ᠠᠩᠬᠠᠨ ᠤ ᠰᠢᠳᠢᠲᠡᠨ-ᠪᠤᠯᠴᠠᠭᠠᠷ2-09Булцгар - _ Анхны шидтэн _ 2-р бүлгийн 9-р анги ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠩᠬᠠᠨ ᠤ ᠰᠢᠳᠢᠲᠡᠨ-ᠪᠤᠯᠴᠠᠭᠠᠷ2-09Булцгар - _ Анхны шидтэн _ 2-р бүлгийн 9-р анги

ᠠᠩᠬᠠᠨ ᠤ ᠰᠢᠳᠢᠲᠡᠨ-ᠪᠤᠯᠴᠠᠭᠠᠷ2-09Булцгар - _ Анхны шидтэн _ 2-р бүлгийн 9-р анги

2024-07-16

840

ᠠᠩᠬᠠᠨ ᠤ ᠰᠢᠳᠢᠲᠡᠨ

ᠡᠪᠦᠭᠡ᠄ᠵᠠ᠂ ᠡᠨᠡ ᠴᠦ᠍ ᠡᠵᠡᠨ ᠲᠡᠢ ᠬᠣᠯᠪᠣᠭ᠎ᠠ ᠲᠣᠭᠲᠠᠭᠠᠬᠤ ᠪᠣᠯᠤᠮᠵᠢ ᠦᠭᠡᠢ ᠪᠠᠢᠳᠠᠭ᠂ ᠠᠩ! ᠥᠪᠡᠷ ᠢ᠋ᠶ᠋ᠡᠨ ᠡᠨᠡ ᠬᠡᠳᠦ ᠠᠷᠭᠠᠯᠠᠴᠢᠬᠠᠶ᠎ᠠ ᠭᠡᠵᠦ ᠪᠣᠳᠣᠲᠠᠯ᠎ᠠ ᠨᠢ ᠡᠨᠡ ᠮᠠᠭᠤ ᠭᠠᠭᠴᠠ ᠡᠪᠡᠷ ᠨᠢ ᠤᠯᠠᠮ ᠨᠢᠮᠪᠠᠢ ᠪᠣᠯᠤᠭᠠᠳ ᠪᠠᠢᠳᠠᠭ ᠰᠢᠦ᠃
ᠲᠣᠳᠢ᠄ᠡᠪᠦᠭᠡ? ᠪᠤᠺᠠ ᠶ᠋ᠢᠨ ᠡᠪᠦᠭᠡ ᠲᠠ ᠬᠠᠮᠢᠭ᠎ᠠ ᠣᠴᠢᠴᠢᠬᠠᠪᠠ?
ᠡᠪᠦᠭᠡ᠄ ᠠ᠂ᠡᠪᠦᠭᠡ ᠨᠢ ᠡᠨᠳᠡ ᠪᠠᠢᠨ᠎ᠠ᠂ ᠤᠳᠠᠬᠤ ᠦᠭᠡᠢ ᠣᠴᠢᠯ᠎ᠠ.᠃
ᠪᠤᠺᠠ᠄ ᠠᠢᠰᠤᠤ ᠠᠨᠳᠠ ᠠ᠋᠂ ᠪᠣᠯᠴᠢᠬᠠᠭᠰᠠᠨ ᠰᠢᠦ᠃ ᠭᠡᠷ ᠲᠦ᠍ ᠪᠠᠨ ᠲᠠᠪᠠᠲᠠᠢ ᠮᠣᠷᠢᠯᠠ᠂ ᠠᠨᠳᠠ ᠮᠢᠨᠢ ᠃
ᠠᠢᠰᠤᠤ᠄ᠠᠴᠢᠶᠠᠯᠠᠵᠤ ᠪᠠᠢᠨ᠎ᠠ ᠠᠴᠢᠶᠠᠯᠠᠵᠤ ᠪᠠᠢᠨ᠎ᠠ᠂ ᠲᠡᠢᠮᠦ ᠠ᠋ ᠪᠢ ᠡᠷᠭᠢᠭᠡᠳ ᠢᠷᠡᠯ᠎ᠡ ᠰᠢᠲᠠ᠃
ᠰᠠᠨᠢ᠄ ᠠᠢᠰᠤᠤ᠂ᠣᠳᠣ ᠬᠠᠮᠢᠭᠠᠰᠢ ᠪᠠᠨ ᠶᠠᠪᠤᠵᠠᠭᠠᠬᠤ ᠪᠢᠯᠡ?
ᠠᠢᠰᠤᠤ᠄ᠪᠢᠳᠡ ᠨᠠᠷ ᠣᠳᠣ ᠡᠨᠡ ᠪᠠᠢᠨ᠎ᠠ᠂ᠬᠠᠷᠢᠨ ᠬᠠᠮᠤᠭ ᠤ᠋ᠨ ᠰᠡᠭᠦᠯ ᠦ᠋ᠨ ᠭᠠᠵᠠᠷ ᠪᠤᠶᠤ᠂ᠡᠢᠰᠢ ᠪᠠᠨ ᠯᠠ ᠣᠴᠢᠬᠤ ᠬᠡᠷᠡᠭᠲᠡᠢ ᠪᠠᠢᠨ᠎ᠠ ᠳᠠ᠃
ᠷᠦᠪᠢ᠄ᠲᠡᠨᠳᠡ ᠶᠦᠨᠢ ᠰᠡᠭᠦᠯ ᠦ᠋ᠨ ᠢ᠋ᠶ᠋ᠡᠨ ᠬᠦᠴᠦ ᠶ᠋ᠢ ᠠᠪᠤᠨ᠎ᠠ ᠭᠡᠰᠡᠨ ᠦᠭᠡ ᠤᠤ?
ᠶᠠ! ᠶᠠᠮᠠᠷ ᠬᠦᠴᠦ ᠠᠪᠬᠤ ᠪᠢᠯᠡ ᠤᠤ? ᠬᠡ ᠬᠡ
ᠲᠣᠳᠢ᠄ᠵᠠ᠂ ᠲᠡᠭᠡᠪᠡᠯ ᠶᠠᠪᠤᠵᠠᠭᠠᠶ᠎ᠠ ᠳᠠ᠃ ᠶᠠ ᠶᠠ ᠶᠠ᠂ᠬᠥᠯ ᠬᠥᠯ ᠬᠥᠯ᠂ᠪᠢᠳᠡ ᠳᠥᠭᠥᠵᠦ ᠪᠠᠢᠨ᠎ᠠ ᠤᠤ? ᠠᠢᠰᠤᠤ᠃
ᠠᠢᠰᠤᠤ᠄ ᠵᠠᠮ ᠤ᠋ᠨ ᠢ᠋ᠶ᠋ᠠᠨ ᠲᠠᠯ᠎ᠠ ᠳ᠋ᠤ᠌ ᠨᠢ ᠯᠡ ᠶᠠᠪᠤᠵᠤ ᠪᠠᠢᠨ᠎ᠠ ᠳᠠ᠂᠃
ᠲᠣᠳᠢ᠄ᠠ ᠬᠠ! ᠨᠠᠳᠠ ᠨᠢᠭᠡ ᠰᠠᠨᠠᠭ᠎ᠠ ᠲᠥᠷᠥᠯ᠎ᠡ ᠰᠢᠦ.᠂ ᠶᠦᠨᠢ ᠨᠠᠮ᠎ᠠ ᠶ᠋ᠢ ᠦᠰᠦᠷᠬᠦ ᠪᠡᠷ ᠵᠢᠵᠢᠭᠬᠡᠨ ᠪᠣᠯᠭᠠᠭᠠᠳ ᠥᠭᠴᠢᠬᠡ᠃
ᠶᠦᠨᠢ᠄ ᠠ! ᠵᠠ
ᠲᠣᠳᠢ᠄ ᠵᠠ ᠶᠠᠮᠠᠷ ᠭᠣᠶᠣ ᠪᠠᠢᠨ᠎ᠠ᠃
ᠷᠦᠪᠢ᠄ᠰᠠᠨᠠᠳᠠᠭ ᠰᠠᠨᠠᠭ᠎ᠠ ᠪᠠᠢᠨ᠎ᠠ ᠰᠢᠲᠠ᠂ᠠᠨᠳᠠ ᠠ᠋᠂ᠴᠢ ᠴᠦ᠍ ᠰᠡᠷᠭᠦᠯᠡᠩ ᠪᠠᠢᠨ᠎ᠠ ᠰᠢᠦ᠃
ᠰᠠᠨᠢ᠄ ᠢᠩᠭᠢᠬᠦ ᠳ᠋ᠦ᠍ ᠡᠪᠦᠭᠡ ᠬᠠᠮᠢᠭ᠎ᠠ ᠣᠴᠢᠵᠤ ᠪᠣᠢ?
ᠡᠪᠦᠭᠡ᠄ᠡᠵᠡᠨᠲᠡᠨ ᠠ᠋᠂ ᠲᠠ ᠪᠠᠢᠨ᠎ᠠ ᠤᠤ?ᠪᠠᠢᠨ᠎ᠠ ᠤᠤ? ᠪᠠᠢᠨ᠎ᠠ ᠤᠤ?ᠪᠠᠢᠨ᠎ᠠ ᠤᠤ?ᠡᠨᠡ ᠭᠠᠵᠠᠷ ᠶᠠᠭᠠᠬᠢᠯᠲᠠ ᠴᠤ᠌ ᠦᠭᠡᠢ ᠪᠦᠬᠦ ᠵᠦᠢᠯ ᠡᠴᠡ ᠰᠠᠯᠬᠤ ᠶ᠋ᠢᠨ ᠲᠤᠯᠠᠳᠠ ᠵᠢᠳᠬᠦᠨ᠎ᠡ ᠰᠢᠦ᠃
ᠷᠸᠫᠤᠷᠲ᠋ᠸ( ᠴᠢᠮᠡᠭᠡ ᠬᠣᠯᠪᠣᠭ᠎ᠠ) ᠨᠢ ᠬᠦᠷᠲᠡᠯ᠎ᠡ ᠠᠵᠢᠯᠯᠠᠬᠤ ᠦᠭᠡᠢ᠂ ᠤᠯᠠᠮ ᠤᠤᠴᠢᠷᠯᠠᠵᠤ( ᠬᠦᠯᠢᠶᠡᠯᠲᠡ ᠲᠡᠢ) ᠪᠠᠢᠨ᠎ᠠ᠃
ᠪᠤᠺᠠ᠄ ᠡᠪᠦᠭᠡ᠂ ᠡᠪᠦᠭᠡ ᠲᠠ ᠪᠠᠢᠨ᠎ᠠ ᠤᠤ?
ᠡᠪᠦᠭᠡ᠄ ᠡᠪᠦᠭᠡ ᠨᠢ ᠡᠨᠳᠡ ᠪᠠᠢᠨ᠎ᠠ᠂ᠤᠳᠠᠬᠤ ᠦᠭᠡᠢ ᠣᠴᠢᠯ᠎ᠠ,᠂ ᠡᠪᠦᠭᠡ ᠶ᠋ᠢᠨ ᠬᠢᠨᠢ ᠭᠡᠳᠡᠰᠦ ᠡᠪᠡᠳᠦᠭᠡᠳ ᠪᠠᠢᠨ᠎ᠠ.᠃
ᠶᠦᠨᠢ᠄ᠬᠥᠶᠢ᠂ ᠡᠨᠡ ᠴᠢᠨᠢ ᠶᠠᠭᠤ ᠪᠣᠢ?ᠡᠨᠡ ᠭᠠᠵᠠᠷ ᠴᠢᠨᠢ ᠢᠩᠭᠢᠭᠡᠳ ᠯᠡ ᠳᠠᠭᠤᠰᠴᠢᠬᠠᠯ᠎ᠠ ᠰᠢᠳᠡ᠂ ᠠᠢᠰᠤᠤ᠂ ᠣᠳᠣ ᠶᠠᠭᠠᠬᠢᠬᠤ ᠤᠤ?
ᠠᠢᠰᠤᠤ᠄ᠬᠠᠷᠢᠨ ᠠ᠋᠂ ᠭᠠᠵᠠᠷ ᠤ᠋ᠨ ᠵᠢᠷᠤᠭ ᠢ᠋ᠶ᠋ᠠᠷ ᠪᠣᠯ ᠪᠢᠳᠡ ᠵᠥᠪ ᠭᠠᠵᠠᠷ ᠢ᠋ᠶ᠋ᠠᠨ ᠯᠠ ᠢᠷᠡᠴᠢᠬᠡᠭᠰᠡᠨ ᠪᠠᠢᠭᠠᠳ ᠪᠠᠢᠬᠤ ᠶᠤᠮ᠃
ᠲᠣᠳᠢ᠄ᠬᠠᠳᠠ ᠨᠢᠰᠴᠦ ᠪᠠᠢᠨ᠎ᠠ᠂ᠬᠠᠳᠠ᠁ᠬᠠᠳᠠ ᠨᠢᠰᠴᠦ ᠪᠠᠢᠨ᠎ᠠ᠃
ᠶᠦᠨᠢ᠄ ᠡᠨᠡ ᠳᠡᠭᠡᠷ᠎ᠡ ᠨᠢᠭᠡ ᠵᠦᠢᠯ ᠪᠠᠢᠭ᠎ᠠ ᠶᠤᠮ ᠰᠢᠭ᠋ ᠪᠠᠢᠨ᠎ᠠ᠃
ᠲᠣᠳᠢ᠄ᠲᠡᠭᠡᠪᠡᠯ ᠪᠥᠭᠡᠮ ᠳ᠋ᠦ᠍ ᠪᠡᠨ ᠣᠴᠢᠵᠤ ᠦᠵᠡᠶ᠎ᠡ ᠯᠡ ᠳᠡ᠃
ᠠᠢᠰᠤᠤ᠄ᠮᠢᠨᠦ ᠨᠢᠰᠬᠦ ᠲᠣᠬᠢᠷᠠᠭ᠎ᠠ ᠣᠳᠣ ᠪᠠᠷ ᠪᠦᠷᠢᠨ ᠳᠠᠭᠤᠰᠤᠭ᠎ᠠ ᠦᠭᠡᠢ ᠪᠠᠢᠨ᠎ᠠ᠂ ᠶᠠᠭᠠᠬᠢᠬᠤ ᠤᠤ?
ᠶᠦᠨᠢ᠄ ᠮᠠᠨ ᠤ᠋ ᠬᠢ ᠠ᠋᠂ᠪᠢ ᠳᠡᠭᠡᠭᠰᠢ ᠪᠡᠨ ᠭᠠᠭᠴᠠᠭᠠᠷ ᠢ᠋ᠶ᠋ᠠᠨ ᠭᠠᠷᠤᠭᠰᠠᠨ ᠨᠢ ᠠᠷᠠᠢ ᠠᠶᠤᠯ ᠦᠭᠡᠢ ᠭᠡᠵᠦ ᠪᠣᠳᠣᠵᠤ ᠪᠠᠢᠨ᠎ᠠ᠂ᠲᠠ ᠨᠠᠷ ᠡᠨᠳᠡ ᠪᠡᠨ ᠨᠠᠮ᠎ᠠ ᠶ᠋ᠢ ᠬᠦᠯᠢᠶᠡᠵᠦ ᠪᠠᠢᠭᠠᠷᠠᠢ!
ᠪᠤᠺᠠ᠄ᠣᠢᠯᠠᠭᠠᠯ᠎ᠠ, ᠶᠦᠨᠢ ᠪᠢᠳᠡ ᠨᠠᠷ ᠡᠨᠳᠡ ᠪᠡᠨ ᠠᠶᠤᠯ ᠦᠭᠡᠢ ᠬᠦᠯᠢᠶᠡᠵᠦ ᠪᠠᠢᠶ᠎ᠠ᠃
ᠶᠦᠨᠢ᠄ ᠡᠨᠳᠡ᠂ ᠡᠨᠳᠡ ᠬᠡᠨ ᠨᠢᠭᠡ ᠨᠢ ᠪᠠᠢᠨ᠎ᠠ ᠤᠤ?ᠠᠩᠬᠠᠨ ᠤ᠋ ᠰᠢᠳᠢᠲᠡᠨ ᠠ᠋᠂ᠲᠠ ᠨᠠᠮ᠎ᠠ ᠶ᠋ᠢ ᠰᠣᠨᠣᠰᠴᠤ ᠪᠠᠢᠨ᠎ᠠ ᠤᠤ? ᠲᠠ᠁ ᠲᠠ ᠠᠷᠠᠢ ᠠᠩᠬᠠᠨ ᠤ᠋ ᠰᠢᠳᠢᠲᠡᠨ᠁
ᠠᠩᠬᠠᠨ ᠤ᠋ ᠰᠢᠳᠢᠲᠡᠨ᠄ ᠲᠡᠢᠮᠦ ᠠ᠋᠂ ᠶᠦᠨᠢ ᠪᠢ ᠪᠣᠯ ᠠᠩᠬᠠᠨ ᠤ᠋ ᠰᠢᠳᠢᠲᠡᠨ ᠪᠠᠢᠨ᠎ᠠ᠂ᠨᠠᠳᠠ ᠴᠢᠮ᠎ᠠ ᠳ᠋ᠤ᠌ ᠬᠠᠷᠠᠭᠤᠯᠬᠤ ᠨᠢᠭᠡ ᠵᠦᠢᠯ ᠪᠠᠢᠨ᠎ᠠ᠃ᠡᠨᠡ ᠪᠣᠯ ᠨᠢᠭᠡᠨ ᠮᠠᠷᠲᠠᠭᠳᠠᠭᠰᠠᠨ ᠲᠡᠦᠬᠡ ᠶᠦ᠍ᠮ᠂ᠨᠢᠭᠡ ᠡᠪᠡᠷᠲᠦ ᠬᠣᠶᠠᠷ ᠡᠪᠡᠷᠲᠦ ᠰᠢᠳᠢᠲᠡᠨ ᠨᠦ᠍ᠭᠦᠳ ᠲᠡᠷᠡ ᠨᠢᠭᠡ ᠠᠶᠤᠮᠰᠢᠭᠲᠠᠢ ᠡᠳᠦᠷ ᠢ᠋ ᠬᠦᠷᠲᠡᠯ᠎ᠡ ᠡᠪ ᠨᠠᠢᠷᠠᠮᠳᠠᠯ ᠲᠠᠢ ᠠᠮᠢᠳᠤᠷᠠᠳᠠᠭ ᠪᠠᠢᠭᠰᠠᠨ᠃ᠨᠢᠭᠡ ᠡᠪᠡᠷᠲᠡᠨ ᠨᠦ᠍ᠭᠦᠳ ᠦ᠋ᠨ ᠨᠢᠭᠡ ᠨᠢ ᠠᠳᠬᠠᠭ ᠰᠠᠨᠠᠭ᠎ᠠ ᠡᠪᠦᠷᠲᠦᠯᠡᠵᠦ᠂ᠪᠢᠳᠡᠨ ᠦ᠌ ᠳᠤᠮᠳᠠ ᠶᠠᠰᠤ ᠬᠠᠶᠠᠭᠰᠠᠨ ᠠ᠋ᠴᠠ ᠪᠣᠯᠵᠤ᠂ᠬᠣᠶᠠᠷ ᠡᠪᠡᠷᠲᠡᠨ ᠨᠦ᠍ᠭᠦᠳ ᠢ᠋ ᠲᠡᠷᠡ ᠡᠳᠦᠷ ᠬᠡᠯᠮᠡᠭᠳᠡᠭᠦᠯᠵᠦ, ᠬᠣᠮᠣᠷᠭᠠᠯᠠᠨ ᠤᠰᠠᠳᠬᠠᠭᠰᠠᠨ᠃ᠲᠡᠭᠦᠨ ᠦ᠌ ᠰᠠᠨᠠᠭ᠎ᠠ ᠨᠢ ᠬᠣᠶᠠᠷ ᠡᠪᠡᠷᠳᠡᠨ ᠨᠦ᠍ᠭᠦᠳ ᠦ᠋ᠨ ᠬᠠᠮᠤᠭ ᠤ᠋ᠨ ᠬᠦᠴᠦᠷᠬᠡᠭ ᠰᠢᠳᠢᠲᠦ ᠵᠡᠪᠰᠡᠭ ᠢ᠋ ᠬᠤᠯᠠᠭᠠᠢᠯᠠᠵᠤ᠂ᠴᠣᠷ ᠤ᠋ᠨ ᠭᠠᠭᠴᠠ ᠬᠦᠴᠦᠷᠬᠡᠭ ᠰᠢᠳᠢᠲᠡᠨ ᠪᠣᠯᠬᠤ ᠶ᠋ᠢ ᠬᠦᠰᠡᠭᠰᠡᠨ ᠠᠳᠬᠠᠭ ᠬᠦᠰᠡᠯ ᠶᠦ᠍ᠮ᠃ᠬᠠᠷᠢᠨ ᠨᠢᠭᠡᠨ ᠵᠢᠭᠠᠯ ᠲᠡᠷᠡ ᠭᠠᠮᠰᠢᠭ ᠠ᠋ᠴᠠ ᠵᠢᠭᠤᠲᠠᠵᠤ ᠴᠢᠳᠠᠭᠰᠠᠨ ᠶᠤᠮ᠃ᠲᠡᠷᠡ ᠪᠣᠯ ᠰᠡᠭᠦᠯᠴᠢ ᠶ᠋ᠢᠨ ᠬᠣᠶᠠᠷ ᠡᠪᠡᠷᠳᠡᠨ᠃ᠵᠢᠭᠠᠯ ᠬᠦᠦ ᠲᠣᠮᠣ ᠪᠣᠯᠬᠤ ᠶ᠋ᠢᠨ ᠬᠢᠷᠢ ᠪᠡᠷ ᠲᠡᠭᠦᠨ ᠦ᠌ ᠦᠰ ᠬᠤᠨᠵᠢᠩ ᠨᠢ ᠤᠯᠠᠮ ᠨᠡᠮᠡᠭᠳᠡᠵᠦ᠂ᠨᠢᠭᠡ ᠡᠪᠡᠷᠲᠡᠨ ᠨᠦ᠍ᠭᠦᠳ ᠢ᠋ ᠤᠰᠠᠳᠬᠠᠵᠤ᠂ᠡᠴᠢᠭᠡ ᠡᠬᠡ ᠪᠣᠯᠤᠨ ᠬᠣᠶᠠᠷ ᠡᠪᠡᠷᠲᠡᠨ ᠨᠦ᠍ᠭᠦᠳ ᠦ᠋ᠨ ᠥᠰᠢᠶ᠎ᠡ ᠶ᠋ᠢ ᠠᠪᠬᠤ ᠪᠠᠷ ᠡᠷᠭᠢᠯᠲᠡ ᠪᠤᠴᠠᠯᠲᠠ ᠦᠭᠡᠢ ᠰᠢᠢᠳᠦᠭᠰᠡᠨ ᠪᠠᠢᠭ᠎ᠠ᠃ᠴᠢ ᠯᠡ ᠲᠡᠭᠦᠨ ᠢ᠋ ᠵᠣᠭᠰᠣᠭᠠᠵᠤ᠂ᠡᠨᠡ ᠦᠯᠦ ᠣᠢᠯᠠᠭᠠᠯᠴᠠᠯ ᠢ᠋ ᠲᠠᠢᠯᠵᠤ ᠂ ᠡᠪ ᠨᠠᠢᠷᠠᠮᠳᠠᠯ ᠢ᠋ ᠠᠪᠴᠢᠷᠠᠬᠤ ᠴᠣᠷ ᠤ᠋ᠨ ᠭᠠᠭᠴᠠ ᠰᠢᠳᠢᠲᠡᠨ ᠶᠦ᠍ᠮ᠃
ᠶᠦᠨᠢ᠄ ᠠ᠂ ᠡᠢᠮᠦ ᠤᠴᠢᠷ ᠲᠠᠢ ᠪᠠᠢᠭᠰᠠᠨ ᠪᠠᠢᠬᠤ ᠨᠢ᠂ᠣᠳᠣ ᠪᠢ ᠪᠦᠭᠦᠳᠡ ᠶ᠋ᠢ ᠣᠢᠯᠠᠭᠠᠯ᠎ᠠ᠂ᠠᠩᠬᠠᠨ ᠤ᠋ ᠰᠢᠳᠢᠲᠡᠨ ᠠ᠋᠃ᠭᠡᠬᠦ ᠳ᠋ᠦ᠍ ᠪᠡᠨ ᠪᠢ ᠰᠡᠭᠦᠯ ᠦ᠋ᠨ ᠬᠦᠴᠦ ᠶ᠋ᠢ ᠶᠠᠭᠠᠬᠢᠵᠤ ᠣᠯᠬᠤ ᠶᠤᠮ?
ᠠᠩᠬᠠᠨ ᠤ᠋ ᠰᠢᠳᠢᠲᠡᠨ᠄ᠰᠡᠭᠦᠯ ᠦ᠋ᠨ ᠬᠦᠴᠦ ᠠᠯᠢ ᠬᠡᠳᠦᠢᠨ ᠦ᠌ ᠴᠢᠨᠦᠬᠢ ᠪᠣᠯᠤᠭᠰᠠᠨ᠃
ᠶᠦᠨᠢ᠄ᠦᠨᠡᠬᠡᠷ ᠭᠡᠵᠢ ᠤᠤ?
ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠨᠢ ᠬᠠᠳᠠᠪᠠ᠃ ᠱᠤᠳᠤᠷᠭᠤ᠂ ᠮᠥᠴᠢᠷ ᠬᠣᠶᠠᠷ ᠬᠢᠨᠠᠪᠠ᠃