ᠥᠨᠢ ᠮᠥᠩᠬᠡ ᠡᠬᠡ ᠣᠷᠣᠨ 2012Various Artist - Өнө Мөнх Эх Орон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠨᠢ ᠮᠥᠩᠬᠡ ᠡᠬᠡ ᠣᠷᠣᠨ 2012Various Artist - Өнө Мөнх Эх Орон

ᠥᠨᠢ ᠮᠥᠩᠬᠡ ᠡᠬᠡ ᠣᠷᠣᠨ 2012Various Artist - Өнө Мөнх Эх Орон

ᠠᠩᠭᠢᠯᠠᠯ:ᠳᠠᠭᠤᠤ ᠬᠥᠭᠵᠢᠮ
2022-06-15

549

ᠥᠨᠢ ᠮᠥᠩᠬᠡ ᠡᠬᠡ ᠣᠷᠣᠨ


   ᠰᠢᠯᠦᠭ᠄ ᠱ᠂ ᠭᠦᠷᠦᠪᠠᠽᠠᠷ
   ᠬᠥᠭᠵᠢᠮ᠎᠄ ᠯ᠂ ᠪᠠᠯᠬᠠᠵᠠᠪ

ᠥᠨᠳᠥᠷ ᠲᠩᠷᠢ ᠶ᠋ᠢᠨ ᠥᠯᠮᠡᠢ ᠳᠣᠣᠷ᠎ᠠ
ᠦᠳᠡᠯᠡᠬᠦ ᠦᠭᠡᠢ ᠥᠨᠢ ᠮᠥᠩᠬᠡ ᠨᠤᠲᠤᠭ
ᠦᠯᠡᠮᠵᠢ ᠲᠡᠭᠦᠯᠳᠡᠷ ᠣᠷᠴᠢᠯᠠᠩ ᠤ᠋ᠨ
ᠦᠷ ᠦ᠋ᠨ ᠲᠤᠶᠠᠭ᠎ᠠ ᠰᠢᠭ᠋ ᠨᠤᠲᠤᠭ
ᠡᠭᠦᠨ ᠢ᠋ ᠳᠠᠭᠤᠯᠠᠬᠤ ᠯᠠ ᠭᠡᠵᠦ ᠲᠥᠷᠥᠭᠰᠡᠨ ᠮᠢᠨᠦ ᠬᠤᠪᠢ ᠵᠠᠶᠠᠭ᠎ᠠ
ᠦᠷᠭᠦᠯᠵᠢ ᠥᠭᠡᠳᠡᠯᠡᠬᠦ ᠡᠬᠡ ᠣᠷᠣᠨ
ᠠᠷᠢᠭᠤᠨ ᠰᠠᠢᠬᠠᠨ ᠰᠡᠳᠬᠢᠯ ᠲᠠᠢ ᠳᠠ
ᠠᠯᠳᠠᠷᠠᠬᠤ ᠦᠭᠡᠢ ᠡᠩᠬᠡ ᠮᠥᠩᠬᠡ ᠲᠦᠮᠡᠨ
ᠠᠽᠢᠶ᠎ᠠ ᠶ᠋ᠢᠨ ᠴᠡᠩᠬᠡᠷ ᠡᠩᠭᠡᠷ ᠳᠡᠭᠡᠷ᠎ᠡ
ᠠᠵᠠ ᠶ᠋ᠢᠨ ᠱᠠᠭ᠎ᠠ ᠰᠢᠭ᠋ ᠮᠣᠩᠭᠣᠯ
ᠡᠭᠦᠨ ᠢ᠋ ᠳᠠᠭᠤᠯᠠᠬᠤ ᠯᠠ ᠭᠡᠵᠦ ᠲᠥᠷᠥᠭᠰᠡᠨ ᠮᠢᠨᠦ ᠬᠤᠪᠢ ᠵᠠᠶᠠᠭ᠎ᠠ
ᠦᠷᠭᠦᠯᠵᠢ ᠥᠭᠡᠳᠡᠯᠡᠬᠦ ᠡᠬᠡ ᠣᠷᠣᠨ
ᠶᠡᠬᠡ ᠮᠣᠩᠭᠣᠯ᠂ ᠡᠵᠡᠨ ᠪᠢᠳᠡᠨ ᠦ᠌ ᠠᠯᠲᠠᠨ ᠨᠤᠲᠤᠭ
ᠡᠬᠡ ᠣᠷᠣᠨ᠂ ᠡᠵᠡᠨ ᠪᠢᠳᠡᠨ ᠦ᠌ ᠠᠮᠢᠨ ᠵᠠᠶᠠᠭ᠎ᠠ
ᠡᠨᠡ ᠦᠨᠡᠨ ᠢ᠋ ᠳᠠᠭᠤᠯᠠᠬᠤ ᠯᠠ ᠭᠡᠵᠦ ᠲᠥᠷᠥᠭᠰᠡᠨ ᠮᠢᠨᠦ ᠬᠤᠪᠢ ᠵᠠᠶᠠᠭ᠎ᠠ
ᠡᠭᠡᠨᠡᠭᠲᠡ ᠥᠭᠡᠳᠡᠯᠡᠬᠦ ᠮᠢᠨᠦ ᠡᠬᠡ ᠣᠷᠣᠨ
ᠮᠥᠯᠬᠥᠵᠦ ᠲᠡᠩᠴᠡᠬᠦ ᠨᠢᠯᠬ᠎ᠠ ᠪᠠᠯᠴᠢᠷ ᠨᠢ ᠨᠠᠷᠠ ᠪᠠᠷ ᠲᠠᠲᠠᠭᠤᠯᠵᠤ ᠪᠣᠰᠳᠠᠭ
ᠮᠥᠩᠬᠡᠯᠡᠬᠦ ᠬᠥᠬᠡ ᠲᠩᠷᠢ ᠶ᠋ᠢᠨ ᠬᠦᠴᠦᠨ ᠳᠣᠣᠷ᠎ᠠ ᠮᠣᠩᠭᠣᠯ ᠵᠠᠶᠠᠭ᠎ᠠ ᠮᠢᠨᠢ ᠲᠡᠭᠰᠢᠷᠡᠨ᠎ᠡ
ᠲᠣᠭᠣᠭ᠎ᠠ ᠲᠠᠢ ᠰᠢᠷᠭᠠᠯ ᠰᠦ ᠳ᠋ᠦ᠍ᠨᠢ ᠲᠣᠭᠣᠭᠠᠨ ᠤ᠋ ᠬᠡ ᠨᠢ ᠢᠨᠢᠶᠡᠨ᠎ᠡ
ᠲᠣᠲᠣᠭᠣ ᠨᠢ ᠠᠭᠤᠵᠢᠮ ᠭᠡᠷ ᠲᠦ᠋ᠨᠢ ᠲᠡᠭᠦᠰ ᠠᠮᠤᠭᠤᠯᠠᠩ ᠵᠠᠪᠢᠯᠠᠨ᠎ᠠ
ᠴᠠᠢᠯᠭᠠᠨ ᠰᠡᠳᠬᠢᠯ᠂ ᠭᠡᠭᠡᠬᠡᠨ ᠬᠠᠢᠷ᠎ᠠ᠂ ᠠᠷᠢᠭᠤᠨ ᠳᠤᠷᠠᠯᠠᠯ
ᠴᠠᠭ ᠬᠤᠭᠤᠴᠠᠭ᠎ᠠ ᠴᠤ᠌ ᠮᠢᠨᠦ ᠯᠡ ᠡᠬᠡ ᠣᠷᠣᠨ
ᠢᠷᠡᠭᠡᠳᠦᠢ ᠶ᠋ᠢ ᠢᠲᠡᠭᠡᠯ ᠢ᠋ᠶ᠋ᠡᠷ ᠪᠢᠳᠡ ᠰᠡᠷᠢᠭᠡᠵᠦ
ᠢᠳᠡᠷ ᠴᠠᠭ ᠲᠤ᠌ ᠬᠦᠰᠡᠯ ᠢ᠋ᠶ᠋ᠡᠨ ᠳᠠᠭᠤᠯᠠᠶ᠎ᠠ
ᠬᠣᠯᠠ ᠶ᠋ᠢᠨ ᠭᠡᠭᠡ ᠠᠯᠤᠰ ᠤ᠋ᠨ ᠦᠨᠡᠨ ᠢ᠋ ᠮᠥᠩᠬᠡᠳᠡ ᠳᠠᠭᠤᠳᠠᠨ᠎ᠠ
ᠢᠷᠠᠭᠤᠬᠠᠨ ᠪᠢᠳᠡᠨ ᠦ᠌ ᠡᠨᠡ ᠳᠠᠭᠤᠨ ᠠ᠋ᠴᠠ
ᠬᠠᠮᠢᠭ᠎ᠠ ᠡᠴᠡ ᠴᠤ᠌ ᠶᠤᠮ ᠲᠩᠷᠢᠯᠢᠭ ᠬᠦᠴᠦ ᠳᠤᠭᠤᠯᠳᠠᠬᠤ ᠰᠢᠭ᠋
ᠮᠠᠷᠭᠠᠰᠢ ᠶ᠋ᠢ ᠨᠠᠳᠠ ᠳ᠋ᠤ᠌ ᠠᠪᠴᠢᠷᠠᠨ᠎ᠠ
ᠮᠥᠷᠥᠭᠡᠳᠦᠯ ᠦ᠋ᠨ ᠰᠤᠪᠢᠨ ᠳ᠋ᠤ᠌ ᠪᠢᠳᠡ ᠰᠡᠷᠢᠭᠰᠡᠨ ᠪᠣᠯᠬᠣᠷ
ᠶᠠᠭᠠᠬᠢᠬᠤ ᠶ᠋ᠢᠨ ᠠᠷᠭ᠎ᠠ ᠦᠭᠡᠢ ᠠᠵᠠ ᠲᠠᠢ
ᠬᠠᠪᠤᠷ ᠤ᠋ᠨ ᠰᠠᠷ᠎ᠠ ᠵᠤᠨ ᠢ᠋ ᠲᠤᠰᠬᠤ ᠰᠢᠭ᠋
ᠬᠠᠮᠤᠭ ᠤ᠋ᠨ ᠰᠠᠢᠬᠠᠨ ᠢ᠋ᠶ᠋ᠠᠷ ᠵᠣᠯᠭᠠᠨ᠎ᠠ
ᠥᠨᠥᠳᠥᠷ ᠣᠮᠣᠭᠰᠢᠭᠠᠳ
ᠮᠠᠷᠭᠠᠰᠢ ᠶ᠋ᠢ ᠥᠨᠥᠳᠥᠷ ᠵᠣᠬᠢᠶᠠᠨ᠎ᠠ
ᠮᠥᠩᠬᠡ ᠶ᠋ᠢᠨ ᠬᠦᠰᠡᠯᠡᠩᠲᠦ ᠵᠠᠯᠠᠭᠤ ᠨᠠᠰᠤ
ᠡᠬᠡ ᠣᠷᠣᠨ ᠤ᠋ ᠢᠷᠡᠭᠡᠳᠦᠢ ᠵᠠᠯᠠᠭᠤ ᠨᠠᠰᠤ
ᠡᠬᠡ ᠣᠷᠣᠨ ᠶᠤᠮ
ᠮᠢᠨᠦ ᠮᠣᠩᠭᠣᠯ
ᠵᠠᠯᠠᠭᠤ ᠨᠠᠰᠤ
ᠡᠬᠡ ᠣᠷᠣᠨ ᠶᠤᠮ
ᠮᠥᠯᠬᠥᠵᠦ ᠲᠡᠩᠴᠡᠬᠦ ᠨᠢᠯᠬ᠎ᠠ ᠪᠠᠯᠴᠢᠷ ᠨᠢ ᠨᠠᠷᠠ ᠪᠠᠷ ᠲᠠᠲᠠᠭᠤᠯᠵᠤ ᠪᠣᠰᠳᠠᠭ
ᠮᠥᠩᠬᠡᠯᠡᠬᠦ ᠬᠥᠬᠡ ᠲᠩᠷᠢ ᠶ᠋ᠢᠨ ᠬᠦᠴᠦᠨ ᠳᠣᠣᠷ᠎ᠠ ᠮᠣᠩᠭᠣᠯ ᠵᠠᠶᠠᠭ᠎ᠠ ᠮᠢᠨᠢ ᠲᠡᠭᠰᠢᠷᠡᠨ᠎ᠡ
ᠲᠣᠭᠣᠭ᠎ᠠ ᠲᠠᠢ ᠰᠢᠷᠭᠠᠯ ᠰᠦ ᠳ᠋ᠦ᠍ᠨᠢ ᠲᠣᠭᠣᠭᠠᠨ ᠤ᠋ ᠬᠡ ᠨᠢ ᠢᠨᠢᠶᠡᠨ᠎ᠡ
ᠲᠣᠲᠣᠭᠣ ᠨᠢ ᠠᠭᠤᠵᠢᠮ ᠭᠡᠷ ᠲᠦ᠋ᠨᠢ ᠲᠡᠭᠦᠰ ᠠᠮᠤᠭᠤᠯᠠᠩ ᠵᠠᠪᠢᠯᠠᠨ᠎ᠠ᠃