ᠭᠦᠩᠵᠦ ᠪᠠᠢᠭᠰᠠᠨ ᠪᠢᠴᠢᠬᠠᠨ ᠬᠤᠯᠤᠭᠠᠨ᠎ᠠГүнж байсан бяцхан хулгана _ Little Mouse who was a Princess ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠦᠩᠵᠦ ᠪᠠᠢᠭᠰᠠᠨ ᠪᠢᠴᠢᠬᠠᠨ ᠬᠤᠯᠤᠭᠠᠨ᠎ᠠГүнж байсан бяцхан хулгана _ Little Mouse who was a Princess

ᠭᠦᠩᠵᠦ ᠪᠠᠢᠭᠰᠠᠨ ᠪᠢᠴᠢᠬᠠᠨ ᠬᠤᠯᠤᠭᠠᠨ᠎ᠠГүнж байсан бяцхан хулгана _ Little Mouse who was a Princess

2024-06-15

544

ᠭᠦᠩᠵᠦ ᠪᠠᠢᠭᠰᠠᠨ ᠪᠢᠴᠢᠬᠠᠨ ᠬᠤᠯᠤᠭᠠᠨ᠎ᠠ

     ᠨᠢᠭᠡᠨ ᠬᠥᠭᠰᠢᠨ ᠲᠠᠷᠢᠶᠠᠴᠢᠨ ᠪᠠᠢᠵᠠᠢ᠃ ᠲᠡᠷᠡ ᠭᠤᠷᠪᠠᠨ ᠬᠦᠦ ᠲᠠᠢ ᠪᠠᠨ ᠬᠠᠮᠲᠤ ᠲᠣᠰᠬᠣᠨ ᠳ᠋ᠤ᠌ ᠠᠮᠢᠳᠤᠷᠠᠳᠠᠭ  ᠪᠠᠢᠪᠠ᠃ ᠭᠤᠷᠪᠠᠨ ᠬᠦᠦ ᠨᠢ  ᠭᠤᠷᠪᠠᠭᠤᠯᠠ ᠪᠠᠨ ᠵᠠᠯᠠᠭᠤ᠂ ᠴᠢᠷᠠᠢ ᠵᠢᠰᠦ ᠰᠠᠢᠲᠠᠢ᠃ ᠲᠠᠷᠢᠶᠠᠴᠢᠨ᠂ ᠬᠥᠪᠡᠭᠦᠳ ᠢ᠋ᠶ᠋ᠡᠷ ᠢ᠋ᠶ᠋ᠡᠨ ᠪᠠᠬᠠᠷᠬᠠᠳᠠᠭ᠃ ᠨᠢᠭᠡ ᠤᠳᠠᠭ᠎ᠠ ᠬᠥᠪᠡᠭᠦᠳ ᠢ᠋ᠶ᠋ᠡᠨ ᠭᠡᠷᠯᠡᠭᠦᠯᠬᠦ ᠴᠠᠭ ᠪᠣᠯᠤᠭᠰᠠᠨ ᠭᠡᠵᠦ ᠪᠣᠳᠣᠵᠠᠢ᠃ 
     ᠵᠠ᠂ ᠰᠣᠨᠣᠰ ᠬᠥᠪᠡᠭᠦᠳ ᠮᠢᠨᠢ᠂ ᠲᠠ ᠨᠠᠷ ᠭᠡᠷᠯᠡᠬᠦ ᠨᠠᠰᠤᠨ ᠳ᠋ᠤ᠌ ᠬᠦᠷᠦᠯ᠎ᠡ᠃ ᠲᠠ ᠨᠠᠷ ᠥᠪᠡᠷᠰᠡᠳ ᠢ᠋ᠶ᠋ᠡᠨ ᠠᠮᠠᠷᠠᠭ ᠬᠠᠢᠷᠠᠲᠤ ᠪᠠᠨ ᠬᠠᠢᠵᠤ ᠣᠯ᠂ ᠲᠠ ᠨᠠᠷ ᠢ᠋ ᠬᠠᠨᠢ ᠲᠠᠢ ᠪᠠᠨ ᠬᠠᠮᠲᠤ ᠰᠠᠢᠬᠠᠨ ᠠᠮᠢᠳᠤᠷᠠᠭᠠᠰᠢ ᠭᠡᠵᠦ ᠠᠪᠤ ᠨᠢ ᠬᠦᠰᠡᠵᠦ ᠪᠠᠢᠨ᠎ᠠ᠃
     ᠭᠡᠬᠦ ᠳ᠋ᠦ᠍ ᠪᠡᠨ ᠠᠪᠤ ᠠ᠋᠂ ᠪᠢᠳᠡ ᠶᠠᠭᠠᠬᠢᠵᠤ ᠰᠦᠢᠲᠦ  ᠪᠦᠰᠡᠭᠦᠢᠴᠦᠳ ᠣᠯᠬᠤ ᠶᠤᠮ ᠪᠣᠢ?
     ᠲᠡᠢᠮᠦ ᠰᠢᠦ ᠠᠪᠤ ᠠ᠋᠂ ᠥᠪᠡᠷᠰᠡᠳ ᠢ᠋ᠶ᠋ᠡᠨ ᠰᠦᠢᠲᠦ ᠪᠦᠰᠡᠭᠦᠢ ᠪᠡᠨ  ᠣᠯᠬᠤ ᠳ᠋ᠤ᠌ ᠬᠡᠴᠡᠭᠦᠦ ᠯᠡ ᠪᠠᠢᠨ᠎ᠠ ᠪᠠᠢᠬ᠎ᠠ ᠳᠠ᠃
      ᠪᠢ ᠲᠠᠨ ᠤ᠋ ᠪᠠᠨ ᠦᠭᠡᠨ ᠳ᠋ᠦ᠍ ᠣᠷᠣᠨ᠎ᠠ ᠠᠪᠤ ᠠ᠋᠂  ᠭᠡᠬᠦ ᠳ᠋ᠦ᠍ ᠡᠬᠢᠯᠡᠭᠡᠳ  ᠪᠢᠳᠡᠨ ᠳ᠋ᠦ᠍ ᠵᠢᠭᠠᠵᠤ ᠥᠭ ᠯᠡ ᠳᠡ᠃
     ᠮᠡᠳᠡᠭᠡᠵᠢ᠂ ᠵᠢᠭᠠᠵᠤ ᠥᠭᠭᠦᠨ᠎ᠡ᠃  ᠪᠢᠳᠡᠨ ᠳ᠋ᠦ᠍  ᠰᠦᠢᠲᠦ ᠪᠦᠰᠡᠭᠦᠢ ᠣᠯᠬᠤ ᠭᠡᠷ ᠪᠦᠯᠢ ᠶ᠋ᠢᠨ ᠤᠯᠠᠮᠵᠢᠯᠠᠯ  ᠪᠠᠢᠳᠠᠭ ᠶᠤᠮ᠃ ᠲᠠ ᠭᠤᠷᠪᠠ ᠲᠡᠭᠦᠨ ᠢ᠋ ᠳᠠᠭᠠᠬᠤ ᠶᠣᠰᠣᠲᠠᠢ᠃ ᠰᠦᠬᠡ ᠠᠪᠤᠭᠠᠳ ᠲᠠᠷᠢᠶᠠᠯᠠᠩ ᠤ᠋ᠨ ᠲᠠᠯᠠᠪᠠᠢ ᠳ᠋ᠤ᠌ ᠪᠠᠢᠭ᠎ᠠ ᠮᠣᠳᠣ ᠶ᠋ᠢ  ᠴᠠᠪᠴᠢ᠂ ᠮᠣᠳᠣ ᠴᠢᠨᠢ ᠬᠠᠮᠢᠭᠠᠰᠢ ᠪᠠᠨ ᠤᠨᠠᠬᠤ ᠶ᠋ᠢ ᠬᠠᠷᠠᠭᠠᠳ ᠲᠡᠷᠡ ᠵᠦᠭ ᠡᠴᠡ ᠪᠦᠰᠡᠭᠦᠢ ᠪᠡᠨ ᠬᠠᠢᠭᠠᠷᠠᠢ᠃ ᠭᠡᠬᠦ ᠳ᠋ᠦ᠍ ᠪᠡᠨ ᠮᠣᠳᠣ ᠤᠨᠠᠬᠤ ᠠ᠋ᠴᠠ ᠡᠮᠦᠨ᠎ᠡ ᠲᠠᠷᠢᠶᠠᠯᠠᠩ ᠤ᠋ᠨ ᠲᠠᠯᠠᠪᠠᠢ ᠳ᠋ᠤ᠌ ᠨᠢᠭᠡ ᠮᠣᠳᠣ ᠰᠠᠭᠤᠯᠭ᠎ᠠ᠂ ᠪᠠᠰᠠ ᠲᠡᠭᠦᠨ ᠢ᠋ ᠪᠡᠨ ᠰᠠᠢᠲᠤᠷ ᠠᠷᠠᠴᠢᠯᠠᠵᠤ ᠤᠷᠭᠤᠭᠤᠯᠤᠨ᠎ᠠ ᠭᠡᠵᠦ ᠠᠮᠠᠯᠠ᠃
      ᠵᠠ᠂ ᠠᠪᠤ ᠠ᠋᠃
      ᠠᠪᠤ ᠠ᠋᠂ ᠪᠢᠳᠡ ᠶᠠᠭᠠᠬᠢᠭᠠᠳ ᠡᠨᠡ ᠵᠦᠢᠯ ᠢ᠋ ᠬᠢᠵᠦ ᠪᠠᠢᠭ᠎ᠠ ᠶᠤᠮ ᠪᠣᠢ? ᠮᠣᠳᠣ ᠳᠠᠭᠠᠷᠢᠬᠤ ᠠ᠋ᠴᠠ ᠡᠮᠦᠨ᠎ᠡ ᠨᠢᠭᠡ ᠶ᠋ᠢ  ᠰᠠᠭᠤᠯᠭᠠᠭᠠᠳ?
       ᠮᠣᠳᠣ  ᠪᠢᠳᠡᠨ ᠳ᠋ᠦ᠍ ᠮᠠᠰᠢ ᠴᠢᠬᠤᠯᠠ ᠪᠣᠯᠬᠣᠷ ᠲᠡᠷᠡ ᠰᠢᠦ ᠳᠡ᠂ ᠵᠦᠭᠡᠷ ᠴᠦ᠍ ᠨᠢᠭᠡ ᠳᠠᠭᠠᠷᠢᠵᠤ ᠪᠣᠯᠬᠤ ᠦᠭᠡᠢ᠂ ᠤᠯᠠᠮ ᠪᠦᠷ ᠣᠯᠠᠨ ᠮᠣᠳᠣ ᠰᠠᠭᠤᠯᠭᠠᠵᠤ ᠤᠷᠭᠤᠭᠤᠯᠬᠤ  ᠬᠡᠷᠡᠭᠲᠡᠢ᠃
      ᠬᠥᠪᠡᠭᠦᠳ ᠨᠢ ᠡᠴᠢᠭᠡ ᠶ᠋ᠢᠨ ᠢ᠋ᠶ᠋ᠡᠨ ᠦᠭᠡ ᠶ᠋ᠢ ᠳᠠᠭᠠᠯ᠎ᠠ᠃ ᠭᠤᠷᠪᠠᠭᠤᠯᠠ ᠪᠠᠨ ᠡᠬᠢᠯᠡᠭᠡᠳ ᠨᠢᠭᠡ ᠨᠢᠭᠡ ᠮᠣᠳᠣ ᠰᠠᠭᠤᠯᠭᠠᠭᠠᠳ᠂ ᠳᠠᠷᠠᠭ᠎ᠠ ᠨᠢ ᠨᠢᠭᠡ ᠨᠢᠭᠡ ᠮᠣᠳᠣ ᠳᠠᠭᠠᠷᠢᠪᠠ᠃
      ᠤᠤᠭᠠᠨ ᠬᠦᠦ ᠶ᠋ᠢᠨ ᠳᠠᠭᠠᠷᠢᠭᠰᠠᠨ ᠮᠣᠳᠣ ᠤᠮᠠᠷᠠᠲᠤ ᠵᠦᠭ ᠢ᠋ ᠵᠢᠭᠠᠨ ᠤᠨᠠᠯ᠎ᠠ᠃
      ᠠ᠁ ᠬᠣᠢᠲᠤ  ᠵᠦᠭ  ᠨᠠᠳᠠᠳᠤ ᠰᠠᠢᠨ ᠪᠢᠵᠡ᠃  ᠨᠠᠳᠠᠳᠤ  ᠲᠠᠭᠠᠯᠠᠭᠳᠠᠳᠠᠭ ᠪᠦᠰᠡᠭᠦᠢ ᠲᠡᠷᠡ ᠵᠦᠭ ᠲᠦ   ᠪᠠᠢᠳᠠᠭ᠃ ᠬᠣᠢᠲᠤ  ᠵᠦᠭ  ᠲᠦ  ᠶᠠᠪᠤᠵᠤ ᠲᠡᠭᠦᠨ ᠳ᠋ᠦ᠍ ᠭᠡᠷᠯᠡᠬᠦ ᠰᠠᠨᠠᠯ ᠲᠠᠯᠪᠢᠶ᠎ᠠ᠃
      ᠬᠣᠶᠠᠳᠠᠬᠢ ᠬᠦᠦ ᠨᠢ ᠮᠣᠳᠣ ᠴᠠᠪᠴᠢᠭᠰᠠᠨ ᠳ᠋ᠤ᠌ ᠡᠮᠦᠨ᠎ᠡ  ᠵᠦᠭ ᠢ᠋ ᠵᠢᠭᠠᠵᠤ ᠤᠨᠠᠯ᠎ᠠ᠃
      ᠠ ᠬᠠ᠂ ᠨᠠᠳᠠ ᠲᠠᠢ ᠪᠠᠢᠩᠭᠤ ᠬᠠᠮᠲᠤ  ᠪᠥᠵᠢᠭᠯᠡᠳᠡᠭ  ᠰᠡᠳᠬᠢᠯᠲᠦ ᠪᠦᠰᠡᠭᠦᠢ ᠶ᠋ᠢ ᠮᠢᠨᠢ ᠡᠮᠦᠨ᠎ᠡ  ᠵᠦᠭ  ᠲᠦ  ᠪᠠᠢᠳᠠᠭ ᠢ᠋ ᠡᠨᠡ ᠮᠣᠳᠣ ᠶᠠᠭᠠᠬᠢᠵᠤ  ᠮᠡᠳᠡᠭᠰᠡᠨ ᠶᠦ᠍ᠮ ᠪᠣᠯ ᠠ᠋? ᠪᠢ  ᠤᠳᠠᠬᠤ ᠦᠭᠡᠢ ᠡᠮᠦᠨ᠎ᠡ ᠵᠦᠭ   ᠲᠦ  ᠠᠶᠠᠨ ᠳ᠋ᠤ᠌ ᠭᠠᠷᠤᠨ᠎ᠠ᠃
      ᠤᠳᠬᠤᠨ ᠬᠦᠦ ᠶ᠋ᠢᠨ ᠮᠣᠳᠣ  ᠰᠢᠷᠢᠩᠭᠢ ᠶ᠋ᠢᠨ  ᠵᠦᠭ  ᠲᠦ  ᠤᠨᠠᠪᠠ᠃ ᠬᠣᠶᠠᠷ ᠠᠬ᠎ᠠ ᠨᠢ ᠲᠡᠭᠦᠨ ᠢ᠋ ᠱᠣᠣᠯᠠᠯ᠎ᠠ᠃
     ᠡᠭᠦᠨ ᠢ᠋ ᠬᠠᠷᠠ ᠯᠠ ᠳᠠ᠂ ᠴᠢ ᠡᠨᠡ  ᠵᠦᠭ  ᠲᠦ ᠶᠠᠪᠤᠬᠤ ᠭᠡᠵᠦ ᠪᠠᠢᠨ᠎ᠠ ᠤᠤ?
     ᠬᠥᠶᠢ᠂ ᠸᠢᠺᠤ ᠠ᠋᠂ ᠴᠢ  ᠰᠢᠷᠢᠩᠭᠢ ᠡᠴᠡ ᠬᠡᠨ ᠲᠡᠢ ᠭᠡᠷᠯᠡᠬᠦ ᠬᠡ ᠪᠣᠢ? ᠴᠢᠨᠣ᠎ᠠ ᠤᠤ?᠂ ᠪᠤᠭᠤ ᠤᠤ?  ᠬᠠ ᠬᠠ ᠬᠠ
      ᠬᠠ ᠬᠠ ᠬᠠ
     ᠪᠢ ᠮᠣᠳᠣ ᠤᠨᠠᠭᠰᠠᠨ  ᠵᠦᠭ ᠢ᠋ ᠳᠠᠭᠠᠵᠤ ᠶᠠᠪᠤᠨ᠎ᠠ᠃ ᠡᠨᠡ  ᠵᠦᠭ ᠡᠴᠡ ᠪᠢ  ᠰᠦᠢᠲᠦ ᠪᠦᠰᠡᠭᠦᠢ ᠪᠡᠨ ᠣᠯᠵᠤ ᠯᠠ ᠲᠠᠭᠠᠷᠠᠨ᠎ᠠ᠃
     ᠠᠬ᠎ᠠ ᠳᠡᠭᠦᠦ ᠭᠤᠷᠪᠠ ᠠᠶᠠᠨ ᠵᠠᠮ ᠳ᠋ᠠᠭᠠᠨ ᠭᠠᠷᠴᠠᠢ᠃
ᠤᠤᠭᠠᠨ ᠬᠦᠦ ᠤᠮᠠᠷᠠᠲᠤ ᠵᠦᠭ ᠲᠦ ᠶᠠᠪᠤᠵᠤ ᠠᠯᠢ ᠡᠷᠲᠡ ᠡᠴᠡ ᠰᠡᠳᠬᠢᠯ ᠲᠡᠢ ᠪᠠᠢᠭᠰᠠᠨ ᠪᠦᠰᠡᠭᠦᠢ ᠳ᠋ᠦ᠍ ᠪᠡᠨ ᠭᠡᠷᠯᠡᠬᠦ ᠰᠠᠨᠠᠯ ᠲᠠᠯᠪᠢᠪᠠ᠃ ᠪᠦᠰᠡᠭᠦᠢ ᠲᠡᠷᠡ ᠳᠣᠣᠷ᠎ᠠ ᠪᠠᠨ ᠰᠠᠨᠠᠯ ᠢ᠋ ᠵᠥᠪᠰᠢᠶᠡᠷᠡᠵᠡᠢ᠃       
     ᠤᠳᠠᠭᠠᠬᠢ ᠬᠦᠦ ᠡᠮᠦᠨ᠎ᠡ ᠵᠦᠭ ᠲᠦ ᠶᠠᠪᠤᠵᠤ ᠨᠠᠢᠵᠠ ᠪᠦᠰᠡᠭᠦᠢ ᠳ᠋ᠦ᠍ ᠪᠡᠨ ᠭᠡᠷᠯᠡᠬᠦ ᠰᠠᠨᠠᠯ ᠲᠠᠯᠪᠢᠯ᠎ᠠ᠃ ᠪᠦᠰᠡᠭᠦᠢ ᠴᠦ᠍ ᠲᠡᠷᠡ ᠳᠠᠷᠤᠢ ᠳ᠋ᠤ᠌《 ᠲᠡᠭᠡᠶ᠎ᠡ》 ᠭᠡᠪᠡ᠃
     ᠸᠢᠺᠤ ᠰᠢᠷᠢᠩᠭᠢ ᠤᠷᠤᠭᠤ ᠣᠷᠣᠵᠤ ᠶᠡᠬᠡ ᠬᠣᠯᠠ ᠠᠯᠬᠤᠯ᠎ᠠ᠂ ᠭᠡᠪᠡᠴᠦ ᠨᠢᠭᠡ ᠴᠦ᠍ ᠬᠥᠮᠦᠨ ᠲᠠᠭᠠᠷᠠᠯᠳᠤᠭᠰᠠᠨ ᠦᠭᠡᠢ᠃ ᠤᠷᠮ᠎ᠠ ᠨᠢ  ᠬᠤᠭᠤᠷᠠᠵᠤ ᠪᠠᠰᠠ ᠶᠡᠬᠡ ᠶᠠᠳᠠᠷᠠᠵᠠᠢ᠃ ᠲᠡᠭᠡᠭᠡᠳ ᠲᠣᠯᠣᠭᠠᠢ ᠬᠣᠷᠭᠣᠳᠠᠬᠤ ᠭᠠᠵᠠᠷ  ᠬᠠᠢᠵᠤ ᠪᠠᠢᠭᠠᠳ ᠰᠢᠷᠢᠩᠭᠢ ᠳ᠋ᠡᠬᠢ ᠵᠢᠵᠢᠭᠬᠡᠨ ᠪᠠᠢᠰᠢᠩ ᠢ᠋ ᠣᠯᠪᠠ᠃ ᠸᠢᠺᠤ  ᠪᠠᠢᠰᠢᠩ ᠢ᠋ ᠬᠠᠷᠠᠭᠠᠳ ᠶᠡᠬᠡ ᠭᠠᠢᠬᠠᠵᠠᠢ᠃ ᠵᠢᠵᠢᠭᠬᠡᠨ ᠪᠠᠢᠰᠢᠩ ᠳ᠋ᠤ᠌ ᠣᠷᠣᠲᠠᠯ᠎ᠠ ᠬᠣᠭᠣᠰᠣᠨ  ᠪᠠᠢᠯ᠎ᠠ᠃ ᠳᠣᠲᠣᠷ᠎ᠠ ᠨᠢ ᠭᠠᠭᠴᠠ ᠬᠤᠯᠤᠭᠠᠨ᠎ᠠ ᠠ᠋ᠴᠠ ᠥᠭᠡᠷ᠎ᠡ ᠬᠡᠨ ᠴᠦ᠍  ᠪᠠᠢᠭᠰᠠᠨ ᠦᠭᠡᠢ᠃
     ᠦ᠂ ᠡᠨᠳᠡ ᠬᠡᠨ ᠴᠦ᠍ ᠠᠯᠠᠭ᠎ᠠ᠃
     ᠶᠠᠭᠠᠬᠢᠵᠤ ᠲᠡᠭᠡᠵᠦ ᠬᠡᠯᠡᠵᠦ ᠴᠢᠳᠠᠵᠤ ᠪᠠᠢᠨ᠎ᠠ᠂ ᠪᠢ᠂  ᠪᠠᠢᠨ᠎ᠠ ᠰᠢᠦ ᠲᠠ᠃
     ᠴᠢ ᠴᠢᠨᠢ ᠶᠡᠷᠦ ᠳ᠋ᠦ᠍ ᠪᠡᠨ ᠨᠢᠭᠡᠨ ᠬᠤᠯᠤᠭᠠᠨ᠎ᠠ ᠪᠠᠢᠨ᠎ᠠ ᠰᠢᠲᠠ᠂ ᠬᠥᠮᠦᠨ ᠪᠢᠰᠢ ᠰᠢᠦ ᠲᠠ᠃
     ᠴᠢ ᠰᠢᠷᠢᠩᠭᠢ ᠳ᠋ᠦ᠍ ᠶᠠᠭᠤ ᠬᠢᠵᠦ ᠪᠠᠢᠭ᠎ᠠ ᠪᠣᠢ?
     ᠪᠢ ᠰᠡᠳᠬᠢᠯ ᠲᠡᠢ ᠬᠥᠮᠦᠨ ᠢ᠋ᠶ᠋ᠡᠨ ᠬᠠᠢᠵᠤ ᠪᠠᠢᠨ᠎ᠠ᠃
     ᠡᠨᠡ ᠰᠢᠷᠢᠩᠭᠢ ᠡᠴᠡ ᠦᠦ᠂ ᠰᠡᠳᠬᠢᠯ ᠲᠡᠢ ᠬᠥᠮᠦᠨ ᠢ᠋ᠶ᠋ᠡᠨ ᠬᠠᠢᠬᠤ ᠭᠠᠵᠠᠷ ᠮᠥᠨ  ᠭᠡᠵᠢ ᠦᠦ ᠲᠠ?
     ᠦᠭᠡᠢ ᠠ᠋᠂ ᠭᠡᠬᠦ ᠳ᠋ᠦ᠍ ᠪᠡᠨ ᠰᠠᠢᠨ ᠬᠢᠴᠢᠶᠡᠪᠡᠯ ᠣᠯᠵᠤ ᠮᠠᠭᠠᠳ ᠦᠭᠡᠢ ᠰᠢᠦ ᠲᠠ᠂ ᠭᠡᠪᠡᠴᠦ ᠡᠨᠳᠡ ᠬᠥᠮᠦᠨ ᠪᠠᠢᠬᠤ ᠦᠭᠡᠢ ᠪᠣᠯᠬᠣᠷ ᠰᠠᠨᠠᠭ᠎ᠠ ᠵᠣᠪᠠᠵᠤ ᠪᠠᠢᠨ᠎ᠠ᠂ ᠰᠦᠢᠲᠦ ᠪᠦᠰᠡᠭᠦᠢ ᠦᠭᠡᠢ ᠭᠡᠷ ᠲᠡᠭᠡᠨ ᠬᠠᠷᠢᠪᠠᠯ ᠢᠴᠢᠮᠡᠷ ᠪᠠᠢᠬᠤ ᠪᠣᠯᠤᠨ᠎ᠠ᠃
     ᠡᠨᠡ ᠰᠢᠷᠢᠩᠭᠢ ᠳ᠋ᠦ᠍ ᠨᠢᠭᠡ ᠴᠦ᠍ ᠡᠮᠡᠭᠲᠡᠢ ᠬᠥᠮᠦᠨ ᠪᠠᠢᠬᠤ ᠦᠭᠡᠢ᠂ ᠨᠠᠮ᠎ᠠ ᠶ᠋ᠢ ᠰᠡᠳᠬᠢᠯᠳᠦ ᠪᠦᠰᠡᠭᠦᠢ ᠪᠡᠨ ᠪᠣᠯᠭᠠᠭᠠᠳ ᠠᠪᠴᠢᠬᠠᠭᠠᠷᠠᠢ!
     ᠴᠢ ᠴᠢᠨᠢ ᠬᠤᠯᠤᠭᠠᠨ᠎ᠠ ᠰᠢᠦ ᠳᠡ᠂ ᠶᠠᠭᠠᠬᠢᠵᠤ ᠴᠢᠮᠠᠶ᠋ᠢ ᠰᠡᠳᠬᠢᠯᠳᠦ ᠪᠦᠰᠡᠭᠦᠢ ᠪᠡᠨ ᠪᠣᠯᠭᠠᠬᠤ ᠶᠤᠮ ᠪᠣᠢ?
     ᠨᠠᠳᠠ ᠳ᠋ᠤ᠌ ᠢᠳᠡᠭᠡ ᠸᠢᠺᠤ᠂  ᠬᠡᠳᠦᠢᠪᠡᠷ ᠪᠢ ᠬᠤᠯᠤᠭᠠᠨ᠎ᠠ ᠴᠤ᠌ ᠴᠢᠮ᠎ᠠ ᠶ᠋ᠢ ᠬᠠᠢᠷᠠᠯᠠᠵᠤ ᠴᠢᠮ᠎ᠠ ᠳ᠋ᠤ᠌ ᠦᠨᠡᠨᠴᠢ ᠪᠠᠢᠨ᠎ᠠ᠃
     ᠲᠡᠢᠮᠦ ᠠ᠋᠂ ᠭᠡᠪᠡᠴᠦ᠁
     ᠬᠤᠯᠤᠭᠠᠨ᠎ᠠ ᠸᠢᠺᠤ ᠶ᠋ᠢ ᠢᠳᠬᠠᠵᠤ ᠡᠬᠢᠯᠡᠯ᠎ᠡ᠃ ᠪᠥᠵᠢᠭᠯᠡᠵᠦ ᠦᠵᠡᠭᠦᠯᠪᠡ᠂ ᠶᠡᠬᠡ ᠰᠠᠢᠬᠠᠨ ᠳᠠᠭᠤᠤ ᠳᠠᠭᠤᠯᠠᠵᠤ ᠥᠭᠭᠦᠯ᠎ᠡ᠃ ᠶᠠᠳᠠᠷᠠᠭᠰᠠᠨ ᠸᠢᠺᠣ ᠶ᠋ᠢ ᠬᠤᠯᠤᠭᠠᠨ᠎ᠠ ᠶᠡᠬᠡᠳᠡ ᠵᠤᠭᠠᠴᠠᠭᠤᠯᠵᠤ ᠪᠠᠢᠨ᠎ᠠ᠃ ᠳᠠᠭᠤᠯᠠᠵᠤ ᠪᠥᠵᠢᠭᠯᠡᠵᠦ ᠳᠠᠭᠤᠰᠤᠭᠠᠳ ᠬᠤᠯᠤᠭᠠᠨ᠎ᠠ ᠸᠢᠺᠤ ᠶ᠋ᠢ ᠰᠢᠢᠳᠪᠦᠷᠢ ᠪᠡᠨ ᠭᠠᠷᠭᠠᠬᠤ ᠳ᠋ᠤ᠌ ᠲᠤᠰᠠᠯᠠᠪᠠ᠃  ᠬᠠᠢᠷ᠎ᠠ ᠲᠠᠲᠠᠮ᠎ᠠ ᠬᠠᠷᠠᠴᠠ ᠪᠠᠷ ᠸᠢᠺᠤ ᠤᠷᠤᠭᠤ ᠬᠠᠷᠠᠨ᠎ᠠ᠃
     ᠴᠢ ᠨᠠᠳᠠ ᠳ᠋ᠤ᠌ ᠲᠠᠭᠠᠯᠠᠭᠳᠠᠵᠤ ᠪᠠᠢᠨ᠎ᠠ᠂ ᠪᠢ ᠴᠢᠮ᠎ᠠ ᠶ᠋ᠢ ᠰᠡᠳᠬᠢᠯᠳᠦ ᠬᠣᠩᠭᠣᠷ ᠢ᠋ᠶ᠋ᠠᠨ ᠪᠣᠯᠭᠠᠶ᠎ᠠ᠃
     ᠡᠭᠦᠨ ᠢ᠋ ᠮᠡᠳᠡᠭᠡᠳ ᠬᠤᠯᠤᠭᠠᠨ᠎ᠠ ᠶᠡᠬᠡ ᠪᠠᠶᠠᠷᠯᠠᠵᠠᠢ᠃ ᠲᠡᠷᠡ ᠸᠢᠺᠤ ᠶ᠋ᠢ ᠡᠷᠭᠢᠵᠦ ᠢᠷᠡᠲᠡᠯ᠎ᠡ ᠬᠦᠯᠢᠶᠡᠨ᠎ᠡ ᠭᠡᠵᠦ ᠠᠮᠠᠯᠠᠯ᠎ᠠ᠃
     ᠠᠬ᠎ᠠ ᠳᠡᠭᠦᠦ ᠭᠤᠷᠪᠠ ᠭᠤᠷᠪᠠᠭᠤᠯᠠ ᠪᠠᠨ ᠭᠡᠷ   ᠲᠦ  ᠪᠡᠨ ᠢᠷᠡᠵᠡᠢ᠃
     ᠵᠠ᠂ ᠬᠡᠯᠡᠭᠡᠴᠢ ᠬᠥᠪᠡᠭᠦᠳ ᠮᠢᠨᠢ᠂  ᠰᠦᠢᠲᠦ ᠪᠦᠰᠡᠭᠦᠢ ᠪᠡᠨ ᠣᠯᠵᠠᠭᠠᠪᠠ  ᠤᠤ?
     ᠪᠢ ᠦᠵᠡᠰᠬᠦᠯᠡᠩᠲᠦ ᠪᠦᠰᠡᠭᠦᠢ ᠣᠯᠵᠤ ᠠᠪᠤᠭᠰᠠᠨ᠂ ᠲᠡᠷᠡ ᠮᠢᠨᠢ ᠰᠠᠷᠠᠨᠠᠢ ᠰᠢᠭ᠋ ᠤᠷᠤᠭᠤᠯ ᠲᠠᠢ᠃
ᠮᠢᠨᠦ  ᠰᠦᠢᠲᠦ ᠪᠦᠰᠡᠭᠦᠢ ᠴᠦ᠍ ᠪᠠᠰᠠ ᠦᠵᠡᠰᠬᠦᠯᠡᠩ ᠲᠡᠢ ᠠᠯᠲᠠᠨ ᠰᠢᠷᠭᠠᠯ ᠤᠷᠲᠤ ᠦᠰᠦ ᠲᠡᠢ᠃
ᠡᠩ᠁
ᠶᠠᠭᠠᠬᠢᠭᠰᠠᠨ ᠪᠣᠢ? ᠸᠢᠺᠤ ᠠ᠋᠂  ᠰᠦᠢᠲᠦ ᠪᠦᠰᠡᠭᠦᠢ ᠴᠢᠨᠢ ᠬᠤᠷᠴᠠ ᠰᠢᠲᠦ᠂ ᠦᠵᠦᠭᠦᠷ ᠲᠡᠢ ᠤᠷᠲᠤ ᠴᠢᠬᠢ ᠲᠠᠢ ᠤᠤ?
ᠬᠠ ᠬᠠ ᠬᠠ ᠬᠠ᠁
ᠪᠢᠲᠡᠭᠡᠢ ᠱᠣᠣᠯᠠᠭᠠᠷᠠᠢ ᠠᠬ᠎ᠠ ᠠ᠋᠂ ᠮᠢᠨᠦ ᠬᠣᠩᠭᠣᠷ ᠪᠣᠯ ᠬᠢᠯᠢᠩ ᠳᠠᠰᠢᠨᠵᠠ ᠲᠠᠢ᠂ ᠵᠥᠭᠡᠯᠡᠨ ᠠᠭᠠᠰᠢ ᠲᠠᠢ ᠡᠮᠵᠡᠭ ᠠᠮᠢᠲᠠᠨ ᠶᠤᠮ᠃
ᠲᠡᠭᠡᠪᠡᠯ ᠭᠦᠩᠵᠦ  ᠪᠠᠢᠬᠤ ᠨᠢ ᠲᠡᠢᠮᠦ  ᠤᠤ?
ᠲᠡᠢᠮᠦ ᠠ᠋᠂  ᠨᠠᠳᠠ ᠳ᠋ᠤ᠌ ᠳᠠᠭᠤᠯᠠᠵᠤ ᠥᠭᠬᠦ ᠳ᠋ᠦ᠍ ᠨᠢ ᠪᠢ ᠶᠡᠬᠡ ᠵᠢᠷᠭᠠᠯ ᠲᠠᠢ ᠪᠠᠢᠳᠠᠭ᠃
ᠬᠣᠶᠠᠷ ᠠᠬ᠎ᠠ ᠨᠢ ᠸᠢᠺᠤ ᠶ᠋ᠢᠨ ᠲᠥᠯᠥᠭᠡ ᠨᠢᠭᠡ ᠶᠡᠬᠡ ᠪᠠᠶᠠᠷᠯᠠᠭᠰᠠᠨ ᠦᠭᠡᠢ᠃ ᠬᠡᠳᠤᠨ ᠡᠳᠤᠷ ᠥᠩᠭᠡᠷᠡᠬᠦ ᠳ᠋ᠦ᠍ ᠠᠪᠤ ᠨᠢ  ᠰᠦᠢᠲᠦ ᠪᠦᠰᠡᠭᠦᠢᠴᠦᠳ ᠢ᠋ ᠰᠣᠷᠢᠬᠤ ᠪᠠᠷ ᠰᠢᠢᠳᠴᠡᠢ᠂ ᠬᠥᠪᠡᠭᠦᠳ ᠢ᠋ᠶ᠋ᠡᠨ ᠳᠠᠭᠤᠳᠠᠭᠠᠳ ᠢᠩᠭᠢᠵᠦ ᠬᠡᠯᠡᠯ᠎ᠡ᠄
ᠪᠢ ᠲᠠ ᠭᠤᠷᠪᠠ ᠶ᠋ᠢᠨ ᠰᠦᠢᠲᠦ ᠪᠦᠰᠡᠭᠦᠢ ᠶ᠋ᠢ ᠬᠣᠭᠣᠯᠠ ᠰᠠᠢᠨ ᠬᠢᠳᠡᠭ ᠡᠰᠡᠬᠦ ᠶ᠋ᠢ ᠮᠠᠲᠠᠮᠠᠷ  ᠪᠠᠢᠨ᠎ᠠ᠂  ᠨᠠᠳᠠ ᠳ᠋ᠤ᠌ ᠲᠠᠯᠬ᠎ᠠ ᠵᠢᠩᠨᠡᠵᠦ ᠥᠭ ᠭᠡᠵᠦ ᠬᠡᠯᠡᠭᠡᠷᠡᠢ ᠵᠠ ᠤᠤ᠃
ᠬᠣᠶᠠᠷ ᠠᠬ᠎ᠠ ᠨᠢ ᠵᠥᠪᠰᠢᠶᠡᠷᠡᠭᠰᠡᠨ ᠪᠣᠯᠪᠠᠴᠤ ᠸᠢᠺᠤ ᠳᠠᠭᠤ ᠦᠭᠡᠢ ᠯᠡ ᠪᠠᠢᠪᠠ᠃ ᠬᠤᠯᠤᠭᠠᠨ᠎ᠠ ᠲᠠᠯᠬ᠎ᠠ ᠵᠢᠩᠨᠡᠵᠦ ᠴᠢᠳᠠᠬᠤ ᠦᠭᠡᠢ ᠶ᠋ᠢ ᠮᠡᠳᠡᠬᠦ ᠪᠣᠯᠬᠣᠷ ᠰᠠᠨᠠᠭ᠎ᠠ ᠨᠢ ᠶᠡᠬᠡ ᠵᠣᠪᠠᠵᠠᠢ᠃
ᠸᠢᠺᠤ ᠰᠢᠷᠢᠩᠭᠢ ᠤᠷᠤᠭᠤ ᠶᠠᠪᠤᠯ᠎ᠠ᠃ ᠬᠤᠯᠤᠭᠠᠨ᠎ᠠ ᠲᠡᠭᠦᠨ ᠢ᠋ ᠬᠠᠷᠠᠭᠠᠳ ᠶᠡᠬᠡ ᠪᠠᠶᠠᠷᠯᠠᠵᠠᠢ ᠭᠡᠨ᠎ᠡ᠃
ᠤᠳᠠᠬᠤ ᠦᠭᠡᠢ ᠢᠷᠡᠨ᠎ᠡ ᠭᠡᠵᠦ ᠮᠡᠳᠡᠭᠰᠡᠨ ᠶᠦ᠍ᠮ ᠠ᠋᠂ ᠶᠠᠭᠤ ᠪᠣᠯᠤᠭ᠎ᠠ ᠪᠣᠢ? ᠴᠢ ᠨᠢᠭᠡ ᠯᠡ ᠲᠦᠭᠰᠢᠭᠰᠡᠨ ᠬᠠᠷᠠᠭᠳᠠᠨ᠎ᠠ᠃
ᠠᠪᠤ ᠮᠢᠨᠢ ᠪᠡᠷᠢᠶᠡᠳ ᠢ᠋ᠶ᠋ᠡᠨ ᠲᠠᠯᠬ᠎ᠠ ᠵᠢᠩᠨᠡᠵᠦ ᠢᠷ᠎ᠡ ᠭᠡᠰᠡᠨ᠂ ᠭᠡᠪᠡᠴᠦ ᠴᠢ ᠴᠢᠳᠠᠬᠤ ᠦᠭᠡᠢ᠂ ᠠᠬ᠎ᠠ ᠨᠠᠷ ᠮᠢᠨᠢ ᠨᠠᠮ᠎ᠠ ᠶ᠋ᠢ ᠱᠣᠣᠯᠠᠬᠤ ᠪᠣᠯᠤᠨ᠎ᠠ ᠳᠠ᠃
ᠪᠢ ᠴᠢᠳᠠᠨ᠎ᠠ ᠭᠡᠪᠡᠯ ᠶᠠᠭᠠᠬᠢᠬᠤ ᠤᠤ? ᠠᠬ᠎ᠠ ᠨᠠᠷ ᠴᠢᠨᠢ ᠴᠢᠮ᠎ᠠ ᠶ᠋ᠢ ᠱᠣᠣᠯᠠᠬᠤ ᠦᠭᠡᠢ ᠳᠡ᠃
ᠬᠤᠯᠤᠭᠠᠨ᠎ᠠ ᠲᠠᠯᠬ᠎ᠠ ᠵᠢᠩᠨᠡᠳᠡᠭ ᠭᠡᠵᠦ ᠪᠢ ᠣᠭᠲᠣ ᠲᠤᠭᠤᠯᠤᠭ᠎ᠠ ᠦᠭᠡᠢ ᠶᠦ᠍ᠮ ᠪᠠᠢᠨ᠎ᠠ᠃
ᠭᠡᠬᠦ ᠳ᠋ᠦ᠍ ᠪᠠᠨ ᠯᠠ ᠪᠢ ᠴᠢᠳᠠᠨ᠎ᠠ᠃
ᠬᠤᠯᠤᠭᠠᠨ᠎ᠠ ᠵᠢᠵᠢᠭᠬᠡᠨ ᠮᠥᠩᠭᠥᠨ ᠬᠣᠩᠬᠣ ᠭᠤᠷᠪᠠᠨ ᠤᠳᠠᠭ᠎ᠠ ᠬᠣᠩᠬᠣᠳᠠᠪᠠ᠃ ᠬᠣᠩᠬᠣᠨ ᠤ᠋ ᠳᠠᠭᠤ ᠪᠠᠷ ᠬᠡᠳᠤᠨ ᠵᠠᠭᠤᠨ ᠵᠢᠵᠢᠭ  ᠬᠤᠯᠤᠭᠠᠨ᠎ᠠ ᠭᠡᠨᠡᠳᠲᠡ ᠭᠠᠷᠴᠤ ᠢᠷᠡᠯ᠎ᠡ᠂ ᠲᠡᠳᠡ ᠬᠤᠯᠤᠭᠠᠨ᠎ᠠ ᠶ᠋ᠢ ᠲᠣᠭᠣᠷᠢᠨ ᠵᠣᠭᠰᠣᠪᠠ᠂ ᠬᠤᠯᠤᠭᠠᠨ᠎ᠠ ᠲᠡᠳᠡᠨ ᠦ᠌ ᠳᠤᠮᠳᠠ ᠡᠷᠬᠢᠮᠰᠦᠭ ᠴᠡᠭᠴᠡ ᠰᠠᠭᠤᠯ᠎ᠠ᠃
ᠨᠠᠳᠠ ᠳ᠋ᠤ᠌ ᠨᠢᠭᠡ ᠨᠢᠭᠡ ᠰᠢᠷᠬᠡᠭ ᠰᠠᠢᠨ ᠴᠢᠨᠠᠷ ᠤ᠋ᠨ ᠪᠤᠭᠤᠳᠠᠢ ᠠᠪᠴᠢᠷᠠ!

    ᠸᠢᠺᠤ ᠶ᠋ᠢ ᠭᠠᠢᠬᠠᠵᠤ ᠪᠠᠢᠬᠤ ᠵᠠᠭᠤᠷ᠎ᠠ ᠪᠦᠬᠦ ᠬᠤᠯᠤᠭᠠᠨ᠎ᠠ ᠠᠯᠠᠭ᠎ᠠ ᠪᠣᠯᠤᠯ᠎ᠠ᠂ ᠲᠡᠳᠡ ᠡᠷᠭᠢᠵᠦ ᠢᠷᠡᠬᠦ ᠳ᠋ᠦ᠍ ᠪᠡᠨ ᠮᠠᠰᠢ ᠰᠠᠢᠨ ᠴᠢᠨᠠᠷ ᠤ᠋ᠨ ᠪᠤᠭᠤᠳᠠᠢ ᠠᠪᠴᠢᠷᠠᠵᠠᠢ᠃ ᠲᠡᠷᠡ ᠪᠤᠭᠤᠳᠠᠢ ᠶ᠋ᠢ ᠴᠤᠭᠯᠠᠭᠤᠯᠤᠭᠠᠳ ᠬᠤᠯᠤᠭᠠᠨ᠎ᠠ ᠶᠡᠬᠡ ᠰᠠᠢᠬᠠᠨ ᠪᠤᠭᠤᠳᠠᠢ ᠶ᠋ᠢᠨ ᠲᠠᠯᠬ᠎ᠠ ᠵᠢᠩᠨᠡᠪᠡ᠃
ᠠᠬ᠎ᠠ ᠳᠡᠭᠦᠦ ᠭᠤᠷᠪᠠ ᠲᠠᠯᠬ᠎ᠠ ᠪᠠᠨ ᠠᠪᠤ ᠳ᠋ᠠᠭᠠᠨ ᠠᠪᠴᠢᠷᠠᠵᠤ ᠥᠭᠭᠦᠯ᠎ᠡ᠃ ᠤᠤᠭᠠᠨ ᠬᠦᠦ ᠬᠥᠬᠡ ᠲᠠᠷᠢᠶᠠᠨ ᠤ᠋ ᠲᠠᠯᠬ᠎ᠠ ᠠᠪᠴᠢᠷᠠᠵᠠᠢ᠃
ᠮᠠᠰᠢ ᠰᠠᠢᠨ ᠪᠠᠢᠨ᠎ᠠ᠂ ᠪᠢᠳᠡᠨ ᠰᠢᠭ᠋ ᠬᠥᠳᠡᠯᠮᠦᠷᠢᠴᠢ ᠬᠥᠮᠦᠰ  ᠲᠤ ᠬᠡᠷᠡᠭᠲᠡᠢ ᠲᠠᠯᠬ᠎ᠠ ᠪᠠᠢᠨ᠎ᠠ ᠃

    ᠤᠳᠠᠭᠠᠬᠢ ᠬᠦᠦ ᠠᠷᠪᠠᠢ ᠪᠠᠷ ᠬᠢᠭᠰᠡᠨ ᠲᠠᠯᠬ᠎ᠠ ᠠᠪᠴᠢᠷᠠᠵᠤ ᠥᠭᠭᠦᠯ᠎ᠡ᠃
      
    ᠠᠷᠪᠠᠢ ᠪᠠᠰᠠ ᠯᠠ ᠪᠡᠶ᠎ᠡ ᠳ᠋ᠦ᠍ ᠰᠠᠢᠨ ᠰᠢᠦ᠃
      
    ᠬᠠᠷᠢᠨ ᠸᠢᠺᠤ ᠴᠠᠭᠠᠨ ᠲᠠᠯᠬ᠎ᠠ ᠪᠠᠨ ᠭᠠᠷᠭᠠᠵᠤ ᠢᠷᠡᠯ᠎ᠡ᠃

    ᠶᠠᠭᠤ ᠪᠣᠢ? ᠴᠠᠭᠠᠨ ᠲᠠᠯᠬ᠎ᠠ᠂ ᠸᠢᠺᠤ ᠴᠢᠨᠦ ᠰᠡᠳᠬᠢᠯᠲᠦ ᠪᠦᠰᠡᠭᠦᠢ ᠶᠡᠬᠡ ᠬᠦᠷᠤᠩᠭᠡ ᠲᠡᠢ ᠪᠠᠢᠵᠤ ᠲᠠᠭᠠᠷᠠᠨ᠎ᠠ᠃

    ᠮᠡᠳᠡᠭᠡᠵᠢ᠂ ᠲᠡᠷᠡ ᠨᠢᠭᠡ ᠭᠦᠩᠵᠦ ᠬᠡ ᠦᠭᠡᠢ ᠪᠢᠯᠡ ᠤᠤ? ᠲᠡᠭᠡᠭᠡᠳ ᠸᠢᠺᠤ᠂ ᠭᠦᠩᠵᠦ ᠶᠠᠭᠠᠬᠢᠵᠤ ᠰᠠᠢᠨ ᠴᠢᠨᠠᠷ ᠤ᠋ᠨ ᠪᠤᠭᠤᠳᠠᠢ ᠣᠯᠳᠠᠭ ᠪᠣᠢ?

    ᠮᠥᠩᠭᠥᠨ ᠬᠣᠩᠬᠣ ᠪᠠᠷ ᠭᠤᠷᠪᠠᠨᠲᠠ ᠬᠣᠩᠬᠣᠳᠠᠬᠤ ᠳ᠋ᠤ᠌ ᠵᠠᠷᠤᠴᠠ ᠨᠠᠷ ᠨᠢ ᠶᠠᠭᠤᠮ᠎ᠠ ᠪᠦᠬᠦᠨ ᠢ᠋ ᠠᠪᠴᠢᠷᠠᠵᠤ ᠥᠭᠳᠡᠭ ᠶᠦ᠍ᠮ᠃

    ᠪᠢ ᠭᠤᠷᠪᠠᠨ ᠪᠡᠷᠢ ᠳ᠋ᠦ᠍ ᠪᠡᠨ ᠰᠡᠳᠬᠢᠯ ᠬᠠᠩᠬᠤᠯᠤᠭᠤᠨ ᠪᠠᠢᠨ᠎ᠠ᠃ ᠲᠡᠳᠡ ᠶᠡᠬᠡ ᠰᠠᠢᠬᠠᠨ ᠲᠠᠯᠬ᠎ᠠ ᠵᠢᠩᠨᠡᠭᠰᠡᠨ ᠪᠠᠢᠨ᠎ᠠ᠃ ᠭᠡᠬᠦ ᠳ᠋ᠦ᠍ ᠪᠡᠨ ᠲᠡᠳᠡᠨ ᠢ᠋ ᠭᠡᠷ ᠲᠦ ᠪᠡᠨ ᠠᠪᠴᠢᠷᠠᠬᠤ ᠠ᠋ᠴᠠ ᠡᠮᠦᠨ᠎ᠡ ᠲᠡᠳᠡᠨ ᠢ᠋ᠶ᠋ᠡᠷ ᠨᠠᠳᠠ ᠳ᠋ᠤ᠌ ᠨᠢᠭᠡ ᠶᠠᠭᠤᠮ᠎ᠠ ᠨᠡᠬᠡᠭᠦᠯᠵᠦ ᠠᠪᠴᠢᠷᠠ᠃
     
    ᠮᠢᠨᠦ ᠬᠣᠩᠭᠣᠷ ᠰᠠᠢᠨ ᠨᠡᠬᠡᠮᠡᠯᠴᠢᠨ᠃

    ᠮᠢᠨᠦᠬᠢ ᠴᠦ᠍ ᠭᠡᠰᠡᠨ᠃

    ᠸᠢᠺᠤ ᠨᠢᠭᠡ ᠴᠦ᠍ ᠦᠭᠡ ᠳᠤᠤᠭᠠᠷᠤᠭᠰᠠᠨ ᠦᠭᠡᠢ᠃ ᠬᠤᠯᠤᠭᠠᠨ᠎ᠠ ᠨᠡᠬᠡᠵᠦ ᠴᠢᠳᠠᠬᠤ ᠦᠭᠡᠢ ᠶ᠋ᠢ ᠲᠡᠷᠡ ᠰᠠᠢᠨ ᠮᠡᠳᠡᠨ᠎ᠡ᠃  ᠰᠢᠷᠢᠩᠭᠢ ᠶ᠋ᠢᠨ ᠪᠠᠢᠰᠢᠩ ᠤᠷᠤᠭᠤ ᠣᠴᠢᠯ᠎ᠠ᠃ ᠰᠠᠨᠠᠭ᠎ᠠ ᠵᠣᠪᠠᠵᠤ ᠪᠠᠢᠭ᠎ᠠ ᠶ᠋ᠢ ᠬᠤᠯᠤᠭᠠᠨ᠎ᠠ ᠮᠡᠳᠡᠷᠡᠵᠡᠢ᠂ ᠲᠡᠭᠡᠭᠡᠳ ᠰᠢᠯᠲᠠᠭᠠᠨ ᠢ᠋ ᠨᠢ ᠠᠰᠠᠭᠤᠪᠠ᠃

    ᠪᠢ ᠴᠢᠮ᠎ᠠ ᠶ᠋ᠢ ᠴᠢᠳᠠᠬᠤ ᠦᠭᠡᠢ ᠭᠡᠵᠦ ᠠᠶᠤᠵᠤ ᠪᠠᠢᠨ᠎ᠠ᠂ ᠬᠤᠯᠤᠭᠠᠨ᠎ᠠ ᠶᠠᠭᠤᠮ᠎ᠠ ᠨᠡᠬᠡᠳᠡᠭ ᠭᠡᠵᠦ ᠪᠢ ᠣᠭᠲᠣ ᠰᠣᠨᠣᠰᠤᠭ᠎ᠠ ᠦᠭᠡᠢ᠂ ᠴᠢ ᠴᠢᠳᠠᠬᠤ ᠤᠤ?

    ᠮᠡᠳᠡᠭᠡᠵᠢ᠂ ᠸᠢᠺᠤ ᠶ᠋ᠢᠨ ᠬᠣᠩᠭᠣᠷ ᠲᠡᠭᠦᠨ ᠦ᠌ ᠬᠢ ᠪᠡᠨ ᠲᠥᠯᠥᠭᠡ ᠶᠠᠭᠤ ᠴᠤ᠌ ᠬᠢᠵᠦ ᠴᠢᠳᠠᠨ᠎ᠠ᠃

    ᠳᠠᠬᠢᠭᠠᠳ ᠬᠤᠯᠤᠭᠠᠨ᠎ᠠ ᠮᠥᠩᠭᠥᠨ ᠬᠣᠩᠬᠣ ᠪᠠᠷ ᠭᠤᠷᠪᠠᠨᠲᠠ ᠬᠣᠩᠬᠣᠳᠠᠬᠤ ᠳ᠋ᠤ᠌ ᠵᠠᠭᠤ ᠵᠠᠭᠤᠨ ᠬᠤᠯᠤᠭᠠᠨ᠎ᠠ ᠭᠠᠷᠴᠤ ᠢᠷᠡᠭᠡᠳ ᠲᠡᠭᠦᠨ ᠦ᠌ ᠡᠮᠦᠨ᠎ᠡ ᠲᠤᠰᠢᠶᠠᠯ ᠢ᠋ᠶ᠋ᠠᠨ ᠬᠦᠯᠢᠶᠡᠨ ᠰᠠᠭᠤᠪᠠ᠃

    ᠲᠠ ᠨᠠᠷ ᠨᠠᠳᠠ ᠳ᠋ᠤ᠌ ᠬᠠᠮᠤᠭ ᠤ᠋ᠨ ᠰᠠᠢᠨ  ᠮᠠᠭᠠᠯᠢᠩᠭᠤ ᠶ᠋ᠢᠨ ᠮᠢᠨᠳᠠᠰᠤ ᠣᠯᠵᠤ ᠢᠷ᠎ᠡ᠃

       ᠲᠡᠭᠦᠨ ᠦ᠌ ᠲᠤᠰᠢᠶᠠᠯ ᠢ᠋ ᠳᠠᠭᠠᠵᠤ ᠪᠦᠬᠦ ᠬᠤᠯᠤᠭᠠᠨ᠎ᠠ ᠠᠯᠠᠭ᠎ᠠ ᠪᠣᠯᠤᠯ᠎ᠠ᠃ ᠡᠷᠭᠢᠵᠦ ᠢᠷᠡᠬᠦ ᠳ᠋ᠦ᠍ ᠪᠡᠨ ᠲᠡᠳᠡ ᠬᠠᠮᠤᠭ ᠤ᠋ᠨ ᠰᠠᠢᠨ ᠮᠠᠭᠠᠯᠢᠩᠭᠤ ᠶ᠋ᠢᠨ ᠮᠢᠨᠳᠠᠰᠤ ᠠᠪᠴᠢᠷᠠᠵᠠᠢ᠃ ᠬᠤᠯᠤᠭᠠᠨ᠎ᠠ ᠮᠠᠰᠢ ᠰᠠᠢᠨ ᠳᠠᠪᠤᠤ ᠨᠡᠬᠡᠯ᠎ᠡ᠃ ᠬᠣᠣᠰ ᠦᠭᠡᠢ ᠰᠠᠢᠬᠠᠨ ᠤᠴᠢᠷ ᠬᠣᠭᠣᠰᠣᠨ ᠬᠤᠰᠢᠭᠠᠨ ᠤ᠋ ᠶᠠᠰᠤᠨ ᠳ᠋ᠤ᠌ ᠬᠢᠵᠡᠢ ᠭᠡᠨ᠎ᠡ᠃

       ᠡᠭᠦᠨ ᠢ᠋ ᠠᠪ ᠸᠢᠺᠤ ᠠ᠋᠂  ᠠᠪᠤ ᠳ᠋ᠤ᠌ ᠴᠢᠨᠢ ᠲᠠᠭᠠᠯᠠᠭᠳᠠᠨ᠎ᠠ ᠭᠡᠵᠦ ᠨᠠᠢᠳᠠᠶ᠎ᠠ᠃

       ᠸᠢᠺᠤ ᠬᠣᠰᠢᠭᠠᠨ ᠤ᠋ ᠶᠠᠰᠤ ᠶ᠋ᠢ ᠠᠪᠤᠭᠠᠳ ᠭᠡᠷ ᠲᠦ ᠪᠡᠨ ᠢᠷᠡᠯ᠎ᠡ᠃ ᠬᠣᠶᠠᠷ ᠠᠬ᠎ᠠ ᠨᠢ  ᠰᠦᠢᠲᠦ ᠪᠦᠰᠡᠭᠦᠢᠴᠦᠳ ᠦ᠋ᠨ ᠢ᠋ᠶ᠋ᠡᠨ ᠨᠡᠬᠡᠭᠰᠡᠨ ᠵᠦᠢᠯᠡᠰ ᠢ᠋ ᠠᠪᠤ ᠳ᠋ᠤ᠌ ᠪᠠᠨ ᠥᠭᠴᠡᠢ᠃

       ᠰᠢᠷᠦᠭᠦᠨ ᠳᠠᠪᠤᠤ ᠨᠠᠷᠢᠨ ᠰᠠᠢᠬᠠᠨ ᠬᠢᠴᠡ ᠦᠭᠡᠢ ᠴᠦ᠍ ᠪᠣᠯᠤᠮᠵᠢ ᠪᠠᠢᠨ᠎ᠠ᠃

      ᠤᠳᠠᠭᠠᠬᠢ ᠬᠦᠦ ᠴᠦ᠍ ᠰᠦᠢᠲᠦ ᠪᠦᠰᠡᠭᠦᠢ ᠶ᠋ᠢᠨ ᠢ᠋ᠶ᠋ᠡᠨ ᠨᠡᠬᠡᠭᠰᠡᠨ ᠶᠠᠭᠤᠮ᠎ᠠ ᠶ᠋ᠢ ᠠᠪᠤ ᠳ᠋ᠤ᠌ ᠪᠠᠨ ᠥᠭᠴᠡᠢ ᠭᠡᠨ᠎ᠡ᠃

       ᠬᠥᠪᠥᠩ ᠵᠣᠲᠣᠩ ᠳᠠᠪᠤᠤ ᠬᠣᠶᠠᠷ ᠢ᠋ ᠬᠣᠯᠢᠵᠠᠢ᠂ ᠠᠷᠠᠢ ᠳᠡᠭᠡᠷ᠎ᠡ ᠪᠠᠢᠨ᠎ᠠ᠃ ᠬᠠᠷᠢᠨ ᠴᠢ ᠸᠢᠺᠤ ᠠ᠋!

       ᠸᠢᠺᠤ ᠬᠤᠰᠢᠭᠠᠨ ᠤ᠋ ᠶᠠᠰᠤ ᠶ᠋ᠢ ᠭᠠᠷᠭᠠᠵᠤ ᠢᠷᠡᠯ᠎ᠡ ᠠᠬ᠎ᠠ ᠨᠠᠷ ᠨᠢ ᠲᠡᠭᠦᠨ ᠢ᠋ ᠱᠣᠣᠯᠠᠪᠠ᠃
       
       ᠬᠠ ᠬᠠ ᠬᠠ᠁
      
       ᠠᠪᠤ᠂ ᠬᠤᠰᠢᠭᠠᠨ ᠤ᠋ ᠬᠠᠯᠢᠰᠤ ᠪᠢᠰᠢ ᠳᠠᠪᠤᠤ ᠨᠡᠬᠡ ᠭᠡᠰᠡᠨ ᠰᠢᠦ ᠲᠠ᠃

       ᠠᠪᠤ ᠨᠢ ᠬᠤᠰᠢᠭᠠᠨ ᠤ᠋ ᠶᠠᠰᠤ ᠶ᠋ᠢ ᠨᠡᠭᠡᠭᠡᠬᠦ ᠳ᠋ᠦ᠍ ᠠᠬ᠎ᠠ ᠨᠠᠷ ᠨᠢ ᠲᠡᠭᠦᠨ ᠢ᠋ ᠱᠣᠣᠯᠠᠬᠤ ᠪᠠᠨ ᠪᠣᠯᠢᠪᠠ᠃ ᠲᠡᠷᠡ ᠮᠠᠰᠢ ᠨᠠᠷᠢᠨ ᠬᠢᠴᠡᠲᠡᠢ ᠳᠠᠪᠤᠤ ᠭᠠᠷᠭᠠᠵᠠᠢ ᠭᠡᠨ᠎ᠡ᠃
          
      ᠬᠦᠦᠭ᠂ ᠶᠠᠭᠠᠬᠢᠵᠤ ᠢᠩᠭᠢᠵᠦ ᠴᠢᠳᠠᠭᠰᠠᠨ ᠶᠤᠮ ᠪᠣᠯ ᠠ᠋!

       ᠬᠣᠩᠬᠣ ᠪᠠᠨ ᠳᠤᠤᠭᠠᠷᠭᠠᠭᠠᠳ ᠯᠠ ᠵᠠᠷᠤᠴᠠ ᠨᠠᠷ ᠲᠤ᠌ ᠪᠠᠨ ᠬᠠᠮᠤᠭ ᠤ᠋ᠨ ᠰᠠᠢᠨ ᠮᠢᠨᠳᠠᠰᠤ ᠣᠯᠵᠤ  ᠢᠷ᠎ᠡ ᠭᠡᠵᠦ ᠲᠤᠰᠢᠶᠠᠭᠰᠠᠨ᠂ ᠳᠠᠷᠠᠭ᠎ᠠ ᠨᠢ ᠲᠠᠨ ᠳ᠋ᠤ᠌ ᠵᠣᠷᠢᠭᠤᠯᠵᠤ ᠡᠨᠡ ᠳᠠᠪᠤᠤ ᠶ᠋ᠢ ᠨᠡᠬᠡᠭᠰᠡᠨ᠃

       ᠸᠢᠺᠦ ᠠ᠋᠂ ᠴᠢᠨᠦ ᠬᠣᠩᠭᠣᠷ ᠭᠦᠩᠵᠦ ᠪᠣᠯᠤᠯᠲᠠᠢ᠂  ᠳᠠ ᠭᠤᠷᠪᠠ ᠪᠦᠰᠡᠭᠦᠢᠴᠦᠳ ᠢ᠋ᠶ᠋ᠡᠨ ᠭᠡᠷ ᠲᠦ ᠪᠡᠨ ᠠᠪᠴᠢᠷᠠᠵᠤ ᠪᠣᠯᠤᠨ᠎ᠠ᠃ ᠪᠢ ᠪᠦᠭᠦᠳᠡ ᠲᠡᠢ ᠨᠢ ᠲᠠᠨᠢᠯᠴᠠᠮᠠᠷ ᠪᠠᠢᠨ᠎ᠠ᠂ ᠮᠠᠷᠭᠠᠰᠢ ᠠᠪᠴᠢᠷᠠᠭᠠᠷᠠᠢ!

ᠡᠭᠦᠨ ᠢ᠋ ᠮᠡᠳᠡᠭᠡᠳ ᠬᠤᠯᠤᠭᠠᠨ᠎ᠠ ᠮᠠᠰᠢ ᠶᠡᠬᠡ ᠪᠠᠶᠠᠷᠯᠠᠵᠠᠢ ᠭᠡᠨ᠎ᠡ᠃ ᠬᠤᠯᠤᠭᠠᠨ᠎ᠠ ᠰᠠᠢᠬᠠᠨ ᠬᠤᠪᠴᠠᠰᠤᠯᠠᠵᠤ ᠬᠣᠩᠬᠣ ᠪᠠᠨ ᠳᠤᠤᠭᠠᠷᠭᠠᠭᠠᠳ ᠰᠡᠤᠬᠡ ᠲᠡᠷᠭᠡ ᠲᠠᠪᠤᠨ ᠳᠡᠯᠪᠡᠭᠴᠢ ᠪᠡᠯᠡᠳ ᠭᠡᠵᠦ ᠲᠤᠰᠢᠶᠠᠪᠠ᠃ ᠤᠳᠠᠬᠤ ᠦᠭᠡᠢ ᠲᠠᠪᠤᠨ ᠬᠤᠯᠤᠭᠠᠨ᠎ᠠ  ᠬᠥᠯᠭᠡᠯᠡᠭᠰᠡᠨ ᠬᠤᠰᠢᠭᠠᠨ ᠤ᠋ ᠶᠠᠰᠤᠨ ᠰᠡᠤᠬᠡ ᠲᠡᠷᠭᠡ ᠢᠷᠡᠯ᠎ᠡ᠃  ᠡᠭᠦᠨ ᠢ᠋ ᠬᠠᠷᠠᠭᠠᠳ ᠸᠢᠺᠤ  ᠭᠠᠢᠬᠠᠵᠠᠢ᠃ ᠬᠤᠯᠤᠭᠠᠨ᠎ᠠ ᠰᠡᠤᠬᠡᠨ ᠳ᠋ᠦ᠍ ᠪᠡᠨ ᠰᠠᠭᠤᠵᠤ ᠬᠠᠭᠠᠯᠭᠠᠴᠢ ᠨᠢ ᠠᠷᠤ ᠳ᠋ᠤ᠌ ᠳᠡᠯᠪᠡᠭᠴᠢ ᠨᠢ ᠤᠷᠢᠲᠠᠢ ᠨᠢ ᠰᠠᠭᠤᠯ᠎ᠠ᠃ ᠲᠡᠳᠡ ᠸᠢᠺᠤ ᠶ᠋ᠢᠨ ᠭᠡᠷ ᠲᠦ ᠬᠦᠷᠬᠦ ᠠᠶᠠᠯᠠᠯ ᠢ᠋ᠶ᠋ᠠᠨ ᠡᠬᠢᠯᠡᠵᠡᠢ ᠭᠡᠨ᠎ᠡ᠃ ᠸᠢᠺᠤ ᠰᠡᠤᠬᠡᠨ ᠦ᠌ ᠳᠡᠷᠭᠡᠳᠡ ᠠᠯᠬᠤᠵᠤ ᠶᠠᠪᠤᠯ᠎ᠠ᠃

       ᠰᠠᠨᠠᠭ᠎ᠠ ᠵᠣᠪᠠᠯᠲᠠ ᠦᠭᠡᠢ᠂ ᠪᠢ ᠴᠢᠮ᠎ᠠ ᠶ᠋ᠢ ᠰᠠᠢᠨ ᠬᠠᠷᠠᠵᠤ ᠬᠠᠮᠵᠢᠨ᠎ᠠ᠂ ᠪᠠᠰᠠ ᠠᠪᠤ ᠳ᠋ᠤ᠌ ᠮᠢᠨᠢ ᠰᠠᠨᠠᠭ᠎ᠠ ᠵᠣᠪᠠᠬᠤ ᠬᠡᠷᠡᠭ ᠦᠭᠡᠢ᠂ ᠠᠪᠤ ᠮᠢᠨᠢ ᠵᠥᠭᠡᠯᠡᠨ ᠬᠥᠮᠦᠨ᠃

       ᠰᠢᠷᠢᠩᠭᠢ ᠡᠴᠡ ᠭᠠᠷᠲᠠᠯ᠎ᠠ ᠠᠯᠬᠤᠭᠠᠳ ᠲᠡᠳᠡ ᠬᠣᠲᠠᠨ ᠳ᠋ᠤ᠌ ᠣᠢᠷᠠᠳᠴᠤ ᠢᠷᠡᠯ᠎ᠡ᠃ ᠬᠣᠲᠠ ᠶ᠋ᠢ ᠵᠠᠭᠠᠭᠯᠠᠨ ᠮᠥᠷᠡᠨ ᠤᠷᠤᠰᠤᠨ᠎ᠠ᠃ ᠲᠡᠳᠡ ᠮᠥᠷᠡᠨ ᠳᠡᠭᠡᠭᠦᠷ ᠭᠦᠤᠷ ᠢ᠋ ᠳᠠᠪᠠᠬᠤ ᠪᠣᠯᠪᠠ᠃ ᠭᠥᠤᠷ ᠢ᠋ ᠳᠠᠪᠠᠵᠤ ᠪᠠᠢᠲᠠᠯ᠎ᠠ ᠡᠰᠡᠷᠭᠦ ᠲᠠᠯ᠎ᠠ ᠠ᠋ᠴᠠ ᠭᠡᠨᠡᠳᠲᠡ ᠨᠢᠭᠡ ᠬᠥᠮᠦᠨ ᠭᠠᠷᠤᠭᠠᠳ  ᠢᠷᠡᠵᠡᠢ ᠭᠡᠨ᠎ᠡ᠃ ᠲᠡᠷᠡ ᠥᠭᠡᠳᠡ ᠡᠴᠡ ᠨᠢ ᠪᠠᠬᠠᠨ ᠬᠤᠯᠤᠭᠠᠨ᠎ᠠ ᠢᠷᠡᠵᠦ ᠶᠠᠪᠤᠬᠤ ᠶ᠋ᠢ ᠬᠠᠷᠠᠯ᠎ᠠ᠃ ᠢᠨᠢᠶᠡᠳᠦ ᠠᠯᠳᠠᠭᠠᠳ ᠲᠡᠷᠡ ᠬᠥᠮᠦᠨ ᠪᠦᠭᠦᠳᠡ ᠶ᠋ᠢ ᠨᠢ ᠮᠥᠷᠡᠨ ᠤᠷᠤᠭᠤ ᠤᠨᠠᠭᠠᠴᠢᠬᠠᠪᠠ᠃

       ᠶᠠᠭᠠᠬᠢᠵᠤ ᠪᠠᠢᠭ᠎ᠠ ᠴᠢᠨᠢ ᠡᠨᠡ ᠦᠦ? ᠶᠠᠭᠠᠬᠢᠭᠠᠳ ᠢᠩᠭᠢᠵᠦ ᠪᠠᠢᠭ᠎ᠠ ᠶᠤᠮ ᠪᠣᠢ? ᠴᠢ ᠮᠢᠨᠦ ᠬᠣᠩᠭᠣᠷ ᠢ᠋ ᠮᠥᠷᠡᠨ ᠳ᠋ᠦ᠍ ᠤᠨᠠᠭᠠᠴᠢᠬᠠᠯ᠎ᠠ ᠰᠢᠦ ᠲᠠ᠃

       ᠴᠢᠨᠦ ᠬᠣᠩᠭᠣᠷ ᠠ᠋! ᠲᠡᠷᠡ ᠬᠤᠯᠤᠭᠠᠨ᠎ᠠ ᠨᠤᠭᠤᠳ ᠤᠤ? 
  
       ᠲᠡᠷᠡ ᠬᠥᠮᠦᠨ ᠴᠢᠩᠭ᠎ᠠ ᠭᠡᠭᠴᠢ ᠨᠢ ᠢᠨᠢᠶᠡᠭᠡᠳ ᠶᠠᠪᠤᠭᠠᠳ ᠥᠭᠭᠦᠯ᠎ᠡ᠃

       ᠸᠢᠺᠤ ᠬᠤᠯᠤᠭᠠᠨ᠎ᠠ ᠶ᠋ᠢᠨ ᠠᠷᠤ ᠠ᠋ᠴᠠ ᠶᠡᠬᠡ ᠭᠤᠨᠢᠭᠯᠠᠪᠠ᠃ ᠮᠥᠷᠡᠨ ᠤᠷᠤᠭᠤ ᠣᠴᠢᠵᠤ ᠬᠠᠢᠭᠰᠠᠨ ᠴᠤ᠌ ᠲᠡᠳᠡᠨ ᠢ᠋ ᠣᠭᠲᠣ ᠣᠯᠤᠭᠰᠠᠨ ᠦᠭᠡᠢ᠃

       ᠬᠥᠭᠡᠷᠦᠬᠦᠢ ᠮᠢᠨᠦ ᠬᠣᠩᠭᠣᠷ ᠴᠢᠮ᠎ᠠ ᠶ᠋ᠢ ᠵᠢᠪᠦᠭᠰᠡᠨ ᠳ᠋ᠦ᠍ ᠪᠢ ᠶᠠᠮᠠᠷ ᠶᠡᠬᠡ ᠬᠠᠷᠠᠮᠰᠠᠨ᠎ᠠ ᠪᠣᠢ⁈

       ᠢᠩᠭᠢᠵᠦ ᠬᠡᠯᠡᠭᠡᠳ ᠡᠷᠭᠢᠲᠡᠯ᠎ᠡ ᠸᠢᠺᠤ ᠮᠥᠷᠡᠨ ᠦ᠌ ᠨᠥᠬᠥᠭᠡ ᠲᠠᠯ᠎ᠠ ᠳ᠋ᠤ᠌ ᠭᠣᠶᠣᠮᠰᠣᠭ ᠰᠡᠤᠬᠡ ᠲᠡᠷᠭᠡ ᠵᠣᠭᠰᠣᠵᠤ ᠪᠠᠢᠬᠤ ᠶ᠋ᠢ ᠣᠯᠵᠤ ᠬᠠᠷᠠᠯ᠎ᠠ᠂ ᠭᠢᠯᠠᠯᠵᠠᠭᠰᠠᠨ ᠲᠠᠪᠤᠨ ᠮᠣᠷᠢᠳ ᠬᠥᠯᠯᠡᠭᠰᠡᠨ ᠰᠡᠤᠬᠡᠨ ᠳ᠋ᠦ᠍ ᠦᠵᠡᠰᠬᠦᠯᠡᠩ ᠲᠡᠭᠦᠯᠳᠡᠷ ᠪᠦᠰᠡᠭᠦᠢ ᠰᠠᠭᠤᠵᠤ ᠪᠠᠢᠯ᠎ᠠ᠂ ᠸᠢᠺᠤ ᠡᠢᠮᠦ ᠰᠠᠢᠬᠠᠨ ᠰᠡᠤᠬᠡ ᠲᠡᠷᠭᠡ ᠬᠠᠷᠠᠭᠰᠠᠨ ᠳ᠋ᠠᠭᠠᠨ ᠪᠠᠶᠠᠷᠯᠠᠵᠠᠢ ᠭᠡᠨ᠎ᠡ᠂ ᠲᠡᠷᠡ ᠰᠠᠤᠬᠡ ᠤᠷᠤᠭᠤ ᠠᠯᠬᠤᠵᠤ ᠡᠬᠢᠯᠡᠯ᠎ᠡ᠂ ᠰᠡᠤᠬᠡᠨ ᠳ᠋ᠦ᠍ ᠣᠢᠷᠠᠳᠴᠤ ᠣᠴᠢᠲᠠᠯ᠎ᠠ᠁

      ᠸᠢᠺᠤ ᠮᠢᠨᠦ ᠳᠡᠷᠭᠡᠳᠡ ᠰᠠᠭᠤᠬᠤ ᠦᠭᠡᠢ ᠶᠦ᠍ᠮ ᠦᠦ?
      
      ᠪᠢ ᠦᠦ?

      ᠴᠢ ᠨᠠᠮ᠎ᠠ ᠶ᠋ᠢ ᠬᠤᠯᠤᠭᠠᠨ᠎ᠠ ᠪᠠᠢᠬᠤ ᠳ᠋ᠤ᠌ ᠥᠪᠡᠷ ᠦ᠋ᠨ ᠢ᠋ᠶ᠋ᠡᠨ ᠬᠣᠩᠭᠣᠷ ᠢ᠋ ᠪᠣᠯᠭᠠᠵᠤ ᠠᠪᠤᠭᠰᠠᠨ᠂ ᠳᠠᠬᠢᠨ ᠭᠦᠩᠵᠦ ᠪᠣᠯᠤᠭᠰᠠᠨ ᠬᠣᠢᠨ᠎ᠠ ᠮᠢᠨᠢ ᠬᠠᠶᠠᠵᠤ ᠣᠷᠬᠢᠬᠤ ᠦᠭᠡᠢ ᠭᠡᠳᠡᠭ  ᠲᠦ  ᠢᠲᠡᠭᠡᠯ ᠲᠡᠢ ᠪᠠᠢᠨ᠎ᠠ᠃

      ᠴᠢ ᠲᠡᠷᠡ ᠬᠤᠯᠤᠭᠠᠨ᠎ᠠ ᠪᠠᠢᠭᠰᠠᠨ ᠭᠡᠵᠢ ᠦᠦ?

      ᠲᠡᠢᠮᠦ ᠠ᠋᠂ ᠪᠢ ᠪᠣᠯ ᠬᠣᠷᠳ ᠰᠠᠨᠠᠭᠠᠲᠠᠨ ᠤ᠋ ᠬᠠᠷᠢᠶᠠᠯ ᠳ᠋ᠤ᠌ ᠥᠷᠲᠥᠭᠰᠡᠨ ᠭᠦᠩᠵᠦ᠂ ᠴᠢ ᠨᠠᠮ᠎ᠠ ᠶ᠋ᠢ ᠰᠡᠳᠬᠢᠯᠲᠦ ᠪᠦᠰᠡᠭᠦᠢ ᠪᠡᠷ ᠢ᠋ᠶ᠋ᠡᠨ ᠰᠣᠩᠭᠣᠭ᠎ᠠ ᠦᠭᠡᠢ ᠪᠣᠯ᠂ ᠪᠠᠰᠠ ᠲᠡᠷᠡ ᠬᠥᠮᠦᠨ ᠨᠠᠮ᠎ᠠ ᠶ᠋ᠢ ᠵᠢᠪᠤᠬᠦᠯᠤᠬᠡ ᠦᠭᠡᠢ ᠪᠣᠯ ᠬᠠᠷᠢᠶᠠᠯ ᠢ᠋ ᠬᠡᠵᠢᠶᠡᠳᠡ ᠬᠠᠷᠢᠭᠤᠯᠵᠤ ᠴᠢᠳᠠᠬᠤ ᠦᠭᠡᠢ ᠪᠠᠢᠯ᠎ᠠ᠂ ᠣᠳᠣ ᠬᠠᠷᠢᠶᠠᠯ ᠠᠷᠢᠯᠤᠭᠰᠠᠨ᠃ ᠣᠳᠣ ᠬᠣᠶᠠᠭᠤᠯᠠ ᠪᠠᠨ ᠡᠴᠢᠭᠡ ᠲᠡᠢ ᠴᠢᠨᠢ ᠠᠭᠤᠯᠵᠠᠵᠤ ᠬᠤᠷᠢᠮ ᠢ᠋ᠶ᠋ᠠᠨ ᠬᠢᠭᠡᠳ ᠮᠠᠨ ᠤ᠋ ᠡᠵᠡᠨᠲᠦ ᠬᠦᠷᠦᠨ ᠤᠷᠤᠭᠤ ᠶᠠᠪᠤᠶ᠎ᠠ᠃

       ᠲᠡᠳᠡ ᠸᠢᠺᠤ ᠶ᠋ᠢᠨ ᠭᠡᠷ ᠤᠷᠤᠭᠤ ᠶᠠᠪᠤᠯ᠎ᠠ᠃ ᠸᠢᠺᠤ ᠶ᠋ᠢᠨ ᠡᠴᠢᠭᠡ᠂ ᠬᠣᠶᠠᠷ ᠠᠬ᠎ᠠ ᠨᠢ ᠭᠦᠩᠵᠦ ᠸᠢᠺᠤ ᠶ᠋ᠢᠨ ᠰᠦᠢᠲᠦ ᠪᠦᠰᠡᠭᠦᠢ ᠪᠣᠯᠤᠭᠰᠠᠨ ᠢ᠋ ᠬᠠᠷᠠᠭᠠᠳ ᠠᠯᠮᠠᠢᠷᠠᠵᠤ ᠣᠷᠬᠢᠵᠠᠢ ᠭᠡᠨ᠎ᠡ᠃

       ᠠᠪᠤ ᠠ᠋᠂ ᠡᠨᠡ ᠪᠣᠯ ᠮᠢᠨᠦ ᠰᠦᠢᠲᠦ ᠪᠦᠰᠡᠭᠦᠢ᠃

       ᠴᠢᠨᠦ ᠰᠦᠢᠲᠦ ᠪᠦᠰᠡᠭᠦᠢ ᠦᠨᠡᠬᠡᠷ ᠭᠦᠩᠵᠦ ᠶᠦ᠍ᠮ ᠪᠠᠢᠨ᠎ᠠ᠂ ᠬᠠᠮᠢᠭ᠎ᠠ ᠠ᠋ᠴᠠ ᠣᠯᠤᠭ᠎ᠠ ᠪᠣᠢ?

       ᠮᠣᠳᠣᠨ ᠤ᠋ ᠶᠠᠪᠤ ᠭᠡᠰᠡᠨ ᠵᠢᠭᠠᠭᠰᠠᠨ ᠵᠦᠭ ᠤᠷᠤᠭᠤ ᠶᠠᠪᠤᠵᠤ᠂ ᠣᠢ ᠶ᠋ᠢᠨ ᠭᠦᠨ ᠡᠴᠡ ᠣᠯᠤᠭᠰᠠᠨ ᠶᠤᠮ᠃

       ᠮᠣᠳᠣᠨ ᠤ᠋ ᠵᠢᠭᠠᠭᠰᠠᠨ ᠵᠦᠭ ᠰᠦᠢᠲᠦ ᠪᠦᠰᠡᠭᠦᠢ ᠣᠯᠬᠤ ᠳ᠋ᠤ᠌ ᠶᠠᠭ ᠲᠣᠬᠢᠷᠠᠭᠰᠠᠨ ᠠᠷᠭ᠎ᠠ ᠭᠡᠵᠦ ᠮᠡᠳᠡᠭᠡᠳ ᠪᠠᠢᠭᠰᠠᠨ ᠶᠤᠮ ᠠ᠋᠃

       ᠬᠡᠷᠪᠡ ᠪᠢᠳᠡᠨ ᠦ᠌ ᠮᠣᠳᠣ ᠣᠢ ᠤᠷᠤᠭᠤ ᠵᠢᠭᠠᠭᠰᠠᠨ ᠪᠣᠯ 

       ᠪᠢᠳᠡ ᠴᠦ᠍ ᠪᠠᠰᠠ ᠭᠦᠩᠵᠦ ᠶ᠋ᠢ ᠣᠯᠬᠤ ᠪᠠᠢᠭᠰᠠᠨ ᠶᠤᠮ᠃

       ᠭᠡᠪᠡᠴᠦ ᠲᠡᠳᠡ ᠡᠨᠳᠡᠭᠦᠷᠡᠵᠡᠢ᠃ ᠸᠢᠺᠤ ᠪᠢᠴᠢᠬᠠᠨ ᠬᠤᠯᠤᠭᠠᠨ᠎ᠠ ᠳ᠋ᠤ᠌ ᠬᠦᠷᠲᠡᠯ᠎ᠡ ᠰᠠᠢᠬᠠᠨ ᠬᠠᠨᠳᠤᠭᠰᠠᠨ ᠤᠴᠢᠷ ᠭᠦᠩᠵᠦ ᠶ᠋ᠢ ᠥᠪᠡᠷ ᠦ᠋ᠨ ᠪᠣᠯᠭᠠᠭᠰᠠᠨ ᠶᠤᠮ᠃ ᠸᠢᠺᠤ ᠶ᠋ᠢᠨ ᠡᠴᠢᠭᠡ ᠲᠡᠳᠡᠨ ᠢ᠋ ᠠᠳᠢᠰᠯᠠᠵᠤ ᠲᠡᠳᠡ ᠬᠤᠷᠢᠮ ᠢ᠋ᠶ᠋ᠠᠨ ᠬᠢᠯ᠎ᠡ᠃ ᠲᠡᠳᠡ ᠨᠢᠭᠡ ᠨᠢ ᠨᠢᠭᠡᠨ ᠳ᠋ᠦ᠍ ᠪᠡᠨ ᠡᠶᠡᠯᠳᠡᠭ ᠦᠨᠡᠨᠴᠢ ᠤᠴᠢᠷ ᠵᠢᠷᠭᠠᠯᠲᠠᠢ ᠪᠠᠢᠪᠠ᠂ ᠲᠡᠳᠡ ᠨᠢᠭᠡ ᠨᠢᠭᠡᠨ ᠳ᠋ᠦ᠍ ᠪᠡᠨ ᠮᠠᠰᠢ ᠶᠡᠬᠡ ᠬᠠᠢᠷᠠᠲᠠᠢ ᠪᠠᠢᠭᠰᠠᠨ ᠶᠤᠮ᠃
 
ᠦᠰᠦᠭ ᠠᠮᠢᠯᠠᠭᠤᠯᠤᠭᠴᠢ᠄ ᠪᠠᠶᠠᠨᠲᠠᠨ᠎ᠠ
ᠦᠰᠦᠭ ᠬᠠᠲᠠᠭᠴᠢ᠄ ᠲᠣᠳᠣᠭᠡᠷᠡᠯ
ᠦᠰᠦᠭ ᠬᠢᠨᠠᠭᠴᠢ᠄ ᠤᠷᠠᠨᠲᠠᠨ᠎ᠡ᠂ ᠢᠷᠡᠭᠡᠳᠤᠢ᠂ ᠣᠳᠬᠠᠨᠰᠣ᠎ᠠ