠪᠠᠰᠤ ᠲᠠᠢᠽᠢ ᠪᠠᠷ ᠴᠢᠮᠡᠭᠯᠡᠨ᠂ ᠣᠷᠣᠪᠠᠰᠤ ᠭᠦᠩᠵᠦ ᠪᠡᠷ ᠵᠠᠰᠠᠵᠤ᠂ ᠤᠯᠤᠰ ᠤ᠋ᠨ ᠭᠠᠢᠬᠠᠮᠰᠢᠭ ᠦᠵᠡᠰᠬᠦᠯᠡᠩ ᠴᠢ ᠭᠦᠸᠧ ᠭᠦᠩᠵᠦ ᠭᠡᠮᠡᠨ ᠲᠠᠢᠽᠢ ᠭᠦᠩᠵᠦ ᠶ᠋ᠢᠨ ᠬᠣᠶᠠᠷ ᠬᠤᠪᠢ ᠶ᠋ᠢᠨ ᠡᠷᠬᠡ ᠬᠤᠪᠢᠶᠠᠷᠢ ᠥᠭᠴᠦ᠂《ᠭᠠᠷᠪᠠᠰᠤ ᠲᠠᠪᠤᠨ ᠵᠠᠭᠤᠨ ᠨᠠᠰᠤᠨ ᠳᠡᠭᠦᠦ ᠬᠥᠪᠡᠭᠦᠨ ᠲᠠᠭᠠᠯᠴᠠᠨ ᠨᠠᠭᠠᠳᠤᠯᠳᠤᠨ᠂ ᠣᠷᠣᠪᠠᠰᠤ ᠲᠠᠪᠤᠨ ᠵᠠᠭᠤᠨ ᠨᠠᠰᠤᠨ ᠳᠡᠭᠦᠦ ᠥᠬᠢᠳ ᠡᠩᠰᠡᠭᠯᠨᠨ ᠰᠤᠪᠢᠯᠠᠭᠲᠤᠨ》 ᠬᠡᠮᠡᠭᠰᠡᠨ᠎ᠡ᠂ ᠴᠢ ᠭᠦᠸᠧ ᠭᠦᠩᠵᠦ ᠸᠠᠨ ᠶᠠᠨ ᠵᠸᠨ ᠵᠦ ᠬᠠᠭᠠᠨ ᠡᠴᠢᠭᠡ ᠶ᠋ᠢᠨ ᠢ᠋ᠶ᠋ᠡᠨ ᠬᠡᠰᠢᠭ ᠲᠣᠷ ᠪᠠᠶᠠᠷᠯᠠᠨ ᠮᠥᠷᠭᠥᠬᠦᠢ ᠳ᠋ᠦ᠍ᠷ ᠸᠠᠨ ᠶᠠᠨ ᠶᠦᠩ ᠵᠢᠢ ᠠᠰᠠᠭᠤᠷᠤᠨ :
《 ᠴᠢ ᠥᠬᠢᠨ ᠪᠣᠯᠪᠠᠴᠤ ᠪᠢ ᠴᠢᠮᠠᠶ᠋ᠢ ᠬᠥᠪᠡᠭᠦᠨ ᠡᠴᠡ ᠢᠯᠡᠭᠦᠦ ᠦᠵᠡᠵᠦ ᠲᠠᠢᠽᠢ᠂ ᠭᠦᠩᠵᠦ ᠶ᠋ᠢᠨ ᠬᠣᠶᠠᠷ ᠬᠤᠪᠢ ᠶ᠋ᠢᠨ ᠵᠡᠷᠭᠡ ᠬᠤᠪᠢᠶᠠᠷᠢ ᠶ᠋ᠢ ᠥᠭᠪᠡ᠃ ᠴᠢ ᠪᠠᠶᠠᠷᠯᠠᠮᠤᠢ ᠤᠤ?》 ᠴᠢ ᠭᠦᠸᠧ ᠭᠦᠩᠵᠦ ᠠᠢᠯᠠᠳᠬᠠᠷᠤᠨ᠄
《ᠬᠥᠪᠡᠭᠦᠨ ᠥᠬᠢᠳ ᠮᠢᠩᠭᠠᠨ ᠬᠥᠮᠦᠨ ᠦ᠌ ᠡᠷᠬᠡ ᠶ᠋ᠢ ᠪᠠᠷᠢᠭᠰᠠᠨ ᠲᠤᠯᠠ ᠦᠯᠦ ᠪᠠᠶᠠᠷᠯᠠᠬᠤ ᠶᠣᠰᠣ ᠪᠣᠢ ᠤᠤ ? ᠭᠠᠭᠴᠠ ᠡᠨᠡ ᠮᠢᠩᠭᠠᠨ ᠬᠥᠮᠦᠨ ᠦ᠌ ᠪᠡᠶ᠎ᠡ ᠪᠡᠶᠡᠰ ᠢ᠋ ᠥᠬᠢᠨ ᠪᠢ ᠥᠪᠡᠷ ᠢ᠋ᠶ᠋ᠡᠨ ᠰᠣᠩᠭᠣᠵᠤ ᠠᠪᠬᠤ ᠤᠤ ? ᠠᠯᠪᠠᠨ ᠤ᠋ ᠲᠦᠰᠢᠮᠡᠳ ᠰᠣᠩᠭᠣᠵᠤ ᠲᠤᠰᠢᠶᠠᠮᠤᠢ ᠤᠤ ?》 ᠶᠦᠩ ᠵᠢᠢ ᠥᠭᠦᠯᠡᠷᠦᠨ᠄
《ᠠᠯᠪᠠᠨ ᠤ᠋ ᠲᠦᠰᠢᠮᠡᠳ ᠪᠡᠷᠢᠯᠡᠨ ᠰᠣᠩᠭᠣᠮᠤᠢ》 ᠬᠡᠮᠡᠭᠰᠡᠨ ᠳ᠋ᠦ᠍ᠷ ᠴᠢ ᠭᠦᠸᠧ ᠭᠦᠩᠵᠦ ᠥᠭᠦᠯᠡᠷᠦᠨ:
《 ᠲᠡᠢᠮᠦ ᠪᠥᠭᠡᠰᠦ ᠥᠬᠢᠨ ᠪᠢ ᠪᠠᠶᠠᠷᠯᠠᠬᠤ ᠦᠭᠡᠢ ᠪᠡᠷ ᠦᠯᠦ ᠪᠠᠷᠠᠮ ᠭᠡᠳᠡᠷᠭᠦ ᠬᠠᠷᠢᠨ ᠵᠣᠪᠠᠯᠠᠩ ᠲᠥᠷᠥᠮᠦᠢ᠃ 》ᠶᠦᠩ ᠵᠢᠢ ᠰᠣᠨᠢᠷᠬᠠᠵᠤ ᠤᠴᠢᠷ ᠢ᠋ ᠠᠰᠠᠭᠤᠪᠠᠰᠤ ᠴᠢ ᠭᠦᠸᠧ ᠭᠦᠩᠵᠦ ᠠᠠᠢᠯᠠᠳᠬᠠᠷᠤᠨ᠄
《ᠪᠢ ᠬᠠᠭᠠᠨ ᠡᠴᠢᠭᠡ ᠶ᠋ᠢᠨ ᠭᠠᠭᠴᠠᠬᠠᠨ ᠨᠢᠭᠡᠨ ᠬᠠᠢᠷᠠᠲᠤ ᠥᠬᠢᠨ ᠪᠣᠯᠤᠭᠰᠠᠨ ᠢ᠋ᠶ᠋ᠠᠷ ᠮᠢᠩᠭᠠᠨ ᠭᠡᠷ ᠦ᠋ᠨ ᠬᠠᠢᠷᠠᠲᠤ ᠬᠡᠦᠬᠡᠳ ᠥᠬᠢᠳ ᠢ᠋ ᠠᠯᠪᠠᠯᠠᠨ ᠠᠮᠠᠯᠠᠵᠤ ᠪᠠᠷᠢᠯᠠᠨ ᠬᠤᠷᠢᠶᠠᠬᠤᠢ ᠳ᠋ᠤᠷ ᠥᠬᠢᠨ ᠮᠢᠨᠦ ᠨᠢᠭᠡᠬᠡᠨ ᠪᠡᠶ᠎ᠡ ᠶ᠋ᠢᠨ ᠣᠴᠢᠷ᠎ᠠ ᠮᠢᠩᠭᠠᠨ ᠡᠷᠦᠬᠡ ᠶ᠋ᠢᠨ ᠡᠴᠢᠭᠡ ᠡᠬᠡ ᠶ᠋ᠢ ᠢᠨᠤ ᠲᠠᠲᠠᠭᠳᠠᠭᠤᠯᠤᠨ ᠵᠣᠪᠠᠭᠠᠬᠤ ᠪᠢᠰᠢᠦ? 》 ᠬᠡᠮᠡᠭᠰᠡᠨ ᠳ᠋ᠦ᠍ᠷ ᠶᠦᠩ ᠵᠢᠢ ᠭᠠᠢᠬᠠᠨ ᠥᠭᠦᠯᠡᠷᠦᠨ᠄
《ᠴᠢᠨᠦ ᠭᠡᠷᠡᠯ ᠳ᠋ᠦ᠍ᠷ ᠮᠢᠩᠭᠠᠨ ᠡᠷᠦᠬᠡ ᠶ᠋ᠢᠨ ᠥᠬᠢᠳ ᠬᠡᠦᠬᠡᠳ ᠬᠡᠰᠢᠭ ᠲᠡᠵᠢᠭᠡᠯ ᠢᠯᠡᠭᠦᠦ ᠬᠦᠷᠲᠡᠬᠦ ᠪᠥᠭᠡᠲᠡᠯ᠎ᠡ᠂ ᠶᠠᠭᠤᠨᠲᠤ ᠬᠠᠷᠢᠨ ᠵᠣᠪᠠᠯᠠᠩ ᠨᠡᠮᠡᠬᠦ ᠠᠵᠠᠢ ?》 ᠬᠡᠮᠡᠭᠰᠡᠨ ᠳ᠋ᠦ᠍ᠷ ᠴᠢ ᠭᠦᠸᠧ ᠭᠦᠩᠵᠦ ᠠᠢᠯᠠᠳᠬᠠᠷᠤᠨ:
《ᠶᠡᠬᠡ ᠬᠥᠮᠦᠨ ᠳ᠋ᠦ᠍ᠷ ᠪᠥᠭᠡᠰᠦ ᠦᠨᠡᠬᠡᠷ ᠬᠡᠰᠢᠭ ᠪᠠᠶᠠᠰᠬᠤᠯᠠᠩ᠂ ᠪᠢᠴᠢᠬᠠᠨ ᠬᠡᠦᠬᠡᠳ ᠲᠤᠯᠠ ᠵᠣᠪᠠᠯᠠᠩ ᠪᠣᠯᠬᠤ ᠠᠨᠤ ᠪᠣᠯᠠᠢ》 ᠬᠡᠮᠡᠭᠰᠡᠨ ᠳ᠋ᠦ᠍ᠷ ᠶᠦᠩ ᠵᠢᠢ ᠬᠠᠭᠠᠰ ᠴᠠᠭ ᠪᠣᠳᠣᠵᠤ ᠥᠭᠦᠯᠡᠷᠦᠨ᠄
《ᠪᠢ ᠮᠡᠳᠡᠪᠡ᠂ ᠴᠢ ᠯᠠᠪ ᠠᠯᠪᠠᠨ ᠤ᠋ ᠠᠷᠠᠳ ᠮᠢᠨᠦ ᠵᠠᠷᠯᠢᠭ ᠢ᠋ ᠪᠠᠷᠢᠵᠤ᠂ ᠠᠯᠪᠠᠯᠠᠨ ᠠᠮᠠᠯᠠᠬᠤᠢ ᠳ᠋ᠤᠷ ᠠᠳᠠᠪᠠᠰᠢ ᠣᠨᠴᠠ ᠠᠯᠢᠪᠠ ᠡᠴᠢᠭᠡ ᠡᠬᠡ ᠳ᠋ᠡᠭᠡᠨ ᠬᠠᠢᠷᠠᠲᠠᠢ ᠠᠮᠠᠷᠠᠭ ᠢ᠋ ᠠᠨᠤ ᠰᠣᠩᠭᠣᠨ ᠠᠯᠪᠠᠲᠠᠨ ᠠᠮᠠᠯᠠᠭᠠᠳ᠂ ᠳᠤᠷ᠎ᠠ ᠦᠭᠡᠢ ᠪᠦᠬᠦᠨ ᠡᠴᠡ ᠢᠨᠤ ᠡᠳ᠋ ᠬᠡᠭᠡᠯᠢ ᠠᠪᠤᠭᠤᠵᠠᠢ ᠬᠡᠮᠡᠬᠦ ᠪᠣᠢ ᠊ᠶ᠎ᠠ᠃ 》ᠬᠡᠮᠡᠭᠰᠡᠨ ᠳ᠋ᠦ᠍ᠷ ᠴᠢ ᠭᠦᠸᠧ ᠭᠦᠩᠵᠦ ᠪᠠᠶᠠᠷᠯᠠᠨ ᠮᠥᠷᠭᠥᠵᠦ ᠠᠢᠯᠠᠳᠬᠠᠷᠤᠨ:
《ᠲᠡᠷᠡ ᠢᠨᠤ ᠲᠣᠪ ᠲᠣᠳᠣᠷᠬᠠᠢ ᠲᠣᠭᠲᠠᠭᠰᠠᠨ ᠬᠡᠷᠡᠭ᠂ ᠬᠠᠭᠠᠨ ᠡᠴᠢᠭᠡ ᠶ᠋ᠢᠨ ᠠᠯᠲᠠᠨ ᠵᠠᠷᠯᠢᠭ ᠤ᠋ᠨ ᠬᠡᠰᠢᠭ ᠢ᠋ ᠨᠢᠯᠬ᠎ᠠ ᠬᠡᠦᠬᠡᠨ ᠨᠠᠮᠠᠶ᠋ᠢ ᠭᠦᠩᠵᠦ ᠡᠷᠭᠦᠮᠵᠢᠯᠡᠭᠰᠡᠨ ᠥᠷᠥᠰᠢᠶᠡᠯ ᠳ᠋ᠦ᠍ᠷ ᠨᠢᠭᠡᠬᠡᠨ ᠦᠰᠦᠭ ᠨᠡᠮᠡᠪᠡᠰᠦ ᠮᠢᠩᠭᠠᠨ ᠡᠷᠦᠬᠡ ᠶ᠋ᠢᠨ ᠵᠣᠪᠠᠯᠠᠩ ᠤᠯᠠᠷᠢᠵᠤ ᠵᠢᠷᠭᠠᠯᠠᠩ ᠬᠤᠪᠢᠯᠤᠮᠤᠢ᠃》 ᠶᠦᠩ ᠵᠢᠢ ᠠᠰᠠᠭᠤᠷᠤᠨ᠄
《ᠶᠠᠮᠪᠠᠷ ᠨᠢᠭᠡᠬᠡᠨ ᠦᠰᠦᠭ ᠢ᠋ ᠨᠡᠮᠡᠮᠦᠢ? 》 ᠴᠢ ᠭᠦᠸᠧ ᠭᠦᠩᠵᠦ ᠠᠢᠯᠠᠳᠬᠠᠷᠤᠨ᠄
《ᠰᠣᠩᠭᠣᠬᠤ ᠲᠦᠰᠢᠮᠡᠯ <ᠥᠬᠢᠨ ᠦ᠌> ᠲᠠᠪᠠ ᠪᠠᠷ ᠰᠣᠩᠭᠣᠵᠤ᠂ <ᠥᠬᠢᠨ ᠦ᠌> ᠬᠡᠮᠡᠬᠦ ᠨᠢᠭᠡᠬᠡᠨ ᠢᠯᠡᠭᠦᠦ ᠦᠰᠦᠭ ᠪᠣᠯᠠᠢ》 ᠬᠡᠮᠡᠭᠰᠡᠨ ᠳ᠋ᠦ᠍ᠷ ᠶᠦᠩ ᠵᠢᠢ ᠶᠡᠬᠡᠯ᠎ᠡ ᠰᠡᠬᠡᠰᠬᠢᠵᠦ ᠥᠭᠦᠯᠡᠷᠦᠨ :
《ᠪᠢ ᠮᠡᠳᠡᠪᠡ᠂ ᠴᠢᠨᠦ ᠪᠡᠶ᠎ᠡ ᠥᠪᠡᠷ ᠢ᠋ᠶ᠋ᠡᠨ ᠮᠡᠳᠡᠵᠦ ᠰᠣᠩᠭᠣᠪᠠᠰᠤ᠂ ᠠᠯᠢᠪᠠ ᠳᠤᠷᠠᠲᠠᠶ᠎ᠠ ᠤᠷᠤᠭᠰᠢ ᠴᠢᠷᠮᠠᠢᠨ ᠣᠷᠣᠰᠤᠭᠠᠢ ᠬᠡᠮᠡᠭᠴᠢᠳ ᠦ᠋ᠨ ᠳᠣᠲᠣᠷ᠎ᠠ ᠠ᠋ᠴᠠ ᠰᠣᠩᠭᠣᠵᠤ ᠠᠪᠬᠤ ᠪᠣᠯᠠᠢ 》ᠬᠡᠮᠡᠭᠡᠳ 《ᠴᠢ ᠭᠦᠸᠧ ᠭᠦᠩᠵᠦ ᠶ᠋ᠢᠨ ᠨᠢᠳᠦᠨ ᠳ᠋ᠦ᠍ᠷ ᠦᠵᠡᠭᠦᠯᠵᠦ ᠰᠣᠩᠭᠣᠬᠤ ᠳ᠋ᠠᠭᠠᠨ ᠶᠠᠳᠠᠭᠤ ᠵᠦᠳᠡᠭᠦᠦ ᠠᠯᠪᠠᠨ ᠤ᠋ ᠬᠠᠷᠢᠶᠠᠲᠤ ᠶ᠋ᠢᠨ ᠳᠤᠷᠠᠲᠠᠶ᠎ᠠ ᠣᠷᠣᠯᠴᠠᠬᠤ ᠶ᠋ᠢ ᠤᠳᠤᠷᠢᠳᠤᠨ ᠣᠷᠣᠭᠤᠯᠵᠤ ᠦᠵᠡᠭᠦᠯ 》ᠬᠡᠮᠡᠭᠰᠡᠨ ᠢ᠋ᠶ᠋ᠡᠷ ᠴᠢ ᠭᠦᠸᠧ ᠭᠦᠩᠵᠦ ᠸᠠᠨ ᠶᠠᠨ ᠵᠧᠨ ᠵᠦ ᠦᠨᠡᠬᠡᠷ ᠨᠢᠭᠡᠬᠡᠨ ᠦᠭᠡᠰ ᠲᠣᠷ ᠰᠣᠩᠭᠣᠭᠳᠠᠵᠤ ᠣᠷᠣᠭᠰᠠᠨ ᠶᠠᠳᠠᠭᠤ ᠬᠠᠷᠢᠶᠠᠲᠤ ᠶ᠋ᠢᠨ ᠮᠢᠩᠭᠠᠨ ᠡᠷᠦᠬᠡ ᠶ᠋ᠢᠨ ᠪᠤᠶᠠᠨ ᠪᠣᠯᠤᠨ ᠤᠯᠠᠷᠢᠵᠤᠬᠤᠢ᠃ ᠡᠭᠦᠨ ᠳ᠋ᠦ᠍ᠷ ᠴᠢ ᠭᠦᠸᠧ ᠭᠦᠩᠵᠦ ᠶ᠋ᠢ ᠳᠣᠲᠣᠭᠠᠳᠤ ᠡᠬᠡᠨᠡᠷ ᠪᠠᠭᠰᠢ ᠬᠣᠶᠠᠷ ᠰᠤᠷᠭᠠᠭᠤᠯᠢ ᠳ᠋ᠤᠷ ᠣᠷᠣᠭᠤᠯᠵᠤ᠂ ᠬᠡᠳᠦᠨ ᠠᠷᠪᠠ᠂ ᠬᠡᠳᠦᠨ ᠠᠷᠪᠠ ᠶ᠋ᠢᠨ ᠵᠢᠰᠢᠶ᠎ᠠ ᠲᠣᠭᠲᠠᠭᠠᠨ ᠣᠷᠳᠣᠨ ᠤ᠋ ᠳᠣᠲᠣᠷ᠎ᠠ ᠣᠷᠣᠭᠤᠯᠵᠤ ᠨᠠᠭᠠᠳᠤᠭᠤᠯᠬᠤᠢ ᠳ᠋ᠤᠷ ᠮᠥᠨ ᠬᠦ᠌ ᠡᠷ᠎ᠡ ᠡᠮ᠎ᠡ ᠬᠣᠶᠠᠷ ᠲᠡᠷᠢᠭᠦᠯᠡᠭᠴᠢ ᠳ᠋ᠦ᠍ᠷ ᠲᠤᠰᠢᠶᠠᠨ᠂ ᠪᠠᠰᠠ ᠬᠦ᠌ ᠪᠢᠴᠢᠭ ᠤᠩᠰᠢᠨ ᠨᠠᠭᠠᠳᠤᠯᠴᠠᠮᠤᠢ᠃ ᠡᠭᠦᠨ ᠳ᠋ᠦ᠍ᠷ ᠤᠯᠤᠰ ᠤ᠋ᠨ ᠬᠣᠲᠠᠯᠠᠭᠠᠷ 《ᠦᠨᠡᠬᠡᠷ ᠭᠠᠢᠬᠠᠮᠰᠢᠭᠲᠠᠢ ᠴᠢ ᠭᠦᠸᠧ ᠭᠦᠩᠵᠦ ᠪᠣᠯᠠᠢ》 ᠬᠡᠮᠡᠯᠳᠦᠪᠡᠢ᠃ ᠳᠤᠷ᠎ᠠ ᠦᠭᠡᠢ ᠪᠣᠯᠪᠠᠰᠤ ᠳᠠᠷᠤᠢ ᠭᠠᠷᠭᠠᠵᠤ ᠢᠯᠡᠬᠡᠨ ᠲᠡᠭᠦᠨ ᠦ᠌ ᠲᠠᠪᠠ ᠪᠠᠷ ᠪᠣᠯᠭᠠᠵᠤ᠂ ᠳᠡᠭᠦᠨᠦ ᠣᠷᠣ ᠴᠠᠯᠢᠩ ᠬᠡᠰᠢᠭ ᠢ᠋ ᠪᠤᠰᠤ ᠳᠤᠷᠠᠲᠠᠶ᠎ᠠ ᠣᠷᠣᠭᠴᠢᠳ ᠲᠤᠷ ᠨᠡᠭᠦᠯᠭᠡᠨ ᠬᠦᠷᠲᠡᠭᠦᠯᠵᠦ ᠬᠥᠬᠢᠭᠡᠨ ᠬᠥᠮᠦᠵᠢᠭᠦᠯᠬᠦᠶᠡ᠂ ᠤᠯᠤᠰ ᠤ᠋ᠨ ᠬᠣᠲᠠᠯᠠᠭᠠᠷ ᠤ᠋ᠨ ᠲᠦᠭ ᠲᠦᠮᠡᠨ ᠦ᠌ ᠶᠠᠳᠠᠭᠤ ᠵᠦᠳᠡᠭᠦᠦ ᠠᠯᠪᠠᠨ ᠤ᠋ ᠠᠷᠠᠳ ᠤ᠋ᠨ ᠳᠣᠲᠣᠷ᠎ᠠ᠂ ᠡᠨᠡ ᠨᠢᠭᠡᠨ ᠮᠢᠩᠭᠠᠨ ᠤ᠋ ᠦᠯᠡᠮᠵᠢ ᠴᠡᠩᠭᠡᠯᠲᠦ ᠴᠠᠯᠢᠩ ᠳ᠋ᠤᠷ ᠣᠷᠣᠭᠰᠢ ᠰᠢᠷᠭᠤᠭᠤᠯᠤᠨ ᠴᠢᠷᠮᠠᠢᠭᠴᠢ ᠨᠢᠭᠡᠨ ᠵᠦᠢᠯ ᠦ᠋ᠨ ᠬᠦᠰᠡᠯᠲᠦ ᠰᠤᠷᠭᠠᠭᠤᠯᠢ ᠪᠣᠯᠤᠭᠠᠳ᠂ ᠶᠠᠪᠤᠭᠰᠠᠭᠠᠷ ᠪᠠᠶᠠᠨ ᠡᠷᠬᠢᠮ ᠭᠡᠷᠦᠨ ᠦ᠌ ᠥᠬᠢᠳ ᠬᠡᠦᠬᠡᠳ ᠡᠨᠡ ᠴᠢ ᠭᠦᠸᠧ ᠭᠦᠩᠵᠦ ᠶ᠋ᠢᠨ ᠨᠢᠭᠤᠷ ᠲᠤᠷ ᠲᠠᠨᠢᠭᠳᠠᠵᠤ᠂ ᠳᠡᠪᠰᠢᠬᠦ ᠬᠥᠮᠦᠵᠢᠬᠦ ᠵᠠᠮ ᠢ᠋ ᠡᠷᠢᠨ᠂ ᠶᠠᠳᠠᠭᠤ ᠵᠦᠳᠡᠭᠦᠦ ᠭᠡᠷᠦᠨ ᠦ᠌ ᠴᠠᠯᠢᠩ ᠠ᠋ᠴᠠ ᠢᠯᠡᠭᠦᠦ ᠠᠷᠪᠠᠨ ᠬᠤᠪᠢ ᠬᠦᠨᠳᠦ ᠡᠳ᠋ ᠥᠭᠴᠦ ᠣᠷᠣ ᠳ᠋ᠤᠷ ᠠᠨᠤ ᠨᠥᠬᠥᠵᠦ ᠣᠷᠣᠭᠴᠢᠳ ᠣᠯᠠᠨᠲᠠ ᠭᠠᠷᠴᠤᠬᠤᠢ᠃ ᠡᠭᠦᠨ ᠳ᠋ᠦ᠍ᠷ ᠠᠯᠲᠠᠨ ᠤᠯᠤᠰ ᠤ᠋ᠨ ᠡᠷᠡᠮᠡᠭ ᠰᠠᠢᠳ ᠤ᠋ᠳ ᠤ᠋ᠨ ᠰᠡᠮᠡᠬᠡᠷ ᠰᠡᠭᠦᠷᠡᠰᠦᠨ ᠠᠯᠳᠠᠵᠤ ᠬᠡᠯᠡᠯᠳᠦᠭᠰᠡᠨ ᠢᠨᠤ:
ᠠᠯᠲᠠᠨ ᠤ᠋ ᠠᠷᠢᠭᠤᠨ ᠭᠡᠷᠡᠯ ᠦ᠋ᠨ ᠠᠷᠭ᠎ᠠ ᠶ᠋ᠢᠨ ᠠᠮᠢᠰᠬᠤᠯ ᠪᠢᠯᠢᠭᠲᠦ ᠰᠤᠪᠤᠳ ᠲᠤᠷ ᠲᠠᠪᠰᠢᠪᠠ
ᠠᠯᠲᠠᠨ ᠵᠢᠪᠴᠦ ᠰᠤᠪᠤᠳ ᠭᠡᠢᠭᠦᠯᠬᠦ ᠠᠷᠪᠠᠨ ᠣᠨ ᠠ᠋ᠴᠠ ᠬᠡᠷᠬᠢᠪᠡᠴᠦ ᠬᠡᠲᠦᠷᠡᠬᠦ ᠦᠭᠡᠢ ᠬᠡᠮᠡᠪᠡ᠃
ᠡᠨᠡ ᠢᠨᠤ ᠪᠢᠲᠡᠭᠦᠦ ᠢᠷᠤᠸᠠᠲᠤ ᠦᠭᠡᠰ ᠪᠤᠶᠤ᠃ ᠡᠨᠡ ᠬᠣᠶᠠᠷ ᠪᠠᠳᠠᠭ ᠦᠭᠡᠰ ᠢ᠋ ᠪᠦᠳᠦᠭᠦᠨ ᠦᠭᠡᠰ ᠢ᠋ᠶ᠋ᠡᠷ ᠲᠠᠢᠯᠤᠨ ᠬᠡᠯᠡᠪᠡᠰᠦ᠄ 《ᠠᠯᠲᠠᠨ ᠤᠯᠤᠰ ᠤ᠋ᠨ ᠡᠷ᠎ᠡ ᠬᠥᠪᠡᠭᠦᠳ ᠦ᠋ᠨ ᠴᠣᠭ ᠰᠦᠯᠳᠡ ᠥᠬᠢᠳ ᠡᠬᠡᠨᠡᠷ ᠲᠣᠷ ᠢᠨᠤ ᠲᠠᠪᠰᠢᠨ ᠰᠢᠯᠵᠢᠪᠡ᠃ ᠪᠤᠶᠠᠨᠲᠤ ᠬᠠᠳ ᠭᠠᠷᠬᠤᠶ᠎ᠠ ᠪᠡᠷᠬᠡ ᠪᠣᠯᠪᠠ》 ᠬᠡᠮᠡᠭᠰᠡᠨ ᠤᠳᠬ᠎ᠠ ᠮᠥᠨ᠃ ᠰᠤᠪᠤᠳ ᠬᠡᠮᠡᠭᠴᠢ ᠤᠰᠤᠨ ᠤ᠋ ᠳᠣᠲᠣᠷᠠᠬᠢ ᠬᠢᠰᠤᠭ᠎ᠠ ᠠ᠋ᠴᠠ ᠭᠠᠷᠤᠮᠤᠢ᠃ ᠪᠢᠯᠢᠭ ᠦ᠋ᠨ ᠠᠮᠢᠰᠬᠤᠯ ᠤ᠋ᠨ ᠳᠣᠲᠣᠷ᠎ᠠ ᠲᠠᠪᠤᠨ ᠮᠠᠬᠠᠪᠣᠳ ᠤ᠋ᠨ ᠲᠠᠪᠤᠨ ᠥᠩᠭᠡ ᠶ᠋ᠢᠨ ᠨᠠᠷᠠᠨ ᠭᠡᠷᠡᠯ ᠪᠦᠷᠢᠳᠴᠦ᠂ ᠠᠷᠭ᠎ᠠ ᠶ᠋ᠢᠨ ᠠᠮᠢᠰᠬᠤᠯ ᠤ᠋ᠨ ᠠᠯᠲᠠᠨ ᠢ᠋ᠶ᠋ᠠᠷ ᠬᠤᠳᠠᠯᠳᠤᠨ ᠠᠪᠬᠤᠢ ᠶ᠋ᠢ ᠬᠡᠯᠡᠵᠦᠬᠦᠢ᠃ ᠡᠨᠡ ᠴᠦ᠍ ᠠᠯᠲᠠᠨ ᠤᠯᠤᠰ ᠤ᠋ᠨ ᠣᠷᠳᠣᠨ ᠤ᠋ ᠳᠣᠲᠣᠷᠠᠬᠢ ᠰᠤᠯᠠ ᠬᠡᠷᠡᠭ ᠪᠥᠭᠡᠳ ᠬᠡᠷᠡᠭ ᠦ᠋ᠨ ᠪᠣᠯᠪᠠᠰᠤᠷᠠᠯ ᠬᠣᠵᠢᠮ ᠰᠠᠶᠢ ᠪᠦᠷᠢᠳᠦᠨ ᠭᠦᠢᠴᠡᠳᠬᠦᠢ ᠶ᠋ᠢᠨ ᠲᠤᠯᠠ ᠡᠳᠦᠭᠡ ᠡᠭᠦᠨ ᠢ᠋ ᠳᠤᠷᠠᠳᠬᠤᠢ ᠶ᠋ᠢ ᠪᠠᠢᠵᠤ᠂ ᠲᠤᠬᠠᠢ《ᠬᠥᠬᠡ ᠰᠤᠳᠤᠷ 》 ᠤ᠋ᠨ ᠬᠡᠷᠡᠭᠲᠦ ᠭᠠᠵᠠᠷ ᠠ᠋ᠴᠠ ᠡᠬᠢᠯᠡᠨ ᠥᠭᠦᠯᠡᠬᠦ ᠢᠨᠤ᠄
ᠡᠨᠡ ᠵᠢᠯ ᠦ᠋ᠨ ᠰᠥᠩ ᠤᠯᠤᠰ ᠤ᠋ᠨ ᠶᠡᠬᠡᠬᠡᠨ ᠦᠢᠯᠡᠰ ᠢᠨᠤ ᠠᠷᠪᠠᠨ ᠰᠡᠷᠡᠳᠡ ᠰᠥᠩ ᠤᠯᠤᠰ ᠤ᠋ᠨ ᠨᠢᠩᠽᠥ᠋ᠩ ᠬᠠᠭᠠᠨ ᠤ᠋ ᠣᠢᠷ᠎ᠠ ᠤᠭᠰᠠᠭ᠎ᠠ ᠶ᠋ᠢᠨ ᠲᠠᠢᠽᠢ᠂ ᠡᠢ ᠭᠦᠸᠧ ᠬᠦᠩ ᠵᠣᠣ ᠵᠦ ᠢᠦᠢ ᠡᠴᠦᠰᠯᠡᠭᠰᠡᠨ ᠳ᠋ᠦ᠍ᠷ ᠲᠡᠭᠦᠨ ᠢ᠋ ᠨᠢᠭᠡᠨ ᠨᠠᠰᠤᠨ ᠳ᠋ᠠᠭᠠᠨ ᠦᠨᠡᠨ ᠰᠢᠳᠤᠷᠭᠤ ᠪᠠᠷ ᠬᠢᠴᠢᠶᠡᠨ ᠵᠢᠳᠬᠦᠨ ᠶᠠᠪᠤᠪᠠ ᠭᠡᠮᠡᠨ ᠬᠡᠭᠦᠷ ᠦ᠋ᠨ ᠳᠡᠭᠡᠷ᠎ᠡ 《ᠶᠡᠬᠡ ᠹᠦ ᠸᠠᠩ 》ᠭᠡᠮᠡᠨ ᠨᠡᠬᠡᠮᠵᠢᠯᠡᠨ ᠡᠷᠭᠦᠮᠵᠢᠯᠡᠵᠦ᠂ ᠸᠠᠩ ᠤ᠋ᠨ ᠶᠣᠰᠣᠭᠠᠷ ᠪᠡᠯᠪᠡᠰᠦᠷᠡᠯ ᠢ᠋ ᠭᠦᠢᠴᠡᠳᠬᠡᠯᠭᠡᠨ ᠂ ᠬᠡᠭᠦᠷ ᠮᠣᠭᠤᠨ ᠢ᠋ ᠸᠠᠩ ᠬᠥᠮᠦᠨ ᠦ᠌ ᠬᠠᠤᠯᠢ ᠶᠣᠰᠣᠭᠠᠷ ᠪᠠᠢᠭᠤᠯᠤᠨ ᠲᠠᠬᠢᠭᠤᠯᠪᠠ᠃ ᠡᠨᠡ ᠵᠣᠣ ᠵᠦ ᠢᠦᠢ ᠬᠡᠮᠡᠭᠴᠢ ᠡᠷᠲᠡᠨ ᠦ᠌ ᠡᠵᠡᠨ᠂ ᠰᠥᠩ ᠭᠤᠸᠠᠩᠽᠥ᠋ᠩ ᠬᠠᠭᠠᠨ ᠵᠣᠣ ᠳ᠋ᠦᠨ ᠦ᠌ ᠲᠥᠷᠥ ᠳ᠋ᠦ᠍ᠷ ᠵᠠᠰᠠᠭ ᠤ᠋ᠨ ᠬᠡᠷᠡᠭ ᠲᠦ᠍ᠷ ᠬᠦᠴᠦᠯᠡᠨ ᠲᠤᠰᠠᠯᠠᠵᠤ᠂ ᠵᠢᠳᠬᠦᠨ ᠲᠡᠳᠬᠦᠵᠦ ᠶᠠᠪᠤᠭᠰᠠᠨ ᠢ᠋ᠶ᠋ᠠᠷ ᠭᠤᠸᠠᠩᠽᠥ᠋ᠩ ᠬᠠᠭᠠᠨ ᠳ᠋ᠤᠷ ᠬᠥᠪᠡᠭᠦᠨ ᠦᠭᠡᠢ ᠲᠤᠯᠠ ᠡᠨᠡ ᠵᠣᠣ ᠵᠦ ᠢᠦᠢ ᠶ᠋ᠢ ᠲᠠᠬᠢᠯᠭ᠎ᠠ ᠶ᠋ᠢ ᠵᠠᠯᠭᠠᠮᠵᠢᠯᠠᠬᠤ ᠬᠥᠪᠡᠭᠦᠨ ᠪᠣᠯᠭᠠᠨ ᠦᠷᠡᠴᠢᠯᠡᠨ ᠥᠭᠴᠦ᠂ ᠡᠳᠦᠭᠡ ᠡᠴᠦᠰᠯᠡᠭᠰᠡᠨ ᠳ᠋ᠦ᠍ᠷ ᠳᠡᠭᠡᠳᠦ ᠠᠬ᠎ᠠ ᠬᠠᠭᠠᠨ ᠭᠤᠸᠠᠩᠽᠥ᠋ᠩ ᠦ᠋ᠨ ᠭᠡᠷᠡᠯ ᠢ᠋ᠶ᠋ᠡᠷ ᠵᠣᠣ ᠵᠦ ᠢᠦᠢ ᠶ᠋ᠢ ᠡᠷᠭᠦᠵᠦ᠂ ᠮᠥᠨ ᠬᠦ᠌ ᠬᠠᠭᠠᠨ ᠤ᠋ ᠵᠠᠯᠭᠠᠮᠵᠢ ᠭᠡᠮᠡᠨ ᠠᠨ ᠽᠦᠩ᠂ ᠹᠦ ᠸᠠᠩ ᠭᠡᠮᠡᠨ ᠬᠦᠪᠬᠡᠮᠡᠯ ᠨᠡᠬᠡᠮᠵᠢᠯᠡᠯ ᠡᠷᠭᠦᠮᠵᠢᠯᠡᠵᠦ᠂ ᠭᠣᠸᠠᠩᠽᠥ᠋ᠩ ᠬᠠᠭᠠᠨ ᠢ᠋ ᠬᠦᠨᠳᠦᠯᠡᠭᠰᠡᠨ ᠢ᠋ ᠭᠠᠷᠭᠠᠭᠰᠠᠨ ᠬᠡᠷᠡᠭ ᠪᠣᠢ ᠊ᠶ᠎ᠠ᠃ ᠲᠤᠬᠠᠢ ᠹᠦ ᠸᠠᠩ ᠵᠣᠣ ᠵᠦ ᠢᠦᠢ ᠶ᠋ᠢᠨ ᠬᠤᠪᠢᠶᠠᠷᠢ ᠳ᠋ᠤᠷ ᠪᠣᠯᠪᠠᠰᠤ ᠲᠡᠢᠮᠦ ᠬᠠᠤᠯᠢ ᠦᠭᠡᠢ ᠪᠣᠯᠠᠢ ᠭᠡᠮᠡᠨ ᠵᠠᠯᠭᠠᠮᠵᠢᠯᠠᠭᠰᠠᠨ 《ᠰᠢᠦᠢ ᠽᠢ ᡁᠢ ᠲᠦᠩ ᠵᠢᠶᠠᠨ ᠭᠠᠩ ᠮᠦ᠍ 》 ᠪᠢᠴᠢᠭ ᠲᠣᠷ ᠲᠣᠳᠣᠷᠬᠠᠢᠯᠠᠨ ᠢᠯᠭᠠᠪᠤᠷᠢ ᠲᠠᠢ ᠲᠠᠢᠯᠤᠨ ᠬᠡᠯᠡᠵᠦ ᠪᠣᠢ ᠠᠮᠤᠢ᠃ ᠮᠥᠨ ᠠᠷᠪᠠᠨ ᠬᠣᠶᠠᠷ ᠰᠡᠷᠡᠳᠡ᠂ ᠰᠥᠩ ᠤᠯᠤᠰ ᠤ᠋ᠨ ᠬᠠᠷᠭᠢᠰ ᠴᠧᠩᠰᠢᠶᠠᠩ ᠬᠠᠨ ᠲᠦᠸᠧ ᠵᠧᠦ ᠶ᠋ᠢ ᠠᠷᠢᠯᠭᠠᠭᠰᠠᠨ ᠶᠡᠬᠡ ᠴᠧᠩᠰᠢᠶᠠᠩ ᠴᠢᠶᠠᠨ ᠰᠢᠶᠠᠩ ᠵᠢᠦᠢ 《ᠤᠯᠤᠰ ᠲᠥᠷᠥ ᠲᠦᠪᠰᠢᠷᠡᠨ ᠠᠮᠤᠷᠵᠢᠪᠠ᠂ ᠣᠳᠣ ᠮᠢᠨᠦ ᠲᠠᠷᠢᠶᠠᠯᠠᠩ ᠳ᠋ᠠᠭᠠᠨ ᠡᠭᠡᠬᠦ ᠴᠠᠭ ᠪᠣᠯᠪᠠ 》 ᠭᠡᠮᠡᠨ ᠳᠠᠬᠢᠨ ᠳᠠᠪᠲᠠᠨ ᠭᠤᠶᠤᠨ ᠠᠢᠯᠠᠳᠬᠠᠵᠤ ᠴᠧᠩᠰᠢᠶᠠᠩ ᠤ᠋ᠨ ᠲᠤᠰᠢᠶᠠᠯ ᠢ᠋ᠶ᠋ᠠᠨ ᠲᠦᠯᠬᠢᠨ ᠨᠢᠩᠽᠥ᠋ᠩ ᠬᠠᠭᠠᠨ ᠬᠠᠭᠤᠴᠢᠨ ᠵᠡᠷᠭᠡ ᠳ᠋ᠦ᠍ᠷ ᠠᠬᠤᠭᠤᠯᠤᠨ ᠴᠧᠩᠰᠢᠶᠠᠩ ᠤ᠋ᠨ ᠬᠡᠷᠡᠭ ᠢ ᠰᠢᠳᠬᠡᠭᠦᠯᠬᠦ ᠶ᠋ᠢ ᠠᠷᠭ᠎ᠠ ᠦᠭᠡᠢ ᠥᠷᠥᠰᠢᠶᠡᠵᠦ ᠪᠠᠢᠯᠭᠠᠪᠠ᠃ ᠡᠨᠡ ᠰᠢᠷ᠎ᠠ ᠯᠤᠤ ᠵᠢᠯ ᠦ᠋ᠨ ᠠᠯᠲᠠᠨ ᠤᠯᠤᠰ ᠬᠢᠭᠡᠳ ᠰᠥᠩ ᠤᠯᠤᠰ ᠬᠣᠶᠠᠭᠤᠯᠠ ᠶ᠋ᠢᠨ ᠶᠡᠬᠡᠬᠡᠨ ᠬᠡᠷᠡᠭ ᠠᠳᠠ ᠳᠠᠷᠤᠢ ᠬᠤᠷᠢᠶᠠᠮᠤᠢ᠃ ᠣᠳᠣ ᠦᠭᠡ ᠶ᠋ᠢ ᠡᠭᠡᠭᠦᠯᠦᠨ ᠲᠤᠬᠠᠢ ᠬᠥᠬᠡ ᠮᠣᠩᠭᠣᠯ ᠤᠯᠤᠰ ᠤ᠋ᠨ 《ᠬᠥᠬᠡ ᠰᠤᠳᠤᠷ》 ᠤ᠋ᠨ ᠴᠢᠩᠭᠢᠰ ᠬᠠᠭᠠᠨ ᠤ᠋ ᠬᠡᠷᠡᠭ ᠶᠠᠪᠤᠳᠠᠯ ᠢ᠋ ᠡᠨᠡ ᠵᠢᠯ ᠦ᠋ᠨ ᠳᠣᠯᠣᠭᠠᠨ ᠰᠠᠷ᠎ᠠ ᠠ᠋ᠴᠠ ᠡᠬᠢᠯᠡᠨ ᠲᠣᠭᠠᠴᠢᠬᠤ ᠬᠡᠷᠡᠭᠲᠡᠢ ᠲᠤᠯᠠ ᠦᠵᠡᠬᠦ ᠮᠡᠷᠭᠡᠳ ᠯᠡ ᠰᠠᠷ᠎ᠠ ᠪᠣᠯᠤᠭᠰᠠᠨ ᠪᠥᠭᠡᠲᠡᠯ᠎ᠡ ᠶᠠᠭᠤᠨᠲᠤ ᠪᠠᠰᠠ ᠳᠣᠯᠣᠭᠠᠨ ᠰᠠᠷ᠎ᠠ ᠭᠠᠷᠴᠤ ᠢᠷᠡᠪᠡ ᠭᠡᠮᠡᠨ ᠪᠢᠲᠡᠭᠡᠢ ᠡᠨᠳᠡᠭᠦᠷᠡᠨ ᠰᠡᠯᠳᠦᠭᠦᠷᠡᠭᠳᠡᠬᠦᠢ᠃ ᠰᠥᠩ ᠤᠯᠤᠰ᠂ ᠠᠯᠲᠠᠨ ᠤᠯᠤᠰ ᠤ᠋ᠨ ᠬᠡᠷᠡᠭ ᠦ᠋ᠳ ᠢ᠋ ᠨᠢᠭᠡᠮᠦᠰᠦᠨ ᠲᠡᠭᠦᠰᠬᠡᠭᠡᠳ᠂ ᠵᠢᠴᠢ ᠦᠭᠡᠰ ᠢ᠋ ᠤᠬᠤᠷᠢᠭᠤᠯᠤᠨ ᠡᠭᠡᠭᠦᠯᠵᠦ᠂ ᠡᠨᠡ ᠰᠢᠷ᠎ᠠ ᠯᠤᠤ ᠵᠢᠯ ᠦ᠋ᠨ ᠳᠣᠯᠣᠭᠠᠨ ᠰᠠᠷ᠎ᠠ ᠠ᠋ᠴᠠ ᠮᠣᠩᠭᠣᠯ ᠤᠯᠤᠰ ᠤ᠋ᠨ ᠴᠡᠷᠢᠭ ᠦ᠋ᠨ ᠦᠢᠯᠡ ᠶ᠋ᠢ ᠡᠬᠢᠯᠡᠨ ᠥᠭᠦᠯᠡᠬᠦ ᠢᠨᠤ᠄
ᠡᠨᠡ ᠰᠢᠷ᠎ᠠ ᠯᠤᠤ ᠵᠢᠯ ᠦ᠋ᠨ ᠲᠠᠪᠤᠨ ᠰᠠᠷ᠎ᠠ ᠶ᠋ᠢᠨ ᠰᠡᠭᠦᠯ ᠦ᠋ᠨ ᠯᠤᠤ ᠡᠳᠦᠷ ᠦ᠋ᠨ ᠯᠤᠤ ᠴᠠᠭ ᠲᠤᠷ ᠮᠣᠩᠭᠣᠯ ᠤ᠋ᠨ ᠴᠢᠩᠭᠢᠰ ᠬᠠᠭᠠᠨ ᠤ᠋ ᠳᠥᠷᠪᠡᠳᠦᠭᠡᠷ ᠲᠠᠢᠽᠢ ᠴᠢᠨ ᠸᠠᠩ ᠲᠣᠯᠢ ᠶ᠋ᠢᠨ ᠶᠡᠬᠡ ᠰᠢᠷᠡᠭᠡᠨ ᠦ᠌ ᠬᠠᠲᠤᠨ ᠹᠧᠢ ᠬᠣᠩᠭᠢᠷᠠᠳ ᠤ᠋ᠨ ᠰᠤᠷᠭᠠᠯᠲᠠᠢ ᠪᠡᠬᠢ ᠪᠦᠸᠸᠵᠦ ᠡᠴᠡ ᠬᠥᠪᠡᠭᠦᠨ ᠨᠢᠷᠠᠢᠯᠠᠵᠤ᠂ ᠤᠯᠤᠰ ᠤ᠋ᠨ ᠬᠣᠲᠠᠯᠠᠭᠠᠷ ᠤ᠋ᠨ ᠴᠡᠴᠡᠭ ᠭᠠᠷᠴᠤ ᠦᠶ᠎ᠡ ᠪᠣᠯᠪᠠᠰᠤᠷᠠᠨ ᠵᠠᠭᠤᠨ ᠡᠳᠦᠷ ᠦ᠋ᠨ ᠴᠡᠭᠡᠯᠡᠪᠦᠷᠢ ᠲᠡᠭᠦᠰᠦᠭᠰᠡᠨ ᠶᠡᠬᠡ ᠪᠠᠶᠠᠰᠬᠤᠯᠠᠩ ᠬᠤᠷᠢᠮ ᠬᠤᠷᠢᠮᠯᠠᠭᠰᠠᠨ ᠲᠡᠷᠢᠭᠦᠨ ᠪᠠᠶᠠᠷ᠎ᠠ ᠲᠣᠬᠢᠶᠠᠯᠳᠤᠨ ᠠᠢᠯᠠᠳᠬᠠᠵᠤ ᠨᠡᠷ᠎ᠡ ᠭᠠᠷᠤᠭᠰᠠᠨ ᠳ᠋ᠤᠷ ᠴᠢᠩᠭᠢᠰ ᠬᠠᠭᠠᠨ ᠤ᠋ ᠭᠡᠭᠡᠨ ᠢ᠋ᠶ᠋ᠡᠷ ᠪᠡᠶᠡᠰᠦᠨ ᠰᠠᠢᠰᠢᠶᠠᠵᠤ ᠣᠯᠠᠨ ᠰᠡᠴᠡᠳ ᠰᠠᠢᠳ ᠲᠤᠷ ᠵᠠᠷᠯᠢᠭ ᠪᠣᠯᠤᠷᠤᠨ᠄
《ᠡᠨᠡ ᠠᠴᠢ ᠬᠥᠪᠡᠭᠦᠨ ᠡᠷᠬᠢᠮ ᠰᠠᠭᠤᠷᠢᠨ᠎ᠠ ᠬᠥᠷᠥᠮᠦᠢ ᠊ᠶ᠎ᠠ᠃ ᠡᠩ ᠦ᠋ᠨ ᠶᠣᠰᠣ ᠭᠤᠷᠪᠠᠨ ᠯᠤᠤ ᠶᠡᠬᠡ ᠬᠤᠷ᠎ᠠ ᠳ᠋ᠤᠷ ᠲᠣᠬᠢᠶᠠᠯᠳᠤᠪᠠᠢ᠂ ᠡᠭᠦᠨᠦ ᠨᠡᠷ᠎ᠡ ᠶ᠋ᠢ ᠮᠥᠩᠬᠡ ᠭᠡᠮᠡᠨ ᠥᠭᠪᠡᠰᠦ ᠮᠠᠰᠢ ᠵᠣᠬᠢᠰᠲᠠᠢ᠃ ᠡᠷᠲᠡ ᠣᠷᠣᠢ ᠶᠢᠰᠦᠨ ᠮᠡᠩᠭᠡ ᠶ᠋ᠢᠨ ᠶᠡᠬᠡ ᠳᠡᠯᠭᠡᠷᠡᠯ ᠪᠣᠢ ᠠᠮᠤᠢ᠃ ᠴᠡᠷᠢᠭ ᠲᠡᠢᠨ ᠢ᠋ ᠴᠢᠳᠠᠵᠤ᠂ ᠴᠢᠬᠡ ᠰᠢᠯᠤᠭᠤᠨ ᠢ᠋ ᠡᠷᠬᠢᠯᠡᠨ᠂ ᠴᠢᠮᠡᠭᠴᠢ ᠴᠡᠩᠭᠡᠯ ᠢ᠋ ᠬᠡᠷᠡᠭᠯᠡᠬᠦ ᠦᠭᠡᠢ ᠡᠷ᠎ᠡ ᠭᠠᠷᠤᠮᠤᠢ ᠊ᠶ᠎ᠠ 》 ᠬᠡᠮᠡᠯᠦᠭᠡ᠃ ᠬᠣᠢᠨ᠎ᠠ ᠦᠨᠡᠬᠡᠷ ᠣᠯᠠᠨ ᠦᠭᠡ ᠦᠭᠡᠢ᠂ ᠤᠯᠤᠰ ᠤ᠋ᠨ ᠵᠠᠰᠠᠭ ᠢ᠋ ᠬᠢᠴᠢᠶᠡᠭᠰᠡᠨ ᠶᠢᠰᠦᠨ ᠵᠢᠯ ᠰᠢᠶᠠᠨᠽᠥ᠋ᠩ ᠬᠠᠭᠠᠨ ᠰᠠᠭᠤᠭᠰᠠᠨ ᠪᠥᠯᠥᠭᠡ᠃ ᠡᠭᠦᠨᠦ ᠳᠥᠷᠪᠡᠳᠦᠭᠡᠷ ᠳᠡᠭᠦᠦ ᠪᠣᠯᠪᠠᠰᠤ ᠱᠧᠩ ᠡᠦ ᠬᠤᠸᠠᠩᠳᠢ ᠬᠤᠪᠢᠯᠠᠢ ᠰᠡᠴᠡᠨ ᠱᠢᠽᠤ ᠬᠠᠭᠠᠨ ᠮᠥᠨ ᠪᠤᠶᠤ᠃ ᠡᠨᠡ ᠮᠥᠩᠬᠡ ᠲᠠᠢᠽᠢ ᠶ᠋ᠢ ᠲᠥᠷᠥᠬᠦᠶᠡ ᠳᠡᠭᠦᠨᠦ ᠡᠬᠡ ᠰᠤᠷᠭᠠᠯᠲᠠᠢ ᠪᠡᠬᠢ ᠬᠠᠲᠤᠨ ᠢ᠋ᠶ᠋ᠠᠷ ᠶᠢᠰᠦᠨ ᠴᠠᠭᠠᠨ ᠬᠠᠰ ᠤ᠋ᠨ ᠪᠠᠭ᠎ᠠ ᠯᠤᠤ᠂ ᠣᠭᠲᠠᠷᠭᠤᠢ ᠳᠦᠭᠦᠷᠡᠩ ᠶᠡᠬᠡ ᠠᠯᠲᠠᠨ ᠭᠡᠷᠡᠯᠲᠦ ᠯᠤᠤ ᠶ᠋ᠢ ᠬᠤᠮᠪᠢᠨ ᠢᠷᠡᠵᠦ ᠰᠤᠷᠭᠠᠯᠲᠠᠢ ᠪᠡᠬᠢ ᠬᠠᠲᠤᠨ ᠤ᠋ ᠪᠡᠶ᠎ᠡ ᠳᠡᠭᠡᠷ᠎ᠡ ᠤᠨᠠᠵᠤ ᠢᠷᠡᠭᠰᠡᠨ᠎ᠡ ᠠᠶᠤᠭᠰᠠᠭᠠᠷ ᠰᠡᠷᠢᠭᠡᠳ ᠳᠠᠷᠤᠢ ᠬᠡᠪᠡᠯᠢ ᠡᠪᠡᠳᠴᠦ ᠡᠨᠡ ᠮᠥᠩᠬᠡ ᠲᠠᠢᠽᠢ ᠶ᠋ᠢ ᠮᠡᠨᠳᠦᠯᠡᠪᠡᠢ᠃ ᠳᠠᠷᠠᠭ᠎ᠠ ᠪᠠᠷ ᠴᠢᠩᠭᠢᠰ ᠬᠠᠭᠠᠨ ᠤ᠋ ᠵᠠᠷᠯᠢᠭ ᠢ ᠣᠯᠵᠤ ᠰᠣᠨᠣᠰᠤᠨ᠂ ᠳᠣᠲᠣᠷ᠎ᠠ ᠪᠠᠨ ᠰᠡᠮᠡᠬᠡᠷ ᠪᠠᠶᠠᠷᠯᠠᠨ ᠲᠡᠮᠳᠡᠭᠯᠡᠭᠰᠡᠨ ᠪᠥᠯᠥᠭᠡ᠂ ᠡᠨᠡ ᠶᠠᠪᠤᠳᠠᠯ ᠬᠣᠵᠢᠮ ᠰᠠᠶᠢ ᠢᠯᠡᠷᠡᠨ ᠭᠠᠷᠬᠤ ᠲᠤᠯᠠ ᠡᠳᠦᠭᠡ ᠳᠤᠷᠠᠳᠬᠤ ᠦᠭᠡᠢ᠃ ᠭᠠᠭᠴᠠ ᠡᠨᠡ ᠳᠣᠯᠣᠭᠠᠨ ᠰᠠᠷ᠎ᠠ ᠳ᠋ᠤᠷ ᠮᠣᠩᠭᠣᠯ ᠳ᠋ᠤᠷ ᠶᠠᠮᠪᠠᠷ ᠴᠡᠷᠢᠭ ᠦ᠋ᠨ ᠬᠡᠷᠡᠭ ᠭᠠᠷᠪᠠ?ᠬᠡᠮᠡᠪᠡᠰᠦ᠄ ᠪᠠᠷᠠᠭᠤᠨ ᠬᠣᠢᠲᠤ ᠬᠠᠭᠤᠴᠢᠨ ᠶᠡᠬᠡ ᠨᠠᠢ᠍ᠮᠠᠨ ᠤᠯᠤᠰ ᠤ᠋ᠨ ᠡᠵᠡᠨ ᠬᠦᠩ ᠠᠯᠲᠠᠨᠱᠠᠭ᠎ᠠ᠂ ᠴᠢᠨ ᠸᠠᠩ ᠪᠡᠯᠭᠦᠳᠡᠢ ᠶ᠋ᠢᠨ ᠭᠠᠵᠠᠷ ᠠ᠋ᠴᠠ ᠨᠢᠰᠬᠦ ᠳᠣᠪᠲᠣᠯᠭ᠎ᠠ ᠪᠠᠷ ᠠᠢᠯᠠᠳᠬᠠᠵᠤ ᠢᠷᠡᠭᠰᠡᠨ ᠢᠨᠤ᠄ ᠤᠭ ᠠ᠋ᠴᠠ ᠴᠡᠷᠢᠭ ᠦ᠋ᠨ ᠡᠵᠡᠨ ᠵᠢᠨᠦᠩ ᠲᠠᠢᠪᠤᠤ ᠶ᠋ᠢᠨ ᠵᠠᠬᠢᠶ᠎ᠠ ᠪᠠᠷ ᠤᠮᠠᠷᠠᠲᠤ ᠣᠷᠣᠰ ᠤᠯᠤᠰ ᠠ᠋ᠴᠠ ᠲᠠᠢᠽᠢ ᠴᠢᠨ ᠸᠠᠩ ᠵᠣᠴᠢ ᠶ᠋ᠢᠨ ᠣᠯᠤᠭᠰᠠᠨ ᠣᠯᠠᠨ ᠪᠠᠭ᠎ᠠ ᠠᠢᠮᠠᠭ ᠤ᠋ᠳ ᠪᠦᠭᠦᠳᠡ ᠶ᠋ᠢ ᠨᠡᠢᠯᠡᠭᠦᠯᠦᠨ ᠪᠠᠷᠢᠬᠤ ᠠᠯᠪᠠ ᠳ᠋ᠤᠷ ᠠᠨᠤ ᠣᠷᠣᠰ ᠤᠯᠤᠰ ᠤ᠋ᠨ ᠪᠠᠷᠠᠭᠤᠨ ᠲᠢᠪ ᠡᠴᠡ ᠭᠠᠷᠬᠤ ᠰᠠᠢᠨ ᠲᠡᠮᠦᠷ᠂ ᠵᠢᠯ ᠪᠦᠷᠢ ᠲᠠᠪᠢᠨ ᠲᠦᠮᠡᠨ ᠵᠢᠩ ᠪᠠᠷᠢᠭᠤᠯᠵᠤ᠂ ᠲᠡᠳᠡ ᠨᠠᠷ ᠤ᠋ᠨ ᠪᠡᠶ᠎ᠡ ᠪᠡᠶᠡᠰ ᠢ᠋ᠶ᠋ᠡᠷ ᠬᠦᠷᠭᠡᠯᠭᠡᠨ ᠢᠷᠡᠭᠦᠯᠵᠦ ᠡᠭᠡᠬᠦ ᠦᠶ᠎ᠡ ᠳ᠋ᠦ᠍ᠷ ᠮᠥᠨ ᠠᠴᠢᠶ᠎ᠠ ᠳ᠋ᠤᠷ ᠲᠡᠳᠡᠨ ᠦ᠌ ᠭᠠᠵᠠᠷ ᠤ᠋ᠨ ᠴᠢᠬᠤᠯᠠ ᠳᠡᠭᠡᠳᠦ ᠢᠳᠡᠰᠢ ᠡᠮᠦᠨ᠎ᠡ ᠣᠷᠣᠨ ᠤ᠋ ᠬᠠᠲᠠᠭᠠᠮᠠᠯ ᠰᠢᠰᠢ ᠪᠤᠳᠠᠭ᠎ᠠ ① ᠶ᠋ᠢ ᠲᠤᠯᠲᠠᠯ᠎ᠠ ᠠᠴᠢᠭᠤᠯᠤᠨ ᠱᠠᠩᠨᠠᠳᠠᠭ ᠠᠵᠤᠭᠤ᠃ ᠡᠨᠡ ᠵᠢᠯ ᠦ᠋ᠨ ᠮᠣᠷᠢ ᠲᠠᠭᠯᠠᠬᠤᠢ ᠳ᠋ᠤᠷ ᠡᠷᠲᠡᠬᠡᠨ ᠪᠡᠯᠡᠳᠬᠡᠭᠰᠡᠨ ᠣᠷᠣᠰ ᠲᠡᠮᠦᠷ ᠬᠦᠷᠭᠡᠵᠦ ᠢᠷᠡᠨ᠂ ᠣᠷᠣᠰ ᠤ᠋ᠨ ᠡᠮᠦᠨ᠎ᠡ ᠬᠢᠵᠠᠭᠠᠷ ᠤ᠋ᠨ ᠪᠠᠭ᠎ᠠ ᠪᠠᠭ᠎ᠠ ᠣᠯᠠᠨ ᠠᠢᠮᠠᠭ ᠤ᠋ᠳ ᠡᠨᠡ ᠰᠢᠰᠢ ᠪᠤᠳᠠᠭ᠎ᠠ ᠶ᠋ᠢᠨ ᠠᠰᠢᠭ ᠲᠤᠷ ᠳᠤᠷᠠᠯᠠᠵᠤ ᠣᠯᠠᠨ ᠢ᠋ᠶ᠋ᠠᠷ ᠢ᠋ᠶ᠋ᠠᠨ ᠨᠡᠢᠯᠡᠵᠦ᠂ ᠤᠷᠢᠳᠤ ᠵᠢᠯ ᠡᠴᠡ ᠢᠯᠡᠭᠦᠦ ᠴᠢᠷᠮᠠᠢᠨ ᠵᠢᠳᠬᠦᠯᠴᠡᠵᠦ᠂ ᠨᠡᠢᠲᠡ ᠭᠤᠷᠪᠠᠨ ᠵᠠᠭᠤᠨ ᠲᠦᠮᠡᠨ ᠵᠢᠩ ᠣᠯᠤᠯᠴᠠᠨ᠂ ᠬᠡᠳᠦᠢᠴᠢᠨᠡᠭᠡᠨ ᠮᠢᠩᠭᠠᠨ ᠠᠴᠢᠶ᠎ᠠ ᠪᠠᠷ ᠬᠦᠷᠭᠡᠵᠦ ᠢᠷᠡᠬᠦ ᠶ᠋ᠢᠨ ᠵᠠᠮ ᠤ᠋ᠨ ᠵᠠᠭᠤᠷ᠎ᠠ ᠢᠯᠳᠠᠰᠢ ᠬᠣᠲᠠ ᠶ᠋ᠢᠨ ᠵᠠᠬ᠎ᠠ ᠪᠠᠷ ᠳᠠᠭᠠᠷᠢᠨ ᠭᠠᠷᠬᠤᠢ ᠳ᠋ᠤᠷ ᠬᠠᠭᠤᠴᠢᠨ ᠨᠠᠢ᠍ᠮᠠᠨ ᠤ᠋ ᠴᠢᠦᠢ ᠴᠦ᠍ ᠯᠢᠦᠢ ᠢᠦᠢ ᠬᠠᠭᠠᠨ ᠤ᠋ ᠶᠡᠬᠡ ᠴᠧᠩᠰᠢᠶᠠᠩ ᠪᠥᠭᠡᠳ ᠶᠤᠸᠠᠨᠱᠤᠸᠠᠢ ᠲᠣᠳᠣ ᠪᠠᠷᠠᠭᠤᠨ ᠰᠠᠷᠳᠢᠭᠴᠢᠨ ᠤᠯᠤᠰ ᠤ᠋ᠨ ᠣᠯᠠᠨ ᠵᠡᠷᠯᠢᠭ ᠤᠯᠤᠰ ᠤ᠋ᠳ ᠠ᠋ᠴᠠ ᠡᠯᠰᠡᠨ ᠴᠤᠭᠯᠠᠭᠤᠯᠤᠨ ᠬᠤᠷᠢᠶᠠᠭᠰᠠᠨ ᠨᠢᠭᠡᠨ ᠲᠦᠮᠡᠨ ᠵᠢᠷᠭᠤᠭᠠᠨ ᠮᠢᠩᠭᠠᠨ ᠴᠡᠷᠢᠭ ᠢ᠋ᠶ᠋ᠡᠷ ᠣᠷᠣᠰ ᠤᠯᠤᠰ ᠤ᠋ᠨ ᠢᠵᠢᠯ᠂ ᠲᠣᠢᠨ᠂ ᠬᠡᠴᠦᠯ ᠭᠤᠷᠪᠠᠨ ᠭᠣᠣᠯ ᠤ᠋ᠨ ᠨᠠᠢ᠍ᠮᠠᠨ ᠮᠢᠩᠭᠠᠨ ᠢᠯᠡᠭᠦᠦ ᠲᠡᠮᠦᠷ ᠬᠦᠷᠭᠡᠬᠦ ᠴᠡᠷᠢᠭ ᠦ᠋ᠳ ᠯᠦ᠍ᠭᠡ ᠭᠤᠷᠪᠠᠨ ᠡᠳᠦᠷ ᠭᠤᠷᠪᠠᠨ ᠰᠥᠨᠢ ᠪᠠᠢᠯᠳᠤᠯᠴᠠᠨ ᠪᠠᠢᠵᠤ ᠣᠷᠣᠰ ᠤ᠋ᠨ ᠭᠤᠷᠪᠠᠨ ᠭᠣᠣᠯ ᠤ᠋ᠨ ᠴᠡᠷᠢᠭ ᠦ᠋ᠨ ᠡᠷᠡᠰ ᠮᠠᠰᠢ ᠪᠠᠭᠠᠲᠤᠷ ᠬᠡᠴᠡᠭᠦᠦ ᠪᠣᠯᠪᠠᠴᠤ ᠡᠭᠡᠨᠡᠭᠲᠡ ᠬᠥᠮᠦᠨ ᠴᠥᠭᠡᠨ ᠪᠥᠭᠡᠳ ᠪᠠᠰᠠ ᠴᠡᠷᠢᠭ ᠦ᠋ᠨ ᠵᠠᠰᠠᠭ ᠴᠠᠭᠠᠵᠠ ᠶᠠᠪᠤᠭᠤᠯᠬᠤ ᠲᠤᠬᠠᠢᠲᠤ ᠲᠡᠷᠢᠭᠦᠯᠡᠭᠴᠢ ᠡᠵᠡᠨ ᠦᠭᠡᠢ ᠲᠤᠯᠠ ᠲᠤᠯᠵᠤ ᠬᠦᠴᠦᠷᠡᠭᠰᠡᠨ ᠦᠭᠡᠢ᠂ ᠭᠤᠷᠪᠠᠨ ᠵᠠᠭᠤᠨ ᠲᠦᠮᠡᠨ ᠵᠢᠩ ᠰᠠᠢᠨ ᠲᠡᠮᠦᠷ ᠪᠠ ᠬᠡᠳᠦᠢᠴᠢᠨᠡᠭᠡᠨ ᠮᠢᠩᠭᠠᠨ ᠰᠠᠷᠯᠤᠭ ᠦᠬᠡᠷ ᠦ᠋ᠨ ᠠᠴᠢᠶ᠎ᠠ ᠲᠠᠢ ᠴᠥᠮ ᠢ᠋ᠶ᠋ᠡᠷ ᠪᠤᠯᠢᠶᠠᠭᠳᠠᠵᠤ ᠢᠳᠡᠭᠡᠨ ᠲᠠᠰᠤᠷᠠᠵᠤ ᠵᠤᠳ ᠪᠣᠯᠤᠭᠠᠳ᠂ ᠨᠠᠢ᠍ᠮᠠᠨ ᠤ᠋ ᠵᠠᠬ᠎ᠠ ᠣᠢᠷ᠎ᠠ ᠲᠤᠯᠠ ᠲᠡᠩᠭᠡᠷᠡᠭᠦᠯᠦᠯ ᠢ᠋ ᠭᠤᠶᠤᠨ ᠢᠷᠡᠭᠰᠡᠨ᠎ᠡ᠂ ᠠᠯᠲᠠᠨᠱᠠᠭ᠎ᠠ ᠪᠡᠯᠭᠦᠳᠡᠢ ᠨᠠᠷ ᠨᠢᠭᠡᠨ ᠳᠡᠭᠡᠭᠦᠷ ᠭᠤᠷᠪᠠᠨ ᠵᠦᠢᠯ ᠦ᠋ᠨ ᠮᠠᠯ ᠠᠳᠤᠭᠤ ᠶ᠋ᠢ ᠬᠡᠳᠦᠨ ᠵᠠᠭᠤᠨ ᠬᠦᠷᠭᠡᠯᠭᠡᠨ ᠲᠡᠩᠬᠡᠷᠡᠭᠦᠯᠦᠷ᠎ᠡ ᠤᠭᠲᠤᠨ ᠰᠡᠭᠡᠭᠦᠯᠵᠦ᠂ ᠨᠢᠭᠡᠨ ᠳᠡᠭᠡᠭᠦᠷ ᠮᠣᠩᠭᠣᠯ ᠤᠯᠤᠰ ᠤ᠋ᠨ ᠲᠥᠷᠥ ᠳ᠋ᠦ᠍ᠷ ᠠᠢᠯᠠᠳᠬᠠᠨ ᠳᠣᠪᠲᠣᠯᠭᠠᠵᠤ᠂ ᠴᠡᠷᠢᠭ ᠦ᠋ᠨ ᠡᠵᠡᠨ ᠵᠢᠨᠦᠩ ᠲᠠᠢᠪᠤᠤ ᠶ᠋ᠢᠨ ᠭᠠᠵᠠᠷ᠎ᠠ ᠬᠦᠷᠴᠦ ᠢᠷᠡᠭᠰᠡᠨ᠎ᠡ ᠮᠤᠬᠤᠯᠢ ᠶᠡᠬᠡᠯ᠎ᠡ ᠬᠢᠯᠢᠭᠯᠡᠨ 《ᠡᠨᠡ ᠬᠣᠶᠠᠷ ᠬᠣᠯᠴᠢᠷᠭᠠᠨ ᠵᠤᠯᠪᠢᠨ ᠢ᠋ ᠡᠰᠡ ᠠᠷᠢᠯᠭᠠᠪᠠᠰᠤ ᠣᠳᠣᠬᠠᠨ ᠴᠤ᠌ ᠪᠣᠯᠬᠤ ᠦᠭᠡᠢ ᠪᠣᠯᠪᠠ!》 ᠭᠡᠮᠡᠨ ᠴᠠᠭ ᠳᠣᠲᠣᠷ᠎ᠠ ᠴᠠᠭᠠᠵᠠ ᠵᠠᠷᠯᠠᠨ᠂ ᠴᠠᠭᠠᠵᠠ ᠶ᠋ᠢᠨ ᠵᠡᠪᠡ ᠴᠠᠰᠤᠨ ᠤ᠋ ᠯᠠᠪᠰᠠᠭᠠ ᠮᠡᠲᠦ ᠳᠣᠪᠲᠣᠯᠤᠯᠴᠠᠨ᠂ ᠴᠢᠨᠠᠳᠤ ᠢᠨᠠᠳᠤ ᠶᠢᠰᠦᠨ ᠡᠩ ᠦ᠋ᠨ ᠨᠡᠢᠲᠡ ᠪᠡᠷ ᠳᠣᠭᠳᠣᠯᠤᠨ ᠬᠥᠳᠡᠯᠵᠦ᠂ ᠴᠠᠭᠯᠠᠰᠢ ᠦᠭᠡᠢ ᠣᠯᠠᠨ ᠣᠯᠤᠯᠴᠠᠮᠤᠢ ᠭᠡᠮᠡᠨ ᠴᠤᠭᠯᠠᠯᠳᠤᠨ ᠪᠠᠶᠠᠰᠤᠯᠴᠠᠨ᠂ ᠲᠡᠪᠬᠡᠯᠡᠯᠴᠡᠨ ᠱᠦᠯᠬᠦᠲᠦᠮᠦᠢ᠃ ᠲᠡᠷᠡ ᠦᠶ᠎ᠡ ᠶ᠋ᠢᠨ ᠠᠷᠤ ᠶ᠋ᠢᠨ ᠮᠣᠩᠭᠣᠯᠴᠤᠳ ᠴᠡᠷᠢᠭ ᠲᠡᠢᠨ ᠢ᠋ ᠴᠡᠩᠭᠡᠯ ᠪᠣᠯᠭᠠᠨ ᠦᠵᠡᠬᠦ ᠪᠣᠢ ᠢ᠎ᠡ᠂ ᠡᠮᠦᠨᠡᠲᠦ ᠮᠣᠩᠭᠣᠯᠴᠤᠳ ᠤ᠋ᠨ ᠮᠡᠲᠦ ᠡᠮ᠎ᠡ ᠦᠷ᠎ᠡ ᠯᠦ᠍ᠭᠡ ᠪᠡᠨ ᠡᠨᠡᠯᠦᠯᠳᠦᠨ ᠤᠬᠢᠯᠠᠯᠳᠤᠬᠤ ᠠᠨᠤ ᠪᠤᠰᠤ ᠪᠥᠯᠥᠭᠡ᠃ ᠬᠣᠢᠴᠢᠬᠢ ᠡᠳᠦᠷ ᠡᠨᠡ ᠮᠡᠲᠦ ᠠᠷᠤ ᠭᠠᠵᠠᠷ ᠤ᠋ᠨ ᠴᠡᠩᠭᠡᠯ ᠪᠣᠯᠬᠤ ᠴᠠᠭ ᠤᠳᠠᠯ ᠦᠭᠡᠢ ᠭᠠᠷᠴᠤ ᠢᠷᠡᠮᠦᠢ᠃ ᠲᠡᠷᠡ ᠦᠶ᠎ᠡ ᠳ᠋ᠦ᠍ᠷ ᠰᠠᠶᠢ ᠡᠨᠡ 《ᠬᠥᠬᠡ ᠰᠤᠳᠤᠷ》 ᠤ᠋ᠨ ᠶᠡᠬᠡ ᠭᠠᠪᠢᠶ᠎ᠠ ᠲᠤᠰᠠ ᠶ᠋ᠢ ᠣᠯᠤᠯᠴᠠᠨ᠂ ᠡᠳᠡᠭᠡᠷ ᠦᠭᠡᠰ ᠢ᠋ ᠦᠨᠡᠮᠰᠢᠶᠡᠨ ᠢᠲᠡᠭᠡᠮᠵᠢᠯᠡᠵᠦ᠂ ᠪᠡᠶᠡᠰᠦᠨ ᠪᠢᠰᠢᠷᠡᠯᠴᠡᠬᠦ ᠴᠠᠭ ᠪᠣᠢ ᠠᠮᠤᠢ᠃ ᠠᠪᠠᠢ ᠦᠨᠡᠬᠡᠷ᠂ ᠡᠷᠲᠡᠨ ᠤ ᠦᠭᠡᠰ ᠲᠣᠷ 《ᠨᠢᠭᠡᠬᠡᠨ ᠬᠥᠪᠡᠭᠦᠨ ᠪᠤᠷᠬᠠᠨ ᠪᠣᠯᠪᠠᠰᠤ ᠶᠢᠰᠦᠨ ᠤᠭᠰᠠᠭ᠎ᠠ ᠪᠠᠷ ᠲᠩᠷᠢ ᠳ᠋ᠦ᠍ᠷ ᠲᠥᠷᠥᠮᠦᠢ》 ᠬᠡᠮᠡᠵᠦᠬᠦᠢ᠃ ᠡᠨᠡ ᠬᠦ᠌ ᠶᠢᠷᠲᠢᠨᠴᠦ ᠶ᠋ᠢᠨ ᠨᠢᠭᠡᠬᠡᠨ ᠡᠵᠡᠨ ᠭᠡᠭᠡᠬᠡᠨ ᠮᠡᠨᠳᠦᠯᠡᠭᠰᠡᠨ ᠢ᠋ᠶ᠋ᠡᠷ ᠲᠦᠮᠡᠨ ᠠᠮᠢᠲᠠᠨ ᠴᠡᠩᠭᠡᠯᠳᠦᠨ ᠣᠨᠳᠣᠷᠴᠤᠬᠤᠢ᠃ ᠲᠡᠭᠦᠨᠴᠡ ᠡᠨᠡ ᠴᠡᠷᠢᠭ ᠦ᠋ᠨ ᠶᠡᠬᠡ ᠵᠢᠨᠦᠩ ᠲᠠᠢᠪᠤᠤ ᠮᠤᠬᠤᠯᠠᠢ᠂ ᠴᠢᠬᠤᠯᠠ ᠦᠢᠯᠡᠰ ᠢ᠋ ᠦᠯᠦ ᠤᠳᠠᠭᠠᠭᠣᠯᠣᠨ᠂ ᠴᠡᠷᠢᠭ ᠦ᠋ᠨ ᠶᠡᠬᠡ ᠲᠡᠮᠳᠡᠭ ᠳᠣᠬᠢᠶ᠎ᠠ ᠲᠠᠯᠪᠢᠭᠤᠯᠤᠨ ᠲᠥᠷᠥ ᠶ᠋ᠢᠨ ᠨᠣᠶᠠᠳ ᠲᠦᠰᠢᠮᠡᠳ ᠪᠦᠷᠢᠳᠦᠮᠡᠭᠴᠡ᠂ ᠳᠠᠷᠤᠢ ᠲᠥᠷᠥ ᠳ᠋ᠦ᠍ᠷ ᠭᠠᠷᠴᠤ᠂ ᠨᠠᠢ᠍ᠮᠠᠨ ᠤ᠋ ᠪᠣᠳᠣᠷᠣᠣᠯ ᠪᠢᠴᠢᠭ ᠢ᠋ ᠮᠥᠷᠭᠥᠵᠦ ᠠᠢᠯᠠᠳᠬᠠᠪᠠᠢ᠃
ᠲᠠᠢᠽᠦ ᠴᠢᠩᠭᠢᠰ ᠬᠠᠭᠠᠨ ᠨᠤᠭᠤᠯᠪᠤᠷᠢ ᠶ᠋ᠢ ᠠᠢᠯᠠᠳᠴᠤ᠂ ᠠᠭᠤᠷᠯᠠᠯᠳᠤ ᠪᠠᠢᠳᠠᠯ ᠴᠢᠷᠠᠢ ᠳ᠋ᠤᠷ ᠢᠯᠡᠷᠡᠵᠦ ᠵᠠᠷᠯᠢᠭ ᠪᠣᠯᠤᠷᠤᠨ᠄
《ᠲᠠᠰᠤᠷᠬᠠᠢ ᠬᠠᠷᠠᠩᠭᠤᠢ ᠴᠢᠦᠢ ᠴᠦ ᠯᠢᠦᠢ ᠠᠳᠤᠭᠤᠰᠤ ᠶ᠋ᠢ ᠠᠯᠠᠵᠤ
ᠲᠠᠢᠶᠠᠩ ᠢ᠋ ᠬᠠᠭᠠᠨ ᠤ᠋ ᠦᠰ ᠥᠰᠢᠶ᠎ᠡ ᠶ᠋ᠢ ᠠᠷᠢᠯᠭᠠᠰᠤ᠂
ᠲᠠᠰᠤᠷᠬᠠᠢ ᠵᠢᠷᠤᠮᠲᠤ ᠥᠨᠳᠥᠷ ᠦ᠋ᠨ ᠠᠬ᠎ᠠ ᠶ᠋ᠢ ᠠᠯᠠᠭᠰᠠᠨ
ᠲᠠᠴᠢᠶᠠᠩᠭᠤᠢ ᠵᠤᠯᠪᠢᠨ ᠲᠣᠳᠣ ᠪᠣᠭᠣᠯ ᠢ᠋ ᠡᠷᠬᠡᠪᠰᠢ ᠠᠷᠢᠯᠭᠠᠰᠤᠭᠠᠢ᠃
ᠠᠴᠢ ᠵᠢᠷᠤᠮᠲᠤ ᠥᠨᠳᠥᠷ ᠰᠡᠴᠡᠨ ᠦ᠌ ᠠᠢᠮᠠᠭ ᠢ᠋ ᠣᠯᠭᠣᠭᠤᠯᠤᠶᠠ
ᠠᠳᠠᠪᠠᠰᠢ ᠬᠣᠯᠴᠢᠷᠭᠠᠨ ᠲᠣᠳᠣ ᠶ᠋ᠢ ᠡᠰᠡ ᠠᠯᠠᠪᠠᠰᠤ ᠤᠯᠤᠰ ᠲᠤᠷ ᠪᠦᠦ ᠡᠭᠡᠭᠲᠦᠨ᠃ 》 ᠬᠡᠮᠡᠭᠰᠡᠨ ᠳ᠋ᠦ᠍ᠷ ᠲᠥᠷᠥ ᠶ᠋ᠢᠨ ᠵᠠᠭᠤᠨ ᠲᠦᠰᠢᠮᠡᠳ ᠠᠶᠤᠯᠳᠤᠵᠤ ᠴᠢᠷᠠᠢ ᠶ᠋ᠢᠨ ᠥᠩᠭᠡ ᠬᠣᠪᠢᠯᠣᠯᠴᠪᠠᠢ᠃ ᠡᠨᠡ ᠦᠭᠡᠰ ᠢ᠋ ᠡᠰᠡ ᠳᠡᠢᠯᠪᠡᠰᠦ ᠦᠵᠡᠬᠦ ᠮᠡᠷᠭᠡᠳ ᠤᠬᠠᠭᠠᠨ ᠢ᠋ ᠦᠯᠦ ᠣᠯᠤᠮᠤᠢ᠃ ᠡᠷᠲᠡ ᠡᠳᠦᠷ ᠲᠠᠢᠽᠦ ᠬᠠᠭᠠᠨ ᠨᠠᠰᠤᠨ ᠰᠡᠭᠦᠳᠡᠷ ᠪᠠᠭ᠎ᠠ ᠴᠠᠭ ᠲᠤᠷ ᠮᠠᠢᠯᠵᠢ ᠠᠢᠮᠠᠭ ᠤ᠋ᠨ ᠡᠵᠡᠨ᠂ ᠥᠨᠢ ᠥᠨᠳᠥᠷ ᠬᠡᠮᠡᠬᠦ ᠠᠬ᠎ᠠ ᠳᠡᠭᠦᠦ ᠬᠣᠶᠠᠭᠤᠯᠠ ᠪᠠᠢᠢᠭᠰᠠᠨ ᠪᠥᠯᠥᠭᠡ᠃ ᠥᠨᠳᠥᠷ ᠢᠨᠣ ᠲᠠᠢᠽᠦ ᠶ᠋ᠢ ᠳᠠᠭᠠᠵᠤ᠂ ᠤᠯᠤᠰ ᠲᠤᠷ ᠢ᠋ᠶ᠋ᠠᠨ ᠡᠴᠢᠬᠦ ᠦᠭᠡᠢ ᠳ᠋ᠦ᠍ᠷ ᠲᠠᠢᠽᠦ ᠤᠴᠢᠷ ᠢ᠋ ᠠᠰᠠᠭᠤᠪᠠᠰᠤ᠄
《ᠡᠨᠡ ᠦᠶ᠎ᠡ ᠡᠵᠡᠨ ᠢ᠋ ᠣᠷᠬᠢᠬᠤ ᠦᠶ᠎ᠡ ᠪᠤᠰᠤ 》 ᠭᠡᠮᠡᠨ ᠰᠤᠮᠤ ᠬᠤᠭᠤᠯᠵᠤ ᠲᠠᠩᠭᠠᠷᠢᠭᠯᠠᠨ ᠰᠠᠬᠢᠵᠤ ᠵᠠᠢᠯᠠᠬᠤ ᠦᠭᠡᠢ᠃ ᠬᠣᠢᠨ᠎ᠠ ᠬᠡᠷᠡᠢᠳ ᠤᠯᠤᠰ ᠤ᠋ᠨ ᠬᠡᠳᠦᠨ ᠲᠦᠮᠡᠨ ᠶᠡᠬᠡ ᠴᠡᠷᠢᠭ ᠲᠦ᠍ᠷ ᠥᠨᠳᠥᠷ ᠭᠠᠭᠴᠠᠭᠠᠷ ᠲᠡᠷᠢᠭᠦᠯᠡᠨ ᠤᠳᠤᠷᠢᠳᠤᠨ ᠣᠷᠣᠵᠤ ᠴᠡᠷᠢᠭ ᠶᠡᠬᠡᠯ᠎ᠡ ᠳᠡᠢᠯᠦᠭᠰᠡᠨ ᠪᠣᠯᠪᠠᠴᠤ᠂ ᠥᠨᠳᠥᠷ ᠦ᠋ᠨ ᠲᠣᠯᠣᠭᠠᠢ ᠳ᠋ᠤᠷ ᠵᠢᠳᠠᠨ ᠰᠢᠷᠬ᠎ᠠ ᠣᠯᠤᠭᠰᠠᠨ ᠪᠥᠯᠥᠭᠡ᠃ ᠲᠠᠢᠽᠦ ᠲᠡᠭᠦᠨ ᠢ᠋ ᠥᠪᠡᠷᠦᠨ ᠦᠷᠭᠦᠭᠡᠨ᠎ᠡ ᠰᠠᠷ᠎ᠠ ᠢᠯᠡᠭᠦᠦ ᠰᠤᠪᠢᠯᠠᠭᠰᠠᠨ ᠪᠣᠯᠪᠠᠴᠤ ᠰᠢᠷᠬ᠎ᠠ ᠰᠠᠯᠬᠢᠨ ᠠᠪᠤᠭᠰᠠᠨ ᠠ᠋ᠴᠠ ᠭᠡᠮ ᠪᠣᠯᠵᠤ ᠪᠡᠶ᠎ᠡ ᠥᠩᠭᠡᠷᠡᠭᠰᠡᠨ ᠳ᠋ᠦ᠍ᠷ ᠮᠥᠨ ᠬᠦ᠌ ᠴᠡᠷᠢᠭ ᠲᠦ᠍ᠷ ᠦᠬᠦᠭᠰᠡᠨ ᠬᠠᠤᠯᠢ ᠶᠣᠰᠣᠭᠠᠷ ᠭᠠᠪᠢᠶ᠎ᠠ ᠶ᠋ᠢ ᠢᠯᠭᠠᠨ᠂ ᠲᠡᠭᠦᠨᠣ ᠡᠮ᠎ᠡ ᠶ᠋ᠢᠨ ᠢᠬᠡᠷ᠎ᠡ ᠲᠥᠷᠥᠭᠰᠡᠨ ᠭᠤᠷᠪᠠᠨ ᠨᠢᠯᠬ᠎ᠠ ᠬᠥᠪᠡᠭᠦᠨ ᠢ᠋ ᠰᠢᠯᠢᠭᠲᠦ ᠪᠠᠷᠰ᠂ ᠪᠣᠯᠢᠬᠳᠣ ᠪᠠᠷᠰ᠂ ᠲᠡᠰᠬᠡᠯ ᠪᠠᠷᠰ ᠭᠡᠮᠡᠨ ᠨᠡᠷᠡᠯᠡᠵᠦ᠂ ᠥᠪᠡᠷᠦᠨ ᠬᠤᠸᠠᠩᠬᠡᠦ ᠰᠡᠴᠡᠨ ᠪᠦᠷᠲᠡᠭᠡᠯᠵᠢᠨ ᠬᠠᠲᠤᠨ ᠳ᠋ᠠᠭᠠᠨ ᠲᠤᠰᠢᠶᠠᠨ ᠤᠮᠳᠠ ᠪᠠᠷ ᠤᠮᠳᠠᠯᠠᠨ᠂ ᠲᠣᠰᠣᠨ ᠤ᠋ ᠳᠣᠲᠣᠷ᠎ᠠ᠂ ᠲᠣᠷᠭᠠᠨ ᠤ᠋ ᠳᠡᠭᠡᠷ᠎ᠡ ᠴᠥᠮᠥᠭᠡ ᠲᠦᠷᠬᠢᠵᠦ᠂ ᠰᠢᠮᠡᠳᠦ ᠢᠳᠡᠭᠡᠨ ᠢ᠋ᠶ᠋ᠡᠷ ᠲᠡᠵᠢᠭᠡᠨ ᠥᠰᠬᠡᠵᠦ ᠴᠥᠮ ᠳᠡᠭᠡᠳᠦ ᠲᠠᠢᠹᠦ᠋ ᠲᠦᠰᠢᠮᠡᠯ ᠦ᠋ᠨ ᠵᠡᠷᠭᠡ ᠳ᠋ᠦ᠍ᠷ ᠪᠣᠯᠭᠠᠭᠰᠠᠨ ᠳᠠᠷᠤᠢ ᠡᠨᠡ ᠭᠤᠷᠪᠠᠨ ᠪᠠᠷᠰ ᠤ᠋ᠨ ᠵᠠᠩᠵᠤᠨ ᠤ᠋ ᠶᠡᠬᠡ ᠠᠪᠠᠭ᠎ᠠ ᠡᠴᠢᠭᠡ ᠢᠨᠣ ᠂ ᠨᠡᠷ᠎ᠡ ᠥᠨᠢ ᠪᠤᠶᠤ᠃ ᠡᠨᠡ ᠲᠣᠳᠣ ᠬᠡᠮᠡᠭᠴᠢ ᠢᠨᠣ ᠥᠨᠢ ᠶ᠋ᠢ ᠠᠯᠠᠵᠤ ᠤᠯᠤᠰ ᠢ᠋ ᠪᠦᠯᠢᠶᠡᠨ ᠡᠵᠡᠯᠡᠭᠰᠡᠨ ᠦᠰ ᠪᠣᠢ ᠶ᠋ᠢᠨ ᠲᠤᠯᠠ᠂ ᠡᠳᠦᠭᠡ ᠲᠠᠢᠽᠦ ᠠᠭᠤᠷᠯᠠᠨ ᠠᠢᠯᠠᠳᠬᠤ ᠠᠨᠤ ᠲᠡᠷᠡ ᠦᠶ᠎ᠡ ᠶ᠋ᠢᠨ ᠮᠠᠢᠯᠵᠢ ᠠᠢᠮᠠᠭ ᠤ᠋ᠨ ᠬᠡᠷᠡᠭ ᠮᠥᠨ᠃ ᠡᠢᠨ ᠬᠦ᠌ ᠡᠰᠡ ᠳᠤᠷᠠᠳᠪᠠᠰᠤ᠂ ᠪᠢᠴᠢᠭ ᠠᠢᠯᠠᠳᠬᠤ ᠮᠡᠷᠭᠡᠳ ᠠᠯᠢ ᠨᠢᠭᠡᠨ ᠥᠨᠢ᠂ ᠠᠯᠢ ᠨᠢᠭᠡᠨ ᠥᠨᠳᠥᠷ ᠢ᠋ ᠰᠠᠨᠠᠭᠠᠯᠵᠠᠬᠤ ᠦᠭᠡᠢ ᠪᠣᠯᠪᠠᠤ ᠭᠡᠮᠡᠨ ᠲᠠᠢᠯᠤᠨ ᠰᠠᠨᠠᠭᠠᠯᠵᠠᠭᠤᠯᠪᠠ᠃
ᠲᠡᠭᠦᠨᠴᠡ ᠴᠢᠩᠭᠢᠰ ᠬᠠᠭᠠᠨ ᠤ᠋ ᠵᠠᠷᠯᠢᠭ ᠴᠠᠬᠢᠯᠭᠠᠨ ᠠᠶᠤᠩᠭ᠎ᠠ ᠮᠡᠲᠦ ᠠᠶᠤᠮᠰᠢᠭᠲᠠᠢ ᠪᠠᠭᠤᠭᠰᠠᠨ ᠠ᠋ᠴᠠ ᠵᠠᠭᠤᠨ ᠲᠦᠮᠡᠨ ᠢ᠋ᠶ᠋ᠡᠷ ᠵᠣᠭᠰᠣᠨ ᠲᠣᠭᠲᠠᠬᠤ ᠦᠭᠡᠢ᠂ ᠲᠣᠭᠳᠣᠯᠵᠠᠨ ᠬᠥᠳᠡᠯᠵᠦ᠂ ᠵᠦᠭ ᠵᠦᠭ᠂ ᠴᠢᠭ ᠴᠢᠭ ᠲᠡᠭᠡᠨ ᠶᠠᠭᠠᠷᠠᠯᠴᠠᠨ ᠳᠥᠷᠪᠡᠨ ᠵᠦᠭ ᠮᠣᠷᠢ ᠳᠣᠪᠲᠣᠯᠤᠯᠴᠠᠨ᠂ ᠪᠡᠯᠡᠨ ᠪᠦᠬᠦᠢ ᠬᠣᠶᠠᠷ ᠲᠦᠮᠡᠨ ᠴᠡᠷᠢᠭ ᠴᠠᠭ ᠭᠱᠠᠨ᠎ᠠ ᠴᠠᠴᠠᠷ ᠤ᠋ᠨ ᠳᠣᠣᠷ᠎ᠠ ᠴᠤᠭᠯᠠᠯᠴᠠᠨ ᠪᠤᠭᠤᠷᠵᠢ᠂ ᠪᠤᠭᠤᠷᠤᠯ ᠬᠣᠶᠠᠷ ᠶᠡᠬᠡ ᠲᠦᠰᠢᠶ᠎ᠡ ᠬᠦᠯᠦᠭ ᠲᠠᠢᠪᠤᠤ ᠨᠣᠶᠠᠨ᠂ ᠬᠥᠮᠦᠨ ᠪᠦᠷᠢ ᠠᠷᠪᠠᠨ ᠪᠠᠭ᠎ᠠ ᠵᠠᠩᠵᠤᠨ ᠨᠢᠭᠡᠨ ᠲᠦᠮᠡᠨ ᠴᠡᠷᠢᠭ ᠢ᠋ ᠠᠪᠴᠤ᠂ ᠵᠡᠭᠦᠨ ᠪᠠᠷᠠᠭᠤᠨ ᠬᠣᠶᠠᠷ ᠵᠠᠮ ᠢ᠋ᠶ᠋ᠠᠷ ᠬᠤᠪᠢᠶᠠᠨ ᠪᠠᠷᠠᠭᠤᠨ ᠬᠣᠢᠲᠤ ᠢᠯᠳᠡᠰᠢ ᠮᠥᠷᠡᠨ ᠦ᠌ ᠵᠦᠭ ᠮᠣᠷᠳᠠᠨ ᠬᠥᠳᠡᠯᠪᠡ᠃ ᠲᠠᠪᠤᠳᠤᠭᠠᠷ ᠡᠳᠦᠷ ᠰᠠᠶᠢ ᠴᠢᠩᠭᠢᠰ ᠬᠠᠭᠠᠨ ᠥᠪᠡᠷᠦᠨ ᠪᠡᠶ᠎ᠡ ᠨᠢᠭᠡᠨ ᠲᠦᠮᠡᠨ ᠴᠡᠷᠢᠭ ᠢ᠋ ᠭᠤᠷᠪᠠᠨ ᠪᠠᠭ ᠪᠣᠯᠭᠠᠨ ᠵᠣᠬᠢᠶᠠᠵᠤ᠂ ᠭᠤᠷᠪᠠᠨ ᠪᠠᠷᠰ ᠤ᠋ᠨ ᠪᠠᠭ᠎ᠠ ᠵᠠᠩᠵᠤᠨ ᠳ᠋ᠤᠷ ᠬᠤᠪᠢᠶᠠᠨ ᠵᠠᠬᠢᠷᠤᠭᠤᠯᠤᠨ᠂ ᠵᠡᠭᠦᠨ ᠡᠲᠡᠭᠡᠳ ᠶᠡᠬᠡ ᠮᠥᠷᠥ ᠶ᠋ᠢᠨ ᠵᠠᠩᠵᠤᠨ ᠲᠣᠭᠲᠣᠩᠭᠣ ᠪᠠᠭᠠᠲᠤᠷ᠂ ᠪᠠᠷᠠᠭᠤᠨ ᠡᠲᠡᠭᠡᠳ ᠶᠡᠬᠡ ᠮᠥᠷᠥ ᠶ᠋ᠢᠨ ᠵᠠᠩᠵᠤᠨ ᠰᠦᠪᠡᠭᠡᠲᠡᠢ ᠪᠠᠭᠠᠲᠤᠷ᠂ ᠴᠠᠭᠠᠲᠠᠢ᠂ ᠲᠣᠯᠢ ᠬᠣᠶᠠᠷ ᠲᠠᠢᠽᠢ ᠴᠢᠨ ᠸᠠᠩ᠂ ᠬᠥᠮᠦᠨ ᠪᠦᠷᠢ ᠲᠠᠪᠤᠭᠠᠳ ᠪᠠᠭ᠎ᠠ ᠵᠠᠩᠵᠤᠨ ᠲᠠᠪᠤᠨ ᠮᠢᠩᠭᠠᠨ ᠴᠡᠷᠢᠭ ᠠᠪᠴᠤ ᠰᠡᠭᠦᠯ ᠢ᠋ ᠬᠠᠢᠭᠤᠯᠯᠠᠨ᠂ ᠭᠤᠷᠪᠠᠨ ᠶᠡᠬᠡ ᠦᠬᠡᠷ ᠫᠤᠤ ᠲᠡᠭᠷᠢ ᠭᠠᠵᠠᠷ ᠢ᠋ ᠳᠡᠯᠪᠡᠯᠡᠨ᠂ ᠴᠢᠩᠭᠢᠰ ᠬᠠᠭᠠᠨ ᠤ᠋ ᠲᠡᠭᠷᠢ ᠶ᠋ᠢᠨ ᠴᠡᠷᠢᠭ ᠴᠠᠬᠢᠯᠭᠠᠨ ᠭᠠᠯ ᠮᠡᠲᠦ ᠪᠠᠷᠠᠭᠤᠨ ᠵᠦᠭ ᠮᠣᠷᠳᠠᠨ ᠬᠥᠳᠡᠯᠪᠡ᠃ ᠴᠡᠷᠢᠭ ᠦ᠋ᠨ ᠡᠵᠡᠨ ᠲᠦᠰᠢᠶ᠎ᠡ ᠬᠦᠯᠦᠭ ᠲᠠᠢᠪᠤᠤ ᠶᠡᠬᠡ ᠵᠢᠨᠦᠩ᠂ ᠥᠭᠡᠳᠡᠢ᠂ ᠲᠣᠯᠢ ᠬᠣᠶᠠᠷ ᠲᠠᠢᠽᠢ ᠴᠢᠨ ᠸᠠᠩ ᠯᠤᠭ᠎ᠠ ᠣᠯᠠᠨ ᠵᠠᠭᠤᠨ ᠲᠦᠰᠢᠮᠡᠳ ᠢ᠋ ᠠᠪᠴᠤ ᠤᠯᠤᠰ ᠢ᠋ ᠰᠠᠬᠢᠨ᠂ ᠶᠡᠬᠡ ᠲᠠᠢᠪᠤᠤ ᠬᠦᠯᠦᠭ ᠲᠦᠰᠢᠶ᠎ᠡ ᠨᠣᠶᠠᠨ ᠬᠦᠩ ᠴᠢᠯᠠᠭᠤᠨ᠂ ᠶᠢᠰᠦᠨ ᠡᠩ ᠦ᠋ᠨ ᠲᠡᠷᠢᠭᠦᠯᠡᠭᠴᠢ ᠨᠣᠶᠠᠳ ᠢ᠋ ᠠᠪᠴᠤ ᠲᠣᠭᠣᠷᠢᠭᠰᠠᠨ ᠬᠢᠵᠠᠭᠠᠷ ᠢ᠋ ᠪᠠᠢᠴᠠᠭᠠᠨ ᠰᠠᠬᠢᠯᠴᠠᠪᠠ᠃ ᠴᠢᠩᠭᠢᠰ ᠬᠠᠭᠠᠨ ᠤ᠋ ᠶᠡᠬᠡ ᠴᠡᠷᠢᠭ ᠤᠯᠤᠰ ᠤ᠋ᠨ ᠵᠠᠬ᠎ᠠ ᠭᠠᠷᠲᠠᠯ᠎ᠠ ᠭᠡᠨᠡᠳᠲᠡ ᠦᠵᠡᠪᠡᠰᠦ ᠪᠠᠷᠠᠭᠤᠨ ᠬᠣᠢᠲᠤ ᠠ᠋ᠴᠠ ᠤᠯᠠᠭᠠᠨ ᠲᠣᠭᠣᠰᠣᠨ ᠲᠩᠷᠢ ᠳ᠋ᠦ᠍ᠷ ᠲᠤᠯᠵᠤ᠂ ᠴᠡᠷᠢᠭ ᠮᠣᠷᠢᠨ ᠭᠠᠵᠠᠷ ᠢ᠋ ᠪᠦᠬᠦᠨ ᠲᠤᠭ ᠬᠢᠭᠢᠷᠢ ᠨᠠᠷᠠᠨ ᠢ ᠬᠠᠯᠬᠠᠯᠠᠨ᠂ ᠵᠠᠷ ᠵᠡᠪᠰᠡᠭ ᠨᠢᠳᠦᠨ ᠢ ᠭᠢᠯᠠᠰᠬᠠᠵᠤᠬᠤᠢ᠃ ᠳᠣᠣᠷᠠᠲᠤ ᠳᠠᠪᠲᠠᠷᠠ ᠮᠡᠳᠡᠭᠳᠡᠬᠦᠢ᠃
ᠬᠥᠬᠥᠭᠡ ᠵᠢᠭᠦᠷᠲᠡᠨ ᠮᠥᠬᠥᠬᠦ ᠰᠢᠬᠠᠪᠠᠰᠤ ᠳᠣᠩᠭᠣᠳᠬᠤ ᠠᠶᠠᠯᠭᠤ ᠠᠨᠤ ᠤᠶᠠᠩᠭᠠᠲᠠᠢ
ᠬᠥᠮᠦᠨ ᠲᠥᠷᠥᠯᠬᠢᠲᠡᠨ ᠦᠬᠦᠬᠦ ᠰᠢᠬᠠᠪᠠᠰᠤ ᠥᠴᠢᠬᠦ ᠥᠭᠦᠯᠡᠬᠦ ᠢᠨᠦ ᠤᠶᠠᠷᠠᠯᠲᠠᠢ᠃
ᠬᠥᠪᠡᠭᠦᠨ ᠦᠭᠡᠢ ᠬᠠᠭᠠᠨ ᠠᠯᠲᠠᠨ ᠤ᠋ ᠵᠠᠩᠽᠦ᠋ᠩ ᠦᠭᠡᠰ ᠪᠦᠷᠢ ᠦᠨᠡᠬᠡᠷ ᠶᠠᠭᠤᠲᠠᠢ ᠡᠮᠭᠡᠨᠢᠯᠲᠡᠢ?
ᠬᠥᠩᠭᠡᠨ ᠱᠣᠢᠬᠣᠷ ᠸᠧᠢ ᠱᠣᠣ ᠸᠠᠩ ᠤ᠋ᠨ ᠦᠵᠡᠯ ᠦᠨᠡᠬᠡᠷ ᠮᠠᠰᠢᠳᠠ ᠡᠯᠡᠭᠯᠡᠯᠲᠡᠢ᠃
- - - -
① ᠰᠢᠰᠢ ᠪᠤᠳᠠᠭ᠎ᠠ ᠬᠡᠮᠡᠭᠴᠢ ᠡᠨᠡ ᠦᠶ᠎ᠡ ᠶ᠋ᠢᠨ ᠭᠤᠸ᠎ᠠ ᠮᠢᠶᠠᠨ ᠪᠤᠶᠤ᠂ ᠠᠷᠤ ᠭᠠᠵᠠᠷ ᠰᠠᠢᠨ ᠢᠳᠡᠭᠡᠨ ᠪᠣᠯᠭᠠᠯᠴᠠᠮᠤᠢ᠃
