ᠡᠯᠡᠰᠦ ᠥᠭᠡᠷᠡᠴᠢᠯᠡᠭᠴᠢ ᠶ᠋ᠢᠨ ᠥᠴᠢᠯ - ᠵᠢᠷᠭᠠᠯᠲᠤЭлс өөрчлөгчийн өчил-Жаргалт ᠠᠵᠤ ᠠᠬᠤᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦ ᠥᠭᠡᠷᠡᠴᠢᠯᠡᠭᠴᠢ ᠶ᠋ᠢᠨ ᠥᠴᠢᠯ - ᠵᠢᠷᠭᠠᠯᠲᠤЭлс өөрчлөгчийн өчил-Жаргалт

ᠡᠯᠡᠰᠦ ᠥᠭᠡᠷᠡᠴᠢᠯᠡᠭᠴᠢ ᠶ᠋ᠢᠨ ᠥᠴᠢᠯ - ᠵᠢᠷᠭᠠᠯᠲᠤЭлс өөрчлөгчийн өчил-Жаргалт

ᠠᠩᠭᠢᠯᠠᠯ:ᠠᠵᠤ ᠠᠬᠤᠢ
2024-07-16

554

         ᠵᠢᠷᠭᠠᠯᠲᠤ 
ᠨᠠᠶᠠᠭᠠᠳ ᠣᠨ ᠤ᠋ ᠰᠠᠯᠬᠢ ᠰᠢᠭᠤᠷᠭ᠎ᠠ 
ᠡᠳᠦᠷ ᠰᠥᠨᠢ ᠦᠭᠡᠢ ᠬᠤᠢᠯᠠᠷᠠᠵᠤ 
ᠨᠠᠪᠲᠠᠭᠠᠷ ᠮᠠᠢᠵᠢᠭᠢ ᠭᠡᠷ ᠦ᠋ᠳ ᠨᠢ 
ᠡᠯᠡᠰᠦ ᠮᠠᠩᠬᠠᠨ ᠳ᠋ᠤ᠌ ᠳᠠᠷᠤᠭᠳᠠᠵᠤ
ᠨᠠᠰᠤ ᠪᠠᠭ᠎ᠠ ᠶ᠋ᠢᠨ ᠬᠡᠦᠬᠡᠳ ᠪᠢᠳᠡ 
ᠳᠣᠷᠣᠰᠬᠠᠨ ᠳᠡᠪᠡᠯ ᠢ᠋ᠶ᠋ᠡᠷ ᠳᠤᠯᠠᠭᠠᠴᠠᠵᠤ 
ᠨᠠᠰᠤᠲᠠᠨ ᠪᠤᠭᠤᠷᠤᠯ ᠠᠪᠤ ᠡᠵᠢ ᠨᠠᠷ ᠮᠢᠨᠢ 
ᠡᠬᠡᠭᠦᠨ ᠴᠠᠢ ᠪᠠᠷ ᠥᠯ ᠢ᠋ᠶ᠋ᠡᠨ ᠳᠠᠷᠤᠵᠤ 
ᠡᠪᠦᠯ ᠦ᠋ᠨ ᠨᠢᠭᠡᠨ ᠦᠭᠦᠴᠡᠨ ᠮᠠᠯ ᠢ᠋ᠶ᠋ᠠᠷ 
ᠪᠦᠲᠦᠨ ᠵᠢᠯ ᠱᠥᠯᠥ ᠪᠡᠨ ᠬᠢᠵᠦ 
ᠡᠪᠳᠡᠷᠬᠡᠢ ᠮᠠᠢᠵᠢᠭᠢ ᠥᠪᠥᠩ ᠭᠡᠷ ᠢ᠋ᠶ᠋ᠡᠨ
ᠬᠣᠨᠢᠨ ᠬᠣᠷᠭᠣᠯ ᠢ᠋ᠶ᠋ᠠᠷ ᠳᠤᠯᠠᠭᠠᠴᠠᠭᠤᠯᠵᠤ
ᠢᠳᠡᠬᠦ ᠬᠦᠨᠡᠰᠦ ᠨᠢ ᠪᠦᠲᠦᠨ ᠵᠢᠯ ᠢ᠋ᠶ᠋ᠡᠷ
ᠡᠷᠳᠡᠨᠢ ᠰᠢᠰᠢ ᠨᠣᠶᠠᠨ ᠰᠢᠰᠢ ᠶ᠋ᠢᠨ ᠭᠤᠯᠢᠷ
ᠡᠯᠵᠢᠭᠡ ᠯᠠᠭᠤᠰᠠ ᠮᠣᠷᠢᠨ ᠬᠠᠰᠠᠭ ᠢ᠋ᠶ᠋ᠠᠷ
ᠲᠡᠭᠡᠭᠡᠪᠦᠷᠢ ᠶ᠋ᠢᠨ ᠪᠠᠭᠠᠵᠢ ᠪᠣᠯᠭᠠᠵᠤ ᠪᠠᠢᠭᠰᠠᠨ
ᠨᠠᠰᠤᠨ ᠳ᠋ᠠᠭᠠᠨ ᠮᠠᠷᠲᠠᠬᠤ ᠦᠭᠡᠢ ᠴᠠᠭ ᠮᠥᠴᠡ
ᠨᠠᠶᠠᠭᠠᠳ ᠣᠨ ᠳ᠋ᠤ᠌ ᠯᠠ ᠪᠠᠢᠭᠰᠠᠨ
ᠨᠠᠷᠠ ᠭᠠᠷᠤᠭᠰᠠᠭᠠᠷ ᠯᠠ ᠰᠢᠭᠤᠷᠭ᠎ᠠ ᠰᠢᠭᠤᠷᠠᠭᠠᠳ
ᠡᠳᠦᠷ ᠬᠣᠨᠣᠭ ᠤᠷᠲᠤ ᠠ᠋ᠴᠠ ᠤᠷᠲᠤ
ᠨᠠᠰᠤ ᠪᠠᠭ᠎ᠠ ᠴᠢᠰᠤ ᠰᠢᠩᠭᠡᠨ
ᠵᠣᠷᠢᠭ ᠰᠥᠰᠥ ᠠᠨᠠᠢ ᠤᠴᠢᠷ ᠠ᠋ᠴᠠ ᠨᠡᠢᠳᠡᠮ ᠡᠩᠨᠡᠷᠡᠬᠦ ᠡᠯᠡᠰᠦ ᠶ᠋ᠢ ᠬᠠᠷᠠᠭᠠᠳ
ᠠᠢᠳᠠᠰ ᠲᠥᠷᠥᠨ ᠮᠡᠯᠡᠷᠡᠳᠡᠭ ᠯᠡ ᠪᠠᠢᠭᠰᠠᠨ
ᠦᠶ᠎ᠡ ᠵᠡᠷᠭᠡᠯᠡᠭᠰᠡᠨ ᠥᠨᠳᠥᠷ ᠮᠠᠩᠬ᠎ᠠ ᠨᠤᠭᠤᠳ
ᠬᠣᠢᠨ᠎ᠠ ᠬᠣᠢᠨ᠎ᠠ ᠠ᠋ᠴᠠ ᠪᠠᠨ ᠵᠢᠭᠰᠠᠵᠤ
ᠥᠩᠰᠢᠭ ᠲᠠᠷᠭᠤᠨ ᠨᠤᠲᠤᠭ ᠤᠰᠤ ᠶ᠋ᠢ ᠮᠢᠨᠢ
ᠨᠢᠳᠦ ᠢᠷᠮᠡᠬᠦ ᠵᠠᠭᠤᠷ᠎ᠠ ᠵᠠᠯᠭᠢᠮᠠᠷ ᠪᠣᠯᠬᠤ ᠳ᠋ᠤ᠌
ᠦᠶᠡᠰ ᠦᠶᠡᠰ ᠪᠣᠳᠣᠬᠤ ᠳ᠋ᠤ᠌
ᠵᠢᠷᠦᠬᠡᠨ ᠴᠣᠬᠢᠯᠭ᠎ᠠ ᠲᠦᠷᠭᠡᠰᠴᠦ ᠥᠭᠡᠷᠡᠴᠢᠯᠡᠨ᠎ᠡ ᠭᠡᠰᠡᠨ ᠦᠵᠡᠯ ᠪᠣᠳᠣᠯ
ᠥᠷᠥᠴᠡ ᠴᠡᠭᠡᠵᠢᠨ ᠳ᠋ᠦ᠍ ᠰᠣᠶᠣᠭᠠᠯᠠᠪᠠ

ᠰᠠᠯᠬᠢ ᠢᠰᠬᠡᠷᠴᠦ ᠰᠢᠷᠣᠢ ᠬᠤᠢᠯᠠᠷᠠᠭᠰᠠᠨ
ᠶᠡᠷᠡᠭᠡᠳ ᠣᠨ ᠤ᠋ ᠦᠶᠡᠰ ᠲᠦ᠍
ᠰᠠᠨᠠᠭ᠎ᠠ ᠪᠠᠢᠭᠠᠳ ᠤᠨᠤᠭ᠎ᠠ ᠬᠦᠷᠬᠦ ᠦᠭᠡᠢ
ᠰᠠᠨᠳᠤᠷᠭᠠᠵᠤ ᠯᠠ ᠪᠠᠢᠭᠰᠠᠨ ᠰᠢᠦ
ᠰᠠᠭᠤᠭᠰᠠᠨ ᠭᠡᠷ ᠡᠯᠡᠰᠦᠨ ᠳ᠋ᠦ᠍ ᠳᠠᠷᠤᠭᠳᠠᠭᠰᠠᠨ ᠢ᠋
ᠬᠠᠷᠠᠨ ᠬᠠᠷᠠᠨ ᠰᠠᠭᠤᠬᠤ ᠳ᠋ᠤ᠌
ᠰᠠᠨᠴᠢᠭ ᠤ᠋ᠨ ᠦᠰᠦᠨ  ᠦ᠌ ᠬᠠᠵᠠᠭᠤ ᠪᠠᠷ
ᠨᠢᠯᠪᠤᠰᠤᠨ ᠵᠠᠮ ᠨᠡᠭᠡᠭᠡᠯᠲᠡᠲᠡᠢ
ᠪᠤᠳᠠᠩ ᠮᠠᠨᠠᠨ ᠲᠠᠲᠠᠭᠰᠠᠨ ᠠᠳᠠᠯᠢ
ᠡᠳᠦᠷ ᠰᠥᠨᠢ ᠦᠭᠡᠢ ᠰᠠᠯᠬᠢᠯᠠᠵᠤ
ᠪᠤᠭᠤᠷᠤᠯ ᠳᠡᠭᠡᠳᠦ ᠡᠴᠡ ᠥᠪᠯᠡᠭᠰᠡᠨ ᠨᠤᠲᠤᠭ
ᠨᠡᠯᠦᠭᠡᠷ ᠡᠯᠡᠰᠦᠨ ᠳ᠋ᠦ᠍ ᠳᠠᠷᠤᠭᠳᠠᠵᠤ
ᠪᠤᠲᠠ ᠪᠤᠷᠭᠠᠰᠤ ᠲᠠᠷᠢᠶ᠎ᠠ ᠭᠡᠬᠦ ᠳ᠋ᠦ᠍
ᠰᠣᠶᠣᠭ᠎ᠠ ᠮᠣᠳᠣ ᠴᠤ᠌ ᠣᠯᠳᠠᠬᠤ ᠦᠭᠡᠢ
ᠪᠣᠳᠣᠨ ᠪᠣᠳᠣᠨ ᠰᠠᠭᠤᠬᠤ ᠳ᠋ᠤ᠌
ᠬᠠᠮᠠᠷ ᠤ᠋ᠨ ᠦᠵᠦᠭᠦᠷ ᠱᠠᠷᠬᠢᠷᠠᠵᠤ
ᠬᠥᠯᠥᠰᠥ ᠤᠷᠤᠰᠬᠠᠨ ᠬᠦᠷᠵᠡ ᠡᠷᠭᠢᠭᠦᠯᠵᠦ
ᠨᠤᠲᠤᠭ ᠤᠰᠤ ᠪᠠᠨ ᠥᠭᠡᠷᠡᠴᠢᠯᠡᠶ᠎ᠡ ᠭᠡᠬᠦ ᠳ᠋ᠦ᠍
ᠬᠦᠷᠮ᠎ᠡ ᠨᠢ ᠬᠦᠷᠲᠡᠯ᠎ᠡ ᠨᠥᠬᠦᠭᠡᠰᠦᠲᠡᠢ
ᠶᠠᠳᠠᠭᠤ ᠬᠣᠭᠣᠰᠣᠨ ᠯᠠ ᠪᠠᠢᠭᠰᠠᠨ
ᠬᠦᠯᠦᠭ ᠦ᠋ᠨ ᠨᠢᠷᠤᠭᠤᠨ ᠳᠡᠭᠡᠷ᠎ᠡ ᠤᠷᠭ᠎ᠠ ᠠᠳᠬᠤᠭᠰᠠᠨ
ᠮᠠᠯᠴᠢᠨ ᠬᠥᠮᠦᠨ ᠪᠣᠯᠤᠶ᠎ᠠ ᠭᠡᠬᠦ ᠳ᠋ᠦ᠍
ᠬᠥᠷᠥᠰᠥ ᠨᠢ ᠨᠢᠴᠦᠭᠦᠨ ᠡᠯᠡᠰᠦ ᠡᠴᠡ ᠥᠭᠡᠷ᠎ᠡ
ᠶᠠᠭᠤ ᠴᠤ᠌ ᠪᠠᠢᠭ᠎ᠠ ᠦᠭᠡᠢ ᠶᠦᠮ
ᠠᠷᠠᠯᠵᠢᠶ᠎ᠠ ᠬᠢᠵᠦ ᠠᠮᠢ ᠭᠣᠣᠯ ᠢ᠋ᠶ᠋ᠠᠨ
ᠠᠷᠭᠠᠴᠠᠭᠠᠶ᠎ᠠ ᠭᠡᠵᠦ ᠪᠣᠳᠣᠬᠤ ᠳ᠋ᠤ᠌
ᠠᠷᠠᠳ ᠤ᠋ᠨ ᠮᠥᠩᠭᠥ ᠬᠠᠷᠮᠠᠨ ᠳᠣᠲᠣᠷ᠎ᠠ ᠬᠣᠭᠣᠰᠣᠨ
ᠠᠵᠢᠯ ᠬᠥᠳᠡᠯᠮᠦᠷᠢ ᠪᠡᠷ ᠭᠣᠣᠯ ᠪᠣᠯᠭᠠᠵᠤ
ᠡᠯᠡᠰᠦ ᠮᠠᠩᠬ᠎ᠠ ᠪᠠᠨ ᠥᠭᠡᠷᠡᠴᠢᠯᠡᠶ᠎ᠡ ᠭᠡᠬᠦ ᠳ᠋ᠦ᠍
ᠠᠷᠪᠠᠨ ᠬᠤᠷᠤᠭᠤ ᠬᠣᠶᠠᠷ ᠨᠢᠳᠤᠷᠭ᠎ᠠ ᠠ᠋ᠴᠠ ᠥᠭᠡᠷ᠎ᠡ
ᠶᠠᠭᠤ ᠴᠤ᠌ ᠦᠭᠡᠢ ᠬᠣᠭᠣᠰᠣᠨ

ᠬᠠᠶᠠᠭᠠᠳ ᠶᠠᠪᠤᠶ᠎ᠠ ᠭᠡᠬᠦᠯᠡᠷ
ᠰᠠᠭᠤᠭᠰᠠᠨ ᠨᠤᠲᠤᠭ ᠰᠠᠢᠬᠠᠨ ᠬᠠᠷᠠᠭᠳᠠᠨ᠎ᠠ
ᠬᠠᠷᠠᠭᠠᠨ ᠳ᠋ᠤ᠌ ᠲᠣᠳᠣᠷᠠᠬᠤ ᠡᠯᠡᠰᠦ ᠨᠢ
ᠳᠠᠯᠠᠯᠵᠤ ᠴᠤ᠌ ᠪᠠᠢᠮᠠᠷ ᠬᠠᠷᠠᠭᠳᠠᠨ᠎ᠠ
ᠭᠠᠵᠠᠷ ᠤ᠋ᠨ ᠬᠣᠯᠠ ᠠ᠋ᠴᠠ ᠠᠪᠴᠢᠷᠠᠭᠰᠠᠨ ᠪᠤᠷᠭᠠᠰᠤ ᠨᠢ
ᠬᠠᠮᠲᠤ ᠪᠠᠢᠶ᠎ᠠ ᠭᠡᠰᠡᠨ ᠰᠢᠭ ᠲᠣᠯᠣᠭᠠᠢ ᠨᠠᠢᠭᠤᠯᠵᠠᠨ᠎ᠠ
ᠬᠣᠷᠢᠳᠤᠭᠠᠷ ᠵᠠᠭᠤᠨ ᠤ᠋ ᠰᠡᠭᠦᠯᠴᠢ ᠪᠡᠷ
ᠡᠷᠴᠢ ᠵᠣᠷᠢᠭ ᠬᠥᠪᠴᠢᠯᠡᠭᠳᠡᠨ ᠬᠣᠯᠪᠣᠵᠤ ᠢᠷᠡᠭᠰᠡᠨ ᠡᠯᠡᠰᠦ ᠶ᠋ᠢ
ᠲᠦᠷᠦᠭᠦᠦ ᠶ᠋ᠢ ᠨᠢ ᠰᠠᠯᠭᠠᠵᠤ ᠨᠣᠭᠲᠣᠯᠠᠪᠠ
ᠬᠣᠨᠣᠭ ᠤ᠋ᠨ ᠰᠢᠪᠠᠭᠤ ᠨᠥᠮᠥᠷᠢᠳᠡᠴᠢᠬᠡᠮᠡᠷ
ᠬᠣᠶᠠᠷ ᠮᠠᠩᠬ᠎ᠠ ᠨᠢ ᠲᠣᠭᠲᠠᠪᠤᠷᠢᠵᠢᠪᠠ
ᠬᠣᠩᠭᠣᠷ ᠵᠢᠷᠦᠬᠡᠨ ᠳ᠋ᠦ᠍ ᠮᠢᠨᠢ
ᠬᠣᠣᠰ ᠦᠭᠡᠢ ᠪᠠᠶᠠᠷ ᠪᠣᠯᠤᠯ᠎ᠠ
ᠪᠣᠳᠣᠨ ᠪᠣᠳᠣᠨ ᠰᠠᠭᠤᠬᠤ ᠳ᠋ᠤ᠌
ᠨᠤᠲᠤᠭ ᠮᠢᠨᠢ ᠰᠠᠢᠬᠠᠨ ᠬᠠᠷᠠᠭᠳᠠᠨ᠎ᠠ
ᠪᠣᠷᠣ ᠵᠢᠷᠦᠬᠡᠨ ᠳ᠋ᠡᠭᠡᠨ ᠲᠤᠩᠭᠠᠵᠤ
ᠪᠦᠲᠦᠭᠡᠨ ᠪᠠᠢᠭᠤᠯᠬᠤ ᠪᠣᠳᠣᠯ ᠲᠥᠷᠥᠭᠳᠡᠪᠡ
ᠪᠤᠷᠭᠠᠰᠤ ᠮᠣᠳᠣ ᠲᠠᠷᠢᠬᠤ ᠪᠠᠷ
ᠪᠣᠳᠣᠯ ᠶᠤᠭᠠᠨ ᠴᠢᠩᠭᠠᠯᠠᠵᠤ
ᠪᠣᠯᠵᠣᠮᠣᠷ ᠰᠢᠪᠠᠭᠤ ᠵᠢᠷᠭᠢᠬᠦ ᠪᠡᠷ
ᠪᠣᠰᠴᠤ ᠵᠡᠷᠭᠡᠴᠡᠨ ᠠᠵᠢᠯᠯᠠᠭᠠᠳ
ᠵᠠᠪᠠᠯ ᠴᠢᠮᠠᠶ᠋ᠢ ᠳᠡᠢᠯᠦᠨ᠎ᠡ ᠭᠡᠵᠦ
ᠲᠩᠷᠢ ᠳ᠋ᠦ᠍ ᠲᠠᠩᠭᠠᠷᠢᠭ ᠲᠠᠯᠪᠢᠵᠤ
ᠵᠠᠵᠢᠨ ᠦᠰᠦ ᠮᠢᠨᠢ ᠴᠠᠢᠭᠰᠠᠨ ᠴᠤ᠌
ᠬᠣᠶᠠᠷ ᠨᠢᠳᠤᠷᠭ᠎ᠠ ᠪᠠᠨ ᠵᠠᠩᠭᠢᠳᠤᠭᠰᠠᠨ
ᠭᠡᠮ ᠦᠭᠡᠢ ᠨᠡᠯᠦᠭᠡᠷ ᠡᠯᠡᠰᠦᠨ ᠳ᠋ᠦ᠍
ᠨᠢᠯᠬ᠎ᠠ ᠴᠢᠬᠢ ᠶ᠋ᠢ ᠪᠣᠢᠵᠢᠭᠤᠯᠵᠤ
ᠠᠮᠢᠨ ᠤ᠋ ᠬᠡᠦᠬᠡᠳ ᠠᠳᠠᠯᠢ
ᠠᠰᠠᠷᠠᠨ ᠬᠠᠮᠠᠭᠠᠯᠠᠵᠤ ᠢᠷᠡᠪᠡ

ᠨᠤᠷ᠎ᠠ ᠡᠯᠡᠰᠦ ᠨᠣᠮᠣᠬᠠᠷᠠᠵᠤ
ᠨᠣᠮᠢᠨ ᠳᠠᠪᠠᠯᠭᠠᠨ ᠬᠠᠶᠠᠯᠠᠨ
ᠨᠤᠲᠤᠭ ᠤᠰᠤ ᠪᠠᠨ ᠪᠠᠷᠠᠯᠠᠬᠤ ᠳ᠋ᠤ᠌
ᠵᠢᠷᠭᠠᠯ ᠤ᠋ᠨ ᠳᠠᠭᠤᠨ ᠬᠠᠩᠭᠢᠨᠠᠨ᠎ᠠ
ᠳᠥᠴᠢᠨ ᠵᠢᠯ ᠢ᠋ᠶ᠋ᠡᠨ ᠡᠷᠭᠢᠴᠡᠭᠦᠯᠬᠦ ᠳ᠋ᠦ᠍
ᠭᠤᠨᠢᠭ ᠪᠠᠶᠠᠰᠤᠯ ᠬᠣᠣᠰᠯᠠᠨ᠎ᠠ
ᠭᠣᠪᠢ ᠶ᠋ᠢᠨ ᠳᠤᠮᠳᠠᠬᠢ ᠮᠠᠯᠴᠢᠨ ᠠᠢᠯ ᠤ᠋ᠳ
ᠠᠮᠢᠳᠤᠷᠠᠯ ᠤ᠋ᠨ ᠰᠠᠢᠬᠠᠨ ᠳ᠋ᠤ᠌ ᠱᠤᠩᠪᠠᠨ᠎ᠠ
ᠥᠩᠭᠡᠷᠡᠵᠦ ᠣᠳᠤᠭᠰᠠᠨ ᠳᠥᠴᠢᠨ ᠵᠢᠯ
ᠲᠡᠦᠬᠡ ᠪᠣᠯᠵᠤ ᠬᠣᠴᠣᠷᠪᠠᠢ
ᠦᠯᠢᠭᠡᠷ ᠳᠣᠮᠣᠭ ᠰᠢᠭ᠋ ᠳᠠᠯᠠᠭᠠᠳ ᠣᠨ ᠢ᠋ᠶ᠋ᠠᠨ
ᠪᠤᠤ ᠯᠠ ᠮᠠᠷᠲᠠ ᠨᠠᠨᠳᠢᠩᠨᠠᠵᠤ ᠶᠠᠪᠤᠶ᠎ᠠ
ᠥᠭᠡᠷᠡᠴᠢᠯᠡᠯᠲᠡ ᠨᠡᠭᠡᠭᠡᠯᠲᠡ ᠶ᠋ᠢᠨ ᠳᠥᠴᠢᠨ ᠵᠢᠯ
ᠠᠮᠵᠢᠯᠲᠠ ᠢᠯᠠᠯᠲᠠ ᠪᠢᠯᠬᠠᠷᠠᠵᠤ
ᠣᠷᠣᠭᠰᠢ ᠲᠠᠪᠰᠢᠬᠤ ᠢᠷᠡᠭᠡᠳᠦᠢ ᠶ᠋ᠢᠨ ᠵᠠᠮ
ᠨᠡᠩ ᠰᠠᠷᠠᠭᠤᠯ ᠳᠠᠷᠳᠠᠩ ᠪᠣᠯᠬᠤ ᠶᠤᠮ
ᠦᠭᠡᠢᠭᠦᠦ ᠬᠣᠭᠣᠰᠣᠨ ᠳᠠᠯᠠᠭᠠᠳ ᠣᠨ ᠳ᠋ᠤ᠌
ᠡᠪᠯᠡᠭᠦᠯᠵᠦ ᠶᠠᠪᠤᠭᠰᠠᠨ ᠠᠷᠪᠠᠨ ᠵᠢᠯ
ᠢᠯᠠᠯᠲᠠ ᠢᠯᠠᠭᠳᠠᠯ ᠤ᠋ᠨ ᠳᠤᠮᠳᠠ
ᠲᠡᠮᠡᠦᠯᠵᠦ ᠶᠠᠪᠤᠭᠰᠠᠨ ᠠᠷᠪᠠᠨ ᠵᠢᠯ
ᠠᠮᠵᠢᠯᠲᠠ ᠣᠯᠤᠯᠲᠠ ᠶ᠋ᠢᠨ ᠡᠬᠢᠨ ᠳ᠋ᠦ᠍
ᠪᠠᠶᠠᠷᠲᠠᠢ ᠶᠠᠪᠤᠭᠰᠠᠨ ᠠᠷᠪᠠᠨ ᠵᠢᠯ
ᠠᠯᠲᠠᠨ ᠰᠢᠷᠭᠠᠯ ᠡᠯᠡᠰᠦ ᠮᠠᠩᠬ᠎ᠠ ᠶ᠋ᠢ
ᠡᠵᠡᠮᠳᠡᠵᠦ ᠠᠪᠤᠭᠰᠠᠨ ᠠᠷᠪᠠᠨ ᠵᠢᠯ
ᠨᠤᠲᠤᠭ ᠮᠢᠨᠢ ᠬᠤᠪᠢᠷᠠᠵᠠᠢ
ᠭᠠᠯᠠᠭᠤ ᠨᠤᠭᠤᠰᠤ
ᠰᠠᠭᠤᠬᠤ ᠠ᠋ᠴᠠ ᠨᠠᠭᠤᠷ ᠲᠠᠢ
ᠨᠤᠲᠤᠭ ᠮᠢᠨᠢ ᠬᠤᠪᠢᠷᠠᠵᠠᠢ
ᠮᠠᠯ ᠰᠦᠷᠦᠭ ᠢ᠋ᠶ᠋ᠡᠨ
ᠮᠠᠯᠵᠢᠬᠤ ᠠ᠋ᠴᠠ ᠡᠪᠡᠰᠦ ᠪᠡᠯᠴᠢᠭᠡᠷ ᠲᠡᠢ
ᠨᠤᠲᠤᠭ ᠮᠢᠨᠢ ᠬᠤᠪᠢᠷᠠᠵᠠᠢ
ᠠᠶᠠᠨ ᠳ᠋ᠤ᠌
ᠶᠠᠪᠤᠬᠤ ᠠ᠋ᠴᠠ ᠵᠠᠮ ᠲᠠᠢ
ᠨᠤᠲᠤᠭ ᠮᠢᠨᠢ ᠬᠤᠪᠢᠷᠠᠵᠠᠢ
ᠰᠢᠷ᠎ᠠ ᠡᠯᠡᠰᠦ
ᠨᠣᠮᠢᠨ ᠨᠣᠭᠣᠭᠠᠨ ᠪᠦᠷᠢᠳᠦ ᠪᠣᠯᠵᠠᠢ᠃

   ᠦᠰᠦᠭ ᠠᠮᠢᠯᠠᠭᠤᠯᠤᠭᠴᠢ᠄ ᠰᠤᠳᠤᠯᠲᠤ
   ᠬᠢᠨᠠᠭᠴᠢ᠄ ᠣᠳᠬᠠᠨᠰᠣ᠎ᠠ