ᠰᠣᠶᠣᠯ ᠮᠢᠨᠢ ᠬᠥᠳᠡᠭᠡ ᠪᠣᠢ ᠡᠷᠳᠡᠮᠲᠡᠳ ᠮᠠᠨᠢ ᠴᠤ ᠬᠥᠳᠡᠭᠡ ᠪᠣᠢ- ᠭ· ᠴᠢᠩᠪᠠᠭᠠᠲᠤᠷСоёл минь хөдөө бий эрдэмтэд маань цоо хөдөө бэ-Г·Чинбаатар
ᠭ᠂ ᠴᠢᠩᠪᠠᠭᠠᠲᠤᠷ
2008ᠣᠨ ᠤ᠋ 4 ᠳ᠋ᠦ᠍ᠭᠡᠷ ᠰᠠᠷ᠎ᠠ ᠶ᠋ᠢᠨ ᠬᠣᠷᠢᠳ ᠢ᠋ᠶ᠋ᠠᠷ ᠥᠪᠥᠷ ᠮᠣᠩᠭᠣᠯ ᠤ᠋ᠨ ᠮᠣᠩᠭᠣᠯ ᠣᠳᠣᠨ ᠲᠧᠯᠸᠢᠰ ᠦ᠋ᠨ《ᠭᠤᠷᠪᠠᠨ ᠳᠠᠪᠠᠭ᠎ᠠ ᠨᠡᠪᠲᠡᠷᠡᠭᠦᠯᠭᠡ ᠶ᠋ᠢᠨ ᠠᠵᠢᠯ ᠢ᠋ᠶ᠋ᠠᠷ ᠰᠢᠯᠢ ᠶ᠋ᠢᠨ ᠭᠣᠣᠯ ᠠᠢᠮᠠᠭ ᠤ᠋ᠨ ᠬᠥᠪᠡᠭᠡᠲᠦ ᠰᠢᠷ᠎ᠠ ᠬᠤᠰᠢᠭᠤᠨ ᠳ᠋ᠤ᠌ ᠣᠴᠢᠭᠰᠠᠨ ᠶᠤᠮ᠃ ᠬᠥᠪᠡᠭᠡᠲᠦ ᠰᠢᠷ᠎ᠠ ᠬᠣᠰᠢᠭᠤ ᠭᠡᠵᠦ ᠮᠢᠨᠦ ᠲᠥᠷᠥᠭᠰᠡᠨ ᠨᠤᠲᠤᠭ ᠯᠠ ᠳᠠ᠃ ᠡᠨᠡ ᠨᠤᠲᠤᠭ ᠤ᠋ᠨ ᠶᠠᠭᠤ ᠪᠦᠬᠦᠨ ᠨᠠᠳᠠ ᠲᠡᠢᠮᠦ ᠯᠡ ᠲᠠᠨᠢᠯ ᠳᠠᠰᠤᠯᠬᠠᠨ ᠰᠠᠨᠠᠭᠳᠠᠬᠤ ᠠᠲᠠᠯ᠎ᠠ ᠪᠠᠨ ᠤᠲᠤᠭ᠎ᠠ ᠲᠠᠢ ᠪᠣᠬᠢᠷ ᠬᠣᠲᠠ ᠳ᠋ᠤ᠌ ᠣᠶᠤᠨ ᠢ᠋ᠶ᠋ᠠᠨ ᠭᠬᠢᠷᠲᠦᠭᠦᠯᠵᠦ᠂ ᠬᠡᠳᠦᠨ ᠡᠷᠢᠶᠡᠨ ᠴᠠᠭᠠᠰᠤ ᠬᠠᠷᠠᠮᠨᠠᠵᠤ ᠬᠠᠯᠲᠠᠷ ᠪᠢᠴᠢᠭ ᠵᠢᠭᠠᠬᠠᠨ ᠤᠩᠰᠢᠭᠰᠠᠨ ᠢ᠋ᠶ᠋ᠠᠨ ᠠᠰᠤᠷᠤ ᠶᠡᠬᠡ ᠨᠢᠳᠦ ᠨᠡᠭᠡᠭᠡᠭᠰᠡᠨ ᠳ᠋ᠦ᠍ ᠲᠣᠭᠠᠴᠠᠵᠤ ᠠᠪᠤᠷᠢᠯᠠᠳᠠᠭ ᠬᠣᠲᠠ ᠶ᠋ᠢᠨ ᠪᠣᠷᠣᠴᠤᠤᠯ ᠤ᠋ᠨ ᠵᠠᠩ ᠢ᠋ᠶ᠋ᠠᠷ ᠪᠣᠢᠳᠠᠬᠠᠨ ᠨᠤᠲᠤᠭ ᠤ᠋ᠨ ᠢ᠋ᠶ᠋ᠠᠨ ᠲᠤᠬᠠᠢ ᠲᠡᠳᠦᠢᠯᠡ ᠤᠪᠠᠢᠯᠠᠭᠠ ᠦᠭᠡᠢ ᠶᠠᠪᠤᠭᠰᠠᠨ ᠮᠠᠨᠢ ᠦᠨᠡᠨ᠃ ᠪᠢᠳᠡᠨ ᠢ᠋ ᠠᠰᠠᠷ ᠤ᠋ᠨ ᠢᠪᠴᠤᠤᠬᠠᠨ ᠵᠠᠢ ᠳ᠋ᠠᠭᠠᠨ ᠰᠡᠳᠬᠢᠯ ᠥᠶᠥᠭ ᠰᠠᠭᠠᠲᠠᠵᠤ᠂ ᠴᠡᠪᠡᠷᠬᠡᠨ ᠴᠠᠭᠠᠨ ᠣᠢᠮᠣᠰᠤ ᠪᠠᠷ ᠮᠣᠳᠣᠨ ᠱᠠᠯᠠ ᠳᠡᠭᠡᠷ᠎ᠡ ᠠᠯᠬᠤᠵᠤ᠂ ᠪᠤᠰᠤᠳ ᠤ᠋ᠨ ᠪᠢᠴᠢᠭᠰᠡᠨ ᠨᠣᠮ ᠵᠣᠬᠢᠶᠠᠯ ᠢ᠋ ᠵᠢᠭᠠᠬᠠᠨ ᠤᠩᠰᠢᠵᠤ ᠮᠡᠳᠡᠮᠡᠬᠡᠢᠷᠡᠭᠡᠳ᠂ ᠮᠠᠯᠴᠢᠨ ᠲᠠᠷᠢᠶᠠᠴᠢᠳ ᠢ᠋ᠶ᠋ᠠᠨ《ᠢᠩᠭᠢ᠂ ᠲᠡᠭᠡ》 ᠭᠡᠵᠦ ᠰᠤᠷᠭᠠᠵᠤ ᠣᠪᠣᠷᠳᠠᠵᠤ ᠪᠠᠢᠬᠤ ᠳ᠋ᠤ᠌ ᠬᠥᠳᠡᠭᠡ ᠣᠷᠣᠨ ᠨᠤᠲᠤᠭ ᠤ᠋ᠨ ᠮᠠᠨᠢ ᠬᠥᠮᠦᠰ ᠬᠥᠭᠡᠷᠦᠬᠦᠢ ᠭᠠᠳᠠᠭ᠎ᠠ ᠭᠠᠩᠳᠠᠵᠤ᠂ ᠬᠥᠳᠡᠭᠡ ᠬᠥᠬᠡᠷᠡᠵᠦ᠂ ᠤᠲᠤᠭ᠎ᠠ ᠲᠠᠢ ᠪᠣᠯᠭᠠᠨ ᠳ᠋ᠤ᠌ ᠵᠠᠩᠨᠠᠭᠤᠯᠵᠤ᠂ ᠪᠢᠴᠢᠭ ᠲᠡᠢ ᠪᠣᠯᠭᠠᠨ ᠳ᠋ᠤ᠌ ᠵᠢᠮᠡᠯᠡᠭᠦᠯᠵᠦ ᠶᠠᠪᠤᠭ᠎ᠠ ᠭᠡᠳᠡᠭ ᠢ᠋ ᠳᠠᠩᠴᠤ ᠨᠢᠭᠡ ᠠᠩᠵᠠᠭᠠᠷᠠᠳᠠᠭ ᠦᠭᠡᠢ᠃ ᠲᠡᠳᠡᠨ ᠦ᠌ ᠮᠠᠨᠢ ᠳᠤᠮᠳᠠ ᠬᠣᠲᠠ ᠣᠷᠣᠭᠠᠳ ᠰᠢᠪᠠᠷ ᠦᠬᠡᠷ ᠳᠠᠯᠠᠢ ᠳ᠋ᠤ᠌ ᠣᠷᠣᠴᠢᠬᠠᠭᠰᠠᠨ ᠰᠢᠭ᠋ ᠠᠯᠠᠭ᠎ᠠ ᠪᠣᠯᠤᠭᠠᠳ ᠥᠭᠭᠦᠭᠰᠡᠨ ᠪᠢᠳᠡᠨ ᠢ᠋ ᠰᠠᠷ᠎ᠠ ᠡᠳᠦᠷ ᠦᠭᠡᠢ ᠬᠠᠷᠠᠭᠤᠯᠳᠠᠵᠤ ᠰᠠᠭᠤᠳᠠᠭ ᠠᠬᠠᠮᠠᠳ ᠪᠤᠭᠤᠷᠤᠯ ᠤ᠋ᠳ ᠮᠢᠨᠢ ᠪᠣᠢ᠃ 《ᠬᠡᠭᠡᠷ᠎ᠡ ᠶ᠋ᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠ᠋ᠴᠠ ᠬᠥᠮᠦᠨ ᠦ᠌ ᠬᠦᠦ ᠡᠷᠳᠡᠮ ᠡᠪᠦᠷᠯᠡᠵᠦ ᠢᠷᠡᠨ᠎ᠡ》ᠭᠡᠵᠦ ᠢᠲᠡᠭᠡᠵᠦ ᠰᠠᠭᠤᠭ᠎ᠠ ᠨᠤᠲᠤᠭ ᠨᠤᠭᠤ ᠶ᠋ᠢᠨ ᠬᠢᠨ ᠮᠢᠨᠢ ᠪᠣᠢ᠃ ᠭᠡᠪᠡᠴᠦ ᠨᠥᠭᠦᠭᠡ ᠬᠡᠭᠡᠷ᠎ᠡ ᠶ᠋ᠢᠨ ᠭᠠᠯᠠᠭᠤ ᠰᠢᠭ᠋ ᠨᠢᠰᠦᠭᠡᠳ ᠶᠠᠪᠤᠭᠰᠠᠨ ᠨᠥᠬᠥᠷ ᠦ᠋ᠳ ᠮᠠᠨᠢ ᠡᠷᠳᠡᠮ ᠡᠪᠦᠷᠯᠡᠵᠦ ᠢᠷᠡᠬᠦ ᠶ᠋ᠢ ᠪᠢᠲᠡᠭᠡᠢ ᠬᠡᠯᠡ᠂ ᠴᠠᠭᠠᠰᠤᠨ ᠰᠢᠪᠠᠭᠤ ᠰᠢᠭ᠋ ᠯᠡ ᠠᠯᠠᠭ᠎ᠠ ᠪᠣᠯᠤᠭᠠᠳ ᠦᠭᠭᠦᠴᠢᠬᠡᠭᠰᠡᠨ ᠰᠢᠦ ᠳᠡ! ᠢᠩᠭᠢᠵᠦ ᠪᠠᠷ᠎ᠠ ᠳᠠᠯᠳᠠᠷᠠᠭᠰᠠᠨ ᠪᠢᠳᠡ ᠴᠢᠨᠢ ᠬᠣᠲᠠ ᠶ᠋ᠢᠨ ᠪᠣᠬᠢᠷ ᠭᠤᠳᠤᠮᠵᠢᠨ ᠤ᠋ ᠬᠣᠭᠣᠯᠠᠨ ᠭᠡᠷ ᠦ᠋ᠨ ᠠᠷᠢᠬᠢ ᠲᠠᠮᠠᠬᠢ ᠬᠠᠩᠬᠤᠯᠤᠭᠰᠠᠨ ᠵᠢᠵᠢᠭᠬᠡᠨ ᠥᠷᠥᠭᠡᠨ ᠳ᠋ᠦ᠍《ᠡᠯᠢᠭᠡ ᠵᠢᠷᠦᠬᠡᠨ ᠡᠴᠡ ᠤᠶᠠᠭ᠎ᠠ ᠲᠠᠢ᠂ ᠡᠩᠬᠦᠷᠡᠢ ᠮᠣᠩᠭᠣᠯ ᠨᠤᠲᠤᠭ ᠮᠢᠨᠢ》 ᠭᠡᠵᠦ《ᠴᠢᠷᠠᠯᠠᠨ ᠳᠠᠭᠤᠯᠠᠵᠤ》 ᠶᠠᠪᠤᠭ᠎ᠠ ᠪᠤᠰᠤ ᠤᠤ! ᠤᠨᠠᠭ᠎ᠠ ᠲᠤᠭᠤᠯ ᠲᠠᠲᠠᠵᠤ ᠠᠵᠢᠯ ᠳ᠋ᠤ᠌ ᠣᠷᠣᠭᠰᠠᠨ ᠪᠠᠭ᠎ᠠ ᠶ᠋ᠢᠨ ᠨᠠᠰᠤ᠂ ᠤᠰᠤ ᠨᠤᠲᠤᠭ ᠤ᠋ᠨ ᠢ᠋ᠶ᠋ᠠᠨ ᠨᠠᠰᠤᠲᠠᠢᠴᠤᠳ ᠲᠤ᠌ ᠵᠢᠮᠡᠯᠡᠭᠦᠯᠵᠦ ᠤᠬᠠᠭ᠎ᠠ ᠣᠷᠣᠭᠰᠠᠨ ᠪᠠᠯᠴᠢᠷ ᠦᠶ᠎ᠡ᠂ ᠬᠠᠳᠤᠯᠠᠩ ᠲᠡᠷᠯᠡᠭᠰᠡᠨ ᠨᠠᠮᠤᠷ ᠢ᠋ᠶ᠋ᠠᠷ ᠳᠡᠷᠡᠰᠦᠨ ᠦ᠌ ᠨᠥᠮᠥᠷᠢ ᠳ᠋ᠦ᠍ ᠬᠡᠭᠡᠷ᠎ᠡ ᠶ᠋ᠢᠨ ᠴᠠᠢ ᠣᠭᠣᠴᠢᠵᠤ ᠰᠠᠭᠤᠭᠰᠠᠨ ᠠᠮᠢᠳᠤ ᠶ᠋ᠢᠨ ᠵᠢᠷᠭᠠᠯ᠂ ᠬᠠᠯᠠᠭᠤᠨ ᠵᠤᠨ ᠬᠠᠶᠠᠭ᠎ᠠ ᠶ᠋ᠢ ᠨᠢ ᠰᠡᠬᠦᠭᠰᠡᠨ ᠮᠣᠩᠭᠣᠯ ᠭᠡᠷ ᠲᠦ᠍ ᠬᠠᠭᠤᠴᠢ ᠰᠣᠨᠣᠰᠴᠤ ᠪᠠᠢᠭᠰᠠᠨ ᠳᠣᠮᠣᠭ ᠰᠢᠭ᠋ ᠳᠤᠷᠠᠳᠬᠠᠯ᠁ ᠲᠡᠷᠡ ᠪᠦᠬᠦᠨ ᠢ᠋ᠶ᠋ᠡᠨ ᠪᠢᠳᠡ ᠴᠢᠨᠢ ᠬᠣᠲᠠ ᠶ᠋ᠢᠨ ᠭᠤᠳᠤᠮᠵᠢᠨ ᠤ᠋ ᠮᠣᠳᠣᠨ ᠤ᠋ ᠢᠷᠣᠭᠠᠷ ᠲᠤ᠌
ᠪᠥᠭᠡᠯᠵᠢᠰᠦ ᠲᠡᠢ ᠪᠡᠨ ᠬᠤᠳᠬᠤᠭᠠᠳ ᠣᠷᠬᠢᠭᠰᠠᠨ ᠤᠤ? ᠡᠰᠡᠬᠦᠯ᠎ᠡ ᠡᠷᠬᠡ ᠠᠰᠢᠭ᠂ ᠵᠡᠷᠭᠡ ᠬᠡᠷᠬᠡᠮ᠂ ᠢᠷᠠᠭᠤ ᠠᠯᠳᠠᠷ ᠭᠡᠵᠦ ᠴᠠᠭ ᠮᠥᠴᠡ ᠦᠭᠡᠢ ᠦᠬᠦᠯᠳᠡᠭᠰᠡᠭᠡᠷ ᠪᠠᠢᠭᠠᠳ ᠣᠷᠣ ᠲᠠᠰᠤ ᠮᠠᠷᠲᠠᠭᠰᠠᠨ ᠤᠤ? ᠪᠤᠤ ᠮᠡᠳᠡ᠂ ᠬᠠᠶᠠ ᠴᠠᠶᠠ ᠯᠠ ᠣᠢ ᠪᠣᠳᠣᠯ ᠳ᠋ᠤ᠌ ᠮᠢᠨᠢ ᠪᠦᠦᠷ ᠲᠦᠦᠷᠬᠡᠨ ᠮᠠᠨᠠᠯᠵᠠᠳᠠᠭ ᠪᠣᠯᠵᠠᠢ᠃ ᠪᠢ ᠴᠦ᠍ ᠢᠩᠭᠢᠵᠦ《ᠤᠳᠤᠮ ᠢ᠋ᠶ᠋ᠠᠨ ᠮᠠᠷᠲᠠᠭᠰᠠᠨ》 ᠨᠢᠭᠦᠯᠲᠦ ᠬᠥᠮᠦᠨ ᠦ᠌ ᠨᠢᠭᠡᠨ ᠪᠥᠯᠥᠭᠡ᠃ ᠨᠤᠲᠤᠭ ᠠ᠋ᠴᠠ ᠪᠠᠨ ᠰᠠᠯᠤᠭᠰᠠᠨ ᠠᠷᠪᠠᠨ ᠬᠡᠳᠦᠨ ᠵᠢᠯ ᠦ᠋ᠨ ᠪᠣᠳᠣᠯ ᠰᠡᠳᠬᠢᠯ᠂ ᠮᠥᠷᠥᠭᠡᠳᠦᠯ ᠬᠦᠰᠡᠯ ᠮᠠᠨᠢ ᠶᠠᠮᠠᠷ ᠬᠡᠴᠡᠭᠦᠦ ᠬᠤᠪᠢᠷᠠᠭᠰᠠᠨ ᠭᠡᠭᠴᠢ᠃ ᠲᠡᠭᠡᠬᠦ ᠳ᠋ᠦ᠍ ᠡᠵᠡᠳ ᠨᠢ ᠪᠠᠷᠤᠭ ᠯᠠ ᠪᠦᠭᠦᠳᠡᠭᠡᠷ ᠢ᠋ᠶ᠋ᠡᠨ ᠣᠷᠣᠨ ᠬᠣᠲᠠ ᠤᠷᠤᠭᠤ《ᠠᠷᠤᠭ ᠲᠠᠢ ᠠᠷᠭᠠᠯ》 ᠰᠢᠭ᠋ ᠴᠢᠬᠢᠯᠳᠦᠵᠦ《ᠶᠡᠬᠡ ᠦᠢᠯᠡᠰ》 ᠦ᠋ᠨ ᠢ᠋ᠶ᠋ᠡᠨ ᠲᠥᠯᠥᠭᠡ ᠶᠠᠪᠤᠭᠠᠳ ᠡᠵᠡᠭᠦᠢ ᠬᠣᠭᠣᠷᠣᠨᠳᠣ ᠨᠤᠲᠤᠭ ᠮᠠᠨᠢ ᠴᠤ ᠶᠠᠮᠠᠷ ᠠᠶᠤᠮᠰᠢᠭᠲᠠᠢ ᠬᠤᠪᠢᠷᠬᠠᠰᠠ ᠶᠤᠮ ᠳᠠ!
ᠢᠩᠭᠢᠵᠦ ᠣᠯᠠᠨ ᠶᠠᠭᠤᠮ᠎ᠠ ᠪᠣᠳᠣᠵᠤ ᠪᠢᠳᠠᠭᠤ ᠣᠶᠤᠨ ᠢ᠋ᠶ᠋ᠠᠨ ᠰᠢᠨᠠᠯᠭᠠᠭᠰᠠᠭᠠᠷ ᠬᠥᠪᠡᠭᠡᠲᠦ ᠰᠢᠷ᠎ᠠ ᠨᠤᠲᠤᠭ ᠤ᠋ᠨ ᠢ᠋ᠶ᠋ᠠᠨ ᠬᠣᠩᠭᠣᠷ ᠠᠭᠤᠯᠠ᠂ ᠣᠩᠭᠣᠨ ᠠᠭᠤᠯᠠ᠂ ᠣᠩᠭᠣᠨ ᠨᠠᠭᠤᠷ᠂ ᠪᠣᠭᠳᠠ ᠠᠭᠤᠯᠠ ᠵᠡᠷᠭᠡ ᠰᠤᠮᠤ ᠪᠠᠷ ᠨᠡᠪᠲᠡᠷᠡᠭᠦᠯᠭᠡ ᠶ᠋ᠢᠨ ᠣᠷᠣᠨ ᠲᠠᠯᠠᠪᠠᠢ ᠬᠠᠢᠵᠤ ᠬᠣᠶᠠᠷ ᠡᠳᠦᠷ ᠶᠠᠪᠤᠯ᠎ᠠ᠃ ᠲᠤᠬᠠᠢ ᠶ᠋ᠢᠨ ᠦᠶ᠎ᠡ ᠳ᠋ᠦ᠍ 《ᠭᠤᠷᠪᠠᠨ ᠳᠠᠪᠠᠭ᠎ᠠ》 ᠨᠡᠪᠲᠡᠷᠡᠭᠦᠯᠭᠡ ᠶ᠋ᠢᠨ ᠬᠥᠲᠥᠯᠦᠭᠴᠢ ᠪᠠᠢᠭᠰᠠᠨ ᠪᠠᠲᠤᠪᠠᠶᠠᠷ ᠭᠤᠸᠠᠢ ᠤᠯᠤᠰ ᠲᠠᠭᠠᠨ ᠬᠠᠷᠢᠭᠠᠳ᠂ ᠨᠡᠪᠲᠡᠷᠡᠭᠦᠯᠭᠡ ᠪᠡᠨ ᠮᠥᠨ ᠯᠡ ᠭᠠᠳᠠᠨ᠎ᠠ ᠬᠢᠬᠦ ᠪᠡᠷ ᠲᠥᠰᠦᠪᠯᠡᠵᠦ ᠪᠠᠢᠭᠰᠠᠨ ᠪᠣᠯᠬᠣᠷ ᠨᠤᠲᠤᠭ ᠤ᠋ᠨ ᠢ᠋ᠶ᠋ᠠᠨ ᠨᠡᠯᠢᠶᠡᠳ ᠭᠠᠵᠠᠷ ᠠᠵᠢᠯ ᠤ᠋ᠨ ᠱᠠᠭᠠᠷᠳᠠᠯᠭ᠎ᠠ ᠪᠠᠷ ᠣᠴᠢᠬᠤ ᠠᠵᠠ ᠲᠣᠬᠢᠶᠠᠭᠰᠠᠨ ᠮᠢᠨᠢ ᠲᠡᠷᠡ!
ᠠᠩᠬᠠᠨ ᠤ᠋ ᠡᠳᠦᠷ ᠢ᠋ᠶ᠋ᠡᠷ ᠪᠢᠳᠡ ᠣᠩᠭᠣᠨ ᠠᠭᠤᠯᠠ ᠰᠤᠮᠤᠨ ᠤ᠋ ᠮᠠᠯᠴᠢᠨ ᠳᠦᠢᠩᠭᠡᠷᠵᠠᠪ ᠤ᠋ᠨ ᠳ᠋ᠤ᠌ ᠣᠴᠢᠯ᠎ᠠ᠃ ᠲᠤᠬᠠᠢ ᠶ᠋ᠢᠨ ᠨᠤᠲᠤᠭ ᠤ᠋ᠨ ᠢ᠋ᠶ᠋ᠠᠨ ᠮᠠᠯᠵᠢᠬᠤ ᠠᠮᠢᠳᠤᠷᠠᠯ ᠤ᠋ᠨ ᠪᠠᠢᠳᠠᠯ ᠢ᠋ ᠰᠠᠢᠨ ᠣᠢᠯᠠᠭᠠᠳᠠᠭ ᠳᠦᠢᠩᠭᠡᠷᠵᠠᠪ ᠭᠤᠸᠠᠢ ᠮᠠᠨ ᠤ᠋ ᠠᠵᠢᠯ ᠳ᠋ᠤ᠌ ᠬᠠᠮᠵᠢᠯᠴᠠᠬᠤ ᠪᠠᠷ ᠪᠠᠶᠠᠷᠲᠠᠢᠬᠠᠨ ᠬᠦᠯᠢᠶᠡᠵᠦ ᠠᠪᠤᠭᠰᠠᠨ ᠪᠥᠭᠡᠳ ᠨᠤᠲᠤᠭ ᠤᠰᠤᠨ ᠤ᠋ ᠪᠠᠨ ᠰᠣᠨᠢᠨ ᠰᠠᠢᠬᠠᠨ ᠢ᠋ ᠬᠠᠭᠤᠴᠢᠯᠠᠨ ᠣᠯᠠᠨ ᠶᠠᠭᠤᠮ᠎ᠠ ᠶᠠᠷᠢᠯ᠎ᠠ᠃ ᠳᠦᠢᠩᠭᠡᠷᠵᠠᠪ ᠭᠤᠸᠠᠢ ᠪᠦᠲᠦᠨ ᠬᠣᠷᠢᠨ ᠵᠢᠷᠭᠤᠭᠠᠨ ᠵᠢᠯ ᠦ᠋ᠨ ᠲᠤᠷᠰᠢ ᠨᠤᠲᠤᠭ ᠤ᠋ᠨ ᠢ᠋ᠶ᠋ᠠᠨ ᠴᠠᠭ ᠠᠭᠠᠷ ᠤ᠋ᠨ ᠬᠤᠪᠢᠷᠠᠯᠲᠠ ᠶ᠋ᠢ ᠨᠠᠷᠢᠯᠢᠭ ᠲᠡᠮᠳᠡᠭᠯᠡᠨ᠂《ᠴᠠᠭ ᠤᠯᠠᠷᠢᠯ ᠤ᠋ᠨ ᠪᠢᠴᠢᠭ》 ᠦ᠋ᠨ ᠬᠤᠭᠤᠴᠠᠭ᠎ᠠ ᠪᠣᠯᠭᠠᠨ ᠢ᠋ ᠠᠯᠳᠠᠯ ᠦᠭᠡᠢ ᠴᠤᠭᠯᠠᠭᠤᠯᠵᠤ ᠪᠠᠢᠭ᠎ᠠ ᠠᠵᠢ᠃ ᠣᠯᠠᠨ ᠵᠢᠯ ᠴᠤᠭᠯᠠᠭᠤᠯᠤᠭᠰᠠᠨ《ᠴᠠᠭ ᠤᠯᠠᠷᠢᠯ ᠤ᠋ᠨ ᠪᠢᠴᠢᠭ》 ᠦ᠋ᠨ ᠦᠳᠡᠮᠡᠯ ᠳᠡᠪᠲᠡᠷ ᠢ᠋ᠶ᠋ᠡᠨ ᠨᠠᠳᠠ ᠠᠪᠴᠢᠷᠠᠵᠤ ᠦᠵᠡᠭᠦᠯᠦᠯ᠎ᠡ᠃ ᠬᠠᠭᠤᠳᠠᠰᠤ ᠪᠣᠯᠭᠠᠨ ᠳ᠋ᠤᠨᠢ ᠠᠯᠢ ᠵᠢᠯ ᠦ᠋ᠨ ᠠᠯᠢ ᠰᠠᠷ᠎ᠠ ᠶ᠋ᠢᠨ ᠠᠯᠢ ᠡᠳᠦᠷ ᠦ᠋ᠨ ᠬᠡᠳᠦᠨ ᠴᠠᠭ ᠲᠤ᠌ ᠴᠠᠭ ᠠᠭᠠᠷ ᠶᠠᠮᠠᠷ ᠪᠠᠢᠭᠰᠠᠨ᠂ ᠪᠣᠷᠣᠭᠠᠨ ᠴᠠᠰᠤ ᠲᠠᠢ ᠡᠰᠡᠬᠦ᠂ ᠰᠠᠯᠬᠢᠨ ᠤ᠋ ᠬᠦᠴᠦ ᠶᠠᠮᠠᠷ ᠪᠠᠢᠭᠰᠠᠨ᠂ ᠬᠠᠷᠢᠶᠠᠴᠠᠢ ᠬᠡᠳᠦᠢ ᠳ᠋ᠦ᠍ ᠢᠷᠡᠵᠦ ᠬᠡᠳᠦᠢ ᠳ᠋ᠦ᠍ ᠪᠤᠴᠠᠭᠰᠠᠨ᠂ ᠠᠭᠠᠷ ᠤ᠋ᠨ ᠳᠤᠯᠠᠭᠠᠨ ᠬᠡᠳᠦᠢ ᠪᠠᠢᠭᠰᠠᠨ᠂ ᠮᠣᠳᠣ ᠬᠡᠳᠦᠢ ᠳ᠋ᠦ᠍ ᠭᠥᠯᠥᠭᠡᠯᠡᠭᠰᠡᠨ᠂ ᠶᠠᠮᠠᠷ ᠣᠨᠴᠠᠭᠠᠢ ᠰᠢᠨᠵᠢ ᠲᠡᠮᠳᠡᠭ ᠪᠠᠢᠭᠰᠠᠨ᠁ ᠵᠡᠷᠭᠡ ᠶ᠋ᠢ ᠭᠠᠭᠴᠠ ᠴᠤ᠌ ᠡᠳᠦᠷ ᠠᠯᠳᠠᠯ ᠦᠭᠡᠢ ᠨᠠᠷᠢᠯᠢᠭ ᠲᠡᠮᠳᠡᠭᠡᠯᠡᠭᠰᠡᠨ ᠪᠠᠢᠯ᠎ᠠ᠃《ᠬᠣᠷᠢᠨ ᠨᠠᠢ᠍ᠮᠠᠨ ᠵᠢᠯ ᠦ᠋ᠨ< ᠴᠠᠭ ᠤᠯᠠᠷᠢᠯ ᠤ᠋ᠨ ᠪᠢᠴᠢᠭ> ᠢ᠋ ᠪᠦᠷᠢᠳᠦᠭᠦᠯᠵᠦ ᠴᠢᠳᠠᠪᠠᠯ ᠴᠠᠭ ᠲᠣᠭᠠᠯᠠᠯ ᠤ᠋ᠨ ᠦᠶᠡᠯᠡᠯ ᠨᠢ ᠠᠳᠠᠯᠢᠬᠠᠨ ᠪᠣᠯᠤᠨ᠎ᠠ᠃ ᠥᠭᠡᠷ᠎ᠡ ᠪᠡᠷ ᠬᠡᠯᠡᠪᠡᠯ ᠬᠣᠷᠢᠨ ᠨᠠᠢ᠍ᠮᠠᠨ ᠵᠢᠯ ᠦ᠋ᠨ ᠡᠮᠦᠨᠡᠬᠢ< ᠴᠠᠭ ᠤᠯᠠᠷᠢᠯ ᠤ᠋ᠨ ᠪᠢᠴᠢᠭ> ᠢ᠋ ᠬᠣᠷᠢᠨ ᠨᠠᠢᠮᠠᠳᠠᠬᠢ ᠵᠢᠯ ᠨᠢ ᠬᠡᠷᠡᠭᠯᠡᠵᠦ ᠪᠣᠯᠤᠨ᠎ᠠ᠃ ᠨᠠᠳᠠ ᠣᠳᠣ ᠬᠣᠷᠢᠨ ᠵᠢᠷᠭᠤᠭᠠᠨ ᠵᠢᠯ ᠦ᠋ᠨ ᠬᠢ ᠨᠢ ᠪᠣᠢ》 ᠭᠡᠵᠦ ᠳᠦᠢᠩᠭᠡᠷᠵᠠᠪ ᠭᠤᠸᠠᠢ ᠶᠠᠷᠢᠯ᠎ᠠ᠃ ᠴᠠᠭ ᠠᠭᠠᠷ ᠤ᠋ᠨ ᠪᠠᠢᠳᠠᠯ ᠤ᠋ᠨ ᠬᠤᠪᠢᠷᠠᠯᠲᠠ᠂ ᠳᠥᠷᠪᠡᠨ ᠤᠯᠠᠷᠢᠯ ᠤ᠋ᠨ ᠣᠯᠠᠨ ᠵᠢᠯ ᠳ᠋ᠡᠬᠢ ᠦᠶᠡᠯᠡᠯ᠂ ᠲᠣᠮᠣ ᠲᠣᠮᠣ ᠭᠠᠮᠰᠢᠭ ᠵᠤᠳ ᠤ᠋ᠨ ᠦᠶᠡᠯᠡᠯ ᠵᠡᠷᠭᠡ ᠶ᠋ᠢ ᠤᠳᠠᠭᠠᠨ ᠵᠢᠯ ᠦ᠋ᠨ ᠠᠵᠢᠭᠯᠠᠯᠲᠠ ᠳ᠋ᠠᠭᠠᠨ ᠦᠨᠳᠦᠰᠦᠯᠡᠨ ᠤᠷᠢᠳᠴᠢᠯᠠᠨ ᠮᠡᠳᠡᠬᠦ ᠲᠤᠷᠰᠢᠯᠭ᠎ᠠ ᠶ᠋ᠢᠨ ᠮᠡᠳᠡᠯᠭᠡ ᠮᠠᠯᠴᠢᠨ ᠮᠣᠩᠭᠣᠯᠴᠤᠳ ᠲᠤ᠌ ᠡᠷᠲᠡᠨ ᠡᠴᠡ ᠪᠡᠨ ᠪᠠᠢᠭᠰᠠᠨ᠃ ᠭᠡᠪᠡᠴᠦ ᠲᠧᠭᠨᠢᠭ ᠬᠥᠭᠵᠢᠵᠦ᠂ ᠮᠧᠬᠠᠨᠢᠭ ᠲᠤ᠌ ᠬᠡᠲᠦᠷᠬᠡᠢ ᠲᠦᠰᠢᠬᠦ ᠪᠣᠯᠤᠭᠰᠠᠨ ᠥᠨᠥᠳᠥᠷ ᠪᠢᠳᠡ ᠠᠮᠢᠳᠤᠷᠠᠯ ᠤ᠋ᠨ ᠲᠡᠢᠮᠦᠷᠬᠦᠦ ᠬᠡᠷᠡᠭᠴᠡᠭᠡ ᠶᠡᠬᠡᠲᠡᠢ ᠲᠤᠷᠰᠢᠯᠭ᠎ᠠ ᠪᠠᠨ ᠣᠮᠲᠣᠭᠠᠢᠯᠠᠨ ᠮᠠᠷᠲᠠᠵᠤ ᠪᠣᠢ ᠨᠢ ᠮᠠᠯᠵᠢᠬᠤ ᠰᠣᠶᠣᠯ ᠤ᠋ᠨ ᠭᠡᠭᠡᠭᠳᠡᠯ ᠦ᠋ᠨ ᠨᠢᠭᠡᠨ ᠰᠢᠨᠵᠢ ᠪᠢᠯᠡ᠃ ᠬᠣᠷᠢᠨ ᠵᠢᠷᠭᠤᠭᠠᠨ ᠵᠢᠯ ᠨᠢᠭᠡ ᠴᠤ᠌ ᠡᠳᠦᠷ ᠠᠯᠭᠠᠰᠠᠯ ᠦᠭᠡᠢ ᠪᠡᠷ ᠴᠠᠭ ᠠᠭᠠᠷ ᠤ᠋ᠨ ᠲᠡᠮᠳᠡᠭᠯᠡᠯ ᠬᠢᠨ᠎ᠡ ᠭᠡᠳᠡᠭ ᠶᠠᠭᠠᠮᠠᠢ ᠭᠡᠮᠡᠷ ᠠᠵᠢᠯ ᠪᠢᠰᠢ᠂ ᠶᠠᠮᠠᠷ ᠨᠢᠭᠡᠨ ᠠᠵᠢᠯ ᠢ᠋ ᠡᠳᠦᠢ ᠵᠢᠯ ᠭᠠᠭᠴᠠ ᠦᠵᠦᠭᠦᠷᠲᠦ ᠰᠡᠳᠬᠢᠯ ᠪᠠᠷᠢᠵᠤ ᠨᠢᠮᠪᠠᠢ ᠬᠢᠬᠦ ᠲᠡᠪᠴᠢᠶᠡᠷᠢ ᠪᠡᠬᠡ ᠳᠣᠯᠢᠶᠠᠵᠤ ᠪᠢᠷ ᠱᠠᠭᠠᠢᠭᠰᠠᠨ《ᠴᠠᠭᠠᠨ ᠴᠢᠷᠠᠢᠲᠤ ᠪᠢᠴᠢᠭ ᠦ᠋ᠨ ᠬᠥᠮᠦᠨ》 ᠮᠡᠲᠦ ᠬᠣᠲᠠ ᠶ᠋ᠢᠨ ᠪᠣᠷᠣᠴᠤᠤᠯ ᠪᠢᠳᠡᠨ ᠳ᠋ᠦ᠍ ᠪᠣᠢ ᠪᠢᠯᠡ ᠤᠤ ᠭᠡᠵᠦ ᠪᠣᠳᠣᠭᠠᠳ ᠪᠢ ᠶᠡᠬᠡ ᠢᠴᠢᠭᠰᠡᠨ ᠰᠠᠨ᠃ ᠳᠦᠢᠩᠭᠡᠷᠵᠠᠪ ᠭᠤᠸᠠᠢ ᠶ᠋ᠢᠨ ᠭᠡᠷ ᠦ᠋ᠨ ᠬᠢᠨᠢ ᠤᠷᠲᠤᠬᠠᠨ ᠳ᠋ᠤ᠌ ᠪᠤᠯᠠᠭ ᠲᠠᠢ᠂ ᠪᠤᠯᠠᠭ ᠤ᠋ᠨ ᠴᠠᠭᠠᠳᠤ ᠳᠡᠭᠡᠭᠦᠷ ᠨᠢ ᠡᠷᠲᠡᠨ ᠦ᠌ ᠠᠯᠲᠠᠨ ᠤᠯᠤᠰ ᠤ᠋ᠨ ᠬᠢᠯᠢ ᠶ᠋ᠢᠨ ᠬᠡᠷᠡᠮ ᠪᠠᠢᠭ᠎ᠠ ᠠᠵᠢ᠃《ᠡᠨᠡ ᠪᠤᠯᠠᠭ ᠤᠨᠳᠤᠷᠬᠤ ᠪᠠᠨ ᠪᠠᠢᠭᠠᠳ ᠨᠡᠯᠢᠶᠡᠳ ᠤᠳᠠᠯ᠎ᠠ᠂ ᠬᠠᠷᠢᠨ ᠡᠨᠡ ᠵᠢᠯ ᠭᠡᠨᠡᠳᠲᠡ ᠣᠨᠳᠣᠷᠣᠭ᠎ᠠ ᠲᠠᠢ ᠪᠣᠯᠤᠭᠰᠠᠨ ᠨᠢ ᠵᠢᠯ ᠤ᠋ ᠥᠩᠭᠡ ᠰᠠᠢᠨ ᠪᠣᠯᠬᠤ ᠶ᠋ᠢᠨ ᠲᠡᠮᠳᠡᠭ ᠳᠠ᠃ ᠤᠯᠢᠶᠠᠰᠤ ᠡᠷᠲᠡ ᠭᠥᠯᠥᠭᠡᠯᠡᠪᠡᠯ ᠭᠠᠩᠳᠠᠨ᠎ᠠ᠂ ᠶᠠᠭ ᠯᠠ ᠤᠯᠠᠷᠢᠯ ᠳ᠋ᠠᠭᠠᠨ ᠭᠥᠯᠥᠭᠡᠯᠡᠪᠡᠯ ᠥᠩ ᠲᠡᠢ ᠪᠣᠯᠳᠠᠠᠨ ᠶᠤᠮ᠃ ᠪᠢ ᠬᠣᠷᠢᠨ ᠬᠡᠳᠦᠨ ᠵᠢᠯ ᠠᠵᠢᠭᠯᠠᠭᠠᠳ ᠵᠥᠪ ᠭᠡᠳᠡᠭ ᠢ᠋ ᠨᠢ ᠬᠡᠷᠡᠴᠢᠯᠩᠰᠠᠨ》 ᠭᠡᠵᠦ ᠳᠦᠩᠭᠡᠷᠵᠠᠪ ᠭᠤᠸᠠᠢ ᠶᠡᠬᠡ ᠯᠡ ᠪᠠᠶᠠᠷᠲᠠᠢ ᠶᠠᠷᠢᠨ᠎ᠠ᠃ 《ᠭᠡᠪᠡᠴᠦ ᠣᠳᠣ ᠴᠢᠨᠢ ᠬᠥᠮᠦᠨ ᠪᠠᠢᠭᠠᠯᠢ ᠶ᠋ᠢᠨ ᠠᠷᠠᠨᠰᠢᠨ ᠢ᠋ᠶ᠋ᠠᠨ ᠡᠪᠳᠡᠭᠡᠳ ᠬᠠᠶᠠᠴᠢᠬᠠᠵᠠᠢ᠃ ᠪᠠᠢᠭᠠᠯᠢ ᠵᠢᠮ᠎ᠡ ᠬᠠᠤᠯᠢ ᠪᠠᠨ ᠠᠯᠳᠠᠭᠰᠠᠨ ᠪᠣᠯᠬᠣᠷ ᠵᠠᠷᠢᠮ ᠦᠶ᠎ᠡ ᠳ᠋ᠦ᠍ ᠴᠠᠭ ᠠᠭᠠᠷ ᠢ᠋ ᠰᠢᠨᠵᠢᠬᠦ ᠳ᠋ᠦ᠍ ᠣᠨᠣᠪᠴᠢ ᠠᠯᠳᠠᠬᠤ ᠤᠴᠢᠷ ᠴᠤ᠌ ᠭᠠᠷᠤᠨ᠎ᠠ ᠯᠠ ᠳᠠ》 ᠭᠡᠵᠦ ᠲᠡᠷᠡ ᠪᠡᠷ ᠪᠠᠬᠠᠨ ᠪᠣᠳᠣᠯᠭᠠᠰᠢᠷᠠᠩᠭᠤᠢ ᠪᠠᠢᠯ᠎ᠠ᠃ ᠪᠢᠳᠡ ᠲᠡᠨᠳᠡ ᠡᠴᠡ ᠬᠣᠩᠭᠣᠷ ᠠᠭᠤᠯᠠ ᠰᠤᠮᠤ ᠤᠷᠤᠭᠤ ᠶᠠᠪᠤᠬᠤ ᠦᠶ᠎ᠡ ᠳᠦ ᠳᠦᠩᠭᠡᠷᠵᠠᠪ ᠭᠤᠸᠠᠢ ᠬᠠᠮᠲᠤ ᠶᠠᠪᠤᠯ᠎ᠠ᠃ ᠵᠠᠮ ᠤ᠋ᠨ ᠲᠤᠷᠰᠢ ᠠᠭᠤᠯᠠ ᠣᠪᠣᠭ᠎ᠠ᠂ ᠭᠠᠵᠠᠷ ᠤᠰᠤᠨ ᠤ᠋ ᠲᠤᠬᠠᠢ ᠲᠡᠦᠬᠡ ᠬᠠᠭᠤᠴᠢ ᠶᠠᠷᠢᠨ᠂ ᠦᠨᠡᠬᠡᠷ ᠴᠦ᠍ ᠬᠣᠲᠠ ᠶ᠋ᠢᠨ ᠬᠡᠳᠦᠨ ᠠᠰᠠᠷ ᠠ᠋ᠴᠠ ᠥᠭᠡᠷ᠎ᠡ ᠶ᠋ᠢ ᠬᠠᠷᠠᠭ᠎ᠠ ᠦᠭᠡᠢ ᠪᠢᠳᠡᠨ ᠦ᠌ ᠳᠤᠨᠳᠠᠭᠤᠷᠬᠠᠨ ᠤᠬᠠᠭᠠᠨ ᠢ᠋ ᠲᠡᠯᠡᠵᠦ ᠪᠢᠯᠡ᠃
ᠲᠠᠪᠤ ᠵᠢᠷᠭᠤᠭᠠᠨ ᠵᠢᠯ ᠦ᠋ᠨ ᠡᠮᠦᠨ᠎ᠡ ᠪᠢ ᠮᠥᠨ ᠠᠵᠢᠯ ᠤ᠋ᠨ ᠱᠠᠭᠠᠷᠳᠠᠯᠭ᠎ᠠ ᠪᠠᠷ ᠰᠢᠯᠢ ᠶ᠋ᠢᠨ ᠭᠣᠣᠯ ᠠᠢᠮᠠᠭ ᠤ᠋ᠨ ᠵᠡᠭᠦᠨ ᠦᠵᠦᠮᠦᠴᠢᠨ ᠬᠤᠰᠢᠭᠤᠨ ᠳ᠋ᠤ᠌ ᠣᠴᠢᠭᠰᠠᠨ ᠪᠢᠯᠡ᠃ ᠨᠤᠲᠤᠭ ᠤ᠋ᠨ ᠣᠯᠠᠨ ᠰᠠᠢᠬᠠᠨ ᠨᠠᠰᠤᠲᠠᠢᠴᠤᠳ ᠲᠠᠢ ᠲᠠᠨᠢᠯᠴᠠᠵᠤ᠂ 《ᠠᠪᠤ ᠠ᠋》 ᠭᠡᠮᠡᠨ ᠬᠣᠷᠮᠣᠢᠳᠠᠵᠤ ᠰᠤᠷᠪᠤᠯᠵᠢᠯᠠᠭ᠎ᠠ ᠠᠪᠴᠤ ᠪᠠᠢᠭᠰᠠᠨ ᠢ᠋ᠶ᠋ᠠᠨ ᠰᠠᠨᠠᠯ᠎ᠠ᠃ ᠡᠳᠦᠭᠡ ᠨᠢᠭᠡᠨᠲᠡ ᠪᠤᠷᠬᠠᠨ ᠪᠤᠯᠵᠠᠭᠠᠭᠰᠠᠨ ᠲᠡᠳᠡᠭᠡᠷ ᠪᠤᠭᠤᠷᠤᠯ ᠤ᠋ᠳ ᠨᠤᠲᠤᠭ ᠤᠰᠤᠨ ᠤ᠋ ᠪᠠᠨ ᠲᠡᠦᠬᠡ ᠬᠠᠭᠤᠴᠢ᠂ ᠠᠷᠠᠳ ᠤ᠋ᠨ ᠳᠠᠭᠤᠤ ᠤᠷᠠᠯᠢᠭ᠂ ᠮᠠᠯᠵᠢᠬᠤ ᠰᠣᠶᠣᠯ ᠤ᠋ᠨ ᠨᠠᠨᠳᠢᠨ ᠲᠤᠷᠰᠢᠯᠭ᠎ᠠ ᠶ᠋ᠢᠨ ᠲᠤᠬᠠᠢ ᠣᠯᠠᠨ ᠰᠠᠢᠬᠠᠨ ᠶᠠᠭᠤᠮ᠎ᠠ ᠶᠠᠷᠢᠵᠤ᠂《ᠮᠣᠩᠭᠣᠯ ᠰᠣᠶᠣᠯ ᠳ᠋ᠠᠭᠠᠨ ᠬᠠᠢᠷᠠᠲᠠᠢ ᠬᠥᠮᠦᠨ》 ᠭᠡᠮᠡᠨ ᠥᠪᠡᠷ ᠢ᠋ ᠪᠡᠨ ᠳᠠᠪᠠᠭᠤᠯᠤᠨ ᠦᠨᠡᠯᠡᠵᠦ ᠶᠠᠪᠤᠭᠰᠠᠨ ᠥᠴᠦᠬᠡᠨ ᠪᠣᠳᠣᠯ ᠢ᠋ ᠮᠢᠨᠢ ᠬᠥᠨᠳᠡᠵᠦ᠂ ᠮᠣᠩᠭᠣᠯ ᠰᠣᠶᠣᠯ ᠭᠡᠳᠡᠭ ᠨᠢ ᠶᠠᠭᠤ᠂ ᠮᠣᠩᠭᠣᠯ ᠰᠣᠶᠣᠯ ᠢ᠋ᠶ᠋ᠠᠨ ᠶᠠᠭᠠᠬᠢᠵᠤ ᠬᠠᠢᠷᠠᠯᠠᠪᠠᠯ ᠵᠣᠬᠢᠬᠤ ᠪᠣᠢ ᠭᠡᠳᠡᠭ ᠦ᠋ᠨ ᠲᠤᠬᠠᠢ ᠣᠯᠠᠨ ᠶᠠᠭᠤᠮ᠎ᠠ ᠪᠣᠳᠣᠭᠳᠠᠭᠤᠯᠤᠭᠰᠠᠨ ᠰᠠᠨ᠃ ᠴᠠᠭ ᠤ᠋ᠨ ᠡᠷᠬᠡ ᠪᠡᠷ ᠪᠤᠭᠤᠷᠤᠯ ᠤ᠋ᠳ ᠮᠠᠨᠢ ᠣᠳᠣ ᠪᠣᠯᠤᠨ ᠲᠩᠷᠢ ᠳ᠋ᠦ᠍ ᠳᠡᠪᠰᠢᠭᠰᠡᠭᠡᠷ ᠪᠠᠢᠨ᠎ᠠ᠂ ᠴᠠᠯᠢᠩ ᠤ᠋ᠨ ᠡᠷᠬᠡ ᠪᠡᠷ ᠰᠡᠭᠡᠭᠡᠲᠡᠳ ᠨᠢ ᠬᠣᠲᠠ ᠪᠠᠷᠠᠳᠠᠨ ᠲᠡᠵᠢᠭᠡᠪᠦᠷᠢ ᠶ᠋ᠢᠨ ᠪᠢᠷᠠᠭᠤ ᠰᠢᠭ᠋ ᠠᠮᠢᠳᠤᠷᠠᠵᠠᠭᠠᠵᠤ ᠪᠠᠢᠨ᠎ᠠ᠃ ᠴᠣᠬᠣᠮ ᠬᠡᠨ ᠮᠠᠨᠢ ᠰᠣᠶᠣᠯ ᠢ᠋ᠶ᠋ᠠᠨ ᠥᠮᠴᠢᠯᠡᠵᠦ ᠶᠠᠪᠤᠭ᠎ᠠ ᠬᠥᠮᠦᠨ ᠪᠢᠯᠡ? ᠬᠡᠨ ᠮᠠᠨᠢ ᠰᠣᠶᠣᠯ ᠢ᠋ᠶ᠋ᠠᠨ ᠬᠠᠢᠷᠠᠯᠠᠵᠤ ᠴᠢᠳᠠᠭᠰᠠᠨ ᠬᠥᠮᠦᠨ ᠪᠢᠯᠡ? ᠬᠡᠨ ᠮᠠᠨᠢ ᠰᠣᠶᠣᠯ ᠢ᠋ᠶ᠋ᠠᠨ ᠣᠢᠯᠠᠭᠠᠳᠠᠭ ᠬᠥᠮᠦᠨ ᠪᠢᠯᠡ? ᠬᠡᠨ ᠮᠠᠨᠢ ᠰᠣᠶᠣᠯ ᠳ᠋ᠠᠭᠠᠨ ᠭᠠᠪᠢᠶᠠᠲᠠᠢ ᠬᠥᠮᠦᠨ ᠪᠢᠯᠡ? ᠦᠨᠳᠦᠰᠦᠨ ᠠᠮᠢᠳᠤᠷᠠᠯ ᠰᠣᠶᠣᠯ ᠤ᠋ᠨ ᠢ᠋ᠶ᠋ᠠᠨ ᠣᠷᠴᠢᠨ ᠠ᠋ᠴᠠ ᠬᠣᠯᠠᠳᠠᠵᠤ᠂ ᠪᠢᠴᠢᠭ ᠨᠢᠳᠦᠯᠡᠭᠰᠡᠨ ᠦ᠌ ᠪᠡᠨ ᠠᠴᠢ ᠪᠠᠷ ᠲᠣᠭᠣᠰᠣ ᠲᠠᠢ ᠬᠣᠲᠠ ᠶ᠋ᠢᠨ ᠪᠤᠯᠤᠩ ᠪᠠᠷᠠᠳᠠᠭᠰᠠᠨ ᠥᠴᠦᠬᠡᠨ ᠪᠢᠳᠡ ᠡᠬᠡ ᠰᠣᠶᠣᠯ ᠢ᠋ᠶ᠋ᠠᠨ ᠬᠡᠮᠡᠯᠢᠨ ᠠᠮᠢ ᠭᠣᠣᠯ ᠢ᠋ᠶ᠋ᠠᠨ ᠵᠠᠯᠭᠠᠵᠤ ᠶᠠᠪᠤᠭ᠎ᠠ ᠦᠷᠦᠮᠡᠨ ᠦ᠌ ᠥᠳᠥ ᠰᠢᠭ ᠬᠥᠮᠦᠰ ᠮᠥᠷᠳᠡᠯ᠎ᠡ ᠪᠡᠨ ᠮᠣᠩᠭᠣᠯ ᠰᠣᠶᠣᠯ ᠳ᠋ᠠᠭᠠᠨ ᠲᠣᠢᠮᠣ ᠦᠭᠡᠢ ᠭᠠᠪᠢᠶ᠎ᠠ ᠦᠵᠡᠭᠦᠯᠦᠭᠰᠡᠨ ᠮᠡᠲᠦ ᠠᠪᠤᠷᠢᠯᠠᠳᠠᠭ ᠮᠠᠨᠢ ᠦᠨᠡᠬᠡᠷ ᠬᠤᠳᠳᠤᠭ ᠤ᠋ᠨ ᠮᠡᠯᠡᠬᠡᠢ ᠶ᠋ᠢᠨ ᠵᠠᠩ ᠪᠤᠰᠤ ᠤᠤ? ᠨᠢᠭᠡᠨ ᠤᠳᠬ᠎ᠠ ᠠ᠋ᠴᠠ ᠣᠢᠯᠠᠭᠠᠬᠤ ᠳ᠋ᠤ᠌ ᠪᠢᠳᠡ ᠴᠢᠨᠢ ᠰᠣᠶᠣᠯ ᠢ᠋ᠶ᠋ᠠᠨ ᠥᠪᠯᠡᠭᠴᠢᠳ ᠪᠢᠰᠢ᠂ ᠰᠣᠶᠣᠯ ᠢ᠋ᠶ᠋ᠠᠨ ᠬᠡᠮᠡᠯᠢᠭᠰᠡᠣᠨ ᠯᠠ ᠶᠤᠮ ᠳᠠ! ᠲᠣᠮᠣ ᠲᠣᠮᠣ ᠪᠦᠲᠦᠭᠡᠯ ᠲᠡᠢ ᠪᠢᠴᠢᠭᠲᠡᠳ ᠦ᠋ᠨ ᠬᠡᠨ ᠨᠢ ᠨᠤᠲᠤᠭ ᠢ᠋ᠶ᠋ᠠᠨ ᠰᠠᠬᠢᠵᠤ ᠨᠣᠯᠤᠤᠷ ᠢ᠋ᠶ᠋ᠠᠨ ᠢᠳᠡᠭᠰᠡᠨ ᠮᠠᠯᠴᠢᠳ ᠤ᠋ᠨ ᠪᠦᠲᠦᠭᠡᠭᠰᠡᠨ ᠮᠣᠩᠭᠣᠯ ᠰᠣᠶᠣᠯ ᠤ᠋ᠨ ᠪᠤᠶᠠᠨ ᠢ᠋ᠶ᠋ᠠᠷ ᠠᠯᠳᠠᠷᠰᠢᠭ᠎ᠠ ᠦᠭᠡᠢ ᠪᠣᠢ? ᠲᠡᠷᠡ ᠡᠯᠪᠡᠭ ᠲᠠᠩᠰᠤᠭ ᠪᠤᠶᠠᠨ ᠪᠠᠢᠭ᠎ᠠ ᠦᠭᠡᠢ ᠰᠠᠨ ᠪᠣᠯ ᠪᠢᠳᠡᠨ ᠦ᠌ ᠬᠡᠳᠦ ᠨᠢ ᠬᠠᠢᠷᠠᠯᠠᠬᠤ ᠰᠣᠶᠣᠯ ᠲᠠᠢ᠂ ᠵᠢᠳᠬᠦᠬᠦ ᠦᠢᠯᠡᠰ ᠲᠡᠢ ᠪᠠᠢᠵᠤ ᠴᠢᠳᠠᠬᠤ ᠪᠣᠢ?
ᠲᠠᠪᠤᠨ ᠬᠣᠰᠢᠭᠤ ᠮᠠᠯ ᠢ᠋ᠶ᠋ᠠᠨ ᠳᠠᠭᠠᠵᠤ᠂ ᠳᠥᠷᠪᠡᠨ ᠤᠯᠠᠷᠢᠯ ᠤ᠋ᠨ ᠨᠠᠷᠠ ᠰᠠᠯᠬᠢᠨ ᠳ᠋ᠤ᠌ ᠬᠠᠷᠠᠯᠠᠵᠤ ᠪᠣᠷᠣᠯᠠᠨ᠂ ᠪᠠᠢᠭᠠᠯᠢ ᠶ᠋ᠢᠨ ᠭᠠᠮᠰᠢᠭ᠂ ᠨᠡᠢᠭᠡᠮ ᠦ᠋ᠨ ᠬᠤᠪᠢᠷᠠᠯᠲᠠ ᠳ᠋ᠤ᠌ ᠪᠡᠶ᠎ᠡ ᠰᠡᠳᠬᠢᠯ ᠢ᠋ᠶ᠋ᠡᠨ ᠰᠢᠨᠠᠯᠭᠠᠵᠤ᠂ ᠮᠠᠯ ᠢ᠋ᠶ᠋ᠠᠨ ᠬᠤᠳᠠᠯᠳᠤᠬᠤ ᠪᠠᠷ ᠬᠡᠰᠢᠭ ᠢ᠋ ᠨᠢ ᠦᠯᠡᠳᠡᠭᠡᠵᠦ ᠪᠠᠢᠨ᠎ᠠ ᠭᠡᠮᠡᠨ ᠦᠰᠦ ᠬᠢᠯᠭᠠᠰᠤ ᠶ᠋ᠢ ᠨᠢ ᠠᠪᠴᠤ ᠦᠯᠡᠳᠡᠭᠰᠡᠨ᠂ ᠤᠷᠤᠯᠳᠤᠭᠠᠨ ᠤ᠋ ᠮᠣᠷᠢ ᠪᠠᠷᠢᠶᠠᠨ ᠳ᠋ᠤ᠌ ᠢᠷᠡᠬᠦ ᠪᠡᠷ《ᠰᠠᠢᠬᠠᠨ ᠠ᠋᠂ ᠰᠠᠢᠬᠠᠨ》ᠭᠡᠮᠡᠨ ᠨᠢᠯᠪᠤᠰᠤ ᠨᠢ ᠴᠠᠢᠢᠯᠭᠡᠨᠡᠵᠦ ᠪᠠᠶᠠᠷᠯᠠᠭᠰᠠᠨ᠂ ᠬᠣᠲᠠ ᠳ᠋ᠤ᠌ ᠠᠢᠯᠰᠢᠭᠰᠠᠨ ᠬᠡᠳᠦᠨ ᠬᠡᠦᠬᠡᠳ ᠲᠡᠭᠡᠨ《ᠭᠡᠷ ᠢ᠋ᠶ᠋ᠡᠨ ᠰᠠᠨᠠᠵᠤ ᠪᠠᠢᠬ᠎ᠠ》 ᠭᠡᠮᠡᠨ ᠴᠠᠭᠠᠨ ᠢᠳᠡᠭᠡ ᠪᠡᠯᠡᠳᠬᠡᠵᠦ ᠴᠥᠮᠴᠥᠭᠡᠨᠡᠭᠰᠡᠨ᠂ ᠮᠣᠩᠭᠣᠯ ᠰᠣᠶᠣᠯ᠂ ᠮᠣᠩᠭᠣᠯ ᠠᠮᠢᠳᠤᠷᠠᠯ ᠮᠠᠨᠢ ᠪᠠᠢᠬᠤ ᠦᠭᠡᠢ ᠪᠣᠯᠵᠤ ᠪᠠᠢᠨ᠎ᠠ》 ᠭᠡᠮᠡᠨ ᠬᠡᠨ ᠡᠴᠡ ᠴᠤ ᠢᠯᠡᠭᠦᠦ ᠡᠮᠵᠡᠭᠯᠡᠭᠰᠡᠨ ᠲᠡᠳᠡᠭᠡᠷ ᠬᠥᠮᠦᠰ ᠢ᠋ ᠬᠠᠢᠷᠠᠯᠠᠬᠤ᠂ ᠣᠢᠯᠠᠭᠠᠬᠤ᠂ ᠳᠡᠮᠵᠢᠬᠦ᠂ ᠬᠠᠯᠠᠮᠵᠢᠯᠠᠬᠤ ᠰᠡᠭᠡᠭᠡ ᠶᠡᠬᠡ ᠬᠣᠲᠠ ᠶ᠋ᠢᠨ ᠱᠠᠯᠵᠠ ᠪᠣᠯᠤᠭᠰᠠᠨ ᠪᠢᠳᠡᠨ ᠳ᠋ᠦ᠍ ᠪᠠᠢᠭ᠎ᠠ ᠴᠤ ᠪᠣᠯ ᠤᠤ? ᠭᠡᠵᠦ ᠪᠣᠳᠣᠬᠤ ᠠ᠋ᠴᠠ ᠰᠠᠮᠰᠠ ᠱᠠᠷᠬᠢᠷᠠᠨᠠ᠃ ᠲᠡᠳᠡ ᠮᠠᠨᠢ ᠰᠠᠶᠢ ᠮᠣᠩᠭᠣᠯ ᠰᠣᠶᠣᠯ ᠤ᠋ᠨ ᠭᠣᠯᠣᠮᠲᠠ ᠶ᠋ᠢ ᠰᠠᠬᠢᠵᠤ ᠶᠠᠪᠤᠭ᠎ᠠ ᠠᠭᠤᠤ ᠬᠥᠮᠦᠰ ᠶᠦᠮ᠃ ᠲᠡᠳᠡ ᠮᠠᠨᠢ ᠰᠠᠶᠢ ᠮᠣᠩᠭᠣᠯ ᠰᠣᠶᠣᠯ ᠢ᠋ᠶ᠋ᠠᠨ ᠭᠦᠢᠴᠡᠳ ᠮᠡᠳᠡᠳᠡᠭ ᠲᠣᠮᠣ ᠡᠷᠳᠡᠮᠲᠡᠨ ᠶᠦᠮ! ᠲᠡᠢᠮᠦ ᠠ᠋! ᠰᠣᠶᠣᠯ ᠮᠠᠨᠢ ᠬᠥᠳᠡᠭᠡ ᠪᠣᠢ᠃ ᠡᠷᠳᠡᠮᠲᠡᠨ ᠮᠠᠨᠢ ᠴᠤ ᠬᠥᠳᠡᠭᠡ ᠪᠣᠢ! ᠪᠢᠴᠢᠭ ᠲᠦ᠍ ᠲᠡᠮᠳᠡᠭᠯᠡᠭᠰᠡᠨ ᠮᠡᠳᠡᠯᠭᠡ ᠶ᠋ᠢ ᠴᠡᠭᠡᠵᠢᠯᠡᠪᠤᠷᠢ ᠪᠣᠯᠭᠠᠨ ᠳᠡᠭᠡᠳᠦᠯᠡᠭᠰᠡᠨ ᠮᠥᠷᠳᠡᠯ᠎ᠡ ᠪᠡᠨ ᠰᠣᠶᠣᠯ ᠠᠮᠢᠳᠤᠷᠠᠯ ᠤ᠋ᠨ ᠣᠷᠴᠢᠨ ᠠ᠋ᠴᠠ ᠪᠠᠨ ᠬᠣᠯᠠᠳᠤᠭᠰᠠᠨ ᠪᠢᠳᠡ ᠡᠳᠦᠭᠡ ᠲᠡᠳᠡᠨ ᠡᠴᠡ ᠪᠡᠨ ᠰᠤᠷᠬᠤ ᠶᠠᠭᠤᠮ᠎ᠠ ᠶᠡᠬᠡ ᠪᠣᠢ᠃ ᠰᠤᠷᠬᠤ ᠴᠤ ᠶᠣᠰᠣᠲᠠᠢ ᠤᠴᠢᠷ ᠪᠣᠢ!
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠨᠡᠭᠦᠳᠡᠯ᠂ ᠪᠠᠯ᠂ ᠡᠷᠳᠡᠨᠢᠭᠣᠤ᠎ᠠ᠂ ᠨᠡᠭᠦᠳᠡᠯ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
