ᠪᠦᠪᠡᠢ ᠶ᠋ᠢᠨ ᠳᠠᠭᠤᠤ ᠶ᠋ᠢᠨ ᠳᠣᠮᠣᠭБүүвэйн дуугийн домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠪᠡᠢ ᠶ᠋ᠢᠨ ᠳᠠᠭᠤᠤ ᠶ᠋ᠢᠨ ᠳᠣᠮᠣᠭБүүвэйн дуугийн домог

ᠪᠦᠪᠡᠢ ᠶ᠋ᠢᠨ ᠳᠠᠭᠤᠤ ᠶ᠋ᠢᠨ ᠳᠣᠮᠣᠭБүүвэйн дуугийн домог

ᠠᠩᠭᠢᠯᠠᠯ:ᠳᠣᠮᠣᠭ ᠦᠯᠢᠭᠡᠷ
2024-07-16

1429

ᠪᠦᠪᠡᠢ ᠶ᠋ᠢᠨ ᠳᠠᠭᠤᠤ ᠶ᠋ᠢᠨ ᠳᠣᠮᠣᠭ

    ᠪᠦᠪᠡᠢ ᠶ᠋ᠢᠨ ᠳᠠᠭᠤᠤ ᠶ᠋ᠢᠨ ᠨᠢᠭᠡᠨ ᠳᠣᠮᠣᠭ ᠢ᠋ ᠶᠠᠷᠢᠵᠤ ᠥᠭᠭᠦᠶ᠎ᠡ᠂ ᠡᠷᠲᠡ ᠤᠷᠢᠳᠤ ᠶ᠋ᠢᠨ ᠴᠠᠭ ᠲᠤ ᠬᠠᠷᠠᠭᠠᠲᠠᠢ ᠬᠠᠭᠠᠨ ᠭᠡᠵᠦ ᠪᠠᠢᠵᠠᠢ᠂ ᠬᠠᠭᠠᠨ ᠤ᠋ ᠬᠦᠦ ᠶ᠋ᠢ ᠬᠠᠷᠢᠭᠤᠳᠬᠠᠨ ᠲᠠᠢᠵᠢ᠂ ᠬᠠᠷᠢᠭᠤᠳᠬᠠᠨ ᠲᠠᠢᠵᠢ ᠶ᠋ᠢᠨ ᠳᠡᠭᠦᠦ ᠶ᠋ᠢ ᠪᠤᠳᠤᠭᠱᠠᠭ᠎ᠡ ᠭᠡᠳᠡᠭ ᠭᠡᠨ᠎ᠡ᠃
   ᠬᠠᠷᠠᠭᠠᠲᠠᠢ ᠬᠠᠭᠠᠨ ᠳᠠᠢᠳᠤᠬᠤ ᠳ᠋ᠠᠭᠠᠨ ᠡᠳ᠋ ᠠᠭᠤᠷᠠᠰᠤ ᠪᠠᠢᠲᠤᠭᠠᠢ ᠡᠬᠡᠨᠡᠷ ᠬᠡᠦᠬᠡᠳ ᠢ᠋ᠶ᠋ᠡᠨ ᠴᠦ᠍ ᠡᠰᠡ ᠬᠠᠢᠬᠤᠷᠳᠠᠭ ᠤᠴᠢᠷ ᠬᠦᠦ ᠥᠬᠢᠨ ᠬᠣᠶᠠᠷ ᠢ᠋ᠶ᠋ᠠᠨ ᠨᠢᠯᠬ᠎ᠠ ᠳ᠋ᠤ᠌ ᠨᠢ ᠲᠡᠢᠨ ᠦ᠌ ᠲᠠᠯᠠᠪᠤᠷ ᠲᠤ ᠣᠷᠬᠢᠵᠠᠢ᠃  ᠪᠤᠳᠤᠭᠱᠠᠭ᠎ᠡ ᠠᠬ᠎ᠠ ᠲᠠᠢ ᠪᠠᠨ ᠬᠠᠮᠲᠤ ᠲᠠᠨᠢᠬᠤ ᠦᠭᠡᠢ ᠣᠷᠣᠨ ᠨᠤᠲᠤᠭ ᠲᠤ ᠠᠮᠢᠳᠤᠷᠠᠬᠤ ᠪᠣᠯᠵᠠᠢ᠃ᠪᠤᠳᠤᠭᠱᠠᠭ᠎ᠡ ᠠᠬ᠎ᠠ ᠳ᠋ᠠᠭᠠᠨ ᠲᠡᠭᠷᠢ ᠶ᠋ᠢᠨ ᠣᠳᠬᠣᠨ ᠳᠠᠭᠢᠨᠢ ᠶ᠋ᠢ ᠭᠡᠷᠭᠡᠢ ᠪᠣᠯᠭᠠᠨ ᠠᠪᠴᠤ ᠥᠭᠬᠦ ᠶᠤᠮᠰᠠᠨ ᠭᠡᠵᠦ ᠶᠡᠬᠡ ᠬᠦᠰᠡᠳᠡᠭ ᠪᠠᠢᠵᠤ ᠭᠡᠨ᠎ᠡ᠂ᠢᠩᠭᠢᠭᠡᠳ ᠶᠠᠷᠢᠵᠤ ᠢᠳᠬᠠᠭᠰᠠᠭᠠᠷ ᠲᠩᠷᠢ ᠶ᠋ᠢᠨ ᠣᠳᠬᠣᠨ ᠳᠠᠭᠢᠨᠢ ᠶ᠋ᠢ ᠠᠬ᠎ᠠ ᠲᠠᠢ ᠪᠠᠨ ᠰᠠᠭᠤᠯᠭᠠᠵᠤ ᠭᠡᠨ᠎ᠡ᠃ ᠠᠬ᠎ᠠ ᠨᠢ ᠳᠡᠭᠦᠦ ᠳ᠋ᠦ᠍ ᠪᠡᠨ ᠣᠭᠣᠰᠣᠷ ᠪᠦᠴᠡ ᠦᠭᠡᠢ ᠤᠷᠲᠤ ᠴᠠᠭᠠᠨ ᠥᠷᠭᠥᠭᠡ ᠪᠠᠢᠭᠤᠯᠵᠤ ᠥᠭᠴᠡᠢ᠃ 
ᠠᠬ᠎ᠠ ᠨᠢ ᠬᠣᠨᠣᠭᠤᠲᠠ ᠥᠨᠵᠢᠭᠦᠲᠡ ᠠᠩ ᠬᠥᠷᠥᠭᠡᠨ ᠳ᠋ᠦ᠍ ᠶᠠᠪᠤᠳᠠᠭ ᠭᠡᠨ᠎ᠡ᠂ᠠᠬ᠎ᠠ ᠶ᠋ᠢᠨ ᠵᠡᠭᠡᠷ᠎ᠡ ᠭᠥᠷᠥᠭᠡᠰᠦ ᠶᠡᠬᠡ ᠠᠩᠨᠠᠳᠠᠭ ᠤᠴᠢᠷ ᠨᠤᠲᠤᠭ ᠤ᠋ᠨ ᠬᠢᠨ ᠵᠡᠭᠡᠷᠡᠨᠳᠠᠢ ᠮᠡᠷᠭᠡᠨ ᠵᠡᠭᠡᠷᠡᠨᠰᠣᠭᠰᠣᠭᠤ ᠭᠡᠵᠦ ᠨᠡᠷ᠎ᠡ ᠥᠭᠴᠡᠢ᠃ ᠠᠬ᠎ᠠ ᠶ᠋ᠢ ᠪᠡᠨ ᠠᠩ ᠬᠦᠷᠦᠭᠡ ᠬᠢᠭᠡᠳ ᠢᠷᠡᠬᠦ ᠪᠦᠷᠢ ᠳ᠋ᠦ᠍ ᠳᠡᠭᠦᠦ ᠨᠢ ᠤᠭᠲᠤᠵᠤ ᠣᠴᠢᠵᠤ ᠵᠠᠪᠠᠯ ᠦᠨᠦᠰᠦᠭᠦᠯᠳᠡᠭ ᠪᠠᠢᠵᠤ ᠭᠡᠨ᠎ᠡ᠃ ᠠᠬ᠎ᠠ ᠪᠠᠨ ᠠᠩ ᠬᠥᠷᠥᠭᠡᠨ ᠳ᠋ᠦ᠍ ᠶᠠᠪᠤᠭᠰᠠᠨ ᠤ᠋ ᠳᠠᠷᠠᠭ᠎ᠠ ᠪᠤᠳᠤᠭᠱᠠᠭ᠎ᠡ ᠭᠡᠷ ᠲᠡᠭᠡᠨ ᠲᠣᠷᠭ᠎ᠠ ᠳᠤᠷᠳᠤᠩ ᠳᠡᠯᠭᠡᠵᠦ᠂ ᠴᠡᠴᠡᠭ ᠨᠠᠪᠴᠢ ᠤᠷᠠᠯᠠᠨ ᠬᠠᠳᠬᠤᠵᠤ ᠡᠳᠦᠷ ᠡᠳᠦᠷ ᠢ᠋ᠶ᠋ᠡᠷ ᠲᠣᠭᠯᠠᠳᠠᠭ ᠪᠠᠢᠵᠤ ᠭᠡᠨ᠎ᠡ᠃ᠲᠡᠭᠷᠢ ᠶ᠋ᠢᠨ ᠣᠳᠬᠣᠨ ᠳᠠᠭᠢᠨᠢ ᠴᠤ᠌ ᠪᠤᠳᠤᠭᠱᠠᠭ᠎ᠡ ᠳᠡᠭᠦᠦ ᠲᠡᠢ ᠪᠡᠨ ᠠᠯᠲᠠ ᠮᠥᠩᠭᠥᠨ ᠱᠠᠭ᠎ᠠ ᠪᠠᠷ ᠨᠠᠭᠠᠳᠳᠠᠭ ᠪᠠᠢᠵᠠᠢ᠂ ᠨᠢᠭᠡ ᠡᠳᠦᠷ ᠪᠤᠳᠤᠭᠱᠠᠭ᠎ᠡ  ᠠᠯᠲᠠᠨ ᠱᠠᠭ᠎ᠠ ᠠᠮᠠᠨ ᠳ᠋ᠠᠭᠠᠨ ᠨᠢᠭᠤᠵᠤ ᠲᠣᠭᠯᠠᠵᠤ ᠪᠠᠢᠲᠠᠯ᠎ᠠ  ᠱᠠᠭ᠎ᠠ ᠨᠢ ᠬᠣᠭᠣᠯᠠᠢ ᠳ᠋ᠤᠨᠢ ᠲᠡᠭᠡᠭᠯᠡᠵᠦ ᠣᠷᠬᠢᠵᠠᠢ᠂ ᠨᠥᠬᠥᠷ ᠦ᠋ᠨ ᠢ᠋ᠶ᠋ᠡᠨ ᠭᠠᠭᠴᠠ ᠬᠠᠢᠷᠠᠲᠠᠢ ᠳᠡᠭᠦᠦ ᠶ᠋ᠢ ᠠᠯᠠᠴᠢᠬᠠᠯ᠎ᠠ ᠭᠡᠵᠦ ᠠᠶᠤᠨ ᠰᠠᠨᠳᠤᠷᠤᠭᠰᠠᠨ ᠳᠠᠭᠢᠨᠢ ᠪᠤᠳᠤᠭᠱᠠᠭ᠎ᠡ ᠶ᠋ᠢ ᠣᠷᠣᠨ ᠤ᠋  ᠤᠷᠲᠤ ᠲᠣᠷᠭ᠎ᠠ ᠳᠡᠯᠭᠡᠨ ᠨᠠᠪᠴᠢ ᠴᠡᠴᠡᠭ ᠤᠷᠠᠯᠠᠵᠤ ᠪᠠᠢᠭ᠎ᠠ ᠶᠤᠮ ᠰᠢᠭ᠋ ᠣᠷᠣ ᠲᠦᠰᠢᠭᠦᠯᠦᠭᠡᠳ ᠰᠠᠭᠤᠯᠭᠠᠭᠠᠳ ᠣᠷᠬᠢᠵᠠᠢ ᠭᠡᠨ᠎ᠡ᠃ 
    ᠲᠠᠢᠵᠢ ᠶ᠋ᠢ ᠠᠩ ᠠ᠋ᠴᠠ ᠢᠷᠡᠬᠦ ᠳ᠋ᠦ᠍ ᠳᠡᠭᠦᠦ ᠨᠢ ᠲᠣᠰᠴᠤ ᠢᠷᠡᠭᠡ ᠦᠭᠡᠢ ᠳ᠋ᠦ᠍ ᠲᠡᠷᠡ ᠶᠡᠬᠡᠳᠡ ᠭᠠᠢᠬᠠᠵᠤ ᠴᠠᠢ ᠪᠠᠨ ᠴᠦ᠍ ᠤᠤᠭᠤᠯ ᠦᠭᠡᠢ ᠳᠡᠭᠦᠦ ᠶ᠋ᠢᠨ ᠢ᠋ᠶ᠋ᠡᠨ ᠭᠡᠷ ᠲᠦ᠍ ᠣᠷᠣᠪᠠᠯ ᠳᠡᠭᠦᠦ ᠨᠢ ᠤᠬᠠᠭᠠᠨ ᠦᠭᠡᠢ ᠪᠣᠯᠤᠭᠰᠠᠨ ᠪᠠᠢᠪᠠ᠃ ᠬᠠᠷᠢᠭᠤᠳᠬᠠᠨ ᠲᠠᠢᠵᠢ ᠳᠡᠭᠦᠦ ᠪᠡᠨ ᠠᠯᠳᠠᠭᠰᠠᠨ ᠳ᠋ᠠᠭᠠᠨ ᠶᠡᠬᠡᠳᠡ ᠭᠠᠰᠢᠭᠤᠳᠠᠵᠤ᠂ ᠲᠡᠭᠦᠨ ᠢ᠋ ᠠᠯᠲᠠᠨ ᠠᠪᠳᠠᠷ᠎ᠠ ᠳ᠋ᠤ᠌ ᠬᠢᠭᠡᠳ ᠭᠣᠣᠯ ᠤ᠋ᠨ ᠤᠰᠤᠨ ᠳ᠋ᠤ᠌ ᠤᠷᠤᠰᠬᠠᠵᠠᠢ᠃ᠲᠡᠭᠦᠨ ᠢ᠋ ᠲᠡᠷᠡ ᠭᠣᠣᠯ ᠤ᠋ᠨ ᠠᠳᠠᠭ ᠲᠤ ᠨᠣᠮ ᠪᠢᠰᠢᠯᠭᠠᠵᠤ ᠰᠠᠭᠤᠭᠰᠠᠨ ᠬᠣᠶᠠᠷ ᠯᠠᠮᠠ ᠣᠯᠵᠤ ᠠᠪᠤᠭᠠᠳ ᠵᠠᠳᠠᠯᠪᠠᠯ ᠳᠣᠲᠣᠷ᠎ᠠ ᠠ᠋ᠴᠠ ᠨᠢ ᠨᠢᠭᠡᠨ ᠭᠣᠶᠣ ᠬᠡᠦᠬᠡᠨ ᠭᠠᠷᠴᠤ ᠢᠷᠡᠵᠦ ᠭᠡᠨ᠎ᠡ᠃ᠲᠡᠷᠡ ᠬᠣᠶᠠᠷ ᠯᠠᠮᠠ ᠥᠬᠢᠨ ᠢ᠋ ᠦᠬᠦᠭᠡ ᠦᠭᠡᠢ ᠶ᠋ᠢ ᠨᠢ ᠰᠤᠳᠠᠰᠤ ᠶ᠋ᠢ ᠨᠢ ᠪᠠᠷᠢᠭᠠᠳ ᠮᠡᠳᠡᠵᠦ ᠠᠯᠲᠠᠨ ᠱᠠᠭ᠎ᠠ ᠶ᠋ᠢ ᠬᠣᠭᠣᠯᠠᠢ ᠠ᠋ᠴᠠ ᠨᠢ ᠭᠠᠷᠭᠠᠬᠤ ᠳ᠋ᠤ᠌ ᠥᠬᠢᠨ ᠠᠮᠢ ᠣᠷᠣᠵᠤ᠂ᠢᠩᠭᠢᠭᠡᠳ ᠥᠬᠢᠨ ᠢ᠋ ᠣᠢᠷᠠᠯᠴᠠᠭ᠎ᠠ ᠪᠠᠢᠭ᠎ᠠ ᠨᠢᠭᠡᠨ ᠠᠢᠯ ᠳ᠋ᠤ᠌ ᠠᠪᠠᠴᠢᠭᠠᠳ ᠥᠭᠴᠡᠢ ᠭᠡᠨ᠎ᠡ᠃
    ᠪᠤᠳᠤᠭᠱᠠᠭ᠎ᠡ ᠲᠣᠮᠣ ᠪᠣᠯᠤᠭᠠᠳ ᠪᠤᠭᠤᠷᠤᠯ ᠮᠡᠷᠭᠡᠨ ᠭᠡᠭᠴᠢ ᠰᠠᠢᠬᠠᠨ ᠵᠠᠯᠠᠭᠤ ᠲᠠᠢ ᠲᠠᠨᠢᠯᠴᠠᠵᠤ᠂ᠨᠢᠭᠡᠨ ᠰᠠᠢᠬᠠᠨ ᠬᠦᠦ ᠶ᠋ᠢ ᠲᠥᠷᠥᠭᠦᠯᠵᠡᠢ᠃ ᠲᠡᠷᠡ ᠬᠦᠦ ᠶ᠋ᠢ ᠠᠰᠠᠷᠠᠭᠴᠢ ᠠᠪᠠᠭᠠᠢ ᠭᠡᠷ ᠦ᠋ᠨ ᠭᠠᠳᠠᠭ᠎ᠠ ᠲᠡᠪᠡᠷᠢᠵᠦ ᠰᠠᠭᠤᠭᠠᠳ᠄ ᠬᠠᠷᠠᠭᠠᠲᠠᠢ ᠬᠠᠭᠠᠨ ᠤ᠋ ᠠᠴᠢᠯᠠᠢ ᠪᠦᠪᠡᠢ ᠬᠠᠷᠢᠭᠤᠳᠬᠠᠨ ᠲᠠᠢᠵᠢ ᠶ᠋ᠢᠨ ᠳᠡᠭᠦᠦᠯᠠᠢ ᠪᠦᠪᠡᠢ᠂ ᠵᠡᠭᠡᠷᠡᠯᠲᠠᠢ ᠮᠡᠷᠭᠡᠨ ᠦ᠌ ᠵᠢᠭᠡᠯᠠᠢ ᠪᠦᠪᠡᠢ᠂  ᠵᠡᠭᠡᠷᠡᠨᠰᠣᠭᠰᠣᠭᠤ ᠶ᠋ᠢᠨ ᠳᠡᠭᠦᠦᠯᠠᠢ ᠪᠦᠪᠡᠢ᠂ ᠪᠤᠭᠤᠷᠤᠯ ᠮᠡᠷᠭᠡᠨ ᠦ᠌ ᠬᠦᠦᠯᠠᠢ ᠪᠦᠪᠡᠢ᠂ᠪᠤᠳᠤᠭᠱᠠᠭ᠎ᠡ ᠶ᠋ᠢᠨ ᠬᠦᠦᠯᠠᠢ ᠪᠦᠪᠡᠢ ᠭᠡᠳ ᠳᠠᠭᠤᠯᠠᠨ ᠰᠠᠭᠠᠲᠠᠭᠤᠯᠵᠤ ᠪᠠᠢᠵᠠᠢ ᠭᠡᠨ᠎ᠡ᠃ ᠡᠨᠡ ᠦᠶ᠎ᠡ ᠳ᠋ᠦ᠍  ᠬᠠᠷᠢᠭᠤᠳᠬᠠᠨ ᠲᠠᠢᠵᠢ ᠲᠡᠷᠡ ᠠᠢᠯ ᠤ᠋ᠨ ᠭᠠᠳᠠᠭᠤᠷ ᠥᠩᠭᠡᠷᠡᠵᠦ ᠶᠠᠪᠤᠭᠠᠳ ᠲᠡᠷᠡ ᠳᠠᠭᠤᠤ ᠶ᠋ᠢ ᠰᠣᠨᠣᠰᠴᠤ᠂ ᠬᠥᠰᠢ᠂ ᠮᠢᠨᠦ ᠡᠪᠦᠭᠡ ᠡᠴᠢᠭᠡ ᠠᠬ᠎ᠠ ᠳᠡᠭᠦᠦ ᠶ᠋ᠢᠨ ᠨᠡᠷ᠎ᠡ ᠶ᠋ᠢ ᠳᠠᠭᠤᠳᠠᠵᠤ ᠪᠦᠪᠡᠢᠯᠡᠳᠡᠭ ᠶᠠᠮᠠᠷ ᠤᠴᠢᠷ ᠲᠠᠢ ᠶᠤᠮ ᠪᠣᠢ ᠭᠡᠵᠦ ᠪᠣᠳᠣᠭᠠᠳ ᠮᠣᠷᠢᠨ ᠤ᠋ ᠪᠠᠨ ᠠᠮᠠ ᠶ᠋ᠢ ᠲᠠᠲᠠᠵᠤ  ᠴᠢᠩᠨᠠᠵᠠᠢ᠃ ᠤᠤᠯ ᠨᠢ ᠪᠤᠳᠤᠭᠱᠠᠭ᠎ᠡ ᠥᠪᠡᠷ ᠲᠦ᠍ ᠲᠣᠬᠢᠶᠠᠯᠳᠤᠭᠰᠠᠨ ᠶᠠᠪᠤᠳᠠᠯ ᠢ᠋ᠶ᠋ᠠᠨ ᠠᠰᠠᠷᠠᠭᠴᠢ ᠠᠪᠠᠭᠠᠢ ᠳ᠋ᠤ᠌ ᠬᠡᠯᠡᠭᠰᠡᠨ ᠪᠠᠢᠵᠠᠢ᠂ᠠᠰᠠᠷᠠᠭᠴᠢ ᠠᠪᠠᠭᠠᠢ ᠥᠬᠢᠨ ᠦ᠌ ᠬᠦᠦ ᠶ᠋ᠢ ᠪᠦᠪᠡᠢᠯᠡᠬᠦ ᠳ᠋ᠦ᠍ ᠪᠡᠨ ᠲᠡᠭᠦᠨ ᠦ᠌ ᠤᠳᠤᠮ ᠰᠤᠳᠤᠷ ᠢ᠋ ᠪᠦᠪᠡᠢ ᠶ᠋ᠢᠨ ᠳᠠᠭᠤᠨ ᠤ᠋ ᠦᠭᠡᠨ ᠳ᠋ᠦ᠍ ᠵᠣᠷᠢᠭᠤᠳᠠ ᠣᠷᠣᠭᠤᠯᠵᠤ  ᠳᠠᠭᠤᠯᠠᠳᠠᠭ ᠪᠠᠢᠵᠠᠢ᠃ ᠡᠢᠨ ᠬᠦ᠌ ᠪᠦᠪᠡᠢ ᠶ᠋ᠢᠨ ᠳᠠᠭᠤᠨ ᠤ᠋ ᠦᠭᠡ ᠠᠶ᠎ᠠ ᠪᠠᠷ ᠲᠥᠭᠡᠷᠢᠯᠳᠦᠭᠰᠡᠨ ᠠᠬ᠎ᠠ ᠳᠡᠭᠦᠦ ᠪᠡᠶ᠎ᠡ ᠪᠡᠶ᠎ᠡ ᠪᠡᠨ ᠣᠯᠵᠤ ᠠᠭᠤᠯᠵᠠᠭᠰᠠᠨ ᠭᠡᠰᠡᠨ ᠰᠠᠢᠬᠠᠨ ᠳᠣᠮᠣᠭ ᠪᠠᠢᠳᠠᠭ ᠶᠤᠮ ᠠ᠋᠃   

   ᠦᠰᠦᠭ ᠠᠮᠢᠯᠠᠭᠤᠯᠤᠭᠴᠢ᠄ ᠲ· ᠲᠦᠮᠡᠨᠴᠡᠴᠡᠭ  
   ᠬᠢᠨᠠᠭᠴᠢ᠄ ᠣᠳᠬᠠᠨᠰᠣᠸ᠎ᠠ