《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠲᠠᠪᠤᠳᠤᠭᠠᠷ ᠪᠦᠯᠦᠭ> "Хөх судар" он нөхвөр дэвтэр - Инжинаш <Жаран тавдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠲᠠᠪᠤᠳᠤᠭᠠᠷ ᠪᠦᠯᠦᠭ> "Хөх судар" он нөхвөр дэвтэр - Инжинаш <Жаран тавдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠵᠢᠷᠠᠨ ᠲᠠᠪᠤᠳᠤᠭᠠᠷ ᠪᠦᠯᠦᠭ> "Хөх судар" он нөхвөр дэвтэр - Инжинаш <Жаран тавдугаар бүлэг>

ᠠᠩᠭᠢᠯᠠᠯ:ᠲᠡᠦᠬᠡ ᠰᠣᠶᠣᠯ
2024-07-15

242

《ᠬᠥᠬᠡ ᠰᠤᠳᠤᠷ》 ᠤᠨ ᠨᠥᠬᠥᠪᠦᠷᠢ ᠲᠡᠪᠲᠡᠷ - ᠵᠢᠷᠠᠨ ᠲᠠᠪᠤᠳᠤᠭᠠᠷ ᠪᠦᠯᠦᠭ

       
       ᠰᠥᠩ ᠤᠯᠤᠰ ᠤ᠋ᠨ ᠨᠢᠩᠽᠥ᠋ᠩ ᠬᠠᠭᠠᠨ ᠣᠨ ᠤ᠋ ᠴᠣᠯᠠ ᠪᠠᠨ ᠵᠢᠶᠠ ᠳ᠋ᠢᠩ ᠭᠡᠮᠡᠨ ᠬᠠᠯᠠᠪᠠ᠃ ᠴᠢᠩᠭᠢᠰ ᠬᠠᠭᠠᠨ ᠳᠥᠴᠢᠨ ᠳᠣᠯᠣᠭᠠᠨ ᠰᠡᠭᠦᠳᠡᠷᠲᠡᠢ᠃ ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠭᠤᠷᠪᠠᠳᠤᠭᠠᠷ ᠣᠨ᠂ ᠰᠢᠷ᠎ᠠ ᠯᠤᠤ ᠵᠢᠯ᠃ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠨᠠᠢ᠍ᠮᠠᠳᠤᠭᠠᠷ ᠣᠨ᠃ ᠵᠠᠩᠽᠥ᠋ᠩ ᠡᠨᠡ ᠵᠢᠯ ᠬᠠᠯᠢᠮᠤᠢ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠵᠢᠶᠠ ᠳ᠋ᠢᠩ ᠦ᠋ᠨ ᠲᠡᠷᠢᠭᠦᠨ ᠣᠨ᠃ 

                   ᠵᠢᠷᠠᠨ ᠲᠠᠪᠤᠳᠤᠭᠠᠷ ᠪᠦᠯᠦᠭ 

         ᠪᠤᠶᠠᠨᠲᠤ ᠤᠯᠤᠰ ᠤ᠋ᠨ ᠨᠢᠭᠡᠬᠡᠨ ᠵᠡᠭᠦᠳᠦᠨ᠎ᠡ ᠪᠤᠯᠲᠤ ᠮᠣᠩᠭᠣᠯᠴᠤᠳ ᠪᠦᠭᠦᠳᠡᠭᠡᠷ ᠪᠣᠯᠪᠠᠰᠤᠷᠠᠨ ᠪᠣᠯᠤᠯᠴᠠᠪᠠᠢ 
         ᠪᠣᠯᠢᠯᠳᠤ ᠰᠥᠩ ᠦ᠋ᠨ ᠪᠠᠬᠠᠨ ᠵᠠᠳᠤᠬᠢᠨᠠᠯ᠎ᠠ ᠪᠤᠳᠠᠷᠠᠯᠳᠤᠨ ᠰᠠᠮᠠᠭᠤᠷᠠᠵᠤ ᠪᠤᠷᠤᠭᠤ ᠶᠠᠯ᠎ᠠ ᠪᠠᠨ ᠬᠦᠯᠢᠶᠡᠪᠡᠢ 
           ᠰᠤᠳᠤᠷᠴᠢ ᠿᠦᠨ ᠲᠢᠩ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ᠎ᠠ ᠨᠣᠬᠠᠢ ᠴᠠᠭ ᠲᠤᠷ ᠲᠥᠷᠥᠯᠦᠭᠡ 
           ᠰᠣᠨᠢᠨ ᠰᠠᠢᠬᠠᠨ ᠲᠠᠪᠢᠨ ᠲᠠᠪᠤᠨ ᠤ᠋ ᠲᠥᠷᠥᠭᠰᠡᠨ ᠡᠳᠦᠷ᠎ᠡ ᠭᠠᠩ ᠤ᠋ᠨ ᠬᠤᠷ᠎ᠠ ᠨᠠᠮ ᠢ᠋ᠶ᠋ᠠᠷ ᠨᠡᠪᠲᠡᠷᠡᠪᠡ᠃ 
           ᠰᠣᠯᠢᠶ᠎ᠠ ᠮᠢᠨᠦ ᠥᠯᠵᠡᠢ ᠶ᠋ᠢᠨ ᠡᠳᠦᠷ᠎ᠡ ᠲᠦᠮᠡᠨ ᠪᠣᠳᠠᠰ ᠤ᠋ᠨ ᠪᠣᠯᠣᠷ ᠴᠡᠴᠡᠭᠯᠢᠭ ᠪᠠᠶᠠᠷᠯᠠᠨ ᠬᠠᠨᠤᠭᠰᠠᠨ ᠢ᠋ᠶ᠋ᠠᠷ 
           ᠰᠣᠳᠣ ᠪᠣᠭᠳᠠ ᠶ᠋ᠢᠨ ᠰᠣᠶᠣᠯ ᠵᠠᠷᠯᠢᠭ ᠮᠣᠩᠭᠣᠯ ᠲᠣᠭᠠᠳᠠᠨ᠎ᠠ ᠥᠨᠢ ᠤᠳᠠᠲᠠᠯ᠎ᠠ ᠬᠣᠴᠣᠷᠤᠨ ᠳᠡᠯᠭᠡᠷᠡᠲᠦᠭᠡᠢ᠃ 

       ᠲᠡᠨᠳᠡᠴᠡ ᠲᠠᠢᠽᠦ ᠴᠢᠩᠭᠢᠰ ᠬᠠᠭᠠᠨ ᠴᠠᠭᠠᠨ ᠰᠠᠷ᠎ᠠ ᠶ᠋ᠢᠨ ᠲᠡᠷᠭᠡᠯ ᠳᠦᠭᠦᠷᠡᠩ ᠦ᠋ᠨ ᠤᠯᠠᠷᠢᠯ ᠳ᠋ᠤᠷ ᠠᠬᠠᠮᠠᠳ ᠲᠠᠢᠽᠢ ᠴᠢᠨ ᠸᠠᠩ ᠵᠣᠴᠢ ᠶ᠋ᠢᠨ ᠬᠣᠯᠠ ᠳ᠋ᠠᠬᠢᠨ ᠢ᠋ ᠪᠠᠶᠠᠰᠬᠠᠨ ᠪᠢᠰᠢᠷᠡᠭᠦᠯᠦᠭᠰᠡᠨ ᠭᠠᠪᠢᠶ᠎ᠠ ᠳ᠋ᠤᠷ ᠬᠠᠭᠠᠰ ᠣᠨ ᠤ᠋ ᠶᠠᠯ᠎ᠠ ᠶ᠋ᠢ ᠬᠡᠯᠲᠦᠷᠢᠭᠦᠯᠦᠨ ᠂ ᠴᠢᠨ ᠸᠠᠩ ᠤ᠋ᠨ ᠬᠡᠷᠬᠡᠮ ᠢ᠋ ᠲᠠᠬᠢᠭᠤᠯᠵᠤ ᠵᠠᠷᠯᠢᠭ ᠪᠣᠯᠤᠷᠤᠨ᠄
         ᠬᠤᠨ ᠭᠠᠯᠠᠭᠤ ᠶ᠋ᠢᠨ ᠵᠤᠯᠵᠠᠭ᠎ᠠ ᠬᠣᠢᠲᠤ ᠨᠠᠭᠤᠷᠠᠨ᠎ᠠ ᠲᠥᠷᠥᠭᠡᠳ ᠰᠡᠴᠡ 
         ᠬᠣᠯᠠ ᠡᠮᠦᠨ᠎ᠡ ᠡᠪᠦᠯᠵᠢᠪᠡᠴᠦ ᠬᠣᠴᠣᠷᠯᠢ ᠦᠭᠡᠢ ᠡᠷᠭᠢᠨᠡᠮ᠃ 
         ᠬᠤᠷᠴᠠ ᠴᠠᠭᠠᠵᠠ ᠶ᠋ᠢ ᠴᠢᠩᠭᠠᠳᠬᠠᠭᠰᠠᠨ ᠬᠤᠪᠢᠲᠤ ᠦᠷ᠎ᠡ ᠵᠣᠴᠢ 
         ᠬᠣᠢᠰᠢᠯᠠᠰᠢ ᠦᠭᠡᠢ ᠴᠥᠯᠡᠯᠭᠡᠨ᠎ᠡ ᠬᠣᠯᠠᠳᠠᠬᠢᠨ ᠢ᠋ ᠬᠤᠷᠢᠶᠠᠭᠰᠠᠨ ᠭᠠᠪᠢᠶ᠎ᠠ ᠳ᠋ᠤᠷ  
         ᠬᠣᠪᠢᠨ ᠤ᠋ ᠬᠡᠷᠬᠡᠮ ᠢ᠋ ᠡᠭᠡᠭᠦᠯᠵᠦ ᠬᠣᠢᠰᠢ ᠤᠯᠤᠰ ᠲᠤᠷ ᠢᠷᠡᠭᠦᠯᠦᠨ 
         ᠬᠣᠷᠭᠣᠯᠵᠠᠨ ᠡᠷᠡᠭᠡᠯᠵᠡᠬᠦ ᠲᠠᠢᠬᠡᠦ ᠶ᠋ᠢᠨ ᠬᠣᠷᠣᠭᠳᠠᠬᠤ ᠰᠡᠳᠬᠢᠯ ᠢ᠋ ᠪᠠᠶᠠᠰᠬᠠᠭᠤᠯ᠃
         ᠬᠣᠩᠭᠢᠷᠠᠳ ᠤ᠋ᠨ ᠮᠡᠷᠭᠡᠨ ᠬᠤᠸᠠᠩᠬᠡᠦ ᠶ᠋ᠢᠨ ᠬᠣᠲᠠᠯᠠ ᠶ᠋ᠢᠨ ᠳᠦᠷᠢᠮ ᠪᠣᠯᠭᠠᠭᠰᠠᠨ ᠠᠨᠤ 
         ᠬᠤᠳᠠᠯ ᠦᠭᠡᠢ ᠪᠣᠯᠪᠠᠢ ᠬᠣᠢᠰᠢ ᠢᠷᠡᠭᠦᠯᠪᠡᠰᠦ ᠵᠣᠬᠢᠮᠤᠢ᠃ 
       ᠡᠭᠦᠨ ᠳ᠋ᠦ᠍ᠷ ᠮᠣᠩᠭᠣᠯ ᠤᠯᠤᠰ ᠤ᠋ᠨ ᠳᠣᠲᠣᠭᠠᠳᠤ᠂ ᠭᠠᠳᠠᠭᠠᠳᠤ ᠲᠥᠷᠥ ᠶ᠋ᠢᠨ ᠬᠣᠲᠠᠯᠠᠭᠠᠷ ᠪᠠᠶᠠᠷᠯᠠᠯᠴᠠᠨ ᠬᠠᠭᠠᠨ ᠡᠵᠡᠨ ᠦ᠌ ᠱᠠᠩ ᠬᠣᠣᠷ ᠤ᠋ᠨ ᠭᠡᠭᠡᠬᠡᠨ ᠲᠣᠳᠣᠷᠬᠠᠢ  ᠳ᠋ᠤᠷ ᠮᠥᠷᠭᠥᠵᠦ᠂ ᠲᠡᠢ ᠴᠢᠩ ᠲᠠᠢᠬᠡᠦ᠂ ᠲᠥᠷᠥ ᠶ᠋ᠢᠨ ᠬᠣᠲᠠᠯᠠᠭᠠᠷ᠎ᠠ ᠳᠡᠭᠡᠷ᠎ᠡ ᠳᠣᠣᠷ᠎ᠠ ᠳ᠋ᠤᠷ ᠱᠠᠩ ᠬᠤᠷᠢᠮ ᠬᠦᠷᠲᠡᠭᠡᠨ᠂ ᠡᠨᠡ ᠵᠢᠯ ᠦ᠋ᠨ ᠬᠠᠪᠤᠷ ᠤ᠋ᠨ ᠳᠤᠯᠠᠭᠠᠨ ᠠᠮᠢᠰᠬᠤᠯ ᠮᠠᠰᠢ ᠡᠷᠲᠡ ᠪᠣᠯᠵᠤ᠂ ᠬᠣᠶᠠᠷ ᠰᠠᠷ᠎ᠠ ᠶ᠋ᠢᠨ ᠰᠢᠨ᠎ᠡ ᠶ᠋ᠢᠨ ᠬᠣᠶᠠᠷ ᠬᠡᠲᠦᠷᠬᠡᠶ᠎ᠡ ᠳᠤᠯᠠᠭᠠᠨ ᠪᠣᠯᠵᠤ᠂ ᠳᠠᠷᠠᠭ᠎ᠠ ᠪᠠᠷ ᠭᠤᠷᠪᠠᠨ ᠡᠳᠦᠷ ᠦ᠋ᠨ ᠥᠷᠯᠥᠭᠡ ᠡᠴᠡ ᠦᠳᠡ ᠪᠣᠯᠲᠠᠯ᠎ᠠ᠂ ᠴᠠᠭᠠᠨ ᠮᠠᠨᠠᠨ ᠪᠠᠭᠤᠵᠤ ᠭᠠᠵᠠᠷ ᠤ᠋ᠨ ᠬᠥᠷᠥᠰᠥ ᠳ᠋ᠦ᠍ᠷ ᠲᠤᠯᠵᠤ᠂ ᠦᠳᠡ ᠪᠣᠯᠲᠠᠯ᠎ᠠ ᠨᠢᠭᠡᠨ ᠠᠯᠬᠤᠮ ᠤ᠋ᠨ ᠭᠠᠵᠠᠷ᠎ᠠ ᠬᠥᠮᠦᠨ ᠦ᠌ ᠴᠢᠷᠠᠢ ᠰᠠᠢᠬᠠᠨ ᠲᠠᠨᠢᠭᠳᠠᠬᠤ ᠦᠭᠡᠢ ᠪᠣᠯᠲᠠᠯ᠎ᠠ ᠮᠠᠨᠠᠨᠲᠤᠭᠰᠠᠨ ᠳ᠋ᠤᠷ ᠲᠠᠢᠽᠦ ᠴᠠᠩᠭᠢᠰ ᠬᠠᠭᠠᠨ ᠲᠥᠷᠥ ᠶ᠋ᠢᠨ ᠮᠣᠩᠭᠣᠯ ᠢᠷᠭᠡᠨ ᠰᠡᠴᠡᠳ ᠰᠠᠢᠳ ᠤ᠋ᠳ ᠪᠦᠬᠦᠨ᠎ᠡ ᠵᠠᠷᠯᠢᠭ ᠪᠠᠭᠤᠯᠭᠠᠨ᠂ ᠲᠩᠷᠢ ᠶᠠᠭᠤᠨᠲᠤ ᠭᠡᠨᠡᠳᠲᠡ ᠳᠤᠯᠠᠭᠠᠨ ᠪᠣᠯᠤᠨ ᠬᠤᠪᠢᠯᠵᠤ᠂ ᠬᠠᠪᠤᠷᠤᠨ ᠴᠠᠭ ᠲᠤᠷ ᠴᠠᠭᠠᠨ ᠮᠠᠨᠠᠨ ᠭᠠᠵᠠᠷ ᠲᠤᠷ ᠲᠤᠯᠵᠤ᠂ ᠳᠠᠯᠠᠨ ᠨᠠᠶᠠᠨ ᠨᠠᠰᠤᠨ ᠤ᠋ ᠬᠥᠭᠰᠢᠨ ᠡᠪᠦᠭᠡᠨ ᠦ᠌ ᠡᠰᠡ ᠥᠩᠭᠡᠷᠡᠭᠡᠭᠰᠡᠨ ᠴᠠᠭ ᠤᠯᠠᠷᠢᠯ ᠤ᠋ᠨ ᠠᠭᠤᠷ ᠠᠮᠢᠰᠬᠤᠯ ᠤ᠋ᠨ ᠬᠤᠪᠢᠰᠤᠯ ᠪᠣᠯᠤᠭᠰᠠᠨ ᠤ᠋ ᠢᠷᠣ᠎ᠠ ᠪᠡᠯᠬᠡᠰ ᠶᠠᠭᠤᠨ ᠢ᠋ ᠣᠯᠠᠨ ᠮᠡᠷᠭᠡᠨ ᠢ᠋ ᠴᠤᠭᠯᠠᠭᠤᠯᠤᠨ ᠦᠨᠡᠨ ᠤᠴᠢᠷ ᠲᠤᠷ ᠬᠦᠷᠲᠡᠯ᠎ᠡ ᠪᠠᠢᠴᠠᠭᠠᠨ ᠣᠯᠤᠯᠴᠠᠨ ᠮᠡᠬᠦᠰ ᠮᠢᠨᠦ ᠰᠡᠵᠢᠭᠯᠡᠯ ᠢ᠋ ᠲᠠᠰᠤᠯᠤᠭᠤᠯᠤᠭᠲᠤᠨ ᠬᠡᠮᠡᠭᠰᠡᠨ ᠳ᠋ᠦ᠍ᠷ ᠤᠯᠤᠰ ᠤ᠋ᠨ ᠵᠠᠷᠴᠢᠭᠤᠲᠠᠢ ᠥᠲᠡᠭᠦᠰ ᠡᠴᠡ ᠡᠬᠢᠯᠡᠨ᠂ ᠤᠯᠤᠰ ᠤ᠋ᠨ ᠨᠠᠭᠠᠴᠤ ᠳ᠋ᠠᠢ ᠰᠡᠴᠡᠨ ᠨᠣᠶᠠᠨ᠂ ᠪᠠᠰᠠ ᠢᠷᠭᠡᠨ ᠰᠠᠢᠳ ᠰᠢᠶᠣᠤ ᠶᠧ ᠰᠢᠶᠠᠨ᠂ ᠯᠢᠦ ᠵᠦᠩ ᠯᠦ᠍᠂ ᠳ᠋ᠠᠳᠠᠳᠣᠩᠭ᠎ᠠ ᠨᠠᠷ ᠢ᠋ ᠠᠪᠴᠤ ᠵᠥᠪᠳᠡᠭᠡᠳ ᠵᠠᠷᠴᠢᠭᠤᠲᠠᠢ ᠮᠡᠷᠭᠡᠨ᠂ ᠳ᠋ᠠᠢ ᠰᠡᠴᠡᠨ ᠬᠣᠶᠠᠭᠤᠯᠠ ᠤᠯᠠᠭᠠᠨ ᠤᠲᠠᠰᠤᠨ ᠲᠥᠯᠭᠡ ᠪᠠ ᠬᠣᠨᠢᠨ ᠤ᠋ ᠳᠠᠯᠤ ᠶ᠋ᠢᠨ ᠲᠥᠯᠭᠡ ᠳ᠋ᠦ᠍ᠷ᠄ 《ᠡᠮᠦᠨᠡᠲᠦ ᠨᠠᠷᠠᠨ ᠤ᠋ ᠳᠣᠣᠷᠠᠬᠢ ᠤᠯᠠᠭᠠᠨ ᠵᠠᠮ ᠤ᠋ᠨ ᠬᠠᠯᠠᠭᠤᠨ ᠳᠤᠯᠠᠭᠠᠨ ᠠᠠᠮᠢᠰᠬᠤᠯ᠂ ᠠᠷᠤ ᠡᠯᠡᠰᠦᠨ ᠦ᠌ ᠥᠨᠳᠥᠷ ᠬᠦᠢᠲᠡᠨ ᠲᠢᠪ ᠳᠡᠯᠡᠬᠡᠢ ᠳ᠋ᠦ᠍ᠷ ᠬᠦᠷᠲᠡᠯ᠎ᠡ ᠳᠡᠭᠳᠡᠵᠦ ᠮᠠᠨᠳᠤᠪᠠᠰᠤ᠂ ᠲᠡᠷᠡ ᠣᠨ ᠤ᠋ ᠠᠷᠭ᠎ᠠ ᠶ᠋ᠢᠨ ᠠᠮᠢᠰᠬᠤᠯ ᠬᠡᠲᠦᠷᠡᠲᠡᠯ᠎ᠡ ᠪᠠᠳᠠᠷᠠᠭᠰᠠᠨ ᠲᠤᠯᠠ ᠲᠡᠷᠡ ᠣᠨ ᠤ᠋ ᠡᠪᠡᠳᠴᠢᠨ ᠲᠠᠬᠤᠯ ᠬᠢᠵᠢᠭ ᠵᠠᠷ ᠦᠯᠡᠮᠵᠢ ᠳᠡᠭᠳᠡᠮᠦᠢ᠃ ᠪᠢᠳᠡᠨ ᠦ᠌ ᠮᠣᠩᠭᠣᠯ ᠤᠯᠤᠰ᠂ ᠡᠷᠳᠡᠰᠡ ᠮᠥᠷᠡᠨ ᠭᠣᠣᠯ᠂ ᠨᠠᠭᠤᠷ ᠲᠤᠨᠤᠮᠠᠯ ᠦᠯᠡᠮᠵᠢ ᠣᠯᠠᠨ᠂ ᠤᠰᠤ ᠪᠤᠯᠠᠭ ᠠᠷᠪᠢᠨ ᠭᠠᠵᠠᠷ᠎ᠠ ᠲᠠᠪᠰᠢᠨ ᠰᠠᠭᠤᠪᠠᠰᠤ ᠬᠢᠵᠢᠭ ᠵᠠᠷ ᠢ᠋ ᠤᠰᠠᠳᠬᠠᠬᠤᠶ᠎ᠠ ᠲᠦᠷᠭᠡᠨ  》 ᠬᠡᠮᠡᠭᠰᠡᠨ ᠳ᠋ᠦ᠍ᠷ ᠲᠠᠢᠽᠤ ᠬᠠᠭᠠᠨ ᠭᠡᠨᠡᠳᠲᠡ ᠨᠢᠳᠤᠨᠤᠨ ᠨᠠᠮᠤᠷ ᠤ᠋ᠨ ᠭᠤᠷᠪᠠᠨ ᠵᠡᠷᠭᠡ ᠳᠠᠷᠠᠭ᠎ᠠ ᠪᠠᠷ ᠵᠡᠭᠦᠳᠦᠯᠡᠭᠰᠡᠨ᠂ ᠴᠠᠭᠠᠨ ᠯᠢᠩᠬᠤ᠎ᠠ ᠴᠡᠴᠡᠭ ᠮᠥᠷᠡᠨ ᠨᠠᠭᠤᠷ ᠤ᠋ᠨ ᠬᠥᠷᠥᠰᠥ ᠶ᠋ᠢ ᠪᠦᠷᠬᠦᠲᠡᠯ᠎ᠡ ᠳᠡᠯᠭᠡᠷᠡᠪᠡ ᠬᠡᠮᠡᠭᠰᠡᠨ ᠰᠣᠨᠢᠨ ᠵᠡᠭᠦᠳᠦᠨ ᠢ᠋ᠶ᠋ᠡᠨ ᠰᠠᠨᠠᠭᠠᠯᠵᠠᠵᠤ᠂ ᠵᠢᠴᠢ ᠢᠷᠭᠡᠨ ᠰᠠᠢᠳ ᠦ᠋ᠤᠨ ᠦᠨ ᠠᠢᠯᠠᠳᠬᠠᠯ ᠢ᠋ ᠦᠵᠡᠪᠡᠰᠦ ᠪᠠᠰᠠ ᠬᠦ᠌ ᠠᠷᠭ᠎ᠠ ᠶ᠋ᠢᠨ ᠠᠮᠢᠰᠬᠤᠯ ᠬᠡᠲᠦᠷᠬᠡᠢ ᠪᠠᠳᠠᠷᠠᠪᠠᠰᠤ᠂ ᠵᠠᠷ ᠡᠪᠡᠳᠴᠢᠨ ᠦᠯᠡᠮᠵᠢ ᠪᠥᠭᠡᠳ ᠪᠠᠰᠠ ᠵᠣᠣ ᠺᠤᠸᠠᠩ ᠶᠢᠨ ᠦ᠌ ᠪᠠᠢᠭᠤᠯᠤᠭᠰᠠᠨ ᠰᠥᠩ ᠤᠯᠤᠰ ᠤ᠋ᠨ ᠵᠢᠷᠭᠤᠳᠤᠭᠠᠷ ᠡᠵᠡᠨ ᠰᠥᠩ ᠱᠸᠽᠥ᠋ᠩ ᠦ᠋ᠨ ᠣᠨ ᠳ᠋ᠤᠷ ᠶᠡᠬᠡ ᠡᠮᠦᠨᠡᠲᠦ ᠯᠦᠸᠧ ᠶᠠᠩ ᠪᠠᠯᠭᠠᠰᠤᠨ ᠤ᠋ ᠨᠡᠷ᠎ᠡ ᠱᠣᠣ ᠶᠦᠩ᠂ ᠴᠣᠯᠠ ᠱᠣᠣ ᠶᠣᠣ ᠹᠦ ᠬᠡᠮᠡᠭᠴᠢ ᠢᠷᠣ᠎ᠠ ᠪᠡᠯᠬᠡᠰ ᠦ᠋ᠨ ᠲᠥᠯᠭᠡ ᠳ᠋ᠦ᠍ᠷ ᠮᠠᠰᠢᠳᠠ ᠨᠡᠪᠲᠡᠷᠡᠵᠦ᠂ ᠠᠷᠭ᠎ᠠ ᠪᠢᠯᠢᠭ ᠦ᠋ᠨ ᠲᠣᠭ᠎ᠠ ᠬᠦᠯᠢᠯ ᠦ᠋ᠨ ᠤᠪᠠᠳᠢᠰ ᠢ᠋ ᠭᠦᠨ᠎ᠡ ᠨᠡᠪᠲᠡᠷᠡᠭᠰᠡᠨ ᠢ᠋ᠶ᠋ᠡᠷ ᠣᠯᠠᠨ ᠢ᠋ᠶ᠋ᠠᠷ ᠴᠥᠮ ᠲᠡᠭᠦᠨ ᠢ᠋ ᠱᠣᠣ ᠺᠠᠩ ᠵᠢᠶᠧ ᠰᠢᠶᠠᠨ ᠱᠧᠩ ᠭᠡᠮᠡᠨ ᠡᠷᠭᠦᠨ ᠳᠠᠭᠤᠳᠠᠯᠴᠠᠵᠤᠬᠤᠢ᠃ ᠲᠡᠷᠡ ᠱᠣᠣ ᠶᠦᠩ ᠪᠠᠭᠰᠢ ᠳᠥᠴᠢᠨ ᠨᠠᠰᠤᠨ ᠭᠠᠷᠴᠤ᠂ ᠬᠣᠢᠲᠤ ᠱᠠᠨ ᠳ᠋ᠦᠩ ᠮᠣᠵᠢ ᠶ᠋ᠢᠨ ᠬᠥᠮᠦᠨ ᠦ᠌ ᠵᠠᠯᠠᠯᠭᠠᠨ᠎ᠠ ᠢᠷᠡᠵᠦ ᠲᠣᠭᠣᠷᠢᠭᠰᠠᠭᠠᠷ᠂ ᡁᠢ ᠯᠢ ᠮᠣᠵᠢ ᠶ᠋ᠢᠨ ᠲᠢᠶᠠᠨ ᠵᠢᠨ ᠬᠡᠮᠡᠬᠦ ᠳᠠᠯᠠᠢ ᠶ᠋ᠢᠨ ᠢᠷᠮᠡᠭ ᠦ᠋ᠨ ᠵᠡᠭᠡᠯᠢ ᠶ᠋ᠢᠨ ᠤᠰᠤᠨ ᠤ᠋ ᠬᠥᠪᠡᠭᠡᠨ᠎ᠡ ᠬᠥᠭᠥᠷᠭᠡ ᠳ᠋ᠦ᠍ᠷ ᠶᠠᠪᠤᠬᠤᠶ᠎ᠠ᠂ ᠡᠮᠦᠨᠡᠲᠦ ᠬᠠᠯᠠᠭᠤᠨ ᠭᠠᠵᠠᠷ ᠤ᠋ᠨ ᠳᠦ ᠵᠢᠦᠸᠠᠨ ᠬᠡᠮᠡᠬᠦ ᠲᠣᠳᠢ ᠰᠢᠪᠠᠭᠤᠨ ᠤ᠋ ᠳᠣᠩᠭᠣᠳᠬᠤ ᠳᠠᠭᠤᠨ ᠢ᠋ ᠰᠣᠨᠣᠰᠴᠤ ᠬᠠᠮᠲᠤ ᠶᠠᠪᠤᠬᠤ ᠨᠥᠬᠥᠷ ᠦ᠋ᠨ ᠵᠦᠭ ᠥᠭᠦᠯᠡᠭᠰᠡᠨ ᠢᠨᠤ: 
      《ᠲᠡᠭᠷᠢ ᠶ᠋ᠢᠨ ᠬᠠᠯᠠᠭᠤᠨ ᠠᠮᠢᠰᠬᠤᠯ ᠤᠮᠠᠷᠠᠲᠤ ᠵᠦᠭ ᠲᠠᠪᠰᠢᠵᠤ᠂ ᠡᠮᠦᠨ᠎ᠡ ᠵᠦᠭ ᠦ᠋ᠨ ᠪᠣᠯᠵᠣᠮᠣᠷ ᠬᠣᠢᠲᠤ ᠵᠦᠭ ᠢᠷᠡᠵᠦᠬᠦᠢ᠃ ᠭᠠᠯ ᠤ᠋ᠨ ᠠᠮᠢᠰᠬᠤᠯ ᠤᠰᠤᠨ ᠤ᠋ ᠵᠦᠭ ᠢᠷᠡᠭᠰᠡᠨ ᠢ᠋ᠶ᠋ᠡᠷ ᠡᠨᠡ ᠤᠰᠤ ᠡᠷᠬᠡ ᠦᠭᠡᠢ ᠪᠤᠴᠠᠯᠤᠮᠤᠢ᠃ ᠭᠠᠯ ᠤᠰᠤ ᠬᠣᠶᠠᠷ ᠤ᠋ᠨ ᠦᠵᠦᠭᠦᠷ ᠮᠥᠷᠭᠥᠯᠳᠦᠵᠦ ᠤᠰᠤ ᠭᠠᠯ ᠬᠠᠷᠢᠯᠴᠠᠨ ᠬᠢᠮᠤᠷᠠᠯᠳᠤᠬᠤ᠂ ᠤᠰᠤ ᠳᠡᠪᠡᠯᠬᠢᠯᠡᠨ ᠪᠤᠴᠠᠯᠬᠤ ᠪᠠ ᠭᠠᠯ ᠰᠢᠷᠴᠢᠭᠢᠨᠡᠨ ᠤᠮᠲᠠᠷᠠᠬᠤ ᠵᠠᠭᠠᠳᠠᠰᠤ ᠠᠨᠤ ᠴᠢᠪ ᠴᠢᠬᠡ᠂ ᠡᠨᠡ ᠰᠥᠩ ᠤᠯᠤᠰ ᠤ᠋ᠨ ᠳ᠋ᠦᠩ ᠵᠢᠩ ᠪᠢᠶᠠᠨ ᠯᠢᠶᠠᠩ ᠪᠠᠯᠭᠠᠰᠤᠨ ᠢ᠋ᠶ᠋ᠠᠷ ᠭᠣᠣᠯ ᠤᠲᠠᠰᠤ ᠠᠨᠤ ᠳᠠᠭᠠᠷᠢᠭᠳᠠᠮᠤᠢ᠃ ᠶᠡᠬᠡ ᠡᠮᠦᠨ᠎ᠡ ᠪᠠ ᠶᠡᠬᠡ ᠤᠮᠠᠷ᠎ᠠ ᠳ᠋ᠤᠷ ᠣᠭᠲᠣ ᠭᠠᠢ ᠦᠭᠡᠢ᠃ ᠭᠠᠭᠴᠠ ᠰᠥᠩ ᠤᠯᠤᠰ ᠰᠠᠮᠠᠭᠤᠷᠠᠬᠤ ᠰᠢᠬᠠᠪᠠ  》ᠬᠡᠮᠡᠵᠦᠬᠦᠢ᠃ 
       ᠡᠨᠡ ᠦᠶ᠎ᠡ ᠳ᠋ᠦ᠍ᠷ ᠰᠥᠩ ᠦ᠋ᠨ ᠴᠧᠩᠰᠢᠶᠠᠩ ᠸᠠᠩ ᠠᠨ ᠱᠢ ᠬᠡᠮᠡᠭᠴᠢ ᠵᠠᠯᠢᠬᠠᠢ ᠪᠢᠴᠢᠭᠡᠴᠢᠨ᠂ ᠰᠥᠩ ᠤᠯᠤᠰ ᠤ᠋ᠨ ᠬᠠᠭᠤᠴᠢᠨ ᠬᠠᠤᠯᠢ ᠶ᠋ᠢ ᠬᠠᠯᠠᠵᠤ᠂ ᠡᠮᠦᠨᠡᠲᠦ ᠭᠠᠵᠠᠷ ᠤ᠋ᠨ ᠰᠢᠨ᠎ᠡ ᠴᠠᠭᠠᠵᠠ ᠶ᠋ᠢ ᠪᠠᠢᠭᠤᠯᠤᠭᠠᠳ ᠣᠷᠣᠨ ᠭᠠᠵᠠᠷ ᠤ᠋ᠨ ᠵᠣᠬᠢᠴᠠᠯ ᠢ᠋ ᠠᠯᠳᠠᠭᠰᠠᠨ ᠠ᠋ᠴᠠ ᠡᠭᠦᠰᠬᠡᠯ ᠪᠣᠯᠤᠨ ᠰᠥᠩ ᠤᠯᠤᠰ ᠤ᠋ᠨ ᠴᠡᠷᠢᠭ ᠦ᠋ᠨ ᠬᠦᠴᠦᠨ ᠪᠠᠭᠤᠷᠠᠵᠤ᠂ ᠠᠯᠲᠠᠨ ᠤᠯᠤᠰ ᠤ᠋ᠨ ᠲᠠᠢᠽᠥ᠋ᠩ ᠡᠤ ᠵᠣ᠌ ᠶ᠋ᠢᠨ ᠴᠡᠷᠢᠭ ᠡᠮᠦᠨ᠎ᠡ ᠵᠦᠭ ᠣᠷᠣᠵᠤ ᠰᠥᠩ ᠤᠯᠤᠰ ᠤ᠋ᠨ ᠨᠠᠢ᠍ᠮᠠᠳᠤᠭᠠᠷ ᠡᠵᠡᠨ ᠰᠥᠩ ᠾᠦ᠋ᠢᠽᠥ᠋ᠩ ᠵᠣᠣ ᠵᠢᠢ ᠶ᠋ᠢ ᠠᠮᠢᠳᠤ ᠪᠠᠷ ᠪᠠᠷᠢᠭᠠᠳ᠂ ᠡᠦ ᠭᠦᠸᠧ ᠴᠧᠩ ᠪᠠᠯᠭᠠᠰᠤᠨ᠎ᠠ ᠠᠴᠢᠷᠠᠵᠤ ᠳᠠᠷᠤᠪᠠᠰᠤ᠂ ᠳᠡᠭᠦᠨᠦ ᠠᠬᠠᠮᠠᠳ ᠬᠥᠪᠡᠭᠦᠨ ᠵᠣᠣ ᠬᠤᠸᠠᠨ ᠡᠳ᠋ ᠢ᠋ᠶ᠋ᠡᠨ ᠬᠠᠢᠷᠠᠯᠠᠨ᠂ ᠡᠴᠢᠭᠡ ᠬᠠᠭᠠᠨ ᠢ᠋ᠶ᠋ᠠᠨ ᠵᠣᠯᠢᠵᠤ ᠠᠪᠠᠴᠢᠬᠤ ᠦᠭᠡᠢ ᠪᠡᠷ ᠦᠯᠦ ᠪᠠᠷᠠᠮ᠂ ᠥᠪᠡᠷ ᠢ᠋ᠶ᠋ᠡᠨ ᠬᠠᠷᠢᠨ ᠵᠠᠪᠰᠢᠵᠤ ᠠᠮᠢᠳᠤ ᠪᠠᠢᠬᠤ ᠡᠴᠢᠭᠡ ᠶᠦ᠍ᠭᠡᠨ ᠣᠷᠣ ᠶ᠋ᠢ ᠡᠵᠡᠯᠡᠨ ᠬᠠᠭᠠᠨ ᠰᠠᠭᠤᠵᠤ ᠵᠢᠷᠭᠠᠨ ᠠᠮᠢᠳᠤᠷᠠᠬᠤᠢ ᠳ᠋ᠤᠷ ᠠᠯᠲᠠᠨ ᠤ᠋ ᠡᠤ ᠵᠣ᠌ ᠳᠡᠭᠦᠨᠦ ᠠᠴᠢᠯᠠᠯ ᠦᠭᠡᠢ ᠳ᠋ᠦ᠍ᠷ ᠶᠡᠬᠡᠳᠡ ᠬᠢᠯᠢᠩᠯᠡᠨ ᠪᠠᠰᠠ ᠴᠡᠷᠢᠭ ᠠᠪᠤᠨ ᠡᠴᠢᠵᠦ ᠲᠡᠭᠦᠨ ᠢ ᠪᠠᠰᠠ ᠠᠮᠢᠳᠤ ᠪᠠᠷ ᠪᠠᠷᠢᠵᠤ ᠠᠴᠢᠷᠠᠭᠰᠠᠨ ᠪᠥᠯᠥᠭᠡ᠃ ᠡᠨᠡ ᠳᠠᠷᠤᠢ ᠰᠥᠩ ᠤᠯᠤᠰ ᠤ᠋ᠨ ᠶᠢᠰᠦᠳᠦᠭᠡᠷ ᠡᠵᠡᠨ ᠴᠢᠡᠽᠥ᠋ᠩ ᠮᠥᠨ᠂ ᠡᠭᠦᠨ ᠳ᠋ᠦ᠍ᠷ ᠰᠠᠶᠢ ᠴᠢᠡᠽᠥ᠋ᠩ ᠦ᠋ᠨ ᠶᠢᠰᠦᠳᠦᠭᠡᠷ ᠳᠡᠭᠦᠦ ᠵᠣᠣ ᠭᠧᠦ ᠬᠡᠮᠡᠭᠴᠢ ᠡᠮᠦᠨᠡᠰᠢ ᠪᠤᠷᠤᠭᠤᠯᠠᠨ᠂ ᠶᠡᠬᠡ ᠮᠥᠷᠡᠨ ᠢ᠋ ᠭᠡᠲᠦᠯᠦᠨ᠂ ᠵᠢᠶᠠᠩ ᠨᠠᠨ ᠤ᠋ ᠬᠠᠩ ᠵᠧᠦ ᠮᠣᠵᠢ ᠶ᠋ᠢᠨ ᠯᠢᠨ ᠠᠨ ᠪᠠᠯᠭᠠᠰᠤᠨ᠎ᠠ ᠬᠠᠭᠠᠨ ᠰᠠᠭᠤᠵᠤ ᠡᠮᠦᠨᠡᠲᠦ ᠰᠥᠩ ᠬᠡᠮᠡᠪᠡ᠃ ᠡᠳᠦᠭᠡ ᠪᠦᠬᠦᠢ ᠰᠥᠩ ᠦ᠋ᠨ ᠡᠵᠡᠨ ᠵᠣᠣ ᠺᠦᠸᠧ ᠰᠥᠩ ᠨᠢᠩᠽᠦ᠋ᠩ ᠳ᠋ᠦ᠍ᠷ ᠬᠦᠷᠲᠡᠯ᠎ᠡ ᠪᠠᠰᠠ ᠳᠥᠷᠪᠡᠨ ᠬᠠᠭᠠᠨ ᠪᠣᠯᠵᠤᠬᠤᠢ᠃ ᠲᠡᠢᠨ ᠬᠦ᠌ ᠲᠡᠷᠡ ᠱᠣᠣ ᠶᠦᠩ ᠪᠠᠭᠰᠢ ᠶ᠋ᠢᠨ ᠠᠷᠭ᠎ᠠ ᠪᠢᠯᠢᠭ ᠦ᠋ᠨ ᠠᠭᠤᠯᠵᠠᠷ ᠬᠢᠮᠤᠷᠠᠯᠳᠤᠬᠤᠢ ᠶ᠋ᠢᠨ ᠲᠣᠬᠢᠶᠠᠯ ᠢ᠋ᠶ᠋ᠠᠷ ᠦᠵᠡᠪᠡᠰᠦ᠂ ᠡᠳᠦᠭᠡ ᠪᠦᠬᠦᠢ ᠳᠤᠮᠳᠠᠳᠤ ᠠᠯᠲᠠᠨ ᠤᠯᠤᠰ ᠮᠥᠨ ᠰᠠᠮᠠᠭᠤᠷᠠᠬᠤ ᠰᠢᠬᠠᠵᠤᠬᠤᠢ᠃ ᠮᠠᠨ ᠤ᠋ ᠤᠮᠠᠷᠠᠲᠤ ᠮᠣᠩᠭᠣᠯ ᠤᠯᠤᠰ ᠤ᠋ᠨ ᠪᠡᠯᠬᠡᠰ ᠲᠡᠮᠳᠡᠭ ᠢ᠋ᠶ᠋ᠡᠷ ᠦᠵᠡᠪᠡᠰᠦ᠂ ᠡᠨᠡ ᠵᠢᠯ ᠦ᠋ᠨ ᠬᠠᠪᠤᠷ ᠢ᠋ᠶ᠋ᠠᠷ ᠬᠡᠳᠦᠢᠨ ᠪᠠᠬᠠᠨ ᠪᠣᠳᠣ ᠶ᠋ᠢᠨ ᠴᠡᠴᠡᠭ  ᠬᠢᠵᠢᠭ᠌ ᠦᠨ ᠵᠠᠷ ᠪᠣᠢ ᠪᠣᠯᠪᠠᠴᠤ ᠬᠠᠷᠢᠨ ᠦᠬᠦᠯ ᠶᠡᠭᠦᠳᠬᠡᠯ ᠳᠡᠮᠡᠢ ᠦᠭᠡᠢ ᠪᠥᠭᠡᠳ ᠭᠡᠳᠡᠷᠭᠦ ᠬᠠᠷᠢᠨ ᠰᠠᠢᠨ ᠬᠤᠪᠢᠯᠭᠠᠨ ᠰᠢᠳᠢᠲᠡᠨ ᠦ᠌ ᠡᠮ ᠲᠣᠮ ᠤ᠋ᠨ ᠲᠡᠭᠷᠢ ᠶ᠋ᠢᠨ ᠲᠤᠰᠠᠯᠠᠯ ᠳ᠋ᠤᠷ ᠬᠦᠷᠲᠡᠵᠦ᠂ ᠤᠯᠤᠰ ᠤ᠋ᠨ ᠬᠣᠲᠠᠯᠠᠭᠠᠷ ᠤ᠋ᠨ ᠶᠠᠰᠤ ᠰᠢᠷᠪᠦᠰᠦᠨ ᠦ᠌ ᠭᠡᠮ ᠡᠪᠡᠳᠴᠢᠨ ᠠᠷᠢᠯᠤᠨ ᠤᠰᠠᠳᠴᠤ᠂ ᠡᠮᠦᠨᠡᠰᠢ ᠵᠦᠭ ᠴᠡᠷᠢᠭ ᠣᠷᠣᠬᠤᠢ ᠳ᠋ᠤᠷ ᠡᠮᠦᠨᠡᠲᠦ ᠬᠠᠯᠠᠭᠤᠨ ᠠᠮᠢᠰᠬᠤᠯ ᠤ᠋ᠨ ᠡᠯ᠎ᠡ ᠵᠦᠢᠯ ᠦ᠋ᠨ ᠪᠣᠳᠣ ᠴᠡᠴᠡᠭ ᠦ᠋ᠨ ᠲᠤᠭᠤᠯᠪᠤᠷᠢ ᠶ᠋ᠢᠨ ᠵᠦᠢᠯ ᠦ᠋ᠨ ᠬᠢᠵᠢᠭ ᠵᠠᠷ ᠠ᠋ᠴᠠ ᠠᠶᠤᠬᠤ ᠦᠭᠡᠢ ᠪᠣᠯᠬᠤ ᠶ᠋ᠢᠨ ᠪᠡᠯᠭᠡ ᠲᠡᠮᠳᠡᠭ ᠪᠣᠢ ᠪᠥᠭᠡᠳ ᠨᠡᠩ ᠪᠠᠰᠠ ᠣᠳᠣ ᠭᠤᠷᠪᠠᠨ ᠵᠢᠯ ᠦ᠋ᠨ ᠴᠠᠭᠠᠨ ᠮᠣᠷᠢᠨ ᠤ᠋ ᠬᠠᠭᠠᠨ ᠡᠵᠡᠨ ᠦ᠌ ᠳᠥᠴᠢᠨ ᠶᠢᠰᠦᠨ ᠰᠡᠭᠦᠳᠡᠷ ᠡᠴᠡ ᠡᠬᠢᠯᠡᠨ᠂ ᠠᠯᠲᠠᠨ ᠤᠯᠤᠰ ᠤ᠋ᠨ ᠠᠭᠤᠯᠠ ᠮᠥᠷᠡᠨ ᠢᠨᠦ ᠮᠠᠨ ᠤ᠋ ᠬᠠᠭᠠᠨ ᠡᠵᠡᠨ ᠦ᠌ ᠬᠠᠨᠴᠤᠢ ᠬᠣᠷᠮᠣᠢ ᠳ᠋ᠤᠷ ᠬᠤᠷᠢᠶᠠᠭᠳᠠᠨ ᠳᠠᠭᠠᠯᠴᠠᠬᠤᠢ ᠶ᠋ᠢᠨ ᠶᠡᠬᠡ ᠪᠡᠯᠭᠡ ᠢᠷᠦᠭᠡᠯ ᠮᠠᠭᠠᠳ ᠪᠣᠯᠵᠤᠬᠤᠢ᠃ ᠡᠨᠡ ᠴᠠᠭᠠᠨ ᠮᠠᠨᠠᠨ ᠴᠠᠭᠠᠨ ᠮᠣᠷᠢᠨ ᠡᠳᠦᠷ ᠡᠴᠡ ᠡᠬᠢᠯᠡᠵᠦ᠂ ᠳᠠᠷᠠᠭ᠎ᠠ ᠪᠠᠷ ᠭᠤᠷᠪᠠᠨ ᠡᠳᠦᠷ ᠴᠥᠮ ᠢ᠋ᠶ᠋ᠡᠷ ᠮᠣᠷᠢᠨ ᠴᠠᠭ ᠲᠤᠷ ᠳᠡᠭᠳᠡᠵᠦ ᠰᠡᠬᠦᠭᠰᠡᠨ ᠢ᠋ᠶ᠋ᠡᠷ ᠪᠡᠯᠭᠡ ᠢᠷᠦᠭᠡᠷ ᠴᠠᠭᠠᠨ ᠮᠣᠷᠢᠨ ᠵᠢᠯ ᠡᠴᠡ ᠶᠡᠬᠡᠳᠡ ᠳᠡᠯᠭᠡᠷᠡᠵᠦ᠂ ᠬᠠᠷ᠎ᠠ ᠮᠣᠷᠢᠨ ᠵᠢᠯ ᠪᠣᠯᠲᠠᠯ᠎ᠠ ᠡᠨᠡ ᠠᠷᠪᠠᠨ ᠭᠤᠷᠪᠠᠨ ᠣᠨ ᠤ᠋ ᠳᠣᠲᠣᠷ᠎ᠠ ᠪᠣᠭᠳᠠ ᠡᠵᠡᠨ ᠦ᠌ ᠡᠷᠬᠡ ᠰᠦᠷ ᠪᠠᠷᠠᠭᠤᠨ ᠡᠮᠦᠨ᠎ᠡ ᠲᠦᠮᠡᠨ ᠭᠠᠵᠠᠷ ᠤ᠋ᠨ ᠭᠠᠳᠠᠨ᠎ᠠ ᠭᠠᠷᠴᠤ᠂ ᠵᠡᠭᠦᠨ ᠡᠮᠦᠨ᠎ᠡ ᠵᠢᠷᠭᠤᠭᠠᠨ ᠮᠢᠩᠭᠠᠨ ᠭᠠᠵᠠᠷ ᠤ᠋ᠨ ᠭᠠᠳᠠᠨ᠎ᠠ ᠭᠠᠷᠴᠤ᠂ ᠵᠠᠭᠤᠨ ᠮᠢᠩᠭᠠᠨ ᠬᠣᠲᠠ ᠪᠠᠯᠭᠠᠳ ᠤ᠋ᠨ ᠠᠯᠪᠠᠨ ᠢ᠋ ᠬᠤᠷᠢᠶᠠᠮᠵᠢᠯᠠᠮᠤᠢ᠃ ᠡᠨᠡ ᠢᠨᠦ ᠬᠠᠭᠠᠨ ᠡᠵᠡᠨ ᠦ᠌ ᠰᠠᠭᠤᠷᠢᠨ ᠳ᠋ᠤᠷ ᠰᠠᠭᠤᠭᠰᠠᠨ ᠡᠳᠦᠷ ᠦ᠋ᠨ ᠴᠠᠭᠠᠨ ᠭᠡᠷᠡᠯ ᠪᠠᠰᠠ ᠮᠣᠷᠢᠨ ᠡᠳᠦᠷ ᠪᠣᠭᠳᠠ ᠡᠵᠡᠨ ᠢ᠋ ᠮᠡᠨᠳᠦᠯᠡᠭᠰᠡᠨ ᠴᠠᠭ ᠪᠠᠰᠠ ᠬᠦ᠌ ᠮᠣᠷᠢᠨ ᠡᠳᠦᠷ ᠦ᠋ᠨ ᠮᠣᠷᠢᠨ ᠴᠠᠭ ᠲᠤᠯᠠ᠂ ᠨᠡᠢᠲᠡ ᠨᠠᠢ᠍ᠮᠠᠨ ᠮᠣᠷᠢᠨ ᠤ᠋ ᠪᠡᠯᠬᠡᠰ ᠪᠠᠷᠢᠯᠳᠤᠭᠰᠠᠨ ᠢ᠋ᠶ᠋ᠠᠷ ᠡᠷᠲᠡᠨ ᠦ᠌ ᠪᠣᠭᠳᠠ ᠸᠧᠨ ᠸᠠᠩ ᠤ᠋ᠨ ᠵᠧᠦ ᠤᠯᠤᠰ ᠤ᠋ᠨ ᠲᠠᠪᠤᠳᠤᠭᠠᠷ ᠬᠠᠭᠠᠨ ᠵᠧᠦ ᠮᠦ᠍ ᠸᠠᠩ ᠣᠪᠣᠭ ᠵᠢᠢ᠂ ᠨᠡᠷ᠎ᠡ ᠮᠠᠨ᠂ ᠬᠠᠭᠠᠨ ᠤ᠋ ᠰᠠᠬᠢᠭᠤᠯᠰᠤᠨ ᠨᠠᠢ᠍ᠮᠠᠨ ᠮᠣᠷᠢ ᠶ᠋ᠢᠨ ᠬᠦᠯᠢᠯ ᠪᠣᠯᠤᠭᠰᠠᠨ ᠢ᠋ᠶ᠋ᠠᠷ ᠲᠢᠪ ᠳᠡᠯᠡᠬᠡᠢ ᠶ᠋ᠢᠨ ᠬᠢᠵᠠᠭᠠᠷ ᠲᠤᠷ ᠬᠦᠷᠬᠦ ᠶ᠋ᠢ ᠤᠭᠲᠤᠵᠤ ᠮᠡᠳᠡᠪᠡᠰᠦ ᠪᠣᠯᠤᠮᠤᠢ᠃ ᠡᠨᠡ ᠵᠢᠯ ᠦ᠋ᠨ ᠬᠠᠪᠤᠷ ᠤ᠋ᠨ ᠰᠡᠭᠦᠯ ᠰᠠᠷ᠎ᠠ ᠶ᠋ᠢᠨ ᠡᠬᠢᠨ᠎ᠡ ᠮᠣᠩᠭᠣᠯ ᠤᠯᠤᠰ ᠤ᠋ᠨ ᠬᠣᠲᠠᠯᠠᠭᠠᠷ ᠠᠯᠢᠪᠠ ᠮᠥᠷᠡᠨ ᠭᠣᠣᠯ ᠨᠠᠭᠤᠷ ᠲᠤᠨᠤᠮᠠᠯ ᠪᠦᠬᠦᠨ᠎ᠡ ᠳᠠᠪᠰᠢᠵᠤ ᠪᠠᠭᠤᠪᠠᠰᠤ᠂ ᠬᠢᠵᠢᠭ ᠪᠣᠳᠣ ᠶ᠋ᠢᠨ ᠵᠠᠷ ᠡᠪᠡᠳᠴᠢᠨ ᠲᠦᠷᠭᠡᠨ᠎ᠡ ᠰᠡᠪᠬᠡᠷᠡᠨ ᠳᠡᠭᠳᠡᠮᠦᠢ᠃ ᠲᠩᠷᠢ ᠶ᠋ᠢᠨ ᠲᠤᠰᠠᠯᠠᠯ ᠲᠡᠮᠦᠷ ᠦ᠋ᠨ ᠡᠲᠡᠭᠡᠳ ᠡᠴᠡ ᠢᠷᠡᠮᠦᠢ ᠬᠡᠮᠡᠵᠦᠬᠦᠢ᠃ 
       ᠲᠠᠢᠽᠦ ᠴᠢᠩᠭᠢᠰ ᠬᠠᠭᠠᠨ ᠶᠡᠬᠡᠳᠡ ᠪᠡᠶᠡᠰᠦᠨ ᠰᠠᠢᠰᠢᠶᠠᠵᠤ᠄ 《ᠮᠢᠨᠦ ᠡᠳᠦᠢᠴᠢᠨᠡᠭᠡᠨ ᠵᠢᠯ ᠦ᠋ᠨ ᠪᠣᠳᠣᠯᠭ᠎ᠠ ᠳ᠋ᠤᠢ ᠨᠡᠢᠴᠡᠪᠡ᠃ ᠡᠪᠡᠳᠴᠢᠨ ᠲᠠᠬᠤᠯ ᠢ᠋ ᠵᠡᠭᠦᠦ ᠬᠠᠨᠠᠭᠤᠷ ᠢ᠋ᠶ᠋ᠠᠷ ᠵᠠᠰᠠᠬᠤ ᠲᠤᠯᠠ ᠪᠠᠷᠠᠭᠤᠨ ᠡᠲᠡᠭᠡᠳ ᠦ᠋ᠨ ᠲᠡᠮᠦᠷ ᠦ᠋ᠨ ᠣᠷᠣᠨ ᠠ᠋ᠴᠠ ᠡᠮᠴᠢ ᠶ᠋ᠢ ᠬᠡᠷᠡᠭᠯᠡᠬᠦ ᠠᠵᠤᠭᠤ 》ᠭᠡᠮᠡᠨ ᠵᠠᠷᠯᠢᠭ ᠪᠣᠯᠤᠷᠤᠨ᠄ 
         ᠤᠷᠢᠳᠠ ᠠ᠋ᠴᠠ ᠤᠭᠲᠤᠵᠤ ᠲᠦᠰᠥᠭᠯᠡᠭᠴᠢ 
         ᠤᠷᠢᠶᠠᠩᠬᠠᠨ ᠤ᠋ ᠮᠡᠷᠭᠡᠨ ᠥᠲᠡᠭᠦᠰ 
         ᠬᠣᠴᠢ ᠦᠭᠡᠶ᠎ᠡ ᠬᠣᠵᠢᠮ ᠢ᠋ ᠤᠬᠠᠮᠵᠢᠯᠠᠭᠴᠢ 
         ᠬᠣᠩᠭᠢᠷᠠᠳ ᠤ᠋ᠨ ᠰᠡᠴᠡᠨ ᠬᠠᠳᠠᠮ᠃ 
         ᠳᠠᠪᠬᠤᠷ ᠬᠦᠯᠢᠯ ᠳ᠋ᠦ᠍ᠷ ᠦᠨᠡᠬᠡᠷ ᠨᠡᠪᠲᠡᠷᠡᠭᠰᠡᠨ 
         ᠳ᠋ᠠᠳᠠᠲᠤᠩᠭ᠎ᠠ ᠡᠷᠳᠡᠮᠲᠦ ᠰᠠᠢᠳ᠃ 
         ᠢᠷᠡᠬᠦ ᠡᠴᠢᠬᠦ ᠢᠷᠣ᠎ᠠ ᠪᠡᠯᠬᠡᠰ ᠲᠣᠷ ᠭᠡᠭᠡᠬᠡᠨ 
         ᠢᠷᠭᠡᠨ ᠬᠡᠯᠡᠲᠦ ᠡᠷᠳᠡᠮᠲᠦ ᠲᠦᠰᠢᠮᠡᠳ ᠮᠢᠨᠦ᠃ 
ᠭᠡᠮᠡᠨ ᠮᠠᠭᠲᠠᠨ ᠰᠠᠢᠰᠢᠶᠠᠵᠤ ᠳᠠᠷᠤᠢ ᠵᠠᠷᠯᠢᠭ ᠪᠠᠭᠤᠯᠭᠠᠨ ᠶᠡᠬᠡ ᠵᠢᠨᠦᠩ ᠦ᠋ᠨ ᠭᠠᠵᠠᠷ ᠠ᠋ᠴᠠ ᠤᠯᠤᠰ ᠤ᠋ᠨ ᠬᠣᠲᠠᠯᠠᠭᠠᠷ ᠬᠠᠪᠤᠷᠤᠨ ᠰᠡᠭᠦᠯ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠬᠣᠯᠠ ᠣᠢᠷ᠎ᠠ ᠨᠡᠢᠲᠡ ᠪᠦᠬᠦᠨ ᠢ᠋ ᠮᠥᠷᠡᠨ ᠭᠣᠣᠯ᠂ ᠨᠠᠭᠤᠷ ᠪᠢᠯᠬᠠᠮᠠᠯ ᠤ᠋ᠨ ᠤᠰᠤᠲᠤ ᠭᠠᠵᠠᠷ᠎ᠠ ᠪᠠᠭᠤᠳᠠᠯ ᠨᠡᠭᠦᠯᠭᠡᠨ ᠪᠠᠭᠤᠯᠭᠠᠭᠲᠤᠨ ᠭᠡᠮᠡᠨ ᠲᠠᠢᠬᠡᠦ᠂ ᠬᠤᠸᠠᠩᠬᠡᠦ ᠬᠠᠲᠤᠳ ᠭᠦᠩᠵᠦ ᠨᠠᠷ ᠢ᠋ ᠴᠦ᠍ ᠴᠥᠮ ᠣᠷᠳᠣᠨ ᠤ᠋ ᠳᠣᠲᠣᠭᠠᠳᠤ᠂ ᠭᠡᠭᠡᠬᠡᠨ ᠪᠤᠯᠠᠭ ᠤ᠋ᠨ ᠣᠷᠳᠣᠨ ᠤ᠋ ᠬᠦᠷᠢᠶᠡᠯᠡᠩ ᠦ᠋ᠨ ᠯᠤᠤ ᠶ᠋ᠢᠨ ᠥᠷᠭᠥᠭᠡ ᠮᠠᠩᠨᠤᠭ ᠴᠠᠴᠠᠷ ᠲᠠᠭᠲᠤ ᠶ᠋ᠢ ᠨᠡᠭᠦᠯᠭᠡᠨ ᠪᠠᠷᠢᠭᠤᠯᠵᠤ᠂ ᠲᠣᠭᠣᠷᠢᠭᠤᠯᠤᠨ ᠴᠥᠮ ᠲᠤᠩᠭᠠᠯᠠᠭ ᠪᠤᠯᠠᠭ ᠤ᠋ᠨ ᠤᠰᠤ ᠶ᠋ᠢ ᠤᠷᠤᠰᠬᠠᠪᠠ᠃ 
       ᠲᠡᠳᠦᠢ ᠴᠡᠷᠢᠭ ᠦ᠋ᠨ ᠡᠵᠡᠨ ᠶᠡᠬᠡ ᠵᠢᠨᠦᠩ ᠬᠠᠷᠠᠬᠠᠨ ᠬᠡᠳᠦᠨ ᠵᠢᠯ ᠦ᠋ᠨ ᠡᠮᠦᠨ᠎ᠡ ᠡᠴᠡ ᠡᠮᠦᠨᠡᠲᠦ ᠵᠦᠭ ᠴᠡᠷᠢᠭ ᠣᠷᠣᠬᠤ ᠠᠷᠭ᠎ᠠ ᠤᠬᠠᠭᠠᠨ ᠢ᠋ ᠵᠠᠭᠤᠨ ᠮᠢᠩᠭᠠᠨ ᠵᠦᠢᠯ ᠢ᠋ᠶ᠋ᠡᠷ ᠤᠷᠪᠠᠭᠤᠯᠤᠨ ᠬᠥᠷᠪᠡᠭᠦᠯᠵᠦ ᠪᠣᠳᠣᠯᠬᠢᠯᠠᠨ ᠰᠠᠨᠠᠮᠵᠢᠯᠠᠬᠤ᠊ᠢ ᠳ᠋ᠤᠷ ᠡᠩ ᠲᠡᠷᠢᠭᠦᠨ᠎ᠡ ᠤᠮᠠᠷᠠᠲᠤ ᠬᠦᠢᠲᠡᠨ ᠡᠯᠡᠰᠦᠨ ᠦ᠌ ᠬᠥᠮᠦᠨ ᠠᠮᠢᠲᠠᠨ᠂ ᠵᠠᠩᠵᠤᠨ ᠴᠡᠷᠢᠭ ᠦ᠋ᠳ ᠦ᠋ᠨ ᠣᠯᠠᠨ ᠠᠷᠠᠳ᠂ ᠡᠮᠦᠨ᠎ᠡ ᠵᠦᠭ ᠦ᠋ᠨ ᠬᠠᠯᠠᠭᠤᠨ ᠠᠮᠢᠰᠬᠤᠯᠲᠤ ᠰᠢᠷᠣᠢ ᠶ᠋ᠢᠨ ᠭᠠᠵᠠᠷ᠎ᠠ ᠣᠷᠣᠪᠠᠰᠤ ᠡᠷᠬᠡ ᠦᠭᠡᠢ ᠬᠠᠯᠠᠭᠤᠨ ᠴᠢᠭᠢᠭ ᠠᠭᠤᠷ ᠲᠤᠷ ᠣᠨᠣᠭᠳᠠᠵᠤ᠂ ᠳᠤᠯᠠᠭᠠᠨ ᠭᠠᠵᠠᠷ ᠤ᠋ᠨ ᠴᠠᠭ ᠦᠶᠡᠰ ᠦ᠋ᠨ ᠬᠥᠮᠦᠨ ᠪᠣᠳᠣ ᠴᠡᠴᠡᠭ ᠦᠷ᠎ᠡ ᠬᠡᠮᠡᠬᠦ ᠬᠢᠵᠢᠭ ᠵᠠᠷ ᠲᠤᠷ ᠨᠡᠷᠪᠡᠭᠳᠡᠬᠦ ᠶ᠋ᠢ ᠳᠣᠲᠣᠷ᠎ᠠ ᠪᠠᠨ ᠵᠠᠭᠤᠨ ᠮᠢᠩᠭᠠᠨ ᠵᠦᠢᠯ ᠢ᠋ᠶ᠋ᠡᠷ ᠪᠣᠳᠣᠭᠰᠠᠨ ᠪᠣᠯᠪᠠᠴᠤ ᠠᠶᠤᠮᠰᠢᠭ ᠦᠭᠡᠢ ᠨᠢᠭᠡᠨ ᠦᠭᠡᠰ ᠴᠦ᠍ ᠬᠡᠯᠡᠵᠦ ᠭᠠᠷᠭᠠᠨ ᠴᠢᠳᠠᠭᠰᠠᠨ ᠦᠭᠡᠢ ᠪᠥᠯᠥᠭᠡ᠃ ᠡᠳᠦᠭᠡᠬᠢ ᠶ᠋ᠢᠨ ᠡᠨᠡ ᠴᠠᠭᠠᠨ ᠮᠣᠷᠢᠨ ᠡᠳᠦᠷ ᠦ᠋ᠨ ᠴᠠᠭᠠᠨ ᠮᠠᠨᠠᠨ ᠭᠤᠷᠪᠠᠨ ᠡᠳᠦᠷ ᠪᠠᠭᠤᠭᠰᠠᠨ ᠤ᠋ ᠣᠴᠢᠷ᠎ᠠ  ᠬᠠᠭᠠᠨ ᠡᠵᠡᠨ ᠬᠠᠮᠤᠭ ᠰᠡᠴᠡᠳ ᠲᠣᠷ ᠵᠠᠷᠯᠢᠭ ᠪᠠᠭᠤᠯᠭᠠᠨ ᠵᠥᠪᠳᠡᠭᠦᠯᠦᠨ ᠰᠡᠯᠭᠦᠯᠡᠭᠰᠡᠭᠡᠷ᠂ ᠡᠨᠡ ᠪᠣᠳᠣ ᠬᠢᠵᠢᠭ ᠵᠠᠷ ᠢ᠋ ᠵᠥᠪᠯᠡᠰᠦᠨ ᠭᠠᠷᠭᠠᠵᠤ᠂ ᠤᠯᠤᠰ ᠤ᠋ᠨ ᠬᠣᠲᠠᠯᠠᠭᠠᠷ᠎ᠠ ᠤᠰᠤ ᠨᠠᠭᠤᠷᠲᠤ ᠭᠠᠵᠠᠷ᠎ᠠ ᠪᠠᠭᠤᠳᠠᠯ ᠨᠡᠭᠦᠬᠦ ᠶ᠋ᠢ ᠵᠠᠷᠯᠠᠬᠤᠶ᠎ᠠ ᠪᠠᠷᠠᠭᠤᠨ ᠲᠠᠩᠭᠤᠳ ᠤᠯᠤᠰ ᠤ᠋ᠨ ᠤ᠋ ᠭᠦᠩᠵᠦ ᠳ᠋ᠦ᠍ᠷ ᠲᠠᠯᠪᠢᠵᠤ ᠥᠭᠭᠦᠭᠰᠡᠨ ᠳᠡᠭᠡᠳᠦ ᠲᠠᠢᠹᠦ᠋ ᠲᠦᠰᠢᠮᠡᠯ ᠥᠳᠥ ᠂ ᠶ᠋ᠢᠨ ᠭᠦᠩᠵᠦ ᠶ᠋ᠢᠨ ᠡᠮᠦᠨ᠎ᠡ ᠡᠴᠡ ᠪᠠᠷᠠᠭᠤᠨ ᠤᠢᠭᠤᠷ ᠤᠯᠤᠰ ᠤ᠋ᠨ ᠤᠮᠠᠷᠠᠲᠤ ᠲᠡᠭᠷᠢ ᠠᠭᠤᠯᠠ - ᠲᠢᠶᠠᠨ ᠱᠠᠨ ᠤ᠋ ᠳᠣᠲᠣᠷᠠᠬᠢ ᠴᠢᠦ ᠰᠢᠶᠠᠨ ᠬᠦ ᠥᠬᠢᠨ ᠪᠠᠭᠰᠢ ᠴᠢᠦ ᠵᠧᠨ ᠡᠴᠡ ᠡᠷᠳᠡᠮ ᠰᠤᠷᠬᠤ ᠰᠠᠢᠬᠠᠨ ᠭᠦᠦᠷ ᠠᠪᠠᠬᠠᠢ ᠶ᠋ᠢᠨ ᠠᠬ᠎ᠠ ᠰᠠᠢᠨ ᠰᠡᠷ᠂ ᠠᠷᠪᠠᠨ ᠨᠠᠢ᠍ᠮᠠᠨ ᠰᠠᠷᠯᠤᠭ ᠦᠬᠡᠷ ᠲᠦ᠍ᠷ ᠰᠠᠢᠨ ᠡᠮ ᠦ᠋ᠨ ᠦᠨᠳᠦᠰᠦ ᠶ᠋ᠢ ᠠᠴᠢᠵᠤ ᠬᠠᠮᠲᠤ ᠬᠦᠷᠴᠦ ᠢᠷᠡᠨ᠂ ᠠᠯᠲᠠᠨᠱᠠᠭ᠎ᠠ᠂ ᠰᠣᠯᠣᠩᠭᠤᠣ᠎ᠡ᠂ ᠰᠠᠢᠬᠠᠨ ᠭᠦᠦᠷ ᠨᠡᠢᠲᠡ ᠭᠤᠷᠪᠠᠨ ᠵᠠᠭᠤᠨ ᠮᠣᠷᠢᠲᠠᠨ ᠢ᠋ ᠠᠪᠴᠤ᠂ ᠵᠢᠪᠬᠤᠯᠠᠩ ᠪᠠᠯᠭᠠᠰᠤᠨ᠎ᠠ ᠬᠦᠷᠴᠦ ᠢᠷᠡᠭᠡᠳ ᠵᠢᠨᠦᠩ ᠦ᠋ᠨ ᠲᠠᠭᠲᠤ ᠳ᠋ᠤᠷ ᠣᠷᠣᠵᠤ ᠵᠣᠯᠭᠠᠭᠰᠠᠨ᠎ᠠ ᠴᠡᠷᠢᠭ ᠦ᠋ᠨ ᠶᠡᠬᠡ ᠵᠢᠨᠦᠩ ᠬᠡᠳᠦᠢᠨ ᠮᠡᠳᠡᠭᠡ ᠣᠯᠤᠭᠰᠠᠨ ᠢ᠋ᠶ᠋ᠠᠷ ᠶᠡᠬᠡᠯ᠎ᠡ ᠪᠠᠶᠠᠷᠯᠠᠨ ᠳᠠᠪᠬᠤᠷ ᠳᠠᠪᠬᠤᠷ ᠤᠬᠲᠤᠭᠤᠯᠤᠨ᠂ ᠥᠪᠡᠷᠦᠨ ᠪᠡᠶ᠎ᠡ ᠰᠠᠭᠤᠳᠠᠯ ᠠ᠋ᠴᠠ ᠪᠣᠰᠴᠤ ᠤᠭᠲᠤᠨ ᠶᠣᠰᠣᠯᠠᠵᠤ᠂ ᠪᠠᠷᠠᠭᠤᠨ ᠵᠦᠭ ᠬᠠᠨᠳᠤᠭᠤᠯᠤᠨ᠂ ᠶᠢᠰᠦᠨ ᠶᠡᠬᠡ ᠥᠷᠭᠥᠭᠡ ᠪᠠᠷᠢᠭᠤᠯᠤᠨ᠂ ᠶᠢᠰᠦ ᠶᠢᠰᠦᠨ ᠦ᠌ ᠶᠡᠬᠡ ᠲᠠᠬᠢᠯ ᠲᠠᠪᠢᠭ ᠬᠦᠵᠢ ᠵᠤᠯᠠ᠂ ᠪᠠᠯ ᠪᠤᠷᠠᠮ᠂ ᠲᠣᠰᠣ ᠪᠣᠷᠴᠠ ᠶ᠋ᠢᠨ ᠶᠡᠬᠡ ᠰᠢᠷᠡᠭᠡ ᠳᠠᠬᠢᠵᠤ ᠲᠠᠪᠢᠭᠯᠠᠨ᠂ ᠬᠠᠭᠠᠨ ᠳ᠋ᠤᠷ ᠠᠠᠢᠯᠤᠭᠬᠠᠨ ᠬᠠᠭᠠᠨ ᠤ᠋ ᠭᠡᠭᠡᠨ ᠲᠡᠷᠢᠭᠦᠯᠡᠨ ᠵᠥᠭᠴᠢᠯᠡᠨ ᠬᠠᠨᠳᠤᠵᠤ ᠳᠠᠬᠢᠵᠤ ᠲᠠᠪᠢᠭᠯᠠᠨ ᠮᠥᠷᠭᠥᠵᠦ᠂ ᠡᠭᠦᠡᠴᠡ ᠬᠠᠭᠠᠨ ᠤ᠋ ᠭᠡᠭᠡᠨ ᠶᠢᠰᠦᠨ ᠡᠩ ᠦ᠋ᠨ ᠵᠠᠭᠤᠨ ᠲᠦᠮᠡᠨ ᠦ᠌ ᠵᠠᠩᠵᠤᠨ ᠴᠡᠷᠢᠭ ᠦ᠋ᠳ ᠨᠡᠭᠦᠨ ᠬᠥᠳᠡᠯᠵᠦ ᠣᠯᠠᠨ ᠨᠠᠭᠤᠷ ᠤ᠋ᠨ ᠭᠠᠵᠠᠷ᠎ᠠ ᠶᠡᠬᠡ ᠴᠡᠷᠢᠭ ᠪᠠᠭᠤᠨ᠂ ᠳᠠᠷᠤᠢ ᠪᠠᠷᠠᠭᠤᠨ ᠲᠢᠶᠠᠨ ᠱᠠᠨ ᠠᠭᠤᠯᠠᠨ ᠤ᠋ ᠴᠢᠦ ᠵᠸᠨ ᠬᠡᠮᠡᠬᠦ ᠰᠢᠶᠠᠨ ᠬᠦ ᠬᠤᠪᠢᠯᠭᠠᠨ ᠳᠠᠭᠢᠨᠢ᠂ ᠶ᠋ᠢᠨ ᠭᠦᠩᠵᠦ ᠶ᠋ᠢᠨ ᠨᠠᠢᠷ ᠢ᠋ᠶ᠋ᠠᠷ ᠮᠣᠩᠭᠣᠯ ᠤᠯᠤᠰ ᠤ᠋ᠨ ᠪᠣᠳᠣ ᠵᠠᠷ ᠡᠪᠡᠳᠴᠢᠨ ᠢ᠋ ᠤᠭᠲᠤᠨ ᠵᠠᠰᠠᠬᠤ ᠡᠮ ᠲᠣᠮ ᠤ᠋ᠨ ᠠᠷᠭ᠎ᠠ ᠶ᠋ᠢ ᠰᠤᠷᠭᠠᠨ ᠢᠯᠡᠭᠡᠭᠰᠡᠨ ᠠᠵᠤᠭᠤ᠃ ᠲᠡᠢᠨ ᠬᠦ᠌ ᠰᠠᠢᠨ ᠰᠡᠷ ᠬᠥᠪᠡᠭᠦᠨ ᠥᠪᠡᠷᠦᠨ ᠳᠣᠣᠷ᠎ᠠ ᠠᠷᠪᠠᠨ ᠨᠠᠢ᠍ᠮᠠᠨ ᠡᠷ᠎ᠡ ᠡᠮ᠎ᠡ ᠶ᠋ᠢ ᠰᠤᠷᠭᠠᠭᠰᠠᠨ ᠠᠨᠤ᠂ ᠡᠩ ᠲᠡᠷᠢᠭᠦᠨ ᠳ᠋ᠦ᠍ᠷ ᠲᠡᠬᠦᠨᠦ ᠥᠬᠢᠨ ᠳᠡᠭᠦᠦ ᠡᠷᠭᠦᠮᠵᠢᠯᠡᠭᠰᠡᠨ ᠭᠦᠩᠵᠦ ᠰᠠᠢᠬᠠᠨ ᠭᠦᠦᠷ᠂ ᠳᠡᠳ᠋ ᠲᠣᠷ ᠭᠡᠭᠡᠬᠡᠨ ᠭᠣᠣᠯᠲᠤ ᠭᠦᠩᠵᠦ ᠰᠣᠯᠣᠩᠭᠤᠣ᠎ᠡ᠂ ᠭᠤᠷᠪᠠᠳᠤᠭᠠᠷ ᠲᠤᠷ ᠬᠠᠲᠤᠨ ᠴᠣᠯᠠᠲᠤ ᠬᠣᠩᠭᠣᠷ ᠵᠤᠯᠠ᠃ ᠡᠨᠡ ᠭᠤᠷᠪᠠᠨ ᠢ᠋ᠶ᠋ᠠᠷ ᠡᠮ ᠦ᠋ᠨ ᠦᠨᠳᠦᠰᠦᠨ ᠢ ᠪᠠᠷᠢᠭᠤᠯᠪᠠ᠂ ᠳᠥᠷᠪᠡᠳᠦᠭᠡᠷ ᠲᠣᠷ ᠰᠠᠶᠢ ᠠᠯᠲᠠᠨᠱᠠᠭ᠎ᠠ᠂ ᠲᠠᠪᠤᠳᠤᠭᠠᠷ ᠲᠤᠷ ᠵᠢᠶᠦ᠋ᠨ ᠸᠠᠩ ᠣᠢᠲᠤ ᠸᠴᠢᠷ᠂ ᠵᠢᠷᠭᠤᠳᠤᠭᠠᠷ ᠲᠤᠷ ᠵᠢᠶᠦ᠋ᠨ ᠸᠠᠩ ᠤᠷᠠᠨ ᠬᠠᠴᠤᠭ᠂ ᠳᠣᠯᠣᠳᠤᠭᠠᠷ ᠲᠤᠷ ᠹᠦᠮᠡ ᠴᠡᠴᠢᠬᠢ᠂ ᠨᠠᠢ᠍ᠮᠠᠳᠤᠭᠠᠷ ᠲᠤᠷ ᠤᠭᠰᠠᠭ᠎ᠠ ᠶ᠋ᠢᠨ ᠵᠠᠮᠪᠠᠯ᠃ ᠡᠨᠡ ᠢᠨᠦ ᠳᠣᠲᠣᠭᠠᠳᠤ ᠵᠠᠮ ᠤ᠋ᠨ ᠨᠠᠢ᠍ᠮᠠᠨ ᠬᠥᠮᠦᠨ᠃ ᠵᠢᠴᠢ ᠭᠠᠳᠠᠭᠠᠳᠤ ᠵᠠᠮ ᠤ᠋ᠨ ᠠᠷᠪᠠᠨ ᠬᠥᠮᠦᠨ ᠢᠨᠦ᠄ ᠲᠠᠴᠢᠩᠬᠤᠷᠯᠤᠤ᠂ ᠢᠯᠠᠭᠤᠭᠰᠠᠨ᠂ ᠠᠵᠢᠨᠠᠢ ᠮᠡᠷᠭᠡᠨ᠂ ᠳ᠋ᠡᠳᠠᠳᠤᠩᠭ᠎ᠠ᠂ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠳ᠋ᠦᠩ ᠶᠦᠨ᠂ ᠯᠢᠦ ᠵᠦᠩ ᠯᠦ᠍᠂ ᠯᠢᠦ ᠫᠦ ᠡᠨᠡ ᠠᠷᠪᠠᠨ ᠬᠥᠮᠦᠨ᠃ ᠳᠣᠲᠣᠭᠠᠳᠤ ᠭᠠᠳᠠᠭᠠᠳᠤ ᠮᠣᠩᠭᠣᠯ ᠤᠯᠤᠰ ᠤ᠋ᠨ ᠡᠷ᠎ᠡ ᠡᠮ᠎ᠡ ᠠᠷᠪᠠᠨ ᠨᠠᠢ᠍ᠮᠠᠨ ᠬᠥᠮᠦᠨ ᠲᠡᠷᠢᠭᠦᠯᠡᠨ ᠡᠭᠦᠡᠴᠡ ᠬᠥᠮᠦᠨ ᠪᠦᠷᠢ ᠶ᠋ᠢᠨ ᠳᠣᠣᠷ᠎ᠠ ᠥᠪᠡᠷ ᠥᠪᠡᠷᠦᠨ ᠲᠠᠨᠢᠯ ᠪᠠ ᠤᠷᠤᠭ ᠰᠠᠳᠤᠨ᠂ ᠣᠢᠷ᠎ᠠ ᠰᠠᠳᠤᠨ᠂ ᠠᠯᠪᠠᠨ ᠤ᠋ ᠠᠷᠠᠳ᠂ ᠨᠢᠭᠡᠨ ᠬᠥᠮᠦᠨ ᠠᠷᠪᠠᠨ ᠨᠠᠢ᠍ᠮᠠᠨ ᠱᠠᠪᠢ ᠰᠤᠷᠭᠠᠨ ᠭᠤᠷᠪᠠᠳᠤᠭᠠᠷ ᠳᠡᠰ ᠦ᠋ᠨ ᠨᠡᠢᠲᠡ ᠨᠢᠭᠡᠨ ᠵᠠᠭᠤᠨ ᠨᠠᠶᠠᠨ ᠬᠥᠮᠦᠨ᠂ ᠳᠡᠳ᠋ ᠪᠠᠭᠰᠢ ᠠᠷᠪᠠᠨ ᠨᠠᠢ᠍ᠮᠠᠨ ᠬᠥᠮᠦᠨ ᠲᠡᠢ ᠨᠡᠢᠲᠡ ᠨᠢᠭᠡᠨ ᠵᠠᠭᠤᠨ ᠶᠡᠷᠡᠨ ᠨᠠᠢ᠍ᠮᠠᠨ ᠬᠥᠮᠦᠨ᠃ ᠤᠭ ᠪᠠᠭᠰᠢ ᠰᠠᠢᠨ ᠰᠡᠷ ᠲᠡᠢ ᠪᠦᠭᠦᠳᠡ ᠪᠠᠭᠰᠢ ᠨᠢᠭᠡᠨ ᠵᠠᠭᠤᠨ ᠶᠡᠷᠡᠨ ᠶᠢᠰᠦᠨ ᠬᠥᠮᠦᠨ᠂ ᠠᠷᠪᠠᠨ ᠨᠠᠢ᠍ᠮᠠᠨ ᠠᠴᠢᠶ᠎ᠠ ᠡᠮ ᠢ᠋ ᠠᠷᠪᠠᠨ ᠨᠠᠢ᠍ᠮᠠᠨ ᠪᠠᠭᠰᠢ ᠳ᠋ᠤᠷ ᠨᠡᠷ᠎ᠡ ᠬᠤᠪᠢᠶᠠᠨ ᠥᠭᠴᠦ᠂ ᠠᠮᠠᠨ ᠵᠠᠢᠯᠬᠤ᠂ ᠬᠠᠪᠠᠷ ᠲᠤᠷ ᠦᠨᠦᠷᠯᠡᠬᠦ᠂ ᠨᠢᠭᠤᠷ ᠤᠬᠢᠶᠠᠬᠤ᠂ ᠪᠤᠴᠠᠯᠭᠠᠵᠤ ᠤᠤᠭᠤᠬᠤ ᠦᠶ᠎ᠡ ᠬᠡᠮᠵᠢᠶ᠎ᠡ ᠶ᠋ᠢ ᠤᠢᠭᠤᠷ ᠦᠭᠡᠰ ᠢ᠋ᠶ᠋ᠡᠷ ᠨᠠᠷᠢᠪᠴᠢᠯᠠᠨ ᠪᠢᠴᠢᠵᠦ᠂ ᠰᠤᠷᠭᠠᠨ ᠤᠬᠠᠭᠤᠯᠵᠤ ᠲᠦᠭᠡᠭᠡᠨ ᠥᠭᠴᠦ᠂ ᠰᠠᠢᠨ ᠰᠡᠷ ᠭᠠᠭᠴᠠᠭᠠᠷ ᠴᠢᠩᠭᠢᠰ ᠬᠠᠭᠠᠨ ᠢ᠋ ᠰᠠᠬᠢᠵᠤ ᠡᠮ ᠲᠣᠮ ᠢ᠋ ᠪᠠᠷᠢᠪᠠ᠃ ᠬᠠᠪᠤᠷ ᠤ᠋ᠨ ᠭᠤᠷᠪᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠡᠴᠡ ᠡᠬᠢᠯᠡᠨ ᠤᠰᠤᠨ ᠤ᠋ ᠦᠷ᠎ᠡ ᠰᠠᠴᠤᠨ ᠡᠬᠢᠯᠡᠵᠦ ᠳᠥᠷᠪᠡᠨ ᠰᠠᠷ᠎ᠠ ᠶ᠋ᠢᠨ ᠪᠢᠲᠡᠭᠦᠨ ᠪᠣᠯᠲᠠᠯ᠎ᠠ ᠮᠣᠩᠭᠣᠯ ᠤ᠋ᠨ ᠤᠯᠤᠰ ᠤ᠋ᠨ ᠬᠣᠲᠠᠯᠠᠭᠠᠷ᠂ ᠡᠷ᠎ᠡ ᠡᠮ᠎ᠡ ᠡᠦ᠋ᠭᠢᠨ ᠬᠡᠦᠬᠡᠳ ᠨᠢᠯᠬ᠎ᠠ ᠨᠢᠷᠠᠢ ᠳ᠋ᠤᠷ ᠬᠦᠷᠲᠡᠯ᠎ᠡ ᠴᠥᠮ ᠪᠣᠳᠣ ᠴᠡᠴᠡᠭ ᠦ᠋ᠨ ᠵᠠᠷ ᠢ᠋ ᠤᠭᠲᠤᠨ ᠭᠠᠷᠭᠠᠵᠤ᠂ ᠴᠢᠩᠭᠢᠰ ᠬᠠᠭᠠᠨ ᠤ᠋ ᠵᠡᠭᠦᠨ ᠮᠥᠷᠥ ᠳ᠋ᠦ᠍ᠷ ᠠᠷᠤ ᠡᠪᠦᠷ ᠨᠡᠢᠲᠡ ᠠᠷᠪᠠᠨ ᠨᠠᠢ᠍ᠮᠠᠨ ᠮᠥᠬᠥᠯᠢᠭ ᠮᠣᠩᠭᠣᠯ ᠠᠮᠤ ᠶ᠋ᠢᠨ ᠲᠡᠳᠦᠢ ᠲᠤᠭᠤᠯᠵᠤ᠂ ᠪᠠᠬᠠᠨ ᠤᠮᠳᠠᠭᠠᠰᠤᠯᠠᠩ ᠲᠥᠷᠥᠭᠰᠡᠨ ᠡᠴᠡ ᠪᠤᠰᠤ ᠡᠮᠭᠡᠭ ᠡᠰᠡ ᠲᠥᠷᠥᠭᠰᠡᠨ ᠢ᠋ᠶ᠋ᠡᠷ ᠲᠢᠶᠠᠨ ᠱᠠᠨ ᠤ᠋ ᠰᠠᠢᠨ ᠰᠡᠷ ᠢ᠋ᠶ᠋ᠡᠷ ᠶᠡᠬᠡᠯ᠎ᠡ ᠭᠠᠢᠬᠠᠵᠤ᠂《ᠦᠨᠡᠬᠡᠷ ᠲᠡᠭᠷᠢ ᠶ᠋ᠢᠨ ᠦᠷ᠎ᠡ ᠠᠵᠤᠭᠤ》 ᠭᠡᠮᠡᠨ ᠰᠥᠨᠢ ᠪᠦᠷᠢ ᠳᠠᠯᠳᠠ ᠭᠠᠵᠠᠷ᠎ᠠ ᠤᠷᠢᠳᠠ ᠴᠢᠩᠭᠢᠰ ᠬᠠᠭᠠᠨ ᠳ᠋ᠤᠷ ᠮᠥᠷᠭᠥᠵᠦ᠂ ᠥᠷᠯᠥᠭᠡ ᠪᠣᠯᠪᠠᠰᠤ ᠪᠠᠷᠠᠭᠤᠨ ᠵᠦᠭ ᠬᠠᠳᠤᠵᠤ᠂ ᠪᠠᠭᠰᠢ ᠴᠢᠦ ᠵᠸᠨ ᠳ᠋ᠦ᠍ᠷ ᠮᠥᠷᠭᠥᠭᠡᠳ ᠤᠳᠠᠭᠰᠠᠨ ᠦᠭᠡᠢ ᠬᠠᠭᠠᠨ ᠤ᠋ ᠠᠷᠪᠠᠨ ᠨᠠᠢ᠍ᠮᠠᠨ ᠬᠣᠨᠣᠭ ᠲᠡᠭᠦᠰᠴᠦ ᠵᠠᠭᠤᠨ ᠲᠦᠰᠢᠮᠡᠳ ᠦ᠋ᠨ ᠪᠠᠶᠠᠰᠬᠤᠯᠠᠩ ᠤ᠋ᠨ ᠶᠣᠰᠣᠨ ᠢ᠋ᠶ᠋ᠠᠷ ᠮᠥᠷᠭᠥᠰᠦᠭᠡᠢ ᠬᠡᠮᠡᠭᠰᠡᠨ ᠢ᠋ ᠬᠠᠭᠠᠨ ᠵᠠᠷᠯᠢᠭ ᠪᠠᠭᠤᠯᠭᠠᠨ᠂ ᠤᠯᠤᠰ ᠤ᠋ᠨ ᠬᠣᠲᠠᠯᠠᠭᠠᠷ ᠴᠥᠮ ᠪᠣᠯᠪᠠᠰᠤᠷᠠᠨ ᠲᠡᠬᠳᠡᠭᠰᠡᠨ ᠬᠣᠢᠨ᠎ᠠ ᠰᠠᠶᠢ ᠪᠠᠶᠠᠰᠬᠤᠯᠠᠩ ᠤ᠋ᠨ ᠶᠣᠰᠣᠨ ᠢ᠋ᠶ᠋ᠠᠷ ᠮᠥᠷᠭᠥᠵᠦ᠂ ᠤᠯᠤᠰ ᠤ᠋ᠨ ᠬᠣᠲᠠᠯᠠᠭᠠᠷ ᠤ᠋ᠨ ᠶᠡᠬᠡ ᠪᠠᠶᠠᠰᠬᠤᠯᠠᠩ ᠤ᠋ᠨ ᠱᠠᠩ ᠪᠠᠭᠤᠯᠭᠠᠬᠤ ᠪᠠᠷ ᠲᠣᠭᠲᠠᠪᠠ᠃ ᠨᠡᠩ ᠢᠯᠠᠩᠭᠤᠶ᠎ᠠ ᠰᠠᠢᠬᠠᠨ ᠭᠦᠦᠷ ᠡᠮ ᠪᠠᠷᠢᠭᠰᠠᠨ ᠢ᠋ᠶ᠋ᠠᠷ ᠲᠠᠢᠬᠡᠦ᠂ ᠬᠤᠸᠠᠩᠬᠡᠦ᠂ ᠬᠠᠲᠤᠳ᠂ ᠭᠦᠩᠵᠦ᠂ ᠪᠦᠸᠸᠵᠦ ᠨᠠᠷ ᠴᠥᠮ ᠮᠠᠰᠢᠳᠠ ᠨᠠᠢᠷᠠᠮᠳᠠᠭᠤ ᠭᠡᠭᠡᠬᠡᠨ ᠬᠥᠩᠭᠡᠨ ᠲᠤᠩᠭᠠᠯᠠᠭ᠂ ᠪᠠᠷᠠᠭᠤᠨ ᠬᠣᠢᠲᠤ ᠣᠷᠣᠰ ᠤᠯᠤᠰ ᠤ᠋ᠨ ᠵᠠᠬ᠎ᠠ ᠳ᠋ᠤᠷ ᠪᠠᠢᠭᠰᠠᠨ ᠲᠠᠢᠽᠢ ᠴᠢᠨ ᠸᠠᠩ ᠵᠣᠴᠢ ᠶ᠋ᠢᠨ ᠨᠡᠢᠲᠡ ᠪᠡᠷ ᠬᠡᠳᠦᠢᠨ ᠣᠷᠣᠰ ᠤᠯᠤᠰ ᠤ᠋ᠨ ᠵᠠᠩ ᠰᠤᠷᠲᠠᠯ  ᠢ᠋ᠶ᠋ᠠᠷ ᠵᠠᠰᠠᠵᠤ ᠥᠩᠭᠡᠷᠡᠭᠰᠡᠨ ᠠᠵᠤᠭᠤ᠃ ᠮᠣᠩᠭᠣᠯ ᠤ᠋ᠨ ᠤᠯᠤᠰ ᠤ᠋ᠨ ᠬᠣᠲᠠᠯᠠᠭᠠᠷ᠎ᠠ ᠴᠡᠷᠢᠭ ᠦ᠋ᠨ ᠡᠵᠡᠨ ᠤᠷᠢᠳᠠ ᠥᠪᠡᠷ ᠢ᠋ᠶ᠋ᠡᠨ ᠡᠮ ᠢ᠋ ᠦᠨᠦᠷᠯᠡᠨ ᠠᠮᠰᠠᠵᠤ᠂ ᠬᠡᠳᠦᠢᠨ ᠥᠩᠭᠡᠷᠡᠭᠡᠳ᠂ ᠶᠢᠰᠦᠨ ᠡᠩ ᠦ᠋ᠨ ᠵᠠᠭᠤᠨ ᠲᠦᠮᠡᠨ ᠢ᠋ᠶ᠋ᠡᠨ ᠡᠷᠭᠢᠨ ᠲᠣᠭᠣᠷᠢᠵᠤ᠂ ᠴᠡᠭᠡᠯᠡᠪᠦᠷᠢ ᠬᠢᠴᠢᠶᠡᠯ ᠪᠠ ᠵᠠᠩ ᠦᠢᠯᠡ ᠡᠮ ᠵᠠᠰᠠᠯ ᠢ᠋ ᠴᠥᠮ ᠰᠠᠢᠨ ᠰᠡᠷ ᠡᠴᠡ ᠠᠰᠠᠭᠤᠨ ᠡᠰᠢᠯᠡᠵᠦ᠂ ᠴᠢᠩᠭ᠎ᠠ ᠬᠠᠳᠠᠨ ᠴᠡᠷᠢᠭ ᠦ᠋ᠨ ᠵᠠᠰᠠᠭ ᠴᠠᠭᠠᠵᠠ ᠪᠠᠷ ᠴᠠᠭᠠᠵᠠᠯᠠᠨ ᠵᠠᠷᠯᠠᠭᠰᠠᠨ ᠢ᠋ᠶ᠋ᠠᠷ ᠦᠨᠡᠬᠡᠷ ᠳᠠᠭᠤᠷᠢᠶᠠᠭᠰᠠᠨ ᠮᠡᠲᠦ ᠭᠤᠷᠪᠠᠬᠠᠨ ᠤᠳᠠᠭ᠎ᠠ ᠤᠰᠤᠯᠠᠨ ᠦᠷᠡᠯᠡᠭᠰᠡᠨ᠎ᠡ ᠣᠯᠠᠨ ᠢ᠋ᠶ᠋ᠠᠷ  ᠪᠦᠷᠢᠨ᠎ᠡ ᠪᠦᠷᠢᠳᠴᠦ ᠥᠩᠭᠡᠷᠡᠭᠡᠨ ᠲᠡᠩᠬᠡᠷᠡᠭᠦᠯᠪᠡᠢ᠃ ᠴᠡᠷᠢᠭ ᠦ᠋ᠨ ᠡᠵᠡᠨ ᠵᠢᠨᠦᠩ ᠮᠤᠬᠤᠯᠢ ᠶ᠋ᠢᠨ ᠡᠨᠡ ᠤᠳᠠᠭ᠎ᠠ ᠶ᠋ᠢᠨ ᠠᠭᠤᠵᠢᠷᠠᠨ ᠪᠠᠶᠠᠷᠯᠠᠭᠰᠠᠨ ᠠᠨᠤ ᠡᠬᠡ ᠡᠴᠡ ᠲᠥᠷᠥᠭᠰᠡᠭᠡᠷ ᠬᠠᠮᠤᠭ ᠶᠡᠬᠡ ᠪᠠᠶᠠᠷᠯᠠᠨ ᠬᠥᠭᠡᠷᠪᠡ ᠬᠡᠮᠡᠭᠴᠢ ᠳᠠᠷᠤᠢ ᠡᠨᠡ ᠨᠢᠭᠡᠬᠡᠨ ᠤᠳᠠᠭ᠎ᠠ ᠬᠡᠮᠡᠪᠡ᠃ ᠤᠯᠤᠰ ᠤ᠋ᠨ ᠳᠣᠲᠣᠷ᠎ᠠ ᠪᠠᠨ ᠵᠥᠪ ᠪᠤᠷᠤᠭᠤ ᠪᠠᠷ ᠶᠢᠰᠦᠨ ᠵᠡᠷᠭᠡ ᠲᠣᠭᠣᠷᠢᠨ ᠣᠯᠠᠨ ᠢ᠋ᠶ᠋ᠠᠨ ᠡᠷᠭᠢᠨ ᠦᠵᠡᠲᠡᠯ᠎ᠡ᠂ ᠲᠠᠢᠬᠡᠦ᠂ ᠬᠤᠸᠠᠩᠬᠡᠦ ᠶ᠋ᠢᠨ ᠲᠥᠪᠯᠡᠯ ᠢ᠋ ᠰᠣᠨᠣᠰᠤᠷ᠎ᠠ ᠡᠴᠢᠬᠦ᠊ᠢ ᠳ᠋ᠦ᠍ᠷ ᠲᠠᠢᠬᠡᠦ ᠶ᠋ᠢᠨ ᠲᠥᠷᠥ ᠳ᠋ᠦ᠍ᠷ ᠡᠴᠢᠭᠡ ᠲᠠᠯᠭᠡᠲᠤ ᠪᠠᠶᠠᠨ ᠥᠲᠡᠭᠦᠰ ᠨᠣᠶᠠᠨ ᠤ᠋ ᠥᠷᠭᠥᠭᠡ ᠶ᠋ᠢᠨ ᠭᠠᠳᠠᠨ᠎ᠠ ᠠ᠋ᠴᠠ ᠠᠮᠤᠭᠤᠯᠠᠩ ᠢ᠋ ᠨᠢᠭᠡᠬᠡᠨ ᠤᠳᠠᠭ᠎ᠠ ᠡᠷᠢᠭᠰᠡᠨ ᠡᠴᠡ ᠭᠠᠳᠠᠨ᠎ᠠ᠂ ᠥᠪᠡᠷᠦᠨ ᠬᠣᠷᠣᠭ᠎ᠠ ᠶ᠋ᠢᠨ ᠡᠮᠦᠨᠡᠭᠦᠷ ᠶᠢᠰᠦᠨ ᠤᠳᠠᠭ᠎ᠠ ᠥᠩᠭᠡᠷᠡᠵᠦ ᠭᠠᠷᠤᠭᠰᠠᠨ ᠠᠲᠠᠯ᠎ᠠ᠂ ᠨᠢᠭᠡᠬᠡᠨ ᠤᠳᠠᠭ᠎ᠠ ᠴᠤ᠌ ᠭᠡᠷ ᠲᠡᠭᠡᠨ ᠣᠷᠣᠵᠤ ᠡᠮ᠎ᠡ ᠦᠷ᠎ᠡ ᠶ᠋ᠢᠨ ᠡᠩᠬᠡ ᠡᠰᠡᠨ ᠢ᠋ ᠡᠰᠡ ᠠᠰᠠᠭᠤᠭᠰᠠᠨ ᠳ᠋ᠤᠷ ᠤᠯᠤᠰ ᠤ᠋ᠨ ᠬᠣᠲᠠᠯᠠᠭᠠᠷ ᠤ᠋ᠨ ᠴᠡᠷᠢᠭ ᠢᠷᠭᠡᠳ ᠠᠷᠠᠳ ᠠᠯᠪᠠᠲᠤ ᠨᠠᠷ ᠰᠠᠬᠢᠭᠤᠯᠰᠤᠨ ᠵᠢᠨᠦᠩ᠂ ᠦᠨᠡᠬᠡᠷ ᠪᠢᠳᠡᠨ ᠦ᠌ ᠡᠴᠢᠭᠡ ᠡᠬᠡ ᠪᠣᠯᠠᠢ᠃ ᠦᠨᠡᠬᠡᠷ ᠪᠢᠳᠡᠨ ᠦ᠌ ᠪᠣᠭᠳᠠ ᠡᠵᠡᠨ ᠪᠣᠳᠠᠲᠠᠶ᠎ᠠ ᠦᠷ᠎ᠡ ᠲᠦᠰᠢᠮᠡᠯ ᠢᠨᠦ ᠪᠣᠯᠠᠢ ᠬᠡᠮᠡᠵᠦ᠂ ᠬᠠᠭᠠᠨ ᠡᠵᠡᠨ ᠦ᠌ ᠬᠠᠷᠠᠴᠤᠰ ᠠᠯᠪᠠᠲᠤ ᠶ᠋ᠢ ᠠᠨᠤ᠂  ᠬᠠᠯᠠᠭᠤᠨ ᠠᠮᠠᠷᠠᠭ ᠥᠪᠡᠷᠦᠨ ᠬᠠᠲᠤᠳ ᠬᠥᠪᠡᠭᠦᠳ ᠡᠴᠡᠭᠡᠨ ᠢᠯᠡᠭᠦᠦ ᠡᠷᠡᠭᠡᠯᠵᠡᠨ ᠦᠵᠡᠪᠡ ᠬᠡᠮᠡᠯᠳᠦᠨ ᠦᠢᠮᠡᠨ ᠬᠡᠯᠡᠯᠴᠡᠬᠦ ᠦᠭᠡᠰ ᠴᠢᠩᠭᠢᠰ ᠬᠠᠭᠠᠨ ᠤ᠋ ᠰᠣᠨᠣᠷ ᠲᠤᠷ ᠬᠦᠷᠴᠦ᠂ ᠬᠠᠭᠠᠨ ᠡᠵᠡᠨ ᠲᠡᠭᠷᠢ ᠶ᠋ᠢᠨ ᠵᠦᠭ ᠵᠠᠯᠪᠠᠷᠢᠨ ᠵᠠᠷᠯᠢᠭ ᠪᠣᠯᠤᠷᠤᠨ᠄ 
       ᠡᠨᠡᠷᠢᠯᠲᠦ ᠡᠬᠡ ᠲᠠᠨ ᠭᠡᠷᠦᠨ ᠲᠤᠯᠠ ᠲᠠᠲᠠᠭᠳᠠᠬᠤ ᠦᠭᠡᠢ 
       ᠡᠷᠳᠡᠮᠲᠦ ᠰᠠᠢᠳ ᠲᠠᠨ ᠤᠯᠤᠰ ᠤ᠋ᠨ ᠲᠥᠯᠥᠭᠡ ᠲᠦᠯᠪᠡᠷᠡᠬᠦ ᠦᠭᠡᠢ᠃ 
       ᠡᠴᠢᠭᠡ ᠲᠡᠭᠷᠢ ᠡᠳᠡᠭᠡᠷ ᠲᠦᠰᠢᠮᠡᠳ ᠢ᠋ ᠲᠥᠷᠥᠭᠦᠯᠵᠦ ᠲᠤᠰᠠᠯᠠᠭᠤᠯᠬᠤᠶ᠎ᠠ 
       ᠡᠷᠭᠢᠭᠴᠢ ᠲᠡᠮᠦᠵᠢᠨ ᠪᠢ ᠶᠠᠭᠤᠨ ᠤ᠋ ᠲᠤᠯᠠ ᠵᠣᠪᠠᠨᠢᠬᠤ ᠠᠵᠠᠢ! 
ᠬᠡᠮᠡᠭᠰᠡᠨ ᠳ᠋ᠦ᠍ᠷ ᠲᠡᠭᠷᠢ ᠠᠭᠤᠯᠠᠨ ᠤ᠋ ᠡᠮᠴᠢ ᠰᠠᠢᠨ ᠰᠡᠷ ᠬᠠᠵᠠᠭᠤᠳᠠ ᠪᠠᠢᠵᠤ᠂ ᠬᠠᠭᠠᠨ ᠡᠵᠡᠨ ᠦ᠌ ᠡᠨᠡ ᠵᠠᠷᠯᠢᠭ ᠢ᠋ ᠰᠣᠨᠣᠰᠴᠤ᠂  ᠪᠣᠭᠳᠠ ᠬᠥᠮᠦᠨ ᠦ᠌ ᠦᠨᠡᠨ ᠥᠷᠥᠰᠢᠶᠡᠯ ᠳ᠋ᠦ᠍ᠷ ᠪᠤᠷᠭᠢᠷᠠᠯ ᠲᠥᠷᠥᠵᠦ  ᠨᠢᠳᠦᠨ ᠡᠴᠡ ᠨᠢᠯᠪᠤᠰᠤᠨ ᠤᠨᠠᠭᠰᠠᠨ ᠳ᠋ᠤᠷ ᠴᠢᠩᠭᠢᠰ ᠬᠠᠭᠠᠨ ᠤᠴᠢᠷ ᠢ᠋ ᠠᠰᠠᠭᠤᠭᠰᠠᠨ᠎ᠠ ᠰᠠᠢᠨ ᠰᠡᠷ ᠡᠪᠦᠳᠦᠭ ᠰᠠᠴᠠᠭᠤᠯᠤᠨ ᠰᠥᠭᠥᠳᠴᠦ᠂ ᠰᠦᠰᠦᠭᠯᠡᠨ ᠮᠥᠷᠭᠥᠵᠦ ᠠᠢᠯᠠᠳᠬᠠᠨ ᠥᠭᠦᠯᠡᠷᠦᠨ : 
      《ᠲᠡᠭᠷᠢ ᠶ᠋ᠢᠨ ᠬᠥᠪᠡᠭᠦᠨ ᠢ᠋ ᠲᠡᠭᠷᠢ ᠶ᠋ᠢᠨ ᠲᠦᠰᠢᠮᠡᠳ ᠳᠠᠭᠠᠯᠴᠠᠮᠤᠢ᠃ ᠲᠡᠭᠷᠢᠯᠢᠭ ᠦ᠋ᠨ ᠥᠷᠥᠰᠢᠶᠡᠯ ᠲᠡᠰᠬᠡᠯ ᠦᠭᠡᠢ ᠦᠨᠡᠮᠴᠢ ᠳ᠋ᠦ᠍ᠷ ᠲᠡᠭᠷᠢ ᠠᠭᠤᠯᠠ ᠶ᠋ᠢᠨ ᠲᠡᠳᠡᠭᠡᠷ ᠰᠢᠳᠢᠲᠡᠨ ᠬᠢᠴᠢᠶᠡᠯᠴᠡᠨ ᠲᠡᠨᠡᠭ ᠰᠠᠢᠳ ᠢ᠋ ᠰᠤᠷᠭᠠᠵᠤ ᠢᠯᠡᠭᠡᠭᠰᠡᠨ ᠠᠵᠤᠭᠤ 》ᠬᠡᠮᠡᠭᠰᠡᠨ ᠳ᠋ᠦ᠍ᠷ ᠴᠢᠩᠭᠢᠰ ᠬᠠᠭᠠᠨ ᠵᠠᠷᠯᠢᠭ ᠪᠣᠯᠤᠨ ᠠᠰᠠᠭᠤᠷᠤᠨ᠄ 
      《ᠴᠢᠨᠦ ᠲᠡᠷᠡ ᠥᠬᠢᠨ ᠪᠣᠮᠪᠣ ᠰᠢᠳᠢᠲᠡᠨ ᠪᠠᠭᠰᠢ ᠶ᠋ᠢ ᠪᠢ ᠵᠠᠯᠠᠭᠤᠯᠵᠤ ᠵᠣᠯᠭᠠᠪᠠᠰᠤ ᠪᠣᠯᠤᠮᠤᠢ ᠤᠤ? 》 ᠰᠠᠢᠨ ᠰᠡᠷ ᠠᠢᠯᠠᠳᠬᠠᠷᠤᠨ᠄ 
      《ᠴᠠᠭ ᠪᠣᠯᠤᠭᠠᠳᠤᠢ ᠬᠡᠮᠡᠮᠦ᠃ ᠣᠳᠣ ᠠᠷᠪᠠᠨ ᠬᠣᠶᠠᠷ ᠣᠨ ᠤ᠋ ᠰᠡᠭᠦᠯ ᠰᠢᠷᠬᠠᠴᠢᠨ ᠲᠠᠤᠯᠠᠢ ᠵᠢᠯ ᠲᠦᠰᠢᠮᠡᠯ ᠦ᠋ᠨ ᠪᠠᠭᠰᠢ᠂ ᠴᠢᠦ ᠵᠸᠨ ᠦ᠌ ᠦᠶᠡᠯᠢᠳ ᠬᠥᠪᠡᠭᠦᠨ᠂ ᠴᠢᠦ ᠴᠦ ᠵᠢᠢ ᠬᠤᠪᠢᠯᠭᠠᠨ᠂ ᠮᠥᠨ ᠪᠣᠭᠳᠠ ᠡᠵᠡᠨ ᠳ᠋ᠦ᠍ᠷ ᠪᠠᠷᠠᠭᠠᠳᠠᠨ ᠰᠠᠢᠳ ᠪᠣᠯᠵᠤ᠂ ᠪᠣᠮᠪᠣ ᠶ᠋ᠢᠨ ᠰᠤᠷᠭᠠᠯ ᠤ᠋ᠨ ᠬᠤᠪᠢᠯᠭᠠᠨ ᠰᠠᠬᠢᠭᠤᠯᠰᠤᠨ ᠤ᠋ ᠦᠨᠡᠨ ᠤᠴᠢᠷ᠎ ᠢ ᠲᠠᠢᠯᠤᠨ ᠠᠢᠯᠠᠳᠬᠠᠬᠤ ᠴᠠᠭ ᠪᠣᠢ ᠬᠡᠮᠡᠮᠦᠢ᠂ ᠡᠳᠦᠭᠡ ᠬᠥᠮᠥᠨ᠎ᠡ ᠵᠣᠯᠭᠠᠬᠤ ᠦᠭᠡᠢ᠂ ᠬᠠᠷᠠᠬᠠᠨ ᠪᠢᠰᠢᠯᠭᠠᠯ ᠳ᠋ᠤᠷ ᠰᠠᠭᠤᠵᠤ ᠪᠣᠢ᠃ ᠰᠠᠢᠳ ᠬᠥᠪᠡᠭᠦᠨ ᠴᠦ᠍ ᠨᠡᠷ᠎ᠡ ᠶ᠋ᠢ ᠰᠣᠨᠣᠰᠤᠭᠰᠠᠨ ᠪᠣᠢ ‍ᠶ᠎ᠠ᠂ ᠨᠢᠭᠤᠷ ᠢ᠋ ᠮᠥᠨ ᠣᠯᠵᠤ ᠪᠠᠷᠠᠭᠠᠳᠠᠭᠠᠳᠤᠢ᠃ ᠰᠦᠮ᠎ᠡ ᠠᠭᠤᠢ ᠴᠤ᠌ ᠬᠡᠳᠦᠢᠴᠢᠨᠡᠭᠡᠨ ᠠᠭᠤᠯᠠ ᠶ᠋ᠢᠨ ᠬᠣᠯᠠ ᠠᠭᠯᠠᠭ ᠪᠣᠢ ᠪᠥᠭᠡᠳ ᠰᠦᠮ᠎ᠡ ᠠᠭᠤᠢ ᠳ᠋ᠠᠭᠠᠨ ᠮᠥᠨ ᠰᠠᠭᠤᠬᠤ ᠦᠭᠡᠢ᠂ ᠡᠭᠦᠯᠡᠲᠦ ᠵᠡᠪᠡ ᠶ᠋ᠢᠨ ᠬᠠᠳᠠ ᠶ᠋ᠢᠨ ᠠᠭᠤᠢ ᠳ᠋ᠤᠷ ᠰᠠᠭᠤᠵᠤ ᠪᠢᠰᠢᠯᠭᠠᠮᠤᠢ ᠬᠡᠯᠡᠮᠦᠢ 》ᠬᠡᠮᠡᠭᠰᠡᠨ ᠳ᠋ᠦ᠍ᠷ ᠴᠢᠩᠭᠢᠰ ᠬᠠᠭᠠᠨ ᠪᠠᠰᠠ ᠠᠰᠠᠭᠤᠷᠤᠨ : 
      《ᠪᠢ ᠴᠢᠨᠦ ᠬᠦᠴᠦᠨ ᠠᠯᠳᠠᠭᠰᠠᠨ ᠬᠠᠭᠤᠴᠢᠨ ᠰᠠᠷᠯᠢᠭ᠋ ᠬᠡᠮᠡᠬᠦ ᠤᠯᠤᠰ ᠢ᠋ ᠴᠢᠨᠦ ᠴᠡᠷᠢᠭ ᠢᠯᠡᠭᠡᠵᠦ ᠪᠠᠢᠯᠳᠤᠭᠤᠯᠤᠨ ᠠᠪᠴᠤ ᠥᠭᠰᠦᠭᠡᠢ ᠬᠡᠮᠡᠮᠦᠢ 》 ᠬᠡᠮᠡᠭᠰᠡᠨ ᠳ᠋ᠦ᠍ᠷ᠂ ᠰᠠᠢᠨ ᠰᠡᠷ ᠬᠥᠪᠡᠭᠦᠨ ᠬᠦᠰᠡᠷ᠎ᠡ ᠤᠬᠢᠯᠠᠨ ᠰᠥᠭᠥᠳᠴᠦ᠂ ᠮᠠᠯᠠᠭ᠎ᠠ ᠪᠠᠨ ᠠᠪᠴᠤ ᠮᠥᠷᠭᠥᠯᠭᠢᠯᠡᠨ ᠠᠢᠯᠠᠳᠬᠠᠷᠤᠨ᠄ 
      《ᠰᠠᠢᠳ ᠬᠥᠪᠡᠭᠦᠨ ᠮᠥᠨ ᠬᠦ᠌ ᠲᠡᠢᠨ ᠰᠠᠨᠠᠭᠰᠠᠨ ᠪᠥᠯᠥᠭᠡ᠃ ᠰᠠᠢᠳ ᠤ᠋ᠨ ᠪᠠᠭᠰᠢ ᠬᠡᠯᠡᠭᠰᠡᠨ ᠢᠨᠦ ᠬᠣᠢᠲᠤ ᠣᠨ ᠰᠢᠷᠠᠭᠴᠢᠨ ᠮᠣᠭᠠᠢ ᠵᠢᠯ᠂ ᠨᠢᠯᠬ᠎ᠠ ᠰᠠᠢᠳ ᠮᠢᠨᠦ ᠠᠪᠲᠠᠭᠰᠠᠨ ᠪᠢᠴᠢᠬᠠᠨ ᠰᠠᠷᠯᠢᠭ᠋ ᠤᠯᠤᠰ ᠢ᠋ ᠬᠠᠭᠠᠨ ᠡᠵᠡᠨ ᠦ᠌ ᠨᠢᠭᠡᠬᠡᠨ ᠵᠠᠷᠯᠢᠭ ᠦᠭᠡᠰ ᠢ᠋ᠶ᠋ᠡᠷ ᠡᠭᠡᠭᠦᠯᠦᠨ ᠣᠯᠵᠤ ᠬᠦᠷᠲᠡᠭᠡᠮᠦᠢ᠂ ᠴᠡᠷᠢᠭ ᠬᠥᠳᠡᠯᠬᠦ ᠬᠡᠷᠡᠭ ᠦᠭᠡᠢ ᠬᠡᠮᠡᠮᠦᠢ᠃ ᠡᠨᠡ ᠦᠭᠡᠰ ᠢ᠋ ᠨᠢᠯᠬ᠎ᠠ ᠰᠠᠢᠳ ᠡᠳᠦᠭᠡ ᠬᠦᠷᠲᠡᠯ᠎ᠡ ᠪᠣᠳᠣᠵᠤ ᠣᠯᠬᠤ ᠡᠦ᠋ᠭᠡᠢ 》ᠬᠡᠮᠡᠭᠰᠡᠨ ᠳ᠋ᠦ᠍ᠷ ᠴᠢᠩᠭᠢᠰ ᠬᠠᠭᠠᠨ ᠪᠠᠬᠠᠨ ᠮᠤᠰᠢᠶᠡᠵᠦ᠂ ᠲᠡᠷᠢᠭᠦᠨ ᠳᠣᠬᠢᠯᠬᠢᠯᠠᠨ ᠵᠢᠨᠦᠩ ᠮᠤᠬᠤᠯᠢ ᠳ᠋ᠤᠷ ᠵᠠᠷᠯᠢᠭ ᠪᠠᠭᠤᠯᠭᠠᠨ : 
      《ᠡᠨᠡ ᠰᠠᠢᠨ ᠰᠡᠷ ᠬᠥᠪᠡᠭᠦᠨ᠂ ᠮᠢᠨᠦ ᠨᠢᠭᠡᠨ ᠤᠯᠤᠰ ᠤ᠋ᠨ ᠲᠦᠭ ᠲᠦᠮᠡᠨ ᠦ᠌ ᠲᠦᠭᠰᠢᠯᠲᠡᠢ ᠪᠣᠳᠣ ᠵᠠᠷ ᠢ᠋ ᠤᠭᠲᠤᠨ ᠵᠠᠰᠠᠵᠤ ᠤᠰᠠᠳᠬᠠᠵᠤ ᠠᠷᠢᠯᠭᠠᠪᠠ᠃ ᠵᠢᠷᠦᠬᠡᠨ ᠤ ᠤᠭ ᠠ᠋ᠴᠠ ᠵᠢᠰᠢᠵᠦ ᠵᠣᠪᠠᠭᠰᠠᠨ ᠵᠢᠨᠦᠩ ᠦ᠋ᠨ ᠵᠢᠷᠭᠠᠵᠤ ᠵᠣᠪᠠᠪᠠᠴᠤ᠂ ᠤᠮᠠᠷᠲᠠᠰᠢ ᠦᠭᠡᠢ ᠵᠠᠯᠪᠠᠷᠢᠭᠰᠠᠨ ᠢ᠋ᠶ᠋ᠠᠷ ᠵᠠᠶᠠᠭᠠᠨ ᠤ᠋ ᠲᠡᠭᠷᠢ ᠵᠢᠭᠦᠷ ᠦ᠋ᠨ ᠰᠢᠳᠢᠲᠡᠨ ᠢ᠋ᠶ᠋ᠡᠷ ᠵᠠᠰᠠᠭᠤᠯᠪᠠᠢ᠃ ᠵᠢᠳᠬᠦᠯᠳᠦ ᠡᠯᠴᠢ ᠳ᠋ᠦ᠍ᠷ ᠬᠦᠨᠳᠦᠳᠡ ᠬᠠᠷᠢᠭᠤᠯᠠᠪᠠᠰᠤ ᠵᠣᠬᠢᠮᠤᠢ 》ᠬᠡᠮᠡᠭᠰᠡᠨ ᠳ᠋ᠦ᠍ᠷ ᠵᠢᠨᠦᠩ ᠮᠤᠬᠤᠯᠢ ᠵᠢᠷᠭᠤᠭᠠᠨ ᠵᠡᠷᠭᠡ ᠰᠥᠭᠥᠳᠴᠦ ᠮᠥᠷᠭᠥᠭᠡᠳ ᠪᠠᠶᠠᠷᠯᠠᠨ ᠠᠢᠯᠠᠳᠬᠠᠷᠤᠨ :
      《ᠬᠠᠭᠠᠨ ᠪᠣᠭᠳᠠ ᠶ᠋ᠢᠨ ᠬᠠᠮᠤᠭ ᠢ᠋ ᠵᠢᠷᠭᠠᠭᠤᠯᠬᠤ ᠪᠤᠶᠠᠨ᠎ᠡ᠂ ᠬᠠᠷᠢ ᠬᠣᠯᠠ ᠶ᠋ᠢᠨ ᠬᠤᠪᠢᠯᠭᠠᠨ ᠰᠢᠳᠢᠲᠡᠨ ᠲᠤᠰᠠᠯᠠᠯᠴᠠᠪᠠ᠃ ᠬᠠᠷᠠᠴᠤᠰ ᠮᠤᠬᠤᠯᠢ ᠶ᠋ᠢᠨ ᠬᠠᠮᠤᠭ ᠵᠣᠪᠠᠭᠤᠷᠢ ᠠᠷᠢᠯᠪᠠᠢ᠃ ᠬᠠᠮᠤᠭ ᠠᠠᠮᠢᠳᠤᠷᠠᠯ ᠢ᠋ᠶ᠋ᠠᠨ ᠪᠠᠷᠠᠲᠠᠯ᠎ᠠ ᠬᠠᠷᠢᠭᠤᠯᠠᠰᠤᠭᠠᠢ 》 ᠭᠡᠮᠡᠨ ᠬᠠᠮᠤᠭ ᠬᠤᠷᠢᠶᠠᠭᠰᠠᠨ ᠬᠠᠭᠠᠨ ᠡᠵᠡᠨ ᠦ᠌ ᠬᠡᠰᠢᠭ ᠬᠢᠭᠡᠳ ᠬᠠᠭᠠᠰ ᠨᠠᠰᠤᠨ ᠤ᠋ ᠡᠳ᠋ ᠠᠭᠤᠷᠠᠰᠤᠨ  ᠢ᠋ᠶ᠋ᠠᠨ ᠬᠣᠭᠣᠰᠣᠷᠠᠲᠠᠯ᠎ᠠ ᠭᠠᠷᠭᠠᠨ ᠬᠠᠭᠰᠠᠭᠠᠭᠰᠠᠨ ᠲᠡᠮᠡᠭᠡᠨ᠎ᠡ ᠠᠷᠪᠠᠨ ᠨᠠᠢ᠍ᠮᠠᠨ ᠠᠴᠢᠶ᠎ᠠ ᠠᠴᠢᠨ᠂ ᠬᠠᠰ ᠰᠤᠪᠤᠳ᠂ ᠮᠥᠩᠭᠥ ᠲᠣᠷᠭ᠎ᠠ ᠶ᠋ᠢᠨ ᠰᠠᠢᠨ ᠡᠳ᠋ ᠢ᠋ᠶ᠋ᠡᠷ ᠬᠠᠷᠢᠭᠤᠯᠠᠪᠠ᠃ ᠡᠭᠦᠨ ᠳ᠋ᠦ᠍ᠷ ᠲᠤᠰᠠ ᠶ᠋ᠢ ᠣᠯᠤᠯᠴᠠᠭᠰᠠᠨ ᠤᠯᠤᠰ ᠤ᠋ᠨ ᠬᠣᠲᠠᠯᠠᠭᠠᠷ ᠳᠡᠭᠡᠷ᠎ᠡ ᠳᠣᠣᠷ᠎ᠠ ᠡᠷ᠎ᠡ ᠡᠮ᠎ᠡ᠂ ᠴᠡᠷᠢᠭ ᠢᠷᠭᠡᠨ ᠬᠦᠷᠲᠡᠯ᠎ᠡ᠂ ᠵᠠᠭᠤᠨ ᠲᠦᠮᠡᠨ ᠦ᠌ ᠨᠡᠢᠲᠡ ᠪᠡᠷ ᠰᠡᠳᠬᠢᠯ ᠳ᠋ᠦ᠍ᠷ ᠲᠦᠪᠳᠡᠬᠦ ᠦᠭᠡᠢ᠃ ᠶᠡᠬᠡ ᠴᠢᠭᠤᠯᠭᠠᠨ ᠴᠤᠭᠯᠠᠯᠴᠠᠨ᠂ ᠪᠤᠭᠤᠷᠵᠢ᠂ ᠪᠤᠭᠤᠷᠤᠯ᠂ ᠴᠢᠯᠠᠭᠤᠨ ᠤ᠋ ᠵᠡᠷᠭᠡ ᠶ᠋ᠢᠨ ᠭᠤᠷᠪᠠᠨ ᠬᠦᠯᠦᠭ ᠬᠦᠩ ᠲᠠᠢᠪᠤᠤ ᠨᠣᠶᠠᠳ ᠲᠡᠷᠢᠭᠦᠯᠡᠨ᠂ ᠵᠢᠨᠦᠩ ᠮᠤᠬᠤᠯᠢ ᠶ᠋ᠢᠨ ᠠᠷᠪᠠᠨ ᠨᠠᠢ᠍ᠮᠠᠨ ᠲᠡᠮᠡᠭᠡᠨ ᠦ᠌ ᠠᠴᠢᠶ᠎ᠠ ᠡᠳ᠋ ᠠᠭᠤᠷᠠᠰᠤᠨ ᠢ᠋ ᠬᠣᠶᠠᠷ ᠬᠤᠪᠢ ᠪᠠᠷ ᠡᠭᠡᠭᠦᠯᠦᠨ ᠲᠥᠯᠥᠬᠦ ᠶ᠋ᠢ ᠡᠷᠭᠦᠨ ᠠᠢᠯᠠᠳᠬᠠᠭᠰᠠᠨ ᠳ᠋ᠤᠷ᠂ ᠵᠢᠨᠦᠩ ᠮᠤᠬᠤᠯᠢ ᠶ᠋ᠢᠨ ᠬᠠᠷᠢᠭᠤ ᠠᠢᠯᠠᠳᠬᠠᠭᠰᠠᠨ ᠨᠤᠭᠤᠯᠪᠤᠷᠢ ᠶ᠋ᠢᠨ ᠪᠣᠳᠣᠷᠣᠣᠯ ᠪᠢᠴᠢᠭ ᠲᠣᠷ ᠥᠭᠦᠯᠡᠭᠰᠡᠨ ᠦᠭᠡ ᠢᠨᠦ : 
      《ᠮᠤᠩᠬᠠᠭ ᠰᠠᠢᠳ᠂ ᠠᠷᠪᠠᠨ ᠳᠥᠷᠪᠡᠨ ᠨᠠᠰᠤᠨ ᠠ᠋ᠴᠠ ᠠᠪᠠ ᠴᠡᠷᠢᠭ ᠲᠦ᠍ᠷ ᠶᠠᠪᠤᠯᠤᠭ᠎ᠠ᠃ ᠮᠤᠬᠤᠯᠢ ᠪᠣᠭᠣᠯ ᠢ᠋ ᠠᠷᠪᠠᠨ ᠵᠢᠷᠭᠤᠭᠠᠨ ᠨᠠᠰᠤᠨ ᠠ᠋ᠴᠠ ᠠᠯᠢᠪᠠ ᠴᠡᠷᠢᠭ ᠢ᠋ ᠵᠠᠬᠢᠷᠤᠭᠤᠯᠪᠠ᠃ ᠮᠣᠬᠣᠳᠠᠭ ᠠᠯᠪᠠᠲᠤ ᠶ᠋ᠢ ᠠᠷᠪᠠᠨ ᠨᠠᠢ᠍ᠮᠠᠨ ᠨᠠᠰᠤᠨ᠎ᠠ ᠴᠡᠷᠢᠭ ᠦ᠋ᠨ ᠶᠡᠬᠡ ᠵᠢᠨᠦᠩ ᠡᠷᠭᠦᠮᠵᠢᠯᠡᠪᠡ᠃ ᠮᠤᠰᠬᠢᠨ ᠲᠤᠯᠵᠤ ᠳᠥᠴᠢᠨ ᠨᠠᠰᠤᠯᠠᠲᠠᠯ᠎ᠠ ᠠᠯᠢᠪᠠ ᠪᠦᠭᠦᠳᠡᠭᠡᠷ ᠴᠠᠭᠠᠵᠠ ᠶ᠋ᠢ ᠮᠢᠨᠦ ᠳᠠᠭᠠᠯᠤᠭ᠎ᠠ᠃ ᠮᠤᠬᠤᠯᠢ ᠪᠣᠭᠣᠯ ᠰᠤᠯᠠ ᠠᠷᠠᠳ ᠠ᠋ᠴᠠ ᠠᠬᠤᠢ ᠶᠡᠬᠡ ᠬᠦᠩ ᠲᠠᠢᠪᠤᠤ ᠵᠢᠨᠦᠩ ᠨᠣᠶᠠᠨ ᠳ᠋ᠤᠷ ᠬᠦᠷᠪᠡ᠃ ᠮᠤᠩᠬᠠᠭ ᠪᠥᠭᠡᠲᠡᠯ᠎ᠡ ᠣᠯᠠᠨ ᠢ᠋ᠶ᠋ᠠᠷ ᠰᠡᠴᠡᠨ ᠭᠡᠮᠡᠨ ᠦᠵᠡᠵᠦ᠂ ᠠᠷᠭ᠎ᠠ ᠪᠦᠬᠦᠨ ᠢ᠋ ᠮᠢᠨᠦ ᠳᠠᠭᠠᠵᠤ ᠶᠠᠪᠤᠪᠠ᠃ ᠮᠤᠬᠤᠷ ᠠᠭᠤᠷ ᠤ᠋ᠨ ᠡᠮᠦᠨᠡᠲᠦ ᠶ᠋ᠢᠨ ᠵᠠᠷ ᠢ ᠬᠣᠷᠢᠨ ᠣᠨ ᠪᠣᠳᠣᠪᠠᠴᠤ ᠬᠡᠯᠡᠵᠦ ᠭᠠᠷᠭᠠᠨ ᠡᠰᠡ ᠴᠢᠳᠠᠯᠤᠭ᠎ᠠ᠃ ᠮᠣᠬᠣᠰᠢ ᠦᠭᠡᠢ ᠳᠠᠯᠠᠢ ᠳ᠋ᠤᠷ ᠲᠤᠯᠲᠠᠯ᠎ᠠ ᠲᠠᠢᠯᠠᠪᠠᠴᠤ ᠮᠠᠭᠤ ᠠᠭᠤᠷ ᠠ᠋ᠴᠠ ᠠᠶᠤᠬᠤ ᠦᠭᠡᠢ ᠪᠣᠯᠤᠯᠴᠠᠪᠠ᠃ ᠡᠩᠭᠡᠷ ᠨᠡᠢᠲᠡ ᠡᠷᠡᠭᠦᠯ ᠡᠩᠬᠡ ᠪᠣᠯᠪᠠᠰᠤᠨ ᠪᠣᠯᠤᠯᠴᠠᠪᠠ᠃ ᠡᠷᠬᠡᠲᠦ ᠴᠡᠷᠢᠭ ᠲᠦ᠍ᠷ ᠡᠭᠦᠨ ᠳ᠋ᠦ᠍ᠷ ᠬᠦᠷᠬᠦ ᠶᠡᠬᠡ ᠪᠠᠶᠠᠷ ᠦᠭᠡᠢ ᠪᠣᠯᠪᠠ᠃ ᠡᠷᠳᠡᠨᠢ ᠶ᠋ᠢᠨ ᠠᠭᠤᠯᠠ ᠴᠤ᠌ ᠪᠣᠭᠣᠯ ᠨᠠᠳᠤᠷ ᠬᠡᠷᠡᠭ ᠦᠭᠡᠢ᠃ ᠡᠨᠡᠬᠡᠨ ᠠᠴᠢᠯᠠᠯ ᠢ᠋ ᠵᠢᠨᠦᠩ ᠮᠣᠨᠬᠣᠯᠢ ᠪᠠᠷ ᠬᠦᠢᠴᠡᠳᠬᠡᠯᠭᠡᠮᠦ ᠡᠵᠡᠨ ᠮᠢᠨᠦ ᠠ᠋ 》ᠬᠡᠮᠡᠵᠦᠬᠦᠢ᠃ ᠲᠠᠢᠽᠦ ᠴᠢᠩᠭᠢᠰ ᠬᠠᠭᠠᠨ ᠠᠢᠯᠠᠳᠴᠤ ᠦᠵᠡᠭᠡᠳ ᠳᠣᠲᠣᠷ᠎ᠠ ᠡᠨᠡᠷᠢᠨ ᠪᠡᠶᠡᠰᠴᠦ ᠵᠠᠷᠯᠢᠭ ᠪᠣᠯᠤᠷᠤᠨ᠄ 《ᠠᠯᠠᠬᠤ ᠴᠠᠭᠠᠵᠠ ᠶ᠋ᠢ ᠪᠠᠷᠢᠬᠤᠢ ᠶ᠋ᠢᠨ ᠲᠤᠯᠠᠳᠠ ᠠᠪᠤᠷᠠᠭᠰᠠᠨ ᠬᠡᠰᠢᠭ ᠢ᠋ ᠵᠠᠷᠯᠠᠬᠤ ᠠᠨᠤ ᠵᠥᠪ ᠪᠣᠯᠠᠢ᠃ ᠠᠯᠢᠪᠠ ᠵᠠᠩᠵᠤᠨ ᠴᠡᠷᠢᠭ ᠦ᠋ᠳ ᠰᠢᠲᠦᠭᠳᠡᠬᠦᠢ᠃ ᠠᠯᠲᠠᠨ ᠮᠥᠩᠭᠥᠨ ᠢ ᠵᠢᠨᠦᠩ ᠳ᠋ᠦ᠍ᠷ ᠲᠥᠯᠥᠬᠦ ᠶ᠋ᠢ ᠪᠠᠢᠭ᠎ᠠ 》ᠬᠡᠮᠡᠪᠡᠢ᠃ ᠡᠭᠦᠨ ᠳ᠋ᠦ᠍ᠷ ᠤᠯᠤᠰ ᠤ᠋ᠨ ᠬᠣᠲᠠᠯᠠᠭᠠᠷ ᠵᠢᠨᠦᠩ ᠮᠤᠬᠤᠯᠢ ᠶ᠋ᠢᠨ ᠬᠠᠢᠷ᠎ᠠ ᠬᠠᠯᠠᠮᠵᠢ ᠳ᠋ᠤᠷ ᠭᠠᠳᠠᠭᠠᠳᠤ ᠳᠣᠲᠣᠭᠠᠳᠤ᠂ ᠬᠥᠭᠰᠢᠨ ᠨᠢᠯᠬ᠎ᠠ ᠬᠥᠪᠡᠭᠦᠳ ᠥᠬᠢᠳ ᠲᠦ᠍ᠷ ᠬᠦᠷᠲᠡᠯ᠎ᠡ ᠦᠢᠮᠡᠯᠳᠦᠨ ᠬᠡᠯᠡᠯᠴᠡᠵᠦ ᠰᠢᠲᠦᠨ ᠪᠠᠶᠠᠷᠯᠠᠯᠴᠠᠬᠤᠶ᠎ᠠ ᠂ ᠦᠯᠡᠭᠦᠦ ᠢᠷᠦᠭᠡᠯᠲᠦ ᠲᠡᠢ ᠴᠢᠩ ᠲᠠᠢᠬᠡᠦ ᠰᠣᠨᠣᠰᠴᠤ᠂ ᠨᠡᠩᠳᠡ ᠪᠡᠶᠡᠰᠦᠨ : 
      《ᠲᠠᠢᠬᠡᠦ ᠲᠡᠷᠢᠭᠦᠯᠡᠨ᠂ ᠬᠠᠭᠠᠨ ᠡᠵᠡᠨ᠂ ᠭᠤᠸᠠᠩ ᠰᠢᠶᠠᠨ ᠬᠤᠸᠠᠩᠬᠡᠦ ᠡᠴᠡ ᠳᠠᠷᠠᠭᠠᠯᠠᠨ᠂ ᠬᠠᠲᠤᠳ᠂ ᠹᠧᠢ᠂ ᠭᠦᠩᠵᠦ᠂ ᠪᠦᠸᠸᠵᠦ᠂ ᠣᠯᠠᠨ ᠸᠠᠩ᠂ ᠹᠦᠮᠠ᠂ ᠬᠦᠩ ᠦ᠋ᠳ ᠦ᠋ᠨ ᠵᠡᠷᠭᠡ ᠶ᠋ᠢᠨ ᠶᠡᠬᠡ ᠴᠣᠯᠠᠲᠠᠨ ᠪᠦᠬᠦᠨ ᠢ᠋ᠶ᠋ᠡᠷ ᠬᠤᠪᠢ ᠨᠡᠢᠯᠡᠵᠦ ᠵᠢᠨᠦᠩ ᠳ᠋ᠦ᠍ᠷ ᠨᠡᠮᠡᠷᠢᠯᠡᠨ ᠥᠭᠭᠦᠭᠲᠦᠨ᠂ ᠵᠢᠨᠦᠩ ᠦ᠋ᠨ ᠵᠠᠬᠢᠷᠤᠯᠭ᠎ᠠ ᠶ᠋ᠢᠨ ᠳᠣᠣᠷ᠎ᠠ ᠪᠦᠬᠦᠢ ᠵᠠᠩᠵᠤᠨ ᠴᠡᠷᠢᠭ ᠦ᠋ᠳ ᠢ᠋ᠶ᠋ᠡᠷ ᠭᠠᠷᠭᠠᠯᠭᠠᠭᠰᠠᠨ ᠦᠭᠡᠢ ᠢᠨᠤ ᠶᠡᠬᠡᠳᠡ ᠨᠡᠢᠴᠡᠮᠦᠢ  》ᠭᠡᠮᠡᠨ ᠵᠠᠷᠯᠢᠭ ᠪᠠᠭᠤᠮᠠᠭᠴᠠ᠂ ᠭᠠᠭᠴᠠ ᠪᠣᠭᠳᠠ᠂ ᠬᠤᠸᠠᠩᠬᠡᠦ ᠡᠵᠡᠨ ᠡᠴᠡ ᠡᠬᠢᠯᠡᠨ ᠱᠠᠩ ᠬᠡᠰᠢᠭ᠂ ᠲᠠᠯ᠎ᠠ ᠨᠡᠮᠡᠷᠢ ᠶ᠋ᠢᠨ ᠤᠷᠤᠭᠰᠠ ᠠᠨᠤ ᠦᠨᠡᠬᠡᠷ ᠠᠭᠤᠯᠠ ᠣᠪᠣᠭ᠎ᠠ ᠶ᠋ᠢᠨ ᠲᠡᠳᠦᠢ ᠪᠣᠯᠤᠭᠰᠠᠨ ᠳ᠋ᠤᠷ ᠵᠢᠨᠦᠩ ᠮᠤᠬᠤᠯᠢ ᠳᠡᠭᠡᠷᠡᠬᠢ ᠶ᠋ᠢᠨ ᠳᠣᠲᠣᠭᠠᠳᠤ ᠭᠠᠳᠠᠭᠠᠳᠤ ᠶ᠋ᠢᠨ ᠬᠦᠨᠳᠦ ᠬᠡᠰᠢᠭ ᠲᠣᠷ ᠲᠣᠭᠣᠷᠢᠨ ᠮᠥᠷᠭᠥᠵᠦ᠂ ᠣᠯᠤᠭᠰᠠᠨ ᠦᠯᠡᠮᠵᠢ ᠡᠳ᠋ ᠠᠭᠤᠷᠠᠰᠤᠨ ᠢ᠋ ᠣᠯᠠᠨ ᠴᠡᠷᠢᠭ ᠦ᠋ᠳ ᠲᠣᠷ ᠢ᠋ᠶ᠋ᠠᠨ ᠬᠦᠨᠳᠦᠳᠡ ᠱᠠᠩ ᠲᠠᠯᠪᠢᠭᠰᠠᠨ᠎ᠠ ᠣᠯᠠᠨ ᠢ᠋ᠶ᠋ᠠᠷ ᠴᠡᠷᠢᠭ ᠦ᠋ᠨ ᠡᠵᠡᠨ ᠵᠢᠨᠦᠩ ᠦ᠋ᠨ ᠳᠠᠪᠬᠤᠷ ᠬᠡᠰᠡᠭ ᠲᠣᠷ ᠦᠨᠡᠬᠡᠷ ᠤᠨᠠᠨ ᠰᠦᠰᠦᠭᠯᠡᠯᠴᠡᠪᠡᠢ᠃ 
       ᠲᠡᠭᠦᠨᠴᠡ ᠲᠢᠶᠠᠨ ᠱᠠᠨ ᠠᠭᠤᠯᠠᠨ ᠤ᠋ ᠡᠮᠴᠢ ᠰᠠᠢᠨ ᠰᠡᠷ ᠮᠥᠨ ᠬᠦ᠌ ᠠᠯᠲᠠᠨᠱᠠᠭ᠎ᠠ ᠬᠦᠩ᠂ ᠲᠠᠢᠹᠦ᠋ ᠥᠳᠥ᠂ ᠵᠠᠮᠪᠠᠯ ᠬᠦᠩ᠂ ᠯᠢᠦ ᠵᠦᠩ ᠯᠦ᠍ ᠳᠥᠷᠪᠡᠨ ᠵᠠᠷᠯᠢᠭ ᠤ᠋ᠨ ᠡᠯᠴᠢ ᠪᠡᠷ ᠥᠷᠲᠡᠭᠡ ᠥᠷᠲᠡᠭᠡᠭᠦᠯ‍ᠤᠨ ᠲᠢᠶᠠᠨ ᠱᠠᠨ - ᠲᠡᠭᠷᠢ ᠠᠭᠤᠯᠠᠨ᠎ᠠ ᠬᠦᠷᠭᠡᠭᠦᠯᠪᠡ᠃ ᠦᠵᠡᠰᠡ ᠶᠡᠬᠡ ᠠᠷᠤ ᠭᠠᠵᠠᠷ ᠪᠠ ᠲᠥᠪᠡᠳ᠂ ᠲᠠᠩᠭᠤᠳ᠂ ᠤᠢᠭᠤᠷ᠂ ᠣᠷᠣᠰ ᠤ᠋ᠨ ᠵᠡᠷᠭᠡ ᠶ᠋ᠢᠨ ᠬᠦᠢᠲᠡᠨ ᠵᠢᠬᠡᠭᠦᠨ ᠡᠯᠡᠰᠦ ᠮᠠᠩᠬᠠᠨ ᠤ᠋ ᠵᠡᠷᠭᠡ ᠶ᠋ᠢᠨ ᠲᠢᠪ ᠳᠡᠯᠡᠬᠡᠢ ᠶ᠋ᠢᠨ ᠭᠠᠵᠠᠷ ᠣᠷᠣᠨ᠎ᠠ᠂ ᠡᠮᠦᠨᠡᠲᠦ ᠳᠤᠯᠠᠭᠠᠨ ᠬᠠᠯᠠᠭᠤᠨ ᠰᠢᠷᠣᠢ ᠶ᠋ᠢᠨ ᠭᠠᠵᠠᠷ ᠤ᠋ᠨ ᠲᠠᠪᠤᠨ ᠦᠷᠡᠰ ᠢ᠋ ᠢᠳᠡᠬᠦ ᠬᠣᠭᠣᠷᠣᠨᠳᠣ ᠶ᠋ᠢᠨ ᠪᠣᠳᠣ ᠴᠡᠴᠡᠭ ᠦ᠋ᠨ ᠵᠠᠷ ᠡᠪᠡᠳᠴᠢᠨ ᠦᠭᠡᠢ ᠠᠵᠤᠭᠤ᠃ ᠲᠡᠷᠡ ᠬᠦ᠌᠂ ᠠᠷᠤ ᠭᠠᠵᠠᠷ ᠤ᠋ᠨ ᠬᠥᠮᠦᠨ᠂ ᠥᠪᠥᠷ ᠭᠠᠵᠠᠷ ᠣᠷᠣᠪᠠᠰᠤ ᠡᠨᠡ ᠪᠣᠳᠣ ᠴᠡᠴᠡᠭ ᠦ᠋ᠨ ᠵᠠᠷ ᠬᠢᠵᠢᠭ ᠡᠴᠡ ᠶᠡᠬᠡᠳᠡ ᠠᠶᠤᠳᠠᠭ ᠲᠤᠯᠠ ᠮᠣᠩᠭᠣᠯ ᠤᠯᠤᠰ ᠤ᠋ᠨ ᠵᠢᠨᠦᠩ ᠮᠤᠬᠤᠯᠢ ᠬᠡᠮᠡᠭᠴᠢ ᠨᠠᠷᠢᠨ ᠬᠢᠨᠠᠮᠭᠠᠢ ᠬᠢᠴᠢᠶᠡᠩᠭᠦᠢ ᠰᠡᠷᠡᠮᠵᠢ ᠬᠡᠲᠦᠷᠡᠭᠰᠡᠨ ᠬᠥᠮᠦᠨ ᠲᠤᠯᠠ ᠡᠮᠦᠨ᠎ᠡ ᠵᠦᠭ ᠳᠠᠢᠯᠠᠬᠤ ᠶ᠋ᠢ ᠪᠣᠳᠣᠬᠤ ᠪᠦᠷᠢ᠂ ᠡᠨᠡ ᠵᠠᠷ ᠡᠪᠡᠳᠴᠢᠨ ᠢ᠋ ᠤᠷᠢᠳᠠ ᠪᠣᠳᠣᠳᠠᠭ ᠪᠥᠭᠡᠳ ᠡᠳᠦᠭᠡ ᠡᠵᠡᠨ ᠪᠣᠭᠳᠠ ᠶ᠋ᠢᠨ ᠪᠤᠶᠠᠨ ᠢᠷᠥᠬᠡᠷ  ᠢ᠋ᠶ᠋ᠡᠷ ᠨᠢᠳᠤᠨᠤᠨ ᠨᠠᠮᠤᠷ ᠴᠠᠭᠠᠨ ᠯᠢᠩᠬᠤ᠎ᠠ ᠶ᠋ᠢᠨ ᠵᠡᠭᠦᠳᠦᠨ ᠢ᠋ ᠭᠤᠷᠪᠠᠨᠲᠠ ᠵᠢᠭᠦᠳᠦᠯᠡᠭᠡᠳ᠂ ᠡᠨᠡ ᠵᠢᠯ ᠦ᠋ᠨ ᠭᠤᠷᠪᠠᠨ ᠰᠡᠷᠡᠳᠡ ᠤᠯᠤᠰ ᠤ᠋ᠨ ᠬᠣᠲᠠᠯᠠᠭᠠᠷ ᠲᠡᠭᠷᠢ ᠠᠭᠤᠯᠠᠨ ᠤ᠋ ᠱᠠᠪᠢ ᠰᠠᠢᠨ ᠰᠡᠷ ᠪᠣᠳᠣ ᠴᠡᠴᠡᠭ ᠦ᠋ᠨ ᠵᠠᠷ ᠢ᠋ ᠤᠰᠤᠨ ᠦᠷ᠎ᠡ ᠪᠡᠷ ᠦᠷᠡᠯᠡᠨ ᠲᠠᠷᠢᠵᠤ ᠬᠥᠩᠭᠡᠨ ᠬᠢᠯᠪᠠᠷ ᠢ᠋ᠶ᠋ᠠᠷ ᠪᠣᠯᠪᠠᠰᠤᠷᠠᠭᠤᠯᠤᠨ ᠭᠠᠷᠭᠠᠭᠰᠠᠨ᠎ᠠ᠂ ᠵᠢᠨᠦᠩ ᠮᠤᠬᠤᠯᠢ ᠶ᠋ᠢᠨ ᠵᠢᠷᠦᠬᠡᠨ ᠦ᠌ ᠡᠪᠡᠳᠴᠢᠨ ᠰᠠᠶᠢ ᠠᠯᠳᠠᠷᠠᠨ ᠲᠠᠯᠪᠢᠭᠤᠷᠠᠵᠤ᠂ ᠬᠠᠭᠠᠨ ᠡᠵᠡᠨ ᠳ᠋ᠦ᠍ᠷ ᠤᠯᠠᠮᠵᠢᠯᠠᠨ ᠠᠢᠯᠠᠳᠬᠠᠵᠤ᠂ ᠲᠠᠢᠽᠢ ᠴᠢᠨ ᠸᠠᠩ ᠴᠠᠭᠠᠲᠠᠢ ᠴᠢᠶᠠᠨ ᠰᠦᠢ ᠶ᠋ᠢᠨ ᠬᠠᠲᠤᠨ ᠹᠧᠢ ᠶ᠋ᠢᠨ ᠰᠠᠢᠨ ᠢ᠋ᠶ᠋ᠠᠷ ᠲᠦᠭ ᠲᠦᠮᠡᠨ ᠦ᠌ ᠪᠣᠳᠣ ᠴᠡᠴᠡᠭ ᠦ᠋ᠨ ᠵᠠᠷ ᠢ᠋ ᠤᠭᠲᠤᠨ ᠵᠠᠰᠠᠵᠤ ᠠᠷᠢᠯᠭᠠᠪᠠ ᠭᠡᠮᠡᠨ ᠲᠠᠢᠽᠢ ᠴᠠᠭᠠᠲᠠᠢ ᠶ᠋ᠢ ᠭᠤᠷᠪᠠᠨ ᠵᠡᠷᠭᠡ ᠭᠠᠪᠢᠶ᠎ᠠ ᠲᠡᠮᠳᠡᠭᠯᠡᠨ᠂ ᠢᠷᠡᠭᠡᠳᠦᠢ ᠶ᠋ᠢᠨ ᠪᠡᠷᠢ ᠸᠠᠩ ᠤ᠋ᠨ ᠹᠧᠢ ᠬᠠᠲᠤᠨ ᠤ᠋ ᠣᠷᠳᠣᠨ ᠭᠡᠷ ᠦ᠋ᠨ ᠠᠯᠲᠠᠨ ᠣᠷᠣᠢ ᠳ᠋ᠤᠷ ᠰᠢᠯ ᠪᠣᠯᠣᠷ ᠤ᠋ᠨ ᠠᠯᠮᠠᠰ ᠡᠷᠳᠡᠨᠢ ᠶ᠋ᠢᠨ ᠵᠦᠢᠯ ᠢ᠋ ᠰᠢᠭᠢᠳᠬᠡᠯᠭᠡᠨ ᠭᠡᠷᠡᠯ ᠬᠢᠯᠪᠠᠰᠤᠯ ᠨᠡᠮᠡᠭᠳᠡᠭᠦᠯᠵᠦ᠂ ᠤᠯᠤᠰ ᠲᠤᠷ ᠢᠷᠡᠬᠦᠢ ᠶ᠋ᠢᠨ ᠤᠷᠢᠳᠠ ᠭᠠᠪᠢᠶ᠎ᠠ ᠵᠢᠳᠬᠦᠯᠭᠡ ᠲᠡᠮᠳᠡᠭᠯᠡᠭᠦᠯᠵᠦ ᠪᠠᠰᠠ ᠴᠠᠭᠠᠲᠠᠢ ᠲᠠᠢᠽᠢ ᠶ᠋ᠢᠨ ᠬᠠᠭᠠᠰ ᠭᠠᠪᠢᠶ᠎ᠠ ᠳ᠋ᠤᠷ ᠳᠡᠭᠦᠨᠦ ᠠᠬ᠎ᠠ᠂ ᠲᠠᠢᠽᠢ ᠴᠢᠨ ᠸᠠᠩ ᠵᠣᠴᠢ ᠳ᠋ᠤᠷ ᠭᠥᠷᠳᠡᠭᠦᠯᠦᠨ᠂ ᠡᠷᠳᠡᠨᠢ ᠰᠢᠭᠦᠷ᠂ ᠠᠯᠳᠠᠮᠠᠯ ᠲᠤᠭ᠂ ᠠᠯᠲᠠᠨ ᠡᠮᠡᠭᠡᠯ᠂ ᠬᠠᠰ ᠬᠠᠵᠠᠭᠠᠷ᠂ ᠬᠠᠭᠠᠨ ᠤ᠋ ᠡᠮᠡᠭᠡᠯ ᠦ᠋ᠨ ᠯᠤᠤ ᠶ᠋ᠢᠨ ᠮᠣᠷᠢᠳ ᠳᠣᠯᠣᠭᠠᠨ ᠬᠥᠯᠭᠡᠨ ᠦ᠌ ᠵᠢᠭᠰᠠᠭᠠᠯ ᠵᠢᠭᠰᠠᠭᠠᠯᠭᠠᠨ᠂ ᠴᠠᠭᠠᠲᠠᠢ ᠴᠢᠨ ᠸᠠᠩ ᠣᠯᠠᠨ ᠢ᠋ ᠠᠪᠴᠤ᠂ ᠡᠡᠴᠢᠯᠠᠯᠲᠤ ᠲᠠᠢᠽᠢ ᠶ᠋ᠢᠨ ᠶᠣᠰᠣᠭᠠᠷ ᠤᠯᠤᠰ ᠤ᠋ᠨ ᠵᠠᠬ᠎ᠠ ᠠ᠋ᠴᠠ ᠤᠬᠲᠣᠭᠤᠯᠤᠨ ᠢᠷᠡᠭᠦᠯᠵᠦ᠂ ᠵᠠᠰᠠᠭ ᠴᠠᠭᠠᠵᠠ ᠶ᠋ᠢ ᠬᠢᠴᠢᠶᠡᠨ ᠳᠠᠭᠠᠭᠰᠠᠨ ᠡᠯᠪᠠᠷᠢᠯᠲ‍ᠤ ᠲᠠᠢᠽᠢ ᠶ᠋ᠢᠨ ᠬᠤᠷᠢᠮ ᠬᠤᠷᠢᠮᠯᠠᠨ᠂ ᠭᠡᠷᠡᠯᠲᠦ ᠶᠡᠬᠡᠮᠰᠦᠭ ᠬᠤᠸᠠᠩᠬᠡᠦ ᠶ᠋ᠢᠨ ᠭᠡᠭᠡᠬᠡᠨ ᠮᠡᠷᠭᠡᠨ ᠢ᠋ᠶ᠋ᠡᠷ ᠮᠣᠩᠭᠣᠯ ᠤᠯᠤᠰ ᠤ᠋ᠨ ᠵᠠᠰᠠᠭ ᠴᠠᠭᠠᠵᠠ ᠬᠠᠤᠯᠢ ᠳᠦᠷᠢᠮ ᠬᠠᠭᠤᠮᠠᠭᠠᠢ ᠥᠪᠡᠷᠴᠢᠯᠡᠯ ᠦᠭᠡᠢ ᠪᠣᠯᠪᠠ᠂ ᠤᠯᠤᠰ ᠤ᠋ᠨ ᠬᠣᠲᠠᠯᠠᠭᠠᠷ ᠡᠷᠳᠡᠮ ᠭᠡᠷᠡᠯᠲᠦ ᠡᠬᠡ ᠬᠤᠸᠠᠩᠬᠡᠦ ᠳ᠋ᠦ᠍ᠷ ᠠᠭᠤᠯᠵᠠᠭᠰᠠᠨ ᠢ᠋ᠶ᠋ᠠᠷ ᠡᠮᠢᠶᠡᠯᠳᠦ ᠬᠢᠵᠢᠭ ᠵᠠᠷ ᠢ᠋ ᠢᠨᠢᠶᠡᠯᠴᠡᠨ ᠨᠠᠭᠠᠳᠤᠯᠴᠠᠭᠰᠠᠭᠠᠷ ᠥᠩᠭᠡᠷᠡᠭᠡᠪᠡ ᠬᠡᠮᠡᠯᠳᠦᠨ᠂ ᠰᠠᠢᠬᠠᠨ ᠭᠦᠦᠷ ᠭᠦᠩᠵᠦ ᠶ᠋ᠢᠨ ᠭᠠᠪᠢᠶ᠎ᠠ ᠳ᠋ᠤᠷ ᠠᠯᠲᠠᠨᠱᠠᠭ᠎ᠠ ᠰᠣᠯᠣᠩᠭᠤᠤ᠎ᠡ ᠲᠠᠨ ᠢ᠋ ᠮᠥᠨ ᠬᠣᠶᠠᠷ ᠵᠡᠷᠭᠡ ᠶ᠋ᠢᠨ ᠭᠠᠪᠢᠶ᠎ᠠ ᠲᠡᠮᠳᠡᠭᠯᠡᠭᠦᠯᠵᠦ᠂ ᠰᠢᠨ᠎ᠡ ᠬᠠᠭᠤᠴᠢᠨ ᠨᠠᠢ᠍ᠮᠠᠨ ᠤ᠋ ᠬᠣᠲᠠᠯᠠᠭᠠᠷ᠂ ᠬᠠᠭᠠᠨ ᠬᠠᠲᠤᠨ ᠤ᠋ ᠬᠠᠢᠷ᠎ᠠ ᠬᠡᠰᠢᠭ ᠲᠣᠷ ᠮᠥᠷᠭᠥᠯᠴᠡᠪᠡ᠃ ᠡᠨᠡ ᠨᠢᠭᠡᠨ ᠬᠡᠰᠡᠭ ᠢ᠋ ᠤᠭ ᠬᠠᠭᠤᠴᠢᠨ  《ᠬᠥᠬᠡ ᠰᠤᠳᠤᠷ 》 ᠲᠤᠷ ᠴᠢᠩᠭᠢᠰ ᠬᠠᠭᠠᠨ ᠴᠡᠴᠡᠭ ᠢ᠋ ᠵᠡᠭᠦᠳᠦᠯᠡᠭᠡᠳ᠂ ᠴᠡᠷᠢᠭ ᠠᠶᠠᠨ ᠤ᠋ ᠬᠢᠵᠢᠭ ᠵᠠᠷ ᠢ᠋ ᠲᠣᠰᠴᠤ ᠵᠠᠰᠠᠪᠠ ᠬᠡᠮᠡᠬᠦ ᠪᠤᠶᠤ᠃ ᠡᠨᠡ ᠵᠠᠪᠰᠠᠷ᠎ᠡ ᠨᠠᠮᠤᠷ ᠤ᠋ᠨ ᠲᠡᠷᠢᠭᠦᠨ ᠰᠠᠷ᠎ᠠ ᠪᠣᠯᠲᠠᠯ᠎ᠠ᠂ ᠮᠣᠩᠭᠣᠯ ᠤ᠋ᠨ ᠤᠯᠤᠰ ᠲᠥᠷᠥ ᠳ᠋ᠦ᠍ᠷ ᠡᠩᠬᠡ ᠲᠦᠪᠰᠢᠨ ᠬᠡᠷᠡᠭ ᠦᠭᠡᠢ ᠲᠤᠯᠠ᠂ ᠣᠳᠣ ᠡᠮᠦᠨᠡᠲᠦ ᠬᠢᠲᠠᠳ ᠤ᠋ᠨ ᠰᠥᠩ ᠤᠯᠤᠰ᠂ ᠳᠤᠮᠳᠠᠳᠤ ᠠᠯᠲᠠᠨ ᠤᠯᠤᠰ ᠬᠣᠶᠠᠭᠤᠯᠠ ᠶ᠋ᠢᠨ ᠵᠣᠳᠣᠭᠠᠨ ᠢ᠋ ᠦᠵᠦᠭᠦᠷ ᠭᠠᠷᠲᠠᠯ᠎ᠠ ᠲᠣᠭᠠᠴᠢᠨ ᠲᠣᠪᠴᠢᠶᠠᠯᠠᠨ ᠥᠭᠦᠯᠡᠬᠦ ᠢᠨᠤ᠄ 
       ᠮᠥᠨ ᠡᠨᠡ ᠰᠢᠷ᠎ᠠ ᠯᠤᠤ ᠵᠢᠯ ᠦ᠋ᠨ ᠴᠠᠭᠠᠨ ᠰᠠᠷ᠎ᠠ ᠥᠩᠭᠡᠷᠡᠮᠡᠭᠴᠡ᠂ ᠡᠮᠦᠨᠡᠲᠦ ᠰᠥᠩ ᠤᠯᠤᠰ ᠤ᠋ᠨ ᠣᠯᠠᠨ ᠲᠦᠰᠢᠮᠡᠳ ᠠᠯᠲᠠᠨ ᠤᠯᠤᠰ ᠲᠤᠷ ᠪᠤᠷᠤᠭᠤ ᠬᠦᠯᠢᠶᠡᠬᠦ ᠲᠤᠬᠠᠢ ᠵᠥᠪᠳᠡᠯᠴᠡᠪᠡᠢ᠃ ᠶᠠᠯ᠎ᠠ ᠪᠠᠨ ᠭᠡᠮᠰᠢᠨ ᠡᠶᠡᠳᠡᠵᠦ ᠡᠪᠰᠡᠬᠦ ᠬᠡᠷᠡᠭ ᠢ᠋ ᠬᠡᠯᠡᠯᠴᠡᠬᠦ ᠮᠡᠳᠡᠭᠡᠨ ᠦ᠌ ᠡᠯᠴᠢ ᠲᠦᠰᠢᠮᠡᠯ ᠸᠠᠩ ᠶᠠᠨ᠂ ᠡᠳᠦᠭᠡ ᠪᠠᠰᠠ ᠬᠦ᠌ ᠠᠯᠲᠠᠨ ᠤᠯᠤᠰ ᠤ᠋ᠨ ᠶᠡᠬᠡ ᠴᠡᠷᠢᠭ ᠵᠠᠰᠠᠭ ᠤ᠋ᠨ ᠭᠠᠵᠠᠷ ᠳ᠋ᠦᠩ ᠵᠢᠩ ᠪᠢᠶᠠᠨ ᠯᠢᠶᠠᠩ ᠪᠠᠯᠭᠠᠰᠤᠨ᠎ᠠ ᠪᠠᠢᠢᠭᠰᠠᠭᠠᠷ ᠲᠤᠯᠠ ᠪᠠᠰᠠ ᠬᠦ᠌ ᠤᠷᠢᠳᠤ ᠶ᠋ᠢᠨ ᠹᠠᠩ ᠰᠢᠨ ᠿᠦ᠍ ᠶ᠋ᠢ ᠤᠭ ᠲᠤᠰᠢᠶᠠᠯ ᠳ᠋ᠤᠷ ᠳᠡᠪᠰᠢᠭᠦᠯᠵᠦ ᠂ ᠪᠢᠴᠢᠭ ᠬᠢᠵᠦ ᠲᠠᠮᠠᠭ᠎ᠠ ᠳᠠᠷᠤᠨ ᠪᠢᠲᠡᠭᠦᠮᠵᠢᠯᠡᠭᠡᠳ ᠱᠠᠩ ᠬᠤᠷᠢᠮ ᠥᠭᠴᠦ ᠠᠯᠲᠠᠨ ᠤᠯᠤᠰ ᠯᠤᠭ᠎ᠠ ᠡᠶᠡᠳᠡᠬᠦ ᠬᠡᠷᠡᠭ ᠢ᠋ ᠳᠠᠬᠢᠨ ᠭᠤᠶᠤᠵᠤ ᠢᠯᠡᠭᠡᠪᠡ᠃ ᠪᠢᠴᠢᠭ ᠦ᠋ᠨ ᠳᠣᠲᠣᠷᠠᠬᠢ ᠪᠦᠳᠦᠭᠦᠨ ᠲᠣᠪᠴᠢᠶ᠎ᠠ ᠠᠨᠤ᠄ ᠰᠥᠩ ᠤᠯᠤᠰ ᠮᠥᠨ ᠬᠦ᠌ ᠡᠷᠲᠡᠨ ᠦ᠌ ᠬᠠᠭᠤᠴᠢᠨ ᠲᠣᠭᠲᠠᠭᠰᠠᠨ ᠶᠣᠰᠣᠭᠠᠷ᠂ ᠪᠠᠰᠠ ᠬᠦ᠌ ᠠᠯᠲᠠᠨ ᠤᠯᠤᠰ ᠤ᠋ᠨ ᠬᠥᠪᠡᠭᠦᠨ ᠤᠯᠤᠰ᠂ ᠤᠯᠤᠰ ᠤ᠋ᠨ ᠬᠠᠭᠠᠨ ᠠᠨᠤ ᠡᠡᠭᠡᠨᠡᠭᠲᠡ ᠠᠯᠲᠠᠨ ᠤᠯᠤᠰ ᠤ᠋ᠨ ᠬᠠᠭᠠᠨ ᠳ᠋ᠤᠷ ᠬᠥᠪᠡᠭᠦᠨ ᠬᠠᠭᠠᠨ ᠪᠣᠯᠤᠮᠤᠢ᠃ ᠵᠢᠴᠢ ᠵᠢᠯ ᠪᠦᠷᠢ ᠶ᠋ᠢᠨ ᠠᠯᠪᠠᠨ ᠢ᠋ ᠰᠢᠷᠬᠡᠭ  ᠢ᠋ᠶ᠋ᠡᠷ ᠨᠡᠬᠡᠭᠰᠡᠨ ᠲᠣᠷᠭ᠎ᠠ ᠲᠦᠷᠭᠡ᠂ ᠲᠣᠷᠭᠠᠮᠰᠤᠭ᠂ ᠱᠣ ᠶ᠋ᠢᠨ ᠵᠦᠢᠯ ᠢ᠋ ᠨᠡᠮᠡᠵᠦ ᠪᠠᠷᠢᠬᠤ ᠨᠡᠢᠲᠡ ᠶ᠋ᠢᠨ ᠲᠣᠭ᠎ᠠ ᠭᠤᠴᠢᠨ ᠲᠦᠮᠡᠨ ᠪᠦᠲᠦᠨ ᠣᠷᠢᠶᠠᠳᠠᠰᠤ᠂ ᠵᠢᠴᠢ ᠠᠯᠲᠠᠨ ᠤᠯᠤᠰ ᠤ᠋ᠨ ᠣᠯᠠᠨ ᠵᠠᠩᠵᠤᠨ ᠴᠡᠷᠢᠭ ᠦ᠋ᠳ ᠨᠡᠢᠲᠡ ᠶ᠋ᠢᠨ ᠵᠦᠳᠡᠭᠰᠡᠨ ᠢ᠋ ᠲᠣᠬᠣᠷᠤᠭᠤᠯᠤᠨ ᠪᠠᠶᠠᠰᠬᠠᠬᠤ ᠬᠤᠷᠢᠮ ᠪᠠᠷᠢᠬᠤ ᠦᠨ᠎ᠡ ᠵᠣᠭᠣᠰ ᠭᠤᠷᠪᠠᠨ ᠵᠠᠭᠤᠨ ᠲᠦᠮᠡᠨ ᠬᠡᠯᠬᠢᠶ᠎ᠡ᠂ ᠵᠢᠴᠢ ᠰᠥᠩ ᠠᠯᠲᠠᠨ ᠬᠣᠶᠠᠷ ᠤᠯᠤᠰ ᠤ᠋ᠨ ᠲᠠᠪᠢᠭᠠᠳ ᠵᠢᠯ ᠦ᠋ᠨ ᠨᠠᠢᠷ ᠵᠢᠷᠤᠮ ᠢ᠋ ᠡᠪᠳᠡᠬᠦ ᠤᠭ ᠰᠠᠨᠠᠭ᠎ᠠ ᠭᠠᠷᠭᠠᠭᠰᠠᠨ᠂ ᠵᠠᠯᠢᠬᠠᠢ ᠴᠧᠩᠰᠢᠶᠠᠩ ᠬᠠᠨ ᠲᠦᠸᠧ ᠵᠧᠦ ᠬᠢᠭᠡᠳ ᠰᠦ᠍ ᠱᠢ ᠳ᠋ᠠᠨ ᠬᠣᠶᠠᠭᠤᠯᠠ ᠶ᠋ᠢᠨ ᠲᠣᠯᠣᠭᠠᠢ ᠶ᠋ᠢ ᠡᠪᠰᠡᠬᠦ ᠡᠶᠡᠳᠡᠬᠦ ᠬᠡᠷᠡᠭ ᠨᠢᠭᠡᠮᠦᠰᠦᠨ ᠯᠠᠪ ᠯᠣᠪ ᠪᠠᠲᠤ ᠪᠡᠬᠢ ᠪᠣᠯᠤᠭᠰᠠᠨ ᠴᠠᠭᠳᠠ ᠳᠠᠷᠤᠢ ᠡᠷᠭᠦᠨ ᠬᠥᠷᠭᠡᠯᠭᠡᠮᠦᠢ ᠬᠡᠮᠡᠵᠦᠬᠦᠢ᠃ ᠲᠡᠭᠦᠨᠴᠡ᠂ ᠹᠠᠩ ᠰᠢᠨ ᠳ᠋ᠦ᠍ ᠿᠧᠦ ᠳᠣᠲᠣᠷ᠎ᠠ ᠪᠠᠨ ᠢᠨᠢᠶᠡᠭᠰᠡᠭᠡᠷ ᠮᠥᠷᠡᠨ ᠢ᠋ ᠭᠡᠲᠦᠯᠦᠨ ᠠᠯᠲᠠᠨ ᠤᠯᠤᠰ ᠤ᠋ᠨ ᠳ᠋ᠦᠩ ᠵᠢᠩ ᠪᠢᠶᠠᠨ ᠯᠢᠶᠠᠩ ᠪᠠᠯᠭᠠᠰᠤᠨ ᠳ᠋ᠤᠷ ᠬᠦᠷᠴᠦ᠂ ᠳᠡᠳ᠋ ᠶᠤᠸᠠᠨᠱᠤᠸᠠᠢ ᠹᠦ ᠶ᠋ᠢᠨ ᠸᠠᠨ ᠶᠠᠨ ᠺᠤᠸᠠᠩ ᠤ᠋ᠨ ᠶᠠᠮᠦᠨ᠎ᠡ ᠣᠷᠣᠵᠤ ᠪᠢᠴᠢᠭ ᠢ᠋ ᠰᠥᠭᠥᠳᠴᠦ ᠡᠷᠭᠦᠨ ᠲᠤᠰᠢᠶᠠᠭᠠᠳ᠂ ᠱᠤᠸᠠᠢ ᠹᠦ ᠶᠠᠮᠤᠨ ᠤ᠋ ᠬᠠᠷᠠᠭᠠᠯᠵᠠᠯᠭ᠎ᠠ ᠰᠠᠭᠢᠭᠤᠷᠲᠤ ᠶᠠᠮᠤᠨ ᠤ᠋ ᠰᠤᠯᠠ ᠬᠣᠷᠢᠭᠤᠯ ᠳ᠋ᠤᠷ ᠣᠷᠣᠵᠤ ᠰᠠᠭᠤᠪᠠ᠃ ᠡᠭᠦᠨ ᠳ᠋ᠦ᠍ᠷ ᠸᠠᠨ ᠶᠠᠨ ᠺᠤᠸᠠᠩ ᠶᠠᠭᠠᠷᠠᠨ ᠡᠨᠡ ᠪᠢᠴᠢᠭ ᠢ᠋ ᠬᠣᠢᠲᠤ ᠨᠡᠢᠰᠯᠡᠯ ᠪᠧᠢ ᠵᠢᠩ ᠪᠠᠯᠭᠠᠰᠤᠨ᠎ᠠ ᠳᠣᠪᠲᠣᠯᠭᠠᠨ ᠠᠢᠯᠠᠳᠬᠠᠰᠠᠨ᠎ᠠ ᠂ ᠬᠠᠷᠢᠭᠤ ᠢᠷᠡᠭᠰᠡᠨ ᠵᠠᠷᠯᠢᠭ ᠪᠢᠴᠢᠭ ᠦ᠋ᠨ ᠲᠣᠪᠴᠢᠶ᠎ᠠ ᠦᠭᠡᠰ ᠢᠨᠦ᠄ ᠵᠢᠯ ᠪᠦᠷᠢ ᠶ᠋ᠢᠨ ᠠᠯᠪᠠᠨ ᠤ᠋ ᠲᠣᠷᠭ᠎ᠠ ᠲᠦᠷᠭᠡ ᠶ᠋ᠢᠨ ᠲᠣᠭ᠎ᠠ ᠶ᠋ᠢ ᠮᠥᠨ ᠶᠣᠰᠣᠭᠠᠷ ᠲᠣᠭᠲᠠᠭᠠᠭᠲᠤᠨ᠃ ᠵᠢᠴᠢ ᠴᠡᠷᠢᠭ ᠢ᠋ ᠬᠤᠷᠢᠮᠯᠠᠬᠤ ᠦᠨ᠎ᠡ ᠶ᠋ᠢ ᠵᠣᠭᠣᠰ ᠠᠪᠬᠤ ᠦᠭᠡᠢ᠂ ᠴᠥᠮ ᠮᠥᠩᠭᠥ ᠪᠣᠯᠭᠠᠵᠤ᠂ ᠤᠭ ᠨᠢᠭᠡᠨ ᠮᠢᠩᠭᠠᠨ ᠲᠦᠮᠡᠨ ᠯᠠᠩ ᠠ᠋ᠴᠠ ᠪᠠᠭᠤᠷᠠᠭᠤᠯᠵᠤ᠂ ᠲᠡᠳᠡᠨ ᠦ᠌ ᠠᠮᠠᠨ ᠤ᠋ ᠲᠣᠪᠴᠢᠶ᠎ᠠ ᠲᠣᠭ᠎ᠠ ᠶ᠋ᠢᠨ ᠶᠣᠰᠣᠭᠠᠷ ᠭᠤᠷᠪᠠᠨ ᠵᠠᠭᠤᠨ ᠲᠦᠮᠡᠨ ᠯᠠᠩ ᠪᠣᠯᠭᠠᠵᠤ᠂ ᠨᠢᠭᠡᠨ ᠯᠠᠩ ᠴᠤ᠌ ᠪᠠᠭᠤᠷᠠᠭᠤᠯᠵᠤ ᠪᠣᠯᠬᠤ ᠦᠭᠡᠢ᠃ ᠵᠢᠴᠢ ᠬᠠᠨ ᠲᠦᠸᠧ ᠵᠧᠦ᠂ ᠰᠦ᠍ ᠱᠢ ᠳ᠋ᠠᠨ ᠬᠣᠶᠠᠭᠤᠯᠠ ᠶ᠋ᠢᠨ ᠲᠣᠯᠣᠭᠠᠢ ᠶ᠋ᠢ ᠡᠷᠭᠦᠵᠦ ᠪᠠᠷᠢᠪᠠᠰᠤ᠂ ᠬᠤᠸᠠᠢ ᠨᠠᠨ ᠤ᠋ ᠭᠠᠵᠠᠷ ᠢ᠋ ᠬᠥᠪᠡᠭᠦᠨ ᠤᠯᠤᠰ ᠰᠥᠩ ᠳ᠋ᠦ᠍ᠷ ᠡᠭᠡᠭᠦᠯᠵᠦ ᠥᠭᠭᠦᠭᠲᠦᠨ᠃ ᠡᠭᠦᠡᠴᠡ ᠬᠡᠷᠪᠡ ᠥᠴᠦᠬᠡᠨ ᠲᠡᠳᠦᠢ ᠵᠥᠷᠢᠴᠡᠪᠡᠰᠦ᠂ ᠰᠢᠭᠤᠳ ᠬᠡᠩᠭᠡᠷᠭᠡ ᠳᠡᠯᠡᠳᠴᠦ ᠪᠠᠢᠯᠳᠤᠵᠤ ᠣᠷᠣᠭᠲᠤᠨ᠃ ᠳᠠᠬᠢᠨ ᠠᠢᠯᠠᠳᠬᠠᠬᠤ ᠬᠡᠷᠡᠭ ᠦᠭᠡᠢ ᠬᠡᠮᠡᠵᠦᠬᠦᠢ᠃  
       ᠡᠭᠦᠨ ᠳ᠋ᠦ᠍ᠷ ᠠᠯᠲᠠᠨ ᠤᠯᠤᠰ ᠤ᠋ᠨ ᠶᠡᠬᠡ ᠶᠤᠸᠠᠨᠱᠤᠸᠠᠢ᠂ ᠸᠠᠨ ᠶᠠᠨ ᠴᠥᠩ ᠬᠣᠣ᠂ ᠥᠪᠡᠷ ᠢ᠋ᠶ᠋ᠡᠨ ᠭᠠᠭᠴᠠ ᠠᠯᠠᠬᠤ ᠪᠠᠢᠯᠳᠤᠬᠤ ᠶ᠋ᠢ ᠵᠠᠬᠢᠷᠬᠤ ᠲᠤᠯᠠ ᠡᠨᠡ ᠡᠪᠰᠡᠬᠦ ᠡᠶᠡᠳᠡᠬᠦ ᠶ᠋ᠢ ᠮᠥᠨ ᠬᠦ᠌ ᠸᠠᠨ ᠶᠠᠨ ᠺᠤᠸᠠᠩ ᠳ᠋ᠤᠷ ᠲᠤᠰᠢᠶᠠᠨ ᠬᠡᠯᠡᠯᠴᠡᠭᠦᠯᠵᠦ ᠸᠠᠨ ᠶᠠᠨ ᠺᠤᠸᠠᠩ ᠶᠡᠬᠡ ᠶᠤᠸᠠᠨᠱᠤᠸᠠᠢ ᠹᠦ ᠡᠴᠡ ᠨᠢᠳᠤᠨᠤᠨ ᠤ᠋ ᠢᠷᠡᠭᠰᠡᠨ ᠬᠡᠯᠡᠯᠴᠡᠬᠦ ᠮᠡᠳᠡᠭᠡᠨ ᠡᠯᠴᠢ ᠲᠦᠰᠢᠮᠡᠯ ᠸᠠᠩ ᠶᠠᠨ ᠢ᠋ ᠭᠠᠷᠭᠠᠨ ᠠᠪᠠᠴᠢᠵᠤ᠂ ᠡᠮᠦᠨ᠎ᠡ ᠪᠡᠨ ᠰᠥᠭᠥᠳᠬᠡᠵᠦ ᠠᠰᠠᠭᠤᠷᠤᠨ᠄ 
      《ᠲᠠᠨ ᠤ᠋ ᠬᠥᠪᠡᠭᠦᠨ ᠤᠯᠤᠰ ᠤ᠋ᠨ ᠬᠠᠨ ᠲᠦᠸᠧ ᠵᠧᠦ ᠬᠡᠮᠡᠭᠴᠢ ᠴᠧᠩᠰᠢᠶᠠᠩ ᠴᠢᠨᠦ᠂  ᠲᠠᠨ ᠤ᠋ ᠲᠥᠷᠥ ᠳ᠋ᠦ᠍ᠷ ᠡᠷᠡᠮᠰᠢᠨ ᠲᠦᠢᠳᠦᠭᠰᠡᠭᠡᠷ ᠬᠡᠳᠦᠢᠴᠢᠨᠡᠭᠡᠨ ᠵᠢᠯ ᠪᠣᠯᠤᠭᠰᠠᠨ ᠪᠣᠢ?  》ᠸᠠᠩ ᠶᠠᠨ ᠮᠥᠷᠭᠥᠵᠦ ᠮᠡᠳᠡᠭᠦᠯᠦᠷᠦᠨ᠄ 
      《ᠬᠠᠨ ᠲᠦᠸᠧ ᠵᠧᠦ ᠡᠷᠬᠡ ᠶ᠋ᠢ ᠪᠠᠷᠢᠭᠰᠠᠭᠠᠷ ᠠᠷᠪᠠᠨ ᠳᠥᠷᠪᠡᠨ ᠵᠢᠯ ᠪᠣᠯᠤᠭᠰᠠᠨ ᠪᠣᠯᠪᠠᠴᠤ᠂ ᠤᠯᠤᠰ ᠲᠥᠷᠥ ᠶ᠋ᠢᠨ ᠪᠦᠭᠦᠳᠡ ᠴᠡᠷᠢᠭ ᠮᠣᠷᠢᠨ ᠢ᠋ ᠨᠡᠢᠭᠡᠮᠯᠡᠨ ᠵᠠᠬᠢᠷᠬᠤ ᠫᠢᠩ ᠵᠠᠩ ᠵᠢᠶᠦ᠋ᠨ ᠭᠦᠸᠧ ᠶ᠋ᠢᠨ ᠶᠡᠬᠡ ᠡᠷᠬᠡ ᠶ᠋ᠢ ᠡᠭᠦᠷᠦᠭᠰᠡᠭᠡᠷ ᠰᠠᠶᠢ ᠬᠣᠶᠠᠷ ᠵᠢᠯ ᠢᠯᠡᠭᠦᠬᠡᠨ ᠪᠣᠯᠪᠠ 》ᠬᠡᠮᠡᠭᠰᠡᠨ ᠳ᠋ᠦ᠍ᠷ ᠸᠠᠨ ᠶᠠᠨ ᠺᠤᠸᠠᠩ ᠪᠠᠰᠠ ᠠᠰᠠᠭᠤᠷᠤᠨ:
      《ᠲᠠᠨ ᠤ᠋ ᠡᠨᠡ ᠮᠡᠲᠦ ᠡᠵᠡᠳᠡᠨ ᠲᠦᠢᠪᠡᠭᠡᠭᠰᠡᠨ ᠴᠧᠩᠰᠢᠶᠠᠩ ᠬᠠᠨ ᠲᠦᠸᠧ ᠵᠧᠦ ᠶ᠋ᠢᠨ ᠲᠣᠯᠣᠭᠠᠢ ᠶ᠋ᠢ ᠮᠠᠨ ᠤ᠋ ᠴᠡᠷᠢᠭ ᠦ᠋ᠨ ᠬᠦᠷᠢᠶ᠎ᠡ ᠳ᠋ᠦ᠍ᠷ ᠦᠨᠡᠨ ᠢ᠋ᠶ᠋ᠡᠷ ᠵᠠᠯᠠᠵᠤ ᠢᠷᠡᠭᠦᠯᠦᠨ ᠴᠢᠳᠠᠬᠤ ᠦᠭᠡᠢ ᠬᠡᠮᠡᠮᠦᠢ ᠤᠤ ? 》 ᠬᠡᠮᠡᠭᠰᠡᠨ ᠳ᠋ᠦ᠍ᠷ ᠸᠠᠩ ᠶᠠᠨ ᠬᠠᠷᠠᠬᠠᠨ ᠨᠢᠳᠤᠨᠤᠨ ᠨᠠᠮᠤᠷ ᠥᠪᠡᠷᠦᠨ ᠬᠤᠸᠠᠩᠬᠡᠦ ᠪᠠ ᠲᠠᠢᠽᠢ ᠶ᠋ᠢᠨ ᠵᠠᠷᠯᠢᠭ ᠢ᠋ᠶ᠋ᠠᠷ ᠢᠷᠡᠵᠦ ᠶᠡᠬᠡ ᠱᠤᠸᠠᠢ ᠹᠦ ᠶ᠋ᠢᠨ ᠬᠡᠳᠦᠢᠴᠢᠨᠡᠭᠡᠨ ᠳᠠᠪᠬᠤᠷ ᠳᠠᠪᠬᠤᠷ ᠤ᠋ᠨ ᠳᠣᠲᠣᠭᠠᠳᠤ ᠶᠠᠮᠦᠨ᠎ᠠ ᠬᠣᠷᠢᠭᠳᠠᠨ ᠰᠠᠭᠤᠵᠤ᠂ ᠥᠷᠯᠥᠭᠡ ᠦᠳᠡᠰᠢ ᠶ᠋ᠢ ᠦᠯᠦ ᠢᠯᠠᠭᠠᠨ ᠨᠢᠭᠡᠨ ᠴᠠᠭ ᠲᠤᠷ ᠴᠢᠷᠴᠦ ᠭᠠᠷᠭᠠᠨ ᠲᠣᠯᠣᠭᠠᠢ ᠶ᠋ᠢ ᠲᠠᠰᠤ ᠴᠠᠪᠴᠢᠨ ᠤᠯᠤᠰ ᠲᠤᠷ ᠠᠨᠤ ᠢᠯᠡᠭᠡᠬᠦ ᠮᠠᠭᠠᠳ ᠦᠭᠡᠢ ᠭᠡᠮᠡᠨ ᠦᠬᠦᠨ ᠬᠦᠯᠢᠶᠡᠵᠦ᠂ ᠡᠳᠦᠭᠡ ᠬᠦᠷᠲᠡᠯ᠎ᠡ ᠰᠥᠩ ᠤᠯᠤᠰ ᠬᠣᠢᠨ᠎ᠠ ᠠ᠋ᠴᠠ ᠨᠢᠭᠡᠬᠡᠨ ᠬᠥᠮᠦᠨ ᠦ᠌ ᠮᠡᠳᠡᠭᠡ ᠰᠤᠷᠠᠭ ᠨᠢᠭᠡᠮᠦᠰᠦᠨ ᠲᠠᠰᠤᠷᠠᠭᠠᠳ᠂ ᠡᠳᠦᠷ ᠪᠦᠷᠢ ᠪᠢᠲᠡᠭᠦᠦ ᠬᠦᠷᠢᠶᠡᠨ ᠦ᠌ ᠤᠷᠲᠤ ᠬᠠᠷᠰᠢ ᠳ᠋ᠤᠷ ᠶᠠᠭ ᠲᠠᠭ ᠢᠪ ᠴᠢᠪ ᠬᠣᠷᠢᠭᠳᠠᠨ ᠰᠠᠭᠤᠵᠤ᠂ ᠦᠰᠦ ᠬᠢᠯᠭᠠᠰᠤᠨ ᠤ᠋ ᠲᠡᠳᠦᠢ ᠮᠡᠳᠡᠭᠡ ᠴᠢᠮᠡᠭᠡ ᠴᠦ᠍ ᠨᠡᠪᠲᠡᠷᠡᠬᠦ ᠦᠭᠡᠢ᠃ ᠡᠳᠦᠷ ᠳᠠᠭᠤᠰᠤᠨ ᠲᠣᠷᠭ᠎ᠠ ᠳ᠋ᠤᠷ ᠬᠡᠪᠲᠡᠨ ᠲᠣᠰᠣ ᠥᠭᠡᠬᠦ ᠪᠡᠷ ᠬᠤᠷᠢᠮᠯᠠᠨ ᠰᠠᠭᠤᠪᠠᠴᠤ᠂ ᠲᠣᠯᠣᠭᠠᠢ ᠪᠡᠶ᠎ᠡ ᠠᠯᠢ ᠴᠠᠭ ᠲᠤᠷ ᠲᠠᠰᠤ ᠡᠴᠢᠬᠦ ᠶ᠋ᠢ ᠮᠡᠳᠡᠬᠦ ᠦᠭᠡᠢ᠂ ᠪᠣᠳᠣᠩ ᠳ᠋ᠤᠷ ᠪᠠᠭᠤᠵᠤ ᠬᠤᠳᠳᠤᠭ ᠲᠤᠷ ᠬᠣᠷᠢᠭᠰᠠᠨ ᠮᠡᠲᠦ ᠳ᠋ᠦ᠍ᠷ ᠳᠡᠭᠦᠨᠦ ᠰᠥᠩ ᠤᠯᠤᠰ ᠤ᠋ᠨ ᠬᠠᠨ ᠲᠦᠸᠧ ᠵᠧᠦ᠂ ᠰᠦ᠍ ᠱᠢ ᠳ᠋ᠠᠨ ᠨᠠᠷ ᠢ᠋ ᠠᠯᠠᠵᠤ ᠠᠷᠢᠯᠭᠠᠭᠰᠠᠨ ᠬᠡᠷᠡᠭ ᠢ᠋ ᠦᠨᠡᠩᠬᠦ ᠡᠰᠡ ᠣᠯᠵᠤ ᠰᠣᠨᠣᠰᠤᠭᠰᠠᠨ ᠢ᠋ᠶ᠋ᠠᠷ ᠡᠳᠦᠭᠡ ᠭᠡᠨᠡᠳᠲᠡ ᠦᠬᠦᠰᠢᠷᠡᠨ ᠬᠡᠪᠲᠡᠵᠦ ᠦᠬᠦᠯ ᠢ᠋ᠶ᠋ᠡᠷ ᠰᠠᠨᠠᠵᠤ ᠪᠠᠢᠲᠠᠯ᠎ᠠ᠂ ᠡᠭᠦᠳᠡ ᠬᠠᠭᠠᠯᠭ᠎ᠠ ᠶ᠋ᠢ ᠲᠦᠴᠢᠷ ᠲᠠᠴᠢᠷ ᠲᠦᠯᠬᠢᠯᠴᠡᠨ᠂ ᠬᠡᠳᠦ ᠬᠡᠳᠦᠨ ᠶᠡᠬᠡ ᠪᠡᠶ᠎ᠡ ᠲᠡᠢ ᠴᠡᠷᠢᠭ ᠦ᠋ᠨ ᠠᠷᠠᠳ ᠭᠦᠶᠦᠯᠳᠦᠨ ᠣᠷᠣᠵᠤ ᠢᠷᠡᠭᠡᠳ ᠂ ᠳᠡᠭᠦᠨᠦ ᠬᠥᠯ ᠢ᠋ ᠬᠥᠰᠡᠷ ᠬᠦᠷᠭᠡᠯ ᠥᠭᠡᠶ᠎ᠠ ᠴᠢᠷᠦᠨ ᠠᠪᠠᠴᠢᠵᠤ ᠳᠡᠳ᠋ ᠶᠤᠸᠠᠨᠱᠤᠸᠠᠢ ᠸᠠᠨ ᠶᠠᠨ ᠺᠤᠸᠠᠩ ᠤ᠋ᠨ ᠡᠮᠦᠨ᠎ᠡ ᠰᠥᠭᠥᠳᠬᠡᠵᠦ ᠂ ᠪᠠᠰᠠ ᠬᠦ᠌ ᠴᠧᠩᠰᠢᠶᠠᠩ ᠬᠠᠨ ᠲᠦᠸᠧ ᠵᠧᠦ ᠶ᠋ᠢᠨ ᠲᠣᠯᠣᠭᠠᠢ ᠶ᠋ᠢ ᠦᠨᠡᠬᠡᠷ ᠠᠴᠢᠷᠠᠵᠤ ᠴᠢᠳᠠᠬᠤ ᠦᠭᠡᠢ ᠤᠤ ?ᠭᠡᠮᠡᠨ ᠠᠰᠠᠭᠤᠬᠤᠢ ᠳ᠋ᠤᠷ ᠸᠠᠩ ᠶᠠᠨ ᠂ ᠬᠠᠨ ᠲᠦᠸᠧ ᠵᠧᠦ ᠶ᠋ᠢᠨ ᠲᠣᠯᠣᠭᠠᠢ ᠠᠪᠬᠤᠢ ᠶ᠋ᠢᠨ ᠤᠷᠢᠳᠠ ᠯᠠᠪ ᠮᠢᠨᠦ ᠲᠣᠯᠣᠭᠠᠢ ᠶ᠋ᠢ ᠡᠡᠪᠤᠮᠤᠢ ᠭᠡᠮᠡᠨ ᠠᠰᠠᠭᠤᠬᠤ ᠪᠣᠢ ‍ᠵ᠎ᠠ ᠭᠡᠮᠡᠨ ᠶᠢᠰᠦᠨ ᠰᠦᠨᠡᠰᠦ ᠭᠤᠷᠪᠠᠨ ᠨᠥᠬᠥᠴᠡᠯ ᠨᠢᠭᠡᠨᠲᠡ ᠵᠠᠪᠬᠠᠷᠠᠨ ᠰᠠᠷᠨᠢᠵᠤ᠂ ᠬᠣᠭᠣᠯᠠᠢ ᠴᠡᠴᠡᠷᠡᠨ᠂ ᠠᠮᠢᠰᠬᠤᠯ ᠳᠠᠪᠬᠤᠷᠳᠠᠨ᠂ ᠤᠷᠤᠭᠤᠯ ᠴᠠᠢᠵᠤ᠂ ᠳᠠᠭᠤᠨ ᠲᠠᠰᠤᠯᠤᠭᠳᠠᠨ ᠮᠥᠷᠭᠥᠵᠦ ᠮᠡᠳᠡᠭᠦᠯᠦᠷᠦᠨ᠄ 
      《ᠡᠵᠡᠨ ᠡᠴᠢᠭᠡ ᠶᠡᠬᠡ ᠤᠯᠤᠰ ᠤ᠋ᠨ ᠡᠨᠡ ᠮᠡᠲᠦ ᠡᠷᠡᠯᠬᠡᠭ ᠪᠠᠭᠠᠲᠤᠷ᠂ ᠡᠷᠬᠡ ᠬᠦᠴᠦᠨ ᠳ᠋ᠦ᠍ᠷ ᠡᠳᠦᠷ ᠦ᠋ᠨ ᠤᠳᠠᠭᠠᠨ ᠢ᠋ᠶ᠋ᠠᠷ ᠡᠪᠳᠡᠷᠡᠨ ᠮᠥᠬᠥᠬᠦ ᠰᠢᠬᠠᠭᠰᠠᠨ ᠰᠥᠩ ᠤᠯᠤᠰ ᠤ᠋ᠨ ᠨᠢᠭᠡᠬᠡᠨ ᠬᠠᠨ ᠲᠦᠸᠧ ᠵᠧᠦ ᠶ᠋ᠢᠨ ᠲᠣᠯᠣᠭᠠᠢ ᠶ᠋ᠢ ᠡᠨᠳᠡ ᠢᠷᠡᠭᠦᠯᠬᠦᠢ ᠳ᠋ᠦ᠍ᠷ ᠶᠠᠮᠪᠠᠷ ᠪᠡᠷᠬᠡ ᠭᠠᠵᠠᠷ ᠪᠣᠢ ? ᠭᠠᠭᠴᠠ ᠬᠥᠪᠡᠭᠦᠨ ᠤᠯᠤᠰ ᠤ᠋ᠨ ᠵᠠᠭᠤᠨ ᠣᠪᠣᠭᠲᠠᠨ ᠤ᠋ ᠭᠠᠮᠰᠢᠭ ᠵᠣᠪᠠᠯᠠᠩ ᠲᠠᠰᠤᠷᠠᠰᠢ ᠦᠭᠡᠢ ᠵᠠᠯᠭᠠᠯᠳᠤᠬᠤ ᠪᠣᠯᠠᠢ 》ᠬᠡᠮᠡᠭᠰᠡᠨ ᠳ᠋ᠦ᠍ᠷ ᠸᠠᠨ ᠶᠠᠨ ᠺᠤᠸᠠᠩ᠂ ᠸᠠᠩ ᠶᠠᠨ ᠤ᠋ ᠦᠨᠡᠬᠡᠷ ᠤᠯᠤᠰ ᠤ᠋ᠨ ᠬᠡᠷᠡᠭ ᠢ ᠣᠯᠵᠤ ᠰᠣᠨᠣᠰᠤᠭᠰᠠᠨ ᠦᠭᠡᠢ ᠶ᠋ᠢᠨ ᠦᠨᠡᠨ ᠢ᠋ ᠦᠵᠡᠵᠦ ᠭᠠᠷᠤᠭᠠᠳ᠂ ᠰᠢᠷᠡᠭᠡ ᠶ᠋ᠢ ᠲᠠᠴᠢᠭᠢᠨᠠᠲᠠᠯ᠎ᠠ ᠴᠣᠬᠢᠵᠤ ᠶᠡᠬᠡᠲᠡᠨ ᠬᠠᠰᠬᠢᠷᠤᠨ ᠢᠨᠢᠶᠡᠵᠦ᠄ 
      《ᠬᠠᠮᠤᠭ ᠠᠮᠢᠲᠠᠨ ᠤ᠋ ᠭᠠᠰᠢᠭᠤᠨ ᠤ᠋ ᠲᠤᠯᠠ ᠵᠣᠪᠠᠬᠤ ᠬᠡᠷᠡᠭ ᠦᠭᠡᠢ᠃ ᠬᠠᠨ ᠲᠦᠸᠧ ᠵᠧᠦ ᠴᠧᠩᠰᠢᠶᠠᠩ ᠤ᠋ᠨ ᠴᠢᠨᠦ ᠲᠣᠯᠣᠭᠠᠢ ᠡᠨᠳᠡ ᠪᠣᠢ!  》 ᠭᠡᠮᠡᠨ ᠰᠥᠩ ᠤᠯᠤᠰ ᠠ᠋ᠴᠠ ᠢᠷᠡᠭᠰᠡᠨ ᠪᠢᠴᠢᠭ ᠢ᠋ ᠴᠣᠬᠢᠵᠤ ᠥᠭᠪᠡ᠃ ᠸᠠᠩ ᠶᠠᠨ ᠲᠡᠷᠡ ᠪᠢᠴᠢᠭ ᠢ᠋ ᠦᠵᠡᠭᠡᠳ᠂ ᠰᠠᠶᠢ ᠬᠠᠨ ᠲᠦᠸᠧ ᠵᠧᠦ᠂ ᠰᠦ᠍ ᠱᠢ ᠳ᠋ᠠᠨ ᠲᠠᠨ ᠢ᠋ ᠬᠡᠳᠦᠢᠨᠡᠢ ᠠᠯᠠᠵᠤ ᠪᠠᠷᠠᠭᠰᠠᠨ ᠢ᠋ ᠦᠵᠡᠭᠡᠳ ᠳᠣᠲᠣᠷ᠎ᠠ ᠴᠠᠭ ᠭᠱᠠᠨ ᠳ᠋ᠤᠷ ᠳᠠᠯᠠᠢ ᠮᠡᠲᠦ ᠠᠭᠤᠵᠢᠷᠠᠨ᠂ ᠠᠭᠠᠷ ᠠᠳᠠᠯᠢ ᠬᠠᠩᠬᠠᠢᠵᠤ ᠲᠡᠰᠬᠡᠯ ᠥᠭᠡᠶ᠎ᠡ ᠪᠠᠶᠠᠷᠯᠠᠨ᠂ ᠨᠢᠳᠦᠨ ᠡᠴᠡ ᠨᠢᠯᠪᠤᠰᠤᠨ ᠴᠤᠪᠤᠷᠢᠭᠤᠯᠤᠨ ᠪᠠᠭᠤᠵᠤ ᠢᠷᠡᠭᠡᠳ ᠮᠥᠷᠭᠥᠯᠭᠢᠯᠡᠨ ᠥᠭᠦᠯᠡᠷᠦᠨ: 
      《ᠡᠵᠡᠨ ᠡᠴᠢᠭᠡ ᠤᠯᠤᠰ ᠤ᠋ᠨ ᠬᠡᠰᠢᠭ ᠢ᠋ᠶ᠋ᠡᠷ ᠦᠷ᠎ᠡ ᠬᠥᠪᠡᠭᠦᠨ ᠤᠯᠤᠰ ᠤ᠋ᠨ ᠬᠤᠯᠠᠭᠠᠢ ᠲᠦᠰᠢᠮᠡᠯ ᠠᠷᠢᠯᠵᠤ ᠂ ᠵᠠᠭᠤᠨ ᠣᠪᠣᠭᠲᠠᠨ ᠤ᠋ ᠭᠠᠮᠰᠢᠭ ᠵᠣᠪᠠᠯᠠᠩ ᠳᠡᠭᠳᠡᠨ ᠰᠠᠷᠨᠢᠪᠠ  》ᠬᠡᠮᠡᠭᠰᠡᠨ ᠳ᠋ᠦ᠍ᠷ᠂  ᠸᠠᠨ ᠶᠠᠨ ᠺᠤᠸᠠᠩ ᠪᠠᠰᠠ ᠶᠡᠬᠡᠯ᠎ᠡ ᠢᠨᠢᠶᠡᠨ ᠥᠭᠦᠯᠡᠷᠦᠨ: 
     《ᠴᠢᠨᠦ ᠡᠨᠡ ᠨᠢᠭᠡᠬᠡᠨ ᠦᠭᠡᠰ ᠦ᠋ᠨ ᠶᠣᠰᠣᠭᠠᠷ ᠪᠣᠯᠭᠠᠬᠤᠢ ᠳ᠋ᠤᠷ ᠬᠣᠶᠠᠷ ᠤᠯᠤᠰ ᠤ᠋ᠨ ᠬᠥᠮᠦᠨ ᠠᠮᠢᠲᠠᠨ ᠬᠡᠳᠦᠢᠴᠢᠨᠡᠭᠡᠨ ᠪᠤᠰᠠᠨᠢᠵᠤ ᠡᠳ᠋ ᠬᠡᠷᠡᠭᠯᠡᠯ ᠬᠡᠳᠦᠢᠴᠢᠨᠡᠭᠡᠨ ᠮᠢᠩᠭᠠᠨ ᠲᠦᠮᠡᠨ ᠯᠠᠩ ᠢ᠋ ᠰᠦᠢᠳᠬᠡᠨ ᠪᠦᠷᠢᠯᠭᠡᠪᠡ !》 ᠭᠡᠮᠡᠨ ᠰᠠᠶᠢ ᠵᠠᠬᠢᠶ᠎ᠠ ᠥᠭᠴᠦ᠂ ᠥᠨᠥᠬᠡᠨ ᠦ᠌ ᠢᠷᠡᠭᠰᠡᠨ ᠹᠠᠩ ᠰᠢᠨ ᠿᠦ᠍ ᠶ᠋ᠢ ᠠᠪᠤᠨ ᠢᠷᠡᠭᠦᠯᠵᠦ ᠬᠠᠷᠢᠯᠴᠠᠨ ᠵᠣᠯᠭᠠᠭᠤᠯᠵᠤ ᠢᠨᠢᠶᠡᠨ ᠵᠠᠬᠢᠷᠤᠨ᠄ 
      《ᠣᠳᠣ ᠣᠯᠠᠨ ᠦᠭᠡ ᠬᠡᠷᠡᠭ ᠦᠭᠡᠢ᠂ ᠦᠳᠲᠡᠷ ᠲᠦᠷᠭᠡᠨ᠎ᠡ ᠮᠠᠨ ᠤ᠋ ᠬᠠᠭᠠᠨ ᠤ᠋ ᠵᠠᠷᠯᠢᠭ ᠪᠢᠴᠢᠭ ᠢ᠋ ᠡᠭᠦᠷᠦᠨ ᠠᠪᠠᠴᠢᠵᠤ ᠂ ᠮᠢᠩᠭᠠᠨ ᠲᠦᠮᠡᠨ ᠯᠠᠩ ᠤ᠋ᠨ ᠦᠨ᠎ᠡ ᠬᠦᠷᠦᠭᠰᠡᠨ ᠬᠠᠨ ᠲᠦᠸᠧ ᠵᠧᠦ᠂ ᠰᠦ᠍ ᠱᠢ ᠳ᠋ᠠᠨ ᠬᠣᠶᠠᠭᠤᠯᠠ ᠶ᠋ᠢᠨ ᠲᠣᠯᠣᠭᠠᠢ ᠶ᠋ᠢ ᠵᠠᠯᠠᠨ ᠠᠪᠴᠢᠷᠠᠵᠤ ᠵᠠᠭᠤᠨ ᠲᠦᠮᠡᠨ ᠯᠠᠩ ᠤ᠋ᠨ ᠠᠰᠢᠭ ᠭᠠᠷᠬᠤ ᠮᠥᠷᠡᠨ ᠦ᠌ ᠡᠮᠦᠨᠡᠲᠦ ᠬᠤᠸᠠᠢ ᠨᠠᠨ ᠤ᠋ ᠭᠠᠵᠠᠷ ᠢ᠋ᠶ᠋ᠠᠨ ᠵᠣᠯᠢᠵᠤ ᠭᠠᠷᠭᠠᠨ ᠠᠪᠠᠴᠢᠭᠲᠤᠨ! 》ᠬᠡᠮᠡᠵᠦ ᠪᠢᠴᠢᠭ ᠲᠠᠮᠠᠭ᠎ᠠ ᠶ᠋ᠢᠨ ᠵᠦᠢᠯ ᠢ᠋ ᠲᠤᠰᠢᠶᠠᠨ ᠥᠭᠴᠦ᠂ ᠶᠡᠬᠡ ᠬᠤᠷᠢᠮ ᠬᠤᠷᠢᠮᠯᠠᠨ᠂ ᠬᠣᠶᠠᠭᠤᠯᠠ ᠶ᠋ᠢ ᠬᠠᠮᠲᠤ ᠦᠳᠡᠵᠦ ᠮᠣᠷᠳᠠᠭᠤᠯᠪᠠ᠃ ᠡᠨᠡ ᠦᠨᠡᠬᠡᠷ᠂ ᠨᠢᠭᠡᠬᠡᠨ ᠬᠥᠮᠦᠨ ᠠᠰᠢᠭ ᠲᠤᠷ ᠠᠮᠲᠠᠰᠢᠭᠰᠠᠨ ᠢ᠋ᠶ᠋ᠠᠷ ᠨᠢᠭᠡᠨ ᠤᠯᠤᠰ ᠰᠠᠮᠠᠭᠤᠷᠠᠨ ᠪᠤᠰᠠᠨᠢᠮᠤᠢ᠃ ᠨᠢᠭᠡᠬᠡᠨ ᠦᠭᠡᠰ ᠲᠣᠷ ᠤᠯᠤᠰ ᠮᠠᠨᠳᠤᠭᠠᠳ᠂ ᠨᠢᠭᠡᠬᠡᠨ ᠦᠭᠡ ᠳ᠋ᠦ᠍ᠷ ᠤᠯᠤᠰ ᠮᠥᠬᠥᠮᠦᠢ ᠬᠡᠮᠡᠭᠴᠢ ᠳᠠᠷᠤᠢ ᠡᠭᠦᠨ ᠢ᠋ ᠬᠡᠯᠡᠬᠦ ᠪᠣᠯᠠᠢ᠃ ᠡᠪᠡᠦ! ᠲᠣᠯᠣᠭᠠᠢ ᠪᠠᠨ ᠣᠭᠲᠣᠯᠤᠭᠳᠠᠭᠰᠠᠨ ᠬᠠᠨ ᠲᠦᠸᠧ ᠵᠧᠦ ᠶ᠋ᠢᠨ ᠠᠯᠲᠠᠨ ᠤᠯᠤᠰ ᠯᠤᠭ᠎ᠠ ᠬᠠᠯᠳᠠᠬᠤ ᠰᠡᠳᠬᠢᠯ ᠪᠠ ᠶᠠᠪᠤᠳᠠᠯ ᠢ᠋ ᠡᠳᠦᠭᠰᠡᠭᠡᠷ ᠨᠡᠯᠢᠶᠡᠳ ᠣᠨ ᠤᠳᠠᠯᠤᠭ᠎ᠠ᠃ ᠡᠨᠡ ᠡᠳᠦᠷ ᠬᠠᠨ ᠲᠦᠸᠧ ᠵᠧᠦ ᠶ᠋ᠢᠨ ᠲᠣᠯᠣᠭᠠᠢ ᠪᠡᠶ᠎ᠡ ᠬᠣᠶᠠᠷ ᠥᠪᠡᠷ᠎ᠡ ᠭᠠᠷᠤᠭᠰᠠᠨ ᠢ᠋ᠶ᠋ᠠᠷ ᠣᠳᠣ ᠡᠨᠡ ᠶᠤᠸᠠᠨ ᠤᠯᠤᠰ ᠤ᠋ᠨ ᠰᠤᠳᠤᠷ᠎ᠠ ᠬᠠᠨ ᠲᠦᠸᠧ ᠵᠧᠦ ᠶ᠋ᠢᠨ ᠰᠠᠨᠠᠯ ᠵᠣᠷᠢᠭ ᠣᠳᠣᠬᠠᠨ ᠴᠤ᠌ ᠴᠥᠭᠡᠨ ᠪᠣᠯᠤᠮᠤᠢ ᠊ᠢ᠎ᠠ᠃ 
       ᠲᠡᠭᠦᠨᠴᠡ ᠰᠥᠩ ᠤᠯᠤᠰ ᠤ᠋ᠨ ᠡᠯᠴᠢ ᠸᠠᠩ ᠶᠠᠨ ᠨᠠᠷ ᠪᠠᠶᠠᠷ ᠪᠠᠶᠠᠰᠬᠤᠯᠠᠩ ᠲᠠᠢ ᠤᠯᠤᠰ ᠲᠠᠭᠠᠨ ᠡᠭᠡᠵᠦ᠂ ᠯᠢᠨ ᠠᠨ ᠤ᠋ ᠨᠡᠢᠰᠯᠡᠯ ᠪᠠᠯᠭᠠᠰᠤᠨ ᠳ᠋ᠤᠷ ᠢ᠋ᠶ᠋ᠠᠨ ᠬᠦᠷᠴᠦ᠂ ᠲᠥᠷᠥ ᠳ᠋ᠡᠭᠡᠨ ᠭᠠᠷᠴᠤ ᠤᠯᠠᠮᠵᠢᠯᠠᠨ ᠠᠢᠯᠠᠳᠬᠠᠰᠠᠨ᠎ᠠ᠂ ᠲᠥᠷᠥ ᠶ᠋ᠢᠨ ᠵᠠᠭᠤᠨ ᠲᠦᠰᠢᠮᠡᠳ ᠴᠢᠭᠤᠯᠤᠯᠳᠤᠨ ᠵᠥᠪᠳᠡᠯᠴᠡᠬᠦᠶ᠎ᠡ᠂ ᠰᠥᠩ ᠤᠯᠤᠰ ᠤ᠋ᠨ ᠶᠣᠰᠣᠯᠠᠯ ᠤ᠋ᠨ ᠵᠤᠷᠭᠠᠨ ᠤ᠋ ᠡᠷᠬᠢᠯᠡᠭᠰᠡᠨ ᠰᠠᠢᠳ - ᠯᠢ ᠹᠦ ᠱᠠᠩᠱᠤ ᠲᠦᠰᠢᠮᠡᠯ ᠣᠪᠣᠭ ᠯᠢᠦ᠂ ᠨᠡᠷ᠎ᠡ ᠶᠣᠣ ᠬᠡᠮᠠᠭ᠌ᠴᠢ ᠪᠠᠷ ᠤᠷᠢᠳᠠ ᠳᠠᠭᠤᠨ ᠭᠠᠷᠴᠤ ᠥᠴᠢᠷᠦᠨ᠄ 
      《ᠬᠣᠶᠠᠷ ᠤᠯᠤᠰ ᠤ᠋ᠨ ᠡᠶᠡᠳᠡᠬᠦ ᠡᠪᠰᠡᠬᠦ ᠬᠡᠷᠡᠭ ᠬᠡᠮᠡᠭᠴᠢ ᠮᠠᠰᠢᠳᠠ ᠴᠢᠬᠤᠯᠠ ᠶᠡᠬᠡ ᠦᠢᠯᠡ ᠪᠣᠯᠠᠢ᠃ ᠵᠠᠭᠤᠨ ᠣᠪᠣᠭᠲᠠᠨ ᠤ᠋ ᠬᠦᠨᠳᠦ ᠬᠣᠯᠪᠣᠭᠳᠠᠯᠲᠤ ᠶᠠᠪᠤᠳᠠᠯ ᠪᠤᠶᠤ᠃ ᠳᠠᠷᠤᠢ ᠠᠯᠲᠠᠨ ᠤᠯᠤᠰ ᠤ᠋ᠨ ᠲᠣᠭᠲᠠᠭᠠᠵᠤ ᠢᠯᠡᠭᠡᠭᠰᠡᠨ ᠡᠨᠡ ᠶᠣᠰᠣᠭᠠᠷ ᠲᠣᠭᠲᠠᠭᠠᠰᠤᠭᠠᠢ 》ᠭᠡᠮᠡᠨ ᠪᠠᠰᠠ ᠥᠴᠢᠷᠦᠨ᠄ 
      《ᠣᠯᠠᠨ ᠵᠠᠯᠢᠬᠠᠢ ᠨᠠᠷ ᠤ᠋ᠨ ᠬᠣᠶᠠᠷ ᠲᠡᠷᠢᠭᠦᠯᠡᠭᠴᠢ ᠶ᠋ᠢᠨ ᠲᠣᠯᠣᠭᠠᠢ ᠶ᠋ᠢ ᠴᠥᠮ ᠣᠭᠲᠣᠯᠵᠤ ᠪᠡᠯᠡᠨ ᠪᠣᠢ᠂ ᠲᠡᠷᠡ ᠲᠣᠯᠣᠭᠠᠢ ᠶ᠋ᠢ ᠶᠠᠮᠪᠠᠷ ᠬᠠᠢᠷᠠᠯᠠᠬᠤ ᠭᠠᠵᠠᠷ ᠪᠠᠢᠬᠤ ᠠᠵᠠᠢ ? 》ᠭᠡᠮᠡᠨ ᠪᠦᠭᠦᠳᠡᠭᠡᠷ ᠠᠢᠯᠠᠳᠬᠠᠨ ᠲᠣᠭᠲᠠᠭᠠᠵᠤ᠂ ᠳᠠᠷᠤᠢ ᠵᠠᠬᠢᠶ᠎ᠠ ᠥᠭᠴᠦ ᠬᠠᠨ ᠲᠦᠸᠧ ᠵᠧᠦ ᠨᠠᠷ ᠤ᠋ᠨ ᠠᠪᠰᠠ ᠶ᠋ᠢ ᠡᠪᠳᠡᠭᠦᠯᠦᠨ᠂ ᠲᠣᠰᠣᠨ ᠳ᠋ᠤᠷ ᠪᠤᠴᠠᠯᠭᠠᠭᠰᠠᠨ ᠬᠣᠶᠠᠷ ᠲᠣᠯᠣᠭᠠᠢ ᠶ᠋ᠢ ᠭᠠᠷᠭᠠᠯᠭᠠᠨ᠂ ᠽᠠᠨᠳᠠᠨ ᠮᠣᠳᠣᠨ ᠤ᠋ ᠬᠠᠭᠤᠷᠴᠠᠭ ᠲᠤᠷ ᠠᠬᠤᠭᠤᠯᠤᠨ᠂ ᠭᠠᠳᠠᠭᠤᠷ ᠰᠢᠷ᠎ᠠ ᠯᠤᠤᠲᠤ ᠮᠠᠩᠨᠤᠭ ᠢ᠋ᠶ᠋ᠠᠷ ᠪᠠᠭᠯᠠᠨ ᠤᠶᠠᠭᠤᠯᠵᠤ᠂ ᠳᠣᠣᠷᠠᠲᠤ ᠤᠯᠤᠰ ᠠ᠋ᠴᠠ ᠳᠡᠭᠡᠳᠦ ᠤᠯᠤᠰ ᠢ᠋ ᠬᠦᠨᠳᠦᠯᠡᠵᠦ ᠪᠠᠷᠢᠬᠤᠢ ᠶ᠋ᠢᠨ ᠬᠠᠤᠯᠢ ᠶᠣᠰᠣᠭᠠᠷ ᠶᠠᠯ᠎ᠠ ᠬᠦᠯᠢᠶᠡᠬᠦ ᠰᠥᠩ ᠤᠯᠤᠰ ᠤ᠋ᠨ ᠡᠵᠡᠨ ᠵᠣᠣ ᠺᠦᠸᠧ ᠨᠢᠩᠽᠥ᠋ᠩ ᠦ᠋ᠨ ᠪᠣᠳᠣᠷᠣᠣᠯ ᠪᠢᠴᠢᠭ ᠪᠠ ᠪᠡᠯᠡᠭ ᠢ᠋ ᠮᠥᠨ ᠬᠦ᠌ ᠸᠠᠩ ᠶᠠᠨ ᠳ᠋ᠤᠷ ᠲᠤᠰᠢᠶᠠᠵᠤ ᠢᠯᠡᠭᠡᠬᠦᠶ᠎ᠡ᠂ ᠵᠠᠮ ᠤ᠋ᠨ ᠭᠣᠳᠣᠰ ᠤ᠋ᠨ ᠵᠡᠭᠦᠨ ᠪᠠᠷᠠᠭᠤᠨ ᠬᠣᠶᠠᠷ ᠬᠤᠸᠠᠢ ᠾᠧ ᠭᠣᠣᠯ ᠤ᠋ᠨ ᠬᠥᠪᠡᠭᠡᠨ ᠦ᠌ ᠮᠢᠩᠭᠠᠨ ᠠᠢᠯ ᠲᠦᠮᠡᠨ ᠵᠡᠭᠡᠯᠢ ᠪᠦᠬᠦᠨ᠎ᠡ ᠮᠢᠩᠭᠠᠨ ᠲᠦᠮᠡᠨ ᠲᠤᠩᠬᠠᠭ ᠪᠢᠴᠢᠭ ᠢ᠋ ᠳᠦᠭᠦᠷᠲᠡᠯ᠎ᠡ ᠨᠠᠭᠠᠯᠳᠤᠭᠤᠯᠤᠨ᠂ ᠬᠠᠨ ᠲᠦᠸᠧ ᠵᠧᠦ ᠶ᠋ᠢᠨ ᠡᠳᠦᠭᠦᠯᠦᠭᠰᠡᠨ ᠡᠨᠡ ᠴᠡᠷᠢᠭ ᠲᠡᠢᠨ ᠳ᠋ᠦ᠍ᠷ ᠬᠣᠣᠷ ᠣᠯᠵᠤ᠂ ᠭᠠᠮᠰᠢᠭ ᠪᠣᠯᠤᠭᠰᠠᠨ ᠵᠠᠭᠤᠨ ᠤᠪᠤᠭᠳᠠᠨ᠎ᠠ ᠤᠬᠠᠭᠤᠯᠤᠨ ᠵᠠᠷᠯᠠᠵᠤ᠂ ᠬᠦᠷᠦᠭᠰᠡᠨ ᠡᠯ᠎ᠡ ᠭᠠᠵᠠᠷ᠎ᠠ ᠥᠨᠳᠥᠷ ᠰᠢᠷᠤᠭ ᠲᠤᠷ ᠤᠶᠠᠵᠤ ᠵᠠᠭᠤᠨ ᠤᠪᠤᠭᠳᠠᠨ᠎ᠠ ᠦᠵᠡᠭᠦᠯᠦᠭᠰᠡᠭᠡᠷ ᠨᠡᠯᠢᠶᠡᠳ ᠢᠯᠡᠭᠦᠦ ᠬᠡᠳᠦᠨ ᠡᠳᠦᠷ ᠰᠠᠭᠠᠳᠠᠨ ᠶᠠᠪᠤᠵᠤ ᠰᠠᠶᠢ ᠠᠯᠲᠠᠨ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠂ ᠬᠣᠶᠠᠷ ᠲᠣᠯᠣᠭᠠᠢ ᠨᠢᠭᠡᠨ ᠪᠢᠴᠢᠭ ᠲᠡᠢ ᠡᠷᠭᠦᠨ ᠪᠠᠷᠢᠵᠤ᠂ ᠶᠡᠬᠡ ᠬᠤᠷᠢᠮ ᠬᠤᠷᠢᠮᠯᠠᠨ᠂ ᠶᠡᠬᠡ ᠱᠤᠸᠠᠢ ᠹᠦ ᠳ᠋ᠦ᠍ᠷ ᠣᠷᠣᠵᠤ ᠮᠥᠷᠭᠥᠵᠦ ᠲᠤᠰᠢᠶᠠᠭᠠᠳ᠂ ᠰᠠᠶᠢ ᠰᠥᠩ ᠤᠯᠤᠰ ᠤ᠋ᠨ ᠬᠢᠵᠠᠭᠠᠷ ᠤ᠋ᠨ ᠳᠣᠲᠣᠷᠠᠬᠢ ᠵᠢᠶᠠᠩ ᠬᠤᠸᠠᠢ ᠬᠢᠭᠡᠳ ᠱᠠᠨ ᠰᠢ ᠶ᠋ᠢᠨ ᠭᠠᠵᠠᠷ ᠢ᠋ ᠵᠣᠯᠢᠵᠤ᠂ ᠡᠭᠡᠭᠦᠯᠦᠨ ᠥᠭᠬᠦ ᠲᠠᠮᠠᠭᠠᠲᠤ ᠪᠢᠴᠢᠭ ᠢ ᠣᠯᠵᠤ ᠤᠯᠤᠰ ᠲᠤᠷ ᠡᠭᠡᠲᠡᠯ᠎ᠡ᠂ ᠮᠥᠨ ᠡᠨᠡ ᠭᠤᠷᠪᠠᠨ ᠰᠡᠷᠡᠳᠡ᠂ ᠡᠷᠲᠡᠨ ᠦ᠌ ᠬᠠᠷᠭᠢᠰ ᠴᠧᠩᠰᠢᠶᠠᠩ ᠶᠠᠪᠤᠭᠰᠠᠨ ᠴᠢᠨ ᠾᠦᠢ ᠶ᠋ᠢᠨ ᠶᠠᠰᠤ ᠳ᠋ᠤᠷ ᠶᠠᠯ᠎ᠠ ᠬᠡᠯᠡᠯᠴᠡᠭᠦᠯᠵᠦ ᠡᠪᠳᠡᠭᠰᠡᠨ ᠬᠡᠭᠦᠷ ᠲᠣᠷ ᠠᠯᠲᠠᠨ ᠤᠯᠤᠰ ᠤ᠋ᠨ ᠰᠣᠨᠵᠢᠨ ᠰᠡᠪᠯᠡᠬᠦ ᠡᠴᠡ ᠠᠶᠤᠵᠤ᠂ ᠣᠷᠣᠢ ᠶ᠋ᠢᠨ ᠲᠡᠳᠦᠢ ᠡᠪᠳᠡᠭᠰᠡᠨ ᠵᠡᠷᠭᠡ ᠶ᠋ᠢᠨ ᠬᠤᠪᠢ ᠶ᠋ᠢᠨ ᠬᠥᠰᠢᠶ᠎ᠡ ᠴᠢᠯᠠᠭᠤ ᠶ᠋ᠢ ᠳᠠᠬᠢᠨ ᠪᠤᠰᠬᠠᠵᠤᠬᠤᠢ᠃ ᠡᠨᠡ ᠬᠠᠷᠭᠢᠰ ᠴᠢᠨ ᠾᠦᠢ ᠶ᠋ᠢᠨ ᠵᠡᠷᠭᠡ ᠬᠤᠪᠢ ᠶ᠋ᠢᠨ ᠬᠥᠰᠢᠶ᠎ᠡ ᠴᠢᠯᠠᠭᠤ ᠶ᠋ᠢ ᠠᠯᠲᠠᠨ ᠤᠯᠤᠰ ᠤ᠋ᠨ ᠰᠢᠯᠲᠠᠭ ᠢ᠋ ᠵᠢᠭᠠᠵᠤ ᠪᠤᠰᠬᠠᠭᠰᠠᠨ ᠡᠳᠦᠷ ᠡᠴᠡ ᠡᠬᠢᠯᠡᠨ ᠪᠠᠢᠨ ᠪᠠᠢᠨ ᠭᠠᠯ ᠤ᠋ᠨ ᠠᠶᠤᠯ ᠳᠡᠭᠳᠡᠨ ᠰᠢᠲᠠᠭᠰᠠᠭᠠᠷ ᠭᠡᠨᠡᠳᠲᠡ ᠨᠡᠢᠰᠯᠡᠯ ᠯᠢᠨ ᠠᠨ ᠪᠠᠯᠭᠠᠰᠤᠨ ᠤ᠋ ᠳᠣᠲᠣᠷ᠎ᠠ ᠶᠡᠬᠡ ᠲᠦᠢᠮᠡᠷ ᠬᠥᠭᠵᠢᠨ ᠰᠢᠲᠠᠵᠤ᠂ ᠨᠡᠩ ᠪᠠᠰᠠ ᠬᠠᠪᠤᠷᠤᠨ ᠶᠡᠬᠡ ᠰᠠᠯᠬᠢᠨ ᠳᠡᠭᠳᠡᠵᠦ ᠦᠯᠢᠶᠡᠨ ᠤᠯᠠᠷᠢᠭᠰᠠᠭᠠᠷ ᠬᠠᠭᠠᠨ ᠤ᠋ ᠠᠯᠪᠠᠨ ᠤ᠋ ᠵᠤᠷᠭᠠᠨ ᠶᠠᠮᠤᠨ ᠳ᠋ᠤᠷ ᠴᠤ᠌ ᠴᠥᠮ ᠵᠠᠯᠭᠠᠯᠳᠤᠨ ᠨᠣᠴᠣᠨ ᠡᠭᠦᠰᠬᠡᠵᠦ᠂ ᠬᠠᠭᠤᠷᠠᠢ ᠬᠠᠪᠤᠷᠤᠨ ᠬᠠᠷ᠎ᠠ ᠰᠠᠯᠬᠢᠨ ᠲᠤᠰᠠᠯᠠᠭᠰᠠᠨ ᠢ᠋ᠶ᠋ᠠᠷ ᠭᠠᠯ ᠤ᠋ᠨ ᠨᠥᠯᠡ ᠲᠡᠭᠷᠢ ᠳ᠋ᠦ᠍ᠷ ᠲᠤᠯᠵᠤ᠂ ᠡᠨᠡ ᠭᠠᠯ ᠲᠦᠢᠮᠡᠷ ᠴᠢᠪ ᠴᠢᠬᠡ ᠳᠥᠷᠪᠡᠨ ᠡᠳᠦᠷ ᠳᠥᠷᠪᠡᠨ ᠰᠥᠨᠢ ᠲᠦᠷᠴᠢᠭᠢᠨᠡᠨ ᠬᠥᠭᠵᠢᠵᠦ᠂ ᠬᠤᠢᠬᠠᠯᠠᠨ ᠲᠦᠢᠮᠡᠷᠳᠡᠵᠦ ᠰᠠᠶᠢ ᠨᠠᠮᠬᠠᠷᠠᠪᠠᠢ᠃ ᠡᠨᠡ ᠤᠳᠠᠭ᠎ᠠ ᠶ᠋ᠢᠨ ᠡᠨᠡ ᠭᠠᠯ ᠢ᠋ ᠯᠢᠨ ᠠᠨ ᠪᠠᠯᠭᠠᠰᠤᠨ ᠤ᠋ ᠳᠣᠯᠣᠳᠤᠭᠠᠷ ᠤᠳᠠᠭ᠎ᠠ ᠶ᠋ᠢᠨ ᠭᠠᠯ ᠬᠡᠮᠡᠮᠦᠢ᠃ ᠡᠨᠡ ᠳᠣᠯᠣᠳᠤᠭᠠᠷ ᠤᠳᠠᠭ᠎ᠠ ᠶ᠋ᠢᠨ ᠭᠠᠯ ᠲᠦᠢᠮᠡᠷ ᠲᠣᠷ ᠬᠠᠭᠠᠨ ᠡᠵᠡᠨ ᠦ᠌ ᠶᠡᠬᠡ ᠢᠦᠢ ᠱᠢ ᠲᠡᠢ ᠶᠠᠮᠤᠨ ᠠ᠋ᠴᠠ ᠳᠠᠷᠠᠭᠠᠯᠠᠨ ᠂ ᠶᠡᠬᠡ ᠪᠠᠭ᠎ᠠ ᠠᠯᠪᠠᠨ ᠬᠣᠭᠣᠷᠣᠨᠳᠣ ᠶ᠋ᠢᠨ ᠶᠠᠮᠤᠨ ᠬᠠᠭᠠᠯᠭ᠎ᠠ ᠤᠷᠲᠤ ᠬᠠᠷᠰᠢ ᠠᠷᠪᠠᠨ ᠢᠯᠡᠭᠦᠦ ᠰᠠᠭᠤᠷᠢ ᠪᠠᠰᠠ ᠢᠷᠭᠡᠨ ᠪᠠ ᠬᠤᠳᠠᠯᠳᠤᠭᠠᠴᠢᠨ ᠤ᠋ ᠬᠡᠷᠦᠳ ᠦ᠋ᠨ ᠬᠤᠢᠬᠠᠯᠠᠭᠳᠠᠨ ᠲᠦᠢᠮᠡᠷᠳᠡᠭᠳᠡᠭᠰᠡᠨ ᠢᠨᠤ ᠨᠡᠩᠳᠡ ᠲᠠᠪᠤᠨ ᠲᠦᠮᠡᠨ ᠨᠠᠢ᠍ᠮᠠᠨ ᠮᠢᠩᠭᠠᠨ ᠪᠥᠭᠡᠳ ᠶᠡᠷᠡᠨ ᠳᠣᠯᠣᠭᠠᠨ ᠡᠷᠦᠬᠡ᠃ ᠬᠣᠲᠠ ᠶ᠋ᠢᠨ ᠳᠣᠲᠣᠷ᠎ᠠ ᠪᠠ ᠭᠠᠳᠠᠨ᠎ᠠ ᠶ᠋ᠢᠨ ᠨᠡᠢᠳᠡᠮ ᠰᠢᠲᠠᠭᠰᠠᠨ ᠭᠠᠵᠠᠷ ᠂ ᠬᠥᠨᠳᠡᠯᠡᠨ ᠪᠠ ᠭᠤᠯᠳᠤ ᠣᠷᠴᠢᠨ ᠲᠣᠭᠣᠷᠢᠨ ᠠᠷᠪᠠᠨ ᠢᠯᠡᠭᠦᠦ ᠭᠠᠵᠠᠷ ᠲᠤᠷ ᠬᠥᠮᠦᠨ ᠰᠢᠷᠭᠤᠬᠤ ᠭᠡᠷ ᠪᠠᠢᠰᠢᠩ ᠦᠭᠡᠢ ᠪᠣᠯᠲᠠᠯ᠎ᠠ ᠬᠤᠢᠬᠠᠯᠠᠨ ᠰᠢᠲᠠᠭᠳᠠᠵᠤᠬᠤᠢ᠃ ᠡᠨᠡ ᠭᠠᠯ ᠳ᠋ᠤᠷ ᠠᠪᠡᠯᠴᠠᠨ ᠡᠳ᠋ ᠠᠭᠤᠷᠠᠰᠤᠨ ᠪᠤᠯᠢᠶᠠᠯᠳᠤᠵᠤ ᠦᠬᠦᠭᠰᠡᠨ ᠬᠥᠮᠦᠨ ᠮᠠᠰᠢ ᠣᠯᠠᠨ᠂ ᠬᠣᠲᠠ ᠶ᠋ᠢᠨ ᠳᠣᠲᠣᠷᠠᠬᠢ ᠥᠪᠡᠷᠦᠨ ᠠᠮᠢᠳᠤᠷᠠᠯ ᠤ᠋ᠨ ᠮᠠᠭᠤᠬᠠᠨ ᠭᠡᠷᠤᠳ ᠤ᠋ᠨ ᠢᠷᠭᠡᠨ ᠦ᠌ ᠪᠠᠭᠤᠷᠢ ᠪᠠᠢᠰᠢᠩ ᠠᠷᠪᠠᠨ ᠬᠤᠪᠢ ᠠ᠋ᠴᠠ ᠳᠣᠯᠣᠭᠠᠨ ᠬᠤᠪᠢ ᠠᠨᠤ ᠬᠤᠢᠬᠠᠯᠠᠭᠳᠠᠵᠤᠬᠤᠢ᠃ ᠬᠡᠳᠦᠢᠪᠡᠷ ᠨᠣᠶᠠᠳ ᠲᠦᠰᠢᠮᠡᠳ ᠪᠣᠯᠪᠠᠴᠤ ᠭᠠᠯ ᠤ᠋ᠨ ᠭᠠᠮᠰᠢᠭ ᠲᠤᠷ ᠳᠠᠭᠠᠷᠢᠭᠳᠠᠭᠠᠳ ᠭᠡᠷ ᠦᠭᠡᠢ ᠵᠡᠭᠡᠯᠢ ᠳ᠋ᠦ᠍ᠷ ᠤᠬᠢᠯᠠᠯᠳᠤᠨ ᠂ ᠪᠠᠭ᠎ᠠ ᠣᠩᠭᠣᠴᠠᠨ᠎ᠡ ᠭᠠᠷᠴᠤ᠂ ᠲᠠᠷᠬᠠᠭᠰᠠᠨ ᠪᠠ ᠣᠳᠤᠭᠰᠠᠨ ᠠᠨᠤ ᠮᠠᠰᠢ ᠣᠯᠠᠨ᠃ ᠰᠤᠯᠠ ᠢᠷᠭᠡᠳ ᠰᠠᠮᠠᠭᠤᠷᠠᠨ ᠬᠠᠷᠢᠯᠴᠠᠨ ᠭᠢᠰᠬᠢᠯᠳᠦᠭᠰᠡᠨ ᠪᠠ ᠠᠶᠤᠯᠳᠤᠨ ᠳᠤᠲᠠᠭᠠᠵᠤ ᠤᠨᠠᠵᠤ ᠲᠣᠰᠣᠨ ᠠᠶᠤᠵᠤ ᠦᠬᠦᠭᠰᠡᠨ ᠪᠠ ᠥᠯᠪᠡᠷᠴᠦ ᠦᠬᠦᠭᠰᠡᠨ ᠢ᠋ ᠲᠣᠭᠠᠯᠠᠵᠤ ᠣᠯᠣᠰᠢ ᠦᠭᠡᠢ᠃ ᠡᠨᠡ ᠭᠠᠯ ᠢ᠋ ᠨᠡᠢᠲᠡ ᠪᠡᠷ ᠴᠥᠮ ᠬᠠᠷᠭᠢᠰ ᠬᠠᠷᠠᠩᠭᠤᠢ ᠬᠠᠨ ᠲᠦᠸᠧ ᠵᠧᠦ᠂ ᠰᠦ᠍ ᠱᠢ ᠳ᠋ᠠᠨ ᠨᠠᠷ ᠤ᠋ᠨ ᠲᠡᠷᠰᠯᠡᠭᠦᠦ ᠰᠥᠷᠭᠡᠦ ᠬᠠᠨᠢ ᠬᠤᠷᠰᠢᠶ᠎ᠠ ᠨᠠᠮ ᠰᠦᠷᠦᠭ ᠦ᠋ᠨ ᠠᠷᠠᠳ  ᠤ᠋ᠳ ᠤ᠋ᠨ ᠲᠠᠯᠪᠢᠭᠰᠠᠨ ᠠᠨᠤ ᠪᠣᠯᠠᠢ ᠬᠡᠮᠡᠮᠦᠢ᠃ ᠠᠶ᠎ᠠ ᠂ 《ᠳᠠᠪᠬᠤᠷ ᠢᠷᠡᠬᠦ ᠪᠠᠶᠠᠷ ᠴᠥᠭᠡᠨ ᠂ ᠳᠠᠩ ᠲᠤᠰᠬᠤ ᠵᠣᠪᠠᠯᠠᠩ ᠦᠭᠡᠢ  》ᠬᠡᠮᠡᠭᠰᠡᠨᠴᠢᠯᠡᠨ ᠬᠦ᠌ ᠪᠡᠷ ᠰᠥᠩ ᠤᠯᠤᠰ ᠤ᠋ᠨ ᠡᠨᠡ ᠨᠢᠭᠡᠨ ᠭᠠᠯ ᠤ᠋ᠨ ᠭᠠᠮᠰᠢᠭ ᠴᠡᠷᠢᠭ ᠦ᠋ᠨ ᠠᠶᠤᠯ ᠠ᠋ᠴᠠ ᠳᠣᠣᠷ᠎ᠠ ᠦᠭᠡᠢ ᠪᠣᠯᠵᠤᠬᠤᠢ᠃
       ᠲᠡᠳᠦᠢ ᠰᠥᠩ ᠤᠯᠤᠰ ᠠ᠋ᠴᠠ ᠠᠯᠲᠠᠨ ᠤᠯᠤᠰ ᠤ᠋ᠨ ᠭᠠᠵᠠᠷ ᠢ᠋ ᠡᠭᠡᠭᠦᠯᠦᠨ ᠬᠢᠵᠠᠭᠠᠷ ᠢ᠋ ᠲᠣᠳᠣᠷᠬᠠᠢᠯᠠᠨ ᠥᠭᠭᠦᠭᠰᠡᠨ ᠬᠡᠰᠢᠭ ᠲᠣᠷ ᠮᠥᠷᠭᠥᠵᠦ᠂ ᠬᠣᠶᠠᠷ ᠵᠠᠯᠢᠬᠠᠢ ᠴᠧᠩᠰᠢᠶᠠᠩ ᠤ᠋ᠨ ᠲᠣᠯᠣᠭᠠᠢ ᠶ᠋ᠢ ᠠᠯᠲᠠᠨ ᠤᠯᠤᠰ ᠤ᠋ᠨ ᠬᠠᠭᠠᠨ ᠤ᠋ ᠰᠠᠭᠤᠬᠤ ᠬᠣᠢᠲᠤ ᠨᠡᠢᠰᠯᠡᠯ ᠦ᠋ᠨ ᠶᠠᠨ ᠵᠢᠩ ᠪᠠᠯᠭᠠᠰᠤᠨ - ᠡᠳᠦᠭᠡᠬᠢ ᠶ᠋ᠢᠨ ᠪᠡᠭᠡᠵᠢᠩ ᠬᠣᠲᠠ ᠳ᠋ᠤᠷ ᠬᠦᠷᠭᠡᠵᠦ ᠢᠯᠡᠭᠡᠬᠦᠶ᠎ᠡ ᠮᠥᠨ ᠬᠦ᠌ ᠸᠠᠩ ᠶᠠᠨ ᠨᠠᠷ ᠢ᠋ ᠲᠡᠷᠢᠭᠦᠯᠡᠨ ᠠᠮᠠᠯᠠᠭᠰᠠᠨ ᠳ᠋ᠤᠷ ᠸᠠᠩ ᠶᠠᠨ ᠨᠠᠷ ᠠᠷᠭ᠎ᠠ ᠦᠭᠡᠢ ᠨᠢᠭᠡᠨ ᠦᠵᠦᠭᠦᠷ ᠭᠠᠷᠲᠠᠯ᠎ᠠ ᠵᠢᠳᠬᠦᠰᠦᠭᠡᠢ ᠭᠡᠮᠡᠨ ᠪᠠᠰᠠ ᠡᠭᠡᠵᠦ ᠮᠣᠷᠳᠠᠨ᠂ ᠨᠢᠭᠡᠨ ᠳ᠋ᠦ᠍ᠷ ᠶᠠᠯ᠎ᠠ ᠬᠦᠯᠢᠶᠡᠨ᠂ ᠬᠣᠶᠠᠷ ᠲᠤᠷ ᠬᠡᠰᠢᠭ ᠲᠣᠷ ᠮᠥᠷᠭᠥᠨ᠂ ᠭᠤᠷᠪᠠᠨ ᠳ᠋ᠤᠷ ᠴᠡᠷᠢᠭ ᠢ᠋ ᠲᠠᠲᠠᠬᠤ ᠲᠣᠳᠣᠷᠬᠠᠢ ᠵᠠᠷᠯᠢᠭ ᠢ᠋ ᠤᠯᠬᠤᠢ ᠶ᠋ᠢᠨ ᠲᠤᠯᠠ ᠬᠠᠨ ᠲᠦᠸᠧ ᠵᠧᠦ ᠂ ᠰᠦ᠍ ᠱᠢ ᠳ᠋ᠠᠨ ᠤ᠋ ᠲᠣᠯᠣᠭᠠᠢ ᠶ᠋ᠢ ᠭᠠᠪᠢᠶᠠᠨ ᠤ᠋ ᠲᠡᠷᠢᠭᠦᠨ ᠪᠣᠯᠭᠠᠨ ᠬᠦᠷᠭᠡᠵᠦ ᠢᠷᠡᠬᠦᠶ᠎ᠡ᠂ ᠵᠠᠮ ᠳ᠋ᠤᠷ ᠬᠠᠭᠠᠰ ᠰᠠᠷ᠎ᠠ ᠶᠠᠪᠤᠨ᠂ ᠰᠠᠶᠢ ᠬᠣᠢᠲᠤ ᠶᠠᠨ ᠵᠢᠩ ᠪᠠᠯᠭᠠᠰᠤᠨ᠎ᠠ ᠬᠦᠷᠴᠦ ᠢᠷᠡᠬᠦᠶ᠎ᠡ᠂ ᠠᠯᠲᠠᠨ ᠤᠯᠤᠰ ᠤ᠋ᠨ ᠡᠵᠡᠨ ᠸᠠᠨ ᠶᠠᠨ ᠵᠢᠩ ᠵᠠᠩᠽᠥ᠋ᠩ ᠬᠠᠭᠠᠨ ᠠᠨᠤ ᠥᠪᠡᠷᠦᠨ ᠪᠡᠶ᠎ᠡ ᠪᠡᠷ ᠵᠠᠭᠤᠨ ᠲᠦᠰᠢᠮᠡᠳ ᠮᠢᠩᠭᠠᠨ ᠨᠣᠶᠠᠳ ᠲᠦᠭ ᠲᠦᠮᠡᠨ ᠴᠡᠷᠢᠭ ᠢᠷᠭᠡᠨ  ᠢ᠋ᠶ᠋ᠡᠨ ᠠᠪᠴᠤ᠂ ᠶᠠᠨ ᠵᠢᠩ ᠪᠠᠯᠭᠠᠰᠤᠨ ᠤ᠋ ᠡᠮᠦᠨᠡᠲᠦ ᠶᠡᠬᠡ ᠢᠩ ᠲᠢᠶᠠᠨ ᠮᠧᠨ ᠬᠡᠮᠡᠬᠦ ᠬᠠᠭᠠᠯᠭᠠᠨ ᠤ᠋ ᠥᠨᠳᠥᠷ ᠠᠰᠠᠷ ᠲᠤᠷ ᠡᠡᠪᠡᠷᠢᠵᠦ᠂ ᠥᠪᠡᠷᠦᠨ ᠴᠡᠷᠢᠭ ᠪᠠ ᠳᠠᠢᠰᠤᠨ ᠤ᠋ ᠡᠲᠡᠭᠡᠳ ᠦ᠋ᠨ ᠲᠣᠯᠣᠭᠠᠢ ᠶ᠋ᠢ ᠤᠭᠲᠤᠨ ᠠᠪᠤᠬᠣ᠊ᠢ ᠳ᠋ᠤᠷ ᠲᠡᠭᠷᠢ ᠶ᠋ᠢᠨ ᠬᠥᠪᠡᠭᠦᠨ ᠬᠥᠮᠦᠨ ᠦ᠌ ᠬᠠᠭᠠᠨ ᠤ᠋ ᠲᠦᠭ ᠲᠦᠮᠡᠨ ᠵᠦᠢᠯ ᠦ᠋ᠨ ᠵᠡᠷᠭᠡ ᠵᠢᠭᠰᠠᠭᠠᠯ ᠤ᠋ᠨ ᠰᠢᠷ᠎ᠠ ᠯᠤᠤ ᠶ᠋ᠢᠨ ᠰᠢᠬᠦᠷ ᠠᠯᠲᠠᠨ ᠮᠠᠩᠨᠤᠭ ᠤ᠋ᠨ ᠳᠠᠯᠪᠠᠭ᠎ᠠ᠂ ᠪᠡᠯᠡᠭᠲᠦ ᠭᠥᠷᠥᠭᠡᠰᠦ ᠵᠢᠷᠤᠭᠰᠠᠨ ᠲᠤᠭ᠂ ᠠᠷᠰᠯᠠᠨ ᠣᠶᠣᠭᠰᠠᠨ ᠬᠢᠭᠢᠷᠢ᠂ ᠤᠯᠠᠭᠠᠨ ᠺᠠᠷᠣᠳᠢ ᠶ᠋ᠢᠨ ᠬᠠᠯᠬᠠᠪᠴᠢ᠂ ᠲᠣᠭᠣᠰ ᠤ᠋ᠨ ᠥᠳᠥ ᠶ᠋ᠢᠨ ᠴᠢᠮᠡᠭ ᠂ ᠪᠠᠷᠰ ᠤ᠋ᠨ ᠠᠷᠠᠰᠤᠨ ᠤ᠋ ᠴᠠᠴᠠᠷ᠂ ᠢᠷᠪᠢᠰ ᠦ᠋ᠨ ᠰᠡᠭᠦᠯ ᠦ᠋ᠨ ᠵᠢᠳᠠ ᠶ᠋ᠢᠨ ᠵᠦᠢᠯ ᠢ᠋ ᠬᠣᠲᠠ ᠶ᠋ᠢᠨ ᠡᠮᠦᠨᠡᠲᠦ ᠠᠰᠠᠷ᠎ᠠ ᠨᠠᠢ᠍ᠮᠠᠨ ᠮᠢᠩᠭᠠᠨ ᠬᠣᠣᠰ ᠢ᠋ᠶ᠋ᠠᠷ ᠵᠢᠭᠰᠠᠭᠠᠵᠤ᠂ ᠬᠣᠲᠠ ᠶ᠋ᠢᠨ ᠬᠡᠷᠡᠮ ᠦ᠋ᠨ ᠡᠮᠦᠨ᠎ᠡ ᠲᠠᠯ᠎ᠠ ᠳ᠋ᠤᠷ ᠡᠭᠦᠯᠡ ᠦᠷᠭᠦᠯᠵᠢᠯᠡᠨ ᠰᠣᠯᠣᠩᠭ᠎ᠠ ᠲᠠᠲᠠᠭᠰᠠᠨ ᠮᠡᠲᠦ ᠠᠷᠪᠠᠨ ᠭᠠᠵᠠᠷ ᠵᠠᠯᠭᠠᠯᠳᠤᠲᠠᠯ᠎ᠠ ᠪᠠᠢᠷᠢᠯᠠᠨ ᠵᠢᠭᠰᠠᠭᠠᠵᠤ ᠂ ᠲᠩᠷᠢ ᠭᠠᠵᠠᠷ ᠳᠡᠯᠪᠡᠷᠡᠲᠡᠯ᠎ᠡ ᠭᠤᠷᠪᠠᠨ ᠶᠡᠬᠡ ᠦᠬᠡᠷᠯᠢᠭ ᠬᠠᠨ ᠫᠤᠤ ᠳᠠᠭᠤᠷᠢᠰᠬᠠᠨ ᠶᠢᠰᠦᠨ ᠠᠩᠭᠢ ᠶ᠋ᠢᠨ ᠲᠡᠭᠷᠢ ᠶ᠋ᠢᠨ ᠶᠡᠬᠡ ᠬᠥᠭᠵᠢᠮ ᠡᠭᠦᠰᠬᠡᠨ ᠤᠭᠲᠤᠨ ᠠᠪᠴᠤ᠂ ᠠᠯᠲᠠᠨ ᠤᠯᠤᠰ ᠤ᠋ᠨ ᠲᠥᠷᠥ ᠶ᠋ᠢᠨ ᠬᠣᠲᠠᠯᠠᠭᠠᠷ ᠤ᠋ᠨ ᠵᠠᠭᠤᠨ ᠨᠣᠶᠠᠳ ᠮᠢᠩᠭᠠᠨ ᠲᠦᠰᠢᠮᠡᠳ ᠲᠦᠭ ᠲᠦᠮᠡᠨ ᠵᠠᠩᠵᠤᠨ ᠪᠠᠭᠠᠲᠤᠳ᠂ ᠴᠡᠷᠢᠭ ᠢᠷᠭᠡᠨ ᠳ᠋ᠦ᠍ᠷ ᠬᠦᠷᠲᠡᠯ᠎ᠡ ᠳᠠᠢᠰᠤᠨ ᠢ᠋ ᠳᠠᠷᠤᠵᠤ ᠤᠯᠤᠰ ᠡᠩᠬᠡᠵᠢᠭᠰᠡᠨ ᠶᠣᠰᠣᠭᠠᠷ ᠶᠡᠬᠡ ᠪᠠᠶᠠᠰᠬᠤᠯᠠᠩ ᠤ᠋ᠨ ᠶᠣᠰᠣᠨ ᠢ᠋ᠶ᠋ᠠᠷ ᠪᠣᠳᠣᠷᠣᠣᠯ ᠪᠢᠴᠢᠭ ᠠᠢᠯᠠᠳᠬᠠᠨ ᠥᠷᠯᠥᠭ ᠠᠭᠤᠴᠢᠯᠠᠯ ᠪᠠᠭᠤᠯᠭᠠᠨ᠂ ᠱᠠᠩ ᠬᠤᠷᠢᠮ ᠬᠤᠷᠢᠮᠯᠠᠨ ᠶᠡᠬᠡ ᠪᠠᠶᠠᠷ ᠲᠤᠷ ᠮᠥᠷᠭᠥᠵᠦ᠂ ᠬᠦᠷᠭᠡᠵᠦ ᠢᠷᠡᠭᠰᠡᠨ ᠬᠠᠨ ᠲᠦᠸᠧ ᠵᠧᠦ᠂ ᠰᠦ᠍ ᠱᠢ ᠳ᠋ᠠᠨ ᠬᠣᠶᠠᠭᠤᠯᠠ ᠶ᠋ᠢᠨ ᠲᠣᠯᠣᠭᠠᠢ ᠶ᠋ᠢ ᠠᠯᠲᠠᠨ ᠯᠤᠤ ᠣᠷᠢᠶᠠᠭᠰᠠᠨ ᠥᠨᠳᠥᠷ ᠰᠢᠷᠤᠭ ᠲᠤᠷ ᠡᠯᠭᠦᠵᠦ᠂ ᠤᠷᠢᠳᠠ ᠱᠧ ᠵᠢᠢ ᠂ ᠲᠡᠢ ᠮᠢᠶᠣᠤ ᠳ᠋ᠤᠷ ᠳᠠᠬᠢᠵᠤ᠂ ᠳᠠᠷᠠᠭ᠎ᠠ ᠪᠠᠷ ᠰᠠᠶᠢ ᠶᠢᠰᠦᠨ ᠬᠣᠲᠠ ᠳ᠋ᠤᠷ ᠲᠣᠭᠣᠷᠢᠭᠤᠯᠤᠨ ᠣᠯᠠᠨ ᠵᠠᠭᠤᠨ ᠤᠪᠤᠭᠳᠠᠨ᠎ᠠ ᠦᠵᠡᠭᠦᠯᠵᠦ᠂ ᠬᠣᠯᠠ ᠠᠭᠯᠠᠭ ᠠᠯᠲᠠᠨ ᠤᠯᠤᠰ ᠤ᠋ᠨ ᠬᠠᠷᠢᠶᠠᠲᠤ ᠶᠢᠰᠦᠨ ᠮᠣᠵᠢ ᠶ᠋ᠢᠨ ᠭᠠᠵᠠᠷ᠎ᠠ ᠬᠣᠶᠠᠷ ᠲᠣᠯᠣᠭᠠᠢ ᠶ᠋ᠢᠨ ᠵᠢᠷᠤᠭ ᠢ᠋ ᠵᠢᠷᠤᠭᠤᠯᠤᠨ ᠲᠦᠮᠡᠨ ᠬᠠᠭᠤᠳᠠᠰᠤ ᠲᠦᠭᠡᠭᠡᠯᠭᠡᠨ ᠹᠦ ᠂ ᠵᠧᠦ ᠂ ᠰᠢᠶᠠᠨ ᠂ ᠭᠠᠢ ᠵᠡᠭᠡᠯᠢ ᠂ ᠠᠢᠯ ᠪᠦᠯᠦᠭ ᠲᠣᠷ ᠬᠦᠷᠲᠡᠯ᠎ᠡ ᠲᠠᠷᠬᠠᠭᠠᠨ ᠨᠠᠭᠠᠯᠭᠠᠵᠤ᠂ ᠦᠨᠡᠨ ᠲᠣᠯᠣᠭᠠᠢ ᠶ᠋ᠢ ᠨᠡᠢᠰᠯᠡᠯ ᠦ᠋ᠨ ᠭᠠᠳᠠᠭᠠᠳᠤ ᠵᠠᠭᠤᠨ ᠭᠠᠵᠠᠷ ᠤ᠋ᠨ ᠳᠣᠲᠣᠷ᠎ᠠ ᠭᠤᠷᠪᠠᠨ ᠡᠳᠦᠷ ᠰᠥᠨᠢ ᠲᠣᠭᠣᠷᠢᠭᠤᠯᠤᠨ ᠣᠯᠠᠨ᠎ᠠ ᠴᠡᠭᠡᠷ ᠦᠵᠡᠭᠦᠯᠵᠦ ᠭᠦᠴᠡᠭᠡᠭᠰᠡᠨ ᠬᠣᠢᠨ᠎ᠠ ᠰᠠᠶᠢ ᠡᠭᠡᠭᠦᠯᠦᠨ ᠢᠷᠡᠭᠦᠯᠵᠦ ᠡᠭᠦᠷᠢᠳᠡ ᠡᠪᠳᠡᠷᠡᠰᠢ ᠦᠭᠡᠢ ᠬᠣᠣᠷᠠᠲᠤ ᠡᠮ ᠳ᠋ᠦ᠍ᠷ ᠪᠤᠴᠠᠯᠭᠠᠨ ᠠᠯᠲᠠᠨ ᠤᠯᠤᠰ ᠤ᠋ᠨ ᠡᠮᠦᠨ᠎ᠡ ᠵᠦᠭ ᠢ᠋ ᠳᠠᠢᠯᠠᠭᠰᠠᠨ ᠨᠡᠢᠭᠡᠮ ᠴᠡᠷᠢᠭ ᠦ᠋ᠨ ᠪᠦᠬᠦ ᠴᠡᠷᠢᠭ ᠦ᠋ᠨ ᠵᠡᠪᠰᠡᠭ ᠢ᠋ ᠬᠠᠳᠠᠭᠠᠯᠠᠬᠤ ᠶᠡᠬᠡ ᠰᠠᠩ ᠬᠥᠮᠥᠷᠭᠡ ᠶ᠋ᠢᠨ ᠵᠠᠭᠤᠨ ᠲᠦᠮᠡᠨ ᠵᠠᠷ ᠵᠡᠪᠰᠡᠭ ᠦ᠋ᠨ ᠡᠮᠦᠨ᠎ᠡ ᠲᠠᠬᠢᠯ ᠤ᠋ᠨ ᠰᠢᠷᠡᠭᠡᠨ᠎ᠡ ᠳᠠᠬᠢᠵᠤ ᠲᠠᠯᠪᠢᠪᠠ᠃ ᠲᠡᠭᠦᠨᠴᠡ ᠠᠯᠲᠠᠨ ᠤ᠋ ᠵᠠᠩᠽᠦ᠋ᠩ ᠬᠠᠭᠠᠨ ᠵᠠᠷᠯᠢᠭ ᠪᠠᠭᠤᠯᠭᠠᠨ᠂ ᠸᠠᠨ ᠶᠠᠨ ᠺᠤᠸᠠᠩ ᠢ᠋ ᠳᠡᠳ᠋ ᠶᠤᠸᠠᠨᠱᠤᠸᠠᠢ ᠶ᠋ᠢᠨ ᠳᠡᠭᠡᠷ᠎ᠡ ᠤᠯᠤᠰ ᠤ᠋ᠨ ᠵᠠᠰᠠᠭ ᠢ᠋ ᠬᠠᠪᠰᠤᠷᠤᠨ ᠰᠢᠳᠬᠡᠭᠴᠢ ᠱᠤ᠌ ᠮᠢ ᠶᠤᠸᠠᠨ ᠤ᠋ ᠵᠡᠷᠭᠡ ᠳ᠋ᠦ᠍ᠷ ᠳᠡᠪᠰᠢᠭᠦᠯᠵᠦ᠂ ᠰᠥᠩ ᠤᠯᠤᠰ ᠤ᠋ᠨ ᠬᠦᠷᠭᠡᠵᠦ ᠢᠷᠡᠭᠰᠡᠨ ᠮᠥᠩᠭᠥ ᠪᠠ ᠲᠣᠷᠭᠠᠮᠰᠤᠭ ᠢ᠋ ᠲᠣᠭ᠎ᠠ ᠶᠣᠰᠣᠭᠠᠷ ᠲᠤᠰᠢᠶᠠᠨ ᠠᠪᠴᠤ᠂ ᠠᠯᠲᠠᠨ ᠤᠯᠤᠰ ᠤ᠋ᠨ ᠶᠡᠬᠡ ᠴᠡᠷᠢᠭ ᠢ᠋ ᠡᠭᠡᠭᠦᠯᠦᠨ ᠲᠠᠲᠠᠬᠤ ᠵᠠᠷᠯᠢᠭ ᠤ᠋ᠨ ᠡᠯᠴᠢ ᠳᠣᠪᠲᠣᠯᠭᠠᠨ᠂ ᠵᠢᠷᠭᠤᠭᠠᠨ ᠰᠠᠷ᠎ᠠ ᠪᠣᠯᠲᠠᠯ᠎ᠠ ᠰᠥᠩ ᠤᠯᠤᠰ ᠲᠤᠷ ᠪᠦᠬᠦᠢ ᠠᠯᠲᠠᠨ ᠤᠯᠤᠰ ᠤ᠋ᠨ ᠶᠡᠬᠡ ᠴᠡᠷᠢᠭ ᠦ᠋ᠳ ᠳᠠᠷᠠᠭ᠎ᠠ ᠳᠠᠷᠠᠭ᠎ᠠ ᠪᠠᠷ ᠤᠬᠤᠷᠢᠨ ᠡᠭᠡᠵᠦ ᠴᠥᠮ ᠳᠡ ᠰᠠᠨ ᠭᠤᠸᠠᠨ ᠪᠣᠭᠣᠮᠲᠠ ᠪᠠ ᠬᠣᠣ ᠵᠧᠦ ᠶ᠋ᠢᠨ ᠬᠣᠶᠠᠷ ᠭᠠᠵᠠᠷ ᠲᠠᠭᠠᠨ ᠡᠭᠡᠵᠦ ᠪᠠᠭᠤᠳᠠᠯᠯᠠᠪᠠ᠃ 
       ᠣᠷᠴᠢᠯᠠᠩ ᠤ᠋ᠨ ᠬᠥᠮᠦᠨ ᠡᠪᠡᠳᠬᠦᠢ ᠶ᠋ᠢ ᠬᠠᠷᠢᠨᠴᠤ ᠲᠡᠰᠪᠦᠷᠢᠯᠡᠨ ᠴᠢᠳᠠᠬᠤ ᠪᠥᠭᠡᠲᠡᠯ᠎ᠡ 
       ᠣᠯᠠᠩᠬᠢᠨ ᠴᠥᠮ ᠵᠠᠭᠠᠲᠤᠨᠠᠬᠤ ᠶ᠋ᠢ ᠭᠡᠳᠡᠷᠭᠦ ᠬᠦᠯᠢᠴᠡᠨ ᠴᠢᠳᠠᠬᠤ ᠦᠭᠡᠢ ᠪᠤᠶᠤ᠃ 
       ᠣᠮᠣᠷᠬᠠᠭ ᠲᠦᠸᠧ ᠵᠧᠦ ᠶ᠋ᠢᠨ ᠡᠨᠡ ᠨᠢᠭᠡᠨ ᠵᠠᠭᠠᠲᠤᠨᠠᠯ ᠦᠨᠡᠬᠡᠷ ᠬᠢᠯᠪᠠᠷ ᠪᠤᠰᠤ 
       ᠣᠳᠣ ᠪᠠᠬᠠᠨ ᠮᠠᠠᠭᠠᠵᠢᠬᠰᠠᠨ ᠪᠥᠭᠡᠰᠦ ᠬᠠᠭᠠᠨ ᠤ᠋ ᠪᠠᠨ ᠲᠣᠯᠣᠭᠠᠢ ᠶ᠋ᠢ ᠴᠦ᠍ ᠮᠥᠯᠲᠥᠯᠦᠮᠦᠢ ᠢ᠎ᠡ᠃